ᠵᠤᠰᠠᠭ ᠬᠣᠨᠢ- ᠮᠣᠩᠭᠣᠯ ᠠᠷᠠᠳ ᠤᠨ ᠦᠯᠢᠭᠡᠷЗусаг хонь_ Монгол ардын үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠤᠰᠠᠭ ᠬᠣᠨᠢ- ᠮᠣᠩᠭᠣᠯ ᠠᠷᠠᠳ ᠤᠨ ᠦᠯᠢᠭᠡᠷЗусаг хонь_ Монгол ардын үлгэр

ᠵᠤᠰᠠᠭ ᠬᠣᠨᠢ- ᠮᠣᠩᠭᠣᠯ ᠠᠷᠠᠳ ᠤᠨ ᠦᠯᠢᠭᠡᠷЗусаг хонь_ Монгол ардын үлгэр

ᠠᠩᠭᠢᠯᠠᠯ:ᠳᠣᠮᠣᠭ ᠦᠯᠢᠭᠡᠷ
2023-10-05

608

ᠵᠤᠰᠠᠭ ᠬᠣᠨᠢ

ᠮᠣᠩᠭᠣᠯ ᠠᠷᠠᠳ ᠤ᠋ᠨ ᠦᠯᠢᠭᠡᠷ 
    ᠬᠡᠵᠢᠶᠡᠨ ᠦ᠌ ᠢᠵᠠᠭᠤᠷ ᠴᠠᠭ ᠲᠤ᠌ ᠬᠠᠷ᠎ᠠ ᠬᠠᠯᠵᠠᠨ ᠵᠤᠰᠠᠭ ᠬᠣᠨᠢ ᠬᠠᠮᠠᠷ ᠳᠡᠭᠡᠷ᠎ᠡ ᠪᠡᠨ ᠱᠠᠭᠠᠢ ᠶ᠋ᠢᠨ ᠴᠢᠨᠡᠭᠡᠨ ᠰᠢᠷ᠎ᠠ ᠲᠣᠰᠣ ᠨᠠᠭᠠᠭᠠᠳ ᠵᠣᠣ ᠳ᠋ᠤ᠌ ᠮᠥᠷᠭᠥᠬᠦ ᠪᠡᠷ ᠶᠠᠪᠤᠵᠤ ᠭᠡᠨ᠎ᠡ᠃ ᠬᠣᠪᠣᠷ ᠬᠣᠪᠣᠷ ᠶᠠᠪᠤᠵᠤ ᠬᠣᠶᠠᠷ ᠬᠣᠨᠣᠭ ᠤ᠋ᠨ ᠵᠠᠮ ᠢ᠋ ᠨᠢᠭᠡ ᠡᠳᠦᠷ ᠶᠠᠪᠤᠵᠤ ᠭᠣᠪᠣᠷ ᠭᠣᠪᠣᠷ ᠶᠠᠪᠤᠵᠤ ᠭᠤᠷᠪᠠᠨ ᠬᠣᠨᠣᠭ ᠤ᠋ᠨ ᠵᠠᠮ ᠢ᠋ ᠨᠢᠭᠡ ᠡᠳᠦᠷ ᠶᠠᠪᠤᠵᠤ ᠪᠤᠶᠠᠨ ᠤ᠋ ᠵᠠᠮ ᠳ᠋ᠤ᠌ ᠮᠥᠯᠬᠥᠵᠦ ᠮᠠᠴᠤᠵᠤ ᠠᠶᠠᠨ ᠤ᠋ ᠵᠠᠮ ᠳ᠋ᠤ᠌ ᠠᠯᠵᠢᠶᠠᠵᠤ ᠶᠠᠳᠠᠷᠠᠵᠤ ᠶᠠᠪᠤᠲᠠᠯ᠎ᠠ ᠥᠯᠥᠨ ᠬᠥᠬᠡ ᠴᠢᠨᠣ᠎ᠠ ᠥᠷᠪᠥᠰᠬᠢᠨ ᠵᠠᠯᠭᠢᠬᠤ ᠪᠠᠷ ᠢᠷᠡᠯ᠎ᠡ᠃ ᠪᠡᠯᠡᠨ ᠴᠠᠪ ᠪᠦᠯᠢᠶᠡᠨ ᠮᠠᠨᠵᠢ ᠬᠣᠨᠢ ᠴᠢᠮ᠎ᠠ ᠶ᠋ᠢ ᠢᠳᠡᠨ᠎ᠡ ᠳᠡ᠃
    ᠮᠠᠢ᠁ ᠵᠣᠣ ᠳ᠋ᠤ᠌ ᠮᠥᠷᠭᠥᠬᠦ ᠪᠡᠷ ᠶᠠᠪᠤᠵᠤ ᠪᠠᠢᠨ᠎ᠠ ᠠ᠋᠂ ᠳᠠᠷᠠᠭ᠎ᠠ ᠨᠠᠮ᠎ᠠ ᠶ᠋ᠢ ᠢᠳᠡᠨ᠎ᠡ ᠤᠤ ᠴᠢᠨᠣ᠎ᠠ ᠭᠤᠸᠠᠢ ᠡᠷᠭᠦᠯ ᠮᠥᠷᠭᠥᠯ ᠴᠢᠨᠢ ᠬᠠᠮᠢᠶ᠎ᠠ ᠦᠭᠡᠢ᠂ ᠥᠯᠥᠰᠬᠦ ᠶ᠋ᠢ ᠳᠠᠷᠤᠪᠠᠯ ᠪᠠᠷᠠᠪᠠ᠂ ᠭᠡᠭᠡᠨ ᠳ᠋ᠦ᠍ ᠮᠥᠷᠭᠥᠬᠦ ᠴᠢᠨᠢ ᠬᠠᠮᠢᠶ᠎ᠠ ᠦᠭᠡᠢ ᠭᠡᠳᠡᠰᠦ ᠴᠠᠳᠬᠠᠪᠠᠯ ᠪᠣᠯᠤᠯ᠎ᠠ᠃ ᠳᠠᠯᠠᠢ ᠯᠠᠮᠠ ᠳ᠋ᠤ᠌ ᠮᠥᠷᠭᠥᠨ᠎ᠡ ᠭᠡᠵᠦ ᠳᠠᠮᠰᠢᠭᠯᠠᠵᠤ ᠪᠢᠲᠡᠭᠡᠢ ᠬᠤᠳᠠᠯ ᠬᠡᠯᠡ᠂ ᠣᠳᠣ ᠢᠳᠡᠨ᠎ᠡ ᠠ᠋᠃
    ᠵᠤᠰᠠᠭ ᠬᠣᠨᠢ ᠰᠠᠨᠳᠤᠷᠤᠨ ᠬᠤᠳᠠᠯ ᠭᠡᠪᠡᠯ ᠬᠠᠮᠠᠷ ᠳᠡᠭᠡᠷᠡᠬᠢ ᠲᠣᠰᠣ ᠶ᠋ᠢ ᠮᠢᠨᠢ ᠬᠠᠷᠠᠯ ᠳᠠ ᠲᠠ᠂ ᠪᠠᠷᠠᠭᠤᠨ ᠵᠣᠣ ᠳ᠋ᠤ᠌ ᠮᠥᠷᠭᠥᠭᠡᠳ ᠢᠷᠡᠬᠦ ᠪᠡᠷ ᠮᠢᠨᠢ ᠪᠠᠷᠢᠵᠤ ᠢᠳᠡᠭᠡᠷᠡᠢ ᠲᠠ᠂ ᠡᠷᠭᠢᠭᠡᠳ ᠢᠷᠡᠬᠦ ᠪᠡᠷ ᠴᠢᠨᠢ ᠡᠷᠬᠡᠪᠰᠢ ᠪᠠᠷᠢᠵᠤ ᠢᠳᠡᠨ᠎ᠡ ᠠ᠋ ᠭᠡᠳ ᠬᠣᠴᠣᠷᠴᠠᠢ᠃ ᠵᠤᠰᠠᠭ ᠬᠣᠨᠢ ᠶᠠᠪᠤᠵᠤ ᠵᠣᠣ ᠣᠷᠣᠵᠤ ᠭᠡᠨ᠎ᠡ᠂ ᠵᠣᠣ ᠭᠡᠳᠡᠭ ᠮᠠᠨᠢ ᠶᠡᠬᠡ ᠪᠤᠷᠬᠠᠨ ᠤ᠋ ᠣᠷᠣᠨ ᡀᠠᠰᠠ ᠰᠢᠦ ᠳᠡ᠃ ᠳᠠᠯᠠᠢ ᠯᠠᠮᠠ ᠳ᠋ᠤ᠌ ᠮᠥᠷᠭᠥᠵᠦ ᠳᠠᠭᠠᠳᠬᠠᠯ ᠠᠪᠤᠷᠠᠯ ᠡᠷᠢᠵᠦ ᠭᠡᠨ᠎ᠡ ᠪᠤᠶᠠᠨ ᠮᠥᠷᠭᠥᠯ ᠬᠢᠭᠡᠳ ᠪᠤᠴᠠᠵᠤ ᠶᠠᠪᠤᠬᠤ ᠳ᠋ᠠᠭᠠᠨ ᠥᠯᠥᠨ ᠴᠢᠨᠣ᠎ᠠ ᠳ᠋ᠤ᠌ ᠢᠳᠡᠭᠳᠡᠨ᠎ᠡ ᠭᠡᠵᠦ ᠥᠪᠡᠷ ᠦ᠋ᠨ ᠡᠷᠬᠡ ᠦᠭᠡᠢ ᠭᠤᠨᠢᠵᠤ ᠤᠬᠢᠯᠠᠵᠤ ᠬᠠᠢᠯᠠᠵᠤ ᠶᠠᠪᠤᠲᠠᠯ᠎ᠠ ᠪᠤᠲᠠᠨ ᠤ᠋ ᠲᠠᠤᠯᠠᠢ ᠲᠠᠭᠠᠷᠠᠯᠳᠤᠵᠤ ᠪᠤᠯᠲᠤ ᠤᠴᠢᠷ ᠢ᠋ ᠯᠠᠪᠯᠠᠭᠠᠳ ᠠᠷᠭ᠎ᠠ ᠤᠬᠠᠭᠠᠨ ᠡᠭᠦᠰᠬᠡᠵᠦ ᠠᠮᠢᠨ ᠳ᠋ᠤᠨᠢ ᠣᠷᠣᠶ᠎ᠠ ᠭᠡᠵᠡᠢ᠃ ᠠᠢᠯ ᠤ᠋ᠨ ᠪᠠᠭᠤᠴᠠᠨ ᠳᠡᠭᠡᠷ᠎ᠡ ᠡᠴᠡ ᠡᠭᠡᠷᠡᠭᠦᠯ ᠨᠢᠭᠡ᠂ ᠢᠰᠡᠭᠡᠢ ᠪᠠᠷᠢᠭᠤᠯ ᠨᠢᠭᠡ᠂ ᠡᠷᠢᠶᠡᠨ ᠪᠢᠴᠢᠭ ᠲᠡᠢ ᠴᠠᠢᠨ ᠤ᠋ ᠴᠠᠭᠠᠰᠤ ᠨᠢᠭᠡ ᠡᠢᠮᠦ ᠭᠤᠷᠪᠠᠨ ᠶᠠᠭᠤᠮ᠎ᠠ ᠣᠯᠵᠤ ᠠᠪᠤᠭᠠᠳ ᠶᠠᠪᠤᠵᠤ ᠪᠠᠢᠲᠠᠯ᠎ᠠ ᠥᠨᠥᠬᠢ ᠬᠣᠨᠢ ᠶ᠋ᠢ ᠢᠳᠡᠬᠦ᠂ ᠥᠯᠥᠨ ᠴᠢᠨᠣ᠎ᠠ ᠵᠠᠮ ᠢ᠋ ᠨᠢ ᠲᠣᠰᠤᠭᠠᠳ ᠳᠠᠪᠬᠢᠵᠤ ᠢᠷᠡᠵᠡᠢ᠃ ᠲᠡᠭᠡᠲᠡᠯ᠎ᠡ ᠲᠠᠤᠯᠠᠢ ᠬᠣᠨᠢᠨ ᠳ᠋ᠤ᠌ ᠣᠯᠪᠣᠭ ᠢ᠋ᠶ᠋ᠠᠨ ᠳᠡᠪᠢᠰ᠂ ᠬᠣᠨᠢ ᠪᠠᠷᠢᠭᠤᠯ ᠢ᠋ᠶ᠋ᠠᠨ ᠳᠡᠪᠢᠰᠴᠡᠢ᠃ ᠬᠣᠨᠢ ᠭᠤᠸᠠᠢ ᠲᠤᠭ ᠢ᠋ᠶ᠋ᠠᠨ ᠪᠣᠰᠬ᠎ᠠ᠂ ᠬᠣᠨᠢ ᠡᠭᠡᠷᠡᠭᠦᠯ ᠢ᠋ᠶ᠋ᠡᠨ ᠬᠠᠳᠬᠤᠵᠠᠢ᠃ ᠲᠠᠤᠯᠠᠢ ᠪᠢᠴᠢᠭ ᠢ᠋ ᠠᠪᠤᠭᠠᠳ ᠣᠯᠪᠣᠭ ᠳᠡᠭᠡᠷ᠎ᠡ ᠣᠴᠣᠢᠨ ᠰᠠᠭᠤᠵᠤ ᠥᠨᠳᠥᠷ ᠳᠠᠭᠤ ᠪᠠᠷ ᠠᠶᠠᠯᠠᠭᠤᠯᠤᠨ ᠤᠩᠰᠢᠭᠰᠠᠨ ᠨᠢ ᠳᠠᠯᠠᠢ ᠭᠦᠷᠦᠨ ᠦ᠌ ᠡᠵᠡᠨ ᠬᠠᠭᠠᠨ ᠠ᠋ᠴᠠ ᠳᠠᠯᠠᠢ ᠯᠠᠮᠠ ᠶ᠋ᠢᠨ ᠭᠡᠭᠡᠨ ᠳ᠋ᠦ᠍ ᠲᠠᠩᠰᠢᠭ ᠮᠠᠨᠳᠠᠯ ᠡᠷᠭᠦᠨ᠎ᠡ ᠭᠡᠵᠦ ᠳᠠᠯᠠᠨ ᠬᠣᠶᠠᠷ ᠴᠢᠨᠣ᠎ᠠ ᠶ᠋ᠢᠨ ᠠᠷᠠᠰᠤ᠂ ᠳᠠᠪ ᠳᠠᠷᠤᠢ ᠠᠪᠴᠢᠷᠠᠬᠤ ᠶ᠋ᠢ ᠳᠠᠬᠢᠨ ᠳᠠᠬᠢᠨ ᠱᠠᠪᠳᠠᠨ ᠵᠠᠷᠯᠠᠪᠠ᠃ ᠲᠡᠭᠡᠭᠰᠡᠨ ᠳ᠋ᠦ᠍ ᠴᠢᠨᠣ᠎ᠠ ᠪᠠᠭᠠᠬᠠᠨ ᠠᠶᠤᠵᠤ ᠪᠢᠯᠲᠠᠭᠠᠨᠠᠵᠤ ᠪᠠᠢᠬᠤ ᠶ᠋ᠢ ᠲᠠᠤᠯᠠᠢ ᠮᠡᠳᠡᠵᠦ ᠤᠯᠠᠮ ᠶᠡᠬᠡ ᠳᠠᠭᠤ ᠪᠠᠷ ᠤᠩᠰᠢᠪᠠ᠃ ᠡᠵᠡᠨ ᠦ᠌ ᠵᠠᠷᠯᠢᠭ ᠢ᠋ ᠡᠷᠭᠢᠭᠦᠯᠵᠦ ᠪᠣᠯᠬᠤ ᠦᠭᠡᠢ᠂ ᠬᠠᠭᠠᠨ ᠤ᠋ ᠵᠠᠷᠯᠢᠭ ᠢ᠋ ᠬᠠᠷᠰᠢᠯᠠᠵᠤ ᠪᠣᠯᠬᠤ ᠦᠭᠡᠢ᠂ ᠳᠠᠯᠠᠢ ᠳ᠋ᠤ᠌ ᠳᠤᠰᠤᠯ ᠨᠡᠮᠡᠷᠢ᠂ ᠲᠠᠩᠰᠢᠭ ᠲᠤ᠌ ᠬᠠᠳᠠᠭ ᠨᠡᠮᠡᠷᠢ᠂ ᠨᠢᠭᠡ ᠶ᠋ᠢ ᠥᠷᠲᠥᠭᠰᠡᠨ ᠴᠣ ᠨᠢᠳᠤᠷᠴᠤ ᠪᠠᠢ᠂ ᠬᠣᠶᠠᠷ ᠢ᠋ ᠥᠷᠲᠥᠭᠰᠡᠨ ᠴᠣ ᠬᠣᠷᠣᠭᠠᠵᠤ ᠪᠠᠢ᠂ ᠬᠣᠨᠢ ᠭᠤᠸᠠᠢ ᠪᠣᠰ᠂ ᠴᠢᠨᠣ᠎ᠠ ᠶ᠋ᠢ ᠪᠡᠷᠢ ᠭᠡᠵᠦ ᠪᠠᠷᠬᠢᠷᠠᠲᠠᠯ᠎ᠠ ᠥᠯᠥᠨ ᠴᠢᠨᠣ᠎ᠠ ᠶ᠋ᠢᠨ ᠦᠰᠦ ᠠᠷᠵᠠᠢᠵᠤ᠂ ᠦᠶ᠎ᠡ ᠨᠢ ᠴᠡᠴᠡᠷᠡᠵᠦ᠂ ᠰᠦᠷ ᠨᠢ ᠪᠠᠭᠤᠷᠠᠵᠤ᠂ ᠰᠦᠨᠡᠰᠦ ᠨᠢ ᠵᠠᠢᠯᠠᠭᠠᠳ ᠰᠦᠷᠳ᠋ᠬᠢᠨ ᠵᠢᠭᠤᠲᠠᠵᠠᠢ᠃
    ᠲᠠᠤᠯᠠᠢ ᠬᠠᠯᠵᠠᠨ ᠬᠣᠨᠢᠨ ᠤ᠋ ᠬᠠᠮᠠᠷ ᠤ᠋ᠨ ᠲᠣᠰᠣ ᠶ᠋ᠢ ᠵᠢᠭᠠᠵᠤ ᠳᠠᠯᠠᠢ ᠯᠠᠮᠠ ᠴᠢᠮ᠎ᠠ ᠶ᠋ᠢ ᠠᠪᠤᠷᠠᠭᠰᠠᠨ ᠦᠭᠡᠢ ᠳᠡᠷᠡᠰᠦᠨ ᠦ᠌ ᠲᠠᠤᠯᠠᠢ ᠠᠪᠤᠷᠠᠯ᠎ᠠ᠂ ᠵᠠ᠂ ᠬᠣᠨᠢ ᠮᠢᠨᠢ ᠬᠣᠯᠠ ᠶ᠋ᠢᠨ ᠢ᠋ᠶ᠋ᠡᠨ ᠵᠠᠮ ᠢ᠋ᠶ᠋ᠠᠷ ᠲᠠᠤᠯᠠᠢ ᠪᠢ ᠲᠠᠯ᠎ᠠ ᠶ᠋ᠢᠨ ᠢ᠋ᠶ᠋ᠡᠨ ᠵᠢᠮ ᠢ᠋ᠶ᠋ᠡᠷ ᠭᠡᠳ ᠶᠠᠪᠤᠭᠠᠳ ᠥᠭᠴᠦ ᠭᠡᠨ᠎ᠡ᠃

   ᠦᠰᠦᠭ ᠬᠠᠳᠠᠭᠴᠢ᠄ ᠮᠣᠳᠣᠲᠤ ᠬᠠᠪᠤᠷᠵᠢᠶ᠎ᠠ
   ᠦᠰᠦᠭ ᠴᠣᠬᠢᠭᠴᠢ᠄ ᠰ᠂ ᠳᠣᠷᠣᠨ᠎ᠠ
   ᠬᠢᠨᠠᠭᠴᠢ᠄ ᠠᠢ ᠵᠢᠶᠦ᠋ᠨ᠂ ᠳᠠᠪᠰᠢᠯᠲᠤ᠂ ᠤᠷᠠᠨᠲᠠᠨ᠎ᠠ