ᠣᠷᠣᠢ ᠦᠭᠡᠢ ᠰᠦᠮ᠎ᠡ – ᠠᠷᠪᠠᠨ ᠳᠦᠷᠪᠡ ᠂ ᠨᠣᠮ ᠤᠨ ᠬᠦᠷᠳᠦ ᠡᠷᠭᠢᠭᠦᠯᠦᠭᠴᠢ Оройгүй сүм – Арвандөрөв ᠂ Номын хүрд эргүүлэгч- Oroigui sum 14 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠠᠷᠪᠠᠨ ᠳᠦᠷᠪᠡ ᠂ ᠨᠣᠮ ᠤᠨ ᠬᠦᠷᠳᠦ ᠡᠷᠭᠢᠭᠦᠯᠦᠭᠴᠢ Оройгүй сүм – Арвандөрөв ᠂ Номын хүрд эргүүлэгч- Oroigui sum 14

ᠣᠷᠣᠢ ᠦᠭᠡᠢ ᠰᠦᠮ᠎ᠡ – ᠠᠷᠪᠠᠨ ᠳᠦᠷᠪᠡ ᠂ ᠨᠣᠮ ᠤᠨ ᠬᠦᠷᠳᠦ ᠡᠷᠭᠢᠭᠦᠯᠦᠭᠴᠢ Оройгүй сүм – Арвандөрөв ᠂ Номын хүрд эргүүлэгч- Oroigui sum 14

ᠠᠩᠭᠢᠯᠠᠯ:ᠲᠤᠭᠤᠵᠢ ᠷᠣᠮᠠᠨ
2023-10-13

808

ᠠᠷᠪᠠᠨ ᠳᠦᠷᠪᠡ ᠂ ᠨᠣᠮ ᠤᠨ ᠬᠦᠷᠳᠦ ᠡᠷᠭᠢᠭᠦᠯᠦᠭᠴᠢ


                   ᠬᠠᠷᠪᠤᠬᠤ ᠳ᠋ᠤ᠌ ᠰᠤᠮᠤ ᠨᠢᠭᠡ ᠬᠤᠷᠳᠤᠨ 
                    ᠬᠠᠷᠠᠬᠤ ᠳ᠋ᠤ᠌ ᠬᠠᠷᠠᠴᠠ ᠨᠢᠭᠡ ᠬᠤᠷᠳᠤᠨ 
                    ᠰᠠᠨᠠᠬᠤ ᠳ᠋ᠤ᠌ ᠰᠠᠨᠠᠭ᠎ᠠ ᠨᠢᠭᠡ ᠬᠤᠷᠳᠤᠨ 

       ᠨᠣᠮ ᠤ᠋ᠨ  ᠬᠦᠷᠳᠦ ᠡᠷᠭᠢᠭᠦᠯᠬᠦ ᠰᠠᠢᠨ ᠡᠳᠦᠷ ᠪᠤᠶᠤ ᠴᠤᠢᠩᠬᠤᠷ ᠳ᠋ᠣᠶ᠋ᠢᠴᠠᠩ ᠬᠤᠷᠠᠵᠤ ᠪᠠᠢᠯ᠎ᠠ᠃
       -  ᠰᠠᠩᠵᠢ ᠨᠠᠮᠰᠢᠭ ᠵᠦᠭᠳᠡᠷ ᠲᠠᠮᠵᠢᠳ᠋ᠵᠠᠢ᠂
        ᠬᠣᠷᠸ᠎ᠠ ᠵᠢᠭᠳᠡᠨ ᠰᠡᠷᠲᠡᠪ ᠣᠳᠰᠤᠷᠦᠩᠳᠠᠨ᠂ 
        ᠱᠠᠭᠵᠠ ᠲᠦᠪ ᠭᠣᠳᠠᠮ ᡀᠢᠢᡀᠣ᠋
        ᠰᠠᠩᠵᠢ ᠪᠠᠪᠤᠤ ᠳ᠋ᠦ᠋ᠨᠯᠠ ᠴᠢᠭᠴᠠᠯᠤ!  
ᠭᠡᠵᠦ ᠰᠦᠮ᠎ᠡ ᠶ᠋ᠢᠨ ᠠᠲᠠᠷ ᠳᠣᠷᠭᠢᠲᠠᠯ᠎ᠠ ᠯᠠᠮᠠ ᠨᠠᠷ ᠳᠦᠩᠭᠢᠨᠡᠯᠳᠦᠨ ᠲᠤᠨᠵᠢᠷᠳᠠᠵᠤ ᠪᠠᠢᠯ᠎ᠠ᠃
        - ᠢᠯᠠᠵᠤ ᠲᠡᠭᠦᠰ ᠨᠥᠭᠴᠢᠭᠰᠡᠨ
        ᠲᠡᠭᠦᠨᠴᠢᠯᠡᠨ ᠢᠷᠡᠭᠰᠡᠨ 
        ᠦᠨᠡᠨ ᠲᠡᠭᠦᠰ ᠲᠤᠬᠠᠯᠠᠭᠰᠠᠨ
        ᠪᠤᠷᠬᠠᠨ ᠱᠠᠭᠢᠮᠦᠨᠢ ᠳ᠋ᠤ᠌ ᠮᠥᠷᠭᠥᠮᠦ ᠡ! 
ᠭᠡᠵᠦ ᠶᠠᠭᠠᠬᠢᠭᠠᠳ ᠴᠤ᠌ ᠶᠤᠮ ᠰᠠᠩᠵᠢ ᠭᠡᠰᠦᠯ ᠮᠣᠩᠭᠣᠯ ᠬᠡᠯᠡ ᠪᠡᠷ ᠤᠩᠰᠢᠵᠤ ᠣᠷᠬᠢᠭᠠᠳ ᠬᠡᠪ ᠭᠡᠨᠡᠳᠲᠡ ᠲᠦᠪᠡᠳ ᠲᠦ᠍᠂ ᠪᠡᠷᠡᠪᠡᠩ ᠭᠡᠢᠳ ᠦ᠋ᠨ ᠭᠣᠮᠠᠨ ᠳ᠋ᠠᠴᠠᠩ ᠳ᠋ᠤ᠌ ᠬᠤᠷᠠᠯ ᠬᠤᠷᠠᠵᠤ ᠪᠠᠢᠭ᠎ᠠ ᠪᠠᠨ ᠰᠠᠨᠠᠵᠤ᠂ ᠴᠢᠷᠠᠢ ᠨᠢ ᠤᠯᠠᠢᠪᠠ᠃  ᠴᠤᠢᠮᠴᠤᠭ ᠭᠡᠯᠦᠩ ᠵᠠᠷᠢᠮ ᠢᠷᠦᠭᠡᠯ᠂ ᠮᠠᠭᠲᠠᠭᠠᠯ ᠢ ᠮᠣᠩᠭᠣᠯ ᠢ᠋ᠶ᠋ᠠᠷ ᠪᠠᠰᠠ ᠵᠢᠭᠠᠭᠰᠠᠨ ᠲᠤᠯᠠ ᠵᠠᠩᠰᠢᠭᠰᠠᠨ ᠶᠣᠰᠣᠭᠠᠷ ᠰᠠᠩᠵᠢ ᠭᠡᠰᠦᠯ ᠰᠠᠨᠠᠭᠠᠨ ᠳ᠋ᠤ᠌ ᠦᠭᠡᠢ ᠲᠥᠷᠥᠯᠬᠢ ᠬᠡᠯᠡ ᠪᠡᠷ ᠢ᠋ᠶ᠋ᠡᠨ ᠤᠩᠰᠢᠵᠤ ᠣᠷᠬᠢᠵᠠᠢ᠃ ᠳᠡᠷᠭᠡᠳᠡ ᠶ᠋ᠢᠨ ᠯᠠᠮᠠ ᠨᠠᠷ ᠮᠡᠳᠡᠭᠡ ᠦᠭᠡᠢ ᠪᠣᠯ ᠴᠤ᠌ ᠪᠤᠰᠤᠳ ᠨᠢ ᠬᠡᠨ ᠴᠤ᠌ ᠮᠡᠳᠡᠬᠦ ᠪᠡᠷ ᠦᠭᠡᠢ ᠨᠦᠰᠡᠷ ᠶᠡᠬᠡ ᠱᠤᠤᠭᠢᠶᠠᠨ ᠲᠠᠢ ᠪᠠᠢᠯ᠎ᠠ᠃ 
       ᠭᠡᠷ ᠣᠷᠣᠨ ᠢ᠋ᠶ᠋ᠠᠨ ᠰᠠᠨᠠᠭᠰᠠᠨ ᠴᠤ᠌ ᠶᠤᠮ ᠤᠤ᠂ ᠶᠠᠭᠤ ᠴᠤ᠌ ᠪᠣᠯᠲᠤᠭᠠᠢ ᠪᠤᠷᠬᠠᠨ ᠪᠠᠭᠰᠢ ᠳ᠋ᠤ᠌ ᠮᠥᠷᠭᠥᠬᠦ ᠮᠠᠭᠲᠠᠭᠠᠯ ᠢ᠋ᠶ᠋ᠠᠨ ᠮᠣᠩᠭᠣᠯ ᠢ᠋ᠶ᠋ᠠᠷ ᠰᠠᠨᠠᠭᠠᠨ ᠳ᠋ᠤ᠌ ᠦᠭᠡᠢ ᠡᠬᠢᠯᠡᠴᠢᠬᠡᠵᠡᠢ᠃ ᠴᠤᠢᠩᠬᠤᠷ ᠳ᠋ᠣᠶ᠋ᠢᠴᠠᠩ ᠦᠨ ᠬᠤᠷᠠᠯ ᠳᠡᠭᠡᠷ᠎ᠡ ᠮᠣᠩᠭᠣᠯ ᠢ᠋ᠶ᠋ᠠᠷ ᠤᠩᠰᠢᠯᠭ᠎ᠠ ᠦᠢᠯᠡᠳᠦᠭᠰᠡᠨ ᠢ᠋ ᠮᠡᠳᠡᠪᠡᠯ ᠲᠥᠪᠡᠳ ᠦ᠋ᠳ ᠬᠠᠲᠠᠭᠤ ᠴᠡᠭᠡᠷᠯᠡᠯ ᠦᠵᠡᠭᠦᠯᠦᠨ᠎ᠡ ᠭᠡᠳᠡᠭ ᠢ᠋ ᠮᠡᠳᠡᠵᠦ ᠪᠠᠢᠭ᠎ᠠ ᠲᠤᠯᠠ ᠰᠠᠩᠵᠢ ᠭᠡᠰᠦᠯ ᠴᠠᠭᠠᠰᠢ ᠨᠢ ᠪᠣᠯᠭᠣᠮᠵᠢ ᠲᠠᠢ ᠪᠣᠯᠵᠤ ᠪᠡᠶ᠎ᠡ ᠪᠡᠨ ᠪᠠᠷᠢᠪᠠ᠃  ᠭᠡᠰᠦᠯ ᠦ᠋ᠨ ᠪᠡᠶ᠎ᠡ ᠣᠳᠣ ᠮᠠᠰᠢ ᠰᠠᠢᠨ ᠪᠣᠯᠤᠭᠠᠳ ᠪᠠᠢᠪᠠ᠃ ᠪᠡᠷᠢᠮᠦᠭ ᠡᠮᠡᠭᠡᠨ ᠦ᠌ ᠴᠠᠬᠢᠯᠳᠠᠭ ᠤ᠋ᠨ ᠰᠢᠭᠦᠭᠰᠡᠨ ᠦ᠌ ᠨᠥᠯᠦᠭᠡᠨ ᠳ᠋ᠦ᠍ ᠲᠡᠭᠦᠨ ᠦ ᠬᠣᠳᠣᠭᠣᠳᠣᠨ ᠤ᠋ ᠰᠢᠷᠬ᠎ᠠ ᠪᠦᠷᠢᠨ ᠡᠳᠡᠭᠡᠷᠡᠵᠦ᠂ ᠬᠠᠷᠢᠨ ᠴᠤ᠌ ᠤᠷᠢᠳᠠ ᠶ᠋ᠢᠨ ᠬᠢ ᠡᠴᠡ ᠪᠡᠨ ᠤᠯᠠᠮ ᠢᠯᠡᠭᠦᠦ ᠬᠣᠪᠳᠣᠭ ᠪᠣᠯᠤᠭᠰᠠᠭᠠᠷ ᠬᠡᠳᠦᠨ ᠰᠠᠷ᠎ᠠ ᠥᠩᠭᠡᠷᠡᠯ᠎ᠡ᠃ ᠪᠡᠷᠢᠮᠦᠭ ᠡᠮᠡᠭᠡᠨ ᠣᠳᠣ ᠰᠠᠩᠵᠢ ᠭᠡᠰᠦᠯ ᠦᠨ ᠲᠣᠭᠣᠭ᠎ᠠ ᠶ᠋ᠢ ᠪᠠᠷᠢᠳᠠᠭ ᠪᠣᠯᠤᠭᠰᠠᠨ ᠲᠤᠯᠠ ᠬᠣᠭᠣᠯᠠ ᠤᠮᠳᠠ ᠪᠠᠷ ᠭᠠᠴᠢᠭᠳᠠᠬᠤ ᠦᠭᠡᠢ᠂ ᠬᠠᠷᠢᠨ ᠴᠤ᠌ ᠮᠠᠷᠢᠶᠠᠯᠠᠬᠤ ᠰᠢᠨᠵᠢ ᠣᠷᠣᠵᠠᠢ᠃ ᠡᠪᠡᠳᠴᠢᠨ ᠲᠡᠢ ᠪᠠᠢᠬᠤ ᠳ᠋ᠠᠭᠠᠨ ᠦᠵᠡᠵᠦ ᠴᠢᠳᠠᠭ᠎ᠠ ᠦᠭᠡᠢ ᠨᠣᠮ ᠢ᠋ᠶ᠋ᠠᠨ ᠨᠥᠬᠥᠨ ᠦᠵᠡᠵᠦ ᠠᠮᠵᠢᠵᠠᠢ᠃ ᠪᠠᠰᠠ ᠬᠠᠵᠠᠭᠤ ᠪᠠᠷ ᠨᠢ ᠫᠦᠷᠪᠦᠳᠣᠨᠣᠢ ᠮᠠᠷᠠᠮᠪᠠ ᠲᠠᠢ ᠲᠣᠬᠢᠷᠠᠯᠴᠠᠭᠰᠠᠨ ᠶᠣᠰᠣᠭᠠᠷ ᠣᠲᠠᠴᠢ ᠶ᠋ᠢᠨ ᠤᠬᠠᠭᠠᠨ ᠰᠡᠮᠬᠡᠨ ᠣᠷᠣᠢ ᠦᠳᠡᠰᠢ ᠵᠢᠭᠠᠯᠭᠠᠭᠰᠠᠭᠠᠷ ᠪᠠᠢᠯ᠎ᠠ᠃ ᠮᠠᠷᠠᠮᠪᠠ ᠴᠤ᠌ ᠳᠤᠷᠠᠲᠠᠢ ᠵᠢᠭᠠᠵᠤ  ᠪᠠᠢᠪᠠ᠃
