ᠬᠥᠬᠡ ᠰᠤᠳᠤᠷ - ᠢᠨᠵᠠᠨᠨᠠᠰᠢ < ᠵᠢᠷᠠᠨ ᠨᠢᠭᠡᠳᠦᠭᠡᠷ ᠪᠦᠯᠦᠭ > Хөх судар - Инжинаш < Жаран нэгдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠵᠢᠷᠠᠨ ᠨᠢᠭᠡᠳᠦᠭᠡᠷ ᠪᠦᠯᠦᠭ > Хөх судар - Инжинаш < Жаран нэгдүгээр бүлэг >

ᠬᠥᠬᠡ ᠰᠤᠳᠤᠷ - ᠢᠨᠵᠠᠨᠨᠠᠰᠢ < ᠵᠢᠷᠠᠨ ᠨᠢᠭᠡᠳᠦᠭᠡᠷ ᠪᠦᠯᠦᠭ > Хөх судар - Инжинаш < Жаран нэгдүгээр бүлэг >

ᠠᠩᠭᠢᠯᠠᠯ:ᠲᠡᠦᠬᠡ ᠰᠣᠶᠣᠯ
2023-10-14

344

ᠲᠠᠢᠽᠦ᠋ᠩ ᠬᠠᠭᠠᠨ ᠥᠭᠡᠳᠡᠢ ᠬᠡᠷᠦᠯᠦᠨ ᠤ᠋ ᠠᠷᠠᠯ ᠳ᠋ᠤᠷ ᠮᠠᠨᠳᠠᠯ ᠳ᠋ᠤᠷ ᠠᠪᠠᠷᠢᠵᠤ ᠶᠡᠬᠡ ᠰᠠᠭᠤᠷᠢ ᠶ᠋ᠢ ᠵᠠᠯᠭᠠᠮᠵᠢᠯᠠᠪᠠ

ᠲᠠᠢᠱᠢ ᠪᠤᠯᠤ ᠱᠢ ᠲᠢᠶᠠᠨ ᠽᠧ ᠶ᠋ᠢ ᠡᠷᠭᠦᠨ ᠠᠢᠯᠠᠳᠬᠠᠵᠤ ᠵᠦᠩ ᠶᠤᠸᠠᠨ ᠤ᠋ ᠭᠠᠵᠠᠷ ᠤ᠋ᠨ ᠬᠦᠨᠳᠦ ᠬᠡᠷᠡᠭ ᠢ᠋ ᠲᠤᠰᠢᠶᠠᠯᠭᠠᠪᠠ


                    ᠵᠢᠷᠠᠨ ᠨᠢᠭᠡᠳᠦᠭᠡᠷ ᠪᠦᠯᠦᠭ  
                                 ᠰᠢᠷᠠᠭᠴᠢᠨ ᠦᠬᠡᠷ ᠵᠢᠯ ᠂ ᠮᠣᠩᠭᠣᠯ ᠤᠯᠤᠰ ᠤ᠋ᠨ ᠬᠣᠷᠢᠨ ᠳᠥᠷᠪᠡᠳᠦᠭᠡᠷ ᠣᠨ ᠂ ᠶᠡᠬᠡ ᠬᠥᠬᠡ ᠮᠣᠩᠭᠣᠯ ᠤᠯᠤᠰ ᠤ᠋ᠨ 
                                 ᠲᠠᠢᠽᠦ᠋ᠩ ᠬᠠᠭᠠᠨ ᠤ᠋ ᠲᠡᠷᠢᠭᠦᠨ ᠣᠨ ᠂ ᠰᠥᠩ ᠤᠯᠤᠰ ᠤ᠋ᠨ ᠯᠢᠽᠦ᠋ᠩ ᠬᠠᠭᠠᠨ ᠤ᠋ ᠱᠣᠣ ᠳ᠋ᠢᠩ ᠦ᠋ᠨ ᠬᠣᠶᠠᠳᠤᠭᠠᠷ ᠣᠨ ᠂
                                 ᠠᠯᠲᠠᠨ  ᠤᠯᠤᠰ ᠤ᠋ᠨ ᠠᠢᠽᠦ᠋ᠩ ᠬᠠᠭᠠᠨ ᠱᠧᠦ ᠰᠢᠦᠢ ᠵᠢᠨ ᠵᠧᠩ ᠳᠡ ᠶ᠋ᠢᠨ ᠵᠢᠷᠭᠤᠳᠤᠭᠠᠷ ᠣᠨ ᠪᠣᠯᠪᠠ ᠃ 
                                 ᠲᠦᠷ ᠡᠨᠡ ᠭᠠᠳᠠᠭᠠᠳᠤ  ᠰᠣᠨᠢᠨ ᠤᠯᠤᠰ ᠢ᠋ ᠪᠠᠷᠠᠲᠠᠯ᠎ᠠ ᠲᠣᠭᠠᠴᠢᠭᠠᠳ ᠦᠵᠦᠭᠦᠷ ᠲᠣᠷ ᠪᠡᠯᠡᠳᠬᠡᠵᠦ ᠂ 
                                 ᠵᠢᠴᠢ ᠳᠣᠷᠣᠭᠰᠢ ᠵᠠᠯᠭᠠᠨ ᠳᠣᠲᠣᠷᠠᠬᠢ ᠤᠴᠢᠷ ᠢ᠋  ᠮᠡᠳᠡᠭᠦᠯᠰᠦᠭᠡᠢ ᠂ ᠡᠳᠡᠭᠡᠷ ᠲᠡᠮᠳᠡᠭᠯᠡᠯ ᠭᠠᠳᠠᠭᠠᠳᠤ ᠰᠣᠨᠢᠨ ᠤᠯᠤᠰ ᠤ᠋ᠨ 
                                 ᠦᠨᠡᠨ ᠬᠤᠳᠠᠯ ᠢ᠋ ᠮᠡᠷᠭᠡᠳ ᠰᠠᠢᠳ ᠥᠪᠡᠷ ᠢ᠋ᠶ᠋ᠡᠨ ᠲᠣᠭᠲᠠᠭᠠᠮᠤ

                  ᠲᠠᠢᠽᠦ᠋ᠩ ᠬᠠᠭᠠᠨ ᠥᠭᠡᠳᠡᠢ ᠬᠡᠷᠦᠯᠦᠨ ᠦ᠌ ᠠᠷᠠᠯ ᠳ᠋ᠤᠷ ᠮᠠᠨᠳᠠᠯ ᠳ᠋ᠤᠷ ᠠᠪᠠᠷᠢᠵᠤ ᠶᠡᠬᠡ ᠰᠠᠭᠤᠷᠢ ᠶ᠋ᠢ ᠵᠠᠯᠭᠠᠮᠵᠢᠯᠠᠪᠠ 
             ᠲᠠᠢᠰᠢ ᠪᠤᠯᠤ ᠱᠢ ᠲᠢᠶᠠᠨ ᠽᠧ ᠶ᠋ᠢ ᠡᠷᠭᠦᠨ ᠠᠢᠯᠠᠳᠬᠠᠵᠤ ᠵᠦᠩ ᠶᠤᠸᠠᠨ ᠤ᠋ ᠭᠠᠵᠠᠷ ᠤ᠋ᠨ ᠬᠦᠨᠳᠦ ᠬᠡᠷᠡᠭ ᠢ᠋ ᠲᠤᠰᠢᠶᠠᠯᠭᠠᠪᠠ  

       ᠺᠦᠨ ᠯᠦᠨ ᠱᠠᠩ ᠽᠢ -ᠡᠨᠡ ᠤᠯᠤᠰ ᠪᠠᠷᠠᠭᠤᠨ ᠡᠮᠦᠨ᠎ᠡ ᠵᠦᠭ ᠦ᠋ᠨ ᠳᠠᠯᠠᠢ ᠳ᠋ᠤᠷ ᠪᠣᠢ᠂ ᠲᠡᠷᠡ ᠭᠠᠵᠠᠷ ᠤ᠋ᠨ ᠳᠠᠯᠠᠢ ᠶ᠋ᠢᠨ ᠬᠣᠢᠭ ᠤ᠋ᠨ ᠶᠡᠬᠡ ᠠᠭᠤᠯᠠᠨ ᠳ᠋ᠤᠷ ᠲᠡᠮᠡᠭᠡᠨ ᠢ᠋ ᠪᠠᠷᠢᠵᠤ ᠢᠳᠡᠵᠦ ᠴᠢᠳᠠᠬᠤ ᠶᠡᠬᠡ ᠭᠠᠯᠠᠭᠤ ᠰᠢᠪᠠᠭᠤ ᠪᠣᠢ᠂ ᠡᠷᠲᠡᠨ ᠦ᠌ ᠨᠢᠭᠡᠨ ᠬᠥᠮᠦᠨ ᠲᠡᠷᠡ ᠰᠢᠪᠠᠭᠤᠨ ᠤ᠋ ᠥᠳᠥ ᠶ᠋ᠢᠨ ᠭᠤᠤᠷᠰᠤ ᠶ᠋ᠢ ᠣᠯᠵᠤ ᠠᠪᠤᠭᠠᠳ ᠰᠠᠭᠤᠯᠠᠭ᠎ᠠ ᠬᠢᠵᠦᠬᠦᠢ᠃ ᠲᠡᠷᠡ ᠭᠠᠵᠠᠷ ᠮᠥᠨ ᠬᠡᠭᠡᠷ᠎ᠡ ᠶ᠋ᠢᠨ ᠬᠥᠮᠦᠨ ᠬᠡᠭᠡᠷ᠎ᠡ ᠶ᠋ᠢᠨ ᠭᠥᠷᠥᠭᠡᠰᠦ ᠮᠡᠲᠦ ᠮᠤᠩᠬᠠᠭ ᠬᠥᠮᠦᠨ ᠪᠣᠢ᠃ ᠲᠡᠭᠦᠨ ᠦ᠌ ᠪᠡᠶ᠎ᠡ ᠢᠨᠤ ᠬᠠᠷ᠎ᠠ ᠪᠡᠬᠡ ᠪᠡᠷ ᠪᠣᠳᠣᠭᠰᠠᠨ ᠮᠡᠲᠦ᠂ ᠲᠡᠷᠡ ᠤᠯᠤᠰ ᠤ᠋ᠨ ᠬᠥᠮᠦᠨ ᠢᠨᠤ ᠬᠥᠮᠦᠨ ᠡᠴᠡ ᠭᠤᠶᠤᠵᠤ ᠢᠳᠡᠮᠦᠢ᠂ ᠲᠡᠷᠡ ᠬᠦ᠌ ᠬᠥᠮᠦᠨ ᠢ᠋ ᠶᠡᠷᠦ ᠶ᠋ᠢᠨ ᠬᠥᠮᠦᠨ ᠪᠠᠷᠢᠵᠤ ᠠᠪᠴᠢᠷᠠᠭᠠᠳ ᠬᠤᠳᠠᠯᠳᠤᠭᠠᠨ ᠤ᠋ ᠠᠷᠠᠳ ᠲᠤᠷ ᠬᠤᠳᠠᠯᠳᠤᠨ ᠥᠭᠴᠦ ᠪᠣᠭᠣᠯ ᠪᠣᠯᠭᠠᠨ ᠵᠠᠷᠤᠴᠠᠯᠠᠮᠤᠢ᠃ 
       ᠲᠢᠶᠠᠨ ᠽᠦ᠍ ᠭᠦᠸᠧ-ᠡᠨᠡ ᠤᠯᠤᠰ ᠤ᠋ᠨ ᠬᠥᠮᠦᠨ ᠮᠠᠰᠢ ᠤᠷᠠᠨ᠂ ᠲᠡᠷᠡ ᠭᠠᠵᠠᠷ ᠤ᠋ᠨ ᠠᠭᠤᠷ ᠬᠦᠴᠦᠲᠡᠢ᠂ ᠭᠠᠵᠠᠷ ᠲᠤᠷ ᠠᠨᠤ ᠭᠠᠯ ᠰᠤᠳᠠᠯᠲᠤ ᠠᠭᠤᠯᠠ ᠪᠣᠢ᠂ ᠡᠷᠲᠡᠨ ᠦ᠌ ᠴᠢᠨ ᠤᠯᠤᠰ ᠤ᠋ᠨ ᠦᠶ᠎ᠡ ᠳ᠋ᠦ᠍ᠷ ᠲᠡᠷᠡ ᠭᠠᠵᠠᠷ ᠲᠤᠷ ᠡᠢᠮᠦ ᠭᠠᠯ ᠪᠠᠢᠬᠤ ᠪᠠ ᠰᠠᠢᠨ ᠮᠣᠷᠢ ᠭᠠᠷᠬᠤ ᠶ᠋ᠢ ᠰᠠᠶᠢ ᠣᠯᠵᠤ ᠮᠡᠳᠡᠪᠡ᠂ ᠲᠡᠷᠡ ᠤᠯᠤᠰ ᠤ᠋ᠨ ᠬᠥᠮᠦᠨ ᠦᠰᠦ ᠪᠡᠨ ᠬᠣᠶᠠᠷ ᠲᠡᠰᠢ ᠤᠨᠠᠭᠠᠨ ᠬᠦᠷᠦᠵᠦ᠂ ᠬᠬᠢᠪ ᠲᠣᠷᠭ᠎ᠠ ᠪᠠᠷ ᠲᠣᠯᠣᠭᠠᠢ ᠪᠠᠨ ᠣᠷᠢᠶᠠᠮᠤᠢ᠂ ᠹᠧᠢ ᠱᠦᠢ ᠬᠡᠮᠡᠬᠦ ᠤᠰᠤ ᠪᠣᠢ᠂ ᠬᠣᠢᠨ᠎ᠠ ᠮᠣᠩᠭᠣᠯ ᠤᠯᠤᠰ ᠮᠡᠳᠡᠵᠦ ᠲᠡᠷᠡ ᠤᠰᠤ ᠶ᠋ᠢ ᠠᠨᠤ ᠬᠤᠪᠢᠩ ᠳ᠋ᠤᠷ ᠬᠢᠵᠦ ᠠᠪᠴᠢᠷᠠᠭᠠᠳ ᠶᠡᠬᠡ ᠰᠠᠯᠬᠢᠨ ᠳ᠋ᠤᠷ ᠭᠠᠷᠭᠠᠵᠤ ᠪᠠᠬᠠᠨ ᠰᠠᠴᠤᠭᠰᠠᠨ ᠳ᠋ᠤᠷ ᠰᠠᠯᠬᠢᠨ ᠦᠨᠡᠬᠡᠷ ᠵᠣᠭᠰᠣᠮᠤᠢ᠃ 
       ᠰᠢ ᠶᠠᠩ ᠬᠦ ᠯᠢ-ᠡᠨᠡ ᠤᠯᠤᠰ ᠴᠢᠬᠡ ᠪᠠᠷᠠᠭᠤᠨ ᠡᠮᠦᠨ᠎ᠡ ᠪᠣᠢ᠂ ᠪᠢᠨ ᠬᠠᠢ ᠳᠠᠯᠠᠢ ᠳ᠋ᠤᠷ ᠣᠢᠷ᠎ᠠ᠂ ᠲᠡᠷᠡ ᠭᠠᠵᠠᠷ ᠠ᠋ᠴᠠ ᠰᠤᠮᠤ ᠮᠣᠳᠣ᠂ ᠫᠣᠸᠠᠷᠢ᠂ ᠱ᠌ᠢᠷᠦ ᠶ᠋ᠢᠨ ᠮᠣᠳᠣ᠂ ᠡᠷᠳᠡᠨᠢ ᠶ᠋ᠢᠨ ᠴᠢᠯᠠᠭᠤ ᠶ᠋ᠢᠨ ᠵᠦᠢᠯ ᠭᠠᠷᠤᠮᠤᠢ᠃ ᠲᠡᠷᠡ ᠤᠯᠤᠰ ᠲᠣᠷᠭ᠎ᠠ ᠲᠥᠷᠭᠡ ᠪᠥᠰ ᠤᠩᠭᠠᠰᠤᠨ ᠤ᠋ ᠵᠦᠢᠯ ᠢ᠋ ᠵᠠᠷᠤᠬᠤ ᠠᠨᠤ ᠴᠠᠭᠠᠰᠤ ᠠᠳᠠᠯᠢ᠂ ᠴᠠᠭᠠᠨ ᠬᠬᠢᠪ ᠢ᠋ᠶ᠋ᠡᠷ ᠲᠣᠯᠣᠭᠠᠢ ᠪᠠᠨ ᠣᠷᠢᠶᠠᠮᠤᠢ᠃ ᠠᠯᠲᠠᠨ ᠮᠠᠩᠨᠤᠭ ᠢ᠋ᠶ᠋ᠠᠷ ᠠᠷᠠᠯᠵᠢᠶ᠎ᠠ ᠬᠢᠮᠦᠢ᠃ 
       ᠰᠢ ᠹᠠᠨ ᠭᠦᠸᠧ-ᠡᠭᠦᠨ ᠢ᠋ ᠪᠠᠰᠠ ᠨᠢᠭᠡᠨ ᠵᠦᠢᠯ ᠢ᠋ᠶ᠋ᠡᠷ 《ᠬᠦᠢ ᠹᠠᠩ 》ᠭᠠᠵᠠᠷ ᠬᠡᠮᠡᠮᠦᠢ᠂ ᠡᠷᠲᠡᠨ ᠦ᠌ ᠡᠦ ᠸᠠᠩ ᠤ᠋ᠨ ᠦᠶ᠎ᠡ ᠳ᠋ᠦ᠍ᠷ ᠭᠤᠷᠪᠠᠨ ᠣᠨ ᠪᠠᠢᠯᠳᠤᠵᠤ ᠰᠠᠶᠢ ᠲᠣᠭᠲᠠᠭᠠᠨ ᠴᠢᠳᠠᠵᠤᠬᠤᠢ᠃ ᠬᠥᠮᠦᠨ ᠦ᠌ ᠬᠡᠯᠡᠬᠦ ᠢᠨᠦ ᠲᠡᠳᠡ ᠴᠢᠳᠬᠥᠷ ᠦ᠋ᠨ ᠪᠠᠢᠳᠠᠯ ᠲᠠᠢ ᠲᠤᠯᠠ ᠬᠢᠲᠠᠳ ᠢ᠋ᠶ᠋ᠠᠷ 《ᠬᠦᠢ ᠿᠦᠩ 》ᠬᠡᠮᠡᠪᠡ᠃ ᠪᠠᠰᠠ ᠳᠠ ᠿᠦᠩ ᠭᠡᠮᠡᠨ ᠳᠠᠭᠤᠳᠠᠮᠤᠢ᠂ ᠲᠡᠷᠡ ᠭᠠᠵᠠᠷ ᠡᠵᠡᠨ ᠪᠠ ᠵᠠᠬᠢᠷᠤᠭᠰᠠᠳ ᠭᠡᠮᠡᠨ ᠦᠭᠡᠢ ᠂ ᠬᠣᠲᠠ ᠪᠠᠯᠭᠠᠳ ᠦᠭᠡᠢ ᠂ ᠭᠡᠷ ᠡᠷᠦᠬᠡ ᠪᠡᠨ ᠠᠭᠤᠯᠠᠨ ᠥᠪᠥᠷ ᠲᠣᠷ ᠪᠠᠷᠢᠵᠤ ᠰᠠᠭᠤᠮᠤᠢ᠃ 
       ᠳᠦ ᠪᠡᠨ ᠭᠦᠸᠧ-ᠡᠨᠡ ᠭᠠᠵᠠᠷ ᠢ᠋ ᠪᠠᠰᠠ ᠰᠢᠶᠠ ᠰᠢ ᠹᠠᠨ ᠬᠡᠮᠡᠮᠦᠢ᠂ ᠤᠭ ᠲᠤᠷ ᠲᠠᠩᠭᠤᠳ ᠤᠯᠤᠰ ᠲᠤᠷ ᠣᠢᠷ᠎ᠠ ᠲᠤᠯᠠ ᠵᠠᠬᠢᠷᠤᠭᠲᠤᠨ ᠶᠠᠪᠤᠵᠤᠬᠤᠢ᠃ ᠯᠦᠸᠧ ᠱᠦᠢ ᠬᠡᠮᠡᠬᠦ ᠭᠠᠵᠠᠷ ᠨᠤᠲᠤᠭᠯᠠᠵᠤ᠂ ᠰᠢ ᠹᠠᠨ ᠤᠯᠤᠰ ᠲᠤᠷ ᠣᠢᠷ᠎ᠠ ᠲᠤᠯᠠ ᠲᠡᠭᠦᠨ ᠦ᠌ ᠠᠴᠢ ᠶ᠋ᠢ ᠪᠠᠰᠠ ᠳᠦ ᠹᠠᠨ ᠤᠯᠤᠰ ᠭᠡᠮᠡᠨ ᠳᠠᠭᠤᠳᠠᠵᠤᠬᠤᠢ᠃ ᠲᠡᠭᠦᠨ ᠦ᠌ ᠣᠪᠣᠭ ᠠᠨᠤ ᠪᠦᠸᠧ ᠬᠡᠮᠡᠮᠦᠢ᠂ ᠣᠯᠠᠨ ᠢ᠋ᠶ᠋ᠠᠨ ᠳᠠᠭᠠᠭᠤᠯᠤᠨ ᠭᠥᠷᠥᠭᠡᠯᠡᠨ ᠶᠠᠪᠤᠵᠤ᠂ ᠴᠢᠭᠢᠷᠠᠭ ᠢᠳᠡᠷᠬᠡᠭ ᠢ᠋ᠶ᠋ᠡᠨ ᠡᠷᠭᠦᠵᠦ ᠡᠵᠡᠨ ᠪᠣᠯᠭᠠᠮᠤᠢ᠂ ᠲᠠᠢᠹᠦ᠋ ᠲᠦᠰᠢᠮᠡᠯ ᠢ᠋ᠶ᠋ᠡᠨ ᠹᠦ ᠬᠡᠮᠡᠮᠦᠢ᠂ ᠴᠡᠷᠢᠭ ᠵᠠᠬᠢᠷᠤᠭᠰᠠᠳ ᠢ᠋ᠶ᠋ᠠᠨ ᠱᠠᠨ ᠹᠦ ᠭᠡᠮᠡᠨ ᠳᠠᠭᠤᠳᠠᠮᠤᠢ᠂ ᠬᠣᠢᠨ᠎ᠠ ᠵᠢᠶᠦ᠋ᠨ ᠵᠠᠩ ᠭᠡᠮᠡᠨ ᠳᠠᠭᠤᠳᠠᠪᠠ᠂ ᠮᠠᠭᠲᠠᠨ ᠥᠭᠦᠯᠡᠬᠦ ᠪᠡᠨ ᠮᠠᠭᠲᠠᠭᠠᠯ ᠪᠠᠷᠢᠮᠤᠢ ᠬᠡᠮᠡᠮᠦᠢ᠃ 
       ᠨᠠᠨ ᠨᠢ ᠭᠦᠸᠧ ᠯᠦᠸᠧ-ᠡᠨᠡ ᠤᠯᠤᠰ ᠲᠤᠷ ᠭᠤᠷᠪᠠᠨ ᠵᠦᠢᠯ ᠦ᠋ᠨ ᠬᠥᠮᠦᠨ ᠪᠠ ᠬᠣᠲᠠ ᠪᠠᠢᠮᠤᠢ᠂ ᠤᠯᠤᠰ ᠤ᠋ᠨ ᠬᠥᠮᠦᠨ ᠢᠨᠦ ᠪᠤᠷᠬᠠᠨ ᠤ᠋ ᠰᠤᠷᠭᠠᠯ ᠢ᠋ ᠢᠲᠡᠭᠡᠮᠵᠢᠯᠡᠮᠦᠢ᠂ ᠨᠥᠬᠥᠷ ᠢ᠋ ᠡᠷᠬᠢᠯᠡᠮᠦᠢ᠂ ᠭᠡᠷ ᠢ᠋ᠶ᠋ᠡᠨ ᠦᠬᠡᠷ ᠦ᠋ᠨ ᠪᠠᠭᠠᠰᠤ ᠪᠠᠷ ᠰᠢᠪᠡᠪᠡᠰᠦ ᠲᠡᠭᠦᠨ ᠢ᠋ ᠠᠷᠢᠭᠤᠨ ᠳ᠋ᠤᠷ ᠦᠵᠡᠮᠦᠢ᠂ ᠭᠡᠷ ᠪᠦᠷᠢ ᠳ᠋ᠦ᠍ᠷ ᠦᠬᠡᠷ ᠦ᠋ᠨ ᠪᠠᠭᠠᠰᠤ ᠬᠣᠭᠰᠢᠨ ᠰᠢᠷᠣᠢ ᠪᠠᠷ ᠰᠠᠪᠠ ᠬᠢᠵᠦ᠂ ᠨᠠᠷᠢᠨ ᠴᠡᠴᠡᠭ ᠡᠪᠡᠰᠦ ᠲᠠᠷᠢᠪᠠᠰᠤ ᠴᠡᠴᠡᠭ ᠢᠨᠦ ᠥᠩᠭᠡ ᠨᠡᠮᠡᠮᠦᠢ᠃ ᠤᠷᠢᠳᠤ ᠳ᠋ᠤᠷ ᠰᠢ ᠹᠠᠨ ᠤᠯᠤᠰ ᠲᠤᠷ ᠵᠠᠮ ᠨᠡᠪᠲᠡᠷᠡᠬᠦ ᠲᠤᠯᠠ ᠡᠭᠡᠨᠡᠭᠲᠡ ᠪᠤᠯᠢᠶᠠᠨ ᠳᠡᠭᠡᠷᠡᠮᠳᠡᠵᠦ ᠶᠠᠪᠤᠳᠠᠭ᠂ ᠹᠠᠨ ᠣᠪᠣᠭᠲᠠᠨ ᠡᠵᠡᠨ ᠰᠠᠭᠤᠪᠠᠰᠤ ᠲᠡᠳᠡᠭᠡᠷ ᠤᠯᠤᠰ ᠬᠠᠯᠳᠠᠬᠤ ᠦᠭᠡᠢ᠂ ᠳᠠᠷᠤᠢ ᠡᠭᠡᠵᠦ ᠶᠠᠪᠤᠮᠤᠢ᠂ ᠭᠡᠷ ᠲᠦ᠍ᠷ ᠪᠠᠰᠠ ᠣᠷᠣᠬᠤ ᠦᠭᠡᠢ᠃ 
       ᠰᠢ ᠨᠠᠨ ᠢ -ᠡᠨᠡ ᠤᠯᠤᠰ ᠨᠡᠢᠲᠡ ᠲᠠᠪᠤᠨ ᠠᠢᠮᠠᠭ ᠪᠣᠢ᠂ ᠢᠦ ᠠᠢᠮᠠᠭ᠂ ᠯᠦ᠍ ᠠᠢᠮᠠᠭ᠂ ᠹᠠᠩ ᠠᠢᠮᠠᠭ᠂ ᠱᠢ ᠠᠢᠮᠠᠭ᠂ ᠮᠦ᠍ ᠠᠢᠮᠠᠭ᠂ ᠢᠢ ᠵᠧᠦ ᠭᠠᠵᠠᠷ ᠢ᠋ᠶ᠋ᠠᠷ ᠲᠡᠳᠡᠨ ᠦ᠌ ᠭᠠᠵᠠᠷ ᠲᠤᠷ ᠣᠷᠣᠵᠤ ᠪᠣᠯᠤᠮᠤᠢ᠃ ᠲᠡᠷᠡ ᠭᠠᠵᠠᠷ ᠤ᠋ᠨ ᠬᠥᠮᠦᠨ ᠡᠮᠦᠰᠬᠦ ᠵᠠᠳᠠᠭᠠᠢ᠂ ᠬᠥᠯ ᠨᠢᠴᠦᠭᠦᠨ᠂ ᠠᠯᠠᠭ ᠳᠡᠪᠡᠯ ᠡᠮᠦᠰᠴᠦ᠂ ᠢᠰᠡᠭᠡᠢ ᠨᠥᠮᠥᠷᠴᠦ ᠬᠢᠲᠤᠭ᠎ᠠ ᠵᠡᠭᠦᠮᠦᠢ᠃ 
       ᠡᠦ ᠢ ᠭᠦᠸᠧ -ᠡᠨᠡ ᠤᠯᠤᠰ ᠤ᠋ᠨ ᠬᠥᠮᠦᠨ ᠴᠥᠮ ᠬᠠᠷ᠎ᠠ ᠳᠡᠪᠡᠯ ᠡᠮᠦᠰᠦᠮᠦᠢ᠂ ᠳᠡᠪᠡᠯ ᠢᠨᠦ ᠴᠥᠮ ᠡᠪᠦᠳᠦᠭ ᠴᠢᠨᠡᠭᠡᠨ᠃ ᠮᠠᠨ ᠤ᠋ ᠤᠯᠤᠰ ᠲᠤᠷ ᠤᠴᠠᠷᠠᠪᠠᠰᠤ ᠪᠤᠷᠤᠭᠤ ᠬᠠᠨᠳᠤᠵᠤ ᠵᠣᠭᠰᠣᠭᠠᠳ ᠴᠢᠷᠠᠢ ᠪᠠᠨ ᠦᠵᠡᠭᠦᠯᠬᠦ ᠦᠭᠡᠢ᠂ ᠲᠡᠭᠦᠨ ᠦ᠌ ᠴᠢᠷᠠᠢ ᠶ᠋ᠢ ᠬᠥᠮᠦᠨ ᠦᠵᠡᠪᠡᠰᠦ ᠳᠠᠷᠤᠢ ᠠᠯᠠᠮᠤᠢ᠂ ᠬᠡᠯᠡᠬᠦ ᠢᠨᠦ ᠮᠠᠨ ᠤ᠋ ᠴᠢᠷᠠᠢ ᠶ᠋ᠢ ᠦᠵᠡᠭᠰᠡᠨ ᠢ᠋ ᠲᠡᠭᠦᠨ ᠢ᠋ ᠠᠮᠢᠳᠤᠷᠠᠭᠤᠯᠬᠤ ᠦᠭᠡᠢ᠃ ᠠᠷᠠᠯᠵᠢᠶ᠎ᠠ ᠬᠢᠬᠦ ᠳ᠋ᠦ᠍ᠷ ᠬᠤᠳᠠᠯᠳᠤᠬᠤ ᠶᠠᠭᠤᠮ᠎ᠠ ᠪᠠᠨ ᠠᠪᠤᠪᠠᠰᠤ ᠦᠯᠡᠭᠰᠡᠨ ᠢ᠋ ᠡᠯᠭᠦᠵᠦ ᠬᠤᠳᠠᠯᠳᠤᠭᠤᠯᠤᠮᠤᠢ᠃ 
       ᠹᠦ ᠽᠧᠩ ᠭᠦᠸᠧ-ᠡᠨᠡ ᠤᠯᠤᠰ ᠤ᠋ᠳ ᠶᠡᠬᠡ ᠪᠡᠶᠡᠲᠦ ᠤᠯᠤᠰ ᠤ᠋ᠨ ᠵᠡᠭᠦᠨ ᠡᠲᠡᠭᠡᠳ ᠲᠣᠷ ᠮᠣᠳᠣᠨ ᠬᠠᠪᠲᠠᠭᠠᠢᠯ ᠤ᠋ᠨ ᠭᠡᠷ ᠲᠦ᠍ᠷ ᠰᠠᠭᠤᠮᠤᠢ᠂ ᠬᠣᠲᠠ ᠪᠠᠯᠭᠠᠳ ᠦᠭᠡᠢ᠃ ᠰᠥᠩ ᠤᠯᠤᠰ ᠤ᠋ᠨ ᠡᠦ ᠳᠢ ᠶ᠋ᠢᠨ ᠦᠶ᠎ᠡ ᠯᠦᠸᠧ ᠪᠢᠩ ᠭᠠᠵᠠᠷ ᠤ᠋ᠨ ᠨᠢᠭᠡᠨ ᠬᠥᠮᠦᠨ ᠲᠡᠷᠡ ᠤᠯᠤᠰ ᠤ᠋ᠨ ᠬᠥᠮᠦᠨ ᠭᠥᠷᠥᠭᠡᠰᠦ ᠶ᠋ᠢ ᠦᠬᠡᠷ ᠮᠡᠲᠦ ᠲᠡᠵᠢᠭᠡᠵᠦ ᠰᠦ ᠶ᠋ᠢ ᠰᠠᠭᠠᠵᠤ ᠢᠳᠡᠵᠦᠬᠦᠢ᠃  
       ᠪᠡᠨ ᠯᠢ ᠭᠦᠸᠧ-ᠡᠨᠡ ᠤᠯᠤᠰ ᠲᠥᠷᠥᠵᠦ ᠥᠰᠦᠭᠰᠡᠨ ᠢᠨᠦ ᠬᠣᠢᠲᠤ ᠭᠠᠵᠠᠷ ᠲᠠᠲ᠋ᠠᠷ ᠤᠯᠤᠰ ᠲᠤᠷ ᠨᠢᠭᠡᠨ ᠠᠳᠠᠯᠢ᠂ ᠢᠩ ᠲᠢᠶᠠᠨ ᠹᠦ ᠳ᠋ᠦ᠍ᠷ ᠬᠦᠷᠴᠦ ᠢᠷᠡᠲᠡᠯ᠎ᠡ ᠭᠤᠷᠪᠠᠨ ᠰᠠᠷ᠎ᠠ ᠶᠠᠪᠤᠮᠤᠢ᠃ 
       ᠳᠡ ᠯᠦᠸᠧ ᠭᠦᠸᠧ-ᠡᠨᠡ ᠤᠯᠤᠰ ᠤ᠋ᠨ ᠡᠮᠦᠰᠴᠦ ᠵᠡᠭᠦᠬᠦ ᠮᠣᠩᠭᠣᠯ ᠳ᠋ᠤᠷ ᠠᠳᠠᠯᠢ᠂ ᠱᠦᠨ ᠲᠢᠶᠠᠨ ᠹᠦ ᠳ᠋ᠦ᠍ᠷ ᠬᠦᠷᠴᠦ ᠢᠷᠡᠲᠡᠯ᠎ᠡ ᠮᠣᠷᠢ ᠪᠠᠷ ᠳᠥᠷᠪᠡᠨ ᠰᠠᠷ᠎ᠠ ᠶᠠᠪᠤᠵᠤ ᠰᠠᠶᠢ ᠬᠦᠷᠴᠦ ᠢᠷᠡᠮᠦᠢ᠃ 
       ᠱᠧᠨ ᠯᠢᠶᠧ ᠹᠦ-ᠡᠨᠡ ᠤᠯᠤᠰ ᠤ᠋ᠨ ᠬᠥᠮᠦᠨ ᠲᠠᠲ᠋ᠠᠷ ᠤᠯᠤᠰ ᠲᠤᠷ ᠠᠳᠠᠯᠢ᠂ ᠮᠣᠷᠢ ᠪᠠᠷ ᠵᠢᠷᠭᠤᠭᠠᠨ ᠰᠠᠷ᠎ᠠ ᠶᠠᠪᠤᠵᠤ ᠰᠠᠶᠢ ᠬᠦᠷᠴᠦ ᠢᠷᠡᠮᠦᠢ᠃ 
       ᠱᠢ ᠮᠠ ᠮᠠ-ᠡᠨᠡ ᠤᠯᠤᠰ ᠤ᠋ᠨ ᠬᠥᠮᠦᠨ ᠪᠠᠰᠠ ᠲᠠᠲ᠋ᠠᠷ ᠤᠯᠤᠰ ᠲᠤᠷ ᠪᠠᠷᠤᠭᠲᠠᠢ᠂ ᠳᠤᠮᠳᠠᠳᠤ ᠤᠯᠤᠰ ᠲᠤᠷ ᠬᠦᠷᠴᠦ ᠢᠷᠡᠲᠡᠯ᠎ᠡ ᠮᠣᠷᠢ ᠪᠠᠷ ᠳᠣᠯᠣᠭᠠᠨ ᠰᠠᠷ᠎ᠠ ᠶᠠᠪᠤᠮᠤᠢ᠃ 
       ᠳᠦ ᠪᠡᠨ ᠭᠦᠸᠧ-ᠲᠡᠷᠡ ᠤᠯᠤᠰ ᠡᠪᠡᠰᠦ ᠶ᠋ᠢ ᠣᠷᠢᠶᠠᠵᠤ ᠭᠡᠷ ᠪᠣᠯᠭᠠᠭᠠᠳ ᠲᠠᠷᠢᠬᠤ ᠠᠷᠴᠢᠬᠤ ᠶ᠋ᠢ ᠮᠡᠳᠡᠬᠦ ᠦᠭᠡᠢ ᠲᠤᠯᠠ ᠠᠭᠤᠯᠠ ᠲᠠᠯ᠎ᠠ ᠶ᠋ᠢᠨ ᠬᠤᠷ ᠡᠪᠡᠰᠦᠨ ᠢ ᠣᠯᠠᠨ ᠢ᠋ᠶ᠋ᠠᠷ ᠴᠠᠭᠠᠯᠠᠭᠤᠯᠤᠨ ᠢᠳᠡᠮᠦᠢ᠂ ᠪᠤᠬ᠎ᠠ ᠭᠥᠷᠥᠭᠡᠰᠦ ᠶ᠋ᠢᠨ ᠠᠷᠠᠰᠤ ᠬᠢᠭᠡᠳ ᠰᠢᠪᠠᠭᠤᠨ ᠤ᠋ ᠥᠳᠥ ᠪᠡᠷ ᠳᠡᠪᠡᠯ ᠨᠡᠬᠡᠵᠦ ᠡᠮᠦᠰᠦᠮᠦᠢ᠃ 
       ᠨᠢᠦᠢ ᠮᠦ᠍ ᠭᠦᠸᠧ-ᠡᠨᠡ ᠤᠯᠤᠰ ᠲᠤᠷ ᠬᠣᠲᠠ ᠪᠠᠯᠭᠠᠳ ᠪᠣᠢ᠂ ᠬᠥᠮᠦᠨ ᠠᠷᠠᠳ ᠵᠤᠵᠠᠭᠠᠨ᠂ ᠠᠷᠠᠰᠤ ᠬᠥᠷᠥᠰᠥᠨ ᠦ᠌ ᠳᠡᠪᠡᠯ ᠡᠮᠦᠰᠴᠦ ᠦᠬᠡᠷ ᠮᠣᠷᠢ ᠲᠡᠵᠢᠭᠡᠮᠦᠢ᠂ ᠲᠠᠲ᠋ᠠᠷ ᠤᠯᠤᠰ ᠵᠠᠬ᠎ᠠ ᠨᠡᠢᠯᠡᠮᠦᠢ ᠂ ᠵᠢᠰᠦ ᠰᠠᠢᠬᠠᠨ ᠠᠲᠠᠯ᠎ᠠ ᠦᠰᠦ ᠪᠡᠨ ᠲᠠᠯᠪᠢᠵᠤ ᠶᠠᠪᠤᠮᠤᠢ᠃ 
       ᠾᠦᠢ ᠯᠦ᠍ ᠭᠦᠸᠧ-ᠡᠨᠡ ᠤᠯᠤᠰ ᠤ᠋ᠨ ᠬᠥᠮᠦᠨ ᠮᠠᠨ ᠤ᠋ ᠮᠦ᠍ ᠯᠦ᠍ ᠤᠯᠤᠰ ᠲᠤᠷ ᠠᠳᠠᠯᠢ᠂ ᠢᠩ ᠲᠢᠶᠠᠨ ᠹᠦ ᠳ᠋ᠦ᠍ᠷ ᠬᠦᠷᠴᠦ ᠢᠷᠡᠲᠡᠯ᠎ᠡ ᠳᠣᠯᠣᠭᠠᠨ ᠰᠠᠷ᠎ᠠ ᠪᠣᠯᠤᠮᠤᠢ᠃ 
       ᠬᠦᠢ ᠽᠧ ᠭᠦᠸᠧ-ᠡᠨᠡ ᠤᠯᠤᠰ ᠲᠤᠷ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠮᠣᠷᠢ ᠦᠬᠡᠷ ᠢ᠋ᠶ᠋ᠡᠨ ᠤᠷᠤᠯᠳᠤᠵᠤ ᠪᠠᠶᠠᠷ ᠬᠢᠮᠦᠢ᠂ ᠳᠣᠯᠣᠭᠠᠨ ᠡᠳᠦᠷ ᠲᠣᠷ ᠳᠡᠢᠯᠬᠦ ᠳᠡᠢᠯᠦᠭᠳᠡᠬᠦ ᠢᠯᠭᠠᠷᠠᠮᠤᠢ᠃ ᠮᠥᠨ ᠵᠢᠯ ᠦ᠋ᠨ ᠰᠠᠢᠨ ᠮᠠᠭᠤ ᠶ᠋ᠢ ᠮᠣᠷᠢ ᠦᠬᠡᠷ ᠦ᠋ᠨ ᠦᠰᠦᠨ ᠢ᠋ ᠦᠭᠲᠡᠭᠡᠪᠡᠰᠦ ᠮᠡᠳᠡᠮᠦᠢ᠂ ᠳᠡᠢᠯᠦᠭᠰᠡᠨ ᠢᠨᠤ ᠮᠣᠷᠢ ᠰᠠᠢᠨ᠂ ᠬᠣᠴᠣᠷᠤᠭᠰᠠᠨ ᠠᠨᠤ ᠮᠠᠯ ᠮᠠᠭᠤ᠃ 
       ᠳᠡ ᠬᠠᠨ ᠭᠦᠸᠧ-ᠡᠨᠡ ᠤᠯᠤᠰ ᠲᠤᠷ ᠴᠡᠷᠢᠭ ᠦ᠋ᠨ ᠵᠡᠪᠰᠡᠭ ᠦᠭᠡᠢ᠂ ᠬᠠᠷᠢᠯᠴᠠᠨ ᠪᠠᠢᠯᠳᠤᠨ ᠳᠠᠢᠯᠠᠯᠳᠤᠬᠤ ᠶᠠᠪᠤᠳᠠᠯ ᠦᠭᠡᠢ᠂ ᠸᠸᠨ ᠱᠧᠨ ᠭᠦᠸᠧ ᠤᠯᠤᠰ ᠲᠤᠷ ᠠᠳᠠᠯᠢ ᠪᠣᠯᠪᠠᠴᠤ ᠦᠭᠡ ᠢᠨᠤ ᠥᠪᠡᠷ᠎ᠡ᠃ 
       ᠪᠠ ᡂᠢ ᠰᠢ-ᠡᠨᠡ ᠤᠯᠤᠰ ᠲᠤᠷ ᠴᠥᠮ ᠮᠣᠳᠣ ᠰᠢᠭᠤᠢ ᠶ᠋ᠢᠨ ᠳᠣᠲᠣᠷ᠎ᠠ ᠲᠠᠷᠢᠶ᠎ᠠ ᠲᠠᠷᠢᠵᠤ ᠠᠮᠢᠳᠤᠷᠠᠵᠤ ᠰᠠᠭᠤᠮᠤᠢ᠃ ᠪᠠᠰᠠ ᠮᠣᠷᠢ ᠭᠠᠷᠤᠮᠤᠢ᠃ ᠢᠩ ᠲᠢᠶᠠᠨ ᠹᠦ ᠳ᠋ᠦ᠍ᠷ ᠬᠦᠷᠲᠡᠯ᠎ᠡ ᠮᠣᠷᠢ ᠪᠠᠷ ᠨᠢᠭᠡᠨ ᠵᠢᠯ ᠶᠠᠪᠤᠮᠤᠢ᠃ 
       ᠹᠦ᠋ᠸᠧ ᠯᠦᠸᠧ ᠱᠢ ᠭᠦᠸᠧ-ᠡᠨᠡ ᠤᠯᠤᠰ ᠤ᠋ᠨ ᠬᠥᠮᠦᠨ ᠬᠠᠷᠢᠯᠴᠠᠨ ᠡᠶ᠎ᠡ ᠨᠠᠢᠷ ᠲᠠᠢ᠂ ᠨᠣᠬᠠᠢ ᠶ᠋ᠢᠨ ᠲᠣᠯᠣᠭᠠᠢ ᠰᠠᠮᠵᠡᠨ ᠦ᠌ ᠴᠢᠷᠠᠢ ᠲᠠᠢ᠂ ᠡᠷ᠎ᠡ ᠡᠮ᠎ᠡ ᠡᠳᠦᠷ ᠰᠥᠨᠢ ᠦᠭᠡᠢ ᠳᠠᠭᠤᠯᠠᠨ ᠪᠥᠵᠢᠭᠯᠡᠵᠦ᠂ ᠨᠡᠢᠲᠡ ᠨᠠᠢ᠍ᠮᠠᠨ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠲᠣᠷ ᠵᠠᠭᠠᠨ ᠤ᠋ ᠶᠠᠰᠤᠨ ᠢ᠋ ᠪᠠᠷᠢᠵᠤ ᠨᠠᠭᠠᠳᠤᠯᠴᠠᠵᠤ ᠵᠢᠷᠭᠠᠯᠳᠤᠮᠤᠢ᠂ ᠴᠣᠬᠢᠯᠳᠤᠵᠤ ᠨᠠᠭᠠᠳᠤᠮᠤᠢ᠃ 
       ᠾᠦᠢ ᠾᠦᠢ ᠭᠦᠸᠧ-ᠡᠨᠡ ᠤᠯᠤᠰ ᠲᠤᠷ ᠬᠣᠲᠠ ᠪᠠᠯᠭᠠᠳ ᠪᠠ ᠤᠷᠲᠤ ᠬᠠᠷᠰᠢ ᠭᠡᠷ ᠬᠦᠷᠢᠶ᠎ᠡ ᠬᠢᠭᠡᠳ ᠲᠠᠷᠢᠶ᠎ᠠ ᠲᠥᠮᠥᠰᠥ ᠠᠳᠤᠭᠤ ᠮᠠᠯ ᠪᠦᠷᠢᠨ᠎ᠡ ᠪᠣᠢ᠂ᠬᠤᠳᠠᠯᠳᠤᠭ᠎ᠠ ᠠᠷᠠᠯᠵᠢᠶ᠎ᠠ ᠠᠨᠤ ᠮᠠᠨ ᠤ᠋ ᠵᠢᠶᠠᠩ ᠨᠠᠨ ᠵᠢᠩ ᠸᠧᠢ ᠶ᠋ᠢᠨ ᠭᠠᠵᠠᠷ ᠯᠤᠬ᠎ᠠ ᠠᠳᠠᠯᠢ᠂ ᠠᠭᠤᠷ ᠠᠮᠢᠰᠬᠤᠯ ᠥᠪᠡᠷ᠎ᠡ᠃ 
       ᠠᠨ ᠯᠢ ᠴᠧ ᠯᠦ᠍-ᠡᠨᠡ ᠤᠯᠤᠰ ᠲᠤᠷ ᠠᠭᠤᠯᠠ ᠮᠣᠳᠣ ᠵᠠᠯᠭᠠᠯᠳᠤᠵᠤ᠂ ᠬᠣᠲᠠ ᠪᠠᠯᠭᠠᠳ ᠪᠠᠢᠭᠤᠯᠵᠤ ᠲᠠᠷᠢᠶ᠎ᠠ ᠲᠥᠮᠥᠰᠥ ᠲᠠᠷᠢᠵᠤ᠂ ᠢᠳᠡᠭᠡᠨ ᠤᠮᠳᠠᠭᠠᠨ ᠠᠨᠤ ᠪᠠᠰᠠ ᠭᠠᠯ ᠢ᠋ᠶ᠋ᠠᠷ ᠪᠣᠯᠭᠠᠨ ᠢᠳᠡᠮᠦᠢ᠃ ᠢᠩ ᠲᠢᠶᠠᠨ ᠹᠦ ᠳ᠋ᠦ᠍ᠷ ᠮᠣᠷᠢ ᠪᠠᠷ ᠨᠢᠭᠡᠨ ᠵᠢᠯ ᠶᠠᠪᠤᠵᠤ ᠬᠥᠷᠥᠮᠦᠢ᠃ 
        ᠡᠦ ᠪᠧᠢ ᠭᠦᠸᠧ-ᠡᠨᠡ ᠤᠯᠤᠰ ᠬᠣᠢᠲᠤ ᠳᠠᠯᠠᠢ ᠳ᠋ᠤᠷ ᠪᠣᠢ᠂ ᠬᠥᠮᠦᠨ ᠢᠨᠤ ᠮᠥᠷᠥ ᠦᠭᠡᠢ ᠭᠡᠳᠡᠰᠦ ᠬᠣᠳᠣᠭᠣᠳᠣ ᠦᠭᠡᠢ᠂ ᠰᠢᠷᠣᠢ ᠶ᠋ᠢ ᠠᠮᠰᠠᠵᠤ ᠠᠮᠢᠳᠤᠷᠠᠭᠠᠳ ᠨᠦᠬᠡ ᠶ᠋ᠢᠨ ᠭᠡᠷ ᠲᠦ᠍ᠷ ᠰᠠᠭᠤᠵᠤ᠂ ᠦᠬᠦᠭᠡᠳ ᠭᠠᠵᠠᠷ ᠲᠤᠷ ᠪᠤᠯᠠᠪᠠᠴᠤ ᠢᠯᠵᠠᠷᠠᠨ ᠡᠪᠳᠡᠷᠡᠬᠦ ᠦᠭᠡᠢ ᠪᠥᠭᠡᠳ ᠵᠠᠭᠤᠨ ᠣᠨ ᠤ ᠬᠣᠵᠢᠮ ᠪᠠᠰᠠ ᠬᠤᠪᠢᠯᠵᠤ ᠬᠥᠮᠦᠨ ᠪᠣᠯᠤᠮᠤᠢ᠃ ᠠᠭᠤᠰᠬᠢ ᠢᠯᠵᠠᠷᠠᠪᠠᠰᠤ ᠨᠢᠭᠡᠨ ᠵᠠᠭᠤᠨ ᠬᠣᠷᠢᠨ ᠵᠢᠯ ᠳ᠋ᠦ᠍ᠷ ᠬᠥᠮᠦᠨ ᠪᠣᠯᠤᠮᠤᠢ᠂ ᠬᠡᠷᠪᠡ ᠡᠯᠢᠭᠡ ᠡᠰᠡ ᠢᠯᠵᠠᠷᠠᠪᠠᠰᠤ ᠨᠢᠭᠡᠨ ᠵᠢᠯ ᠳ᠋ᠦ᠍ᠷ ᠪᠠᠰᠠ ᠬᠦ ᠠᠮᠢᠳᠤ ᠬᠥᠮᠦᠨ ᠪᠣᠯᠤᠮᠤᠢ᠃ 
       ᠴᠤᠸᠠᠨ ᠰᠢᠶᠦ᠋ᠩ ᠭᠦᠸᠧ-ᠡᠨᠡ ᠤᠯᠤᠰ ᠤ᠋ᠨ ᠬᠥᠮᠦᠨ ᠦ᠌ ᠬᠡᠬᠦᠳᠡᠭ ᠲᠣᠷ ᠴᠣᠭᠣᠷᠣᠬᠠᠢ ᠪᠣᠢ᠂ ᠡᠷᠬᠢᠮ ᠬᠥᠮᠦᠨ ᠲᠡᠷᠡ ᠴᠣᠭᠣᠷᠣᠬᠠᠢ ᠳ᠋ᠤᠷ ᠮᠣᠳᠣ ᠬᠢᠵᠦ ᠳᠠᠮᠨᠠᠭᠤᠯᠤᠨ ᠶᠠᠪᠤᠮᠤᠢ᠃ 
       ᠪᠦ ᠽᠢ ᠭᠦᠸᠧ-ᠡᠨᠡ ᠤᠯᠤᠰ ᠴᠤᠸᠠᠨ ᠰᠢᠶᠦ᠋ᠩ ᠭᠦᠸᠧ ᠤᠯᠤᠰ ᠤ᠋ᠨ ᠵᠡᠭᠦᠨ ᠪᠡᠶ᠎ᠡ ᠳ᠋ᠦ᠍ᠷ ᠪᠣᠢ᠂ ᠬᠥᠮᠦᠨ ᠢᠨᠣ ᠮᠠᠰᠢ ᠬᠠᠷᠠᠩᠭᠤᠢ ᠪᠤᠷᠤᠩᠬᠤᠢ᠂ ᠬᠡᠭᠡᠷ᠎ᠡ ᠭᠠᠳᠠᠨ᠎ᠠ ᠰᠢᠷᠣᠢ ᠣᠪᠣᠭᠠᠯᠠᠵᠤ ᠭᠡᠷ ᠬᠢᠮᠦᠢ᠃ ᠬᠥᠮᠦᠨ ᠢᠨᠦ ᠬᠡᠭᠡᠷ᠎ᠡ ᠶ᠋ᠢᠨ ᠬᠥᠮᠦᠨ ᠮᠡᠲᠦ᠂ ᠲᠥᠷᠥᠪᠡᠰᠦ ᠮᠠᠭᠠᠳ ᠮᠢᠩᠭᠠᠨ ᠨᠠᠰᠤᠯᠠᠮᠤᠢ᠃ 
       ᠲᠢᠶᠧ ᠳ᠋ᠦᠩ-ᠡᠨᠡ ᠤᠯᠤᠰ ᠲᠤᠷ ᠰᠠᠢᠨ ᠳᠣᠪᠲᠣᠯᠤᠭᠴᠢ ᠬᠤᠷᠳᠤᠨ ᠮᠣᠷᠢ ᠭᠠᠷᠤᠮᠤᠢ᠂ ᠢᠩ ᠲᠢᠶᠠᠨ ᠹᠦ ᠳ᠋ᠦ᠍ᠷ ᠬᠦᠷᠴᠦ ᠢᠷᠡᠲᠡᠯ᠎ᠡ ᠭᠤᠷᠪᠠᠨ ᠰᠠᠷ᠎ᠠ ᠶᠠᠪᠤᠮᠤᠢ᠃ 
       ᠴᠠᠩ ᠿᠧᠨ ᠭᠦᠸᠧ-ᠡᠨᠡ ᠤᠯᠤᠰ ᠤ᠋ᠨ ᠬᠥᠮᠦᠨ ᠭᠤᠷᠪᠠ ᠳᠥᠷᠪᠡᠨ ᠵᠠᠩ ᠥᠨᠳᠥᠷ᠂ ᠡᠷᠲᠡ ᠢᠩ ᠵᠧᠦ ᠭᠠᠵᠠᠷ ᠤ᠋ᠨ ᠬᠣᠶᠠᠷ ᠬᠥᠮᠦᠨ ᠣᠩᠭᠣᠴᠠᠨ ᠳ᠋ᠤᠷ ᠰᠠᠭᠤᠵᠤ ᠶᠠᠪᠤᠭᠰᠠᠭᠠᠷ ᠶᠡᠬᠡ ᠰᠠᠯᠬᠢᠨ ᠮᠠᠨᠠᠨ ᠳ᠋ᠤᠷ ᠲᠥᠭᠡᠷᠢᠵᠦ᠂ ᠨᠢᠭᠡᠨ ᠡᠷᠭᠢ ᠶ᠋ᠢᠨ ᠢᠷᠣᠭᠠᠷ ᠬᠦᠷᠴᠦ᠂ ᠠᠭᠤᠯᠠᠨ ᠳ᠋ᠤᠷ ᠭᠠᠷᠴᠤ ᠬᠠᠭᠤᠷᠠᠢ ᠲᠦᠯᠡᠭᠡ ᠠᠪᠬᠤᠢ ᠳ᠋ᠤᠷ ᠭᠡᠨᠡᠳᠲᠡ ᠨᠢᠭᠡᠨ ᠬᠡᠮᠵᠢᠶ᠎ᠡ ᠦᠭᠡᠢ ᠥᠨᠳᠥᠷ ᠬᠥᠮᠦᠨ ᠬᠣᠯᠠ ᠠ᠋ᠴᠠ ᠢᠷᠡᠬᠦ ᠢᠨᠣ ᠨᠢᠰᠬᠦ ᠮᠡᠲᠦ ᠲᠦᠷᠭᠡᠨ᠂ ᠡᠨᠡ ᠬᠣᠶᠠᠷ ᠬᠥᠮᠦᠨ ᠠᠶᠤᠵᠤ ᠶᠠᠭᠠᠷᠠᠨ ᠣᠩᠭᠣᠴᠠᠨ ᠳ᠋ᠤᠷ ᠭᠠᠷᠴᠤ᠂ ᠳᠡᠭᠡᠰᠦ ᠪᠡᠨ ᠲᠠᠲᠠᠭᠠᠳ ᠳᠠᠯᠪᠠᠭ᠎ᠠ ᠪᠠᠨ ᠪᠠᠭᠤᠯᠭᠠᠨ ᠶᠠᠪᠤᠬᠤᠢ ᠳ᠋ᠤᠷ ᠡᠨᠡ ᠥᠨᠳᠥᠷ ᠬᠥᠮᠦᠨ ᠪᠠᠰᠠ ᠳᠠᠯᠠᠢ ᠳ᠋ᠤᠷ ᠣᠷᠣᠵᠤ ᠬᠥᠭᠡᠭᠡᠨ ᠢᠷᠡᠬᠦᠢ ᠳ᠋ᠦ᠍ᠷ ᠭᠦᠢᠴᠡᠬᠦ ᠰᠢᠬᠠᠭᠰᠠᠨ ᠳ᠋ᠤᠷ ᠠᠷᠭ᠎ᠠ ᠦᠭᠡᠢ ᠨᠤᠮᠤ ᠰᠤᠮᠤ᠂ ᠫᠤᠤ ᠪᠠᠷ ᠬᠠᠷᠪᠤᠵᠤ᠂ ᠳᠤᠲᠠᠭᠠᠨ ᠭᠠᠷᠴᠤ ᠢᠷᠡᠭᠡᠳ ᠰᠠᠶᠢ ᠮᠤᠯᠲᠤᠷᠠᠨ ᠭᠠᠷᠴᠤ ᠴᠢᠳᠠᠵᠤᠬᠤᠢ᠃  
       ᠶᠢᠨ ᠹᠥᠸᠸ ᠭᠦᠸᠧ-ᠡᠨᠡ ᠤᠯᠤᠰ ᠵᠡᠭᠦᠨ ᠡᠮᠦᠨ᠎ᠡ ᠳᠠᠯᠠᠢ ᠳ᠋ᠤᠷ ᠪᠣᠢ᠂ ᠬᠡᠭᠡᠷ᠎ᠡ ᠶ᠋ᠢᠨ ᠵᠢᠭᠦᠷᠲᠡᠨ ᠡᠯᠪᠡᠭ᠂ ᠮᠠᠨ ᠬᠤᠯᠠᠭᠠᠢ ᠶ᠋ᠢᠨ ᠰᠠᠭᠤᠭᠰᠠᠨ ᠭᠠᠵᠠᠷ ᠮᠥᠨ᠃ ᠲᠡᠷᠡ ᠭᠠᠵᠠᠷ ᠢ᠋ ᠪᠠᠰᠠ ᠮᠠᠨ ᠯᠦᠸᠧ ᠿᠦ᠍ ᠬᠡᠮᠡᠮᠦᠢ᠃ ᠬᠤᠳᠠᠯᠳᠤᠭᠠᠨ ᠤ᠋ ᠣᠩᠭᠣᠴᠠ ᠲᠡᠷᠡ ᠭᠠᠵᠠᠷ ᠬᠦᠷᠪᠡᠰᠦ ᠰᠦᠷᠦᠭᠯᠡᠨ ᠢᠷᠡᠵᠦ ᠪᠠᠷᠢᠵᠤ ᠠᠪᠠᠴᠢᠭᠠᠳ ᠬᠤᠯᠤᠰᠤ ᠪᠠᠷ ᠬᠠᠪᠴᠢᠵᠤ ᠰᠢᠷᠠᠵᠤ ᠢᠳᠡᠭᠡᠳ ᠲᠡᠷᠡ ᠬᠥᠮᠦᠨ ᠦ᠌ ᠭᠠᠪᠠᠯᠠ ᠪᠠᠷ ᠰᠠᠪᠠ ᠰᠠᠭᠠᠯᠢ ᠬᠢᠮᠦᠢ᠃ ᠡᠴᠢᠭᠡ ᠡᠬᠡ ᠪᠡᠨ ᠡᠳᠦᠷ ᠪᠦᠷᠢ ᠦᠬᠦᠲᠦᠭᠡᠢ ᠭᠡᠮᠡᠨ ᠵᠦᠬᠡᠨ ᠬᠠᠷᠢᠶᠠᠭᠰᠠᠭᠠᠷ ᠬᠡᠷᠪᠡ ᠦᠬᠦᠪᠡᠰᠦ ᠳᠠᠷᠤᠢ ᠬᠡᠩᠭᠡᠷᠭᠡ ᠴᠣᠬᠢᠵᠤ ᠠᠢᠯ ᠠᠢᠮᠠᠭ ᠤᠷᠤᠭ ᠰᠠᠳᠤᠨ ᠢ᠋ᠶ᠋ᠠᠨ ᠴᠤᠭᠯᠠᠭᠤᠯᠵᠤ ᠪᠦᠭᠦᠳᠡᠭᠡᠷ ᠮᠢᠬ᠎ᠠ ᠶ᠋ᠢ ᠠᠨᠤ ᠢᠳᠡᠯᠴᠡᠮᠦᠢ ᠃ ᠦᠨᠡᠬᠡᠷ ᠬᠥᠮᠦᠨ ᠦ᠌ ᠬᠡᠯᠬᠢᠶ᠎ᠡ ᠳ᠋ᠦ᠍ᠷ ᠦᠯᠢᠳᠬᠡᠵᠦ ᠪᠣᠯᠬᠤ ᠦᠭᠡᠢ ᠪᠣᠢ ‍ᠶ᠎ᠠ᠃ 
       ᠸᠠᠩ ᠯᠢᠶᠠᠨ ᠯᠦ᠍ ᠮᠠᠨ-ᠡᠨᠡ ᠤᠯᠤᠰ ᠤ᠋ᠨ ᠦᠭᠡ ᠠᠶᠠᠰ ᠢ᠋ ᠮᠡᠳᠡᠬᠦᠶ᠎ᠡ ᠪᠡᠷᠬᠡ᠂ ᠪᠠᠰᠠ ᠲᠠᠷᠢᠶ᠎ᠠ ᠲᠥᠮᠥᠰᠥ ᠲᠠᠷᠢᠵᠤ᠂ ᠮᠣᠷᠢ ᠯᠠᠭᠤᠰᠠ ᠭᠠᠷᠤᠮᠤᠢ ᠃ ᠢᠩ ᠲᠢᠶᠠᠨ ᠹᠦ ᠳ᠋ᠦ᠍ᠷ ᠬᠦᠷᠴᠦ ᠢᠷᠡᠲᠡᠯ᠎ᠡ ᠮᠣᠷᠢ ᠪᠠᠷ ᠨᠢᠭᠡᠨ ᠵᠢᠯ ᠶᠠᠪᠤᠮᠤᠢ᠃ 
       ᠾᠧ ᠴᠢᠨ ᠳ᠋ᠠᠨ-ᠬᠣᠲᠠ ᠪᠠᠯᠭᠠᠳ ᠪᠠᠢᠮᠤᠢ᠂ ᠬᠥᠮᠦᠨ ᠠᠮᠢᠲᠠᠨ ᠵᠤᠵᠠᠭᠠᠨ᠂ ᠠᠯᠲᠠᠨ ᠤᠯᠤᠰ ᠤ᠋ᠨ ᠮᠠ᠋ ᠱᠢ ᠬᠡᠮᠡᠭᠴᠢ ᠬᠥᠮᠦᠨ ᠲᠡᠷᠡ ᠭᠠᠵᠠᠷ ᠲᠤᠷ ᠬᠦᠷᠴᠦᠬᠦᠢ᠂ ᠢᠩ ᠲᠢᠶᠠᠨ ᠹᠦ ᠬᠦᠷᠲᠡᠯ᠎ᠡ ᠮᠣᠷᠢ ᠪᠠᠷ ᠨᠢᠭᠡ ᠵᠢᠯ ᠶᠠᠪᠤᠮᠤᠢ᠃ 
