ᠬᠥᠬᠡ ᠰᠤᠳᠤᠷ - ᠢᠨᠵᠠᠨᠨᠠᠰᠢ < ᠵᠢᠷᠠᠳᠤᠭᠠᠷ ᠪᠦᠯᠦᠭ > Хөх судар - Инжинаш < Жардугаар бүлэг >
ᠲᠠᠢᠽᠦ ᠪᠣᠭᠳᠠ ᠴᠢᠩᠭᠢᠰ ᠦ᠋ᠨ ᠴᠢᠨᠳᠠᠷ ᠤ᠋ᠨ ᠭᠡᠭᠡᠨ ᠢ᠋ ᠮᠣᠩᠭᠣᠨ ᠳ᠋ᠤᠷ ᠣᠷᠣᠰᠢᠭᠤᠯᠵᠤ ᠬᠦᠨᠳᠦ ᠡᠷᠭᠦᠮᠵᠢᠯᠡᠯ ᠢ᠋ ᠪᠠᠢᠭᠤᠯᠪᠠ
ᠲᠠᠢᠱᠢ ᠭᠦᠸᠧ ᠸᠠᠩ ᠪᠤᠯᠤ ᠶ᠋ᠢᠨ ᠦᠭᠡᠰ ᠢ᠋ ᠡᠰᠡ ᠠᠪᠤᠭᠰᠠᠨ ᠢ᠋ᠶ᠋ᠠᠷ ᠮᠣᠩᠭᠣᠯ ᠤ᠋ᠨ ᠴᠡᠷᠢᠭ ᠶᠡᠬᠡᠯ᠎ᠡ ᠳᠠᠷᠤᠭᠳᠠᠪᠠ
ᠶᠡᠬᠡ ᠬᠥᠬᠡ ᠮᠣᠩᠭᠣᠯ ᠤᠯᠤᠰ ᠤ᠋ᠨ ᠬᠣᠷᠢᠨ ᠭᠤᠷᠪᠠᠳᠤᠭᠠᠷ ᠣᠨ᠂ ᠿᠦᠢᠽᠦ᠋ᠩ ᠲᠣᠯᠢ ᠨᠢᠭᠡᠨ ᠵᠢᠯ ᠤᠯᠤᠰ ᠢ᠋ ᠪᠠᠷᠢᠪᠠ᠂
ᠰᠥᠩ ᠤᠯᠤᠰ ᠤ᠋ᠨ ᠯᠢᠽᠦ᠋ᠩ ᠵᠣᠣ ᠶᠦᠨ ᠣᠨ ᠤ᠋ ᠨᠡᠷ᠎ᠡ ᠪᠡᠨ ᠬᠠᠯᠠᠵᠤ ᠱᠣᠣ ᠳ᠋ᠢᠩ ᠦ᠋ᠨ ᠲᠡᠷᠢᠭᠦᠨ ᠣᠨ ᠬᠡᠮᠡᠪᠡ᠂
ᠠᠯᠲᠠᠨ ᠤᠯᠤᠰ ᠤ᠋ᠨ ᠠᠢᠽᠦ᠋ᠩ ᠱᠧᠦ ᠰᠢᠦᠢ ᠵᠢᠨ ᠵᠧᠩ ᠳᠡ ᠶ᠋ᠢᠨ ᠲᠠᠪᠤᠳᠤᠭᠠᠷ ᠣᠨ
ᠲᠠᠢᠽᠦ ᠪᠣᠭᠳᠠ ᠴᠢᠩᠭᠢᠰ ᠦ᠋ᠨ ᠴᠢᠨᠳᠠᠷ ᠤ᠋ᠨ ᠭᠡᠭᠡᠨ ᠢ ᠮᠣᠩᠭᠣᠨ ᠳ᠋ᠤᠷ ᠣᠷᠣᠰᠢᠭᠤᠯᠵᠤ ᠬᠦᠨᠳᠦ ᠡᠷᠭᠦᠮᠵᠢᠯᠡᠯ ᠢ ᠪᠠᠢᠭᠤᠯᠪᠠ
ᠲᠡᠢᠰᠢ ᠭᠦᠸᠧ ᠸᠠᠩ ᠪᠤᠯᠤ ᠶ᠋ᠢᠨ ᠦᠭᠡᠰ ᠢ ᠡᠰᠡ ᠠᠪᠤᠭᠰᠠᠨ ᠢ᠋ᠶ᠋ᠠᠷ ᠮᠣᠩᠭᠣᠯ ᠤ᠋ᠨ ᠴᠡᠷᠢᠭ ᠶᠡᠬᠡᠯ᠎ᠡ ᠳᠠᠷᠤᠭᠳᠠᠪᠠ
ᠲᠡᠨᠳᠡᠴᠡ ᠲᠠᠢᠽᠦ ᠪᠣᠭᠳᠠ ᠲᠡᠭᠷᠢ ᠪᠣᠯᠤᠭᠰᠠᠨ ᠳ᠋ᠤᠷ ᠳᠥᠲᠥᠭᠡᠷ ᠲᠠᠢᠽᠢ ᠲᠣᠯᠢ ᠤᠯᠤᠰ ᠤ᠋ᠨ ᠬᠡᠷᠡᠭ ᠢ ᠪᠠᠷᠢᠵᠤ ᠪᠠᠢᠬᠤ ᠲᠤᠯᠠ ᠳᠥᠷᠪᠡᠨ ᠵᠦᠭ ᠨᠠᠢ᠍ᠮᠠᠨ ᠵᠣᠪᠬᠢᠰ ᠲᠤᠷ ᠭᠠᠰᠠᠯᠠᠩ ᠢ᠋ ᠲᠠᠷᠬᠠᠭᠠᠨ ᠪᠡᠯᠪᠡᠰᠦᠷᠡᠯ ᠢ᠋ ᠶᠠᠪᠤᠭᠤᠯᠵᠤ᠂ ᠬᠠᠭᠠᠨ ᠤ᠋ ᠮᠣᠩᠭᠣᠨ ᠢ᠋ ᠳᠥᠷᠪᠡᠨ ᠭᠠᠵᠠᠷ ᠲᠤᠷ ᠪᠡᠯᠡᠳᠴᠦ᠂ ᠳᠥᠷᠪᠡᠨ ᠠᠪᠠᠭ᠎ᠠ ᠴᠢᠨ ᠸᠠᠩ᠂ ᠭᠤᠷᠪᠠᠨ ᠠᠬ᠎ᠠ ᠨᠠᠷ ᠲᠤᠷ ᠬᠥᠮᠦᠨ ᠳᠣᠪᠲᠣᠯᠭᠠᠨ ᠶᠠᠪᠤᠭᠤᠯᠤᠭᠰᠠᠨ᠎ᠠ᠂ ᠡᠨᠡ ᠦᠶ᠎ᠡ ᠳ᠋ᠦ᠍ᠷ ᠵᠣᠴᠢ ᠂ ᠥᠭᠡᠳᠡᠢ ᠬᠣᠶᠠᠷ ᠲᠠᠢᠽᠢ ᠡᠮᠦᠨ᠎ᠡ ᠰᠥᠩ ᠤᠯᠤᠰ ᠤ᠋ᠨ ᠬᠢᠵᠠᠭᠠᠷ ᠲᠤᠷ ᠠᠯᠲᠠᠨ ᠤᠯᠤᠰ ᠤ᠋ᠨ ᠨᠠᠨ ᠵᠢᠩ ᠢ ᠬᠠᠭᠠᠵᠤ ᠪᠣᠢ᠃ ᠲᠠᠢᠽᠢ ᠴᠠᠭᠠᠲᠠᠢ ᠴᠢᠨ ᠸᠠᠩ ᠬᠠᠰᠠᠷ ᠂ ᠪᠡᠯᠭᠦᠳᠡᠢ ᠯᠦ᠍ᠭᠡ ᠪᠠᠷᠠᠭᠤᠨ ᠤᠯᠤᠰ ᠢ᠋ ᠨᠠᠷᠢᠪᠴᠢᠯᠠᠨ ᠲᠣᠭᠲᠠᠭᠠᠵᠤ᠂ ᠬᠣᠲᠠ ᠪᠠᠯᠭᠠᠳ ᠪᠦᠷᠢ ᠳ᠋ᠦ᠍ᠷ ᠳᠠᠷᠤᠩᠭᠤᠢ ᠲᠦᠰᠢᠮᠡᠯ ᠲᠠᠯᠪᠢᠵᠤ ᠶᠠᠪᠤᠮᠤᠢ᠃ ᠤᠷᠠᠨ ᠭᠠᠴᠤᠭ ᠬᠣᠢᠲᠤ ᠬᠢᠵᠠᠭᠠᠷ ᠪᠠ ᠣᠷᠣᠰ ᠤᠯᠤᠰ ᠢ᠋ ᠲᠥᠬᠥᠭᠡᠷᠦᠮᠦᠢ᠃ ᠣᠢᠲᠤ ᠣᠴᠢᠭ ᠳ᠋ᠠᠢᠳᠦ᠋ ᠳ᠋ᠦ᠍ᠷ ᠬᠠᠷᠠᠭᠠᠯᠵᠠᠨ ᠰᠠᠭᠤᠮᠤᠢ᠃ ᠲᠡᠢᠰᠢ ᠪᠤᠯᠤ᠂ ᠵᠢᠶᠦ᠋ᠨ ᠸᠠᠩ ᠳᠠᠢᠰᠤᠨᠳᠠᠷᠤᠭᠴᠢ ᠨᠠᠷ ᠠᠯᠲᠠᠨ ᠤᠯᠤᠰ ᠤ᠋ᠨ ᠳᠠ ᠴᠢᠩ ᠶᠤᠸᠠᠨ ᠬᠡᠮᠡᠬᠦ ᠭᠠᠵᠠᠷ ᠢ ᠬᠠᠭᠠᠵᠤ ᠪᠠᠢᠯᠳᠤᠮᠤᠢ᠃
ᠲᠡᠳᠦᠢ ᠳᠥᠷᠪᠡᠨ ᠵᠦᠭ ᠲᠦ᠍ᠷ ᠪᠠᠢᠯᠳᠤᠨ ᠳᠠᠢᠯᠠᠵᠤ ᠶᠠᠪᠤᠬᠤ ᠶᠡᠬᠡ ᠸᠠᠩ ᠰᠠᠢᠳ ᠤ᠋ᠳ ᠤᠯᠤᠰ ᠲᠤᠷ ᠶᠡᠬᠡ ᠭᠠᠰᠠᠯᠠᠩ ᠪᠣᠯᠤᠭᠰᠠᠨ ᠢ᠋ ᠰᠣᠨᠣᠰᠴᠤ᠂ ᠵᠦᠭ ᠵᠦᠭ ᠡᠴᠡ ᠤᠯᠤᠰ ᠤ᠋ᠨ ᠡᠰᠡᠷᠭᠦ ᠳᠣᠪᠲᠣᠯᠬᠤ ᠳ᠋ᠤᠷ ᠲᠠᠢᠰᠢ ᠪᠤᠯᠤ ᠶᠡᠬᠡ ᠴᠡᠷᠢᠭ ᠢ᠋ᠶ᠋ᠡᠨ ᠠᠪᠠᠭ᠎ᠠ ᠳᠠᠢᠰᠤᠨᠳᠠᠷᠤᠭᠴᠢ ᠳ᠋ᠤᠷ ᠵᠠᠬᠢᠷᠤᠭᠤᠯᠵᠤ᠂ ᠥᠪᠡᠷ ᠢ᠋ᠶ᠋ᠡᠨ ᠮᠥᠨ ᠬᠡᠳᠦᠨ ᠵᠠᠭᠤᠨ ᠮᠣᠷᠢᠲᠠᠨ ᠢ᠋ ᠠᠪᠴᠤ ᠤᠯᠤᠰ ᠤ᠋ᠨ ᠵᠦᠭ ᠳᠣᠪᠲᠣᠯᠬᠤᠢ ᠳ᠋ᠤᠷ ᠪᠤᠯᠤ ᠵᠢᠶᠦ᠋ᠨ ᠸᠠᠩ ᠳᠠᠢᠰᠤᠨᠳᠠᠷᠤᠭᠴᠢ ᠳ᠋ᠤᠷ ᠥᠭᠦᠯᠡᠷᠦᠨ :《ᠠᠪᠠᠭ᠎ᠠ ᠬᠡᠷᠬᠢᠪᠡᠴᠦ ᠣᠰᠣᠯ ᠰᠤᠯᠠ ᠪᠣᠯᠵᠤ ᠦᠯᠦ ᠪᠣᠯᠤᠮᠤᠢ ᠂ ᠤᠷᠢᠳᠠ ᠡᠴᠢᠭᠡ ᠲᠡᠢᠰᠢ ᠦᠭᠡᠢ ᠪᠣᠯᠤᠭᠰᠠᠨ ᠳ᠋ᠤᠷ ᠣᠯᠠᠨ ᠵᠠᠩᠵᠤᠨ ᠴᠡᠷᠢᠭ ᠴᠥᠮ ᠰᠡᠳᠬᠢᠯ ᠬᠥᠳᠡᠯᠵᠦ ᠥᠷᠨᠢᠭᠰᠡᠨ ᠪᠥᠯᠥᠭᠡ ᠂ ᠡᠳᠦᠭᠡ ᠬᠠᠭᠠᠨ ᠤ᠋ ᠪᠡᠶ᠎ᠡ ᠬᠠᠯᠢᠭᠰᠠᠨ᠎ᠠ ᠨᠡᠩ ᠢᠯᠡᠭᠦᠦ ᠥᠷᠨᠢᠬᠦ ᠢᠨᠦ ᠮᠠᠭᠠᠳ ᠠᠪᠠᠭ᠎ᠠ ᠪᠠᠢᠳᠠᠯ ᠢ᠋ ᠦᠵᠡᠵᠦ ᠪᠠᠢᠯᠳᠤ ᠂ ᠡᠰᠡᠬᠦᠯ᠎ᠡ ᠨᠢᠭᠡᠮᠦᠰᠦᠨ ᠪᠠᠲᠤᠯᠠᠨ ᠰᠠᠬᠢᠵᠤ ᠨᠠᠮᠠᠶ᠋ᠢ ᠢᠷᠡᠬᠦ ᠶ᠋ᠢ ᠬᠦᠯᠢᠶᠡ᠂ ᠡᠳᠦᠭᠡ ᠰᠣᠨᠣᠰᠬᠤᠯ᠎ᠠ ᠠᠯᠲᠠᠨ ᠤᠯᠤᠰ ᠤ᠋ᠨ ᠠᠢᠽᠦ᠋ᠩ ᠬᠠᠭᠠᠨ ᠤ᠋ ᠤᠭᠰᠠᠭ᠎ᠠ ᠶ᠋ᠢᠨ ᠨᠢᠭᠡᠨ ᠸᠠᠨ ᠶᠠᠨ ᠴᠸᠡ ᠬᠡᠮᠡᠬᠦ ᠬᠤᠤᠱᠠᠩ ᠮᠠᠰᠢ ᠰᠡᠴᠡᠨ ᠰᠡᠷᠭᠦᠯᠡᠩ ᠂ ᠲᠡᠨᠡᠭ ᠬᠦᠴᠦᠲᠦ ᠴᠡᠷᠢᠭ ᠳᠥᠷᠪᠡ ᠲᠠᠪᠤᠨ ᠵᠠᠭᠤᠨ ᠢ᠋ ᠲᠡᠵᠢᠭᠡᠵᠦ ᠂ ᠮᠠᠨ ᠯᠤᠭ᠎ᠠ ᠬᠠᠯᠳᠠᠰᠤᠭᠠᠢ ᠬᠡᠮᠡᠵᠦ ᠪᠣᠢ ᠬᠡᠮᠡᠮᠦ ᠃ ᠭᠠᠭᠴᠠ ᠴᠡᠷᠢᠭ ᠦ᠋ᠨ ᠴᠥᠭᠡᠨ ᠳ᠋ᠦ᠍ᠷ ᠢ᠋ᠶ᠋ᠡᠨ ᠬᠠᠯᠳᠠᠬᠤ ᠦᠭᠡᠢ ᠬᠦᠯᠢᠶᠡᠵᠦ ᠪᠣᠢ ᠃ ᠡᠳᠦᠭᠡ ᠪᠣᠭᠳᠠ ᠡᠵᠡᠨ ᠢ᠋ ᠬᠠᠯᠢᠪᠠ ᠭᠡᠮᠡᠨ ᠰᠣᠨᠣᠰᠪᠠᠰᠤ ᠯᠠᠪ ᠬᠤᠢᠬᠤᠷ ᠰᠠᠨᠠᠭ᠎ᠠ ᠶᠡᠬᠡᠳᠴᠦ ᠬᠡᠷᠡᠭ ᠲᠠᠲᠠᠮᠤᠢ ᠃ ᠵᠠᠷᠯᠢᠭ ᠲᠤᠷ ᠬᠡᠳᠦᠢ ᠴᠡᠷᠢᠭ ᠪᠢᠲᠡᠭᠡᠢ ᠡᠬᠡ ᠬᠡᠮᠡᠭᠰᠡᠨ ᠪᠣᠯᠪᠠᠴᠤ ᠠᠴᠢ ᠪᠢ ᠲᠠᠪᠤᠨ ᠲᠠᠢᠰᠢ ᠶ᠋ᠢᠨ ᠲᠣᠭᠠᠨ ᠳ᠋ᠤᠷ ᠪᠣᠢ ᠲᠤᠯᠠ ᠡᠰᠡ ᠡᠴᠢᠪᠡᠰᠦ ᠪᠣᠯᠬᠤ ᠦᠭᠡᠢ ᠂ ᠠᠪᠠᠭ᠎ᠠ ᠬᠢᠴᠢᠶᠡ ᠭᠡᠮᠡᠨ ᠳᠠᠬᠢᠨ ᠳᠠᠪᠲᠠᠨ ᠬᠡᠯᠡᠵᠦ ᠤᠯᠤᠰ ᠤ᠋ᠨ ᠵᠦᠭ ᠡᠭᠡᠬᠦᠶ᠎ᠡ ᠵᠠᠮ ᠤ᠋ᠨ ᠳᠤᠮᠳᠠ ᠬᠦᠷᠦᠭᠡᠳ ᠭᠡᠨᠡᠳᠲᠡ ᠨᠢᠭᠡᠨ ᠰᠠᠨᠠᠭᠠᠨ ᠣᠯᠵᠤ ᠳᠠᠭᠠᠵᠤ ᠢᠷᠡᠭᠰᠡᠨ ᠭᠤᠷᠪᠠᠨ ᠵᠠᠭᠤᠨ ᠮᠣᠷᠢᠲᠠᠨ ᠤ᠋ ᠳᠣᠲᠣᠷ᠎ᠠ ᠠ᠋ᠴᠠ ᠥᠪᠡᠷ ᠦ᠋ᠨ ᠵᠢᠰᠦ ᠳ᠋ᠦ᠍ᠷ ᠪᠠᠷᠤᠭᠲᠠᠢ ᠨᠢᠭᠡᠨ ᠴᠡᠷᠢᠭ ᠦ᠋ᠨ ᠬᠥᠮᠦᠨ ᠢ᠋ ᠰᠣᠩᠭᠣᠨ ᠭᠠᠷᠭᠠᠵᠤ᠂ ᠲᠡᠭᠦᠨ ᠳ᠋ᠦ᠍ᠷ ᠨᠢᠭᠡᠨ ᠪᠢᠴᠢᠭ ᠥᠭᠴᠦ ᠰᠤᠷᠭᠠᠨ ᠥᠭᠦᠯᠡᠷᠦᠨ :《ᠴᠢ ᠴᠡᠷᠢᠭ ᠦ᠋ᠨ ᠬᠦᠷᠢᠶ᠎ᠡ ᠳ᠋ᠦ᠍ᠷ ᠡᠭᠡᠵᠦ ᠡᠨᠡ ᠪᠢᠴᠢᠭ ᠢ᠋ ᠶᠤᠸᠠᠨᠱᠤᠸᠠᠢ ᠳᠠᠢᠰᠤᠨᠳᠠᠷᠤᠭᠴᠢ ᠳ᠋ᠤᠷ ᠥᠭᠴᠦ᠂ ᠴᠢᠨᠦ ᠪᠡᠶ᠎ᠡ ᠮᠢᠨᠦ ᠰᠢᠳᠠᠷ ᠴᠡᠷᠢᠭ ᠲᠦ᠍ᠷ ᠪᠠᠢᠵᠤ ᠂ ᠠᠯᠢ ᠦᠶ᠎ᠡ ᠳ᠋ᠦ᠍ᠷ ᠮᠠᠨ ᠤ᠋ ᠴᠡᠷᠢᠭ ᠠᠯᠲᠠᠨ ᠤᠯᠤᠰ ᠤ᠋ᠨ ᠴᠡᠷᠢᠭ ᠯᠦ᠍ᠭᠡ ᠲᠡᠮᠡᠴᠡᠭᠡᠳ ᠳᠠᠷᠤᠭᠳᠠᠬᠤ ᠲᠤᠬᠠᠢ ᠳ᠋ᠤᠷ ᠴᠢ ᠳᠠᠷᠤᠢ ᠮᠢᠨᠦ ᠶᠣᠰᠣᠭᠠᠷ ᠴᠢᠮᠡᠭᠯᠡᠵᠦ ᠮᠢᠨᠦ ᠲᠡᠮᠳᠡᠭ ᠰᠢᠭᠦᠷ ᠳᠠᠯᠪᠠᠭ᠎ᠠ ᠶ᠋ᠢ ᠪᠠᠷᠢᠵᠤ᠂ ᠠᠯᠲᠠᠨ ᠤᠯᠤᠰ ᠤ᠋ᠨ ᠨᠡᠬᠡᠬᠦ ᠴᠡᠷᠢᠭ ᠢ᠋ ᠲᠣᠰᠴᠤ ᠪᠦᠭᠭᠦᠭᠰᠡᠨ ᠴᠡᠷᠢᠭ ᠮᠡᠲᠦ ᠰᠡᠵᠢᠭᠯᠡᠭᠦᠯ ! 》ᠭᠡᠮᠡᠨ ᠶᠠᠪᠤᠭᠤᠯᠤᠭᠠᠳ ᠤᠯᠤᠰ ᠲᠤᠷ ᠡᠴᠢᠪᠡ᠃ ᠡᠨᠡ ᠳᠥᠷᠪᠡᠨ ᠬᠢᠵᠠᠭᠠᠷ ᠤ᠋ᠨ ᠸᠠᠩ ᠰᠠᠢᠳ ᠤ᠋ᠳ ᠭᠠᠵᠠᠷ ᠠᠨᠤ ᠮᠠᠰᠢ ᠬᠣᠯᠠ ᠲᠤᠯᠠ ᠴᠥᠮ ᠴᠢᠭᠤᠯᠤᠨ ᠢᠷᠡᠬᠦ ᠶ᠋ᠢ ᠬᠦᠯᠢᠶᠡᠬᠦ ᠬᠡᠷᠡᠭᠲᠡᠢ᠂ ᠬᠡᠳᠦᠢ ᠵᠠᠭᠤᠨ ᠡᠳᠦᠷ ᠦ᠋ᠨ ᠬᠤᠷᠴᠠ ᠪᠡᠯᠪᠡᠰᠦᠷᠡᠯ ᠳᠦᠭᠦᠷᠪᠡᠴᠦ ᠬᠠᠭᠠᠨ ᠤ᠋ ᠶᠡᠬᠡ ᠴᠢᠨᠳᠠᠷ ᠢ᠋ ᠬᠥᠩᠭᠡᠨ ᠢ᠋ᠶ᠋ᠡᠷ ᠬᠥᠳᠡᠯᠭᠡᠬᠦ ᠦᠭᠡᠢ᠂ ᠬᠡᠪ ᠢ᠋ᠶ᠋ᠡᠷ ᠲᠠᠬᠢᠯ ᠲᠠᠪᠢᠭ ᠡᠷᠭᠦᠵᠦ ᠂ ᠣᠯᠠᠨ ᠸᠠᠩ ᠰᠠᠢᠳ ᠤ᠋ᠳ ᠤ᠋ᠨ ᠬᠤᠷᠠᠨ ᠢᠷᠡᠬᠦ ᠶ᠋ᠢ ᠬᠦᠯᠢᠶᠡᠬᠦᠢ ᠳ᠋ᠦ᠍ᠷ ᠳᠥᠲᠥᠭᠡᠷ ᠲᠠᠢᠽᠢ ᠲᠣᠯᠢ ᠴᠢᠨ ᠸᠠᠩ ᠳ᠋ᠤᠷ ᠰᠢᠳᠠᠷ ᠶᠠᠪᠤᠬᠤ ᠪᠦ ᠯᠦ᠍ ᠬᠤᠸᠠ ᠨᠠᠷ ᠤ᠋ᠨ ᠬᠡᠳᠦᠨ ᠪᠢᠯᠳᠠᠤᠴᠢ ᠰᠠᠢᠳ ᠰᠡᠮᠡᠬᠡᠷ ᠥᠭᠦᠯᠡᠷᠦᠨ : 《ᠤᠯᠤᠰ ᠲᠤᠷ ᠬᠠᠭᠠᠨ ᠦᠭᠡᠢ ᠪᠡᠷ ᠨᠢᠭᠡᠨ ᠡᠳᠦᠷ ᠢ᠋ ᠥᠩᠭᠡᠷᠡᠭᠡᠵᠦ ᠦᠯᠦ ᠪᠣᠯᠤᠮᠤᠢ᠂ ᠳᠡᠭᠡᠳᠦ ᠬᠠᠭᠠᠨ ᠤ᠋ ᠵᠠᠷᠯᠢᠭ ᠬᠡᠳᠦᠢ ᠡᠮᠦᠨ᠎ᠡ ᠬᠢᠲᠠᠳ ᠤᠯᠤᠰ ᠲᠤᠷ ᠭᠤᠷᠪᠠᠳᠤᠭᠠᠷ ᠲᠠᠢᠽᠢ ᠥᠭᠡᠳᠡᠢ ᠴᠢᠨ ᠸᠠᠩ ᠢ᠋ ᠬᠠᠭᠠᠨ ᠡᠷᠭᠦᠮᠵᠢᠯᠡᠭᠰᠡᠨ ᠪᠣᠯᠪᠠᠴᠤ ᠡᠨᠡ ᠵᠠᠪᠰᠠᠷ ᠲᠤᠷ ᠡᠵᠡᠨ ᠴᠢ ᠬᠣᠢᠲᠤ ᠭᠠᠵᠠᠷ ᠤ᠋ᠨ ᠬᠠᠭᠠᠨ ᠤ᠋ ᠰᠠᠭᠤᠷᠢᠨ ᠳ᠋ᠤᠷ ᠢ᠋ᠶ᠋ᠠᠨ ᠰᠠᠭᠤᠵᠤ᠂ ᠶᠡᠬᠡ ᠬᠠᠰ ᠲᠠᠮᠠᠭ᠎ᠠ ᠶ᠋ᠢ ᠪᠠᠷᠢᠪᠠᠰᠤ ᠶᠡᠬᠡ ᠬᠢᠲᠠᠳ ᠤᠯᠤᠰ ᠤ᠋ᠨ ᠡᠷᠬᠡ ᠮᠥᠨ ᠡᠵᠡᠨ ᠴᠢᠮ᠎ᠠ ᠳ᠋ᠤᠷ ᠵᠠᠬᠢᠷᠤᠭᠳᠠᠬᠤ ᠪᠣᠯᠠᠢ ! 》 ᠬᠡᠮᠡᠭᠰᠡᠨ ᠳ᠋ᠦ᠍ᠷ ᠲᠣᠯᠢ ᠴᠢᠨ ᠸᠠᠩ ᠶᠡᠬᠡᠯ᠎ᠡ ᠠᠭᠤᠷᠯᠠᠵᠤ ᠵᠠᠩᠳᠠᠨ ᠥᠭᠦᠯᠡᠷᠦᠨ : 《ᠬᠥᠮᠦᠨ ᠦ᠌ ᠵᠢᠷᠤᠮ ᠢ᠋ ᠲᠡᠰᠡᠷᠭᠦᠯᠡᠵᠦ᠂ ᠡᠴᠢᠭᠡ ᠶ᠋ᠢᠨ ᠵᠠᠷᠯᠢᠭ ᠢ᠋ ᠰᠥᠷᠴᠦ᠂ ᠠᠬ᠎ᠠ ᠳᠡᠭᠦᠦ ᠶ᠋ᠢᠨ ᠬᠡᠯᠬᠢᠶ᠎ᠡ ᠶ᠋ᠢ ᠲᠠᠰᠤᠷᠠᠭᠤᠯᠤᠨ᠂ ᠲᠦᠮᠡᠨ ᠦᠶ᠎ᠡ ᠳ᠋ᠦ᠍ᠷ ᠬᠠᠷᠢᠶᠠᠯᠭᠠᠬᠤ ᠵᠠᠮ ᠢ᠋ ᠴᠥᠮ ᠡᠳᠡᠭᠡᠷ ᠵᠡᠷᠭᠡ ᠶ᠋ᠢᠨ ᠪᠢᠯᠳᠠᠤᠴᠢ ᠠᠷᠠᠳ ᠨᠣᠬᠠᠢ ᠪᠣᠭᠣᠯᠴᠤᠳ ᠡᠳᠦᠮᠦᠢ᠃ ᠳᠡᠭᠡᠳᠦ ᠬᠠᠭᠠᠨ ᠡᠴᠢᠭᠡ ᠨᠠᠳᠠ ᠳ᠋ᠤᠷ ᠬᠦᠷᠲᠡᠭᠡᠭᠰᠡᠨ ᠲᠦᠮᠡᠨ ᠭᠠᠵᠠᠷ ᠤ᠋ᠨ ᠮᠣᠩᠭᠣᠯ ᠨᠤᠲᠤᠭ ᠤᠯᠤᠰ ᠨᠠᠳᠠ ᠳ᠋ᠤᠷ ᠦᠶ᠎ᠡ ᠤᠯᠠᠷᠢᠨ ᠬᠡᠷᠡᠭᠯᠡᠵᠦ ᠪᠠᠷᠠᠰᠢ ᠦᠭᠡᠢ ᠪᠥᠭᠡᠲᠡᠯ᠎ᠡ ᠡᠨᠡ ᠦᠭᠡ ᠦᠨᠡᠬᠡᠷ ᠡᠳᠦᠢ ᠬᠦᠷᠲᠡᠯ᠎ᠡ ᠬᠦᠷᠲᠡᠬᠦ ᠪᠣᠯᠠᠢ᠃ ᠨᠠᠮᠠᠶ᠋ᠢ ᠪᠠᠰᠠ ᠡᠴᠢᠭᠡ ᠠᠬ᠎ᠠ ᠶ᠋ᠢ ᠰᠥᠷᠦᠭᠦᠯᠬᠦ ᠶᠠᠯ᠎ᠠ ᠶ᠋ᠢ ᠣᠯᠭᠣᠭᠤᠯᠤᠨ᠂ ᠵᠠᠪᠰᠠᠷ ᠲᠤᠷ ᠴᠢ ᠵᠠᠪᠰᠢᠶᠠᠨ ᠢ᠋ ᠣᠯᠵᠤ᠂ ᠥᠪᠡᠷ ᠦ᠋ᠨ ᠲᠤᠰᠠ ᠶ᠋ᠢ ᠪᠦᠲᠦᠭᠡᠬᠦ ᠶ᠋ᠢ ᠡᠷᠢᠬᠦ ᠪᠣᠯᠠᠢ ! ᠡᠭᠦᠨ ᠢ᠋ ᠲᠦᠷᠭᠡᠨ ᠭᠠᠷᠭᠠᠵᠤ ᠠᠯᠠ ! 