       - ᠲᠠᠨ ᠤ᠋ ᠠᠪᠤᠷᠠᠯ ᠢ᠋ᠶ᠋ᠠᠷ ᠡᠪᠡᠳᠴᠢᠨ ᠵᠣᠪᠠᠯᠠᠩ ᠠ᠋ᠴᠠ ᠰᠠᠯᠪᠠ᠃  ᠭᠢᠯᠠᠢᠯ᠎ᠠ ᠭᠡᠵᠦ ᠰᠠᠩᠵᠢ ᠲᠡᠭᠦᠨ ᠳ᠋ᠤ᠌ ᠭᠡᠯᠡᠵᠡᠢ᠃ ᠡᠨᠡ ᠦᠭᠡᠨ ᠳ᠋ᠦ᠍ ᠫᠦᠷᠪᠦᠳᠣᠨᠣᠢ ᠮᠠᠷᠠᠮᠪᠠ ᠲᠡᠳᠦᠢᠯᠡᠨ ᠢᠲᠡᠭᠡᠭᠡ ᠦᠭᠡᠢ ᠪᠣᠯᠪᠠᠴᠤ ᠰᠡᠭᠦᠯ ᠰᠡᠭᠦᠯ ᠳ᠋ᠡᠭᠡᠨ ᠲᠡᠭᠦᠨ ᠲᠡᠢ ᠰᠠᠨᠠᠯ  ᠨᠠᠢᠯᠡᠵᠡᠢ᠃ ᠪᠠᠰᠠ ᠲᠡᠭᠡᠭᠡᠳ ᠥᠪᠡᠷ ᠲᠦ᠍ ᠨᠢ ᠨᠠᠭᠠᠯᠳᠤᠵᠤ᠂ ᠥᠪᠡᠷ ᠦ᠋ᠨ ᠨᠢ ᠡᠷᠳᠡᠮ ᠳ᠋ᠦ᠍ ᠪᠢᠰᠢᠷᠡᠨ ᠨᠣᠮ ᠰᠤᠷᠬᠤ ᠭᠡᠵᠦ ᠵᠢᠳᠬᠦᠳᠡᠭ ᠲᠡᠷᠡ ᠬᠦ ᠮᠣᠩᠭᠣᠯ ᠯᠠᠮᠠ ᠲᠡᠭᠦᠨ ᠳ᠋ᠦ᠍  ᠠᠶᠠᠲᠠᠢᠬᠠᠨ ᠰᠠᠨᠠᠭᠳᠠᠵᠠᠢ᠃ ᠪᠠᠰᠠ ᠮᠠᠷᠠᠮᠪᠠ ᠶ᠋ᠢᠨ ᠲᠠᠨᠢᠯ  ᠭᠦᠷᠳᠡᠮᠪᠡ ᠴᠤ᠌ ᠰᠠᠩᠵᠢ ᠳ᠋ᠤ᠌ ᠡᠷᠳᠡᠮ ᠢ᠋ᠶ᠋ᠡᠨ ᠵᠢᠭᠠᠬᠤ ᠶ᠋ᠢ ᠬᠦᠰᠡᠵᠡᠢ᠃ ᠨᠢᠭᠡ ᠡᠳᠦᠷ ᠮᠠᠷᠠᠮᠪᠠ ᠶ᠋ᠢᠨ ᠳ᠋ᠦ᠍ ᠲᠡᠷᠡ ᠭᠦᠷᠲᠡᠮ ᠳᠠᠬᠢᠨ ᠲᠠᠭᠠᠷᠠᠯᠳᠤᠬᠤ ᠳ᠋ᠤ᠌ ᠨᠢ ᠰᠠᠩᠵᠢ ᠭᠡᠰᠦᠯ᠄
       - ᠲᠠᠨ ᠤ᠋ ᠠᠪᠤᠷᠠᠯ ᠢ᠋ᠶ᠋ᠠᠷ ᠡᠪᠡᠳᠴᠢᠨ ᠡᠮᠭᠡᠭ ᠡᠴᠡ ᠰᠠᠯᠵᠤ᠂ ᠨᠣᠮ ᠤ᠋ᠨ ᠮᠥᠷ ᠳᠠᠬᠢᠨ ᠬᠥᠭᠡᠭᠡᠯ᠎ᠡ᠃  ᠭᠢᠯᠠᠢᠯ᠎ᠠ ᠭᠡᠳ ᠬᠡᠯᠡᠵᠦ ᠣᠷᠬᠢᠭᠰᠠᠨ ᠳ᠋ᠤ᠌ ᠭᠦᠷᠲᠡᠮ ᠶᠡᠬᠡ ᠪᠠᠶᠠᠷᠯᠠᠵᠤ᠄
      - ᠴᠢ ᠦᠬᠦᠬᠦ ᠵᠠᠶᠠᠭ᠎ᠠ ᠲᠠᠢ ᠬᠥᠮᠦᠨ ᠪᠢᠰᠢ ᠡ᠃ ᠴᠢᠮ᠎ᠠ ᠳ᠋ᠤ᠌ ᠱᠦᠭᠯᠡᠭᠰᠡᠨ ᠮᠠᠭᠤ ᠢᠷᠣ᠎ᠠ ᠬᠠᠷᠢᠨ ᠦᠬᠦᠬᠦ ᠶᠣᠰᠣᠲᠠᠢ ᠪᠠᠢᠭ᠍ᠰᠠᠨ᠃ ᠮᠢᠨᠦ ᠠᠯᠪᠢᠨ ᠰᠡᠯᠡᠮᠡᠨ ᠳ᠋ᠦ᠍ ᠲᠡᠳᠡ ᠬᠢᠶᠠᠷ ᠦᠰᠦᠷᠦᠭᠰᠡᠨ ᠳ᠋ᠡ ᠭᠡᠵᠦ ᠬᠠᠷ᠎ᠠ ᠰᠠᠬᠠᠯ ᠢᠶᠠᠨ ᠢᠮᠡᠷᠡᠬᠦ ᠳ᠋ᠦ᠍ ᠨᠢ᠄
     -   ᠲᠠᠨ ᠤ ᠰᠡᠯᠡᠮ᠎ᠡ ᠦᠨᠡᠬᠡᠷ ᠠᠳᠠ ᠴᠢᠳᠬᠦᠷ ᠦ᠋ᠨ ᠠᠮᠠ ᠶ᠋ᠢ ᠠᠪᠤᠭᠴᠢ ᠶᠡᠬᠡ ᠡᠷᠳᠡᠮ᠂ ᠢᠳᠢ ᠰᠢᠳᠢ ᠳᠦᠭᠦᠷᠡᠩ ᠠᠵᠢ᠃ ᠲᠠ ᠨᠠᠳᠠ ᠡᠷᠳᠡᠮ ᠡᠴᠡ ᠪᠡᠨ ᠬᠠᠢᠷᠠᠯᠠᠬᠤ ᠰᠠᠨ ᠪᠣᠯᠪᠠ ᠤᠤ? ᠭᠡᠵᠦ ᠭᠤᠶᠤᠪᠠ᠃
     - ᠬᠡ᠂ ᠬᠡ᠂ ᠬᠡ᠃ ᠮᠢᠨᠦ ᠰᠡᠯᠡᠮ᠎ᠡ ᠢᠳᠢ ᠰᠢᠳᠢ ᠲᠡᠢ ᠪᠤᠰᠤ᠃ ᠬᠠᠷᠢᠨ ᠲᠢᠲᠢᠮᠯᠡᠭᠰᠡᠨ ᠲᠠᠪᠤᠨ ᠪᠤᠷᠬᠠᠨ ᠤ᠋ ᠢᠳᠢ ᠰᠢᠳᠢ ᠰᠢᠦ ᠳᠡ ᠭᠡᠵᠦ ᠮᠠᠷᠠᠮᠪᠠ ᠤᠷᠤᠭᠤ ᠨᠢᠳᠦ ᠪᠠᠨ ᠢᠷᠮᠡᠭᠰᠡᠨ ᠢ᠋ᠶ᠋ᠡᠨ ᠭᠦᠷᠳᠡᠮ ᠰᠠᠩᠵᠢ ᠭᠡᠰᠦᠯ ᠦ᠋ᠨ ᠮᠥᠷᠦᠨ ᠳᠡᠭᠡᠷ᠎ᠡ ᠠᠯᠠᠭᠠᠳᠠᠵᠤ᠄
     - ᠰᠠᠮᠢᠶ᠎ᠠ ᠭᠦᠷᠳᠡᠮ ᠳ᠋ᠦ᠍ ᠱᠠᠪᠢ ᠣᠷᠣᠬᠤ ᠭᠡᠵᠦ ᠬᠡᠨ ᠴᠤ᠌ ᠭᠤᠶᠤᠭ᠎ᠠ ᠦᠭᠡᠢ ᠶᠦᠮ᠃ ᠴᠢ ᠭᠠᠵᠠᠷ ᠤᠨ ᠬᠠᠮᠢᠭ᠎ᠠ ᠠ᠋ᠴᠠ ᠢᠷᠡᠭᠰᠡᠨ᠂ ᠨᠢᠭᠡ ᠲᠣᠭᠵᠢᠭᠠᠷ ᠮᠣᠩᠭᠣᠯ ᠭᠤᠶᠤᠪᠠ ᠤᠤ?  ᠵᠠ ᠲᠡᠭᠡᠪᠡᠯ ᠥᠪᠡᠷ ᠢ᠋ᠶ᠋ᠡᠨ ᠮᠡᠳᠡ᠃ ᠪᠢ ᠣᠯᠠᠨ ᠤᠳᠠᠭ᠎ᠠ ᠵᠢᠭᠠᠵᠤ ᠴᠢᠳᠠᠬᠤ ᠦᠭᠡᠢ᠃ ᠳᠣᠯᠣᠭᠠᠨ ᠰᠥᠨᠢ ᠳᠣᠯᠣᠭᠠᠨ ᠦᠷ ᠢ᠋ᠶ᠋ᠡᠷ ᠯᠡ ᠠᠭᠤᠯᠵᠠᠮᠴᠠ! ᠭᠡᠵᠦ ᠬᠡᠯᠡᠵᠡᠢ᠃  ᠰᠠᠩᠵᠢ ᠭᠡᠰᠦᠯ ᠲᠡᠢᠨ ᠬᠦ᠌ ᠰᠠᠮᠢᠶ᠎ᠠ ᠭᠦᠷᠳᠡᠮ ᠦ᠋ᠨ ᠨᠢᠭᠤᠴᠠ ᠱᠠᠪᠢ ᠪᠣᠯᠵᠠᠢ᠃ 
        ᠨᠣᠮ ᠤ᠋ᠨ ᠬᠦᠷᠳᠦ ᠡᠷᠭᠢᠭᠦᠯᠬᠦ  ᠰᠠᠢᠨ ᠡᠨᠡ ᠡᠳᠦᠷ ᠴᠤ᠌ ᠰᠠᠩᠵᠢ ᠭᠡᠰᠦᠯ ᠪᠤᠷᠬᠠᠨ ᠱᠠᠭᠢᠮᠦᠨᠢ ᠶ᠋ᠢᠨ ᠲᠥᠯᠥᠭᠡ ᠬᠠᠮᠤᠭ ᠯᠠ ᠢᠲᠡᠭᠡᠯ ᠢ᠋ᠶ᠋ᠡᠨ ᠵᠣᠷᠢᠭᠤᠯᠤᠨ ᠰᠢᠳᠤᠷᠭᠤ ᠭᠡᠭᠡᠨ ᠢᠶᠡᠷ ᠬᠤᠷᠠᠯ ᠬᠤᠷᠠᠬᠤ ᠤᠴᠢᠷ ᠲᠠᠢ ᠭᠡᠳᠡᠭ ᠢ᠋ᠶ᠋ᠡᠨ ᠳᠠᠬᠢᠨ ᠰᠠᠨᠠᠨ ᠰᠠᠨᠠᠭᠰᠠᠭᠠᠷ  ᠪᠠᠢᠭ᠍ᠰᠠᠨ ᠪᠣᠯᠪᠠᠴᠤ ᠮᠠᠭᠲᠠᠭᠠᠯ ᠤ᠋ᠨ ᠰᠢᠯᠦᠭ ᠢ᠋ ᠨᠢ ᠮᠣᠩᠭᠣᠯ ᠢ᠋ᠶ᠋ᠠᠷ ᠤᠩᠰᠢᠵᠤ ᠣᠷᠬᠢᠭᠰᠠᠨ ᠢ᠋ ᠬᠠᠵᠠᠭᠤ ᠶ᠋ᠢᠨ ᠯᠠᠮ᠎ᠠ ᠠᠨᠳᠤᠤ ᠶ᠋ᠢᠨ ᠫᠠᠭᠰᠠᠩ ᠰᠡᠮᠬᠡᠨ ᠰᠣᠨᠣᠰᠣᠴᠢᠬᠠᠭᠠᠳ  ᠴᠣᠢᠨᠴᠠᠮ ᠵᠠᠪᠰᠠᠷᠯᠠᠭ᠎ᠠ ᠪᠣᠯᠤᠭᠠᠰᠠᠢ ᠭᠡᠵᠦ ᠳᠠᠰᠴᠦ ᠶᠠᠳᠠᠨ ᠬᠦᠯᠢᠶᠡᠵᠦ ᠪᠠᠢᠭ᠍ᠰᠠᠨ ᠢ᠋ ᠰᠠᠩᠵᠢ ᠭᠡᠰᠦᠯ ᠮᠡᠳᠡᠭᠰᠡᠨ ᠦᠭᠡᠢ᠃ ᠪᠠᠭᠰᠢ ᠯᠠᠮ᠎ᠠ ᠯᠦᠨᠳᠥᠭᠵᠤᠨᠠᠢ ᠶ᠋ᠢ ᠯᠡ ᠬᠠᠷᠢᠨ ᠮᠡᠳᠡᠴᠢᠬᠡᠵᠦ ᠮᠠᠭᠠᠳ ᠦᠭᠡᠢ ᠭᠡᠵᠦ ᠡᠮᠢᠶᠡᠬᠦ ᠳ᠋ᠡᠭᠡᠨ ᠰᠠᠩᠵᠢ ᠭᠡᠰᠦᠯ ᠨᠢᠳᠦᠨ ᠦ᠌ ᠪᠤᠯᠤᠩ ᠢ᠋ᠶ᠋ᠠᠷ ᠪᠠᠭᠰᠢ ᠭᠠᠪᠵᠤ ᠤᠷᠤᠭᠤ ᠪᠡᠨ ᠰᠠᠮ ᠬᠠᠷᠠᠪᠠ᠃ ᠭᠠᠪᠵᠤ ᠯᠦᠨᠳᠥᠭᠵᠤᠨᠠᠢ ᠵᠡᠰᠡᠨ ᠤᠯᠠᠭᠠᠨ ᠴᠢᠷᠠᠢ ᠶ᠋ᠢ ᠪᠡᠨ ᠮᠠᠯᠢᠢᠯᠭᠠᠨ᠂ ᠭᠦᠨ ᠠᠲᠤᠷᠢᠶᠠᠲᠤ ᠳᠤᠬᠤ ᠪᠠᠨ ᠦᠷᠴᠢᠢᠯᠭᠡᠨ᠂ ᠶᠠᠭᠤ ᠴᠤ᠌ ᠪᠤᠯᠤᠭ᠎ᠠ ᠦᠭᠡᠢ ᠮᠡᠲᠦ ᠠᠮᠢᠷᠯᠠᠩᠭᠤᠶ᠎ᠠ ᠰᠠᠭᠤᠵᠤ᠂ ᠤᠩᠰᠢᠯᠭ᠎ᠠ ᠪᠠᠨ ᠤᠩᠰᠢᠨ ᠵᠤᠵᠠᠭᠠᠨ ᠤᠷᠤᠭᠤᠯ ᠢ᠋ᠶ᠋ᠠᠨ ᠠᠷᠠᠢ ᠶᠠᠳᠠᠨ ᠬᠥᠳᠡᠯᠭᠡᠵᠦ ᠪᠠᠢᠯ᠎ᠠ᠃
       《 ᠪᠠᠭᠰᠢᠲᠠᠨ ᠲᠡᠷᠡ ᠬᠣᠯᠠ ᠠ᠋ᠴᠠ ᠮᠢᠨᠦ ᠳᠠᠭᠤ ᠶ᠋ᠢ ᠶᠠᠭᠠᠬᠢᠵᠤ ᠴᠤ᠌ ᠢᠯᠭᠠᠵᠤ ᠮᠡᠳᠡᠬᠦ ᠶᠦᠮ ᠪᠢᠯᠡ ᠳᠠ᠃ ᠬᠡᠢ ᠳᠡᠮᠡᠢ ᠰᠡᠳᠬᠢᠯ ᠵᠣᠪᠠᠬᠤ ᠬᠡᠷᠡᠭ ᠦᠭᠡᠢ》 ᠭᠡᠵᠦ ᠰᠠᠩᠵᠢ ᠪᠣᠳᠣᠪᠠ᠃
       ᠯᠠᠮᠠ ᠨᠠᠷ ᠳᠠᠬᠢᠭᠠᠳ ᠯᠠ ᠲᠤᠨᠵᠤᠷᠳᠠᠨ ᠳᠠᠭᠤ ᠶ᠋ᠢ ᠪᠡᠨ ᠡᠷᠭᠦᠨ ᠪᠦᠳᠦᠭᠦᠷᠡᠭᠦᠯᠵᠦ ᠰᠦᠮ᠎ᠡ ᠳᠦᠭᠦᠷᠡᠩ ᠳᠦᠩᠭᠢᠨᠡᠯᠳᠦᠪᠡ᠃  ᠰᠠᠩᠵᠢ ᠳᠠᠭᠤᠷᠢᠶᠠᠬᠤ ᠵᠠᠭᠤᠷ᠎ᠠ᠄ 《 ᠪᠠᠭᠰᠢ ᠯᠠᠮᠠ ᠮᠡᠳᠡᠯ᠎ᠡ ᠴᠤ᠌ ᠭᠡᠰᠡᠨ ᠨᠠᠳᠠ ᠳᠤ ᠥᠷᠥᠰᠢᠶᠡᠯ ᠦᠵᠡᠭᠦᠯᠦᠨ᠎ᠡ ᠪᠠᠢᠬᠤ 》 ᠭᠡᠵᠦ ᠪᠣᠳᠣᠵᠠᠢ᠃  ᠰᠠᠩᠵᠢ ᠶ᠋ᠢᠨ ᠪᠠᠭᠰᠢ ᠯᠠᠮᠠ ᠯᠦᠨᠳᠦᠭᠵᠤᠨᠠᠢ ᠲᠡᠭᠦᠨ ᠢ᠋ ᠡᠪᠡᠳᠴᠢᠨ ᠡᠴᠡ ᠠᠪᠤᠷᠠᠬᠤ ᠭᠡᠵᠦ ᠮᠡᠩᠭᠡᠨ ᠵᠠᠰᠠᠯ᠂ ᠰᠦᠨᠡᠰᠦ ᠳᠠᠭᠤᠳᠠᠬᠤ᠂ ᠵᠣᠯᠢᠭ ᠲᠤ᠌ ᠭᠠᠷᠭᠠᠬᠤ ᠬᠦᠷᠲᠡᠯ᠎ᠡ ᠠᠷᠭ᠎ᠠ ᠬᠡᠷᠡᠭᠯᠡᠭᠡᠳ ᠪᠠᠷ᠎ᠠ ᠦᠭᠡᠢ ᠪᠣᠯᠪᠠᠴᠤ  ᠰᠠᠩᠵᠢ ᠡᠳᠡᠭᠡᠷᠡᠭᠰᠡᠨ ᠬᠣᠢᠨ᠎ᠠ  ᠪᠠᠨ᠄