       ᠡᠦ ᠱᠢ ᠮᠠᠨ-ᠲᠡᠷᠡ ᠤᠯᠤᠰ ᠤ᠋ᠨ ᠬᠥᠮᠦᠨ ᠡᠴᠢᠭᠡ ᠡᠬᠡ ᠦᠬᠦᠬᠦᠢ ᠳ᠋ᠦ᠍ᠷ ᠬᠥᠪᠡᠭᠦᠨ ᠢᠨᠦ ᠬᠡᠩᠭᠡᠷᠭᠡ ᠴᠣᠬᠢᠵᠤ ᠤᠬᠢᠯᠠᠨ ᠳᠠᠭᠤᠯᠠᠵᠤ᠂ ᠤᠷᠤᠭ ᠰᠠᠳᠤᠨ ᠢ᠋ᠶ᠋ᠠᠨ ᠴᠤᠭᠯᠠᠭᠤᠯᠤᠨ ᠬᠥᠷᠥᠩᠭᠡ ᠳ᠋ᠦ᠍ᠷ ᠬᠦᠷᠲᠡᠯ᠎ᠡ ᠪᠡᠯᠪᠡᠰᠦᠷᠡᠨ ᠠᠪᠰᠠ ᠡᠯ᠎ᠡ ᠵᠦᠢᠯ ᠢ᠋ ᠡᠷᠬᠡᠪᠰᠢ ᠶᠣᠰᠣᠴᠢᠯᠠᠨ ᠬᠢᠵᠦ᠂ ᠶᠡᠬᠡ ᠮᠥᠷᠡᠨ ᠦ᠌ ᠥᠨᠳᠥᠷ ᠭᠠᠵᠠᠷ ᠠᠪᠠᠴᠢᠵᠤ ᠤᠰᠤᠨ ᠳ᠋ᠤᠷ ᠲᠤᠩᠭᠠᠨ ᠬᠢᠵᠦ᠂ ᠬᠡᠦᠬᠡᠳ ᠠᠴᠢᠷ ᠭᠤᠷᠪᠠᠨ ᠣᠨ ᠳᠠᠬᠢᠵᠤ ᠴᠡᠭᠡᠷᠯᠡᠵᠦ ᠲᠡᠮᠳᠡᠭ ᠪᠣᠯᠭᠠᠮᠤᠢ᠃ 
       ᠰᠢᠶᠣᠤ ᠿᠸᠨ ᠭᠦᠸᠧ-ᠡᠨᠡ ᠤᠯᠤᠰ ᠤ᠋ᠨ ᠵᠡᠭᠦᠨ ᠪᠡᠶ᠎ᠡ ᠳ᠋ᠦ᠍ᠷ ᠶᠢᠰᠦᠨ ᠢᠮᠠᠬᠤ ᠶ᠋ᠢᠨ ᠴᠢᠨᠡᠭᠡᠨ ᠪᠡᠶ᠎ᠡ ᠲᠡᠢ ᠬᠥᠮᠦᠨ ᠢ᠋ ᠤᠷᠲᠤᠳᠠ ᠳᠠᠯᠠᠢ ᠶ᠋ᠢᠨ ᠲᠣᠭᠣᠷᠤᠤ ᠴᠤ᠌ ᠪᠠᠷᠢᠵᠤ ᠢᠳᠡᠳᠡᠭ ᠲᠤᠯᠠ ᠭᠠᠵᠠᠷ ᠢ᠋ᠶ᠋ᠠᠷ ᠬᠡᠷᠬᠢᠪᠡᠴᠦ ᠠᠶᠤᠵᠤ ᠶᠠᠪᠤᠬᠤ ᠦᠭᠡᠢ᠃ 
       ᠠ ᠰᠦᠨ ᠭᠦᠸᠧ-ᠡᠨᠡ ᠤᠯᠤᠰ ᠤ᠋ᠨ ᠬᠥᠮᠦᠨ ᠭᠤᠷᠪᠠᠨ ᠬᠤᠷᠤᠭᠤ ᠲᠠᠢ᠂ ᠨᠢᠭᠡᠨ ᠭᠡᠷ ᠲᠦ᠍ᠷ ᠭᠤᠷᠪᠠᠨ ᠬᠡᠯᠬᠢᠶ᠎ᠡ ᠪᠣᠢ᠂ ᠪᠠᠰᠠ ᠲᠡᠷᠢᠭᠦᠨ ᠢ᠋ ᠵᠠᠬᠢᠷᠤᠨ ᠳᠠᠷᠤᠬᠤ ᠲᠣᠯᠣᠭᠠᠢ ᠪᠣᠢ᠂ ᠪᠡᠶ᠎ᠡ ᠳ᠋ᠦ᠍ᠷ ᠴᠥᠮ ᠤᠷᠲᠤ ᠦᠰᠦ ᠤᠷᠭᠤᠵᠤ᠂ ᠤᠷᠲᠤᠳᠠ ᠭᠠᠷᠴᠤ ᠢᠷᠡᠭᠡᠳ ᠵᠠᠭᠤᠨ ᠣᠪᠣᠭᠲᠠᠨ ᠢ᠋ ᠦᠢᠮᠡᠭᠦᠯᠦᠨ ᠬᠣᠣᠷᠯᠠᠮᠤᠢ᠂ ᠨᠡᠷ᠎ᠡ ᠶ᠋ᠢ ᠡᠨᠡ ᠭᠤᠷᠪᠠᠨ ᠬᠤᠷᠤᠭᠤᠲᠤ ᠮᠠ ᠽᠢ ᠬᠡᠮᠡᠮᠦᠢ᠃ 
       ᠢ ᠪᠧᠢ ᠭᠦᠸᠧ-ᠡᠨᠡ ᠤᠯᠤᠰ ᠪᠠᠷᠠᠭᠤᠨ ᠳᠠᠯᠠᠢ ᠶ᠋ᠢᠨ ᠬᠣᠢᠲᠤ ᠪᠣᠢ᠂ ᠲᠡᠷᠡ ᠭᠠᠵᠠᠷ ᠤ᠋ᠨ ᠬᠥᠮᠦᠨ ᠬᠠᠭᠠᠰ ᠪᠡᠶ᠎ᠡ ᠲᠡᠢ᠂ ᠨᠢᠭᠡᠨ ᠨᠢᠳᠦ᠂ ᠨᠢᠭᠡᠨ ᠭᠠᠷ᠂ ᠨᠢᠭᠡᠨ ᠬᠥᠯ ᠲᠡᠢ᠂ ᠣᠨᠴᠠ ᠬᠣᠶᠠᠷ ᠬᠥᠮᠦᠨ ᠬᠠᠷᠢᠯᠴᠠᠨ ᠬᠠᠪᠰᠤᠵᠤ ᠬᠠᠰ ᠪᠢᠯᠵᠤᠤᠬᠠᠢ ᠪᠠ ᠬᠠᠰ ᠵᠢᠭᠠᠰᠤ ᠮᠡᠲᠦ ᠬᠠᠪᠰᠤᠵᠤ ᠨᠡᠢᠯᠡᠭᠡᠳ ᠰᠠᠶᠢ ᠶᠠᠪᠤᠵᠤ ᠴᠢᠳᠠᠮᠤᠢ᠃ 
       ᠨᠢᠦᠢ ᠿᠸᠡ ᠭᠦᠸᠧ-ᠡᠨᠡ ᠤᠯᠤᠰ ᠤ᠋ᠨ ᠬᠥᠮᠦᠨ ᠵᠡᠭᠦᠨ ᠬᠣᠢᠲᠤ ᠳᠠᠯᠠᠢ ᠶ᠋ᠢᠨ ᠬᠣᠢᠭ ᠲᠤᠷ ᠪᠣᠢ᠂ ᠲᠡᠷᠡ ᠤᠯᠤᠰ ᠲᠤᠷ᠂ ᠡᠷ᠎ᠡ ᠬᠥᠮᠦᠨ ᠲᠥᠷᠥᠬᠦ ᠦᠭᠡᠢ᠂ ᠡᠬᠡᠨᠡᠷ ᠬᠥᠮᠦᠨ ᠨᠠᠰᠤᠨ ᠳ᠋ᠤᠷ ᠬᠦᠷᠪᠡᠰᠦ ᠬᠤᠳᠳᠤᠭ ᠱᠠᠭᠠᠢᠵᠤ ᠵᠢᠷᠮᠦᠰᠦᠨ ᠪᠣᠯᠤᠭᠠᠳ ᠲᠦᠷᠦᠪᠡᠰᠦ ᠪᠠᠰᠠ ᠬᠦ᠌ ᠥᠬᠢᠨ ᠲᠦᠷᠦᠮᠦᠢ᠃ 
       ᠬᠠ ᠮᠢ ᠭᠦᠸᠧ-ᠡᠨᠡ ᠤᠯᠤᠰ᠂ ᠰᠢ ᠹᠠᠨ ᠤᠯᠤᠰ ᠤ᠋ᠨ ᠪᠠᠷᠠᠭᠤᠨ᠂ ᠭᠦᠸᠧ ᠵᠧᠦ ᠤᠯᠤᠰ ᠤ᠋ᠨ ᠵᠡᠭᠦᠨ ᠳ᠋ᠦ᠍ ᠪᠣᠢ᠂ ᠬᠣᠲᠣᠩ ᠤᠯᠤᠰ ᠯᠤᠭ᠎ᠠ ᠠᠳᠠᠯᠢ ᠰᠢᠭ᠋᠂ ᠴᠢᠩᠭᠢᠰ ᠬᠠᠭᠠᠨ ᠤ᠋ ᠬᠣᠶᠠᠳᠤᠭᠠᠷ ᠲᠠᠢᠽᠢ ᠴᠠᠭᠠᠲᠠᠢ ᠴᠢᠨ ᠸᠠᠩ ᠡᠨᠡ ᠤᠯᠤᠰ ᠢ᠋ ᠡᠵᠡᠯᠡᠵᠦᠬᠦᠢ᠃ 
       ᠳᠡ ᠹᠠ ᠭᠦᠸᠧ-ᠡᠨᠡ ᠤᠯᠤᠰ ᠵᠡᠭᠦᠨ ᠡᠮᠦᠨ᠎ᠡ ᠳᠠᠯᠠᠢ ᠶ᠋ᠢᠨ ᠬᠣᠢᠭ ᠲᠤᠷ ᠪᠣᠢ᠂ ᠡᠷᠲᠡᠨ ᠦ᠌ ᠵᠧ ᠫᠦᠸᠧ ᠬᠡᠮᠡᠬᠦ ᠭᠠᠵᠠᠷ ᠮᠥᠨ᠂ ᠮᠠᠨ ᠵᠢᠶᠧ ᠵᠧᠦ ᠶ᠋ᠢᠨ ᠵᠠᠮ ᠢ᠋ᠶ᠋ᠠᠷ ᠣᠩᠭᠣᠴᠠ ᠪᠠᠷ ᠶᠠᠪᠤᠪᠠᠰᠤ ᠨᠢᠭᠡᠨ ᠰᠠᠷ᠎ᠠ ᠳ᠋ᠤᠷ ᠳᠠᠷᠤᠢ ᠡᠨᠡ ᠤᠯᠤᠰ ᠲᠤᠷ ᠭᠦᠷᠦᠮᠦᠢ᠂ ᠴᠠᠰᠤ ᠬᠢᠷᠠᠭᠤ ᠦᠭᠡᠢ᠂ ᠳᠥᠷᠪᠡᠨ ᠴᠠᠭ ᠡᠭᠦᠷᠢ ᠳᠤᠯᠠᠭᠠᠨ᠂ ᠲᠡᠷᠡ ᠭᠠᠵᠠᠷ ᠠᠨᠤ ᠰᠤᠮᠤ ᠮᠣᠳᠣ᠂ ᠬᠤᠤᠵᠤᠤ ᠶ᠋ᠢᠨ ᠵᠦᠢᠯ ᠭᠠᠷᠤᠮᠤᠢ᠂ ᠤᠯᠤᠰ ᠲᠤᠷ ᠬᠣᠲᠠ ᠪᠠᠯᠭᠠᠳ ᠦᠭᠡᠢ᠂ ᠬᠣᠭᠣᠷᠣᠨᠳᠣ ᠶ᠋ᠢᠨ ᠬᠦᠦ ᠰᠠᠩ ᠦᠭᠡᠢ᠂ ᠴᠠᠭ ᠦᠶ᠎ᠡ ᠳ᠋ᠦ᠍ᠷ ᠲᠡᠳᠡᠨ ᠦ᠌ ᠴᠡᠷᠢᠭ ᠦ᠋ᠨ ᠣᠯᠠᠨ ᠢ᠋ ᠴᠢᠭᠤᠯᠤᠭᠤᠯᠤᠨ ᠴᠡᠷᠢᠭ ᠦ᠋ᠨ ᠡᠷᠳᠡᠮ ᠢ᠋ ᠰᠤᠷᠤᠯᠴᠠᠭᠤᠯᠵᠤ᠂ ᠰᠠᠢᠨ ᠰᠤᠷᠤᠭᠰᠠᠨ ᠳ᠋ᠤᠷ ᠬᠦᠨᠳᠦ ᠱᠠᠩ ᠥᠭᠭᠦᠮᠦᠢ᠂ ᠱᠠᠩ ᠣᠯᠤᠭᠰᠠᠳ ᠤ᠋ᠨ ᠤᠷᠤᠭ ᠲᠥᠷᠥᠯ ᠪᠦᠭᠦᠳᠡᠭᠡᠷ ᠪᠠᠶᠠᠷ ᠬᠢᠮᠦᠢ᠂ ᠡᠴᠢᠭᠡ ᠡᠬᠡ ᠡᠮ᠎ᠡ ᠦᠷ᠎ᠡ ᠠᠨᠤ ᠪᠣᠯᠪᠠᠴᠤ ᠥᠴᠦᠬᠡᠨ ᠴᠦ᠍ ᠬᠠᠢᠬᠤᠷᠬᠤ ᠦᠭᠡᠢ ᠪᠣᠯᠤᠮᠤᠢ᠃ ᠤᠰᠤ ᠤᠤᠭᠤᠬᠤᠢ ᠳ᠋ᠤᠷ ᠶᠡᠬᠡ ᠨᠠᠪᠴᠢ ᠪᠠᠷ ᠬᠤᠮᠬᠢᠵᠤ ᠤᠤᠭᠤᠮᠤᠢ᠂ ᠢᠳᠡᠰᠢ ᠢᠳᠡᠪᠡᠰᠦ ᠭᠠᠷ ᠢ᠋ᠶ᠋ᠠᠷ ᠪᠠᠵᠠᠨ ᠤᠷᠠᠵᠤ ᠢᠳᠡᠮᠦᠢ᠂ ᠬᠤᠷᠢᠮ ᠴᠢᠭᠤᠯᠭᠠᠨ ᠳ᠋ᠤᠷ ᠪᠣᠯᠪᠠᠰᠤ ᠡᠷ᠎ᠡ ᠡᠮ᠎ᠡ ᠵᠢᠭᠤᠷᠠᠯᠳᠤᠨ ᠪᠠᠷᠢᠯᠳᠤᠵᠤ᠂ ᠪᠡᠶᠡᠰᠦᠨ ᠢᠨᠢᠶᠡᠯᠴᠡᠵᠦ ᠰᠣᠭᠲᠣᠲᠠᠯ᠎ᠠ ᠤᠤᠭᠤᠯᠴᠠᠮᠤᠢ᠂ ᠡᠪᠡᠰᠦ ᠬᠣᠷᠣᠬᠠᠢ ᠶ᠋ᠢᠨ ᠵᠦᠢᠯ ᠢ᠋ ᠴᠥᠮ ᠴᠢᠨᠠᠵᠤ ᠢᠳᠡᠮᠦᠢ᠃ ᠡᠬᠡᠨᠡᠷ ᠥᠬᠢᠳ ᠡᠷ᠎ᠡ ᠳ᠋ᠦ᠍ᠷ ᠭᠠᠷᠪᠠᠰᠤ ᠪᠦᠭᠦᠳᠡᠭᠡᠷ ᠢᠷᠡᠵᠦ ᠡᠳ᠋ ᠠᠭᠤᠷᠠᠰᠤᠨ ᠢ᠋ᠶ᠋ᠠᠷ ᠬᠠᠪᠰᠤᠷᠤᠮᠤᠢ᠂ ᠦᠬᠦᠯ ᠵᠣᠪᠠᠯᠠᠩ ᠳ᠋ᠤᠷ ᠪᠣᠯᠪᠠᠰᠤ ᠴᠥᠮ ᠬᠡᠷᠡᠭᠰᠡᠬᠦ ᠦᠭᠡᠢ᠂ ᠬᠡᠳᠦᠨ ᠡᠳᠦᠷ ᠲᠦ᠍ ᠠᠪᠠᠴᠢᠵᠤ ᠭᠡᠭᠡᠮᠦᠢ᠃ 
       ᠳᠡ ᠰᠢ ᠱᠢ ᠯᠦ᠍ ᠰᠧ ᠭᠦᠸᠧ-ᠡᠨᠡ ᠤᠯᠤᠰ ᠲᠤᠷ ᠨᠠᠮᠤᠷ ᠤ᠋ᠨ ᠬᠢᠷᠠᠭᠤ ᠰᠢᠭᠦᠳᠡᠷᠢ ᠤᠨᠠᠪᠠᠰᠤ ᠮᠣᠳᠣᠨ ᠤ᠋ ᠨᠠᠪᠴᠢ ᠳ᠋ᠤᠷ ᠤᠨᠠᠭᠰᠠᠨ ᠠᠨᠤ ᠨᠠᠷᠠᠨ ᠳ᠋ᠤᠷ ᠰᠢᠷᠬᠠᠳᠠᠪᠠᠰᠤ ᠬᠢᠷᠠᠭᠤᠲᠤ ᠰᠢᠬᠢᠷ ᠪᠣᠯᠤᠭᠠᠳ ᠢᠳᠡᠪᠡᠰᠦ ᠠᠷᠢᠭᠤᠨ ᠰᠡᠷᠭᠦᠯᠡᠩ ᠠᠮᠲᠠᠲᠠᠢ ᠰᠠᠢᠬᠠᠨ᠂ ᠠᠭᠤᠯᠠᠨ ᠤ᠋ ᠮᠣᠳᠣᠨ ᠤ᠋ ᠳ᠋ᠤᠷ ᠠᠨᠤ ᠴᠥᠮ ᠲᠡᠢᠮᠦ ᠪᠣᠢ᠂ ᠨᠡᠷ᠎ᠡ ᠶ᠋ᠢ ᠢᠨᠤ ᠫᠦᠸᠧ ᠬᠦ ᠬᠡᠮᠡᠮᠦᠢ᠂ ᠬᠣᠢᠲᠤ ᠵᠢᠯ ᠦ᠋ᠨ ᠭᠠᠷᠬᠤ ᠶ᠋ᠢ ᠮᠠ ᠴᠠ ᠭᠡᠮᠡᠨ ᠳᠠᠭᠤᠳᠠᠮᠤᠢ᠂ ᠭᠤᠷᠪᠠᠳᠤᠭᠠᠷ ᠵᠢᠯ ᠳ᠋ᠦ᠍ᠷ ᠭᠠᠷᠬᠤ ᠶ᠋ᠢ ᠳ᠋ᠣᠣ ᠮᠦᠸᠧ ᠱᠢ ᠽᠢ ᠭᠡᠮᠡᠨ ᠳᠠᠭᠤᠳᠠᠮᠤᠢ᠃ ᠲᠡᠷᠡ ᠭᠠᠵᠠᠷ ᠲᠤᠷ ᠠᠷᠪᠠᠢ᠂ ᠲᠤᠲᠤᠷᠭ᠎ᠠ᠂ ᠲᠠᠷᠪᠤᠰ᠂ ᠵᠢᠮᠢᠰ᠂ ᠨᠣᠭᠣᠭ᠎ᠠ᠂ ᠬᠣᠨᠢᠨ ᠤ᠋ ᠵᠡᠷᠭᠡ ᠶ᠋ᠢᠨ ᠶᠠᠭᠤᠮ᠎ᠠ ᠴᠥᠮ ᠭᠠᠷᠤᠮᠤᠢ᠃ 

      ᠡᠨᠡ ᠰᠢᠪᠠᠭᠤᠨ ᠢ᠋ ᠬᠢᠲᠠᠳ ᠢ᠋ᠶ᠋ᠠᠷ ᠶᠣᠣ ᠽᠦ᠍ ᠬᠡᠮᠡᠮᠦᠢ᠂ ᠮᠣᠩᠭᠣᠯ ᠢ᠋ᠶ᠋ᠠᠷ ᠢᠪᠡᠭᠡᠯᠲᠦ ᠭᠠᠷᠤᠳᠢ ᠬᠡᠮᠡᠮᠦᠢ᠂ ᠭᠠᠷᠤᠳᠢ ᠰᠢᠪᠠᠭᠤᠨ ᠳ᠋ᠤᠷ ᠣᠢᠷ᠎ᠠ᠂ ᠪᠠᠰᠠ ᠬᠤᠪᠢᠯᠭᠠᠨ ᠪᠣᠯᠵᠣᠮᠣᠷ ᠬᠡᠮᠡᠮᠦᠢ᠃ ᠴᠢᠩᠭᠢᠰ ᠬᠠᠭᠠᠨ ᠢ᠋ ᠬᠠᠭᠠᠨ ᠰᠠᠭᠤᠬᠤᠢ ᠳ᠋ᠤᠷ ᠴᠢᠩᠭᠢᠰ ᠴᠢᠩᠭᠢᠰ ᠭᠡᠮᠡᠨ ᠳᠤᠤᠭᠠᠷᠤᠭᠰᠠ ᠲᠠᠪᠤᠨ ᠥᠩᠭᠡ ᠶ᠋ᠢᠨ ᠪᠣᠯᠵᠣᠮᠣᠷ ᠴᠢᠯᠠᠭᠤᠨ ᠳ᠋ᠤᠷ ᠰᠠᠭᠤᠵᠤ ᠬᠠᠰ ᠭᠠᠷᠤᠭᠰᠠᠨ ᠳᠠᠷᠤᠢ ᠡᠨᠡ ᠢᠪᠡᠭᠡᠯᠲᠦ ᠭᠠᠷᠤᠳᠢ ᠮᠥᠨ᠃ ᠡᠷᠲᠡ ᠵᠧᠦ ᠤᠯᠤᠰ ᠤ᠋ᠨ ᠸᠸᠨ ᠸᠠᠩ ᠳ᠋ᠤᠷ ᠴᠢ ᠱᠠᠨ ᠠᠭᠤᠯᠠᠨ᠎ᠠ ᠤᠴᠠᠷᠠᠵᠤ ᠬᠥᠮᠦᠨ ᠦ᠌ ᠦᠭᠡ ᠪᠡᠷ 《ᠤᠯᠤᠰ ᠡᠩᠬᠡᠵᠢᠵᠦ ᠴᠢ ᠬᠠᠭᠠᠨ ᠰᠠᠭᠤᠬᠤ ᠴᠠᠭ ᠪᠣᠯᠪᠠ ! 》ᠭᠡᠮᠡᠨ ᠬᠡᠯᠡᠭᠰᠡᠨ ᠪᠥᠯᠥᠭᠡ᠃ 
       ᠵᠢᠴᠢ ᠡᠨᠡ ᠯᠤᠸᠠᠨ ᠰᠢᠪᠠᠭᠤ᠂ ᠨᠢᠦᠢ ᠵᠤᠸᠠᠩ ᠱᠠᠨ ᠠᠭᠤᠯᠠᠨ ᠳ᠋ᠤᠷ ᠴᠤ᠌ ᠠᠮᠤᠢ᠂ ᠪᠡᠶ᠎ᠡ ᠳ᠋ᠦ᠍ᠷ ᠲᠠᠪᠤᠨ ᠥᠩᠭᠡ ᠶ᠋ᠢᠨ ᠥᠳᠥ ᠰᠣᠳᠣ ᠪᠣᠢ᠂ ᠪᠠᠢᠳᠠᠯ ᠠᠨᠤ ᠮᠣᠩᠭᠣᠯ ᠢ᠋ᠶ᠋ᠠᠷ ᠪᠡᠯᠭᠡᠲᠦ ᠲᠠᠬᠢᠶ᠎ᠠ ᠬᠡᠮᠡᠮᠦᠢ᠃ ᠬᠤᠪᠢᠯᠠᠢ ᠲᠠᠬᠢᠶ᠎ᠠ ᠳ᠋ᠤᠷ ᠪᠠᠷᠤᠭᠲᠠᠢ᠂ ᠰᠡᠴᠡᠨ ᠬᠠᠭᠠᠨ ᠰᠠᠭᠤᠷᠢᠨ ᠳ᠋ᠤᠷ ᠰᠠᠭᠤᠭᠰᠠᠨ ᠳ᠋ᠤᠷ ᠰᠢ ᠢᠦᠢ ᠤᠯᠤᠰ ᠠ᠋ᠴᠠ ᠬᠦᠷᠭᠡᠵᠦ ᠢᠷᠡᠵᠦᠬᠦᠢ᠃ ᠡᠨᠡ ᠰᠢᠪᠠᠭᠤ ᠭᠠᠷᠪᠠᠰᠤ ᠳᠡᠯᠡᠬᠡᠢ ᠳ᠋ᠠᠬᠢᠨ ᠶᠡᠬᠡᠯ᠎ᠡ ᠲᠦᠪᠰᠢᠷᠡᠬᠦ ᠴᠠᠭ ᠪᠣᠯᠤᠮᠤᠢ᠂ ᠡᠷᠲᠡᠨ ᠦ᠌ ᠵᠧᠦ ᠴᠧᠩ ᠸᠠᠩ ᠳ᠋ᠤᠷ ᠰᠢ ᠿᠦᠩ ᠤᠯᠤᠰ ᠮᠥᠨ ᠬᠦᠷᠭᠡᠵᠦ ᠢᠷᠡᠭᠰᠡᠨ ᠪᠥᠯᠥᠭᠡ᠂ ᠲᠡᠢᠨ ᠬᠦ᠌ ᠳᠡᠯᠡᠬᠡᠢ ᠳ᠋ᠠᠬᠢᠨ ᠶᠡᠬᠡᠯ᠎ᠡ ᠲᠦᠪᠰᠢᠷᠡᠪᠡᠢ᠃ 
       ᠲᠡᠭᠦᠨᠴᠡ ᠨᠢᠳᠤᠨᠤᠨ ᠡᠪᠦᠯ ᠦ᠋ᠨ ᠰᠡᠭᠦᠯ ᠰᠠᠷ᠎ᠠ ᠪᠣᠯᠲᠠᠯ᠎ᠠ ᠳᠥᠷᠪᠡᠨ ᠵᠦᠭ ᠦ᠋ᠨ ᠭᠡᠭᠡᠨ ᠮᠣᠩᠭᠤᠨ ᠴᠥᠮ ᠦᠢᠯᠡᠳᠴᠦ ᠲᠡᠭᠦᠰᠦᠭᠡᠳ ᠪᠠᠰᠠ ᠵᠠᠭᠤᠨ ᠡᠳᠦᠷ ᠰᠠᠬᠢᠯᠴᠠᠨ ᠰᠠᠭᠤᠯᠴᠠᠵᠤ᠂ ᠬᠠᠭᠠᠨ ᠤ᠋ ᠶᠡᠬᠡ ᠪᠡᠯᠪᠡᠰᠦᠷᠡᠯ ᠲᠡᠭᠦᠰᠴᠦ᠂ ᠬᠦᠨᠳᠦ ᠭᠠᠰᠠᠯᠠᠩ ᠳᠠᠭᠤᠰᠤᠭᠠᠳ ᠭᠠᠰᠠᠯᠠᠩ ᠤ᠋ᠨ ᠬᠡᠷᠡᠭ ᠢ᠋ ᠭᠠᠯ ᠢ᠋ᠶ᠋ᠠᠷ ᠲᠦᠯᠡᠵᠦ᠂ ᠵᠣᠪᠠᠯᠠᠩ ᠤ᠋ᠨ ᠤᠲᠤᠭ᠎ᠠ ᠶ᠋ᠢ ᠵᠣᠭᠰᠣᠭ᠎ᠠ ᠪᠠᠷ ᠥᠩᠭᠡᠷᠡᠭᠡᠵᠦ᠂ ᠳᠥᠷᠪᠡᠨ ᠵᠦᠭ ᠡᠴᠡ ᠱᠠᠩᠳᠤ ᠪᠠᠯᠭᠠᠰᠤᠨ ᠳ᠋ᠤᠷ ᠡᠭᠡᠵᠦ ᠴᠢᠭᠤᠯᠤᠯᠴᠠᠨ᠂ ᠬᠤᠸᠠᠩ ᠲᠠᠢᠽᠢ ᠲᠡᠷᠢᠭᠦᠯᠡᠨ ᠸᠠᠩ ᠰᠠᠢᠳ ᠤ᠋ᠳ ᠴᠥᠮ ᠬᠤᠷᠠᠵᠤ ᠰᠠᠭᠤᠷᠢᠨ ᠢ᠋ ᠵᠠᠯᠭᠠᠮᠵᠢᠯᠠᠬᠤ ᠶ᠋ᠢ ᠵᠥᠪᠯᠡᠵᠦ᠂ ᠮᠥᠨ ᠬᠦ᠌ ᠳᠡᠭᠡᠳᠦ ᠲᠠᠢᠽᠢ ᠬᠠᠭᠠᠨ ᠤ᠋ ᠵᠠᠷᠯᠢᠭ ᠤ᠋ᠨ ᠶᠣᠰᠣᠭᠠᠷ ᠭᠤᠷᠪᠠᠳᠤᠭᠠᠷ ᠲᠠᠢᠽᠢ ᠥᠭᠡᠳᠡᠢ ᠴᠢᠨ ᠸᠠᠩ ᠢ᠋ ᠪᠠᠢᠭᠤᠯᠤᠮᠤᠢ ᠬᠡᠮᠡᠬᠦᠢ ᠳ᠋ᠦ᠍ᠷ ᠥᠭᠡᠳᠡᠢ ᠲᠠᠢᠽᠢ ᠨᠠᠢᠷ ᠲᠠᠯᠪᠢᠨ ᠲᠠᠲᠠᠭᠠᠯᠵᠠᠵᠤ ᠥᠭᠦᠯᠡᠷᠦᠨ: 《ᠬᠠᠭᠠᠨ ᠡᠴᠢᠭᠡ ᠶᠦ᠍ᠭᠡᠨ ᠬᠠᠢᠷ᠎ᠠ ᠳ᠋ᠤᠷ ᠬᠠᠮᠤᠭ ᠤᠯᠤᠰ ᠤ᠋ᠨ ᠪᠢᠴᠢᠭ ᠰᠤᠳᠤᠷ ᠢ᠋ ᠰᠤᠷᠤᠭᠰᠠᠨ ᠠᠬ᠎ᠠ ᠪᠠᠢᠲᠠᠯ᠎ᠠ ᠳᠡᠭᠦᠦ ᠰᠠᠭᠤᠬᠤ ᠶᠣᠰᠣ ᠦᠭᠡᠢ᠂ ᠨᠠᠳᠠ ᠳ᠋ᠤᠷ ᠬᠡᠳᠦᠢ ᠡᠷᠲᠡᠨ ᠦ᠌ ᠪᠦᠸᠧ ᠢ᠂ ᠱᠤ᠌ ᠴᠢ ᠶ᠋ᠢᠨ ᠵᠣᠷᠢᠭ ᠴᠢᠳᠠᠯ ᠦᠭᠡᠢ ᠪᠣᠯᠪᠠᠴᠤ ᠦᠨᠡᠨ ᠴᠢᠨᠠᠷ ᠤ᠋ᠨ ᠰᠠᠨᠠᠭᠠᠨ ᠰᠡᠳᠬᠢᠯ ᠢᠨᠦ ᠪᠠᠰᠠ ᠬᠦ᠌ ᠪᠣᠢ ᠠᠮᠤᠢ᠂ ᠬᠠᠭᠠᠨ ᠡᠴᠢᠭᠡ ᠬᠡᠳᠦᠢ ᠨᠠᠮᠠᠶ᠋ᠢ ᠡᠮᠦᠨ᠎ᠡ ᠬᠢᠲᠠᠳ ᠤᠯᠤᠰ ᠢ ᠡᠵᠡᠯᠡᠭᠦᠯ ᠬᠡᠮᠡᠭᠰᠡᠨ ᠪᠣᠯᠪᠠᠴᠤ ᠠᠬ᠎ᠠ ᠶ᠋ᠢ ᠬᠠᠮᠢᠭ᠎ᠠ ᠲᠠᠯᠪᠢᠮᠤᠢ ? 》ᠭᠡᠮᠡᠨ ᠤᠬᠢᠯᠠᠵᠤ ᠬᠦᠯᠢᠶᠡᠨ ᠠᠪᠬᠤ ᠦᠭᠡᠢ ᠳ᠋ᠦ᠍ᠷ ᠣᠯᠠᠨ ᠸᠠᠩ ᠰᠠᠢᠳ ᠪᠠ ᠶᠡᠬᠡ ᠲᠠᠢᠽᠢ ᠵᠣᠴᠢ ᠴᠢᠨ ᠸᠠᠩ ᠬᠦᠯᠢᠶᠡᠬᠦ ᠦᠭᠡᠢ ᠥᠭᠦᠯᠡᠷᠦᠨ:《ᠬᠠᠭᠠᠨ ᠡᠴᠢᠭᠡ ᠨᠢᠭᠡᠨᠲᠡ ᠨᠠᠮᠠᠶ᠋ᠢ ᠪᠠᠷᠠᠭᠤᠨ ᠰᠢ ᠢᠦᠢ ᠤᠯᠤᠰ ᠤ᠋ᠨ ᠳᠣᠯᠣᠭᠠᠨ ᠶᠡᠬᠡ ᠠᠢᠮᠠᠭ ᠲᠤᠷ ᠸᠠᠩ ᠡᠷᠭᠦᠮᠵᠢᠯᠡᠭᠰᠡᠨ ᠢᠨᠦ ᠨᠠᠳᠠ ᠳ᠋ᠤᠷ ᠲᠡᠭᠷᠢ ᠶ᠋ᠢᠨ ᠴᠢᠨᠡᠭᠡᠨ ᠬᠡᠰᠢᠭ᠂ ᠪᠢ ᠦᠬᠦᠪᠡᠴᠦ ᠬᠠᠭᠠᠨ ᠡᠴᠢᠭᠡ ᠶᠦ᠍ᠭᠡᠨ ᠵᠠᠷᠯᠢᠭ ᠢ᠋ ᠬᠡᠷᠬᠢᠪᠡᠴᠦ ᠲᠡᠷᠰᠯᠡᠬᠦ ᠦᠭᠡᠢ !》