ᠬᠥᠬᠡ ᠰᠤᠳᠤᠷ - ᠢᠨᠵᠠᠨᠨᠠᠰᠢ < ᠲᠠᠪᠢᠨ ᠲᠠᠪᠤᠳᠤᠭᠠᠷ ᠪᠦᠯᠦᠭ > Хөх судар - Инжинаш < Тавин тавдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠠᠪᠢᠨ ᠲᠠᠪᠤᠳᠤᠭᠠᠷ ᠪᠦᠯᠦᠭ > Хөх судар - Инжинаш < Тавин тавдугаар бүлэг >

ᠬᠥᠬᠡ ᠰᠤᠳᠤᠷ - ᠢᠨᠵᠠᠨᠨᠠᠰᠢ < ᠲᠠᠪᠢᠨ ᠲᠠᠪᠤᠳᠤᠭᠠᠷ ᠪᠦᠯᠦᠭ > Хөх судар - Инжинаш < Тавин тавдугаар бүлэг >

ᠠᠩᠭᠢᠯᠠᠯ:ᠲᠡᠦᠬᠡ ᠰᠣᠶᠣᠯ
2023-10-02

287

ᠪᠠᠭᠠᠲᠤᠷ ᠪᠣᠳᠣᠯᠭᠠᠲᠤ ᠮᠣᠩᠭᠣᠯ ᠤ᠋ᠨ ᠭᠦᠸᠧ ᠸᠠᠩ ᠵᠢᠶᠧ ᠵᠧᠦ ᠬᠤᠲᠠᠨ᠎ᠠ ᠥᠩᠭᠡᠷᠡᠪᠡ

ᠪᠠᠲᠤ ᠦᠭᠡᠢᠲᠦ ᠰᠢᠶᠠ ᠶ᠋ᠢᠨ ᠽᠦᠨ ᠰᠢᠦᠢ ᠰᠢ ᠯᠢᠶᠠᠩ ᠤ᠋ᠨ ᠭᠠᠵᠠᠷ᠎ᠠ ᠦᠬᠦᠪᠡ


                  ᠲᠠᠪᠢᠨ ᠲᠠᠪᠤᠳᠤᠭᠠᠷ ᠪᠦᠯᠦᠭ 
                                    ᠬᠠᠷᠠᠭᠴᠢᠨ ᠬᠣᠨᠢᠨ ᠵᠢᠯ ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠲᠠᠢᠽᠦ ᠶ᠋ᠢᠨ 
                                    ᠠᠷᠪᠠᠨ ᠨᠠᠢ᠍ᠮᠠᠳᠤᠭᠠᠷ ᠣᠨ ᠂  ᠰᠥᠩ ᠤᠯᠤᠰ ᠤ᠋ᠨ ᠨᠢᠩᠽᠦᠩ ᠬᠠᠭᠠᠨ ᠤ᠋ ᠵᠢᠶᠠ ᠳ᠋ᠢᠩ ᠦ᠋ᠨ 
                                    ᠠᠷᠪᠠᠨ ᠵᠢᠷᠭᠤᠳᠤᠭᠠᠷ ᠣᠨ ᠂ ᠠᠯᠲᠠᠨ ᠤᠯᠤᠰ ᠤ᠋ᠨ ᠰᠢᠤᠸᠠᠨᠽᠦᠩ ᠬᠠᠭᠠᠨ ᠤ᠋  
                                    ᠶᠤᠸᠠᠨ ᠭᠤᠸᠠᠩ ᠤ᠋ᠨ ᠬᠣᠶᠠᠳᠤᠭᠠᠷ ᠣᠨ ᠂ ᠲᠠᠢᠽᠦ ᠡᠨᠡ ᠵᠢᠯ ᠵᠢᠷᠠᠨ ᠬᠣᠶᠠᠷ ᠨᠠᠰᠤ ᠲᠠᠢ  

                ᠪᠠᠭᠠᠲᠤᠷ ᠪᠣᠳᠣᠯᠭᠠᠲᠤ ᠮᠣᠩᠭᠣᠯ ᠤ᠋ᠨ ᠭᠦᠸᠧ ᠸᠠᠩ  ᠵᠢᠶᠧ ᠵᠧᠦ ᠬᠤᠲᠠᠨ᠎ᠠ ᠥᠩᠭᠡᠷᠡᠪᠡ 
            ᠪᠠᠲᠤ ᠦᠭᠡᠢᠲᠦ ᠰᠢᠶᠠ ᠶ᠋ᠢᠨ ᠽᠦᠨ ᠰᠢᠦᠢ ᠰᠢ ᠯᠢᠶᠠᠩ ᠤ᠋ᠨ ᠭᠠᠵᠠᠷ᠎ᠠ ᠦᠬᠦᠪᠡ  

       ᠴᠠᠭᠠᠨ ᠰᠠᠷ᠎ᠠ ᠳ᠋ᠤᠷ ᠠᠯᠲᠠᠨ ᠤᠯᠤᠰ ᠤ᠋ᠨ ᠰᠢᠤᠸᠠᠨᠽᠤᠩ ᠬᠠᠭᠠᠨ ᠵᠠᠭᠤᠨ ᠲᠦᠰᠢᠮᠡᠳ  ᠢ᠋ᠶ᠋ᠡᠨ ᠴᠤᠭᠯᠠᠭᠤᠯᠤᠨ ᠵᠥᠪᠯᠡᠨ ᠥᠭᠦᠯᠡᠷᠦᠨ :《ᠮᠠᠨ ᠤ᠋ ᠤᠯᠤᠰ ᠨᠢᠭᠡᠨᠲᠡ ᠮᠣᠩᠭᠣᠯ ᠤᠯᠤᠰ ᠲᠤᠷ ᠡᠪᠳᠡᠭᠳᠡᠵᠦ ᠡᠨᠡ ᠬᠢᠷᠢ ᠳ᠋ᠦ᠍ᠷ ᠬᠦᠷᠪᠡ᠂ ᠡᠰᠡᠬᠦᠯ᠎ᠡ ᠲᠡᠭᠦᠨ ᠦ᠌ ᠬᠡᠯᠡᠭᠰᠡᠨ ᠶᠣᠰᠣᠭᠠᠷ ᠾᠧ ᠪᠧᠢ ᠶ᠋ᠢᠨ ᠨᠡᠢᠲᠡ ᠶ᠋ᠢ ᠲᠡᠭᠦᠨ ᠳ᠋ᠦ᠍ᠷ ᠨᠠᠢᠷ ᠲᠠᠯᠪᠢᠭᠠᠳ ᠪᠢᠳᠡ ᠾᠧ ᠨᠠᠨ ᠢ᠋ ᠡᠵᠡᠯᠡᠵᠦ ᠲᠡᠮᠡᠴᠡᠯ ᠦᠭᠡᠢ ᠪᠡᠷ ᠰᠠᠭᠤᠪᠠᠰᠤ ᠶᠠᠮᠪᠠᠷ ? 》ᠬᠡᠮᠡᠭᠰᠡᠨ ᠳ᠋ᠦ᠍ᠷ ᠵᠠᠭᠤᠨ ᠲᠦᠰᠢᠮᠡᠳ ᠦ᠋ᠨ ᠰᠠᠨᠠᠭᠠᠨ ᠠᠳᠠᠯᠢ ᠦᠭᠡᠢ ᠬᠠᠷᠢᠯᠴᠠᠨ ᠪᠤᠯᠢᠶᠠᠯᠳᠤᠬᠤᠢ ᠳ᠋ᠤᠷ ᠰᠢᠤᠸᠠᠨᠽᠤᠩ ᠬᠠᠭᠠᠨ ᠮᠥᠨ ᠰᠠᠨᠠᠭ᠎ᠠ ᠲᠣᠭᠲᠠᠬᠤ ᠦᠭᠡᠢ ᠪᠠᠢᠬᠤᠢ ᠳ᠋ᠤᠷ ᠶᠡᠬᠡ ᠶᠤᠸᠠᠨᠱᠤᠸᠠᠢ ᠳᠦ ᠵᠢᠶᠠ ᠾᠧᠦ - ᠰᠢᠶᠣᠤ ᠱᠤ᠌ ᠭᠠᠷᠴᠤ ᠠᠢᠯᠠᠳᠬᠠᠷᠤᠨ :《ᠮᠣᠩᠭᠣᠯ ᠰᠢᠨᠡᠬᠡᠨ ᠪᠠᠢᠭᠤᠯᠵᠤ᠂ ᠮᠠᠨ ᠤ᠋ ᠤᠯᠤᠰ ᠤ᠋ᠨ ᠢᠷᠭᠡᠨ ᠢ ᠠᠪᠤᠭᠰᠠᠨ ᠪᠣᠯᠪᠠᠴᠤ ᠦᠨᠳᠦᠰᠦᠨ ᠦᠭᠡᠢ᠂ ᠦᠨᠳᠦᠰᠦᠨ ᠪᠠᠢᠭᠤᠯᠪᠠᠴᠤ ᠪᠢᠳᠡ ᠤᠭ ᠤ᠋ᠨ ᠠᠯᠲᠠᠨ ᠦᠨᠳᠦᠰᠦᠲᠡᠨ ᠢ᠋ᠶ᠋ᠡᠨ ᠯᠠᠪ ᠡᠭᠡᠭᠦᠯᠦᠨ ᠠᠪᠴᠤ ᠴᠢᠳᠠᠬᠤ ᠦᠭᠡᠢ ᠬᠡᠮᠡᠮᠦ ᠤᠤ ? ᠲᠦᠰᠢᠮᠡᠯ ᠨᠠᠳᠠ ᠳ᠋ᠤᠷ ᠲᠠᠪᠤᠨ ᠮᠢᠩᠭᠠᠨ ᠴᠡᠷᠢᠭ ᠦᠭᠪᠡᠰᠦ ᠲᠦᠰᠢᠮᠡᠯ ᠪᠢ ᠾᠧ ᠵᠦᠩ ᠦ᠋ᠨ ᠭᠠᠵᠠᠷ  ᠢ᠋ᠶ᠋ᠠᠨ ᠳᠠᠬᠢᠨ ᠠᠪᠴᠤ ᠴᠢᠳᠠᠮᠤᠢ ! 》 ᠬᠡᠮᠡᠬᠦᠢ ᠳ᠋ᠦ᠍ᠷ ᠠᠯᠲᠠᠨ ᠤᠯᠤᠰ ᠤ᠋ᠨ ᠡᠵᠡᠨ ᠠᠷᠭ᠎ᠠ ᠦᠭᠡᠢ ᠦᠭᠡ ᠳᠠᠭᠠᠵᠤ ᠴᠡᠷᠢᠭ ᠥᠭᠴᠦ ᠮᠣᠷᠳᠠᠭᠤᠯᠪᠠ᠃ ᠡᠨᠡ ᠴᠢᠮᠡᠭᠡ ᠤᠳᠠᠭᠰᠠᠨ ᠦᠭᠡᠢ ᠾᠧ ᠵᠦᠩ ᠳ᠋ᠦ᠍ᠷ ᠬᠦᠷᠴᠦ ᠢᠷᠡᠭᠰᠡᠨ᠎ᠡ᠂ ᠱᠢ ᠲᠢᠶᠠᠨ ᠢᠩ ᠶᠠᠭᠠᠷᠠᠨ ᠪᠠᠰᠠ ᠶᠡᠬᠡ ᠪᠠᠭᠠᠲᠤᠷ ᠵᠠᠩᠵᠤᠨ ᠡᠦ ᠼᠠᠨ ᠳ᠋ᠤᠷ ᠴᠡᠷᠢᠭ ᠨᠡᠮᠡᠨ ᠥᠭᠴᠦ ᠬᠠᠪᠴᠢᠯ ᠵᠠᠮ ᠢ᠋ ᠰᠠᠢᠲᠤᠷ ᠰᠠᠬᠢᠭᠤᠯᠤᠭᠰᠠᠨ ᠳ᠋ᠤᠷ ᠡᠦ ᠼᠠᠨ ᠬᠡᠳᠦᠢ ᠪᠠᠭᠠᠲᠤᠷ ᠪᠣᠯᠪᠠᠴᠤ ᠠᠷᠢᠬᠢᠨ ᠳ᠋ᠤᠷ ᠳᠤᠷᠠᠲᠠᠢ᠂ ᠠᠯᠲᠠᠨ ᠤᠯᠤᠰ ᠯᠠᠪ ᠬᠣᠭᠣᠰᠣᠨ ᠨᠡᠷ᠎ᠡ ᠭᠠᠷᠭᠠᠵᠤ ᠮᠠᠨ ᠤ᠋ ᠴᠡᠷᠢᠭ ᠢ᠋ ᠵᠦᠳᠡᠭᠡᠬᠦᠢ ᠶ᠋ᠢᠨ ᠬᠠᠷᠠᠭ᠎ᠠ ᠭᠡᠮᠡᠨ ᠡᠳᠦᠷ ᠪᠦᠷᠢ ᠠᠷᠢᠬᠢᠳᠠᠨ ᠬᠣᠪᠳᠣᠭᠯᠠᠵᠤ᠂ ᠦᠨᠡᠬᠡᠷ ᠭᠡᠨᠡᠳᠲᠡ ᠠᠯᠲᠠᠨ ᠤᠯᠤᠰ ᠤ᠋ᠨ ᠴᠡᠷᠢᠭ ᠲᠡᠭᠦᠨ ᠢ᠋ ᠰᠥᠨᠢ ᠪᠠᠭᠤᠳᠠᠯᠠᠬᠤ ᠴᠢᠯᠥᠭᠡ ᠳ᠋ᠦ᠍ᠷ ᠨᠢᠭᠡᠨ ᠰᠥᠨᠢ ᠪᠡᠷ ᠾᠧ ᠵᠦᠩ ᠹᠦ ᠳ᠋ᠦ᠍ᠷ ᠬᠦᠷᠴᠦ ᠢᠷᠡᠪᠡ᠃ ᠡᠨᠡ ᠦᠶ᠎ᠡ ᠳ᠋ᠦ᠍ᠷ ᠾᠧ ᠵᠦᠩ ᠹᠦ ᠶ᠋ᠢᠨ ᠠ ᠯᠦ᠍ ᠳ᠋ᠠᠢ ᠮᠣᠩᠭᠣᠯ ᠳ᠋ᠤᠷ ᠠᠪᠲᠠᠬᠤᠢ ᠳ᠋ᠤᠷ ᠠᠰᠠᠷ ᠲᠠᠭᠲᠤ ᠶ᠋ᠢ ᠭᠠᠯ ᠲᠠᠯᠪᠢᠵᠤ ᠶᠠᠪᠤᠭᠰᠠᠨ ᠲᠤᠯᠠ ᠡᠳᠦᠭᠡ ᠮᠣᠩᠭᠣᠯ ᠣᠳᠣ ᠬᠠᠷᠠᠬᠠᠨ ᠲᠣᠭᠲᠠᠭᠠᠳᠤᠢ ᠳ᠋ᠤᠷ ᠬᠣᠲᠠ ᠶ᠋ᠢᠨ ᠢᠷᠭᠡᠳ ᠠᠶᠤᠯᠳᠤᠵᠤ ᠂ ᠳᠡᠭᠡᠰᠦ ᠰᠢᠪᠳᠤᠷᠤᠯᠴᠠᠨ ᠬᠣᠲᠠᠨ ᠠ᠋ᠴᠠ ᠪᠠᠭᠤᠬᠤ ᠴᠢᠯᠥᠭᠡ ᠳ᠋ᠦ᠍ᠷ ᠠᠯᠲᠠᠨ ᠤᠯᠤᠰ ᠤ᠋ᠨ ᠰᠢᠶᠣᠤ ᠱᠤ᠌ ᠶ᠋ᠢᠨ ᠴᠡᠷᠢᠭ ᠬᠡᠳᠦᠢᠨᠡᠢ ᠬᠣᠲᠠᠨ ᠢ ᠳᠠᠪᠠᠵᠤ ᠣᠷᠣᠵᠤ ᠢᠷᠡᠭᠡᠳ ᠭᠠᠯ ᠡᠷᠭᠦᠨ ᠢᠷᠭᠡᠨ ᠦ᠌ ᠭᠡᠷ ᠢ᠋ ᠭᠠᠯᠳᠠᠬᠤᠢ ᠳ᠋ᠤᠷ ᠲᠡᠳᠦᠢ ᠱᠢ ᠲᠢᠶᠠᠨ ᠢᠩ ᠰᠥᠨᠢ ᠴᠠᠭᠳᠠᠷ᠎ᠠ ᠭᠠᠷᠤᠭᠠᠳ ᠭᠠᠯ ᠤ᠋ᠨ ᠭᠡᠷᠡᠯ ᠢ᠋ ᠦᠵᠡᠵᠦ᠂ ᠯᠠᠪ ᠠᠯᠲᠠᠨ ᠤᠯᠤᠰ ᠤ᠋ᠨ ᠴᠡᠷᠢᠭ ᠬᠦᠷᠴᠦ ᠢᠷᠡᠭᠰᠡᠨ ᠪᠣᠢ ᠊ᠢ᠎ᠠ ᠭᠡᠮᠡᠨ ᠶᠠᠭᠠᠷᠠᠨ ᠬᠡᠩᠭᠡᠷᠭᠡ ᠴᠣᠬᠢᠨ ᠥᠪᠡᠷ  ᠢ᠋ᠶ᠋ᠡᠨ ᠲᠡᠷᠢᠭᠦᠯᠡᠨ ᠳᠠᠢᠰᠤᠨ ᠤ᠋ ᠡᠰᠡᠷᠭᠦ ᠪᠠᠢᠯᠳᠤᠷ᠎ᠠ ᠢᠷᠡᠬᠦᠢ ᠳ᠋ᠦ᠍ᠷ  ᠳᠣᠣᠷᠠᠬᠢ ᠲᠦᠰᠢᠮᠡᠳ ᠪᠠ ᠬᠣᠲᠠ ᠶ᠋ᠢᠨ ᠵᠠᠭᠤᠨ ᠣᠪᠣᠭᠲᠠᠨ ᠱᠢ ᠲᠢᠶᠠᠨ ᠢᠩ ᠦ᠋ᠨ ᠮᠣᠷᠢᠨ ᠢ᠋ ᠴᠤᠯᠪᠤᠭᠤᠷᠳᠠᠨ ᠵᠢᠭᠤᠷᠠᠯᠳᠤᠨ ᠥᠭᠦᠯᠡᠷᠦᠨ :《ᠶᠤᠸᠠᠨᠱᠤᠸᠠᠢ ᠲᠡᠭᠦᠨ ᠯᠦ᠍ᠭᠡ ᠬᠠᠷᠠᠩᠭᠤᠢ ᠰᠥᠨᠢ ᠪᠠᠢᠯᠳᠤᠵᠤ ᠦᠯᠦ ᠪᠣᠯᠤᠮᠤᠢ ᠂ ᠪᠠᠭᠠᠲᠤᠷ ᠵᠠᠩᠵᠤᠨ ᠡᠦ ᠼᠠᠨ ᠨᠢᠭᠡᠨᠲᠡ ᠪᠢᠳᠡᠨ ᠢ᠋ ᠰᠠᠭᠠᠳᠠᠭᠤᠯᠤᠨ ᠡᠨᠡ ᠬᠢᠷᠢ ᠳ᠋ᠦ᠍ᠷ ᠬᠦᠷᠴᠦ ᠬᠣᠲᠠᠨ ᠳ᠋ᠤᠷ ᠣᠷᠣᠭᠰᠠᠨ ᠠᠲᠠᠯ᠎ᠠ ᠶᠠᠭᠤᠨ ᠳ᠋ᠤᠷ ᠪᠠᠰᠠ ᠪᠠᠢᠯᠳᠤᠬᠤ ᠶ᠋ᠢ ᠰᠠᠨᠠᠮᠤᠢ ?  ᠡᠷᠲᠡᠬᠡᠨ ᠵᠠᠢᠯᠠᠨ ᠬᠠᠲᠤᠨ ᠭᠣᠣᠯ ᠢ᠋ ᠭᠡᠲᠦᠯᠵᠦ ᠭᠠᠷᠰᠤᠭᠠᠢ !》 ᠬᠡᠮᠡᠬᠦᠢ ᠳ᠋ᠦ᠍ᠷ ᠱᠢ ᠲᠢᠶᠠᠨ ᠢᠩ ᠰᠡᠭᠦᠷᠡᠰᠦᠨ ᠠᠯᠳᠠᠵᠤ ᠥᠭᠦᠯᠡᠷᠦᠨ : 《ᠤᠷᠢᠳᠤ ᠡᠳᠦᠷ ᠣᠯᠠᠨ ᠢ᠋ᠶ᠋ᠠᠷ ᠨᠠᠮᠠᠶ᠋ᠢ ᠤᠷᠤᠭᠰᠢ ᠨᠡᠭᠦᠵᠦ ᠰᠠᠬᠢᠰᠤᠭᠠᠢ ᠬᠡᠮᠡᠲᠡᠯ᠎ᠡ ᠦᠭᠡ ᠠᠪᠤᠭᠰᠠᠨ ᠦᠭᠡᠢ ᠪᠥᠭᠡᠳ ᠡᠳᠦᠭᠡ ᠣᠳᠣ ᠰᠢᠬᠠᠮᠳᠠᠬᠤ ᠳ᠋ᠤᠷ  ᠢ᠋ᠶ᠋ᠠᠨ ᠰᠠᠶᠢ ᠨᠡᠭᠦᠪᠡᠰᠦ ᠰᠠᠢᠨ ᠡᠷ᠎ᠡ ᠶ᠋ᠢᠨ ᠶᠠᠪᠤᠳᠠᠯ ᠪᠤᠰᠤ᠂ ᠲᠡᠢᠰᠢ ᠭᠦᠸᠧ ᠸᠠᠩ  ᠨᠠᠮᠠᠶ᠋ᠢ ᠡᠰᠡ ᠵᠢᠮᠡᠯᠡᠪᠡᠴᠦ ᠪᠢ ᠦᠶ᠎ᠡ ᠶ᠋ᠢᠨ ᠨᠥᠬᠥᠷ ᠲᠣᠷ ᠬᠡᠷᠬᠢᠨ ᠤᠴᠠᠷᠠᠮᠤᠢ ?  ᠡᠨᠡ ᠡᠳᠦᠷ ᠪᠠᠢᠯᠳᠤᠵᠤ ᠦᠬᠦᠬᠦ ᠡᠴᠡ ᠥᠪᠡᠷ᠎ᠡ ᠶᠠᠪᠤᠳᠠᠯ ᠦᠭᠡᠢ ! 》 ᠭᠡᠮᠡᠨ ᠬᠤᠷᠠᠭᠰᠠᠨ ᠴᠡᠷᠢᠭ ᠢ᠋ ᠠᠪᠴᠤ᠂ ᠥᠪᠡᠷ ᠦ᠋ᠨ ᠪᠡᠶ᠎ᠡ ᠪᠡᠷ ᠭᠠᠭᠴᠠᠭᠠᠷ ᠲᠡᠷᠢᠭᠦᠯᠡᠨ ᠠᠯᠲᠠᠨ ᠤᠯᠤᠰ ᠤ᠋ᠨ ᠴᠡᠷᠢᠭ ᠯᠦ᠍ᠭᠡ ᠪᠠᠢᠯᠳᠤᠵᠤ ᠂ ᠵᠢᠴᠢ ᠡᠳᠦᠷ ᠦ᠋ᠨ ᠮᠣᠷᠢᠨ ᠴᠠᠭ ᠪᠣᠯᠲᠠᠯ᠎ᠠ ᠠᠯᠠᠯᠳᠤᠵᠤ ᠰᠠᠶᠢ ᠠᠯᠠᠭᠳᠠᠪᠠᠢ᠃ 
       ᠲᠡᠳᠦᠢ ᠠᠯᠲᠠᠨ ᠤᠯᠤᠰ ᠤ᠋ᠨ ᠶᠤᠸᠠᠨᠱᠤᠸᠠᠢ ᠬᠣᠲᠠ ᠶ᠋ᠢᠨ ᠣᠯᠠᠨ ᠢᠷᠭᠡᠨ ᠢ᠋ ᠢᠨᠦ ᠪᠤᠰᠠᠨᠢᠭᠤᠯᠤᠨ ᠠᠯᠠᠵᠤ᠂ ᠭᠡᠷ ᠲᠦ᠍ᠷ ᠳᠠᠬᠢᠨ ᠭᠠᠯ ᠲᠠᠯᠪᠢᠨ ᠰᠢᠲᠠᠭᠠᠵᠤ᠂ ᠵᠦᠩ ᠲᠢᠶᠣᠤ ᠱᠠᠨ ᠠᠭᠤᠯᠠᠨ ᠳ᠋ᠤᠷ ᠬᠦᠷᠲᠡᠯ᠎ᠡ ᠬᠣᠢᠨ᠎ᠠ ᠠ᠋ᠴᠠ ᠮᠣᠩᠭᠣᠯ ᠤᠯᠤᠰ ᠤ᠋ᠨ ᠵᠢᠭᠡ ᠲᠠᠪᠤᠨᠠᠩ ᠪᠣᠲ᠋ᠤ ᠶ᠋ᠢᠨ ᠬᠥᠪᠡᠭᠦᠨ ᠨᠠᠨᠰᠠᠷ ᠣᠢᠷᠠᠯᠴᠠᠭ᠎ᠠ ᠬᠣᠲᠠ ᠶ᠋ᠢ ᠰᠠᠬᠢᠵᠤ ᠪᠠᠢᠭᠰᠠᠨ ᠲᠤᠯᠠ ᠶᠡᠬᠡ ᠴᠡᠷᠢᠭ ᠢ᠋ ᠠᠪᠤᠨ ᠨᠡᠬᠡᠨ ᠬᠦᠷᠴᠦ ᠢᠷᠡᠭᠡᠳ ᠬᠠᠰᠬᠢᠷᠤᠨ ᠠᠯᠠᠨ ᠣᠷᠣᠭᠰᠠᠨ ᠳ᠋ᠤᠷ᠂ ᠠᠯᠲᠠᠨ ᠤᠯᠤᠰ ᠤ᠋ᠨ ᠴᠡᠷᠢᠭ ᠡᠰᠡᠷᠭᠦᠴᠡᠯᠡᠨ ᠢᠷᠡᠭᠡᠳ ᠭᠡᠨᠡᠳᠲᠡ ᠳᠠᠷᠤᠭᠳᠠᠵᠤ ᠪᠤᠷᠤᠭᠤᠯᠠᠬᠤᠢ ᠳ᠋ᠠᠭᠠᠨ ᠨᠠᠨᠰᠠᠷ ᠤ᠋ᠨ ᠪᠦᠭᠭᠦᠭᠦᠯᠦᠭᠰᠡᠨ ᠴᠡᠷᠢᠭ ᠲᠦ᠍ᠷ ᠤᠴᠠᠷᠠᠨ ᠶᠡᠬᠡᠯ᠎ᠡ ᠠᠯᠠᠭᠳᠠᠵᠤ᠂ ᠬᠠᠷᠠᠬᠠᠨ ᠵᠠᠮ ᠦᠭᠡᠢ ᠪᠦᠬᠦᠢ ᠳ᠋ᠦ᠍ᠷ ᠨᠠᠨᠰᠠᠷ ᠤ᠋ᠨ ᠴᠡᠷᠢᠭ ᠪᠠᠰᠠ ᠨᠡᠬᠡᠨ ᠭᠦᠢᠴᠡᠵᠦ ᠢᠷᠡᠭᠡᠳ ᠬᠡᠳᠦᠨ ᠲᠦᠮᠡᠨ ᠬᠥᠮᠦᠨ ᠢ᠋ ᠠᠯᠠᠵᠤ᠂ ᠬᠡᠳᠦᠨ ᠲᠦᠮᠡᠨ ᠮᠣᠷᠢ ᠬᠤᠶᠠᠭ ᠵᠡᠪᠰᠡᠭ ᠦ᠋ᠨ ᠵᠦᠢᠯ ᠢ᠋ ᠣᠯᠪᠠ᠃  
       ᠲᠡᠳᠦᠢ ᠭᠦᠸᠧ ᠸᠠᠩ ᠮᠤᠬᠤᠯᠢ ᠳ᠋ᠤᠷ ᠮᠡᠳᠡᠭᠦᠯᠦᠭᠰᠡᠨ ᠳ᠋ᠦ᠍ᠷ ᠮᠤᠬᠤᠯᠢ ᠱᠢ ᠲᠢᠶᠠᠨ ᠢᠩ ᠢ᠋ ᠭᠠᠰᠢᠭᠤᠳᠠᠨ ᠤᠬᠢᠯᠠᠵᠤ᠂ ᠪᠡᠶ᠎ᠡ ᠪᠡᠷ ᠶᠠᠰᠤ ᠶ᠋ᠢ ᠬᠣᠷᠢᠶᠠᠨ ᠬᠦᠨᠳᠦ ᠪᠡᠷ ᠣᠷᠣᠰᠢᠭᠤᠯᠤᠨ᠂ ᠠᠷᠢᠬᠢ ᠰᠠᠴᠤᠨ ᠰᠠᠢᠨ ᠢ᠋ ᠲᠣᠭᠠᠴᠢᠨ ᠬᠠᠭᠠᠨ ᠳ᠋ᠤᠷ ᠠᠢᠯᠠᠳᠬᠠᠨ ᠶᠠᠪᠤᠭᠤᠯᠵᠤ᠂ ᠱᠢ ᠲᠢᠶᠠᠨ ᠢᠩ ᠦ᠋ᠨ ᠬᠥᠪᠡᠭᠦᠨ ᠭᠠᠨ ᠬᠡ ᠳ᠋ᠠᠢ ᠳ᠋ᠤᠷ ᠡᠴᠢᠭᠡ ᠶ᠋ᠢᠨ ᠵᠡᠷᠭᠡ ᠬᠡᠷᠬᠡᠮ ᠴᠣᠯᠠ ᠪᠠ ᠰᠠᠭᠤᠷᠢᠨ ᠢ᠋ ᠵᠠᠯᠭᠠᠮᠵᠢᠯᠠᠭᠤᠯᠤᠨ᠂ ᠬᠠᠷᠢᠶᠠᠲᠤ ᠴᠡᠷᠢᠭ ᠢᠷᠭᠡᠨ ᠢ᠋ ᠢᠨᠦ ᠵᠠᠬᠢᠷᠤᠭᠤᠯᠪᠠ᠃ ᠠᠯᠲᠠᠨ ᠤᠯᠤᠰ ᠤ᠋ᠨ ᠶᠤᠸᠠᠨᠱᠤᠸᠠᠢ ᠰᠢᠶᠣᠤ ᠱᠤ᠋ ᠳᠠᠷᠤᠭᠳᠠᠭᠰᠠᠨ ᠴᠡᠷᠢᠭ  ᠢ᠋ᠶ᠋ᠡᠨ ᠠᠪᠴᠤ ᠹᠦ ᠴᠧᠦ ᠪᠡᠷ ᠳᠤᠲᠠᠭᠠᠨ ᠬᠠᠷᠢᠪᠠᠢ᠃ 
