ᠮᠣᠩᠭᠣᠯ ᠮᠢᠨᠦ ᠡᠬᠡ ᠣᠷᠣᠨ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠮᠢᠨᠦ ᠡᠬᠡ ᠣᠷᠣᠨ -ᠮᠠᠨᠳᠤᠬᠤ ᠪᠠᠭᠰᠢ ᠶᠢᠨ ᠤᠷᠠᠨ ᠪᠢᠴᠢᠯᠭᠡ

ᠮᠣᠩᠭᠣᠯ ᠮᠢᠨᠦ ᠡᠬᠡ ᠣᠷᠣᠨ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2023-10-10

714

ᠮᠣᠩᠭᠣᠯ ᠮᠢᠨᠦ ᠡᠬᠡ ᠣᠷᠣᠨ


             ᠦᠭᠡ ᠄ ᠫ· ᠭᠠᠩᠲᠡᠮᠦᠷ   
             ᠠᠶ᠎ᠠ ᠄ ᠴ· ᠲᠡᠮᠦᠷᠪᠠᠭᠠᠲᠤᠷ   
             ᠳᠠᠭᠤᠴᠢᠨ᠄ ᠴᠢᠯᠠᠭᠤᠨᠬᠦᠦ   

ᠲᠠᠢᠭ᠎ᠠ ᠶ᠋ᠢᠨ ᠨᠢᠷᠤᠭᠤᠨ ᠳ᠋ᠠᠭᠠᠨ ᠠᠩ ᠠᠮᠢᠲᠠᠨ ᠰᠢᠪᠡᠭᠡᠯᠡᠭᠰᠡᠨ   
ᠲᠠᠯ᠎ᠠ ᠶ᠋ᠢᠨ ᠲᠡᠨᠢᠭᠦᠨ ᠳ᠋ᠡᠭᠡᠨ ᠮᠠᠯ ᠰᠦᠷᠦᠭ ᠰᠢᠭᠢᠳᠬᠡᠭᠰᠡᠨ    
ᠲᠠᠯᠪᠢᠭᠤ ᠨᠤᠲᠤᠭ ᠮᠢᠨᠢ ᠰᠠᠩ ᠡᠷᠳᠡᠨᠢ ᠪᠡᠷ ᠰᠢᠯᠡᠭᠡᠯᠡᠭᠰᠡᠨ 
ᠲᠠᠩᠰᠤᠭ ᠵᠢᠷᠭᠠᠯ ᠢ᠋ ᠬᠥᠮᠦᠨ ᠠᠷᠠᠳ ᠲᠠᠭᠠᠨ ᠰᠢᠩᠭᠡᠭᠡᠭᠰᠡᠨ
ᠭᠢᠰᠬᠢᠵᠦ ᠶᠠᠪᠤᠭ᠎ᠠ ᠴᠡᠴᠡᠭᠲᠦ ᠨᠣᠭᠣᠭᠠᠨ ᠭᠠᠵᠠᠷ ᠮᠢᠨᠢ
ᠭᠡᠷᠡᠯᠲᠦ ᠨᠠᠷᠠᠨ ᠤ᠋ ᠴᠡᠯᠮᠡᠭ ᠨᠣᠮᠢᠨ ᠲᠩᠷᠢ ᠮᠢᠨᠢ
ᠡᠬᠡ ᠣᠷᠣᠨ ᠲᠥᠷᠥᠯᠬᠢ ᠮᠢᠨᠦ ᠥᠯᠥᠭᠡᠢ
ᠡᠯᠢᠭᠡᠨ ᠰᠠᠳᠤᠨ ᠲᠦᠮᠡᠨ ᠦ᠌ ᠠᠯᠲᠠᠨ ᠳᠡᠯᠡᠬᠡᠢ᠃

ᠠᠶᠠᠰ ᠤ᠋ᠨ ᠰᠠᠯᠬᠢᠨ᠎ᠠ ᠰᠤᠷ ᠬᠠᠶᠠᠯᠠᠨ ᠰᠤᠭᠰᠤᠷᠤᠭᠰᠠᠨ
ᠠᠲᠠᠷ ᠤ᠋ᠨ ᠱᠠᠭᠱᠤᠤᠷᠭ᠎ᠠ ᠦᠷ᠎ᠡ ᠲᠠᠷᠢᠶ᠎ᠠ ᠰᠢᠭᠤᠷᠬᠠᠢᠯᠠᠭᠰᠠᠨ
ᠠᠮᠵᠢᠯᠲᠠ ᠴᠣᠭᠴᠠᠯᠠᠨ ᠨᠡᠷ᠎ᠡ ᠠᠯᠳᠠᠷ ᠴᠤᠤᠷᠠᠢᠯᠠᠭᠰᠠᠨ
ᠠᠵᠢᠯ ᠢ᠋ᠶ᠋ᠠᠨ ᠴᠢᠴᠠᠤᠯᠠᠨ ᠦᠷ᠎ᠡ ᠦᠢᠯᠡᠰ ᠢ᠋ᠶ᠋ᠡᠷ ᠰᠢᠭᠤᠷᠬᠠᠢᠯᠠᠭᠰᠠᠨ
ᠭᠢᠰᠬᠢᠵᠦ ᠶᠠᠪᠤᠭ᠎ᠠ ᠰᠡᠩᠬᠢ ᠶᠣ᠌ ᠠᠩᠬᠢᠯᠤᠮ᠎ᠠ ᠭᠠᠵᠠᠷ ᠮᠢᠨᠢ
ᠭᠡᠷᠡᠯᠲᠦ ᠨᠠᠷᠠᠨ ᠤ᠋ ᠣᠬᠢ ᠶᠣ᠌ ᠨᠣᠮᠢᠨ ᠲᠩᠷᠢ ᠮᠢᠨᠢ
ᠡᠬᠡ ᠣᠷᠣᠨ ᠲᠥᠷᠥᠯᠬᠢ ᠮᠢᠨᠦ ᠥᠯᠥᠭᠡᠢ
ᠡᠯᠢᠭᠡᠨ ᠰᠠᠳᠤᠨ ᠲᠦᠮᠡᠨ ᠦ᠌ ᠠᠯᠲᠠᠨ ᠳᠡᠯᠡᠬᠡᠢ᠃

