ᠬᠥᠬᠡ ᠰᠤᠳᠤᠷ - ᠢᠨᠵᠠᠨᠨᠠᠰᠢ < ᠲᠠᠪᠢᠨ ᠨᠠᠢ᠍ᠮᠠᠳᠤᠭᠠᠷ ᠪᠦᠯᠦᠭ > Хөх судар - Инжинаш < Тавин наймдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠠᠪᠢᠨ ᠨᠠᠢ᠍ᠮᠠᠳᠤᠭᠠᠷ ᠪᠦᠯᠦᠭ > Хөх судар - Инжинаш < Тавин наймдугаар бүлэг >

ᠬᠥᠬᠡ ᠰᠤᠳᠤᠷ - ᠢᠨᠵᠠᠨᠨᠠᠰᠢ < ᠲᠠᠪᠢᠨ ᠨᠠᠢ᠍ᠮᠠᠳᠤᠭᠠᠷ ᠪᠦᠯᠦᠭ > Хөх судар - Инжинаш < Тавин наймдугаар бүлэг >

ᠠᠩᠭᠢᠯᠠᠯ:ᠲᠡᠦᠬᠡ ᠰᠣᠶᠣᠯ
2023-10-08

271

ᠪᠤᠯᠤ ᠳᠠᠢᠰᠤᠨᠳᠠᠷᠤᠭᠴᠢ ᠬᠣᠶᠠᠷ ᠸᠠᠩ ᠰᠥᠩ ᠤᠯᠤᠰ ᠤ᠋ᠨ ᠯᠢ ᠴᠢᠤᠸᠠᠨ ᠤ᠋ ᠴᠡᠷᠢᠭ ᠢ᠋ ᠪᠦᠰᠡᠯᠡᠵᠦ ᠴᠢ ᠵᠧᠦ ᠬᠣᠲᠠᠨ ᠢ᠋ ᠬᠠᠭᠠᠪᠠ

ᠴᠠᠭᠠᠲᠠᠢ ᠥᠭᠡᠳᠡᠢ ᠬᠣᠶᠠᠷ ᠲᠠᠢᠽᠢ ᠠᠯᠲᠠᠨ ᠤᠯᠤᠰ ᠤ᠋ᠨ ᠴᠠᠭ ᠤ᠋ᠨ ᠠᠯᠪᠠ ᠶ᠋ᠢ ᠨᠡᠬᠡᠵᠦ ᠨᠠᠨ ᠵᠢᠩ ᠪᠠᠯᠭᠠᠰᠤᠨ ᠢ᠋ ᠪᠠᠢᠯᠳᠤᠪᠠ


                        ᠲᠠᠪᠢᠨ ᠨᠠᠢ᠍ᠮᠠᠳᠤᠭᠠᠷ ᠪᠦᠯᠦᠭ     
                                           ᠤᠯᠠᠭᠠᠨ ᠨᠣᠬᠠᠢ ᠵᠢᠯ᠂ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠬᠣᠷᠢᠨ ᠨᠢᠭᠡᠳᠦᠭᠡᠷ ᠣᠨ ᠂ 
                                           ᠰᠥᠩ ᠤᠯᠤᠰ ᠤ᠋ᠨ ᠯᠢᠽᠦ᠋ᠩ ᠦ᠋ᠨ ᠪᠤᠤ ᠴᠢᠩ ᠦ᠋ᠨ ᠬᠣᠶᠠᠳᠤᠭᠠᠷ ᠣᠨ᠂ 
                                           ᠠᠯᠲᠠᠨ ᠤᠯᠤᠰ ᠤ᠋ᠨ ᠠᠢᠽᠤᠩ ᠤ᠋ᠨ ᠵᠧᠩ ᠳᠡ ᠶ᠋ᠢᠨ ᠭᠤᠷᠪᠠᠳᠤᠭᠠᠷ ᠣᠨ ᠂ 
                                           ᠲᠠᠢᠽᠦ  ᠪᠣᠭᠳᠠ ᠴᠢᠩᠭᠢᠰ ᠬᠠᠭᠠᠨ ᠡᠨᠡ ᠵᠢᠯ ᠵᠢᠷᠠᠨ ᠲᠠᠪᠤᠨ ᠰᠡᠭᠦᠳᠡᠷ ᠲᠡᠢ᠂

                     ᠪᠤᠯᠤ ᠳᠠᠢᠰᠤᠨᠳᠠᠷᠤᠭᠴᠢ ᠬᠣᠶᠠᠷ ᠸᠠᠩ ᠰᠥᠩ ᠤᠯᠤᠰ ᠤ᠋ᠨ ᠯᠢ ᠴᠢᠤᠸᠠᠨ ᠤ᠋ ᠴᠡᠷᠢᠭ ᠢ᠋ ᠪᠦᠰᠡᠯᠡᠵᠦ ᠴᠢ ᠵᠧᠦ ᠬᠣᠲᠠᠨ ᠢ᠋ ᠬᠠᠭᠠᠪᠠ 
               ᠴᠠᠭᠠᠲᠠᠢ ᠥᠭᠡᠳᠡᠢ ᠬᠣᠶᠠᠷ ᠲᠠᠢᠽᠢ ᠠᠯᠲᠠᠨ ᠤᠯᠤᠰ ᠤ᠋ᠨ ᠴᠠᠭ ᠤ᠋ᠨ ᠠᠯᠪᠠ ᠶ᠋ᠢ ᠨᠡᠬᠡᠵᠦ ᠨᠠᠨ ᠵᠢᠩ ᠪᠠᠯᠭᠠᠰᠤᠨ ᠢ᠋ ᠪᠠᠢᠯᠳᠤᠪᠠ  

       ᠲᠡᠨᠳᠡᠴᠡ ᠲᠤᠰᠬᠤ᠂ ᠢᠯᠠᠭᠤ ᠶ᠋ᠢ ᠨᠢᠭᠡᠨ ᠢᠯᠳᠦ ᠪᠡᠷ ᠴᠠᠪᠴᠢᠵᠤ ᠠᠯᠠᠭᠠᠳ ᠲᠣᠯᠣᠭᠠᠢ ᠶ᠋ᠢ ᠪᠠᠷᠢᠵᠤ ᠶᠠᠯ᠎ᠠ ᠬᠦᠯᠢᠶᠡᠷ᠎ᠡ ᠢᠷᠡᠭᠰᠡᠨ ᠢ᠋ ᠬᠠᠭᠠᠨ ᠳ᠋ᠤᠷ ᠠᠢᠯᠠᠳᠬᠠᠭᠰᠠᠨ ᠳ᠋ᠤᠷ ᠬᠠᠭᠠᠨ ᠵᠠᠷᠯᠢᠭ ᠪᠣᠯᠤᠷᠤᠨ : 《ᠢᠯᠠᠭᠤ ᠶ᠋ᠢ ᠬᠡᠳᠦᠢ ᠠᠯᠠᠪᠠᠰᠤ ᠵᠣᠬᠢᠪᠠᠴᠤ ᠳᠡᠭᠦᠦ ᠢᠨᠤ ᠲᠤᠰᠬᠤ ᠶ᠋ᠢᠨ ᠠᠯᠠᠭᠰᠠᠨ ᠠᠨᠤ ᠵᠣᠬᠢᠬᠤ ᠦᠭᠡᠢ ! 》 ᠭᠡᠮᠡᠨ ᠲᠤᠰᠬᠤ ᠶ᠋ᠢᠨ ᠴᠣᠯᠠ ᠶ᠋ᠢ ᠪᠠᠢᠯᠭᠠᠵᠤ᠂ ᠴᠡᠷᠢᠭ ᠦ᠋ᠨ ᠬᠦᠷᠢᠶ᠎ᠡ ᠳ᠋ᠦ᠍ᠷ ᠵᠢᠳᠬᠦᠭᠦᠯᠵᠦ ᠶᠠᠯ᠎ᠠ ᠶ᠋ᠢ ᠵᠣᠯᠢᠭᠤᠯ ᠬᠡᠮᠡᠪᠡ᠃ ᠲᠤᠰᠬᠤ ᠳᠤᠷᠠᠲᠠᠶ᠎ᠠ ᠶᠠᠯ᠎ᠠ ᠪᠠᠨ ᠬᠦᠯᠢᠶᠡᠵᠦ ᠮᠥᠷᠭᠥᠭᠡᠳ ᠲᠤᠰᠢᠶᠠᠯ ᠤ᠋ᠨ ᠭᠠᠵᠠᠷ ᠲᠤᠷ ᠢ᠋ᠶ᠋ᠠᠨ ᠡᠴᠢᠪᠡ᠃  
       ᠲᠡᠳᠦᠢ ᠬᠠᠭᠠᠨ ᠴᠠᠭᠠᠨ ᠰᠠᠷ᠎ᠠ ᠳ᠋ᠤᠷ ᠳᠠᠷᠤᠢ ᠶᠡᠬᠡ ᠴᠡᠷᠢᠭ ᠢ᠋ ᠬᠥᠳᠡᠯᠭᠡᠵᠦ᠂ ᠰᠢᠶᠠ ᠤᠯᠤᠰ ᠤ᠋ᠨ ᠠᠨ ᠵᠧᠦ ᠭᠠᠵᠠᠷ ᠲᠤᠷ ᠬᠦᠷᠴᠦ᠂ ᠰᠢᠶᠠ ᠤᠯᠤᠰ ᠤ᠋ᠨ ᠳᠡᠨᠵᠢ ᠬᠦᠷᠭᠡᠬᠦ ᠬᠤᠭᠤᠴᠠᠭ᠎ᠠ ᠪᠠᠰᠠ ᠥᠩᠭᠡᠷᠡᠭᠰᠡᠨ ᠳ᠋ᠦ᠍ᠷ ᠡᠯᠴᠢ ᠢᠯᠡᠭᠡᠵᠦ ᠱᠠᠭᠠᠷᠳᠠᠪᠠᠰᠤ᠂ ᠰᠢᠶᠠ ᠤᠯᠤᠰ ᠤ᠋ᠨ ᠯᠢ ᠳᠡ ᠸᠠᠩ ᠤ᠋ᠨ ᠣᠯᠠᠨ ᠠᠬ᠎ᠠ ᠳᠡᠭᠦᠦ ᠨᠠᠷ ᠤ᠋ᠨ ᠬᠡᠳᠦᠨ ᠬᠡᠦᠬᠡᠳ – ᠬᠤ᠌᠂ ᠴᠧᠩ᠂ ᠭᠦᠨ ᠨᠠᠷ ᠤ᠋ᠨ ᠣᠯᠠᠨ ᠪᠠᠢᠲᠠᠯ᠎ᠠ ᠳᠡᠨᠵᠢ ᠬᠦᠷᠭᠡᠵᠦ ᠢᠷᠡᠬᠦ ᠦᠭᠡᠢ ᠳ᠋ᠦ᠍ᠷ ᠬᠠᠭᠠᠨ ᠬᠢᠯᠢᠩᠯᠡᠵᠦ᠂ ᠥᠪᠡᠷ ᠦ᠋ᠨ ᠪᠡᠶ᠎ᠡ ᠶᠡᠬᠡ ᠴᠡᠷᠢᠭ ᠢ᠋ ᠲᠡᠷᠢᠭᠦᠯᠡᠨ ᠳᠣᠲᠣᠭᠰᠢ ᠠᠯᠠᠨ ᠣᠷᠣᠵᠤ ᠢᠷᠡᠭᠰᠡᠨ᠎ᠡ ᠳᠠᠭᠠᠷᠢᠭᠳᠠᠭᠰᠠᠨ ᠬᠣᠲᠠ ᠪᠠᠯᠭᠠᠳ ᠴᠥᠮ ᠰᠠᠯᠬᠢᠨ ᠤ᠋ ᠠᠶ᠎ᠠ ᠶ᠋ᠢ ᠦᠵᠡᠵᠦ ᠤᠭᠲᠤᠨ ᠮᠥᠷᠭᠥᠵᠦ ᠳᠠᠭᠠᠮᠤᠢ᠃ ᠬᠠᠪᠤᠷ ᠤ᠋ᠨ ᠭᠤᠷᠪᠠᠨ ᠰᠠᠷ᠎ᠠ ᠪᠣᠯᠲᠠᠯ᠎ᠠ ᠾᠧ ᠱᠦᠢ ᠶ᠋ᠢᠨ ᠵᠡᠷᠭᠡ ᠬᠣᠲᠠ ᠨᠤᠭᠤᠳ ᠢ᠋ ᠴᠥᠮ ᠠᠪᠤᠪᠠ᠃ ᠡᠨᠡ ᠦᠶ᠎ᠡ ᠳ᠋ᠦ᠍ᠷ ᠡᠮᠦᠨ᠎ᠡ ᠵᠸᠨ ᠳ᠋ᠢᠩ ᠦ᠋ᠨ ᠭᠠᠵᠠᠷ ᠲᠤᠷ ᠡᠨᠡ ᠵᠢᠯ ᠦ᠋ᠨ ᠴᠠᠭᠠᠨ ᠰᠠᠷ᠎ᠠ ᠳ᠋ᠤᠷ ᠡᠦ ᠰᠢᠶᠠᠨ ᠪᠠᠰᠠ ᠰᠠᠮᠠᠭᠤᠷᠠᠭᠤᠯᠤᠷ᠎ᠠ ᠢᠷᠡᠭᠰᠡᠨ ᠳ᠋ᠦ᠍ᠷ ᠱᠢ ᠲᠢᠶᠠᠨ ᠽᠧ᠂ ᠬᠤ᠌ ᠴᠧᠩ ᠴᠡᠷᠢᠭ ᠪᠠᠢᠭᠤᠯᠵᠤ᠂ ᠵᠸᠨ ᠳ᠋ᠢᠩ ᠳ᠋ᠦ᠍ᠷ ᠬᠦᠷᠴᠦ ᠡᠦ ᠰᠢᠶᠠᠨ ᠢ᠋ ᠲᠣᠰᠴᠤ ᠪᠠᠢᠯᠳᠤᠭᠰᠠᠨ ᠳ᠋ᠤᠷ ᠡᠦ ᠰᠢᠶᠠᠨ ᠤ᠋ ᠴᠡᠷᠢᠭ ᠭᠤᠷᠪᠠᠨ ᠦᠶ᠎ᠡ ᠳᠠᠷᠤᠭᠳᠠᠭᠠᠳ ᠮᠣᠩᠭᠣᠯ ᠤ᠋ᠨ ᠴᠡᠷᠢᠭ ᠦ᠋ᠨ ᠵᠦᠭ ᠴᠢᠭ ᠬᠠᠨᠳᠤᠨ ᠴᠢᠳᠠᠬᠤ ᠦᠭᠡᠢ ᠪᠣᠯᠤᠭᠠᠳ ᠳᠥᠷᠪᠡᠳᠦᠭᠡᠷ ᠤᠳᠠᠭ᠎ᠠ ᠳ᠋ᠤᠷ ᠱᠢ ᠲᠢᠶᠠᠨ ᠽᠧ ᠭᠡᠨᠡᠳᠲᠡ ᠰᠠᠯᠬᠢᠨ ᠭᠠᠯ ᠤ᠋ᠨ ᠲᠠᠰᠢᠷᠠᠮ ᠳ᠋ᠤᠷ ᠭᠠᠯ ᠤ᠋ᠨ ᠲᠡᠷᠭᠡ ᠳ᠋ᠦ᠍ᠷ ᠲᠣᠰᠣ ᠴᠢᠳᠬᠤᠵᠤ ᠂ ᠰᠠᠯᠬᠢᠨ ᠳᠡᠭᠡᠷ᠎ᠡ ᠡᠴᠡ ᠰᠠᠯᠬᠢᠨ ᠤᠷᠤᠭᠤ ᠪᠠᠢᠯᠳᠤᠭᠰᠠᠨ ᠳ᠋ᠤᠷ ᠡᠦ ᠰᠢᠶᠠᠨ ᠤ᠋ ᠴᠡᠷᠢᠭ ᠶᠡᠬᠡᠯ᠎ᠡ ᠳᠠᠷᠤᠭᠳᠠᠵᠤ ᠨᠢᠭᠡᠮᠦᠰᠦᠨ ᠲᠠᠢᠯᠤᠨ ᠴᠢᠳᠠᠬᠤ ᠦᠭᠡᠢ ᠪᠣᠯᠵᠤ ᠂ ᠪᠠᠰᠠ ᠰᠢ ᠱᠠᠨ ᠤ᠋ ᠵᠦᠭ ᠪᠤᠷᠤᠭᠤᠯᠠᠨ ᠡᠴᠢᠬᠦᠢ ᠳ᠋ᠦ᠍ᠷ ᠱᠢ ᠲᠢᠶᠠᠨ ᠽᠧ ᠠᠬ᠎ᠠ ᠶ᠋ᠢᠨ ᠦᠰ ᠢ᠋ ᠡᠷᠬᠡᠪᠰᠢ ᠠᠪᠰᠤᠭᠠᠢ ᠭᠡᠮᠡᠨ ᠲᠠᠯᠪᠢᠯ ᠦᠭᠡᠢ ᠨᠡᠬᠡᠨ ᠣᠷᠣᠵᠤ᠂ ᠭᠤᠷᠪᠠᠨ ᠡᠳᠦᠷ ᠭᠤᠷᠪᠠᠨ ᠰᠥᠨᠢ ᠨᠡᠬᠡᠵᠦ ᠂ ᠲᠠᠪᠤᠨ ᠮᠢᠩᠭᠠᠨ ᠢᠯᠡᠭᠦᠦ ᠬᠥᠮᠦᠨ ᠮᠣᠷᠢᠨ ᠢ᠋ ᠣᠯᠵᠠᠯᠠᠨ ᠰᠢ ᠱᠠᠨ ᠤ᠋ ᠢᠷᠣᠭᠠᠷ ᠬᠦᠷᠲᠡᠯ᠎ᠡ ᠨᠡᠬᠡᠵᠦ ᠂ ᠡᠦ ᠰᠢᠶᠠᠨ ᠪᠣᠭᠣᠮᠲᠠ ᠳ᠋ᠤᠷ ᠢ᠋ᠶ᠋ᠠᠨ ᠣᠷᠣᠵᠤ ᠬᠠᠭᠠᠯᠭ᠎ᠠ ᠪᠠᠨ ᠳᠠᠷᠤᠪᠠ᠃ ᠱᠢ ᠲᠢᠶᠠᠨ ᠽᠧ ᠰᠠᠬᠢᠪᠠᠴᠤ ᠠᠰᠢᠭ ᠦᠭᠡᠢ ᠶ᠋ᠢ ᠮᠡᠳᠡᠭᠡᠳ ᠴᠡᠷᠢᠭ ᠡᠭᠡᠵᠦ ᠂ ᠶᠡᠬᠡ ᠶᠤᠸᠠᠨᠱᠤᠸᠠᠢ ᠭᠦᠸᠧ ᠸᠠᠩ ᠪᠤᠯᠤ ᠳ᠋ᠤᠷ ᠳᠡᠢᠯᠦᠭᠰᠡᠨ ᠤᠴᠢᠷ ᠢ᠋ ᠮᠡᠳᠡᠭᠦᠯᠦᠨ ᠶᠠᠪᠤᠭᠤᠯᠪᠠ ᠃ ᠡᠨᠡ ᠦᠶ᠎ᠡ ᠳ᠋ᠦ᠍ᠷ ᠰᠥᠩ ᠤᠯᠤᠰ ᠤ᠋ᠨ ᠯᠢ ᠴᠢᠦᠸᠠᠨ᠂ ᠴᠢᠩ ᠵᠧᠦ ᠳ᠋ᠦ᠍ᠷ ᠢᠷᠡᠵᠦ ᠮᠣᠩᠭᠣᠯ ᠤ᠋ᠨ ᠭᠠᠵᠠᠷ ᠣᠷᠣᠨ ᠢ᠋ ᠬᠠᠯᠳᠠᠰᠤᠭᠠᠢ ᠭᠡᠮᠡᠨ ᠰᠠᠨᠠᠪᠠᠴᠤ ᠨᠢᠳᠤᠨᠤᠨ ᠵᠢᠯ ᠦ᠋ᠨ ᠮᠣᠩᠭᠣᠯ ᠤ᠋ᠨ ᠪᠠᠢᠯᠳᠤᠭᠠᠨ ᠤ᠋ ᠬᠠᠳᠠᠨ ᠴᠢᠭᠢᠷᠠᠭ ᠢ᠋ ᠮᠡᠳᠡᠭᠰᠡᠨ ᠲᠤᠯᠠ ᠬᠠᠷᠠᠬᠠᠨ ᠲᠠᠲᠠᠭᠠᠯᠵᠠᠨ ᠪᠥᠬᠥᠶ᠎ᠡ᠂ ᠲᠤᠷᠰᠢᠭᠤᠯ ᠬᠡᠳᠦᠢᠨᠡᠢ ᠢᠷᠡᠵᠦ ᠶᠤᠸᠠᠨᠱᠤᠸᠠᠢ ᠪᠤᠯᠤ ᠳ᠋ᠤᠷ ᠮᠡᠳᠡᠭᠦᠯᠦᠭᠰᠡᠨ᠎ᠡ ᠂ ᠪᠤᠯᠤ ᠲᠠᠪᠤᠨ ᠵᠡᠪᠡ ᠰᠤᠭᠤᠯᠵᠤ ᠲᠠᠪᠤᠨ ᠲᠡᠰᠢ ᠶᠠᠪᠤᠭᠤᠯᠪᠠ᠃ ᠬᠡᠨ ᠬᠡᠨ ᠬᠡᠮᠡᠪᠡᠰᠦ : ᠲᠡᠷᠢᠭᠦᠨ ᠳ᠋ᠦ᠍ᠷ ᠶᠠᠨ ᠱᠢ᠂ ᠬᠣᠶᠠᠷ ᠲᠤᠷ ᠳ᠋ᠦᠩ ᠶᠦᠨ᠂ ᠭᠤᠷᠪᠠ ᠳ᠋ᠤᠷ ᠱᠢ ᠲᠢᠶᠠᠨ ᠽᠧ᠂ ᠳᠥᠷᠪᠡᠨ ᠳ᠋ᠦ᠍ᠷ ᠱᠢ ᠲᠢᠶᠠᠨ ᠱᠢ᠂ ᠲᠠᠪᠤᠨ ᠳ᠋ᠤᠷ ᠱᠢ ᠲᠢᠶᠠᠨ ᠠᠨ᠂ ᠡᠨᠡ ᠲᠠᠪᠤᠨ ᠪᠠᠷᠰ ᠤ᠋ᠨ ᠵᠠᠩᠵᠤᠨ ᠢ᠋ ᠲᠠᠪᠤᠨ ᠬᠣᠲᠠ ᠶ᠋ᠢᠨ ᠴᠡᠷᠢᠭ ᠢ᠋ ᠠᠪᠴᠤ ᠴᠢᠩ ᠵᠧᠦ ᠶ᠋ᠢ ᠬᠠᠭᠠᠵᠤ ᠰᠠᠭᠤᠵᠤ᠂ ᠯᠢ ᠴᠢᠦᠸᠠᠨ ᠢ᠋ ᠡᠷᠬᠡᠪᠰᠢ ᠠᠮᠢᠳᠤ ᠪᠡᠷᠢ᠂ ᠡᠨᠡ ᠤᠳᠠᠭ᠎ᠠ ᠶ᠋ᠢᠨ ᠬᠣᠲᠠ ᠬᠠᠭᠠᠬᠤ ᠶ᠋ᠢ ᠪᠤᠰᠤ ᠬᠣᠲᠠᠨ ᠢ᠋ ᠬᠠᠭᠠᠬᠤ ᠯᠤᠭ᠎ᠠ ᠦᠯᠢᠳᠬᠡᠵᠦ ᠪᠣᠯᠬᠤ ᠦᠭᠡᠢ᠂ ᠪᠢ ᠠᠪᠠᠭ᠎ᠠ ᠵᠢᠶᠦ᠋ᠨ ᠸᠠᠩ ᠲᠠᠢᠰᠤᠨᠳᠠᠷᠤᠭᠴᠢ ᠶ᠋ᠢᠨ ᠶᠡᠬᠡ ᠴᠡᠷᠢᠭ ᠢ᠋ ᠬᠣᠶᠠᠷ ᠠᠩᠭᠢ ᠬᠤᠪᠢᠶᠠᠵᠤ ᠭᠠᠳᠠᠭᠤᠷ ᠲᠤᠰᠠᠯᠠᠨ᠂ ᠬᠡᠳᠦᠨ ᠬᠣᠲᠠᠨ ᠢ᠋ ᠬᠠᠷᠠᠭᠠᠯᠵᠠᠨ ᠯᠢ ᠴᠢᠦᠸᠠᠨ ᠤ᠋ ᠲᠡᠷᠰᠯᠡᠭᠦᠦ ᠴᠡᠷᠢᠭ ᠢ᠋ ᠳᠠᠷᠤᠰᠤᠭᠠᠢ ᠭᠡᠮᠡᠨ ᠵᠠᠷᠯᠠᠨ ᠶᠠᠪᠤᠭᠤᠯᠪᠠ᠃ ᠡᠨᠡ ᠮᠥᠨ ᠭᠤᠷᠪᠠᠨ ᠰᠠᠷ᠎ᠠ ᠶ᠋ᠢᠨ ᠬᠡᠷᠡᠭ᠃ ᠲᠡᠳᠦᠢ ᠶᠡᠬᠡ ᠶᠤᠸᠠᠨᠱᠤᠸᠠᠢ ᠲᠠᠢᠰᠢ ᠭᠦᠸᠧ ᠸᠠᠩ ᠪᠤᠯᠤ ᠶ᠋ᠢᠨ ᠵᠠᠷ ᠬᠦᠷᠦᠮᠡᠭᠴᠡ᠂ ᠲᠠᠪᠤᠨ ᠶᠡᠬᠡ ᠪᠠᠷᠰ ᠤ᠋ᠨ ᠵᠠᠩᠵᠤᠨ ᠬᠠᠮᠲᠤ ᠪᠠᠷ ᠶᠡᠬᠡ ᠴᠡᠷᠢᠭ ᠬᠥᠳᠡᠯᠭᠡᠵᠦ᠂ ᠭᠤᠷᠪᠠᠨ ᠰᠠᠷ᠎ᠠ ᠶ᠋ᠢᠨ ᠠᠷᠪᠠᠨ ᠲᠠᠪᠤᠨ ᠳ᠋ᠤᠷ ᠴᠢᠩ ᠵᠧᠦ ᠶ᠋ᠢ ᠬᠠᠭᠠᠵᠤ ᠠᠪᠤᠪᠠ᠃ 
       ᠲᠡᠳᠦᠢ ᠪᠤᠯᠤ ᠸᠠᠩ ᠮᠥᠨ ᠴᠠᠭ ᠲᠤᠷ ᠬᠦᠷᠴᠦ ᠢᠷᠡᠭᠡᠳ ᠳᠠᠷᠤᠢ ᠬᠣᠲᠠ ᠶ᠋ᠢᠨ ᠭᠠᠳᠠᠭᠤᠷ ᠬᠠᠭᠠᠰ ᠭᠠᠵᠠᠷ ᠤ᠋ᠨ ᠦᠵᠦᠭᠦᠷ ᠶᠡᠬᠡ ᠲᠡᠭᠲᠦ ᠴᠣᠭᠴᠠᠯᠠᠵᠤ ᠂ ᠳᠥᠷᠪᠡᠨ ᠵᠦᠭ ᠨᠠᠢ᠍ᠮᠠᠨ ᠵᠣᠪᠬᠢᠰ ᠲᠤᠷ ᠴᠥᠮ ᠬᠣᠲᠠᠨ ᠠ᠋ᠴᠠ ᠥᠨᠳᠥᠷ ᠰᠢᠷᠣᠢ ᠶ᠋ᠢᠨ ᠤᠭᠤᠲᠠ ᠶ᠋ᠢᠨ ᠳᠡᠭᠲᠦ ᠪᠠᠷᠢᠭᠠᠳ ᠭᠦᠨ ᠭᠣᠣ ᠥᠨᠳᠥᠷ ᠤᠨᠠᠭᠤᠯᠢ ᠶ᠋ᠢ ᠭᠤᠷᠪᠠᠨ ᠳᠠᠪᠠᠬᠤᠷ ᠡᠷᠦᠭᠦᠯᠵᠦ᠂ ᠳᠣᠲᠣᠭᠠᠳᠤ ᠤᠨᠠᠭᠤᠯᠢ ᠳ᠋ᠤᠷ ᠬᠣᠲᠠ ᠶ᠋ᠢᠨ ᠲᠣᠭᠣᠷᠢᠭᠰᠠᠨ ᠤᠰᠤᠨ ᠢ᠋ ᠲᠠᠲᠠᠵᠤ ᠣᠷᠣᠭᠤᠯᠤᠭᠠᠳ ᠤᠨᠠᠭᠤᠯᠢ ᠪᠦᠷᠢ ᠳ᠋ᠦ᠍ᠷ ᠴᠥᠮ ᠳᠣᠷᠣᠭᠰᠢ ᠬᠠᠨᠳᠤᠭᠤᠯᠤᠨ ᠬᠠᠯᠠᠬᠠᠪᠴᠢ ᠬᠠᠢᠰᠠᠭ᠌ ᠭᠠᠷᠭᠠᠵᠤ᠂ ᠤᠨᠠᠭᠤᠯᠢ ᠪᠦᠬᠦᠨ ᠦ᠌ ᠳᠡᠭᠡᠷ᠎ᠡ ᠴᠥᠮ ᠳᠣᠲᠣᠭᠰᠢ ᠭᠠᠳᠠᠭᠰᠢ ᠬᠠᠨᠳᠤᠭᠤᠯᠤᠨ ᠰᠢᠷᠣᠢ ᠶ᠋ᠢᠨ ᠪᠠᠢᠰᠢᠩ ᠪᠠᠷᠢᠭᠤᠯᠤᠭᠠᠳ ᠨᠢᠭᠡᠮᠦᠰᠦᠨ ᠠᠷᠪᠠᠨ ᠣᠨ ᠬᠠᠭᠠᠬᠤ ᠪᠠᠷ ᠪᠡᠯᠡᠳᠬᠡᠭᠰᠡᠨ ᠳ᠋ᠦ᠍ᠷ ᠲᠠᠪᠤᠨ ᠵᠠᠩᠵᠤᠨ ᠪᠤᠯᠤ ᠸᠠᠩ ᠠ᠋ᠴᠠ ᠠᠰᠠᠭᠤᠷᠤᠨ :《ᠡᠷᠲᠡ ᠳᠡᠭᠡᠳᠦ ᠸᠠᠩ ᠪᠦᠬᠦᠢ ᠳ᠋ᠦ᠍ᠷ ᠬᠣᠲᠠ ᠪᠠᠢᠯᠳᠤᠬᠤᠢ ᠳ᠋ᠤᠷ ᠡᠷᠬᠡᠪᠰᠢ ᠬᠤᠷᠳᠤᠨ ᠠᠷᠭ᠎ᠠ ᠶ᠋ᠢ ᠡᠷᠬᠢᠯᠡᠳᠡᠭ ᠪᠥᠯᠥᠭᠡ᠂ ᠶᠤᠸᠠᠨᠱᠤᠸᠠᠢ ᠡᠳᠦᠭᠡ ᠶᠠᠭᠤᠨ ᠳ᠋ᠤᠷ ᠡᠨᠡ ᠮᠡᠲᠦ ᠵᠢᠯ ᠰᠠᠷ᠎ᠠ ᠪᠠᠷ ᠬᠠᠭᠠᠬᠤ ᠪᠠᠷ ᠪᠡᠯᠡᠳᠬᠡᠮᠦᠢ ? 