ᠵᠡᠭᠡᠷᠡᠩᠬᠡᠢ ᠪᠥᠭᠡᠷᠡᠩᠬᠡᠢ Зээрэнхий бөөрөнхий – ᠪᠠᠷᠭᠤ ᠠᠷᠠᠳ ᠦᠨ ᠳᠠᠭᠤᠤ Барга ардын дуу
ᠵᠡᠭᠡᠷᠡᠩᠬᠡᠢ ᠪᠥᠭᠡᠷᠡᠩᠬᠡᠢ
ᠠᠶᠠᠯᠭᠤ ᠶ᠋ᠢᠨ ᠨᠠᠢᠷᠠᠭᠤᠯᠭ᠎ᠠ᠄ ᠳᠣᠷᠵᠢᠫᠦᠷᠪᠦ
ᠠᠷᠤ ᠬᠣᠷᠴᠢᠨ ᠬᠤᠰᠢᠭᠤᠨ ᠤ᠋ ᠪᠠᠶᠠᠡᠦ᠌ᠡᠳᠦᠷ ᠪᠠᠭ᠎ᠠ ᠰᠤᠷᠭᠠᠭᠤᠯᠢ ᠶ᠋ᠢᠨ
ᠪᠠᠭᠰᠢ ᠨᠠᠷ ᠠ᠋ᠴᠠ ᠳᠠᠭᠤᠯᠠᠪᠠ
ᠵᠡᠭᠡᠷᠡᠩᠬᠡᠢ ᠪᠥᠭᠡᠷᠡᠩᠬᠡᠢ ᠨᠠᠭᠠᠳᠤᠶ᠎ᠠ
ᠵᠡᠷᠭᠡᠯᠡᠭᠡᠳ ᠬᠥᠲᠥᠯᠦᠯᠴᠡᠭᠡᠳ ᠪᠥᠵᠢᠭᠯᠡᠶ᠎ᠡ
ᠵᠡᠭᠡᠷ᠎ᠡ ᠶ᠋ᠢᠨ ᠭᠦᠶᠦᠳᠡᠯ ᠢ᠋ᠶ᠋ᠡᠷ ᠳᠡᠭᠳᠡᠨ ᠦᠰᠦᠷᠦᠶᠡ
ᠵᠡᠭᠡᠷᠡᠩᠬᠡᠢᠯᠡᠵᠦ ᠪᠥᠭᠡᠷᠡᠩᠬᠡᠢᠯᠡᠵᠦ ᠲᠣᠭᠯᠠᠨ ᠪᠥᠵᠢᠭᠯᠡᠶ᠎ᠡ
ᠳᠦᠷᠡᠯᠵᠡᠭᠡᠳ ᠭᠠᠯ ᠮᠢᠨᠢ ᠬᠥᠭᠵᠢᠯᠡ
ᠲᠥᠭᠥᠷᠢᠭᠯᠡᠭᠡᠳ ᠪᠦᠭᠦᠳᠡᠭᠡᠷ ᠢ᠋ᠶ᠋ᠡᠨ ᠪᠥᠵᠢᠭᠯᠡᠶ᠎ᠡ
ᠲᠦᠭᠦᠷᠡᠩᠭᠡᠨ ᠪᠠᠶᠠᠷ ᠢ᠋ᠶ᠋ᠠᠨ ᠤᠭᠲᠤᠨ ᠪᠡᠯᠭᠡᠯᠡᠶ᠎ᠡ
ᠲᠦᠪᠰᠢᠩᠬᠡᠨ ᠵᠢᠷᠭᠠᠯ ᠢ᠋ᠶ᠋ᠠᠨ ᠵᠥᠩᠨᠡᠨ ᠢᠷᠥᠭᠡᠶ᠎ᠡ
ᠪᠠᠷᠭᠤ ᠶ᠋ᠢᠨ ᠰᠠᠢᠬᠠᠨ ᠲᠠᠯ᠎ᠠ ᠳ᠋ᠤ᠌ ᠪᠠᠨ
ᠭᠠᠯ ᠢ᠋ᠶ᠋ᠠᠨ ᠲᠣᠭᠣᠷᠢᠨ ᠨᠠᠭᠠᠳᠤᠶ᠎ᠠ
ᠨᠠᠢᠷ ᠤ᠋ᠨ ᠰᠠᠢᠬᠠᠨ ᠬᠣᠢᠮᠣᠷ ᠲᠤ᠌ ᠪᠠᠨ
ᠪᠡᠶᠡᠰᠦᠨ ᠬᠥᠭᠡᠷᠦᠨ ᠴᠡᠩᠭᠡᠯᠳᠦᠶ᠎ᠡ
ᠪᠥᠵᠢᠭᠯᠡᠶ᠎ᠡ ᠴᠡᠩᠭᠡᠯᠳᠦᠶ᠎ᠡ
ᠪᠥᠵᠢᠭᠯᠡᠶ᠎ᠡ ᠴᠡᠩᠭᠡᠯᠳᠦᠶ᠎ᠡ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
ᠦᠰᠦᠭ ᠬᠢᠨᠠᠭᠴᠢ᠄ ᠵ᠂ ᠪᠤᠶᠠᠨᠳᠤᠭᠳᠠᠬᠤ᠂ ᠣᠳᠤᠨᠴᠡᠴᠡᠭ