       - ᠪᠠᠭᠰᠢᠲᠠᠨ ᠲᠠᠨ ᠤ᠋ ᠠᠴᠢ ᠪᠠᠷ ᠡᠪᠡᠳᠴᠢᠨ ᠡᠴᠡ ᠰᠠᠯᠪᠠ᠃  ᠭᠢᠯᠠᠢᠯ᠎ᠠ ᠭᠡᠳ ᠬᠡᠯᠡᠴᠢᠬᠡᠵᠡᠢ᠃ ᠲᠡᠭᠡᠭᠰᠡᠨ ᠴᠢᠨᠢ ᠪᠠᠭᠰᠢ ᠯᠠᠮᠠ ᠲᠡᠭᠦᠨ ᠳ᠋ᠦ᠍ ᠪᠠᠶᠠᠷᠯᠠᠵᠤ᠄
       - ᠶᠡᠬᠡ ᠬᠦᠨᠳᠦ ᠢᠷᠣ᠎ᠠ ᠶ᠋ᠢᠨ ᠮᠠᠭᠤ ᠦᠢᠯᠡ ᠱᠦᠭᠯᠡᠭᠰᠡᠨ  ᠪᠠᠢᠭ᠍ᠰᠠᠨ᠃ ᠭᠤᠷᠪᠠᠨ ᠳᠠᠪᠬᠤᠷ ᠨᠢᠭᠦᠯ ᠬᠣᠣᠷ ᠲᠠᠰᠢᠷᠯᠠᠭᠰᠠᠨ ᠪᠠᠢᠭ᠍ᠰᠠᠨ ᠰᠢᠭ᠋ ᠪᠢᠯᠡ᠃ ᠶᠠᠮᠠᠷ ᠴᠤ᠌ ᠭᠡᠰᠡᠨ ᠨᠢᠭᠡᠨ ᠵᠠᠭᠤᠨ ᠨᠢᠭᠡᠨ ᠡᠪᠡᠳᠴᠢᠨ ᠢ ᠮᠢᠨᠦ ᠤᠩᠰᠢᠯᠭ᠎ᠠ  ᠬᠠᠢᠯᠠᠭᠤᠯᠵᠤ ᠥᠭᠭᠦᠭᠰᠡᠨ ᠪᠠᠢᠯ ᠦᠭᠡᠢ ᠳᠡ᠃ ᠵᠠ ᠲᠡᠷᠡ ᠴᠤ᠌ ᠶᠠᠭᠠᠬᠢᠬᠤᠪ᠃ ᠰᠦᠨᠡᠰᠦ ᠴᠢᠨᠢ ᠡᠷᠭᠢᠵᠦ ᠢᠷᠡᠭᠰᠡᠨ ᠡᠴᠡ ᠬᠣᠢᠰᠢ ᠪᠣᠯᠤᠭ᠎ᠠ᠃ ᠴᠢ ᠶᠡᠷᠦ ᠨᠢ ᠮᠣᠩᠭᠣᠯ ᠭᠠᠵᠠᠷ ᠲᠤ᠌ ᠠᠯᠢᠪᠠ ᠬᠡᠦᠬᠡᠨ ᠦᠯᠡᠳᠡᠭᠡᠵᠦ ᠣᠷᠬᠢᠭᠰᠠᠨ ᠢ᠋ᠶ᠋ᠠᠨ ᠰᠠᠨᠠᠳᠠᠭ ᠶᠤᠮ ᠪᠢᠰᠢ ᠪᠠᠢᠭ᠎ᠠ ᠪᠢᠵᠡ?  ᠲᠡᠢᠮᠦ ᠶᠠᠭᠤᠮᠠᠨ ᠳ᠋ᠤ᠌ ᠴᠤ᠌ ᠰᠦᠨᠡᠰᠦ ᠭᠦᠶᠦᠴᠢᠭᠡᠬᠦ ᠪᠡᠷ ᠢᠶᠠᠨ ᠪᠤᠴᠠᠵᠤ ᠢᠷᠡᠳᠡᠭ ᠦᠭᠡᠢ ᠵᠣᠪᠠᠭᠠᠭᠠᠳ  ᠪᠠᠢᠳᠠᠭ? ᠭᠡᠵᠦ ᠲᠤᠯᠭᠠᠨ ᠠᠰᠠᠭᠤᠬᠤ ᠳ᠋ᠤ᠌ ᠰᠠᠩᠵᠢ  ᠭᠡᠰᠦᠯ ᠨᠢᠭᠤᠷ ᠨᠢ ᠰᠢᠲᠠᠳᠠᠯ᠎ᠠ ᠪᠡᠨ ᠢᠴᠢᠵᠦ᠄
       - ᠦᠭᠡᠢ᠂ ᠦᠭᠡᠢ᠃ ᠪᠢ ᠴᠢᠨᠢ ᠰᠠᠬᠢᠯ ᠰᠠᠨᠸᠠᠷ ᠢ᠋ᠶ᠋ᠠᠨ ᠠᠯᠳᠠᠪᠠᠯ ᠨᠢᠭᠦᠯ ᠭᠡᠳᠡᠭ ᠢ᠋ ᠮᠡᠳᠡᠨ᠎ᠡ ᠪᠠᠭᠰᠢ ᠮᠢᠨᠢ? ᠭᠡᠵᠦ  ᠠᠷᠠᠢᠬᠢᠨ ᠥᠴᠢᠵᠦ ᠪᠢᠯᠡ᠃  ᠱᠠᠪᠢ ᠶ᠋ᠢᠨ ᠢ᠋ᠶ᠋ᠡᠨ ᠢᠴᠢᠵᠦ ᠵᠣᠪᠠᠭᠰᠠᠨ ᠪᠠᠢᠳᠠᠯ ᠤ᠋ᠨ ᠬᠡᠮᠵᠢᠶ᠎ᠡ ᠪᠡᠷ ᠴᠠᠭᠠᠳᠤ ᠦᠢᠯᠡ ᠶ᠋ᠢ ᠨᠢ ᠲᠣᠭᠠᠴᠠᠭᠠᠯᠠᠳᠠᠭ ᠭᠠᠪᠵᠢᠲᠠᠨ ᠦᠨᠡᠬᠡᠷ ᠰᠠᠩᠵᠢ ᠶ᠋ᠢᠨ ᠦᠭᠡᠨ ᠳ᠋ᠦ᠍ ᠢᠲᠡᠭᠡᠵᠡᠢ᠃  ᠰᠠᠩᠵᠢ ᠲᠡᠢᠨ ᠬᠦ᠌  ᠠᠮᠢᠳᠤ ᠶᠠᠪᠤᠭ᠎ᠠ ᠪᠠᠨ ᠪᠠᠭᠰᠢ ᠯᠠᠮᠠ᠂ ᠮᠠᠷᠠᠮᠪᠠ᠂ ᠭᠦᠷᠳᠡᠮ ᠨᠠᠷ ᠤ᠋ᠨ ᠨᠣᠮ ᠡᠷᠳᠡᠮ ᠦ᠋ᠨ ᠨᠡᠢᠯᠡᠪᠦᠷᠢ ᠠᠴᠢ ᠭᠡᠵᠦ ᠦᠵᠡᠵᠡᠢ᠃ ᠭᠡᠬᠦ ᠎ᠳᠡᠭᠡᠨ ᠡᠷᠡᠭᠡᠯᠵᠡᠵᠦ ᠶᠠᠪᠤᠭᠰᠠᠨ ᠤᠳᠠᠭ᠎ᠠ ᠪᠣᠢ᠃ ᠲᠡᠭᠦᠨ ᠦ᠌ ᠡᠷᠡᠭᠡᠯᠵᠡᠭᠡ ᠶ᠋ᠢ ᠪᠠᠭᠰᠢ ᠯᠠᠮᠠ ᠨᠢ ᠤᠷᠠᠨ ᠦᠭᠡ ᠪᠡᠷ  ᠲᠠᠢᠯᠵᠤ ᠥᠭᠴᠡᠢ᠃ ᠨᠢᠭᠦᠯ᠂ ᠠᠯᠳᠠᠰ ᠱᠦᠭᠯᠡᠭᠰᠡᠨ ᠮᠠᠭᠤ ᠢᠷᠣ᠎ᠠ ᠶ᠋ᠢᠨ ᠬᠡᠲᠦᠷᠬᠡᠢ ᠶᠡᠬᠡ ᠡᠴᠡ ᠪᠣᠯᠵᠤ ᠣᠯᠠᠨ ᠲᠣᠭᠠᠨ ᠤ᠋ ᠵᠠᠩ ᠦᠢᠯᠡ ᠬᠢᠬᠦ ᠡᠴᠡ ᠨᠠᠰᠢ ᠡᠳᠡᠭᠡᠬᠦ ᠦᠭᠡᠢ  ᠪᠠᠢᠭ᠍ᠰᠠᠨ ᠭᠡᠵᠦ ᠲᠡᠭᠦᠨ ᠳᠦ  ᠣᠢᠯᠠᠭᠠᠭᠤᠯᠪᠠ᠃ ᠪᠠᠰᠠ ᠤᠷᠢᠳᠤ ᠨᠠᠰᠤᠨ ᠳ᠋ᠠᠭᠠᠨ ᠥᠨᠥ ᠨᠠᠰᠤᠨ ᠤ᠋ ᠡᠳᠦᠢ ᠦᠶ᠎ᠡ ᠳ᠋ᠦ᠍ ᠬᠢᠭᠰᠡᠨ ᠦᠢᠯᠡ ᠶ᠋ᠢᠨ ᠦᠷ᠎ᠡ ᠶᠤᠮ ᠭᠡᠵᠦ ᠪᠠᠭᠰᠢ ᠨᠢ ᠶᠠᠷᠢᠭᠰᠠᠨ ᠢ᠋ ᠰᠠᠩᠵᠢ ᠦᠨᠡᠮᠰᠢᠵᠦ ᠲᠣᠭᠲᠠᠭᠠᠵᠠᠢ᠃ ᠬᠠᠷᠢᠨ ᠪᠡᠷᠢᠮᠦᠭ ᠡᠮᠡᠭᠡᠨ ᠦ᠌ ᠠᠴᠢᠯᠠᠯ ᠢ᠋ ᠰᠠᠩᠵᠢ ᠭᠡᠰᠦᠯ ᠶᠡᠷᠦ ᠶ᠋ᠢᠨ ᠯᠡ ᠨᠢᠭᠡ ᠲᠤᠰ ᠭᠡᠵᠦ ᠦᠵᠡᠵᠡᠢ᠃ ᠬᠣᠭᠣᠯᠠ ᠤᠮᠳᠠ ᠪᠠᠷ ᠰᠤᠪᠢᠯᠠᠬᠤ ᠨᠢ ᠡᠷᠳᠡᠮ ᠦ᠋ᠨ ᠠᠴᠢ ᠪᠢᠰᠢ᠂ ᠬᠠᠷᠢᠨ ᠶᠡᠷᠦᠳᠡ ᠶ᠋ᠢᠨ ᠠᠰᠠᠷᠠᠮᠵᠢ ᠶᠤᠮ ᠭᠡᠵᠦ ᠪᠣᠳᠣᠵᠠᠢ᠃ ᠢᠩᠭᠢᠵᠦ ᠴᠤ᠌ ᠪᠤᠳᠤᠭᠤᠯᠬᠤ ᠦᠭᠡ ᠶ᠋ᠢ ᠪᠠᠭᠰᠢ ᠯᠠᠮᠠ ᠨᠢ ᠣᠯᠵᠤ ᠬᠡᠯᠡᠵᠡᠢ᠃ 
       ᠪᠤᠷᠬᠠᠨ ᠪᠤᠳ᠋ᠳ᠋ᠾᠠ ᠪᠤᠶᠤ ᠱᠠᠭᠢᠮᠦᠨᠢ ᠶ᠋ᠢᠨ ᠮᠡᠨᠳᠦᠯᠡᠭᠰᠡᠨ ᠡᠳᠦᠷ᠂ ᠵᠤᠨ ᠤ᠋ ᠡᠬᠢᠨ ᠰᠠᠷ᠎ᠠ ᠶ᠋ᠢᠨ ᠳᠣᠯᠣᠭᠠᠨ ᠤ᠋ ᠬᠤᠷᠠᠯ᠂ ᠮᠥᠨ ᠰᠠᠷ᠎ᠠ ᠶ᠋ᠢᠨ  ᠨᠠᠢ᠍ᠮᠠᠨ ᠳ᠋ᠤ᠌ ᠱᠠᠭᠢᠮᠦᠨᠢ ᠶ᠋ᠢᠨ ᠦᠰᠦ ᠪᠡᠨ ᠦᠷᠭᠦᠭᠡᠯᠭᠡᠭᠰᠡᠨ᠂ ᠠᠷᠪᠠᠨ ᠲᠠᠪᠤᠨ ᠳ᠋ᠦ᠍ ᠪᠤᠳ᠋ᠳ᠋ᠾᠠ ᠪᠣᠯᠤᠭᠰᠠᠨ᠂ ᠳᠠᠷᠠᠭ᠎ᠠ ᠨᠢ ᠮᠥᠨ ᠲᠡᠷᠡ ᠡᠳᠦᠷ ᠦ᠋ᠨ ᠣᠢ ᠪᠠᠷ ᠱᠠᠭᠢᠮᠦᠨᠢ ᠶ᠋ᠢᠨ ᠲᠠᠭᠠᠯᠠᠯ ᠲᠡᠭᠦᠰᠴᠦ ᠨᠢᠷᠸᠠᠨ ᠳᠦᠷᠢ ᠶ᠋ᠢ ᠣᠯᠤᠭᠰᠠᠨ ᠶᠣᠰᠣᠯᠠᠯ ᠤ᠋ᠨ ᠬᠤᠷᠠᠯ ᠤ᠋ᠳ ᠥᠩᠭᠡᠷᠡᠵᠦ ᠣᠳᠣ ᠴᠤᠢᠩᠬᠤᠷ ᠳ᠋ᠣᠶ᠋ᠢᠴᠠᠩ ᠪᠤᠶᠤ ᠨᠣᠮ ᠤ᠋ᠨ ᠭᠦᠷᠳ᠋ᠦ ᠡᠷᠭᠢᠭᠦᠯᠬᠦ ᠬᠤᠷᠠᠯ ᠬᠢᠵᠦ  ᠪᠠᠢᠭ᠎ᠠ ᠨᠢ ᠡᠨᠡ ᠶᠤᠮ᠃ ᠬᠠᠷᠠᠩᠭ᠎ᠠ ᠲᠠᠬᠢᠯ ᠮᠠᠭᠲᠠᠭᠠᠯ᠂ ᠵᠠᠯᠪᠠᠷᠢᠯ᠂ ᠢᠷᠦᠭᠡᠯ ᠥᠪᠡᠷ ᠬᠣᠭᠣᠷᠣᠨᠳᠣ ᠪᠠᠨ ᠵᠠᠯᠭᠠᠨ ᠦᠷᠭᠦᠯᠵᠢᠯᠡᠭᠰᠡᠭᠡᠷ ᠪᠠᠢᠯ᠎ᠠ᠃ ᠱᠠᠭᠢᠮᠦᠨᠢ ᠪᠤᠷᠬᠠᠨ ᠪᠣᠯ ᠬᠣᠷᠸ᠎ᠠ ᠳ᠋ᠤ᠌ ᠲᠥᠷᠥᠨ᠂ ᠮᠡᠨᠳᠦᠯᠡᠵᠦ᠂ ᠴᠠᠭ ᠢ᠋ ᠡᠵᠡᠯᠡᠭᠰᠡᠨ ᠠᠩᠬᠠᠨ ᠤ᠋ ᠶᠡᠬᠡ ᠪᠤᠷᠬᠠᠳ ᠤ᠋ᠨ ᠳᠥᠷᠪᠡ ᠳ᠋ᠡᠬᠢ ᠭᠡᠳᠡᠭ ᠢ᠋ ᠰᠠᠩᠵᠢ ᠠᠯᠢ ᠡᠷᠲᠡ ᠳ᠋ᠦ᠍ ᠮᠡᠳᠡᠳᠡᠭ ᠪᠣᠯᠤᠭᠰᠠᠨ ᠪᠢᠯᠡ᠃ ᠪᠦᠷ ᠪᠠᠭ᠎ᠠ ᠳ᠋ᠤ᠌ ᠨᠢ ᠴᠤᠢᠮᠴᠤᠭ ᠭᠡᠯᠦᠩ ᠲᠡᠭᠦᠨ ᠳ᠋ᠦ᠍ ᠵᠢᠭᠠᠵᠤ ᠥᠭᠭᠦᠭᠰᠡᠨ ᠶᠦᠮ᠃
       - ᠬᠣᠷᠸ᠎ᠠ ᠳ᠋ᠤ᠌ ᠮᠢᠩᠭᠠᠨ ᠪᠤᠷᠬᠠᠨ ᠵᠠᠯᠠᠷᠠᠬᠤ ᠤᠴᠢᠷ ᠲᠠᠢ᠃ ᠪᠤᠷᠬᠠᠨ ᠪᠦᠬᠦᠨ ᠦ᠌ ᠠᠩᠬ᠎ᠠ ᠲᠦᠷᠥᠭᠦᠯᠦᠭᠴᠢ ᠨᠢ ᠣᠷᠴᠢᠯᠠᠩ ᠢ᠋ ᠡᠪᠳᠡᠭᠴᠢ ᠬᠡᠮᠡᠬᠦ ᠶᠡᠬᠡ ᠭᠠᠷᠭᠠᠰᠤᠨᠳᠡᠢ ᠪᠢᠯᠡ᠃ ᠬᠦᠮᠦᠨ ᠲᠥᠷᠥᠯᠬᠢᠲᠡᠨ ᠪᠣᠢ ᠪᠣᠯᠤᠭᠠᠳ ᠳᠥᠴᠢᠨ ᠮᠢᠩᠭᠠᠨ ᠵᠢᠯ ᠥᠩᠭᠡᠷᠡᠬᠦ ᠦᠶ᠎ᠡ ᠳ᠋ᠦ᠍ ᠶᠢᠰᠦ ᠳ᠋ᠡᠬᠢ ᠭᠠᠯᠪᠠ ᠳᠤ ᠲᠥᠷᠦᠵᠢ ᠭᠡᠵᠦ  ᠴᠤᠢᠮᠴᠤᠭ ᠭᠡᠯᠦᠩ ᠵᠢᠭᠠᠭᠰᠠᠨ᠃