       ᠡᠨᠡ ᠦᠶᠡᠰ ᠾᠧ ᠵᠦᠩ ᠹᠦ ᠬᠣᠲᠠ ᠶ᠋ᠢ ᠠᠯᠲᠠᠨ ᠤᠯᠤᠰ ᠤ᠋ᠨ ᠡᠵᠡᠨ ᠰᠢᠦᠸᠠᠨᠽᠦᠩ᠂ ᠶᠤᠸᠠᠨᠱᠤᠸᠠᠢ ᠳᠣᠬᠢᠶᠠᠨ᠂ ᠠ ᠯᠦ᠍ ᠳ᠋ᠠᠢ ᠪᠠᠷ ᠰᠠᠬᠢᠭᠤᠯᠵᠤ ᠪᠠᠢᠭᠰᠠᠨ ᠪᠥᠯᠥᠭᠡ᠃ ᠠ ᠯᠦ᠍ ᠳ᠋ᠠᠢ ᠬᠣᠪᠳᠣᠭ ᠠᠪᠯᠢᠭᠠᠴᠢ ᠴᠡᠷᠢᠭ ᠬᠡᠷᠡᠭᠯᠡᠨ ᠴᠢᠳᠠᠬᠤ ᠦᠭᠡᠢ᠂ ᠢᠷᠭᠡᠨ ᠦ᠌ ᠡᠳ᠋ ᠬᠥᠷᠥᠩᠭᠡ ᠶ᠋ᠢ ᠰᠦᠢᠳᠬᠡᠵᠦ ᠠᠰᠢᠭᠯᠠᠨ ᠠᠪᠤᠭᠰᠠᠭᠠᠷ ᠢᠷᠭᠡᠨ ᠬᠣᠷᠣᠰᠤᠭᠠᠳ ᠵᠢᠩ ᠵᠧᠦ ᠶ᠋ᠢ ᠮᠣᠩᠭᠣᠯ ᠳ᠋ᠤᠷ ᠠᠪᠲᠠᠪᠠ᠃ ᠲᠡᠢᠨ ᠬᠦ᠌ ᠰᠠᠶᠢ ᠠᠶᠤᠵᠤ ᠬᠠᠭᠠᠨ ᠢ᠋ᠶ᠋ᠠᠨ ᠬᠠᠭᠤᠷᠮᠠᠭᠯᠠᠨ ᠳᠣᠪᠲᠣᠯᠭᠠᠨ ᠮᠡᠳᠡᠭᠦᠯᠦᠭᠰᠡᠨ ᠢᠨᠦ : 《ᠵᠢᠩ ᠵᠧᠦ ᠠᠪᠲᠠᠵᠤ ᠾᠧ ᠵᠦᠭ ᠦ᠋ᠨ ᠭᠠᠭᠴᠠ ᠬᠣᠲᠠ ᠶ᠋ᠢ ᠰᠠᠬᠢᠬᠤᠢ ᠳ᠋ᠤᠷ ᠪᠡᠷᠬᠡ ᠪᠣᠯᠪᠠ ! 》 ᠬᠡᠮᠡᠭᠰᠡᠨ ᠳ᠋ᠦ᠍ᠷ ᠵᠠᠷᠯᠢᠭ ᠢ᠋ᠶ᠋ᠠᠷ ᠡᠯᠴᠢ ᠵᠠᠷᠤᠵᠤ ᠦᠵᠡᠭᠦᠯᠪᠡᠰᠦ ᠦᠨᠡᠬᠡᠷ ᠰᠠᠬᠢᠬᠤᠶ᠎ᠠ ᠪᠡᠷᠬᠡ ᠪᠣᠯᠤᠭᠰᠠᠨ ᠲᠤᠯᠠ ᠡᠭᠡᠵᠦ ᠼᠢ ᠲᠡᠢ ᠭᠠᠵᠠᠷ ᠬᠦᠷᠬᠦᠢ ᠶ᠋ᠢᠨ ᠤᠷᠢᠳᠠ ᠠ ᠯᠦ᠍ ᠳ᠋ᠠᠢ᠂ ᠾᠧ ᠵᠦᠩ ᠦ᠋ᠨ ᠬᠣᠲᠠ ᠪᠠᠯᠭᠠᠳ ᠭᠡᠷ ᠬᠦᠷᠢᠶ᠎ᠡ ᠠᠷᠠᠳ ᠣᠯᠠᠨ ᠢ᠋ ᠪᠦᠷᠢᠨ ᠢ᠋ᠶ᠋ᠡᠷ ᠮᠣᠩᠭᠣᠯ ᠳ᠋ᠤᠷ ᠠᠪᠲᠠᠬᠤ ᠦᠭᠡᠢ ᠭᠡᠮᠡᠨ ᠥᠪᠡᠷ ᠦ᠋ᠨ ᠬᠣᠲᠠ ᠪᠠᠨ ᠥᠪᠡᠷ ᠢ᠋ᠶ᠋ᠡᠨ ᠭᠠᠯ ᠲᠠᠯᠪᠢᠨ ᠨᠢᠳᠦ ᠪᠡᠷ ᠦᠵᠡᠵᠦ᠂ ᠬᠣᠶᠠᠷ ᠡᠳᠦᠷ ᠰᠢᠲᠠᠭᠠᠵᠤ ᠰᠠᠶᠢ ᠣᠷᠬᠢᠵᠤ ᠪᠤᠷᠤᠭᠤᠯᠠᠨ ᠢᠷᠡᠭᠡᠳ ᠬᠠᠭᠠᠨ ᠳ᠋ᠤᠷ ᠠᠢᠯᠠᠳᠬᠠᠭᠰᠠᠨ ᠠᠨᠤ :《ᠾᠧ ᠵᠦᠩ ᠬᠡᠮᠡᠭᠴᠢ ᠾᠧ ᠪᠧᠢ ᠶ᠋ᠢᠨ ᠬᠦᠨᠳᠦ ᠴᠢᠬᠤᠯᠠ ᠭᠠᠵᠠᠷ᠂ ᠤᠯᠤᠰ ᠭᠡᠷ ᠦ᠋ᠨ ᠤᠭ ᠦᠨᠳᠦᠰᠦ ᠮᠥᠨ᠂ ᠬᠡᠷᠪᠡ ᠡᠰᠡᠷᠭᠦᠴᠡᠯ ᠦ᠋ᠨ ᠤᠯᠤᠰ ᠡᠵᠡᠯᠡᠪᠡᠰᠦ ᠶᠡᠬᠡ ᠮᠥᠷᠡᠨ ᠦ᠌ ᠪᠠᠲᠤ ᠪᠣᠢ ᠲᠤᠯᠠ ᠪᠢᠳᠡ ᠳᠠᠬᠢᠨ ᠪᠠᠢᠯᠳᠤᠭᠠᠳ ᠣᠯᠬᠤᠶ᠎ᠠ ᠪᠡᠷᠬᠡ᠂ ᠲᠡᠢᠨ ᠬᠦ᠌ ᠲᠡᠭᠦᠨ ᠢ᠋ ᠭᠠᠯᠳᠠᠵᠤ ᠠᠪᠤᠰᠢ ᠦᠭᠡᠢ ᠪᠣᠯᠭᠠᠭᠰᠠᠨ᠎ᠠ ᠮᠣᠩᠭᠣᠯ ᠡᠰᠡ ᠡᠵᠡᠯᠡᠪᠡᠰᠦ ᠪᠢᠳᠡ ᠮᠣᠩᠭᠣᠯ ᠢ᠋ ᠡᠴᠢᠭᠰᠡᠨ ᠬᠣᠢᠨ᠎ᠠ ᠳᠠᠬᠢᠨ ᠵᠠᠰᠠᠵᠤ ᠰᠡᠯᠪᠢᠪᠡᠰᠦ ᠮᠥᠨ ᠬᠦ᠌ ᠡᠵᠡᠯᠡᠵᠦ ᠪᠣᠯᠤᠮᠤᠢ᠂ ᠲᠡᠢᠨ ᠬᠦ᠌ ᠴᠥᠮ ᠭᠠᠯᠳᠠᠵᠤ ᠰᠢᠲᠠᠭᠠᠪᠠ!》ᠬᠡᠮᠡᠭᠰᠡᠨ ᠳ᠋ᠦ᠍ᠷ ᠠᠯᠲᠠᠨ ᠤᠯᠤᠰ ᠤ᠋ᠨ ᠡᠵᠡᠨ ᠠᠷᠭ᠎ᠠ ᠦᠭᠡᠢ ᠢᠦ ᠰᠧ ᠲᠦᠰᠢᠮᠡᠯ ᠳ᠋ᠦ᠍ᠷ ᠶᠡᠬᠡ ᠰᠠᠩ ᠬᠦᠦ ᠶ᠋ᠢ ᠨᠡᠭᠡᠭᠡᠵᠦ ᠳᠠᠬᠢᠨ ᠵᠠᠰᠠᠷ᠎ᠠ ᠢᠯᠡᠭᠡᠵᠦ ᠠᠷᠠᠢ ᠵᠠᠰᠠᠵᠤ ᠪᠠᠷᠠᠬᠤᠢ ᠶ᠋ᠢ ᠰᠢᠬᠠᠭᠠᠳ ᠮᠣᠩᠭᠣᠯ ᠤ᠋ᠨ ᠴᠡᠷᠢᠭ ᠲᠦ᠍ᠷ ᠠᠪᠲᠠᠭᠰᠠᠨ ᠪᠥᠯᠥᠭᠡ᠃ ᠲᠡᠢᠨ ᠬᠦ᠌ ᠳᠠᠬᠢᠨ ᠳᠠᠬᠢᠨ ᠰᠠᠬᠢᠭᠤᠯᠪᠠᠰᠤ ᠳᠠᠬᠢᠨ ᠳᠠᠬᠢᠨ ᠠᠪᠲᠠᠭᠰᠠᠭᠠᠷ᠂ ᠡᠨᠡ ᠤᠳᠠᠭ᠎ᠠ ᠡᠴᠢᠭᠡᠳ ᠪᠠᠰᠠ ᠣᠯᠤᠭᠰᠠᠨ ᠦᠭᠡᠢ ᠭᠡᠪᠡ᠃ ᠡᠨᠡ ᠦᠶ᠎ᠡ ᠳ᠋ᠦ᠍ᠷ ᠭᠦᠸᠧ ᠸᠠᠩ ᠮᠤᠬᠤᠯᠢ ᠹᠸᠩ ᠰᠢᠶᠠᠩ ᠹᠦ ᠶ᠋ᠢ ᠪᠠᠢᠯᠳᠤᠵᠤ ᠳᠥᠴᠢᠨ ᠡᠳᠦᠷ ᠢᠯᠡᠭᠦᠦ ᠪᠣᠯᠤᠭᠠᠳ ᠪᠠᠰᠠ ᠬᠦ᠌ ᠠᠪᠲᠠᠬᠤ ᠦᠭᠡᠢ ᠳ᠋ᠦ᠍ᠷ ᠯᠠᠪ ᠮᠢᠨᠦ ᠨᠠᠰᠤᠨ ᠤ᠋ ᠬᠡᠮᠵᠢᠶ᠎ᠡ ᠬᠦᠷᠴᠦ ᠡᠭᠡᠬᠦ ᠴᠠᠭ ᠪᠣᠯᠪᠠᠢ ᠊ᠢ᠎ᠠ ᠭᠡᠮᠡᠨ ᠹᠸᠩ ᠰᠢᠶᠠᠩ ᠹᠦ ᠡᠴᠡ ᠾᠧ ᠵᠦᠩ  ᠹᠦ ᠳ᠋ᠦ᠍ᠷ ᠬᠦᠷᠴᠦ᠂ ᠱᠢ ᠲᠢᠶᠠᠨ ᠢᠩ ᠦ᠋ᠨ ᠶᠠᠰᠤᠨ ᠢ᠋ ᠬᠣᠷᠢᠶᠠᠨ ᠬᠡᠦᠬᠡᠳ ᠠᠴᠢᠷ ᠢ᠋ ᠠᠨᠤ ᠡᠷᠭᠦᠵᠦ ᠣᠯᠠᠨ ᠢᠷᠭᠡᠨ ᠢ᠋ ᠲᠣᠭᠲᠠᠭᠠᠭᠠᠳ ᠾᠧ ᠵᠦᠩ ᠹᠦ ᠡᠴᠡ ᠭᠠᠷᠴᠤ ᠵᠢᠶᠧ ᠵᠧᠦ ᠳ᠋ᠦ᠍ᠷ ᠬᠦᠷᠴᠦ᠂ ᠸᠧᠨ ᠰᠢ ᠰᠢᠶᠠᠨ ᠤ᠋ ᠭᠠᠵᠠᠷ᠎ᠠ ᠪᠠᠭᠤᠳᠠᠯᠯᠠᠵᠤ᠂ ᠰᠥᠨᠢ ᠶ᠋ᠢᠨ ᠵᠡᠭᠦᠳᠦᠨ ᠳ᠋ᠦ᠍ᠷ ᠨᠢᠭᠡᠨ ᠴᠠᠭᠠᠨ ᠠᠷᠰᠯᠠᠨ ᠢᠷᠡᠵᠦ ᠮᠤᠬᠤᠯᠢ ᠶ᠋ᠢᠨ ᠪᠦᠰᠡ ᠡᠴᠡ ᠵᠠᠭᠤᠨ ᠠᠪᠴᠤ ᠨᠢᠷᠤᠭᠤᠨ ᠳ᠋ᠤᠷ  ᠢ᠋ᠶ᠋ᠠᠨ ᠠᠴᠢᠭᠠᠳ ᠴᠠᠰᠤᠲᠤ ᠠᠭᠤᠯᠠᠨ ᠤ᠋ ᠳᠣᠲᠣᠷ᠎ᠠ ᠣᠷᠣᠵᠤ ᠡᠴᠢᠬᠦᠢ ᠳ᠋ᠦ᠍ᠷ ᠠᠭᠤᠯᠠᠨ ᠤ᠋ ᠵᠡᠪᠡ ᠶ᠋ᠢᠨ ᠭᠠᠳᠠᠨ᠎ᠠ ᠶᠢᠰᠦᠨ ᠶᠡᠬᠡ ᠬᠠᠷᠰᠢ᠂ ᠭᠤᠴᠢᠨ ᠵᠢᠷᠭᠤᠭᠠᠨ ᠪᠠᠭ᠎ᠠ ᠶᠠᠮᠤᠨ ᠳᠠᠯᠠᠨ ᠬᠣᠶᠠᠷ ᠬᠣᠷᠢᠶ᠎ᠠ ᠪᠣᠢ᠂ ᠦᠵᠡᠪᠡᠰᠦ ᠭᠤᠷᠪᠠᠳᠤᠭᠠᠷ ᠬᠠᠷᠰᠢ ᠠ᠋ᠴᠠ ᠪᠤᠭᠤᠷᠤᠯ ᠤᠭᠲᠤᠨ ᠭᠠᠷᠴᠤ ᠢᠷᠡᠭᠡᠳ :《ᠠᠬ᠎ᠠ ᠢᠷᠡᠬᠦ ᠴᠠᠭ ᠪᠣᠯᠤᠭᠰᠠᠨ ᠠᠵᠤᠭᠤ! 》ᠬᠡᠮᠡᠲᠡᠯ᠎ᠡ ᠴᠢᠨᠠᠳᠤ  ᠪᠠᠭ᠎ᠠ ᠶᠠᠮᠤᠨ ᠠ᠋ᠴᠠ ᠱᠢ ᠲᠢᠶᠠᠨ ᠢᠩ ᠮᠥᠨ ᠤᠭᠲᠤᠨ ᠢᠷᠡᠵᠦ ᠠᠴᠢ ᠳ᠋ᠤᠷ ᠬᠠᠷᠢᠭᠤᠯᠠᠨ ᠮᠥᠷᠭᠥᠬᠦᠢ ᠳ᠋ᠦ᠍ᠷ ᠮᠤᠬᠤᠯᠠᠢ :《ᠲᠠ ᠬᠣᠶᠠᠭᠤᠯᠠ ᠴᠥᠮ ᠦᠬᠦᠭᠰᠡᠨ ᠪᠥᠭᠡᠳ ᠬᠡᠷᠬᠢᠨ ᠡᠨᠳᠡ ᠪᠣᠢ ? 》 ᠬᠡᠮᠡᠭᠰᠡᠨ ᠳ᠋ᠦ᠍ᠷ ᠪᠤᠭᠤᠷᠤᠯ᠂ ᠱᠢ ᠲᠢᠶᠠᠨ ᠢᠩ ᠥᠭᠦᠯᠡᠷᠦᠨ : 《ᠠᠬ᠎ᠠ ᠮᠥᠨ ᠦᠬᠦᠭᠰᠡᠨ ᠪᠣᠯᠠᠢ ! 》 ᠬᠡᠮᠡᠭᠰᠡᠨ ᠳ᠋ᠦ᠍ᠷ ᠬᠢᠷᠳ᠋ᠬᠢᠨ ᠰᠣᠴᠢᠨ ᠰᠡᠷᠢᠪᠡᠰᠦ ᠵᠡᠭᠦᠳᠦᠨ ᠪᠥᠭᠡᠳ ᠳᠠᠷᠤᠢ ᠡᠪᠡᠳᠴᠢᠨ ᠣᠯᠪᠠ᠃ ᠡᠭᠦᠨ ᠳ᠋ᠦ᠍ ᠶᠠᠭᠠᠷᠠᠨ ᠨᠤᠮᠤ ᠪᠠᠨ ᠠᠪᠴᠤ ᠬᠥᠪᠴᠢ ᠶ᠋ᠢ ᠴᠢᠪᠬᠠᠳᠠᠨ ᠥᠪᠡᠷ ᠦ᠋ᠨ ᠨᠠᠰᠤ ᠶ᠋ᠢ ᠦᠵᠡᠪᠡᠰᠦ ᠨᠢᠭᠡᠮᠦᠰᠦᠨ ᠲᠠᠰᠤᠷᠬᠠᠢ ᠳᠠᠭᠤᠨ ᠭᠠᠷᠬᠤ ᠲᠤᠯᠠ ᠨᠤᠮᠤ ᠶ᠋ᠢ ᠴᠣᠬᠢᠵᠤ ᠶᠠᠭᠠᠷᠠᠨ ᠶᠡᠬᠡ ᠬᠡᠩᠭᠡᠷᠭᠡ ᠴᠣᠬᠢᠭᠤᠯᠤᠨ ᠳᠣᠣᠷᠠᠬᠢ ᠣᠯᠠᠨ ᠲᠦᠰᠢᠮᠡᠳ ᠵᠠᠩᠵᠤᠨ ᠢ᠋ᠶ᠋ᠠᠨ ᠴᠤᠭᠯᠠᠭᠤᠯᠵᠤ ᠥᠭᠦᠯᠡᠷᠦᠨ :《ᠪᠢ ᠣᠳᠣ ᠦᠬᠦᠮᠦᠢ᠂ ᠲᠡᠢᠨ ᠬᠦ᠌ ᠲᠠᠨ ᠳ᠋ᠤᠷ ᠰᠤᠷᠭᠠᠬᠤ ᠣᠯᠠᠨ ᠦᠭᠡ ᠦᠭᠡᠢ : ᠬᠥᠮᠦᠨ ᠲᠥᠷᠥᠪᠡᠰᠦ ᠶᠡᠬᠡ ᠦᠢᠯᠡ ᠶ᠋ᠢ ᠪᠦᠲᠦᠭᠡ᠂ ᠬᠦᠨᠳᠦ ᠬᠡᠰᠢᠭ ᠲᠣᠷ ᠠᠮᠢ ᠪᠠᠨ ᠲᠠᠯᠪᠢᠵᠤ ᠬᠠᠷᠢᠭᠤᠯ ᠂ ᠴᠡᠷᠢᠭ ᠦ᠋ᠨ ᠳᠣᠲᠣᠷ᠎ᠠ ᠪᠠᠭᠠᠲᠤᠷ ᠪᠣᠳᠣᠯᠭ᠎ᠠ ᠶ᠋ᠢ ᠡᠷᠬᠢᠯᠡ᠂ ᠲᠥᠷᠥ ᠶ᠋ᠢᠨ ᠦᠢᠯᠡ ᠳ᠋ᠦ᠍ᠷ ᠲᠥᠪ ᠴᠢᠬᠡᠴᠢ ᠶ᠋ᠢ ᠡᠷᠭᠢᠯᠡ !ᠡᠨᠡ ᠳᠥᠷᠪᠡᠨ ᠦ᠌ ᠨᠢᠭᠡᠨ ᠢ᠋ ᠪᠣᠯᠪᠠᠴᠤ ᠴᠢᠩᠳᠠ ᠪᠠᠷᠢᠮᠲᠠᠯᠠᠨ ᠴᠢᠳᠠᠪᠠᠰᠤ ᠡᠷ᠎ᠡ ᠬᠥᠮᠦᠨ ᠦ᠌ ᠨᠢᠭᠡᠨ ᠨᠠᠰᠤᠨ ᠤ᠋ ᠵᠣᠭᠰᠣᠯᠲᠠ ᠪᠣᠯᠠᠢ !》ᠬᠡᠮᠡᠭᠰᠡᠨ ᠳ᠋ᠦ᠍ᠷ ᠣᠯᠠᠨ ᠲᠦᠰᠢᠮᠡᠯ ᠵᠠᠩᠵᠤᠨ ᠨᠠᠷ ᠠᠨᠤ ᠨᠢᠯᠪᠤᠰᠤ ᠤᠨᠠᠭᠠᠨ ᠮᠥᠷᠭᠥᠪᠡ᠃ ᠲᠡᠳᠦᠢ ᠳᠡᠭᠦᠦ ᠳᠠᠢᠰᠤᠭᠳᠠᠷᠤᠬ᠍ᠴᠢ᠂ ᠬᠥᠪᠡᠭᠦᠨ ᠪᠤᠯᠤ ᠨᠠᠷ ᠢ᠋ ᠳᠠᠭᠤᠳᠠᠵᠤ ᠥᠭᠦᠯᠡᠷᠦᠨ :《ᠪᠢ ᠠᠷᠪᠠᠨ ᠲᠠᠪᠤᠨ ᠨᠠᠰᠤᠨ ᠠ᠋ᠴᠠ ᠬᠠᠭᠠᠨ ᠢ᠋ ᠳᠠᠭᠠᠵᠤ ᠪᠠᠢᠯᠳᠤᠨ ᠳᠠᠢᠳᠤᠭᠰᠠᠭᠠᠷ ᠡᠳᠦᠭᠡ ᠲᠠᠪᠢᠨ ᠳᠥᠷᠪᠡᠨ ᠨᠠᠰᠤᠯᠠᠪᠠ᠃ ᠤᠯᠤᠰ ᠢ᠋ ᠨᠡᠭᠡᠭᠡᠵᠦ ᠲᠥᠷᠥ ᠶ᠋ᠢ ᠪᠠᠢᠭᠤᠯᠬᠤᠢ ᠳ᠋ᠤᠷ ᠬᠤᠶᠠᠭ ᠳᠤᠭᠤᠯᠠᠭ᠎ᠠ ᠵᠠᠷ ᠵᠡᠪᠰᠡᠭ ᠯᠦ᠍ᠭᠡ ᠨᠥᠬᠥᠷᠯᠡᠭᠰᠡᠭᠡᠷ ᠳᠥᠴᠢᠨ ᠣᠨ ᠪᠣᠯᠪᠠ᠂ ᠬᠣᠢᠲᠤ ᠭᠠᠵᠠᠷ ᠤ᠋ᠨ ᠲᠠᠪᠤᠨ ᠪᠠᠭ᠎ᠠ ᠠᠢᠮᠠᠭ᠂ ᠡᠮᠦᠨ᠎ᠡ ᠵᠢᠷᠭᠤᠭᠠᠨ ᠶᠡᠬᠡ ᠤᠯᠤᠰ ᠢ᠋ ᠮᠣᠩᠭᠣᠯ ᠤ᠋ᠨ ᠴᠢᠩᠭᠢᠰ ᠬᠠᠭᠠᠨ ᠳ᠋ᠤᠷ ᠠᠯᠪᠠ ᠪᠠᠷᠢᠭᠤᠯᠪᠠ᠃ ᠬᠠᠭᠠᠨ ᠤ᠋ ᠵᠠᠷᠯᠢᠭ  ᠢ᠋ᠶ᠋ᠠᠷ ᠳᠥᠷᠪᠡᠨ ᠵᠦᠭ ᠪᠡᠶᠡᠴᠢᠯᠡᠨ ᠳᠠᠢᠯᠠᠨ ᠶᠠᠪᠤᠵᠤ᠂ ᠠᠯᠲᠠᠨ ᠤᠯᠤᠰ ᠤ᠋ᠨ ᠯᠢᠶᠣᠣ ᠳ᠋ᠦᠩ᠂ ᠯᠢᠶᠣᠣ ᠰᠢ᠂ ᠱᠠᠨ ᠳ᠋ᠦ᠂  ᠾᠧ ᠪᠧᠢ᠂ ᠱᠠᠨ ᠰᠢ ᠶ᠋ᠢᠨ ᠵᠡᠷᠭᠡ ᠭᠠᠵᠠᠷ ᠢ᠋ ᠴᠥᠮ ᠲᠣᠭᠲᠠᠭᠠᠪᠠ᠃ ᠮᠢᠨᠦ ᠪᠡᠶ᠎ᠡ ᠲᠡᠢᠰᠢ ᠭᠦᠸᠧ ᠸᠠᠩ ᠤ᠋ᠨ ᠰᠠᠭᠤᠷᠢᠨ ᠳ᠋ᠤᠷ ᠬᠦᠷᠴᠦ᠂ ᠬᠡᠦᠬᠡᠳ ᠠᠴᠢᠷ ᠲᠤᠷ ᠬᠠᠭᠠᠨ ᠤ᠋ ᠬᠡᠰᠢᠭ ᠢ᠋ ᠡᠭᠦᠷᠢᠳᠡ ᠪᠣᠯᠭᠠᠪᠠ᠃ ᠡᠳᠦᠭᠡ ᠪᠢ ᠨᠠᠰᠤᠨ ᠬᠡᠮᠵᠢᠶᠡᠨ᠎ᠡ ᠬᠦᠷᠴᠦ ᠦᠬᠦᠵᠦ ᠣᠳᠬᠤᠢ ᠳ᠋ᠠᠭᠠᠨ ᠪᠠᠬᠠᠨ ᠴᠤ᠌ ᠭᠣᠮᠣᠳᠠᠬᠤ ᠭᠠᠵᠠᠷ ᠦᠭᠡᠢ ᠪᠣᠯᠪᠠᠴᠤ ᠠᠯᠲᠠᠨ ᠤᠯᠤᠰ ᠤ᠋ᠨ ᠪᠢᠶᠠᠨ ᠵᠢᠩ ᠢ᠋ ᠠᠪᠤᠨ᠂ ᠠᠯᠲᠠᠨ ᠤᠯᠤᠰ ᠤ᠋ᠨ ᠦᠨᠳᠦᠰᠦᠨ ᠢ᠋ ᠤᠬᠢᠶᠠᠨ ᠡᠰᠡ ᠴᠢᠳᠠᠭᠰᠠᠨ ᠳ᠋ᠤᠷ  ᠢ᠋ᠶ᠋ᠠᠨ ᠰᠡᠳᠬᠢᠯ ᠬᠠᠩᠬᠤ ᠦᠭᠡᠢ᠂ ᠪᠢ ᠡᠨᠡ ᠵᠢᠯ ᠬᠠᠭᠠᠨ ᠳ᠋ᠤᠷ ᠠᠢᠯᠠᠳᠬᠠᠭᠰᠠᠨ ᠠᠨᠤ : ᠡᠮᠦᠨ᠎ᠡ ᠵᠦᠭ ᠢ᠋ ᠡᠩᠬᠡ ᠲᠦᠪᠰᠢᠨ ᠡᠰᠡ ᠪᠣᠯᠭᠠᠪᠠᠰᠤ ᠪᠣᠭᠣᠯ ᠢ᠋ ᠡᠭᠡᠮᠦᠢ ᠭᠡᠮᠡᠨ ᠪᠢᠲᠡᠭᠡᠢ ᠰᠠᠨᠠ ᠬᠡᠮᠡᠭᠰᠡᠨ ᠲᠤᠯᠠ᠂ ᠡᠳᠦᠭᠡ ᠮᠢᠨᠦ ᠶᠠᠰᠤ ᠶ᠋ᠢ ᠰᠠᠢᠲᠤᠷ ᠪᠠᠲᠤᠯᠠᠭᠠᠳ ᠮᠢᠨᠦ ᠣᠯᠤᠭᠰᠠᠨ ᠡᠮᠦᠨ᠎ᠡ ᠵᠦᠭ ᠦ᠋ᠨ ᠬᠢᠵᠠᠭᠠᠷ ᠲᠤᠷ ᠨᠢᠭᠤᠵᠤ ᠲᠠᠯᠪᠢᠭᠠᠳ ᠮᠢᠨᠦ ᠳᠡᠪᠡᠯ ᠬᠤᠪᠴᠠᠳ ᠢ᠋ ᠬᠡᠭᠦᠷ ᠦ᠋ᠨ ᠣᠷᠣᠨ ᠳ᠋ᠤᠷ ᠠᠪᠠᠴᠢᠵᠤ᠂ ᠬᠠᠭᠠᠨ ᠤ᠋ ᠵᠠᠷᠯᠢᠭ ᠢ᠋ ᠡᠭᠡᠭᠦᠯ᠂ ᠠᠯᠢ ᠡᠳᠦᠷ ᠡᠮᠦᠨ᠎ᠡ ᠡᠲᠡᠭᠡᠳ ᠦ᠋ᠨ ᠰᠥᠩ ᠮᠥᠬᠥᠵᠦ᠂ ᠠᠯᠲᠠᠨ ᠤᠯᠤᠰ ᠠᠷᠢᠯᠤᠭᠰᠠᠨ ᠴᠠᠭ ᠲᠤ᠌ ᠮᠢᠨᠦ ᠬᠡᠭᠦᠷ ᠢ᠋ ᠬᠣᠢᠲᠤ ᠭᠠᠵᠠᠷ ᠠᠪᠠᠴᠢ᠂ ᠪᠢ ᠠᠮᠢᠳᠤ ᠳ᠋ᠤᠷ ᠬᠢᠴᠢᠶᠡᠭᠰᠡᠨ  ᠢ᠋ᠶ᠋ᠡᠨ ᠦᠬᠦᠪᠡᠴᠦ ᠦᠯᠦ ᠤᠷᠭᠢᠮᠤᠢ᠂ ᠭᠠᠭᠴᠠ ᠮᠢᠨᠦ ᠡᠨᠡ ᠵᠠᠬᠢᠶ᠎ᠠ ᠶ᠋ᠢ ᠬᠡᠷᠬᠢᠪᠡᠴᠦ ᠪᠢᠲᠡᠭᠡᠢ ᠵᠥᠷᠢᠴᠡ᠃ ᠪᠢ ᠦᠬᠦᠪᠡᠴᠦ ᠠᠯᠲᠠᠨ᠂ ᠰᠥᠩ ᠡᠰᠡ ᠠᠷᠢᠯᠪᠠᠰᠤ ᠮᠢᠨᠦ ᠰᠦᠨᠡᠰᠦᠨ ᠬᠣᠢᠲᠤ ᠵᠦᠭ ᠦᠯᠦ ᠬᠠᠨᠳᠤᠮᠤᠢ᠃ ᠬᠠᠭᠠᠨ ᠡᠵᠡᠨ ᠳ᠋ᠦ᠍ᠷ ᠴᠦ᠍ ᠮᠥᠨ ᠦᠯᠦ ᠪᠠᠷᠠᠯᠬᠠᠮᠤᠢ᠂ ᠮᠢᠨᠦ ᠳᠡᠭᠦᠦ ᠨᠠᠷ ᠬᠡᠦᠬᠡᠳ ᠰᠠᠢᠨ ᠪᠥᠭᠡᠰᠦ ᠮᠢᠨᠦ ᠪᠦᠲᠦᠭᠡᠭᠡᠳᠦᠢ ᠰᠠᠨᠠᠭᠠᠨ ᠢ᠋ ᠪᠦᠲᠦᠭᠡᠵᠦ᠂ ᠮᠢᠨᠦ ᠶᠠᠰᠤᠨ ᠢ᠋ ᠬᠣᠢᠲᠤ ᠭᠠᠵᠠᠷ ᠠᠪᠠᠴᠢᠵᠤ ᠴᠢᠳᠠᠮᠤᠢ᠂ ᠮᠠᠭᠤ ᠪᠥᠭᠡᠰᠦ ᠮᠢᠨᠦ ᠶᠠᠰᠤ ᠡᠨᠳᠡ ᠬᠣᠴᠣᠷᠲᠤᠭᠠᠢ᠂ ᠲᠠ ᠮᠢᠨᠦ ᠰᠠᠨᠠᠭᠠᠨ ᠢ᠋ ᠡᠰᠡ ᠭᠦᠢᠴᠡᠳᠬᠡᠪᠡᠰᠦ ᠶᠠᠰᠤᠨ ᠢ᠋ᠶ᠋ᠠᠷ ᠶᠠᠭᠤ ᠬᠢᠬᠦ ᠪᠣᠢ ! ᠰᠠᠢᠲᠤᠷ ᠬᠢᠴᠢᠶᠡᠨ ᠴᠢᠷᠮᠠᠢᠵᠤ ᠤᠯᠤᠰ ᠤ᠋ᠨ ᠶᠡᠬᠡ ᠬᠡᠷᠡᠭ ᠢ᠋ ᠬᠡᠷᠬᠢᠪᠡᠴᠦ ᠪᠦᠲᠦᠭᠡᠭᠲᠦᠨ ! 》 ᠭᠡᠮᠡᠨ ᠵᠠᠬᠢᠵᠤ ᠪᠠᠷᠠᠭᠠᠳ ᠦᠭᠡ ᠪᠡᠨ ᠬᠤᠷᠢᠶᠠᠵᠤ ᠬᠡᠪᠲᠡᠭᠡᠳ ᠭᠤᠷᠪᠠᠳᠤᠭᠠᠷ ᠡᠳᠦᠷ ᠲᠣᠷ ᠪᠡᠶ᠎ᠡ ᠡᠴᠦᠰᠯᠡᠪᠡᠢ᠃ 