》 ᠬᠡᠮᠡᠭᠰᠡᠨ ᠳ᠋ᠦ᠍ᠷ ᠪᠤᠯᠤ ᠥᠴᠢᠷᠦᠨ : 《ᠴᠡᠷᠢᠭ ᠲᠦ᠍ᠷ ᠲᠦᠷᠭᠡᠨ ᠴᠢᠬᠤᠯᠠ ᠪᠠ ᠨᠠᠮ ᠠᠭᠤᠳᠠᠮ ᠬᠣᠶᠠᠷ ᠵᠠᠮ ᠪᠣᠢ ᠂ ᠴᠡᠷᠢᠭ ᠦ᠋ᠨ ᠰᠦᠷ ᠢ ᠲᠦᠷᠭᠡᠨ᠎ᠡ ᠠᠯᠳᠠᠷᠰᠢᠭᠤᠯᠬᠤᠢ ᠳ᠋ᠤᠷ ᠲᠦᠭᠰᠢᠭᠦᠷᠢ ᠪᠡᠷ ᠶᠠᠪᠤᠵᠤ ᠴᠡᠷᠢᠭ ᠦ᠋ᠨ ᠰᠦᠷ ᠢ᠋ ᠠᠯᠳᠠᠷᠰᠢᠭᠤᠯᠤᠮᠤᠢ᠃ ᠴᠡᠷᠢᠭ ᠦ᠋ᠨ ᠵᠣᠭᠰᠣᠯᠲᠠ ᠶ᠋ᠢ ᠤᠳᠠᠲᠠᠯ᠎ᠠ ᠠᠬᠤᠭᠤᠯᠬᠤᠢ ᠳ᠋ᠤᠷ ᠨᠠᠮ ᠢ᠋ᠶ᠋ᠠᠷ ᠬᠠᠭᠠᠵᠤ ᠳᠠᠢᠰᠤᠨ ᠤ᠋ ᠰᠠᠨᠠᠭᠠᠨ ᠢ᠋ ᠮᠣᠬᠣᠭᠠᠮᠤᠢ᠂ ᠳᠠᠢᠰᠤᠨ ᠳ᠋ᠤᠷ ᠵᠢᠭᠰᠢᠬᠦ ᠬᠦᠰᠡᠬᠦ ᠬᠣᠶᠠᠷ ᠵᠦᠢᠯ ᠪᠣᠢ᠂ ᠵᠢᠭᠰᠢᠬᠦ ᠢᠨᠦ ᠠᠯᠠᠵᠤ ᠠᠷᠢᠯᠭᠠᠬᠤ ᠶ᠋ᠢ ᠡᠷᠢᠮᠦᠢ᠃ ᠬᠦᠰᠡᠬᠦ ᠢᠨᠦ ᠰᠢᠳᠦᠨ ᠳᠠᠭᠠᠭᠤᠯᠬᠤ ᠶ᠋ᠢ ᠡᠷᠡᠭᠡᠯᠵᠡᠮᠦᠢ᠃ ᠯᠢ ᠴᠢᠦᠸᠠᠨ ᠬᠡᠮᠡᠭᠴᠢ ᠬᠡᠳᠦᠢ ᠥᠪᠡᠷ ᠦ᠋ᠨ ᠤᠯᠤᠰ ᠠ᠋ᠴᠠ ᠤᠷᠪᠠᠭᠰᠠᠨ ᠪᠣᠯᠪᠠᠴᠤ ᠲᠡᠭᠦᠨ ᠦ᠌ ᠤᠯᠤᠰ ᠤ᠋ᠨ ᠬᠡᠷᠡᠭᠯᠡᠨ ᠡᠰᠡ ᠴᠢᠳᠠᠭᠰᠠᠨ ᠳ᠋ᠤᠷ ᠪᠣᠯᠠᠢ᠂ ᠯᠢ ᠴᠢᠦᠸᠠᠨ ᠢ᠋ ᠶᠡᠬᠡ ᠵᠠᠩᠵᠤᠨ ᠬᠡᠮᠡᠪᠡᠰᠦ ᠪᠣᠯᠤᠮᠤᠢ᠃ ᠲᠡᠷᠡ ᠨᠢᠭᠡᠬᠡᠨ ᠬᠥᠮᠦᠨ ᠢ᠋ ᠡᠷᠡᠭᠡᠯᠵᠡᠬᠦ ᠪᠣᠯᠠᠢ᠃ ᠮᠢᠨᠦ ᠡᠴᠢᠭᠡ ᠸᠠᠩ ᠤ᠋ᠨ ᠦᠶ᠎ᠡ ᠬᠡᠮᠡᠭᠴᠢ ᠭᠠᠭᠴᠠ ᠴᠡᠷᠢᠭ ᠦ᠋ᠨ ᠰᠦᠷ ᠢ᠋ ᠶᠡᠬᠡᠳᠡ ᠪᠠᠳᠠᠷᠠᠭᠤᠯᠤᠨ᠂ ᠴᠡᠷᠢᠭ ᠵᠠᠮ ᠢ᠋ ᠠᠭᠤᠳᠠᠮ ᠨᠡᠭᠡᠭᠡᠬᠦ ᠶ᠋ᠢᠨ ᠲᠤᠯᠠ ᠰᠡᠳᠬᠢᠯ ᠢ᠋ ᠮᠤᠰᠬᠢᠵᠦ ᠴᠡᠷᠢᠭᠯᠡᠨ ᠶᠠᠪᠤᠭᠰᠠᠨ ᠪᠣᠯᠠᠢ᠃ ᠲᠡᠷᠡ ᠢᠨᠤ ᠤᠯᠤᠰ ᠢ᠋ ᠨᠡᠭᠡᠭᠡᠬᠦ ᠶ᠋ᠢᠨ ᠶᠣᠰᠣ᠂ ᠮᠢᠨᠦ ᠡᠨᠡ ᠬᠡᠮᠡᠭᠴᠢ ᠨᠡᠭᠡᠭᠡᠭᠰᠡᠨ ᠤᠯᠤᠰ ᠢ᠋ ᠪᠠᠲᠤᠳᠠ ᠲᠣᠭᠲᠠᠭᠠᠬᠤ ᠶ᠋ᠢ ᠬᠢᠴᠢᠶᠡᠬᠦ ᠲᠤᠯᠠ ᠢᠷᠭᠡᠨ ᠦ᠌ ᠰᠡᠳᠬᠢᠯ ᠢ᠋ ᠭᠦᠨ ᠬᠣᠯᠠ ᠮᠣᠬᠣᠭᠠᠨ ᠲᠠᠰᠤᠯᠬᠤ ᠶ᠋ᠢᠨ ᠰᠢᠯᠲᠠᠭᠠᠨ᠂ ᠶᠠᠮᠠᠷ ᠤᠯᠤᠰ ᠭᠡᠷ ᠪᠠᠢᠭᠤᠯᠬᠤ ᠶ᠋ᠢᠨ ᠰᠢᠯᠲᠠᠭᠠᠨ ᠲᠦᠷᠭᠡᠨ ᠬᠤᠷᠴᠠ ᠪᠠᠷ ᠨᠡᠭᠡᠭᠡᠵᠦ ᠪᠠᠢᠭᠤᠯᠤᠭᠠᠳ ᠨᠠᠮ ᠠᠭᠤᠳᠠᠮ ᠢ᠋ᠶ᠋ᠠᠷ ᠪᠡᠬᠢᠯᠡᠵᠦ ᠰᠠᠬᠢᠮᠤᠢ᠃ ᠪᠢ ᠯᠢ ᠴᠢᠦᠸᠠᠨ ᠢ᠋ ᠣᠷᠣᠭᠤᠯᠤᠨ ᠠᠪᠴᠤ ᠨᠢᠭᠡᠨ ᠵᠣᠪᠬᠢᠰ ᠢ᠋ ᠰᠠᠬᠢᠭᠤᠯᠵᠤ᠂ ᠤᠯᠤᠰ ᠲᠥᠷᠥ ᠶ᠋ᠢᠨ ᠨᠢᠭᠡᠨ ᠬᠥᠯ ᠳ᠋ᠦ᠍ᠷ ᠬᠡᠷᠡᠭᠯᠡᠰᠦᠭᠡᠢ ᠭᠡᠮᠡᠨ ᠰᠠᠨᠠᠮᠤᠢ᠂ ᠡᠰᠡ ᠮᠡᠳᠡᠭᠴᠢᠳ ᠯᠢ ᠴᠢᠦᠸᠠᠨ ᠥᠪᠡᠷ ᠦ᠋ᠨ ᠡᠵᠡᠨ ᠡᠴᠡ ᠪᠡᠨ ᠤᠷᠪᠠᠭᠠᠳ ᠪᠤᠰᠤ ᠬᠥᠮᠦᠨ ᠳ᠋ᠦ᠍ᠷ ᠶᠠᠭᠤᠨᠠᠢ ᠵᠠᠷᠤᠭᠳᠠᠬᠤ ᠬᠡᠮᠡᠮᠦᠢ᠂ ᠮᠡᠳᠡᠭᠴᠢᠳ ᠪᠥᠭᠡᠰᠦ ᠤᠷᠤᠰᠬᠤ ᠤᠰᠤᠨ ᠢ᠋ ᠬᠣᠲᠣᠭᠣᠷ ᠭᠠᠵᠠᠷ ᠲᠤᠷ ᠬᠥᠲᠥᠯᠬᠦ ᠤᠬᠠᠭᠠᠨ ᠢ᠋ ᠬᠡᠷᠡᠭᠯᠡᠪᠡ ᠬᠡᠮᠡᠮᠦᠢ᠃ ᠪᠢ ᠡᠷᠲᠡᠨ ᠦ᠌ ᠪᠢᠴᠢᠭ ᠰᠤᠳᠤᠷ ᠢ ᠦᠵᠡᠪᠡᠰᠦ ᠬᠠᠨ ᠤᠯᠤᠰ ᠤ᠋ᠨ ᠯᠢᠦ ᠪᠠᠩ᠂ ᠬᠠᠨ ᠰᠢᠨ ᠢ᠋ ᠵᠠᠷᠤᠭᠰᠠᠨ ᠢ᠋ ᠭᠠᠢᠬᠠᠮᠤᠢ ᠃ ᠬᠠᠨ ᠰᠢᠨ ᠬᠡᠮᠡᠭᠴᠢ ᠵᠢᠰᠤᠷ ᠤ᠋ᠨ ᠲᠤᠢᠯ ᠪᠣᠯᠠᠢ ᠂ ᠵᠢᠰᠤᠷ ᠤ᠋ᠨ ᠲᠤᠢᠯ ᠠ᠋ᠴᠠ ᠰᠠᠶᠢ ᠤᠷᠠᠨ ᠭᠠᠷᠤᠮᠤᠢ᠂ ᠬᠠᠨ ᠰᠢᠨ ᠬᠡᠷᠪᠡ ᠯᠢᠦ ᠪᠠᠩ ᠠ᠋ᠴᠠ ᠪᠤᠰᠤ ᠬᠥᠮᠦᠨ ᠳ᠋ᠦ᠍ᠷ ᠵᠠᠷᠤᠭᠳᠠᠭᠰᠠᠨ ᠪᠥᠭᠡᠰᠦ ᠬᠣᠵᠢᠮ ᠤ᠋ᠨ ᠬᠠᠨ ᠭᠣᠣᠽᠦ ᠡᠴᠡ ᠬᠡᠲᠦᠷᠡᠬᠦ ᠵᠠᠯᠢᠬᠠᠢ ᠲᠦᠰᠢᠮᠡᠯ ᠪᠥᠯᠥᠭᠡ ᠃ ᠬᠡᠷᠪᠡ ᠼᠤᠤ ᠼᠤᠤ ᠂ ᠯᠢᠦ ᠪᠠᠩ ᠤ᠋ᠨ ᠦᠶ᠎ᠡ ᠳ᠋ᠦ᠍ᠷ ᠲᠥᠷᠥᠭᠡᠳ ᠯᠢᠦ ᠪᠠᠩ ᠳ᠋ᠤᠷ ᠵᠠᠷᠤᠭᠳᠠᠭᠰᠠᠨ ᠪᠥᠭᠡᠰᠦ ᠬᠡᠷᠬᠢᠪᠡᠴᠦ ᠬᠠᠨ ᠰᠢᠨ ᠳ᠋ᠦ᠍ᠷ ᠠᠳᠠᠯᠢ ᠠᠯᠳᠠᠬᠤᠢ ᠳ᠋ᠤᠷ ᠬᠦᠷᠬᠦ ᠦᠭᠡᠢ ᠪᠥᠯᠥᠭᠡ᠃ ᠬᠠᠨ ᠰᠢᠨ ᠬᠡᠷᠪᠡ ᠼᠤᠤ ᠼᠤᠤ ᠶ᠋ᠢᠨ ᠣᠷᠣᠨ ᠳ᠋ᠤᠷ ᠪᠣᠯᠤᠭᠰᠠᠨ ᠪᠥᠭᠡᠰᠦ ᠯᠢᠦ ᠪᠧᠢ ᠬᠡᠷᠬᠢᠨ ᠬᠠᠭᠠᠨ ᠰᠠᠭᠤᠵᠤ ᠴᠢᠳᠠᠬᠤ ? ᠼᠤᠤ ᠼᠤᠤ ᠴᠠᠭ ᠢ᠋ ᠣᠯᠤᠨ ᠲᠥᠷᠥᠭᠡᠳ ᠪᠤᠶᠠᠨ ᠠᠨᠤ ᠬᠠᠨ ᠰᠢᠨ ᠡᠴᠡ ᠶᠡᠬᠡ ᠪᠣᠯᠪᠠᠴᠤ ᠵᠣᠷᠢᠭ ᠵᠢᠷᠦᠬᠡ ᠪᠠ ᠡᠷᠡᠰ ᠲᠠᠰᠤᠷᠬᠠᠢ ᠪᠠᠷ ᠬᠠᠨ ᠰᠢᠨ ᠳ᠋ᠦ᠍ᠷ ᠬᠣᠯᠠ ᠬᠦᠷᠬᠦ ᠦᠭᠡᠢ ᠪᠣᠯᠠᠢ᠃ ᠼᠤᠤ ᠼᠤᠤ᠂ ᠯᠢᠦᠢ ᠪᠦᠸᠧ ᠲᠦ ᠶ᠋ᠢ ᠠᠯᠠᠭᠰᠠᠨ᠂ ᠬᠠᠨ ᠰᠢᠨ ᠦ᠌ ᠵᠠᠮ ᠵᠢᠭᠠᠭᠰᠠᠨ ᠢ᠋ ᠠᠯᠠᠭᠰᠠᠨ ᠴᠥᠮ ᠭᠠᠴᠢᠭᠳᠠᠬᠤ ᠶ᠋ᠢᠨ ᠬᠣᠭᠣᠷᠣᠨᠳᠣᠬᠢ ᠬᠡᠷᠡᠭ ᠪᠣᠯᠪᠠᠴᠤ ᠼᠤᠤ ᠼᠤᠤ᠂ ᠯᠢᠦᠢ ᠪᠦᠸᠧ ᠲᠦ ᠶ᠋ᠢ ᠠᠯᠠᠭᠰᠠᠨ ᠠᠨᠤ ᠯᠢᠦᠢ ᠪᠦᠸᠧ ᠲᠦ ᠦᠵᠡᠵᠦ ᠲᠦᠪᠳᠡᠬᠦ ᠦᠭᠡᠢ ᠪᠣᠯᠭᠤᠵᠠᠢ ᠭᠡᠮᠡᠨ ᠥᠪᠡᠷ ᠦ᠋ᠨ ᠲᠤᠰᠠ ᠶ᠋ᠢᠨ ᠲᠤᠯᠠ ᠠᠯᠠᠪᠠ᠃ ᠬᠠᠨ ᠰᠢᠨ ᠦ᠌ ᠲᠦᠯᠡᠭᠡᠴᠢ ᠶ᠋ᠢ ᠠᠯᠠᠭᠰᠠᠨ ᠠᠨᠤ ᠥᠪᠡᠷ ᠦ᠋ᠨ ᠨᠢᠭᠡᠬᠡᠨ ᠴᠠᠭ ᠤ᠋ᠨ ᠨᠠᠷᠢᠪᠴᠢᠯᠠᠨ ᠭᠤᠶᠤᠬᠤ ᠠ᠋ᠴᠠ ᠠᠯᠵᠠᠭᠤᠷᠠᠵᠤ᠂ ᠥᠪᠡᠷ ᠦ᠋ᠨ ᠲᠤᠰᠠ ᠶ᠋ᠢᠨ ᠲᠤᠯᠠ ᠠᠯᠠᠵᠤᠬᠤᠢ᠃ ᠶᠡᠬᠡ ᠡᠷ᠎ᠡ ᠬᠡᠷᠡᠭ ᠪᠦᠲᠦᠭᠡᠬᠦᠢ ᠳ᠋ᠦ᠍ᠷ ᠬᠡᠳᠦᠢ ᠶᠡᠬᠡ ᠡᠷ᠎ᠡ ᠶ᠋ᠢᠨ ᠰᠡᠳᠬᠢᠯ ᠢ᠋ ᠪᠠᠷᠢᠪᠠᠰᠤ ᠵᠣᠬᠢᠬᠤ᠂ ᠭᠡᠪᠡᠴᠦ ᠪᠠᠭᠤᠷᠠᠢ ᠳ᠋ᠤᠷ ᠳᠠᠷᠤᠯᠠᠬᠤ ᠠᠨᠤ ᠬᠡᠷᠡᠭᠲᠡᠢ ᠶ᠋ᠢᠨ ᠲᠤᠢᠯ᠃ ᠲᠡᠢᠨ ᠬᠦ᠌ ᠬᠠᠨ ᠰᠢᠨ ᠡᠴᠦᠰ ᠲᠦ᠍ᠷ ᠡᠬᠡᠨᠡᠷ ᠬᠥᠮᠦᠨ ᠦ᠌ ᠦᠮᠡᠬᠡᠢ ᠬᠢᠲᠤᠭ᠎ᠠ ᠳ᠋ᠤᠷ ᠦᠬᠦᠪᠡ᠂ ᠼᠤᠤ ᠼᠤᠤ ᠬᠠᠷᠢᠨ ᠶᠡᠬᠡ ᠤᠯᠤᠰ ᠤ᠋ᠨ ᠲᠥᠷᠥ ᠶ᠋ᠢ ᠪᠠᠢᠭᠤᠯᠤᠨ ᠴᠢᠳᠠᠵᠤᠬᠤᠢ ᠃ ᠼᠤᠤ ᠼᠤᠤ ᠬᠡᠷᠪᠡ ᠳ᠋ᠦ᠍ᠷ ᠬᠠᠨ ᠰᠢᠨ ᠦ᠌ ᠬᠠᠷᠠᠲᠠᠢ ᠴᠢᠳᠠᠯ ᠪᠠᠢᠭᠰᠠᠨ ᠪᠥᠭᠡᠰᠦ ᠯᠢᠦ ᠪᠧᠢ ᠶ᠋ᠢ ᠲᠦᠮᠡᠨ ᠳ᠋ᠦ᠍ᠷ ᠦᠯᠦ ᠲᠠᠯᠪᠢᠨ ᠶᠠᠪᠤᠭᠤᠯᠤᠮᠤ᠃ ᠡᠭᠦᠨ ᠢ᠋ᠶ᠋ᠡᠷ ᠦᠵᠡᠪᠡᠰᠦ ᠼᠤᠤ ᠼᠤᠤ ᠨᠢᠭᠦᠯᠡᠰᠬᠦᠢ᠂ ᠬᠠᠨ ᠰᠢᠨ ᠬᠠᠷᠠᠲᠠᠢ᠂ ᠼᠤᠤ ᠼᠤᠤ ᠣᠯᠳᠣᠢ᠂ ᠬᠠᠨ ᠰᠢᠨ ᠤᠷᠠᠨ᠂ ᠼᠤᠤ ᠼᠤᠤ ᠪᠢᠲᠡᠭᠦᠯᠢᠭ᠂ ᠬᠠᠨ ᠰᠢᠨ ᠨᠠᠷᠢᠨ᠂ ᠼᠤᠤ ᠼᠤᠤ ᠵᠥᠭᠡᠯᠡᠨ᠂ ᠬᠠᠨ ᠰᠢᠨ ᠬᠠᠲᠠᠭᠤ ᠂ ᠼᠤᠤ ᠼᠤᠤ ᠶ᠋ᠢᠨ ᠬᠥᠮᠦᠨ ᠢ ᠬᠡᠷᠡᠭᠯᠡᠬᠦ ᠶ᠋ᠢ ᠳᠠᠭᠤᠷᠢᠶᠠᠯᠲᠠᠢ᠂ ᠬᠠᠨ ᠰᠢᠨ ᠦ᠌ ᠬᠠᠲᠠᠭᠤ ᠵᠣᠷᠢᠭ ᠢ᠋ ᠰᠤᠷᠤᠯᠲᠠᠢ᠂ ᠼᠤᠤ ᠼᠤᠤ ᠶ᠋ᠢᠨ ᠯᠢᠦᠢ ᠪᠦᠸᠧ ᠲᠦ ᠶ᠋ᠢᠨ ᠨᠢᠭᠡᠨ ᠭᠡᠷ ᠢ᠋ ᠠᠯᠠᠭᠰᠠᠨ  ᠡᠨᠳᠡᠭᠦᠷᠡᠯ ᠪᠣᠯᠠᠢ᠂ ᠯᠢᠦᠢ ᠪᠦᠸᠧ ᠲᠦ  ᠶ᠋ᠢ ᠠᠯᠠᠭᠰᠠᠨ ᠠᠨᠤ ᠥᠷᠥᠰᠢᠶᠡᠯ ᠪᠣᠯᠠᠢ᠃ ᠬᠠᠨ ᠰᠢᠨ ᠦ᠌ ᠴᠦ ᠪᠠ ᠸᠠᠩ ᠤ᠋ᠨ ᠨᠢᠭᠡᠨ ᠤᠯᠤᠰ ᠢ᠋ ᠮᠥᠬᠥᠭᠡᠭᠰᠡᠨ ᠢᠨᠦ ᠵᠣᠷᠢᠭ ᠪᠣᠯᠠᠢ᠃ ᠲᠦᠯᠡᠭᠡᠴᠢ ᠶ᠋ᠢ ᠠᠯᠠᠭᠰᠠᠨ ᠠᠨᠤ ᠬᠠᠷ᠎ᠠ ᠪᠣᠯᠠᠢ᠃ ᠼᠤᠤ ᠼᠤᠤ ᠶ᠋ᠢᠨ ᠯᠢᠦ ᠪᠧᠢ ᠶ᠋ᠢ ᠲᠠᠯᠪᠢᠵᠤ ᠶᠠᠪᠤᠭᠤᠯᠤᠨ᠂ ᠬᠣᠢᠨ᠎ᠠ ᠭᠤᠸᠠᠨ ᠬᠦᠩ ᠢ᠋ ᠣᠷᠣᠭᠤᠯᠵᠤ ᠠᠪᠤᠶ᠎ᠠ ᠬᠡᠮᠡᠭᠰᠡᠨ ᠡᠳᠡᠭᠡᠷ ᠴᠥᠮ ᠼᠤᠤ ᠼᠤᠤ ᠶ᠋ᠢᠨ ᠬᠥᠮᠦᠨ ᠢ᠋ ᠡᠰᠡ ᠲᠠᠨᠢᠭᠰᠠᠨ ᠠᠯᠳᠠᠰᠢ ᠪᠣᠯᠠᠢ᠃ ᠬᠠᠨ ᠰᠢᠨ᠂ ᠺᠤᠸᠠᠢ ᠴᠧ ᠶ᠋ᠢᠨ ᠦᠭᠡ ᠶ᠋ᠢ ᠡᠰᠡ ᠳᠠᠭᠠᠭᠠᠳ ᠯᠢᠦ ᠪᠠᠩ ᠤ᠋ᠨ ᠵᠠᠩ ᠢ᠋ ᠰᠡᠷᠡᠭᠰᠡᠨ ᠦᠭᠡᠢ ᠢᠨᠦ ᠬᠠᠨ ᠰᠢᠨ ᠦ᠌ ᠰᠢᠨᠤᠬᠠᠢᠷᠠᠯ ᠪᠣᠯᠠᠢ᠃ ᠡᠳᠡᠭᠡᠷ ᠢ᠋ ᠡᠰᠡ ᠬᠢᠨᠠᠪᠠᠰᠤ ᠪᠣᠯᠤᠮᠤᠢ ᠤᠤ ? 》ᠬᠡᠮᠡᠭᠰᠡᠨ ᠳ᠋ᠦ᠍ᠷ ᠬᠢᠲᠠᠳ ᠤ᠋ᠨ ᠲᠠᠪᠤᠨ ᠪᠠᠷᠰ ᠤ᠋ᠨ ᠵᠠᠩᠵᠤᠨ ᠨᠠᠷ ᠶᠡᠬᠡᠯ᠎ᠡ ᠭᠠᠢᠬᠠᠯᠳᠤᠵᠤ᠂ 《ᠶᠡᠬᠡ ᠸᠠᠩ ᠬᠣᠢᠲᠤ ᠭᠠᠵᠠᠷ ᠲᠥᠷᠥᠭᠡᠳ ᠠᠯᠢ ᠵᠠᠪ ᠢ᠋ᠶ᠋ᠠᠷ ᠬᠢᠲᠠᠳ ᠪᠢᠴᠢᠭ ᠲᠣᠷ ᠡᠨᠡ ᠮᠡᠲᠦ ᠬᠢᠴᠢᠶᠡᠭᠰᠡᠨ ᠪᠣᠢ ! 》 ᠬᠡᠮᠡᠬᠦᠢ ᠳ᠋ᠦ᠍ᠷ ᠪᠤᠯᠤ : 《 ᠮᠢᠨᠦ ᠡᠴᠢᠭᠡ  ᠨᠠᠮᠠᠶ᠋ᠢ ᠨᠠᠢ᠍ᠮᠠᠨ ᠤ᠋ ᠳ᠋ᠠᠳᠠᠳᠤᠩᠭ᠎ᠠ ᠳ᠋ᠤᠷ ᠱᠠᠪᠢ ᠥᠭᠴᠦ ᠠᠷᠪᠠᠨ ᠵᠢᠯ ᠪᠢᠴᠢᠭ ᠦᠵᠡᠭᠦᠯᠦᠭᠰᠡᠨ ᠪᠥᠯᠥᠭᠡ ! 》ᠬᠡᠮᠡᠭᠰᠡᠨ ᠳ᠋ᠦ᠍ᠷ ᠣᠯᠠᠨ ᠵᠠᠩᠵᠤᠨ ᠨᠠᠷ ᠴᠤᠭᠠᠷ ᠡᠷᠳᠡᠮ ᠢ᠋ ᠭᠠᠢᠬᠠᠯᠳᠤᠨ ᠶᠡᠬᠡᠰ ᠲᠥᠷᠥᠯᠬᠢᠲᠡᠨ ᠭᠡᠮᠡᠨ ᠶᠡᠬᠡᠳᠡ ᠮᠠᠭᠲᠠᠯᠴᠠᠪᠠᠢ᠃ 
       ᠲᠡᠳᠦᠢ ᠭᠦᠸᠧ ᠸᠠᠩ ᠪᠤᠯᠤ᠂ ᠠᠯᠤᠬ᠎ᠠ᠂ ᠰᠦᠬᠡ᠂ ᠤᠨᠵᠢᠭᠠᠢ᠂ ᠰᠤᠨᠵᠢᠭᠠᠢ᠂ ᠬᠣᠪᠣᠯᠠᠢ᠂ ᠱᠤᠪᠤᠯᠠᠢ᠂ ᠳ᠋ᠠᠢᠵᠢᠩ᠂ ᠠᠯᠢᠵᠠᠩ᠂ ᠥᠳᠥ᠂ ᠰᠣᠳᠣ ᠠᠷᠪᠠᠨ ᠮᠣᠩᠭᠣᠯ ᠶᠡᠬᠡ ᠵᠠᠩᠵᠤᠨ ᠢ᠋ ᠰᠣᠩᠭᠣᠨ ᠭᠠᠷᠭᠠᠵᠤ᠂ ᠵᠢᠴᠢ ᠬᠢᠲᠠᠳ ᠤ᠋ᠨ ᠲᠠᠪᠤᠨ ᠪᠠᠷᠰ ᠤ᠋ᠨ ᠵᠠᠩᠵᠤᠨ ᠨᠡᠢᠲᠡ ᠠᠷᠪᠠᠨ ᠲᠠᠪᠤᠨ ᠵᠠᠩᠵᠤᠨ ᠢ᠋ ᠭᠤᠷᠪᠠᠨ  ᠵᠢᠰᠢᠶ᠎ᠠ ᠲᠣᠭᠲᠠᠭᠠᠵᠤ᠂ ᠭᠤᠷᠪᠠᠨ ᠤᠨᠠᠭᠤᠯᠢ ᠳ᠋ᠤᠷ ᠬᠠᠯᠠᠨ ᠰᠠᠬᠢᠭᠤᠯᠵᠤ᠂ ᠴᠠᠭᠠᠵᠠ ᠶ᠋ᠢ ᠴᠢᠩᠭ᠎ᠠ ᠵᠠᠷᠯᠠᠵᠤ᠂ ᠤᠷᠢᠳᠠ ᠥᠪᠡᠷ ᠦ᠋ᠨ ᠪᠡᠶ᠎ᠡ ᠡᠴᠡ ᠡᠬᠢᠯᠡᠵᠦ ᠬᠣᠲᠠᠨ ᠢ᠋ ᠠᠯᠳᠠᠯ ᠭᠠᠷᠪᠠᠰᠤ ᠰᠢᠳᠬᠡᠬᠦ ᠶᠠᠯ᠎ᠠ ᠲᠣᠭᠲᠠᠭᠠᠭᠠᠳ ᠣᠯᠠᠨ ᠵᠠᠩᠵᠤᠨ ᠳ᠋ᠤᠷ ᠵᠠᠷᠯᠠᠪᠠ᠃ 
        ᠲᠡᠳᠦᠢ ᠳᠠᠢᠰᠤᠨᠳᠠᠷᠤᠭᠴᠢ᠂ ᠪᠤᠯᠤ ᠬᠣᠶᠠᠭᠤᠯᠠ ᠬᠠᠷᠢᠯᠴᠠᠨ ᠡᠭᠡᠯᠵᠢᠯᠡᠨ ᠾᠧ ᠪᠧᠢ ᠶ᠋ᠢᠨ ᠣᠯᠠᠨ ᠵᠧᠦ ᠵᠢᠶᠦ᠋ᠨ ᠢ᠋ ᠴᠠᠭᠳᠠᠨ ᠰᠠᠬᠢᠵᠤ ᠲᠣᠭᠣᠷᠢᠨ ᠬᠠᠮᠠᠭᠠᠯᠠᠬᠤᠢ ᠳ᠋ᠤᠷ ᠠᠯᠲᠠᠨ᠂ ᠰᠥᠩ ᠬᠣᠶᠠᠷ ᠤᠯᠤᠰ ᠤ᠋ᠨ ᠴᠡᠷᠢᠭ ᠠᠶᠤᠮᠰᠢᠭ ᠦᠭᠡᠢ ᠤᠷᠤᠭᠰᠢ ᠣᠷᠣᠬᠤ ᠦᠭᠡᠢ ᠪᠣᠯᠪᠠ᠃ ᠡᠭᠦᠨ ᠳ᠋ᠦ᠍ᠷ ᠯᠢ ᠴᠢᠤᠸᠠᠨ᠂ ᠴᠢᠩ ᠵᠧᠦ ᠳ᠋ᠦ᠍ᠷ ᠬᠤᠳᠳᠤᠭ ᠲᠤᠷ ᠤᠨᠠᠭᠰᠠᠨ ᠮᠡᠲᠦ ᠬᠣᠷᠢᠭᠳᠠᠪᠠ᠃ ᠡᠳᠦᠭᠡ ᠡᠭᠦᠨ ᠢ᠋ ᠲᠦᠷ ᠬᠣᠷᠢᠭᠤᠯᠰᠤᠭᠠᠢ᠃ 
