ᠵᠢᠷᠠᠨ ᠬᠣᠶᠠᠳᠤᠭᠠᠷ ᠪᠦᠯᠦᠭ
ᠴᠠᠭᠠᠨ ᠪᠠᠷᠰ ᠵᠢᠯ ᠂ ᠮᠣᠩᠭᠣᠯ ᠤᠯᠤᠰ ᠤ᠋ᠨ ᠬᠣᠷᠢᠨ ᠲᠠᠪᠤᠳᠤᠭᠠᠷ ᠣᠨ᠂ ᠶᠡᠬᠡ ᠬᠥᠬᠡ ᠮᠣᠩᠭᠣᠯ ᠤ᠋ᠨ
ᠲᠡᠢᠽᠦ᠋ᠩ ᠥᠭᠡᠳᠡᠢ ᠬᠠᠭᠠᠨ ᠤ᠋ ᠬᠣᠶᠠᠳᠤᠭᠠᠷ ᠣᠨ᠂ ᠰᠥᠩ ᠤᠯᠤᠰ ᠤ᠋ᠨ ᠯᠢᠽᠦ᠋ᠩ ᠬᠠᠭᠠᠨ
ᠵᠣᠣ ᠶᠦᠨ ᠦ᠌ ᠱᠣᠣ ᠳ᠋ᠢᠩ ᠦ᠋ᠨ ᠭᠤᠷᠪᠠᠳᠤᠭᠠᠷ ᠣᠨ᠂ ᠠᠯᠲᠠᠨ ᠤᠯᠤᠰ ᠤ᠋ᠨ ᠠᠢᠽᠦ᠋ᠩ ᠬᠠᠭᠠᠨ
ᠱ᠌ᠸᠤ ᠰᠢᠦᠢ ᠵᠢᠨ ᠵᠧᠩ ᠳᠡ ᠶ᠋ᠢᠨ ᠳᠣᠯᠣᠳᠤᠭᠠᠷ ᠣᠨ᠂ ᠲᠡᠢᠽᠦ᠋ᠩ ᠬᠠᠭᠠᠨ ᠳᠥᠴᠢᠨ ᠲᠠᠪᠤᠨ ᠰᠡᠭᠦᠳᠡᠷ ᠲᠡᠢ
ᠲᠡᠢᠽᠦ᠋ᠩ ᠬᠠᠭᠠᠨ ᠥᠭᠡᠳᠡᠢ ᠰᠠᠮᠠᠭᠤᠨ ᠥᠭᠡᠲᠦ ᠪᠠᠶᠠᠨᠲᠠᠢ ᠶ᠋ᠢ ᠶᠠᠯᠠᠯᠠᠵᠤ ᠵᠦᠩ ᠶᠤᠸᠠᠨ ᠤ᠋ ᠭᠠᠵᠠᠷ ᠢ᠋ ᠬᠥᠬᠢᠭᠦᠯᠪᠡ
ᠲᠡᠢᠰᠢ ᠭᠦᠸᠧ ᠸᠠᠩ ᠦᠭᠡᠰ ᠢ᠋ᠶ᠋ᠡᠨ ᠠᠪᠴᠤ ᠯᠢᠦ ᠱᠠᠩ ᠭᠧ ᠶ᠋ᠢ ᠠᠯᠠᠭᠤᠯᠵᠤ ᠹᠧᠩ ᠰᠢᠶᠠᠩ ᠹᠦ ᠬᠣᠲᠠᠨ ᠢ᠋ ᠠᠪᠤᠪᠠ
ᠲᠡᠭᠦᠨᠴᠡ ᠳᠡᠰ ᠲᠣᠭᠣᠰ ᠡᠭᠡᠵᠦ ᠬᠠᠭᠠᠨ ᠤ᠋ ᠵᠠᠷᠯᠢᠭ ᠢ᠋ ᠡᠭᠡᠭᠦᠯᠵᠦ᠂ ᠡᠴᠢᠭᠡ ᠶ᠋ᠢᠨ ᠲᠥᠯᠥᠭᠡ ᠬᠡᠰᠢᠭ ᠲᠣᠷ ᠮᠥᠷᠭᠥᠵᠦ᠂ ᠳᠠᠷᠤᠢ ᠶᠠᠭᠠᠷᠠᠨ ᠭᠡᠷ ᠲᠡᠭᠡᠨ ᠢᠷᠡᠵᠦ ᠬᠤᠸᠠᠢ ᠭᠦᠸᠧ ᠭᠦᠩᠵᠦ ᠶ᠋ᠢᠨ ᠬᠡᠷᠡᠭ ᠢ᠋ ᠰᠦᠪᠡᠭᠴᠢᠯᠡᠨ ᠰᠣᠨᠣᠰᠤᠭᠠᠳ ᠶᠡᠬᠡᠯ᠎ᠡ ᠠᠶᠤᠵᠤ ᠮᠠᠨᠠᠷᠠᠨ ᠰᠠᠭᠤᠪᠠ᠃ ᠮᠠᠨᠠᠷᠠᠭᠰᠠᠨ ᠤᠴᠢᠷ ᠠᠨᠤ ᠶᠠᠭᠤᠨ ? ᠬᠡᠮᠡᠪᠡᠰᠦ : ᠦᠵᠡᠰᠡ ᠤᠯᠤᠰ ᠤ᠋ᠨ ᠡᠬᠡ ᠲᠡᠢ ᠬᠤᠸᠠᠩ ᠲᠠᠢᠬᠡᠦ ᠣᠯᠠᠨ ᠲᠠᠢᠽᠢ ᠨᠠᠷ ᠤ᠋ᠳ ᠲᠤᠷ ᠹᠧᠢ ᠰᠣᠩᠭᠣᠵᠤ᠂ ᠣᠯᠠᠨ ᠠᠴᠢ ᠭᠦᠩᠵᠦ ᠨᠠᠷ ᠲᠤᠷ ᠹᠦ ᠮᠠ ᠲᠠᠪᠤᠨᠠᠩ ᠰᠣᠩᠭᠣᠬᠤᠢ ᠳ᠋ᠤᠷ ᠳᠥᠷᠪᠡᠳᠦᠭᠡᠷ ᠬᠥᠪᠡᠭᠦᠨ ᠲᠠᠢᠽᠢ ᠲᠣᠯᠢ ᠴᠢᠨ ᠸᠠᠩ ᠤ᠋ᠨ ᠹᠧᠢ ᠠᠨᠤ ᠠᠯᠲᠠᠨ ᠤᠯᠤᠰ ᠤ᠋ᠨ ᠴᠢ ᠭᠦᠸᠧ ᠭᠦᠩᠵᠦ ᠲᠤᠯᠠ ᠲᠡᠭᠦᠨ ᠦ᠌ ᠲᠥᠷᠥᠭᠰᠡᠨ ᠥᠬᠢᠨ ᠳᠡᠭᠦᠦ ᠢᠨᠦ ᠬᠤᠸᠠᠢ ᠭᠦᠸᠧ ᠭᠦᠩᠵᠦ ᠴᠡᠷᠢᠭ ᠦ᠋ᠨ ᠬᠦᠷᠢᠶ᠎ᠡ ᠳ᠋ᠦ᠍ᠷ ᠭᠠᠪᠢᠶᠠᠲᠠᠢ᠂ ᠬᠡᠳᠦᠢ ᠥᠪᠡᠷ᠎ᠡ ᠤᠷᠲᠤ ᠬᠠᠷᠰᠢ ᠪᠠᠢᠪᠠᠴᠤ ᠡᠭᠡᠨᠡᠭᠲᠡ ᠥᠬᠢᠨ ᠪᠡᠶ᠎ᠡ ᠪᠡᠷ ᠪᠠᠢᠬᠤ ᠪᠥᠭᠡᠳ ᠲᠡᠷᠡ ᠪᠠᠰᠠ ᠥᠪᠡᠷ ᠦ᠋ᠨ ᠪᠡᠶ᠎ᠡ ᠪᠡᠨ ᠲᠣᠯᠣᠭᠠᠢ ᠮᠡᠳᠡᠵᠦ ᠬᠦᠷᠭᠡᠨ ᠳ᠋ᠦ᠍ᠷ ᠭᠠᠷᠴᠤ ᠴᠢᠳᠠᠬᠤ ᠦᠭᠡᠢ᠃ ᠬᠡᠳᠦᠢ ᠳᠡᠭᠡᠳᠦ ᠱᠧᠩ ᠦ ᠬᠤᠸᠠᠩᠳᠢ ᠲᠠᠢᠽᠦ ᠶ᠋ᠢᠨ ᠦᠶ᠎ᠡ ᠳ᠋ᠦ᠍ᠷ ᠠᠴᠢ ᠨᠠᠷ ᠲᠤᠷ ᠠᠪᠰᠤᠭᠠᠢ ᠬᠡᠮᠡᠬᠦᠢ ᠳ᠋ᠦ᠍ᠷ ᠬᠤᠸᠠᠢ ᠭᠦᠸᠧ ᠭᠦᠩᠵᠦ ᠨᠠᠰᠤᠨ ᠪᠠᠭ᠎ᠠ ᠪᠥᠭᠡᠳ ᠲᠡᠭᠦᠨ ᠦ᠌ ᠤᠯᠤᠰ ᠲᠥᠷᠥ ᠶ᠋ᠢᠨ ᠵᠢᠳᠬᠦᠯᠭᠡ ᠲᠡᠭᠦᠰᠦᠭᠡᠳᠦᠢ ᠭᠡᠮᠡᠨ ᠠᠢᠯᠠᠳᠬᠠᠬᠤᠢ ᠳ᠋ᠤᠷ ᠵᠣᠭᠰᠣᠭᠰᠠᠨ ᠪᠣᠯᠪᠠᠴᠤ ᠡᠳᠦᠭᠡ ᠨᠢᠭᠡᠨᠲᠡ ᠨᠠᠰᠤᠨ ᠬᠣᠷᠢ ᠶ᠋ᠢ ᠬᠦᠷᠴᠦ ᠮᠥᠨ ᠬᠠᠷᠢᠯᠠᠬᠤ ᠴᠠᠭ ᠪᠣᠯᠤᠭᠰᠠᠨ ᠲᠤᠯᠠ ᠲᠠᠢ ᠬᠤᠸᠠᠩ ᠲᠠᠢᠬᠡᠦ ᠳᠠᠷᠤᠢ ᠲᠣᠯᠢ ᠴᠢᠨ ᠸᠠᠩ ᠤ᠋ᠨ ᠬᠠᠲᠤᠨ ᠢ᠋ ᠳᠠᠭᠤᠳᠠᠵᠤ᠂ ᠲᠡᠭᠦᠨ ᠦ᠌ ᠥᠬᠢᠨ ᠳᠡᠭᠦᠦ ᠶ᠋ᠢᠨ ᠤᠴᠢᠷ ᠢ᠋ ᠬᠡᠯᠡᠵᠦ ᠵᠠᠷᠯᠢᠭ ᠪᠣᠯᠤᠷᠤᠨ:《ᠡᠨᠡ ᠵᠢᠯ ᠲᠠᠢᠽᠢ ᠨᠠᠷ ᠲᠤᠷ ᠬᠠᠲᠤᠨ ᠰᠣᠩᠭᠣᠵᠤ᠂ ᠭᠦᠩᠵᠦ ᠨᠠᠷ ᠲᠤᠷ ᠹᠦ ᠮᠠ᠋ ᠲᠠᠪᠤᠨᠠᠩ ᠰᠣᠩᠭᠣᠬᠤ ᠲᠤᠯᠠ ᠴᠢᠨᠦ ᠥᠬᠢᠨ ᠳᠡᠭᠦᠦ ᠬᠤᠸᠠᠢ ᠭᠦᠸᠧ ᠭᠦᠩᠵᠦ ᠨᠠᠰᠤ ᠮᠥᠨ ᠬᠣᠷᠢ ᠬᠦᠷᠴᠦ ᠬᠠᠷᠢᠯᠠᠬᠤ ᠴᠠᠭ ᠪᠣᠯᠪᠠ᠂ ᠤᠷᠢᠳᠠ ᠬᠡᠳᠦᠢ ᠬᠠᠭᠠᠨ ᠳ᠋ᠤᠷ ᠠᠢᠯᠠᠳᠬᠠᠭᠰᠠᠨ ᠬᠡᠷᠡᠭ ᠪᠠᠢᠪᠠᠴᠤ᠂ ᠡᠳᠦᠭᠡ ᠮᠥᠨ ᠨᠠᠰᠤᠨ ᠳ᠋ᠤᠷ ᠬᠦᠷᠪᠡ᠂ ᠥᠬᠢᠨ ᠬᠥᠮᠦᠨ ᠥᠪᠡᠷ ᠢ᠋ᠶ᠋ᠡᠨ ᠡᠷ᠎ᠡ ᠰᠣᠩᠭᠣᠬᠤ ᠶᠣᠰᠣ ᠪᠣᠢ ᠤᠤ ! ᠴᠥᠮ ᠡᠴᠢᠭᠡ ᠡᠬᠡ ᠢᠨᠦ ᠮᠡᠳᠡᠵᠦ ᠦᠭᠭᠦᠮᠦᠢ᠃ ᠲᠡᠭᠦᠨ ᠳ᠋ᠦ᠍ᠷ ᠡᠨᠳᠡ ᠮᠥᠨ ᠡᠴᠢᠭᠡ ᠡᠬᠡ ᠦᠭᠡᠢ᠂ ᠣᠳᠣ ᠭᠠᠭᠴᠠ ᠣᠢᠷ᠎ᠠ ᠠ᠋ᠴᠠ ᠢᠨᠦ ᠲᠥᠷᠥᠭᠰᠡᠨ ᠡᠭᠡᠴᠢ ᠪᠡᠷᠢ ᠴᠢ ᠪᠣᠢ᠂ ᠳᠡᠭᠡᠷ᠎ᠡ ᠡᠴᠡ ᠢᠨᠦ ᠤᠯᠤᠰ ᠤ᠋ᠨ ᠡᠬᠡ ᠢᠨᠦ ᠪᠢ ᠪᠣᠢ᠂ ᠪᠢᠳᠡ ᠬᠣᠶᠠᠭᠤᠯᠠ ᠠ᠋ᠴᠠ ᠪᠤᠰᠤ ᠬᠡᠨ ᠲᠡᠭᠦᠨ ᠦ᠌ ᠬᠡᠷᠡᠭ ᠢ᠋ ᠳᠠᠭᠠᠭᠠᠴᠢᠯᠠᠨ ᠴᠢᠳᠠᠮᠤᠢ ? ᠠᠩᠬ᠎ᠠ ᠤᠳᠠᠭ᠎ᠠ ᠨᠠᠰᠤᠨ ᠪᠠᠭ᠎ᠠ ᠪᠠᠰᠠ ᠤᠯᠤᠰ ᠲᠤᠷ ᠬᠦᠴᠦᠨ ᠪᠠᠷᠢᠮᠤᠢ ᠭᠡᠮᠡᠨ ᠰᠠᠭᠠᠲᠠᠭᠤᠯᠪᠠ᠃ ᠡᠳᠦᠭᠡ ᠬᠠᠭᠠᠨ ᠤ᠋ ᠪᠡᠶ᠎ᠡ ᠡᠴᠡ ᠳᠠᠷᠠᠭᠠᠯᠠᠨ᠂ ᠵᠢᠴᠢ ᠵᠢᠷᠭᠤᠭᠠᠨ ᠲᠠᠢᠽᠢ ᠸᠠᠩ ᠤ᠋ᠳ ᠬᠢᠭᠡᠳ ᠮᠢᠨᠦ ᠣᠯᠠᠨ ᠠᠴᠢ ᠬᠥᠪᠡᠭᠦᠳ ᠦ᠋ᠨ ᠳᠣᠲᠣᠷ᠎ᠠ ᠮᠡᠷᠭᠡᠨ ᠬᠤᠷᠴᠠ ᠲᠠᠢᠽᠢ ᠨᠠᠷ ᠮᠠᠰᠢ ᠣᠯᠠᠨ ᠪᠣᠢ᠂ ᠨᠢᠭᠡᠨ ᠳ᠋ᠦ᠍ᠷ ᠢᠨᠦ ᠦᠭᠪᠡᠰᠦ ᠵᠣᠬᠢᠮᠤᠢ᠃ ᠵᠢᠴᠢ ᠴᠡᠷᠢᠭ ᠲᠡᠢᠨ ᠳ᠋ᠦ᠍ᠷ ᠬᠥᠮᠦᠨ ᠪᠠᠷᠢᠮᠤᠢ ᠭᠡᠮᠡᠨ ᠠᠩᠬ᠎ᠠ ᠬᠣᠶᠠᠷ ᠤᠳᠠᠭ᠎ᠠ ᠶ᠋ᠢᠨ ᠪᠠᠷᠢᠭᠰᠠᠨ ᠬᠦᠴᠦ ᠮᠥᠨ ᠪᠠᠭ᠎ᠠ ᠦᠭᠡᠢ᠂ ᠥᠬᠢᠨ ᠬᠥᠮᠦᠨ ᠠᠳᠠᠪᠠᠰᠢ ᠬᠡᠳᠦᠢ ᠬᠦᠷᠲᠡᠯ᠎ᠡ ᠴᠡᠷᠢᠭ ᠲᠦ᠍ᠷ ᠶᠠᠪᠤᠬᠤ ᠪᠣᠢ ! ᠦᠨᠡᠬᠡᠷ ᠴᠡᠷᠢᠭ ᠲᠦ᠍ᠷ ᠶᠠᠪᠤᠪᠠᠴᠤ ᠬᠦᠷᠭᠡᠨ ᠳ᠋ᠦ᠍ᠷ ᠭᠠᠷᠤᠭᠠᠳ ᠶᠠᠪᠤᠬᠤᠢ ᠳ᠋ᠤᠷ ᠦᠯᠦ ᠪᠣᠯᠬᠤ ᠭᠠᠵᠠᠷ ᠦᠭᠡᠢ᠃ ᠲᠡᠢᠨ ᠬᠦ᠌ ᠴᠢ ᠥᠬᠢᠨ ᠳᠡᠭᠦᠦ ᠡᠴᠡ ᠪᠡᠨ ᠰᠠᠨᠠᠭᠠᠨ ᠢ᠋ ᠠᠰᠠᠭᠤᠵᠤ᠂ ᠮᠢᠨᠦ ᠣᠯᠠᠨ ᠠᠴᠢ ᠨᠠᠷ ᠲᠠᠢᠽᠢ ᠨᠠᠷ ᠤ᠋ᠨ ᠳᠣᠲᠣᠷ᠎ᠠ ᠰᠠᠨᠠᠭᠠᠨ ᠳ᠋ᠤᠷ ᠣᠷᠣᠭᠰᠠᠨ ᠢ᠋ᠶ᠋ᠠᠨ ᠭᠠᠷᠭᠠᠵᠤ ᠮᠡᠳᠡᠭᠦᠯ᠂ ᠡᠴᠢᠭᠡ ᠡᠬᠡ ᠦᠭᠡᠢ ᠥᠨᠥᠴᠢᠨ ᠥᠬᠢᠨ ᠲᠤᠯᠠ ᠪᠢ ᠮᠠᠰᠢ ᠦᠷᠦ ᠡᠪᠡᠳᠴᠦ ᠡᠨᠡᠷᠢᠨ ᠬᠥᠭᠡᠷᠦᠬᠦᠢᠷᠯᠡᠮᠦᠢ 》 ᠭᠡᠮᠡᠨ ᠵᠠᠷᠯᠢᠭ ᠪᠠᠭᠤᠭᠰᠠᠨ ᠳ᠋ᠤᠷ ᠴᠢ ᠭᠦᠸᠧ ᠭᠦᠩᠵᠦ ᠶᠡᠬᠡ ᠯᠡ ᠪᠠᠶᠠᠷᠯᠠᠨ ᠲᠠᠢ ᠬᠤᠸᠠᠩ ᠲᠠᠢᠬᠡᠦ ᠶ᠋ᠢᠨ ᠬᠡᠰᠢᠭ ᠲᠣᠷ ᠮᠥᠷᠭᠥᠵᠦ ᠭᠠᠷᠤᠭᠰᠠᠨ ᠳ᠋ᠤᠷ ᠡᠨᠡ ᠮᠡᠳᠡᠭᠡ ᠶ᠋ᠢ ᠬᠡᠳᠦᠢ ᠭᠠᠳᠠᠨ᠎ᠠ ᠰᠣᠨᠣᠰᠴᠤ᠂ ᠲᠠᠢ ᠬᠤᠸᠠᠩ ᠲᠠᠢᠬᠡᠦ ᠬᠤᠸᠠᠢ ᠭᠦᠸᠧ ᠭᠦᠩᠵᠦ ᠶ᠋ᠢ ᠠᠴᠢ ᠲᠠᠢᠽᠢ ᠨᠠᠷ ᠲᠤᠷ ᠵᠢᠭᠠᠵᠤ ᠬᠣᠯᠪᠣᠮᠤᠢ ᠭᠡᠮᠡᠨ ᠨᠡᠷ᠎ᠡ ᠭᠠᠷᠤᠭᠰᠠᠨ ᠳ᠋ᠤᠷ ᠣᠯᠠᠨ ᠢᠳᠡᠷ ᠪᠤᠯᠪᠠᠷᠠᠢ ᠲᠠᠢᠽᠢ ᠨᠠᠷ ᠴᠥᠮ ᠬᠤᠸᠠᠢ ᠭᠦᠸᠧ ᠭᠦᠩᠵᠦ ᠶ᠋ᠢᠨ ᠦᠶ᠎ᠡ ᠡᠴᠡ ᠲᠠᠰᠤᠷᠬᠠᠢ ᠰᠠᠢᠬᠠᠨ ᠢ᠋ ᠦᠵᠡᠵᠦ ᠲᠡᠭᠷᠢ ᠶ᠋ᠢᠨ ᠥᠬᠢᠨ ᠢ᠋ ᠬᠦᠰᠡᠬᠦ ᠮᠡᠲᠦ ᠲᠤᠯᠠ ᠡᠨᠡ ᠵᠠᠷᠯᠢᠭ ᠢ᠋ ᠨᠢᠭᠡᠨᠲᠡ ᠰᠦᠪᠡᠭᠴᠢᠯᠡᠨ ᠰᠣᠨᠣᠰᠤᠭᠠᠳ ᠣᠯᠠᠨ ᠲᠠᠢᠽᠢ ᠨᠠᠷ ᠲᠠᠢ ᠬᠤᠸᠠᠩ ᠲᠠᠢᠬᠡᠦ ᠶ᠋ᠢᠨ ᠰᠢᠳᠠᠷ ᠠᠷᠠᠳ ᠪᠠ ᠲᠠᠢᠭᠠᠨᠴᠤᠳ ᠲᠤᠷ ᠭᠤᠶᠤᠴᠢᠯᠠᠨ ᠶᠠᠪᠤᠮᠤᠢ᠃ ᠡᠨᠡ ᠬᠢᠷᠢ ᠳ᠋ᠦ᠍ᠷ ᠳᠡᠰ ᠲᠣᠭᠣᠰ ᠡᠭᠡᠵᠦ ᠢᠷᠡᠭᠡᠳ ᠡᠨᠡ ᠤᠴᠢᠷ ᠢ᠋ ᠰᠣᠨᠣᠰᠴᠤ ᠶᠡᠬᠡ ᠯᠡ ᠠᠶᠤᠨ ᠰᠢᠬᠠᠮᠳᠠᠭᠰᠠᠨ ᠠᠵᠤᠭᠤ᠃ ᠲᠡᠢᠨ ᠬᠦ᠌ ᠮᠥᠨ ᠰᠥᠨᠢ ᠬᠤᠸᠠᠢ ᠭᠦᠸᠧ ᠭᠦᠩᠵᠦ ᠶ᠋ᠢᠨ ᠣᠷᠳᠣᠨ ᠤ᠋ ᠬᠣᠢᠲᠤ ᠡᠭᠦᠳᠡᠨ ᠳ᠋ᠦ᠍ᠷ ᠢᠷᠠᠪᠠᠰᠤ ᠰᠠᠨᠠᠮᠰᠠᠷ ᠦᠭᠡᠢ ᠡᠭᠡᠴᠢ ᠢᠨᠦ ᠴᠢ ᠭᠦᠸᠧ ᠭᠦᠩᠵᠦ ᠶᠡᠬᠡᠯ᠎ᠡ ᠠᠭᠤᠷᠰᠠᠵᠤ ᠥᠪᠡᠷ ᠦ᠋ᠨ ᠬᠠᠷᠢᠶᠠᠲᠤ ᠠᠯᠪᠠᠨ ᠤ᠋ ᠠᠷᠠᠳ ᠢ᠋ᠶ᠋ᠠᠷ ᠰᠠᠭᠢᠭᠤᠯᠤᠭᠰᠠᠨ ᠠᠵᠤᠭᠤ᠃ ᠴᠢ ᠭᠦᠸᠧ ᠭᠦᠩᠵᠦ ᠶᠠᠭᠤᠨ ᠳ᠋ᠤᠷ ᠡᠢᠮᠦ ᠪᠣᠯᠪᠠ ? ᠬᠡᠮᠡᠪᠡᠰᠦ : ᠡᠷᠲᠡᠨ ᠦ᠌ ᠦᠭᠡ ᠳ᠋ᠦ᠍ᠷ《ᠣᠷᠴᠢᠯᠠᠩ ᠤ᠋ᠨ ᠬᠥᠮᠦᠨ᠂ ᠬᠥᠮᠦᠨ ᠳ᠋ᠦ᠍ᠷ ᠪᠦᠦ ᠮᠡᠳᠡᠭᠳᠡᠶ᠎ᠡ ᠬᠡᠮᠡᠪᠡᠰᠦ ᠪᠢᠲᠡᠭᠡᠢ ᠦᠢᠯᠡᠳ᠂ ᠨᠢᠭᠡᠨᠲᠡ ᠦᠢᠯᠡᠳᠦᠭᠰᠡᠨ ᠳ᠋ᠦ᠍ᠷ ᠦᠯᠦ ᠮᠡᠳᠡᠭᠳᠡᠬᠦ ᠶᠣᠰᠣ ᠦᠭᠡᠢ 》ᠬᠡᠮᠡᠵᠦᠬᠦᠢ᠃ ᠨᠡᠩ ᠬᠣᠶᠠᠷ ᠡᠲᠡᠭᠡᠳ ᠴᠥᠮ ᠶᠡᠬᠡ ᠬᠥᠮᠦᠨ ᠲᠤᠯᠠ ᠬᠡᠷᠡᠭ ᠢ᠋ ᠳᠣᠣᠷᠠᠲᠤ ᠠᠷᠠᠳ ᠠ᠋ᠴᠠ ᠨᠡᠩ ᠳᠠᠷᠤᠨ ᠴᠢᠳᠠᠬᠤ ᠦᠭᠡᠢ᠂ ᠡᠳᠦᠭᠡ ᠰᠢᠪᠠᠷ ᠱᠡᠪᠡᠷ ᠬᠡᠯᠡᠯᠴᠡᠭᠰᠡᠭᠡᠷ ᠳᠡᠰ ᠲᠣᠭᠣᠰ ᠤ᠋ᠨ ᠡᠴᠢᠵᠦ ᠢᠷᠡᠬᠦ ᠶᠠᠪᠤᠳᠠᠯ ᠠᠨᠤ ᠴᠢ ᠭᠦᠸᠧ ᠭᠦᠩᠵᠦ ᠶ᠋ᠢᠨ ᠴᠢᠬᠢᠨ ᠳ᠋ᠦ᠍ᠷ ᠬᠦᠷᠴᠦ᠂ ᠬᠠᠷᠠᠬᠠᠨ ᠥᠬᠢᠨ ᠳᠡᠭᠦᠦ ᠪᠡᠨ ᠳᠣᠩᠭᠣᠳᠤᠨ ᠰᠤᠷᠭᠠᠵᠤ ᠪᠥᠬᠥᠶ᠎ᠡ᠂ ᠡᠳᠦᠭᠡ ᠪᠠᠰᠠ ᠳᠡᠭᠡᠷ᠎ᠡ ᠲᠡᠢ ᠬᠤᠸᠠᠩ ᠲᠠᠢᠬᠡᠦ ᠶ᠋ᠢᠨ ᠵᠠᠷᠯᠢᠭ ᠢ᠋ᠶ᠋ᠠᠷ ᠣᠯᠠᠨ ᠠᠴᠢ ᠲᠠᠢᠽᠢ ᠳ᠋ᠤᠷ ᠢ᠋ᠶ᠋ᠠᠨ ᠵᠢᠭᠠᠰᠤᠭᠠᠢ ᠭᠡᠮᠡᠨ ᠵᠠᠷᠯᠢᠭ ᠪᠣᠯᠤᠭᠰᠠᠨ ᠳ᠋ᠤᠷ ᠴᠢ ᠭᠦᠸᠧ ᠭᠦᠩᠵᠦ ᠬᠠᠷᠠᠬᠠᠨ ᠢᠷᠡᠵᠦ ᠲᠠᠢᠬᠡᠦ ᠶ᠋ᠢᠨ ᠵᠠᠷᠯᠢᠭ ᠢ᠋ ᠤᠯᠠᠮᠵᠢᠯᠠᠨ ᠥᠬᠢᠨ ᠳᠡᠭᠦᠦ ᠬᠤᠸᠠᠢ ᠭᠦᠸᠧ ᠭᠦᠩᠵᠦ ᠳ᠋ᠦ᠍ᠷ ᠬᠡᠯᠡᠪᠡᠰᠦ᠂ ᠬᠤᠸᠠᠢ ᠭᠦᠸᠧ ᠭᠦᠩᠵᠦ ᠶᠡᠬᠡᠯ᠎ᠡ ᠠᠮᠤᠷ ᠦᠭᠡᠢ ᠪᠣᠯᠵᠤ᠂ ᠶᠠᠭᠠᠷᠠᠨ ᠪᠧᠢ ᠯᠢᠩ ᠭᠦᠩᠵᠦ ᠶ᠋ᠢᠨ ᠢᠳᠬᠠᠭᠰᠠᠨ ᠠᠷᠭ᠎ᠠ ᠪᠠᠷ 《ᠬᠥᠭᠰᠢᠨ ᠲᠠᠢᠰᠢ ᠭᠦᠸᠧ ᠸᠠᠩ ᠨᠢᠭᠡᠨᠲᠡ ᠴᠡᠷᠢᠭ ᠦ᠋ᠨ ᠬᠦᠷᠢᠶ᠎ᠡ ᠳ᠋ᠦ᠍ᠷ ᠨᠠᠳᠠ ᠳ᠋ᠤᠷ ᠡᠷᠳᠡᠨᠢ ᠶ᠋ᠢᠨ ᠰᠡᠯᠡᠮ᠎ᠡ᠂ ᠰᠤᠪᠤᠳ ᠤ᠋ᠨ ᠰᠠᠭᠠᠳᠠᠭ ᠦᠭᠭᠦᠨ᠂ ᠲᠡᠭᠦᠨ ᠦ᠌ ᠠᠴᠢ ᠬᠥᠪᠡᠭᠦᠨ ᠳᠡᠰ ᠲᠣᠭᠣᠰ ᠲᠤᠷ ᠭᠤᠶᠤᠵᠤ ᠲᠣᠭᠲᠠᠭᠰᠠᠨ ᠪᠥᠯᠥᠭᠡ ! 》 ᠬᠡᠮᠡᠬᠦᠢ ᠳ᠋ᠦ᠍ᠷ ᠡᠭᠡᠴᠢ ᠢᠨᠦ ᠴᠢ ᠭᠦᠸᠧ ᠭᠦᠩᠵᠦ ᠶᠡᠬᠡᠯ᠎ᠡ ᠲᠠᠪᠠ ᠦᠭᠡᠢ ᠪᠣᠯᠵᠤ᠂ ᠲᠡᠭᠦᠨ ᠦ᠌ ᠡᠳᠦᠭᠡᠬᠢ ᠬᠡᠷᠡᠭ ᠢ᠋ ᠴᠥᠮ ᠰᠣᠨᠣᠰᠤᠭᠰᠠᠨ ᠲᠤᠯᠠ ᠯᠠᠪ ᠲᠡᠭᠦᠨ ᠢ᠋ ᠵᠣᠬᠢᠶᠠᠨ ᠬᠡᠯᠡᠵᠦ ᠪᠣᠢ ᠭᠡᠮᠡᠨ ᠮᠡᠳᠡᠭᠡᠳ ᠥᠭᠦᠯᠡᠷᠦᠨ:《ᠪᠢᠳᠡ ᠬᠡᠳᠦᠢ ᠡᠴᠢᠭᠡ ᠡᠬᠡ ᠦᠭᠡᠢ ᠪᠣᠯᠪᠠᠴᠤ ᠮᠥᠨ ᠶᠡᠬᠡ ᠤᠯᠤᠰ ᠤ᠋ᠨ ᠬᠠᠭᠠᠨ ᠤ᠋ ᠥᠬᠢᠨ ᠪᠣᠯᠠᠢ᠃ ᠭᠡᠷ ᠦ᠋ᠨ ᠤᠯᠠᠷᠢᠯ ᠮᠠᠭᠤ ᠲᠤᠯᠠ ᠨᠠᠮᠠᠶ᠋ᠢ ᠪᠠᠯᠩ ᠳ᠋ᠤᠷ ᠥᠭᠭᠦᠨ ᠴᠢ ᠤᠷᠭᠤᠨ ᠭᠠᠷᠴᠤ ᠢᠷᠡᠭᠰᠡᠨ ᠢ᠋ᠶ᠋ᠡᠷ ᠰᠠᠶᠢ ᠡᠨᠡ ᠮᠡᠲᠦ ᠪᠣᠯᠪᠠ᠃ ᠲᠡᠢᠨ ᠲᠤᠯᠠ ᠮᠣᠩᠭᠣᠯ ᠤ᠋ᠨ ᠬᠠᠲᠤᠳ ᠡᠭᠡᠨᠡᠭᠳᠡ ᠮᠠᠨ ᠤ᠋ ᠦᠨᠳᠦᠰᠦᠨ ᠢ᠋ ᠪᠣᠳᠣᠵᠤ᠂ ᠤᠳᠤᠮ ᠤᠭ ᠢ᠋ ᠰᠠᠨᠠᠵᠤ᠂ ᠡᠰᠡ ᠭᠤᠲᠤᠭᠠᠨ ᠡᠨᠡ ᠮᠡᠲᠦ ᠡᠷᠭᠦᠨ ᠶᠠᠪᠤᠬᠤᠢ ᠳ᠋ᠤᠷ ᠴᠢ ᠶᠠᠭᠤᠨ ᠳ᠋ᠤᠷ ᠳᠡᠭᠡᠳᠦ ᠡᠵᠡᠳ ᠲᠣᠷ ᠠᠨᠤ ᠰᠡᠳᠬᠢᠯ ᠦᠯᠦ ᠲᠠᠯᠪᠢᠨ᠂ ᠳᠣᠣᠷᠠᠲᠤ ᠲᠦᠰᠢᠮᠡᠳ ᠲᠣᠷ ᠠᠨᠤ ᠰᠠᠨᠠᠭᠠᠨ ᠢ᠋ᠶ᠋ᠠᠨ ᠣᠷᠬᠢᠪᠠ ? ᠴᠢ ᠠᠯᠭᠤᠷ ᠰᠠᠨᠠᠭᠠᠨ ᠢ᠋ᠶ᠋ᠠᠨ ᠲᠣᠭᠲᠠᠭ᠎ᠠ᠂ ᠪᠢ ᠵᠠᠷᠯᠢᠭ ᠢ ᠡᠭᠡᠭᠦᠯᠬᠦᠢ ᠳ᠋ᠦ᠍ᠷ ᠰᠠᠢᠨ !》ᠬᠡᠮᠡᠭᠡᠳ ᠪᠠᠰᠠ ᠳᠡᠰ ᠲᠣᠭᠣᠰ ᠢᠷᠡᠬᠦ ᠡᠴᠡ ᠠᠶᠤᠵᠤ ᠥᠪᠡᠷ ᠦ᠋ᠨ ᠠᠯᠪᠠᠨ ᠤ᠋ ᠬᠥᠮᠦᠨ ᠢ᠋ᠶ᠋ᠡᠷ ᠡᠭᠦᠳᠡ ᠶ᠋ᠢ ᠴᠢᠩᠳᠠᠯᠠᠨ ᠬᠠᠳᠠᠭᠠᠯᠠᠭᠰᠠᠨ ᠠᠵᠤᠭᠤ᠃ ᠲᠡᠳᠦᠢ ᠳᠡᠰ ᠲᠣᠭᠣᠰ ᠡᠭᠦᠨ ᠳ᠋ᠦ᠍ᠷ ᠶᠡᠬᠡᠯ᠎ᠡ ᠵᠣᠪᠠᠨ ᠰᠣᠴᠢᠵᠤ ᠬᠠᠷᠠᠬᠠᠨ ᠠᠷᠭ᠎ᠠ ᠦᠭᠡᠢ ᠪᠣᠯᠵᠤ᠂ ᠭᠡᠷ ᠲᠡᠭᠡᠨ ᠬᠠᠷᠢᠵᠤ ᠢᠳᠡᠰᠢ ᠬᠣᠭᠣᠯᠠ ᠶ᠋ᠢ ᠲᠡᠪᠴᠢᠵᠦ ᠬᠡᠪᠲᠡᠵᠦ ᠣᠬᠢᠯᠠᠬᠤᠢ ᠳ᠋ᠤᠷ ᠬᠦᠷᠦᠭᠰᠡᠨ ᠳ᠋ᠦ᠍ᠷ ᠬᠤᠸᠠᠢ ᠭᠦᠸᠧ ᠭᠦᠩᠵᠦ ᠲᠡᠭᠦᠨ ᠦ᠌ ᠡᠭᠡᠴᠢ ᠶ᠋ᠢᠨ ᠲᠠᠪᠠ ᠦᠭᠡᠢ ᠪᠠᠢᠳᠠᠯ ᠢ᠋ ᠦᠵᠡᠵᠦ ᠭᠠᠷᠤᠭᠠᠳ ᠮᠥᠨ ᠶᠡᠬᠡᠯ᠎ᠡ ᠠᠮᠤᠷ ᠦᠭᠡᠢ ᠪᠣᠯᠵᠤ᠂ ᠬᠡᠳᠦᠨ ᠡᠳᠦᠷ ᠬᠡᠪᠲᠡᠵᠦ᠂ ᠪᠧᠢ ᠯᠢᠩ ᠭᠦᠩᠵᠦ ᠯᠦ᠍ᠭᠡ ᠵᠥᠪᠯᠡᠵᠦ ᠬᠡᠯᠡᠯᠴᠡᠬᠦᠢ ᠳ᠋ᠦ᠍ᠷ ᠪᠧᠢ ᠯᠢᠩ ᠭᠦᠩᠵᠦ ᠥᠭᠦᠯᠡᠷᠦᠨ:《ᠡᠨᠡ ᠬᠡᠷᠡᠭ ᠮᠠᠰᠢ ᠴᠢᠬᠤᠯᠠ ᠪᠣᠯᠪᠠ᠂ ᠲᠠᠢᠬᠡᠦ ᠴᠢᠨᠦ ᠤᠴᠢᠷ ᠢ᠋ ᠮᠡᠳᠡᠬᠦ ᠦᠭᠡᠢ ᠲᠤᠯᠠ ᠣᠯᠠᠨ ᠠᠴᠢ ᠲᠠᠢᠽᠢ ᠳ᠋ᠤᠷ ᠵᠢᠭᠠᠰᠤᠭᠠᠢ ᠬᠡᠮᠡᠬᠦ ᠢᠨᠦ ᠡᠭᠡᠨᠡᠭᠲᠡ ᠥᠷᠥᠰᠢᠶᠡᠭᠰᠡᠨ ᠰᠠᠨᠠᠭᠠᠨ᠂ ᠭᠠᠭᠴᠠ ᠮᠠᠨ ᠤ᠋ ᠡᠭᠡᠴᠢ ᠴᠢ ᠭᠦᠸᠧ ᠭᠦᠩᠵᠦ᠂ ᠣᠨᠴᠠ ᠲᠠᠢᠬᠡᠦ ᠶ᠋ᠢᠨ ᠰᠠᠨᠠᠭᠠᠨ ᠳ᠋ᠤᠷ ᠨᠡᠢᠴᠡᠭᠦᠯᠦᠮᠦᠢ ᠭᠡᠮᠡᠨ ᠴᠢᠨᠦ ᠡᠨᠡ ᠤᠴᠢᠷ ᠢ ᠤᠯᠠᠮᠵᠢᠯᠠᠨ ᠠᠢᠯᠠᠳᠬᠠᠵᠤ ᠥᠭᠬᠦ ᠦᠭᠡᠢ᠂ ᠬᠡᠷᠡᠭ ᠨᠢᠭᠡᠨᠲᠡ ᠡᠢᠮᠦ ᠪᠣᠯᠤᠭᠰᠠᠨ ᠲᠤᠯᠠ ᠣᠳᠣ ᠠᠶᠤᠵᠤ ᠰᠢᠷᠪᠡᠭᠡᠲᠦᠯ ᠢ᠋ ᠪᠣᠳᠣᠵᠤ ᠪᠣᠯᠬᠤ ᠦᠭᠡᠢ᠂ ᠭᠦᠩᠵᠦ ᠥᠪᠡᠷ ᠢ᠋ᠶ᠋ᠡᠨ ᠣᠷᠳᠣᠨ ᠳ᠋ᠤᠷ ᠣᠷᠣᠵᠤ᠂ ᠤᠷᠤᠭ ᠲᠣᠭᠲᠠᠭᠰᠠᠨ ᠤᠴᠢᠷ ᠪᠠ ᠵᠢᠴᠢ ᠪᠠᠰᠠ ᠤᠯᠤᠰ ᠲᠥᠷᠥ ᠳ᠋ᠦ᠍ᠷ ᠴᠡᠷᠢᠭ ᠦ᠋ᠨ ᠵᠢᠳᠬᠦᠬᠦ ᠶᠠᠪᠤᠳᠠᠯ ᠳᠤᠲᠠᠭᠤ ᠶ᠋ᠢ ᠬᠢᠨᠠᠨ ᠲᠣᠭᠲᠠᠭᠠᠪᠠᠰᠤ ᠵᠣᠬᠢᠮᠤᠢ᠃ ᠣᠳᠣ ᠤᠳᠠᠪᠠᠰᠤ ᠬᠤᠪᠢᠰᠬᠠᠯ ᠭᠠᠷᠭᠤᠵᠠᠢ! 》 ᠭᠡᠮᠡᠨ ᠵᠥᠪᠯᠡᠬᠦᠢ ᠳ᠋ᠦ᠍ᠷ ᠭᠡᠨᠡᠳᠲᠡ ᠰᠢᠳᠠᠷ ᠵᠠᠷᠤᠴᠠ ᠥᠬᠢᠳ ᠥᠭᠦᠯᠡᠷᠦᠨ:《ᠰᠣᠨᠣᠰᠬᠤᠯ᠎ᠠ ᠥᠴᠥᠭᠡᠳᠦᠷ ᠦ᠋ᠨ ᠹᠦ ᠮᠠ ᠰᠣᠩᠭᠣᠬᠤ ᠨᠡᠷ᠎ᠡ ᠳ᠋ᠦ᠍ᠷ ᠲᠠᠢᠰᠢ ᠪᠤᠯᠤ ᠶ᠋ᠢᠨ ᠬᠥᠪᠡᠭᠦᠨ ᠳᠡᠰ ᠲᠣᠭᠣᠰ ᠢ᠋ ᠲᠡᠷᠢᠭᠦᠨ ᠨᠡᠷ᠎ᠡ ᠣᠷᠣᠭᠤᠯᠵᠤ ᠢᠯᠭᠠᠮᠤᠢ ᠬᠡᠮᠡᠵᠦ ᠪᠣᠢ 》ᠬᠡᠮᠡᠭᠰᠡᠨ ᠳ᠋ᠦ᠍ᠷ ᠬᠤᠸᠠᠢ ᠭᠦᠸᠧ᠂ ᠪᠧᠢ ᠯᠢᠩ ᠬᠣᠶᠠᠷ ᠵᠡᠷᠭᠡ ᠪᠡᠷ ᠶᠡᠬᠡᠯ᠎ᠡ ᠠᠮᠤᠷ ᠦᠭᠡᠢ ᠪᠣᠯᠵᠤ᠂ ᠣᠷᠣᠢ ᠤᠷᠤᠭᠤ ᠨᠢᠭᠡ ᠠᠶᠠᠭ᠎ᠠ ᠬᠦᠢᠲᠡᠨ ᠤᠰᠤ ᠶ᠋ᠢ ᠴᠢᠳᠬᠤᠭᠰᠠᠨ ᠮᠡᠲᠦ ᠪᠣᠯᠤᠯᠴᠠᠪᠠ᠃ ᠡᠨᠡ ᠦᠶ᠎ᠡ ᠳ᠋ᠦ᠍ᠷ ᠬᠣᠶᠠᠷ ᠡᠲᠡᠭᠡᠳ ᠬᠠᠷᠢᠯᠴᠠᠨ ᠮᠡᠳᠡᠭᠡ ᠨᠡᠪᠲᠡᠷᠡᠨ ᠴᠢᠳᠠᠬᠤ ᠦᠭᠡᠢ ᠳ᠋ᠦ᠍ᠷ ᠬᠡᠷᠬᠢᠬᠦ ᠪᠡᠨ ᠣᠯᠬᠤ ᠦᠭᠡᠢ ᠶᠡᠬᠡᠯ᠎ᠡ ᠪᠠᠯᠠᠷᠠᠪᠠᠢ᠃ ᠡᠨᠡ ᠦᠨᠡᠬᠡᠷ :
ᠰᠠᠢᠨ ᠬᠡᠷᠡᠭ ᠲᠦ᠍ᠷ ᠰᠠᠭᠠᠲᠠᠯ ᠮᠠᠰᠢ ᠣᠯᠠᠨ
ᠰᠠᠢᠬᠠᠨ ᠥᠬᠢᠨ ᠦ᠌ ᠵᠠᠶᠠᠭᠠᠨ ᠶᠠᠭᠤ ᠲᠠᠢ ᠲᠦᠭᠰᠢᠯᠲᠡᠢ ?
