ᠬᠥᠬᠡ ᠰᠤᠳᠤᠷ - ᠢᠨᠵᠠᠨᠨᠠᠰᠢ < ᠲᠠᠪᠢᠨ ᠳᠣᠯᠣᠳᠤᠭᠠᠷ ᠪᠦᠯᠦᠭ > Хөх судар - Инжинаш < Тавин долдугар бүлэг >
ᠥᠴᠦᠬᠡᠨ ᠪᠣᠭᠣᠯ ᠡᠦ ᠰᠢᠶᠠᠨ ᠤᠴᠢᠷ ᠦᠭᠡᠢ ᠪᠡᠷ ᠤᠷᠪᠠᠵᠤ ᠵᠸᠨ ᠳ᠋ᠢᠩ ᠹᠦ᠋ ᠶᠢ ᠰᠠᠮᠠᠭᠤᠷᠠᠭᠤᠯᠪᠠ
ᠦᠮᠡᠬᠡᠢ ᠬᠥᠪᠡᠭᠦᠨ ᠳᠠ ᠸᠠᠩ ᠪᠠᠲᠤ ᠦᠭᠡᠢ ᠪᠡᠷ ᠤᠷᠠᠯᠠᠵᠤ ᠰᠢ ᠯᠢᠶᠠᠩ ᠵᠢᠶᠦ᠋ᠨ ᠢ᠋ᠶ᠋ᠠᠨ ᠡᠪᠳᠡᠪᠡ
ᠲᠠᠪᠢᠨ ᠳᠣᠯᠣᠳᠤᠭᠠᠷ ᠪᠦᠯᠦᠭ
ᠬᠥᠬᠡᠭᠴᠢᠨ ᠲᠠᠬᠢᠶ᠎ᠠ ᠵᠢᠯ ᠂ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠬᠣᠷᠢᠳᠤᠭᠠᠷ ᠣᠨ ᠂ ᠰᠥᠩ ᠤᠯᠤᠰ ᠤ᠋ᠨ
ᠯᠢᠽᠦ᠋ᠩ ᠬᠠᠭᠠᠨ ᠵᠣᠣ ᠶᠦᠨ ᠦ᠌ ᠪᠦᠦ ᠴᠢᠩ ᠦ᠋ᠨ ᠲᠡᠷᠢᠭᠦᠨ ᠣᠨ ᠂ ᠠᠯᠲᠠᠨ ᠤᠯᠤᠰ ᠤ᠋ᠨ ᠸᠠᠨ ᠶᠠᠨ ᠱᠧᠦ
ᠰᠢᠦᠢ ᠵᠢᠨ ᠵᠧᠩ ᠳᠧ ᠶ᠋ᠢᠨ ᠬᠣᠶᠠᠳᠤᠭᠠᠷ ᠣᠨ ᠂ ᠡᠨᠡ ᠵᠢᠯ ᠴᠢᠩᠭᠢᠰ ᠬᠠᠭᠠᠨ ᠵᠢᠷᠠᠨ ᠳᠥᠷᠪᠡᠨ ᠰᠡᠭᠦᠳᠡᠷ ᠲᠡᠢ
ᠥᠴᠦᠬᠡᠨ ᠪᠣᠭᠣᠯ ᠡᠦ ᠰᠢᠶᠠᠨ ᠤᠴᠢᠷ ᠦᠭᠡᠢ ᠪᠡᠷ ᠤᠷᠪᠠᠵᠤ ᠵᠸᠨ ᠳ᠋ᠢᠩ ᠹᠦ ᠶ᠋ᠢ ᠰᠠᠮᠠᠭᠤᠷᠠᠭᠤᠯᠪᠠ
ᠦᠮᠡᠬᠡᠢ ᠬᠥᠪᠡᠭᠦᠨ ᠳᠡ ᠸᠠᠩ ᠪᠠᠲᠤ ᠦᠭᠡᠢ ᠪᠡᠷ ᠤᠷᠠᠯᠠᠵᠤ ᠰᠢ ᠯᠢᠶᠠᠩ ᠵᠢᠶᠦ᠋ᠨ ᠢ᠋ᠶ᠋ᠡᠨ ᠡᠪᠳᠡᠪᠡ
ᠲᠡᠨᠳᠡᠴᠡ ᠲᠡᠷᠡ ᠵᠢᠯ ᠦ᠋ᠨ ᠴᠠᠭᠠᠨ ᠰᠠᠷ᠎ᠠ ᠳ᠋ᠤᠷ ᠨᠠᠢ᠍ᠮᠠᠨ ᠤ᠋ ᠠᠯᠲᠠᠨᠱᠠᠭ᠎ᠠ ᠲᠠᠪᠤᠨ ᠮᠢᠩᠭᠠᠨ ᠴᠡᠷᠢᠭ ᠢ ᠠᠪᠴᠤ᠂ ᠰᠢᠶᠠ ᠤᠯᠤᠰ ᠤ᠋ᠨ ᠰᠢ ᠯᠢᠶᠠᠩ ᠤ᠋ᠨ ᠬᠣᠲᠠᠨ ᠢ᠋ ᠬᠠᠭᠠᠵᠤ ᠶᠠᠯ᠎ᠠ ᠠᠰᠠᠭᠤᠷ᠎ᠠ ᠡᠴᠢᠬᠦᠢ ᠳ᠋ᠦ᠍ᠷ ᠰᠢᠶᠠ ᠶ᠋ᠢᠨ ᠡᠵᠡᠨ ᠯᠢ ᠳᠡ ᠸᠠᠩ ᠯᠠᠪ ᠮᠣᠩᠭᠣᠯ ᠤ᠋ᠨ ᠴᠡᠷᠢᠭ ᠢᠷᠡᠬᠦ ᠶ᠋ᠢ ᠮᠡᠳᠡᠵᠦ᠂ ᠨᠢᠳᠤᠨᠤᠨ ᠡᠪᠦᠯ ᠳ᠋ᠡᠭᠡᠨ ᠰᠥᠩ᠂ ᠠᠯᠲᠠᠨ ᠬᠣᠶᠠᠷ ᠤᠯᠤᠰ ᠲᠤᠷ ᠡᠯᠴᠢ ᠢᠯᠡᠭᠡᠵᠦ᠂ ᠲᠤᠯᠬᠤ ᠴᠡᠷᠢᠭ ᠭᠤᠶᠤᠵᠤ ᠮᠣᠩᠭᠣᠯ ᠢ ᠲᠤᠯᠰᠤᠭᠠᠢ ᠬᠡᠮᠡᠬᠦᠢ ᠳ᠋ᠦ᠍ᠷ ᠬᠣᠶᠠᠷ ᠤᠯᠤᠰ ᠬᠠᠮᠲᠤ ᠪᠠᠷ ᠴᠥᠮ ᠬᠦᠯᠢᠶᠡᠨ ᠠᠪᠤᠭᠰᠠᠨ ᠪᠥᠯᠥᠭᠡ᠃ ᠡᠳᠦᠭᠡ ᠮᠣᠩᠭᠣᠯ ᠤ᠋ᠨ ᠶᠠᠯ᠎ᠠ ᠠᠰᠠᠭᠤᠬᠤ ᠡᠯᠴᠢ ᠲᠠᠪᠤᠨ ᠮᠢᠩᠭᠠᠨ ᠴᠡᠷᠢᠭ ᠢ᠋ᠶ᠋ᠡᠷ ᠢᠷᠡᠬᠦᠢ ᠶ᠋ᠢ ᠰᠣᠨᠣᠰᠴᠤ᠂ ᠶᠠᠭᠠᠷᠠᠨ ᠰᠥᠩ᠂ ᠠᠯᠲᠠᠨ ᠬᠣᠶᠠᠷ ᠤᠯᠤᠰ ᠲᠠᠭᠠᠨ ᠡᠯᠴᠢ ᠵᠠᠷᠤᠭᠰᠠᠨ ᠳ᠋ᠤᠷ ᠴᠢᠪᠬᠢᠲᠡᠯ᠎ᠡ ᠰᠥᠩ ᠤᠯᠤᠰ ᠲᠤᠷ ᠥᠪᠡᠷ ᠵᠠᠭᠤᠷ᠎ᠠ ᠪᠠᠨ ᠴᠡᠷᠢᠭ ᠦ᠋ᠨ ᠬᠡᠷᠡᠭ ᠭᠠᠷᠴᠤ ᠬᠠᠪᠰᠤᠷᠴᠤ ᠴᠡᠷᠢᠭ ᠢᠯᠡᠬᠡᠨ ᠡᠰᠡ ᠴᠢᠳᠠᠭᠰᠠᠨᠠ᠂ ᠠᠯᠲᠠᠨ ᠤᠯᠤᠰ ᠰᠥᠩ ᠤᠯᠤᠰ ᠴᠡᠷᠢᠭ ᠡᠰᠡ ᠲᠤᠰᠠᠯᠠᠭᠰᠠᠨ ᠢ ᠰᠦᠪᠡᠭᠴᠢᠯᠡᠨ ᠰᠣᠨᠣᠰᠴᠤ᠂ ᠮᠣᠩᠭᠣᠯ ᠠ᠋ᠴᠠ ᠠᠶᠤᠵᠤ ᠡᠨᠡ ᠵᠢᠯ ᠮᠠᠨ ᠤ᠋ ᠤᠯᠤᠰ ᠴᠡᠷᠢᠭ ᠲᠡᠢᠨ ᠢ ᠴᠡᠭᠡᠷᠯᠡᠮᠦᠢ ᠭᠡᠮᠡᠨ ᠪᠠᠰᠠ ᠡᠰᠡ ᠥᠭᠭᠦᠭᠰᠡᠨ ᠳ᠋ᠦ᠍ᠷ ᠯᠢ ᠳᠡ ᠸᠠᠩ ᠶᠡᠬᠡᠯ᠎ᠡ ᠪᠠᠴᠢᠮᠳᠠᠨ ᠣᠳᠣ ᠬᠡᠷᠬᠢᠮᠦᠢ ᠭᠡᠮᠡᠨ ᠴᠢᠷᠠᠢ ᠶ᠋ᠢᠨ ᠥᠩᠭᠡ ᠴᠥᠮ ᠬᠤᠪᠢᠯᠤᠭᠰᠠᠨ ᠳ᠋ᠤᠷ ᠣᠯᠠᠨ ᠲᠦᠰᠢᠮᠡᠳ ᠵᠥᠪᠯᠡᠨ ᠥᠭᠦᠯᠡᠷᠦᠨ: 《ᠲᠦᠷ ᠨᠢᠭᠡᠨ ᠪᠡᠶ᠎ᠡ ᠪᠤᠯᠳᠤᠷᠠᠨ ᠵᠠᠢ ᠡᠷᠢᠬᠦ ᠠᠷᠭ᠎ᠠ ᠶ᠋ᠢ ᠬᠡᠷᠡᠭᠯᠡᠵᠦ ᠂ ᠮᠣᠩᠭᠣᠯ ᠤ᠋ᠨ ᠴᠡᠷᠢᠭ ᠦ᠋ᠨ ᠢᠷᠡᠬᠦ ᠶ᠋ᠢ ᠵᠣᠭᠰᠣᠭᠠᠵᠤ᠂ ᠡᠨᠡ ᠵᠠᠪᠰᠠᠷ ᠲᠤᠷ ᠥᠪᠡᠷ᠎ᠡ ᠠᠷᠭ᠎ᠠ ᠶ᠋ᠢ ᠪᠣᠳᠣᠰᠤᠭᠠᠢ ! 》 ᠬᠡᠮᠡᠬᠦᠢ ᠳ᠋ᠦ᠍ᠷ ᠯᠢ ᠳᠡ ᠸᠠᠩ ᠶᠠᠮᠪᠠᠷ ᠠᠷᠭ᠎ᠠ ᠶ᠋ᠢ ᠠᠰᠠᠭᠤᠭᠰᠠᠨ ᠳ᠋ᠤᠷ ᠵᠥᠪᠰᠢᠶᠡᠷᠡᠯ ᠦ᠋ᠨ ᠰᠠᠢᠳ ᠥᠭᠦᠯᠡᠷᠦᠨ: 《ᠡᠳᠦᠭᠡ ᠮᠣᠩᠭᠣᠯ ᠤ᠋ᠨ ᠴᠡᠷᠢᠭ ᠬᠦᠷᠴᠦ ᠢᠷᠡᠬᠦ ᠶ᠋ᠢᠨ ᠤᠷᠢᠳ ᠮᠠᠨ ᠤ᠋ ᠲᠠᠢᠽᠢ ᠨᠢᠯᠬ᠎ᠠ ᠲᠤᠯᠠ ᠡᠵᠡᠨ ᠦ᠌ ᠳᠡᠭᠦᠦ ᠶ᠋ᠢᠨ ᠬᠥᠪᠡᠭᠦᠨ ᠯᠢ ᠰᠢᠶᠠᠨ ᠢ ᠳᠡᠨᠵᠢ ᠪᠣᠯᠭᠠᠨ ᠬᠦᠷᠭᠡᠰᠦᠭᠡᠢ᠂ ᠡᠳᠦᠭᠡ ᠪᠡᠶ᠎ᠡ ᠢᠨᠤ ᠠᠮᠤᠷ ᠦᠭᠡᠢ ᠲᠤᠯᠠ ᠡᠪᠡᠳᠴᠢᠨ ᠰᠠᠢᠨ ᠪᠣᠯᠣᠮᠠᠭᠴᠠ ᠬᠦᠷᠭᠡᠮᠦᠢ ᠭᠡᠮᠡᠨ ᠪᠣᠳᠣᠷᠣᠣᠯ ᠪᠢᠴᠢᠭ ᠪᠠᠷᠢᠭᠤᠯᠵᠤ᠂ ᠲᠡᠳᠡᠨ ᠦ᠌ ᠴᠡᠷᠢᠭ ᠢ ᠦᠯᠦ ᠮᠡᠳᠡᠬᠦ ᠳᠦᠷᠢ ᠪᠡᠷ ᠢᠯᠡᠭᠡᠪᠡᠰᠦ ᠲᠦᠷ ᠵᠠᠪᠰᠠᠷ ᠭᠠᠷᠤᠮᠤᠢ 》ᠬᠡᠮᠡᠭᠰᠡᠨ ᠳ᠋ᠦ᠍ᠷ ᠯᠢ ᠳᠡ ᠸᠠᠩ ᠪᠣᠳᠣᠪᠠᠰᠤ ᠮᠥᠨ ᠥᠪᠡᠷ᠎ᠡ ᠠᠷᠭ᠎ᠠ ᠦᠭᠡᠢ ᠲᠤᠯᠠ ᠳᠠᠷᠤᠢ ᠮᠥᠨ ᠶᠣᠰᠣᠭᠠᠷ ᠪᠣᠳᠣᠷᠣᠣᠯ ᠪᠢᠴᠢᠭ ᠪᠠᠷᠢᠭᠤᠯᠤᠨ ᠮᠣᠩᠭᠣᠯ ᠤᠯᠤᠰ ᠲᠤᠷ ᠡᠴᠢᠬᠦᠢ ᠳ᠋ᠦ᠍ᠷ ᠮᠣᠩᠭᠣᠯ ᠤ᠋ᠨ ᠴᠡᠷᠢᠭ ᠵᠠᠮ ᠤ᠋ᠨ ᠭᠣᠳᠣᠰ ᠤᠴᠠᠷᠠᠭᠠᠳ ᠡᠨᠡ ᠤᠴᠢᠷ ᠢ ᠰᠣᠨᠣᠰᠴᠤ ᠲᠦᠷ ᠴᠡᠷᠢᠭ ᠢ ᠪᠠᠭᠤᠳᠠᠯᠯᠠᠪᠠ᠃
ᠲᠡᠳᠦᠢ ᠡᠯᠴᠢ ᠳ᠋ᠠᠢᠳᠦ᠋ ᠳ᠋ᠦ᠍ᠷ ᠬᠦᠷᠴᠦ ᠪᠣᠳᠣᠷᠣᠣᠯ ᠪᠢᠴᠢᠭ ᠢ᠋ ᠡᠷᠭᠦᠭᠰᠡᠨ ᠳ᠋ᠦ᠍ᠷ ᠳᠥᠷᠪᠡᠨ ᠸᠠᠩ ᠵᠢᠴᠢ ᠥᠷᠯᠥᠭᠡ ᠶ᠋ᠢᠨ ᠲᠥᠷᠥ ᠳ᠋ᠦ᠍ᠷ ᠬᠠᠭᠠᠨ ᠳ᠋ᠤᠷ ᠠᠢᠯᠠᠳᠬᠠᠭᠰᠠᠨ᠎ᠠ ᠬᠠᠭᠠᠨ ᠬᠠᠷᠢᠭᠤ ᠵᠠᠷᠯᠢᠭ ᠪᠣᠯᠤᠷᠤᠨ: 《ᠡᠨᠡ ᠪᠣᠯᠪᠠᠰᠤ ᠰᠢᠶᠠ ᠤᠯᠤᠰ ᠤ᠋ᠨ ᠴᠢᠯᠥᠭᠡ ᠡᠷᠢᠬᠦ ᠠᠷᠭ᠎ᠠ᠂ ᠲᠡᠢᠨ ᠪᠣᠯᠪᠠᠴᠤ ᠳᠠᠷᠤᠢ ᠲᠡᠭᠦᠨ ᠦ᠌ ᠶᠣᠰᠣᠭᠠᠷ ᠭᠤᠷᠪᠠᠨ ᠰᠠᠷ᠎ᠠ ᠶ᠋ᠢᠨ ᠬᠤᠭᠤᠴᠠᠭ᠎ᠠ ᠥᠭᠴᠦ ᠶᠠᠪᠤᠭᠤᠯ ᠂ ᠬᠣᠵᠢᠮ ᠡᠳᠦᠷ ᠭᠡᠮᠰᠢᠯ ᠦᠭᠡᠢ ᠰᠠᠢᠨ ! 》 ᠭᠡᠮᠡᠨ ᠬᠠᠭᠤᠯᠤᠨ ᠪᠠᠭᠤᠯᠭᠠᠪᠠ᠃ ᠳᠠᠷᠤᠢ ᠵᠠᠭᠤᠨ ᠲᠦᠰᠢᠮᠡᠳ ᠲᠠᠷᠬᠠᠯᠴᠠᠨ ᠪᠠᠭᠤᠵᠤ ᠢᠷᠡᠭᠡᠳ ᠭᠤᠶᠤᠳᠠᠯ ᠥᠭᠴᠦ ᠭᠤᠷᠪᠠᠨ ᠰᠠᠷ᠎ᠠ ᠶ᠋ᠢᠨ ᠬᠤᠭᠤᠴᠠᠭ᠎ᠠ ᠬᠠᠢᠷᠠᠯᠠᠨ ᠶᠠᠪᠤᠭᠤᠯᠤᠭᠠᠳ ᠠᠯᠲᠠᠨᠱᠠᠭ᠎ᠠ ᠶ᠋ᠢᠨ ᠴᠡᠷᠢᠭ ᠢ᠋ ᠲᠡᠭᠦᠪᠡᠷ ᠬᠣᠢᠲᠤ ᠵᠦᠭ ᠣᠷᠣᠵᠤ ᠪᠠᠢᠴᠠᠭᠠᠯᠭᠠᠷᠠ ᠵᠠᠷᠤᠪᠠ᠃ ᠡᠭᠦᠨ ᠢ᠋ ᠲᠦᠷ ᠵᠣᠭᠰᠣᠵᠤ᠂ ᠰᠥᠩ ᠦ᠋ᠨ ᠬᠡᠷᠡᠭ ᠢ᠋ ᠬᠡᠯᠡᠬᠦ ᠢᠨᠦ : ᠥᠨᠥᠬᠡᠨ ᠰᠢᠶᠠ ᠤᠯᠤᠰ ᠰᠥᠩ ᠤᠯᠤᠰ ᠠ᠋ᠴᠠ ᠴᠡᠷᠢᠭ ᠵᠢᠭᠡᠯᠡᠬᠦᠢ ᠳ᠋ᠦ᠍ᠷ ᠰᠥᠩ ᠤᠯᠤᠰ ᠥᠪᠡᠷ ᠵᠠᠭᠤᠷ᠎ᠠ ᠪᠠᠨ ᠲᠡᠢᠨ ᠳᠡᠭᠳᠡᠵᠦ᠂ ᠴᠡᠷᠢᠭ ᠲᠤᠰᠠᠯᠠᠵᠤ ᠴᠢᠳᠠᠬᠤ ᠦᠭᠡᠢ ᠪᠣᠯᠪᠠ ᠬᠡᠮᠡᠭᠰᠡᠨ ᠢᠨᠤ ᠥᠪᠡᠷ᠎ᠡ ᠤᠴᠢᠷ ᠪᠤᠰᠤ᠂ ᠦᠵᠡᠰᠡ ᠰᠥᠩ ᠤᠯᠤᠰ ᠤ᠋ᠨ ᠬᠠᠭᠤᠴᠢᠨ ᠲᠠᠢᠽᠢ ᠵᠣᠣ ᠾᠦᠩ ᠢ᠋ ᠪᠠᠢᠯᠭᠠᠵᠤ᠂ ᠰᠢᠨ᠎ᠡ ᠪᠠᠢᠭᠤᠯᠤᠭᠰᠠᠨ ᠵᠢᠢ ᠸᠠᠩ ᠤ᠋ᠨ ᠦᠷᠡᠴᠢᠯᠡᠭᠰᠡᠨ ᠬᠥᠪᠡᠭᠦᠨ ᠬᠦᠢ ᠴᠧᠩ – ᠵᠣᠣ ᠶᠦᠨ ᠢ᠋ ᠬᠠᠭᠠᠨ ᠰᠠᠭᠤᠯᠭᠠᠭᠰᠠᠨ ᠳ᠋ᠤᠷ ᠰᠥᠩ ᠤᠯᠤᠰ ᠤ᠋ᠨ ᠬᠤ᠌ ᠵᠧᠦ ᠬᠣᠲᠠ ᠶ᠋ᠢ ᠰᠠᠬᠢᠭᠰᠠᠨ ᠹᠠᠨ ᠿᠸᠨ ᠬᠡᠮᠡᠭᠴᠢ ᠶᠡᠬᠡ ᠵᠠᠩᠵᠤᠨ᠂ ᠱᠠᠨ ᠳ᠋ᠦᠩ ᠦ᠋ᠨ ᠶᠡᠬᠡ ᠵᠠᠩᠵᠤᠨ ᠯᠢ ᠴᠢᠦᠸᠠᠨ ᠢ᠋ ᠡᠷᠢᠨ ᠡᠴᠢᠵᠦ᠂ ᠰᠢᠨ᠎ᠡ ᠬᠠᠭᠠᠨ ᠢ ᠠᠯᠠᠵᠤ ᠬᠠᠭᠤᠴᠢᠨ ᠲᠠᠢᠽᠢ ᠵᠣᠣ ᠾᠦᠩ ᠢ᠋ ᠪᠠᠢᠭᠤᠯᠵᠤ᠂ ᠤᠯᠤᠰ ᠤ᠋ᠨ ᠡᠷᠬᠡ ᠶ᠋ᠢ ᠡᠵᠡᠯᠡᠰᠦᠭᠡᠢ ᠬᠡᠮᠡᠭᠰᠡᠨ ᠳ᠋ᠦ᠍ᠷ ᠯᠢ ᠴᠢᠦᠸᠠᠨ ᠬᠡᠳᠦᠢ ᠬᠦᠯᠢᠶᠡᠨ ᠠᠪᠤᠭᠰᠠᠨ ᠪᠣᠯᠪᠠᠴᠤ ᠤᠷᠢᠳᠠ ᠹᠠᠨ ᠿᠸᠨ ᠢ᠋ᠶ᠋ᠡᠷ ᠵᠣᠣ ᠾᠦᠩ ᠢ᠋ ᠲᠡᠩᠰᠡᠭᠦᠯᠦᠨ ᠦᠵᠡᠰᠦᠭᠡᠢ ᠬᠡᠮᠡᠬᠦ ᠰᠡᠳᠬᠢᠯ ᠡᠪᠦᠷᠯᠡᠭᠡᠳ ᠪᠢ ᠬᠣᠷᠢᠨ ᠲᠦᠮᠡᠨ ᠴᠡᠷᠢᠭ ᠥᠭᠰᠦᠭᠡᠢ ᠭᠡᠮᠡᠨ ᠶᠠᠪᠤᠭᠤᠯᠪᠠ᠃ ᠹᠠᠨ ᠿᠸᠨ ᠮᠡᠬᠡᠯᠡᠭᠳᠡᠵᠦ ᠬᠤ᠌ ᠵᠧᠦ ᠳ᠋ᠦ᠍ᠷ ᠢᠷᠡᠵᠦ᠂ ᠲᠣᠭᠲᠠᠭᠰᠠᠨ ᠡᠳᠦᠷ ᠲᠣᠷ ᠯᠢ ᠴᠢᠦᠸᠠᠨ ᠤ᠋ ᠴᠡᠷᠢᠭ ᠰᠢᠭᠤᠳ ᠢᠷᠡᠭᠰᠡᠨ ᠦᠭᠡᠢ ᠳ᠋ᠦ᠍ᠷ ᠹᠠᠨ ᠿᠸᠨ ᠴᠢᠬᠤᠯᠳᠠᠵᠤ᠂ ᠠᠷᠭ᠎ᠠ ᠦᠭᠡᠢ ᠵᠣᠣ ᠾᠦᠩ ᠢ ᠬᠠᠭᠠᠨ ᠰᠠᠭᠤᠷᠢᠨ ᠳ᠋ᠤᠷ ᠰᠠᠭᠤᠯᠭᠠᠨ᠂ ᠰᠢᠷ᠎ᠠ ᠳᠡᠪᠡᠯ ᠬᠠᠭᠠᠨ ᠤ᠋ ᠮᠠᠯᠠᠭ᠎ᠠ ᠡᠮᠦᠰᠬᠡᠰᠦᠭᠡᠢ ᠬᠡᠮᠡᠬᠦᠢ ᠳ᠋ᠦ᠍ᠷ ᠵᠣᠣ ᠾᠦᠩ ᠬᠦᠴᠦᠨ ᠬᠦᠷᠬᠦ ᠦᠭᠡᠢ ᠬᠡᠷᠡᠭ ᠵᠠᠳᠠᠷᠠᠭᠰᠠᠨ ᠳ᠋ᠤᠷ ᠠᠯᠠᠭᠳᠠᠬᠤ ᠠ᠋ᠴᠠ ᠠᠶᠤᠵᠤ ᠂ ᠵᠠᠭᠤᠨ ᠵᠦᠢᠯ ᠢ᠋ᠶ᠋ᠡᠷ ᠤᠬᠢᠯᠠᠨ ᠭᠠᠰᠠᠯᠵᠤ ᠦᠯᠦ ᠪᠣᠯᠤᠨ᠂ ᠭᠠᠵᠠᠷ ᠣᠷᠣᠨ ᠤ᠋ ᠴᠡᠷᠢᠭ ᠦ᠋ᠨ ᠲᠦᠰᠢᠮᠡᠳ ᠰᠡᠮᠡᠬᠡᠷ ᠵᠥᠪᠳᠡᠵᠦ᠂ ᠹᠠᠨ ᠿᠸᠨ ᠢ ᠪᠠᠷᠢᠵᠤ ᠬᠦᠷᠭᠡᠰᠦᠭᠡᠢ ᠭᠡᠮᠡᠨ ᠭᠠᠵᠠᠷ ᠣᠷᠣᠨ ᠤ᠋ ᠴᠡᠷᠢᠭ ᠢ ᠯᠢ ᠴᠢᠦᠸᠠᠨ ᠤ᠋ ᠴᠡᠷᠢᠭ ᠭᠡᠮᠡᠨ ᠮᠡᠬᠡᠯᠡᠵᠦ᠂ ᠬᠡᠳᠦᠨ ᠮᠢᠩᠭᠠᠨ ᠴᠡᠷᠢᠭ ᠬᠤ᠌ ᠵᠧᠦ ᠳ᠋ᠦ᠍ᠷ ᠣᠷᠣᠭᠰᠠᠨ ᠳ᠋ᠤᠷ ᠹᠠᠨ ᠿᠸᠨ ᠬᠡᠷᠡᠭ ᠡᠪᠳᠡᠷᠡᠭᠰᠡᠨ ᠳ᠋ᠦ᠍ᠷ ᠠᠶᠤᠵᠤ ᠪᠤᠷᠤᠭᠤᠯᠠᠪᠠ᠃ ᠵᠢᠢ ᠸᠠᠩ ᠵᠣᠣ ᠾᠦᠩ᠂ ᠹᠠᠨ ᠿᠸᠨ ᠢ᠋ ᠳᠠᠢᠯᠠᠭᠰᠠᠨ ᠤᠴᠢᠷ ᠢ᠋ ᠰᠥᠩ ᠯᠢᠽᠦ᠋ᠩ ᠳ᠋ᠦ᠍ᠷ ᠠᠢᠯᠠᠳᠬᠠᠨ ᠶᠠᠪᠤᠭᠤᠯᠲᠠᠯᠠ ᠰᠥᠩ ᠤᠯᠤᠰ ᠤ᠋ᠨ ᠬᠣᠷᠢᠨ ᠲᠦᠮᠡᠨ ᠶᠡᠬᠡ ᠴᠡᠷᠢᠭ ᠵᠠᠮ ᠳ᠋ᠤᠷ ᠤᠴᠠᠷᠠᠭᠠᠳ ᠲᠦᠪᠰᠢᠷᠡᠭᠰᠡᠨ ᠲᠤᠯᠠ ᠴᠡᠷᠢᠭ ᠡᠭᠡᠪᠡ᠃ ᠵᠢᠢ ᠸᠠᠩ ᠵᠣᠣ ᠾᠦᠩ ᠦ᠋ᠨ ᠪᠣᠳᠣᠷᠣᠣᠯ ᠨᠡᠢᠰᠯᠡᠯ ᠳ᠋ᠦ᠍ᠷ ᠬᠦᠷᠴᠦ ᠠᠢᠯᠠᠳᠬᠠᠭᠰᠠᠨ ᠳ᠋ᠤᠷ ᠰᠥᠩ ᠯᠢᠽᠦ᠋ᠩ ᠵᠣᠣ ᠶᠦᠨ ᠰᠡᠵᠢᠭᠯᠡᠵᠦ᠂ ᠵᠢᠢ ᠸᠠᠩ ᠵᠣᠣ ᠾᠦᠩ ᠢ ᠳᠠᠭᠤᠳᠠᠭᠤᠯᠤᠭᠰᠠᠨ ᠳ᠋ᠤᠷ ᠵᠢᠢ ᠸᠠᠩ ᠵᠣᠣ ᠾᠦᠩ ᠪᠠᠷᠢᠵᠤ ᠠᠯᠠᠬᠤ ᠠ᠋ᠴᠠ ᠠᠶᠤᠨ ᠡᠪᠡᠳᠪᠡ ᠭᠡᠮᠡᠨ ᠡᠴᠢᠭᠰᠡᠨ ᠦᠭᠡᠢ ᠳ᠋ᠦ᠍ᠷ ᠰᠥᠩ ᠯᠢᠽᠦ᠋ᠩ ᠨᠡᠩ ᠰᠡᠵᠢᠭᠯᠡᠵᠦ᠂ ᠡᠮᠴᠢ ᠢᠯᠡᠭᠡᠵᠦ ᠦᠵᠡᠭᠦᠯᠬᠦ ᠪᠡᠷ ᠨᠡᠷ᠎ᠡ ᠭᠠᠷᠭᠠᠨ ᠵᠢᠢ ᠸᠠᠩ ᠵᠣᠣ ᠾᠦᠩ ᠢ᠋ ᠬᠣᠣᠷᠠᠳᠠᠭᠠᠨ ᠠᠯᠠ ᠬᠡᠮᠡᠭᠰᠡᠨ ᠳ᠋ᠦ᠍ᠷ ᠵᠢᠢ ᠸᠠᠩ ᠵᠣᠣ ᠾᠦᠩ ᠨᠢᠭᠡᠨᠲᠡ ᠵᠢᠷᠭᠠᠵᠤ ᠴᠢᠳᠠᠬᠤ ᠦᠭᠡᠢ ᠪᠣᠯᠤᠭᠰᠠᠨ ᠲᠤᠯᠠ ᠥᠪᠡᠷ ᠢ᠋ᠶ᠋ᠡᠨ ᠪᠣᠭᠣᠮᠢᠯᠠᠨ ᠦᠬᠦᠭᠰᠡᠨ ᠳ᠋ᠦ᠍ᠷ ᠲᠡᠭᠦᠨ ᠦ᠌ ᠬᠥᠪᠡᠭᠦᠨ ᠠᠴᠢ ᠨᠠᠷ ᠢ ᠡᠷᠭᠦᠮᠵᠢᠯᠡᠬᠦ ᠦᠭᠡᠢ ᠪᠡᠷ ᠦᠯᠦ ᠪᠠᠷᠠᠨ᠂ ᠵᠣᠣ ᠾᠦᠩ ᠦ᠋ᠨ ᠦᠬᠦᠭᠰᠡᠨ ᠪᠡᠶ᠎ᠡ ᠶ᠋ᠢᠨ ᠵᠡᠷᠭᠡ ᠶ᠋ᠢ ᠮᠥᠨ ᠪᠠᠭᠤᠷᠠᠭᠤᠯᠵᠤ᠂ ᠪᠦᠸᠧ ᠯᠢᠩ ᠵᠢᠶᠦ᠋ᠨ ᠦ᠌ ᠬᠦᠩ ᠬᠡᠮᠡᠪᠡ᠃ ᠡᠨᠡ ᠵᠢᠢ ᠸᠠᠩ ᠵᠣᠣ ᠾᠦᠩ ᠦ᠋ᠨ ᠶᠡᠬᠡ ᠬᠥᠪᠡᠭᠦᠨ ᠵᠣᠣ ᠵᠣ᠌᠂ ᠥᠬᠢᠨ ᠵᠣᠣ ᠵᠢᠩ ᠴᠥᠮ ᠨᠢᠯᠬ᠎ᠠ ᠲᠤᠯᠠ ᠭᠡᠷ ᠦ᠋ᠨ ᠠᠷᠠᠳ ᠲᠡᠪᠡᠷᠢᠵᠦ ᠪᠤᠲᠠᠷᠠᠨ ᠰᠠᠷᠨᠢᠯᠴᠠᠵᠤ ᠂ ᠤᠷᠤᠭ ᠲᠥᠷᠥᠯ ᠢ ᠡᠷᠢᠨ – ᠵᠢᠢ ᠸᠠᠩ ᠵᠣᠣ ᠾᠦᠩ ᠤᠷᠢᠳᠤ ᠡᠳᠦᠷ ᠵᠣᠣ ᠶᠠᠨ ᠨᠠ ᠳ᠋ᠤᠷ ᠰᠠᠢᠨ ᠭᠠᠵᠠᠷ ᠪᠣᠢ ᠲᠤᠯᠠ ᠳᠠᠷᠤᠢ ᠲᠡᠨᠳᠡ ᠡᠷᠢᠨ ᠡᠴᠢᠵᠦ ᠲᠣᠯᠣᠭᠠᠢ ᠰᠢᠷᠭᠤᠨ ᠠᠮᠢᠳᠤᠷᠠᠪᠠ᠃ ᠲᠡᠳᠦᠢ ᠰᠥᠩ ᠯᠢᠽᠦ᠋ᠩ ᠦ᠋ᠨ ᠬᠥᠭᠰᠢᠨ ᠶᠤᠸᠠᠨ ᠸᠠᠢ ᠯᠠᠩ ᠲᠦᠰᠢᠮᠡᠯ ᠡᠪᠬᠡᠮᠡᠯ ᠢ᠋ ᠲᠠᠲᠠᠵᠤ᠂ ᠠᠬ᠎ᠠ ᠳᠡᠭᠦᠦ ᠶ᠋ᠢᠨ ᠨᠠᠢᠷ ᠵᠢᠷᠤᠮ ᠤ᠋ᠨ ᠬᠦᠨᠳᠦ ᠪᠠ ᠡᠷᠲᠡᠨ ᠦ᠌ ᠶᠣᠣ ᠱᠦᠨ ᠦ᠌ ᠶᠠᠪᠤᠳᠠᠯ ᠢ᠋ ᠭᠠᠷᠭᠠᠵᠤ ᠦᠯᠢᠳᠬᠡᠨ ᠬᠣᠷᠢᠭᠯᠠᠨ ᠢᠳᠬᠠᠪᠠᠴᠤ ᠦᠭᠡ ᠶ᠋ᠢ ᠠᠪᠤᠭᠰᠠᠨ ᠦᠭᠡᠢ᠃ ᠰᠥᠩ ᠤᠯᠤᠰ ᠲᠤᠷ ᠡᠢᠮᠦ ᠬᠡᠷᠡᠭ ᠭᠠᠷᠤᠭᠰᠠᠨ ᠢ᠋ᠶ᠋ᠠᠷ ᠰᠢᠯᠲᠠᠭ ᠪᠣᠯᠭᠠᠨ ᠰᠢᠶᠠ ᠤᠯᠤᠰ ᠲᠤᠷ ᠴᠡᠷᠢᠭ ᠡᠰᠡ ᠦᠭᠭᠦᠭᠰᠡᠨ ᠠᠵᠤᠭᠤ᠃ ᠡᠭᠦᠨ ᠢ᠋ ᠯᠢ ᠴᠢᠦᠸᠠᠨ ᠰᠣᠨᠣᠰᠴᠤ᠂ ᠬᠡᠷᠡᠭ ᠰᠡᠷᠡᠭᠳᠡᠭᠰᠡᠨ ᠢ ᠮᠡᠳᠡᠵᠦ ᠤᠷᠪᠠᠬᠤ ᠰᠡᠳᠬᠢᠯ ᠨᠢᠭᠡᠨᠲᠡ ᠲᠣᠭᠲᠠᠵᠤ᠂ ᠬᠡᠳᠦᠢᠨᠡᠢ ᠲᠡᠵᠢᠭᠡᠭᠰᠡᠨ ᠶᠡᠬᠡ ᠴᠡᠷᠢᠭ ᠢ ᠠᠪᠴᠤ᠂ ᠤᠷᠢᠳᠠ ᠴᠢᠦ ᠵᠧᠦ ᠳ᠋ᠦ᠍ᠷ ᠭᠠᠯ ᠲᠠᠯᠪᠢᠨ ᠪᠠᠢᠯᠳᠤᠵᠤ ᠠᠪᠤᠭᠠᠳ ᠡᠭᠦᠨᠴᠡ ᠶᠡᠬᠡ ᠰᠠᠮᠠᠭᠤᠨ ᠡᠳᠦᠭᠰᠡᠨ ᠳ᠋ᠦ᠍ᠷ ᠴᠢᠦ ᠵᠧᠦ ᠶ᠋ᠢ ᠰᠠᠬᠢᠬᠤ ᠵᠠᠩᠵᠤᠨ ᠰᠢᠦᠢ ᠭᠦᠸᠧ ᠪᠤᠷᠤᠭᠤᠯᠠᠨ ᠭᠠᠷᠤᠭᠠᠳ ᠦᠬᠦᠵᠦᠬᠦᠢ᠃
ᠲᠡᠳᠦᠢ ᠰᠥᠩ ᠯᠢᠽᠦ᠋ᠩ ᠰᠢᠳᠠᠷ ᠰᠠᠢᠳ ᠰᠢ ᠽᠢ ᠶ᠋ᠢ ᡁᠢ ᡁᠢ ᠱᠢ ᠲᠦᠰᠢᠮᠡᠯ ᠪᠣᠯᠭᠠᠨ ᠯᠢ ᠴᠢᠦᠸᠠᠨ ᠢ ᠰᠡᠷᠭᠡᠢᠯᠡᠨ ᠪᠡᠯᠡᠳᠬᠡᠯᠭᠡᠪᠡ᠃ ᠲᠡᠳᠦᠢ ᠯᠢ ᠴᠢᠦᠸᠠᠨ ᠳᠠᠷᠤᠢ ᠳᠥᠷᠪᠡᠨ ᠵᠦᠭ ᠲᠦ᠍ᠷ ᠡᠯᠴᠢ ᠭᠠᠷᠭᠠᠨ ᠴᠡᠷᠢᠭ ᠡᠯᠰᠡᠵᠦ᠂ ᠪᠠᠰᠠ ᠠᠯᠲᠠᠨ ᠤᠯᠤᠰ ᠤ᠋ᠨ ᠬᠣᠲᠠ ᠪᠠᠯᠭᠠᠳ ᠪᠠ ᠮᠣᠩᠭᠣᠯ ᠳ᠋ᠤᠷ ᠳᠠᠭᠠᠭᠰᠠᠨ ᠬᠣᠲᠠ ᠶ᠋ᠢᠨ ᠬᠢᠲᠠᠳ ᠵᠠᠩᠵᠤᠨ ᠢ᠋ ᠡᠳᠦᠭᠡᠨ ᠬᠡᠯᠡᠯᠴᠡᠭᠦᠯᠬᠦᠢ ᠳ᠋ᠦ᠍ᠷ᠂ ᠡᠨᠡ ᠦᠶ᠎ᠡ ᠳ᠋ᠦ᠍ᠷ ᠶᠡᠬᠡ ᠶᠤᠸᠠᠨᠱᠤᠸᠠᠢ ᠭᠦᠸᠧ ᠸᠠᠩ ᠲᠠᠢᠱ᠌ᠢ ᠮᠤᠬᠤᠯᠢ ᠦᠬᠦᠵᠦ ᠣᠯᠠᠨ ᠬᠣᠲᠠ ᠪᠠᠯᠭᠠᠳ ᠤ᠋ᠨ ᠬᠢᠲᠠᠳ ᠲᠦᠰᠢᠮᠡᠯ ᠰᠡᠳᠬᠢᠯ ᠲᠣᠭᠲᠠᠭᠤᠨ ᠦᠭᠡᠢ ᠪᠥᠬᠥᠶ᠎ᠡ᠂ ᠪᠠᠰᠠ ᠰᠥᠩ ᠤᠯᠤᠰ ᠤ᠋ᠨ ᠯᠢ ᠴᠢᠦᠸᠠᠨ ᠤ᠋ ᠥᠳᠥᠭᠡᠨ ᠬᠡᠯᠡᠯᠴᠡᠷ᠎ᠡ ᠢᠷᠡᠬᠦᠢ ᠳ᠋ᠦ᠍ᠷ ᠮᠣᠩᠭᠣᠯ ᠳ᠋ᠤᠷ ᠳᠠᠭᠠᠭᠰᠠᠨ ᠡᠤ ᠰᠢᠶᠠᠨ ᠬᠡᠳᠦᠢᠨᠡᠢ ᠡᠴᠡ ᠥᠪᠡᠷ ᠢ᠋ᠶ᠋ᠡᠨ ᠨᠢᠭᠡᠨ ᠵᠣᠪᠬᠢᠰ ᠢ ᠡᠵᠡᠯᠡᠰᠦᠭᠡᠢ ᠭᠡᠪᠡᠴᠦ ᠮᠤᠬᠤᠯᠢ ᠶ᠋ᠢᠨ ᠰᠦᠷ ᠡᠴᠡ ᠠᠶᠤᠬᠤ ᠪᠥᠯᠥᠭᠡ᠃ ᠡᠳᠦᠭᠡ ᠰᠥᠩ ᠤᠯᠤᠰ ᠤ᠋ᠨ ᠯᠢ ᠴᠢᠦᠸᠠᠨ ᠬᠡᠯᠡᠯᠴᠡᠷ᠎ᠡ ᠢᠷᠡᠭᠰᠡᠨ ᠳ᠋ᠦ᠍ᠷ ᠴᠢᠪᠬᠢᠲᠡᠯ᠎ᠡ ᠲᠡᠭᠦᠨ ᠦ᠌ ᠰᠡᠳᠬᠢᠯ ᠳ᠋ᠦ᠍ᠷ ᠨᠡᠢᠴᠡᠵᠦ᠂ ᠳᠠᠷᠤᠢ ᠵᠥᠪᠯᠡᠯ ᠨᠢᠭᠡᠳᠴᠦ ᠶᠠᠪᠤᠭᠠᠳ ᠭᠠᠭᠴᠠ ᠮᠣᠩᠭᠣᠯ ᠤ᠋ᠨ ᠵᠸᠨ ᠳ᠋ᠢᠩ ᠢ᠋ ᠬᠠᠯᠳᠠᠬᠤ ᠱᠢ ᠲᠢᠶᠠᠨ ᠨᠢ ᠡᠴᠡ ᠠᠶᠤᠬᠤ ᠲᠤᠯᠠ ᠲᠡᠭᠦᠨ ᠢ ᠬᠡᠷᠬᠢᠨ ᠠᠷᠢᠯᠭᠠᠬᠤ ᠶ᠋ᠢ ᠪᠣᠳᠣᠭᠰᠠᠭᠠᠷ ᠭᠡᠨᠡᠳᠲᠡ ᠨᠢᠭᠡᠨ ᠠᠷᠭ᠎ᠠ ᠣᠯᠵᠤ᠂ ᠶᠠᠭᠠᠷᠠᠨ ᠨᠢᠭᠡᠨ ᠬᠠᠭᠤᠷᠮᠠᠭ ᠲᠠᠮᠠᠭ᠎ᠠ ᠪᠢᠴᠢᠭ ᠬᠢᠵᠦ : 《ᠬᠠᠭᠠᠨ ᠤ᠋ ᠳᠡᠷᠭᠡᠳᠡ ᠡᠴᠡ ᠡᠯᠴᠢ ᠢᠷᠡᠵᠦ᠂ ᠡᠳᠦᠭᠡ ᠰᠣᠨᠣᠰᠬᠤᠯ᠎ᠠ ᠰᠥᠩ ᠤᠯᠤᠰ ᠤ᠋ᠨ ᠯᠢ ᠴᠢᠦᠸᠠᠨ ᠤᠷᠪᠠᠵᠤ ᠣᠷᠣᠬᠤ ᠭᠠᠵᠠᠷ ᠦᠭᠡᠢ ᠶᠠᠪᠤᠬᠤ ᠲᠤᠯᠠ ᠪᠢᠳᠡ ᠬᠣᠶᠠᠭᠤᠯᠠ ᠶ᠋ᠢ ᠯᠢ ᠴᠢᠦᠸᠠᠨ ᠢ ᠣᠷᠣᠭᠤᠯᠵᠤ ᠠᠪᠬᠤ ᠠᠷᠭ᠎ᠠ ᠶ᠋ᠢ ᠵᠥᠪᠯᠡᠨ ᠲᠣᠭᠲᠠᠭᠠᠵᠤ ᠠᠢᠯᠠᠳᠬ᠎ᠠ ᠭᠡᠮᠡᠨ ᠵᠠᠷᠯᠢᠭ ᠢᠷᠡᠪᠡ᠃ ᠲᠡᠢᠨ ᠬᠦ᠌ ᠪᠢ ᠡᠨᠳᠡ ᠬᠤᠷᠢᠮ ᠪᠡᠯᠡᠳᠬᠡᠨ ᠬᠦᠯᠢᠶᠡᠵᠦ ᠵᠠᠯᠠᠮᠤᠢ 》ᠭᠡᠮᠡᠨ ᠢᠯᠡᠭᠡᠭᠰᠡᠨ ᠳ᠋ᠦ᠍ᠷ ᠱᠢ ᠲᠢᠶᠠᠨ ᠨᠢ ᠵᠠᠷᠯᠢᠭ ᠤ᠋ᠨ ᠬᠡᠷᠡᠭ ᠪᠣᠢ ᠲᠤᠯᠠ ᠡᠰᠡ ᠡᠴᠢᠪᠡᠰᠦ ᠪᠣᠯᠬᠤ ᠦᠭᠡᠢ ᠬᠡᠮᠡᠬᠦᠢ ᠳ᠋ᠦ᠍ᠷ ᠲᠡᠭᠦᠨ ᠦ᠌ ᠳᠡᠭᠦᠦ ᠱᠢ ᠲᠢᠶᠠᠨ ᠽᠧ ᠬᠣᠷᠢᠭᠯᠠᠨ ᠥᠭᠦᠯᠡᠷᠦᠨ : 《ᠠᠬ᠎ᠠ ᠡᠴᠢᠵᠦ ᠪᠣᠯᠬᠤ ᠦᠭᠡᠢ ᠪᠣᠢ ᠢ᠋᠎ᠡ᠂ ᠪᠢ ᠦᠵᠡᠪᠡᠰᠦ ᠭᠦᠸᠧ ᠸᠠᠩ ᠦᠭᠡᠢ ᠪᠣᠯᠣᠮᠠᠭᠴᠠ ᠡᠤ ᠰᠢᠶᠠᠨ ᠤ᠋ ᠵᠠᠩ ᠠᠭᠠᠰᠢ ᠮᠠᠰᠢ ᠥᠪᠡᠷ᠎ᠡ ᠪᠣᠯᠪᠠ᠃ ᠥᠨᠥᠬᠡᠨ ᠪᠠᠰᠠ ᠰᠥᠩ ᠦ᠋ᠨ ᠯᠢ ᠴᠢᠦᠸᠠᠨ ᠤᠷᠪᠠᠵᠤ ᠲᠡᠭᠦᠨ ᠳ᠋ᠦ᠍ᠷ ᠪᠢᠴᠢᠭ ᠢᠷᠡᠪᠡ ᠬᠡᠮᠡᠮᠦᠢ᠃ ᠡᠰᠡᠬᠦᠯ᠎ᠡ ᠲᠡᠷᠡ ᠬᠠᠷᠢᠨ ᠮᠠᠨ ᠢ᠋ ᠯᠢ ᠴᠢᠦᠸᠠᠨ ᠳ᠋ᠤᠷ ᠳᠠᠭᠠᠭᠤᠯᠰᠤᠭᠠᠢ ᠬᠡᠮᠡᠮᠦᠢ᠂ ᠡᠰᠡᠬᠦᠯ᠎ᠡ ᠲᠡᠷᠡ ᠥᠪᠡᠷ ᠢ᠋ᠶ᠋ᠡᠨ ᠤᠷᠪᠠᠰᠤᠭᠠᠢ ᠬᠡᠮᠡᠬᠦᠯ᠎ᠡ ᠠᠬ᠎ᠠ ᠠ᠋ᠴᠠ ᠠᠶᠤᠵᠤ᠂ ᠠᠬ᠎ᠠ ᠶ᠋ᠢ ᠭᠡᠨᠡᠳᠡᠭᠦᠯᠬᠦ ᠮᠠᠭᠠᠳ ᠦᠭᠡᠢ ! 》ᠬᠡᠮᠡᠭᠰᠡᠨ ᠳ᠋ᠦ᠍ᠷ ᠱᠢ ᠲᠢᠶᠠᠨ ᠨᠢ ᠥᠭᠦᠯᠡᠷᠦᠨ :《ᠪᠢ ᠮᠥᠨ ᠲᠡᠢᠨ ᠰᠡᠵᠢᠭᠯᠡᠮᠦᠢ᠂ ᠬᠡᠳᠦᠢ ᠲᠡᠢᠨ ᠪᠣᠯᠪᠠᠴᠤ ᠬᠠᠭᠠᠨ ᠤ᠋ ᠵᠠᠷᠯᠢᠭ ᠪᠣᠢ ᠬᠡᠮᠡᠬᠦᠢ ᠳ᠋ᠦ᠍ᠷ ᠡᠰᠡ ᠡᠴᠢᠪᠡᠰᠦ ᠪᠣᠯᠤᠮᠤᠢ ᠤᠤ᠂ ᠲᠡᠷᠡ ᠬᠡᠷᠪᠡᠷ ᠯᠢ ᠴᠢᠦᠸᠠᠨ ᠤ᠋ ᠬᠡᠷᠡᠭ ᠢ ᠭᠠᠷᠭᠠᠨ ᠬᠡᠯᠡᠯᠴᠡᠪᠡᠰᠦ᠂ ᠳᠠᠭᠠᠬᠤ ᠪᠠ ᠡᠰᠡ ᠳᠠᠭᠠᠬᠤ ᠮᠢᠨᠦ ᠵᠣᠷᠢᠭ ᠪᠣᠯᠠᠢ ! 》 ᠭᠡᠮᠡᠨ ᠰᠤᠯᠠ ᠬᠥᠩᠭᠡᠨ ᠢ᠋ᠶ᠋ᠡᠷ ᠡᠤ ᠰᠢᠶᠠᠨ ᠤ᠋ ᠬᠣᠲᠠ ᠳ᠋ᠤᠷ ᠢᠷᠡᠭᠡᠳ ᠰᠠᠶᠢ ᠬᠣᠲᠠ ᠶ᠋ᠢᠨ ᠬᠠᠭᠠᠯᠭ᠎ᠠ ᠣᠷᠣᠲᠠᠯ᠎ᠠ ᠭᠡᠨᠡᠳᠲᠡ ᠨᠢᠭᠡᠨ ᠠᠩᠭᠢ ᠬᠥᠭᠵᠢᠮ ᠦ᠋ᠨ ᠠᠷᠠᠳ ᠤᠭᠲᠤᠵᠤ ᠂ ᠶᠠᠮᠤᠨ ᠳ᠋ᠤᠷ ᠣᠷᠣᠭᠰᠠᠨ ᠳ᠋ᠤᠷ ᠡᠤ ᠰᠢᠶᠠᠨ ᠤᠭᠲᠤᠨ ᠭᠠᠷᠴᠤ ᠵᠣᠯᠭᠠᠭᠠᠳ ᠶᠡᠬᠡ ᠬᠤᠷᠢᠮ ᠬᠤᠷᠢᠮᠯᠠᠬᠤᠶ᠎ᠠ ᠱᠢ ᠲᠢᠶᠠᠨ ᠨᠢ ᠠᠰᠠᠭᠤᠷᠤᠨ: 《ᠬᠠᠭᠠᠨ ᠤ᠋ ᠵᠠᠷᠯᠢᠭ ᠬᠠᠮᠢᠭ᠎ᠠ ᠪᠣᠢ ? 》ᠡᠤ ᠰᠢᠶᠠᠨ ᠢᠨᠢᠶᠡᠨ ᠥᠭᠦᠯᠡᠷᠦᠨ : 《ᠬᠠᠭᠠᠨ ᠤ᠋ ᠵᠠᠷᠯᠢᠭ ᠦᠭᠡᠢ ᠂ ᠪᠢ ᠨᠢᠭᠡᠨ ᠴᠢᠬᠤᠯᠠ ᠬᠡᠷᠡᠭ ᠠᠵᠤ ᠡᠷᠭᠢᠨ ᠠᠬ᠎ᠠ ᠶ᠋ᠢ ᠵᠠᠯᠠᠵᠤ ᠵᠥᠪᠯᠡᠰᠦᠭᠡᠢ ᠭᠡᠮᠡᠨ ᠠᠬ᠎ᠠ ᠶ᠋ᠢᠨ ᠠᠯᠵᠢᠶᠠᠬᠤ ᠶ᠋ᠢ ᠡᠰᠡ ᠪᠣᠳᠣᠨ ᠢᠷᠡᠬᠦ ᠦᠭᠡᠢ ᠡᠴᠡ ᠪᠣᠯᠭᠣᠮᠵᠢᠯᠠᠨ ᠬᠠᠭᠤᠷᠤᠭᠰᠠᠨ ᠪᠥᠯᠥᠭᠡ !》 ᠬᠡᠮᠡᠬᠦᠢ ᠳ᠋ᠦ᠍ᠷ ᠱᠢ ᠲᠢᠶᠠᠨ ᠨᠢ ᠲᠠᠪᠠ ᠦᠭᠡᠢ ᠥᠭᠦᠯᠡᠷᠦᠨ :《ᠲᠡᠢᠨ ᠪᠥᠭᠡᠰᠦ ᠬᠥᠮᠦᠨ ᠵᠠᠷᠤᠪᠠᠰᠤ ᠪᠠᠷᠠᠪᠠ ᠂ ᠶᠠᠭᠤᠨ ᠳ᠋ᠤᠷ ᠴᠢᠬᠤᠯᠠ ᠲᠠᠮᠠᠭ᠎ᠠ ᠲᠡᠮᠳᠡᠭ ᠢ᠋ᠶ᠋ᠡᠷ ᠨᠠᠭᠠᠳᠤᠮ ᠬᠢᠮᠦᠢ ? 》 ᠡᠤ ᠰᠢᠶᠠᠨ ᠥᠭᠦᠯᠡᠷᠦᠨ : 《ᠲᠡᠷᠡ ᠬᠦ᠌ ᠲᠠᠮᠠᠭ᠎ᠠ ᠲᠡᠮᠳᠡᠭ ᠮᠣᠩᠭᠣᠯ ᠳ᠋ᠤᠷ ᠪᠣᠭᠣᠯ ᠪᠣᠯᠤᠭᠰᠠᠨ ᠶᠠᠭᠤᠮ᠎ᠠ ᠶ᠋ᠢ ᠶᠠᠮᠪᠠᠷ ᠴᠢᠬᠤᠯᠠ ᠪᠣᠯᠭᠠᠨ ᠬᠡᠯᠡᠯᠴᠡᠮᠦᠢ ? ᠡᠷ᠎ᠡ ᠬᠥᠮᠦᠨ ᠬᠥᠬᠡ ᠲᠡᠭᠷᠢ ᠰᠢᠷ᠎ᠠ ᠭᠠᠵᠠᠷ ᠤ᠋ᠨ ᠵᠠᠪᠰᠠᠷ ᠬᠥᠮᠦᠨ ᠪᠣᠯᠤᠨ ᠲᠥᠷᠥᠭᠡᠳ ᠲᠡᠳᠡᠭᠡᠷ ᠰᠢᠩᠭᠡᠭ ᠮᠣᠩᠭᠣᠯ ᠳ᠋ᠤᠷ ᠵᠠᠬᠢᠷᠤᠭᠳᠠᠨ ᠶᠠᠪᠤᠬᠤ ᠳ᠋ᠤᠷ ᠦᠨᠡᠬᠡᠷ ᠬᠣᠷᠣᠰᠤᠯ ᠲᠠᠢ ! 》 ᠬᠡᠮᠡᠬᠦᠢ ᠳ᠋ᠦ᠍ᠷ ᠱᠢ ᠲᠢᠶᠠᠨ ᠨᠢ ᠲᠡᠭᠦᠨ ᠦ᠌ ᠰᠠᠨᠠᠭᠠᠨ ᠢ᠋ ᠠᠷᠪᠠᠨ ᠬᠤᠪᠢ ᠤᠬᠠᠪᠠᠴᠤ ᠳᠠᠭᠤᠨ ᠭᠠᠷᠤᠭᠰᠠᠨ ᠦᠭᠡᠢ᠃ ᠲᠡᠳᠦᠢ ᠬᠤᠷᠢᠮ ᠳᠤᠮᠳᠠᠯᠠᠵᠤ ᠠᠷᠢᠬᠢ ᠭᠦᠨ ᠪᠣᠯᠤᠭᠰᠠᠨ ᠳ᠋ᠤᠷ ᠡᠤ ᠰᠢᠶᠠᠨ ᠭᠡᠨᠡᠳᠲᠡ ᠬᠤᠨᠳᠠᠭ᠎ᠠ ᠪᠠᠨ ᠲᠠᠶᠠᠭᠳᠠᠵᠤ:《ᠮᠢᠨᠦ ᠪᠠᠭᠠᠲᠤᠳ ᠬᠠᠮᠢᠬ᠎ᠠ ᠪᠣᠢ ? 》 ᠬᠡᠮᠡᠬᠦᠢ ᠳ᠋ᠦ᠍ᠷ ᠵᠡᠭᠦᠨ ᠪᠠᠷᠠᠭᠤᠨ ᠲᠣᠭᠣᠷᠢᠭᠰᠠᠨ ᠭᠡᠷ ᠡᠴᠡ ᠵᠠᠭᠤᠨ ᠢᠯᠡᠭᠦᠦ ᠴᠡᠷᠢᠭ ᠭᠠᠷᠴᠤ ᠱᠢ ᠲᠢᠶᠠᠨ ᠨᠢ ᠶ᠋ᠢ ᠪᠠᠷᠢᠵᠤ ᠬᠦᠯᠢᠭᠰᠡᠨ ᠳ᠋ᠦ᠍ᠷ ᠱᠢ ᠲᠢᠶᠠᠨ ᠨᠢ ᠥᠴᠦᠬᠡᠨ ᠴᠦ᠍ ᠬᠡᠷᠡᠭᠰᠡᠬᠦ ᠦᠭᠡᠢ ᠠᠬᠤᠢ ᠳ᠋ᠤᠷ ᠡᠤ ᠰᠢᠶᠠᠨ ᠥᠬᠦᠯᠡᠷᠳ :《ᠪᠢ ᠡᠨᠡ ᠡᠳᠦᠷ ᠣᠳᠣ ᠮᠣᠩᠭᠣᠯ ᠢ᠋ ᠪᠠᠢᠯᠳᠤᠬᠤ ᠴᠡᠷᠢᠭ ᠢ᠋ ᠪᠠᠢᠭᠤᠯᠪᠠ᠃ ᠴᠢ ᠬᠡᠷᠪᠡ ᠨᠢᠭᠡᠨ ᠠᠢᠮᠠᠭ ᠤ᠋ᠨ ᠬᠢᠲᠠᠳ ᠢ᠋ᠶ᠋ᠠᠨ ᠪᠣᠳᠣᠪᠠᠰᠤ ᠳᠠᠷᠤᠢ ᠬᠠᠮᠲᠤ ᠵᠢᠷᠤᠮ ᠤ᠋ᠨ ᠴᠡᠷᠢᠭ ᠪᠠᠢᠭᠤᠯᠵᠤ᠂ ᠮᠣᠩᠭᠣᠯ ᠠ᠋ᠴᠠ ᠬᠠᠭᠤᠴᠢᠨ ᠦᠰ ᠢ᠋ᠶ᠋ᠡᠨ ᠠᠪᠤᠶ᠎ᠠ᠂ ᠬᠡᠷᠪᠡ ᠡᠰᠡ ᠳᠠᠭᠠᠪᠠᠰᠤ ᠴᠢᠮᠠᠶ᠋ᠢ ᠠᠯᠠᠭᠠᠳ ᠲᠤᠭ ᠲᠠᠬᠢᠮᠤᠢ᠂ ᠴᠢᠨᠦ ᠬᠣᠲᠠ ᠨᠢᠭᠡᠨᠲᠡ ᠠᠪᠲᠠᠪᠠ᠃ ᠪᠢ ᠠᠷᠪᠠᠨ ᠡᠳᠦᠷ ᠦ᠋ᠨ ᠤᠷᠢᠳ ᠠ᠋ᠴᠠ ᠴᠢᠨᠦ ᠬᠣᠲᠠ ᠳ᠋ᠤᠷ ᠴᠡᠷᠢᠭ ᠣᠷᠣᠭᠤᠯᠵᠤ ᠡᠵᠡᠯᠡᠭᠦᠯᠪᠡ ᠂ ᠡᠳᠦᠭᠡ ᠴᠢᠮᠠᠶ᠋ᠢ ᠭᠠᠷᠴᠤ ᠢᠷᠡᠭᠰᠡᠨ ᠳᠠᠷᠤᠢ ᠬᠣᠲᠠᠨ ᠢ᠋ ᠴᠢᠨᠦ ᠠᠪᠴᠤ ᠡᠮ᠎ᠡ ᠦᠷ᠎ᠡ ᠶ᠋ᠢ ᠴᠢᠨᠦ ᠴᠥᠮ ᠪᠠᠷᠢᠵᠤ ᠬᠣᠷᠢᠪᠠ᠃ ᠴᠢ ᠬᠡᠷᠬᠢᠮᠦᠢ ?》ᠬᠡᠮᠡᠬᠦᠢ ᠳ᠋ᠦ᠍ᠷ ᠱᠢ ᠲᠢᠶᠠᠨ ᠨᠢ ᠬᠣᠲᠠᠨ ᠢ᠋ ᠠᠪᠤᠪᠠ ᠬᠡᠮᠡᠭᠰᠡᠨ ᠢ᠋ ᠢᠲᠡᠭᠡᠵᠦ ᠰᠠᠨᠠᠭᠠᠨ ᠲᠣᠭᠲᠠᠵᠤ ᠢᠨᠢᠶᠡᠨ ᠥᠭᠦᠯᠡᠷᠦᠨ:《ᠲᠡᠷᠡ ᠢᠨᠤ ᠨᠠᠳᠠ ᠳ᠋ᠤᠷ ᠲᠤᠰᠠᠲᠠᠢ ᠬᠡᠷᠡᠭ ᠪᠥᠭᠡᠲᠡᠯ᠎ᠡ ᠨᠠᠮᠠᠶ᠋ᠢ ᠡᠨᠡ ᠮᠡᠲᠦ ᠤᠶᠠᠵᠤ ᠰᠢᠬᠠᠮᠳᠠᠭᠤᠯᠬᠤ ᠠᠨᠤ ᠶᠠᠭᠤᠨ ? 》ᠬᠡᠮᠡᠭᠰᠡᠨ ᠳ᠋ᠦ᠍ᠷ ᠡᠤ ᠰᠢᠶᠠᠨ ᠲᠡᠭᠦᠨ ᠦ᠌ ᠳᠠᠭᠠᠬᠤ ᠦᠭᠡ ᠶ᠋ᠢ ᠰᠣᠨᠣᠰᠤᠨ ᠶᠠᠭᠠᠷᠠᠨ ᠬᠦᠯᠢᠶᠡᠰᠦᠨ ᠢ᠋ ᠲᠠᠢᠯᠤᠨ ᠦᠭᠡ ᠬᠡᠯᠡᠯᠴᠡᠰᠦᠭᠡᠢ ᠬᠡᠮᠡᠲᠡᠯ᠎ᠡ ᠱᠢ ᠲᠢᠶᠠᠨ ᠨᠢ ᠭᠡᠨᠡᠳᠲᠡ ᠴᠡᠷᠢᠭ ᠦ᠋ᠨ ᠬᠥᠮᠦᠨ ᠦ᠌ ᠢᠯᠳᠦᠨ ᠢ᠋ ᠪᠤᠯᠢᠶᠠᠨ ᠠᠪᠴᠤ᠂ ᠡᠤ ᠰᠢᠶᠠᠨ ᠢ᠋ ᠨᠢᠭᠡᠨᠲᠡ ᠴᠢᠪᠴᠢᠭ᠍ᠰᠠᠨ ᠳ᠋ᠤᠷ ᠡᠤ ᠰᠢᠶᠠᠨ ᠶᠠᠭᠠᠷᠠᠨ ᠳᠠᠯᠳᠢᠷᠠᠭᠰᠠᠨ ᠳ᠋ᠤᠷ ᠮᠥᠷᠥ ᠣᠨᠣᠭᠳᠠᠵᠤ ᠴᠢᠰᠤ ᠤᠷᠤᠰᠪᠠ ᠃ ᠴᠡᠷᠢᠭ ᠦ᠋ᠨ ᠠᠷᠠᠳ ᠶᠠᠭᠠᠷᠠᠨ ᠭᠠᠷ ᠬᠥᠳᠡᠯᠦᠨ ᠱᠢ ᠲᠢᠶᠠᠨ ᠨᠢ ᠶ᠋ᠢ ᠳᠠᠷᠤᠵᠤ ᠪᠠᠷᠢᠭᠰᠠᠨ ᠳ᠋ᠤᠷ ᠱᠢ ᠲᠢᠶᠠᠨ ᠨᠢ ᠬᠠᠭᠠᠨ ᠤ᠋ ᠵᠦᠭ ᠬᠠᠨᠳᠤᠵᠤ: 《ᠰᠠᠮᠠᠭᠤᠨ ᠪᠣᠭᠣᠯ ᠢ᠋ ᠠᠯᠠᠵᠤ ᠡᠰᠡ ᠴᠢᠳᠠᠪᠠ ! 