ᠳᠡᠯᠡᠬᠡᠢ ᠨᠢᠭᠲᠠᠷᠠᠭᠰᠠᠨ ᠡᠪ ᠵᠦᠢ ᠮᠢᠨᠢ ᠪᠠᠲᠤᠵᠢᠩᠭᠤᠢ
ᠳᠠᠪᠰᠢᠯ ᠴᠢᠩᠭᠠᠷᠠᠭᠰᠠᠨ ᠵᠦᠭ ᠴᠢᠭ ᠮᠢᠨᠢ ᠪᠠᠳᠠᠷᠠᠩᠭᠤᠢ
ᠳᠡᠭᠡᠭᠰᠢᠯᠡᠨ ᠮᠠᠨᠳᠤᠭᠰᠠᠨ ᠡᠬᠡ ᠡᠪᠦᠭᠡᠴᠦᠳ ᠦᠵᠦᠭᠦᠷ ᠦᠭᠡᠢ
ᠳᠡᠯᠭᠡᠷ ᠴᠡᠴᠡᠭᠯᠡᠭᠰᠡᠨ ᠮᠠᠰᠢ ᠰᠠᠢᠬᠠᠨ ᠢᠷᠡᠭᠡᠳᠦᠢ
ᠭᠢᠰᠬᠢᠵᠦ ᠶᠠᠪᠤᠭ᠎ᠠ ᠴᠡᠴᠡᠭᠲᠦ ᠨᠣᠭᠣᠭᠠᠨ ᠭᠠᠵᠠᠷ ᠮᠢᠨᠢ
ᠭᠡᠷᠡᠯᠲᠦ ᠨᠠᠷᠠᠨ ᠤ᠋ ᠴᠡᠯᠮᠡᠭ ᠨᠣᠮᠢᠨ ᠲᠩᠷᠢ ᠮᠢᠨᠢ
ᠡᠬᠡ ᠣᠷᠣᠨ ᠲᠥᠷᠥᠯᠬᠢ ᠮᠢᠨᠦ ᠥᠯᠥᠭᠡᠢ
ᠡᠯᠢᠭᠡᠨ ᠰᠠᠳᠤᠨ ᠲᠦᠮᠡᠨ ᠦ᠌ ᠠᠯᠲᠠᠨ ᠳᠡᠯᠡᠬᠡᠢ
ᠭᠢᠰᠬᠢᠵᠦ ᠶᠠᠪᠤᠭ᠎ᠠ ᠰᠡᠩᠬᠢ ᠶᠣ᠌ ᠠᠩᠬᠢᠯᠤᠮ᠎ᠠ ᠭᠠᠵᠠᠷ ᠮᠢᠨᠢ
ᠭᠡᠷᠡᠯᠲᠦ ᠨᠠᠷᠠᠨ ᠤ᠋ ᠣᠬᠢ ᠶᠣ᠌ ᠨᠣᠮᠢᠨ ᠲᠩᠷᠢ ᠮᠢᠨᠢ
ᠡᠬᠡ ᠣᠷᠣᠨ ᠲᠥᠷᠥᠯᠬᠢ ᠮᠢᠨᠦ ᠥᠯᠥᠭᠡᠢ
ᠡᠯᠢᠭᠡᠨ ᠰᠠᠳᠤᠨ ᠲᠦᠮᠡᠨ ᠦ᠌ ᠠᠯᠲᠠᠨ ᠳᠡᠯᠡᠬᠡᠢ
ᠡᠬᠡ ᠣᠷᠣᠨ ᠲᠥᠷᠥᠯᠬᠢ ᠮᠢᠨᠦ ᠥᠯᠥᠭᠡᠢ
ᠡᠯᠢᠭᠡᠨ ᠰᠠᠳᠤᠨ ᠲᠦᠮᠡᠨ ᠦ᠌ ᠠᠯᠲᠠᠨ ᠳᠡᠯᠡᠬᠡᠢ᠃

    ᠦᠰᠦᠭ ᠠᠮᠢᠯᠠᠭᠤᠯᠤᠭᠴᠢ᠄ ᠨᠠᠷᠠᠨᠲᠣᠭᠣᠰ
    ᠬᠢᠨᠠᠭᠴᠢ᠄ ᠤᠤᠭᠠᠨᠵᠢᠳ