ᠠᠷᠪᠠᠨ ᠵᠢᠷᠭᠤᠳᠤᠭᠠᠷ ᠪᠦᠯᠦᠭ
ᠬᠥᠬᠡ ᠪᠡᠴᠢᠨ ᠵᠢᠯ ᠂ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠠᠷᠪᠠᠨ ᠶᠢᠰᠦᠳᠦᠭᠡᠷ ᠣᠨ ᠂
ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠳ᠋ᠢᠩ ᠦ᠋ᠨ ᠠᠷᠪᠠᠨ ᠳᠣᠯᠣᠳᠤᠭᠠᠷ ᠣᠨ ᠂
ᠠᠯᠲᠠᠨ ᠤᠯᠤᠰ ᠤ᠋ᠨ ᠰᠢᠨ᠎ᠡ ᠰᠠᠭᠤᠭᠰᠠ ᠠᠢᠽᠦ᠋ᠩ ᠬᠠᠭᠠᠨ ᠱᠧᠦ ᠰᠢᠦᠢ ᠵᠢᠨ ᠵᠧᠩ ᠳᠡ ᠶ᠋ᠢᠨ ᠲᠡᠷᠢᠭᠦᠨ ᠣᠨ ᠂
ᠲᠠᠢᠽᠦ ᠬᠠᠭᠠᠨ ᠡᠨᠡ ᠵᠢᠯ ᠵᠢᠷᠠᠨ ᠭᠤᠷᠪᠠᠨ ᠰᠡᠭᠦᠳᠡᠷ ᠲᠡᠢ
ᠥᠷᠥᠰᠢᠶᠡᠯ ᠵᠢᠷᠤᠮᠲᠤ ᠲᠠᠢᠽᠦ ᠪᠣᠭᠳᠠ ᠦᠨᠡᠨᠴᠢ ᠢᠳᠬᠠᠯ ᠢ᠋ ᠰᠣᠨᠣᠰᠴᠤ ᠥᠪᠡᠷ ᠦ᠋ᠨ ᠤᠯᠤᠰ ᠲᠤᠷ ᠡᠭᠡᠪᠡ
ᠦᠯᠡᠭᠦᠦ ᠢᠷᠦᠭᠡᠯᠲᠦ ᠲᠡᠢ ᠴᠢᠩ ᠲᠠᠢᠬᠡᠦ ᠥᠭᠯᠢᠭᠡ ᠪᠠᠷᠢᠮᠠᠳ ᠢ᠋ ᠲᠡᠭᠦᠰᠬᠡᠵᠦ ᠦᠨᠡᠨ ᠦ᠌ ᠭᠠᠵᠠᠷ ᠲᠤᠷ ᠵᠠᠯᠠᠷᠠᠪᠠ
ᠲᠡᠨᠳᠡᠴᠡ ᠲᠡᠷᠡ ᠵᠢᠯ ᠦ᠋ᠨ ᠴᠠᠭᠠᠨ ᠰᠠᠷ᠎ᠠ ᠳ᠋ᠤᠷ ᠴᠢᠩᠭᠢᠰ ᠬᠠᠭᠠᠨ ᠳᠣᠷᠣᠨᠠᠲᠤ ᠡᠨᠡᠳᠬᠡᠭ ᠤᠯᠤᠰ ᠠ᠋ᠴᠠ ᠴᠢᠨᠠᠭᠰᠢ ᠡᠴᠢᠵᠦ ᠡᠷᠬᠡᠪᠰᠢ ᠡᠨᠡᠳᠬᠡᠭ ᠤᠯᠤᠰ ᠤ᠋ᠨ ᠲᠠᠪᠤᠨ ᠶᠡᠬᠡ ᠣᠷᠣᠨ᠎ᠠ ᠬᠦᠷᠴᠦ ᠡᠴᠢᠰᠦᠭᠡᠢ ᠭᠡᠮᠡᠨ ᠮᠣᠷᠢᠯᠠᠨ ᠭᠠᠷᠴᠤ ᠶᠠᠪᠤᠭᠰᠠᠭᠠᠷ᠂ ᠡᠨᠡᠳᠬᠡᠭ ᠦ᠋ᠨ ᠲᠡᠮᠦᠷ ᠬᠠᠭᠠᠯᠭᠠᠲᠤ ᠵᠠᠭᠠᠭ - ᠲᠢᠶᠧ ᠮᠧᠨ ᠭᠤᠸᠠᠨ ᠤ᠋ ᠭᠠᠳᠠᠨ᠎ᠠ ᠬᠦᠷᠴᠦ ᠶᠡᠬᠡ ᠴᠡᠷᠢᠭ ᠪᠠᠭᠤᠳᠠᠯᠯᠠᠵᠤ᠂ ᠲᠡᠷᠡ ᠭᠠᠵᠠᠷ ᠤ᠋ᠨ ᠠᠭᠤᠯᠠ ᠤᠰᠤ ᠡᠲᠡᠭᠡᠳ ᠰᠣᠨᠢᠨ ᠰᠠᠢᠬᠠᠨ᠂ ᠠᠷᠢᠶᠠᠲᠠᠨ ᠵᠢᠭᠦᠷᠲᠡᠨ ᠪᠠᠰᠠ ᠥᠪᠡᠷᠮᠢᠴᠡ ᠥᠩᠭᠡᠲᠡᠢ ᠳ᠋ᠦ᠍ᠷ ᠶᠡᠬᠡ ᠴᠡᠷᠢᠭ ᠢ᠋ ᠪᠠᠭᠤᠳᠠᠯᠯᠠᠭᠠᠳ ᠳᠣᠷᠣᠨᠠᠲᠤ ᠡᠨᠡᠳᠬᠡᠭ ᠡᠴᠡ ᠡᠨᠡᠳᠬᠡᠭ ᠲᠣᠷ ᠣᠷᠣᠬᠤᠢ ᠳ᠋ᠤᠷ ᠬᠡᠷᠪᠡ ᠭᠠᠵᠠᠷ ᠣᠷᠣᠨ ᠤ᠋ ᠬᠠᠳ ᠡᠵᠡᠨ ᠢᠨᠤ ᠮᠥᠴᠡᠭᠡᠷᠬᠡᠪᠡᠰᠦ ᠲᠡᠳᠡᠨ ᠯᠦ᠍ᠭᠡ ᠬᠡᠷᠬᠢᠨ ᠪᠠᠢᠯᠳᠤᠬᠤ ᠳᠠᠢᠯᠠᠬᠤ ᠶ᠋ᠢ ᠵᠥᠪᠯᠡᠬᠦᠶᠡ᠂ ᠬᠠᠭᠠᠨ ᠤ᠋ ᠭᠡᠭᠡᠨ ᠨᠢᠭᠡᠨ ᠡᠳᠦᠷ ᠮᠣᠷᠢᠯᠠᠨ ᠣᠯᠠᠨ ᠰᠠᠢᠳ ᠢ᠋ ᠠᠪᠴᠤ ᠶᠡᠬᠡ ᠲᠠᠯ᠎ᠠ ᠳ᠋ᠤᠷ ᠵᠤᠭᠠᠬᠢᠨ᠂ ᠪᠠᠰᠠ ᠲᠢᠶᠧ ᠮᠧᠨ ᠭᠤᠸᠠᠨ ᠤ᠋ ᠬᠡᠷᠡᠮ ᠦ᠋ᠨ ᠪᠠᠲᠤ ᠪᠡᠬᠢ ᠰᠣᠨᠢᠨ ᠭᠠᠢᠬᠠᠮᠰᠢᠭ ᠢ᠋ ᠦᠵᠡᠵᠦ ᠶᠠᠪᠤᠬᠤᠢ ᠳ᠋ᠤᠷ ᠴᠢᠨᠠᠳᠤ ᠲᠢᠶᠧ ᠮᠧᠨ ᠭᠤᠸᠠᠨ ᠢ᠋ᠶ᠋ᠠᠷ ᠨᠢᠭᠡᠨ ᠬᠥᠬᠡᠪᠲᠦᠷ ᠨᠣᠭᠣᠭᠠᠨ ᠥᠩᠭᠡᠲᠡᠢ ᠭᠥᠷᠥᠭᠡᠰᠦ ᠪᠡᠶ᠎ᠡ ᠢᠨᠤ ᠪᠤᠭᠤ ᠭᠥᠷᠥᠭᠡᠰᠦ ᠮᠡᠲᠦ᠂ ᠲᠣᠯᠣᠭᠠᠢ ᠳ᠋ᠤᠷ ᠭᠠᠭᠴᠠ ᠡᠪᠡᠷ ᠲᠡᠢ ᠪᠥᠭᠡᠳ ᠮᠣᠷᠢᠨ ᠤ᠋ ᠰᠡᠭᠦᠯ ᠲᠡᠢ᠂ ᠭᠦᠶᠦᠭᠰᠡᠭᠡᠷ ᠢᠷᠡᠵᠦ ᠬᠠᠭᠠᠨ ᠤ᠋ ᠡᠮᠦᠨᠡᠭᠦᠷ ᠥᠩᠭᠡᠷᠡᠵᠦ ᠭᠠᠷᠬᠤᠢ ᠳ᠋ᠤᠷ ᠪᠠᠬᠠᠨ ᠵᠣᠭᠰᠣᠯᠬᠢᠯᠠᠰᠤᠭᠠᠢ ᠬᠡᠮᠡᠭᠡᠳ ᠬᠠᠭᠠᠨ ᠤ᠋ ᠨᠤᠮᠤ ᠵᠡᠪᠡ ᠪᠡᠨ ᠠᠪᠬᠤ ᠶ᠋ᠢ ᠦᠵᠡᠭᠡᠳ ᠴᠢᠨᠠᠭᠰᠢ ᠬᠠᠯᠢᠨ ᠳᠣᠪᠲᠣᠯᠵᠤ ᠥᠩᠭᠡᠷᠡᠨ ᠭᠠᠷᠤᠭᠠᠳ ᠬᠠᠭᠠᠨ ᠤ᠋ ᠡᠮᠦᠨ᠎ᠡ ᠵᠢᠭᠰᠠᠭᠠᠯ ᠤ᠋ᠨ ᠲᠡᠷᠢᠭᠦᠨ ᠳ᠋ᠦ᠍ᠷ ᠶᠠᠪᠤᠬᠤ ᠬᠠᠭᠠᠨ ᠤ᠋ ᠰᠢᠳᠠᠷ ᠳᠠᠭᠠᠬᠤ ᠬᠢᠶ᠎ᠡ ᠳᠡᠭᠦᠰᠴᠦᠭ᠍ᠲᠦ ᠶ᠋ᠢᠨ ᠡᠰᠡᠷᠭᠦ ᠵᠣᠭᠰᠣᠵᠤ᠂ ᠬᠥᠮᠦᠨ ᠦ᠌ ᠦᠭᠡ ᠪᠡᠷ ᠳᠠᠭᠤᠳᠠᠨ ᠥᠭᠦᠯᠡᠷᠦᠨ: 《ᠴᠢ ᠬᠠᠭᠠᠨ ᠳ᠋ᠤᠷ ᠡᠷᠲᠡᠬᠡᠨ ᠴᠡᠷᠢᠭ ᠡᠭᠡᠪᠡᠰᠦ ᠵᠣᠬᠢᠮᠤᠢ ᠭᠡᠮᠡᠨ ᠠᠢᠯᠠᠳᠬ᠎ᠠ ! 》 ᠬᠡᠮᠡᠭᠡᠳ ᠴᠢᠨᠠᠭᠰᠢ ᠳᠣᠪᠲᠣᠯᠤᠨ ᠬᠠᠭᠠᠯᠭ᠎ᠠ ᠳ᠋ᠤᠷ ᠣᠷᠣᠪᠠ᠃ ᠡᠭᠦᠨ ᠢ᠋ ᠪᠦᠭᠦᠳᠡᠭᠡᠷ ᠴᠥᠮ ᠦᠵᠡᠵᠦ ᠪᠠᠢᠭᠰᠠᠨ ᠲᠤᠯᠠ ᠣᠢᠷᠠᠯᠴᠠᠭ᠎ᠠ ᠪᠠᠢᠬᠤ ᠴᠡᠷᠢᠭ ᠦ᠋ᠨ ᠠᠷᠠᠳ ᠮᠥᠨ ᠣᠯᠵᠤ ᠰᠣᠨᠣᠰᠪᠠ᠃ ᠬᠠᠭᠠᠨ ᠤ᠋ ᠪᠡᠶ᠎ᠡ ᠴᠦ᠍ ᠲᠡᠭᠦᠨ ᠦ᠌ ᠲᠡᠢᠨ ᠭᠦᠶᠦᠭᠡᠳ ᠬᠢᠶ᠎ᠡ ᠲᠡᠭᠦᠰᠴᠣᠭ᠍ᠲᠦ ᠶ᠋ᠢᠨ ᠡᠰᠡᠷᠭᠦ ᠬᠠᠨᠳᠤᠵᠤ ᠬᠡᠳᠦᠨᠲᠡ ᠲᠣᠭᠣᠷᠢᠭᠰᠠᠨ ᠢ᠋ ᠠᠢᠯᠠᠳᠴᠤ ᠦᠵᠡᠭᠰᠡᠨ ᠲᠤᠯᠠ ᠲᠡᠭᠦᠰᠴᠣᠭᠲᠤ ᠢᠷᠡᠵᠦ ᠲᠡᠭᠦᠨ ᠦ᠌ ᠦᠭᠡ ᠶ᠋ᠢ ᠬᠠᠭᠠᠨ ᠳ᠋ᠤᠷ ᠠᠢᠯᠠᠳᠬᠠᠭᠰᠠᠨ ᠳ᠋ᠤᠷ ᠬᠠᠭᠠᠨ ᠭᠠᠢᠬᠠᠵᠤ ᠵᠠᠷᠯᠢᠭ ᠪᠣᠯᠤᠷᠤᠨ :《ᠡᠨᠡ ᠶᠠᠮᠪᠠᠷ ᠰᠣᠨᠢᠨ ᠬᠡᠷᠡᠭ᠂ ᠡᠷᠲᠡ ᠪᠢ ᠬᠣᠢᠲᠤ ᠵᠠᠮ ᠢ᠋ᠶ᠋ᠠᠷ ᠪᠠᠷᠠᠭᠤᠨ ᠲᠥᠪᠡᠳ ᠢ᠋ᠶ᠋ᠡᠷ ᠡᠨᠡᠳᠬᠡᠭ ᠲᠣᠷ ᠣᠷᠣᠰᠤᠭᠠᠢ ᠬᠡᠮᠡᠬᠦᠯ᠎ᠡ᠂ ᠴᠢᠳᠠᠭᠠᠷᠠᠩ ᠤ᠋ᠨ ᠳᠠᠪᠠᠭ᠎ᠠ ᠳ᠋ᠤᠷ ᠨᠢᠭᠡᠨ ᠠᠯᠲᠠᠨ ᠦᠰᠦᠲᠦ ᠭᠠᠭᠴᠠ ᠡᠪᠡᠷᠲᠦ ᠭᠥᠷᠥᠭᠡᠰᠦ ᠵᠠᠮ ᠢ᠋ ᠬᠠᠯᠬᠠᠯᠠᠨ ᠰᠥᠭᠥᠳᠴᠦ ᠮᠥᠷᠭᠥᠪᠡ᠃ ᠲᠡᠷᠡ ᠬᠠᠷᠢᠨ ᠦᠭᠡ ᠬᠡᠯᠡᠵᠦ ᠴᠢᠳᠠᠬᠤ ᠦᠭᠡᠢ᠂ ᠡᠨᠡ ᠡᠳᠦᠷ ᠣᠳᠣ ᠳᠣᠲᠣᠭᠠᠳᠤ ᠵᠠᠮ ᠢ᠋ᠶ᠋ᠠᠷ ᠡᠨᠳᠡ ᠬᠦᠷᠪᠡᠰᠦ ᠪᠠᠰᠠ ᠡᠢᠮᠦ ᠨᠢᠭᠡᠨ ᠬᠦᠷᠦᠭᠡᠳ ᠠᠨᠤ ᠡᠨᠡ ᠶᠠᠭᠤ ᠲᠠᠢ ᠰᠣᠨᠢᠨ ᠬᠡᠷᠡᠭ ? ᠡᠭᠦᠨ ᠢ᠋ ᠶᠠᠮᠪᠠᠷ ᠬᠦᠷᠦᠭᠡᠳ ᠬᠡᠮᠡᠬᠦ ᠪᠣᠢ ? ᠶᠠᠭᠤᠨ ᠤ᠋ ᠤᠴᠢᠷ ᠬᠥᠮᠦᠨ ᠦ᠌ ᠦᠭᠡ ᠪᠡᠷ ᠬᠡᠯᠡᠵᠦ ᠴᠢᠳᠠᠮᠤᠢ? ᠡᠭᠦᠨ ᠦ᠌ ᠢᠷᠣ᠎ᠠ ᠪᠡᠯᠭᠡ ᠢᠨᠤ ᠶᠠᠭᠤᠨ ? 》ᠬᠡᠮᠡᠭᠰᠡᠨ ᠳ᠋ᠦ᠍ᠷ ᠬᠠᠵᠠᠭᠤ ᠠ᠋ᠴᠠ ᠶᠧ ᠯᠢᠦᠢ ᠴᠦ ᠼᠠᠢ ᠭᠠᠷᠴᠤ ᠰᠥᠭᠥᠳᠴᠦ ᠠᠢᠯᠠᠳᠬᠠᠷᠤᠨ :《ᠡᠨᠡ ᠠᠷᠢᠶᠠᠲᠠᠨ ᠤ᠋ ᠨᠡᠷ᠎ᠡ ᠶ᠋ᠢ < ᠵᠢᠶᠣᠤ ᠳ᠋ᠤᠸᠠᠨ - ᠪᠣᠳᠢ ᠴᠠᠭᠠᠨ ᠬᠦᠷᠦᠭᠡᠳ > ᠬᠡᠮᠡᠮᠦᠢ᠂ ᠳᠥᠷᠪᠡᠨ ᠵᠦᠭ ᠦ᠋ᠨ ᠬᠢᠵᠠᠭᠠᠷ ᠲᠤᠷ ᠡᠢᠮᠦ ᠳᠥᠷᠪᠡᠨ ᠵᠦᠢᠯ ᠦ᠋ᠨ ᠠᠮᠢᠲᠠᠨ ᠪᠣᠢ᠂ ᠶᠡᠬᠡ ᠴᠡᠷᠢᠭ ᠳᠤᠮᠳᠠᠳᠤ ᠬᠠᠷᠢᠶᠠᠲᠤ ᠤᠯᠤᠰ ᠠ᠋ᠴᠠ ᠳᠠᠪᠠᠨ ᠭᠠᠷᠪᠠᠰᠤ ᠡᠢᠨ ᠬᠦ᠌ ᠢᠳᠬᠠᠨ ᠥᠭᠦᠯᠡᠮᠦᠢ᠃ ᠲᠡᠷᠡ ᠬᠦᠷᠦᠭᠡᠳ ᠬᠠᠭᠠᠨ ᠡᠵᠡᠨ ᠳ᠋ᠦ᠍ᠷ ᠡᠢᠨ ᠠᠢᠯᠠᠳᠬᠠᠭᠤᠯᠬᠤ ᠠᠨᠤ ᠯᠠᠪ ᠲᠡᠭᠷᠢ ᠶ᠋ᠢᠨ ᠰᠠᠨᠠᠭᠠᠨ᠂ ᠬᠠᠭᠠᠨ ᠬᠡᠮᠡᠭᠴᠢ ᠲᠡᠭᠷᠢ ᠶ᠋ᠢᠨ ᠬᠥᠪᠡᠭᠦᠨ᠂ ᠢᠷᠭᠡᠨ ᠬᠡᠮᠡᠭᠴᠢ ᠬᠠᠭᠠᠨ ᠤ᠋ ᠬᠥᠪᠡᠭᠦᠨ᠂ ᠪᠣᠳᠣᠪᠠᠰᠤ ᠬᠠᠭᠠᠨ ᠤ᠋ ᠭᠡᠭᠡᠨ ᠶᠡᠬᠡ ᠴᠡᠷᠢᠭ ᠢ᠋ ᠠᠪᠴᠤ᠂ ᠪᠠᠷᠠᠭᠤᠨ ᠵᠦᠭ ᠣᠷᠣᠵᠤ ᠡᠨᠡ ᠬᠡᠳᠦᠨ ᠠᠢᠮᠠᠭ ᠢ ᠲᠠᠢᠯᠠᠭᠰᠠᠭᠠᠷ ᠳᠥᠷᠪᠡᠨ ᠵᠢᠯ ᠪᠣᠯᠪᠠ᠃ ᠳᠥᠷᠪᠡᠨ ᠣᠨ ᠤ᠋ ᠳᠣᠲᠣᠷ᠎ᠠ ᠴᠡᠷᠢᠭ ᠢᠷᠭᠡᠨ ᠦ᠌ ᠦᠬᠦᠭᠰᠡᠨ ᠢᠨᠤ ᠲᠣᠭᠠᠯᠠᠪᠠᠰᠤ ᠪᠠᠷᠠᠬᠤ ᠦᠭᠡᠢ᠂ ᠡᠨᠡ ᠬᠦᠷᠦᠭᠡᠳ ᠬᠡᠮᠡᠭᠴᠢ ᠠᠯᠠᠬᠤ ᠶ᠋ᠢ ᠵᠢᠭᠰᠢᠨ ᠠᠪᠤᠷᠬᠠᠴᠢᠳ ᠲᠤᠷ ᠠᠮᠠᠷᠠᠭ ᠲᠤᠯᠠ ᠶᠡᠬᠡ ᠴᠡᠷᠢᠭ ᠦ᠋ᠨ ᠠᠯᠠᠬᠤ ᠬᠢᠭᠡᠳ ᠬᠢᠳᠤᠨ ᠤᠷᠤᠭᠰᠢ ᠣᠷᠣᠬᠤ ᠶ᠋ᠢ ᠵᠣᠭᠰᠣᠭᠠᠬᠤ ᠪᠠᠢᠳᠠᠯ ᠪᠣᠢ᠂ ᠲᠡᠭᠷᠢ ᠠᠯᠠᠬᠤ ᠬᠢᠳᠤᠬᠤᠢ ᠳ᠋ᠤᠷ ᠳᠤᠷ᠎ᠠ ᠦᠭᠡᠢ ᠲᠤᠯᠠ ᠯᠠᠪ ᠡᠭᠦᠨ ᠢ᠋ ᠵᠠᠷᠤᠵᠤ ᠪᠣᠭᠳᠠ ᠡᠵᠡᠨ ᠳ᠋ᠦ᠍ᠷ ᠢᠳᠬᠠᠨ ᠬᠡᠯᠡᠭᠦᠯᠬᠦ ᠪᠣᠢ ᠶᠠ᠂ ᠡᠳᠦᠭᠡ ᠡᠨᠡ ᠬᠡᠷᠡᠮ ᠢ᠋ ᠣᠷᠣᠪᠠᠰᠤ ᠯᠠᠪ ᠪᠠᠰᠠ ᠬᠠᠷᠢᠶᠠᠲᠤ ᠭᠠᠵᠠᠷ ᠤ᠋ᠨ ᠡᠵᠡᠳ ᠬᠠᠳ ᠠᠨᠤ ᠡᠰᠡᠷᠭᠦᠴᠡᠨ ᠪᠠᠢᠯᠳᠤᠬᠤᠢ ᠳ᠋ᠤᠷ ᠬᠥᠮᠦᠨ ᠦ᠌ ᠦᠬᠦᠬᠦ ᠢᠨᠤ ᠮᠠᠰᠢ ᠣᠯᠠᠨ ᠪᠣᠯᠤᠮᠤᠢ᠃ ᠲᠡᠢᠨ ᠬᠦ᠌ ᠪᠣᠭᠳᠠ ᠡᠵᠡᠨ ᠢ᠋ ᠡᠷᠲᠡᠬᠡᠨ ᠡᠭᠡᠮᠦ ᠭᠡᠮᠡᠨ ᠢᠯᠡᠭᠡᠵᠦᠬᠦᠢ ᠂ ᠪᠣᠭᠳᠠ ᠡᠵᠡᠨ ᠬᠢᠨᠠᠪᠠᠰᠤ ᠵᠣᠬᠢᠮᠤᠢ ! 》ᠬᠡᠮᠡᠬᠦᠢ ᠳ᠋ᠦ᠍ᠷ ᠴᠢᠩᠭᠢᠰ ᠬᠠᠭᠠᠨ ᠲᠡᠷᠢᠭᠦᠨ ᠳᠣᠬᠢᠯᠬᠢᠯᠠᠨ ᠥᠭᠦᠯᠡᠷᠦᠨ : 《ᠪᠢ ᠦᠵᠡᠪᠡᠰᠦ ᠡᠨᠡ ᠡᠨᠡᠳᠬᠡᠭ ᠦ᠋ᠨ ᠲᠠᠪᠤᠨ ᠶᠡᠬᠡ ᠣᠷᠣᠨ ᠤ᠋ ᠭᠣᠣᠯ ᠢ᠋ ᠡᠵᠡᠯᠡᠬᠦ ᠵᠠᠶᠠᠭᠠᠨ ᠦᠭᠡᠢ ᠠᠵᠤᠭᠤ ! 》 ᠭᠡᠮᠡᠨ ᠳᠠᠯᠤ ᠶ᠋ᠢᠨ ᠲᠥᠯᠭᠡ ᠪᠡᠨ ᠠᠪᠴᠤ᠂ ᠱᠠᠬ᠎ᠠ ᠶ᠋ᠢᠨ ᠲᠥᠯᠭᠡ ᠶ᠋ᠢ ᠲᠠᠶᠠᠭᠳᠠᠵᠤ ᠦᠵᠡᠭᠡᠳ ᠶᠡᠬᠡᠯ᠎ᠡ ᠰᠣᠴᠢᠵᠤ᠂ ᠶᠧ ᠯᠢᠦᠢ ᠴᠦ ᠼᠠᠢ ᠠ᠋ᠴᠠ ᠠᠰᠠᠭᠤᠷᠤᠨ : 《ᠡᠨᠡ ᠲᠥᠯᠭᠡ ᠭᠡᠨᠡᠳᠲᠡ ᠶᠠᠭᠤᠨ ᠳ᠋ᠤᠷ ᠬᠤᠪᠢᠯᠪᠠ ? ᠡᠨᠡ ᠲᠥᠯᠭᠡ ᠶ᠋ᠢᠨ ᠪᠠᠢᠳᠠᠯ ᠢ᠋ᠶ᠋ᠠᠷ ᠤᠯᠤᠰ ᠲᠤᠷ ᠭᠠᠰᠠᠯᠠᠩ ᠪᠣᠢ ! 》 ᠶᠧ ᠯᠢᠦᠢ ᠴᠦ᠍ ᠼᠠᠢ ᠠᠢᠯᠠᠳᠬᠠᠷᠤᠨ : 《ᠲᠦᠰᠢᠮᠡᠯ ᠪᠢ ᠦᠵᠡᠪᠡᠰᠦ ᠨᠢᠳᠤᠨᠤᠨ ᠤ᠋ ᠲᠡᠷᠡ ᠦᠵᠡᠭᠰᠡᠨ ᠣᠳᠣᠨ ᠳ᠋ᠤᠷ ᠮᠠᠨ ᠤ᠋ ᠤᠯᠤᠰ᠂ ᠰᠥᠩ ᠤᠯᠤᠰ᠂ ᠠᠯᠲᠠᠨ ᠤᠯᠤᠰ᠂ ᠰᠢᠶᠠ ᠤᠯᠤᠰ ᠡᠨᠡ ᠳᠥᠷᠪᠡᠨ ᠤᠯᠤᠰ ᠤ᠋ᠨ ᠶᠡᠬᠡᠰ ᠲᠣᠷ ᠴᠥᠮ ᠮᠠᠭᠤ᠂ ᠠᠯᠲᠠᠨ ᠤ᠋ ᠡᠵᠡᠨ ᠨᠢᠳᠤᠨᠤᠨ ᠡᠪᠦᠯ ᠦᠬᠦᠪᠡ᠃ ᠰᠢᠶᠠ ᠶ᠋ᠢᠨ ᠯᠢ ᠽᠦᠨ ᠰᠢᠦᠢ ᠮᠥᠨ ᠦᠬᠦᠪᠡ᠃ ᠰᠥᠩ ᠤᠯᠤᠰ ᠲᠤᠷ ᠯᠠᠪ ᠪᠠᠰᠠ ᠶᠡᠬᠡ ᠪᠡᠯᠪᠡᠰᠦᠷᠡᠯ ᠭᠠᠷᠤᠮᠤᠢ᠂ ᠮᠠᠨ ᠤ᠋ ᠤᠯᠤᠰ ᠲᠤᠷ ᠬᠣᠶᠠᠷ ᠶᠡᠬᠡ ᠵᠠᠩᠵᠤᠨ ᠣᠳᠣᠨ ᠬᠣᠬᠢᠷᠠᠪᠠ᠃ ᠬᠢᠨᠠᠨ ᠦᠵᠡᠪᠡᠰᠦ ᠳᠤᠮᠳᠠᠳᠤ ᠣᠷᠣᠨ ᠤ᠋ ᠲᠡᠷᠢᠭᠦᠯᠡᠭᠰᠡᠳ ᠲᠣᠷ ᠮᠥᠨ ᠬᠠᠷᠰᠢᠯ ᠪᠣᠢ ᠂ ᠬᠠᠭᠠᠨ ᠳᠠᠷᠤᠢ ᠲᠡᠭᠷᠢ ᠶ᠋ᠢᠨ ᠰᠠᠨᠠᠭᠠᠨ ᠢ᠋ ᠳᠠᠭᠠᠵᠤ ᠲᠦᠷᠭᠡᠨ᠎ᠡ ᠡᠭᠡᠬᠦᠢ ᠢᠨᠤ ᠵᠣᠬᠢᠬᠤᠢ ᠮᠡᠲᠦ᠂ ᠡᠨᠡ ᠬᠡᠳᠦᠨ ᠮᠣᠵᠢ ᠶ᠋ᠢᠨ ᠥᠴᠦᠬᠡᠨ ᠠᠮᠢᠨ ᠢ᠋ ᠭᠡᠲᠦᠯᠭᠡᠪᠡᠰᠦ ᠵᠣᠬᠢᠮᠤᠢ ! 》ᠭᠡᠮᠡᠨ ᠮᠥᠷᠭᠥᠨ ᠠᠢᠯᠠᠳᠬᠠᠭᠰᠠᠨ᠎ᠠ᠂ ᠬᠠᠭᠠᠨ ᠬᠠᠭᠠᠰ ᠴᠠᠭ ᠪᠣᠳᠣᠵᠤ ᠵᠠᠷᠯᠢᠭ ᠪᠣᠯᠤᠷᠤᠨ : 《ᠮᠢᠨᠦ ᠲᠥᠷᠥᠭᠰᠡᠨ ᠡᠬᠡ ᠦᠯᠡᠭᠦᠦ ᠢᠷᠦᠭᠡᠯᠲᠦ ᠬᠤᠸᠠᠩ ᠲᠠᠢᠬᠡᠦ ᠡᠴᠡ ᠪᠤᠰᠤ ᠪᠣᠯᠪᠠᠰᠤ ᠪᠢ ᠬᠡᠷᠬᠢᠪᠡᠴᠦ ᠡᠭᠡᠬᠦ ᠦᠭᠡᠢ ᠪᠥᠯᠥᠭᠡ᠃ ᠲᠠᠢᠬᠡᠦ ᠨᠠᠶᠠᠨ ᠨᠠᠰᠤ ᠭᠠᠷᠲᠠᠯ᠎ᠠ ᠮᠢᠨᠦ ᠡᠨᠡ ᠮᠡᠲᠦ ᠭᠠᠳᠠᠭᠰᠢ ᠶᠠᠪᠤᠬᠤ ᠠᠨᠤ ᠦᠨᠡᠬᠡᠷ ᠨᠡᠢᠴᠡᠬᠦ ᠦᠭᠡᠢ᠂ ᠲᠦᠷᠭᠡᠨ᠎ᠡ ᠴᠡᠷᠢᠭ ᠦ᠋ᠨ ᠶᠡᠬᠡ ᠲᠤᠭ ᠲᠤᠷ ᠮᠥᠨ ᠡᠳᠦᠷ ᠳᠠᠷᠤᠢ ᠡᠭᠡᠬᠦ ᠠᠷᠢᠬᠢ ᠳᠤᠰᠤᠭᠠᠮᠤᠢ᠃ ᠭᠠᠭᠴᠠ ᠮᠤᠬᠤᠯᠢ ᠶ᠋ᠢᠨ ᠠᠪᠤᠭᠰᠠᠨ ᠲᠤᠭ ᠡᠭᠡᠬᠦ ᠶ᠋ᠢᠨ ᠤᠷᠢᠳ ᠲᠤᠰ ᠡᠵᠡᠨ ᠦ᠌ ᠲᠤᠭ ᠡᠭᠡᠬᠦᠢ ᠠᠨᠤ ᠳ᠋ᠤᠷ ᠪᠠᠬᠠᠨ ᠢᠴᠢᠭᠦᠷᠢ ᠲᠡᠢ ᠮᠡᠲᠦ ! 》 ᠡᠭᠦᠨ ᠳ᠋ᠦ᠍ᠷ ᠶᠧ ᠯᠢᠦᠢ ᠴᠦ ᠼᠠᠢ ᠠᠢᠯᠠᠳᠬᠠᠷᠤᠨ : 《ᠡᠭᠦᠨ ᠳ᠋ᠦ᠍ᠷ ᠵᠢᠮᠡᠯᠡᠯ ᠦᠭᠡᠢ᠂ ᠲᠡᠢᠰᠢ ᠨᠢᠭᠡᠨᠲᠡ ᠪᠡᠶ᠎ᠡ ᠥᠩᠭᠡᠷᠡᠭᠰᠡᠨ ᠪᠣᠯᠠᠢ᠂ ᠲᠠᠢᠰᠢ ᠶ᠋ᠢᠨ ᠵᠣᠷᠢᠭ ᠴᠤ᠌ ᠭᠦᠢᠴᠡᠪᠡ᠃ ᠡᠵᠡᠨ ᠦᠭᠡ ᠳ᠋ᠦ᠍ᠷ ᠴᠦ᠍ ᠬᠦᠷᠪᠡ ! 》 ᠬᠡᠮᠡᠭᠰᠡᠨ ᠳ᠋ᠦ᠍ᠷ ᠬᠠᠭᠠᠨ ᠮᠥᠨ ᠮᠥᠨ ᠭᠡᠮᠡᠨ ᠵᠥᠪᠰᠢᠶᠡᠵᠦ ᠳᠠᠷᠤᠢ ᠴᠡᠷᠢᠭ ᠡᠭᠡᠬᠦ ᠲᠤᠭ ᠢ᠋ ᠳᠠᠬᠢᠵᠤ᠂ ᠭᠤᠴᠢᠨ ᠵᠢᠷᠭᠤᠭᠠᠨ ᠵᠠᠮ ᠤ᠋ᠨ ᠵᠠᠩᠵᠤᠨ ᠴᠡᠷᠢᠭ ᠢ᠋ ᠭᠤᠷᠪᠠᠨ ᠡᠳᠦᠷ ᠦ᠋ᠨ ᠶᠡᠬᠡ ᠬᠤᠷᠢᠮ ᠬᠤᠷᠢᠮᠯᠠᠬᠤ ᠲᠤᠬᠠᠢ ᠳ᠋ᠤᠷ ᠡᠨᠡᠳᠬᠡᠭ ᠦ᠋ᠨ ᠶᠡᠬᠡ ᠣᠷᠣᠨ ᠤ᠋ ᠹᠦ ᠯᠤᠷ ᠽᠠ ᠮᠣᠤ ᠶ᠋ᠢᠨ ᠬᠠᠭᠠᠨ ᠤ᠋ ᠲᠡᠨᠳᠡᠴᠡ ᠭᠤᠷᠪᠠᠨ ᠮᠢᠩᠭᠠᠨ ᠰᠢᠯ ᠬᠦᠷᠳᠦᠲᠦ ᠲᠡᠷᠭᠡ ᠳ᠋ᠦ᠍ᠷ ᠵᠠᠭᠤᠨ ᠵᠦᠢᠯ ᠦ᠋ᠨ ᠡᠷᠳᠡᠨᠢ ᠲᠦᠯᠬᠢᠨ ᠢᠷᠡᠵᠦ᠂ ᠤᠯᠤᠰ ᠲᠤᠷ ᠴᠡᠷᠢᠭ ᠦᠯᠦ ᠣᠷᠣᠬᠤ ᠶ᠋ᠢ ᠭᠤᠶᠤᠭᠰᠠᠨ ᠳ᠋ᠤᠷ ᠲᠡᠭᠦᠨ ᠦ᠌ ᠬᠡᠯᠡᠨ ᠢ᠋ ᠮᠡᠳᠡᠬᠦ ᠬᠥᠮᠦᠨ ᠢ᠋ ᠡᠷᠢᠬᠦᠶᠡ ᠬᠠᠷᠢᠨ ᠵᠠᠮᠪᠠᠯ ᠮᠡᠳᠡᠬᠦ ᠠᠵᠤᠭᠤ ! ᠲᠡᠢᠨ ᠬᠦ᠌ ᠲᠡᠭᠦᠨ ᠢ᠋ᠶ᠋ᠡᠷ ᠵᠠᠭᠤᠴᠢᠯᠠᠭᠤᠯᠵᠤ᠂ ᠲᠡᠮᠦᠷ ᠬᠠᠭᠠᠯᠭ᠎ᠠ ᠶ᠋ᠢᠨ ᠳᠣᠲᠣᠷᠠᠬᠢ ᠡᠨᠡᠳᠬᠡᠭ ᠢ᠋ ᠬᠠᠯᠳᠠᠬᠤ ᠦᠭᠡᠢ᠂ ᠤᠷᠢᠳᠤ ᠨᠡᠩᠳᠡ ᠶᠠᠪᠤᠵᠤ ᠬᠦᠷᠦᠭᠰᠡᠨ ᠭᠠᠵᠠᠷ ᠢ᠋ ᠲᠡᠮᠡᠴᠡᠵᠦ ᠪᠣᠯᠬᠤ ᠦᠭᠡᠢ᠂ ᠠᠯᠪᠠ ᠶ᠋ᠢ ᠵᠢᠯ ᠪᠦᠷᠢ ᠡᠨᠡ ᠮᠡᠲᠦ ᠬᠦᠷᠭᠡᠬᠦ ᠶ᠋ᠢ ᠪᠠᠢᠭ᠎ᠠ᠂ ᠭᠠᠭᠴᠠ ᠰᠢᠯ ᠣᠭ᠌ᠶᠤ ᠭᠤᠷᠪᠠᠨ ᠮᠢᠩᠭᠠᠨ ᠵᠢᠩ ᠪᠣᠯᠪᠠᠰᠤ ᠳᠠᠷᠤᠢ ᠵᠢᠯ ᠦ᠋ᠨ ᠠᠯᠪᠠ ᠪᠣᠯᠲᠤᠭᠠᠢ ! ᠭᠡᠮᠡᠨ ᠬᠡᠯᠡᠯᠴᠡᠨ ᠲᠣᠭᠲᠠᠵᠤ᠂ ᠡᠨᠡᠳᠬᠡᠭ ᠡᠯᠴᠢ ᠮᠥᠷᠭᠥᠵᠦ ᠡᠭᠡᠪᠡ᠃