       ᠣᠳᠣ ᠬᠠᠭᠠᠨ ᠤ᠋ ᠪᠠᠷᠠᠭᠤᠨ ᠰᠢᠶᠠ ᠶ᠋ᠢ ᠳᠠᠢᠯᠠᠬᠤ ᠶ᠋ᠢ ᠬᠡᠯᠡᠬᠦ ᠢᠨᠦ : ᠲᠡᠨᠳᠡᠴᠡ ᠬᠠᠭᠠᠨ ᠤ᠋ ᠭᠡᠭᠡᠨ ᠰᠢᠶᠠ ᠤᠯᠤᠰ ᠤ᠋ᠨ ᠮᠠᠰᠢ ᠮᠠᠲᠠᠯ ᠦᠭᠡᠢ ᠳ᠋ᠦ᠍ᠷ ᠬᠢᠯᠢᠩᠯᠡᠵᠦ ᠴᠡᠷᠢᠭ ᠠᠪᠴᠤ᠂ ᠰᠢᠶᠠ ᠤᠯᠤᠰ ᠤ᠋ᠨ ᠰᠦ᠍ ᠵᠧᠦ ᠬᠣᠲᠠᠨ ᠢ᠋ ᠬᠠᠭᠠᠵᠤ ᠨᠢᠭᠡᠨᠲᠡ ᠬᠡᠩᠭᠡᠷᠭᠡ ᠳᠡᠯᠡᠳᠴᠦ ᠣᠯᠠᠨ ᠵᠠᠩᠵᠤᠨ ᠢ᠋ ᠴᠥᠮ ᠬᠣᠲᠠᠨ ᠳ᠋ᠤᠷ ᠭᠠᠷᠭᠠᠵᠤ ᠂ ᠰᠦ᠍ ᠵᠧᠦ ᠶ᠋ᠢ ᠪᠠᠢᠯᠳᠤᠵᠤ ᠠᠪᠤᠭᠠᠳ ᠭᠠᠨ ᠵᠧᠦ ᠳ᠋ᠦ᠍ᠷ ᠬᠥᠷᠥᠭᠰᠡᠨ᠎ᠡ᠂ ᠭᠠᠨ ᠵᠧᠦ ᠶ᠋ᠢ ᠰᠠᠬᠢᠭᠰᠠᠨ ᠠᠨᠤ ᠠᠩᠬ᠎ᠠ ᠤᠳᠠᠭ᠎ᠠ ᠰᠢᠶᠠ ᠶ᠋ᠢ ᠳᠠᠢᠯᠠᠬᠤ ᠳ᠋ᠤᠷ ᠰᠠᠢᠬᠠᠨ ᠰᠤᠷᠲᠠᠯᠲᠤ ᠶ᠋ᠢᠨ ᠡᠴᠢᠭᠡ ᠴᠣᠴᠣᠯᠢ ᠪᠠ ᠰᠠᠢᠬᠠᠨ ᠰᠤᠷᠲᠠᠯᠲᠤ ᠶ᠋ᠢᠨ ᠳᠡᠭᠦᠦ ᠰᠠᠩᠭ᠎ᠠ ᠰᠢᠷᠢ ᠬᠣᠶᠠᠭᠤᠯᠠ ᠪᠠᠷ ᠰᠠᠬᠢᠭᠤᠯᠤᠨ ᠪᠥᠯᠥᠭᠡ᠃ ᠡᠳᠦᠭᠡ ᠰᠢᠶᠠ ᠤᠷᠪᠠᠵᠤ ᠡᠳᠡᠨ ᠦ᠌ ᠵᠣᠷᠢᠭ ᠦᠯᠦ ᠪᠣᠯᠭᠠᠨ ᠪᠠᠷᠢᠵᠤ ᠬᠠᠲᠠᠭᠰᠠᠨ ᠳ᠋ᠤᠷ ᠰᠠᠢᠬᠠᠨ ᠰᠤᠷᠲᠠᠯᠲᠤ ᠶᠠᠭᠠᠷᠠᠨ ᠤᠷᠢᠳᠠ ᠬᠣᠲᠠᠨ ᠳ᠋ᠤᠷ ᠬᠦᠷᠴᠦ᠂ ᠡᠴᠢᠭᠡ ᠪᠠ ᠳᠡᠭᠦᠦ ᠬᠣᠶᠠᠭᠤᠯᠠ ᠳ᠋ᠤᠷ ᠵᠣᠯᠭᠠᠵᠤ ᠠᠰᠢᠭ ᠵᠣᠪᠠᠯᠠᠩ ᠢ᠋ ᠲᠣᠭᠠᠴᠢᠰᠤᠭᠠᠢ ᠭᠡᠮᠡᠨ ᠰᠤᠮᠤᠨ ᠳ᠋ᠤᠷ ᠪᠢᠴᠢᠭ ᠤᠶᠠᠵᠤ ᠬᠠᠷᠪᠤᠨ ᠣᠷᠣᠭᠤᠯᠤᠭᠰᠠᠨ ᠳ᠋ᠤᠷ ᠬᠣᠲᠠᠨ ᠤ᠋ ᠳᠣᠲᠣᠷᠠᠬᠢ ᠰᠢᠶᠠ ᠤᠯᠤᠰ ᠤ᠋ᠨ ᠰᠢᠦᠸᠠᠨ ᠹᠦ ᠱᠢ ᠲᠦᠰᠢᠮᠡᠯ ᠢ ᠵᠣ᠌ ᠭᠤᠴᠢᠨ ᠵᠢᠷᠭᠤᠭᠠᠨ ᠬᠦᠴᠦᠲᠦ ᠴᠡᠷᠢᠭ ᠯᠦ᠍ᠭᠡ ᠰᠠᠢᠬᠠᠨ ᠰᠤᠷᠲᠠᠯᠲᠤ ᠶ᠋ᠢᠨ ᠡᠴᠢᠭᠡ ᠴᠣᠴᠣᠯᠢ᠂ ᠳᠡᠭᠦᠦ ᠰᠠᠩᠭ᠎ᠠ ᠰᠢᠷᠢ ᠬᠣᠶᠠᠭᠤᠯᠠ ᠶ᠋ᠢ ᠠᠯᠠᠵᠤ᠂ ᠲᠣᠯᠣᠭᠠᠢ ᠶ᠋ᠢ ᠤᠷᠲᠤ ᠰᠢᠷᠤᠭ ᠲᠤᠷ ᠤᠶᠠᠵᠤ ᠭᠠᠷᠭᠠᠭᠰᠠᠨ ᠳ᠋ᠤᠷ ᠰᠠᠢᠬᠠᠨ ᠰᠤᠷᠲᠠᠯᠲᠤ ᠶᠡᠬᠡᠯ᠎ᠡ ᠤᠬᠢᠯᠠᠨ ᠬᠠᠷᠠᠩᠭᠤᠳᠠᠭᠰᠠᠨ᠎ᠠ᠂ ᠬᠠᠭᠠᠨ ᠡᠭᠦᠨ ᠢ᠋ ᠦᠵᠡᠭᠡᠳ ᠠᠶᠤᠩᠭ᠎ᠠ ᠮᠡᠲᠦ ᠬᠢᠯᠢᠩᠯᠡᠵᠦ᠂ ᠬᠠᠭᠠᠨ ᠪᠡᠶ᠎ᠡ ᠪᠡᠷ ᠶᠤᠸᠠᠨᠱᠤᠸᠠᠢ ᠶ᠋ᠢᠨ ᠲᠤᠭ ᠤ᠋ᠨ ᠵᠢᠭᠰᠠᠭᠠᠯ ᠳ᠋ᠤᠷ ᠢᠷᠡᠵᠦ ᠥᠪᠡᠷ ᠦ᠋ᠨ ᠪᠡᠶ᠎ᠡ ᠪᠡᠷ ᠶᠡᠬᠡ ᠬᠡᠩᠭᠡᠷᠭᠡ ᠶ᠋ᠢ ᠳᠡᠯᠡᠳᠦᠨ᠂ ᠬᠡᠨ ᠬᠥᠮᠦᠨ ᠬᠣᠢᠰᠢᠯᠠᠪᠠᠰᠤ ᠵᠣᠭᠰᠣᠭ᠎ᠠ ᠪᠠᠷ ᠴᠠᠪᠴᠢ᠂ ᠲᠠ ᠡᠨᠡ ᠰᠥᠨᠢ ᠡᠨᠡ ᠬᠣᠲᠠᠨ ᠢ᠋ ᠠᠪᠴᠤ᠂ ᠬᠥᠭᠰᠢᠨ ᠵᠠᠯᠠᠭᠤ ᠶ᠋ᠢ ᠦᠯᠡᠳᠡᠭᠡᠯ ᠦᠭᠡᠢ ᠠᠯᠠᠬᠤ ᠦᠭᠡᠢ ᠪᠣᠯᠪᠠᠰᠤ᠂ ᠪᠢ ᠳᠠᠷᠤᠢ ᠥᠪᠡᠷ ᠢ᠋ᠶ᠋ᠡᠨ ᠬᠣᠲᠠᠨ ᠢ᠋ ᠳᠠᠪᠠᠮᠤᠢ ᠭᠡᠮᠡᠨ ᠪᠠᠷᠬᠢᠷᠠᠨ ᠵᠠᠷᠯᠠᠭᠰᠠᠨ᠎ᠠ᠂ ᠮᠥᠨ ᠰᠥᠨᠢ ᠳᠠᠷᠤᠢ ᠶᠡᠬᠡᠯ᠎ᠡ ᠡᠭᠦᠯᠡᠲᠦᠨ ᠫᠠᠳ ᠬᠠᠷᠠᠩᠭᠤᠢ ᠪᠣᠯᠵᠤ᠂ ᠶᠡᠬᠡ ᠴᠡᠷᠢᠭ ᠬᠣᠲᠠ ᠶ᠋ᠢᠨ ᠳᠥᠷᠪᠡᠨ ᠪᠡᠶ᠎ᠡ ᠶ᠋ᠢ ᠠᠳᠠᠯᠢ ᠪᠠᠷ ᠪᠠᠢᠯᠳᠤᠵᠤ ᠰᠥᠨᠢ ᠳᠦᠯᠢ ᠳ᠋ᠦ᠍ᠷ ᠳᠥᠷᠪᠡᠨ ᠵᠦᠭ ᠡᠴᠡ ᠬᠣᠲᠠ ᠶ᠋ᠢ ᠳᠠᠪᠠᠨ ᠣᠷᠣᠵᠤ – ᠪᠤᠭᠤᠷᠵᠢ᠂ ᠴᠢᠯᠠᠭᠤ ᠬᠣᠶᠠᠷ ᠸᠠᠩ ᠴᠥᠮ ᠬᠣᠢᠲᠤ ᠬᠠᠭᠠᠯᠭ᠎ᠠ ᠪᠠᠷ᠂ ᠠᠯᠲᠠᠨᠱᠠᠭ᠎ᠠ᠂ ᠲᠤᠰᠬᠤ ᠬᠣᠶᠠᠭᠤᠯᠠ ᠵᠡᠭᠦᠨ ᠬᠠᠭᠠᠯᠭ᠎ᠠ ᠶ᠋ᠢ ᠳᠠᠪᠠᠨ ᠣᠷᠣᠵᠤ ᠬᠠᠭᠠᠯᠭ᠎ᠠ ᠶ᠋ᠢ ᠪᠤᠯᠢᠶᠠᠨ ᠠᠪᠴᠤ᠂ ᠣᠯᠠᠨ ᠴᠡᠷᠢᠭ ᠢ᠋ ᠲᠠᠯᠪᠢᠨ ᠣᠷᠣᠭᠤᠯᠤᠭᠰᠠᠨ ᠳ᠋ᠤᠷ ᠬᠠᠭᠠᠨ ᠤ᠋ ᠭᠡᠭᠡᠨ ᠢ᠋ ᠶᠧ ᠯᠢᠦᠢ ᠴᠦ ᠽᠠᠢ ᠣᠯᠠᠨ ᠢ᠋ᠶ᠋ᠠᠷ ᠵᠠᠮ ᠲᠣᠰᠴᠤ ᠰᠥᠭᠥᠳᠦᠨ ᠢᠳᠬᠠᠵᠤ ᠪᠠᠢᠲᠠᠯ᠎ᠠ ᠦᠯᠦ ᠪᠣᠯᠤᠨ ᠯᠤᠤ ᠶ᠋ᠢᠨ ᠮᠣᠷᠢᠨ ᠢ᠋ ᠨᠢᠭᠡᠨᠲᠡ ᠲᠠᠰᠢᠭᠤᠷᠳᠠᠮᠠᠭᠴᠠ ᠶᠡᠬᠡ ᠬᠦᠯᠦᠭ ᠨᠢᠭᠡᠨᠲᠡ ᠦᠰᠦᠷᠦᠨ ᠣᠯᠠᠨ ᠤ᠋ ᠳᠡᠭᠡᠭᠦᠷ ᠬᠠᠷᠠᠢᠨ ᠭᠠᠷᠴᠤ ᠬᠤᠲᠠᠨ᠎ᠠ ᠠᠯᠠᠨ ᠣᠷᠣᠭᠠᠳ ᠴᠢᠩᠳᠠ ᠵᠠᠷᠯᠠᠨ ᠭᠠᠨ ᠵᠧᠦ ᠬᠣᠲᠠ ᠶ᠋ᠢᠨ ᠬᠥᠭᠰᠢᠨ ᠵᠠᠯᠠᠭᠤ ᠡᠷ᠎ᠡ ᠡᠮ᠎ᠡ ᠶ᠋ᠢ ᠨᠢᠭᠡᠨ ᠬᠥᠮᠦᠨ ᠴᠦ᠍ ᠦᠯᠡᠳᠡᠭᠡᠵᠦ ᠪᠣᠯᠬᠤ ᠦᠭᠡᠢ ᠭᠡᠮᠡᠨ ᠵᠠᠷᠯᠠᠭᠰᠠᠨ᠎ᠠ᠂ ᠮᠣᠩᠭᠣᠯ ᠤ᠋ᠨ ᠶᠡᠬᠡ ᠴᠡᠷᠢᠭ ᠳᠥᠷᠪᠡᠨ ᠬᠠᠭᠠᠯᠭ᠎ᠠ ᠶ᠋ᠢ ᠲᠠᠭ ᠳᠠᠷᠤᠵᠤ ᠠᠯᠠᠨ ᠣᠷᠣᠪᠠ᠃ ᠡᠨᠡ ᠦᠶ᠎ᠡ ᠳ᠋ᠦ᠍ᠷ ᠬᠠᠭᠠᠨ ᠤ᠋ ᠭᠡᠭᠡᠨ ᠬᠣᠲᠠᠨ ᠳ᠋ᠤᠷ ᠣᠷᠣᠭᠰᠠᠨ ᠳ᠋ᠤᠷ ᠬᠡᠨ ᠠᠶᠤᠯ ᠦᠭᠡᠢ ᠭᠠᠳᠠᠨ᠎ᠠ ᠠᠮᠤᠢ ! ᠴᠥᠮ ᠴᠣᠬᠢᠨ ᠣᠷᠣᠵᠤ ᠡᠴᠢᠭᠰᠡᠨ ᠳ᠋ᠦ᠍ᠷ ᠬᠣᠲᠠ ᠶ᠋ᠢᠨ ᠳᠣᠲᠣᠷ᠎ᠠ ᠬᠤᠪᠢᠯᠭᠠᠨ ᠪᠠᠷᠬᠢᠷᠠᠨ ᠴᠢᠳᠬᠥᠷ ᠤᠬᠢᠯᠠᠵᠤ᠂ ᠬᠥᠭᠰᠢᠨ ᠣᠷᠬᠢᠷᠠᠨ ᠨᠢᠯᠬᠠᠰ ᠤᠬᠢᠯᠠᠵᠤ᠂ ᠮᠥᠷᠡᠨ ᠪᠢᠯᠬᠠᠵᠤ ᠳᠠᠯᠠᠢ ᠣᠷᠭᠢᠯᠬᠤ ᠮᠡᠲᠦ᠃ ᠬᠠᠭᠠᠨ ᠤ᠋ ᠭᠡᠭᠡᠨ ᠬᠣᠲᠠ ᠶ᠋ᠢᠨ ᠬᠦᠢᠰᠦᠨ ᠦ᠌ ᠠᠰᠠᠷ ᠲᠤᠷ ᠵᠣᠭᠰᠣᠵᠤ ᠲᠦᠷᠭᠡᠨ᠎ᠡ ᠬᠢᠳᠤᠵᠤ ᠠᠷᠢᠯᠭ᠎ᠠ ᠭᠡᠮᠡᠨ ᠪᠠᠷᠬᠢᠷᠠᠮᠤᠢ᠃ ᠡᠨᠡ ᠦᠶ᠎ᠡ ᠳ᠋ᠦ᠍ᠷ ᠰᠠᠢᠬᠠᠨ ᠰᠤᠷᠲᠠᠯᠲᠤ ᠰᠠᠶᠢ ᠰᠡᠬᠡᠰᠬᠢᠵᠦ ᠶᠠᠭᠠᠷᠠᠨ ᠬᠠᠭᠠᠨ ᠢ᠋ ᠡᠷᠢᠨ ᠡᠴᠢᠵᠦ ᠶᠡᠬᠡ ᠳᠠᠭᠤᠨ ᠢ᠋ᠶ᠋ᠠᠷ ᠤᠬᠢᠯᠠᠨ :《ᠪᠣᠭᠳᠠ ᠡᠵᠡᠨ ᠥᠷᠥᠰᠢᠶᠡᠯ ᠢ᠋ ᠨᠡᠭᠡᠭᠡᠵᠦ ᠰᠤᠯᠠ ᠢᠷᠭᠡᠨ ᠢ᠋ ᠪᠢᠲᠡᠭᠡᠢ ᠠᠯᠠᠭᠤᠯᠤᠮᠤ ! ᠬᠠᠷᠢᠨ ᠴᠠᠭᠠᠵᠠ ᠵᠠᠷᠯᠠᠨ ᠪᠣᠭᠣᠯ ᠤ᠋ᠨ ᠡᠴᠢᠭᠡ ᠪᠠ ᠳᠡᠭᠦᠦ ᠶ᠋ᠢ ᠠᠯᠠᠭᠰᠠᠨ ᠬᠥᠮᠦᠨ ᠨᠠᠷ᠎ ᠢ ᠠᠴᠢᠷᠠᠭᠤᠯᠪᠠᠰᠤ ᠰᠠᠶᠢ ᠬᠣᠷᠣᠰᠤᠯ ᠠᠷᠢᠯᠤᠮᠤᠢ ! 》 ᠬᠡᠮᠡᠬᠦᠢ ᠳ᠋ᠦ᠍ᠷ ᠬᠠᠭᠠᠨ ᠪᠠᠬᠠᠨ ᠪᠣᠳᠣᠵᠤ᠂ ᠶᠡᠬᠡ ᠬᠡᠩᠭᠡᠷᠭᠡ ᠶ᠋ᠢ ᠳᠣᠷᠣᠭᠰᠢ ᠡᠭᠡᠭᠦᠯᠵᠦ᠂ ᠪᠠᠰᠠ ᠫᠤᠤ ᠲᠠᠯᠪᠢᠭᠤᠯᠤᠨ᠂ ᠴᠠᠭᠠᠵᠠ ᠰᠣᠨᠣᠰᠬᠤ ᠲᠡᠮᠳᠡᠭ ᠥᠭᠭᠦᠭᠰᠡᠨ ᠳ᠋ᠦ᠍ᠷ ᠠᠷᠪᠠᠨ ᠲᠦᠮᠡᠨ ᠣᠯᠠᠨ ᠴᠡᠷᠢᠭ ᠶᠠᠭᠠᠷᠠᠨ ᠬᠤᠷᠠᠵᠤ ᠢᠷᠡᠭᠰᠡᠨ᠎ᠡ᠂ ᠬᠠᠭᠠᠨ ᠵᠠᠷᠯᠢᠭ ᠪᠣᠯᠤᠷᠤᠨ : 《ᠰᠠᠢᠬᠠᠨ ᠰᠤᠷᠲᠠᠯᠲᠤ ᠶ᠋ᠢᠨ ᠡᠴᠢᠭᠡ ᠪᠠ ᠳᠡᠭᠦᠦ ᠶ᠋ᠢ ᠠᠯᠠᠭᠰᠠᠨ ᠬᠥᠮᠦᠰ ᠢ᠋ ᠦᠯᠡᠳᠡᠭᠡᠯ ᠦᠭᠡᠢ ᠠᠴᠢᠷᠠᠵᠤ ᠲᠤᠰᠢᠶᠠᠪᠠᠰᠤ᠂ ᠬᠣᠲᠠᠨ ᠢ᠋ ᠪᠠᠷᠠᠲᠠᠯ᠎ᠠ ᠠᠯᠠᠬᠤ ᠶ᠋ᠢ ᠭᠡᠯᠳᠦᠷᠢᠭᠦᠯᠦᠮᠦᠢ᠂ ᠬᠡᠷᠪᠡ ᠮᠠᠷᠭᠠᠲᠠ ᠶ᠋ᠢᠨ ᠨᠠᠷᠠᠨ ᠮᠠᠨᠳᠤᠲᠠᠯ᠎ᠠ ᠪᠦᠷᠢᠳᠬᠡᠨ ᠡᠰᠡ ᠲᠤᠰᠢᠶᠠᠬᠤᠯ᠎ᠠ ᠬᠣᠲᠠ ᠶ᠋ᠢᠨ ᠳᠣᠲᠣᠷᠠᠬᠢ ᠡᠪᠡᠰᠦ ᠮᠣᠳᠣ ᠶ᠋ᠢ ᠦᠯᠡᠳᠡᠭᠡᠬᠦ ᠦᠭᠡᠢ ! 》 ᠭᠡᠮᠡᠨ ᠵᠠᠷᠯᠠᠭᠰᠠᠨ ᠳ᠋ᠤᠷ ᠣᠯᠠᠨ ᠴᠡᠷᠢᠭ ᠳᠠᠬᠢᠵᠤ ᠡᠨᠡ ᠵᠠᠷᠯᠢᠭ ᠢ᠋ ᠵᠠᠷᠯᠠᠨ᠂ ᠪᠠᠷᠬᠢᠷᠠᠬᠤ ᠠᠨᠤ ᠠᠭᠤᠯᠠ ᠠᠨᠢᠷᠯᠠᠨ ᠬᠣᠲᠠ ᠳᠣᠯᠭᠢᠰᠤᠮᠤᠢ᠃ ᠲᠡᠳᠦᠢ ᠡᠨᠡ ᠵᠠᠷᠯᠢᠭ ᠭᠠᠷᠤᠮᠠᠭᠴᠠ ᠨᠢᠭᠡᠨ ᠰᠦᠷᠦᠭ ᠬᠥᠮᠦᠨ ᠢ᠋ ᠬᠣᠲᠠ ᠶ᠋ᠢᠨ ᠰᠤᠯᠠ ᠠᠷᠠᠯᠵᠢᠶᠠᠴᠢᠨ ᠢᠷᠭᠡᠳ ᠪᠠᠷᠢᠵᠤ ᠲᠦᠯᠬᠢᠨ ᠠᠴᠢᠷᠠᠪᠠ᠃ ᠲᠡᠷᠢᠭᠦᠯᠡᠭᠰᠡᠨ ᠢᠨᠤ ᠰᠢᠦᠸᠠᠨ ᠹᠦ ᠱᠢ ᠲᠦᠰᠢᠮᠡᠯ ᠢ ᠵᠣ᠌ ᠂ ᠳᠣᠣᠷᠠᠬᠢ ᠭᠤᠴᠢᠨ ᠵᠢᠷᠭᠤᠭᠠᠨ ᠥᠴᠦᠬᠡᠨ ᠲᠤᠰᠢᠶᠠᠯᠲᠠᠨ᠃ ᠲᠡᠳᠦᠢ ᠡᠭᠦᠨ ᠡᠴᠡ ᠥᠪᠡᠷ᠎ᠡ ᠬᠥᠮᠦᠨ ᠦᠭᠡᠢ ᠳ᠋ᠦ᠍ᠷ ᠬᠠᠭᠠᠨ ᠤ᠋ ᠭᠡᠭᠡᠨ ᠣᠯᠠᠨ ᠴᠡᠷᠢᠭ ᠲᠦ᠍ᠷ ᠢᠷᠭᠡᠨ ᠢ᠋ ᠪᠢᠲᠡᠭᠡᠢ ᠬᠠᠯᠳᠠ ᠭᠡᠮᠡᠨ ᠵᠠᠷᠯᠠᠪᠠ᠃ ᠡᠨᠡ ᠰᠥᠨᠢ ᠶ᠋ᠢᠨ ᠪᠠᠢᠯᠳᠤᠭᠠᠨ ᠳ᠋ᠤᠷ ᠬᠣᠲᠠ ᠶ᠋ᠢᠨ ᠤᠰᠤᠨ ᠰᠤᠪᠠᠭ ᠢ᠋ᠶ᠋ᠠᠷ ᠴᠢᠰᠤ ᠤᠷᠤᠰᠴᠤ ᠭᠠᠷᠴᠤᠬᠤᠢ᠃ 
       ᠲᠡᠳᠦᠢ ᠬᠠᠭᠠᠨ ᠰᠢᠦᠸᠠᠨ ᠹᠦ ᠱᠢ ᠲᠦᠰᠢᠮᠡᠯ ᠢ ᠵᠣ᠌ ᠶ᠋ᠢᠨ ᠬᠣᠶᠠᠷ ᠮᠥᠷᠥ ᠶ᠋ᠢ ᠥᠪᠡᠷ ᠦ᠋ᠨ ᠭᠠᠷ ᠢ᠋ᠶ᠋ᠠᠷ ᠴᠠᠪᠴᠢᠵᠤ᠂ ᠰᠠᠢᠬᠠᠨ ᠰᠤᠷᠲᠠᠯᠲᠤ ᠳ᠋ᠤᠷ ᠲᠤᠰᠢᠶᠠᠨ ᠥᠭᠴᠦ ᠡᠴᠢᠭᠡ ᠶ᠋ᠢᠨ ᠦᠰ ᠢ᠋ ᠠᠪ ᠬᠡᠮᠡᠪᠡ᠃ ᠰᠠᠢᠬᠠᠨ ᠰᠤᠷᠲᠠᠯᠲᠤ ᠡᠴᠢᠭᠡ ᠪᠠ ᠳᠡᠭᠦᠦ ᠬᠣᠶᠠᠭᠤᠯᠠ ᠶ᠋ᠢᠨ ᠪᠡᠶ᠎ᠡ ᠶ᠋ᠢ ᠪᠠᠢᠴᠠᠭᠠᠨ ᠣᠯᠵᠤ᠂ ᠲᠣᠯᠣᠭᠠᠢ ᠶ᠋ᠢ ᠪᠡᠶ᠎ᠡ ᠳ᠋ᠦ᠍ᠷ ᠣᠶᠣᠭᠤᠯᠵᠤ᠂ ᠰᠠᠢᠬᠠᠨ ᠦᠨᠦᠷᠲᠦ ᠤᠰᠤᠨ ᠢ᠋ᠶ᠋ᠠᠷ ᠤᠬᠢᠶᠠᠨ ᠠᠷᠢᠯᠭᠠᠵᠤ᠂ ᠰᠠᠢᠨ ᠠᠪᠰᠠ ᠳ᠋ᠤᠷ ᠬᠢᠵᠦ ᠶᠡᠬᠡ ᠶᠠᠮᠤᠨ ᠳ᠋ᠤᠷ ᠠᠨᠤ ᠲᠠᠯᠪᠢᠵᠤ᠂ ᠡᠮᠦᠨ᠎ᠡ ᠭᠤᠴᠢᠨ ᠵᠢᠷᠭᠤᠭᠠᠨ ᠶᠡᠬᠡ ᠰᠢᠷᠡᠭᠡ ᠵᠢᠭᠰᠠᠭᠠᠨ᠂ ᠰᠢᠷᠡᠭᠡ ᠪᠦᠷᠢ ᠳ᠋ᠦ᠍ᠷ ᠪᠠᠭᠠᠨ᠎ᠠ ᠪᠤᠯᠠᠭᠠᠳ ᠡᠮᠦᠨ᠎ᠡ ᠵᠤᠯᠠ ᠰᠢᠲᠠᠭᠠᠵᠤ᠂ ᠲᠡᠭᠦᠨ ᠦ᠌ ᠳᠡᠭᠡᠷ᠎ᠡ ᠰᠢᠦᠸᠠᠨ ᠹᠦ ᠱᠢ ᠲᠦᠰᠢᠮᠡᠯ ᠡᠦ ᠵᠣ᠌ ᠲᠡᠷᠢᠭᠦᠯᠡᠨ ᠭᠤᠴᠢᠨ ᠵᠢᠷᠭᠤᠭᠠᠨ ᠬᠥᠮᠦᠨ ᠢ᠋ ᠴᠢᠷᠠᠮ᠎ᠠ ᠨᠢᠴᠦᠭᠦᠯᠡᠭᠦᠯᠦᠨ ᠬᠦᠢᠲᠡᠨ ᠤᠰᠤ ᠪᠠᠷ ᠤᠬᠢᠶᠠᠨ᠂ ᠬᠣᠶᠠᠷ ᠮᠥᠷᠥ ᠶ᠋ᠢᠨ ᠬᠠᠷᠴᠠᠭᠠᠢ ᠶᠠᠰᠤᠨ ᠳ᠋ᠤᠷ ᠴᠥᠮ ᠠᠷᠪᠠᠨ ᠪᠢᠴᠢᠬᠠᠨ ᠬᠢᠲᠤᠭ᠎ᠠ ᠬᠠᠳᠬᠤᠨ ᠲᠠᠯᠪᠢᠵᠤ᠂ ᠬᠣᠲᠠᠨ ᠤ᠋ ᠳᠣᠲᠣᠷ᠎ᠠ ᠶ᠋ᠢᠨ ᠬᠣᠣᠷᠠᠳᠠᠭᠰᠠᠨ ᠢᠷᠭᠡᠨ ᠳ᠋ᠦ᠍ᠷ ᠵᠠᠷᠯᠠᠨ ᠥᠭᠦᠯᠡᠷᠦᠨ : 《ᠲᠠᠨ ᠤ᠋ ᠬᠣᠣᠷᠠᠳᠠᠭᠰᠠᠨ ᠠᠨᠤ ᠴᠥᠮ ᠡᠨᠡ ᠭᠤᠴᠢᠨ ᠵᠢᠷᠭᠤᠭᠠᠨ ᠬᠥᠮᠦᠨ ᠦ᠌ ᠭᠠᠷ ᠲᠤᠷ ᠪᠥᠯᠥᠭᠡ᠃ ᠬᠣᠷᠣᠰᠤᠯ ᠪᠠᠢᠭᠴᠢᠳ ᠡᠳᠡᠭᠡᠷ ᠦ᠋ᠨ ᠮᠢᠬ᠎ᠠ ᠶ᠋ᠢ ᠣᠭᠲᠣᠴᠢᠨ ᠠᠪᠠᠴᠢᠵᠤ ᠦᠬᠦᠭᠰᠡᠳ ᠲᠣᠷ ᠢ᠋ᠶ᠋ᠠᠨ ᠲᠠᠬᠢᠯ ᠲᠠᠯᠪᠢᠵᠤ ᠂ ᠬᠣᠷᠣᠰᠤᠯᠳᠤ ᠬᠢᠯᠢᠰ ᠰᠦᠨᠡᠰᠦᠨ ᠢ ᠲᠣᠬᠣᠷᠤᠭᠤᠯ ! 》ᠭᠡᠮᠡᠨ ᠵᠠᠬᠢᠶ᠎ᠠ ᠪᠠᠭᠤᠮᠠᠭᠴᠠ ᠬᠣᠲᠠ ᠶ᠋ᠢᠨ ᠲᠥᠷᠥᠭᠰᠡᠨ ᠡᠴᠡ ᠪᠡᠨ ᠰᠠᠯᠵᠤ  ᠬᠠᠭᠠᠴᠢᠭᠴᠢᠳ ᠪᠠ ᠥᠨᠥᠴᠢᠷᠡᠨ ᠬᠣᠴᠣᠷᠤᠭᠰᠠᠳ ᠰᠢᠲᠦ ᠵᠠᠭᠤᠵᠤ᠂ ᠲᠡᠳᠡᠨ ᠦ᠌ ᠮᠢᠬ᠎ᠠ ᠶ᠋ᠢ ᠣᠭᠲᠣᠴᠢᠨ ᠠᠪᠠᠴᠢᠮᠤᠢ᠃ ᠨᠠᠷᠠᠨ ᠮᠠᠨᠳᠤᠬᠤ ᠦᠶ᠎ᠡ ᠳ᠋ᠦ᠍ᠷ ᠬᠠᠭᠠᠨ ᠪᠡᠶ᠎ᠡ ᠪᠡᠷ ᠢᠷᠡᠵᠦ ᠮᠣᠷᠢᠨ ᠤ᠋ ᠳᠡᠭᠡᠷ᠎ᠡ ᠡᠴᠡ ᠰᠠᠢᠬᠠᠨ ᠰᠤᠷᠲᠠᠯᠲᠤ ᠶ᠋ᠢᠨ ᠡᠴᠢᠭᠡ ᠪᠠ ᠳᠡᠭᠦᠦ ᠬᠣᠶᠠᠭᠤᠯᠠ ᠳ᠋ᠤᠷ ᠠᠷᠢᠬᠢ ᠲᠤᠰᠠᠭᠠᠪᠠ᠃ ᠰᠠᠢᠬᠠᠨ ᠰᠤᠷᠲᠠᠯᠲᠤ ᠳᠣᠯᠣᠭᠠᠨ ᠡᠳᠦᠷ ᠭᠤᠴᠢᠨ ᠵᠢᠷᠭᠤᠭᠠᠨ ᠬᠥᠮᠦᠨ ᠦ᠌ ᠮᠢᠬ᠎ᠠ ᠴᠢᠰᠤ ᠡᠯᠢᠭᠡ ᠠᠭᠤᠰᠬᠢ ᠪᠡᠷ ᠲᠠᠬᠢᠯ ᠳᠠᠢᠪᠠ᠃ ᠬᠠᠮᠤᠭ ᠬᠣᠷᠣᠰᠤᠯ ᠢ ᠵᠣ᠌ ᠳ᠋ᠤᠷ ᠪᠠᠢᠬᠤ ᠲᠤᠯᠠ ᠰᠠᠢᠬᠠᠨ ᠰᠤᠷᠲᠠᠯᠲᠤ ᠥᠪᠡᠷ ᠦ᠋ᠨ ᠭᠠᠷ ᠢ᠋ᠶ᠋ᠠᠷ ᠭᠡᠳᠡᠰᠦᠨ ᠢ᠋ ᠬᠠᠭᠠᠯᠵᠤ ᠡᠴᠢᠭᠡ ᠪᠠ ᠳᠡᠭᠦᠦ ᠳ᠋ᠦ᠍ᠷ ᠢ᠋ᠶ᠋ᠡᠨ ᠲᠠᠬᠢᠯ ᠲᠠᠯᠪᠢᠪᠠ᠃ ᠪᠡᠶ᠎ᠡ ᠶ᠋ᠢ ᠢᠨᠤ ᠬᠥᠪᠥᠩ ᠢ᠋ᠶ᠋ᠡᠷ ᠣᠷᠢᠶᠠᠵᠤ᠂ ᠵᠤᠯᠠ ᠰᠢᠲᠠᠭᠠᠨ ᠬᠣᠷᠣᠰᠤᠯ ᠢ᠋ᠶ᠋ᠠᠨ ᠠᠷᠢᠯᠭᠠᠪᠠ᠃ ᠲᠡᠳᠦᠢ ᠬᠠᠭᠠᠨ ᠶᠡᠬᠡ ᠴᠡᠷᠢᠭ ᠢ᠋ ᠬᠥᠭᠡᠭᠡᠵᠦ ᠰᠢ ᠯᠢᠶᠠᠩ ᠹᠦ ᠂ ᠽᠦ᠍ ᠯᠦ᠍ ᠬᠤ᠌ ᠯᠦ᠍ ᠶ᠋ᠢᠨ ᠵᠡᠷᠭᠡ ᠶ᠋ᠢᠨ ᠭᠠᠵᠠᠷ ᠢ ᠥᠩᠭᠡᠷᠡᠵᠦ᠂ ᠱᠢ ᠳᠦ ᠶ᠋ᠢᠨ ᠭᠠᠵᠠᠷ ᠢ᠋ ᠳᠠᠭᠠᠷᠢᠨ ᠠᠪᠴᠤ᠂ ᠰᠢᠷ᠎ᠠ ᠮᠥᠷᠡᠨ ᠦ᠌ ᠶᠢᠰᠦᠨ ᠣᠯᠣᠮ ᠢ᠋ᠶ᠋ᠠᠷ ᠭᠡᠲᠦᠯᠵᠦ ᠢᠩ ᠯᠢ ᠰᠢᠶᠠᠨ ᠢ ᠠᠪᠤᠭᠠᠳ ᠵᠠᠩᠵᠤᠨ ᠬᠠᠳᠤ ᠲᠡᠮᠦᠷ ᠲᠣᠷ ᠳᠠᠴᠢᠩᠬᠤᠷᠯᠤ ᠶ᠋ᠢᠨ ᠬᠥᠪᠡᠭᠦᠨ ᠰᠢᠯᠢᠶᠡᠮᠪᠦ ᠶ᠋ᠢ ᠬᠠᠪᠰᠤᠷᠤᠭᠤᠯᠤᠨ ᠥᠭᠴᠦ᠂ ᠱᠠ ᠵᠧᠦ ᠬᠣᠲᠠ ᠶ᠋ᠢᠨ ᠣᠯᠠᠨ ᠢ᠋ ᠪᠠᠢᠯᠳᠤᠵᠤ ᠠᠪ ᠭᠡᠮᠡᠨ ᠢᠯᠡᠭᠡᠬᠦᠢ ᠲᠦᠷ ᠱᠠ ᠵᠧᠦ ᠬᠣᠲᠠ ᠶ᠋ᠢᠨ ᠢᠷᠭᠡᠨ ᠠᠷᠭ᠎ᠠ ᠬᠡᠷᠡᠭᠯᠡᠨ᠂ ᠮᠣᠩᠭᠣᠯ ᠤ᠋ᠨ ᠴᠡᠷᠢᠭ ᠢ᠋ ᠭᠡᠨᠡᠳᠡᠭᠦᠯᠰᠦᠭᠡᠢ ᠭᠡᠮᠡᠨ ᠬᠠᠭᠤᠷᠮᠠᠭ ᠢ᠋ᠶ᠋ᠠᠷ ᠳᠠᠭᠠᠭᠴᠢ ᠪᠣᠯᠤᠨ ᠦᠬᠡᠷ ᠬᠣᠨᠢ ᠠᠷᠢᠬᠢ ᠰᠠᠷᠬᠤᠳ ᠳᠠᠮᠨᠠᠨ᠂ ᠮᠣᠩᠭᠣᠯ ᠤ᠋ᠨ ᠴᠡᠷᠢᠭ ᠢ᠋ ᠤᠭᠲᠤᠵᠤ ᠬᠤᠷᠢᠮ ᠪᠠᠷᠢᠮᠤᠢ ᠭᠡᠮᠡᠨ ᠢᠷᠡᠵᠦ ᠬᠣᠲᠠ ᠶ᠋ᠢᠨ ᠢᠷᠣᠭᠠᠷ ᠲᠤᠷ ᠴᠡᠷᠢᠭ ᠪᠦᠭᠭᠦᠵᠦ ᠪᠠᠢᠯᠳᠤᠭᠰᠠᠨ ᠳ᠋ᠤᠷ ᠮᠣᠩᠭᠣᠯ ᠤ᠋ᠨ ᠬᠠᠳᠤ ᠲᠡᠮᠦᠷ ᠨᠠᠷ ᠤ᠋ᠨ ᠦᠬᠦᠬᠦ ᠵᠠᠶᠠᠭᠠᠨ ᠪᠤᠰᠤ ᠲᠤᠯᠠ ᠬᠣᠲᠠ ᠶ᠋ᠢᠨ ᠤᠨᠠᠭᠤᠯᠢ ᠶ᠋ᠢᠨ ᠬᠥᠭᠥᠷᠭᠡ ᠳ᠋ᠦ᠍ᠷ ᠬᠦᠷᠲᠡᠯ᠎ᠡ ᠬᠠᠳᠤ ᠲᠡᠮᠦᠷ ᠦ᠋ᠨ ᠮᠣᠷᠢ ᠨᠢᠭᠡᠨᠲᠡ ᠪᠦᠳᠦᠷᠢᠵᠦ ᠤᠨᠠᠭᠰᠠᠨ ᠳ᠋ᠤᠷ ᠰᠢᠯᠢᠶᠡᠮᠪᠦ ᠶᠡᠬᠡᠯ᠎ᠡ ᠶᠠᠭᠠᠷᠠᠨ ᠡᠨᠡ ᠯᠠᠪ ᠰᠠᠢᠨ ᠢᠷᠣ᠎ᠠ ᠪᠤᠰᠤ ᠭᠡᠮᠡᠨ ᠬᠠᠳᠤ ᠲᠡᠮᠦᠷ ᠲᠣᠷ ᠥᠪᠡᠷ ᠦ᠋ᠨ ᠮᠣᠷᠢ ᠪᠠᠨ ᠤᠨᠤᠭᠤᠯᠵᠤ ᠴᠡᠷᠢᠭ ᠡᠭᠡᠰᠦᠭᠡᠢ ᠬᠡᠮᠡᠲᠡᠯ᠎ᠡ ᠪᠦᠭᠭᠦᠭᠰᠡᠨ ᠴᠡᠷᠢᠭ ᠬᠠᠮᠲᠤ ᠪᠠᠷ ᠠᠯᠠᠷ᠎ᠠ ᠢᠷᠡᠭᠰᠡᠨ ᠳ᠋ᠦ᠍ᠷ ᠰᠢᠯᠢᠶᠠᠮᠪᠤ ᠶᠠᠭᠠᠷᠠᠨ ᠬᠠᠳᠤ ᠲᠡᠮᠦᠷ ᠢ ᠤᠷᠢᠳᠠ ᠡᠭᠡᠭᠦᠯᠵᠦ᠂ ᠥᠪᠡᠷ ᠢ᠋ᠶ᠋ᠡᠨ ᠴᠡᠷᠢᠭ ᠦ᠋ᠨ ᠰᠡᠭᠦᠯ ᠢ᠋ ᠬᠠᠮᠠᠭᠠᠯᠠᠨ ᠪᠠᠢᠯᠳᠤᠵᠤ᠂ ᠨᠡᠬᠡᠬᠦ ᠴᠡᠷᠢᠭ ᠢ᠋ ᠳᠠᠷᠤᠵᠤ᠂ ᠳᠠᠷᠤᠢ ᠬᠡᠩᠭᠡᠷᠭᠡ ᠳᠡᠯᠡᠳᠦᠨ ᠭᠡᠳᠡᠷᠭᠦ ᠨᠡᠬᠡᠵᠦ᠂ ᠬᠣᠲᠠ ᠶ᠋ᠢᠨ ᠢᠷᠣᠭᠠᠷ ᠬᠦᠷᠲᠡᠯ᠎ᠡ ᠬᠥᠭᠡᠭᠡᠨ ᠠᠯᠠᠵᠤ᠂ ᠬᠠᠷᠠᠬᠠᠨ ᠵᠢᠭᠤᠷᠠᠯᠳᠤᠨ ᠬᠤᠳᠬᠤᠯᠳᠤᠬᠤᠢ ᠳ᠋ᠤᠷ ᠬᠠᠳᠤ ᠲᠡᠮᠦᠷ ᠴᠡᠷᠢᠭ ᠢ᠋ᠶ᠋ᠡᠨ ᠡᠭᠡᠭᠦᠯᠦᠨ ᠳᠣᠪᠲᠣᠯᠵᠤ᠂ ᠵᠡᠭᠦᠨ ᠬᠠᠭᠠᠯᠭ᠎ᠠ ᠪᠠᠷ ᠢᠷᠡᠵᠦ᠂ ᠱᠠ ᠵᠧᠦ ᠶ᠋ᠢᠨ ᠴᠡᠷᠢᠭ ᠦ᠋ᠨ ᠠᠷᠤ ᠶ᠋ᠢᠨ ᠬᠣᠢᠭᠤᠷ ᠲᠣᠭᠣᠷᠢᠵᠤ᠂ ᠤᠷᠢᠳᠠ ᠬᠣᠲᠠᠨ ᠳ᠋ᠤᠷ ᠣᠷᠣᠵᠤ᠂ ᠡᠮᠦᠨ᠎ᠡ ᠬᠠᠭᠠᠯᠭ᠎ᠠ ᠶ᠋ᠢ ᠪᠤᠯᠢᠶᠠᠨ ᠠᠪᠴᠤ᠂ ᠰᠢᠯᠢᠶᠡᠮᠪᠦ ᠶ᠋ᠢᠨ ᠴᠡᠷᠢᠭ ᠢ ᠤᠭᠲᠤᠨ ᠣᠷᠣᠭᠤᠯᠵᠤ᠂ ᠱᠠ ᠵᠧᠦ ᠬᠣᠲᠠᠨ ᠢ ᠠᠪᠤᠭᠠᠳ ᠡᠨᠡ ᠬᠣᠲᠠ ᠶ᠋ᠢᠨ ᠴᠡᠷᠢᠭ ᠢᠷᠭᠡᠨ ᠢ᠋ ᠠᠷᠭ᠎ᠠ  ᠭᠠᠷᠭᠠᠵᠤ ᠴᠡᠷᠢᠭ ᠪᠦᠭᠭᠦᠪᠡ ᠭᠡᠮᠡᠨ ᠠᠯᠠᠭᠰᠠᠨ ᠠᠨᠤ ᠬᠣᠲᠠᠨ ᠤ᠋ ᠤᠨᠠᠭᠤᠯᠢ ᠳᠦᠭᠦᠷᠴᠦᠬᠦᠢ᠃ ᠬᠣᠲᠠ ᠶ᠋ᠢᠨ ᠡᠵᠡᠨ ᠹᠧᠢ ᠶᠠᠩ ᠢ᠋ ᠠᠮᠢᠳᠤ ᠪᠠᠷᠢᠵᠤ᠂ ᠬᠠᠳᠤ ᠲᠡᠮᠦᠷ ᠬᠠᠭᠠᠨ ᠳ᠋ᠤᠷ ᠪᠠᠷᠢᠪᠠᠰᠤ ᠪᠠᠰᠠ ᠥᠷᠥᠰᠢᠶᠡᠨ ᠲᠠᠯᠪᠢᠭᠤᠵᠠᠢ ᠭᠡᠮᠡᠨ ᠬᠣᠶᠠᠷ ᠬᠥᠯ ᠢ᠋ ᠣᠭᠨᠲᠣᠯᠵᠤ ᠠᠪᠤᠭᠠᠳ ᠤᠯᠠᠭᠠᠨ ᠲᠤᠭ ᠯᠤᠭ᠎ᠠ ᠢᠯᠡᠭᠡᠵᠦ ᠬᠠᠭᠠᠨ ᠢ᠋ ᠵᠠᠯᠠᠭᠤᠯᠪᠠ᠃
       ᠲᠡᠳᠦᠢ ᠬᠠᠭᠠᠨ ᠤ᠋ ᠭᠡᠭᠡᠨ ᠬᠣᠲᠠ ᠳ᠋ᠤᠷ ᠣᠷᠣᠭᠰᠠᠨ ᠳ᠋ᠤᠷ ᠬᠠᠳᠤ ᠲᠡᠮᠦᠷ ᠢ᠋ ᠲᠡᠷᠢᠭᠦᠨ ᠭᠠᠪᠢᠶ᠎ᠠ ᠳ᠋ᠤᠷ ᠱᠠᠩᠨᠠᠰᠤᠭᠠᠢ ᠬᠡᠮᠡᠬᠦᠢ ᠳ᠋ᠦ᠍ᠷ ᠬᠠᠳᠤ ᠲᠡᠮᠦᠷ ᠮᠥᠷᠭᠥᠵᠦ ᠠᠢᠯᠠᠳᠬᠠᠷᠤᠨ : 《ᠡᠨᠡ ᠬᠣᠲᠠᠨ ᠢ᠋ ᠣᠯᠤᠭᠰᠠᠨ ᠠᠨᠤ ᠲᠦᠰᠢᠮᠡᠯ ᠮᠢᠨᠦ ᠭᠠᠪᠢᠶ᠎ᠠ ᠪᠤᠰᠤ᠂ ᠲᠦᠰᠢᠮᠡᠯ ᠮᠢᠨᠦ ᠠᠮᠢ ᠴᠤ᠌ ᠰᠢᠯᠢᠶᠡᠮᠪᠦ ᠶ᠋ᠢᠨ ᠠᠴᠢ ᠪᠠᠷ ᠭᠠᠷᠤᠭᠰᠠᠨ ᠪᠥᠯᠥᠭᠡ 》ᠭᠡᠮᠡᠨ ᠬᠥᠭᠥᠷᠭᠡ ᠳ᠋ᠦ᠍ᠷ ᠴᠡᠷᠢᠭ ᠪᠦᠭᠭᠦᠵᠦ᠂ ᠲᠡᠭᠦᠨ ᠦ᠌ ᠮᠣᠷᠢ ᠪᠦᠳᠦᠷᠢᠵᠦ ᠤᠨᠠᠭᠰᠠᠨ ᠳ᠋ᠤᠷ ᠰᠢᠯᠢᠶᠡᠮᠪᠦ ᠥᠪᠡᠷ ᠦ᠋ᠨ ᠮᠣᠷᠢᠨ ᠢ᠋ᠶ᠋ᠠᠨ ᠤᠨᠤᠭᠤᠯᠵᠤ ᠤᠷᠢᠳᠠ ᠡᠭᠡᠭᠦᠯᠵᠦ᠂ ᠤᠨᠠᠭᠰᠠᠨ ᠮᠣᠷᠢᠨ ᠢ᠋ ᠲᠡᠷᠡ ᠤᠨᠤᠵᠤ᠂ ᠬᠣᠢᠲᠤ ᠶ᠋ᠢ ᠬᠠᠢᠭᠤᠯᠯᠠᠨ ᠪᠠᠢᠯᠳᠤᠵᠤ ᠰᠠᠶᠢ ᠴᠡᠷᠢᠭ ᠳᠡᠢᠯᠦᠭᠰᠡᠨ ᠤᠴᠢᠷ ᠢ᠋ ᠳᠣᠳᠣᠷᠬᠠᠶ᠎ᠠ ᠠᠢᠯᠠᠳᠬᠠᠭᠰᠠᠨ᠎ᠠ᠂ ᠬᠠᠭᠠᠨ ᠮᠠᠰᠢᠳᠠ ᠭᠠᠢᠬᠠᠵᠤ᠂ ᠰᠢᠯᠢᠶᠡᠮᠪᠦ ᠶ᠋ᠢ ᠳᠠᠭᠤᠳᠠᠨ ᠪᠠᠷᠠᠯᠬᠠᠭᠤᠯᠤᠨ ᠵᠠᠷᠯᠢᠭ ᠪᠣᠯᠵᠤ ᠠᠰᠠᠭᠤᠷᠤᠨ : 《ᠲᠦᠰᠢᠮᠡᠯ ᠴᠢ ᠦᠬᠦᠬᠦ ᠭᠠᠵᠠᠷ ᠲᠤᠷ ᠤᠨᠤᠭᠰᠠᠨ ᠮᠣᠷᠢᠨ ᠢ᠋ᠶ᠋ᠠᠨ ᠪᠤᠰᠤᠳ ᠲᠤᠷ ᠪᠠᠭᠤᠵᠤ ᠤᠨᠤᠭᠤᠯᠤᠭᠰᠠᠨ ᠴᠢᠨᠦ ᠶᠠᠭᠤᠨ ? 》ᠰᠢᠯᠢᠶᠡᠮᠪᠦ ᠮᠥᠷᠭᠥᠵᠦ ᠠᠢᠯᠠᠳᠬᠠᠷᠤᠨ : 《ᠬᠠᠭᠠᠨ ᠤ᠋ ᠰᠢᠳᠠᠷ ᠵᠠᠩᠵᠤᠨ ᠨᠠᠷ ᠬᠡᠮᠡᠭᠴᠢ ᠬᠠᠭᠠᠨ ᠤ᠋ ᠴᠢᠬᠤᠯᠠ ᠬᠡᠷᠡᠭᠯᠡᠬᠦ ᠰᠠᠪᠠ ᠵᠡᠪᠰᠡᠭ ᠮᠡᠲᠦ ᠪᠥᠭᠡᠳ ᠬᠠᠭᠤᠴᠢᠨ ᠭᠠᠪᠢᠶᠠᠲᠤ ᠰᠠᠢᠳ ᠪᠣᠯᠠᠢ᠃ ᠲᠡᠷᠡ ᠨᠢᠭᠡᠨ ᠬᠥᠮᠦᠨ ᠡᠨᠳᠡᠪᠡᠰᠦ ᠲᠡᠳᠡᠭᠡᠷ ᠲᠦᠮᠡᠨ ᠴᠡᠷᠢᠭ ᠰᠠᠮᠠᠭᠤᠷᠠᠵᠤ ᠤᠯᠤᠰ ᠲᠥᠷᠥ ᠶ᠋ᠢᠨ ᠶᠡᠬᠡ ᠠᠯᠳᠠᠰᠢ ᠪᠣᠯᠤᠮᠤᠢ᠂ ᠲᠦᠰᠢᠮᠡᠯ ᠪᠢ ᠨᠢᠭᠡᠨ ᠬᠥᠮᠦᠨ ᠦᠬᠦᠬᠦᠢ ᠳ᠋ᠦ᠍ᠷ ᠶᠠᠮᠪᠠᠷ ᠭᠠᠢ ᠪᠣᠢ ! 》ᠬᠡᠮᠡᠭᠰᠡᠨ ᠳ᠋ᠦ᠍ᠷ ᠬᠠᠭᠠᠨ ᠮᠠᠰᠢ ᠶᠡᠬᠡᠳᠡ ᠰᠠᠢᠰᠢᠶᠠᠵᠤ᠂ ᠬᠠᠳᠤ ᠲᠡᠮᠦᠷ ᠦ᠋ᠨ ᠦᠨᠡᠨ ᠰᠠᠨᠠᠭᠠᠨ ᠢ᠋ ᠳᠠᠭᠠᠵᠤ ᠲᠡᠷᠢᠭᠦᠨ ᠭᠠᠪᠢᠶ᠎ᠠ ᠳ᠋ᠤᠷ ᠱᠠᠩᠨᠠᠵᠤ᠂ ᠳᠡᠭᠡᠳᠦ ᠲᠠᠢᠹᠦ᠋ ᠲᠦᠰᠢᠮᠡᠯ ᠳ᠋ᠦ᠍ᠷ ᠳᠡᠪᠰᠢᠭᠦᠯᠦᠨ ᠰᠢᠳᠠᠷ ᠲᠤᠷ ᠬᠡᠷᠡᠭᠯᠡᠪᠡ᠃ ᠳᠠᠭᠠᠯᠳᠤᠭ᠎ᠠ ᠨᠠᠮᠤᠷ ᠤ᠋ᠨ ᠲᠡᠷᠢᠭᠦᠨ ᠳᠣᠯᠣᠭᠠᠨ ᠰᠠᠷ᠎ᠠ ᠳ᠋ᠤᠷ ᠰᠢᠶᠠ ᠤᠯᠤᠰ ᠤ᠋ᠨ ᠡᠯ᠎ᠡ ᠬᠣᠲᠠ ᠪᠠᠯᠭᠠᠳ ᠴᠥᠮ ᠮᠣᠩᠭᠣᠯ ᠳ᠋ᠤᠷ ᠠᠪᠲᠠᠵᠤ᠂ ᠤᠯᠤᠰ ᠢᠷᠭᠡᠳ ᠦᠵᠡᠭᠰᠡᠭᠡᠷ ᠴᠥᠮ ᠤᠷᠪᠠᠵᠤ᠂ ᠮᠣᠩᠭᠣᠯ ᠳ᠋ᠤᠷ ᠳᠠᠭᠠᠭᠰᠠᠨ ᠳ᠋ᠤᠷ ᠰᠢᠶᠠ ᠶ᠋ᠢᠨ ᠯᠢ ᠳᠡ ᠸᠠᠩ ᠡᠨᠳᠡ ᠲᠡᠨᠳᠡ ᠳᠤᠲᠠᠭᠠᠨ ᠠᠶᠤᠨ ᠰᠣᠴᠢᠵᠤ᠂ ᠵᠣᠪᠠᠵᠤ ᠭᠠᠰᠠᠯᠤᠭᠰᠠᠭᠠᠷ ᠡᠪᠡᠳᠴᠢᠨ ᠣᠯᠵᠤ ᠦᠬᠦᠭᠰᠡᠨ ᠳ᠋ᠦ᠍ᠷ ᠲᠡᠭᠦᠨ ᠦ᠌ ᠬᠥᠪᠡᠭᠦᠨ ᠨᠢᠯᠬ᠎ᠠ ᠲᠤᠯᠠ ᠯᠢ ᠳᠡ ᠸᠠᠩ ᠤ᠋ᠨ ᠳᠡᠭᠦᠦ ᠶ᠋ᠢᠨ ᠬᠥᠪᠡᠭᠦᠨ ᠯᠢ ᠰᠢᠶᠠᠨ ᠢ ᠡᠵᠡᠨ ᠪᠣᠯᠭᠠᠨ ᠪᠠᠢᠭᠤᠯᠵᠤ ᠂ ᠦᠬᠦᠭᠰᠡᠨ ᠯᠢ ᠳᠡ ᠸᠠᠩ ᠢ᠋ ᠨᠡᠬᠡᠵᠦ ᠰᠢᠶᠠᠨᠽᠥ᠋ᠡᠭ ᠭᠡᠮᠡᠨ ᠡᠷᠭᠦᠵᠦ ᠨᠡᠷᠡᠢᠳᠪᠡ᠃ 
       ᠲᠡᠳᠦᠢ ᠰᠢᠶᠠ ᠤᠯᠤᠰ ᠨᠡᠩ ᠲᠦᠭᠰᠢᠯᠲᠡᠢ ᠪᠣᠯᠵᠤ᠂ ᠢᠷᠭᠡᠨ ᠦ᠌ ᠰᠠᠨᠠᠭᠠᠨ ᠢ᠋ᠶ᠋ᠠᠨ ᠠᠯᠳᠠᠵᠤ ᠴᠥᠮ ᠮᠣᠩᠭᠣᠯ ᠢ᠋ ᠤᠭᠲᠤᠨ ᠣᠷᠣᠭᠰᠠᠭᠠᠷ ᠡᠪᠦᠯ ᠦ᠋ᠨ ᠠᠷᠪᠠᠨ ᠨᠢᠭᠡᠨ ᠰᠠᠷ᠎ᠠ ᠳ᠋ᠤᠷ ᠰᠢᠶᠠ ᠤᠯᠤᠰ ᠤ᠋ᠨ ᠶᠡᠬᠡ ᠨᠡᠢᠰᠯᠡᠯ ᠯᠠᠨ ᠵᠧᠦ ᠬᠣᠲᠠᠨ ᠳ᠋ᠤᠷ ᠬᠦᠷᠦᠭᠰᠡᠨ ᠳ᠋ᠦ᠍ᠷ ᠬᠣᠲᠠ ᠶ᠋ᠢᠨ ᠳᠣᠲᠣᠷᠠᠬᠢ ᠰᠤᠯᠠ ᠢᠷᠭᠡᠨ ᠴᠡᠷᠢᠭ ᠢᠨᠤ ᠬᠣᠶᠠᠷ ᠠᠩᠭᠢ ᠪᠣᠯᠵᠤ᠂ ᠢᠷᠭᠡᠨ ᠢᠨᠤ ᠳᠠᠭᠠᠬᠤ ᠶ᠋ᠢ ᠡᠷᠢᠮᠦᠢ᠂ ᠴᠡᠷᠢᠭ ᠢᠨᠤ ᠲᠤᠯᠬᠤ ᠶ᠋ᠢ ᠵᠥᠪᠳᠡᠬᠦᠢ ᠳ᠋ᠦ᠍ᠷ ᠴᠡᠷᠢᠭ ᠢᠨᠤ ᠢᠷᠭᠡᠨ ᠢ᠋ᠶ᠋ᠡᠨ ᠰᠡᠵᠢᠭᠯᠡᠵᠦ᠂ ᠬᠠᠷᠠᠬᠠᠨ ᠬᠣᠲᠠᠨ ᠤ᠋ ᠳᠣᠲᠣᠷ᠎ᠠ ᠵᠢᠭᠤᠷᠠᠯᠳᠤᠨ ᠪᠦᠬᠦᠢ ᠳ᠋ᠦ᠍ᠷ ᠬᠠᠭᠠᠨ ᠤ᠋ ᠴᠡᠷᠢᠭ ᠬᠠᠮᠲᠤ ᠪᠠᠷ ᠬᠦᠷᠴᠦ ᠲᠥᠭᠥᠷᠢᠭᠯᠡᠨ ᠬᠠᠭᠠᠵᠤ ᠠᠪᠤᠭᠠᠳ ᠳᠥᠷᠪᠡᠨ ᠡᠲᠡᠭᠡᠳ ᠦ᠋ᠨ ᠶᠡᠬᠡ ᠰᠢᠷᠣᠢ ᠶ᠋ᠢᠨ ᠤᠭᠤᠲᠠᠨ ᠤ᠋ ᠳᠡᠭᠲᠡᠷ ᠴᠣᠭᠴᠠᠯᠠᠨ ᠬᠣᠲᠠ ᠶ᠋ᠢᠨ ᠳᠥᠷᠪᠡᠨ ᠠᠰᠠᠷ ᠢ᠋ ᠭᠠᠯ ᠰᠤᠮᠤ ᠪᠠᠷ ᠬᠠᠷᠪᠤᠭᠤᠯᠤᠨ᠂ ᠮᠡᠷᠭᠡᠨ ᠬᠠᠷᠪᠤᠭᠠᠴᠢ ᠨᠠᠷ ᠢ᠋ᠶ᠋ᠠᠷ ᠬᠣᠲᠠ ᠶ᠋ᠢᠨ ᠭᠠᠯ ᠢ᠋ ᠳᠠᠭᠠᠵᠤ ᠬᠠᠷᠪᠤᠭᠤᠯᠤᠨ ᠂ ᠠᠷᠪᠠᠨ ᠡᠳᠦᠷ ᠪᠣᠯᠤᠭᠰᠠᠨ ᠦᠭᠡᠢ ᠬᠣᠲᠠ ᠶ᠋ᠢᠨ ᠵᠡᠭᠦᠨ ᠬᠠᠭᠠᠯᠭ᠎ᠠ ᠶ᠋ᠢ ᠡᠪᠳᠡᠵᠦ᠂ ᠰᠢᠯᠢᠶᠠᠮᠪᠤ ᠤᠷᠢᠳᠠ ᠳᠠᠪᠠᠨ ᠭᠠᠷᠴᠤ ᠂ ᠬᠠᠭᠠᠯᠭ᠎ᠠ ᠶ᠋ᠢ ᠪᠤᠯᠢᠶᠠᠨ ᠠᠪᠴᠤ ᠨᠡᠭᠡᠭᠡᠭᠡᠳ ᠶᠡᠬᠡ ᠴᠡᠷᠢᠭ ᠢ᠋ ᠲᠠᠯᠪᠢᠨ ᠣᠷᠣᠭᠤᠯᠵᠤ᠂ ᠶᠡᠬᠡᠯ᠎ᠡ ᠰᠠᠮᠠᠭᠤᠷᠠᠬᠤᠢ ᠳ᠋ᠤᠷ ᠡᠨᠡ ᠴᠢᠯᠥᠭᠡᠨ ᠳ᠋ᠦ᠍ᠷ ᠦᠵᠡᠰᠡ ᠰᠢᠶᠠ ᠶ᠋ᠢᠨ ᠡᠵᠡᠨ ᠯᠢ ᠰᠢᠶᠠᠨ ᠡᠨᠳᠡ ᠪᠠᠢᠭᠰᠠᠨ ᠠᠵᠤᠭᠤ᠃ ᠲᠡᠳᠦᠢ ᠡᠬᠡᠨᠡᠷ ᠦ᠋ᠨ ᠰᠦᠷᠦᠭ ᠲᠦ᠍ᠷ ᠣᠷᠣᠵᠤ ᠳᠤᠲᠠᠭᠠᠨ ᠭᠠᠷᠪᠠ᠃ ᠡᠨᠡ ᠬᠣᠲᠠ ᠠᠰᠤᠷᠤ ᠪᠠᠶᠠᠨ ᠡᠯᠪᠡᠭ ᠲᠤᠯᠠ ᠶᠡᠬᠡ ᠴᠡᠷᠢᠭ ᠠᠯᠲᠠᠨ ᠲᠣᠷᠭ᠎ᠠ ᠮᠥᠩᠭᠥ ᠵᠣᠭᠣᠰ ᠡᠯ᠎ᠡ ᠵᠦᠢᠯ ᠢ᠋ ᠪᠦᠷᠢᠨ᠎ᠡ ᠬᠤᠷᠢᠶᠠᠵᠤ ᠠᠭᠤᠯᠠ ᠮᠡᠲᠦ ᠣᠪᠣᠭᠠᠯᠠᠪᠠ᠃ ᠬᠠᠭᠠᠨ ᠲᠦᠪᠰᠢᠷᠡᠭᠰᠡᠨ ᠬᠣᠢᠨ᠎ᠠ ᠬᠣᠲᠠᠨ ᠳ᠋ᠤᠷ ᠣᠷᠣᠵᠤ ᠰᠠᠩ ᠬᠥᠮᠥᠷᠭᠡ ᠶ᠋ᠢ ᠪᠠᠢᠴᠠᠭᠠᠵᠤ ᠂ ᠣᠯᠠᠨ ᠵᠠᠩᠵᠤᠨ ᠴᠡᠷᠢᠭ ᠢ᠋ ᠬᠦᠨᠳᠦᠳᠡ ᠱᠠᠩᠨᠠᠬᠤᠢ ᠳ᠋ᠤᠷ ᠶᠧ ᠯᠢᠦᠢ ᠴᠦ ᠼᠠᠢ ᠭᠠᠭᠴᠠ ᠬᠣᠲᠠ ᠶ᠋ᠢᠨ ᠳᠣᠲᠣᠷᠠᠬᠢ ᠪᠢᠴᠢᠭ ᠰᠤᠳᠤᠷ ᠢ ᠴᠥᠮ ᠬᠤᠷᠢᠶᠠᠯᠭᠠᠨ ᠠᠪᠤᠭᠤᠯᠵᠤ᠂ ᠡᠨᠡ ᠭᠠᠵᠠᠷ ᠤ᠋ᠨ ᠭᠢᠰᠢᠭᠦᠨ᠎ᠡ ᠡᠮ ᠮᠠᠰᠢ ᠰᠠᠢᠨ ᠲᠤᠯᠠ ᠴᠥᠮ ᠬᠤᠷᠢᠶᠠᠯᠭᠠᠨ ᠠᠪᠤᠭᠤᠯᠪᠠ᠃ ᠲᠡᠳᠦᠢ ᠣᠯᠠᠨ ᠴᠡᠷᠢᠭ ᠢ᠋ ᠪᠠᠬᠠᠨ ᠰᠡᠭᠬᠢᠬᠦᠢ ᠳ᠋ᠦ᠍ᠷ ᠡᠨᠡ ᠡᠪᠦᠯ ᠴᠠᠰᠤ ᠦᠭᠡᠢ ᠪᠥᠭᠡᠳ ᠬᠡᠲᠦᠷᠬᠡᠢ ᠳᠤᠯᠠᠭᠠᠨ ᠪᠣᠯᠵᠤ ᠂ ᠭᠡᠨᠡᠳᠲᠡ ᠶᠡᠬᠡ ᠴᠠᠰᠤ ᠣᠷᠣᠭᠰᠠᠨ ᠳ᠋ᠤᠷ ᠴᠡᠷᠢᠭ ᠦ᠋ᠨ ᠠᠷᠠᠳ ᠲᠤᠷ ᠶᠡᠬᠡ ᠵᠠᠷ ᠡᠪᠡᠳᠴᠢᠨ ᠪᠣᠯᠤᠨ ᠠᠷᠪᠠᠨ ᠠ᠋ᠴᠠ ᠳᠥᠷᠪᠡ ᠲᠠᠪᠤᠨ ᠠᠨᠤ ᠡᠪᠡᠳᠦᠭᠰᠡᠨ ᠳ᠋ᠦ᠍ᠷ ᠶᠧ ᠯᠢᠦᠢ ᠴᠦ ᠽᠠᠢ ᠭᠢᠰᠢᠭᠦᠨ᠎ᠡ ᠶ᠋ᠢ ᠬᠡᠷᠡᠭᠯᠡᠵᠦ ᠂ ᠣᠯᠠᠨ ᠴᠡᠷᠢᠭ ᠢ᠋ ᠶᠡᠬᠡᠯ᠎ᠡ ᠵᠠᠰᠠᠵᠤ ᠰᠠᠢᠨ ᠪᠣᠯᠭᠠᠭᠰᠠᠨ᠎ᠠ ᠂ ᠶᠧ ᠯᠢᠦᠢ ᠴᠦ ᠽᠠᠢ ᠶ᠋ᠢ ᠬᠠᠭᠠᠨ ᠶᠡᠬᠡᠳᠡ ᠰᠠᠢᠰᠢᠶᠠᠵᠤ᠂ ᠨᠡᠩ ᠬᠦᠨᠳᠦ ᠱᠠᠩ ᠬᠦᠷᠲᠡᠭᠡᠨ ᠪᠦᠬᠦ ᠬᠢᠲᠠᠳ ᠲᠦᠰᠢᠮᠡᠳ ᠦ᠋ᠨ ᠲᠡᠷᠢᠭᠦᠯᠡᠭᠰᠡᠨ ᠰᠢᠳᠠᠷ ᠡᠷᠭᠢᠨ ᠰᠠᠢᠳ ᠪᠣᠯᠭᠠᠨ ᠡᠷᠭᠦᠮᠵᠢᠯᠡᠵᠦ ᠵᠠᠷᠯᠢᠭ ᠪᠣᠯᠤᠷᠤᠨ :《ᠨᠢᠭᠡᠨ ᠰᠠᠢᠨ ᠰᠠᠢᠳ ᠠᠪᠠᠰᠤ ᠲᠦᠮᠡᠨ ᠪᠠᠭᠠᠲᠤᠷ ᠴᠡᠷᠢᠭ ᠢ᠋ ᠲᠤᠰᠠᠯᠠᠮᠤᠢ ᠬᠡᠮᠡᠭᠴᠢ ᠡᠨᠡ ᠪᠣᠯᠠᠢ ! 》 ᠬᠡᠮᠡᠪᠡ᠃ ᠡᠭᠦᠨᠴᠡ ᠮᠣᠩᠭᠣᠯ ᠰᠠᠢᠳ ᠲᠦᠰᠢᠮᠡᠳ ᠰᠠᠶᠢ ᠶᠧ ᠯᠢᠦᠢ ᠴᠦ ᠽᠠᠢ ᠶ᠋ᠢᠨ ᠰᠠᠢᠨ ᠢ᠋ ᠣᠯᠵᠤ ᠮᠡᠳᠡᠪᠡᠢ᠃ 
       ᠲᠡᠨᠳᠡᠴᠡ ᠰᠢᠶᠠ ᠶ᠋ᠢᠨ ᠡᠵᠡᠨ ᠯᠢ ᠰᠢᠶᠠᠨ ᠳᠤᠲᠠᠭᠠᠨ ᠭᠠᠷᠴᠤ ᠪᠠᠷᠠᠭᠤᠨ ᠬᠢᠵᠠᠭᠠᠷ ᠲᠤᠷ ᠢ᠋ᠶ᠋ᠠᠨ ᠬᠦᠷᠴᠦ ᠴᠡᠷᠢᠭ ᠡᠯᠰᠡᠨ᠂ ᠲᠡᠭᠦᠨ ᠦ᠌ ᠲᠡᠷᠢᠭᠦᠯᠡᠭᠰᠡᠨ ᠲᠦᠰᠢᠮᠡᠯ ᠱᠧᠦ ᠮᠢᠩ᠂ ᠯᠢᠩ ᠬᠦᠩ ᠳ᠋ᠦ᠍ᠷ ᠠᠷᠪᠠᠨ ᠲᠦᠮᠡᠨ ᠴᠡᠷᠢᠭ ᠥᠭᠴᠦ᠂ ᠯᠠᠨ ᠵᠧᠦ ᠶ᠋ᠢ ᠳᠠᠬᠢᠨ ᠠᠪᠤᠷ᠎ᠠ ᠢᠷᠡᠬᠦᠢ ᠳ᠋ᠦ᠍ᠷ ᠮᠣᠩᠭᠣᠯ ᠤ᠋ᠨ ᠲᠤᠷᠰᠢᠭᠤᠯ ᠬᠡᠳᠦᠢᠨᠡᠢ ᠰᠣᠨᠣᠰᠴᠤ ᠢᠷᠡᠵᠦ ᠬᠡᠯᠡᠭᠰᠡᠨ ᠳ᠋ᠦ᠍ᠷ ᠬᠠᠭᠠᠨ ᠤ᠋ ᠭᠡᠭᠡᠨ ᠲᠡᠷᠢᠭᠦᠯᠡᠨ ᠶᠡᠬᠡ ᠮᠥᠷᠡᠨ ᠢ᠋ ᠭᠡᠲᠦᠯᠦᠨ ᠤᠭᠲᠤᠨ ᠡᠴᠢᠵᠦ᠂ ᠭᠤᠴᠢᠨ ᠵᠢᠷᠭᠤᠭᠠᠨ ᠵᠠᠮ ᠤ᠋ᠨ ᠴᠡᠷᠢᠭ ᠪᠦᠭᠭᠦᠵᠦ ᠪᠤᠭᠤᠷᠵᠢ᠂ ᠴᠢᠯᠠᠭᠤᠨ ᠬᠣᠶᠠᠭᠤᠯᠠ ᠪᠠᠷ ᠱᠧᠦ ᠮᠢᠩ ᠦ᠋ᠨ ᠴᠡᠷᠢᠭ ᠢ᠋ ᠥᠳᠥᠭᠡᠨ ᠪᠠᠢᠯᠳᠤᠭᠤᠯᠵᠤ ᠠᠴᠢᠷᠠᠭᠠᠳ ᠬᠠᠭᠠᠨ ᠭᠡᠨᠡᠳᠲᠡ ᠶᠡᠬᠡ ᠮᠤᠷᠤᠢ ᠪᠦᠷᠢᠶ᠎ᠡ ᠶ᠋ᠢ ᠦᠯᠢᠶᠡᠭᠰᠡᠨ ᠳ᠋ᠦ᠍ᠷ ᠡᠭᠦᠨ ᠦ᠌ ᠳᠠᠭᠤᠨ ᠳᠥᠴᠢᠨ ᠭᠠᠵᠠᠷ ᠰᠣᠨᠣᠰᠳᠠᠵᠤ ᠭᠤᠴᠢᠨ ᠵᠢᠷᠭᠤᠭᠠᠨ ᠵᠠᠩᠵᠤᠨ ᠬᠠᠮᠲᠤ ᠭᠠᠷᠴᠤ ᠢᠷᠡᠭᠡᠳ ᠰᠢᠶᠠ ᠶ᠋ᠢᠨ ᠴᠡᠷᠢᠭ ᠢ᠋ ᠶᠡᠬᠡ ᠮᠥᠷᠡᠨ ᠦ᠌ ᠰᠢᠷ᠎ᠠ ᠲᠠᠯ᠎ᠠ ᠳ᠋ᠤᠷ ᠭᠤᠷᠪᠠᠨ ᠳᠠᠪᠬᠤᠷ ᠬᠠᠭᠠᠵᠤ᠂ ᠳᠥᠷᠪᠡᠨ ᠡᠳᠦᠷ ᠪᠠᠢᠯᠳᠤᠵᠤ᠂ ᠪᠤᠭᠤᠷᠵᠢ᠂ ᠴᠢᠯᠠᠭᠤᠨ ᠨᠠᠷ ᠱᠧᠦ ᠮᠢᠩ ᠢ᠋ ᠠᠮᠢᠳᠤ ᠪᠠᠷᠢᠵᠤ᠂ ᠣᠯᠠᠨ ᠴᠡᠷᠢᠭ ᠢ ᠢᠨᠤ ᠳᠠᠭᠠᠭᠤᠯᠤᠨ᠂ ᠬᠠᠭᠠᠨ ᠱᠧᠦ ᠮᠢᠩ ᠢ᠋ ᠠᠪᠴᠢᠷᠠᠵᠤ ᠬᠦᠯᠢᠶᠡᠰᠦᠨ ᠢ᠋ ᠲᠠᠢᠯᠵᠤ ᠵᠠᠷᠯᠢᠭ ᠪᠣᠯᠤᠷᠤᠨ : 《ᠪᠢ ᠣᠨᠴᠠ ᠬᠥᠮᠦᠨ ᠠᠯᠠᠬᠤ ᠳᠤᠷᠠᠲᠠᠢ ᠪᠤᠰᠤ᠂ ᠭᠠᠭᠴᠠ ᠳᠠᠩᠴᠤ ᠰᠠᠮᠠᠭᠤᠨ ᠢ᠋ ᠲᠦᠪᠰᠢᠳᠬᠡᠬᠦ ᠲᠤᠯᠠ ᠠᠷᠭ᠎ᠠ ᠦᠭᠡᠢ ᠪᠢ ᠲᠠᠨ ᠤ᠋ ᠰᠢᠶᠠ ᠤᠯᠤᠰ ᠢ᠋ ᠡᠷᠢᠭᠰᠡᠨ ᠡᠴᠡ ᠡᠳᠦᠭᠡ ᠪᠣᠯᠤᠯ᠎ᠠ᠃ ᠶᠠᠯ᠎ᠠ ᠲᠠᠢ ᠭᠠᠵᠠᠷ ᠢ᠋ ᠳᠣᠯᠣᠭᠠᠨ ᠵᠡᠷᠭᠡ ᠦᠵᠡᠲᠡᠯ᠎ᠡ ᠲᠠ ᠢᠷᠡᠵᠦ ᠤᠷᠢᠳᠤ ᠶ᠋ᠢᠨ ᠯᠢ ᠠᠨ ᠴᠢᠣᠸᠠᠨ ᠤ᠋ ᠰᠠᠨᠠᠭᠠᠨ ᠢ᠋ ᠳᠠᠭᠠᠵᠤ ᠪᠢᠰᠢᠷᠡᠬᠦ ᠦᠭᠡᠢ ᠲᠤᠯᠠ ᠪᠢ ᠰᠠᠶᠢ ᠠᠷᠭ᠎ᠠ ᠦᠭᠡᠢ ᠡᠨᠡ ᠮᠡᠲᠦ ᠴᠡᠷᠢᠭᠯᠡᠪᠡ᠃ ᠬᠡᠷᠪᠡ ᠤᠭ ᠠ᠋ᠴᠠ ᠯᠢ ᠠᠨ ᠴᠢᠣᠸᠠᠨ ᠤ᠋ ᠲᠡᠷᠡ ᠮᠡᠲᠦ ᠠᠪᠠᠰᠤ ᠡᠨᠡ ᠡᠳᠦᠷ ᠡᠢᠮᠦ ᠵᠣᠪᠠᠯᠠᠩ ᠬᠦᠷᠴᠦ ᠢᠷᠡᠬᠦ ᠶᠣᠰᠣ ᠪᠣᠢ ᠤᠤ ?  ᠲᠡᠢᠨ ᠪᠣᠯᠪᠠᠴᠤ ᠪᠢ ᠨᠢᠭᠡᠨᠲᠡ ᠬᠥᠮᠦᠨ ᠦ᠌ ᠬᠠᠭᠠᠨ ᠪᠣᠯᠤᠭᠰᠠᠨ ᠲᠤᠯᠠ ᠪᠠᠰᠠ ᠬᠦ᠌ ᠠᠭᠤᠳᠠᠮᠯᠠᠬᠤ ᠠᠮᠢᠳᠤᠷᠠᠭᠤᠯᠬᠤ ᠶ᠋ᠢ ᠰᠠᠨᠠᠮᠤᠢ᠂ ᠴᠢᠨᠦ ᠠᠮᠢ ᠶ᠋ᠢ ᠲᠠᠯᠪᠢᠨ ᠡᠭᠡᠭᠦᠯᠰᠦᠭᠡᠢ᠂ ᠴᠢ ᠲᠡᠷᠡ ᠮᠤᠩᠬᠠᠭ ᠡᠵᠡᠨ ᠯᠢ ᠰᠢᠶᠠᠨ ᠳ᠋ᠤᠷ ᠤᠬᠠᠭᠤᠯᠤᠨ ᠬᠡᠯᠡᠵᠦ᠂ ᠭᠡᠷ ᠦ᠋ᠨ ᠠᠮᠠᠨ ᠢ᠋ᠶ᠋ᠠᠨ ᠬᠠᠮᠠᠭᠠᠯᠠᠨ ᠳᠠᠭᠠᠭᠤᠯᠪᠠᠰᠤ ᠵᠠᠭᠤᠨ ᠳ᠋ᠤᠷ ᠪᠦᠷᠢᠳᠬᠦ ᠠᠷᠭ᠎ᠠ ᠂ ᠲᠡᠢᠮᠦ ᠪᠥᠭᠡᠰᠦ ᠪᠢ ᠴᠡᠷᠢᠭ ᠢ᠋ ᠲᠦᠷ ᠵᠣᠭᠰᠣᠵᠤ ᠬᠦᠯᠢᠶᠡᠰᠦᠭᠡᠢ᠃ ᠡᠢᠮᠦ ᠪᠥᠭᠡᠰᠦ ᠴᠣᠬᠣᠮ ᠤᠬᠢᠶᠠᠭᠳᠠᠬᠤ ᠠ᠋ᠴᠠ ᠳᠡᠭᠡᠷ᠎ᠡ ᠦᠭᠡᠢ ᠤᠤ ? 》ᠬᠡᠮᠡᠬᠦᠢ ᠳ᠋ᠦ᠍ᠷ ᠱᠧᠦ ᠮᠢᠩ ᠲᠣᠯᠣᠭᠠᠢ ᠪᠠᠨ ᠴᠣᠭᠣᠷᠣᠲᠠᠯ᠎ᠠ ᠮᠥᠷᠭᠥᠵᠦ᠂ ᠠᠷᠪᠠᠨ ᠬᠤᠪᠢ ᠪᠠᠲᠤᠯᠠᠵᠤ ᠡᠴᠢᠪᠡ᠃ 
       ᠲᠡᠳᠦᠢ ᠪᠤᠭᠤᠷᠵᠢ ᠠᠢᠯᠠᠳᠬᠠᠷᠤᠨ :  《ᠬᠠᠭᠠᠨ ᠦᠵᠡᠬᠦᠢ ᠳ᠋ᠦ᠍ᠷ ᠲᠡᠷᠡ ᠮᠠᠨ ᠤ᠋ ᠠᠴᠢ ᠶ᠋ᠢ ᠰᠠᠨᠠᠬᠤ ᠪᠠᠢᠳᠠᠯ ᠪᠣᠢ ᠤᠤ ? 》 ᠬᠠᠭᠠᠨ ᠵᠠᠷᠯᠢᠭ ᠪᠣᠯᠤᠷᠤᠨ : 《ᠪᠢ ᠲᠡᠷᠡ ᠱᠧᠦ ᠮᠢᠩ ᠦ᠋ᠨ ᠪᠠᠢᠳᠠᠯ ᠢ᠋ ᠦᠵᠡᠬᠦᠯ᠎ᠡ ᠨᠢᠭᠡᠨ ᠴᠢᠬᠡᠴᠢ ᠲᠦᠪᠰᠢᠨ ᠬᠥᠮᠦᠨ᠂ ᠯᠠᠪ ᠲᠤᠰᠠ ᠪᠣᠯᠤᠮᠤᠢ 》ᠭᠡᠮᠡᠨ ᠰᠢᠶᠠ ᠤᠯᠤᠰ ᠤ᠋ᠨ ᠶᠠᠨ ᠵᠧᠦ ᠴᠢᠣᠸᠠᠨ ᠭᠠᠵᠠᠷ ᠶᠡᠬᠡ ᠴᠡᠷᠢᠭ ᠢ᠋ ᠪᠠᠭᠤᠳᠠᠯᠠᠪᠠ᠃ 
      ᠬᠥᠬᠡᠭᠡ ᠰᠠᠷ᠎ᠠ ᠶ᠋ᠢᠨ ᠤᠯᠠᠭᠴᠢᠨ ᠦᠬᠡᠷ ᠡᠳᠦᠷ ᠡᠮᠦᠨ᠎ᠡ ᠥᠷᠥᠨ᠎ᠡ ᠵᠣᠪᠬᠢᠰ ᠲᠤᠷ ᠲᠠᠪᠤᠨ ᠭᠠᠷᠠᠭ ᠵᠠᠯᠭᠠᠯᠳᠤᠨ ᠦᠵᠡᠭᠳᠡᠭᠰᠡᠨ ᠳ᠋ᠦ᠍ᠷ ᠬᠠᠭᠠᠨ ᠲᠥᠯᠭᠡ ᠪᠡᠨ ᠦᠵᠡᠵᠦ ᠰᠡᠭᠦᠷᠡᠰᠦᠨ ᠠᠯᠳᠠᠪᠠ᠃ ᠬᠠᠭᠠᠨ ᠤ᠋ ᠴᠡᠷᠢᠭ ᠲᠦᠷ ᠡᠨᠳᠡ ᠪᠠᠭᠤᠳᠠᠯᠯᠠᠭᠰᠠᠨ ᠴᠢᠯᠥᠭᠡᠨ ᠳ᠋ᠦ᠍ᠷ ᠣᠳᠣ ᠡᠮᠦᠨ᠎ᠡ ᠡᠲᠡᠭᠡᠳ ᠪᠤᠯᠤ ᠳᠠᠢᠰᠤᠨᠳᠠᠷᠣᠭᠴᠢ ᠬᠣᠶᠠᠷ ᠸᠠᠩ ᠤ᠋ᠨ ᠬᠡᠷᠡᠭ ᠢ᠋ ᠪᠠᠬᠠᠨ ᠬᠡᠯᠡᠰᠦᠭᠡᠢ᠃ 
       ᠲᠡᠨᠳᠡᠴᠡ ᠪᠤᠯᠤ᠂ ᠳᠠᠢᠰᠤᠨᠳᠠᠷᠣᠭᠴᠢ ᠬᠣᠶᠠᠷ ᠸᠠᠩ ᠬᠣᠶᠠᠷ ᠲᠡᠰᠢ ᠴᠡᠷᠢᠭ ᠠᠪᠤᠨ ᠴᠢᠩ ᠵᠧᠦ ᠶ᠋ᠢ ᠲᠣᠭᠣᠷᠢᠨ ᠶᠠᠪᠤᠬᠤᠢ ᠳ᠋ᠤᠷ ᠮᠣᠩᠭᠣᠯ ᠤ᠋ᠨ ᠵᠠᠩᠵᠤᠨ ᠵᠠᠩ ᠯᠢᠨ ᠬᠠᠷᠢᠶᠠᠲᠤ ᠬᠣᠲᠠ ᠪᠠᠨ ᠬᠠᠮᠠᠭᠠᠯᠠᠨ ᠰᠠᠬᠢᠵᠤ ᠪᠥᠬᠥᠶ᠎ᠡ ᠨᠠᠮᠤᠷ ᠤ᠋ᠨ ᠰᠡᠭᠦᠯ ᠶᠢᠰᠦᠨ ᠰᠠᠷ᠎ᠠ ᠳ᠋ᠤ᠌ ᠳᠤᠲᠠᠭᠠᠵᠤ ᠭᠠᠷᠤᠭᠰᠠᠨ ᠯᠢ ᠴᠢᠣᠸᠠᠨ ᠮᠣᠩᠭᠣᠯ ᠳ᠋ᠤᠷ ᠨᠢᠭᠡᠨ ᠵᠡᠷᠭᠡ ᠳᠠᠷᠤᠭᠳᠠᠵᠤ ᠪᠤᠷᠤᠭᠤᠯᠠᠨ᠂ ᠰᠥᠩ ᠤᠯᠤᠰ ᠤ᠋ᠨ ᠵᠠᠬ᠎ᠠ ᠳ᠋ᠤᠷ ᠣᠷᠣᠵᠤ᠂ ᠰᠥᠩ ᠤᠯᠤᠰ ᠤ᠋ᠨ ᠢᠦᠢ ᠲᠡᠢ᠂ ᠵᠦᠩ ᠢ᠂ ᠰᠢᠶᠠ ᠴᠢᠣᠸᠠᠨ ᠭᠤᠷᠪᠠᠭᠤᠯᠠ ᠯᠢ ᠴᠢᠣᠸᠠᠨ ᠲᠠᠢ ᠬᠣᠯᠪᠣᠭᠳᠠᠵᠤ᠂ ᠰᠢᠯᠵᠢᠵᠦ ᠤᠷᠪᠠᠬᠤ ᠶ᠋ᠢ ᠪᠡᠯᠡᠳᠦᠭᠰᠡᠨ ᠳ᠋ᠦ᠍ᠷ ᠯᠢ ᠴᠢᠣᠸᠠᠨ ᠳᠠᠷᠤᠢ ᠲᠡᠨᠳᠡ ᠰᠢᠷᠭᠤᠭᠠᠳ ᠭᠤᠷᠪᠠᠨ ᠮᠢᠩᠭᠠᠨ ᠴᠡᠷᠢᠭ ᠭᠤᠶᠤᠵᠤ ᠮᠣᠩᠭᠣᠯ ᠤ᠋ᠨ ᠵᠠᠩ ᠯᠢᠨ ᠳ᠋ᠦ᠍ᠷ ᠬᠠᠭᠤᠷᠮᠠᠭ ᠢ᠋ᠶ᠋ᠠᠷ ᠥᠭᠭᠥᠨ ᠳᠠᠭᠠᠮᠤᠢ ᠭᠡᠮᠡᠨ ᠢᠷᠡᠭᠰᠡᠨ ᠳ᠋ᠦ᠍ᠷ ᠵᠠᠩ ᠯᠢᠨ ᠢᠲᠡᠭᠡᠵᠦ ᠤᠭᠲᠤᠨ ᠭᠠᠷᠴᠤ ᠪᠠᠷᠢᠭᠳᠠᠭᠠᠳ ᠠᠪᠴᠤ ᠡᠴᠢᠬᠦᠢ ᠳ᠋ᠦ᠍ᠷ ᠴᠢᠪᠬᠢᠲᠡᠯ᠎ᠡ ᠵᠢᠶᠦ᠋ᠨ ᠸᠠᠩ ᠳᠠᠢᠰᠤᠨᠳᠠᠷᠣᠭᠴᠢ ᠶ᠋ᠢᠨ ᠶᠡᠬᠡ ᠴᠡᠷᠢᠭ ᠲᠦ᠍ᠷ ᠤᠴᠠᠷᠠᠵᠤ᠂ ᠨᠢᠭᠡᠨ ᠵᠡᠷᠭᠡ ᠰᠠᠢᠲᠤᠷ ᠠᠯᠠᠯᠳᠤᠵᠤ᠂ ᠳᠠᠢᠰᠤᠨᠳᠠᠷᠣᠭᠴᠢ ᠶ᠋ᠢᠨ ᠬᠥᠪᠡᠭᠦᠨ ᠪᠦ ᠯᠢ ᠬᠠᠢ ᠱᠠᠯᠠᠮᠠᠭᠠᠢᠯᠠᠨ ᠣᠷᠣᠵᠤ ᠵᠠᠩ ᠯᠢᠨ ᠢ᠋ ᠪᠤᠯᠢᠶᠠᠨ ᠠᠪᠴᠤ᠂ ᠯᠢ ᠴᠢᠣᠸᠠᠨ ᠢ᠋ ᠬᠥᠭᠡᠭᠡᠵᠦ᠂ ᠢ ᠳ᠋ᠦ᠍ ᠹᠦ ᠬᠣᠲᠠᠨ ᠳ᠋ᠤᠷ ᠬᠣᠷᠢᠵᠤ ᠠᠪᠤᠭᠠᠳ ᠪᠤᠯᠤ ᠶᠤᠸᠠᠨᠱᠤᠸᠠᠢ ᠳ᠋ᠤᠷ ᠮᠡᠳᠡᠭᠦᠯᠦᠨ ᠢᠯᠡᠭᠡᠭᠰᠡᠨ ᠳ᠋ᠦ᠍ᠷ ᠪᠤᠯᠤ ᠶᠡᠬᠡ ᠴᠡᠷᠢᠭ ᠢ᠋ ᠠᠪᠤᠨ ᠬᠦᠷᠴᠦ ᠢᠷᠡᠭᠡᠳ ᠢ ᠯᠦ᠍ ᠾᠧ ᠤᠰᠤᠨ ᠢ ᠲᠠᠲᠠᠵᠤ ᠣᠷᠣᠭᠤᠯᠤᠨ ᠬᠣᠲᠠᠨ ᠢ᠋ ᠪᠢᠯᠬᠠᠬᠤᠢ ᠳ᠋ᠤᠷ ᠬᠣᠲᠠ ᠶ᠋ᠢᠨ ᠴᠡᠷᠢᠭ ᠢᠷᠭᠡᠨ ᠰᠢᠬᠠᠮᠳᠠᠨ ᠯᠢ ᠴᠢᠣᠸᠠᠨ ᠢ᠋ ᠪᠠᠷᠢᠵᠤ᠂ ᠬᠣᠲᠠ ᠪᠠᠨ ᠨᠡᠭᠡᠭᠡᠨ ᠤᠰᠤᠨ ᠤ᠋ ᠳᠣᠲᠣᠷ᠎ᠠ ᠰᠥᠭᠥᠳᠴᠦ ᠳᠠᠭᠠᠭᠰᠠᠨ ᠳ᠋ᠤᠷ ᠵᠠᠩ ᠯᠢᠨ᠂ ᠯᠢ ᠴᠢᠣᠸᠠᠨ ᠢ᠋ ᠡᠷᠬᠡᠪᠰᠢ ᠠᠯᠠᠰᠤᠭᠠᠢ ᠬᠡᠮᠡᠬᠦᠢ ᠳ᠋ᠦ᠍ᠷ ᠭᠦᠸᠧ ᠸᠠᠩ ᠪᠤᠯᠤ ᠥᠭᠦᠯᠡᠷᠦᠨ : 《ᠲᠡᠭᠦᠨ ᠢ᠋ ᠠᠯᠠᠭᠰᠠᠨ ᠢ᠋ᠶ᠋ᠠᠷ ᠶᠠᠭᠤᠨ ᠪᠣᠯᠬᠤ ? ᠡᠭᠦᠨ ᠢ᠋ ᠠᠪᠠᠴᠢᠵᠤ ᠬᠣᠷᠢ 》 ᠭᠡᠮᠡᠨ ᠬᠣᠷᠢᠭᠤᠯᠪᠠ᠃ ᠡᠨᠡ ᠮᠡᠳᠡᠭᠡ ᠶ᠋ᠢ ᠰᠥᠩ ᠤᠯᠤᠰ ᠤ᠋ᠨ ᠢᠦᠢ ᠲᠡᠢ᠂ ᠵᠦᠩ ᠢ᠂ ᠰᠢᠶᠠ ᠴᠢᠣᠸᠠᠨ ᠨᠠᠷ ᠰᠣᠨᠣᠰᠴᠤ᠂ ᠠᠷᠪᠠᠨ ᠨᠢᠭᠡᠨ ᠰᠠᠷ᠎ᠠ ᠳ᠋ᠤᠷ ᠢᠯᠡᠷᠬᠡᠶ᠎ᠡ ᠤᠷᠪᠠᠵᠤ᠂ ᠶᠡᠬᠡ ᠰᠠᠮᠠᠭᠤᠨ ᠡᠳᠦᠭᠡᠳ ᠯᠢᠦ ᠵᠦᠸᠧ ᠨᠠᠷ ᠤ᠋ᠨ ᠣᠯᠠᠨ ᠢ᠋ ᠳᠠᠭᠠᠭᠤᠯᠤᠨ ᠠᠯᠲᠠᠨ ᠤᠯᠤᠰ ᠲᠤᠷ ᠣᠷᠣᠵᠤ ᠳᠠᠭᠠᠪᠠᠢ᠃ 
       ᠲᠡᠳᠦᠢ ᠭᠦᠸᠧ ᠸᠠᠩ ᠪᠤᠯᠤ ᠵᠢᠶᠦ᠋ᠨ ᠸᠠᠩ ᠳᠠᠢᠰᠤᠨᠳᠠᠷᠣᠭᠴᠢ ᠨᠠᠷ ᠯᠤᠭ᠎ᠠ ᠵᠥᠪᠳᠡᠵᠦ᠂ ᠨᠢᠭᠡᠨ ᠳ᠋ᠦ᠍ᠷ ᠬᠠᠭᠠᠰ ᠣᠨ ᠤ᠋ ᠬᠡᠷᠡᠭ ᠢ᠋ ᠬᠠᠭᠠᠨ ᠳ᠋ᠤᠷ ᠰᠣᠨᠣᠰᠬᠠᠨ ᠠᠢᠯᠠᠳᠬᠠᠬᠤ᠂ ᠬᠣᠶᠠᠷ ᠲᠤᠷ ᠯᠢ ᠴᠢᠣᠸᠠᠨ ᠢ᠋ ᠬᠦᠷᠭᠡᠭᠦᠯᠦᠨ ᠶᠠᠪᠤᠭᠤᠯᠬᠤ ᠡᠯᠴᠢ ᠳ᠋ᠦ᠍ᠷ ᠪᠣᠳᠣᠷᠣᠣᠯ ᠪᠢᠴᠢᠭ ᠪᠠᠷᠢᠭᠤᠯᠵᠤ᠂ ᠬᠠᠭᠠᠨ ᠤ᠋ ᠳᠡᠷᠭᠡᠳᠡ ᠢᠷᠡᠬᠦᠢ ᠳ᠋ᠦ᠍ᠷ ᠴᠢᠪᠬᠢᠲᠡᠯ᠎ᠡ ᠪᠠᠰᠠ ᠯᠢᠶᠣᠣ ᠳ᠋ᠦᠩ ᠦ᠋ᠨ ᠯᠢᠶᠣᠣ ᠸᠠᠩ ᠶᠧ ᠯᠢᠦᠢ ᠯᠢᠦ ᠭᠧ ᠶ᠋ᠢᠨ ᠬᠠᠲᠤᠨ ᠶᠣᠣ ᠯᠢ ᠱᠢ᠂ ᠳᠡᠳ᠋ ᠬᠥᠪᠡᠭᠦᠨ ᠱᠠᠨ ᠭᠧ᠂ ᠪᠠᠰᠠ ᠭᠤᠷᠪᠠᠳᠤᠭᠠᠷ ᠬᠥᠪᠡᠭᠦᠨ ᠲᠢᠶᠧ ᠭᠧ᠂ ᠳᠥᠷᠪᠡᠳᠦᠭᠡᠷ ᠬᠥᠪᠡᠭᠦᠨ ᠶᠦᠩ ᠨᠠᠨ᠂ ᠵᠢᠴᠢ ᠲᠡᠵᠢᠭᠡᠭᠰᠡᠨ ᠬᠥᠪᠡᠭᠦᠨ ᠰᠢᠳᠠᠷ᠂ ᠪᠠᠰᠠ ᠶᠡᠬᠡ ᠬᠥᠪᠡᠭᠦᠨ ᠰᠢᠦᠸᠠᠢ ᠱᠧ᠂ ᠡᠭᠦᠨ ᠦ᠌ ᠬᠥᠪᠡᠭᠦᠨ ᠰᠢᠦ ᠭᠦᠸᠧ ᠡᠦ ᠨᠠᠷ ᠢ᠋ᠶ᠋ᠠᠨ ᠠᠪᠴᠤ᠂ ᠬᠠᠭᠠᠨ ᠳ᠋ᠤᠷ ᠪᠠᠷᠠᠯᠬᠠᠷ᠎ᠠ ᠡᠴᠢᠬᠦᠢ ᠳ᠋ᠦ᠍ᠷ ᠤᠴᠠᠷᠠᠭᠠᠳ ᠡᠭᠡᠨ ᠵᠠᠮ ᠬᠠᠮᠲᠤ ᠶᠠᠪᠤᠵᠤ᠂ ᠰᠢᠶᠠ ᠤᠯᠤᠰ ᠤ᠋ᠨ ᠶᠠᠨ ᠵᠧᠦ ᠴᠢᠦᠸᠡᠨ ᠦ᠌ ᠭᠠᠵᠠᠷ ᠬᠦᠷᠴᠦ ᠳᠡ ᠸᠠᠩ ᠪᠤᠭᠤᠷᠵᠢ ᠳ᠋ᠤᠷ ᠵᠣᠯᠭᠠᠵᠤ᠂ ᠲᠤᠰ ᠲᠤᠰ ᠤ᠋ᠨ ᠬᠡᠷᠡᠭ ᠢ᠋ᠶ᠋ᠡᠨ ᠤᠯᠠᠮᠵᠢᠯᠠᠭᠤᠯᠤᠨ ᠠᠢᠯᠠᠳᠬᠠᠭᠤᠯᠤᠭᠰᠠᠨ ᠳ᠋ᠤᠷ ᠬᠠᠭᠠᠨ ᠭᠦᠸᠧ ᠸᠠᠩ ᠪᠤᠯᠤ᠂ ᠵᠢᠶᠦ᠋ᠨ ᠸᠠᠩ ᠳᠠᠢᠰᠤᠨᠳᠠᠷᠤᠭᠴᠢ ᠨᠠᠷ ᠲᠤᠷ ᠰᠢᠶᠠ ᠤᠯᠤᠰ ᠤ᠋ᠨ ᠰᠣᠨᠢᠨ ᠡᠳ᠋ ᠦ᠋ᠨ ᠬᠦᠨᠳᠦ ᠱᠠᠩ ᠢᠯᠡᠭᠡᠵᠦ᠂ ᠭᠠᠳᠠᠨ᠎ᠠ ᠰᠢᠶᠠ ᠤᠯᠤᠰ ᠤ᠋ᠨ ᠰᠠᠩ ᠬᠥᠮᠥᠷᠭᠡ ᠶ᠋ᠢᠨ ᠮᠥᠩᠭᠥᠨ ᠭᠤᠷᠪᠠᠨ ᠵᠠᠭᠤᠨ ᠲᠦᠮᠡᠨ ᠯᠠᠩ ᠢ᠋ ᠡᠮᠦᠨ᠎ᠡ ᠪᠦᠬᠦᠢ ᠨᠡᠢᠲᠡ ᠵᠠᠩᠵᠤᠨ ᠴᠡᠷᠢᠭ ᠲᠦ᠍ᠷ ᠹᠦ  ᠮᠠ ᠴᠡᠴᠡᠭ ᠢ᠋ ᠢᠯᠡᠭᠡᠵᠦ ᠬᠤᠪᠢᠶᠠᠨ ᠱᠠᠩᠨᠠᠵᠤ᠂ ᠮᠢᠨᠦ ᠰᠡᠳᠬᠢᠯ ᠦ᠋ᠨ ᠥᠷᠥᠰᠢᠶᠡᠯ ᠢ᠋ ᠦᠵᠡᠭᠦᠯ᠃  ᠵᠢᠴᠢ ᠡᠮᠦᠨ᠎ᠡ ᠬᠣᠢᠨ᠎ᠠ ᠬᠣᠶᠠᠷ ᠨᠤᠲᠤᠭ ᠡᠪᠦᠯ ᠵᠤᠨ ᠤ᠋ ᠬᠣᠶᠠᠷ ᠬᠣᠲᠠᠨ ᠳ᠋ᠤᠷ ᠬᠣᠲᠠ ᠪᠦᠷᠢ ᠳ᠋ᠦ᠍ᠷ ᠭᠤᠷᠪᠠᠨ ᠵᠠᠭᠤᠨ ᠲᠦᠮᠡᠨ ᠯᠠᠩ ᠮᠥᠩᠭᠥᠨ ᠢ ᠨᠠᠨᠰᠠᠷ ᠢ᠋ᠶ᠋ᠠᠷ ᠢᠯᠡᠭᠡᠵᠦ ᠬᠤᠪᠢᠶᠠᠨ ᠱᠠᠩᠨᠠᠭᠤᠯ ᠭᠡᠮᠡᠨ ᠵᠠᠷᠯᠢᠭ ᠪᠠᠭᠤᠯᠭᠠᠭᠠᠳ ᠯᠢᠶᠣᠣ ᠸᠠᠩ ᠤ᠋ᠨ ᠬᠠᠲᠤᠨ ᠶᠣᠣ ᠯᠢ ᠱᠢ ᠶ᠋ᠢ ᠤᠳᠤᠷᠢᠳᠤᠨ ᠪᠠᠷᠠᠳᠠᠭᠤᠯᠵᠤ ᠮᠥᠷᠭᠥᠵᠦ ᠪᠠᠷᠠᠭᠰᠠᠨ ᠬᠣᠢᠨ᠎ᠠ᠂ ᠬᠠᠭᠠᠨ ᠵᠠᠷᠯᠢᠭ ᠪᠣᠯᠤᠨ ᠠᠰᠠᠭᠤᠷᠤᠨ :《ᠠᠶ᠎ᠠ ᠬᠠᠷᠴᠠᠭᠠᠢ ᠰᠢᠪᠠᠭᠤᠨ ᠨᠢᠰᠦᠨ ᠬᠦᠷᠴᠦ ᠢᠷᠠᠰᠢ ᠦᠭᠡᠢ ᠭᠠᠵᠠᠷ ᠬᠠᠲᠤᠭᠲᠠᠢ ᠬᠥᠮᠦᠨ ᠬᠡᠷᠬᠢᠨ ᠵᠦᠳᠡᠵᠦ ᠢᠷᠡᠪᠡ ? 》 ᠬᠠᠲᠤᠨ ᠶᠣᠣ ᠯᠢ ᠱᠢ ᠮᠥᠷᠭᠥᠵᠦ ᠠᠢᠯᠠᠳᠬᠠᠷᠤᠨ : 《 ᠪᠣᠭᠳᠠ ᠡᠵᠡᠨ ᠲᠦᠮᠡᠨ ᠨᠠᠰᠤᠲᠤ ᠶ᠋ᠢᠨ ᠶᠡᠬᠡ ᠬᠡᠰᠢᠭ ᠲᠣᠷ ᠰᠠᠢᠳ ᠮᠢᠨᠦ ᠨᠥᠬᠥᠷ ᠯᠢᠶᠣᠣ ᠸᠠᠩ ᠤ᠋ᠨ ᠵᠡᠷᠭᠡ ᠳ᠋ᠦ᠍ᠷ ᠬᠦᠷᠦᠭᠡᠳ ᠪᠡᠶ᠎ᠡ ᠥᠩᠭᠡᠷᠡᠨ ᠳᠣᠯᠣᠭᠠᠨ ᠵᠢᠯ ᠪᠣᠯᠪᠠ᠃ ᠤᠷᠢᠳᠠ ᠢᠷᠡᠭᠰᠡᠨ ᠳ᠋ᠦ᠍ᠷ ᠵᠠᠷᠯᠢᠭ ᠢ᠋ᠶ᠋ᠠᠷ ᠲᠦᠰᠢᠮᠡᠯ ᠨᠠᠳᠠ ᠳ᠋ᠤᠷ ᠲᠤᠰᠢᠶᠠᠭᠰᠠᠨ ᠳ᠋ᠤᠷ ᠲᠦᠰᠢᠮᠡᠯ ᠪᠢ ᠬᠠᠭᠠᠨ ᠤ᠋ ᠲᠤᠰᠢᠶᠠᠭᠰᠠᠨ ᠢ᠋ ᠳᠠᠭᠠᠵᠤ ᠯᠢᠶᠣᠣ ᠳ᠋ᠦᠩ ᠦ᠋ᠨ ᠭᠠᠵᠠᠷ ᠢ᠋ ᠭᠡᠷ ᠮᠡᠲᠦ ᠬᠢᠴᠢᠶᠡᠨ ᠰᠠᠬᠢᠵᠤ ᠠᠷᠠᠢ ᠡᠩᠬᠡ ᠪᠡᠷ ᠡᠳᠦᠢ ᠪᠣᠯᠭᠠᠪᠠ᠃ ᠡᠳᠦᠭᠡ ᠲᠦᠰᠢᠮᠡᠯ ᠪᠢ ᠥᠲᠡᠯᠦᠭᠡᠳ ᠪᠤᠰᠤ ᠬᠡᠦᠬᠡᠳ ᠴᠥᠮ ᠪᠠᠭ᠎ᠠ᠂ ᠡᠨᠡ ᠮᠡᠲᠦ ᠪᠠᠢᠭᠰᠠᠭᠠᠷ ᠭᠡᠨᠡᠳᠲᠡ ᠨᠢᠭᠡᠨ ᠥᠷᠯᠥᠭᠡ ᠶ᠋ᠢᠨ ᠵᠠᠭᠤᠷ᠎ᠠ ᠦᠬᠦᠪᠡᠰᠦ ᠬᠠᠭᠠᠨ ᠤ᠋ ᠲᠤᠰᠢᠶᠠᠭᠰᠠᠨ ᠶᠡᠬᠡ ᠬᠡᠷᠡᠭ ᠢ᠋ ᠰᠠᠭᠠᠲᠠᠭᠤᠯᠵᠤ᠂ ᠯᠢᠶᠣᠣ ᠳ᠋ᠦᠩ ᠦ᠋ᠨ ᠭᠠᠵᠠᠷ ᠪᠠᠰᠠ ᠠᠯᠳᠠᠰᠢ ᠭᠠᠷᠪᠠᠰᠤ ᠬᠠᠭᠠᠨ ᠤ᠋ ᠥᠷᠥᠰᠢᠶᠡᠯ ᠲᠠᠯᠠᠭᠠᠷ ᠪᠣᠯᠤᠨ ᠰᠠᠢᠳ ᠤ᠋ᠨ ᠶᠠᠪᠤᠳᠠᠯ ᠣᠰᠣᠯ ᠪᠣᠯᠤᠮᠤᠢ᠃ ᠲᠡᠢᠨ ᠬᠦ᠌ ᠭᠤᠶᠤᠬᠤ ᠠᠨᠤ ᠶᠡᠬᠡ ᠬᠥᠪᠡᠭᠦᠨ ᠰᠢᠦᠸᠠᠢ ᠱᠧ ᠬᠠᠭᠠᠨ ᠢ᠋ ᠳᠠᠭᠠᠵᠤ ᠡᠳᠦᠢ ᠵᠢᠯ ᠪᠣᠯᠪᠠ᠃ ᠪᠣᠭᠳᠠ ᠡᠵᠡᠨ ᠥᠷᠥᠰᠢᠶᠡᠬᠦᠯ᠎ᠡ ᠲᠡᠭᠦᠨ ᠢ᠋ ᠬᠠᠷᠢᠭᠤᠯᠠᠵᠤ ᠯᠢᠶᠣᠣ ᠳ᠋ᠦᠩ ᠦ᠋ᠨ ᠲᠤᠰᠢᠶᠠᠯ ᠳ᠋ᠤᠷ ᠬᠡᠷᠡᠭᠯᠡᠭᠡᠳ ᠲᠦᠰᠢᠮᠡᠯ ᠮᠢᠨᠦ ᠠᠴᠢᠷᠠᠭᠰᠠᠨ ᠳᠥᠷᠪᠡᠨ ᠬᠥᠪᠡᠭᠦᠨ ᠨᠢᠭᠡᠨ ᠠᠴᠢ ᠶ᠋ᠢ ᠰᠣᠩᠭᠣᠵᠤ ᠵᠠᠷᠤᠴᠢᠯᠠᠨ ᠥᠷᠥᠰᠢᠶᠡᠨ ᠰᠤᠷᠭᠠᠮᠤ ! 