ᠮᠣᠩᠭᠣᠯ ᠡᠷ᠎ᠡ ᠬᠥᠮᠦᠨ - ᠪ· ᠪᠠᠲᠤᠪᠣᠯᠣᠳMongol er khün-B·BatboldМонгол эр хүн-Б·Батболд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠷ᠎ᠡ ᠬᠥᠮᠦᠨ - ᠪ· ᠪᠠᠲᠤᠪᠣᠯᠣᠳMongol er khün-B·BatboldМонгол эр хүн-Б·Батболд

ᠮᠣᠩᠭᠣᠯ ᠡᠷ᠎ᠡ ᠬᠥᠮᠦᠨ - ᠪ· ᠪᠠᠲᠤᠪᠣᠯᠣᠳMongol er khün-B·BatboldМонгол эр хүн-Б·Батболд

ᠠᠩᠭᠢᠯᠠᠯ:ᠳᠠᠭᠤᠤ ᠬᠥᠭᠵᠢᠮ
2023-10-14

766

ᠮᠣᠩᠭᠣᠯ ᠡᠷ᠎ᠡ ᠬᠥᠮᠦᠨ


          ᠦᠭᠡ᠄ ᠳ·ᠡᠩᠬᠡᠲᠠᠢᠪᠤᠩ᠂ ᠷ· ᠮᠥᠩᠬᠡᠰᠠᠶ᠋ᠢᠬᠠᠨ 
          ᠠᠶ᠎ᠠ᠄ ᠳ· ᠼᠠᠸᠠᠷᠠᠪᠲᠠᠨ 
          ᠳᠠᠭᠤᠴᠢᠨ᠄ ᠪ· ᠪᠠᠲᠤᠪᠣᠯᠣᠳ 

ᠪᠢ ᠲᠤᠯᠭᠠᠨ ᠳ᠋ᠤ᠌ ᠴᠦᠢᠯᠡᠨ ᠳᠦᠷᠡᠯᠵᠡᠬᠦ ᠬᠦᠴᠦᠲᠦ ᠳᠣᠭᠰᠢᠨ ᠭᠠᠯ ᠤ᠋ᠨ ᠳᠥᠯᠥ ᠠ᠋ 
ᠪᠢ ᠰᠢᠯᠦᠭ ᠲᠡᠷᠯᠡᠨ ᠰᠡᠭᠦᠷᠡᠰᠦ ᠠᠯᠳᠠᠬᠤ ᠣᠮᠣᠭ ᠪᠠᠷᠳᠠᠮ ᠮᠣᠩᠭᠣᠯ ᠡᠷ᠎ᠡ ᠬᠥᠮᠦᠨ ᠳᠡ 
ᠪᠢ ᠬᠠᠯᠬ᠎ᠠ ᠶ᠋ᠢᠨ ᠰᠠᠢᠬᠠᠨ ᠪᠦᠰᠡᠭᠦᠢ ᠶ᠋ᠢᠨ ᠬᠠᠷᠠᠭ᠎ᠠ ᠶ᠋ᠢ ᠪᠤᠯᠢᠶᠠᠵᠤ ᠬᠠᠢᠷ᠎ᠠ ᠶ᠋ᠢ ᠲᠠᠲᠠᠭᠰᠠᠨ 
ᠪᠢ ᠰᠡᠳᠬᠢᠯ ᠰᠡᠷᠭᠦᠭᠡᠵᠦ ᠠᠢᠵᠠᠮ ᠤᠷᠤᠰᠬᠠᠵᠤ ᠤᠶᠠᠷᠠᠨ ᠰᠠᠨᠠᠬᠤ ᠮᠣᠩᠭᠣᠯ ᠡᠷ᠎ᠡ ᠬᠥᠮᠦᠨ ᠳᠡ 