       ᠲᠡᠳᠦᠢ ᠭᠤᠷᠪᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠤ᠋ ᠪᠠᠷᠰ ᠴᠠᠭ ᠲᠤᠷ ᠪᠡᠶ᠎ᠡ ᠥᠩᠭᠡᠷᠡᠪᠡ᠃ ᠲᠠᠪᠢᠨ ᠳᠥᠷᠪᠡᠨ ᠨᠠᠰᠤᠲᠠᠢ᠂ ᠴᠢᠩᠭᠢᠰ ᠬᠠᠭᠠᠨ ᠠ᠋ᠴᠠ ᠳᠣᠯᠣᠭᠠᠨ ᠨᠠᠰᠤ ᠳᠡᠭᠦᠦ ᠠᠵᠤᠭᠤ᠃ ᠳᠡᠭᠦᠦ ᠢᠨᠦ ᠳᠠᠢᠰᠤᠨᠳᠠᠷᠤᠭᠴᠢ᠂ ᠬᠥᠪᠡᠭᠦᠨ ᠪᠤᠯᠤ ᠨᠠᠷ ᠬᠦᠨᠳᠦᠳᠡ ᠪᠡᠯᠪᠡᠰᠦᠷᠡᠨ ᠭᠠᠰᠢᠭᠤᠳᠠᠵᠤ ᠭᠦᠸᠧ ᠸᠠᠩ ᠤ᠋ᠨ ᠬᠠᠷᠢᠶᠠᠲᠤ ᠮᠣᠩᠭᠣᠯ ᠬᠢᠲᠠᠳ ᠲᠦᠰᠢᠮᠡᠳ᠂ ᠱᠠᠨ ᠳ᠋ᠦᠩ᠂ ᠾᠧ ᠪᠧᠢ ᠶ᠋ᠢᠨ ᠴᠡᠷᠢᠭ ᠢᠷᠭᠡᠨ ᠬᠠᠮᠲᠤ ᠭᠠᠰᠠᠯᠤᠯᠴᠠᠨ ᠤᠬᠢᠯᠠᠵᠤ ᠪᠡᠯᠪᠡᠰᠦᠷᠡᠨ ᠳᠠᠢᠪᠠ᠃ ᠬᠥᠪᠡᠭᠦᠨ ᠪᠤᠯᠤ ᠨᠢᠭᠡᠨ ᠳᠣᠣᠷ᠎ᠠ ᠠᠷᠪᠠᠨ ᠬᠡᠭᠦᠷ ᠦᠢᠯᠡᠳᠴᠦ ᠲᠡᠭᠰᠢ ᠭᠠᠵᠠᠷ ᠲᠤᠷ ᠪᠤᠮᠪᠠᠯᠠᠪᠠ᠃ ᠡᠨᠡ ᠢᠨᠦ ᠮᠣᠩᠭᠣᠯ ᠤ᠋ᠨ ᠲᠣᠭᠲᠠᠭᠰᠠᠨ ᠵᠠᠩ᠂ ᠭᠡᠪᠡᠴᠦ ᠬᠥᠮᠦᠨ ᠦ᠌ ᠶᠠᠰᠤᠨ ᠢ ᠡᠷᠢᠬᠦ ᠡᠴᠡ ᠠᠶᠤᠬᠤ ᠶ᠋ᠢᠨ ᠠᠷᠭ᠎ᠠ ᠪᠣᠢ ᠊ᠢ᠎ᠠ᠃  
       ᠲᠡᠳᠦᠢ《ᠶᠡᠬᠡ ᠭᠠᠩ ᠮᠦ᠍ ᠪᠢᠴᠢᠭ 》 ᠲᠣᠷ ᠮᠤᠬᠤᠯᠢ ᠶ᠋ᠢ - ᠮᠦ᠍ ᠬᠤᠸᠠ ᠯᠢ᠂ ᠪᠤᠭᠤᠷᠵᠢ ᠶ᠋ᠢ - ᠪᠦ ᠡᠯ ᠵᠢᠢ᠂ ᠪᠤᠭᠤᠷᠤᠯ ᠢ᠋ - ᠪᠦ ᠡᠯ ᠬᠤ᠌᠂ ᠴᠢᠯᠠᠭᠤᠨ ᠢ᠋ - ᠴᠢ ᠯᠢᠦ ᠸᠧᠨ ᠭᠡᠮᠡᠨ ᠦᠰᠦᠭ ᠰᠠᠯᠭᠠᠨ ᠪᠢᠴᠢᠵᠦᠬᠦᠢ᠃ ᠲᠡᠷᠡ ᠢᠨᠦ ᠬᠢᠲᠠᠳ ᠦᠰᠦᠭ ᠲᠤᠯᠠ ᠠᠷᠭ᠎ᠠ ᠦᠭᠡᠢ ᠳ᠋ᠡᠭᠡᠨ ᠪᠢᠴᠢᠵᠦᠬᠦᠢ᠃ ᠲᠡᠢᠨ ᠬᠦ᠌ ᠪᠠᠰᠠ ᠤᠷᠢᠳᠤ ᠬᠠᠭᠠᠨ ᠤ᠋ ᠰᠢᠳᠠᠷ ᠶᠠᠪᠤᠭᠰᠠᠨ ᠢ᠋ ᠠᠨᠤ ᠲᠣᠭᠠᠴᠢᠨ ᠭᠠᠷᠭᠠᠭᠰᠠᠨ ᠠᠨᠤ : ᠲᠡᠢᠰᠢ ᠭᠦᠸᠧ ᠸᠠᠩ - ᠮᠤᠬᠤᠯᠢ- ᠲᠠᠢᠪᠤᠤ ᠸᠠᠨ ᠬᠤ᠌ ᠾᠧᠦ᠂ ᠪᠤᠭᠤᠷᠵᠢ - ᠸᠠᠨ ᠬᠤ᠌ ᠾᠧᠦ᠂ ᠪᠤᠭᠤᠷᠤᠯ -  ᠸᠠᠨ ᠬᠤ᠌ ᠾᠧᠦ᠃ ᠴᠢᠯᠠᠭᠤᠨ ᠡᠨᠡ ᠳᠥᠷᠪᠡᠭᠦᠯᠡ ᠶ᠋ᠢ ᠴᠥᠮ ᠰᠢᠳᠤᠷᠭᠤ ᠪᠠᠭᠠᠲᠤᠷ ᠤ᠋ᠨ ᠲᠤᠢᠯ ᠳ᠋ᠤᠷ ᠬᠦᠷᠴᠦ ᠬᠡᠷᠡᠭ ᠲᠦ᠍ᠷ ᠪᠦᠲᠦᠭᠡᠮᠵᠢ ᠲᠡᠢ ᠲᠤᠯᠠ ᠴᠢᠩᠭᠢᠰ ᠬᠠᠭᠠᠨ ᠤ᠋ ᠳᠥᠷᠪᠡᠨ ᠬᠦᠯᠦᠭ᠂ ᠳᠥᠷᠪᠡᠨ ᠪᠠᠭᠠᠲᠤᠷ ᠬᠡᠮᠡᠵᠦᠬᠦᠢ᠃ ᠤᠷᠢᠳᠠ ᠴᠢᠩᠭᠢᠰ ᠬᠠᠭᠠᠨ ᠬᠣᠢᠲᠤ ᠭᠠᠵᠠᠷ ᠲᠤᠷ ᠳᠠᠢᠳᠤᠨ ᠶᠠᠪᠤᠬᠤᠢ ᠳ᠋ᠤᠷ ᠨᠢᠭᠡᠨ ᠤᠳᠠᠭ᠎ᠠ ᠴᠡᠷᠢᠭ ᠳᠠᠷᠤᠭᠳᠠᠵᠤ ᠶᠡᠬᠡ ᠴᠠᠰᠦᠨ᠎ᠡ ᠲᠣᠬᠢᠶᠠᠯᠳᠤᠨ᠂ ᠬᠦᠷᠢᠶ᠎ᠡ ᠪᠠᠭᠤᠳᠠᠯ ᠠᠪᠲᠠᠭᠠᠳ ᠲᠡᠷᠭᠡ ᠮᠣᠷᠢ ᠴᠥᠮ ᠰᠦᠢᠳᠦᠭᠰᠡᠨ ᠳ᠋ᠦ᠍ᠷ ᠪᠡᠶ᠎ᠡ ᠪᠠᠰᠠ ᠰᠢᠷᠬᠠᠲᠤᠵᠤ᠂ ᠶᠡᠬᠡ ᠲᠠᠯ᠎ᠠ ᠳ᠋ᠤᠷ ᠬᠡᠪᠲᠡᠭᠰᠡᠨ᠎ᠡ᠂ ᠡᠨᠡ ᠳᠥᠷᠪᠡᠨ ᠬᠦᠯᠦᠭ ᠢᠨᠦ ᠶᠡᠬᠡ ᠢᠰᠡᠭᠡᠢ ᠪᠡᠷ ᠴᠠᠰᠤᠨ ᠢ ᠬᠠᠯᠬᠠᠯᠠᠨ ᠰᠥᠨᠢ ᠡᠴᠡ ᠭᠡᠭᠡᠷᠡᠲᠡᠯ᠎ᠡ ᠪᠠᠷᠢᠵᠤ ᠵᠣᠭᠰᠣᠨ ᠬᠥᠯ ᠳᠡᠪᠰᠢᠭᠦᠯᠦᠭᠰᠡᠨ ᠦᠭᠡᠢ ᠪᠥᠯᠥᠭᠡ᠃ ᠬᠦᠯᠦᠭ ᠪᠤᠭᠤᠷᠵᠢ ᠬᠠᠭᠠᠨ ᠤ᠋ ᠭᠡᠭᠡᠨ ᠢ᠋ ᠳᠠᠭᠠᠯᠳᠤᠵᠤ ᠴᠠᠭ ᠮᠥᠴᠡ ᠰᠠᠯᠤᠭᠰᠠᠨ ᠦᠭᠡᠢ ᠶᠡᠬᠡ ᠭᠠᠪᠢᠶ᠎ᠠ ᠪᠠᠢᠭᠤᠯᠤᠭᠰᠠᠨ ᠠᠨᠤ ᠲᠣᠭᠠᠯᠠᠰᠢ ᠦᠭᠡᠢ ᠣᠯᠠᠨ ᠪᠥᠭᠡᠳ ᠪᠡᠶ᠎ᠡ ᠡᠴᠦᠰᠲᠡᠯ᠎ᠡ  ᠠᠩᠭᠢᠵᠢᠷᠠᠭᠰᠠᠨ ᠦᠭᠡᠢ᠃ ᠲᠡᠢᠨ ᠬᠦ᠌ ᠪᠠᠷᠠᠭᠤᠨ ᠡᠲᠡᠭᠡᠳ ᠦ᠋ᠨ ᠲᠦᠮᠡᠨ ᠡᠷᠦᠬᠡ ᠶ᠋ᠢᠨ ᠨᠣᠶᠠᠨ ᠪᠥᠭᠡᠳ ᠶᠢᠰᠦᠨ ᠮᠣᠵᠢ ᠶ᠋ᠢᠨ ᠲᠠᠢᠪᠤᠤ ᠪᠤᠭᠤᠷᠤᠯ ᠵᠠᠭᠤᠨ ᠤᠳᠠᠭ᠎ᠠ ᠦᠬᠦᠨ ᠪᠠᠢᠯᠳᠤᠭᠰᠠᠨ ᠳ᠋ᠤᠷ ᠶᠡᠬᠡ ᠭᠠᠪᠢᠶ᠎ᠠ ᠪᠦᠲᠦᠭᠡᠵᠦ ᠴᠧᠨ ᠦ᠌ ᠭᠠᠵᠠᠷ᠎ᠠ ᠪᠡᠶ᠎ᠡ ᠥᠩᠭᠡᠷᠡᠪᠡ᠂ ᠮᠢᠩᠭᠠᠨ ᠬᠤᠰᠢᠭᠤᠨ ᠤ᠋ ᠳᠠᠷᠤᠭ᠎ᠠ ᠨᠣᠶᠠᠨ ᠤ᠋ ᠰᠠᠭᠤᠷᠢᠨ᠎ᠠ ᠪᠣᠯᠭᠠᠪᠠ᠃ ᠴᠢᠯᠠᠭᠤᠨ ᠤ᠋ ᠭᠠᠪᠢᠶ᠎ᠠ ᠵᠢᠳᠬᠦᠯᠭᠡ ᠲᠡᠷᠡ ᠭᠤᠷᠪᠠᠨ ᠬᠦᠯᠦᠭ ᠯᠦ᠍ᠭᠡ ᠳᠠᠩ ᠰᠠᠴᠠᠭᠤ ᠲᠤᠯᠠ ᠳᠥᠷᠪᠡᠨ ᠥᠩᠭᠡ ᠶ᠋ᠢᠨ ᠶᠡᠬᠡ ᠤᠯᠤᠰ ᠤ᠋ᠨ ᠲᠠᠢᠪᠤᠤ ᠪᠥᠭᠡᠳ ᠪᠠᠰᠠ ᠲᠦᠮᠡᠨ ᠡᠷᠦᠬᠡ ᠶ᠋ᠢᠨ ᠾᠧᠦ᠂ ᠲᠡᠢᠨ ᠬᠦ᠌ ᠡᠨᠡ ᠳᠥᠷᠪᠡᠨ ᠬᠦᠯᠦᠭ ᠦ᠋ᠨ ᠶᠡᠬᠡ ᠰᠠᠢᠳ ᠤ᠋ᠨ ᠬᠡᠦᠬᠡᠳ ᠠᠴᠢᠷ ᠢ᠋ ᠦᠶ᠎ᠡ ᠤᠯᠠᠷᠢᠨ ᠬᠠᠭᠠᠨ ᠤ᠋ ᠰᠢᠳᠠᠷ ᠠᠬᠤᠭᠤᠯᠵᠤ᠂ ᠳᠥᠷᠪᠡᠨ ᠬᠠᠰᠢᠯᠭ᠎ᠠ ᠲᠦᠰᠢᠯᠭᠡ ᠭᠡᠮᠡᠨ ᠲᠣᠭᠲᠠᠭᠠᠵᠤᠬᠤᠢ᠃ ᠬᠠᠳ ᠤ᠋ᠨ ᠪᠡᠶ᠎ᠡ ᠣᠷᠳᠣᠨ ᠠ᠋ᠴᠠ ᠭ᠍ᠡᠷᠪᠠᠰᠤ ᠡᠨᠡ ᠳᠥᠷᠪᠡᠨ ᠹᠦ ᠰᠢᠩ ᠲᠦᠰᠢᠮᠡᠯ ᠪᠠᠢᠬᠤ ᠬᠡᠷᠡᠭᠲᠡᠢ᠂ ᠹᠦ ᠰᠢᠩ ᠬᠡᠮᠡᠭᠴᠢ ᠲᠤᠰᠠᠯᠠᠭᠴᠢ ᠬᠡᠮᠡᠭᠰᠡᠨ ᠦᠭᠡ᠂ ᠡᠨᠡ ᠢᠨᠦ ᠡᠨᠡ ᠳᠥᠷᠪᠡᠨ ᠬᠦᠯᠦᠭ ᠦ᠋ᠨ ᠤᠴᠢᠷ ᠢ᠋ 《ᠶᠡᠬᠡ ᠭᠠᠩ ᠮᠦ᠍ ᠪᠢᠴᠢᠭ 》ᠲᠣᠷ ᠭᠠᠷᠭᠠᠭᠰᠠᠨ ᠠᠨᠤ ᠪᠤᠶᠤ᠃ ᠡᠳᠡᠭᠡᠷ ᠢ᠋ ᠬᠢᠲᠠᠳ ᠪᠢᠴᠢᠭᠡᠴᠢ ᠨᠠᠷ ᠠᠷᠭ᠎ᠠ ᠦᠭᠡᠢ ᠳ᠋ᠦ᠍ᠷ  ᠢ᠋ᠶ᠋ᠡᠨ  ᠪᠢᠴᠢᠵᠦᠬᠦᠢ᠃ 