ᠰᠠᠨᠠᠭᠠᠨ ᠤ᠋ ᠭᠠᠳᠠᠨᠠᠬᠢ ᠰᠠᠢᠬᠠᠨ ᠬᠥᠪᠡᠭᠦᠨ ᠳ᠋ᠦ᠍ᠷ ᠤᠴᠠᠷᠠᠨ ᠬᠡᠮᠡᠬᠦᠯ᠎ᠡ
ᠰᠠᠨᠠᠮᠰᠠᠷ ᠦᠭᠡᠢ ᠡᠢᠮᠦ ᠰᠠᠭᠠᠲᠠᠯ ᠳ᠋ᠤᠷ ᠤᠴᠠᠷᠠᠪᠠᠢ !
ᠲᠡᠨᠳᠡᠴᠡ ᠬᠤᠸᠠᠢ ᠭᠦᠸᠧ ᠭᠦᠩᠵᠦ ᠶᠡᠬᠡᠯ᠎ᠡ ᠰᠢᠬᠠᠮᠳᠠᠨ ᠳᠠᠷᠤᠢ ᠣᠷᠳᠣᠨ ᠳ᠋ᠤᠷ ᠣᠷᠣᠵᠤ᠂ ᠲᠠᠢ ᠬᠤᠸᠠᠩ ᠲᠠᠢᠬᠡᠦ ᠶ᠋ᠢᠨ ᠡᠮᠦᠨ᠎ᠡ ᠰᠥᠭᠥᠳᠴᠦ ᠨᠢᠭᠡᠨᠲᠡ ᠤᠬᠢᠯᠠᠭᠰᠠᠨ ᠳ᠋ᠤᠷ ᠲᠠᠢᠬᠡᠦ ᠤᠴᠢᠷ ᠢ᠋ ᠠᠰᠠᠭᠤᠪᠠᠰᠤ ᠬᠤᠸᠠᠢ ᠭᠦᠸᠧ ᠭᠦᠩᠵᠦ ᠠᠢᠯᠠᠳᠬᠠᠷᠤᠨ: 《ᠲᠦᠰᠢᠮᠡᠯ ᠥᠬᠢᠨ ᠪᠢ ᠡᠴᠢᠭᠡ ᠪᠡᠨ ᠠᠯᠠᠭᠳᠠᠵᠤ ᠡᠬᠡ ᠦᠬᠦᠭᠡᠳ ᠤᠷᠭᠤᠨ ᠭᠠᠷᠴᠤ ᠺᠦᠨ ᠯᠦᠨ ᠬᠠᠢᠷᠬᠠᠨ ᠳ᠋ᠤᠷ ᠡᠴᠢᠵᠦ᠂ ᠬᠡᠳᠦᠨ ᠵᠦᠢᠯ ᠦ᠋ᠨ ᠴᠡᠷᠢᠭ ᠦ᠋ᠨ ᠤᠪᠠᠳᠢᠰ ᠢ᠋ ᠣᠯᠵᠤ ᠬᠠᠭᠠᠨ ᠤ᠋ ᠶᠡᠬᠡ ᠲᠥᠷᠥ ᠳ᠋ᠦ᠍ᠷ ᠲᠤᠰᠠᠯᠠᠨ ᠵᠢᠳᠬᠦᠵᠦ᠂ ᠲᠠᠰᠢᠷᠠᠮ ᠳ᠋ᠤᠷ ᠥᠪᠡᠷ ᠦ᠋ᠨ ᠡᠴᠢᠭᠡ ᠶ᠋ᠢᠨ ᠦᠰ ᠢ᠋ ᠠᠪᠰᠤᠭᠠᠢ ᠬᠡᠮᠡᠬᠦᠢ ᠳ᠋ᠦ᠍ᠷ ᠰᠠᠨᠠᠮᠰᠠᠷ ᠦᠭᠡᠢ ᠳᠡᠭᠡᠳᠦ ᠬᠥᠭᠰᠢᠨ ᠲᠠᠢᠰᠢ ᠭᠦᠸᠧ ᠸᠠᠩ ᠮᠤᠬᠤᠯᠢ ᠲᠦᠰᠢᠮᠡᠯ ᠥᠬᠢᠨ ᠨᠠᠳᠠ ᠳ᠋ᠤᠷ ᠴᠡᠷᠢᠭ ᠦ᠋ᠨ ᠬᠦᠷᠢᠶ᠎ᠡ ᠳ᠋ᠦ᠍ᠷ ᠡᠷᠳᠡᠨᠢ ᠶ᠋ᠢᠨ ᠰᠡᠯᠡᠮ᠎ᠡ ᠰᠤᠪᠤᠳ ᠤ᠋ᠨ ᠰᠠᠭᠠᠳᠠᠭ ᠱᠠᠩᠨᠠᠵᠤ᠂ ᠲᠡᠭᠦᠨ ᠦ᠌ ᠠᠴᠢ ᠬᠥᠪᠡᠭᠦᠨ ᠳᠡᠰ ᠲᠣᠭᠣᠰ ᠲᠤᠷ ᠤᠷᠤᠭ ᠲᠣᠭᠲᠠᠭᠰᠠᠨ ᠪᠥᠯᠥᠭᠡ᠃ ᠬᠣᠢᠨ᠎ᠠ ᠰᠢ ᠢᠦᠢ ᠤᠯᠤᠰ ᠤ᠋ᠨ ᠭᠠᠵᠢᠭᠤ ᠤᠪᠠᠳᠢᠰᠲᠠᠨ ᠢ᠋ ᠡᠪᠳᠡᠬᠦᠢ ᠳ᠋ᠦ᠍ᠷ ᠳᠡᠭᠡᠳᠦ ᠱᠧᠩ ᠦ ᠬᠤᠸᠠᠩᠳᠢ ᠲᠠᠢᠽᠦ ᠬᠠᠭᠠᠨ ᠮᠥᠨ ᠥᠬᠢᠨ ᠨᠠᠮᠠᠶ᠋ᠢ ᠳᠣᠷᠣᠭᠰᠢ ᠠᠴᠢ ᠲᠠᠢᠽᠢ ᠨᠠᠷ ᠲᠤᠷ ᠵᠢᠭᠠᠰᠤᠭᠠᠢ ᠬᠡᠮᠡᠭᠰᠡᠨ ᠳ᠋ᠦ᠍ᠷ ᠲᠦᠰᠢᠮᠡᠯ ᠥᠬᠢᠨ ᠦᠨᠡᠨ ᠤᠴᠢᠷ ᠢ᠋ ᠠᠢᠯᠠᠳᠬᠠᠭᠰᠠᠨ ᠪᠥᠯᠥᠭᠡ᠂ ᠲᠡᠢᠨ ᠬᠦ᠌ ᠡᠳᠦᠢ ᠪᠣᠯᠪᠠ᠃ ᠡᠳᠦᠭᠡ ᠰᠠᠢᠳ ᠥᠬᠢᠨ ᠪᠢ ᠬᠣᠣᠰ ᠬᠣᠯᠪᠣᠭᠠᠨ ᠢ᠋ ᠶᠠᠭᠠᠷᠠᠬᠤ ᠦᠭᠡᠢ᠂ ᠬᠡᠵᠢᠶ᠎ᠡ ᠮᠢᠨᠦ ᠡᠴᠢᠭᠡ ᠶ᠋ᠢ ᠠᠯᠠᠭᠰᠠᠨ ᠪᠢᠶᠠᠨ ᠯᠢᠶᠠᠩ ᠤ᠋ᠨ ᠥᠰᠲᠦ ᠠᠷᠠᠳ ᠢ᠋ ᠠᠷᠢᠯᠭᠠᠵᠤ᠂ ᠦᠰ ᠢ᠋ᠶ᠋ᠡᠨ ᠠᠪᠤᠭᠰᠠᠨ ᠬᠣᠢᠨ᠎ᠠ ᠰᠠᠶᠢ ᠰᠠᠢᠳ ᠥᠬᠢᠨ ᠮᠢᠨᠦ ᠪᠠᠭᠰᠢ ᠶ᠋ᠢᠨ ᠵᠠᠬᠢᠶ᠎ᠠ ᠳ᠋ᠤᠷ ᠨᠡᠢᠴᠡᠮᠦᠢ ! 》ᠭᠡᠮᠡᠨ ᠠᠢᠯᠠᠳᠬᠠᠭᠰᠠᠨ ᠳ᠋ᠤᠷ ᠲᠠᠢ ᠬᠤᠸᠠᠩ ᠲᠠᠢᠬᠡᠦ ᠪᠡᠶᠡᠰᠦᠨ ᠥᠭᠦᠯᠡᠷᠦᠨ:《ᠦᠵᠡᠰᠡ ᠡᠢᠮᠦ ᠤᠴᠢᠷ ᠪᠣᠢ ᠠᠵᠤᠭᠤ᠃ ᠲᠡᠢᠮᠦ ᠪᠥᠭᠡᠰᠦ ᠨᠡᠩ ᠰᠠᠢᠨ᠂ ᠳᠡᠰ ᠲᠣᠭᠣᠰ ᠴᠤ᠌ ᠶᠡᠬᠡ ᠭᠠᠪᠢᠶᠠᠲᠤ ᠰᠠᠢᠳ ᠤ᠋ᠨ ᠦᠷᠡᠰ ᠲᠤᠯᠠ ᠬᠠᠷᠠᠬᠠᠨ ᠤᠭᠰᠠᠭ᠎ᠠ ᠶ᠋ᠢᠨ ᠭᠦᠩᠵᠦ ᠨᠠᠷ ᠤ᠋ᠨ ᠨᠢᠭᠡᠨ ᠳ᠋ᠦ᠍ᠷ ᠹᠦ ᠮᠠ ᠰᠣᠩᠭᠣᠰᠤᠭᠠᠢ ᠬᠡᠮᠡᠵᠦ ᠪᠠᠢᠭᠰᠠᠨ ᠲᠤᠯᠠ ᠡᠳᠦᠭᠡ ᠴᠢ ᠮᠥᠨ ᠴᠡᠷᠢᠭ ᠦ᠋ᠨ ᠭᠠᠪᠢᠶᠠᠲᠠᠨ᠂ ᠮᠠᠰᠢ ᠨᠡᠢᠴᠡᠮᠦᠢ᠃ ᠴᠢᠨᠦ ᠡᠨᠡ ᠦᠭᠡ ᠠᠶᠠᠯᠭᠤ ᠳ᠋ᠤᠷ ᠤᠷᠢᠳᠤ ᠶ᠋ᠢᠨ ᠲᠣᠭᠲᠠᠭᠰᠠᠨ ᠢ ᠤᠬᠤᠷᠢᠬᠤ ᠦᠭᠡᠢ ᠬᠡᠮᠡᠬᠦ ᠪᠡᠷ ᠦᠵᠡᠬᠦᠯ᠎ᠡ ᠴᠢᠮ᠎ᠠ ᠳ᠋ᠤᠷ ᠳᠡᠭᠡᠷ᠎ᠡ ᠳᠣᠣᠷ᠎ᠠ ᠭᠡᠮᠡᠨ ᠢᠯᠭᠠᠬᠤ ᠰᠠᠨᠠᠭᠠᠨ ᠦᠭᠡᠢ᠂ ᠭᠠᠭᠴᠠ ᠴᠢ ᠨᠠᠰᠤᠨ ᠳ᠋ᠤᠷ ᠬᠦᠷᠪᠡ᠂ ᠮᠥᠨ ᠬᠠᠷᠢ ᠳ᠋ᠤᠷ ᠡᠴᠢᠬᠦ ᠴᠠᠭ ᠪᠣᠯᠵᠤᠬᠤᠢ᠃ ᠥᠬᠢᠨ ᠬᠥᠮᠦᠨ ᠥᠪᠡᠷ ᠢ᠋ᠶ᠋ᠡᠨ ᠬᠡᠷᠬᠢᠨ ᠡᠴᠢᠬᠦ᠂ ᠳᠠᠷᠤᠢ ᠵᠠᠷᠯᠢᠭ ᠢ᠋ ᠮᠢᠨᠦ ᠳᠠᠭᠠᠵᠤ ᠳᠡᠰ ᠲᠣᠭᠣᠰ ᠲᠤᠷ ᠬᠣᠯᠪᠣᠬᠤ ᠶ᠋ᠢ ᠳᠠᠭ᠎ᠠ ! 》 ᠭᠡᠮᠡᠨ ᠵᠠᠷᠯᠢᠭ ᠪᠣᠯᠬᠤᠢ ᠳ᠋ᠤᠷ ᠬᠤᠸᠠᠢ ᠭᠦᠸᠧ ᠭᠦᠩᠵᠦ ᠠᠢᠯᠠᠳᠬᠠᠷᠤᠨ: 《ᠰᠠᠢᠳ ᠥᠬᠢᠨ ᠪᠢ ᠡᠨᠡ ᠥᠬᠢᠨ ᠪᠡᠶ᠎ᠡ ᠪᠡᠷ ᠰᠠᠬᠢᠬᠤ ᠰᠠᠬᠢᠯ ᠪᠣᠢ ᠲᠤᠯᠠ ᠲᠠᠢᠬᠡᠦ ᠠᠢᠯᠠᠳᠤᠨ ᠲᠣᠭᠲᠠᠭᠠᠮᠤ ! 》ᠬᠡᠮᠡᠭᠰᠡᠨ ᠳ᠋ᠦ᠍ᠷ ᠲᠠᠢᠬᠡᠦ ᠵᠠᠷᠯᠢᠭ ᠪᠣᠯᠤᠷᠤᠨ: 《ᠲᠡᠷᠡ ᠮᠠᠰᠢ ᠬᠢᠯᠪᠠᠷ᠂ ᠴᠢ ᠶᠡᠬᠡ ᠶᠣᠰᠣᠨ ᠢ ᠭᠦᠢᠴᠡᠭᠡᠭᠰᠡᠨ ᠬᠣᠢᠨ᠎ᠠ ᠨᠥᠬᠥᠷ ᠯᠤᠭᠡ ᠪᠡᠨ ᠬᠠᠮᠲᠤ ᠴᠡᠷᠢᠭ ᠦ᠋ᠨ ᠬᠦᠷᠢᠶ᠎ᠡ ᠳ᠋ᠦ᠍ᠷ ᠵᠢᠳᠬᠦᠬᠦᠢ ᠳ᠋ᠦ᠍ᠷ ᠦᠯᠦ ᠪᠣᠯᠬᠤ ᠵᠦᠢᠯ ᠦᠭᠡᠢ ! 》ᠭᠡᠮᠡᠨ ᠳᠠᠷᠤᠢ ᠲᠡᠭᠦᠨ ᠦ᠌ ᠡᠭᠡᠴᠢ ᠴᠢ ᠭᠦᠸᠧ ᠭᠦᠩᠵᠦ ᠳ᠋ᠦ᠍ᠷ ᠵᠠᠷᠯᠢᠭ ᠪᠠᠭᠤᠯᠭᠠᠨ᠂ ᠲᠡᠭᠦᠨ ᠢ᠋ ᠲᠠᠢᠰᠢ ᠬᠥᠪᠡᠭᠦᠨ ᠳᠡᠭᠡᠳᠦ ᠲᠠᠢᠹᠦ᠋ ᠳᠡᠰ ᠲᠣᠭᠣᠰ ᠲᠤᠷ ᠬᠣᠯᠪᠣᠬᠤ ᠶᠣᠰᠣᠯᠠᠯ ᠢ᠋ ᠮᠢᠨᠦ ᠡᠮᠦᠨ᠎ᠡ ᠡᠴᠡ ᠤᠷᠤᠭ ᠤ᠋ᠨ ᠶᠣᠰᠣᠨ ᠢ᠋ ᠲᠡᠭᠦᠰᠬᠡ ᠬᠡᠮᠡᠪᠡ᠃
ᠲᠡᠳᠦᠢ ᠬᠤᠸᠠᠢ ᠭᠦᠸᠧ ᠭᠦᠩᠵᠦ ᠶᠡᠬᠡ ᠬᠡᠷᠡᠭ ᠪᠦᠲᠦᠭᠰᠡᠨ ᠳ᠋ᠦ᠍ᠷ ᠪᠠᠶᠠᠷᠯᠠᠪᠠᠴᠤ ᠤᠪᠠᠳᠢᠰ ᠡᠪᠳᠡᠷᠡᠵᠦ ᠪᠠᠭᠰᠢ ᠶ᠋ᠢᠨ ᠵᠠᠬᠢᠶ᠎ᠠ ᠠ᠋ᠴᠠ ᠵᠥᠷᠢᠴᠡᠬᠦ ᠡᠴᠡ ᠵᠣᠪᠠᠨᠢᠨ ᠠᠷᠭ᠎ᠠ ᠦᠭᠡᠢ ᠮᠥᠷᠭᠥᠨ ᠪᠣᠰᠴᠤ ᠬᠠᠷᠢᠵᠤ ᠢᠷᠡᠭᠡᠳ ᠣᠳᠣ ᠬᠡᠷᠬᠢᠨ ᠥᠩᠭᠡᠷᠡᠭᠡᠬᠦ ᠶ᠋ᠢ ᠪᠣᠳᠣᠵᠤ ᠮᠥᠨ ᠬᠦ᠌ ᠪᠧᠢ ᠯᠢᠩ ᠭᠦᠩᠵᠦ ᠶ᠋ᠢ ᠭᠤᠶᠤᠬᠤᠢ ᠳ᠋ᠤᠷ ᠪᠧᠢ ᠯᠢᠩ ᠭᠦᠩᠵᠦ ᠴᠢᠷᠠᠢ ᠪᠠᠨ ᠤᠯᠠᠢᠯᠭᠠᠨ ᠥᠭᠦᠯᠡᠷᠦᠨ:《ᠭᠦᠩᠵᠦ ᠴᠢᠨᠦ ᠡᠨᠡ ᠪᠠᠰᠠ ᠰᠣᠨᠢᠨ᠂ ᠬᠥᠮᠦᠨ ᠪᠦᠷᠢ ᠴᠥᠮ ᠡᠷ᠎ᠡ ᠳ᠋ᠦ᠍ᠷ ᠢ᠋ᠶ᠋ᠡᠨ ᠥᠪᠡᠷ᠎ᠡ ᠡᠮ᠎ᠡ ᠠᠪᠬᠤᠢ ᠳ᠋ᠤᠷ ᠠᠭᠤᠷᠯᠠᠬᠤ ᠪᠥᠭᠡᠲᠡᠯ᠎ᠡ ᠡᠭᠡᠴᠢ ᠴᠢᠨᠦ ᠡᠨᠡ ᠶᠠᠭᠤᠨ ᠳ᠋ᠤᠷ ᠬᠠᠷᠢᠨ ᠡᠬᠡᠨᠡᠷ ᠦ᠋ᠨ ᠶᠣᠰᠣᠨ ᠠ᠋ᠴᠠ ᠡᠲᠡᠭᠡᠳ ᠢ᠋ᠶ᠋ᠡᠷ ᠣᠨᠴᠠ ᠨᠠᠮᠠᠶ᠋ᠢ ᠲᠦᠯᠬᠢᠮᠦᠢ ? ᠶᠠᠭᠤᠨ ᠳ᠋ᠤᠷ ᠨᠠᠮᠠᠶ᠋ᠢ ᠴᠢᠨᠦ ᠡᠮᠦᠨ᠎ᠡ ᠡᠴᠡ ᠠᠮᠠᠷᠠᠭ ᠪᠣᠯᠬᠤ ᠪᠣᠯᠭᠤᠵᠠᠢ ᠭᠡᠮᠡᠨ ᠠᠶᠤᠬᠤ ᠦᠭᠡᠢ ᠠᠵᠢ ! 》 ᠬᠡᠮᠡᠬᠦᠢ ᠳ᠋ᠦ᠍ᠷ ᠬᠤᠸᠠᠢ ᠭᠦᠸᠧ ᠭᠦᠩᠵᠦ ᠢᠨᠢᠶᠡᠨ ᠥᠭᠦᠯᠡᠷᠦᠨ:《ᠡᠭᠡᠯ ᠡᠬᠡᠨᠡᠷ ᠢ᠋ ᠳᠠᠭᠤᠷᠢᠶᠠᠬᠤ ᠪᠥᠭᠡᠰᠦ ᠬᠡᠷᠬᠢᠨ ᠡᠨᠡ ᠬᠢᠷᠢ ᠳ᠋ᠦ᠍ᠷ ᠬᠦᠷᠴᠦ ᠪᠣᠯᠬᠤ ᠠᠵᠢ ! ᠲᠡᠷᠡ ᠴᠥᠮ ᠰᠤᠯᠠ ᠦᠭᠡᠰ 》ᠬᠡᠮᠡᠪᠡᠢ᠃
ᠲᠡᠳᠦᠢ ᠪᠧᠢ ᠯᠢᠩ ᠭᠦᠩᠵᠦ ᠳᠣᠲᠣᠷ᠎ᠠ ᠪᠠᠨ ᠰᠡᠮᠡᠬᠡᠷ ᠢᠨᠢᠶᠡᠵᠦ ᠥᠭᠦᠯᠡᠷᠦᠨ: 《ᠶᠡᠷᠦ ᠶ᠋ᠢᠨ ᠬᠡᠷᠡᠭ ᠪᠣᠯᠪᠠᠰᠤ ᠴᠥᠮ ᠭᠠᠢᠭᠤᠢ᠂ ᠡᠨᠡ ᠡᠷ᠎ᠡ ᠡᠮ᠎ᠡ ᠬᠡᠮᠡᠭᠴᠢ ᠡᠳᠦᠷ ᠰᠥᠨᠢ ᠡᠭᠦᠷᠢᠳᠡ ᠬᠠᠮᠲᠤ ᠪᠠᠢᠬᠤ ᠬᠡᠷᠡᠭ ᠢ᠋ ᠬᠡᠷᠬᠢᠨ ᠮᠡᠬᠡᠯᠡᠵᠦ ᠪᠣᠯᠬᠤ ᠪᠣᠢ ? 》ᠬᠤᠸᠠᠢ ᠭᠦᠸᠧ ᠭᠦᠩᠵᠦ ᠥᠭᠦᠯᠡᠷᠦᠨ:《ᠴᠢ ᠲᠦᠷ ᠤᠷᠢᠳᠤ ᠨᠢᠭᠡᠨ ᠰᠥᠨᠢ ᠶ᠋ᠢ ᠮᠡᠬᠡᠯᠡᠨ ᠥᠩᠭᠡᠷᠡᠭᠦᠯ᠂ ᠬᠣᠢᠨ᠎ᠠ ᠪᠢ ᠮᠡᠳᠡᠰᠦᠭᠡᠢ !》ᠬᠡᠮᠡᠪᠡ᠃ ᠲᠡᠳᠦᠢ ᠪᠧᠢ ᠯᠢᠩ ᠭᠦᠩᠵᠦ ᠴᠦ᠍ ᠠᠷᠭ᠎ᠠ ᠦᠭᠡᠢ ᠴᠢᠷᠠᠢ ᠤᠯᠠᠢᠨ ᠬᠦᠯᠢᠶᠡᠨ ᠠᠪᠤᠪᠠ᠃
ᠲᠡᠳᠦᠢ ᠳᠡᠰ ᠲᠣᠭᠣᠰ ᠶᠡᠬᠡᠯ᠎ᠡ ᠵᠣᠪᠠᠨᠢᠨ ᠥᠴᠦᠬᠡᠨ ᠴᠦ᠍ ᠠᠷᠭ᠎ᠠ ᠦᠭᠡᠢ ᠪᠦᠬᠦᠢ ᠳ᠋ᠦ᠍ᠷ ᠭᠡᠨᠡᠳᠲᠡ ᠲᠣᠯᠢ ᠴᠢᠨ ᠸᠠᠩ ᠤ᠋ᠨ ᠭᠠᠵᠠᠷ ᠠ᠋ᠴᠠ ᠲᠠᠢᠬᠡᠦ ᠶ᠋ᠢᠨ ᠵᠠᠷᠯᠢᠭ ᠬᠦᠷᠴᠦ ᠢᠷᠡᠭᠰᠡᠨ ᠳ᠋ᠦ᠍ᠷ ᠨᠡᠩ ᠶᠡᠬᠡᠯ᠎ᠡ ᠠᠶᠤᠵᠤ᠂ ᠡᠨᠡ ᠯᠠᠪ ᠨᠢᠭᠡᠨ ᠭᠦᠩᠵᠦ ᠳ᠋ᠦ᠍ᠷ ᠵᠢᠭᠠᠬᠤ ᠪᠣᠯᠪᠠ ᠭᠡᠮᠡᠨ ᠠᠷᠭ᠎ᠠ ᠦᠭᠡᠢ ᠵᠠᠷᠯᠢᠭ ᠤ᠋ᠨ ᠰᠠᠢᠳ ᠢ᠋ ᠤᠭᠲᠤᠵᠤ᠂ ᠪᠠᠭᠤᠯᠭᠠᠭᠰᠠᠨ ᠵᠠᠷᠯᠢᠭ ᠢ᠋ ᠰᠣᠨᠣᠰᠪᠠᠰᠤ ᠬᠠᠷᠢᠨ ᠵᠠᠷᠯᠢᠭ ᠢ᠋ᠶ᠋ᠠᠷ ᠬᠤᠸᠠᠢ ᠭᠦᠸᠧ ᠭᠦᠩᠵᠦ ᠶ᠋ᠢ ᠲᠡᠭᠦᠨ ᠳ᠋ᠦ᠍ᠷ ᠬᠣᠯᠪᠣᠬᠤ ᠲᠤᠯᠠ ᠵᠠᠷᠯᠢᠭ ᠤ᠋ᠨ ᠶᠣᠰᠣᠭᠠᠷ ᠶᠣᠰᠣᠨ ᠤ᠋ ᠪᠡᠯᠡᠭ ᠢ ᠪᠡᠯᠡᠳᠴᠦ᠂ ᠲᠠᠢᠬᠡᠦ ᠳ᠋ᠦ᠍ᠷ ᠲᠤᠰᠢᠶᠠᠨ᠂ ᠲᠠᠢᠬᠡᠦ ᠲᠡᠭᠦᠨ ᠦ᠌ ᠡᠴᠢᠭᠡ ᠡᠬᠡ ᠦᠭᠡᠢ ᠲᠤᠯᠠ ᠵᠠᠰᠠᠵᠤ ᠶᠡᠬᠡ ᠶᠣᠰᠣᠨ ᠢ᠋ ᠲᠡᠭᠦᠰᠬᠡᠮᠦᠢ ᠬᠡᠮᠡᠭᠰᠡᠨ ᠳ᠋ᠦ᠍ᠷ ᠳᠡᠰ ᠲᠣᠭᠣᠰ ᠴᠣᠬᠣᠮ ᠲᠡᠭᠷᠢ ᠶ᠋ᠢᠨ ᠶᠣᠰᠣᠨ ᠤ᠋ ᠳᠠᠪᠬᠤᠷ ᠥᠷᠯᠥᠭᠲᠦ ᠵᠠᠷᠯᠢᠭ ᠢ᠋ ᠣᠯᠵᠤ ᠶᠠᠭᠠᠷᠠᠨ ᠬᠡᠰᠢᠭ ᠲᠣᠷ ᠮᠥᠷᠭᠥᠵᠦ᠂ ᠳᠠᠷᠤᠢ ᠣᠢᠷ᠎ᠠ ᠰᠠᠢᠨ ᠡᠳᠦᠷ ᠢ᠋ ᠰᠢᠯᠭᠠᠵᠤ ᠡᠳᠦᠷ ᠲᠣᠭᠲᠠᠵᠤ᠂ ᠵᠠᠭᠤᠨ ᠵᠦᠢᠯ ᠦ᠋ᠨ ᠪᠡᠯᠡᠭ᠂ ᠵᠢᠷᠭᠤᠭᠠᠨ ᠶᠣᠰᠣᠯᠠᠯ ᠢ᠋ ᠪᠦᠷᠢᠳᠬᠡᠵᠦ᠂ ᠰᠠᠢᠨ ᠡᠳᠦᠷ ᠲᠣᠷ ᠲᠤᠯᠵᠤ᠂ ᠤᠯᠤᠰ ᠤ᠋ᠨ ᠣᠯᠠᠨ ᠲᠠᠢᠽᠢ ᠨᠠᠷ ᠲᠤᠷ ᠤᠷᠤᠭ ᠬᠣᠯᠪᠣᠬᠤ ᠶᠠᠮᠤᠨ ᠳ᠋ᠤᠷ ᠴᠢᠭᠤᠯᠵᠤ ᠵᠠᠷᠯᠢᠭ ᠢ᠋ ᠬᠦᠯᠢᠶᠡᠵᠦ ᠳᠥᠷᠪᠡᠨ ᠵᠦᠭ ᠲᠠᠷᠠᠬᠠᠯᠴᠠᠨ᠂ ᠲᠤᠰ ᠲᠤᠰ ᠲᠤᠷ ᠪᠠᠭᠤᠯᠭᠠᠷᠠ ᠡᠴᠢᠬᠦᠢ ᠳ᠋ᠦ᠍ᠷ ᠣᠯᠠᠨ ᠲᠠᠢᠽᠢ ᠨᠠᠷ ᠤ᠋ᠨ ᠬᠡᠷᠡᠭ ᠢ᠋ ᠲᠦᠷ ᠬᠡᠯᠡᠬᠦ ᠦᠭᠡᠢ᠃
ᠭᠠᠭᠴᠠ ᠡᠨᠡ ᠳᠡᠰ ᠲᠣᠭᠣᠰ ᠲᠡᠭᠷᠢ ᠭᠠᠵᠠᠷ ᠦᠭᠡᠢ ᠪᠠᠶᠠᠷᠯᠠᠨ ᠳᠠᠷᠤᠢ ᠬᠤᠸᠠᠢ ᠭᠦᠸᠧ ᠭᠦᠩᠵᠦ ᠶ᠋ᠢᠨ ᠣᠷᠳᠣᠨ ᠳ᠋ᠤᠷ ᠡᠴᠢᠵᠦ᠂ ᠬᠤᠸᠠᠢ ᠭᠦᠸᠧ ᠭᠦᠩᠵᠦ ᠶ᠋ᠢᠨ ᠬᠡᠷᠡᠭ ᠢ᠋ ᠬᠠᠮᠢᠶᠠᠷᠤᠭᠰᠠᠨ ᠵᠠᠷᠯᠢᠭ ᠤ᠋ᠨ ᠰᠠᠢᠳ ᠪᠠ ᠴᠢ ᠭᠦᠸᠧ ᠭᠦᠩᠵᠦ ᠨᠠᠷ ᠲᠤᠷ ᠶᠣᠰᠣᠯᠠᠵᠤ᠂ ᠳᠠᠷᠤᠢ ᠪᠠᠭᠤᠯᠭᠠᠨ ᠠᠴᠢᠷᠠᠵᠤ ᠶᠡᠬᠡ ᠲᠠᠢᠰᠢ ᠶ᠋ᠢᠨ ᠶᠠᠮᠤᠨ ᠳ᠋ᠤᠷ ᠣᠷᠣᠭᠤᠯᠵᠤ᠂ ᠵᠠᠷᠯᠢᠭ ᠤ᠋ᠨ ᠰᠠᠢᠳ ᠲᠡᠷᠢᠭᠦᠯᠡᠨ ᠲᠥᠷᠥ ᠲᠦᠰᠢᠮᠡᠳ ᠢ᠋ ᠶᠡᠬᠡ ᠬᠤᠷᠢᠮ ᠢ᠋ᠶ᠋ᠠᠷ ᠬᠦᠨᠳᠦᠯᠡᠬᠦ ᠶ᠋ᠢ ᠨᠢᠭᠡᠨ ᠦᠭᠡᠰ ᠢ᠋ᠶ᠋ᠡᠷ ᠲᠣᠭᠠᠴᠢᠨ ᠪᠠᠷᠠᠬᠤ ᠦᠭᠡᠢ᠃
ᠲᠡᠳᠦᠢ ᠰᠥᠨᠢ ᠴᠡᠴᠡᠭᠲᠦ ᠯᠤᠤ ᠶ᠋ᠢᠨ ᠵᠤᠯᠠ ᠶ᠋ᠢ ᠬᠣᠣᠰᠯᠠᠨ ᠰᠢᠲᠠᠭᠠᠵᠤ᠂ ᠰᠤᠪᠤᠳ ᠤ᠋ᠨ ᠮᠠᠩᠨᠤᠭ ᠬᠥᠰᠢᠭᠡ ᠳ᠋ᠦ᠍ᠷ ᠰᠠᠭᠤᠵᠤ᠂ ᠰᠢᠨ᠎ᠡ ᠨᠥᠬᠥᠷ ᠡᠮ᠎ᠡ ᠶᠡᠬᠡᠯ᠎ᠡ ᠪᠠᠶᠠᠰᠤᠯᠴᠠᠨ ᠬᠣᠷᠢᠮᠠᠯᠠᠬᠤᠢ ᠳ᠋ᠤᠷ ᠰᠢᠨ᠎ᠡ ᠭᠦᠩᠵᠦ ᠨᠢᠭᠡᠮᠦᠰᠦᠨ ᠬᠠᠭᠤᠴᠢᠨ ᠨᠥᠬᠥᠷ ᠡᠮ᠎ᠡ ᠶ᠋ᠢᠨ ᠶᠠᠩᠵᠤ ᠪᠠᠷ ᠠᠭᠠᠰᠢᠯᠠᠵᠤ᠂ ᠳᠡᠰ ᠲᠣᠭᠣᠰ ᠢ᠋ ᠠᠷᠢᠬᠢ ᠪᠠᠷ ᠶᠡᠬᠡᠯ᠎ᠡ ᠰᠣᠭᠲᠣᠭᠠᠵᠤ ᠬᠡᠪᠲᠡᠭᠦᠯᠦᠭᠡᠳ ᠳᠠᠷᠤᠢ ᠵᠤᠯᠠ ᠶ᠋ᠢ ᠵᠠᠢᠯᠠᠭᠤᠯᠵᠤ ᠮᠥᠨ ᠬᠦ᠌ ᠪᠧᠢ ᠯᠢᠩ ᠢ᠋ ᠣᠷᠳᠣᠨ ᠳ᠋ᠤᠷ ᠢ᠋ᠶ᠋ᠠᠨ ᠣᠷᠣᠭᠤᠯᠪᠠ᠃ ᠡᠨᠡ ᠦᠶ᠎ᠡ ᠳ᠋ᠦ᠍ᠷ ᠳᠡᠰ ᠲᠣᠭᠣᠰ ᠬᠠᠷᠠᠬᠠᠨ ᠶᠡᠬᠡ ᠭᠠᠩ ᠳ᠋ᠤᠷ ᠬᠤᠷ᠎ᠠ ᠶ᠋ᠢ ᠬᠦᠰᠡᠬᠦ᠂ ᠥᠯᠪᠡᠷᠦᠭᠰᠡᠨ ᠪᠠᠷᠰ ᠥᠭᠶᠥᠭᠡ ᠳ᠋ᠦ᠍ᠷ ᠣᠷᠣᠭᠰᠠᠨ ᠮᠡᠲᠦ ᠪᠣᠯᠵᠤ᠂ ᠡᠷ᠎ᠡ ᠡᠮ᠎ᠡ ᠶ᠋ᠢᠨ ᠶᠡᠬᠡ ᠶᠣᠰᠣ ᠡᠭᠦᠯᠡᠨ ᠪᠣᠷᠣᠭᠠᠨ ᠤ᠋ ᠴᠡᠩᠭᠡᠯ ᠢ᠋ ᠭᠦᠢᠴᠡᠭᠡᠵᠦ᠂ ᠬᠠᠷᠢᠯᠴᠠᠨ ᠲᠡᠪᠡᠷᠢᠯᠴᠡᠨ ᠤᠮᠳᠠᠭᠠᠳ ᠭᠡᠨᠡᠳᠲᠡ ᠬᠡᠬᠡᠷᠡᠬᠦᠢ ᠶ᠋ᠢᠨ ᠦᠶ᠎ᠡ ᠳ᠋ᠦ᠍ᠷ ᠶᠡᠬᠡᠯ᠎ᠡ ᠤᠮᠳᠠᠭᠠᠰᠤᠨ ᠴᠠᠢ ᠤᠤᠭᠤᠰᠤᠭᠠᠢ ᠭᠡᠮᠡᠨ ᠥᠬᠢᠳ ᠢ ᠳᠠᠭᠤᠳᠠᠬᠤᠢ ᠳ᠋ᠤᠷ ᠥᠬᠢᠳ ᠴᠥᠮ ᠭᠠᠳᠠᠨ᠎ᠠ ᠭᠡᠷ ᠲᠦ᠍ᠷ ᠬᠤᠸᠠᠢ ᠭᠦᠸᠧ ᠭᠦᠩᠵᠦ ᠶ᠋ᠢᠨ ᠳᠡᠷᠭᠡᠳᠡ ᠪᠠᠢᠭᠰᠠᠨ ᠲᠤᠯᠠ ᠶᠠᠭᠠᠷᠠᠨ ᠲᠦᠯᠬᠢᠨ ᠰᠡᠷᠢᠭᠡᠭᠰᠡᠨ ᠳ᠋ᠦ᠍ᠷ ᠬᠤᠸᠠᠢ ᠭᠦᠸᠧ ᠭᠦᠩᠵᠦ ᠶᠠᠭᠠᠷᠠᠨ ᠳᠡᠪᠡᠯ ᠢ᠋ᠶ᠋ᠡᠨ ᠡᠮᠦᠰᠴᠦ᠂ ᠳᠣᠲᠣᠷ᠎ᠠ ᠭᠡᠷ ᠲᠦ᠍ᠷ ᠪᠠᠭ᠎ᠠ ᠥᠬᠢᠳ ᠯᠦ᠍ᠭᠡ ᠣᠷᠣᠵᠤ ᠰᠠᠭᠤᠭᠠᠳ ᠰᠠᠶᠢ ᠴᠠᠢ ᠬᠢᠯᠭᠡᠬᠦᠢ ᠳ᠋ᠦ᠍ᠷ ᠳᠡᠰ ᠲᠣᠭᠣᠰ ᠵᠤᠯᠠ ᠠᠴᠢᠷᠠ ᠬᠡᠮᠡᠪᠡᠰᠦ ᠬᠤᠸᠠᠢ ᠭᠦᠸᠧ ᠭᠦᠩᠵᠦ ᠵᠤᠯᠠ ᠬᠡᠷᠡᠭ ᠦᠭᠡᠢ ᠭᠡᠮᠡᠨ ᠳᠠᠭᠤᠨ ᠭᠠᠷᠤᠭᠠᠳ ᠪᠧᠢ ᠯᠢᠩ ᠭᠦᠩᠵᠦ ᠶ᠋ᠢ ᠭᠠᠷᠭᠠᠰᠤᠭᠠᠢ ᠬᠡᠮᠡᠬᠦᠢ ᠳ᠋ᠦ᠍ᠷ ᠡᠨᠡ ᠦᠶ᠎ᠡ ᠳ᠋ᠦ᠍ᠷ ᠪᠧᠢ ᠯᠢᠩ ᠭᠦᠩᠵᠦ ᠶ᠋ᠢᠨ ᠬᠣᠶᠠᠷ ᠬᠥᠯ ᠢ᠋ ᠳᠡᠰ ᠲᠣᠭᠣᠰ ᠬᠠᠷᠠᠬᠠᠨ ᠡᠪᠦᠷ ᠲᠣᠷ ᠢ᠋ᠶ᠋ᠠᠨ ᠲᠡᠪᠡᠷᠢᠵᠦ ᠪᠠᠢᠬᠤ ᠲᠤᠯᠠ ᠬᠤᠸᠠᠢ ᠭᠦᠸᠧ ᠭᠦᠩᠵᠦ ᠶ᠋ᠢᠨ ᠳᠤᠤᠭᠠᠷᠤᠭᠰᠠᠨ ᠠᠨᠤ ᠬᠡᠪᠲᠡᠭᠰᠡᠨ ᠭᠠᠵᠠᠷ ᠯᠤᠭ᠎ᠠ ᠨᠡᠢᠴᠡᠬᠦ ᠦᠭᠡᠢ ᠲᠤᠯᠠ ᠶᠠᠭᠠᠷᠠᠨ ᠲᠡᠮᠲᠡᠷᠢᠨ ᠦᠵᠡᠪᠡᠰᠦ ᠬᠠᠷᠢᠨ ᠬᠣᠶᠠᠷ ᠬᠥᠮᠦᠨ ᠪᠣᠯᠵᠤᠬᠤᠢ᠃ ᠡᠭᠦᠨ ᠳ᠋ᠦ᠍ᠷ ᠶᠡᠬᠡᠯ᠎ᠡ ᠭᠠᠢᠬᠠᠵᠤ ᠬᠤᠷᠳᠤᠨ ᠵᠤᠯᠠ ᠠᠴᠢᠷᠠ ᠭᠡᠮᠡᠨ ᠵᠠᠩᠳᠠᠬᠤᠢ ᠳ᠋ᠤᠷ ᠥᠬᠢᠳ ᠰᠡᠮᠡᠬᠡᠷ ᠢᠨᠢᠶᠡᠯᠴᠡᠨ ᠵᠤᠯᠠ ᠠᠴᠢᠷᠠᠬᠤ ᠦᠭᠡᠢ ᠳ᠋ᠦ᠍ᠷ ᠳᠡᠰ ᠲᠣᠭᠣᠰ ᠶᠠᠭᠠᠷᠠᠨ ᠬᠥᠨᠵᠢᠯᠡᠨ ᠦ᠌ ᠳᠣᠲᠣᠷᠠᠬᠢ ᠬᠤᠸᠠᠢ ᠭᠦᠸᠧ ᠭᠦᠩᠵᠦ ᠪᠠ ᠳᠡᠷᠡ ᠶ᠋ᠢᠨ ᠳᠡᠭᠡᠭᠦᠷ ᠲᠡᠷᠡ ᠬᠤᠸᠠᠢ ᠭᠦᠸᠧ ᠭᠦᠩᠵᠦ ᠲᠡᠢ ᠬᠣᠶᠠᠷ ᠢ᠋ ᠠᠳ᠌ᠠᠳ ᠠᠪᠴᠤ᠂ ᠬᠤᠷᠳᠤᠨ ᠵᠤᠯᠠ ᠠᠴᠢᠷᠠ᠂ ᠰᠢᠮᠨᠤ ᠢᠷᠡᠪᠡ ᠬᠡᠮᠡᠬᠦᠢ ᠳ᠋ᠦ᠍ᠷ ᠥᠬᠢᠳ ᠴᠥᠮ ᠰᠡᠮᠡᠬᠡᠷ ᠢᠨᠢᠶᠡᠯᠴᠡᠨ ᠵᠠᠢᠯᠠᠨ ᠡᠴᠢᠭᠰᠡᠨ ᠳ᠋ᠦ᠍ᠷ ᠳᠡᠰ ᠲᠣᠭᠣᠰ ᠬᠡᠳᠦᠢᠨᠡᠢ ᠪᠡᠶ᠎ᠡ ᠤᠷᠪᠠᠨ ᠳᠡᠪᠡᠯ ᠢ᠋ ᠨᠥᠮᠥᠷᠴᠦ ᠭᠦᠶᠦᠨ ᠭᠠᠷᠴᠤ᠂ ᠵᠤᠯᠠ ᠶ᠋ᠢ ᠠᠴᠢᠷᠠᠵᠤ ᠡᠳᠡᠨ ᠢ᠋ ᠦᠵᠡᠭᠡᠳ ᠪᠠᠰᠠ ᠪᠠᠯᠠᠷᠠᠪᠠ᠃ ᠬᠥᠨᠵᠢᠯᠡ ᠳ᠋ᠦ᠍ᠷ ᠪᠠᠢᠬᠤ ᠠᠨᠤ ᠪᠧᠢ ᠯᠢᠩ ᠭᠦᠩᠵᠦ᠂ ᠭᠠᠳᠠᠨ᠎ᠠ ᠠᠨᠤ ᠬᠤᠸᠠᠢ ᠭᠦᠸᠧ ᠭᠦᠩᠵᠦ᠂ ᠡᠭᠦᠨ ᠢ᠋ ᠦᠵᠡᠭᠡᠳ ᠨᠢᠭᠡᠨᠲᠡ ᠪᠠᠯᠠᠷᠠᠭᠰᠠᠨ ᠳ᠋ᠤᠷ ᠬᠤᠸᠠᠢ ᠭᠦᠸᠧ ᠭᠦᠩᠵᠦ ᠬᠡᠷᠡᠭ ᠨᠢᠭᠡᠨᠲᠡ ᠡᠢᠮᠦ ᠪᠣᠯᠤᠭᠰᠠᠨ ᠳ᠋ᠤᠷ ᠠᠷᠭ᠎ᠠ ᠦᠭᠡᠢ ᠤᠴᠢᠷ ᠢ ᠤᠭ ᠡᠬᠢᠨ ᠡᠴᠡ ᠳᠠᠷᠠᠭᠠᠯᠠᠨ ᠦᠨᠡᠨ ᠤᠴᠢᠷ ᠢ᠋ ᠨᠢᠭᠡ ᠨᠢᠭᠡᠨ ᠢ᠋ᠶ᠋ᠡᠷ ᠪᠦᠷᠢᠨ ᠬᠡᠯᠡᠵᠦ ᠥᠭᠦᠯᠡᠷᠦᠨ:《ᠤᠷᠢᠳᠠ ᠴᠢᠨᠦ ᠡᠪᠡᠳᠴᠢᠨ ᠢ᠋ ᠰᠠᠢᠨ ᠪᠣᠯᠭᠠᠬᠤᠢ ᠳ᠋ᠤᠷ ᠠᠷᠭ᠎ᠠ ᠦᠭᠡᠢ ᠪᠢ ᠡᠨᠡ ᠥᠬᠢᠨ ᠳᠡᠭᠦᠦ ᠶ᠋ᠢ ᠭᠤᠶᠤᠵᠤ ᠴᠢᠨᠦ ᠰᠡᠳᠬᠢᠯ ᠢ᠋ ᠭᠦᠢᠴᠡᠭᠡᠵᠦ ᠡᠪᠡᠳᠴᠢᠨ ᠢ᠋ ᠰᠠᠢᠨ ᠪᠣᠯᠭᠠᠭᠰᠠᠨ ᠪᠥᠯᠥᠭᠡ᠂ ᠡᠳᠦᠭᠡ ᠮᠢᠨᠦ ᠪᠠᠭᠰᠢ ᠶ᠋ᠢᠨ ᠵᠠᠬᠢᠶ᠎ᠠ ᠪᠠᠰᠠ ᠬᠦ᠌ ᠲᠡᠭᠦᠰᠦᠭᠡᠳᠦᠢ᠂ ᠵᠢᠴᠢ ᠪᠢᠶᠠᠨ ᠵᠢᠩ ᠦ᠋ᠨ ᠥᠰᠢᠶ᠎ᠡ ᠶ᠋ᠢ ᠠᠪᠤᠭᠠᠳᠤᠢ᠂ ᠨᠡᠩᠳᠡ ᠬᠠᠭᠠᠨ ᠤ᠋ ᠶᠠᠪᠤᠳᠠᠯ ᠳᠠᠭᠤᠰᠤᠭᠠᠳᠤᠢ᠃ ᠪᠢ ᠬᠡᠳᠦᠢ ᠬᠣᠯᠪᠣᠵᠤ ᠲᠦᠷ ᠬᠦᠯᠢᠴᠡᠨ ᠬᠡᠳᠦᠨ ᠵᠢᠯ ᠢ᠋ ᠥᠩᠭᠡᠷᠡᠭᠡᠵᠦ ᠤᠯᠤᠰ ᠤ᠋ᠨ ᠬᠡᠷᠡᠭ ᠪᠠ ᠪᠡᠶ᠎ᠡ ᠶ᠋ᠢᠨ ᠦᠰ ᠢ᠋ ᠠᠪᠲᠠᠯ᠎ᠠ ᠡᠨᠡ ᠪᠡᠶ᠎ᠡ ᠶ᠋ᠢ ᠰᠠᠬᠢᠵᠤ ᠡᠨᠡ ᠬᠡᠳᠦᠨ ᠵᠦᠢᠯ ᠦ᠋ᠨ ᠤᠪᠠᠳᠢᠰ ᠢ ᠦᠯᠡᠳᠡᠭᠡᠵᠦ ᠵᠠᠷᠤᠰᠤᠭᠠᠢ ᠬᠡᠮᠡᠮᠦᠢ ᠃ ᠪᠤᠰᠤ ᠪᠣᠯᠪᠠᠰᠤ ᠪᠢ ᠶᠠᠭᠤᠨ ᠳ᠋ᠤᠷ ᠡᠨᠡ ᠮᠡᠲᠦ ᠬᠦᠯᠢᠴᠡᠬᠦ ᠪᠣᠢ !》ᠬᠡᠮᠡᠭᠰᠡᠨ ᠳ᠋ᠦ᠍ᠷ ᠳᠡᠰ ᠲᠣᠭᠣᠰ ᠰᠠᠶᠢ ᠵᠡᠭᠦᠳᠦᠨ ᠡᠴᠡ ᠰᠡᠷᠭᠦᠭᠰᠡᠨ ᠮᠡᠲᠦ ᠪᠣᠯᠵᠤ ᠬᠤᠸᠠᠢ ᠭᠦᠸᠧ ᠭᠦᠩᠵᠦ ᠶ᠋ᠢ ᠶᠡᠬᠡᠯ᠎ᠡ ᠭᠠᠢᠬᠠᠨ ᠬᠦᠨᠳᠦᠳᠡ ᠶᠣᠰᠣᠯᠠᠵᠤ ᠥᠭᠦᠯᠡᠷᠦᠨ: 《ᠡᠨᠡ ᠴᠥᠮ ᠭᠦᠩᠵᠦ ᠴᠢᠨᠦ ᠬᠦᠨᠳᠦ ᠠᠴᠢᠯᠠᠯ ᠶᠡᠬᠡ ᠵᠢᠷᠤᠮ᠂ ᠮᠠᠨ ᠤ᠋ ᠵᠡᠷᠭᠡ ᠶ᠋ᠢᠨ ᠡᠷ᠎ᠡ ᠬᠥᠮᠦᠨ ᠬᠡᠷᠬᠢᠨ ᠭᠦᠢᠴᠡᠵᠦ ᠴᠢᠳᠠᠬᠤ ? ᠬᠡᠳᠦᠢ ᠡᠴᠢᠭᠡ ᠶ᠋ᠢᠨ ᠦᠰ ᠢ᠋ ᠠᠪᠰᠤᠭᠠᠢ ᠬᠡᠮᠡᠪᠡᠴᠦ᠂ ᠪᠠᠰᠠ ᠡᠵᠡᠨ ᠳ᠋ᠦ᠍ᠷ ᠰᠢᠳᠤᠷᠭᠤ ᠶ᠋ᠢ ᠭᠦᠢᠴᠡᠭᠡᠬᠦ ᠲᠤᠯᠠ ᠡᠨᠡ ᠮᠡᠲᠦ ᠭᠠᠰᠢᠭᠤᠨ ᠢ᠋ ᠰᠠᠬᠢᠭᠰᠠᠨ ᠪᠣᠯᠠᠢ᠃ ᠵᠢᠴᠢ ᠪᠧᠢ ᠯᠢᠩ ᠭᠦᠩᠵᠦ ᠶ᠋ᠢ ᠵᠦᠳᠡᠭᠡᠭᠰᠡᠨ ᠪᠣᠯᠪᠠᠴᠤ ᠮᠢᠨᠦ ᠰᠠᠨᠠᠭᠠᠨ ᠳ᠋ᠤᠷ ᠡᠭᠡᠨᠡᠭᠲᠡ ᠭᠦᠩᠵᠦ ᠴᠢᠮᠠᠶ᠋ᠢ ᠬᠡᠮᠡᠬᠦ ᠲᠤᠯᠠ ᠮᠢᠨᠦ ᠲᠠᠩᠭᠠᠷᠢᠭ ᠲᠤᠷ ᠦᠯᠦ ᠬᠠᠷᠰᠢᠮᠤᠢ᠃ ᠨᠢᠭᠡᠨᠲᠡ ᠡᠢᠮᠦ ᠪᠣᠯᠤᠭᠰᠠᠨ ᠲᠤᠯᠠ ᠪᠢ ᠦᠯᠦ ᠪᠢᠰᠢᠷᠡᠬᠦ ᠶᠣᠰᠣ ᠦᠭᠡᠢ᠃ ᠪᠢ ᠴᠢᠮ᠎ᠠ ᠳ᠋ᠤᠷ ᠡᠰᠡ ᠬᠠᠯᠳᠠᠪᠠᠰᠤ ᠪᠠᠷᠠᠪᠠ 》ᠭᠡᠮᠡᠨ ᠬᠣᠶᠠᠷ ᠡᠮ᠎ᠡ ᠶ᠋ᠢ ᠬᠣᠶᠠᠷ ᠬᠠᠵᠠᠭᠤᠳᠠ ᠪᠠᠨ ᠠᠪᠴᠤ ᠬᠡᠪᠲᠡᠪᠡ᠃ ᠬᠡᠳᠦᠢ ᠶᠡᠬᠡ ᠶᠣᠰᠣ ᠡᠰᠡ ᠭᠦᠢᠴᠡᠭᠡᠪᠡᠴᠦ ᠮᠥᠨ ᠨᠥᠬᠥᠷ ᠡᠮ᠎ᠡ ᠶ᠋ᠢᠨ ᠠᠮᠠᠷᠠᠭ ᠢ᠋ ᠭᠦᠢᠴᠡᠭᠡᠵᠦ ᠬᠠᠷᠢᠯᠴᠠᠨ ᠲᠡᠪᠡᠷᠢᠯᠴᠡᠨ ᠬᠡᠪᠲᠡᠯᠴᠡᠰᠦᠭᠡᠢ ᠬᠡᠮᠡᠬᠦᠢ ᠳ᠋ᠦ᠍ᠷ ᠬᠤᠸᠠᠢ ᠭᠦᠸᠧ ᠭᠦᠩᠵᠦ ᠲᠡᠭᠦᠨ ᠦ᠌ ᠭᠠᠷ ᠬᠥᠳᠡᠯᠬᠦ ᠡᠴᠡ ᠠᠶᠤᠵᠤ ᠳᠣᠲᠣᠭᠠᠳᠤ ᠬᠤᠪᠴᠠᠳ ᠢ᠋ ᠲᠠᠢᠯᠬᠤ ᠦᠭᠡᠢ ᠳ᠋ᠦ᠍ᠷ ᠳᠡᠰ ᠲᠣᠭᠣᠰ ᠥᠭᠦᠯᠡᠷᠦᠨ:《ᠪᠢ ᠬᠡᠯᠡᠭᠰᠡᠨ ᠦᠭᠡ ᠳ᠋ᠦ᠍ᠷ ᠢ᠋ᠶ᠋ᠡᠨ ᠦᠯᠦ ᠬᠦᠷᠬᠦ ᠶᠣᠰᠣ ᠪᠣᠢ ᠤᠤ ? ᠨᠡᠩ ᠪᠠᠰᠠ ᠴᠢ ᠪᠡᠶ᠎ᠡ ᠮᠡᠲᠦ ᠬᠥᠮᠦᠨ ᠢ᠋ᠶ᠋ᠡᠷ ᠮᠢᠨᠦ ᠬᠦᠰᠡᠯ ᠢ᠋ ᠭᠦᠢᠴᠡᠳᠬᠡᠭᠰᠡᠨ ᠠᠲᠠᠯ᠎ᠠ ᠪᠢ ᠶᠠᠭᠤᠨ ᠳ᠋ᠤᠷ ᠬᠠᠭᠤᠷᠬᠤ ! 》ᠭᠡᠮᠡᠨ ᠴᠥᠮ ᠲᠠᠢᠴᠢᠭᠤᠯᠵᠤ᠂ ᠭᠤᠷᠪᠠᠨ ᠬᠥᠮᠦᠨ ᠵᠢᠭᠤᠷᠠᠯᠳᠤᠨ ᠤᠮᠳᠠᠬᠤᠢ ᠳ᠋ᠤᠷ ᠬᠤᠸᠠᠢ ᠭᠦᠸᠧ ᠭᠦᠩᠵᠦ ᠡᠭᠡᠨᠡᠭᠲᠡ ᠬᠠᠷᠢ ᠦᠵᠡᠭᠡᠳᠦᠢ ᠲᠤᠯᠠ ᠳᠣᠲᠣᠷ᠎ᠠ ᠲᠦᠭᠰᠢᠵᠦ ᠲᠤᠭ ᠲᠠᠭ ᠤᠮᠳᠠᠬᠤᠢ ᠳ᠋ᠤᠷ ᠭᠡᠨᠡᠳᠲᠡ ᠠᠯᠠ ᠶ᠋ᠢᠨ ᠬᠣᠭᠣᠷᠣᠨᠳᠣ ᠪᠤᠴᠠᠯᠤᠮ᠎ᠠ ᠭᠠᠯ ᠤ᠋ᠨ ᠵᠢᠳᠠ ᠮᠡᠲᠦ ᠶᠠᠭᠤᠮ᠎ᠠ ᠬᠠᠳᠬᠤᠨ ᠣᠷᠣᠵᠤ ᠨᠡᠪᠲᠡ ᠡᠴᠢᠭᠰᠡᠨ ᠳ᠋ᠦ᠍ ᠶᠠᠭᠠᠷᠠᠨ ᠪᠡᠶ᠎ᠡ ᠤᠷᠪᠠᠨ ᠲᠡᠯᠴᠢᠯᠡᠰᠦᠭᠡᠢ ᠬᠡᠮᠡᠬᠦᠢ ᠳ᠋ᠦ᠍ᠷ ᠳᠡᠰ ᠲᠣᠭᠣᠰ ᠨᠢᠭᠡᠨᠲᠡ ᠵᠢᠭᠤᠷᠠᠨ ᠠᠪᠴᠤ᠂ ᠬᠡᠷᠡᠭ ᠨᠢᠭᠡᠨᠲᠡ ᠪᠦᠲᠦᠵᠦ ᠲᠣᠭᠣᠷ ᠤ᠋ᠨ ᠴᠡᠴᠡᠭ ᠮᠠᠨᠳᠠᠷᠠᠸ᠎ᠠ ᠶ᠋ᠢᠨ ᠭᠡᠷ ᠬᠠᠮᠲᠤ ᠪᠠᠷ ᠴᠥᠮ ᠵᠤᠯᠭᠠᠷᠠᠨ ᠡᠪᠳᠡᠷᠡᠵᠦ᠂ ᠪᠦᠬᠦᠯᠢ ᠪᠡᠶ᠎ᠡ ᠨᠣᠷᠤᠭᠰᠠᠨ ᠳ᠋ᠤᠷ ᠶᠡᠬᠡᠯ᠎ᠡ ᠶᠣᠢᠯᠠᠵᠤ ᠡᠮᠭᠡᠨᠢᠨ ᠥᠭᠦᠯᠡᠷᠦᠨ:《ᠪᠠᠷᠠᠪᠠ ᠪᠠᠷᠠᠪᠠ᠂ ᠬᠠᠢᠷᠠᠨ ᠬᠡᠳᠦᠢᠴᠢᠨᠡᠭᠡᠨ ᠵᠢᠯ ᠦ᠋ᠨ ᠬᠠᠲᠠᠭᠤ ᠵᠣᠷᠢᠭ ᠴᠥᠮ ᠡᠪᠳᠡᠷᠡᠪᠡ! 》 ᠭᠡᠮᠡᠨ ᠠᠷᠭ᠎ᠠ ᠦᠭᠡᠢ ᠳᠡᠪᠬᠡᠴᠡᠵᠦ᠂ ᠬᠥᠯ ᠢ᠋ ᠬᠤᠴᠢᠵᠤ ᠡᠷ᠎ᠡ ᠡᠮ᠎ᠡ ᠪᠣᠯᠤᠨ᠂ ᠪᠧᠢ ᠯᠢᠩ ᠭᠦᠩᠵᠦ ᠶ᠋ᠢ ᠳᠡᠳ᠋ ᠡᠮ᠎ᠡ ᠪᠣᠯᠭᠠᠨ ᠵᠠᠭᠠᠳᠠᠰᠤ ᠶ᠋ᠢ ᠬᠠᠭᠠᠯᠵᠤ ᠲᠡᠭᠷᠢ ᠭᠠᠵᠠᠷ ᠲᠤᠷ ᠮᠥᠷᠭᠥᠭᠦᠯᠪᠡ᠃ ᠡᠨᠡ ᠢᠨᠦ ᠳᠡᠰ ᠲᠣᠭᠣᠰ ᠤ᠋ᠨ ᠬᠣᠶᠠᠷ ᠭᠠᠳᠠᠭᠠᠳᠤ ᠤᠯᠤᠰ ᠤ᠋ᠨ ᠭᠦᠩᠵᠦ ᠶ᠋ᠢ ᠠᠪᠤᠭᠰᠠᠨ ᠪᠠᠭ᠎ᠠ ᠶ᠋ᠢᠨ ᠬᠡᠷᠡᠭ ᠢ᠋ ᠲᠣᠪᠴᠢᠯᠠᠨ ᠪᠢᠴᠢᠪᠡ᠃ ᠨᠢᠭᠡᠨᠲᠡ ᠡᠢᠮᠦ ᠪᠣᠯᠤᠭᠰᠠᠨ ᠲᠤᠯᠠ ᠬᠤᠸᠠᠢ ᠭᠦᠸᠧ ᠭᠦᠩᠵᠦ ᠴᠡᠷᠢᠭ ᠲᠦ᠍ᠷ ᠭᠠᠷᠬᠤ ᠶ᠋ᠢ ᠵᠣᠭᠰᠣᠪᠠ᠂ ᠬᠠᠢᠷᠠᠨ ᠡᠷᠳᠡᠮ ᠨᠢᠭᠡᠨ ᠰᠥᠨᠢ ᠶ᠋ᠢᠨ ᠵᠠᠭᠤᠷ᠎ᠠ ᠪᠠᠷᠠᠪᠠ᠃
ᠲᠡᠭᠦᠨᠴᠡ ᠡᠨᠡ ᠵᠢᠯ ᠦ᠋ᠨ ᠴᠠᠭᠠᠨ ᠰᠠᠷ᠎ᠠ ᠳ᠋ᠤᠷ ᠲᠡᠢᠽᠦ᠋ᠩ ᠬᠠᠭᠠᠨ ᠶᠡᠬᠡ ᠬᠥᠪᠡᠭᠦᠨ ᠬᠤᠸᠠᠩ ᠲᠠᠢᠽᠢ ᠮᠥᠩᠬᠡ ᠡᠴᠡ ᠲᠡᠷᠢᠭᠦᠯᠡᠨ ᠨᠠᠰᠤᠨ ᠳ᠋ᠤᠷ ᠬᠦᠷᠦᠭᠰᠡᠨ ᠬᠠᠭᠠᠨ ᠤ᠋ ᠲᠠᠢᠽᠢ ᠪᠠ ᠸᠠᠩ ᠤ᠋ᠳ ᠤ᠋ᠨ ᠲᠠᠢᠽᠢ ᠨᠠᠷ ᠲᠠᠢ ᠴᠥᠮ ᠤᠷᠤᠭ ᠬᠣᠯᠪᠣᠭᠰᠠᠨ ᠲᠤᠯᠠ ᠬᠤᠸᠠᠩ ᠲᠠᠢᠽᠢ ᠶ᠋ᠢᠨ ᠤᠷᠤᠭ ᠤ᠋ᠨ ᠣᠴᠢᠷ᠎ᠠ ᠪᠠᠰᠠ ᠶᠡᠬᠡ ᠥᠷᠯᠥᠭ ᠪᠠᠭᠤᠯᠭᠠᠵᠤ᠂ ᠤᠷᠢᠳᠤ ᠡᠯ᠎ᠡ ᠵᠦᠢᠯ ᠦ᠋ᠨ ᠪᠠᠭ᠎ᠠ ᠶᠠᠯᠠᠲᠠᠨ ᠢ᠋ ᠴᠥᠮ ᠠᠪᠤᠷᠠᠨ᠂ ᠶᠠᠯ᠎ᠠ ᠶ᠋ᠢ ᠠᠨᠤ ᠲᠠᠢᠯᠤᠭᠤᠯᠤᠨ ᠲᠠᠯᠪᠢᠭᠤᠯᠬᠤᠢ ᠳ᠋ᠤᠷ ᠶᠡᠬᠡ ᠲᠥᠷᠥ ᠳ᠋ᠦ᠍ᠷ ᠭᠠᠷᠴᠤ ᠵᠠᠷᠯᠢᠭ ᠪᠠᠭᠤᠯᠭᠠᠭᠠᠳ ᠭᠠᠵᠠᠷ ᠪᠦᠷᠢ ᠶ᠋ᠢᠨ ᠶᠡᠬᠡ ᠬᠡᠷᠡᠭ ᠦ᠋ᠨ ᠨᠤᠭᠤᠯᠪᠤᠷᠢ ᠶ᠋ᠢ ᠦᠵᠡᠭᠰᠡᠭᠡᠷ ᠬᠣᠶᠠᠷ ᠵᠦᠢᠯ ᠦ᠋ᠨ ᠨᠤᠭᠤᠯᠪᠤᠷᠢ ᠶ᠋ᠢ ᠳᠣᠲᠣᠷ᠎ᠠ ᠠᠪᠤᠨ ᠣᠷᠣᠪᠠ᠃ ᠨᠢᠭᠡᠨ ᠨᠤᠭᠤᠯᠪᠤᠷᠢ ᠠᠨᠤ ᠡᠮᠦᠨ᠎ᠡ ᠴᠡᠷᠢᠭ ᠦ᠋ᠨ ᠲᠠᠢᠰᠢ ᠭᠦᠸᠧ ᠸᠠᠩ ᠪᠤᠯᠤ ᠶ᠋ᠢᠨ ᠶᠡᠬᠡ ᠴᠡᠷᠢᠭ ᠠᠯᠲᠠᠨ ᠤᠯᠤᠰ ᠤ᠋ᠨ ᠳᠠ ᠴᠠᠩ ᠶᠤᠸᠠᠨ ᠤ᠋ ᠭᠠᠵᠠᠷ ᠢ᠋ ᠬᠠᠭᠠᠵᠤ ᠬᠣᠲᠠᠨ ᠳ᠋ᠤᠷ ᠣᠷᠣᠭᠰᠠᠨ ᠨᠤᠭᠤᠯᠪᠤᠷᠢ᠂ ᠬᠣᠶᠠᠳᠤᠭᠠᠷ ᠠᠨᠤ ᠶᠧ ᠯᠢᠦᠢ ᠴᠦ ᠼᠠᠢ ᠶ᠋ᠢᠨ ᠳᠡᠯᠡᠬᠡᠢ ᠳ᠋ᠠᠬᠢᠨ ᠢ᠋ ᠵᠠᠰᠠᠬᠤ ᠶ᠋ᠢ ᠵᠥᠪᠯᠡᠨ ᠲᠣᠭᠲᠠᠭᠠᠵᠤ ᠠᠢᠯᠠᠳᠬᠠᠭᠰᠠᠨ ᠨᠤᠭᠤᠯᠪᠤᠷᠢ᠂ ᠲᠡᠷᠡ ᠨᠤᠭᠤᠯᠪᠤᠷᠢ ᠶ᠋ᠢ ᠦᠵᠡᠪᠡᠰᠦ᠂ ᠲᠡᠭᠦᠨ ᠦ᠌ ᠦᠭᠡ:《ᠶᠣᠰᠣᠯᠠᠯ ᠤ᠋ᠨ ᠰᠠᠢᠳ ᠶᠧ ᠯᠢᠦᠢ ᠴᠦ ᠼᠠᠢ ᠵᠡᠭᠦᠨ ᠪᠠᠷᠠᠭᠤᠨ ᠤ᠋ ᠣᠯᠠᠨ ᠴᠢᠨ ᠸᠠᠩ᠂ ᠶᠡᠬᠡ ᠰᠠᠢᠳ ᠵᠠᠷᠯᠢᠭ ᠢ᠋ ᠳᠠᠭᠠᠵᠤ ᠵᠥᠪᠯᠡᠨ ᠠᠷᠪᠠᠨ ᠠᠩᠭᠢ ᠭᠠᠢᠯᠢ ᠠᠪᠴᠤ᠂ ᠤᠯᠤᠰ ᠲᠥᠷᠥ ᠶ᠋ᠢᠨ ᠴᠡᠷᠢᠭ ᠢᠷᠭᠡᠨ ᠦ᠌ ᠴᠢᠬᠤᠯᠠ ᠬᠡᠷᠡᠭ ᠲᠦ᠍ᠷ ᠬᠡᠷᠡᠭᠯᠡᠬᠦ ᠶ᠋ᠢ ᠪᠡᠯᠡᠳᠬᠡᠵᠦ᠂ ᠬᠦᠦ ᠰᠠᠩ ᠪᠡᠯᠡᠳᠬᠡᠬᠦ ᠪᠠ ᠳᠡᠯᠡᠬᠡᠢ ᠳ᠋ᠠᠬᠢᠨ ᠤ᠋ ᠣᠯᠠᠨ ᠲᠦᠰᠢᠮᠡᠯ ᠢᠷᠭᠡᠨ ᠦ᠌ ᠠᠮᠤᠭᠤᠯᠬᠤ ᠡᠩᠬᠡᠵᠢᠭᠦᠯᠬᠦ᠂ ᠴᠠᠭᠠᠵᠠᠯᠠᠬᠤ ᠲᠡᠵᠢᠭᠡᠬᠦ ᠶ᠋ᠢ ᠵᠠᠬ᠎ᠠ ᠳᠠᠷᠠᠭᠠᠯᠠᠨ ᠠᠢᠯᠠᠳᠬᠠᠵᠤ᠂ ᠬᠠᠭᠠᠨ ᠤ᠋ ᠵᠥᠪᠰᠢᠶᠡᠨ ᠲᠣᠭᠲᠠᠭᠠᠬᠤ ᠵᠠᠷᠯᠢᠭ ᠢ᠋ ᠭᠤᠶᠤᠬᠤ ᠠᠨᠤ : ᠨᠢᠭᠡᠨ ᠵᠦᠢᠯ-ᠲᠡᠷᠢᠭᠦᠨ ᠳ᠋ᠦ᠍ᠷ ᠳᠡᠯᠡᠬᠡᠢ ᠳ᠋ᠠᠬᠢᠨ ᠤ᠋ ᠮᠣᠩᠭᠣᠯ ᠬᠢᠲᠠᠳ ᠤ᠋ᠨ ᠡᠷᠬᠢᠮ ᠳᠣᠣᠷᠠᠳᠤᠰ ᠢ᠋ ᠦᠯᠦ ᠢᠯᠭᠠᠨ᠂ ᠲᠡᠭᠦᠨ ᠦ᠌ ᠳᠣᠲᠣᠷ᠎ᠠ ᠠ᠋ᠴᠠ ᠮᠡᠷᠭᠡᠨ ᠭᠡᠭᠡᠬᠡᠨ ᠰᠢᠳᠤᠷᠭᠤ᠂ ᠰᠠᠢᠨ ᠬᠥᠮᠦᠨ ᠢ᠋ ᠰᠣᠩᠭᠣᠨ ᠰᠢᠯᠭᠠᠵᠤ᠂ ᠵᠧᠦ ᠵᠢᠶᠦ᠋ᠨ ᠦ᠌ ᠬᠣᠲᠠ ᠪᠠᠯᠭᠠᠰᠤᠨ ᠳ᠋ᠤᠷ ᠵᠠᠬᠢᠷᠤᠭᠴᠢ ᠲᠦᠰᠢᠮᠡᠯ ᠲᠠᠯᠪᠢᠵᠤ᠂ ᠮᠣᠩᠭᠣᠯ ᠢᠷᠭᠡᠨ ᠦ᠌ ᠬᠢᠯᠢᠰ ᠮᠤᠰᠬᠢᠭᠤ ᠶ᠋ᠢ ᠴᠠᠭᠠᠳᠬᠠᠵᠤ᠂ ᠰᠢᠳᠤᠷᠭᠤ ᠢᠷᠭᠡᠨ ᠢ ᠲᠦᠪᠰᠢᠳᠬᠡᠨ ᠲᠡᠵᠢᠭᠡᠯᠭᠡᠰᠦᠭᠡᠢ᠃ ᠨᠢᠭᠡᠨ ᠵᠦᠢᠯ-ᠬᠣᠶᠠᠷ ᠲᠤᠷ ᠳᠡᠯᠡᠬᠡᠢ ᠳ᠋ᠠᠬᠢᠨ ᠤ᠋ ᠨᠡᠢᠳᠡᠮ ᠴᠡᠷᠢᠭ ᠲᠦ᠍ᠷ ᠸᠠᠨ ᠬᠤ᠌ ᠾᠧᠦ-ᠲᠦᠮᠡᠨ ᠡᠷᠦᠬᠡ ᠶ᠋ᠢᠨ ᠾᠧᠦ ᠴᠣᠯᠠᠲᠤ ᠲᠦᠰᠢᠮᠡᠯ ᠲᠠᠯᠪᠢᠵᠤ᠂ ᠬᠠᠷᠢᠶᠠᠲᠤ ᠴᠡᠷᠢᠭ ᠦ᠋ᠳ ᠢ᠋ ᠵᠠᠬᠢᠷᠤᠭᠤᠯᠤᠨ ᠬᠥᠬᠢᠭᠦᠯᠵᠦ᠂ ᠴᠡᠷᠢᠭ ᠦ᠋ᠨ ᠬᠦᠴᠦᠨ ᠢ᠋ ᠲᠡᠵᠢᠭᠡᠵᠦ᠂ ᠰᠡᠳᠬᠢᠯ ᠢ᠋ ᠲᠡᠭᠰᠢᠳᠬᠡᠨ ᠡᠰᠡᠷᠭᠦᠴᠡᠯ ᠳᠠᠢᠰᠤᠨ ᠢ᠋ ᠡᠪᠳᠡᠵᠦ᠂ ᠡᠷᠡᠮᠡᠬᠡᠢ ᠰᠥᠷᠭᠡᠦ ᠶ᠋ᠢ ᠤᠰᠠᠳᠬᠠᠰᠤᠭᠠᠢ᠃ ᠨᠢᠭᠡᠨ ᠵᠦᠢᠯ-ᠭᠤᠷᠪᠠᠳᠤᠭᠠᠷ ᠲᠤᠷ ᠵᠦᠩ ᠶᠤᠸᠠᠨ ᠤ᠋ ᠭᠠᠵᠠᠷ ᠲᠤᠷ ᠲᠦᠮᠡᠨ ᠪᠣᠳᠠᠰ᠂ ᠮᠢᠩᠭᠠᠨ ᠦᠷᠡᠰ ᠪᠦᠷᠢᠨ ᠠᠮᠤᠢ᠃ ᠲᠡᠢᠨ ᠬᠦ᠌ ᠰᠤᠷᠬᠤ᠂ ᠦᠢᠯᠡᠳᠬᠦ ᠤᠷᠠᠯᠠᠬᠤ᠂ ᠠᠷᠠᠯᠵᠢᠬᠤ ᠢᠷᠭᠡᠨ ᠢ᠋ ᠲᠣᠭᠲᠠᠭᠠᠨ ᠬᠥᠬᠢᠭᠦᠯᠵᠦ᠂ ᠵᠧᠦ ᠰᠢᠶᠠᠨ ᠤ᠋ ᠬᠣᠲᠠ ᠬᠣᠷᠢᠶᠠᠨ ᠤ᠋ ᠵᠠᠬᠢᠷᠤᠭᠴᠢ ᠡᠵᠡᠯᠡᠭᠴᠢ ᠨᠠᠷ ᠵᠠᠷᠯᠢᠭ ᠦᠭᠡᠢ ᠪᠡᠷ ᠵᠣᠷᠢᠭ ᠳᠤᠷ᠎ᠠ ᠪᠠᠷ ᠰᠤᠯᠠ ᠢᠷᠭᠡᠨ ᠲᠠᠷᠢᠶᠠᠯᠠᠩ ᠤ᠋ᠨ ᠬᠥᠮᠦᠨ ᠡᠴᠡ ᠠᠯᠪᠠ ᠠᠪᠬᠤ ᠪᠠ ᠶᠠᠪᠤᠳᠠᠯ ᠦᠢᠯᠡᠳᠬᠡᠯ ᠳ᠋ᠦ᠍ᠷ ᠪᠡᠶ᠎ᠡ ᠶ᠋ᠢ ᠵᠠᠷᠤᠬᠤ ᠶ᠋ᠢ ᠦᠭᠡᠢ ᠪᠣᠯᠭᠠᠶ᠎ᠠ᠃ ᠨᠢᠭᠡᠨ ᠵᠦᠢᠯ-ᠳᠥᠷᠪᠡᠳᠦᠭᠡᠷ ᠲᠦ᠍᠂ ᠠᠯᠢᠪᠠ ᠬᠣᠲᠠ ᠪᠠᠯᠭᠠᠳ ᠵᠧᠦ ᠰᠢᠶᠠᠨ ᠤ᠋ ᠬᠣᠭᠣᠷᠣᠨᠳᠣ ᠶ᠋ᠢᠨ ᠰᠠᠩ ᠬᠥᠮᠥᠷᠭᠡ ᠠᠯᠪᠠᠨ ᠵᠠᠷᠤᠯᠭ᠎ᠠ ᠶ᠋ᠢᠨ ᠡᠳ᠋ ᠠᠭᠤᠷᠠᠰᠤᠨ ᠢ᠋ ᠲᠦᠰᠢᠮᠡᠯ ᠢᠷᠭᠡᠨ ᠠᠭᠰᠤᠨ ᠠᠪᠴᠤ ᠬᠡᠷᠡᠭᠯᠡᠬᠦ ᠶ᠋ᠢ ᠨᠢᠭᠡᠮᠦᠰᠦᠨ ᠲᠠᠰᠤᠯᠤᠨ ᠴᠠᠭᠠᠵᠠᠯᠠᠵᠤ᠂ ᠬᠡᠷᠪᠡ ᠵᠥᠷᠢᠴᠡᠭᠰᠡᠳ ᠠᠪᠠᠰᠤ ᠶᠠᠯ᠎ᠠ ᠬᠡᠯᠡᠯᠴᠡᠭᠦᠯᠰᠦᠭᠡᠢ᠃ ᠨᠢᠭᠡᠨ ᠵᠦᠢᠯ-ᠲᠠᠪᠤᠳᠤᠭᠠᠷ ᠲᠤᠷ ᠮᠣᠩᠭᠣᠯ ᠪᠠ ᠤᠢᠭᠤᠷ᠂ ᠬᠤᠰᠢ ᠡᠨᠡ ᠭᠤᠷᠪᠠᠨ ᠭᠠᠵᠠᠷ ᠤ᠋ᠨ ᠠᠯᠢᠪᠠ ᠲᠠᠷᠢᠶ᠎ᠠ ᠠᠮᠤ ᠪᠣᠯᠪᠠᠰᠤᠷᠠᠬᠤ ᠭᠠᠵᠠᠷ ᠢ᠋ ᠵᠦᠩ ᠶᠤᠸᠠᠨ ᠤ᠋ ᠭᠠᠵᠠᠷ ᠯᠤᠭ᠎ᠠ ᠠᠳᠠᠯᠢ ᠠᠯᠪᠠ ᠪᠠᠷᠢᠭᠤᠯᠤᠶ᠎ᠠ᠂ ᠬᠡᠷᠪᠡ ᠲᠠᠷᠢᠶ᠎ᠠ ᠪᠣᠯᠪᠠᠰᠤᠷᠠᠬᠤ ᠪᠥᠭᠡᠲᠡᠯ᠎ᠡ ᠪᠣᠯᠪᠠᠰᠤᠷᠠᠬᠤ ᠦᠭᠡᠢ ᠭᠡᠮᠡᠨ ᠬᠡᠯᠡᠵᠦ ᠠᠯᠪᠠ ᠡᠰᠡ ᠪᠠᠷᠢᠪᠠᠰᠤ ᠶᠠᠯ᠎ᠠ ᠬᠡᠯᠡᠯᠴᠡᠭᠦᠯᠰᠦᠭᠡᠢ᠃ ᠨᠢᠭᠡᠨ ᠵᠦᠢᠯ -ᠵᠢᠷᠭᠤᠳᠤᠭᠠᠷ ᠲᠤᠷ ᠳᠡᠯᠡᠬᠡᠢ ᠳ᠋ᠠᠬᠢᠨ ᠤ᠋ ᠠᠯᠪᠠᠨ ᠬᠣᠭᠣᠷᠣᠨᠳᠣ ᠶ᠋ᠢᠨ ᠰᠠᠩ ᠬᠥᠮᠥᠷᠭᠡ ᠶ᠋ᠢ ᠳᠠᠭᠠᠭᠠᠴᠢᠯᠠᠬᠤ ᠲᠦᠰᠢᠮᠡᠯ ᠵᠡᠷᠭᠡᠳᠡ ᠬᠡᠷᠪᠡ ᠠᠯᠪᠠᠨ ᠬᠣᠭᠣᠷᠣᠨᠳᠣ ᠶ᠋ᠢᠨ ᠬᠦᠨᠳᠦ ᠡᠳ᠋ ᠢ᠋ ᠬᠣᠯᠴᠢᠷᠭᠠᠨ ᠬᠡᠷᠡᠭᠯᠡᠵᠦ ᠬᠤᠯᠠᠭᠤᠴᠢᠯᠠᠵᠤ ᠪᠠᠢᠴᠠᠭᠠᠨ ᠭᠠᠷᠭᠠᠪᠠᠰᠤ ᠵᠣᠭᠰᠣᠭ᠎ᠠ ᠪᠠᠷ ᠴᠠᠪᠴᠢᠨ ᠠᠯᠠᠬᠤ ᠶᠠᠯ᠎ᠠ ᠲᠣᠭᠲᠠᠭᠠᠰᠤᠭᠠᠢ᠃ ᠨᠢᠭᠡᠨ ᠵᠦᠢᠯ – ᠠᠯᠢᠪᠠ ᠭᠠᠵᠠᠷ ᠤ᠋ᠨ ᠵᠧᠦ ᠰᠢᠶᠠᠨ ᠬᠣᠲᠠ ᠪᠠᠯᠭᠠᠳ ᠤ᠋ᠨ ᠲᠦᠰᠢᠮᠡᠯ ᠲᠦᠰᠢᠶ᠎ᠡ ᠨᠠᠷ ᠠᠯᠢᠪᠠ ᠠᠯᠠᠬᠤ ᠶᠠᠯᠠᠲᠠᠨ ᠢ᠋ ᠡᠷᠬᠡᠪᠰᠢ ᠵᠠᠷᠯᠢᠭ ᠢ᠋ ᠭᠤᠶᠤᠵᠤ ᠲᠣᠳᠣᠷᠬᠠᠢ ᠠᠯᠠ ᠬᠡᠮᠡᠭᠰᠡᠨ ᠵᠠᠷᠯᠢᠭ ᠢ᠋ ᠬᠦᠯᠢᠶᠡᠵᠦ ᠰᠠᠶᠢ ᠴᠠᠭᠠᠵᠠ ᠪᠠᠷ ᠠᠪᠠᠴᠢᠭᠤᠯᠰᠤᠭᠠᠢ᠂ ᠬᠡᠷᠪᠡ ᠰᠢᠯᠲᠠᠭ ᠵᠢᠭᠠᠵᠤ ᠭᠡᠮ ᠶᠠᠪᠤᠨ ᠤᠷᠢᠳᠠ ᠵᠣᠷᠢᠭ ᠢ᠋ᠶ᠋ᠠᠷ ᠠᠯᠠᠪᠠᠰᠤ ᠶᠠᠯ᠎ᠠ ᠬᠡᠯᠡᠯᠴᠡᠭᠦᠯᠰᠦᠭᠡᠢ᠃ ᠨᠢᠭᠡᠨ ᠵᠦᠢᠯ-ᠠᠯᠢᠪᠠ ᠬᠣᠯᠠ ᠣᠢᠷ᠎ᠠ ᠶ᠋ᠢᠨ ᠬᠠᠨ ᠴᠢᠨ ᠸᠠᠩ᠂ ᠶᠡᠬᠡᠰ ᠰᠠᠢᠳ ᠤ᠋ᠳ ᠤ᠋ᠨ ᠵᠢᠯ ᠦ᠋ᠨ ᠵᠢᠰᠢᠶᠡᠨᠡ ᠪᠠᠷᠠᠯᠠᠷᠠ ᠢᠷᠡᠬᠦᠢ ᠳ᠋ᠦ᠍ᠷ ᠶᠣᠰᠣᠲᠤ ᠠᠯᠪᠠ ᠭᠡᠮᠡᠨ ᠬᠠᠭᠠᠨ ᠳ᠋ᠤᠷ ᠪᠠᠷᠢᠭᠤᠯᠤᠭᠴᠢ ᠶ᠋ᠢ ᠬᠡᠯᠡᠯᠴᠡᠵᠦ ᠪᠠᠢᠯᠭᠠᠰᠤᠭᠠᠢ᠂ ᠡᠭᠦᠨ ᠢ᠋ᠶ᠋ᠡᠷ ᠨᠡᠷ᠎ᠡ ᠵᠢᠭᠠᠵᠤ ᠳᠣᠣᠷᠠᠲᠤ ᠠᠷᠠᠳ ᠢ᠋ᠶ᠋ᠠᠨ ᠬᠢᠬᠠᠵᠤ ᠮᠥᠯᠵᠢᠬᠦ ᠪᠣᠯᠭᠤᠵᠠᠢ᠃ ᠡᠳᠡᠭᠡᠷ ᠵᠦᠢᠯ ᠢ᠋ ᠬᠠᠭᠠᠨ ᠤ᠋ ᠭᠡᠭᠡᠬᠡᠨ ᠢ᠋ᠶ᠋ᠡᠷ ᠲᠣᠯᠢᠳᠠᠨ ᠲᠣᠭᠲᠠᠭᠠᠨ ᠶᠠᠪᠤᠭᠤᠯᠬᠤ ᠵᠠᠷᠯᠢᠭ ᠢ᠋ ᠭᠤᠶᠤᠮᠤᠢ ᠭᠡᠮᠡᠨ ᠠᠶᠤᠨ ᠡᠮᠢᠶᠡᠵᠦ ᠡᠷᠭᠦᠨ ᠠᠢᠯᠠᠳᠬᠠᠪᠠ 》ᠬᠡᠮᠡᠵᠦᠬᠦᠢ᠃
ᠲᠡᠢᠽᠦ᠋ᠩ ᠬᠠᠭᠠᠨ ᠨᠢᠭᠡᠨ ᠨᠢᠭᠡᠨ ᠢ᠋ᠶ᠋ᠡᠷ ᠠᠢᠯᠠᠳᠤᠨ ᠦᠵᠡᠭᠡᠳ ᠬᠠᠭᠤᠯᠤᠨ ᠪᠠᠭᠤᠯᠭᠠᠭᠰᠠᠨ ᠠᠨᠤ:《ᠣᠯᠠᠨ ᠭᠠᠳᠠᠭᠠᠳᠤ ᠤᠯᠤᠰ ᠤ᠋ᠳ ᠲᠤᠷ ᠡᠷᠭᠦᠮᠵᠢᠯᠡᠭᠰᠡᠨ ᠬᠠᠨ ᠴᠢᠨ ᠸᠠᠩ᠂ ᠶᠡᠬᠡᠰ ᠰᠠᠢᠳ ᠤ᠋ᠨ ᠶᠣᠰᠣᠲᠤ ᠠᠯᠪᠠ ᠭᠡᠮᠡᠨ ᠵᠢᠯ ᠪᠦᠷᠢ ᠪᠠᠷᠢᠬᠤ ᠠᠨᠤ ᠡᠷᠲᠡᠨ ᠦ᠌ ᠦᠶ᠎ᠡ ᠶ᠋ᠢᠨ ᠵᠧᠦ ᠤᠯᠤᠰ ᠠ᠋ᠴᠠ ᠪᠠᠢᠭᠰᠠᠨ ᠮᠣᠵᠢ ᠶ᠋ᠢᠨ ᠨᠣᠶᠠᠳ ᠤ᠋ᠨ ᠳᠤᠮᠳᠠᠳᠤ ᠤᠯᠤᠰ ᠤ᠋ᠨ ᠬᠠᠭᠠᠨ ᠢ᠋ ᠡᠷᠬᠢᠯᠡᠨ ᠦᠵᠡᠵᠦ᠂ ᠡᠷᠬᠢᠮ ᠥᠨᠳᠥᠷ ᠲᠣᠷ ᠬᠢᠴᠢᠶᠡᠩᠭᠦᠢᠯᠡᠬᠦ ᠬᠦᠨᠳᠦᠯᠡᠬᠦ ᠵᠠᠯᠭᠠᠮᠵᠢ᠂ ᠨᠢᠭᠡᠮᠦᠰᠦᠨ ᠲᠠᠰᠤᠯᠪᠠᠰᠤ ᠵᠠᠯᠭᠠᠮᠵᠢ ᠦᠭᠡᠢ ᠪᠣᠯᠬᠤ ᠲᠤᠯᠠ᠂ ᠡᠨᠡ ᠨᠢᠭᠡᠨ ᠵᠦᠢᠯ ᠢ᠋ ᠨᠢᠭᠡᠮᠦᠰᠦᠨ ᠲᠠᠰᠤᠯᠬᠤ ᠠᠨᠤ ᠵᠣᠬᠢᠬᠤ ᠦᠭᠡᠢ᠂ ᠡᠭᠦᠨ ᠡᠴᠡ ᠭᠠᠳᠠᠨ᠎ᠠ ᠠᠢᠯᠠᠳᠬᠠᠭᠰᠠᠨ ᠡᠯ᠎ᠡ ᠵᠦᠢᠯ ᠴᠥᠮ ᠤᠯᠤᠰ ᠲᠥᠷᠥ ᠶ᠋ᠢᠨ ᠶᠡᠬᠡ ᠬᠡᠪᠴᠢᠶᠡᠨ ᠲᠤᠯᠠ ᠶᠠᠪᠤᠭᠤᠯᠪᠠᠰᠤ ᠮᠠᠰᠢ ᠵᠣᠬᠢᠮᠤᠢ᠂ ᠳᠠᠷᠤᠢ ᠳᠡᠯᠡᠬᠡᠢ ᠳ᠋ᠠᠭᠢᠨ᠎ᠠ ᠨᠡᠢᠲᠡ ᠳ᠋ᠦ᠍ᠷ ᠵᠠᠷᠯᠠᠨ ᠲᠤᠩᠬᠠᠭᠯᠠᠵᠤ ᠬᠢᠴᠢᠶᠡᠨ ᠳᠠᠭᠠᠭᠤᠯᠵᠤ ᠶᠠᠪᠤᠭᠤᠯ᠃ ᠵᠢᠴᠢ ᠡᠮᠦᠨ᠎ᠡ ᠶ᠋ᠢ ᠳᠠᠢᠯᠠᠬᠤ ᠲᠡᠢᠰᠢ ᠭᠦᠸᠧ ᠸᠠᠩ ᠪᠤᠯᠤ᠂ ᠵᠢᠶᠦ᠋ᠨ ᠸᠠᠩ ᠳᠠᠢᠰᠤᠨᠳᠠᠷᠤᠭᠴᠢ ᠨᠠᠷ ᠠᠯᠲᠠᠨ ᠤᠯᠤᠰ ᠤ᠋ᠨ ᠶᠡᠬᠡ ᠳᠡ ᠴᠠᠩ ᠶᠤᠸᠠᠨ ᠳ᠋ᠤᠷ ᠣᠷᠣᠭᠰᠠᠨ ᠲᠤᠯᠠ ᠲᠡᠷᠡ ᠬᠡᠮᠡᠭᠴᠢ ᠠᠯᠲᠠᠨ ᠤᠯᠤᠰ ᠤ᠋ᠨ ᠲᠦᠭᠰᠢᠯᠲᠡᠢ ᠭᠦᠨ ᠭᠠᠵᠠᠷ᠂ ᠬᠢᠨᠠᠨ ᠬᠢᠴᠢᠶᠡᠪᠡᠰᠦ ᠵᠣᠬᠢᠮᠤᠢ᠃ ᠪᠠᠷᠠᠭᠤᠨ ᠭᠠᠷ ᠤ᠋ᠨ ᠶᠡᠬᠡ ᠴᠢᠨ ᠸᠠᠩ ᠠᠪᠠᠭ᠎ᠠ ᠪᠡᠯᠭᠦᠳᠡᠢ ᠯᠦ᠍ᠭᠡ ᠵᠥᠪᠯᠡᠵᠦ᠂ ᠮᠣᠩᠭᠣᠯ ᠢᠷᠭᠡᠨ ᠵᠠᠩᠵᠤᠨ ᠠ᠋ᠴᠠ ᠬᠣᠶᠠᠷ ᠵᠠᠩᠵᠤᠨ ᠰᠣᠩᠭᠣᠵᠤ᠂ ᠨᠢᠭᠡᠨ ᠲᠦᠮᠡᠨ ᠰᠢᠯᠭᠠᠳᠠᠭ ᠴᠡᠷᠢᠭ ᠥᠭᠴᠦ ᠲᠠᠢᠰᠢ ᠳ᠋ᠤᠷ ᠲᠤᠰᠠᠯᠠᠨ ᠶᠠᠪᠤᠭᠤᠯ !》ᠭᠡᠮᠡᠨ ᠲᠤᠰ ᠲᠤᠰ ᠬᠠᠭᠤᠯᠤᠨ ᠪᠠᠭᠤᠯᠭᠠᠵᠤ᠂ ᠲᠡᠳᠦᠢ ᠳᠠᠭᠠᠯᠳᠤᠭ᠎ᠠ ᠵᠥᠪᠰᠢᠶᠡᠯ ᠦ᠋ᠨ ᠣᠯᠠᠨ ᠸᠠᠩ ᠰᠠᠢᠳ ᠢ᠋ ᠳᠣᠲᠣᠷ᠎ᠠ ᠳᠠᠭᠤᠳᠠᠨ ᠣᠷᠣᠭᠤᠯᠵᠤ᠂ ᠬᠠᠭᠠᠨ ᠨᠢᠭᠤᠷ ᠤᠴᠠᠷᠠᠨ ᠶᠧ ᠯᠢᠦᠢ ᠴᠦ ᠼᠠᠢ ᠠ᠋ᠴᠠ ᠠᠰᠠᠭᠤᠷᠤᠨ:《ᠴᠢᠩ ᠲᠠ ᠡᠨᠡ ᠶᠣᠰᠣᠲᠤ ᠪᠡᠯᠡᠭ ᠢ᠋ ᠲᠠᠰᠤᠯᠤᠨ ᠪᠠᠢᠯᠭᠠᠬᠤ ᠠᠨᠤ ᠲᠡᠳᠡᠭᠡᠷ ᠦ᠋ᠨ ᠳᠣᠣᠷᠠᠳᠤᠰ ᠢ᠋ᠶ᠋ᠠᠨ ᠮᠥᠯᠵᠢᠬᠦ ᠡᠴᠡ ᠠᠶᠤᠮᠤᠢ ᠬᠡᠮᠡᠭᠰᠡᠨ ᠢᠨᠦ ᠲᠡᠳᠡᠭᠡᠷ ᠸᠠᠩ ᠰᠠᠢᠳ ᠥᠪᠡᠷ ᠦ᠋ᠨ ᠪᠠᠷᠢᠬᠤ ᠶᠣᠰᠣᠲᠤ ᠠᠯᠪᠠ ᠶ᠋ᠢ ᠲᠡᠭᠦᠨ ᠦ᠌ ᠳᠣᠣᠷᠠᠳᠤᠰ ᠠ᠋ᠴᠠ ᠪᠠᠨ ᠮᠢᠨᠦ ᠨᠡᠷ᠎ᠡ ᠶ᠋ᠢ ᠵᠢᠭᠠᠵᠤ ᠮᠥᠯᠵᠢᠵᠦ ᠠᠪᠤᠭᠰᠠᠨ ᠶᠠᠪᠤᠳᠠᠯ ᠶᠡᠷᠦ ᠭᠠᠷᠪᠠᠤ ? ᠡᠰᠡᠬᠦᠯ᠎ᠡ ᠳᠠᠯᠳᠠᠭᠤᠷ ᠡᠢᠮᠦ ᠶᠠᠪᠤᠳᠠᠯ ᠢ᠋ ᠬᠥᠮᠦᠨ ᠦ᠌ ᠤᠯᠠᠮᠵᠢᠯᠠᠨ ᠬᠡᠯᠡᠯᠴᠡᠬᠦ ᠶ᠋ᠢ ᠰᠣᠨᠣᠰᠪᠠᠤ ? 》ᠬᠡᠮᠡᠭᠰᠡᠨ ᠳ᠋ᠦ᠍ᠷ ᠶᠧ ᠯᠢᠦᠢ ᠴᠦ ᠼᠠᠢ ᠮᠥᠷᠭᠥᠵᠦ ᠠᠢᠯᠠᠳᠬᠠᠷᠤᠨ:《ᠬᠡᠳᠦᠢ ᠲᠡᠢᠮᠦ ᠵᠦᠢᠯ ᠦ᠋ᠨ ᠭᠡᠮ ᠢᠯᠡᠷᠡᠭᠡᠳᠦᠢ ᠪᠣᠯᠪᠠᠴᠤ ᠬᠣᠵᠢᠮ ᠡᠳᠦᠷ ᠵᠢᠯ ᠤᠳᠠᠭᠰᠠᠭᠠᠷ ᠲᠡᠢᠮᠦ ᠭᠡᠮ ᠪᠣᠯᠵᠤ᠂ ᠵᠣᠪᠠᠯᠠᠩ ᠪᠣᠯᠬᠤ ᠶ᠋ᠢᠨ ᠰᠢᠯᠲᠠᠭᠠᠨ ᠦᠨᠳᠦᠰᠦᠨ ᠡᠭᠦᠨ ᠡᠴᠡ ᠡᠬᠢᠯᠡᠬᠦ ᠪᠣᠯᠪᠠᠤ ᠬᠡᠮᠡᠭᠰᠡᠨ ᠪᠥᠯᠥᠭᠡ᠃ 》ᠬᠠᠭᠠᠨ ᠮᠦᠰᠢᠶᠡᠵᠦ ᠵᠠᠷᠯᠢᠭ ᠪᠣᠯᠤᠷᠤᠨ:《ᠰᠥᠩ ᠤᠯᠤᠰ᠂ ᠠᠯᠲᠠᠨ ᠤᠯᠤᠰ᠂ ᠬᠢᠳᠠᠨ ᠤᠯᠤᠰ᠂ ᠰᠢᠶᠠ ᠤᠯᠤᠰ ᠴᠥᠮ ᠱᠧ ᠵᠢᠢ᠂ ᠲᠡᠢ ᠮᠢᠶᠣᠤ ᠲᠠᠢ ᠤᠯᠤᠰ᠂ ᠡᠪᠳᠡᠷᠡᠬᠦᠢ ᠳ᠋ᠦ᠍ᠷ ᠴᠥᠮ ᠶᠣᠰᠣᠲᠤ ᠠᠯᠪᠠ ᠠᠪᠴᠤ ᠡᠪᠳᠡᠷᠡᠪᠡ ᠤᠤ ? ᠮᠡᠬᠦᠰ ᠬᠥᠮᠦᠨ ᠪᠢ ᠴᠢᠩ ᠴᠢᠨᠦ ᠠᠢᠯᠠᠳᠬᠠᠭᠰᠠᠨ ᠠᠯᠢᠪᠠ ᠦᠭᠡᠰ ᠢ᠋ ᠡᠰᠡ ᠠᠪᠤᠭᠰᠠᠨ ᠢ᠋ᠶ᠋ᠠᠷ ᠦᠭᠡᠢ᠂ ᠣᠨᠴᠠ ᠡᠨᠡ ᠨᠢᠭᠡᠬᠡᠨ ᠢ᠋ ᠡᠰᠡ ᠠᠪᠤᠭᠰᠠᠨ ᠠᠨᠤ ᠣᠨᠴᠠ ᠡᠳ᠋ ᠲᠦ᠍ᠷ ᠬᠣᠪᠳᠣᠭᠯᠠᠭᠰᠠᠨ ᠪᠤᠰᠤ᠂ ᠳᠡᠯᠡᠬᠡᠢ ᠳ᠋ᠠᠬᠢᠨ ᠤ᠋ ᠣᠯᠠᠨ ᠢᠷᠭᠡᠨ ᠳ᠋ᠦ᠍ᠷ ᠳᠦᠷᠢᠮ ᠪᠣᠯᠭᠠᠰᠤᠭᠠᠢ ᠬᠡᠮᠡᠭᠰᠡᠨ ᠪᠥᠯᠥᠭᠡ᠂ ᠮᠢᠨᠦ ᠤᠭᠰᠠᠭ᠎ᠠ ᠲᠥᠷᠥᠯ ᠪᠠ ᠭᠠᠪᠢᠶᠠᠲᠤ ᠰᠠᠢᠳ ᠪᠣᠯᠪᠠᠴᠤ ᠤᠯᠤᠰ ᠤ᠋ᠨ ᠡᠵᠡᠨ ᠭᠡᠮᠡᠨ ᠠᠯᠪᠠ ᠪᠠᠷᠢᠬᠤ ᠪᠠᠢᠲᠠᠯ᠎ᠠ ᠮᠣᠩᠭᠣᠯ ᠢᠷᠭᠡᠨ ᠠᠯᠪᠠᠲᠤ ᠤᠯᠤᠰ ᠪᠣᠭᠣᠯ ᠬᠢᠲᠠᠳ ᠨᠠᠷ ᠣᠳᠣ ᠨᠡᠩ ᠢᠯᠡᠭᠦᠦ ᠠᠯᠪᠠ ᠪᠠᠷᠢᠪᠠᠰᠤ ᠵᠣᠬᠢᠬᠤ ᠶ᠋ᠢ ᠮᠡᠳᠡᠲᠦᠭᠡᠢ ᠬᠡᠮᠡᠭᠰᠡᠨ ᠪᠥᠯᠥᠭᠡ ! 》ᠬᠡᠮᠡᠭᠰᠡᠨ ᠳ᠋ᠦ᠍ᠷ ᠶᠧ ᠯᠢᠦᠢ ᠴᠦ ᠼᠠᠢ ᠴᠢᠷᠠᠢ ᠤᠯᠠᠢᠵᠤ ᠬᠠᠷᠢᠭᠤ ᠠᠢᠯᠠᠳᠬᠠᠬᠤ ᠦᠭᠡ ᠡᠰᠡ ᠣᠯᠳᠠᠵᠤ᠂ ᠪᠤᠰᠤ ᠸᠠᠩ ᠰᠠᠢᠳ ᠠ᠋ᠴᠠ ᠢᠰᠪᠡᠯᠵᠡᠨ ᠬᠠᠮᠲᠤ ᠲᠥᠷᠥ ᠡᠴᠡ ᠪᠠᠭᠤᠪᠠ᠃
ᠲᠡᠳᠦᠢ ᠬᠠᠭᠠᠨ ᠤ᠋ ᠲᠣᠭᠲᠠᠭᠠᠭᠰᠠᠨ ᠡᠳᠡᠭᠡᠷ ᠬᠠᠤᠯᠢ ᠶ᠋ᠢ ᠳᠡᠯᠡᠬᠡᠢ ᠳ᠋ᠠᠬᠢᠨ ᠤ᠋ ᠵᠧᠦ ᠵᠢᠶᠦ᠋ᠨ ᠬᠣᠲᠠ ᠪᠠᠯᠭᠠᠳ ᠪᠠ ᠲᠦᠰᠢᠮᠡᠯ ᠴᠡᠷᠢᠭ ᠲᠦ᠍ᠷ ᠵᠠᠷᠯᠠᠬᠤᠢ ᠳ᠋ᠤᠷ ᠡᠮᠦᠨ᠎ᠡ ᠶ᠋ᠢ ᠳᠠᠢᠯᠠᠬᠤ ᠲᠡᠢᠰᠢ ᠪᠤᠯᠤ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠮᠥᠨ ᠵᠠᠷᠯᠠᠨ ᠬᠦᠷᠴᠦ ᠢᠷᠡᠭᠰᠡᠨ ᠳ᠋ᠦ᠍ᠷ ᠲᠠᠢᠰᠢ ᠪᠤᠯᠤ ᠨᠢᠭᠡ ᠨᠢᠭᠡᠨ ᠢ᠋ᠶ᠋ᠡᠷ ᠦᠵᠡᠵᠦ ᠲᠡᠷᠢᠭᠦᠨ ᠳᠣᠬᠢᠪᠠ᠃ ᠡᠨᠡ ᠦᠶ᠎ᠡ ᠳ᠋ᠦ᠍ᠷ ᠮᠣᠩᠭᠣᠯ ᠤ᠋ᠨ ᠭᠦᠸᠧ ᠸᠠᠩ ᠥᠪᠡᠷ ᠦ᠋ᠨ ᠪᠡᠶ᠎ᠡ ᠳᠡ ᠴᠠᠩ ᠶᠤᠸᠠᠨ ᠢ᠋ ᠪᠦᠰᠡᠯᠡᠭᠡᠳ ᠵᠢᠷᠭᠤᠭᠠᠨ ᠡᠳᠦᠷ ᠲᠣᠷ ᠭᠤᠷᠪᠠᠨ ᠲᠦᠮᠡᠨ ᠴᠡᠷᠢᠭ ᠢ᠋ᠶ᠋ᠡᠷ ᠠᠷᠪᠠᠨ ᠨᠠᠢ᠍ᠮᠠᠨ ᠬᠦᠷᠳᠦᠨ ᠦ᠌ ᠵᠠᠯᠭᠠᠬᠤ ᠵᠢᠭᠰᠠᠭᠠᠯ ᠢ᠋ᠶ᠋ᠠᠷ ᠡᠷᠭᠢᠵᠦ ᠪᠠᠢᠯᠳᠤᠭᠰᠠᠭᠠᠷ ᠳᠠ ᠴᠠᠩ ᠶᠤᠸᠠᠨ ᠢ᠋ ᠪᠠᠢᠯᠳᠤᠨ ᠠᠪᠴᠤ ᠶᠡᠬᠡ ᠴᠡᠷᠢᠭ ᠳᠡ ᠴᠠᠩ ᠶᠤᠸᠠᠨ ᠳ᠋ᠤᠷ ᠣᠷᠣᠵᠤ᠂ ᠭᠠᠵᠠᠷ ᠣᠷᠣᠨ ᠤ᠋ ᠴᠡᠷᠢᠭ ᠢᠷᠭᠡᠨ ᠢ᠋ ᠲᠣᠭᠲᠠᠭᠠᠭᠠᠳ ᠰᠠᠶᠢ ᠴᠡᠷᠢᠭ ᠢ᠋ᠶ᠋ᠡᠨ ᠰᠡᠭᠭᠢᠭᠦᠯᠦᠭᠡᠳ ᠴᠢᠩ ᠶᠠᠩ ᠢ᠋ ᠬᠠᠭᠠᠬᠤ ᠵᠢᠶᠦ᠋ᠨ ᠸᠠᠩ ᠳᠠᠢᠰᠤᠨᠳᠠᠷᠤᠭᠴᠢ ᠳ᠋ᠤᠷ ᠲᠤᠰᠠᠯᠠᠷ᠎ᠠ ᠡᠴᠢᠰᠦᠭᠡᠢ ᠬᠡᠮᠡᠲᠡᠯ᠎ᠡ ᠭᠡᠨᠡᠳᠲᠡ ᠴᠢᠩ ᠶᠠᠩ ᠢ᠋ ᠬᠠᠭᠠᠬᠤ ᠵᠢᠶᠦ᠋ᠨ ᠸᠠᠩ ᠳᠠᠢᠰᠤᠨᠳᠠᠷᠤᠭᠴᠢ ᠶ᠋ᠢᠨ ᠨᠢᠭᠡᠨ ᠠᠩᠭᠢ ᠳᠠᠷᠤᠭᠳᠠᠭᠰᠠᠨ ᠴᠡᠷᠢᠭ ᠳᠣᠪᠲᠣᠯᠤᠨ ᠬᠦᠷᠴᠦ ᠢᠷᠡᠪᠡ᠃ ᠬᠡᠷᠬᠢᠨ ᠳᠠᠷᠤᠭᠳᠠᠪᠠ ? ᠬᠡᠮᠡᠪᠡᠰᠦ : ᠦᠵᠡᠰᠡ ᠨᠢᠳᠤᠨᠤᠨ ᠠᠷᠪᠠᠨ ᠬᠣᠶᠠᠷ ᠰᠠᠷ᠎ᠠ ᠳ᠋ᠤᠷ ᠳᠠ ᠴᠠᠩ ᠶᠤᠸᠠᠨ᠂ ᠴᠢᠩ ᠶᠠᠩ ᠬᠠᠮᠲᠤ ᠪᠠᠷ ᠬᠠᠭᠠᠭᠳᠠᠭᠰᠠᠨ ᠳ᠋ᠤᠷ ᠠᠯᠲᠠᠨ ᠤ᠋ ᠠᠢᠽᠦ᠋ᠩ ᠬᠠᠭᠠᠨ ᠶᠡᠬᠡᠯ᠎ᠡ ᠰᠢᠬᠠᠮᠳᠠᠨ ᠶᠡᠬᠡ ᠵᠠᠩᠵᠤᠨ ᠶᠠᠯᠪᠠᠭ ᠲᠤᠷ ᠰᠢᠳᠤᠷᠭᠤ ᠡᠯᠪᠡᠷᠢᠯᠳᠦ ᠲᠣᠢᠨ ᠰᠠᠢᠳ ᠸᠠᠨ ᠶᠠᠨ ᠴᠸᠠ ᠬᠤᠤᠱᠠᠩ ᠢ᠋ ᠬᠠᠪᠰᠤᠷᠤᠭᠤᠯᠤᠨ ᠦᠭᠭᠰᠡᠨ ᠳ᠋ᠦ᠍ᠷ ᠬᠤᠤᠱᠠᠩ ᠶᠠᠯᠪᠠᠭ ᠯᠤᠭ᠎ᠠ ᠴᠡᠷᠢᠭ ᠨᠡᠢᠯᠡᠵᠦ᠂ ᠳᠡ ᠴᠠᠩ ᠶᠤᠸᠠᠨ ᠪᠠ ᠴᠢᠩ ᠶᠠᠩ ᠬᠣᠲᠠ ᠶ᠋ᠢ ᠥᠮᠥᠭᠯᠡᠷ᠎ᠡ ᠢᠷᠡᠰᠦᠭᠡᠢ ᠬᠡᠮᠡᠲᠡᠯ᠎ᠡ ᠴᠸᠠ ᠬᠤᠤᠱᠠᠩ ᠨᠢᠭᠤᠵᠤ ᠬᠠᠨᠢᠯᠠᠭᠰᠠᠨ ᠡᠮ᠎ᠡ ᠶᠦᠩ ᠵᠢᠢ ᠰᠢᠶᠠᠨ ᠤ᠋ ᠥᠬᠢᠨ ᠴᠢᠩ ᠰᠢᠶᠣᠤ ᠵᠢᠶᠧ ᠢᠨᠦ ᠡᠪᠡᠳᠴᠦ ᠬᠦᠨᠳᠦᠳᠦᠭᠡᠳ ᠴᠸᠠ ᠬᠤᠤᠱᠠᠩ ᠵᠠᠷᠯᠢᠭ ᠢ᠋ᠶ᠋ᠠᠷ ᠴᠡᠷᠢᠭ ᠲᠦ᠍ᠷ ᠭᠠᠷᠤᠮᠤᠢ ᠭᠡᠮᠡᠨ ᠭᠡᠨᠡᠳᠲᠡ ᠰᠣᠨᠣᠰᠤᠭᠠᠳ ᠰᠥᠨᠢ ᠴᠢᠩ ᠰᠢᠶᠣᠤ ᠵᠢᠶᠧ ᠴᠸᠠ ᠬᠤᠤᠱᠠᠩ ᠳ᠋ᠤᠷ ᠵᠣᠯᠭᠠᠮᠠᠭᠴᠠ ᠬᠣᠶᠠᠷ ᠨᠠᠷᠢᠨ ᠭᠠᠷ ᠢ᠋ᠶ᠋ᠠᠷ ᠭᠠᠷ ᠠ᠋ᠴᠠ ᠢᠨᠦ ᠠᠳᠬᠤᠵᠤ ᠨᠢᠳᠦᠨ ᠨᠢᠯᠪᠤᠰᠤᠨ ᠤᠨᠠᠭᠠᠨ ᠰᠠᠯᠤᠨ ᠲᠦᠪᠳᠡᠬᠦ ᠦᠭᠡᠢ ᠳ᠋ᠦ᠍ᠷ ᠴᠸᠠ ᠬᠤᠤᠱᠠᠩ ᠬᠡᠳᠦᠢ ᠢᠳᠡᠷᠬᠡᠭ ᠴᠢᠳᠠᠮᠠᠭᠠᠢ ᠪᠣᠯᠪᠠᠴᠤ ᠡᠭᠡᠨᠡᠭᠲᠡ ᠭᠡᠷ ᠡᠴᠡ ᠭᠠᠷᠴᠤ ᠥᠩᠭᠡ ᠳ᠋ᠦ᠍ᠷ ᠬᠣᠪᠳᠣᠭ ᠲᠤᠯᠠ ᠴᠢᠩ ᠰᠢᠶᠣᠤ ᠵᠢᠶᠧ ᠶ᠋ᠢᠨ ᠴᠡᠴᠡᠭ ᠮᠡᠲᠦ ᠵᠥᠭᠡᠯᠡᠨ᠂ ᠤᠩᠭᠠᠷᠢᠯ ᠮᠡᠲᠦ ᠬᠥᠩᠭᠡᠨ ᠪᠡᠶ᠎ᠡ ᠶ᠋ᠢ ᠡᠪᠦᠷ ᠲᠣᠷ ᠲᠡᠪᠡᠷᠢᠵᠦ᠂ ᠵᠡᠭᠦᠨ ᠭᠠᠷ ᠢ᠋ᠶ᠋ᠠᠨ ᠨᠤᠭᠤᠯᠤᠨ ᠲᠡᠪᠡᠷᠢᠭᠦᠯᠵᠦ᠂ ᠪᠠᠷᠠᠭᠤᠨ ᠭᠠᠷ ᠢ᠋ᠶ᠋ᠠᠷ ᠴᠢᠩ ᠰᠢᠶᠣᠤ ᠵᠢᠶᠧ ᠶ᠋ᠢᠨ ᠭᠤᠷᠪᠠᠨ ᠢᠮᠠᠬᠤ ᠶ᠋ᠢᠨ ᠪᠢᠴᠢᠬᠠᠨ ᠬᠣᠶᠠᠷ ᠬᠥᠯ ᠢ᠋ ᠢᠨᠦ ᠠᠳᠬᠤᠵᠤ᠂ ᠵᠠᠭᠤᠨ ᠵᠦᠢᠯ ᠢ᠋ᠶ᠋ᠡᠷ ᠰᠠᠭᠠᠲᠠᠭᠤᠯᠤᠨ ᠲᠣᠬᠣᠷᠤᠭᠤᠯᠤᠨ ᠬᠡᠯᠡᠪᠡᠴᠦ ᠴᠢᠩ ᠵᠢᠶᠣᠤ ᠵᠢᠧ ᠡᠭᠡᠨᠡᠭᠲᠡ ᠲᠦᠪᠰᠢᠷᠡᠬᠦ ᠦᠭᠡᠢ ᠪᠡᠷ ᠦᠯᠦ ᠪᠠᠷᠠᠨ᠂ ᠭᠡᠳᠡᠷᠭᠦ ᠨᠡᠩ ᠢᠯᠡᠭᠦᠦ ᠤᠶᠠᠨ ᠬᠡᠩᠭᠦᠷᠡᠬᠦᠶᠡ ᠴᠸᠠ ᠬᠤᠤᠱᠠᠩ ᠤ᠋ᠨ ᠵᠢᠷᠦᠬᠡ ᠶ᠋ᠢ ᠲᠦᠮᠡᠨ ᠵᠡᠪᠡ ᠪᠡᠷ ᠰᠢᠪᠡᠬᠦ ᠮᠡᠲᠦ ᠪᠣᠯᠵᠤ᠂ ᠰᠢᠳᠤᠷᠭᠤ ᠡᠯᠪᠡᠷᠢᠯᠳᠦ ᠲᠣᠢᠨ ᠵᠠᠩᠵᠤᠨ ᠤ᠋ ᠴᠢᠭᠢᠷᠠᠭ ᠪᠠᠭᠠᠲᠤᠷ ᠢᠳᠡᠷᠬᠡᠭ ᠴᠦ ᠪᠠ ᠸᠠᠩ ᠰᠢᠶᠠᠩ ᠢᠦᠢ ᠶ᠋ᠢᠨ ᠨᠢᠯᠪᠤᠰᠤᠨ ᠢᠦᠢ ᠵᠢᠢ ᠬᠠᠲᠤᠨ ᠤ᠋ ᠬᠣᠷᠮᠣᠢ ᠳ᠋ᠤᠷ ᠲᠣᠰᠴᠤ ᠪᠠᠬᠠᠷᠬᠠᠯ ᠬᠠᠢᠷᠠᠲᠤ ᠬᠠᠢ ᠱᠢ ᠯᠢ ᠬᠤᠤᠱᠠᠩ ᠤ᠋ᠨ ᠪᠤᠷᠬᠠᠨ ᠤ᠋ ᠰᠢᠳᠢ ᠦᠵᠡᠭᠦᠯᠬᠦ ᠨᠠᠢᠷ ᠠᠷᠪᠠᠨ ᠬᠤᠪᠢ ᠲᠠᠲᠠᠯᠠᠭᠳᠠᠬᠤᠢ ᠳ᠋ᠤᠷ ᠰᠠᠨᠠᠮᠰᠠᠷ ᠦᠭᠡᠢ ᠴᠢᠩ ᠰᠢᠶᠣᠤ ᠵᠢᠶᠧ ᠶ᠋ᠢᠨ ᠲᠤᠩᠭᠠᠯᠠᠭ ᠴᠣᠭᠴᠠ ᠤᠭ ᠠ᠋ᠴᠠ ᠰᠠᠢᠬᠠᠨ ᠵᠥᠭᠡᠯᠡᠨ ᠳ᠋ᠦ᠍ᠷ ᠪᠠᠰᠠ ᠡᠨᠡ ᠮᠡᠲᠦ ᠡᠪᠡᠳᠴᠦ ᠡᠳᠦᠷ ᠤᠳᠠᠵᠤ ᠡᠨᠡ ᠮᠡᠲᠦ ᠰᠠᠯᠬᠤᠢ ᠳ᠋ᠤᠷ ᠤᠶᠠᠷᠠᠨ ᠶᠠᠭᠤᠨ ᠤ᠋ ᠳᠠᠰᠤᠨ ᠴᠢᠳᠠᠬᠤ ᠠᠵᠢ ! ᠬᠡᠳᠦᠨ ᠵᠡᠷᠭᠡ ᠭᠡᠩᠬᠡᠷᠡᠨ ᠤᠶᠠᠷᠠᠵᠤ ᠮᠠᠨᠠᠷᠠᠨ ᠦᠭᠰᠢᠷᠡᠭᠡᠳ ᠨᠠᠷᠢᠨ ᠭᠠᠷ ᠬᠤᠤᠱᠠᠩ ᠤ᠋ᠨ ᠨᠢᠷᠤᠭᠤᠨ ᠢ᠋ ᠣᠷᠢᠶᠠᠵᠤ᠂ ᠯᠢᠩᠬᠤ᠎ᠠ ᠶ᠋ᠢᠨ ᠪᠥᠮᠪᠥᠭᠡ ᠶ᠋ᠢᠨ ᠪᠢᠴᠢᠬᠠᠨ ᠬᠥᠯ ᠬᠤᠤᠱᠠᠩ ᠤ᠋ᠨ ᠭᠠᠷ ᠤ᠋ᠨ ᠳᠣᠲᠣᠷ᠎ᠠ ᠬᠡᠳᠦᠨᠲᠡ ᠢᠰᠬᠦᠴᠡᠭᠡᠳ ᠴᠡᠴᠡᠭ ᠦ᠋ᠨ ᠷᠠᠬᠢᠨᠢ ᠳ᠋ᡁᠡᠷᠠ ᠶ᠋ᠢᠨ ᠪᠡᠶ᠎ᠡ ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠪᠤᠷᠬᠠᠨ ᠤ᠋ ᠡᠪᠦᠷ ᠲᠣᠷ ᠨᠢᠷᠸᠠᠨ ᠪᠣᠯᠪᠠ᠃ ᠡᠭᠦᠨ ᠳ᠋ᠦ᠍ᠷ ᠴᠸᠠ ᠬᠤᠤᠱᠠᠩ ᠲᠡᠰᠬᠡᠯ ᠦᠭᠡᠢ ᠭᠣᠮᠣᠳᠠᠨ ᠭᠠᠰᠢᠭᠤᠳᠠᠭᠰᠠᠭᠠᠷ᠂ ᠭᠡᠨᠡᠳᠲᠡ ᠴᠡᠷᠢᠭ ᠦ᠋ᠨ ᠬᠦᠷᠢᠶ᠎ᠡ ᠳ᠋ᠦ᠍ᠷ ᠬᠦᠨᠳᠦᠳᠡ ᠡᠪᠡᠳᠦᠭᠰᠡᠨ ᠳ᠋ᠦ᠍ᠷ ᠶᠡᠬᠡ ᠵᠠᠩᠵᠤᠨ ᠶᠠᠯᠪᠠᠭ ᠠᠷᠭ᠎ᠠ ᠦᠭᠡᠢ ᠲᠡᠭᠦᠨ ᠢ᠋ ᠥᠷᠲᠡᠭᠡᠨ ᠳ᠋ᠦ᠍ᠷ ᠦᠯᠡᠳᠡᠭᠡᠭᠡᠳ ᠲᠡᠭᠦᠨ ᠦ᠌ ᠴᠡᠷᠢᠭ ᠢ᠋ ᠲᠠᠪᠤᠨ ᠵᠠᠭᠤ ᠠᠪᠴᠤ ᠴᠢᠩ ᠶᠠᠩ ᠬᠣᠲᠠᠨ ᠢ᠋ ᠤᠷᠢᠳᠠ ᠲᠡᠩᠰᠡᠷᠡ ᠢᠷᠡᠭᠰᠡᠨ ᠳ᠋ᠦ᠍ᠷ ᠵᠢᠶᠦ᠋ᠨ ᠸᠠᠩ ᠳᠠᠢᠰᠤᠨᠳᠠᠷᠤᠭᠴᠢ ᠰᠠᠨᠠᠭᠠᠨ ᠳ᠋ᠤᠷ ᠦᠭᠡᠢ ᠪᠠᠢᠭᠰᠠᠭᠠᠷ᠂ ᠭᠡᠨᠡᠳᠲᠡ ᠠᠯᠲᠠᠨ ᠤ᠋ ᠵᠠᠩᠵᠤᠨ ᠶᠠᠯᠪᠠᠭ ᠤ᠋ᠨ ᠴᠡᠷᠢᠭ ᠬᠣᠶᠠᠷ ᠵᠠᠭᠤᠨ ᠭᠠᠵᠠᠷ ᠤ᠋ᠨ ᠭᠠᠳᠠᠨ᠎ᠠ ᠠ᠋ᠴᠠ ᠳᠣᠪᠲᠣᠯᠤᠨ ᠣᠷᠣᠵᠤ ᠢᠷᠡᠭᠰᠡᠨ ᠳ᠋ᠦ᠍ᠷ ᠲᠤᠷᠰᠢᠭᠤᠯ ᠤ᠋ᠨ ᠬᠥᠮᠦᠨ ᠮᠡᠳᠡᠭᠡ ᠣᠯᠵᠤ ᠵᠠᠪᠳᠤᠬᠤ ᠶ᠋ᠢᠨ ᠤᠷᠢᠳ ᠨᠢᠳᠦ ᠴᠢᠴᠢᠮ᠎ᠡ ᠬᠦᠷᠴᠦ ᠢᠷᠡᠭᠡᠳ ᠰᠥᠨᠢ ᠪᠡᠷ ᠬᠤᠯᠠᠭᠤᠨ ᠣᠷᠣᠵᠤ ᠢᠷᠡᠭᠰᠡᠨ᠎ᠡ᠂ ᠴᠸᠠ ᠬᠤᠤᠱᠠᠩ ᠤ᠋ᠨ ᠴᠡᠷᠢᠭ ᠮᠠᠰᠢ ᠭᠠᠪᠰᠢᠭᠠᠢ ᠴᠢᠭᠢᠷᠠᠭ ᠲᠤᠯᠠ ᠬᠠᠷᠠᠩᠭᠤᠢ ᠰᠥᠨᠢ ᠬᠥᠨᠳᠡᠯᠡᠨ ᠭᠤᠯᠳᠤ ᠴᠣᠬᠢᠨ ᠪᠠᠢᠯᠳᠤᠬᠤᠢ ᠳ᠋ᠤᠷ ᠵᠢᠶᠦ᠋ᠨ ᠸᠠᠩ ᠳᠠᠢᠰᠤᠨᠳᠠᠷᠤᠭᠴᠢ ᠶ᠋ᠢᠨ ᠴᠡᠷᠢᠭ ᠲᠤᠯᠤᠨ ᠴᠢᠳᠠᠬᠤ ᠦᠭᠡᠢ ᠰᠠᠮᠠᠭᠤᠷᠠᠵᠤ ᠪᠤᠷᠤᠭᠤᠯᠠᠬᠤᠢ ᠳ᠋ᠤᠷ ᠵᠢᠶᠦ᠋ᠨ ᠸᠠᠩ ᠳᠠᠢᠰᠤᠨᠳᠠᠷᠤᠭᠴᠢ ᠮᠥᠨ ᠠᠷᠭ᠎ᠠ ᠦᠭᠡᠢ ᠴᠡᠷᠢᠭ ᠬᠤᠷᠢᠶᠠᠵᠤ ᠪᠤᠷᠤᠭᠤᠯᠠᠪᠠ᠃ ᠲᠡᠢᠨ ᠬᠦ᠌ ᠲᠠᠢᠰᠢ ᠭᠦᠸᠧ ᠸᠠᠩ ᠪᠤᠯᠤ ᠰᠣᠨᠣᠰᠴᠤ ᠶᠡᠬᠡᠯ᠎ᠡ ᠭᠢᠷᠲ᠌ᠭᠢᠵᠦ᠂ ᠶᠡᠬᠡ ᠴᠡᠷᠢᠭ ᠢ᠋ᠶ᠋ᠡᠨ ᠠᠪᠴᠤ ᠠᠪᠠᠭ᠎ᠠ ᠶᠤᠭᠠᠨ ᠵᠢᠶᠦ᠋ᠨ ᠸᠠᠩ ᠳᠠᠢᠰᠤᠨᠳᠠᠷᠤᠭᠴᠢ ᠶ᠋ᠢ ᠥᠮᠥᠭᠯᠡᠨ ᠢᠷᠡᠪᠡᠰᠦ᠂ ᠠᠯᠲᠠᠨ ᠤᠯᠤᠰ ᠤ᠋ᠨ ᠶᠡᠬᠡ ᠵᠠᠩᠵᠤᠨ ᠶᠠᠯᠪᠠᠭ ᠬᠠᠷᠠᠬᠠᠨ ᠶᠡᠬᠡ ᠴᠡᠷᠢᠭ ᠢ᠋ᠶ᠋ᠡᠷ ᠳᠠᠢᠰᠤᠨᠳᠠᠷᠤᠭᠴᠢ ᠵᠢᠶᠦ᠋ᠨ ᠸᠠᠩ ᠤ᠋ᠨ ᠴᠡᠷᠢᠭ ᠢ᠋ ᠳᠠᠷᠤᠨ ᠠᠯᠠᠵᠤ ᠢᠷᠡᠬᠦ ᠢᠨᠦ ᠴᠠᠬᠢᠯᠭᠠᠨ ᠮᠡᠲᠦ ᠬᠤᠷᠴᠠ ᠳ᠋ᠤᠷ ᠲᠠᠢᠰᠢ ᠪᠤᠯᠤ ᠭᠡᠨᠡᠳᠲᠡ ᠭᠠᠳᠠᠭᠠᠳᠤ ᠠ᠋ᠴᠠ ᠬᠠᠳᠬᠤᠨ ᠪᠠᠢᠯᠳᠤᠵᠤ᠂ ᠠᠯᠲᠠᠨ ᠤᠯᠤᠰ ᠤ᠋ᠨ ᠬᠥᠭᠡᠭᠡᠬᠦ ᠴᠡᠷᠢᠭ ᠢ᠋ ᠳᠠᠷᠤᠵᠤ ᠡᠭᠡᠭᠦᠯᠦᠭᠡᠳ ᠠᠪᠠᠭ᠎ᠠ ᠪᠠᠨ ᠵᠢᠶᠦ᠋ᠨ ᠸᠠᠩ ᠳᠠᠢᠰᠤᠨᠳᠠᠷᠤᠭᠴᠢ ᠶ᠋ᠢ ᠠᠪᠤᠷᠠᠨ ᠭᠠᠷᠭᠠᠪᠠ᠃ ᠡᠭᠦᠨ ᠳ᠋ᠦ᠍ᠷ ᠠᠯᠲᠠᠨ ᠤᠯᠤᠰ ᠤ᠋ᠨ ᠬᠠᠭᠠᠭᠰᠠᠨ ᠴᠡᠷᠢᠭ ᠳᠡᠢᠯᠦᠭᠳᠡᠵᠦ ᠠᠯᠳᠠᠷᠠᠪᠠᠢ᠃ ᠲᠡᠳᠦᠢ ᠲᠡᠢᠰᠢ ᠪᠤᠯᠤ ᠶᠡᠬᠡᠯ᠎ᠡ ᠠᠭᠤᠷᠯᠠᠨ ᠳᠠ ᠴᠠᠩ ᠶᠤᠸᠠᠨ ᠠ᠋ᠴᠠ ᠴᠡᠷᠢᠭ ᠢ᠋ ᠰᠣᠩᠭᠣᠨ ᠪᠣᠯᠪᠠᠰᠤᠷᠠᠭᠤᠯᠬᠤᠢ ᠳ᠋ᠤᠷ ᠲᠡᠢᠽᠦ᠋ᠩ ᠬᠠᠭᠠᠨ ᠪᠠᠷᠠᠭᠤᠨ ᠭᠠᠷ ᠤ᠋ᠨ ᠶᠡᠬᠡ ᠶᠤᠸᠠᠨᠱᠤᠸᠠᠢ ᠶᠡᠬᠡ ᠴᠢᠨ ᠸᠠᠩ ᠪᠡᠯᠭᠦᠳᠡᠢ ᠶ᠋ᠢᠨ ᠰᠢᠯᠭᠠᠵᠤ ᠭᠠᠷᠭᠠᠭᠰᠠᠨ ᠲᠣᠭᠲᠤᠩᠭᠤ᠂ ᠰᠥᠪᠡᠭᠡᠲᠡᠢ ᠪᠠᠭᠠᠲᠤᠷ ᠬᠣᠶᠠᠷ ᠵᠠᠩᠵᠤᠨ ᠨᠢᠭᠡᠨ ᠲᠦᠮᠡᠨ ᠴᠡᠷᠢᠭ ᠠᠪᠴᠤ ᠬᠦᠷᠴᠦ ᠢᠷᠡᠭᠰᠡᠨ ᠳ᠋ᠦ᠍ᠷ ᠳᠠᠬᠢᠨ ᠠᠯᠲᠠᠨ ᠤᠯᠤᠰ ᠤ᠋ᠨ ᠶᠠᠯᠪᠠᠭ ᠤ᠋ᠨ ᠴᠡᠷᠢᠭ ᠢ᠋ ᠡᠷᠢᠨ ᠢᠷᠡᠵᠦ ᠭᠤᠷᠪᠠᠨ ᠡᠳᠦᠷ ᠪᠠᠢᠯᠳᠤᠵᠤ᠂ ᠣᠯᠠᠨ ᠤ᠋ ᠬᠦᠴᠦᠨ ᠢ᠋ᠶ᠋ᠡᠷ ᠠᠯᠲᠠᠨ ᠤᠯᠤᠰ ᠤ᠋ᠨ ᠶᠠᠯᠪᠠᠭ ᠢ᠋ ᠳᠠᠷᠤᠵᠤ ᠬᠥᠭᠡᠭᠡᠨ ᠬᠡᠳᠦᠨ ᠮᠢᠩᠭᠠᠨ ᠬᠥᠮᠦᠨ ᠢ᠋ ᠬᠢᠳᠤᠵᠤ ᠳᠡᠢᠯᠦᠭᠰᠡᠨ ᠳ᠋ᠦ᠍ᠷ ᠠᠯᠲᠠᠨ ᠤ᠋ ᠴᠡᠷᠢᠭ ᠳᠤᠲᠠᠭᠠᠨ ᠡᠴᠢᠭᠰᠡᠨ᠎ᠡ᠂ ᠨᠢᠭᠡᠨᠲᠡᠭᠡᠭᠦᠷ ᠨᠡᠭᠡᠭᠦᠯᠦᠨ ᠢᠯᠡᠭᠡᠵᠦ᠂ ᠨᠢᠭᠡᠨᠲᠡᠭᠡᠭᠦᠷ ᠴᠢᠩ ᠶᠠᠩ ᠬᠣᠲᠠᠨ ᠢ᠋ ᠳᠠᠬᠢᠨ ᠬᠠᠭᠠᠵᠤ ᠳᠡᠢᠯᠦᠭᠰᠡᠨ ᠤᠴᠢᠷ ᠢ᠋ ᠡᠷᠭᠦᠨ ᠠᠢᠯᠠᠳᠬᠠᠵᠤ ᠢᠯᠡᠭᠡᠪᠡ᠃ ᠡᠨᠡ ᠬᠢᠷᠢ ᠲᠡᠢᠽᠦ᠋ᠩ ᠬᠠᠭᠠᠨ ᠠᠷᠪᠠᠨ ᠶᠡᠬᠡ ᠭᠠᠵᠠᠷ ᠤ᠋ᠨ ᠭᠠᠢᠯᠢ ᠠᠪᠬᠤ ᠤᠴᠢᠷ ᠢ᠋ ᠭᠠᠷᠭᠠᠨ ᠵᠠᠷᠯᠢᠭ ᠪᠠᠭᠤᠯᠭᠠᠨ ᠲᠣᠭᠲᠠᠭᠠᠮᠤᠢ᠃ ᠲᠣᠭᠲᠠᠮ ᠳᠡᠭᠡᠳᠦ ᠲᠠᠢᠽᠦ ᠪᠣᠭᠳᠠ ᠳᠥᠷᠪᠡᠨ ᠵᠦᠭ ᠲᠦ᠍ᠷ ᠪᠠᠢᠯᠳᠤᠵᠤ ᠳᠠᠢᠯᠠᠨ ᠳᠠᠭᠠᠭᠤᠯᠤᠨ ᠠᠪᠬᠤᠢ ᠳ᠋ᠤᠷ ᠴᠢᠯᠥᠭᠡ ᠭᠠᠷᠴᠤ ᠭᠠᠵᠠᠷ ᠣᠷᠣᠨ ᠤ᠋ ᠬᠦᠦ ᠰᠠᠩ ᠢ᠋ ᠣᠭᠲᠣ ᠪᠠᠢᠴᠠᠭᠠᠨ ᠨᠢᠭᠲᠠᠯᠠᠵᠤ ᠬᠤᠷᠢᠶᠠᠭᠰᠠᠨ ᠦᠭᠡᠢ ᠲᠤᠯᠠ ᠭᠠᠵᠠᠷ ᠣᠷᠣᠨ ᠤ᠋ ᠬᠣᠲᠠ ᠪᠠᠯᠭᠠᠳ ᠤ᠋ᠨ ᠵᠠᠬᠢᠷᠤᠭᠰᠠᠳ ᠡᠵᠡᠳ ᠮᠣᠩᠭᠣᠯ ᠤ᠋ᠨ ᠡᠮᠦᠨ᠎ᠡ ᠭᠠᠵᠠᠷ ᠤ᠋ᠨ ᠰᠠᠩ ᠬᠥᠮᠥᠷᠭᠡ ᠶ᠋ᠢᠨ ᠬᠤᠷᠢᠶᠠᠬᠤ ᠭᠤᠪᠴᠢᠭᠤᠷᠯᠠᠬᠤ ᠶ᠋ᠢ ᠡᠷᠬᠢᠯᠡᠬᠦ ᠦᠭᠡᠢ ᠳ᠋ᠦ᠍ᠷ ᠵᠠᠪᠰᠢᠵᠤ ᠠᠯᠪᠠᠨ ᠬᠣᠭᠣᠷᠣᠨᠳᠣ ᠶ᠋ᠢᠨ ᠡᠳ᠋ ᠠᠭᠤᠷᠠᠰᠤᠨ᠂ ᠰᠠᠩ ᠬᠥᠮᠥᠷᠭᠡ ᠶ᠋ᠢᠨ ᠠᠯᠲᠠ ᠮᠥᠩᠭᠥᠨ ᠢ᠋ ᠠᠮᠢᠨ ᠳ᠋ᠠᠭᠠᠨ ᠬᠣᠪᠳᠣᠭᠯᠠᠨ ᠠᠰᠢᠭᠯᠠᠵᠤ᠂ ᠬᠣᠭᠣᠰᠣᠨ ᠨᠡᠷ᠎ᠡ ᠶ᠋ᠢ ᠡᠭᠦᠷᠦᠭᠰᠡᠨ ᠢᠨᠦ ᠮᠠᠰᠢ ᠣᠯᠠᠨ ᠭᠠᠷᠤᠭᠰᠠᠨ ᠳ᠋ᠤᠷ ᠡᠨᠡ ᠤᠳᠠᠭ᠎ᠠ ᠨᠢᠭᠲᠠᠯᠠᠬᠤ ᠪᠠᠢᠴᠠᠭᠠᠬᠤ ᠵᠠᠷᠯᠢᠭ ᠲᠤᠷ ᠴᠥᠮ ᠭᠡᠮ ᠢᠨᠦ ᠢᠯᠡᠷᠡᠭᠰᠡᠨ ᠳ᠋ᠦ᠍ᠷ ᠪᠠᠢᠴᠠᠭᠠᠨ ᠠᠴᠢᠷᠠᠭᠰᠠᠨ ᠬᠣᠢᠲᠤ ᠪᠧᠢ ᠵᠢᠩ ① ᠦ᠋ᠨ ᠲᠦᠮᠡᠨ ᠡᠷᠦᠬᠡ ᠶ᠋ᠢᠨ ᠾᠧᠦ ᠪᠠᠶᠠᠨᠲᠠᠢ ᠪᠣᠯᠪᠠᠰᠤ ᠡᠷᠲᠡᠨ ᠦ᠌ ᠲᠠᠲ᠋ᠠᠷ ᠤ᠋ᠨ ᠶᠠᠪᠤᠭ᠎ᠠ ᠶ᠋ᠢᠨ ᠬᠥᠪᠡᠭᠦᠨ ᠪᠥᠯᠥᠭᠡ᠃ ᠬᠣᠢᠨ᠎ᠠ ᠭᠠᠪᠢᠶᠠᠲᠠᠨ ᠢ᠋ ᠭᠠᠵᠠᠷ ᠭᠠᠵᠠᠷ ᠡᠷᠭᠦᠮᠵᠢᠯᠡᠬᠦᠢ ᠳ᠋ᠦ᠍ᠷ ᠡᠨᠡ ᠪᠠᠶᠠᠨᠲᠠᠢ ᠶ᠋ᠢ ᠪᠧᠢ ᠵᠢᠩ ᠦ᠋ᠨ ᠲᠦᠮᠡᠨ ᠡᠷᠦᠬᠡ ᠶ᠋ᠢᠨ ᠾᠧᠦ-ᠸᠠᠨ ᠬᠤ᠌ ᠾᠧᠦ ᠲᠦᠰᠢᠮᠡᠯ ᠪᠣᠯᠭᠠᠨ ᠪᠧᠢ ᠵᠢᠩ ᠦ᠋ᠨ ᠨᠡᠢᠲᠡ ᠶ᠋ᠢ ᠵᠠᠬᠢᠷᠤᠭᠤᠯᠤᠨ ᠪᠥᠯᠥᠭᠡ᠃ ᠡᠳᠦᠭᠡ ᠡᠭᠦᠨ ᠦ᠌ ᠬᠠᠭᠠᠨ ᠳ᠋ᠤᠷ ᠠᠢᠯᠠᠳᠬᠠᠭᠰᠠᠨ ᠠᠨᠤ : 《ᠳᠡᠭᠡᠳᠦ ᠲᠠᠢᠽᠦ ᠱᠧᠩ ᠦ ᠬᠤᠸᠠᠩᠳᠢ ᠵᠠᠭᠤᠨ ᠵᠦᠢᠯ ᠢ᠋ᠶ᠋ᠡᠷ ᠵᠣᠪᠠᠨ ᠵᠦᠳᠡᠵᠦ ᠳᠥᠷᠪᠡᠨ ᠵᠦᠭ ᠢ᠋ ᠳᠠᠢᠯᠠᠨ ᠠᠪᠴᠤ ᠡᠳᠡᠭᠡᠷ ᠢᠷᠭᠡᠨ ᠢ ᠣᠯᠤᠭᠰᠠᠨ ᠪᠣᠯᠪᠠᠴᠤ ᠢᠷᠭᠡᠨ ᠦ᠌ ᠲᠤᠰᠠ ᠶ᠋ᠢ ᠥᠴᠦᠬᠡᠨ ᠴᠦ᠍ ᠣᠯᠤᠭᠰᠠᠨ ᠦᠭᠡᠢ᠂ ᠡᠳᠦᠭᠡ ᠬᠠᠷᠢᠨ ᠪᠠᠢᠨ ᠪᠠᠢᠨ ᠤᠷᠪᠠᠵᠤ ᠡᠨᠡ ᠲᠡᠷᠡ ᠬᠣᠲᠠ ᠪᠠᠯᠭᠠᠳ ᠢ ᠲᠦᠢᠪᠡᠭᠡᠮᠦᠢ᠃ ᠡᠷᠲᠡ ᠬᠡᠮᠡᠬᠦᠯ᠎ᠡ ᠬᠦᠨᠳᠦ ᠬᠡᠰᠢᠭ ᠲᠣᠷ ᠬᠦᠷᠲᠡᠭᠰᠡᠨ ᠵᠠᠩ ᡁᠢ᠂ ᠸᠠᠩ ᠰᠢᠶᠠᠨ ᠨᠠᠷ ᠤᠷᠪᠠᠪᠠ᠂ ᠡᠳᠦᠭᠡ ᠭᠡᠬᠦᠯ᠎ᠡ ᠡᠦ ᠰᠢᠶᠠᠨ ᠤᠷᠪᠠᠪᠠ᠃ ᠡᠨᠡ ᠮᠡᠲᠦ ᠬᠢᠲᠠᠳ ᠮᠠᠨ ᠤ᠋ ᠮᠣᠩᠭᠣᠯ ᠤ᠋ᠨ ᠤᠯᠤᠰ ᠲᠥᠷᠥ ᠳ᠋ᠦ᠍ᠷ ᠥᠴᠦᠬᠡᠨ ᠴᠦ᠍ ᠲᠤᠰᠠ ᠦᠭᠡᠢ ᠪᠥᠭᠡᠳ ᠬᠠᠷᠢᠨ ᠬᠣᠣᠷ ᠠᠨᠤ ᠮᠠᠰᠢ ᠭᠦᠨ ᠲᠤᠯᠠ ᠣᠳᠣ ᠪᠦᠭᠦᠳᠡ ᠬᠢᠲᠠᠳ ᠢ᠋ ᠴᠥᠮ ᠠᠯᠠᠵᠤ ᠠᠭᠤᠯᠠ ᠲᠠᠯ᠎ᠠ ᠶ᠋ᠢ ᠠᠷᠢᠭᠤᠨ ᠴᠡᠪᠡᠷ ᠪᠣᠯᠭᠠᠭᠠᠳ ᠡᠪᠡᠰᠦ ᠮᠣᠳᠣ ᠶ᠋ᠢ ᠨᠢᠭᠲᠠ ᠰᠠᠬᠤᠯᠢᠭ ᠤᠷᠭᠤᠭᠤᠯᠵᠤ᠂ ᠠᠳᠤᠭᠤ ᠮᠠᠯ ᠢ᠋ᠶ᠋ᠠᠨ ᠠᠳᠤᠭᠤᠯᠪᠠᠰᠤ ᠳᠡᠭᠡᠷ᠎ᠡ᠂ ᠡᠳᠡᠭᠡᠷ ᠵᠡᠷᠭᠡ ᠶ᠋ᠢᠨ ᠬᠠᠭᠤᠷᠮᠠᠴᠢ ᠬᠢᠲᠠᠳ ᠨᠢᠭᠡᠨ ᠴᠠᠭ ᠲᠤᠷ ᠬᠦᠴᠦᠨ ᠲᠡᠭᠦᠰᠪᠡᠰᠦ᠂ ᠮᠠᠨ ᠤ᠋ ᠮᠣᠩᠭᠣᠯ ᠳ᠋ᠤᠷ ᠯᠠᠪ ᠵᠣᠪᠠᠯᠠᠩ ᠪᠣᠯᠤᠮᠤᠢ᠂ ᠬᠠᠷᠢᠨ ᠡᠨᠡ ᠬᠦᠴᠦᠨ ᠲᠡᠭᠦᠰᠦᠭᠰᠡᠨ ᠴᠠᠭ ᠲᠤᠷ ᠡᠳᠡᠭᠡᠷ ᠦᠨᠡᠨᠴᠢ ᠦᠭᠡᠢ ᠬᠣᠯᠴᠢᠷᠭᠠᠨ ᠬᠢᠲᠠᠳ ᠢ᠋ ᠴᠥᠮ ᠠᠷᠢᠯᠭᠠᠬᠤ ᠠᠨᠤ ᠡᠷᠬᠢᠮ᠂ ᠡᠳᠡᠭᠡᠷ ᠵᠡᠷᠭᠡ ᠵᠢᠰᠤᠷ ᠬᠢᠲᠠᠳ ᠰᠤᠯᠠ ᠴᠤ᠌ ᠪᠣᠯᠪᠠ ᠲᠦᠰᠢᠮᠡᠯ ᠴᠦ᠍ ᠪᠣᠯᠪᠠ ᠡᠭᠡᠨᠡᠭᠲᠡ ᠮᠢᠰ ② ᠮᠡᠲᠦ ᠨᠢᠭᠤᠴᠠ ᠲᠡᠮᠡᠴᠡᠯ ᠰᠡᠳᠬᠢᠯ ᠢ᠋ ᠡᠪᠦᠷᠯᠡᠵᠦ᠂ ᠰᠠᠩ ᠬᠦᠦ ᠶ᠋ᠢᠨ ᠡᠳ᠋ ᠢ᠋ ᠴᠥᠮ ᠵᠠᠯᠭᠢᠪᠠ᠃ ᠡᠳᠦᠭᠡ ᠭᠠᠭᠴᠠ ᠲᠡᠭᠷᠢ ᠶ᠋ᠢᠨ ᠴᠠᠭ ᠲᠤᠷ ᠳᠠᠷᠤᠭᠳᠠᠵᠤ ᠬᠦᠴᠦᠨ ᠬᠦᠷᠦᠯᠴᠡᠬᠦ ᠦᠭᠡᠢ ᠲᠤᠯᠠ ᠮᠠᠨ ᠤ᠋ ᠮᠣᠩᠭᠣᠯ ᠳ᠋ᠤᠷ ᠪᠣᠭᠣᠯᠴᠢᠯᠠᠭᠳᠠᠮᠤᠢ᠃ ᠬᠡᠷᠪᠡ ᠨᠢᠭᠡᠨ ᠴᠠᠭ ᠲᠤᠷ ᠮᠠᠨ ᠤ᠋ ᠮᠣᠩᠭᠣᠯ ᠪᠠᠬᠠᠨ ᠳᠣᠷᠣᠢᠲᠠᠪᠠᠰᠤ᠂ ᠮᠠᠨ ᠤ᠋ ᠮᠣᠩᠭᠣᠯ ᠤ᠋ᠨ ᠲᠡᠵᠢᠭᠡᠭᠰᠡᠨ ᠬᠡᠰᠢᠭ ᠢ᠋ᠶ᠋ᠡᠷ ᠦᠷᠡᠵᠢᠭᠡᠳ ᠭᠡᠳᠡᠷᠭᠦ ᠬᠠᠷᠢᠨ ᠮᠠᠨ ᠤ᠋ ᠮᠣᠩᠭᠣᠯ ᠢ᠋ ᠳᠠᠷᠤᠯᠠᠬᠤ ᠪᠣᠯᠠᠢ᠃ ᠲᠡᠢᠨ ᠬᠦ᠌ ᠴᠥᠮ ᠠᠯᠠᠵᠤ ᠠᠷᠢᠯᠭᠠᠨ᠂ ᠠᠭᠤᠯᠠ ᠲᠠᠯ᠎ᠠ ᠳ᠋ᠤᠷ ᠮᠠᠯ ᠢ᠋ᠶ᠋ᠠᠨ ᠠᠳᠤᠭᠤᠯᠪᠠᠰᠤ ᠳᠡᠭᠡᠷ᠎ᠡ 》ᠬᠡᠮᠡᠵᠦᠬᠦᠢ᠃ ᠡᠭᠦᠨ ᠢ᠋ ᠲᠡᠢᠽᠦ᠋ᠩ ᠬᠠᠭᠠᠨ ᠦᠵᠡᠭᠡᠳ ᠬᠠᠷᠢᠭᠤ ᠬᠠᠭᠤᠯᠤᠨ ᠪᠠᠭᠤᠯᠭᠠᠭᠰᠠᠨ ᠠᠨᠤ:《ᠮᠢᠨᠦ ᠡᠴᠢᠭᠡ ᠬᠠᠭᠠᠨ ᠳᠡᠭᠡᠳᠦ ᠲᠠᠢᠽᠦ ᠱᠧᠩ ᠦ ᠬᠤᠸᠠᠩᠳᠢ ᠲᠠᠪᠢᠨ ᠣᠨ ᠲᠠᠯᠪᠢᠯ ᠦᠭᠡᠢ ᠪᠠᠢᠯᠳᠤᠵᠤ ᠳᠠᠢᠯᠠᠨ ᠲᠦᠮᠡᠨ ᠵᠡᠷᠭᠡ ᠦᠬᠦᠵᠦ ᠡᠳᠡᠭᠡᠨ ᠵᠣᠪᠠᠨ ᠵᠦᠳᠡᠵᠦ᠂ ᠤᠯᠤᠰ ᠲᠥᠷᠥ ᠶ᠋ᠢ ᠪᠠᠢᠭᠤᠯᠤᠭᠰᠠᠨ ᠠᠨᠤ᠂ ᠤᠯᠤᠰ ᠢ᠋ ᠠᠨᠤ ᠣᠯᠵᠤ ᠬᠠᠭᠠᠨ ᠰᠠᠭᠤᠰᠤᠭᠠᠢ ᠬᠡᠮᠡᠭᠰᠡᠨ ᠪᠣᠢ ᠶᠠ᠂ ᠬᠣᠭᠣᠰᠣᠨ ᠭᠠᠵᠠᠷ ᠢ᠋ ᠡᠵᠡᠯᠡᠵᠦ ᠮᠠᠯ ᠠᠳᠤᠭᠤᠯᠰᠤᠭᠠᠢ ᠬᠡᠮᠡᠭᠰᠡᠨ ᠪᠤᠰᠤ᠃ ᠬᠢᠲᠠᠳ ᠤᠯᠤᠰ ᠬᠡᠳᠦᠢ ᠢᠲᠡᠭᠡᠮᠵᠢ ᠦᠭᠡᠢ ᠬᠤᠢᠬᠤᠷ ᠰᠥᠷᠭᠡᠦ ᠮᠢᠰ ᠮᠡᠲᠦ ᠪᠣᠯᠪᠠᠴᠤ ᠲᠡᠭᠦᠨ ᠳ᠋ᠦ᠍ᠷ ᠪᠠᠰᠠ ᠤᠷᠠᠨ ᠨᠠᠷᠢᠨ ᠬᠢᠨᠠᠮᠠᠭᠠᠢ ᠰᠡᠴᠡᠨ ᠶᠠᠪᠤᠳᠠᠯ ᠪᠣᠢ ᠪᠣᠯᠠᠢ᠃ ᠬᠡᠳᠦᠢ ᠪᠡᠷ ᠮᠢᠰ ᠮᠡᠲᠦ ᠬᠡᠳᠦᠨ ᠵᠠᠭᠤᠨ ᠬᠢᠲᠠᠳ ᠲᠦᠰᠢᠮᠡᠯ ᠰᠠᠩ ᠬᠥᠮᠥᠷᠭᠡ ᠶ᠋ᠢ ᠬᠣᠨᠵᠢᠵᠤ ᠬᠠᠭᠤᠴᠢᠨ ᠳᠠᠩᠰᠠ ᠲᠡᠮᠳᠡᠭ ᠲᠣᠷ ᠡᠰᠡ ᠨᠡᠢᠴᠡᠪᠡᠴᠦ ᠬᠡᠳᠦᠬᠡᠨ ᠵᠠᠭᠤᠨ ᠮᠠᠭᠤ ᠬᠣᠪᠳᠣᠭ ᠬᠢᠲᠠᠳ ᠲᠦᠰᠢᠮᠡᠳ ᠦ᠋ᠨ ᠤᠴᠢᠷ ᠲᠤᠷ ᠵᠦᠩ ᠶᠤᠸᠠᠨ ᠤ᠋ ᠡᠳᠦᠢᠴᠢᠨᠡᠭᠡᠨ ᠵᠠᠭᠤᠨ ᠲᠦᠮᠡᠨ ᠣᠯᠠᠨ ᠬᠢᠲᠠᠳ ᠢ᠋ ᠴᠥᠮ ᠠᠯᠠᠵᠤ ᠠᠷᠢᠯᠭᠠᠭᠠᠳ ᠭᠠᠵᠠᠷ ᠲᠤᠷ ᠠᠳᠤᠭᠤ ᠮᠠᠯ ᠲᠠᠯᠪᠢᠰᠤᠭᠠᠢ ᠬᠡᠮᠡᠬᠦ ᠢᠨᠦ ᠮᠠᠰᠢ ᠣᠮᠣᠷᠬᠠᠭ ᠪᠠᠷᠳᠠᠮ ᠤᠴᠢᠷ ᠦᠭᠡᠢ ᠬᠡᠲᠦᠷᠡᠵᠦᠬᠦᠢ᠃ ᠨᠡᠩ ᠪᠠᠰᠠ ᠣᠯᠠᠨ ᠬᠢᠲᠠᠳ ᠤ᠋ᠨ ᠮᠢᠰ ᠮᠡᠲᠦ ᠲᠡᠮᠡᠴᠡᠬᠦ ᠰᠠᠨᠠᠭᠠᠨ ᠢ ᠥᠷᠥᠰᠢᠶᠡᠯ ᠡᠷᠳᠡᠮ ᠢ᠋ᠶ᠋ᠡᠷ ᠰᠢᠲᠦᠭᠦᠯᠦᠨ ᠠᠪᠴᠤ ᠲᠡᠭᠦᠨ ᠦ᠌ ᠬᠦᠴᠦᠨ ᠢ ᠠᠪᠤᠪᠠᠰᠤ ᠰᠠᠶᠢ ᠵᠣᠬᠢᠬᠤ ᠠᠲᠠᠯ᠎ᠠ ᠴᠥᠮ ᠠᠯᠠᠮᠤᠢ ᠬᠡᠮᠡᠭᠴᠢ ᠢᠨᠦ ᠶᠠᠮᠪᠠᠷ ᠬᠠᠤᠯᠢ ? ᠮᠠᠨ ᠤ᠋ ᠬᠥᠬᠡ ᠮᠣᠩᠭᠣᠯ ᠤᠯᠤᠰ ᠡᠳᠦᠭᠡ ᠡᠮᠦᠨ᠎ᠡ ᠤᠮᠠᠷ᠎ᠠ ᠵᠠᠭᠤᠨ ᠲᠦᠮᠡᠨ ᠡᠴᠡ ᠳᠠᠪᠠᠬᠤ ᠦᠭᠡᠢ᠂ ᠬᠢᠲᠠᠳ ᠬᠡᠮᠡᠭᠴᠢ ᠲᠦᠮᠡᠨ ᠲᠦᠮᠡᠨ ᠡᠴᠡ ᠴᠦ᠍ ᠳᠠᠪᠠᠵᠤᠬᠤᠢ᠃ ᠵᠠᠭᠤᠨ ᠲᠦᠮᠡᠨ ᠮᠣᠩᠭᠣᠯ ᠲᠦᠮᠡᠨ ᠲᠦᠮᠡᠨ ᠢ᠋ ᠡᠵᠡᠯᠡᠨ ᠪᠠᠢᠬᠤᠢ ᠳ᠋ᠤᠷ ᠲᠦᠮᠡᠨ ᠲᠦᠮᠡᠨ ᠬᠢᠲᠠᠳ ᠤ᠋ᠨ ᠠᠭᠠᠰᠢᠯᠠᠬᠤ ᠠᠨᠤ ᠪᠠᠢᠬᠤ ᠬᠡᠷᠡᠭ᠃ ᠬᠡᠳᠦᠢ ᠲᠡᠢᠨ ᠪᠣᠯᠪᠠᠴᠤ ᠵᠠᠭᠤᠨ ᠲᠦᠮᠡᠨ ᠮᠣᠩᠭᠣᠯ ᠳ᠋ᠤᠷ ᠲᠦᠮᠡᠨ ᠲᠦᠮᠡᠨ ᠬᠢᠲᠠᠳ ᠤ᠋ᠨ ᠳᠠᠷᠤᠭᠳᠠᠨ ᠪᠠᠢᠬᠤ ᠠᠨᠤ ᠳᠠᠷᠤᠢ ᠲᠡᠭᠷᠢ ᠶ᠋ᠢᠨ ᠴᠠᠭ ᠪᠣᠯᠠᠢ᠃ ᠲᠡᠭᠷᠢ ᠶ᠋ᠢᠨ ᠴᠠᠭ ᠢ᠋ ᠣᠯᠤᠭᠰᠠᠨ ᠠᠨᠤ ᠳᠡᠭᠡᠳᠦ ᠱᠧᠩ ᠦ ᠬᠤᠸᠠᠩᠳᠢ ᠶ᠋ᠢᠨ ᠪᠤᠶᠠᠨ ᠡᠷᠳᠡᠮ ᠳ᠋ᠦ᠍ᠷ ᠪᠣᠯᠠᠢ᠃ ᠲᠡᠢᠨ ᠬᠦ᠌ ᠣᠳᠣ ᠪᠤᠶᠠᠨ ᠡᠷᠳᠡᠮ ᠢ᠋ ᠤᠯᠠᠮ ᠵᠤᠵᠠᠭᠠᠯᠠᠵᠤ ᠵᠠᠰᠠᠪᠠᠰᠤ ᠰᠠᠶᠢ ᠤᠷᠢᠳᠤᠰ ᠤ᠋ᠨ ᠰᠠᠨᠠᠭᠠᠨ ᠳ᠋ᠤᠷ ᠨᠡᠢᠴᠡᠵᠦ ᠬᠣᠢᠴᠢ ᠶ᠋ᠢᠨ ᠦᠷᠡᠰ ᠲᠣᠷ ᠬᠦᠨᠡᠰᠦ ᠪᠣᠯᠬᠤ ᠪᠥᠭᠡᠲᠡᠯ᠎ᠡ ᠲᠦᠮᠡᠨ ᠲᠦᠮᠡᠨ ᠬᠢᠲᠠᠳ ᠢ᠋ ᠴᠥᠮ ᠦᠨᠳᠦᠰᠦᠨ ᠢ᠋ ᠠᠷᠢᠯᠲᠠᠯ᠎ᠠ ᠤᠬᠢᠶᠠᠨ ᠠᠷᠢᠯᠭᠠᠵᠤ ᠲᠠᠰᠤᠯᠰᠤᠭᠠᠢ ᠬᠡᠮᠡᠬᠦ ᠢᠨᠦ ᠡᠨᠡ ᠥᠴᠦᠬᠡᠨ ᠴᠦ᠍ ᠬᠥᠮᠦᠨ ᠪᠣᠯᠣᠭᠰᠠᠳ ᠤ᠋ᠨ ᠦᠭᠡ ᠪᠤᠰᠤ᠃ ᠣᠯᠠᠨ ᠬᠢᠲᠠᠳ ᠬᠣᠢᠴᠢ ᠡᠳᠦᠷ ᠬᠦᠴᠦᠨ ᠲᠡᠭᠦᠰᠴᠦ ᠮᠠᠨ ᠤ᠋ ᠮᠣᠩᠭᠣᠯ ᠪᠠᠬᠠᠨ ᠳᠣᠷᠣᠢᠲᠠᠪᠠᠰᠤ ᠬᠠᠷᠢᠭᠤᠴᠠᠮᠤᠢ ᠬᠡᠮᠡᠭᠴᠢ ᠬᠡᠳᠦᠢ ᠦᠨᠡᠨ ᠦᠭᠡ ᠪᠣᠯᠪᠠᠴᠤ ᠮᠣᠩᠭᠣᠯ ᠳᠣᠷᠣᠢᠲᠠᠵᠤ ᠬᠢᠲᠠᠳ ᠮᠠᠨᠳᠤᠬᠤ ᠠᠨᠤ ᠲᠡᠷᠡ ᠲᠡᠭᠷᠢ ᠶ᠋ᠢᠨ ᠴᠠᠭ ᠪᠣᠯᠠᠢ᠃ ᠦᠵᠡᠲᠡᠯ᠎ᠡ ᠡᠳᠦᠭᠡ ᠶᠠᠭᠤᠨ ᠳ᠋ᠤᠷ ᠡᠴᠢᠭᠡ ᠬᠠᠭᠠᠨ ᠱᠧᠩ ᠦ ᠬᠤᠸᠠᠩᠳᠢ ᠶ᠋ᠢᠨ ᠦᠶ᠎ᠡ ᠡᠴᠡ ᠬᠢᠲᠠᠳ ᠳᠣᠷᠣᠢᠲᠠᠵᠤ ᠮᠣᠩᠭᠣᠯ ᠮᠠᠨᠳᠤᠭᠰᠠᠨ ᠪᠣᠢ ? ᠤᠭ ᠲᠤᠷ ᠬᠢᠲᠠᠳ ᠮᠠᠨ ᠠ᠋ᠴᠠ ᠣᠭᠲᠣ ᠳᠣᠣᠷ᠎ᠠ ᠦᠭᠡᠢ ᠪᠠᠢᠭᠰᠠᠨ ᠪᠥᠯᠥᠭᠡ᠃ ᠡᠷᠲᠡᠨ ᠦ᠌ ᠦᠭᠡᠨ ᠳ᠋ᠦ᠍ᠷ 《ᠡᠷᠭᠢᠬᠦ ᠨᠠᠷᠠᠨ᠂ ᠡᠭᠡᠯᠵᠢᠯᠡᠬᠦ ᠲᠥᠷᠥ 》ᠬᠡᠮᠡᠵᠦᠬᠦᠢ᠃ ᠲᠡᠳᠡᠭᠡᠷ ᠴᠥᠮ ᠲᠡᠭᠷᠢ ᠶ᠋ᠢᠨ ᠰᠠᠨᠠᠭᠠᠨ ᠴᠠᠭ ᠤᠯᠠᠷᠢᠯ ᠤ᠋ᠨ ᠲᠣᠭ᠎ᠠ ᠬᠡᠮᠵᠢᠶ᠎ᠡ ᠪᠣᠯᠠᠢ᠃ ᠡᠳᠦᠭᠡ ᠬᠡᠳᠦᠢ ᠬᠢᠲᠠᠳ ᠢ᠋ ᠡᠵᠡᠷᠬᠡᠬᠦ ᠡᠷᠬᠡ ᠰᠦᠷ ᠨᠠᠳᠠ ᠳ᠋ᠤᠷ ᠪᠣᠢ ᠪᠥᠭᠡᠲᠡᠯ᠎ᠡ ᠪᠢ ᠡᠰᠡ ᠮᠥᠬᠥᠭᠡᠨ᠂ ᠬᠣᠢᠴᠢ ᠡᠳᠦᠷ ᠬᠢᠲᠠᠳ ᠮᠠᠨᠳᠤᠵᠤ ᠮᠣᠩᠭᠣᠯ ᠳᠣᠷᠣᠢᠲᠠᠪᠠᠴᠤ ᠮᠢᠨᠦ ᠡᠨᠡ ᠦᠶ᠎ᠡ ᠶ᠋ᠢᠨ ᠬᠢᠲᠠᠳ ᠢ᠋ ᠴᠥᠮ ᠡᠰᠡ ᠠᠷᠢᠯᠭᠠᠭᠰᠠᠨ ᠪᠤᠶᠠᠨ ᠤ᠋ ᠪᠣᠯᠪᠠᠰᠤᠷᠠᠯ ᠠᠨᠤ ᠮᠥᠨ ᠬᠣᠵᠢᠮ ᠤ᠋ᠨ ᠦᠷ᠎ᠡ ᠠᠴᠢ ᠳ᠋ᠤᠷ ᠬᠦᠷᠲᠡᠬᠦ ᠪᠣᠯᠠᠢ᠃ ᠸᠠᠨ ᠬᠤ᠌ ᠾᠧᠦ ᠪᠠᠶᠠᠨᠲᠠᠢ ᠶ᠋ᠢᠨ ᠡᠨᠡ ᠦᠭᠡ ᠦᠨᠡᠬᠡᠷ ᠣᠮᠣᠷᠬᠠᠨ ᠪᠠᠷᠳᠠᠮ ᠬᠡᠲᠦᠷᠡᠵᠦ᠂ ᠲᠦᠰᠢᠮᠡᠯ ᠪᠣᠯᠤᠭᠰᠠᠨ ᠬᠥᠮᠦᠨ ᠦ᠌ ᠶᠣᠰᠣ ᠵᠢᠷᠤᠮ ᠳ᠋ᠤᠷ ᠮᠠᠰᠢ ᠬᠠᠷᠰᠢᠵᠤ᠂ ᠮᠢᠨᠦ ᠳᠡᠭᠡᠳᠦ ᠬᠠᠭᠠᠨ ᠡᠵᠡᠨ ᠡᠴᠢᠭᠡ ᠲᠠᠢᠽᠦ ᠱᠧᠩ ᠦ ᠬᠤᠸᠠᠩᠳᠢ᠂ ᠮᠢᠨᠦ ᠪᠡᠶ᠎ᠡ ᠶ᠋ᠢᠨ ᠶᠠᠪᠤᠭᠰᠠᠨ ᠶᠠᠪᠤᠳᠠᠯ᠂ ᠬᠣᠶᠠᠷ ᠦᠶ᠎ᠡ ᠶ᠋ᠢᠨ ᠬᠠᠭᠠᠳ ᠢ᠋ ᠴᠥᠮ ᠨᠢᠳᠦᠨ ᠳ᠋ᠦ᠍ᠷ ᠦᠵᠡᠭᠰᠡᠨ ᠦᠭᠡᠢ ᠰᠠᠨᠠᠭᠠᠨ ᠬᠡᠲᠦᠷᠬᠡᠶ᠎ᠡ ᠢᠯᠡᠷᠡᠨ ᠭᠠᠷᠴᠤᠬᠤᠢ᠃ ᠵᠢᠴᠢ ᠪᠢ ᠪᠠᠭ᠎ᠠ ᠠ᠋ᠴᠠ ᠳᠡᠭᠡᠳᠦ ᠬᠠᠭᠠᠨ ᠡᠴᠢᠭᠡ ᠱᠧᠩ ᠦ ᠬᠤᠸᠠᠩᠳᠢ ᠶ᠋ᠢ ᠳᠠᠭᠠᠵᠤ ᠳᠥᠷᠪᠡᠨ ᠵᠦᠭ ᠪᠠᠢᠯᠳᠤᠵᠤ ᠳᠠᠢᠯᠠᠨ ᠶᠠᠪᠤᠬᠤᠢ ᠳ᠋ᠤᠷ ᠪᠠᠷᠠᠭᠤᠨ ᠵᠡᠭᠦᠨ ᠪᠠ ᠡᠮᠦᠨ᠎ᠡ ᠳᠠᠯᠠᠢ ᠶ᠋ᠢᠨ ᠬᠣᠷᠢᠭ ᠲᠣᠷ ᠬᠡᠳᠦᠨ ᠰᠠᠷ᠎ᠠ ᠶ᠋ᠢᠨ ᠭᠠᠵᠠᠷ ᠬᠥᠮᠦᠨ ᠦᠭᠡᠢ ᠠᠭᠤᠯᠠ ᠲᠠᠯ᠎ᠠ ᠮᠠᠰᠢ ᠣᠯᠠᠨ ᠪᠣᠢ᠃ ᠲᠡᠷᠡ ᠭᠠᠵᠠᠷ ᠢ᠋ ᠠᠪᠴᠤ ᠪᠣᠯᠬᠤ ᠦᠭᠡᠢ ᠤᠤ ! ᠣᠨᠴᠠ ᠶᠠᠭᠤᠨ ᠳ᠋ᠤᠷ ᠣᠯᠠᠨ ᠲᠦᠮᠡᠨ ᠢ᠋ ᠦᠬᠦᠭᠦᠯᠦᠨ ᠪᠠᠢᠯᠳᠤᠵᠤ ᠬᠣᠲᠠ ᠪᠠᠯᠭᠠᠳ ᠢ᠋ ᠠᠨᠤ ᠠᠪᠬᠤ ᠪᠣᠢ ? ᠬᠠᠮᠤᠭ ᠤᠯᠤᠰ ᠨᠡᠢᠲᠡ ᠬᠥᠮᠦᠨ ᠢ᠋ ᠴᠥᠮ ᠠᠯᠠᠪᠠᠰᠤ ᠮᠠᠨ ᠤ᠋ ᠦᠬᠦᠨ ᠪᠠᠢᠯᠳᠤᠵᠤ ᠠᠪᠤᠭᠰᠠᠨ ᠲᠤᠰᠠ ᠠᠨᠤ ᠶᠠᠭᠤᠨ ᠪᠣᠢ ? ᠲᠡᠢᠮᠦ ᠶ᠋ᠢᠨ ᠲᠤᠯᠠ ᠣᠮᠣᠭ ᠬᠡᠲᠦᠷᠡᠵᠦ ᠡᠵᠡᠨ ᠢ᠋ᠶ᠋ᠡᠨ ᠦᠲᠡᠭᠡᠷᠦᠭᠰᠡᠨ ᠳᠤᠷ᠎ᠠ ᠪᠠᠷ ᠴᠠᠯᠴᠢᠭᠰᠠᠨ ᠸᠠᠨ ᠬᠤ᠌ ᠾᠧᠦ ᠪᠠᠶᠠᠨᠲᠠᠢ ᠶ᠋ᠢ ᠲᠡᠳᠡᠭᠡᠷ ᠬᠣᠪᠳᠣᠭ ᠰᠠᠮᠠᠭᠤᠨ ᠬᠢᠲᠠᠳ ᠪᠣᠭᠣᠯᠴᠤᠳ ᠤ᠋ᠨ ᠲᠡᠷᠢᠭᠦᠨ ᠳ᠋ᠦ᠍ᠷ ᠶᠠᠯᠠᠯᠠᠵᠤ᠂ ᠸᠠᠨ ᠬᠤ᠌ ᠾᠧᠦ ᠴᠣᠯᠠ ᠶ᠋ᠢ ᠡᠪᠳᠡᠭᠲᠦᠨ᠃ ᠲᠡᠭᠦᠨ ᠢ᠋ ᠡᠭᠦᠨ ᠢ᠋ᠶ᠋ᠡᠷ ᠦᠵᠡᠬᠦᠯ᠎ᠡ ᠲᠦᠮᠡᠨ ᠢ᠋ ᠵᠠᠬᠢᠷᠠᠬᠤ ᠴᠤ᠌ ᠪᠠᠢᠲᠤᠭᠠᠢ᠂ ᠨᠢᠭᠡᠨ ᠢ᠋ ᠴᠦ᠍ ᠮᠥᠨ ᠵᠠᠬᠢᠷᠬᠤ ᠬᠢᠷᠢ ᠦᠭᠡᠢ ! 》ᠭᠡᠮᠡᠨ ᠵᠠᠷᠯᠢᠭ ᠪᠠᠭᠤᠯᠭᠠᠭᠰᠠᠨ ᠳ᠋ᠤᠷ ᠡᠨᠡ ᠵᠠᠷᠯᠢᠭ ᠢ᠋ ᠶᠧ ᠯᠢᠦᠢ ᠴᠦ ᠼᠠᠢ ᠦᠵᠡᠭᠡᠳ ᠬᠠᠭᠠᠨ ᠢ᠋ ᠶᠡᠬᠡᠯ᠎ᠡ ᠪᠢᠰᠢᠷᠡᠨ ᠳᠠᠷᠤᠢ ᠶᠠᠭᠠᠷᠠᠨ ᠲᠥᠷᠥ ᠳ᠋ᠦ᠍ᠷ ᠭᠠᠷᠴᠤ ᠬᠠᠭᠠᠨ ᠳ᠋ᠤᠷ ᠮᠥᠷᠭᠥᠵᠦ ᠠᠢᠯᠠᠳᠬᠠᠷᠤᠨ:《ᠬᠡᠨ ᠬᠥᠮᠦᠨ ᠲᠡᠭᠷᠢ ᠶ᠋ᠢᠨ ᠬᠥᠪᠡᠭᠦᠨ ᠦ᠌ ᠭᠡᠭᠡᠬᠡᠨ ᠳ᠋ᠦ᠍ᠷ ᠬᠦᠷᠬᠦ ! ᠡᠳᠦᠭᠡ ᠪᠠᠢᠭᠰᠠᠨ ᠸᠠᠨ ᠬᠤ᠌ ᠾᠧᠦ ᠪᠠᠶᠠᠨᠲᠠᠢ ᠶ᠋ᠢᠨ ᠠᠢᠯᠠᠳᠬᠠᠭᠰᠠᠨ ᠢ᠋ ᠬᠠᠭᠠᠨ ᠤ᠋ ᠬᠠᠭᠤᠯᠤᠨ ᠪᠠᠭᠤᠯᠭᠠᠭᠰᠠᠨ ᠦᠨᠡᠬᠡᠷ ᠲᠦᠮᠡᠨ ᠦᠶ᠎ᠡ ᠲᠠᠰᠤᠷᠬᠠᠢ ᠡᠷᠳᠡᠮ᠂ ᠡᠨᠡ ᠨᠢᠭᠡᠨ ᠵᠦᠢᠯ ᠳᠠᠷᠤᠢ ᠲᠦᠮᠡᠨ ᠦᠶ᠎ᠡ ᠶ᠋ᠢᠨ ᠦᠷ᠎ᠡ ᠠᠴᠢ ᠶ᠋ᠢᠨ ᠮᠠᠨᠳᠤᠯ ᠪᠣᠯᠠᠢ ③ ᠃ ᠳᠥᠷᠪᠡᠨ ᠳᠠᠯᠠᠢ ᠶ᠋ᠢᠨ ᠳᠣᠲᠣᠷᠠᠬᠢ ᠳᠡᠯᠡᠬᠡᠢ ᠳ᠋ᠠᠬᠢᠨ ᠳ᠋ᠤᠷ ᠨᠢᠭᠡᠨᠲᠡ ᠪᠦᠬᠦ ᠡᠯᠪᠡᠭ ᠲᠣᠷ ᠶᠠᠭᠤᠨ ᠢ᠋ ᠬᠦᠰᠡᠪᠡᠰᠦ ᠦᠯᠦ ᠣᠯᠳᠠᠬᠤ ᠪᠣᠢ ? ᠭᠠᠭᠴᠠ ᠵᠦᠩ ᠶᠤᠸᠠᠨ ᠤ᠋ ᠭᠠᠵᠠᠷ ᠤ᠋ᠨ ᠬᠡᠮᠵᠢᠶᠡᠯᠡᠨ ᠲᠣᠭᠲᠠᠭᠠᠭᠰᠠᠨ ᠬᠤᠳᠠᠯᠳᠤᠭ᠎ᠠ ᠶ᠋ᠢᠨ ᠪᠠᠷᠢᠪᠠᠰᠤ ᠵᠣᠬᠢᠬᠤ ᠭᠠᠢᠯᠢ ᠠᠯᠪᠠ ᠪᠠ ᠠᠷᠢᠬᠢ ᠳᠠᠷᠠᠰᠤ᠂ ᠳᠠᠪᠤᠰᠤ ᠬᠤᠵᠢᠷ ᠤ᠋ᠨ ᠭᠠᠢᠯᠢ ᠪᠠ ᠵᠢᠴᠢ ᠲᠡᠮᠦᠷ ᠭᠠᠤᠯᠢ ᠠᠯᠲᠠᠨ ᠮᠥᠩᠭᠥᠨ ᠲᠤᠭᠤᠯᠭ᠎ᠠ ᠵᠡᠰ ᠲᠠᠷᠢᠶ᠎ᠠ ᠲᠦᠯᠡᠰᠢ ᠡᠴᠡ ᠭᠠᠷᠬᠤ ᠵᠦᠢᠯ ᠦ᠋ᠨ ᠭᠠᠢᠯᠢ ᠶ᠋ᠢ ᠠᠨᠤ ᠨᠢᠭᠡᠨ ᠵᠢᠯ ᠳ᠋ᠦ᠍ᠷ ᠰᠠᠩ ᠳ᠋ᠤᠷ ᠣᠷᠣᠬᠤ ᠠᠨᠤ ᠲᠠᠪᠢᠨ ᠲᠦᠮᠡᠨ ᠯᠠᠩ ᠮᠥᠩᠭᠥ᠂ ᠲᠣᠷᠭ᠎ᠠ ᠨᠠᠢ᠍ᠮᠠᠨ ᠲᠦᠮᠡᠨ ᠪᠠᠭᠴᠠ᠂ ᠲᠤᠲᠤᠷᠭ᠎ᠠ ᠳᠥᠴᠢᠨ ᠲᠦᠮᠡᠨ ᠳ᠋ᠠᠨ ᠢᠯᠡᠭᠦᠦ᠂ ᠶᠣᠩᠬᠣᠷ ᠰᠢᠷᠬᠡᠭ ᠵᠠᠭᠤᠨ ᠲᠦᠮᠡᠨ ᠡᠴᠡ ᠢᠯᠡᠭᠦᠦ ᠪᠣᠢ᠂ ᠶᠠᠭᠠᠬᠢᠨ ᠬᠡᠷᠡᠭ ᠦᠭᠡᠢ ᠪᠣᠯᠬᠤ? ᠬᠠᠭᠠᠨ ᠤ᠋ ᠭᠡᠭᠡᠨ ᠦ᠌ ᠮᠡᠳᠡᠭᠰᠡᠨ ᠦᠨᠡᠬᠡᠷ ᠮᠡᠷᠭᠡᠨ ᠭᠡᠭᠡᠬᠡᠨ ᠲᠦᠮᠡᠨ ᠦᠶ᠎ᠡ ᠳ᠋ᠦ᠍ᠷ ᠬᠡᠲᠦᠷᠡᠵᠦᠬᠦᠢ ! 》ᠬᠡᠮᠡᠭᠰᠡᠨ ᠳ᠋ᠦ᠍ᠷ ᠲᠡᠢᠽᠦ᠋ᠩ ᠬᠠᠭᠠᠨ ᠳᠠᠷᠤᠢ ᠡᠳᠡᠭᠡᠷ ᠭᠠᠢᠯᠢ ᠶ᠋ᠢ ᠬᠢᠨᠠᠨ ᠲᠣᠭᠲᠠᠭᠠᠬᠤ ᠡᠷᠬᠡ ᠶ᠋ᠢ ᠶᠧ ᠯᠢᠦᠢ ᠴᠦ ᠼᠠᠢ ᠳ᠋ᠤᠷ ᠲᠤᠰᠢᠶᠠᠵᠤ ᠵᠠᠷᠯᠢᠭ ᠪᠣᠯᠤᠷᠤᠨ: 《ᠴᠢᠩ ᠦ᠋ᠨ ᠡᠨᠡ ᠮᠡᠳᠡᠬᠦ ᠢᠨᠦ ᠴᠥᠮ ᠤᠯᠤᠰ ᠤ᠋ᠨ ᠬᠡᠷᠡᠭᠰᠡᠯ ᠡᠯᠪᠡᠭ ᠪᠣᠯᠤᠨ᠂ ᠢᠷᠭᠡᠨ ᠣ ᠦᠨᠳᠦᠰᠦᠨ ᠪᠠᠲᠤ ᠪᠣᠯᠬᠤ ᠶ᠋ᠢᠨ ᠰᠢᠯᠲᠠᠭᠠᠨ᠂ ᠴᠢᠩ ᠴᠢ ᠡᠳᠡᠭᠡᠷ ᠢ᠋ ᠬᠢᠨᠠᠨ ᠨᠠᠷᠢᠪᠴᠢᠯᠠᠨ ᠲᠣᠭᠲᠠᠭᠠᠵᠤ ᠬᠢᠴᠢᠶᠡᠨ ᠵᠢᠳᠬᠦᠵᠦ ᠵᠠᠰᠠ ! 》 ᠭᠡᠮᠡᠨ ᠲᠤᠰᠢᠶᠠᠭᠰᠠᠨ ᠳ᠋ᠤᠷ ᠶᠧ ᠯᠢᠦᠢ ᠴᠦ ᠼᠠᠢ ᠵᠠᠷᠯᠢᠭ ᠢ ᠳᠠᠭᠠᠵᠤ ᠠᠷᠪᠠᠨ ᠵᠠᠮ ᠤ᠋ᠨ ᠭᠠᠢᠯᠢ ᠶ᠋ᠢ ᠵᠠᠬᠢᠷᠬᠤ ᠲᠦᠰᠢᠮᠡᠯ ᠢ᠋ ᠴᠥᠮ ᠬᠠᠯᠠᠨ ᠲᠠᠯᠪᠢᠵᠤ᠂ ᠭᠠᠵᠠᠷ ᠪᠦᠷᠢ ᠳ᠋ᠦ᠍ᠷ ᠲᠥᠪ ᠭᠠᠷᠭᠠᠵᠤ ᠬᠣᠶᠠᠷ ᠲᠦᠰᠢᠮᠡᠯ ᠢ᠋ ᠬᠠᠪᠰᠤᠷᠤᠭᠤᠯᠤᠨ᠂ ᠪᠢᠴᠢᠭ ᠦ᠋ᠨ ᠰᠠᠢᠳ ᠤ᠋ᠨ ᠳᠣᠲᠣᠷ᠎ᠠ ᠠ᠋ᠴᠠ ᠰᠣᠩᠭᠣᠵᠤ᠂ ᠴᠸᠠ ᠱᠢ ᠭᠧ᠂ ᠵᠣᠣ ᠹᠠᠩ᠂ ᠯᠢᠦ ᠶᠦᠩ ᠨᠠᠷ ᠢ᠋ ᠳᠤᠮᠳᠠᠳᠤ ᠬᠡᠯᠲᠡᠰ ᠦ᠋ᠨ ᠲᠦᠰᠢᠮᠡᠯ ᠪᠣᠯᠭᠠᠨ ᠠᠢᠯᠠᠳᠬᠠᠨ ᠲᠣᠭᠲᠠᠭᠠᠵᠤ᠂ 《ᠳᠡᠯᠡᠬᠡᠢ ᠳ᠋ᠠᠬᠢᠨ ᠢ᠋ ᠮᠣᠷᠢᠨ ᠳᠡᠭᠡᠷ᠎ᠡ ᠪᠠᠢᠭᠤᠯᠤᠭᠰᠠᠨ ᠪᠣᠯᠪᠠᠴᠤ ᠮᠣᠷᠢᠨ ᠤ᠋ ᠳᠡᠭᠡᠷ᠎ᠡ ᠵᠠᠰᠠᠵᠤ ᠦᠯᠦ ᠪᠣᠯᠤᠮᠤᠢ᠂ ᠡᠷᠬᠡᠪᠰᠢ ᠵᠧᠦ ᠬᠦᠩ᠂ ᠺᠦᠩᠽᠢ ᠶ᠋ᠢᠨ ᠰᠤᠷᠭᠠᠯ ᠢ᠋ ᠬᠢᠴᠢᠶᠡᠭᠰᠡᠨ ᠢ᠋ ᠬᠡᠷᠡᠭᠯᠡᠪᠡᠰᠦ ᠵᠣᠬᠢᠮᠤᠢ! 