ᠤᠬᠠᠭᠠᠷᠠᠯ ᠤᠨ ᠳᠠᠭᠤᠤ-ᠮᠠᠨᠳᠤᠬᠤ ᠪᠠᠭᠰᠢ ᠶᠢᠨ ᠤᠷᠠᠨ ᠪᠢᠴᠢᠯᠭᠡ
ᠤᠬᠠᠭᠠᠷᠠᠯ ᠤ᠋ᠨ ᠳᠠᠭᠤᠤ
ᠡᠷᠬᠡᠰᠢᠭᠦᠯᠵᠦ ᠥᠰᠬᠡᠭᠰᠡᠨ ᠡᠵᠢ ᠶ᠋ᠢᠨ ᠢ᠋ᠶ᠋ᠡᠨ ᠬᠠᠢᠷ᠎ᠠ ᠶ᠋ᠢ
ᠡᠭᠡᠯ ᠬᠦᠦ ᠨᠢ ᠪᠣᠳᠣᠬᠤ ᠯᠠ ᠶᠤᠮ ᠳᠠ
ᠡᠷᠭᠢᠬᠦ ᠡᠨᠡᠬᠡᠨ ᠬᠣᠷᠸ᠎ᠠ ᠳ᠋ᠠᠭᠠᠨ
ᠡᠨᠡᠷᠢᠯ ᠢ᠋ᠶ᠋ᠡᠷ ᠳᠦᠭᠦᠷᠡᠩ ᠯᠡ ᠶᠠᠪᠤᠶ᠎ᠠ ᠳᠠ~
ᠠᠢ ᠳᠠ ᠬᠦ
ᠡᠷᠭᠢᠬᠦ ᠡᠨᠡᠬᠡᠨ ᠬᠣᠷᠸ᠎ᠠ ᠳ᠋ᠠᠭᠠᠨ
ᠡᠨᠡᠷᠢᠯ ᠢ᠋ᠶ᠋ᠡᠷ ᠳᠦᠭᠦᠷᠡᠩ ᠯᠡ ᠶᠠᠪᠤᠶ᠎ᠠ ᠳᠠ~
ᠠᠷᠭᠠᠳᠠᠵᠤ ᠵᠥᠪᠯᠡᠳᠡᠭ ᠠᠪᠤ ᠶ᠋ᠢᠨ ᠢ᠋ᠶ᠋ᠡᠨ ᠬᠠᠢᠷ᠎ᠠ ᠶ᠋ᠢ
ᠠᠢ ᠳᠠ ᠬᠦᠦ ᠨᠢ ᠰᠠᠨᠠᠵᠤ ᠯᠠ ᠶᠠᠪᠤᠨ᠎ᠠ ᠳᠠ
ᠠᠯᠤᠰ ᠲᠤ᠌ ᠬᠠᠷᠠᠭᠳᠠᠬᠤ ᠲᠡᠷᠲᠡᠭᠡ ᠰᠢᠭ
ᠠᠷᠢᠭᠤᠨ ᠰᠡᠳᠬᠢᠯ ᠢ᠋ᠶ᠋ᠡᠷ ᠪᠠᠶᠠᠨ ᠯᠠ ᠶᠠᠪᠤᠶ᠎ᠠ ᠳᠠ~
ᠠᠢ ᠳᠠ ᠬᠦ
ᠠᠯᠤᠰ ᠲᠤ᠌ ᠬᠠᠷᠠᠭᠳᠠᠬᠤ ᠲᠡᠷᠲᠡᠭᠡ ᠰᠢᠭ
ᠠᠷᠢᠭᠤᠨ ᠰᠡᠳᠬᠢᠯ ᠢ᠋ᠶ᠋ᠡᠷ ᠪᠠᠶᠠᠨ ᠯᠠ ᠶᠠᠪᠤᠶ᠎ᠠ ᠳᠠ ~
ᠡᠩᠬᠦᠷᠡᠢᠯᠡᠵᠦ ᠬᠠᠢᠷᠠᠯᠠᠭᠰᠠᠨ ᠬᠠᠨᠢ ᠶ᠋ᠢᠨ ᠢ᠋ᠶ᠋ᠡᠨ ᠬᠠᠢᠷ᠎ᠠ ᠶ᠋ᠢ
ᠡᠨᠡ ᠯᠡ ᠪᠡᠶ᠎ᠡ ᠳ᠋ᠡᠭᠡᠨ ᠲᠣᠭᠲᠠᠭᠠᠵᠤ ᠶᠠᠪᠤᠶ᠎ᠠ ᠳᠠ
ᠬᠠᠢᠷ᠎ᠠ ᠪᠠᠷ ᠪᠢᠯᠬᠠᠭᠰᠠᠨ ᠬᠥᠮᠦᠨ ᠡᠴᠡ
ᠬᠠᠯᠠᠮᠵᠢ ᠠᠰᠬᠠᠷᠠᠭᠤᠯᠤᠨ ᠣᠨᠳᠣᠷᠳᠠᠭ ᠶᠤᠮ ᠰᠢᠦ ᠳᠡ~
ᠠᠢ ᠬᠦ
ᠬᠠᠢᠷ᠎ᠠ ᠪᠠᠷ ᠪᠢᠯᠬᠠᠭᠰᠠᠨ ᠬᠥᠮᠦᠨ ᠡᠴᠡ
ᠬᠠᠯᠠᠮᠵᠢ ᠠᠰᠬᠠᠷᠠᠭᠤᠯᠤᠨ ᠣᠨᠳᠣᠷᠳᠠᠭ ᠶᠤᠮ ᠰᠢᠦ ᠳᠡ~
ᠵᠠᠬ᠎ᠠ ᠦᠭᠡᠢ ᠡᠨᠡᠬᠡᠨ ᠶᠢᠷᠲᠢᠨᠴᠦ ᠳ᠋ᠦ᠍
ᠵᠠᠶᠠᠭ᠎ᠠ ᠲᠡᠭᠰᠢᠬᠡᠨ ᠣᠯᠠᠨ ᠲᠠᠢ ᠪᠠᠨ ᠶᠠᠪᠤᠶ᠎ᠠ ᠳᠠ
ᠵᠢᠷᠭᠠᠯ ᠵᠣᠪᠠᠯᠠᠩ ᠢ᠋ ᠬᠤᠪᠢᠶᠠᠯᠴᠠᠭᠰᠠᠨ
ᠵᠠᠮ ᠭᠡᠮ ᠢ᠋ ᠨᠢ ᠵᠥᠪᠯᠡᠵᠦ ᠶᠠᠪᠤᠶ᠎ᠠ ᠳᠠ
ᠠᠢ ᠬᠦ
ᠵᠢᠷᠭᠠᠯ ᠵᠣᠪᠠᠯᠠᠩ ᠢ᠋ ᠬᠤᠪᠢᠶᠠᠯᠴᠠᠭᠰᠠᠨ
ᠵᠠᠮ ᠭᠡᠮ ᠢ᠋ ᠨᠢ ᠵᠥᠪᠯᠡᠵᠦ ᠶᠠᠪᠤᠶ᠎ᠠ ᠳᠠ~
ᠠᠢ ᠬᠦ
ᠡᠷᠭᠢᠬᠦ ᠡᠨᠡᠬᠡᠨ ᠬᠣᠷᠸ᠎ᠠ ᠳ᠋ᠠᠭᠠᠨ
ᠡᠨᠡᠷᠢᠯ ᠢ᠋ᠶ᠋ᠡᠷ ᠳᠦᠭᠦᠷᠡᠩ ᠶᠠᠪᠤᠶ᠎ᠠ ᠳᠠ~
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