       ᠲᠡᠨᠳᠡᠴᠡ ᠲᠠᠢᠰᠢ ᠭᠦᠸᠧ ᠸᠠᠩ ᠮᠤᠬᠤᠯᠢ ᠶ᠋ᠢᠨ ᠡᠴᠦᠰ ᠪᠣᠯᠤᠭᠰᠠᠨ ᠢ᠋ ᠴᠡᠷᠢᠭ ᠦ᠋ᠨ ᠬᠦᠷᠢᠶ᠎ᠡ ᠡᠴᠡ ᠬᠠᠭᠠᠨ ᠳ᠋ᠤᠷ ᠠᠢᠯᠠᠳᠬᠠᠷ᠎ᠠ ᠳᠣᠪᠲᠣᠯᠭᠠᠭᠰᠠᠨ ᠨᠤᠭᠤᠯᠪᠤᠷᠢ ᠬᠠᠭᠠᠨ ᠤ᠋ ᠳᠡᠷᠭᠡᠳᠡ ᠬᠦᠷᠬᠦᠢ ᠳ᠋ᠦ᠍ᠷ ᠬᠠᠭᠠᠨ ᠤ᠋ ᠭᠡᠭᠡᠨ ᠳᠥᠷᠪᠡᠨ ᠲᠠᠢᠽᠢ ᠴᠢᠨ ᠸᠠᠩ ᠳ᠋ᠤᠷ ᠶᠡᠬᠡ ᠴᠡᠷᠢᠭ ᠢ᠋ ᠳᠠᠭᠠᠭᠤᠯᠤᠨ ᠥᠭᠴᠦ᠂ ᠬᠣᠲᠣᠩ ᠤᠯᠤᠰ ᠤ᠋ᠨ ᠣᠯᠠᠨ ᠬᠣᠲᠠ ᠶ᠋ᠢ ᠴᠥᠮ ᠲᠣᠭᠲᠠᠭᠠᠭᠠᠳ ᠳᠠᠷᠤᠭ᠎ᠠ ᠲᠦᠰᠢᠮᠡᠯ ᠲᠠᠯᠪᠢᠵᠤ ᠵᠠᠬᠢᠷᠤᠭᠤᠯᠬᠤᠢ ᠳ᠋ᠤᠷ ᠰᠢ ᠢᠦᠢ ᠡᠴᠡ ᠳᠠᠭᠠᠭᠰᠠᠨ ᠳᠠ ᠯᠤᠤ ᠭᠦᠸᠧ ᡂᠢ ᠬᠡᠮᠡᠭᠴᠢ ᠮᠠᠰᠢ ᠢᠲᠡᠭᠡᠮᠵᠢ ᠲᠡᠢ ᠰᠠᠢᠨ ᠳ᠋ᠤᠷ ᠬᠠᠭᠠᠨ ᠦᠵᠡᠵᠦ ᠭᠠᠷᠤᠭᠠᠳ ᠲᠡᠳᠡᠭᠡᠷ ᠭᠠᠵᠠᠷ ᠤ᠋ᠨ ᠵᠢᠶᠦ᠋ᠨ ᠰᠢᠶᠠᠨ ᠢ᠋ ᠲᠥᠬᠥᠭᠡᠷᠦᠭᠦᠯᠦᠨ ᠵᠠᠬᠢᠷᠤᠭᠤᠯᠵᠤᠬᠤᠢ᠃ ᠴᠢᠩᠭᠢᠰ ᠬᠠᠭᠠᠨ ᠬᠠᠷᠠᠬᠠᠨ ᠡᠨᠡᠳᠬᠡᠭ ᠤᠯᠤᠰ ᠤ᠋ᠨ ᠵᠦᠭ ᠡᠴᠢᠰᠦᠭᠡᠢ ᠬᠡᠮᠡᠲᠡᠯ᠎ᠡ ᠭᠡᠨᠡᠳᠲᠡ ᠭᠦᠸᠧ ᠸᠠᠩ ᠮᠤᠬᠤᠯᠢ ᠶ᠋ᠢᠨ ᠪᠡᠶ᠎ᠡ ᠥᠩᠭᠡᠷᠡᠭᠰᠡᠨ ᠮᠡᠳᠡᠭᠡ ᠶ᠋ᠢ ᠰᠣᠨᠣᠰᠤᠮᠠᠭᠴᠠ᠂ ᠬᠠᠭᠠᠨ ᠤ᠋ ᠭᠡᠭᠡᠨ ᠶᠡᠬᠡᠯ᠎ᠡ ᠭᠠᠰᠢᠭᠤᠳᠠᠨ ᠬᠠᠢᠯᠠᠵᠤ ᠬᠣᠶᠠᠷ ᠡᠳᠦᠷ ᠴᠠᠪ ᠵᠣᠭᠣᠭᠯᠠᠭᠰᠠᠨ ᠦᠭᠡᠢ᠂ 《 ᠮᠢᠨᠦ ᠬᠠᠭᠠᠰ ᠪᠡᠶ᠎ᠡ ᠦᠬᠦᠪᠡ᠂ ᠮᠢᠨᠦ ᠬᠠᠭᠠᠰ ᠤᠯᠤᠰ ᠪᠠᠷᠠᠭᠳᠠᠪᠠ᠂ ᠶᠠᠭᠤᠨ ᠳ᠋ᠤᠷ ᠮᠣᠩᠭᠣᠯ ᠠ᠋ᠴᠠ ᠮᠤᠬᠤᠯᠢ ᠨᠥᠬᠥᠷ ᠬᠢᠲᠠᠳ ᠠ᠋ᠴᠠ ᠱᠢ ᠲᠢᠶᠠᠨ ᠢᠩ ᠲᠦᠰᠢᠮᠡᠯ ᠮᠢᠨᠦ ᠨᠢᠭᠡᠨ ᠤᠳᠠᠭ᠎ᠠ ᠳ᠋ᠤᠷ ᠦᠬᠦᠪᠡ ? 》ᠭᠡᠮᠡᠨ ᠮᠠᠰᠢᠳᠠ ᠡᠨᠡᠷᠢᠨ ᠭᠠᠰᠢᠭᠤᠳᠠᠵᠤ ᠭᠠᠰᠠᠯᠤᠨ ᠬᠠᠰᠬᠢᠷᠬᠤᠢ ᠳ᠋ᠤᠷ ᠵᠠᠭᠤᠨ ᠲᠦᠰᠢᠮᠡᠳ ᠬᠡᠳᠦ ᠬᠡᠳᠦᠨ ᠤᠳᠠᠭ᠎ᠠ ᠢᠳᠬᠠᠨ ᠠᠢᠯᠠᠳᠬᠠᠵᠤ᠂ ᠬᠠᠭᠠᠨ ᠤ᠋ ᠰᠡᠳᠬᠢᠯ ᠢ᠋ ᠲᠣᠬᠣᠷᠤᠭᠤᠯᠤᠨ ᠮᠥᠷᠭᠥᠪᠡ᠃ 
       ᠲᠡᠳᠦᠢ ᠬᠠᠭᠠᠨ ᠪᠡᠶ᠎ᠡ ᠪᠡᠷ ᠬᠠᠷ᠎ᠠ ᠥᠩᠭᠡ ᠶ᠋ᠢᠨ ᠪᠡᠯᠪᠡᠰᠦᠷᠡᠯ ᠡᠮᠦᠰᠴᠦ᠂ ᠬᠣᠭᠣᠰᠣᠨ ᠵᠦᠭ ᠶᠡᠬᠡ ᠮᠠᠨᠳᠠᠯ ᠴᠣᠭᠴᠠᠯᠠᠨ ᠵᠣᠭᠰᠣᠵᠤ ᠬᠠᠢᠯᠠᠨ ᠠᠷᠢᠬᠢ ᠰᠠᠴᠤᠨ ᠵᠠᠷᠢᠯᠢᠭ᠋ ᠪᠣᠯᠤᠭᠰᠠᠨ ᠠᠨᠤ :  
             ᠭᠠᠰᠢᠭᠤᠨ ᠢ᠋ ᠬᠠᠮᠲᠤᠳᠬᠠᠭᠰᠠᠨ ᠭᠠᠳᠠᠰᠤ ᠮᠡᠲᠦ ᠨᠥᠬᠥᠷ ᠮᠢᠨᠦ ᠴᠢ  
             ᠭᠠᠴᠢᠭᠳᠠᠯ ᠢ᠋ ᠨᠢᠭᠡᠳᠬᠡᠭᠰᠡᠨ ᠭᠠᠷ ᠮᠡᠲᠦ ᠬᠠᠨᠢ ᠮᠢᠨᠦ ᠴᠢ᠂  
             ᠭᠠᠭᠴᠠ ᠰᠠᠢᠨ ᠨᠢᠭᠡᠨ ᠰᠠᠨᠠᠭᠠᠨ  ᠢ᠋ᠶ᠋ᠠᠷ ᠵᠢᠳᠬᠦᠨ ᠶᠠᠪᠤᠭᠰᠠᠭᠠᠷ  
             ᠭᠠᠳᠠᠭᠠᠳᠤ ᠤᠯᠤᠰ ᠳᠥᠷᠪᠡᠨ ᠮᠣᠵᠢ ᠶ᠋ᠢ ᠣᠷᠣᠭᠤᠯᠵᠤ ᠥᠭᠪᠡ᠃  
             ᠵᠣᠪᠠᠯᠠᠩ ᠢ᠋ ᠬᠠᠮᠲᠤᠳᠬᠠᠭᠰᠠᠨ ᠵᠤᠯᠠ ᠮᠡᠲᠦ ᠬᠠᠨᠢ ᠮᠢᠨᠦ ᠴᠢ 
             ᠵᠣᠴᠢᠭᠰᠠᠨ ᠢ᠋ ᠨᠢᠭᠡᠳᠬᠡᠭᠰᠡᠨ ᠵᠤᠪᠴᠠᠭ᠎ᠠ ᠮᠡᠲᠦ ᠨᠥᠬᠥᠷ ᠮᠢᠨᠦ ᠴᠢ᠂
             ᠵᠠᠭᠤᠨᠲᠠ ᠦᠬᠦᠵᠦ ᠵᠠᠭᠤᠨᠲᠠ ᠡᠳᠡᠭᠡᠬᠦᠢ ᠪᠡᠷ ᠪᠠᠢᠯᠳᠤᠨ ᠳᠠᠢᠯᠠᠵᠤ ᠶᠠᠪᠤᠭᠰᠠᠭᠠᠷ 
             ᠵᠣᠭᠰᠣᠯ ᠦᠭᠡᠢ ᠵᠣᠴᠢᠳ ᠤᠯᠤᠰ ᠢ᠋ ᠴᠥᠮ ᠠᠯᠪᠠ ᠪᠠᠷᠢᠭᠤᠯᠪᠠ᠃  
             ᠠᠶᠤᠯ ᠢ᠋ ᠬᠠᠮᠲᠤᠳᠬᠠᠭᠰᠠᠨ ᠠᠬ᠎ᠠ ᠮᠡᠲᠦ ᠲᠠᠢᠰᠢ ᠮᠢᠨᠦ
             ᠠᠮᠢ ᠪᠠᠨ ᠨᠢᠭᠡᠳᠬᠡᠭᠰᠡᠨ ᠠᠨᠳᠠ ᠮᠡᠲᠦ ᠭᠦᠸᠧ ᠸᠠᠩ ᠮᠢᠨᠦ ᠠ᠋᠂ 
             ᠠᠴᠢ ᠵᠢᠷᠤᠮ  ᠢ᠋ᠶ᠋ᠠᠷ ᠪᠠᠢᠯᠳᠤᠨ ᠳᠠᠢᠳᠤᠨ ᠶᠠᠪᠤᠭᠰᠠᠭᠠᠷ 
             ᠠᠯᠤᠰ ᠬᠣᠯᠠ ᠠᠯᠲᠠᠨ ᠤ᠋ ᠭᠠᠵᠠᠷ᠎ᠠ ᠠᠭᠤᠷᠠᠵᠤ ᠡᠭᠡᠪᠡ᠃ 
             ᠡᠴᠢᠭᠡ ᠡᠴᠡ ᠲᠥᠷᠥᠭᠰᠡᠨ ᠡᠨᠡ ᠪᠡᠶ᠎ᠡ ᠨᠢᠭᠡᠨᠲᠡ ᠲᠡᠪᠴᠢᠵᠦ  
             ᠡᠷᠬᠡᠪᠰᠢ ᠮᠥᠨᠥ ᠲᠥᠷᠥ ᠳ᠋ᠦ᠍ᠷ ᠡᠯᠢᠭᠡ ᠰᠥᠰᠥ ᠪᠡᠨ ᠬᠡᠮᠬᠡᠷᠡᠭᠦᠯᠦᠨ᠂ 
             ᠡᠳᠦᠢ ᠶᠡᠬᠡ ᠤᠯᠤᠰ ᠲᠥᠷᠥ ᠶ᠋ᠢ ᠪᠠᠭᠯᠠᠵᠤ ᠦᠭᠭᠦᠭᠰᠡᠨ 
             ᠡᠷᠳᠡᠨᠢᠲᠦ ᠪᠡᠶ᠎ᠡ ᠴᠢᠨᠦ ᠡᠢᠮᠦ ᠡᠷᠲᠡ ᠡᠭᠡᠪᠡᠦ ! 
ᠭᠡᠮᠡᠨ ᠲᠠᠬᠢᠯ ᠥᠭᠴᠦ᠂ ᠬᠠᠢᠯᠠᠨ ᠤᠶᠠᠷᠠᠵᠤ ᠡᠨᠡᠷᠢᠨ ᠠᠰᠠᠷᠠᠬᠤᠢ ᠳ᠋ᠤᠷ ᠵᠠᠭᠤᠨ ᠲᠦᠰᠢᠮᠡᠳ ᠨᠢᠯᠪᠤᠰᠤᠨ ᠡᠰᠡ ᠤᠨᠠᠭᠠᠭᠰᠠᠨ ᠢ᠋ᠶ᠋ᠠᠷ ᠦᠭᠡᠢ᠃  
       ᠲᠡᠳᠦᠢ ᠲᠡᠢᠰᠢ ᠮᠤᠬᠤᠯᠢ ᠶ᠋ᠢᠨ ᠨᠡᠷ᠎ᠡ ᠴᠣᠯᠠ ᠲᠤᠰᠢᠶᠠᠯ ᠬᠡᠷᠬᠡᠮ ᠢ᠋ ᠪᠦᠷᠢᠨ᠎ᠡ ᠪᠡᠷ ᠲᠡᠭᠦᠨ ᠦ᠌ ᠶᠡᠬᠡ ᠬᠥᠪᠡᠭᠦᠨ ᠪᠤᠯᠤ ᠳ᠋ᠤᠷ ᠵᠠᠯᠭᠠᠮᠵᠢᠯᠠᠭᠤᠯᠤᠨ᠂ ᠲᠠᠢᠰᠢ ᠶ᠋ᠢᠨ ᠳᠡᠭᠦᠦ ᠳᠠᠢᠰᠤᠨᠳᠠᠷᠤᠭᠴᠢ ᠶ᠋ᠢ ᠬᠠᠪᠰᠤᠷᠬᠤ ᠳᠡᠳ᠋ ᠶᠤᠸᠠᠨᠱᠤᠸᠠᠢ ᠪᠣᠯᠭᠠᠨ᠂ ᠮᠤᠬᠤᠯᠢ ᠶ᠋ᠢᠨ ᠴᠢᠨᠳᠠᠷ ᠢ᠋ ᠬᠣᠲᠠ ᠳ᠋ᠤᠷ ᠣᠷᠣᠭᠤᠯᠤᠨ ᠸᠠᠩ ᠤ᠋ᠨ ᠶᠠᠮᠤᠨ ᠳ᠋ᠤᠷ ᠲᠠᠯᠪᠢᠵᠤ : 《ᠮᠢᠨᠦ ᠪᠡᠶ᠎ᠡ ᠪᠡᠷ ᠬᠦᠷᠴᠦ ᠭᠠᠰᠠᠯᠠᠩ ᠢ᠋ ᠭᠦᠢᠴᠡᠳᠬᠡᠬᠦ ᠶ᠋ᠢ ᠬᠦᠯᠢᠶᠡ ! 》ᠭᠡᠮᠡᠨ ᠵᠠᠷᠯᠢᠭ ᠪᠠᠭᠤᠯᠭᠠᠪᠠ᠃ 
       ᠲᠡᠳᠦᠢ ᠬᠠᠭᠠᠨ ᠤ᠋ ᠭᠡᠭᠡᠨ ᠢ᠋ᠶ᠋ᠡᠨ ᠡᠦ ᠸᠠᠨ ᠭᠠᠵᠠᠷ ᠲᠤᠷ ᠵᠤᠰᠠᠵᠤ᠂ ᠴᠡᠷᠢᠭ ᠢ᠋ ᠬᠤᠪᠢᠶᠠᠨ ᠬᠣᠲᠣᠩ᠂ ᠠᠨᠳᠤ ᠶ᠋ᠢᠨ ᠣᠯᠠᠨ ᠢ᠋ ᠲᠦᠪᠰᠢᠳᠬᠡᠬᠦᠶ᠎ᠡ᠂ ᠵᠠᠷᠯᠢᠭ ᠶᠠᠭᠠᠷᠠᠯ ᠳ᠋ᠤᠷ ᠣᠢᠷ᠎ᠠ ᠪᠠᠷ ᠾᠧ ᠸᠠᠨ ᠵᠢᠢ ᠳ᠋ᠦ᠍ᠷ ᠬᠦᠷᠴᠦ᠂ ᠣᠯᠠᠨ ᠵᠠᠩᠵᠤᠨ ᠨᠠᠷ ᠢ᠋ ᠴᠤᠭᠯᠠᠭᠤᠯᠤᠨ ᠲᠠᠩᠭᠤᠳ᠂ ᠰᠢ ᠢᠦᠢ᠂ ᠬᠣᠲᠣᠩ ᠤ᠋ᠨ ᠣᠯᠠᠨ ᠠᠢᠮᠠᠭ ᠢ᠋ ᠲᠦᠪᠰᠢᠳᠬᠡᠭᠡᠳ ᠴᠠᠭᠠᠲᠠᠢ ᠲᠠᠢᠽᠢ ᠶ᠋ᠢ ᠳᠡᠭᠡᠷ᠎ᠡ ᠢᠨᠦ ᠬᠠᠭᠠᠨ ᠡᠷᠭᠦᠮᠵᠢᠯᠡᠭᠡᠳ ᠳᠣᠣᠷ᠎ᠠ ᠠᠨᠤ ᠳᠠ ᠯᠤᠤ ᠭᠦᠸᠧ ᡂᠢ ᠶ᠋ᠢ ᠲᠦᠰᠢᠮᠡᠯ ᠪᠣᠯᠭᠠᠨ᠂ ᠣᠯᠠᠨ ᠬᠣᠲᠠ ᠶ᠋ᠢᠨ ᠬᠡᠷᠡᠭ ᠢ ᠵᠠᠬᠢᠷᠤᠭᠤᠯᠤᠨ ᠲᠠᠮᠠᠭ᠎ᠠ ᠴᠢᠳᠬᠤᠨ ᠥᠭᠴᠦ᠂ ᠲᠣᠪᠴᠢ ᠪᠠᠷᠢᠬᠤ ᠲᠤᠰᠢᠮᠡᠯ ᠪᠣᠯᠭᠠᠪᠠ᠃ 