》 ᠬᠡᠮᠡᠭᠰᠡᠨ ᠳ᠋ᠦ᠍ᠷ ᠬᠣᠶᠠᠷ ᠡᠲᠡᠭᠡᠳ ᠦ᠋ᠨ ᠠᠷᠠᠳ ᠪᠦ ᠯᠦ᠍ ᠬᠤᠸᠠ ᠶ᠋ᠢ ᠪᠠᠷᠢᠵᠤ ᠲᠦᠯᠬᠢᠨ ᠭᠠᠷᠭᠠᠵᠤ ᠢᠷᠡᠭᠰᠡᠨ ᠳ᠋ᠦ᠍ᠷ ᠪᠦ ᠯᠦ᠍ ᠬᠤᠸᠠ ᠶ᠋ᠢᠨ ᠡᠴᠢᠭᠡ ᠢᠨᠤ ᠶᠡᠬᠡᠯ᠎ᠡ ᠠᠶᠤᠵᠤ ᠶᠠᠭᠠᠷᠠᠨ ᠢᠷᠡᠵᠦ ᠵᠢᠶᠦ᠋ᠨ ᠸᠠᠩ ᠪᠤᠭᠤᠷᠵᠢ ᠳ᠋ᠤᠷ ᠭᠤᠶᠤᠭᠰᠠᠨ ᠳ᠋ᠤᠷ ᠪᠤᠭᠤᠷᠵᠢ ᠮᠥᠨ ᠠᠭᠤᠷᠯᠠᠨ ᠥᠭᠦᠯᠡᠷᠦᠨ : 《ᠠᠯᠠᠬᠤ ᠠᠨᠤ ᠮᠠᠰᠢ ᠵᠣᠬᠢᠰᠲᠠᠢ᠂ ᠬᠤᠷᠳᠤᠨ ᠠᠯᠠᠪᠠᠰᠤ ᠰᠠᠢᠨ ! 》 ᠭᠡᠮᠡᠨ ᠬᠥᠮᠦᠨ ᠢᠯᠡᠭᠡᠬᠦ ᠦᠭᠡᠢ ᠳ᠋ᠦ᠍ᠷ ᠶᠧ ᠯᠢᠦᠢ ᠴᠦ ᠼᠠᠢ ᠳ᠋ᠤᠷ ᠢᠷᠡᠵᠦ ᠭᠤᠶᠤᠭᠰᠠᠨ ᠳ᠋ᠤᠷ ᠶᠧ ᠯᠢᠦᠢ ᠴᠦ ᠼᠠᠢ ᠤᠴᠢᠷ ᠢ᠋ ᠰᠣᠨᠣᠰᠴᠤ᠂ ᠳᠣᠲᠣᠷ᠎ᠠ ᠪᠠᠨ ᠶᠡᠬᠡᠯ᠎ᠡ ᠪᠠᠶᠠᠷᠯᠠᠨ᠂ ᠲᠣᠯᠢ ᠴᠢᠨ ᠸᠠᠩ ᠢ᠋ ᠭᠦᠨ᠎ᠡ ᠪᠢᠰᠢᠷᠡᠵᠦ᠂ ᠦᠨᠡᠨ ᠬᠤᠳᠠᠯ ᠢ᠋ ᠦᠵᠡᠷ᠎ᠡ ᠢᠷᠠᠪᠠᠰᠤ ᠦᠨᠡᠬᠡᠷ ᠲᠦᠯᠬᠢᠨ ᠠᠪᠴᠤ ᠬᠠᠷᠠᠬᠠᠨ ᠢᠷᠡᠬᠦᠢ ᠳ᠋ᠦ᠍ᠷ ᠶᠠᠭᠠᠷᠠᠨ ᠲᠦᠷ ᠲᠦᠳᠡᠭᠡᠯᠵᠡᠭᠦᠯᠵᠦ᠂ ᠶᠠᠭᠠᠷᠠᠨ ᠲᠠᠢᠽᠢ ᠲᠣᠯᠢ ᠳ᠋ᠤᠷ ᠵᠣᠯᠭᠠᠵᠤ ᠭᠤᠶᠤᠨ ᠥᠭᠦᠯᠡᠷᠦᠨ : 《ᠲᠠᠢᠽᠢ ᠠᠭᠤᠷ ᠢ ᠪᠠᠬᠠᠨ ᠨᠠᠮᠬᠠᠷᠠᠭᠤᠯ᠂ ᠲᠡᠷᠡ ᠵᠡᠷᠭᠡ ᠶ᠋ᠢᠨ ᠤᠯᠤᠰ ᠲᠥᠷᠥ ᠶ᠋ᠢ ᠬᠤᠳᠬᠤᠯᠠᠬᠤ ᠠᠷᠠᠳ ᠢ᠋ ᠠᠯᠠᠬᠤ ᠠᠨᠤ ᠮᠠᠰᠢ ᠨᠡᠢᠴᠡᠬᠦ ᠬᠡᠷᠡᠭ᠂ ᠭᠠᠭᠴᠠ ᠳᠡᠭᠡᠳᠦ ᠬᠠᠭᠠᠨ ᠡᠵᠡᠨ ᠦ᠌ ᠬᠦᠨᠳᠦ ᠪᠡᠯᠪᠡᠰᠦᠷᠡᠯ ᠳ᠋ᠦ᠍ᠷ ᠳᠡᠯᠡᠬᠡᠢ ᠳ᠋ᠠᠭᠢᠨ᠎ᠠ ᠴᠥᠮ ᠥᠷᠯᠥᠭ ᠼᠧ ᠪᠠᠭᠤᠯᠭᠠᠨ᠂ ᠪᠦᠬᠦ ᠶᠠᠯᠠᠲᠠᠨ ᠢ᠋ ᠠᠪᠤᠷᠠᠨ ᠵᠠᠭᠤᠨ ᠤᠪᠤᠭᠳᠠᠨ᠎ᠠ ᠮᠥᠩᠭᠥ ᠠᠮᠤ ᠲᠦᠭᠡᠭᠡᠬᠦ ᠪᠥᠭᠡᠲᠡᠯ᠎ᠡ ᠡᠳᠦᠭᠡ ᠡᠳᠦᠢᠬᠡᠨ ᠨᠢᠭᠡᠨ ᠪᠢᠯᠳᠠᠤᠴᠢ ᠲᠦᠰᠢᠮᠡᠯ ᠢ᠋ ᠠᠯᠠᠭᠠᠳ ᠶᠡᠬᠡ ᠲᠠᠬᠢᠮᠳᠠᠭᠤ ᠶᠣᠰᠣᠨ ᠳ᠋ᠤᠷ ᠬᠠᠷᠰᠢᠭᠤᠯᠵᠤ ᠶᠠᠭᠤ ᠬᠢᠮᠦᠢ ! ᠲᠠᠢᠽᠢ ᠲᠦᠷ ᠪᠤᠰᠤ ᠰᠠᠢᠳ ᠲᠤᠷ ᠲᠤᠰᠢᠶᠠᠨ ᠥᠭᠴᠦ ᠲᠡᠭᠦᠨ ᠦ᠌ ᠶᠠᠯ᠎ᠠ ᠶ᠋ᠢ ᠣᠯᠠᠨ ᠳ᠋ᠤᠷ ᠢᠯᠡᠷᠡᠭᠦᠯᠦᠨ ᠂ ᠪᠠᠰᠠ ᠬᠦᠨᠳᠦᠳᠬᠡᠬᠦ ᠬᠥᠩᠭᠡᠯᠡᠬᠦ ᠶ᠋ᠢ ᠪᠠᠢᠳᠠᠯ ᠢ᠋ ᠦᠵᠡᠵᠦ ᠰᠢᠳᠬᠡᠯᠭᠡᠪᠡᠰᠦ ᠵᠣᠬᠢᠮᠤᠢ ! 》ᠬᠡᠮᠡᠭᠰᠡᠨ ᠳ᠋ᠦ᠍ᠷ ᠲᠣᠯᠢ ᠪᠣᠳᠣᠪᠠᠰᠤ ᠲᠡᠭᠦᠨ ᠦ᠌ ᠦᠭᠡ ᠮᠠᠰᠢ ᠵᠦᠢ ᠲᠤᠯᠠ ᠳᠠᠷᠤᠢ ᠲᠡᠢᠰᠢ ᠪᠤᠯᠤ ᠳ᠋ᠤᠷ ᠲᠤᠰᠢᠶᠠᠨ ᠵᠠᠬᠢᠵᠤ ᠰᠢᠳᠬᠡᠵᠦ ᠮᠡᠳᠡᠭᠦᠯ ᠭᠡᠮᠡᠨ ᠬᠠᠭᠠᠨ ᠤ᠋ ᠴᠢᠨᠳᠠᠷ ᠤ᠋ᠨ ᠳᠡᠷᠭᠡᠳᠡ ᠢᠷᠡᠵᠦ ᠤᠬᠢᠯᠠᠨ ᠬᠠᠷᠠᠩᠭᠤᠳᠴᠤ ᠤᠨᠠᠭᠰᠠᠨ ᠢ ᠣᠯᠠᠨ ᠰᠠᠢᠳ ᠤ᠋ᠳ ᠰᠡᠷᠭᠦᠭᠡᠨ ᠠᠪᠤᠪᠠ᠃
ᠲᠡᠳᠦᠢ ᠣᠯᠠᠨ ᠸᠠᠩ ᠰᠠᠢᠳ ᠤ᠋ᠳ ᠬᠣᠯᠠ ᠣᠢᠷ᠎ᠠ ᠰᠣᠨᠣᠰᠤᠭᠰᠠᠨ ᠢ᠋ᠶ᠋ᠠᠷ ᠵᠦᠭ ᠵᠦᠭ ᠡᠴᠡ ᠳᠣᠪᠲᠣᠯᠤᠯᠴᠠᠨ ᠢᠷᠡᠯᠴᠡᠬᠦᠢ ᠳ᠋ᠦ᠍ᠷ ᠬᠡᠳᠦᠨ ᠮᠢᠩᠭᠠᠨ ᠭᠠᠵᠠᠷ ᠠᠯᠤᠰ ᠪᠥᠭᠡᠳ ᠪᠠᠰᠠ ᠬᠠᠭᠠᠨ ᠤ᠋ ᠳᠥᠷᠪᠡᠨ ᠮᠣᠩᠭᠣᠨ ᠪᠠᠢᠭᠤᠯᠬᠤ ᠠᠨᠤ ᠮᠥᠨ ᠤᠳᠠᠬᠤ ᠲᠤᠯᠠ ᠬᠣᠢᠲᠤ ᠯᠢᠶᠠᠩ ᠵᠢᠩ ᠬᠣᠲᠠᠨ ᠳ᠋ᠤᠷ ᠶᠡᠬᠡ ᠭᠠᠰᠠᠯᠠᠩ ᠢ᠋ ᠰᠠᠬᠢᠵᠤ ᠪᠡᠯᠪᠡᠰᠦᠷᠡᠬᠦ ᠶ᠋ᠢ ᠲᠦᠷ ᠥᠭᠦᠯᠡᠬᠦ ᠦᠭᠡᠢ᠃
ᠥᠭᠦᠯᠡᠬᠦ ᠢᠨᠤ : ᠡᠮᠦᠨᠡᠲᠦ ᠠᠯᠲᠠᠨ ᠤᠯᠤᠰ ᠤ᠋ᠨ ᠠᠢᠽᠦ᠋ᠩ ᠱᠧᠦ ᠰᠢᠦᠢ ᠤᠯᠤᠰ ᠤ᠋ᠨ ᠳᠣᠲᠣᠷ᠎ᠠ ᠠ᠋ᠴᠠ ᠰᠠᠢᠨ ᠴᠡᠷᠢᠭ ᠰᠣᠩᠭᠣᠵᠤ᠂ ᠰᠠᠢᠨ ᠠᠷᠠᠭᠠᠳᠠᠨ ᠢ ᠡᠷᠢᠬᠦᠢ ᠳ᠋ᠦ᠍ᠷ ᠲᠡᠭᠦᠨ ᠦ᠌ ᠬᠣᠯᠠ ᠤᠭᠰᠠᠭ᠎ᠠ ᠶ᠋ᠢᠨ ᠳᠣᠲᠣᠷ᠎ᠠ ᠨᠢᠭᠡᠨ ᠭᠡᠷ ᠡᠴᠡ ᠭᠠᠷᠴᠤ ᠬᠤᠤᠱᠠᠩ ᠪᠣᠯᠤᠭᠰᠠᠨ ᠵᠠᠯᠠᠭᠤᠰ ᠪᠣᠢ᠂ ᠨᠡᠷ᠎ᠡ ᠸᠠᠨ ᠶᠠᠨ ᠴᠸᠡ ᠬᠤᠤᠱᠠᠩ ᠤ᠋ᠨ ᠶᠠᠪᠤᠳᠠᠯ ᠢ᠋ᠶ᠋ᠠᠷ ᠬᠥᠷᠥᠩᠭᠡ ᠪᠠᠢᠭᠤᠯᠬᠤᠢ ᠳ᠋ᠤᠷ ᠮᠠᠰᠢ ᠪᠡᠷᠬᠡ ᠲᠡᠢ ᠲᠤᠯᠠ ᠲᠡᠭᠦᠨ ᠦ᠌ ᠡᠳ᠋ ᠢ᠋ᠶ᠋ᠡᠷ ᠳᠣᠯᠳᠣᠢᠳᠠᠨ ᠶᠠᠪᠤᠬᠤ ᠠᠯᠲᠠᠨ ᠤᠯᠤᠰ ᠤ᠋ᠨ ᠶᠡᠬᠡ ᠰᠠᠢᠳ ᠸᠠᠩ ᠶᠠᠨ ᠾᠧ ᠳᠡ ᠶ᠋ᠢ ᠲᠥᠷᠥᠯ ᠭᠡᠮᠡᠨ ᠪᠢᠯᠳᠠᠤᠴᠢᠯᠠᠨ ᠶᠠᠪᠤᠬᠤᠢ ᠳ᠋ᠤᠷ ᠸᠠᠩ ᠶᠠᠨ ᠾᠧ ᠳᠡ ᠤᠯᠤᠰ ᠤ᠋ᠨ ᠳᠣᠲᠣᠷ᠎ᠠ ᠠ᠋ᠴᠠ ᠮᠡᠷᠭᠡᠳ ᠴᠢᠳᠠᠯᠲᠠᠨ ᠢ᠋ ᠰᠣᠩᠭᠣᠵᠤ᠂ ᠰᠠᠢᠨ ᠴᠡᠷᠢᠭ ᠱᠠᠯᠠᠮᠠᠭᠠᠢ ᠪᠠᠭᠠᠲᠤᠳ ᠢ᠋ ᠡᠷᠢᠵᠦ᠂ ᠮᠣᠩᠭᠣᠯ ᠢ᠋ ᠲᠤᠯᠰᠤᠭᠠᠢ ᠭᠡᠮᠡᠨ ᠬᠡᠯᠡᠬᠦ ᠶ᠋ᠢ ᠰᠣᠨᠣᠰᠴᠤ᠂ ᠴᠸᠨ ᠬᠤᠤᠱᠠᠩ ᠳᠠᠷᠤᠢ ᠰᠡᠳᠦᠪ ᠣᠯᠵᠤ᠂ ᠥᠪᠡᠷ ᠦ᠋ᠨ ᠨᠠᠢᠷ ᠲᠠᠯ᠎ᠠ ᠪᠠ ᠶᠢᠷᠲᠢᠨᠴᠦ ᠶ᠋ᠢᠨ ᠡᠳ᠋ ᠠᠰᠢᠭ ᠢ᠋ᠶ᠋ᠠᠷ ᠬᠡᠳᠦᠨ ᠮᠢᠩᠭᠠᠨ ᠬᠥᠮᠦᠨ ᠢ᠋ ᠡᠯᠰᠡᠵᠦ᠂ ᠡᠭᠦᠨ ᠦ᠌ ᠳᠣᠲᠣᠷ᠎ᠠ ᠠ᠋ᠴᠠ ᠳᠥᠷᠪᠡᠨ ᠵᠠᠭᠤ ᠢᠯᠡᠭᠦᠦ ᠲᠡᠨᠡᠭ ᠪᠤᠰᠢᠭᠤᠯᠢᠭ᠋ ᠠᠷᠠᠳ ᠢ᠋ ᠰᠣᠩᠭᠣᠨ᠂ ᠴᠡᠷᠢᠭ ᠦ᠋ᠨ ᠡᠷᠳᠡᠮ ᠢ᠋ ᠪᠣᠯᠪᠠᠰᠤᠷᠠᠭᠤᠯᠤᠨ ᠴᠡᠷᠢᠭ ᠲᠡᠭᠡᠨ 《ᠰᠢᠳᠤᠷᠭᠤ ᠡᠯᠪᠡᠷᠢᠯᠲᠦ ᠴᠡᠷᠢᠭ 》ᠭᠡᠮᠡᠨ ᠨᠡᠷ᠎ᠡ ᠥᠭᠴᠦ᠂ ᠬᠠᠷᠠᠬᠠᠨ ᠪᠣᠯᠪᠠᠰᠤᠷᠠᠭᠤᠯᠤᠨ ᠰᠤᠷᠭᠠᠬᠤᠢ ᠳ᠋ᠤᠷ ᠴᠢᠪᠬᠢᠲᠡᠯ᠎ᠡ ᠨᠢᠳᠤᠨᠤᠨ ᠡᠪᠦᠯ ᠦ᠋ᠨ ᠰᠡᠭᠦᠯ ᠰᠠᠷ᠎ᠠ ᠳ᠋ᠤ᠌ ᠮᠣᠩᠭᠣᠯ ᠤᠯᠤᠰ ᠤ᠋ᠨ ᠴᠢᠩᠭᠢᠰ ᠬᠠᠭᠠᠨ ᠬᠠᠯᠢᠪᠠ ᠭᠡᠮᠡᠨ ᠰᠣᠨᠣᠰᠴᠤ᠂ ᠨᠡᠩ ᠣᠮᠣᠭ ᠴᠢᠮᠡᠭ ᠨᠡᠮᠡᠭᠳᠡᠨ ᠬᠠᠷᠠᠬᠠᠨ ᠡᠳᠦᠷ ᠪᠦᠷᠢ ᠪᠣᠯᠪᠠᠰᠤᠷᠠᠭᠤᠯᠤᠨ ᠰᠤᠷᠭᠠᠵᠤ ᠪᠠᠢᠭᠰᠠᠨ᠂ ᠡᠨᠡ ᠬᠠᠪᠤᠷ ᠤ᠋ᠨ ᠬᠣᠶᠠᠷ ᠰᠠᠷ᠎ᠠ ᠳ᠋ᠤᠷ ᠪᠠᠰᠠ ᠮᠣᠩᠭᠣᠯ ᠤ᠋ᠨ ᠶᠡᠬᠡ ᠶᠤᠸᠠᠨᠱᠤᠸᠠᠢ ᠲᠠᠢᠰᠢ ᠪᠤᠯᠤ ᠤᠯᠤᠰ ᠤ᠋ᠨ ᠭᠠᠰᠠᠯᠠᠩ ᠳ᠋ᠤᠷ ᠡᠭᠡᠭᠰᠡᠨ ᠬᠣᠢᠨ᠎ᠠ ᠰᠠᠷ᠎ᠠ ᠰᠢᠬᠠᠮ ᠪᠣᠯᠵᠤ᠂ ᠴᠸᠨ ᠬᠤᠤᠱᠠᠩ ᠳᠠᠷᠤᠢ ᠳᠥᠷᠪᠡᠨ ᠵᠠᠭᠤᠨ ᠴᠡᠷᠢᠭ ᠢ᠋ᠶ᠋ᠡᠨ ᠠᠪᠴᠤ᠂ ᠳᠠ ᠴᠢᠩ ᠶᠤᠸᠠᠨ ᠳ᠋ᠤᠷ ᠫᠢᠩ ᠵᠠᠩ ᠵᠧᠩ ᠱᠢ – ᠸᠠᠨ ᠶᠠᠨ ᠾᠧ ᠳᠡ ᠶ᠋ᠢᠨ ᠡᠮᠦᠨ᠎ᠡ ᠬᠣᠰᠢᠭᠤᠴᠢ ᠪᠣᠯᠵᠤ᠂ ᠠᠯᠲᠠᠨ ᠬᠤᠶᠠᠭ ᠳᠤᠭᠤᠯᠠᠭ᠎ᠠ ᠡᠮᠦᠰᠴᠦ ᠰᠦᠷ ᠪᠠᠳᠠᠷᠠᠭᠤᠯᠤᠨ᠂ ᠳᠠ ᠴᠢᠩ ᠶᠤᠸᠠᠨ ᠤ᠋ ᠮᠣᠩᠭᠣᠯ ᠤ᠋ᠨ ᠴᠡᠷᠢᠭ ᠢ᠋ ᠬᠠᠯᠳᠠᠨ ᠪᠠᠢᠯᠳᠤᠰᠤᠭᠠᠢ ᠬᠡᠮᠡᠬᠦᠢ ᠳ᠋ᠦ᠍ᠷ ᠵᠢᠶᠦ᠋ᠨ ᠸᠠᠩ ᠳᠠᠢᠰᠤᠨᠳᠠᠷᠤᠭᠴᠢ ᠠᠩᠬᠠᠨ ᠳ᠋ᠤᠷ ᠠᠴᠢ ᠪᠤᠯᠤ ᠶ᠋ᠢᠨ ᠦᠭᠡ ᠶ᠋ᠢ ᠠᠪᠴᠤ᠂ ᠲᠠᠪᠤ ᠵᠢᠷᠭᠤᠭᠠᠨ ᠤᠳᠠᠭ᠎ᠠ ᠬᠠᠯᠳᠠᠷ᠎ᠠ ᠢᠷᠡᠲᠡᠯ᠎ᠡ ᠬᠠᠭᠠᠯᠭ᠎ᠠ ᠪᠠᠨ ᠳᠠᠷᠤᠵᠤ᠂ ᠴᠡᠷᠢᠭ ᠢ᠋ ᠴᠢᠩᠳᠠ ᠴᠠᠭᠠᠵᠠᠯᠠᠨ ᠭᠠᠷᠬᠤ ᠦᠭᠡᠢ ᠳ᠋ᠦ᠍ᠷ ᠣᠯᠠᠨ ᠵᠠᠩᠵᠤᠨ ᠨᠠᠷ ᠲᠠᠴᠢᠶᠠᠳᠠᠵᠤ ᠵᠢᠶᠦ᠋ᠨ ᠸᠠᠩ ᠳᠠᠢᠰᠤᠨᠳᠠᠷᠤᠭᠴᠢ ᠳ᠋ᠤᠷ ᠮᠡᠳᠡᠭᠦᠯᠦᠷᠦᠨ :《ᠮᠠᠨ ᠤ᠋ ᠡᠵᠡᠨ ᠨᠢᠳᠤᠨᠤᠨ ᠬᠠᠯᠢᠮᠠᠭᠴᠠ ᠡᠨᠡ ᠵᠢᠯ ᠡᠢᠨ ᠠᠭᠠᠰᠢᠯᠠᠪᠠᠰᠤ ᠡᠰᠡᠷᠭᠦᠴᠡᠯ ᠴᠡᠷᠢᠭ ᠣᠮᠣᠭᠰᠢᠵᠤ ᠬᠠᠷᠢᠨ ᠴᠢᠭᠢᠷᠠᠭ ᠪᠣᠯᠭᠤᠵᠠᠢ᠂ ᠨᠡᠩ ᠪᠠᠰᠠ ᠮᠤᠬᠤᠷ ᠡᠯᠵᠢᠭᠡ ᠶ᠋ᠢᠨ ᠳᠦᠷᠪᠡᠭᠡᠨ ᠵᠠᠭᠤᠨ ᠴᠡᠷᠢᠭ ᠢ᠋ ᠮᠠᠨ ᠤ᠋ ᠶᠡᠬᠡ ᠴᠡᠷᠢᠭ ᠨᠢᠭᠡᠨ ᠴᠠᠭ ᠲᠤᠷ ᠪᠠᠰᠠ ᠢᠳᠡᠵᠦ ᠭᠦᠢᠴᠡᠬᠦ ᠦᠭᠡᠢ ᠪᠣᠯᠠᠢ᠂ ᠸᠠᠩ ᠶᠠᠭᠤᠨ ᠳ᠋ᠤᠷ ᠡᠨᠡ ᠮᠡᠲᠦ ᠣᠯᠢᠬᠠᠢ ᠪᠠᠷ ᠠᠭᠠᠰᠢᠯᠠᠵᠤ ᠮᠣᠩᠭᠣᠯ ᠤ᠋ᠨ ᠬᠠᠭᠤᠴᠢᠨ ᠰᠦᠷ ᠢ᠋ ᠦᠯᠦ ᠠᠯᠳᠠᠷᠰᠢᠭᠤᠯᠤᠮᠤᠢ ? 》 ᠬᠡᠮᠡᠬᠦᠢ ᠳ᠋ᠦ᠍ᠷ ᠳᠠᠢᠰᠤᠨᠳᠠᠷᠤᠭᠴᠢ ᠰᠡᠭᠦᠷᠡᠰᠦᠨ ᠠᠯᠳᠠᠵᠤ ᠥᠭᠦᠯᠡᠷᠦᠨ :《ᠪᠢ ᠮᠥᠨ ᠲᠠᠴᠢᠶᠠᠳᠠᠬᠤ ᠦᠭᠡᠢ ᠶᠣᠰᠣ ᠪᠣᠢ ᠤᠤ ? ᠪᠠᠰᠠ ᠲᠠᠢᠰᠢ ᠭᠦᠸᠧ ᠸᠠᠩ ᠮᠢᠨᠦ ᠠᠴᠢ ᠬᠥᠪᠡᠭᠦᠨ ᠪᠣᠯᠠᠢ᠂ ᠬᠡᠷᠪᠡ ᠲᠡᠭᠦᠨ ᠦ᠌ ᠳᠠᠬᠢᠨ ᠳᠠᠬᠢᠨ ᠬᠡᠯᠡᠭᠰᠡᠨ ᠢ᠋ ᠭᠡᠭᠡᠵᠦ ᠴᠡᠷᠢᠭ ᠭᠠᠷᠤᠭᠠᠳ ᠭᠡᠨᠡᠳᠲᠡ ᠳᠠᠷᠤᠭᠳᠠᠪᠠᠰᠤ ᠣᠳᠣ ᠶᠠᠮᠪᠠᠷ ᠨᠢᠭᠤᠷ ᠢ᠋ᠶ᠋ᠠᠷ ᠠᠴᠢ ᠬᠥᠪᠡᠭᠦᠨ ᠳ᠋ᠦ᠍ᠷ ᠤᠴᠠᠷᠠᠮᠤᠢ ? ᠪᠤᠰᠤ ᠪᠣᠯᠪᠠᠰᠤ ᠪᠢ ᠠᠬ᠎ᠠ ᠯᠤᠭ᠎ᠠ ᠬᠣᠷᠢᠨ ᠣᠨ ᠴᠡᠷᠢᠭ ᠠᠪᠴᠤ ᠶᠠᠪᠤᠭᠰᠠᠨ ᠠᠲᠠᠯ᠎ᠠ ᠡᠳᠦᠢᠬᠡᠨ ᠴᠡᠷᠢᠭ ᠡᠴᠡ ᠶᠠᠭᠤᠨ ᠳ᠋ᠤᠷ ᠠᠶᠤᠬᠤ ᠪᠣᠢ ! 》 ᠬᠡᠮᠡᠭᠰᠡᠨ ᠳ᠋ᠦ᠍ᠷ ᠵᠡᠭᠦᠨ ᠪᠠᠷᠠᠭᠤᠨ ᠡᠲᠡᠭᠡᠳ ᠦ᠋ᠨ ᠳᠡᠳ᠋ ᠵᠠᠩᠵᠤᠨ ᠬᠤᠳᠠᠭᠠᠨ᠎ᠠ ᠪᠡᠬᠢ ᠶ᠋ᠢᠨ ᠬᠥᠪᠡᠭᠦᠨ ᠬᠦᠳᠡᠷ ᠪᠦᠰᠡ᠂ ᠬᠦᠷᠡᠯ ᠪᠦᠰᠡ ᠬᠣᠶᠠᠷ ᠶᠡᠬᠡᠯ᠎ᠡ ᠲᠡᠨᠴᠢᠭᠦᠷᠡᠨ ᠥᠭᠦᠯᠡᠷᠦᠨ :《ᠸᠠᠩ ᠪᠢᠳᠡ ᠠᠬ᠎ᠠ ᠳᠡᠭᠦᠦ ᠬᠣᠶᠠᠭᠤᠯᠠ ᠶ᠋ᠢᠨ ᠨᠠᠢ᠍ᠮᠠᠨ ᠮᠢᠩᠭᠠᠨ ᠴᠡᠷᠢᠭ ᠢ ᠭᠠᠷᠭᠠᠵᠤ ᠪᠠᠢᠯᠳᠤᠭᠠᠳ ᠬᠡᠷᠪᠡ ᠳᠠᠷᠤᠪᠠᠰᠤ ᠭᠠᠪᠢᠶ᠎ᠠ ᠠᠪᠬᠤ ᠦᠭᠡᠢ᠂ ᠳᠠᠷᠤᠭᠳᠠᠪᠠᠰᠤ ᠲᠣᠯᠣᠭᠠᠢ ᠪᠠᠨ ᠣᠭᠲᠣᠯᠵᠤ ᠶᠠᠯ᠎ᠠ ᠬᠦᠯᠢᠶᠡᠰᠦᠭᠡᠢ᠃ ᠲᠡᠢᠰᠢ ᠬᠡᠳᠦᠢ ᠬᠣᠷᠢᠭᠯᠠᠨ ᠬᠡᠯᠡᠵᠦ ᠶᠠᠪᠤᠭᠰᠠᠨ ᠪᠣᠯᠪᠠᠴᠤ ᠳᠡᠢᠯᠦᠭᠳᠡᠬᠦ ᠡᠴᠡ ᠠᠶᠤᠭᠰᠠᠨ ᠪᠣᠢ ᠊ᠢ᠎ᠠ᠃ ᠳᠡᠢᠯᠬᠦ ᠶ᠋ᠢ ᠬᠣᠷᠢᠭᠯᠠᠭᠰᠠᠨ ᠪᠤᠰᠤ ᠪᠣᠯᠠᠢ ! 》 ᠬᠡᠮᠡᠬᠦᠢ ᠳ᠋ᠦ᠍ᠷ ᠳᠠᠢᠰᠤᠨᠳᠠᠷᠤᠭᠴᠢ ᠦᠭᠡ ᠠᠪᠬᠤ ᠦᠭᠡᠢ ᠳ᠋ᠦ᠍ᠷ ᠬᠦᠳᠡᠷ ᠪᠦᠰᠡ ᠶᠡᠬᠡᠯ᠎ᠡ ᠲᠡᠨᠴᠢᠭᠦᠷᠡᠨ ᠡᠭᠡᠪᠡ᠃ ᠵᠢᠴᠢ ᠡᠳᠦᠷ ᠠᠯᠲᠠᠨ ᠤᠯᠤᠰ ᠤ᠋ᠨ ᠴᠸᠨ ᠬᠤᠤᠱᠠᠩ ᠪᠠᠰᠠ ᠢᠷᠡᠵᠦ ᠵᠠᠭᠤᠨ ᠵᠦᠢᠯ ᠢ᠋ᠶ᠋ᠡᠷ ᠢᠴᠢᠭᠡᠨ ᠬᠠᠷᠢᠶᠠᠵᠤ 《ᠬᠣᠢᠲᠤ ᠭᠠᠵᠠᠷ ᠤ᠋ᠨ ᠮᠠᠯ ᠠᠳᠤᠭᠤᠰᠤ ᠭᠠᠯᠵᠠᠭᠤᠷᠠᠵᠤ ᠬᠣᠷᠢᠨ ᠣᠨ ᠪᠣᠯᠲᠠᠯ᠎ᠠ ᠬᠥᠨᠳᠡᠯᠡᠨ ᠭᠤᠯᠳᠤ ᠶᠠᠪᠤᠭᠠᠳ ᠡᠨᠡ ᠡᠳᠦᠷ ᠶᠠᠭᠤᠨ ᠳ᠋ᠤᠷ ᠲᠠᠤᠯᠠᠢ ᠬᠢᠷᠭᠤᠤᠯ ᠤ᠋ᠨ ᠪᠠᠢᠳᠠᠯ ᠢ᠋ᠶ᠋ᠠᠨ ᠭᠠᠷᠭᠠᠵᠤ ᠨᠢᠭᠤᠪᠠ ? 