ᠤᠨᠠᠭ᠎ᠠ ᠮᠢᠨᠢ-ᠨᠣᠮᠢᠨᠰᠤᠪᠤᠳУнага минь-номинсвд
ᠤᠨᠠᠭ᠎ᠠ ᠮᠢᠨᠢ
ᠤᠨᠠᠭ᠎ᠠ ᠮᠢᠨᠢ
ᠦᠭᠡ᠄ ᠭᠣᠢᠷᠤᠪ ᠤ᠋ᠨ ᠰᠸᠪᠡᠭᠵᠠᠪ
ᠠᠶ᠎ᠠ᠄ ᠱᠠᠷᠠᠢᠤᠡ ᠭᠡᠷᠡᠯ
ᠬᠥᠭᠵᠢᠮ ᠦ᠋ᠨ ᠨᠠᠢᠷᠠᠭᠤᠯᠭ᠎ᠠ《 ᠰᠢᠯᠢ ᠶ᠋ᠢᠨ ᠴᠣᠭᠣᠷ》 ᠠᠶ᠎ᠠ ᠳᠠᠭᠤᠤ ᠶ᠋ᠢᠨ ᠲᠠᠰᠤᠭ
ᠨᠣᠮᠢᠨᠰᠤᠪᠤᠳ ᠳᠠᠭᠤᠯᠠᠨ᠎ᠠ
ᠬᠤᠯᠠᠨ ᠰᠢᠭ᠋ ᠲᠣᠷᠭᠠᠨ ᠭᠦᠶᠦᠳᠡᠯ ᠲᠡᠢ
ᠬᠥᠭᠡᠷᠦᠬᠦᠨ ᠪᠢᠴᠢᠬᠠᠨ ᠤᠨᠠᠭ᠎ᠠ ᠮᠢᠨᠢ
ᠬᠥᠳᠡᠭᠡ ᠲᠠᠯ᠎ᠠ ᠶ᠋ᠢᠨ ᠠᠭᠤᠳᠠᠮ ᠳ᠋ᠠᠭᠠᠨ
ᠬᠥᠭᠡᠷᠦᠨ ᠳᠡᠪᠬᠡᠷᠦᠨ ᠲᠣᠭᠯᠠᠨ᠎ᠠ ᠳᠠ
ᠤᠨᠠᠭ᠎ᠠ ᠮᠢᠨᠢ ᠤᠨᠠᠭ᠎ᠠ ᠮᠢᠨᠢ ᠤᠨᠠᠭ᠎ᠠ ᠮᠢᠨᠢ
ᠤᠳᠤᠮᠲᠤ ᠰᠦᠷᠦᠭ ᠦ᠋ᠨ ᠮᠠᠩᠯᠠᠢ ᠬᠦᠯᠦᠭ ᠪᠣᠯᠤᠨ᠎ᠠ᠃
ᠰᠡᠷᠢᠭᠦᠨ ᠪᠤᠯᠠᠭ ᠢ᠋ᠶ᠋ᠠᠷ ᠤᠮᠳᠠᠯᠠᠭᠰᠠᠨ
ᠰᠡᠷᠪᠡᠭᠡᠷ ᠬᠥᠭᠡᠷᠦᠬᠦᠨ ᠤᠨᠠᠭ᠎ᠠ ᠮᠢᠨᠢ
ᠠᠭᠤᠯᠠ ᠶ᠋ᠢᠨ ᠣᠯᠠᠨ ᠭᠥᠷᠥᠭᠡᠰᠦ ᠲᠡᠢ
ᠤᠷᠤᠯᠳᠤᠵᠤ ᠬᠠᠨᠢᠰᠤᠮᠠᠷ ᠨᠠᠭᠠᠳᠤᠨ᠎ᠠ
ᠳᠠᠬᠢᠯᠲᠠ
ᠢᠨᠵᠠᠭ᠎ᠠ ᠰᠢᠭ᠋ ᠳᠡᠷᠪᠡᠬᠦ ᠬᠤᠷᠳᠤ ᠲᠠᠢ
ᠠᠯᠢᠶ᠎ᠠ ᠳᠡᠭᠵᠢᠨ ᠤᠨᠠᠭ᠎ᠠ ᠮᠢᠨᠢ
ᠤᠷᠲᠤ ᠭᠠᠡᠭᠭᠠᠡᠭ ᠵᠠᠯᠠᠨ ᠳ᠋ᠠᠭᠠᠨ
ᠠᠳᠤᠭᠤᠨ ᠤ᠋ ᠬᠡᠰᠢᠭ ᠬᠤᠷᠤᠢᠯᠠᠨ᠎ᠠ
ᠳᠠᠬᠢᠯᠲᠠ
ᠦᠰᠦᠭ ᠠᠮᠢᠯᠠᠭᠤᠯᠤᠭᠰᠠᠨ ᠨᠢ᠄ ᠰ᠂ ᠲᠦᠮᠡᠡᠴᠡᠴᠡᠭ
ᠦᠰᠦᠭ ᠬᠠᠲᠠᠭᠴᠢ᠂ ᠰ᠂ ᠲᠦᠮᠡᠡᠴᠡᠴᠡᠭ
ᠬᠢᠨᠠᠭᠴᠢ᠄ ᠢᠷᠡᠭᠡᠳᠦᠢ
