ᠰᠠᠷᠢᠰᠤᠨ ᠵᠢᠭᠦᠷ ᠲᠡᠢ ᠮᠣᠷᠢСарьсан жигүүртэй морь ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠢᠰᠤᠨ ᠵᠢᠭᠦᠷ ᠲᠡᠢ ᠮᠣᠷᠢСарьсан жигүүртэй морь

ᠰᠠᠷᠢᠰᠤᠨ ᠵᠢᠭᠦᠷ ᠲᠡᠢ ᠮᠣᠷᠢСарьсан жигүүртэй морь

ᠠᠩᠭᠢᠯᠠᠯ:ᠳᠣᠮᠣᠭ ᠦᠯᠢᠭᠡᠷ
2023-10-12

493

ᠰᠠᠷᠢᠰᠤᠨ ᠵᠢᠭᠦᠷ ᠲᠡᠢ ᠮᠣᠷᠢ

                 ᠪᠠᠭᠠᠷᠢᠨ ᠠᠷᠠᠳ ᠤ᠋ᠨ ᠶᠠᠪᠠᠭᠠᠨ ᠦᠯᠢᠭᠡᠷ
    ᠡᠷᠲᠡ ᠤᠷᠢᠳᠤ ᠶ᠋ᠢᠨ ᠴᠠᠭ ᠲᠤ᠌ ᠪᠠᠭᠠᠷᠢᠨ ᠳ᠋ᠤ᠌ ᠨᠢᠭᠡ ᠬᠤᠷᠳᠤᠨ ᠮᠣᠷᠢ ᠲᠠᠢ ᠬᠥᠮᠦᠨ ᠪᠠᠢᠵᠤ ᠭᠡᠨ᠎ᠡ᠃ ᠲᠡᠷᠡ ᠬᠥᠮᠦᠨ ᠡᠷᠲᠡᠯᠡᠵᠦ ᠭᠠᠷᠤᠭᠠᠳ ᠪᠡᠭᠡᠵᠢᠩ ᠳ᠋ᠦ᠍ ᠣᠴᠢᠭᠠᠳ ᠮᠠᠢᠮᠠᠢ ᠱᠣᠣᠮᠠᠢ ᠬᠢᠭᠡᠳ ᠨᠠᠷᠠ ᠲᠠᠢ ᠪᠤᠴᠠᠭᠠᠳ ᠢᠷᠡᠴᠢᠬᠡᠳᠡᠭ ᠭᠡᠨ᠎ᠡ᠃
    ᠲᠡᠷᠡ ᠬᠥᠮᠦᠨ ᠦ᠌ ᠡᠳᠦᠷ ᠲᠦ᠍ ᠪᠡᠨ ᠪᠡᠭᠡᠵᠢᠩ ᠳ᠋ᠦ᠍ ᠣᠴᠢᠭᠠᠳ ᠢᠷᠡᠳᠡᠭ ᠭᠡᠬᠦ ᠶ᠋ᠢ ᠠᠢᠯ ᠤ᠋ᠨ ᠬᠢᠨ ᠨᠢ ᠢᠲᠡᠭᠡᠬᠦ ᠦᠭᠡᠢ ᠪᠣᠯᠬᠣᠷ ᠨᠢᠭᠡ ᠤᠳᠠᠭ᠎ᠠ ᠪᠡᠭᠡᠵᠢᠩ ᠳ᠋ᠦ᠍ ᠶᠠᠪᠤᠬᠤ ᠭᠡᠬᠦ ᠳ᠋ᠦ᠍ ᠨᠢ ᠥᠨᠳᠥᠷ ᠠᠭᠤᠯᠠᠨ ᠤ᠋ ᠣᠷᠣᠢ ᠳᠡᠭᠡᠷ᠎ᠡ ᠭᠠᠷᠤᠭᠠᠳ ᠰᠡᠮᠡᠬᠡᠷ ᠬᠠᠷᠠᠵᠤ ᠰᠠᠭᠤᠵᠤ ᠭᠡᠨ᠎ᠡ᠃ ᠲᠡᠭᠡᠲᠡᠯ᠎ᠡ ᠲᠡᠷᠡ ᠬᠥᠮᠦᠨ ᠮᠣᠷᠢ ᠪᠠᠨ ᠡᠬᠢᠯᠡᠭᠡᠳ ᠭᠦᠶᠦᠯᠭᠡᠵᠦ ᠭᠡᠨ᠎ᠡ᠃ ᠮᠣᠷᠢ ᠨᠢ ᠪᠦᠷ ᠰᠡᠭᠦᠯ ᠳ᠋ᠦ᠍ ᠪᠡᠨ ᠨᠠᠢ᠍ᠮᠠᠨ ᠭᠠᠨᠵᠤᠭ᠎ᠠ ᠵᠢᠭᠢᠯᠭᠡᠨ ᠨᠢᠰᠦᠨ ᠳᠡᠭᠳᠡᠪᠡ ᠭᠡᠨ᠎ᠡ᠃ ᠲᠡᠭᠦᠨ ᠡᠴᠡ ᠬᠣᠯᠠ ᠣᠢᠷ᠎ᠠ ᠳ᠋ᠤ᠌ ᠲᠡᠷᠡ ᠬᠥᠮᠦᠨ ᠦ᠌ ᠮᠣᠷᠢ ᠭᠦᠶᠦᠳᠡᠭ ᠪᠢᠰᠢ ᠳᠡᠭᠳᠡᠳᠡᠭ ᠭᠡᠰᠡᠨ ᠢ᠋ ᠮᠡᠳᠡᠵᠦ ᠭᠡᠨ᠎ᠡ᠃
    ᠨᠢᠭᠡ ᠠᠳᠤᠭᠤᠴᠢᠨ ᠬᠥᠮᠦᠨ ᠲᠡᠷᠡ ᠬᠤᠷᠳᠤᠨ ᠮᠣᠷᠢ ᠲᠠᠢ ᠬᠥᠮᠦᠨ ᠢ᠋ ᠪᠡᠭᠡᠵᠢᠩ ᠡᠴᠡ ᠢᠷᠡᠬᠦ ᠵᠠᠮ ᠳᠡᠭᠡᠷ᠎ᠡ ᠨᠢ ᠬᠠᠷᠠᠵᠤ ᠪᠠᠢᠲᠠᠯ᠎ᠠ ᠬᠤᠢ ᠰᠠᠯᠬᠢ ᠲᠠᠭᠠᠷᠠᠭᠠᠳ ᠮᠠᠯᠠᠭᠠᠢ ᠶ᠋ᠢ ᠨᠢ ᠬᠡᠢᠰᠬᠡᠭᠰᠡᠨ ᠳ᠋ᠦ᠍ ᠲᠡᠷᠡ ᠬᠥᠮᠦᠨ ᠬᠡᠳᠦᠨ ᠬᠥᠲᠥᠯ ᠳᠠᠪᠠᠭᠰᠠᠨ ᠬᠢᠷᠢ ᠨᠢ ᠮᠣᠷᠢᠨ ᠤ᠋ ᠪᠠᠨ ᠠᠮᠠ ᠶ᠋ᠢ ᠳᠠᠷᠤᠵᠤ ᠪᠤᠴᠠᠵᠤ ᠢᠷᠡᠭᠡᠳ ᠮᠠᠯᠠᠭᠠᠢ ᠪᠠᠨ ᠭᠠᠵᠠᠷ ᠲᠤᠰᠬᠤ ᠡᠴᠡ ᠨᠢ ᠡᠮᠦᠨ᠎ᠡ ᠰᠢᠭᠦᠷᠴᠦ ᠠᠪᠤᠪᠠ ᠭᠡᠨ᠎ᠡ᠃ ᠡᠨᠡ ᠮᠣᠷᠢ ᠢᠩᠭᠢᠭᠡᠳ ᠬᠣᠯᠠ ᠣᠢᠷ᠎ᠠ ᠳ᠋ᠤ᠌ ᠤᠯᠠᠮ ᠨᠡᠷ᠎ᠡ ᠠᠯᠳᠠᠷᠰᠢᠵᠤ ᠭᠡᠨ᠎ᠡ᠃
    ᠲᠡᠷᠡ ᠬᠥᠮᠦᠨ ᠨᠢᠭᠡ ᠤᠳᠠᠭ᠎ᠠ ᠪᠡᠭᠡᠵᠢᠩ ᠳ᠋ᠦ᠍ ᠣᠴᠢᠵᠤ ᠢᠷᠡᠭᠡᠳ ᠮᠣᠷᠢᠨ ᠤ᠋ ᠪᠠᠨ ᠣᠯᠣᠩ ᠢ᠋ ᠰᠤᠯᠠᠷᠠᠭᠤᠯᠬᠤ ᠭᠡᠬᠦ ᠳ᠋ᠦ᠍ ᠭᠠᠷ ᠲᠤ᠌ ᠨᠢ ᠨᠢᠭᠡ ᠶᠠᠭᠤᠮ᠎ᠠ ᠪᠠᠷᠢᠭᠳᠠᠬᠤᠯᠠᠷ ᠱᠠᠭᠠᠢᠵᠤ ᠦᠵᠡᠪᠡᠯ ᠬᠠᠷᠢᠨ ᠮᠣᠷᠢᠨ ᠤ᠋ ᠬᠢᠨᠢ ᠰᠤᠭᠤᠨ ᠠ᠋ᠴᠠ ᠰᠠᠷᠢᠰᠤᠨ ᠵᠢᠭᠦᠷ ᠰᠠᠷᠪᠠᠢᠵᠤ ᠪᠠᠢᠵᠤ ᠭᠡᠨ᠎ᠡ᠃ ᠡᠵᠡᠨ ᠨᠢ ᠰᠠᠷᠢᠰᠤᠨ ᠵᠢᠭᠦᠷ ᠢ᠋ ᠨᠢ ᠦᠵᠡᠮᠡᠭᠴᠡ ᠲᠡᠷᠡ ᠮᠣᠷᠢ ᠳᠣᠣᠷ᠎ᠠ ᠪᠠᠨ ᠦᠬᠦᠴᠢᠬᠡᠵᠦ ᠭᠡᠨ᠎ᠡ᠃
    ᠲᠡᠷᠡ ᠮᠣᠷᠢ ᠬᠠᠷᠢᠨ ᠰᠠᠷᠢᠰᠤᠨ ᠵᠢᠭᠦᠷ ᠲᠡᠢ ᠮᠣᠷᠢ ᠪᠠᠢᠵᠠᠢ᠂ ᠡᠬᠢᠯᠡᠬᠦ ᠳ᠋ᠦ᠍ ᠪᠡᠨ ᠭᠦᠶᠦᠵᠦ ᠲᠤᠭᠤᠷᠠᠢ ᠨᠢ ᠬᠠᠯᠠᠵᠤ ᠢᠷᠡᠬᠦᠯᠡᠷ ᠰᠠᠷᠢᠰᠤᠨ ᠵᠢᠭᠦᠷ ᠢ᠋ᠶ᠋ᠡᠨ ᠳᠡᠯᠭᠡᠨ ᠨᠢᠰᠳᠡᠭ ᠪᠠᠢᠵᠤ ᠭᠡᠨ᠎ᠡ᠃ ᠲᠡᠷᠡ ᠬᠥᠮᠦᠨ ᠮᠣᠷᠢᠨ ᠲᠣᠯᠣᠭᠠᠢ ᠪᠠᠨ ᠲᠡᠪᠡᠷᠢᠨ ᠤᠬᠢᠯᠠᠵᠤ ᠮᠣᠷᠢ ᠪᠠᠨ ᠥᠨᠳᠥᠷ ᠠᠭᠤᠯᠠᠨ ᠤ᠋ ᠣᠷᠣᠢ ᠳᠡᠭᠡᠷ᠎ᠡ ᠬᠣᠢᠲᠤ ᠵᠦᠭ ᠲᠦ᠍ ᠬᠠᠨᠳᠤᠭᠤᠯᠤᠨ ᠣᠪᠣᠭ᠎ᠠ ᠣᠪᠣᠭᠠᠯᠠᠵᠤ ᠣᠩᠭᠣᠯᠠᠵᠤ ᠲᠠᠬᠢᠪᠠ ᠭᠡᠨ᠎ᠡ᠃
    ᠮᠣᠩᠭᠣᠯᠴᠤᠳ ᠲᠡᠭᠦᠨ ᠡᠴᠡ ᠠᠪᠤᠭᠠᠳ ᠬᠣᠯᠠ ᠭᠦᠶᠦᠵᠦ ᠢᠷᠡᠭᠰᠡᠨ ᠮᠣᠷᠢᠨ ᠤ᠋ ᠣᠯᠣᠩ ᠢ᠋ ᠪᠠᠷᠢᠨ ᠰᠤᠯᠠᠷᠠᠭᠤᠯᠳᠠᠭ ᠦᠭᠡᠢ᠂ ᠠᠮᠢᠰᠬᠤᠭ᠎ᠠ ᠨᠢ ᠳᠠᠷᠤᠭᠳᠠᠭᠰᠠᠨ ᠤ᠋ ᠬᠣᠢᠨ᠎ᠠ ᠰᠤᠯᠠᠷᠠᠭᠤᠯᠳᠠᠭ ᠨᠢ ᠬᠣᠯᠠ ᠭᠦᠶᠦᠭᠰᠡᠨ ᠮᠣᠷᠢ ᠠᠮᠢᠰᠬᠤᠭ᠎ᠠ ᠠᠪᠴᠤ᠂ ᠰᠠᠷᠢᠰᠤᠨ ᠵᠢᠭᠦᠷ ᠲᠡᠢ ᠪᠣᠯᠤᠭᠰᠠᠨ ᠪᠣᠯ ᠰᠠᠷᠢᠰᠤᠨ ᠵᠢᠭᠦᠷ ᠢ᠋ᠶ᠋ᠡᠨ ᠬᠤᠮᠢᠵᠤ ᠠᠪᠬᠤ ᠶ᠋ᠢ ᠬᠦᠯᠢᠶᠡᠵᠦ ᠪᠠᠢᠭ᠎ᠠ ᠶᠤᠮ ᠭᠡᠨ᠎ᠡ᠃