》ᠭᠡᠮᠡᠨ ᠮᠥᠷᠭᠥᠨ ᠠᠢᠯᠠᠳᠬᠠᠭᠰᠠᠨ ᠳ᠋ᠤᠷ ᠬᠠᠭᠠᠨ ᠶᠣᠣ ᠯᠢ ᠱᠢ ᠶ᠋ᠢᠨ ᠦᠭᠡ ᠪᠠᠳᠠᠭ ᠲᠣᠳᠣᠷᠬᠠᠢ᠂ ᠤᠴᠢᠷ ᠶᠠᠪᠤᠳᠠᠯ ᠭᠡᠭᠡᠬᠡᠨ ᠢ᠋ ᠦᠵᠡᠭᠡᠳ ᠰᠡᠮᠡᠬᠡᠷ ᠭᠠᠢᠬᠠᠵᠤ ᠲᠡᠩᠰᠡᠰᠦᠭᠡᠢ ᠭᠡᠮᠡᠨ ᠵᠠᠷᠯᠢᠭ ᠪᠣᠯᠤᠷᠤᠨ :《ᠰᠢᠦᠸᠠᠢ ᠱᠧ ᠲᠡᠭᠦᠨ ᠦ᠌ ᠡᠴᠢᠭᠡ ᠶ᠋ᠢᠨ ᠠᠴᠢᠷᠠᠵᠤ ᠨᠠᠳᠠ ᠳ᠋ᠤᠷ ᠲᠤᠰᠢᠶᠠᠭᠰᠠᠨ ᠠ᠋ᠴᠠ ᠡᠳᠦᠭᠡ ᠪᠣᠯᠲᠠᠯ᠎ᠠ ᠬᠢᠴᠢᠶᠡᠨ ᠵᠢᠳᠬᠦᠵᠦ ᠮᠢᠨᠦ ᠰᠢᠳᠠᠷ ᠠᠵᠤ ᠨᠢᠭᠡᠮᠦᠰᠦᠨ ᠮᠢᠨᠦ ᠨᠤᠲᠤᠭ ᠤ᠋ᠨ ᠮᠣᠩᠭᠣᠯ ᠯᠤᠭ᠎ᠠ ᠢᠯᠭᠠᠯ ᠦᠭᠡᠢ ᠪᠣᠯᠵᠤ᠂ ᠮᠢᠨᠦ ᠵᠠᠩ ᠰᠠᠨᠠᠭᠠᠨ ᠤ᠋ ᠭᠦᠨ᠎ᠡ ᠣᠯᠵᠤ ᠮᠢᠨᠦ ᠭᠠᠷ ᠬᠥᠯ ᠮᠡᠲᠦ ᠴᠢᠬᠤᠯᠠ ᠪᠣᠯᠵᠤᠬᠤᠢ᠃  ᠨᠠᠮᠠᠶ᠋ᠢ ᠳᠠᠭᠠᠵᠤ ᠰᠢ ᠢᠦᠢ ᠤᠯᠤᠰ ᠢ᠋ ᠳᠠᠢᠯᠠᠬᠤᠢ ᠳ᠋ᠤᠷ ᠬᠣᠲᠣᠩ ᠤᠯᠤᠰ ᠤ᠋ᠨ ᠴᠡᠷᠢᠭ ᠮᠠᠨ ᠤ᠋ ᠪᠠᠷᠠᠭᠤᠨ ᠡᠲᠡᠭᠡᠳ ᠦ᠋ᠨ ᠲᠡᠢᠰᠢ ᠳᠠ ᠸᠠᠩ  ᠪᠤᠭᠤᠷᠵᠢ ᠵᠢᠢ ᠬᠠᠢ ᠬᠣᠲᠠᠨ ᠳ᠋ᠤᠷ ᠬᠠᠭᠠᠭᠳᠠᠭᠰᠠᠨ ᠢ᠋ ᠰᠢᠦᠸᠠᠢ ᠱᠧ ᠭᠠᠭᠴᠠᠭᠠᠷ ᠨᠢᠭᠡᠬᠡᠨ ᠮᠢᠩᠭᠠᠨ ᠴᠡᠷᠢᠭ ᠢ᠋ᠶ᠋ᠡᠷ ᠳᠣᠯᠣᠭᠠᠨ ᠮᠢᠩᠭᠠᠨ ᠢ᠋ ᠳᠠᠷᠤᠵᠤ᠂ ᠲᠠᠢᠰᠢ ᠶ᠋ᠢ ᠭᠠᠷᠭᠠᠬᠤᠢ ᠳ᠋ᠤᠷ ᠵᠢᠳᠠ ᠶ᠋ᠢᠨ ᠥᠴᠦᠬᠡᠨ ᠰᠢᠷᠬ᠎ᠠ ᠣᠯᠤᠭᠰᠠᠨ ᠪᠥᠯᠥᠭᠡ᠂ ᠬᠣᠢᠨ᠎ᠠ ᠪᠠᠰᠠ ᠮᠥᠨ ᠬᠦ᠌ ᠬᠣᠲᠣᠩ ᠤ᠋ᠨ ᠬᠦ  ᠫᠦ ᠬᠤᠸᠠ᠂ ᠰᠦᠨ ᠰᠧ ᠭᠠᠨ ᠬᠣᠲᠠᠨ ᠳ᠋ᠤᠷ ᠬᠣᠲᠣᠩ ᠤᠯᠤᠰ ᠤ᠋ᠨ ᠴᠡᠷᠢᠭ ᠯᠦ᠍ᠭᠡ ᠪᠠᠢᠯᠳᠤᠬᠤᠢ ᠳ᠋ᠤᠷ ᠪᠠᠰᠠ ᠰᠢᠷᠬ᠎ᠠ ᠣᠯᠤᠭᠰᠠᠨ ᠪᠥᠯᠥᠭᠡ ᠃ ᠲᠡᠢᠨ ᠬᠦ᠌ ᠪᠢ ᠪᠠᠭᠠᠲᠤᠷ ᠴᠣᠯᠠ ᠬᠠᠢᠷᠠᠯᠠᠵᠤ ᠪᠡᠶ᠎ᠡ ᠶ᠋ᠢᠨ ᠰᠢᠳᠠᠷ ᠲᠠᠢᠽᠢ ᠨᠠᠷ ᠯᠤᠭ᠎ᠠ ᠠᠳᠠᠯᠢ ᠠᠪᠴᠤ ᠶᠠᠪᠤᠮᠤᠢ᠃ ᠡᠨᠡ ᠬᠡᠮᠡᠭᠴᠢ ᠮᠢᠨᠦ ᠭᠠᠷ ᠮᠡᠲᠦ ᠮᠠᠰᠢ ᠳᠠᠳᠴᠤ᠂ ᠥᠷᠯᠥᠭᠡ ᠦᠳᠡᠰᠢ ᠦᠷ᠎ᠡ ᠬᠥᠪᠡᠭᠦᠨ ᠮᠡᠲᠦ ᠥᠷᠥᠰᠢᠶᠡᠵᠦ ᠳᠠᠳᠤᠭᠰᠠᠨ ᠢ᠋ ᠪᠢ ᠬᠡᠷᠬᠢᠨ ᠲᠡᠢᠮᠦ ᠬᠣᠯᠠ ᠢᠯᠡᠭᠡᠵᠦ ᠴᠢᠳᠠᠮᠤᠢ ! ᠪᠢ ᠴᠦ᠍ ᠡᠳᠦᠭᠡ ᠵᠢᠷᠠᠨ ᠨᠠᠰᠤ ᠭᠠᠷᠪᠠ᠂ ᠮᠥᠨ ᠶᠢᠷᠲᠢᠨᠴᠦ ᠡᠴᠡ ᠡᠭᠡᠵᠦ ᠠᠮᠠᠷᠠᠬᠤ ᠴᠠᠭ ᠣᠢᠷᠠᠲᠤᠪᠠ᠃  ᠨᠠᠮᠠᠶ᠋ᠢ ᠬᠠᠯᠢᠭᠰᠠᠨ ᠬᠣᠢᠨ᠎ᠠ ᠡᠴᠢᠬᠦᠢ ᠳ᠋ᠦ᠍ᠷ ᠣᠷᠣᠢᠲᠠᠬᠤ ᠦᠭᠡᠢ ᠪᠣᠯᠠᠢ᠃ ᠲᠡᠭᠦᠨ ᠦ᠌ ᠡᠴᠢᠭᠡ ᠶ᠋ᠢᠨ ᠸᠠᠩ ᠤ᠋ᠨ ᠴᠣᠯᠠ ᠶ᠋ᠢ ᠲᠡᠭᠦᠨ ᠦ᠌ ᠳᠡᠭᠦᠦ ᠱᠠᠨ ᠬᠸ ᠲᠣᠷ ᠵᠠᠯᠭᠠᠮᠵᠢᠯᠠᠭᠤᠯᠵᠤ ᠯᠢᠶᠣᠣ ᠳ᠋ᠦᠩ ᠢ᠋ ᠵᠠᠬᠢᠷᠲᠤᠭᠠᠢ᠂ ᠪᠢ ᠰᠢᠦᠸᠠᠢ ᠱᠧ ᠳ᠋ᠦ᠍ᠷ ᠥᠪᠡᠷ᠎ᠡ ᠸᠠᠩ ᠤ᠋ᠨ ᠴᠣᠯᠠ ᠰᠣᠶᠣᠷᠬᠠᠵᠤ ᠥᠭᠰᠦᠭᠡᠢ᠃ ᠡᠳᠦᠭᠡ ᠰᠢᠦᠸᠠᠢ ᠱᠧ ᠶ᠋ᠢ ᠢᠯᠡᠭᠡᠵᠦ ᠴᠢᠳᠠᠬᠤ ᠦᠭᠡᠢ ! 》ᠬᠡᠮᠡᠭᠰᠡᠨ ᠳ᠋ᠦ᠍ᠷ ᠶᠣᠣ ᠯᠢ ᠱᠢ ᠶᠠᠭᠠᠷᠠᠨ ᠮᠥᠷᠭᠥᠯᠬᠢᠯᠡᠵᠦ ᠨᠢᠳᠦᠨ ᠡᠴᠡ ᠪᠡᠨ ᠪᠤᠯᠠᠭ ᠮᠡᠲᠦ ᠨᠢᠯᠪᠤᠰᠤᠨ ᠴᠤᠪᠤᠷᠢᠭᠤᠯᠤᠨ ᠤᠬᠢᠯᠠᠵᠤ ᠠᠢᠯᠠᠳᠬᠠᠷᠤᠨ : 《ᠠᠶ᠎ᠠ ᠲᠦᠮᠡᠨ ᠨᠠᠰᠤᠲᠤ ᠪᠣᠭᠳᠠ ᠡᠵᠡᠨ ᠥᠷᠥᠰᠢᠶᠡᠨ ᠠᠢᠯᠠᠳᠤᠮᠤ᠂ ᠰᠢᠦᠸᠠᠢ ᠱᠧ ᠬᠡᠮᠡᠭᠴᠢ ᠰᠠᠢᠳ ᠮᠢᠨᠦ ᠡᠷ᠎ᠡ ᠯᠢᠶᠣᠣ ᠸᠠᠩ ᠶᠧ ᠯᠢᠦᠢ ᠯᠢᠦ ᠬᠢ ᠶ᠋ᠢᠨ ᠤᠭ ᠬᠣᠯᠪᠣᠭᠰᠠᠨ ᠠᠪᠠᠯᠢ ᠶ᠋ᠢᠨ ᠭᠡᠷᠭᠡᠢ ᠡᠴᠡ ᠲᠥᠷᠥᠭᠰᠡᠨ ᠪᠥᠭᠡᠳ ᠨᠡᠩ ᠪᠠᠰᠠ ᠠᠬᠠᠮᠠᠳ ᠬᠥᠪᠡᠭᠦᠨ᠂ ᠲᠡᠭᠦᠨ ᠡᠴᠡ ᠳᠣᠷᠣᠭᠰᠢ ᠭᠤᠷᠪᠠᠨ ᠬᠥᠪᠡᠭᠦᠨ ᠴᠥᠮ ᠰᠠᠢᠳ ᠮᠢᠨᠦ ᠪᠡᠶ᠎ᠡ ᠡᠴᠡ ᠲᠥᠷᠥᠭᠰᠡᠨ ᠬᠣᠵᠢᠮ ᠤ᠋ᠨ ᠭᠡᠷᠭᠡᠢ ᠶ᠋ᠢᠨ ᠬᠡᠦᠬᠡᠳ ᠪᠥᠭᠡᠳ ᠪᠠᠰᠠ ᠴᠥᠮ ᠳᠡᠭᠦᠦ ᠨᠠᠷ ᠪᠣᠯᠤᠮᠤᠢ᠃ ᠶᠡᠬᠡ ᠬᠥᠪᠡᠭᠦᠨ ᠰᠢᠦᠸᠠᠢ ᠱᠧ ᠡᠳᠦᠢᠴᠢᠨᠡᠭᠡᠨ ᠵᠢᠯ ᠡᠴᠢᠭᠡ ᠶ᠋ᠢᠨ ᠲᠥᠯᠥᠭᠡ ᠬᠠᠭᠠᠨ ᠤ᠋ ᠰᠢᠳᠠᠷ ᠠᠯᠪᠠ ᠬᠠᠰᠢᠵᠤ᠂ ᠡᠵᠡᠨ ᠡᠴᠢᠭᠡ ᠳ᠋ᠦ᠍ᠷ ᠰᠢᠳᠤᠷᠭᠤ ᠠᠴᠢᠯᠠᠯ ᠢ᠋ ᠭᠦᠢᠴᠡᠳᠬᠡᠭᠰᠡᠨ ᠠᠬᠠᠮᠠᠳ ᠬᠥᠪᠡᠭᠦᠨ ᠪᠠᠢᠲᠠᠯ᠎ᠠ ᠬᠠᠭᠠᠨ ᠤ᠋ ᠬᠦᠨᠳᠦ ᠬᠡᠰᠢᠭ ᠬᠡᠷᠬᠡᠮ ᠰᠠᠭᠤᠷᠢᠨ ᠢ᠋ ᠳᠡᠭᠦᠦ ᠳ᠋ᠦ᠍ᠷ ᠢᠨᠤ ᠵᠠᠯᠭᠠᠮᠵᠢᠯᠠᠭᠤᠯᠪᠠᠰᠤ ᠰᠠᠢᠳ ᠡᠬᠡᠨᠡᠷ ᠪᠢ ᠲᠡᠭᠷᠢ ᠬᠥᠮᠦᠨ ᠢ᠋ ᠴᠥᠮ ᠰᠥᠷᠴᠦ ᠦᠬᠦᠭᠰᠡᠨ ᠠᠮᠢᠳᠤ ᠳ᠋ᠤᠷ ᠴᠥᠮ ᠶᠠᠯ᠎ᠠ ᠲᠠᠢ ᠪᠣᠯᠵᠤ᠂ ᠲᠦᠮᠡᠨ ᠦᠶ᠎ᠡ ᠬᠠᠷᠢᠶᠠᠭᠳᠠᠬᠤ ᠠ᠋ᠴᠠ ᠬᠡᠯᠲᠦᠷᠢᠨ ᠭᠠᠷᠴᠤ ᠴᠢᠳᠠᠬᠤ ᠦᠭᠡᠢ ᠪᠣᠯᠤᠮᠤ ᠃ ᠬᠥᠬᠡ ᠲᠡᠭᠷᠢ ᠮᠡᠲᠦ ᠠᠭᠤᠳᠠᠮ᠂ ᠤᠯᠠᠭᠠᠨ ᠨᠠᠷᠠᠨ ᠮᠡᠲᠦ ᠭᠡᠭᠡᠬᠡᠨ ᠪᠣᠭᠳᠠ ᠡᠵᠡᠨ ᠮᠢᠨᠦ ᠥᠷᠥᠰᠢᠶᠡᠨ ᠲᠣᠯᠢᠳᠠᠵᠤ ᠬᠠᠢᠷᠠᠯᠠᠮᠤ ! 》ᠭᠡᠮᠡᠨ ᠲᠡᠰᠬᠡᠯ ᠦᠭᠡᠢ ᠡᠮᠭᠡᠨᠢᠲᠡᠯ᠎ᠡ ᠤᠬᠢᠯᠠᠨ ᠮᠥᠷᠭᠥᠵᠦ ᠭᠤᠶᠤᠴᠢᠯᠠᠬᠤᠢ ᠳ᠋ᠤᠷ ᠬᠠᠭᠠᠨ ᠲᠡᠭᠦᠨ ᠦ᠌ ᠪᠣᠳᠣᠯ ᠴᠢᠩ ᠦᠨᠡᠨ ᠢ᠋ ᠠᠢᠯᠠᠳᠴᠤ ᠭᠠᠷᠤᠭᠠᠳ ᠮᠠᠰᠢᠳᠠ ᠪᠡᠶᠡᠰᠦᠨ ᠮᠦᠰᠢᠶᠡᠵᠦ ᠵᠠᠷᠯᠢᠭ ᠪᠣᠯᠤᠷᠤᠨ :《ᠶᠧ ᠯᠢᠦᠢ ᠯᠢᠦ ᠬᠸ ᠦ᠋ᠨ ᠭᠡᠷ ᠦ᠋ᠨ ᠳᠣᠲᠣᠷ᠎ᠠ ᠡᠨᠡ ᠮᠡᠲᠦ ᠮᠡᠷᠭᠡᠨ ᠡᠬᠡᠨᠡᠷ᠂ ᠡᠨᠡ ᠮᠡᠲᠦ ᠡᠯᠪᠡᠷᠢᠯᠳᠦ ᠬᠡᠦᠬᠡᠳ ᠪᠠᠢᠬᠤ ᠲᠤᠯᠠ ᠮᠢᠨᠦ ᠬᠡᠰᠢᠭ ᠲᠣᠷ ᠡᠨᠡ ᠮᠡᠲᠦ ᠣᠯᠵᠤ ᠬᠦᠷᠲᠡᠭᠡᠳ ᠯᠢᠶᠣᠣ ᠳ᠋ᠦᠩ ᠦ᠋ᠨ ᠭᠠᠵᠠᠷ ᠡᠨᠡ ᠮᠡᠲᠦ ᠰᠠᠢᠬᠠᠨ ᠠᠵᠤᠭᠤ ! 》 ᠭᠡᠮᠡᠨ ᠶᠣᠣ ᠯᠢ ᠱᠢ ᠶ᠋ᠢᠨ ᠠᠢᠯᠠᠳᠬᠠᠯ ᠢ᠋ ᠵᠥᠪᠰᠢᠶᠡᠵᠦ᠂ ᠲᠡᠭᠦᠨ ᠳ᠋ᠦ᠍ᠷ《ᠮᠡᠷᠭᠡᠨ ᠵᠣᠷᠢᠭᠲᠤ ᠬᠠᠲᠤᠨ 》 ᠴᠣᠯᠠ ᠬᠠᠢᠷᠠᠯᠠᠵᠤ ᠰᠢᠷ᠎ᠠ ᠴᠠᠷᠪᠠ᠂ ᠤᠯᠠᠭᠠᠨ ᠵᠢᠯᠣᠭᠣ ᠶ᠋ᠢᠨ ᠵᠢᠭᠰᠠᠭᠠᠯ ᠢ᠋ ᠬᠠᠢᠷᠠᠯᠠᠵᠤ᠂ ᠬᠣᠶᠠᠳᠤᠭᠠᠷ ᠬᠥᠪᠡᠭᠦᠨ ᠱᠠᠨ ᠬᠸ ᠲᠦ᠍ᠷ ᠰᠢᠳᠤᠷᠭᠤ ᠪᠠᠲᠤ ᠸᠠᠩ ᠴᠣᠯᠠ ᠬᠠᠢᠷᠠᠯᠠᠵᠤ᠂ ᠲᠡᠭᠦᠨ ᠦ᠌ ᠡᠴᠢᠭᠡ ᠶ᠋ᠢᠨ ᠯᠢᠶᠣᠣ ᠸᠠᠩ ᠤ᠋ᠨ ᠴᠣᠬᠣᠮ ᠬᠡᠷᠬᠡᠮ ᠵᠡᠷᠭᠡ ᠰᠠᠭᠤᠷᠢᠨ ᠢ᠋ ᠰᠢᠦᠸᠠᠢ ᠱᠧ ᠳ᠋ᠦ᠍ᠷ ᠵᠠᠯᠭᠠᠮᠵᠢᠯᠠᠭᠤᠯᠤᠨ᠂ ᠬᠤ᠌ ᠨᠧᠢ ᠭᠠᠵᠠᠷ ᠤ᠋ᠨ ᠰᠡᠷᠭᠦᠯᠡᠩ ᠬᠡᠦᠬᠡᠳ ᠶᠢᠰᠦ᠂ ᠰᠢ ᠢᠦᠢ ᠤᠯᠤᠰ ᠤ᠋ᠨ ᠨᠡᠷᠡᠲᠡᠢ ᠮᠣᠷᠢ ᠶᠢᠰᠦ᠂ ᠰᠥᠩ ᠵᠢᠶᠠᠩ ᠭᠠᠵᠠᠷ ᠤ᠋ᠨ ᠰᠠᠢᠨ ᠮᠥᠩᠭᠥ ᠶᠢᠰᠦᠨ ᠮᠢᠩᠭᠠᠨ ᠯᠠᠩ᠂ ᠾᠧ ᠨᠠᠨ ᠮᠣᠵᠢ ᠶ᠋ᠢᠨ ᠰᠠᠢᠨ ᠲᠣᠷᠭ᠎ᠠ ᠶᠢᠰᠦᠨ ᠳᠡᠪᠰᠡᠭ᠂ ᠶᠠᠨ ᠤ᠋ ᠭᠠᠵᠠᠷ ᠤ᠋ᠨ ᠰᠠᠢᠬᠠᠨ ᠬᠥᠭᠵᠢᠮ ᠦ᠋ᠨ ᠥᠬᠢᠨ ᠶᠢᠰᠦ᠂ ᠬᠣᠲᠣᠩ ᠤᠯᠤᠰ ᠤ᠋ᠨ ᠡᠷᠳᠡᠨᠢ ᠶ᠋ᠢᠨ ᠡᠮᠡᠭᠡᠯ ᠶᠢᠰᠦ ᠂ ᠲᠥᠪᠡᠳ ᠤᠯᠤᠰ ᠤ᠋ᠨ ᠬᠠᠷ᠎ᠠ ᠬᠢᠯᠢᠩ ᠬᠤᠪᠴᠠᠰᠤ ᠶᠢᠰᠦᠨ ᠵᠠᠬ᠎ᠠ᠂ ᠣᠷᠣᠰ ᠤᠯᠤᠰ ᠤ᠋ᠨ ᠨᠡᠷᠡᠲᠡᠢ ᠪᠣᠯᠣᠳ ᠤ᠋ᠨ ᠵᠡᠪᠰᠡᠭ ᠶᠢᠰᠦᠨ ᠵᠦᠢᠯ᠂ ᠡᠨᠡᠳᠬᠡᠭ ᠤᠯᠤᠰ ᠤ᠋ᠨ ᠬᠠᠲᠠᠭᠤ ᠡᠷᠳᠡᠨᠢ ᠶᠢᠰᠦᠨ ᠬᠠᠢᠷᠴᠠᠭ᠂ ᠨᠡᠢᠲᠡ ᠶᠢᠰᠦ ᠶᠢᠰᠦᠨ ᠢ᠋ᠶ᠋ᠡᠷ ᠱᠠᠩ ᠥᠭᠴᠦ ᠵᠠᠷᠯᠢᠭ ᠪᠣᠯᠤᠷᠤᠨ : 《ᠣᠳᠣ ᠶᠠᠭᠤᠨ ᠤ᠋ ᠳᠡᠨᠵᠢ ᠠᠪᠬᠤ ᠬᠡᠷᠡᠭ ᠪᠣᠢ ! ᠰᠢᠦᠸᠠᠢ ᠱᠧ ᠨᠢᠭᠡᠨᠲᠡ ᠮᠢᠨᠦ ᠦᠷ᠎ᠡ ᠮᠡᠲᠦ ᠪᠣᠯᠤᠭᠰᠠᠨ ᠲᠤᠯᠠ ᠲᠤᠢᠯ ᠤ᠋ᠨ ᠢᠲᠡᠭᠡᠯ ᠪᠣᠯᠠᠢ ! 》ᠬᠡᠮᠡᠭᠰᠡᠨ ᠳ᠋ᠦ᠍ᠷ ᠶᠣᠣ ᠯᠢ ᠱᠢ ᠮᠥᠷᠭᠥᠨ ᠠᠢᠯᠠᠳᠬᠠᠷᠤᠨ :《ᠲᠡᠭᠷᠢ ᠶ᠋ᠢᠨ ᠬᠥᠪᠡᠭᠦᠨ ᠬᠡᠮᠡᠭᠴᠢ ᠢᠯᠡᠳᠲᠡ ᠪᠣᠭᠳᠠ᠂ ᠪᠣᠭᠳᠠ ᠶ᠋ᠢᠨ ᠰᠢᠳᠠᠷ ᠠᠭᠴᠢᠳ ᠯᠠᠪ ᠮᠡᠷᠭᠡᠰᠢᠵᠦ ᠵᠠᠰᠠᠷᠠᠬᠤ᠂ ᠬᠠᠭᠠᠨ ᠣᠯᠳᠠᠬᠤᠯ᠎ᠠ ᠬᠣᠶᠠᠳᠤᠭᠠᠷ ᠬᠥᠪᠡᠭᠦᠨ ᠱᠠᠨ ᠬᠸ᠂ ᠳᠥᠷᠪᠡᠳᠦᠭᠡᠷ ᠬᠥᠪᠡᠭᠦᠨ ᠶᠦᠩ ᠨᠠᠨ᠂ ᠠᠴᠢ ᠰᠢᠦ ᠭᠦᠸᠧ ᠡᠦ ᠭᠤᠷᠪᠠᠭᠤᠯᠠ ᠶ᠋ᠢ ᠦᠯᠡᠳᠡᠭᠡᠨ ᠠᠪᠴᠤ ᠪᠣᠭᠳᠠ ᠶ᠋ᠢᠨ ᠰᠣᠶᠣᠯ ᠢ᠋ ᠤᠬᠠᠭᠤᠯᠤᠮᠤ ! 》ᠬᠡᠮᠡᠭᠰᠡᠨ ᠳ᠋ᠦ᠍ᠷ ᠬᠠᠭᠠᠨ ᠪᠡᠶᠡᠰᠦᠨ ᠰᠠᠢᠰᠢᠶᠠᠵᠤ ᠵᠥᠪᠰᠢᠶᠡᠷᠡᠪᠡ᠃ ᠲᠡᠳᠦᠢ ᠡᠬᠡ ᠬᠥᠪᠡᠭᠦᠨ ᠨᠠᠷ ᠬᠠᠭᠠᠨ ᠤ᠋ ᠬᠡᠰᠢᠭ ᠲᠣᠷ ᠵᠢᠷᠦᠬᠡ ᠰᠥᠰᠥ ᠢᠭᠲᠦᠯᠦᠨ ᠨᠢᠯᠪᠤᠰᠤ ᠤᠨᠠᠭᠠᠨ ᠰᠠᠯᠤᠨ ᠲᠦᠪᠳᠡᠬᠦ ᠦᠭᠡᠢ ᠤᠬᠢᠯᠠᠨ ᠳᠠᠬᠢᠨ ᠳᠠᠬᠢᠨ ᠮᠥᠷᠭᠥᠵᠦ᠂ ᠴᠢᠷᠠᠢ ᠪᠠᠨ ᠬᠠᠯᠠᠭᠯᠠᠭᠰᠠᠭᠠᠷ ᠲᠥᠷᠥ ᠡᠴᠡ ᠪᠠᠭᠤᠵᠤ᠂ ᠬᠠᠭᠠᠨ ᠤ᠋ ᠬᠦᠨᠳᠦ ᠶᠡᠬᠡ ᠬᠤᠷᠢᠮ ᠳ᠋ᠤᠷ ᠬᠦᠷᠲᠡᠵᠦ ᠤᠬᠢᠯᠠᠭᠰᠠᠭᠠᠷ ᠬᠠᠷᠢᠵᠤ ᠡᠴᠢᠪᠡ᠃  
       ᠵᠢᠴᠢ ᠡᠳᠦᠷ ᠬᠠᠭᠠᠨ ᠣᠯᠠᠨ ᠲᠦᠰᠢᠮᠡᠳ ᠦ᠋ᠨ ᠵᠦᠭ ᠵᠠᠷᠯᠢᠭ ᠪᠣᠯᠤᠷᠤᠨ :《ᠡᠵᠡᠨ ᠪᠣᠯᠤᠭᠴᠢᠳ ᠠ᠋ᠴᠠ ᠮᠢᠨᠦ ᠡᠬᠡ ᠲᠠᠢᠬᠡᠦ ᠨᠢᠭᠡ ᠂ ᠲᠦᠰᠢᠮᠡᠳ ᠪᠣᠯᠤᠭᠴᠢᠳ ᠠ᠋ᠴᠠ ᠰᠢᠦᠸᠠᠢ ᠱᠧ ᠶ᠋ᠢᠨ ᠡᠬᠡ ᠶᠣᠣ ᠯᠢ ᠱᠢ ᠨᠢᠭᠡ᠂ ᠲᠡᠭᠷᠢ ᠶ᠋ᠢᠨ ᠳᠣᠣᠷᠠᠬᠢ ᠡᠬᠡᠨᠡᠷ ᠦ᠋ᠨ ᠳᠣᠲᠣᠷᠠᠬᠢ ᠡᠷ᠎ᠡ ᠂ ᠡᠷᠲᠡ ᠡᠳᠦᠭᠡ ᠳ᠋ᠦ᠍ᠷ ᠴᠤᠬᠠᠭ ᠪᠣᠯᠠᠢ ! 》ᠬᠡᠮᠡᠪᠡ᠃ ᠡᠭᠦᠨ ᠢ᠋ ᠲᠦᠷ ᠥᠭᠦᠯᠡᠬᠦ ᠦᠭᠡᠢ᠃ 