》ᠬᠡᠮᠡᠭᠰᠡᠨ ᠳ᠋ᠦ᠍ᠷ ᠵᠢᠶᠦ᠋ᠨ ᠸᠠᠩ ᠳᠠᠢᠰᠤᠨᠳᠠᠷᠤᠭᠴᠢ ᠴᠤ᠌ ᠲᠡᠰᠴᠦ ᠴᠢᠳᠠᠬᠤ ᠦᠭᠡᠢ ᠪᠦᠬᠦᠢ ᠳ᠋ᠦ᠍ᠷ ᠬᠦᠳᠡᠷ ᠪᠦᠰᠡ ᠪᠠᠰᠠ ᠢᠷᠡᠵᠦ ᠭᠠᠷᠴᠤ ᠪᠠᠷᠢᠵᠤ ᠠᠴᠢᠷᠠᠰᠤᠭᠠᠢ ᠬᠡᠮᠡᠬᠦᠢ ᠳ᠋ᠦ᠍ᠷ ᠳᠠᠢᠰᠤᠨᠳᠠᠷᠤᠭᠴᠢ ᠭᠡᠨᠡᠳᠲᠡ ᠠᠭᠤᠷᠯᠠᠵᠤ ᠭ᠍ᠡᠷᠪᠠᠰᠤ ᠭᠠᠷᠲᠤᠭᠠᠢ ᠭᠡᠮᠡᠨ ᠬᠦᠳᠡᠷ ᠪᠦᠰᠡ᠂ ᠬᠦᠷᠡᠯ ᠪᠦᠰᠡ ᠬᠣᠶᠠᠭᠤᠯᠠ ᠶ᠋ᠢᠨ ᠨᠠᠢ᠍ᠮᠠᠨ ᠮᠢᠩᠭᠠᠨ ᠴᠡᠷᠢᠭ ᠢ᠋ ᠭᠠᠷᠭᠠᠭᠰᠠᠨ ᠳ᠋ᠤᠷ ᠬᠣᠶᠠᠷ ᠵᠠᠩᠵᠤᠨ ᠶᠡᠬᠡᠯ᠎ᠡ ᠪᠠᠶᠠᠷᠯᠠᠨ ᠳᠠᠷᠤᠢ ᠪᠠᠷᠠᠭᠤᠨ ᠬᠠᠭᠠᠯᠭ᠎ᠠ ᠶ᠋ᠢ ᠨᠡᠭᠡᠭᠡᠵᠦ ᠠᠯᠠᠨ ᠭᠠᠷᠤᠭᠰᠠᠨ ᠳ᠋ᠤᠷ ᠴᠸᠨ ᠬᠤᠤᠱᠠᠩ ᠮᠣᠩᠭᠣᠯ ᠤ᠋ᠨ ᠴᠡᠷᠢᠭ ᠢ᠋ ᠦᠵᠡᠮᠡᠭᠴᠡ ᠳᠠᠷᠤᠢ ᠵᠡᠪᠰᠡᠭ ᠢ᠋ᠶ᠋ᠡᠨ ᠴᠢᠷᠦᠯᠴᠡᠨ ᠲᠤᠭ ᠢ᠋ᠶ᠋ᠠᠨ ᠬᠤᠷᠤᠢᠯᠠᠵᠤ ᠳᠠ ᠴᠢᠩ ᠶᠤᠸᠠᠨ ᠤ᠋ ᠬᠣᠢᠲᠤ ᠵᠦᠭ ᠪᠤᠷᠤᠭᠤᠯᠠᠨ ᠡᠴᠢᠬᠦᠢ ᠳ᠋ᠦ᠍ᠷ ᠬᠦᠳᠡᠷ ᠪᠦᠰᠡ ᠂ ᠬᠦᠷᠡᠯ ᠪᠦᠰᠡ ᠬᠣᠶᠠᠭᠤᠯᠠ ᠶᠡᠬᠡᠯ᠎ᠡ ᠠᠭᠤᠷᠯᠠᠨ ᠲᠠᠯᠪᠢᠯ ᠦᠭᠡᠢ ᠨᠡᠬᠡᠵᠦ ᠡᠴᠢᠬᠦᠶ᠎ᠡ ᠂ ᠳᠡᠭᠦᠦ ᠢᠨᠣ ᠬᠦᠷᠡᠯ ᠪᠦᠰᠡ ᠥᠭᠦᠯᠡᠷᠦᠨ : 《ᠡᠨᠡ ᠬᠡᠷᠡᠭ ᠪᠠᠬᠠᠨ ᠰᠡᠵᠢᠭᠯᠡᠯᠲᠡᠢ ᠂ ᠲᠡᠷᠡ ᠡᠳᠦᠷ ᠪᠦᠷᠢ ᠬᠠᠷᠢᠶᠠᠭᠠᠳ ᠡᠳᠦᠭᠡ ᠶᠠᠭᠤᠨ ᠳ᠋ᠤᠷ ᠪᠠᠢᠯᠳᠤᠬᠤ ᠦᠭᠡᠢ ᠪᠡᠷ ᠡᠭᠡᠮᠦᠢ? ᠯᠠᠪ ᠪᠦᠭᠭᠦᠭᠰᠡᠨ ᠴᠡᠷᠢᠭ ᠪᠠᠢᠬᠤ ᠪᠣᠢ ᠶᠠ! 》 ᠬᠡᠮᠡᠬᠦ ᠦᠭᠡ ᠪᠠᠷᠠᠬᠤ ᠶ᠋ᠢᠨ ᠤᠷᠢᠳ ᠦᠨᠡᠬᠡᠷ ᠠᠷᠤ ᠶ᠋ᠢᠨ ᠬᠣᠢᠨ᠎ᠠ ᠠ᠋ᠴᠠ ᠬᠠᠰᠬᠢᠷᠬᠤ ᠳᠠᠭᠤᠨ ᠭᠠᠷᠪᠠ᠃ ᠦᠵᠡᠪᠡᠰᠦ ᠴᠣᠬᠣᠮ ᠦᠨᠡᠨ ᠴᠸᠨ ᠬᠤᠤᠱᠠᠩ ᠤ᠋ᠨ ᠴᠡᠷᠢᠭ ᠣᠬᠣᠭᠰᠠᠨ ᠤᠨᠠᠭᠤᠯᠢ ᠶ᠋ᠢᠨ ᠬᠣᠢᠲᠤ ᠳᠣᠲᠣᠷ᠎ᠠ ᠠ᠋ᠴᠠ ᠭᠠᠷᠴᠤ ᠢᠷᠡᠭᠡᠳ ᠳᠥᠷᠪᠡᠨ ᠵᠠᠭᠤᠨ ᠴᠡᠷᠢᠭ ᠦ᠋ᠨ ᠠᠯᠠᠨ ᠢᠷᠡᠬᠦ ᠢᠨᠣ ᠦᠨᠡᠬᠡᠷ ᠬᠦᠴᠦᠲᠡᠢ ᠃ ᠦᠵᠡᠰᠡ ᠠᠩᠬᠠᠨ ᠤ᠋ ᠲᠡᠷᠡ ᠴᠸᠨ ᠬᠤᠤᠱᠠᠩ ᠠᠨᠤ ᠦᠨᠡᠨ ᠴᠸᠨ ᠬᠤᠤᠱᠠᠩ ᠪᠤᠰᠤ᠂ ᠲᠡᠭᠦᠨ ᠦ᠌ ᠱᠠᠪᠢ ᠬᠠᠭᠤᠷᠮᠠᠭ ᠢ᠋ᠶ᠋ᠠᠷ ᠴᠢᠮᠡᠭᠰᠡᠨ ᠠᠵᠤᠭᠤ᠃ ᠡᠨᠡ ᠢᠨᠦ ᠴᠣᠬᠣᠮ ᠦᠨᠡᠨ ᠴᠸᠨ ᠬᠤᠤᠱᠠᠩ ᠤ᠋ᠨ ᠰᠢᠯᠭᠠᠳᠠᠭ ᠴᠡᠷᠢᠭ ᠢ᠋ᠶ᠋ᠡᠨ ᠴᠥᠮ ᠠᠷᠢᠬᠢᠨ ᠳ᠋ᠤᠷ ᠬᠠᠯᠠᠮᠰᠢᠭᠤᠯᠵᠤ᠂ ᠮᠣᠩᠭᠣᠯ ᠤ᠋ᠨ ᠴᠡᠷᠢᠭ ᠦ᠋ᠨ ᠳᠣᠲᠣᠷ᠎ᠠ ᠣᠷᠣᠵᠤ ᠢᠷᠡᠬᠦ ᠢᠨᠦ ᠦᠨᠡᠰᠦᠨ ᠦ᠌ ᠤᠭᠤᠲᠠᠨ ᠢ᠋ ᠵᠢᠳᠠ ᠬᠠᠳᠬᠤᠵᠤ᠂ ᠴᠠᠰᠤᠨ ᠤ᠋ ᠣᠪᠣᠭ᠎ᠠ ᠶ᠋ᠢ ᠢᠯᠳᠦ ᠪᠡᠷ ᠴᠠᠪᠴᠢᠬᠤ ᠮᠡᠲᠦ᠂ ᠪᠢᠴᠢᠬᠠᠨ ᠴᠤ᠌ ᠲᠤᠷᠲᠤᠯ ᠦᠭᠡᠢ ᠠᠯᠠᠨ ᠢᠷᠡᠭᠰᠡᠨ ᠳ᠋ᠦ᠍ᠷ ᠮᠣᠩᠭᠣᠯ ᠤ᠋ᠨ ᠴᠡᠷᠢᠭ ᠴᠸᠨ ᠬᠤᠤᠱᠠᠩ ᠤ᠋ᠨ ᠴᠡᠷᠢᠭ ᠢ᠋ ᠥᠴᠦᠬᠡᠨ ᠴᠦ᠍ ᠬᠡᠷᠡᠭᠰᠡᠬᠦ ᠦᠭᠡᠢ ᠪᠠᠢᠲᠠᠯ᠎ᠠ ᠲᠡᠭᠦᠨ ᠦ᠌ ᠴᠡᠷᠢᠭ ᠭᠡᠨᠡᠳᠲᠡ ᠨᠢᠭᠡᠨ ᠬᠡᠩᠭᠡᠷᠭᠡ ᠳ᠋ᠦ᠍ᠷ ᠴᠠᠬᠢᠯᠭᠠᠨ ᠮᠡᠲᠦ ᠳᠣᠪᠲᠣᠯᠤᠨ ᠮᠣᠩᠭᠣᠯ ᠤ᠋ᠨ ᠨᠠᠢ᠍ᠮᠠᠨ ᠮᠢᠩᠭᠠᠨ ᠴᠡᠷᠢᠭ ᠦ᠋ᠨ ᠳᠣᠲᠣᠷ᠎ᠠ ᠰᠢᠪᠲᠤ ᠴᠣᠬᠢᠵᠤ ᠣᠷᠣᠵᠤ ᠢᠷᠡᠭᠰᠡᠨ᠎ᠡ ᠂ ᠮᠣᠩᠭᠣᠯ ᠤ᠋ᠨ ᠴᠡᠷᠢᠭ ᠰᠠᠨᠠᠭᠠᠨ ᠳ᠋ᠤᠷ ᠦᠭᠡᠢ ᠪᠠᠢᠭᠰᠠᠨ ᠲᠤᠯᠠ ᠲᠤᠯᠵᠤ ᠵᠠᠪᠳᠤᠯ ᠦᠭᠡᠢ ᠠᠯᠲᠠᠨ ᠤᠯᠤᠰ ᠤ᠋ᠨ ᠴᠡᠷᠢᠭ ᠢ᠋ ᠥᠪᠡᠷ ᠦ᠋ᠨ ᠴᠡᠷᠢᠭ ᠦ᠋ᠨ ᠳᠣᠲᠣᠷ᠎ᠠ ᠣᠷᠣᠭᠤᠯᠵᠤ ᠬᠥᠨᠳᠡᠯᠡᠨ ᠭᠤᠯᠳᠤ ᠪᠠᠷ ᠴᠠᠪᠴᠢᠨ ᠶᠠᠪᠤᠬᠤᠢ ᠳ᠋ᠤᠷ ᠮᠣᠩᠭᠣᠯ ᠤ᠋ᠨ ᠴᠡᠷᠢᠭ ᠶᠡᠬᠡᠯ᠎ᠡ ᠰᠠᠮᠠᠭᠤᠷᠠᠨ ᠡᠭᠦᠰᠬᠡᠵᠦ᠂ ᠳᠥᠷᠪᠡᠨ ᠵᠦᠭ ᠲᠦ᠍ᠷ ᠰᠠᠷᠨᠢᠨ ᠪᠤᠷᠤᠭᠤᠯᠠᠬᠤᠶ᠎ᠠ ᠬᠦᠳᠡᠷ ᠪᠦᠰᠡ᠂ ᠬᠦᠷᠡᠯ ᠪᠦᠰᠡ ᠴᠡᠷᠢᠭ ᠢ᠋ ᠨᠢᠭᠡᠨᠲᠡ ᠴᠠᠭᠠᠵᠠᠯᠠᠨ ᠵᠣᠭᠰᠣᠭᠠᠨ ᠴᠢᠳᠠᠬᠤ ᠦᠭᠡᠢ ᠪᠣᠯᠤᠭᠠᠳ ᠶᠠᠭᠠᠷᠠᠨ ᠴᠸᠨ ᠬᠤᠤᠱᠠᠩ ᠢ᠋ ᠡᠷᠢᠨ ᠢᠷᠡᠵᠦ ᠲᠣᠰᠴᠤ ᠪᠠᠢᠯᠳᠤᠬᠤᠢ ᠳ᠋ᠤᠷ ᠴᠸᠨ ᠬᠤᠤᠱᠠᠩ ᠬᠠᠨᠴᠤᠢ ᠠ᠋ᠴᠠ ᠪᠠᠨ ᠭᠠᠤᠯᠢᠨ ᠪᠥᠮᠪᠥᠭᠡ ᠭᠠᠷᠭᠠᠵᠤ᠂ ᠬᠦᠳᠡᠷ ᠪᠦᠰᠡ ᠶ᠋ᠢᠨ ᠲᠡᠷᠢᠭᠦᠨ ᠢ᠋ ᠡᠷᠢᠵᠦ ᠴᠣᠬᠢᠨ ᠢᠯᠡᠭᠡᠭᠰᠡᠨ ᠳ᠋ᠦ᠍ᠷ ᠬᠦᠳᠡᠷ ᠪᠦᠰᠡ ᠵᠢᠳᠠ ᠪᠠᠷ ᠨᠢᠭᠡᠨ ᠤᠳᠠᠭ᠎ᠠ ᠲᠤᠰᠤᠭᠰᠠᠨ ᠳ᠋ᠤᠷ ᠴᠢᠪᠬᠢᠲᠡᠯ᠎ᠡ ᠵᠢᠳᠠ ᠪᠠᠷᠢᠭᠰᠠᠨ ᠭᠠᠷ ᠣᠨᠣᠭᠳᠠᠵᠤ ᠂ ᠵᠢᠳᠠ ᠪᠠᠨ ᠠᠯᠳᠠᠵᠤ ᠶᠠᠭᠠᠷᠠᠨ ᠡᠭᠡᠵᠦ ᠳᠤᠲᠠᠭᠠᠬᠤᠢ ᠳ᠋ᠤᠷ ᠴᠸᠨ ᠬᠤᠤᠱᠠᠩ ᠡᠭᠡᠵᠦ ᠭᠠᠩ ᠤ᠋ᠨ ᠵᠢᠢ ᠵᠢᠳᠠ ᠪᠠᠷ ᠬᠡᠳᠦ ᠬᠡᠳᠦᠨᠲᠡ ᠵᠢᠳᠠᠯᠠᠵᠤ ᠂ ᠠᠷᠤ ᠳ᠋ᠤᠷ ᠰᠢᠷᠬ᠎ᠠ ᠣᠯᠭᠣᠵᠤ ᠠᠷᠠᠢ ᠪᠠᠷᠢᠭᠳᠠᠬᠤᠢ ᠳ᠋ᠤᠷ ᠬᠦᠷᠲᠡᠯ᠎ᠡ ᠳᠡᠭᠦᠦ ᠢᠨᠣ ᠬᠦᠷᠡᠯ ᠪᠦᠰᠡ ᠮᠥᠨ ᠳᠤᠲᠠᠭᠠᠨ ᠬᠦᠷᠴᠦ ᠢᠷᠡᠬᠦᠶ᠎ᠡ ᠠᠬ᠎ᠠ ᠪᠠᠨ ᠠᠯᠠᠭᠳᠠᠬᠤ ᠰᠢᠬᠠᠭᠰᠠᠨ ᠢ᠋ ᠦᠵᠡᠭᠡᠳ ᠶᠠᠭᠠᠷᠠᠨ ᠢᠷᠡᠵᠦ ᠪᠠᠢᠯᠳᠤᠵᠤ ᠭᠠᠷᠭᠠᠪᠠ᠃ ᠡᠨᠡ ᠦᠶ᠎ᠡ ᠳ᠋ᠦ᠍ᠷ ᠠᠩᠬᠠᠨ ᠤ᠋ ᠬᠠᠭᠤᠷᠮᠠᠭ ᠴᠸᠨ ᠬᠤᠤᠱᠠᠩ ᠤ᠋ᠨ ᠴᠡᠷᠢᠭ ᠬᠡᠳᠦᠢᠨᠡᠢ ᠮᠣᠩᠭᠣᠯ ᠤ᠋ᠨ ᠡᠭᠡᠬᠦ ᠵᠠᠮ ᠳ᠋ᠤᠷ ᠡᠴᠢᠵᠦ ᠲᠤᠰᠤᠭᠰᠠᠨ ᠳ᠋ᠤᠷ ᠮᠣᠩᠭᠣᠯ ᠤ᠋ᠨ ᠴᠡᠷᠢᠭ ᠬᠡᠳᠦᠨ ᠵᠠᠭᠤᠨ ᠬᠥᠮᠦᠨ ᠠᠪᠲᠠᠵᠤ ᠂ ᠵᠠᠮ ᠡᠷᠢᠨ ᠪᠤᠷᠤᠭᠤᠯᠠᠨ ᠶᠠᠪᠤᠬᠤᠢ ᠳ᠋ᠤᠷ ᠭᠡᠨᠡᠳᠲᠡ ᠴᠸᠡ ᠬᠤᠤᠱᠠᠩ ᠤ᠋ᠨ ᠤᠬᠤᠭᠰᠠᠨ ᠪᠢᠲᠡᠭᠦᠦ ᠭᠣᠣ ᠳ᠋ᠤᠷ ᠴᠥᠮᠥᠷᠡᠨ ᠤᠨᠠᠵᠤ ᠳᠦᠭᠦᠷᠦᠭᠰᠡᠨ ᠳ᠋ᠦ᠍ᠷ ᠂ ᠬᠦᠳᠡᠷ ᠪᠦᠰᠡ ᠪᠡᠶ᠎ᠡ ᠳ᠋ᠦ᠍ᠷ ᠰᠢᠷᠬ᠎ᠠ ᠣᠯᠵᠤ ᠬᠠᠷᠠᠬᠠᠨ ᠮᠡᠩᠳᠡᠭᠦᠷᠡᠨ ᠶᠠᠪᠤᠬᠤᠢ ᠳ᠋ᠤᠷ ᠴᠢᠪᠬᠢᠲᠡᠯ᠎ᠡ ᠪᠠᠰᠠ ᠡᠨᠡ ᠨᠦᠬᠡ ᠳ᠋ᠦ᠍ᠷ ᠤᠨᠠᠭᠠᠳ ᠴᠸᠡ ᠬᠤᠤᠱᠠᠩ ᠤ᠋ᠨ ᠴᠡᠷᠢᠭ ᠳᠡᠭᠡᠷ᠎ᠡ ᠡᠴᠡ ᠤᠷᠲᠤ ᠵᠢᠳᠠ ᠪᠠᠷ ᠵᠢᠳᠠᠯᠠᠵᠤ ᠠᠯᠠᠭᠠᠳ ᠲᠣᠯᠣᠭᠠᠢ ᠶ᠋ᠢ ᠣᠭᠲᠣᠯᠵᠤ ᠠᠪᠤᠪᠠ᠃ ᠬᠦᠷᠡᠯ ᠪᠦᠰᠡ ᠶᠠᠭᠠᠷᠠᠨ ᠦᠯᠡᠭᠰᠡᠨ ᠴᠡᠷᠢᠭ ᠢ᠋ᠶ᠋ᠡᠨ ᠠᠪᠴᠤ ᠳᠤᠲᠠᠭᠠᠬᠤᠶ᠎ᠠ᠂ ᠴᠸᠡ ᠬᠤᠤᠱᠠᠩ ᠮᠣᠩᠭᠣᠯ ᠤ᠋ᠨ ᠰᠡᠭᠦᠯ ᠢ᠋ ᠳᠠᠷᠤᠨ ᠨᠡᠬᠡᠵᠦ᠂ ᠴᠥᠮ ᠠᠯᠠᠵᠤ ᠠᠷᠢᠯᠭᠠᠶ᠎ᠠ ᠭᠡᠮᠡᠨ ᠬᠠᠷᠠᠬᠠᠨ ᠠᠮᠲᠠᠳᠠᠶ᠎ᠠ ᠠᠯᠠᠨ ᠶᠠᠪᠤᠬᠤᠢ ᠳ᠋ᠤᠷ ᠭᠡᠨᠡᠳᠲᠡ ᠠᠭᠤᠯᠠᠨ ᠤ᠋ ᠬᠣᠱᠣᠣ ᠶ᠋ᠢᠨ ᠴᠠᠭᠠᠨ᠎ᠠ᠂ ᠮᠣᠩᠭᠣᠯ ᠤᠯᠤᠰ ᠤ᠋ᠨ ᠶᠡᠬᠡ ᠶᠤᠸᠠᠨᠱᠤᠸᠠᠢ ᠲᠠᠢᠰᠢ ᠭᠦᠸᠧ ᠸᠠᠩ ᠪᠤᠯᠤ ᠶ᠋ᠢᠨ ᠰᠢᠭᠦᠷ ᠳᠠᠯᠪᠠᠭ᠎ᠠ ᠬᠥᠳᠡᠯᠵᠦ᠂ ᠶᠡᠬᠡ ᠴᠡᠷᠢᠭ ᠬᠦᠷᠴᠦ ᠢᠷᠡᠬᠦᠢ ᠳ᠋ᠦ᠍ᠷ ᠯᠠᠪ ᠬᠠᠭᠤᠷᠮᠠᠭ ᠴᠡᠷᠢᠭ ᠪᠣᠢ ᠊ᠢ᠎ᠠ ᠬᠡᠮᠡᠬᠦᠶ᠎ᠡ ᠲᠠᠢᠰᠢ ᠪᠤᠯᠤ ᠪᠡᠶ᠎ᠡ ᠳ᠋ᠦ᠍ᠷ ᠠᠯᠲᠠᠨ ᠬᠤᠶᠠᠭ ᠬᠠᠰ ᠤ᠋ᠨ ᠪᠦᠰᠡ ᠰᠤᠪᠤᠳ ᠤ᠋ᠨ ᠳᠤᠭᠤᠯᠠᠭ᠎ᠠ ᠭᠠᠩ ᠤ᠋ᠨ ᠵᠢᠳᠠ ᠪᠠᠷᠢᠵᠤ᠂ ᠵᠢᠭᠰᠠᠭᠠᠯ ᠤ᠋ᠨ ᠡᠮᠦᠨ᠎ᠡ ᠶᠠᠪᠤᠬᠤ ᠶ᠋ᠢ ᠦᠵᠡᠵᠦ ᠲᠠᠨᠢᠭᠠᠳ ᠰᠠᠶᠢ ᠨᠡᠬᠡᠵᠦ ᠠᠯᠠᠬᠤ ᠪᠠᠨ ᠪᠠᠢᠵᠤ ᠴᠡᠷᠢᠭ ᠬᠤᠷᠢᠶᠠᠪᠠ᠃
ᠲᠡᠳᠦᠢ ᠬᠦᠷᠡᠯ ᠪᠦᠰᠡ ᠶ᠋ᠢᠨ ᠬᠣᠬᠢᠷᠠᠵᠤ ᠦᠯᠡᠭᠰᠡᠨ ᠵᠢᠷᠭᠤᠭᠠᠨ ᠮᠢᠩᠭᠠᠨ ᠢᠯᠡᠭᠦᠦ ᠴᠡᠷᠢᠭ ᠢ᠋ ᠲᠣᠰᠴᠤ ᠠᠪᠤᠭᠠᠳ ᠲᠠᠢᠰᠢ ᠪᠤᠯᠤ ᠪᠠᠰᠠ ᠡᠰᠡᠷᠭᠦᠯᠡᠨ ᠣᠷᠣᠭᠰᠠᠨ ᠦᠭᠡᠢ ᠂ ᠬᠦᠷᠡᠯ ᠪᠦᠰᠡ ᠶ᠋ᠢ ᠠᠪᠴᠤ ᠡᠭᠡᠪᠡ᠃ ᠦᠵᠡᠰᠡ ᠪᠤᠯᠤ ᠶ᠋ᠢᠨ ᠵᠠᠬᠢᠶ᠎ᠠ ᠪᠠᠷ ᠪᠡᠯᠡᠳᠬᠡᠭᠰᠡᠨ ᠠᠷᠭ᠎ᠠ ᠪᠠᠷ ᠬᠦᠷᠡᠯ ᠪᠦᠰᠡ ᠶ᠋ᠢ ᠬᠠᠮᠠᠭᠠᠯᠠᠨ ᠠᠪᠠᠴᠢᠭᠰᠠᠨ ᠠᠵᠤᠭᠤ ᠃ ᠡᠨᠡ ᠢᠨᠤ ᠪᠤᠯᠤ ᠶ᠋ᠢᠨ ᠡᠴᠢᠬᠦᠢ ᠳ᠋ᠦ᠍ᠷ ᠪᠡᠶ᠎ᠡ ᠪᠡᠨ ᠡᠴᠢᠪᠡᠰᠦ ᠪᠠᠭ᠎ᠠ ᠵᠠᠩᠵᠤᠨ ᠨᠠᠷ ᠯᠠᠪ ᠡᠷᠡᠮᠰᠢᠵᠦ ᠴᠠᠭᠠᠵᠠ ᠶ᠋ᠢ ᠦᠯᠦ ᠰᠠᠬᠢᠨ ᠂ ᠭ᠍ᠡᠷᠪᠠᠰᠤ ᠡᠨᠡ ᠠᠷᠭ᠎ᠠ ᠪᠠᠷ ᠲᠡᠩᠬᠡᠷᠡᠭᠦᠯ ᠭᠡᠮᠡᠨ ᠠᠪᠠᠭ᠎ᠠ ᠳᠠᠢᠰᠤᠨᠳᠠᠷᠤᠭᠴᠢ ᠳ᠋ᠤᠷ ᠪᠢᠴᠢᠭ ᠢᠯᠡᠭᠡᠭᠰᠡᠨ ᠠᠵᠤᠭᠤ᠃ ᠡᠨᠡ ᠠᠷᠭ᠎ᠠ ᠨᠢᠭᠡᠨ ᠳ᠋ᠦ᠍ᠷ ᠥᠪᠡᠷ ᠦ᠋ᠨ ᠵᠠᠩᠵᠤᠨ ᠨᠠᠷ ᠤ᠋ᠨ ᠣᠮᠣᠭ ᠢ᠋ ᠳᠠᠷᠤᠵᠤ᠂ ᠬᠣᠶᠠᠷ ᠲᠤᠷ ᠠᠯᠲᠠᠨ ᠤᠯᠤᠰ ᠤ᠋ᠨ ᠴᠡᠷᠢᠭ ᠢ᠋ ᠰᠡᠵᠢᠭᠯᠡᠭᠦᠯᠬᠦ ᠠᠷᠭ᠎ᠠ᠂ ᠡᠨᠡ ᠨᠢᠭᠡᠨ ᠤᠳᠠᠭ᠎ᠠ ᠭᠠᠷᠤᠭᠰᠠᠨ ᠢ᠋ᠶ᠋ᠠᠷ ᠠᠯᠲᠠᠨ ᠤᠯᠤᠰ ᠤ᠋ᠨ ᠴᠡᠷᠢᠭ ᠪᠣᠯᠭᠣᠮᠵᠢᠯᠠᠵᠤ᠂ ᠮᠣᠩᠭᠣᠯ ᠤ᠋ᠨ ᠴᠡᠷᠢᠭ ᠢ᠋ ᠬᠠᠯᠳᠠᠬᠤᠢ ᠪᠠᠨ ᠪᠠᠢᠪᠠ᠃
ᠲᠡᠳᠦᠢ ᠡᠨᠡ ᠤᠳᠠᠭ᠎ᠠ ᠶ᠋ᠢᠨ ᠪᠠᠢᠯᠳᠤᠭᠠᠨ ᠳ᠋ᠤᠷ ᠠᠯᠲᠠᠨ ᠤᠯᠤᠰ ᠤ᠋ᠨ ᠴᠸᠡ ᠬᠤᠤᠱᠠᠩ ᠤ᠋ᠨ ᠰᠢᠳᠤᠷᠭᠤ ᠡᠯᠪᠡᠷᠢᠯᠳᠦ ᠳᠥᠷᠪᠡᠨ ᠵᠠᠭᠤᠨ ᠴᠡᠷᠢᠭ ᠮᠣᠩᠭᠣᠯ ᠤ᠋ᠨ ᠨᠠᠢ᠍ᠮᠠᠨ ᠮᠢᠩᠭᠠᠨ ᠴᠡᠷᠢᠭ ᠦ᠋ᠨ ᠬᠣᠶᠠᠷ ᠮᠢᠩᠭᠠᠨ ᠰᠢᠬᠠᠮ ᠬᠥᠮᠦᠨ ᠢ᠋ ᠠᠯᠠᠭᠰᠠᠨ ᠢ᠋ᠶ᠋ᠠᠷ ᠵᠣᠭᠰᠣᠬᠤ ᠦᠭᠡᠢ᠂ ᠲᠡᠷᠢᠭᠦᠯᠡᠭᠰᠡᠨ ᠶᠡᠬᠡ ᠵᠠᠩᠵᠤᠨ ᠢ ᠠᠯᠠᠵᠤ᠂ ᠲᠣᠯᠣᠭᠠᠢ ᠶ᠋ᠢ ᠣᠭᠲᠣᠯᠵᠤ ᠡᠭᠡᠭᠰᠡᠨ ᠳ᠋ᠦ᠍ᠷ ᠸᠠᠨ ᠶᠠᠨ ᠾᠧ ᠳᠡ ᠶᠡᠬᠡᠯ᠎ᠡ ᠪᠠᠶᠠᠷᠯᠠᠨ᠂ ᠮᠣᠩᠭᠣᠯ ᠤᠯᠤᠰ ᠮᠠᠨ ᠯᠤᠭ᠎ᠠ ᠬᠠᠯᠳᠠᠵᠤ ᠪᠠᠢᠭᠰᠠᠭᠠᠷ ᠬᠣᠷᠢᠨ ᠵᠢᠯ ᠪᠣᠯᠲᠠᠯ᠎ᠠ ᠨᠢᠭᠡᠨ ᠤᠳᠠᠭ᠎ᠠ ᠴᠤ᠌ ᠳᠡᠢᠯᠦᠭᠳᠡᠭᠰᠡᠨ ᠦᠭᠡᠢ᠂ ᠡᠳᠦᠭᠡ ᠴᠸᠡ ᠬᠤᠤᠱᠠᠩ ᠤ᠋ᠨ ᠳᠥᠷᠪᠡᠨ ᠵᠠᠭᠤᠨ ᠴᠡᠷᠢᠭ ᠮᠣᠩᠭᠣᠯ ᠤ᠋ᠨ ᠨᠢᠭᠡᠨ ᠲᠦᠮᠡᠨ ᠴᠡᠷᠢᠭ ᠢ᠋ ᠴᠥᠮ ᠠᠯᠠᠵᠤ᠂ ᠲᠡᠷᠢᠭᠦᠯᠡᠭᠰᠡᠨ ᠵᠠᠩᠵᠤᠨ ᠤ᠋ ᠲᠣᠯᠣᠭᠠᠢ ᠶ᠋ᠢ ᠠᠪᠤᠪᠠ ᠭᠡᠮᠡᠨ ᠠᠯᠲᠠᠨ ᠤ᠋ ᠠᠢᠽᠦ᠋ᠩ ᠳ᠋ᠦ᠍ᠷ ᠠᠢᠯᠠᠳᠬᠠᠵᠤ᠂ ᠶᠡᠬᠡ ᠪᠠᠶᠠᠰᠬᠤᠯᠠᠩ ᠤ᠋ᠨ ᠶᠣᠰᠣᠭᠠᠷ ᠲᠡᠭᠷᠢ ᠭᠠᠵᠠᠷ ᠪᠠ ᠤᠷᠢᠳᠤᠰ ᠡᠪᠦᠭᠡᠳ ᠢ᠋ ᠳᠠᠬᠢᠵᠤ ᠶᠡᠬᠡ ᠥᠷᠯᠥᠭ ᠪᠠᠭᠤᠯᠭᠠᠭᠠᠳ ᠤᠯᠤᠰ ᠤ᠋ᠨ ᠬᠣᠲᠠᠯᠠ ᠳ᠋ᠤᠷ ᠵᠠᠷᠯᠠᠪᠠ᠃ ᠴᠡᠷᠢᠭ ᠦ᠋ᠨ ᠡᠵᠡᠨ ᠫᠢᠩ ᠵᠠᠩ ᠵᠧᠩ ᠱᠢ – ᠸᠠᠨ ᠶᠠᠨ ᠾᠧ ᠳᠡ ᠶ᠋ᠢ ᠶᠡᠬᠡᠯ᠎ᠡ ᠡᠷᠭᠦᠮᠵᠢᠯᠡᠨ᠂ ᠸᠠᠨ ᠶᠠᠨ ᠴᠸᠡ ᠬᠤᠤᠱᠠᠩ ᠢ᠋ ᠰᠢᠳᠤᠷᠭᠤ ᠡᠯᠪᠡᠷᠢᠯᠲᠦ ᠶᠡᠬᠡ ᠰᠠᠢᠳ ᠬᠡᠮᠡᠪᠡ᠃ ᠡᠭᠦᠨᠴᠡ ᠠᠯᠲᠠᠨ ᠤᠯᠤᠰ ᠲᠤᠷ ᠴᠸᠡ ᠬᠤᠤᠱᠠᠩ ᠤ᠋ᠨ ᠰᠢᠳᠤᠷᠭᠤ ᠵᠢᠷᠤᠮᠲᠤ ᠴᠡᠷᠢᠭ ᠲᠦ᠍ᠷ ᠰᠢᠷᠭᠤᠭᠴᠢ ᠡᠷᠡᠰ ᠮᠠᠰᠢ ᠣᠯᠠᠨ ᠪᠣᠯᠵᠤ᠂ ᠴᠡᠷᠢᠭ ᠦ᠋ᠨ ᠰᠦᠷ ᠰᠥᠩ ᠤᠯᠤᠰ ᠲᠤᠷ ᠲᠤᠯᠲᠠᠯ᠎ᠠ ᠠᠯᠳᠠᠷᠰᠢᠪᠠ᠃
ᠲᠡᠳᠦᠢ ᠪᠠᠰᠠ ᠳᠠᠬᠢᠨ ᠳᠠᠬᠢᠨ ᠪᠠᠢᠯᠳᠤᠷ᠎ᠠ ᠢᠷᠡᠬᠦᠢ ᠳ᠋ᠦ᠍ᠷ ᠮᠣᠩᠭᠣᠯ ᠤ᠋ᠨ ᠶᠤᠸᠠᠨᠱᠤᠸᠠᠢ ᠳᠠᠢᠰᠤᠨᠳᠠᠷᠤᠭᠴᠢ ᠵᠢᠶᠦ᠋ᠨ ᠸᠠᠩ ᠣᠯᠠᠨ ᠴᠡᠷᠢᠭ ᠢ᠋ ᠴᠢᠩᠳᠠ ᠴᠠᠭᠠᠵᠠᠯᠠᠨ ᠳᠠ ᠴᠢᠩ ᠶᠤᠸᠠᠨ ᠢ᠋ ᠪᠡᠬᠢᠯᠡᠨ ᠰᠠᠬᠢᠪᠠ᠃ ᠡᠭᠦᠨᠴᠡ ᠬᠣᠶᠠᠷ ᠡᠲᠡᠭᠡᠳ ᠬᠠᠷᠢᠯᠴᠠᠨ ᠰᠠᠬᠢᠵᠤ ᠤᠳᠠᠭᠰᠠᠨ ᠦᠭᠡᠢ ᠡᠪᠦᠯ ᠦ᠋ᠨ ᠲᠡᠷᠢᠭᠦᠨ ᠰᠠᠷ᠎ᠠ ᠣᠷᠣᠵᠤ᠂ ᠮᠣᠩᠭᠣᠯ ᠤᠯᠤᠰ ᠤ᠋ᠨ ᠬᠣᠯᠠᠳᠠᠬᠢ ᠳᠥᠷᠪᠡᠨ ᠵᠦᠭ ᠦ᠋ᠨ ᠸᠠᠩ ᠰᠠᠢᠳ ᠤ᠋ᠳ ᠴᠥᠮ ᠬᠤᠷᠠᠵᠤ ᠢᠷᠡᠪᠡ᠃ ᠭᠠᠭᠴᠠ ᠭᠤᠷᠪᠠᠳᠤᠭᠠᠷ ᠲᠠᠢᠽᠢ ᠥᠭᠡᠳᠡᠢ ᠴᠢᠨ ᠸᠠᠩ ᠤ᠋ᠨ ᠴᠡᠷᠢᠭ᠂ ᠠᠯᠲᠠᠨ ᠤᠯᠤᠰ᠂ ᠡᠮᠦᠨ᠎ᠡ ᠰᠥᠩ ᠤᠯᠤᠰ ᠤ᠋ᠨ ᠵᠠᠬ᠎ᠠ ᠶ᠋ᠢᠨ ᠭᠦᠸᠧ ᠪᠦ ᠭᠠᠵᠠᠷ ᠪᠠᠢᠭᠰᠠᠨ ᠲᠤᠯᠠ ᠭᠠᠰᠠᠯᠠᠩ ᠤ᠋ᠨ ᠮᠡᠳᠡᠭᠡ ᠬᠦᠷᠦᠭᠰᠡᠨ ᠢᠨᠤ ᠣᠷᠣᠢ ᠳ᠋ᠤᠷ ᠢᠷᠡᠬᠦ ᠵᠠᠮ ᠪᠠᠰᠠ ᠠᠯᠲᠠᠨ ᠰᠥᠩ ᠦ᠋ᠨ ᠴᠡᠷᠢᠭ ᠲᠦ᠍ᠷ ᠲᠠᠰᠤᠯᠤᠭᠳᠠᠨ ᠪᠠᠷᠠᠭᠤᠨ ᠤᠯᠤᠰ ᠢ᠋ᠶ᠋ᠠᠷ ᠲᠣᠭᠣᠷᠢᠨ ᠢᠷᠡᠬᠦᠢ ᠳ᠋ᠦ᠍ᠷ ᠵᠠᠮ ᠮᠠᠰᠢ ᠬᠣᠯᠠ᠂ ᠬᠠᠮᠤᠭ ᠤ᠋ᠨ ᠰᠡᠭᠦᠯ ᠳ᠋ᠦ᠍ᠷ ᠬᠦᠷᠴᠦ ᠢᠷᠡᠭᠡᠳ ᠬᠠᠭᠠᠨ ᠤ᠋ ᠠᠯᠲᠠᠨ ᠠᠪᠰᠠ ᠶ᠋ᠢᠨ ᠡᠮᠦᠨ᠎ᠡ ᠰᠥᠭᠥᠳᠴᠦ ᠠᠬ᠎ᠠ ᠳᠡᠭᠦᠦ ᠨᠠᠷ ᠬᠦᠵᠦᠭᠦᠦ ᠲᠡᠪᠡᠷᠢᠯᠴᠡᠨ ᠤᠬᠢᠯᠠᠭᠰᠠᠭᠠᠷ ᠬᠠᠷᠠᠩᠭᠤᠲᠠᠨ ᠡᠷᠭᠢᠭᠦᠳᠡᠵᠦ᠂ ᠳᠥᠷᠪᠡᠨ ᠳᠡᠭᠦᠦ ᠴᠢᠨ ᠸᠠᠩ᠂ ᠳᠥᠷᠪᠡᠨ ᠲᠠᠢᠽᠢ ᠴᠢᠨ ᠸᠠᠩ ᠤ᠋ᠨ ᠭᠠᠰᠠᠯᠤᠯᠴᠠᠬᠤ ᠠᠨᠤ ᠮᠠᠰᠢ ᠡᠮᠭᠡᠨᠢᠯᠲᠡᠢ᠂ ᠡᠳᠦᠷ ᠪᠦᠷᠢ ᠵᠠᠯᠭᠠᠯᠳᠤᠬᠤᠶᠠ᠂ ᠪᠤᠭᠤᠷᠵᠢ᠂ ᠴᠢᠯᠠᠭᠤ ᠬᠣᠶᠠᠷ ᠵᠢᠶᠦ᠋ᠨ ᠸᠠᠩ᠂ ᠲᠠᠢᠰᠢ ᠪᠤᠯᠤ᠂ ᠲᠠᠢᠪᠤᠤ ᠪᠤᠭᠤᠷᠤᠯ ᠤ᠋ᠨ ᠬᠥᠪᠡᠭᠦᠨ ᠲᠠᠢᠪᠤᠤ ᠤᠬᠠᠭᠠᠨᠲᠤ᠂ ᠪᠢᠴᠢᠭ ᠦ᠋ᠨ ᠰᠠᠢᠳ ᠶᠧ ᠯᠢᠦᠢ ᠴᠦ ᠼᠠᠢ ᠨᠠᠷ ᠣᠷᠣᠵᠤ ᠬᠣᠷᠢᠭᠯᠠᠨ ᠥᠭᠦᠯᠡᠷᠦᠨ :《ᠨᠠᠢ᠍ᠮᠠᠨ ᠸᠠᠩ ᠡᠨᠡ ᠮᠡᠲᠦ ᠬᠡᠲᠦᠷᠬᠡᠶ᠎ᠡ ᠭᠠᠰᠠᠯᠪᠠᠰᠤ ᠳᠡᠭᠡᠳᠦ ᠭᠤᠸᠠᠩ ᠰᠢᠶᠠᠨ ᠲᠠᠢᠬᠡᠦ ᠶ᠋ᠢᠨ ᠰᠡᠳᠬᠢᠯ ᠢ᠋ ᠨᠡᠩ ᠳᠠᠪᠬᠤᠷ ᠴᠢᠯᠡᠭᠡᠮᠦᠢ᠂ ᠶᠠᠮᠪᠠᠷ ᠬᠡᠷᠡᠭ ᠢ᠋ ᠴᠦ᠍ ᠬᠠᠲᠠᠭᠤᠵᠢᠨ ᠭᠦᠢᠴᠡᠭᠡᠵᠦ᠂ ᠳᠡᠭᠡᠳᠦ ᠬᠠᠭᠠᠨ ᠤ᠋ ᠰᠠᠨᠠᠭᠠᠨ ᠢ᠋ ᠵᠠᠯᠭᠠᠮᠵᠢᠯᠠᠨ ᠤᠯᠤᠰ ᠲᠥᠷᠥ ᠶ᠋ᠢ ᠪᠦᠲᠦᠭᠡᠬᠦ ᠶ᠋ᠢ ᠬᠢᠴᠢᠶᠡᠪᠡᠰᠦ ᠵᠣᠬᠢᠮᠤᠢ ! 》 ᠭᠡᠮᠡᠨ ᠨᠠᠢ᠍ᠮᠠᠨ ᠸᠠᠩ ᠬᠠᠮᠲᠤ ᠪᠠᠷ ᠭᠤᠸᠠᠩ ᠰᠢᠶᠠᠨ ᠲᠠᠢᠬᠡᠦ ᠶ᠋ᠢ ᠲᠣᠬᠣᠷᠤᠭᠤᠯᠤᠨ᠂ ᠬᠠᠭᠠᠨ ᠤ᠋ ᠠᠯᠲᠠᠨ ᠰᠠᠪᠠ ᠶ᠋ᠢᠨ ᠭᠠᠳᠠᠭᠤᠷ ᠳᠠᠪᠬᠤᠷ ᠮᠥᠩᠭᠥᠨ ᠦ᠌ ᠭᠡᠷ᠂ ᠭᠠᠳᠠᠭᠤᠷ ᠲᠡᠮᠦᠷ ᠠᠪᠳᠠᠷ᠎ᠠ ᠭᠤᠷᠪᠠᠨ ᠳᠠᠪᠬᠤᠷ ᠪᠠᠢᠭᠤᠯᠵᠤ᠂ ᠪᠠᠰᠠ ᠡᠨᠡ ᠮᠡᠲᠦ ᠨᠢᠭᠡᠨ ᠠᠳᠠᠯᠢ ᠳᠥᠷᠪᠡᠨ ᠰᠠᠪᠠ ᠳᠥᠷᠪᠡᠨ ᠭᠡᠷ ᠢ᠋ ᠪᠡᠯᠡᠳᠬᠡᠭᠡᠳ ᠳᠥᠷᠪᠡᠨ ᠵᠦᠭ ᠦ᠋ᠨ ᠶᠡᠬᠡ ᠮᠤᠩᠭᠤᠨ ᠳ᠋ᠤᠷ ᠨᠢᠭᠡᠨ ᠳᠡᠭᠦᠦ ᠨᠢᠭᠡᠨ ᠲᠠᠢᠽᠢ ᠨᠢᠭᠡᠨ ᠴᠢᠨᠳᠠᠷ ᠤ᠋ᠨ ᠭᠡᠭᠡᠨ ᠢ᠋ ᠨᠢᠭᠡᠨ ᠠᠩᠭᠢ ᠳ᠋ᠤᠷ ᠨᠢᠵᠡᠭᠡᠳ ᠲᠦᠮᠡᠨ ᠴᠡᠷᠢᠭ᠂ ᠨᠢᠭᠡᠨ ᠲᠠᠢᠰᠢ ᠨᠢᠭᠡᠨ ᠲᠠᠢᠪᠤᠤ ᠲᠠᠭᠠᠯᠴᠠᠨ ᠬᠦᠷᠭᠡᠪᠡ᠃ ᠠᠯᠢᠨ ᠤ᠋ ᠳᠣᠲᠣᠷ᠎ᠠ ᠬᠠᠭᠠᠨ ᠤ᠋ ᠦᠨᠡᠨ ᠴᠢᠨᠳᠠᠷ ᠠᠬᠤ ᠶ᠋ᠢ ᠮᠡᠳᠡᠬᠦ ᠦᠭᠡᠢ᠂ ᠤᠯᠤᠰ ᠤ᠋ᠨ ᠬᠣᠲᠠᠯᠠᠭᠠᠷ ᠴᠥᠮ ᠮᠡᠳᠡᠵᠦ ᠡᠰᠡ ᠴᠢᠳᠠᠵᠤᠬᠤᠢ᠃ ᠡᠨᠡ ᠳᠥᠷᠪᠡᠨ ᠵᠦᠭ ᠦ᠋ᠨ ᠴᠢᠨᠳᠠᠷ ᠤ᠋ᠨ ᠭᠡᠭᠡᠨ ᠳᠥᠷᠪᠡᠭᠦᠯᠡ ᠳ᠋ᠦ᠍ᠷ ᠴᠥᠮ ᠭᠠᠢᠬᠠᠮᠰᠢᠭ ᠰᠦᠯᠳᠡ ᠢᠯᠡᠷᠡᠵᠦ᠂ ᠣᠯᠠᠨ ᠳ᠋ᠤᠷ ᠦᠵᠡᠭᠳᠡᠪᠡ᠃ ᠲᠡᠷᠢᠭᠦᠨ ᠭᠡᠭᠡᠨ ᠢ᠋ ᠱᠠᠨ ᠰᠢ ᠮᠣᠵᠢ ᠶ᠋ᠢᠨ ᠴᠢ ᠨᠢᠶᠠᠨ ᠬᠦ ᠳ᠋ᠦ᠍ᠷ ᠮᠢᠩᠭᠠᠨ ᠭᠠᠵᠠᠷ ᠤ᠋ᠨ ᠤᠷᠲᠤ ᠤᠬᠤᠵᠤ ᠣᠷᠣᠰᠢᠭᠤᠯᠤᠨ᠂ ᠲᠡᠷᠡ ᠭᠠᠵᠠᠷ ᠶᠡᠬᠡ ᠮᠤᠩᠭᠤᠨ ᠢ᠋ ᠪᠠᠷᠢᠪᠠ᠂ ᠡᠳᠦᠭᠡ ᠪᠣᠯᠲᠠᠯ᠎ᠠ ᠪᠣᠢ᠃ ᠬᠣᠶᠠᠳᠤᠭᠠᠷ ᠭᠡᠭᠡᠨ ᠢ᠋ ᠣᠷᠳᠣᠰ ᠬᠤᠰᠢᠭᠤᠨ ᠤ᠋ ᠭᠠᠵᠠᠷ – ᠲᠡᠷᠡ ᠦᠶ᠎ᠡ ᠳ᠋ᠦ᠍ᠷ ᠬᠡᠷᠦᠯᠦᠨ ᠦ᠌ ᠠᠷᠠᠯ ᠬᠡᠮᠡᠮᠦᠢ᠃ ᠲᠡᠨᠳᠡ ᠮᠢᠩᠭᠠᠨ ᠭᠠᠵᠠᠷ ᠤ᠋ᠨ ᠣᠷᠳᠣᠨ ᠬᠢᠵᠦ ᠣᠷᠣᠰᠢᠭᠤᠯᠤᠨ᠂ ᠪᠠᠰᠠ ᠲᠡᠭᠰᠢᠯᠡᠵᠦ ᠲᠡᠷᠡ ᠭᠠᠵᠠᠷ ᠥᠷᠭᠥᠭᠡ ᠭᠡᠷ ᠢ᠋ᠶ᠋ᠡᠷ ᠮᠣᠩᠭᠣᠨ ᠢ᠋ ᠪᠠᠢᠭᠤᠯᠵᠤ᠂ ᠳᠡᠭᠡᠳᠦ ᠡᠵᠡᠨ ᠯᠢᠶᠸᠽᠤ ᠬᠤᠸᠠᠩᠳᠢ ᠪᠠᠭᠠᠲᠤᠷ ᠡᠵᠡᠨ ᠦ᠌ ᠰᠦᠯᠳᠡ ᠶ᠋ᠢ ᠳᠠᠭᠠᠯᠳᠤᠭᠤᠯᠤᠨ᠂ ᠲᠠᠢᠽᠦ ᠬᠤᠸᠠᠩᠳᠢ ᠴᠢᠩᠭᠢᠰ ᠪᠣᠭᠳᠠ ᠶ᠋ᠢᠨ ᠰᠦᠯᠳᠡ ᠶ᠋ᠢ ᠪᠠᠢᠭᠤᠯᠵᠤ᠂ ᠬᠣᠶᠠᠷ ᠴᠠᠭᠠᠨ ᠭᠡᠷ ᠪᠣᠰᠬᠠᠪᠠ᠃ ᠭᠤᠷᠪᠠᠳᠤᠭᠠᠷ ᠴᠢᠨᠳᠠᠷ ᠢ ᠠᠯᠲᠠᠢ ᠬᠠᠨ ᠤ᠋ ᠠᠷᠤ ᠬᠠᠨᠳᠠ ᠬᠠᠨ ᠤ᠋ ᠦᠷᠭᠦ ᠳ᠋ᠡᠭᠡᠨ ᠤᠯᠠ ᠬᠠᠳᠠ ᠮᠣᠳᠣᠨ ᠤ᠋ ᠰᠢᠯᠠ ᠳ᠋ᠤᠷ ᠮᠥᠨ ᠬᠦ᠌ ᠮᠢᠩᠭᠠᠨ ᠭᠠᠵᠠᠷ ᠤᠷᠲᠤ ᠤᠬᠤᠵᠤ ᠣᠷᠣᠰᠢᠭᠤᠯᠤᠨ᠂ ᠪᠠᠰᠠ ᠲᠡᠭᠰᠢᠯᠡᠵᠦ ᠴᠢᠯᠠᠭᠤᠨ ᠭᠡᠷ ᠪᠤᠰᠬᠠᠵᠤ ᠭᠡᠭᠡᠨ ᠪᠣᠯᠭᠠᠪᠠ᠃ ᠳᠥᠷᠪᠡᠳᠦᠭᠡᠷ ᠭᠡᠭᠡᠨ ᠢ ᠪᠤᠷᠬᠠᠨ ᠭᠠᠯᠳᠤᠨ᠎ᠠ ᠶ᠋ᠢᠨ ᠡᠪᠦᠷ ᠤᠨᠤᠨ ᠮᠥᠷᠡᠨ ᠦ᠌ ᠲᠠᠯ᠎ᠠ ᠳ᠋ᠤᠷ ᠮᠥᠨ ᠬᠦ᠌ ᠮᠢᠩᠭᠠᠨ ᠭᠠᠵᠠᠷ ᠤ᠋ᠨ ᠤᠷᠲᠤ ᠣᠷᠣᠰᠢᠭᠤᠯᠤᠨ᠂ ᠪᠠᠰᠠ ᠲᠡᠭᠰᠢᠯᠡᠵᠦ ᠮᠣᠳᠣᠨ ᠭᠡᠷ ᠪᠣᠰᠬᠠᠵᠤ ᠭᠡᠭᠡᠨ ᠦ᠌ ᠲᠠᠬᠢᠯᠭ᠎ᠠ ᠪᠣᠯᠭᠠᠪᠠ᠃ ᠡᠳᠡᠭᠡᠷ ᠢ᠋ ᠣᠷᠣᠰᠢᠭᠤᠯᠬᠤᠢ ᠳ᠋ᠤᠷ ᠤᠷᠢᠳ ᠢ᠋ᠶ᠋ᠠᠷ ᠪᠥᠰ ᠬᠦᠷᠢᠶ᠎ᠡ ᠰᠢᠷᠣᠢ ᠶ᠋ᠢ ᠤᠨᠠᠭᠤᠯᠢ ᠡᠷᠦᠵᠦ᠂ ᠬᠡᠳᠦᠨ ᠠᠷᠪᠠᠨ ᠭᠠᠵᠠᠷ ᠢ᠋ ᠲᠣᠭᠣᠷᠢᠭᠤᠯᠤᠨ ᠭᠠᠳᠠᠭᠤᠷ ᠴᠡᠷᠢᠭ ᠪᠦᠰᠡᠯᠡᠵᠦ᠂ ᠬᠠᠭᠠᠨ ᠤ᠋ ᠤᠭ ᠰᠢᠳᠠᠷ ᠳᠥᠷᠪᠡᠨ ᠳᠡᠭᠦᠦ ᠳᠥᠷᠪᠡᠨ ᠬᠥᠪᠡᠭᠦᠨ ᠣᠯᠠᠨ ᠠᠴᠢ ᠨᠠᠷ᠂ ᠵᠢᠷᠭᠤᠭᠠᠨ ᠴᠢᠩ ᠶᠢᠰᠦᠨ ᠥᠷᠯᠥᠭ ᠦ᠋ᠨ ᠨᠣᠶᠠᠳ ᠰᠠᠶᠢ ᠣᠷᠣᠰᠢᠭᠤᠯᠤᠨ᠂ ᠴᠢᠨᠳᠠᠷ ᠢ ᠲᠡᠭᠰᠢᠯᠡᠭᠰᠡᠨ ᠬᠣᠢᠨ᠎ᠠ ᠰᠠᠶᠢ ᠴᠡᠷᠢᠭ ᠢ᠋ ᠲᠠᠯᠪᠢᠨ ᠣᠷᠣᠭᠤᠯᠵᠤ᠂ ᠶᠡᠬᠡ ᠰᠢᠷᠣᠢ ᠶ᠋ᠢ ᠲᠡᠭᠰᠢᠯᠡᠮᠦᠢ᠃ ᠡᠨᠡ ᠢᠨᠦ ᠶᠤᠸᠠᠨ ᠤᠯᠤᠰ ᠤ᠋ᠨ ᠬᠠᠭᠠᠨ ᠪᠦᠬᠦᠨ ᠦ᠌ ᠨᠢᠭᠡᠨᠲᠡ ᠲᠣᠭᠲᠠᠭᠰᠠᠨ ᠬᠠᠤᠯᠢ ᠪᠣᠯᠵᠤᠬᠤᠢ᠃ ᠡᠳᠦᠭᠡ ᠮᠣᠩᠭᠣᠯ ᠤ᠋ᠨ ᠬᠠᠭᠠᠨ ᠲᠣᠭᠠᠨ ᠲᠡᠮᠦᠷ ᠡᠴᠡ ᠤᠷᠤᠭᠰᠢ ᠬᠠᠭᠠᠳ ᠤ᠋ᠳ ᠤ᠋ᠨ ᠭᠡᠭᠡᠨ ᠴᠥᠮ ᠱᠠᠨ ᠰᠢ ᠮᠣᠵᠢ ᠶ᠋ᠢᠨ ᠴᠢ ᠨᠢᠶᠠᠨ ᠬᠦ ᠳ᠋ᠦ᠍ᠷ ᠠᠷᠪᠠᠨ ᠭᠤᠷᠪᠠᠨ ᠭᠡᠭᠡᠨ ᠮᠣᠩᠭᠣᠨ ᠪᠠᠢᠪᠠᠴᠤ᠂ ᠤᠷᠲᠤ ᠬᠠᠷᠰᠢ ᠶ᠋ᠢᠨ ᠳᠣᠲᠣᠷ᠎ᠠ ᠣᠭᠲᠣ ᠴᠢᠨᠳᠠᠷ ᠦᠭᠡᠢ ᠪᠣᠯᠠᠢ᠃ ᠡᠳᠦᠭᠡ ᠣᠷᠳᠣᠰ ᠬᠤᠰᠢᠭᠤᠨ ᠳ᠋ᠤᠷ ᠪᠦᠬᠦᠢ ᠭᠡᠭᠡᠨ ᠳ᠋ᠦ᠍ᠷ ᠦᠨᠡᠨ ᠴᠢᠨᠳᠠᠷ ᠤ᠋ᠨ ᠭᠡᠭᠡᠨ ᠪᠣᠢ ᠬᠡᠮᠡᠮᠦᠢ᠂ ᠯᠠᠪ ᠡᠰᠡ ᠣᠯᠪᠠ᠃ ᠬᠤᠪᠢᠯᠭᠠᠨ ᠰᠦᠯᠳᠡ ᠭᠠᠢᠬᠠᠮᠰᠢᠭ ᠰᠦᠷ ᠳᠥᠷᠪᠡᠨ ᠡᠲᠡᠭᠡᠳ ᠲᠦ᠍ᠷ ᠨᠢᠭᠡᠨ ᠠᠳᠠᠯᠢ᠂ ᠡᠳᠦᠭᠡ ᠱᠠᠨ ᠰᠢ ᠶ᠋ᠢᠨ ᠴᠢ ᠨᠢᠶᠠᠨ ᠬᠦ ᠳ᠋ᠦ᠍ᠷ ᠪᠦᠬᠦᠢ ᠮᠣᠩᠭᠤᠨ ᠤ᠋ ᠲᠥᠯᠭᠡ ᠪᠡᠯᠭᠡ ᠢᠨᠦ ᠵᠠᠭᠤᠨ ᠣᠪᠣᠭᠲᠠᠨ ᠳ᠋ᠤᠷ ᠢᠯᠡᠳᠲᠡ ᠦᠵᠡᠭᠳᠡᠵᠦ ᠮᠠᠰᠢ ᠲᠤᠰᠠᠯᠠᠮᠤᠢ᠃ ᠭᠠᠭᠴᠠ ᠪᠤᠷᠬᠠᠨ ᠭᠠᠯᠳᠤᠨ᠎ᠠ ᠶ᠋ᠢᠨ ᠭᠡᠭᠡᠨ ᠪᠠ ᠠᠯᠲᠠᠢ ᠬᠠᠨ ᠤ᠋ ᠭᠡᠭᠡᠨ ᠢ ᠦᠵᠡᠭᠰᠡᠨ ᠬᠥᠮᠦᠨ ᠦᠭᠡᠢ᠂ ᠡᠭᠦᠨᠴᠡ ᠳᠥᠷᠪᠡᠨ ᠭᠡᠭᠡᠨ ᠳ᠋ᠦ᠍ᠷ ᠴᠥᠮ ᠭᠡᠮᠡᠨ ᠡᠷᠭᠦᠵᠦ ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠣᠶᠠᠩᠲᠢ ᠴᠢᠩᠭᠢᠰ ᠬᠠᠭᠠᠨ ᠪᠠᠢᠭᠤᠯᠪᠠ᠃ ᠡᠭᠦᠨ ᠳ᠋ᠦ᠍ᠷ ᠤᠯᠠᠭᠠᠨ ᠬᠢᠲᠠᠳ ᠤᠯᠤᠰ ᠲᠤᠷ ᠡᠷᠭᠦᠮᠵᠢᠯᠡᠭᠰᠡᠨ ᠢᠨᠦ :《ᠴᠧᠩ ᠲᠢᠶᠠᠨ ᠴᠢ ᠶᠦᠨ ᠱᠧᠩ ᠡᠸ᠋ ᠬᠣᠳᠠᠩᠲᠢ 》(承天启运圣武皇帝) ᠬᠡᠮᠡᠵᠦᠬᠦᠢ᠃ ᠤᠭ ᠬᠥᠬᠡ ᠮᠣᠩᠭᠣᠯ ᠤᠯᠤᠰ ᠲᠤᠷ ᠡᠷᠭᠦᠮᠵᠢᠯᠡᠭᠰᠡᠨ ᠢᠨᠦ :《ᠲᠡᠭᠷᠢ ᠳᠡᠭᠷᠢᠯᠢᠭ ᠲᠡᠮᠦᠵᠢᠨ᠂ ᠬᠠᠰ ᠲᠠᠢᠪᠤᠤ ᠴᠢᠩᠭᠢᠰ ᠪᠣᠭᠳᠠ ᠲᠠᠢᠽᠦ ᠬᠠᠭᠠᠨ 》ᠬᠡᠮᠡᠵᠦᠬᠦᠢ᠃ ᠬᠠᠷ᠎ᠠ ᠲᠥᠪᠡᠳ ᠤᠯᠤᠰ ᠲᠤᠷ ᠡᠷᠭᠦᠮᠵᠢᠯᠡᠭᠰᠡᠨ ᠢᠨᠦ :《ᠬᠥᠮᠦᠨ ᠦ᠌ ᠡᠷᠬᠡᠲᠦ ᠬᠦᠴᠦᠨ ᠬᠦᠷᠳᠦᠨ ᠢ᠋ ᠣᠷᠴᠢᠭᠤᠯᠤᠭᠴᠢ ᠶᠡᠬᠡ ᠬᠠᠭᠠᠨ 》 ᠬᠡᠮᠡᠵᠦᠬᠦᠢ᠃ ᠴᠠᠭᠠᠨ ᠰᠣᠯᠣᠩᠭᠣᠰ ᠤᠯᠤᠰ ᠲᠤᠷ : 《ᠶᠡᠬᠡ ᠬᠦᠴᠦᠲᠦ ᠰᠤᠤᠲᠤ ᠪᠣᠭᠳᠠ ᠶᠡᠬᠡ ᠴᠢᠩᠭᠢᠰ ᠬᠠᠭᠠᠨ 》ᠬᠡᠮᠡᠵᠦᠬᠦᠢ᠃ ᠪᠠᠰᠠ ᠰᠢᠷ᠎ᠠ ᠰᠠᠷᠲᠠᠭᠤᠯ᠂ ᠰᠠᠷᠯᠠᠭ ᠤ᠋ᠳ ᠤ᠋ᠨ ᠵᠡᠷᠭᠡ ᠶ᠋ᠢᠨ ᠭᠠᠵᠠᠷ ᠲᠤᠷ : 《ᠬᠠᠰ ᠲᠠᠢᠪᠤᠤ ᠪᠣᠯᠵᠣᠮᠣᠷ ᠤ᠋ᠨ ᠡᠭᠡᠰᠢᠭ ᠴᠢᠩᠭᠢᠰ ᠬᠥᠷ ᠶᠡᠬᠡ ᠬᠠᠭᠠᠨ 》ᠬᠡᠮᠡᠵᠦᠬᠦᠢ᠃ ᠡᠭᠦᠨ ᠡᠴᠡ ᠭᠠᠳᠠᠨ᠎ᠠ ᠴᠢᠩᠭᠢᠰ ᠬᠠᠭᠠᠨ ᠤ᠋ ᠭᠠᠳᠠᠭᠠᠳᠤ ᠵᠡᠭᠦᠨ ᠬᠣᠢᠲᠤ ᠨᠣᠬᠠᠢ ᠲᠣᠯᠣᠭᠠᠢᠲᠤ ᠤᠯᠤᠰ᠂ ᠥᠬᠢᠨ ᠤᠯᠤᠰ᠂ ᠡᠨᠡ ᠥᠬᠢᠨ ᠤᠯᠤᠰ ᠠᠨᠤ ᠬᠤᠳᠳᠤᠭ ᠱᠠᠭᠠᠢᠭᠴᠢ ᠥᠬᠢᠨ ᠤᠯᠤᠰ ᠪᠤᠰᠤ᠂ ᠡᠭᠦᠨ ᠡᠴᠡ ᠭᠠᠳᠠᠨ᠎ᠠ ᠦᠰᠦ ᠪᠡᠨ ᠲᠠᠯᠪᠢᠵᠤ ᠠᠷᠠᠰᠤ ᠡᠮᠦᠰᠬᠦ ᠰᠠᠢᠬᠠᠨ ᠳᠦᠷᠰᠦᠲᠦ ᠥᠬᠢᠨ ᠤᠯᠤᠰ ᠪᠣᠢ᠂ ᠡᠷᠡᠰ ᠢᠨᠦ ᠮᠠᠰᠢ ᠥᠨᠳᠥᠷ ᠪᠥᠭᠡᠳ ᠰᠦᠷᠡᠬᠡᠢ᠂ ᠲᠡᠷᠡ ᠥᠬᠢᠨ ᠤᠯᠤᠰ ᠵᠢᠴᠢ ᠬᠡᠬᠦᠳᠡᠭ ᠲᠣᠷ ᠴᠣᠭᠣᠷᠤᠬᠠᠢ᠂ ᠪᠦᠬᠦ ᠬᠢᠲᠠᠳ ᠢ᠋ᠶ᠋ᠠᠷ 《ᠴᠤᠸᠠᠨ ᠰᠢᠶᠦ᠋ᠩ ᠭᠦᠸᠧ 》 ᠬᠡᠮᠡᠮᠦᠢ᠃ ᠪᠠᠰᠠ ᠭᠠᠭᠴᠠ ᠨᠢᠳᠦᠲᠦ ᠤᠯᠤᠰ᠂ ᠡᠭᠦᠨ ᠢ᠋ ᠬᠢᠲᠠᠳ ᠢ᠋ᠶ᠋ᠠᠷ 《ᠢ ᠮᠦ᠍ ᠭᠦᠸᠧ 》 ᠬᠡᠮᠡᠮᠦᠢ᠃ ᠪᠠᠰᠠ ᠭᠠᠭᠴᠠ ᠬᠥᠯᠲᠦ ᠤᠯᠤᠰ᠂ ᠡᠳᠡᠭᠡᠷ ᠤᠯᠤᠰ ᠲᠤᠷ ᠴᠥᠮ ᠴᠡᠷᠢᠭ ᠠᠪᠴᠤ ᠳᠠᠢᠯᠠᠨ ᠬᠦᠷᠴᠦ ᠠᠯᠪᠠ ᠪᠠᠷᠢᠭᠤᠯᠤᠨ ᠶᠠᠪᠤᠵᠤᠬᠤᠢ᠃ ᠡᠳᠡᠭᠡᠷ ᠤᠯᠤᠰ ᠲᠤᠷ ᠬᠦᠷᠦᠭᠰᠡᠨ ᠢ᠋ ᠬᠡᠳᠦᠢ 《ᠶᠡᠬᠡ ᠭᠠᠩ ᠮᠦ᠍ ᠪᠢᠴᠢᠭ 》ᠲᠣᠷ ᠡᠰᠡ ᠭᠠᠷᠭᠠᠭᠰᠠᠨ ᠪᠣᠯᠪᠠᠴᠤ ᠮᠣᠩᠭᠣᠯ ᠤ᠋ᠨ ᠬᠠᠭᠤᠴᠢᠨ ᠰᠤᠳᠤᠷ ᠲᠤᠷ ᠲᠣᠳᠣᠷᠬᠠᠢ ᠭᠠᠷᠭᠠᠵᠤᠬᠤᠢ᠃ ᠭᠠᠭᠴᠠ ᠡᠳᠡᠭᠡᠷ ᠤᠯᠤᠰ ᠤ᠋ᠳ ᠤ᠋ᠨ ᠦᠭᠡ ᠬᠡᠯᠡ ᠥᠪᠡᠷ᠎ᠡ ᠲᠤᠯᠠ ᠲᠡᠳᠡᠨ ᠦ᠌ ᠡᠷᠭᠦᠮᠵᠢᠯᠡᠯ ᠢ᠋ ᠪᠢᠴᠢᠭᠰᠡᠨ ᠦᠭᠡᠢ᠃ ᠳᠡᠯᠡᠬᠡᠢ ᠳ᠋ᠠᠬᠢᠨ ᠤ᠋ ᠬᠥᠮᠦᠨ ᠦ᠌ ᠦᠵᠡᠵᠦ ᠮᠡᠳᠡᠭᠰᠡᠨ ᠤᠯᠤᠰ ᠳᠤᠮᠳᠠᠳᠤ ᠬᠢᠲᠠᠳ ᠤᠯᠤᠰ ᠠ᠋ᠴᠠ ᠳᠠᠷᠠᠭᠠᠯᠠᠨ ᠨᠡᠢᠲᠡ ᠲᠠᠪᠢᠨ ᠳᠥᠷᠪᠡᠨ ᠥᠪᠡᠷ᠎ᠡ ᠶᠠᠩᠵᠤᠲᠠᠢ ᠤᠯᠤᠰ ᠪᠣᠢ ᠠᠵᠤᠭᠤ᠃ ᠡᠭᠦᠨᠴᠡ ᠪᠣᠭᠳᠠ ᠴᠢᠩᠭᠢᠰ ᠬᠠᠭᠠᠨ ᠤ᠋ ᠡᠵᠡᠯᠡᠭᠰᠡᠨ ᠢᠨᠤ ᠥᠪᠡᠷ ᠦ᠋ᠨ ᠬᠥᠬᠡ ᠮᠣᠩᠭᠣᠯ ᠤᠯᠤᠰ ᠠ᠋ᠴᠠ ᠡᠬᠢᠯᠡᠵᠦ ᠤᠯᠠᠭᠠᠨ ᠬᠢᠲᠠᠳ ᠤᠯᠤᠰ᠂ ᠴᠠᠭᠠᠨ ᠰᠣᠯᠣᠩᠭᠣᠰ ᠤᠯᠤᠰ᠂ ᠬᠠᠷ᠎ᠠ ᠲᠥᠪᠡᠳ ᠲᠠᠩᠭᠤᠳ ᠤᠯᠤᠰ᠂ ᠰᠢᠷ᠎ᠠ ᠰᠠᠷᠲᠠᠭᠤᠯ ᠰᠠᠷᠯᠠᠭ – ᠡᠨᠡ ᠲᠠᠪᠤᠨ ᠠ᠋ᠴᠠ ᠭᠠᠳᠠᠨ᠎ᠠ ᠪᠠᠰᠠ ᠭᠠᠳᠠᠭᠠᠳᠤ ᠰᠣᠨᠢᠨ ᠰᠡᠪᠡᠭᠦᠨ ᠲᠥᠷᠥᠭᠰᠡᠨ ᠳᠦᠷᠰᠦᠲᠡᠢ ᠬᠠᠷᠢ ᠥᠪᠡᠷ᠎ᠡ ᠨᠣᠬᠠᠢ ᠲᠣᠯᠣᠭᠠᠢᠲᠤ ᠤᠯᠤᠰ ᠲᠤᠷ ᠬᠦᠷᠪᠡ᠃ ᠡᠨᠡ ᠤᠯᠤᠰ ᠤ᠋ᠨ ᠡᠷ᠎ᠡ ᠬᠥᠮᠦᠨ ᠢᠨᠤ ᠤᠷᠤᠭᠤᠯ ᠬᠣᠩᠰᠢᠶᠠᠷ ᠠᠨᠤ ᠤᠷᠲᠤ᠂ ᠨᠣᠬᠠᠢ ᠶ᠋ᠢᠨ ᠮᠡᠲᠦ ᠲᠤᠯᠠ ᠨᠣᠬᠠᠢ ᠲᠣᠯᠣᠭᠠᠢᠲᠤ ᠬᠡᠮᠡᠵᠦᠬᠦᠢ᠃ ᠡᠬᠡᠨᠡᠷ ᠢᠨᠤ ᠴᠥᠮ ᠮᠠᠨ ᠤ᠋ ᠠᠳᠡᠬᠢ ᠡᠬᠡᠨᠡᠷ ᠮᠡᠲᠦ᠂ ᠵᠡᠭᠦᠨ ᠬᠣᠢᠲᠤ ᠬᠠᠷ᠎ᠠ ᠮᠥᠷᠡᠨ ᠢ ᠭ᠍ᠡᠷᠪᠠᠰᠤ ᠳᠠᠷᠤᠢ ᠲᠡᠷᠡ ᠤᠯᠤᠰ ᠲᠤᠷ ᠣᠢᠷ᠎ᠠ ᠪᠣᠯᠤᠮᠤᠢ ᠬᠡᠮᠡᠮᠦᠢ᠃ ᠡᠭᠦᠨ ᠢ ᠬᠢᠲᠠᠳ ᠢ᠋ᠶ᠋ᠠᠷ 《ᠫᠦᠸᠧ ᠯᠦᠸᠧ ᠵᠧ ᠭᠦᠸᠧ 》 《(婆罗遮国) ᠬᠡᠮᠡᠵᠦᠬᠦᠢ᠃ ᠪᠠᠰᠠ ᠬᠡᠬᠦᠳᠡᠭ ᠲᠣᠷ ᠨᠢᠳᠦᠲᠦ ᠤᠯᠤᠰ ᠬᠡᠮᠡᠭᠴᠢ ᠶ᠋ᠢ ᠬᠢᠲᠠᠳ ᠢ᠋ᠶ᠋ᠠᠷ 《ᠴᠤᠸᠠᠨ ᠰᠢᠶᠦ᠋ᠩ ᠭᠦᠸᠧ 》 (穿胸国) ᠬᠡᠮᠡᠮᠦᠢ᠃ ᠪᠠᠰᠠ ᠥᠬᠢᠨ ᠤᠯᠤᠰ ᠬᠡᠮᠡᠭᠴᠢ ᠶ᠋ᠢ ᠬᠢᠲᠠᠳ ᠢ᠋ᠶ᠋ᠠᠷ 《ᠨᠢᠦᠢ ᠮᠦ᠍ ᠭᠦᠸᠧ 》(女慕国) ᠬᠡᠮᠡᠮᠦᠢ᠃ ᠪᠠᠰᠠ ᠭᠠᠭᠴᠠ ᠨᠢᠳᠦᠲᠦ ᠤᠯᠤᠰ ᠢ᠋ ᠬᠢᠲᠠᠳ ᠢ᠋ᠶ᠋ᠠᠷ 《ᠢ ᠮᠦ᠍ ᠭᠦᠸᠧ 》(一目国) ᠬᠡᠮᠡᠮᠦᠢ᠃ ᠡᠭᠦᠨ ᠡᠴᠡ ᠭᠠᠳᠠᠨ᠎ᠠ ᠣᠳᠣ 《ᠭᠠᠤᠯᠢ ᠤᠯᠤᠰ 》(高丽国) – ᠡᠨᠡ ᠤᠯᠤᠰ ᠢ ᠮᠣᠩᠭᠣᠯ ᠢ᠋ᠶ᠋ᠠᠷ ᠵᠡᠭᠦᠨ ᠡᠮᠦᠨ᠎ᠡ ᠰᠣᠯᠣᠩᠭ᠎ᠠ ᠲᠠᠲᠠᠬᠤ ᠡᠲᠡᠭᠡᠳ ᠲᠣᠷ ᠪᠠᠢᠬᠤ ᠲᠤᠯᠠ ᠰᠣᠯᠣᠩᠭᠣᠰ ᠤᠯᠤᠰ ᠬᠡᠮᠡᠵᠦᠬᠦᠢ᠃ ᠡᠨᠡ ᠤᠯᠤᠰ ᠪᠤᠰᠤ ᠭᠠᠳᠠᠭᠠᠳᠤ ᠤᠯᠤᠰ ᠠ᠋ᠴᠠ ᠮᠠᠰᠢ ᠡᠷᠬᠢᠮ ᠂ ᠡᠨᠡ ᠭᠠᠳᠠᠭᠠᠳᠤ ᠤᠯᠤᠰ ᠢ ᠮᠣᠩᠭᠣᠯ ᠳ᠋ᠤᠷ ᠠᠯᠪᠠ ᠪᠠᠷᠢᠭᠰᠠᠨ ᠢ ᠮᠣᠩᠭᠣᠯ ᠤ᠋ᠨ ᠬᠠᠭᠤᠴᠢᠨ ᠰᠤᠳᠤᠷ ᠲᠤᠷ ᠭᠠᠷᠭᠠᠵᠤᠬᠤᠢ᠃ ᠬᠣᠢᠨ᠎ᠠ ᠪᠠᠰᠠ ᠬᠤᠪᠢᠯᠠᠢ ᠰᠡᠴᠡᠨ ᠱᠢᠽᠦ ᠬᠠᠭᠠᠨ ᠤ᠋ ᠦᠶ᠎ᠡ ᠳ᠋ᠦ᠍ᠷ ᠵᠡᠭᠦᠨ ᠳᠠᠯᠠᠢ ᠶ᠋ᠢᠨ ᠬᠣᠢᠭ ᠤ᠋ᠨ ᠿᠢ ᠪᠸᠡ ᠤᠯᠤᠰ᠂ ᠶᠡᠬᠡ ᠪᠠᠭ᠎ᠠ ᠯᠢᠦ ᠴᠢᠦ ᠤᠯᠤᠰ ᠢ᠋ ᠳᠠᠢᠯᠠᠨ ᠳᠠᠭᠠᠭᠤᠯᠵᠤᠬᠤᠢ᠃ ᠲᠡᠢᠨ ᠬᠦ᠌ ᠰᠤᠳᠤᠷᠴᠢ ᠲᠦᠰᠢᠮᠡᠯ ᠲᠠᠢᠵᠢ ᠢᠨᠵᠠᠨᠨᠠᠰᠢ ᠪᠢ ᠮᠣᠩᠭᠣᠯ ᠤ᠋ᠨ ᠭᠠᠳᠠᠭᠠᠳᠤ ᠤᠯᠤᠰ ᠢ᠋ ᠬᠡᠳᠦᠨ ᠠᠩᠭᠢ ᠳᠠᠭᠠᠭᠤᠯᠤᠭᠰᠠᠨ ᠢ᠋ ᠬᠥᠮᠦᠨ ᠬᠦᠷᠴᠦ ᠪᠢᠴᠢᠭ ᠲᠣᠷ ᠭᠠᠷᠤᠭᠰᠠᠨ ᠣᠯᠠᠨ ᠭᠠᠳᠠᠭᠠᠳᠤ ᠤᠯᠤᠰ ᠤ᠋ᠨ ᠰᠤᠳᠤᠷ ᠲᠤᠷ ᠪᠠᠢᠴᠠᠭᠠᠨ ᠦᠵᠡᠪᠡᠰᠦ᠂ ᠳᠤᠮᠳᠠᠳᠤ ᠬᠢᠲᠠᠳ ᠤᠯᠤᠰ ᠠ᠋ᠴᠠ ᠭᠠᠳᠠᠨ᠎ᠠ᠂ ᠨᠡᠢᠲᠡ ᠵᠢᠷᠤᠭ ᠢ᠋ ᠵᠢᠷᠤᠵᠤ ᠤᠴᠢᠷ ᠢ᠋ ᠲᠣᠭᠠᠴᠢᠭᠰᠠᠨ ᠭᠠᠳᠠᠭᠠᠳᠤ ᠰᠣᠨᠢᠨ ᠤᠯᠤᠰ ᠠᠨᠤ ᠨᠡᠢᠲᠡ ᠲᠠᠪᠢᠨ ᠭᠤᠷᠪᠠᠨ ᠪᠣᠢ᠃ ᠡᠭᠦᠨ ᠦ᠌ ᠳᠣᠲᠣᠷ᠎ᠠ ᠮᠠᠨ ᠤ᠋ ᠮᠣᠩᠭᠣᠯ ᠤᠯᠤᠰ ᠤ᠋ᠨ ᠳᠠᠭᠠᠭᠤᠯᠤᠭᠰᠠᠨ ᠤᠯᠤᠰ ᠨᠡᠯᠢᠶᠡᠳ ᠪᠣᠢ ᠲᠤᠯᠠ ᠠᠯᠵᠠᠭᠤᠷᠠᠯ ᠦᠭᠡᠢ ᠵᠠᠬ᠎ᠠ ᠳᠠᠷᠠᠭᠠᠯᠠᠨ ᠬᠠᠭᠤᠯᠤᠨ ᠠᠪᠴᠤ ᠦᠵᠡᠬᠦ ᠮᠡᠷᠭᠡᠳ ᠲᠣᠷ ᠬᠢᠯᠪᠠᠷ ᠪᠣᠯᠭᠠᠭᠰᠠᠨ ᠠᠨᠤ : ᠲᠡᠷᠢᠭᠦᠨ ᠳ᠋ᠦ᠍ᠷ ᠳᠠᠷᠤᠢ ᠡᠨᠡ ᠭᠠᠤᠯᠢ ᠤᠯᠤᠰ᠂ ᠮᠣᠩᠭᠣᠯ ᠢ᠋ᠶ᠋ᠠᠷ 《ᠰᠣᠯᠣᠩᠭᠣᠰ ᠤᠯᠤᠰ 》 ᠬᠡᠮᠡᠮᠦᠢ᠃ ᠡᠨᠡ ᠭᠠᠤᠯᠢ ᠤᠯᠤᠰ ᠤ᠋ᠨ ᠡᠷᠲᠡᠨ ᠦ᠌ ᠨᠡᠷ᠎ᠡ ᠰᠢᠶᠠᠨ ᠳ᠋ᠠᠨ ᠤᠯᠤᠰ ᠬᠡᠮᠡᠵᠦᠬᠦᠢ᠃ ᠵᠧᠦ ᠤᠯᠤᠰ ᠲᠤᠷ 《ᠴᠤᠤ ᠰᠢᠶᠠᠨ ᠤᠯᠤᠰ 》ᠬᠡᠮᠡᠮᠦᠢ᠃ ᠵᠧᠦ ᠤᠯᠤᠰ ᠤ᠋ᠨ ᠡᠦ ᠸᠠᠩ ᠤ᠋ᠨ ᠦᠶ᠎ᠡ ᠵᠢᠽᠢ ᠬᠡᠮᠡᠭᠴᠢ ᠶᠡᠬᠡ ᠥᠷᠦᠰᠢᠶᠡᠯᠲᠡᠨ ᠢ ᠰᠠᠢᠰᠢᠶᠠᠨ ᠡᠷᠭᠦᠮᠵᠢᠯᠡᠵᠦᠬᠦᠢ᠃ ᠡᠨᠡ ᠤᠯᠤᠰ ᠤ᠋ᠨ ᠵᠠᠩ ᠮᠠᠨ ᠤ᠋ ᠳᠤᠮᠳᠠᠳᠤ ᠤᠯᠤᠰ ᠤ᠋ᠨ ᠶᠣᠰᠣᠯᠠᠯ ᠬᠥᠭᠵᠢᠮ ᠪᠢᠴᠢᠭ ᠱᠠᠰᠲᠢᠷ ᠡᠮ ᠲᠣᠮ ᠲᠥᠯᠭᠡ ᠪᠡᠯᠭᠡ ᠯᠦ᠍ᠭᠡ ᠨᠢᠭᠡᠨ ᠠᠳᠠᠯᠢ ᠪᠥᠯᠥᠭᠡ᠃ ᠶᠠᠮᠤᠨ ᠬᠠᠭᠠᠯᠭ᠎ᠠ ᠵᠡᠷᠭᠡ ᠬᠡᠷᠬᠡᠮ ᠪᠠᠢᠳᠠᠯ ᠳᠦᠷᠢᠮ ᠮᠥᠨ ᠬᠦ᠌ ᠳᠤᠮᠳᠠᠳᠤ ᠤᠯᠤᠰ ᠲᠤᠷ ᠨᠢᠭᠡᠨ ᠠᠳᠠᠯᠢ᠂ ᠬᠥᠮᠦᠨ ᠢᠨᠦ ᠮᠥᠨ ᠬᠦ᠌ ᠳᠤᠮᠳᠠᠳᠤ ᠤᠯᠤᠰ ᠤ᠋ᠨ ᠡᠯ᠎ᠡ ᠵᠦᠢᠯ ᠦ᠋ᠨ ᠬᠡᠮᠵᠢᠶ᠎ᠡ ᠳᠦᠷᠢᠮ ᠢ᠋ ᠳᠠᠭᠠᠵᠤ ᠶᠠᠪᠤᠮᠤᠢ᠂ ᠤᠯᠤᠰ ᠤ᠋ᠨ ᠵᠠᠩ ᠠᠨᠤ ᠶᠡᠷᠦ ᠶ᠋ᠢᠨ ᠬᠥᠮᠦᠨ ᠴᠦ᠍ ᠪᠢᠴᠢᠭᠡᠴᠢ ᠮᠡᠲᠦ᠂ ᠨᠠᠮ ᠳᠥᠯᠭᠡᠨ ᠪᠥᠭᠡᠳ ᠬᠠᠷᠢᠨ ᠬᠠᠷᠭᠢᠰ ᠮᠠᠭᠤ ᠶ᠋ᠢ ᠠᠷᠢᠯᠭᠠᠬᠤᠢ ᠳ᠋ᠤᠷ ᠮᠠᠰᠢ ᠬᠤᠷᠴᠠ᠃ ᠤᠯᠤᠰ ᠤ᠋ᠨ ᠡᠵᠡᠨ ᠦ᠌ ᠲᠥᠷᠥᠯ ᠢ᠋ ᠴᠥᠮ ᠵᠢᠶᠦ᠋ᠨ ᠭᠡᠮᠡᠨ ᠡᠷᠭᠦᠮᠵᠢᠯᠡᠨ ᠳᠠᠭᠤᠳᠠᠮᠤᠢ᠃ ᠳᠥᠷᠪᠡᠨ ᠬᠢᠵᠠᠭᠠᠷ ᠤ᠋ᠨ ᠭᠠᠳᠠᠭᠠᠳᠤ ᠤᠯᠤᠰ ᠢ᠋ ᠭᠡᠰᠬᠡᠨ ᠳᠠᠭᠠᠭᠤᠯᠬᠤᠢ ᠳ᠋ᠤᠷ ᠭᠠᠭᠴᠠ ᠡᠨᠡ ᠭᠠᠤᠯᠢ ᠤᠯᠤᠰ ᠠᠨᠤ ᠡᠯ᠎ᠡ ᠵᠦᠢᠯ ᠳᠤᠮᠳᠠᠳᠤ ᠤᠯᠤᠰ ᠲᠤᠷ ᠶᠡᠬᠡ ᠪᠠᠷᠤᠭᠲᠠᠢ᠃ ᠲᠡᠭᠦᠨ ᠦ᠌ ᠡᠵᠡᠨ ᠦ᠌ ᠣᠢᠷ᠎ᠠ ᠲᠥᠷᠥᠯ ᠲᠥᠷᠥᠭᠰᠡᠳ ᠤᠷᠤᠭ ᠰᠠᠳᠤᠨ ᠳ᠋ᠤᠷ ᠠᠨᠤ ᠲᠡᠭᠦᠨ ᠦ᠌ ᠤᠯᠤᠰ ᠤ᠋ᠨ ᠢᠷᠭᠡᠨ ᠰᠥᠭᠥᠳᠴᠦ ᠶᠣᠰᠣᠯᠠᠮᠤᠢ᠃ ᠬᠡᠷᠪᠡ ᠪᠠᠭ᠎ᠠ ᠬᠥᠮᠦᠨ ᠶᠡᠬᠡ ᠪᠡᠨ ᠦᠵᠡᠪᠡᠰᠦ ᠬᠥᠯ ᠢ᠋ᠶ᠋ᠡᠨ ᠰᠠᠴᠠᠭᠤᠯᠤᠨ ᠵᠣᠭᠰᠣᠵᠤ ᠴᠢᠷᠠᠢ ᠶᠤᠭᠠᠨ ᠳᠣᠷᠣᠭᠰᠢ ᠬᠠᠨᠳᠤᠵᠤ ᠶᠣᠰᠣᠯᠠᠮᠤᠢ᠃ ᠲᠡᠭᠦᠨ ᠦ᠌ ᠤᠯᠤᠰ ᠲᠤᠷ ᠳᠠᠭᠤᠴᠢ ᠶᠠᠪᠤᠬᠤ ᠥᠬᠢᠳ ᠢᠨᠤ ᠪᠦᠭᠦᠳᠡᠭᠡᠷ ᠬᠤᠷᠠᠵᠤ ᠰᠥᠨᠢ ᠨᠠᠭᠠᠳᠤᠮᠤᠢ᠃ ᠬᠡᠷᠪᠡ ᠨᠡᠩ ᠡᠷ᠎ᠡ ᠡᠮ᠎ᠡ ᠪᠣᠯᠤᠯᠴᠠᠨ ᠤᠷᠤᠭ ᠪᠠᠷᠢᠪᠠᠰᠤ ᠪᠡᠯᠡᠭ ᠶᠣᠰᠣᠯᠠᠯ ᠬᠦᠷᠭᠡᠬᠦ ᠵᠦᠢᠯ ᠦᠭᠡᠢ᠃ ᠬᠡᠷᠪᠡ ᠬᠥᠮᠦᠨ ᠦᠬᠦᠪᠡᠰᠦ ᠭᠤᠷᠪᠠᠨ ᠵᠦᠢᠯ ᠦ᠋ᠨ ᠨᠣᠮ ᠤᠩᠰᠢᠭᠤᠯᠵᠤ ᠣᠷᠣᠰᠢᠭᠤᠯᠤᠮᠤᠢ᠃ ᠤᠯᠤᠰ ᠤ᠋ᠨ ᠡᠵᠡᠨ ᠢᠨᠤ ᠬᠡᠷᠪᠡ ᠡᠮᠭᠡᠭ ᠲᠠᠬᠤᠯ ᠪᠣᠯᠪᠠᠰᠤ ᠶᠠᠯᠠᠲᠠᠢ ᠠᠷᠠᠳ ᠢ᠋ᠶ᠋ᠠᠨ ᠭᠤᠷᠪᠠᠨ ᠵᠢᠯ ᠲᠡᠵᠢᠭᠡᠨ ᠲᠡᠳᠬᠦᠵᠦ ᠪᠢᠴᠢᠭ ᠰᠢᠯᠭᠠᠭᠠᠳ ᠨᠢᠭᠡᠨ ᠰᠢᠯᠭᠠᠯ ᠳ᠋ᠤᠷ ᠨᠢᠭᠡᠨ ᠣᠷᠣᠭᠰᠠᠳ ᠰᠣᠩᠭᠣᠵᠤ ᠠᠪᠤᠮᠤᠢ᠃ ᠲᠡᠭᠦᠨ ᠦ᠌ ᠸᠠᠩ ᠤ᠋ᠨ ᠰᠠᠭᠤᠬᠤ ᠵᠧᠦ ᠶ᠋ᠢᠨ ᠨᠡᠷ᠎ᠡ ᠢᠨᠤ ᠺᠠᠢ ᠴᠧᠩ ᠹᠦ ᠬᠡᠮᠡᠮᠦᠢ᠂ ᠠᠭᠤᠯᠠ ᠶ᠋ᠢ ᠲᠦᠰᠢᠭᠦᠯᠦᠭᠰᠡᠨ ᠤᠷᠲᠤ ᠬᠠᠷᠰᠢ ᠲᠠᠢ᠃ ᠲᠡᠷᠡ ᠠᠭᠤᠯᠠᠨ ᠤ᠋ ᠨᠡᠷ᠎ᠡ ᠶ᠋ᠢ ᠰᠸᠡ ᠸᠸᠨ ᠲᠡᠢ ᠬᠡᠮᠡᠮᠦᠢ᠂ ᠲᠡᠷᠡ ᠭᠠᠵᠠᠷ ᠰᠠᠢᠨ ᠮᠣᠷᠢ ᠦᠯᠡᠮᠵᠢ ᠲᠥᠷᠥᠮᠦᠢ᠃ ᠴᠠᠭᠠᠨ ᠴᠢᠯᠠᠭᠤ ᠪᠠᠢ ᠵᠤᠯᠠ ᠬᠢᠮᠦᠢ᠂ ᠬᠠᠷᠢ ᠤᠯᠤᠰ ᠲᠤᠷ ᠱᠠ ᠪᠦ ᠨᠡᠬᠡᠵᠦ ᠪᠣᠯᠤᠮᠤᠢ᠂ ᠣᠯᠠᠨ ᠢ᠋ᠶ᠋ᠠᠷ ᠰᠠᠢᠬᠠᠨ ᠭᠡᠷ ᠲᠦ᠍ᠷ ᠰᠠᠭᠤᠮᠤᠢ᠃ ᠪᠡᠭᠡᠵᠢᠩ ᠬᠣᠲᠠ ᠳ᠋ᠤᠷ ᠬᠦᠷᠴᠦ ᠢᠷᠡᠲᠡᠯ᠎ᠡ ᠭᠤᠷᠪᠠᠨ ᠮᠢᠩᠭᠠᠨ ᠲᠠᠪᠤᠨ ᠵᠠᠭᠤᠨ ᠭᠠᠵᠠᠷ ᠪᠣᠢ᠃