ᠲᠡᠨᠳᠡᠴᠡ ᠴᠢᠩᠭᠢᠰ ᠬᠠᠭᠠᠨ ᠤ᠋ ᠲᠠᠪᠤᠨ ᠠᠩᠭᠢ ᠴᠡᠷᠢᠭ ᠳᠥᠷᠪᠡᠨ ᠣᠨ ᠭᠠᠳᠠᠭᠰᠢ ᠶᠠᠪᠤᠭᠰᠠᠨ ᠲᠤᠯᠠ ᠡᠨᠡ ᠨᠢᠭᠡᠨᠲᠡ ᠡᠭᠡᠬᠦᠢ ᠳ᠋ᠦ᠍ᠷ ᠦᠯᠦ ᠪᠠᠶᠠᠷᠯᠠᠬᠤ ᠬᠥᠮᠦᠨ ᠦᠭᠡᠢ᠃ ᠵᠤᠨ ᠤ᠋ ᠲᠡᠷᠢᠭᠦᠨ ᠰᠠᠷ᠎ᠠ ᠳ᠋ᠤᠷ ᠤᠯᠤᠰ ᠲᠤᠷ ᠬᠦᠷᠴᠦ᠂ ᠶᠢᠰᠦᠨ ᠵᠡᠷᠭᠡ ᠶ᠋ᠢᠨ ᠶᠡᠬᠡ ᠤᠳᠤᠯᠭ᠎ᠠ ᠳᠠᠷᠠᠭ᠎ᠠ ᠳᠠᠷᠠᠭ᠎ᠠ ᠪᠠᠷ ᠤᠭᠲᠤᠭᠰᠠᠭᠠᠷ ᠯᠤᠤ ᠲᠠᠢᠬᠡᠦ ᠶ᠋ᠢᠨ ᠠᠯᠲᠠᠨ ᠠᠮᠤᠭᠤᠯᠠᠩ ᠢ᠋ ᠡᠷᠢᠭᠰᠡᠨ ᠳ᠋ᠦ᠍ᠷ ᠲᠠᠢᠬᠡᠦ ᠬᠠᠭᠠᠨ ᠤ᠋ ᠭᠠᠷ ᠠ᠋ᠴᠠ ᠪᠠᠷᠢᠵᠤ ᠴᠢᠷᠠᠢ ᠶ᠋ᠢᠨ ᠭᠡᠭᠡᠨ ᠢ᠋ ᠰᠢᠨᠵᠢᠵᠦ ᠪᠡᠶᠡᠰᠦᠨ ᠮᠦᠰᠢᠶᠡᠵᠦ ᠵᠠᠷᠯᠢᠭ ᠪᠣᠯᠤᠷᠤᠨ : 《ᠬᠠᠭᠠᠨ ᠬᠥᠪᠡᠭᠦᠨ ᠴᠢ ᠪᠠᠷᠠᠭᠤᠨ ᠢ᠋ ᠳᠠᠢᠯᠠᠷ᠎ᠠ ᠡᠴᠢᠭᠡᠳ ᠴᠢᠨᠦ ᠳᠥᠷᠪᠡᠨ ᠳᠡᠭᠦᠦ ᠴᠢᠨᠦ ᠬᠡᠳᠦᠢ ᠤᠷᠲᠤᠳᠠ ᠳᠡᠷᠭᠡᠳᠡ ᠪᠠᠢᠪᠠᠴᠤ ᠬᠠᠭᠠᠨ ᠬᠥᠪᠡᠭᠦᠨ ᠴᠢ ᠦᠭᠡᠢ ᠳ᠋ᠦ᠍ᠷ ᠮᠢᠨᠦ ᠳᠣᠲᠣᠷ᠎ᠠ ᠤᠭ ᠰᠠᠨᠠᠭᠠᠨ ᠤ᠋ ᠴᠠᠭᠠᠨ᠎ᠠ ᠲᠤᠯᠭᠠᠭᠤᠷᠢ ᠦᠭᠡᠢ᠂ ᠡᠳᠦᠭᠡ ᠬᠠᠭᠠᠨ ᠬᠥᠪᠡᠭᠦᠨ ᠴᠢᠮᠠᠶ᠋ᠢ ᠦᠵᠡᠭᠡᠳ ᠳᠣᠲᠣᠷ᠎ᠠ ᠶᠡᠬᠡᠯ᠎ᠡ ᠠᠮᠤᠵᠢᠨ ᠪᠠᠶᠠᠷᠯᠠᠪᠠ᠂ ᠣᠯᠵᠤ ᠵᠣᠯᠭᠠᠨ ᠴᠢᠳᠠᠬᠤ ᠭᠡᠮᠡᠨ ᠡᠰᠡ ᠰᠠᠨᠠᠪᠠ᠃ ᠪᠠᠭ᠎ᠠ ᠴᠠᠭ ᠲᠤᠷ ᠬᠦᠢᠲᠡᠨ ᠨᠣᠢᠲᠠᠨ ᠭᠠᠰᠢᠭᠤᠨ ᠠᠮᠰᠠᠭᠰᠠᠨ ᠪᠣᠯᠪᠠᠴᠤ ᠦᠳᠡᠯᠭᠦᠢ ᠶ᠋ᠢᠨ ᠦᠵᠦᠭᠦᠷ ᠳᠡᠯᠡᠬᠡᠢ ᠳ᠋ᠠᠬᠢᠨ ᠤ᠋ ᠡᠬᠡ ᠪᠣᠯᠪᠠ᠂ ᠨᠠᠳᠠ ᠳ᠋ᠤᠷ ᠥᠴᠦᠬᠡᠨ ᠴᠦ᠍ ᠭᠣᠮᠣᠳᠠᠯ ᠦᠭᠡᠢ᠃ ᠵᠢᠴᠢ ᠴᠢᠨᠦ ᠲᠥᠷᠥᠭᠰᠡᠨ ᠳᠥᠷᠪᠡᠨ ᠬᠥᠪᠡᠭᠦᠨ ᠦ᠌ ᠣᠯᠠᠨ ᠬᠡᠦᠬᠡᠳ ᠦ᠋ᠨ ᠳᠣᠲᠣᠷ᠎ᠠ ᠦᠵᠡᠪᠡᠰᠦ ᠭᠤᠷᠪᠠ ᠳᠥᠷᠪᠡᠨ ᠶᠡᠬᠡ ᠵᠠᠶᠠᠭᠠᠲᠠᠨ ᠠ᠋ᠴᠠ ᠲᠣᠯᠢ ᠬᠥᠪᠡᠭᠦᠨ ᠦ᠌ ᠬᠣᠶᠠᠳᠤᠭᠠᠷ ᠬᠥᠪᠡᠭᠦᠨ ᠬᠤᠪᠢᠯᠠᠢ᠂ ᠬᠣᠢᠴᠢ ᠡᠳᠦᠷ ᠴᠢᠨᠦ ᠣᠷᠣ ᠶ᠋ᠢ ᠳᠠᠷᠤᠮᠤᠢ᠂ ᠪᠢ ᠡᠳᠦᠭᠡ ᠲᠡᠭᠦᠨ ᠦ᠌ ᠨᠠᠭᠠᠳᠬᠤ ᠠᠭᠠᠰᠢᠯᠠᠬᠤ ᠶ᠋ᠢ ᠦᠵᠡᠬᠦᠯ᠎ᠡ ᠪᠤᠰᠤ ᠣᠴᠢ ᠨᠠᠷ ᠠ᠋ᠴᠠ ᠥᠪᠡᠷ᠎ᠡ ᠨᠢᠭᠡᠨ ᠵᠦᠢᠯ ᠦ᠋ᠨ ᠳᠠᠯᠳᠠ ᠨᠢᠭᠤᠴᠠ ᠭᠦᠨ ᠬᠣᠯᠠ ᠰᠠᠨᠠᠭᠠᠨ ᠪᠣᠢ᠃ 》 ᠲᠡᠷᠡ ᠦᠶ᠎ᠡ ᠳ᠋ᠦ᠍ᠷ ᠣᠯᠠᠨ ᠣᠴᠢ ᠨᠠᠷ ᠴᠥᠮ ᠲᠠᠢᠬᠡᠦ ᠶ᠋ᠢᠨ ᠰᠢᠳᠠᠷ ᠪᠠᠢᠭᠰᠠᠨ ᠲᠤᠯᠠ ᠲᠠᠢᠬᠡᠦ ᠭᠠᠷ ᠢ᠋ᠶ᠋ᠠᠷ ᠵᠢᠭᠠᠵᠤ ᠵᠠᠷᠯᠢᠭ ᠪᠣᠯᠤᠷᠤᠨ : 《ᠡᠨᠡ ᠬᠤᠪᠢᠯᠠᠢ ᠬᠥᠪᠡᠭᠦᠨ ᠪᠠᠢᠳᠠᠯ ᠲᠥᠯᠥᠪ ᠲᠥᠪ ᠭᠡᠭᠡᠬᠡᠨ᠂ ᠦᠭᠡ ᠳᠠᠭᠤᠨ ᠬᠤᠷᠴᠠ ᠰᠡᠷᠭᠦᠯᠡᠩ᠂ ᠡᠳᠦᠭᠡ ᠰᠠᠶᠢ ᠠᠷᠪᠠᠬᠠᠨ ᠨᠠᠰᠤ ᠲᠠᠢ ᠪᠥᠭᠡᠲᠡᠯ᠎ᠡ ᠤᠢᠭᠤᠷ᠂ ᠰᠢᠷ᠎ᠠ᠂ ᠬᠢᠲᠠᠳ ᠭᠤᠷᠪᠠᠨ ᠠᠢᠮᠠᠭ ᠦᠰᠦᠭ ᠢ᠋ ᠲᠠᠨᠢᠵᠤ᠂ ᠡᠩ ᠦ᠋ᠨ ᠡᠳᠦᠷ ᠮᠢᠨᠦ ᠳᠣᠲᠣᠷ᠎ᠠ ᠬᠠᠭᠠᠨ ᠬᠥᠪᠡᠭᠦᠨ ᠴᠢᠮᠠᠶ᠋ᠢ ᠮᠥᠷᠥᠭᠡᠳᠬᠦ ᠶ᠋ᠢ ᠲᠡᠷᠡ ᠦᠵᠡᠵᠦ ᠭᠠᠷᠤᠭᠠᠳ ᠳᠠᠯᠳᠠ ᠭᠠᠵᠠᠷ ᠨᠠᠭᠠᠳᠬᠤ ᠬᠡᠦᠬᠡᠳ ᠦ᠋ᠨ ᠵᠦᠭ ᠬᠡᠯᠡᠬᠦ ᠢᠨᠤ < ᠡᠯᠦᠨᠴᠡ ᠡᠮᠡᠭᠡ ᠳ᠋ᠦ᠍ᠷ ᠡᠳᠦᠭᠡ ᠡᠷᠳᠡᠨᠢ ᠶ᠋ᠢᠨ ᠠᠭᠤᠯᠠ ᠴᠤ᠌ ᠬᠡᠷᠡᠭ ᠦᠭᠡᠢ᠂ ᠬᠠᠭᠠᠨ ᠡᠪᠦᠭᠡ ᠨᠢᠭᠡᠨᠲᠡ ᠢᠷᠠᠪᠠᠰᠤ ᠲᠦᠮᠡᠨ ᠬᠦᠰᠡᠯ ᠭᠦᠢᠴᠡᠬᠦ ᠪᠣᠯᠠᠢ ! 》ᠭᠡᠮᠡᠨ ᠬᠡᠯᠡᠮᠦᠢ ᠬᠡᠮᠡᠮᠦ᠃ ᠠᠷᠪᠠᠨ ᠨᠠᠰᠤ ᠲᠠᠢ ᠬᠡᠦᠬᠡᠳ ᠡᠬᠡ ᠬᠥᠮᠦᠨ ᠦ᠌ ᠦᠷ᠎ᠡ ᠶ᠋ᠢ ᠰᠠᠨᠠᠬᠤ ᠶ᠋ᠢ ᠬᠡᠷᠬᠢᠨ ᠮᠡᠳᠡᠭᠰᠡᠨ ᠠᠵᠢ ! ᠲᠡᠢᠨ ᠬᠦ᠌ ᠪᠢ ᠡᠭᠦᠨ ᠢ᠋ ᠬᠣᠢᠴᠢ ᠡᠳᠦᠷ ᠯᠠᠪ ᠴᠢᠨᠦ ᠣᠷᠣ ᠶ᠋ᠢ ᠳᠠᠷᠤᠬᠤ ᠶ᠋ᠢ ᠮᠡᠳᠡᠪᠡ !》ᠬᠡᠮᠡᠭᠰᠡᠨ ᠳ᠋ᠦ᠍ᠷ ᠬᠠᠭᠠᠨ ᠶᠡᠬᠡᠯ᠎ᠡ ᠪᠡᠶᠡᠰᠦᠨ ᠳᠠᠷᠤᠢ ᠡᠬᠡ ᠲᠠᠢᠬᠡᠦ ᠶ᠋ᠢᠨ ᠰᠠᠨᠠᠭᠠᠨ ᠢ᠋ ᠳᠠᠭᠠᠭᠤᠯᠤᠨ ᠪᠠᠶᠠᠰᠬᠠᠬᠤ ᠦᠭᠡ ᠠᠢᠯᠠᠳᠬᠠᠵᠤ᠂ ᠵᠢᠴᠢ ᠲᠠᠢᠬᠡᠦ ᠨᠠᠰᠤᠨ ᠰᠡᠭᠦᠳᠡᠷ ᠥᠨᠳᠥᠷ ᠪᠣᠯᠤᠭᠰᠠᠨ ᠲᠤᠯᠠ ᠪᠠᠶᠠᠰᠬᠤᠯᠠᠩ ᠤ᠋ᠨ ᠶᠣᠰᠣᠨ ᠢ᠋ᠶ᠋ᠠᠷ ᠲᠡᠭᠷᠢ ᠭᠠᠵᠠᠷ ᠣᠳᠣᠨ ᠭᠠᠷᠠᠭ ᠢ᠋ ᠳᠠᠬᠢᠵᠤ᠂ ᠤᠯᠤᠰ ᠤ᠋ᠨ ᠬᠣᠲᠠᠯᠠᠭᠠᠷ ᠲᠤᠷ ᠳᠠᠬᠢᠨ ᠶᠡᠬᠡ ᠱᠠᠩ ᠲᠠᠯᠪᠢᠭᠤᠯᠤᠨ ᠂ ᠬᠥᠭᠰᠢᠳ ᠨᠢᠯᠬ᠎ᠠ ᠳ᠋ᠤᠷ ᠮᠥᠩᠭᠥ᠂ ᠠᠮᠤ᠂ ᠪᠥᠰ ᠱᠠᠩᠨᠠᠬᠤ ᠪᠠ ᠶᠠᠯᠠᠲᠠᠨ ᠢ᠋ ᠬᠥᠩᠭᠡᠯᠡᠨ ᠭᠠᠷᠭᠠᠬᠤ ᠶᠡᠬᠡ ᠥᠷᠯᠥᠭ ᠪᠠᠭᠤᠯᠭᠠᠬᠤ ᠶ᠋ᠢ ᠠᠢᠯᠠᠳᠬᠠᠭᠰᠠᠨ ᠳ᠋ᠤᠷ ᠲᠠᠢᠬᠡᠦ ᠪᠡᠶᠡᠰᠴᠦ ᠵᠠᠷᠯᠢᠭ ᠪᠣᠯᠤᠷᠤᠨ : 《ᠮᠢᠨᠦ ᠨᠢᠭᠡᠨ ᠬᠥᠮᠦᠨ ᠦ᠌ ᠲᠤᠯᠠ ᠡᠨᠡ ᠤᠳᠠᠭ᠎ᠠ ᠲᠠᠢ ᠭᠤᠷᠪᠠᠨ ᠤᠳᠠᠭ᠎ᠠ ᠶᠡᠬᠡ ᠥᠷᠯᠥᠭ ᠪᠠᠭᠤᠯᠭᠠᠪᠠ᠃ ᠪᠢ ᠬᠠᠭᠠᠨ ᠬᠥᠪᠡᠭᠦᠨ ᠢ᠋ᠶ᠋ᠡᠨ ᠰᠠᠢᠨ ᠪᠤᠶᠠᠨ ᠳ᠋ᠤᠷ ᠬᠡᠳᠦᠢ ᠡᠳᠦᠭᠡ ᠡᠬᠡᠨᠡᠷ ᠪᠡᠶ᠎ᠡ ᠪᠣᠯᠪᠠᠴᠤ ᠡᠷᠭᠢᠬᠦ ᠰᠦᠨᠡᠰᠦᠨ ᠯᠠᠪ ᠡᠷ᠎ᠡ ᠪᠣᠯᠵᠤ ᠲᠥᠷᠥᠮᠦᠢ !》 ᠭᠡᠮᠡᠨ ᠵᠠᠷᠯᠢᠭ ᠪᠣᠯᠪᠠ᠃ ᠬᠠᠭᠠᠨ ᠪᠠᠰᠠ ᠪᠠᠶᠠᠰᠬᠠᠬᠤ ᠦᠭᠡ ᠮᠡᠳᠡᠭᠦᠯᠦᠨ ᠬᠤᠷᠢᠮ ᠪᠠᠷᠢᠵᠤ ᠭᠠᠷᠴᠤ ᠢᠷᠡᠭᠡᠳ ᠬᠠᠭᠤᠴᠢᠨ ᠬᠥᠭᠰᠢᠳ ᠲᠠᠢᠰᠢ ᠨᠠᠷ ᠢ᠋ ᠠᠮᠠᠯᠠᠵᠤ ᠲᠠᠢᠬᠡᠦ ᠶ᠋ᠢᠨ ᠰᠠᠢᠨ ᠬᠡᠷᠡᠭ ᠢ᠋ ᠲᠤᠰᠢᠶᠠᠨ ᠶᠠᠪᠤᠭᠤᠯᠪᠠ᠃
ᠲᠡᠳᠦᠢ ᠬᠠᠭᠠᠨ ᠣᠯᠠᠨ ᠠᠴᠢ ᠨᠠᠷ ᠢ᠋ ᠳᠠᠭᠤᠳᠠᠵᠤ ᠱᠠᠩ ᠥᠭᠭᠦᠭᠰᠡᠭᠡᠷ᠂ ᠳᠥᠷᠪᠡᠳᠦᠭᠡᠷ ᠲᠠᠢᠽᠢ ᠲᠣᠯᠢ ᠴᠢᠨ ᠸᠠᠩ ᠤ᠋ᠨ ᠶᠡᠬᠡ ᠬᠥᠪᠡᠭᠦᠨ ᠮᠥᠩᠬᠡ᠂ ᠬᠣᠶᠠᠳᠤᠭᠠᠷ ᠬᠥᠪᠡᠭᠦᠨ ᠬᠤᠪᠢᠯᠠᠢ ᠬᠣᠶᠠᠭᠤᠯᠠ ᠶ᠋ᠢ ᠳᠠᠭᠤᠳᠠᠪᠠ᠃ ᠮᠥᠩᠬᠡ ᠡᠨᠡ ᠵᠢᠯ ᠠᠷᠪᠠᠨ ᠳᠣᠯᠣᠭᠠᠨ ᠨᠠᠰᠤᠲᠠᠢ᠂ ᠲᠠᠢᠽᠦ ᠴᠢᠩᠭᠢᠰ ᠬᠠᠭᠠᠨ ᠤ᠋ ᠳᠥᠴᠢᠨ ᠳᠣᠯᠣᠭᠠᠨ ᠨᠠᠰᠤᠨ ᠳ᠋ᠤᠷ ᠲᠥᠷᠥᠭᠡᠳ ᠪᠡᠯᠭᠡ ᠲᠡᠮᠳᠡᠭ ᠠᠰᠤᠷᠤ ᠰᠠᠢᠨ ᠳ᠋ᠤᠷ ᠰᠢᠨᠵᠢᠭᠴᠢ ᠠᠷᠠᠳ ᠢ᠋ᠶ᠋ᠠᠷ ᠰᠢᠨᠵᠢᠭᠦᠯᠪᠡᠰᠦ ᠡᠨᠡ ᠯᠠᠪ ᠶᠡᠬᠡ ᠰᠠᠭᠤᠷᠢᠨ ᠳ᠋ᠤᠷ ᠬᠦᠷᠦᠮᠦᠢ ᠬᠡᠮᠡᠭᠰᠡᠨ ᠢ ᠲᠠᠢᠽᠦ ᠬᠠᠭᠠᠨ ᠤ᠋ ᠭᠤᠷᠪᠠᠳᠤᠭᠠᠷ ᠲᠠᠢᠽᠢ ᠥᠭᠡᠳᠡᠢ ᠴᠢᠨ ᠸᠠᠩ ᠡᠨᠡ ᠦᠶ᠎ᠡ ᠳ᠋ᠦ᠍ᠷ ᠬᠥᠪᠡᠭᠦᠨ ᠦᠭᠡᠢ ᠬᠠᠷᠠᠬᠠᠨ ᠦᠷ᠎ᠡ ᠬᠦᠰᠡᠬᠦᠶᠡ᠂ ᠡᠭᠦᠨ ᠢ᠋ ᠠᠪᠴᠤ ᠦᠷᠡᠴᠢᠯᠡᠨ ᠲᠡᠵᠢᠭᠡᠯᠭᠡᠭᠰᠡᠨ ᠠᠵᠤᠭᠤ᠃ ᠡᠳᠦᠭᠡ ᠴᠥᠮ ᠪᠢᠴᠢᠭ ᠤᠩᠰᠢᠬᠤ ᠴᠠᠭ ᠲᠤᠯᠠ ᠬᠠᠭᠠᠨ ᠰᠢ ᠢᠦᠢ ᠤᠯᠤᠰ ᠠ᠋ᠴᠠ ᠪᠠᠷᠢᠭᠰᠠᠨ ᠡᠯ᠎ᠡ ᠵᠦᠢᠯ ᠦ᠋ᠨ ᠰᠣᠨᠢᠨ ᠨᠠᠷᠢᠨ ᠰᠠᠪᠠ ᠵᠡᠪᠰᠡᠭ᠂ ᠤᠷᠠᠨ ᠰᠠᠢᠬᠠᠨ ᠪᠢᠴᠢᠭ ᠵᠢᠷᠤᠭ ᠤ᠋ᠨ ᠵᠦᠢᠯ ᠢ᠋ ᠭᠠᠷᠭᠠᠵᠤ ᠱᠠᠩᠨᠠᠭᠠᠳ ᠲᠣᠯᠢ ᠶ᠋ᠢᠨ ᠬᠣᠶᠠᠳᠤᠭᠠᠷ ᠬᠥᠪᠡᠭᠦᠨ ᠬᠤᠪᠢᠯᠠᠢ ᠶ᠋ᠢ ᠪᠠᠭ᠎ᠠ ᠭᠡᠮᠡᠨ ᠨᠤᠮᠤ ᠰᠤᠮᠤ ᠢᠯᠳᠦ ᠵᠢᠳᠠ ᠶ᠋ᠢᠨ ᠵᠦᠢᠯ ᠵᠡᠷᠭᠡᠴᠡᠭᠦᠯᠦᠨ ᠱᠠᠩᠨᠠᠬᠤᠢ ᠳ᠋ᠤᠷ ᠬᠤᠪᠢᠯᠠᠢ ᠮᠥᠷᠭᠥᠨ ᠬᠦᠯᠢᠶᠡᠵᠦ ᠠᠪᠤᠭᠠᠳ ᠠᠬ᠎ᠠ ᠮᠥᠩᠬᠡ ᠶ᠋ᠢᠨ ᠵᠦᠭ ᠥᠭᠦᠯᠡᠷᠦᠨ : 《ᠡᠪᠦᠭᠡ ᠂ ᠠᠬ᠎ᠠ ᠴᠢᠮᠠᠶ᠋ᠢ ᠡᠵᠡᠨ ᠦ᠌ ᠶᠠᠩᠵᠤ ᠪᠠᠷ ᠱᠠᠩᠨᠠᠵᠤ᠂ ᠨᠠᠮᠠᠶ᠋ᠢ ᠴᠡᠷᠢᠭ ᠦ᠋ᠨ ᠬᠢᠷᠢ ᠪᠡᠷ ᠱᠠᠩᠨᠠᠪᠠ ! 》 ᠬᠡᠮᠡᠭᠰᠡᠨ ᠢ᠋ ᠬᠠᠭᠠᠨ ᠰᠣᠨᠣᠰᠴᠤ ᠶᠠᠭᠠᠷᠠᠨ ᠳᠠᠭᠤᠳᠠᠨ ᠣᠷᠣᠭᠤᠯᠵᠤ ᠠᠰᠠᠭᠤᠷᠤᠨ : 《ᠡᠵᠡᠨ ᠢᠨᠦ ᠶᠠᠭᠤᠨ ? ᠴᠡᠷᠢᠭ ᠢᠨᠤ ᠶᠠᠭᠤᠨ ? 》 ᠬᠤᠪᠢᠯᠠᠢ ᠠᠢᠯᠠᠳᠬᠠᠷᠤᠨ : 《ᠡᠵᠡᠨ ᠪᠣᠯᠪᠠᠰᠤ ᠲᠡᠭᠷᠢ ᠶ᠋ᠢᠨ ᠳᠣᠣᠷ᠎ᠠ ᠭᠠᠵᠠᠷ ᠤ᠋ᠨ ᠳᠡᠭᠡᠷ᠎ᠡ ᠪᠠᠢᠬᠤ ᠵᠦᠢᠯ ᠢ᠋ ᠴᠥᠮ ᠡᠵᠡᠯᠡᠮᠦᠢ᠂ ᠲᠡᠭᠷᠢ ᠶ᠋ᠢᠨ ᠳᠣᠣᠷ᠎ᠠ ᠭᠠᠵᠠᠷ ᠤ᠋ᠨ ᠳᠡᠭᠡᠷ᠎ᠡ ᠪᠠᠢᠬᠤ ᠵᠦᠢᠯ ᠴᠥᠮ ᠬᠥᠮᠦᠨ ᠦ᠌ ᠬᠡᠯᠡᠬᠦ ᠪᠠ ᠪᠢᠴᠢᠭ ᠰᠤᠳᠤᠷ ᠠ᠋ᠴᠠ ᠣᠯᠵᠤ ᠰᠣᠷᠣᠮᠤᠢ᠂ ᠲᠡᠢᠨ ᠬᠦ᠌ ᠡᠵᠡᠨ ᠬᠡᠮᠡᠪᠡ᠃ ᠴᠡᠷᠢᠭ ᠪᠣᠯᠪᠠᠰᠤ ᠳᠡᠢᠯᠬᠦ ᠳᠡᠢᠯᠦᠭᠳᠡᠬᠦ ᠮᠠᠭᠠᠳ ᠦᠭᠡᠢ᠂ ᠬᠡᠳᠦᠢ ᠳᠡᠢᠯᠪᠡᠴᠦ ᠨᠢᠭᠡᠨ ᠰᠠᠢᠨ ᠪᠠᠭᠠᠲᠤᠷ ᠵᠠᠩᠵᠤᠨ ᠠ᠋ᠴᠠ ᠬᠡᠲᠦᠷᠡᠬᠦ ᠦᠭᠡᠢ᠂ ᠨᠢᠭᠡᠨ ᠡᠵᠡᠨ ᠳ᠋ᠦ᠍ᠷ ᠲᠡᠢᠮᠦ ᠪᠠᠭᠠᠲᠤᠷ ᠵᠠᠩᠵᠤᠨ ᠬᠡᠳᠦᠨ ᠵᠠᠭᠤᠨ ᠪᠠᠢᠪᠠᠴᠤ ᠢᠯᠡᠭᠦᠳᠡᠬᠦ ᠦᠭᠡᠢ᠂ ᠭᠠᠭᠴᠠ ᠪᠡᠶ᠎ᠡ ᠪᠡᠶ᠎ᠡ ᠪᠡᠨ ᠡᠵᠡᠯᠡᠮᠦᠢ ! 》 ᠬᠡᠮᠡᠭᠰᠡᠨ ᠳ᠋ᠦ᠍ᠷ ᠬᠠᠭᠠᠨ ᠮᠠᠰᠢ ᠶᠡᠬᠡᠳᠡ ᠭᠠᠢᠬᠠᠨ ᠪᠡᠶᠡᠰᠴᠦ᠂ ᠳᠣᠲᠣᠷ᠎ᠠ ᠪᠠᠨ ᠰᠡᠮᠡᠬᠡᠷ ᠰᠣᠴᠢᠬᠤᠢ ᠳ᠋ᠤᠷ ᠲᠡᠷᠡ ᠲᠤᠬᠠᠢ ᠬᠠᠭᠠᠨ ᠤ᠋ ᠰᠢᠳᠠᠷ ᠵᠣᠴᠢ᠂ ᠴᠠᠭᠠᠲᠠᠢ᠂ ᠥᠭᠡᠳᠡᠢ᠂ ᠲᠣᠯᠢ ᠳᠥᠷᠪᠡᠨ ᠲᠠᠢᠽᠢ ᠴᠢᠨ ᠸᠠᠩ ᠤ᠋ᠳ ᠴᠥᠮ ᠪᠠᠢᠭᠰᠠᠨ ᠲᠤᠯᠠ ᠲᠣᠯᠢ ᠬᠥᠪᠡᠭᠦᠨ ᠢ᠋ᠶ᠋ᠡᠨ ᠲᠡᠷᠡ ᠦᠭᠡ ᠶ᠋ᠢ ᠰᠣᠨᠣᠰᠴᠤ ᠲᠠᠪᠠ ᠦᠭᠡᠢ ᠪᠣᠯᠵᠤ ᠥᠭᠦᠯᠡᠷᠦᠨ :《ᠪᠢ ᠬᠠᠷᠢᠨ ᠡᠨᠡ ᠬᠥᠪᠡᠭᠦᠨ ᠦ᠌ ᠪᠠᠢᠳᠠᠯ ᠢ᠋ ᠦᠵᠡᠭᠡᠳ ᠨᠢᠭᠡᠨ ᠭᠠᠢᠭᠤᠢ ᠶᠠᠭᠤᠮ᠎ᠠ ᠪᠣᠯᠤᠨᠠᠮ ᠶᠠ ᠭᠡᠮᠡᠨ ᠰᠡᠳᠬᠢᠯᠦᠭᠡ᠂ ᠦᠵᠡᠰᠡ ᠡᠨᠡ ᠬᠠᠷᠢᠨ ᠮᠠᠲᠠᠷ ᠰᠥᠩ᠂ ᠠᠯᠲᠠᠨ ᠤ᠋ ᠦᠭᠡᠨᠴᠡ ᠪᠠᠭᠤᠷᠠᠢ᠂ ᠬᠣᠩᠰᠢᠶᠠᠷ ᠢ᠋ᠶ᠋ᠠᠷ ᠬᠣᠲᠠ ᠪᠠᠢᠭᠤᠯᠵᠤ᠂ ᠬᠣᠭᠣᠰᠣᠨ ᠦᠭᠡ ᠪᠡᠷ ᠭᠠᠪᠢᠶ᠎ᠠ ᠪᠣᠯᠭᠠᠬᠤ ᠬᠥᠮᠦᠨ ᠪᠣᠯᠤᠨᠠᠮ ᠶᠠ ! 》ᠬᠡᠮᠡᠬᠦᠢ ᠳ᠋ᠦ᠍ᠷ ᠬᠠᠭᠠᠨ ᠮᠦᠰᠢᠶᠡᠵᠦ ᠵᠠᠷᠯᠢᠭ ᠪᠣᠯᠤᠷᠤᠨ : 《ᠰᠠᠮᠠᠭᠤᠨ ᠤᠯᠤᠰ ᠢ᠋ ᠴᠡᠷᠢᠭ ᠦ᠋ᠨ ᠬᠦᠴᠦᠨ ᠢ᠋ᠶ᠋ᠡᠷ ᠲᠡᠭᠰᠢᠳᠬᠡᠬᠦ᠂ ᠡᠩᠬᠡ ᠲᠥᠷᠥ ᠳ᠋ᠦ᠍ᠷ ᠪᠢᠴᠢᠭ ᠦ᠋ᠨ ᠤᠬᠠᠭᠠᠨ ᠢ᠋ᠶ᠋ᠠᠷ ᠵᠠᠰᠠᠬᠤ ᠪᠣᠯᠠᠢ᠃ ᠴᠢ ᠶᠠᠭᠤᠨ ᠳ᠋ᠤᠷ ᠲᠡᠢᠨ ᠬᠦ᠌ ᠬᠡᠯᠡᠮᠦᠢ ? 》ᠬᠡᠮᠡᠪᠡ᠃
ᠲᠡᠳᠦᠢ ᠬᠠᠭᠠᠨ ᠤ᠋ ᠭᠡᠭᠡᠨ ᠶᠡᠬᠡ ᠲᠠᠢᠰᠢ ᠭᠦᠸᠧ ᠸᠠᠩ ᠮᠤᠬᠤᠯᠢ ᠶ᠋ᠢᠨ ᠶᠡᠮᠤᠨᠠ ᠡᠴᠢᠵᠦ᠂ ᠵᠠᠯᠠᠭ᠎ᠠ ᠶ᠋ᠢ ᠠᠪᠤᠨ ᠬᠠᠷ᠎ᠠ ᠬᠤᠪᠴᠠᠰᠤ ᠬᠡᠳᠦᠷᠴᠦ ᠤᠬᠢᠯᠠᠨ ᠬᠦᠷᠴᠦ᠂ ᠠᠪᠰᠠᠨ ᠢ᠋ ᠲᠦᠰᠢᠵᠦ ᠠᠷᠢᠬᠢ ᠰᠠᠴᠤᠵᠤ ᠵᠠᠷᠯᠢᠭ ᠪᠣᠯᠤᠷᠤᠨ :
ᠬᠣᠢᠲᠤ ᠭᠠᠵᠠᠷ ᠡᠯᠡᠰᠦ ᠬᠤᠮᠠᠭ ᠲᠤᠷ ᠳᠠᠷᠤᠭᠳᠠᠨ ᠶᠠᠪᠤᠬᠤᠶ᠎ᠠ
ᠬᠣᠴᠢ ᠦᠭᠡᠢ ᠦᠬᠦᠨ ᠵᠢᠳᠬᠦᠭᠰᠡᠨ ᠵᠢᠨᠦᠩ ᠮᠤᠬᠤᠯᠢ ᠮᠢᠨᠦ᠂
ᠠᠷᠤ ᠭᠠᠵᠠᠷ ᠠᠯᠢᠪᠠ ᠳ᠋ᠤᠷ ᠳᠠᠷᠤᠯᠬᠠᠲᠠᠨ ᠶᠠᠪᠤᠬᠤᠶ᠎ᠠ
ᠠᠮᠢ ᠪᠠᠨ ᠲᠡᠪᠴᠢᠵᠦ ᠠᠯᠠᠯᠳᠤᠵᠤ ᠪᠠᠢᠯᠳᠤᠨ ᠶᠠᠪᠤᠭᠰᠠᠨ ᠮᠤᠬᠤᠯᠢ ᠮᠢᠨᠦ᠂
ᠡᠮᠦᠨ᠎ᠡ ᠵᠦᠭ ᠴᠡᠷᠢᠭ ᠣᠷᠣᠬᠤᠶ᠎ᠠ
ᠦᠨᠡᠨ ᠵᠢᠷᠦᠬᠡ ᠪᠡᠷ ᠦᠬᠦᠨ ᠵᠢᠳᠬᠦᠭᠰᠡᠨ ᠶᠤᠸᠠᠨᠱᠤᠸᠠᠢ ᠮᠤᠬᠤᠯᠢ ᠮᠢᠨᠦ᠂
ᠾᠧ ᠪᠧᠢ ᠱᠠᠨ ᠳ᠋ᠦᠩ ᠢ᠋ ᠲᠣᠭᠲᠠᠭᠠᠬᠤᠶ᠎ᠠ
ᠰᠠᠢᠨ ᠪᠣᠳᠣᠯᠭᠠᠲᠤ ᠭᠦᠸᠧ ᠸᠠᠩ ᠲᠠᠢᠰᠢ ᠮᠢᠨᠦ !