   ᠶᠠᠷᠢᠭᠰᠠᠨ ᠨᠢ᠄ ᠡᠷᠳᠡᠨᠢᠰᠠᠩ
   ᠦᠰᠦᠭ ᠠᠮᠢᠯᠠᠭᠤᠯᠤᠭᠰᠠᠨ ᠨᠢ᠄ ᠪᠦᠷᠢᠨᠴᠡᠴᠡᠭ
   ᠬᠢᠨᠠᠭᠴᠢ᠄ ᠭᠠᠷᠮ᠎ᠠ

ᠢᠷᠡᠯᠲᠡ᠄
ᠪᠠᠭᠠᠷᠢᠨ ᠠᠷᠠᠳ ᠤ᠋ᠨ ᠦᠯᠢᠭᠡᠷ ᠳᠣᠮᠣᠭ
ᠨᠠ᠊· ᠪᠣᠶᠠᠨᠬᠡᠰᠢᠭ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ
ᠬᠡᠪᠯᠡᠯ ᠤᠨ ᠬᠣᠷᠢᠶ᠎ᠠ ᠬᠡᠪᠯᠡᠭᠦᠯᠦᠨ ᠲᠠᠷᠬᠠᠭᠠᠪᠠ
ᠥᠪᠥᠷ ᠮᠣᠩᠭᠣᠯ ᠤᠨ ᠰᠢᠨᠬᠤᠸᠠ ᠨᠣᠮ ᠤ᠋ᠨ ᠳᠡᠯᠭᠡᠭᠦᠷ ᠪᠣᠷᠣᠯᠠᠭᠤᠯᠤᠨ᠎ᠠ
ᠥᠪᠥᠷ ᠮᠣᠩᠭᠣᠯ ᠤᠨ ᠠᠰᠢᠳᠠ ᠨᠡᠷᠡᠮᠵᠢᠲᠦ ᠰᠤᠷᠭᠠᠨ ᠬᠥᠮᠦᠵᠢᠯ ᠤᠨ
ᠬᠡᠪᠯᠡᠬᠦ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠬᠡᠪᠯᠡᠪᠡ
2007 ᠣᠨ ᠤ᠋ 11 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
2010 ᠣᠨ ᠤ᠋ 3 ᠰᠠᠷ᠎ᠠ ᠳ᠋ᠤ᠌ ᠬᠣᠶᠠᠳᠤᠭᠠᠷ ᠤᠳᠠᠭ᠎ᠠ ᠬᠡᠪᠯᠡᠪᠡ