ᠬᠥᠬᠡ ᠰᠤᠳᠤᠷ - ᠢᠨᠵᠠᠨᠨᠠᠰᠢ < ᠲᠠᠪᠢ ᠶᠢᠰᠦᠳᠦᠭᠡᠷ ᠪᠦᠯᠦᠭ > Хөх судар - Инжинаш < Тавь  есдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠠᠪᠢ ᠶᠢᠰᠦᠳᠦᠭᠡᠷ ᠪᠦᠯᠦᠭ > Хөх судар - Инжинаш < Тавь  есдүгээр бүлэг >

ᠬᠥᠬᠡ ᠰᠤᠳᠤᠷ - ᠢᠨᠵᠠᠨᠨᠠᠰᠢ < ᠲᠠᠪᠢ ᠶᠢᠰᠦᠳᠦᠭᠡᠷ ᠪᠦᠯᠦᠭ > Хөх судар - Инжинаш < Тавь  есдүгээр бүлэг >

ᠠᠩᠭᠢᠯᠠᠯ:ᠲᠡᠦᠬᠡ ᠰᠣᠶᠣᠯ
2023-10-10

411

ᠪᠤᠯᠤ ᠲᠠᠢᠱᠢ ᠴᠢᠩ ᠵᠧᠦ ᠹᠦ ᠬᠣᠲᠠᠨ ᠳ᠋ᠤᠷ ᠰᠥᠩ ᠤᠯᠤᠰ ᠢ᠋ ᠡᠪᠳᠡᠬᠦ ᠠᠷᠭ᠎ᠠ ᠶ᠋ᠢ ᠰᠤᠷᠭᠠᠪᠠ

ᠪᠣᠭᠳᠠ ᠴᠢᠩᠭᠢᠰ ᠯᠢᠦ ᠫᠠᠨ ᠱᠠᠨ ᠠᠭᠤᠯᠠᠨ ᠳ᠋ᠤᠷ ᠠᠯᠲᠠᠨ ᠤᠯᠤᠰ ᠢ᠋ ᠠᠪᠬᠤ ᠤᠴᠢᠷ ᠢ᠋ ᠭᠡᠷᠢᠶᠡᠰᠦᠯᠡᠪᠡ


                    ᠲᠠᠪᠢ ᠶᠢᠰᠦᠳᠦᠭᠡᠷ ᠪᠦᠯᠦᠭ  
                                ᠤᠯᠠᠭᠴᠢᠨ ᠭᠠᠬᠠᠢ ᠵᠢᠯ᠂ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠬᠣᠷᠢᠨ ᠬᠣᠶᠠᠳᠤᠭᠠᠷ ᠣᠨ᠂ 
                                ᠰᠥᠩ ᠤᠯᠤᠰ ᠤ᠋ᠨ ᠯᠢᠽᠥ᠋ᠩ ᠬᠠᠭᠠᠨ ᠤ᠋ ᠪᠤᠤ ᠴᠢᠩ ᠦ᠋ᠨ ᠭᠤᠷᠪᠠᠳᠤᠭᠠᠷ ᠣᠨ᠂ ᠠᠯᠲᠠᠨ ᠤᠯᠤᠰ ᠤ᠋ᠨ ᠠᠢᠽᠥ᠋ᠩ 
                                 ᠬᠠᠭᠠᠨ ᠤ᠋ ᠵᠧᠩ ᠳᠡ ᠶ᠋ᠢᠨ ᠳᠥᠷᠪᠡᠳᠦᠭᠡᠷ ᠣᠨ᠂ ᠡᠨᠡ ᠵᠢᠯ ᠲᠠᠢᠽᠦ ᠴᠢᠩᠭᠢᠰ ᠬᠠᠭᠠᠨ ᠵᠢᠷᠠᠨ ᠵᠢᠷᠭᠤᠭᠠᠨ ᠰᠡᠭᠦᠳᠡᠷ ᠲᠡᠢ 

                ᠪᠤᠯᠤ ᠲᠡᠢᠰᠢ ᠴᠢᠩ ᠵᠧᠦ ᠹᠦ ᠬᠣᠲᠠᠨ ᠳ᠋ᠤᠷ ᠰᠥᠩ ᠤᠯᠤᠰ ᠢ᠋ ᠡᠪᠳᠡᠬᠦ ᠠᠷᠭ᠎ᠠ ᠶ᠋ᠢ ᠰᠤᠷᠭᠠᠪᠠ 
              ᠪᠣᠭᠳᠠ ᠴᠢᠩᠭᠢᠰ ᠯᠢᠦ ᠫᠠᠨ ᠱᠠᠨ ᠠᠭᠤᠯᠠᠨ ᠳ᠋ᠤᠷ ᠠᠯᠲᠠᠨ ᠤᠯᠤᠰ ᠢ᠋ ᠠᠪᠬᠤ ᠤᠴᠢᠷ ᠢ᠋ ᠭᠡᠷᠢᠶᠡᠰᠦᠯᠡᠪᠡ 

       ᠲᠡᠨᠳᠡᠴᠡ ᠡᠨᠡ ᠵᠢᠯ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ᠂ ᠬᠠᠭᠠᠨ ᠲᠡᠭᠷᠢ ᠭᠠᠵᠠᠷ ᠤᠷᠢᠳᠤᠰ ᠡᠪᠦᠭᠡᠳ ᠲᠣᠷ ᠶᠣᠰᠣᠯᠠᠨ ᠪᠠᠷᠠᠵᠤ᠂ ᠵᠠᠭᠤᠨ ᠲᠦᠰᠢᠮᠡᠳ ᠮᠥᠷᠭᠥᠬᠦᠢ ᠳ᠋ᠦ᠍ᠷ ᠦᠵᠡᠪᠡᠰᠦ᠂ ᠭᠠᠭᠴᠠ ᠰᠣᠯᠣᠩᠭᠣᠰ ᠤᠯᠤᠰ ᠠ᠋ᠴᠠ ᠪᠤᠰᠤ ᠤᠯᠤᠰ ᠴᠥᠮ ᠰᠢᠨᠡᠯᠭᠦᠢ ᠶ᠋ᠢᠨ ᠡᠯᠴᠢ ᠪᠣᠢ᠂ ᠬᠠᠭᠠᠨ ᠵᠠᠷᠯᠢᠭ ᠪᠠᠭᠤᠯᠭᠠᠨ᠂ ᠶᠧ ᠯᠢᠦᠢ ᠴᠦ ᠼᠠᠢ ᠶ᠋ᠢᠨ ᠬᠦᠯᠢᠯ ᠦ᠋ᠨ ᠲᠥᠯᠭᠡ ᠪᠠ ᠬᠠᠭᠠᠨ ᠬᠣᠨᠢᠨ ᠤ᠋ ᠳᠠᠯᠤ ᠶ᠋ᠢᠨ ᠲᠥᠯᠭᠡ ᠳ᠋ᠦ᠍ᠷ ᠦᠵᠡᠭᠡᠳ ᠬᠠᠭᠠᠨ ᠲᠡᠭᠷᠢ ᠶ᠋ᠢᠨ ᠲᠣᠭ᠎ᠠ ᠶ᠋ᠢ ᠬᠡᠷᠬᠢᠬᠦ ᠭᠡᠮᠡᠨ ᠵᠠᠷᠯᠢᠭ ᠪᠣᠯᠵᠤ᠂ ᠵᠠᠭᠤᠨ ᠲᠦᠰᠢᠮᠡᠳ ᠢ᠋ ᠬᠤᠷᠢᠮᠯᠠᠵᠤ ᠪᠠᠷᠠᠭᠰᠠᠨ ᠤ᠋ ᠬᠣᠢᠨ᠎ᠠ᠂ ᠰᠣᠯᠣᠩᠭᠣᠰ ᠤᠯᠤᠰ ᠢ᠋ ᠡᠭᠦᠯᠡᠨ ᠴᠡᠷᠪᠢ ᠬᠠᠳᠤ ᠲᠡᠮᠦᠷ ᠬᠣᠶᠠᠷ ᠲᠤᠷ ᠬᠣᠶᠠᠷ ᠲᠦᠮᠡᠨ ᠴᠡᠷᠢᠭ ᠥᠭᠴᠦ ᠳᠠᠢᠯᠠᠭᠤᠯᠰᠤᠭᠠᠢ᠂ ᠬᠣᠢᠲᠤ ᠨᠤᠲᠤᠭ ᠤ᠋ᠨ ᠬᠣᠩᠭᠢᠷᠠᠳ ᠤ᠋ᠨ ᠴᠡᠷᠢᠭ ᠢ᠋ ᠰᠢᠯᠭᠠᠵᠤ ᠪᠠᠢᠭᠤᠯ ᠭᠡᠮᠡᠨ ᠵᠠᠷᠯᠢᠭ ᠪᠠᠭᠤᠯᠭᠠᠭᠠᠳ ᠦᠵᠡᠪᠡᠰᠦ ᠯᠢᠶᠣᠣ ᠳ᠋ᠦᠩ ᠦ᠋ᠨ ᠸᠠᠩ ᠰᠢᠦᠸᠠᠢ ᠱᠧ ᠮᠥᠨ ᠢᠷᠡᠭᠰᠡᠨ ᠲᠤᠯᠠ ᠬᠠᠭᠠᠨ ᠳᠠᠭᠤᠳᠠᠵᠤ ᠵᠠᠷᠯᠢᠭ ᠪᠣᠯᠤᠨ ᠠᠰᠠᠭᠤᠷᠤᠨ :《ᠴᠢ ᠨᠢᠳᠤᠨᠤᠨ ᠵᠢᠯ ᠬᠠᠷᠢᠭᠠᠳ ᠡᠨᠡ ᠵᠢᠯ ᠳ᠋ᠦ᠍ᠷ ᠪᠠᠰᠠ ᠶᠠᠭᠤᠨ ᠳ᠋ᠤ᠌ ᠢᠷᠡᠪᠡ ?》ᠰᠢᠦᠸᠠᠢ ᠱᠧ ᠮᠥᠷᠭᠥᠵᠦ ᠠᠢᠯᠠᠳᠬᠠᠷᠤᠨ : 《ᠰᠠᠢᠳ ᠪᠢ ᠬᠠᠭᠠᠨ ᠤ᠋ ᠬᠦᠨᠳᠦ ᠬᠡᠰᠢᠭ ᠲᠣᠷ ᠲᠤᠰᠢᠶᠠᠭᠰᠠᠨ ᠭᠠᠵᠠᠷ ᠲᠤᠷ ᠬᠦᠷᠴᠦ ᠦᠵᠡᠪᠡᠰᠦ᠂ ᠳᠡᠭᠡᠭᠰᠢᠳᠡ ᠪᠣᠭᠳᠠ ᠡᠵᠡᠨ ᠢ᠋ ᠰᠦᠷ ᠪᠤᠶᠠᠨ ᠳ᠋ᠤᠷ ᠰᠢᠲᠦᠵᠦ᠂ ᠳᠣᠷᠣᠭᠰᠢᠳᠠ ᠰᠠᠢᠨ ᠠᠰᠠᠷᠠᠯᠲᠤ ᠡᠬᠡ ᠶ᠋ᠢᠨ ᠬᠢᠴᠢᠶᠡᠨ ᠵᠠᠰᠠᠭᠰᠠᠨ ᠰᠠᠢᠨ ᠢ᠋ᠶ᠋ᠠᠷ ᠯᠢᠶᠣᠣ ᠳ᠋ᠦᠩ ᠦ᠋ᠨ ᠭᠠᠵᠠᠷ ᠮᠠᠰᠢ ᠡᠩᠬᠡ ᠠᠮᠤᠭᠤᠯᠠᠩ ᠪᠠᠶᠠᠨ ᠴᠠᠳᠬᠤᠯᠠᠩ᠂ ᠬᠡᠷᠡᠭᠯᠡᠭᠰᠡᠨ ᠳᠣᠣᠷᠠᠲᠤ ᠲᠦᠰᠢᠮᠡᠳ ᠴᠥᠮ ᠪᠣᠯᠬᠤ ᠬᠥᠮᠦᠰ ᠢ᠋ ᠵᠠᠷᠤᠭᠰᠠᠨ ᠢ᠋ᠶ᠋ᠠᠷ ᠬᠡᠪ ᠬᠡᠮᠵᠢᠶ᠎ᠡ ᠮᠠᠰᠢ ᠨᠠᠢᠷᠠᠮᠳᠠᠭᠤ ᠲᠦᠪᠰᠢᠨ᠂ ᠰᠠᠢᠳ ᠥᠴᠦᠬᠡᠨ ᠴᠦ᠍ ᠵᠣᠪᠠᠬᠤ ᠭᠠᠵᠠᠷ ᠦᠭᠡᠢ᠃ ᠰᠠᠢᠳ ᠨᠠᠮᠠᠶ᠋ᠢ ᠡᠴᠢᠭᠡ ᠯᠢᠶᠣᠣ ᠸᠠᠩ ᠬᠠᠭᠠᠨ ᠤ᠋ ᠰᠢᠳᠠᠷ ᠲᠤᠰᠢᠶᠠᠵᠤ ᠠᠷᠪᠠᠨ ᠢᠯᠡᠭᠦᠦ ᠵᠢᠯ ᠪᠣᠯᠤᠭᠰᠠᠨ ᠢ᠋ᠶ᠋ᠠᠷ ᠰᠠᠢᠳ ᠬᠠᠭᠠᠨ ᠤ᠋ ᠥᠷᠥᠰᠢᠶᠡᠯ ᠢ᠋ ᠭᠥᠷᠳᠡᠭᠰᠡᠭᠡᠷ ᠳᠠᠳᠴᠤ᠂ ᠯᠢᠶᠣᠣ ᠳ᠋ᠦᠩ ᠳ᠋ᠦ᠍ᠷ ᠡᠴᠢᠭᠡᠳ ᠡᠳᠦᠷ ᠪᠦᠷᠢ ᠰᠤᠯᠠ ᠰᠠᠭᠤᠬᠤᠢ ᠳ᠋ᠤᠷ ᠪᠣᠭᠳᠠ ᠡᠵᠡᠨ ᠦ᠌ ᠮᠥᠷᠥᠭᠡᠳᠬᠦ ᠢᠨᠤ ᠡᠴᠢᠭᠡ ᠡᠬᠡ ᠶ᠋ᠢ ᠮᠥᠷᠥᠭᠡᠳᠬᠦ ᠮᠡᠲᠦ᠂ ᠴᠠᠭ ᠳᠣᠳᠣᠮ ᠰᠡᠳᠬᠢᠯ ᠡᠴᠡ ᠭᠠᠷᠬᠤ ᠦᠭᠡᠢ ᠳ᠋ᠦ᠍ᠷ ᠪᠣᠳᠣᠪᠠᠰᠤ ᠪᠤᠭᠲᠠᠨ ᠡᠵᠡᠨ ᠦ᠌ ᠨᠠᠰᠤᠨ ᠰᠡᠭᠦᠳᠡᠷ ᠮᠥᠨ ᠥᠨᠳᠥᠷ ᠪᠣᠯᠪᠠ᠃ ᠤᠷᠢᠳᠤ ᠡᠳᠦᠷ ᠬᠠᠭᠠᠨ ᠤ᠋ ᠵᠠᠷᠯᠢᠭ ᠪᠣᠯᠤᠭᠰᠠᠨ ᠠᠨᠤ  ᠨᠠᠮᠠᠶ᠋ᠢ ᠵᠢᠷᠠᠨ ᠵᠢᠷᠭᠤᠭᠠᠨ ᠰᠡᠭᠦᠳᠡᠷ ᠲᠣᠷ ᠰᠢᠳᠠᠷ ᠰᠠᠢᠳ ᠬᠠᠭᠠᠨ ᠤ᠋ ᠭᠡᠭᠡᠨ ᠡᠴᠡ ᠪᠢᠲᠡᠭᠡᠢ ᠬᠣᠯᠠ ᠰᠠᠯᠠ ᠬᠡᠮᠡᠭᠰᠡᠨ ᠢ᠋ ᠰᠠᠨᠠᠭᠠᠯᠵᠠᠵᠤ ᠶᠠᠭᠠᠷᠠᠨ ᠳᠣᠪᠲᠣᠯᠤᠨ ᠢᠷᠡᠪᠡ᠃ ᠰᠠᠢᠳ ᠮᠢᠨᠦ ᠬᠦᠰᠡᠬᠦ ᠢᠨᠤ ᠬᠠᠭᠠᠨ ᠤ᠋ ᠲᠦᠮᠡᠨ ᠥᠯᠵᠡᠢ ᠪᠣᠯᠲᠠᠯ᠎ᠠ ᠰᠢᠳᠠᠷ ᠬᠦᠴᠦᠨ ᠢ᠋ᠶ᠋ᠡᠨ ᠪᠠᠷᠢᠰᠤᠭᠠᠢ ᠬᠡᠮᠡᠮᠦ ! 》ᠬᠡᠮᠡᠭᠰᠡᠨ ᠳ᠋ᠦ᠍ᠷ ᠬᠠᠭᠠᠨ ᠪᠡᠶᠡᠰᠦᠨ ᠰᠠᠢᠰᠢᠶᠠᠵᠤ ᠬᠠᠷᠢᠭᠤ ᠰᠤᠷᠭᠠᠵᠤ ᠵᠠᠷᠯᠢᠭ ᠪᠣᠯᠤᠷᠤᠨ :《ᠡᠷᠲᠡᠨ ᠦ᠌ ᠨᠢᠦᠢ ᠵᠸᠨ –  ᠵᠦᠷᠴᠢᠨ ᠤᠯᠤᠰ ᠂ ᠬᠠᠭᠤᠴᠢᠨ ᠯᠢᠶᠣᠣ ᠤᠯᠤᠰ ᠤ᠋ᠨ ᠦᠯᠡᠳᠡᠪᠦᠷᠢ ᠢᠷᠭᠡᠨ ᠢ᠋ ᠪᠠᠰᠤᠮᠵᠢᠯᠠᠨ ᠬᠦᠴᠦᠷᠬᠡᠵᠦ ᠳᠠᠷᠤᠯᠠᠨ ᠳᠠᠪᠴᠢᠯᠠᠬᠤᠢ ᠳ᠋ᠤᠷ ᠴᠢᠨᠦ ᠡᠴᠢᠭᠡ ᠯᠢᠶᠣᠣ ᠸᠠᠩ ᠶᠧ ᠯᠢᠦᠢ ᠯᠢᠦ ᠭᠧ ᠰᠢᠬᠠᠮᠳᠠᠨ ᠴᠡᠷᠢᠭᠯᠡᠬᠦᠶ᠎ᠡ᠂ ᠯᠢᠶᠣᠣ ᠳ᠋ᠦᠩ ᠦ᠋ᠨ ᠭᠠᠵᠠᠷ ᠤ᠋ᠨ ᠴᠠᠭᠠᠨ᠎ᠠ ᠨᠢᠦᠢ ᠮᠦ᠍ ᠥᠬᠢᠨ ᠵᠢᠰᠦᠲᠦ ᠤᠯᠤᠰ ᠢ ᠪᠠᠢᠴᠠᠭᠠᠨ ᠲᠦᠪᠰᠢᠳᠬᠡᠷ᠎ᠡ ᠢᠯᠡᠭᠡᠭᠰᠡᠨ ᠮᠢᠨᠦ ᠴᠡᠷᠢᠭ ᠦ᠋ᠨ ᠶᠤᠸᠠᠨᠱᠤᠸᠠᠢ ᠠᠵᠢᠨᠠᠢ ᠲᠠᠢᠹᠦ᠋ ᠳ᠋ᠦ᠍ᠷ ᠵᠣᠯᠭᠠᠵᠤ ᠴᠠᠭ ᠮᠡᠳᠡᠵᠦ ᠨᠠᠳᠠ ᠳ᠋ᠤᠷ ᠣᠷᠣᠵᠤ ᠳᠠᠭᠠᠪᠠ᠃ ᠳᠠᠭᠠᠯᠳᠤᠭ᠎ᠠ ᠮᠢᠨᠦ ᠦᠨᠡᠨ ᠥᠷᠥᠰᠢᠶᠡᠯ ᠳ᠋ᠦ᠍ᠷ ᠳᠠᠬᠢᠨ ᠳᠠᠪᠲᠠᠨ ᠬᠠᠷᠠᠭᠠᠯᠵᠠᠨ ᠴᠡᠷᠢᠭ ᠢᠯᠡᠬᠡᠨ ᠠᠯᠲᠠᠨ ᠤᠯᠤᠰ ᠤ᠋ᠨ ᠳᠠᠢᠯᠠᠬᠤ ᠵᠣᠪᠠᠯᠠᠩ ᠠ᠋ᠴᠠ ᠭᠠᠷᠤᠭᠰᠠᠨ ᠳ᠋ᠤᠷ ᠡᠴᠢᠭᠡ ᠴᠢᠨᠦ ᠰᠢᠲᠦᠵᠦ ᠪᠢᠰᠢᠷᠡᠨ ᠲᠥᠷᠥᠭᠰᠡᠨ ᠢ᠋ᠶ᠋ᠡᠨ ᠴᠢᠮᠠᠶ᠋ᠢ ᠬᠦᠷᠭᠡᠵᠦ ᠢᠷᠡᠭᠡᠳ ᠴᠢᠩ ᠦᠨᠡᠨ ᠢ᠋ᠶ᠋ᠡᠷ ᠬᠦᠴᠦᠨ ᠢ᠋ᠶ᠋ᠡᠨ ᠥᠭᠪᠡᠢ᠃ ᠡᠭᠦᠨ ᠳ᠋ᠦ᠍ᠷ ᠬᠡᠨ ᠬᠥᠮᠦᠨ ᠪᠠᠶᠠᠷᠯᠠᠬᠤ ᠦᠭᠡᠢ ᠪᠣᠢ ? ᠡᠨᠡ ᠵᠠᠪᠰᠠᠷ ᠲᠠᠨ ᠤ᠋ ᠬᠠᠷᠢᠶᠠᠲᠤ ᠢᠷᠭᠡᠨ ᠶᠸᠰᠸᠫᠤ ᠶ᠋ᠢᠨ ᠵᠡᠷᠭᠡ ᠮᠠᠭᠤ ᠬᠤᠯᠠᠭᠠᠢ ᠨᠠᠷ ᠠᠷᠭ᠎ᠠ ᠵᠠᠯᠢ ᠬᠡᠷᠡᠭᠯᠡᠨ ᠤᠷᠪᠠᠵᠤ᠂ ᠣᠯᠠᠨ ᠢ᠋ ᠰᠠᠮᠠᠭᠤᠷᠠᠭᠤᠯᠤᠨ ᠢᠷᠭᠡᠨ ᠢ᠋ ᠬᠣᠬᠢᠷᠠᠭᠤᠯᠵᠤ ᠲᠠᠨ ᠤ᠋ ᠡᠴᠢᠭᠡ ᠬᠥᠪᠡᠭᠦᠨ ᠦ᠌ ᠮᠢᠬ᠎ᠠ ᠶ᠋ᠢ ᠢᠳᠡᠰᠦᠭᠡᠢ ᠬᠡᠮᠡᠯᠳᠦᠨ ᠪᠥᠯᠥᠭᠡ᠃ ᠡᠳᠦᠭᠡ ᠲᠡᠢᠮᠦ ᠮᠠᠭᠤ ᠢᠷᠭᠡᠨ ᠬᠡᠳᠦᠢ ᠦᠭᠡᠢ ᠪᠣᠯᠪᠠᠴᠤ ᠲᠡᠷᠡ ᠵᠦᠢᠯ ᠢ᠋ ᠰᠠᠢᠬᠠᠨ ᠬᠢᠴᠢᠶᠡᠬᠦ ᠬᠡᠷᠡᠭᠲᠡᠢ᠂ ᠴᠢᠨᠦ ᠡᠴᠢᠭᠡ ᠶ᠋ᠢ ᠪᠢ ᠳᠡᠭᠦᠦ ᠮᠡᠲᠦ ᠥᠷᠥᠰᠢᠶᠡᠨ ᠴᠢᠮᠠᠶ᠋ᠢ ᠬᠥᠪᠡᠭᠦᠨ ᠠᠳᠠᠯᠢ ᠰᠡᠳᠬᠢᠬᠦᠢ ᠳ᠋ᠦ᠍ᠷ ᠴᠢ ᠪᠠᠰᠠ ᠴᠢᠩ ᠦᠨᠡᠨ ᠢ᠋ᠶ᠋ᠡᠷ ᠨᠠᠮᠠᠶ᠋ᠢ ᠬᠥᠭᠰᠢᠷᠡᠪᠡ ᠭᠡᠮᠡᠨ ᠮᠢᠨᠦ ᠰᠢᠳᠠᠷ ᠢᠷᠡᠬᠦᠢ ᠳ᠋ᠦ᠍ᠷ ᠪᠢ ᠪᠡᠶᠡᠰᠦᠨ ᠪᠠᠷᠠᠬᠤ ᠦᠭᠡᠢ᠃ ᠲᠡᠢᠨ ᠬᠦ᠌ ᠪᠢ ᠡᠳᠦᠭᠡ ᠬᠡᠳᠦᠨ ᠵᠦᠭ ᠢ᠋ ᠳᠠᠢᠯᠠᠨ ᠶᠠᠪᠤᠬᠤᠢ ᠳ᠋ᠤᠷ ᠬᠠᠷᠠᠬᠠᠨ ᠰᠠᠢᠨ ᠬᠥᠮᠦᠨ ᠢ᠋ ᠰᠣᠩᠭᠣᠨ ᠬᠡᠷᠡᠭᠯᠡᠬᠦ ᠴᠠᠭ ᠮᠥᠨ ᠴᠡᠷᠢᠭ ᠮᠣᠷᠢᠨ ᠳ᠋ᠤᠷ ᠮᠠᠰᠢ ᠪᠣᠯᠪᠠᠰᠤᠷᠠᠵᠤ ᠮᠡᠷᠭᠡᠰᠢᠭᠰᠡᠨ ᠲᠤᠯᠠ ᠮᠢᠨᠦ ᠳᠡᠭᠦᠦ ᠪᠡᠯᠭᠦᠳᠡᠢ ᠳᠡᠯᠡᠬᠡᠢ ᠳ᠋ᠠᠬᠢᠨ ᠤ᠋ ᠨᠡᠢᠲᠡ ᠴᠡᠷᠢᠭ ᠢ᠋ ᠬᠠᠮᠢᠶᠠᠷᠬᠤᠢ ᠳ᠋ᠤᠷ ᠪᠠᠬᠠᠨ ᠭᠠᠭᠴᠠᠭᠠᠷᠳᠠᠬᠤ ᠲᠤᠯᠠ ᠴᠢ ᠬᠠᠪᠰᠤᠷᠴᠤ ᠮᠡᠳᠡᠲᠦᠭᠡᠢ᠃ ᠴᠢᠨᠦ ᠳᠡᠭᠦᠦ ᠨᠠᠷ ᠠᠴᠢ ᠨᠠᠷ ᠢ᠋ ᠬᠠᠷᠢᠭᠤᠯᠤᠨ᠂ ᠴᠢᠨᠦ ᠡᠬᠡ ᠳ᠋ᠦ᠍ᠷ ᠬᠠᠪᠰᠤᠷᠭᠤᠯᠤᠨ ᠤᠯᠤᠰ ᠤ᠋ᠨ ᠬᠡᠷᠡᠭ ᠢ᠋ ᠬᠢᠴᠢᠶᠡᠯᠭᠡᠰᠦᠭᠡᠢ ! 》ᠬᠡᠮᠡᠭᠰᠡᠨ ᠳ᠋ᠦ᠍ᠷ ᠰᠢᠦᠸᠠᠢ ᠱᠧ ᠮᠥᠷᠭᠥᠵᠦ ᠵᠠᠷᠯᠢᠭ ᠢ ᠬᠦᠯᠢᠶᠡᠵᠦ᠂ ᠳᠡᠭᠦᠦ ᠨᠠᠷ ᠢ᠋ᠶ᠋ᠠᠨ ᠳᠤᠷ᠎ᠠ ᠶ᠋ᠢ ᠠᠰᠠᠭᠤᠪᠠᠰᠤ ᠴᠥᠮ ᠬᠠᠷᠢᠬᠤ ᠳᠤᠷ᠎ᠠ ᠦᠭᠡᠢ ᠳ᠋ᠦ᠍ᠷ ᠳᠠᠬᠢᠨ ᠳᠠᠪᠲᠠᠨ ᠬᠠᠭᠠᠨ ᠤ᠋ ᠵᠠᠷᠯᠢᠭ ᠢ᠋ ᠤᠬᠠᠭᠤᠯᠵᠤ᠂ ᠲᠠᠨ ᠤ᠋ ᠪᠡᠶᠡᠰ ᠡᠷᠬᠡᠪᠰᠢ ᠡᠭᠡᠵᠦ ᠬᠠᠷᠢᠪᠠᠰᠤ ᠵᠣᠬᠢᠮᠤᠢ ᠭᠡᠮᠡᠨ ᠱᠠᠨ ᠭᠧ ᠶ᠋ᠢ ᠡᠭᠡᠭᠦᠯᠦᠨ ᠬᠠᠷᠢᠭᠤᠯᠵᠤ᠂ ᠯᠢᠶᠣᠣ ᠳ᠋ᠦᠩ ᠢ᠋ ᠬᠢᠴᠢᠶᠡᠨ ᠰᠠᠬᠢᠬᠤ ᠶ᠋ᠢ ᠲᠤᠰᠢᠶᠠᠨ ᠶᠠᠪᠤᠭᠤᠯᠪᠠ᠃ 
       ᠲᠡᠳᠦᠢ ᠬᠠᠭᠠᠨ ᠪᠡᠯᠭᠦᠳᠡᠢ ᠴᠢᠨ ᠸᠠᠩ᠂ ᠰᠢᠦᠸᠠᠢ ᠯᠢᠶᠣᠣ ᠸᠠᠩ ᠬᠣᠶᠠᠭᠤᠯᠠ ᠳ᠋ᠤᠷ ᠬᠣᠷᠢᠨ ᠲᠦᠮᠡᠨ ᠴᠡᠷᠢᠭ ᠥᠭᠴᠦ᠂ ᠰᠢᠶᠠ ᠤᠯᠤᠰ ᠤ᠋ᠨ ᠸᠠᠩ – ᠯᠢ ᠰᠢᠶᠠᠨ ᠤ᠋ ᠨᠡᠢᠰᠯᠡᠯ ᠬᠣᠲᠠᠨ ᠢ᠋ ᠠᠨᠤ ᠬᠠᠭᠠᠯᠭᠠᠵᠤ᠂ ᠥᠪᠡᠷ ᠦ᠋ᠨ ᠪᠡᠶ᠎ᠡ ᠶᠡᠬᠡ ᠴᠡᠷᠢᠭ ᠢ᠋ ᠠᠪᠴᠤ ᠰᠢᠷ᠎ᠠ ᠮᠥᠷᠡᠨ ᠢ᠋ ᠭᠡᠲᠦᠯᠵᠦ ᠵᠢᠢ ᠱᠢ ᠵᠧᠦ ᠬᠣᠲᠠᠨ ᠢ᠋ ᠪᠠᠢᠯᠳᠤᠵᠤ ᠠᠷᠪᠠᠨ ᠡᠳᠦᠷ ᠪᠣᠯᠤᠭᠰᠠᠨ ᠦᠭᠡᠢ᠂ ᠵᠢᠢ ᠱᠢ ᠵᠧᠦ ᠶ᠋ᠢᠨ ᠬᠣᠲᠠ ᠰᠠᠬᠢᠬᠤ ᠴᠡᠷᠢᠭ ᠢ᠋ ᠮᠣᠩᠭᠣᠯ ᠤ᠋ᠨ ᠴᠡᠷᠢᠭ ᠦ᠋ᠨ ᠬᠠᠷᠪᠤᠬᠤ ᠠᠨᠤ ᠠᠷᠪᠠᠨ ᠠ᠋ᠴᠠ ᠨᠠᠢ᠍ᠮᠠᠨ ᠶᠢᠰᠦᠨ ᠢᠨᠤ ᠠᠯᠳᠠᠬᠤ ᠦᠭᠡᠢ ᠳ᠋ᠦ᠍ᠷ ᠣᠯᠠᠨ ᠴᠡᠷᠢᠭ ᠢᠷᠭᠡᠨ ᠢᠨᠤ ᠠᠶᠤᠵᠤ᠂ ᠰᠥᠨᠢ ᠰᠡᠮᠡᠬᠡᠷ ᠬᠠᠭᠠᠯᠭ᠎ᠠ ᠶ᠋ᠢ ᠨᠡᠭᠡᠭᠡᠵᠦ ᠳᠠᠭᠠᠭᠰᠠᠨ ᠳ᠋ᠤᠷ ᠵᠢᠢ ᠱᠢ ᠵᠧᠦ ᠠᠪᠲᠠᠵᠤ ᠬᠠᠪᠤᠷ ᠤ᠋ᠨ ᠳᠤᠮᠳᠠᠳᠤ ᠰᠠᠷ᠎ᠠ ᠳ᠋ᠤᠷ ᠬᠠᠭᠠᠨ ᠪᠠᠰᠠ ᠴᠡᠷᠢᠭ ᠢ᠋ ᠭᠤᠷᠪᠠᠨ ᠠᠩᠭᠢ ᠰᠠᠯᠭᠠᠵᠤ᠂ ᠪᠤᠭᠤᠷᠵᠢ ᠸᠠᠩ ᠳ᠋ᠤᠷ ᠲᠠᠪᠤᠨ ᠲᠦᠮᠡᠨ᠂ ᠴᠢᠯᠠᠭᠤᠨ ᠸᠠᠩ ᠳ᠋ᠤᠷ ᠲᠠᠪᠤᠨ ᠲᠦᠮᠡᠨ᠂ ᠬᠠᠭᠠᠨ ᠤ᠋ ᠭᠡᠭᠡᠨ ᠲᠠᠪᠤᠨ ᠲᠦᠮᠡᠨ᠂ ᠡᠢᠨ ᠬᠦ᠌ ᠭᠤᠷᠪᠠᠨ ᠠᠩᠭᠢ ᠴᠡᠷᠢᠭ ᠢ᠋ ᠠᠪᠴᠤ᠂ ᠬᠠᠮᠲᠤ ᠪᠠᠷ ᠬᠥᠳᠡᠯᠵᠦ᠂ ᠰᠢᠶᠠ ᠤᠯᠤᠰ ᠤ᠋ᠨ ᠯᠢᠨ ᠲᠤᠤ ᠹᠦ᠂ ᠲᠤᠤ ᠾᠧ ᠵᠧᠦ᠂ ᠰᠢ ᠨᠢᠩ ᠵᠧᠦ ᠡᠨᠡ ᠭᠤᠷᠪᠠᠨ ᠬᠣᠲᠠᠨ ᠢ᠋ ᠨᠢᠭᠡᠨ ᠡᠳᠦᠷ ᠨᠢᠭᠡᠨ ᠴᠠᠭ ᠲᠤᠷ ᠬᠠᠮᠲᠤ ᠪᠠᠷ ᠬᠠᠭᠠᠪᠠ᠃ ᠵᠢᠶᠦ᠋ᠨ ᠸᠠᠩ ᠴᠢᠯᠠᠭᠤᠨ ᠯᠢᠨ ᠲᠤᠤ ᠹᠦ ᠬᠣᠲᠠᠨ ᠢ ᠬᠠᠭᠠᠪᠠ᠃ ᠵᠢᠶᠦ᠋ᠨ ᠸᠠᠩ ᠪᠤᠭᠤᠷᠵᠢ ᠲᠤᠤ ᠾᠧ ᠵᠧᠦ ᠬᠣᠲᠠᠨ ᠢ ᠬᠠᠭᠠᠪᠠ᠂ ᠬᠠᠭᠠᠨ ᠤ᠋ ᠭᠡᠭᠡᠨ ᠰᠢ ᠨᠢᠩ ᠵᠧᠦ ᠬᠣᠲᠠᠨ ᠢ᠋ ᠬᠠᠭᠠᠪᠠ᠃ ᠵᠢᠶᠦ᠋ᠨ ᠸᠠᠩ ᠪᠤᠭᠤᠷᠵᠢ ᠭᠤᠷᠪᠠᠨ ᠠᠩᠭᠢ ᠴᠡᠷᠢᠭ ᠲᠦ᠍ᠷ ᠬᠥᠮᠦᠨ ᠳᠣᠪᠲᠣᠯᠭᠠᠨ ᠬᠠᠭᠤᠷᠮᠠᠭ ᠢ᠋ᠶ᠋ᠠᠷ ᠰᠢᠶᠠ ᠤᠯᠤᠰ ᠤ᠋ᠨ ᠡᠵᠡᠨ ᠯᠢ ᠰᠢᠶᠠᠨ ᠨᠢᠭᠡᠨᠲᠡ ᠠᠯᠠᠭᠳᠠᠵᠤ᠂ ᠬᠣᠲᠠ ᠬᠡᠳᠦᠢᠨᠡᠢ ᠳᠠᠭᠠᠪᠠ ᠭᠡᠮᠡᠨ ᠠᠯᠳᠠᠷᠰᠢᠭᠤᠯᠤᠨ ᠪᠠᠷᠬᠢᠷᠠᠨ ᠬᠡᠯᠡᠯᠴᠡᠭᠦᠯᠬᠦᠶ᠎ᠡ᠂ ᠭᠤᠷᠪᠠᠨ ᠬᠣᠲᠠ ᠶᠡᠬᠡᠯ᠎ᠡ ᠠᠶᠤᠯᠳᠤᠵᠤ ᠬᠠᠷᠠᠬᠠᠨ ᠳᠠᠭᠠᠬᠤ ᠶ᠋ᠢ ᠵᠥᠪᠯᠡᠬᠦᠢ ᠳ᠋ᠦ᠍ᠷ ᠬᠠᠭᠠᠨ ᠤ᠋ ᠬᠠᠭᠠᠭᠰᠠᠨ ᠰᠢ ᠨᠢᠩ ᠵᠧᠦ ᠬᠣᠲᠠ ᠲᠠᠪᠤᠨ ᠡᠳᠦᠷ ᠦ᠋ᠨ ᠥᠷᠯᠥᠭᠡ ᠲᠠᠪᠤᠨ ᠪᠠᠷᠰ ᠤ᠋ᠨ ᠵᠠᠩᠵᠤᠨ ᠨᠠᠷ ᠬᠣᠲᠠᠨ ᠢ᠋ ᠳᠠᠪᠠᠵᠤ ᠳᠥᠷᠪᠡᠨ ᠬᠠᠭᠠᠯᠭ᠎ᠠ ᠶ᠋ᠢ ᠬᠠᠮᠲᠤ ᠪᠠᠷ ᠨᠡᠭᠡᠭᠡᠵᠦ ᠠᠪᠤᠭᠰᠠᠨ ᠳ᠋ᠤᠷ ᠨᠥᠭᠦᠭᠡ ᠯᠢᠨ ᠲᠤᠤ᠂ ᠲᠤᠤ ᠾᠧ ᠬᠣᠶᠠᠷ ᠵᠧᠦ ᠶ᠋ᠢᠨ ᠬᠣᠲᠠ ᠴᠥᠮ ᠭᠠᠷᠴᠤ ᠳᠠᠭᠠᠭᠰᠠᠨ᠎ᠠ᠂ ᠬᠠᠭᠠᠨ ᠡᠨᠡ ᠭᠤᠷᠪᠠᠨ ᠬᠣᠲᠠ ᠶ᠋ᠢ ᠲᠦᠪᠰᠢᠳᠬᠡᠨ ᠢᠷᠭᠡᠨ ᠢ ᠲᠣᠭᠲᠠᠭᠠᠵᠤ᠂ ᠬᠠᠭᠠᠨ ᠤ᠋ ᠭᠡᠭᠡᠨ ᠳᠡᠭᠡᠳᠦ ᠲᠠᠢᠹᠦ᠋ ᠲᠦᠰᠢᠮᠡᠯ ᠸᠠᠩ ᠢᠨ ᠳ᠋ᠦ᠍ᠷ ᠲᠦᠮᠡᠨ ᠴᠡᠷᠢᠭ ᠥᠭᠴᠦ᠂ ᠰᠢᠶᠠ ᠤᠯᠤᠰ ᠤ᠋ᠨ ᠡᠵᠡᠨ ᠯᠢ ᠰᠢᠶᠠᠨ ᠤ᠋ ᠰᠠᠭᠤᠬᠤ ᠰᠢᠨ ᠳᠦ ᠹᠦ ᠬᠣᠲᠠᠨ ᠢ᠋ ᠨᠡᠮᠡᠵᠦ ᠬᠠᠭᠠᠯᠭᠠᠭᠠᠳ ᠥᠪᠡᠷ ᠦ᠋ᠨ ᠪᠡᠶ᠎ᠡ ᠡᠮᠦᠨ᠎ᠡ ᠵᠦᠭ ᠣᠷᠣᠪᠠ᠃ ᠬᠠᠭᠠᠨ ᠤ᠋ ᠭᠡᠭᠡᠨ ᠡᠮᠦᠨ᠎ᠡ ᠵᠦᠭ ᠣᠷᠣᠭᠰᠠᠨ ᠡᠨᠡ ᠴᠢᠯᠥᠭᠡᠨ ᠳ᠋ᠦ᠍ᠷ ᠣᠳᠣ ᠡᠮᠦᠨ᠎ᠡ ᠶ᠋ᠢᠨ ᠴᠡᠷᠢᠭ ᠦ᠋ᠨ ᠡᠵᠡᠨ ᠲᠠᠢᠰᠢ ᠪᠤᠯᠤ ᠶ᠋ᠢᠨ ᠬᠡᠷᠡᠭ ᠢ᠋ ᠪᠠᠬᠠᠨ ᠥᠭᠦᠯᠡᠰᠦᠭᠡᠢ᠃ 
       ᠲᠡᠨᠳᠡᠴᠡ ᠲᠠᠢᠰᠢ ᠪᠤᠯᠤ ᠨᠡᠢᠲᠡ ᠨᠠᠢ᠍ᠮᠠᠨ ᠵᠠᠮ ᠤ᠋ᠨ ᠴᠡᠷᠢᠭ ᠢ᠋ᠶ᠋ᠡᠷ ᠠᠯᠲᠠᠨ ᠤᠯᠤᠰ ᠤ᠋ᠨ ᠬᠢᠵᠠᠭᠠᠷ ᠤ᠋ᠨ ᠳᠣᠲᠣᠷᠠᠬᠢ ᠴᠢᠩ ᠵᠧᠦ ᠳ᠋ᠦ᠍ᠷ ᠰᠥᠩ ᠤᠯᠤᠰ ᠤ᠋ᠨ ᠯᠢ ᠴᠢᠦᠸᠠᠨ ᠢ᠋ ᠬᠠᠭᠠᠵᠤ ᠨᠢᠭᠡᠨ ᠵᠢᠯ ᠢᠯᠡᠭᠦᠦ ᠪᠣᠯᠵᠤ᠂ ᠴᠢᠩ ᠵᠧᠦ ᠬᠣᠲᠠᠨ ᠤ᠋ ᠳᠣᠲᠣᠷ᠎ᠠ ᠠᠮᠤ ᠡᠪᠡᠰᠦ ᠨᠢᠭᠡᠨᠲᠡ ᠲᠠᠰᠤᠷᠠᠭᠠᠳ ᠮᠣᠷᠢ ᠮᠠᠯ ᠢ᠋ᠶ᠋ᠠᠨ ᠢᠳᠡᠵᠦ ᠳᠠᠭᠤᠰᠬᠤ ᠰᠢᠬᠠᠭᠠᠳ ᠲᠦᠰᠢᠮᠡᠯ ᠴᠡᠷᠢᠭ ᠴᠥᠮ ᠴᠢᠷᠠᠢ ᠠᠯᠳᠠᠪᠠ᠃ 
       ᠲᠡᠳᠦᠢ ᠯᠢ ᠴᠢᠦᠸᠠᠨ ᠥᠭᠦᠯᠡᠷᠦᠨ : 《ᠶᠠᠮᠪᠠᠷ ᠪᠣᠢ ?  ᠮᠢᠨᠦ ᠬᠡᠯᠡᠭᠰᠡᠨ ᠡᠴᠡ ᠭᠠᠷᠪᠠᠤ ?  ᠣᠳᠣ ᠬᠡᠷᠬᠢᠮᠦᠢ ! 》ᠬᠡᠮᠡᠬᠦᠢ ᠳ᠋ᠦ᠍ᠷ ᠲᠢᠶᠠᠨ ᠱᠢ ᠶᠦᠩ ᠶᠡᠬᠡᠯ᠎ᠡ ᠪᠠᠴᠢᠮᠳᠠᠨ ᠢᠴᠢᠩᠭᠦᠷᠡᠵᠦ ᠪᠣᠳᠣᠭᠰᠠᠭᠠᠷ ᠨᠢᠭᠡᠨ ᠠᠷᠭ᠎ᠠ ᠣᠯᠵᠤ : 《ᠣᠳᠣ ᠦᠬᠦᠨ ᠪᠠᠢᠯᠳᠤᠵᠤ ᠭᠠᠷᠰᠤᠭᠠᠢ᠂ ᠡᠳᠦᠭᠡ ᠬᠣᠲᠠ ᠶ᠋ᠢᠨ ᠣᠯᠠᠨ ᠨᠢᠭᠡᠨᠲᠡ ᠥᠯᠪᠡᠷᠦᠨ ᠦᠬᠦᠬᠦ ᠡᠴᠡ ᠪᠠᠢᠯᠳᠤᠵᠤ ᠦᠬᠦᠰᠦᠭᠡᠢ ᠬᠡᠮᠡᠮᠦᠢ ! 》ᠭᠡᠮᠡᠨ ᠯᠢ ᠴᠢᠦᠸᠠᠨ ᠳ᠋ᠤᠷ ᠥᠭᠦᠯᠡᠭᠰᠡᠨ ᠳ᠋ᠦ᠍ᠷ ᠯᠢ ᠴᠢᠦᠸᠠᠨ ᠥᠭᠦᠯᠡᠷᠦᠨ: 《ᠭᠤᠷᠪᠠᠨ ᠳᠠᠪᠬᠤᠷ ᠭᠦᠨ ᠭᠣᠣ ᠥᠨᠳᠥᠷ ᠤᠨᠠᠭᠤᠯᠢ ᠶ᠋ᠢ ᠬᠡᠷᠬᠢᠨ ᠭᠠᠷᠴᠤ ᠪᠣᠯᠬᠤ ?  ᠲᠠᠯᠠᠭᠠᠷ ᠳᠠᠷᠤᠭᠳᠠᠬᠤ ᠶ᠋ᠢ ᠡᠷᠢᠬᠦ ᠪᠣᠯᠠᠢ ! 》ᠬᠡᠮᠡᠪᠡᠰᠦ᠂ ᠲᠢᠶᠠᠨ ᠱᠢ ᠶᠦᠩ ᠥᠭᠦᠯᠡᠷᠦᠨ : 《ᠲᠦᠰᠢᠮᠡᠯ ᠪᠢ ᠦᠬᠦᠨ ᠪᠠᠢᠯᠳᠤᠵᠤ ᠵᠠᠮ ᠨᠡᠭᠡᠭᠡᠪᠡᠰᠦ ᠪᠠᠷᠠᠪᠠ᠂ ᠡᠳᠦᠭᠡ ᠬᠣᠲᠠ ᠶ᠋ᠢᠨ ᠳᠣᠲᠣᠷ᠎ᠠ ᠲᠦᠰᠢᠮᠡᠯ ᠴᠡᠷᠢᠭ ᠢᠷᠭᠡᠳ ᠴᠥᠮ ᠰᠡᠳᠬᠢᠯ ᠰᠢᠭᠤᠳᠤᠭᠰᠠᠨ ᠪᠥᠭᠡᠲᠡᠯ᠎ᠡ ᠡᠵᠡᠨ ᠰᠡᠳᠬᠢᠯ ᠡᠰᠡ ᠰᠢᠭᠤᠳᠪᠠᠰᠤ ᠵᠠᠭᠤᠨ ᠣᠪᠣᠭᠲᠠᠨ ᠬᠤᠪᠢᠰᠬᠠᠯ ᠪᠣᠯᠭᠤᠵᠠᠢ !》ᠬᠡᠮᠡᠬᠦᠢ ᠳ᠋ᠦ᠍ᠷ ᠯᠢ ᠴᠢᠦᠸᠠᠨ ᠥᠴᠦᠬᠡᠨ ᠢᠨᠢᠶᠡᠵᠦ :《ᠲᠡᠢᠮᠦ ᠪᠥᠭᠡᠰᠦ ᠪᠢ ᠳᠠᠷᠤᠢ ᠭᠠᠷᠰᠤᠭᠠᠢ ! 》ᠭᠡᠮᠡᠨ ᠬᠣᠲᠠ ᠶ᠋ᠢᠨ ᠬᠣᠢᠲᠤ ᠬᠠᠭᠠᠯᠭ᠎ᠠ ᠶ᠋ᠢᠨ ᠴᠡᠷᠢᠭ ᠴᠥᠭᠡᠨ ᠤᠨᠠᠭᠤᠯᠢ ᠶ᠋ᠢᠨ ᠤᠰᠤ ᠭᠦᠶᠦᠬᠡᠨ ᠬᠡᠮᠡᠵᠦ ᠣᠯᠠᠨ ᠴᠡᠷᠢᠭ ᠢᠷᠭᠡᠨ ᠢ᠋ ᠴᠤᠭᠠᠷ ᠠᠪᠤᠨ ᠲᠢᠶᠠᠨ ᠱᠢ ᠶᠦᠩ ᠦ᠋ᠨ ᠬᠣᠢᠨ᠎ᠠ ᠠ᠋ᠴᠠ ᠭᠠᠷᠴᠤ ᠢᠷᠡᠬᠦᠢ ᠳ᠋ᠦ᠍ᠷ ᠬᠣᠢᠲᠤ ᠤᠨᠠᠭᠤᠯᠢ ᠶ᠋ᠢᠨ ᠮᠣᠩᠭᠣᠯ ᠤ᠋ᠨ ᠴᠡᠷᠢᠭ ᠦ᠋ᠨ ᠫᠤᠤ ᠳᠠᠭᠤᠷᠢᠰᠴᠤ᠂ ᠭᠤᠷᠪᠠᠨ ᠤᠨᠠᠭᠤᠯᠢ ᠶ᠋ᠢᠨ ᠴᠡᠷᠢᠭ ᠴᠤᠭᠠᠷ ᠪᠣᠰᠴᠤ ᠪᠠᠢᠯᠳᠤᠨ ᠣᠷᠣᠭᠰᠠᠨ ᠳ᠋ᠤᠷ ᠡᠨᠡ ᠬᠢᠷᠢ ᠶᠡᠬᠡ ᠴᠡᠷᠢᠭ ᠦ᠋ᠨ ᠡᠵᠡᠨ ᠲᠡᠢᠰᠢ ᠪᠤᠯᠤ ᠪᠤᠰᠤ ᠬᠣᠲᠠᠨ ᠤ᠋ ᠴᠡᠷᠢᠭ ᠢ᠋ ᠨᠡᠬᠡᠨ ᠢᠷᠡᠬᠦᠶ᠎ᠡ᠂ ᠰᠠᠶᠢ ᠬᠣᠢᠲᠤ ᠬᠣᠲᠠ ᠶ᠋ᠢᠨ ᠤᠨᠠᠭᠤᠯᠢ ᠳ᠋ᠤᠷ ᠬᠦᠷᠦᠮᠡᠭᠴᠡ ᠭᠡᠨᠡᠳᠲᠡ ᠫᠤᠤ ᠳᠠᠭᠤᠷᠢᠰᠤᠭᠰᠠᠨ᠎ᠠ᠂ ᠯᠠᠪ ᠬᠠᠭᠠᠭᠳᠠᠭᠰᠠᠨ ᠴᠡᠷᠢᠭ ᠭᠠᠷᠴᠤ ᠢᠷᠡᠪᠡ ᠭᠡᠮᠡᠨ ᠥᠪᠡᠷ ᠦ᠋ᠨ ᠨᠢᠭᠡᠨ ᠠᠩᠭᠢ ᠠᠮᠤᠷ ᠴᠡᠷᠢᠭ ᠢ᠋ ᠠᠪᠴᠤ ᠂ ᠭᠤᠷᠪᠠᠨ ᠬᠥᠭᠥᠷᠭᠡ ᠶ᠋ᠢᠨ ᠵᠠᠮ ᠢ᠋ᠶ᠋ᠠᠷ ᠰᠡᠲᠡᠯᠦᠨ᠂ ᠳᠣᠲᠣᠭᠠᠳᠤ ᠵᠦᠭ ᠳᠣᠪᠲᠣᠯᠤᠨ ᠣᠷᠣᠵᠤ ᠡᠴᠢᠭᠰᠡᠨ ᠳ᠋ᠦ᠍ᠷ ᠯᠢ ᠴᠢᠦᠸᠠᠨ ᠤ᠋ ᠴᠡᠷᠢᠭ ᠬᠠᠷᠠᠬᠠᠨ ᠳᠣᠲᠣᠭᠠᠳᠤ ᠤᠨᠠᠭᠤᠯᠢ ᠶ᠋ᠢᠨ ᠬᠥᠭᠥᠷᠭᠡ ᠶ᠋ᠢ ᠪᠤᠯᠢᠶᠠᠯᠳᠤᠨ ᠣᠯᠬᠤ ᠦᠭᠡᠢ ᠳ᠋ᠦ᠍ᠷ ᠲᠠᠢᠰᠢ ᠪᠤᠯᠤ ᠶ᠋ᠢᠨ ᠴᠡᠷᠢᠭ ᠣᠷᠣᠵᠤ ᠡᠴᠢᠭᠰᠡᠨ᠎ᠡ᠂ ᠯᠢ ᠴᠢᠦᠸᠠᠨ ᠤ᠋ ᠴᠡᠷᠢᠭ ᠭᠠᠭᠴᠠ ᠤᠨᠠᠭᠤᠯᠢ ᠶ᠋ᠢᠨ ᠴᠡᠷᠢᠭ ᠢ᠋ ᠰᠡᠷᠡᠭᠰᠡᠨ ᠪᠣᠢ ‍ᠶ᠎ᠠ᠂ ᠭᠠᠳᠠᠨ᠎ᠠ ᠶ᠋ᠢᠨ ᠴᠡᠷᠢᠭ ᠢ᠋ ᠤᠪᠠᠢᠯᠠᠭᠰᠠᠨ ᠦᠭᠡᠢ ᠲᠤᠯᠠ ᠶᠡᠬᠡᠯ᠎ᠡ ᠴᠢᠬᠤᠯᠳᠠᠵᠤ᠂ ᠨᠢᠭᠡᠨᠲᠡ ᠰᠠᠮᠠᠭᠤᠷᠠᠨ ᠬᠣᠲᠠ ᠶ᠋ᠢᠨ ᠵᠦᠭ ᠪᠤᠷᠤᠭᠤᠯᠠᠬᠤᠢ ᠳ᠋ᠤᠷ ᠬᠣᠢᠲᠤ ᠵᠢᠭᠰᠠᠭᠠᠯ ᠤ᠋ᠨ ᠴᠡᠷᠢᠭ ᠴᠥᠮ ᠰᠠᠮᠠᠭᠤᠷᠠᠨ ᠬᠠᠮᠲᠤ ᠵᠢᠭᠤᠷᠠᠯᠳᠤᠨ ᠥᠪᠡᠷ ᠦ᠋ᠨ ᠴᠡᠷᠢᠭ ᠲᠦ᠍ᠷ ᠭᠢᠰᠬᠢᠯᠳᠦᠨ ᠦᠬᠦᠭᠰᠡᠨ ᠢᠨᠤ ᠮᠥᠨ ᠬᠡᠳᠦᠨ ᠮᠢᠩᠭᠠᠨ ᠪᠣᠢ᠃ ᠡᠭᠦᠨ ᠳ᠋ᠦ᠍ᠷ ᠲᠡᠢᠰᠢ ᠪᠤᠯᠤ ᠶ᠋ᠢᠨ ᠴᠡᠷᠢᠭ ᠨᠡᠢᠲᠡ ᠶ᠋ᠢ ᠣᠯᠵᠤ᠂ ᠣᠮᠣᠭ ᠨᠢᠭᠡᠮᠦᠰᠦᠨ ᠲᠥᠷᠥᠵᠦ᠂ ᠶᠡᠬᠡᠯ᠎ᠡ ᠬᠠᠰᠬᠢᠷᠤᠨ ᠳᠠᠷᠤᠨ ᠣᠷᠣᠵᠤ ᠴᠠᠪᠴᠢᠬᠤ ᠠᠨᠤ ᠪᠣᠷᠣᠭᠠᠨ ᠴᠢᠳᠬᠤᠵᠤ ᠮᠥᠨᠳᠥᠷ ᠳᠡᠯᠡᠳᠬᠦ ᠮᠡᠲᠦ ᠳ᠋ᠦ᠍ᠷ ᠯᠢ ᠴᠢᠤᠸᠠᠨ ᠤ᠋ ᠴᠡᠷᠢᠭ ᠳᠣᠯᠣᠭᠠᠨ ᠮᠢᠩᠭᠠᠨ ᠢᠯᠡᠭᠦᠦ ᠠᠪᠲᠠᠵᠤ᠂ ᠬᠠᠷᠢᠯᠴᠠᠨ ᠭᠢᠰᠬᠢᠯᠳᠦᠵᠦ ᠦᠬᠦᠭᠰᠡᠨ ᠢᠨᠤ ᠲᠣᠭ᠎ᠠ ᠦᠭᠡᠢ᠃ ᠠᠷᠠᠬᠠᠨ ᠬᠣᠲᠠᠨ ᠳ᠋ᠤᠷ ᠳᠤᠲᠠᠭᠠᠨ ᠣᠷᠣᠵᠤ ᠡᠴᠢᠪᠡ᠃ ᠲᠡᠳᠦᠢ ᠨᠡᠩ ᠲᠦᠭᠰᠢᠭᠦᠷᠢ ᠲᠡᠢ ᠪᠣᠯᠵᠤ᠂ ᠬᠣᠲᠠ ᠶ᠋ᠢᠨ ᠳᠣᠲᠣᠷ᠎ᠠ ᠦᠢᠮᠡᠯᠳᠦᠨ ᠡᠭᠦᠰᠬᠡᠪᠡ᠃ ᠤᠳᠠᠭᠰᠠᠨ ᠦᠭᠡᠢ ᠵᠤᠨ ᠤ᠋ ᠳᠤᠮᠳᠠᠳᠤ ᠲᠠᠪᠤᠨ ᠰᠠᠷ᠎ᠠ ᠪᠣᠯᠵᠤ᠂ ᠨᠢᠭᠡᠨ ᠵᠢᠯ ᠢᠯᠡᠭᠦᠦ ᠪᠣᠯᠤᠭᠠᠳ ᠪᠠᠰᠠ ᠭᠠᠷᠴᠤ ᠴᠢᠳᠠᠭᠰᠠᠨ ᠦᠭᠡᠢ᠂ ᠭᠡᠳᠡᠷᠭᠦ ᠬᠠᠷᠢᠨ ᠴᠡᠷᠢᠭ ᠢᠷᠭᠡᠨ ᠬᠡᠳᠦᠨ ᠮᠢᠩᠭᠠᠨ ᠢᠯᠡᠭᠦᠦ ᠠᠪᠲᠠᠵᠤ ᠡᠭᠡᠨ ᠣᠷᠣᠵᠤ᠂ ᠡᠨᠡ ᠬᠣᠶᠠᠷ ᠰᠠᠷ᠎ᠠ ᠳ᠋ᠤᠷ ᠦᠬᠡᠷ ᠮᠣᠷᠢ ᠶ᠋ᠢ ᠴᠥᠮ ᠠᠯᠠᠵᠤ ᠢᠳᠡᠭᠡᠳ ᠪᠠᠷᠠᠭᠰᠠᠨ ᠲᠤᠯᠠ ᠬᠦᠴᠦᠲᠡᠨ ᠢᠨᠦ ᠬᠦᠴᠦᠨ ᠦᠭᠡᠢ ᠪᠡᠨ ᠢᠳᠡᠵᠦ ᠂ ᠵᠠᠩᠵᠤᠨ ᠠᠨᠤ ᠴᠡᠷᠢᠭ ᠢ᠋ᠶ᠋ᠡᠨ ᠢᠳᠡᠬᠦᠢ ᠳ᠋ᠦ᠍ᠷ ᠬᠦᠷᠦᠭᠰᠡᠨ ᠳ᠋ᠦ᠍ᠷ ᠯᠢ ᠴᠢᠤᠸᠠᠨ᠂ ᠳᠡᠳ᠋ ᠵᠠᠩᠵᠤᠨ ᠲᠢᠶᠠᠨ ᠱᠢ ᠶᠦᠩ ᠡᠴᠡ ᠠᠰᠠᠭᠤᠷᠤᠨ : 《ᠣᠳᠣ ᠶᠠᠮᠪᠠᠷ ᠠᠷᠭ᠎ᠠ ᠪᠣᠢ ? ᠡᠷᠬᠡᠪᠰᠢ ᠣᠯᠠᠨ ᠴᠡᠷᠢᠭ ᠢᠷᠭᠡᠨ ᠦ᠌ ᠤᠷᠪᠠᠵᠤ ᠮᠠᠨ ᠢ᠋ ᠠᠯᠠᠵᠤ ᠭᠠᠷᠴᠤ ᠳᠠᠭᠠᠬᠤᠢ ᠶ᠋ᠢ ᠬᠦᠯᠢᠶᠡᠮᠦᠢ ᠤᠤ ? 》ᠬᠡᠮᠡᠬᠦᠢ ᠳ᠋ᠦ᠍ᠷ ᠳᠡᠳ᠋ ᠵᠠᠩᠵᠤᠨ ᠴᠢᠷᠠᠢ ᠤᠯᠠᠢᠵᠤ ᠬᠡᠯᠡᠬᠦ ᠦᠭᠡ ᠦᠭᠡᠢ ᠭᠠᠷᠴᠤ ᠢᠷᠡᠬᠦᠢ ᠳ᠋ᠦ᠍ᠷ ᠬᠣᠲᠠ ᠶ᠋ᠢᠨ ᠴᠡᠷᠢᠭ ᠢᠷᠭᠡᠨ ᠯᠢ ᠴᠢᠤᠸᠠᠨ ᠤ᠋ ᠥᠷᠥᠰᠢᠶᠡᠨ ᠬᠠᠢᠷᠠᠯᠠᠬᠤ ᠳ᠋ᠤᠷ ᠨᠢᠭᠡᠨᠲᠡ ᠰᠡᠳᠬᠢᠯ ᠳᠠᠭᠠᠭᠰᠠᠨ ᠲᠤᠯᠠ ᠬᠡᠳᠦᠢ ᠤᠷᠪᠠᠬᠤ ᠦᠭᠡᠢ ᠪᠣᠯᠪᠠᠴᠤ ᠰᠥᠨᠢ ᠪᠡᠷ ᠭᠡᠨᠡᠳᠲᠡ ᠪᠦᠭᠦᠳᠡᠭᠡᠷ ᠲᠢᠶᠠᠨ ᠱᠢ ᠶᠦᠩ ᠢ᠋ ᠵᠠᠮ ᠳ᠋ᠤᠷ ᠪᠠᠷᠢᠵᠤ ᠬᠤᠪᠢᠶᠠᠯᠴᠠᠨ ᠠᠪᠴᠤ ᠴᠢᠨᠠᠵᠤ ᠢᠳᠡᠭᠰᠡᠨ ᠳ᠋ᠦ᠍ᠷ ᠵᠢᠴᠢ ᠡᠳᠦᠷ ᠪᠠᠢᠴᠠᠭᠠᠬᠤ ᠭᠠᠵᠠᠷ ᠦᠭᠡᠢ ᠪᠣᠯᠪᠠ᠃ ᠯᠢ ᠴᠢᠤᠸᠠᠨ ᠠᠷᠭ᠎ᠠ ᠵᠠᠪᠬᠠᠷᠠᠵᠤ ᠪᠠᠰᠠ ᠪᠤᠰᠤ ᠲᠦᠰᠢᠮᠡᠳ ᠦ᠋ᠨ ᠰᠢᠭᠦᠮᠵᠢᠯᠡᠬᠦ ᠶ᠋ᠢ ᠵᠣᠭᠰᠣᠭᠠᠨ᠂ ᠨᠢᠭᠡᠨ ᠡᠳᠦᠷ ᠡᠮᠦᠨ᠎ᠡ ᠬᠣᠲᠠ ᠶ᠋ᠢᠨ ᠠᠰᠠᠷ ᠲᠤᠷ ᠲᠦᠰᠢᠮᠡᠯ ᠵᠠᠩᠵᠤᠨ ᠴᠡᠷᠢᠭ ᠢᠷᠭᠡᠨ ᠣᠯᠠᠨ ᠢ᠋ ᠠᠪᠴᠤ᠂ ᠰᠥᠩ ᠤᠯᠤᠰ ᠤ᠋ᠨ ᠵᠦᠭ ᠬᠦᠵᠢ ᠰᠢᠲᠠᠭᠠᠨ ᠡᠵᠡᠨ ᠳ᠋ᠡᠭᠡᠨ ᠠᠶᠠᠷᠯᠠᠨ ᠮᠥᠷᠭᠥᠵᠦ ᠥᠭᠦᠯᠡᠷᠦᠨ :《ᠡᠨᠡ ᠡᠳᠦᠷ ᠣᠯᠠᠨ ᠴᠡᠷᠢᠭ ᠢᠷᠭᠡᠨ ᠦᠬᠦᠬᠦᠢ ᠳ᠋ᠦ᠍ᠷ ᠬᠦᠷᠴᠦᠬᠦᠢ᠂ ᠮᠢᠨᠦ ᠨᠢᠭᠡᠨ ᠪᠡᠶ᠎ᠡ ᠶ᠋ᠢᠨ ᠦᠬᠦᠬᠦ ᠬᠡᠷᠡᠭ ᠭᠠᠢ ᠦᠭᠡᠢ᠂ ᠣᠯᠠᠨ ᠤ᠋ ᠦᠬᠦᠬᠦ ᠳ᠋ᠦ᠍ᠷ ᠲᠡᠰᠬᠦᠶ᠎ᠡ ᠪᠡᠷᠬᠡ !》ᠭᠡᠮᠡᠨ ᠨᠢᠯᠪᠤᠰᠤᠨ ᠤᠨᠠᠭᠠᠨ ᠮᠥᠷᠭᠥᠵᠦ ᠠᠶᠠᠷᠯᠠᠭᠠᠳ ᠵᠢᠴᠢ ᠥᠪᠡᠷ ᠦ᠋ᠨ ᠠᠢᠮᠠᠭ ᠤ᠋ᠨ ᠵᠧᠩ ᠶᠠᠨ ᠳᠧ᠂ ᠲᠢᠶᠠᠨ ᠰᠧ ᠵᠢᠦ ᠲᠠᠨ ᠢ᠋ᠶ᠋ᠠᠷ ᠣᠯᠠᠨ ᠳ᠋ᠤᠷ ᠬᠡᠯᠡᠭᠦᠯᠦᠷᠦᠨ : 《ᠮᠠᠨ ᠤ᠋ ᠨᠡᠢᠲᠡ ᠪᠦᠭᠦᠳᠡᠭᠡᠷ ᠦᠯᠢᠭᠡᠷᠯᠡᠪᠡᠰᠦ ᠬᠠᠨᠴᠤᠢ ᠦᠭᠡᠢ ᠳᠡᠪᠡᠯ ᠮᠡᠲᠦ ᠪᠣᠯᠵᠤᠬᠤᠢ᠃ ᠮᠣᠩᠭᠣᠯ ᠳ᠋ᠤᠷ ᠳᠠᠭᠠᠬᠤᠢ ᠳ᠋ᠤᠷ ᠪᠤᠶᠠᠨ ᠪᠤᠰᠤ ᠭᠡᠮᠡᠨ ᠬᠡᠯᠡᠵᠦ ᠦᠯᠦ ᠪᠣᠯᠤᠮᠤᠢ᠃ ᠮᠣᠩᠭᠣᠯ ᠤ᠋ᠨ ᠲᠡᠢᠰᠢ ᠮᠤᠬᠤᠯᠢ ᠶ᠋ᠢᠨ ᠬᠥᠪᠡᠭᠦᠨ ᠲᠠᠢᠰᠢ ᠪᠤᠯᠤ ᠮᠠᠲᠠᠯ ᠠᠮᠤᠢ᠂ ᠯᠠᠪ ᠨᠢᠭᠡᠨ ᠰᠢᠳᠬᠡᠬᠦ ᠭᠠᠵᠠᠷ ᠪᠣᠢ ! 》 ᠭᠡᠮᠡᠨ ᠣᠯᠠᠨ ᠢ᠋ᠶ᠋ᠠᠷ ᠴᠥᠮ ᠳᠤᠷᠠᠲᠠᠢ ᠪᠣᠯᠤᠭᠰᠠᠨ ᠳ᠋ᠤᠷ ᠯᠢ ᠴᠢᠤᠸᠠᠨ ᠤᠷᠢᠳᠠ ᠲᠦᠰᠢᠮᠡᠯ ᠭᠠᠷᠭᠠᠵᠤ ᠳᠠᠭᠠᠬᠤ ᠪᠢᠴᠢᠭ ᠪᠠᠷᠢᠭᠤᠯᠤᠭᠰᠠᠨ ᠳ᠋ᠤᠷ ᠲᠠᠢᠰᠢ ᠪᠤᠯᠤ ᠮᠠᠰᠢ ᠬᠢᠴᠢᠶᠡᠩᠭᠦᠢᠯᠡᠨ ᠬᠦᠨᠳᠦᠯᠡᠵᠦ ᠬᠦᠯᠢᠶᠡᠨ ᠠᠪᠴᠤ ᠡᠭᠡᠭᠦᠯᠦᠨ ᠢᠯᠡᠭᠡᠭᠰᠡᠨ᠎ᠡ᠂ ᠯᠢ ᠴᠢᠤᠸᠠᠨ᠂ ᠲᠡᠢᠰᠢ ᠪᠤᠯᠤ ᠶ᠋ᠢᠨ ᠬᠦᠨᠳᠦᠯᠡᠨ ᠡᠭᠡᠭᠦᠯᠦᠭᠰᠡᠨ ᠢ ᠰᠣᠨᠣᠰᠴᠤ ᠣᠯᠠᠨ ᠤ᠋ ᠵᠦᠭ ᠥᠭᠦᠯᠡᠷᠦᠨ : 《ᠶᠠᠮᠪᠠᠷ ᠪᠣᠢ ?  ᠪᠤᠯᠤ ᠶ᠋ᠢᠨ ᠡᠨᠡ ᠬᠣᠲᠠᠨ ᠢ᠋ ᠡᠨᠡ ᠮᠡᠲᠦ ᠬᠠᠭᠠᠭᠰᠠᠨ ᠠᠨᠤ ᠳᠠᠷᠤᠢ ᠳᠠᠭᠠᠭᠤᠯᠬᠤ ᠶ᠋ᠢ ᠡᠷᠢᠭᠰᠡᠨ ᠬᠡᠷᠡᠭ᠂ ᠲᠡᠢᠨ ᠬᠦ᠌  ᠪᠢ ᠲᠡᠭᠦᠨ ᠦ᠌ ᠠᠭᠤᠳᠠᠮ ᠢ᠋ ᠮᠡᠳᠡᠵᠦ ᠳᠠᠭᠠᠰᠤᠭᠠᠢ ᠬᠡᠮᠡᠭᠰᠡᠨ ᠪᠥᠯᠥᠭᠡ ! 》ᠭᠡᠮᠡᠨ ᠵᠢᠴᠢ ᠡᠳᠦᠷ ᠭᠠᠷᠴᠤ ᠳᠠᠭᠠᠬᠤ ᠪᠠᠷ ᠲᠣᠭᠲᠠᠪᠠ ᠃ 