ᠭᠡᠮᠡᠨ ᠤᠬᠢᠯᠠᠬᠤᠢ ᠳ᠋ᠤᠷ ᠣᠯᠠᠨ ᠸᠠᠩ ᠰᠠᠢᠳ ᠠᠷᠭ᠎ᠠ ᠦᠭᠡᠢ ᠲᠠᠢᠽᠢ ᠥᠭᠡᠳᠡᠢ ᠴᠢᠨ ᠸᠠᠩ ᠢ᠋ ᠡᠷᠭᠦᠵᠦ ᠥᠭᠦᠯᠡᠷᠦᠨ: 《ᠡᠨᠡ ᠬᠡᠮᠡᠭᠴᠢ ᠳᠡᠯᠡᠬᠡᠢ ᠳ᠋ᠠᠬᠢᠨ ᠤ᠋ ᠶᠡᠬᠡ ᠬᠡᠷᠡᠭ᠂ ᠭᠡᠷ ᠦ᠋ᠨ ᠳᠣᠲᠣᠷᠠᠬᠢ ᠥᠴᠦᠬᠡᠨ ᠨᠠᠢᠷ ᠲᠤᠷ ᠲᠦᠯᠬᠢᠯᠴᠡᠨ ᠲᠠᠲᠠᠭᠠᠯᠵᠠᠨ ᠡᠳᠦᠷ ᠰᠠᠷ᠎ᠠ ᠶ᠋ᠢ ᠰᠠᠭᠠᠲᠠᠭᠤᠯᠵᠤ ᠦᠯᠦ ᠪᠣᠯᠤᠮᠤᠢ᠃ 》ᠶᠡᠬᠡ ᠲᠠᠢᠽᠢ ᠵᠣᠴᠢ ᠴᠢᠨ ᠸᠠᠩ ᠲᠡᠭᠦᠨ ᠦ᠌ ᠪᠡᠶ᠎ᠡ ᠳ᠋ᠦ᠍ᠷ ᠨᠠᠢᠷ ᠲᠠᠯᠪᠢᠬᠤᠢ ᠳ᠋ᠤᠷ ᠲᠠᠩᠭᠠᠷᠢᠭᠯᠠᠨ ᠴᠢᠬᠤᠯᠳᠠᠵᠤ ᠬᠡᠷᠬᠢᠪᠡᠴᠦ ᠬᠦᠯᠢᠶᠡᠨ ᠠᠪᠬᠤ ᠦᠭᠡᠢ᠃ ᠬᠣᠶᠠᠳᠤᠭᠠᠷ ᠲᠠᠢᠽᠢ ᠴᠠᠭᠠᠲᠠᠢ ᠴᠢᠨ ᠸᠠᠩ ᠨᠡᠩ ᠢᠯᠡᠭᠦᠦ ᠤᠬᠢᠯᠠᠨ ᠲᠠᠯᠠᠷᠬᠠᠵᠤ ᠬᠦᠯᠢᠶᠡᠬᠦ ᠦᠭᠡᠢ᠃ ᠳᠡᠭᠦᠦ ᠳᠥᠲᠥᠭᠡᠷ ᠲᠠᠢᠽᠢ ᠲᠣᠯᠢ ᠴᠢᠨ ᠸᠠᠩ : 《ᠤᠯᠤᠰ ᠢ᠋ ᠴᠢᠨᠦ ᠰᠠᠬᠢᠭᠰᠠᠭᠠᠷ ᠨᠢᠭᠡᠨ ᠵᠢᠯ ᠪᠣᠯᠪᠠ᠂ ᠤᠷᠢᠳᠠ ᠪᠣᠯᠪᠠᠰᠤ ᠪᠡᠯᠪᠡᠰᠦᠷᠡᠯ ᠪᠣᠢ ᠭᠡᠮᠡᠨ ᠬᠡᠯᠡᠯᠴᠡᠭᠦᠯᠬᠦ ᠦᠭᠡᠢ᠂ ᠴᠣᠬᠣᠮ ᠤᠯᠤᠰ ᠲᠥᠷᠥ ᠶ᠋ᠢᠨ ᠶᠣᠰᠣ ᠬᠡᠮᠡᠭᠴᠢ ᠨᠢᠭᠡᠨ ᠴᠠᠭ ᠡᠵᠡᠨ ᠦᠭᠡᠢ ᠦᠯᠦ ᠪᠣᠯᠤᠮᠤᠢ᠂ ᠠᠯᠢ ᠴᠠᠭ ᠲᠤᠷ ᠳᠡᠭᠡᠳᠦ ᠬᠠᠭᠠᠨ ᠬᠠᠯᠢᠪᠠᠰᠤ᠂ ᠲᠡᠷᠡ ᠴᠠᠭ ᠲᠤᠷ ᠵᠠᠯᠭᠠᠬᠤ ᠬᠠᠭᠠᠨ ᠢ᠋ ᠪᠠᠢᠭᠤᠯᠤᠮᠤᠢ᠂ ᠡᠢᠨ ᠬᠦ᠌ ᠲᠦᠯᠬᠢᠯᠴᠡᠬᠦ ᠢᠨᠤ ᠤᠯᠤᠰ ᠲᠥᠷᠥ ᠶ᠋ᠢᠨ ᠶᠣᠰᠣ ᠣᠭᠲᠣ ᠪᠤᠰᠤ᠂ ᠬᠠᠭᠠᠨ ᠤ᠋ ᠨᠢᠭᠡᠨ ᠵᠢᠯ ᠦ᠋ᠨ ᠣᠢ ᠶ᠋ᠢᠨ ᠪᠡᠯᠪᠡᠰᠦᠷᠡᠯ ᠪᠠᠰᠠ ᠥᠩᠭᠡᠷᠡᠪᠡ᠂ ᠣᠳᠣ ᠡᠰᠡ ᠰᠠᠭᠤᠪᠠᠰᠤ ᠪᠣᠯᠬᠤ ᠦᠭᠡᠢ᠂ ᠦᠵᠡᠲᠡᠯ᠎ᠡ ᠬᠠᠭᠠᠨ ᠤ᠋ ᠭᠡᠭᠡᠨ ᠬᠠᠯᠢᠭᠰᠠᠨ ᠳ᠋ᠤᠷ ᠡᠳᠦᠭᠡ ᠡᠮᠦᠨ᠎ᠡ ᠡᠲᠡᠭᠡᠳ ᠦ᠋ᠨ ᠬᠢᠲᠠᠳ ᠴᠡᠷᠢᠭ ᠠᠩᠭᠢ᠂ ᠠᠯᠲᠠᠨ᠂ ᠰᠥᠩ ᠴᠥᠮ ᠲᠠᠪᠠᠷᠠᠨ ᠣᠮᠣᠭᠰᠢᠵᠤ ᠴᠡᠷᠢᠭ ᠳᠠᠷᠤᠭᠳᠠᠵᠤ ᠵᠠᠩᠵᠤᠨ ᠠᠪᠲᠠᠪᠠ ! ᠭᠡᠷ ᠦ᠋ᠨ ᠳᠣᠲᠣᠷᠠᠬᠢ ᠠᠬ᠎ᠠ ᠳᠡᠭᠦᠦ ᠶ᠋ᠢᠨ ᠥᠴᠦᠬᠡᠨ ᠨᠠᠢᠷ ᠢ᠋ ᠭᠦᠢᠴᠡᠳᠬᠡᠮᠦᠢ ᠬᠡᠮᠡᠭᠰᠡᠭᠡᠷ ᠭᠡᠳᠡᠷᠭᠦ ᠬᠠᠷᠢᠨ ᠤᠯᠤᠰ ᠲᠥᠷᠥ ᠶ᠋ᠢᠨ ᠶᠡᠬᠡ ᠬᠡᠷᠡᠭ ᠢ᠋ ᠰᠠᠭᠠᠲᠠᠭᠤᠯᠪᠠᠰᠤ᠂ ᠡᠨᠡ ᠴᠣᠬᠣᠮ ᠡᠯᠪᠡᠷᠢᠯ ᠦᠭᠡᠢ ᠶᠡᠬᠡ ᠬᠡᠷᠡᠭ ᠪᠣᠯᠬᠤ ᠪᠥᠯᠥᠭᠡ !》ᠭᠡᠮᠡᠨ ᠵᠠᠭᠤᠨ ᠵᠦᠢᠯ ᠢ᠋ᠶ᠋ᠡᠷ ᠢᠳᠬᠠᠨ ᠬᠡᠯᠡᠪᠡᠴᠦ᠂ ᠲᠠᠢᠽᠢ ᠥᠭᠡᠳᠡᠢ ᠡᠷᠬᠡᠪᠰᠢ :《ᠳᠡᠭᠡᠷ᠎ᠡ ᠬᠣᠶᠠᠷ ᠠᠬ᠎ᠠ ᠪᠣᠢ᠂ ᠴᠥᠮ ᠨᠢᠭᠡᠨ ᠡᠬᠡ ᠡᠴᠡ ᠲᠥᠷᠥᠭᠡᠳ ᠡᠢᠮᠦ ᠠᠬ᠎ᠠ ᠪᠠᠢᠲᠠᠯ᠎ᠠ ᠳᠡᠭᠦᠦ ᠰᠠᠭᠤᠬᠤ ᠠᠨᠤ ᠤᠯᠤᠰ ᠢ᠋ ᠰᠠᠮᠠᠭᠤᠷᠠᠭᠤᠯᠬᠤ ᠦᠨᠳᠦᠰᠦ᠂ ᠭᠠᠳᠠᠭᠠᠳᠤ ᠰᠠᠮᠠᠭᠤᠨ ᠶᠠᠮᠪᠠᠷ ᠬᠡᠷᠡᠭ᠂ ᠳᠣᠲᠣᠭᠠᠳᠤ ᠰᠠᠮᠠᠭᠤᠨ ᠢ᠋ ᠶᠣᠰᠣ ᠪᠠᠷ ᠠᠷᠢᠯᠭᠠᠪᠠᠰᠤ ᠵᠣᠬᠢᠮᠤᠢ᠂ ᠡᠰᠡᠬᠦᠯ᠎ᠡ ᠬᠠᠮᠤᠭ ᠤ᠋ᠨ ᠠᠬ᠎ᠠ᠂ ᠡᠰᠡᠬᠦᠯ᠎ᠡ ᠬᠠᠮᠤᠭ ᠤ᠋ᠨ ᠳᠡᠭᠦᠦ ᠶ᠋ᠢ ᠢᠨᠤ ᠪᠠᠢᠭᠤᠯ᠂ ᠪᠢᠳᠡᠨ ᠨᠢᠭᠡᠨ ᠠᠳᠠᠯᠢ ᠴᠥᠮ ᠬᠤᠸᠠᠩᠬᠡᠦ ᠡᠴᠡ ᠲᠥᠷᠥᠭᠡᠳ ᠤᠯᠤᠰ ᠨᠡᠭᠡᠭᠡᠬᠦᠢ ᠳ᠋ᠦ᠍ᠷ ᠳᠠᠩ ᠰᠠᠴᠠᠭᠤ ᠬᠦᠴᠦᠨ ᠭᠠᠷᠭᠠᠪᠠ᠂ ᠠᠯᠢ ᠠᠯᠢᠨ ᠠ᠋ᠴᠠ ᠢᠯᠡᠭᠦᠦ ᠳᠤᠲᠠᠭᠤ ᠦᠭᠡᠢ ᠪᠥᠭᠡᠲᠡᠯ᠎ᠡ ᠪᠢ ᠶᠠᠮᠪᠠᠷ ᠢᠯᠭᠠᠯ ᠪᠣᠢ ᠭᠡᠮᠡᠨ ᠬᠣᠶᠠᠷ ᠠᠬ᠎ᠠ ᠶ᠋ᠢ ᠣᠷᠬᠢᠵᠤ ᠪᠢ ᠶᠡᠬᠡ ᠬᠠᠭᠠᠨ ᠰᠠᠭᠤᠷᠢᠨ ᠳ᠋ᠤᠷ ᠰᠠᠭᠤᠮᠤᠢ ? ᠡᠷᠲᠡ ᠮᠢᠨᠦ ᠬᠠᠭᠠᠨ ᠡᠴᠢᠭᠡ ᠲᠠᠪᠤᠨ ᠵᠡᠷᠭᠡ ᠪᠡᠷᠬᠡᠰᠢᠶᠡᠵᠦ ᠰᠠᠶᠢ ᠶᠡᠬᠡ ᠰᠠᠭᠤᠷᠢᠨ ᠳ᠋ᠤᠷ ᠰᠠᠭᠤᠭᠰᠠᠨ ᠠᠨᠤ ᠬᠦᠨᠳᠦᠲᠡᠢ ᠪᠣᠯᠬᠤ ᠶ᠋ᠢ ᠡᠷᠢᠭᠰᠡᠨ ᠪᠤᠰᠤ᠂ ᠡᠷᠬᠡᠪᠰᠢ ᠲᠡᠭᠷᠢ ᠶ᠋ᠢᠨ ᠰᠠᠨᠠᠭᠠᠨ ᠢ᠋ ᠡᠷᠢᠭᠰᠡᠨ ᠪᠣᠯᠠᠢ᠃ ᠲᠠ ᠡᠳᠦᠭᠡ ᠨᠠᠮᠠᠶ᠋ᠢ ᠬᠠᠭᠠᠨ ᠤ᠋ ᠵᠠᠷᠯᠢᠭ ᠲᠤᠷ ᠡᠷᠳᠦᠵᠦ ᠮᠤᠰᠬᠢᠨ ᠰᠠᠭᠤᠯᠭᠠᠭᠠᠳ ᠭᠡᠨᠡᠳᠲᠡ ᠠᠯᠳᠠᠰᠢ ᠭ᠍ᠡᠷᠪᠠᠰᠤ ᠤᠯᠤᠰ ᠲᠤᠷ ᠬᠣᠣᠷ ᠪᠣᠯᠵᠤ᠂ ᠶᠡᠬᠡ ᠲᠥᠷᠥ ᠳ᠋ᠦ᠍ᠷ ᠬᠠᠰᠢ ᠶᠠᠰᠢ ᠪᠣᠯᠪᠠᠰᠤ ᠲᠡᠷᠡ ᠶᠠᠯ᠎ᠠ ᠶ᠋ᠢ ᠪᠢ ᠬᠦᠯᠢᠶᠡᠨ ᠦᠯᠦ ᠴᠢᠳᠠᠮᠤᠢ ! 》ᠭᠡᠮᠡᠨ ᠣᠭᠴᠣ ᠲᠠᠰᠤ ᠪᠣᠯᠬᠤ ᠦᠭᠡᠢ ᠲᠠᠲᠠᠭᠠᠯᠵᠠᠭᠰᠠᠭᠠᠷ ᠨᠢᠭᠡᠨ ᠵᠢᠯ ᠥᠩᠭᠡᠷᠡᠵᠦ᠂ ᠰᠢᠨ᠎ᠡ ᠵᠢᠯ ᠦ᠋ᠨ ᠭᠤᠷᠪᠠᠨ ᠬᠠᠪᠤᠷ ᠪᠠ ᠦᠬᠡᠷ ᠵᠢᠯ ᠦ᠋ᠨ ᠵᠤᠨ ᠤ᠋ ᠬᠠᠯᠠᠭᠤᠨ ᠢ᠋ ᠥᠩᠭᠡᠷᠡᠵᠦ᠂ ᠰᠡᠷᠢᠭᠦᠨ ᠨᠠᠮᠤᠷ ᠤ᠋ᠨ ᠳᠤᠮᠳᠠᠳᠤ ᠰᠠᠷ᠎ᠠ ᠪᠣᠯᠤᠭᠰᠠᠨ ᠳ᠋ᠤᠷ ᠣᠯᠠᠨ ᠢ᠋ᠶ᠋ᠠᠷ ᠶᠡᠬᠡᠯ᠎ᠡ ᠴᠢᠬᠤᠯᠳᠠᠨ᠂ ᠨᠡᠩᠳᠡ ᠳᠥᠲᠥᠭᠡᠷ ᠲᠠᠢᠽᠢ ᠴᠡᠭᠡᠵᠢ ᠴᠢᠬᠤᠯᠠ ᠬᠥᠮᠦᠨ ᠲᠤᠯᠠ ᠣᠯᠠᠨ ᠸᠠᠩ ᠤ᠋ᠳ ᠪᠠ ᠶᠡᠬᠡ ᠰᠠᠢᠳ ᠯᠤᠭ᠎ᠠ ᠵᠥᠪᠯᠡᠵᠦ᠂ ᠶᠧ ᠯᠢᠦᠢ ᠴᠦ ᠼᠠᠢ ᠯᠤᠭ᠎ᠠ ᠬᠡᠯᠡᠯᠴᠡᠨ ᠨᠢᠭᠡᠨ ᠠᠷᠭ᠎ᠠ ᠣᠯᠵᠤ᠂ ᠳᠠᠷᠤᠢ ᠵᠠᠰᠠᠭ ᠢ᠋ᠶ᠋ᠠᠷ ᠳᠥᠷᠪᠡᠨ ᠳᠡᠭᠦᠦ ᠴᠢᠨ ᠸᠠᠩ ᠴᠥᠮ ᠢ᠋ᠶ᠋ᠡᠷ ᠪᠡᠶ᠎ᠡ ᠠᠷᠢᠭᠤᠳᠬᠠᠨ ᠬᠡᠷᠦᠯᠦᠨ ᠮᠥᠷᠡᠨ ᠦ᠌ ᠬᠥᠳᠡᠭᠡ ᠠᠷᠠᠯ ① ᠤ᠋ᠨ ᠶᠡᠬᠡ ᠮᠠᠨᠳᠠᠯ ᠳ᠋ᠤᠷ ᠠᠪᠠᠷᠢᠵᠤ᠂ ᠲᠡᠭᠷᠢ ᠡᠴᠡ ᠪᠡᠯᠭᠡ ᠭᠤᠶᠤᠬᠤ ᠶ᠋ᠢ ᠬᠦᠯᠢᠶᠡ ᠭᠡᠮᠡᠨ ᠵᠠᠷᠯᠠᠵᠤ᠂ ᠬᠠᠷᠠᠬᠠᠨ ᠬᠦᠴᠦᠷᠬᠡᠨ ᠰᠠᠭᠤᠯᠭᠠᠬᠤ ᠶ᠋ᠢ ᠪᠣᠳᠣᠬᠤᠶ᠎ᠠ᠂ ᠶᠧ ᠯᠢᠦᠢ ᠴᠦ ᠼᠠᠢ ᠮᠥᠨ ᠱᠠᠭᠠᠷᠳᠠᠷ᠎ᠠ ᠢᠷᠡᠭᠡᠳ ᠡᠭᠡᠨᠡᠭᠲᠡ ᠬᠡᠨ ᠲᠣᠭᠲᠠᠭᠠᠵᠤ ᠪᠣᠢ ᠬᠡᠮᠡᠬᠦᠢ ᠳ᠋ᠦ᠍ᠷ ᠲᠣᠯᠢ ᠴᠢᠨ ᠸᠠᠩ ᠥᠭᠦᠯᠡᠷᠦᠨ: 《ᠬᠡᠨ ᠲᠣᠭᠲᠠᠭᠠᠬᠤ ᠪᠣᠢ᠂ ᠡᠷᠲᠡᠨ ᠦ᠌ ᠬᠠᠭᠠᠨ ᠡᠴᠢᠭᠡ ᠶ᠋ᠢᠨ ᠭᠡᠷᠢᠶᠡᠰ ᠵᠣᠣ ᠪᠢᠴᠢᠭ ᠪᠣᠢ᠂ ᠰᠠᠢᠨ ᠡᠳᠦᠷ ᠢ᠋ ᠰᠣᠩᠭᠣᠬᠤ ᠢᠨᠤ ᠮᠥᠨ ᠴᠢᠬᠤᠯᠠ ! 》 ᠬᠡᠮᠡᠭᠰᠡᠨ ᠳ᠋ᠦ᠍ᠷ ᠶᠧ ᠯᠢᠦᠢ ᠴᠦ ᠼᠠᠢ ᠥᠭᠦᠯᠡᠷᠦᠨ: 《ᠮᠠᠷᠭᠠᠲᠠ ᠳᠠᠷᠤᠢ ᠶᠡᠬᠡᠯ᠎ᠡ ᠰᠠᠢᠨ ᠡᠳᠦᠷ 》ᠬᠡᠮᠡᠭᠰᠡᠨ ᠳ᠋ᠦ᠍ᠷ ᠲᠣᠯᠢ ᠶᠡᠬᠡᠯ᠎ᠡ ᠪᠠᠶᠠᠷᠯᠠᠪᠠ᠃ 

– – – – 
① ᠡᠨᠡ ᠭᠠᠵᠠᠷ ᠢ᠋ 《ᠶᠡᠬᠡ ᠭᠠᠩ ᠮᠦ᠍ ᠪᠢᠴᠢᠭ 》ᠲᠣᠷ 《ᠬᠠᠷ᠎ᠠ ᠬᠣᠷᠢᠨ ᠤ᠋ ᠵᠡᠭᠦᠨᠲᠡ ᠬᠤ᠌ ᠲᠢᠶᠧ ᠦ᠋ ᠠ ᠯᠠ ᠯᠢ》ᠭᠡᠮᠡᠨ ᠦᠰᠦᠭ ᠰᠠᠯᠭᠠᠨ ᠪᠢᠴᠢᠵᠦᠬᠦᠢ᠃

       ᠲᠡᠳᠦᠢ ᠶᠡᠬᠡ ᠮᠠᠨᠳᠠᠯ ᠳ᠋ᠤᠷ ᠭᠠᠷᠪᠠ᠃ 
       ᠰᠢᠷᠬᠠᠴᠢᠨ ᠦᠬᠡᠷ ᠵᠢᠯ ᠶᠡᠬᠡ ᠬᠥᠬᠡ ᠮᠣᠩᠭᠣᠯ ᠤᠯᠤᠰ ᠤ᠋ᠨ ᠲᠠᠢᠽᠦᠩ ᠬᠠᠭᠠᠨ ᠤ᠋ ᠲᠡᠷᠢᠭᠦᠨ ᠣᠨ᠂ ᠰᠥᠩ ᠤᠯᠤᠰ ᠤ᠋ᠨ ᠯᠢᠽᠦ᠋ᠩ ᠵᠣᠣ ᠶᠦᠨ ᠦ᠌ ᠱᠣᠣ ᠳ᠋ᠢᠩ ᠦ᠋ᠨ ᠬᠣᠶᠠᠳᠤᠭᠠᠷ ᠣᠨ᠂ ᠠᠯᠲᠠᠨ ᠤᠯᠤᠰ ᠤ᠋ᠨ ᠠᠢᠽᠦ᠋ᠩ ᠱᠧᠦ ᠰᠢᠦᠢ ᠶ᠋ᠢᠨ ᠵᠧᠩ ᠳᠡ ᠶ᠋ᠢᠨ ᠵᠢᠷᠭᠤᠳᠤᠭᠠᠷ ᠣᠨ᠂ ᠨᠠᠮᠤᠷ ᠤ᠋ᠨ ᠨᠠᠢ᠍ᠮᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠴᠥᠮ ᠮᠠᠨᠳᠠᠯ ᠳ᠋ᠤᠷ ᠠᠪᠠᠷᠢᠭᠰᠠᠨ ᠬᠣᠢᠨ᠎ᠠ ᠲᠣᠯᠢ ᠤᠷᠢᠳᠠ ᠭᠠᠷᠴᠤ ᠥᠨᠳᠥᠷ ᠳᠠᠭᠤᠨ ᠢ᠋ᠶ᠋ᠠᠷ ᠥᠭᠦᠯᠡᠷᠦᠨ:  《ᠡᠨᠡ ᠡᠳᠦᠷ ᠴᠣᠬᠣᠮ ᠲᠡᠭᠷᠢ ᠡᠴᠢᠭᠡ ᠬᠠᠭᠠᠨ ᠪᠣᠭᠳᠠ ᠶ᠋ᠢᠨ ᠵᠣᠣ ᠪᠢᠴᠢᠭ ᠪᠣᠳᠠᠲᠠᠶ᠎ᠠ ᠲᠩᠷᠢ ᠶ᠋ᠢᠨ ᠪᠡᠯᠭᠡ ᠮᠥᠨ ᠲᠤᠯᠠ ᠵᠠᠷᠯᠢᠭ ᠵᠣᠣ ᠪᠢᠴᠢᠭ ᠦ᠋ᠨ ᠶᠣᠰᠣᠭᠠᠷ ᠭᠤᠷᠪᠠᠳᠤᠭᠠᠷ ᠲᠠᠢᠽᠢ ᠠᠬ᠎ᠠ ᠥᠭᠡᠳᠡᠢ ᠴᠢᠨ ᠸᠠᠩ ᠢ᠋ ᠬᠠᠭᠠᠨ ᠰᠠᠭᠤᠷᠢᠨ ᠳ᠋ᠤᠷ ᠰᠠᠭᠤᠯᠭᠠᠵᠤ ᠬᠠᠮᠤᠭ ᠤ᠋ᠨ ᠡᠵᠡᠨ ᠪᠣᠯᠭᠠᠮᠤᠢ᠂ ᠬᠠᠭᠠᠨ ᠡᠴᠢᠭᠡ ᠶ᠋ᠢᠨ ᠵᠠᠷᠯᠢᠭ ᠠ᠋ᠴᠠ ᠬᠡᠨ ᠬᠥᠮᠦᠨ ᠵᠥᠷᠢᠴᠡᠪᠡᠰᠦ ᠬᠠᠭᠠᠨ ᠡᠴᠢᠭᠡ ᠶ᠋ᠢᠨ ᠵᠠᠰᠠᠭ ᠴᠠᠭᠠᠵᠠ ᠪᠣᠢ! 》ᠬᠡᠮᠡᠭᠰᠡᠨ ᠳ᠋ᠦ᠍ᠷ ᠳᠡᠭᠡᠷ᠎ᠡ ᠳᠣᠣᠷ᠎ᠠ ᠴᠥᠮ 《ᠶᠣᠰᠣ ᠶ᠋ᠢ ᠳᠠᠭᠠᠪᠠᠰᠤ ᠦᠯᠦ ᠪᠣᠯᠤᠮᠤᠢ !》ᠬᠡᠮᠡᠭᠰᠡᠨ ᠳ᠋ᠦ᠍ᠷ ᠥᠭᠡᠳᠡᠢ ᠦᠵᠡᠪᠡᠰᠦ ᠬᠠᠭᠠᠨ ᠡᠰᠡ ᠪᠣᠯᠬᠤ ᠶ᠋ᠢ ᠮᠥᠨ ᠬᠦᠯᠢᠶᠡᠬᠦ ᠦᠭᠡᠢ ᠳ᠋ᠦ᠍ᠷ ᠬᠦᠷᠦᠭᠰᠡᠨ ᠲᠤᠯᠠ ᠳᠠᠷᠤᠢ ᠬᠠᠭᠠᠨ ᠤ᠋ ᠰᠠᠭᠤᠳᠠᠯ ᠤ᠋ᠨ ᠡᠰᠡᠷᠭᠦ ᠬᠠᠨᠳᠤᠵᠤ ᠰᠥᠭᠥᠳᠦᠭᠰᠡᠨ ᠳ᠋ᠦ᠍ᠷ ᠶᠡᠬᠡ ᠲᠠᠢᠽᠢ ᠵᠣᠴᠢ ᠬᠠᠭᠠᠨ ᠤ᠋ ᠠᠯᠲᠠᠨ ᠯᠤᠤᠲᠤ ᠮᠠᠯᠠᠭ᠎ᠠ ᠶ᠋ᠢ ᠪᠠᠷᠢᠪᠠ᠃ ᠬᠣᠶᠠᠳᠤᠭᠠᠷ ᠲᠠᠢᠽᠢ ᠴᠠᠭᠠᠲᠠᠢ ᠬᠠᠭᠠᠨ ᠤ᠋ ᠠᠯᠲᠠᠨ ᠯᠤᠤ ᠶ᠋ᠢᠨ ᠳᠡᠪᠡᠯ ᠢ ᠪᠠᠷᠢᠪᠠ᠂ ᠶᠡᠬᠡ ᠠᠪᠠᠭ᠎ᠠ ᠪᠡᠯᠭᠦᠳᠡᠢ ᠴᠢᠨ ᠸᠠᠩ ᠬᠠᠭᠠᠨ ᠤ᠋ ᠪᠦᠰᠡ ᠡᠷᠢᠭᠡ ᠶ᠋ᠢ ᠪᠠᠷᠢᠵᠤ᠂ ᠬᠣᠶᠠᠳᠤᠭᠠᠷ ᠠᠪᠠᠭ᠎ᠠ ᠬᠠᠰᠠᠷ ᠴᠢᠨ ᠸᠠᠩ ᠬᠠᠭᠠᠨ ᠤ᠋ ᠬᠤᠭᠤᠯᠪᠴᠢ ᠴᠢᠬᠢᠨ ᠴᠢᠮᠡᠭ ᠢ ᠪᠠᠷᠢᠪᠠ᠂ ᠣᠢᠲᠤ ᠤᠴᠢᠭ᠂ ᠤᠷᠠᠨ ᠭᠠᠴᠤᠭ ᠬᠣᠶᠠᠷ ᠴᠢᠨ ᠸᠠᠩ ᠬᠠᠮᠲᠤ ᠪᠠᠷ ᠬᠦᠵᠢ ᠵᠤᠯᠠ ᠡᠷᠭᠦᠭᠦᠯᠦᠨ ᠮᠥᠷᠭᠥᠭᠦᠯᠵᠦ᠂ ᠥᠭᠡᠳᠡᠢ ᠶ᠋ᠢᠨ ᠸᠠᠩ ᠤ᠋ᠨ ᠳᠡᠪᠡᠯ ᠮᠠᠯᠠᠭ᠎ᠠ ᠶ᠋ᠢ ᠲᠠᠢᠯᠤᠨ ᠠᠪᠴᠤ᠂ ᠥᠭᠡᠳᠡᠢ ᠶ᠋ᠢᠨ ᠲᠡᠵᠢᠭᠡᠭᠰᠡᠨ ᠬᠥᠪᠡᠭᠦᠨ ᠮᠥᠩᠬᠡ ᠳ᠋ᠦ᠍ᠷ ᠡᠮᠦᠰᠬᠡᠪᠡ᠃ 
       ᠲᠡᠳᠦᠢ ᠴᠠᠭᠠᠲᠠᠢ ᠴᠢᠨ ᠸᠠᠩ ᠬᠠᠭᠠᠨ ᠤ᠋ ᠳᠡᠪᠡᠯ ᠢ᠋ ᠡᠮᠦᠰᠬᠡᠨ᠂ ᠵᠢᠴᠢ ᠬᠠᠭᠠᠨ ᠤ᠋ ᠮᠠᠯᠠᠭ᠎ᠠ ᠶ᠋ᠢ ᠡᠮᠦᠰᠬᠡᠲᠡᠯ᠎ᠡ ᠪᠡᠯᠭᠦᠳᠡᠢ ᠴᠢᠨ ᠸᠠᠩ ᠪᠦᠰᠡ ᠡᠷᠢᠭᠡ ᠶ᠋ᠢ ᠵᠡᠭᠦᠯᠭᠡᠨ᠂ ᠬᠠᠰᠠᠷ ᠬᠤᠭᠤᠯᠪᠴᠢ ᠶ᠋ᠢ ᠠᠨᠤ ᠲᠣᠪᠴᠢᠯᠠᠵᠤ ᠴᠢᠮᠡᠭ ᠢ᠋ ᠠᠨᠤ ᠡᠯᠭᠦᠪᠡ᠃ ᠲᠠᠢᠽᠢ ᠮᠥᠩᠬᠡ ᠭᠤᠲᠤᠯ ᠢ᠋ ᠠᠨᠤ ᠡᠮᠦᠰᠬᠡᠵᠦ᠂ ᠠᠴᠢ ᠬᠤᠪᠢᠯᠠᠢ ᠴᠠᠭᠠᠨ ᠬᠬᠢᠪ ᠬᠦᠵᠢ ᠵᠤᠯᠠ ᠶ᠋ᠢ ᠠᠴᠢᠷᠠᠵᠤ ᠪᠠᠷᠢᠭᠠᠳ ᠳᠠᠬᠢᠨ ᠶᠣᠰᠣᠯᠠᠭᠤᠯᠤᠨ ᠮᠥᠷᠭᠥᠭᠦᠯᠵᠦ᠂ ᠰᠢᠷᠡᠭᠡᠨ ᠳ᠋ᠦ᠍ᠷ ᠭᠠᠷᠲᠠᠯ᠎ᠠ ᠲᠠᠢᠬᠡᠦ ᠶ᠋ᠢᠨ ᠡᠮᠦᠨ᠎ᠡ ᠡᠴᠡ ᠳᠥᠲᠥᠭᠡᠷ ᠲᠠᠢᠽᠢ ᠲᠣᠯᠢ ᠴᠢᠨ ᠸᠠᠩ ᠢ᠋ᠶ᠋ᠠᠷ ᠬᠠᠭᠠᠨ ᠤ᠋ ᠶᠡᠬᠡ ᠬᠠᠰ ᠲᠠᠮᠠᠭ᠎ᠠ ᠶ᠋ᠢ ᠪᠠᠷᠢᠭᠤᠯᠤᠨ ᠢᠯᠡᠭᠡᠵᠦ᠂ ᠬᠠᠭᠠᠨ ᠤ᠋ ᠡᠮᠦᠨ᠎ᠡ ᠪᠠᠷᠢᠭᠰᠠᠨ ᠳ᠋ᠤᠷ ᠬᠠᠭᠠᠨ ᠲᠠᠮᠠᠭ᠎ᠠ ᠳ᠋ᠤᠷ ᠳᠠᠬᠢᠨ ᠶᠣᠰᠣᠯᠠᠵᠤ᠂ ᠲᠡᠭᠷᠢ ᠭᠠᠵᠠᠷ ᠤᠷᠢᠳᠤᠰ ᠡᠪᠦᠭᠡᠳ ᠲᠣᠷ ᠶᠣᠰᠣᠯᠠᠨ ᠮᠥᠷᠭᠥᠵᠦ᠂ ᠪᠣᠭᠳᠠ ᠴᠢᠩᠭᠢᠰ ᠬᠠᠭᠠᠨ ᠤ᠋ ᠶᠡᠬᠡ ᠠᠯᠲᠠᠨ ᠯᠤᠤ ᠶ᠋ᠢᠨ ᠰᠢᠷᠡᠭᠡᠨ᠎ᠡ ᠭᠠᠷᠴᠤ ᠡᠮᠦᠨᠡᠰᠢ ᠬᠠᠨᠳᠤᠵᠤ ᠳᠡᠯᠡᠬᠡᠢ ᠳ᠋ᠠᠬᠢᠨ ᠤ᠋ ᠶᠡᠬᠡ ᠬᠠᠭᠠᠨ ᠰᠠᠭᠤᠪᠠ᠃ 