ᠠᠯᠲᠠᠨ ᠤᠯᠤᠰ ᠤ᠋ᠨ ᠵᠡᠭᠦᠨ ᠡᠮᠦᠨ᠎ᠡ ᠳᠠᠯᠠᠢ ᠶ᠋ᠢᠨ ᠠᠷᠠᠯ ᠳᠡᠭᠡᠷ᠎ᠡ ᠰᠢᠶᠣᠤ ᠯᠢᠦ ᠴᠢᠦ ᠭᠦᠸᠧ ᠤᠯᠤᠰ ᠪᠣᠢ᠃ ᠨᠢᠳᠦ ᠢᠨᠤ ᠬᠥᠩᠬᠥᠷ᠂ ᠬᠠᠪᠠᠷ ᠤᠨᠵᠢᠢᠳᠠᠩ᠂ ᠡᠬᠡᠨᠡᠷ ᠦ᠋ᠨ ᠪᠠᠢᠳᠠᠯ ᠲᠠᠢ᠂ ᠡᠷ᠎ᠡ ᠬᠥᠮᠦᠨ ᠰᠠᠬᠠᠯ ᠦᠰᠦ ᠪᠡᠨ ᠦᠭᠲᠡᠭᠡᠵᠦ᠂ ᠡᠬᠡᠨᠡᠷ ᠢᠨᠤ ᠬᠠᠷ᠎ᠠ ᠡᠩᠭᠡᠯᠳᠡᠭ ( ᠨᠢᠯᠲᠠᠭ ) ᠲᠣᠰᠣ ᠪᠠᠷ ᠦᠰᠦ ᠪᠡᠨ ᠨᠠᠭᠠᠯᠳᠤᠭᠤᠯᠤᠨ ᠬᠦᠷᠦᠭᠡᠳ ᠳᠡᠭᠡᠷ᠎ᠡ ᠢᠨᠤ ᠯᠤᠤ ᠮᠣᠭᠠᠢ ᠮᠡᠲᠦ ᠬᠤᠸᠠᠷ ᠭᠠᠷᠭᠠᠮᠤᠢ᠃ ᠡᠷᠴᠢᠮᠲᠦ ᠳᠡᠭᠡᠰᠦᠨ ᠢ᠋ᠶ᠋ᠡᠷ ᠦᠰᠦ ᠪᠡᠨ ᠣᠷᠢᠶᠠᠵᠤ ᠵᠢᠭᠦᠷᠲᠡᠨ ᠦ᠌ ᠦᠰᠦᠨ ᠦ᠌ ᠮᠠᠯᠠᠭ᠎ᠠ ᠡᠮᠦᠰᠴᠦ ᠳᠡᠭᠡᠷ᠎ᠡ ᠢᠨᠤ ᠬᠠᠰ ᠰᠤᠪᠤᠳ ᠡᠯ᠎ᠡ ᠵᠦᠢᠯ ᠦ᠋ᠨ ᠡᠷᠳᠡᠨᠢ ᠶ᠋ᠢ ᠬᠠᠲᠠᠵᠤ ᠡᠬᠡᠨᠡᠷ ᠬᠥᠮᠦᠨ ᠢᠨᠦ ᠴᠠᠭᠠᠨ ᠯᠦᠸᠧ ᠪᠡᠷ ᠮᠠᠯᠠᠭ᠎ᠠ ᠬᠢᠵᠦ ᠡᠮᠦᠰᠦᠭᠡᠳ ᠦᠰᠦ ᠤᠩᠭᠠᠰᠤ ᠪᠠᠷ ᠳᠡᠪᠡᠯ ᠨᠡᠬᠡᠵᠦ ᠡᠮᠦᠰᠦᠮᠦᠢ᠃
ᠡᠨᠡ ᠿᠢ ᠪᠸᠠ ᠤᠯᠤᠰ ᠰᠢᠨ ᠯᠦᠸᠧ ᠭᠦᠸᠧ ᠤᠯᠤᠰ ᠤ᠋ᠨ ᠵᠡᠭᠦᠨ ᠡᠮᠦᠨ᠎ᠡ ᠶᠡᠬᠡ ᠳᠠᠯᠠᠢ ᠶ᠋ᠢᠨ ᠳᠣᠲᠣᠷ᠎ᠠ ᠠᠭᠤᠯᠠᠨ ᠤ᠋ ᠬᠣᠢᠭ ᠲᠤᠷ ᠰᠢᠬᠠᠵᠤ ᠰᠠᠭᠤᠭᠠᠳ ᠶᠢᠰᠦᠨ ᠵᠠᠭᠤᠨ ᠭᠠᠵᠠᠷ ᠪᠣᠢ᠃ ᠳᠠᠯᠠᠢ ᠶ᠋ᠢᠨ ᠬᠥᠪᠡᠭᠡᠨ ᠦ᠌ ᠳᠠᠪᠠᠯᠭᠠᠨ ᠤ᠋ ᠠᠮᠢᠲᠠᠨ ᠢ᠋ ᠲᠠᠪᠴᠢᠯᠠᠵᠤ ᠠᠮᠢᠳᠤᠷᠠᠮᠤᠢ᠂ ᠳᠤᠮᠳᠠᠳᠤ ᠤᠯᠤᠰ ᠲᠡᠭᠦᠨ ᠢ ᠸᠧ ᠭᠦᠸᠧ ᠬᠡᠮᠡᠮᠦᠢ᠃
ᠨᠢᠦᠢ ᠭᠦᠸᠧ᠂ ᠬᠢᠳᠠᠨ ᠤᠯᠤᠰ ᠤ᠋ᠨ ᠵᠡᠭᠦᠨ ᠬᠣᠢᠲᠤ ᠴᠠᠩ ᠪᠠᠢ ᠱᠠᠨ ᠠᠭᠤᠯᠠᠨ ᠤ᠋ ᠢᠷᠣᠭᠠᠷ ᠶᠠ ᠯᠦ᠍ ᠱᠦᠢ ᠤᠰᠤᠨ ᠤ᠋ ᠡᠬᠢ ᠳ᠋ᠦ᠍ᠷ ᠪᠣᠢ᠃ ᠶᠠ ᠯᠦ᠍ ᠣᠰᠤᠨ᠎ᠠ ᠠᠯᠲᠠ ᠭᠠᠷᠬᠤ ᠲᠤᠯᠠ ᠨᠢᠭᠡᠨ ᠨᠡᠷ᠎ᠡ ᠶ᠋ᠢ ᠠᠯᠲᠠᠨ ᠤᠯᠤᠰ ᠬᠡᠮᠡᠵᠦᠬᠦᠢ᠃ ᠬᠥᠮᠦᠨ ᠢᠨᠤ ᠬᠦᠷᠦᠭᠡᠳ ᠦ᠋ᠨ ᠠᠷᠠᠰᠤ ᠵᠢᠭᠠᠰᠤᠨ ᠤ᠋ ᠠᠷᠠᠰᠤ ᠪᠠᠷ ᠳᠡᠪᠡᠯ ᠬᠢᠵᠦ ᠡᠮᠦᠰᠦᠮᠦᠢ᠂ ᠠᠷᠢᠭᠤᠨ ᠴᠡᠪᠡᠷ ᠦᠭᠡᠢ ᠦᠶᠡᠰ ᠭᠡᠰᠢᠭᠦᠨ ᠳ᠋ᠦ᠍ᠷ ᠢᠷ ᠮᠡᠰᠡᠳᠡᠨ ᠢ᠋ ᠭᠠᠵᠤᠭᠠᠯᠠᠨ ᠶᠠᠪᠤᠮᠤᠢ ᠂ ᠣᠷᠣᠵᠤ ᠭᠠᠷᠬᠤᠢ ᠳ᠋ᠤᠷ ᠡᠳᠦᠷ ᠰᠥᠨᠢ ᠢᠯᠭᠠᠬᠤ ᠦᠭᠡᠢ᠂ ᠦᠬᠦᠯ ᠢ᠋ ᠬᠥᠩᠭᠡᠯᠡᠮᠦᠢ᠂ ᠬᠣᠣᠷᠯᠠᠬᠤ ᠠᠨᠤ ᠪᠠᠷᠰ ᠴᠢᠨᠣ᠎ᠠ ᠮᠡᠲᠦ᠂ ᠡᠷᠡᠰ ᠴᠢᠭᠢᠷᠠᠭ ᠤ᠋ᠨ ᠬᠠᠷᠠᠭ᠎ᠠ ᠪᠠᠷ ᠡᠬᠡᠨᠡᠷ ᠨᠢ ᠲᠥᠷᠥᠬᠦ ᠢᠨᠤ ᠰᠠᠢᠬᠠᠨ᠂ ᠤᠷᠤᠭᠤᠯ ᠳ᠋ᠤᠷ ᠤᠯᠠᠭᠠᠨ ᠰᠢᠩᠬᠤ ᠳᠦᠷᠭᠢᠪᠡᠰᠦ ᠤᠷᠤᠭ ᠲᠠᠢ ᠪᠣᠯᠪᠠ ᠬᠡᠮᠡᠮᠦᠢ᠃
ᠡᠨᠡ ᠳᠡ ᠯᠢᠦ ᠴᠢᠦ ᠭᠦᠸᠧ ᠤᠯᠤᠰ᠂ ᠵᠢᠶᠠ ᠰᠠᠨ ᠤ᠋ ᠭᠠᠵᠠᠷ ᠠ᠋ᠴᠠ ᠤᠰᠤᠨ ᠵᠠᠮ ᠢ᠋ᠶ᠋ᠠᠷ ᠶᠠᠪᠤᠪᠠᠰᠤ ᠲᠠᠪᠤᠨ ᠵᠠᠭᠤᠨ ᠭᠠᠵᠠᠷ᠂ ᠲᠡᠷᠡ ᠤᠯᠤᠰ ᠲᠤᠷ ᠠᠭᠤᠯᠠᠨ ᠠᠭᠤᠢ ᠣᠯᠠᠨ᠂ ᠪᠠᠭ᠎ᠠ ᠪᠠᠭ᠎ᠠ ᠴᠢᠯᠠᠭᠤᠨ ᠤ᠋ ᠨᠡᠷ᠎ᠡ ᠶ᠋ᠢ ᠢᠨᠤ ᠠᠨᠠᠮ ᠬᠡᠮᠡᠮᠦᠢ᠃ ᠬᠠᠷᠢᠯᠴᠠᠨ ᠨᠢᠭᠡᠨ ᠨᠢᠭᠡᠨ ᠳ᠋ᠦ᠍ᠷ ᠣᠭᠲᠣ ᠲᠤᠰᠠᠯᠠᠬᠤ ᠦᠭᠡᠢ᠃ ᠳᠤᠮᠳᠠᠳᠤ ᠤᠯᠤᠰ ᠲᠤᠷ ᠠᠯᠪᠠ ᠪᠠᠷᠢᠮᠤᠢ᠂ ᠲᠡᠭᠦᠨ ᠦ᠌ ᠡᠵᠡᠳ ᠪᠠ ᠲᠦᠰᠢᠮᠡᠯ ᠦ᠋ᠨ ᠬᠥᠪᠡᠭᠦᠨ ᠯᠦ᠍ᠭᠡ ᠬᠠᠮᠲᠤ ᠤᠯᠤᠰ ᠤ᠋ᠨ ᠶᠡᠬᠡ ᠰᠤᠷᠭᠠᠭᠤᠯᠢ ᠳ᠋ᠤᠷ ᠣᠷᠣᠭᠤᠯᠵᠤ ᠪᠢᠴᠢᠭ ᠦᠵᠡᠭᠦᠯᠦᠮᠦᠢ᠂ ᠶᠣᠰᠣ ᠵᠢᠷᠤᠮ ᠬᠦᠨᠳᠦᠲᠡᠢ᠃
ᠡᠨᠡ ᠰᠠᠨ ᠹᠦᠸᠸ ᠴᠢ ᠭᠦᠸᠧ ᠤᠯᠤᠰ᠂ ᠡᠮᠦᠨ᠎ᠡ ᠳᠠᠯᠠᠢ ᠶ᠋ᠢᠨ ᠳᠤᠮᠳᠠ ᠪᠣᠢ᠂ ᠭᠤᠸᠠᠩ ᠵᠧᠦ ᠶ᠋ᠢᠨ ᠣᠩᠭᠣᠴᠠ ᠪᠠᠷ ᠡᠮᠦᠨ᠎ᠡ ᠵᠦᠭ ᠡᠴᠢᠪᠡᠰᠦ ᠬᠠᠭᠠᠰ ᠰᠠᠷ᠎ᠠ ᠶ᠋ᠢᠨ ᠳᠣᠲᠣᠷ᠎ᠠ ᠬᠦᠷᠴᠦ ᠪᠣᠯᠤᠮᠤᠢ᠃ ᠲᠡᠷᠡ ᠭᠠᠵᠠᠷ ᠠᠨᠤ ᠯᠠᠩ ᠮᠦ᠍ ᠮᠸᠡ ᠳ᠋ᠦ᠍ᠷ ᠬᠦᠷᠦᠮᠦᠢ᠃ ᠲᠡᠭᠦᠨ ᠡᠴᠡ ᠲᠠᠪᠤᠨ ᠡᠳᠦᠷ ᠶᠠᠪᠤᠪᠠᠰᠤ ᠡᠨᠡ ᠰᠠᠨ ᠹᠦᠸᠸ ᠠᠭᠤᠢ ᠳ᠋ᠤᠷ ᠬᠦᠷᠦᠮᠦᠢ᠃ ᠠᠭᠤᠯᠠᠨ ᠠᠮᠠ ᠶ᠋ᠢᠨ ᠬᠠᠪᠴᠢᠯ ᠭᠠᠵᠠᠷ ᠲᠤᠷ ᠴᠥᠮ ᠮᠣᠳᠣᠨ ᠤ᠋ ᠰᠢᠪᠡᠭᠡ ᠬᠢᠵᠦ ᠲᠡᠭᠦᠨ ᠢ᠋ ᠬᠣᠲᠠ ᠪᠣᠯᠭᠠᠨ ᠬᠡᠯᠡᠯᠴᠡᠮᠦᠢ᠃ ᠲᠡᠷᠡ ᠤᠯᠤᠰ ᠤ᠋ᠨ ᠦᠭᠡ ᠢᠨᠤ ᠣᠪᠣᠭ ᠢ᠋ᠶ᠋ᠠᠨ ᠫᠦ ᠭᠡᠮᠡᠨ ᠬᠡᠯᠡᠮᠦᠢ᠂ ᠴᠠᠩ ᠫᠦ – ᠵᠡᠭᠡᠰᠦ ᠡᠪᠡᠰᠦᠨ ᠢ᠋ᠶ᠋ᠡᠷ ᠳᠡᠪᠢᠰᠬᠡᠷ ᠬᠢᠵᠦ ᠤᠰᠤᠨ ᠳ᠋ᠤᠷ ᠣᠩᠭᠣᠴᠠ ᠮᠡᠲᠦ ᠶᠠᠪᠤᠮᠤᠢ᠃ ᠡᠳᠦᠭᠡ ᠤᠯᠠᠮᠵᠢᠯᠠᠨ ᠬᠡᠯᠡᠯᠴᠡᠨ ᠢᠷᠡᠭᠰᠡᠨ ᠢᠨᠤ : ᠲᠡᠷᠡ ᠤᠯᠤᠰ ᠤ᠋ᠨ ᠲᠡᠷᠡ ᠭᠠᠵᠠᠷ ᠭᠡᠨᠡᠳᠲᠡ ᠶᠡᠬᠡ ᠨᠦᠬᠡ ᠭᠠᠷᠴᠤ᠂ ᠦᠬᠡᠷ ᠮᠣᠷᠢ ᠮᠡᠲᠦ ᠶᠠᠭᠤᠮ᠎ᠠ ᠭᠠᠷᠴᠤ ᠶᠠᠭᠤᠮ᠎ᠠ ᠬᠡᠦᠮ᠎ᠡ ᠣᠯᠵᠤ ᠢᠳᠡᠭᠡᠳ ᠬᠣᠵᠢᠮ ᠲᠡᠭᠦᠨ ᠳ᠋ᠦ᠍ᠷ ᠬᠤᠯᠤᠰᠤᠨ ᠬᠣᠩᠬᠢᠶ᠎ᠠ ᠬᠢᠵᠦ᠂ ᠲᠡᠭᠦᠨ ᠢ᠋ ᠢᠳᠡᠭᠰᠡᠭᠡᠷ ᠳᠤᠮᠳᠠᠳᠤ ᠤᠯᠤᠰ ᠲᠤᠷ ᠠᠯᠪᠠ ᠪᠠᠷᠢᠵᠤ ᠪᠠᠢᠭᠰᠠᠭᠠᠷ ᠡᠨᠡ ᠶᠠᠭᠤᠮ᠎ᠠ ᠦᠭᠡᠢ ᠪᠣᠯᠵᠤᠬᠤᠢ᠃
ᠡᠨᠡ ᠤᠯᠤᠰ ᠢ᠋ ᠵᠢᠶᠣᠤ ᡁᠢ ᠭᠦᠸᠧ ᠬᠡᠮᠡᠮᠦᠢ᠂ ᠪᠠᠰᠠ ᠨᠢᠭᠡᠨ ᠨᠡᠷ᠎ᠡ ᠶ᠋ᠢ 《ᠠᠨ ᠨᠠᠨ ᠭᠦᠸᠧ 》ᠬᠡᠮᠡᠮᠦᠢ᠂ ᠲᠡᠳᠡᠨ ᠦ᠌ ᠵᠠᠩ ᠠᠨᠤ ᠳᠡᠭᠡᠷᠡᠩᠭᠦᠢ᠂ ᠦᠰᠦ ᠪᠡᠨ ᠲᠠᠯᠪᠢᠵᠤ ᠬᠥᠯ ᠨᠢᠴᠦᠭᠦᠯᠡᠨ ᠶᠠᠪᠤᠮᠤᠢ᠃ ᠨᠢᠳᠦ ᠬᠦᠩᠬᠦᠬᠡᠷ᠂ ᠬᠣᠩᠰᠢᠶᠠᠷ ᠤᠷᠲᠤ᠂ ᠲᠤᠢᠯ ᠤ᠋ᠨ ᠮᠠᠭᠤ ᠬᠠᠷᠭᠢᠰ᠂ ᠭᠤᠸᠠᠩ ᠵᠧᠦ ᠶ᠋ᠢᠨ ᠬᠥᠮᠦᠨ ᠴᠥᠮ ᠲᠡᠭᠦᠨ ᠢ᠋ ᠭᠠᠵᠠᠷ ᠤ᠋ᠨ ᠴᠢᠳᠬᠥᠷ ᠭᠡᠮᠡᠨ ᠳᠠᠭᠤᠳᠠᠮᠤᠢ᠂ ᠰᠠᠢᠬᠠᠨ ᠵᠢᠰᠦ ᠲᠡᠢ ᠢᠨᠤ ᠬᠠᠨ ᠤᠯᠤᠰ ᠤ᠋ᠨ ᠮᠠ ᠶᠤᠸᠠᠨ ᠤ᠋ ᠴᠡᠷᠢᠭ ᠡᠴᠡ ᠦᠷᠡᠵᠢᠭᠰᠡᠨ ᠬᠡᠮᠡᠮᠦᠢ᠃ ᠵᠠᠩ ᠠᠨᠤ ᠡᠴᠢᠭᠡ ᠬᠥᠪᠡᠭᠦᠨ ᠠᠮᠢᠳᠤᠷᠠᠯ ᠢ᠋ ᠬᠠᠮᠲᠤᠳᠬᠠᠬᠤ ᠦᠭᠡᠢ᠂ ᠤᠷᠤᠭ ᠰᠠᠭᠤᠬᠤᠢ ᠳ᠋ᠤᠷ ᠵᠠᠭᠤᠴᠢ ᠦᠭᠡᠢ᠂ ᠡᠷ᠎ᠡ ᠡᠮ᠎ᠡ ᠬᠠᠷᠢᠯᠴᠠᠨ ᠪᠠᠷᠢᠯᠳᠤᠬᠤᠢ ᠳ᠋ᠤᠷ ᠪᠡᠯᠡᠭ ᠢ᠋ᠶ᠋ᠡᠷ ᠲᠡᠮᠳᠡᠭ ᠢᠲᠡᠭᠡᠮᠵᠢ ᠪᠣᠯᠭᠠᠮᠤᠢ᠃ ᠬᠠᠷᠢᠯᠠᠭᠰᠠᠨ ᠬᠣᠢᠨ᠎ᠠ᠂ ᠬᠡᠷᠪᠡ ᠡᠮ᠎ᠡ ᠢᠨᠤ ᠪᠤᠰᠤ ᠬᠥᠮᠦᠨ ᠯᠦ᠍ᠭᠡ ᠨᠢᠭᠡᠳᠪᠡᠰᠦ᠂ ᠤᠷᠢᠳᠤ ᠶ᠋ᠢᠨ ᠡᠷ᠎ᠡ ᠪᠡᠨ ᠭᠡᠭᠡᠵᠦ ᠥᠭᠭᠦᠮᠦᠢ᠃ ᠠᠩᠬᠠᠨ ᠤ᠋ ᠡᠮ᠎ᠡ ᠶ᠋ᠢ ᠪᠤᠰᠤ ᠡᠷ᠎ᠡ ᠳ᠋ᠦ᠍ᠷ ᠶᠠᠪᠤᠮᠤᠢ ᠬᠡᠮᠡᠮᠦ᠂ ᠲᠡᠷᠡ ᠤᠯᠤᠰ ᠤ᠋ᠨ ᠬᠣᠲᠠ ᠡᠵᠡᠯᠡᠭᠴᠢᠳ ᠬᠠᠭᠤᠴᠢᠨ ᠵᠢᠶᠦ᠋ᠨ ᠰᠢᠶᠠᠨ ᠭᠠᠵᠠᠷ ᠣᠷᠣᠨ ᠠ᠋ᠴᠠ ᠠᠨᠤ ᠲᠦᠷᠢᠶᠡᠰᠦ ᠢᠳᠡᠮᠦᠢ᠃ ᠬᠥᠪᠡᠭᠦᠨ ᠢᠨᠦ ᠬᠣᠯᠪᠣᠭ᠎ᠠ ᠶ᠋ᠢ ᠡᠷᠬᠢᠯᠡᠵᠦ᠂ ᠥᠬᠢᠨ ᠢᠨᠤ ᠰᠠᠮᠠᠭᠤᠨ ᠰᠠᠳᠤᠷ ᠢ᠋ ᠴᠢᠳᠠᠯ ᠪᠣᠯᠭᠠᠮᠤᠢ᠃ ᠬᠣᠲᠠ ᠶ᠋ᠢᠨ ᠡᠵᠡᠯᠡᠭᠴᠢᠳ ᠢᠨᠤ ᠳᠤᠮᠳᠠᠳᠤ ᠤᠯᠤᠰ ᠤ᠋ᠨ ᠪᠢᠴᠢᠭ ᠢ᠋ ᠦᠵᠡᠬᠦᠢ ᠳ᠋ᠦ᠍ᠷ ᠪᠠᠬ᠎ᠠ ᠲᠠᠢ᠃ ᠡᠷᠲᠡᠨ ᠦ᠌ ᠤᠯᠤᠰ ᠤ᠋ᠨ ᠥᠪᠡᠷ ᠦ᠋ᠨ ᠵᠠᠮ ᠢ᠋ᠶ᠋ᠠᠨ ᠮᠥᠷᠳᠡᠬᠦᠢ ᠳ᠋ᠦ᠍ᠷ ᠮᠠᠰᠢ ᠮᠡᠷᠭᠡᠨ᠂ ᠬᠣᠵᠢᠮ ᠬᠡᠰᠦᠨ ᠭᠠᠷᠤᠭᠰᠠᠨ ᠳ᠋ᠤᠷ ᠳᠤᠮᠳᠠᠳᠤ ᠤᠯᠤᠰ ᠤ᠋ᠨ ᠵᠢᠶᠦ᠋ᠨ ᠰᠢᠶᠠᠨ ᠪᠠᠢᠵᠤ ᠵᠢᠶᠣᠤ ᠼᠢ ᠱᠢ ᠳ᠋ᠦ᠍ᠷ ᠵᠠᠬᠢᠷᠤᠭᠤᠯᠪᠠ᠃ ᠬᠣᠣ ᠵᠸᠠ ᠶ᠋ᠢᠨ ᠦᠶ᠎ᠡ ᠳ᠋ᠦ᠍ᠷ ᠳᠠᠬᠢᠨ ᠤᠷᠪᠠᠭᠰᠠᠨ ᠢ᠋ ᠮᠠ ᠶᠤᠸᠠᠨ ᠡᠴᠢᠵᠦ ᠲᠦᠪᠰᠢᠳᠬᠡᠪᠡ᠃ ᠬᠠᠨ ᠡᠦ ᠳᠢ ᠶ᠋ᠢᠨ ᠦᠶ᠎ᠡ ᠳ᠋ᠦ᠍ᠷ ᠵᠢᠶᠧ ᠳᠦ ᠱᠢ – ᠡᠦ ᠴᠠᠩ ᠡᠴᠢᠵᠦ ᠲᠡᠭᠦᠨ ᠦ᠌ ᠤᠯᠤᠰ ᠲᠤᠷ ᠶᠣᠰᠣ ᠵᠢᠷᠤᠮ ᠲᠣᠭᠲᠠᠭᠠᠨ ᠡᠷᠬᠢᠮ ᠳᠣᠣᠷᠠᠳᠤᠰ ᠢ᠋ ᠢᠯᠭᠠᠨ ᠡᠷᠭᠦᠮᠵᠢᠯᠡᠪᠡ᠃ ᠳᠠᠭᠠᠯᠳᠤᠭ᠎ᠠ ᠪᠤᠰᠤ ᠣᠪᠣᠭᠲᠠᠨ ᠲᠡᠭᠦᠨ ᠦ᠌ ᠭᠠᠵᠠᠷ ᠣᠷᠣᠨ ᠰᠠᠭᠤᠷᠢ ᠪᠠᠢᠳᠠᠯ ᠢ᠋ ᠪᠠᠢᠭᠤᠯᠵᠤ ᠶᠠᠪᠤᠭᠰᠠᠭᠠᠷ ᠢᠷᠡᠵᠦᠬᠦᠢ᠃ ᠵᠡᠭᠦᠨ ᠪᠡᠶ᠎ᠡ ᠢᠨᠤ ᠴᠠ ᠯᠢᠩ ᠳ᠋ᠦ᠍ᠷ ᠵᠠᠬ᠎ᠠ ᠨᠡᠢᠯᠡᠵᠦᠬᠦᠢ᠂ ᠡᠮᠦᠨ᠎ᠡ ᠵᠠᠬ᠎ᠠ ᠠᠨᠤ ᠵᠠᠨ ᠴᠧᠩ ᠦ᠋ᠨ ᠯᠢ ᠸᠠᠨ ᠳ᠋ᠤᠷ ᠵᠠᠬ᠎ᠠ ᠨᠡᠢᠯᠡᠵᠦᠬᠦᠢ᠃ ᠬᠣᠢᠲᠤ ᠵᠠᠬ᠎ᠠ ᠵᠦᠩ ᠵᠢᠢ ᠬᠡᠮᠡᠬᠦ ᠭᠠᠵᠠᠷ ᠲᠤᠷ ᠲᠤᠯᠵᠤ᠂ ᠵᠡᠭᠦᠨ ᠡᠮᠦᠨ᠎ᠡ ᠪᠡᠶ᠎ᠡ ᠶᠡᠬᠡ ᠳᠠᠯᠠᠢ ᠪᠣᠯᠤᠮᠤᠢ᠃
ᠡᠨᠡ ᠤᠯᠤᠰ ᠲᠤᠷ ᠭᠤᠸᠠᠩ ᠵᠧᠦ ᠡᠴᠡ ᠣᠩᠭᠣᠴᠠᠨ ᠳ᠋ᠤᠷ ᠰᠠᠭᠤᠵᠤ ᠬᠣᠢᠲᠤ ᠰᠠᠯᠬᠢᠨ᠎ᠠ ᠲᠣᠬᠢᠶᠠᠯᠳᠤᠪᠠᠰᠤ ᠠᠷᠪᠠᠨ ᠡᠳᠦᠷ ᠲᠣᠷ ᠬᠥᠷᠥᠮᠦᠢ᠃ ᠲᠡᠭᠷᠢ ᠶ᠋ᠢᠨ ᠠᠭᠤᠷ ᠳᠤᠯᠠᠭᠠᠨ᠂ ᠥᠬᠢᠨ ᠥᠭᠬᠦ᠂ ᠪᠡᠷᠢ ᠠᠪᠬᠤ ᠶᠣᠰᠣᠯᠠᠯ ᠠᠨᠤ ᠬᠥᠪᠡᠭᠦᠨ ᠢ᠋ ᠥᠬᠢᠨ ᠳ᠋ᠦ᠍ᠷ ᠪᠠᠭᠤᠯᠭᠠᠨ ᠥᠭᠭᠦᠮᠦᠢ᠃ ᠡᠨᠡ ᠤᠯᠤᠰ ᠤ᠋ᠨ ᠬᠥᠮᠦᠨ ᠥᠬᠢᠨ ᠢ᠋ᠶ᠋ᠡᠨ ᠶᠢᠰᠦᠨ ᠨᠠᠰᠤᠯᠠᠪᠠᠰᠤ ᠬᠤᠤᠱᠠᠩ ᠵᠠᠯᠠᠵᠤ ᠪᠣᠳᠣᠬᠤ ᠤᠪᠠᠳᠢᠰ ᠢ᠋ ᠰᠤᠷᠭᠠᠮᠤᠢ᠂ ᠬᠤᠤᠱᠠᠩ ᠠᠨᠤ ᠲᠡᠷᠡ ᠥᠬᠢᠨ ᠦ᠌ ᠥᠬᠢᠨ ᠪᠡᠶ᠎ᠡ ᠶ᠋ᠢ ᠬᠤᠷᠤᠭᠤ ᠪᠠᠷ ᠡᠪᠳᠡᠵᠦ᠂ ᠴᠢᠰᠤ ᠶ᠋ᠢ ᠠᠪᠴᠤ ᠡᠬᠡ ᠪᠠ ᠥᠬᠢᠨ ᠦ᠌ ᠮᠠᠩᠨᠠᠢ ᠳ᠋ᠤᠷ ᠲᠦᠷᠬᠢᠵᠦ ᠪᠢᠯᠳᠠᠪᠠᠰᠤ ᠣᠯᠠᠨ ᠡᠷᠡᠰ ᠢ᠋ ᠬᠤᠷᠢᠶᠠᠵᠤ᠂ ᠠᠷᠠᠯᠵᠢᠶ᠎ᠠ ᠣᠯᠵᠠ ᠦᠯᠡᠮᠵᠢ ᠪᠣᠯᠵᠤ᠂ ᠭᠡᠷ ᠡᠷᠦᠬᠡ ᠡᠯᠪᠡᠭ ᠳᠡᠯᠪᠡᠭ ᠪᠣᠯᠤᠮᠤᠢ᠃ ᠲᠡᠷᠡ ᠥᠬᠢᠨ ᠢᠨᠤ ᠬᠣᠷᠢᠨ ᠨᠠᠰᠤᠯᠠᠪᠠᠰᠤ ᠬᠦᠷᠭᠡᠨ ᠳ᠋ᠦ᠍ᠷ ᠣᠴᠢᠬᠤᠶᠠ ᠡᠷ᠎ᠡ ᠪᠠᠶᠠᠷᠯᠠᠨ ᠥᠭᠦᠯᠡᠬᠦ ᠢᠨᠤ :《ᠮᠢᠨᠦ ᠡᠮ᠎ᠡ ᠭᠤᠸ᠎ᠠ ᠦᠵᠡᠰᠬᠦᠯᠡᠩ ᠤᠷᠠᠨ ᠨᠠᠷᠢᠨ ᠲᠤᠯᠠ ᠣᠯᠠᠨ ᠡᠷ᠎ᠡ ᠴᠢᠭᠤᠯᠭᠠᠨ ᠢᠷᠡᠪᠡ 》ᠭᠡᠮᠡᠨ ᠭᠠᠢᠬᠠᠭᠤᠯᠤᠨ ᠬᠡᠯᠡᠬᠦ ᠠᠵᠤᠭᠤ᠃ ᠬᠡᠷᠪᠡ ᠲᠡᠷᠡ ᠤᠯᠤᠰ ᠤ᠋ᠨ ᠬᠥᠮᠦᠨ ᠢᠨᠤ ᠬᠤᠯᠠᠭᠠᠢ ᠶ᠋ᠢᠨ ᠶᠠᠯ᠎ᠠ ᠳ᠋ᠤᠷ ᠲᠤᠷᠭᠠᠭᠨᠳᠠᠪᠠᠰᠤ ᠭᠠᠷ ᠢ᠋ ᠣᠭᠲᠣᠯᠵᠤ᠂ ᠬᠥᠯ ᠢ᠋ ᠴᠠᠪᠴᠢᠨ᠂ ᠠᠷᠤ ᠥᠪᠥᠷ ᠲᠣᠷ ᠭᠠᠯ ᠤ᠋ᠨ ᠲᠥᠭᠡᠨᠡ ᠲᠠᠯᠪᠢᠵᠤ ᠲᠡᠮᠳᠡᠭᠯᠡᠮᠦᠢ᠃ ᠠᠯᠠᠬᠤ ᠶᠠᠯ᠎ᠠ ᠲᠠᠢ ᠶ᠋ᠢ ᠠᠨᠤ ᠴᠠᠪᠴᠢᠵᠤ ᠠᠯᠠᠮᠤᠢ᠃ ᠵᠠᠷᠢᠮ ᠢ᠋ ᠠᠨᠤ ᠮᠣᠳᠣ ᠳ᠋ᠤᠷ ᠱᠣᠷᠣ ᠭᠠᠷᠭᠠᠵᠤ ᠪᠤᠬᠤᠷ ᠲᠤᠷ ᠠᠨᠤ ᠬᠠᠳᠬᠤᠵᠤ ᠲᠠᠯᠪᠢᠭᠠᠳ ᠦᠬᠦᠬᠦ ᠰᠢᠬᠠᠪᠠᠰᠤ ᠡᠷᠡᠵᠦ ᠠᠯᠠᠮᠤᠢ᠃ ᠤᠷᠢᠳᠤ ᠳᠠᠩ ᠤᠯᠤᠰ ᠲᠡᠳᠡᠨ ᠦ᠌ ᠡᠰᠡᠷᠭᠦᠴᠡᠯ ᠪᠣᠯᠤᠭᠰᠠᠨ ᠳ᠋ᠤᠷ ᠡᠨᠡ ᠮᠡᠲᠦ ᠠᠯᠠᠭᠰᠠᠨ ᠢ᠋ᠶ᠋ᠠᠷ ᠲᠡᠳᠡ ᠡᠳᠦᠭᠡ ᠴᠠᠭᠠᠵᠠ ᠶ᠋ᠢ ᠬᠠᠲᠠᠭᠤ ᠴᠢᠩᠭ᠎ᠠ ᠪᠣᠯᠭᠠᠭᠰᠠᠨ ᠠᠵᠤᠭᠤ᠃ ᠬᠡᠷᠪᠡ ᠶᠡᠬᠡ ᠪᠠᠶᠠᠨ ᠬᠥᠮᠦᠨ ᠬᠠᠤᠯᠢ ᠳ᠋ᠤᠷ ᠬᠠᠯᠳᠠᠪᠠᠰᠤ ᠰᠢᠷ᠎ᠠ ᠠᠯᠲᠠᠨ ᠢ᠋ᠶ᠋ᠠᠷ ᠶᠠᠯ᠎ᠠ ᠪᠠᠨ ᠵᠣᠯᠢᠵᠤ ᠪᠣᠯᠤᠮᠤᠢ᠃ ᠠᠯᠲᠠ ᠦᠭᠡᠢ ᠢᠨᠦ ᠪᠡᠶ᠎ᠡ ᠪᠡᠷ ᠶᠠᠯ᠎ᠠ ᠶ᠋ᠢ ᠬᠦᠯᠢᠶᠡᠮᠦᠢ᠂ ᠡᠨᠡ ᠤᠯᠤᠰ ᠢ᠋ ᠡᠷᠲᠡᠨ ᠦ᠌ ᠲᠡᠭᠷᠢ ᠨᠥᠬᠥᠭᠰᠡᠨ ᠴᠢᠯᠠᠭᠤ ᠰᠢᠶᠠᠨ ᠨᠢᠦᠢ ᠳᠡ ᠱᠢ ᠡᠴᠡ ᠦᠷᠡᠵᠢᠪᠡ ᠬᠡᠮᠡᠮᠦᠢ᠃
