ᠬᠠᠷ᠎ᠠ ᠬᠠᠷᠠᠬᠠᠨ ᠬᠠᠷᠠᠴᠠ-ᠰ᠂ ᠵᠢᠪᠬᠤᠯᠠᠩ ᠂ ᠭ᠂ ᠡᠷᠳᠡᠨᠢᠴᠢᠮᠡᠭХар хархан харц-Эхийн дуу-С.Жавхлан Г·Эрдэнчимэг
ᠬᠠᠷ᠎ᠠ ᠬᠠᠷᠠᠬᠠᠨ ᠬᠠᠷᠠᠴᠠ
ᠦᠭᠡ᠄ ᠨᠠᠰᠤᠨ
ᠠᠶ᠎ᠠ᠄ ᠤᠯᠠᠭᠠᠨᠲᠤᠭ
ᠳᠠᠭᠤᠴᠢᠨ᠄ ᠰ᠂ ᠵᠢᠪᠬᠤᠯᠠᠩ᠂ ᠭ᠂ ᠡᠷᠳᠡᠨᠢᠴᠢᠮᠡᠭ
ᠬᠠᠷ᠎ᠠ ᠬᠠᠷᠠᠬᠠᠨ ᠬᠠᠷᠠᠴᠠᠨ ᠳ᠋ᠤ᠌ ᠴᠢᠨᠢ
ᠬᠠᠯᠠᠭᠤᠨ ᠵᠢᠷᠦᠬᠡ ᠮᠢᠨᠢ ᠬᠠᠢᠯᠠᠴᠢᠬᠠᠬᠤ ᠭᠡᠳ ᠪᠠᠢᠨ᠎ᠠ
ᠬᠠᠢᠷᠠᠲᠠᠢ ᠳᠤᠷᠠᠲᠠᠢ ᠦᠭᠡᠰ ᠢ᠋ᠶ᠋ᠡᠨ ᠪᠢ
ᠬᠠᠰᠢᠵᠤ ᠳᠡᠢᠯᠬᠦ ᠦᠭᠡᠢ ᠬᠡᠯᠡᠴᠢᠬᠡᠬᠦ ᠭᠡᠳ ᠪᠠᠢᠨ᠎ᠠ
ᠢᠷᠮᠡᠭᠡᠳ ᠬᠠᠷᠠᠭᠰᠠᠨ ᠬᠠᠷᠠᠴᠠ ᠪᠠᠷ ᠢ᠋ᠶ᠋ᠠᠨ
ᠢᠲᠡᠭᠡᠭᠰᠡᠨ ᠰᠡᠳᠬᠢᠯ ᠢ᠋ᠶ᠋ᠡᠨ ᠥᠭᠭᠦᠶ᠎ᠡ ᠬᠣᠶᠠᠭᠤᠯᠠ ᠪᠠᠨ
ᠢᠨᠢᠶᠡᠳᠦ ᠪᠠᠶᠠᠷ ᠤ᠋ᠨ ᠬᠣᠷᠸ᠎ᠠ ᠳ᠋ᠤ᠌ ᠪᠠᠨ
ᠢᠪᠡᠭᠡᠵᠦ ᠰᠦᠵᠢᠷᠡᠵᠦ ᠶᠠᠪᠤᠶ᠎ᠠ ᠳᠠ ᠬᠣᠶᠠᠭᠤᠯᠠ ᠪᠠᠨ
ᠪᠣᠷᠣ ᠪᠣᠷᠣᠬᠠᠨ ᠬᠠᠷᠠᠴᠠᠨ ᠳ᠋ᠤ᠌ ᠴᠢᠨᠢ
ᠪᠣᠯᠬᠤ ᠦᠭᠡᠢ ᠬᠠᠢᠷ᠎ᠠ ᠮᠢᠨᠢ ᠪᠤᠴᠠᠯᠴᠢᠬᠠᠬᠤ ᠭᠡᠳ ᠪᠠᠢᠨ᠎ᠠ
ᠪᠣᠳᠣᠭᠰᠠᠨ ᠰᠠᠨᠠᠭᠰᠠᠨ ᠦᠨᠡᠨ ᠢ᠋ᠶ᠋ᠡᠨ ᠪᠢ ᠪᠤᠰᠤᠳ ᠠ᠋ᠴᠠ
ᠨᠢᠭᠤᠯ ᠦᠭᠡᠢ ᠶᠠᠷᠢᠴᠢᠬᠠᠬᠤ ᠭᠡᠳ ᠪᠠᠢᠨ᠎ᠠ
ᠤᠶᠠᠷᠠᠭᠠᠳ ᠬᠠᠷᠠᠭᠰᠠᠨ ᠬᠠᠷᠠᠴᠠ ᠪᠠᠷ ᠢ᠋ᠶ᠋ᠠᠨ
ᠤᠴᠠᠷᠠᠭᠰᠠᠨ ᠵᠠᠶᠠᠭ᠎ᠠ ᠪᠠᠨ ᠬᠣᠯᠪᠣᠶ᠎ᠠ ᠬᠣᠶᠠᠭᠤᠯᠠ ᠪᠠᠨ
