ᠡᠵᠢ ᠶᠢᠨ ᠴᠢᠨᠠᠭᠰᠠᠨ ᠴᠠᠢ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠶᠢᠨ ᠴᠢᠨᠠᠭᠰᠠᠨ ᠴᠠᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠡᠵᠢ ᠶᠢᠨ ᠴᠢᠨᠠᠭᠰᠠᠨ ᠴᠠᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2023-10-07

410

ᠡᠵᠢ ᠶᠢᠨ ᠴᠢᠨᠠᠭᠰᠠᠨ ᠴᠠᠢ


    ᠦᠭᠡ᠄ ᠳ· ᠰᠠᠮᠠᠳ  
    ᠠᠶ᠎ᠠ᠄ ᠪ· ᠮᠠᠭᠰᠤᠷᠵᠠᠪ   
    ᠳᠠᠭᠤᠴᠢᠨ᠄ ᠰ· ᠵᠢᠪᠬᠤᠯᠠᠩ  

ᠤᠤᠭᠤᠭᠠᠳ ᠰᠠᠭᠤᠬᠤ ᠳ᠋ᠤ᠌ ᠮᠢᠨᠢ ᠤᠷᠮ᠎ᠠ ᠰᠡᠷᠭᠦᠭᠡᠭᠰᠡᠨ  
ᠤᠤᠭᠠᠯ ᠨᠤᠲᠤᠭ ᠤ᠋ᠨ ᠮᠢᠨᠢ ᠠᠮᠲᠠᠲᠠᠢᠬᠠᠨ ᠴᠠᠢ  
ᠣᠯᠠᠨ ᠲᠦᠮᠡᠨ ᠦ᠌ ᠮᠢᠨᠢ ᠤᠮᠳᠠᠭ᠎ᠠ ᠨᠢ ᠪᠣᠯᠤᠭᠰᠠᠨ  
ᠣᠷᠴᠢᠯᠠᠩ ᠳ᠋ᠤ᠌ ᠭᠠᠭᠴᠠᠬᠠᠨ ᠡᠵᠢ ᠶ᠋ᠢᠨ ᠮᠢᠨᠢ ᠴᠢᠨᠠᠭᠰᠠᠨ ᠴᠠᠢ  
ᠠᠢ ᠬᠦ ᠡᠵᠢ ᠶ᠋ᠢᠨ ᠮᠢᠨᠢ ᠠᠮᠲᠠᠲᠠᠢᠬᠠᠨ ᠴᠠᠢ᠃  

ᠨᠣᠢᠷᠤᠨ ᠳᠤᠮᠳᠠ ᠮᠢᠨᠢ ᠦᠵᠡᠭᠳᠡᠭᠡᠳ ᠪᠠᠢᠳᠠᠭ
ᠨᠤᠲᠤᠭ ᠤ᠋ᠨ ᠮᠢᠨᠢ ᠠᠭᠠᠭ ᠲᠠᠢ ᠠᠮᠲᠠᠲᠠᠢᠬᠠᠨ ᠴᠠᠢ
ᠬᠣᠰᠢᠭᠤ ᠠᠯᠭᠠᠰᠠᠭᠠᠳ ᠵᠣᠷᠢᠭᠠᠳ ᠣᠴᠢᠬᠤ ᠳ᠋ᠤ᠌ ᠮᠢᠨᠢ
ᠨᠢᠷᠤᠭᠤ ᠨᠢ ᠨᠠᠮᠬᠠᠨ ᠡᠵᠢ ᠶ᠋ᠢᠨ ᠮᠢᠨᠢ ᠴᠢᠨᠠᠭᠰᠠᠨ ᠴᠠᠢ
ᠠᠢ ᠬᠦ ᠡᠵᠢ ᠶ᠋ᠢᠨ ᠮᠢᠨᠢ ᠠᠮᠲᠠᠲᠠᠢᠬᠠᠨ ᠴᠠᠢ᠃

ᠬᠠᠷᠠᠵᠠᠨ ᠤ᠋ ᠤᠰᠤ ᠪᠠᠷ ᠵᠠᠯᠠᠵᠤ ᠴᠢᠨᠠᠭᠰᠠᠨ ᠴᠠᠢ
ᠬᠠᠷᠢ ᠶ᠋ᠢᠨ ᠬᠥᠮᠦᠨ ᠢ᠋ ᠵᠣᠴᠢᠯᠠᠵᠤ ᠤᠭᠲᠤᠭᠰᠠᠨ
ᠬᠠᠢᠯᠭᠠᠨ ᠰᠡᠳᠬᠢᠯ ᠢ᠋ᠶ᠋ᠡᠷ ᠢ᠋ᠶ᠋ᠡᠨ ᠲᠠᠪᠠᠭᠯᠠᠵᠤ ᠰᠦᠯᠡᠭᠰᠡᠨ
ᠬᠠᠷᠠᠬᠠᠨ ᠨᠢᠳᠦᠲᠡᠢ ᠬᠠᠨᠢ ᠶ᠋ᠢᠨ ᠴᠢᠨᠠᠭᠰᠠᠨ ᠴᠠᠢ
ᠠᠢ ᠬᠦ ᠡᠵᠢ ᠶ᠋ᠢᠨ ᠮᠢᠨᠢ ᠠᠮᠲᠠᠲᠠᠢᠬᠠᠨ ᠴᠠᠢ᠃

ᠪᠢᠷ᠎ᠠ ᠲᠠᠢ ᠡᠷᠡᠴᠦᠦᠯ ᠦ᠋ᠨ ᠠᠮᠲᠠᠯᠠᠵᠤ ᠥᠰᠦᠭᠰᠡᠨ
ᠪᠡᠶ᠎ᠡ ᠶ᠋ᠢᠨ ᠬᠢᠨᠢ ᠴᠢᠯᠡᠭᠡ ᠶ᠋ᠢ ᠨᠢ ᠲᠠᠢᠯᠵᠤ ᠥᠭᠭᠦᠭᠰᠡᠨ
ᠪᠠᠷ᠎ᠠ ᠨᠢ ᠬᠠᠷᠠᠭᠳᠠᠬᠤ ᠨᠡᠭᠦᠳᠡᠯ ᠦ᠋ᠨ ᠡᠮᠦᠨ᠎ᠡ ᠡᠴᠡ
ᠪᠠᠷᠢᠭᠠᠳ ᠯᠠ ᠲᠣᠰᠳᠠᠭ ᠡᠵᠢ ᠶ᠋ᠢᠨ ᠮᠢᠨᠢ ᠴᠢᠨᠠᠭᠰᠠᠨ ᠴᠠᠢ
ᠠᠢ ᠬᠦ ᠡᠵᠢ ᠶ᠋ᠢᠨ ᠮᠢᠨᠢ ᠠᠮᠲᠠᠲᠠᠢᠬᠠᠨ ᠴᠠᠢ
ᠨᠤᠲᠤᠭ ᠤ᠋ᠨ ᠮᠢᠨᠢ ᠠᠮᠲᠠᠲᠠᠢᠬᠠᠨ ᠴᠠᠢ᠃

    ᠦᠰᠦᠭ ᠠᠮᠢᠯᠠᠭᠤᠯᠤᠭᠴᠢ᠄ ᠨᠠᠷᠠᠨᠲᠣᠭᠣᠰ
    ᠬᠢᠨᠠᠭᠴᠢ᠄ ᠤᠤᠭᠠᠨᠵᠢᠳ