ᠭᠡᠮᠡᠨ ᠲᠠᠬᠢᠯ ᠱᠠᠩᠨᠠᠭᠰᠠᠨᠠ᠂ ᠴᠡᠷᠢᠭ ᠲᠦ᠍ᠷ ᠶᠠᠪᠤᠭᠰᠠᠨ ᠬᠠᠭᠤᠴᠢᠨ ᠰᠢᠨ᠎ᠡ ᠵᠠᠩᠵᠤᠨ ᠬᠥᠭᠰᠢᠨ ᠵᠠᠯᠠᠭᠤ ᠨᠣᠶᠠᠳ ᠡᠰᠡ ᠤᠬᠢᠯᠠᠭᠰᠠᠨ ᠢ᠋ᠶ᠋ᠠᠷ ᠦᠭᠡᠢ᠂ ᠦᠨᠡᠬᠡᠷ ᠲᠥᠷᠥᠭᠰᠡᠨ ᠳᠡᠭᠦᠦ ᠪᠣᠯᠪᠠᠴᠤ ᠡᠭᠦᠨ ᠡᠴᠡ ᠦᠯᠦ ᠬᠡᠲᠦᠷᠡᠮᠦᠢ ᠬᠡᠮᠡᠯᠳᠦᠪᠡ᠃
ᠲᠡᠳᠦᠢ ᠬᠠᠭᠠᠨ ᠪᠡᠯᠪᠡᠰᠦᠷᠡᠯ ᠳ᠋ᠦ᠍ᠷ ᠬᠡᠷᠡᠭᠯᠡ ᠭᠡᠮᠡᠨ ᠪᠠᠷᠠᠭᠤᠨ ᠤᠯᠤᠰ ᠤ᠋ᠨ ᠠᠯᠪᠠᠨ ᠪᠠ ᠡᠮᠦᠨ᠎ᠡ ᠮᠣᠵᠢ ᠶ᠋ᠢᠨ ᠠᠯᠪᠠ ᠶ᠋ᠢᠨ ᠵᠦᠢᠯ ᠡᠴᠡ ᠬᠡᠳᠦᠨ ᠲᠦᠮᠡᠨ ᠯᠠᠩ ᠤ᠋ᠨ ᠠᠯᠲᠠᠨ ᠮᠥᠩᠭᠥᠨ ᠡᠷᠳᠡᠨᠢ ᠰᠤᠪᠤᠳ ᠱᠠᠩᠨᠠᠭᠠᠳ ᠬᠠᠭᠠᠨ ᠡᠭᠡᠵᠦ ᠭᠠᠷᠬᠤᠢ ᠳ᠋ᠤᠷ ᠲᠡᠢᠰᠢ ᠭᠦᠸᠧ ᠸᠠᠩ ᠮᠤᠬᠤᠯᠢ ᠶ᠋ᠢᠨ ᠴᠡᠷᠢᠭ ᠲᠦ᠍ᠷ ᠬᠠᠮᠢᠶᠠᠷᠤᠭᠳᠠᠭᠰᠠᠨ ᠪᠦᠬᠦ ᠴᠡᠷᠢᠭ ᠦ᠋ᠨ ᠵᠠᠩᠵᠤᠨ ᠲᠦᠰᠢᠮᠡᠳ ᠬᠦᠷᠢᠶ᠎ᠡ ᠳᠦᠭᠦᠷᠡᠩ ᠰᠥᠭᠥᠳᠴᠦ ᠬᠠᠭᠠᠨ ᠤ᠋ ᠶᠡᠬᠡ ᠶᠤᠸᠠᠨᠱᠤᠸᠠᠢ ᠳ᠋ᠤᠷ ᠬᠡᠰᠢᠭ ᠬᠦᠷᠲᠡᠭᠡᠨ ᠰᠠᠷᠬᠤᠳ ᠲᠠᠬᠢᠯ ᠬᠠᠢᠷᠠᠯᠠᠭᠰᠠᠨ ᠬᠡᠰᠢᠭ ᠲᠣᠷ ᠮᠥᠷᠭᠥᠬᠦᠢ ᠳ᠋ᠦ᠍ᠷ ᠳᠣᠲᠣᠷ᠎ᠠ ᠬᠡᠳᠦ ᠬᠡᠳᠦᠨ ᠡᠬᠡᠨᠡᠷ ᠪᠣᠢ᠃ ᠤᠴᠢᠷ ᠢ᠋ ᠠᠰᠠᠭᠤᠪᠠᠰᠤ᠂ ᠰᠣᠯᠤᠩᠭᠣᠸᠠ᠂ ᠰᠠᠢᠬᠠᠨ ᠬᠦᠷᠢ᠂ ᠬᠣᠩᠭᠣᠷ ᠵᠤᠯᠠ᠂ ᠬᠤᠸᠠᠢ ᠭᠦᠸᠧ ᠭᠦᠩᠵᠦ ᠡᠳᠡᠭᠡᠷ ᠴᠥᠮ ᠭᠦᠸᠧ ᠸᠠᠩ ᠤ᠋ᠨ ᠴᠡᠷᠢᠭ ᠦ᠋ᠨ ᠬᠦᠷᠢᠶ᠎ᠡ ᠳ᠋ᠦ᠍ᠷ ᠬᠠᠮᠢᠶᠠᠷᠤᠭᠳᠠᠬᠤ ᠬᠥᠮᠦᠨ ᠬᠡᠮᠡᠭᠰᠡᠨ ᠳ᠋ᠦ᠍ᠷ ᠬᠠᠭᠠᠨ ᠮᠤᠬᠤᠯᠢ ᠶ᠋ᠢᠨ ᠡᠨᠡ ᠮᠡᠲᠦ ᠣᠯᠠᠨ᠎ᠠ ᠬᠦᠰᠡᠭᠳᠡᠬᠦ ᠶ᠋ᠢ ᠳᠣᠲᠣᠷ᠎ᠠ ᠪᠠᠨ ᠭᠠᠢᠬᠠᠵᠤ ᠰᠠᠢᠰᠢᠶᠠᠪᠠ᠃
ᠲᠡᠳᠦᠢ ᠮᠤᠬᠤᠯᠢ ᠶ᠋ᠢᠨ ᠪᠡᠯᠪᠡᠰᠦᠷᠡᠯ ᠢ᠋ ᠲᠡᠭᠦᠰᠬᠡᠵᠦ᠂ ᠴᠢᠨᠳᠠᠷ ᠢ᠋ ᠬᠠᠭᠤᠴᠢᠨ ᠨᠤᠲᠤᠭ ᠲᠤᠷ ᠬᠥᠷᠭᠡᠯᠭᠡᠵᠦ᠂ ᠴᠧᠩᠰᠢᠶᠠᠩ ᠪᠤᠯᠤ ᠶ᠋ᠢ ᠬᠡᠪ ᠢ᠋ᠶ᠋ᠡᠷ ᠲᠤᠰᠢᠶᠠᠯ ᠤ᠋ᠨ ᠴᠡᠷᠢᠭ ᠦ᠋ᠨ ᠭᠠᠵᠠᠷ᠎ᠠ ᠶᠠᠪᠤᠭᠤᠯᠪᠠ᠃ ᠮᠤᠬᠤᠯᠢ ᠶ᠋ᠢᠨ ᠴᠢᠨᠳᠠᠷ ᠢ᠋ ᠴᠢᠩᠭᠢᠰ ᠬᠠᠭᠠᠨ ᠤ᠋ ᠳᠥᠷᠪᠡᠳᠦᠭᠡᠷ ᠲᠠᠢᠽᠢ ᠲᠣᠯᠢ ᠴᠢᠨ ᠸᠠᠩ ᠢ᠋ᠶ᠋ᠠᠷ ᠬᠦᠷᠭᠡᠭᠦᠯᠪᠡ ①᠃
ᠲᠡᠳᠦᠢ ᠴᠧᠩᠰᠢᠶᠠᠩ ᠪᠤᠯᠤ ᠡᠮᠦᠨ᠎ᠡ ᠵᠦᠭ ᠡᠴᠢᠵᠦ᠂ ᠱᠠᠨ ᠳ᠋ᠦᠩ᠂ ᠾᠧ ᠪᠧᠢ ᠶ᠋ᠢᠨ ᠭᠠᠵᠠᠷ ᠢ᠋ ᠴᠠᠭᠳᠠᠨ ᠪᠠᠰᠠ ᠠᠯᠲᠠᠨ ᠤ᠋ ᠵᠦᠭ ᠣᠷᠣᠵᠤ ᠹᠧᠩ ᠰᠢᠶᠠᠩ ᠹᠦ ᠬᠣᠲᠠᠨ ᠢ᠋ ᠠᠪᠬᠤ ᠠᠷᠭ᠎ᠠ ᠶ᠋ᠢ ᠵᠥᠪᠳᠡᠬᠦᠶ᠎ᠡ᠂ ᠡᠨᠡ ᠮᠡᠳᠡᠭᠡ ᠶ᠋ᠢ ᠠᠯᠲᠠᠨ ᠤᠯᠤᠰ ᠤ᠋ᠨ ᠰᠢᠨ᠎ᠡ ᠡᠵᠡᠨ ᠠᠢᠽᠦ᠋ᠩ ᠱᠧᠦ ᠰᠢᠦᠢ ᠰᠣᠨᠣᠰᠴᠤ ᠲᠥᠷᠥ ᠶ᠋ᠢᠨ ᠣᠯᠠᠨ ᠲᠦᠰᠢᠮᠡᠳ ᠯᠤᠭᠡ ᠪᠡᠨ ᠵᠥᠪᠯᠡᠨ ᠥᠭᠦᠯᠡᠷᠦᠨ:《ᠡᠮᠦᠨ᠎ᠡ ᠡᠴᠡ ᠰᠥᠩ ᠤᠷᠪᠠᠵᠤ ᠲᠠᠪᠴᠢᠯᠠᠮᠤᠢ᠂ ᠬᠣᠢᠨ᠎ᠠ ᠠ᠋ᠴᠠ ᠮᠣᠩᠭᠣᠯ ᠬᠡᠲᠦᠷᠡᠮᠡᠬᠡᠢᠯᠡᠨ ᠳᠠᠷᠤᠯᠠᠮᠤᠢ᠂ ᠣᠳᠣ ᠬᠡᠷᠬᠢᠪᠡᠰᠦ ᠰᠠᠢᠨ ? 》 ᠬᠡᠮᠡᠬᠦᠢ ᠳ᠋ᠦ᠍ᠷ ᠵᠠᠭᠤᠨ ᠲᠦᠰᠢᠮᠡᠳ ᠨᠢᠭᠡᠨ ᠨᠢᠭᠡᠨ ᠢ᠋ᠶ᠋ᠡᠨ ᠬᠠᠷᠠᠯᠴᠠᠵᠤ ᠳᠠᠭᠤᠨ ᠭᠠᠷᠬᠤ ᠦᠭᠡᠢ ᠳ᠋ᠦ᠍ᠷ ᠱᠠᠩᠱᠤ ᠯᠢᠩ ᠱᠢ ᠲᠦᠰᠢᠮᠡᠯ ᠯᠢ ᠳᠠᠩ ᠢᠩ ᠣᠯᠠᠨ ᠲᠦᠰᠢᠮᠡᠳ ᠦ᠋ᠨ ᠠᠯᠲᠠᠨ ᠤᠯᠤᠰ ᠤ᠋ᠨ ᠬᠡᠰᠢᠭ ᠲᠣᠷ ᠲᠠᠯᠠᠭᠠᠷ ᠬᠦᠷᠲᠡᠭᠰᠡᠨ ᠢ᠋ ᠦᠵᠡᠭᠡᠳ ᠳᠣᠲᠣᠷ᠎ᠠ ᠪᠠᠨ ᠠᠬᠠᠰᠬᠢᠵᠤ ᠣᠯᠠᠨ ᠤ᠋ ᠰᠦᠷᠦᠭ ᠡᠴᠡ ᠭᠠᠷᠴᠤ ᠰᠥᠭᠥᠳᠦᠨ ᠠᠢᠯᠠᠳᠬᠠᠷᠤᠨ : 《ᠮᠣᠩᠭᠣᠯ ᠮᠠᠨ ᠤ᠋ ᠶᠡᠬᠡ ᠤᠯᠤᠰ ᠢ᠋ ᠨᠢᠭᠡᠨᠲᠡ ᠳᠠᠷᠤᠯᠠᠭᠠᠳ ᠡᠶᠡᠳᠡᠬᠦ ᠰᠠᠨᠠᠭᠠᠨ ᠥᠴᠦᠬᠡᠨ ᠴᠦ᠍ ᠦᠭᠡᠢ᠂ ᠭᠠᠭᠴᠠ ᠰᠥᠩ ᠤᠯᠤᠰ ᠤᠭ ᠲᠤᠷ ᠮᠠᠨ ᠳ᠋ᠤᠷ ᠠᠯᠪᠠ ᠪᠠᠷᠢᠵᠤ ᠪᠠᠢᠭᠠᠳ ᠡᠳᠦᠭᠡ ᠪᠠᠰᠠ ᠮᠣᠩᠭᠣᠯ ᠳ᠋ᠤᠷ ᠠᠯᠪᠠ ᠪᠠᠷᠢᠪᠠ᠂ ᠪᠠᠰᠠ ᠮᠥᠨ ᠨᠡᠬᠡᠭᠰᠡᠨ ᠭᠠᠵᠠᠷ ᠦᠭᠡᠢ᠃ ᠡᠳᠦᠭᠡ ᠬᠡᠷᠪᠡ ᠪᠢᠳᠡ ᠪᠠᠢᠯᠳᠤᠬᠤ ᠦᠭᠡᠢ ᠵᠣᠭᠰᠣᠰᠤᠭᠠᠢ ᠬᠡᠮᠡᠪᠡᠰᠦ ᠰᠥᠩ ᠯᠠᠪ ᠳᠤᠷᠠᠲᠠᠶ᠎ᠠ ᠬᠦᠯᠢᠶᠡᠮᠦᠢ᠂ ᠰᠥᠩ ᠤᠯᠤᠰ ᠬᠡᠮᠡᠭᠴᠢ ᠨᠢᠭᠡᠨᠲᠡ ᠠᠭᠤᠯᠠ ᠤᠰᠤ ᠳ᠋ᠤᠷ ᠣᠷᠣᠵᠤ᠂ ᠭᠦᠨ ᠤᠳᠬ᠎ᠠ ᠤᠶᠠᠩᠭ᠎ᠠ ᠳ᠋ᠤᠷ ᠰᠣᠭᠲᠣᠵᠤ᠂ ᠠᠮᠤᠷ ᠴᠡᠩᠭᠡᠯ ᠦ᠋ᠨ ᠰᠤᠯᠠ ᠵᠢᠷᠭᠠᠯ ᠳ᠋ᠤᠷ ᠬᠡᠯᠪᠡᠷᠢᠭᠡᠳ ᠪᠠᠢᠯᠳᠤᠵᠤ ᠳᠠᠢᠯᠠᠬᠤ ᠳ᠋ᠤᠷ ᠳᠤᠷ᠎ᠠ ᠦᠭᠡᠢ ᠪᠣᠯᠤᠭᠰᠠᠨ ᠪᠣᠯᠠᠢ᠃ ᠲᠦᠰᠢᠮᠡᠯ ᠪᠢ ᠡᠴᠢᠵᠦ ᠬᠣᠶᠠᠷ ᠤᠯᠤᠰ ᠤ᠋ᠨ ᠲᠡᠮᠡᠴᠡᠯ ᠢ᠋ ᠵᠣᠭᠰᠣᠭᠠᠵᠤ ᠨᠠᠢᠷ ᠲᠠᠢ ᠪᠣᠯᠭᠠᠰᠤᠭᠠᠢ ! 》 ᠬᠡᠮᠡᠭᠰᠡᠨ ᠳ᠋ᠦ᠍ᠷ ᠠᠯᠲᠠᠨ ᠤᠯᠤᠰ ᠤ᠋ᠨ ᠡᠵᠡᠨ ᠱᠧᠦ ᠰᠢᠦᠢ ᠵᠥᠪᠰᠢᠶᠡᠵᠦ ᠬᠦᠨᠳᠦ ᠪᠡᠯᠡᠭ ᠪᠠᠷᠢᠭᠤᠯᠤᠨ ᠢᠯᠡᠭᠡᠪᠡ᠃
- - - -
① ᠡᠨᠡ ᠴᠢᠨᠳᠠᠷ ᠯᠠᠪ ᠦᠨᠡᠨ ᠪᠡᠶ᠎ᠡ ᠪᠤᠰᠤ᠃
ᠲᠡᠳᠦᠢ ᠯᠢ ᠳᠠᠩ ᠢᠩ ᠵᠠᠷᠯᠢᠭ ᠢ᠋ᠶ᠋ᠠᠷ ᠰᠥᠩ ᠤᠯᠤᠰ ᠲᠤᠷ ᠬᠦᠷᠴᠦ᠂ ᠬᠡᠷᠡᠭ ᠠᠢᠯᠠᠳᠬᠠᠬᠤ ᠶᠠᠮᠤᠨ ᠳ᠋ᠤᠷ ᠣᠷᠣᠵᠤ ᠢᠷᠡᠭᠰᠡᠨ ᠤᠴᠢᠷ ᠢ᠋ ᠮᠡᠳᠡᠭᠦᠯᠵᠦ᠂ ᠵᠢᠴᠢ ᠡᠳᠦᠷ ᠰᠥᠩ ᠨᠢᠩᠽᠦ᠋ᠩ ᠳ᠋ᠦ᠍ᠷ ᠪᠠᠷᠠᠯᠬᠠᠨ ᠵᠣᠯᠭᠠᠵᠤ᠂ ᠬᠣᠶᠠᠷ ᠤᠯᠤᠰ ᠬᠠᠷᠢᠯᠴᠠᠨ ᠨᠡᠪᠲᠡᠷᠡᠯᠴᠡᠬᠦ ᠦᠭᠡᠢ᠂ ᠬᠣᠭᠣᠷᠣᠨᠳᠣ ᠢᠨᠤ ᠮᠣᠩᠭᠣᠯ ᠤ᠋ᠨ ᠣᠯᠵᠠ ᠪᠣᠯᠭᠠᠨ ᠶᠠᠪᠤᠬᠤ ᠠ᠋ᠴᠠ ᠬᠣᠶᠠᠷ ᠤᠯᠤᠰ ᠬᠠᠮᠲᠤᠷᠠᠵᠤ᠂ ᠴᠢᠳᠠᠬᠤᠯ᠎ᠠ ᠮᠣᠩᠭᠣᠯ ᠢ᠋ ᠳᠠᠢᠯᠠᠨ ᠠᠷᠢᠯᠭᠠᠵᠤ᠂ ᠬᠠᠭᠤᠴᠢᠨ ᠶᠣᠰᠣᠭᠠᠷ ᠭᠠᠵᠠᠷ ᠣᠷᠣᠨ ᠢ᠋ᠶ᠋ᠠᠨ ᠡᠵᠡᠯᠡᠰᠦᠭᠡᠢ᠂ ᠶᠠᠳᠠᠬᠤ ᠳ᠋ᠠᠭᠠᠨ ᠬᠣᠶᠠᠷ ᠤᠯᠤᠰ ᠨᠢᠭᠡᠨ ᠬᠦᠴᠦᠨ ᠢ᠋ᠶ᠋ᠡᠷ ᠨᠡᠢᠯᠡᠵᠦ᠂ ᠬᠠᠷᠢᠯᠴᠠᠨ ᠲᠡᠮᠡᠴᠡᠯᠳᠦᠬᠦᠢ ᠶ᠋ᠢ ᠵᠣᠭᠰᠣᠵᠤ᠂ ᠮᠣᠩᠭᠣᠯ ᠤᠯᠤᠰ ᠢ᠋ ᠲᠤᠯᠬᠤ ᠭᠠᠵᠠᠷ ᠢ᠋ᠶ᠋ᠠᠨ ᠬᠠᠮᠠᠭᠠᠯᠠᠨ ᠰᠠᠬᠢᠪᠠᠰᠤ ᠳᠡᠭᠡᠷ᠎ᠡ ᠦᠭᠡᠢ ᠤᠤ ? ᠲᠡᠢᠨ ᠬᠦ᠌ ᠮᠢᠨᠦ ᠡᠵᠡᠨ ᠦᠨᠡᠨ ᠰᠠᠨᠠᠭᠠᠨ ᠢ᠋ ᠭᠠᠷᠭᠠᠵᠤ᠂ ᠬᠦᠨᠳᠦ ᠪᠡᠯᠡᠭ ᠪᠠᠷᠢᠭᠤᠯᠤᠨ ᠢᠯᠡᠭᠡᠵᠦ ᠵᠥᠪᠯᠡᠷᠡ ᠵᠠᠷᠤᠪᠠ ! 》 ᠬᠡᠮᠡᠭᠰᠡᠨ ᠳ᠋ᠦ᠍ᠷ ᠰᠥᠩ ᠨᠢᠩᠽᠦ᠋ᠩ ᠥᠴᠢᠷᠦᠨ: 《ᠮᠠᠨ ᠤ᠋ ᠰᠥᠩ ᠤᠯᠤᠰ ᠤᠭ ᠠ᠋ᠴᠠ ᠰᠠᠮᠠᠭᠤᠨ ᠳ᠋ᠤᠷ ᠳᠤᠷ᠎ᠠ ᠦᠭᠡᠢ᠂ ᠭᠠᠭᠴᠠ ᠲᠠᠨ ᠤ᠋ ᠡᠷᠢᠨ ᠲᠠᠪᠴᠢᠯᠠᠬᠤᠢ ᠳ᠋ᠤᠷ ᠲᠡᠰᠬᠦ ᠦᠭᠡᠢ ᠳ᠋ᠦ᠍ᠷ ᠠᠷᠭ᠎ᠠ ᠪᠤᠰᠤ ᠬᠠᠷᠢᠯᠴᠠᠨ ᠪᠠᠢᠯᠳᠤᠪᠠ᠃ ᠡᠳᠦᠭᠡ ᠬᠡᠷᠪᠡ ᠦᠨᠡᠬᠡᠷ ᠪᠠᠢᠯᠳᠤᠨ ᠴᠡᠷᠢᠭᠯᠡᠬᠦ ᠲᠡᠮᠡᠴᠡᠯ ᠢ᠋ ᠪᠠᠢᠰᠤᠭᠠᠢ ᠬᠡᠮᠡᠪᠡᠰᠦ ᠮᠢᠨᠦ ᠨᠡᠩ ᠳᠤᠷᠠᠯᠠᠬᠤ ᠬᠡᠷᠡᠭ ᠮᠥᠨ ᠪᠣᠯᠠᠢ! 》 ᠬᠡᠮᠡᠭᠡᠳ ᠬᠣᠶᠠᠷ ᠤᠯᠤᠰ ᠤ᠋ᠨ ᠡᠶᠡᠳᠡᠬᠦ ᠭᠡᠷ᠎ᠡ ᠪᠢᠴᠢᠭ ᠪᠠᠢᠭᠤᠯᠵᠤ᠂ ᠬᠤᠷᠢᠮ ᠬᠤᠷᠢᠮᠯᠠᠵᠤ᠂ ᠬᠠᠷᠢᠭᠤ ᠪᠡᠯᠡᠭ ᠲᠤᠰᠢᠶᠠᠨ ᠡᠭᠡᠭᠦᠯᠪᠡ᠃ ᠲᠡᠳᠦᠢ ᠬᠠᠮᠲᠤ ᠡᠯᠴᠢ ᠵᠠᠷᠤᠵᠤ ᠬᠡᠯᠡᠯᠴᠡᠭᠦᠯᠦᠨ ᠡᠶᠡᠳᠡᠬᠦ ᠭᠡᠷ᠎ᠡ ᠪᠢᠴᠢᠭ ᠢ᠋ ᠪᠠᠢᠭᠤᠯᠤᠨ᠂ ᠠᠯᠲᠠᠨ ᠤᠯᠤᠰ ᠲᠤᠷ ᠮᠥᠨ ᠬᠤᠷᠢᠮ ᠬᠤᠷᠢᠮᠯᠠᠪᠠ᠃ ᠡᠨᠡ ᠮᠡᠳᠡᠭᠡ ᠶ᠋ᠢ ᠮᠣᠩᠭᠣᠯ ᠤ᠋ᠨ ᠪᠤᠯᠤ᠂ ᠲᠠᠢᠰᠤᠨᠳᠠᠷᠤᠭᠴᠢ ᠨᠠᠷ ᠰᠣᠨᠣᠰᠴᠤ ᠶᠡᠬᠡᠯ᠎ᠡ ᠰᠣᠴᠢᠵᠤ᠂ ᠨᠢᠭᠡᠨᠲᠡᠭᠡᠭᠦᠷ ᠴᠡᠷᠢᠭ ᠢ᠋ᠶ᠋ᠡᠨ ᠵᠠᠰᠠᠵᠤ ᠭᠠᠵᠠᠷ ᠣᠷᠣᠨ ᠢ᠋ᠶ᠋ᠠᠨ ᠰᠡᠷᠭᠡᠢᠯᠡᠨ᠂ ᠨᠢᠭᠡᠨᠲᠡᠭᠡᠭᠦᠷ ᠬᠠᠭᠠᠨ ᠳ᠋ᠤᠷ ᠠᠢᠯᠠᠳᠬᠠᠨ ᠶᠠᠪᠤᠭᠤᠯᠪᠠ᠃ ᠡᠨᠡ ᠦᠶ᠎ᠡ ᠳ᠋ᠦ᠍ᠷ ᠬᠠᠭᠠᠨ ᠤ᠋ ᠶᠡᠬᠡ ᠵᠢᠭᠰᠠᠭᠠᠯ ᠵᠤᠰᠠᠭᠠᠯ ᠤ᠋ᠨ ᠯᠢᠶᠠᠩ ᠵᠢᠩ ᠬᠣᠲᠠᠨ ᠠ᠋ᠴᠠ ᠡᠭᠡᠭᠡᠳᠦᠢ ᠲᠤᠯᠠ ᠨᠤᠭᠤᠯᠪᠤᠷᠢ ᠶ᠋ᠢ ᠯᠢᠶᠠᠩ ᠵᠢᠩ ᠬᠣᠲᠠᠨ᠎ᠠ ᠳᠣᠪᠲᠣᠯᠭᠠᠪᠠ᠃ ᠵᠢᠴᠢ ᠥᠭᠦᠯᠡᠬᠦ ᠢᠨᠤ᠂ ᠲᠠᠢᠽᠢ ᠲᠣᠯᠢ ᠴᠢᠨ ᠸᠠᠩ ᠭᠤᠷᠪᠠᠨ ᠳᠡᠭᠦᠦ ᠶ᠋ᠢ ᠠᠪᠴᠤ ᠮᠤᠬᠤᠯᠢ ᠶ᠋ᠢᠨ ᠴᠢᠨᠳᠠᠷ ᠢ᠋ ᠬᠣᠢᠲᠤ ᠨᠤᠲᠤᠭ ᠲᠤ᠌ ᠬᠦᠨᠳᠦ ᠪᠡᠷ ᠬᠦᠷᠭᠡᠬᠦ ᠳ᠋ᠦ᠍ᠷ ᠲᠠᠰᠢᠷᠠᠮ ᠳ᠋ᠤᠷ ᠪᠠᠰᠠ ᠬᠠᠭᠤᠴᠢᠨ ᠨᠤᠲᠤᠭ ᠢ᠋ ᠡᠷᠭᠢᠵᠦ ᠦᠵᠡᠷ᠎ᠡ ᠡᠴᠢᠬᠦ ᠲᠤᠯᠠ ᠭᠡᠷ ᠦ᠋ᠨ ᠬᠣᠲᠠᠯᠠᠭᠠᠷ ᠬᠠᠮᠲᠤ ᠮᠣᠷᠳᠠᠪᠠ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠬᠤᠸᠠᠢ ᠭᠦᠸᠧ ᠭᠦᠩᠵᠦ ᠨᠢᠭᠡᠨ ᠳ᠋ᠦ᠍ᠷ ᠡᠭᠡᠴᠢ ᠪᠡᠨ ᠳᠠᠭᠠᠮᠤᠢ᠂ ᠬᠣᠶᠠᠷ ᠲᠤᠷ ᠮᠤᠬᠤᠯᠢ ᠶ᠋ᠢᠨ ᠠᠴᠢ ᠳ᠋ᠤᠷ ᠬᠠᠷᠢᠭᠤᠯᠠᠨ ᠴᠢᠨᠳᠠᠷ ᠢ᠋ ᠬᠦᠷᠭᠡᠮᠦᠢ᠃ ᠳᠡᠰ ᠲᠣᠭᠣᠰ ᠤ᠋ᠨ ᠰᠡᠳᠬᠢᠯ ᠳ᠋ᠦ᠍ᠷ ᠨᠡᠢᠴᠡᠪᠡᠴᠦ ᠡᠪᠦᠭᠡ ᠶ᠋ᠢᠨ ᠪᠡᠯᠪᠡᠰᠦᠷᠡᠯ ᠪᠠᠢᠬᠤ ᠲᠤᠯᠠ ᠬᠦᠯᠢᠴᠡᠨ ᠲᠡᠰᠪᠦᠷᠢᠯᠡᠮᠦᠢ᠃
ᠲᠡᠳᠦᠢ ᠲᠠᠪᠤᠨ ᠰᠠᠷ᠎ᠠ ᠶ᠋ᠢᠨ ᠰᠡᠭᠦᠯ ᠢ᠋ᠶ᠋ᠡᠷ ᠮᠤᠬᠤᠯᠢ ᠶ᠋ᠢᠨ ᠨᠤᠲᠤᠭ ᠲᠤᠷ ᠬᠦᠷᠴᠦ ᠶᠡᠬᠡ ᠣᠷᠳᠣᠨ ᠳ᠋ᠤᠷ ᠠᠨᠤ ᠬᠡᠳᠦᠨ ᠡᠳᠦᠷ ᠳᠠᠬᠢᠵᠤ ᠰᠠᠶᠢ ᠬᠠᠭᠤᠴᠢᠨ ᠲᠥᠯᠥᠪ ᠠᠭᠤᠯᠠᠨ ᠤ᠋ ᠬᠠᠭᠤᠴᠢᠯᠭᠠ ᠳ᠋ᠤᠷ ᠠᠨᠤ ᠣᠩᠭᠣᠯᠠᠨ ᠲᠠᠯᠪᠢᠪᠠ᠃ ᠵᠠᠷᠯᠢᠭ ᠢ᠋ᠶ᠋ᠠᠷ ᠠᠷᠪᠠᠨ ᠡᠷᠦᠬᠡ ᠵᠤᠯᠠᠴᠢᠨ ᠰᠠᠭᠤᠯᠭᠠᠪᠠ᠃
ᠲᠡᠳᠦᠢ ᠶᠡᠬᠡ ᠳᠠᠪᠢᠭ ᠲᠠᠬᠢᠯᠭ᠎ᠠ ᠳᠦᠭᠦᠷᠴᠦ ᠬᠠᠮᠲᠤ ᠪᠠᠷ ᠬᠡᠷᠦᠯᠦᠨ ᠤᠨᠤᠨ ᠬᠢᠭᠡᠳ ᠪᠤᠷᠬᠠᠨ ᠭᠠᠯᠳᠤᠨ᠎ᠠ ᠶ᠋ᠢᠨ ᠭᠤᠷᠪᠠᠨ ᠨᠤᠲᠤᠭ ᠢ᠋ ᠲᠣᠭᠣᠷᠢᠨ ᠦᠵᠡᠵᠦ ᠯᠢᠶᠠᠩ ᠵᠢᠩ ᠬᠤᠲᠠᠨ᠎ᠠ ᠢᠷᠡᠬᠦᠶ᠎ᠡ᠂ ᠳᠡᠰ ᠲᠣᠭᠣᠰ ᠤ᠋ᠨ ᠪᠡᠯᠪᠡᠰᠦᠷᠡᠯ ᠬᠥᠩᠭᠡᠨ᠂ ᠮᠣᠩᠭᠣᠯ ᠤ᠋ᠨ ᠪᠡᠯᠪᠡᠰᠦᠷᠡᠯ ᠴᠦ᠍ ᠡᠷᠲᠡᠨ ᠡᠴᠡ ᠨᠥᠭᠴᠢᠭᠰᠡᠳ ᠰᠢᠷᠣᠢ ᠳ᠋ᠤᠷ ᠣᠷᠣᠪᠠᠰᠤ ᠵᠠᠯᠠᠭ᠎ᠠ ᠬᠠᠲᠠᠵᠤ ᠬᠠᠷ᠎ᠠ ᠶ᠋ᠢ ᠳᠡᠢᠯᠦᠮᠦᠢ᠃ ᠭᠦᠸᠧ ᠸᠠᠩ ᠤ᠋ᠨ ᠪᠡᠶ᠎ᠡ ᠥᠩᠭᠡᠷᠡᠵᠦ ᠨᠢᠭᠡᠨ ᠣᠢ ᠥᠩᠭᠡᠷᠡᠭᠰᠡᠨ ᠲᠤᠯᠠ ᠠᠴᠢ ᠨᠠᠷ ᠤ᠋ᠨ ᠪᠡᠯᠪᠡᠰᠦᠷᠡᠯ ᠮᠥᠨ ᠬᠡᠳᠦᠢᠨᠡᠢ ᠳᠦᠭᠦᠷᠴᠦᠬᠦᠢ᠃ ᠲᠡᠳᠦᠢ ᠬᠠᠭᠠᠨ ᠳ᠋ᠤᠷ ᠪᠡᠯᠪᠡᠰᠦᠷᠡᠯ ᠲᠡᠭᠦᠰᠦᠭᠰᠡᠨ ᠶᠣᠰᠣᠨ ᠢ᠋ᠶ᠋ᠠᠷ ᠮᠥᠷᠭᠥᠵᠦ᠂ ᠯᠢᠶᠠᠩ ᠵᠢᠩ ᠬᠤᠲᠠᠨ᠎ᠠ ᠪᠠᠢᠵᠤ ᠬᠠᠭᠠᠨ ᠤ᠋ ᠡᠭᠡᠬᠦ ᠶ᠋ᠢ ᠬᠦᠯᠢᠶᠡᠬᠦᠶ᠎ᠡ᠂ ᠨᠢᠭᠡᠨ ᠡᠳᠦᠷ ᠲᠥᠷᠥ ᠡᠴᠡ ᠪᠠᠭᠤᠨ ᠢᠷᠡᠵᠦ᠂ ᠬᠤᠸᠠᠢ ᠭᠦᠸᠧ ᠭᠦᠩᠵᠦ ᠶ᠋ᠢ ᠮᠥᠷᠥᠭᠡᠳᠦᠨ ᠣᠷᠣᠢ ᠪᠣᠯᠬᠤ ᠶ᠋ᠢ ᠬᠦᠯᠢᠶᠡᠵᠦ᠂ ᠲᠡᠭᠦᠨ ᠦ᠌ ᠪᠠᠭᠤᠳᠠᠯ ᠳ᠋ᠤᠷ ᠢᠷᠡᠪᠡᠰᠦ ᠬᠤᠸᠠᠢ ᠭᠦᠸᠧ ᠭᠦᠩᠵᠦ ᠴᠦ᠍ ᠮᠥᠨ ᠮᠥᠷᠥᠭᠡᠳᠬᠦ ᠴᠠᠭ ᠲᠤᠯᠠ ᠶᠠᠭᠠᠷᠠᠨ ᠤᠭᠲᠤᠨ ᠣᠷᠣᠭᠤᠯᠵᠤ ᠬᠠᠷᠢᠯᠴᠠᠨ ᠵᠣᠯᠭᠠᠵᠤ ᠠᠷᠢᠬᠢ ᠤᠤᠭᠤᠬᠤᠢ ᠳ᠋ᠤᠷ ᠳᠡᠰ ᠲᠣᠭᠣᠰ ᠪᠠᠰᠠ ᠴᠡᠩᠭᠡᠯᠳᠦᠬᠦ ᠶ᠋ᠢ ᠭᠤᠶᠤᠬᠤᠢ ᠳ᠋ᠤᠷ ᠬᠤᠸᠠᠢ ᠭᠦᠸᠧ ᠭᠦᠩᠵᠦ ᠥᠭᠦᠯᠡᠷᠦᠨ :《ᠴᠢ ᠬᠡᠮᠡᠭᠴᠢ ᠡᠨᠡ ᠤᠯᠤᠰ ᠤ᠋ᠨ ᠲᠠᠢᠰᠢ ᠴᠧᠩᠰᠢᠶᠠᠩ ᠤ᠋ᠨ ᠵᠠᠯᠭᠠᠮᠵᠢᠯᠠᠬᠤ ᠬᠥᠪᠡᠭᠦᠨ ᠪᠥᠭᠡᠲᠡᠯ᠎ᠡ ᠡᠨᠡ ᠮᠡᠲᠦ ᠥᠩᠭᠡ ᠳ᠋ᠦ᠍ᠷ ᠳᠤᠷᠠᠲᠠᠢ ᠪᠠᠷ ᠬᠣᠵᠢᠮ ᠡᠳᠦᠷ ᠲᠡᠢᠮᠦ ᠶᠡᠬᠡ ᠲᠤᠰᠢᠶᠠᠯ ᠢ᠋ ᠬᠡᠷᠬᠢᠨ ᠬᠦᠯᠢᠶᠡᠮᠦᠢ ? ᠦᠵᠡᠲᠡᠯ᠎ᠡ ᠴᠢᠨᠦ ᠡᠪᠦᠭᠡ ᠭᠦᠸᠧ ᠸᠠᠩ ᠶᠠᠭᠤᠨ ᠳ᠋ᠤ᠌ ᠡᠨᠡ ᠮᠡᠲᠦ ᠶᠡᠬᠡ ᠪᠣᠯᠪᠠ᠂ ᠪᠢ ᠤᠷᠢᠳᠠ ᠴᠢᠨᠦ ᠰᠠᠨᠠᠭᠠᠨ ᠢ᠋ ᠭᠦᠢᠴᠡᠳᠬᠡᠭᠰᠡᠨ ᠢᠨᠤ ᠴᠢᠮᠠᠶ᠋ᠢ ᠬᠠᠢᠷᠠᠯᠠᠨ ᠬᠣᠢᠴᠢ ᠡᠳᠦᠷ ᠶᠡᠬᠡ ᠬᠡᠷᠡᠭ ᠪᠦᠲᠦᠭᠡᠵᠦ᠂ ᠤᠷᠢᠳᠤᠰ ᠳᠡᠭᠡᠳᠦᠰ ᠦ᠋ᠨ ᠶᠡᠬᠡ ᠵᠢᠷᠤᠮ ᠶᠣᠰᠣ ᠶ᠋ᠢ ᠵᠠᠯᠭᠠᠮᠵᠢᠯᠠᠨ ᠳᠡᠯᠭᠡᠷᠡᠭᠦᠯᠬᠦᠢ ᠳ᠋ᠦ᠍ᠷ ᠰᠠᠢᠨ ᠭᠡᠮᠡᠨ ᠪᠡᠶ᠎ᠡ ᠪᠡᠨ ᠪᠦᠷᠢᠯᠭᠡᠨ᠂ ᠴᠢᠨᠦ ᠰᠡᠳᠬᠢᠯ ᠢ᠋ ᠭᠦᠢᠴᠡᠳᠬᠡᠨ ᠰᠠᠨᠠᠭᠠᠨ ᠢ᠋ ᠬᠠᠩᠭᠠᠵᠤ᠂ ᠴᠢᠮᠠᠶ᠋ᠢ ᠰᠠᠢᠨ ᠪᠣᠯᠭᠠᠵᠤ ᠠᠪᠤᠪᠠ᠃ ᠣᠳᠣ ᠴᠣᠬᠣᠮ ᠪᠡᠶ᠎ᠡ ᠲᠠᠮᠢᠷ ᠢ᠋ ᠬᠢᠴᠢᠶᠡᠨ ᠲᠡᠵᠢᠭᠡᠵᠦ᠂ ᠠᠪᠤᠭᠠᠳᠤᠢ ᠭᠠᠵᠠᠷ ᠢ᠋ ᠠᠪᠴᠤ ᠠᠷᠢᠯᠭᠠᠳᠤᠢ ᠳᠠᠢᠰᠤᠨ ᠢ᠋ ᠠᠷᠢᠯᠭᠠᠬᠤ ᠶ᠋ᠢ ᠪᠣᠳᠣᠬᠤ ᠦᠭᠡᠢ᠂ ᠶᠠᠭᠤᠨ ᠳ᠋ᠤᠷ ᠪᠠᠰᠠ ᠡᠨᠡ ᠮᠡᠲᠦ ᠤᠵᠢᠳ ᠰᠠᠮᠠᠭᠤᠨ ᠢ᠋ ᠦᠯᠦ ᠤᠮᠠᠷᠲᠠᠮᠤᠢ ? ᠪᠢ ᠴᠦ᠍ ᠨᠢᠭᠡᠨᠲᠡ ᠴᠢᠨᠦ ᠬᠥᠮᠦᠨ᠂ ᠡᠷᠲᠡ ᠣᠷᠣᠢ ᠴᠢᠮ᠎ᠠ ᠳ᠋ᠤᠷ ᠭᠠᠷᠤᠮᠤᠢ᠂ ᠪᠢ ᠭᠠᠭᠴᠠ ᠬᠠᠭᠠᠨ ᠪᠠ ᠪᠠᠭᠰᠢ ᠶ᠋ᠢᠨ ᠬᠡᠰᠢᠭ ᠲᠣᠷ ᠥᠴᠦᠬᠡᠨ ᠬᠠᠷᠢᠭᠤᠯᠠᠨ᠂ ᠪᠢᠶᠠᠨ ᠵᠢᠩ ᠢ᠋ ᠠᠪᠤᠭᠰᠠᠨ ᠴᠠᠭ ᠲᠤ᠌ ᠴᠢᠮ᠎ᠠ ᠳ᠋ᠤᠷ ᠶᠡᠬᠡ ᠶᠣᠰᠣ ᠪᠠᠷ ᠭᠠᠷᠰᠤᠭᠠᠢ ᠬᠡᠮᠡᠮᠦᠢ᠃ ᠡᠨᠡ ᠬᠣᠭᠣᠷᠣᠨᠳᠣ ᠴᠢ ᠣᠳᠣ ᠡᠮᠦᠨ᠎ᠡ ᠵᠦᠭ ᠢ᠋ ᠬᠢᠴᠢᠶᠡᠬᠦ ᠰᠡᠳᠬᠢᠯ ᠢ᠋ ᠪᠠᠷᠢᠪᠠᠰᠤ ᠵᠣᠬᠢᠮᠤᠢ !》 