       - ᠬᠣᠶᠠᠷ ᠲᠠᠬᠢ ᠶᠡᠬᠡ ᠪᠤᠷᠬᠠᠨ ᠭᠠᠨᠠᠭᠠᠮᠤᠭᠤᠨᠢ ᠪᠤᠶᠤ ᠠᠯᠲᠠᠨ ᠴᠢᠳᠠᠭᠴᠢ ᠪᠣᠯᠪᠠᠰᠤ ᠬᠦᠮᠦᠨ ᠲᠥᠷᠥᠯᠬᠢᠲᠡᠨ ᠭᠠᠷᠤᠭᠠᠳ ᠭᠤᠴᠢᠨ ᠮᠢᠩᠭᠠᠨ ᠵᠢᠯ ᠦ᠋ᠨ ᠨᠢᠭᠤᠷ ᠦᠵᠡᠬᠦ ᠳ᠋ᠦ᠍ ᠬᠣᠷᠸ᠎ᠠ ᠳ᠋ᠤ᠌ ᠵᠠᠶᠠᠭᠠᠵᠠᠢ᠃ ᠳᠠᠷᠠᠭ᠎ᠠ ᠪᠠᠷ ᠬᠣᠷᠢᠨ ᠮᠢᠩᠭᠠᠨ ᠵᠢᠯ ᠦ᠋ᠨ ᠵᠠᠭᠠᠭ ᠲᠤ᠌ ᠭᠡᠷᠡᠯ ᠰᠠᠬᠢᠭᠴᠢ ᠶᠡᠬᠡ ᠺᠠᠰᠢᠪ ᠪᠤᠷᠬᠠᠨ ᠵᠠᠶᠠᠭᠠᠪᠠ᠃ ᠪᠢᠳᠡᠨ ᠦ᠌ ᠡᠵᠡᠨ ᠶᠡᠬᠡ ᠱᠠᠭᠢᠮᠦᠨᠢ ᠳᠥᠷᠪᠡ ᠳ᠋ᠡᠬᠢ ᠶᠡᠬᠡ ᠪᠤᠷᠬᠠᠨ ᠪᠣᠯᠤᠨ ᠡᠨᠡ ᠬᠣᠷᠸ᠎ᠠ ᠳ᠋ᠤ᠌ ᠮᠡᠨᠳᠦᠯᠡᠵᠡᠢ ᠭᠡᠵᠦ ᠴᠤᠢᠮᠴᠤᠭ ᠭᠡᠯᠦᠩ ᠣᠢᠭ᠎ᠠ ᠦᠭᠡᠢ ᠳᠠᠪᠲᠠᠨ ᠵᠢᠭᠠᠭᠰᠠᠨ ᠢ᠋  ᠭᠡᠰᠦᠯ ᠰᠠᠩᠵᠢ ᠦᠭᠡ ᠦᠰᠦᠭ ᠢ᠋ᠶ᠋ᠡᠷ ᠨᠢ ᠬᠣᠶᠠᠷ ᠬᠡᠯᠡ ᠪᠡᠷ ᠡᠷᠲᠡ ᠤᠷᠢᠳᠤ ᠴᠡᠭᠡᠵᠢᠯᠡᠭᠰᠡᠨ ᠪᠠᠢᠯ᠎ᠠ᠃  ᠪᠤᠳ᠋ᠳ᠋ᠾᠠ ᠪᠤᠷᠬᠠᠨ ᠱᠠᠭᠢᠮᠦᠨᠢ ᠶ᠋ᠢᠨ ᠨᠠᠶᠠᠨ ᠲᠡᠮᠳᠡᠭ᠂ ᠭᠤᠴᠢᠨ ᠬᠣᠶᠠᠷ ᠪᠢᠯᠢᠭ ᠴᠢᠨᠠᠷ ᠢ᠋ ᠰᠠᠩᠵᠢ ᠭᠡᠰᠦᠯ ᠲᠤᠭᠳᠡᠷᠡᠯ ᠦᠭᠡᠢ ᠲᠤᠭᠠᠴᠢᠵᠤ ᠮᠡᠳᠡᠨ᠎ᠡ᠃
       《 ᠬᠢᠮᠤᠰᠤ ᠨᠢ ᠵᠡᠰ ᠦ᠋ᠨ ᠥᠩᠭᠡ ᠮᠡᠲᠦ᠂ 
          ᠬᠤᠷᠤᠭᠤ ᠨᠢ ᠪᠥᠭᠡᠷᠡᠩᠬᠡᠢ᠂ ᠨᠠᠷᠢᠨ᠂ 
          ᠰᠤᠳᠠᠰᠤ ᠨᠢ ᠵᠠᠩᠭᠢᠷᠠᠭ᠎ᠠ ᠦᠭᠡᠢ᠂ 
          ᠱᠠᠭᠠᠢ ᠨᠢ ᠢᠯᠡᠷᠬᠡᠢ ᠦᠭᠡᠢ᠂ 
          ᠠᠷᠰᠯᠠᠨ ᠤ᠋ ᠶᠠᠪᠤᠳᠠᠯ ᠢ᠋ᠶ᠋ᠠᠷ ᠠᠵᠢᠷᠠᠭᠴᠢ᠂
          ᠠᠭᠤᠤ ᠰᠠᠢᠬᠠᠨ ᠪᠡᠶ᠎ᠡ ᠲᠡᠢ᠂
          ᠪᠡᠶ᠎ᠡ ᠳ᠋ᠦ᠍ ᠮᠡᠩᠭᠡ ᠬᠢᠭᠡᠳ ᠰᠡᠪᠬᠡ ᠦᠭᠡᠢ 
          ᠮᠤᠲᠤᠷ ᠨᠢ ᠮᠣᠳᠣᠨ ᠤ᠋ ᠤᠩᠭᠠᠷᠠᠯ ᠮᠡᠲᠦ᠂
          ᠴᠢᠬᠢᠨ ᠦ᠌ ᠬᠣᠷᠮᠣᠢ ᠵᠤᠵᠠᠭᠠᠨ᠂ ᠰᠤᠪᠢᠨᠪᠤᠤ 
         ᠦᠰᠨᠢᠷ ᠨᠢ ᠷᠠᠰᠢᠨᠠᠷ ᠮᠡᠲᠦ ᠬᠠᠷ᠎ᠠ》
ᠭᠡᠬᠦ ᠵᠡᠷᠭᠡ ᠪᠡᠷ ᠨᠠᠶᠠᠨ ᠲᠡᠮᠳᠡᠭ᠂ ᠭᠤᠷᠪᠠᠨ ᠵᠠᠭᠤᠨ ᠵᠢᠷᠠᠨ ᠠᠪᠤᠭᠠᠢᠯᠠᠭ᠎ᠠ ᠲᠠᠢ᠃ ᠪᠤᠷᠬᠠᠨ ᠱᠠᠭᠢᠮᠦᠨᠢ ᠵᠢ ᠬᠦᠮᠦᠨ ᠦ᠌ ᠭᠤᠸ᠎ᠠ ᠦᠵᠡᠰᠬᠦᠯᠡᠩ ᠦ᠋ᠨ ᠳᠡᠭᠡᠳᠦ ᠬᠡᠮᠵᠢᠭᠦᠷ ᠪᠣᠯᠭᠠᠨ ᠵᠢᠷᠤᠵᠤ᠂ ᠠᠯᠲᠠ᠂ ᠬᠦᠷᠡᠯ ᠭᠠᠤᠯᠢ ᠪᠠᠷ ᠴᠢᠳᠬᠤᠵᠤ ᠤᠷᠠᠯᠠᠨ ᠰᠦᠮ᠎ᠡ ᠪᠦᠷᠢ ᠳ᠋ᠦ᠍ ᠰᠢᠲᠦᠯᠭᠡᠲᠡᠨ ᠪᠣᠯᠭᠠᠨ ᠳ᠋ᠤ᠌ ᠲᠦᠭᠡᠭᠡᠨ ᠰᠢᠲᠦᠭᠦᠯᠦᠭᠰᠡᠨ  ᠪᠤᠳ᠋ᠳ᠋ᠾᠠ ᠶ᠋ᠢᠨ ᠱᠠᠰᠢᠨ ᠤ᠋ ᠨᠠᠨᠳᠢᠨ ᠡᠷᠳᠡᠨᠢ ᠳ᠋ᠦ᠍ ᠵᠣᠷᠢᠭᠤᠯᠤᠭᠰᠠᠨ ᠬᠤᠷᠠᠯ ᠳᠡᠭᠡᠷ᠎ᠡ  ᠯᠠᠮ᠎ᠠ ᠪᠦᠷᠢ ᠶᠡᠬᠡ ᠯᠡ ᠬᠢᠴᠢᠶᠡᠵᠦ ᠶᠣᠰᠣ ᠶ᠋ᠢ ᠰᠠᠬᠢᠵᠤ᠂ ᠨᠣᠮ ᠢ᠋ ᠪᠢᠰᠢᠯᠭᠠᠳᠠᠭ ᠠᠵᠢ᠃ 
         ᠰᠠᠩᠵᠢ ᠪᠣᠢᠵᠢ ᠵᠦᠭᠰᠢᠨ ᠮᠠᠳᠤᠭᠳᠠᠨ᠂
         ᠷᠠᠪᠠᠪ ᠯᠢᠨᠰᠢ ᠢᠨᠳᠡ ᠵᠠᠮᠪᠠᠳᠢ᠂
         ᠰᠠᠩᠵᠢ ᠰᠢᠨᠲᠦ ᠮᠢᠭ᠍ᠲᠤ ᠫᠦᠯᠪᠡᠭ᠂
         ᠲᠣᠭᠣᠨ ᠨᠠᠮᠳᠠᠭ ᠰᠢᠨᠯᠡᠵᠦᠳ ᠪᠠᠷᠱᠤᠭ
ᠭᠡᠵᠦ ᠰᠢᠷᠡᠭᠡᠲᠦ ᠯᠠᠮᠠ ᠭᠠᠭᠴᠠᠭᠠᠷ ᠤᠶᠠᠩᠭᠠᠯᠠᠨ ᠤᠩᠰᠢᠬᠤ ᠶ᠋ᠢ ᠰᠣᠨᠣᠰᠴᠤ ᠰᠠᠭᠤᠬᠤ ᠳ᠋ᠠᠭᠠᠨ ᠰᠠᠩᠵᠢ ᠭᠡᠰᠦᠯ᠄
       - ᠭᠠᠵᠠᠷ ᠳᠡᠯᠡᠬᠡᠢ ᠪᠣᠯᠤᠨ ᠰᠦᠮᠪᠦᠷ ᠠᠭᠤᠯᠠ ᠲᠡᠷᠢᠭᠦᠲᠡᠨ ᠢ᠋ ᠪᠦᠲᠦᠭᠡᠨ ᠬᠦᠵᠢᠰ ᠢ᠋ᠶ᠋ᠡᠷ ᠰᠤᠷᠴᠢᠵᠤ᠂ ᠣᠭᠲᠠᠷᠭᠤᠢ ᠶ᠋ᠢ ᠨᠠᠷᠠᠨ ᠰᠠᠷᠠᠨ ᠢ᠋ᠶ᠋ᠠᠷ ᠴᠢᠮᠡᠭᠰᠡᠨ ᠪᠤᠷᠬᠠᠨ ᠳ᠋ᠤ᠌ ᠠᠴᠢ ᠮᠠᠨᠳᠤᠯ ᠡᠷᠭᠦᠶ᠎ᠡ! ᠭᠡᠵᠦ ᠮᠥᠨ ᠯᠡ ᠮᠣᠩᠭᠣᠯ ᠢ᠋ᠶ᠋ᠠᠷ ᠲᠣᠯᠣᠭᠠᠢ ᠳ᠋ᠠᠭᠠᠨ ᠳᠤᠷᠠᠢᠲᠠᠯ᠎ᠠ ᠪᠣᠳᠣᠵᠤ ᠪᠠᠢᠯ᠎ᠠ᠃
      ᠳᠡᠭᠡᠷ᠎ᠡ ᠦᠭᠡᠢ ᠳᠡᠭᠡᠳᠦ᠂ ᠲᠡᠷᠢᠭᠦᠯᠡᠰᠢ ᠦᠭᠡᠢ ᠲᠡᠷᠢᠭᠦᠨ᠂ ᠦᠬᠦᠰᠢ ᠦᠭᠡᠢ ᠮᠥᠩᠬᠡ᠂  ᠦᠵᠡᠭᠳᠡᠬᠦ  ᠪᠣᠯᠣᠳ ᠥᠯᠥ᠍ ᠦᠵᠡᠭᠳᠡᠬᠦ ᠬᠠᠮᠤᠭ ᠢ᠋ ᠪᠦᠲᠦᠭᠡᠭᠴᠢ ᠭᠡᠬᠦᠴᠢᠯᠡᠨ ᠭᠤᠷᠪᠠᠨ ᠵᠠᠭᠤᠨ ᠵᠢᠷᠠᠨ ᠠᠪᠤᠭᠠᠢᠯᠠᠯ ᠴᠢᠮᠡᠭ ᠲᠡᠢ ᠪᠤᠷᠬᠠᠨ ᠪᠤᠳ᠋ᠳ᠋ᠾᠠ ᠶ᠋ᠢᠨ ᠦᠢᠯᠡ᠂ ᠭᠠᠪᠢᠶᠠᠨ ᠤ᠋ ᠲᠤᠬᠠᠢ ᠵᠠᠯᠪᠠᠷᠢᠯ ᠤ᠋ᠨ ᠡᠨᠡ ᠬᠤᠷᠠᠯ ᠳᠡᠭᠡᠷ᠎ᠡ ᠰᠠᠩᠵᠢ ᠭᠡᠰᠦᠯ ᠳ᠋ᠦ᠍ ᠮᠡᠳᠡᠬᠦ ᠦᠭᠡᠢ ᠶᠦᠮ ᠪᠠᠷᠤᠭ ᠦᠭᠡᠢ  ᠪᠠᠢᠵᠠᠢ᠃  ᠡᠢᠮᠦ ᠳ᠋ᠦ᠍ ᠲᠡᠷᠡ ᠦᠶ᠎ᠡ ᠦᠶ᠎ᠡ ᠥᠭᠡᠷ᠎ᠡ ᠶᠠᠭᠤᠮ᠎ᠠ ᠪᠣᠳᠣᠬᠤ ᠵᠠᠪ ᠣᠯᠵᠤ  ᠪᠠᠢᠵᠠᠢ᠃ ᠰᠠᠪᠠ ᠰᠢᠮ᠎ᠡ᠂ ᠰᠠᠨᠰᠠᠷ ᠣᠷᠴᠢᠯᠠᠩ ᠤ᠋ᠨ ᠶᠢᠷᠲᠢᠨᠴᠦ ᠶ᠋ᠢ ᠪᠦᠲᠦᠭᠡᠭᠰᠡᠨ ᠭᠡᠵᠦ ᠪᠤᠷᠬᠠᠨ ᠪᠠᠭᠰᠢ ᠶ᠋ᠢ ᠯᠠᠮᠠ ᠨᠠᠷ ᠲᠤ᠌ ᠪᠦᠷᠢᠨ ᠢ᠋ᠶ᠋ᠡᠷ ᠢᠲᠡᠭᠡᠭᠦᠯᠦᠭᠰᠡᠨ ᠤᠴᠢᠷ ᠲᠡᠳᠡ ᠤᠤᠯ ᠨᠣᠮ ᠢ᠋ ᠶᠣᠰᠣ ᠪᠣᠯᠭᠠᠨ ᠦᠭᠡ ᠦᠰᠦᠭ ᠠᠯᠳᠠᠯ ᠦᠭᠡᠢ ᠴᠡᠭᠡᠵᠢᠯᠡᠭᠰᠡᠨ  ᠪᠠᠢᠬᠤ ᠨᠢ ᠵᠦᠢ ᠶ᠋ᠢᠨ ᠬᠡᠷᠡᠭ ᠪᠢᠯᠡ᠃ᠲᠡᠷᠡᠴᠢᠯᠡᠨ ᠢ᠋ᠶ᠋ᠡᠷ ᠥᠨᠥᠳᠥᠷ ᠦ᠋ᠨ ᠬᠤᠷᠠᠯ ᠤᠷᠢᠳᠤ ᠨᠢ ᠲᠦᠮᠡᠨᠳ᠋ᠡ ᠳᠠᠪᠲᠠᠭᠰᠠᠨ ᠲᠠᠨᠢᠯ ᠶᠠᠭᠤᠮ᠎ᠠ ᠶᠢ ᠤᠩᠰᠢᠨ᠂ ᠤᠩᠰᠢᠭᠰᠠᠭᠠᠷ  ᠪᠠᠢᠲᠠᠯ᠎ᠠ ᠠᠰᠢᠭᠦᠢ ᠵᠠᠪᠰᠠᠷᠯᠠᠭᠠᠨ ᠤ᠋ ᠮᠠᠩᠵᠠ᠂ ᠴᠠᠪ ᠣᠷᠣᠵᠤ ᠢᠷᠡᠯ᠎ᠡ᠃ ᠵᠤᠲᠠᠩ ᠤ᠋ᠨ ᠦᠨᠦᠷ ᠰᠡᠩᠭᠢᠨᠡᠨ ᠬᠠᠩᠬᠤᠯᠪᠠ᠃ 