》ᠬᠡᠮᠡᠭᠰᠡᠨ ᠳ᠋ᠦ᠍ᠷ ᠲᠡᠢᠽᠦ᠋ᠩ ᠬᠠᠭᠠᠨ ᠶᠧ ᠯᠢᠦᠢ ᠴᠦ ᠼᠠᠢ ᠶ᠋ᠢ ᠭᠦᠨ᠎ᠡ ᠰᠠᠢᠰᠢᠶᠠᠵᠤ᠂ ᠡᠭᠦᠨᠴᠡ ᠪᠢᠴᠢᠭ ᠦ᠋ᠨ ᠰᠠᠢᠳ ᠢ᠋ ᠡᠷᠬᠢᠯᠡᠵᠦ ᠬᠡᠷᠡᠭᠯᠡ᠂ ᠵᠣᠣ ᠹᠠᠩ᠂ ᠴᠸᠠ ᠱᠢ ᠭᠧ᠂ ᠯᠢᠦ ᠶᠦᠩ ᠨᠠᠷ ᠤ᠋ᠨ ᠵᠡᠷᠭᠡ ᠶ᠋ᠢᠨ ᠬᠣᠷᠢᠨ ᠲᠦᠰᠢᠮᠡᠯ ᠢ᠋ᠶ᠋ᠡᠷ ᠶᠠᠨ ᠵᠢᠩ ᠡᠴᠡ ᠡᠬᠢᠯᠡᠨ ᠳ᠋ᠠᠢᠳᠦ᠋ ᠪᠤᠶᠤ ᠰᠢᠦᠸᠠᠨ ᠳᠧ ᠹᠦ᠂ ᠰᠢ ᠵᠢᠩ ᠴᠧᠩ᠂ ᠲᠡᠢ ᠶᠤᠸᠠᠨ ᠹᠦ᠂ ᠫᠢᠩ ᠶᠠᠩ ᠹᠦ᠂ ᠪᠧᠢ ᠵᠢᠩ ᠴᠧᠩ᠂ ᠫᠢᠩ ᠵᠧᠦ ᠹᠦ᠂ ᠵᠢᠢ ᠨᠠᠨ ᠹᠦ᠂ ᠶᠠᠨ ᠳ᠋ᠢᠩ ᠹᠦ᠂ ᠳ᠋ᠦᠩ ᠫᠢᠩ ᠹᠦ-ᠡᠨᠡ ᠠᠷᠪᠠᠨ ᠶᠡᠬᠡ ᠮᠣᠵᠢ ᠳ᠋ᠤᠷ ᠳᠠᠷᠠᠰᠤ ᠳᠠᠪᠤᠰᠤ ᠶ᠋ᠢᠨ ᠭᠠᠢᠯᠢ ᠶ᠋ᠢ ᠰᠠᠢᠲᠤᠷ ᠲᠣᠭᠲᠠᠭᠠᠵᠤ᠂ ᠠᠷᠪᠠᠨ ᠬᠤᠪᠢ ᠠ᠋ᠴᠠ ᠨᠢᠭᠡᠨ ᠬᠤᠪᠢ ᠠᠪᠬᠤ᠂ ᠡᠭᠦᠨ ᠡᠴᠡ ᠪᠤᠰᠤ ᠡᠯ᠎ᠡ ᠵᠦᠢᠯ ᠦ᠋ᠨ ᠭᠠᠢᠯᠢ ᠶ᠋ᠢ ᠭᠤᠴᠢᠨ ᠬᠤᠪᠢ ᠠ᠋ᠴᠠ ᠨᠢᠭᠡᠨ ᠬᠤᠪᠢ ᠠᠪᠤᠭᠤᠯᠪᠠ᠃ ᠡᠭᠦᠨ ᠳ᠋ᠦ᠍ᠷ ᠰᠢᠨ᠎ᠡ ᠲᠦᠰᠢᠮᠡᠳ ᠲᠤᠰ ᠲᠤᠰ ᠲᠤᠷ ᠴᠢᠷᠮᠠᠢᠯᠴᠠᠨ ᠵᠢᠳᠭᠦᠯᠴᠡᠵᠦ ᠭᠠᠢᠯᠢ ᠬᠤᠷᠢᠶᠠᠭᠰᠠᠨ ᠳ᠋ᠤᠷ ᠬᠠᠭᠠᠨ ᠣᠯᠠᠨ ᠴᠡᠷᠢᠭ ᠲᠦ᠍ᠷ ᠱᠠᠩ ᠲᠠᠯᠪᠢᠭᠤᠯᠬᠤᠢ ᠳ᠋ᠤᠷ ᠨᠠᠮᠤᠷ ᠤ᠋ᠨ ᠨᠠᠢ᠍ᠮᠠᠨ ᠰᠠᠷ᠎ᠠ ᠳ᠋ᠤᠷ ᠸᠠᠨ ᠬᠤ᠌ ᠾᠧᠦ ᠲᠦᠰᠢᠮᠡᠯ ᠱᠢ ᠲᠢᠶᠠᠨ ᠽᠧ ᠠᠬ᠎ᠠ ᠶᠤᠭᠠᠨ ᠦᠰ ᠢ᠋ ᠰᠠᠨᠠᠨ ᠤᠷᠪᠠᠭᠰᠠᠨ ᠦ ᠰᠢᠶᠠᠨ ᠢ᠋ ᠲᠠᠯᠪᠢᠯ ᠦᠭᠡᠢ ᠨᠡᠬᠡᠵᠦ᠂ ᠱᠢ ᠰᠢᠶᠠᠨ ᠤ᠋ ᠭᠠᠵᠠᠷ ᠲᠤᠷ ᠪᠠᠢᠯᠳᠤᠵᠤ ᠶᠡᠬᠡᠯ᠎ᠡ ᠳᠠᠷᠤᠭᠰᠠᠨ ᠳ᠋ᠤᠷ ᠦ ᠰᠢᠶᠠᠨ ᠪᠤᠷᠤᠭᠤᠯᠠᠨ ᠬᠤ᠌ ᠯᠢᠩ ᠭᠤᠸᠠᠨ ᠪᠣᠭᠣᠮᠲᠠ ᠶ᠋ᠢᠨ ᠵᠦᠭ ᠪᠤᠷᠤᠭᠤᠯᠠᠪᠠ᠃ ᠦᠵᠡᠰᠡ ᠨᠢᠳᠤᠨᠤᠨ ᠵᠢᠯ ᠦ ᠰᠢᠶᠠᠨ ᠰᠢᠬᠠᠮᠳᠠᠵᠤ ᠡᠭᠡᠵᠦ ᠳᠠᠬᠢᠨ ᠠᠯᠲᠠᠨ ᠤᠯᠤᠰ ᠲᠤᠷ ᠢ᠋ᠶ᠋ᠠᠨ ᠳᠠᠭᠠᠭᠰᠠᠨ ᠳ᠋ᠤᠷ ᠠᠯᠲᠠᠨ ᠤᠯᠤᠰ ᠤ᠋ᠨ ᠠᠢᠽᠦ᠋ᠩ ᠲᠡᠭᠦᠨ ᠢ᠋ ᠾᠧ ᠱᠠᠨ ᠬᠦᠩ ᠭᠡᠮᠡᠨ ᠡᠷᠭᠦᠮᠵᠢᠯᠡᠵᠦ᠂ ᠪᠧᠢ ᠵᠧᠦ ᠬᠣᠲᠠᠨ ᠳ᠋ᠤᠷ ᡁᠢ ᠹᠦ ᠲᠦᠰᠢᠮᠡᠯ ᠪᠣᠯᠭᠠᠭᠰᠠᠨ᠎ᠠ᠂ ᠱᠢ ᠲᠢᠶᠠᠨ ᠽᠧ ᠠᠬ᠎ᠠ ᠶ᠋ᠢᠨ ᠥᠰᠢᠶ᠎ᠡ ᠶ᠋ᠢ ᠦᠯᠦ ᠲᠠᠯᠪᠢᠨ᠂ ᠬᠠᠷᠢᠶᠠᠲᠤ ᠴᠡᠷᠢᠭ ᠢ᠋ᠶ᠋ᠡᠨ ᠠᠪᠴᠤ ᠪᠧᠢ ᠵᠧᠦ ᠬᠣᠲᠠ ᠶ᠋ᠢ ᠠᠨᠤ ᠬᠠᠭᠠᠵᠤ ᠪᠠᠢᠯᠳᠤᠬᠤᠢ ᠳ᠋ᠤᠷ ᠠᠯᠲᠠᠨ ᠤᠯᠤᠰ ᠤ᠋ᠨ ᠶᠡᠬᠡ ᠵᠠᠩᠵᠤᠨ ᠸᠠᠨ ᠶᠠᠨ ᠾᠧ ᠳᠡ ᠴᠡᠷᠢᠭ ᠠᠪᠴᠤ ᠢᠷᠡᠬᠦᠢ ᠳ᠋ᠦ᠍ᠷ ᠲᠠᠢᠰᠢ ᠪᠤᠯᠤ ᠴᠡᠷᠢᠭ ᠬᠣᠢᠰᠢ ᠡᠭᠡᠵᠦ ᠲᠣᠰᠤᠭᠠᠳ᠂ ᠱᠢ ᠲᠢᠶᠠᠨ ᠽᠧ ᠭᠠᠭᠴᠠᠭᠠᠷ ᠨᠢᠭᠡᠨ ᠮᠢᠩᠭᠠᠨ ᠴᠡᠷᠢᠭ ᠢ᠋ᠶ᠋ᠡᠷ ᠲᠣᠭᠣᠷᠢᠨ ᠬᠠᠭᠠᠭᠰᠠᠨ ᠳ᠋ᠤᠷ ᠲᠠᠢᠰᠢ ᠪᠤᠯᠤ ᠶ᠋ᠢᠨ ᠴᠡᠷᠢᠭ ᠡᠮᠦᠨ᠎ᠡ ᠡᠴᠡ ᠬᠠᠪᠴᠢᠨ ᠪᠠᠢᠯᠳᠤᠭᠰᠠᠨ᠎ᠠ᠂ ᠸᠠᠨ ᠶᠠᠨ ᠾᠧ ᠳᠡ ᠳᠠᠷᠤᠭᠳᠠᠨ ᠡᠭᠡᠬᠦᠢ ᠳ᠋ᠦ᠍ᠷ ᠦ ᠰᠢᠶᠠᠨ ᠮᠥᠨ ᠬᠣᠲᠠ ᠪᠠᠨ ᠣᠷᠬᠢᠵᠤ ᠬᠤ᠌ ᠯᠢᠩ ᠭᠤᠸᠠᠨ ᠪᠣᠭᠣᠮᠲᠠ ᠳ᠋ᠤᠷ ᠪᠤᠷᠤᠭᠤᠯᠠᠨ ᠡᠴᠢᠭᠰᠡᠨ᠎ᠡ᠂ ᠮᠣᠩᠭᠣᠯ ᠤ᠋ᠨ ᠴᠡᠷᠢᠭ ᠲᠦ᠍ᠷ ᠬᠦᠨᠳᠦ ᠰᠢᠷᠬ᠎ᠠ ᠣᠯᠪᠠ᠃ ᠲᠡᠳᠦᠢ ᠱᠢ ᠲᠢᠶᠠᠨ ᠽᠧ ᠳᠠᠷᠤᠢ ᠪᠧᠢ ᠵᠧᠦ ᠬᠣᠲᠠ ᠶ᠋ᠢ ᠪᠠᠢᠯᠳᠤᠵᠤ ᠠᠪᠤᠭᠠᠳ ᠠᠢᠯᠠᠳᠬᠠᠨ ᠬᠦᠷᠴᠦ ᠢᠷᠡᠭᠰᠡᠨ ᠳ᠋ᠦ᠍ᠷ ᠬᠠᠭᠠᠨ ᠴᠡᠷᠢᠭ ᠲᠦ᠍ᠷ ᠢᠨᠦ ᠱᠠᠩᠨᠠᠨ ᠶᠠᠪᠤᠭᠤᠯᠵᠤ᠂ ᠤᠯᠤᠰ ᠤ᠋ᠨ ᠡᠶᠡᠳᠡᠬᠦ ᠶ᠋ᠢ ᠭᠤᠶᠤᠭᠰᠠᠨ ᠤᠴᠢᠷ ᠲᠤᠷ ᠺᠠ ᠬᠦ ᠯᠡ ᠶ᠋ᠢ ᠡᠯᠴᠢ ᠪᠣᠯᠭᠠᠨ ᠠᠯᠲᠠᠨ ᠤᠯᠤᠰ ᠲᠤᠷ ᠢᠯᠡᠭᠡᠭᠰᠡᠨ ᠳ᠋ᠦ᠍ᠷ ᠠᠯᠲᠠᠨ ᠤᠯᠤᠰ ᠬᠠᠷᠢᠨ ᠪᠠᠷᠢᠵᠤ ᠬᠣᠷᠢᠭᠠᠳ ᠡᠭᠡᠭᠦᠯᠬᠦ ᠦᠭᠡᠢ ᠳ᠋ᠦ᠍ᠷ ᠡᠨᠡ ᠦᠶ᠎ᠡ ᠬᠠᠭᠠᠨ ᠸᠠᠨ ᠡᠯ ᠬᠠᠨ ᠮᠥᠷᠡᠨ ᠳ᠋ᠦ᠍ᠷ ᠠᠪᠠᠯᠠᠵᠤ ᠪᠠᠢᠭᠰᠠᠨ ᠲᠤᠯᠠ ᠶᠡᠬᠡᠯ᠎ᠡ ᠬᠢᠯᠢᠩᠯᠡᠵᠦ ᠳᠠᠷᠤᠢ ᠳᠤᠮᠳᠠᠳᠤ ᠲᠠᠢᠹᠦ᠋ ᠲᠦᠰᠢᠮᠡᠯ ᠬᠤᠪᠢᠲᠤ ᠬᠤᠸᠠ᠂ ᠠᠯᠠᠭ ᠲᠤᠭᠤᠯ ᠬᠣᠶᠠᠭᠤᠯᠠ ᠳ᠋ᠤᠷ ᠬᠣᠶᠠᠷ ᠲᠦᠮᠡᠨ ᠴᠡᠷᠢᠭ ᠥᠭᠴᠦ ᠠᠯᠲᠠᠨ ᠤᠯᠤᠰ ᠤ᠋ᠨ ᠵᠢᠩ ᠵᠧᠦ ᠬᠣᠲᠠᠨ ᠢ᠋ ᠬᠠᠭᠠᠯᠭᠠᠭᠰᠠᠨ ᠳ᠋ᠤᠷ ᠠᠯᠲᠠᠨ ᠤᠯᠤᠰ ᠤ᠋ᠨ ᠠᠢᠽᠦ᠋ᠩ ᠮᠥᠨ ᠣᠮᠣᠷᠬᠠᠨ ᠥᠪᠡᠷ ᠢ᠋ᠶ᠋ᠡᠨ ᠴᠡᠷᠢᠭ ᠠᠪᠴᠤ ᠳᠠᠢᠯᠠᠷ᠎ᠠ ᠢᠷᠡᠭᠰᠡᠨ᠎ᠡ᠂ ᠬᠤᠪᠢᠲᠤ ᠬᠤᠸᠠ᠂ ᠠᠯᠠᠭ ᠲᠤᠭᠤᠯ ᠠᠬ᠎ᠠ ᠳᠡᠭᠦᠦ ᠬᠣᠶᠠᠭᠤᠯᠠ ᠰᠢᠭᠤᠳ ᠡᠰᠡᠷᠭᠦ ᠢᠨᠦ ᠳᠣᠪᠲᠣᠯᠤᠨ ᠤᠭᠲᠤᠭᠰᠠᠨ ᠳ᠋ᠤᠷ ᠠᠯᠲᠠᠨ ᠤᠯᠤᠰ ᠯᠠᠪ ᠮᠣᠩᠭᠣᠯ ᠤ᠋ᠨ ᠴᠡᠷᠢᠭ ᠴᠥᠭᠡᠨ ᠲᠤᠯᠠ ᠡᠭᠡᠮᠦᠢ ᠶᠠ ᠭᠡᠮᠡᠨ ᠣᠮᠣᠭᠰᠢᠨ ᠶᠠᠪᠤᠭᠰᠠᠭᠠᠷ᠂ ᠭᠡᠨᠡᠳᠲᠡ ᠬᠠᠷᠢᠨ ᠰᠠᠨᠠᠭᠠᠨ ᠳ᠋ᠤᠷ ᠦᠭᠡᠢ ᠤᠭᠲᠤᠨ ᠬᠦᠷᠴᠦ ᠢᠷᠡᠭᠡᠳ ᠨᠢᠭᠡᠨᠲᠡ ᠪᠠᠢᠯᠳᠤᠭᠰᠠᠨ᠎ᠠ᠂ ᠠᠢᠽᠦ᠋ᠩ ᠬᠠᠭᠠᠨ ᠶᠡᠬᠡᠯ᠎ᠡ ᠠᠶᠤᠵᠤ ᠴᠡᠷᠢᠭ ᠢ᠋ᠶ᠋ᠡᠨ ᠠᠪᠴᠤ ᠡᠭᠡᠭᠰᠡᠨ ᠳ᠋ᠦ᠍ᠷ ᠮᠣᠩᠭᠣᠯ ᠤ᠋ᠨ ᠴᠡᠷᠢᠭ ᠵᠠᠭᠤᠨ ᠭᠠᠵᠠᠷ ᠨᠡᠬᠡᠵᠦ ᠠᠯᠠᠭᠠᠳ ᠪᠠᠰᠠ ᠰᠥᠨᠢ ᠪᠡᠷ ᠳᠣᠪᠲᠣᠯᠤᠨ ᠡᠭᠡᠵᠦ᠂ ᠠᠯᠲᠠᠨ ᠤᠯᠤᠰ ᠤ᠋ᠨ ᠬᠠᠭᠠᠨ ᠠᠨᠤ ᠳᠠᠷᠤᠭᠳᠠᠬᠤᠢ ᠳ᠋ᠤᠷ ᠵᠢᠩ ᠵᠧᠦ ᠶ᠋ᠢᠨ ᠴᠡᠷᠢᠭ ᠠᠶᠤᠯᠳᠤᠨ ᠳᠤᠲᠠᠭᠠᠭᠰᠠᠨᠠ᠂ ᠳᠠᠷᠤᠢ ᠵᠢᠩ ᠵᠧᠦ ᠬᠣᠲᠠᠨ ᠢ᠋ᠠᠪᠤᠪᠠ ᠃ ᠳᠠᠭᠠᠯᠳᠤᠭ᠎ᠠ ᠠᠯᠲᠠᠨ ᠤ᠋ ᠠᠢᠽᠦ᠋ᠩ ᠪᠡᠶ᠎ᠡ ᠪᠡᠷ ᠢᠷᠡᠪᠡ ᠭᠡᠮᠡᠨ ᠰᠣᠨᠣᠰᠤᠭᠰᠠᠨ ᠳ᠋ᠤᠷ ᠲᠡᠢᠽᠦ᠋ᠩ ᠬᠠᠭᠠᠨ ᠰᠥᠪᠡᠭᠡᠲᠡᠢ ᠪᠠᠭᠠᠲᠤᠷ ᠲᠤᠷ ᠴᠡᠷᠢᠭ ᠥᠭᠴᠦ ᠢᠯᠡᠬᠡᠨ ᠶᠠᠪᠤᠭᠤᠯᠲᠠᠯᠠ ᠵᠢᠩ ᠵᠧᠦ ᠶ᠋ᠢ ᠬᠠᠷᠢᠨ ᠬᠡᠳᠦᠢᠨᠡᠢ ᠠᠪᠴᠤᠬᠤᠢ᠃ ᠲᠡᠳᠦᠢ ᠡᠨᠡ ᠳᠡᠢᠯᠦᠭᠰᠡᠨ ᠬᠦᠴᠦᠨ ᠳ᠋ᠦ᠍ᠷ ᠬᠠᠭᠠᠨ ᠤ᠋ ᠭᠡᠭᠡᠨ ᠪᠡᠶ᠎ᠡ ᠪᠡᠷ ᠴᠡᠷᠢᠭ ᠠᠪᠴᠤ ᠠᠯᠲᠠᠨ ᠤᠯᠤᠰ ᠢ᠋ ᠳᠠᠢᠯᠠᠷ᠎ᠠ ᠡᠴᠢᠬᠦᠢ ᠳ᠋ᠦ᠍ᠷ ᠳᠡᠭᠦᠦ ᠴᠢᠨ ᠸᠠᠩ ᠲᠣᠯᠢ᠂ ᠲᠣᠯᠢ ᠶ᠋ᠢᠨ ᠲᠠᠢᠽᠢ ᠮᠥᠩᠬᠡ ᠶ᠋ᠢ ᠳᠠᠭᠠᠭᠤᠯᠤᠨ ᠬᠣᠶᠠᠷ ᠵᠠᠮ ᠢ᠋ᠶ᠋ᠠᠷ ᠣᠷᠣᠭᠠᠳ ᠠᠯᠲᠠᠨ ᠤᠯᠤᠰ ᠤ᠋ᠨ ᠲᠢᠶᠠᠨ ᠴᠠᠩ ᠹᠦ ᠶ᠋ᠢᠨ ᠵᠡᠷᠭᠡ ᠭᠤᠷᠪᠠᠨ ᠬᠣᠲᠠᠨ ᠢ᠋ ᠪᠠᠢᠯᠳᠤᠵᠤ ᠠᠪᠤᠭᠠᠳ ᠳᠠᠷᠤᠢ ᠮᠥᠷᠡᠨ ᠢ᠋ ᠭᠡᠲᠦᠯᠵᠦ᠂ ᠥᠰᠢᠶᠡᠲᠦ ᠹᠸ ᠩ ᠰᠢᠶᠠᠩ ᠹᠦ ᠬᠣᠲᠠ ᠶ᠋ᠢ ᠬᠠᠭᠠᠭᠠᠳ ᠠᠪᠲᠠᠬᠤ ᠦᠭᠡᠢ ᠳ᠋ᠦ᠍ᠷ ᠡᠪᠦᠯ ᠦ᠋ᠨ ᠠᠷᠪᠠᠨ ᠰᠠᠷ᠎ᠠ ᠳ᠋ᠤᠷ ᠬᠠᠭᠠᠨ ᠤ᠋ ᠭᠡᠭᠡᠨ ᠶᠡᠬᠡ ᠴᠡᠷᠢᠭ ᠢ᠋ ᠠᠪᠴᠤ ᠱᠠᠨ ᠰᠢ ᠪᠡᠷ ᠣᠷᠣᠵᠤ ᠡᠴᠢᠪᠡ᠃ ᠡᠨᠡ ᠮᠡᠳᠡᠭᠡ ᠶ᠋ᠢ ᠠᠯᠲᠠᠨ ᠤᠯᠤᠰ ᠤ᠋ᠨ ᠠᠢᠽᠦ᠋ᠩ ᠬᠠᠭᠠᠨ ᠰᠣᠨᠣᠰᠴᠤ ᠶᠡᠬᠡᠯ᠎ᠡ ᠠᠶᠤᠨ᠂ ᠵᠠᠩᠵᠤᠨ ᠸᠠᠨ ᠶᠠᠨ ᠾᠧ ᠳᠡ ᠶ᠋ᠢ ᠳᠡᠪᠰᠢᠭᠦᠯᠵᠦ᠂ ᠶᠠᠯᠪᠠᠭ ᠯᠤᠭ᠎ᠠ ᠬᠠᠮᠲᠤ ᠰᠢᠩ ᠱᠧᠩ ᠱᠢ ᠲᠦᠰᠢᠮᠡᠯ ᠪᠣᠯᠭᠠᠵᠤ ᠲᠦᠩ ᠭᠤᠸᠠᠨ ᠢ᠋ ᠰᠠᠬᠢᠭᠤᠯᠪᠠ᠃ ᠤᠭ ᠠ᠋ᠴᠠ ᠮᠣᠩᠭᠣᠯ ᠤ᠋ᠨ ᠡᠯᠴᠢ ᠺᠠ ᠬᠦ ᠯᠡ ᠶ᠋ᠢ ᠢᠷᠡᠬᠦᠢ ᠳ᠋ᠦ᠍ᠷ ᠠᠯᠲᠠᠨ ᠤ᠋ ᠰᠢᠩ ᠱᠧᠩ ᠱᠢ ᠶᠠᠯᠪᠠᠭ ᠱᠠᠨ ᠰᠢ ᠪᠡᠷ ᠣᠷᠣᠵᠤ᠂ ᠬᠤᠸᠠᠩ ᠰᠢᠶᠠᠩ᠂ ᠵᠢᠩ ᠵᠣᠣ᠂ ᠲᠦᠩ ᠬᠤᠸᠠ ᠶ᠋ᠢᠨ ᠵᠡᠷᠭᠡ ᠭᠠᠵᠠᠷ ᠣᠯᠠᠨ ᠠᠭᠤᠯᠠᠨ ᠤ᠋ ᠪᠠᠭᠤᠳᠠᠯ ᠢ᠋ ᠵᠢᠷᠠ ᠢᠯᠡᠭᠦᠦ ᠶ᠋ᠢ ᠠᠪᠴᠤ ᠰᠠᠶᠢ ᠹᠸᠩ ᠰᠢᠶᠠᠩ ᠹᠦ ᠬᠦᠷᠦᠭᠰᠡᠨ ᠳ᠋ᠦ᠍ᠷ ᠬᠠᠢ ᠱᠢ ᠯᠢᠸᠧ᠂ ᠶᠠ ᠦ ᠳᠡ᠂ ᠴᠢᠩ ᠶᠠᠩ ᠢ᠋ ᠪᠠᠢᠯᠳᠤᠬᠤ ᠶ᠋ᠢ ᠲᠡᠩᠬᠡᠷᠡᠭᠦᠯᠦᠷ᠎ᠡ ᠡᠴᠢᠬᠦ ᠬᠡᠷᠡᠭ ᠵᠠᠳᠠᠷᠠᠭᠤᠵᠠᠢ ᠭᠡᠮᠡᠨ ᠵᠥᠭᠡᠯᠡᠨ ᠢ᠋ᠶ᠋ᠡᠷ ᠬᠣᠷᠢᠭᠠᠳ ᠶᠠᠯᠪᠠᠭ ᠴᠡᠷᠢᠭ ᠢ᠋ᠶ᠋ᠡᠷ ᠴᠢᠩ ᠶᠠᠩ ᠢ᠋ ᠲᠡᠩᠬᠡᠷᠡᠭᠦᠯᠦᠨ ᠡᠭᠡᠵᠦ ᠢᠷᠡᠭᠡᠳ ᠰᠠᠨᠠᠭᠠᠨ ᠣᠮᠣᠷᠬᠠᠭ ᠪᠣᠯᠵᠤ᠂ ᠺᠠ ᠬᠦ ᠯᠡ ᠶ᠋ᠢ ᠤᠷᠠᠨ ᠰᠢᠯᠲᠠᠭ ᠵᠢᠭᠠᠵᠤ ᠬᠠᠷᠢᠭᠤᠯᠵᠤ ᠢᠯᠡᠭᠡᠭᠰᠡᠨ ᠳ᠋ᠦ᠍ᠷ ᠺᠠ ᠬᠦ ᠯᠡ ᠬᠠᠭᠠᠨ ᠢ᠋ ᠵᠠᠮ ᠳ᠋ᠤᠷ ᠲᠣᠰᠴᠤ ᠪᠠᠷᠠᠯᠬᠠᠨ᠂ ᠠᠯᠲᠠᠨ ᠤᠯᠤᠰ ᠤ᠋ᠨ ᠴᠡᠷᠢᠭ ᠪᠡᠯᠡᠳᠬᠡᠵᠦ ᠮᠠᠨ ᠤ᠋ ᠪᠠᠢᠯᠳᠤᠷ᠎ᠠ ᠡᠴᠢᠬᠦ ᠶ᠋ᠢ ᠬᠦᠯᠢᠶᠡᠵᠦ ᠪᠣᠢ ᠭᠡᠮᠡᠨ ᠠᠢᠯᠠᠳᠬᠠᠭᠰᠠᠨ ᠳ᠋ᠤᠷ ᠬᠠᠭᠠᠨ ᠠᠭᠤᠷᠯᠠᠵᠤ ᠱᠠᠨ ᠰᠢ ᠵᠦᠭ ᠬᠣᠶᠠᠷ ᠵᠠᠮ ᠢ᠋ᠶ᠋ᠠᠷ ᠴᠣᠬᠢᠨ ᠣᠷᠣᠭᠰᠠᠨ᠎ᠠ᠂ ᠠᠯᠲᠠᠨ ᠤᠯᠤᠰ ᠤ᠋ᠨ ᠬᠣᠲᠠ ᠪᠠᠯᠭᠠᠳ ᠤ᠋ᠨ ᠲᠦᠰᠢᠮᠡᠯ ᠴᠡᠷᠢᠭ ᠰᠤᠯᠠ ᠢᠷᠭᠡᠨ ᠶᠡᠬᠡᠯ᠎ᠡ ᠠᠶᠤᠵᠤ᠂ ᠵᠠᠮ ᠲᠣᠰᠴᠤ ᠮᠥᠷᠭᠥᠨ ᠳᠠᠭᠠᠬᠤ ᠠᠨᠤ ᠮᠠᠰᠢ ᠣᠯᠠᠨ᠃
- - - -
① ᠡᠳᠦᠭᠡ ᠬᠠᠷᠠᠴᠢᠨ ᠤ᠋ ᠳ᠋ᠠᠢ ᠮᠢᠩ ᠹᠦ ᠭᠠᠵᠠᠷ ᠪᠤᠶᠤ᠂ ᠠᠯᠲᠠᠨ ᠤᠯᠤᠰ ᠤ᠋ᠨ ᠪᠧᠢ ᠵᠢᠩ ᠪᠣᠯᠠᠢ᠃
② ᠮᠢᠰ ᠬᠡᠮᠡᠭᠴᠢ ᠮᠢᠭᠤᠢ ᠶ᠋ᠢ ᠬᠡᠯᠡᠵᠦᠬᠦᠢ ᠂ ᠬᠠᠭᠤᠴᠢᠨ ᠮᠣᠩᠭᠣᠯ ᠮᠢᠭᠤᠢ ᠶ᠋ᠢ ᠮᠢᠰ ᠬᠡᠮᠡᠮᠦᠢ᠃
③ ᠡᠳᠡᠭᠡᠷ ᠬᠡᠷᠡᠭ ᠢ᠋ ᠬᠢᠲᠠᠳ ᠪᠢᠴᠢᠭᠡᠴᠢ 《ᠶᠡᠬᠡ ᠭᠠᠩ ᠮᠦ᠍ ᠪᠢᠴᠢᠭ 》 ᠲᠣᠷ ᠲᠤᠰᠬᠠᠢ ᠨᠢᠭᠡᠨ ᠬᠥᠮᠦᠨ ᠦ᠌ ᠨᠡᠷ᠎ᠡ ᠶ᠋ᠢ ᠵᠢᠭᠠᠨ ᠡᠰᠡ ᠭᠠᠷᠭᠠᠵᠤ ᠂ ᠪᠠᠰᠠ ᠬᠠᠷᠢᠭᠤ ᠵᠠᠷᠯᠢᠭ ᠢ᠋ ᠡᠰᠡ ᠳᠤᠷᠠᠳᠤᠨ ᠂ ᠭᠠᠭᠴᠠ ᠮᠣᠩᠭᠣᠯ ᠤ᠋ᠨ ᠣᠯᠠᠨ ᠲᠦᠰᠢᠮᠡᠯ ᠢᠷᠭᠡᠨ ᠢ᠋ ᠴᠥᠮ ᠠᠯᠠᠵᠤ ᠮᠠᠯ ᠠᠳᠤᠭᠤ ᠶ᠋ᠢᠨ ᠲᠠᠯᠠᠪᠤᠷ ᠪᠣᠯᠭᠠᠰᠤᠭᠠᠢ ᠬᠡᠮᠡᠪᠡ ᠭᠡᠮᠡᠨ ᠳᠣᠷᠣᠮᠵᠢᠯᠠᠨ ᠬᠡᠯᠡᠵᠦᠬᠦᠢ ᠃
ᠲᠡᠳᠦᠢ ᠶᠡᠬᠡ ᠴᠡᠷᠢᠭ ᠡᠪᠦᠯ ᠦ᠋ᠨ ᠰᠡᠭᠦᠯ ᠰᠠᠷ᠎ᠠ ᠳ᠋ᠤᠷ ᠠᠯᠲᠠᠨ ᠤᠯᠤᠰ ᠤ᠋ᠨ ᠲᠢᠶᠠᠨ ᠰᠢᠩ ᠴᠧᠩ᠂ ᠬᠠᠨ ᠴᠢᠩ ᠹᠦ ᠂ ᠴᠢᠩ ᠠᠨ ᠴᠧᠩ ᠡᠨᠡ ᠭᠤᠷᠪᠠᠨ ᠬᠣᠲᠠᠨ ᠢ᠋ ᠪᠠᠢᠯᠳᠤᠵᠤ ᠠᠪᠬᠤᠢ ᠳ᠋ᠤᠷ ᠵᠸᠨ ᠳ᠋ᠢᠩ ᠹᠦ ᠶ᠋ᠢ ᠰᠠᠬᠢᠭᠰᠠᠨ ᠱᠢ ᠲᠢᠶᠠᠨ ᠢᠩ ᠦ᠋ᠨ ᠳᠡᠭᠦᠦ ᠱᠢ ᠲᠢᠶᠠᠨ ᠱᠢ ᠣᠭᠨᠳᠣᠨ ᠢᠷᠡᠵᠦ ᠬᠠᠮᠲᠤ ᠪᠠᠢᠯᠳᠤᠵᠤ ᠭᠤᠷᠪᠠᠨ ᠬᠣᠲᠠᠨ ᠢ᠋ ᠨᠢᠭᠡᠨ ᠴᠠᠭ ᠲᠤᠷ ᠪᠠᠢᠯᠳᠤᠵᠤ ᠣᠯᠤᠭᠰᠠᠨᠠ᠂ ᠬᠠᠭᠠᠨ ᠭᠠᠪᠢᠶ᠎ᠠ ᠶ᠋ᠢ ᠬᠥᠬᠢᠭᠦᠯᠦᠨ ᠱᠠᠩᠨᠠᠭᠰᠠᠨ ᠳ᠋ᠤᠷ ᠱᠢ ᠲᠢᠶᠠᠨ ᠱᠢ ᠮᠥᠷᠭᠥᠵᠦ ᠠᠢᠯᠠᠳᠬᠠᠷᠤᠨ:《 ᠲᠦᠰᠢᠮᠡᠯ ᠮᠢᠨᠦ ᠠᠬ᠎ᠠ ᠱᠢ ᠲᠢᠶᠠᠨ ᠢᠩ ᠦᠬᠦᠭᠰᠡᠨ ᠳ᠋ᠦ᠍ᠷ ᠠᠬ᠎ᠠ ᠶ᠋ᠢᠨ ᠬᠥᠪᠡᠭᠦᠨ ᠱᠢ ᠢ ᠪᠠᠭ᠎ᠠ ᠲᠤᠯᠠ ᠪᠣᠭᠣᠯ ᠪᠢ ᠳᠡᠭᠡᠳᠦ ᠱᠧᠩ ᠦ ᠬᠤᠸᠠᠩᠳᠢ ᠶ᠋ᠢᠨ ᠵᠠᠷᠯᠢᠭ ᠢ᠋ᠶ᠋ᠠᠷ ᠠᠬ᠎ᠠ ᠱᠢ ᠲᠢᠶᠠᠨ ᠢᠩ ᠦ᠋ᠨ ᠲᠤᠰᠢᠶᠠᠯ ᠢ᠋ ᠬᠦᠯᠢᠶᠡᠵᠦ ᠵᠸᠨ ᠳ᠋ᠢᠩ ᠹᠦ ᠶ᠋ᠢ ᠬᠠᠳᠠᠭᠠᠯᠠᠭᠰᠠᠭᠠᠷ ᠡᠳᠦᠢ ᠪᠣᠯᠪᠠ ᠂ ᠪᠣᠭᠣᠯ ᠪᠢ ᠮᠥᠨ ᠥᠲᠡᠯᠵᠦᠬᠦᠢ᠃ ᠠᠬ᠎ᠠ ᠶ᠋ᠢᠨ ᠬᠥᠪᠡᠭᠦᠨ ᠱᠢ ᠢ ᠥᠨᠥ ᠥᠰᠴᠦ ᠡᠷ᠎ᠡ ᠶ᠋ᠢᠨ ᠴᠡᠭᠡᠯ ᠳ᠋ᠦ᠍ᠷ ᠬᠦᠷᠪᠡ᠃ ᠪᠣᠭᠳᠠ ᠡᠵᠡᠨ ᠥᠷᠥᠰᠢᠶᠡᠬᠦᠯ᠎ᠡ ᠲᠦᠰᠢᠮᠡᠯ ᠨᠠᠮᠠᠶ᠋ᠢ ᠪᠠᠢᠯᠭᠠᠵᠤ᠂ ᠬᠡᠷᠬᠡᠮ ᠴᠣᠯᠠ ᠶ᠋ᠢ ᠱᠢ ᠢ ᠳ᠋ᠦ᠍ᠷ ᠵᠠᠯᠭᠠᠮᠵᠢᠯᠠᠭᠤᠯᠤᠨ ᠬᠦᠴᠦᠨ ᠪᠠᠷᠢᠭᠤᠯᠤᠮᠤ ! 》 ᠬᠡᠮᠡᠭᠰᠡᠨ ᠳ᠋ᠦ᠍ᠷ ᠬᠠᠭᠠᠨ ᠰᠠᠢᠰᠢᠶᠠᠨ ᠪᠡᠶᠡᠰᠴᠦ ᠵᠠᠷᠯᠢᠭ ᠪᠣᠯᠤᠷᠤᠨ:《 ᠱᠢ ᠲᠢᠶᠠᠨ ᠢᠩ ᠦ᠋ᠨ ᠠᠢᠮᠠᠭ ᠤᠭ ᠠ᠋ᠴᠠ ᠮᠠᠰᠢ ᠴᠢᠩ ᠵᠢᠷᠤᠮᠲᠠᠢ ᠠᠷᠢᠭᠤᠨ ᠪᠠᠲᠤ ᠪᠥᠯᠥᠭᠡ᠂ ᠴᠢ ᠡᠳᠦᠭᠡ ᠠᠬ᠎ᠠ ᠪᠠᠨ ᠰᠠᠨᠠᠵᠤ ᠠᠴᠢ ᠪᠠᠨ ᠡᠷᠭᠦᠬᠦ ᠢᠨᠦ ᠭᠡᠷ ᠳᠣᠲᠣᠷ᠎ᠠ ᠪᠠᠨ ᠮᠥᠨ ᠮᠠᠰᠢ ᠨᠠᠢᠷᠲᠠᠢ᠂ ᠶᠡᠷᠦ ᠶ᠋ᠢᠨ ᠬᠥᠮᠦᠨ ᠬᠡᠷᠬᠡᠮ ᠲᠤᠰᠢᠶᠠᠯ ᠢ᠋ ᠬᠦᠰᠡᠵᠦ ᠪᠤᠯᠢᠶᠠᠯᠳᠤᠬᠤ ᠠᠲᠠᠯ᠎ᠠ ᠴᠢ ᠡᠳᠦᠭᠡ ᠲᠦᠯᠬᠢᠵᠦ ᠥᠭᠬᠦ ᠢᠨᠦ ᠦᠨᠡᠬᠡᠷ ᠰᠠᠢᠰᠢᠶᠠᠯᠲᠠᠢ᠃ ᠴᠢᠨᠦ ᠠᠴᠢ ᠳ᠋ᠤᠷ ᠪᠢ ᠥᠪᠡᠷ᠎ᠡ ᠴᠣᠯᠠ ᠬᠡᠷᠬᠡᠮ ᠱᠠᠩᠨᠠᠰᠤᠭᠠᠢ᠂ ᠴᠢ ᠤᠭ ᠬᠡᠪ ᠢ᠋ᠶ᠋ᠡᠷ ᠵᠢᠳᠬᠦᠵᠦ ᠶᠠᠪᠤ ! 》ᠭᠡᠮᠡᠨ ᠱᠢ ᠡᠢ ᠶ᠋ᠢ ᠵᠸᠨ ᠳ᠋ᠢᠩ ᠹᠦ ᠶ᠋ᠢᠨ ᠶᠡᠬᠡ ᠴᠡᠷᠢᠭ ᠦ᠋ᠨ ᠳᠦ ᠶᠤᠸᠠᠨᠱᠤᠸᠠᠢ ᠪᠣᠯᠭᠠᠵᠤ᠂ ᠵᠠᠷᠯᠢᠭ ᠢ᠋ᠶ᠋ᠠᠷ ᠠᠯᠲᠠᠨ ᠲᠠᠮᠠᠭ᠎ᠠ ᠰᠣᠶᠣᠷᠬᠠᠪᠠᠢ᠃