       ᠲᠡᠳᠦᠢ ᠲᠠᠢᠰᠢ ᠪᠤᠯᠤ ᠶ᠋ᠢᠨ ᠳᠣᠣᠷᠠᠬᠢ ᠣᠯᠠᠨ ᠵᠠᠩᠵᠤᠨ ᠨᠠᠷ ᠲᠠᠢᠰᠢ ᠳ᠋ᠤᠷ ᠥᠭᠦᠯᠡᠷᠦᠨ :《ᠯᠢ ᠴᠢᠤᠸᠠᠨ ᠤ᠋ ᠡᠨᠡ ᠳᠠᠭᠠᠬᠤ ᠶ᠋ᠢ ᠬᠡᠷᠬᠢᠨ ᠢᠲᠡᠭᠡᠵᠦ ᠪᠣᠯᠤᠮᠤᠢ ?  ᠯᠢ ᠴᠢᠤᠸᠠᠨ ᠬᠠᠭᠠᠭᠳᠠᠵᠤ ᠥᠯᠪᠡᠷᠬᠦᠢ ᠳ᠋ᠦ᠍ᠷ ᠢ᠋ᠶ᠋ᠡᠨ ᠭᠠᠴᠢᠭᠳᠠᠵᠤ ᠳᠠᠭᠠᠭᠰᠠᠨ ᠪᠣᠯᠠᠢ᠂ ᠳᠤᠷᠠᠲᠠᠶ᠎ᠠ ᠳᠠᠭᠠᠭᠰᠠᠨ ᠪᠤᠰᠤ᠂ ᠡᠰᠡ ᠠᠯᠠᠪᠠᠰᠤ ᠬᠣᠢᠨ᠎ᠠ ᠰᠠᠭᠠᠷ ᠦᠭᠡᠢ ᠶᠡᠬᠡ ᠵᠣᠪᠠᠯᠠᠩ ᠪᠣᠯᠭᠤᠵᠠᠢ ! 》ᠬᠡᠮᠡᠬᠦᠢ ᠳ᠋ᠦ᠍ᠷ ᠲᠠᠢᠰᠢ ᠪᠤᠯᠤ ᠬᠠᠷᠢᠭᠤ ᠥᠭᠦᠯᠡᠷᠦᠨ :《ᠲᠡᠢᠮᠦ ᠪᠤᠰᠤ᠂ ᠨᠢᠭᠡᠬᠡᠨ ᠬᠥᠮᠦᠨ ᠢ᠋ ᠠᠯᠠᠬᠤᠢ ᠳ᠋ᠤᠷ ᠶᠠᠮᠪᠠᠷ ᠪᠡᠷᠬᠡ ?  ᠭᠠᠭᠴᠠ ᠮᠢᠩᠭᠠᠨ ᠭᠠᠵᠠᠷ ᠢ᠋ ᠲᠣᠭᠲᠠᠭᠠᠬᠤᠢ ᠳ᠋ᠤᠷ ᠰᠠᠶᠢ ᠬᠦᠴᠢᠷ ᠪᠣᠯᠠᠢ᠃ ᠯᠢ ᠴᠢᠤᠸᠠᠨ ᠢ᠋ᠶ᠋ᠠᠷ ᠱᠠᠨ ᠳ᠋ᠦᠩ ᠦ᠋ᠨ ᠮᠣᠵᠢ ᠶ᠋ᠢᠨ ᠠᠪᠲᠠᠭᠠᠳᠤᠢ ᠭᠠᠵᠠᠷ ᠢ ᠠᠪᠤᠭᠤᠯᠰᠤᠭᠠᠢ ᠬᠡᠮᠡᠭᠰᠡᠨ ᠪᠥᠯᠥᠭᠡ᠂ ᠨᠢᠭᠡᠬᠡᠨ ᠯᠢ ᠴᠢᠤᠸᠠᠨ ᠢ᠋ ᠠᠯᠠᠭᠰᠠᠨ ᠢ᠋ᠶ᠋ᠠᠷ ᠶᠠᠮᠪᠠᠷ ᠪᠠᠭᠠᠲᠤᠷ ᠲᠤᠷ ᠲᠣᠭᠠᠴᠠᠭᠳᠠᠬᠤ ᠪᠣᠢ ? ᠨᠢᠭᠡᠨ ᠬᠥᠮᠦᠨ ᠢ᠋ ᠣᠷᠣᠭᠤᠯᠤᠨ ᠠᠪᠴᠤ ᠮᠢᠩᠭᠠᠨ ᠭᠠᠵᠠᠷ ᠢ᠋ ᠵᠠᠰᠠᠨ ᠴᠢᠳᠠᠪᠠᠰᠤ ᠰᠠᠶᠢ ᠪᠠᠭᠠᠲᠤᠷ ᠪᠣᠯᠠᠢ ! 》 ᠬᠡᠮᠡᠭᠰᠡᠨ ᠳ᠋ᠦ᠍ᠷ ᠣᠯᠠᠨ ᠵᠠᠩᠵᠤᠨ ᠨᠠᠷ ᠦᠨᠡᠬᠡᠷ ᠶᠤᠸᠠᠨᠱᠤᠸᠠᠢ ᠸᠠᠩ ᠤ᠋ᠨ ᠪᠣᠳᠣᠯᠭ᠎ᠠ ᠤᠷᠲᠤ ᠥᠷᠥᠰᠢᠶᠡᠯ ᠭᠦᠨ ᠭᠡᠮᠡᠨ ᠪᠢᠰᠢᠷᠡᠪᠡᠢ᠃ 
       ᠲᠡᠳᠦᠢ ᠵᠢᠴᠢ ᠡᠳᠦᠷ ᠯᠢ ᠴᠢᠤᠸᠠᠨ ᠢᠷᠡᠵᠦ ᠳᠠᠭᠠᠬᠤᠢ ᠳ᠋ᠤᠷ ᠲᠠᠢᠰᠢ ᠪᠤᠯᠤ ᠪᠡᠶ᠎ᠡ ᠪᠡᠷ ᠭᠠᠷᠴᠤ ᠤᠭᠲᠤᠨ᠂ ᠶᠠᠭᠠᠷᠠᠨ ᠳᠡᠪᠡᠯ ᠮᠠᠯᠠᠭ᠎ᠠ ᠬᠦᠷᠭᠡᠨ ᠡᠮᠦᠰᠬᠡᠵᠦ᠂ ᠳᠡᠭᠡᠳᠦ ᠰᠠᠭᠤᠳᠠᠯ ᠳ᠋ᠤᠷ ᠢ᠋ᠶ᠋ᠠᠨ ᠰᠠᠭᠤᠯᠭᠠᠵᠤ᠂ ᠥᠪᠡᠷ ᠦ᠋ᠨ ᠭᠠᠷ ᠢ᠋ᠶ᠋ᠠᠷ ᠴᠠᠢ ᠪᠠᠷᠢᠵᠤ ᠠᠷᠢᠬᠢ ᠰᠡᠷᠭᠦᠭᠡᠭᠰᠡᠨ ᠳ᠋ᠦ᠍ᠷ ᠯᠢ ᠴᠢᠤᠸᠠᠨ ᠠ᠋ᠴᠠ ᠲᠡᠷᠢᠭᠦᠯᠡᠨ ᠳᠠᠭᠠᠭᠰᠠᠨ ᠣᠯᠠᠨ ᠲᠦᠰᠢᠮᠡᠳ ᠵᠠᠩᠵᠤᠨ ᠴᠡᠷᠢᠭ ᠢᠷᠭᠡᠨ ᠴᠥᠮ ᠰᠡᠳᠬᠢᠯ ᠢᠭᠲᠦᠯᠵᠦ ᠬᠠᠪᠠᠷ ᠪᠣᠬᠢᠷᠠᠨ᠂ ᠯᠢ ᠴᠢᠤᠸᠠᠨ ᠰᠡᠭᠦᠷᠡᠰᠦᠨ ᠠᠯᠳᠠᠵᠤ ᠥᠭᠦᠯᠡᠷᠦᠨ : 《ᠪᠢ ᠲᠠᠢᠰᠢ ᠴᠢᠨᠦ ᠡᠨᠡ ᠬᠣᠲᠠᠨ ᠢ᠋ ᠬᠦᠨᠳᠦ ᠬᠠᠭᠠᠬᠤᠢ ᠳ᠋ᠤᠷ ᠬᠡᠳᠦᠢ ᠡᠢᠮᠦ ᠰᠡᠳᠬᠢᠯ ᠪᠠᠢᠬᠤ ᠶ᠋ᠢ ᠮᠡᠳᠡᠭᠰᠡᠨ ᠪᠣᠯᠪᠠᠴᠤ ᠡᠢᠮᠦ ᠡᠷᠳᠡᠮ ᠪᠠᠢᠬᠤ ᠶ᠋ᠢ ᠡᠰᠡ ᠮᠡᠳᠡᠪᠡ᠂ ᠡᠭᠦᠨᠴᠡ ᠮᠢᠨᠦ ᠡᠨᠡ ᠪᠡᠶ᠎ᠡ ᠨᠢᠭᠡᠨ ᠰᠡᠳᠬᠢᠯ ᠢ᠋ᠶ᠋ᠡᠷ ᠳᠠᠭᠠᠰᠤᠭᠠᠢ! 》ᠬᠡᠮᠡᠭᠰᠡᠨ ᠳ᠋ᠦ᠍ᠷ ᠲᠠᠢᠰᠢ ᠪᠤᠯᠤ ᠬᠠᠷᠢᠭᠤ ᠠᠷᠢᠬᠢ ᠪᠠᠷᠢᠵᠤ ᠪᠠᠶᠠᠷᠯᠠᠨ ᠶᠣᠰᠣ ᠬᠢᠵᠦ ᠥᠭᠦᠯᠡᠷᠦᠨ : 《ᠪᠢ ᠵᠠᠩᠵᠤᠨ ᠲᠠᠢ ᠴᠢᠷᠠᠢ ᠤᠴᠠᠷᠠᠨ ᠦᠭᠡ ᠬᠡᠯᠡᠯᠴᠡᠨ ᠡᠰᠡ ᠥᠩᠭᠡᠷᠡᠪᠡᠴᠦ᠂ ᠡᠴᠢᠬᠦ ᠢᠷᠡᠬᠦ ᠶᠠᠪᠤᠳᠠᠯ ᠦᠵᠡᠯ ᠳ᠋ᠦ᠍ᠷ ᠢᠷᠭᠡᠨ ᠦ᠌ ᠰᠡᠳᠬᠢᠯ ᠢ᠋ ᠣᠯᠤᠭᠰᠠᠨ ᠢ᠋ ᠮᠡᠳᠡᠵᠦ᠂ ᠡᠢᠨ ᠬᠦ᠌ ᠭᠤᠶᠤᠰᠤᠭᠠᠢ ᠬᠡᠮᠡᠪᠡᠴᠦ ᠶᠡᠬᠡ ᠵᠠᠩᠵᠤᠨ ᠤ᠋ ᠡᠨᠡ ᠮᠡᠲᠦ ᠲᠦᠷᠭᠡᠨ ᠨᠠᠮᠠᠶ᠋ᠢ ᠥᠷᠥᠰᠢᠶᠡᠬᠦ ᠶ᠋ᠢ ᠦᠨᠡᠬᠡᠷ ᠰᠠᠨᠠᠭᠰᠠᠨ ᠦᠭᠡᠢ ! 》ᠭᠡᠮᠡᠨ ᠬᠣᠶᠠᠷ ᠬᠥᠮᠦᠨ ᠬᠡᠳᠦᠬᠡᠨ ᠦᠭᠡᠰ ᠲᠣᠷ ᠰᠡᠳᠬᠢᠯ ᠰᠠᠨᠠᠭᠠᠨ ᠨᠡᠪᠲᠡᠷᠡᠵᠦ᠂ ᠬᠠᠷᠢᠯᠴᠠᠨ ᠠᠮᠠᠷᠠᠭ ᠪᠣᠯᠵᠤ ᠡᠭᠦᠰᠬᠡᠪᠡ᠃ ᠲᠡᠳᠦᠢ ᠪᠤᠯᠤ ᠡᠳᠡᠭᠡᠷ ᠤᠴᠢᠷ ᠢ᠋ ᠨᠠᠷᠢᠪᠴᠢᠯᠠᠨ ᠠᠢᠯᠠᠳᠬᠠᠨ ᠶᠠᠪᠤᠭᠤᠯᠤᠭᠰᠠᠨ ᠳ᠋ᠤᠷ ᠬᠠᠭᠠᠨ ᠶᠡᠬᠡᠳᠡ ᠪᠡᠶᠡᠰᠦᠨ᠄ 《ᠮᠢᠨᠦ ᠮᠤᠬᠤᠯᠢ ᠶ᠋ᠢ ᠭᠡᠷᠡᠯᠲᠦᠭᠦᠯᠵᠦᠬᠦᠢ! 》 ᠭᠡᠮᠡᠨ《ᠡᠭᠦᠨ ᠡᠴᠡ ᠬᠣᠵᠢᠮ ᠤ᠋ᠨ ᠬᠡᠷᠡᠭ ᠢ᠋ ᠳᠠᠷᠤᠢ ᠪᠤᠯᠤ ᠪᠡᠶ᠎ᠡ ᠪᠡᠷ ᠵᠣᠬᠢᠰ ᠢ ᠠᠨᠤ ᠦᠵᠡᠵᠦ ᠲᠣᠭᠲᠠᠭᠠᠨ ᠶᠠᠪᠤᠭᠲᠤᠨ᠂ ᠴᠢᠨᠦ ᠡᠴᠢᠭᠡ ᠶ᠋ᠢᠨ ᠢ᠋ᠶ᠋ᠡᠨ ᠶᠣᠰᠣᠭᠠᠷ ᠶᠠᠪᠤ᠂ ᠡᠨᠡ ᠤᠳᠠᠭ᠎ᠠ ᠶ᠋ᠢᠨ ᠬᠡᠷᠡᠭ ᠮᠢᠨᠦ ᠰᠡᠳᠬᠢᠯ ᠳ᠋ᠦ᠍ᠷ ᠶᠡᠬᠡᠯ᠎ᠡ ᠰᠠᠭᠤᠪᠠ! 》ᠭᠡᠮᠡᠨ ᠲᠡᠭᠦᠨ ᠦ᠌ ᠠᠢᠯᠠᠳᠬᠠᠭᠰᠠᠨ ᠶᠣᠰᠣᠭᠠᠷ ᠯᠢ ᠴᠢᠤᠸᠠᠨ ᠢ᠋ ᠱᠠᠨ ᠳ᠋ᠦᠩ᠂ ᠬᠤᠸᠠᠢ ᠨᠠᠨ᠂ ᠰᠦ᠍ ᠵᠧᠦ ᠡᠨᠡ ᠭᠤᠷᠪᠠᠨ ᠮᠣᠵᠢ ᠶ᠋ᠢᠨ ᠰᠢᠩ ᠱᠧᠩ ᠱᠢ ᠲᠦᠰᠢᠮᠡᠯ ᠡᠷᠭᠦᠮᠵᠢᠯᠡᠨ ᠬᠦᠷᠴᠦ ᠢᠷᠡᠭᠰᠡᠨ ᠳ᠋ᠦ᠍ᠷ ᠪᠤᠯᠤ ᠯᠢ ᠴᠢᠤᠸᠠᠨ ᠢ᠋ ᠠᠪᠴᠤ ᠬᠡᠰᠢᠭ ᠲᠣᠷ ᠮᠥᠷᠭᠥᠭᠦᠯᠪᠡ᠃ ᠯᠢ ᠴᠢᠤᠸᠠᠨ ᠬᠠᠭᠠᠨ ᠤ᠋ ᠬᠡᠰᠢᠭ ᠪᠠ ᠰᠡᠴᠡᠨ ᠮᠡᠷᠭᠡᠨ ᠬᠤᠷᠴᠠ ᠪᠠᠭᠠᠲᠤᠷ ᠢ᠋ ᠳᠣᠲᠣᠷ᠎ᠠ ᠪᠠᠨ ᠶᠡᠬᠡᠯ᠎ᠡ ᠭᠠᠢᠬᠠᠪᠠ᠃ 
       ᠲᠡᠳᠦᠢ ᠪᠤᠯᠤ ᠯᠢ ᠴᠢᠤᠸᠠᠨ ᠳ᠋ᠤᠷ ᠨᠢᠭᠡᠨ ᠠᠩᠭᠢ ᠬᠢᠲᠠᠳ ᠴᠡᠷᠢᠭ ᠢ᠋ ᠲᠤᠰᠢᠶᠠᠵᠤ᠂ ᠡᠨᠡ ᠭᠤᠷᠪᠠᠨ ᠮᠣᠵᠢ ᠶ᠋ᠢᠨ ᠠᠪᠲᠠᠭᠠᠳᠤᠢ ᠭᠠᠵᠠᠷ ᠢ ᠪᠠᠢᠯᠳᠤᠨ ᠠᠪᠬᠤᠢ ᠳ᠋ᠤᠷ ᠡᠨᠡ ᠭᠤᠷᠪᠠᠨ ᠮᠣᠵᠢ ᠶ᠋ᠢᠨ ᠦᠯᠡᠳᠡᠭᠰᠡᠨ ᠬᠣᠲᠠ ᠪᠠᠯᠭᠠᠳ ᠰᠠᠯᠬᠢᠨ ᠤ᠋ ᠠᠶ᠎ᠠ ᠪᠠᠷ ᠡᠪᠡᠰᠦ ᠨᠠᠢᠭᠤᠬᠤ ᠮᠡᠲᠦ ᠣᠷᠣᠵᠤ ᠲᠠᠭᠠᠯᠴᠠᠨ ᠱᠠᠨ ᠳ᠋ᠦᠩ ᠦ᠋ᠨ ᠭᠠᠵᠠᠷ ᠲᠦᠪᠰᠢᠷᠡᠪᠡᠢ᠃ 
       ᠡᠨᠡ ᠦᠶ᠎ᠡ ᠳ᠋ᠦ᠍ᠷ ᠾᠧ ᠨᠠᠨ ᠤ᠋ ᠭᠠᠵᠠᠷ ᠤ᠋ᠨ ᠳ᠋ᠧᠩ ᠵᠧᠦ ᠬᠣᠲᠠᠨ ᠢ᠋ ᠡᠳᠦᠢ ᠪᠣᠯᠲᠠᠯ᠎ᠠ ᠠᠯᠲᠠᠨ ᠤᠯᠤᠰ ᠤ᠋ᠨ ᠬᠥᠮᠦᠨ ᠰᠠᠬᠢᠭᠰᠠᠭᠠᠷ ᠠᠵᠤᠭᠤ᠃ ᠲᠡᠳᠦᠢ ᠲᠡᠢᠰᠢ ᠪᠤᠯᠤ ᠡᠮᠦᠨ᠎ᠡ ᠵᠦᠭ ᠶᠡᠬᠡ ᠴᠡᠷᠢᠭ ᠣᠷᠣᠵᠤ ᠾᠧ ᠨᠠᠨ ᠢ᠋ᠶ᠋ᠠᠷ ᠳ᠋ᠧᠩ ᠵᠧᠦ ᠬᠣᠲᠠᠨ ᠳ᠋ᠤᠷ ᠡᠴᠢᠬᠦᠢ ᠳ᠋ᠦ᠍ᠷ ᠲᠠᠢᠰᠢ ᠶ᠋ᠢᠨ ᠳᠣᠣᠷᠠᠬᠢ ᠣᠯᠠᠨ ᠵᠠᠩᠵᠤᠨ ᠨᠠᠷ ᠮᠡᠳᠡᠭᠦᠯᠦᠷᠦᠨ : 《ᠴᠠᠭ ᠶᠡᠬᠡ ᠬᠠᠯᠠᠭᠤᠨ ᠪᠣᠯᠪᠠ᠂ ᠴᠡᠷᠢᠭ ᠣᠷᠣᠬᠤᠢ ᠳ᠋ᠤᠷ ᠪᠠᠬᠠᠨ ᠪᠡᠷᠬᠡ ᠪᠣᠢ ‍ᠶ᠎ᠠ᠂ ᠲᠦᠷ ᠴᠡᠷᠢᠭ ᠪᠠᠭᠤᠳᠠᠯᠯᠠᠵᠤ ᠰᠡᠷᠢᠭᠦᠨ ᠪᠣᠯᠬᠤ ᠶ᠋ᠢ ᠬᠦᠯᠢᠶᠡᠬᠦ ᠪᠣᠯᠪᠠ ᠤᠤ ! 》 ᠬᠡᠮᠡᠬᠦᠢ ᠳ᠋ᠦ᠍ᠷ ᠲᠡᠢᠰᠢ ᠪᠤᠯᠤ ᠥᠭᠦᠯᠡᠷᠦᠨ : 《ᠳᠡᠭᠡᠳᠦ ᠬᠠᠭᠠᠨ ᠡᠵᠡᠨ ᠦ᠌  ᠪᠡᠶ᠎ᠡ ᠶ᠋ᠢᠨ ᠭᠡᠭᠡᠨ ᠢ᠋ᠶ᠋ᠡᠷ ᠶᠡᠬᠡ ᠴᠡᠷᠢᠭ ᠢ᠋ ᠠᠪᠴᠤ ᠪᠠᠷᠠᠭᠤᠨ ᠵᠦᠭ ᠣᠷᠣᠵᠤ᠂ ᠰᠢ ᠢᠦᠢ᠂ ᠬᠣᠲᠣᠩ᠂ ᠤᠢᠭᠤᠷ᠂᠂᠂᠂ ᠡᠳᠡᠭᠡᠷ ᠤᠯᠤᠰ ᠢ᠋ ᠳᠥᠷᠪᠡᠨ ᠲᠠᠪᠤᠨ ᠵᠢᠯ ᠲᠡᠢᠯᠡᠲᠡᠯ᠎ᠡ ᠬᠠᠯᠠᠭᠤᠨ ᠴᠠᠭ ᠭᠡᠮᠡᠨ ᠴᠡᠷᠢᠭ ᠵᠣᠭᠰᠣᠭᠰᠠᠨ ᠢ ᠣᠭᠲᠣ ᠡᠰᠡ ᠰᠣᠨᠣᠰᠪᠠ᠃ ᠬᠠᠭᠠᠨ ᠬᠥᠮᠦᠨ ᠴᠡᠷᠢᠭ ᠶᠠᠪᠤᠬᠤᠢ ᠳ᠋ᠤᠷ ᠪᠡᠶ᠎ᠡ ᠠᠮᠤᠷ ᠢ᠋ ᠡᠰᠡ ᠡᠷᠢᠭᠰᠡᠨ ᠪᠥᠭᠡᠲᠡᠯ᠎ᠡ ᠪᠢ ᠶᠠᠮᠪᠠᠷ ᠠᠶᠤᠮᠰᠢᠭ ᠦᠭᠡᠢ ᠵᠠᠷᠯᠢᠭ ᠢ ᠡᠭᠦᠷᠴᠦ ᠶᠠᠪᠤᠬᠤ ᠪᠥᠭᠡᠳ ᠪᠡᠶ᠎ᠡ ᠶ᠋ᠢᠨ ᠵᠢᠷᠭᠠᠯ ᠢ᠋ ᠡᠷᠢᠵᠦ ᠪᠣᠯᠤᠮᠤᠢ ? 》ᠬᠡᠮᠡᠭᠰᠡᠨ᠎ᠡ ᠣᠯᠠᠨ ᠵᠠᠩᠵᠤᠨ ᠨᠠᠷ ᠰᠡᠮᠡᠬᠡᠷ ᠰᠢᠷᠪᠡᠭᠡᠲᠦᠨ ᠠᠶᠤᠯᠳᠤᠪᠠ᠃ ᠲᠡᠳᠦᠢ ᠳ᠋ᠧᠩ ᠵᠧᠦ ᠬᠣᠲᠠ ᠶ᠋ᠢᠨ ᠵᠦᠭ ᠨᠢᠭᠡᠨ ᠰᠡᠳᠬᠢᠯ ᠢ᠋ᠶ᠋ᠡᠷ ᠢᠷᠡᠬᠦᠢ ᠳ᠋ᠦ᠍ᠷ ᠠᠯᠲᠠᠨ ᠤᠯᠤᠰ ᠤ᠋ᠨ ᠳ᠋ᠧᠩ ᠵᠧᠦ ᠶ᠋ᠢ ᠰᠠᠬᠢᠭᠰᠠᠨ ᠳᠠ ᠯᠢᠦ ᠲᠠᠪᠤᠨ ᠮᠢᠩᠭᠠᠨ ᠴᠡᠷᠢᠭ ᠠᠪᠴᠤ ᠭᠠᠷᠴᠤ ᠢᠷᠡᠭᠡᠳ ᠬᠣᠶᠠᠷ ᠡᠲᠡᠭᠡᠳ ᠬᠠᠷᠢᠯᠴᠠᠨ ᠵᠢᠭᠰᠠᠭᠠᠯ ᠵᠢᠭᠰᠠᠭᠠᠵᠤ᠂ ᠬᠣᠶᠠᠷ ᠡᠲᠡᠭᠡᠳ ᠦ᠋ᠨ ᠵᠠᠩᠵᠤᠨ ᠭᠠᠷᠴᠤ ᠬᠠᠷᠢᠯᠴᠠᠨ ᠶᠣᠰᠣ ᠬᠡᠯᠡᠯᠴᠡᠬᠦᠢ ᠳ᠋ᠦ᠍ᠷ ᠠᠯᠲᠠᠨ ᠤᠯᠤᠰ ᠤ᠋ᠨ ᠳᠠ ᠯᠢᠦ ᠭᠠᠷᠴᠤ ᠮᠣᠩᠭᠣᠯ ᠤᠯᠤᠰ ᠤ᠋ᠨ ᠲᠠᠢᠹᠦ᠋ ᠵᠡᠪᠡ ᠯᠦ᠍ᠭᠡ ᠪᠠᠢᠯᠳᠤᠵᠤ᠂ ᠵᠡᠪᠡ ᠨᠢᠭᠡᠨ ᠤᠳᠠᠭ᠎ᠠ ᠳ᠋ᠤᠷ ᠳᠠ ᠯᠢᠦ ᠶ᠋ᠢ ᠴᠠᠪᠴᠢᠵᠤ ᠮᠣᠷᠢᠨ ᠠ᠋ᠴᠠ ᠤᠨᠠᠭᠠᠭᠰᠠᠨ᠎ᠠ ᠂ ᠠᠯᠲᠠᠨ ᠤ᠋ ᠴᠡᠷᠢᠭ ᠡᠵᠡᠨ ᠢᠨᠤ ᠠᠪᠲᠠᠭᠰᠠᠨ ᠳ᠋ᠤᠷ ᠨᠢᠭᠡᠨᠲᠡ ᠬᠠᠰᠬᠢᠷᠤᠨ ᠳᠥᠷᠪᠡᠨ ᠵᠦᠭ ᠳᠤᠲᠠᠭᠠᠨ ᠰᠠᠷᠨᠢᠬᠤᠢ ᠳ᠋ᠤᠷ ᠮᠣᠩᠭᠣᠯ ᠤ᠋ᠨ ᠴᠡᠷᠢᠭ ᠠᠭᠤᠯᠠ ᠨᠤᠷᠠᠬᠤ ᠮᠡᠲᠦ ᠳᠠᠷᠤᠨ ᠣᠷᠣᠵᠤ᠂ ᠭᠤᠷᠪᠠᠨ ᠮᠢᠩᠭᠠᠨ ᠢᠯᠡᠭᠦᠦ ᠴᠡᠷᠢᠭ ᠢ᠋ ᠠᠯᠠᠵᠤ᠂ ᠦᠯᠡᠭᠰᠡᠨ ᠢ ᠴᠥᠮ ᠳᠠᠭᠠᠭᠤᠯᠤᠨ᠂ ᠠᠯᠠᠭᠳᠠᠭᠰᠠᠨ ᠴᠡᠷᠢᠭ ᠢ᠋ ᠬᠡᠳᠦᠢᠴᠢᠨᠡᠭᠡᠨ ᠲᠡᠷᠭᠡᠨ ᠳ᠋ᠦ᠍ᠷ ᠲᠡᠭᠡᠭᠡᠵᠦ᠂ ᠳ᠋ᠧᠩ ᠵᠧᠦ ᠬᠣᠲᠠ ᠶ᠋ᠢᠨ ᠡᠮᠦᠨ᠎ᠡ ᠠᠪᠠᠴᠢᠵᠤ ᠵᠡᠷᠭᠡᠴᠡᠭᠦᠯᠦᠨ ᠲᠠᠯᠪᠢᠭᠰᠠᠨ ᠠᠨᠤ᠂ ᠲᠠᠷᠢᠶ᠎ᠠ ᠶ᠋ᠢᠨ ᠳᠠᠯᠠᠩ ᠮᠡᠲᠦ ᠳ᠋ᠦ᠍ᠷ ᠳ᠋ᠧᠩ ᠵᠧᠦ ᠬᠣᠲᠠ ᠶ᠋ᠢᠨ ᠴᠡᠷᠢᠭ ᠢᠷᠭᠡᠨ ᠬᠣᠲᠠ ᠶ᠋ᠢᠨ ᠠᠰᠠᠷ ᠲᠤᠷ ᠭᠠᠷᠴᠤ ᠨᠢᠭᠡᠨᠲᠡ ᠦᠵᠡᠭᠡᠳ ᠶᠡᠬᠡᠯ᠎ᠡ ᠠᠶᠤᠯᠳᠤᠵᠤ᠂ ᠬᠠᠭᠠᠯᠭ᠎ᠠ ᠨᠡᠭᠡᠭᠡᠵᠦ ᠣᠷᠣᠵᠤ ᠳᠠᠭᠠᠪᠠ᠃ ᠲᠡᠳᠦᠢ ᠳ᠋ᠧᠩ ᠵᠧᠦ ᠶ᠋ᠢ ᠲᠣᠭᠲᠠᠭᠠᠨ ᠠᠪᠴᠤ᠂ ᠵᠠᠩᠵᠤᠨ ᠴᠡᠷᠢᠭ ᠢ᠋ ᠶᠡᠬᠡᠯ᠎ᠡ ᠱᠠᠩᠨᠠᠪᠠ᠃ ᠡᠨᠡ ᠦᠶ᠎ᠡ ᠳ᠋ᠦ᠍ᠷ ᠬᠠᠭᠠᠨ ᠤᠷᠢᠳᠠ ᠠᠯᠲᠠᠨ ᠤᠯᠤᠰ ᠤ᠋ᠨ ᠠᠯᠪᠠ ᠳᠤᠲᠠᠭᠤᠯᠤᠭᠰᠠᠨ᠂ ᠡᠨᠡ ᠵᠢᠯ ᠦ᠋ᠨ ᠰᠢᠨᠡᠯᠡᠬᠦ ᠡᠯᠴᠢ ᠳ᠋ᠦ᠍ᠷ ᠥᠴᠦᠬᠡᠨ ᠲᠦᠰᠢᠮᠡᠯ ᠢᠯᠡᠭᠡᠭᠰᠡᠨ ᠤᠴᠢᠷ ᠲᠤᠷ ᠠᠯᠲᠠᠨ ᠤᠯᠤᠰ ᠤ᠋ᠨ ᠠᠢᠽᠦ᠋ᠩ ᠱᠧᠦ ᠰᠢᠦᠢ ᠶ᠋ᠢ ᠳᠣᠩᠭᠣᠳᠤᠨ ᠪᠤᠷᠤᠭᠤᠰᠢᠶᠠᠵᠤ᠂ ᠵᠣᠣ ᠪᠢᠴᠢᠭ ᠪᠠᠷᠢᠨ ᠢᠯᠡᠭᠡᠭᠡᠳ ᠥᠪᠡᠷ ᠦ᠋ᠨ ᠪᠡᠶ᠎ᠡ ᠶᠡᠬᠡ ᠴᠡᠷᠢᠭ ᠢ᠋ᠶ᠋ᠡᠷ ᠠᠯᠲᠠᠨ ᠤᠯᠤᠰ ᠤ᠋ᠨ ᠳᠧ ᠱᠦᠨ ᠵᠧᠦ ᠬᠣᠲᠠ ᠳ᠋ᠤᠷ ᠬᠦᠷᠴᠦ ᠢᠷᠡᠭᠰᠡᠨ ᠳ᠋ᠦ᠍ᠷ ᠬᠣᠲᠠ ᠶ᠋ᠢ ᠰᠠᠬᠢᠭᠰᠠᠨ ᠵᠢᠶᠧ ᠳᠦ ᠱᠢ ᠲᠦᠰᠢᠮᠡᠯ ᠢ ᠱᠸᠨ ᠦᠵᠡᠪᠡᠰᠦ᠂ ᠬᠣᠲᠠ ᠶ᠋ᠢᠨ ᠲᠦᠰᠢᠮᠡᠯ ᠴᠡᠷᠢᠭ ᠵᠠᠭᠤᠨ ᠣᠪᠣᠭᠲᠠᠨ ᠢᠷᠭᠡᠨ ᠮᠣᠩᠭᠣᠯ ᠠ᠋ᠴᠠ ᠨᠢᠭᠡᠨᠲᠡ ᠠᠶᠤᠵᠤ ᠬᠠᠭᠠᠯᠭ᠎ᠠ ᠨᠡᠭᠡᠭᠡᠨ ᠭᠠᠷᠴᠤ ᠳᠠᠭᠠᠬᠤᠢ ᠳ᠋ᠤᠷ ᠣᠢᠷᠠᠲᠤᠭᠰᠠᠨ ᠳ᠋ᠤᠷ ᠮᠣᠩᠭᠣᠯ ᠤ᠋ᠨ ᠴᠡᠷᠢᠭ ᠦ᠋ᠨ ᠬᠣᠲᠠ ᠪᠠᠢᠯᠳᠤᠬᠤ ᠰᠠᠯᠬᠢᠨ ᠭᠠᠯ ᠠᠳᠠᠯᠢ ᠲᠦᠷᠭᠡᠨ ᠳ᠋ᠦ᠍ᠷ ᠠᠷᠭ᠎ᠠ ᠦᠭᠡᠢ ᠬᠣᠲᠠ ᠶ᠋ᠢᠨ ᠠᠰᠠᠷ ᠲᠤᠷ ᠬᠦᠵᠦᠭᠦᠦ ᠪᠡᠨ ᠣᠭᠲᠣᠯᠤᠨ ᠦᠬᠦᠭᠰᠡᠨ᠎ᠡ᠂ ᠬᠣᠲᠠ ᠳᠠᠷᠤᠢ ᠰᠠᠮᠠᠭᠤᠷᠠᠵᠤ᠂ ᠮᠣᠩᠭᠣᠯ ᠴᠡᠷᠢᠭ ᠬᠣᠲᠠᠨ ᠳ᠋ᠤᠷ ᠳᠠᠪᠠᠵᠤ ᠳᠧ ᠱᠦᠨ ᠵᠧᠦ ᠠᠪᠲᠠᠪᠠ᠃ ᠲᠡᠳᠦᠢ ᠬᠠᠭᠠᠨ ᠬᠠᠷᠠᠬᠠᠨ ᠪᠤᠯᠤ ᠶ᠋ᠢᠨ ᠴᠡᠷᠢᠭ ᠦ᠋ᠨ ᠪᠠᠶᠠᠷ ᠤ᠋ᠨ ᠮᠡᠳᠡᠭᠡ ᠶ᠋ᠢ ᠰᠣᠨᠣᠰᠴᠤ᠂ ᠬᠣᠶᠠᠷ ᠡᠲᠡᠭᠡᠳ ᠴᠥᠮ ᠳᠡᠢᠯᠦᠭᠰᠡᠨ ᠳ᠋ᠦ᠍ᠷ ᠬᠠᠭᠠᠨ ᠳᠧ ᠱᠦᠨ ᠵᠧᠦ ᠶ᠋ᠢ ᠲᠦᠪᠰᠢᠳᠬᠡᠵᠦ᠂ ᠲᠦᠰᠢᠮᠡᠯ ᠪᠠᠢᠭᠤᠯᠤᠨ ᠰᠠᠬᠢᠭᠤᠯᠬᠤ ᠶ᠋ᠢ ᠵᠥᠪᠳᠡᠬᠦᠢ ᠳ᠋ᠦ᠍ᠷ ᠠᠯᠲᠠᠨ ᠤᠯᠤᠰ ᠠ᠋ᠴᠠ ᠸᠠᠨ ᠶᠠᠨ ᠾᠧ ᠵᠧᠦ᠂  ᠡᠦ ᠳᠦ ᠨᠠᠨ ᠾᠧ ᠬᠣᠶᠠᠷ ᠰᠠᠢᠳ ᠲᠤᠷ ᠰᠠᠢᠨ ᠮᠣᠷᠢ ᠲᠠᠪᠤᠨ ᠮᠢᠩᠭᠠᠨ᠂ ᠰᠠᠢᠨ ᠬᠤᠶᠠᠭ ᠳᠤᠭᠤᠯᠠᠭ᠎ᠠ ᠲᠠᠪᠤᠨ ᠮᠢᠩᠭ᠎ᠠ᠂ ᠰᠠᠢᠨ ᠲᠣᠷᠭ᠎ᠠ ᠮᠠᠩᠨᠤᠭ ᠲᠠᠪᠤᠨ ᠮᠢᠩᠭᠠᠨ ᠪᠠᠭᠴᠠ ᠪᠠᠷᠢᠭᠤᠯᠤᠨ ᠡᠶᠡᠳᠡᠵᠦ ᠴᠡᠷᠢᠭ ᠲᠦᠷ ᠡᠭᠡᠬᠦ ᠶ᠋ᠢ ᠤᠬᠢᠯᠠᠨ ᠭᠤᠶᠤᠬᠤᠢ ᠳ᠋ᠤᠷ ᠬᠠᠭᠠᠨ ᠵᠠᠷᠯᠢᠭ ᠪᠣᠯᠤᠷᠤᠨ :《ᠮᠢᠨᠦ ᠤᠷᠢᠳᠤ ᠶ᠋ᠢᠨ ᠵᠠᠷᠯᠢᠭ ᠲᠤᠷ ᠲᠣᠳᠣᠷᠬᠠᠢ ᠪᠣᠢ᠂ ᠡᠳᠦᠭᠡ ᠲᠦᠷᠭᠡᠨ᠎ᠡ ᠮᠢᠨᠦ ᠵᠠᠷᠯᠢᠭ ᠤ᠋ᠨ ᠶᠣᠰᠣᠭᠠᠷ ᠪᠣᠯᠵᠤ᠂ ᠤᠯᠤᠰ ᠢ᠋ᠶ᠋ᠠᠨ ᠬᠠᠮᠠᠭᠠᠯᠠᠬᠤ ᠮᠢᠨᠦ ᠵᠣᠣ ᠪᠢᠴᠢᠭ ᠢ᠋ ᠣᠯᠵᠤ ᠠᠪᠤᠭᠲᠤᠨ᠂ ᠬᠡᠷᠪᠡ ᠬᠣᠴᠣᠷᠪᠠᠰᠤ ᠬᠣᠢᠴᠢ ᠡᠳᠦᠷ ᠶᠡᠬᠡ ᠵᠣᠪᠠᠯᠠᠩ ᠪᠣᠯᠵᠤ᠂ ᠠᠷᠪᠠᠨ ᠣᠨ ᠤ᠋ ᠳᠣᠲᠣᠷ᠎ᠠ ᠤᠯᠤᠰ ᠮᠥᠬᠥᠮᠦᠢ 》ᠭᠡᠮᠡᠨ ᠵᠣᠣ ᠪᠢᠴᠢᠭ ᠢᠯᠡᠭᠡᠪᠡ᠃ 
       ᠲᠡᠳᠦᠢ ᠬᠠᠭᠠᠨ ᠴᠡᠷᠢᠭ ᠡᠭᠡᠵᠦ ᠪᠠᠭᠤᠳᠠᠯᠯᠠᠪᠠ᠃ ᠰᠢᠶᠠ ᠤᠯᠤᠰ ᠠ᠋ᠴᠠ ᠪᠡᠯᠭᠦᠳᠡᠢ᠂ ᠰᠢᠦᠸᠠᠢ ᠱᠧ ᠶ᠋ᠢᠨ ᠳᠡᠢᠯᠦᠭᠰᠡᠨ ᠮᠡᠳᠡᠭᠡ ᠬᠦᠷᠴᠦ ᠢᠷᠡᠪᠡ᠃ ᠶᠠᠭᠠᠬᠢᠨ ᠲᠠᠢᠯᠪᠠ ?  ᠬᠡᠮᠡᠪᠡᠰᠦ : ᠪᠡᠯᠭᠦᠳᠡᠢ᠂ ᠰᠢᠦᠸᠠᠢ ᠱᠧ ᠬᠣᠶᠠᠭᠤᠯᠠ ᠳᠠᠷᠤᠢ ᠪᠤᠯᠤ ᠶ᠋ᠢᠨ ᠴᠢᠩ ᠵᠧᠦ ᠶ᠋ᠢ ᠬᠠᠭᠠᠭᠰᠠᠨ ᠶᠣᠰᠣᠭᠠᠷ ᠤᠰᠤᠨ ᠭᠣᠣ ᠤᠬᠤᠭᠰᠠᠨ ᠳ᠋ᠤᠷ ᠰᠢᠶᠠ ᠶ᠋ᠢᠨ ᠡᠵᠡᠨ ᠨᠢᠭᠡᠨᠲᠡ ᠰᠡᠳᠬᠢᠯ ᠴᠥᠬᠥᠷᠡᠵᠦ ᠡᠰᠡ ᠠᠯᠠᠨ ᠠᠮᠢᠨ ᠢ᠋ ᠭᠡᠯᠳᠦᠷᠢᠭᠦᠯᠪᠡᠰᠦ ᠳᠠᠭᠠᠰᠤᠭᠠᠢ ᠬᠡᠮᠡᠭᠰᠡᠨ᠎ᠡ᠂ ᠴᠢᠨ ᠸᠠᠩ ᠪᠡᠯᠭᠦᠳᠡᠢ᠂ ᠯᠢᠶᠣᠣ ᠸᠠᠩ ᠰᠢᠦᠸᠠᠢ ᠱᠧ ᠨᠠᠷ ᠬᠠᠭᠠᠨ ᠠ᠋ᠴᠠ ᠵᠠᠷᠯᠢᠭ ᠭᠣᠶᠣᠷ᠎ᠠ ᠵᠠᠷᠤᠭᠰᠠᠨ ᠳ᠋ᠤᠷ ᠬᠠᠭᠠᠨ ᠠᠢᠯᠠᠳᠬᠠᠭᠰᠠᠨ ᠪᠢᠴᠢᠭ ᠢ᠋ ᠦᠵᠡᠭᠡᠳ ᠪᠡᠶᠡᠰᠦᠨ ᠥᠭᠦᠯᠡᠷᠦᠨ :《ᠨᠢᠳᠤᠨᠤᠨ ᠡᠪᠦᠯ ᠥᠷᠥᠨ᠎ᠡ ᠡᠮᠦᠨ᠎ᠡ ᠶ᠋ᠢᠨ ᠵᠣᠪᠬᠢᠰ ᠲᠤᠷ ᠲᠠᠪᠤᠨ ᠭᠠᠷᠠᠭ ᠵᠠᠯᠭᠠᠯᠳᠤᠨ ᠢᠷᠡᠭᠰᠡᠨ ᠳ᠋ᠦ᠍ᠷ ᠪᠢ ᠬᠥᠮᠦᠨ ᠠᠯᠠᠬᠤ ᠪᠠ ᠬᠣᠲᠠ ᠪᠠᠢᠯᠳᠤᠬᠤ ᠶ᠋ᠢ ᠪᠠᠰᠠ ᠴᠡᠭᠡᠷᠯᠡᠰᠦᠭᠡᠢ ᠬᠡᠮᠡᠭᠰᠡᠨ ᠪᠥᠯᠥᠭᠡ᠃ ᠰᠠᠨᠠᠮᠰᠠᠷ ᠦᠭᠡᠢ ᠤᠮᠠᠷᠲᠠᠭᠠᠳ ᠵᠣᠣ ᠪᠢᠴᠢᠭ ᠡᠰᠡ ᠪᠠᠭᠤᠯᠭᠠᠪᠠ᠃ ᠡᠳᠦᠭᠡ ᠰᠢᠶᠠ ᠤᠯᠤᠰ ᠲᠦᠪᠰᠢᠷᠡᠪᠡᠰᠦ  ᠵᠣᠣ  ᠪᠢᠴᠢᠭ  ᠪᠠᠭᠤᠯᠭᠠᠨ ᠲᠠᠷᠬᠠᠭ᠎ᠠ 》 ᠬᠡᠮᠡᠪᠡ ᠃ ᠡᠨᠡ ᠦᠶ᠎ᠡ ᠳ᠋ᠦ᠍ᠷ ᠰᠢᠶᠠ ᠤᠯᠤᠰ ᠤ᠋ᠨ ᠰᠢᠩ ᠴᠢᠩ ᠹᠦ ᠬᠣᠲᠠ ① ᠶ᠋ᠢ ᠰᠠᠬᠢᠭᠰᠠᠨ ᠠᠨᠤ ᠲᠠᠩᠭᠤᠳ ᠤ᠋ᠨ ᠰᠢᠳᠤᠷᠭᠤ ᠬᠠᠭᠠᠨ – ᠮᠣᠩᠭᠣᠯ ᠠ᠋ᠴᠠ ᠤᠷᠪᠠᠵᠤ ᠰᠢᠶᠠ ᠤᠯᠤᠰ ᠲᠤᠷ ᠳᠠᠭᠠᠭᠠᠳ ᠡᠳᠦᠭᠡ ᠰᠢᠶᠠ ᠤᠯᠤᠰ ᠠᠪᠲᠠᠬᠤᠢ ᠳ᠋ᠤᠷ ᠲᠡᠷᠡ ᠰᠢᠶᠠ ᠤᠯᠤᠰ ᠤ᠋ᠨ ᠰᠢ ᠫᠢᠩ ᠹᠦ ᠬᠣᠲᠠ ᠶ᠋ᠢ ᠰᠠᠬᠢᠵᠤ ᠰᠠᠭᠤᠬᠤ ᠠᠵᠤᠭᠤ᠃ ᠡᠳᠦᠭᠡ ᠰᠢᠶᠠ ᠶ᠋ᠢᠨ ᠨᠡᠢᠲᠡ ᠤᠯᠤᠰ ᠴᠥᠮ ᠳᠠᠭᠠᠭᠰᠠᠨ ᠠᠲᠠᠯ᠎ᠠ ᠲᠡᠷᠡ ᠭᠠᠭᠴᠠᠭᠠᠷ ᠦᠯᠦ  ᠳᠠᠭᠠᠨ ᠵᠠᠭᠤᠨ ᠵᠦᠢᠯ ᠦ᠋ᠨ ᠭᠠᠵᠢᠭᠤ ᠰᠣᠯᠣᠭᠠᠢ ᠤᠪᠠᠳᠢᠰ ᠢ᠋ᠶ᠋ᠠᠷ ᠲᠤᠯᠵᠤ ᠪᠠᠰᠠ ᠨᠢᠭᠡᠨ ᠬᠠᠷ᠎ᠠ ᠳᠡᠪᠡᠯᠲᠦ ᠬᠠᠷᠢᠶᠠᠯᠴᠢ ᠪᠡᠯᠪᠡᠰᠦᠨ ᠡᠬᠡᠨᠡᠷ ᠭᠠᠭᠴᠠᠭᠠᠷ ᠬᠠᠷ᠎ᠠ ᠲᠤᠭ ᠪᠠᠷᠢᠵᠤ ᠬᠣᠲᠠ ᠶ᠋ᠢᠨ ᠬᠠᠢᠰᠠᠩ ᠳᠡᠭᠡᠷ᠎ᠡ ᠭᠠᠷᠴᠤ ᠬᠠᠷ᠎ᠠ ᠲᠤᠭ ᠢ᠋ᠶ᠋ᠠᠨ ᠡᠷᠭᠢᠭᠦᠯᠦᠨ ᠦᠰᠦ ᠪᠡᠨ ᠰᠠᠯᠪᠠᠷᠠᠭᠤᠯᠪᠠᠰᠤ ᠵᠦᠭ ᠵᠦᠭ ᠡᠴᠡ ᠬᠠᠷ᠎ᠠ ᠦᠮᠡᠬᠡᠢ ᠮᠠᠨᠠᠨ ᠪᠠᠭᠤᠵᠤ᠂ ᠣᠯᠠᠨ ᠴᠡᠷᠢᠭ ᠦ᠋ᠨ ᠬᠥᠮᠦᠨ ᠦ᠌ ᠬᠠᠪᠠᠷ ᠲᠤᠷ ᠦᠨᠦᠰᠳᠡᠮᠡᠭᠴᠡ ᠳᠠᠷᠤᠢ ᠮᠤᠩᠬᠠᠭᠤᠷᠠᠨ ᠤᠨᠠᠵᠤ᠂ ᠬᠣᠲᠠᠨ ᠢ᠋ ᠪᠠᠢᠯᠳᠤᠵᠤ ᠪᠣᠯᠬᠤ ᠦᠭᠡᠢ ᠳ᠋ᠦ᠍ᠷ ᠬᠠᠭᠠᠨ ᠳ᠋ᠤᠷ ᠠᠢᠯᠠᠳᠬᠠᠵᠤ ᠠᠩᠬ᠎ᠠ ᠤᠳᠠᠭ᠎ᠠ ᠶ᠋ᠢᠨ ᠭᠠᠵᠢᠭᠤ ᠶ᠋ᠢ ᠡᠪᠳᠡᠭᠰᠡᠨ ᠬᠤᠸᠠᠢ ᠭᠦᠸᠧ ᠨᠡᠷᠡᠲᠦ ᠬᠡᠦᠬᠡᠨ ᠢ᠋ ᠭᠤᠶᠤᠭᠰᠠᠨ ᠳ᠋ᠤᠷ ᠬᠠᠭᠠᠨ ᠨᠢᠭᠡᠨᠲᠡᠭᠡᠭᠦᠷ ᠬᠤᠸᠠᠢ ᠭᠦᠸᠧ ᠭᠦᠩᠵᠦ ᠶ᠋ᠢ ᠵᠠᠷᠯᠠᠭᠤᠯᠤᠨ ᠢᠯᠡᠭᠡᠬᠦ ᠵᠠᠷᠯᠢᠭ ᠪᠢᠴᠢᠭ ᠳᠣᠪᠲᠣᠯᠭᠠᠭᠠᠳ ᠨᠢᠭᠡᠨᠲᠡᠭᠡᠭᠦᠷ ᠰᠢᠶᠠ ᠤᠯᠤᠰ ᠤ᠋ᠨ ᠡᠵᠡᠨ ᠯᠢ ᠰᠢᠶᠠᠨ ᠤ᠋ ᠶᠠᠯ᠎ᠠ ᠶ᠋ᠢ ᠬᠡᠯᠲᠦᠷᠢᠭᠦᠯᠦᠨ᠂ ᠤᠯᠤᠰ ᠤ᠋ᠨ ᠲᠣᠭ᠎ᠠ ᠬᠡᠮᠵᠢᠶ᠎ᠡ ᠶ᠋ᠢ ᠪᠠᠢᠴᠠᠭᠠᠨ ᠰᠠᠩ ᠬᠥᠮᠥᠷᠭᠡ ᠶ᠋ᠢ ᠪᠠᠢᠴᠠᠭᠠᠵᠤ ᠲᠠᠢᠽᠢ ᠴᠠᠭᠠᠲᠠᠢ ᠳ᠋ᠤᠷ ᠲᠤᠰᠢᠶᠠᠨ ᠪᠠᠷᠢᠭᠤᠯᠵᠤ᠂ ᠴᠠᠭᠠᠲᠠᠢ ᠶ᠋ᠢᠨ ᠪᠠᠢᠭᠤᠯᠤᠭᠰᠠᠨ ᠤᠷᠢᠳᠤ ᠶ᠋ᠢᠨ ᠰᠢᠶᠠ ᠤᠯᠤᠰ ᠤ᠋ᠨ ᠡᠵᠡᠨ ᠯᠢ ᠼᠦᠨ ᠠᠨ ᠢ᠋ ᠬᠦᠩ ᠦ᠋ᠨ ᠵᠡᠷᠭᠡ ᠥᠭᠴᠦ᠂ ᠰᠢᠶᠠ ᠶ᠋ᠢᠨ ᠲᠠᠬᠢᠯ ᠢ᠋ ᠠᠨᠤ ᠵᠠᠯᠭᠠᠮᠵᠢᠯᠠᠭᠤᠯᠪᠠ᠃ ᠰᠢᠶᠠ ᠤᠯᠤᠰ ᠤ᠋ᠨ  ᠯᠢ ᠼᠦᠨ ᠰᠢᠦᠢ ᠶ᠋ᠢᠨ ᠦᠷ᠎ᠡ ᠳ᠋ᠦ᠍ᠷ ᠬᠠᠷᠢᠶ᠎ᠠ ᠦᠭᠡᠢ ᠪᠣᠯᠭᠠᠪᠠ᠃ 