     ᠰᠠᠩᠵᠢ ᠶ᠋ᠢᠨ ᠵᠢᠩᠳᠠᠭᠠᠨ ᠤ ᠨᠥᠬᠥᠷ ᠠᠨᠳᠤᠤ ᠶ᠋ᠢᠨ ᠲᠥᠪᠡᠳ ᠫᠠᠭᠰᠠᠩ ᠴᠣᠢᠮᠴᠠᠮ ᠤ᠋ᠨ ᠴᠠᠭ ᠢ ᠠᠰᠢᠭᠯᠠᠨ ᠰᠡᠮᠬᠡᠨ ᠭᠦᠶᠦᠵᠦ ᠭᠠᠪᠵᠤ ᠯᠦᠨᠳᠥᠭᠵᠤᠨᠠᠢ ᠳ᠋ᠤ᠌ ᠨᠢᠭᠡ ᠶᠠᠭᠤᠮ᠎ᠠ ᠬᠡᠯᠡᠬᠦ ᠳ᠋ᠦ᠍ ᠲᠡᠷᠡ ᠨᠢ ᠲᠣᠯᠣᠭᠠᠢ ᠰᠡᠭᠰᠦᠷᠪᠡ᠃ ᠫᠠᠭᠰᠠᠩ ᠴᠠᠰᠢ ᠭᠦᠶᠦᠵᠦ ᠰᠢᠷᠡᠭᠡᠲᠦ ᠳ᠋ᠦ᠍  ᠣᠢᠷᠠᠳᠬᠤ ᠭᠡᠰᠡᠨ ᠢ᠋ᠶ᠋ᠡᠨ ᠤᠬᠤᠷᠢᠵᠤ ᠭᠡᠰᠬᠦᠢ ᠳ᠋ᠦ᠍ ᠣᠴᠢᠭᠠᠳ ᠪᠠᠬᠠᠨ ᠶᠠᠭᠤᠮ᠎ᠠ ᠶᠠᠷᠢᠵᠤ ᠰᠠᠩᠵᠢ ᠭᠡᠰᠦᠯ ᠤᠷᠤᠭᠤ ᠵᠢᠭᠠᠵᠤ  ᠪᠠᠢᠯ᠎ᠠ᠃ ᠡᠭᠦᠨ ᠢ᠋ ᠰᠠᠩᠵᠢ ᠠᠵᠢᠵᠤ ᠮᠡᠳᠡᠭᠡᠳ ᠥᠪᠡᠷ ᠤᠨ ᠨᠢ ᠲᠤᠬᠠᠢ ᠶᠠᠷᠢᠶ᠎ᠠ ᠪᠣᠯᠬᠤ ᠶ᠋ᠢ ᠣᠢᠯᠠᠭᠠᠪᠠ᠂《ᠫᠠᠭᠰᠠᠩ ᠠᠨᠳᠦᠤᠪᠠ ᠶᠠᠮᠠᠷ ᠯᠠ  ᠰᠠᠢᠨ ᠶᠠᠭᠤᠮ᠎ᠠ ᠶᠠᠷᠢᠪᠠ ᠭᠡᠵᠦ᠃  ᠨᠠᠮᠠᠶ᠋ᠢ ᠮᠠᠭᠤᠯᠠᠵᠤ  ᠪᠠᠢᠭ᠎ᠠ ᠪᠠᠢᠯᠭᠦᠢ᠃ ᠭᠡᠪᠡᠴᠦ ᠶᠠᠭᠤ ᠭᠡᠵᠦ ᠮᠠᠭᠤᠯᠠᠬᠤ ᠪᠢᠯᠡ? ᠶᠠᠭᠤ ᠴᠤ᠌ ᠭᠡᠬᠦ ᠰᠢᠯᠲᠠᠭ ᠦᠭᠡᠢ᠃ ᠶᠡᠷᠦ ᠨᠢ ᠡᠨᠡ ᠫᠠᠭᠰᠠᠩ ᠮᠠᠭᠤᠬᠠᠢ ᠵᠠᠩ ᠲᠠᠢ᠂ ᠬᠦᠢᠲᠡᠨ ᠴᠢᠷᠠᠢ ᠲᠠᠢ ᠡᠷ᠎ᠡ ᠰᠢᠦ》 ᠭᠡᠵᠦ ᠰᠠᠩᠵᠢ ᠪᠣᠳᠣᠯ᠎ᠠ᠃ ᠲᠡᠭᠦᠨ ᠦ ᠵᠢᠩᠳᠠᠭᠠᠨ ᠳ᠋ᠤ᠌ ᠮᠠᠭᠤᠬᠠᠢ ᠵᠠᠩ ᠲᠠᠢ᠂ ᠶᠠᠭᠢᠷ ᠬᠡᠴᠡᠭᠦᠦ ᠪᠡᠷ ᠢ᠋ᠶ᠋ᠡᠨ ᠡᠨᠡᠬᠦ ᠠᠨᠳᠤᠤ ᠨᠤᠲᠤᠭ ᠤᠨ ᠲᠦᠪᠡᠳ ᠵᠠᠯᠠᠭᠤ ᠫᠠᠭᠰᠠᠩ ᠣᠨᠴᠠᠭᠠᠢ ᠪᠢᠯᠡ᠃ ᠭᠡᠲᠡᠯ᠎ᠡ ᠪᠠᠰᠠ ᠪᠣᠳᠢᠫᠠ ᠶ᠋ᠢᠨ ᠴᠣᠭᠰᠠᠩ ᠭᠡᠵᠦ ᠨᠢᠭᠡ ᠡᠷ᠎ᠡ ᠪᠣᠢ᠃ ᠲᠡᠷᠡ ᠪᠣᠯ ᠲᠥᠪᠡᠳ ᠬᠥᠮᠦᠨ ᠳ᠋ᠤ᠌ ᠪᠠᠢᠮᠠᠷ ᠦᠭᠡᠢ ᠶᠡᠬᠡᠬᠡᠨ ᠡᠶᠡᠯᠳᠡᠭ ᠨᠠᠯᠠᠷᠬᠠᠢ ᠵᠥᠭᠡᠯᠡᠨ ᠵᠠᠩ ᠢᠶᠠᠷ  ᠢ᠋ᠶ᠋ᠠᠨ ᠰᠠᠩᠵᠢ ᠶ᠋ᠢᠨ ᠵᠢᠩᠳᠠᠭᠠᠨ ᠳ᠋ᠤ᠌ ᠪᠠᠰᠠ ᠯᠠ ᠣᠨᠴᠠᠭᠠᠢ ᠨᠢᠭᠡᠨ ᠶᠦᠮ᠃ ᠭᠡᠰᠬᠦᠢ ᠳ᠋ᠦ᠍ ᠶᠠᠭᠤᠮ᠎ᠠ ᠶᠠᠷᠢᠵᠤ ᠪᠠᠢᠭ᠎ᠠ ᠫᠠᠭᠰᠠᠩ ᠤ᠋ᠨ ᠴᠠᠭᠠᠨ᠎ᠠ ᠨᠢ ᠴᠣᠭᠰᠠᠩ ᠵᠣᠭᠰᠣᠵᠤ  ᠪᠠᠢᠬᠤ ᠶ᠋ᠢ ᠰᠠᠩᠵᠢ ᠬᠠᠷᠠᠯ᠎ᠠ!《  ᠴᠣᠭᠰᠠᠩ ᠲᠡᠨᠳᠡ ᠪᠠᠢᠭ᠎ᠠ ᠪᠣᠯᠬᠣᠷ ᠫᠠᠭᠰᠠᠩ ᠢ᠋ ᠮᠢᠨᠦ ᠲᠤᠬᠠᠢ ᠶᠠᠭᠤ ᠶᠠᠷᠢᠭᠰᠠᠨ ᠢ᠋ ᠰᠣᠨᠣᠰᠤᠭᠰᠠᠨ  ᠪᠠᠢᠵᠤ ᠮᠠᠭᠠᠳ ᠦᠭᠡᠢ》 ᠭᠡᠵᠦ ᠰᠠᠩᠵᠢ ᠪᠣᠳᠣᠵᠠᠢ᠃ ᠮᠠᠩᠵᠠ ᠪᠠᠷᠢᠵᠤ ᠳᠠᠭᠤᠰᠤᠭᠠᠳ ᠰᠠᠯᠬᠢᠨ ᠳ᠋ᠤ᠌ ᠳᠦᠷ ᠭᠠᠷᠬᠤ ᠦᠶ᠎ᠡ ᠳ᠋ᠦ᠍ ᠰᠠᠩᠵᠢ ᠭᠡᠰᠦᠯ ᠳ᠋ᠦ᠍ ᠴᠣᠭᠰᠠᠩ ᠲᠥᠪᠡᠳ ᠣᠢᠷᠠᠲᠤᠨ ᠢᠷᠡᠵᠦ᠂ ᠴᠢᠬᠢᠨ ᠲᠤᠰᠢᠶ᠎ᠠ ᠨᠢ᠂
       -  ᠴᠢᠮᠠᠶ᠋ᠢ ᠫᠠᠭᠰᠠᠩ ᠭᠡᠰᠬᠦᠢ ᠳ᠋ᠦ᠍ ᠬᠣᠪᠯᠠᠯ᠎ᠠ᠃ ᠴᠢ ᠪᠤᠷᠬᠠᠨ ᠤ᠋ ᠮᠠᠭᠲᠠᠭᠠᠯ᠂ ᠨᠣᠮ ᠤᠨ ᠲᠦᠯᠬᠢᠭᠦᠷ ᠢ᠋ ᠮᠣᠩᠭᠣᠯ ᠢ᠋ᠶ᠋ᠠᠷ ᠤᠩᠰᠢᠭᠰᠠᠨ ᠶᠤᠮ ᠤᠤ? ᠭᠡᠵᠦ ᠠᠰᠠᠭᠤᠪᠠ᠃ 
       ᠰᠠᠩᠵᠢ ᠭᠡᠰᠦᠯ ᠦ᠋ᠨ ᠳᠣᠲᠣᠷ᠎ᠠ ᠫᠠᠯ ᠬᠢᠵᠠᠢ᠃ ᠲᠡᠭᠡᠭᠡᠳ ᠴᠢᠷᠠᠢ ᠨᠢ ᠬᠤᠪᠠᠬᠠᠢ ᠴᠠᠢᠬᠤ ᠶᠢ ᠴᠣᠭᠰᠠᠩ ᠠᠵᠢᠵᠤ ᠮᠡᠳᠡᠭᠡᠳ᠂ ᠲᠡᠷᠡ ᠠᠰᠠᠭᠤᠯᠲᠠ ᠶ᠋ᠢᠨ ᠬᠠᠷᠢᠭᠤ ᠶᠢ ᠣᠢᠯᠠᠭᠠᠵᠤ《ᠪᠢᠲᠡᠭᠡᠢ ᠰᠢᠨᠠᠯ᠂ ᠪᠢᠲᠡᠭᠡᠢ ᠰᠢᠨᠠᠯ 》 ᠭᠡᠵᠦ ᠰᠢᠪᠡᠨᠡᠭᠡᠳ ᠵᠥᠷᠢᠨ ᠥᠩᠭᠡᠷᠡᠯ᠎ᠡ᠃
       《 ᠫᠠᠭᠰᠠᠩ ᠬᠣᠪ ᠬᠡᠯᠡᠵᠡᠢ᠃ ᠣᠳᠣ ᠶᠠᠭᠠᠬᠢᠳᠠᠭ ᠪᠣᠯ? ᠭᠡᠰᠬᠦᠢ ᠳ᠋ᠦ᠍ ᠲᠣᠷᠯᠣᠭᠳᠠᠭᠤᠯᠬᠤ ᠴᠠᠭ ᠪᠣᠯᠵᠠᠢ᠃ ᠲᠣᠷᠯᠣᠭᠳᠠᠭᠠᠳ ᠥᠩᠭᠡᠷᠡᠪᠡᠯ ᠴᠤ᠌ ᠶᠠᠭᠠᠮᠠᠢ》 ᠭᠡᠵᠦ ᠰᠠᠩᠵᠢ ᠴᠡᠴᠡᠷᠡᠨ ᠠᠶᠤᠯ᠎ᠠ᠃ 
        ᠦᠳᠡ ᠡᠴᠡ ᠡᠮᠦᠨ᠎ᠡ ᠶ᠋ᠢᠨ ᠬᠤᠷᠠᠯ ᠭᠠᠳᠠᠭᠠᠯᠠᠬᠤ ᠦᠶ᠎ᠡ ᠪᠡᠷ ᠳᠤᠭᠠᠩ ᠤᠨ ᠡᠭᠦᠳᠡᠨ ᠳ᠋ᠦ᠍ ᠱᠠᠮᠤ ᠭᠡᠰᠬᠦᠢ ᠲᠤᠰᠠᠯᠠᠭᠴᠢ ᠭᠡᠶᠡᠭ ᠦ᠋ᠨ ᠬᠠᠮᠲᠤ ᠭᠠᠷᠴᠤ ᠢᠷᠡᠭᠡᠳ ᠬᠤᠷᠠᠯ ᠤ᠋ᠨ ᠵᠠᠶᠢᠭ᠋ ᠡᠪᠳᠡᠭᠰᠡᠨ ᠪᠠᠨᠳᠢ ᠨᠠᠷ᠂ ᠵᠠᠷᠢᠮ ᠳ᠋ᠠᠭᠠᠨ ᠲᠣᠬᠢᠲᠠᠢ ᠲᠣᠮᠣᠭᠠᠲᠠᠢ ᠯᠠᠮ᠎ᠠ ᠶ᠋ᠢ ᠴᠤ᠌ ᠬᠦᠷᠲᠡᠯ᠎ᠡ ᠴᠡᠭᠡᠷᠯᠡᠯ ᠦᠵᠡᠭᠦᠯᠳᠡᠭ ᠶᠣᠰᠣᠲᠠᠢ ᠲᠤᠯᠠ ᠡᠨᠡ ᠤᠳᠠᠭ᠎ᠠ ᠰᠠᠩᠵᠢ ᠶ᠋ᠢᠨ ᠡᠭᠡᠯᠵᠢ ᠪᠣᠯᠤᠯ᠎ᠠ ᠭᠡᠳᠡᠭ ᠢ᠋ ᠴᠤ᠌ ᠫᠠᠭᠰᠠᠩ᠂  ᠴᠣᠭᠰᠠᠩ᠂  ᠰᠠᠩᠵᠢ ᠭᠤᠷᠪᠠ ᠭᠠᠳᠠᠷᠯᠠᠵᠠᠢ᠃《ᠴᠣᠬᠣᠮ ᠶᠠᠭᠠᠬᠢᠵᠤ ᠴᠡᠭᠡᠷᠯᠡᠭᠦᠯᠬᠦ ᠪᠣᠯ? ᠲᠣᠷᠯᠣᠭᠳᠠᠳᠠᠭ᠃ ᠪᠠᠰᠠ ᠱᠣᠩ ᠠ᠋ᠴᠠ ᠬᠦᠯᠢᠵᠦ ᠣᠷᠢᠶᠠᠯᠭᠠᠳᠠᠭ᠃ ᠬᠠᠷ᠎ᠠ ᠭᠡᠷ ᠲᠦ᠍ ᠬᠢᠳᠡᠭ᠃ ᠥᠭᠡᠷ᠎ᠡ ᠶᠠᠭᠠᠬᠢᠳᠠᠭ ᠪᠢᠯᠡ᠃ ᠡᠨᠡ ᠬᠡᠳᠦ ᠪᠡᠷ ᠯᠠ ᠥᠩᠭᠡᠷᠡᠳᠡᠭ ᠪᠠᠢᠬᠤ᠃ ᠠᠯᠢ ᠨᠢ  ᠪᠠᠢᠭ᠍ᠰᠠᠨ ᠴᠤ᠌ ᠥᠩᠭᠡᠷᠡᠵᠡᠢ》 ᠭᠡᠵᠦ ᠰᠠᠩᠵᠢ ᠪᠣᠳᠣᠵᠤ ᠭᠠᠰᠢᠭᠤᠨ ᠬᠤᠪᠢ ᠪᠠᠨ ᠬᠦᠯᠢᠴᠡᠩᠭᠦᠢ ᠪᠡᠷ ᠬᠦᠯᠢᠶᠡᠬᠦ ᠪᠡᠷ ᠰᠢᠢᠳᠦᠯ᠎ᠡ᠃《ᠬᠥᠮᠦᠨ ᠦ᠌ ᠪᠡᠶ᠎ᠡ ᠡᠬᠡ ᠡᠴᠡ ᠲᠦᠷᠦᠮᠡᠭᠴᠡ ᠲᠡᠭᠦᠨ ᠦ᠌ ᠰᠡᠳᠬᠢᠯ ᠳ᠋ᠦ᠍ ᠬᠣᠶᠠᠷ ᠮᠣᠳᠣ ᠤᠷᠭᠤᠵᠤ ᠡᠬᠢᠯᠡᠮᠦᠢ᠃ ᠬᠣᠶᠠᠭᠤᠯᠠ ᠵᠢᠷᠭᠤᠭ᠎ᠠ ᠵᠢᠷᠭᠤᠭᠠᠨ ᠦᠨᠳᠦᠰᠦ ᠲᠡᠢ᠂ ᠠᠷᠪᠠ ᠠᠷᠪᠠᠨ ᠭᠡᠰᠢᠭᠦᠦ ᠲᠡᠢ᠂ ᠳᠥᠴᠢᠨ ᠨᠠᠢ᠍ᠮᠠᠨ ᠮᠢᠩᠭᠠᠨ ᠨᠠᠪᠴᠢ ᠲᠠᠢ ᠪᠢᠯᠡ᠃  ᠰᠠᠢᠨ ᠦᠢᠯᠡᠰ ᠦ᠋ᠨ ᠮᠣᠳᠣᠨ ᠤ᠋ ᠵᠢᠷᠭᠤᠭᠠᠨ ᠦᠨᠳᠦᠰᠦ ᠨᠢ ᠵᠢᠷᠭᠤᠭᠠᠨ ᠴᠠᠭᠠᠨ ᠪᠤᠶᠠᠨ᠂ ᠮᠠᠭᠤ ᠦᠢᠯᠡᠰ ᠦ᠋ᠨ ᠮᠣᠳᠣᠨ ᠤ᠋ ᠵᠢᠷᠭᠤᠭᠠᠨ ᠦᠨᠳᠦᠰᠦ ᠨᠢ ᠵᠢᠷᠭᠤᠭᠠᠨ ᠬᠠᠷ᠎ᠠ ᠨᠢᠭᠦᠯ᠃ ᠳᠥᠴᠢᠨ ᠨᠠᠢ᠍ᠮᠠᠨ ᠮᠢᠩᠭᠠᠨ ᠨᠠᠪᠴᠢᠰ ᠨᠢ ᠮᠥᠨ ᠲᠡᠷᠡᠴᠢᠯᠡᠨ ᠬᠣᠶᠠᠷ  ᠲᠦᠢᠯ ᠪᠤᠶᠤ ᠨᠣᠮ ᠤᠨ ᠴᠣᠭᠴᠠᠰ᠂ ᠨᠢᠭᠦᠯ ᠦ᠋ᠨ ᠨᠢᠰᠸᠠᠨᠢᠰ ᠢ᠋ ᠦᠵᠡᠭᠦᠯᠵᠦ ᠪᠠᠢᠳᠠᠭ ᠶᠤᠮ᠃ ᠠᠯᠢ ᠨᠢᠭᠡᠨ ᠮᠣᠳᠣ ᠪᠠᠨ  ᠳᠠᠪᠠᠭᠠᠮᠠᠭᠠᠢᠯᠠᠭᠤᠯᠴᠢᠬᠠᠪᠠᠯ ᠲᠡᠷᠡ ᠯᠠ ᠵᠦᠭ ᠲᠡᠭᠡᠨ ᠬᠤᠪᠢ ᠲᠠᠪᠢᠯᠠᠩ ᠴᠢᠭᠯᠡᠨ᠎ᠡ》 ᠭᠡᠵᠦ ᠴᠤᠢᠮᠴᠤᠭ ᠭᠡᠯᠦᠩ ᠵᠢᠭᠠᠭᠰᠠᠨ ᠢ᠋ ᠰᠠᠩᠵᠢ ᠭᠡᠰᠦᠯ ᠰᠠᠢᠨ ᠲᠣᠭᠲᠠᠭᠠᠵᠤ ᠲᠥᠪᠡᠳ ᠬᠡᠯᠡ ᠪᠡᠷ ᠮᠥᠨ ᠴᠡᠭᠡᠵᠢᠯᠡᠭᠦᠯᠪᠡ᠃ 