       ᠲᠡᠳᠦᠢ ᠠᠯᠲᠠᠨ ᠵᠦᠩ ᠬᠠᠰ ᠴᠢᠩ ᠬᠠᠮᠲᠤ ᠪᠠᠷ ᠳᠠᠭᠤᠷᠢᠰᠴᠤ᠂ ᠶᠡᠬᠡ ᠲᠥᠷᠥ ᠶ᠋ᠢᠨ ᠶᠠᠲᠤᠭ᠎ᠠ ᠬᠥᠩᠭᠢᠷᠡᠰᠴᠦ᠂ ᠲᠣᠭᠰᠢᠭᠤᠷ ᠳᠠᠭᠤᠷᠢᠰᠴᠤ᠂ ᠽᠠᠨᠳᠠᠨ ᠬᠥᠬᠥᠯ ᠦ᠋ᠨ ᠦᠨᠦᠷ ᠠᠩᠬᠢᠯᠤᠨ ᠬᠦᠵᠢᠰ ᠵᠢᠭᠠᠷ ᠮᠢᠷᠠᠯᠵᠠᠵᠤ᠂ ᠵᠠᠭᠤᠨ ᠲᠦᠰᠢᠮᠡᠳ ᠬᠤᠷᠠᠬᠤᠢ ᠳ᠋ᠤᠷ ᠶᠣᠰᠣᠯᠠᠯ ᠤ᠋ᠨ ᠰᠠᠢᠳ ᠶᠧ ᠯᠢᠦᠢ ᠴᠦ ᠼᠠᠢ ᠳᠥᠷᠪᠡᠨ ᠠᠪᠠᠭ᠎ᠠ ᠴᠢᠨ ᠸᠠᠩ ᠬᠣᠶᠠᠷ ᠠᠬ᠎ᠠ ᠴᠢᠨ ᠸᠠᠩ ᠳ᠋ᠤᠷ ᠥᠭᠦᠯᠡᠷᠦᠨ: 《ᠲᠥᠷᠥᠯ ᠢ᠋ᠶ᠋ᠡᠷ ᠠᠬᠠᠯᠠᠬᠤ ᠪᠣᠯᠪᠠᠴᠤ ᠲᠥᠷᠥ ᠳ᠋ᠦ᠍ᠷ ᠠᠭᠯᠠᠵᠤ ᠦᠯᠦ ᠪᠣᠯᠤᠮᠤᠢ᠂ ᠵᠢᠷᠭᠤᠭᠠᠨ ᠶᠡᠬᠡ ᠸᠠᠩ ᠶᠣᠰᠣᠯᠠᠯ ᠢ᠋ ᠡᠬᠢᠯᠡᠪᠡᠰᠦ ᠵᠣᠬᠢᠮᠤᠢ! 》ᠬᠡᠮᠡᠭᠰᠡᠨ ᠳ᠋ᠦ᠍ᠷ ᠵᠢᠷᠭᠤᠭᠠᠨ ᠴᠢᠨ ᠸᠠᠩ ᠶᠠᠭᠠᠷᠠᠨ ᠲᠡᠷᠢᠭᠦᠯᠡᠵᠦ ᠵᠠᠭᠤᠨ ᠲᠦᠰᠢᠮᠡᠳ ᠢ᠋ ᠠᠪᠴᠤ ᠭᠤᠷᠪᠠᠨ ᠵᠡᠷᠭᠡ ᠰᠥᠭᠥᠳᠦᠨ ᠶᠢᠰᠦᠨ ᠵᠡᠷᠭᠡ ᠮᠥᠷᠭᠥᠵᠦ᠂ 《ᠲᠦᠮᠡᠨ ᠨᠠᠰᠤᠲᠤ ᠬᠠᠭᠠᠨ ᠡᠵᠡᠨ ! 》ᠭᠡᠮᠡᠨ ᠭᠤᠷᠪᠠᠨ ᠵᠡᠷᠭᠡ ᠳᠠᠭᠤᠳᠠᠯᠴᠠᠬᠤ ᠶᠡᠬᠡ ᠳᠠᠭᠤᠨ ᠳ᠋ᠤᠷ ᠠᠭᠤᠯᠠ ᠭᠣᠣᠯ ᠠᠨᠢᠷᠯᠠᠪᠠ᠃ ᠳᠡᠭᠡᠳᠦ ᠲᠠᠢᠽᠦ ᠪᠣᠭᠳᠠ ᠶ᠋ᠢᠨ ᠭᠤᠸᠠᠩ ᠰᠢᠶᠠᠨ ᠬᠤᠸᠠᠩᠬᠡᠦ ᠶ᠋ᠢ ᠲᠡᠢ ᠬᠤᠸᠠᠩ ᠲᠠᠢᠬᠡᠦ ᠭᠡᠮᠡᠨ ᠡᠷᠭᠦᠪᠡ᠃ ᠥᠭᠡᠳᠡᠢ ᠲᠠᠢᠽᠦ᠋ᠩ ᠬᠠᠭᠠᠨ ᠤᠯᠠᠭᠠᠨ ᠮᠣᠷᠢᠨ ᠵᠢᠯ ᠲᠡᠢ᠂ ᠳᠡᠭᠡᠳᠦ ᠲᠠᠢᠽᠦ ᠬᠠᠭᠠᠨ ᠤ᠋ ᠬᠣᠷᠢᠨ ᠲᠠᠪᠤᠨ ᠤ᠋ ᠵᠢᠯ ᠳ᠋ᠦ᠍ᠷ ᠲᠥᠷᠥᠭᠰᠡᠨ ᠪᠥᠯᠥᠭᠡ᠂ ᠡᠨᠡ ᠵᠢᠯ ᠳᠥᠴᠢᠨ ᠳᠥᠷᠪᠡᠨ ᠨᠠᠰᠤ ᠲᠠᠢ᠂ ᠶᠡᠬᠡ ᠬᠠᠲᠤᠨ ᠬᠣᠩᠭᠢᠷᠠᠳ ᠤ᠋ᠨ ᠨᠠᠭᠠᠴᠤ ᠠᠵᠢᠨᠠᠢ ᠮᠡᠷᠭᠡᠨ ᠦ᠌ ᠭᠠᠭᠴᠠ ᠥᠬᠢᠨ ᠭᠦᠸᠧ ᠵᠣ᠌ ᠬᠥᠪᠡᠭᠦᠨ ᠦᠭᠡᠢ ᠳ᠋ᠦ᠍ᠷ ᠲᠣᠯᠢ ᠶ᠋ᠢᠨ ᠶᠡᠬᠡ ᠬᠥᠪᠡᠭᠦᠨ ᠮᠥᠩᠬᠡ ᠶ᠋ᠢ ᠦᠷᠡᠴᠢᠯᠡᠨ ᠲᠡᠵᠢᠭᠡᠭᠡᠳ ᠬᠣᠢᠨ᠎ᠠ ᠱᠢ ᠯᠢᠶᠠᠨ ᠮᠠ ᠶ᠋ᠢ ᠲᠥᠷᠥᠭᠡᠳ ᠣᠷᠬᠢᠵᠤ ᠨᠥᠭᠴᠢᠭᠰᠡᠨ ᠳ᠋ᠦ᠍ᠷ ᠡᠳᠦᠭᠡ ᠭᠦᠸᠧ ᠵᠣ᠌ ᠶ᠋ᠢ ᠭᠤᠸᠠᠩ ᠰᠢᠶᠠᠨ ᠶᠡᠬᠡ ᠲᠥᠯᠥᠪᠲᠦ ᠬᠤᠸᠠᠩᠬᠡᠦ ᠭᠡᠮᠡᠨ ᠨᠡᠬᠡᠨ ᠡᠷᠭᠦᠮᠵᠢᠯᠡᠵᠦ᠂ ᠳᠡᠳ᠋ ᠬᠠᠲᠤᠨ ᠬᠡᠷᠡᠢᠳ ᠦ᠋ᠨ ᠢᠯᠡᠭᠦᠦ ᠬᠠᠷ᠎ᠠ ᠶ᠋ᠢᠨ ᠥᠬᠢᠨ ᠨᠠᠢ᠌ᠮᠠᠵᠢ ᠶ᠋ᠢ ᠯᠦ᠍ ᠬᠤᠸᠠᠩᠬᠡᠦ ᠭᠡᠮᠡᠨ ᠡᠷᠭᠦᠪᠡ᠃ ᠲᠡᠵᠢᠭᠡᠭᠰᠡᠨ ᠶᠡᠬᠡ ᠬᠥᠪᠡᠭᠦᠨ ᠮᠥᠩᠬᠡ ᠶ᠋ᠢ ᠬᠤᠸᠠᠩ ᠲᠠᠢᠽᠢ ᠡᠷᠭᠦᠮᠵᠢᠯᠡᠭᠡᠳ ᠣᠯᠠᠨ ᠸᠠᠩ ᠤ᠋ᠳ ᠲᠡᠢᠰᠢ᠂ ᠲᠠᠢᠪᠤᠤ ᠨᠠᠷ ᠢ᠋ ᠤᠯᠤᠰ ᠤᠯᠤᠰ ᠲᠤᠷ ᠡᠷᠭᠦᠮᠵᠢᠯᠡᠪᠡ᠃ 
       ᠲᠡᠭᠦᠨᠴᠡ ᠤᠯᠠᠮ ᠰᠡᠷᠢᠭᠦᠨ ᠪᠣᠯᠤᠭᠰᠠᠨ ᠳ᠋ᠤᠷ ᠡᠮᠦᠨ᠎ᠡ ᠵᠦᠭ ᠳ᠋ᠠᠢ᠌ᠳᠦ᠋ ᠳ᠋ᠦ᠍ᠷ ᠢᠷᠡᠵᠦ ᠵᠠᠭᠤᠨ ᠲᠦᠰᠢᠮᠡᠳ ᠢ᠋ ᠴᠥᠮ ᠨᠢᠭᠡᠨ ᠵᠡᠷᠭᠡ ᠳᠡᠪᠰᠢᠭᠦᠯᠦᠨ᠂ ᠶᠡᠬᠡ ᠥᠷᠯᠥᠭ ᠪᠠᠭᠤᠯᠭᠠᠨ ᠪᠠᠶᠠᠰᠬᠤᠯᠠᠩ ᠤ᠋ᠨ ᠶᠣᠰᠣᠭᠠᠷ ᠲᠠᠪᠤᠨ ᠮᠠᠨᠳᠠᠯ ᠪᠠ ᠨᠠᠢ᠍ᠮᠠᠨ ᠰᠦᠮ᠎ᠡ ᠶ᠋ᠢ ᠳᠠᠬᠢᠭᠤᠯᠪᠠ᠃ ᠲᠠᠪᠤᠨ ᠮᠠᠨᠳᠠᠯ ᠬᠡᠮᠡᠭᠴᠢ : ᠲᠡᠭᠷᠢ᠂ ᠭᠠᠵᠠᠷ᠂ ᠨᠠᠷᠠᠨ᠂ ᠰᠠᠷᠠᠨ᠂ ᠲᠠᠷᠢᠶᠠᠯᠠᠩ -ᠡᠨᠡ ᠲᠠᠪᠤᠨ ᠮᠠᠨᠳᠠᠯ᠃ ᠨᠠᠢ᠍ᠮᠠᠨ ᠰᠦᠮ᠎ᠡ ᠬᠡᠮᠡᠭᠴᠢ ᠲᠡᠭᠷᠢ ᠶ᠋ᠢᠨ ᠬᠠᠭᠠᠨ᠂ ᠭᠠᠵᠠᠷ ᠤ᠋ᠨ ᠬᠠᠭᠠᠨ᠂ ᠬᠥᠮᠦᠨ ᠦ᠌ ᠬᠠᠭᠠᠨ᠂ ᠪᠢᠴᠢᠭ ᠦ᠋ᠨ ᠬᠠᠭᠠᠨ᠂ ᠱᠧ ᠵᠢᠢ᠂ ᠲᠡᠢ ᠮᠢᠶᠣᠤ᠂ ᠱᠧ ᠮᠢᠶᠣᠤ᠂ ᠸᠸᠨ ᠮᠢᠶᠣᠤ-ᠡᠨᠡ ᠨᠠᠢ᠍ᠮᠠᠨ ᠰᠦᠮ᠎ᠡ᠂ ᠶᠡᠬᠡ ᠬᠤᠷᠢᠮ ᠬᠤᠷᠢᠮᠯᠠᠵᠤ᠂ ᠶᠡᠬᠡ ᠠᠬ᠎ᠠ ᠵᠣᠴᠢ ᠴᠢᠨ ᠸᠠᠩ ᠢ ᠲᠤᠭᠮᠤᠭ ᠤᠯᠤᠰ ᠲᠤᠷ ᠬᠠᠭᠠᠨ ᠰᠠᠭᠤᠷᠢᠨ ᠳ᠋ᠤᠷ ᠰᠠᠭᠤᠯᠭᠠᠪᠠ᠂ ᠬᠣᠶᠠᠳᠤᠭᠠᠷ ᠠᠬ᠎ᠠ ᠴᠠᠭᠠᠲᠠᠢ ᠴᠢᠨ ᠸᠠᠩ ᠢ᠋ ᠪᠠᠷᠠᠭᠤᠨ ᠰᠢ ᠢᠦᠢ ᠬᠣᠲᠣᠩ ᠤ᠋ᠨ ᠬᠠᠭᠠᠨ ᠰᠠᠭᠤᠷᠢᠨ ᠳ᠋ᠤᠷ ᠶᠠᠪᠤᠭᠤᠯᠪᠠ᠃ ᠥᠪᠡᠷ ᠦ᠋ᠨ ᠪᠡᠶ᠎ᠡ ᠳᠤᠮᠳᠠᠳᠤ ᠬᠢᠲᠠᠳ ᠢ᠋ ᠡᠵᠡᠯᠡᠪᠡ᠃ ᠳᠥᠷᠪᠡᠳᠦᠭᠡᠷ ᠳᠡᠭᠦᠦ ᠲᠣᠯᠢ ᠶ᠋ᠢ ᠬᠣᠢᠲᠤ ᠭᠠᠵᠠᠷ ᠤ᠋ᠨ ᠤᠭ ᠤ᠋ᠨ ᠮᠣᠩᠭᠣᠯ ᠳ᠋ᠤᠷ ᠬᠠᠭᠠᠨ ᠤ᠋ ᠰᠠᠭᠤᠷᠢᠨ ᠳ᠋ᠤᠷ ᠶᠠᠪᠤᠭᠤᠯᠪᠠ᠃ ᠲᠠᠪᠤᠳᠤᠭᠠᠷ ᠳᠡᠭᠦᠦ ᠭᠢᠯᠥᠭᠡᠨ ᠢ᠋ ᠲᠥᠪᠡᠳ ᠤᠯᠤᠰ ᠤ᠋ᠨ ᠬᠠᠭᠠᠨ ᠤ᠋ ᠰᠠᠭᠤᠷᠢᠨ ᠳ᠋ᠤᠷ ᠢᠯᠡᠭᠡᠪᠡ᠃ ᠵᠢᠷᠭᠤᠳᠤᠭᠠᠷ ᠳᠡᠭᠦᠦ ᠵᠦᠷᠴᠢᠳ ᠢ᠋ ᠣᠷᠣᠰ ᠤᠯᠤᠰ ᠤ᠋ᠨ ᠬᠠᠭᠠᠨ ᠰᠠᠭᠤᠷᠢᠨ ᠳ᠋ᠤᠷ ᠢᠯᠡᠭᠡᠪᠡ᠃ ᠳᠣᠯᠣᠳᠤᠭᠠᠷ ᠳᠡᠭᠦᠦ ᠵᠦᠷᠴᠢᠳᠠᠢ ᠶ᠋ᠢ ᠪᠠᠯᠪᠤ ᠤᠯᠤᠰ ᠤ᠋ᠨ ᠬᠠᠭᠠᠨ ᠰᠠᠭᠤᠷᠢᠨ ᠳ᠋ᠤᠷ ᠢᠯᠡᠭᠡᠪᠡ᠃ ᠠᠴᠢ ᠠᠪᠠᠭ᠎ᠠ ᠳᠥᠷᠪᠡᠨ ᠴᠢᠨ ᠸᠠᠩ᠂ ᠳᠥᠷᠪᠡᠨ ᠬᠦᠯᠦᠭ ᠳᠥᠷᠪᠡᠨ ᠵᠢᠶᠦ᠋ᠨ ᠸᠠᠩ ᠨᠠᠷ ᠢ᠋ ᠡᠷᠲᠡᠨ ᠦ᠌ ᠲᠠᠢᠽᠦ ᠬᠠᠭᠠᠨ ᠤ᠋ ᠡᠷᠭᠦᠮᠵᠢᠯᠡᠭᠰᠡᠨ ᠭᠠᠵᠠᠷ ᠪᠣᠢ ᠲᠤᠯᠠ ᠬᠡᠯᠡᠯᠴᠡᠬᠦ ᠦᠭᠡᠢ᠃ ᠠᠯᠢ ᠤᠯᠤᠰ ᠳᠣᠭᠰᠢᠷᠠᠪᠠᠰᠤ ᠨᠠᠳᠠ ᠠ᠋ᠴᠠ ᠴᠡᠷᠢᠭ ᠠᠪᠴᠤ ᠳᠠᠢᠴᠢᠯᠠᠨ ᠲᠦᠪᠰᠢᠳᠬᠡ᠂ ᠵᠢᠴᠢ ᠳᠥᠷᠪᠡᠨ ᠠᠪᠠᠭ᠎ᠠ ᠴᠢᠨ ᠸᠠᠩ᠂ ᠬᠣᠶᠠᠷ ᠠᠬ᠎ᠠ ᠳᠥᠷᠪᠡᠨ ᠳᠡᠭᠦᠦ ᠴᠢᠨ ᠸᠠᠩ᠂ ᠳᠥᠷᠪᠡᠨ ᠬᠦᠯᠦᠭ ᠵᠢᠶᠦ᠋ᠨ ᠸᠠᠩ᠂ ᠵᠢᠷᠭᠤᠭᠠᠨ ᠰᠠᠢᠰᠢᠶᠠᠯ ᠤ᠋ᠨ ᠸᠠᠩ ᠬᠦᠩ ᠦ᠋ᠳ ᠴᠥᠮ ᠪᠡᠶ᠎ᠡ ᠪᠤᠶᠤ ᠬᠡᠦᠬᠡᠳ ᠢ᠋ᠶ᠋ᠡᠨ ᠨᠢᠭᠡᠨ ᠢ᠋ ᠦᠯᠡᠳᠡᠭᠡᠵᠦ ᠰᠢᠳᠠᠷ ᠶᠠᠪᠤᠭᠤᠯᠵᠤ ᠲᠥᠰᠢᠶ᠎ᠡ ᠲᠤᠯᠭ᠎ᠠ ᠪᠣᠯᠭᠠᠨ ᠳᠤᠮᠳᠠᠳᠤ ᠤᠯᠤᠰ ᠢ᠋ ᠬᠠᠪᠰᠤᠷᠤᠨ ᠲᠦᠪᠰᠢᠳᠭᠡ ᠭᠡᠮᠡᠨ ᠠᠩᠭᠢ ᠠᠩᠭᠢ ᠪᠠᠷ ᠢᠯᠭᠠᠨ ᠰᠠᠯᠭᠠᠨ ᠲᠣᠭᠲᠠᠭᠠᠵᠤ᠂ ᠪᠠᠰᠠ ᠶᠣᠰᠣᠯᠠᠯ ᠢ᠋ ᠡᠷᠬᠢᠯᠡᠭᠰᠡᠨ ᠲᠦᠰᠢᠮᠡᠯ ᠶᠧ ᠯᠢᠦᠢ ᠴᠦ ᠼᠠᠢ ᠶ᠋ᠢ ᠶᠣᠰᠣᠯᠠᠯ ᠬᠥᠭᠵᠢᠮ ᠦ᠋ᠨ ᠬᠡᠪ ᠳᠦᠷᠢᠮ ᠢ᠋ ᠬᠢᠨᠠᠨ ᠬᠢᠴᠢᠶᠡᠵᠦ ᠵᠥᠪᠯᠡᠨ ᠲᠣᠭᠲᠠᠭᠠᠵᠤ ᠠᠢᠯᠠᠳᠬ᠎ᠠ᠃ ᠵᠢᠴᠢ ᠮᠠᠨ ᠤ᠋ ᠮᠣᠩᠭᠣᠯ ᠤᠯᠤᠰ ᠤ᠋ᠨ ᠳᠤᠮᠳᠠᠳᠤ ᠣᠷᠣᠨ ᠢ᠋ ᠰᠢᠨᠡᠬᠡᠨ ᠲᠣᠭᠲᠠᠭᠠᠭᠰᠠᠨ ᠲᠤᠯᠠ ᠵᠠᠬᠢᠶ᠎ᠠ ᠵᠠᠷᠯᠢᠭ ᠢ᠋ ᠲᠣᠳᠣᠷᠬᠠᠢᠯᠠᠨ ᠲᠣᠭᠲᠠᠭᠠᠵᠤ ᠵᠠᠪᠳᠤᠭᠠᠳᠤᠢ ᠶ᠋ᠢᠨ ᠤᠴᠢᠷ ᠲᠤᠷ ᠳᠠᠷᠤᠢ ᠵᠠᠬᠢᠷᠤᠭᠰᠠᠳ ᠠᠨᠤ ᠠᠯᠠᠬᠤ ᠠᠮᠢᠳᠤᠷᠠᠭᠤᠯᠬᠤ ᠬᠡᠷᠡᠭ ᠢ᠋ ᠥᠪᠡᠷ ᠢ᠋ᠶ᠋ᠡᠨ ᠶᠠᠪᠤᠭᠤᠯᠵᠤ ᠰᠡᠳᠬᠢᠯ ᠳ᠋ᠦ᠍ᠷ ᠦᠯᠦ ᠨᠡᠢᠴᠡᠬᠦᠢ ᠶ᠋ᠢ ᠪᠢᠴᠢᠬᠠᠨ ᠲᠤᠰᠢᠶᠠᠯᠲᠠᠨ ᠴᠤ᠌ ᠳᠠᠷᠤᠢ ᠨᠢᠭᠡᠨ ᠭᠡᠷ ᠢ᠋ ᠴᠥᠮ ᠠᠯᠠᠬᠤ ᠬᠥᠨᠥᠭᠡᠯ ᠭᠠᠮᠰᠢᠭ ᠪᠣᠯᠬᠤ ᠲᠤᠯᠠ ᠣᠯᠠᠨ ᠶᠡᠬᠡ ᠸᠠᠩ ᠰᠠᠢᠳ᠂ ᠶᠣᠰᠣᠯᠠᠯ ᠤ᠋ᠨ ᠡᠷᠭᠢᠨ ᠰᠠᠢᠳ ᠶᠧ ᠯᠢᠦᠢ ᠴᠦ᠍ ᠼᠠᠢ ᠶ᠋ᠢ ᠠᠪᠤᠨ ᠪᠠᠢᠵᠤ ᠢᠯᠭᠠᠨ ᠰᠠᠯᠭᠠᠨ ᠲᠣᠭᠲᠠᠭᠠᠨ ᠴᠠᠭᠠᠵᠠᠯᠠᠵᠤ ᠶᠠᠪᠤᠭᠤᠯᠬᠤ ᠶ᠋ᠢ ᠬᠢᠨᠠᠨ ᠨᠠᠷᠢᠪᠴᠢᠯᠠᠨ ᠬᠠᠤᠯᠢ ᠪᠠᠷᠢᠭᠤᠯᠵᠤ ᠠᠢᠯᠠᠳᠬ᠎ᠠ ᠭᠡᠮᠡᠨ ᠵᠠᠷᠯᠢᠭ ᠪᠠᠭᠤᠯᠭᠠᠵᠤ᠂ ᠵᠦᠭ ᠵᠦᠭ ᠦ᠋ᠨ ᠴᠡᠷᠢᠭ ᠦ᠋ᠨ ᠬᠢᠲᠠᠳ ᠰᠠᠢᠳ ᠵᠠᠩᠵᠤᠨ ᠨᠠᠷ ᠢ᠋ ᠣᠷᠣᠭᠤᠯᠤᠨ ᠢᠷᠡᠭᠦᠯᠵᠦ ᠮᠥᠷᠭᠥᠭᠦᠯ ᠭᠡᠮᠡᠨ ᠶᠡᠬᠡ ᠲᠤᠩᠬᠠᠭ ᠵᠠᠷᠯᠠᠪᠠ᠃ 
       ᠲᠡᠳᠦᠢ ᠬᠡᠳᠦᠨ ᠰᠠᠷ᠎ᠠ ᠶ᠋ᠢᠨ ᠳᠣᠲᠣᠷ᠎ᠠ ᠵᠠᠷᠯᠢᠭ ᠲᠤᠷ ᠨᠡᠢᠴᠡᠭᠦᠯᠦᠨ ᠬᠦᠷᠴᠦ ᠢᠷᠡᠨ ᠮᠥᠷᠭᠥᠵᠦ ᠵᠠᠪᠳᠤᠬᠤ ᠦᠭᠡᠢ ᠪᠣᠯᠤᠭᠰᠠᠨ ᠲᠤᠰᠢᠶᠠᠯᠲᠠᠨ ᠣᠯᠠᠨ ᠭᠠᠷᠴᠤ᠂ ᠴᠠᠭᠠᠵᠠ ᠶ᠋ᠢᠨ ᠭᠠᠵᠠᠷ ᠬᠦᠨᠳᠦ ᠶᠠᠯᠠᠲᠠᠨ ᠦᠯᠡᠮᠵᠢ ᠭᠠᠷᠤᠭᠰᠠᠨ ᠳ᠋ᠤᠷ ᠬᠠᠭᠠᠨ ᠶᠡᠬᠡ ᠥᠷᠯᠥᠭ ᠲᠣᠷ ᠨᠡᠢᠴᠡᠭᠦᠯᠵᠦ᠂ ᠣᠯᠠᠨ ᠤ᠋ ᠶᠠᠯ᠎ᠠ ᠶ᠋ᠢ ᠲᠠᠢᠯᠤᠭᠤᠯᠬᠤ ᠵᠠᠷᠯᠢᠭ ᠪᠣᠯᠤᠭᠰᠠᠨ ᠳ᠋ᠤᠷ ᠬᠣᠴᠣᠷᠤᠭᠰᠠᠨ ᠶᠠᠯᠠᠲᠤ ᠬᠢᠲᠠᠳ ᠲᠦᠰᠢᠮᠡᠳ ᠶᠡᠬᠡᠯ᠎ᠡ ᠪᠠᠶᠠᠷᠯᠠᠯᠴᠠᠨ ᠰᠢᠲᠦᠵᠦ ᠲᠦᠮᠡᠨ ᠨᠠᠰᠤᠲᠤ ᠭᠡᠮᠡᠨ ᠮᠥᠷᠭᠥᠷ᠎ᠡ ᠢᠷᠡᠭᠡᠳ ᠶᠠᠯ᠎ᠠ ᠪᠠᠨ ᠳᠡᠢᠯᠦᠯᠴᠡᠵᠦ ᠲᠤᠰᠢᠶᠠᠯ ᠲᠤᠰᠢᠶᠠᠯ ᠳ᠋ᠤᠷ ᠢ᠋ᠶ᠋ᠠᠨ ᠡᠴᠢᠵᠡᠭᠡᠪᠡ᠃ ᠡᠨᠡ ᠦᠶ᠎ᠡ ᠳ᠋ᠦ᠍ᠷ ᠡᠮᠦᠨ᠎ᠡ ᠡᠲᠡᠭᠡᠳ ᠦ᠋ᠨ ᠭᠠᠵᠠᠷ ᠣᠷᠣᠨ ᠬᠣᠲᠠ ᠪᠠᠯᠭᠠᠳ ᠢ᠋ ᠴᠥᠮ ᠱᠢ ᠲᠢᠶᠠᠨ ᠽᠧ ᠳ᠋ᠦ᠍ᠷ ᠢᠲᠡᠭᠡᠮᠵᠢᠯᠡᠨ ᠲᠤᠰᠢᠶᠠᠭᠰᠠᠨ ᠲᠤᠯᠠ ᠲᠡᠭᠦᠨ ᠦ᠌ ᠪᠠᠷᠠᠯᠠᠭᠷ᠎ᠡ ᠢᠷᠡᠬᠦ ᠶ᠋ᠢ ᠲᠦᠷ ᠶᠠᠭᠠᠷᠠᠬᠤ ᠬᠡᠷᠡᠭ ᠦᠭᠡᠢ᠂ ᠣᠯᠠᠨ ᠲᠤᠰᠢᠶᠠᠯ ᠤ᠋ᠨ ᠲᠦᠰᠢᠮᠡᠳ ᠡᠭᠡᠵᠦ ᠡᠴᠢᠨ᠂ ᠲᠠᠢᠰᠢ ᠪᠤᠯᠤ ᠶ᠋ᠢᠨ ᠡᠮᠦᠨ᠎ᠡ ᠵᠦᠭ ᠡᠴᠢᠬᠦ ᠶ᠋ᠢ ᠬᠦᠯᠢᠶᠡᠬᠦ ᠶᠡᠬᠡ ᠡᠷᠬᠡ ᠲᠣᠪᠴᠢᠶ᠎ᠠ ᠶ᠋ᠢ ᠲᠤᠰᠢᠶᠠᠨ ᠪᠠᠷᠢᠭᠤᠯᠵᠤ ᠰᠠᠶᠢ ᠢᠷ᠎ᠡ ᠬᠡᠮᠡᠭᠰᠡᠨ ᠠᠵᠤᠭᠤ ? ᠡᠨᠡ ᠬᠢᠷᠢ ᠳ᠋ᠦ᠍ᠷ ᠠᠯᠲᠠᠨ ᠤᠯᠤᠰ ᠠ᠋ᠴᠠ ᠬᠣᠶᠠᠷ ᠤᠳᠠᠭ᠎ᠠ ᠳᠡᠭᠡᠳᠦ ᠲᠠᠢᠽᠦ ᠬᠠᠭᠠᠨ ᠳ᠋ᠤᠷ ᠲᠠᠬᠢᠯ ᠲᠤᠰᠤᠭᠠᠷ᠎ᠠ ᠢᠷᠡᠭᠰᠡᠨ ᠢ᠋ ᠬᠦᠯᠢᠶᠡᠭᠰᠡᠨ ᠦᠭᠡᠢ ᠡᠭᠡᠭᠦᠯᠦᠭᠰᠡᠨ ᠳ᠋ᠦ᠍ᠷ ᠡᠨᠡ ᠤᠳᠠᠭ᠎ᠠ ᠪᠠᠰᠠ ᠲᠠᠢᠽᠥ᠋ᠩ ᠬᠠᠭᠠᠨ ᠰᠠᠭᠤᠷᠢᠨ ᠳ᠋ᠤᠷ ᠰᠠᠭᠤᠪᠠ᠂ ᠨᠢᠭᠡᠨ ᠳ᠋ᠦ᠍ᠷ ᠪᠠᠶᠠᠷ ᠲᠤᠷ ᠮᠥᠷᠭᠥᠮᠦᠢ᠂ ᠬᠣᠶᠠᠷ ᠲᠤᠷ ᠭᠠᠰᠠᠯᠠᠩ ᠳ᠋ᠤᠷ ᠳᠠᠭᠢᠮᠤᠢ ᠭᠡᠮᠡᠨ ᠶᠡᠬᠡ ᠰᠠᠢᠳ ᠠᠠᠣ᠋ᠢ᠍ᠨᠲᠠᠢ ᠶ᠋ᠢ ᠢᠯᠡᠭᠡᠭᠰᠡᠨ ᠳ᠋ᠦ᠍ᠷ ᠲᠠᠢᠽᠥ᠋ᠩ ᠬᠠᠭᠠᠨ ᠪᠠᠷᠠᠯᠬᠠᠭᠤᠯᠵᠤ ᠮᠥᠷᠭᠥᠭᠦᠯᠦᠭᠡᠳ ᠵᠠᠷᠯᠢᠭ ᠪᠣᠯᠤᠷᠤᠨ:《ᠴᠢᠨᠦ ᠡᠵᠡᠨ ᠳᠠᠬᠢᠨ ᠳᠠᠪᠲᠠᠨ ᠡᠶᠡᠳᠡᠬᠦ ᠶ᠋ᠢ ᠭᠤᠶᠤᠨ᠂ ᠳᠡᠭᠡᠳᠦ ᠬᠠᠭᠠᠨ ᠳ᠋ᠤᠷ ᠠᠢᠯᠠᠳᠬᠠᠭᠠᠳ ᠳᠡᠭᠡᠳᠦ ᠬᠠᠭᠠᠨ ᠲᠠᠨ ᠤ᠋ ᠡᠵᠡᠨ ᠢ᠋ ᠥᠷᠥᠰᠢᠶᠡᠨ᠂ ᠲᠠᠨ ᠤ᠋ ᠤᠯᠤᠰ ᠢ᠋ ᠡᠨᠡᠷᠢᠵᠦ ᠪᠦᠦ ᠮᠥᠬᠥᠭᠡᠰᠦᠭᠡᠢ ᠭᠡᠮᠡᠨ ᠲᠠᠨ ᠤ᠋ ᠡᠵᠡᠨ ᠢ᠋ ᠾᠧ ᠨᠠᠨ ᠸᠠᠩ ᠪᠣᠯᠭᠠᠨ ᠡᠷᠭᠦᠲᠡᠯ᠎ᠡ ᠲᠠ ᠡᠰᠡ ᠳᠠᠭᠠᠭᠠᠳ ᠨᠡᠩ ᠬᠠᠷᠢᠨ ᠳᠡᠭᠡᠳᠦ ᠬᠠᠭᠠᠨ ᠡᠴᠢᠭᠡ ᠶ᠋ᠢ ᠮᠢᠨᠦ ᠠᠬ᠎ᠠ ᠪᠣᠯᠭᠠᠨ ᠶᠣᠰᠣᠯᠠᠮᠤᠢ ᠬᠡᠮᠡᠭᠡᠳ ᠳᠡᠭᠡᠳᠦ ᠬᠠᠭᠠᠨ ᠡᠴᠢᠭᠡ ᠶ᠋ᠢ ᠤᠨᠲᠤᠭᠤᠴᠠᠭᠤᠯᠤᠭᠠᠳ ᠡᠳᠦᠭᠡ ᠪᠣᠯᠲᠠᠯ᠎ᠠ ᠴᠡᠷᠢᠭᠯᠡᠭᠦᠯᠪᠡ᠃ ᠡᠳᠦᠭᠡ ᠪᠢ ᠬᠠᠭᠠᠨ ᠡᠴᠢᠭᠡ ᠶᠦ᠍ᠭᠡᠨ ᠠᠭᠤᠷᠯᠠᠯ ᠢ᠋ ᠬᠡᠷᠬᠢᠨ ᠤᠮᠠᠷᠲᠠᠨ ᠣᠷᠬᠢᠵᠤ ᠪᠣᠯᠤᠮᠤᠢ ?  ᠲᠡᠢᠨ ᠬᠦ᠌ ᠡᠨᠡ ᠲᠠᠬᠢᠯ ᠢ᠋ ᠬᠡᠷᠬᠢᠨ ᠬᠦᠯᠢᠶᠡᠨ ᠠᠪᠴᠤ ᠪᠣᠯᠤᠮᠤᠢ !  ᠬᠠᠭᠠᠨ ᠡᠴᠢᠭᠡ ᠶ᠋ᠢᠨ ᠰᠦᠯᠳᠡ ᠮᠥᠨ ᠨᠠᠮᠠᠶ᠋ᠢ ᠪᠤᠷᠤᠭᠤᠰᠢᠶᠠᠬᠤ ᠪᠥᠯᠥᠭᠡ᠂ ᠲᠡᠢᠨ ᠬᠦ᠌ ᠲᠠ ᠨᠢᠭᠡᠨᠲᠡ ᠣᠷᠣᠢᠲᠠᠪᠠ᠂ ᠬᠠᠷᠢᠨ ᠡᠷᠲᠡᠬᠡᠨ ᠬᠠᠭᠠᠨ ᠡᠴᠢᠭᠡ ᠶ᠋ᠢᠨ ᠦᠶ᠎ᠡ ᠳ᠋ᠦ᠍ᠷ ᠵᠠᠷᠯᠢᠭ ᠢ᠋ ᠠᠨᠤ ᠳᠠᠭᠠᠵᠤ᠂ ᠾᠧ ᠨᠠᠨ ᠸᠠᠩ ᠪᠣᠯᠵᠤ ᠡᠴᠢᠭᠡᠳ ᠬᠠᠭᠠᠨ ᠡᠴᠢᠭᠡ ᠶ᠋ᠢᠨ ᠭᠠᠷ ᠤ᠋ᠨ ᠵᠠᠷᠯᠢᠭ ᠢ᠋ ᠣᠯᠵᠤ ᠠᠪᠤᠭᠰᠠᠨ ᠪᠥᠭᠡᠰᠦ᠂ ᠡᠳᠦᠭᠡ ᠲᠠᠬᠢᠯ ᠪᠠᠷᠢᠬᠤ ᠴᠤ᠌ ᠪᠠᠢᠲᠤᠭᠠᠢ᠂ ᠪᠤᠶᠠᠨ ᠬᠦᠷᠭᠡᠪᠡᠴᠦ ᠪᠣᠯᠬᠤ ᠪᠥᠯᠥᠭᠡ᠂ ᠴᠠᠭ ᠦᠶᠡᠰ ᠢ᠋ ᠨᠢᠭᠡᠨᠲᠡ ᠠᠯᠲᠠᠨ ᠥᠩᠭᠡᠷᠡᠭᠡᠭᠡᠳ ᠡᠳᠦᠭᠡ ᠣᠳᠣ ᠠᠪᠴᠤ ᠭᠦᠢᠴᠡᠬᠦ ᠦᠭᠡᠢ ᠪᠣᠯᠤᠭᠰᠠᠨ ᠪᠥᠭᠡᠲᠡᠯ᠎ᠡ ᠣᠳᠣ ᠶᠠᠭᠠᠬᠢᠮᠤᠢ ?  ᠣᠳᠣ ᠬᠡᠷᠡᠭ ᠦᠭᠡᠢ ! 》ᠭᠡᠮᠡᠨ ᠭᠠᠰᠠᠯᠠᠩ ᠪᠠ ᠪᠠᠶᠠᠷ ᠤ᠋ᠨ ᠪᠡᠯᠡᠭ ᠢ᠋ ᠴᠥᠮ ᠦᠯᠡᠳᠡᠭᠡᠭᠰᠡᠨ ᠦᠭᠡᠢ ᠡᠭᠡᠭᠦᠯᠪᠡᠢ᠃ 
