ᠬᠥᠮᠦᠨ ᠴᠡᠴᠡᠭ-ᠲᠥᠷᠥᠮᠠᠨᠳᠤᠬᠤ ᠭᠠᠩᠰᠤᠪᠤᠳTurmandakh Gansuvd Khun tsetseg Төрмандах Гансувд Хүн цэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠴᠡᠴᠡᠭ-ᠲᠥᠷᠥᠮᠠᠨᠳᠤᠬᠤ ᠭᠠᠩᠰᠤᠪᠤᠳTurmandakh Gansuvd Khun tsetseg Төрмандах Гансувд Хүн цэцэг

ᠬᠥᠮᠦᠨ ᠴᠡᠴᠡᠭ-ᠲᠥᠷᠥᠮᠠᠨᠳᠤᠬᠤ ᠭᠠᠩᠰᠤᠪᠤᠳTurmandakh Gansuvd Khun tsetseg Төрмандах Гансувд Хүн цэцэг

ᠠᠩᠭᠢᠯᠠᠯ:ᠳᠠᠭᠤᠤ ᠬᠥᠭᠵᠢᠮ
2023-10-10

1835

ᠬᠥᠮᠦᠨ ᠴᠡᠴᠡᠭ


     ᠦᠭᠡ᠂ ᠠᠶ᠎ᠠ᠄ ᠡ᠊᠂ ᠲᠦᠳᠦᠪ 
     ᠳᠠᠭᠤᠴᠢᠨ᠄ ᠳᠦᠷᠦᠮᠠᠨᠳᠤᠬᠤ᠂ ᠣ᠊᠂ ᠭᠠᠩᠰᠣᠪᠤᠳ 

ᠣᠩᠭᠣᠨ ᠲᠠᠯ᠎ᠠ ᠳ᠋ᠤ᠌ ᠪᠠᠨ ᠰᠣᠶᠣᠭᠠᠯᠠᠨ ᠤᠷᠭᠤᠭᠰᠠᠨ 
ᠣᠯᠠᠨ ᠥᠩᠭᠡ ᠶ᠋ᠢᠨ ᠲᠠᠩᠰᠤᠭᠬᠠᠨ ᠴᠡᠴᠡᠭ 
ᠣᠨᠴᠠᠭᠠᠢ ᠴᠢᠮ᠎ᠠ ᠳ᠋ᠤ᠌ ᠪᠠᠨ ᠦᠨᠡᠨᠴᠢ ᠳᠤᠷᠠᠯᠠᠭᠠᠳ 
ᠪᠤᠯᠭᠢᠯᠠᠬᠤ ᠵᠢᠷᠦᠬᠡᠨ ᠳ᠋ᠦ᠍ ᠮᠢᠨᠢ ᠨᠠᠯᠤᠬᠢᠷᠠᠨ ᠤᠷᠭᠤᠵᠠᠢ 
ᠠᠯᠲᠠᠨ ᠬᠥᠨᠳᠡᠢ ᠳ᠋ᠦ᠍ ᠠᠮᠢᠯᠠᠨ ᠤᠷᠭᠤᠭᠰᠠᠨ 
ᠬᠥᠮᠦᠨ ᠴᠡᠴᠡᠭ ᠢ᠋ ᠪᠢᠲᠡᠭᠡᠢ ᠭᠣᠮᠣᠳᠠᠭᠠᠷᠠᠢ 

ᠬᠠᠳᠠᠨ ᠵᠠᠬᠢᠶᠠᠨ ᠳᠡᠭᠡᠷ᠎ᠡ ᠤᠷᠭᠤᠭᠰᠠᠨ
ᠬᠠᠢᠷ᠎ᠠ ᠶ᠋ᠢᠨ ᠢᠨᠠᠭᠬᠠᠨ ᠠᠩᠬᠢᠯᠤᠮ᠎ᠠ ᠴᠡᠴᠡᠭ
ᠬᠥᠭᠡᠷᠦᠬᠦᠨ ᠴᠢᠮ᠎ᠠ ᠳ᠋ᠤ᠌ ᠪᠠᠨ ᠦᠨᠡᠨᠴᠢ ᠳᠤᠷᠠᠯᠠᠭᠠᠳ
ᠬᠠᠨᠢᠰᠠᠬᠤ ᠵᠢᠷᠦᠬᠡᠨ ᠳ᠋ᠦ᠍ ᠮᠢᠨᠢ ᠬᠣᠣᠰᠯᠠᠨ ᠤᠷᠭᠤᠵᠠᠢ
ᠠᠮᠢᠳᠤ ᠴᠡᠴᠡᠭᠡᠰ ᠦ᠋ᠨ ᠭᠣᠶᠣᠬᠠᠨ ᠳᠡᠯᠪᠡᠭᠡ ᠶ᠋ᠢ
ᠠᠨᠳᠠᠭᠤᠷᠠᠵᠤ ᠪᠢᠲᠡᠭᠡᠢ ᠭᠢᠰᠬᠢᠵᠦ ᠣᠷᠬᠢᠭᠠᠷᠠᠢ

ᠡᠩᠬᠦᠷᠡᠢ ᠬᠠᠢᠷ᠎ᠠ ᠠ᠋ᠴᠠ ᠡᠷᠬᠡᠯᠡᠨ ᠤᠷᠭᠤᠭᠰᠠᠨ
ᠬᠣᠣᠰ ᠰᠠᠮᠪᠤᠷᠤ ᠨᠢ ᠭᠣᠶᠣᠬᠠᠨ ᠴᠡᠴᠡᠭ
ᠬᠣᠩᠭᠣᠷ ᠴᠢᠮ᠎ᠠ ᠳ᠋ᠤ᠌ ᠪᠠᠨ ᠢᠨᠠᠭᠯᠠᠨ ᠳᠤᠷᠠᠯᠠᠭᠠᠳ
ᠬᠦᠷᠡᠩ ᠵᠢᠷᠦᠬᠡᠨ ᠳ᠋ᠦ᠍ ᠮᠢᠨᠢ ᠳᠡᠯᠭᠡᠷᠡᠨ ᠤᠷᠭᠤᠵᠠᠢ
ᠠᠮᠢᠳᠤ ᠴᠡᠴᠡᠭᠡᠰ ᠦ᠋ᠨ ᠭᠣᠶᠣᠬᠠᠨ ᠳᠡᠯᠪᠡᠭᠡ ᠶ᠋ᠢ
ᠠᠨᠳᠠᠭᠤᠷᠠᠵᠤ ᠪᠢᠲᠡᠭᠡᠢ ᠭᠢᠰᠬᠢᠵᠦ ᠣᠷᠬᠢᠭᠠᠷᠠᠢ
ᠠᠯᠲᠠᠨ ᠬᠥᠨᠳᠡᠢ ᠳ᠋ᠦ᠍ ᠠᠮᠢᠯᠠᠨ ᠤᠷᠭᠤᠭᠰᠠᠨ
ᠬᠥᠮᠦᠨ ᠴᠡᠴᠡᠭ ᠢ᠋ ᠪᠢᠲᠡᠭᠡᠢ ᠭᠣᠮᠣᠳᠠᠭᠠᠷᠠᠢ
ᠬᠥᠮᠦᠨ ᠴᠡᠴᠡᠭ ᠢ᠋ ᠪᠢᠲᠡᠭᠡᠢ ᠭᠣᠮᠣᠳᠠᠭᠠᠷᠠᠢ

     ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
     ᠬᠢᠨᠠᠭᠴᠢ᠄ ᠭᠦᠩᠭᠠᠷ