       ᠶᠣᠰᠣ ᠰᠤᠷᠲᠠᠬᠤᠨ ᠤ᠋ ᠲᠡᠷᠡ ᠬᠦ᠌ ᠮᠣᠳᠣ ᠶ᠋ᠢ ᠴᠠᠭᠠᠨ ᠤ᠋ ᠪᠤᠶᠠᠨ ᠤ᠋ ᠨᠠᠪᠴᠢ ᠪᠠᠷ ᠴᠡᠴᠡᠭᠯᠡᠭᠦᠯᠬᠦ ᠳ᠋ᠤ ᠮᠥᠨ ᠵᠢᠷᠭᠤᠭᠠᠨ ᠵᠠᠮ ᠮᠥᠷ ᠪᠣᠢ ᠭᠡᠵᠦ ᠰᠠᠩᠵᠢ ᠳ᠋ᠤ᠌ ᠣᠢᠯᠠᠭᠠᠭᠤᠯᠵᠤ ᠪᠢᠯᠡ᠃ ᠡᠬᠢᠨ ᠦ᠌ ᠱᠠᠲᠤ ᠨᠢ ᠣᠪᠠᠰᠢ ᠪᠤᠶᠤ  ᠭᠡᠨᠡᠩ ᠶᠦᠮ᠃ ᠤᠪᠠᠰᠢ ᠶ᠋ᠢᠨ ᠮᠥᠷ  ᠬᠥᠭᠡᠭᠡᠭᠰᠡᠨ ᠬᠥᠮᠦᠨ ᠶᠣᠰᠣ ᠰᠤᠷᠲᠠᠬᠤᠨ ᠤ᠋ ᠪᠠᠨ ᠨᠢᠭᠦᠯ ᠢ᠋ ᠮᠡᠳᠡᠵᠦ ᠵᠠᠰᠠᠬᠤ ᠶ᠋ᠢ ᠡᠷᠡᠮᠡᠯᠵᠡᠨ᠂  ᠵᠠᠰᠠᠵᠤ ᠠᠯᠳᠠᠵᠤ᠂ ᠠᠯᠳᠠᠵᠤ ᠵᠠᠰᠠᠵᠤ  ᠪᠠᠢᠳᠠᠭ ᠲᠤᠯᠠ ᠰᠠᠩᠵᠢ ᠲᠡᠢᠮᠦ ᠬᠠᠭᠠᠰ ᠳᠤᠲᠠᠭᠤ ᠪᠣᠳᠢ ᠮᠥᠷ ᠦ᠋ᠨ ᠵᠡᠷᠭᠡ ᠳ᠋ᠦ᠍ ᠬᠦᠷᠬᠦ ᠶ᠋ᠢ ᠬᠦᠰᠡᠭᠡ ᠦᠭᠡᠢ᠃ ᠪᠠᠭᠰᠢ ᠯᠠᠮᠠ ᠨᠢ ᠴᠤ᠌ ᠮᠥᠨ ᠯᠡ ᠲᠡᠢᠮᠦ ᠪᠣᠳᠣᠯ ᠲᠠᠢ ᠪᠠᠢᠭ᠍ᠰᠠᠨ᠃ ᠪᠣᠳᠢ ᠮᠥᠷ ᠦ᠋ᠨ ᠬᠣᠶᠠᠷ ᠲᠠᠬᠢ ᠵᠡᠷᠭᠡ ᠨᠢ ᠰᠠᠷᠲ᠋ᠠᠸᠠᠨ  ᠪᠣᠯᠤᠨ᠎ᠠ᠃  ᠰᠠᠷᠲ᠋ᠠᠸᠠᠨ ᠪᠣᠯ ᠰᠠᠨᠰᠠᠷ ᠬᠣᠷᠸ᠎ᠠ ᠶ᠋ᠢ ᠪᠦᠷᠢᠨ᠎ᠡ ᠤᠭᠤᠷᠴᠤ ᠬᠠᠷ᠎ᠠ ᠪᠣᠷᠣ ᠠᠮᠢᠳᠤᠷᠠᠯ ᠢ᠋ ᠵᠢᠭᠰᠢᠨ  ᠬᠥᠨᠳᠡᠢᠷᠡᠬᠦ ᠬᠡᠷᠡᠭ ᠶᠦᠮ᠃  ᠰᠠᠩᠵᠢ ᠲᠡᠢᠨ ᠬᠦ᠌ ᠠᠮᠢᠳᠤᠷᠠᠯ ᠠᠴᠠ  ᠬᠥᠨᠳᠡᠢᠷᠡᠵᠦ ᠰᠠᠷᠲ᠋ᠠᠸᠠᠨ ᠪᠣᠯᠬᠤ ᠶ᠋ᠢ ᠬᠦᠰᠡᠭᠰᠡᠨ ᠦᠭᠡᠢ᠃ ᠪᠠᠭᠰᠢ ᠯᠠᠮᠠ ᠨᠢ ᠴᠤ᠌ ᠲᠡᠭᠦᠨ ᠢ ᠵᠥᠪᠯᠡᠭᠰᠡᠨ ᠦᠭᠡᠢ᠃ ᠪᠣᠳᠢ ᠮᠥᠷ ᠦ᠋ᠨ ᠭᠤᠷᠪᠠ ᠳ᠋ᠠᠬᠢ ᠵᠡᠷᠭᠡ ᠨᠢ ᠰᠠᠭᠠᠷᠳᠠᠭᠠᠮ ᠤ᠋ᠨ ᠶᠣᠰᠣ ᠶᠤᠮ᠃ ᠡᠨᠡ ᠨᠢ ᠦᠨᠡᠨᠴᠢ ᠰᠢᠳᠤᠷᠭᠤ᠂ ᠰᠡᠳᠬᠢᠯ ᠬᠠᠷᠠᠮ ᠦᠭᠡᠢ ᠠᠵᠤ ᠲᠦᠷᠦᠭᠴᠢ ᠶ᠋ᠢᠨ ᠶᠣᠰᠣ ᠮᠥᠨ᠃ ᠨᠢᠭᠡᠨᠲᠡ ᠬᠠᠷᠢᠨ ᠢᠷᠡᠭᠴᠢ ᠶ᠋ᠢᠨ ᠶᠣᠰᠣ ᠭᠡᠵᠦ ᠪᠠᠰᠠ ᠨᠡᠷᠡᠯᠡᠨ᠎ᠡ᠃ ᠡᠭᠦᠨ ᠢ᠋ ᠰᠠᠩᠵᠢ ᠭᠡᠰᠦᠯ ᠰᠣᠩᠭᠣᠨ ᠠᠪᠴᠠᠢ᠃ ᠰᠠᠭᠠᠷᠳᠠᠭᠠᠮ ᠤ᠋ᠨ ᠵᠡᠷᠭᠡ ᠳ᠋ᠦ᠍ ᠬᠦᠷᠬᠦ ᠨᠢ ᠬᠥᠮᠦᠨ ᠦ᠌ ᠳᠡᠭᠡᠳᠦ ᠶᠣᠰᠣᠨ ᠢ᠋ᠶ᠋ᠠᠨ ᠲᠤᠯᠤᠨ ᠣᠴᠢᠵᠤ᠂ ᠪᠤᠷᠬᠠᠳ ᠤᠨ ᠵᠡᠷᠭᠡ ᠡᠴᠡ ᠬᠣᠯᠠ ᠦᠭᠡᠢ ᠲᠣᠭᠲᠠᠬᠤ ᠶ᠋ᠢᠨ ᠮᠥᠨ ᠴᠢᠨᠠᠷ ᠶᠤᠮ᠃ ᠲᠡᠭᠦᠨ ᠡᠴᠡ ᠴᠢᠨᠠᠭᠰᠢᠯᠠᠬᠤ ᠳᠤ ᠠᠨᠠᠭᠮᠠᠨᠢ ᠶ᠋ᠢᠨ ᠶᠣᠰᠣ ᠪᠣᠢ᠃ ᠲᠡᠷᠡ ᠨᠢ ᠥᠪᠡᠷ ᠲᠦ᠍ ᠣᠨᠣᠭᠳᠠᠭᠰᠠᠨ ᠪᠦᠬᠦ ᠦᠢᠯᠡ ᠶ᠋ᠢ ᠪᠦᠲᠦᠭᠡᠵᠦ ᠬᠠᠷᠢᠨ ᠦᠯᠦ ᠢᠷᠡᠭᠴᠢ ᠶ᠋ᠢᠨ ᠵᠡᠷᠭᠡ ᠳ᠋ᠦ᠍ ᠬᠦᠷᠬᠦ ᠶ᠋ᠢᠨ ᠨᠡᠷ᠎ᠡ ᠶᠦᠮ᠃ ᠨᠢᠭᠡᠨᠲᠡ ᠪᠦᠬᠦ ᠦᠢᠯᠡ ᠪᠡᠨ ᠲᠡᠭᠦᠰᠬᠡᠭᠰᠡᠨ ᠲᠤᠯᠠ ᠠᠨᠠᠭᠮᠠᠨᠢ ᠶ᠋ᠢᠨ ᠶᠣᠰᠣ ᠭᠦᠢᠴᠡᠭᠡᠭᠴᠢ ᠪᠣᠯ ᠬᠠᠷᠢᠨ ᠢᠷᠡᠬᠦ ᠪᠤᠶᠤ ᠳᠠᠬᠢᠨ ᠲᠥᠷᠥᠬᠦ ᠬᠡᠷᠡᠭᠴᠡᠭᠡ ᠦᠭᠡᠢ ᠪᠣᠯᠤᠨ᠎ᠠ᠃  ᠲᠡᠢᠮᠦ ᠢᠳᠢ ᠰᠢᠳᠢ ᠲᠡᠢ ᠪᠣᠯᠬᠤ ᠶ᠋ᠢ ᠰᠠᠩᠵᠢ ᠬᠦᠰᠡᠭᠰᠡᠨ ᠴᠤ᠌ ᠦᠭᠡᠢ᠃ ᠲᠡᠭᠦᠨ ᠳ᠋ᠦ᠍  ᠬᠦᠷᠦᠨ᠎ᠡ ᠭᠡᠵᠦ ᠥᠪᠡᠷᠲᠡᠭᠡᠨ ᠢᠲᠡᠭᠡᠭᠰᠡᠨ ᠴᠤ᠌ ᠦᠭᠡᠢ᠃ ᠪᠣᠳᠢ ᠮᠥᠷ ᠦ᠋ᠨ ᠲᠠᠪᠤᠳᠤᠭᠠᠷ ᠵᠡᠷᠭᠡ ᠪᠣᠯ ᠠᠷᠬᠠᠳ ᠪᠤᠶᠤ  ᠳᠠᠢᠨ ᠢ᠋ ᠳᠠᠷᠤᠭᠰᠠᠨ ᠪᠠᠭᠠᠲᠤᠷ ᠤ᠋ᠨ ᠶᠠᠪᠤᠳᠠᠯ ᠮᠥᠨ᠃ ᠵᠠᠮ ᠳ᠋ᠤ᠌ ᠲᠣᠬᠢᠶᠠᠯᠳᠣᠬᠤ ᠪᠦᠬᠦ ᠲᠦᠢᠳᠬᠡᠷ ᠰᠠᠭᠠᠳ ᠢ᠋ ᠠᠷᠬᠠᠳ ᠤ᠋ᠳ ᠳᠠᠪᠠᠨ ᠢᠯᠠᠳᠠᠭ ᠪᠣᠯᠤᠨ᠎ᠠ᠃ ᠡᠭᠦᠨ ᠦ᠌ ᠲᠤᠬᠠᠢ ᠰᠠᠩᠵᠢ ᠭᠡᠰᠦᠯ ᠰᠠᠨᠠᠭᠰᠠᠨ ᠴᠤ᠌ ᠦᠭᠡᠢ᠃ ᠪᠣᠳᠢ ᠮᠥᠷ ᠦ᠋ᠨ ᠬᠠᠮᠤᠭ ᠤ᠋ᠨ ᠳᠡᠭᠡᠳᠦ ᠵᠡᠷᠭᠡ ᠨᠢ ᠪᠠᠷᠠᠨᠳᠢ ᠭᠠᠪᠤᠤᠲ ᠪᠤᠶᠤ ᠥᠪᠡᠷ ᠢ᠋ᠶ᠋ᠡᠨ ᠪᠤᠷᠬᠠᠨ ᠪᠣᠯᠬᠤ ᠶᠣᠰᠣ ᠪᠣᠯᠤᠨ᠎ᠠ᠃ ᠡᠨᠡ ᠥᠨᠳᠥᠷᠯᠢᠭ ᠲᠦ᠍ ᠭᠠᠷᠤᠭᠰᠠᠨ ᠬᠦᠮᠦᠨ ᠨᠢ ᠡᠮᠦᠨ᠎ᠡ ᠪᠡᠨ ᠨᠣᠮ ᠤ᠋ᠨ ᠬᠠᠭᠠᠯᠭ᠎ᠠ ᠣᠩᠭᠣᠷᠬᠠᠢ ᠪᠠᠢᠬᠤ ᠶ᠋ᠢ ᠨᠢᠳᠦ ᠪᠡᠷ ᠦᠵᠡᠮᠦᠢ᠃ ᠪᠤᠷᠬᠠᠨ ᠲᠠᠢ ᠢᠵᠢᠯ᠂ ᠭᠠᠭᠴᠠ ᠴᠢᠨᠠᠷ ᠲᠤ᠌ ᠬᠦᠷᠦᠭᠰᠡᠨ ᠲᠤᠯᠠ ᠥᠪᠡᠷ ᠢ᠋ᠶ᠋ᠡᠨ ᠪᠤᠷᠬᠠᠨ ᠠᠵᠢ᠃ ᠪᠣᠳᠢ ᠮᠥᠷ ᠦ᠋ᠨ ᠡᠢᠮᠦ ᠵᠡᠷᠭᠡ ᠶ᠋ᠢ ᠮᠥᠷᠥᠭᠡᠳᠴᠦ ᠪᠣᠯᠬᠤ ᠪᠣᠯᠪᠠᠴᠤ ᠬᠦᠷᠴᠦ ᠦᠯᠦ ᠴᠢᠳᠠᠨ᠎ᠠ᠃ ᠬᠦᠷᠦᠭᠰᠡᠨ ᠨᠢ ᠴᠥᠭᠡᠨ ᠬᠦᠮᠦᠨ ᠲᠥᠷᠥᠯᠲᠡᠨ ᠡᠭᠦᠰᠦᠭᠡᠳ ᠳᠥᠴᠢᠨ ᠮᠢᠩᠭᠠᠨ ᠵᠢᠯ ᠪᠣᠯᠬᠤ ᠳ᠋ᠤ᠌ ᠠᠷᠠᠢᠬᠢᠵᠦ ᠡᠬᠢᠨ ᠦ᠌  ᠪᠤᠳ᠋ᠳ᠋ᠾᠠ ᠭᠠᠷᠭᠠᠭᠠᠰᠤᠨᠳᠡᠢ ᠮᠡᠨᠳᠦᠯᠡᠵᠦ ᠲᠥᠷᠥᠭᠰᠡᠨ ᠭᠡᠳᠡᠭ ᠪᠢᠯᠡ᠃  ᠰᠠᠩᠵᠢ ᠳ᠋ᠤ᠌ ᠪᠠᠷᠠᠨᠳᠢ ᠭᠠᠪᠤᠤᠲ ᠤᠨ ᠵᠡᠷᠭᠡ ᠬᠡᠮᠡᠬᠦ ᠪᠣᠯ ᠰᠠᠨᠠᠵᠤ ᠦᠯᠦ ᠬᠦᠷᠬᠦ ᠰᠠᠨᠰᠠᠷ ᠬᠣᠷᠸ᠎ᠠ ᠶ᠋ᠢᠨ ᠥᠨᠳᠥᠷ ᠠᠯᠤᠰ ᠤᠨ ᠦᠯᠢᠭᠡᠷ ᠳᠣᠮᠣᠭ  ᠪᠠᠢᠯ᠎ᠠ᠃