》 ᠭᠡᠮᠡᠨ ᠶᠡᠨᠳᠡᠷ ᠢ᠋ ᠮᠥᠷᠭᠥᠵᠦ ᠦᠬᠦᠭᠰᠡᠨ ᠳ᠋ᠦ᠍ᠷ ᠴᠡᠷᠢᠭ ᠦ᠋ᠨ ᠢᠯᠳᠦᠨ ᠳᠠᠪᠬᠤᠷ ᠳᠠᠪᠬᠤᠷ ᠲᠣᠰᠴᠤ ᠱᠢ ᠲᠢᠶᠠᠨ ᠨᠢ ᠬᠠᠷᠢᠮ ᠪᠣᠯᠪᠠ᠃ ᠡᠤ ᠰᠢᠶᠠᠨ ᠰᠢᠷᠬ᠎ᠠ ᠳ᠋ᠤᠷ ᠬᠣᠷᠣᠰᠴᠤ ᠳᠠᠭᠠᠭᠰᠠᠨ ᠠᠷᠠᠳ ᠢ᠋ ᠪᠠᠷᠢᠬᠤᠢ ᠳ᠋ᠤᠷ ᠠᠩᠬ᠎ᠠ ᠤᠳᠠᠭ᠎ᠠ ᠱᠢ ᠲᠢᠶᠠᠨ ᠨᠢ ᠶ᠋ᠢ ᠪᠠᠷᠢᠬᠤᠢ ᠳ᠋ᠤᠷ ᠳᠤᠲᠠᠭᠠᠨ ᠭᠠᠷᠤᠭᠰᠠᠨ ᠠᠷᠠᠳ ᠤᠷᠢᠳᠠ ᠳᠣᠪᠲᠣᠯᠤᠨ ᠬᠣᠲᠠᠨ ᠳ᠋ᠤᠷ ᠢᠷᠠᠪᠠᠰᠤ ᠬᠣᠲᠠ ᠠᠪᠲᠠᠭᠰᠠᠨ ᠦᠭᠡᠢ ᠲᠤᠯᠠ ᠶᠠᠭᠠᠷᠠᠨ ᠱᠢ ᠲᠢᠶᠠᠨ ᠨᠢ ᠶ᠋ᠢᠨ ᠳᠡᠭᠦᠦ ᠱᠢ ᠲᠢᠶᠠᠨ ᠽᠧ ᠳ᠋ᠦ᠍ᠷ ᠬᠡᠯᠡᠭᠰᠡᠨ ᠳ᠋ᠦ᠍ᠷ ᠱᠢ ᠲᠢᠶᠠᠨ ᠽᠧ ᠶᠠᠭᠠᠷᠠᠨ ᠴᠡᠷᠢᠭ ᠢ᠋ᠶ᠋ᠡᠨ ᠬᠤᠷᠢᠶᠠᠵᠤ ᠬᠣᠲᠠ ᠪᠠᠨ ᠪᠡᠬᠢᠯᠡᠨ ᠵᠠᠪᠳᠤᠪᠠᠢ᠃ ᠲᠡᠳᠦᠢ ᠡᠤ ᠰᠢᠶᠠᠨ᠂ ᠵᠸᠨ ᠳ᠋ᠢᠩ ᠦ᠋ᠨ ᠬᠠᠷᠢᠶᠠᠲᠤ ᠭᠠᠵᠠᠷ ᠤ᠋ᠨ ᠪᠠᠭ᠎ᠠ ᠪᠠᠭ᠎ᠠ ᠬᠣᠲᠠᠳ᠂ ᠵᠢᠴᠢ ᠬᠣᠷᠣᠭ᠎ᠠ ᠠᠢᠯ ᠢ᠋ ᠴᠥᠮ ᠡᠵᠡᠯᠡᠵᠦ ᠮᠣᠩᠭᠣᠯ ᠠ᠋ᠴᠠ ᠤᠷᠪᠠᠪᠠ᠃ ᠡᠨᠡ ᠵᠠᠪᠰᠠᠷ᠎ᠡ ᠮᠣᠩᠭᠣᠯ ᠤ᠋ᠨ ᠶᠦᠩ ᠨᠠᠨ ᠴᠧᠩ ᠬᠣᠲᠠᠨ ᠢ᠋ ᠰᠠᠬᠢᠭᠰᠠᠨ ᠶᠡᠬᠡ ᠵᠠᠩᠵᠤᠨ ᠳ᠋ᠦᠩ ᠶᠦᠨ ᠬᠡᠳᠦᠨ ᠮᠢᠩᠭᠠᠨ ᠴᠡᠷᠢᠭ ᠢ᠋ᠶ᠋ᠡᠨ ᠠᠪᠴᠤ ᠬᠣᠲᠠ ᠪᠠᠨ ᠰᠠᠬᠢᠵᠤ ᠵᠠᠪᠳᠤᠪᠠ᠃ ᠪᠤᠰᠤ ᠬᠣᠲᠠ ᠴᠥᠮ ᠡᠤ ᠰᠢᠶᠠᠨ ᠳ᠋ᠤᠷ ᠳᠠᠭᠠᠪᠠ᠃ ᠲᠡᠳᠦᠢ ᠡᠤ ᠰᠢᠶᠠᠨ ᠬᠡᠳᠦ ᠬᠡᠳᠦᠨ ᠤᠳᠠᠭ᠎ᠠ ᠳ᠋ᠦᠩ ᠶᠦᠨ ᠦ᠌ ᠰᠠᠬᠢᠬᠤ ᠶᠦᠩ ᠨᠠᠨ ᠴᠧᠩ ᠬᠣᠲᠠᠨ ᠢ᠋ ᠪᠠᠢᠯᠳᠤᠵᠤ ᠣᠯᠬᠤ ᠦᠭᠡᠢ ᠳ᠋ᠦ᠍ᠷ ᠭᠡᠨᠡᠳᠲᠡ ᠨᠢᠭᠡᠨ ᠠᠷᠭ᠎ᠠ ᠣᠯᠵᠤ᠂ ᠴᠡᠷᠢᠭ ᠢ᠋ᠶ᠋ᠡᠨ ᠬᠥᠭᠡᠭᠡᠵᠦ ᠬᠣᠲᠠ ᠶ᠋ᠢᠨ ᠭᠠᠳᠠᠨᠠᠬᠢ ᠢᠷᠭᠡᠨ ᠦ᠌ ᠲᠠᠷᠢᠶᠠᠯᠠᠩ ᠢ ᠭᠢᠰᠬᠢᠭᠦᠯᠬᠦᠢ ᠳ᠋ᠦ᠍ᠷ ᠳ᠋ᠦᠩ ᠶᠦᠨ ᠬᠣᠲᠠ ᠶ᠋ᠢᠨ ᠥᠨᠳᠥᠷ ᠠᠰᠠᠷ ᠲᠤᠷ ᠭᠠᠷᠴᠤ ᠥᠨᠳᠥᠷ ᠳᠠᠭᠤᠨ ᠢ᠋ᠶ᠋ᠠᠷ ᠬᠠᠷᠢᠶᠠᠨ ᠥᠭᠦᠯᠡᠷᠦᠨ : 《ᠰᠠᠮᠠᠭᠤᠨ ᠪᠣᠭᠣᠯ ᠴᠢ ᠮᠢᠨᠦ ᠰᠠᠬᠢᠭᠰᠠᠨ ᠬᠣᠲᠠᠨ ᠢ᠋ ᠪᠠᠢᠯᠳᠤᠬᠤ ᠠᠨᠤ ᠬᠣᠲᠠ ᠪᠠ ᠢᠷᠭᠡᠨ ᠢ᠋ ᠲᠡᠮᠡᠴᠡᠬᠦ ᠪᠥᠭᠡᠳ ᠶᠠᠭᠤᠨ ᠳ᠋ᠤᠷ ᠢᠷᠭᠡᠨ ᠦ᠌ ᠲᠠᠷᠢᠶᠠᠨ ᠢ ᠪᠦᠷᠢᠯᠭᠡᠮᠦᠢ ? ᠡᠨᠡ ᠪᠣᠭᠣᠯ ᠶᠣᠰᠣ ᠦᠭᠡᠢ ᠬᠡᠲᠦᠷᠡᠵᠦᠬᠦᠢ ! 》 ᠭᠡᠮᠡᠨ ᠭᠡᠨᠡᠳᠲᠡ ᠬᠠᠭᠠᠯᠭ᠎ᠠ ᠪᠠᠨ ᠨᠡᠭᠡᠭᠡᠵᠦ ᠪᠠᠢᠯᠳᠤᠨ ᠭᠠᠷᠤᠭᠰᠠᠨ ᠳ᠋ᠤᠷ ᠡᠤ ᠰᠢᠶᠠᠨ ᠡᠨᠡ ᠦᠶ᠎ᠡ ᠳ᠋ᠦ᠍ᠷ ᠲᠡᠭᠦᠨ ᠦ᠌ ᠬᠣᠲᠠᠨ ᠤ᠋ ᠳᠣᠣᠷ᠎ᠠ ᠪᠠᠢᠵᠤ ᠲᠡᠭᠦᠨ ᠢ ᠯᠠᠪ ᠭᠠᠷᠴᠤ ᠢᠷᠡᠬᠦ ᠦᠭᠡᠢ ᠭᠡᠮᠡᠨ ᠰᠠᠨᠠᠭᠠᠨ ᠳ᠋ᠤᠷ ᠦᠭᠡᠢ ᠪᠦᠬᠦᠢ ᠳ᠋ᠦ᠍ᠷ ᠳ᠋ᠦᠩ ᠶᠦᠨ ᠭᠡᠨᠡᠳᠲᠡ ᠬᠠᠭᠠᠯᠭ᠎ᠠ ᠨᠡᠭᠡᠭᠡᠵᠦ ᠪᠠᠢᠯᠳᠤᠨ ᠭᠠᠷᠴᠤ ᠢᠷᠡᠭᠰᠡᠨ᠎ᠡ᠂ ᠣᠯᠠᠨ ᠢᠷᠭᠡᠨ ᠮᠥᠨ ᠡᠤ ᠰᠢᠶᠠᠨ ᠤ᠋ ᠲᠠᠷᠢᠶ᠎ᠠ ᠶ᠋ᠢ ᠪᠦᠷᠢᠯᠭᠡᠬᠦᠢ ᠳ᠋ᠦ᠍ᠷ ᠬᠠᠷᠠᠬᠠᠨ ᠬᠣᠷᠣᠰᠴᠤ ᠪᠠᠢᠭᠰᠠᠨ ᠲᠤᠯᠠ ᠡᠳᠦᠭᠡ ᠳ᠋ᠦᠩ ᠶᠦᠨ ᠢᠷᠭᠡᠨ ᠢ᠋ ᠥᠮᠥᠭᠯᠡᠨ ᠲᠡᠰᠬᠡᠯ ᠦᠭᠡᠢ ᠪᠠᠢᠯᠳᠤᠨ ᠭᠠᠷᠤᠭᠰᠠᠨ ᠳ᠋ᠤᠷ ᠬᠣᠲᠠᠨ ᠤ᠋ ᠳᠣᠲᠣᠷ᠎ᠠ ᠭᠠᠳᠠᠨ᠎ᠠ ᠶ᠋ᠢᠨ ᠣᠯᠠᠨ ᠢᠷᠭᠡᠨ ᠳ᠋ᠦᠩ ᠶᠦᠨ ᠦ᠌ ᠥᠷᠦᠰᠢᠶᠡᠯᠲᠡᠢ ᠳ᠋ᠦ᠍ᠷ ᠢᠭᠲᠦᠯᠦᠨ ᠬᠥᠳᠡᠯᠵᠦ᠂ ᠬᠠᠮᠲᠤ ᠪᠠᠷ ᠬᠠᠪᠰᠤᠷᠤᠨ ᠪᠠᠢᠯᠳᠤᠭᠰᠠᠨ ᠳ᠋ᠤᠷ ᠡᠤ ᠰᠢᠶᠠᠨ ᠤ᠋ ᠬᠣᠶᠠᠷ ᠲᠦᠮᠡ ᠰᠢᠬᠠᠮ ᠴᠡᠷᠢᠭ ᠶᠡᠬᠡᠯ᠎ᠡ ᠳᠠᠷᠤᠭᠳᠠᠵᠤ ᠳᠤᠲᠠᠭᠠᠬᠤᠢ ᠳ᠋ᠤᠷ ᠲᠠᠷᠢᠶ᠎ᠠ ᠪᠠᠨ ᠭᠢᠰᠬᠢᠯᠡᠭᠳᠡᠭᠰᠡᠨ ᠢᠷᠭᠡᠳ ᠴᠢᠩ ᠦᠨᠡᠨ ᠬᠣᠷᠣᠰᠤᠯ ᠢ᠋ᠶ᠋ᠠᠷ ᠨᠡᠬᠡᠨ ᠬᠦᠷᠴᠦ᠂ ᠡᠤ ᠰᠢᠶᠠᠨ ᠤ᠋ ᠴᠡᠷᠢᠭ ᠯᠦ᠍ᠭᠡ ᠵᠢᠭᠤᠷᠠᠯᠳᠤᠨ ᠠᠯᠠᠯᠳᠤᠭᠰᠠᠭᠠᠷ ᠵᠸᠨ ᠳ᠋ᠢᠩ ᠹᠦ ᠶ᠋ᠢᠨ ᠬᠣᠲᠠᠨ ᠳ᠋ᠤᠷ ᠣᠷᠣᠵᠤ᠂ ᠡᠮᠦᠨ᠎ᠡ ᠬᠠᠭᠠᠯᠭ᠎ᠠ ᠶ᠋ᠢ ᠪᠤᠯᠢᠶᠠᠨ ᠠᠪᠴᠤ᠂ ᠬᠠᠷᠠᠬᠠᠨ ᠠᠯᠠᠯᠳᠤᠬᠤᠢ ᠳ᠋ᠤᠷ ᠠᠯᠪᠠᠨ ᠤ᠋ ᠴᠡᠷᠢᠭ ᠶᠠᠭᠠᠬᠢᠨ ᠬᠣᠷᠣᠰᠪᠠᠴᠤ ᠶᠠᠭᠠᠬᠢᠨ ᠢᠷᠭᠡᠨ ᠦ᠌ ᠬᠦᠴᠦᠨ ᠳ᠋ᠦ᠍ᠷ ᠲᠤᠯᠵᠤ ᠴᠢᠳᠠᠬᠤ ᠪᠣᠢ ! ᠠᠮᠢᠳᠤᠷᠠᠯ ᠲᠠᠰᠤᠷᠠᠭᠰᠠᠨ ᠢᠷᠭᠡᠨ ᠦ᠌ ᠨᠢᠭᠡᠨ ᠢᠨᠤ ᠠᠯᠪᠠᠨ ᠴᠡᠷᠢᠭ ᠦ᠋ᠨ ᠠᠷᠪᠠᠨ ᠳ᠋ᠤᠷ ᠲᠡᠩᠴᠡᠵᠦ᠂ ᠵᠸᠨ ᠳ᠋ᠢᠩ ᠬᠣᠲᠠᠨ ᠤ᠋ ᠳᠣᠲᠣᠷ᠎ᠠ ᠶᠡᠬᠡᠯ᠎ᠡ ᠠᠯᠠᠯᠳᠤᠬᠤᠢ ᠳ᠋ᠤᠷ ᠳᠠᠭᠠᠯᠳᠤᠭ᠎ᠠ ᠱᠢ ᠲᠢᠶᠠᠨ ᠽᠧ᠂ ᠳ᠋ᠦᠩ ᠶᠦᠨ ᠨᠠᠷ ᠤ᠋ᠨ ᠴᠡᠷᠢᠭ ᠬᠦᠷᠴᠦ ᠢᠷᠡᠭᠡᠳ ᠬᠣᠲᠠ ᠳ᠋ᠤᠷ ᠣᠷᠣᠭᠰᠠᠨ ᠳ᠋ᠤᠷ ᠡᠤ ᠰᠢᠶᠠᠨ ᠬᠡᠷᠡᠭ ᠴᠢᠬᠤᠯ ᠪᠣᠯᠤᠭᠰᠠᠨ ᠢ᠋ ᠦᠵᠡᠭᠡᠳ ᠶᠠᠭᠠᠷᠠᠨ ᠪᠠᠷᠠᠭᠤᠨ ᠬᠠᠭᠠᠯᠭ᠎ᠠ ᠪᠠᠷ ᠭᠠᠷᠴᠤ᠂ ᠪᠠᠷᠠᠭᠤᠨ ᠠᠭᠤᠯᠠᠨ ᠤ᠋ ᠬᠦ ᠴᠧᠩ ᠬᠣᠲᠠᠨ ᠳ᠋ᠤᠷ ᠳᠤᠲᠠᠭᠠᠨ ᠡᠴᠢᠪᠡ᠃
ᠲᠡᠳᠦᠢ ᠱᠢ ᠲᠢᠶᠠᠨ ᠽᠧ᠂ ᠳ᠋ᠦᠩ ᠶᠦᠨ ᠬᠣᠶᠠᠭᠤᠯᠠ ᠵᠸᠨ ᠳ᠋ᠢᠩ ᠹᠦ ᠬᠣᠲᠠᠨ ᠢ ᠳᠠᠬᠢᠨ ᠠᠪᠴᠤ ᠢᠷᠭᠡᠨ ᠢ᠋ ᠲᠣᠭᠲᠠᠭᠠᠭᠠᠳ ᠪᠠᠰᠠ ᠡᠤ ᠰᠢᠶᠠᠨ ᠢ ᠪᠠᠢᠯᠳᠤᠬᠤᠢ ᠶ᠋ᠢ ᠵᠥᠪᠯᠡᠬᠦᠶᠡ᠂ ᠰᠥᠩ ᠤᠯᠤᠰ ᠤ᠋ᠨ ᠯᠢ ᠴᠢᠦᠸᠠᠨ ᠮᠣᠩᠭᠣᠯ ᠳ᠋ᠤᠷ ᠠᠪᠲᠠᠭᠰᠠᠨ ᠰᠥᠩ ᠱᠠᠨ ᠠᠭᠤᠯᠠᠨ ᠢ᠋ ᠬᠠᠳᠠᠭᠠᠯᠠᠬᠤ ᠫᠠᠨ ᠭᠤᠸᠠᠨ ᠲᠦᠰᠢᠮᠡᠯ ᠢ ᠯᠢ ᠴᠢᠦᠸᠠᠨ ᠤ᠋ ᠲᠥᠷᠥᠯ ᠦ᠋ᠨ ᠳᠡᠭᠦᠦ ᠭᠡᠮᠡᠨ ᠠᠯᠠᠭᠰᠠᠨ ᠳ᠋ᠤᠷ ᠯᠢ ᠴᠢᠦᠸᠠᠨ ᠮᠥᠨ ᠮᠤᠬᠤᠯᠢ ᠶ᠋ᠢᠨ ᠦᠬᠦᠭᠰᠡᠨ ᠡᠴᠡ ᠬᠣᠢᠰᠢ ᠥᠪᠡᠷ᠎ᠡ ᠰᠡᠳᠬᠢᠯ ᠪᠠᠷᠢᠭᠰᠠᠨ ᠲᠤᠯᠠ ᠳᠠᠷᠤᠢ ᠯᠢ ᠴᠢᠦᠸᠠᠨ ᠢ ᠠᠬ᠎ᠠ ᠭᠡᠮᠡᠨ ᠲᠠᠨᠢᠵᠤ ᠳᠠᠷᠤᠢ ᠰᠥᠩ ᠱᠠᠨ ᠠᠭᠤᠯᠠᠨ ᠤ᠋ ᠪᠦᠬᠦ ᠴᠡᠷᠢᠭ ᠢᠷᠭᠡᠨ ᠢ᠋ ᠠᠪᠴᠤ ᠮᠣᠩᠭᠣᠯ ᠠ᠋ᠴᠠ ᠤᠷᠪᠠᠵᠤ ᠰᠥᠩ ᠤᠯᠤᠰ ᠤ᠋ᠨ ᠯᠢ ᠴᠢᠦᠸᠠᠨ ᠪᠠ ᠵᠢᠴᠢ ᠡᠤ ᠰᠢᠶᠠᠨ ᠨᠠᠷ ᠯᠤᠭ᠎ᠠ ᠨᠠᠮ ᠨᠢᠭᠡᠳᠦᠭᠰᠡᠨ ᠳ᠋ᠦ᠍ᠷ ᠮᠣᠩᠭᠣᠯ ᠤ᠋ᠨ ᠰᠥᠩ ᠱᠠᠨ ᠤ᠋ ᠣᠷᠴᠢᠮ ᠬᠣᠲᠠ ᠪᠠᠯᠭᠠᠳ ᠢ᠋ ᠰᠠᠬᠢᠭᠰᠠᠨ ᠱᠢ ᠲᠢᠶᠠᠨ ᠱᠢ ᠵᠢᠴᠢ ᠶᠡᠬᠡ ᠵᠠᠩᠵᠤᠨ ᠵᠠᠩ ᠿᠧᠦ ᠬᠣᠶᠠᠷ ᠵᠠᠩᠵᠤᠨ ᠨᠢᠭᠡᠨ ᠳᠡᠭᠡᠭᠦᠷ ᠠᠢᠯᠠᠳᠬᠠᠨ ᠶᠠᠪᠤᠭᠤᠯᠵᠤ᠂ ᠨᠢᠭᠡᠨᠲᠡᠭᠡᠭᠦᠷ ᠶᠠᠭᠠᠷᠠᠨ ᠴᠡᠷᠢᠭ ᠭᠠᠷᠴᠤ ᠰᠥᠩ ᠱᠠᠨ ᠠᠭᠤᠯᠠᠨ ᠢ᠋ ᠬᠠᠭᠠᠭᠰᠠᠨ ᠳ᠋ᠤᠷ ᠮᠣᠩᠭᠣᠯ ᠠ᠋ᠴᠠ ᠤᠷᠪᠠᠭᠰᠠᠨ ᠯᠢ ᠴᠢᠦᠸᠠᠨ ᠶᠠᠭᠠᠷᠠᠨ ᠴᠡᠷᠢᠭ ᠠᠪᠤᠨ ᠤᠭᠲᠤᠨ ᠪᠠᠢᠯᠳᠤᠬᠤᠢ ᠳ᠋ᠤᠷ ᠵᠠᠩ ᠿᠧᠦ᠂ ᠱᠢ ᠲᠢᠶᠠᠨ ᠱᠢ ᠨᠠᠷ ᠤ᠋ᠨ ᠴᠡᠷᠢᠭ ᠠᠰᠤᠷᠤ ᠪᠠᠭᠠᠲᠤᠷ ᠲᠤᠯᠠ ᠲᠤᠯᠤᠨ ᠴᠢᠳᠠᠬᠤ ᠦᠭᠡᠢ ᠪᠤᠷᠤᠭᠤᠯᠠᠬᠤᠢ ᠳ᠋ᠤᠷ ᠤᠷᠪᠠᠭᠰᠠᠨ ᠡᠤ ᠰᠢᠶᠠᠨ ᠤ᠋ ᠥᠮᠥᠭᠯᠡᠬᠦ ᠴᠡᠷᠢᠭ ᠦ᠋ᠨ ᠬᠦ ᠲᠢᠶᠠᠨ ᠴᠢᠩ ᠬᠡᠮᠡᠭᠴᠢ ᠵᠠᠩᠵᠤᠨ ᠲᠦᠯᠡᠭᠡ ᠶ᠋ᠢᠨ ᠳᠣᠲᠣᠷ᠎ᠠ ᠴᠡᠷᠢᠭ ᠪᠦᠭᠭᠦᠵᠦ ᠪᠠᠢᠭᠰᠠᠨ ᠲᠤᠯᠠ ᠮᠣᠩᠭᠣᠯ ᠤ᠋ᠨ ᠵᠠᠩ ᠿᠧᠦ᠂ ᠯᠢ ᠴᠢᠦᠸᠠᠨ ᠢ᠋ ᠲᠠᠯᠪᠢᠯ ᠦᠭᠡᠢ ᠨᠡᠬᠡᠨ ᠬᠦᠷᠴᠦ ᠢᠷᠡᠭᠰᠡᠨ ᠳ᠋ᠦ᠍ᠷ ᠭᠠᠷᠴᠤ ᠬᠠᠯᠬᠠᠭᠯᠠᠨ ᠯᠢ ᠴᠢᠦᠸᠠᠨ ᠢ᠋ ᠠᠭᠤᠯᠠᠨ ᠳ᠋ᠤᠷ ᠣᠷᠣᠭᠤᠯᠵᠤ᠂ ᠳᠠᠭᠠᠯᠳᠤᠭ᠎ᠠ ᠥᠪᠡᠷ ᠢ᠋ᠶ᠋ᠡᠨ ᠮᠥᠨ ᠴᠡᠷᠢᠭ ᠡᠭᠡᠵᠦ ᠂ ᠶᠠᠭᠠᠷᠠᠨ ᠠᠭᠤᠯᠠᠨ ᠤ᠋ ᠬᠠᠪᠴᠢᠯ ᠪᠣᠭᠣᠮᠲᠠ ᠶ᠋ᠢ ᠰᠠᠬᠢᠵᠤ ᠰᠥᠨᠢ ᠯᠢ ᠴᠢᠦᠸᠠᠨ ᠯᠤᠭ᠎ᠠ ᠵᠥᠪᠯᠡᠨ ᠥᠭᠦᠯᠡᠷᠦᠨ : 《ᠮᠠᠨ ᠤ᠋ ᠴᠡᠷᠢᠭ ᠴᠥᠭᠡᠨ᠂ ᠮᠣᠩᠭᠣᠯ ᠤ᠋ᠨ ᠴᠡᠷᠢᠭ ᠣᠯᠠᠨ᠂ ᠪᠢᠳᠡ ᠲᠤᠯᠤᠨ ᠴᠢᠳᠠᠬᠤ ᠦᠭᠡᠢ᠂ ᠡᠨᠡ ᠰᠥᠨᠢ ᠪᠢ ᠡᠴᠢᠵᠦ ᠮᠠᠨ ᠤ᠋ ᠡᠵᠡᠨ ᠡᠤ ᠰᠢᠶᠠᠨ ᠠ᠋ᠴᠠ ᠨᠢᠭᠡᠨ ᠲᠦᠮᠡᠨ ᠰᠢᠯᠭᠠᠳᠠᠭ ᠴᠡᠷᠢᠭ ᠠᠪᠴᠤ ᠢᠷᠡᠭᠡᠳ ᠡᠳᠡᠨ ᠦ᠌ ᠠᠷᠤ ᠠ᠋ᠴᠠ ᠪᠠᠢᠯᠳᠤᠰᠤᠭᠠᠢ ! 》 ᠬᠡᠮᠡᠬᠦᠢ ᠳ᠋ᠦ᠍ᠷ ᠯᠢ ᠴᠢᠦᠸᠠᠨ ᠶᠡᠬᠡᠯ᠎ᠡ ᠪᠠᠶᠠᠷᠯᠠᠵᠤ ᠰᠥᠨᠢ ᠪᠡᠷ ᠬᠤᠯᠠᠭᠤᠨ ᠭᠠᠷᠭᠠᠪᠠ᠃ ᠡᠨᠡ ᠵᠥᠪᠯᠡᠯ ᠢ ᠮᠣᠩᠭᠣᠯ ᠤ᠋ᠨ ᠵᠠᠩ ᠿᠧᠦ᠂ ᠱᠢ ᠲᠢᠶᠠᠨ ᠱᠢ ᠨᠠᠷ ᠰᠣᠨᠣᠰᠴᠤ ᠶᠡᠬᠡᠯ᠎ᠡ ᠪᠠᠶᠠᠷᠯᠠᠨ ᠥᠭᠦᠯᠡᠷᠦᠨ : 《ᠣᠳᠣ ᠠᠷᠭ᠎ᠠ ᠦᠭᠡᠢ ᠳ᠋ᠦ᠍ᠷ ᠠᠷᠭ᠎ᠠ ᠬᠡᠷᠡᠭᠯᠡᠨ ᠬᠣᠶᠠᠷ ᠲᠡᠰᠢ ᠳᠠᠷᠤᠰᠤᠭᠠᠢ ! 》 ᠭᠡᠮᠡᠨ ᠨᠢᠭᠡᠨ ᠬᠠᠭᠠᠰ ᠴᠡᠷᠢᠭ ᠢ᠋ᠶ᠋ᠡᠷ ᠠᠭᠤᠯᠠᠨ ᠤ᠋ ᠠᠮᠠ ᠶ᠋ᠢ ᠪᠠᠲᠤᠳᠠ ᠰᠠᠬᠢᠭᠤᠯᠤᠭᠠᠳ᠂ ᠨᠢᠭᠡᠨ ᠬᠠᠭᠠᠰ ᠴᠡᠷᠢᠭ ᠢ ᠵᠠᠩ ᠿᠧᠦ ᠠᠪᠴᠤ᠂ ᠵᠸᠨ ᠳ᠋ᠢᠩ ᠦ᠋ᠨ ᠱᠢ ᠲᠢᠶᠠᠨ ᠽᠧ᠂ ᠶᠦᠩ ᠨᠠᠨ ᠴᠧᠩ ᠬᠣᠲᠠ ᠶ᠋ᠢᠨ ᠳ᠋ᠦᠩ ᠶᠦᠨ ᠬᠣᠶᠠᠭᠤᠯᠠ ᠶ᠋ᠢ ᠡᠷᠢᠨ ᠡᠴᠢᠵᠦ ᠵᠥᠪᠯᠡᠨ ᠥᠭᠦᠯᠡᠷᠦᠨ : 《ᠲᠠ ᠬᠣᠶᠠᠭᠤᠯᠠ ᠶ᠋ᠢᠨ ᠨᠢᠭᠡᠨ ᠢᠨᠦ ᠬᠣᠲᠠ ᠪᠠᠨ ᠰᠠᠬᠢᠵᠤ᠂ ᠨᠢᠭᠡᠨ ᠢᠨᠦ ᠴᠡᠷᠢᠭ ᠢ᠋ᠶ᠋ᠡᠨ ᠠᠪᠴᠤ ᠡᠤ ᠰᠢᠶᠠᠨ ᠤ᠋ ᠴᠡᠷᠢᠭ ᠦ᠋ᠨ ᠶᠣᠰᠣᠭᠠᠷ ᠴᠢᠮᠡᠵᠦ᠂ ᠮᠠᠨ ᠤ᠋ ᠰᠥᠩ ᠱᠠᠨ ᠠᠭᠤᠯᠠᠨ ᠤ᠋ ᠠᠮᠠᠨ ᠢ ᠰᠠᠬᠢᠬᠤ ᠴᠡᠷᠢᠭ ᠯᠦ᠍ᠭᠡ ᠬᠤᠷᠢᠮᠯᠠᠨ ᠡᠶᠡᠳᠡᠵᠦ ᠪᠠᠢᠭᠲᠤᠨ᠂ ᠰᠥᠩ ᠱᠠᠨ ᠠᠭᠤᠯᠠᠨ ᠤ᠋ ᠴᠡᠷᠢᠭ ᠯᠠᠪ ᠡᠭᠦᠨ ᠢ᠋ᠶ᠋ᠡᠷ ᠤᠷᠭᠤᠮᠤᠢ᠂ ᠬᠠᠭᠠᠯᠭ᠎ᠠ ᠣᠷᠣᠮᠠᠭᠴᠠ ᠬᠠᠭᠠᠯᠭ᠎ᠠ ᠶ᠋ᠢ ᠪᠤᠯᠢᠶᠠᠨ ᠠᠪᠴᠤ᠂ ᠳᠠᠷᠤᠢ ᠮᠠᠨ ᠤ᠋ ᠨᠡᠢᠲᠡ ᠴᠡᠷᠢᠭ ᠢ᠋ ᠠᠪᠤᠨ ᠣᠷᠣᠵᠤ ᠪᠠᠢᠯᠳᠤᠪᠠᠰᠤ ᠰᠥᠩ ᠱᠠᠨ ᠠᠭᠤᠯᠠᠨ ᠢ᠋ ᠡᠭᠡᠭᠦᠯᠦᠨ ᠣᠯᠵᠤ ᠪᠣᠯᠤᠮᠤᠢ᠃ ᠰᠥᠩ ᠱᠠᠨ ᠤ᠋ ᠳᠣᠲᠣᠷ᠎ᠠ ᠪᠦᠬᠦᠢ ᠯᠢ ᠴᠢᠦᠸᠠᠨ ᠤ᠋ ᠴᠡᠷᠢᠭ ᠮᠠᠰᠢ ᠴᠥᠭᠡᠨ᠂ ᠪᠢ ᠬᠠᠷᠢᠶᠠᠲᠤ ᠴᠡᠷᠢᠭ ᠢ᠋ᠶ᠋ᠡᠨ ᠠᠪᠴᠤ᠂ ᠰᠢᠨ ᠯᠦ᠍ ᠶ᠋ᠢᠨ ᠭᠠᠵᠠᠷ᠎ᠠ ᠪᠦᠭᠭᠦᠵᠦ᠂ ᠡᠤ ᠰᠢᠶᠠᠨ ᠤ᠋ ᠥᠮᠥᠭᠯᠡᠷ᠎ᠡ ᠢᠷᠡᠬᠦ ᠴᠡᠷᠢᠭ ᠢ ᠳᠠᠷᠤᠰᠤᠭᠠᠢ᠂ ᠴᠢᠳᠠᠬᠤᠯ᠎ᠠ ᠲᠠ ᠮᠠᠨ ᠠ᠋ᠴᠠ ᠤᠷᠢᠳᠠ ᠰᠥᠩ ᠱᠠᠨ ᠳ᠋ᠤᠷ ᠬᠦᠷᠪᠡᠰᠦ ᠰᠠᠢᠨ᠂ ᠬᠠᠭᠠᠰ ᠴᠡᠷᠢᠭ ᠢ ᠬᠠᠭᠠᠰᠯᠠᠵᠤ ᠬᠠᠭᠠᠯᠭ᠎ᠠ ᠬᠠᠭᠠᠬᠤ ᠴᠡᠷᠢᠭ ᠪᠣᠯᠭᠠᠨ᠂ ᠬᠠᠭᠠᠰ ᠴᠡᠷᠢᠭ ᠢ ᠬᠣᠢᠨ᠎ᠠ ᠦᠯᠡᠳᠡᠭᠡᠨ ᠡᠤ ᠰᠢᠶᠠᠨ ᠤ᠋ ᠬᠠᠭᠤᠷᠮᠠᠭ ᠴᠡᠷᠢᠭ ᠪᠣᠯᠭ᠎ᠠ ᠭᠡᠮᠡᠨ ᠵᠥᠪᠯᠡᠨ ᠲᠣᠭᠲᠠᠭᠠᠳ ᠰᠥᠨᠢ ᠳᠦᠯᠢ ᠳ᠋ᠦᠩ ᠶᠦᠨ ᠤᠷᠢᠳᠠ ᠳᠣᠪᠲᠣᠯᠤᠨ ᠡᠴᠢᠵᠦ ᠱᠢ ᠲᠢᠶᠠᠨ ᠱᠢ ᠶ᠋ᠢ ᠵᠣᠯᠢᠵᠤ ᠢᠯᠡᠭᠡᠪᠡ᠃ ᠲᠡᠳᠦᠢ ᠵᠠᠩ ᠿᠧᠦ᠂ ᠱᠢ ᠲᠢᠶᠠᠨ ᠱᠢ ᠬᠣᠶᠠᠭᠤᠯᠠ ᠲᠠᠪᠤᠨ ᠮᠢᠩᠭᠠᠨ ᠰᠢᠯᠭᠠᠳᠠᠭ ᠴᠡᠷᠢᠭ ᠢ ᠠᠪᠴᠤ᠂ ᠰᠢᠨ ᠯᠦ᠍ ᠶ᠋ᠢᠨ ᠭᠠᠵᠠᠷ ᠬᠠᠪᠴᠢᠯ ᠤ᠋ᠨ ᠰᠢᠭᠤᠢ ᠶ᠋ᠢᠨ ᠳᠣᠲᠣᠷ᠎ᠠ ᠪᠦᠭᠭᠦᠵᠦ ᠬᠦᠯᠢᠶᠡᠬᠦᠢ ᠳ᠋ᠦ᠍ᠷ ᠴᠢᠪᠬᠢᠲᠡᠯ᠎ᠡ ᠡᠤ ᠰᠢᠶᠠᠨ ᠤ᠋ ᠥᠮᠥᠭᠯᠡᠬᠦ ᠨᠢᠭᠡᠨ ᠲᠦᠮᠡᠨ ᠴᠡᠷᠢᠭ ᠭᠣᠣ ᠶᠠᠩ ᠬᠣᠲᠠ ᠶ᠋ᠢᠨ ᠯᠢᠦᠢ ᠵᠧᠩ᠂ ᠵᠢᠴᠢ ᠬᠦ ᠲᠢᠶᠠᠨ ᠴᠢᠩ ᠲᠡᠷᠢᠭᠦᠯᠡᠨ ᠰᠥᠨᠢ ᠪᠡᠷ ᠶᠠᠭᠠᠷᠠᠨ ᠰᠢᠨ ᠯᠦ᠍ ᠶ᠋ᠢᠨ ᠬᠠᠪᠴᠢᠯ ᠢ᠋ᠶ᠋ᠠᠷ ᠬᠥᠳᠡᠭᠡᠰᠡᠭᠦᠢ ᠳ᠋ᠦ᠍ᠷ ᠴᠢᠪᠬᠢᠲᠡᠯ᠎ᠡ ᠵᠠᠩ ᠿᠧᠦ᠂ ᠱᠢ ᠲᠢᠶᠠᠨ ᠱᠢ ᠨᠠᠷ ᠤ᠋ᠨ ᠪᠡᠯᠡᠳᠬᠡᠭᠰᠡᠨ ᠠᠷᠭ᠎ᠠ ᠳ᠋ᠤᠷ ᠣᠷᠣᠵᠤ᠂ ᠭᠡᠨᠡᠳᠲᠡ ᠫᠤᠤ ᠶ᠋ᠢᠨ ᠳᠠᠭᠤᠨ ᠬᠣᠶᠠᠷ ᠬᠠᠪᠢᠷᠭ᠎ᠠ ᠠ᠋ᠴᠠ ᠵᠡᠷᠭᠡ ᠪᠡᠷ ᠭᠠᠷᠴᠤ ᠬᠠᠪᠴᠢᠨ ᠪᠠᠢᠯᠳᠤᠭᠰᠠᠨ ᠳ᠋ᠤᠷ ᠬᠦ ᠲᠢᠶᠠᠨ ᠴᠢᠩ ᠦ᠋ᠨ ᠴᠡᠷᠢᠭ ᠶᠡᠬᠡ ᠯᠡ ᠳᠠᠷᠤᠭᠳᠠᠨ ᠪᠤᠷᠤᠭᠤᠯᠠᠬᠤᠶ᠎ᠠ᠂ ᠵᠠᠩ ᠿᠧᠦ ᠶ᠋ᠢᠨ ᠴᠡᠷᠢᠭ ᠬᠥᠨᠳᠡᠯᠢᠳᠦᠭᠰᠡᠨ ᠳ᠋ᠦ᠍ᠷ ᠵᠠᠮ ᠵᠠᠢᠯᠠᠨ ᠵᠡᠭᠦᠨ ᠭᠣᠣᠯ ᠢ᠋ᠶ᠋ᠠᠷ ᠳᠤᠲᠠᠭᠠᠬᠤᠢ ᠳ᠋ᠤᠷ ᠵᠠᠩ ᠿᠧᠦ᠂ ᠱᠢ ᠲᠢᠶᠠᠨ ᠱᠢ ᠨᠠᠷ ᠤ᠋ᠨ ᠡᠷᠦᠭᠰᠡᠨ ᠣᠯᠠᠨ ᠭᠣᠣ ᠳ᠋ᠤᠷ ᠤᠨᠠᠵᠤ ᠂ ᠶᠡᠬᠡ ᠬᠠᠭᠠᠰ ᠴᠡᠷᠢᠭ ᠴᠥᠮ ᠬᠣᠬᠢᠷᠠᠵᠤ᠂ ᠳᠥᠷᠪᠡᠨ ᠮᠢᠩᠭᠠᠨ ᠴᠡᠷᠢᠭ ᠠᠯᠠᠭᠳᠠᠵᠤ ᠂ ᠲᠠᠯᠪᠢᠯ ᠦᠭᠡᠢ ᠨᠡᠬᠡᠨ ᠡᠴᠢᠭᠰᠡᠭᠡᠷ ᠵᠢᠴᠢ ᠥᠷᠯᠥᠭᠡ ᠶ᠋ᠢᠨ ᠨᠠᠷᠠᠨ ᠮᠠᠨᠳᠤᠬᠤ ᠦᠶ᠎ᠡ ᠳ᠋ᠦ᠍ᠷ ᠵᠠᠩ ᠿᠧᠦ᠂ ᠱᠢ ᠲᠢᠶᠠᠨ ᠱᠢ ᠬᠣᠶᠠᠭᠤᠯᠠ ᠯᠢᠦᠢ ᠵᠧᠩ ᠢ᠋ ᠭᠦᠢᠴᠡᠵᠦ ᠣᠢᠷ᠎ᠠ ᠬᠦᠷᠦᠭᠰᠡᠨ ᠳ᠋ᠦ᠍ᠷ ᠯᠢᠦᠢ ᠵᠧᠩ ᠶᠡᠬᠡᠯ᠎ᠡ ᠰᠢᠬᠠᠮᠳᠠᠨ᠂ ᠨᠢᠭᠡᠨᠲᠡᠭᠡᠭᠦᠷ ᠳᠤᠲᠠᠭᠠᠨ᠂ ᠨᠢᠭᠡᠨᠲᠡᠭᠡᠭᠦᠷ ᠤᠷᠪᠠᠵᠤ ᠬᠠᠷᠪᠤᠭᠰᠠᠨ ᠳ᠋ᠤᠷ ᠵᠠᠩ ᠿᠧᠦ ᠶ᠋ᠢᠨ ᠡᠭᠦᠳᠡᠨ ᠰᠢᠳᠦ ᠣᠨᠣᠭᠳᠠᠵᠤ ᠬᠣᠶᠠᠷ ᠰᠢᠲᠦ ᠬᠤᠭᠤᠷᠠᠭᠰᠠᠨ ᠳ᠋ᠤᠷ ᠵᠠᠩ ᠿᠧᠦ ᠥᠴᠦᠬᠡᠨ ᠴᠦ᠍ ᠬᠡᠷᠡᠭ ᠪᠣᠯᠭᠠᠬᠤ ᠦᠭᠡᠢ᠂ ᠰᠤᠮᠤ ᠶ᠋ᠢ ᠰᠤᠭᠤ ᠲᠡᠳᠡᠨ ᠠᠪᠴᠤ ᠣᠷᠬᠢᠨ᠂ ᠨᠢᠳᠦ ᠴᠠᠪᠴᠢᠯ ᠦᠭᠡᠢ ᠬᠥᠭᠡᠭᠡᠨ ᠢᠷᠡᠵᠦ ᠬᠣᠢᠨ᠎ᠠ ᠠ᠋ᠴᠠ ᠨᠢᠭᠡᠨᠲᠡ ᠬᠠᠷᠪᠤᠭᠰᠠᠨ ᠳ᠋ᠤᠷ ᠯᠢᠦᠢ ᠵᠧᠩ ᠦ᠋ᠨ ᠰᠢᠯᠢᠨ ᠬᠦᠵᠦᠭᠦᠦ ᠣᠨᠣᠭᠳᠠᠵᠤ ᠲᠣᠩᠭᠣᠷᠴᠠᠭᠯᠠᠨ ᠤᠨᠠᠲᠠᠯ᠎ᠠ ᠵᠠᠩ ᠿᠧᠦ ᠬᠡᠳᠦᠢᠨᠡᠢ ᠣᠢᠷ᠎ᠠ ᠬᠦᠷᠴᠦ ᠠᠷᠤ ᠠ᠋ᠴᠠ ᠠᠳᠬᠤᠨ ᠠᠪᠴᠤ᠂ ᠴᠡᠷᠢᠭ ᠦ᠋ᠨ ᠠᠷᠠᠳ ᠲᠤᠷ ᠴᠣᠬᠢᠨ ᠥᠭᠴᠦ ᠠᠮᠢᠳᠤ ᠪᠠᠷᠢᠪᠠ᠃
ᠲᠡᠳᠦᠢ ᠶᠡᠬᠡ ᠴᠡᠷᠢᠭ ᠢ᠋ ᠱᠠᠭᠠᠷᠳᠠᠵᠤ ᠨᠡᠬᠡᠨ ᠡᠴᠢᠬᠦᠢ ᠳ᠋ᠦ᠍ᠷ ᠬᠣᠴᠣᠷᠤᠭᠰᠠᠨ ᠴᠡᠷᠢᠭ ᠴᠥᠮ ᠵᠠᠩ ᠿᠧᠦ᠂ ᠱᠢ ᠲᠢᠶᠠᠨ ᠱᠢ ᠨᠠᠷ ᠲᠤᠷ ᠳᠠᠭᠠᠪᠠ᠂ ᠦᠯᠡᠭᠰᠡᠨ ᠴᠡᠷᠢᠭ ᠬᠣᠶᠠᠷ ᠮᠢᠩᠭᠠᠨ ᠬᠦᠷᠬᠦ ᠦᠭᠡᠢ ᠳ᠋ᠦ᠍ᠷ ᠱᠢ ᠲᠢᠶᠠᠨ ᠱᠢ᠂ ᠵᠠᠩ ᠿᠧᠦ ᠶ᠋ᠢᠨ ᠯᠢᠦᠢ ᠵᠧᠩ ᠢ᠋ ᠠᠮᠢᠳᠤ ᠪᠠᠷᠢᠭᠰᠠᠨ ᠢ᠋ ᠦᠵᠡᠭᠡᠳ ᠲᠡᠭᠦᠨ ᠢ᠋ ᠰᠢᠷᠬ᠎ᠠ ᠪᠠᠨ ᠲᠡᠵᠢᠭᠡ ᠭᠡᠮᠡᠨ ᠦᠯᠡᠳᠡᠭᠡᠵᠦ᠂ ᠥᠪᠡᠷ ᠢ᠋ᠶ᠋ᠡᠨ ᠶᠡᠬᠡ ᠴᠡᠷᠢᠭ ᠢ᠋ᠶ᠋ᠡᠨ ᠠᠪᠤᠨ ᠨᠡᠬᠡᠨ ᠡᠴᠢᠭᠡᠳ ᠰᠥᠨᠢ ᠬᠣᠶᠠᠷ ᠵᠢᠩ ᠦ᠋ᠨ ᠴᠠᠭ ᠲᠤᠷ ᠨᠡᠬᠡᠵᠦ ᠭᠦᠢᠴᠡᠭᠡᠳ ᠰᠢᠭᠤᠳ ᠴᠡᠷᠢᠭ ᠦ᠋ᠨ ᠳᠣᠲᠣᠷ᠎ᠠ ᠰᠢᠪᠲᠤᠯᠤᠨ ᠣᠷᠣᠵᠤ᠂ ᠬᠦ ᠲᠢᠶᠠᠨ ᠴᠢᠩ ᠢ ᠮᠣᠷᠢᠨ ᠤ᠋ ᠳᠡᠭᠡᠷ᠎ᠡ ᠡᠴᠡ ᠠᠮᠢᠳᠤ ᠪᠠᠷᠢᠪᠠ᠃ ᠡᠨᠡ ᠤᠳᠠᠭ᠎ᠠ ᠶ᠋ᠢᠨ ᠳᠠᠢᠰᠤᠨ᠎ᠠ ᠶᠡᠬᠡ ᠴᠡᠷᠢᠭ ᠢ ᠳᠠᠭᠠᠭᠤᠯᠤᠭᠰᠠᠨ ᠪᠠ ᠴᠡᠷᠢᠭ ᠦ᠋ᠨ ᠵᠠᠷ ᠵᠡᠪᠰᠡᠭ ᠮᠣᠷᠢ ᠡᠮᠡᠭᠡᠯ ᠬᠤᠶᠠᠭ ᠳᠤᠭᠤᠯᠠᠭ᠎ᠠ ᠬᠡᠳᠦᠢᠴᠢᠨᠡᠭᠡᠨ ᠵᠠᠭᠤᠨ ᠲᠡᠷᠭᠡ ᠣᠯᠵᠠᠯᠠᠵᠤ᠂ ᠴᠡᠷᠢᠭ ᠦ᠋ᠨ ᠴᠢᠭᠢᠷᠠᠭ ᠰᠦᠷ ᠳᠥᠷᠪᠡᠨ ᠵᠦᠭ ᠶᠡᠬᠡᠯ᠎ᠡ ᠠᠯᠳᠠᠷᠰᠢᠪᠠ᠃ ᠲᠡᠳᠦᠢ ᠱᠢ ᠲᠢᠶᠠᠨ ᠱᠢ ᠡᠤ ᠰᠢᠶᠠᠨ ᠤ᠋ ᠬᠠᠭᠠᠰ ᠴᠡᠷᠢᠭ ᠢ ᠡᠮᠦᠨ᠎ᠡ ᠶᠠᠪᠤᠭᠤᠯᠤᠨ ᠥᠪᠡᠷ ᠦ᠋ᠨ ᠴᠡᠷᠢᠭ ᠲᠦ᠍ᠷ ᠮᠥᠨ ᠡᠤ ᠰᠢᠶᠠᠨ ᠤ᠋ ᠴᠡᠷᠢᠭ ᠦ᠋ᠨ ᠬᠤᠶᠠᠭ ᠳᠤᠭᠤᠯᠠᠭ᠎ᠠ ᠲᠤᠭ ᠬᠢᠭᠢᠷᠢ ᠵᠠᠷ ᠵᠡᠪᠰᠡᠭ ᠢ᠋ ᠪᠠᠷᠢᠭᠤᠯᠵᠤ᠂ ᠡᠤ ᠰᠢᠶᠠᠨ ᠤ᠋ ᠴᠡᠷᠢᠭ ᠭᠡᠮᠡᠨ ᠰᠥᠩ ᠱᠠᠨ ᠠᠭᠤᠯᠠᠨ ᠳ᠋ᠤᠷ ᠬᠦᠷᠴᠦ ᠢᠷᠡᠬᠦᠢ ᠳ᠋ᠦ᠍ᠷ ᠱᠢ ᠲᠢᠶᠠᠨ ᠽᠧ ᠶ᠋ᠢᠨ ᠴᠡᠷᠢᠭ ᠮᠥᠨ ᠰᠥᠩ ᠱᠠᠨ ᠤ᠋ ᠵᠦᠭ ᠡᠴᠢᠬᠦᠢ ᠳ᠋ᠦ᠍ᠷ ᠲᠣᠬᠢᠶᠠᠯᠳᠤᠵᠤ᠂ ᠴᠤᠭᠠᠷ ᠡᠴᠢᠬᠦᠢ ᠳ᠋ᠦ᠍ᠷ ᠰᠥᠩ ᠱᠠᠨ ᠳ᠋ᠤᠷ ᠬᠠᠭᠠᠭᠳᠠᠭᠰᠠᠨ ᠯᠢ ᠴᠢᠦᠸᠠᠨ ᠬᠠᠷᠠᠬᠠᠨ ᠠᠷᠭ᠎ᠠ ᠦᠭᠡᠢ ᠰᠢᠬᠠᠮᠳᠠᠨ ᠪᠦᠬᠦᠢ ᠳ᠋ᠦ᠍ᠷ ᠡᠤ ᠰᠢᠶᠠᠨ ᠤ᠋ ᠲᠡᠮᠳᠡᠭᠲᠦ ᠲᠤᠭ ᠢ᠋ ᠦᠵᠡᠵᠦ ᠶᠡᠬᠡᠯ᠎ᠡ ᠪᠠᠶᠠᠷᠯᠠᠨ ᠣᠢᠷ᠎ᠠ ᠬᠦᠷᠴᠦ ᠢᠷᠠᠪᠠᠰᠤ ᠤᠭᠲᠤᠨ ᠭᠠᠷᠴᠤ ᠣᠷᠣᠭᠤᠯᠬᠤᠢ ᠶ᠋ᠢ ᠪᠡᠯᠡᠳᠬᠡᠬᠦᠶ᠎ᠡ᠂ ᠰᠥᠩ ᠱᠠᠨ ᠤ᠋ ᠠᠮᠠᠨ ᠢ᠋ ᠬᠠᠭᠠᠬᠤ ᠴᠡᠷᠢᠭ ᠤᠷᠪᠠᠵᠤ᠂ ᠬᠠᠭᠤᠷᠮᠠᠭ ᠡᠤ ᠰᠢᠶᠠᠨ ᠤ᠋ ᠴᠡᠷᠢᠭ ᠯᠦ᠍ᠭᠡ ᠪᠠᠢᠯᠳᠤᠬᠤ ᠪᠣᠯᠤᠭᠰᠠᠨ ᠳ᠋ᠤᠷ ᠰᠥᠩ ᠱᠠᠨ ᠤ᠋ ᠯᠢ ᠴᠢᠦᠸᠠᠨ ᠪᠡᠶ᠎ᠡ ᠪᠡᠷ ᠴᠡᠷᠢᠭ ᠠᠪᠤᠨ ᠭᠠᠷᠴᠤ ᠢᠷᠡᠨ ᠬᠠᠭᠤᠷᠮᠠᠭ ᠴᠡᠷᠢᠭ ᠢ᠋ ᠤᠭᠲᠤᠨ ᠢᠷᠡᠭᠰᠡᠨ ᠳ᠋ᠦ᠍ᠷ ᠵᠠᠩ ᠿᠧᠦ ᠨᠢᠭᠡᠨᠲᠡ ᠵᠠᠩᠳᠠᠵᠤ ᠬᠠᠭᠠᠵᠤ ᠣᠷᠣᠭᠠᠳ ᠣᠯᠠᠨ ᠴᠡᠷᠢᠭ ᠬᠠᠮᠲᠤ ᠪᠠᠷ ᠠᠭᠤᠯᠠᠨ ᠤ᠋ ᠪᠣᠭᠣᠮᠲᠠ ᠳ᠋ᠤᠷ ᠣᠷᠣᠵᠤ ᠡᠴᠢᠭᠡᠳ ᠰᠥᠩ ᠱᠠᠨ ᠤ᠋ ᠨᠡᠢᠲᠡ ᠪᠦᠭᠦᠳᠡ ᠶ᠋ᠢ ᠡᠭᠡᠭᠦᠯᠦᠨ ᠠᠪᠴᠤ ᠴᠡᠷᠢᠭ ᠢᠷᠭᠡᠨ ᠢ᠋ ᠴᠥᠮ ᠳᠠᠭᠠᠭᠤᠯᠪᠠ᠃ ᠯᠢ ᠴᠢᠦᠸᠠᠨ ᠰᠥᠨᠢ ᠰᠤᠯᠠ ᠴᠡᠷᠢᠭ ᠦ᠋ᠨ ᠳᠡᠪᠡᠯ ᠬᠤᠪᠴᠠᠳ ᠢ᠋ ᠬᠠᠯᠠᠨ ᠡᠮᠦᠰᠴᠦ᠂ ᠵᠠᠢᠳᠠᠩ ᠮᠣᠷᠢ ᠪᠠᠷ ᠠᠭᠤᠯᠠᠨ ᠤ᠋ ᠳᠠᠯᠳᠠ ᠵᠠᠮ ᠢ᠋ᠶ᠋ᠠᠷ ᠪᠤᠷᠤᠭᠤᠯᠠᠨ ᠭᠠᠷᠪᠠ᠃ ᠲᠡᠢᠨ ᠬᠦ᠌ ᠳᠤᠲᠠᠭᠠᠨ ᠡᠤ ᠰᠢᠶᠠᠨ ᠤ᠋ ᠳᠡᠷᠭᠡᠳᠡ ᠡᠴᠢᠭᠰᠡᠨ ᠳ᠋ᠦ᠍ᠷ ᠡᠤ ᠰᠢᠶᠠᠨ ᠶᠡᠬᠡᠯ᠎ᠡ ᠠᠭᠤᠷᠯᠠᠵᠤ᠂ ᠰᠢ ᠱᠠᠨ ᠤ᠋ ᠬᠦ ᠴᠧᠩ ᠬᠣᠲᠠ ᠶ᠋ᠢᠨ ᠴᠡᠷᠢᠭ ᠢ᠋ ᠪᠦᠷᠢᠨ᠎ᠡ ᠠᠪᠴᠤ ᠳᠣᠪᠲᠣᠯᠤᠨ ᠢᠷᠡᠵᠦ᠂ ᠵᠠᠩ ᠿᠧᠦ ᠶ᠋ᠢᠨ ᠰᠠᠬᠢᠭᠰᠠᠨ ᠮᠠᠨ ᠴᠧᠩ ᠬᠣᠲᠠ ᠶ᠋ᠢ ᠡᠷᠢᠵᠦ ᠬᠠᠭᠠᠭᠰᠠᠨ ᠳ᠋ᠤᠷ ᠵᠠᠩ ᠿᠧᠦ ᠬᠣᠲᠠ ᠶ᠋ᠢᠨ ᠠᠰᠠᠷ ᠲᠤᠷ ᠭᠠᠷᠴᠤ ᠤᠴᠢᠷ ᠢ᠋ ᠠᠰᠠᠭᠤᠬᠤᠶ᠎ᠠ᠂ ᠡᠤ ᠰᠢᠶᠠᠨ ᠬᠡᠯᠡᠯᠴᠡᠭᠴᠢ ᠪᠣᠯᠤᠨ ᠭᠡᠨᠡᠳᠲᠡ ᠰᠠᠮᠠᠭᠤᠨ ᠵᠡᠪᠰᠡᠭ ᠢ᠋ᠶ᠋ᠡᠷ ᠬᠠᠷᠪᠤᠭᠤᠯᠤᠭᠰᠠᠨ ᠳ᠋ᠤᠷ ᠨᠢᠭᠡᠨ ᠰᠤᠮᠤ ᠵᠠᠩ ᠿᠧᠦ ᠶ᠋ᠢᠨ ᠵᠡᠭᠦᠨ ᠵᠠᠵᠢᠭᠤᠷ ᠢ ᠱᠤᠳᠤᠷᠤᠨ ᠭᠠᠷᠴᠤ ᠡᠴᠢᠭᠡᠳ ᠴᠢᠰᠤ ᠤᠷᠤᠰᠬᠠᠭᠰᠠᠨ ᠳ᠋ᠤᠷ ᠬᠣᠲᠠ ᠶ᠋ᠢᠨ ᠭᠠᠳᠠᠨ᠎ᠠ ᠡᠤ ᠰᠢᠶᠠᠨ ᠤ᠋ ᠴᠡᠷᠢᠭ ᠵᠠᠩ ᠿᠧᠦ ᠶ᠋ᠢ ᠰᠢᠷᠬᠠᠲᠤᠭᠤᠯᠪᠠ ᠭᠡᠮᠡᠨ ᠪᠠᠷᠬᠢᠷᠠᠯᠴᠠᠬᠤᠢ ᠳ᠋ᠤᠷ ᠵᠠᠩ ᠿᠧᠦ ᠭᠡᠨᠡᠳᠲᠡ ᠨᠢᠭᠡᠨ ᠠᠷᠭ᠎ᠠ ᠣᠯᠵᠤ᠂ ᠶᠡᠬᠡᠯ᠎ᠡ ᠬᠦᠨᠳᠦ ᠰᠢᠷᠬᠠᠳᠤᠭᠰᠠᠨ ᠮᠡᠲᠦ ᠤᠨᠠᠵᠤ ᠡᠴᠢᠭᠰᠡᠨ ᠳ᠋ᠦ᠍ᠷ ᠡᠤ ᠰᠢᠶᠠᠨ ᠤ᠋ ᠴᠡᠷᠢᠭ ᠶᠡᠬᠡᠯ᠎ᠡ ᠪᠠᠶᠠᠷᠯᠠᠯᠴᠠᠵᠤ᠂ ᠬᠣᠲᠠ ᠶ᠋ᠢᠨ ᠣᠢᠷ᠎ᠠ ᠰᠢᠬᠠᠵᠤ ᠢᠷᠡᠭᠰᠡᠨ ᠳ᠋ᠦ᠍ᠷ ᠵᠠᠩ ᠿᠧᠦ ᠲᠣᠯᠣᠭᠠᠢ ᠪᠠᠨ ᠣᠷᠢᠶᠠᠭᠠᠳ ᠣᠯᠠᠨ ᠴᠡᠷᠢᠭ ᠢ᠋ᠶ᠋ᠡᠨ ᠴᠠᠳᠲᠠᠯ᠎ᠠ ᠪᠤᠳᠠᠭᠠᠯᠠᠵᠤ᠂ ᠬᠠᠭᠤᠷᠠᠢ ᠬᠦᠨᠡᠰᠦ ᠶ᠋ᠢ ᠡᠯᠪᠡᠭ ᠠᠪᠤᠭᠤᠯᠤᠨ ᠴᠡᠷᠢᠭ ᠯᠦ᠍ᠭᠡ ᠴᠢᠰᠤ ᠤᠤᠭᠤᠨ ᠠᠮᠠᠯᠳᠠᠵᠤ᠂ ᠬᠣᠲᠠ ᠶ᠋ᠢᠨ ᠳᠥᠷᠪᠡᠨ ᠬᠠᠭᠠᠯᠭ᠎ᠠ ᠶ᠋ᠢ ᠬᠠᠮᠲᠤ ᠪᠠᠷ ᠨᠡᠭᠡᠭᠡᠵᠦ᠂ ᠳᠥᠷᠪᠡᠨ ᠵᠦᠭ ᠠᠳᠠᠯᠢ ᠪᠠᠷ ᠪᠠᠢᠯᠳᠤᠨ ᠭᠠᠷᠤᠭᠰᠠᠨ ᠳ᠋ᠤᠷ ᠡᠤ ᠰᠢᠶᠠᠨ ᠤ᠋ ᠴᠡᠷᠢᠭ ᠰᠠᠨᠠᠭᠠᠨ ᠳ᠋ᠤᠷ ᠦᠭᠡᠢ ᠪᠠᠢᠭᠰᠠᠨ ᠲᠤᠯᠠ ᠶᠡᠬᠡᠯ᠎ᠡ ᠭᠡᠯᠮᠡᠵᠦ᠂ ᠡᠨᠡ ᠰᠠᠮᠠᠭᠤᠷᠠᠭᠰᠠᠨ ᠴᠢᠯᠥᠭᠡᠨ ᠳ᠋ᠦ᠍ᠷ ᠵᠠᠩ ᠿᠧᠦ ᠶᠡᠬᠡ ᠲᠤᠭ ᠢ᠋ ᠳᠠᠯᠠᠯᠤᠨ ᠪᠠᠢᠯᠳᠤᠨ ᠣᠷᠣᠭᠰᠠᠨ ᠳ᠋ᠤᠷ ᠡᠤ ᠰᠢᠶᠠᠨ ᠴᠤ᠌ ᠰᠠᠨᠠᠭᠠᠨ ᠳ᠋ᠤᠷ ᠦᠭᠡᠢ ᠪᠠᠢᠭᠰᠠᠨ ᠲᠤᠯᠠ ᠶᠡᠬᠡᠯ᠎ᠡ ᠠᠶᠤᠵᠤ᠂ ᠥᠪᠡᠷ ᠢ᠋ᠶ᠋ᠡᠨ ᠤᠷᠢᠳᠠ ᠡᠭᠡᠵᠦ ᠪᠤᠷᠤᠭᠤᠯᠠᠬᠤᠢ ᠳ᠋ᠤᠷ ᠵᠠᠩ ᠿᠧᠦ ᠬᠣᠢᠨ᠎ᠠ ᠠ᠋ᠴᠠ ᠬᠠᠷᠪᠤᠭᠰᠠᠨ᠎ᠠ ᠂ ᠬᠠᠭᠤᠴᠢᠨ ᠰᠢᠷᠬᠠᠲᠤᠭᠰᠠᠨ ᠪᠠᠷᠠᠭᠤᠨ ᠮᠥᠷᠥ ᠳ᠋ᠦ᠍ᠷ ᠲᠣᠰᠴᠤ ᠶᠡᠬᠡᠯ᠎ᠡ ᠡᠪᠡᠷᠰᠢᠶᠡᠨ ᠮᠣᠷᠢᠨ ᠠ᠋ᠴᠠ ᠲᠣᠩᠭᠣᠷᠴᠠᠭᠯᠠᠨ ᠤᠨᠠᠭᠰᠠᠨ ᠢ ᠯᠢ ᠴᠢᠦᠸᠠᠨ ᠶᠠᠭᠠᠷᠠᠨ ᠲᠡᠳᠬᠦᠵᠦ ᠮᠣᠷᠢᠨ ᠳ᠋ᠤᠷ ᠤᠨᠤᠭᠤᠯᠤᠨ ᠲᠦᠰᠢᠵᠦ ᠪᠤᠷᠤᠭᠤᠯᠠᠪᠠ᠃ ᠡᠤ ᠰᠢᠶᠠᠨ ᠤ᠋ ᠴᠡᠷᠢᠭ ᠴᠥᠮ ᠬᠣᠲᠠ ᠶ᠋ᠢᠨ ᠢᠷᠣᠭᠠᠷ ᠪᠠᠢᠵᠤ ᠠᠭᠤᠳᠠᠮ ᠰᠠᠨᠠᠨ ᠪᠦᠬᠦᠢ ᠳ᠋ᠦ᠍ᠷ ᠡᠳᠦᠭᠡ ᠭᠡᠨᠡᠳᠲᠡ ᠬᠠᠷᠪᠤᠨ ᠭᠠᠷᠴᠤ ᠠᠯᠠᠯᠳᠤᠭᠰᠠᠨ ᠳ᠋ᠤᠷ ᠴᠥᠮ ᠰᠣᠴᠢᠵᠤ᠂ ᠪᠠᠭ᠎ᠠ ᠬᠠᠭᠠᠰ ᠰᠢᠷᠬᠠᠲᠤᠵᠤ ᠭᠣᠣ ᠳ᠋ᠤᠷ ᠤᠨᠠᠪᠠ᠃ ᠶᠡᠬᠡ ᠬᠠᠭᠠᠰ ᠡᠤ ᠰᠢᠶᠠᠨ ᠯᠤᠭ᠎ᠠ ᠳᠤᠲᠠᠭᠠᠬᠤᠢ ᠳ᠋ᠤᠷ ᠵᠠᠩ ᠿᠧᠦ ᠲᠠᠯᠪᠢᠯ ᠦᠭᠡᠢ ᠨᠢᠭᠡᠨ ᠡᠳᠦᠷ ᠨᠢᠭᠡᠨ ᠰᠥᠨᠢ ᠨᠡᠬᠡᠵᠦ᠂ ᠰᠢ ᠱᠠᠨ ᠠᠭᠤᠯᠠᠨ ᠤ᠋ ᠬᠦ ᠴᠧᠩ ᠬᠣᠲᠠᠨ ᠳ᠋ᠤᠷ ᠬᠦᠷᠦᠭᠰᠡᠨ ᠳ᠋ᠦ᠍ᠷ ᠡᠤ ᠰᠢᠶᠠᠨ ᠬᠣᠢᠨ᠎ᠠ ᠠ᠋ᠴᠠ ᠴᠡᠷᠢᠭ ᠵᠢᠭᠤᠷᠠᠯᠳᠤᠨ ᠬᠥᠭᠡᠭᠡᠵᠦ ᠢᠷᠡᠭᠰᠡᠨ᠎ᠡ᠂ ᠪᠠᠰᠠ ᠠᠩᠬ᠎ᠠ ᠤᠳᠠᠭ᠎ᠠ ᠶ᠋ᠢᠨ ᠵᠸᠨ ᠳ᠋ᠢᠩ ᠢ ᠠᠪᠲᠠᠭᠰᠠᠨ ᠮᠡᠲᠦ ᠪᠣᠯᠭᠤᠵᠠᠢ ᠭᠡᠮᠡᠨ ᠬᠣᠲᠠᠨ ᠳ᠋ᠤᠷ ᠣᠷᠣᠬᠤ ᠦᠭᠡᠢ ᠪᠠᠰᠠ ᠪᠠᠷᠠᠭᠤᠨ ᠬᠣᠢᠲᠤ ᠠᠯᠲᠠᠨ ᠤᠯᠤᠰ ᠤ᠋ᠨ ᠬᠠᠷᠢᠶᠠᠲᠤ ᠭᠠᠵᠠᠷ ᠳᠤᠲᠠᠭᠠᠬᠤᠢ ᠳ᠋ᠤᠷ ᠵᠠᠩ ᠿᠧᠦ ᠭᠡᠨᠡᠳᠲᠡ ᠰᠡᠬᠡᠰᠬᠢᠵᠦ ᠪᠠᠰᠠ ᠨᠢᠭᠡᠨ ᠠᠷᠭ᠎ᠠ ᠣᠯᠵᠤ᠂ ᠠᠩᠬᠠᠨ ᠤ᠋ ᠡᠤ ᠰᠢᠶᠠᠨ ᠤ᠋ ᠴᠡᠷᠢᠭ ᠦ᠋ᠨ ᠠᠷᠠᠳ ᠢ᠋ᠶ᠋ᠠᠷ ᠬᠣᠲᠠᠨ ᠢ ᠳᠠᠭᠤᠳᠠᠨ ᠨᠡᠭᠡᠭᠡᠯᠭᠡᠵᠦ᠂ ᠥᠪᠡᠷ ᠦ᠋ᠨ ᠪᠡᠶ᠎ᠡ ᠭᠠᠭᠴᠠᠭᠠᠷ ᠬᠣᠲᠠ ᠳ᠋ᠤᠷ ᠣᠷᠣᠵᠤ ᠣᠯᠠᠨ ᠲᠦᠰᠢᠮᠡᠯ ᠴᠡᠷᠢᠭ ᠲᠦ᠍ᠷ ᠥᠭᠦᠯᠡᠷᠦᠨ : 《ᠲᠠ ᠶᠠᠭᠤᠨ ᠳ᠋ᠤᠷ ᠡᠢᠮᠦ ᠮᠠᠭᠤ ? ᠡᠤ ᠰᠢᠶᠠᠨ ᠥᠴᠥᠭᠡᠳᠦᠷ ᠰᠠᠶᠢ ᠤᠷᠪᠠᠭᠰᠠᠨ ᠪᠢᠴᠢᠬᠠᠨ ᠬᠤᠯᠠᠭᠠᠢ᠂ ᠮᠣᠩᠭᠣᠯ ᠬᠡᠮᠡᠭᠴᠢ ᠲᠠᠪᠢᠨ ᠣᠨ ᠰᠢᠬᠠᠮ ᠪᠣᠯᠤᠭᠰᠠᠨ ᠴᠢᠭᠢᠷᠠᠭ ᠬᠦᠴᠦᠲᠦ ᠶᠡᠬᠡ ᠤᠯᠤᠰ᠂ ᠡᠳᠦᠭᠡ ᠬᠠᠳᠠᠨ ᠳᠠᠯᠳᠠᠬᠢ ᠮᠣᠩᠭᠣᠯ ᠵᠠᠩᠵᠤᠨ ᠨᠠᠷ ᠬᠦᠷᠴᠦ ᠢᠷᠡᠭᠡᠳ ᠲᠠ ᠪᠠᠰᠠ ᠬᠠᠷᠢᠭᠤᠴᠠᠪᠠᠰᠤ ᠬᠣᠲᠠᠨ ᠢ ᠦᠬᠦᠨ ᠪᠠᠢᠯᠳᠤᠵᠤ ᠠᠪᠤᠭᠠᠳ ᠠᠯᠲᠠᠨ ᠬᠠᠰ ᠸᠠᠭᠠᠷ ᠲᠣᠭᠣᠰᠬ᠎ᠠ ᠶ᠋ᠢ ᠦᠯᠡᠳᠡᠭᠡᠯ ᠦᠭᠡᠢ ᠪᠡᠯᠪᠡᠴᠡᠮᠦᠢ᠃ ᠨᠢᠭᠡᠨ ᠡᠤ ᠰᠢᠶᠠᠨ ᠤ᠋ ᠲᠤᠯᠠ ᠲᠦᠮᠡᠨ ᠢᠷᠭᠡᠨ ᠦᠬᠦᠬᠦ ᠢᠨᠤ ᠶᠠᠭᠤ ᠲᠠᠢ ᠬᠢᠯᠢᠰ ᠪᠣᠢ ! ᠲᠠ ᠶᠠᠭᠤᠨ ᠳ᠋ᠤᠷ ᠮᠣᠩᠭᠣᠯ ᠤ᠋ᠨ ᠲᠡᠳᠦᠢᠴᠢᠨᠡᠭᠡᠨ ᠬᠣᠲᠠᠨ ᠢ᠋ ᠠᠪᠤᠭᠰᠠᠨ ᠢ᠋ ᠡᠰᠡ ᠪᠣᠳᠣᠮᠤᠢ ? ᠡᠳᠦᠭᠡ ᠬᠡᠳᠦᠢ ᠲᠠᠢᠱ᠌ᠢ ᠭᠦᠸᠧ ᠸᠠᠩ ᠮᠤᠬᠤᠯᠢ ᠦᠭᠡᠢ ᠪᠣᠯᠤᠭᠰᠠᠨ ᠪᠣᠯᠪᠠᠴᠤ ᠲᠡᠭᠦᠨ ᠦ᠌ ᠬᠠᠮᠲᠤ ᠶᠠᠪᠤᠬᠤ ᠶᠡᠬᠡ ᠵᠠᠩᠵᠤᠨ ᠠᠷᠭ᠎ᠠ ᠮᠡᠬᠡ ᠪᠠᠭᠠᠲᠤᠷ ᠪᠣᠳᠣᠯᠭᠠᠲᠤ ᠶᠡᠬᠡᠰ ᠰᠠᠢᠳ ᠲᠦᠰᠢᠮᠡᠳ ᠮᠠᠰᠢ ᠣᠯᠠᠨ᠂ ᠨᠡᠩ ᠲᠡᠭᠦᠨ ᠦ᠌ ᠳᠡᠭᠦᠦ ᠨᠠᠷ ᠬᠡᠦᠬᠡᠳ ᠢᠨᠤ ᠬᠠᠷᠠᠬᠠᠨ ᠪᠠᠭ᠎ᠠ ᠠ᠋ᠴᠠ ᠶᠡᠬᠡ ᠴᠡᠷᠢᠭ ᠲᠦ᠍ᠷ ᠶᠠᠪᠤᠵᠤ ᠬᠡᠳᠦᠨ ᠵᠠᠭᠤᠨ ᠬᠣᠲᠠ ᠪᠠᠯᠭᠠᠳ ᠢ᠋ ᠪᠠᠢᠯᠳᠤᠨ ᠠᠪᠤᠭᠰᠠᠭᠠᠷ ᠬᠣᠲᠠ ᠶ᠋ᠢ ᠪᠠᠢᠯᠳᠤᠬᠤ ᠠᠷᠭ᠎ᠠ ᠶ᠋ᠢ ᠮᠠᠰᠢᠳᠠ ᠣᠯᠵᠤᠬᠤᠢ᠃ ᠵᠢᠴᠢ ᠪᠠᠰᠠ ᠲᠡᠭᠦᠨ ᠦ᠌ ᠳᠡᠭᠦᠦ ᠢᠨᠤ ᠵᠢᠶᠦ᠋ᠨ ᠸᠠᠩ ᠳᠠᠢᠰᠤᠨᠳᠠᠷᠤᠭ᠍ᠴᠢ ᠂ ᠲᠡᠭᠦᠨ ᠦ᠌ ᠶᠡᠬᠡ ᠬᠥᠪᠡᠭᠦᠨ ᠭᠦᠸᠧ ᠸᠠᠩ ᠪᠤᠯᠤ ᠴᠥᠮ ᠬᠡᠲᠦᠢᠳᠦᠭᠰᠡᠨ ᠪᠠᠭᠠᠲᠤᠳ ᠪᠣᠢ᠂ ᠲᠠ ᠶᠠᠭᠠᠬᠢᠨ ᠲᠡᠭᠦᠨ ᠯᠦ᠍ᠭᠡ ᠲᠡᠮᠡᠴᠡᠨ ᠴᠢᠳᠠᠮᠤᠢ ? ᠬᠡᠳᠦᠢ ᠲᠠᠨ ᠤ᠋ ᠵᠡᠷᠭᠡ ᠶ᠋ᠢᠨ ᠥᠴᠦᠬᠡᠨ ᠨᠢᠭᠡᠨ ᠤᠷᠪᠠᠭᠰᠠᠨ ᠡᠤ ᠰᠢᠶᠠᠨ ᠢ ᠴᠦ᠍ ᠪᠠᠢᠲᠤᠭᠠᠢ᠂ ᠡᠳᠦᠭᠡ ᠬᠡᠳᠦᠨ ᠵᠠᠭᠤᠨ ᠣᠨ ᠪᠣᠯᠤᠭᠰᠠᠨ ᠰᠥᠩ ᠤᠯᠤᠰ ᠬᠡᠷᠬᠢᠵᠦ ᠪᠣᠢ ? ᠠᠯᠲᠠᠨ ᠤᠯᠤᠰ᠂ ᠰᠢᠶᠠ ᠤᠯᠤᠰ ᠴᠥᠮ ᠳᠣᠷᠣᠢᠲᠠᠵᠤ ᠥᠷᠯᠥᠭᠡ ᠦᠳᠡᠰᠢ ᠶ᠋ᠢᠨ ᠬᠣᠭᠣᠷᠣᠨᠳᠣ ᠪᠣᠯᠤᠭᠰᠠᠨ ᠪᠥᠭᠡᠲᠡᠯ᠎ᠡ ᠲᠠ ᠡᠨᠡ ᠨᠢᠭᠡᠨ ᠬᠡᠳᠦᠨ ᠥᠴᠦᠬᠡᠨ ᠬᠣᠲᠠ ᠪᠠᠷ ᠶᠠᠭᠠᠬᠢᠨ ᠴᠢᠳᠠᠬᠤ ? 》 ᠬᠡᠮᠡᠭᠰᠡᠨ ᠳ᠋ᠦ᠍ᠷ ᠬᠦ ᠴᠧᠩ ᠬᠣᠲᠠ ᠶ᠋ᠢ ᠰᠠᠬᠢᠭᠰᠠᠨ ᠲᠦᠰᠢᠮᠡᠯ ᠴᠡᠷᠢᠭ ᠶᠡᠬᠡᠳᠡ ᠭᠡᠮᠰᠢᠭᠡᠳ ᠴᠥᠮ ᠵᠠᠩ ᠿᠧᠦ ᠳ᠋ᠦ᠍ᠷ ᠳᠠᠭᠠᠪᠠ᠃ ᠡᠨᠡ ᠦᠶ᠎ᠡ ᠳ᠋ᠦ᠍ᠷ ᠱᠢ ᠲᠢᠶᠠᠨ ᠱᠢ ᠶ᠋ᠢᠨ ᠠᠬ᠎ᠠ ᠱᠢ ᠲᠢᠶᠠᠨ ᠨᠠᠨ ᠴᠡᠷᠢᠭ ᠢ᠋ᠶ᠋ᠡᠨ ᠠᠪᠴᠤ᠂ ᠳᠡᠭᠦᠦ ᠱᠢ ᠲᠢᠶᠠᠨ ᠱᠢ ᠳ᠋ᠦ᠍ᠷ ᠲᠤᠰᠠᠯᠠᠷ᠎ᠠ ᠢᠷᠡᠭᠰᠡᠨ ᠲᠤᠯᠠ ᠬᠠᠮᠲᠤ ᠪᠠᠷ ᠡᠤ ᠰᠢᠶᠠᠨ ᠢ ᠨᠡᠬᠡᠵᠦ ᠢᠷᠡᠬᠦᠢ ᠳ᠋ᠦ᠍ᠷ ᠱᠢ ᠲᠢᠶᠠᠨ ᠱᠢ᠂ ᠡᠤ ᠵᠢᠢ ᠬᠡᠮᠡᠬᠦ ᠭᠠᠵᠠᠷ ᠢ᠋ᠶ᠋ᠠᠷ ᠴᠡᠷᠢᠭ ᠣᠷᠣᠵᠤ᠂ ᠵᠸᠨ ᠳ᠋ᠢᠩ ᠦ᠋ᠨ ᠪᠤᠰᠤ ᠬᠣᠲᠠᠨ ᠢ᠋ ᠪᠠᠢᠯᠳᠤᠵᠤ ᠠᠪᠬᠤᠶ᠎ᠠ᠂ ᠠᠬ᠎ᠠ ᠠᠨᠤ ᠱᠢ ᠲᠢᠶᠠᠨ ᠨᠠᠨ ᠴᠡᠷᠢᠭ ᠰᠠᠯᠭᠠᠵᠤ᠂ ᠬᠦ ᠴᠧᠩ ᠦ᠋ᠨ ᠵᠦᠭ ᠡᠴᠢᠬᠦᠢ ᠳ᠋ᠦ᠍ᠷ ᠴᠢᠪᠬᠢᠲᠡᠯ᠎ᠡ ᠡᠤ ᠰᠢᠶᠠᠨ ᠠᠨᠤ ᠵᠠᠩ ᠿᠧᠦ ᠶ᠋ᠢᠨ ᠴᠡᠷᠢᠭ ᠲᠦ᠍ᠷ ᠳᠠᠷᠤᠭᠳᠠᠵᠤ ᠪᠤᠷᠤᠭᠤᠯᠠᠬᠤᠢ ᠳ᠋ᠤᠷ ᠤᠴᠠᠷᠠᠨ᠂ ᠨᠢᠭᠡᠨᠲᠡ ᠬᠠᠰᠬᠢᠷᠤᠨ ᠣᠷᠣᠵᠤ ᠪᠠᠢᠯᠳᠤᠭᠰᠠᠨ ᠳ᠋ᠤᠷ ᠡᠤ ᠰᠢᠶᠠᠨ ᠰᠥᠰᠥ ᠬᠡᠮᠬᠡᠷᠡᠨ ᠰᠦᠨᠡᠰᠦᠨ ᠵᠠᠢᠯᠠᠵᠤ᠂ ᠥᠴᠦᠬᠡᠨ ᠴᠦ᠍ ᠪᠠᠢᠯᠳᠤᠬᠤ ᠦᠭᠡᠢ᠂ ᠬᠤᠷᠠᠭᠰᠠᠨ ᠴᠡᠷᠢᠭ ᠢ᠋ᠶ᠋ᠡᠨ ᠠᠪᠴᠤ ᠱᠤᠸᠠᠩ ᠮᠢᠨ ᠭᠠᠵᠠᠷ᠎ᠠ ᠳᠤᠲᠠᠭᠠᠨ ᠣᠷᠣᠬᠤᠢ ᠳ᠋ᠤᠷ ᠱᠢ ᠲᠢᠶᠠᠨ ᠱᠢ᠂ ᠱᠢ ᠲᠢᠶᠠᠨ ᠨᠠᠨ᠂ ᠱᠢ ᠲᠢᠶᠠᠨ ᠽᠧ᠂ ᠵᠠᠩ ᠿᠧᠦ᠂ ᠳ᠋ᠦᠩ ᠶᠦᠨ ᠨᠠᠷ ᠪᠦᠭᠦᠳᠡᠭᠡᠷ ᠬᠠᠪᠰᠤᠷᠤᠯᠴᠠᠨ ᠵᠸᠨ ᠳ᠋ᠢᠩ ᠦ᠋ᠨ ᠭᠠᠵᠠᠷ ᠢ᠋ ᠴᠥᠮ ᠲᠦᠪᠰᠢᠳᠬᠡᠨ ᠲᠣᠭᠲᠠᠭᠠᠵᠤ ᠭᠡᠳᠡᠷᠭᠦ ᠡᠵᠡᠯᠡᠪᠡ᠃
ᠲᠡᠳᠦᠢ ᠬᠠᠭᠠᠨ ᠤ᠋ ᠵᠢᠶᠦ᠋ᠨ ᠸᠠᠩ ᠳᠠᠢᠰᠤᠨᠳᠠᠷᠤᠭ᠍ᠴᠢ ᠶ᠋ᠢᠨ ᠴᠡᠷᠢᠭ ᠬᠦᠷᠴᠦ ᠢᠷᠡᠲᠡᠯ᠎ᠡ ᠵᠸᠨ ᠳ᠋ᠢᠩ ᠬᠡᠳᠦᠢᠨᠡᠢ ᠲᠦᠪᠰᠢᠷᠡᠭᠰᠡᠨ ᠳ᠋ᠦ᠍ᠷ ᠵᠢᠶᠦ᠋ᠨ ᠸᠠᠩ ᠳᠠᠢᠰᠤᠨᠳᠠᠷᠤᠭ᠍ᠴᠢ ᠶᠡᠬᠡᠯ᠎ᠡ ᠪᠠᠶᠠᠷᠯᠠᠨ᠂ ᠨᠢᠭᠡᠨᠲᠡᠭᠡᠭᠦᠷ ᠬᠥᠬᠢᠭᠦᠯᠦᠨ ᠱᠠᠩᠨᠠᠵᠤ᠂ ᠨᠢᠭᠡᠨᠲᠡᠭᠡᠭᠦᠷ ᠬᠠᠭᠠᠨ ᠳ᠋ᠤᠷ ᠡᠳᠡᠨ ᠦ᠌ ᠭᠠᠪᠢᠶ᠎ᠠ ᠵᠢᠳᠬᠦᠯ ᠢ᠋ ᠢᠯᠡᠷᠬᠡᠢᠯᠡᠨ ᠠᠢᠯᠠᠳᠬᠠᠬᠤ ᠪᠣᠳᠣᠷᠣᠣᠯ ᠪᠢᠴᠢᠭ ᠪᠢᠴᠢᠵᠦ ᠠᠢᠯᠠᠳᠬᠠᠨ ᠲᠣᠭᠲᠠᠭᠠᠵᠤ᠂ ᠤᠳᠠᠭᠰᠠᠨ ᠦᠭᠡᠢ ᠬᠠᠷᠢᠭᠤ ᠵᠠᠷᠯᠢᠭ ᠬᠦᠷᠴᠦ ᠢᠷᠡᠨ ᠡᠳᠡᠭᠡᠷ ᠬᠡᠳᠦᠨ ᠵᠠᠩᠵᠤᠨ ᠢ ᠴᠥᠮ ᠨᠢᠭᠡᠨ ᠵᠡᠷᠭᠡ ᠳᠡᠪᠰᠢᠭᠦᠯᠵᠦ᠂ ᠠᠯᠲᠠᠨ ᠲᠣᠷᠭ᠎ᠠ ᠶ᠋ᠢᠨ ᠬᠦᠨᠳᠦ ᠱᠠᠩ ᠬᠦᠷᠴᠦ ᠢᠷᠡᠭᠰᠡᠨ ᠳ᠋ᠦ᠍ᠷ ᠱᠢ ᠲᠢᠶᠠᠨ ᠱᠢ᠂ ᠱᠢ ᠲᠢᠶᠠᠨ ᠽᠧ᠂ ᠱᠢ ᠲᠢᠶᠠᠨ ᠨᠠᠨ᠂ ᠵᠠᠩ ᠿᠧᠦ᠂ ᠳ᠋ᠦᠩ ᠶᠦᠨ ᠨᠠᠷ ᠬᠦᠵᠢᠰ ᠦ᠋ᠨ ᠰᠢᠷᠡᠬᠡᠨ᠎ᠡ ᠮᠥᠷᠭᠥᠵᠦ ᠡᠷᠬᠢᠮ ᠱᠠᠩ ᠳ᠋ᠤᠷ ᠬᠦᠷᠲᠡᠪᠡ᠃ ᠡᠨᠡ ᠵᠠᠪᠰᠠᠷ ᠲᠤᠷ ᠳᠥᠷᠪᠡᠨ ᠰᠠᠷ᠎ᠠ ᠳ᠋ᠤᠷ ᠰᠥᠩ ᠤᠯᠤᠰ ᠤ᠋ᠨ ᠵᠠᠰᠠᠭ ᠪᠠᠷᠢᠭᠴᠢ ᠲᠠᠢᠬᠡᠦ ᠠᠨᠤ ᠨᠠᠷᠢᠨ ᠭᠡᠮ ᠪᠣᠯᠵᠤ ᠡᠪᠡᠳᠴᠢᠨ ᠣᠯᠤᠭᠰᠠᠨ ᠳ᠋ᠤᠷ ᠤᠯᠤᠰ ᠤ᠋ᠨ ᠶᠡᠬᠡ ᠬᠡᠷᠡᠭ ᠢ᠋ ᠴᠥᠮ ᠰᠥᠩ ᠯᠢᠽᠦ᠋ᠩ ᠭᠠᠭᠴᠠᠭᠠᠷ ᠮᠡᠳᠡᠬᠦ ᠲᠤᠯᠠ ᠵᠡᠭᠦᠨ ᠮᠥᠷᠥ ᠶ᠋ᠢᠨ ᠶᠡᠬᠡ ᠵᠠᠩᠵᠤᠨ ᠫᠧᠩ ᠢ ᠪᠢᠨ ᠬᠡᠮᠡᠭᠴᠢ ᠶ᠋ᠢ ᠬᠣᠢᠲᠤ ᠶ᠋ᠢ ᠳᠠᠢᠯᠠᠵᠤ ᠲᠤᠯᠬᠤ ᠶᠡᠬᠡ ᠴᠡᠷᠢᠭ ᠦ᠋ᠨ ᠳᠦ ᠶᠤᠸᠠᠨᠱᠤᠸᠠᠢ ᠪᠣᠯᠭᠠᠵᠤ ᠭᠠᠷᠭᠠᠭᠰᠠᠨ ᠳ᠋ᠤᠷ ᠫᠧᠩ ᠢ ᠪᠢᠨ ᠤᠷᠢᠳᠠ ᠱᠠᠨ ᠳ᠋ᠦᠩ ᠦ᠋ᠨ ᠭᠠᠵᠠᠷ ᠪᠠᠢᠯᠳᠤᠵᠤ ᠬᠡᠳᠦᠨ ᠰᠢᠶᠠᠨ ᠢ᠋ ᠣᠯᠤᠭᠰᠠᠨᠠ᠂ ᠰᠥᠩ ᠡᠴᠡ ᠤᠷᠪᠠᠭᠰᠠᠨ ᠯᠢ ᠴᠢᠦᠸᠠᠨ ᠰᠠᠯᠠᠭ᠎ᠠ ᠰᠦᠶᠦᠭᠡ ᠴᠥᠮ ᠮᠥᠯᠵᠢᠭᠳᠡᠵᠦ ᠶᠡᠬᠡ ᠬᠡᠷᠡᠭ ᠪᠣᠯᠤᠨ ᠴᠢᠳᠠᠬᠤ ᠦᠭᠡᠢ ᠳ᠋ᠦ᠍ᠷ ᠶᠡᠬᠡ ᠶᠤᠸᠠᠨᠱᠤᠸᠠᠢ ᠫᠧᠩ ᠢ ᠪᠢᠨ ᠢ᠋ ᠡᠷᠢᠨ ᠡᠴᠢᠵᠦ ᠳᠠᠭᠠᠬᠤ ᠶ᠋ᠢ ᠭᠤᠶᠤᠭᠰᠠᠨ ᠳ᠋ᠤᠷ ᠫᠧᠩ ᠢ ᠪᠢᠨ ᠬᠠᠪᠠᠷ ᠵᠢᠭᠠᠨ ᠶᠠᠯ᠎ᠠ ᠦᠭᠡᠢ ᠪᠣᠯᠭᠠᠰᠤᠭᠠᠢ ᠭᠡᠮᠡᠨ ᠳᠠᠭᠠᠭᠤᠯᠤᠨ ᠠᠪᠴᠤ ᠂ ᠴᠡᠷᠢᠭ ᠦ᠋ᠨ ᠬᠦᠴᠦᠨ ᠨᠡᠮᠡᠭᠰᠡᠨ ᠳ᠋ᠦ᠍ᠷ ᠢ᠋ᠶ᠋ᠡᠨ ᠡᠷᠡᠮᠰᠢᠵᠦ᠂ ᠮᠣᠩᠭᠣᠯ ᠤ᠋ᠨ ᠵᠠᠩᠵᠤᠨ ᠶᠠᠨ ᠱᠢ ᠶ᠋ᠢᠨ ᠰᠠᠬᠢᠭᠰᠠᠨ ᠳ᠋ᠦᠩ ᠫᠢᠩ ᠹᠦ ᠶ᠋ᠢ ᠬᠠᠭᠠᠭᠰᠠᠨ ᠳ᠋ᠤᠷ ᠬᠣᠲᠠ ᠶ᠋ᠢᠨ ᠴᠡᠷᠢᠭ ᠦᠯᠡᠮᠵᠢ ᠦᠭᠡᠢ ᠶ᠋ᠢᠨ ᠳᠡᠭᠡᠷ᠎ᠡ᠂ ᠠᠮᠤ ᠡᠪᠡᠰᠦ ᠪᠠᠰᠠ ᠴᠤᠬᠠᠭ ᠲᠤᠯᠠ ᠶᠠᠨ ᠱᠢ ᠶᠠᠭᠠᠷᠠᠨ ᠮᠣᠩᠭᠣᠯ ᠤ᠋ᠨ ᠵᠢᠶᠦ᠋ᠨ ᠸᠠᠩ ᠳᠠᠢᠰᠤᠨᠳᠠᠷᠤᠭ᠍ᠴᠢ ᠳ᠋ᠤᠷ ᠪᠢᠴᠢᠭ ᠢᠯᠡᠭᠡᠪᠡ᠃ ᠲᠡᠭᠦᠨ ᠦ᠌ ᠦᠭᠡ :
ᠡᠳᠦᠭᠡ ᠰᠥᠩ ᠦ᠋ᠨ ᠴᠡᠷᠢᠭ ᠳ᠋ᠦᠩ ᠫᠢᠩ ᠹᠦ ᠶ᠋ᠢ ᠪᠦᠰᠡᠯᠡᠭᠰᠡᠨ ᠢᠨᠦ ᠮᠠᠰᠢ ᠴᠢᠩᠭ᠎ᠠ᠂ ᠶᠡᠬᠡ ᠸᠠᠩ ᠴᠢᠳᠠᠬᠤᠯ᠎ᠠ ᠬᠠᠭᠠᠰ ᠰᠠᠷ᠎ᠠ ᠶ᠋ᠢᠨ ᠳᠣᠲᠣᠷ᠎ᠠ ᠪᠡᠶ᠎ᠡ ᠪᠡᠷ ᠥᠮᠥᠭᠯᠡᠷ᠎ᠡ ᠢᠷᠠᠮᠤ᠂ ᠬᠡᠳᠦᠢ ᠪᠡᠶ᠎ᠡ ᠢᠷᠡᠵᠦ ᠡᠰᠡ ᠴᠢᠳᠠᠪᠠᠴᠤ᠂ ᠶᠡᠬᠡ ᠸᠠᠩ ᠤ᠋ᠨ ᠬᠥᠪᠡᠭᠦᠨ ᠪᠦ ᠯᠢ ᠬᠠᠢ ᠳ᠋ᠤᠷ ᠴᠡᠷᠢᠭ ᠥᠭᠴᠦ ᠢᠯᠡᠭᠡᠮᠦ᠃ ᠡᠨᠡ ᠬᠣᠶᠠᠷ ᠴᠥᠮ ᠵᠠᠮ ᠬᠠᠯᠬᠠᠯᠠᠭᠳᠠᠨ ᠬᠠᠭᠠᠰ ᠰᠠᠷ᠎ᠠ ᠶ᠋ᠢᠨ ᠳᠣᠲᠣᠷ᠎ᠠ ᠬᠦᠷᠴᠦ ᠢᠷᠡᠨ ᠴᠢᠳᠠᠬᠤ ᠦᠭᠡᠢ ᠪᠣᠯᠪᠠᠰᠤ ᠣᠷᠣᠭᠰᠢ ᠴᠡᠷᠢᠭ ᠢ ᠤᠷᠤᠭᠤᠯᠤᠯ ᠦᠭᠡᠢ ᠪᠡᠷ ᠶᠡᠬᠡ ᠴᠡᠷᠢᠭ ᠢ ᠢ ᠱᠠᠨ ᠤ᠋ ᠭᠠᠵᠠᠷ ᠪᠦᠭᠭᠦᠭᠦᠯ᠂ ᠪᠢ ᠡᠨᠳᠡ ᠬᠠᠭᠤᠷᠮᠠᠭ ᠢ᠋ᠶ᠋ᠠᠷ ᠫᠧᠩ ᠢ ᠪᠢᠨ ᠳ᠋ᠦ᠍ᠷ ᠳᠠᠭᠠᠵᠤ᠂ ᠲᠡᠭᠦᠨ ᠢ᠋ ᠢᠲᠡᠭᠡᠭᠦᠯᠦᠭᠡᠳ ᠬᠠᠮᠲᠤ ᠶᠠᠪᠤᠰᠤᠭᠠᠢ᠂ ᠲᠡᠷᠡ ᠬᠡᠷᠪᠡ ᠮᠠᠨ ᠤ᠋ ᠬᠣᠲᠠᠨ ᠢ᠋ ᠳᠠᠪᠠᠪᠠᠰᠤ ᠯᠠᠪ ᠮᠠᠨ ᠤ᠋ ᠴᠡᠷᠢᠭ ᠢ᠋ ᠠᠪᠴᠤ ᠵᠸᠨ ᠳ᠋ᠢᠩ ᠢ ᠬᠠᠯᠳᠠᠷ᠎ᠠ ᠡᠴᠢᠮᠦᠢ᠃ ᠲᠡᠷᠡ ᠲᠤᠬᠠᠢ ᠰᠢ ᠱᠠᠨ ᠤ᠋ ᠴᠡᠷᠢᠭ ᠬᠠᠮᠲᠤ ᠪᠠᠷ ᠭᠠᠷᠴᠤ ᠪᠠᠢᠯᠳᠤᠪᠠᠰᠤ ᠫᠧᠩ ᠢ ᠪᠢᠨ ᠢ ᠪᠠᠷᠢᠵᠤ ᠪᠣᠯᠤᠮᠤᠢ ᠬᠡᠮᠡᠵᠦᠬᠦᠢ᠃
ᠲᠡᠳᠦᠢ ᠵᠢᠶᠦ᠋ᠨ ᠸᠠᠩ ᠳᠠᠢᠰᠤᠨᠳᠠᠷᠤᠭ᠍ᠴᠢ ᠪᠣᠳᠣᠪᠠᠰᠤ ᠡᠨᠡ ᠠᠷᠭ᠎ᠠ ᠡᠷᠬᠢᠮ ᠲᠤᠯᠠ ᠳᠠᠷᠤᠢ ᠡᠮᠦᠨ᠎ᠡ ᠵᠦᠭ ᠴᠡᠷᠢᠭ ᠢᠯᠡᠭᠡᠬᠦ ᠶ᠋ᠢ ᠪᠠᠢᠵᠤ᠂ ᠬᠥᠪᠡᠭᠦᠨ ᠪᠦ ᠯᠢ ᠬᠠᠢ ᠳ᠋ᠤᠷ ᠭᠤᠷᠪᠠᠨ ᠲᠦᠮᠡᠨ ᠴᠡᠷᠢᠭ ᠥᠭᠴᠦ ᠰᠢ ᠱᠠᠨ ᠳ᠋ᠤᠷ ᠪᠠᠭᠤᠳᠠᠯᠯᠠᠭᠤᠯᠤᠨ᠂ ᠪᠠᠰᠠ ᠱᠢ ᠲᠢᠶᠠᠨ ᠽᠧ ᠶ᠋ᠢ ᠬᠠᠪᠰᠤᠷ ᠭᠡᠮᠡᠨ ᠵᠠᠷᠯᠠᠨ ᠢᠯᠡᠭᠡᠪᠡ᠃