       ᠵᠢᠴᠢ ᠡᠮᠦᠨ᠎ᠡ ᠵᠦᠭ ᠦ᠋ᠨ ᠴᠡᠷᠢᠭ ᠡᠪᠦᠯ ᠦ᠋ᠨ ᠬᠥᠬᠡᠭᠡ ᠰᠠᠷ᠎ᠠ ᠳ᠋ᠤ᠌ ᠭᠦᠸᠧ ᠸᠠᠩ ᠪᠤᠯᠤ᠂ ᠵᠢᠶᠦ᠋ᠨ ᠸᠠᠩ ᠲᠠᠢᠰᠤᠨᠳᠠᠷᠤᠭᠴᠢ ᠨᠠᠷ ᠤ᠋ᠨ ᠶᠡᠬᠡ ᠴᠡᠷᠢᠭ ᠲᠦ᠍ᠷ ᠬᠠᠭᠠᠨ ᠤ᠋ ᠬᠦᠨᠳᠦ ᠱᠠᠩ ᠢ᠋ ᠲᠦᠭᠡᠭᠡᠯᠭᠡᠨ ᠥᠭᠴᠦ᠂ ᠴᠡᠷᠢᠭ ᠢ᠋ ᠴᠢ ᠶ᠋ᠢᠨ ᠭᠠᠵᠠᠷ ᠢ᠋ᠶ᠋ᠠᠷ ᠣᠷᠣᠬᠤᠢ ᠳ᠋ᠤᠷ ᠨᠢᠭᠡᠨ ᠪᠣᠮᠪᠣ ᠯᠢ ᠱᠢ ᠽᠦᠨ ᠬᠡᠮᠡᠭᠴᠢ ᠢᠷᠡᠵᠦ : 《ᠯᠢ ᠴᠢᠦᠸᠡᠨ ᠪᠣᠯᠪᠠᠰᠤ ᠮᠢᠨᠦ ᠨᠥᠬᠥᠷ᠂ ᠪᠢ ᠬᠡᠯᠡᠯᠴᠡᠨ ᠳᠠᠭᠠᠭᠤᠯᠰᠤᠭᠠᠢ ! 》 ᠬᠡᠮᠡᠭᠰᠡᠨ ᠳ᠋ᠦ᠍ᠷ ᠪᠤᠯᠤ ᠵᠥᠪᠰᠢᠶᠡᠵᠦ ᠳᠠᠷᠤᠢ ᠲᠡᠭᠦᠨ ᠢ᠋ ᠴᠢᠩ ᠵᠧᠦ ᠹᠦ ᠳ᠋ᠦ᠍ᠷ ᠣᠷᠣᠭᠤᠯᠵᠤ᠂ ᠯᠢ ᠴᠢᠦᠸᠡᠨ ᠢ᠋ ᠰᠡᠷᠭᠦᠭᠡᠨ ᠬᠡᠯᠡᠯᠴᠡᠭᠦᠯᠦᠷ᠎ᠡ ᠣᠷᠣᠭᠤᠯᠤᠭᠰᠠᠨ ᠳ᠋ᠤᠷ ᠯᠢ ᠴᠢᠦᠸᠡᠨ ᠬᠡᠳᠦᠢ ᠵᠢᠯ ᠲᠡᠢᠰᠢ ᠸᠠᠩ ᠪᠤᠯᠤ ᠶ᠋ᠢᠨ ᠤᠬᠠᠭᠠᠨ ᠢ᠋ ᠣᠯᠵᠤ ᠰᠣᠨᠣᠰᠤᠭᠠᠳ ᠰᠡᠳᠬᠢᠯ ᠡᠴᠡ ᠰᠡᠮᠡᠬᠡᠷ ᠪᠢᠰᠢᠷᠡᠭᠰᠡᠨ ᠪᠥᠭᠡᠳ ᠡᠳᠦᠭᠡ ᠪᠠᠰᠠ ᠬᠣᠲᠠ ᠬᠠᠭᠠᠭᠳᠠᠨ ᠵᠢᠯ ᠰᠢᠬᠠᠮ ᠪᠣᠯᠵᠤ᠂ ᠬᠣᠲᠠᠨ ᠤ᠋ ᠳᠣᠲᠣᠷᠠᠬᠢ ᠢᠷᠭᠡᠨ ᠪᠠ ᠬᠤᠳᠠᠯᠳᠤᠭᠠᠴᠢᠨ ᠠ᠋ᠴᠠ ᠪᠤᠳᠠᠭ᠎ᠠ ᠶ᠋ᠢ ᠴᠥᠮ ᠠᠭᠰᠤᠨ ᠠᠪᠴᠤ ᠢᠳᠡᠵᠦ ᠪᠠᠷᠠᠭᠠᠳ ᠵᠠᠮ ᠲᠠᠰᠤᠷᠠᠬᠤᠢ ᠳ᠋ᠤᠷ ᠬᠦᠷᠴᠦ᠂ ᠯᠢ ᠴᠢᠦᠸᠡᠨ ᠤᠭ ᠠ᠋ᠴᠠ ᠬᠡᠳᠦᠢ ᠰᠥᠩ ᠡᠴᠡ ᠤᠷᠪᠠᠭᠰᠠᠨ ᠪᠣᠯᠪᠠᠴᠤ ᠥᠨᠥᠬᠡᠨ ᠰᠥᠩ ᠤᠯᠤᠰ ᠤ᠋ᠨ ᠬᠠᠭᠠᠨ ᠤ᠋ ᠶᠡᠬᠡ ᠶᠤᠸᠠᠨᠱᠤᠸᠠᠢ ᠫᠧᠩ ᠡᠢ ᠪᠢᠨ ᠳ᠋ᠦ᠍ᠷ ᠨᠢᠭᠡᠨᠲᠡ ᠳᠠᠭᠠᠵᠤ᠂ ᠰᠥᠩ ᠤᠯᠤᠰ ᠠ᠋ᠴᠠ ᠶᠠᠯ᠎ᠠ ᠶ᠋ᠢ ᠬᠡᠯᠲᠦᠷᠢᠭᠦᠯᠦᠨ ᠤᠭ ᠲᠤᠰᠢᠶᠠᠯ ᠳ᠋ᠤᠷ ᠠᠬᠤᠭᠤᠯᠤᠭᠰᠠᠨ ᠪᠥᠭᠡᠳ ᠡᠳᠦᠭᠡ ᠬᠠᠭᠠᠭᠳᠠᠵᠤ ᠵᠢᠯ ᠰᠢᠬᠠᠮ ᠪᠣᠯᠲᠠᠯ᠎ᠠ ᠬᠠᠭᠠᠰ ᠬᠤᠶᠠᠭ ᠴᠤ᠌ ᠦᠯᠦ ᠢᠯᠡᠭᠡᠬᠦᠢ ᠳ᠋ᠦ᠍ᠷ ᠨᠢᠭᠡᠨᠲᠡ ᠮᠣᠩᠭᠣᠯ ᠳ᠋ᠤᠷ ᠳᠠᠭᠠᠬᠤ ᠠ᠋ᠴᠠ ᠥᠪᠡᠷ᠎ᠡ ᠠᠷᠭ᠎ᠠ ᠦᠭᠡᠢ ᠪᠣᠯᠤᠭᠰᠠᠨ ᠳ᠋ᠤᠷ ᠳᠠᠷᠤᠢ ᠮᠣᠩᠭᠣᠯ ᠤ᠋ᠨ ᠡᠯᠴᠢ ᠯᠢ ᠱᠢ ᠽᠦᠨ ᠢ ᠬᠦᠨᠳᠦ ᠪᠡᠷ ᠳᠠᠢᠯᠠᠨ ᠣᠷᠣᠵᠤ ᠥᠭᠰᠦᠭᠡᠢ ᠬᠡᠮᠡᠬᠦᠢ ᠳ᠋ᠦ᠍ᠷ ᠯᠢ ᠴᠢᠦᠸᠠᠨ ᠤ᠋ ᠳᠡᠳ᠋ ᠵᠠᠬᠢᠷᠤᠭᠴᠢ ᠲᠢᠶᠠᠨ ᠱᠢ ᠶᠦᠩ ᠬᠡᠮᠡᠭᠴᠢ ᠳᠡᠳ᠋ ᠵᠠᠩᠵᠤᠨ ᠤ᠋ ᠨᠢᠭᠡᠨ ᠨᠠᠮ ᠤ᠋ᠨ ᠵᠠᠩᠵᠤᠨ ᠨᠠᠷ ᠢ᠋ᠶ᠋ᠠᠨ ᠠᠪᠴᠤ ᠳᠠᠭᠠᠬᠤ ᠦᠭᠡᠢ ᠂ ᠰᠥᠨᠢ ᠵᠥᠪᠯᠡᠯᠳᠦᠨ ᠳᠠᠷᠤᠢ ᠠᠷᠢᠬᠢᠨ ᠤ᠋ ᠬᠠᠯᠠᠭᠤᠨ ᠢ᠋ᠶ᠋ᠠᠷ ᠮᠣᠩᠭᠣᠯ ᠤ᠋ᠨ ᠡᠯᠴᠢ ᠯᠢ ᠱᠢ ᠽᠦᠨ ᠦ᠌ ᠪᠠᠭᠤᠳᠠᠯ ᠳ᠋ᠤᠷ ᠡᠴᠢᠵᠦ ᠴᠢᠷᠦᠨ ᠭᠠᠷᠭᠠᠵᠤ ᠠᠯᠠᠬᠤᠢ ᠳ᠋ᠤᠷ ᠯᠢ ᠱᠢ ᠽᠦᠨ ᠥᠴᠦᠬᠡᠨ ᠴᠦ᠍ ᠬᠡᠷᠡᠭᠰᠡᠬᠦ ᠦᠭᠡᠢ ᠢᠨᠢᠶᠡᠨ ᠥᠭᠦᠯᠡᠷᠦᠨ : 《ᠨᠢᠭᠡᠨ ᠬᠥᠮᠦᠨ ᠢ᠋ ᠠᠯᠠᠬᠤᠢ ᠳ᠋ᠤᠷ ᠳᠡᠮᠡᠢᠯᠡ ᠲᠡᠷᠡ ᠮᠡᠲᠦ ᠠᠭᠠᠰᠢᠯᠠᠬᠤ ᠠᠨᠤ ᠪᠢᠴᠢᠬᠠᠨ ᠬᠡᠦᠬᠡᠳ ᠦ᠋ᠨ ᠶᠠᠪᠤᠳᠠᠯ᠂ ᠮᠢᠨᠦ ᠨᠢᠭᠡᠨ ᠬᠥᠮᠦᠨ ᠦ᠌ ᠦᠬᠦᠬᠦ ᠶᠠᠭᠤᠨ ᠤ᠋ ᠬᠡᠷᠡᠭ᠂ ᠬᠣᠵᠢᠮ ᠲᠠ ᠥᠪᠡᠷ ᠢ᠋ᠶ᠋ᠡᠨ ᠭᠡᠮᠰᠢᠵᠦ᠂ ᠶᠢᠰᠦᠨ ᠪᠤᠯᠠᠭ ᠤ᠋ᠨ ᠳᠣᠣᠷ᠎ᠠ ᠨᠠᠳᠠ ᠳ᠋ᠤᠷ ᠤᠴᠠᠷᠠᠬᠤᠢ ᠳ᠋ᠤᠷ ᠢᠴᠢᠩᠭᠦᠷᠡᠮᠦᠢ ᠊ᠶ᠎ᠠ᠃ ᠪᠢ ᠴᠣᠬᠣᠮ ᠤᠭ ᠣᠷᠣᠵᠤ ᠢᠷᠡᠬᠦᠢ ᠳ᠋ᠦ᠍ᠷ ᠲᠡᠷᠢᠭᠦᠨ ᠳ᠋ᠦ᠍ᠷ ᠮᠣᠩᠭᠣᠯ ᠤᠯᠤᠰ ᠤ᠋ᠨ ᠲᠡᠢᠰᠢ ᠶ᠋ᠢᠨ ᠨᠠᠢᠷ ᠢ ᠭᠡᠭᠡᠵᠦ ᠴᠢᠳᠠᠬᠤ ᠦᠭᠡᠢ᠂ ᠬᠣᠶᠠᠷ ᠲᠤᠷ ᠯᠢ ᠴᠢᠦᠸᠡᠨ ᠢ᠋ ᠬᠠᠢᠷᠠᠯᠠᠵᠤ᠂ ᠭᠤᠷᠪᠠᠨ ᠳ᠋ᠤᠷ ᠨᠢᠭᠡᠨ ᠬᠣᠲᠠ ᠶ᠋ᠢᠨ ᠢᠷᠭᠡᠨ ᠦ᠌ ᠲᠥᠯᠥᠭᠡ ᠰᠡᠳᠬᠢᠭᠰᠡᠨ ᠪᠥᠯᠥᠭᠡ᠂ ᠲᠠ ᠳᠡᠮᠡᠢᠯᠡ ᠠᠭᠠᠰᠢᠯᠠᠬᠤ ᠬᠡᠷᠡᠭ ᠦᠭᠡᠢ᠂ ᠪᠢ ᠦᠬᠦᠬᠦ ᠬᠢᠲᠤᠭ᠎ᠠ ᠪᠠᠨ ᠠᠪᠴᠤ ᠢᠷᠡᠪᠡ᠂ ᠪᠣᠳᠣᠪᠠᠰᠤ ᠭᠤᠷᠪᠠᠨ ᠥᠷᠥᠰᠢᠶᠡᠯ ᠡᠪᠳᠡᠷᠡᠪᠡᠰᠦ ᠨᠢᠭᠡᠨ ᠪᠡᠶ᠎ᠡ 》 ᠭᠡᠮᠡᠨ ᠬᠦᠵᠦᠭᠦᠨ ᠢ᠋ᠶ᠋ᠡᠨ ᠨᠢᠭᠡᠨᠲᠡ ᠣᠭᠲᠣᠯᠤᠭᠰᠠᠨ ᠳ᠋ᠤᠷ ᠳᠡᠭᠡᠷ᠎ᠡ ᠡᠴᠡ ᠨᠢᠭᠡᠨ ᠭᠡᠷᠡᠯ ᠣᠳᠣᠨ ᠬᠠᠷᠪᠤᠬᠤ ᠮᠡᠲᠦ ᠤᠨᠠᠵᠤ ᠢᠷᠡᠭᠡᠳ ᠯᠢ ᠱᠢ ᠽᠦᠨ ᠦ᠌ ᠪᠡᠶ᠎ᠡ ᠳ᠋ᠦ᠍ᠷ ᠲᠤᠰᠤᠮᠠᠭᠴᠠ᠂ ᠯᠢ ᠱᠢ ᠽᠦᠨ ᠬᠡᠳᠦᠢᠨᠡᠢ ᠳᠡᠭᠳᠡᠨ ᠭᠠᠷᠴᠤ ᠡᠴᠢᠭᠡᠳ ᠣᠯᠠᠨ ᠤ᠋ ᠵᠦᠭ ᠭᠠᠷ ᠡᠷᠭᠦᠨ ᠠᠶᠠᠷᠯᠠᠨ ᠥᠭᠦᠯᠡᠷᠦᠨ : 《ᠲᠠᠨ ᠤ᠋ ᠠᠴᠢ ᠪᠠᠷ ᠤᠭ ᠣᠷᠣᠨ ᠳ᠋ᠤᠷ ᠡᠭᠡᠵᠦ ᠰᠢᠳᠢᠲᠡᠨ ᠦ᠌ ᠵᠢᠷᠭᠠᠯ ᠡᠳ᠋ᠯᠡᠷ᠎ᠡ ᠶᠠᠪᠤᠰᠤᠭᠠᠢ᠂ ᠲᠠ ᠡᠴᠦᠰ ᠲᠦ᠍ᠷ ᠮᠣᠩᠭᠣᠯ ᠳ᠋ᠤᠷ ᠳᠠᠭᠠᠮᠤᠢ 》ᠭᠡᠮᠡᠨ ᠳᠠᠷᠤᠢ ᠵᠠᠪᠬᠠᠪᠠᠢ᠃ ᠣᠯᠠᠨ ᠢ᠋ᠶ᠋ᠠᠷ ᠶᠡᠬᠡᠯ᠎ᠡ ᠭᠠᠢᠬᠠᠯᠳᠤᠵᠤ ᠭᠡᠮᠰᠢᠪᠡ᠃ ᠡᠨᠡ ᠮᠡᠳᠡᠭᠡ ᠶ᠋ᠢ ᠯᠢ ᠴᠢᠦᠸᠡᠨ ᠰᠣᠨᠣᠰᠴᠤ ᠶᠠᠭᠠᠷᠠᠨ ᠶᠠᠮᠤᠨ ᠠ᠋ᠴᠠ ᠪᠠᠨ ᠮᠠᠯᠠᠭ᠎ᠠ ᠪᠦᠰᠡ ᠦᠭᠡᠢ ᠪᠡᠷ ᠭᠦᠶᠦᠨ ᠬᠣᠷᠢᠭᠯᠠᠷ᠎ᠠ ᠢᠷᠡᠲᠡᠯ᠎ᠡ ᠯᠢ ᠱᠢ ᠽᠦᠨ ᠬᠡᠳᠦᠢᠨᠡᠢ ᠡᠴᠢᠭᠡᠳ ᠲᠢᠶᠠᠨ ᠱᠢ ᠶᠦᠩ ᠨᠠᠷ ᠴᠤ᠌ ᠨᠢᠳᠦ ᠪᠦᠯᠲᠡᠢᠨ ᠬᠠᠷᠠᠮᠤᠢ᠃ ᠲᠡᠳᠦᠢ ᠯᠢ ᠴᠢᠦᠸᠡᠨ ᠰᠡᠭᠦᠷᠡᠰᠦᠨ ᠠᠯᠳᠠᠵᠤ ᠥᠭᠦᠯᠡᠷᠦᠨ: 《ᠲᠠ ᠲᠡᠭᠷᠢ ᠶ᠋ᠢᠨ ᠴᠠᠭ ᠢ ᠮᠡᠳᠡᠬᠦ ᠦᠭᠡᠢ᠂ ᠡᠳᠦᠭᠡ ᠤᠰᠤᠨ ᠤ᠋ ᠮᠠᠬᠠᠪᠣᠳ ᠭᠠᠯ ᠤ᠋ᠨ ᠮᠠᠬᠠᠪᠣᠳ ᠢ᠋ ᠳᠠᠷᠤᠵᠤ᠂ ᠬᠦᠢᠲᠡᠨ ᠠᠭᠤᠷ ᠡᠮᠦᠨ᠎ᠡ ᠵᠦᠭ ᠶᠠᠪᠤᠵᠤ ᠳᠤᠯᠠᠭᠠᠨ ᠠᠮᠢᠰᠬᠤᠯ ᠢ᠋ ᠳᠠᠷᠤᠬᠤ ᠴᠠᠭ᠂ ᠯᠠᠪ ᠮᠣᠩᠭᠣᠯ ᠳᠡᠯᠡᠬᠡᠢ ᠳ᠋ᠠᠬᠢᠨ ᠢ᠋ ᠬᠤᠷᠢᠶᠠᠮᠤᠢ᠂ ᠭᠠᠯ ᠤᠰᠤᠨ ᠳ᠋ᠤᠷ ᠤᠴᠠᠷᠠᠪᠠᠰᠤ ᠪᠤᠴᠠᠯᠤᠮᠤᠢ᠂ ᠤᠰᠤ ᠭᠠᠯ ᠢ ᠳᠠᠷᠤᠪᠠᠰᠤ ᠤᠨᠲᠠᠷᠠᠮᠤᠢ᠃ ᠡᠷᠲᠡ ᠮᠠᠨ ᠤ᠋ ᠤᠯᠤᠰ ᠤ᠋ᠨ ᠱᠣᠣ ᠬᠠᠩ ᠵᠢᠶᠧ ᠶᠠᠨ ᠤ᠋ ᠭᠠᠵᠠᠷ ᠤ᠋ᠨ ᠡᠮᠦᠨ᠎ᠡ ᠳᠠᠯᠠᠢ ᠶ᠋ᠢᠨ ᠵᠠᠬ᠎ᠠ ᠳ᠋ᠤᠷ ᠪᠦᠬᠦᠢ ᠲᠢᠶᠠᠨ ᠤ᠋ ᠬᠣᠲᠠᠨ ᠳ᠋ᠤᠷ ᠬᠦᠷᠴᠦ ᠂ ᠵᠤᠨ ᠤ᠋ ᠦᠶ᠎ᠡ ᠳ᠋ᠦ᠍ᠷ ᠳᠠᠭᠤᠲᠤ ᠵᠠᠳᠠᠤᠯᠠᠢ ᠲᠢᠶᠠᠨ ᠤ᠋ ᠶ᠋ᠢᠨ ᠭᠠᠵᠠᠷ ᠲᠤᠷ ᠳᠣᠩᠭᠣᠳᠤᠨ ᠬᠡᠯᠡᠭᠰᠡᠨ ᠢᠨᠦ : 《ᠳᠤᠯᠠᠭᠠᠨ ᠠᠮᠢᠰᠬᠤᠯ ᠬᠣᠢᠲᠤ ᠵᠦᠭ ᠢᠷᠡᠵᠦ ᠶᠦᠨ ᠨᠠᠨ ᠤ᠋ ᠰᠢᠪᠠᠭᠤᠨ ᠶᠠᠨ ᠤ᠋ ᠭᠠᠵᠠᠷ ᠳᠣᠩᠭᠣᠳᠤᠮᠤᠢ᠂ ᠡᠨᠡ ᠢᠨᠦ ᠭᠠᠯ ᠤ᠋ᠨ ᠮᠠᠬᠠᠪᠣᠳ ᠤᠰᠤᠨ ᠤ᠋ ᠮᠠᠬᠠᠪᠣᠳ ᠢ᠋ ᠢᠳᠡᠪᠡ᠂ ᠳᠡᠯᠡᠬᠡᠢ ᠳ᠋ᠠᠬᠢᠨ ᠯᠠᠪ ᠰᠠᠮᠠᠭᠤᠨ ᠳᠡᠭᠳᠡᠮᠦᠢ ! 》ᠬᠡᠮᠡᠭᠰᠡᠨ ᠢ᠋ᠶ᠋ᠡᠷ ᠯᠢᠶᠣᠣ᠂ ᠠᠯᠲᠠᠨ᠂ ᠰᠢᠶᠠ᠂ ᠬᠢᠳᠠᠨ ᠤ᠋ ᠵᠡᠷᠭᠡ ᠭᠠᠵᠠᠷ ᠲᠡᠢᠨ ᠳᠡᠭᠳᠡᠪᠡ᠃ ᠳᠠᠷᠠᠭ᠎ᠠ ᠪᠠᠷ ᠲᠠᠲ᠋ᠠᠷ ᠤᠯᠤᠰ – ᠮᠣᠩᠭᠣᠯ ᠭᠠᠷᠴᠤ ᠢᠷᠡᠪᠡ᠃ ᠡᠳᠦᠭᠡ ᠮᠣᠩᠭᠣᠯ ᠠᠯᠲᠠᠨ ᠤ᠋ ᠶᠦᠩ ᠳᠦ – ᠶᠠᠨ ᠤ᠋ ᠭᠠᠵᠠᠷ ᠢᠷᠡᠭᠰᠡᠭᠡᠷ᠂ ᠾᠧ ᠨᠠᠨ ᠤ᠋ ᠭᠠᠵᠠᠷ ᠳᠥᠷᠪᠡᠨ ᠴᠠᠭ ᠮᠥᠯᠰᠥ ᠭᠡᠰᠬᠦ ᠦᠭᠡᠢ᠂ ᠴᠠᠭᠠᠨ ᠵᠢᠭᠦᠷᠲᠦ ᠪᠣᠯᠵᠣᠮᠣᠷ ᠾᠧ ᠪᠧᠢ ᠶ᠋ᠢᠨ ᠭᠠᠵᠠᠷ ᠳᠡᠪᠳᠡᠷᠢᠭᠰᠡᠨ ᠳ᠋ᠦ᠍ᠷ ᠬᠦᠢᠲᠡᠨ ᠠᠮᠢᠰᠬᠤᠯ ᠡᠮᠦᠨᠡᠰᠢ ᠶᠠᠪᠤᠵᠤ ᠲᠦᠮᠡᠨ ᠪᠣᠳᠠᠰ ᠬᠠᠮᠲᠤ ᠪᠥᠭᠯᠡᠭᠳᠡᠨ ᠨᠢᠭᠡᠨ᠎ᠡ ᠬᠤᠷᠢᠶᠠᠭᠳᠠᠬᠤ ᠴᠠᠭ ᠪᠣᠯᠤᠭᠰᠠᠨ ᠪᠣᠯᠠᠢ᠃ ᠲᠠ ᠭᠠᠭᠴᠠ ᠨᠢᠭᠡᠨ ᠲᠡᠨᠡᠭ ᠠᠭᠤᠷ ᠢ᠋ ᠮᠡᠳᠡᠬᠦ ᠪᠣᠢ ᠊ᠶ᠎ᠠ᠂ ᠬᠣᠶᠠᠷ ᠠᠮᠢᠰᠬᠤᠯ ᠤ᠋ᠨ ᠢᠷᠡᠬᠦ ᠶ᠋ᠢ ᠬᠡᠷᠬᠢᠨ ᠮᠡᠳᠡᠬᠦ ?  ᠪᠢ ᠰᠡᠳᠬᠢᠯ ᠦ᠋ᠨ ᠤᠭ ᠠ᠋ᠴᠠ ᠮᠣᠩᠭᠣᠯ ᠳ᠋ᠤᠷ ᠳᠠᠭᠠᠵᠤ ᠪᠢᠲᠡᠭᠦᠷᠡᠬᠦ ᠳᠤᠷ᠎ᠠ ᠦᠭᠡᠢ᠂ ᠭᠠᠭᠴᠠ ᠲᠡᠭᠷᠢ ᠳ᠋ᠦ᠍ᠷ ᠰᠥᠷᠴᠦ ᠡᠨᠡ ᠪᠡᠶ᠎ᠡ ᠠᠯᠠᠭᠳᠠᠵᠤ ᠦᠬᠦᠲᠡᠯ᠎ᠡ ᠪᠢᠲᠡᠭᠦᠷᠡᠬᠦ ᠡᠴᠡ ᠳᠡᠭᠡᠷ᠎ᠡ ᠶ᠋ᠢ ᠡᠷᠢᠭᠰᠡᠨ ᠪᠥᠯᠥᠭᠡ !》ᠭᠡᠮᠡᠨ ᠳᠡᠭᠡᠭᠰᠢ ᠬᠠᠨᠳᠤᠵᠤ ᠠᠯᠲᠠᠨ ᠭᠠᠳᠠᠰᠤ ᠣᠳᠣᠨ ᠤ᠋ ᠵᠡᠭᠦᠨ ᠬᠦᠷᠢᠶ᠎ᠡ ᠳ᠋ᠦ᠍ᠷ ᠵᠢᠭᠠᠵᠤ ᠥᠭᠦᠯᠡᠷᠦᠨ : 《ᠡᠨᠡ ᠠᠯᠲᠠᠨ ᠭᠠᠳᠠᠰᠤ ᠣᠳᠣ ᠬᠣᠢᠲᠤ ᠭᠡᠷᠡᠯ ᠦᠯᠡᠮᠵᠢ ᠢᠨᠦ ᠮᠣᠩᠭᠣᠯ ᠤ᠋ᠨ ᠣᠳᠣᠨ ᠪᠥᠯᠥᠭᠡ᠂ ᠠᠯᠲᠠᠨ ᠭᠠᠳᠠᠰᠤ ᠣᠳᠣᠨ ᠤ᠋ ᠵᠡᠭᠦᠨ ᠬᠠᠪᠢᠷᠭ᠎ᠠ ᠶ᠋ᠢᠨ ᠲᠡᠷᠡ ᠨᠠᠢ᠍ᠮᠠᠨ ᠣᠳᠣᠨ ᠴᠥᠮ ᠴᠧᠩᠰᠢᠶᠠᠩ ᠤ᠋ᠨ ᠣᠳᠣᠨ᠂ ᠡᠨᠡ ᠮᠤᠬᠤᠯᠢ ᠯᠠᠪ ᠨᠠᠢ᠍ᠮᠠᠨ ᠦᠶ᠎ᠡ ᠲᠡᠭᠷᠢ ᠶ᠋ᠢᠨ ᠰᠠᠨᠠᠭᠠᠨ ᠢ ᠳᠠᠭᠠᠭᠤᠯᠤᠨ ᠴᠢᠳᠠᠮᠤᠢ᠃ ᠡᠭᠦᠨ ᠢ᠋ᠶ᠋ᠡᠷ ᠦᠵᠡᠪᠡᠰᠦ ᠮᠣᠩᠭᠣᠯ ᠯᠠᠪ ᠳᠡᠯᠡᠬᠡᠢ ᠳ᠋ᠠᠬᠢᠨ ᠢ ᠡᠵᠡᠯᠡᠮᠦᠢ᠃ ᠪᠢᠳᠡ ᠳᠡᠮᠡᠢᠯᠡ ᠳᠡᠯᠡᠬᠡᠢ ᠳ᠋ᠠᠬᠢᠨ ᠤ᠋ ᠡᠵᠡᠨ ᠪᠤᠰᠤ ᠪᠥᠭᠡᠳ ᠣᠨᠴᠠ ᠳᠡᠯᠡᠬᠡᠢ ᠳ᠋ᠠᠬᠢᠨ ᠢ᠋ ᠡᠵᠡᠯᠡᠬᠦ ᠬᠥᠮᠦᠨ ᠡᠴᠡ ᠢᠯᠡᠭᠦᠦ ᠴᠢᠷᠮᠠᠢᠵᠤ ᠡᠴᠦᠰ ᠲᠦ᠍ᠷ ᠦᠬᠦᠬᠦ ᠡᠴᠡ ᠲᠡᠭᠷᠢ ᠶ᠋ᠢ ᠳᠠᠭᠠᠪᠠᠰᠤ ᠡᠷᠬᠢᠮ ᠪᠣᠯᠠᠢ᠃ ᠦᠵᠡᠲᠡᠯ᠎ᠡ ᠲᠠ ᠡᠳᠦᠭᠡ ᠯᠢ ᠱᠢ ᠽᠣᠢ᠍ᠨ ᠢ᠋ ᠠᠯᠠᠪᠠ ᠬᠡᠮᠡᠮᠦᠢ᠂ ᠦᠬᠦᠭᠰᠡᠨ ᠪᠡᠶ᠎ᠡ ᠬᠠᠮᠢᠭ᠎ᠠ ᠪᠣᠢ ? 》ᠬᠡᠮᠡᠬᠦᠢ ᠳ᠋ᠦ᠍ᠷ᠂ ᠲᠢᠶᠠᠨ ᠱᠢ ᠶᠦᠩ ᠰᠩᠬᠢᠵᠤ ᠨᠢᠭᠡᠨ ᠪᠡᠶ᠎ᠡ ᠬᠥᠯᠥᠰᠥ ᠭᠠᠷᠴᠤ ᠳᠠᠭᠤᠨ ᠦᠭᠡᠢ ᠪᠣᠯᠪᠠ᠃ ᠯᠢ ᠴᠢᠦᠸᠠᠨ ᠬᠥᠯ ᠳᠡᠪᠰᠡᠨ ᠥᠭᠦᠯᠡᠷᠦᠨ : 《ᠬᠠᠷᠠᠬᠠᠨ ᠬᠦᠨᠳᠦ ᠲᠡᠢ ᠪᠡᠷ ᠵᠢᠷᠭᠠᠯᠠᠩ ᠢ᠋ ᠣᠯᠬᠤ ᠬᠡᠷᠡᠭ ᠢ᠋ ᠰᠥᠷᠴᠦ ᠠᠯᠳᠠᠪᠠ᠂ ᠡᠴᠦᠰ ᠲᠦ᠍ᠷ ᠥᠯᠪᠡᠷᠴᠦ ᠦᠬᠦᠬᠦ ᠳ᠋ᠦ᠍ᠷ ᠬᠦᠷᠪᠡᠢ᠃ ᠲᠢᠶᠠᠨ ᠱᠢ ᠶᠦᠩ ᠴᠢᠨᠦ ᠨᠢᠭᠡᠨ ᠪᠡᠶ᠎ᠡ ᠦᠬᠦᠬᠦ ᠪᠤᠰᠤ᠂ ᠨᠢᠭᠡᠨ ᠬᠣᠲᠠ ᠶ᠋ᠢᠨ ᠬᠣᠲᠠᠯᠠᠭᠠᠷ ᠴᠥᠮ ᠦᠬᠦᠬᠦ ᠪᠣᠯᠠᠢ᠃ ᠡᠳᠦᠭᠡ ᠬᠥᠮᠦᠨ ᠦ᠌ ᠡᠯᠴᠢ ᠶ᠋ᠢ ᠠᠯᠠᠭᠠᠳ ᠣᠳᠣ ᠬᠡᠷᠬᠢᠨ ᠬᠥᠮᠦᠨ ᠳ᠋ᠦ᠍ᠷ ᠳᠠᠭᠠᠮᠤᠢ ? 》ᠬᠡᠮᠡᠬᠦᠢ ᠳ᠋ᠦ᠍ᠷ ᠨᠢᠭᠡᠨ ᠬᠥᠮᠦᠨ ᠴᠦ᠍ ᠳᠠᠭᠤᠨ ᠦᠭᠡᠢ ᠳ᠋ᠦ᠍ᠷ ᠯᠢ ᠴᠢᠦᠸᠠᠨ ᠤᠷᠲᠤ ᠰᠡᠭᠦᠷᠡᠰᠦ ᠠᠯᠳᠠᠵᠤ ᠶᠠᠮᠤᠨ ᠳ᠋ᠠᠭᠠᠨ ᠣᠷᠣᠪᠠ᠃ ᠦᠵᠡᠰᠡ ᠡᠨᠡ ᠯᠢ ᠱᠢ ᠽᠦᠨ ᠬᠡᠮᠡᠭᠴᠢ ᠬᠠᠭᠠᠨ ᠤ᠋ ᠡᠷᠭᠦᠮᠵᠢᠯᠡᠯ ᠢ ᠡᠷᠢᠬᠦ ᠰᠢᠳᠢ ᠣᠯᠤᠭᠰᠠᠨ ᠬᠥᠮᠦᠨ᠂ ᠡᠨᠡ ᠤᠳᠠᠭ᠎ᠠ ᠳ᠋ᠤᠷ ᠪᠤᠯᠤ ᠳ᠋ᠤᠷ ᠤᠴᠠᠷᠠᠵᠤ ᠪᠢ ᠯᠢ ᠴᠢᠦᠸᠠᠨ ᠤ᠋ ᠨᠥᠬᠥᠷ ᠲᠠᠨ ᠳ᠋ᠤᠷ ᠬᠡᠯᠡᠯᠴᠡᠨ ᠳᠠᠭᠠᠭᠤᠯᠤᠰᠤᠭᠠᠢ ᠬᠡᠮᠡᠭᠰᠡᠨ ᠳ᠋ᠦ᠍ᠷ ᠪᠤᠯᠤ ᠡᠭᠦᠨ ᠳ᠋ᠦ᠍ᠷ ᠳᠡᠮᠡᠢ ᠶᠡᠬᠡ ᠭᠡᠮ ᠦᠭᠡᠢ ᠲᠤᠯᠠ ᠳᠠᠷᠤᠢ ᠬᠦᠨᠳᠦᠯᠡᠨ ᠳᠠᠢᠯᠠᠵᠤ ᠬᠡᠯᠡᠯᠴᠡᠭᠦᠯᠦᠷ᠎ᠡ ᠣᠷᠣᠭᠤᠯᠤᠭᠰᠠᠨ ᠠᠵᠤᠭᠤ᠃ ᠲᠡᠢᠨ ᠬᠦ᠌ ᠦᠨᠡᠬᠡᠷ ᠳᠠᠭᠠᠪᠠᠰᠤ ᠴᠢᠩᠭᠢᠰ ᠬᠠᠭᠠᠨ ᠳ᠋ᠤᠷ ᠪᠠᠷᠠᠯᠬᠠᠨ᠂ ᠦᠨᠡᠨ ᠲᠡᠭᠷᠢ ᠶ᠋ᠢᠨ ᠬᠥᠪᠡᠭᠦᠨ ᠦ᠌ ᠡᠷᠭᠦᠮᠵᠢᠯᠡᠯ ᠢ ᠡᠷᠢᠬᠦᠢ ᠳ᠋ᠦ᠍ᠷ ᠰᠠᠢᠨ ᠬᠡᠮᠡᠭᠰᠡᠨ ᠪᠥᠯᠥᠭᠡ᠃ ᠰᠠᠨᠠᠮᠰᠠᠷ ᠦᠭᠡᠢ ᠬᠡᠷᠡᠭ ᠡᠰᠡ ᠪᠦᠲᠦᠭᠰᠡᠨ ᠳ᠋ᠦ᠍ᠷ ᠴᠠᠭ ᠪᠣᠯᠤᠭᠠᠳᠤᠢ ᠮᠡᠲᠦ᠂ ᠭᠡᠷᠡᠯ ᠢ ᠳᠠᠯᠳᠠᠯᠠᠨ ᠪᠤᠯᠤ ᠳ᠋ᠤᠷ ᠢᠷᠡᠵᠦ ᠵᠣᠯᠭᠠᠭᠠᠳ ᠥᠭᠦᠯᠡᠷᠦᠨ : 《ᠶᠡᠬᠡ ᠶᠤᠸᠠᠨᠱᠤᠸᠠᠢ ᠲᠦᠷ ᠪᠢᠲᠡᠭᠡᠢ ᠰᠠᠨᠳᠤᠷ᠂ ᠬᠣᠢᠲᠤ ᠵᠢᠯ ᠦ᠋ᠨ ᠲᠠᠪᠤᠨ ᠰᠠᠷ᠎ᠠ ᠳ᠋ᠤᠷ ᠯᠠᠪ ᠢᠷᠡᠵᠦ ᠳᠠᠭᠠᠮᠤᠢ᠃ ᠡᠨᠡ ᠤᠳᠠᠬ᠎ᠠ ᠬᠡᠷᠡᠭ ᠪᠦᠲᠦᠭᠰᠡᠨ ᠦᠭᠡᠢ ᠭᠡᠮᠡᠨ ᠪᠢᠲᠡᠭᠡᠢ ᠵᠢᠮᠡᠯᠡ᠂ ᠮᠢᠨᠦ ᠨᠢᠭᠡᠨ ᠥᠬᠢᠨ ᠱᠠᠪᠢ ᠴᠢᠮ᠎ᠠ ᠳ᠋ᠤᠷ ᠪᠡᠷᠢ ᠪᠣᠯᠤᠮᠤᠢ ᠭᠡᠮᠡᠨ ᠬᠡᠯᠡᠵᠦ ᠬᠠᠨᠴᠤᠢ ᠭᠦᠪᠢᠵᠦ ᠡᠴᠢᠪᠡ ᠃ ᠪᠤᠯᠤ ᠨᠢᠭᠡᠨᠲᠡ ᠶᠡᠬᠡ ᠰᠠᠪᠠ ᠲᠤᠯᠠ ᠡᠭᠦᠳᠡᠨ ᠭᠠᠷᠴᠤ ᠮᠡᠬᠦᠢᠨ ᠶᠣᠰᠣᠯᠠᠵᠤ ᠮᠣᠷᠳᠠᠭᠤᠯᠪᠠ᠃ ᠡᠭᠦᠨ ᠳ᠋ᠦ᠍ᠷ ᠲᠠᠢᠰᠢ ᠪᠤᠯᠤ ᠶᠡᠬᠡᠯ᠎ᠡ ᠰᠡᠵᠢᠭᠯᠡᠵᠦ ᠪᠦᠬᠦᠢ ᠳ᠋ᠦ᠍ᠷ ᠡᠮᠦᠨ᠎ᠡ ᠠᠯᠲᠠᠨ ᠤ᠋ ᠭᠠᠵᠠᠷ ᠠ᠋ᠴᠠ ᠵᠢᠯ ᠦ᠋ᠨ ᠠᠯᠪᠠ ᠳᠤᠲᠠᠭᠳᠠᠭᠰᠠᠨ ᠶᠠᠯ᠎ᠠ ᠠᠰᠠᠭᠤᠷ᠎ᠠ ᠡᠴᠢᠭᠰᠡᠨ ᠥᠭᠡᠳᠡᠢ᠂ ᠴᠠᠭᠠᠲᠠᠢ ᠬᠣᠶᠠᠷ ᠲᠠᠢᠽᠢ ᠴᠢᠨ ᠸᠠᠩ ᠤ᠋ᠨ ᠡᠯᠴᠢ ᠢᠷᠡᠵᠦ ᠲᠠᠢᠰᠢ  ᠪᠤᠯᠤ ᠳ᠋ᠤᠷ ᠤᠴᠠᠷᠠᠵᠤ᠂ ᠬᠣᠶᠠᠷ ᠴᠢᠨ ᠸᠠᠩ ᠤ᠋ᠨ ᠪᠢᠴᠢᠭ ᠢ᠋ ᠥᠭᠪᠡ᠃ ᠲᠡᠭᠦᠨ ᠦ᠌ ᠦᠭᠡ : 