ᠰᠢᠶᠠᠨ ᠯᠦᠸᠧ ᠭᠦᠸᠧ – ᠡᠨᠡ ᠤᠯᠤᠰ ᠪᠣᠯᠪᠠᠰᠤ ᠳᠠᠯᠠᠢ ᠶ᠋ᠢᠨ ᠬᠣᠢᠭ ᠲᠤᠷ ᠪᠣᠢ᠂ ᠶᠡᠷᠦ ᠶ᠋ᠢᠨ ᠵᠠᠩ ᠠᠨᠤ ᠪᠠᠶᠠᠨ ᠡᠷᠬᠢᠮ ᠢ᠋ ᠡᠷᠢᠭᠴᠢᠳ ᠬᠥᠪᠡᠭᠦᠨ ᠢ᠋ᠶ᠋ᠡᠨ ᠵᠠᠰᠠᠵᠤ ᠡᠷ᠎ᠡ ᠶ᠋ᠢᠨ ᠪᠡᠯᠬᠡᠰ ᠢ᠋ ᠢᠨᠤ ᠨᠢᠮᠪᠠ ᠮᠣᠳᠣᠨ ᠳ᠋ᠤᠷ ᠡᠯᠭᠦᠵᠦ ᠬᠠᠲᠠᠭᠠᠮᠤᠢ᠃ ᠮᠠᠨ ᠤ᠋ ᠤᠯᠤᠰ ᠤ᠋ᠨ ᠬᠥᠮᠦᠨ ᠶᠡᠬᠡ ᠰᠠᠯᠬᠢᠨ᠎ᠠ ᠣᠩᠭᠣᠴᠠ ᠬᠡᠢᠰᠴᠦ ᠲᠡᠷᠡ ᠤᠯᠤᠰ ᠲᠤᠷ ᠬᠦᠷᠦᠭᠡᠳ ᠦᠵᠡᠪᠡᠰᠦ ᠮᠣᠳᠣ ᠮᠠᠰᠢ ᠡᠯᠪᠡᠭ᠂ ᠨᠢᠮᠪᠠ ᠮᠣᠳᠣ ᠪᠦᠷᠢ ᠳ᠋ᠦ᠍ᠷ ᠣᠭᠲᠣᠯᠤᠭᠰᠠᠨ ᠡᠷ᠎ᠡ ᠪᠡᠯᠬᠡᠰ ᠢ᠋ ᠢᠨᠤ ᠵᠠᠭᠤᠨ ᠬᠣᠣᠰ ᠢᠯᠡᠭᠦᠦ ᠣᠯᠵᠤ ᠢᠷᠡᠪᠡ᠃ ᠡᠭᠦᠨ ᠢ᠋ᠶ᠋ᠡᠷ ᠡᠮ ᠨᠠᠢᠷᠠᠪᠠᠰᠤ ᠬᠥᠮᠦᠨ ᠦ᠌ ᠲᠠᠷᠢᠬᠢ ᠴᠢᠮᠥᠭᠡ ᠬᠣᠭᠣᠰᠣᠷᠠᠭᠰᠠᠨ ᠳ᠋ᠤᠷ ᠶᠡᠬᠡᠯ᠎ᠡ ᠰᠠᠢᠨ᠃
ᠪᠦᠸᠧ ᠨᠢ ᠭᠦᠸᠧ – ᠡᠨᠡ ᠤᠯᠤᠰ ᠬᠠᠪᠲᠠᠭᠠᠢᠯ ᠮᠣᠳᠣ ᠪᠠᠷ ᠬᠣᠲᠠ ᠪᠣᠯᠭᠠᠨ ᠴᠣᠭᠴᠠᠯᠠᠮᠤᠢ᠃ ᠡᠵᠡᠨ ᠢᠨᠤ ᠠᠬᠤ ᠤᠷᠲᠤ ᠬᠠᠷᠰᠢ ᠶ᠋ᠢ ᠴᠥᠮ ᠨᠠᠷᠢᠨ ᠵᠢᠮᠢᠰ ᠦ᠋ᠨ ᠮᠣᠳᠣ ᠪᠠᠷ ᠪᠠᠷᠢᠮᠤᠢ᠂ ᠰᠤᠯᠠ ᠢᠷᠭᠡᠨ ᠦ᠌ ᠰᠠᠭᠤᠬᠤ ᠭᠡᠷ ᠢ᠋ ᠴᠥᠮ ᠡᠪᠡᠰᠦᠨ ᠢ᠋ᠶ᠋ᠡᠷ ᠪᠠᠷᠢᠮᠤᠢ᠃ ᠶᠡᠷᠦ ᠶ᠋ᠢᠨ ᠵᠠᠩ ᠠᠨᠤ ᠬᠤᠶᠠᠭ ᠡᠮᠦᠰᠴᠦ ᠵᠡᠪᠰᠡᠭ ᠪᠠᠷᠢᠵᠤ ᠶᠠᠪᠤᠮᠤᠢ᠃ ᠬᠤᠶᠠᠭ ᠠᠨᠤ ᠬᠣᠭᠣᠯᠠᠢ ᠪᠠᠷ ᠴᠢᠳᠬᠤᠵᠤ᠂ ᠶᠡᠬᠡ ᠪᠠᠭ᠎ᠠ ᠬᠣᠩᠬᠢᠶ᠎ᠠ ᠬᠢᠵᠦ᠂ ᠭᠠᠷ ᠬᠥᠯ ᠠᠷᠤ ᠥᠪᠥᠷ ᠲᠣᠷ ᠵᠠᠯᠭᠠᠨ ᠡᠮᠦᠰᠦᠮᠦᠢ᠃ ᠲᠡᠷᠡ ᠤᠯᠤᠰ ᠲᠤᠷ ᠡᠮᠲᠦ ᠮᠣᠳᠣ ᠡᠯᠪᠡᠭ᠂ ᠲᠡᠷᠡ ᠡᠮᠲᠦ ᠮᠣᠳᠣᠨ ᠤ᠋ ᠦᠨᠳᠦᠰᠦ ᠶ᠋ᠢ ᠤᠬᠤᠵᠤ ᠠᠪᠤᠭᠠᠳ ᠪᠤᠴᠠᠯᠭᠠᠵᠤ ᠤᠤᠭᠤᠬᠤ ᠪᠥᠭᠡᠳ ᠪᠠᠰᠠ ᠪᠡᠶ᠎ᠡ ᠳ᠋ᠦ᠍ᠷ ᠳᠦᠷᠭᠢᠪᠡᠰᠦ ᠪᠡᠶ᠎ᠡ ᠪᠥᠬᠡ ᠪᠣᠯᠬᠤ ᠲᠤᠯᠠ ᠰᠢᠷᠬᠠᠲᠤᠪᠠᠴᠤ ᠳᠠᠷᠤᠢ ᠦᠬᠦᠬᠦ ᠦᠭᠡᠢ᠃ ᠦᠬᠦᠭᠰᠡᠳ ᠢ᠋ᠶ᠋ᠡᠨ ᠠᠪᠰᠠ ᠳ᠋ᠤᠷ ᠬᠢᠵᠦ ᠠᠭᠤᠯᠠᠨ ᠳ᠋ᠤᠷ ᠪᠤᠯᠠᠨ ᠬᠣᠶᠠᠷ ᠰᠠᠷ᠎ᠠ ᠪᠦᠷᠢ ᠳ᠋ᠦ᠍ᠷ ᠲᠠᠬᠢᠭᠰᠠᠭᠠᠷ ᠳᠣᠯᠣᠭᠠᠨ ᠵᠢᠯ ᠡᠴᠡ ᠬᠣᠵᠢᠮ ᠬᠠᠢᠬᠤᠷᠬᠤ ᠦᠭᠡᠢ ᠪᠣᠯᠤᠮᠤᠢ᠃ ᠬᠡᠷᠪᠡ ᠪᠡᠷᠢ ᠭᠤᠶᠤᠪᠠᠰᠤ ᠪᠡᠯᠡᠭ ᠬᠦᠷᠭᠡᠬᠦ ᠢᠨᠣ ᠲᠠᠤᠯᠠᠢ ᠶ᠋ᠢᠨ ᠪᠥᠭᠡᠷ᠎ᠡ ᠶ᠋ᠢᠨ ᠠᠷᠢᠬᠢ᠂ ᠪᠠᠰᠠ ᠭᠣᠶᠣ ① ᠪᠠᠷ ᠪᠡᠯᠡᠭ ᠲᠠᠯᠪᠢᠵᠤ᠂ ᠬᠣᠢᠨ᠎ᠠ ᠠᠨᠤ ᠪᠡᠯᠭᠡᠲᠦ ᠰᠠᠪᠠ ᠰᠠᠭᠠᠯᠢ ᠪᠤᠶᠤ ᠡᠰᠡᠬᠦᠯ᠎ᠡ ᠠᠯᠲᠠᠨ ᠮᠥᠩᠭᠥᠨ ᠠᠪᠠᠴᠢᠵᠤ ᠦᠭᠮᠦᠢ᠃ ᠲᠡᠷᠡ ᠤᠯᠤᠰ ᠤ᠋ᠨ ᠡᠷ᠎ᠡ ᠡᠮ᠎ᠡ ᠢᠯᠭᠠᠯ ᠦᠭᠡᠢ ᠦᠰᠦ ᠪᠡᠨ ᠪᠥᠭᠡᠮᠯᠡᠨ ᠱᠠᠩᠬᠤᠯᠭᠠᠵᠤ ᠬᠦᠷᠦᠭᠡᠳ ᠲᠠᠪᠤᠨ ᠥᠩᠭᠡ ᠶ᠋ᠢᠨ ᠬᠬᠢᠪ ᠢ᠋ᠶ᠋ᠡᠷ ᠪᠦᠰᠡ ᠬᠢᠵᠦ᠂ ᠲᠠᠵᠢ ᠮᠠᠩᠨᠤᠭ ᠢ᠋ᠶ᠋ᠠᠷ ᠳᠡᠪᠡᠯ ᠬᠢᠮᠦᠢ᠃ ᠳᠠᠯᠠᠢ ᠶ᠋ᠢᠨ ᠤᠰᠤᠨ ᠢ᠋ ᠪᠤᠴᠠᠯᠭᠠᠨ ᠰᠢᠷᠭᠢᠭᠡᠵᠦ ᠳᠠᠪᠤᠰᠤ ᠪᠣᠯᠭᠠᠮᠤᠢ᠃ ᠬᠥᠬᠡᠭᠡ ᠰᠠᠷ᠎ᠠ ᠶ᠋ᠢᠨ ᠰᠢᠨ᠎ᠡ ᠶ᠋ᠢᠨ ᠳᠣᠯᠣᠭᠠᠨ᠎ᠠ ᠨᠢᠭᠡᠨ ᠣᠨ ᠭᠡᠮᠡᠨ ᠬᠤᠷᠢᠮ ᠴᠢᠭᠤᠯᠭᠠᠨ ᠴᠠᠩ ᠬᠡᠩᠭᠡᠷᠭᠡ ᠴᠣᠬᠢᠵᠤ ᠵᠢᠷᠭᠠᠯ ᠬᠢᠮᠦᠢ᠃ ᠲᠡᠷᠡ ᠤᠯᠤᠰ ᠰᠠᠪᠠ ᠵᠦᠢᠯ ᠢ᠋ ᠬᠤᠯᠤᠰᠤᠨ ᠨᠠᠪᠴᠢ ᠪᠠ ᠬᠤᠯᠤᠰᠤ ᠶ᠋ᠢ ᠬᠠᠭᠠᠯᠵᠤ ᠬᠢᠮᠦᠢ᠃ ᠳᠤᠮᠳᠠᠳᠤ ᠤᠯᠤᠰ ᠤ᠋ᠨ ᠬᠥᠮᠦᠨ ᠢ᠋ ᠦᠵᠡᠪᠡᠰᠦ ᠪᠠᠶᠠᠷᠯᠠᠮᠤᠢ᠃ ᠰᠣᠭᠲᠣᠭᠤ ᠬᠥᠮᠦᠨ ᠢ᠋ ᠡᠭᠦᠷᠦᠨ ᠠᠪᠠᠴᠢᠮᠤᠢ᠃
– – – –
① ᠭᠣᠶᠣ ᠪᠣᠯ ᠨᠢᠭᠡᠨ ᠵᠦᠢᠯ ᠦ᠋ᠨ ᠡᠮ ᠂ ᠪᠠᠰᠠ ᠪᠢᠩ ᠯᠠᠩ ᠬᠡᠮᠡᠮᠦᠢ᠃
ᠰᠦ᠍ ᠮᠸᠨ ᠳᠡ ᠯᠡ – ᠡᠨᠡ ᠨᠢᠭᠡᠨ ᠠᠢᠮᠠᠭ ᠭᠠᠵᠠᠷ ᠲᠠᠷᠢᠶ᠎ᠠ ᠦᠯᠡᠮᠵᠢ ᠲᠠᠷᠢᠬᠤ ᠦᠭᠡᠢ᠂ ᠡᠷ᠎ᠡ ᠡᠮ᠎ᠡ ᠬᠥᠮᠦᠨ ᠴᠥᠮ ᠪᠥᠰ ᠬᠣᠷᠮᠣᠢᠪᠴᠢ ᠪᠦᠰᠡᠯᠡᠮᠦᠢ ᠂ ᠦᠰᠦ ᠪᠡᠨ ᠲᠠᠯᠪᠢᠵᠤ ᠤᠯᠠᠭᠠᠨ ᠢ᠋ᠶ᠋ᠠᠷ ᠣᠷᠢᠶᠠᠮᠤᠢ᠃ ᠲᠡᠳᠡᠭᠡᠷ ᠦ᠋ᠨ ᠪᠠᠶᠠᠰᠬᠤ ᠠᠨᠤ ᠡᠭᠦᠷᠢ ᠠᠮᠢᠳᠤᠷᠠᠬᠤᠢ ᠳ᠋ᠤᠷ ᠳᠤᠷᠠᠲᠠᠢ᠂ ᠨᠢᠭᠡᠨ ᠡᠳᠦᠷ ᠪᠡᠶ᠎ᠡ ᠶ᠋ᠢᠨ ᠥᠩᠭᠡ ᠬᠠᠷ᠎ᠠ ᠰᠢᠷ᠎ᠠ ᠤᠯᠠᠭᠠᠨ ᠭᠤᠷᠪᠠᠨ ᠥᠩᠭᠡ ᠪᠡᠷ ᠬᠤᠪᠢᠯᠤᠮᠤᠢ᠃ ᠵᠢᠯ ᠪᠦᠷᠢ ᠠᠷᠪᠠᠨ ᠢᠯᠡᠭᠦᠦ ᠬᠥᠮᠦᠨ ᠢ᠋ ᠠᠯᠠᠵᠤ ᠴᠢᠰᠤᠨ ᠢ᠋ᠶ᠋ᠠᠷ ᠪᠡᠶ᠎ᠡ ᠪᠡᠨ ᠤᠬᠢᠶᠠᠪᠠᠰᠤ ᠳᠥᠷᠪᠡᠨ ᠴᠠᠭ ᠲᠤᠷ ᠡᠪᠡᠳᠴᠢᠨ ᠡᠮᠭᠡᠭ ᠬᠦᠷᠲᠡᠬᠦ ᠦᠭᠡᠢ᠂ ᠲᠡᠷᠡ ᠳᠤᠮᠳᠠᠳᠤ ᠤᠯᠤᠰ ᠠ᠋ᠴᠠ ᠠᠶᠤᠬᠤ ᠲᠤᠯᠠ ᠳᠡᠮᠡᠢ ᠢᠷᠡᠬᠦ ᠦᠭᠡᠢ᠃
ᠾᠦᠢ ᠬᠦ ᠭᠦᠸᠧ – ᠡᠨᠡ ᠤᠯᠤᠰ ᠢ᠋ ᠶᠡᠬᠡ ᠶᠤᠸᠠᠨ ᠤᠯᠤᠰ ᠤ᠋ᠨ ᠦᠶ᠎ᠡ ᠳ᠋ᠦ᠍ᠷ ᠾᠦᠢ ᠬᠠᠢ ᠭᠡᠮᠡᠨ ᠳᠠᠭᠤᠳᠠᠮᠤᠢ᠃ ᠡᠨᠡ ᠤᠯᠤᠰ ᠵᠢᠩ ᠱᠦᠸᠧ ᠤᠯᠤᠰ ᠤ᠋ᠨ ᠠᠷᠪᠠᠨ ᠲᠠᠪᠤᠳᠤᠭᠠᠷ ᠦᠶ᠎ᠡ ᠶ᠋ᠢᠨ ᠦᠷ᠎ᠡ ᠡᠴᠡ ᠤᠯᠠᠮᠵᠢᠯᠠᠵᠤᠬᠤᠢ᠃ ᠡᠷᠲᠡᠨ ᠦ᠌ ᠰᠦᠢ ᠤᠯᠤᠰ ᠤ᠋ᠨ ᠦᠶ᠎ᠡ ᠳ᠋ᠦ᠍ᠷ ᠲᠢᠶᠧ ᠴᠢᠦᠢ ᠴᠢᠤᠸᠠᠨ ᠤᠯᠤᠰ ᠭᠡᠮᠡᠨ ᠶᠠᠪᠤᠵᠤᠬᠤᠢ᠃ ᠡᠳ᠋ ᠬᠦᠴᠦᠨ ᠦᠯᠡᠮᠵᠢ ᠲᠤᠯᠠ ᠥᠪᠡᠷ ᠦ᠋ᠨ ᠤᠯᠤᠰ ᠢ᠋ᠶ᠋ᠠᠨ ᠾᠦᠢ ᠬᠠᠢ ᠭᠡᠮᠡᠨ ᠡᠷᠭᠦᠮᠵᠢᠯᠡᠵᠦᠬᠦᠢ᠂ ᠡᠷᠲᠡ ᠺᠦᠩᠽᠢ ᠶ᠋ᠢᠨ ᠦᠶ᠎ᠡ ᠥᠭᠦᠯᠡᠭᠰᠡᠨ ᠢᠨᠦ : ᠫᠦ ᠴᠢᠦᠢ ᠱᠸᠨ ᠮᠥᠬᠥᠪᠡᠰᠦ ᠾᠦᠢ ᠬᠠᠢ ᠤᠯᠤᠰ ᠮᠠᠰᠢ ᠴᠢᠭᠢᠷᠠᠭ᠂ ᠫᠦ ᠰᠠ ᠦᠬᠦᠭᠡᠳ ᠲᠡᠳᠡᠨ ᠦ᠌ ᠲᠡᠷᠢᠭᠦᠯᠡᠭᠴᠢ ᠬᠥᠮᠦᠨ ᠣᠯᠠᠨ ᠠᠢᠮᠠᠭ ᠢ ᠠᠪᠴᠤ ᠰᠢᠦᠸᠠᠢ ᠶᠤᠸᠠᠨ ᠲᠦᠸᠧ ᠶ᠋ᠢ ᠪᠠᠢᠯᠳᠤᠨ ᠮᠥᠬᠥᠭᠡᠵᠦᠬᠦᠢ᠂ ᠲᠡᠢᠨ ᠬᠦ᠌ ᠲᠡᠳᠡᠨ ᠦ᠌ ᠭᠠᠵᠠᠷ ᠢ᠋ ᠡᠵᠡᠯᠡᠪᠡ᠃ ᠤᠷᠲᠤᠳᠠ ᠳᠤᠮᠳᠠᠳᠤ ᠤᠯᠤᠰ ᠲᠤᠷ ᠠᠯᠪᠠ ᠬᠦᠷᠭᠡᠵᠦ ᠢᠷᠡᠳᠡᠭ ᠠᠵᠤᠭᠤ ᠃ ᠲᠡᠷᠡ ᠭᠠᠵᠠᠷ ᠤᠭ ᠲᠤᠷ ᠳᠠᠯᠠᠢ ᠬᠠᠯᠠᠨ ᠬᠡᠮᠡᠳᠡᠭ ᠪᠥᠯᠥᠭᠡ᠂ ᠡᠳᠦᠭᠡ ᠾᠧ ᠨᠢᠩ ᠯᠦ᠍ ᠬᠡᠮᠡᠮᠦᠢ᠃
ᠡᠯ ᠮᠠ᠋ ᠡᠯ ᠬᠠ – ᠡᠨᠡ ᠤᠯᠤᠰ ᠤ᠋ᠨ ᠬᠥᠮᠦᠨ ᠣᠯᠠᠩᠬᠢ ᠨᠢ ᠤᠷᠠᠨ ᠡᠷᠳᠡᠮ ᠲᠡᠢ᠂ ᠤᠷᠲᠤ ᠬᠠᠷᠰᠢ ᠪᠠᠷᠢᠬᠤᠢ ᠳ᠋ᠤᠷ ᠮᠠᠰᠢ ᠨᠠᠷᠢᠨ ᠨᠢᠭᠲᠠ᠂ ᠲᠡᠭᠦᠨ ᠦ᠌ ᠡᠵᠡᠨ ᠢᠨᠦ ᠴᠠᠭᠠᠨ ᠲᠣᠭᠣᠷᠢᠭ ᠮᠠᠯᠠᠭ᠎ᠠ ᠡᠮᠦᠰᠦᠮᠦᠢ᠃ ᠡᠵᠡᠨ ᠦ᠌ ᠡᠮ᠎ᠡ ᠢᠨᠣ ᠴᠠᠭᠠᠨ ᠾᠦᠢ ᠽᠢ ᠿᠦᠩ ᠢ᠋ᠶ᠋ᠡᠷ ᠪᠡᠶ᠎ᠡ ᠪᠡᠨ ᠪᠡᠬᠢᠯᠡᠮᠦᠢ᠃ ᠢᠳᠡᠭᠡᠨ ᠤᠮᠳᠠᠭᠠᠨ ᠠᠨᠤ ᠠᠮᠲᠠᠲᠠᠢᠬᠠᠨ ᠢᠰᠬᠦᠯᠡᠩ ᠳ᠋ᠦ᠍ᠷ ᠳᠤᠷᠠᠲᠠᠢ᠂ ᠡᠯ᠎ᠡ ᠵᠦᠢᠯ ᠦ᠋ᠨ ᠡᠮ ᠪᠠ ᠮᠢᠬ᠎ᠠ ᠶ᠋ᠢᠨ ᠵᠦᠢᠯ ᠢ᠋ ᠢᠳᠡᠮᠦᠢ᠃ ᠴᠥᠮ ᠠᠯᠲᠠᠨ ᠮᠥᠩᠭᠥᠨ ᠰᠠᠪᠠ ᠶ᠋ᠢ ᠵᠠᠷᠤᠮᠤᠢ ᠂ ᠰᠠᠪᠬ᠎ᠠ ᠬᠡᠷᠡᠭᠯᠡᠬᠦ ᠦᠭᠡᠢ᠂ ᠴᠥᠮ ᠬᠠᠯᠪᠠᠭ᠎ᠠ ᠰᠢᠪᠠ ᠪᠠᠷ ᠢᠳᠡᠮᠦᠢ ᠃ ᠠᠭᠤᠯᠠ ᠭᠣᠣᠯ ᠤ᠋ᠨ ᠪᠠᠢᠳᠠᠯ ᠳᠦᠷᠢᠮ ᠳᠤᠮᠳᠠᠳᠤ ᠤᠯᠤᠰ ᠲᠤᠷ ᠲᠥᠯᠥᠪᠲᠡᠢ᠂ ᠳᠠᠭᠤᠯᠠᠬᠤ ᠪᠥᠵᠢᠭᠯᠡᠬᠦ ᠳ᠋ᠦ᠍ᠷ ᠳᠤᠷᠠᠲᠠᠢ᠃
ᠭᠦᠸᠧ ᠵᠧᠦ – ᠡᠨᠡ ᠤᠯᠤᠰ ᠲᠤᠷ ᠬᠣᠲᠠ ᠪᠠᠯᠭᠠᠳ ᠲᠠᠷᠢᠶ᠎ᠠ ᠲᠥᠮᠥᠰᠥ ᠮᠠᠯ ᠮᠣᠷᠢ ᠡᠷᠲᠡᠨ ᠦ᠌ ᠰᠢᠶᠦ᠋ᠩᠨᠦ᠂ ᠡᠦ ᠰᠦᠨ ᠯᠦ᠍ᠭᠡ ᠪᠠᠷᠤᠭ ᠲᠠᠢ᠂ ᠰᠢᠶᠦ᠋ᠩᠨᠦ ᠤᠯᠤᠰ ᠢ᠋ ᠳᠣᠯᠳᠣᠢᠳᠠᠨ ᠶᠠᠪᠤᠮᠤᠢ᠂ ᠡᠷ᠎ᠡ ᠬᠥᠮᠦᠨ ᠪᠠᠢᠳᠠᠯ ᠵᠢᠰᠦ ᠭᠠᠤᠯᠢ ᠤᠯᠤᠰ ᠮᠡᠲᠦ ᠂ ᠭᠡᠵᠢᠭᠡ ᠪᠡᠨ ᠬᠦᠷᠦᠵᠦ ᠨᠢᠷᠤᠭᠤᠨ ᠳ᠋ᠤᠷ ᠲᠠᠯᠪᠢᠮᠤᠢ᠂ ᠡᠬᠡᠨᠡᠷ ᠬᠥᠮᠦᠨ ᠢᠨᠣ ᠲᠣᠰᠣᠳᠠᠭᠰᠠᠨ ᠮᠠᠯᠠᠭ᠎ᠠ ᠡᠮᠦᠰᠴᠦ ᠣᠷᠣᠢ ᠤᠷᠤᠭᠤ ᠪᠦᠷᠬᠦᠵᠦ ᠬᠠᠯᠬᠠᠯᠠᠮᠤᠢ᠂ ᠵᠡᠭᠦᠬᠦ ᠢᠨᠣ ᠫᠠᠯᠠᠩ ᠬᠠᠳᠬᠤᠷ᠂ ᠮᠣᠷᠢ ᠤᠨᠤᠵᠤ ᠬᠠᠷᠪᠤᠵᠤ ᠨᠠᠮᠨᠠᠬᠤ ᠳ᠋ᠠᠭᠠᠨ ᠰᠠᠢᠨ᠃