ᠲᠡᠳᠦᠢ ᠰᠥᠩ ᠤᠯᠤᠰ ᠤ᠋ᠨ ᠫᠧᠩ ᠢ ᠪᠢᠨ ᠦ᠌ ᠴᠡᠷᠢᠭ ᠳ᠋ᠦᠩ ᠫᠢᠩ ᠹᠦ ᠶ᠋ᠢ ᠬᠠᠭᠠᠵᠤ ᠬᠠᠭᠠᠰ ᠰᠠᠷ᠎ᠠ ᠪᠣᠯᠤᠭᠰᠠᠨ ᠳ᠋ᠤᠷ ᠲᠤᠯᠬᠤ ᠴᠡᠷᠢᠭ ᠡᠰᠡ ᠢᠷᠡᠬᠦᠢ ᠳ᠋ᠦ᠍ᠷ ᠶᠠᠨ ᠱᠢ ᠯᠠᠪ ᠰᠡᠭᠦᠯ ᠦ᠋ᠨ ᠠᠷᠭ᠎ᠠ ᠪᠠᠷ ᠶᠠᠪᠤᠬᠤ ᠶ᠋ᠢ ᠮᠡᠳᠡᠭᠡᠳ ᠶᠠᠭᠠᠷᠠᠨ ᠬᠣᠲᠠᠨ ᠠ᠋ᠴᠠ ᠪᠢᠴᠢᠭ ᠪᠠᠭᠤᠯᠭᠠᠨ ᠢᠯᠡᠭᠡᠪᠡ᠃ ᠫᠧᠩ ᠢ ᠪᠢᠨ ᠲᠡᠷᠡ ᠪᠢᠴᠢᠭ ᠢ᠋ ᠦᠵᠡᠪᠡᠰᠦ ᠲᠡᠭᠦᠨ ᠦ᠌ ᠦᠭᠡ : 《ᠶᠠᠨ ᠱᠢ ᠪᠢ ᠤᠭ ᠲᠤᠷ ᠴᠢᠬᠤᠯᠳᠠᠬᠤ ᠲᠤᠯᠠ ᠠᠷᠭ᠎ᠠ ᠦᠭᠡᠢ ᠳ᠋ᠡᠭᠡᠨ ᠮᠣᠩᠭᠣᠯ ᠤ᠋ᠨ ᠭᠦᠸᠧ ᠸᠠᠩ ᠮᠤᠬᠤᠯᠢ ᠳ᠋ᠤᠷ ᠳᠠᠭᠠᠪᠠ᠂ ᠡᠳᠦᠭᠡ ᠮᠤᠬᠤᠯᠢ ᠦᠬᠦᠵᠦ ᠪᠤᠰᠤ ᠠᠨᠤ ᠴᠥᠮ ᠮᠠᠲᠠᠯ ᠦᠭᠡᠢ ᠳ᠋ᠦ᠍ᠷ ᠪᠢ ᠶᠡᠬᠡ ᠤᠯᠤᠰ ᠲᠤᠷ ᠲᠠᠭᠠᠨ ᠣᠷᠣᠬᠤ ᠶ᠋ᠢ ᠬᠡᠳᠦᠢᠨᠡᠢ ᠰᠣᠨᠣᠰᠴᠤ᠂ ᠰᠡᠵᠢᠭᠯᠡᠬᠦ ᠶ᠋ᠢ ᠠᠯᠳᠠᠷᠠᠭᠠᠬᠤ ᠵᠠᠮ ᠦᠭᠡᠢ ᠲᠤᠯᠠ ᠲᠠᠭᠠᠮᠠᠭᠯᠠᠭᠰᠠᠭᠠᠷ ᠡᠳᠦᠢ ᠪᠣᠯᠪᠠ᠃ ᠶᠡᠬᠡ ᠶᠤᠸᠠᠨᠱᠤᠸᠠᠢ ᠬᠡᠷᠪᠡ ᠮᠢᠨᠦ ᠥᠴᠦᠬᠡᠨ ᠪᠡᠶ᠎ᠡ ᠶ᠋ᠢ ᠪᠠᠭᠲᠠᠭᠠᠨ ᠠᠪᠤᠷᠠᠪᠠᠰᠤ᠂ ᠪᠢ ᠶᠠᠭᠤᠨ ᠤ᠋ ᠮᠤᠩᠬᠠᠭ ᠮᠣᠩᠭᠣᠯ ᠳ᠋ᠤᠷ ᠪᠣᠭᠣᠯ ᠪᠣᠯᠬᠤ ᠳᠤᠷᠠᠲᠠᠢ ᠠᠵᠢ !》ᠬᠡᠮᠡᠵᠦᠬᠦᠢ᠃
ᠲᠡᠳᠦᠢ ᠫᠧᠩ ᠢ ᠪᠢᠨ ᠠᠷᠪᠠᠨ ᠬᠤᠪᠢ ᠪᠠᠲᠤᠯᠠᠵᠤ ᠮᠥᠨ ᠬᠦ᠌ ᠯᠢ ᠴᠢᠦᠸᠠᠨ ᠢ᠋ ᠳᠠᠭᠠᠭᠤᠯᠤᠭᠰᠠᠨ ᠶᠣᠰᠣᠭᠠᠷ ᠤᠭ ᠲᠤᠰᠢᠶᠠᠯ ᠳ᠋ᠤᠷ ᠠᠭᠤᠯᠬᠤ ᠪᠠᠷ ᠬᠡᠯᠡᠯᠴᠡᠵᠦ ᠢᠯᠡᠭᠡᠭᠰᠡᠨ ᠳ᠋ᠦ᠍ᠷ ᠶᠠᠨ ᠱᠢ ᠳᠠᠷᠤᠢ ᠬᠣᠲᠠ ᠶ᠋ᠢᠨ ᠨᠡᠢᠲᠡ ᠶ᠋ᠢ ᠠᠪᠴᠤ ᠳᠠᠭᠠᠭᠠᠳ ᠫᠧᠩ ᠢ ᠪᠢᠨ ᠦ᠌ ᠴᠡᠷᠢᠭ ᠢ᠋ ᠬᠣᠲᠠᠨ ᠳ᠋ᠤᠷ ᠣᠷᠣᠭᠤᠯᠪᠠ᠃ ᠫᠧᠩ ᠢ ᠪᠢᠨ ᠬᠦᠨᠳᠦ ᠬᠤᠷᠢᠮ ᠪᠠᠷᠢᠵᠤ ᠴᠡᠷᠢᠭ ᠨᠡᠢᠯᠡᠵᠦ᠂ ᠭᠧ ᠰᠦᠸᠧ ᠶ᠋ᠢ ᠪᠠᠢᠯᠳᠤᠬᠤᠢ ᠳ᠋ᠤᠷ ᠶᠠᠨ ᠱᠢ ᠶ᠋ᠢ ᠦᠯᠡᠳᠡᠭᠡᠵᠦ ᠰᠠᠬᠢᠭᠤᠯᠪᠠ᠃ ᠲᠡᠢᠨ ᠬᠦ᠌ ᠳᠣᠯᠣᠭᠠᠨ ᠰᠠᠷ᠎ᠠ ᠪᠣᠯᠵᠤ᠂ ᠫᠧᠩ ᠢ ᠪᠢᠨ ᠶᠡᠬᠡ ᠴᠡᠷᠢᠭ ᠢ᠋ ᠠᠪᠴᠤ᠂ ᠵᠧᠨ ᠳ᠋ᠢᠩ ᠦ᠋ᠨ ᠴᠡᠷᠢᠭ ᠢ᠋ ᠠᠪᠴᠤ ᠡᠴᠢᠬᠦᠢ ᠳ᠋ᠦ᠍ᠷ ᠶᠠᠨ ᠱᠢ ᠶ᠋ᠢ ᠬᠣᠢᠲᠤ ᠴᠡᠷᠢᠭ ᠢ ᠬᠠᠢᠭᠤᠯᠤᠨ ᠶᠠᠪᠤᠬᠤ ᠪᠠᠷ ᠲᠣᠭᠲᠠᠭᠠᠪᠠ᠃ ᠲᠡᠳᠦᠢ ᠶᠡᠬᠡ ᠴᠡᠷᠢᠭ ᠢ᠋ᠶ᠋ᠡᠨ ᠥᠪᠡᠷ ᠢ᠋ᠶ᠋ᠡᠨ ᠠᠪᠴᠤ ᠵᠧᠨ ᠳ᠋ᠢᠩ ᠳ᠋ᠦ᠍ᠷ ᠡᠴᠢᠬᠦᠶ᠎ᠡ ᠵᠠᠮ ᠳ᠋ᠤᠷ ᠰᠢ ᠱᠠᠨ ᠠᠭᠤᠯᠠ ᠪᠠᠷ ᠳᠠᠭᠠᠷᠢᠨ ᠭᠠᠷᠬᠤᠢ ᠳ᠋ᠤᠷ ᠰᠥᠨᠢ ᠭᠡᠨᠡᠳᠲᠡ ᠮᠣᠩᠭᠣᠯ ᠤ᠋ᠨ ᠵᠢᠶᠦ᠋ᠨ ᠸᠠᠩ ᠳᠠᠢᠰᠤᠨᠳᠠᠷᠤᠭ᠍ᠴᠢ ᠶ᠋ᠢᠨ ᠬᠥᠪᠡᠭᠦᠨ ᠪᠦ ᠯᠢ ᠬᠠᠢ ᠶ᠋ᠢᠨ ᠪᠦᠭᠭᠦᠭᠰᠡᠨ ᠴᠡᠷᠢᠭ ᠭᠠᠷᠴᠤ ᠴᠣᠬᠢᠨ ᠪᠠᠢᠯᠳᠤᠭᠰᠠᠨ ᠳ᠋ᠤᠷ ᠶᠠᠨ ᠱᠢ ᠲᠡᠮᠳᠡᠭ ᠢ᠋ ᠣᠯᠵᠤ ᠪᠠᠰᠠ ᠬᠣᠢᠨ᠎ᠠ ᠠ᠋ᠴᠠ ᠠᠨᠤ ᠲᠤᠰᠠᠯᠠᠨ ᠪᠠᠢᠯᠳᠤᠵᠤ ᠢᠷᠡᠭᠰᠡᠨ᠎ᠡ᠂ ᠫᠧᠩ ᠢ ᠪᠢᠨ ᠶᠡᠬᠡᠯ᠎ᠡ ᠠᠶᠤᠵᠤ᠂ ᠬᠠᠭᠠᠰ ᠬᠣᠬᠢᠷᠠᠭᠰᠠᠨ ᠴᠡᠷᠢᠭ ᠢ᠋ᠶ᠋ᠡᠨ ᠠᠪᠴᠤ ᠠᠶᠤᠮᠰᠢᠭ ᠦᠭᠡᠢ ᠵᠧᠨ ᠳ᠋ᠢᠩ ᠳ᠋ᠦ᠍ᠷ ᠡᠴᠢᠬᠦ ᠦᠭᠡᠢ᠂ ᠵᠧᠨ ᠳ᠋ᠢᠩ ᠳ᠋ᠦ᠍ᠷ ᠡᠭᠡᠵᠦ ᠨᠡᠩ ᠪᠣᠯᠬᠤ ᠦᠭᠡᠢ ᠲᠤᠯᠠ ᠳᠠᠷᠤᠢ ᠡᠮᠦᠨ᠎ᠡ ᠵᠦᠭ ᠣᠷᠣᠵᠤ᠂ ᠨᠧᠢ ᠬᠤᠸᠠᠩ ᠤ᠋ᠨ ᠵᠠᠮ ᠢ᠋ᠶ᠋ᠠᠷ ᠡᠤ ᠮᠠ ᠱᠠᠨ ᠠᠭᠤᠯᠠ ᠪᠠᠷ ᠳᠠᠪᠠᠵᠤ ᠪᠤᠷᠤᠭᠤᠯᠠᠰᠤᠭᠠᠢ ᠭᠡᠮᠡᠨ ᠰᠠᠶᠢ ᠠᠭᠤᠯᠠᠨ ᠤ᠋ ᠠᠮᠠᠨ ᠳ᠋ᠤᠷ ᠣᠷᠣᠮᠠᠭᠴᠠ ᠱᠢ ᠲᠢᠶᠠᠨ ᠽᠧ ᠬᠡᠳᠦᠢᠨᠡᠢ ᠮᠡᠳᠡᠭᠡ ᠣᠯᠵᠤ᠂ ᠡᠭᠡᠨ ᠢᠷᠡᠵᠦ ᠲᠡᠭᠦᠨ ᠦ᠌ ᠬᠠᠮᠢᠭᠠᠰᠢ ᠣᠷᠣᠬᠤᠢ ᠶ᠋ᠢ ᠣᠯᠵᠤ ᠲᠣᠰᠴᠤ ᠪᠠᠢᠯᠳᠤᠰᠤᠭᠠᠢ ᠬᠡᠮᠡᠲᠡᠯ᠎ᠡ ᠭᠡᠨᠡᠳᠲᠡ ᠴᠢᠪᠬᠢᠲᠡᠯ᠎ᠡ ᠬᠠᠷᠠᠬᠠᠨ ᠲᠡᠭᠦᠨ ᠦ᠌ ᠴᠡᠷᠢᠭ ᠦ᠋ᠨ ᠵᠣᠭᠰᠣᠭᠰᠠᠨ ᠡᠤ ᠮᠠ ᠱᠠᠨ ᠠᠭᠤᠯᠠ ᠪᠠᠷ ᠢᠷᠡᠬᠦᠢ ᠳ᠋ᠦ᠍ᠷ ᠶᠡᠬᠡᠯ᠎ᠡ ᠪᠠᠶᠠᠷᠯᠠᠨ᠂ ᠴᠡᠷᠢᠭ ᠢ ᠡᠤ ᠮᠠ ᠱᠠᠨ ᠠᠭᠤᠯᠠᠨ ᠤ᠋ ᠬᠣᠶᠠᠷ ᠬᠠᠵᠠᠭᠤ ᠳ᠋ᠤᠷ ᠪᠦᠭᠭᠦᠭᠦᠯᠵᠦ ᠬᠦᠯᠢᠶᠡᠨ ᠠᠲᠠᠯ᠎ᠠ ᠰᠥᠩ ᠤᠯᠤᠰ ᠤ᠋ᠨ ᠫᠧᠩ ᠢ ᠪᠢᠨ ᠦ᠌ ᠴᠡᠷᠢᠭ ᠴᠥᠮ ᠠᠭᠤᠯᠠᠨ ᠳ᠋ᠤᠷ ᠣᠷᠣᠵᠤ ᠡᠴᠢᠭᠰᠡᠨ ᠳ᠋ᠦ᠍ᠷ ᠶᠠᠭᠠᠷᠠᠨ ᠵᠡᠪᠡ ᠶ᠋ᠢᠨ ᠠᠮᠠᠨ ᠢ᠋ ᠪᠥᠭᠯᠡᠵᠦ᠂ ᠳᠡᠭᠡᠷ᠎ᠡ ᠭᠣᠣᠯ ᠤ᠋ᠨ ᠡᠷᠭᠢ ᠳ᠋ᠦ᠍ᠷ ᠭᠠᠯ ᠲᠠᠯᠪᠢᠵᠤ ᠫᠤᠤ ᠶ᠋ᠢᠨ ᠳᠠᠭᠤᠨ ᠭᠠᠷᠭᠠᠭᠰᠠᠨ ᠳ᠋ᠤᠷ ᠫᠧᠩ ᠢ ᠪᠢᠨ ᠶᠡᠬᠡᠯ᠎ᠡ ᠠᠶᠤᠵᠤ ᠡᠭᠡᠵᠦ ᠭᠠᠷᠰᠤᠭᠠᠢ ᠭᠡᠮᠡᠨ ᠰᠠᠶᠢ ᠠᠭᠤᠯᠠᠨ ᠤ᠋ ᠠᠮᠠᠨ ᠳ᠋ᠤᠷ ᠬᠦᠷᠴᠦ ᠢᠷᠠᠪᠠᠰᠤ ᠠᠭᠤᠯᠠᠨ ᠤ᠋ ᠠᠮᠠᠨ ᠢ ᠬᠡᠳᠦᠢᠨᠡᠢ ᠲᠠᠭ ᠪᠥᠭᠯᠡᠵᠦᠬᠦᠢ᠃ ᠳᠠᠷᠤᠢ ᠯᠠᠪ ᠪᠦᠭᠭᠦᠭᠰᠡᠨ ᠴᠡᠷᠢᠭ ᠠᠬᠤᠢ ᠶ᠋ᠢ ᠮᠡᠳᠡᠭᠡᠳ ᠶᠠᠭᠠᠷᠠᠨ ᠡᠭᠡᠰᠦᠭᠡᠢ ᠬᠡᠮᠡᠲᠡᠯ᠎ᠡ ᠠᠭᠤᠯᠠᠨ ᠤ᠋ ᠬᠣᠶᠠᠷ ᠬᠠᠵᠠᠭᠤ ᠪᠠᠷ ᠫᠤᠤ ᠶ᠋ᠢᠨ ᠳᠠᠭᠤᠨ ᠭᠠᠷᠴᠤ ᠴᠠᠩ ᠴᠣᠬᠢᠨ ᠰᠠᠮᠠᠭᠤᠨ ᠵᠡᠪᠡ ᠠᠵᠢᠷᠭᠠᠨ ᠬᠤᠷ᠎ᠠ ᠴᠢᠳᠬᠤᠬᠤ ᠮᠡᠲᠦ ᠬᠠᠷᠪᠤᠨ ᠡᠭᠦᠰᠬᠡᠭᠰᠡᠨ ᠳ᠋ᠦ᠍ᠷ ᠫᠧᠩ ᠢ ᠪᠢᠨ ᠦ᠌ ᠴᠡᠷᠢᠭ ᠬᠣᠶᠠᠷ ᠪᠡᠶ᠎ᠡ ᠴᠠᠪᠴᠢᠮᠠᠯ ᠬᠠᠳᠠᠨ ᠳ᠋ᠤᠷ ᠬᠣᠷᠢᠭᠳᠠᠵᠤ᠂ ᠤᠯᠠᠮ ᠤᠯᠠᠮ ᠪᠠᠰᠠ ᠳᠡᠭᠡᠷ᠎ᠡ ᠡᠴᠡ ᠭᠠᠯ ᠤ᠋ᠨ ᠪᠣᠭᠣᠳᠠᠯ ᠤᠨᠠᠵᠤ ᠢᠷᠡᠬᠦᠢ ᠳ᠋ᠦ᠍ᠷ ᠴᠥᠮ ᠦᠬᠦᠬᠦ ᠳ᠋ᠦ᠍ᠷ ᠬᠦᠷᠦᠭᠰᠡᠨ ᠲᠤᠯᠠ ᠶᠠᠭᠠᠷᠠᠨ ᠳᠠᠭᠠᠰᠤᠭᠠᠢ ᠭᠡᠮᠡᠨ ᠪᠠᠷᠬᠢᠷᠠᠯᠴᠠᠬᠤᠢ ᠳ᠋ᠤᠷ ᠫᠧᠩ ᠢ ᠪᠢᠨ ᠪᠠᠢᠳᠠᠯ ᠪᠤᠰᠤ ᠶ᠋ᠢ ᠦᠵᠡᠭᠡᠳ ᠶᠠᠭᠠᠷᠠᠨ ᠱᠠᠯᠠᠮᠠᠭᠠᠢᠯᠠᠨ ᠠᠭᠤᠯᠠᠨ ᠤ᠋ ᠵᠡᠭᠦᠨ ᠵᠠᠮ ᠢ᠋ᠶ᠋ᠠᠷ ᠳᠠᠪᠠᠨ ᠭᠠᠷᠬᠤᠶ᠎ᠠ᠂ ᠱᠢ ᠲᠢᠶᠠᠨ ᠱᠢ ᠬᠥᠨᠳᠡᠯᠡᠨ ᠡᠴᠡ ᠳᠣᠪᠲᠣᠯᠤᠨ ᠢᠷᠡᠵᠦ ᠨᠢᠭᠡᠨ ᠰᠤᠮᠤ ᠪᠠᠷ ᠬᠦᠵᠦᠭᠦᠨ ᠢ᠋ ᠲᠠᠰᠤ ᠬᠠᠷᠪᠤᠵᠤ ᠤᠨᠠᠭᠠᠨ ᠠᠮᠢᠳᠤ ᠪᠠᠷᠢᠵᠤ᠂ ᠣᠯᠠᠨ ᠴᠡᠷᠢᠭ ᠢ ᠢᠨᠦ ᠪᠦᠷᠢᠨ᠎ᠡ ᠳᠠᠭᠠᠭᠤᠯᠤᠨ ᠬᠤᠶᠠᠭ ᠵᠡᠪᠰᠡᠭ ᠡᠴᠡ ᠰᠠᠯᠭᠠᠨ ᠵᠧᠨ ᠳ᠋ᠢᠩ ᠳ᠋ᠦ᠍ᠷ ᠠᠪᠴᠤ ᠢᠷᠡᠪᠡ᠃ ᠮᠣᠩᠭᠣᠯ ᠤ᠋ᠨ ᠵᠢᠶᠦ᠋ᠨ ᠸᠠᠩ ᠳᠠᠢᠰᠤᠨᠳᠠᠷᠤᠭ᠍ᠴᠢ ᠵᠧᠨ ᠳ᠋ᠢᠩ ᠳ᠋ᠦ᠍ᠷ ᠣᠷᠣᠵᠤ᠂ ᠤᠷᠢᠳᠤ ᠶ᠋ᠢᠨ ᠪᠠᠷᠢᠭᠰᠠᠨ ᠬᠦ ᠲᠢᠶᠠᠨ ᠴᠢᠩ᠂ ᠯᠢᠦᠢ ᠵᠧᠩ ᠬᠣᠶᠠᠭᠤᠯᠠ ᠶ᠋ᠢ ᠬᠡᠳᠦᠢᠨᠡᠢ ᠬᠣᠷᠢᠭᠤᠯ ᠲᠡᠷᠭᠡᠨ ᠳ᠋ᠦ᠍ᠷ ᠬᠣᠷᠢᠭᠤᠯᠵᠤ᠂ ᠬᠠᠭᠠᠨ ᠤ᠋ ᠳᠡᠷᠭᠡᠳᠡ ᠬᠦᠷᠭᠡᠭᠦᠯᠪᠡ᠃ ᠡᠨᠡ ᠦᠶ᠎ᠡ ᠳ᠋ᠦ᠍ᠷ ᠴᠢᠩᠭᠢᠰ ᠬᠠᠭᠠᠨ ᠲᠠᠢᠬᠡᠦ ᠶ᠋ᠢᠨ ᠴᠢᠨᠳᠠᠷ ᠢ ᠠᠪᠴᠤ ᠶᠣᠰᠣᠯᠠᠷᠠ ᠭᠠᠷᠤᠭᠠᠳ ᠬᠠᠭᠠᠨ ᠠᠭᠤᠯᠠ ᠬᠠᠲᠤᠨ ᠮᠥᠷᠡᠨ ᠬᠣᠶᠠᠭᠤᠯᠠ ᠶ᠋ᠢᠨ ᠵᠠᠪᠰᠠᠷ᠂ ᠵᠡᠯᠮ᠎ᠡ ᠬᠠᠨ ᠤ᠋ ᠠᠷᠤ᠂ ᠵᠢᠯ᠎ᠡ ᠬᠠᠨ ᠤ᠋ ᠡᠪᠦᠷ ᠲᠣᠷ ᠮᠢᠩᠭᠠᠨ ᠬᠠᠭᠤᠴᠢᠯᠭᠠ ᠬᠢᠵᠦ ᠣᠷᠣᠰᠢᠭᠤᠯᠤᠨ ᠠᠭᠤᠯᠵᠤ ᠂ ᠯᠢᠶᠸᠽᠤ ᠶᠢᠰᠦᠭᠡᠢ ᠪᠠᠭᠠᠲᠤᠷ ᠤ᠋ᠨ ᠣᠩᠭᠣᠨ ᠤ᠋ ᠡᠮᠦᠨ᠎ᠡ ᠲᠠᠯᠪᠢᠪᠠ᠃ ᠲᠡᠢᠨ ᠬᠦ᠌ ᠡᠳᠦᠭᠡ ᠰᠥᠩ ᠦ᠋ᠨ ᠶᠤᠸᠠᠨᠱᠤᠸᠠᠢ ᠫᠧᠩ ᠢ ᠪᠢᠨ ᠢ ᠪᠠᠷᠢᠵᠤ ᠠᠪᠴᠢᠷᠠᠭᠠᠳ ᠶᠠᠨ ᠱᠢ ᠲᠡᠭᠦᠨ ᠢ᠋ ᠳᠠᠭᠠᠭᠠᠴᠢᠯᠠᠨ ᠲᠠᠯᠪᠢᠭᠤᠯᠵᠤ ᠬᠡᠷᠡᠭᠯᠡᠰᠦᠭᠡᠢ ᠭᠡᠮᠡᠨ ᠳᠠᠬᠢᠨ ᠳᠠᠪᠲᠠᠨ ᠬᠡᠯᠡᠬᠦᠢ ᠳ᠋ᠦ᠍ᠷ ᠫᠧᠩ ᠢ ᠪᠢᠨ ᠬᠦᠯᠢᠶᠡᠨ ᠠᠪᠴᠤ ᠲᠠᠯᠪᠢᠭᠤᠯᠤᠮᠠᠭᠴᠠ ᠂ ᠳᠠᠷᠤᠢ ᠤᠷᠭᠤᠨ ᠭᠠᠷᠬᠤᠢ ᠳ᠋ᠤᠷ ᠱᠢ ᠲᠢᠶᠠᠨ ᠽᠧ ᠬᠡᠳᠦᠢᠨᠡᠢ ᠮᠡᠳᠡᠵᠦ ᠴᠡᠷᠢᠭ ᠠᠪᠴᠤ ᠵᠠᠮ ᠪᠦᠷᠢ ᠶ᠋ᠢ ᠰᠠᠭᠢᠭᠤᠯᠤᠭᠰᠠᠨ ᠲᠤᠯᠠ ᠫᠧᠩ ᠢ ᠪᠢᠨ ᠢ᠋ ᠪᠠᠰᠠ ᠪᠠᠷᠢᠵᠤ ᠠᠴᠢᠷᠠᠭᠰᠠᠨ ᠳ᠋ᠤᠷ ᠵᠢᠶᠦ᠋ᠨ ᠸᠠᠩ ᠳᠠᠢᠰᠤᠨᠳᠠᠷᠤᠭ᠍ᠴᠢ ᠥᠭᠦᠯᠡᠷᠦᠨ :《ᠪᠢ ᠴᠢᠨᠦ ᠤᠷᠪᠠᠬᠤ ᠶ᠋ᠢ ᠬᠡᠳᠦᠢᠨᠡᠢ ᠮᠡᠳᠡᠬᠦ ᠪᠥᠯᠥᠭᠡ ᠂ ᠭᠠᠭᠴᠠ ᠶᠡᠬᠡ ᠵᠠᠩᠵᠤᠨ ᠶᠠᠨ ᠱᠢ ᠶ᠋ᠢᠨ ᠰᠡᠳᠬᠢᠯ ᠢ ᠭᠡᠭᠡᠵᠦ ᠴᠢᠳᠠᠬᠤ ᠦᠭᠡᠢ ᠴᠢᠮᠠᠶ᠋ᠢ ᠲᠠᠯᠪᠢᠭᠰᠠᠨ ᠪᠥᠯᠥᠭᠡ᠂ ᠴᠢ ᠦᠨᠡᠬᠡᠷ ᠤᠷᠪᠠᠰᠤᠭᠠᠢ ᠬᠡᠮᠡᠬᠦᠯ᠎ᠡ ᠪᠠᠬᠠᠨ ᠬᠦᠯᠢᠶᠡᠵᠦ ᠤᠴᠠᠷᠠᠯ ᠢ ᠦᠵᠡᠬᠦ ᠦᠭᠡᠢ ᠶᠠᠭᠤᠨ ᠳ᠋ᠤᠷ ᠥᠴᠦᠬᠡᠨ ᠬᠡᠦᠬᠡᠳ ᠦ᠋ᠨ ᠮᠡᠲᠦ ᠠᠭᠠᠰᠢᠯᠠᠮᠤᠢ ? 》ᠭᠡᠮᠡᠨ ᠴᠢᠷᠦᠨ ᠭᠠᠷᠭᠠᠵᠤ ᠲᠣᠯᠣᠭᠠᠢ ᠶ᠋ᠢ ᠠᠪᠤᠭᠤᠯᠵᠤ᠂ ᠰᠥᠩ ᠤᠯᠤᠰ ᠤ᠋ᠨ ᠡᠵᠡᠨ ᠯᠢᠽᠦ᠋ᠩ ᠳ᠋ᠦ᠍ᠷ ᠬᠦᠷᠭᠡᠨ ᠢᠯᠡᠭᠡᠵᠦ ᠵᠢᠯ ᠦ᠋ᠨ ᠠᠯᠪᠠ ᠶ᠋ᠢ ᠰᠢᠪᠠᠳᠠᠪᠠ ᠃ ᠡᠭᠦᠨ ᠳ᠋ᠦ᠍ᠷ ᠰᠥᠩ ᠯᠢᠽᠦ᠋ᠩ ᠶᠡᠬᠡᠯ᠎ᠡ ᠭᠠᠰᠠᠯᠵᠤ᠂ ᠵᠠᠭᠤᠨ ᠲᠦᠰᠢᠮᠡᠳ ᠤᠯᠤᠰ ᠤ᠋ᠨ ᠬᠣᠲᠠᠯᠠᠭᠠᠷ ᠶᠡᠬᠡᠯ᠎ᠡ ᠠᠶᠤᠯᠳᠤᠪᠠ᠃
ᠲᠡᠳᠦᠢ ᠵᠢᠶᠦ᠋ᠨ ᠸᠠᠩ ᠳᠠᠢᠰᠤᠨᠳᠠᠷᠤᠭ᠍ᠴᠢ ᠶᠠᠨ ᠱᠢ ᠳ᠋ᠦ᠍ᠷ ᠴᠡᠷᠢᠭ ᠬᠠᠪᠰᠤᠷᠤᠨ᠂ ᠶᠠᠨ ᠱᠢ ᠳ᠋ᠦ᠍ᠷ ᠨᠢᠭᠡᠨ ᠠᠩᠭᠢ ᠴᠡᠷᠢᠭ᠂ ᠥᠪᠡᠷ ᠦ᠋ᠨ ᠪᠡᠶ᠎ᠡ ᠨᠢᠭᠡᠨ ᠠᠩᠭᠢ ᠴᠡᠷᠢᠭ ᠂ ᠱᠢ ᠲᠢᠶᠠᠨ ᠽᠧ ᠳ᠋ᠦ᠍ᠷ ᠨᠢᠭᠡᠨ ᠠᠩᠭᠢ ᠴᠡᠷᠢᠭ ᠥᠭᠴᠦ ᠭᠤᠷᠪᠠᠨ ᠵᠠᠮ ᠤ᠋ᠨ ᠶᠡᠬᠡ ᠴᠡᠷᠢᠭ ᠢ᠋ᠶ᠋ᠡᠷ ᠣᠷᠣᠭᠰᠢ ᠣᠷᠣᠵᠤ᠂ ᠵᠢᠩ ᠳ᠋ᠦᠩ ᠦ᠋ᠨ ᠵᠧᠦ ᠰᠢᠶᠠᠨ ᠬᠣᠲᠠ ᠪᠠᠯᠭᠠᠳ ᠢ᠋ ᠴᠥᠮ ᠭᠡᠳᠡᠷᠭᠦ ᠡᠭᠡᠭᠦᠯᠦᠨ ᠠᠪᠤᠭᠠᠳ ᠳᠡᠭᠡᠷ᠎ᠡ ᠪᠠᠰᠠ ᠠᠷᠪᠠᠨ ᠨᠢᠭᠡᠨ ᠬᠣᠲᠠᠨ ᠢ᠋ ᠣᠯᠵᠤ ᠴᠥᠮ ᠶᠠᠨ ᠱᠢ ᠳ᠋ᠦ᠍ᠷ ᠵᠠᠬᠢᠷᠤᠭᠤᠯᠪᠠ᠃ ᠡᠨᠡ ᠤᠳᠠᠭ᠎ᠠ ᠶ᠋ᠢᠨ ᠣᠯᠤᠭᠰᠠᠨ ᠠᠨᠤ : ᠡᠤ ᠶ᠋ᠢᠨ ᠭᠠᠵᠠᠷ ᠢ᠋ ᠶᠢᠰᠦᠨ ᠬᠤᠪᠢ᠂ ᠸᠧᠢ ᠶ᠋ᠢᠨ ᠭᠠᠵᠠᠷ ᠢ᠋ ᠠᠷᠪᠠᠨ ᠬᠤᠪᠢ᠂ ᠴᠢ ᠶ᠋ᠢᠨ ᠭᠠᠵᠠᠷ ᠢ᠋ ᠨᠡᠮᠡᠵᠦ ᠭᠤᠷᠪᠠᠨ ᠬᠤᠪᠢ᠂ ᠨᠡᠢᠲᠡ ᠲᠠᠪᠢᠨ ᠳᠥᠷᠪᠡᠨ ᠬᠣᠲᠠ ᠶ᠋ᠢ ᠣᠯᠵᠤ᠂ ᠵᠢᠩ ᠳ᠋ᠦᠩ ᠦ᠋ᠨ ᠵᠡᠭᠦᠨ ᠡᠲᠡᠭᠡᠳ ᠢ᠋ ᠴᠥᠮ ᠠᠪᠴᠤ᠂ ᠮᠣᠩᠭᠣᠯ ᠤ᠋ᠨ ᠴᠡᠷᠢᠭ ᠦ᠋ᠨ ᠰᠦᠷ ᠪᠠᠰᠠ ᠠᠯᠳᠠᠷᠰᠢᠭᠰᠠᠨ ᠠᠵᠤᠭᠤ᠃ ᠰᠥᠩ᠂ ᠠᠯᠲᠠᠨ ᠴᠥᠮ ᠠᠶᠤᠯᠳᠤᠪᠠ᠃ ᠡᠨᠡ ᠦᠶ᠎ᠡ ᠳ᠋ᠦ᠍ᠷ ᠲᠠᠢᠱ᠌ᠢ ᠭᠦᠸᠧ ᠸᠠᠩ ᠪᠤᠯᠤ ᠡᠪᠡᠳᠴᠦ ᠪᠣᠢ ᠲᠤᠯᠠ ᠨᠡᠢᠲᠡ ᠡᠷᠬᠡ ᠶ᠋ᠢ ᠠᠪᠠᠭ᠎ᠠ ᠳ᠋ᠤᠷ ᠲᠤᠰᠢᠶᠠᠨ ᠬᠠᠷᠢᠭᠰᠠᠨ ᠠᠵᠤᠭᠤ᠃ ᠪᠤᠯᠤ ᠾᠧ ᠪᠧᠢ ᠶ᠋ᠢᠨ ᠭᠠᠵᠠᠷ ᠲᠤᠷ ᠴᠡᠷᠢᠭ ᠢ᠋ ᠵᠣᠭᠰᠣᠵᠤ ᠡᠪᠡᠳᠴᠢᠨ ᠢ᠋ ᠰᠤᠪᠢᠯᠠᠨ ᠰᠠᠢᠨ ᠪᠣᠯᠪᠠ᠃ ᠲᠡᠳᠦᠢ ᠡᠳᠡᠭᠡᠷ ᠬᠡᠷᠡᠭ ᠢ ᠭᠦᠸᠧ ᠸᠠᠩ ᠪᠤᠯᠤ ᠂ ᠵᠢᠶᠦ᠋ᠨ ᠸᠠᠩ ᠳᠠᠢᠰᠤᠨᠳᠠᠷᠤᠭ᠍ᠴᠢ᠂ ᠠᠴᠢ ᠠᠪᠠᠭ᠎ᠠ ᠬᠣᠶᠠᠭᠤᠯᠠ ᠪᠣᠳᠣᠷᠣᠣᠯ ᠪᠢᠴᠢᠭ ᠬᠢᠵᠦ ᠬᠠᠭᠠᠨ ᠳ᠋ᠤᠷ ᠠᠢᠯᠠᠳᠬᠠᠭᠰᠠᠨ ᠳ᠋ᠤᠷ ᠬᠠᠭᠠᠨ ᠡᠨᠡ ᠦᠶ᠎ᠡ ᠳ᠋ᠦ᠍ᠷ ᠯᠢᠶᠠᠩ ᠵᠢᠩ ᠬᠣᠲᠠᠨ ᠳ᠋ᠤᠷ ᠰᠢᠶᠠ ᠤᠯᠤᠰ ᠤ᠋ᠨ ᠳᠡᠨᠵᠢ ᠬᠦᠷᠭᠡᠵᠦ ᠢᠷᠡᠭᠰᠡᠨ ᠦᠭᠡᠢ ᠤᠴᠢᠷ ᠲᠤᠷ ᠭᠤᠷᠪᠠᠨ ᠵᠡᠷᠭᠡ ᠬᠤᠭᠤᠴᠠᠭ᠎ᠠ ᠥᠭᠴᠦ ᠴᠥᠮ ᠢᠷᠡᠭᠰᠡᠨ ᠦᠭᠡᠢ ᠳ᠋ᠦ᠍ᠷ᠂ ᠳᠠᠷᠤᠢ ᠲᠠᠢᠬᠡᠦ ᠶ᠋ᠢᠨ ᠣᠢ ᠶ᠋ᠢᠨ ᠪᠡᠯᠪᠡᠰᠦᠷᠡᠯ ᠮᠥᠨ ᠳᠦᠭᠦᠷᠴᠦ ᠡᠪᠦᠯ ᠦ᠋ᠨ ᠠᠷᠪᠠᠨ ᠰᠠᠷ᠎ᠠ ᠪᠣᠯᠤᠭᠰᠠᠨ ᠲᠤᠯᠠ ᠣᠳᠣ ᠰᠢᠶᠠ ᠤᠯᠤᠰ ᠢ ᠪᠠᠢᠯᠳᠤᠬᠤ ᠵᠠᠩᠵᠤᠨ ᠴᠡᠷᠢᠭ ᠢ᠋ ᠢᠯᠭᠠᠨ ᠰᠠᠯᠭᠠᠨ ᠲᠣᠭᠲᠠᠭᠠᠬᠤᠢ ᠳ᠋ᠤᠷ ᠡᠮᠦᠨ᠎ᠡ ᠵᠧᠨ ᠳ᠋ᠢᠩ ᠡᠴᠡ ᠲᠠᠪᠢᠨ ᠳᠥᠷᠪᠡᠨ ᠬᠣᠲᠠᠨ ᠢ᠋ ᠲᠦᠪᠰᠢᠨ ᠪᠣᠯᠭᠠᠭᠰᠠᠨ ᠪᠣᠳᠣᠷᠣᠣᠯ ᠬᠦᠷᠴᠦ ᠢᠷᠡᠭᠰᠡᠨ ᠳ᠋ᠦ᠍ᠷ ᠰᠡᠭᠦᠷᠡᠰᠦᠨ ᠠᠯᠳᠠᠵᠤ ᠵᠠᠷᠯᠢᠭ ᠪᠣᠯᠤᠷᠤᠨ :《ᠡᠳᠡᠭᠡᠷ ᠰᠠᠮᠠᠭᠤᠨ ᠴᠥᠮ ᠲᠠᠢᠱ᠌ᠢ ᠭᠦᠸᠧ ᠸᠠᠩ ᠮᠤᠬᠤᠯᠢ ᠨᠢᠭᠡᠨ ᠬᠥᠮᠦᠨ ᠦᠬᠦᠭᠰᠡᠨ ᠳ᠋ᠦ᠍ᠷ ᠳᠡᠭᠳᠡᠭᠰᠡᠨ ᠰᠠᠮᠠᠭᠤᠨ ᠪᠣᠯᠠᠢ᠂ ᠲᠠᠢᠯᠪᠤᠷᠢᠯᠠᠪᠠᠰᠤ ᠠᠷᠰᠯᠠᠨ ᠵᠠᠭᠠᠨ ᠮᠡᠲᠦ ᠮᠤᠬᠤᠯᠢ ᠳ᠋ᠤᠷ ᠦᠨᠡᠬᠡᠷ ᠪᠠᠰᠠ ᠪᠠᠷᠰ ᠢᠷᠪᠢᠰ ᠮᠡᠲᠦ ᠳᠡᠭᠦᠦ ᠨᠠᠷ ᠬᠡᠦᠬᠡᠳ ᠲᠡᠢ ᠲᠤᠯᠠ ᠣᠷᠣᠨ ᠠ᠋ᠴᠠ ᠰᠢᠯᠵᠢᠭᠦᠯᠦᠯ ᠦᠭᠡᠢ ᠪᠡᠷ ᠰᠥᠩ ᠦ᠋ᠨ ᠶᠤᠸᠠᠨᠱᠤᠸᠠᠢ ᠶ᠋ᠢ ᠪᠠᠰᠠ ᠪᠠᠷᠢᠵᠤ ᠠᠪᠤᠪᠠ᠂ ᠦᠨᠡᠬᠡᠷ ᠯᠤᠤ ᠠ᠋ᠴᠠ ᠯᠤᠤ ᠲᠥᠷᠥᠵᠦ᠂ ᠪᠠᠷᠰ ᠠ᠋ᠴᠠ ᠪᠠᠷᠰ ᠭᠠᠷᠤᠮᠤᠢ ! 》 ᠭᠡᠮᠡᠨ ᠶᠡᠬᠡᠳᠡ ᠰᠠᠢᠰᠢᠶᠠᠨ ᠱᠢ ᠣᠪᠣᠭᠲᠤ ᠶ᠋ᠢᠨ ᠠᠢᠮᠠᠭ ᠪᠠ ᠶᠠᠨ ᠱᠢ ᠲᠠᠨ ᠨᠡᠢᠲᠡ ᠳ᠋ᠦ᠍ᠷ ᠴᠥᠮ ᠬᠦᠩ ᠦ᠋ᠨ ᠴᠣᠯᠠ ᠱᠠᠩᠨᠠᠵᠤ ᠶᠠᠪᠤᠭᠤᠯᠤᠨ᠂ ᠥᠪᠡᠷ ᠦ᠋ᠨ ᠪᠡᠶ᠎ᠡ ᠰᠢᠶᠠ ᠤᠯᠤᠰ ᠢ ᠳᠠᠢᠯᠠᠮᠤᠢ᠃ ᠥᠭᠡᠳᠡᠢ᠂ ᠴᠠᠭᠠᠲᠠᠢ ᠬᠣᠶᠠᠷ ᠲᠠᠢᠽᠢ ᠴᠢᠨ ᠸᠠᠩ ᠠᠷᠪᠠᠨ ᠲᠦᠮᠡᠨ ᠬᠢᠲᠠᠳ ᠴᠡᠷᠢᠭ ᠢ᠋ ᠠᠪᠴᠤ ᠳᠠᠭᠠᠭᠰᠠᠨ ᠢ᠋ ᠲᠦᠷ ᠥᠭᠦᠯᠡᠬᠦ ᠦᠭᠡᠢ᠃
ᠵᠢᠴᠢ ᠥᠭᠦᠯᠡᠬᠦ ᠢᠨᠤ ᠲᠠᠢᠱ᠌ᠢ ᠪᠤᠯᠤ᠂ ᠵᠢᠶᠦ᠋ᠨ ᠸᠠᠩ ᠳᠠᠢᠰᠤᠨᠳᠠᠷᠤᠭ᠍ᠴᠢ ᠯᠤᠭ᠎ᠠ ᠪᠠᠨ ᠵᠥᠪᠳᠡᠵᠦ ᠠᠯᠲᠠᠨ᠂ ᠰᠥᠩ ᠬᠣᠶᠠᠷ ᠤᠯᠤᠰ᠂ ᠬᠥᠭᠰᠢᠨ ᠲᠠᠢᠱ᠌ᠢ ᠮᠤᠬᠤᠯᠢ ᠶ᠋ᠢ ᠦᠭᠡᠢ ᠪᠣᠯᠤᠭᠰᠠᠨ ᠠ᠋ᠴᠠ ᠴᠠᠭ ᠤ᠋ᠨ ᠠᠯᠪᠠ ᠶ᠋ᠢ ᠡᠰᠡ ᠪᠠᠷᠢᠭᠰᠠᠨ ᠤᠴᠢᠷ ᠢ᠋ ᠠᠰᠠᠭᠤ᠂ ᠬᠡᠷᠪᠡ ᠰᠥᠷᠪᠡᠰᠦ ᠴᠡᠷᠢᠭ ᠢ᠋ᠶ᠋ᠡᠷ ᠳᠠᠢᠯᠠ ᠭᠡᠮᠡᠨ ᠶᠠᠪᠤᠭᠤᠯᠵᠤ᠂ ᠪᠠᠰᠠ ᠯᠢᠶᠣᠣ ᠳ᠋ᠦᠩ ᠦ᠋ᠨ ᠶᠧ ᠯᠢᠦᠢ ᠯᠢᠦ ᠭᠧ ᠶ᠋ᠢᠨ ᠡᠮ᠎ᠡ ᠶᠣᠣ ᠯᠢ ᠱᠢ ᠤᠯᠤᠰ ᠤ᠋ᠨ ᠬᠡᠷᠡᠭ ᠢ᠋ᠶ᠋ᠡᠨ ᠶᠠᠪᠤᠭᠤᠯᠬᠤ ᠲᠤᠯᠠ ᠲᠡᠭᠦᠨᠴᠡ ᠲᠦᠰᠢᠮᠡᠯ ᠵᠠᠷᠤᠵᠤ ᠭᠠᠤᠯᠢ ᠤᠯᠤᠰ ᠠ᠋ᠴᠠ ᠨᠢᠳᠤᠨᠤᠨ ᠡᠪᠦᠯ ᠦ᠋ᠨ ᠠᠯᠪᠠ ᠪᠠ ᠭᠠᠰᠠᠯᠠᠩ ᠳ᠋ᠤᠷ ᠡᠰᠡ ᠢᠷᠡᠭᠰᠡᠨ ᠢ᠋ ᠠᠰᠠᠭᠤᠯᠭ᠎ᠠ ᠭᠡᠮᠡᠨ ᠲᠤᠰ ᠲᠤᠰ ᠵᠠᠷᠯᠢᠭ ᠪᠠᠭᠤᠯᠭᠠᠵᠤ᠂ ᠵᠣᠴᠢ ᠶ᠋ᠢ ᠬᠣᠢᠲᠤ ᠨᠤᠲᠤᠭ ᠲᠤᠷ ᠦᠯᠡᠳᠡᠭᠡᠨ᠂ ᠲᠣᠯᠢ ᠶ᠋ᠢ ᠡᠮᠦᠨ᠎ᠡ ᠳ᠋ᠡᠢᠳᠦ᠋ ᠳ᠋ᠦ᠍ᠷ ᠦᠯᠡᠳᠡᠭᠡᠵᠦ᠂ ᠬᠠᠭᠠᠨ ᠤ᠋ ᠭᠡᠭᠡᠨ ᠪᠡᠶ᠎ᠡ ᠪᠡᠷ ᠬᠣᠶᠠᠷ ᠬᠦᠯᠦᠭ᠂ ᠲᠠᠪᠤᠨ ᠪᠠᠷᠰ ᠤ᠋ᠨ ᠵᠠᠩᠵᠤᠨ ᠭᠤᠴᠢᠨ ᠵᠢᠷᠭᠤᠭᠠᠨ ᠪᠠᠭᠠᠲᠤᠳ ᠢ᠋ᠶ᠋ᠠᠨ ᠠᠪᠴᠤ᠂ ᠠᠷᠪᠠᠨ ᠰᠠᠷ᠎ᠠ ᠳ᠋ᠤᠷ ᠳᠠᠷᠤᠢ ᠰᠢᠶᠠ ᠤᠯᠤᠰ ᠤ᠋ᠨ ᠵᠦᠭ ᠳᠠᠢᠯᠠᠨ ᠣᠷᠣᠵᠤ᠂ ᠭᠠᠨ᠂ ᠰᠦ ᠬᠣᠶᠠᠷ ᠵᠧᠦ ᠶ᠋ᠢ ᠪᠤᠭᠤᠷᠵᠢ ᠸᠠᠩ᠂ ᠴᠢᠯᠠᠭᠤᠨ ᠸᠠᠩ ᠬᠣᠶᠠᠷ ᠲᠤᠷ ᠴᠡᠷᠢᠭ ᠬᠤᠪᠢᠶᠠᠨ ᠥᠭᠴᠦ᠂ ᠥᠪᠡᠷ ᠦ᠋ᠨ ᠪᠡᠶ᠎ᠡ ᠶᠡᠬᠡ ᠴᠡᠷᠢᠭ ᠢ ᠠᠪᠴᠤ ᠰᠢ ᠯᠢᠶᠠᠩ ᠹᠦ ᠶ᠋ᠢ ᠡᠴᠢᠵᠦ ᠬᠠᠭᠠᠪᠠ᠃ ᠡᠨᠡ ᠦᠶ᠎ᠡ ᠳ᠋ᠦ᠍ᠷ ᠰᠢᠶᠠ ᠤᠯᠤᠰ ᠤ᠋ᠨ ᠡᠵᠡᠨ ᠯᠢ ᠳᠡ ᠸᠠᠩ ᠨᠢᠭᠡᠨᠲᠡ ᠰᠥᠰᠥ ᠬᠡᠮᠬᠡᠷᠡᠵᠦ ᠬᠡᠳᠦᠢᠨᠡᠢ ᠰᠢ ᠯᠢᠶᠠᠩ ᠹᠦ ᠶ᠋ᠢ ᠣᠷᠬᠢᠵᠤ ᠪᠤᠷᠤᠭᠤᠯᠠᠨ ᠡᠴᠢᠭᠰᠡᠨ ᠳ᠋ᠦ᠍ᠷ ᠭᠤᠷᠪᠠᠨ ᠬᠣᠲᠠ ᠪᠠᠢᠯᠳᠤᠭᠰᠠᠨ ᠦᠭᠡᠢ ᠴᠥᠮ ᠳᠠᠭᠠᠭᠰᠠᠨ᠎ᠠ᠂ ᠬᠠᠭᠠᠨ ᠤ᠋ ᠭᠡᠭᠡᠨ ᠪᠠᠰᠠ ᠰᠢᠪᠠᠳᠠᠵᠤ ᠠᠷᠪᠠᠨ ᠨᠢᠭᠡᠨ ᠰᠠᠷ᠎ᠠ ᠳ᠋ᠤᠷ ᠰᠢᠶᠠ ᠤᠯᠤᠰ ᠤ᠋ᠨ ᠯᠢᠶᠠᠩ ᠵᠧᠦ ᠶ᠋ᠢ ᠬᠠᠭᠠᠵᠤ᠂ ᠭᠠᠯ ᠰᠤᠮᠤ ᠪᠠᠷ ᠬᠠᠷᠪᠤᠵᠤ᠂ ᠬᠣᠲᠠ ᠶ᠋ᠢᠨ ᠠᠰᠠᠷ ᠲᠤᠷ ᠭᠠᠯ ᠲᠠᠯᠪᠢᠵᠤ᠂ ᠪᠠᠷᠰ ᠤ᠋ᠨ ᠵᠠᠩᠵᠤᠨ ᠬᠤᠢᠯᠠᠲᠠᠷ ᠬᠣᠰᠢᠭᠤᠴᠢ᠂ ᠵᠦᠯᠭᠡᠲᠡᠢ ᠪᠠᠭᠠᠲᠤᠷ ᠬᠣᠶᠠᠭᠤᠯᠠ ᠬᠣᠲᠠᠨ ᠢ᠋ ᠳᠠᠪᠠᠵᠤ ᠯᠢᠶᠠᠩ ᠵᠧᠦ ᠶ᠋ᠢ ᠠᠪᠴᠤ᠂ ᠭᠤᠷᠪᠠᠨ ᠠᠢᠮᠠᠭ ᠶᠡᠬᠡ ᠴᠡᠷᠢᠭ ᠬᠠᠮᠲᠤ ᠪᠠᠷ ᠶᠠᠨ ᠵᠧᠦ ᠬᠣᠲᠠᠨ ᠳ᠋ᠤᠷ ᠪᠠᠢᠯᠳᠤᠨ ᠣᠷᠣᠭᠰᠠᠨ᠎ᠠ᠂ ᠰᠢᠶᠠ ᠤᠯᠤᠰ ᠲᠤᠷ ᠨᠢᠭᠡᠨ ᠵᠦᠢᠯ ᠦ᠋ᠨ ᠰᠣᠨᠢᠨ ᠬᠡᠷᠡᠭ ᠭᠠᠷᠪᠠ᠃ ᠶᠠᠮᠪᠠᠷ ᠬᠡᠷᠡᠭ ? ᠬᠡᠮᠡᠪᠡᠰᠦ : ᠡᠷᠲᠡ ᠾᠧ ᠸᠠᠩ ᠤ᠋ᠨ ᠡᠪᠳᠡᠷᠬᠡᠢ ᠬᠥᠪᠡᠭᠦᠨ ᠢᠯᠠᠭᠤ ᠰᠢᠶᠠ ᠤᠯᠤᠰ ᠲᠤᠷ ᠳᠤᠲᠠᠭᠠᠨ ᠣᠷᠣᠵᠤ᠂ ᠴᠢᠦ ᠼᠢ ᠤᠯᠤᠰ ᠪᠠᠷᠢᠵᠤ ᠰᠢᠶᠠ ᠤᠯᠤᠰ ᠲᠤᠷ ᠬᠦᠷᠭᠡᠵᠦ ᠢᠷᠡᠪᠡ ᠬᠡᠮᠡᠭᠰᠡᠨ ᠪᠠ ᠵᠢᠴᠢ ᠰᠢᠶᠠ ᠤᠯᠤᠰ ᠤ᠋ᠨ ᠡᠵᠡᠨ ᠯᠢ ᠠᠨ ᠴᠢᠦᠸᠠᠨ ᠢᠯᠠᠭᠤ ᠶ᠋ᠢᠨ ᠲᠣᠯᠣᠭᠠᠢ ᠶ᠋ᠢ ᠬᠦᠷᠭᠡᠵᠦ ᠢᠷᠡᠭᠡᠳ ᠶᠡᠬᠡ ᠱᠠᠩ ᠣᠯᠵᠤ᠂ ᠢᠯᠠᠭᠤ ᠶ᠋ᠢᠨ ᠲᠣᠯᠣᠭᠠᠢ ᠪᠠᠷ ᠬᠤᠷᠢᠮ ᠳ᠋ᠤᠷ ᠨᠡᠮᠡᠷᠢ ᠪᠣᠯᠭᠠᠭᠰᠠᠨ ᠢ᠋ᠶ᠋ᠠᠷ ᠲᠡᠭᠦᠨ ᠦ᠌ ᠶᠠᠯ᠎ᠠ ᠶ᠋ᠢ ᠲᠣᠭᠲᠠᠭᠠᠪᠠ ᠬᠡᠮᠡᠭᠰᠡᠨ ᠬᠡᠷᠡᠭ ᠴᠣᠬᠣᠮ ᠰᠢᠶᠠ ᠤᠯᠤᠰ ᠢᠯᠠᠭᠤ ᠶ᠋ᠢ ᠨᠢᠭᠤᠵᠤ᠂ ᠬᠠᠭᠤᠷᠮᠠᠭ ᠢᠯᠠᠭᠤ ᠶ᠋ᠢᠨ ᠲᠣᠯᠣᠭᠠᠢ ᠶ᠋ᠢ ᠬᠦᠷᠭᠡᠵᠦ᠂ ᠥᠪᠡᠷ ᠦ᠋ᠨ ᠤᠯᠤᠰ ᠲᠤᠷ ᠲᠤᠰᠠ ᠪᠣᠯᠭᠠᠨ᠂ ᠬᠣᠶᠠᠷ ᠲᠤᠷ ᠢᠯᠠᠭᠤ ᠶ᠋ᠢ ᠪᠸᠲ᠋ᠠ᠋ ᠤᠯᠤᠰ ᠡᠭᠦᠷᠢᠳᠡ ᠨᠡᠬᠡᠮᠵᠢᠯᠡᠬᠦ ᠦᠭᠡᠢ ᠪᠣᠯᠭᠠᠬᠤ ᠬᠡᠮᠡᠭᠰᠡᠨ ᠰᠠᠨᠠᠭᠠᠨ ᠠᠵᠤᠭᠤ᠃ ᠡᠳᠦᠭᠡ ᠢᠯᠠᠭᠤ ᠰᠢ ᠯᠢᠶᠠᠩ ᠤ᠋ᠨ ᠭᠠᠵᠠᠷ ᠤ᠋ᠨ ᠠᠮᠤ ᠡᠪᠡᠰᠦ ᠶ᠋ᠢ ᠳᠠᠭᠠᠭᠠᠵᠤ ᠪᠠᠢᠭᠠᠳ ᠮᠠᠰᠢ ᠡᠯᠪᠡᠭ ᠪᠣᠯᠭᠠᠭᠰᠠᠨ ᠳ᠋ᠤᠷ ᠰᠢᠶᠠ ᠤᠯᠤᠰ ᠤ᠋ᠨ ᠡᠵᠡᠨ ᠨᠡᠩ ᠬᠠᠢᠷᠠᠯᠠᠨ ᠰᠠᠨᠠᠬᠤ ᠪᠥᠯᠥᠭᠡ ᠃ ᠡᠳᠦᠭᠡ ᠭᠡᠨᠡᠳᠲᠡ ᠲᠡᠭᠦᠨ ᠦ᠌ ᠳᠣᠣᠷᠠᠬᠢ ᠠᠷᠠᠳ ᠢᠯᠠᠭᠤ ᠶ᠋ᠢᠨ ᠠᠰᠤᠷᠤ ᠨᠠᠷᠢᠨ ᠬᠢᠷᠪᠢᠰ ᠲᠣᠷ ᠥᠴᠦᠬᠡᠨ ᠴᠦ᠍ ᠡᠳ᠋ ᠣᠯᠬᠤ ᠦᠭᠡᠢ ᠪᠣᠯᠤᠭᠰᠠᠨ ᠳ᠋ᠤᠷ ᠬᠠᠷᠠᠬᠠᠨ ᠤᠨᠠᠭᠠᠬᠤ ᠠᠷᠭ᠎ᠠ ᠶ᠋ᠢ ᠡᠷᠢᠵᠦ ᠪᠠᠢᠲᠠᠯ᠎ᠠ ᠡᠳᠦᠭᠡ ᠮᠣᠩᠭᠣᠯ ᠤᠯᠤᠰ ᠳᠠᠬᠢᠨ ᠳᠠᠪᠲᠠᠨ ᠰᠢᠶᠠ ᠤᠯᠤᠰ ᠢ᠋ ᠦᠯᠦ ᠲᠠᠯᠪᠢᠬᠤᠢ ᠳ᠋ᠤᠷ ᠰᠢᠶᠠ ᠶ᠋ᠢᠨ ᠢᠷᠭᠡᠳ ᠮᠠᠰᠢ ᠠᠶᠤᠯᠳᠤᠨ ᠪᠤᠷᠬᠢᠷᠠᠯᠳᠤᠬᠤᠢ ᠳ᠋ᠤᠷ ᠨᠡᠩ ᠪᠠᠰᠠ ᠬᠠᠭᠤᠴᠢᠨ ᠰᠢᠶᠠ ᠤᠯᠤᠰ ᠢ᠋ ᠨᠢᠭᠡᠨᠲᠡ ᠮᠣᠩᠭᠣᠯ ᠡᠵᠡᠯᠡᠭᠡᠳ ᠪᠠᠰᠠ ᠬᠦ᠌ ᠡᠵᠡᠨ ᠪᠠᠢᠭᠤᠯᠤᠨ ᠰᠠᠬᠢᠭᠤᠯᠵᠤ ᠡᠳᠦᠭᠡ ᠪᠠᠰᠠ ᠬᠠᠭᠠᠨ ᠤ᠋ ᠭᠡᠭᠡᠨ ᠳᠠᠢᠯᠠᠷ᠎ᠠ ᠢᠷᠡᠮᠦᠢ ᠭᠡᠮᠡᠨ ᠰᠢᠶᠠ ᠤᠯᠤᠰ ᠤ᠋ᠨ ᠵᠠᠭᠤᠨ ᠣᠪᠣᠭᠲᠠᠨ ᠣᠷᠣᠬᠤ ᠭᠠᠵᠠᠷ ᠦᠭᠡᠢ ᠭᠠᠰᠠᠯᠬᠤ ᠳᠠᠭᠤᠨ ᠳᠦᠭᠦᠷᠦᠭᠰᠡᠨ ᠳ᠋ᠦ᠍ᠷ ᠢᠯᠠᠭᠤ ᠶ᠋ᠢᠨ ᠳᠣᠣᠷ᠎ᠠ ᠪᠦᠬᠦᠢ ᠨᠢᠶᠧ ᠵᠣ᠌ ᠬᠡᠮᠡᠭᠴᠢ ᠰᠠᠩ ᠤ᠋ᠨ ᠳᠠᠷᠤᠭ᠎ᠠ ᠭᠡᠨᠡᠳᠲᠡ ᠨᠢᠭᠡᠨ ᠠᠷᠭ᠎ᠠ ᠣᠯᠵᠤ᠂ ᠤᠯᠤᠰ ᠤ᠋ᠨ ᠳᠣᠲᠣᠷ᠎ᠠ ᠦᠭᠡ ᠲᠠᠷᠬᠠᠭᠠᠨ ᠥᠭᠦᠯᠡᠷᠦᠨ: 《ᠮᠣᠩᠭᠣᠯ ᠬᠠᠭᠤᠴᠢᠨ ᠥᠰᠲᠦ ᠢᠯᠠᠭᠤ ᠶ᠋ᠢ ᠡᠰᠡ ᠥᠭᠪᠡᠰᠦ ᠰᠢᠶᠠ ᠶ᠋ᠢᠨ ᠦᠨᠳᠦᠰᠦᠨ ᠢ᠋ ᠲᠠᠰᠤᠯᠤᠮᠤᠢ ᠭᠡᠮᠡᠨ ᠠᠮᠠᠨ ᠠᠪᠤᠪᠠ᠂ ᠡᠳᠦᠭᠡ ᠮᠠᠨ ᠤ᠋ ᠤᠯᠤᠰ ᠨᠢᠭᠡᠨ ᠮᠠᠭᠤ ᠬᠢᠷᠪᠢᠰ ᠢᠯᠠᠭᠤ ᠶ᠋ᠢ ᠬᠠᠢᠷᠠᠯᠠᠵᠤ ᠵᠠᠭᠤᠨ ᠣᠪᠣᠭᠲᠠᠨ ᠢ ᠮᠣᠩᠭᠣᠯ ᠳ᠋ᠤᠷ ᠠᠯᠠᠭᠤᠯᠬᠤ ᠠᠨᠤ ᠶᠠᠭᠤ ᠲᠠᠢ ᠬᠠᠢᠷᠠᠬᠠᠨ ! 》 ᠬᠡᠮᠡᠭᠰᠡᠨ ᠳ᠋ᠦ᠍ᠷ ᠨᠢᠭᠡᠨ ᠡᠴᠡ ᠠᠷᠪᠠᠨ᠂ ᠠᠷᠪᠠᠨ ᠠ᠋ᠴᠠ ᠵᠠᠭᠤᠨ᠂ ᠵᠠᠭᠤᠨ ᠠ᠋ᠴᠠ ᠮᠢᠩᠭᠠᠨ ᠳ᠋ᠤᠷ ᠤᠯᠠᠮᠵᠢᠯᠠᠭᠳᠠᠭᠰᠠᠭᠠᠷ ᠰᠢᠶᠠ ᠤᠯᠤᠰ ᠤ᠋ᠨ ᠵᠠᠭᠤᠨ ᠣᠪᠣᠭᠲᠠᠨ ᠰᠡᠳᠬᠢᠯ ᠬᠤᠪᠢᠯᠵᠤ᠂ ᠨᠢᠭᠡᠨ ᠡᠳᠦᠷ ᠭᠡᠨᠡᠳᠲᠡ ᠦᠢᠮᠡᠵᠦ ᠰᠠᠩ ᠢ ᠳᠠᠭᠠᠭᠠᠴᠢᠯᠠᠭᠰᠠᠨ ᠬᠡᠷᠡᠢᠳ ᠦ᠋ᠨ ᠢᠯᠠᠭᠤ ᠶ᠋ᠢ ᠪᠠᠷᠢᠵᠤ᠂ ᠮᠣᠩᠭᠣᠯ ᠴᠡᠷᠢᠭ ᠦ᠋ᠨ ᠬᠦᠷᠢᠶ᠎ᠡ ᠳ᠋ᠦ᠍ᠷ ᠬᠦᠷᠭᠡᠵᠦ ᠢᠷᠡᠭᠰᠡᠨ ᠳ᠋ᠦ᠍ᠷ ᠬᠠᠭᠠᠨ ᠠ᠋ᠴᠠ ᠲᠡᠷᠢᠭᠦᠯᠡᠨ ᠮᠣᠩᠭᠣᠯ ᠤ᠋ᠨ ᠬᠣᠲᠠᠯᠠᠭᠠᠷ ᠶᠡᠬᠡᠯ᠎ᠡ ᠭᠠᠢᠬᠠᠯᠳᠤᠵᠤ᠂ ᠡᠨᠡ ᠢᠯᠠᠭᠤ ᠶ᠋ᠢ ᠣᠷᠣᠭᠤᠯᠵᠤ ᠦᠵᠡᠪᠡᠰᠦ ᠪᠠᠢᠳᠠᠯ ᠲᠥᠯᠥᠪ ᠬᠡᠳᠦᠢ ᠪᠠᠷᠤᠭ ᠲᠠᠢ᠂ ᠳᠠᠭᠤᠨ ᠤ᠋ ᠥᠩᠭᠡ ᠠᠳᠠᠯᠢ ᠰᠢᠭ᠋ ᠪᠣᠯᠪᠠᠴᠤ ᠦᠰᠦ ᠰᠠᠬᠠᠯ ᠠᠨᠤ ᠬᠡᠲᠦᠷᠬᠡᠶ᠎ᠡ ᠥᠰᠴᠦ᠂ ᠦᠯᠢᠶᠡᠭᠰᠡᠨ ᠭᠦᠵᠡᠭᠡ ᠰᠢᠭ ᠲᠠᠷᠭᠤᠯᠠᠭᠠᠳ ᠲᠠᠨᠢᠭᠳᠠᠬᠤ ᠦᠭᠡᠢ ᠪᠣᠯᠤᠭᠰᠠᠨ᠎ᠠ᠂ ᠪᠦᠭᠦᠳᠡᠭᠡᠷ ᠬᠢᠨᠠᠨ ᠣᠯᠬᠤ ᠦᠭᠡᠢ ᠳ᠋ᠦ᠍ᠷ ᠬᠠᠭᠠᠨ ᠲᠡᠭᠦᠨ ᠡᠴᠡ ᠠᠰᠠᠭᠤᠷᠤᠨ :《 ᠴᠢᠮᠠᠶ᠋ᠢ ᠰᠢᠶᠠ ᠤᠯᠤᠰ ᠡᠳᠦᠢ ᠬᠦᠷᠲᠡᠯ᠎ᠡ ᠦᠯᠡᠳᠡᠭᠡᠨ ᠠᠲᠠᠯ᠎ᠠ ᠭᠡᠨᠡᠳᠲᠡ ᠶᠠᠭᠠᠬᠢᠨ ᠬᠦᠷᠭᠡᠵᠦ ᠠᠴᠢᠷᠠᠪᠠ ? 