– – – – 
 ①  ᠮᠣᠩᠭᠣᠯ ᠢ᠋ᠶ᠋ᠠᠷ ᠲᠦᠷᠢᠮᠡᠬᠡᠢ ᠪᠠᠯᠭᠠᠰᠤ ᠬᠡᠮᠡᠮᠦᠢ᠃

       ᠭᠠᠭᠴᠠ ᠲᠠᠩᠭᠤᠳ ᠤ᠋ᠨ ᠡᠨᠡ ᠰᠢᠳᠤᠷᠭᠤ ᠬᠠᠭᠠᠨ ᠮᠣᠩᠭᠣᠯ ᠳ᠋ᠤᠷ ᠭᠤᠷᠪᠠᠨ ᠵᠡᠷᠭᠡ ᠳᠠᠭᠠᠵᠤ ᠂ ᠭᠤᠷᠪᠠᠨ ᠵᠡᠷᠭᠡ ᠤᠷᠪᠠᠵᠤ ᠮᠠᠰᠢ ᠠᠮᠲᠠ ᠦᠭᠡᠢ ᠶ᠋ᠢᠨ ᠳᠡᠭᠡᠷ᠎ᠡ᠂ ᠰᠢᠳᠤᠷᠭᠤ ᠠ᠋ᠴᠠ ᠲᠡᠷᠢᠭᠦᠯᠡᠨ ᠪᠦᠭᠦᠳᠡᠭᠡᠷ ᠰᠣᠯᠣᠭᠠᠢ ᠭᠠᠵᠢᠭᠤ ᠤᠪᠠᠳᠢᠰ ᠲᠠᠷᠨᠢᠰ ᠤ᠋ᠨ ᠬᠡᠴᠡᠭᠦᠦ ᠳ᠋ᠦ᠍ᠷ ᠮᠣᠩᠭᠣᠯ ᠴᠡᠷᠢᠭ  ᠪᠠᠰᠠ ᠲᠦᠯᠪᠡᠷᠡᠭᠰᠡᠨ ᠳ᠋ᠦ᠍ᠷ ᠬᠠᠭᠠᠨ ᠡᠭᠡᠬᠦ ᠵᠠᠮ ᠳ᠋ᠤᠷ ᠳᠠᠢᠯᠠᠨ ᠠᠷᠢᠯᠭᠠᠰᠤᠭᠠᠢ ᠭᠡᠮᠡᠨ ᠵᠠᠷᠯᠢᠭ ᠪᠠᠭᠤᠯᠭᠠᠨ ᠶᠠᠪᠤᠭᠤᠯᠪᠠ᠃ ᠡᠨᠡ ᠦᠶ᠎ᠡ ᠳ᠋ᠦ᠍ᠷ ᠲᠠᠢᠰᠢ ᠪᠤᠯᠤ ᠡᠴᠢᠭᠡ ᠢᠨᠤ ᠹᠧᠩ ᠰᠢᠶᠠᠩ ᠹᠦ ᠶ᠋ᠢ ᠬᠠᠭᠠᠵᠤ ᠡᠰᠡ ᠠᠪᠲᠠᠬᠤᠢ ᠳ᠋ᠤᠷ ᠦᠭᠡᠢ ᠪᠣᠯᠤᠭᠰᠠᠨ ᠬᠣᠷᠣᠰᠤᠯ ᠢ᠋ ᠪᠣᠳᠣᠵᠤ᠂ ᠹᠧᠩ ᠰᠢᠶᠠᠩ ᠹᠦ ᠶ᠋ᠢ ᠳᠠᠬᠢᠨ ᠬᠠᠭᠠᠵᠤ ᠨᠢᠭᠡᠨ ᠵᠡᠷᠭᠡ ᠪᠠᠢᠯᠳᠤᠭᠠᠳ ᠪᠠᠰᠠ ᠣᠯᠤᠭᠰᠠᠨ ᠦᠭᠡᠢ᠂ ᠶᠡᠬᠡ ᠴᠡᠷᠢᠭ ᠰᠥᠩ ᠤᠯᠤᠰ ᠤ᠋ᠨ ᠵᠢᠩ ᠵᠣᠣ ᠶ᠋ᠢ ᠪᠠᠢᠯᠳᠤᠷ᠎ᠠ ᠮᠣᠷᠳᠠᠪᠠ᠃ ᠡᠨᠡ ᠦᠶ᠎ᠡ ᠳ᠋ᠦ᠍ᠷ ᠰᠢᠶᠠ ᠶ᠋ᠢ ᠪᠠᠢᠯᠳᠤᠭᠰᠠᠨ ᠴᠡᠷᠢᠭ ᠪᠠ ᠬᠠᠭᠠᠨ ᠤ᠋ ᠴᠡᠷᠢᠭ ᠨᠡᠢᠲᠡ ᠪᠡᠷ ᠴᠥᠮ ᠴᠠᠭ ᠤ᠋ᠨ ᠬᠠᠯᠠᠭᠤᠨ ᠤ᠋ ᠵᠠᠷ ᠲᠠᠬᠤᠯ ᠳ᠋ᠤᠷ ᠥᠷᠲᠥᠭᠰᠡᠨ ᠳ᠋ᠦ᠍ᠷ ᠶᠧ ᠯᠢᠦᠢ ᠴᠦ ᠼᠠᠢ ᠨᠢᠳᠤᠨᠤᠨ ᠤ᠋ ᠭᠢᠰᠢᠭᠦᠨ᠎ᠡ ᠪᠡᠷ ᠪᠠᠰᠠ ᠬᠡᠳᠦᠨ ᠲᠦᠮᠡᠨ ᠬᠥᠮᠦᠨ ᠢ᠋ ᠰᠠᠢᠨ ᠪᠣᠯᠭᠠᠵᠤ᠂ ᠪᠠᠰᠠ ᠲᠦᠷᠢᠮᠡᠬᠡᠢ ᠪᠠᠯᠭᠠᠰᠤᠨ ᠤ᠋ ᠭᠠᠵᠢᠭᠤ ᠤᠪᠠᠳᠢᠰ ᠤ᠋ᠨ ᠬᠠᠷ᠎ᠠ ᠮᠠᠨᠠᠨ ᠳ᠋ᠤᠷ ᠣᠨᠣᠭᠳᠠᠭᠰᠠᠨ ᠪᠦᠬᠦᠨ ᠢ ᠴᠥᠮ ᠵᠠᠰᠠᠵᠤ ᠰᠠᠢᠨ ᠪᠣᠯᠭᠠᠪᠠ᠃ ᠨᠠᠢ᠍ᠮᠠᠨ ᠰᠠᠷ᠎ᠠ ᠳ᠋ᠤᠷ ᠰᠥᠩ ᠤᠯᠤᠰ ᠤ᠋ᠨ ᠵᠠᠩᠵᠤᠨ ᠵᠠᠩ ᠾᠦᠢ᠂ ᠭᠠᠨ ᠳ᠋ᠠᠢ ᠲᠠᠨ ᠥᠪᠡᠷ ᠦ᠋ᠨ ᠰᠥᠩ ᠤᠯᠤᠰ ᠲᠤᠷ ᠯᠢ ᠴᠢᠤᠸᠠᠨ ᠨᠠᠷ ᠯᠤᠭ᠎ᠠ ᠰᠦᠯᠪᠡᠭᠡ ᠪᠠᠷᠢᠬᠤᠢ ᠳ᠋ᠤᠷ ᠴᠢᠬᠤᠯᠳᠠᠵᠤ᠂ ᠯᠢ ᠴᠢᠤᠸᠠᠨ ᠬᠠᠭᠠᠭᠰᠠᠨ ᠳ᠋ᠤᠷ ᠵᠠᠩ ᠾᠦᠢ᠂ ᠭᠠᠨ ᠳ᠋ᠠᠢ ᠬᠣᠶᠠᠭᠤᠯᠠ ᠠᠷᠭ᠎ᠠ ᠦᠭᠡᠢ ᠠᠯᠲᠠᠨ ᠤᠯᠤᠰ ᠲᠤᠷ ᠣᠷᠣᠵᠤ ᠳᠠᠭᠠᠪᠠ᠃ 
       ᠲᠡᠳᠦᠢ ᠰᠢᠩ ᠱᠧᠩ ᠱᠢ – ᠯᠢ ᠴᠢᠤᠸᠠᠨ ᠢ᠋ ᠱᠠᠨ ᠳ᠋ᠦᠩ ᠦ᠋ᠨ ᠬᠤᠸᠠᠢ ᠨᠠᠨ ᠢ᠋ ᠪᠠᠢᠯᠳᠤᠭᠤᠯᠤᠭᠰᠠᠨ ᠳ᠋ᠤᠷ ᠯᠢ ᠴᠢᠤᠸᠠᠨ᠂ ᠴᠢᠩ ᠵᠧᠦ ᠪᠡᠷ ᠬᠤᠸᠠᠢ ᠨᠠᠨ ᠳ᠋ᠤᠷ ᠣᠷᠣᠵᠤ᠂ ᠰᠥᠩ ᠤᠯᠤᠰ ᠤ᠋ᠨ ᠵᠠᠩ ᠯᠢᠨ ᠢ᠋ ᠠᠯᠠᠭᠰᠠᠨ ᠳ᠋ᠤᠷ ᠡᠪᠦᠯ ᠦ᠋ᠨ ᠰᠡᠭᠦᠯ ᠠᠷᠪᠠᠨ ᠬᠣᠶᠠᠷ ᠰᠠᠷ᠎ᠠ ᠳ᠋ᠤᠷ ᠠᠯᠲᠠᠨ ᠤᠯᠤᠰ ᠠ᠋ᠴᠠ ᠮᠥᠨ ᠬᠦ᠌ ᠭᠠᠨ ᠳ᠋ᠠᠢ᠂ ᠵᠠᠩ ᠾᠦᠢ ᠬᠣᠶᠠᠭᠤᠯᠠ ᠶ᠋ᠢ ᠵᠠᠷᠤᠵᠤ᠂ ᠯᠢ ᠴᠢᠤᠸᠠᠨ ᠢ ᠮᠣᠩᠭᠣᠯ ᠠ᠋ᠴᠠ ᠤᠷᠪᠠᠵᠤ ᠪᠡᠶ᠎ᠡ ᠳ᠋ᠦ᠍ᠷ ᠢ᠋ᠶ᠋ᠡᠨ ᠣᠷᠣᠵᠤ ᠥᠭ᠂ ᠯᠢ ᠴᠢᠤᠸᠠᠨ ᠢ ᠬᠤᠸᠠᠢ ᠨᠠᠨ ᠸᠠᠩ ᠡᠷᠭᠦᠮᠵᠢᠯᠡᠰᠦᠭᠡᠢ ᠬᠡᠮᠡᠭᠰᠡᠨ᠎ᠡ᠂ ᠯᠢ ᠴᠢᠤᠸᠠᠨ ᠢᠨᠢᠶᠡᠨ ᠥᠭᠦᠯᠡᠷᠦᠨ : 《ᠲᠡᠢᠮᠦ ᠪᠥᠭᠡᠳ ᠶᠠᠭᠤᠨ ᠳ᠋ᠤᠷ ᠪᠠᠰᠠ ᠠᠯᠲᠠᠨ ᠤᠯᠤᠰ ᠮᠢᠨᠦ ᠵᠠᠮ ᠳ᠋ᠤᠷ ᠸᠠᠨ ᠶᠠᠨ ᠭᠧ ᠲᠠᠨ ᠤ᠋ ᠬᠤᠯᠠᠭᠠᠢ ᠴᠡᠷᠢᠭ ᠪᠦᠭᠭᠦᠭᠦᠯᠵᠦ ᠮᠢᠨᠦ ᠴᠡᠷᠢᠭ ᠢ᠋ ᠭᠡᠨᠡᠳᠡᠭᠦᠯᠪᠡ?  ᠠᠯᠲᠠᠨ ᠤᠯᠤᠰ ᠤ᠋ᠨ ᠱᠧᠦ ᠰᠢᠦᠢ  ᠨᠠᠮᠠᠶ᠋ᠢ ᠸᠠᠩ ᠡᠷᠭᠦᠮᠵᠢᠯᠡᠬᠦ ᠴᠦ᠍ ᠪᠠᠢᠲᠤᠭᠠᠢ᠂ ᠬᠠᠭᠠᠨ ᠰᠠᠭᠤᠷᠢᠨ ᠢ᠋ᠶ᠋ᠠᠨ ᠨᠠᠢᠷ ᠲᠠᠯᠪᠢᠨ ᠥᠭᠪᠡᠴᠦ ᠲᠡᠷᠡ ᠮᠥᠬᠥᠬᠦ ᠣᠷᠣᠨ ᠢ᠋ ᠪᠢ ᠦᠯᠦ ᠠᠪᠤᠮᠤᠢ  》ᠬᠡᠮᠡᠪᠡ᠃ ᠦᠵᠡᠰᠡ ᠠᠯᠲᠠᠨ ᠤᠯᠤᠰ ᠤ᠋ᠨ ᠸᠠᠨ ᠶᠠᠨ ᠭᠧ᠂ ᠯᠢ ᠴᠢᠤᠸᠠᠨ ᠢ᠋ ᠪᠠᠷᠢᠵᠤ ᠠᠪᠰᠤᠭᠠᠢ ᠭᠡᠮᠡᠨ ᠬᠦᠢ ᠱᠠᠨ ᠠᠭᠤᠯᠠᠨ ᠳ᠋ᠤᠷ ᠴᠡᠷᠢᠭ ᠪᠦᠭᠭᠦᠭᠰᠡᠨ ᠳ᠋ᠦ᠍ᠷ ᠯᠢ ᠴᠢᠤᠸᠠᠨ ᠰᠠᠨᠠᠭᠠᠨ ᠳ᠋ᠤᠷ ᠦᠭᠡᠢ ᠪᠠᠢᠭᠰᠠᠨ ᠲᠤᠯᠠ ᠨᠢᠭᠡᠨ ᠵᠡᠷᠭᠡ ᠳᠠᠷᠤᠭᠳᠠᠵᠤ᠂ ᠬᠦᠢ ᠱᠠᠨ ᠠᠭᠤᠯᠠᠨ ᠳ᠋ᠤᠷ ᠣᠷᠣᠵᠤ ᠴᠡᠷᠢᠭ ᠢ᠋ ᠲᠦᠷ ᠲᠡᠵᠢᠭᠡᠨ ᠠᠮᠤᠬᠤᠢ ᠳ᠋ᠤᠷ ᠠᠯᠲᠠᠨ ᠤᠯᠤᠰ ᠤ᠋ᠨ ᠵᠠᠩ ᠾᠦᠢ᠂ ᠭᠠᠨ ᠳ᠋ᠠᠢ ᠬᠣᠶᠠᠭᠤᠯᠠ ᠪᠠᠷ ᠡᠯᠰᠡᠷ᠎ᠡ ᠢᠯᠡᠭᠡᠭᠰᠡᠨ ᠠᠵᠤᠭᠤ᠃ ᠲᠡᠳᠦᠢ ᠯᠢ ᠴᠢᠤᠸᠠᠨ ᠦᠯᠦ ᠳᠠᠭᠠᠭᠰᠠᠨ ᠳ᠋ᠤᠷ ᠠᠯᠲᠠᠨ ᠤᠯᠤᠰ ᠶᠡᠬᠡᠳᠡ ᠠᠶᠤᠪᠠ᠃ 
       ᠲᠡᠨᠳᠡᠴᠡ ᠮᠣᠩᠭᠣᠯ ᠤ᠋ᠨ ᠶᠡᠬᠡ ᠲᠡᠢᠰᠢ ᠭᠦᠸᠧ ᠸᠠᠩ ᠪᠤᠯᠤ ᠶ᠋ᠢᠨ ᠶᠡᠬᠡ ᠴᠡᠷᠢᠭ ᠰᠥᠩ ᠤᠯᠤᠰ ᠤ᠋ᠨ ᠶᠡᠬᠡ ᠪᠣᠭᠣᠮᠲᠠ ᠶ᠋ᠢ ᠭᠡᠨᠡᠳᠲᠡ ᠳᠣᠪᠲᠣᠯᠤᠨ ᠠᠪᠤᠭᠰᠠᠨ ᠳ᠋ᠤᠷ ᠪᠣᠭᠣᠮᠲᠠᠨ ᠤ᠋ ᠳᠣᠲᠣᠷ᠎ᠠ ᠣᠯᠠᠨ ᠵᠧᠦ ᠵᠢᠶᠦ᠋ᠨ ᠴᠥᠮ ᠠᠪᠲᠠᠨ ᠡᠭᠦᠰᠬᠡᠭᠰᠡᠨ᠎ᠡ᠂ ᠰᠧ ᠴᠢᠤᠸᠠᠨ ᠤ᠋ ᡁᠢ ᡁᠢ ᠱᠢ ᠲᠦᠰᠢᠮᠡᠯ ᠵᠧᠩ ᠢ᠂ ᠰᠥᠩ ᠤᠯᠤᠰ ᠤ᠋ᠨ ᠭᠤᠷᠪᠠᠨ ᠪᠣᠭᠣᠮᠲᠠ ᠪᠠᠨ ᠣᠷᠬᠢᠵᠤ ᠪᠤᠷᠤᠭᠤᠯᠠᠨ ᠳᠤᠲᠠᠭᠠᠭᠰᠠᠨ ᠳ᠋ᠤᠷ ᠮᠣᠩᠭᠣᠯ ᠤ᠋ᠨ ᠴᠡᠷᠢᠭ ᠰᠢᠭᠤᠳ ᠵᠢᠩ ᠵᠣᠣ ᠳ᠋ᠤᠷ ᠬᠦᠷᠴᠦ᠂ ᠬᠡᠩᠭᠡᠷᠭᠡ ᠨᠢᠭᠡᠨᠲᠡ ᠳᠡᠯᠡᠳᠦᠮᠡᠭᠴᠡ ᠵᠢᠩ ᠵᠣᠣ ᠶ᠋ᠢ ᠪᠠᠢᠯᠳᠤᠵᠤ ᠠᠪᠤᠭᠠᠳ ᠬᠣᠲᠠᠨ ᠳ᠋ᠤᠷ ᠣᠷᠣᠬᠤᠢ ᠳ᠋ᠤᠷ ᠪᠣᠭᠣᠮᠲᠠᠨ ᠤ᠋ ᠳᠣᠲᠣᠷ᠎ᠠ ᠵᠠᠭᠤᠨ ᠣᠪᠣᠭᠲᠠᠨ ᠶᠡᠬᠡᠯ᠎ᠡ ᠠᠶᠤᠯᠳᠤᠵᠤ ᠲᠤᠷᠭᠢᠯᠠᠨ ᠳᠤᠲᠠᠭᠠᠯᠴᠠᠬᠤᠢ ᠳ᠋ᠤᠷ ᠲᠠᠢᠰᠢ ᠪᠤᠯᠤ ᠠᠪᠠᠭ᠎ᠠ ᠳᠠᠢᠰᠤᠨᠳᠠᠷᠤᠭᠴᠢ ᠶ᠋ᠢᠨ ᠨᠢᠭᠡᠨ ᠠᠩᠭᠢ ᠴᠡᠷᠢᠭ ᠢ᠋ᠶ᠋ᠡᠷ ᠪᠣᠭᠣᠮᠲᠠᠨ ᠤ᠋ ᠭᠠᠳᠠᠨ᠎ᠠ ᠶ᠋ᠢᠨ ᠣᠯᠠᠨ ᠬᠣᠲᠠ ᠶ᠋ᠢ ᠪᠠᠢᠯᠳᠤᠭᠤᠯᠵᠤ᠂ ᠵᠢᠶᠦ᠋ᠨ ᠸᠠᠩ ᠳᠠᠢᠰᠤᠨᠳᠠᠷᠤᠭᠴᠢ ᠶ᠋ᠢᠨ ᠴᠡᠷᠢᠭ ᠰᠥᠩ ᠤᠯᠤᠰ ᠤ᠋ᠨ ᠡᠦ ᠵᠢᠶᠧ ᠭᠠᠵᠠᠷ ᠲᠤᠷ ᠬᠦᠷᠲᠡᠯ᠎ᠡ ᠭᠠᠢ ᠵᠧᠦ ᠬᠣᠲᠠᠨ ᠢ᠋ ᠰᠠᠬᠢᠭᠰᠠᠨ ᠵᠠᠩᠵᠤᠨ ᠵᠧᠩ ᠶᠤᠸᠠᠨ ᠬᠣᠲᠠ ᠪᠠᠨ ᠰᠢᠭᠤᠳ ᠣᠷᠬᠢᠵᠤ ᠪᠤᠷᠤᠭᠤᠯᠠᠭᠰᠠᠨ᠎ᠠ᠂ ᠭᠤᠷᠪᠠᠨ ᠴᠢᠬᠤᠯᠠ ᠪᠣᠭᠣᠮᠲᠠ ᠶ᠋ᠢ ᠰᠢᠭᠤᠳ ᠰᠠᠬᠢᠬᠤ ᠬᠥᠮᠦᠨ ᠦᠭᠡᠢ ᠪᠣᠯᠵᠤ᠂ ᠨᠡᠩ ᠪᠠᠰᠠ ᠠᠯᠲᠠᠨ ᠤᠯᠤᠰ ᠤ᠋ᠨ ᠵᠠᠩᠵᠤᠨ ᠬᠠᠮᠲᠤ ᠪᠠᠷ ᠲᠤᠷᠬᠢᠷᠠᠯᠴᠠᠨ ᠾᠧ ᠪᠧᠢ᠂ ᠱᠠᠨ ᠳ᠋ᠦᠩ ᠦ᠋ᠨ ᠰᠡᠷᠭᠡᠢᠯᠡᠬᠦ ᠪᠣᠭᠣᠮᠲᠠ ᠶ᠋ᠢ ᠴᠥᠮ ᠣᠷᠬᠢᠵᠤ ᠪᠤᠷᠤᠭᠤᠯᠠᠭᠠᠳ ᠱᠠᠨ ᠨᠠᠨ᠂ ᠬᠤᠸᠠᠢ ᠨᠠᠨ ᠤ᠋ ᠴᠡᠷᠢᠭ ᠯᠦ᠍ᠭᠡ ᠬᠦᠴᠦᠨ ᠲᠤᠰᠠᠯᠠᠯᠴᠠᠵᠤ᠂ ᠾᠧᠨᠠᠨ ᠢ᠋ ᠰᠠᠬᠢᠨ ᠲᠦᠩ ᠭᠤᠸᠠᠨ ᠪᠣᠭᠣᠮᠲᠠ ᠶ᠋ᠢ ᠪᠠᠲᠤᠯᠠᠨ ᠰᠠᠬᠢᠭᠠᠳ ᠯᠦᠸᠧ ᠶᠠᠩ ᠠ᠋ᠴᠠ ᠰᠠᠨ ᠮᠧᠨ᠂ ᠶᠧ ᠶ᠋ᠢᠨ ᠢ᠋ᠶ᠋ᠡᠷ ᠫᠧᠢ ᠵᠧᠦ ᠶ᠋ᠢᠨ ᠡᠬᠢ ᠴᠢᠶᠣᠤ ᠶ᠋ᠢᠨ ᠳ᠋ᠦ᠍ᠷ ᠬᠦᠷᠲᠡᠯ᠎ᠡ ᠵᠡᠭᠦᠨ ᠪᠠᠷᠠᠭᠤᠨ ᠤᠷᠲᠤ ᠬᠣᠶᠠᠷ ᠮᠢᠩᠭᠠᠨ ᠢᠯᠡᠭᠦᠦ ᠭᠠᠵᠠᠷ ᠢ᠋ ᠳᠥᠷᠪᠡᠨ ᠵᠢᠩ ᠱᠧᠩ ᠶᠤᠸᠠᠨᠱᠤᠸᠠᠢ ᠴᠢᠭᠢᠷᠠᠭ ᠴᠡᠷᠢᠭ ᠬᠣᠶᠠᠷ ᠲᠦᠮᠡᠨ ᠢ᠋ᠶ᠋ᠡᠷ ᠪᠠᠲᠤᠯᠠᠨ ᠰᠠᠬᠢᠭᠤᠯᠵᠤ᠂ ᠪᠦᠭᠦᠳᠡᠭᠡᠷ ᠵᠥᠪᠯᠡᠯᠳᠦᠨ ᠬᠡᠯᠡᠯᠴᠡᠵᠦ ᠵᠠᠬ᠎ᠠ ᠬᠢᠵᠠᠭᠠᠷ ᠢ᠋ ᠴᠢᠩᠳᠠ ᠰᠠᠬᠢᠨ ᠰᠡᠷᠭᠡᠢᠯᠡᠨ ᠪᠡᠯᠡᠳᠬᠡᠵᠦ᠂ ᠮᠣᠩᠭᠣᠯ ᠤ᠋ᠨ ᠶᠡᠬᠡ ᠴᠡᠷᠢᠭ ᠡᠮᠦᠨ᠎ᠡ ᠵᠦᠭ ᠪᠠᠢᠯᠳᠤᠨ ᠠᠪᠬᠤ ᠳ᠋ᠤᠷ ᠬᠠᠯᠬᠠᠪᠴᠢ ᠪᠡᠯᠡᠳᠬᠡᠪᠡᠢ᠃ ᠡᠭᠦᠨ ᠳ᠋ᠦ᠍ᠷ ᠰᠥᠩ ᠤᠯᠤᠰ ᠤ᠋ᠨ ᠯᠢᠽᠥ᠋ᠩ ᠬᠠᠭᠠᠨ ᠬᠠᠷᠢᠶᠠᠲᠤ ᠴᠡᠷᠢᠭ ᠦ᠋ᠨ ᠲᠤᠬᠠᠢᠲᠤ ᠰᠠᠢᠳ ᠤ᠋ᠳ ᠲᠤᠷ ᠢ᠋ᠶ᠋ᠠᠨ ᠵᠠᠷᠯᠢᠭ ᠪᠠᠭᠤᠯᠭᠠᠨ :《ᠬᠡᠷᠬᠢᠪᠡᠴᠦ ᠰᠠᠢᠨ ᠠᠷᠭ᠎ᠠ ᠶ᠋ᠢ ᠵᠥᠪᠳᠡᠨ ᠲᠣᠭᠲᠠᠭᠠᠵᠤ᠂ ᠮᠣᠩᠭᠣᠯ ᠢ᠋ ᠲᠤᠯᠬᠤ ᠶ᠋ᠢ ᠪᠡᠯᠡᠳᠴᠦ ᠠᠢᠯᠠᠳᠬ᠎ᠠ ᠂ ᠶᠡᠬᠡ ᠱᠠᠩ ᠢ᠋ ᠬᠠᠢᠷᠠᠯᠠᠬᠤ ᠦᠭᠡᠢ ! 》ᠬᠡᠮᠡᠪᠡ᠃ ᠡᠭᠦᠨ ᠢ᠋ ᠬᠡᠯᠡᠬᠦ ᠦᠭᠡᠢ᠃ 
       ᠣᠳᠣ ᠪᠡᠯᠭᠦᠳᠡᠢ᠂ ᠰᠢᠦᠸᠠᠢ ᠱᠧ ᠬᠣᠶᠠᠷ ᠢ᠋ ᠬᠡᠯᠡᠬᠦ ᠢᠨᠦ : ᠲᠠᠩᠭᠤᠳ ᠤ᠋ᠨ ᠭᠠᠵᠢᠭᠤ ᠰᠣᠯᠣᠭᠠᠢ ᠤᠪᠠᠳᠢᠰᠲᠤ ᠰᠢᠳᠤᠷᠭᠤ ᠬᠠᠭᠠᠨ ᠥᠴᠦᠬᠡᠨ  ᠤᠪᠠᠳᠢᠰ ᠲᠤᠷ ᠡᠷᠡᠮᠰᠢᠵᠦ᠂ ᠨᠢᠭᠡᠬᠡᠨ ᠬᠣᠲᠠᠨ ᠢ᠋ ᠰᠠᠬᠢᠵᠤ᠂ ᠳᠠᠷᠤᠢ ᠲᠡᠷᠡ ᠬᠠᠷᠢᠶᠠᠯᠴᠢ ᠬᠠᠷ᠎ᠠ ᠡᠮ᠎ᠡ ᠬᠣᠲᠠ ᠶ᠋ᠢᠨ ᠬᠠᠢᠰᠠᠩ ᠳ᠋ᠤᠷ ᠰᠠᠭᠤᠵᠤ᠂ ᠠᠮᠠᠨ ᠳ᠋ᠤᠷ ᠰᠣᠯᠢᠭᠤ ᠲᠠᠷᠨᠢ ᠤᠩᠰᠢᠵᠤ᠂ ᠬᠠᠷ᠎ᠠ ᠲᠤᠭ ᠢ᠋ᠶ᠋ᠠᠨ ᠳᠠᠯᠠᠯᠪᠠᠰᠤ ᠮᠣᠩᠭᠣᠯ ᠤ᠋ᠨ ᠴᠡᠷᠢᠭ ᠪᠠ ᠮᠣᠷᠢᠨ ᠬᠡᠳᠦᠨ ᠵᠠᠭᠤᠨ ᠬᠡᠳᠦᠨ ᠵᠠᠭᠤᠨ ᠢ᠋ᠶ᠋ᠠᠷ ᠬᠠᠷ᠎ᠠ  ᠮᠠᠨᠠᠨ ᠳ᠋ᠤᠷ ᠮᠤᠩᠬᠠᠭᠤᠷᠠᠨ ᠤᠨᠠᠵᠤ᠂ ᠶᠡᠷᠦ ᠬᠣᠲᠠ ᠶ᠋ᠢᠨ ᠣᠢᠷ᠎ᠠ ᠡᠴᠢᠵᠦ ᠪᠣᠯᠬᠤ ᠦᠭᠡᠢ ᠳ᠋ᠦ᠍ᠷ ᠮᠣᠩᠭᠣᠯ ᠤ᠋ᠨ ᠴᠡᠷᠢᠭ ᠠᠷᠭ᠎ᠠ ᠮᠤᠬᠤᠷᠳᠠᠪᠠ ①᠃ ᠡᠨᠡ ᠦᠶ᠎ᠡ ᠳ᠋ᠦ᠍ᠷ ᠴᠢᠨ ᠸᠠᠩ ᠬᠠᠪᠤᠲᠤ ᠬᠠᠰᠠᠷ ᠤᠯᠤᠰ ᠤ᠋ᠨ ᠬᠡᠷᠡᠭ ᠢ᠋ ᠲᠣᠯᠢ ᠳ᠋ᠤᠷ ᠬᠠᠮᠢᠶᠠᠷᠤᠭᠤᠯᠤᠨ᠂ ᠤᠯᠤᠰ ᠤ᠋ᠨ ᠡᠮᠦᠨ᠎ᠡ ᠡᠴᠡ ᠬᠠᠭᠠᠨ ᠤ᠋ ᠠᠮᠤᠭᠤᠯᠠᠩ ᠠᠢᠯᠠᠳᠬᠠᠷ᠎ᠠ ᠢᠷᠡᠭᠡᠳ ᠡᠨᠡ ᠤᠴᠢᠷ ᠢ᠋ ᠰᠣᠨᠣᠰᠴᠤ ᠪᠡᠯᠭᠦᠳᠡᠢ ᠡᠴᠡ ᠠᠰᠠᠭᠤᠷᠤᠨ :《ᠲᠡᠭᠦᠨ ᠦ᠌ ᠬᠣᠲᠠ ᠶ᠋ᠢ ᠬᠠᠭᠠᠬᠤ ᠳ᠋ᠤᠷ ᠪᠡᠷᠬᠡ ᠲᠤᠯᠠ ᠲᠡᠭᠦᠨ ᠦ᠌ ᠲᠤᠷᠰᠢᠭᠤᠯ ᠤ᠋ᠨ ᠶᠠᠪᠤᠬᠤ ᠶ᠋ᠢ ᠯᠠᠪ ᠦᠭᠡᠢ ᠪᠣᠯᠭᠠᠨ ᠴᠢᠳᠠᠬᠤ ᠦᠭᠡᠢ ᠪᠣᠯᠠᠢ᠃ 》 ᠪᠡᠯᠭᠦᠳᠡᠢ ᠥᠭᠦᠯᠡᠷᠦᠨ :《ᠲᠤᠷᠰᠢᠭᠤᠯ ᠲᠡᠩᠰᠡᠭᠦᠯ ᠢ ᠨᠢᠭᠡᠨᠲᠡ ᠬᠠᠯᠬᠠᠯᠠᠨ ᠴᠢᠳᠠᠬᠤ ᠦᠭᠡᠢ᠂ ᠪᠢ ᠬᠠᠷᠢᠨ ᠪᠢᠴᠢᠬᠠᠨ ᠠ᠋ᠴᠠ ᠤᠯᠤᠰ ᠤ᠋ᠨ ᠡᠮᠦᠨ᠎ᠡ ᠵᠠᠭᠤᠨ ᠤᠳᠠᠭ᠎ᠠ ᠪᠠᠢᠯᠳᠤᠵᠤ ᠵᠠᠭᠤᠨ ᠤᠳᠠᠭ᠎ᠠ ᠳᠡᠢᠯᠦᠭᠰᠡᠭᠡᠷ ᠢᠷᠡᠭᠡᠳ ᠡᠳᠦᠭᠡ ᠬᠠᠭᠠᠨ ᠤ᠋ ᠪᠡᠶ᠎ᠡ ᠰᠢᠶᠠ ᠤᠯᠤᠰ ᠤ᠋ᠨ ᠨᠡᠢᠲᠡ ᠶ᠋ᠢ ᠴᠥᠮ ᠥᠪᠡᠷ ᠦ᠋ᠨ ᠪᠡᠶ᠎ᠡ ᠳ᠋ᠦ᠍ᠷ ᠠᠪᠤᠭᠠᠳ ᠡᠳᠦᠭᠡ ᠡᠨᠡ ᠨᠢᠭᠡᠬᠡᠨ ᠬᠣᠲᠠ ᠶ᠋ᠢ ᠮᠠᠨ ᠳ᠋ᠤᠷ ᠲᠤᠰᠢᠶᠠᠨ ᠡᠴᠢᠭᠰᠡᠨ᠎ᠡ ᠡᠳᠦᠭᠡ ᠪᠢᠳᠡ ᠠᠪᠴᠤ ᠴᠢᠳᠠᠬᠤ ᠦᠭᠡᠢ᠂ ᠰᠣᠨᠣᠰᠬᠤᠯ᠎ᠠ ᠡᠵᠡᠨ ᠦ᠌ ᠭᠡᠭᠡᠨ ᠡᠭᠡᠵᠦ ᠠᠢᠰᠤᠢ ᠬᠡᠮᠡᠮᠦᠢ ᠃ ᠣᠳᠣ ᠬᠡᠷᠬᠢᠨ ᠡᠵᠡᠨ ᠳ᠋ᠦ᠍ᠷ ᠤᠴᠠᠷᠠᠶ᠎ᠠ !》ᠭᠡᠮᠡᠨ ᠯᠢᠶᠣᠣ ᠸᠠᠩ ᠰᠢᠦᠸᠠᠢ ᠱᠧ ᠬᠣᠶᠠᠭᠤᠯᠠ ᠦᠬᠦᠬᠦ ᠪᠡᠷ ᠭᠠᠰᠠᠯᠤᠨ ᠣᠭᠲᠣ ᠠᠷᠭ᠎ᠠ ᠦᠭᠡᠢ᠂ ᠰᠢ ᠤᠯᠤᠰ ᠤ᠋ᠨ ᠭᠠᠵᠢᠭᠤ ᠤᠪᠠᠳᠢᠰ ᠢ ᠡᠪᠳᠡᠭᠰᠡᠨ ᠬᠤᠸᠠᠢ ᠭᠦᠸᠧ ᠭᠦᠩᠵᠦ ᠶ᠋ᠢ ᠠᠢᠯᠠᠳᠬᠠᠵᠤ ᠠᠪᠤᠷ᠎ᠠ ᠢᠯᠡᠭᠡᠪᠡᠰᠦ ᠪᠠᠰᠠ ᠬᠦᠷᠴᠦ ᠢᠷᠡᠬᠦ ᠦᠭᠡᠢ ᠭᠡᠮᠡᠨ ᠵᠠᠭᠤᠨ ᠮᠢᠩᠭᠠᠨ ᠵᠦᠢᠯ ᠢ᠋ᠶ᠋ᠡᠷ ᠭᠠᠰᠢᠭᠤᠳᠠᠬᠤᠢ ᠳ᠋ᠤᠷ ᠴᠢᠨ ᠸᠠᠩ ᠬᠠᠰᠠᠷ ᠤᠯᠠᠮ ᠲᠡᠳᠡᠨ ᠦ᠌ ᠲᠤᠯᠠ ᠵᠣᠪᠠᠨᠢᠵᠤ᠂ ᠭᠡᠨᠡᠳᠲᠡ ᠨᠢᠭᠡᠨ ᠠᠷᠬ᠎ᠠ ᠣᠯᠵᠤ : 《ᠨᠠᠳᠠ ᠳ᠋ᠤᠷ ᠡᠨᠡ ᠬᠠᠷᠢᠶᠠᠯᠴᠢ ᠶ᠋ᠢ ᠠᠯᠠᠬᠤ ᠨᠢᠭᠡᠨ ᠠᠷᠭ᠎ᠠ ᠪᠣᠢ ! 》 ᠭᠡᠮᠡᠨ ᠤᠷᠢᠳᠠ ᠨᠢᠭᠡᠨ ᠨᠤᠭᠤᠯᠪᠤᠷᠢ ᠠᠢᠯᠠᠳᠬᠠᠵᠤ ᠬᠠᠭᠠᠨ ᠳ᠋ᠤᠷ ᠳᠣᠪᠲᠣᠯᠭᠠᠨ ᠶᠠᠪᠤᠭᠤᠯᠤᠨ᠂ ᠬᠣᠢᠨ᠎ᠠ ᠠ᠋ᠴᠠ ᠠᠨᠤ ᠥᠪᠡᠷ ᠢ᠋ᠶ᠋ᠡᠨ ᠠᠯᠭᠤᠷ ᠡᠴᠢᠵᠦ᠂ ᠬᠠᠭᠠᠨ ᠢ᠋ ᠤᠭᠲᠤᠨ ᠵᠣᠯᠭᠠᠵᠤ ᠪᠠᠷᠠᠯᠬᠠᠨ ᠮᠥᠷᠭᠥᠭᠰᠡᠨ ᠳ᠋ᠦ᠍ᠷ ᠬᠠᠭᠠᠨ ᠤ᠋ ᠭᠡᠭᠡᠨ ᠬᠠᠰᠠᠷ ᠢ᠋ ᠦᠵᠡᠵᠦ ᠲᠠᠪᠠ ᠦᠭᠡᠢ ᠠᠰᠠᠭᠤᠷᠤᠨ : 《ᠴᠢᠨᠦ ᠲᠤᠰᠢᠶᠠᠯ ᠳ᠋ᠤᠷ ᠢ᠋ᠶ᠋ᠠᠨ ᠠᠬᠤ ᠦᠭᠡᠢ ᠶᠠᠭᠤᠨ ᠳ᠋ᠤᠷ ᠢᠷᠡᠪᠡ ? 》 ᠬᠠᠰᠠᠷ ᠠᠢᠯᠠᠳᠬᠠᠷᠤᠨ : 《ᠰᠠᠢᠳ ᠮᠢᠨᠦ ᠬᠣᠪᠢᠨ ᠳ᠋ᠤᠷ ᠬᠦᠷᠦᠭᠰᠡᠨ ᠭᠣᠷᠯᠣᠰ ᠤ᠋ᠨ ᠵᠡᠷᠭᠡ ᠶ᠋ᠢᠨ ᠭᠠᠵᠠᠷ ᠰᠠᠮᠠᠭᠤᠨ ᠬᠡᠮᠡᠬᠦ ᠳ᠋ᠦ᠍ᠷ ᠬᠠᠭᠠᠨ ᠠ᠋ᠴᠠ ᠵᠠᠷᠯᠢᠭ ᠭᠤᠶᠤᠨ ᠭᠠᠷᠴᠤ ᠴᠡᠷᠢᠭ ᠠᠪᠤᠨ ᠲᠦᠪᠰᠢᠳᠬᠡᠷ᠎ᠡ ᠡᠴᠢᠰᠦᠭᠡᠢ ᠬᠡᠮᠡᠮᠦᠢ ! 》 ᠬᠡᠮᠡᠭᠰᠡᠨ ᠳ᠋ᠦ᠍ᠷ ᠬᠠᠭᠠᠨ ᠠᠭᠤᠷᠰᠠᠨ ᠵᠠᠷᠯᠢᠭ ᠪᠣᠯᠤᠷᠤᠨ : 《ᠴᠢᠨᠦ ᠬᠡᠷᠡᠭ ᠢᠨᠦ ᠲᠥᠷᠥ ᠡᠴᠡ ᠬᠦᠨᠳᠦ ᠪᠣᠯᠪᠠ ! 》 ᠭᠡᠮᠡᠨ ᠪᠤᠰᠤ ᠵᠠᠷᠯᠢᠭ ᠦᠭᠡᠢ ᠳ᠋ᠦ᠍ᠷ ᠬᠠᠰᠠᠷ ᠮᠥᠨ ᠥᠪᠡᠷ᠎ᠡ ᠦᠭᠡ ᠦᠭᠡᠢ᠃ ᠲᠡᠳᠦᠢ ᠬᠠᠭᠠᠨ ᠬᠠᠷᠠᠬᠠᠨ ᠲᠦᠷᠢᠮᠡᠬᠡᠢ ᠪᠠᠯᠭᠠᠰᠤᠨ ᠤ᠋ ᠵᠦᠭ ᠶᠠᠪᠤᠬᠤᠢ ᠳ᠋ᠤᠷ ᠵᠠᠮ ᠳ᠋ᠤᠷ ᠶᠡᠬᠡ ᠳᠡᠰ ᠰᠢᠪᠠᠭᠤᠲᠤ ᠠᠭᠤᠯᠠ ᠪᠠᠷ ᠥᠩᠭᠡᠷᠡᠨ ᠭᠠᠷᠬᠤᠢ ᠳ᠋ᠤᠷ ᠬᠠᠰᠠᠷ ᠢ᠋《ᠬᠡᠳᠦᠨ ᠵᠠᠭᠤᠨ ᠬᠥᠮᠦᠨ ᠠᠪᠴᠤ ᠬᠠᠷ᠎ᠠ ᠳᠡᠰ ᠰᠢᠪᠠᠭᠤ ᠶ᠋ᠢ ᠬᠠᠷᠪᠤᠵᠤ ᠠᠯᠠᠨ ᠢᠷ᠎ᠡ᠂ ᠥᠳᠥ ᠶ᠋ᠢ ᠵᠠᠷᠤᠮᠤᠢ ! 》ᠬᠡᠮᠡᠭᠰᠡᠨ ᠳ᠋ᠦ᠍ᠷ ᠬᠠᠰᠠᠷ ᠡᠴᠢᠭᠡᠳ ᠬᠡᠳᠦᠨ ᠡᠳᠦᠷ ᠪᠣᠯᠵᠤ ᠬᠠᠷ᠎ᠠ ᠳᠡᠰ ᠣᠭᠲᠣ ᠣᠯᠤᠭᠰᠠᠨ ᠦᠭᠡᠢ ᠳ᠋ᠦ᠍ᠷ ᠬᠠᠭᠠᠨ ᠪᠠᠰᠠ ᠠᠭᠤᠷᠰᠠᠵᠤ ᠪᠦᠬᠦᠢ ᠳ᠋ᠦ᠍ᠷ ᠴᠢᠪᠬᠢᠲᠡᠯ᠎ᠡ ᠰᠢᠶᠠ ᠤᠯᠤᠰ ᠤ᠋ᠨ ᠵᠠᠬ᠎ᠠ ᠳ᠋ᠤᠷ ᠬᠠᠭᠠᠨ ᠤ᠋ ᠡᠰᠡᠷᠭᠦ ᠨᠢᠭᠡᠨ ᠶᠡᠬᠡ ᠣᠭᠣᠯᠢ ᠰᠢᠪᠠᠭᠤ ᠳᠣᠩᠭᠣᠳᠤᠭᠰᠠᠨ ᠳ᠋ᠤᠷ ᠬᠠᠭᠠᠨ ᠬᠠᠰᠠᠷ ᠢ᠋ ᠬᠠᠷᠪᠤ ᠬᠡᠮᠡᠭᠰᠡᠨ ᠬᠠᠰᠠᠷ ᠬᠠᠷᠪᠤᠭᠴᠢ ᠳ᠋ᠤᠷ ᠣᠭᠣᠯᠢ ᠪᠣᠰᠴᠤ ᠨᠢᠰᠬᠦᠶ᠎ᠡ ᠰᠤᠮᠤ ᠭᠠᠷᠴᠤ ᠨᠢᠭᠡᠨ ᠱᠠᠭᠠᠵᠠᠭᠠᠢ ᠶ᠋ᠢ ᠤᠨᠤᠭᠰᠠᠨ ᠳ᠋ᠤᠷ ᠬᠠᠭᠠᠨ ᠠᠭᠤᠷᠰᠠᠨ ᠥᠭᠦᠯᠡᠷᠦᠨ :《ᠴᠢᠨ ᠸᠠᠩ ᠬᠠᠰᠠᠷ ᠮᠢᠨᠦ ᠵᠠᠷᠯᠢᠭ ᠢ᠋ ᠭᠤᠷᠪᠠᠨ ᠵᠡᠷᠭᠡ ᠦᠲᠡᠭᠡᠷᠪᠡ᠂ ᠴᠣᠯᠠ ᠶ᠋ᠢ ᠬᠠᠰᠤᠵᠤ ᠨᠠᠳᠠ ᠠ᠋ᠴᠠ ᠬᠣᠯᠠ ᠪᠣᠯᠭᠠᠨ ᠬᠤᠷᠭᠠᠵᠢᠭᠤᠯ ! 》ᠬᠡᠮᠡᠭᠰᠡᠨ ᠳ᠋ᠦ᠍ᠷ ᠵᠠᠭᠤᠨ ᠲᠦᠰᠢᠮᠡᠳ ᠬᠡᠷᠬᠢᠨ ᠭᠤᠶᠤᠪᠠᠴᠤ ᠪᠣᠯᠤᠭᠰᠠᠨ ᠦᠭᠡᠢ ᠳ᠋ᠦ᠍ᠷ ᠬᠠᠭᠠᠨ ᠤ᠋ ᠶᠡᠬᠡ ᠴᠡᠷᠢᠭ ᠪᠠ ᠬᠠᠰᠠᠷ ᠪᠡᠯᠭᠦᠳᠡᠢ ᠨᠠᠷ ᠤ᠋ᠨ ᠴᠡᠷᠢᠭ ᠢ᠋ ᠴᠦ᠍ ᠴᠥᠮ ᠠᠪᠴᠤ ᠲᠦᠷᠭᠡᠯᠡᠨ ᠬᠥᠳᠡᠯᠵᠦ ᠰᠣᠴᠢᠨ ᠬᠡᠯᠡᠯᠴᠡᠬᠦᠢ ᠳ᠋ᠦ᠍ᠷ ᠲᠠᠩᠭᠤᠳ ᠤ᠋ᠨ ᠲᠤᠷᠰᠢᠭᠤᠯ ᠰᠣᠨᠣᠰᠴᠤ ᠳᠠᠬᠢᠨ ᠳᠠᠪᠲᠠᠨ ᠤᠴᠢᠷ ᠰᠢᠯᠲᠠᠭᠠᠨ ᠢ᠋ ᠬᠢᠨᠠᠨ ᠰᠣᠨᠣᠰᠴᠤ᠂ ᠬᠣᠲᠠᠨ ᠳ᠋ᠤᠷ ᠣᠷᠣᠵᠤ ᠬᠡᠯᠡᠭᠰᠡᠨ᠎ᠡ ᠰᠢᠳᠤᠷᠭᠤ ᠬᠠᠭᠠᠨ ᠬᠠᠷᠠᠬᠠᠨ ᠪᠠᠶᠠᠷᠯᠠᠨ ᠪᠦᠬᠦᠢ ᠳ᠋ᠦ᠍ᠷ ᠳᠠᠭᠠᠯᠳᠤᠭ᠎ᠠ ᠮᠣᠩᠭᠣᠯ ᠤ᠋ᠨ ᠰᠤᠯᠠ ᠴᠡᠷᠢᠭ ᠨᠢᠭᠡᠨ ᠪᠢᠴᠢᠭ ᠠᠪᠴᠢᠷᠠᠵᠤ ᠪᠠᠷᠢᠭᠰᠠᠨ ᠳ᠋ᠤᠷ ᠬᠣᠲᠠ ᠶ᠋ᠢᠨ ᠬᠥᠮᠦᠨ ᠳᠡᠭᠡᠰᠦ ᠪᠠᠭᠤᠯᠭᠠᠨ ᠪᠢᠴᠢᠭ ᠢ ᠤᠶᠠᠵᠤ ᠲᠠᠲᠠᠵᠤ ᠠᠪᠤᠨ ᠬᠠᠭᠠᠨ ᠳ᠋ᠠᠭᠠᠨ ᠠᠪᠠᠴᠢᠵᠤ ᠪᠠᠷᠢᠭᠰᠠᠨ ᠳ᠋ᠤᠷ ᠪᠠᠰᠠ ᠬᠦ᠌ ᠬᠠᠷᠢᠨ ᠬᠠᠭᠠᠨ ᠳ᠋ᠤᠷ ᠢ᠋ᠶ᠋ᠠᠨ ᠬᠣᠷᠣᠰᠴᠤ ᠲᠡᠳᠡᠨ ᠯᠦ᠍ᠭᠡ ᠰᠦᠯᠪᠡᠭᠡ ᠨᠡᠢᠯᠵᠦ ᠳᠣᠲᠣᠷ᠎ᠠ ᠠ᠋ᠴᠠ ᠲᠤᠰᠠᠯᠠᠰᠤᠭᠠᠢ ᠬᠡᠮᠡᠭᠰᠡᠨ ᠪᠢᠴᠢᠭ᠂ ᠥᠪᠡᠷ ᠦ᠋ᠨ ᠪᠡᠶ᠎ᠡ ᠪᠠ ᠮᠣᠷᠢᠨ ᠢ᠋ᠶ᠋ᠠᠷ ᠲᠡᠮᠳᠡᠭ ᠪᠣᠯᠭᠠᠰᠤᠭᠠᠢ ᠬᠡᠮᠡᠵᠦᠬᠦᠢ᠃ ᠡᠭᠦᠨ ᠳ᠋ᠦ᠍ᠷ ᠰᠢᠳᠤᠷᠭᠤ ᠬᠠᠭᠠᠨ ᠶᠡᠬᠡᠯ᠎ᠡ ᠪᠠᠶᠠᠷᠯᠠᠨ ᠠᠬᠤ ᠳ᠋ᠤᠷ ᠬᠠᠵᠠᠭᠤ ᠠ᠋ᠴᠠ ᠭᠦᠷᠪᠡᠯᠵᠢᠨ ᠬᠠᠲᠤᠨ ᠠᠨᠤ ᠥᠭᠦᠯᠡᠷᠦᠨ : 《ᠲᠡᠭᠦᠨ ᠢ᠋ ᠢᠲᠡᠭᠡᠵᠦ ᠦᠯᠦ ᠪᠣᠯᠤᠮᠤᠢ᠂ ᠤᠷᠢᠳᠠ ᠲᠡᠭᠦᠨ ᠢ᠋ ᠢᠷᠡᠭᠦᠯᠦᠨ ᠬᠠᠷ᠎ᠠ ᠡᠮ᠎ᠡ ᠶ᠋ᠢᠨ ᠬᠠᠷ᠎ᠠ ᠲᠤᠭ ᠢ᠋ᠶ᠋ᠠᠷ ᠳᠣᠬᠢᠵᠤ ᠦᠵᠡᠰᠦᠭᠡᠢ᠂ ᠲᠡᠭᠦᠨ ᠦ᠌ ᠰᠡᠳᠬᠢᠯ ᠦᠨᠡᠨ ᠪᠣᠯᠪᠠᠰᠤ ᠦᠯᠦ ᠤᠨᠠᠮᠤᠢ 》ᠭᠡᠮᠡᠨ ᠳᠠᠭᠤᠳᠠᠵᠤ ᠤᠷᠢᠳᠠ ᠬᠣᠲᠠ ᠶ᠋ᠢᠨ ᠢᠷᠣᠭᠠᠷ ᠢᠷ᠎ᠡ ᠭᠡᠮᠡᠨ ᠬᠠᠷᠢᠭᠤ  ᠪᠢᠴᠢᠭ ᠪᠠᠷᠢᠭᠰᠠᠨ ᠳ᠋ᠤᠷ ᠡᠨᠡ ᠪᠢᠴᠢᠭ ᠢ᠋ ᠮᠣᠩᠭᠣᠯ ᠤ᠋ᠨ ᠴᠡᠷᠢᠭ ᠣᠯᠵᠤ ᠶᠡᠬᠡ ᠯᠡ ᠰᠣᠴᠢᠵᠤ᠂ ᠬᠠᠭᠠᠨ ᠳ᠋ᠤᠷ ᠪᠠᠷᠢᠭᠰᠠᠨ ᠳ᠋ᠤᠷ ᠬᠠᠭᠠᠨ ᠶᠡᠬᠡᠯ᠎ᠡ ᠭᠢᠯᠢᠭᠯᠡᠵᠦ᠂ ᠬᠠᠰᠠᠷ ᠢ᠋ ᠲᠡᠷᠢᠭᠦᠯᠡᠨ ᠴᠡᠷᠢᠭ ᠠᠪᠤᠨ ᠡᠴᠢᠵᠦ ᠬᠣᠲᠠ ᠶ᠋ᠢᠨ ᠬᠣᠢᠲᠤ ᠬᠠᠭᠠᠯᠭ᠎ᠠ ᠶ᠋ᠢ ᠪᠠᠢᠯᠳᠤ᠂ ᠡᠰᠡ ᠳᠡᠢᠯᠪᠡᠰᠦ ᠠᠯᠠᠮᠤᠢ ᠬᠡᠮᠡᠭᠰᠡᠨ ᠳ᠋ᠦ᠍ᠷ ᠬᠠᠰᠠᠷ ᠡᠨᠡ ᠤᠴᠢᠷ ᠪᠠᠰᠠ ᠨᠢᠭᠡᠨ ᠪᠢᠴᠢᠭ ᠪᠢᠴᠢᠵᠦ  ᠨᠠᠮᠠᠶ᠋ᠢ ᠤᠭᠲᠤᠨ ᠭᠠᠷᠴᠤ ᠢᠷ᠎ᠡ ᠭᠡᠮᠡᠨ ᠢᠯᠡᠭᠡᠵᠦᠬᠦᠢ᠃ ᠵᠢᠴᠢ ᠥᠷᠯᠥᠭᠡ ᠬᠠᠭᠠᠨ ᠥᠪᠡᠷ ᠦ᠋ᠨ ᠡᠮᠡᠭᠡᠯ ᠦ᠋ᠨ ᠮᠣᠷᠢ ᠶ᠋ᠢ ᠥᠭᠴᠦ ᠤᠨᠤᠭᠤᠯᠤᠨ ᠥᠪᠡᠷ ᠦ᠋ᠨ ᠠᠯᠲᠠᠨ ᠲᠣᠭᠣᠨᠣᠪᠴᠢᠲᠤ ᠣᠨᠢ ᠪᠠᠨ ᠥᠭᠴᠦ ᠢᠯᠡᠭᠡᠪᠡ᠃ ᠬᠠᠰᠠᠷ ᠰᠢᠭᠤᠳ ᠰᠠᠭᠠᠳᠠᠭ ᠠᠭᠰᠤᠵᠤ ᠴᠡᠷᠢᠭ ᠢ᠋ᠶ᠋ᠡᠨ ᠠᠪᠴᠤ ᠬᠣᠢᠲᠤ ᠬᠠᠭᠠᠯᠭ᠎ᠠ ᠳ᠋ᠤᠷ ᠬᠦᠷᠲᠡᠯ᠎ᠡ ᠭᠦᠷᠪᠡᠯᠵᠢᠨ ᠭᠤᠸ᠎ᠠ᠂ ᠬᠠᠷ᠎ᠠ ᠡᠮ᠎ᠡ ᠲᠠᠨ ᠴᠥᠮ ᠬᠣᠲᠠ ᠶ᠋ᠢᠨ ᠬᠠᠢᠰᠠᠩ ᠳ᠋ᠤᠷ ᠲᠤᠭ ᠢ᠋ᠶ᠋ᠠᠨ ᠪᠠᠷᠢᠵᠤ ᠵᠣᠭᠰᠣᠵᠤᠬᠤᠢ᠃ ᠬᠠᠰᠠᠷ ᠤ᠋ᠨ ᠳᠡᠪᠡᠯ ᠪᠠ ᠮᠣᠷᠢ ᠴᠥᠮ ᠲᠡᠮᠳᠡᠭ ᠯᠦ᠍ᠭᠡ ᠨᠡᠢᠴᠡᠬᠦ ᠲᠤᠯᠠ ᠲᠡᠭᠦᠨ ᠢ᠋ ᠬᠦᠷᠴᠦ ᠢᠷᠡᠭᠰᠡᠨ ᠬᠣᠢᠨ᠎ᠠ ᠦᠭᠡ ᠶ᠋ᠢ ᠰᠣᠨᠣᠰᠴᠤ ᠰᠠᠶᠢ ᠬᠠᠷ᠎ᠠ ᠲᠤᠭ ᠢ᠋ᠶ᠋ᠠᠷ ᠲᠡᠩᠰᠡᠰᠦᠭᠡᠢ ᠬᠡᠮᠡᠬᠦᠢ ᠳ᠋ᠦ᠍ᠷ ᠬᠠᠰᠠᠷ ᠳᠣᠪᠲᠣᠯᠤᠨ ᠢᠷᠡᠵᠦ᠂ ᠮᠣᠷᠢ ᠪᠠᠨ ᠳᠥᠷᠥᠭᠡᠯᠡᠨ ᠵᠣᠭᠰᠣᠵᠤ ᠲᠡᠩᠬᠡᠷᠡᠭᠦᠯᠦᠮᠡᠭᠴᠡ ᠣᠨᠢᠯᠠᠵᠤ ᠪᠡᠯᠡᠳᠬᠡᠭᠰᠡᠨ ᠨᠤᠮᠤ ᠰᠤᠮᠤ ᠪᠠᠨ ᠲᠡᠳᠡᠨ ᠠᠪᠴᠤ ᠨᠢᠭᠡᠨᠲᠡ ᠬᠠᠷᠪᠤᠭᠰᠠᠨ ᠳ᠋ᠤᠷ ᠬᠠᠷᠢᠶᠠᠯᠴᠢ᠂ ᠬᠠᠷ᠎ᠠ ᠡᠮ᠎ᠡ ᠶ᠋ᠢᠨ ᠪᠠᠷᠠᠭᠤᠨ ᠡᠪᠦᠳᠦᠭ ᠢ᠋ ᠲᠠᠰᠤ ᠬᠠᠷᠪᠤᠵᠤ᠂ ᠬᠠᠷ᠎ᠠ ᠲᠤᠭ ᠢ᠋ᠶ᠋ᠠᠨ ᠪᠠᠷᠢᠭᠰᠠᠭᠠᠷ ᠤᠨᠠᠵᠤ ᠢᠷᠡᠭᠰᠡᠨ ᠳ᠋ᠦ᠍ᠷ ᠬᠠᠰᠠᠷ ᠶᠠᠭᠠᠷᠠᠨ ᠠᠮᠢᠳᠤ ᠪᠠᠷᠢᠵᠤ᠂ ᠬᠠᠷ᠎ᠠ ᠲᠤᠭ ᠢ᠋ ᠠᠨᠤ ᠣᠷᠢᠶᠠᠯᠭᠠᠨ ᠬᠠᠮᠲᠤ ᠠᠪᠴᠤ ᠢᠷᠡᠬᠦᠢ ᠳ᠋ᠦ᠍ᠷ ᠬᠣᠢᠨ᠎ᠠ ᠠ᠋ᠴᠠ ᠰᠢᠳᠤᠷᠭᠤ ᠬᠠᠭᠠᠨ ᠬᠣᠲᠠ ᠶ᠋ᠢᠨ ᠳᠡᠭᠡᠷ᠎ᠡ ᠡᠴᠡ ᠨᠢᠭᠡᠨ ᠰᠤᠮᠤ ᠬᠠᠷᠪᠤᠭᠰᠠᠨ ᠠᠨᠤ ᠴᠢᠪᠬᠢᠲᠡᠯ᠎ᠡ ᠬᠠᠰᠠᠷ ᠤ᠋ᠨ ᠪᠠᠷᠠᠭᠤᠨ ᠳᠠᠯᠤ ᠣᠨᠣᠭᠳᠠᠵᠤ᠂ ᠰᠤᠮᠤ ᠭᠠᠳᠠᠭᠰᠠᠭᠠᠷ ᠬᠠᠭᠠᠨ ᠤ᠋ ᠪᠠᠭᠤᠳᠠᠯ ᠳ᠋ᠤᠷ ᠢᠷᠡᠭᠰᠡᠨ ᠳ᠋ᠦ᠍ᠷ ᠬᠠᠭᠠᠨ ᠬᠠᠰᠠᠷ ᠤ᠋ᠨ ᠰᠢᠷᠬᠠᠲᠤᠭᠰᠠᠨ ᠳ᠋ᠤᠷ ᠶᠡᠬᠡᠯ᠎ᠡ ᠶᠠᠭᠠᠷᠠᠨ ᠪᠡᠶ᠎ᠡ ᠪᠡᠷ ᠤᠭᠲᠤᠨ ᠭᠠᠷᠴᠤ᠂ ᠶᠠᠭᠠᠷᠠᠨ ᠰᠤᠮᠤ ᠶ᠋ᠢ ᠰᠤᠭᠤᠯᠵᠤ ᠦᠵᠡᠪᠡᠰᠦ ᠬᠣᠣᠷᠠᠲᠤ ᠰᠤᠮᠤ ᠲᠤᠯᠠ ᠶᠠᠭᠠᠷᠠᠨ ᠰᠠᠢᠨ ᠡᠮ ᠲᠦᠷᠬᠢᠵᠦ ᠪᠡᠶ᠎ᠡ ᠶ᠋ᠢᠨ ᠳᠡᠷᠭᠡᠳᠡ ᠰᠤᠪᠢᠯᠠᠭᠤᠯᠵᠤ ᠭᠠᠰᠢᠭᠤᠳᠠᠨ ᠥᠭᠦᠯᠡᠷᠦᠨ : 《ᠳᠡᠭᠦᠦ ᠪᠡᠨ ᠠᠷᠭ᠎ᠠ ᠬᠡᠷᠡᠭᠯᠡᠨ ᠬᠠᠷᠢᠶᠠᠯᠴᠢ ᠶ᠋ᠢ ᠪᠠᠷᠢᠰᠤᠭᠠᠢ ᠬᠡᠮᠡᠬᠦᠢ ᠳ᠋ᠦ᠍ᠷ ᠪᠢ ᠰᠠᠢᠨ ᠮᠣᠷᠢᠨ ᠢ᠋ᠶ᠋ᠠᠨ ᠤᠨᠤᠭᠤᠯᠵᠤ ᠪᠠᠢᠲᠠᠯ᠎ᠠ ᠡᠰᠡ ᠪᠣᠯᠪᠠ !》ᠭᠡᠮᠡᠨ ᠭᠠᠰᠢᠭᠤᠳᠠᠵᠤ᠂ ᠬᠣᠶᠠᠷ ᠬᠣᠨᠣᠵᠤ ᠬᠣᠣᠷ᠎ᠠ ᠠᠨᠤ ᠥᠴᠦᠬᠡᠨ ᠳᠠᠷᠤᠭᠳᠠᠭᠰᠠᠨ ᠳ᠋ᠤᠷ ᠬᠠᠰᠠᠷ ᠰᠠᠶᠢ ᠦᠭᠡ ᠥᠭᠦᠯᠡᠵᠦ ᠴᠢᠳᠠᠪᠠ᠃ 