ᠰᠢᠶᠦ᠋ᠩᠨᠦ ᠲᠠᠲ᠋ᠠᠷ – ᠡᠨᠡ ᠤᠯᠤᠰ ᠨᠡᠢᠲᠡ ᠲᠠᠪᠤᠨ ᠶᠠᠩᠵᠤ ᠪᠣᠢ᠂ ᠨᠢᠭᠡᠨ ᠠᠢᠮᠠᠭ ᠰᠢᠷ᠎ᠠ ᠦᠰᠦᠲᠡᠢ᠂ ᠡᠨᠡ ᠢᠨᠦ ᠪᠦᠸᠧ ᠨᠢᠦ ᠦᠬᠡᠷ ᠡᠴᠡ ᠲᠥᠷᠥᠪᠡ ᠬᠡᠮᠡᠮᠦᠢ᠃ ᠬᠦᠵᠦᠭᠦᠦ ᠠᠬᠠᠷ᠂ ᠪᠣᠭᠣᠨᠢ ᠲᠠᠷᠭᠤᠯᠢᠭ᠋᠂ ᠡᠨᠡ ᠠᠢᠮᠠᠭ ᠢ᠋ ᠴᠢᠦᠢ ᠴᠢᠦ ᠠᠢᠮᠠᠭ – ᠬᠡᠭᠡᠷ᠎ᠡ ᠶ᠋ᠢᠨ ᠭᠠᠬᠠᠢ ᠠ᠋ᠴᠠ ᠲᠥᠷᠥᠪᠡ ᠬᠡᠮᠡᠮᠦᠢ᠂ ᠭᠤᠷᠪᠠᠳᠤᠭᠠᠷ ᠬᠠᠷ᠎ᠠ ᠦᠰᠦ ᠴᠠᠭᠠᠨ ᠪᠡᠶᠡᠲᠦ ᠶ᠋ᠢ ᠢᠨᠣ ᠳᠠᠩ ᠤᠯᠤᠰ ᠢ᠋ ᠲᠠᠢᠯᠠᠬᠤᠢ ᠳ᠋ᠤᠷ ᠴᠡᠷᠢᠭ ᠦ᠋ᠨ ᠦᠷᠡᠰ ᠡᠴᠡ ᠤᠯᠠᠮᠵᠢᠯᠠᠪᠠ ᠬᠡᠮᠡᠮᠦᠢ᠃ ᠪᠠᠰᠠ ᠨᠢᠭᠡᠨ ᠠᠢᠮᠠᠭ ᠨᠡᠷ᠎ᠡ ᠴᠢᠦᠢ ᠴᠢᠦᠸᠡᠨ ᠱᠧ ᠮᠦᠸᠧ ᠱᠢ ᠯᠢ ᠬᠠᠢ ᠰᠢᠶᠣᠤ ᠨᠡᠷᠡᠲᠦ ᠥᠬᠢᠨ᠂ ᠠᠯᠲᠠᠨ ᠡᠪᠡᠷᠲᠦ ᠴᠠᠭᠠᠨ ᠭᠥᠷᠥᠭᠡᠰᠦ ᠯᠦ᠍ᠭᠡ ᠨᠥᠬᠥᠴᠡᠵᠦ ᠲᠥᠷᠥᠪᠡ ᠬᠡᠮᠡᠮᠦᠢ᠂ ᠱᠧ ᠮᠦᠸᠧ ᠠ ᠢ ᠱᠣᠣ ᠬᠡᠮᠡᠬᠦ ᠬᠥᠪᠡᠭᠦᠨ ᠢ᠋ᠶ᠋ᠡᠨ ᠳᠠᠭᠠᠭᠤᠯᠤᠨ ᠢᠷᠡᠵᠦᠬᠦᠢ᠃ ᠡᠳᠦᠭᠡᠬᠢ ᠬᠥᠮᠦᠨ ᠠᠪᠠᠯᠠᠷ᠎ᠠ ᠭᠠᠷᠤᠭᠠᠳ ᠰᠠᠬᠢᠭᠤᠯᠰᠤᠨ ᠢ᠋ ᠲᠠᠬᠢᠬᠤ ᠠᠨᠤ ᠳᠠᠷᠤᠢ ᠡᠭᠦᠨ ᠢ᠋ ᠲᠠᠬᠢᠬᠤ ᠪᠣᠯᠠᠢ᠃ ᠳᠥᠷᠪᠡᠨ ᠴᠠᠭ ᠲᠤᠷ ᠳᠠᠭᠢᠬᠤᠢ ᠳ᠋ᠠᠭᠠᠨ ᠰᠢᠷᠤᠭ ᠲᠤᠷ ᠡᠯᠭᠦᠵᠦ ᠳᠠᠬᠢᠮᠤᠢ᠂ ᠡᠭᠦᠨ ᠳ᠋ᠦ᠍ᠷ ᠰᠢᠮ᠎ᠡ ᠬᠢᠭᠡᠳ ᠳᠡᠪᠡᠯ ᠰᠠᠭᠤᠷᠢᠨ ᠢ᠋ ᠢᠰᠡᠭᠡᠢ ᠳ᠋ᠦ᠍ᠷ ᠣᠷᠢᠶᠠᠵᠤ ᠦᠰᠦ ᠪᠡᠨ ᠮᠠᠭᠠᠵᠢ ᠪᠠᠷ ᠮᠢᠯᠢᠶᠠᠵᠤ ᠰᠢᠷᠤᠭ ᠲᠤᠷ ᠡᠯᠭᠦᠵᠦ ᠳᠥᠷᠪᠡᠨ ᠴᠠᠭ ᠲᠤᠷ ᠪᠡᠯᠭᠡᠯᠡᠨ ᠳᠠᠭᠢᠮᠤᠢ᠃ ᠨᠢᠭᠡᠨ ᠠᠢᠮᠠᠭ ᠠᠨᠤ ᠱᠢ ᠪᠠ ᡂᠢ ᠬᠠᠨ ᠡᠪᠦᠭᠡ ᠮᠥᠨ᠃ ᠵᠢᠴᠢ ᠶᠡᠬᠡ ᠶᠤᠸᠠᠨ ᠤᠯᠤᠰ ᠤ᠋ᠨ ᠨᠢᠭᠤᠴᠠ ᠰᠤᠳᠤᠷ ᠲᠤᠷ ᠥᠭᠦᠯᠡᠭᠰᠡᠨ ᠢᠨᠤ : ᠪᠤᠭᠤᠷᠤᠯ ᠴᠢᠨᠣ᠎ᠠ᠂ ᠴᠠᠭᠠᠨ ᠮᠠᠷᠠᠯ ᠬᠦᠷᠦᠭᠡᠳ ᠡᠴᠡ ᠡᠭᠦᠰᠴᠦ ᠬᠣᠷᠢᠨ ᠲᠠᠪᠤᠳᠤᠭᠠᠷ ᠦᠶ᠎ᠡ ᠳ᠋ᠦ᠍ᠷ ᠲᠠᠢᠽᠦ ᠶ᠋ᠢ ᠲᠥᠷᠥᠪᠡ ᠬᠡᠮᠡᠮᠦᠢ᠃ ᠲᠡᠷᠡ ᠮᠣᠩᠭᠣᠯ ᠢ᠋ ᠨᠡᠢᠲᠡ ᠶ᠋ᠢ ᠡᠵᠡᠯᠡᠵᠦ ᠬᠣᠵᠢᠮ ᠬᠠᠭᠠᠨ ᠰᠠᠭᠤᠪᠠ᠃ ᠤᠭ ᠲᠤᠷ ᠡᠯᠡᠰᠦ ᠬᠤᠮᠠᠭ ᠲᠤᠷ ᠰᠠᠭᠤᠵᠤ ᠠᠭᠰᠠᠨ ᠪᠥᠯᠥᠭᠡ᠃ ᠡᠢᠨ ᠬᠦ᠌ ᠬᠣᠢᠲᠤ ᠵᠢᠷᠭᠤᠭᠠᠨ ᠮᠢᠩᠭᠠᠨ ᠭᠠᠵᠠᠷ ᠪᠣᠢ᠂ ᠬᠣᠵᠢᠮ ᠱᠠᠨ ᠢᠨ ᠬᠡᠮᠡᠬᠦ ᠭᠠᠵᠠᠷ ᠲᠤᠷ ᠢᠷᠡᠵᠦ ᠨᠤᠲᠤᠭᠯᠠᠭᠠᠳ ᠤᠯᠤᠰ ᠢ᠋ᠶ᠋ᠠᠨ ᠲᠠᠲ᠋ᠠᠷ ᠭᠡᠮᠡᠨ ᠨᠡᠷᠡᠢᠳᠪᠡ᠃ ᠲᠡᠷᠡ ᠭᠠᠵᠠᠷ ᠠ᠋ᠴᠠ ᠭᠠᠷᠬᠤ ᠠᠨᠤ ᠦᠬᠡᠷ᠂ ᠮᠣᠷᠢ᠂ ᠬᠣᠨᠢ ᠢᠮᠠᠭ᠎ᠠ᠂ ᠬᠣᠲᠠ ᠪᠠᠯᠭᠠᠳ ᠦᠭᠡᠢ᠂ ᠭᠠᠭᠴᠠ ᠭᠡᠷ ᠪᠠᠷᠠᠭ᠎ᠠ ᠪᠣᠢ᠂ ᠤᠰᠤ ᠡᠪᠡᠰᠦᠨ ᠦ᠌ ᠰᠠᠢᠨ ᠢ᠋ ᠡᠷᠢᠵᠦ ᠪᠠᠭᠤᠳᠠᠯᠯᠠᠮᠢ᠂ ᠶᠡᠷᠦ ᠶ᠋ᠢᠨ ᠡᠳᠦᠷ ᠠᠪᠠ ᠠᠶᠠᠨ ᠳ᠋ᠤᠷ ᠳᠤᠷᠠᠲᠠᠢ᠂ ᠢᠳᠡᠬᠦ ᠤᠤᠭᠤᠬᠤ ᠠᠨᠤ ᠦᠬᠡᠷ᠂ ᠬᠣᠨᠢ ᠪᠠ ᠬᠡᠭᠡᠷ᠎ᠡ ᠶ᠋ᠢᠨ ᠠᠩ ᠬᠦᠷᠦᠭᠡᠳ᠂ ᠠᠷᠢᠶᠠᠲᠠᠨ ᠤ᠋ ᠠᠷᠠᠰᠤᠨ ᠢ᠋ᠶ᠋ᠠᠷ ᠳᠡᠪᠡᠯ ᠬᠤᠪᠴᠠᠳ ᠬᠢᠵᠦ ᠡᠮᠦᠰᠦᠮᠦᠢ᠃ ᠴᠢᠩᠭᠢᠰ ᠦ᠋ᠨ ᠠᠴᠢ ᠬᠤᠪᠢᠯᠠᠢ ᠰᠡᠴᠡᠨ ᠬᠠᠭᠠᠨ ᠳᠤᠮᠳᠠᠳᠤ ᠤᠯᠤᠰ ᠤ᠋ᠨ ᠸᠸᠨ ᠡᠦ ᠬᠣᠸᠠᠩᠲᠢ ᠪᠣᠯᠵᠤ ᠳᠤᠮᠳᠠᠳᠤ ᠤᠯᠤᠰ ᠢ᠋ ᠡᠵᠡᠯᠡᠪᠡ᠃ ᠡᠷᠲᠡᠨ ᠦ᠌ ᠬᠢᠲᠠᠳ ᠤᠯᠤᠰ᠂ ᠮᠠᠨ ᠤ᠋ ᠮᠣᠩᠭᠣᠯ ᠳ᠋ᠤᠷ ᠬᠡᠳᠦᠢᠴᠢᠨᠡᠭᠡᠨ ᠦᠶ᠎ᠡ ᠳᠠᠷᠤᠯᠬᠠᠲᠠᠨ ᠲᠠᠪᠴᠢᠯᠬᠠᠲᠠᠨ ᠶᠠᠪᠤᠭᠠᠳ ᠬᠣᠢᠨ᠎ᠠ ᠪᠠᠰᠠ ᠶᠡᠬᠡ ᠮᠣᠩᠭᠣᠯ ᠤᠯᠤᠰ ᠮᠠᠨᠳᠤᠨ ᠭᠠᠷᠴᠤ᠂ ᠠᠷᠪᠠᠨ ᠳᠥᠷᠪᠡᠨ ᠬᠠᠭᠠᠨ᠂ ᠨᠢᠭᠡᠨ ᠵᠠᠭᠤᠨ ᠵᠢᠷᠠᠨ ᠬᠣᠶᠠᠷ ᠵᠢᠯ ᠬᠠᠭᠠᠨ ᠰᠠᠭᠤᠵᠤ᠂ ᠣᠯᠠᠨ ᠬᠢᠲᠠᠳ ᠢ᠋ ᠬᠡᠳᠦᠨ ᠦᠶ᠎ᠡ ᠭᠡᠷ ᠦ᠋ᠨ ᠪᠣᠭᠣᠯ ᠪᠣᠱᠣᠭ᠎ᠠ ᠶ᠋ᠢᠨ ᠠᠯᠪᠠᠲᠠᠨ ᠪᠣᠯᠭᠠᠨ ᠵᠠᠷᠤᠴᠠᠯᠠᠭᠰᠠᠨ ᠢ᠋ᠶ᠋ᠠᠷ ᠬᠢᠲᠠᠳ ᠪᠢᠴᠢᠭᠡᠴᠢ ᠨᠠᠷ ᠬᠣᠷᠣᠰᠤᠯ ᠢ᠋ᠶ᠋ᠠᠨ ᠭᠠᠷᠭᠠᠵᠤ ᠴᠢᠳᠠᠬᠤ ᠦᠭᠡᠢ ᠳ᠋ᠦ᠍ᠷ ᠢ᠋ᠶ᠋ᠡᠨ ᠣᠯᠠᠨ ᠭᠠᠳᠠᠭᠠᠳᠤ ᠤᠯᠤᠰ ᠢ ᠲᠣᠪᠴᠢᠯᠠᠨ ᠪᠢᠴᠢᠬᠦᠢ ᠳ᠋ᠦ᠍ᠷ ᠡᠷᠲᠡᠨ ᠦ᠌ ᠬᠠᠭᠤᠴᠢᠨ ᠰᠤᠳᠤᠷ ᠤ᠋ᠨ ᠡᠨᠡᠳᠬᠡᠭ ᠡᠴᠡ ᠤᠯᠠᠮᠵᠢᠯᠠᠨ ᠲᠥᠪᠡᠳ ᠡᠴᠡ ᠤᠯᠠᠷᠢᠨ ᠢᠷᠡᠭᠰᠡᠨ ᠡᠩ ᠲᠡᠷᠢᠭᠦᠨ ᠪᠥᠷᠲᠡ ᠴᠢᠨᠣ᠎ᠠ ᠬᠡᠮᠡᠭᠰᠡᠨ ᠨᠡᠷᠡᠲᠦ ᠲᠡᠭᠷᠢ ᠶ᠋ᠢᠨ ᠬᠥᠪᠡᠭᠦᠨ ᠬᠢᠭᠡᠳ ᠭᠤᠸ᠎ᠠ ᠮᠠᠷᠠᠯ ᠬᠠᠲᠤᠨ ᠬᠣᠶᠠᠭᠤᠯᠠ ᠶ᠋ᠢᠨ ᠨᠡᠷ᠎ᠡ ᠶ᠋ᠢ ᠬᠠᠷᠢᠨ ᠦᠨᠡᠬᠡᠷ ᠴᠢᠨᠣ᠎ᠠ ᠪᠣᠯᠭᠠᠨ ᠬᠡᠯᠡᠭᠡᠳ ᠪᠠᠰᠠ ᠭᠤᠸ᠎ᠠ ᠮᠠᠷᠠᠯ ᠬᠠᠲᠤᠨ ᠢ᠋ ᠬᠠᠷᠢᠨ ᠮᠠᠷᠠᠯ ᠡᠯᠵᠢᠭᠡ ᠶ᠋ᠢᠨ ᠮᠠᠷᠠᠯ ᠪᠣᠯᠭᠠᠨ᠂ ᠪᠠᠰᠠ ᠤᠴᠢᠷ ᠢ ᠨᠠᠷᠢᠪᠴᠢᠯᠠᠬᠤ ᠦᠭᠡᠢ ᠪᠡᠷ ᠬᠠᠷᠢᠨ ᠭᠥᠷᠦᠭᠡᠰᠦᠨ ᠦ᠌ ᠳᠡᠭᠡᠷ᠎ᠡ ᠤᠨᠤᠭᠤᠯᠤᠨ ᠠᠪᠠᠴᠢᠵᠤ᠂ ᠮᠣᠩᠭᠣᠯ ᠤ᠋ᠨ ᠤᠭ ᠠᠨᠤ ᠪᠤᠭᠤᠷᠤᠯ ᠴᠢᠨᠣ᠎ᠠ᠂ ᠮᠠᠷᠠᠯ ᠴᠠᠭᠠᠨ ᠭᠥᠷᠥᠭᠡᠰᠦ ᠯᠦ᠍ᠭᠡ ᠨᠥᠬᠥᠴᠡᠯᠳᠦᠵᠦ ᠮᠣᠩᠭᠣᠯ ᠤ᠋ᠨ ᠤᠭ ᠢ᠋ ᠲᠥᠷᠥᠵᠦ᠂ ᠡᠭᠦᠨᠴᠡ ᠲᠠᠢᠽᠦ ᠪᠣᠭᠳᠠ ᠶ᠋ᠢ ᠲᠥᠷᠥᠪᠡ ᠭᠡᠮᠡᠨ ᠳᠠᠭᠠᠷᠢᠨ ᠳᠣᠷᠣᠮᠵᠢᠯᠠᠨ ᠬᠡᠯᠡᠵᠦ ᠬᠣᠷᠣᠰᠤᠯ ᠢ᠋ᠶ᠋ᠠᠨ ᠠᠯᠳᠠᠷᠠᠭᠠᠵᠤᠬᠤᠢ᠃ ᠮᠠᠷᠠᠯ ᠬᠡᠮᠡᠭᠴᠢ ᠦᠭᠡ ᠢᠨᠤ ᠨᠠᠷᠠᠨ ᠰᠠᠷᠠᠨ ᠣᠳᠣᠨ ᠭᠠᠷᠠᠭ ᠪᠠ ᠡᠯ᠎ᠡ ᠮᠢᠷᠠᠯᠵᠠᠨ ᠭᠡᠷᠡᠯ ᠰᠠᠴᠤᠷᠠᠬᠤ ᠵᠦᠢᠯ ᠢ᠋ ᠮᠠᠷᠠᠯ ᠭᠡᠮᠡᠨ ᠬᠡᠯᠡᠮᠦᠢ᠂ ᠭᠤᠸ᠎ᠠ ᠮᠠᠷᠠᠯ ᠬᠠᠲᠤᠨ ᠤ᠋ ᠥᠩᠭᠡ ᠵᠢᠰᠦ ᠣᠯᠠᠨ ᠠ᠋ᠴᠠ ᠬᠡᠲᠦᠷᠬᠡᠢ ᠭᠡᠷᠡᠯ ᠲᠡᠢ ᠲᠤᠯᠠ ᠭᠤᠸ᠎ᠠ ᠮᠠᠷᠠᠯ ᠬᠡᠮᠡᠭᠰᠡᠨ ᠢ᠋ ᠬᠢᠲᠠᠳ ᠦᠭᠡᠰ ᠦ᠋ᠨ ᠤᠴᠢᠷ ᠮᠣᠩᠭᠣᠯ ᠦᠰᠦᠭ ᠦ᠋ᠨ ᠤᠬᠠᠭᠠᠨ ᠢ᠋ ᠤᠬᠠᠬᠤ ᠦᠭᠡᠢ ᠪᠡᠷ ᠬᠠᠷᠢᠨ ᠴᠢᠨᠣ᠎ᠠ ᠭᠥᠷᠥᠭᠡᠰᠦ ᠭᠡᠮᠡᠨ ᠬᠡᠯᠡᠵᠦ ᠬᠠᠷᠢᠶᠠᠨ ᠪᠢᠴᠢᠵᠦᠬᠦᠢ᠃ ᠲᠡᠭᠷᠢ ᠶ᠋ᠢᠨ ᠳᠣᠣᠷ᠎ᠠ ᠬᠣᠶᠠᠷ ᠠᠳᠤᠭᠤᠰᠤᠨ ᠠ᠋ᠴᠠ ᠬᠥᠮᠦᠨ ᠲᠥᠷᠥᠵᠦ ᠪᠣᠯᠬᠤ ᠬᠠᠤᠯᠢ ᠪᠣᠢ ᠤᠤ ? ᠬᠥᠮᠦᠨ ᠦ᠌ ᠦᠷ᠎ᠡ ᠶ᠋ᠢᠨ ᠨᠢᠭᠡᠨ ᠵᠦᠢᠯ ᠢᠨᠤ ᠥᠪᠡᠷ᠎ᠡ ᠦᠷ᠎ᠡ ᠣᠷᠣᠪᠠᠰᠤ ᠳᠠᠷᠤᠢ ᠥᠪᠡᠷ᠎ᠡ ᠵᠦᠢᠯ ᠦ᠋ᠨ ᠰᠣᠨᠢᠨ ᠵᠢᠭᠲᠡᠢ ᠲᠥᠷᠥᠬᠦ ᠪᠥᠭᠡᠲᠡᠯ᠎ᠡ ᠬᠣᠶᠠᠷ ᠠᠳᠤᠭᠤᠰᠤᠨ ᠬᠡᠷᠬᠢᠨ ᠬᠥᠮᠦᠨ ᠢ᠋ ᠲᠥᠷᠥᠵᠦ ᠪᠣᠯᠬᠤ ? ᠬᠢᠲᠠᠳ ᠪᠣᠭᠣᠯ ᠪᠣᠯᠤᠭᠰᠠᠨ ᠬᠣᠷᠣᠰᠤᠯ ᠢ᠋ᠶ᠋ᠠᠨ ᠭᠠᠷᠭᠠᠰᠤᠭᠠᠢ ᠭᠡᠮᠡᠨ ᠪᠢᠴᠢᠬᠦᠢ ᠳ᠋ᠦ᠍ᠷ ᠣᠭᠲᠣ ᠤᠴᠢᠷ ᠵᠦᠢ ᠳ᠋ᠦ᠍ᠷ ᠨᠡᠢᠴᠡᠭᠦᠯᠦᠨ ᠡᠰᠡ ᠴᠢᠳᠠᠵᠤᠬᠤᠢ᠃ ᠨᠡᠩ ᠪᠠᠰᠠ ᠶᠡᠬᠡ ᠴᠢᠩ ᠤᠯᠤᠰ ᠤ᠋ᠨ ᠦᠶ᠎ᠡ ᠲᠡᠭᠷᠢ ᠲᠡᠳᠬᠦᠭᠰᠡᠨ ᠬᠠᠭᠠᠨ ᠤ᠋ ᠣᠨ ᠳ᠋ᠤᠷ ᠨᠢᠭᠡᠨ ᠮᠣᠤ ᠭᠦᠸᠧ ᠸᠸᠨ ᠬᠡᠮᠡᠭᠴᠢ ᠬᠢᠲᠠᠳ ᠣᠯᠠᠨ ᠵᠦᠢᠯ ᠦ᠋ᠨ ᠪᠢᠴᠢᠭ ᠢ᠋ ᠬᠤᠷᠢᠶᠠᠵᠤ ᠡᠯ᠎ᠡ ᠵᠦᠢᠯ ᠡᠴᠡ ᠪᠠᠭ᠎ᠠ ᠰᠠᠭ᠎ᠠ ᠠᠪᠴᠤ᠂ ᠥᠪᠡᠷ ᠦ᠋ᠨ ᠣᠯᠠᠨ ᠪᠢᠴᠢᠭ ᠦᠵᠡᠭᠰᠡᠨ ᠢ᠋ᠶ᠋ᠡᠨ ᠢᠯᠡᠷᠡᠭᠦᠯᠰᠦᠭᠡᠢ ᠭᠡᠮᠡᠨ《ᠸᠠᠨ ᠪᠤᠤ ᠴᠢᠦᠸᠡᠨ 》 – ᠲᠦᠮᠡᠨ ᠡᠷᠳᠡᠨᠢ ᠪᠦᠷᠢᠨ ᠬᠡᠮᠡᠭᠰᠡᠨ ᠨᠢᠭᠡᠨ ᠠᠩᠭᠢ ᠪᠢᠴᠢᠭ ᠵᠣᠬᠢᠶᠠᠬᠤᠢ ᠳ᠋ᠤᠷ ᠲᠡᠭᠦᠨ ᠦ᠌ ᠳᠡᠭᠡᠳᠦᠰ ᠳᠣᠯᠣᠭᠠᠨ ᠦᠶ᠎ᠡ ᠶ᠋ᠢᠨ ᠡᠪᠦᠭᠡᠳ ᠮᠣᠩᠭᠣᠯ ᠤᠯᠤᠰ ᠲᠤᠷ ᠴᠥᠮ ᠪᠣᠭᠣᠯ ᠪᠣᠯᠵᠤ᠂ ᠡᠷ᠎ᠡ ᠡᠮ᠎ᠡ ᠨᠡᠢᠲᠡ ᠪᠡᠷ ᠵᠠᠭᠤᠨ ᠵᠦᠢᠯ ᠢ᠋ᠶ᠋ᠡᠷ ᠪᠤᠵᠠᠷᠯᠬᠠᠳᠠᠨ ᠭᠢᠰᠬᠢᠯᠡᠭᠳᠡᠭᠰᠡᠨ ᠲᠤᠯᠠ ᠡᠨᠡ ᠮᠣᠩᠭᠣᠯ ᠤ᠋ᠨ ᠨᠢᠭᠡᠨ ᠨᠡᠷ᠎ᠡ ᠶ᠋ᠢ ᠳᠣᠲᠤᠷᠬᠠᠶ᠎ᠠ ᠮᠡᠳᠡᠨ ᠪᠥᠭᠡᠳ ᠵᠣᠷᠢᠮᠠᠭ ᠢ᠋ᠶ᠋ᠠᠷ ᠦᠯᠦ ᠮᠡᠳᠡᠭᠴᠢ ᠪᠣᠯᠤᠨ᠂ ᠬᠥᠮᠦᠨ ᠦ᠌ ᠨᠡᠷ᠎ᠡ ᠶ᠋ᠢ ᠬᠠᠷᠢᠨ ᠦᠨᠡᠨ ᠠᠳᠤᠭᠤᠰᠤᠨ ᠪᠣᠯᠭᠠᠨ ᠥᠨᠳᠥᠷ ᠢᠵᠠᠭᠤᠷᠲᠠᠨ ᠢ᠋ ᠳᠠᠭᠠᠷᠢᠨ ᠬᠠᠷᠢᠶᠠᠵᠤᠬᠤᠢ᠃ ᠡᠨᠡ ᠢᠨᠤ ᠮᠠᠨ ᠤ᠋ ᠮᠣᠩᠭᠣᠯ ᠢ ᠬᠢᠲᠠᠳ ᠪᠢᠴᠢᠭ ᠮᠡᠳᠡᠬᠦ ᠦᠭᠡᠢ ᠲᠤᠯᠠ ᠦᠨᠡᠨ ᠤᠴᠢᠷ ᠢ᠋ ᠭᠠᠷᠭᠠᠨ ᠬᠡᠯᠡᠵᠦ ᠴᠢᠳᠠᠬᠤ ᠦᠭᠡᠢ ᠭᠡᠮᠡᠨ ᠨᠢᠭᠡᠨᠲᠡ ᠪᠠᠰᠤᠮᠵᠢᠯᠠᠨ ᠪᠢᠴᠢᠵᠦ᠂ ᠬᠡᠪ ᠲᠣᠷ ᠭᠠᠷᠭᠠᠵᠤ ᠣᠯᠠᠨ ᠬᠢᠲᠠᠳ ᠲᠤᠷ ᠢ᠋ᠶ᠋ᠠᠨ ᠡᠯᠡᠭ ᠪᠣᠯᠭᠠᠨ ᠦᠯᠡᠳᠡᠭᠡᠵᠦᠬᠦᠢ᠃ ᠠᠶ᠎ᠠ ᠬᠣᠢᠴᠢ ᠡᠳᠦᠷ ᠶᠡᠬᠡ ᠪᠤᠶᠠᠨᠲᠤ ᠮᠡᠷᠭᠡᠳ ᠰᠠᠢᠳ ᠣᠶᠤᠨ ᠪᠢᠯᠢᠭᠲᠡᠨ ᠨᠢᠭᠡᠨ ᠨᠠᠰᠤᠨ ᠤ᠋ ᠵᠥᠪ ᠵᠦᠭᠡᠷ ᠪᠠᠷᠠᠬᠤ ᠠ᠋ᠴᠠ ᠡᠨᠡ ᠰᠤᠳᠤᠷ ᠢ᠋ ᠬᠡᠪ ᠲᠣᠷ ᠭᠠᠷᠭᠠᠬᠤ ᠪᠠ ᠢᠷᠭᠡᠨ ᠢ᠋ᠶ᠋ᠡᠷ ᠣᠷᠴᠢᠭᠤᠯᠤᠭᠤᠯᠪᠠᠰᠤ ᠲᠡᠷᠡ ᠬᠥᠮᠦᠨ ᠳᠠᠷᠤᠢ ᠲᠡᠷᠡ ᠪᠢᠴᠢᠭ ᠮᠡᠲᠦ ᠲᠦᠮᠡᠨ ᠦᠶ᠎ᠡ ᠢᠯᠵᠠᠷᠠᠰᠢ ᠦᠭᠡᠢ ᠨᠡᠷ᠎ᠡ ᠬᠣᠴᠣᠷᠬᠤ ᠪᠣᠯᠠᠢ᠃ ᠡᠳᠦᠭᠡᠬᠢ ᠴᠠᠭ ᠤ᠋ᠨ ᠶᠡᠬᠡ ᠪᠤᠶᠠᠨᠲᠠᠨ ᠶᠡᠬᠡ ᠬᠦᠴᠦᠲᠦ ᠡᠨᠡ ᠨᠠᠰᠤᠨ ᠡᠨᠡ ᠵᠠᠭᠤᠨ ᠵᠢᠯ ᠦ᠋ᠨ ᠬᠣᠭᠣᠷᠣᠨᠳᠣ ᠡᠳᠦᠷ ᠪᠦᠷᠢ ᠬᠡᠷᠡᠭ ᠦᠭᠡᠢ ᠶᠠᠭᠤᠮ᠎ᠠ ᠶ᠋ᠢᠨ ᠲᠥᠯᠥᠭᠡ ᠵᠠᠭᠤᠨ ᠲᠦᠮᠡᠨ ᠯᠠᠩ ᠤ᠋ᠨ ᠡᠳ᠋ ᠬᠦᠴᠦᠨ ᠢ᠋ᠶ᠋ᠡᠨ ᠰᠦᠢᠳᠬᠡᠭᠡᠳ ᠨᠢᠭᠡᠨᠲᠡ ᠦᠬᠦᠪᠡᠰᠦ ᠳᠠᠷᠤᠢ ᠲᠦᠮᠡᠨ ᠬᠡᠷᠡᠭ ᠲᠡᠭᠦᠰᠦᠭᠡᠳ ᠨᠢᠭᠡᠬᠡᠨ ᠬᠥᠮᠦᠨ ᠴᠦ᠍ ᠮᠡᠳᠡᠬᠦ ᠦᠭᠡᠢ ᠪᠣᠯᠬᠤ ᠶ᠋ᠢ ᠪᠣᠳᠣᠬᠤ ᠦᠭᠡᠢ ᠪᠡᠷ ᠵᠡᠭᠦᠳᠦᠨ ᠵᠡᠷᠭᠡᠯᠭᠡᠨ ᠮᠡᠲᠦ ᠲᠠᠯᠠᠭᠠᠷ ᠪᠠᠶᠠᠨ ᠡᠷᠬᠢᠮ ᠢ᠋ ᠥᠩᠭᠡᠷᠡᠭᠡᠬᠦ ᠢᠨᠤ ᠮᠠᠰᠢ ᠣᠯᠠᠨ ᠪᠣᠢ᠃ ᠲᠡᠳᠡᠭᠡᠷ ᠮᠣᠩᠭᠣᠯ ᠨᠥᠬᠥᠳ ᠦ᠋ᠳ ᠢ᠋ ᠪᠠᠬᠠᠨ ᠡᠭᠡᠭᠦᠯᠦᠨ ᠪᠣᠳᠣᠪᠠᠰᠤ ᠶᠠᠭᠤᠲᠠᠢ ᠰᠣᠨᠢᠨ ᠠᠵᠢ ! ᠶᠠᠭᠤ ᠲᠠᠢ ᠠᠮᠲᠠᠲᠠᠢ ᠪᠣᠢ ! ᠡᠭᠡᠭᠦᠯᠦᠨ ᠰᠠᠨᠠᠵᠤ ᠦᠵᠡᠮᠦ !
ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠤ :
ᠡᠷᠳᠡᠮ ᠤᠬᠠᠭᠠᠨᠲᠤ ᠲᠠᠢᠰᠢ ᠪᠤᠯᠤ ᠠᠪᠠᠭ᠎ᠠ ᠳᠠᠢᠰᠤᠨᠳᠠᠷᠤᠭᠴᠢ ᠳ᠋ᠤᠷ ᠤᠬᠠᠭᠤᠯᠪᠠ
ᠡᠯᠪᠡᠷᠢᠯ ᠵᠢᠷᠤᠮᠲᠤ ᠲᠣᠯᠢ ᠴᠢᠨ ᠸᠠᠩ ᠪᠣᠭᠣᠯ ᠪᠦ ᠯᠦ᠍ ᠬᠤᠸᠠ ᠶ᠋ᠢ ᠶᠠᠯᠠᠯᠠᠪᠠ᠂
ᠡᠷᠡᠮᠡᠬᠡᠢ ᠬᠤᠷᠴᠠ ᠴᠸᠡ ᠬᠤᠤᠱᠠᠩ ᠰᠢᠳᠤᠷᠭᠤ ᠴᠡᠷᠢᠭ ᠢ᠋ ᠰᠢᠯᠭᠠᠪᠠ
ᠡᠷᠡᠯᠬᠡᠭ ᠪᠠᠭᠠᠲᠤᠷ ᠬᠦᠳᠡᠷ ᠪᠦᠰᠡ ᠠᠯᠲᠠᠨ ᠤ᠋ ᠴᠡᠷᠢᠭ ᠲᠦ᠍ᠷ ᠦᠬᠦᠪᠡ᠃