ᠤᠬᠢᠯᠠᠵᠤ ᠳᠠᠭᠤᠯᠠᠬᠤ ᠣᠷᠴᠢᠯᠠᠩ ᠳ᠋ᠤ᠌ ᠪᠠᠨ
ᠤᠬᠠᠭᠠᠷᠠᠵᠤ ᠬᠠᠢᠷᠠᠯᠠᠵᠤ ᠠᠮᠢᠳᠤᠷᠠᠶ᠎ᠠ ᠳᠠ ᠬᠣᠶᠠᠭᠤᠯᠠ ᠪᠠᠨ
ᠡᠷᠬᠡ ᠡᠮᠵᠡᠭ ᠬᠠᠷᠠᠴᠠ ᠪᠠᠷ ᠢ᠋ᠶ᠋ᠠᠨ
ᠡᠭᠴᠡᠬᠡᠨ ᠲᠤᠯᠤᠭᠠᠳ ᠬᠠᠷᠠᠶ᠎ᠠ ᠳᠠ ᠪᠡᠶ᠎ᠡ ᠪᠡᠶ᠎ᠡ ᠶ᠋ᠢ ᠪᠡᠨ
ᠡᠷᠭᠢᠭᠡᠳ ᠳᠠᠬᠢᠭᠠᠳ ᠣᠯᠳᠠᠬᠤ ᠦᠭᠡᠢ ᠭᠡᠳ
ᠡᠨᠡ ᠬᠣᠷᠸ᠎ᠠ ᠳ᠋ᠤ᠌ ᠲᠥᠰᠢᠶ᠎ᠡ ᠳᠡ ᠬᠡᠨ ᠬᠡᠨ ᠢ᠋ ᠪᠡᠨ
ᠬᠠᠢᠷᠠᠯᠠᠭᠠᠳ ᠬᠠᠷᠠᠭᠰᠠᠨ ᠬᠠᠷᠠᠴᠠ ᠪᠠᠷ ᠢ᠋ᠶ᠋ᠠᠨ
ᠬᠠᠨᠢᠯᠠᠬᠤ ᠶ᠋ᠢᠨ ᠲᠠᠪᠢᠯᠠᠩ ᠢ᠋ᠶ᠋ᠠᠨ ᠲᠦᠰᠢᠶ᠎ᠡ ᠬᠣᠶᠠᠭᠤᠯᠠ ᠪᠠᠨ
ᠬᠠᠲᠠᠭᠤ ᠵᠥᠭᠡᠯᠡᠨ ᠲᠡᠢ ᠬᠣᠷᠸ᠎ᠠ ᠳ᠋ᠤ᠌ ᠪᠠᠨ
ᠬᠠᠢᠷ᠎ᠠ ᠪᠠᠷ ᠢ᠋ᠶ᠋ᠠᠨ ᠠᠷᠭᠠᠳᠠᠵᠤ ᠳᠣᠭᠣᠯᠤᠶ᠎ᠠ ᠬᠣᠶᠠᠭᠤᠯᠠ ᠪᠠᠨ
ᠤᠶᠠᠷᠠᠭᠠᠳ ᠬᠠᠷᠠᠭᠰᠠᠨ ᠬᠠᠷᠠᠴᠠ ᠪᠠᠷ ᠢ᠋ᠶ᠋ᠠᠨ
ᠤᠴᠠᠷᠠᠭᠰᠠᠨ ᠵᠠᠶᠠᠭ᠎ᠠ ᠪᠠᠨ ᠬᠣᠯᠪᠣᠶ᠎ᠠ ᠬᠣᠶᠠᠭᠤᠯᠠ ᠪᠠᠨ
ᠤᠬᠢᠯᠠᠵᠤ ᠳᠠᠭᠤᠯᠠᠬᠤ ᠣᠷᠴᠢᠯᠠᠩ ᠳ᠋ᠤ᠌ ᠪᠠᠨ
ᠤᠬᠠᠭᠠᠷᠠᠵᠤ ᠬᠠᠢᠷᠠᠯᠠᠵᠤ ᠠᠮᠢᠳᠤᠷᠠᠶ᠎ᠠ ᠳᠠ ᠬᠣᠶᠠᠭᠤᠯᠠ ᠪᠠᠨ
ᠢᠨᠢᠶᠡᠳᠦ ᠪᠠᠶᠠᠷ ᠤ᠋ᠨ ᠬᠣᠷᠸ᠎ᠠ ᠳ᠋ᠤ᠌ ᠪᠠᠨ
ᠢᠪᠡᠭᠡᠵᠦ ᠰᠦᠵᠢᠷᠡᠵᠦ ᠶᠠᠪᠤᠶ᠎ᠠ ᠳᠠ ᠬᠣᠶᠠᠭᠤᠯᠠ ᠪᠠᠨ
ᠦᠰᠦᠭ ᠠᠮᠢᠯᠠᠭᠤᠯᠵᠤ ᠬᠠᠲᠠᠭᠰᠠᠨ ᠨᠢ᠄ ᠮᠥᠩᠭᠥᠨ
ᠬᠢᠨᠠᠭᠴᠢ᠄ ᠨᠤᠮᠤᠴᠢᠨ ᠪᠢᠯᠢᠭ᠂ ᠲᠣᠳᠣᠭᠡᠷᠡᠯ᠂ ᠪᠢᠮᠪᠠ