– – – – 
 ① ᠡᠨᠡ ᠠᠷᠭ᠎ᠠ ᠳᠠᠷᠤᠢ ᠡᠳᠦᠭᠡᠬᠢ ᠴᠢᠩ ᠤᠯᠤᠰ ᠤ᠋ᠨ ᠡᠰᠡᠷᠭᠦᠴᠡᠯ ᠬᠦᠢ ᠽᠢ ᠶ᠋ᠢᠨ ᠳᠡ ᠪᠠ ᠭᠦᠸᠧ᠂ ᠲᠢᠶᠠᠨ ᠤ᠋ ᠳ᠋ᠤᠷ ᠰᠤᠷᠬᠤ ᠣᠯᠠᠨ ᠬᠡᠦᠬᠡᠳ ᠦ᠋ᠨ ᠨᠢᠳᠦᠨ ᠢ᠋ᠶ᠋ᠡᠷ ᠪᠦᠷᠢᠨᠲᠦ ᠵᠠᠰᠠᠭᠴᠢ ᠶ᠋ᠢᠨ ᠶᠢᠰᠦᠳᠦᠭᠡᠷ ᠣᠨ ᠳ᠋ᠤᠷ ᠡᠢᠮᠦ ᠮᠤᠩᠬᠠᠭᠤᠷᠠᠬᠤ ᠡᠮ ᠨᠠᠢᠷᠠᠭᠤᠯᠬᠤ ᠳ᠋ᠤᠷ ᠬᠡᠷᠡᠭ ᠭᠠᠷᠤᠭᠰᠠᠨ ᠪᠥᠯᠥᠭᠡ᠃