》 ᠬᠡᠮᠡᠭᠰᠡᠨ ᠳ᠋ᠦ᠍ᠷ ᠢᠯᠠᠭᠤ ᠠᠢᠯᠠᠳᠬᠠᠷᠤᠨ : 《ᠮᠢᠨᠦ ᠨᠡᠷ᠎ᠡ ᠢᠯᠠᠭᠤ ᠠᠨᠤ ᠮᠠᠰᠢ ᠦᠨᠡᠨ᠂ ᠪᠢ ᠠᠯᠲᠠᠨ ᠤᠯᠤᠰ ᠤ᠋ᠨ ᠬᠣᠢᠲᠤ ᠵᠠᠬ᠎ᠠ ᠶ᠋ᠢᠨ ᠬᠡᠷᠡᠮ ᠦ᠋ᠨ ᠰᠤᠯᠠ ᠴᠡᠷᠢᠭ ᠦ᠋ᠨ ᠬᠥᠮᠦᠨ ᠪᠥᠯᠥᠭᠡ᠂ ᠭᠡᠷ ᠡᠷᠦᠬᠡ ᠮᠣᠩᠭᠣᠯ ᠳ᠋ᠤᠷ ᠠᠪᠲᠠᠭᠰᠠᠨ ᠳ᠋ᠤᠷ ᠣᠷᠣᠰᠢᠬᠤ ᠭᠠᠵᠠᠷ ᠦᠭᠡᠢ ᠶᠠᠪᠤᠭᠰᠠᠭᠠᠷ ᠡᠨᠳᠡ ᠬᠦᠷᠦᠭᠰᠡᠨ ᠳ᠋ᠦ᠍ᠷ ᠰᠢᠶᠠ ᠤᠯᠤᠰ ᠤ᠋ᠨ ᠳᠡᠭᠡᠳᠦ ᠡᠵᠡᠨ ᠢᠨᠤ ᠨᠠᠮᠠᠶ᠋ᠢ ᠬᠡᠷᠡᠭᠯᠡᠵᠦ ᠰᠠᠩ ᠳᠠᠭᠠᠭᠠᠯᠭᠠᠭᠰᠠᠨ ᠠᠨᠤ ᠦᠨᠡᠨ᠂ ᠪᠢ ᠶᠡᠷᠦ ᠬᠡᠷᠡᠢᠳ᠂ ᠾᠧ ᠸᠠᠩ ᠬᠡᠮᠡᠭᠴᠢ ᠶ᠋ᠢ ᠲᠠᠨᠢᠬᠤ ᠦᠭᠡᠢ᠂ ᠪᠢ ᠰᠠᠩ ᠳᠠᠭᠠᠭᠠᠬᠤᠢ ᠳ᠋ᠤᠷ ᠬᠢᠨᠠᠮᠠᠭᠠᠢ ᠶ᠋ᠢᠨ ᠤᠴᠢᠷ ᠮᠢᠨᠦ ᠰᠢᠳᠠᠷ ᠶᠠᠪᠤᠬᠤ ᠳᠣᠣᠷᠠᠲᠤ ᠠᠷᠠᠳ ᠡᠳ᠋ ᠲᠣᠷ ᠬᠣᠪᠳᠣᠭᠯᠠᠨ ᠨᠠᠮᠠᠶ᠋ᠢ ᠭᠦᠳᠬᠡᠵᠦ ᠴᠤᠤᠷᠬᠠᠯ ᠠᠯᠳᠠᠷᠰᠢᠭᠤᠯᠵᠤ ᠪᠠᠷᠢᠭᠠᠳ ᠠᠴᠢᠷᠠᠭᠰᠠᠨ ᠪᠣᠢ ᠢ᠋᠎ᠡ ᠂ ᠪᠢ ᠶᠡᠷᠦ ᠾᠧ ᠸᠠᠩ ᠤ᠋ᠨ ᠬᠥᠪᠡᠭᠦᠨ ᠰᠢᠨ᠎ᠡ ᠬᠦᠩ ᠢᠯᠠᠭᠤ ᠪᠤᠰᠤ ! 》ᠬᠡᠮᠡᠬᠦᠢ ᠳ᠋ᠦ᠍ᠷ ᠬᠠᠭᠠᠨ ᠲᠡᠭᠦᠨ ᠦ᠌ ᠡᠳᠡᠭᠡᠷ ᠦᠭᠡ ᠬᠡᠯᠡᠬᠦᠢ ᠳ᠋ᠦ᠍ᠷ ᠲᠡᠭᠦᠨ ᠦ᠌ ᠡᠩ ᠦ᠋ᠨ ᠡᠳᠦᠷ ᠦ᠋ᠨ ᠦᠭᠡ ᠬᠡᠯᠡᠬᠦᠢ ᠳ᠋ᠦ᠍ᠷ ᠲᠣᠯᠣᠭᠠᠢ ᠲᠦᠷᠦᠭᠦᠦ ᠪᠡᠨ ᠰᠠᠵᠢᠵᠤ᠂ ᠳᠡᠭᠡᠭᠰᠢ ᠬᠠᠨᠳᠤᠨ ᠠᠮᠠ ᠪᠠᠨ ᠠᠩᠭᠠᠢᠨ ᠠᠳᠠᠪᠠᠰᠢ ᠶᠡᠬᠡ ᠮᠡᠳᠡᠬᠦ ᠬᠥᠮᠦᠨ ᠦ᠌ ᠶᠠᠩᠵᠤ ᠪᠠᠷ ᠠᠭᠠᠰᠢᠯᠠᠳᠠᠭ ᠪᠠᠢᠳᠠᠯ ᠢ᠋ᠶ᠋ᠠᠷ ᠠᠨᠤ ᠦᠵᠡᠵᠦ ᠭᠠᠷᠤᠭᠠᠳ ᠮᠦᠰᠢᠶᠡᠨ ᠵᠠᠷᠯᠢᠭ ᠪᠣᠯᠤᠷᠤᠨ: 《ᠢᠯᠠᠭᠤ ᠴᠢ ᠳᠡᠯᠡᠬᠡᠢ ᠳ᠋ᠠᠬᠢᠨ ᠢ᠋ ᠪᠢᠲᠡᠭᠡᠢ ᠬᠥᠩᠭᠡᠯᠡᠨ ᠦᠵᠡᠵᠦ᠂ ᠬᠥᠮᠦᠨ ᠪᠦᠬᠦᠨ ᠢ᠋ ᠪᠢᠲᠡᠭᠡᠢ ᠰᠣᠬᠣᠷ ᠢ᠋ᠶ᠋ᠠᠷ ᠰᠠᠨᠠ᠂ ᠴᠢᠨᠦ ᠲᠡᠷᠡ ᠬᠦ᠌ ᠥᠴᠦᠬᠡᠨ ᠴᠦ᠍ ᠶᠠᠭᠤᠮ᠎ᠠ ᠮᠡᠳᠡᠬᠦ ᠦᠭᠡᠢ ᠪᠥᠭᠡᠲᠡᠯ᠎ᠡ ᠦᠯᠡᠮᠵᠢ ᠮᠡᠳᠡᠭᠰᠡᠨ ᠬᠥᠮᠦᠨ ᠮᠡᠲᠦ ᠠᠭᠠᠰᠢᠯᠠᠬᠤ ᠠᠭᠠᠰᠢ ᠪᠠ ᠵᠢᠴᠢ ᠴᠢᠨᠦ ᠵᠡᠭᠦᠨ ᠴᠢᠬᠢ ᠪᠠᠭ᠎ᠠ ᠪᠠᠷᠠᠭᠤᠨ ᠴᠢᠬᠢ ᠰᠣᠷᠪᠢ ᠲᠠᠢ ᠪᠠᠨ ᠴᠢ ᠥᠪᠡᠷ ᠢ᠋ᠶ᠋ᠡᠨ ᠦᠵᠡᠵᠦ ᠲᠠᠨᠢᠭᠠᠳᠤᠢ ᠪᠣᠢ ᠢ᠋᠎ᠡ ! 》ᠬᠡᠮᠡᠭᠰᠡᠨ ᠳ᠋ᠦ᠍ᠷ ᠰᠢᠳᠠᠷ ᠠᠷᠠᠳ ᠲᠣᠯᠣᠭᠠᠢ ᠶ᠋ᠢ ᠪᠠᠢᠴᠠᠭᠠᠭᠰᠠᠨ ᠳ᠋ᠤᠷ᠂ ᠢᠯᠠᠭᠤ᠂ ᠪᠣᠭᠳᠠ ᠶ᠋ᠢᠨ ᠨᠢᠳᠦᠨ ᠢ ᠮᠡᠬᠡᠯᠡᠨ ᠭᠠᠷᠴᠤ ᠴᠢᠳᠠᠬᠤ ᠦᠭᠡᠢ ᠪᠡᠨ ᠮᠡᠳᠡᠭᠡᠳ ᠶᠠᠭᠠᠷᠠᠨ ᠳᠣᠷᠣᠭᠰᠢ ᠬᠠᠨᠳᠤᠪᠠ᠃ ᠬᠠᠭᠠᠨ ᠥᠴᠦᠬᠡᠨ ᠮᠦᠰᠢᠶᠡᠵᠦ ᠰᠢᠳᠠᠷ ᠸᠠᠩ ᠤ᠋ᠳ ᠲᠤᠷ ᠵᠠᠷᠯᠢᠭ ᠪᠣᠯᠤᠷᠤᠨ : 《ᠾᠧ ᠸᠠᠩ ᠬᠡᠳᠦᠢ ᠲᠣᠭᠲᠠᠭᠤᠷᠢ ᠦᠭᠡᠢ ᠪᠣᠯᠪᠠᠴᠤ ᠬᠡᠷᠡᠢᠳ ᠮᠠᠨ ᠤ᠋ ᠤᠯᠤᠰ ᠤ᠋ᠨ ᠬᠠᠭᠤᠴᠢᠨ ᠨᠥᠬᠥᠷ ᠤᠯᠤᠰ᠂ ᠾᠧ ᠸᠠᠩ ᠰᠠᠨᠠᠮᠰᠠᠷ ᠦᠭᠡᠢ ᠨᠠᠢ᠍ᠮᠠᠨ ᠳ᠋ᠤᠷ ᠬᠣᠣᠷᠯᠠᠭᠳᠠᠵᠤ ᠵᠠᠮᠤᠬ᠎ᠠ ᠳ᠋ᠤᠷ ᠠᠯᠠᠭᠳᠠᠪᠠ᠃ ᠴᠣᠬᠣᠮ ᠳ᠋ᠤᠷ ᠬᠥᠪᠡᠭᠦᠨ ᠴᠢᠨᠦ ᠠᠯᠠᠭᠤᠯᠤᠭᠰᠠᠨ ᠪᠣᠯᠠᠢ᠃ ᠲᠡᠢᠨ ᠪᠣᠯᠪᠠᠴᠤ ᠪᠢ ᠾᠧ ᠸᠠᠩ ᠤ᠋ᠨ ᠤᠷᠢᠳᠤ ᠶ᠋ᠢᠨ ᠰᠠᠢᠨ ᠢ᠋ ᠰᠠᠨᠠᠵᠤ ᠲᠡᠭᠦᠨ ᠦ᠌ ᠦᠯᠡᠭᠰᠡᠨ ᠥᠬᠢᠳ ᠬᠡᠦᠬᠡᠳ ᠢ᠋ ᠦᠷ᠎ᠡ ᠪᠡᠨ ᠬᠢᠵᠦ ᠤᠷᠤᠭ ᠰᠠᠳᠤᠨ ᠳ᠋ᠤᠷ ᠠᠨᠤ ᠥᠭᠪᠡ᠃ ᠤᠷᠢᠳᠤ ᠶ᠋ᠢᠨ ᠬᠠᠭᠤᠷᠮᠠᠭ ᠢᠯᠠᠭᠤ ᠶ᠋ᠢᠨ ᠪᠡᠶ᠎ᠡ ᠶ᠋ᠢ ᠠᠯᠠᠭᠰᠠᠨ ᠲᠤᠯᠠ ᠨᠢᠭᠡᠨᠲᠡ ᠡᠭᠦᠨ ᠢ ᠠᠯᠠᠭᠰᠠᠨ ᠠᠳᠠᠯᠢ ᠪᠣᠯᠠᠢ᠃ ᠲᠡᠭᠦᠨ ᠢ᠋ ᠶᠠᠯ᠎ᠠ ᠬᠡᠯᠡᠯᠴᠡᠭᠰᠡᠨ ᠢᠨᠦ ᠲᠡᠭᠦᠨ ᠦ᠌ ᠡᠴᠢᠭᠡ ᠶ᠋ᠢᠨ ᠲᠥᠯᠥᠭᠡ ᠪᠣᠢ ᠢ᠋᠎ᠡ᠂ ᠮᠢᠨᠦ ᠲᠥᠯᠥᠭᠡ ᠪᠤᠰᠤ᠂ ᠬᠥᠮᠦᠨ ᠪᠦᠷᠢ ᠳ᠋ᠦ᠍ᠷ ᠴᠥᠮ ᠡᠰᠡᠷᠭᠦᠴᠡᠯ ᠪᠣᠢ᠂ ᠡᠰᠡᠷᠭᠦᠴᠡᠯ ᠳ᠋ᠦ᠍ᠷ ᠦᠰ ᠪᠣᠯᠬᠤ ᠶ᠋ᠢ ᠭᠦᠨ ᠬᠣᠷᠣᠰᠤᠯ ᠳ᠋ᠤᠷ ᠦᠵᠡᠵᠦ ᠦᠯᠦ ᠪᠣᠯᠤᠮᠤᠢ᠃ ᠲᠡᠢᠨ ᠬᠦ᠌ ᠡᠭᠦᠨ ᠢ᠋ ᠪᠠᠰᠠ ᠬᠦ᠌ ᠬᠠᠭᠤᠴᠢᠨ ᠰᠠᠢᠨ ᠳ᠋ᠤᠷ ᠣᠷᠣᠭᠤᠯᠪᠠᠰᠤ ᠪᠣᠯᠤᠮᠤᠢ ! 》 ᠬᠡᠮᠡᠬᠦᠢ ᠳ᠋ᠦ᠍ᠷ ᠵᠢᠶᠦ᠋ᠨ ᠸᠠᠩ ᠪᠤᠭᠤᠷᠵᠢ ᠠᠢᠯᠠᠳᠬᠠᠷᠤᠨ : 《ᠲᠡᠢᠨ ᠪᠣᠯᠪᠠᠰᠤ ᠲᠡᠭᠦᠨ ᠦ᠌ ᠳᠡᠭᠦᠦ ᠲᠤᠰᠬᠤ ᠳ᠋ᠤᠷ ᠲᠤᠰᠢᠶᠠᠨ ᠥᠭᠰᠦᠭᠡᠢ ! 》ᠬᠡᠮᠡᠪᠡ᠃
ᠲᠡᠳᠦᠢ ᠰᠢᠶᠠ ᠤᠯᠤᠰ ᠤ᠋ᠨ ᠢᠷᠭᠡᠨ ᠳ᠋ᠦ᠍ᠷ ᠭᠤᠷᠪᠠᠨ ᠰᠠᠷ᠎ᠠ ᠶ᠋ᠢᠨ ᠴᠢᠯᠥᠭᠡ ᠥᠭᠴᠦ ᠲᠠᠨ ᠤ᠋ ᠡᠵᠡᠨ ᠯᠢ ᠳᠡ ᠸᠠᠩ ᠤᠷᠢᠳᠠ ᠶ᠋ᠢᠨ ᠮᠡᠲᠦ ᠣᠷᠣᠵᠤ ᠢᠷᠡᠭᠡᠳ ᠬᠥᠪᠡᠭᠦᠨ ᠢ᠋ᠶ᠋ᠡᠨ ᠳᠡᠨᠵᠢ ᠲᠤᠰᠢᠶᠠᠪᠠᠰᠤ᠂ ᠰᠢᠶᠠ ᠤᠯᠤᠰ ᠢ᠋ ᠬᠡᠪ ᠢ᠋ᠶ᠋ᠡᠷ ᠦᠯᠡᠳᠡᠭᠡᠵᠦ ᠮᠠᠨ ᠤ᠋ ᠡᠷᠭᠦᠮᠵᠢᠯᠡᠭᠰᠡᠨ ᠰᠢᠶᠠ ᠤᠯᠤᠰ ᠤ᠋ᠨ ᠡᠵᠡᠨ ᠳ᠋ᠦ᠍ᠷ ᠵᠠᠬᠢᠷᠤᠭᠤᠯᠤᠮᠤᠢ᠃ ᠬᠡᠷᠪᠡ ᠪᠠᠰᠠ ᠬᠦ᠌ ᠴᠠᠯᠠᠭᠠᠢᠷᠠᠨ ᠮᠤᠩᠬᠠᠭᠤᠷᠠᠪᠠᠰᠤ ᠣᠳᠣ ᠶᠡᠬᠡ ᠴᠡᠷᠢᠭ ᠣᠷᠣᠵᠤ ᠲᠡᠭᠰᠢᠯᠡᠮᠦᠢ ᠭᠡᠮᠡᠨ ᠡᠭᠡᠭᠦᠯᠦᠭᠰᠡᠨ ᠳ᠋ᠦ᠍ᠷ ᠡᠳᠡᠭᠡᠷ ᠤᠴᠢᠷ ᠢ᠋ ᠤᠯᠤᠰ ᠤ᠋ᠨ ᠬᠣᠲᠠᠯᠠᠭᠠᠷ ᠬᠡᠳᠦᠢᠴᠢᠨᠡᠭᠡᠨ ᠲᠦᠮᠡᠨ ᠢᠷᠭᠡᠨ ᠴᠤᠭᠯᠠᠵᠤ ᠨᠢᠭᠡᠨ ᠳᠠᠭᠤᠨ ᠢ᠋ᠶ᠋ᠠᠷ ᠳᠠᠭᠤᠳᠠᠯᠴᠠᠭᠰᠠᠨ ᠳ᠋ᠤᠷ᠂ ᠡᠵᠡᠨ ᠢᠨᠦ ᠯᠢ ᠳᠡ ᠸᠠᠩ ᠲᠦᠷ ᠮᠢᠨᠦ ᠲᠣᠭᠲᠠᠭᠠᠬᠤ ᠶ᠋ᠢ ᠬᠦᠯᠢᠶᠡ ᠭᠡᠮᠡᠨ ᠶᠡᠬᠡᠯ᠎ᠡ ᠵᠣᠪᠠᠵᠤ ᠲᠡᠷᠡᠢᠵᠦ ᠬᠡᠪᠲᠡᠮᠦᠢ᠃
ᠵᠢᠴᠢ ᠥᠭᠦᠯᠡᠬᠦ ᠢᠨᠦ᠂ ᠬᠠᠭᠠᠨ ᠤ᠋ ᠭᠤᠴᠢᠨ ᠵᠢᠷᠭᠤᠭᠠᠨ ᠪᠠᠭᠠᠲᠤᠳ ᠤ᠋ᠨ ᠳᠣᠲᠣᠷ᠎ᠠ ᠾᠧ ᠸᠠᠩ ᠤ᠋ᠨ ᠬᠣᠶᠠᠳᠤᠭᠠᠷ ᠬᠥᠪᠡᠭᠦᠨ ᠲᠤᠰᠬᠤ ᠳᠥᠷᠪᠡᠳᠦᠭᠡᠷ ᠪᠠᠭᠠᠲᠤᠷ ᠲᠤᠷ ᠪᠠᠢᠬᠤ ᠲᠤᠯᠠ ᠫᠤᠯᠭᠤᠳᠠᠢ ᠯᠤᠭ᠎ᠠ ᠵᠥᠪᠯᠡᠬᠦᠢ ᠳ᠋ᠦ᠍ᠷ ᠫᠤᠯᠭᠤᠳᠠᠢ ᠭᠠᠭᠴᠠ ᠤᠬᠢᠯᠠᠬᠤ ᠪᠣᠢ ᠢ᠋᠎ᠡ ᠂ ᠥᠪᠡᠷ᠎ᠡ ᠦᠭᠡ ᠦᠭᠡᠢ ᠳ᠋ᠦ᠍ᠷ ᠲᠤᠰᠬᠤ ᠤᠴᠢᠷ ᠢ ᠠᠰᠠᠭᠤᠭᠰᠠᠨ ᠳ᠋ᠤᠷ ᠴᠠᠭᠠᠨ ᠰᠠᠬᠠᠯ ᠢ᠋ᠶ᠋ᠠᠨ ᠰᠢᠪᠳᠤᠷᠴᠤ ᠥᠭᠦᠯᠡᠷᠦᠨ :《ᠮᠢᠨᠦ ᠬᠥᠭᠰᠢᠨ ᠡᠵᠡᠨ ᠢ᠋ ᠡᠨᠡ ᠢᠯᠠᠭᠤ ᠠᠯᠠᠭᠰᠠᠨ ᠪᠥᠯᠥᠭᠡ ᠂ ᠡᠳᠦᠭᠡ ᠢᠯᠠᠭᠤ ᠮᠠᠨ ᠤ᠋ ᠤᠯᠤᠰ ᠲᠤᠷ ᠢᠷᠠᠪᠠᠰᠤ ᠮᠠᠨ ᠤ᠋ ᠬᠡᠷᠡᠢᠳ ᠦ᠋ᠨ ᠦᠨᠳᠦᠰᠦᠨ ᠲᠠᠰᠤᠷᠠᠬᠤ ᠴᠠᠭ ᠪᠣᠯᠪᠠ ! 》 ᠬᠡᠮᠡᠭᠰᠡᠨ ᠳ᠋ᠦ᠍ᠷ ᠲᠤᠰᠬᠤ ᠤᠴᠢᠷ ᠢ᠋ ᠨᠡᠬᠡᠮᠵᠢᠯᠡᠨ ᠠᠰᠠᠭᠤᠬᠤᠢ ᠳ᠋ᠤᠷ ᠫᠤᠯᠭᠤᠳᠠᠢ ᠥᠭᠦᠯᠡᠷᠦᠨ: 《ᠢᠯᠠᠭᠤ ᠵᠠᠮᠤᠬ᠎ᠠ ᠠ᠋ᠴᠠ ᠪᠤᠰᠤ ᠪᠣᠯᠪᠠᠰᠤ ᠮᠠᠨ ᠤ᠋ ᠤᠯᠤᠰ ᠰᠣᠯᠤᠩᠭᠤᠳ ᠤ᠋ᠨ ᠪᠤᠬ᠎ᠠ ᠴᠠᠭᠠᠨ ᠬᠠᠭᠠᠨ ᠪᠠ ᠭᠣᠷᠯᠣᠰ ᠤ᠋ᠨ ᠮᠡᠲᠦ ᠨᠡᠷᠡᠲᠦ ᠶᠡᠬᠡ ᠤᠯᠤᠰ ᠪᠣᠯᠬᠤ ᠪᠥᠯᠥᠭᠡ᠂ ᠬᠠᠮᠤᠭ ᠬᠡᠷᠡᠭ ᠨᠠᠢᠷ ᠵᠢᠷᠤᠮ ᠢ᠋ ᠴᠥᠮ ᠢᠯᠠᠭᠤ ᠭᠠᠭᠴᠠᠭᠠᠷ ᠡᠪᠳᠡᠵᠦ ᠮᠥᠬᠥᠬᠦ ᠪᠡᠷ ᠪᠣᠯᠤᠭᠰᠠᠨ ᠢ᠋ ᠬᠠᠭᠠᠨ ᠤ᠋ ᠭᠡᠭᠡᠨ ᠤᠷᠢᠳᠤ ᠡᠵᠡᠨ ᠦ᠌ ᠰᠠᠢᠨ ᠢ᠋ ᠰᠠᠨᠠᠵᠤ᠂ ᠡᠵᠡᠨ ᠴᠢᠮᠠᠶ᠋ᠢ ᠡᠨᠡ ᠬᠢᠷᠢ ᠳ᠋ᠦ᠍ᠷ ᠬᠦᠷᠭᠡᠭᠰᠡᠨ ᠪᠥᠯᠥᠭᠡ᠃ ᠡᠳᠦᠭᠡ ᠡᠨᠡ ᠬᠥᠮᠦᠨ ᠢᠷᠡᠪᠡᠰᠦ ᠣᠳᠣ ᠪᠠᠰᠠ ᠶᠡᠬᠡ ᠶᠠᠯ᠎ᠠ ᠬᠢᠵᠦ ᠬᠡᠷᠡᠢᠳ ᠦ᠋ᠨ ᠦᠨᠳᠦᠰᠦᠨ ᠢ ᠲᠠᠰᠤᠯᠤᠭᠤᠯᠤᠮᠤᠢ᠃ ᠨᠡᠩ ᠮᠥᠨ ᠴᠢ ᠪᠠᠰᠠ ᠲᠤᠰ ᠡᠰᠡᠷᠭᠦᠴᠡᠯ ᠨᠠᠢ᠍ᠮᠠᠨ ᠤ᠋ ᠦᠰ ᠢ᠋ ᠠᠪᠤᠪᠠ᠃ ᠤᠷᠢᠳᠠ ᠴᠢᠮᠠᠶ᠋ᠢ ᠠᠯᠠᠵᠤ ᠬᠣᠢᠨ᠎ᠠ ᠤᠯᠤᠰ ᠤ᠋ᠨ ᠦᠨᠳᠦᠰᠦᠨ ᠢ ᠲᠠᠰᠤᠯᠤᠮᠤᠢ ! 》 ᠬᠡᠮᠡᠬᠦᠢ ᠳ᠋ᠦ᠍ᠷ ᠲᠤᠰᠬᠤ ᠬᠠᠭᠤᠴᠢᠨ ᠤᠴᠢᠷ ᠢ ᠬᠢᠨᠠᠨ ᠠᠰᠠᠭᠤᠭᠰᠠᠨ ᠳ᠋ᠤᠷ ᠫᠤᠯᠭᠤᠳᠠᠢ ᠡᠬᠢᠨ ᠡᠴᠡ ᠠᠳᠠᠭ ᠲᠤᠷ ᠬᠦᠷᠲᠡᠯ᠎ᠡ ᠲᠣᠭᠠᠯᠠᠨ ᠂ ᠪᠣᠷᠵᠢᠭᠢᠳ ᠤ᠋ᠨ ᠠᠴᠢ ᠶ᠋ᠢ ᠳᠣᠯᠣᠭᠠᠨ ᠵᠡᠷᠭᠡ ᠮᠠᠭᠤ ᠪᠠᠷ ᠬᠠᠷᠢᠭᠤᠯᠠᠭᠰᠠᠨ ᠢ ᠡᠬᠢᠨ ᠡᠴᠡ ᠰᠡᠭᠦᠯ ᠳ᠋ᠦ᠍ᠷ ᠬᠦᠷᠲᠡᠯ᠎ᠡ ᠨᠢᠭᠡᠨ ᠵᠡᠷᠭᠡ ᠬᠡᠯᠡᠭᠰᠡᠨ ᠳ᠋ᠦ᠍ᠷ ᠲᠤᠰᠬᠤ ᠰᠣᠨᠣᠰᠤᠭᠰᠠᠭᠠᠷ ᠶᠡᠬᠡᠯ᠎ᠡ ᠠᠭᠤᠷ ᠬᠦᠷᠴᠦ ᠥᠭᠦᠯᠡᠷᠦᠨ : 《ᠦᠵᠡᠰᠡ ᠨᠠᠮᠠᠶ᠋ᠢ ᠪᠠᠭ᠎ᠠ ᠴᠠᠭ ᠲᠤᠷ ᠮᠢᠨᠦ ᠡᠴᠢᠭᠡ ᠶ᠋ᠢ ᠠᠯᠠᠭᠤᠯᠤᠨ ᠬᠡᠷᠡᠢᠳ ᠢ ᠡᠪᠳᠡᠭᠰᠡᠨ ᠴᠥᠮ ᠡᠭᠦᠨ ᠦ᠌ ᠶᠠᠪᠤᠳᠠᠯ ᠠᠵᠤᠭᠤ ! 》ᠭᠡᠮᠡᠨ ᠬᠠᠷᠠᠬᠠᠨ ᠠᠭᠤᠷᠯᠠᠵᠤ ᠪᠦᠬᠦᠢ ᠳ᠋ᠦ᠍ᠷ ᠪᠤᠭᠤᠷᠵᠢ ᠸᠠᠩ ᠬᠥᠮᠦᠨ ᠵᠠᠷᠤᠵᠤ ᠲᠤᠰᠬᠤ ᠶ᠋ᠢ ᠵᠠᠷᠯᠠᠭᠰᠠᠨ ᠳ᠋ᠤᠷ ᠲᠤᠰᠬᠤ ᠶᠠᠭᠠᠷᠠᠨ ᠬᠦᠷᠴᠦ ᠡᠴᠢᠪᠡᠰᠦ ᠴᠢᠪᠬᠢᠲᠡᠯ᠎ᠡ ᠢᠯᠠᠭᠤ ᠶ᠋ᠢᠨ ᠪᠤᠷᠤᠭᠤ ᠶ᠋ᠢ ᠴᠥᠮ ᠲᠣᠭᠠᠴᠢᠵᠤ᠂ ᠵᠢᠴᠢ ᠬᠠᠭᠠᠨ ᠤ᠋ ᠥᠷᠥᠰᠢᠶᠡᠯ ᠬᠠᠢᠷ᠎ᠠ ᠶ᠋ᠢ ᠪᠠᠰᠠ ᠪᠦᠷᠢᠨ᠎ᠡ ᠲᠣᠭᠠᠴᠢᠵᠤ᠂ ᠢᠯᠠᠭᠤ ᠶ᠋ᠢ ᠲᠤᠰᠬᠤ ᠳ᠋ᠤᠷ ᠲᠤᠰᠢᠶᠠᠨ ᠦᠭᠭᠦᠭᠰᠡᠨ ᠳ᠋ᠦ᠍ᠷ ᠲᠤᠰᠬᠤ ᠭᠡᠨᠡᠳᠲᠡ ᠢᠯᠳᠦ ᠪᠡᠨ ᠰᠤᠭᠤ ᠲᠠᠲᠠᠵᠤ᠂ ᠢᠯᠠᠭᠤ ᠶ᠋ᠢᠨ ᠲᠣᠯᠣᠭᠠᠢ ᠪᠡᠶ᠎ᠡ ᠶ᠋ᠢ ᠬᠣᠶᠠᠷ ᠠᠩᠭᠢ ᠪᠣᠯᠲᠠᠯ᠎ᠠ ᠴᠠᠪᠴᠢᠵᠤ ᠶᠠᠯ᠎ᠠ ᠬᠦᠯᠢᠶᠡᠨ ᠥᠭᠦᠯᠡᠷᠦᠨ : 《ᠡᠨᠡ ᠢᠯᠠᠭᠤ ᠨᠢᠭᠡᠨ ᠡᠳᠦᠷ ᠠᠪᠠᠰᠤ ᠮᠠᠨ ᠤ᠋ ᠤᠯᠤᠰ ᠨᠢᠭᠡᠨ ᠡᠳᠦᠷ ᠲᠣᠷ ᠡᠪᠳᠡᠷᠡᠵᠦ᠂ ᠮᠢᠨᠦ ᠡᠴᠢᠭᠡ ᠶ᠋ᠢᠨ ᠲᠠᠬᠢᠯᠭ᠎ᠠ ᠲᠡᠰᠦᠷᠡᠮᠦᠢ᠂ ᠪᠢ ᠠᠬ᠎ᠠ ᠪᠠᠨ ᠠᠯᠠᠭᠰᠠᠨ ᠶᠠᠯ᠎ᠠ ᠶ᠋ᠢ ᠬᠦᠯᠢᠶᠡᠵᠦ ᠦᠬᠦᠰᠦᠭᠡᠢ᠂ ᠮᠢᠨᠦ ᠤᠯᠤᠰ ᠣᠯᠠᠨ ᠢ᠋ᠶ᠋ᠠᠷ ᠠᠮᠤᠷ ᠪᠠᠢᠲᠤᠭᠠᠢ ᠬᠡᠮᠡᠪᠡ᠃ ᠵᠢᠴᠢ ᠬᠡᠷᠬᠢᠬᠦ ᠶ᠋ᠢ ᠳᠣᠣᠷᠠᠲᠤ ᠪᠦᠯᠦᠭ ᠲᠣᠷ ᠦᠵᠡᠭᠳᠡᠬᠦᠢ᠃
ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠤ :
ᠠᠴᠢᠯᠠᠯ ᠦᠭᠡᠢ ᠰᠣᠯᠣᠩᠭᠣᠰ ᠤ᠋ᠨ ᠴᠢ ᠭᠦᠸᠧ ᠮᠣᠩᠭᠣᠯ ᠤ᠋ᠨ ᠡᠯᠴᠢ ᠶ᠋ᠢ ᠠᠯᠠᠵᠤ ᠶᠡᠬᠡ ᠵᠣᠪᠠᠯᠠᠩ ᠲᠠᠷᠢᠪᠠ
ᠠᠰᠠᠷᠠᠯ ᠦᠭᠡᠢ ᠰᠥᠩ ᠦ᠋ᠨ ᠯᠢᠽᠦ᠋ᠩ ᠤᠷᠢᠳᠤ ᠶ᠋ᠢᠨ ᠲᠠᠢᠽᠢ ᠶ᠋ᠢ ᠬᠥᠨᠥᠭᠡᠵᠦ ᠦᠯᠡᠮᠵᠢ ᠬᠠᠷᠭᠢᠰ ᠢ᠋ ᠦᠯᠡᠳᠡᠭᠡᠪᠡ᠂
ᠠᠪᠤᠷᠠᠯ ᠦᠭᠡᠢ ᠵᠧᠨ ᠳ᠋ᠢᠩ ᠦ᠋ᠨ ᠡᠦ ᠰᠢᠶᠠᠨ ᠠᠳᠠᠯᠢ ᠨᠥᠬᠥᠷ ᠢ᠋ ᠬᠣᠣᠷᠯᠠᠵᠤ ᠭᠦᠨ ᠥᠰᠢᠶ᠎ᠡ ᠵᠠᠩᠭᠢᠳᠪᠠ
ᠠᠮᠢᠳᠤᠷᠠᠯ ᠦᠭᠡᠢ ᠰᠢᠶᠠ ᠶ᠋ᠢᠨ ᠸᠠᠩ ᠪᠣᠭᠳᠠ ᠶ᠋ᠢᠨ ᠥᠷᠥᠰᠢᠶᠡᠯ ᠢ᠋ ᠦᠲᠡᠭᠡᠷᠴᠦ ᠬᠦᠨᠳᠦ ᠭᠠᠰᠠᠯᠠᠩ ᠪᠣᠯᠭᠠᠪᠠ᠃