ᠪᠢ ᠨᠡᠷᠡᠲᠦ ᠳ᠋ᠦ᠍ ᠬᠣᠷᠭᠣᠳᠠᠨ ᠰᠢᠭᠤᠷᠬᠤ ᠬᠢᠯᠠᠮᠠᠭᠠᠲᠤ ᠰᠢᠷᠦᠭᠦᠨ ᠰᠢᠭᠤᠷᠭᠠᠨ ᠤ᠋ ᠰᠢᠷᠬᠡᠭ 
ᠪᠢ ᠳᠠᠭᠤᠤ ᠠᠶᠠᠯᠤᠨ ᠰᠡᠳᠬᠢᠯ ᠲᠠᠢᠳᠬᠤᠷᠠᠵᠤ ᠰᠢᠷᠤᠩᠬᠠᠢ ᠬᠠᠲᠠᠭᠠᠬᠤ ᠮᠣᠩᠭᠣᠯ ᠡᠷ᠎ᠡ ᠬᠥᠮᠦᠨ ᠳᠡ 
ᠪᠢ ᠰᠡᠳᠬᠢᠯ ᠦ᠋ᠨ ᠰᠠᠢᠬᠠᠨ ᠢ᠋ᠶ᠋ᠠᠷ ᠬᠠᠨᠢ ᠪᠠᠨ ᠳᠡᠭᠡᠳᠦᠯᠡᠵᠦ 
ᠬᠠᠯᠠᠮᠵᠢ ᠪᠠᠨ ᠪᠦᠬᠦᠨ ᠳ᠋ᠦ᠍ ᠬᠠᠷᠠᠮ ᠦᠭᠡᠢ ᠬᠠᠢᠷᠠᠯᠠᠬᠤ
ᠪᠢ ᠬᠠᠯᠠᠭᠤᠨ ᠰᠡᠳᠬᠢᠯ ᠡᠨᠡᠬᠡᠨ ᠪᠡᠶ᠎ᠡ ᠪᠡᠨ ᠪᠤᠰᠤᠳ ᠲᠤ᠌ ᠵᠣᠷᠢᠭᠤᠯᠬᠤ ᠮᠣᠩᠭᠣᠯ ᠡᠷ᠎ᠡ ᠬᠥᠮᠦᠨ ᠳᠡ

ᠪᠢ ᠬᠡᠭᠡᠷ᠎ᠡ ᠶ᠋ᠢᠨ ᠰᠠᠯᠬᠢᠨ ᠳ᠋ᠤ᠌ ᠠᠷᠢᠭᠤᠰᠤᠭᠰᠠᠨ ᠲᠩᠷᠢ ᠶ᠋ᠢᠨ ᠭᠠᠭᠴᠠᠬᠠᠨ ᠮᠣᠳᠣᠨ ᠤ᠋ ᠨᠠᠪᠴᠢ ᠠ᠋
ᠪᠢ ᠡᠩᠬᠦᠷᠡᠢ ᠨᠤᠲᠤᠭ ᠢ᠋ᠶ᠋ᠠᠨ ᠪᠤᠰᠤᠳ ᠠ᠋ᠴᠠ ᠬᠠᠷᠠᠮᠨᠠᠵᠤ ᠳᠡᠭᠡᠭᠰᠢ ᠪᠡᠨ ᠣᠭᠰᠢᠬᠤ ᠮᠣᠩᠭᠣᠯ ᠡᠷ᠎ᠡ ᠬᠥᠮᠦᠨ ᠳᠡ
ᠪᠢ ᠠᠷᠭᠠᠯ ᠤ᠋ᠨ ᠤᠲᠤᠭ᠎ᠠ ᠦᠨᠦᠷᠯᠡᠵᠦ ᠠᠩᠭᠢᠷ ᠤᠭᠤᠷᠠᠭ ᠢ᠋ᠶ᠋ᠠᠨ ᠵᠠᠯᠭᠢᠯᠠᠵᠤ ᠥᠰᠦᠭᠰᠡᠨ
ᠪᠢ ᠲᠩᠷᠢ ᠳ᠋ᠦ᠍ ᠪᠡᠨ ᠰᠦᠰᠦᠭᠯᠡᠨ ᠨᠠᠷᠠᠨ ᠳ᠋ᠤ᠌ ᠪᠠᠨ ᠵᠠᠯᠪᠠᠷᠢᠬᠤ ᠬᠥᠬᠡ ᠲᠣᠯᠪᠣ ᠲᠠᠢ ᠮᠣᠩᠭᠣᠯ ᠡᠷ᠎ᠡ ᠬᠥᠮᠦᠨ ᠳᠡ