ᠭᠡᠮᠡᠨ ᠶᠡᠬᠡ ᠶᠣᠰᠣ ᠶ᠋ᠢ ᠬᠡᠯᠡᠵᠦ ᠶᠠᠭᠠᠬᠢᠨ ᠢᠳᠬᠠᠪᠠᠴᠤ ᠲᠡᠷᠡ ᠣᠨᠴᠠ ᠵᠢᠭᠤᠷᠠᠯᠳᠤᠨ ᠲᠡᠪᠡᠷᠢᠯᠴᠡᠵᠦ ᠮᠥᠷᠭᠥᠵᠦ ᠰᠥᠭᠥᠳᠦᠨ ᠦᠯᠦ ᠪᠣᠯᠬᠤᠢ ᠳ᠋ᠤᠷ ᠬᠤᠸᠠᠢ ᠭᠦᠸᠧ ᠭᠦᠩᠵᠦ ᠮᠥᠨ ᠬᠦ᠌ ᠤᠷᠢᠳᠠ ᠶ᠋ᠢᠨ ᠤᠪᠠᠳᠢᠰ ᠢ᠋ ᠬᠡᠷᠡᠭᠯᠡᠨ ᠲᠡᠭᠦᠨ ᠢ᠋ ᠯᠠᠭ ᠰᠣᠭᠲᠣᠭᠠᠵᠤ᠂ ᠪᠧᠢ ᠯᠢᠩ ᠢ᠋ ᠲᠦᠯᠬᠢᠨ ᠣᠷᠣᠭᠤᠯᠵᠤ ᠮᠡᠬᠡᠯᠡᠨ ᠥᠩᠭᠡᠷᠡᠭᠡᠪᠡ᠃ ᠤᠷᠢᠳᠠ ᠪᠧᠢ ᠯᠢᠩ ᠪᠡᠶ᠎ᠡ ᠪᠡᠨ ᠳᠣᠣᠷ᠎ᠠ ᠦᠵᠡᠵᠦ ᠨᠠᠭᠠᠳᠪᠠ ᠭᠡᠮᠡᠨ ᠪᠠᠬᠠᠨ ᠮᠠᠭᠤ ᠰᠠᠨᠠᠨ ᠪᠥᠯᠥᠭᠡ᠃ ᠡᠳᠦᠭᠡ ᠠᠮᠲᠠ ᠶ᠋ᠢ ᠣᠯᠵᠤ ᠬᠠᠷᠢᠨ ᠰᠢᠲᠦᠨ ᠰᠠᠨᠠᠵᠤ᠂ ᠬᠠᠷᠠᠩᠭᠤᠢ ᠰᠥᠨᠢ ᠪᠡᠷ ᠨᠢᠭᠡᠨ ᠰᠥᠨᠢ ᠴᠡᠩᠭᠡᠯᠳᠦᠵᠦ᠂ ᠭᠡᠭᠡᠷᠡᠬᠦ ᠰᠢᠬᠠᠵᠤ ᠶᠠᠭᠠᠷᠠᠨ ᠵᠠᠢᠯᠠᠵᠤ ᠭᠠᠷᠴᠤ ᠢᠷᠡᠪᠡᠰᠦ᠂ ᠬᠤᠸᠠᠢ ᠭᠦᠸᠧ ᠭᠦᠩᠵᠦ ᠴᠦ᠍ ᠡᠨᠡ ᠦᠶ᠎ᠡ ᠳ᠋ᠦ᠍ᠷ ᠨᠠᠰᠤᠨ ᠳ᠋ᠤᠷ ᠬᠦᠷᠦᠭᠡᠳ ᠥᠬᠢᠨ ᠬᠥᠮᠦᠨ ᠦ᠌ ᠬᠤᠷᠢᠴᠠᠯ ᠢ᠋ ᠦᠭᠡᠢ ᠪᠣᠯᠭᠠᠨ ᠴᠢᠳᠠᠬᠤ ᠦᠭᠡᠢ᠂ ᠲᠡᠷᠡ ᠬᠣᠶᠠᠭᠤᠯᠠ ᠶ᠋ᠢᠨ ᠴᠡᠩᠭᠡᠯ ᠢ᠋ ᠦᠵᠡᠭᠡᠳ ᠲᠣᠭᠣᠷ ᠴᠡᠴᠡᠭ ᠦ᠋ᠨ ᠰᠢᠮ᠎ᠡ ᠰᠢᠭᠦᠳᠡᠷᠢ ᠳ᠋ᠦ᠍ᠷ ᠣ ᠶ᠋ᠢᠨ ᠰᠠᠯᠠᠭ᠎ᠠ ᠨᠣᠷᠪᠠ᠃ ᠵᠢᠴᠢ ᠥᠷᠯᠥᠭᠡ ᠮᠡᠬᠡᠯᠡᠵᠦ ᠬᠠᠮᠲᠤ ᠬᠣᠨᠣᠭᠰᠠᠨ ᠳᠦᠷᠢ ᠪᠡᠷ ᠠᠭᠠᠰᠢᠯᠠᠬᠤ ᠳ᠋ᠤᠷ ᠳᠡᠰ ᠲᠣᠭᠣᠰ ᠦᠨᠡᠬᠡᠷ ᠰᠡᠷᠢᠭᠰᠡᠨ ᠦᠭᠡᠢ᠂ ᠬᠣᠶᠠᠷ ᠤ᠋ᠨ ᠨᠠᠢᠷ ᠨᠡᠩ ᠭᠦᠨ ᠪᠣᠯᠵᠤ ᠰᠠᠯᠤᠨ ᠲᠦᠪᠳᠡᠬᠦ ᠦᠭᠡᠢ ᠳ᠋ᠦ᠍ᠷ ᠬᠤᠸᠠᠢ ᠭᠦᠸᠧ ᠭᠦᠩᠵᠦ ᠥᠭᠦᠯᠡᠷᠦᠨ : 《ᠴᠢ ᠪᠠᠰᠠ ᠡᠨᠡ ᠮᠡᠲᠦ ᠠᠭᠠᠰᠢᠯᠠᠪᠠᠰᠤ ᠪᠢ ᠣᠳᠣ ᠴᠢᠮᠠᠶ᠋ᠢ ᠦᠯᠦ ᠬᠠᠯᠠᠭᠠᠮᠤᠢ !》ᠭᠡᠮᠡᠨ ᠲᠡᠭᠦᠨ ᠦ᠌ ᠵᠣᠷᠢᠭ ᠢ᠋ᠶ᠋ᠠᠷ ᠪᠣᠯᠭᠠᠯ ᠦᠭᠡᠢ ᠪᠡᠷ ᠵᠤᠯᠠ ᠪᠠᠷᠢᠭᠤᠯᠤᠨ ᠬᠦᠷᠭᠡᠯᠭᠡᠨ ᠭᠠᠷᠭᠠᠪᠠ᠂ ᠤᠳᠠᠭᠰᠠᠨ ᠦᠭᠡᠢ ᠪᠠᠰᠠ ᠨᠠᠮᠤᠷ ᠤ᠋ᠨ ᠰᠠᠯᠬᠢᠨ ᠬᠥᠳᠡᠯᠵᠦ᠂ ᠶᠡᠬᠡ ᠵᠢᠭᠰᠠᠭᠠᠯ ᠤ᠋ᠨ ᠡᠮᠦᠨ᠎ᠡ ᠵᠦᠭ ᠣᠷᠣᠬᠤ ᠰᠢᠬᠠᠵᠤ ᠣᠯᠠᠨ ᠢ᠋ᠶ᠋ᠠᠷ ᠪᠠᠶᠠᠰᠤᠯᠳᠤᠨ᠂ ᠨᠠᠮᠤᠷ ᠤ᠋ᠨ ᠰᠡᠭᠦᠯ ᠰᠠᠷ᠎ᠠ ᠡᠬᠢᠯᠡᠮᠡᠭᠴᠡ ᠶᠡᠬᠡ ᠵᠢᠭᠰᠠᠭᠠᠯ ᠡᠮᠦᠨ᠎ᠡ ᠵᠦᠭ ᠬᠥᠳᠡᠯᠵᠦ ᠡᠴᠢᠬᠦᠶ᠎ᠡ᠂ ᠬᠠᠭᠠᠨ ᠲᠠᠢᠬᠡᠦ ᠶ᠋ᠢᠨ ᠨᠠᠰᠤᠲᠠᠢ ᠪᠣᠯᠤᠭᠰᠠᠨ ᠳ᠋ᠤᠷ ᠬᠣᠯᠠ ᠰᠠᠯᠬᠤ ᠦᠭᠡᠢ᠂ ᠪᠠᠭᠤᠳᠠᠯ ᠨᠡᠭᠦᠳᠡᠯ ᠢ᠋ ᠮᠥᠨ ᠬᠤᠷᠳᠤᠨ ᠶᠠᠪᠤᠭᠤᠯᠬᠤ ᠦᠭᠡᠢ᠂ ᠠᠯᠭᠤᠷᠬᠠᠨ ᠡᠮᠦᠨ᠎ᠡ ᠵᠦᠭ ᠣᠷᠣᠵᠤ ᠳ᠋ᠠᠢᠳᠦ᠋ ᠬᠤᠲᠠᠨ᠎ᠠ ᠡᠴᠢᠬᠦᠶ᠎ᠡ᠂ ᠨᠠᠮᠤᠷ ᠤ᠋ᠨ ᠳᠤᠮᠳᠠᠳᠤ ᠰᠠᠷ᠎ᠠ ᠶ᠋ᠢᠨ ᠰᠡᠭᠦᠯ ᠢ᠋ᠶ᠋ᠡᠷ ᠡᠮᠦᠨ᠎ᠡ ᠡᠲᠡᠭᠡᠳ ᠨᠢᠭᠡᠨ ᠣᠳᠣᠨ ᠤᠨᠠᠭᠰᠠᠨ ᠳ᠋ᠤᠷ ᠪᠦᠭᠦᠳᠡᠭᠡᠷ ᠦᠵᠡᠵᠦ᠂ ᠬᠠᠭᠠᠨ ᠶᠧ ᠯᠢᠦᠢ ᠴᠦ ᠼᠠᠢ ᠠ᠋ᠴᠠ ᠠᠰᠠᠭᠤᠷᠤᠨ : 《ᠡᠨᠡ ᠣᠳᠣᠨ ᠤ᠋ ᠰᠢᠯᠲᠠᠭᠠᠨ ᠠᠨᠤ ᠶᠠᠭᠤᠨ ? 》ᠶᠧ ᠯᠢᠦᠢ ᠴᠦ ᠼᠠᠢ ᠠᠢᠯᠠᠳᠬᠠᠷᠤᠨ :《ᠡᠨᠡ ᠮᠥᠨ ᠡᠮᠦᠨ᠎ᠡ ᠮᠣᠵᠢ ᠶ᠋ᠢᠨ ᠬᠠᠷᠢᠶᠠᠲᠤ ᠯᠠᠪ ᠪᠠᠰᠠ ᠤᠯᠤᠰ ᠤ᠋ᠨ ᠡᠵᠡᠨ ᠢᠨᠤ ᠬᠠᠯᠢᠬᠤ ᠪᠣᠢ ᠶᠠ᠂ ᠤᠨᠠᠭᠰᠠᠨ ᠭᠠᠵᠠᠷ ᠢ᠋ ᠦᠵᠡᠬᠦᠯ᠎ᠡ ᠰᠥᠩ ᠦ᠋ᠨ ᠬᠠᠷᠢᠶᠠᠲᠤ ᠭᠠᠵᠠᠷ 》 ᠬᠡᠮᠡᠪᠡ᠃ ᠬᠠᠭᠠᠨ ᠲᠡᠮᠳᠡᠭᠯᠡᠭᠦᠯᠦᠨ ᠠᠪᠤᠪᠠ᠃ ᠡᠨᠡ ᠬᠡᠯᠡᠭᠰᠡᠨ ᠶᠣᠰᠣᠭᠠᠷ ᠨᠠᠮᠤᠷ ᠤ᠋ᠨ ᠢᠯᠡᠭᠦᠦ ᠨᠠᠢ᠍ᠮᠠᠨ ᠰᠠᠷ᠎ᠠ ᠳ᠋ᠤᠷ ᠰᠥᠩ ᠤᠯᠤᠰ ᠤ᠋ᠨ ᠡᠵᠡᠨ ᠨᠢᠩᠽᠦ᠋ᠩ ᠦᠭᠡᠢ ᠪᠣᠯᠵᠤ᠂ ᠤᠭ ᠵᠠᠷᠯᠢᠭ ᠤ᠋ᠨ ᠶᠣᠰᠣᠭᠠᠷ ᠢ ᠸᠠᠩ ᠳ᠋ᠤᠷ ᠲᠡᠵᠢᠭᠡᠯᠭᠡᠭᠰᠡᠨ ᠬᠥᠪᠡᠭᠦᠨ ᠬᠦᠢ ᠴᠧᠩ ᠢ ᠬᠠᠭᠠᠨ ᠰᠠᠭᠤᠯᠭᠠᠵᠤ᠂ ᠨᠡᠷ᠎ᠡ ᠶ᠋ᠢ ᠬᠠᠯᠠᠵᠤ ᠶᠦᠨ ᠬᠡᠮᠡᠪᠡ᠃ ᠬᠠᠭᠤᠴᠢᠨ ᠡᠵᠡᠨ ᠦ᠌ ᠬᠤᠸᠠᠩᠬᠡᠦ ᠶ᠋ᠢ ᠡᠷᠭᠦᠮᠵᠢᠯᠡᠨ ᠬᠤᠸᠠᠩ ᠲᠠᠢᠬᠡᠦ ᠬᠡᠮᠡᠵᠦ᠂ ᠤᠯᠤᠰ ᠤ᠋ᠨ ᠬᠡᠷᠡᠭ ᠢ ᠬᠠᠮᠲᠤ ᠰᠢᠳᠬᠡᠵᠦ᠂ ᠤᠯᠤᠰ ᠤ᠋ᠨ ᠵᠠᠰᠠᠭ ᠢ᠋ ᠴᠣᠭ ᠰᠣᠨᠣᠰᠪᠠᠢ᠃ ᠠᠩᠬᠠᠨ ᠤ᠋ ᠲᠡᠵᠢᠭᠡᠭᠰᠡᠨ ᠬᠤᠸᠠᠩ ᠲᠠᠢᠽᠢ ᠾᠧᠩ ᠢ ᠵᠢᠢ ᠸᠠᠩ ᠭᠡᠮᠡᠨ ᠪᠠᠭᠤᠷᠠᠭᠤᠯᠤᠨ ᠨᠡᠷᠡᠢᠳᠴᠦ᠂ ᠬᠤ᠌ ᠵᠧᠦ ᠶ᠋ᠢᠨ ᠬᠣᠲᠠᠨ ᠳ᠋ᠤᠷ ᠦᠯᠳᠡᠨ ᠢᠯᠡᠭᠡᠵᠦ ᠰᠠᠭᠤᠯᠭᠠᠪᠠ ᠃ ᠾᠧᠩ ᠲᠦᠷᠢᠮᠡᠬᠡᠢ ᠳᠦᠷᠰᠦ ᠦᠭᠡᠢ᠂ ᠠᠷᠢᠬᠢ ᠥᠩᠭᠡ ᠬᠡᠮᠡᠭᠴᠢ ᠬᠠᠭᠠᠨ ᠲᠥᠷᠥ ᠡᠴᠡ ᠳᠡᠭᠡᠷ᠎ᠡ᠂ ᠬᠠᠭᠠᠨ ᠰᠠᠭᠤᠪᠠᠴᠤ ᠦᠬᠦᠮᠦᠢ᠂ ᠡᠰᠡ ᠰᠠᠭᠤᠪᠠᠴᠤ ᠦᠬᠦᠮᠦᠢ᠂ ᠦᠬᠦᠬᠦ ᠶ᠋ᠢᠨ ᠤᠷᠢᠳᠠ ᠵᠢᠷᠭᠠᠬᠤ ᠠᠨᠤ ᠡᠨᠡ ᠪᠡᠶ᠎ᠡ ᠶ᠋ᠢᠨ ᠣᠯᠳᠠᠪᠤᠷᠢ᠂ ᠬᠠᠭᠠᠨ ᠤ᠋ ᠵᠢᠷᠭᠠᠯ ᠨᠠᠳᠠ ᠳ᠋ᠤᠷ ᠬᠦᠷᠬᠦ ᠦᠭᠡᠢ ᠭᠡᠮᠡᠨ ᠵᠠᠭᠤᠨ ᠥᠬᠢᠳ ᠢ᠋ᠶ᠋ᠡᠷ ᠪᠡᠶ᠎ᠡ ᠪᠡᠨ ᠲᠣᠭᠣᠷᠢᠭᠤᠯᠤᠨ᠂ ᠨᠠᠢ᠍ᠮᠠᠨ ᠬᠥᠭᠵᠢᠮ ᠢ᠋ᠶ᠋ᠡᠷ ᠰᠡᠳᠬᠢᠯ ᠢ᠋ᠶ᠋ᠡᠨ ᠰᠠᠭᠠᠲᠠᠭᠤᠯᠤᠨ᠂ ᠠᠷᠢᠬᠢ ᠪᠠᠷ ᠨᠠᠷᠭᠢᠵᠤ ᠥᠩᠭᠡ ᠪᠡᠷ ᠤᠵᠢᠳᠯᠠᠵᠤ᠂ ᠳᠡᠪᠰᠢᠬᠦ ᠪᠠᠭᠤᠷᠠᠬᠤ ᠶ᠋ᠢ ᠥᠴᠦᠬᠡᠨ ᠴᠦ᠍ ᠬᠡᠷᠡᠭᠰᠡᠬᠦ ᠦᠭᠡᠢ᠃ ᠲᠡᠳᠦᠢ ᠬᠤ᠌ ᠵᠧᠦ ᠬᠣᠲᠠ ᠳ᠋ᠤᠷ ᠡᠴᠢᠵᠦ ᠥᠩᠭᠡ ᠠᠷᠢᠬᠢ ᠬᠥᠭᠵᠢᠮ ᠦᠵᠡᠮᠵᠢ ᠳ᠋ᠦ᠍ᠷ ᠰᠣᠭᠲᠣᠭᠤᠷᠠᠪᠠᠢ᠃ ᠡᠭᠦᠨ ᠢ᠋ ᠬᠡᠯᠡᠯᠴᠡᠬᠦ ᠦᠭᠡᠢ᠃
ᠵᠢᠴᠢ ᠥᠭᠦᠯᠡᠬᠦ ᠢᠨᠤ᠂ ᠨᠠᠮᠤᠷ ᠤ᠋ᠨ ᠰᠡᠭᠦᠯ ᠰᠠᠷ᠎ᠠ ᠳ᠋ᠤᠷ ᠴᠢᠩᠭᠢᠰ ᠬᠠᠭᠠᠨ ᠳ᠋ᠠᠢᠳᠦ᠋ ᠳ᠋ᠦ᠍ᠷ ᠬᠦᠷᠴᠦ ᠳᠥᠷᠪᠡᠨ ᠵᠦᠭ ᠦ᠋ᠨ ᠵᠠᠰᠠᠭ ᠢ᠋ ᠰᠣᠨᠣᠰᠴᠤ᠂ ᠬᠠᠰᠠᠷ᠂ ᠪᠡᠯᠭᠦᠳᠡᠢ᠂ ᠣᠴᠢᠭ᠂ ᠭᠠᠴᠤᠭ ᠨᠠᠷ ᠤ᠋ᠨ ᠵᠠᠬᠢᠷᠤᠭᠰᠠᠨ ᠰᠠᠢᠨ ᠳ᠋ᠤᠷ ᠱᠠᠩ ᠲᠠᠯᠪᠢᠵᠤ᠂ ᠲᠠᠢᠬᠡᠦ ᠶ᠋ᠢᠨ ᠰᠠᠢᠨ ᠦᠢᠯᠡ ᠳ᠋ᠦ᠍ᠷ ᠳᠥᠷᠪᠡᠨ ᠵᠦᠭ ᠲᠦ᠍ᠷ ᠭᠠᠷᠤᠭᠰᠠᠨ ᠭᠦᠸᠧ ᠯᠤᠤ᠂ ᠲᠡᠢᠰᠢ᠂ ᠲᠠᠢᠪᠤᠤ ᠨᠠᠷ ᠬᠥᠭᠰᠢᠳ ᠨᠢᠯᠬᠠᠰ ᠲᠤᠷ ᠱᠠᠩ ᠲᠠᠯᠪᠢᠵᠤ᠂ ᠥᠷᠯᠥᠭ ᠪᠠᠭᠤᠯᠭᠠᠨ ᠲᠦᠭᠡᠭᠡᠭᠰᠡᠨ ᠰᠠᠢᠳ ᠡᠭᠡᠨ ᠢᠷᠡᠵᠦ᠂ ᠵᠠᠭᠤᠨ ᠭᠤᠴᠢ ᠭᠠᠷᠤᠭᠰᠠᠨ ᠬᠡᠳᠦᠨ ᠥᠲᠡᠭᠦᠰ ᠢ᠋ ᠣᠯᠵᠤ ᠬᠠᠭᠠᠨ ᠳ᠋ᠤᠷ ᠪᠠᠷᠠᠳᠠᠭᠤᠯᠤᠨ᠂ ᠬᠠᠭᠠᠨ ᠤ᠋ ᠭᠠᠷ ᠤ᠋ᠨ ᠱᠠᠩ ᠬᠦᠷᠲᠡᠭᠡᠵᠦ ᠡᠷᠭᠦᠮᠵᠢᠯᠡᠯ ᠢ᠋ ᠬᠥᠷᠳᠡᠭᠡᠯᠭᠡᠪᠡ᠃ ᠡᠨᠡ ᠬᠡᠷᠡᠭ ᠲᠠᠢᠬᠡᠦ ᠶ᠋ᠢᠨ ᠴᠢᠬᠢᠨ ᠳ᠋ᠦ᠍ᠷ ᠬᠦᠷᠴᠦ᠂ ᠬᠠᠭᠠᠨ ᠠ᠋ᠴᠠ ᠲᠣᠳᠣᠷᠬᠠᠢᠯᠠᠨ ᠠᠰᠠᠭᠤᠵᠤ᠂ ᠪᠡᠶ᠎ᠡ ᠶ᠋ᠢ ᠠᠷᠢᠭᠤᠳᠬᠠᠨ ᠲᠥᠷᠥ ᠶ᠋ᠢᠨ ᠬᠤᠪᠴᠠᠳ ᠡᠮᠦᠰᠴᠦ᠂ ᠲᠡᠭᠷᠢ ᠭᠠᠵᠠᠷ ᠲᠤᠷ ᠮᠥᠷᠭᠥᠵᠦ᠂ ᠬᠠᠭᠠᠨ ᠤ᠋ ᠭᠠᠷ ᠢ᠋ ᠪᠠᠷᠢᠵᠤ ᠵᠠᠷᠯᠢᠭ ᠪᠣᠯᠤᠷᠤᠨ : 《ᠮᠢᠨᠦ ᠨᠠᠰᠤ ᠯᠠᠪ ᠲᠡᠭᠦᠰᠪᠡ ᠂ ᠪᠢ ᠳᠣᠯᠣᠭᠠᠨ ᠡᠳᠦᠷ ᠦ᠋ᠨ ᠡᠮᠦᠨ᠎ᠡ ᠵᠡᠭᠦᠳᠦᠨ ᠳ᠋ᠦ᠍ᠷ ᠮᠢᠨᠦ ᠪᠡᠶ᠎ᠡ ᠤᠰᠤᠨ ᠳ᠋ᠤᠷ ᠲᠣᠯᠢ ᠶ᠋ᠢᠨ ᠰᠡᠭᠦᠳᠡᠷ ᠢ᠋ ᠳᠠᠭᠠᠵᠤ ᠡᠴᠢᠬᠦᠶ᠎ᠡ᠂ ᠮᠢᠨᠦ ᠳᠡᠪᠡᠯ ᠬᠤᠪᠴᠠᠰᠤ ᠴᠥᠮ ᠬᠣᠭᠣᠰᠣᠨ ᠵᠣᠭᠰᠣᠵᠤ ᠪᠣᠢ ᠭᠡᠮᠡᠨ ᠪᠠᠰᠠ ᠤᠰᠤᠨ ᠬᠥᠷᠥᠭ ᠦ᠋ᠨ ᠵᠦᠭ ᠡᠴᠢᠬᠦᠢ ᠳ᠋ᠦ᠍ᠷ ᠴᠢᠨᠦ ᠡᠴᠢᠭᠡ - ᠯᠢᠶ᠋ᠸ ᠽᠦ᠍ ᠪᠠᠭᠠᠲᠤᠷ ᠡᠵᠡᠨ ᠡᠴᠦᠰ ᠪᠣᠯᠤᠭᠰᠠᠨ ᠣᠯᠠᠨ ᠰᠠᠢᠳ ᠢ᠋ ᠠᠪᠴᠤ ᠨᠠᠮᠠᠶ᠋ᠢ ᠭᠠᠪᠢᠶᠠᠲᠠᠢ ᠭᠡᠮᠡᠨ ᠤᠭᠲᠤᠨ ᠢᠷᠡᠬᠦᠢ ᠳ᠋ᠦ᠍ᠷ ᠪᠢ ᠰᠣᠴᠢᠨ ᠰᠡᠷᠢᠪᠡ᠃ ᠲᠡᠢᠨ ᠬᠦ᠌ ᠪᠡᠶ᠎ᠡ ᠳᠠᠷᠤᠢ ᠰᠦᠷ ᠰᠦᠯᠳᠡ ᠦᠭᠡᠢ ᠪᠣᠯᠪᠠ᠂ ᠡᠨᠡ ᠡᠳᠦᠷ ᠮᠢᠨᠦ ᠪᠤᠶᠠᠨ ᠤ᠋ ᠶᠠᠪᠤᠳᠠᠯ ᠨᠢᠭᠡᠨᠲᠡ ᠲᠡᠭᠦᠰᠴᠦ᠂ ᠪᠢ ᠣᠯᠵᠤ ᠰᠣᠨᠣᠰᠤᠭᠰᠠᠨ ᠠᠨᠤ ᠡᠳᠡᠭᠡᠷ ᠴᠥᠮ ᠬᠠᠭᠠᠨ ᠬᠥᠪᠡᠭᠦᠨ ᠴᠢᠨᠦ ᠴᠢᠩ ᠦᠨᠡᠨ ᠲᠡᠭᠷᠢ ᠶ᠋ᠢᠨ ᠬᠥᠪᠡᠭᠦᠨ ᠦ᠌ ᠰᠠᠢᠨ ᠳ᠋ᠤᠷ ᠪᠣᠢ᠂ ᠨᠠᠳᠠ ᠳ᠋ᠤᠷ ᠮᠥᠨ ᠭᠡᠷᠢᠶᠡᠰᠦᠯᠡᠬᠦ ᠥᠪᠡᠷ᠎ᠡ ᠦᠭᠡ ᠦᠭᠡᠢ᠂ ᠴᠢᠨᠦ ᠣᠯᠠᠨ ᠳᠡᠭᠦᠦ ᠨᠠᠷ ᠢ᠋ ᠴᠥᠮ ᠬᠤᠪᠢ ᠬᠣᠪᠢᠨ ᠳ᠋ᠤᠷ ᠭᠠᠵᠠᠷ ᠥᠭᠴᠦ ᠬᠠᠭᠠᠨ ᠰᠠᠭᠤᠯᠭᠠᠪᠠ᠂ ᠡᠳᠡᠭᠡᠷ ᠪᠣᠯᠪᠠᠰᠤ ᠮᠢᠨᠦ ᠰᠠᠨᠠᠭᠠᠨ ᠠ᠋ᠴᠠ ᠭᠠᠳᠠᠨ᠎ᠠ ᠶ᠋ᠢᠨ ᠬᠡᠷᠡᠭ᠃ ᠪᠢ ᠦᠵᠡᠪᠡᠰᠦ ᠲᠠᠪᠤᠨ ᠮᠠᠬᠠᠪᠣᠳ ᠬᠤᠷᠢᠶᠠᠭᠳᠠᠬᠤ ᠪᠡᠯᠭᠡ ᠨᠢᠳᠦᠨ ᠳ᠋ᠦ᠍ᠷ ᠦᠵᠡᠭᠳᠡᠵᠦ᠂ ᠪᠡᠶ᠎ᠡ ᠳ᠋ᠦ᠍ᠷ ᠮᠡᠳᠡᠭᠳᠡᠵᠦ ᠪᠣᠢ᠃ ᠣᠳᠣ ᠨᠠᠮᠠᠶ᠋ᠢ ᠪᠦᠦ ᠬᠥᠳᠡᠯᠭᠡ ! 》ᠭᠡᠮᠡᠨ ᠶᠡᠬᠡ ᠣᠯᠪᠣᠭ ᠲᠦᠰᠢᠯᠭᠡ ᠳ᠋ᠦ᠍ᠷ ᠲᠦᠰᠢᠵᠦ ᠰᠠᠭᠤᠪᠠᠢ᠃ ᠡᠭᠦᠨ ᠳ᠋ᠦ᠍ᠷ ᠬᠠᠭᠠᠨ ᠬᠠᠲᠤᠨ ᠤᠯᠤᠰ ᠤ᠋ᠨ ᠬᠣᠲᠠᠯᠠᠭᠠᠷ ᠶᠡᠬᠡᠯ᠎ᠡ ᠠᠶᠤᠯᠳᠤᠵᠤ᠂ ᠬᠠᠭᠠᠨ ᠰᠠᠢᠨ ᠡᠮ ᠢ᠋ ᠭᠠᠷ ᠢ᠋ᠶ᠋ᠠᠷ ᠪᠠᠷᠢᠵᠤ ᠬᠡᠷᠬᠢᠨ ᠬᠡᠯᠡᠪᠡᠴᠦ ᠲᠠᠢᠬᠡᠦ ᠨᠢᠭᠡᠨᠲᠡ ᠲᠣᠯᠣᠭᠠᠢ ᠰᠠᠵᠢᠨ ᠤᠤᠭᠤᠬᠤ ᠦᠭᠡᠢ᠂ ᠭᠤᠷᠪᠠᠨ ᠡᠳᠦᠷ ᠪᠣᠯᠵᠤ ᠶᠢᠰᠦᠨ ᠰᠠᠷ᠎ᠠ ᠶ᠋ᠢᠨ ᠰᠢᠨ᠎ᠡ ᠶ᠋ᠢᠨ ᠶᠢᠰᠦᠨ ᠦ᠌ ᠬᠤᠯᠤᠭᠠᠨ᠎ᠠ ᠴᠠᠭ ᠲᠤᠷ ᠨᠢᠭᠡᠨ ᠠᠶᠠᠭ᠎ᠠ ᠴᠠᠭᠠᠨ ᠰᠦ ᠵᠣᠭᠣᠭᠯᠠᠵᠤ ᠳᠠᠷᠤᠢ ᠬᠠᠯᠢᠪᠠᠢ᠃ ᠤᠯᠤᠰ ᠤ᠋ᠨ ᠳᠣᠲᠣᠷ᠎ᠠ ᠶᠡᠬᠡᠯ᠎ᠡ ᠦᠢᠮᠡᠯᠳᠦᠵᠦ᠂ ᠬᠠᠭᠠᠨ ᠤ᠋ ᠪᠡᠶ᠎ᠡ ᠡᠬᠡ ᠶ᠋ᠢᠨ ᠪᠠᠷᠠᠭᠤᠨ ᠡᠪᠦᠳᠦᠭ ᠦ᠋ᠨ ᠳᠣᠣᠷ᠎ᠠ ᠰᠥᠭᠥᠳᠦᠨ᠂ ᠳᠥᠷᠪᠡᠨ ᠬᠥᠪᠡᠭᠦᠨ - ᠪᠡᠯᠭᠦᠳᠡᠢ᠂ ᠬᠠᠰᠠᠷ᠂ ᠣᠴᠢᠭ᠂ ᠭᠠᠴᠤᠭ ᠨᠠᠷ ᠵᠡᠭᠦᠨ ᠡᠪᠦᠳᠦᠭ ᠦ᠋ᠨ ᠳᠣᠣᠷ᠎ᠠ ᠰᠥᠭᠥᠳᠴᠦ᠂ ᠬᠤᠸᠠᠩᠬᠡᠦ ᠲᠡᠷᠢᠭᠦᠯᠡᠨ ᠣᠯᠠᠨ ᠬᠠᠲᠤᠨ ᠠᠷᠤ ᠶ᠋ᠢᠨ ᠬᠣᠢᠨ᠎ᠠ ᠵᠣᠭᠰᠣᠵᠤ᠂ ᠠᠴᠢ ᠣᠴᠢ ᠵᠢᠴᠢ ᠨᠠᠷ ᠬᠠᠷᠰᠢ ᠳᠦᠭᠦᠷᠡᠩ ᠰᠥᠭᠦᠳᠦᠯᠴᠡᠵᠦ᠂ ᠦᠯᠡᠭᠦᠦ ᠢᠷᠦᠭᠡᠯᠲᠦ ᠲᠠᠢᠬᠡᠦ ᠶ᠋ᠢᠨ ᠶᠠᠰᠤᠨ ᠢ᠋ ᠪᠠᠷᠢᠪᠠ ᠃ ᠦᠷ ᠭᠡᠢᠬᠦ ᠶ᠋ᠢᠨ ᠦᠶ᠎ᠡ ᠳ᠋ᠦ᠍ᠷ ᠲᠠᠢᠬᠡᠦ ᠶ᠋ᠢᠨ ᠣᠷᠳᠣᠨ ᠠ᠋ᠴᠠ ᠭᠠᠩ ᠤ᠋ᠨ ᠴᠢᠨᠡᠭᠡᠨ ᠪᠦᠳᠦᠭᠦᠨ ᠴᠠᠭᠠᠨ ᠭᠡᠷᠡᠯ ᠪᠠᠷᠠᠭᠤᠨ ᠡᠮᠦᠨ᠎ᠡ ᠵᠦᠭ ᠰᠠᠴᠤᠷᠠᠨ ᠨᠠᠷᠠᠨ ᠮᠠᠨᠳᠤᠲᠠᠯ᠎ᠠ ᠦᠵᠡᠭᠳᠡᠵᠦᠬᠦᠢ᠃
ᠲᠡᠳᠦᠢ ᠬᠠᠭᠠᠨ ᠲᠡᠷᠢᠭᠦᠯᠡᠨ ᠦᠰᠦᠨ ᠢ᠋ ᠠᠯᠳᠠᠷᠠᠭᠠᠵᠤ᠂ ᠪᠦᠰᠡ ᠪᠡᠨ ᠲᠠᠢᠯᠤᠨ ᠬᠠᠷ᠎ᠠ ᠶ᠋ᠢ ᠬᠡᠳᠦᠷᠴᠦ᠂ ᠲᠠᠢᠬᠡᠦ ᠶ᠋ᠢ ᠤᠯᠤᠰ ᠤ᠋ᠨ ᠶᠡᠬᠡ ᠭᠠᠰᠠᠯᠠᠩ ᠤ᠋ᠨ ᠶᠣᠰᠣ ᠪᠠᠷ ᠲᠥᠪ ᠬᠠᠷᠰᠢ ᠳ᠋ᠤᠷ ᠲᠠᠯᠪᠢᠪᠠ᠃ ᠡᠨᠡ ᠦᠶ᠎ᠡ ᠳ᠋ᠦ᠍ᠷ ᠬᠠᠭᠠᠨ ᠤ᠋ ᠭᠡᠭᠡᠨ ᠬᠠᠷᠠᠬᠠᠨ ᠪᠠᠭ᠎ᠠ ᠠ᠋ᠴᠠ ᠡᠬᠡ ᠲᠠᠢᠬᠡᠦ ᠶ᠋ᠢᠨ ᠬᠠᠮᠲᠤ ᠳᠠᠳᠤᠭᠠᠳ ᠬᠡᠳᠦᠢ ᠨᠠᠰᠤᠨ ᠤ᠋ ᠲᠤᠢᠯ ᠳ᠋ᠤᠷ ᠲᠤᠯᠪᠠᠴᠤ ᠰᠠᠨᠠᠭᠠᠨ ᠳ᠋ᠤᠷ ᠤᠯᠤᠰ ᠤ᠋ᠨ ᠵᠠᠭᠤᠨ ᠭᠤᠴᠢᠨ ᠨᠠᠰᠤᠨ ᠤ᠋ ᠬᠡᠳᠦᠨ ᠬᠥᠮᠦᠨ ᠬᠡᠷᠬᠢᠵᠦ ᠪᠠᠢᠪᠠ ? ᠭᠡᠮᠡᠨ ᠬᠠᠷᠠᠩᠭᠤᠳᠤᠨ ᠭᠣᠮᠣᠳᠠᠨ ᠤᠢᠯᠠᠨ ᠬᠠᠢᠯᠠᠵᠤ᠂ ᠴᠢᠨᠳᠠᠷ ᠤ᠋ᠨ ᠳᠡᠷᠭᠡᠳᠡ ᠭᠠᠰᠠᠯᠠᠩ ᠤ᠋ᠨ ᠬᠤᠨᠳᠠᠭ᠎ᠠ ᠪᠠᠷᠢᠵᠤ ᠠᠷᠢᠬᠢ ᠡᠷᠭᠦᠵᠦ ᠡᠢᠨ ᠵᠠᠷᠯᠢᠭ ᠪᠣᠯᠤᠷᠤᠨ᠄
ᠵᠠᠯᠠᠭᠤ ᠠ᠋ᠴᠠ ᠡᠴᠢᠭᠡ ᠡᠴᠡ ᠮᠢᠨᠦ ᠰᠠᠯᠤᠭᠠᠳ
ᠵᠠᠭᠤᠨ ᠵᠦᠢᠯ ᠦ᠋ᠨ ᠭᠠᠰᠢᠭᠤᠨ ᠭᠣᠰᠢᠭᠤᠨ ᠢ᠋ ᠠᠮᠰᠠᠵᠤ ᠮᠠᠨ ᠢ᠋ ᠲᠡᠵᠢᠭᠡᠨ ᠥᠰᠬᠡᠵᠦ᠂
ᠴᠡᠷᠢᠭ ᠲᠡᠢᠨ ᠠᠶᠤᠯ ᠲᠠᠢᠰᠤᠨ᠎ᠠ ᠣᠯᠠᠨᠲᠠ ᠰᠣᠴᠢᠵᠤ ᠠᠶᠤᠨ
ᠰᠠᠮᠠᠭᠤᠨ ᠪᠠᠢᠯᠳᠤᠭᠠᠨ ᠠᠯᠠᠯᠳᠤᠬᠤ ᠲᠠᠢᠰᠤᠨ᠎ᠠ ᠦᠯᠡᠮᠵᠢ ᠰᠡᠳᠬᠢᠯ ᠵᠣᠪᠠᠭᠰᠠᠭᠠᠷ᠂
ᠠᠷᠠᠢ ᠭᠡᠵᠦ ᠮᠠᠨ ᠤ᠋ ᠠᠬ᠎ᠠ ᠳᠡᠭᠦᠦ ᠶ᠋ᠢ ᠲᠡᠵᠢᠭᠡᠨ ᠥᠰᠬᠡᠵᠦ ᠭᠠᠷᠭᠠᠭᠠᠳ
ᠠᠪᠠᠢ ᠣᠳᠣ ᠪᠠᠬᠠᠨ ᠠᠮᠠᠷᠠᠬᠤ ᠴᠠᠭ ᠪᠣᠯᠤᠭᠰᠠᠨ ᠪᠣᠢ ᠶᠠ ᠬᠡᠮᠡᠬᠦᠶ᠎ᠡ᠂
ᠠᠴᠢ ᠦᠭᠡᠢ ᠮᠢᠨᠦ ᠡᠰᠡᠷᠭᠦᠴᠡᠯ ᠮᠠᠰᠢ ᠠᠷᠪᠢᠨ ᠪᠣᠯᠵᠤ
ᠠᠷᠪᠠᠨ ᠳᠠᠰᠢ ᠳᠠᠢᠯᠠᠨ ᠶᠠᠪᠤᠬᠤᠶ᠎ᠠ ᠡᠬᠡ ᠮᠢᠨᠦ ᠵᠣᠪᠠᠯᠤᠭᠠ᠃
ᠠᠷᠠᠢ ᠭᠡᠵᠦ ᠳᠥᠷᠪᠡᠨ ᠥᠩᠭᠡ ᠤᠯᠤᠰ ᠰᠠᠶᠢ ᠪᠠᠬᠠᠨ ᠲᠣᠭᠲᠠᠨᠢᠲᠠᠯᠠ
ᠠᠯᠲᠠᠨ ᠡᠬᠡ ᠮᠢᠨᠦ ᠪᠠᠰᠠ ᠡᠭᠡᠬᠦ ᠴᠠᠭ ᠪᠣᠯᠵᠤᠬᠤᠢ !