       ᠲᠡᠳᠦᠢ ᠬᠠᠭᠠᠨ ᠶᠡᠬᠡᠳᠡ ᠬᠢᠯᠢᠩᠯᠡᠨ ᠬᠠᠷᠢᠶᠠᠯᠴᠢ ᠶ᠋ᠢ ᠠᠮᠢᠳᠤ ᠪᠠᠷ ᠤᠭᠲᠤᠴᠢ ᠭᠡᠮᠡᠨ ᠣᠭᠲᠣᠯᠬᠤᠢ ᠳ᠋ᠤᠷ ᠲᠡᠷᠡ ᠡᠮ᠎ᠡ ᠠᠮᠠᠨ ᠳ᠋ᠤᠷ ᠢ᠋ᠶ᠋ᠠᠨ ᠨᠢᠭᠡᠨ ᠬᠡᠳᠦᠨ ᠦᠭᠡ ᠥᠭᠦᠯᠡᠪᠡᠰᠦ ᠬᠢᠲᠤᠭ᠎ᠠ ᠳᠠᠷᠤᠢ ᠮᠢᠬ᠎ᠠ ᠳ᠋ᠤᠷ ᠣᠷᠣᠬᠤ ᠦᠭᠡᠢ ᠳ᠋ᠦ᠍ᠷ ᠬᠠᠭᠠᠨ ᠶᠡᠬᠡᠯ᠎ᠡ ᠬᠢᠯᠢᠩᠯᠡᠨ ᠶᠡᠬᠡ ᠭᠠᠯ ᠬᠥᠭᠵᠢᠭᠡᠵᠦ ᠥᠪᠡᠷ ᠢ᠋ᠶ᠋ᠡᠨ ᠭᠠᠩ ᠤ᠋ᠨ ᠵᠢᠳᠠ ᠪᠠᠷ ᠬᠠᠳᠬᠤᠭᠰᠠᠨ ᠳ᠋ᠤᠷ ᠲᠡᠷᠡ ᠡᠮ᠎ᠡ ᠶ᠋ᠢᠨ ᠪᠡᠶ᠎ᠡ ᠡᠴᠡ ᠭᠠᠯ ᠭᠠᠷᠴᠤ᠂ ᠬᠠᠭᠠᠨ ᠤ᠋ ᠵᠢᠳᠠ ᠨᠡᠪᠲᠡ ᠬᠠᠳᠬᠤᠵᠤ ᠣᠷᠣᠭᠠᠳ ᠡᠲᠡᠵᠦ ᠠᠪᠤᠨ ᠭᠠᠯ ᠳ᠋ᠤᠷ ᠲᠠᠶᠠᠭᠳᠠᠵᠤ ᠬᠤᠢᠬᠠᠯᠠᠵᠤ ᠠᠯᠠᠪᠠ᠃ ᠦᠵᠡᠰᠡ ᠬᠠᠭᠠᠨ ᠤ᠋ ᠰᠦᠷ ᠢ᠋ ᠪᠠᠭᠤᠷᠠᠭᠤᠯᠤᠭᠰᠠᠨ ᠠᠨᠤ ᠲᠡᠭᠦᠨ ᠦ᠌ ᠣᠢᠷ᠎ᠠ ᠬᠦᠷᠦᠭᠰᠡᠨ ᠦ᠌ ᠬᠠᠷᠠᠭ᠎ᠠ᠂ ᠰᠠᠨᠠᠮᠰᠠᠷ ᠦᠭᠡᠢ ᠬᠠᠰᠠᠷ ᠬᠣᠣᠷᠠᠲᠤ ᠵᠡᠪᠡ ᠳ᠋ᠦ᠍ᠷ ᠰᠢᠷᠬᠠᠲᠤᠵᠤ ᠠᠷᠠᠢ ᠡᠰᠡ ᠦᠬᠦᠪᠡ᠃ ᠬᠠᠭᠠᠨ ᠶᠡᠬᠡᠳᠡ ᠬᠢᠯᠢᠩᠯᠡᠨ ᠡᠷᠬᠡᠪᠰᠢ ᠡᠨᠡ ᠬᠣᠲᠠᠨ ᠢ ᠡᠰᠡ ᠠᠪᠤᠪᠠᠰᠤ ᠪᠣᠯᠬᠤ ᠦᠭᠡᠢ ᠭᠡᠮᠡᠨ ᠭᠤᠷᠪᠠᠨ ᠠᠩᠭᠢ ᠴᠡᠷᠢᠭ ᠢ᠋ᠶ᠋ᠡᠷ ᠲᠦᠷᠢᠮᠡᠬᠡᠢ ᠪᠠᠯᠭᠠᠰᠤᠨ ᠢ ᠳᠣᠯᠣᠭᠠᠨ ᠳᠠᠪᠬᠤᠷ ᠬᠠᠭᠠᠪᠠ᠃ ᠭᠠᠭᠴᠠ ᠬᠣᠲᠠ ᠶ᠋ᠢᠨ ᠣᠢᠷ᠎ᠠ ᠬᠦᠷᠪᠡᠰᠦ ᠭᠦᠷᠪᠡᠯᠵᠢᠨ ᠭᠤᠸ᠎ᠠ ᠶ᠋ᠢᠨ ᠨᠢᠭᠡᠨ ᠵᠦᠢᠯ ᠦ᠋ᠨ ᠴᠠᠭᠠᠨ ᠠᠭᠤᠷ ᠴᠠᠭᠠᠨ ᠳᠠᠯᠪᠠᠭ᠎ᠠ ᠭᠠᠷᠴᠤ ᠲᠡᠷᠢᠭᠦᠯᠡᠭᠰᠡᠨ ᠬᠥᠮᠦᠨ ᠦ᠌ ᠪᠡᠶ᠎ᠡ ᠳ᠋ᠦ᠍ᠷ ᠬᠠᠷᠪᠤᠨ ᠬᠦᠷᠴᠦ ᠢᠷᠡᠮᠡᠭᠴᠡ ᠳᠠᠷᠤᠢ ᠤᠨᠠᠬᠤ ᠲᠤᠯᠠ ᠬᠠᠷᠠᠬᠠᠨ ᠤᠷᠤᠭᠰᠢᠯᠠᠬᠤ ᠠᠷᠭ᠎ᠠ ᠦᠭᠡᠢ ᠳ᠋ᠦ᠍ᠷ ᠱᠠᠩᠳᠤ ᠠ᠋ᠴᠠ ᠬᠤᠸᠠᠢ ᠭᠦᠸᠧ ᠭᠦᠩᠵᠦ ᠬᠠᠭᠠᠨ ᠤ᠋ ᠱᠠᠩᠨᠠᠭᠰᠠᠨ ᠯᠤᠤ ᠶ᠋ᠢᠨ ᠮᠣᠷᠢ ᠶ᠋ᠢ ᠤᠨᠤᠵᠤ ᠬᠦᠷᠴᠦ ᠢᠷᠡᠭᠡᠳ ᠬᠠᠭᠠᠨ ᠳ᠋ᠤᠷ ᠪᠠᠷᠠᠯᠬᠠᠨ ᠮᠥᠷᠭᠥᠭᠰᠡᠨ ᠳ᠋ᠦ᠍ᠷ ᠬᠠᠭᠠᠨ ᠡᠳᠡᠭᠡᠷ ᠦ᠋ᠨ ᠭᠠᠵᠢᠭᠤ ᠰᠣᠯᠣᠭᠠᠢ ᠶ᠋ᠢ ᠬᠡᠯᠡᠵᠦ ᠡᠪᠳᠡᠬᠦ ᠠᠷᠭ᠎ᠠ ᠶ᠋ᠢ ᠵᠥᠪᠯᠡᠬᠦᠢ ᠳ᠋ᠦ᠍ᠷ ᠬᠤᠸᠠᠢ ᠭᠦᠸᠧ ᠭᠦᠩᠵᠦ ᠮᠥᠷᠭᠥᠨ ᠠᠢᠯᠠᠳᠬᠠᠷᠤᠨ :《ᠥᠬᠢᠨ ᠰᠠᠢᠳ ᠪᠢ ᠭᠠᠷᠴᠤ ᠦᠵᠡᠰᠦᠭᠡᠢ !》ᠭᠡᠮᠡᠨ ᠪᠧᠢ ᠯᠢᠩ ᠭᠦᠩᠵᠦ ᠯᠦ᠍ᠭᠡ ᠡᠴᠢᠵᠦ ᠬᠣᠲᠠᠨ ᠢ᠋ ᠲᠣᠭᠣᠷᠢᠨ ᠦᠵᠡᠭᠡᠳ ᠪᠧᠢ ᠯᠢᠩ ᠭᠦᠩᠵᠦ ᠰᠢᠮᠨᠤ ᠶ᠋ᠢᠨ ᠤᠪᠠᠳᠢᠰ ᠬᠡᠮᠡᠭᠰᠡᠨ ᠳ᠋ᠦ᠍ᠷ ᠬᠤᠸᠠᠢ ᠭᠦᠸᠧ ᠭᠦᠩᠵᠦ ᠥᠭᠦᠯᠡᠷᠦᠨ : 《ᠡᠭᠦᠨ ᠢ ᠴᠢ ᠡᠪᠳᠡᠵᠦ ᠴᠢᠳᠠᠬᠤ ᠦᠭᠡᠢ ᠤᠤ ? ᠬᠡᠷᠪᠡ ᠴᠢ ᠡᠪᠳᠡᠵᠦ ᠴᠢᠳᠠᠪᠠᠰᠤ ᠡᠨᠡ ᠭᠠᠪᠢᠶ᠎ᠠ ᠶ᠋ᠢ ᠴᠢ ᠪᠠᠢᠭᠤᠯᠵᠤ ᠬᠠᠭᠠᠨ ᠳ᠋ᠤᠷ ᠪᠠᠷᠠᠯᠬᠠᠨ ᠡᠷᠭᠦᠮᠵᠢᠯᠡᠯ ᠣᠯᠭᠣᠭᠤᠯᠰᠤᠭᠠᠢ ! 》 ᠬᠡᠮᠡᠬᠦᠢ ᠳ᠋ᠦ᠍ᠷ ᠪᠧᠢ ᠯᠢᠩ ᠭᠦᠩᠵᠦ ᠴᠢᠷᠠᠢ ᠤᠯᠠᠢᠵᠤ ᠥᠭᠦᠯᠡᠷᠦᠨ : 《ᠡᠭᠡᠴᠢ ᠴᠢ ᠨᠠᠮᠠᠶ᠋ᠢ ᠨᠢᠭᠡᠨᠲᠡ ᠳᠡ ᠯᠠᠩ ᠢ᠋ᠶ᠋ᠠᠷ ᠡᠪᠳᠡᠭᠦᠯᠦᠭᠡᠳ ᠪᠠᠰᠠ ᠶᠠᠮᠪᠠᠷ ᠤᠪᠠᠳᠢᠰ ᠢ᠋ ᠠᠰᠠᠭᠤᠮᠤᠢ ? ᠣᠳᠣ ᠭᠠᠭᠴᠠ ᠡᠮ ᠰᠢᠲᠠᠭᠠᠬᠤ ᠠ᠋ᠴᠠ ᠥᠪᠡᠷ᠎ᠡ ᠠᠷᠭ᠎ᠠ ᠦᠭᠡᠢ᠃ 》ᠬᠤᠸᠠᠢ ᠭᠦᠸᠧ ᠭᠦᠩᠵᠦ ᠥᠭᠦᠯᠡᠷᠦᠨ : 《ᠶᠠᠮᠪᠠᠷ ᠡᠮ ? 》ᠪᠧᠢ ᠯᠢᠩ ᠬᠡᠯᠡᠷᠦᠨ : 《 ᠬᠦᠬᠦᠷ᠂ ᠽᠸᠽᠠ᠂ ᠬᠦᠩ ᠾᠦᠢ᠂ ᠴᠢᠨᠣ᠎ᠠ ᠶ᠋ᠢᠨ ᠪᠠᠭᠠᠰᠤ ᠵᠡᠷᠭᠡ ᠡᠮ ᠢ᠋ ᠰᠢᠲᠠᠭᠠᠵᠤ᠂ ᠲᠡᠷᠭᠡᠨ ᠳ᠋ᠦ᠍ᠷ ᠲᠦᠯᠬᠢᠨ ᠣᠷᠣᠵᠤ ᠪᠠᠢᠯᠳᠤᠬᠤ ᠪᠣᠢ ᠊ᠶ᠎ᠠ ! 》ᠬᠡᠮᠡᠭᠰᠡᠨ ᠳ᠋ᠦ᠍ᠷ ᠬᠤᠸᠠᠢ ᠭᠦᠸᠧ ᠭᠦᠩᠵᠦ ᠳᠠᠷᠤᠢ ᠲᠡᠷᠡ ᠶᠣᠰᠣᠭᠠᠷ ᠭᠤᠷᠪᠠᠨ ᠮᠢᠩᠭᠠᠨ ᠲᠦᠯᠬᠢᠬᠦ ᠲᠡᠷᠭᠡ ᠳ᠋ᠦ᠍ᠷ ᠭᠠᠯ ᠭᠠᠷᠭᠠᠨ ᠡᠮ ᠢ᠋ ᠲᠦᠯᠡᠵᠦ᠂ ᠴᠡᠷᠢᠭ ᠦ᠋ᠨ ᠡᠮᠦᠨ᠎ᠡ ᠲᠦᠯᠬᠢᠭᠦᠯᠦᠨ ᠣᠷᠣᠭᠰᠠᠨ ᠳ᠋ᠤᠷ ᠡᠭᠦᠨ ᠦ᠌ ᠤᠲᠤᠭ᠎ᠠ ᠲᠡᠭᠷᠢ ᠲᠤᠯᠲᠠᠯ᠎ᠠ ᠭᠠᠷᠤᠭᠰᠠᠨ᠎ᠠ᠂ ᠬᠣᠲᠠ ᠳᠡᠭᠡᠷᠡᠬᠢ ᠤᠪᠠᠳᠢᠰᠲᠤ ᠴᠡᠷᠢᠭ ᠴᠥᠮ ᠲᠡᠰᠢᠨ ᠴᠢᠳᠠᠬᠤ ᠦᠭᠡᠢ᠂ ᠠᠮᠠ ᠬᠠᠪᠠᠷ ᠢ᠋ᠶ᠋ᠠᠨ ᠪᠦᠲᠡᠭᠡᠵᠦ ᠬᠡᠪᠲᠡᠭᠰᠡᠨ ᠳ᠋ᠦ᠍ᠷ ᠳᠥᠷᠪᠡᠨ ᠵᠦᠭ ᠨᠠᠢ᠍ᠮᠠᠨ ᠵᠣᠪᠬᠢᠰ ᠤ᠋ᠨ ᠶᠡᠬᠡ ᠴᠡᠷᠢᠭ ᠬᠣᠲᠠ ᠶ᠋ᠢᠨ ᠣᠢᠷ᠎ᠠ ᠬᠦᠷᠴᠦ ᠬᠣᠲᠠ ᠶ᠋ᠢ ᠳᠠᠪᠠᠬᠤ ᠠᠨᠤ ᠳᠠᠪᠠᠵᠤ᠂ ᠡᠭᠦᠯᠡᠨ ᠱᠠᠲᠤ ᠲᠦᠯᠬᠢᠬᠦ ᠢᠨᠤ ᠲᠦᠯᠬᠢᠵᠦ᠂ ᠰᠢᠷᠣᠢ ᠶ᠋ᠢᠨ ᠤᠭᠤᠲᠠ ᠣᠪᠣᠭᠠᠯᠠᠬᠤ ᠠᠨᠤ ᠣᠪᠣᠭᠠᠯᠠᠨ᠂ ᠳᠡᠭᠡᠰᠦ ᠴᠣᠬᠢᠬᠤ ᠠᠨᠤ ᠴᠣᠬᠢᠵᠤ᠂ ᠠᠪᠠᠷᠢᠯᠴᠠᠨ ᠭᠠᠷᠴᠤ᠂ ᠴᠠᠭ ᠳᠣᠲᠣᠷ᠎ᠠ ᠳᠥᠷᠪᠡᠨ ᠬᠠᠭᠠᠯᠭ᠎ᠠ ᠶ᠋ᠢ ᠬᠠᠮᠲᠤ ᠪᠠᠷ ᠨᠡᠭᠡᠭᠡᠵᠦ᠂ ᠶᠡᠬᠡ ᠴᠡᠷᠢᠭ ᠢ᠋ ᠳᠡᠯᠪᠡ ᠣᠷᠣᠭᠤᠯᠵᠤ᠂ ᠬᠠᠭᠠᠯᠭ᠎ᠠ ᠶ᠋ᠢ ᠲᠠᠪᠤᠨ ᠳᠠᠪᠬᠤᠷ ᠬᠠᠭᠠᠵᠤ᠂ ᠰᠢᠳᠤᠷᠭᠤ ᠬᠠᠭᠠᠨ ᠪᠠ ᠭᠦᠷᠪᠡᠯᠵᠢᠨ ᠭᠤᠸ᠎ᠠ ᠬᠣᠶᠠᠭᠤᠯᠠ ᠶ᠋ᠢ ᠡᠷᠢᠬᠦᠢ ᠳ᠋ᠦ᠍ᠷ ᠰᠢᠳᠤᠷᠭᠤ ᠬᠠᠭᠠᠨ ᠣᠷᠳᠣᠨ ᠳ᠋ᠤᠷ ᠢ᠋ᠶ᠋ᠠᠨ ᠣᠷᠣᠵᠤ᠂ ᠮᠣᠭᠠᠢ ᠶ᠋ᠢᠨ ᠵᠤᠯᠪᠤᠳᠠᠰᠤ ᠪᠠᠷ ᠬᠢᠭᠰᠡᠨ ᠳᠡᠪᠡᠯ ᠢ᠋ᠶ᠋ᠡᠨ ᠡᠮᠦᠰᠴᠦ ᠂ ᠲᠠᠷᠨᠢ ᠤᠩᠰᠢᠨ ᠭᠡᠨᠡᠳᠲᠡ ᠶᠡᠬᠡ ᠮᠡᠩ ᠮᠣᠭᠠᠢ ᠬᠤᠪᠢᠯᠬᠤ ᠳ᠋ᠤᠷ ᠬᠤᠸᠠᠢ ᠭᠦᠸᠧ ᠭᠦᠩᠵᠦ ᠭᠠᠷᠤᠳᠢ ᠶ᠋ᠢᠨ ᠰᠡᠴᠢᠭ ᠦ᠋ᠨ ᠮᠠᠯᠠᠭ᠎ᠠ ᠬᠠᠯᠠᠨ ᠡᠮᠦᠰᠦᠭᠰᠡᠨ ᠳ᠋ᠦ᠍ᠷ ᠰᠢᠳᠤᠷᠭᠤ ᠬᠠᠭᠠᠨ ᠳ᠋ᠤᠷ ᠬᠠᠭᠠᠨ ᠭᠠᠷᠤᠳᠢ ᠮᠡᠲᠦ ᠦᠵᠡᠭᠳᠡᠵᠦ᠂ ᠶᠡᠬᠡᠯ᠎ᠡ ᠠᠶᠤᠨ ᠢᠷᠪᠢᠰ ᠦ᠋ᠨ ᠠᠷᠠᠰᠤᠨ ᠳᠡᠪᠡᠯ ᠢ᠋ᠶ᠋ᠡᠨ ᠡᠮᠦᠰᠴᠦ᠂ ᠬᠦᠷᠡᠩ ᠡᠷᠢᠶᠡᠨ ᠪᠠᠷᠰ ᠪᠣᠯᠤᠨ ᠬᠤᠪᠢᠯᠤᠭᠰᠠᠨ ᠳ᠋ᠤᠷ ᠬᠤᠸᠠᠢ ᠭᠦᠸᠧ ᠭᠦᠩᠵᠦ ᠶᠠᠭᠠᠷᠠᠨ ᠠᠷᠰᠯᠠᠨ ᠤ᠋ ᠰᠠᠬᠠᠯ ᠤ᠋ᠨ ᠰᠣᠨᠣᠪᠲᠤᠷ ᠢ᠋ᠶ᠋ᠠᠨ ᠬᠠᠳᠬᠤᠭᠰᠠᠨ ᠳ᠋ᠤᠷ ᠰᠢᠳᠤᠷᠭᠤ ᠬᠠᠭᠠᠨ ᠳ᠋ᠤᠷ ᠠᠷᠢᠶᠠᠲᠠᠨ ᠤ᠋ ᠬᠠᠭᠠᠨ ᠠᠷᠰᠯᠠᠨ ᠮᠡᠲᠦ ᠦᠵᠡᠭᠳᠡᠵᠦ᠂ ᠶᠠᠭᠠᠷᠠᠨ ᠪᠠᠰᠠ ᠤᠷᠪᠠᠨ ᠠᠷᠪᠠᠨ ᠨᠠᠢ᠍ᠮᠠᠨ ᠨᠠᠰᠤᠨ ᠤ᠋ ᠬᠥᠪᠡᠭᠦᠨ ᠪᠣᠯᠤᠨ ᠬᠤᠪᠢᠯᠤᠭᠰᠠᠨ ᠳ᠋ᠤᠷ ᠴᠢᠪᠬᠢᠲᠡᠯ᠎ᠡ ᠲᠡᠭᠷᠢ ᠶ᠋ᠢᠨ ᠬᠥᠪᠡᠭᠦᠨ ᠬᠠᠭᠠᠨ ᠴᠢᠩᠭᠢᠰ ᠪᠣᠭᠳᠠ ᠬᠦᠷᠴᠦ ᠢᠷᠡᠭᠰᠡᠨ ᠳ᠋ᠦ᠍ᠷ ᠨᠢᠭᠡᠨᠲᠡ ᠦᠵᠡᠭᠡᠳ ᠰᠥᠰᠥ ᠬᠡᠮᠬᠡᠷᠡᠵᠦ ᠪᠠᠷᠢᠭᠳᠠᠪᠠᠢ᠃ ᠲᠡᠳᠦᠢ ᠭᠦᠷᠪᠡᠯᠵᠢᠨ ᠭᠤᠸ᠎ᠠ ᠬᠠᠲᠤᠨ ᠠᠨᠤ ᠰᠠᠶᠢ ᠶᠡᠬᠡ ᠰᠡᠴᠢᠭᠯᠢᠭ ᠣᠷᠳᠣᠨ ᠳ᠋ᠤᠷ ᠢ᠋ᠶ᠋ᠠᠨ ᠣᠷᠣᠵᠤ᠂ ᠰᠤᠪᠤᠳ ᠤ᠋ᠨ ᠣᠷᠭᠢᠭᠤᠯᠲᠤ ᠬᠠᠷᠰᠢ ᠳ᠋ᠤᠷ ᠣᠷᠣᠵᠤ᠂ ᠯᠢᠩᠬᠤ᠎ᠠ ᠴᠡᠴᠡᠭ ᠦ᠋ᠨ ᠤᠰᠤᠨ ᠤ᠋ ᠨᠠᠭᠤᠷ ᠢ᠋ᠶ᠋ᠠᠷ ᠬᠤᠪᠢᠯᠤᠨ ᠳᠤᠲᠠᠭᠠᠰᠤᠭᠠᠢ ᠬᠡᠮᠡᠬᠦᠢ ᠳ᠋ᠦ᠍ᠷ ᠮᠠᠰᠢ ᠬᠡᠲᠦᠷᠬᠡᠢ ᠨᠢᠭᠡᠨ ᠰᠠᠢᠬᠠᠨ ᠬᠠᠭᠠᠨ ᠬᠥᠪᠡᠭᠦᠨ ᠪᠡᠶ᠎ᠡ ᠳᠦᠭᠦᠷᠡᠩ ᠠᠯᠲᠠᠨ ᠬᠤᠶᠠᠭ᠂ ᠲᠣᠯᠢ ᠰᠤᠪᠤᠳᠲᠤ ᠳᠤᠭᠤᠯᠠᠭ᠎ᠠ ᠡᠮᠦᠰᠴᠦ᠂ ᠴᠢᠷᠠᠢ ᠠᠨᠤ ᠠᠮᠢᠳᠤ ᠯᠢᠩᠬᠤ᠎ᠠ ᠴᠡᠴᠡᠭ ᠮᠡᠲᠦ ᠰᠠᠢᠬᠠᠨ᠂ ᠳᠠᠭᠤᠨ ᠠᠨᠤ ᠬᠠᠰ ᠴᠢᠩ ᠮᠡᠲᠦ ᠳᠠᠭᠤᠯᠠᠨ᠂ ᠰᠠᠨᠳᠤᠷᠤᠨ ᠢᠷᠡᠵᠦ ᠭᠦᠷᠪᠡᠯᠵᠢᠨ ᠭᠤᠸ᠎ᠠ ᠬᠠᠲᠤᠨ ᠢ᠋ ᠲᠡᠪᠡᠷᠢᠵᠦ ᠤᠬᠢᠯᠠᠨ ᠥᠭᠦᠯᠡᠷᠦᠨ : 《 ᠨᠠᠮᠠᠶ᠋ᠢ ᠴᠢᠨᠦ ᠡᠴᠢᠭᠡ ᠡᠤ ᠨᠣᠶᠠᠨ ᠠᠪᠤᠷ᠎ᠠ ᠢᠯᠡᠭᠡᠪᠡ! 》 ᠬᠡᠮᠡᠭᠰᠡᠨ ᠳ᠋ᠦ᠍ᠷ ᠭᠦᠷᠪᠡᠯᠵᠢᠨ ᠭᠤᠸ᠎ᠠ ᠡᠨᠡ ᠬᠥᠪᠡᠭᠦᠨ ᠳ᠋ᠦ᠍ᠷ ᠪᠦᠬᠦᠯᠢ ᠪᠡᠶ᠎ᠡ ᠬᠤᠷᠢᠴᠠᠵᠤ ᠶᠠᠭᠠᠷᠠᠨ ᠬᠥᠪᠡᠭᠦᠨ ᠢ᠋ ᠲᠡᠪᠡᠷᠢᠵᠦ ᠤᠬᠢᠯᠠᠰᠤᠭᠠᠢ ᠬᠡᠮᠡᠲᠡᠯ᠎ᠡ ᠲᠡᠷᠡ ᠬᠥᠪᠡᠭᠦᠨ ᠭᠡᠨᠡᠳᠲᠡ ᠨᠢᠭᠡᠨ ᠨᠠᠷᠢᠨ ᠳᠡᠭᠡᠰᠦᠨ ᠢ᠋ ᠭᠠᠷᠭᠠᠵᠤ ᠭᠦᠷᠪᠡᠯᠵᠢᠨ ᠭᠤᠸ᠎ᠠ ᠶ᠋ᠢ ᠪᠠᠷᠢᠵᠤ ᠬᠦᠯᠢᠭᠡᠳ ᠠᠪᠴᠤ ᠢᠷᠡᠪᠡ᠃ ᠦᠵᠡᠰᠡ ᠬᠤᠸᠠᠢ ᠭᠦᠸᠧ ᠭᠦᠩᠵᠦ ᠡᠷᠡᠴᠢᠯᠡᠨ ᠴᠢᠮᠡᠵᠦ ᠭᠦᠷᠪᠡᠯᠵᠢᠨ ᠭᠤᠸ᠎ᠠ ᠶ᠋ᠢ ᠮᠡᠬᠡᠯᠡᠵᠦ ᠪᠠᠷᠢᠭᠰᠠᠨ ᠠᠵᠤᠭᠤ᠃ 
       ᠲᠡᠳᠦᠢ ᠬᠠᠭᠠᠨ ᠵᠠᠭᠤᠨ ᠣᠪᠣᠭᠲᠠᠨ ᠢ ᠲᠣᠭᠲᠠᠭᠠᠨ᠂ ᠲᠡᠳᠡᠨ ᠦ᠌ ᠤᠪᠠᠳᠢᠰᠲᠤ ᠲᠦᠰᠢᠮᠡᠳ ᠢ ᠢᠨᠤ ᠴᠥᠮ ᠡᠷᠢᠨ ᠪᠠᠷᠢᠭᠤᠯᠵᠤ᠂ ᠶᠡᠬᠡ ᠬᠠᠷᠰᠢ ᠳ᠋ᠤᠷ ᠰᠢᠳᠤᠷᠭᠤ ᠬᠠᠭᠠᠨ ᠢ᠋ ᠠᠪᠴᠢᠷᠠᠭᠤᠯᠤᠨ : 《ᠶᠠᠭᠤᠨ ᠳ᠋ᠤᠷ ᠬᠣᠷᠢᠨ ᠣᠨ ᠤ᠋ ᠳᠣᠲᠣᠷ᠎ᠠ ᠭᠤᠷᠪᠠᠨ ᠵᠡᠷᠭᠡ ᠤᠷᠪᠠᠪᠠ ?  》ᠭᠡᠮᠡᠨ ᠠᠰᠠᠭᠤᠭᠰᠠᠨ ᠳ᠋ᠤᠷ ᠰᠢᠳᠤᠷᠭᠤ ᠬᠠᠭᠠᠨ ᠥᠭᠦᠯᠡᠷᠦᠨ :《ᠮᠢᠨᠦ ᠬᠤᠪᠢᠯᠭᠠᠨ ᠡᠮ᠎ᠡ ᠭᠦᠷᠪᠡᠯᠵᠢᠨ ᠭᠤᠸ᠎ᠠ ᠳ᠋ᠤᠷ ᠪᠠᠴᠢᠯᠠᠭᠳᠠᠵᠤ ᠡᠨᠡ ᠡᠳᠦᠷ ᠦ᠋ᠨ ᠵᠣᠪᠠᠯᠠᠩ ᠳ᠋ᠤᠷ ᠣᠷᠣᠪᠠ᠃ 》ᠬᠠᠭᠠᠨ ᠲᠡᠭᠦᠨ ᠦ᠌ ᠦᠭᠡ ᠶ᠋ᠢ ᠮᠥᠨ ᠬᠡᠮᠡᠵᠦ ᠠᠮᠢᠨ ᠢ᠋ ᠬᠡᠯᠲᠦᠷᠢᠭᠦᠯᠵᠦ ᠳᠠᠭᠠᠭᠤᠯᠬᠤ ᠵᠠᠷᠯᠢᠭ ᠪᠣᠯᠤᠨ ᠬᠦᠯᠢᠶᠡᠰᠦᠨ ᠢ᠋ ᠲᠠᠢᠯᠤᠭᠤᠯᠰᠤᠭᠠᠢ ᠬᠡᠮᠡᠲᠡᠯ᠎ᠡ ᠬᠠᠭᠠᠨ ᠤ᠋ ᠪᠠᠷᠠᠭᠤᠨ ᠨᠢᠳᠦ ᠵᠢᠷᠢᠪᠡᠰᠬᠢᠨ ᠲᠠᠲᠠᠭᠰᠠᠨ ᠳ᠋ᠤᠷ ᠬᠠᠭᠠᠨ ᠰᠠᠨᠠᠭᠠᠯᠵᠠᠵᠤ᠂ ᠰᠢᠳᠤᠷᠭᠤ ᠶ᠋ᠢ ᠪᠦᠬᠦᠯᠢ ᠪᠡᠶ᠎ᠡ ᠶ᠋ᠢ ᠨᠡᠩᠵᠢᠭᠦᠯᠬᠦᠢ ᠳ᠋ᠦ᠍ᠷ ᠣᠭᠲᠣ ᠶᠠᠭᠤᠮ᠎ᠠ ᠣᠯᠤᠭᠰᠠᠨ ᠦᠭᠡᠢ᠂ ᠬᠠᠭᠠᠨ ᠰᠠᠢᠨ ᠨᠡᠩᠵᠢ ᠬᠡᠮᠡᠬᠦᠢ ᠳ᠋ᠦ᠍ᠷ ᠰᠢᠳᠠᠷ ᠴᠡᠷᠢᠭ ᠲᠡᠭᠦᠨ ᠦ᠌ ᠳᠡᠪᠡᠯ ᠮᠠᠯᠠᠭ᠎ᠠ ᠭᠤᠲᠤᠯ ᠣᠢᠮᠣᠰᠤ ᠶ᠋ᠢ ᠲᠠᠢᠯᠵᠤ ᠬᠠᠨᠵᠠᠯᠤᠨ ᠨᠡᠩᠵᠢᠭᠰᠡᠭᠡᠷ ᠭᠤᠲᠤᠯ ᠤ᠋ᠨ ᠤᠯᠠ ᠶ᠋ᠢᠨ ᠳᠣᠲᠣᠷ᠎ᠠ ᠭᠤᠷᠪᠠᠨᠲᠠ ᠡᠪᠬᠡᠵᠦ ᠨᠤᠭᠤᠯᠤᠭᠰᠠᠨ ᠪᠣᠯᠣᠳ ᠤ᠋ᠨ ᠰᠢᠷᠬᠡᠭ ᠦ᠋ᠨ ᠬᠢᠲᠤᠭ᠎ᠠ ᠭᠠᠷᠤᠭᠰᠠᠨ ᠳ᠋ᠤᠷ ᠬᠠᠭᠠᠨ ᠶᠡᠬᠡᠯ᠎ᠡ ᠬᠢᠯᠢᠩᠯᠡᠵᠦ᠂ ᠮᠥᠨ ᠭᠢᠲᠤᠬ᠎ᠠ ᠪᠠᠷ ᠠᠨᠤ ᠲᠡᠭᠦᠨ ᠢ᠋ ᠴᠠᠪᠴᠢᠨ ᠠᠯᠠ ᠬᠡᠮᠡᠬᠦᠢ ᠳ᠋ᠦ᠍ᠷ ᠰᠢᠳᠤᠷᠭᠤ ᠥᠭᠦᠯᠡᠷᠦᠨ :《ᠬᠠᠭᠠᠨ ᠴᠢ  ᠨᠠᠮᠠᠶ᠋ᠢ ᠠᠯᠠᠪᠠᠰᠤ ᠴᠢᠨᠦ ᠨᠠᠰᠤᠨ ᠳ᠋ᠤᠷ ᠮᠠᠭᠤ᠂  ᠨᠠᠮᠠᠶ᠋ᠢ ᠦᠯᠡᠳᠡᠭᠡᠪᠡᠰᠦ ᠴᠢᠨᠦ ᠦᠷ᠎ᠡ ᠳ᠋ᠦ᠍ᠷ ᠮᠠᠭᠤ ! 》 ᠬᠡᠮᠡᠬᠦᠢ ᠳ᠋ᠦ᠍ᠷ ᠲᠠᠢᠽᠦ ᠮᠦᠰᠢᠶᠡᠵᠦ ᠥᠭᠦᠯᠡᠷᠦᠨ : 《ᠪᠢ ᠴᠦ᠍ ᠵᠢᠷᠠᠨ ᠨᠠᠰᠤ ᠭᠠᠷᠴᠤ ᠮᠥᠨ ᠦᠬᠦᠬᠦ ᠴᠠᠭ ᠪᠣᠯᠪᠠ ᠂ ᠮᠢᠨᠦ ᠪᠡᠶ᠎ᠡ ᠪᠠ ᠨᠠᠰᠤᠨ ᠳ᠋ᠤᠷ ᠮᠠᠭᠤ ᠳ᠋ᠤᠷ ᠭᠠᠢ ᠦᠭᠡᠢ᠂ ᠮᠢᠨᠦ ᠦᠷ᠎ᠡ ᠠᠴᠢ ᠲᠦᠮᠡᠨ ᠦᠶ᠎ᠡ ᠰᠠᠢᠨ ᠪᠣᠯᠪᠠᠰᠤ ᠪᠠᠷᠠᠪᠠ ! 》 ᠭᠡᠮᠡᠨ ᠲᠦᠯᠬᠢᠨ ᠭᠠᠷᠭᠠᠵᠤ ᠠᠯᠠᠭᠤᠯᠬᠤᠢ ᠳ᠋ᠤᠷ ᠰᠢᠳᠤᠷᠭᠤ ᠪᠠᠰᠠ ᠥᠭᠦᠯᠡᠷᠦᠨ : 《ᠮᠢᠨᠦ ᠬᠦᠵᠦᠭᠦᠨ ᠡᠴᠡ ᠰᠦ ᠭᠠᠷᠪᠠᠰᠤ ᠬᠠᠭᠠᠨ ᠤ᠋ ᠪᠡᠶ᠎ᠡ ᠳ᠋ᠦ᠍ᠷ ᠮᠠᠭᠤ᠂ ᠴᠢᠰᠤᠨ ᠭ᠍ᠡᠷᠪᠠᠰᠤ ᠬᠠᠭᠠᠨ ᠤ᠋ ᠦᠷᠡᠰ ᠲᠣᠷ ᠮᠠᠭᠤ ! 》 ᠬᠡᠮᠡᠭᠰᠡᠨ ᠳ᠋ᠦ᠍ᠷ ᠴᠡᠷᠢᠭ ᠦ᠋ᠨ ᠠᠷᠠᠳ ᠢᠨᠢᠶᠡᠯᠴᠡᠵᠦ ᠲᠣᠯᠣᠭᠠᠢ ᠶ᠋ᠢ ᠴᠠᠪᠴᠢᠨ ᠠᠪᠤᠭᠰᠠᠨ ᠳ᠋ᠤᠷ ᠦᠨᠡᠬᠡᠷ ᠴᠠᠭᠠᠨ ᠰᠦ ᠭᠣᠭᠣᠵᠢᠪᠠ᠃ ᠲᠡᠳᠦᠢ ᠰᠢᠳᠤᠷᠭᠤ ᠶ᠋ᠢᠨ ᠰᠢᠮᠨᠤ ᠡᠮ᠎ᠡ ᠶ᠋ᠢ ᠲᠦᠯᠬᠢᠨ ᠠᠴᠢᠷᠠᠭᠰᠠᠨ ᠳ᠋ᠤᠷ ᠬᠠᠭᠠᠨ ᠦᠵᠡᠭᠡᠳ ᠲᠡᠭᠦᠨ ᠦ᠌ ᠮᠠᠭᠠᠳ ᠰᠢᠮᠨᠤ ᠪᠠᠢᠳᠠᠯ ᠢ᠋ ᠦᠵᠡᠵᠦ ᠭᠠᠷᠤᠭᠠᠳ ᠶᠧ ᠯᠢᠦᠢ ᠴᠦ ᠼᠠᠢ ᠠ᠋ᠴᠠ ᠠᠰᠠᠭᠤᠷᠤᠨ : 《ᠡᠨᠡ ᠡᠬᠡᠨᠡᠷ ᠶᠠᠭᠤᠨ ᠪᠣᠢ ? 》 ᠶᠧ ᠯᠢᠦᠢ ᠴᠦ ᠼᠠᠢ ᠠᠢᠯᠠᠳᠬᠠᠷᠤᠨ : 《ᠡᠨᠡ ᠯᠠᠪ ᠤᠰᠤᠨ ᠤ᠋ ᠠᠮᠢᠲᠠᠨ ᠵᠢᠯ ᠤᠳᠠᠵᠤ ᠡᠢᠮᠦ ᠪᠣᠯᠪᠠᠢ ‍ᠶ᠎ᠠ ! 》 ᠬᠠᠭᠠᠨ ᠠᠰᠠᠭᠤᠷᠤᠨ : 《ᠡᠷᠲᠡᠨ ᠦ᠌ ᠤᠯᠤᠰ ᠲᠤᠷ ᠪᠠᠰᠠ ᠡᠢᠮᠦ ᠵᠦᠢᠯ ᠭᠠᠷᠪᠠ ᠤᠤ ? 》 ᠶᠧ ᠯᠢᠦᠢ ᠴᠦ ᠼᠠᠢ ᠠᠢᠯᠠᠳᠬᠠᠷᠤᠨ : 《ᠡᠷᠲᠡ ᠱᠠᠩ ᠤᠯᠤᠰ ᠤ᠋ᠨ ᠵᠧᠦ ᠬᠠᠭᠠᠨ ᠳ᠋ᠤᠷ ᠨᠢᠭᠡᠨ ᠶᠢᠰᠦᠨ ᠰᠡᠭᠦᠯᠲᠦ ᠦᠨᠡᠭᠡ ᠰᠠᠮᠠᠭᠤᠷᠠᠭᠤᠯᠪᠠ ᠭᠡᠮᠡᠨ < ᠱᠠᠰᠢᠨᠲᠤ ᠨᠣᠮ  > ᠳ᠋ᠤᠷ ᠭᠠᠷᠴᠤᠬᠤᠢ ᠃ ᠬᠣᠢᠨ᠎ᠠ ᠪᠠᠭ᠎ᠠ ᠪᠠᠭ᠎ᠠ ᠤᠯᠤᠰ ᠲᠤᠷ ᠥᠴᠦᠬᠡᠨ ᠰᠢᠮᠨᠤᠰ ᠮᠥᠨ ᠤᠯᠤᠰ ᠡᠪᠳᠡᠷᠡᠬᠦᠢ ᠳ᠋ᠦ᠍ᠷ ᠲᠣᠬᠢᠶᠠᠯᠳᠤᠭᠰᠠᠨ ᠪᠠᠰᠠ ᠨᠡᠯᠢᠶᠡᠳ ᠭᠠᠷᠪᠠ ᠃ ᠬᠠᠭᠠᠨ ᠳᠠᠷᠤᠢ ᠭᠠᠷᠭᠠᠵᠤ ᠠᠯᠠ  》ᠬᠡᠮᠡᠭᠰᠡᠨ ᠳ᠋ᠦ᠍ᠷ ᠬᠤᠸᠠᠢ ᠭᠦᠸᠧ ᠭᠦᠩᠵᠦ ᠠᠢᠯᠠᠳᠬᠠᠷᠤᠨ :《ᠲᠡᠷᠡ ᠨᠢᠭᠡᠨ ᠡᠬᠡᠨᠡᠷ ᠬᠥᠮᠦᠨ ᠶᠠᠭᠤᠨ ᠢ᠋ ᠴᠢᠳᠠᠬᠤ ? ᠥᠷᠥᠰᠢᠶᠡᠪᠡᠰᠦ ᠬᠠᠭᠠᠨ ᠰᠠᠢᠳ ᠨᠠᠳᠠ ᠳ᠋ᠤᠷ ᠬᠠᠢᠷᠠᠯᠠᠬᠤ ᠪᠣᠯᠪᠠᠤ ? 》ᠬᠡᠮᠡᠭᠰᠡᠨ᠎ᠡ ᠤᠴᠢᠷ ᠢ᠋ ᠠᠰᠠᠭᠤᠭᠰᠠᠨ ᠳ᠋ᠤᠷ ᠬᠤᠸᠠᠢ ᠭᠦᠸᠧ ᠭᠦᠩᠵᠦ ᠠᠢᠯᠠᠳᠬᠠᠷᠤᠨ : 《ᠪᠢ ᠲᠡᠭᠦᠨ ᠦ᠌  ᠬᠡᠳᠦᠨ ᠵᠦᠢᠯ ᠦ᠋ᠨ ᠤᠪᠠᠳᠢᠰ ᠢ ᠣᠯᠰᠤᠭᠠᠢ ᠬᠡᠮᠡᠭᠰᠡᠨ ᠪᠥᠯᠥᠭᠡ᠃ 》ᠬᠠᠭᠠᠨ ᠥᠭᠦᠯᠡᠷᠦᠨ :《ᠲᠡᠢᠮᠦ ᠤᠪᠠᠳᠢᠰ ᠪᠠᠢᠬᠤ ᠪᠥᠭᠡᠳ ᠬᠡᠷᠬᠢᠨ ᠪᠠᠷᠢᠭᠳᠠᠪᠠ ? ᠡᠨᠡ ᠤᠳᠠᠭ᠎ᠠ ᠭᠠᠵᠢᠭᠤ ᠶ᠋ᠢ ᠡᠪᠳᠡᠭᠰᠡᠨ ᠲᠡᠷᠢᠭᠦᠨ ᠭᠠᠪᠢᠶ᠎ᠠ ᠴᠢᠨᠦ ᠲᠤᠯᠠ ᠴᠢᠮ᠎ᠠ ᠳ᠋ᠤᠷ ᠥᠭᠰᠦᠭᠡᠢ᠂ ᠴᠢ ᠰᠠᠢᠲᠤᠷ ᠬᠢᠴᠢᠶᠡ ! 》 ᠭᠡᠮᠡᠨ ᠵᠠᠷᠯᠢᠭ ᠪᠤᠯᠬᠤᠢ ᠳ᠋ᠤᠷ ᠬᠤᠸᠠᠢ ᠭᠦᠸᠧ ᠭᠦᠩᠵᠦ: 《ᠰᠢ ᠢᠦᠢ ᠶ᠋ᠢᠨ ᠰᠠᠯᠠ ᠳ᠋ᠢᠩ ᠦ᠋ᠨ ᠥᠬᠢᠨ ᠪᠧᠢ ᠯᠢᠩ ᠡᠮ ᠨᠠᠢᠷᠠᠭᠤᠯᠤᠭᠰᠠᠨ ᠢ᠋ᠶ᠋ᠠᠷ ᠰᠠᠶᠢ ᠡᠨᠡ ᠭᠠᠪᠢᠶ᠎ᠠ ᠪᠦᠲᠦᠪᠡ᠂ ᠬᠠᠭᠠᠨ ᠲᠡᠭᠦᠨ ᠳ᠋ᠦ᠍ᠷ ᠲᠡᠷᠢᠭᠦᠨ ᠭᠠᠪᠢᠶ᠎ᠠ ᠶ᠋ᠢ ᠱᠠᠩᠨᠠᠪᠠᠰᠤ ᠵᠣᠬᠢᠮᠤᠢ !》ᠬᠡᠮᠡᠭᠰᠡᠨ ᠳ᠋ᠦ᠍ᠷ ᠬᠠᠭᠠᠨ ᠵᠥᠪᠰᠢᠶᠡᠵᠦ ᠲᠡᠭᠦᠨ ᠢ᠋ ᠬᠠᠭᠤᠷᠠᠢ ᠨᠠᠷᠢᠨ ᠥᠬᠢᠨ ᠭᠡᠮᠡᠨ ᠡᠷᠭᠦᠵᠦ᠂ ᠮᠥᠨ ᠬᠦ᠌ ᠬᠤᠸᠠᠢ ᠭᠦᠸᠧ ᠳ᠋ᠦ᠍ᠷ ᠲᠤᠰᠢᠶᠠᠨ ᠥᠭᠪᠡ᠃ ᠡᠭᠦᠨᠴᠡ ᠰᠢᠩ ᠴᠢᠩ ᠹᠦ – ᠲᠦᠷᠢᠮᠡᠬᠡᠢ ᠪᠠᠯᠭᠠᠰᠤᠨ ᠢ᠋ ᠲᠦᠪᠰᠢᠳᠬᠡᠵᠦ ᠂ ᠪᠠᠷᠠᠭᠤᠨ ᠲᠥᠪᠡᠳ ᠲᠠᠩᠭᠤᠳ ᠠ᠋ᠴᠠ ᠢᠨᠠᠭᠰᠢ  ᠵᠡᠭᠦᠨ ᠰᠣᠯᠣᠩᠭᠣᠰ ᠤᠯᠤᠰ ᠬᠦᠷᠲᠡᠯ᠎ᠡ ᠠᠯᠠᠭ᠎ᠠ ᠶ᠋ᠢᠨ ᠲᠡᠳᠦᠢ ᠪᠤᠰᠤ ᠤᠯᠤᠰ ᠦᠭᠡᠢ ᠪᠣᠯᠵᠤ᠂ ᠬᠠᠰᠠᠷ ᠴᠠᠭᠠᠲᠠᠢ ᠬᠣᠶᠠᠷ ᠴᠢᠨ ᠸᠠᠩ ᠢ᠋ᠶ᠋ᠠᠷ ᠭᠠᠵᠠᠷ ᠣᠷᠣᠨ ᠢ᠋ ᠳᠠᠬᠢᠨ ᠪᠠᠢᠴᠠᠭᠠᠨ ᠵᠠᠰᠠᠨ ᠲᠣᠭᠲᠠᠭᠠᠵᠤ ᠠᠢᠯᠠᠳᠬ᠎ᠠ ᠭᠡᠮᠡᠨ ᠶᠡᠬᠡ ᠴᠡᠷᠢᠭ ᠬᠤᠷᠳᠤᠨ ᠤᠯᠤᠰ ᠲᠤᠷ ᠡᠬᠡ᠂ ᠮᠢᠨᠦ ᠵᠡᠭᠦᠳᠦᠨ ᠬᠡᠴᠡᠭᠦᠦ ᠪᠣᠢ ᠭᠡᠮᠡᠨ ᠴᠡᠷᠢᠭ ᠡᠭᠡᠪᠡ᠃ 