ᠪᠢ ᠳᠡᠯᠡᠬᠡᠢ ᠳ᠋ᠦ᠍ ᠲᠠᠪᠠ ᠪᠠᠷ ᠠᠮᠢᠳᠤᠷᠠᠬᠤ ᠳᠡᠭᠡᠳᠦᠰ ᠵᠠᠶᠠᠭᠠᠲᠤ ᠮᠣᠩᠭᠣᠯ ᠡᠷ᠎ᠡ ᠬᠥᠮᠦᠨ ᠳᠡ
ᠪᠢ ᠳᠡᠪᠡᠯ ᠢ᠋ᠶ᠋ᠡᠨ ᠪᠦᠰᠡᠯᠡᠵᠦ ᠬᠥᠭᠥᠷᠭᠡ ᠵᠥᠷᠢᠭᠦᠯᠬᠦ ᠳᠡᠭᠡᠭᠰᠢ ᠪᠡᠨ ᠬᠡᠢᠮᠣᠷᠢ ᠲᠠᠢ ᠮᠣᠩᠭᠣᠯ ᠡᠷ᠎ᠡ ᠬᠥᠮᠦᠨ ᠳᠡ
ᠪᠢ ᠮᠣᠷᠢᠨ ᠳᠡᠯ ᠳᠡᠭᠡᠷ᠎ᠡ ᠳᠠᠷᠴᠤᠭᠯᠠᠨ ᠮᠣᠩᠭᠣᠯ ᠢ᠋ᠶ᠋ᠠᠨ ᠭᠡᠵᠦ ᠴᠡᠭᠡᠵᠢ ᠪᠡᠨ ᠳᠡᠯᠡᠳᠳᠡᠭ
ᠪᠢ ᠮᠣᠷᠢᠲᠠᠨ ᠠᠷᠠᠳ ᠤ᠋ᠨ ᠤᠳᠤᠮ ᠵᠠᠯᠭᠠᠬᠤ ᠤᠷᠭ᠎ᠠ ᠰᠤᠩᠭᠠᠬᠤ ᠮᠣᠩᠭᠣᠯ ᠡᠷ᠎ᠡ ᠬᠥᠮᠦᠨ ᠳᠡ

ᠪᠢ ᠮᠣᠷᠢᠨ ᠳᠡᠯ ᠳᠡᠭᠡᠷ᠎ᠡ ᠳᠠᠷᠴᠤᠭᠯᠠᠨ ᠮᠣᠩᠭᠣᠯ ᠢ᠋ᠶ᠋ᠠᠨ ᠭᠡᠵᠦ ᠴᠡᠭᠡᠵᠢ ᠪᠡᠨ ᠳᠡᠯᠡᠳᠳᠡᠭ
ᠪᠢ ᠪᠠᠷᠴᠢᠳ ᠦᠭᠡᠢ ᠮᠣᠩᠭᠣᠯ ᠤ᠋ᠨ ᠲᠥᠯᠥᠭᠡ ᠲᠡᠮᠡᠴᠡᠭᠰᠡᠨ
ᠡᠪᠦᠭᠡᠳ ᠦ᠋ᠨ ᠢ᠋ᠶ᠋ᠡᠨ ᠵᠠᠷᠯᠢᠭ ᠲᠠᠢ ᠮᠣᠩᠭᠣᠯ ᠡᠷ᠎ᠡ ᠬᠥᠮᠦᠨ ᠳᠡ

   ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
   ᠦᠰᠦᠭ ᠬᠠᠲᠠᠭᠴᠢ᠄ ᠬᠠᠨ ᠱᠢ ᠵᠢᠶᠦ᠋ᠨ
   ᠬᠢᠨᠠᠭᠴᠢ᠄ ᠣᠳᠬᠠᠨᠰᠣ᠎ᠠ