ᠲᠡᠳᠦᠢ ᠠᠪᠠᠭ᠎ᠠ ᠠᠴᠢ ᠬᠦᠨᠳᠦ ᠬᠡᠰᠢᠭ ᠲᠣᠷ ᠮᠥᠷᠭᠥᠪᠡ᠃ ᠡᠪᠦᠯ ᠦ᠋ᠨ ᠰᠠᠷ᠎ᠠ ᠳ᠋ᠤᠷ ᠬᠠᠭᠠᠨ ᠤ᠋ ᠭᠡᠭᠡᠨ ᠶᠡᠬᠡ ᠴᠡᠷᠢᠭ ᠢ᠋ ᠠᠪᠴᠤ ᠱᠠᠨ ᠰᠢ ᠭᠠᠵᠠᠷ ᠲᠤᠷ ᠣᠷᠣᠪᠠ᠃ ᠡᠭᠦᠨ ᠳ᠋ᠦ᠍ᠷ ᠠᠯᠲᠠᠨ ᠤᠯᠤᠰ ᠤ᠋ᠨ ᠠᠢᠽᠦ᠋ᠩ ᠶᠠᠭᠠᠷᠠᠵᠤ᠂ ᠸᠠᠨ ᠶᠠᠨ ᠾᠧ ᠳᠡ ᠶ᠋ᠢ ᠶᠠᠯᠪᠠᠭ ᠯᠤᠭ᠎ᠠ ᠰᠢᠩ ᠱᠧᠩ ᠱᠢ ᠲᠤᠷᠰᠢᠮᠡᠯ ᠪᠣᠯᠭᠠᠨ᠂ ᠲᠦᠩ ᠭᠤᠸᠠᠨ ᠢ᠋ ᠰᠠᠬᠢᠭᠤᠯᠤᠷ᠎ᠠ ᠶᠠᠪᠤᠭᠤᠯᠪᠠ᠃ ᠡᠭᠦᠨ ᠳ᠋ᠦ᠍ᠷ ᠮᠣᠩᠭᠣᠯ ᠤ᠋ᠨ ᠯᠢ ᠴᠢᠤᠸᠠᠨ ᠠᠯᠲᠠᠨ ᠤᠯᠤᠰ ᠢ᠋ ᠣᠷᠬᠢᠵᠤ᠂ ᠴᠡᠷᠢᠭ ᠢ᠋ᠶ᠋ᠡᠨ ᠠᠪᠴᠤ ᠰᠥᠩ ᠤᠯᠤᠰ ᠤ᠋ᠨ ᠶᠠᠩ ᠵᠧᠦ ᠬᠣᠲᠠ ᠶ᠋ᠢᠨ ᠸᠠᠨ ᠵᠧᠦ ᠬᠡᠮᠡᠬᠦ ᠭᠠᠵᠠᠷ ᠲᠤᠷ ᠬᠦᠷᠦᠭᠰᠡᠨ ᠳ᠋ᠦ᠍ᠷ ᠶᠠᠩ ᠵᠧᠦ ᠬᠣᠲᠠ ᠶ᠋ᠢ ᠰᠠᠬᠢᠭᠰᠠᠨ ᠰᠥᠩ ᠤᠯᠤᠰ ᠤ᠋ᠨ ᠳᠡᠳ᠋ ᠳ᠋ᠦᠲ᠋ᠦᠩ᠂ ᠳ᠋ᠢᠩ ᠱᠧᠩ ᠬᠣᠲᠠ ᠶ᠋ᠢᠨ ᠴᠡᠷᠢᠭ ᠢ᠋ᠶ᠋ᠡᠨ ᠠᠪᠴᠤ ᠲᠤᠯᠵᠤ ᠬᠣᠲᠠ ᠪᠠᠨ ᠬᠠᠭᠠᠭᠰᠠᠨ ᠳ᠋ᠤᠷ ᠯᠢ ᠴᠢᠤᠸᠠᠨ ᠬᠣᠲᠠ ᠶ᠋ᠢᠨ ᠡᠮᠦᠨ᠎ᠡ ᠬᠠᠭᠠᠯᠭ᠎ᠠ ᠶ᠋ᠢ ᠪᠠᠢᠯᠳᠤᠬᠤᠶ᠎ᠠ᠂ ᠰᠥᠩ ᠤᠯᠤᠰ ᠤ᠋ᠨ ᠶᠡᠬᠡ ᠵᠠᠩᠵᠤᠨ ᠵᠣᠣ ᠵᠢᠩ ᠫᠦ᠂ ᠰᠥᠩ ᠤᠯᠤᠰ ᠤ᠋ᠨ ᠴᠧᠩᠰᠢᠶᠠᠩ ᠱᠢ ᠢ ᠶᠤᠸᠠᠨ ᠠ᠋ᠴᠠ ᠯᠢ ᠴᠢᠣᠸᠠᠨ ᠢ᠋ ᠡᠯᠰᠡᠵᠦ ᠳᠠᠭᠠᠭᠤᠯ ᠬᠡᠮᠡᠭᠰᠡᠨ ᠵᠠᠬᠢᠶ᠎ᠠ ᠶ᠋ᠢ ᠣᠯᠵᠤ᠂ ᠨᠢᠭᠡᠨᠲᠡᠭᠡᠭᠦᠷ ᠰᠥᠩ ᠤᠯᠤᠰ ᠠ᠋ᠴᠠ ᠢᠯᠡᠭᠡᠭᠰᠡᠨ ᠥᠮᠥᠭᠯᠡᠬᠦ ᠴᠡᠷᠢᠭ ᠨᠢᠭᠡᠨ ᠲᠦᠮᠡᠨ ᠲᠠᠪᠤᠨ ᠮᠢᠩᠭᠠᠨ ᠢ᠋ ᠣᠯᠵᠤ ᠠᠮᠤ ᠡᠪᠡᠰᠦ ᠶ᠋ᠢ ᠶᠡᠬᠡᠯ᠎ᠡ ᠪᠡᠯᠡᠳᠬᠡᠨ᠂ ᠨᠢᠭᠡᠨᠲᠡᠭᠡᠭᠦᠷ ᠰᠥᠩ ᠤᠯᠤᠰ ᠤ᠋ᠨ ᠴᠧᠩᠰᠢᠶᠠᠩ ᠠ᠋ᠴᠠ ᠯᠢ ᠴᠢᠣᠸᠠᠨ ᠳ᠋ᠤᠷ ᠢᠯᠡᠭᠡᠭᠰᠡᠨ ᠪᠢᠴᠢᠭ ᠢ᠋ ᠯᠢ ᠴᠢᠣᠸᠠᠨ ᠳ᠋ᠤᠷ ᠥᠭᠴᠦ ᠪᠠᠰᠠ ᠬᠣᠷᠢᠭᠯᠠᠨ ᠥᠭᠦᠯᠡᠷᠦᠨ:《 ᠶᠡᠬᠡ ᠵᠠᠩᠵᠤᠨ ᠤᠭ ᠤᠯᠤᠰ ᠲᠤᠷ ᠡᠭᠡᠵᠦ ᠴᠦ ᠵᠧᠦ ᠳ᠋ᠡᠭᠡᠨ ᠮᠣᠷᠢᠯᠠᠨ ᠬᠠᠷᠢᠪᠠᠰᠤ ᠵᠣᠬᠢᠮᠤᠢ ! 》ᠭᠡᠮᠡᠨ ᠳᠠᠬᠢᠨ ᠳᠠᠪᠲᠠᠨ ᠬᠣᠷᠢᠭᠯᠠᠨ ᠬᠡᠯᠡᠬᠦᠢ ᠳ᠋ᠦ᠍ᠷ ᠯᠢ ᠴᠢᠣᠸᠠᠨ ᠴᠡᠷᠢᠭ ᠢ ᠲᠦᠷ ᠡᠭᠡᠵᠦ᠂ ᠪᠢᠴᠢᠭ ᠢ᠋ ᠦᠵᠡᠭᠡᠳ ᠵᠣᠣ ᠵᠢᠩ ᠫᠦ ᠶ᠋ᠢᠨ ᠵᠦᠭ ᠢᠨᠢᠶᠡᠨ ᠥᠭᠦᠯᠡᠷᠦᠨ: 《ᠴᠧᠩᠰᠢᠶᠠᠩ ᠨᠠᠮᠠᠢ ᠳ᠋ᠢᠩ ᠳ᠋ᠦᠲ᠋ᠦᠩ ᠳ᠋ᠦ᠍ᠷ ᠳᠠᠭᠠᠲᠤᠭᠠᠢ᠂ ᠬᠠᠷᠢᠯᠴᠠᠨ ᠪᠠᠢᠯᠳᠤᠪᠠᠰᠤ ᠠᠰᠢᠭ ᠦᠭᠡᠢ ᠭᠡᠮᠡᠨ ᠠᠶᠤᠯᠭᠠᠵᠤ ᠬᠡᠯᠡᠬᠦ ᠰᠢᠭᠦᠮᠵᠢᠯᠡᠯ ᠨᠠᠳᠠ ᠳ᠋ᠤᠷ ᠬᠡᠷᠡᠭ ᠦᠭᠡᠢ ! 》ᠭᠡᠮᠡᠨ ᠪᠢᠴᠢᠭ ᠢ᠋ ᠢᠨᠦ ᠲᠠᠶᠠᠭᠳᠠᠭᠰᠠᠨ ᠳ᠋ᠤᠷ ᠵᠣᠣ ᠵᠢᠩ ᠫᠦ ᠶᠡᠬᠡᠯ᠎ᠡ ᠠᠶᠤᠵᠤ ᠡᠭᠡᠭᠡᠳ ᠶᠠᠭᠠᠷᠠᠨ ᠯᠢ ᠴᠢᠤᠸᠠᠨ ᠡᠰᠡ ᠳᠠᠭᠠᠪᠠᠰᠤ ᠴᠡᠷᠢᠭ ᠲᠠᠲᠠᠵᠤ ᠲᠠᠢᠯᠠ ᠬᠡᠮᠡᠭᠰᠡᠨ ᠲᠡᠮᠳᠡᠭ ᠰᠢᠪᠠᠭ᠎ᠠ ᠶ᠋ᠢ ᠳᠣᠪᠲᠣᠯᠤᠭᠤᠯᠤᠨ᠂ ᠵᠣᠣ ᠹᠠᠨ᠂ ᠵᠣᠣ ᠺᠦᠢ ᠶ᠋ᠢᠨ ᠴᠢᠭᠢᠷᠠᠭ ᠴᠡᠷᠢᠭ ᠢ᠋ ᠵᠧ ᠵᠢᠶᠠᠩ ᠳ᠋ᠤᠷ ᠢᠷᠡᠲᠦᠭᠡᠢ ᠭᠡᠮᠡᠨ ᠡᠳᠦᠷ ᠢ᠋ ᠪᠣᠯᠵᠣᠵᠤ ᠶᠠᠪᠤᠭᠤᠯᠪᠠᠢ᠃ ᠲᠡᠳᠦᠢ ᠵᠣᠣ ᠹᠠᠨ᠂ ᠵᠣᠣ ᠺᠦᠢ ᠮᠡᠳᠡᠭᠡ ᠶ᠋ᠢ ᠣᠯᠵᠤ ᠳᠠᠷᠤᠢ ᠦ ᠲᠢᠩ ᠦ᠋ᠨ ᠳᠥᠷᠪᠡᠨ ᠮᠢᠩᠭᠠᠨ ᠴᠢᠭᠢᠷᠠᠭ ᠴᠡᠷᠢᠭ ᠢ᠋ ᠠᠪᠴᠤ ᠱᠧᠩ ᠨᠢᠩ ᠸᠧᠢ ᠶ᠋ᠢᠨ ᠭᠠᠵᠠᠷ ᠲᠤᠷ ᠪᠦᠭᠭᠦᠵᠦ ᠬᠦᠯᠢᠶᠡᠪᠡᠢ᠃ ᠡᠨᠡ ᠦᠶ᠎ᠡ ᠳ᠋ᠦ᠍ᠷ ᠯᠢ ᠴᠢᠤᠸᠠᠨ ᠴᠡᠷᠢᠭ ᠢ᠋ᠶ᠋ᠡᠨ ᠠᠪᠴᠤ ᠤᠷᠢᠳᠠ ᠶᠠᠩ ᠵᠧᠦ ᠶ᠋ᠢᠨ ᠬᠠᠷᠢᠶᠠᠲᠤ ᠳ᠋ᠠᠢ ᠵᠧᠦ ᠬᠣᠲᠠ ᠶ᠋ᠢ ᠤᠷᠢᠳᠠ ᠬᠠᠭᠠᠭᠰᠠᠨ ᠳ᠋ᠤᠷ ᠬᠣᠲᠠ ᠶ᠋ᠢᠨ ᡁᠢ ᠵᠧᠦ ᠲᠦᠰᠢᠮᠡᠯ ᠰᠥᠩ ᠵᠢᠢ ᠶᠡᠬᠡ ᠯᠡ ᠠᠶᠤᠵᠤ᠂ ᠯᠢ ᠴᠢᠤᠸᠠᠨ ᠢ᠋ ᠤᠭᠲᠤᠵᠤ ᠳᠠᠭᠠᠭᠰᠠᠨ ᠳ᠋ᠤᠷ ᠯᠢ ᠴᠢᠤᠸᠠᠨ ᠳᠠᠷᠤᠢ ᠬᠣᠲᠠ ᠶ᠋ᠢ ᠬᠤᠷᠢᠶᠠᠮᠵᠢᠯᠠᠨ ᠴᠡᠷᠢᠭ ᠢ᠋ ᠢᠨᠦ ᠠᠪᠴᠤ ᠳᠠᠬᠢᠨ ᠶᠠᠩ ᠵᠧᠦ ᠬᠣᠲᠠᠨ ᠢ᠋ ᠠᠪᠤᠷᠠ ᠢᠷᠡᠭᠰᠡᠨ ᠵᠠᠮ ᠳ᠋ᠤᠷ ᠵᠣᠣ ᠹᠠᠨ᠂ ᠵᠣᠣ ᠺᠦᠢ ᠬᠣᠶᠠᠭᠤᠯᠠ ᠶ᠋ᠢᠨ ᠪᠦᠭᠭᠦᠭᠰᠡᠨ ᠴᠡᠷᠢᠭ ᠭᠡᠨᠡᠳᠲᠡ ᠭᠠᠷᠴᠤ ᠲᠠᠰᠤᠯᠤᠨ ᠪᠠᠢᠯᠳᠤᠭᠰᠠᠨ ᠳ᠋ᠤᠷ ᠯᠢ ᠴᠢᠤᠸᠠᠨ ᠤ᠋ ᠴᠡᠷᠢᠭ ᠲᠦᠳᠡᠭᠡᠯᠵᠡᠬᠦᠢ ᠳ᠋ᠦ᠍ᠷ ᠵᠣᠣ ᠹᠠᠨ ᠵᠣᠣ ᠺᠦᠢ ᠬᠣᠶᠠᠷ ᠵᠠᠩᠵᠤᠨ ᠤ᠋ ᠴᠡᠷᠢᠭ ᠰᠢᠪᠲᠤᠯᠤᠨ ᠭᠠᠷᠴᠤ ᠵᠠᠩ ᠵᠧᠦ ᠬᠣᠲᠠᠨ ᠳ᠋ᠤᠷ ᠣᠷᠣᠵᠤ ᠰᠠᠬᠢᠭᠰᠠᠨ ᠳ᠋ᠤᠷ ᠯᠢ ᠴᠢᠤᠸᠠᠨ ᠮᠥᠨ ᠳ᠋ᠠᠢ ᠵᠧᠦ ᠶ᠋ᠢ ᠠᠪᠰᠤᠭᠠᠢ ᠭᠡᠮᠡᠨ ᠬᠣᠷᠢᠭᠯᠠᠨ ᠬᠡᠯᠡᠭᠰᠡᠨ ᠳᠣᠣᠷᠠᠬᠢ ᠲᠦᠰᠢᠮᠡᠯ ᠵᠧᠩ ᠶᠠᠨ ᠳᠠ ᠶ᠋ᠢ ᠲᠠᠰᠢᠭᠤᠷᠳᠠᠨ ᠰᠢᠳᠬᠡᠵᠦ ᠥᠭᠦᠯᠡᠷᠦᠨ:《 ᠪᠢ ᠤᠭ ᠠ᠋ᠴᠠ ᠤᠷᠢᠳᠠ ᠶᠠᠩ ᠵᠧᠦ ᠶ᠋ᠢ ᠠᠪᠴᠤ ᠶᠡᠬᠡ ᠮᠥᠷᠡᠨ ᠢ᠋ ᠭᠡᠲᠦᠯᠰᠦᠭᠡᠢ ᠬᠡᠮᠡᠪᠡᠰᠦ ᠴᠢ ᠣᠨᠴᠠ ᠮᠤᠰᠬᠢᠵᠦ ᠳ᠋ᠠᠢ ᠵᠧᠦ ᠶ᠋ᠢ ᠠᠪᠤᠮᠤᠢ ᠬᠡᠮᠡᠭᠰᠡᠭᠡᠷ ᠶᠣᠣ ᠹᠠᠨ᠂ ᠵᠣᠣ ᠺᠦᠢ ᠬᠣᠶᠠᠷ ᠤ᠋ᠨ ᠴᠡᠷᠢᠭ ᠶᠠᠩ ᠵᠧᠦ ᠳ᠋ᠦ᠍ᠷ ᠵᠠᠪᠳᠤᠵᠤ ᠣᠷᠣᠪᠠ᠃ ᠣᠳᠣ ᠬᠡᠷᠬᠢᠨ ᠶᠡᠬᠡ ᠮᠥᠷᠡᠨ ᠢ᠋ ᠭᠡᠲᠦᠯᠦᠮᠦᠢ? 》 ᠭᠡᠮᠡᠨ ᠬᠦᠨᠳᠦᠳᠡ ᠵᠠᠨᠴᠢᠵᠤ᠂ ᠠᠷᠭ᠎ᠠ ᠦᠭᠡᠢ ᠳ᠋ᠠᠢ ᠵᠧᠦ ᠶ᠋ᠢ ᠴᠡᠷᠢᠭ ᠦᠯᠡᠳᠡᠭᠡᠨ ᠰᠠᠬᠢᠭᠤᠯᠵᠤ ᠣᠯᠠᠨ ᠳ᠋ᠤᠷ ᠤᠬᠠᠭᠤᠯᠤᠨ ᠵᠠᠷᠯᠠᠵᠤ᠂ ᠶᠡᠬᠡ ᠴᠡᠷᠢᠭ ᠶᠠᠩ ᠵᠧᠦ ᠶ᠋ᠢᠨ ᠸᠠᠨ ᠳ᠋ᠣᠣ ᠬᠡᠮᠡᠬᠦ ᠮᠤᠷᠤᠢ ᠵᠠᠮ ᠳ᠋ᠤᠷ ᠬᠦᠷᠴᠦ ᠬᠦᠷᠢᠶ᠎ᠡ ᠪᠠᠭᠤᠭᠠᠳ ᠲᠠᠲᠠᠮᠠᠯ ᠭᠣᠣᠯ ᠤ᠋ᠨ ᠵᠦᠩ ᠱᠢ ᠲᠦᠰᠢᠮᠡᠯ ᠬᠤ᠌ ᠢ ᠶ᠋ᠢ ᠬᠣᠰᠢᠭᠤᠴᠢ ᠪᠣᠯᠭᠠᠵᠤ᠂ ᠫᠢᠩ ᠱᠠᠨ ᠳᠠᠩ ᠠᠭᠤᠯᠠᠨ ᠳ᠋ᠤᠷ ᠪᠠᠭᠤᠳᠠᠯᠠᠭᠤᠯᠤᠭᠠᠳ ᠳ᠋ᠠᠢ ᠵᠧᠦ ᠭᠤᠷᠪᠠᠨ ᠬᠣᠲᠠ ᠶ᠋ᠢ ᠬᠠᠷᠠᠭᠠᠯᠵᠠᠭᠤᠯᠵᠤ᠂ ᠯᠢ ᠴᠢᠤᠸᠠᠨ ᠥᠪᠡᠷ ᠢ᠋ᠶ᠋ᠡᠨ ᠶᠠᠩ ᠵᠧᠦ ᠬᠣᠲᠠ ᠶ᠋ᠢᠨ ᠵᠡᠭᠦᠨ ᠡᠭᠦᠳᠡᠨ ᠢ ᠪᠠᠢᠯᠳᠤᠬᠤᠢ ᠳ᠋ᠤᠷ ᠵᠣᠣ ᠺᠦᠢ ᠴᠡᠷᠢᠭ ᠢ᠋ᠶ᠋ᠡᠷ ᠬᠣᠲᠠ ᠶ᠋ᠢᠨ ᠡᠭᠦᠳᠡ ᠶ᠋ᠢ ᠰᠠᠬᠢᠭᠤᠯᠪᠠ᠃ ᠯᠢ ᠴᠢᠤᠸᠠᠨ ᠤ᠋ ᠳᠣᠣᠷᠠᠬᠢ ᠵᠠᠩᠵᠤᠨ ᠵᠠᠩ ᠢᠦ ᠬᠣᠲᠠ ᠶ᠋ᠢᠨ ᠭᠠᠳᠠᠨ᠎ᠠ ᠵᠣᠣ ᠺᠦᠢ ᠶ᠋ᠢ ᠵᠣᠯᠭᠠᠰᠤᠭᠠᠢ ᠬᠡᠮᠡᠬᠦᠢ ᠳ᠋ᠦ᠍ᠷ ᠵᠣᠣ ᠺᠦᠢ ᠠᠰᠠᠷ ᠲᠤᠷ ᠠᠪᠠᠷᠢᠵᠤ ᠦᠵᠡᠪᠡᠰᠦ ᠯᠢ ᠴᠢᠤᠸᠠᠨ ᠬᠣᠲᠠ ᠶ᠋ᠢᠨ ᠤᠨᠠᠭᠤᠯᠢ ᠶ᠋ᠢᠨ ᠬᠥᠭᠥᠷᠭᠡ ᠶ᠋ᠢᠨ ᠠᠯᠤᠰ ᠵᠣᠭᠰᠣᠵᠤ ᠮᠣᠷᠢᠯᠠᠨ ᠬᠦᠯᠢᠶᠡᠵᠦᠬᠦᠢ᠃ ᠲᠡᠳᠦᠢ ᠵᠣᠣ ᠺᠦᠢ᠂ ᠯᠢ ᠴᠢᠤᠸᠠᠨ ᠠ᠋ᠴᠠ ᠠᠰᠠᠭᠤᠷᠤᠨ:《 ᠶᠡᠬᠡ ᠵᠠᠩᠵᠤᠨ ᠵᠣᠪᠠᠨ ᠵᠦᠳᠡᠵᠦ ᠢᠷᠡᠭᠰᠡᠨ ᠢᠨᠦ ᠶᠠᠮᠪᠠᠷ ᠤᠴᠢᠷ ᠪᠣᠢ ? 》ᠯᠢ ᠴᠢᠤᠸᠠᠨ ᠥᠴᠢᠷᠦᠨ:《 ᠡᠵᠡᠨ ᠬᠠᠭᠠᠨ ᠨᠠᠮᠠᠶ᠋ᠢ ᠴᠢᠩ ᠶᠠᠩ ᠳ᠋ᠤᠷ ᠬᠣᠷᠢᠭᠤᠯᠵᠤ᠂ ᠮᠢᠨᠦ ᠬᠦᠨᠡᠰᠦ ᠶ᠋ᠢ ᠲᠠᠰᠤᠯᠤᠭᠰᠠᠨ ᠠ᠋ᠴᠠ ᠪᠤᠰᠤ ᠪᠢ ᠤᠷᠪᠠᠭᠰᠠᠨ ᠪᠤᠰᠤ᠂ ᠮᠢᠨᠦ ᠠᠯᠢ ᠵᠦᠢᠯ ᠳ᠋ᠦ᠍ᠷ ᠡᠢᠨ ᠬᠦ᠌ ᠰᠡᠵᠢᠭᠯᠡᠪᠡ ? 》ᠵᠣᠣ ᠺᠦᠢ ᠥᠴᠢᠷᠦᠨ:《 ᠡᠵᠡᠨ ᠬᠠᠭᠠᠨ ᠵᠠᠩᠵᠤᠨ ᠴᠢᠮᠠᠶ᠋ᠢ ᠰᠢᠳᠤᠷᠭᠤ ᠲᠦᠰᠢᠮᠡᠯ᠂ ᠡᠯᠪᠡᠷᠢᠯᠳᠦ ᠬᠥᠪᠡᠭᠦᠨ ᠭᠡᠮᠡᠨ ᠦᠵᠡᠬᠦ ᠪᠥᠭᠡᠲᠡᠯ᠎ᠡ ᠵᠠᠩᠵᠤᠨ ᠴᠢ ᠶᠠᠭᠤᠨ ᠳ᠋ᠤᠷ ᠬᠣᠲᠠ ᠪᠠᠯᠭᠠᠳ ᠢ᠋ ᠪᠠᠢᠯᠳᠤᠨ ᠠᠪᠤᠪᠠ? ᠲᠡᠢᠨ ᠬᠦ᠌ ᠡᠵᠡᠨ ᠬᠠᠭᠠᠨ ᠰᠠᠶᠢ ᠴᠢᠮ᠎ᠠ ᠳ᠋ᠤᠷ ᠬᠦᠨᠡᠰᠦ ᠡᠰᠡ ᠥᠭᠪᠡ᠃ ᠵᠠᠩᠵᠤᠨ ᠴᠢ ᠬᠡᠷᠬᠢᠨ ᠤᠷᠪᠠᠭᠰᠠᠨ ᠦᠭᠡᠢ ᠬᠡᠮᠡᠮᠦᠢ ? 》 ᠯᠢ ᠴᠢᠤᠸᠠᠨ ᠢᠨᠢᠶᠡᠨ ᠥᠭᠦᠯᠡᠷᠦᠨ:《 ᠪᠢ ᠵᠠᠩ ᠶᠠᠩ ᠢ᠋ ᠨᠢᠭᠡᠨ ᠵᠢᠯ ᠢᠯᠡᠭᠦᠦ ᠬᠥᠮᠦᠨ ᠦ᠌ ᠮᠢᠬ᠎ᠠ ᠢᠳᠡᠵᠦ ᠰᠠᠬᠢᠭᠰᠠᠨ ᠠᠨᠤ ᠦᠵᠡᠰᠡ ᠤᠷᠪᠠᠭᠰᠠᠨ ᠠᠵᠤᠭᠤ ! ᠨᠢᠭᠡᠨᠲᠡ ᠰᠢᠬᠠᠮᠳᠠᠭᠤᠯᠤᠨ ᠤᠷᠪᠠᠭᠤᠯᠪᠠᠰᠤ ᠤᠷᠪᠠᠪᠠᠢ ᠶᠠ ! 》 ᠬᠡᠮᠡᠭᠡᠳ ᠳᠠᠷᠤᠢ ᠰᠤᠮᠤ ᠠᠪᠴᠤ ᠬᠠᠷᠪᠤᠪᠠ᠃ ᠲᠡᠳᠦᠢ ᠵᠣᠣ ᠺᠦᠢ ᠶᠡᠬᠡ ᠴᠡᠷᠢᠭ ᠠᠪᠤᠨ ᠭᠡᠨᠡᠳᠲᠡ ᠪᠠᠢᠯᠳᠤᠨ ᠭᠠᠷᠤᠭᠰᠠᠨ ᠳ᠋ᠤᠷ ᠯᠢ ᠴᠢᠤᠸᠠᠨ ᠤ᠋ ᠴᠡᠷᠢᠭ ᠰᠠᠨᠠᠭᠠᠨ ᠳ᠋ᠤᠷ ᠦᠭᠡᠢ ᠪᠠᠢᠭᠰᠠᠨ ᠲᠤᠯᠠ ᠵᠣᠣ ᠺᠦᠢ ᠳ᠋ᠦ᠍ᠷ ᠳᠠᠷᠤᠭᠳᠠᠨ ᠪᠤᠷᠤᠭᠤᠯᠠᠬᠤᠢ ᠳ᠋ᠤᠷ ᠵᠣᠣ ᠺᠦᠢ ᠳ᠋ᠦ᠍ᠷ ᠥᠭᠦᠯᠡᠨ ᠢᠯᠡᠭᠡᠭᠰᠡᠨ ᠢᠨᠦ : ᠪᠢ ᠶᠡᠬᠡ ᠴᠡᠷᠢᠭ ᠢ᠋ ᠠᠪᠴᠤ ᠣᠳᠣ ᠲᠣᠭᠣᠷᠢᠭᠰᠠᠨ ᠵᠧᠦ ᠵᠢᠶᠦ᠋ᠨ ᠢ᠋ ᠠᠪᠤᠭᠠᠳ ᠮᠥᠷᠡᠨ ᠢ᠋ ᠭᠡᠲᠦᠯᠦᠨ ᠳᠠᠯᠠᠢ ᠶ᠋ᠢᠨ ᠬᠥᠪᠡᠭᠡ ᠪᠡᠷ ᠶᠠᠪᠤᠵᠤ ᠰᠦ ᠵᠧᠦ ᠂ ᠬᠠᠩ ᠵᠧᠦ ᠶ᠋ᠢ ᠪᠠᠢᠯᠳᠤᠨ ᠠᠪᠤᠮᠤᠢ ᠃ ᠵᠣᠣ ᠺᠦᠢ ᠴᠢ ᠪᠠᠰᠠ ᠬᠠᠯᠬᠠᠭᠯᠠᠨ ᠴᠢᠳᠠᠮᠤᠶᠤ ? ᠭᠡᠮᠡᠨ ᠬᠡᠯᠡᠪᠡᠴᠦ ᠵᠣᠣ ᠺᠦᠢ ᠬᠠᠭᠤᠷᠲᠠᠬᠤ ᠦᠭᠡᠢ ᠳ᠋ᠦ᠍ᠷ ᠯᠢ ᠴᠢᠤᠸᠠᠨ ᠡᠷᠬᠡᠪᠰᠢ ᠶᠠᠩ ᠵᠧᠦ ᠶ᠋ᠢᠨ ᠭᠤᠷᠪᠠᠨ ᠬᠣᠲᠠᠨ ᠢ᠋ ᠠᠪᠰᠤᠭᠠᠢ ᠭᠡᠮᠡᠨ ᠬᠡᠳᠦᠨ ᠤᠳᠠᠭ᠎ᠠ ᠪᠠᠢᠯᠳᠤᠭᠠᠳ ᠣᠯᠤᠭᠰᠠᠨ ᠦᠭᠡᠢ ᠳ᠋ᠦ᠍ᠷ ᠳᠣᠣᠷᠠᠬᠢ ᠵᠠᠩᠵᠤᠨ ᠰᠢᠶᠦ᠋ᠩ ᠦ ᠠᠷᠭ᠎ᠠ ᠡᠷᠭᠦᠨ ᠮᠡᠳᠡᠭᠦᠯᠦᠷᠦᠨ:《 ᠬᠣᠲᠠ ᠶ᠋ᠢᠨ ᠳᠣᠲᠣᠷ᠎ᠠ ᠲᠦᠯᠡᠭᠡ ᠡᠪᠡᠰᠦ ᠮᠠᠰᠢ ᠴᠤᠬᠠᠭ᠂ ᠭᠤᠷᠪᠠᠨ ᠬᠣᠲᠠᠨ ᠢ᠋ ᠤᠳᠠᠲᠠᠯ᠎ᠠ ᠬᠠᠭᠠᠪᠠᠰᠤ ᠳᠠᠷᠤᠢ ᠣᠯᠳᠠᠬᠤ ᠪᠣᠯᠠᠢ ! 》ᠭᠡᠮᠡᠨ ᠣᠯᠠᠨ ᠢᠷᠭᠡᠨ ᠢ᠋ ᠴᠡᠷᠢᠭ ᠡᠯᠰᠡᠵᠦ᠂ ᠭᠤᠴᠢᠨ ᠲᠦᠮᠡᠨ ᠢ᠋ᠶ᠋ᠡᠷ ᠭᠤᠷᠪᠠᠨ ᠬᠣᠲᠠᠨ ᠢ᠋ ᠤᠳᠠᠲᠠᠯ᠎ᠠ ᠬᠠᠭᠠᠭᠰᠠᠨ ᠳ᠋ᠤᠷ ᠦᠨᠡᠬᠡᠷ ᠬᠣᠲᠠᠨ ᠤ᠋ ᠳᠣᠲᠣᠷ᠎ᠠ ᠬᠦᠨᠡᠰᠦ ᠲᠠᠰᠤᠷᠠᠨ ᠲᠦᠯᠡᠰᠢ ᠳᠤᠲᠠᠭᠰᠠᠨᠠ᠂ ᠵᠣᠣ ᠹᠠᠨ᠂ ᠵᠣᠣ ᠺᠦᠢ ᠭᠡᠨᠡᠳᠲᠡ ᠨᠢᠭᠡᠨ ᠠᠷᠭ᠎ᠠ ᠣᠯᠵᠤ᠂ ᠭᠤᠷᠪᠠᠨ ᠬᠣᠲᠠ ᠬᠠᠮᠲᠤ ᠪᠠᠷ ᠵᠥᠪᠳᠡᠵᠦ ᠰᠥᠨᠢ ᠭᠠᠷᠴᠤ ᠴᠡᠷᠢᠭ ᠦ᠋ᠨ ᠬᠦᠷᠢᠶ᠎ᠡ ᠶ᠋ᠢ ᠢᠨᠦ ᠭᠠᠯᠳᠠᠵᠤ ᠪᠠᠢᠯᠳᠤᠰᠤᠭᠠᠢ ᠭᠡᠮᠡᠨ ᠲᠣᠭᠲᠠᠪᠠ᠃ ᠡᠨᠡ ᠬᠢᠷᠢ ᠳ᠋ᠦ᠍ᠷ ᠯᠢ ᠴᠢᠤᠸᠠᠨ ᠭᠤᠷᠪᠠᠨ ᠬᠣᠲᠠ ᠶ᠋ᠢ ᠨᠢᠭᠡᠨᠲᠡ ᠤᠳᠠᠲᠠᠯ᠎ᠠ ᠬᠠᠭᠠᠬᠤ ᠰᠠᠨᠠᠭᠠᠨ ᠲᠣᠭᠲᠠᠭᠠᠳ ᠰᠠᠨᠠᠭᠠᠨ ᠣᠮᠣᠷᠬᠠᠭ ᠪᠣᠯᠵᠤ᠂ ᠫᠢᠩ ᠱᠠᠨ ᠳᠠᠩ ᠤ᠋ᠨ ᠠᠭᠤᠯᠠ ᠤᠰᠤᠨ ᠤ᠋ ᠰᠠᠢᠬᠠᠨ ᠦᠵᠡᠮᠵᠢ ᠳ᠋ᠦ᠍ᠷ ᠪᠠᠬᠠᠷᠬᠠᠵᠤ᠂ ᠯᠠ ᠮᠧᠢ ᠴᠡᠴᠡᠭ ᠦᠵᠡᠵᠦ ᠴᠠᠰᠦᠨᠡ ᠠᠷᠢᠬᠢᠳᠠᠵᠤ᠂ ᠥᠨᠳᠥᠷ ᠲᠡᠭᠰᠢ ᠳ᠋ᠦ᠍ᠷ ᠴᠡᠩᠭᠡᠯᠳᠦᠨ᠂ ᠡᠭᠦᠯᠡᠨ᠎ᠡ ᠬᠥᠭᠵᠢᠮ ᠡᠭᠦᠰᠬᠡᠨ ᠵᠢᠷᠭᠠᠨ ᠪᠦᠬᠦᠢ ᠳ᠋ᠦ᠍ᠷ ᠵᠣᠣ ᠹᠠᠨ ᠴᠡᠷᠢᠭ ᠠᠪᠴᠤ ᠬᠣᠲᠠ ᠶ᠋ᠢᠨ ᠬᠠᠭᠠᠯᠭ᠎ᠠ ᠶ᠋ᠢ ᠴᠥᠮ ᠨᠡᠭᠡᠭᠡᠵᠦ ᠵᠦᠭ ᠪᠦᠷᠢ ᠪᠠᠢᠯᠳᠤᠨ ᠭᠠᠷᠴᠤ ᠭᠠᠵᠠᠷ ᠪᠦᠷᠢ ᠭᠠᠯ ᠲᠠᠯᠪᠢᠨ ᠬᠠᠰᠬᠢᠷᠤᠨ ᠠᠯᠠᠨ ᠢᠷᠡᠬᠦᠢ ᠳ᠋ᠦ᠍ᠷ ᠯᠢ ᠴᠢᠤᠸᠠᠨ ᠶᠠᠭᠠᠷᠠᠨ ᠤᠭᠲᠤᠨ ᠪᠠᠢᠯᠳᠤᠬᠤᠢ ᠳ᠋ᠤᠷ ᠵᠣᠣ ᠹᠠᠨ ᠬᠡᠳᠦᠢᠨᠡᠢ ᠯᠢ ᠴᠢᠤᠸᠠᠨ ᠤ᠋ ᠶᠠᠮᠤᠨ ᠤ᠋ ᠣᠩᠭᠣᠴᠠ ᠶ᠋ᠢ ᠬᠡᠳᠦᠨ ᠠᠷᠪᠠ ᠪᠦᠯᠢᠶᠡᠨ ᠠᠪᠴᠤ ᠬᠣᠲᠠᠨ ᠳ᠋ᠤᠷ ᠣᠷᠣᠭᠰᠠᠨ ᠳ᠋ᠤᠷ ᠵᠣᠣ ᠺᠦᠢ ᠬᠠᠪᠴᠢᠨ ᠪᠠᠢᠯᠳᠤᠪᠠ᠃
ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ :
ᠢᠨᠢᠶᠡᠯᠲᠡᠢ ᠬᠤᠸᠠᠢ ᠭᠦᠸᠧ ᠂ ᠪᠧᠢ ᠯᠢᠩ ᠬᠣᠶᠠᠷ ᠭᠦᠩᠵᠦ ᠶ᠋ᠢᠨ ᠤᠴᠢᠷ ᠮᠠᠰᠢ ᠰᠣᠨᠢᠨ
ᠡᠷᠳᠡᠮᠲᠦ ᠶᠧ ᠯᠢᠦᠢ ᠴᠦ ᠼᠠᠢ ᠶ᠋ᠢᠨ ᠦᠭᠡᠰ ᠦᠨᠡᠬᠡᠷ ᠮᠥᠨ ᠂
ᠡᠷᠬᠡᠲᠦ ᠢᠩ ᠵᠸᠨ ᠬᠤᠸᠠᠩᠳᠢ ᠶ᠋ᠢᠨ ᠵᠠᠷᠯᠢᠭ ᠢᠳᠡᠪᠠᠰᠢ ᠬᠠᠳᠠᠨ ᠴᠢᠩᠭ᠎ᠠ
ᠡᠷᠡᠯᠬᠡᠭ ᠵᠣᠣ ᠹᠠᠨ ᠂ ᠵᠣᠣ ᠺᠦᠢ ᠬᠣᠣᠰ ᠵᠠᠩᠵᠤᠨ ᠤ᠋ ᠦᠢᠯᠡᠰ ᠶᠠᠭᠤᠲᠠᠢ ᠬᠤᠷᠴᠠ ?