ᠡᠭᠦᠯᠡᠨ ᠴᠡᠩᠬᠡᠷ ᠨᠤᠲᠤᠭ -ᠮᠠᠨᠳᠤᠬᠤ ᠪᠠᠭᠰᠢ ᠶᠢᠨ ᠤᠷᠠᠨ ᠪᠢᠴᠢᠯᠭᠡ
ᠡᠭᠦᠯᠡᠨ ᠴᠡᠩᠬᠡᠷ ᠨᠤᠲᠤᠭ
ᠦᠭᠡ᠄ ᠠᠭᠤᠯᠠᠲᠠᠢ
ᠠᠶ᠎ᠠ᠄ ᠷᠢᠸᠠᠳᠢ
ᠳᠠᠭᠤᠴᠢᠨ᠄ ᡀᠠᠰᠦ᠋ᠷᠦᠩ
ᠴᠡᠩᠬᠡᠷ ᠴᠠᠭᠠᠨ ᠡᠭᠦᠯᠡᠨ ᠦ᠌ ᠳᠤᠮᠳᠠ ᠠ᠋ᠴᠠ
ᠴᠢᠨᠳᠠᠭᠠᠨ ᠴᠠᠭᠠᠨ ᠥᠷᠭᠥᠭᠡ ᠮᠢᠨᠢ ᠬᠠᠷᠠᠭᠳᠠᠭᠠᠳ ᠪᠠᠢᠨ᠎ᠠ
ᠴᠡᠴᠡᠭ ᠵᠢᠮᠢᠰ ᠲᠡᠢ ᠨᠣᠮᠢᠨ ᠲᠠᠯ᠎ᠠ ᠮᠢᠨᠢ
ᠴᠢ ᠪᠢᠳᠡᠨ ᠦ᠌ ᠨᠤᠲᠤᠭ ᠶᠤᠮ ᠠ᠋ ᠬᠦ
ᠡᠭᠦᠯᠡᠨ ᠴᠡᠩᠬᠡᠷ ᠨᠤᠲᠤᠭ ᠮᠢᠨᠢ
ᠦᠷᠡᠰ ᠪᠢᠳᠡᠨ ᠦ᠌ ᠣᠮᠣᠭᠰᠢᠯ ᠶᠤᠮ ᠠ᠋ ᠬᠦ᠃
ᠬᠥᠪᠥᠩ ᠴᠠᠭᠠᠨ ᠡᠭᠦᠯᠡᠨ ᠦ᠌ ᠳᠤᠮᠳᠠ ᠠ᠋ᠴᠠ
ᠬᠥᠪᠴᠢ ᠶ᠋ᠢᠨ ᠨᠣᠭᠣᠭᠠᠨ ᠣᠢ ᠮᠢᠨᠢ ᠬᠠᠷᠠᠭᠳᠠᠭᠠᠳ ᠪᠠᠢᠨ᠎ᠠ
ᠬᠥᠷᠥᠰᠥᠲᠦ ᠠᠯᠲᠠᠨ ᠳᠡᠯᠡᠬᠡᠢ ᠡᠵᠢ ᠮᠢᠨᠢ
ᠡᠬᠡ ᠶ᠋ᠢᠨ ᠬᠠᠢᠷ᠎ᠠ ᠪᠠᠷ ᠪᠦᠪᠡᠢᠯᠡᠭᠡᠳ ᠪᠠᠢᠨ᠎ᠠ
ᠡᠭᠦᠯᠡᠨ ᠴᠡᠩᠬᠡᠷ ᠨᠤᠲᠤᠭ ᠮᠢᠨᠢ
ᠦᠷᠡᠰ ᠪᠢᠳᠡᠨ ᠦ᠌ ᠥᠯᠥᠭᠡᠢ ᠶᠦᠮ ᠠ᠋ ᠬᠦ᠃
ᠬᠤᠷ᠎ᠠ ᠶ᠋ᠢᠨ ᠴᠠᠭᠠᠨ ᠡᠭᠦᠯᠡᠨ ᠦ᠌ ᠳᠤᠮᠳᠠ ᠠ᠋ᠴᠠ
ᠬᠤᠷᠳᠤᠨ ᠬᠦᠯᠦᠭ ᠦ᠋ᠳ ᠳᠠᠪᠬᠢᠯᠳᠤᠨ ᠬᠠᠷᠠᠭᠳᠠᠭᠠᠳ ᠪᠠᠢᠨ᠎ᠠ
ᠬᠤᠷᠮᠤᠰᠲᠠ ᠶ᠋ᠢᠨ ᠡᠯᠴᠢᠨ ᠬᠤᠨ ᠰᠢᠪᠠᠭᠤᠳ
ᠬᠤᠭᠤᠷ ᠤ᠋ᠨ ᠳᠠᠭᠤᠨ ᠢ᠋ᠶ᠋ᠠᠷ ᠳᠣᠩᠭᠣᠳᠤᠭᠠᠳ ᠪᠠᠢᠨ᠎ᠠ
ᠡᠭᠦᠯᠡᠨ ᠴᠡᠩᠬᠡᠷ ᠨᠤᠲᠤᠭ ᠮᠢᠨᠢ
ᠦᠷᠡᠰ ᠪᠢᠳᠡᠨ ᠦ᠌ ᠬᠡᠢᠮᠣᠷᠢ ᠶᠤᠮ ᠠ᠋ ᠬᠦ
ᠡᠭᠦᠯᠡᠨ ᠴᠡᠩᠬᠡᠷ ᠨᠤᠲᠤᠭ ᠮᠢᠨᠢ
ᠦᠷᠡᠰ ᠪᠢᠳᠡᠨ ᠦ᠌ ᠬᠡᠢᠮᠣᠷᠢ ᠶᠤᠮ ᠠ᠋ ᠬᠦ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