       《ᠰᠣᠩᠭᠣᠵᠤ ᠠᠪᠤᠭᠰᠠᠨ ᠰᠠᠭᠠᠷᠳᠠᠭᠠᠮ ᠤ᠋ᠨ ᠶᠣᠰᠣᠨ ᠳ᠋ᠤ᠌ ᠮᠢᠨᠢ ᠬᠠᠷᠰᠢᠬᠤ ᠶᠤᠮ ᠭᠡᠵᠦ ᠤᠤ? ᠮᠢᠨᠦ ᠪᠤᠷᠤᠭᠤ᠂ ᠡᠰᠡᠪᠡᠯ ᠨᠢᠭᠦᠯ ᠶᠠᠭᠤ ᠰᠠᠨ ᠪᠢᠯᠡ᠃ ᠪᠤᠷᠬᠠᠨ ᠤ᠋ ᠢᠷᠦᠭᠡᠯ ᠢ᠋ ᠥᠪᠡᠷ ᠦ᠋ᠨ ᠢ᠋ᠶ᠋ᠡᠨ ᠬᠡᠯᠡ ᠪᠡᠷ ᠯᠠ ᠤᠩᠰᠢᠵᠤ ᠣᠷᠬᠢᠭᠰᠠᠨ ᠬᠡᠷᠡᠭ᠃ ᠲᠡᠭᠦᠨ ᠢ᠋ ᠨᠢᠭᠦᠯ ᠭᠡᠵᠦ ᠲᠣᠭᠠᠴᠠᠬᠤ ᠶᠤᠮ ᠤᠤ? ᠪᠤᠷᠬᠠᠨ ᠤ ᠨᠣᠮ ᠢ᠋ ᠶᠠᠮᠠᠷᠪᠠ ᠬᠡᠯᠡ ᠪᠡᠷ ᠤᠩᠰᠢᠵᠤ ᠪᠣᠯᠤᠨ᠎ᠠ ᠬᠡᠮᠡᠳᠡᠭ ᠪᠢᠵᠡ ᠳᠡ᠃ ᠮᠣᠩᠭᠣᠯ ᠬᠡᠯᠡ ᠪᠡᠷ ᠪᠠᠢᠲᠤᠭᠠᠢ ᠶᠠᠭᠴᠢᠰ ᠤ᠋ᠨ ᠬᠡᠯᠡ ᠪᠡᠷ ᠴᠤ᠌ ᠤᠩᠰᠢᠵᠤ ᠪᠣᠯᠤᠨ᠎ᠠ ᠭᠡᠳᠡᠭ ᠪᠢᠰᠢ ᠪᠢᠯᠢᠤ? 》 ᠭᠡᠮᠡᠨ ᠰᠠᠩᠵᠢ ᠪᠣᠳᠣᠭᠰᠠᠭᠠᠷ ᠵᠠᠪᠳᠤᠩ ᠳᠡᠭᠡᠷ᠎ᠡ ᠪᠡᠨ ᠲᠣᠮᠣᠭᠠᠲᠠᠢ ᠰᠠᠭᠤᠵᠤ᠂ ᠬᠤᠷᠠᠯ ᠢ᠋ᠶ᠋ᠠᠨ ᠦᠷᠭᠦᠯᠵᠢᠯᠡᠭᠦᠯᠦᠨ ᠬᠤᠷᠠᠵᠤ  ᠪᠠᠢᠯ᠎ᠠ᠃ ᠭᠡᠨᠡᠳᠲᠡ ᠲᠡᠭᠦᠨ ᠦ᠌ ᠰᠠᠨᠠᠭᠠᠨ ᠳ᠋ᠤ᠌ 《ᠬᠤᠲᠤᠭᠲᠤ  ᠰᠠᠢᠨ ᠶᠠᠪᠤᠳᠠᠯ ᠤ᠋ᠨ ᠢᠷᠦᠭᠡᠯ ᠦᠨ ᠬᠠᠭᠠᠨ》 ᠪᠤᠶᠤ 《  ᠰᠠᠩᠵᠢᠳ ᠮᠣᠯᠣᠮ》 ᠰᠤᠳᠤᠷ ᠤ᠋ᠨ ᠲᠡᠭᠦᠰᠬᠡᠯ ᠦ᠋ᠨ ᠦᠭᠡ ᠣᠷᠣᠵᠤ ᠢᠷᠡᠯ᠎ᠡ᠃《ᠪᠤᠷᠬᠠᠨ ᠤ᠋ ᠠᠯᠲᠠᠨ ᠰᠤᠷᠭᠠᠯ ᠢ᠋ ᠬᠡᠯᠡ ᠪᠣᠯᠭᠠᠨ ᠢ᠋ᠶ᠋ᠠᠷ ᠳᠠᠭᠤᠳᠠᠨ ᠲᠦᠭᠡᠭᠡᠨᠡᠮ ᠪᠢ᠃ ᠲᠩᠷᠢ ᠨᠠᠷ ᠤ᠋ᠨ ᠬᠡᠯᠡ ᠪᠡᠷ ᠴᠤ᠌᠂ ᠯᠤᠤ ᠶ᠋ᠢᠨ ᠬᠡᠯᠡ ᠪᠡᠷ ᠴᠤ᠌᠂ ᠶᠠᠭᠴᠢᠰ ᠤ᠋ᠳ ᠤ᠋ᠨ ᠬᠡᠯᠡ ᠪᠡᠷ ᠴᠤ᠌᠂ ᠭᠤᠮᠪᠠᠨᠳᠢᠰ ᠤᠨ ᠬᠡᠯᠡ ᠪᠡᠷ ᠴᠤ᠌ ᠢᠯᠭᠠᠯ ᠦᠭᠡᠢ ᠠᠢᠯᠠᠳᠤᠨ ᠲᠦᠭᠡᠭᠡᠨᠡᠮ ᠪᠢ》 ᠭᠡᠵᠦ ᠲᠡᠷᠡ ᠰᠤᠳᠤᠷ ᠲᠤ᠌ ᠭᠠᠷᠳᠠᠭ ᠢ᠋ ᠰᠠᠩᠵᠢ ᠭᠡᠰᠦᠯ ᠰᠠᠨᠠᠵᠤ᠂ ᠵᠣᠷᠢᠭᠵᠢᠯ᠎ᠠ᠂ 《 ᠶᠠᠭᠴᠢᠰ ᠭᠡᠳᠡᠭ ᠬᠣᠣᠷ ᠥᠭᠭᠦᠭᠴᠢ ᠮᠢᠬᠠᠴᠢᠨ  ᠨᠣᠭᠣᠳ  ᠶᠤᠮ ᠤᠤ ᠠᠶᠤᠮᠰᠢᠭᠲᠤ ᠭᠤᠮᠪᠠᠨᠳᠢᠰ ᠤ᠋ᠨ ᠬᠡᠯᠡ ᠪᠡᠷ ᠴᠤ᠌ ᠪᠤᠷᠬᠠᠨ ᠤ᠋ ᠨᠣᠮ ᠢ᠋ ᠲᠦᠭᠡᠭᠡᠵᠦ ᠪᠣᠯᠳᠠᠭ ᠪᠠᠢᠬᠤ ᠳᠤ ᠮᠣᠩᠭᠣᠯ ᠬᠡᠯᠡ ᠪᠡᠷ ᠤᠩᠰᠢᠭᠰᠠᠨ ᠢᠷᠦᠭᠡᠯ ᠦ᠋ᠨ ᠬᠡᠳᠦᠨ ᠱᠠᠳ ᠰᠢᠯᠦᠭ ᠦ᠋ᠨ ᠲᠥᠯᠥᠭᠡ ᠶᠠᠭᠤ ᠯᠠ ᠭᠡᠵᠦ ᠵᠠᠯᠬᠠᠭᠠᠬᠤ ᠪᠢᠯᠡ》 ᠭᠡᠮᠡᠨ ᠰᠠᠩᠵᠢ  ᠭᠡᠰᠦᠯ ᠳᠣᠲᠣᠷ᠎ᠠ ᠪᠠᠨ ᠪᠣᠳᠣᠯ᠎ᠠ᠃ ᠲᠡᠮᠡᠭᠡᠨ ᠲᠣᠯᠣᠭᠠᠢ ᠲᠠᠢ᠂ ᠪᠤᠭᠤ ᠶ᠋ᠢᠨ ᠡᠪᠡᠷ ᠲᠡᠢ᠂ ᠮᠣᠭᠠᠢ ᠶ᠋ᠢᠨ ᠬᠦᠵᠦᠭᠦᠦ ᠲᠡᠢ᠂ ᠵᠢᠭᠠᠰᠤᠨ ᠬᠠᠢᠷᠰᠤ ᠲᠠᠢ᠂  ᠦᠨᠢᠶᠡᠨ ᠤ ᠴᠢᠬᠢ ᠲᠡᠢ᠂ ᠪᠠᠷᠰ ᠤ᠋ᠨ ᠤᠭᠤᠴᠠ ᠲᠠᠢ ᠬᠠᠴᠢᠨ ᠠᠮᠢᠲᠠᠨ ᠢ᠋ ᠯᠤᠤ ᠭᠡᠵᠦ ᠪᠤᠷᠬᠠᠨ ᠤ᠋ ᠨᠣᠮ ᠳ᠋ᠦ᠍ ᠪᠢᠴᠢᠵᠡᠢ᠃ ᠭᠠᠵᠠᠷ᠂ ᠲᠩᠷᠢ ᠶ᠋ᠢᠨ ᠠᠯᠢᠨ ᠢ᠋ᠶ᠋ᠠᠷ ᠴᠤ᠌ ᠶᠠᠪᠤᠨ ᠠᠮᠢᠳᠤᠷᠠᠬᠤ ᠳ᠋ᠠᠭᠠᠨ ᠬᠥᠮᠦᠨ ᠦ᠌ ᠮᠢᠬ᠎ᠠ ᠪᠠᠷ ᠬᠦᠨᠡᠰᠦ ᠬᠢᠳᠡᠭ᠂ ᠬᠣᠣᠷ ᠥᠭᠭᠦᠭᠴᠢ  ᠶᠠᠷᠭᠠᠴᠢᠨ ᠨᠣᠭᠣᠳ ᠢ᠋ ᠶᠠᠭᠴᠢᠰ ᠭᠡᠨ᠎ᠡ᠃  ᠨᠠᠢ᠍ᠮᠠᠨ ᠶᠡᠬᠡ ᠯᠤᠤᠰ  ᠪᠠᠢᠬᠤ ᠶᠣᠰᠣᠲᠠᠢ ᠪᠥᠭᠡᠳ ᠳᠠᠯᠠᠢ᠂ ᠵᠤᠭᠤᠪᠠᠤ ᠳᠠᠪᠠᠵᠢᠭᠤ᠂ ᠷᠦᠭᠳᠡᠨ᠂ ᠨᠣᠷᠵᠢᠶ᠎ᠠ᠂ ᠳᠦᠩᠵᠢᠨ᠂  ᠪᠠᠯᠮ᠎ᠠ ᠴᠢᠮᠪᠤᠤ ᠭᠡᠨ᠎ᠡ᠃  ᠨᠠᠢ᠍ᠮᠠᠨ ᠶᠡᠬᠡ ᠶᠠᠭᠴᠢᠰ᠂ ᠵᠠᠯᠠᠨᠳᠣᠷᠢ᠂  ᠪᠦᠷᠨᠡᠪᠡᠳᠡᠷ᠂  ᠮᠠᠨᠢᠪᠠᠳᠠᠷ᠂  ᠭᠣᠪᠢᠷᠠ᠂ ᠰᠠᠮᠪᠠᠵᠠᠨ᠎ᠠ᠂ ᠭᠦᠭᠡᠨᠳᠠᠨ᠎ᠠ᠂  ᠪᠠᠵᠠᠭ᠎ᠠ᠂  ᠪᠢᠵᠡᠭᠦᠨᠳᠠᠯᠢ ᠡᠳᠡᠭᠡᠷ  ᠶᠤᠮ᠃ᠡᠳᠡᠨ ᠢ᠋ ᠴᠥᠮ ᠨᠢᠭᠡᠪᠥᠷᠢᠴᠢᠯᠡᠨ  ᠲᠤᠲᠣᠷᠬᠠᠢᠯᠠᠭᠰᠠᠨ ᠰᠤᠳᠤᠷ ᠢ᠋ ᠰᠠᠩᠵᠢ ᠭᠡᠯᠦᠩ᠂  ᠴᠤᠢᠮᠴᠤᠭ ᠪᠠᠭᠰᠢ ᠳ᠋ᠠᠭᠠᠨ  ᠪᠠᠢᠬᠤ ᠶ᠋ᠢ ᠨᠢᠭᠡ ᠤᠳᠠᠭ᠎ᠠ ᠨᠢᠳᠦᠨ ᠦ᠌  ᠪᠤᠯᠤᠩ ᠢ᠋ᠶ᠋ᠠᠷ ᠬᠠᠷᠠᠵᠤ ᠪᠢᠯᠡ᠃ ᠲᠡᠷᠡ ᠬᠠᠭᠤᠳᠠᠰᠤᠨ ᠳᠡᠭᠡᠷ᠎ᠡ ᠪᠢᠴᠢᠭᠰᠡᠨ ᠢ᠋ ᠣᠳᠣ ᠪᠣᠯᠲᠠᠯ᠎ᠠ ᠮᠠᠷᠲᠠᠬᠤ ᠦᠭᠡᠢ ᠲᠣᠭᠲᠠᠭᠠᠵᠤ ᠠᠪᠴᠠᠢ᠃
       《ᠯᠤᠤᠰ ᠤ᠋ᠨ ᠬᠠᠭᠠᠨ ᠮᠠᠯᠲᠤᠤ ᠰᠡᠵᠢᠩ ᠄  ᠯᠠᠭᠱᠠᠨ ᠤ ᠥᠩᠭᠡ ᠬᠠᠷ᠎ᠠ ᠬᠥᠬᠡ᠂ ᠮᠣᠭᠠᠢ ᠶ᠋ᠢᠨ ᠲᠣᠯᠣᠭᠠᠢ ᠨᠢ ᠴᠣᠭᠨᠣᠢᠨ ᠳᠡᠭᠦᠯᠢᠭᠰᠡᠨ᠂  ᠯᠠᠭᠱᠠᠨ ᠤ ᠪᠥᠭᠰᠡ ᠮᠣᠭᠠᠢ ᠶ᠋ᠢᠨ ᠰᠡᠭᠦᠯ ᠴᠠᠭᠠᠷᠢᠭᠯᠠᠭᠰᠠᠨ᠂ᠪᠠᠷᠠᠭᠤᠨ ᠳ᠋ᠤ᠌ ᠰᠡᠳᠬᠢᠯᠴᠢᠯᠡᠨ ᠪᠦᠲᠦᠬᠦ ᠴᠢᠨᠳᠠᠮᠤᠨᠢ ᠡᠷᠳᠡᠨᠢ᠂ ᠵᠡᠭᠦᠨ ᠳ᠋ᠦ᠍ ᠲᠡᠩᠰᠡᠯᠭᠡᠭᠡ ᠶ᠋ᠢ ᠠᠷᠢᠯᠭᠠᠬᠤ ᠦᠬᠦᠯ ᠦᠭᠡᠢ ᠠᠷᠠᠭᠠᠨ ᠢ᠋ᠶ᠋ᠠᠷ ᠳᠦᠭᠦᠷᠡᠩ ᠰᠠᠩ ᠤ᠋ᠨ  ᠰᠠᠢᠨ ᠬᠤᠮᠬ᠎ᠠ ᠪᠠᠷᠢᠭᠰᠠᠨ᠂ ᠦᠵᠡᠰᠬᠦᠯᠡᠩᠲᠡᠢ᠂ᠬᠠᠷᠠᠪᠠᠰᠤ ᠭᠤᠸ᠎ᠠ᠂ ᠲᠠᠷᠭᠤᠨ ᠪᠥᠭᠰᠡᠨ ᠦ᠌ ᠬᠠᠯᠬᠠᠪᠴᠢ᠂ ᠡᠯᠪᠡᠭ ᠳᠡᠯᠪᠡᠭ ᠰᠣᠶᠣᠷᠬᠠᠭᠰᠠᠨ᠂ ᠦᠨᠡᠯᠡᠰᠢ ᠦᠭᠡᠢ ᠡᠷᠳᠡᠨᠢ ᠰᠢᠭᠢᠳᠬᠡᠨ ᠴᠢᠮᠡᠭᠰᠡᠨ᠂ ᠡᠭᠡᠮᠦᠭ᠂ ᠬᠣᠭᠣᠯᠠᠢ ᠶ᠋ᠢᠨ ᠴᠢᠮᠡᠭ᠂  ᠮᠣᠳᠣᠷ ᠪᠣᠢᠩᠭᠤ ᠶ᠋ᠢᠨ ᠪᠠᠭᠤᠪᠴᠢ᠂ᠪᠥᠭᠡᠵᠢ᠂ ᠰᠤᠭᠤᠪᠴᠢᠯᠠᠭᠤᠷ᠂  ᠬᠣᠭᠣᠯᠠᠢᠪᠴᠢ ᠵᠡᠷᠭᠡ ᠪᠡᠷ ᠪᠢᠳᠡᠷᠯᠡᠭᠰᠡᠨ᠂  ᠶᠠᠷᠢᠭᠠᠴᠢ᠂ ᠲᠦᠰᠢᠮᠡᠳ᠂ ᠬᠠᠲᠤᠨ᠂ ᠨᠥᠬᠥᠳ ᠰᠡᠯᠲᠡ ᠳᠠᠭᠠᠭᠤᠯᠤᠭᠰᠠᠨ᠂ ᠵᠠᠪᠰᠠᠷ ᠢ᠋ᠶ᠋ᠠᠷ ᠨᠢ ᠪᠠᠭᠠᠪᠠᠭᠠᠢ᠂ ᠳ᠋ᠢᠭᠪᠠᠷᠠᠨᠵᠠ᠂  ᠮᠡᠯᠡᠬᠡᠢ᠂ ᠮᠣᠭᠠᠢ᠂ᠠᠭᠠᠯᠵᠢ᠂ ᠬᠦᠷᠪᠡᠯ ᠲᠡᠷᠢᠭᠦᠲᠡᠨ ᠬᠠᠮᠤᠷᠤᠭᠰᠠᠨ᠁》 ᠭᠡᠵᠦ ᠪᠢᠴᠢᠭᠰᠡᠨ  ᠪᠠᠢᠵᠤ ᠪᠢᠯᠡ᠃ ᠬᠣᠵᠢᠮ  ᠮᠠᠯᠲᠤᠤ ᠰᠠᠵᠢᠩ ᠤ᠋ᠨ ᠵᠢᠷᠤᠭ ᠦᠵᠡᠵᠡᠢ᠃ ᠶᠠᠭ ᠯᠠ  ᠡᠢᠨ  ᠬᠦ᠌  ᠪᠢᠴᠢᠭᠰᠡᠨ ᠢ᠋ᠶ᠋ᠡᠷ ᠵᠢᠷᠤᠭᠰᠠᠨ  ᠪᠠᠢᠵᠠᠢ᠃ ᠰᠠᠩᠵᠢ ᠭᠡᠰᠦᠯ ᠲᠡᠷᠡ ᠬᠦ᠌  ᠠᠭᠢ ᠶᠣᠰᠣᠨ ᠤ᠋ ᠨᠣᠮ ᠢ᠋ ᠨᠢᠭᠡ ᠯᠡ ᠤᠳᠠᠭ᠎ᠠ ᠬᠣᠯᠠ ᠠ᠋ᠴᠠ ᠬᠠᠷᠠᠭᠰᠠᠨ ᠶᠤᠮᠰᠠᠨ᠃ ᠪᠠᠭᠰᠢ ᠯᠠᠮᠠ ᠨᠢ ᠰᠠᠩᠵᠢ ᠶ᠋ᠢ ᠪᠤᠷᠬᠠᠨ ᠤ᠋ ᠨᠣᠮ  ᠳ᠋ᠤ᠌ ᠳᠡᠰ ᠳᠠᠷᠠᠭ᠎ᠠ ᠬᠡᠷᠡᠭᠲᠡᠢ᠂ ᠬᠣᠵᠢᠮ ᠦᠵᠡᠬᠦ ᠪᠣᠯᠤᠨ᠎ᠠ ᠭᠡᠳ ᠲᠡᠷᠡ ᠯᠠ ᠰᠣᠨᠢᠨ ᠨᠣᠮ ᠢ᠋ᠶ᠋ᠠᠨ ᠦᠵᠡᠬᠦᠯᠦᠭᠡ ᠦᠭᠡᠢ ᠶᠦᠮ᠃
       《  ᠲᠡᠢᠮᠦ ᠠᠶᠤᠮᠰᠢᠭᠲᠤ ᠶᠠᠭᠴᠢᠰ᠂ ᠮᠠᠩᠭᠤᠰ ᠤ᠋ᠨ ᠬᠡᠯᠡ ᠪᠡᠷ ᠴᠤ᠌ ᠪᠤᠷᠬᠠᠨ ᠤ᠋ ᠨᠣᠮ ᠢ᠋ ᠨᠣᠮᠯᠠᠵᠤ ᠪᠣᠯᠤᠨ᠎ᠠ ᠭᠡᠰᠡᠨ ᠪᠠᠢᠬᠤ ᠳ᠋ᠤ᠌ ᠮᠣᠩᠭᠣᠯ ᠬᠡᠯᠡ ᠪᠡᠷ ᠨᠢᠭᠡᠨ  ᠱᠠᠳ ᠢᠷᠦᠭᠡᠯ ᠲᠠᠲᠠᠵᠤ ᠪᠣᠯᠬᠤ ᠦᠭᠡᠢ ᠭᠡᠵᠦ ᠤᠤ?》 ᠭᠡᠮᠡᠨ ᠰᠠᠩᠵᠢ ᠭᠡᠰᠦᠯ ᠳᠠᠬᠢᠭᠠᠳ ᠯᠠ ᠪᠣᠳᠣᠯ᠎ᠠ᠃《  ᠲᠡᠢᠮᠦ ᠶᠠᠭᠴᠢᠰ ᠤ᠋ᠳ ᠶᠠᠮᠠᠷ ᠬᠡᠯᠡ ᠪᠡᠷ ᠶᠠᠷᠢᠳᠠᠭ ᠶᠤᠮ ᠪᠣᠯ ᠳ᠋ᠠ?  ᠲᠡᠢᠮᠦ ᠬᠠᠴᠢᠨ ᠠᠮᠢᠲᠠᠳ  ᠪᠠᠢᠳᠠᠭ ᠯᠠ ᠶᠤᠮ  ᠪᠠᠢᠬ᠎ᠠ ᠳ᠋ᠠ?  ᠬᠡᠨ ᠲᠡᠭᠦᠨ ᠢ᠋ ᠦᠵᠡᠵᠦ ᠵᠢᠷᠤᠭᠰᠠᠨ ᠬᠡᠷᠡᠭ ᠪᠣᠢ?》 ᠭᠡᠵᠦ ᠰᠠᠩᠵᠢ ᠭᠡᠰᠦᠯ ᠡᠷᠡᠭᠡᠯᠵᠡᠨ ᠪᠣᠳᠣᠵᠤ ᠪᠣᠳᠣᠵᠤ ᠥᠪᠡᠷ ᠢ᠋ᠶ᠋ᠡᠨ ᠲᠡᠭᠦᠨ ᠳ᠋ᠦ᠍  ᠲᠠᠢᠯᠪᠤᠷᠢ ᠥᠭᠴᠦ ᠴᠢᠳᠠᠭᠰᠠᠨ ᠦᠭᠡᠢ᠃《 ᠲᠡᠢᠮᠦ ᠮᠠᠩᠭᠤᠰ ᠮᠡᠲᠦ ᠶᠠᠭᠤᠮᠠᠰ ᠤ᠋ᠨ ᠬᠡᠯᠡ ᠪᠡᠷ ᠪᠤᠷᠬᠠᠨ ᠤ᠋ ᠨᠣᠮ ᠨᠣᠮᠯᠠᠭᠠᠳ ᠴᠤ᠌ ᠶᠠᠭᠠᠬᠢᠬᠤ ᠶᠤᠮ ᠪᠢᠯᠡ᠃ ᠲᠡᠳᠡᠨ ᠳ᠋ᠦ᠍ ᠶᠠᠭᠤᠨ ᠠᠰᠢᠭ?》 ᠭᠡᠵᠦ ᠰᠠᠩᠵᠢ ᠡᠷᠭᠢᠴᠡᠭᠦᠯᠦᠨ ᠪᠢᠰᠢᠯᠭᠠᠵᠤ ᠪᠠᠢᠲᠠᠯ᠎ᠠ ᠤᠩᠰᠢᠯᠭ᠎ᠠ ᠳᠠᠭᠤᠰᠪᠠ᠃ ᠯᠠᠮᠠ ᠨᠠᠷ ᠬᠤᠷᠠᠯ ᠥᠨᠳᠥᠷᠯᠡᠭᠰᠡᠨ ᠳ᠋ᠦ᠍ ᠪᠠᠶᠠᠷᠯᠠᠵᠤ᠂ ᠲᠦᠷᠭᠡᠨ ᠲᠦᠷᠭᠡᠨ ᠠᠯᠬᠤᠵᠠᠭᠠᠵᠤ  ᠭᠠᠳᠠᠭ᠎ᠠ ᠭᠠᠷᠤᠭᠠᠳ  ᠭᠣᠷᠢᠶ᠎ᠠ ᠪᠡᠨ ᠬᠢᠬᠦ ᠪᠡᠷ ᠭᠠᠯᠠᠭᠤᠨ ᠴᠤᠪᠤᠭ᠎ᠠ ᠪᠠᠷ ᠶᠠᠪᠤᠵᠤ ᠡᠬᠢᠯᠡᠯ᠎ᠡ᠃  ᠰᠠᠩᠵᠢ ᠭᠡᠰᠦᠯ ᠳᠤᠮᠳᠠ ᠬᠠᠪᠢᠴᠠᠭ᠎ᠠ ᠪᠠᠷ ᠭᠠᠷᠴᠤ ᠢᠷᠡᠲᠡᠯ᠎ᠡ ᠰᠦᠮ᠎ᠡ ᠶ᠋ᠢᠨ ᠭᠡᠰᠬᠦᠢ ᠬᠥᠮᠥᠰᠬᠡ ᠪᠡᠨ ᠵᠠᠩᠭᠢᠳᠤᠨ᠂ ᠪᠠᠷᠢᠶ᠎ᠠ ᠪᠠᠨ  ᠪᠠᠷᠢᠭᠠᠳ ᠴᠡᠭᠡᠷᠯᠡᠭᠦᠯᠭᠡ ᠶ᠋ᠢᠨ ᠪᠠᠭᠠᠨ᠎ᠠ ᠶ᠋ᠢᠨ ᠳᠡᠷᠭᠡᠳᠡ  ᠵᠣᠭᠰᠣᠵᠣ  ᠪᠠᠢᠭ᠎ᠠ ᠲᠠᠢ ᠬᠠᠷᠠᠴᠠ  ᠲᠤᠯᠭᠠᠷᠠᠵᠤ ᠰᠦᠷᠳᠡᠨ ᠠᠶᠤᠯ᠎ᠠ᠃ ᠭᠡᠰᠬᠦᠢ ᠲᠡᠭᠦᠨ ᠢ᠋ ᠳᠠᠭᠤᠳᠠᠪᠠ᠃ ᠬᠦᠷᠴᠦ ᠣᠴᠢᠭᠰᠠᠨ ᠨᠢ ᠪᠦᠳᠦᠭᠦᠨ ᠵᠡᠷᠯᠢᠭ ᠳᠠᠭᠤ ᠪᠠᠷ:
       - ᠱᠠᠭᠢᠮᠤᠨᠢ ᠶ᠋ᠢᠨ ᠢᠷᠦᠭᠡᠯ ᠢ᠋ ᠶᠠᠮᠠᠷ ᠬᠡᠯᠡ ᠪᠡᠷ ᠤᠩᠰᠢᠭᠰᠠᠨ ᠪᠣᠢ? ᠭᠡᠵᠦ ᠠᠰᠠᠭᠤᠯ᠎ᠠ᠃
       - ᠨᠢᠭᠡᠨ ᠱᠠᠳ  ᠢ ᠮᠣᠩᠭᠣᠯ ᠢ᠋ᠶ᠋ᠠᠷ ᠪᠤᠰᠤᠳ ᠢ᠋ ᠲᠥᠪᠡᠳ ᠢ᠋ᠶ᠋ᠡᠷ ᠤᠩᠰᠢᠭᠰᠠᠨ ᠭᠡᠵᠦ ᠰᠠᠩᠵᠢ ᠥᠴᠢᠭ ᠥᠭᠪᠡ᠃
       - ᠲᠡᠭᠡᠪᠡᠯ ᠡᠭᠦᠨ ᠢ᠋ ᠱᠣᠩ ᠳ᠋ᠤ᠌ ᠬᠦᠯᠢᠭᠡᠳ ᠲᠣᠷᠯᠣᠭᠳᠠᠶ᠎ᠠ ᠭᠡᠵᠦ ᠭᠡᠰᠬᠦᠢ ᠥᠪᠡᠷ ᠦ᠋ᠨ ᠲᠤᠰᠯᠠᠬᠤ ᠮᠠᠩᠭᠠᠷ ᠪᠦᠳᠦᠭᠦᠨ ᠬᠡᠶᠡᠭ ᠲᠦ᠍ ᠪᠡᠨ  ᠲᠤᠰᠢᠶᠠᠯ᠎ᠠ᠃  ᠰᠠᠩᠵᠢ ᠬᠡᠷᠡᠭ ᠪᠢᠰᠢ ᠪᠣᠯᠵᠤ  ᠪᠠᠢᠭ᠎ᠠ ᠶ᠋ᠢ  ᠣᠢᠯᠠᠭᠠᠮᠠᠭᠴᠠ:
       - 《ᠪᠤᠷᠬᠠᠨ ᠤ᠋ ᠠᠯᠲᠠᠨ ᠰᠤᠷᠭᠠᠯ ᠢ᠋ ᠬᠡᠯᠡ ᠪᠣᠯᠭᠠᠨ ᠢ᠋ᠶ᠋ᠠᠷ ᠳᠠᠭᠤᠳᠠᠨ ᠲᠦᠭᠡᠭᠡᠨᠡᠮ ᠪᠢ᠃ ᠲᠩᠷᠢ ᠨᠠᠷ ᠤ᠋ᠨ ᠬᠡᠯᠡ ᠪᠡᠷ ᠴᠤ᠌᠂ ᠯᠤᠤ ᠶ᠋ᠢᠨ ᠬᠡᠯᠡ ᠪᠡᠷ ᠴᠤ᠌ ᠂ ᠶᠠᠭᠴᠢᠰ ᠤ᠋ᠳ ᠤ᠋ᠨ ᠬᠡᠯᠡ ᠪᠡᠷ ᠴᠤ᠌᠂  ᠭᠣᠮᠪᠠᠨᠳᠢᠰ ᠤᠨ ᠬᠡᠯᠡ ᠪᠡᠷ ᠴᠤ᠌ ᠢᠯᠭᠠᠯ ᠦᠭᠡᠢ ᠠᠢᠯᠠᠳᠤᠨ ᠲᠦᠭᠡᠭᠡᠨᠡᠮ ᠪᠢ》 ᠭᠡᠵᠦ ᠲᠥᠪᠡᠳ ᠢ᠋ᠶ᠋ᠡᠷ ᠴᠢᠩᠭ᠎ᠠ ᠭᠡᠭᠴᠢ ᠨᠢ ᠤᠩᠰᠢᠯ᠎ᠠ᠃  ᠭᠡᠰᠬᠦᠢ ᠲᠡᠭᠦᠨ ᠢ᠋ ᠰᠣᠨᠣᠰᠤᠭᠠᠳ ᠭᠠᠢᠬᠠᠨ ᠡᠷᠡᠭᠡᠯᠵᠡᠭᠰᠡᠨ ᠢ᠋ᠶ᠋ᠡᠨ:
       - ᠬᠦᠶᠢ᠂  ᠬᠡᠶᠡᠭ ᠃ ᠨᠠᠭᠠᠳᠤᠬᠢ ᠪᠠᠨ ᠣᠷᠭᠢ᠃ ᠨᠡᠰᠢ ᠨᠢ ᠢᠷᠡᠭᠦᠯ! ᠭᠡᠵᠦ ᠲᠤᠰᠯᠠᠬᠤ ᠳ᠋ᠠᠭᠠᠨ  ᠲᠤᠰᠢᠶᠠᠯ᠎ᠠ᠃ ᠲᠡᠭᠦᠨ ᠦ᠌ ᠴᠢᠷᠠᠢ ᠲᠣᠭᠰᠢᠨ ᠰᠦᠷᠲᠡᠢ ᠪᠠᠢᠯ᠎ᠠ᠃ ᠰᠠᠩᠵᠢ ᠠᠶᠤᠨ ᠴᠡᠴᠡᠷᠡᠭᠰᠡᠭᠡᠷ  ᠬᠡᠰᠬᠦᠢ ᠳ᠋ᠦ᠍ ᠣᠢᠷᠠᠲᠤᠨ ᠣᠴᠢᠪᠠᠯ ᠲᠡᠷᠡ ᠬᠥᠮᠥᠰᠬᠡ ᠵᠠᠩᠭᠢᠳᠴᠤ:
       - ᠰᠡᠸᠷ᠎ᠠ ᠬᠡᠢᠳ ᠦ᠋ᠨ ᠫᠠᠪᠤᠩ - ᠬᠠ ᠷᠢᠲ᠋ᠣᠤᠳ᠋ ᠢ᠋ ᠲᠣᠭᠣᠷᠢᠵᠤ ᠭᠤᠷᠪᠠᠨ ᠮᠢᠩᠭ᠎ᠠ ᠭᠤᠷᠪᠠᠨ ᠵᠠᠭᠤᠨ ᠭᠤᠴᠢᠨ ᠭᠤᠷᠪᠠᠨ ᠤᠳᠠᠭ᠎ᠠ ᠭᠣᠷᠢᠶ᠎ᠠ ᠬᠢᠵᠦ ᠨᠢᠭᠦᠯ ᠢ᠋ᠶ᠋ᠡᠨ  ᠨᠠᠮᠠᠨᠴᠢᠯᠠᠭᠲᠤᠨ! ᠭᠡᠵᠦ ᠲᠤᠰᠢᠶᠠᠯ᠎ᠠ᠃ ᠰᠠᠩᠵᠢ ᠪᠠᠶᠠᠷᠯᠠᠵᠤ:
       - ᠵᠠ!ᠯᠠᠭᠰᠣᠣ!  ᠯᠠᠭᠰᠣᠣ!  ᠭᠡᠵᠦ ᠠᠯᠠᠭ᠎ᠠ ᠬᠠᠪᠰᠤᠷᠪᠠ᠃  ᠭᠣᠷᠢᠶ᠎ᠠ ᠬᠢᠬᠦ ᠨᠢ ᠱᠣᠩ ᠳ᠋ᠤ᠌ ᠬᠦᠯᠢᠭᠦᠯᠵᠦ ᠲᠣᠷᠯᠣᠭᠳᠠᠭᠤᠯᠬᠤ ᠠ᠋ᠴᠠ ᠠᠮᠠᠷ ᠭᠡᠵᠦ ᠲᠡᠷᠡ ᠪᠣᠳᠣᠵᠠᠢ᠃ ᠭᠡᠪᠡᠴᠦ ᠫᠠᠪᠤᠩ - ᠬᠠ᠎ ᠵᠢ ᠭᠤᠷᠪᠠᠨ ᠮᠢᠩᠭ᠎ᠠ ᠭᠤᠷᠪᠠᠨ ᠵᠠᠭᠤᠨ ᠭᠤᠴᠢᠨ ᠭᠤᠷᠪᠠᠨ ᠤᠳᠠᠭ᠎ᠠ ᠲᠣᠭᠣᠷᠢᠬᠤ ᠳ᠋ᠤ᠌ ᠠᠷᠪᠠᠨ ᠲᠠᠪᠤ ᠬᠣᠨᠣᠭ ᠤ᠋ᠨ ᠵᠣᠭᠰᠣᠭ᠎ᠠ ᠵᠠᠢ ᠦᠭᠡᠢ ᠶᠠᠪᠤᠳᠠᠯ ᠬᠡᠷᠡᠭ ᠲᠡᠢ ᠭᠡᠳᠡᠭ ᠢ᠋ ᠲᠡᠷᠡ ᠮᠡᠳᠡᠭᠰᠡᠨ ᠦᠭᠡᠢ᠃