ᠭᠡᠮᠡᠨ ᠭᠠᠰᠠᠯᠤᠨ ᠤᠬᠢᠯᠠᠵᠤ᠂ ᠵᠠᠭᠤᠨ ᠡᠳᠦᠷ ᠦ᠋ᠨ ᠲᠠᠬᠢᠯ ᠲᠠᠪᠢᠭ ᠢ᠋ ᠡᠬᠢᠯᠡᠪᠡ᠃ ᠡᠨᠡ ᠦᠶ᠎ᠡ ᠳ᠋ᠦ᠍ᠷ ᠮᠣᠩᠭᠣᠯ ᠤᠯᠤᠰ ᠤ᠋ᠨ ᠬᠠᠷᠢᠶᠠᠲᠤ ᠪᠦᠬᠦ ᠭᠠᠵᠠᠷ᠎ᠠ ᠬᠤᠸᠠᠩ ᠲᠠᠢᠬᠡᠦ ᠶ᠋ᠢᠨ ᠶᠡᠬᠡ ᠪᠡᠯᠪᠡᠰᠦᠷᠡᠯ ᠢ᠋ ᠵᠠᠷᠯᠠᠨ ᠶᠠᠪᠤᠭᠤᠯᠵᠤ ᠂ ᠡᠴᠢᠭᠡ ᠡᠬᠡ ᠶ᠋ᠢᠨ ᠪᠡᠯᠪᠡᠰᠦᠷᠡᠯ ᠦ᠋ᠨ ᠶᠣᠰᠣᠭᠠᠷ ᠪᠡᠯᠪᠡᠰᠦᠷᠡᠭᠦᠯᠦᠨ᠂ ᠴᠡᠷᠢᠭ ᠲᠡᠢᠨ ᠢ᠋ ᠴᠥᠮ ᠬᠣᠷᠢᠵᠤ ᠪᠡᠯᠪᠡᠰᠦᠷᠡᠭᠦᠯᠪᠡ᠃ ᠡᠭᠦᠨ ᠡᠴᠡ ᠭᠠᠳᠠᠨ᠎ᠠ ᠮᠣᠵᠢ ᠪᠦᠷᠢ ᠳ᠋ᠦ᠍ᠷ ᠲᠠᠢᠬᠡᠦ ᠶ᠋ᠢᠨ ᠪᠤᠶᠠᠨ ᠤ᠋ ᠵᠦᠢᠯ ᠭᠡᠮᠡᠨ ᠶᠠᠳᠠᠩᠭᠢ ᠳ᠋ᠤᠷ ᠱᠠᠩ᠂ ᠦᠭᠡᠢᠭᠦᠦ ᠳ᠋ᠦ᠍ᠷ ᠲᠡᠵᠢᠭᠡᠯ ᠥᠭᠬᠦ᠂ ᠬᠥᠭᠰᠢᠳ ᠨᠢᠯᠬᠠᠰ ᠲᠤᠷ ᠠᠮᠤ ᠲᠦᠭᠡᠭᠡᠬᠦ᠂ ᠶᠠᠯᠠᠲᠠᠨ ᠭᠡᠮᠲᠡᠨ ᠢ᠋ ᠳᠠᠬᠢᠨ ᠬᠥᠩᠭᠡᠷᠡᠭᠦᠯᠬᠦ᠂ ᠭᠤᠷᠪᠠᠨ ᠰᠤᠷᠭᠠᠭᠤᠯᠢ ᠶ᠋ᠢᠨ ᠭᠡᠷ ᠡᠴᠡ ᠭᠠᠷᠤᠭᠰᠠᠳ ᠢ᠋ ᠴᠤᠭᠯᠠᠭᠤᠯᠤᠨ ᠢᠷᠦᠭᠡᠯ ᠲᠠᠷᠨᠢ ᠤᠩᠰᠢᠭᠤᠯᠵᠤ᠂ ᠬᠡᠳᠦᠢ ᠰᠤᠯᠠ ᠢᠷᠭᠡᠨ ᠥᠴᠦᠬᠡᠨ ᠭᠡᠷ ᠪᠣᠯᠪᠠᠴᠤ ᠰᠥᠨᠢ ᠪᠦᠷᠢ ᠲᠡᠭᠷᠢ ᠭᠠᠵᠠᠷ ᠲᠤᠷ ᠵᠤᠯᠠ ᠡᠷᠭᠦᠬᠦ ᠵᠦᠢᠯ ᠢ᠋ ᠲᠠᠷᠬᠠᠭᠠᠨ ᠶᠠᠪᠤᠭᠤᠯᠵᠤ᠂ ᠪᠠᠰᠠ ᠬᠠᠷᠢᠶᠠᠲᠤ ᠭᠠᠵᠠᠷ ᠤ᠋ᠨ ᠵᠥᠷᠢᠴᠡᠭᠰᠡᠳ ᠢ᠋ ᠪᠠᠢᠴᠠᠭᠠᠵᠤ᠂ ᠡᠳᠡᠭᠡᠷ ᠨᠢᠭᠡᠨ ᠤᠯᠤᠰ ᠤ᠋ᠨ ᠶᠡᠬᠡ ᠭᠠᠰᠠᠯᠠᠩ ᠢ᠋ ᠵᠠᠭᠤᠨ ᠡᠳᠦᠷ ᠦ᠋ᠨ ᠬᠤᠷᠴᠠ ᠭᠣᠮᠣᠳᠠᠯ ᠢ᠋ ᠭᠦᠢᠴᠡᠳᠬᠡᠮᠦᠢ᠃ ᠲᠡᠢᠨ ᠬᠦ᠌ ᠡᠳᠦᠷ ᠪᠦᠷᠢ ᠶ᠋ᠢᠨ ᠶᠠᠪᠤᠳᠠᠯ ᠢ᠋ ᠬᠡᠯᠡᠬᠦ ᠦᠭᠡᠢ᠃
ᠵᠢᠴᠢ ᠥᠭᠦᠯᠡᠬᠦ ᠢᠨᠤ᠂ ᠮᠥᠨ ᠠᠷᠪᠠᠨ ᠰᠠᠷ᠎ᠠ ᠳ᠋ᠤᠷ ᠰᠢᠶᠠ ᠤᠯᠤᠰ ᠲᠤᠷ ᠡᠨᠡ ᠪᠡᠯᠪᠡᠰᠦᠷᠡᠯ ᠦ᠋ᠨ ᠵᠠᠷᠯᠠᠯ ᠬᠦᠷᠴᠦ ᠢᠷᠡᠭᠰᠡᠨ ᠳ᠋ᠦ᠍ᠷ ᠰᠢᠶᠠ ᠤᠯᠤᠰ ᠤ᠋ᠨ ᠡᠵᠡᠨ ᠪᠦᠦ ᠪᠡᠯᠪᠡᠰᠦᠷᠡᠶᠡ ᠬᠡᠮᠡᠬᠦᠯ᠎ᠡ ᠪᠠᠰᠠ ᠴᠡᠷᠢᠭ ᠦ᠋ᠨ ᠬᠡᠴᠡᠭᠦᠦ ᠡᠴᠡ ᠠᠶᠤᠵᠤ᠂ ᠠᠷᠭ᠎ᠠ ᠦᠭᠡᠢ ᠪᠡᠯᠪᠡᠰᠦᠷᠡᠯ ᠢ᠋ ᠡᠮᠦᠰᠴᠦ ᠶᠠᠪᠤᠭᠤᠯᠬᠤ ᠪᠥᠭᠡᠳ ᠣᠯᠠᠨ ᠲᠦᠰᠢᠮᠡᠳ ᠦ᠋ᠨ ᠵᠦᠭ ᠥᠭᠦᠯᠡᠷᠦᠨ : 《ᠡᠨᠡ ᠮᠡᠲᠦ ᠬᠥᠮᠦᠨ ᠳ᠋ᠦ᠍ᠷ ᠳᠠᠭᠠᠬᠤ ᠠᠨᠤ ᠮᠢᠨᠦ ᠳᠣᠲᠣᠷ᠎ᠠ ᠦᠨᠡᠬᠡᠷ ᠲᠦᠪᠳᠡᠬᠦ ᠦᠭᠡᠢ᠂ ᠤᠭ ᠠ᠋ᠴᠠ ᠡᠮᠦᠨ᠎ᠡ ᠵᠦᠭ ᠬᠠᠨᠳᠤᠵᠤ ᠨᠢᠭᠡᠨ ᠤᠯᠤᠰ ᠤ᠋ᠨ ᠬᠠᠭᠠᠨ ᠬᠡᠮᠡᠬᠦ ᠪᠥᠭᠡᠳ ᠡᠳᠦᠭᠡ ᠬᠥᠮᠦᠨ ᠦ᠌ ᠲᠦᠰᠢᠮᠡᠳ ᠦ᠋ᠨ ᠶᠣᠰᠣᠭᠠᠷ ᠡᠨᠡ ᠮᠡᠲᠦ ᠪᠡᠯᠪᠡᠰᠦᠷᠡᠨ ᠶᠠᠪᠤᠬᠤ ᠠᠨᠤ ᠮᠠᠰᠢ ᠭᠠᠰᠢᠭᠤᠨ᠂ ᠡᠰᠡᠬᠦᠯ᠎ᠡ ᠴᠡᠷᠢᠭ ᠢ᠋ᠶ᠋ᠡᠨ ᠳᠠᠬᠢᠨ ᠪᠠᠢᠭᠤᠯᠵᠤ ᠲᠤᠯᠪᠠᠰᠤ ᠶᠠᠮᠪᠠᠷ ? 》 ᠬᠡᠮᠡᠬᠦᠢ ᠳ᠋ᠦ᠍ᠷ ᠣᠯᠠᠨ ᠲᠦᠰᠢᠮᠡᠳ ᠪᠠᠬᠠᠨ ᠴᠤ᠌ ᠳᠠᠭᠤᠨ ᠭᠠᠷᠬᠤ ᠦᠭᠡᠢ ᠠᠲᠠᠯ᠎ᠠ ᠶᠣᠰᠣᠯᠠᠯ ᠤ᠋ᠨ ᠵᠤᠷᠭᠠᠨ ᠤ᠋ ᠱᠠᠩᠱᠤ ᠯᠢ ᠵᠦᠩ ᠣᠣ ᠥᠭᠦᠯᠡᠷᠦᠨ : 《ᠡᠵᠡᠨ ᠢᠨᠤ ᠶᠠᠭᠤᠨ ᠳ᠋ᠤᠷ ᠥᠴᠦᠬᠡᠨ ᠬᠡᠷᠡᠭ ᠲᠦ᠍ᠷ ᠲᠡᠨᠴᠢᠭᠦᠷᠡᠮᠦᠢ ? ᠡᠷᠲᠡ ᠶᠤᠸᠠᠢ ᠤᠯᠤᠰ ᠤ᠋ᠨ ᠡᠵᠡᠨ ᠬᠸᠦ ᠵᠢᠶᠠᠨ᠂ ᠡᠦ ᠤᠯᠤᠰ ᠲᠤᠷ ᠪᠠᠷᠢᠭᠳᠠᠭᠠᠳ ᠬᠡᠭᠦᠷ ᠢ᠋ ᠰᠠᠬᠢᠵᠤ᠂ ᠪᠠᠭᠠᠰᠤ ᠶ᠋ᠢ ᠠᠨᠤ ᠠᠮᠲᠠᠯᠠᠨ ᠰᠡᠳᠬᠢᠯ ᠢ᠋ ᠢᠨᠤ ᠣᠯᠵᠤ ᠬᠠᠷᠢᠭᠰᠠᠨ ᠬᠣᠢᠨ᠎ᠠ᠂ ᠡᠪᠡᠰᠦ ᠲᠦᠯᠡᠭᠡ ᠳ᠋ᠦ᠍ᠷ ᠬᠡᠪᠲᠡᠵᠦ ᠰᠥᠰᠥ ᠶ᠋ᠢ ᠠᠮᠲᠠᠯᠠᠨ᠂ ᠬᠡᠳᠦᠨ ᠵᠢᠯ ᠤᠯᠤᠰ ᠢ᠋ᠶ᠋ᠠᠨ ᠴᠢᠩᠭᠠᠷᠠᠭᠤᠯᠤᠨ ᠴᠡᠷᠢᠭ ᠢ᠋ᠶ᠋ᠡᠨ ᠪᠣᠯᠪᠠᠰᠤᠷᠠᠭᠤᠯᠤᠨ ᠡᠭᠡᠵᠦ ᠨᠢᠭᠡᠬᠡᠨ ᠤᠳᠠᠭ᠎ᠠ ᠳ᠋ᠤᠷ ᠡᠦ ᠤᠯᠤᠰ ᠢ᠋ ᠮᠥᠬᠥᠭᠡᠪᠡ᠃ ᠡᠵᠡᠨ ᠬᠡᠷᠪᠡ ᠳᠠᠭᠤᠷᠢᠶᠠᠪᠠᠰᠤ ᠲᠡᠭᠦᠨ ᠢ᠋ ᠳᠠᠭᠤᠷᠢᠶᠠᠬᠤ ᠪᠣᠢ ᠶᠠ᠂ ᠶᠠᠭᠤᠨ ᠳ᠋ᠤᠷ ᠶᠡᠬᠡ ᠰᠠᠯᠬᠢᠨ ᠤ᠋ ᠵᠦᠭ ᠣᠩᠭᠣᠴᠠ ᠶ᠋ᠢ ᠰᠡᠯᠪᠢᠮᠦᠢ ? ᠡᠵᠡᠨ ᠡᠳᠦᠭᠡ ᠪᠡᠯᠪᠡᠰᠦᠷᠡᠯ ᠢ ᠡᠮᠦᠰᠴᠦ ᠭᠠᠰᠠᠯᠠᠩ ᠳ᠋ᠤᠷ ᠤᠬᠢᠯᠠᠷᠠ ᠡᠴᠢᠬᠦ ᠢᠨᠦ ᠴᠢᠬᠤᠯᠠ᠂ ᠨᠢᠭᠡᠨᠲᠡᠭᠡᠭᠦᠷ ᠲᠦᠰᠢᠮᠡᠯ ᠪᠢ ᠠᠯᠲᠠᠨ ᠤᠯᠤᠰ ᠲᠤᠷ ᠡᠶᠡᠳᠡᠷᠡ ᠡᠴᠢᠰᠦᠭᠡᠢ᠂ ᠡᠳᠦᠭᠡ ᠰᠣᠨᠣᠰᠬᠤᠯ᠎ᠠ ᠠᠯᠲᠠᠨ᠂ ᠰᠥᠩ ᠬᠣᠶᠠᠷ ᠤᠯᠤᠰ ᠬᠠᠷᠢᠯᠴᠠᠨ ᠠᠮᠠᠯᠳᠠᠵᠤ᠂ ᠮᠣᠩᠭᠣᠯ ᠢ᠋ ᠲᠤᠯᠰᠤᠭᠠᠢ ᠬᠡᠮᠡᠬᠦ ᠲᠤᠯᠠ ᠪᠢᠳᠡ ᠮᠥᠨ ᠠᠯᠲᠠᠨ ᠯᠤᠭ᠎ᠠ ᠡᠶᠡᠳᠡᠵᠦ᠂ ᠰᠥᠩ ᠯᠦ᠍ᠭᠡ ᠨᠠᠢᠷᠠᠯᠳᠤᠨ᠂ ᠭᠤᠷᠪᠠᠨ ᠤᠯᠤᠰ ᠮᠣᠩᠭᠣᠯ ᠢ᠋ ᠲᠤᠯᠵᠤ ᠠᠷᠢᠯᠭᠠᠪᠠᠰᠤ ᠦᠯᠦ ᠳᠡᠢᠯᠬᠦ ᠶᠣᠰᠣ ᠦᠭᠡᠢ᠃ ᠮᠣᠩᠭᠣᠯ ᠢ᠋ ᠨᠢᠭᠡᠨ ᠤᠳᠠᠭ᠎ᠠ ᠳᠠᠷᠤᠨ ᠴᠢᠳᠠᠪᠠᠰᠤ ᠮᠣᠩᠭᠣᠯ ᠤ᠋ᠨ ᠬᠦᠴᠦᠨ ᠪᠠᠭᠤᠷᠠᠬᠤ ᠴᠤ᠌ ᠪᠠᠢᠲᠤᠭᠠᠢ᠂ ᠲᠡᠭᠦᠨ ᠳ᠋ᠦ᠍ᠷ ᠳᠠᠭᠠᠭᠰᠠᠨ ᠣᠯᠠᠨ ᠤᠯᠤᠰ ᠮᠥᠨ ᠮᠠᠨ ᠢ᠋ ᠳᠠᠭᠠᠵᠤ ᠤᠷᠪᠠᠬᠤ ᠪᠣᠯᠠᠢ! ᠡᠨᠡ ᠢᠨᠤ ᠬᠠᠷᠢᠨ ᠲᠠᠢᠯᠵᠤ ᠪᠣᠯᠬᠤ ᠨᠢᠭᠡᠨ ᠠᠷᠭ᠎ᠠ᠂ ᠡᠭᠦᠨ ᠡᠴᠡ ᠥᠪᠡᠷ᠎ᠡ ᠪᠡᠯᠪᠡᠰᠦᠷᠡᠯ ᠢ᠋ ᠦᠯᠦ ᠳᠠᠭᠠᠬᠤ ᠪᠠ ᠭᠠᠰᠠᠯᠠᠩ ᠳ᠋ᠤᠷ ᠣᠬᠢᠯᠠᠷᠠ ᠡᠰᠡ ᠡᠴᠢᠪᠡᠰᠦ ᠲᠡᠳᠡ ᠮᠠᠭᠠᠳ ᠮᠠᠨ ᠤ᠋ ᠰᠡᠪ ᠢ᠋ ᠣᠯᠵᠤ ᠪᠠᠰᠠ ᠢᠷᠡᠵᠦ ᠲᠠᠢᠯᠠᠮᠤᠢ᠃ ᠪᠢᠳᠡ ᠨᠡᠩ ᠴᠡᠷᠢᠭ ᠢᠷᠭᠡᠨ ᠢ᠋ᠶ᠋ᠡᠨ ᠳᠠᠬᠢᠨ ᠪᠣᠰᠬᠠᠨ ᠵᠠᠩᠵᠤᠨ ᠴᠡᠷᠢᠭ ᠢ᠋ᠶ᠋ᠡᠨ ᠬᠥᠬᠢᠭᠡᠨ ᠰᠤᠷᠭᠠᠬᠤ ᠵᠠᠪ ᠦᠭᠡᠢ ᠪᠣᠯᠤᠮᠤᠢ ! 》ᠬᠡᠮᠡᠭᠰᠡᠨ ᠳ᠋ᠦ᠍ᠷ ᠯᠢ ᠳᠡ ᠸᠠᠩ ᠦᠭᠡ ᠶ᠋ᠢ ᠠᠪᠴᠤ᠂ ᠳᠠᠷᠤᠢ ᠯᠢ ᠵᠦᠩ ᠣᠤ ᠶ᠋ᠢ ᠠᠯᠲᠠᠨ ᠤᠯᠤᠰ ᠲᠤᠷ ᠢᠯᠡᠭᠡᠵᠦ ᠂ ᠥᠪᠡᠷ ᠦ᠋ᠨ ᠪᠡᠶ᠎ᠡ ᠵᠠᠷᠯᠢᠭ ᠤ᠋ᠨ ᠶᠣᠰᠣᠭᠠᠷ ᠴᠠᠭᠠᠨ ᠢ᠋ᠶ᠋ᠠᠷ ᠪᠡᠯᠪᠡᠰᠦᠷᠡᠨ ᠂ ᠮᠣᠩᠭᠣᠯ ᠳ᠋ᠤᠷ ᠢᠷᠡᠭᠡᠳ ᠬᠠᠭᠠᠰ ᠵᠠᠮ ᠶᠠᠪᠤᠵᠤ᠂ ᠡᠭᠡᠨᠡᠭᠲᠡ ᠰᠡᠳᠬᠢᠯ ᠡᠴᠡ ᠪᠡᠨ ᠳᠤᠷ᠎ᠠ ᠦᠭᠡᠢ ᠲᠤᠯᠠ ᠡᠪᠡᠳᠪᠡ ᠭᠡᠮᠡᠨ ᠰᠢᠯᠲᠠᠵᠤ ᠥᠪᠡᠷ ᠢ᠋ᠶ᠋ᠡᠨ ᠡᠭᠡᠵᠦ ᠢᠷᠡᠪᠡ᠃
ᠲᠡᠳᠦᠢ ᠡᠴᠢᠭᠰᠡᠨ ᠡᠯᠴᠢ ᠶ᠋ᠢ ᠮᠠᠨ ᠤ᠋ ᠲᠠᠢᠬᠡᠦ ᠳ᠋ᠦ᠍ᠷ ᠲᠠᠬᠢᠯ ᠲᠤᠰᠠᠭᠠᠬᠤ ᠬᠢᠷᠢ ᠦᠭᠡᠢ ᠭᠡᠮᠡᠨ ᠡᠭᠡᠭᠦᠯᠪᠡ᠃ ᠮᠣᠩᠭᠣᠯ ᠬᠢᠲᠠᠳ ᠡᠭᠡᠨᠡᠭᠲᠡ ᠬᠣᠶᠠᠷ ᠶᠠᠩᠵᠤ ᠶ᠋ᠢᠨ ᠪᠡᠯᠪᠡᠰᠦᠷᠡᠯ - ᠮᠣᠩᠭᠣᠯ ᠴᠥᠮ ᠬᠠᠷ᠎ᠠ ᠥᠩᠭᠡ ᠪᠡᠷ ᠪᠡᠯᠪᠡᠰᠦᠷᠡᠨ ᠂ ᠬᠢᠲᠠᠳ ᠴᠥᠮ ᠴᠠᠭᠠᠨ ᠥᠩᠭᠡ ᠪᠡᠷ ᠪᠡᠯᠪᠡᠰᠦᠷᠡᠪᠡ᠃ ᠶᠠᠭᠤᠨ ᠤ᠋ ᠣᠴᠢᠷ᠎ᠠ ᠡᠢᠮᠦ ᠪᠣᠯᠪᠠ ? ᠬᠡᠮᠡᠪᠡᠰᠦ ᠮᠣᠩᠭᠣᠯ ᠤ᠋ᠨ ᠤᠭ ᠠᠨᠤ ᠡᠨᠡᠳᠬᠡᠭ ᠦᠨᠳᠦᠰᠦᠨ ᠲᠤᠯᠠ ᠡᠨᠡᠳᠬᠡᠭ ᠦ᠋ᠨ ᠶᠣᠰᠣᠨ ᠢ᠋ᠶ᠋ᠠᠷ ᠴᠠᠭᠠᠨ ᠥᠩᠭᠡ ᠶ᠋ᠢ ᠣᠬᠢ ᠥᠩᠭᠡ᠂ ᠬᠠᠷ᠎ᠠ ᠥᠩᠭᠡ ᠶ᠋ᠢ ᠠᠳᠠᠭ ᠥᠩᠭᠡ᠂ ᠴᠠᠭᠠᠨ ᠥᠩᠭᠡ ᠲᠦᠮᠡᠨ ᠵᠦᠢᠯ ᠦ᠋ᠨ ᠥᠩᠭᠡ ᠪᠡᠷ ᠴᠥᠮ ᠬᠤᠪᠢᠯᠤᠨ ᠴᠢᠳᠠᠬᠤ ᠲᠤᠯᠠ ᠴᠠᠭᠠᠨ ᠢ᠋ ᠲᠦᠮᠡᠨ ᠥᠩᠭᠡ ᠶ᠋ᠢᠨ ᠡᠬᠡ ᠥᠩᠭᠡ ᠪᠣᠯᠭᠠᠵᠤᠬᠤᠢ᠃ ᠲᠦᠮᠡᠨ ᠵᠦᠢᠯ ᠦ᠋ᠨ ᠥᠩᠭᠡ ᠬᠠᠷ᠎ᠠ ᠥᠩᠭᠡ ᠳ᠋ᠦ᠍ᠷ ᠣᠷᠣᠪᠠᠰᠤ ᠳᠠᠬᠢᠨ ᠪᠤᠰᠤ ᠥᠩᠭᠡ ᠬᠤᠪᠢᠯᠤᠨ ᠴᠢᠳᠠᠬᠤ ᠦᠭᠡᠢ ᠲᠤᠯᠠ ᠬᠠᠷ᠎ᠠ ᠥᠩᠭᠡ ᠶ᠋ᠢ ᠲᠦᠮᠡᠨ ᠥᠩᠭᠡ ᠶ᠋ᠢᠨ ᠠᠳᠠᠭ ᠮᠠᠭᠤ ᠥᠩᠭᠡ ᠪᠣᠯᠭᠠᠵᠤᠬᠤᠢ᠃ ᠲᠡᠢᠨ ᠬᠦ᠌ ᠡᠵᠡᠨ ᠬᠠᠭᠠᠨ ᠪᠠ ᠡᠴᠢᠭᠡ ᠡᠬᠡ ᠢᠨᠤ ᠦᠬᠦᠪᠡᠰᠦ ᠪᠦᠭᠦᠳᠡᠭᠡᠷ ᠴᠥᠮ ᠬᠠᠷᠠᠩᠭᠤᠢ ᠰᠥᠨᠢ ᠮᠡᠲᠦ ᠪᠣᠯᠪᠠ᠂ ᠲᠡᠭᠦᠨ ᠦ᠌ ᠪᠡᠶ᠎ᠡ ᠨᠢᠭᠡᠨᠲᠡ ᠬᠠᠷᠠᠯᠠᠪᠠ᠂ ᠦᠬᠦᠭᠰᠡᠨ ᠦᠭᠡᠢ ᠪᠣᠯᠪᠠᠴᠤ ᠦᠬᠦᠭᠰᠡᠨ ᠯᠤᠬᠡ ᠢᠯᠭᠠᠯ ᠦᠭᠡᠢ ᠪᠣᠯᠪᠠ ᠭᠡᠮᠡᠨ ᠬᠠᠷ᠎ᠠ ᠥᠩᠭᠡ ᠪᠡᠷ ᠪᠡᠯᠪᠡᠰᠦᠷᠡᠮᠦᠢ᠃ ᠬᠢᠲᠠᠳ ᠤ᠋ᠨ ᠴᠠᠭᠠᠨ ᠥᠩᠭᠡ ᠪᠡᠷ ᠪᠡᠯᠪᠡᠰᠦᠷᠡᠬᠦ ᠢᠨᠤ ᠥᠩᠭᠡ ᠶ᠋ᠢ ᠢᠯᠭᠠᠭᠰᠠᠨ ᠪᠤᠰᠤ᠂ ᠡᠳ᠋ ᠦ᠋ᠨ ᠦᠨᠡᠲᠡᠢ ᠬᠢᠯᠪᠠᠷ ᠤ᠋ᠨ ᠤᠴᠢᠷ᠂ ᠡᠵᠡᠨ ᠪᠠ ᠡᠴᠢᠭᠡ ᠡᠬᠡ ᠢᠨᠤ ᠦᠬᠦᠪᠡᠰᠦ ᠡᠪᠡᠰᠦ ᠳ᠋ᠦ᠍ᠷ ᠬᠡᠪᠲᠡᠵᠦ ᠰᠢᠷᠣᠢ ᠶ᠋ᠢ ᠳᠡᠷᠡᠯᠡᠨ ᠤᠮᠳᠠᠬᠤ ᠨᠣᠢᠷ ᠦᠭᠡᠢ᠂ ᠢᠳᠡᠬᠦ ᠬᠣᠭᠣᠯᠠ ᠦᠭᠡᠢ ᠭᠡᠮᠡᠨ ᠪᠠᠢᠬᠤ ᠲᠤᠯᠠ ᠰᠠᠢᠨ ᠳᠡᠪᠡᠯ ᠰᠠᠢᠨ ᠬᠤᠪᠴᠠᠳ᠂ ᠦᠨᠡᠲᠡᠢ ᠡᠳ᠋ ᠴᠤᠬᠠᠭ ᠶᠠᠭᠤᠮ᠎ᠠ ᠶ᠋ᠢ ᠬᠡᠷᠡᠭᠯᠡᠬᠦ ᠰᠠᠨᠠᠭᠠᠨ ᠦᠭᠡᠢ ᠪᠣᠯᠪᠠ᠃ ᠭᠠᠭᠴᠠ ᠨᠢᠭᠡᠨᠲᠡ ᠠᠮᠢᠳᠤ ᠬᠥᠮᠦᠨ ᠲᠤᠯᠠ ᠡᠷᠬᠡᠲᠡᠨ ᠮᠠᠬᠠᠪᠣᠳ ᠢ᠋ ᠡᠰᠡ ᠬᠠᠯᠠᠬᠠᠯᠠᠪᠠᠰᠤ ᠪᠣᠯᠬᠤ ᠦᠭᠡᠢ᠂ ᠬᠠᠯᠬᠠᠯᠠᠬᠤᠢ ᠶ᠋ᠢ ᠣᠨᠴᠠ ᠵᠣᠭᠣᠰ ᠦᠯᠦ ᠬᠦᠷᠬᠦ ᠡᠳ᠋ ᠦ᠋ᠨ ᠮᠠᠭᠤ ᠪᠠᠷ ᠠᠨᠤ ᠬᠠᠯᠠᠬᠠᠯᠠᠮᠤᠢ᠃ ᠪᠡᠶ᠎ᠡ ᠳ᠋ᠦ᠍ᠷ ᠡᠮᠦᠰᠬᠦᠢ ᠳ᠋ᠦ᠍ᠷ ᠴᠠᠭᠠᠨ ᠵᠣᠲᠣᠩ ᠪᠥᠰ ᠡᠴᠡ ᠣᠨᠳᠣᠣ ᠮᠠᠭᠤ ᠪᠥᠰ ᠦᠭᠡᠢ ᠲᠤᠯᠠ ᠴᠠᠭᠠᠨ ᠵᠣᠳᠣᠩ ᠮᠠᠭᠤ ᠪᠥᠰ ᠢ᠋ ᠬᠡᠷᠡᠭᠯᠡᠵᠦᠬᠦᠢ᠃ ᠲᠡᠢᠨ ᠬᠦ᠌ ᠡᠳ᠋ ᠦ᠋ᠨ ᠰᠠᠢᠨ ᠮᠠᠭᠤ ᠶ᠋ᠢ ᠡᠷᠬᠢᠯᠡᠭᠰᠡᠨ ᠪᠣᠢ ᠶᠠ᠂ ᠥᠩᠭᠡ ᠶ᠋ᠢᠨ ᠰᠠᠢᠨ ᠮᠠᠭᠤ ᠶ᠋ᠢ ᠡᠷᠢᠭᠰᠡᠨ ᠦᠭᠡᠢ᠃ ᠴᠠᠭᠠᠨ ᠠᠨᠤ ᠲᠡᠷᠡ ᠪᠥᠰ ᠦ᠋ᠨ ᠬᠣᠪᠢᠨ ᠤ᠋ ᠥᠩᠭᠡ᠂ ᠬᠡᠷᠪᠡ ᠪᠤᠰᠤ ᠥᠩᠭᠡ ᠬᠤᠪᠢᠯᠭᠠᠪᠠᠰᠤ ᠪᠠᠰᠠ ᠦᠨ᠎ᠡ ᠲᠡᠢ ᠪᠣᠯᠤᠮᠤᠢ ᠬᠡᠮᠡᠭᠰᠡᠨ ᠰᠠᠨᠠᠭ᠎ᠠ᠃ ᠲᠡᠢᠨ ᠬᠦ᠌ ᠡᠳᠦᠭᠡ ᠮᠣᠩᠭᠣᠯ ᠠᠨᠤ ᠬᠠᠷ᠎ᠠ ᠪᠠᠷ ᠪᠡᠯᠪᠡᠰᠦᠷᠡᠨ᠂ ᠬᠢᠲᠠᠳ ᠠᠨᠤ ᠴᠠᠭᠠᠨ ᠢ᠋ᠶ᠋ᠠᠷ ᠪᠡᠯᠪᠡᠰᠦᠷᠡᠪᠡ᠃ ᠳᠠᠭᠠᠯᠲᠤᠬᠠ ᠰᠥᠩ᠂ ᠠᠯᠲᠠᠨ ᠬᠣᠶᠠᠷ ᠤᠯᠤᠰ ᠠ᠋ᠴᠠ ᠴᠥᠮ ᠶᠡᠬᠡ ᠸᠠᠩ ᠰᠠᠢᠳ ᠠᠮᠠᠯᠠᠨ ᠲᠠᠬᠢᠯ ᠲᠤᠰᠠᠭᠠᠷᠠ ᠢᠷᠡᠭᠰᠡᠨ ᠢ᠋ ᠴᠥᠮ ᠬᠡᠷᠬᠡᠮ ᠲᠡᠩᠴᠡᠬᠦ ᠦᠭᠡᠢ ᠭᠡᠮᠡᠨ ᠲᠠᠬᠢᠯ ᠢ᠋ ᠡᠰᠡ ᠦᠯᠡᠳᠡᠭᠡᠪᠡ᠃ ᠡᠭᠦᠨ ᠳ᠋ᠦ᠍ᠷ ᠰᠥᠩ᠂ ᠠᠯᠲᠠᠨ᠂ ᠰᠢᠶᠠ ᠭᠤᠷᠪᠠᠨ ᠤᠯᠤᠰ ᠬᠠᠮᠲᠤ ᠪᠠᠷ ᠠᠶᠤᠯᠳᠤᠪᠠ᠃ ᠡᠨᠡ ᠬᠢᠷᠢ ᠳ᠋ᠦ᠍ᠷ ᠰᠢᠶᠠ ᠤᠯᠤᠰ ᠤ᠋ᠨ ᠶᠣᠰᠣᠯᠠᠯ ᠤ᠋ᠨ ᠵᠤᠷᠭᠠᠨ ᠤ᠋ ᠱᠠᠩᠱᠤ ᠯᠢ ᠵᠦᠩ ᠣᠣ ᠠᠯᠲᠠᠨ ᠤᠯᠤᠰ ᠲᠤᠷ ᠬᠦᠷᠴᠦ᠂ ᠬᠡᠷᠡᠭ ᠤᠯᠠᠮᠵᠢᠯᠠᠨ ᠠᠢᠯᠠᠳᠬᠠᠬᠤ ᠶᠠᠮᠤᠨ ᠳ᠋ᠤᠷ ᠤᠴᠢᠷ ᠢ ᠲᠣᠳᠣᠷᠬᠠᠢᠯᠠᠨ ᠬᠡᠯᠡᠪᠡ᠃ ᠨᠢᠭᠡᠨ ᠳ᠋ᠦ᠍ᠷ ᠰᠢᠨ᠎ᠡ ᠬᠠᠭᠠᠨ ᠰᠠᠭᠤᠪᠠ᠂ ᠬᠣᠶᠠᠷ ᠲᠤᠷ ᠬᠣᠶᠠᠷ ᠤᠯᠤᠰ ᠤ᠋ᠨ ᠦ ᠶ᠋ᠢ ᠠᠷᠢᠯᠭᠠᠵᠤ ᠡᠶᠡᠳᠡᠬᠦ ᠶ᠋ᠢᠨ ᠤᠴᠢᠷ ᠭᠡᠮᠡᠨ ᠵᠢᠴᠢ ᠡᠳᠦᠷ ᠠᠯᠲᠠᠨ ᠤᠯᠤᠰ ᠤ᠋ᠨ ᠲᠥᠷᠥ ᠳ᠋ᠦ᠍ᠷ ᠭᠠᠷᠴᠤ᠂ ᠬᠠᠭᠠᠨ ᠠᠢᠽᠦ᠋ᠩ ᠱᠧᠦ ᠰᠢᠦᠢ ᠳ᠋ᠦ᠍ᠷ ᠵᠣᠯᠭᠠᠵᠤ ᠠᠢᠯᠠᠳᠬᠠᠷᠤᠨ : 《ᠮᠠᠨ ᠤ᠋ ᠰᠢᠶᠠ ᠤᠯᠤᠰ᠂ ᠡᠨᠳᠡᠬᠢ ᠶᠡᠬᠡ ᠠᠯᠲᠠᠨ ᠤᠯᠤᠰ ᠤᠭ ᠲᠤᠷ ᠬᠠᠮᠲᠤ ᠮᠠᠨᠳᠤᠵᠤ᠂ ᠬᠠᠷᠢᠯᠴᠠᠨ ᠲᠤᠰᠠᠯᠠᠯᠴᠠᠨ ᠨᠠᠶᠠᠨ ᠢᠯᠡᠭᠦᠦ ᠵᠢᠯ ᠥᠴᠦᠬᠡᠨ ᠴᠦ᠍ ᠦ ᠳᠡᠭᠳᠡᠭᠡᠨ ᠪᠠᠢᠯᠳᠤᠬᠤ ᠠᠯᠠᠯᠳᠤᠬᠤ ᠬᠡᠷᠡᠭ ᠭᠠᠷᠤᠭᠰᠠᠨ ᠦᠭᠡᠢ ᠪᠥᠭᠡᠲᠡᠯ᠎ᠡ ᠰᠠᠨᠠᠮᠰᠠᠷ ᠦᠭᠡᠢ ᠬᠣᠶᠠᠷ ᠡᠲᠡᠭᠡᠳ ᠦ᠋ᠨ ᠲᠡᠷᠢᠭᠦᠯᠡᠭᠰᠡᠨ ᠰᠠᠢᠳ ᠤ᠋ᠨ ᠣᠰᠣᠯ ᠠ᠋ᠴᠠ ᠪᠣᠯᠵᠤ ᠂ ᠡᠷᠭᠢᠨ ᠤᠯᠤᠰ ᠤ᠋ᠨ ᠵᠧᠨ ᠢᠦ ᠶ᠋ᠢᠨ ᠲᠡᠷᠢᠭᠦᠨ ᠣᠨ ᠠ᠋ᠴᠠ ᠶᠠᠯᠢᠶᠠ ᠦᠭᠡᠢ ᠥᠴᠦᠬᠡᠨ ᠤᠴᠢᠷ ᠲᠤᠷ ᠨᠠᠢᠷ ᠡᠪᠳᠡᠷᠡᠭᠡᠳ ᠬᠣᠷᠣᠰᠤᠯ ᠪᠣᠯᠵᠤ᠂ ᠬᠣᠶᠠᠷ ᠤᠯᠤᠰ ᠵᠣᠬᠢᠰ ᠦᠭᠡᠢ ᠪᠣᠯᠤᠭᠠᠳ ᠠᠷᠪᠠᠨ ᠵᠢᠯ ᠤᠴᠢᠷ ᠦᠭᠡᠢ ᠲᠡᠮᠡᠴᠡᠯᠳᠦᠨ ᠪᠠᠢᠯᠳᠤᠪᠠ᠃ ᠲᠡᠢᠨ ᠬᠦ᠌ ᠡᠳᠦᠭᠡ ᠮᠠᠨ ᠤ᠋ ᠡᠵᠡᠨ ᠴᠦ᠍ ᠮᠣᠩᠭᠣᠯ ᠳ᠋ᠤᠷ ᠳᠠᠷᠤᠭᠳᠠᠨ ᠳᠣᠷᠣᠢᠲᠠᠵᠤ ᠠᠯᠪᠠ ᠪᠠᠷᠢᠮᠤᠢ᠃ ᠡᠷᠭᠢᠨ ᠤᠯᠤᠰ ᠴᠤ᠌ ᠮᠣᠩᠭᠣᠯ ᠳ᠋ᠤᠷ ᠳᠠᠷᠤᠯᠬᠠᠳᠠᠨ ᠳᠣᠷᠣᠢᠲᠠᠭᠠᠳ ᠠᠯᠪᠠ ᠪᠠᠷᠢᠮᠤᠢ᠃ ᠰᠥᠩ ᠤᠯᠤᠰ ᠪᠠᠰᠠ ᠮᠣᠩᠭᠣᠯ ᠳ᠋ᠤᠷ ᠳᠠᠷᠤᠭᠳᠠᠨ ᠳᠣᠷᠣᠢᠲᠠᠭᠠᠳ ᠠᠯᠪᠠ ᠪᠠᠷᠢᠮᠤᠢ᠃ ᠡᠨᠡ ᠭᠤᠷᠪᠠᠨ ᠤᠯᠤᠰ ᠬᠡᠮᠡᠭᠴᠢ ᠴᠥᠮ ᠬᠠᠭᠤᠴᠢᠨ ᠦᠨᠳᠦᠰᠦᠲᠦ ᠶᠡᠬᠡ ᠤᠯᠤᠰ᠂ ᠮᠣᠩᠭᠣᠯ ᠬᠡᠮᠡᠭᠴᠢ ᠡᠳᠦᠭᠡ ᠰᠠᠶᠢ ᠮᠠᠨᠳᠤᠭᠰᠠᠨ ᠤᠯᠤᠰ᠂ ᠬᠡᠷᠪᠡ ᠮᠠᠨ ᠤ᠋ ᠡᠨᠡ ᠭᠤᠷᠪᠠᠨ ᠶᠡᠬᠡ ᠤᠯᠤᠰ ᠤᠭ ᠠ᠋ᠴᠠ ᠨᠠᠢᠷ ᠡᠰᠡ ᠡᠪᠳᠡᠷᠡᠨ ᠨᠢᠭᠡᠨ ᠬᠦᠴᠦᠨ ᠬᠠᠮᠲᠤ ᠰᠡᠳᠬᠢᠯ ᠢ᠋ᠶ᠋ᠡᠷ ᠮᠣᠩᠭᠣᠯ ᠢ᠋ ᠲᠤᠯᠤᠭᠰᠠᠨ ᠪᠥᠭᠡᠰᠦ᠂ ᠮᠣᠩᠭᠣᠯ ᠢ᠋ ᠬᠡᠳᠦᠢ ᠲᠡᠭᠷᠢ ᠲᠡᠳᠬᠦᠪᠡᠴᠦ ᠮᠥᠨ ᠡᠨᠡ ᠮᠡᠲᠦ ᠳ᠋ᠦ᠍ᠷ ᠬᠦᠷᠴᠦ ᠴᠢᠳᠠᠬᠤ ᠦᠭᠡᠢ ᠪᠥᠯᠥᠭᠡ ᠃ ᠳ᠋ᠦᠩ ᠯᠢᠶᠣᠣ᠂ ᠰᠢ ᠯᠢᠶᠣᠣ᠂ ᠱᠠᠨ ᠳ᠋ᠦᠩ᠂ ᠾᠧ ᠪᠧᠢ ᠵᠠᠪᠰᠠᠷ ᠲᠤᠷ ᠮᠣᠩᠭᠣᠯ ᠳ᠋ᠤᠷ ᠳᠡᠢᠯᠦᠭᠳᠡᠵᠦ᠂ ᠡᠨᠡ ᠭᠤᠷᠪᠠᠨ ᠶᠡᠬᠡ ᠤᠯᠤᠰ ᠢ᠋ ᠴᠥᠮ ᠠᠯᠪᠠ ᠪᠠᠷᠢᠭᠤᠯᠬᠤᠢ ᠳ᠋ᠤᠷ ᠬᠦᠷᠭᠡᠪᠡ᠃ ᠵᠠᠪᠰᠢᠶᠠᠨ ᠳ᠋ᠤᠷ ᠬᠠᠷᠠᠬᠠᠨ ᠦᠨᠳᠦᠰᠦᠨ ᠢ᠋ ᠠᠷᠢᠯᠭᠠᠨ ᠤᠭ ᠢ᠋ ᠲᠠᠰᠤᠯᠤᠨ ᠴᠢᠳᠠᠭᠠᠳᠤᠢ᠃ ᠲᠡᠢᠨ ᠬᠦ᠌ ᠮᠠᠨ ᠤ᠋ ᠡᠵᠡᠨ ᠡᠷᠲᠡᠨ ᠦ᠌ ᠶᠤᠸᠠᠢ ᠸᠠᠩ ᠤ᠋ᠨ ᠡᠦ ᠤᠯᠤᠰ ᠠ᠋ᠴᠠ ᠦᠰ ᠠᠪᠤᠭᠰᠠᠨ ᠢ᠋ ᠮᠥᠷᠳᠡᠵᠦ᠂ ᠬᠠᠭᠤᠴᠢᠨ ᠶᠡᠬᠡ ᠤᠯᠤᠰ ᠯᠤᠭ᠎ᠠ ᠪᠠᠰᠠ ᠰᠠᠨᠠᠭᠠᠨ ᠨᠢᠭᠡᠳᠴᠦ᠂ ᠬᠠᠮᠲᠤ ᠬᠦᠴᠦᠨ ᠨᠢᠭᠡᠨ ᠰᠡᠳᠬᠢᠯ ᠢ᠋ᠶ᠋ᠡᠷ ᠮᠣᠩᠭᠣᠯ ᠢ ᠲᠤᠯᠰᠤᠭᠠᠢ ᠬᠡᠮᠡᠮᠦᠢ᠃ ᠠᠳᠡᠬᠢ ᠰᠢᠨ᠎ᠡ ᠬᠠᠭᠠᠨ ᠴᠤ᠌ ᠰᠢᠨ᠎ᠡ ᠰᠠᠭᠤᠷᠢᠨ ᠳ᠋ᠤᠷ ᠰᠠᠭᠤᠪᠠ᠃ ᠮᠠᠨ ᠤ᠋ ᠡᠵᠡᠨ ᠴᠦ᠍ ᠰᠢᠨᠡᠬᠡᠨ ᠰᠠᠭᠤᠷᠢᠨ ᠢ᠋ ᠵᠠᠯᠭᠠᠮᠵᠢᠯᠠᠪᠠ᠃ ᠵᠢᠯ ᠨᠠᠰᠤᠨ ᠪᠠᠰᠠ ᠳᠠᠩ ᠰᠠᠴᠠᠭᠤ ᠬᠠᠭᠤᠴᠢᠨ ᠦᠨᠳᠦᠰᠦᠲᠦ ᠤᠯᠤᠰ ᠲᠤᠯᠠ ᠮᠠᠨ ᠤ᠋ ᠡᠵᠡᠨ ᠡᠨᠳᠡᠬᠢ ᠬᠠᠭᠠᠨ ᠢ᠋ ᠠᠬ᠎ᠠ ᠪᠣᠯᠭᠠᠨ ᠶᠣᠰᠣᠯᠠᠵᠤ ᠠᠮᠠᠷᠬᠠᠯᠠᠭᠠᠳ ᠠᠯᠭᠤᠷ ᠵᠥᠪᠳᠡᠵᠦ ᠮᠣᠩᠭᠣᠯ ᠢ᠋ ᠠᠷᠢᠯᠭᠠᠰᠤᠭᠠᠢ ᠬᠡᠮᠡᠮᠦᠢ᠃ ᠰᠣᠨᠣᠰᠬᠤᠯ᠎ᠠ ᠡᠨᠳᠡᠬᠢ ᠬᠠᠭᠠᠨ ᠴᠤ᠌ ᠰᠥᠩ ᠤᠯᠤᠰ ᠯᠤᠭ᠎ᠠ ᠡᠶᠡᠳᠡᠪᠡ ᠬᠡᠮᠡᠬᠦ ᠲᠤᠯᠠ ᠭᠤᠷᠪᠠᠨ ᠤᠯᠤᠰ ᠡᠢᠨᠴᠢᠯᠡᠨ ᠵᠠᠯᠭᠠᠯᠳᠤᠨ ᠨᠢᠭᠡᠳᠪᠡᠰᠦ ᠲᠡᠷᠡ ᠲᠡᠨᠡᠭ ᠴᠦᠯᠢᠰ ᠠᠳᠤᠭᠤᠰᠤ ᠮᠡᠲᠦ ᠮᠣᠩᠭᠣᠯ ᠠ᠋ᠴᠠ ᠶᠠᠮᠪᠠᠷ ᠠᠶᠤᠬᠤ ᠭᠠᠵᠠᠷ ᠪᠣᠢ? 》ᠬᠡᠮᠡᠭᠰᠡᠨ ᠳ᠋ᠦ᠍ᠷ ᠠᠯᠲᠠᠨ ᠤᠯᠤᠰ ᠤ᠋ᠨ ᠡᠵᠡᠨ ᠮᠠᠰᠢ ᠪᠠᠶᠠᠷᠯᠠᠨ ᠵᠥᠪᠰᠢᠶᠡᠵᠦ᠂ ᠳᠠᠷᠤᠢ ᠬᠦᠨᠳᠦ ᠪᠡᠷ ᠬᠤᠷᠢᠮᠯᠠᠨ ᠬᠠᠷᠢᠭᠤ ᠰᠥᠩ ᠤᠯᠤᠰ ᠲᠤᠷ ᠡᠴᠢᠭᠰᠡᠨ ᠱᠠᠩᠱᠤ ᠯᠢᠩ ᠱᠢ ᠲᠦᠰᠢᠮᠡᠯ ᠯᠢ ᠳᠠᠩ ᠢᠩ ᠳ᠋ᠦ᠍ᠷ ᠮᠥᠨ ᠶᠣᠰᠣᠭᠠᠷ ᠬᠦᠨᠳᠦ ᠪᠡᠯᠡᠭ ᠪᠠᠷᠢᠭᠤᠯᠤᠨ᠂ ᠰᠢᠶᠠ ᠤᠯᠤᠰ ᠤ᠋ᠨ ᠡᠯᠴᠢ ᠯᠢ ᠵᠦᠩ ᠣᠤ ᠯᠤᠭ᠎ᠠ ᠬᠠᠮᠲᠤ ᠰᠢᠶᠠ ᠤᠯᠤᠰ ᠲᠤᠷ ᠠᠬ᠎ᠠ ᠳᠡᠭᠦᠦ ᠪᠣᠯᠤᠯᠴᠠᠬᠤ ᠶᠣᠰᠣᠨ ᠤ᠋ ᠪᠠᠯᠠᠩ ᠪᠠ ᠭᠡᠷ᠎ᠡ ᠪᠢᠴᠢᠭ ᠬᠢᠵᠦ ᠬᠠᠷᠢᠭᠤ ᠪᠡᠯᠡᠭ ᠢ᠋ ᠬᠦᠷᠭᠡᠨ ᠢᠯᠡᠭᠡᠪᠡ᠃ ᠲᠡᠳᠦᠢ ᠰᠢᠶᠠ ᠤᠯᠤᠰ ᠤ᠋ᠨ ᠱᠠᠩᠱᠤ ᠯᠢ ᠵᠦᠩ ᠣᠣ᠂ ᠠᠯᠲᠠᠨ ᠤᠯᠤᠰ ᠤ᠋ᠨ ᠱᠠᠩᠱᠤ ᠯᠢ ᠳᠠᠩ ᠢᠩ ᠢ᠋ ᠠᠪᠴᠤ ᠬᠠᠮᠲᠤ ᠪᠠᠶᠠᠷᠯᠠᠭᠰᠠᠭᠠᠷ ᠰᠢᠶᠠ ᠤᠯᠤᠰ ᠲᠤᠷ ᠬᠦᠷᠴᠦ ᠢᠷᠡᠭᠡᠳ ᠥᠪᠡᠷ ᠦ᠋ᠨ ᠡᠵᠡᠨ ᠯᠢ ᠳᠡ ᠸᠠᠩ ᠮᠣᠩᠭᠣᠯ ᠤ᠋ᠨ ᠭᠠᠰᠠᠯᠠᠩ ᠳ᠋ᠤᠷ ᠡᠴᠢᠭᠡᠳ ᠵᠠᠮ ᠤ᠋ᠨ ᠳᠤᠮᠳᠠ ᠠ᠋ᠴᠠ ᠡᠭᠡᠵᠦ ᠢᠷᠡᠭᠰᠡᠨ ᠢ᠋ ᠰᠣᠨᠣᠰᠴᠤ ᠶᠡᠬᠡᠯ᠎ᠡ ᠭᠡᠮᠰᠢᠵᠦ ᠤᠷᠲᠤ ᠰᠡᠭᠦᠷᠡᠰᠦᠨ ᠠᠯᠳᠠᠵᠤ ᠥᠭᠦᠯᠡᠭᠰᠡᠨ ᠢᠨᠦ :《ᠶᠠᠭᠵᠠᠷᠠᠭ ᠮᠣᠳᠣᠨ ᠳ᠋ᠤ᠌ ᠰᠢᠬᠠᠵᠤ ᠦᠯᠦ ᠪᠣᠯᠤᠮᠤᠢ᠂ ᠬᠠᠷ᠎ᠠ ᠰᠢᠪᠠᠷ ᠤ᠋ᠨ ᠬᠡᠷᠡᠮ ᠳ᠋ᠦ᠍ᠷ ᠵᠢᠷᠤᠵᠤ ᠦᠯᠦ ᠪᠣᠯᠤᠮᠤᠢ ᠬᠡᠮᠡᠭᠴᠢ ᠡᠨᠡ ᠪᠣᠯᠠᠢ! ᠮᠠᠨ ᠤ᠋ ᠰᠢᠶᠠ ᠤᠯᠤᠰ ᠤᠳᠠᠯ ᠦᠭᠡᠢ ᠮᠣᠩᠭᠣᠯ ᠳ᠋ᠤᠷ ᠮᠥᠬᠥᠮᠦᠢ᠃ ᠰᠥᠩ ᠤᠯᠤᠰ᠂ ᠠᠯᠲᠠᠨ ᠤᠯᠤᠰ ᠲᠤᠷ ᠦᠯᠢᠭᠡᠷᠯᠡᠵᠦ ᠦᠯᠦ ᠪᠣᠯᠤᠮᠤᠢ! 》 ᠭᠡᠮᠡᠨ ᠮᠠᠰᠢᠳᠠ ᠲᠠᠴᠢᠶᠠᠳᠠᠨ ᠭᠤᠨᠢᠶᠠᠵᠤ᠂ ᠳᠠᠷᠤᠢ ᠭᠡᠷ ᠲᠦ᠍ᠷ ᠢ᠋ᠶ᠋ᠡᠨ ᠡᠭᠡᠵᠦ ᠲᠤᠰᠢᠶᠠᠯ ᠢ᠋ᠶ᠋ᠠᠨ ᠣᠷᠬᠢᠵᠤ᠂ ᠪᠤᠰᠤ ᠰᠢᠯᠲᠠᠭ ᠵᠢᠭᠠᠵᠤ ᠥᠪᠡᠷ᠎ᠡ ᠭᠠᠵᠠᠷ ᠨᠡᠭᠦᠵᠦ᠂ ᠨᠡᠷ᠎ᠡ ᠣᠪᠣᠭ ᠢ ᠬᠠᠯᠠᠵᠤ ᠮᠣᠩᠭᠣᠯ ᠤ᠋ᠨ ᠪᠤᠯᠤ ᠲᠠᠢᠰᠢ ᠳ᠋ᠤᠷ ᠣᠷᠣᠵᠤ ᠥᠭᠪᠡ᠃ ᠠᠯᠲᠠᠨ ᠰᠢᠶᠠ ᠬᠣᠶᠠᠷ ᠤᠯᠤᠰ ᠴᠠᠭ ᠪᠠᠭᠤᠷᠠᠢ ᠪᠣᠯᠤᠭᠰᠠᠨ ᠲᠤᠯᠠ ᠰᠢᠶᠠ ᠤᠯᠤᠰ᠂ ᠠᠯᠲᠠᠨ ᠤᠯᠤᠰ ᠤ᠋ᠨ ᠬᠠᠭᠠᠨ ᠠᠢᠽᠦ᠋ᠩ ᠱᠧᠦ ᠰᠢᠦᠢ ᠶ᠋ᠢ ᠠᠬ᠎ᠠ ᠶ᠋ᠢᠨ ᠶᠣᠰᠣᠭᠠᠷ ᠦᠢᠯᠡᠴᠢᠯᠡᠨ᠂ ᠬᠣᠶᠠᠷ ᠤᠯᠤᠰ ᠬᠠᠷᠢᠯᠴᠠᠨ ᠨᠢᠭᠡ ᠨᠢᠭᠡᠨ ᠳ᠋ᠡᠭᠡᠨ ᠲᠦᠰᠢᠮᠡᠯ ᠬᠡᠮᠡᠭᠳᠡᠬᠦ ᠦᠭᠡᠢ᠂ ᠤᠯᠤᠰ ᠤᠯᠤᠰ ᠤ᠋ᠨ ᠡᠵᠡᠳ ᠦ᠋ᠨ ᠨᠡᠷ᠎ᠡ ᠪᠡᠷ ᠢ᠋ᠶ᠋ᠡᠨ ᠶᠠᠪᠤᠯᠴᠠᠶᠠ ᠭᠡᠮᠡᠨ ᠠᠯᠲᠠᠨ ᠤᠯᠤᠰ ᠠ᠋ᠴᠠ ᠳᠠᠬᠢᠨ ᠪᠠᠰᠠ ᠶᠣᠰᠣᠯᠠᠯ ᠤ᠋ᠨ ᠵᠤᠷᠭᠠᠨ ᠤ᠋ ᠱᠠᠩᠱᠤ ᠲᠦᠰᠢᠮᠡᠯ ᠣᠤ ᠲᠦᠨ ᠯᠢᠩ ᠪᠦ ᠶ᠋ᠢ ᠵᠠᠷᠤᠵᠤ᠂ ᠬᠠᠷᠢᠯᠴᠠᠨ ᠨᠠᠢᠷᠠᠯᠳᠤᠵᠤ ᠭᠡᠷ᠎ᠡ ᠪᠢᠴᠢᠭ ᠪᠠᠢᠭᠤᠯᠤᠨ᠂ ᠶᠡᠬᠡ ᠬᠤᠷᠢᠮ ᠬᠤᠷᠢᠮᠯᠠᠨ ᠰᠠᠢᠨ ᠪᠣᠯᠤᠯᠴᠠᠪᠠ᠃ ᠯᠢ ᠵᠦᠩ ᠣᠣ ᠰᠣᠨᠣᠰᠴᠤ ᠵᠢᠬᠡᠭᠦᠨ ᠢ᠋ᠶ᠋ᠡᠷ ᠢᠨᠢᠶᠡᠨ ᠥᠭᠦᠯᠡᠭᠰᠡᠨ ᠢᠨᠤ : 《ᠮᠣᠩᠭᠣᠯ ᠤ᠋ᠨ ᠳᠠᠢᠰᠤᠨ ᠢ ᠭᠡᠭᠡᠭᠡᠳ ᠠᠯᠲᠠᠨ ᠤ᠋ ᠰᠠᠢᠨ ᠢ ᠡᠷᠢᠭᠰᠡᠨ ᠢᠨᠦ ᠭᠠᠯ ᠳᠡᠭᠡᠷ᠎ᠡ ᠲᠣᠰᠣ ᠨᠡᠮᠡᠭᠰᠡᠨ ᠬᠡᠷᠡᠭ ᠂ ᠮᠥᠬᠥᠬᠦ ᠡᠴᠡ ᠬᠡᠷᠬᠢᠪᠡᠴᠦ ᠬᠡᠯᠲᠦᠷᠢᠨ ᠴᠢᠳᠠᠬᠤ ᠦᠭᠡᠢ! 》ᠬᠡᠮᠡᠭᠰᠡᠨ ᠠᠵᠤᠭᠤ᠃ ᠡᠳᠡᠭᠡᠷ ᠢ᠋ ᠬᠡᠯᠡᠯᠴᠡᠬᠦ ᠦᠭᠡᠢ᠂ ᠵᠢᠴᠢ ᠮᠣᠩᠭᠣᠯ ᠤᠯᠤᠰ ᠤ᠋ᠨ ᠲᠤᠰᠬᠠᠢ ᠬᠡᠷᠡᠭ ᠢ᠋ᠶ᠋ᠡᠨ ᠬᠡᠯᠡᠰᠦᠭᠡᠢ᠃
ᠲᠡᠨᠳᠡᠴᠡ ᠮᠣᠩᠭᠣᠯ ᠤ᠋ᠨ ᠡᠨᠡ ᠤᠳᠠᠭ᠎ᠠ ᠶ᠋ᠢᠨ ᠲᠠᠢᠬᠡᠦ ᠶ᠋ᠢᠨ ᠶᠡᠬᠡ ᠪᠡᠯᠪᠡᠰᠦᠷᠡᠯ ᠳ᠋ᠦ᠍ᠷ ᠰᠥᠩ᠂ ᠠᠯᠲᠠᠨ᠂ ᠰᠢᠶᠠ ᠴᠥᠮ ᠤᠬᠢᠯᠠᠷᠠ ᠢᠷᠡᠭᠰᠡᠨ ᠠᠲᠠᠯ᠎ᠠ ᠰᠣᠯᠣᠩᠭᠣᠰ ᠤᠯᠤᠰ ᠵᠠᠭᠤᠨ ᠬᠣᠨᠣᠭ ᠤ᠋ᠨ ᠳᠣᠲᠣᠷ᠎ᠠ ᠢᠷᠡᠵᠦ ᠵᠠᠪᠳᠤᠭᠰᠠᠨ ᠦᠭᠡᠢ ᠳ᠋ᠦ᠍ᠷ ᠬᠠᠰᠠᠷ᠂ ᠪᠡᠯᠭᠦᠳᠡᠢ᠂ ᠪᠤᠭᠤᠷᠵᠢ᠂ ᠴᠢᠯᠠᠭᠤᠨ ᠳᠥᠷᠪᠡᠨ ᠸᠠᠩ ᠵᠥᠪᠯᠡᠵᠦ᠂ ᠰᠣᠯᠣᠩᠭᠣᠰ ᠤᠯᠤᠰ ᠤ᠋ᠨ ᠸᠠᠩ᠂ ᠴᠧ ᠸᠠᠩ ᠠ᠋ᠴᠠ ᠶᠠᠯ᠎ᠠ ᠠᠰᠠᠭᠤᠯᠭᠠᠷ᠎ᠠ᠂ ᠤᠭ ᠭᠠᠰᠠᠯᠠᠩ ᠢ᠋ ᠵᠠᠷᠯᠠᠭᠰᠠᠨ ᠯᠢᠶᠣᠣ ᠳ᠋ᠦᠩ ᠦ᠋ᠨ ᠬᠢᠵᠠᠭᠠᠷ ᠢ᠋ ᠰᠠᠬᠢᠬᠤ ᠵᠡᠭᠦᠨ ᠡᠲᠡᠭᠡᠳ ᠦ᠋ᠨ ᠶᠡᠬᠡ ᠵᠠᠩᠵᠤᠨ ᠬᠦ᠌ ᠢᠦᠢ ᠶ᠋ᠢ ᠵᠠᠷᠤᠪᠠ᠂ ᠭᠠᠰᠠᠯᠠᠩ ᠤ᠋ᠨ ᠬᠡᠷᠡᠭ ᠢ᠋ ᠣᠯᠠᠨᠲᠠ ᠲᠣᠭᠠᠴᠢᠵᠤ ᠶᠠᠭᠤ ᠬᠢᠮᠦᠢ᠃ ᠲᠡᠳᠦᠢ ᠵᠠᠭᠤᠨ ᠡᠳᠦᠷ ᠦ᠋ᠨ ᠴᠢᠬᠤᠯᠠ ᠪᠡᠯᠪᠡᠰᠦᠷᠡᠯ ᠲᠡᠭᠦᠰᠴᠦ᠂ ᠬᠠᠭᠠᠨ ᠤ᠋ ᠪᠡᠶ᠎ᠡ ᠲᠡᠷᠢᠭᠦᠯᠡᠨ ᠳᠥᠷᠪᠡᠨ ᠳᠡᠭᠦᠦ ᠳᠣᠯᠣᠭᠠᠨ ᠬᠥᠪᠡᠭᠦᠨ᠂ ᠵᠢᠴᠢ ᠬᠠᠭᠠᠨ ᠤ᠋ ᠥᠬᠢᠨ ᠳᠡᠭᠦᠦ ᠲᠤᠨᠤᠮᠠᠯ ᠲᠠᠵᠢ ᠭᠦᠩᠵᠦ᠂ ᠳᠡᠭᠦᠦ ᠬᠦᠷᠭᠡᠨ ᠲᠠᠪᠤᠨᠠᠩ ᠹᠦ ᠮᠠ ᠪᠣᠲ᠋ᠤ᠂ ᠬᠠᠭᠠᠨ ᠤ᠋ ᠥᠬᠢᠨ ᠰᠡᠴᠡᠨ ᠰᠡᠷᠭᠦᠯᠡᠩ ᠵᠢᠨ ᠭᠦᠸᠧ ᠶ᠋ᠢᠨ ᠭᠦᠩᠵᠦ᠂ ᠤᠯᠤᠰ ᠤ᠋ᠨ ᠹᠦ ᠮᠠ ᠲᠠᠪᠤᠨᠠᠩ ᠴᠡᠴᠡᠭ᠂ ᠡᠭᠦᠨ ᠡᠴᠡ ᠭᠠᠳᠠᠨ᠎ᠠ ᠳᠥᠷᠪᠡᠨ ᠸᠠᠩ ᠤ᠋ᠨ ᠬᠡᠦᠬᠡᠳ ᠪᠠ ᠠᠴᠢ ᠨᠠᠷ ᠪᠦᠭᠦᠳᠡᠭᠡᠷ ᠳᠡᠭᠡᠳᠦ ᠦᠯᠡᠭᠦᠦ ᠢᠷᠦᠭᠡᠯᠲᠦ ᠲᠠᠢᠬᠡᠦ ᠶ᠋ᠢᠨ ᠴᠢᠨᠳᠠᠷ ᠢ᠋ ᠭᠦᠸᠧ ᠳᠡ ᠶ᠋ᠢᠨ ᠳ᠋ᠢᠶᠠᠨ ᠬᠠᠷᠰᠢ ᠳ᠋ᠤᠷ ᠵᠠᠯᠠᠵᠤ᠂ ᠬᠣᠢᠲᠤ ᠵᠢᠯ ᠦ᠋ᠨ ᠬᠠᠪᠤᠷ ᠬᠣᠢᠲᠤ ᠵᠦᠭ ᠬᠠᠨ ᠠᠭᠤᠯᠠᠨ ᠤ᠋ ᠥᠪᠥᠷ ᠬᠠᠳᠠ ᠮᠥᠷᠡᠨ ᠦ᠌ ᠬᠣᠢᠨ᠎ᠠ᠂ ᠪᠠᠭᠠᠲᠤᠷ ᠡᠵᠡᠨ ᠯᠢᠶ᠋ᠸ ᠽᠦ᠍ ᠬᠠᠭᠠᠨ ᠯᠤᠭ᠎ᠠ ᠣᠩᠭᠣᠯᠠᠬᠤ ᠶ᠋ᠢ ᠪᠡᠯᠡᠳᠪᠡ᠃ ᠲᠡᠳᠦᠢ ᠭᠤᠷᠪᠠᠨ ᠡᠳᠦᠷ ᠲᠦ᠍ᠷ ᠨᠢᠭᠡᠨ ᠤᠳᠠᠭ᠎ᠠ ᠲᠠᠬᠢᠯ ᠡᠷᠭᠦᠮᠦᠢ᠃ ᠬᠠᠭᠠᠨ ᠮᠥᠨ ᠪᠡᠯᠪᠡᠰᠦᠷᠡᠯ ᠢ᠋ ᠰᠠᠬᠢᠨ ᠠᠪᠠ ᠠᠶᠠᠨ ᠴᠡᠷᠢᠭ ᠲᠡᠢᠨ ᠢ᠋ ᠴᠡᠭᠡᠷᠯᠡᠵᠦ᠂ ᠲᠦᠷ ᠨᠢᠭᠡᠨ ᠣᠢ ᠶ᠋ᠢ ᠬᠦᠯᠢᠶᠡᠮᠦᠢ᠃ ᠡᠨᠡ ᠦᠶ᠎ᠡ ᠳ᠋ᠦ᠍ᠷ ᠡᠮᠦᠨ᠎ᠡ ᠮᠣᠵᠢ ᠶ᠋ᠢᠨ ᠮᠤᠤᠰᠠᠢᠨ ᠬᠢᠲᠠᠳ ᠵᠠᠩᠵᠤᠨ ᠨᠠᠷ ᠲᠠᠢᠰᠢ ᠭᠦᠸᠧ ᠸᠠᠩ ᠮᠤᠬᠤᠯᠢ ᠥᠩᠭᠡᠷᠡᠵᠦ᠂ ᠲᠡᠭᠦᠨ ᠦ᠌ ᠳᠡᠭᠦᠦ ᠳᠠᠢᠰᠤᠨᠳᠠᠷᠤᠭᠴᠢ ᠵᠢᠶᠦ᠋ᠨ ᠸᠠᠩ ᠲᠡᠭᠦᠨ ᠦ᠌ ᠬᠥᠪᠡᠭᠦᠨ ᠲᠠᠢᠰᠢ ᠭᠦᠸᠧ ᠸᠠᠩ ᠪᠤᠯᠤ ᠨᠠᠷ ᠤ᠋ᠨ ᠴᠡᠷᠢᠭ ᠦ᠋ᠨ ᠠᠯᠳᠠᠷ ᠳᠡᠮᠡᠢᠯᠡ ᠠᠯᠳᠠᠷᠰᠢᠨ ᠣᠯᠠᠨ ᠢ᠋ᠶ᠋ᠠᠷ ᠠᠶᠤᠭᠠᠳᠤᠢ ᠲᠤᠯᠠ ᠵᠢᠷᠤᠮ ᠦᠭᠡᠢ ᠬᠢᠲᠠᠳ ᠵᠠᠩᠵᠤᠨ ᠨᠠᠷ ᠠᠨᠤ ᠥᠪᠡᠷ᠎ᠡ ᠰᠡᠳᠬᠢᠯ ᠡᠪᠦᠷᠯᠡᠯᠴᠡᠵᠦ ᠪᠠᠢᠳᠠᠯ ᠢ᠋ ᠦᠵᠡᠬᠦᠶ᠎ᠡ᠂ ᠯᠢᠶᠣᠣ ᠳ᠋ᠦᠩ ᠦ᠋ᠨ ᠬᠢᠵᠠᠭᠠᠷ ᠤ᠋ᠨ ᠵᠡᠭᠦᠨ ᠭᠠᠷᠤᠨ ᠶᠡᠬᠡ ᠵᠠᠩᠵᠤᠨ ᠬᠦ᠌ ᠢᠦᠢ ᠮᠥᠨ ᠬᠠᠷᠠᠬᠠᠨ ᠨᠢᠭᠡᠨ ᠵᠣᠪᠬᠢᠰ ᠢ᠋ ᠡᠵᠡᠯᠡᠰᠦᠭᠡᠢ ᠭᠡᠮᠡᠨ ᠰᠡᠳᠬᠢᠨ ᠠᠲᠠᠯ᠎ᠠ ᠭᠡᠨᠡᠳᠲᠡ ᠲᠡᠭᠦᠨ ᠢ᠋ ᠵᠠᠷᠯᠢᠭ ᠢ᠋ᠶ᠋ᠠᠷ ᠰᠣᠯᠣᠩᠭᠣᠰ ᠠ᠋ᠴᠠ ᠶᠠᠯ᠎ᠠ ᠠᠰᠠᠭᠤᠬᠤ ᠡᠯᠴᠢ ᠭᠡᠮᠡᠨ ᠵᠠᠷᠯᠢᠭ ᠬᠦᠷᠴᠦ ᠢᠷᠡᠭᠰᠡᠨ ᠳ᠋ᠦ᠍ᠷ ᠬᠦ᠌ ᠢᠦᠢ ᠶ᠋ᠢᠨ ᠳᠣᠲᠣᠷ᠎ᠠ ᠪᠠᠰᠠ ᠨᠢᠭᠡᠨ ᠰᠠᠨᠠᠭᠠᠨ ᠣᠷᠣᠵᠤ᠂ ᠡᠨᠡ ᠲᠠᠰᠢᠷᠠᠮ ᠳ᠋ᠤᠷ ᠰᠣᠯᠣᠩᠭᠣᠰ ᠤᠯᠤᠰ ᠲᠤᠷ ᠬᠦᠷᠴᠦ ᠪᠠᠢᠳᠠᠯ ᠢ᠋ ᠦᠵᠡᠰᠦᠭᠡᠢ᠂ ᠮᠢᠨᠦ ᠵᠠᠷᠤᠭᠰᠠᠨ ᠡᠯᠴᠢ ᠡᠭᠡᠭᠰᠡᠨ ᠦᠭᠡᠢ᠂ ᠶᠠᠭᠠᠬᠢᠭᠰᠠᠨ ᠢ᠋ ᠡᠰᠡ ᠮᠡᠳᠡᠪᠡ᠃ ᠲᠡᠢᠨ ᠬᠦ᠌ ᠡᠳᠦᠭᠡ ᠮᠢᠨᠦ ᠪᠡᠶ᠎ᠡ ᠳ᠋ᠦ᠍ᠷ ᠬᠦᠷᠴᠦ ᠢᠷᠡᠪᠡ᠃ ᠶᠠᠭᠤᠨ ᠪᠣᠯᠪᠠᠴᠤ ᠪᠢ ᠥᠪᠡᠷ ᠢ᠋ᠶ᠋ᠡᠨ ᠡᠴᠢᠵᠦ ᠪᠠᠢᠳᠠᠯ ᠢ᠋ ᠦᠵᠡᠰᠦᠭᠡᠢ ᠭᠡᠮᠡᠨ ᠬᠡᠳᠦᠨ ᠠᠷᠪᠠᠨ ᠬᠥᠮᠦᠨ ᠢ᠋ ᠳᠠᠭᠠᠭᠤᠯᠵᠤ᠂ ᠬᠣᠯᠠ ᠠᠶᠠᠨ ᠤ᠋ ᠶᠠᠪᠤᠳᠠᠯ ᠢ᠋ᠶ᠋ᠠᠷ ᠭᠠᠤᠯᠢ ᠤᠯᠤᠰ ᠤ᠋ᠨ ᠵᠦᠭ ᠣᠷᠣᠪᠠ᠃ ᠤᠭ ᠠ᠋ᠴᠠ ᠮᠣᠩᠭᠣᠯ ᠤ᠋ᠨ ᠭᠠᠰᠠᠯᠠᠩ ᠤ᠋ᠨ ᠵᠠᠷ ᠢ᠋ ᠣᠢᠷ᠎ᠠ ᠶ᠋ᠢ ᠦᠵᠡᠵᠦ ᠯᠢᠶᠣᠣ ᠳ᠋ᠦᠩ ᠦ᠋ᠨ ᠵᠠᠩᠵᠤᠨ ᠬᠦ᠌ ᠢᠦᠢ ᠳ᠋ᠦ᠍ᠷ ᠢᠯᠡᠭᠡᠵᠦ᠂ ᠰᠣᠯᠣᠩᠭᠣᠰ ᠲᠤᠷ ᠳᠣᠪᠲᠣᠯᠭᠠᠨ ᠢᠯᠡᠭᠡᠭᠰᠡᠨ ᠳ᠋ᠦ᠍ᠷ ᠰᠣᠯᠣᠩᠭᠣᠰ ᠤ᠋ᠨ ᠸᠠᠩ ᠰᠣᠨᠣᠰᠴᠤ᠂ ᠵᠠᠷ ᠢ ᠦᠵᠡᠪᠡᠰᠦ ᠡᠷᠬᠡᠪᠰᠢ ᠤᠯᠤᠰ ᠤᠯᠤᠰ ᠤ᠋ᠨ ᠡᠵᠡᠳ ᠢ ᠪᠡᠶ᠎ᠡ ᠪᠡᠷ ᠢᠷᠡᠵᠦ ᠭᠠᠰᠠᠯᠠᠩ ᠳ᠋ᠤᠷ ᠬᠠᠮᠲᠤᠳᠬᠠ᠂ ᠬᠡᠷᠪᠡ ᠰᠢᠯᠲᠠᠭᠯᠠᠨ ᠲᠦᠯᠬᠢᠬᠦ ᠪᠠ ᠲᠦᠰᠢᠮᠡᠯ ᠢ᠋ᠶ᠋ᠡᠨ ᠲᠥᠯᠥᠭᠡᠯᠡᠨ ᠵᠠᠷᠤᠪᠠᠰᠤ ᠶᠠᠯ᠎ᠠ ᠬᠡᠯᠡᠯᠴᠡᠬᠦ ᠴᠠᠭ ᠲᠤᠷ ᠪᠢᠲᠡᠭᠡᠢ ᠭᠡᠮᠰᠢ᠂ ᠡᠨᠡ ᠬᠡᠮᠡᠭᠴᠢ ᠪᠣᠭᠳᠠ ᠡᠵᠡᠨ ᠤ ᠦᠨᠳᠦᠰᠦᠨ ᠢ ᠳᠡᠯᠭᠡᠷᠡᠭᠦᠯᠦᠭᠰᠡᠨ ᠬᠤᠸᠠᠩ ᠲᠠᠢᠬᠡᠦ᠂ ᠪᠤᠰᠤ ᠭᠠᠰᠠᠯᠠᠩ ᠳ᠋ᠤᠷ ᠦᠯᠢᠳᠬᠡᠵᠦ ᠦᠯᠦ ᠪᠣᠯᠤᠮᠤᠢ ᠬᠡᠮᠡᠵᠦᠬᠦᠢ᠃ ᠲᠡᠳᠦᠢ ᠭᠠᠤᠯᠢ ᠶ᠋ᠢᠨ ᠡᠵᠡᠨ ᠴᠧ ᠸᠠᠩ ᠣᠯᠠᠨ ᠯᠤᠭ᠎ᠠ ᠪᠠᠨ ᠵᠥᠪᠯᠡᠨ ᠥᠭᠦᠯᠡᠷᠦᠨ : 《ᠡᠭᠦᠨ ᠢ ᠣᠳᠣ ᠬᠡᠷᠬᠢᠪᠡᠰᠦ ᠰᠠᠢᠨ ? ᠪᠢ ᠪᠡᠶ᠎ᠡ ᠪᠡᠷ ᠡᠴᠢᠰᠦᠭᠡᠢ ᠬᠡᠮᠡᠬᠦᠯ᠎ᠡ ᠭᠠᠵᠠᠷ ᠬᠣᠯᠠ ᠪᠥᠭᠡᠳ ᠲᠡᠨᠳᠡ ᠬᠦᠷᠪᠡᠰᠦ ᠪᠠᠰᠠ ᠶᠠᠮᠪᠠᠷ ᠭᠤᠲᠤᠮᠰᠢᠭ ᠢ ᠡᠳ᠋ᠯᠡᠬᠦ ᠮᠠᠭᠠᠳ ᠦᠭᠡᠢ᠂ ᠲᠠᠢᠽᠢ ᠶ᠋ᠢ ᠢᠯᠡᠭᠡᠰᠦᠭᠡᠢ ᠬᠡᠮᠡᠬᠦᠯ᠎ᠡ ᠪᠠᠰᠠ ᠪᠠᠷᠢᠵᠤ ᠠᠪᠤᠭᠠᠳ ᠳᠡᠨᠵᠢ ᠳᠠᠷᠤᠬᠤ ᠮᠥᠨ ᠮᠠᠭᠠᠳ ᠦᠭᠡᠢ᠂ ᠨᠢᠭᠡᠮᠦᠰᠦᠨ ᠵᠥᠷᠢᠴᠡᠰᠦᠭᠡᠢ ᠬᠡᠮᠡᠬᠦᠯ᠎ᠡ᠂ ᠲᠡᠳᠡᠨ ᠤ ᠴᠡᠷᠢᠭ ᠦ᠋ᠨ ᠬᠦᠴᠦᠨ ᠠᠰᠤᠷᠤ ᠬᠡᠴᠡᠭᠦᠦ᠂ ᠯᠠᠪ ᠶᠠᠯ᠎ᠠ ᠠᠰᠠᠭᠤᠵᠤ ᠴᠡᠷᠢᠭ ᠵᠠᠷᠤᠵᠤ᠂ ᠮᠥᠨ ᠰᠢᠯᠲᠠᠭ ᠲᠤᠷ ᠮᠠᠨ ᠤ᠋ ᠤᠯᠤᠰ ᠢ ᠬᠤᠷᠢᠶᠠᠮᠵᠢᠯᠠᠮᠤᠢ᠃ ᠣᠳᠣ ᠬᠡᠷᠬᠢᠪᠡᠰᠦ ᠰᠠᠢᠨ ? ᠲᠥᠯᠥᠭᠡᠯᠡᠬᠦ ᠲᠦᠰᠢᠮᠡᠯ ᠵᠠᠷᠤᠰᠤᠭᠠᠢ ᠬᠡᠮᠡᠬᠦᠯ᠎ᠡ ᠲᠤᠰᠬᠠᠢᠯᠠᠨ ᠴᠠᠭᠠᠵᠠᠯᠠᠨ ᠢᠷᠡᠵᠦᠬᠦᠢ ! 》ᠭᠡᠮᠡᠨ ᠵᠣᠪᠠᠭᠣᠷᠢᠰᠢᠶᠠᠬᠤᠢ ᠳ᠋ᠤᠷ ᠰᠣᠯᠣᠩᠭᠣᠰ ᠤ᠋ᠨ ᠡᠷᠬᠢᠯᠡᠭᠰᠡᠨ ᠰᠠᠢᠳ ᠵᠣᠣ ᠵᠦᠩ ᠭᠠᠷᠴᠤ ᠥᠭᠦᠯᠡᠷᠦᠨ :《ᠡᠵᠡᠨ ᠤ ᠪᠡᠶ᠎ᠡ ᠡᠴᠢᠬᠦ ᠶ᠋ᠢ ᠪᠠᠢᠵᠤ ᠲᠠᠢᠽᠢ ᠶ᠋ᠢ ᠢᠯᠡᠭᠡᠰᠦᠭᠡᠢ᠂ ᠮᠣᠩᠭᠣᠯ ᠤ᠋ᠨ ᠡᠵᠡᠨ ᠬᠡᠳᠦᠢ ᠬᠦᠴᠦᠷᠬᠡᠭ ᠪᠣᠯᠪᠠᠴᠤ ᠶᠠᠪᠤᠳᠠᠯ ᠦᠵᠡᠯ ᠮᠠᠰᠢ ᠭᠡᠭᠡᠬᠡᠨ ᠲᠣᠳᠣᠷᠬᠠᠢ᠂ ᠭᠠᠰᠠᠯᠠᠩ ᠳ᠋ᠤᠷ ᠤᠬᠢᠯᠠᠷᠠ ᠡᠴᠢᠭᠰᠡᠳ ᠢ ᠪᠠᠷᠢᠵᠤ ᠳᠡᠨᠵᠢ ᠳᠠᠷᠤᠬᠤ ᠳ᠋ᠤᠷ ᠦᠯᠦ ᠬᠥᠷᠥᠮᠦᠢ᠂ ᠬᠡᠷᠪᠡ ᠵᠥᠷᠢᠴᠡᠪᠡᠰᠦ ᠮᠣᠩᠭᠣᠯ ᠤ᠋ᠨ ᠣᠳᠣᠨ ᠭᠡᠷᠡᠯ ᠰᠢᠨ᠎ᠡ ᠪᠠᠳᠠᠷᠠᠬᠤ ᠴᠠᠭ ᠮᠠᠨ ᠤ᠋ ᠤᠯᠤᠰ ᠲᠤᠷ ᠯᠠᠪ ᠵᠣᠪᠠᠯᠠᠩ ᠢᠷᠡᠮᠦᠢ ! 》 ᠬᠡᠮᠡᠭᠰᠡᠨ ᠳ᠋ᠦ᠍ᠷ ᠶᠡᠬᠡ ᠶᠤᠸᠠᠨᠱᠤᠸᠠᠢ ᠾᠦᠩ ᠳᠧ ᠰᠢᠦᠸᠠᠨ ᠮᠥᠨ ᠲᠠᠪᠰᠢᠵᠤ ᠠᠢᠯᠠᠳᠬᠠᠷᠤᠨ᠂ ᠡᠷᠬᠢᠯᠡᠭᠰᠡᠨ ᠰᠠᠢᠳ ᠵᠣᠣ ᠵᠦᠩ ᠦ᠋ᠨ ᠦᠭᠡ ᠮᠠᠰᠢ ᠵᠦᠢ᠂ ᠲᠠᠢᠽᠢ ᠶ᠋ᠢ ᠢᠯᠡᠭᠡᠭᠡᠳ ᠬᠡᠳᠦᠢ ᠲᠦᠭᠰᠢᠭᠦᠷᠢ ᠲᠡᠢ ᠪᠣᠯᠪᠠᠴᠤ ᠲᠡᠨᠳᠡ ᠪᠠᠰᠠ ᠮᠠᠨ ᠤ᠋ ᠲᠤᠰᠠ ᠶ᠋ᠢ ᠣᠯᠵᠤ ᠡᠵᠡᠨ ᠯᠦ᠍ᠭᠡ ᠠᠮᠠᠷᠠᠭᠯᠠᠭᠰᠠᠨ ᠬᠠᠵᠤᠰᠢᠯ ᠪᠣᠢ᠂ ᠲᠡᠭᠦᠨ ᠳ᠋ᠦ᠍ᠷ ᠨᠢᠭᠡᠨ ᠪᠢᠴᠢᠭ ᠥᠭᠴᠦ ᠬᠠᠷᠠᠭᠠᠯᠵᠠᠬᠤᠢ ᠶ᠋ᠢ ᠭᠣᠶᠣᠪᠠᠰᠤ ᠠᠷᠪᠠᠨ ᠳ᠋ᠤᠷ ᠠᠯᠳᠠᠰᠢ ᠭᠠᠷᠬᠤ ᠦᠭᠡᠢ᠂ ᠡᠢᠨ ᠪᠣᠯᠪᠠᠰᠤ ᠬᠣᠶᠠᠷ ᠲᠤᠷ ᠪᠦᠷᠢᠳᠬᠦ ᠰᠠᠢᠨ ᠠᠷᠭ᠎ᠠ ᠮᠥᠨ ! 》ᠬᠡᠮᠡᠭᠰᠡᠨ ᠳ᠋ᠦ᠍ᠷ ᠪᠠᠷᠠᠭᠤᠨ ᠡᠲᠡᠭᠡᠳ ᠦ᠋ᠨ ᠴᠧᠩᠰᠢᠶᠠᠩ ᠴᠢ ᠭᠦᠸᠧ ᠤᠭ ᠠ᠋ᠴᠠ ᠵᠠᠩ ᠣᠮᠣᠷᠬᠠᠭ ᠮᠠᠲᠠᠯ ᠥᠴᠦᠬᠡᠨ᠂ ᠮᠣᠩᠭᠣᠯ ᠳ᠋ᠤᠷ ᠠᠯᠪᠠ ᠪᠠᠷᠢᠬᠤ ᠶ᠋ᠢ ᠮᠠᠰᠢ ᠳᠠᠭᠠᠯᠠᠬᠤ ᠦᠭᠡᠢ ᠪᠥᠯᠥᠭᠡ᠂ ᠡᠳᠦᠭᠡ ᠡᠳᠡ ᠢᠨᠤ ᠡᠨᠡ ᠮᠡᠲᠦ ᠬᠡᠯᠡᠯᠴᠡᠬᠦᠢ ᠳ᠋ᠦ᠍ᠷ ᠭᠠᠷᠴᠤ ᠥᠭᠦᠯᠡᠷᠦᠨ : 《ᠮᠠᠨ ᠤ᠋ ᠤᠯᠤᠰ ᠬᠡᠮᠡᠭᠴᠢ ᠡᠷᠲᠡᠨ ᠤ ᠵᠧᠦ ᠤᠯᠤᠰ ᠠ᠋ᠴᠠ ᠢᠨᠠᠭᠰᠢ ᠵᠢᠽᠢ ᠪᠣᠭᠳᠠ ᠶ᠋ᠢᠨ ᠦᠷᠡᠰ ᠭᠡᠮᠡᠨ ᠳᠤᠮᠳᠠᠳᠤ ᠤᠯᠤᠰ ᠪᠦᠷᠢ ᠳ᠋ᠦ᠍ᠷ ᠣᠭᠲᠣ ᠬᠥᠩᠭᠡᠯᠡᠭᠳᠡᠭᠰᠡᠨ ᠦᠭᠡᠢ᠂ ᠺᠦᠩᠽᠢ ᠪᠣᠭᠳᠠ ᠶ᠋ᠢᠨ ᠦᠶ᠎ᠡ ᠡᠴᠡ ᠬᠠᠳ ᠤ᠋ᠳ ᠲᠤᠷ ᠬᠦᠨᠳᠦᠯᠡᠭᠳᠡᠭᠰᠡᠭᠡᠷ ᠢᠷᠡᠪᠡ᠃ ᠡᠳᠦᠭᠡ ᠠᠷᠠᠢ ᠨᠢᠭᠡᠨ ᠪᠣᠯᠬᠢ ᠪᠢᠲᠡᠭᠦᠯᠢᠭ ᠲᠡᠨᠡᠭ ᠮᠤᠩᠬᠠᠭ ᠳᠡᠢᠯᠦᠮᠡᠲᠡᠭᠡᠢ ᠲᠦᠷᠢᠮᠡᠬᠡᠢ ᠮᠣᠩᠭᠣᠯ ᠤᠯᠤᠰ ᠢ ᠦᠵᠡᠮᠡᠭᠴᠡ ᠳᠠᠷᠤᠢ ᠪᠣᠭᠣᠯᠲᠠᠨ ᠳᠠᠭᠠᠵᠤ᠂ ᠠᠯᠪᠠ ᠪᠠᠷᠢᠬᠤ ᠠᠨᠤ ᠡᠷᠲᠡᠨ ᠤ ᠬᠠᠳ ᠤ᠋ᠨ ᠰᠦᠷ ᠰᠦᠯᠳᠡ ᠳ᠋ᠦ᠍ᠷ ᠶᠠᠯ᠎ᠠ ᠲᠠᠢ ᠪᠣᠯᠤᠭᠰᠠᠨ ᠪᠥᠭᠡᠲᠡᠯ᠎ᠡ ᠡᠳᠦᠭᠡ ᠪᠠᠰᠠ ᠲᠡᠭᠦᠨ ᠤ ᠪᠡᠯᠪᠡᠰᠦᠷᠡᠯ ᠳ᠋ᠦ᠍ᠷ ᠡᠨᠡ ᠮᠡᠲᠦ ᠡᠴᠢᠬᠦ ᠢᠨᠤ ᠰᠢᠭᠤᠳ ᠲᠡᠭᠦᠨ ᠤ ᠭᠡᠷ ᠦ᠋ᠨ ᠪᠣᠭᠣᠯ ᠠ᠋ᠴᠠ ᠢᠯᠭᠠᠯ ᠦᠭᠡᠢ ᠪᠣᠯᠬᠤ ᠪᠤᠰᠤ ᠤᠤ ! ᠠᠩᠬ᠎ᠠ ᠤᠳᠠᠭ᠎ᠠ ᠮᠣᠩᠭᠣᠯ ᠤ᠋ᠨ ᠴᠡᠷᠢᠭ ᠬᠢᠳᠠᠨ ᠳ᠋ᠤᠷ ᠠᠪᠲᠠᠭᠰᠠᠨ ᠮᠠᠨ ᠤ᠋ ᠵᠢᠶᠠᠩ ᠳ᠋ᠦᠩ ᠴᠧᠩ ᠬᠣᠲᠠ ᠶ᠋ᠢ ᠠᠪᠴᠤ ᠥᠭᠭᠦᠭᠰᠡᠨ ᠲᠠᠯ᠎ᠠ ᠪᠣᠢ ᠲᠤᠯᠠ ᠲᠡᠭᠦᠨ ᠳ᠋ᠦ᠍ᠷ ᠪᠠᠬᠠᠨ ᠨᠠᠢᠷ ᠲᠠᠯᠪᠢᠭᠰᠠᠨ ᠪᠣᠯᠲᠤᠭᠠᠢ᠃ ᠡᠨᠡ ᠤᠳᠠᠭ᠎ᠠ ᠶᠠᠭᠤᠨ ᠳ᠋ᠤᠷ ᠲᠡᠭᠦᠨ ᠤ ᠪᠣᠭᠣᠯ ᠠᠯᠪᠠᠲᠤ ᠮᠡᠲᠦ ᠡᠷᠬᠡᠪᠰᠢ ᠲᠡᠭᠦᠨ ᠦ᠌ ᠵᠢᠷᠤᠭᠰᠠᠨ ᠵᠢᠷᠣᠭ᠎ᠠ ᠶ᠋ᠢᠨ ᠶᠣᠰᠣᠭᠠᠷ ᠳᠠᠭᠠᠵᠤ ᠶᠠᠪᠤᠮᠤᠢ ! ᠮᠣᠩᠭᠣᠯ ᠬᠡᠳᠦᠢ ᠮᠠᠨ ᠳ᠋ᠤᠷ ᠥᠴᠦᠬᠡᠨ ᠴᠦ᠍ ᠲᠤᠰᠠ ᠪᠣᠯᠪᠠ᠂ ᠭᠡᠪᠡᠴᠦ ᠪᠢᠳᠡ ᠮᠥᠨ ᠠᠷᠪᠠᠨ ᠬᠤᠪᠢ ᠪᠠᠷ ᠬᠠᠷᠢᠭᠤᠯᠠᠵᠤ᠂ ᠬᠡᠳᠦᠢᠴᠢᠨᠡᠭᠡᠨ ᠨᠠᠢᠷ ᠲᠠᠯ᠎ᠠ ᠬᠦᠨᠳᠦᠯᠡᠬᠦ ᠡᠷᠬᠢᠮ ᠢ ᠭᠦᠢᠴᠡᠭᠡᠭᠰᠡᠨ ᠡᠴᠡ ᠭᠠᠳᠠᠨ᠎ᠠ᠂ ᠪᠠᠰᠠ ᠡᠳᠦᠭᠡ ᠪᠣᠯᠲᠠᠯ᠎ᠠ ᠵᠢᠯ ᠪᠦᠷᠢ ᠠᠯᠪᠠ ᠪᠠᠷᠢᠪᠠ᠂ ᠨᠢᠭᠡᠨ ᠤᠳᠠᠭ᠎ᠠ ᠶ᠋ᠢᠨ ᠲᠠᠯ᠎ᠠ ᠳ᠋ᠤᠷ ᠠᠷᠪᠠᠨ ᠤᠳᠠᠭ᠎ᠠ ᠶ᠋ᠢᠨ ᠲᠠᠯ᠎ᠠ ᠨᠢᠭᠡᠨᠲᠡ ᠭᠦᠢᠴᠡᠳᠬᠡᠭᠰᠡᠨ ᠪᠥᠭᠡᠲᠡᠯ᠎ᠡ ᠡᠳᠦᠭᠡ ᠣᠨᠴᠠ ᠲᠡᠳᠡᠨ ᠤ ᠪᠣᠭᠣᠯ ᠮᠡᠲᠦ ᠶᠠᠪᠤᠬᠤ ᠠᠨᠤ ᠰᠠᠢᠨ ᠬᠡᠷᠡᠭ ᠪᠤᠰᠤ ! ᠦᠵᠡᠲᠡᠯ᠎ᠡ ᠤᠷᠢᠳᠠ ᠨᠢᠭᠡᠨ ᠤᠳᠠᠭ᠎ᠠ ᠬᠦᠨᠳᠦᠯᠡᠭᠰᠡᠨ ᠳ᠋ᠦ᠍ᠷ ᠡᠳᠦᠭᠡ ᠳᠠᠷᠤᠢ ᠪᠠᠶᠠᠷ ᠭᠠᠰᠠᠯᠠᠩ ᠳ᠋ᠤᠷ ᠴᠥᠮ ᠵᠠᠷᠯᠠᠨ ᠢᠷᠡᠭᠦᠯᠬᠦᠢ ᠳ᠋ᠦ᠍ᠷ ᠬᠦᠷᠴᠦᠬᠦᠢ᠂ ᠣᠳᠣ ᠬᠡᠳᠦᠨ ᠵᠢᠯ ᠨᠠᠢᠷᠠᠯᠳᠤᠪᠠᠰᠤ᠂ ᠵᠢᠯ ᠪᠦᠷᠢ ᠰᠢᠨᠡᠯᠡᠬᠦ ᠵᠢᠰᠢᠶ᠎ᠠ ᠴᠤ᠌ ᠲᠣᠭᠲᠠᠭᠠᠬᠤ ᠳ᠋ᠤᠷ ᠬᠥᠷᠥᠮᠦᠢ᠃ ᠡᠢᠮᠦ ᠪᠣᠯᠪᠠᠰᠤ ᠮᠠᠨ ᠤ᠋ ᠨᠢᠭᠡᠨ ᠤᠯᠤᠰ ᠢ ᠡᠵᠡᠯᠡᠵᠦ᠂ ᠡᠮᠦᠨ᠎ᠡ ᠵᠦᠭ ᠬᠠᠨᠳᠤᠨ ᠰᠠᠭᠤᠵᠤ ᠭᠠᠤᠯᠢ ᠬᠠᠭᠠᠨ ᠬᠡᠮᠡᠬᠦ ᠢᠨᠦ ᠶᠠᠮᠪᠠᠷ ᠠᠮᠲᠠ ᠪᠣᠢ ! ᠡᠳᠦᠭᠡ ᠰᠠᠢᠳ ᠨᠠᠳᠠ ᠳ᠋ᠤᠷ ᠨᠢᠭᠡᠨ ᠠᠷᠭ᠎ᠠ ᠪᠣᠢ ᠲᠡᠷᠢᠭᠦᠨ ᠳ᠋ᠦ᠍ᠷ ᠬᠣᠵᠢᠮ ᠪᠣᠭᠣᠯ ᠪᠣᠯᠬᠤ ᠵᠣᠪᠠᠯᠠᠩ ᠠ᠋ᠴᠠ ᠭᠡᠲᠦᠯᠦᠭᠡᠳ ᠬᠣᠶᠠᠷ ᠲᠤᠷ ᠤᠯᠤᠰ ᠢ᠋ᠶ᠋ᠠᠨ ᠡᠵᠡᠯᠡᠵᠦ ᠂ ᠦᠶ᠎ᠡ ᠤᠯᠠᠷᠢᠨ ᠡᠮᠦᠨᠡᠰᠢ ᠬᠠᠲᠤᠨ ᠬᠠᠭᠠᠨ ᠰᠠᠭᠤᠬᠤᠢ ᠳ᠋ᠤᠷ ᠢᠴᠢᠭᠦᠷᠢ ᠦᠭᠡᠢ ! 》ᠬᠡᠮᠡᠬᠦᠢ ᠳ᠋ᠦ᠍ᠷ ᠭᠠᠤᠯᠢ ᠴᠧ ᠸᠠᠩ ᠠᠰᠠᠭᠤᠷᠤᠨ : 《ᠲᠡᠢᠮᠦ ᠪᠣᠯᠪᠠᠰᠤ ᠮᠢᠨᠦ ᠬᠦᠰᠡᠬᠦ ᠢᠨᠤ ᠪᠣᠯᠠᠢ᠂ ᠭᠠᠭᠴᠠ ᠲᠡᠢᠮᠦ ᠪᠣᠯᠤᠨ ᠡᠰᠡ ᠴᠢᠳᠠᠬᠤᠢ ᠶ᠋ᠢᠨ ᠲᠤᠯᠠ ᠵᠣᠪᠠᠬᠤ ᠪᠣᠯᠠᠢ! 》 ᠬᠡᠮᠡᠭᠰᠡᠨ ᠳ᠋ᠦ᠍ᠷ ᠴᠢ ᠭᠦᠸᠧ ᠥᠴᠢᠷᠦᠨ : 《ᠮᠣᠩᠭᠣᠯ ᠤ᠋ᠨ ᠭᠣᠣᠯ ᠲᠤᠯᠭᠠᠭᠤᠷᠢ ᠠᠨᠤ ᠨᠢᠭᠡᠬᠡᠨ ᠮᠤᠬᠤᠯᠢ ᠪᠣᠯᠠᠢ᠂ ᠮᠤᠬᠤᠯᠢ ᠨᠢᠳᠤᠨᠤᠨ ᠵᠢᠯ ᠨᠢᠭᠡᠨᠲᠡ ᠦᠬᠦᠪᠡ᠂ ᠮᠣᠩᠭᠣᠯ ᠤ᠋ᠨ ᠡᠵᠡᠨ ᠤ ᠵᠢᠷᠦᠬᠡ ᠢᠨᠤ ᠳᠤᠲᠠᠭᠰᠠᠨ ᠪᠣᠯᠠᠢ᠂ ᠤᠷᠢᠳᠠ ᠶ᠋ᠢᠨ ᠯᠢᠶᠣᠣ ᠳ᠋ᠦᠩ ᠪᠠᠰᠠ ᠵᠢᠶᠠᠩ ᠳ᠋ᠦᠩ ᠳ᠋ᠦ᠍ᠷ ᠢᠷᠡᠭᠰᠡᠨ ᠲᠡᠳᠡᠭᠡᠷ ᠠᠵᠢᠨᠠᠢ ᠪᠠ ᠬᠠᠵᠤᠰᠢᠯ ᠨᠠᠷ ᠴᠥᠮ ᠡᠩ ᠦ᠋ᠨ ᠠᠷᠠᠳ ᠪᠣᠯᠠᠢ᠃ ᠭᠠᠭᠴᠠ ᠨᠢᠭᠡᠨ ᠮᠤᠬᠤᠯᠢ ᠳ᠋ᠤᠷ ᠢᠲᠡᠭᠡᠵᠦ ᠭᠠᠳᠠᠭᠠᠳᠤ ᠤᠯᠤᠰ ᠠᠶᠤᠭᠰᠠᠨ ᠪᠤᠶᠤ᠂ ᠡᠳᠦᠭᠡ ᠮᠤᠬᠤᠯᠢ ᠨᠢᠭᠡᠨᠲᠡ ᠦᠬᠦᠨ᠂ ᠮᠣᠩᠭᠣᠯ ᠤ᠋ᠨ ᠲᠤᠯᠭᠠᠭᠤᠷᠢ ᠲᠤᠭ ᠬᠤᠭᠤᠷᠠᠪᠠ᠂ ᠮᠣᠩᠭᠣᠯ ᠤ᠋ᠨ ᠡᠵᠡᠨ ᠬᠡᠳᠦᠢ ᠪᠠᠭᠠᠲᠤᠷ ᠴᠢᠭᠢᠷᠠᠭ ᠪᠣᠯᠪᠠᠴᠤ ᠭᠠᠭᠴᠠ ᠪᠡᠶ᠎ᠡ ᠨᠠᠢ᠍ᠮᠠᠨ ᠵᠣᠪᠬᠢᠰ ᠢ ᠪᠦᠷᠢᠨ᠎ᠡ ᠳᠠᠢᠯᠠᠨ ᠬᠦᠴᠦᠷᠭᠦ ? 》ᠬᠡᠮᠡᠭᠡᠳ ᠴᠧ ᠸᠠᠩ ᠤ᠋ᠨ ᠴᠢᠬᠢᠨ ᠤ ᠳᠡᠷᠭᠡᠳᠡ ᠡᠢᠮᠦ ᠲᠡᠢᠮᠦ ᠬᠡᠮᠡᠭᠰᠡᠨ ᠳ᠋ᠦ᠍ᠷ ᠴᠧ ᠸᠠᠩ ᠪᠣᠳᠣᠪᠠᠰᠤ ᠡᠭᠦᠨ ᠡᠴᠡ ᠥᠪᠡᠷ᠎ᠡ ᠠᠷᠭ᠎ᠠ ᠦᠭᠡᠢ ᠲᠤᠯᠠ ᠳᠠᠷᠤᠢ ᠲᠡᠢᠨ ᠪᠣᠯᠲᠤᠭᠠᠢ ᠭᠡᠮᠡᠨ ᠵᠥᠪᠰᠢᠶᠡᠷᠡᠪᠡ᠃ ᠲᠡᠢᠨ ᠬᠦ᠌ ᠵᠣᠣ ᠵᠦᠩ᠂ ᠾᠦᠩ ᠳᠧ ᠰᠢᠶᠦ᠋ᠨ ᠨᠠᠷ ᠡᠰᠡ ᠰᠣᠨᠣᠰᠤᠭᠰᠠᠨ ᠲᠤᠯᠠ ᠥᠴᠢᠵᠦ ᠴᠢᠳᠠᠭᠰᠠᠨ ᠦᠭᠡᠢ᠂ ᠭᠠᠭᠴᠠ ᠬᠡᠷᠬᠢᠨ ᠠᠪᠠᠴᠢᠬᠤ ᠶ᠋ᠢ ᠴᠢᠩᠨᠠᠨ ᠠᠲᠠᠯ᠎ᠠ ᠢᠷᠡᠭᠰᠡᠨ ᠡᠯᠴᠢ ᠶ᠋ᠢ ᠡᠳᠦᠢ ᠲᠡᠳᠦᠢ ᠳᠠᠢᠯᠠᠵᠤ ᠬᠠᠷᠢᠭᠤᠯᠪᠠ᠃ ᠢᠷᠡᠭᠰᠡᠨ ᠡᠯᠴᠢ ᠬᠡᠳᠦᠬᠡᠨ ᠬᠥᠮᠦᠨ ᠲᠤᠯᠠ ᠡᠭᠡᠵᠦ ᠡᠴᠢᠭᠡᠳ ᠬᠡᠳᠦᠨ ᠡᠳᠦᠷ ᠪᠣᠯᠤᠭᠰᠠᠨ ᠦᠭᠡᠢ ᠪᠡᠷ ᠵᠠᠮ ᠳ᠋ᠤᠷ ᠳᠡᠭᠡᠷᠡᠮ ᠳ᠋ᠦ᠍ᠷ ᠠᠯᠠᠭᠳᠠᠪᠠ ᠭᠡᠮᠡᠨ ᠵᠠᠮ ᠤ᠋ᠨ ᠴᠡᠷᠢᠭ ᠢᠷᠡᠵᠦ ᠮᠡᠳᠡᠭᠦᠯᠦᠭᠰᠡᠨ ᠳ᠋ᠦ᠍ᠷ ᠰᠢᠭᠤᠳ ᠳᠠᠭᠠᠬᠤ ᠦᠭᠡᠢ ᠪᠡᠷ ᠰᠢᠭᠤᠳᠪᠠ᠃ ᠡᠭᠦᠨ ᠢ ᠾᠦᠩ ᠳᠧ ᠰᠢᠶᠦ᠋ᠨ᠂ ᠵᠣᠣ ᠵᠦᠩ ᠨᠠᠷ ᠰᠣᠨᠣᠰᠴᠤ ᠬᠠᠷᠢᠯᠴᠠᠨ ᠥᠭᠦᠯᠡᠷᠦᠨ : 《ᠵᠠ ᠮᠠᠨ ᠤ᠋ ᠰᠣᠯᠣᠩᠭᠣᠰ ᠤᠯᠤᠰ ᠵᠣᠪᠠᠯᠠᠩ ᠤ᠋ᠨ ᠣᠳᠣᠨ ᠡᠭᠦᠨ ᠡᠴᠡ ᠡᠬᠢᠯᠡᠪᠡ᠂ ᠬᠠᠷᠢᠨ ᠬᠡᠳᠦᠢᠴᠢᠨᠡᠭᠡᠨ ᠤᠷᠤᠯᠳᠤᠵᠤ ᠠᠷᠠᠢ ᠮᠣᠩᠭᠣᠯ ᠤ᠋ᠨ ᠨᠢᠭᠡᠨ ᠵᠦᠢᠯ ᠦ᠋ᠨ ᠬᠤᠷᠴᠠ ᠳᠠᠢᠰᠤᠨ ᠢ ᠡᠶᠡᠪᠡᠷᠭᠦ ᠪᠣᠯᠭᠠᠨ ᠠᠪᠤᠭᠰᠠᠨ ᠢ ᠡᠨᠡ ᠨᠢᠭᠡᠬᠡᠨ ᠬᠥᠮᠦᠨ ᠡᠪᠳᠡᠵᠦ ᠶᠡᠬᠡ ᠵᠣᠪᠠᠯᠠᠩ ᠤ᠋ᠨ ᠦᠨᠳᠦᠰᠦᠨ ᠢ ᠡᠳᠦᠪᠡ᠃ ᠡᠭᠦᠨᠴᠡ ᠡᠨᠡ ᠳᠡᠯᠡᠬᠡᠢ ᠳ᠋ᠠᠬᠢᠨ ᠤ᠋ ᠦᠬᠦᠯ ᠦ᠋ᠨ ᠭᠠᠮᠰᠢᠭ ᠵᠣᠪᠠᠯᠠᠩ ᠣᠳᠣ ᠮᠠᠨ ᠤ᠋ ᠭᠠᠤᠯᠢ ᠤᠯᠤᠰ ᠲᠤᠷ ᠤᠯᠠᠷᠢᠨ ᠢᠷᠡᠬᠦ ᠪᠣᠯᠠᠢ! 