       ᠡᠨᠡ ᠠᠷᠪᠠᠨ ᠬᠣᠶᠠᠷ ᠰᠠᠷ᠎ᠠ ᠳ᠋ᠤᠷ ᠮᠣᠩᠭᠣᠯ ᠤ᠋ᠨ ᠱᠢ ᠲᠢᠶᠠᠨ ᠽᠧ ᠠᠬ᠎ᠠ ᠶ᠋ᠢᠨ ᠦᠰ ᠢ᠋ ᠤᠮᠠᠷᠲᠠᠨ ᠴᠢᠳᠠᠬᠤ ᠦᠭᠡᠢ᠂ ᠵᠸᠨ ᠳ᠋ᠢᠩ ᠦ᠋ᠨ ᠬᠣᠲᠠᠨ ᠳ᠋ᠤᠷ ᠰᠠᠢᠨ ᠴᠡᠷᠢᠭ ᠪᠣᠯᠪᠠᠰᠤᠷᠠᠭᠤᠯᠤᠨ᠂ ᠰᠢ ᠱᠠᠨ ᠳ᠋ᠤᠷ ᠴᠣᠴᠢᠮᠠᠭᠠᠢ ᠣᠷᠣᠵᠤ᠂ ᠡᠦ ᠰᠢᠶᠠᠨ ᠢ᠋ ᠪᠠᠢᠯᠳᠤᠭᠰᠠᠨ ᠳ᠋ᠤᠷ ᠡᠦ ᠰᠢᠶᠠᠨ ᠶᠡᠬᠡᠯ᠎ᠡ ᠳᠠᠷᠤᠭᠳᠠᠵᠤ᠂ ᠵᠠᠢᠳᠠᠩ ᠮᠣᠷᠢ ᠤᠨᠤᠵᠤ ᠪᠤᠷᠤᠭᠤᠯᠠᠨ ᠭᠠᠷᠬᠤᠢ ᠳ᠋ᠤᠷ ᠱᠢ ᠲᠢᠶᠠᠨ ᠽᠧ ᠶᠡᠬᠡ ᠴᠡᠷᠢᠭ ᠢ᠋ᠶ᠋ᠡᠷ ᠡᠦ ᠰᠢᠶᠠᠨ ᠤ᠋ ᠠᠭᠤᠯᠠᠨ ᠪᠣᠭᠣᠮᠲᠠ ᠡᠭᠦᠷ ᠢ᠋ ᠴᠥᠮ ᠡᠪᠳᠡᠵᠦ ᠭᠠᠯᠳᠠᠭᠠᠳ ᠬᠣᠢᠨ᠎ᠠ ᠠ᠋ᠴᠠ ᠨᠡᠬᠡᠵᠦ ᠨᠢᠭᠡᠨ ᠵᠡᠷᠭᠡ ᠠᠯᠠᠵᠤ᠂ ᠡᠦ ᠰᠢᠶᠠᠨ ᠢ᠋ ᠮᠥᠨ ᠣᠯᠵᠤ ᠪᠠᠷᠢᠭᠰᠠᠨ ᠦᠭᠡᠢ᠂ ᠰᠣᠨᠣᠰᠬᠤᠯ᠎ᠠ ᠶᠡᠬᠡ ᠶᠤᠸᠠᠨᠱᠤᠸᠠᠢ ᠭᠦᠸᠧ ᠸᠠᠩ ᠲᠠᠢᠰᠢ ᠪᠤᠯᠤ ᠶ᠋ᠢᠨ ᠴᠡᠷᠢᠭ ᠰᠢ ᠾᠧ ᠵᠧᠦ ᠳ᠋ᠦ᠍ᠷ ᠣᠷᠣᠵᠤ᠂ ᠰᠢ ᠾᠧ ᠵᠧᠦ ᠬᠣᠲᠠᠨ ᠢ᠋ ᠳᠠᠪᠬᠤᠷ ᠪᠦᠰᠡᠯᠡᠭᠡᠳ ᠪᠠᠢᠯᠳᠤᠬᠤ ᠠᠨᠤ ᠮᠠᠰᠢ ᠴᠢᠬᠤᠯ᠂ ᠬᠠᠷᠪᠤᠬᠤ ᠠᠨᠤ ᠪᠣᠷᠣᠭᠠᠨ ᠣᠷᠣᠬᠤ ᠠᠳᠠᠯᠢ᠂ ᠬᠣᠲᠠ ᠶ᠋ᠢᠨ ᠴᠡᠷᠢᠭ ᠮᠠᠰᠢ ᠴᠥᠭᠡᠨ ᠳ᠋ᠦ᠍ᠷ ᠰᠢ ᠾᠧ ᠵᠧᠦ ᠶ᠋ᠢ ᠰᠠᠬᠢᠭᠰᠠᠨ ᠠᠯᠲᠠᠨ ᠤᠯᠤᠰ ᠤ᠋ᠨ ᠵᠠᠩᠵᠤᠨ ᠴᠢᠨ ᠢᠨ ᠭᠠᠷᠴᠤ ᠢᠷᠡᠭᠡᠳ ᠨᠢᠭᠡᠨᠲᠡ ᠠᠪᠲᠠᠬᠤ ᠶ᠋ᠢ ᠮᠡᠳᠡᠵᠦ᠂ ᠭᠡᠷ ᠲᠦ᠍ᠷ ᠢ᠋ᠶ᠋ᠡᠨ ᠣᠷᠣᠵᠤ ᠡᠮ᠎ᠡ ᠳᠦ ᠱᠢ ᠶ᠋ᠢᠨ ᠵᠦᠭ ᠥᠭᠦᠯᠡᠷᠦᠨ : 《ᠮᠣᠩᠭᠣᠯ ᠤ᠋ᠨ ᠴᠡᠷᠢᠭ ᠦ᠋ᠨ ᠬᠣᠲᠠ ᠶ᠋ᠢ ᠪᠠᠢᠯᠳᠤᠬᠤ ᠠᠨᠤ ᠳᠠᠯᠠᠢ ᠶ᠋ᠢᠨ ᠳᠠᠪᠠᠯᠭᠠᠨ ᠮᠡᠲᠦ᠂ ᠡᠳᠦᠷ ᠰᠥᠨᠢ ᠦᠭᠡᠢ ᠵᠠᠯᠭᠠᠯᠳᠤᠵᠤᠬᠤᠢ᠃ ᠡᠳᠦᠭᠡ ᠳᠥᠷᠪᠡᠨ ᠡᠲᠡᠭᠡᠳ ᠨᠠᠢ᠍ᠮᠠᠨ ᠵᠣᠪᠬᠢᠰ ᠲᠤᠷ ᠰᠢᠷᠣᠢ ᠶ᠋ᠢᠨ ᠤᠭᠤᠲᠠᠨ ᠤ᠋ ᠲᠡᠭᠲᠦ ᠴᠣᠭᠴᠠᠯᠠᠨ ᠡᠬᠢᠯᠡᠪᠡ᠃ ᠡᠳᠦᠭᠡ ᠪᠣᠳᠣᠪᠠᠰᠤ ᠮᠠᠨ ᠤ᠋ ᠬᠣᠲᠠ ᠳᠠᠷᠤᠢ ᠠᠪᠲᠠᠮᠤᠢ᠃ ᠮᠠᠨ ᠤ᠋ ᠴᠡᠷᠢᠭ ᠦ᠋ᠨ ᠠᠮᠤ ᠡᠪᠡᠰᠦ ᠪᠠᠰᠠ ᠬᠦᠷᠬᠦ ᠦᠭᠡᠢ᠂ ᠲᠡᠳᠡᠨ ᠮᠠᠨ ᠤ᠋ ᠴᠡᠷᠢᠭ ᠢ ᠰᠢᠪᠲᠤ ᠰᠢᠪᠲᠤ ᠬᠠᠷᠪᠤᠮᠤᠢ ᠂ ᠡᠭᠦᠪᠡᠷ ᠦᠵᠡᠬᠦᠯ᠎ᠡ ᠡᠷᠳᠡᠰᠡ ᠠᠷᠭ᠎ᠠ ᠶ᠋ᠢ ᠲᠣᠭᠲᠠᠭᠠᠬᠤ ᠵᠦᠢ ! 》ᠬᠡᠮᠡᠬᠦᠢ ᠳ᠋ᠦ᠍ᠷ ᠡᠮ᠎ᠡ ᠢᠨᠤ ᠳᠦ ᠱᠢ ᠴᠢᠷᠠᠢ ᠶ᠋ᠢ ᠲᠥᠪ ᠪᠣᠯᠭᠠᠨ ᠥᠭᠦᠯᠡᠷᠦᠨ: 《ᠠᠮᠤᠷ ᠡᠩᠬᠡ ᠳ᠋ᠦ᠍ᠷ ᠡᠵᠡᠨ ᠦ᠌ ᠬᠡᠰᠢᠭ ᠢ᠋ ᠬᠠᠮᠲᠤ ᠬᠦᠷᠲᠡᠪᠡ᠂ ᠡᠳᠦᠭᠡ ᠦᠬᠦᠵᠦ ᠠᠴᠢ ᠳ᠋ᠤᠷ ᠬᠠᠷᠢᠭᠤᠯᠠᠬᠤ ᠪᠣᠢ ᠊ᠶ᠎ᠠ ! 》ᠭᠡᠮᠡᠨ ᠬᠣᠣᠷ᠎ᠠ ᠢᠳᠡᠵᠦ ᠦᠬᠦᠭᠰᠡᠨ ᠳ᠋ᠦ᠍ᠷ ᠬᠣᠶᠠᠷ ᠪᠠᠭ᠎ᠠ ᠬᠡᠦᠬᠡᠳ ᠢᠨᠤ ᠮᠥᠨ ᠡᠬᠡ ᠶ᠋ᠢᠨ ᠬᠣᠣᠷ᠎ᠠ ᠶ᠋ᠢ ᠢᠳᠡᠵᠦ ᠦᠬᠦᠪᠡ᠃ ᠲᠡᠳᠦᠢ ᠴᠢᠨ ᠢᠨ ᠨᠢᠭᠡᠨ ᠵᠡᠷᠭᠡ ᠭᠠᠰᠢᠭᠤᠳᠠᠨ ᠤᠬᠢᠯᠠᠵᠤ᠂ ᠶᠠᠭᠠᠷᠠᠨ ᠭᠠᠯ ᠲᠠᠯᠪᠢᠨ ᠡᠮ᠎ᠡ ᠦᠷ᠎ᠡ ᠶ᠋ᠢᠨ ᠶᠠᠰᠤᠨ ᠢ᠋ ᠰᠢᠲᠠᠭᠠᠵᠤ᠂ ᠥᠪᠡᠷ ᠢ᠋ᠶ᠋ᠡᠨ ᠮᠥᠨ ᠬᠦᠵᠦᠭᠦᠨ ᠢ᠋ᠶ᠋ᠡᠨ ᠣᠭᠲᠣᠯᠵᠤ ᠭᠠᠯ ᠳ᠋ᠤᠷ ᠤᠨᠠᠵᠤ ᠦᠬᠦᠪᠡ᠃ ᠡᠭᠦᠨ ᠳ᠋ᠦ᠍ᠷ ᠴᠢᠨ ᠢᠨ ᠦ᠌ ᠡᠭᠦᠳᠡᠨ ᠦ᠌ ᠵᠣᠴᠢᠳ ᠬᠣᠷᠢᠨ ᠨᠠᠢ᠍ᠮᠠᠨ ᠬᠥᠮᠦᠨ ᠮᠥᠨ ᠴᠢᠨ ᠢᠨ ᠦ᠌ ᠵᠣᠷᠢᠭ ᠲᠤᠷ ᠢᠭᠲᠦᠯᠵᠦ ᠳᠠᠭᠠᠵᠤ ᠦᠬᠦᠪᠡ᠃ ᠬᠣᠲᠠ ᠶ᠋ᠢᠨ ᠴᠡᠷᠢᠭ ᠭᠠᠰᠠᠯᠤᠨ ᠤᠬᠢᠯᠠᠯᠳᠤᠵᠤ᠂ ᠬᠣᠲᠠ ᠶ᠋ᠢᠨ ᠬᠠᠭᠠᠯᠭ᠎ᠠ ᠶ᠋ᠢ ᠨᠡᠭᠡᠭᠡᠨ ᠳᠠᠭᠠᠭᠰᠠᠨ ᠳ᠋ᠤᠷ ᠪᠤᠯᠤ ᠭᠠᠯ ᠢ᠋ ᠤᠨᠲᠠᠷᠠᠭᠠᠨ ᠴᠢᠨ ᠢᠨ ᠦ᠌ ᠨᠢᠭᠡᠨ ᠭᠡᠷ ᠦ᠋ᠨ ᠶᠠᠰᠤᠨ ᠢ ᠲᠡᠭᠦᠯᠭᠡᠵᠦ ᠬᠦᠨᠳᠦᠯᠡᠨ ᠣᠷᠣᠰᠢᠭᠤᠯᠵᠤ᠂ ᠬᠡᠭᠦᠷ ᠲᠣᠷ 《ᠵᠣᠷᠢᠭᠲᠤ ᠰᠠᠢᠳ 》ᠭᠡᠮᠡᠨ ᠬᠥᠰᠢᠶ᠎ᠡ ᠪᠣᠰᠬᠠᠵᠤ᠂ ᠲᠡᠭᠦᠨ ᠦ᠌ ᠬᠣᠲᠠ ᠶ᠋ᠢᠨ ᠢᠷᠭᠡᠳ ᠢ᠋ᠶ᠋ᠡᠷ ᠬᠥᠬᠡ ᠰᠦᠮ᠎ᠡ ᠪᠠᠷᠢᠭᠤᠯᠤᠨ ᠳᠠᠬᠢᠭᠤᠯᠪᠠ᠃ ᠡᠭᠦᠨ ᠳ᠋ᠦ᠍ᠷ ᠣᠢᠷ᠎ᠠ ᠣᠷᠴᠢᠮ ᠴᠥᠮ ᠪᠢᠰᠢᠷᠡᠨ ᠳᠠᠭᠠᠪᠠ᠃ ᠡᠨᠡ ᠦᠶ᠎ᠡ ᠳ᠋ᠦ᠍ᠷ ᠮᠣᠩᠭᠣᠯ ᠤ᠋ᠨ ᠯᠢ ᠴᠢᠦᠸᠠᠨ ᠤ᠋ ᠴᠡᠷᠢᠭ ᠴᠢᠩ ᠵᠧᠦ ᠳ᠋ᠦ᠍ᠷ ᠢᠷᠡᠵᠦ ᠰᠡᠮᠡᠬᠡᠷ ᠬᠣᠲᠠᠨ ᠢ᠋ ᠣᠯᠵᠤ᠂ ᠴᠢᠩ ᠵᠧᠦ ᠶ᠋ᠢᠨ ᠨᠡᠢᠲᠡ ᠪᠦᠬᠦᠨ ᠢ᠋ ᠠᠮᠤᠭᠤᠯᠠᠩ ᠲᠦᠪᠰᠢᠨ ᠢ᠋ᠶ᠋ᠡᠷ ᠬᠠᠳᠠᠭᠠᠯᠠᠵᠤ᠂ ᠪᠤᠯᠤ ᠳ᠋ᠤᠷ ᠮᠡᠳᠡᠭᠦᠯᠦᠨ᠂ ᠬᠠᠭᠠᠨ ᠳ᠋ᠤᠷ ᠤᠴᠢᠷ ᠢ᠋ ᠠᠢᠯᠠᠳᠬᠠᠨ ᠤᠯᠠᠮᠵᠢᠯᠠᠨ ᠶᠠᠪᠤᠭᠤᠯᠤᠭᠰᠠᠨ ᠳ᠋ᠤᠷ ᠡᠯᠴᠢ ᠬᠠᠭᠠᠨ ᠤ᠋ ᠬᠣᠢᠨ᠎ᠠ ᠠ᠋ᠴᠠ ᠨᠡᠬᠡᠵᠦ ᠶᠠᠪᠤᠭᠰᠠᠭᠠᠷ ᠴᠢᠩ ᠱᠦᠢ ᠰᠢᠶᠠᠨ ᠬᠣᠲᠠ ᠶ᠋ᠢᠨ ᠬᠣᠢᠲᠤ ᠨᠢᠦᠢ ᠵᠢᠶᠠᠩ  ᠬᠡᠮᠡᠬᠦ ᠶᠡᠬᠡ ᠮᠥᠷᠡᠨ ᠳ᠋ᠦ᠍ᠷ ᠬᠥᠭᠡᠭᠡᠵᠦ ᠭᠦᠢᠴᠡᠪᠡ᠃ ᠠᠰᠠᠭᠤᠪᠠᠰᠤ ᠬᠠᠭᠠᠨ ᠤ᠋ ᠪᠡᠶ᠎ᠡ ᠴᠢᠯᠡᠭᠡᠷᠬᠡᠪᠡ ᠬᠡᠮᠡᠮᠦᠢ᠃ 
       ᠲᠡᠳᠦᠢ ᠬᠠᠭᠠᠨ ᠬᠡᠳᠦᠢ ᠴᠢᠯᠡᠭᠡᠷᠬᠡᠪᠡᠴᠦ ᠤᠯᠤᠰ ᠤ᠋ᠨ ᠬᠡᠷᠡᠭ ᠢ᠋ ᠦᠯᠦ ᠣᠷᠬᠢᠨ᠂ ᠪᠤᠯᠤ ᠶ᠋ᠢᠨ ᠠᠢᠯᠠᠳᠬᠠᠯ ᠢ᠋ ᠠᠪᠴᠤ ᠱᠠᠩᠨᠠᠨ ᠬᠥᠬᠢᠭᠦᠯᠵᠦ᠂ ᠬᠣᠢᠨ᠎ᠠ ᠮᠢᠨᠦ ᠪᠡᠯᠪᠡᠰᠦᠷᠡᠯ ᠳ᠋ᠦ᠍ᠷ ᠴᠡᠷᠢᠭ ᠪᠢᠲᠡᠭᠡᠢ ᠡᠬᠡ ᠬᠡᠮᠡᠵᠦᠬᠦᠢ᠃ ᠬᠠᠭᠠᠨ ᠬᠡᠷᠬᠢᠨ ᠡᠨᠳᠡ ᠬᠦᠷᠴᠦ ᠴᠢᠯᠡᠭᠡᠷᠬᠡᠪᠡ ?  ᠬᠡᠮᠡᠪᠡᠰᠦ : ᠬᠠᠭᠠᠨ ᠤ᠋ ᠭᠡᠭᠡᠨ ᠲᠠᠩᠭᠤᠳ ᠤ᠋ᠨ ᠭᠠᠵᠠᠷ ᠠ᠋ᠴᠠ ᠲᠦᠷᠭᠡᠯᠡᠨ ᠡᠭᠡᠵᠦ ᠶᠠᠪᠤᠭᠰᠠᠭᠠᠷ ᠴᠢᠩ ᠱᠦᠢ ᠰᠢᠶᠠᠨ ᠤ᠋ ᠬᠣᠢᠲᠤ ᠨᠢᠦᠢ ᠵᠢᠶᠠᠩ ᠮᠥᠷᠡᠨ ᠦ᠌ ᠰᠢᠳᠠᠷ ᠯᠢᠦ ᠫᠠᠨ ᠱᠠᠨ ᠠᠭᠤᠯᠠᠨ ᠳ᠋ᠤᠷ ᠬᠦᠷᠴᠦ ᠢᠷᠡᠭᠡᠳ ᠬᠠᠷ᠎ᠠ ᠮᠣᠷᠢᠨ ᠡᠳᠦᠷ ᠦ᠋ᠨ ᠰᠥᠨᠢ ᠰᠠᠶᠢ ᠨᠣᠢᠷᠰᠤᠬᠤᠢ ᠳ᠋ᠤᠷ ᠭᠡᠨᠡᠳᠲᠡ ᠵᠢᠬᠡᠭᠦᠨ ᠰᠠᠯᠬᠢᠨ ᠬᠥᠳᠡᠯᠵᠦ᠂ ᠮᠣᠩᠭᠣᠯ ᠭᠡᠷ ᠢ᠋ ᠲᠣᠭᠣᠷᠢᠭᠰᠠᠨ ᠲᠦᠰᠢᠮᠡᠯ ᠴᠡᠷᠢᠭ ᠮᠤᠩᠬᠠᠭᠤᠷᠠᠨ ᠤᠨᠠᠯᠴᠠᠵᠤ᠂ ᠬᠠᠭᠠᠨ ᠤ᠋ ᠶᠡᠬᠡ ᠥᠷᠭᠥᠭᠡ ᠶ᠋ᠢᠨ ᠣᠷᠳᠣᠨ ᠤ᠋ ᠡᠭᠦᠳᠡᠨ ᠦ᠌ ᠴᠢᠨᠡᠭᠡ ᠪᠡᠷ ᠴᠢᠬᠢᠵᠦ ᠨᠢᠭᠡᠨ ᠶᠡᠬᠡ ᠮᠣᠭᠠᠢ ᠣᠷᠣᠵᠤ ᠢᠷᠡᠭᠰᠡᠨ ᠳ᠋ᠦ᠍ᠷ ᠬᠠᠭᠠᠨ ᠶᠠᠭᠠᠷᠠᠨ ᠬᠠᠵᠠᠭᠤ ᠠ᠋ᠴᠠ ᠡᠷᠳᠡᠨᠢ ᠶ᠋ᠢᠨ ᠢᠯᠳᠦ ᠪᠡᠨ ᠠᠪᠴᠤ ᠠᠶᠤᠩᠭ᠎ᠠ ᠮᠡᠲᠦ ᠨᠢᠭᠡᠨᠲᠡ ᠵᠠᠩᠳᠠᠨ ᠴᠠᠪᠴᠢᠭᠰᠠᠨ ᠳ᠋ᠤᠷ ᠲᠡᠷᠡ ᠮᠣᠭᠠᠢ ᠵᠡᠭᠦᠨ ᠨᠢᠳᠦ ᠣᠨᠣᠭᠳᠠᠵᠤ᠂ ᠳᠣᠲᠣᠷ᠎ᠠ ᠠ᠋ᠴᠠ ᠮᠠᠭᠤ ᠠᠭᠤᠷ ᠭᠠᠷᠴᠤ᠂ ᠮᠣᠭᠠᠢ ᠭᠠᠵᠠᠷ ᠲᠤᠷ ᠤᠨᠠᠨ ᠡᠭᠡᠵᠦ ᠳᠤᠲᠠᠭᠠᠨ ᠭᠠᠷᠬᠤᠢ ᠳ᠋ᠤᠷ ᠬᠠᠭᠠᠨ ᠤ᠋ ᠰᠢᠳᠠᠷ ᠲᠠᠪᠤᠨ ᠪᠠᠷᠰ ᠤ᠋ᠨ ᠵᠠᠩᠵᠤᠨ ᠨᠠᠷ ᠶᠡᠬᠡᠯ᠎ᠡ ᠶᠠᠭᠠᠷᠠᠯᠴᠠᠵᠤ ᠬᠦᠷᠴᠦ ᠢᠷᠠᠪᠠᠰᠤ ᠬᠠᠭᠠᠨ ᠤ᠋ ᠣᠷᠳᠣᠨ ᠠ᠋ᠴᠠ ᠬᠠᠷᠢᠨ ᠲᠡᠷᠡ ᠰᠢᠳᠤᠷᠭᠤ ᠬᠠᠭᠠᠨ ᠤ᠋ ᠡᠮ᠎ᠡ ᠰᠠᠯᠬᠢᠨ ᠮᠡᠲᠦ ᠭᠦᠶᠦᠵᠦ ᠭᠠᠷᠤᠭᠰᠠᠨ ᠳ᠋ᠤᠷ ᠪᠦᠭᠦᠳᠡᠭᠡᠷ ᠨᠡᠬᠡᠵᠦ ᠬᠦᠷᠲᠡᠯ᠎ᠡ ᠲᠡᠷᠡ ᠬᠡᠳᠦᠢ ᠤᠰᠤᠨ ᠳ᠋ᠤᠷ ᠣᠷᠣᠰᠤᠭᠠᠢ ᠬᠡᠮᠡᠲᠡᠯ᠎ᠡ ᠰᠥᠪᠡᠭᠡᠲᠡᠢ ᠪᠠᠭᠠᠲᠤᠷ ᠳᠠᠷᠠᠭ᠎ᠠ ᠪᠠᠷ ᠬᠣᠶᠠᠷ ᠰᠤᠮᠤ ᠬᠠᠷᠪᠤᠵᠤ᠂ ᠰᠤᠮᠤ ᠠᠷᠤ ᠪᠠᠷ ᠨᠡᠪᠲᠡ ᠣᠷᠣᠵᠤ᠂ ᠭᠦᠷᠪᠡᠯᠵᠢᠨ ᠭᠤᠸ᠎ᠠ ᠦᠨᠡᠬᠡᠷ ᠭᠦᠷᠪᠡᠯᠵᠡᠵᠦ᠂ ᠨᠢᠭᠡᠨ ᠭᠠᠩ ᠤ᠋ᠨ ᠴᠢᠨᠡᠭᠡᠨ ᠶᠡᠬᠡ ᠮᠣᠭᠠᠢ ᠶ᠋ᠢᠨ ᠦᠬᠦᠳᠡᠯ ᠪᠣᠯᠪᠠ᠃ ᠲᠡᠳᠦᠢ ᠶᠠᠭᠠᠷᠠᠨ ᠦᠬᠦᠳᠡᠯ ᠢ᠋ ᠭᠠᠷᠭᠠᠨ ᠡᠭᠡᠵᠦ ᠬᠠᠭᠠᠨ ᠤ᠋ ᠳᠡᠷᠭᠡᠳᠡ ᠢᠷᠡᠵᠦ ᠦᠵᠡᠪᠡᠰᠦ ᠬᠠᠭᠠᠨ ᠬᠡᠳᠦᠢ ᠭᠠᠢ ᠦᠭᠡᠢ ᠪᠣᠯᠪᠠᠴᠤ ᠬᠠᠪᠠᠷ ᠲᠤᠷ ᠮᠠᠭᠤ ᠦᠨᠦᠷ ᠪᠣᠢ ᠭᠡᠮᠡᠨ ᠨᠢᠭᠤᠷ ᠤᠬᠢᠶᠠᠮᠤᠢ᠂ ᠳᠠᠷᠤᠢ ᠲᠡᠷᠡ ᠤᠴᠢᠷ ᠢ ᠮᠡᠳᠡᠭᠦᠯᠬᠦᠢ ᠳ᠋ᠦ᠍ᠷ ᠬᠠᠭᠠᠨ ᠲᠦᠷᠭᠡᠨ ᠭᠠᠯᠳᠠ ᠭᠡᠮᠡᠨ ᠭᠠᠯᠳᠠᠭᠤᠯᠵᠤ ᠣᠷᠬᠢᠪᠠ ① ᠃ ᠬᠠᠷ᠎ᠠ ᠮᠣᠷᠢᠨ ᠡᠳᠦᠷ ᠡᠴᠡ ᠬᠠᠭᠠᠨ ᠤ᠋ ᠭᠡᠭᠡᠨ ᠬᠠᠯᠠᠭᠤᠷᠠᠵᠤ ᠡᠪ ᠦᠭᠡᠢ ᠪᠣᠯᠵᠤ᠂ ᠶᠠᠭᠠᠷᠠᠨ ᠥᠪᠡᠷ ᠦ᠋ᠨ ᠰᠦᠯᠳᠡ ᠶ᠋ᠢᠨ ᠲᠥᠯᠭᠡ ᠪᠡᠨ ᠠᠪᠴᠤ᠂ ᠥᠪᠡᠷ ᠦ᠋ᠨ ᠡᠪᠡᠳᠴᠢᠨ ᠢ᠋ ᠦᠵᠡᠭᠡᠳ ᠰᠡᠭᠦᠷᠡᠰᠦᠨ ᠠᠯᠳᠠᠵᠤ᠂ ᠰᠢᠷᠠᠭᠴᠢᠨ ᠦᠬᠡᠷ ᠡᠳᠦᠷ ᠴᠢᠯᠡᠭᠡ ᠪᠠᠬᠠᠨ ᠶᠡᠬᠡ ᠳ᠋ᠦ᠍ᠷ ᠬᠠᠭᠠᠨ ᠶᠧ ᠯᠢᠦᠢ ᠴᠦ ᠼᠠᠢ ᠳ᠋ᠤᠷ ᠥᠭᠦᠯᠡᠷᠦᠨ :《ᠮᠢᠨᠦ ᠤᠯᠤᠰ ᠪᠦᠲᠦᠭᠰᠡᠨ ᠪᠣᠯᠪᠠᠴᠤ ᠵᠠᠰᠠᠷᠠᠭᠠᠳᠤᠢ᠂ ᠴᠢᠩ ᠴᠢ ᠦᠨᠡᠨ ᠢ᠋ᠶ᠋ᠡᠷ ᠵᠢᠳᠬᠦ ! 》 ᠭᠡᠮᠡᠨ᠂ ᠪᠠᠰᠠ ᠸᠠᠩ ᠪᠤᠭᠤᠷᠵᠢ᠂ ᠸᠠᠩ ᠴᠢᠯᠠᠭᠤᠨ ᠪᠠ ᠲᠠᠪᠤᠨ ᠪᠠᠷᠰ ᠤ᠋ᠨ ᠵᠠᠩᠵᠤᠨ ᠨᠠᠷ ᠢ᠋ ᠴᠢᠭᠤᠯᠭᠤᠯᠤᠨ ᠵᠠᠷᠯᠢᠭ ᠪᠣᠯᠤᠷᠤᠨ : 《ᠪᠢ ᠠᠷᠪᠠᠨ ᠭᠤᠷᠪᠠᠨ ᠨᠠᠰᠤᠨ ᠠ᠋ᠴᠠ ᠴᠡᠷᠢᠭ ᠪᠠᠢᠭᠤᠯᠵᠤ᠂ ᠡᠳᠦᠭᠡ ᠵᠢᠷᠠᠨ ᠵᠢᠷᠭᠤᠭᠠᠨ ᠨᠠᠰᠤ ᠬᠦᠷᠲᠡᠯ᠎ᠡ ᠶᠠᠪᠤᠵᠤ᠂ ᠳᠥᠷᠪᠡᠨ ᠥᠩᠭᠡ ᠲᠠᠪᠤᠨ ᠬᠠᠷᠢ ᠤᠯᠤᠰ ᠢ᠋ ᠴᠥᠮ ᠣᠯᠵᠤ ᠠᠯᠪᠠ ᠪᠠᠷᠢᠭᠤᠯᠪᠠ᠃ ᠨᠠᠳᠠ ᠳ᠋ᠤᠷ ᠭᠡᠮᠰᠢᠬᠦ ᠭᠣᠮᠣᠳᠠᠬᠤ ᠵᠦᠢᠯ ᠦᠰᠦᠨ ᠦ᠌ ᠲᠡᠳᠦᠢ ᠦᠭᠡᠢ᠃ < ᠬᠠᠰ ᠴᠢᠯᠠᠭᠤ ᠳ᠋ᠤᠷ ᠬᠠᠯᠢᠰᠤ ᠦᠭᠡᠢ ᠂ ᠬᠠᠢᠷᠠᠬᠠᠨ ᠪᠡᠶ᠎ᠡ ᠳ᠋ᠦ᠍ᠷ ᠮᠥᠩᠬᠡ ᠦᠭᠡᠢ᠃ > < ᠬᠠᠲᠠᠭᠤ ᠲᠡᠮᠦᠷ ᠴᠦ᠍ ᠵᠢᠪᠡᠷᠡᠵᠦ ᠤᠷᠤᠰᠤᠮᠤᠢ᠃ ᠬᠠᠮᠤᠭ ᠤ᠋ᠨ ᠡᠵᠡᠨ ᠴᠦ᠍ ᠦᠬᠦᠵᠦ ᠬᠠᠯᠢᠮᠤᠢ᠃ > < ᠲᠦᠮᠡᠨ ᠦᠢᠯᠡᠰ ᠲᠣᠷ ᠦᠵᠦᠭᠦᠷ ᠦᠭᠡᠢ᠂ ᠲᠥᠷᠥᠭᠰᠡᠨ ᠪᠡᠶ᠎ᠡ ᠳ᠋ᠦ᠍ᠷ ᠮᠥᠩᠬᠡ ᠦᠭᠡᠢ᠂ ᠲᠥᠷᠥ ᠤᠯᠤᠰ ᠴᠤ᠌ ᠡᠭᠡᠯᠵᠢᠨ ᠬᠠᠯᠠᠮᠤᠢ᠃ > ᠲᠦᠰᠢᠮᠡᠳ ᠰᠠᠢᠳ ᠨᠠᠷ ᠬᠢᠴᠢᠶᠡᠨ ᠵᠢᠳᠬᠦᠭᠲᠦᠨ᠂ ᠬᠣᠲᠠᠯᠠ ᠤᠯᠤᠰ ᠢ᠋ ᠬᠢᠴᠢᠶᠡᠨ ᠬᠠᠮᠠᠭᠠᠯᠠᠵᠤ᠂ ᠬᠣᠣᠷᠲᠠᠨ ᠮᠠᠭᠤ ᠶ᠋ᠢ ᠰᠠᠢᠲᠤᠷ ᠵᠠᠰᠠᠨ᠂ ᠬᠤᠪᠢᠯᠠᠢ ᠬᠥᠪᠡᠭᠦᠨ ᠢ᠋ ᠬᠢᠴᠢᠶᠡᠨ ᠥᠰᠬᠡᠭᠲᠦᠨ᠃ ᠬᠣᠵᠢᠮ ᠮᠠᠭᠠᠳ ᠨᠠᠳᠠ ᠠ᠋ᠴᠠ ᠳᠠᠪᠠᠮᠤᠢ᠂ ᠬᠠᠭᠠᠨ ᠲᠥᠷᠥ ᠶ᠋ᠢ ᠥᠭᠡᠳᠡᠢ ᠵᠠᠯᠭᠠᠮᠵᠢᠯᠠᠨ᠂ ᠬᠠᠮᠤᠭ ᠤᠯᠤᠰ ᠢ᠋ ᠲᠣᠯᠢ ᠵᠠᠬᠢᠷ᠂ ᠬᠠᠳᠠᠨ ᠴᠡᠷᠢᠭ ᠢ᠋ ᠲᠡᠢᠰᠢ ᠮᠡᠳᠡᠭᠡᠳ ᠬᠠᠮᠠᠭᠠᠯᠠᠬᠤ ᠠᠷᠭ᠎ᠠ ᠶ᠋ᠢ ᠶᠧ ᠯᠢᠦᠢ ᠴᠦ ᠼᠠᠢ ᠯᠤᠭ᠎ᠠ ᠵᠥᠪᠯᠡ ! 》ᠭᠡᠮᠡᠨ ᠪᠠᠢᠯᠳᠤᠬᠤ ᠳᠠᠢᠯᠠᠬᠤ ᠬᠡᠷᠡᠭ ᠢ᠋ ᠭᠢᠯᠥᠭᠡᠨ ᠪᠠᠭᠠᠲᠤᠷ ᠲᠤᠷ ᠭᠡᠷᠢᠶᠡᠰᠯᠡᠵᠦ᠂ ᠰᠠᠢᠬᠠᠨ ᠰᠤᠷᠲᠠᠯᠲᠤ ᠪᠢᠷ ᠪᠠᠷᠢᠵᠤ ᠬᠦᠯᠢᠶᠡᠭᠰᠡᠨ ᠳ᠋ᠦ᠍ᠷ ᠭᠡᠷᠢᠶᠡᠰᠯᠡᠭᠰᠡᠨ ᠵᠠᠷᠯᠢᠭ ᠲᠤᠷ  《ᠠᠯᠲᠠᠨ ᠤᠯᠤᠰ ᠤ᠋ᠨ ᠲᠤᠢᠯ ᠤ᠋ᠨ ᠴᠡᠷᠢᠭ ᠴᠥᠮ ᠲᠦᠩ ᠭᠤᠸᠠᠨ ᠢ ᠰᠠᠬᠢᠵᠤᠬᠤᠢ᠂ ᠲᠦᠩ ᠭᠤᠸᠠᠨ ᠪᠣᠭᠣᠮᠲᠠᠨ ᠤ᠋ ᠡᠮᠦᠨ᠎ᠡ ᠢᠨᠤ ᠯᠢᠶᠠᠨ ᠱᠠᠨ ᠠᠭᠤᠯᠠᠨ ᠵᠠᠯᠭᠠᠯᠳᠤᠵᠤ ᠤᠮᠠᠷ᠎ᠠ ᠠᠨᠤ ᠬᠠᠲᠤᠨ ᠮᠥᠷᠡᠨ ᠬᠠᠯᠬᠠᠯᠠᠵᠤᠬᠤᠢ᠃ ᠠᠪᠬᠤᠢ ᠳ᠋ᠤᠷ ᠬᠦᠴᠦᠨ ᠦᠯᠡᠮᠵᠢ ᠣᠷᠣᠮᠤᠢ᠃ ᠲᠡᠢᠨ ᠬᠦ᠌ ᠲᠡᠭᠦᠨ ᠢ᠋ ᠪᠠᠢᠯᠳᠤᠪᠠᠰᠤ᠂ ᠰᠥᠩ ᠤᠯᠤᠰ᠂ ᠠᠯᠲᠠᠨ ᠤᠯᠤᠰ ᠬᠠᠷᠢᠯᠴᠠᠨ ᠬᠠᠭᠤᠴᠢᠨ ᠦᠰ ᠪᠣᠢ ᠲᠤᠯᠠ ᠰᠥᠩ ᠤᠯᠤᠰ ᠠ᠋ᠴᠠ ᠵᠠᠮ ᠵᠢᠭᠡᠯᠡᠵᠦ᠂ ᠮᠠᠨ ᠤ᠋ ᠴᠡᠷᠢᠭ ᠳᠠᠩ ᠶᠠᠩ ᠤ᠋ᠨ ᠭᠠᠵᠠᠷ ᠠ᠋ᠴᠠ ᠴᠢᠬᠡ ᠳᠡ ᠯᠢᠶᠠᠩ ᠤ᠋ᠨ ᠭᠠᠵᠠᠷ ᠢ᠋ᠶ᠋ᠠᠷ ᠲᠦᠷᠭᠡᠯᠡᠨ ᠴᠣᠬᠢᠨ ᠣᠷᠣᠪᠠᠰᠤ ᠠᠯᠲᠠᠨ ᠤᠯᠤᠰ ᠴᠢᠬᠤᠯᠳᠠᠵᠤ᠂ ᠯᠠᠪ ᠲᠦᠩ ᠭᠤᠸᠠᠨ ᠤ᠋ ᠴᠡᠷᠢᠭ ᠢ᠋ᠶ᠋ᠡᠷ ᠥᠮᠥᠭᠯᠡᠷ᠎ᠡ ᠡᠴᠢᠬᠦᠢ ᠳ᠋ᠦ᠍ᠷ ᠬᠡᠳᠦᠨ ᠲᠦᠮᠡᠨ ᠣᠯᠠᠨ ᠴᠡᠷᠢᠭ ᠮᠢᠩᠭᠠᠨ ᠭᠠᠵᠠᠷ ᠳᠣᠪᠲᠣᠯᠤᠨ ᠶᠠᠪᠤᠬᠤ ᠳ᠋ᠤᠷ ᠬᠥᠮᠦᠨ ᠮᠣᠷᠢ ᠴᠠᠯᠭᠠᠢᠷᠠᠨ ᠰᠠᠮᠠᠭᠤᠷᠠᠵᠤ᠂ ᠬᠡᠳᠦᠢ ᠬᠦᠷᠴᠦ ᠴᠢᠳᠠᠪᠠᠴᠤ ᠪᠠᠢᠯᠳᠤᠬᠤ ᠲᠡᠩᠬᠡᠭᠡ ᠦᠭᠡᠢ ᠪᠣᠯᠤᠮᠤᠢ᠃ ᠮᠠᠨ ᠤ᠋ ᠴᠡᠷᠢᠭ ᠲᠦ᠍ᠷ ᠯᠠᠪ ᠳᠠᠷᠤᠭᠳᠠᠵᠤ ᠠᠯᠲᠠᠨ ᠤᠯᠤᠰ ᠠᠪᠲᠠᠮᠤᠢ᠃ ᠡᠨᠡ ᠵᠠᠷᠯᠢᠭ ᠢ᠋ ᠬᠢᠴᠢᠶᠡᠨ ᠲᠡᠮᠳᠡᠭᠯᠡ ! 》ᠬᠡᠮᠡᠭᠡᠳ ᠵᠠᠷᠯᠢᠭ ᠳᠠᠭᠤᠰᠴᠤ᠂ ᠪᠡᠶ᠎ᠡ ᠤᠬᠢᠶᠠᠨ ᠬᠤᠪᠴᠠᠰᠤ ᠬᠠᠯᠠᠵᠤ ᠬᠡᠪᠲᠡᠭᠡᠳ ᠤᠯᠠᠭᠴᠢᠨ ᠭᠠᠬᠠᠢ ᠵᠢᠯ ᠦ᠋ᠨ ᠠᠷᠪᠠᠨ ᠬᠣᠶᠠᠷ ᠰᠠᠷ᠎ᠠ ᠶ᠋ᠢᠨ ᠠᠷᠪᠠᠨ ᠬᠣᠶᠠᠷ ᠤ᠋ᠨ ᠰᠢᠷᠬᠠᠴᠢᠨ ᠦᠬᠡᠷ ᠡᠳᠦᠷ ᠦ᠋ᠨ ᠮᠣᠷᠢᠨ ᠴᠠᠭ ᠲᠤᠷ ᠲᠡᠭᠷᠢ ᠪᠣᠯᠪᠠᠢ᠃ 