       ᠡᠳᠦᠭᠡ ᠴᠢᠨ ᠸᠠᠩ ᠪᠢᠳᠡ ᠬᠣᠶᠠᠭᠤᠯᠠ ᠠᠯᠲᠠᠨ᠂ ᠰᠥᠩ ᠬᠣᠶᠠᠷ ᠬᠢᠲᠠᠳ ᠤᠯᠤᠰ ᠤ᠋ᠨ ᠠᠯᠪᠠ ᠶ᠋ᠢᠨ ᠤᠴᠢᠷ ᠴᠡᠷᠢᠭ ᠠᠪᠤᠨ ᠶᠠᠯ᠎ᠠ ᠠᠰᠠᠭᠤᠷ᠎ᠠ ᠢᠷᠡᠲᠡᠯ᠎ᠡ ᠰᠥᠩ ᠤᠯᠤᠰ ᠬᠡᠳᠦᠢᠨᠡᠢ ᠵᠠᠮ ᠲᠣᠰᠴᠤ ᠭᠤᠷᠪᠠᠨ ᠵᠢᠯ ᠦ᠋ᠨ ᠠᠯᠪᠠ ᠶ᠋ᠢ ᠪᠦᠷᠢᠨ᠎ᠡ ᠲᠤᠰᠢᠶᠠᠭᠰᠠᠨ ᠪᠥᠭᠡᠳ ᠳᠡᠭᠡᠷ᠎ᠡ ᠪᠠᠰᠠ ᠶᠠᠯ᠎ᠠ ᠬᠦᠯᠢᠶᠡᠬᠦ ᠬᠦᠨᠳᠦ ᠪᠡᠯᠡᠭ ᠲᠡᠢ ᠲᠤᠰᠢᠶᠠᠪᠠ᠃ ᠭᠠᠭᠴᠠ ᠠᠯᠲᠠᠨ ᠬᠡᠵᠢᠶ᠎ᠡ ᠮᠠᠨ ᠢ᠋ ᠲᠡᠭᠦᠨ ᠦ᠌ ᠭᠠᠷ ᠲᠤᠷ ᠣᠷᠣᠵᠤ ᠹᠦ ᠂ ᠯᠢᠶᠠᠩ ᠬᠣᠶᠠᠷ ᠬᠣᠲᠠᠨ ᠢ᠋ ᠠᠪᠤᠭᠰᠠᠨ ᠬᠣᠢᠨ᠎ᠠ ᠰᠠᠶᠢ ᠬᠣᠶᠠᠷ ᠣᠨ ᠤ᠋ ᠠᠯᠪᠠ ᠪᠠᠨ ᠡᠷᠭᠦᠵᠦ᠂ ᠳᠡᠭᠡᠷ᠎ᠡ ᠶᠠᠯ᠎ᠠ ᠬᠦᠯᠢᠶᠡᠬᠦ ᠶᠣᠰᠣᠨ ᠤ᠋ ᠪᠡᠯᠡᠭ ᠥᠭᠰᠦᠭᠡᠢ ᠬᠡᠮᠡᠬᠦᠢ ᠳ᠋ᠦ᠍ᠷ ᠯᠠᠪ ᠪᠠᠰᠠ ᠡᠰᠡᠷᠭᠦᠴᠡᠬᠦ ᠰᠡᠳᠬᠢᠯ ᠪᠣᠢ ᠲᠤᠯᠠ ᠪᠢᠳᠡ ᠡᠳᠦᠭᠡ ᠲᠡᠭᠦᠨ ᠯᠦ᠍ᠭᠡ ᠪᠠᠢᠯᠳᠤᠬᠤ ᠶ᠋ᠢ ᠪᠡᠯᠡᠳᠦᠮᠦᠢ᠃ ᠬᠡᠷᠪᠡ ᠬᠦᠴᠦᠨ ᠬᠦᠷᠬᠦ ᠦᠭᠡᠢ ᠠᠪᠠᠰᠤ ᠭᠦᠸᠧ ᠸᠠᠩ ᠴᠡᠷᠢᠭ ᠲᠤᠰᠠᠯᠠᠮᠤ ᠬᠡᠮᠡᠵᠦᠬᠦᠢ᠃ 
       ᠲᠡᠳᠦᠢ ᠪᠤᠯᠤ ᠵᠠᠷᠤᠭᠰᠠᠨ ᠡᠯᠴᠢ ᠡᠴᠡ ᠠᠰᠠᠭᠤᠷᠤᠨ : 《ᠬᠣᠶᠠᠷ ᠴᠢᠨ ᠸᠠᠩ ᠠᠯᠲᠠᠨ ᠤᠯᠤᠰ ᠲᠤᠷ ᠬᠡᠨ ᠢ᠋ ᠵᠠᠷᠤᠪᠠ ? 》 ᠡᠯᠴᠢ ᠮᠡᠳᠡᠭᠦᠯᠦᠷᠦᠨ : 《 ᠬᠢᠲᠠᠳ ᠵᠠᠩᠵᠤᠨ ᠳ᠋ᠧᠩ ᠴᠧᠩ ᠢ᠋ ᠵᠠᠷᠤᠭᠰᠠᠨ ᠪᠥᠯᠥᠭᠡ᠂ ᠨᠠᠮᠠᠶ᠋ᠢ ᠭᠠᠷᠴᠤ ᠢᠷᠡᠬᠦᠢ ᠳ᠋ᠦ᠍ᠷ ᠳ᠋ᠧᠩ ᠴᠧᠩ ᠢ ᠠᠪᠴᠤ ᠡᠮᠦᠨ᠎ᠡ ᠵᠦᠭ ᠠᠯᠲᠠᠨ ᠤ᠋ ᠾᠧ ᠨᠠᠨ ᠤ᠋ ᠨᠠᠨ ᠵᠢᠩ ᠢ ᠬᠠᠭᠠᠷ᠎ᠠ ᠡᠴᠢᠪᠡ !》 ᠬᠡᠮᠡᠭᠰᠡᠨ ᠳ᠋ᠦ᠍ᠷ ᠪᠤᠯᠤ ᠶᠠᠭᠠᠷᠠᠨ ᠬᠠᠷᠢᠭᠤ ᠪᠢᠴᠢᠭ ᠬᠢᠵᠦ ᠠᠮᠠ ᠪᠠᠷ ᠪᠠᠰᠠ ᠥᠭᠦᠯᠡᠷᠦᠨ: 《ᠴᠢ ᠪᠠᠭ᠎ᠠ ᠡᠵᠡᠳ ᠲᠣᠷ ᠰᠠᠢᠬᠠᠨ ᠮᠡᠳᠡᠭᠦᠯ ᠂ ᠶᠡᠬᠡ ᠦᠢᠯᠡ ᠳ᠋ᠦ᠍ᠷ ᠤᠨᠲᠤᠭᠤᠨ ᠢ ᠴᠡᠭᠡᠷᠯᠡ 》ᠬᠡᠮᠡᠵᠦ ᠮᠣᠷᠳᠠᠭᠤᠯᠪᠠ᠃ ᠲᠡᠳᠦᠢ ᠡᠯᠴᠢ ᠡᠭᠡᠵᠦ ᠢᠷᠡᠬᠦᠯ᠎ᠡ ᠬᠣᠶᠠᠷ ᠴᠢᠨ ᠸᠠᠩ ᠬᠡᠳᠦᠢᠨᠡᠢ ᠠᠯᠲᠠᠨ ᠤᠯᠤᠰ ᠤ᠋ᠨ ᠨᠠᠨ ᠵᠢᠩ ᠢ᠋ ᠬᠠᠭᠠᠵᠤ ᠪᠠᠢᠯᠳᠤᠭᠰᠠᠨ᠎ᠠ ᠠᠯᠲᠠᠨ ᠤᠯᠤᠰ ᠠ᠋ᠴᠠ ᠡᠯᠴᠢ ᠭᠠᠷᠭᠠᠨ ᠭᠣᠶᠣᠯᠭᠠᠭᠰᠠᠨ ᠳ᠋ᠤᠷ ᠬᠣᠶᠠᠷ ᠴᠢᠨ ᠸᠠᠩ᠂ ᠳ᠋ᠧᠩ ᠴᠧᠩ ᠳ᠋ᠦ᠍ᠷ ᠦᠭᠡ ᠶ᠋ᠢ ᠰᠤᠷᠭᠠᠨ᠂ ᠠᠯᠲᠠᠨ ᠤᠯᠤᠰ ᠤ᠋ᠨ ᠪᠢᠶᠠᠨ ᠵᠢᠩ ᠳ᠋ᠦ᠍ᠷ ᠢᠯᠡᠭᠡᠵᠦ ᠬᠠᠭᠠᠨ ᠠᠢᠽᠦᠢᠩ ᠱᠧᠦ ᠰᠢᠦᠢ ᠡᠴᠡ ᠠᠰᠠᠭᠤᠯᠭᠠᠷᠤᠨ :《ᠲᠠᠨ ᠤ᠋ ᠤᠯᠤᠰ ᠯᠢᠶᠣᠣ ᠠ᠋ᠴᠠ ᠮᠠᠨᠳᠤᠭᠠᠳ ᠯᠢᠶᠣᠣ ᠶ᠋ᠢ ᠲᠠᠪᠴᠢᠯᠠᠵᠤ ᠠᠯᠪᠠ ᠠᠪᠴᠤ ᠪᠣᠯᠤᠭᠠᠳ ᠪᠢᠳᠡ ᠤᠭ ᠠ᠋ᠴᠠ ᠬᠣᠢᠲᠤ ᠭᠠᠵᠠᠷ ᠤ᠋ᠨ ᠬᠠᠭᠠᠨ ᠲᠠᠨ ᠠ᠋ᠴᠠ ᠠᠯᠪᠠ ᠠᠪᠴᠤ ᠪᠣᠯᠬᠤ ᠦᠭᠡᠢ ᠶᠠᠭᠤᠨ? ᠵᠢᠴᠢ ᠳ᠋ᠦ᠍ᠷ ᠡᠨᠡ ᠠᠯᠪᠠ ᠶ᠋ᠢ ᠪᠢᠳᠡ ᠰᠢᠬᠠᠮᠳᠠᠭᠤᠯᠤᠭᠰᠠᠨ ᠠᠨᠤ ᠪᠤᠰᠤ᠂ ᠮᠢᠨᠦ ᠡᠴᠢᠭᠡ ᠬᠠᠭᠠᠨ ᠲᠠᠨ ᠢ᠋ ᠣᠨᠴᠠ ᠮᠥᠬᠥᠭᠡᠬᠦ ᠦᠭᠡᠢ ᠳ᠋ᠦ᠍ᠷ ᠲᠠ ᠪᠢᠰᠢᠷᠡᠨ ᠰᠢᠲᠦᠵᠦ ᠥᠪᠡᠷ ᠢ᠋ᠶ᠋ᠡᠨ ᠪᠠᠷᠢᠭᠰᠠᠨ ᠠᠯᠪᠠ᠂ ᠡᠳᠦᠭᠡ ᠮᠠᠨ ᠤ᠋ ᠡᠮᠦᠨ᠎ᠡ ᠶ᠋ᠢ ᠳᠠᠢᠯᠠᠬᠤ ᠭᠦᠸᠧ ᠸᠠᠩ ᠲᠠᠢᠰᠢ ᠦᠭᠡᠢ ᠪᠣᠯᠣᠮᠠᠭᠴᠠ ᠲᠠ ᠳᠠᠷᠤᠢ ᠳᠠᠷᠠᠭ᠎ᠠ ᠪᠠᠷ ᠬᠣᠶᠠᠷ ᠵᠢᠯ ᠦ᠋ᠨ ᠴᠠᠭ ᠤ᠋ᠨ ᠠᠯᠪᠠ ᠶ᠋ᠢ ᠦᠯᠦ ᠥᠭᠬᠦ ᠢᠨᠦ ᠨᠢᠭᠡᠨᠲᠡ ᠮᠥᠬᠥᠬᠦ ᠶ᠋ᠢ ᠡᠷᠢᠬᠦ ᠢᠨᠦ ᠪᠤᠰᠤ ᠤᠤ ? ᠬᠠᠭᠠᠨ ᠬᠡᠳᠦᠢ ᠪᠣᠭᠳᠠ ᠬᠥᠮᠦᠨ ᠥᠷᠥᠰᠢᠶᠡᠯ ᠶᠡᠬᠡᠲᠡᠢ ᠪᠣᠯᠪᠠᠴᠤ ᠴᠡᠷᠢᠭ ᠦ᠋ᠨ ᠡᠷᠬᠡ ᠶ᠋ᠢ ᠪᠠᠷᠢᠵᠤ ᠭᠠᠷᠴᠤ ᠢᠷᠡᠭᠰᠡᠨ ᠲᠡᠢᠰᠢ ᠸᠠᠩ ᠪᠤᠯᠤ᠂ ᠵᠢᠴᠢ ᠪᠢᠳᠡ ᠲᠠᠨ ᠢ᠋ ᠤᠷᠢᠳᠠ ᠮᠥᠬᠥᠭᠡᠭᠡᠳ ᠬᠣᠢᠨ᠎ᠠ ᠠᠢᠯᠠᠳᠬᠠᠪᠠᠴᠤ ᠲᠠᠨ ᠢ᠋ ᠤᠷᠢᠳᠠ ᠮᠥᠬᠥᠭᠡᠵᠦ ᠳᠠᠭᠤᠰᠬᠠᠭᠰᠠᠨ ᠤ᠋ ᠬᠣᠢᠨ᠎ᠠ ᠠᠢᠯᠠᠳᠬᠠᠬᠤᠢ ᠳ᠋ᠤᠷ ᠬᠠᠭᠠᠨ ᠮᠠᠨ ᠢ᠋ ᠠᠯᠬᠤᠢ ᠳ᠋ᠤᠷ ᠦᠯᠦ ᠭᠥᠷᠦᠭᠦᠯᠦᠮᠦᠢ᠃ ᠬᠡᠳᠦᠢ ᠵᠠᠷᠯᠢᠭ ᠦᠭᠡᠢ ᠨᠢᠭᠡᠨ ᠤᠯᠤᠰ ᠢ᠋ ᠮᠥᠬᠥᠭᠡᠪᠡ ᠭᠡᠮᠡᠨ ᠬᠠᠭᠠᠨ ᠳ᠋ᠤᠷ ᠮᠠᠨ ᠢ᠋ ᠶᠠᠭᠠᠬᠢᠬᠤ ᠪᠣᠢ! ᠲᠡᠢᠨ ᠬᠦ᠌ ᠲᠠᠰᠤᠷᠬᠠᠢ ᠦᠭᠡ ᠶ᠋ᠢ ᠠᠪᠤᠷ᠎ᠠ ᠢᠷᠡᠪᠡ! 》ᠬᠡᠮᠡᠭᠰᠡᠨ ᠳ᠋ᠦ᠍ᠷ ᠬᠠᠭᠠᠨ ᠠᠢᠽᠦᠢᠩ ᠱᠧᠦ ᠰᠢᠦᠢ ᠶᠡᠬᠡᠯ᠎ᠡ ᠠᠶᠤᠵᠤ ᠂ ᠣᠯᠠᠨ ᠲᠦᠰᠢᠮᠡᠳ ᠢ᠋ ᠴᠤᠭᠯᠠᠭᠤᠯᠤᠨ ᠥᠭᠦᠯᠡᠷᠦᠨ : 《ᠡᠨᠡ ᠬᠡᠷᠡᠭ ᠴᠢᠬᠤᠯ ᠪᠣᠯᠪᠠ᠂ ᠮᠣᠩᠭᠣᠯ ᠤ᠋ᠨ ᠡᠵᠡᠨ ᠬᠡᠳᠦᠢ ᠬᠦᠴᠦᠷᠬᠡᠭ ᠬᠡᠮᠡᠪᠡᠴᠦ ᠶᠡᠷᠦ ᠥᠷᠥᠰᠢᠶᠡᠯ ᠰᠡᠳᠬᠢᠯ ᠲᠡᠢ᠂ ᠲᠡᠢᠨ ᠬᠦ᠌ ᠡᠳᠡᠭᠡᠷ ᠣᠯᠠᠨ ᠬᠡᠦᠬᠡᠳ ᠢᠨᠦ ᠦᠨᠡᠬᠡᠷ ᠪᠠᠷᠰ ᠢᠷᠪᠢᠰ ᠮᠡᠲᠦ ᠲᠡᠨᠡᠭᠷᠡᠬᠡᠭ ᠴᠢᠭᠢᠷᠠᠭ᠂ ᠨᠡᠩ ᠬᠠᠷᠢᠨ ᠮᠤᠬᠤᠯᠢ ᠶ᠋ᠢᠨ ᠬᠥᠪᠡᠭᠦᠨ ᠪᠤᠯᠤ ᠬᠡᠮᠡᠭᠴᠢ ᠶ᠋ᠢ ᠡᠨᠡ ᠬᠣᠶᠠᠷ ᠵᠢᠯ ᠦ᠋ᠨ ᠶᠠᠪᠤᠳᠠᠯ ᠢ᠋ᠶ᠋ᠠᠷ ᠦᠵᠡᠬᠦᠯ᠎ᠡ ᠬᠤᠢᠬᠤᠷ ᠠᠨᠤ ᠲᠡᠭᠦᠨ ᠦ᠌ ᠡᠴᠢᠭᠡ ᠡᠴᠡ ᠬᠡᠲᠦᠷᠬᠡᠢ ᠪᠥᠭᠡᠳ ᠪᠣᠳᠣᠯᠭ᠎ᠠ ᠠᠨᠤ ᠲᠡᠭᠦᠨ ᠦ᠌ ᠡᠴᠢᠭᠡ ᠡᠴᠡ ᠭᠦᠨ᠂ ᠪᠠᠭᠠᠲᠤᠷ ᠠᠨᠤ ᠨᠠᠷᠢᠨ ᠪᠥᠭᠡᠳ ᠬᠦᠴᠦᠷᠬᠡᠭ ᠢᠨᠦ ᠬᠣᠯᠠ᠃ ᠬᠡᠷᠪᠡ ᠡᠨᠡ ᠭᠤᠷᠪᠠᠭᠤᠯᠠ ᠨᠡᠢᠯᠡᠪᠡᠰᠦ ᠮᠠᠨ ᠤ᠋ ᠤᠯᠤᠰ ᠦᠨᠡᠬᠡᠷ ᠲᠦᠭᠰᠢᠭᠦᠷᠢ ᠲᠡᠢ ᠪᠣᠯᠤᠮᠤᠢ ᠲᠡᠷᠡ ᠥᠭᠡᠳᠡᠢ ᠢᠨᠦ ᠪᠠᠰᠠ ᠬᠡᠯᠡᠯᠴᠡᠵᠦ ᠪᠣᠯᠤᠮᠤᠢ᠃ ᠬᠢᠲᠠᠳ ᠦᠰᠦᠭ ᠲᠠᠨᠢᠬᠤ ᠲᠤᠯᠠ ᠶᠣᠰᠣ ᠤᠴᠢᠷ ᠢ᠋ ᠪᠠᠬᠠᠨ ᠬᠡᠯᠡᠯᠴᠡᠮᠦᠢ᠂ ᠲᠡᠷᠡ ᠴᠠᠭᠠᠲᠠᠢ ᠬᠡᠮᠡᠭᠴᠢ ᠴᠠᠭᠠᠨ ᠨᠢᠭᠤᠭᠳᠠᠯ ᠤ᠋ᠨ ᠠᠶᠤᠩᠭ᠎ᠠ ᠮᠡᠲᠦ᠂ ᠬᠠᠲᠠᠭᠰᠠᠨ ᠨᠠᠮᠤᠷ ᠤ᠋ᠨ ᠲᠦᠢᠮᠡᠷ ᠠᠳᠠᠯᠢ ᠴᠡᠷᠢᠭ ᠦ᠋ᠨ ᠳᠣᠲᠣᠷ᠎ᠠ ᠠᠨᠤ ᠭᠠᠯᠵᠠᠭᠤ ᠪᠠᠷᠰ ᠰᠣᠭᠲᠣᠭᠤ ᠠᠶᠤᠩᠭ᠎ᠠ ᠶ᠋ᠢᠨ ᠲᠡᠭᠷᠢ ᠮᠡᠲᠦ᠃ ᠬᠡᠷᠡᠭ ᠪᠠᠴᠢᠮ ᠪᠣᠯᠪᠠ ᠮᠠᠷᠭᠠᠲᠠ ᠶᠠᠭᠤᠨ ᠪᠣᠯᠪᠠᠴᠤ ᠴᠢᠮᠡᠭᠡ ᠢᠯᠡᠭᠡᠪᠡᠰᠦ ᠵᠣᠬᠢᠮᠤᠢ᠃ ᠲᠡᠳᠡᠨ ᠦ᠌ ᠠᠯᠪᠠᠨ ᠢ᠋ ᠨᠢᠭᠡᠨᠲᠡ ᠪᠡᠯᠡᠳᠬᠡᠨ ᠪᠠᠷᠢᠭᠰᠠᠨ ᠠᠪᠠᠰᠤ ᠶᠠᠭᠤᠨ ᠳ᠋ᠤᠷ ᠠᠭᠤᠷᠯᠠᠵᠤ ᠡᠢᠨ ᠬᠦ᠌ ᠲᠦᠢᠪᠡᠭᠡᠮᠦᠢ ? 》ᠬᠡᠮᠡᠭᠰᠡᠨ ᠳ᠋ᠦ᠍ᠷ ᠸᠠᠨ ᠶᠠᠨ ᠬᠤ᠌ ᠯᠦ᠍ ᠥᠭᠦᠯᠡᠷᠦᠨ :《ᠲᠡᠷᠡ ᠰᠥᠩ ᠤᠯᠤᠰ ᠠ᠋ᠴᠠ ᠴᠠᠭ ᠤ᠋ᠨ ᠠᠯᠪᠠ ᠶ᠋ᠢᠨ ᠭᠠᠳᠠᠨ᠎ᠠ ᠪᠠᠰᠠ ᠶᠠᠯ᠎ᠠ ᠬᠦᠯᠢᠶᠡᠬᠦ ᠬᠦᠨᠳᠦ ᠠᠯᠪᠠ ᠪᠠᠷᠢᠪᠠ᠃ ᠮᠠᠨ ᠤ᠋ ᠤᠯᠤᠰ ᠶᠠᠯ᠎ᠠ ᠬᠦᠯᠢᠶᠡᠬᠦ ᠪᠡᠷᠬᠡ ᠦᠭᠡᠢ ᠭᠡᠮᠡᠨ ᠠᠮᠠᠨ ᠳ᠋ᠤᠷ ᠡᠰᠡ ᠬᠡᠯᠡᠪᠡᠴᠦ᠂ ᠲᠡᠷᠡ ᠡᠯᠴᠢ ᠦᠭᠡ ᠶ᠋ᠢᠨ ᠠᠶᠠᠰ ᠲᠤᠷ ᠶᠠᠷᠢᠵᠤ ᠪᠣᠢ ᠃ 》ᠬᠡᠮᠡᠭᠰᠡᠨ ᠳ᠋ᠦ᠍ᠷ ᠬᠠᠭᠠᠨ ᠠᠢᠽᠦᠢᠩ ᠱᠧᠦ ᠰᠢᠦᠢ ᠥᠭᠦᠯᠡᠷᠦᠨ :《ᠡᠢᠨ ᠪᠣᠯᠪᠠᠰᠤ ᠮᠠᠰᠢ ᠬᠢᠯᠪᠠᠷ᠂ ᠰᠥᠩ ᠦ᠋ᠨ ᠶᠣᠰᠣᠭᠠᠷ ᠶᠠᠯ᠎ᠠ ᠬᠦᠯᠢᠶᠡᠬᠦ ᠪᠡᠯᠡᠭ ᠢ ᠬᠦᠷᠭᠡᠵᠦ ᠶᠠᠪᠤᠭᠤᠯᠰᠤᠭᠠᠢ᠂ ᠰᠥᠩ ᠦ᠋ᠨ ᠶᠠᠯ᠎ᠠ ᠶ᠋ᠢᠨ ᠪᠡᠯᠡᠭ ᠢᠨᠦ ᠶᠠᠭᠤᠨ ᠪᠣᠢ ? ᠲᠡᠭᠦᠨ ᠢ᠋ ᠡᠯᠴᠢ ᠡᠴᠡ ᠠᠰᠠᠭᠤᠵᠤ ᠲᠡᠷᠡ ᠶᠣᠰᠣᠭᠠᠷ ᠪᠠᠷᠢᠰᠤᠭᠠᠢ! 》ᠬᠡᠮᠡᠭᠰᠡᠨ ᠳ᠋ᠦ᠍ᠷ ᠸᠠᠨ ᠶᠠᠨ ᠬᠤ᠌ ᠯᠦ᠍ ᠭᠠᠷᠴᠤ ᠢᠷᠡᠨ᠂ ᠳ᠋ᠧᠩ ᠴᠧᠩ ᠡᠴᠡ ᠠᠰᠠᠭᠤᠭᠰᠠᠨ ᠳ᠋ᠤᠷ ᠳ᠋ᠧᠩ ᠴᠧᠩ ᠰᠥᠩ ᠤᠯᠤᠰ ᠤ᠋ᠨ ᠶᠠᠯ᠎ᠠ ᠶ᠋ᠢᠨ ᠪᠠᠯᠩ ᠤ᠋ᠨ ᠳᠠᠩᠰᠠ ᠶ᠋ᠢ ᠥᠭᠪᠡ᠂ ᠦᠵᠡᠪᠡᠰᠦ ᠲᠡᠷᠡ ᠪᠡᠯᠡᠭ ᠦ᠋ᠨ ᠳᠠᠩᠰᠠ ᠳ᠋ᠤ᠌ : ᠰᠢᠵᠢᠷ ᠠᠯᠲᠠᠨ ᠤ᠋ ᠡᠮᠡᠭᠡᠯ ᠬᠣᠶᠠᠷ᠂ ᠴᠠᠭᠠᠨ ᠬᠠᠰ ᠤ᠋ᠨ ᠰᠠᠨᠳᠠᠯᠢ ᠨᠢᠭᠡ᠂ ᠮᠠᠩᠨᠤᠭ ᠲᠣᠷᠭ᠎ᠠ ᠮᠢᠩᠭᠠᠨ ᠤ᠋᠂ ᠶᠣᠩᠬᠣᠷ ᠤᠲᠠᠰᠤ ᠮᠢᠩᠭᠠᠨ ᠤ᠋᠂ ᠣᠭ᠌ᠶᠤ ᠵᠠᠭᠤᠨ ᠤ᠋᠂ ᠱ᠌ᠢᠷᠦ ᠲᠠᠪᠢᠨ ᠤ᠋᠂ ᠰᠥᠩ ᠵᠢᠩ ᠮᠥᠩᠭᠥ ᠮᠢᠩᠭᠠᠨ ᠤ᠋᠂ ᠰᠤᠪᠤᠳ ᠲᠠᠨ᠎ᠠ ᠶ᠋ᠢᠨ ᠡᠷᠢᠭᠡ ᠬᠣᠶᠠᠷ᠂ ᠨᠣᠭᠣᠭᠠᠨ ᠬᠠᠰ ᠤ᠋ᠨ ᠪᠦᠰᠡ ᠳᠥᠷᠪᠡ᠃ ᠠᠯᠲᠠᠨ ᠤᠯᠤᠰ ᠤ᠋ᠨ ᠰᠠᠢᠳ ᠦᠵᠡᠭᠡᠳ ᠢᠨᠢᠶᠡᠨ ᠥᠭᠦᠯᠡᠷᠦᠨ :《ᠡᠨᠡ ᠢᠨᠦ ᠢᠨᠢᠶᠡᠯᠲᠡᠢ᠂ ᠮᠣᠩᠭᠣᠯ ᠡᠳᠦᠢᠬᠡᠨ ᠶᠠᠭᠤᠮ᠎ᠠ ᠶ᠋ᠢᠨ ᠲᠥᠯᠥᠭᠡ ᠶᠠᠭᠤᠨ ᠳ᠋ᠤᠷ ᠡᠨᠡ ᠮᠡᠲᠦ ᠲᠡᠢᠨ ᠬᠥᠳᠡᠯᠭᠡᠬᠦ ᠪᠣᠢ ! 》 ᠭᠡᠮᠡᠨ ᠬᠠᠭᠠᠨ ᠳ᠋ᠤᠷ ᠢ᠋ᠶ᠋ᠠᠨ ᠠᠢᠯᠠᠳᠬᠠᠵᠤ᠂ ᠡᠵᠡᠨ ᠰᠠᠢᠳ ᠴᠥᠮ ᠢᠨᠢᠶᠡᠯᠴᠡᠨ᠂ ᠮᠥᠨ ᠶᠣᠰᠣᠭᠠᠷ ᠥᠭᠴᠦ᠂ ᠳᠡᠭᠡᠷ᠎ᠡ ᠢᠨᠦ ᠨᠡᠮᠡᠵᠦ ᠱᠠᠩᠨᠠ ᠭᠡᠮᠡᠨ ᠳᠠᠷᠤᠢ ᠲᠡᠷᠭᠡᠨ ᠳ᠋ᠦ᠍ᠷ ᠲᠡᠭᠡᠭᠡᠵᠦ ᠬᠦᠷᠭᠡᠯᠭᠡᠨ ᠢᠯᠡᠭᠡᠭᠰᠡᠨ ᠳ᠋ᠦ᠍ᠷ ᠬᠣᠶᠠᠷ ᠡᠵᠡᠨ ᠸᠠᠩ ᠲᠦᠷ ᠴᠡᠷᠢᠭ ᠢ᠋ ᠡᠭᠡᠵᠦ᠂ ᠠᠯᠲᠠᠨ ᠤᠯᠤᠰ ᠤ᠋ᠨ ᠬᠠᠷᠢᠶᠠᠲᠤ ᠳᠠ ᠱᠦᠨ ᠵᠧᠦ ᠬᠣᠲᠠ ᠶ᠋ᠢᠨ ᠬᠣᠢᠨ᠎ᠠ ᠴᠡᠷᠢᠭ ᠪᠠᠭᠤᠳᠠᠯᠠᠪᠠ᠂ ᠲᠡᠳᠦᠢ ᠣᠯᠠᠨ ᠵᠠᠩᠵᠤᠨ ᠴᠡᠷᠢᠭ ᠲᠦ᠍ᠷ ᠱᠠᠩᠨᠠᠵᠤ᠂ ᠲᠡᠢᠰᠢ ᠪᠤᠯᠤ ᠳ᠋ᠤᠷ ᠬᠠᠷᠢᠭᠤ ᠮᠡᠳᠡᠭᠡ ᠢᠯᠡᠭᠡᠵᠦ᠂ ᠵᠢᠴᠢ ᠨᠢᠭᠡᠨᠲᠡᠭᠡᠭᠦᠷ ᠬᠠᠭᠠᠨ ᠳ᠋ᠤᠷ ᠬᠣᠶᠠᠷ ᠤᠯᠤᠰ ᠤ᠋ᠨ ᠠᠯᠪᠠ ᠪᠠ ᠤᠴᠢᠷ ᠢ ᠠᠢᠯᠠᠳᠬᠠᠨ ᠶᠠᠪᠤᠭᠤᠯᠪᠠ᠃ ᠡᠨᠡ ᠭᠤᠷᠪᠠᠨ ᠠᠩᠭᠢ ᠴᠡᠷᠢᠭ ᠬᠣᠢᠲᠤ ᠵᠢᠯ ᠬᠠᠮᠢᠭᠠᠰᠢ ᠪᠣᠯᠬᠤ ᠶ᠋ᠢ ᠮᠡᠳᠡᠰᠦᠭᠡᠢ ᠬᠡᠮᠡᠪᠡᠰᠦ ᠲᠠᠯᠪᠢᠯ ᠦᠭᠡᠢ ᠳᠣᠣᠷ᠎ᠠ ᠪᠦᠯᠦᠭ ᠲᠣᠷ ᠦᠵᠡᠭᠳᠡᠬᠦᠢ ᠃         

ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ :   
             ᠪᠠᠷᠰ ᠤ᠋ᠨ ᠵᠤᠯᠵᠠᠭ᠎ᠠ ᠪᠤᠯᠤ ᠲᠡᠢᠰᠢ ᠡᠷᠲᠡᠨ ᠢ᠋ ᠦᠯᠢᠳᠬᠡᠨ ᠰᠢᠭᠦᠮᠵᠢᠯᠡᠪᠡ 
             ᠪᠠᠲᠤ ᠵᠣᠷᠢᠭᠲᠤ ᠶᠣᠣ ᠯᠢ ᠱᠢ ᠬᠠᠲᠤᠨ ᠡᠯᠢᠭᠡ ᠠᠭᠤᠰᠬᠢ ᠪᠡᠨ ᠠᠭᠤᠳᠠᠯᠯᠠᠪᠠ᠂ 
             ᠪᠠᠳᠠᠷᠠᠩᠭᠤᠢ ᠲᠡᠭᠷᠢ ᠴᠢᠩᠭᠢᠰ ᠬᠠᠭᠠᠨ ᠡᠩᠭᠡᠷ ᠨᠡᠢᠲᠡ ᠳ᠋ᠦ᠍ᠷ ᠱᠠᠩᠨᠠᠪᠠ 
             ᠪᠠᠭᠠᠲᠤᠷ ᠤ᠋ᠨ ᠮᠠᠩᠯᠠᠢ ᠬᠣᠶᠠᠷ ᠲᠠᠢᠽᠢ ᠡᠷᠬᠡ ᠰᠦᠷ ᠢ᠋ᠶ᠋ᠡᠨ ᠠᠯᠳᠠᠷᠰᠢᠭᠤᠯᠪᠠ᠃