》ᠭᠡᠮᠡᠨ ᠬᠣᠶᠠᠭᠤᠯᠠ ᠵᠠᠰᠠᠭ ᠤ᠋ᠨ ᠬᠡᠷᠡᠭ ᠲᠦ᠍ᠷ ᠴᠢᠷᠮᠠᠢᠬᠤᠢ ᠪᠠᠨ ᠪᠠᠢᠵᠤ᠂ ᠲᠤᠰᠢᠶᠠᠯ ᠢ᠋ᠶ᠋ᠠᠨ ᠲᠦᠯᠬᠢᠨ ᠠᠭᠤᠯᠠ ᠲᠠᠯ᠎ᠠ ᠳ᠋ᠤᠷ ᠨᠢᠭᠤᠬᠤ ᠰᠠᠨᠠᠭᠠᠨ ᠲᠣᠭᠲᠠᠪᠠᠢ᠃ ᠦᠵᠡᠰᠡ ᠰᠣᠯᠣᠩᠭᠣᠰ ᠤ᠋ᠨ ᠪᠠᠷᠠᠭᠤᠨ ᠡᠲᠡᠭᠡᠳ ᠦ᠋ᠨ ᠴᠧᠩᠰᠢᠶᠠᠩ ᠴᠢ ᠭᠦᠸᠧ ᠰᠡᠮᠡᠬᠡᠷ ᠬᠥᠮᠦᠨ ᠢᠯᠡᠭᠡᠵᠦ ᠮᠣᠩᠭᠣᠯ ᠤ᠋ᠨ ᠵᠠᠷᠤᠭᠰᠠᠨ ᠡᠯᠴᠢ ᠶ᠋ᠢ ᠵᠠᠮ ᠲᠣᠰᠴᠤ ᠠᠯᠠᠭᠤᠯᠤᠭᠰᠠᠨ ᠠᠵᠤᠭᠤ᠃ ᠲᠡᠳᠦᠢ ᠴᠢ ᠭᠦᠸᠧ ᠬᠢᠵᠠᠭᠠᠷ ᠲᠤᠷ ᠲᠤᠷᠰᠢᠭᠤᠯ ᠲᠠᠯᠪᠢᠵᠤ᠂ ᠮᠣᠩᠭᠣᠯ ᠤ᠋ᠨ ᠶᠠᠮᠪᠠᠷ ᠳᠠᠭᠤᠨ ᠴᠢᠮᠡᠭᠡᠨ ᠢ ᠴᠢᠩᠨᠠᠭᠤᠯᠬᠤᠶᠠ ᠴᠢᠪᠬᠢᠲᠡᠯ᠎ᠡ ᠬᠦ ᠢᠦᠢ ᠪᠡᠷ ᠶᠠᠯ᠎ᠠ ᠠᠰᠠᠭᠤᠯᠭᠠᠬᠤ ᠵᠠᠷᠯᠢᠭ ᠬᠦᠷᠴᠦ ᠢᠷᠡᠭᠰᠡᠨ ᠳ᠋ᠦ᠍ᠷ ᠲᠤᠷᠰᠢᠭᠤᠯ ᠤ᠋ᠨ ᠬᠥᠮᠦᠨ ᠤᠷᠢᠳᠠ ᠳᠣᠪᠲᠣᠯᠭᠠᠨ ᠢᠷᠡᠵᠦ ᠮᠡᠳᠡᠭᠦᠯᠦᠭᠰᠡᠨ᠎ᠡ᠂ ᠴᠢ ᠭᠦᠸᠧ ᠶᠠᠭᠠᠷᠠᠨ ᠵᠠᠮ ᠳ᠋ᠤᠷ ᠵᠠᠭᠤᠨ ᠰᠢᠯᠭᠠᠳᠠᠭ ᠴᠡᠷᠢᠭ ᠢᠯᠡᠭᠡᠵᠦ ᠪᠦᠭᠭᠦᠭᠦᠯᠦᠭᠡᠳ ᠬᠤᠯᠠᠭᠠᠢ ᠭᠡᠮᠡᠨ ᠬᠠᠭᠤᠷᠮᠠᠭᠯᠠᠨ ᠬᠦᠯᠢᠶᠡᠯᠭᠡᠪᠡ᠃ ᠲᠡᠳᠦᠢ ᠮᠣᠩᠭᠣᠯ ᠤ᠋ᠨ ᠬᠦ ᠢᠦᠢ ᠵᠠᠮ ᠳ᠋ᠤᠷ ᠪᠣᠳᠣᠯᠭ᠎ᠠ ᠪᠣᠳᠣᠵᠤ᠂ ᠡᠳᠦᠭᠡ ᠬᠡᠷᠪᠡ ᠰᠣᠯᠣᠩᠭᠣᠰ ᠯᠤᠭ᠎ᠠ ᠨᠢᠭᠡᠳᠴᠦ ᠤᠷᠪᠠᠪᠠᠰᠤ ᠥᠨᠥ ᠪᠠᠰᠠ ᠶᠧ ᠯᠢᠦᠢ ᠯᠢᠦ ᠭᠧ ᠦᠬᠦᠪᠡ᠂ ᠭᠦᠸᠧ ᠸᠠᠩ ᠮᠤᠬᠤᠯᠢ ᠪᠠᠰᠠ ᠦᠬᠦᠪᠡ᠂ ᠪᠠᠭᠠᠲᠤᠷ ᠵᠠᠩᠵᠤᠨ ᠱᠢ ᠲᠢᠶᠠᠨ ᠢᠩ ᠪᠠᠰᠠ ᠦᠬᠦᠪᠡ᠂ ᠬᠠᠭᠠᠨ ᠳ᠋ᠤᠷ ᠪᠠᠰᠠ ᠬᠦᠨᠳᠦ ᠪᠡᠯᠪᠡᠰᠦᠷᠡᠯ ᠪᠣᠢ ᠪᠥᠭᠡᠳ ᠬᠠᠭᠠᠨ ᠪᠠᠰᠠ ᠵᠡᠭᠦᠨ ᠵᠦᠭ ᠣᠭᠲᠣ ᠭᠠᠷᠤᠭᠠᠳᠤᠢ᠂ ᠪᠠᠷᠠᠭᠤᠨ ᠰᠢᠶᠠ ᠤᠯᠤᠰ ᠪᠠᠰᠠ ᠲᠦᠪᠰᠢᠨ ᠦᠭᠡᠢ᠂ ᠡᠮᠦᠨ᠎ᠡ ᠰᠥᠩ ᠠᠯᠲᠠᠨ ᠬᠣᠶᠠᠷ ᠤᠯᠤᠰ ᠮᠥᠨ ᠵᠦᠭᠡᠷ ᠦᠯᠦ ᠪᠠᠢᠮᠤ᠂ ᠮᠢᠨᠦ ᠡᠨᠡ ᠬᠡᠷᠡᠭ ᠯᠠᠪ ᠪᠦᠲᠦᠮᠦᠢ ᠭᠡᠮᠡᠨ ᠬᠠᠷᠠᠬᠠᠨ ᠪᠠᠶᠠᠷᠯᠠᠨ ᠶᠠᠪᠤᠬᠤᠢ ᠳ᠋ᠤᠷ ᠠᠷᠠᠢ ᠰᠣᠯᠣᠩᠭᠣᠰ ᠤᠯᠤᠰ ᠤ᠋ᠨ ᠵᠠᠬ᠎ᠠ ᠬᠦᠷᠴᠦ᠂ ᠴᠦᠢ ᠲᠢᠢᠸ ᠱᠠᠨ ᠳ᠋ᠤᠷ ᠬᠦᠷᠴᠦ ᠪᠠᠭᠤᠳᠠᠯ ᠪᠠᠭᠤᠵᠤ᠂ ᠰᠥᠨᠢ ᠬᠡᠳᠦᠨ ᠬᠤᠨᠳᠠᠭ᠎ᠠ ᠠᠷᠢᠬᠢ ᠤᠤᠭᠤᠵᠤ᠂ ᠤᠯᠠᠮ ᠪᠣᠳᠣᠬᠤᠢ ᠳ᠋ᠤᠷ ᠤᠯᠠᠮ ᠠᠮᠲᠠᠲᠠᠢ ᠪᠣᠯᠵᠤ᠂ ᠬᠡᠷᠪᠡ ᠬᠣᠪᠢᠨ ᠳ᠋ᠠᠭᠠᠨ ᠨᠢᠭᠡᠨ ᠠᠢᠮᠠᠭ ᠢ ᠡᠵᠡᠯᠡᠪᠡᠰᠦ ᠬᠡᠷᠬᠢᠨ ᠪᠢᠨ ᠹᠧᠢ ᠡᠷᠭᠦᠮᠵᠢᠯᠡᠨ᠂ ᠶᠠᠭᠠᠬᠢᠨ ᠬᠥᠭᠵᠢᠮ ᠵᠦᠴᠦᠭᠡ ᠪᠡᠷ ᠵᠢᠷᠭᠠᠬᠤ ᠶ᠋ᠢ ᠪᠣᠳᠣᠵᠤ ᠪᠠᠶᠠᠰᠬᠤᠯᠠᠩ ᠲᠥᠷᠥᠵᠦ᠂ ᠬᠠᠷᠠᠬᠠᠨ ᠪᠢᠸᠠᠯᠢᠭ ᠢ᠋ᠶ᠋ᠠᠨ ᠭᠠᠷᠭᠠᠵᠤ᠂ ᠲᠠᠪᠤᠨ ᠬᠤᠷᠤᠭᠤ ᠪᠠᠨ ᠰᠤᠩᠭᠠᠨ ᠴᠢᠪᠬᠠᠳᠠᠨ ᠤᠷᠠᠨ ᠬᠣᠭᠣᠯᠠᠢ ᠪᠠᠷ ᠡᠭᠡᠰᠢᠭ ᠲᠣᠷ ᠨᠡᠢᠯᠡᠭᠦᠯᠦᠨ ᠤᠤᠭᠤᠭᠰᠠᠭᠠᠷ ᠠᠷᠠᠢ ᠭᠤᠷᠪᠠᠨ ᠵᠢᠩ ᠦ᠋ᠨ ᠦᠶ᠎ᠡ ᠪᠣᠯᠲᠠᠯ᠎ᠠ ᠭᠡᠨᠡᠳᠲᠡ ᠨᠢᠭᠡᠨ ᠶᠡᠬᠡ ᠫᠤᠤ ᠶ᠋ᠢᠨ ᠳᠠᠭᠤᠨ ᠭᠠᠷᠤᠮᠠᠭᠴᠠ ᠳᠥᠷᠪᠡᠨ ᠵᠦᠭ ᠡᠴᠡ ᠨᠢᠭᠡᠨ ᠰᠦᠷᠦᠭ ᠬᠤᠯᠠᠭᠠᠢ ᠬᠦᠷᠢᠶ᠎ᠡ ᠳ᠋ᠦ᠍ᠷ ᠴᠣᠬᠢᠨ ᠣᠷᠣᠵᠤ ᠢᠷᠡᠨ ᠲᠡᠷᠢᠭᠦᠯᠡᠭᠰᠡᠨ ᠨᠢᠭᠡᠨ ᠢᠨᠦ ᠬᠦ ᠢᠦᠢ ᠶ᠋ᠢ ᠨᠢᠭᠡᠨᠲᠡ ᠴᠠᠪᠴᠢᠭᠰᠠᠨ ᠳ᠋ᠤᠷ᠂ ᠬᠦ ᠢᠦᠢ ᠶᠡᠬᠡᠯ᠎ᠡ ᠭᠡᠯᠮᠡᠵᠦ ᠶᠠᠭᠠᠷᠠᠨ ᠪᠢᠸᠠᠯᠢᠭ ᠢ᠋ᠶ᠋ᠠᠷ ᠬᠠᠯᠬᠠᠯᠠᠨ ᠲᠣᠰᠴᠤ ᠲᠠᠯᠲᠠᠷᠢᠨ ᠵᠠᠢᠯᠠᠬᠤᠢ ᠳ᠋ᠤᠷ᠂ ᠲᠡᠷᠡ ᠬᠤᠯᠠᠭᠠᠢ ᠳᠠᠬᠢᠨ ᠨᠢᠭᠡᠨᠲᠡ ᠴᠠᠪᠴᠢᠵᠤ᠂ ᠬᠦ ᠢᠦᠢ ᠶ᠋ᠢ ᠪᠢᠸᠠᠯᠢᠭ ᠲᠠᠢ ᠬᠠᠮᠲᠤ ᠲᠠᠰᠤ ᠴᠠᠪᠴᠢᠵᠤ ᠠᠯᠠᠪᠠ᠂ ᠪᠤᠰᠤ ᠬᠣᠷᠰᠢᠶ᠎ᠠ ᠨᠠᠷ ᠬᠡᠳᠦᠢᠨᠡᠢ ᠭᠠᠷ ᠬᠥᠳᠡᠯᠵᠦ᠂ ᠬᠦ ᠢᠦᠢ ᠶ᠋ᠢᠨ ᠨᠥᠬᠥᠷ ᠰᠡᠯᠲᠡ ᠳᠥᠴᠢᠭᠡᠳ ᠬᠥᠮᠦᠨ ᠢ ᠴᠠᠪᠴᠢᠵᠤ ᠠᠯᠠᠭᠠᠳ ᠲᠦᠯᠡᠭᠡ ᠣᠰᠤᠨ᠎ᠠ ᠰᠤᠯᠠ ᠵᠠᠷᠤᠭᠳᠠᠬᠤ ᠠᠷᠠᠳ ᠠᠷᠪᠠᠭᠠᠳ ᠬᠥᠮᠦᠨ ᠳᠤᠲᠠᠭᠠᠨ ᠭᠠᠷᠪᠠ᠃ ᠲᠡᠳᠦᠢ ᠭᠠᠤᠯᠢ ᠶ᠋ᠢᠨ ᠬᠠᠭᠤᠷᠮᠠᠭ ᠬᠤᠯᠠᠭᠠᠢ ᠬᠦ ᠢᠦᠢ ᠶ᠋ᠢᠨ ᠡᠯ᠎ᠡ ᠪᠦᠬᠦᠨ ᠢ ᠴᠥᠮ ᠠᠪᠴᠤ᠂ ᠦᠬᠦᠭᠰᠡᠨ ᠠᠷᠠᠳ ᠢ ᠭᠣᠣ ᠰᠤᠪᠠᠭ ᠲᠤᠷ ᠴᠣᠬᠢᠵᠤ᠂ ᠬᠦ ᠢᠦᠢ ᠶ᠋ᠢᠨ ᠲᠣᠯᠣᠭᠠᠢ ᠶ᠋ᠢ ᠠᠪᠴᠤ ᠨᠢᠭᠡᠨᠲᠡ ᠬᠠᠰᠬᠢᠷᠤᠨ ᠳᠥᠷᠪᠡᠨ ᠵᠦᠭ ᠪᠤᠲᠠᠷᠠᠨ ᠡᠴᠢᠪᠡ᠃ ᠲᠡᠷᠡ ᠴᠦᠢ ᠲᠢᠢᠸ ᠱᠠᠨ ᠳ᠋ᠤᠷ ᠬᠦ ᠢᠦᠢ ᠶ᠋ᠢᠨ ᠪᠠᠭᠤᠳᠠᠯᠯᠠᠭᠰᠠᠨ ᠭᠠᠵᠠᠷ ᠭᠠᠭᠴᠠ ᠨᠢᠭᠡᠨ ᠪᠠᠯᠪᠠᠷᠠᠭᠰᠠᠨ ᠪᠢᠸᠠᠯᠢᠭ ᠤ᠋ᠨ ᠲᠡᠳᠦᠢ ᠬᠣᠴᠣᠷᠪᠠ᠃ ᠬᠤᠯᠠᠭᠠᠢ ᠶᠠᠪᠤᠵᠤ ᠤᠳᠠᠭᠰᠠᠨ ᠤ᠋ ᠬᠣᠢᠨ᠎ᠠ᠂ ᠡᠪᠡᠰᠦᠨ ᠳ᠋ᠦ᠍ᠷ ᠨᠢᠭᠤᠭᠰᠠᠨ ᠬᠥᠲᠥᠴᠢ ᠨᠠᠷ ᠪᠠᠭᠤᠳᠠᠯᠠᠬ᠍ᠰᠠᠨ ᠭᠠᠵᠠᠷ ᠲᠤᠷ ᠢᠷᠡᠵᠦ ᠦᠵᠡᠭᠡᠳ ᠴᠢᠰᠤ ᠪᠢᠸᠠᠯᠢᠭ ᠠ᠋ᠴᠠ ᠪᠤᠰᠤ ᠶᠠᠭᠤᠮ᠎ᠠ ᠶ᠋ᠢ ᠣᠯᠤᠭᠰᠠᠨ ᠦᠭᠡᠢ ᠲᠤᠯᠠ ᠳᠠᠷᠤᠢ ᠪᠠᠯᠪᠠᠷᠬᠠᠢ ᠴᠢᠰᠤᠲᠠᠢ ᠪᠢᠸᠠᠯᠢᠭ ᠢ ᠠᠪᠴᠤ ᠳᠤᠲᠠᠭᠠᠨ ᠢᠷᠡᠪᠡ᠃ ᠬᠠᠢᠷᠠᠬᠠᠨ ᠬᠦ ᠢᠦᠢ ᠨᠢᠭᠡᠨ ᠴᠠᠭ ᠤ᠋ᠨ ᠰᠥᠷᠭᠡᠦ ᠰᠡᠳᠬᠢᠯ ᠢ᠋ᠶ᠋ᠡᠷ ᠳᠠᠭᠠᠭᠰᠠᠨ ᠲᠡᠳᠡᠭᠡᠷ ᠡᠷ᠎ᠡ ᠴᠥᠮ ᠦᠬᠦᠭᠰᠡᠨ ᠢᠨᠦ ᠶᠠᠭᠤ ᠲᠠᠢ ᠬᠥᠭᠡᠷᠦᠬᠦᠢ!
ᠲᠡᠳᠦᠢ ᠦᠯᠡᠳᠡᠭᠰᠡᠨ ᠬᠡᠳᠦᠨ ᠵᠠᠷᠤᠴᠠ ᠨᠤᠲᠤᠭ ᠲᠤᠷ ᠶᠠᠪᠠᠭᠠᠨ ᠢ᠋ᠶ᠋ᠠᠷ ᠪᠤᠳᠠᠭ᠎ᠠ ᠭᠤᠶᠤᠨ ᠡᠭᠡᠵᠦ ᠡᠳᠡᠭᠡᠷ ᠤᠴᠢᠷ ᠲᠤᠬᠠᠢ ᠶ᠋ᠢ ᠬᠢᠨᠠᠨ ᠮᠡᠳᠡᠭᠦᠯᠦᠭᠰᠡᠨ ᠳ᠋ᠦ᠍ᠷ ᠬᠦ ᠢᠦᠢ ᠶ᠋ᠢᠨ ᠬᠥᠪᠡᠭᠦᠨ ᠶᠡᠬᠡᠯ᠎ᠡ ᠤᠬᠢᠯᠠᠨ ᠶᠠᠭᠠᠷᠠᠨ ᠢᠷᠡᠵᠦ ᠬᠠᠭᠠᠨ ᠳ᠋ᠤᠷ ᠠᠢᠯᠠᠳᠬᠠᠭᠰᠠᠨ᠎ᠠ᠂ ᠬᠠᠰᠠᠷ᠂ ᠪᠡᠯᠭᠦᠳᠡᠢ᠂ ᠪᠤᠭᠤᠷᠵᠢ᠂ ᠴᠢᠯᠠᠭᠤᠨ ᠰᠣᠨᠣᠰᠴᠤ ᠬᠠᠭᠠᠨ ᠳ᠋ᠤᠷ ᠠᠢᠯᠠᠳᠬᠠᠨ᠂ ᠡᠨᠡ ᠢᠪ ᠢᠯᠡᠷᠬᠡᠢ ᠭᠠᠤᠯᠢ ᠶ᠋ᠢᠨ ᠵᠠᠯᠢᠬᠠᠢ ᠠᠷᠭ᠎ᠠ᠂ ᠡᠭᠦᠨ ᠢ ᠣᠳᠣ ᠡᠰᠡ ᠳᠠᠢᠯᠠᠪᠠᠰᠤ ᠪᠤᠯᠠᠬᠤ ᠦᠭᠡᠢ ᠪᠣᠯᠪᠠ ᠬᠡᠮᠡᠬᠦᠢ ᠳ᠋ᠦ᠍ᠷ ᠬᠠᠭᠠᠨ ᠵᠠᠷᠯᠢᠭ ᠪᠣᠯᠤᠷᠤᠨ: 《ᠬᠤᠯᠠᠭᠠᠢ ᠶ᠋ᠢ ᠨᠢᠭᠡᠨ ᠬᠣᠶᠠᠷ ᠢ ᠴᠦ᠍ ᠪᠠᠷᠢᠭᠰᠠᠨ ᠦᠭᠡᠢ ᠪᠡᠷ ᠶᠠᠭᠤᠨ ᠢ᠋ᠶ᠋ᠠᠷ ᠭᠡᠷᠡᠴᠢ ᠪᠣᠯᠭᠠᠨ ᠰᠣᠯᠣᠩᠭᠣᠰ ᠢ ᠲᠠᠢᠯᠠᠮᠤᠢ ? ᠵᠢᠴᠢ ᠳ᠋ᠦ᠍ᠷ ᠮᠢᠨᠦ ᠪᠡᠶ᠎ᠡ ᠳ᠋ᠦ᠍ᠷ ᠬᠦᠨᠳᠦ ᠪᠡᠯᠪᠡᠰᠦᠷᠡᠯ ᠪᠣᠢ ᠲᠤᠯᠠ ᠲᠡᠳᠡᠨ ᠳ᠋ᠦ᠍ᠷ ᠪᠠᠬᠠᠨ ᠴᠢᠯᠥᠭᠡ ᠦᠯᠡᠳᠡᠭᠡᠨ ᠥᠭᠴᠦ᠂ ᠲᠡᠳᠡᠨ ᠣ ᠥᠪᠡᠷ ᠦ᠋ᠨ ᠭᠡᠮᠰᠢᠬᠦ ᠶ᠋ᠢ ᠪᠠᠬᠠᠨ ᠬᠦᠯᠢᠶᠡᠰᠦᠭᠡᠢ᠂ ᠬᠡᠷᠪᠡ ᠴᠢᠯᠥᠭᠡ ᠦᠯᠡᠳᠡᠭᠡᠨ ᠠᠲᠠᠯ᠎ᠠ ᠪᠠᠰᠠ ᠬᠦ᠌ ᠶᠠᠯ᠎ᠠ ᠪᠠᠨ ᠡᠰᠡ ᠮᠡᠳᠡᠪᠡᠰᠦ ᠲᠡᠷᠡ ᠳᠠᠷᠤᠢ ᠭᠡᠷᠡᠴᠢ ᠮᠥᠨ᠂ ᠡᠨᠡ ᠡᠪᠦᠯ ᠦ᠋ᠨ ᠠᠯᠪᠠ ᠬᠦᠷᠭᠡᠵᠦ ᠢᠷᠡᠬᠦ ᠶ᠋ᠢ ᠬᠦᠯᠢᠶᠡᠵᠦ ᠪᠠᠢᠳᠠᠯ ᠢ ᠦᠵᠡ᠂ ᠬᠡᠷᠪᠡ ᠬᠡᠪ ᠢ᠋ᠶ᠋ᠡᠷ ᠠᠯᠪᠠ ᠬᠦᠷᠭᠡᠨ ᠢᠷᠠᠪᠠᠰᠤ ᠬᠡᠷᠡᠭ ᠢ ᠡᠰᠡ ᠨᠠᠷᠢᠪᠴᠢᠯᠠᠪᠠᠰᠤ ᠪᠣᠯᠬᠤ ᠦᠭᠡᠢ᠂ ᠬᠡᠷᠪᠡ ᠠᠯᠪᠠ ᠶ᠋ᠢ ᠮᠥᠨ ᠣᠰᠣᠯᠳᠠᠪᠠᠰᠤ ᠣᠳᠣ ᠰᠡᠵᠢᠭ ᠦᠭᠡᠢ ᠲᠡᠳᠡᠨ ᠤ ᠬᠢᠭᠰᠡᠨ ᠬᠡᠷᠡᠭ᠂ ᠳᠡᠯᠡᠬᠡᠢ ᠳ᠋ᠠᠬᠢᠨ ᠤ ᠤᠯᠤᠰ ᠪᠦᠬᠦᠨ ᠢ ᠪᠠᠷᠠᠲᠠᠯ᠎ᠠ ᠳᠠᠢᠯᠠᠬᠤᠢ ᠳ᠋ᠤᠷ ᠪᠡᠷᠬᠡ ᠦᠭᠡᠢ᠃ ᠭᠠᠭᠴᠠ ᠲᠡᠭᠷᠢ ᠶ᠋ᠢᠨ ᠳᠣᠣᠷᠠᠬᠢᠨ ᠤ ᠨᠢᠭᠡᠬᠡᠨ ᠢᠷᠭᠡᠨ ᠢ ᠬᠢᠯᠢᠰᠳᠡᠭᠦᠯᠬᠦᠢ ᠶ᠋ᠢ ᠬᠡᠷᠰᠡᠦᠯᠡᠪᠡᠰᠦ ᠬᠠᠭᠠᠨ ᠬᠥᠮᠦᠨ ᠤ ᠶᠠᠪᠤᠳᠠᠯ ᠪᠣᠢ ᠶᠠ᠃ ᠬᠠᠷᠢᠨ ᠰᠢᠶᠠ ᠤᠯᠤᠰ ᠤ᠋ᠨ ᠯᠢ ᠽᠦᠨ ᠰᠢᠦᠢ ᠶ᠋ᠢᠨ ᠬᠥᠪᠡᠭᠦᠨ ᠯᠢ ᠳᠡ ᠸᠠᠩ ᠮᠠᠰᠢ ᠮᠠᠲᠠᠯ ᠦᠭᠡᠢ ᠪᠠᠢᠨᠠᠮ᠂ ᠰᠢᠶᠠ ᠤᠯᠤᠰ ᠮᠢᠨᠦ ᠬᠡᠰᠢᠭ ᠢ ᠭᠤᠷᠪᠠᠨ ᠦᠶ᠎ᠡ ᠪᠡᠷ ᠬᠦᠷᠲᠡᠭᠰᠡᠨ ᠪᠥᠭᠡᠲᠡᠯ᠎ᠡ ᠡᠭᠡᠨᠡᠭᠲᠡ ᠰᠢᠲᠦᠬᠦ ᠦᠭᠡᠢ ᠲᠤᠯᠠ ᠬᠠᠷᠢᠨ ᠲᠡᠭᠦᠨ ᠢ ᠳᠠᠢᠯᠠᠬᠤ ᠶ᠋ᠢ ᠪᠡᠯᠡᠳ᠂ ᠤᠷᠢᠳᠠ ᠳᠠᠭᠠᠭᠰᠠᠨ ᠪᠣᠯᠪᠠᠴᠤ ᠲᠡᠭᠦᠨ ᠡᠴᠡ ᠳᠡᠨᠵᠢ ᠠᠪᠤᠭᠰᠠᠨ ᠦᠭᠡᠢ᠂ ᠬᠠᠷᠢᠨ ᠥᠷᠥᠰᠢᠶᠡᠵᠦ ᠤᠷᠤᠭ ᠪᠠᠷᠢᠪᠠ᠃ ᠡᠭᠡᠨᠡᠭᠲᠡ ᠲᠡᠭᠦᠨ ᠤ ᠲᠥᠷᠥᠭᠰᠡᠨ ᠪᠤᠰᠤ ᠭᠡᠮᠡᠨ ᠯᠢ ᠽᠦᠨ ᠰᠢᠦᠢ ᠬᠤᠪᠢᠰᠤᠨ ᠰᠢ ᠯᠢᠶᠠᠩ ᠳ᠋ᠤᠷ ᠳᠤᠲᠠᠭᠠᠭᠰᠠᠨ ᠲᠤᠯᠠ ᠣᠳᠣ ᠡᠷᠬᠡᠪᠰᠢ ᠳᠡᠨᠵᠢ ᠠᠪᠴᠤ ᠰᠠᠶᠢ ᠢᠲᠡᠭᠡᠮᠵᠢ ᠪᠣᠯᠭᠠᠮᠤᠢ᠂ ᠳᠡᠨᠵᠢ ᠡᠰᠡ ᠬᠦᠷᠭᠡᠪᠡᠰᠦ ᠳᠠᠷᠤᠢ ᠳᠠᠢᠯᠠᠵᠤ ᠨᠢᠭᠡᠮᠦᠰᠦᠨ ᠡᠰᠡ ᠠᠷᠢᠯᠭᠠᠪᠠᠰᠤ᠂ ᠤᠷᠢᠳᠠ ᠡᠨᠡ ᠤᠯᠤᠰ ᠠ᠋ᠴᠠ ᠡᠭᠡᠵᠦ ᠬᠣᠣᠷ ᠪᠣᠯᠤᠮᠤᠢ ! 》ᠭᠡᠮᠡᠨ ᠵᠠᠷᠯᠢᠭ ᠪᠠᠭᠤᠯᠭᠠᠪᠠ᠃ ᠳᠥᠷᠪᠡᠨ ᠸᠠᠩ ᠵᠠᠷᠯᠢᠭ ᠢ ᠣᠯᠵᠤ᠂ ᠲᠠᠪᠤᠨ ᠮᠢᠩᠭᠠᠨ ᠴᠡᠷᠢᠭ ᠢ ᠬᠠᠭᠠᠨ ᠠ᠋ᠴᠠ ᠳᠠᠯᠳᠠᠭᠤᠷ ᠰᠢᠯᠭᠠᠵᠤ᠂ ᠨᠠᠢ᠍ᠮᠠᠨ ᠤ᠋ ᠠᠯᠲᠠᠨᠱᠠᠭ᠎ᠠ ᠳ᠋ᠤᠷ ᠵᠠᠬᠢᠷᠤᠭᠤᠯᠤᠨ ᠰᠢᠶᠠ ᠤᠯᠤᠰ ᠠ᠋ᠴᠠ ᠶᠠᠯ᠎ᠠ ᠠᠰᠠᠭᠤᠯᠭᠠᠷ᠎ᠠ ᠢᠯᠡᠭᠡᠪᠡ᠃ ᠰᠢᠶᠠ ᠤᠯᠤᠰ ᠤ᠋ᠨ ᠬᠡᠷᠬᠢᠬᠦ ᠶ᠋ᠢ ᠮᠡᠳᠡᠰᠦᠭᠡᠢ ᠬᠡᠮᠡᠪᠡᠰᠦ ᠰᠤᠳᠤᠷᠴᠢ ᠮᠢᠨᠦ ᠪᠢᠴᠢᠭ ᠦ᠋ᠨ ᠭᠡᠷ ᠦ᠋ᠨ ᠤᠰᠤᠨ ᠬᠠᠳᠠᠨ ᠪᠤᠯᠠᠭ ᠲᠤᠷ ᠰᠢᠨ᠎ᠡ ᠴᠡᠴᠡᠭ ᠰᠠᠭᠤᠯᠭᠠᠵᠤ᠂ ᠤᠳ᠋ᠪᠠᠯ᠎ᠠ ᠴᠡᠴᠡᠭ ᠢ ᠦᠵᠡᠵᠦ ᠵᠠᠯᠭᠠᠨ ᠪᠢᠴᠢᠭᠰᠡᠨ ᠳᠣᠣᠷᠠᠲᠤ ᠪᠦᠯᠦᠭ ᠲᠣᠷ ᠦᠵᠡᠭᠳᠡᠬᠦᠢ᠃
ᠰᠤᠳᠤᠷᠴᠢ ᠲᠦᠰᠢᠮᠡᠯ ᠢᠨᠵᠠᠭ᠋ᠨᠠᠰᠢ ᠶ᠋ᠢᠨ ᠰᠤᠯᠠ ᠰᠢᠯᠦᠭ ᠢᠨᠤ :
ᠡᠴᠢᠭᠡ ᠲᠡᠭᠷᠢ ᠬᠥᠪᠡᠭᠦᠨ ᠢ ᠢᠳᠬᠠᠬᠤᠶᠠ ᠪᠣᠳᠢ ᠴᠠᠭᠠᠨ ᠬᠦᠷᠦᠭᠡᠳ ᠢ ᠪᠠᠭᠤᠯᠭᠠᠷᠤᠨ
ᠡᠬᠡ ᠲᠠᠢᠬᠡᠦ ᠬᠠᠭᠠᠨ ᠳ᠋ᠤᠷ ᠭᠡᠷᠢᠶᠡᠰᠯᠡᠬᠦᠶᠡ ᠬᠤᠪᠢᠯᠠᠢ ᠰᠡᠴᠡᠨ ᠢ ᠳᠤᠷᠠᠳᠬᠠᠷᠤᠨ᠂
ᠡᠵᠡᠨ ᠪᠣᠭᠳᠠ ᠬᠡᠦᠬᠡᠳ ᠢ᠋ᠶ᠋ᠡᠨ ᠲᠡᠩᠰᠡᠬᠦᠶᠡ ᠲᠣᠯᠢ ᠲᠠᠢᠽᠢ ᠶ᠋ᠢ ᠰᠤᠷᠭᠠᠷᠤᠨ
ᠡᠯᠪᠡᠷᠢᠯᠲᠦ ᠴᠢᠩᠭᠢᠰ ᠠᠴᠢᠯᠠᠯ ᠢ ᠭᠦᠢᠴᠡᠳᠬᠦᠶᠡ ᠭᠠᠤᠯᠢ ᠤᠯᠤᠰ ᠢ ᠬᠦᠯᠢᠭᠡᠯᠵᠡᠭᠦᠯᠪᠡ᠃