– – – – 
 ①  ᠡᠭᠦᠨ ᠢ᠋ ᠡᠰᠡ ᠮᠡᠳᠡᠭᠴᠢᠳ ᠬᠠᠷᠢᠨ ᠬᠠᠭᠠᠨ ᠭᠦᠷᠪᠡᠯᠵᠢᠨ ᠢ᠋ ᠠᠪᠤᠭᠠᠳ ᠲᠡᠭᠦᠨ ᠳ᠋ᠦ᠍ᠷ ᠬᠣᠣᠷᠯᠠᠭᠳᠠᠪᠠ ᠭᠡᠮᠡᠨ ᠬᠠᠯᠭᠤᠢ ᠮᠡᠳᠡᠵᠦᠬᠦᠢ᠃ ᠬᠥᠮᠦᠨ ᠦ᠌ ᠬᠡᠷᠡᠭ ᠢ᠋ ᠣᠯᠵᠤ ᠤᠬᠠᠬᠤ ᠶᠠᠭᠤ ᠲᠠᠢ ᠪᠡᠷᠬᠡ᠃ ᠡᠨᠡ ᠬᠣᠣᠷᠠᠲᠤ ᠮᠣᠭᠠᠢ ᠪᠣᠯᠠᠢ᠃

       ᠲᠡᠷᠡ ᠴᠠᠭ ᠲᠤᠷ ᠯᠢᠦ ᠫᠠᠨ ᠱᠠᠨ ᠠᠭᠤᠯᠠᠨ ᠤ᠋ ᠨᠡᠢᠲᠡ ᠳ᠋ᠦ᠍ᠷ ᠲᠦᠮᠡᠨ ᠣᠳᠣᠨ ᠵᠤᠯᠠ ᠭᠠᠷᠴᠤ᠂ ᠳᠡᠭᠡᠷ᠎ᠡ ᠲᠡᠭᠷᠢ ᠳ᠋ᠦ᠍ᠷ ᠬᠥᠭᠵᠢᠮ ᠦ᠋ᠨ ᠡᠭᠡᠰᠢᠭ ᠭᠠᠷᠤᠭᠰᠠᠨ ᠢ᠋ ᠤᠯᠤᠰ ᠬᠡᠳᠦᠨ ᠠᠷᠪᠠᠨ ᠲᠦᠮᠡᠨ ᠢ᠋ᠶ᠋ᠡᠷ ᠴᠥᠮ ᠣᠯᠵᠤ ᠰᠣᠨᠣᠰᠤᠭᠠᠳ ᠴᠡᠷᠢᠭ ᠦ᠋ᠨ ᠬᠦᠷᠢᠶ᠎ᠡ ᠳ᠋ᠦ᠍ᠷ ᠴᠠᠭᠠᠨ ᠭᠡᠷᠡᠯ ᠬᠠᠭᠠᠰ ᠴᠠᠭ ᠰᠠᠴᠤᠷᠠᠪᠠᠢ᠃ ᠬᠠᠭᠠᠨ ᠤ᠋ ᠭᠤᠷᠪᠠᠨ ᠪᠠᠭ᠎ᠠ ᠲᠠᠢᠽᠢ –  ᠭᠢᠯᠦᠭᠡᠨ᠂ ᠵᠦᠷᠴᠢᠳ᠂ ᠵᠥᠷᠴᠢᠲᠡᠢ ᠭᠤᠷᠪᠠᠭᠤᠯᠠ ᠪᠠᠢᠵᠤ᠂ ᠬᠠᠭᠠᠨ ᠤ᠋ ᠠᠯᠲᠠᠨ ᠬᠠᠰ ᠤ᠋ᠨ ᠴᠢᠨᠳᠠᠷ ᠢ᠋ ᠠᠯᠲᠠᠨ ᠰᠠᠪᠠ ᠳ᠋ᠤᠷ ᠵᠠᠯᠠᠵᠤ᠂ ᠭᠤᠴᠢᠨ ᠵᠢᠷᠭᠤᠭᠠᠨ ᠮᠣᠷᠢ ᠬᠥᠯᠦᠭᠰᠡᠨ ᠳᠥᠷᠪᠡᠨ ᠬᠦᠷᠳᠦᠲᠦ ᠶᠡᠬᠡ ᠬᠠᠰᠠᠭ ᠲᠤᠷ ᠠᠴᠢᠵᠤ᠂ ᠶᠡᠬᠡ ᠭᠠᠰᠠᠯᠠᠩ ᠤ᠋ᠨ ᠪᠡᠯᠪᠡᠰᠦᠷᠡᠯ ᠡᠮᠦᠰᠴᠦ ᠤᠯᠤᠰ ᠤ᠋ᠨ ᠵᠦᠭ ᠡᠴᠢᠪᠡ᠃ ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠤᠸᠠᠩᠳᠢ ᠴᠢᠩᠭᠢᠰ ᠬᠠᠭᠠᠨ ᠡᠪᠦᠭᠡ ᠵᠢᠷᠠᠨ ᠵᠢᠷᠭᠤᠭᠠᠨ ᠰᠡᠭᠦᠳᠡᠷ ᠲᠡᠢ᠂ ᠶᠡᠬᠡ ᠬᠠᠭᠠᠨ ᠰᠠᠭᠤᠷᠢᠨ ᠳ᠋ᠤᠷ ᠬᠣᠷᠢᠨ ᠬᠣᠶᠠᠷ ᠵᠢᠯ ᠰᠠᠭᠤᠪᠠ᠃ ᠬᠠᠷ᠎ᠠ ᠮᠣᠷᠢᠨ ᠵᠢᠯ ᠦ᠋ᠨ ᠵᠤᠨ ᠤ᠋ ᠳᠥᠷᠪᠡᠨ ᠰᠠᠷ᠎ᠠ ᠶ᠋ᠢᠨ ᠠᠷᠪᠠᠨ ᠵᠢᠷᠭᠤᠭᠠᠨ ᠤ᠋ ᠮᠣᠷᠢᠨ ᠴᠠᠭ ᠲᠤᠷ ᠳᠡᠯᠢᠭᠦᠨ ᠪᠣᠯᠳᠠᠭ ᠲᠤᠷ ᠮᠡᠨᠳᠦᠯᠡᠵᠦ᠂ ᠤᠯᠠᠭᠴᠢᠨ ᠭᠠᠬᠠᠢ ᠵᠢᠯ ᠦ᠋ᠨ ᠡᠪᠦᠯ ᠦ᠋ᠨ ᠠᠷᠪᠠᠨ ᠬᠣᠶᠠᠷ ᠰᠠᠷ᠎ᠠ ᠶ᠋ᠢᠨ ᠠᠷᠪᠠᠨ ᠬᠣᠶᠠᠷ ᠤ᠋ᠨ ᠮᠣᠷᠢᠨ ᠴᠠᠭ ᠲᠤᠷ ᠬᠠᠯᠢᠪᠠᠢ᠃ ᠠᠮᠢᠳᠤ ᠰᠡᠷᠡᠭᠦᠨ ᠪᠦᠬᠦᠢ ᠴᠠᠭ ᠲᠤᠷ ᠵᠠᠷᠯᠢᠭ ᠪᠣᠯᠤᠭᠰᠠᠨ ᠠᠯᠲᠠᠢ ᠬᠠᠨ ᠤ᠋ ᠠᠷᠤ  ᠬᠡᠨᠲᠡᠢ ᠬᠠᠨ ᠤ᠋ ᠥᠯᠭᠡ ᠳ᠋ᠦ᠍ᠷ ᠮᠢᠨᠦ ᠨᠢᠭᠡᠨ ᠪᠤᠮᠪᠠ ᠶ᠋ᠢ ᠲᠡᠨᠳᠡ ᠪᠠᠢᠭᠤᠯᠪᠠᠰᠤ ᠮᠢᠨᠦ ᠦᠷᠡᠰ ᠲᠠᠪᠤᠨ ᠵᠠᠭᠤᠨ ᠣᠨ ᠲᠦᠪᠰᠢᠨ ᠶᠠᠪᠤᠨ᠂ ᠬᠣᠢᠨ᠎ᠠ ᠪᠠᠰᠠ ᠶᠡᠬᠡᠯ᠎ᠡ ᠮᠠᠨᠳᠤᠵᠤ᠂ ᠮᠢᠩᠭᠠᠨ ᠣᠨ ᠪᠣᠯᠬᠤ ᠭᠡᠮᠡᠨ ᠠᠢᠯᠠᠳᠤᠭᠰᠠᠨ ᠢ᠋ᠶ᠋ᠠᠷ ᠳᠠᠷᠤᠢ ᠶᠡᠬᠡ ᠴᠢᠨᠳᠠᠷ ᠢ᠋ ᠵᠠᠯᠠᠵᠤ ᠶᠠᠪᠤᠬᠤᠢ ᠳ᠋ᠤᠷ ᠬᠠᠮᠤᠭ ᠶᠡᠬᠡ ᠤᠯᠤᠰ ᠢ᠋ᠶ᠋ᠠᠷ ᠤᠢᠯᠠᠨ ᠬᠠᠢᠯᠠᠨ ᠶᠠᠪᠤᠬᠤᠢ ᠳ᠋ᠤᠷ ᠮᠦ᠍ ᠨᠠ ᠶ᠋ᠢᠨ ᠬᠥᠭᠡᠪᠦᠷ ᠬᠡᠮᠡᠬᠦ ᠭᠠᠵᠠᠷ ᠲᠤᠷ ᠬᠦᠷᠦᠭᠡᠳ ᠶᠡᠬᠡ ᠬᠠᠰᠠᠭ ᠲᠡᠷᠭᠡᠨ ᠦ᠌ ᠬᠦᠷᠳᠦ ᠬᠥᠯᠳᠡᠭᠦᠦ ᠭᠠᠵᠠᠷ ᠲᠤᠷ ᠴᠢᠪ ᠴᠢᠬᠡ ᠰᠢᠭᠢᠳᠷᠡᠭᠡᠳ ᠬᠡᠳᠦᠨ ᠵᠠᠭᠤᠨ ᠤᠯᠠᠭ᠎ᠠ ᠬᠥᠯᠭᠡ ᠶ᠋ᠢ ᠬᠥᠯᠵᠦ ᠲᠠᠲᠠᠭᠤᠯᠪᠠᠴᠤ ᠦᠯᠦ ᠬᠥᠳᠡᠯᠦᠨ᠂ ᠵᠠᠭᠤᠨ ᠲᠦᠮᠡᠨ ᠤᠯᠤᠰ ᠠᠯᠪᠠᠲᠤ ᠶᠡᠬᠡᠯ᠎ᠡ ᠠᠶᠤᠯᠳᠤᠨ ᠵᠣᠪᠠᠬᠤᠢ ᠳ᠋ᠤᠷ ᠭᠢᠯᠦᠭᠡᠨ ᠪᠠᠭᠠᠲᠤᠷ ᠶᠠᠭᠠᠷᠠᠨ ᠠᠯᠲᠠᠨ ᠬᠤᠨᠳᠠᠭ᠎ᠠ ᠪᠠᠷ ᠠᠷᠢᠬᠢ ᠰᠠᠴᠤᠵᠤ ᠡᠢᠨ ᠠᠢᠯᠠᠳᠬᠠᠷᠤᠨ ᠄ 
             ᠬᠥᠬᠡ ᠮᠥᠩᠬᠡ ᠲᠡᠭᠷᠢ ᠶ᠋ᠢᠨ ᠵᠠᠶᠠᠭᠠᠲᠤ ᠮᠡᠨᠳᠦᠯᠡᠭᠰᠡᠨ 
             ᠬᠥᠮᠦᠨ ᠡᠵᠡᠨ ᠳᠠᠭ᠌ᠷᠢᠯᠢᠭ᠌ ᠪᠣᠭᠳᠠ ᠬᠠᠭᠠᠨ ᠮᠢᠨᠦ᠂ 
             ᠬᠥᠷ ᠶᠡᠬᠡ ᠤᠯᠤᠰ ᠪᠦᠭᠦᠳᠡ ᠪᠡᠨ ᠭᠡᠭᠡᠵᠦ ᠣᠷᠬᠢᠭᠠᠳ 
             ᠬᠦᠷᠳᠦᠲᠦ ᠲᠡᠷᠭᠡᠨ᠎ᠡ ᠵᠠᠯᠠᠷᠠᠭᠰᠠᠨ ᠬᠠᠭᠠᠨ ᠡᠵᠡᠨ ᠮᠢᠨᠦ ᠠᠢᠯᠠᠳ᠂ 
             ᠲᠥᠪᠰᠢᠨ᠎ᠡ ᠪᠠᠢᠭᠤᠯᠤᠭᠰᠠᠨ ᠬᠠᠭᠠᠨ ᠲᠥᠷᠥ ᠶ᠋ᠢᠨ ᠶᠡᠬᠡ ᠤᠯᠤᠰ ᠴᠢᠨᠦ 
             ᠲᠥᠷᠥᠯ ᠲᠥᠷᠥᠭᠰᠡᠨ ᠬᠤᠸᠠᠩᠬᠡᠦ ᠲᠠᠢᠽᠢ ᠦᠷ᠎ᠡ ᠴᠢᠨᠦ᠂ 
             ᠳᠥᠷᠥᠯᠡᠨ ᠵᠣᠬᠢᠶᠠᠭᠰᠠᠨ ᠵᠠᠰᠠᠭ ᠴᠠᠭᠠᠵᠠᠲᠤ ᠬᠦᠨᠳᠦ ᠤᠯᠤᠰ ᠴᠢᠨᠦ 
             ᠲᠥᠷᠥᠵᠦ ᠭᠢᠰᠬᠢᠭᠰᠡᠨ ᠠᠭᠤᠯᠠ ᠤᠰᠤᠲᠤ ᠣᠷᠣᠨ ᠴᠢᠨᠦ᠂ 
             ᠠᠷᠤ ᠭᠠᠵᠠᠷ ᠤ᠋ᠨ ᠣᠶᠤᠨ ᠪᠣᠯᠳᠠᠭ ᠣᠷᠣᠢ ᠪᠤᠶᠤ 
             ᠠᠷᠢᠭᠤᠨ ᠣᠷᠣᠨ ᠪᠤᠷᠬᠠᠨ ᠭᠠᠯᠳᠤᠨ᠎ᠠ ᠨᠤᠲᠤᠭ ᠪᠤᠶᠤ᠂ 
             ᠠᠩᠬ᠎ᠠ ᠤᠴᠠᠷᠠᠭᠰᠠᠨ ᠭᠤᠸᠠᠩ ᠰᠢᠶᠠᠨ ᠬᠤᠸᠠᠩᠬᠡᠦ ᠬᠠᠲᠤᠨ ᠴᠢᠨᠦ 
             ᠠᠮᠠᠷᠬᠠᠯᠠᠨ ᠬᠠᠢᠷᠠᠯᠠᠭᠰᠠᠨ ᠲᠠᠪᠤᠨᠠᠩ ᠭᠡᠭᠡ ᠹᠧᠢ ᠨᠠᠷ ᠴᠢᠨᠦ᠂ 
             ᠠᠯᠲᠠᠨ ᠰᠤᠪᠤᠳ ᠤ᠋ᠨ ᠠᠰᠠᠷ ᠲᠠᠭᠲᠤ ᠴᠢᠨᠦ 
             ᠠᠯᠪᠠ ᠬᠤᠷᠢᠶᠠᠭᠰᠠᠨ ᠤᠯᠤᠰ ᠢᠷᠭᠡᠨ ᠴᠢᠨᠦ ᠲᠡᠨᠳᠡ ᠪᠥᠯᠥᠭᠡ᠂ 
             ᠠᠷᠢᠭᠤᠨ ᠪᠤᠯᠠᠭ ᠲᠤᠷ ᠤᠬᠢᠶᠠᠭᠰᠠᠨ ᠠᠭᠤᠯᠠ ᠤᠰᠤ ᠬᠢᠭᠡᠳ 
             ᠠᠮᠠᠷᠠᠭ ᠰᠡᠳᠬᠢᠯᠲᠦ ᠠᠯᠪᠠᠲᠤ ᠤᠯᠤᠰ ᠴᠢᠨᠦ ᠲᠡᠨᠳᠡ ᠪᠥᠯᠥᠭᠡ᠂ 
             ᠤᠨᠤᠨ ᠮᠥᠷᠡᠨ ᠦ᠌ ᠬᠥᠪᠡᠭᠡ ᠳᠡᠯᠢᠭᠦᠨ ᠪᠣᠯᠳᠠᠭ ᠤ᠋ᠨ ᠠᠷᠠᠯ ᠠ᠋ 
             ᠤᠷᠢᠳᠤ ᠶᠡᠬᠡ ᠬᠣᠲᠠ ᠣᠷᠣᠨ ᠨᠤᠲᠤᠭ ᠲᠤᠷ ᠴᠢᠨᠦ ᠵᠠᠯᠠᠮᠤᠢ᠂ 
             ᠤᠯᠤᠰ ᠶᠡᠬᠡᠲᠦ ᠰᠦᠯᠳᠡ ᠰᠦᠷ ᠶᠡᠬᠡᠲᠦ ᠰᠠᠬᠢᠭᠤᠯᠰᠤᠨ 
             ᠣᠨ ᠲᠦᠮᠡᠨ ᠤᠯᠤᠰ ᠢ᠋ᠶ᠋ᠠᠨ ᠣᠷᠣᠢ ᠶ᠋ᠢᠨ ᠲᠡᠳᠦᠢ ᠬᠠᠢᠷᠠᠯᠠᠵᠤ ᠵᠠᠯᠠᠷᠠᠮᠤ ! 
ᠭᠡᠮᠡᠨ ᠮᠥᠷᠭᠥᠵᠦ ᠪᠡᠯᠭᠡᠯᠡᠨ ᠠᠢᠯᠠᠳᠬᠠᠵᠤ ᠠᠷᠠᠵᠠ ᠰᠠᠴᠤᠭᠰᠠᠨ ᠳ᠋ᠤᠷ ᠶᠡᠬᠡ ᠬᠠᠰᠠᠭ ᠳᠠᠷᠤᠢ ᠬᠠᠢᠷᠠᠰᠤᠨ ᠬᠥᠳᠡᠯᠵᠦ ᠶᠠᠪᠤᠭᠰᠠᠨ ᠳ᠋ᠤᠷ ᠣᠯᠠᠨ ᠲᠦᠮᠡᠨ ᠢ᠋ᠶ᠋ᠡᠷ ᠪᠠᠶᠠᠰᠤᠯᠳᠤᠵᠤ᠂ ᠬᠣᠢᠲᠤ ᠱᠠᠩᠳᠤ ᠬᠣᠲᠠᠨ ᠳ᠋ᠤᠷ ᠬᠦᠷᠴᠦ ᠢᠷᠡᠲᠡᠯ᠎ᠡ ᠬᠠᠭᠠᠨ ᠤ᠋ ᠭᠤᠷᠪᠠᠨ ᠤᠷᠲᠤ ᠵᠢᠷᠭᠤᠭᠠᠨ ᠬᠦᠷᠢᠶᠡᠯᠡᠩ ᠳᠥᠷᠪᠡᠨ ᠬᠦᠯᠦᠭ ᠵᠢᠷᠭᠤᠭᠠᠨ ᠴᠢᠩ ᠬᠠᠮᠲᠤ ᠪᠠᠷ ᠤᠭᠲᠤᠨ ᠬᠦᠷᠴᠦ ᠳᠡᠯᠡᠬᠡᠢ ᠳ᠋ᠠᠬᠢᠨ ᠤ᠋ ᠶᠡᠬᠡ ᠭᠠᠰᠠᠯᠠᠩ᠂ ᠲᠡᠭᠷᠢ ᠶ᠋ᠢᠨ ᠳᠣᠣᠷᠠᠬᠢ ᠬᠦᠨᠳᠦ ᠪᠡᠯᠪᠡᠰᠦᠷᠡᠯ ᠢ᠋ ᠳᠥᠷᠪᠡᠨ ᠵᠦᠭ ᠨᠠᠢ᠍ᠮᠠᠨ ᠵᠣᠪᠬᠢᠰ ᠲᠤᠷ ᠵᠠᠷᠯᠠᠨ ᠂ ᠵᠠᠭᠤᠨ ᠡᠳᠦᠷ ᠦ᠋ᠨ ᠴᠢᠬᠤᠯᠠ ᠭᠠᠰᠠᠯᠠᠩ ᠢ᠋ ᠪᠦᠷᠢᠳᠬᠡᠨ᠂ ᠲᠠᠬᠢᠯ ᠲᠠᠪᠢᠭᠯᠠᠯ ᠢ᠋ ᠭᠦᠢᠴᠡᠭᠡᠬᠦᠢ ᠳ᠋ᠦ᠍ᠷ ᠳᠥᠷᠪᠡᠨ ᠭᠠᠵᠠᠷ ᠶᠡᠬᠡ ᠮᠣᠩᠭᠣᠨ ᠡᠭᠦᠳᠪᠡ᠃ ᠳᠥᠷᠪᠡᠨ ᠵᠦᠭ ᠦ᠋ᠨ ᠤᠯᠤᠰ ᠭᠠᠰᠠᠯᠠᠩ ᠳ᠋ᠤᠷ ᠴᠢᠭᠤᠯᠪᠠ᠃ ᠳᠥᠷᠪᠡᠨ ᠳᠡᠭᠦᠦ᠂ ᠳᠥᠷᠪᠡᠨ ᠲᠠᠢᠽᠢ ᠵᠦᠭ ᠵᠦᠭ ᠡᠴᠡ ᠭᠠᠰᠠᠯᠠᠩ ᠤ᠋ᠨ ᠵᠦᠭ ᠳᠣᠪᠲᠣᠯᠤᠨ ᠢᠷᠡᠯᠴᠡᠪᠡ᠃ ᠳᠥᠲᠥᠭᠡᠷ ᠲᠠᠢᠽᠢ ᠲᠣᠯᠢ ᠴᠢᠨ ᠸᠠᠩ ᠣᠢᠷ᠎ᠠ ᠪᠠᠢᠭᠰᠠᠨ ᠲᠤᠯᠠ ᠤᠯᠤᠰ ᠤ᠋ᠨ ᠬᠡᠷᠡᠭ ᠢ᠋ ᠪᠠᠷᠢᠵᠤ ᠰᠢᠳᠬᠡᠪᠡ᠃ ᠨᠢᠭᠡᠨ ᠮᠣᠩᠭᠣᠨ ᠢ᠋ ᠴᠢ ᠨᠢᠶᠠᠨ ᠬᠦ ① ᠳ᠋ᠦ᠍ᠷ ᠪᠡᠯᠡᠳᠬᠡᠪᠡ᠂ ᠨᠢᠭᠡᠨ ᠢ᠋ ᠪᠤᠷᠬᠠᠨ ᠭᠠᠯᠳᠤᠨ᠎ᠠ ᠳ᠋ᠤᠷ ᠪᠡᠯᠡᠳᠬᠡᠪᠡ᠂ ᠨᠢᠭᠡᠨ ᠢ᠋ ᠵᠠᠯᠮ᠎ᠠ ᠬᠠᠨ ᠤ᠋ ᠠᠷᠤ ᠬᠠᠳᠠ ᠬᠠᠨ ᠤ᠋ ᠡᠩᠭᠡᠷ ᠭᠦᠳᠦᠩ ᠨᠡᠷᠡᠲᠦ ᠭᠠᠵᠠᠷ ᠲᠤᠷ ᠪᠡᠯᠡᠳᠬᠡᠪᠡ ᠂ ᠨᠢᠭᠡᠨ ᠢ᠋ ᠠᠯᠲᠠᠢ ᠬᠠᠨ ᠤ᠋ ᠠᠷᠤ ᠲᠠᠷᠢᠬᠢᠨ ᠬᠠᠨ ᠤ᠋ ᠥᠪᠥᠷ ᠬᠠᠨ ᠠᠭᠤᠯᠠ ᠬᠠᠳᠠ ᠭᠣᠣᠯ ᠤ᠋ᠨ ᠳᠤᠮᠳᠠ ᠪᠡᠯᠡᠳᠬᠡᠪᠡ᠃ ᠨᠢᠭᠡᠨ ᠭᠠᠵᠠᠷ ᠲᠤᠷ ᠮᠢᠩᠭᠠᠨ ᠨᠦᠬᠡ ᠮᠢᠩᠭᠠᠨ ᠣᠪᠣᠭ᠎ᠠ᠂ ᠡᠨᠡ ᠢᠨᠤ ᠮᠣᠩᠭᠣᠯ ᠤᠯᠤᠰ ᠤ᠋ᠨ ᠶᠡᠬᠡ ᠬᠠᠭᠠᠳ ᠤ᠋ᠨ ᠲᠣᠭᠲᠠᠭᠰᠠᠨ ᠬᠠᠤᠯᠢ ᠪᠣᠯᠵᠤᠬᠤᠢ᠃ ᠯᠠᠪ ᠬᠣᠢᠴᠢ ᠡᠳᠦᠷ ᠦ᠋ᠨ ᠬᠥᠮᠦᠨ ᠦ᠌ ᠣᠯᠬᠤ ᠠ᠋ᠴᠠ ᠠᠶᠤᠭᠰᠠᠨ ᠬᠡᠷᠡᠭ᠃ ᠡᠳᠦᠭᠡ ᠴᠢᠩᠭᠢᠰ ᠬᠠᠭᠠᠨ ᠤ᠋  ᠮᠣᠩᠭᠣᠨ ᠳᠥᠷᠪᠡᠨ ᠭᠠᠵᠠᠷ ᠲᠤᠷ ᠴᠥᠮ ᠪᠣᠢ᠂ ᠡᠳᠦᠭᠡ ᠣᠷᠳᠣᠰ ᠬᠤᠰᠢᠭᠤᠨ ᠳ᠋ᠤᠷ ᠳᠠᠬᠢᠵᠤ ᠪᠠᠢᠬᠤ ᠠᠨᠤ ᠲᠡᠷᠡ ᠭᠠᠵᠠᠷ ᠰᠠᠬᠢᠭᠤᠯᠰᠤᠨ ᠪᠣᠯᠤᠭᠰᠠᠨ ᠠᠨᠤ ᠦᠵᠡᠭᠳᠡᠭᠰᠡᠨ ᠭᠠᠵᠠᠷ ᠬᠡᠮᠡᠮᠦᠢ᠃ ᠬᠣᠢᠨ᠎ᠠ ᠱᠢᠽᠦ ᠬᠤᠪᠢᠯᠠᠢ ᠰᠡᠴᠡᠨ ᠶᠡᠬᠡ ᠲᠡᠢ ᠮᠢᠶᠣᠤ ᠪᠠᠢᠭᠤᠯᠬᠤᠢ ᠳ᠋ᠤᠷ ᠲᠡᠨᠳᠡ ᠮᠥᠨ ᠨᠠᠢ᠍ᠮᠠᠨ ᠴᠠᠭᠠᠨ ᠭᠡᠷ ᠪᠣᠰᠬᠠᠵᠤ᠂ ᠯᠢᠶᠸᠽᠦ᠂ ᠲᠠᠢᠽᠦ᠂ ᠲᠠᠢᠽᠥ᠋ᠩ᠂ ᠿᠦᠢᠽᠥ᠋ᠩ᠂ ᠴᠠᠭᠠᠲᠠᠢ᠂ ᠵᠣᠴᠢ ᠨᠠᠷ ᠢ᠋ ᠨᠠᠢ᠍ᠮᠠᠨ ᠴᠠᠭᠠᠨ ᠭᠡᠷ ᠪᠣᠯᠭᠠᠵᠤᠬᠤᠢ᠃ ᠬᠢᠲᠠᠳ ᠤ᠋ᠨ 《ᠭᠠᠩ ᠵᠢᠶᠠᠨ ᠪᠢᠴᠢᠭ 》ᠲᠣᠷ ᠯᠢᠦ ᠬᠣᠣ ᠲᠠᠢᠽᠢ ᠵᠢᠷᠭᠤᠭᠠᠨ ᠬᠥᠪᠡᠭᠦᠨ ᠬᠡᠮᠡᠭᠡᠳ ᠳᠥᠷᠪᠡᠨ ᠦ᠌ ᠨᠡᠷ᠎ᠡ ᠶ᠋ᠢ ᠲᠣᠭᠠᠴᠢᠵᠤ ᠦᠯᠡᠭᠰᠡᠨ ᠬᠣᠶᠠᠷ ᠤ᠋ᠨ ᠨᠡᠷ᠎ᠡ ᠶ᠋ᠢ ᠡᠰᠡ ᠳᠤᠷᠠᠳᠪᠠᠢ᠃ ᠮᠣᠩᠭᠣᠯ 《ᠠᠯᠲᠠᠨ ᠲᠣᠪᠴᠢ 》ᠪᠠ 《 ᠳᠤᠲᠠ ᠶ᠋ᠢᠨ ᠲᠡᠦᠬᠡ 》 ᠬᠢᠭᠡᠳ《 ᠢᠯᠠᠭᠤᠭᠰᠠᠳ ᠤ᠋ᠨ ᠬᠤᠷᠢᠮ 》 ᠨᠡᠷᠡᠲᠦ ᠰᠤᠳᠤᠷ ᠲᠤᠷ ᠳᠣᠯᠣᠭᠠᠨ ᠬᠥᠪᠡᠭᠦᠨ – ᠶᠡᠬᠡ ᠬᠥᠪᠡᠭᠦᠨ ᠵᠣᠴᠢ ᠲᠣᠭᠮᠤᠭ ᠤᠯᠤᠰ ᠲᠤᠷ ᠬᠠᠭᠠᠨ ᠰᠠᠭᠤᠪᠠ ᠂ ᠬᠣᠶᠠᠳᠤᠭᠠᠷ ᠬᠥᠪᠡᠭᠦᠨ ᠴᠠᠭᠠᠲᠠᠢ ᠬᠣᠲᠣᠩ ᠤᠯᠤᠰ ᠲᠤᠷ ᠬᠠᠭᠠᠨ ᠡᠷᠭᠦᠮᠵᠢᠯᠡᠪᠡ᠃  ᠭᠤᠷᠪᠠᠳᠤᠭᠠᠷ ᠬᠥᠪᠡᠭᠦᠨ ᠥᠭᠡᠳᠡᠢ ᠬᠢᠲᠠᠳ ᠤᠯᠤᠰ ᠤ᠋ᠨ ᠬᠠᠭᠠᠨ ᠂ ᠳᠥᠷᠪᠡᠳᠦᠭᠡᠷ ᠬᠥᠪᠡᠭᠦᠨ ᠲᠣᠯᠢ ᠮᠣᠩᠭᠣᠯ ᠤᠯᠤᠰ ᠤ᠋ᠨ ᠬᠠᠭᠠᠨ ᠂ ᠲᠠᠪᠤᠳᠤᠭᠠᠷ ᠬᠥᠪᠡᠭᠦᠨ ᠭᠢᠯᠥᠭᠡᠨ ᠲᠥᠪᠡᠳ ᠤᠯᠤᠰ ᠤ᠋ᠨ ᠬᠠᠭᠠᠨ ᠂ ᠵᠢᠷᠭᠤᠳᠤᠭᠠᠷ ᠬᠥᠪᠡᠭᠦᠨ ᠵᠦᠷᠴᠢᠳ ᠣᠷᠣᠰ ᠤᠯᠤᠰ ᠲᠤᠷ ᠬᠠᠭᠠᠨ ᠳᠣᠯᠣᠳᠤᠭᠠᠷ ᠬᠥᠪᠡᠭᠦᠨ ᠵᠥᠷᠴᠢᠲᠡᠢ ᠪᠠᠯᠪᠤ ᠤᠯᠤᠰ ᠲᠤᠷ ᠬᠠᠭᠠᠨ ᠡᠷᠭᠦᠮᠵᠢᠯᠡᠪᠡ᠃ 

– – – – 
 ①  ᠱᠠᠨ ᠰᠢ ᠮᠣᠵᠢ ᠳ᠋ᠤᠷ ᠪᠣᠢ᠂ ᠡᠳᠦᠭᠡ ᠮᠥᠨ ᠠᠮᠤᠢ᠃

ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠤ :  
             ᠠᠪᠤᠰᠢᠲᠠᠢ ᠯᠢ ᠴᠢᠦᠸᠠᠨ ᠴᠢᠩ ᠵᠧᠦ ᠹᠦ ᠳ᠋ᠦ᠍ᠷ ᠰᠥᠩ ᠤᠯᠤᠰ ᠲᠤᠷ ᠠᠶᠠᠷᠯᠠᠪᠠ 
             ᠠᠯᠮᠠᠢᠲᠤᠭᠰᠠᠨ ᠯᠢ ᠰᠢᠶᠠ ᠰᠢ ᠫᠢᠩ ᠹᠦ ᠳ᠋ᠦ᠍ᠷ ᠮᠣᠩᠭᠣᠯ ᠳ᠋ᠤᠷ ᠳᠠᠭᠠᠪᠠ᠂ 
             ᠠᠶᠤᠮᠠᠲᠠᠭᠠᠢ ᠴᠢᠨ ᠢᠨ ᠰᠢ ᠾᠧ ᠵᠧᠦ ᠳ᠋ᠦ᠍ᠷ ᠭᠡᠷ ᠦ᠋ᠨ ᠬᠣᠲᠠᠯᠠᠭᠠᠷ ᠦᠬᠦᠯᠳᠦᠪᠡ 
             ᠠᠯᠲᠠᠨ ᠤ᠋ ᠲᠠᠩᠭᠤᠳ ᠲᠦᠷᠢᠮᠡᠬᠡᠢ ᠪᠠᠯᠭᠠᠰᠤᠨ ᠳ᠋ᠤᠷ ᠡᠮ᠎ᠡ ᠦᠷ᠎ᠡ ᠲᠡᠢ ᠪᠠᠷᠢᠭᠳᠠᠪᠠ᠃