       ᠲᠡᠳᠦᠢ ᠠᠯᠲᠠᠨ ᠤᠯᠤᠰ ᠢ᠋ ᠬᠡᠷᠬᠢᠨ ᠴᠡᠷᠢᠭ ᠨᠡᠮᠡᠵᠦ ᠳᠠᠢᠯᠠᠬᠤ ᠳ᠋ᠤᠷ ᠰᠦᠢᠳᠬᠡᠯ ᠪᠡᠯᠡᠳᠬᠡᠯ ᠳ᠋ᠦ᠍ᠷ ᠮᠣᠩᠭᠣᠯ ᠤᠯᠤᠰ ᠠ᠋ᠴᠠ ᠵᠠᠭᠤᠨ ᠠᠳᠤᠭᠤᠲᠤ ᠭᠡᠷ ᠡᠴᠡ ᠨᠢᠭᠡᠨ ᠭᠡᠭᠦᠦ᠂ ᠵᠠᠭᠤᠨ ᠦᠬᠡᠷᠲᠦ ᠭᠡᠷ ᠡᠴᠡ ᠨᠢᠭᠡᠨ ᠦᠨᠢᠶ᠎ᠡ᠂ ᠵᠠᠭᠤᠨ ᠬᠣᠨᠢᠳᠤ ᠭᠡᠷ ᠡᠴᠡ ᠨᠢᠭᠡᠨ ᠡᠮ᠎ᠡ ᠬᠣᠨᠢ ᠭᠠᠷᠭᠠᠯᠭ᠎ᠠ᠂ ᠵᠢᠴᠢ ᠯᠢᠶᠣᠣ ᠳ᠋ᠦᠩ᠂ ᠯᠢᠶᠣᠣ ᠰᠢ᠂ ᠱᠠᠨ ᠳ᠋ᠦᠩ᠂ ᠾᠧ ᠪᠧᠢ ᠶ᠋ᠢᠨ ᠬᠢᠲᠠᠳ ᠨᠢᠭᠡᠨ ᠡᠷᠦᠬᠡ ᠡᠴᠡ ᠨᠢᠭᠡᠨ ᠬᠥᠮᠦᠨ ᠭᠠᠷᠭᠠᠵᠤ ᠴᠡᠷᠢᠭ ᠪᠣᠯᠭ᠎ᠠ᠂ ᠵᠢᠴᠢ ᠰᠢ ᠢᠦᠢ ᠤᠯᠤᠰ ᠠ᠋ᠴᠠ ᠡᠷ᠎ᠡ ᠶ᠋ᠢᠨ ᠲᠣᠭ᠎ᠠ ᠪᠠᠷ ᠴᠥᠮ ᠴᠡᠷᠢᠭ ᠪᠣᠯᠭᠠᠨ᠂ ᠠᠯᠢᠪᠠ ᠭᠡᠷ ᠴᠡᠷᠢᠭ ᠪᠣᠯᠬᠤ ᠶ᠋ᠢ ᠬᠠᠤᠯᠢ ᠲᠣᠭᠲᠠᠭᠠᠵᠤ ᠵᠠᠷᠯᠠᠨ ᠶᠠᠪᠤᠭᠤᠯᠪᠠ᠃ ᠡᠭᠦᠨ ᠢ᠋ ᠬᠢᠲᠠᠳ ᠪᠢᠴᠢᠭᠡᠴᠢ ᠨᠠᠷ ᠮᠣᠩᠭᠣᠯ ᠢ᠋ ᠮᠠᠭᠤ ᠬᠡᠯᠡᠰᠦᠭᠡᠢ ᠭᠡᠮᠡᠨ 《ᠶᠡᠬᠡ ᠭᠠᠩ ᠮᠦ᠍ ᠪᠢᠴᠢᠭ 》 ᠲᠣᠷ ᠥᠭᠦᠯᠡᠭᠰᠡᠨ ᠢᠨᠤ: 《ᠮᠣᠩᠭᠣᠯ ᠲᠠᠢᠽᠥ᠋ᠩ ᠬᠠᠭᠠᠨ ᠡᠪᠦᠯ ᠦ᠋ᠨ ᠰᠠᠷ᠎ᠠ ᠳ᠋ᠤᠷ ᠤᠯᠤᠰ ᠤ᠋ᠨ ᠲᠤᠭᠲᠠᠮ ᠡᠷᠦᠬᠡ ᠠᠮᠠᠨ ᠤ᠋ ᠲᠣᠭ᠎ᠠ ᠠᠪᠬᠤᠢ ᠳ᠋ᠤᠷ ᠳᠤᠮᠳᠠᠳᠤ ᠤᠯᠤᠰ ᠲᠤᠷ ᠡᠷᠦᠬᠡ ᠶ᠋ᠢ ᠪᠠᠢᠴᠠᠭᠠᠵᠤ ᠂ ᠲᠠᠩᠭᠤᠳ ᠤᠯᠤᠰ ᠲᠤᠷ ᠡᠷ᠎ᠡ ᠶ᠋ᠢᠨ ᠲᠣᠭ᠎ᠠ ᠶ᠋ᠢ ᠠᠪᠤᠮᠤᠢ᠂ ᠮᠣᠩᠭᠣᠯ ᠤᠯᠤᠰ ᠲᠤᠷ ᠪᠣᠯᠪᠠᠰᠤ ᠦᠬᠡᠷ ᠮᠣᠷᠢ ᠮᠠᠯ ᠠᠳᠤᠭᠤᠰᠤᠨ ᠤ᠋ ᠲᠣᠭ᠎ᠠ ᠶ᠋ᠢ ᠠᠪᠤᠮᠤᠢ 》ᠭᠡᠮᠡᠨ ᠥᠭᠦᠯᠡᠵᠦᠬᠦᠢ᠃ ᠡᠭᠦᠨ ᠳ᠋ᠦ᠍ᠷ ᠰᠤᠳᠤᠷᠴᠢ ᠲᠦᠰᠢᠮᠡᠯ ᠲᠠᠢᠵᠢ ᠢᠨᠵᠠᠨᠨᠠᠰᠢ ᠮᠢᠨᠦ ᠲᠤᠰᠠᠯᠠᠭᠴᠢ ᠠᠬ᠎ᠠ 《ᠶᠡᠬᠡ ᠭᠠᠩ ᠮᠦ᠍ ᠪᠢᠴᠢᠭ 》 ᠢ ᠣᠷᠴᠢᠭᠤᠯᠤᠭᠰᠠᠭᠠᠷ ᠡᠨᠡ ᠨᠢᠭᠡᠨ ᠠᠩᠭᠢ ᠳ᠋ᠤᠷ ᠬᠦᠷᠴᠦ ᠬᠡᠳᠦᠨ ᠦᠰᠦᠭ ᠴᠣᠬᠣᠯᠠᠨ ᠪᠢᠴᠢᠭᠰᠡᠨ ᠢᠨᠦ : ᠬᠢᠲᠠᠳ ᠪᠢᠴᠢᠭᠡᠴᠢ ᠨᠠᠷ ᠮᠣᠩᠭᠣᠯ ᠢ᠋ ᠮᠠᠭᠤ ᠬᠡᠯᠡᠰᠦᠭᠡᠢ ᠬᠡᠮᠡᠬᠦᠢ ᠳ᠋ᠦ᠍ᠷ ᠢ᠋ᠶ᠋ᠡᠨ ᠤᠴᠢᠷ ᠢ᠋ ᠦᠯᠦ ᠲᠤᠩᠭᠠᠮᠤᠢ᠂ ᠡᠳᠦᠭᠡ ᠮᠣᠩᠭᠣᠯ ᠤ᠋ᠨ ᠲᠠᠢᠽᠥ᠋ᠩ ᠬᠠᠭᠠᠨ ᠳᠤᠮᠳᠠᠳᠤ ᠤᠯᠤᠰ ᠤ᠋ᠨ ᠬᠢᠲᠠᠳ ᠢᠷᠭᠡᠨ ᠢ᠋ ᠡᠵᠡᠯᠡᠭᠰᠡᠨ ᠳ᠋ᠦ᠍ᠷ ᠬᠢᠲᠠᠳ ᠢ᠋ ᠡᠷᠦᠬᠡ ᠲᠣᠭᠲᠠᠭᠠᠨ ᠠᠯᠪᠠ ᠠᠪᠬᠤᠢ ᠳ᠋ᠤᠷ ᠣᠳᠣ ᠬᠢᠲᠠᠳ ᠢᠷᠭᠡᠨ ᠢ ᠮᠥᠨ ᠮᠠᠯ ᠠᠳᠤᠭᠤᠰᠤᠨ ᠳ᠋ᠤᠷ ᠲᠣᠭᠠᠴᠠᠭᠰᠠᠨ ᠦᠭᠡᠢ ᠤᠤ ?  ᠶᠠᠭᠤ ᠲᠠᠢ ᠰᠣᠨᠢᠨ ᠰᠢᠭᠦᠮᠵᠢᠯᠡᠯ ᠪᠣᠢ ᠠᠵᠢ᠂ ᠬᠢᠲᠠᠳ ᠪᠢᠴᠢᠭᠡᠴᠢ ᠨᠠᠷ ᠣᠨᠴᠠ ᠮᠣᠩᠭᠣᠯ ᠢ᠋ ᠮᠠᠭᠤ ᠬᠡᠯᠡᠮᠦᠢ ᠬᠡᠮᠡᠭᠰᠡᠭᠡᠷ ᠲᠡᠳᠡᠭᠡᠷ ᠢᠷᠭᠡᠨ ᠢ᠋ᠶ᠋ᠡᠨ ᠴᠥᠮ ᠮᠣᠩᠭᠣᠯ ᠤ᠋ᠨ ᠮᠠᠯ ᠠᠳᠤᠭᠤᠰᠤ ᠪᠣᠯᠭᠠᠭᠠᠳ ᠰᠠᠶᠢ ᠦᠭᠡ ᠪᠡᠨ ᠬᠤᠷᠢᠶᠠᠪᠠ᠂ ᠠᠳᠤᠭᠤᠰᠤ ᠪᠣᠯᠤᠭᠰᠠᠨ ᠢ᠋ᠶ᠋ᠠᠨ ᠡᠰᠡ ᠬᠢᠨᠠᠪᠠ ᠬᠡᠮᠡᠵᠦᠬᠦᠢ᠃
       ᠲᠡᠨᠳᠡᠴᠡ ᠬᠠᠭᠠᠨ ᠮᠥᠨ ᠡᠪᠦᠯ ᠦ᠋ᠨ ᠰᠡᠭᠦᠯ ᠰᠠᠷ᠎ᠠ ᠳ᠋ᠤᠷ ᠵᠠᠷᠯᠢᠭ ᠪᠠᠭᠤᠯᠭᠠᠨ ᠭᠠᠵᠠᠷ ᠪᠦᠷᠢ ᠵᠧᠦ ᠵᠢᠶᠦ᠋ᠨ ᠳ᠋ᠦ᠍ᠷ ᠴᠥᠮ ᠰᠠᠩ ᠬᠥᠮᠥᠷᠭᠡ᠂ ᠥᠷᠲᠡᠭᠡ ᠤᠯᠠᠭ᠎ᠠ ᠶ᠋ᠢᠨ ᠶᠠᠮᠤᠨ ᠪᠠᠢᠭᠤᠯᠪᠠ᠃ ᠡᠨᠡ ᠦᠶ᠎ᠡ ᠳ᠋ᠦ᠍ᠷ ᠲᠠᠢᠰᠢ ᠭᠦᠸᠧ ᠸᠠᠩ ᠪᠤᠯᠤ ᠡᠮᠦᠨ᠎ᠡ ᠴᠡᠷᠢᠭ ᠦ᠋ᠨ ᠬᠦᠷᠢᠶ᠎ᠡ ᠳ᠋ᠦ᠍ᠷ ᠡᠭᠡᠵᠦ᠂ ᠰᠠᠶᠢ ᠵᠢᠶᠦ᠋ᠨ ᠸᠠᠩ  ᠳᠠᠢᠰᠤᠨᠳᠠᠷᠤᠭᠴᠢ ᠵᠢᠴᠢ ᠶᠡᠬᠡ ᠶᠤᠸᠠᠨᠱᠤᠸᠠᠢ ᠱᠢ ᠲᠢᠶᠠᠨ ᠽᠧ ᠬᠣᠶᠠᠭᠤᠯᠠ ᠶ᠋ᠢ ᠬᠠᠭᠠᠨ ᠳ᠋ᠤᠷ ᠪᠠᠷᠠᠯᠬᠠᠭᠤᠯᠤᠷ᠎ᠠ ᠢᠯᠡᠭᠡᠭᠰᠡᠨ ᠳ᠋ᠦ᠍ᠷ ᠲᠠᠢᠽᠥ᠋ᠩ ᠬᠠᠭᠠᠨ ᠪᠡᠶᠡᠰᠴᠦ᠂ ᠱᠢ ᠲᠢᠶᠠᠨ ᠽᠧ ᠶ᠋ᠢ ᠢᠲᠡᠭᠡᠯᠲᠦ ᠰᠢᠳᠤᠷᠭᠤ ᠪᠥᠭᠡᠳ ᠮᠡᠷᠭᠡᠨ ᠪᠠᠭᠠᠲᠤᠷ ᠭᠡᠮᠡᠨ ᠡᠮᠦᠨ᠎ᠡ ᠭᠠᠵᠠᠷ ᠤ᠋ᠨ ᠲᠦᠮᠡᠨ ᠡᠷᠦᠬᠡ ᠶ᠋ᠢᠨ ᠾᠧᠦ ᠡᠷᠭᠦᠮᠵᠢᠯᠡᠵᠦ᠂ ᠵᠦᠩ ᠶᠤᠸᠠᠨ ᠤ᠋ ᠭᠠᠵᠠᠷ ᠢ ᠬᠤᠪᠢᠶᠠᠨ ᠰᠠᠬᠢᠭᠤᠯᠬᠤᠢ ᠳ᠋ᠤᠷ ᠪᠠᠰᠠ ᠲᠠᠢᠰᠢ ᠪᠤᠯᠤ ᠶ᠋ᠢᠨ ᠴᠡᠷᠢᠭ ᠬᠦᠷᠢᠶ᠎ᠡ ᠳ᠋ᠦ᠍ᠷ ᠵᠢᠳᠬᠦᠭᠰᠡᠨ ᠵᠠᠩᠵᠤᠨ ᠮᠣᠩᠭᠣᠯ ᠯᠢᠦ ᠬᠠᠢ ᠮᠠ᠂ ᠰᠦ᠍ ᠶᠠ ᠯᠠ ᠲᠠᠨ ᠢ ᠡᠷᠭᠦᠨ ᠠᠢᠯᠠᠳᠬᠠᠭᠰᠠᠨ ᠳ᠋ᠤᠷ ᠱᠢ ᠲᠢᠶᠠᠨ ᠽᠧ ᠯᠤᠭ᠎ᠠ ᠠᠳᠠᠯᠢ ᠮᠥᠨ ᠬᠦ᠌ ᠲᠦᠮᠡᠨ ᠡᠷᠦᠬᠡ ᠶ᠋ᠢᠨ ᠾᠧᠦ ᠡᠷᠭᠦᠮᠵᠢᠯᠡᠵᠦ ᠂ ᠢᠷᠭᠡᠨ ᠴᠡᠷᠢᠭ ᠢ᠋ ᠬᠤᠪᠢᠶᠠᠨ ᠵᠠᠬᠢᠷᠤᠭᠤᠯᠪᠠ᠃ ᠵᠸᠨ ᠳ᠋ᠢᠩ ᠹᠦ᠂ ᠾᠧ ᠵᠢᠶᠠᠨ ᠹᠦ᠂ ᠳᠡ ᠮᠢᠩ ᠹᠦ᠂ ᠳ᠋ᠦᠩ ᠫᠢᠩ ᠹᠦ᠂ ᠵᠢᠢ ᠨᠠᠨ ᠹᠦ ᠡᠨᠡ ᠲᠠᠪᠤᠨ ᠹᠦ ᠶ᠋ᠢᠨ ᠴᠡᠷᠢᠭ ᠢᠷᠭᠡᠨ ᠢ᠋ ᠬᠤᠪᠢᠶᠠᠨ ᠱᠢ ᠲᠢᠶᠠᠨ ᠽᠧ ᠳ᠋ᠦ᠍ᠷ ᠲᠤᠰᠢᠶᠠᠨ ᠵᠠᠬᠢᠷᠤᠭᠤᠯᠪᠠ᠃ ᠵᠢᠴᠢ ᠫᠢᠩ ᠶᠠᠩ ᠹᠦ᠂ ᠰᠢᠦᠸᠠᠨ ᠳᠧ ᠹᠦ ᠶ᠋ᠢᠨ ᠵᠡᠷᠭᠡ ᠭᠠᠵᠠᠷ ᠢ᠋ ᠯᠢᠦ ᠬᠠᠢ ᠮᠠ᠂ ᠰᠦ᠍ ᠶᠠ ᠯᠠ ᠲᠠᠨ ᠳ᠋ᠤᠷ ᠲᠤᠰᠢᠶᠠᠨ ᠵᠠᠬᠢᠷᠤᠭᠤᠯᠵᠤ᠂ ᠲᠡᠳᠦᠢ ᠳᠥᠷᠪᠡᠨ ᠲᠦᠰᠢᠮᠡᠯ ᠬᠡᠰᠢᠭ ᠲᠣᠷ ᠮᠥᠷᠭᠥᠵᠦ᠂ ᠵᠢᠴᠢ ᠨᠢᠳᠤᠨᠤᠨ ᠵᠢᠯ ᠦ᠋ᠨ ᠴᠸᠨ ᠬᠤᠤᠱᠠᠩ ᠤ᠋ᠨ ᠴᠡᠷᠢᠭ ᠲᠦ᠍ᠷ ᠦᠬᠦᠭᠰᠡᠨ ᠬᠤᠳᠠᠭᠠᠨ᠎ᠠ ᠪᠡᠬᠢ ᠶ᠋ᠢᠨ ᠬᠥᠪᠡᠭᠦᠨ ᠬᠦᠳᠡᠷ ᠪᠦᠰᠡ ᠶ᠋ᠢ ᠨᠡᠬᠡᠵᠦ ᠲᠠᠢᠪᠤᠤ ᠲᠦᠰᠢᠮᠡᠯ ᠡᠷᠭᠦᠮᠵᠢᠯᠡᠵᠦ᠂ ᠬᠥᠪᠡᠭᠦᠨ ᠳᠤᠭᠤᠯᠠᠭ᠎ᠠ ᠲᠡᠮᠦᠷ ᠲᠣᠷ ᠠᠨᠤ ᠡᠴᠢᠭᠡ ᠶ᠋ᠢᠨ ᠬᠡᠷᠬᠡᠮ ᠢ ᠵᠠᠯᠭᠠᠮᠵᠢᠯᠠᠭᠤᠯᠤᠨ ᠡᠷᠭᠦᠮᠵᠢᠯᠡᠵᠦ ᠱᠠᠩᠨᠠᠪᠠ᠃ 
       ᠡᠨᠡ ᠵᠢᠯ ᠦ᠋ᠨ ᠳᠣᠣᠷ᠎ᠠ ᠳᠥᠷᠪᠡᠨ ᠵᠦᠭ ᠨᠠᠢ᠍ᠮᠠᠨ ᠵᠣᠪᠬᠢᠰ ᠤ᠋ᠨ ᠬᠠᠨ ᠴᠢᠨ ᠸᠠᠩ ᠶᠡᠬᠡ ᠰᠠᠢᠳ ᠲᠦᠰᠢᠮᠡᠳ ᠰᠢᠨᠡᠯᠡᠬᠦᠢ ᠶ᠋ᠢᠨ ᠵᠢᠰᠢᠶᠡᠨ ᠳ᠋ᠦ᠍ᠷ ᠢᠷᠡᠬᠦᠢ ᠳ᠋ᠦ᠍ᠷ ᠶᠡᠬᠡ ᠪᠠᠷᠠᠭᠤᠨ ᠡᠨᠡᠳᠬᠡᠭ ᠦ᠋ᠨ ᠵᠠᠬ᠎ᠠ ᠡᠨᠡᠳᠬᠡᠭ ᠤᠯᠤᠰ ᠤ᠋ᠨ ᠡᠵᠡᠨ ᠬᠦᠩ ᠭᠧ ᠮᠦ᠍ ᠯᠦ᠍ ᠤᠯᠤᠰ ᠤ᠋ᠨ ᠡᠵᠡᠨ ᠵᠠᠮᠰᠤ ᠬᠣᠶᠠᠷ ᠸᠠᠩ ᠴᠥᠮ ᠴᠢᠨ ᠸᠠᠩ ᠴᠠᠭᠠᠲᠠᠢ ᠶ᠋ᠢ ᠳᠠᠭᠠᠵᠤ ᠣᠷᠣᠵᠤ ᠥᠭ᠍ᠭᠦᠭᠡᠳ ᠮᠥᠷᠭᠥᠷ᠎ᠡ ᠢᠷᠡᠪᠡ᠃ ᠠᠯᠲᠠᠨ ᠤᠯᠤᠰ ᠤ᠋ᠨ ᠠᠢᠽᠥ᠋ᠩ ᠱᠧᠦ ᠰᠢᠦᠢ ᠪᠠᠰᠠ ᠡᠷᠬᠢᠯᠡᠭᠰᠡᠨ ᠰᠠᠢᠳ ᠠᠠᠣ᠋ᠢ᠍ᠨᠲᠠᠢ ᠶ᠋ᠢ ᠰᠢᠨᠡᠯᠡᠬᠦᠢ ᠶ᠋ᠢᠨ ᠵᠢᠰᠢᠶᠡᠨ ᠳ᠋ᠦ᠍ᠷ ᠢᠯᠡᠭᠡᠵᠦ᠂ ᠪᠠᠰᠠ ᠡᠶᠡᠳᠡᠬᠦ ᠶ᠋ᠢ ᠭᠤᠶᠤᠨ ᠠᠢᠯᠠᠳᠬᠠᠵᠤ ᠪᠣᠳᠣᠷᠣᠣᠯ ᠪᠢᠴᠢᠭ ᠪᠠᠷᠢᠭᠤᠯᠪᠠ᠃ ᠡᠨᠡ ᠦᠶ᠎ᠡ ᠳ᠋ᠦ᠍ᠷ ᠭᠠᠳᠠᠭᠠᠳᠤ ᠤᠯᠤᠰ ᠲᠤᠷ ᠡᠷᠭᠦᠮᠵᠢᠯᠡᠭᠰᠡᠨ ᠬᠠᠨ ᠴᠢᠨ ᠸᠠᠩ ᠶᠡᠬᠡ ᠰᠠᠢᠳ ᠨᠠᠷ ᠴᠥᠮ ᠬᠤᠷᠠᠵᠤ᠂ ᠯᠢᠶᠣᠣ ᠳ᠋ᠦᠩ ᠦ᠋ᠨ ᠰᠢᠦᠸᠠᠢ ᠱᠧ ᠪᠠᠰᠠ ᠲᠠᠢᠽᠦ ᠶ᠋ᠢᠨ ᠶᠠᠰᠤᠨ ᠢ᠋ ᠪᠠᠷᠢᠵᠤ ᠭᠠᠰᠠᠯᠠᠩ ᠢ᠋ ᠲᠡᠭᠦᠰᠬᠡᠨ᠂ ᠲᠠᠢᠽᠥ᠋ᠩ ᠢ᠋ ᠬᠠᠭᠠᠨ ᠰᠠᠭᠤᠯᠭᠠᠭᠠᠳ ᠬᠠᠷᠢᠵᠤ ᠵᠢᠯ ᠦ᠋ᠨ ᠵᠢᠰᠢᠶ᠎ᠠ ᠳ᠋ᠤᠷ ᠪᠠᠰᠠ ᠢᠷᠡᠭᠰᠡᠨ ᠦ᠌ ᠲᠤᠯᠠ ᠬᠠᠷᠢᠶᠠᠲᠤ ᠤᠯᠤᠰ ᠠ᠋ᠴᠠ ᠡᠰᠡ ᠢᠷᠡᠭᠰᠡᠨ ᠠᠨᠤ ᠭᠠᠭᠴᠠ ᠰᠣᠯᠣᠩᠭᠣᠰ ᠤᠯᠤᠰ ᠬᠢᠭᠡᠳ ᠡᠮᠦᠨ᠎ᠡ ᠰᠥᠩ ᠤᠯᠤᠰ᠃ ᠡᠨᠡ ᠬᠣᠶᠠᠷ ᠤᠯᠤᠰ ᠠᠯᠪᠠ ᠪᠠ ᠪᠠᠷᠠᠯᠬᠠᠬᠤ ᠶᠣᠰᠣᠨ ᠳ᠋ᠤᠷ ᠬᠥᠮᠦᠨ ᠦᠭᠡᠢ᠃ ᠬᠥᠬᠡᠭᠡ ᠰᠠᠷ᠎ᠠ ᠶ᠋ᠢᠨ ᠬᠣᠷᠢᠨ ᠭᠤᠷᠪᠠᠨ ᠪᠣᠯᠲᠠᠯ᠎ᠠ ᠬᠠᠷᠢᠶᠠᠲᠤ ᠤᠯᠤᠰ ᠴᠥᠮ ᠬᠤᠷᠠᠵᠤ ᠪᠦᠷᠢᠳᠦᠭᠡᠳ ᠠᠯᠲᠠᠲᠤ ᠡᠪᠬᠡᠮᠡᠯ ᠰᠢᠷᠡᠭᠡᠨ ᠳ᠋ᠦ᠍ᠷ ᠳᠦᠭᠦᠷᠦᠭᠰᠡᠨ ᠳ᠋ᠦ᠍ᠷ ᠥᠷᠯᠥᠭᠡ ᠪᠠᠷᠰ ᠴᠠᠭ ᠲᠤᠷ ᠵᠦᠩ ᠬᠡᠩᠭᠡᠷᠭᠡ ᠳᠠᠭᠤᠷᠢᠰᠴᠤ᠂ ᠰᠢᠭᠦᠷ ᠴᠢᠮᠡᠭ ᠳᠠᠯᠪᠠᠭ᠎ᠠ ᠬᠥᠳᠡᠯᠵᠦ᠂ ᠽᠠᠨᠳᠠᠨ ᠬᠥᠬᠥᠯ ᠠᠩᠬᠢᠯᠤᠨ᠂ ᠣᠷᠳᠣᠨ ᠤ᠋ ᠵᠠᠷᠤᠴᠠ ᠬᠠᠰᠬᠢᠷᠴᠤ᠂ ᠲᠠᠢᠽᠥ᠋ᠩ ᠬᠠᠭᠠᠨ ᠬᠠᠷᠰᠢ ᠳ᠋ᠤᠷ ᠭᠠᠷᠴᠤ ᠰᠠᠭᠤᠭᠰᠠᠨ ᠬᠣᠢᠨ᠎ᠠ᠂ ᠳᠠᠷᠤᠢ ᠲᠣᠭᠰᠢᠭᠤᠷ ᠳᠠᠭᠤᠷᠢᠰᠴᠤ᠂ ᠶᠣᠰᠣᠯᠠᠯ ᠤ᠋ᠨ ᠲᠦᠰᠢᠮᠡᠯ ᠬᠠᠰᠬᠢᠷᠤᠨ ᠬᠣᠯᠠ ᠣᠢᠷ᠎ᠠ ᠶ᠋ᠢᠨ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠬᠠᠭᠠᠨ ᠬᠤᠷᠮᠤᠰᠲᠠ ᠶ᠋ᠢ ᠲᠠᠬᠢᠬᠤ ᠶ᠋ᠢᠨ ᠶᠡᠬᠡ ᠶᠣᠰᠣᠯᠠᠯ ᠢ᠋ ᠶᠠᠪᠤᠭᠤᠯᠵᠤ᠂ ᠰᠠᠶᠢ ᠣᠯᠠᠨ ᠡᠪᠬᠡᠮᠡᠯ ᠢ᠋ ᠦᠵᠡᠭᠰᠡᠭᠡᠷ᠂ ᠡᠮᠦᠨ᠎ᠡ ᠴᠡᠷᠢᠭ ᠦ᠋ᠨ ᠲᠠᠢᠰᠢ ᠪᠤᠯᠤ ᠶ᠋ᠢᠨ ᠨᠢᠭᠡᠨ ᠨᠤᠭᠤᠯᠪᠤᠷᠢ ᠪᠣᠢ᠂ ᠠᠪᠴᠤ ᠦᠵᠡᠪᠡᠰᠦ ᠡᠨᠡ ᠵᠢᠯ ᠦ᠋ᠨ ᠶᠢᠰᠦᠨ ᠳ᠋ᠦ᠍ᠷ᠂ ᠲᠡᠢᠰᠢ ᠪᠤᠯᠤ ᠶᠡᠬᠡ ᠴᠡᠷᠢᠭ ᠦ᠋ᠨ ᠬᠦᠷᠢᠶ᠎ᠡ ᠳ᠋ᠦ᠍ᠷ ᠡᠭᠡᠵᠦ ᠡᠴᠢᠮᠡᠭᠴᠡ ᠶᠡᠬᠡ ᠴᠡᠷᠢᠭ ᠢ᠋ ᠲᠡᠭᠰᠢᠯᠡᠨ ᠡᠮᠦᠨᠡᠰᠢ ᠣᠷᠣᠵᠤ᠂ ᠠᠯᠲᠠᠨ ᠤᠯᠤᠰ ᠤ᠋ᠨ ᠶᠡᠬᠡ ᠴᠢᠩ ᠶᠠᠩ ᠹᠦ ᠶ᠋ᠢ ᠬᠠᠭᠠᠵᠤ ᠪᠠᠢᠯᠳᠤᠭᠰᠠᠨ ᠨᠢᠭᠡᠨ ᠨᠤᠭᠤᠯᠪᠤᠷᠢ ᠶ᠋ᠢ ᠦᠵᠡᠵᠦ᠂ ᠰᠢᠳᠠᠷ ᠰᠠᠢᠳ ᠲᠤᠷ ᠵᠠᠷᠯᠢᠭ ᠪᠣᠯᠤᠷᠤᠨ: 《ᠲᠡᠢᠰᠢ ᠪᠤᠯᠤ ᠬᠥᠭᠰᠢᠨ ᠲᠡᠢᠰᠢ ᠥᠩᠭᠡᠷᠡᠭᠰᠡᠨ ᠡᠴᠡ ᠨᠢᠭᠡᠨ ᠴᠠᠭ ᠴᠤ᠌ ᠠᠮᠤᠭᠰᠠᠨ ᠦᠭᠡᠢ᠂ ᠡᠳᠦᠭᠡ ᠴᠡᠷᠢᠭ ᠦ᠋ᠨ ᠬᠦᠷᠢᠶ᠎ᠡ ᠳ᠋ᠦ᠍ᠷ ᠬᠦᠷᠦᠮᠡᠭᠴᠡ ᠪᠠᠰᠠ ᠠᠯᠲᠠᠨ ᠤᠯᠤᠰ ᠤ᠋ᠨ ᠴᠢᠩ ᠶᠠᠩ ᠹᠦ ᠶ᠋ᠢ ᠬᠠᠭᠠᠵᠤ ᠪᠠᠢᠯᠳᠤᠮᠤᠢ᠃ ᠡᠳᠦᠭᠡ ᠪᠤᠰᠤ ᠬᠠᠷᠢᠶᠠᠲᠤ ᠤᠯᠤᠰ ᠴᠥᠮ ᠢᠷᠡᠭᠰᠡᠨ ᠠᠲᠠᠯ᠎ᠠ ᠭᠠᠭᠴᠠ ᠬᠦ᠌ ᠭᠠᠤᠯᠢ ᠤᠯᠤᠰ ᠬᠡᠳᠦ ᠬᠡᠳᠦᠨ ᠵᠢᠯ ᠠᠯᠪᠠ ᠲᠠᠰᠤᠷᠠᠵᠤ ᠬᠤᠯᠳᠤᠷᠬᠢᠯᠠᠨ ᠶᠠᠪᠤᠬᠤ ᠲᠤᠯᠠ ᠲᠡᠭᠦᠨ ᠢ ᠳᠠᠢᠯᠠᠬᠤ ᠶ᠋ᠢ ᠵᠥᠪᠯᠡ᠃ ᠰᠥᠩ ᠤᠯᠤᠰ ᠲᠤᠷ ᠳᠣᠩᠭᠣᠳᠬᠤ ᠵᠠᠷᠯᠢᠭ ᠢ᠋ ᠢᠯᠡᠭᠡ᠃ ᠠᠯᠲᠠᠨ ᠤᠯᠤᠰ ᠤ᠋ᠨ ᠡᠶᠡᠳᠡᠬᠦ ᠶ᠋ᠢ ᠭᠤᠶᠤᠷ᠎ᠠ ᠢᠷᠡᠭᠰᠡᠨ ᠡᠯᠴᠢ ᠠᠠᠣ᠋ᠢ᠍ᠨᠲᠠᠢ ᠳ᠋ᠤᠷ ᠠᠩᠬ᠎ᠠ ᠤᠳᠠᠭ᠎ᠠ ᠶ᠋ᠢᠨ ᠶᠣᠰᠣᠭᠠᠷ ᠴᠠᠭ ᠦᠶᠡᠰ ᠥᠩᠭᠡᠷᠡᠵᠦ ᠡᠶᠡᠳᠡᠬᠦᠶ᠎ᠡ ᠪᠡᠷᠬᠡ ᠶ᠋ᠢ ᠬᠡᠯᠡᠵᠦ ᠡᠭᠡᠭᠦᠯ᠃ ᠵᠢᠴᠢ ᠬᠣᠯᠠ ᠤᠯᠤᠰ ᠲᠤᠷ ᠡᠷᠭᠦᠮᠵᠢᠯᠡᠭᠰᠡᠨ ᠤᠭᠰᠠᠭ᠎ᠠ ᠶ᠋ᠢᠨ ᠴᠢᠨ ᠸᠠᠩ ᠤ᠋ᠳ ᠴᠥᠮ ᠭᠠᠵᠠᠷ ᠭᠠᠵᠠᠷ ᠲᠤᠷ ᠢ᠋ᠶ᠋ᠠᠨ ᠡᠴᠢᠵᠦ ᠢᠷᠡᠭᠰᠡᠨ ᠲᠤᠯᠠ ᠲᠦᠪᠰᠢᠨ ᠰᠠᠮᠠᠭᠤᠨ ᠢ᠋ ᠦᠵᠡᠵᠦ᠂ ᠰᠢᠳᠠᠷ ᠠᠬᠤ ᠪᠠ ᠲᠤᠰᠢᠶᠠᠯ ᠤ᠋ᠨ ᠭᠠᠵᠠᠷ ᠲᠤᠷ ᠪᠠᠢᠬᠤ ᠶ᠋ᠢ ᠥᠪᠡᠷ ᠦ᠋ᠨ ᠳᠤᠷ᠎ᠠ ᠪᠠᠷ ᠪᠣᠯᠭ᠎ᠠ᠂ ᠭᠠᠭᠴᠠ ᠳᠥᠷᠪᠡᠳᠦᠭᠡᠷ ᠳᠡᠭᠦᠦ ᠲᠣᠯᠢ ᠴᠢᠨ ᠸᠠᠩ ᠤ᠋ᠨ ᠭᠠᠵᠠᠷ ᠣᠢᠷ᠎ᠠ ᠪᠥᠭᠡᠳ ᠪᠠᠰᠠ ᠮᠠᠰᠢ ᠠᠮᠤᠭᠤᠯᠠᠩ ᠲᠤᠯᠠ ᠮᠢᠨᠦ ᠰᠢᠳᠠᠷ ᠠᠵᠤ᠂ ᠤᠯᠤᠰ ᠤ᠋ᠨ ᠬᠡᠷᠡᠭ ᠢ᠋ ᠵᠥᠪᠯᠡᠨ ᠥᠩᠭᠡᠷᠡᠭᠰᠡᠨ ᠬᠥᠭᠰᠢᠨ ᠰᠠᠢᠳ ᠤ᠋ᠳ ᠲᠤᠷ ᠨᠡᠬᠡᠮᠵᠢᠯᠡᠯ ᠡᠷᠭᠦᠮᠵᠢᠯᠡᠯ ᠢ᠋ ᠬᠡᠯᠡᠯᠴᠡᠵᠦ ᠠᠢᠯᠠᠳᠬ᠎ᠠ᠃  ᠵᠢᠴᠢ ᠲᠠᠢᠽᠢ ᠮᠥᠩᠬᠡ᠂ ᠬᠤᠪᠢᠯᠠᠢ᠂ ᠬᠦᠢ ᠶᠦᠩ᠂ ᠬᠦᠨᠳᠦ᠂ ᠰᠢᠷᠠᠮ᠎ᠠ᠂ ᠣᠯᠠᠨ ᠴᠢᠨ ᠸᠠᠩ ᠤ᠋ᠨ ᠲᠠᠢᠽᠢ ᠨᠠᠷ ᠪᠠ ᠹᠦ ᠮᠠ ᠸᠠᠩ ᠤ᠋ᠳ ᠤ᠋ᠨ ᠳᠡᠭᠦᠦ ᠨᠠᠷ ᠬᠡᠦᠬᠡᠳ ᠢ᠋ ᠴᠥᠮ ᠬᠤᠸᠠᠩ ᠲᠠᠢᠽᠢ ᠮᠥᠩᠬᠡ ᠯᠦ᠍ᠭᠡ ᠬᠠᠪᠰᠤᠷᠤᠭᠤᠯᠤᠨ ᠶᠡᠬᠡ ᠰᠤᠷᠭᠠᠭᠤᠯᠢ ᠶ᠋ᠢᠨ ᠬᠦᠷᠢᠶ᠎ᠡ ᠪᠠ ᠳᠣᠲᠣᠭᠠᠳᠤ ᠣᠷᠳᠣᠨ ᠪᠢᠴᠢᠭ ᠦ᠋ᠨ ᠶᠠᠮᠤᠨ ᠳ᠋ᠤᠷ ᠣᠷᠣᠵᠤ ᠤᠢᠭᠤᠷ᠂ ᠬᠢᠲᠠᠳ᠂ ᠰᠢᠷ᠎ᠠ ᠲᠥᠪᠡᠳ ᠦ᠋ᠨ ᠪᠢᠴᠢᠭ ᠦᠰᠦᠭ ᠲᠣᠷ ᠬᠢᠴᠢᠶᠡᠯᠭᠡ᠃ ᠬᠤᠸᠠᠩ ᠲᠠᠢᠽᠢ ᠲᠡᠷᠢᠭᠦᠯᠡᠨ ᠤᠭᠰᠠᠭ᠎ᠠ ᠶ᠋ᠢᠨ ᠣᠯᠠᠨ ᠲᠠᠢᠵᠢ ᠲᠠᠪᠤᠨᠠᠩ ᠨᠠᠷ ᠤ᠋ᠨ ᠳᠡᠭᠦᠦ ᠨᠠᠷ ᠬᠡᠦᠬᠡᠳ ᠦ᠋ᠨ ᠨᠠᠰᠤᠨ ᠳ᠋ᠤᠷ ᠬᠦᠷᠦᠭᠰᠡᠳ ᠲᠣᠷ ᠭᠠᠪᠢᠶᠠᠲᠤ ᠰᠠᠢᠳ ᠪᠠ ᠤᠳᠤᠮᠲᠤ ᠲᠦᠰᠢᠮᠡᠳ ᠡᠴᠡ ᠪᠡᠷᠢ ᠰᠣᠩᠭᠣᠬᠤ ᠶ᠋ᠢ ᠬᠡᠯᠡᠯᠴᠡᠵᠦ ᠲᠡᠢ ᠬᠤᠸᠠᠩ ᠲᠠᠢᠬᠡᠦ ᠳ᠋ᠦ᠍ᠷ ᠠᠢᠯᠠᠳᠬᠠᠨ ᠲᠣᠭᠲᠠᠭ᠎ᠠ ! 》 ᠭᠡᠮᠡᠨ ᠵᠦᠢᠯ ᠳᠠᠷᠠᠭᠠᠯᠠᠨ ᠠᠩᠭᠢ ᠠᠩᠭᠢ ᠪᠠᠷ ᠲᠤᠰ ᠲᠤᠰ ᠲᠤᠷ ᠴᠥᠮ ᠬᠠᠭᠤᠯᠠᠨ ᠪᠠᠭᠤᠯᠭᠠᠵᠤ᠂ ᠨᠠᠷᠢᠨ ᠬᠥᠭᠵᠢᠮ ᠳᠣᠲᠣᠭᠠᠳᠤ ᠭᠠᠳᠠᠭᠠᠳᠤ ᠳ᠋ᠤᠷ ᠡᠭᠦᠰᠬᠡᠵᠦ᠂ ᠯᠤᠤ ᠶ᠋ᠢᠨ ᠬᠠᠨᠴᠤᠢ ᠨᠢᠭᠡᠨᠲᠡ ᠭᠦᠪᠢᠮᠡᠭᠴᠡ ᠲᠠᠢᠽᠥ᠋ᠩ ᠬᠠᠭᠠᠨ ᠳᠣᠲᠣᠭᠠᠳᠤ ᠣᠷᠳᠣᠨ ᠳ᠋ᠤᠷ ᠵᠠᠯᠠᠷᠠᠨ ᠪᠠᠭᠤᠵᠤ᠂ ᠣᠯᠠᠨ ᠸᠠᠩ ᠰᠠᠢᠳ ᠳᠥᠷᠪᠡᠨ ᠵᠦᠭ ᠲᠠᠷᠬᠠᠯᠴᠠᠨ ᠥᠪᠡᠷ ᠥᠪᠡᠷ ᠦ᠋ᠨ ᠲᠤᠰᠢᠶᠠᠯ ᠢ᠋ᠶ᠋ᠠᠷ ᠶᠠᠪᠤᠷ᠎ᠠ ᠡᠴᠢᠪᠡ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠶᠦᠩ ᠵᠢᠢ ᠶ᠋ᠢᠨ ᠪᠠᠭ᠎ᠠ ᠥᠬᠢᠨ ᠬᠤᠸᠠᠢ ᠭᠦᠸᠧ ᠭᠦᠩᠵᠦ ᠴᠡᠷᠢᠭ ᠦ᠋ᠨ ᠬᠦᠷᠢᠶ᠎ᠡ ᠳ᠋ᠦ᠍ᠷ ᠬᠡᠳᠦᠨ ᠵᠡᠷᠭᠡ ᠶᠡᠬᠡ ᠭᠠᠪᠢᠶ᠎ᠠ ᠪᠠᠢᠭᠤᠯᠵᠤ᠂ ᠥᠩᠭᠡ ᠡᠷᠳᠡᠮ ᠮᠣᠩᠭᠣᠯ ᠤᠯᠤᠰ ᠲᠤᠷ ᠠᠯᠳᠠᠷᠰᠢᠵᠤ᠂ ᠬᠠᠭᠠᠨ ᠤ᠋ ᠳᠡᠭᠦᠦ ᠨᠠᠷ ᠬᠡᠦᠬᠡᠳ ᠣᠯᠠᠨ ᠲᠠᠢᠽᠢ ᠨᠠᠷ ᠴᠥᠮ ᠬᠦᠰᠡᠵᠦ ᠪᠠᠢᠭᠰᠠᠨ ᠳ᠋ᠤᠷ ᠡᠳᠦᠭᠡ ᠭᠡᠨᠡᠳᠲᠡ ᠬᠠᠭᠠᠨ ᠵᠠᠷᠯᠢᠭ ᠪᠠᠭᠤᠯᠭᠠᠨ᠂ ᠲᠠᠢᠬᠡᠦ ᠳ᠋ᠦ᠍ᠷ ᠠᠢᠯᠠᠳᠬᠠᠨ ᠣᠯᠠᠨ ᠲᠠᠢᠽᠢ ᠨᠠᠷ ᠲᠤᠷ ᠪᠡᠷᠢ ᠰᠣᠩᠭᠣᠬᠤᠢ ᠳ᠋ᠤᠷ ᠠᠯᠢᠨ ᠴᠤ᠌ ᠴᠥᠮ ᠬᠤᠸᠠᠢ ᠭᠦᠸᠧ ᠭᠦᠩᠵᠦ ᠶ᠋ᠢ ᠬᠦᠰᠡᠵᠦ᠂ ᠲᠠᠢᠬᠡᠦ ᠶ᠋ᠢᠨ ᠰᠢᠳᠠᠷ ᠠᠷᠠᠳ ᠲᠤᠷ ᠭᠤᠶᠤᠴᠢᠯᠠᠨ ᠬᠤᠸᠠᠢ ᠭᠦᠸᠧ ᠭᠦᠩᠵᠦ ᠶ᠋ᠢ ᠭᠤᠶᠤᠴᠢᠯᠠᠬᠤᠢ ᠳ᠋ᠤᠷ ᠡᠨᠡ ᠮᠡᠳᠡᠭᠡ ᠶ᠋ᠢ ᠳᠡᠰ ᠲᠣᠭᠣᠰ ᠰᠣᠨᠣᠰᠴᠤ ᠶᠡᠬᠡᠯ᠎ᠡ ᠠᠶᠤᠵᠤ ᠶᠠᠭᠠᠷᠠᠨ ᠬᠤᠸᠠᠢ ᠭᠦᠸᠧ ᠭᠦᠩᠵᠦ ᠶ᠋ᠢ ᠤᠷᠲᠣᠨ᠎ᠠ ᠢᠷᠡᠵᠦ ᠡᠳᠡᠭᠡᠷ ᠤᠴᠢᠷ ᠢ᠋ ᠬᠡᠯᠡᠭᠰᠡᠨ ᠳ᠋ᠦ᠍ᠷ ᠬᠤᠸᠠᠢ ᠭᠦᠸᠧ ᠭᠦᠩᠵᠦ ᠥᠭᠦᠯᠡᠷᠦᠨ:《ᠲᠡᠷᠡ ᠪᠣᠯᠬᠤ ᠦᠭᠡᠢ᠂ ᠳᠡᠭᠡᠳᠦ ᠬᠠᠭᠠᠨ ᠮᠥᠨ ᠮᠢᠨᠦ ᠠᠢᠯᠠᠳᠬᠠᠭᠰᠠᠨ ᠢ᠋ᠶ᠋ᠠᠷ ᠨᠠᠮᠠᠶ᠋ᠢ ᠠᠴᠢ ᠨᠠᠷ ᠲᠤᠷ ᠢ᠋ᠶ᠋ᠠᠨ ᠡᠰᠡ ᠤᠷᠤᠭᠯᠠᠭᠰᠠᠨ ᠢ᠋ ᠡᠳᠦᠭᠡ ᠨᠠᠮᠠᠶ᠋ᠢ ᠲᠣᠯᠣᠭᠠᠢ ᠳᠠᠷᠤᠵᠤ ᠦᠯᠦ ᠪᠣᠯᠬᠤ᠂ ᠮᠢᠨᠦ ᠪᠡᠶ᠎ᠡ ᠶ᠋ᠢ ᠪᠢ ᠥᠪᠡᠷ ᠢ᠋ᠶ᠋ᠡᠨ ᠮᠡᠳᠡᠮᠦᠢ ‍ᠶ᠎ᠠ᠃ 》ᠳᠡᠰ ᠲᠣᠭᠣᠰ ᠥᠭᠦᠯᠡᠷᠦᠨ : 《ᠲᠡᠢᠨ ᠦᠯᠦ ᠪᠣᠯᠤᠮᠤᠢ᠂ ᠥᠬᠢᠨ ᠬᠥᠮᠦᠨ ᠪᠡᠶ᠎ᠡ ᠶ᠋ᠢ ᠮᠡᠳᠡᠬᠦ ᠶᠣᠰᠣ ᠦᠭᠡᠢ᠂ ᠡᠳᠦᠭᠡ ᠬᠠᠭᠠᠨ ᠥᠩᠭᠡᠷᠡᠪᠡ᠂ ᠪᠢ ᠬᠡᠳᠦᠢ ᠡᠨᠡ ᠬᠠᠭᠠᠨ ᠤ᠋ ᠣᠢᠷ᠎ᠠ ᠰᠢᠳᠠᠷ ᠬᠠᠢᠷᠠᠲᠠᠢ ᠶᠠᠪᠤᠪᠠᠴᠤ ᠡᠨᠡ ᠤᠴᠢᠷ ᠢ ᠬᠡᠷᠬᠢᠨ ᠭᠠᠷᠭᠠᠵᠤ ᠮᠡᠳᠡᠭᠦᠯᠦᠮᠦᠢ ? ᠵᠢᠴᠢ ᠮᠢᠨᠦ ᠡᠴᠢᠭᠡ ᠪᠠᠰᠠ ᠴᠢᠮᠠᠶ᠋ᠢ ᠳᠤᠷᠠᠳᠤᠭᠰᠠᠨ ᠭᠠᠵᠠᠷ ᠦᠭᠡᠢ᠂ ᠡᠳᠦᠭᠡ ᠭᠡᠨᠡᠳᠲᠡ ᠲᠠᠢᠬᠡᠦ ᠶ᠋ᠢᠨ ᠵᠠᠷᠯᠢᠭ ᠢ᠋ᠶ᠋ᠠᠷ ᠲᠠᠢᠽᠢ ᠨᠠᠷ ᠤ᠋ᠨ ᠨᠢᠭᠡᠨ ᠳ᠋ᠦ᠍ᠷ ᠴᠢᠮᠠᠶ᠋ᠢ ᠵᠢᠭᠠᠪᠠᠰᠤ ᠣᠳᠣ ᠬᠡᠷᠬᠢᠮᠦᠢ᠂ ᠥᠬᠢᠨ ᠬᠥᠮᠦᠨ ᠦ᠌ ᠬᠡᠷᠡᠭ ᠢ᠋ ᠴᠥᠮ ᠡᠴᠢᠭᠡ ᠡᠬᠡ ᠮᠡᠳᠡᠮᠦᠢ᠂ ᠴᠢᠮ᠎ᠠ ᠳ᠋ᠤᠷ ᠡᠴᠢᠭᠡ ᠡᠬᠡ ᠦᠭᠡᠢ ᠪᠣᠯᠪᠠᠴᠤ ᠴᠢᠨᠦ ᠪᠡᠶ᠎ᠡ ᠴᠡᠷᠢᠭ ᠦ᠋ᠨ ᠭᠠᠪᠢᠶ᠎ᠠ ᠪᠣᠢ ᠳ᠋ᠤᠷ ᠲᠠᠢᠬᠡᠦ ᠴᠢᠮᠠᠶ᠋ᠢ ᠦᠷ᠎ᠡ ᠠᠴᠢ ᠮᠡᠲᠦ ᠥᠷᠥᠰᠢᠶᠡᠨ ᠬᠠᠢᠷᠠᠯᠠᠮᠤᠢ᠃ ᠥᠬᠢᠨ ᠬᠥᠮᠦᠨ ᠥᠪᠡᠷ ᠢ᠋ᠶ᠋ᠡᠨ ᠡᠷ᠎ᠡ ᠰᠣᠩᠭᠣᠬᠤ ᠬᠠᠤᠯᠢ ᠦᠭᠡᠢ ᠲᠤᠯᠠ ᠲᠠᠢᠬᠡᠦ ᠴᠢᠨᠦ ᠲᠥᠯᠥᠭᠡ ᠰᠣᠩᠭᠣᠵᠤ ᠨᠢᠭᠡᠨ ᠲᠠᠢᠽᠢ ᠳ᠋ᠤᠷ ᠵᠢᠭᠠᠪᠠᠰᠤ ᠴᠢ ᠬᠡᠳᠦᠢ ᠳᠤᠷ᠎ᠠ ᠦᠭᠡᠢ ᠪᠣᠯᠪᠠᠴᠤ ᠨᠢᠭᠡᠨᠲᠡ ᠵᠠᠷᠯᠢᠭ ᠪᠠᠭᠤᠪᠠᠰᠤ ᠡᠭᠡᠭᠦᠯᠬᠦᠢ ᠳ᠋ᠦ᠍ᠷ ᠪᠡᠷᠬᠡ᠂ ᠣᠳᠣ ᠬᠡᠷᠬᠢᠪᠡᠰᠦ ᠰᠠᠢᠨ ? 》 ᠬᠤᠸᠠᠢ ᠭᠦᠸᠧ ᠪᠣᠳᠣᠪᠠᠰᠤ ᠮᠠᠰᠢ ᠵᠦᠢ ᠲᠤᠯᠠ ᠬᠣᠶᠠᠭᠤᠯᠠ ᠴᠥᠮ ᠠᠷᠭ᠎ᠠ ᠦᠭᠡᠢ ᠪᠣᠯᠵᠤ᠂ ᠭᠠᠷ ᠪᠠᠷᠢᠯᠴᠠᠨ ᠰᠠᠭᠤᠵᠤ ᠲᠦᠷ ᠠᠷᠭ᠎ᠠ ᠪᠣᠳᠣᠵᠤ ᠠᠷᠢᠬᠢ ᠤᠤᠭᠤᠬᠤ ᠳ᠋ᠤᠷ ᠰᠠᠨᠠᠮᠰᠠᠷ ᠦᠭᠡᠢ ᠡᠳᠦᠷ ᠤᠳᠠᠲᠠᠯ᠎ᠠ ᠤᠴᠠᠷᠠᠭᠰᠠᠨ ᠦᠭᠡᠢ ᠲᠤᠯᠠ ᠡᠨᠡ ᠤᠳᠠᠭ᠎ᠠ ᠬᠠᠭᠠᠨ ᠤ᠋ ᠵᠠᠷᠯᠢᠭ ᠪᠣᠢ ᠭᠡᠮᠡᠨ ᠰᠢᠯᠲᠠᠭᠯᠠᠨ ᠣᠷᠣᠵᠤ ᠢᠷᠡᠨ ᠭᠡᠨᠡᠳᠲᠡ ᠬᠠᠷᠢᠯᠴᠠᠨ ᠤᠴᠠᠷᠠᠯᠳᠤᠮᠠᠭᠴᠠ ᠬᠣᠶᠠᠷ ᠡᠲᠡᠭᠡᠳ ᠲᠦᠯᠬᠢᠯᠴᠡᠨ ᠡᠳᠦᠭᠡ ᠪᠠᠰᠠ ᠨᠢᠭᠡᠨ ᠰᠢᠷᠡᠭᠡᠨ ᠳ᠋ᠦ᠍ᠷ ᠰᠠᠭᠤᠵᠤ ᠬᠡᠳᠦᠨ ᠬᠤᠨᠳᠠᠭ᠎ᠠ ᠳᠠᠷᠠᠰᠤ ᠳ᠋ᠤᠷ ᠳᠡᠰ ᠲᠣᠭᠣᠰ ᠢ ᠦᠵᠡᠪᠡᠰᠦ ᠵᠠᠯᠠᠭᠤ ᠨᠠᠰᠤᠨ ᠲᠤᠯᠠ ᠴᠢᠷᠠᠢ ᠨᠢᠳᠦ ᠲᠡᠷᠭᠡᠯ ᠰᠠᠷᠠᠨ ᠮᠡᠲᠦ ᠰᠠᠢᠬᠠᠨ ᠳ᠋ᠤᠷ ᠬᠤᠸᠠᠢ ᠭᠦᠸᠧ ᠭᠦᠩᠵᠦ ᠮᠥᠨ ᠠᠷᠪᠠᠨ ᠳᠣᠯᠣᠭᠠᠨᠨ ᠨᠠᠰᠤ ᠬᠦᠷᠴᠦ ᠪᠡᠶ᠎ᠡ ᠳ᠋ᠦ᠍ᠷ ᠬᠦᠷᠦᠭᠰᠡᠨ ᠴᠠᠭ᠂ ᠰᠡᠳᠬᠢᠯ ᠠᠪᠤᠯᠴᠠᠵᠤ ᠰᠠᠨᠠᠭ᠎ᠠ ᠨᠡᠪᠲᠡᠷᠡᠭᠰᠡᠨ ᠴᠠᠭ ᠲᠤᠯᠠᠳᠠ ᠡᠳᠦᠭᠡ ᠭᠡᠨᠡᠳᠲᠡ ᠡᠨᠡ ᠶᠠᠪᠤᠳᠠᠯ ᠭᠠᠷᠤᠭᠰᠠᠨ ᠳ᠋ᠤᠷ ᠶᠡᠬᠡᠯ᠎ᠡ ᠰᠣᠴᠢᠵᠤ ᠠᠷᠭ᠎ᠠ ᠦᠭᠡᠢ ᠪᠦᠬᠦᠢ ᠳ᠋ᠦ᠍ᠷ ᠬᠡᠳᠦᠨ ᠬᠤᠨᠳᠠᠭ᠎ᠠ ᠳᠡᠷᠡᠰᠦᠨ ᠳ᠋ᠦ᠍ᠷ ᠵᠥᠭᠡᠯᠡᠨ ᠨᠡᠮᠡᠭᠦᠨ ᠦ᠌ ᠬᠤᠷᠢᠴᠠᠯ ᠢ ᠳᠠᠷᠤᠨ ᠴᠢᠳᠠᠬᠤ ᠦᠭᠡᠢ ᠭᠠᠷ ᠪᠠᠷᠢᠯᠴᠠᠨ ᠢᠪᠡᠯᠴᠡᠵᠦ ᠡᠪᠦᠳᠦᠭ ᠲᠣᠬᠣᠴᠢᠨ ᠬᠥᠯ ᠰᠤᠯᠪᠢᠴᠢᠨ ᠭᠡᠲᠡᠨ ᠦ᠌ ᠭᠠᠯ ᠬᠠᠭᠤᠷᠠᠢ ᠲᠦᠯᠡᠭᠡ ᠶ᠋ᠢᠨ ᠨᠣᠴᠣᠬᠤ ᠶ᠋ᠢ ᠠᠷᠢᠯᠭᠠᠬᠤᠶ᠎ᠠ ᠪᠡᠷᠬᠡ ᠳ᠋ᠦ᠍ᠷ ᠳᠡᠰ ᠲᠣᠭᠣᠰ ᠪᠠᠰᠠ ᠰᠡᠯᠡᠭᠦᠨ ᠦᠶ᠎ᠡ ᠶ᠋ᠢ ᠦᠵᠡᠵᠦ ᠪᠠᠢᠭᠰᠠᠨ ᠲᠤᠯᠠ ᠲᠡᠪᠡᠷᠢᠵᠦ ᠴᠡᠩᠭᠡᠯ ᠢ ᠭᠤᠶᠤᠬᠤᠢ ᠳ᠋ᠤᠷ ᠬᠤᠸᠠᠢ ᠭᠦᠸᠧ ᠭᠦᠩᠵᠦ ᠢᠨᠢᠶᠡᠨ ᠥᠭᠦᠯᠡᠷᠦᠨ : 《ᠬᠠᠷ᠎ᠠ ᠡᠳᠦᠷ ᠢ᠋ᠶ᠋ᠡᠷ ᠪᠢ ᠢᠴᠢᠩᠭᠦᠷᠡᠮᠦᠢ᠃》ᠭᠡᠮᠡᠨ ᠬᠠᠭᠤᠷᠠᠢ ᠪᠠᠷ ᠰᠡᠳᠬᠢᠯ ᠢ ᠭᠦᠢᠴᠡᠭᠡᠨ ᠨᠢᠭᠡᠨ ᠵᠡᠷᠭᠡ ᠵᠢᠭᠤᠷᠠᠯᠳᠤᠨ ᠠᠷᠭ᠎ᠠ ᠦᠭᠡᠢ ᠪᠠᠢᠲᠠᠯ᠎ᠠ ᠭᠠᠳᠠᠷ ᠭᠡᠷ ᠲᠦ᠋ᠨᠢ ᠪᠧᠢ ᠯᠢᠩ ᠭᠦᠩᠵᠦ ᠬᠣᠭᠣᠯᠠᠢ ᠵᠠᠰᠠᠬᠤᠢ ᠳ᠋ᠤᠷ ᠬᠤᠸᠠᠢ ᠭᠦᠸᠧ ᠭᠦᠩᠵᠦ ᠤᠴᠢᠷ ᠢ᠋ ᠮᠡᠳᠡᠵᠦ ᠶᠠᠭᠠᠷᠠᠨ 《ᠳᠠ ᠯᠠᠩ ᠲᠦᠷ ᠰᠠᠭᠤᠵᠤ ᠪᠠᠢᠭᠲᠤᠨ! 》 ᠭᠡᠮᠡᠨ ᠭᠠᠷᠴᠤ ᠢᠷᠡᠬᠦᠢ ᠳ᠋ᠦ᠍ᠷ ᠳᠡᠰ ᠲᠣᠭᠣᠰ ᠨᠢᠭᠡᠨ ᠰᠠᠢᠬᠠᠨ ᠬᠣᠭᠣᠯᠠᠢ ᠳᠤᠤᠭᠠᠷᠤᠭᠰᠠᠨ ᠢ ᠰᠣᠨᠣᠰᠤᠭᠠᠳ ᠶᠠᠭᠠᠷᠠᠨ ᠲᠠᠰᠤᠯᠪᠤᠷᠢ ᠶ᠋ᠢᠨ ᠴᠠᠭᠠᠰᠤ ᠶ᠋ᠢ ᠴᠣᠭᠣᠯᠵᠤ ᠦᠵᠡᠪᠡᠰᠦ ᠲᠡᠨᠳᠡ ᠪᠠᠰᠠ ᠨᠢᠭᠡᠨ ᠮᠠᠰᠢ ᠰᠠᠢᠬᠠᠨ ᠥᠬᠢᠨ ᠴᠢᠷᠠᠢ ᠬᠠᠢᠲᠠᠨ ᠴᠡᠴᠡᠭ ᠮᠡᠲᠦ ᠳᠦᠭᠦᠷᠡᠩ᠂ ᠬᠤᠸᠠᠢ ᠭᠦᠸᠧ ᠭᠦᠩᠵᠦ ᠡᠴᠡ ᠪᠠᠬᠠᠨ ᠪᠤᠯᠪᠠᠷᠠᠢ᠂ ᠨᠢᠳᠦ ᠶᠡᠬᠡ ᠬᠠᠢᠳᠠᠨ ᠴᠡᠴᠡᠭ ᠮᠡᠲᠦ ᠤᠯᠠᠭᠠᠨ ᠨᠡᠭᠡᠭᠡᠭᠡᠳ ᠵᠢᠰᠦ ᠮᠠᠰᠢ ᠲᠠᠨᠢᠬᠤ ᠮᠡᠲᠦ᠂ ᠬᠥᠳᠡᠯᠬᠦ ᠠᠭᠠᠰᠢᠯᠠᠬᠤ ᠨᠡᠩ ᠰᠠᠢᠬᠠᠨ᠂ ᠨᠢᠳᠦ ᠡᠭᠡᠭᠦᠯᠦᠨ ᠬᠤᠸᠠᠢ ᠭᠦᠸᠧ ᠭᠦᠩᠵᠦ ᠶ᠋ᠢ ᠦᠵᠡᠪᠡᠰᠦ ᠲᠠᠷᠪᠤᠰ ᠤ᠋ᠨ ᠦᠷ᠎ᠡ ᠶ᠋ᠢ ᠠᠷᠢᠯᠭᠠᠭᠰᠠᠨ ᠮᠡᠲᠦ ᠬᠠᠰ ᠴᠡᠴᠡᠭ ᠦ᠋ᠨ ᠮᠥᠯᠰᠥᠨ ᠰᠠᠷᠠᠨ ᠤ᠋ ᠲᠤᠩᠭᠠᠯᠠᠭ ᠭᠡᠭᠡᠬᠡᠨ ᠪᠠᠢᠳᠠᠯ ᠦᠨᠡᠬᠡᠷ ᠭᠦᠨ ᠨᠠᠮᠤᠷ ᠤ᠋ᠨ ᠴᠠᠭᠠᠨ ᠤᠳ᠋ᠪᠠᠯ᠎ᠠ ᠮᠡᠲᠦ ᠳ᠋ᠦ᠍ᠷ ᠭᠠᠢᠬᠠᠵᠤ ᠬᠠᠷᠠᠭᠰᠠᠭᠠᠷ᠂ ᠭᠡᠨᠡᠳᠲᠡ ᠲᠡᠷᠡ ᠵᠢᠯ ᠬᠠᠷᠢᠵᠤ ᠢᠷᠡᠬᠦᠢ ᠳ᠋ᠦ᠍ᠷ ᠬᠤᠸᠠᠢ ᠭᠦᠸᠧ ᠭᠦᠩᠵᠦ ᠶ᠋ᠢᠨ ᠡᠮᠦᠨ᠎ᠡ ᠡᠴᠡ ᠡᠴᠢᠭᠰᠡᠨ ᠡᠷᠡᠴᠢᠯᠡᠨ ᠴᠢᠮᠡᠭᠰᠡᠨ ᠰᠠᠢᠬᠠᠨ ᠥᠬᠢᠨ ᠪᠠ ᠬᠣᠢᠨ᠎ᠠ ᠴᠡᠷᠢᠭ ᠦ᠋ᠨ ᠬᠦᠷᠢᠶ᠎ᠡ ᠡᠴᠡ ᠬᠠᠷᠢᠵᠤ ᠢᠷᠡᠬᠦᠢ ᠳ᠋ᠦ᠍ᠷ ᠬᠤᠸᠠᠢ ᠭᠦᠸᠧ ᠭᠦᠩᠵᠦ ᠯᠦ᠍ᠭᠡ ᠬᠠᠮᠲᠤ ᠡᠷᠡᠴᠢᠯᠡᠨ ᠴᠢᠮᠡᠵᠦ ᠮᠣᠷᠢ ᠤᠨᠤᠵᠤ ᠬᠣᠲᠠ ᠭᠠᠷᠴᠤ ᠦᠯᠦ ᠮᠡᠳᠡᠭᠴᠢ ᠪᠡᠷ ᠣᠳᠬᠤ ᠲᠤᠬᠠᠢ ᠳ᠋ᠤᠷ ᠬᠠᠮᠲᠤ ᠪᠠᠢᠭᠰᠠᠨ ᠰᠠᠢᠬᠠᠨ ᠥᠬᠢᠨ ᠲᠤᠯᠠ ᠲᠡᠭᠦᠨ ᠦ᠌ ᠬᠡᠯᠡᠯᠴᠡᠬᠦ ᠶ᠋ᠢ ᠴᠢᠩᠨᠠᠪᠠᠰᠤ᠂ ᠲᠡᠷᠡ ᠰᠠᠢᠬᠠᠨ ᠥᠬᠢᠨ ᠥᠭᠦᠯᠡᠷᠦᠨ : 《ᠡᠨᠡ ᠮᠠᠰᠢ ᠨᠢᠭᠡᠨ ᠵᠦᠢᠯ ᠦ᠋ᠨ ᠬᠢᠯᠪᠠᠷ ᠬᠡᠷᠡᠭ ᠪᠣᠢ᠂ ᠭᠦᠩᠵᠦ ᠴᠢ ᠬᠥᠭᠰᠢᠨ ᠲᠠᠢᠰᠢ ᠶ᠋ᠢᠨ ᠳᠣᠣᠷ᠎ᠠ ᠪᠠᠰᠠ ᠨᠢᠭᠡᠨ ᠤᠳᠠᠭ᠎ᠠ ᠭᠠᠯ ᠬᠡᠷᠡᠭᠯᠡᠨ ᠭᠠᠪᠢᠶ᠎ᠠ ᠪᠠᠢᠭᠤᠯᠤᠭᠰᠠᠨ ᠦᠭᠡᠢ ᠤᠤ ? ᠡᠳᠦᠭᠡ ᠬᠥᠭᠰᠢᠨ ᠲᠠᠢᠰᠢ ᠥᠩᠭᠡᠷᠡᠵᠦ ᠪᠠᠷᠢᠮᠲᠠ ᠦᠭᠡᠢ ᠪᠣᠯᠤᠭᠰᠠᠨ ᠲᠤᠯᠠ ᠳᠠᠷᠤᠢ ᠲᠡᠭᠦᠨ ᠢ᠋ ᠪᠠᠷᠢᠵᠤ ᠴᠡᠷᠢᠭ ᠦ᠋ᠨ ᠬᠦᠷᠢᠶ᠎ᠡ ᠳ᠋ᠦ᠍ᠷ ᠶᠠᠮᠪᠠᠷ ᠲᠡᠮᠳᠡᠭ ᠬᠠᠢᠷᠠᠯᠠᠵᠤ ᠴᠢᠮᠠᠶ᠋ᠢ ᠪᠡᠷᠢ ᠪᠣᠯᠭᠠᠨ ᠭᠤᠶᠤᠰᠤᠭᠠᠢ ᠬᠡᠮᠡᠪᠡ ᠭᠡᠵᠦ ᠡᠷᠲᠡᠬᠡᠨ ᠲᠤᠰ ᠢ᠋ᠶ᠋ᠠᠷ ᠬᠠᠭᠠᠨ ᠳ᠋ᠤᠷ ᠠᠢᠯᠠᠳᠬᠠᠪᠠᠰᠤ ᠡᠨᠡ ᠬᠡᠷᠡᠭ ᠢ ᠤᠭᠲᠤᠨ ᠠᠷᠢᠯᠭᠠᠪᠠᠰᠤ ᠪᠣᠯᠤᠮᠤᠢ᠃ ᠪᠤᠰᠤ ᠪᠣᠯᠪᠠᠰᠤ ᠦᠨᠡᠬᠡᠷ ᠲᠠᠢᠬᠡᠦ ᠡᠰᠡ ᠮᠡᠳᠡᠬᠦ ᠶ᠋ᠢᠨ ᠡᠷᠬᠡ ᠪᠡᠷ ᠭᠡᠨᠡᠳᠲᠡ ᠨᠢᠭᠡᠨ ᠲᠠᠢᠽᠢ ᠨᠠᠷ ᠲᠤᠷ ᠵᠢᠭᠠᠵᠤ ᠨᠢᠭᠡᠨ ᠵᠠᠷᠯᠢᠭ ᠭ᠍ᠡᠷᠪᠠᠰᠤ ᠮᠠᠰᠢ ᠪᠡᠷᠬᠡ ᠬᠡᠷᠡᠭ ᠪᠣᠯᠬᠤ ᠦᠭᠡᠢ ᠤᠤ ! 》 ᠬᠡᠮᠡᠭᠰᠡᠨ ᠳ᠋ᠦ᠍ᠷ ᠬᠤᠸᠠᠢ ᠭᠦᠸᠧ ᠭᠦᠩᠵᠦ ᠳᠡᠰ ᠲᠣᠭᠣᠰ ᠬᠣᠶᠠᠭᠤᠯᠠ ᠶᠡᠬᠡᠯ᠎ᠡ ᠪᠠᠶᠠᠷᠯᠠᠪᠠ᠃
       ᠲᠡᠳᠦᠢ ᠳᠡᠰ ᠲᠣᠭᠣᠰ ᠲᠡᠭᠦᠨ ᠦ᠌ ᠶᠠᠭᠤ ᠶᠠᠭᠤᠨ ᠢ᠋ ᠪᠣᠳᠣᠬᠤ ᠦᠭᠡᠢ᠂ ᠰᠢᠭᠤᠳ ᠳᠣᠲᠣᠷ᠎ᠠ ᠡᠭᠦᠳᠡ ᠪᠡᠷ ᠬᠣᠶᠠᠷ ᠭᠦᠩᠵᠦ ᠶ᠋ᠢ ᠬᠠᠮᠲᠤ ᠪᠠᠷᠢᠵᠤ ᠠᠪᠰᠤᠭᠠᠢ ᠬᠡᠮᠡᠭᠰᠡᠨ ᠳ᠋ᠦ᠍ᠷ ᠪᠧᠢ ᠯᠢᠶᠠᠩ ᠭᠦᠩᠵᠦ ᠳᠡᠰ ᠲᠣᠭᠣᠰ ᠢ᠋ ᠦᠵᠡᠮᠡᠭᠴᠡ ᠶᠡᠬᠡᠯ᠎ᠡ ᠢᠴᠢᠩᠭᠦᠷᠡᠨ ᠵᠠᠢᠯᠠᠨ ᠡᠴᠢᠪᠡ᠃ ᠬᠤᠸᠠᠢ ᠭᠦᠸᠧ ᠭᠦᠩᠵᠦ ᠬᠣᠢᠨ᠎ᠠ ᠠ᠋ᠴᠠ ᠠᠨᠤ ᠳᠠᠭᠤᠳᠠᠨ ᠥᠭᠦᠯᠡᠷᠦᠨ : 《ᠴᠢ ᠴᠦ᠍ ᠮᠥᠨ ᠵᠠᠢᠯᠠᠬᠤ ᠬᠡᠷᠡᠭ ᠦᠭᠡᠢ !》ᠭᠡᠮᠡᠨ ᠲᠡᠭᠦᠨ ᠢ ᠰᠢ ᠢᠦᠢ ᠤᠯᠤᠰ ᠤ᠋ᠨ ᠡᠵᠡᠨ ᠰᠠᠯᠠ ᠳ᠋ᠢᠩ ᠦ᠋ᠨ ᠲᠡᠵᠢᠭᠡᠭᠰᠡᠨ ᠥᠬᠢᠨ ᠪᠧᠢ ᠯᠢᠩ ᠭᠦᠩᠵᠦ ᠭᠡᠮᠡᠨ ᠲᠠᠨᠢᠯᠴᠠᠭᠤᠯᠪᠠ᠃ 
       ᠲᠡᠳᠦᠢ ᠭᠤᠷᠪᠠᠨ ᠬᠥᠮᠦᠨ ᠳᠣᠲᠣᠷ᠎ᠠ ᠳᠣᠲᠣᠷ᠎ᠠ ᠪᠠᠨ ᠥᠪᠡᠷ᠎ᠡ ᠨᠢᠭᠡᠨ ᠵᠦᠢᠯ ᠦ᠋ᠨ ᠬᠡᠯᠡᠵᠦ ᠭᠠᠷᠤᠰᠢ ᠦᠭᠡᠢ ᠤᠴᠢᠷ ᠢ ᠪᠣᠳᠣᠵᠤ᠂ ᠨᠢᠭᠡᠨ ᠵᠡᠷᠭᠡ ᠨᠠᠢᠷ ᠲᠠᠯᠪᠢᠨ ᠬᠡᠯᠡᠯᠴᠡᠵᠦ᠂ ᠬᠠᠷᠠᠬᠠᠨ ᠰᠠᠯᠤᠨ ᠲᠦᠪᠳᠡᠬᠦ ᠦᠭᠡᠢ ᠳ᠋ᠦ᠍ᠷ ᠭᠡᠨᠡᠳᠲᠡ ᠪᠠᠭ᠎ᠠ ᠥᠬᠢᠨ ᠣᠷᠣᠵᠤ ᠥᠭᠦᠯᠡᠷᠦᠨ:《ᠭᠠᠳᠠᠨ᠎ᠠ ᠬᠠᠭᠠᠨ ᠤ᠋ ᠵᠠᠷᠯᠢᠭ ᠢ᠋ᠶ᠋ᠠᠷ ᠭᠦᠩᠽᠢ ᠶ᠋ᠢ ᠳᠠᠭᠤᠳᠠᠮᠤᠢ 》ᠬᠡᠮᠡᠬᠦᠢ ᠳ᠋ᠦ᠍ᠷ ᠳᠡᠰ ᠲᠣᠭᠣᠰ ᠶᠡᠬᠡᠯ᠎ᠡ ᠠᠶᠤᠨ᠂ ᠶᠠᠭᠠᠷᠠᠵᠤ ᠬᠠᠷᠢᠭᠠᠳ ᠳᠡᠪᠡᠯ ᠮᠠᠯᠠᠭ᠎ᠠ ᠬᠠᠯᠠᠵᠤ᠂ ᠲᠥᠷᠥ ᠳ᠋ᠦ᠍ᠷ ᠭ᠍ᠡᠷᠪᠠᠰᠤ ᠬᠠᠭᠠᠨ ᠰᠢᠷ᠎ᠠ ᠭᠡᠷᠡᠯᠲᠦ ᠬᠠᠷᠰᠢ ᠳ᠋ᠤᠷ ᠠᠵᠤ᠂ ᠳᠡᠰ ᠲᠣᠭᠣᠰ ᠢ ᠳᠠᠭᠤᠳᠠᠵᠤ ᠵᠠᠷᠯᠢᠭ ᠪᠣᠯᠤᠷᠤᠨ:《ᠴᠢᠨᠦ ᠡᠴᠢᠭᠡ ᠡᠳᠦᠭᠡ ᠡᠮᠦᠨ᠎ᠡ ᠭᠠᠵᠠᠷ᠂ ᠠᠯᠲᠠᠨ ᠤᠯᠤᠰ ᠤ᠋ᠨ ᠴᠢᠩ ᠶᠠᠩ ᠢ ᠬᠠᠭᠠᠵᠤ ᠪᠠᠢᠯᠳᠤᠮᠤᠢ᠂ ᠪᠢ ᠪᠠᠬᠠᠨ ᠱᠠᠩ ᠢᠯᠡᠭᠡᠵᠦ ᠦᠵᠡᠭᠦᠯᠰᠦᠭᠡᠢ ᠬᠡᠮᠡᠮᠦᠢ᠃ ᠬᠡᠷᠪᠡ ᠴᠢ ᠡᠴᠢᠭᠡ ᠪᠡᠨ ᠦᠵᠡᠰᠦᠭᠡᠢ ᠬᠡᠮᠡᠬᠦ ᠰᠠᠨᠠᠭᠠᠨ ᠠᠪᠠᠰᠤ ᠮᠢᠨᠦ ᠡᠯᠴᠢ ᠯᠦ᠍ᠭᠡ ᠬᠠᠮᠲᠤ ᠮᠢᠨᠦ ᠵᠠᠷᠯᠢᠭ ᠢ᠋ ᠡᠭᠦᠷᠴᠦ ᠡᠴᠢ ! 》ᠬᠡᠮᠡᠭᠰᠡᠨ ᠳ᠋ᠦ᠍ᠷ ᠳᠡᠰ ᠲᠣᠭᠣᠰ ᠶᠡᠬᠡᠯ᠎ᠡ ᠪᠠᠶᠠᠷᠯᠠᠨ ᠠᠢᠯᠠᠳᠬᠠᠷᠤᠨ :《ᠪᠣᠭᠳᠠ ᠡᠵᠡᠨ ᠦ᠌ ᠬᠦᠨᠳᠦ ᠬᠡᠰᠢᠭ ᠪᠣᠯᠠᠢ ! 》ᠬᠡᠮᠡᠬᠦᠢ ᠳ᠋ᠦ᠍ᠷ ᠬᠠᠭᠠᠨ ᠪᠠᠰᠠ ᠵᠠᠷᠯᠢᠭ ᠪᠣᠯᠤᠷᠤᠨ: 《ᠤᠷᠢᠳᠠ ᠴᠢᠨᠦ ᠡᠪᠦᠭᠡ ᠬᠥᠭᠰᠢᠨ ᠲᠡᠢᠰᠢ ᠭᠦᠸᠧ ᠸᠠᠩ ᠪᠦᠬᠦᠢ ᠴᠠᠭ ᠲᠤᠷ ᠤᠷᠲᠤᠳᠠ ᠳᠡᠭᠡᠳᠦ ᠬᠠᠭᠠᠨ ᠡᠪᠦᠭᠡ ᠲᠠᠢᠽᠢ ᠨᠠᠷ ᠢ᠋ ᠵᠠᠷᠤᠵᠤ ᠦᠵᠡᠭᠦᠯᠦᠨ ᠠᠰᠠᠭᠤᠳᠠᠭ ᠪᠥᠯᠥᠭᠡ᠃ ᠡᠳᠦᠭᠡ ᠲᠠᠢᠽᠢ ᠨᠠᠷ ᠲᠤᠷ ᠹᠧᠢ ᠰᠣᠩᠭᠣᠬᠤ ᠬᠡᠷᠡᠭ ᠲᠣᠬᠢᠶᠠᠯᠳᠤᠭᠰᠠᠨ ᠲᠤᠯᠠ ᠴᠢᠮᠠᠶ᠋ᠢ ᠵᠠᠷᠤᠰᠤᠭᠠᠢ 》ᠬᠡᠮᠡᠪᠡ᠃ ᠲᠡᠳᠦᠢ ᠵᠠᠷᠯᠢᠭ ᠪᠢᠴᠢᠭ ᠪᠠ ᠬᠦᠨᠳᠦ ᠱᠠᠩ ᠢ ᠲᠤᠰᠢᠶᠠᠨ ᠭᠤᠷᠪᠠᠨ ᠡᠳᠦᠷ ᠦ᠋ᠨ ᠳᠣᠲᠣᠷ᠎ᠠ ᠮᠣᠷᠳᠠ ᠭᠡᠮᠡᠨ ᠵᠠᠷᠯᠢᠭ ᠪᠠᠭᠤᠯᠭᠠᠪᠠ᠃ ᠳᠡᠰ ᠲᠣᠭᠣᠰ ᠬᠡᠳᠦᠢ ᠡᠴᠢᠭᠡ ᠳ᠋ᠦ᠍ᠷ ᠤᠴᠠᠷᠠᠬᠤᠢ ᠳ᠋ᠤᠷ ᠪᠠᠶᠠᠷᠯᠠᠪᠠᠴᠤ᠂ ᠡᠮ᠎ᠡ ᠡᠴᠡ ᠰᠠᠯᠬᠤᠢ ᠳ᠋ᠤᠷ ᠵᠣᠪᠠᠨᠢᠨ᠂ ᠨᠡᠩ ᠪᠠᠰᠠ ᠡᠨᠡ ᠬᠣᠭᠣᠷᠣᠨᠳᠣ ᠣᠯᠠᠨ ᠲᠠᠢᠽᠢ ᠨᠠᠷ ᠲᠤᠷ ᠹᠧᠢ ᠰᠣᠩᠭᠣᠬᠤ ᠬᠡᠷᠡᠭ ᠪᠣᠢ ᠲᠤᠯᠠ ᠬᠤᠸᠠᠢ ᠭᠦᠸᠧ ᠭᠦᠩᠵᠦ ᠶ᠋ᠢ ᠲᠠᠢᠽᠢ ᠨᠠᠷ ᠲᠤᠷ ᠵᠢᠭᠠᠬᠤ ᠠ᠋ᠴᠠ ᠠᠶᠤᠨ ᠳᠣᠲᠣᠷ᠎ᠠ ᠲᠦᠭᠰᠢᠵᠦ᠂ ᠪᠠᠰᠠ ᠬᠠᠭᠠᠨ ᠳ᠋ᠤᠷ ᠠᠢᠯᠠᠳᠬᠠᠨ ᠡᠰᠡ ᠴᠢᠳᠠᠭᠰᠠᠨ ᠳ᠋ᠤᠷ ᠢ᠋ᠶ᠋ᠠᠨ ᠭᠣᠮᠣᠳᠠᠨ᠂ ᠠᠷᠭ᠎ᠠ ᠦᠭᠡᠢ ᠰᠥᠨᠢ ᠢᠷᠠᠪᠠᠰᠤ ᠬᠤᠸᠠᠢ ᠭᠦᠸᠧ ᠭᠦᠩᠵᠦ ᠶ᠋ᠢᠨ ᠭᠡᠷ ᠲᠦ᠍ᠷ ᠵᠣᠴᠢᠨ ᠪᠣᠢ᠂ ᠬᠦᠷᠢᠶ᠎ᠡ ᠳᠦᠭᠦᠷᠡᠩ ᠲᠡᠷᠭᠡ ᠮᠣᠷᠢ ᠪᠦᠬᠦᠢ ᠳ᠋ᠦ᠍ᠷ ᠬᠡᠯᠡᠪᠡᠴᠦ ᠢᠯᠡᠭᠦᠴᠡ ᠲᠤᠯᠠ ᠠᠷᠭ᠎ᠠ ᠦᠭᠡᠢ ᠶᠠᠮᠤᠨ ᠳ᠋ᠤᠷ ᠢ᠋ᠶ᠋ᠠᠨ ᠡᠭᠡᠵᠦ ᠵᠠᠷᠯᠢᠭ ᠪᠣᠢ ᠲᠤᠯᠠ ᠠᠶᠤᠯ ᠦᠭᠡᠢ ᠤᠳᠠᠬᠤ ᠦᠭᠡᠢ᠃ ᠵᠢᠴᠢ ᠡᠳᠦᠷ ᠳᠠᠷᠤᠢ ᠲᠠᠪᠢᠨ ᠮᠣᠷᠢᠲᠠᠨ ᠢ᠋ ᠠᠪᠴᠤ ᠡᠮᠦᠨ᠎ᠡ ᠵᠦᠭ ᠵᠣᠷᠢᠪᠠ᠃ ᠬᠡᠳᠦᠢ ᠶᠡᠬᠡ ᠡᠪᠦᠯ ᠦ᠋ᠨ ᠴᠠᠭ ᠪᠣᠯᠪᠠᠴᠤ ᠨᠢᠭᠡᠨ ᠳ᠋ᠦ᠍ᠷ ᠡᠮᠦᠨ᠎ᠡ ᠭᠠᠵᠠᠷ ᠳᠤᠯᠠᠭᠠᠨ᠂ ᠬᠣᠶᠠᠷ ᠲᠤᠷ ᠰᠠᠯᠬᠢᠨ ᠤᠷᠤᠭᠤ ᠨᠠᠷᠠᠨ ᠡᠰᠡᠷᠭᠦ ᠶᠠᠪᠤᠬᠤ ᠲᠤᠯᠠ ᠬᠠᠷᠢᠨ ᠮᠠᠰᠢ ᠲᠠᠭᠠᠯᠠᠮᠵᠢᠲᠠᠢ ᠪᠣᠯᠪᠠᠴᠤ ᠰᠡᠳᠬᠢᠯ ᠳ᠋ᠦ᠍ᠷ ᠬᠤᠸᠠᠢ ᠭᠦᠸᠧ ᠭᠦᠩᠵᠦ ᠶ᠋ᠢᠨ ᠬᠡᠷᠡᠭ ᠢ᠋ ᠰᠠᠨᠠᠭᠰᠠᠭᠠᠷ ᠴᠢᠩ ᠶᠠᠩ ᠹᠦ ᠳ᠋ᠦ᠍ᠷ ᠬᠦᠷᠴᠦ ᠬᠠᠭᠠᠨ ᠤ᠋ ᠵᠠᠷᠯᠢᠭ ᠪᠠ ᠱᠠᠩ ᠤ᠋ᠨ ᠵᠦᠢᠯ ᠲᠡᠢ ᠲᠣᠳᠣᠷᠬᠠᠢᠯᠠᠨ ᠲᠤᠰᠢᠶᠠᠬᠤᠶ᠎ᠠ᠂ ᠲᠡᠢᠰᠢ ᠪᠤᠯᠤ ᠶᠡᠬᠡᠯ᠎ᠡ ᠪᠠᠶᠠᠷᠯᠠᠨ ᠶᠠᠭᠠᠷᠠᠨ ᠬᠦᠵᠢᠰ ᠦ᠋ᠨ ᠰᠢᠷᠡᠭᠡ ᠪᠡᠯᠡᠳᠬᠡᠵᠦ ᠬᠦᠯᠢᠶᠡᠨ ᠠᠪᠴᠤ ᠬᠡᠰᠢᠭ ᠲᠣᠷ ᠮᠥᠷᠭᠥᠵᠦ ᠪᠠᠷᠠᠭᠰᠠᠨ ᠬᠣᠢᠨ᠎ᠠ᠂ ᠰᠠᠶᠢ ᠬᠥᠪᠡᠭᠦᠨ ᠢ᠋ᠶ᠋ᠡᠨ ᠦᠵᠡᠪᠡᠰᠦ ᠴᠢᠷᠠᠢ ᠳᠦᠭᠦᠷᠡᠩ ᠤᠯᠠᠭᠠᠨ ᠭᠡᠷᠡᠯ᠂ ᠪᠡᠶ᠎ᠡ ᠳᠦᠭᠦᠷᠡᠩ ᠮᠠᠩᠨᠤᠭ ᠬᠤᠪᠴᠠᠰᠤᠨ ᠳ᠋ᠤᠷ ᠥᠩᠭᠡ ᠵᠢᠰᠦ ᠭᠡᠷᠡᠯ ᠭᠠᠷᠬᠤᠢ ᠳ᠋ᠤᠷ ᠳᠠᠭᠤᠳᠠᠨ ᠠᠴᠢᠷᠠᠵᠤ᠂ ᠤᠯᠤᠰ ᠲᠥᠷᠥ ᠶ᠋ᠢᠨ ᠬᠠᠭᠠᠨ ᠤ᠋ ᠬᠡᠷᠡᠭ ᠶᠠᠪᠤᠳᠠᠯ ᠢ᠋ ᠠᠰᠠᠭᠤᠭᠰᠠᠨ ᠳ᠋ᠤᠷ ᠳᠡᠰ ᠲᠣᠭᠣᠰ ᠬᠠᠷᠢᠭᠤ ᠥᠴᠢᠬᠦ ᠢᠨᠤ ᠤᠷᠤᠰᠬᠤ ᠮᠡᠲᠦ ᠲᠣᠳᠣᠷᠬᠠᠢ ᠭᠡᠭᠡᠬᠡᠨ ᠳ᠋ᠦ᠍ᠷ ᠪᠤᠯᠤ ᠰᠡᠮᠡᠬᠡᠷ ᠳᠣᠲᠣᠷ᠎ᠠ ᠪᠠᠨ ᠪᠠᠶᠠᠷᠯᠠᠵᠤ᠂ ᠬᠡᠰᠢᠭ ᠲᠣᠷ ᠮᠥᠷᠭᠥᠵᠦ ᠴᠠᠭ ᠤ᠋ᠨ ᠬᠡᠷᠡᠭ ᠢ ᠠᠢᠯᠠᠳᠬᠠᠬᠤ ᠪᠣᠳᠣᠷᠣᠣᠯ ᠪᠢᠴᠢᠵᠦ ᠠᠢᠯᠠᠳᠬᠠᠨ ᠶᠠᠪᠤᠭᠤᠯᠤᠭᠠᠳ ᠨᠢᠭᠡᠨᠲᠡ ᠳᠡ ᠴᠠᠩ ᠶᠤᠸᠠᠨ ᠢ᠋ ᠠᠪᠬᠤ ᠠᠷᠭ᠎ᠠ ᠶ᠋ᠢ ᠠᠪᠠᠭ᠎ᠠ ᠲᠠᠢᠰᠦᠨᠳᠠᠷᠤᠭᠴᠢ ᠵᠢᠶᠦ᠋ᠨ ᠸᠠᠩ ᠯᠤᠭ᠎ᠠ ᠵᠥᠪᠯᠡᠬᠦᠢ ᠳ᠋ᠦ᠍ᠷ ᠲᠠᠢᠰᠦᠨᠳᠠᠷᠤᠭᠴᠢ ᠵᠢᠶᠦ᠋ᠨ ᠸᠠᠩ ᠥᠭᠦᠯᠡᠷᠦᠨ: 《ᠨᠢᠳᠤᠨᠤᠨ ᠵᠢᠯ ᠠᠯᠲᠠᠨ ᠤᠯᠤᠰ ᠤ᠋ᠨ ᠴᠸᠨ ᠬᠤᠤᠱᠠᠩ ᠮᠠᠨ ᠤ᠋ ᠴᠡᠷᠢᠭ ᠢ᠋ ᠨᠢᠭᠡᠨ ᠵᠡᠷᠭᠡ ᠳᠠᠷᠤᠭᠰᠠᠨ ᠠ᠋ᠴᠠ ᠠᠯᠲᠠᠨ ᠤ᠋ ᠴᠡᠷᠢᠭ ᠮᠠᠰᠢ ᠣᠮᠣᠭ ᠲᠠᠢ ᠪᠣᠯᠵᠤᠬᠤᠢ᠂ ᠭᠦᠸᠧ ᠸᠠᠩ ᠨᠠᠳᠠ ᠳ᠋ᠤᠷ ᠬᠣᠶᠠᠷ ᠲᠦᠮᠡᠨ ᠴᠡᠷᠢᠭ ᠥᠭ᠂ ᠪᠢ ᠴᠢᠩ ᠶᠠᠩ ᠢ ᠬᠠᠭᠠᠵᠤ ᠪᠠᠢᠯᠳᠤᠨ ᠠᠪᠰᠤᠭᠠᠢ᠃ ᠭᠦᠸᠧ ᠸᠠᠩ᠂ ᠳᠠ ᠴᠠᠩ ᠶᠤᠸᠠᠨ ᠢ ᠪᠦᠰᠡᠯᠡᠵᠦ ᠰᠠᠬᠢᠭᠲᠤᠨ᠂ ᠢᠢᠨ ᠪᠣᠯᠪᠠᠰᠤ ᠬᠣᠶᠠᠷ ᠲᠤᠷ ᠪᠦᠷᠢᠨ ᠪᠣᠯᠤᠮᠤᠢ ! 》ᠭᠡᠮᠡᠨ ᠵᠢᠯ ᠦ᠋ᠨ ᠳᠣᠣᠷ᠎ᠠ ᠴᠡᠷᠢᠭ ᠦ᠋ᠨ ᠬᠦᠷᠢᠶ᠎ᠡ ᠶ᠋ᠢ ᠰᠠᠯᠭᠠᠵᠤ ᠬᠣᠶᠠᠷ ᠲᠡᠰᠢ ᠰᠠᠬᠢᠵᠤ ᠬᠠᠭᠠᠭᠠᠳ ᠴᠢᠩ ᠶᠠᠩ ᠮᠥᠨ ᠠᠪᠲᠠᠬᠤ ᠰᠢᠬᠠᠪᠠ᠃
       ᠲᠡᠨᠳᠡᠴᠡ ᠳᠡᠰ ᠲᠣᠭᠣᠰ ᠤᠯᠤᠰ ᠤ᠋ᠨ ᠵᠦᠭ ᠡᠭᠡᠬᠦᠢ ᠳ᠋ᠦ᠍ᠷ ᠬᠠᠪᠤᠷ ᠤ᠋ᠨ ᠠᠭᠤᠷ ᠬᠥᠬᠡᠭᠡ ᠰᠠᠷ᠎ᠠ ᠳ᠋ᠤᠷ ᠣᠷᠣᠭᠰᠠᠨ ᠲᠤᠯᠠ ᠨᠡᠯᠢᠶᠡᠳ ᠳᠤᠯᠠᠭᠠᠨ ᠪᠣᠯᠵᠤ᠂ ᠡᠮᠦᠨ᠎ᠡ ᠡᠴᠢᠬᠦ ᠡᠴᠡ ᠲᠦᠷᠭᠡᠨ ᠶᠠᠪᠤᠵᠤ ᠬᠣᠲᠠ ᠶ᠋ᠢᠨ ᠣᠢᠷ᠎ᠠ ᠬᠦᠷᠴᠦ:《ᠲᠠᠢᠽᠢ ᠨᠠᠷ ᠲᠤ᠌ ᠥᠬᠢᠳ ᠰᠢᠯᠭᠠᠪᠠ ᠤᠤ ᠦᠭᠡᠢ ᠤᠤ ? 》ᠬᠡᠮᠡᠭᠰᠡᠨ ᠳ᠋ᠦ᠍ᠷ ᠮᠡᠳᠡᠬᠦ ᠬᠥᠮᠦᠨ ᠥᠴᠢᠷᠦᠨ: 《ᠶᠡᠬᠡ ᠪᠠᠷᠰ ᠤ᠋ᠨ ᠵᠠᠷᠯᠢᠭ ᠬᠡᠳᠦᠢᠨᠡᠢ ᠪᠠᠭᠤᠪᠠ ᠬᠡᠮᠡᠮᠦ ᠂ ᠪᠢᠳᠡ ᠦᠵᠡᠭᠡᠳᠦᠢ ᠯᠠᠪ ᠬᠣᠷᠢᠲᠤ ᠬᠣᠢᠲᠤ ᠵᠢᠯ ᠦ᠋ᠨ ᠬᠣᠶᠠᠷ ᠰᠠᠷ᠎ᠠ ᠶ᠋ᠢᠨ ᠰᠡᠭᠦᠯ ᠢ᠋ᠶ᠋ᠡᠷ ᠬᠦᠯᠢᠶᠡᠬᠦ ᠪᠣᠢ ‍ᠶ᠎ᠠ 》ᠬᠡᠮᠡᠬᠦᠢ ᠳ᠋ᠦ᠍ᠷ ᠳᠡᠰ ᠲᠣᠭᠣᠰ ᠶᠡᠬᠡ ᠬᠢᠷᠲ᠌ᠬᠢᠵᠦ ᠶᠠᠭᠠᠷᠠᠨ ᠬᠣᠲᠠᠨ ᠳ᠋ᠤᠷ ᠣᠷᠣᠵᠤ᠂ ᠮᠥᠨ ᠡᠳᠦᠷ ᠦ᠋ᠨ ᠲᠥᠷᠥ ᠳ᠋ᠦ᠍ᠷ ᠭᠠᠷᠴᠤ ᠵᠠᠷᠯᠢᠭ ᠢ᠋ ᠡᠭᠡᠭᠦᠯᠦᠨ ᠪᠠᠰᠠ ᠡᠴᠢᠭᠡ ᠶ᠋ᠢᠨ ᠲᠥᠯᠥᠭᠡ ᠬᠠᠭᠠᠨ ᠤ᠋ ᠬᠡᠰᠢᠭ ᠲᠣᠷ ᠮᠥᠷᠭᠥᠨ ᠶᠠᠪᠤᠳᠠᠯ ᠲᠡᠭᠦᠰᠴᠦ ᠭᠡᠷ ᠲᠡᠭᠡᠨ ᠢᠷᠡᠭᠡᠳ ᠶᠠᠭᠠᠷᠠᠨ ᠰᠢᠯᠭᠠᠯᠭᠠᠨ ᠳ᠋ᠤᠷ ᠬᠡᠨ ᠬᠡᠨ ᠢ ᠠᠮᠠᠯᠠᠪᠠ ᠭᠡᠮᠡᠨ ᠠᠰᠠᠭᠤᠵᠤᠬᠤᠢ᠃ ᠡᠭᠦᠨ ᠦ᠌ ᠶᠠᠮᠪᠠᠷ ᠪᠣᠯᠬᠤ ᠶ᠋ᠢ ᠲᠦᠷ ᠳᠣᠣᠷᠠᠲᠤ ᠪᠦᠯᠦᠭ ᠲᠦᠷ ᠦᠵᠡᠭᠳᠡᠬᠦᠢ᠃

ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠤ ᠄
             ᠡᠷᠳᠡᠮ ᠪᠢᠯᠢᠭᠲᠦ ᠶᠧ ᠯᠢᠦᠢ ᠴᠦ ᠼᠠᠢ ᠡᠵᠡᠨ ᠦ᠌ ᠲᠤᠯᠠ ᠪᠣᠳᠣᠯᠬᠢᠯᠠᠪᠠ
             ᠡᠯᠪᠡᠷᠢᠯ ᠵᠢᠷᠤᠮᠲᠤ ᠲᠣᠯᠢ ᠴᠢᠨ ᠸᠠᠩ ᠬᠠᠭᠠᠨ ᠤ᠋ ᠰᠠᠭᠤᠷᠢᠨ ᠢ᠋ ᠲᠣᠭᠲᠠᠭᠠᠪᠠ᠂
             ᠡᠷᠡᠯᠬᠡᠭ ᠪᠤᠶᠠᠨᠲᠤ ᠥᠭᠡᠳᠡᠢ ᠲᠠᠢᠽᠦ᠋ᠩ ᠠᠴᠢ ᠮᠥᠩᠬᠡ ᠶ᠋ᠢ ᠬᠥᠪᠡᠭᠦᠨᠴᠢᠯᠡᠪᠡ
             ᠡᠷᠡᠮᠡᠬᠡᠢ ᠵᠠᠩᠲᠤ ᠬᠤᠸᠠᠢ ᠭᠦᠸᠧ ᠭᠦᠩᠵᠦ ᠸᠠᠩᠽᠢ ᠳᠠ ᠯᠠᠩ ᠳ᠋ᠤᠷ ᠠᠮᠠᠷᠠᠭᠯᠠᠪᠠ᠃