       ᠨᠠᠮᠤᠷ ᠤ᠋ᠨ ᠨᠠᠢ᠍ᠮᠠᠨ ᠰᠠᠷ᠎ᠠ ᠳ᠋ᠤᠷ ᠠᠯᠲᠠᠨ ᠤᠯᠤᠰ ᠤ᠋ᠨ ᠤᠷᠭᠤᠭᠰᠠᠨ ᠵᠠᠩᠵᠤᠨ ᠰᠢᠦ ᠭᠧ ᠦᠭᠡ ᠨᠡᠢᠯᠡᠵᠦ ᠂ ᠮᠣᠩᠭᠣᠯ ᠤ᠋ᠨ ᠺᠠᠩ ᠢᠦᠢ ᠶ᠋ᠢ ᠴᠡᠷᠢᠭ ᠪᠦᠭᠭᠦᠨ ᠠᠯᠠᠵᠤ᠂ ᠰᠠᠬᠢᠭᠰᠠᠨ ᠬᠣᠲᠠ ᠵᠧᠦ ᠳ᠋ᠦ᠍ᠷ ᠬᠦᠷᠴᠦ ᠢᠷᠡᠭᠡᠳ ᠠᠪᠰᠤᠭᠠᠢ ᠬᠡᠮᠡᠲᠡᠯ᠎ᠡ ᠮᠥᠨ ᠬᠦ᠌ ᠠᠯᠲᠠᠨ ᠤᠯᠤᠰ ᠤ᠋ᠨ ᠶᠧ ᠭᠧ ᠵᠠᠩᠵᠤᠨ ᠳ᠋ᠤᠷ ᠪᠠᠷᠢᠭᠳᠠᠵᠤ ᠤᠷᠪᠠᠭᠰᠠᠨ ᠦᠰ ᠢ᠋ ᠠᠪᠴᠤ᠂ ᠬᠠᠭᠠᠨ ᠤ᠋ ᠳᠡᠷᠭᠡᠳᠡ ᠠᠪᠴᠤ ᠢᠷᠡᠭᠡᠳ ᠣᠭᠲᠣᠴᠢᠨ ᠠᠯᠠᠪᠠ᠃ ᠡᠪᠦᠯ ᠦ᠋ᠨ ᠬᠥᠬᠡᠭᠡ ᠰᠠᠷ᠎ᠠ ᠳ᠋ᠤᠷ ᠠᠯᠲᠠᠨ ᠤᠯᠤᠰ ᠤ᠋ᠨ ᠰᠢᠦᠸᠠᠨᠽᠤᠩ ᠬᠠᠭᠠᠨ  ᠸᠠᠨ ᠶᠠᠨ ᠰᠢᠶᠦ᠋ᠨ ᠦᠬᠦᠪᠡ᠃ ᠬᠥᠪᠡᠭᠦᠨ ᠢᠨᠦ ᠸᠠᠨ ᠶᠠᠨ ᠱᠧᠦ ᠰᠢᠦᠢ ᠶ᠋ᠢ ᠪᠠᠢᠭᠤᠯᠵᠤ ᠠᠢᠽᠤᠩ ᠬᠡᠮᠡᠪᠡ ᠃ ᠣᠳᠣ ᠠᠯᠲᠠᠨ ᠤᠯᠤᠰ ᠤ᠋ᠨ ᠬᠡᠷᠡᠭ ᠢ᠋ ᠲᠣᠭᠠᠴᠢᠬᠤ ᠶ᠋ᠢ ᠪᠠᠢᠰᠤᠭᠠᠢ᠃ 
       ᠵᠢᠴᠢ ᠵᠢᠷᠤᠮ ᠦᠭᠡᠢ ᠰᠢᠶᠠ ᠤᠯᠤᠰ ᠤ᠋ᠨ ᠬᠡᠷᠡᠭ ᠢ᠋ ᠬᠡᠯᠡᠬᠦ ᠢᠨᠦ : ᠰᠢᠶᠠ ᠤᠯᠤᠰ ᠤ᠋ᠨ ᠯᠢ ᠠᠨ ᠴᠢᠤᠸᠠᠨ ᠤ᠋ ᠬᠥᠪᠡᠭᠦᠨ ᠯᠢ ᠽᠦᠨ ᠰᠢᠦᠢ ᠮᠠᠲᠠᠯ ᠦᠭᠡᠢ ᠂ ᠲᠡᠭᠦᠨ ᠦ᠌ ᠡᠴᠢᠭᠡ ᠯᠢ ᠠᠨ ᠴᠢᠤᠸᠠᠨ ᠨᠢᠭᠡᠬᠡᠨ ᠤᠳᠠᠭ᠎ᠠ ᠶ᠋ᠢᠨ ᠪᠠᠢᠯᠳᠤᠭᠠᠨ ᠳ᠋ᠤᠷ ᠮᠣᠩᠭᠣᠯ ᠤ᠋ᠨ ᠡᠵᠡᠨ ᠴᠢᠩᠭᠢᠰ ᠬᠠᠭᠠᠨ ᠢ᠋ ᠦᠵᠡᠵᠦ ᠮᠠᠭᠠᠳ ᠲᠡᠭᠷᠢ ᠶ᠋ᠢᠨ ᠬᠥᠪᠡᠭᠦᠨ ᠢ ᠲᠠᠨᠢᠵᠤ᠂ ᠨᠢᠭᠡᠨᠲᠡ ᠥᠬᠢᠨ  ᠢ᠋ᠶ᠋ᠡᠨ ᠬᠦᠷᠭᠡᠵᠦ ᠳᠠᠭᠠᠭᠠᠳ ᠴᠡᠷᠢᠭ ᠲᠡᠢᠨ ᠦ᠌ ᠶᠡᠬᠡ ᠵᠣᠪᠠᠯᠠᠩ ᠢ᠋ ᠠᠷᠢᠯᠭᠠᠭᠰᠠᠨ ᠠᠲᠠᠯ᠎ᠠ ᠦᠷᠡᠴᠢᠯᠡᠭᠰᠡᠨ ᠬᠥᠪᠡᠭᠦᠨ ᠯᠢ ᠽᠦᠨ ᠰᠢᠦᠢ ᠮᠤᠩᠬᠠᠭ ᠪᠤᠳᠤᠯᠢᠶᠠᠨ᠂ ᠲᠡᠭᠷᠢ ᠶ᠋ᠢᠨ ᠴᠠᠭ ᠢ᠋ ᠮᠡᠳᠡᠬᠦ ᠦᠭᠡᠢ᠂ ᠬᠥᠮᠦᠨ ᠦ᠌ ᠬᠠᠳᠬᠤᠬᠤ ᠦᠭᠡ ᠶ᠋ᠢ ᠠᠪᠴᠤ ᠮᠣᠩᠭᠣᠯ ᠤᠯᠤᠰ ᠠ᠋ᠴᠠ ᠵᠥᠷᠢᠴᠡᠨ ᠶᠠᠪᠤᠭᠰᠠᠭᠠᠷ᠂ ᠮᠣᠩᠭᠣᠯ ᠤ᠋ᠨ ᠬᠣᠶᠠᠳᠤᠭᠠᠷ ᠲᠠᠢᠽᠢ ᠴᠠᠭᠠᠲᠠᠢ ᠴᠢᠨ ᠸᠠᠩ ᠳ᠋ᠤᠷ ᠬᠣᠲᠠ ᠪᠠᠨ ᠬᠠᠭᠠᠭᠳᠠᠨ ᠪᠠᠢᠯᠳᠤᠭᠳᠠᠵᠤ ᠪᠤᠷᠤᠭᠤᠯᠠᠨ᠂ ᠰᠢ ᠯᠢᠶᠠᠩ ᠤ᠋ᠨ ᠭᠠᠵᠠᠷ ᠡᠴᠢᠭᠡᠳ ᠦᠯᠡᠳᠡᠭᠰᠡᠨ ᠪᠠᠷᠠᠭᠤᠨ ᠬᠠᠭᠠᠰ ᠤᠯᠤᠰ  ᠢ᠋ᠶ᠋ᠠᠨ ᠴᠢᠭᠤᠯᠭᠤᠯᠤᠨ᠂ ᠤᠭ ᠤ᠋ᠨ ᠡᠮᠦᠨ᠎ᠡ ᠰᠢᠶᠠ ᠤᠯᠤᠰ ᠭᠡᠮᠡᠨ ᠰᠢᠨ᠎ᠡ ᠪᠡᠷ ᠨᠡᠷᠡᠢᠳᠦᠭᠰᠡᠨ ᠫᠦ ᠰᠢᠶᠠᠨ ᠸᠠᠨ ᠨᠥ᠍ ᠬᠠᠷᠢᠨ ᠯᠢ ᠽᠦᠨ ᠰᠢᠦᠢ ᠶ᠋ᠢ ᠬᠥᠭᠵᠢᠭᠡᠨ ᠤᠷᠪᠠᠭᠤᠯᠵᠤ᠂ ᠮᠣᠩᠭᠣᠯ ᠯᠤᠭ᠎ᠠ ᠬᠠᠯᠳᠠᠭᠤᠯᠤᠨ ᠦᠵᠡᠭᠡᠳ ᠮᠣᠩᠭᠣᠯ ᠬᠠᠭᠤᠷᠲᠠᠭᠳᠠᠬᠤ ᠦᠭᠡᠢ ᠲᠤᠯᠠ ᠬᠡᠷᠡᠭ ᠪᠦᠲᠦᠬᠦ ᠦᠭᠡᠢ ᠶ᠋ᠢ ᠮᠡᠳᠡᠵᠦ᠂ ᠶᠠᠭᠠᠷᠠᠨ ᠥᠪᠡᠷ  ᠢ᠋ᠶ᠋ᠡᠨ ᠤᠭᠲᠤᠨ ᠰᠠᠢᠨ ᠬᠥᠮᠦᠨ ᠪᠣᠯᠵᠤ ᠳᠠᠭᠠᠭᠰᠠᠨ ᠳ᠋ᠤᠷ ᠯᠢ ᠽᠦᠨ ᠰᠢᠦᠢ ᠬᠥᠮᠦᠨ ᠳ᠋ᠦ᠍ᠷ ᠮᠡᠬᠡᠯᠡᠭᠳᠡᠭᠰᠡᠨ ᠢ᠋ᠶ᠋ᠡᠨ ᠮᠡᠳᠡᠵᠦ ᠬᠥᠯ ᠳᠡᠪᠰᠡᠨ ᠭᠠᠰᠢᠭᠤᠳᠠᠪᠠᠴᠤ ᠠᠷᠭ᠎ᠠ ᠦᠭᠡᠢ ᠪᠣᠯᠤᠭᠠᠳ ᠬᠠᠷᠠᠬᠠᠨ ᠵᠣᠪᠠᠨᠢᠨ ᠪᠦᠬᠦᠢ ᠳ᠋ᠦ᠍ᠷ ᠭᠡᠨᠡᠳᠲᠡ ᠤᠷᠵᠢᠨᠤᠨ ᠵᠢᠯ ᠮᠣᠩᠭᠣᠯ ᠤ᠋ᠨ ᠶᠡᠬᠡ ᠶᠤᠸᠠᠨᠱᠤᠸᠠᠢ ᠲᠠᠢᠰᠢ ᠮᠤᠬᠤᠯᠢ ᠶᠡᠬᠡ ᠴᠡᠷᠢᠭ ᠢ᠋ᠶ᠋ᠡᠨ ᠠᠪᠴᠤ᠂ ᠠᠯᠲᠠᠨ ᠤᠯᠤᠰ ᠤ᠋ᠨ ᠶᠠᠨ ᠪᠠ ᠶ᠋ᠢ ᠪᠠᠢᠯᠳᠤᠬᠤᠢ ᠳ᠋ᠤᠷ ᠲᠡᠭᠦᠨ ᠦ᠌ ᠰᠢ ᠯᠢᠶᠠᠩ ᠳ᠋ᠤᠷ ᠣᠢᠷ᠎ᠠ ᠪᠣᠯᠤᠭᠰᠠᠨ ᠲᠤᠯᠠ ᠶᠠᠭᠠᠷᠠᠨ ᠮᠢ ᠫᠦ ᠶ᠋ᠢ ᠵᠠᠷᠤᠵᠤ ᠲᠡᠩᠰᠡᠭᠦᠯᠦᠭᠰᠡᠨ᠎ᠡ ᠬᠠᠷᠢᠨ ᠪᠠᠢᠯᠳᠤᠷ᠎ᠠ ᠢᠷᠡᠮᠦᠢ ᠬᠡᠮᠡᠬᠦᠢ ᠳ᠋ᠦ᠍ᠷ ᠠᠶᠤᠵᠤ ᠬᠤᠷᠢᠮ ᠪᠠᠷᠢᠭᠤᠯᠤᠨ ᠤᠭᠲᠤᠵᠤ᠂ ᠳᠠ ᠬᠠᠢ ᠳ᠋ᠤᠷ ᠲᠠᠪᠤᠨ ᠲᠦᠮᠡᠨ ᠴᠡᠷᠢᠭ ᠥᠭᠴᠦ ᠲᠠᠢᠰᠢ ᠮᠤᠬᠤᠯᠢ ᠳ᠋ᠤᠷ ᠲᠤᠰᠠᠯᠠᠭᠤᠯᠤᠨ ᠠᠯᠲᠠᠨ ᠤᠯᠤᠰ ᠤ᠋ᠨ ᠵᠦᠭ ᠣᠷᠣᠭᠤᠯᠪᠠ᠃ ᠲᠡᠢᠰᠢ ᠮᠤᠬᠤᠯᠢ ᠪᠡᠶ᠎ᠡ ᠥᠩᠭᠡᠷᠡᠵᠦ ᠡᠴᠢᠭᠰᠡᠨ ᠴᠡᠷᠢᠭ ᠵᠣᠷᠢᠭ ᠢ᠋ᠶ᠋ᠠᠷ ᠡᠭᠡᠵᠦ ᠢᠷᠡᠪᠡ᠃ ᠪᠤᠯᠤ ᠬᠠᠭᠠᠨ ᠳ᠋ᠤᠷ ᠡᠯᠴᠢ ᠵᠠᠷᠤᠵᠤ ᠰᠢᠶᠠ ᠶ᠋ᠢᠨ ᠯᠢ ᠽᠦᠨ ᠰᠢᠦᠢ ᠶ᠋ᠢᠨ ᠴᠡᠷᠢᠭ ᠵᠣᠷᠢᠭ  ᠢ᠋ᠶ᠋ᠠᠷ ᠡᠭᠡᠪᠡ ᠬᠡᠮᠡᠭᠰᠡᠨ ᠳ᠋ᠦ᠍ᠷ ᠬᠠᠭᠠᠨ ᠴᠠᠭᠠᠲᠠᠢ ᠲᠠᠢᠽᠢ ᠳ᠋ᠤᠷ ᠵᠠᠷᠯᠢᠭ ᠪᠠᠭᠤᠯᠭᠠᠨ᠂ ᠤᠷᠭᠤᠳᠤᠤᠯ ᠰᠢᠶᠠ ᠶ᠋ᠢᠨ ᠰᠢ ᠯᠢᠶᠠᠩ ᠤ᠋ᠨ ᠭᠠᠵᠠᠷ ᠢ᠋ ᠬᠠᠭᠠᠵᠤ ᠪᠠᠢᠯᠳᠤ ᠬᠡᠮᠡᠭᠰᠡᠨ ᠳ᠋ᠦ᠍ᠷ ᠴᠠᠭᠠᠲᠠᠢ ᠤᠭ ᠠ᠋ᠴᠠ ᠯᠢ ᠽᠦᠨ ᠰᠢᠦᠢ ᠶ᠋ᠢᠨ ᠲᠣᠭᠲᠠᠭᠤᠷᠢ ᠦᠭᠡᠢ ᠳ᠋ᠦ᠍ᠷ ᠬᠣᠷᠣᠰᠴᠤ ᠠᠭᠤᠷᠯᠠᠵᠤ ᠪᠠᠢᠭᠰᠠᠨ ᠲᠤᠯᠠ ᠴᠢᠪᠬᠢᠲᠡᠯ᠎ᠡ ᠰᠡᠳᠬᠢᠯ ᠳ᠋ᠦ᠍ᠷ ᠨᠡᠢᠴᠡᠵᠦ ᠶᠡᠬᠡ ᠲᠤᠭ ᠢ᠋ ᠳᠠᠯᠠᠯᠤᠨ᠂ ᠠᠷᠪᠠᠨ ᠲᠦᠮᠡᠨ ᠴᠡᠷᠢᠭ ᠢ᠋ᠶ᠋ᠡᠷ ᠰᠢ ᠯᠢᠶᠠᠩ ᠤ᠋ᠨ ᠬᠣᠲᠠ ᠶ᠋ᠢ ᠬᠠᠭᠠᠵᠤ ᠪᠠᠢᠯᠳᠤᠭᠰᠠᠨ ᠳ᠋ᠤᠷ ᠯᠢ ᠽᠦᠨ ᠰᠢᠦᠢ ᠶᠡᠬᠡᠯ᠎ᠡ ᠠᠶᠤᠵᠤ ᠂ ᠣᠯᠠᠨ ᠯᠤᠭ᠎ᠠ ᠪᠠᠨ ᠵᠥᠪᠯᠡᠬᠦᠢ ᠳ᠋ᠦ᠍ᠷ ᠲᠦᠰᠢᠮᠡᠳ ᠢᠨᠦ ᠮᠡᠳᠡᠭᠦᠯᠦᠷᠦᠨ :《ᠮᠣᠩᠭᠣᠯ ᠤ᠋ᠨ ᠡᠵᠡᠨ ᠮᠠᠨ ᠯᠤᠭ᠎ᠠ ᠤᠷᠤᠭ ᠪᠠᠷᠢᠭᠰᠠᠨ ᠠᠨᠤ ᠣᠨᠴᠠ ᠮᠠᠨ ᠤ᠋ ᠤᠯᠤᠰ ᠢ᠋ ᠮᠥᠬᠥᠭᠡᠰᠦᠭᠡᠢ ᠬᠡᠮᠡᠭᠰᠡᠨ ᠪᠤᠰᠤ ᠶ᠋ᠢ ᠢᠲᠡᠭᠡᠪᠡᠰᠦ ᠪᠣᠯᠤᠮᠤᠢ᠃ ᠭᠠᠭᠴᠠ ᠪᠢᠳᠡ ᠥᠪᠡᠷ  ᠢ᠋ᠶ᠋ᠡᠨ ᠦ ᠳᠡᠭᠳᠡᠭᠡᠭᠰᠡᠨ ᠪᠣᠯᠠᠢ᠃ ᠡᠵᠡᠨ ᠡᠰᠡ ᠢᠲᠡᠭᠡᠪᠡᠰᠦ ᠡᠳᠦᠭᠡ ᠬᠠᠭᠤᠴᠢᠨ ᠠᠯᠪᠠ ᠶ᠋ᠢ ᠪᠠᠷᠢᠪᠠᠰᠤ ᠬᠡᠯᠲᠦᠷᠢᠬᠦ ᠪᠣᠯᠠᠢ᠂ ᠮᠣᠩᠭᠣᠯ ᠣᠨᠴᠠ ᠳᠡᠯᠡᠬᠡᠢ ᠳ᠋ᠠᠬᠢᠨ ᠠ᠋ᠴᠠ ᠠᠯᠪᠠ ᠢᠳᠡᠬᠦᠢ ᠶ᠋ᠢ ᠡᠷᠢᠭᠰᠡᠨ ᠪᠣᠢ ᠊ᠢ᠎ᠠ᠂ ᠴᠥᠮ ᠢ᠋ ᠠᠯᠠᠰᠤᠭᠠᠢ ᠬᠡᠮᠡᠭᠰᠡᠨ ᠪᠤᠰᠤ᠂ ᠳᠡᠯᠡᠬᠡᠢ ᠳ᠋ᠠᠬᠢᠨ ᠢ᠋ ᠡᠵᠡᠯᠡᠮᠦᠢ ᠬᠡᠮᠡᠭᠴᠢ ᠬᠥᠮᠦᠨ ᠢ ᠢᠨᠦ ᠡᠵᠡᠯᠡᠰᠦᠭᠡᠢ ᠬᠡᠮᠡᠭᠰᠡᠨ ᠡᠴᠡ ᠪᠤᠰᠤ᠂ ᠬᠣᠭᠣᠰᠣᠨ ᠠᠭᠤᠯᠠ ᠲᠠᠯ᠎ᠠ ᠶ᠋ᠢ ᠡᠵᠡᠯᠡᠰᠦᠭᠡᠢ ᠬᠡᠮᠡᠭᠰᠡᠨ ᠪᠤᠰᠤ ᠪᠣᠯᠠᠢ ! 》 ᠬᠡᠮᠡᠭᠰᠡᠨ ᠳ᠋ᠦ᠍ᠷ ᠯᠢ ᠽᠦᠨ ᠰᠢᠦᠢ ᠮᠥᠨ ᠬᠦ᠌ ᠯᠢ ᠫᠦ ᠶ᠋ᠢ ᠭᠠᠷᠭᠠᠵᠤ ᠬᠡᠯᠡᠯᠴᠡᠭᠦᠯᠦᠭᠰᠡᠨ ᠳ᠋ᠦ᠍ᠷ ᠴᠠᠭᠠᠲᠠᠢ ᠠᠭᠤᠷᠯᠠᠨ ᠥᠭᠦᠯᠡᠷᠦᠨ : 《ᠮᠢᠨᠦ ᠰᠠᠨᠠᠭᠠᠨ ᠪᠣᠯᠪᠠᠰᠤ ᠲᠠᠨ ᠢ᠋ ᠦᠯᠡᠳᠡᠭᠡᠬᠦ ᠦᠭᠡᠢ ᠪᠥᠯᠥᠭᠡ ᠂ ᠭᠠᠭᠴᠠ ᠬᠠᠭᠤᠴᠢᠨ ᠡᠵᠡᠨ ᠢ᠋ ᠴᠢᠨᠦ ᠪᠣᠳᠣᠮᠤᠢ᠃ ᠮᠢᠨᠦ ᠬᠠᠳᠠᠮ ᠰᠠᠢᠨ ᠪᠣᠯᠤᠭᠰᠠᠨ ᠪᠥᠭᠡᠲᠡᠯ᠎ᠡ ᠯᠢ ᠽᠦᠨ ᠰᠢᠦᠢ ᠬᠡᠰᠢᠭ ᠲᠣᠷ ᠢᠨᠦ ᠬᠦᠷᠲᠡᠨ ᠪᠥᠭᠡᠳ ᠰᠠᠨᠠᠭᠠᠨ ᠢ᠋ ᠲᠡᠰᠡᠷᠭᠦᠯᠡᠨ ᠤᠷᠪᠠᠬᠤ ᠨᠢ ᠶᠠᠭᠤᠨ ?  ᠨᠢᠭᠡᠨᠲᠡ ᠡᠢᠮᠦ ᠲᠤᠯᠠ ᠬᠠᠭᠠᠨ ᠠ᠋ᠴᠠ ᠵᠠᠷᠯᠢᠭ ᠡᠷᠢᠵᠦ ᠢᠷᠡᠬᠦ ᠶ᠋ᠢ ᠬᠦᠯᠢᠶᠡ ! 》 ᠭᠡᠮᠡᠨ ᠵᠠᠬᠢᠶ᠎ᠠ ᠶᠠᠪᠤᠭᠤᠯᠪᠠ᠃  
       ᠲᠡᠳᠦᠢ ᠬᠠᠭᠠᠨ ᠠᠢᠯᠠᠳᠬᠠᠭᠰᠠᠨ ᠨᠤᠭᠤᠯᠪᠤᠷᠢ ᠶ᠋ᠢ ᠦᠵᠡᠪᠡᠰᠦ ᠪᠠᠰᠠ ᠬᠦ᠌ ᠠᠯᠪᠠ ᠪᠠᠨ ᠪᠠᠷᠢᠵᠤ ᠳᠠᠭᠠᠰᠤᠭᠠᠢ ᠬᠡᠮᠡᠭᠰᠡᠨ ᠳ᠋ᠦ᠍ᠷ ᠬᠠᠭᠠᠨ ᠰᠢᠶᠠ ᠶ᠋ᠢᠨ ᠮᠤᠬᠤᠯᠢ ᠳ᠋ᠤᠷ ᠲᠠᠪᠤᠨ ᠲᠦᠮᠡᠨ ᠴᠡᠷᠢᠭ ᠥᠭᠭᠦᠭᠰᠡᠨ ᠪᠠ ᠪᠠᠰᠠ ᠬᠥᠪᠡᠭᠦᠨ ᠴᠠᠭᠠᠲᠠᠢ ᠶ᠋ᠢᠨ ᠤᠷᠤᠭ ᠢ᠋ ᠰᠠᠨᠠᠵᠤ ᠵᠥᠪᠰᠢᠶᠡᠷᠡᠬᠦ ᠬᠠᠷᠢᠭᠤ ᠵᠠᠷᠯᠢᠭ ᠢᠯᠡᠭᠡᠪᠡ᠃ ᠴᠠᠭᠠᠲᠠᠢ ᠠᠯᠪᠠ ᠶ᠋ᠢ ᠠᠨᠤ ᠠᠪᠴᠤ᠂ ᠯᠢ ᠽᠦᠨ ᠰᠢᠦᠢ ᠶ᠋ᠢ ᠨᠢᠭᠡᠨ ᠵᠡᠷᠭᠡ ᠰᠠᠢᠲᠤᠷ ᠳᠣᠩᠭᠣᠳᠤᠨ ᠶᠡᠬᠡ ᠴᠡᠷᠢᠭ ᠡᠭᠡᠪᠡ᠃ ᠯᠢ ᠽᠦᠨ ᠰᠢᠦᠢ ᠮᠣᠩᠭᠣᠯ ᠴᠡᠷᠢᠭ ᠢ᠋ ᠡᠭᠡᠭᠦᠯᠦᠮᠡᠭᠴᠡ ᠥᠪᠡᠷ ᠦ᠋ᠨ ᠪᠡᠶ᠎ᠡ ᠡᠨᠡ ᠰᠠᠭᠤᠷᠢᠨ ᠢ᠋ ᠡᠵᠡᠯᠡᠨ ᠦᠯᠦ ᠴᠢᠳᠠᠬᠤ ᠶ᠋ᠢ ᠮᠡᠳᠡᠵᠦ᠂ ᠶᠠᠭᠠᠷᠠᠨ ᠬᠥᠪᠡᠭᠦᠨ ᠯᠢ ᠳᠧ ᠸᠠᠩ ᠢ᠋ ᠰᠠᠭᠤᠷᠢᠨ ᠳ᠋ᠤᠷ ᠰᠠᠭᠤᠯᠭᠠᠨ᠂ ᠥᠪᠡᠷ ᠦ᠋ᠨ ᠪᠡᠶ᠎ᠡ ᠪᠡᠨ ᠬᠠᠭᠠᠨ ᠤ᠋ ᠡᠴᠢᠭᠡ ᠭᠡᠮᠡᠨ ᠡᠷᠭᠦᠵᠦ᠂ ᠤᠯᠤᠰ ᠲᠤᠷ  ᠢ᠋ᠶ᠋ᠠᠨ ᠰᠡᠮᠡᠬᠡᠷ ᠵᠠᠷᠯᠠᠵᠤ ᠭᠠᠷᠭᠠᠭᠰᠠᠨ ᠳ᠋ᠤᠷ ᠤᠯᠤᠰ ᠤ᠋ᠨ ᠢᠷᠭᠡᠨ ᠢᠨᠦ ᠠᠶᠤᠯᠳᠤᠵᠤ ᠥᠭᠦᠯᠡᠷᠦᠨ : 《ᠥᠨᠥᠬᠡᠨ ᠪᠠᠰᠠ ᠮᠣᠩᠭᠣᠯ ᠳ᠋ᠤᠷ ᠳᠠᠭᠠᠭᠰᠠᠨ ᠪᠥᠭᠡᠲᠡᠯ᠎ᠡ ᠡᠳᠦᠭᠡ ᠪᠠᠰᠠ ᠡᠢᠮᠦ ᠦᠭᠡ ᠭ᠍ᠡᠷᠪᠠᠰᠤ ᠮᠠᠨ ᠤ᠋ ᠤᠯᠤᠰ ᠪᠠᠰᠠ ᠮᠣᠩᠭᠣᠯ ᠳ᠋ᠤᠷ ᠠᠯᠠᠭᠳᠠᠬᠤ ᠶᠡᠬᠡ ᠵᠣᠪᠠᠯᠠᠩ ᠣᠢᠷ᠎ᠠ ᠪᠣᠯᠤᠭᠰᠠᠨ ᠪᠣᠯᠠᠢ !》ᠬᠡᠯᠡᠮᠲᠦᠭᠦᠢ ᠳ᠋ᠦ᠍ᠷ ᠯᠢ ᠽᠦᠨ ᠰᠢᠦᠢ ᠡᠳᠡᠭᠡᠷ ᠦᠢᠮᠡᠭᠡᠨ ᠢ᠋ ᠥᠪᠡᠷ ᠦ᠋ᠨ ᠪᠡᠶ᠎ᠡ ᠪᠡᠷ ᠦᠴᠦᠭᠦᠷᠬᠡᠨ ᠶᠠᠪᠤᠬᠤᠢ ᠳ᠋ᠤᠷ ᠰᠣᠨᠣᠰᠤᠭᠠᠳ ᠠᠭᠤᠷᠯᠠᠰᠤᠭᠠᠢ ᠬᠡᠮᠡᠬᠦᠯ᠎ᠡ ᠪᠠᠰᠠ ᠦᠨᠡᠨ ᠦᠭᠡ ᠲᠤᠯᠠ ᠡᠳᠡᠭᠡᠷ ᠤᠴᠢᠷ ᠲᠤᠷ ᠵᠣᠪᠠᠭᠰᠠᠭᠠᠷ ᠡᠪᠡᠳᠴᠢᠨ ᠣᠯᠵᠤ ᠦᠬᠦᠭᠰᠡᠨ ᠳ᠋ᠦ᠍ᠷ ᠬᠥᠪᠡᠭᠦᠨ ᠢᠨᠦ ᠯᠢ ᠳᠧ ᠸᠠᠩ ᠡᠴᠢᠭᠡ ᠪᠡᠨ ᠯᠢ ᠽᠦᠨ ᠰᠢᠦᠢ ᠶ᠋ᠢ ᠨᠡᠬᠡᠵᠦ᠂ ᠱᠧᠨᠽᠦ᠋ᠩ ᠭᠡᠮᠡᠨ ᠡᠷᠭᠦᠭᠡᠳ ᠥᠪᠡᠷ ᠦ᠋ᠨ ᠣᠨ ᠤ᠋ ᠨᠡᠷ᠎ᠡ ᠶ᠋ᠢ ᠬᠠᠯᠠᠵᠤ ᠴᠢᠶᠠᠨ ᠳ᠋ᠢᠩ ᠦ᠋ᠨ ᠲᠡᠷᠢᠭᠦᠨ ᠣᠨ ᠬᠡᠮᠡᠪᠡ᠃ ᠡᠨᠡ ᠦᠶ᠎ᠡ ᠳ᠋ᠦ᠍ᠷ ᠬᠠᠭᠠᠨ ᠤ᠋ ᠴᠡᠷᠢᠭ ᠤᠢᠭᠤᠷ ᠤᠯᠤᠰ ᠤ᠋ᠨ ᠨᠡᠢᠲᠡ ᠶ᠋ᠢ ᠬᠣᠷᠢᠶᠠᠨ ᠪᠦᠬᠦᠢ ᠳ᠋ᠦ᠍ᠷ ᠤᠢᠭᠤᠷ ᠤᠯᠤᠰ ᠤ᠋ᠨ ᠨᠢᠭᠡᠨ ᠰᠠᠯᠠᠭᠠᠨ ᠠᠨᠤ ᠴᠢᠨ ᠴᠠ ᠬᠡᠮᠡᠬᠦ ᠭᠠᠵᠠᠷ ᠲᠤᠷ ᠣᠷᠣᠵᠤ᠂ ᠪᠡᠷᠬᠡ ᠠᠭᠤᠯᠠ ᠬᠡᠳᠡᠷ ᠬᠠᠳᠠ ᠶ᠋ᠢᠨ ᠪᠠᠲᠤ ᠬᠣᠲᠠ ᠳ᠋ᠤᠷ ᠣᠷᠣᠵᠤ ᠡᠴᠢᠭᠡᠳ ᠤᠯᠤᠰ ᠤ᠋ᠨ ᠪᠦᠬᠦ ᠴᠡᠷᠢᠭ ᠢᠷᠭᠡᠨ᠂ ᠰᠠᠩ ᠬᠥᠮᠥᠷᠭᠡ ᠡᠳ᠋ ᠲᠠᠸᠠᠷ ᠂ ᠨᠠᠷᠢᠨ ᠲᠡᠮᠦᠷ ᠦ᠋ᠨ ᠵᠠᠷ ᠵᠡᠪᠰᠡᠭ ᠬᠤᠶᠠᠭ ᠳᠤᠭᠤᠯᠠᠭ᠎ᠠ ᠶ᠋ᠢ ᠴᠥᠮ ᠠᠪᠴᠤ ᠠᠭᠤᠯᠠᠨ ᠳ᠋ᠤᠷ ᠣᠷᠣᠵᠤ ᠪᠣᠭᠣᠮᠲᠠ ᠶ᠋ᠢ ᠰᠠᠬᠢᠭᠰᠠᠨ ᠳ᠋ᠤᠷ ᠬᠠᠭᠠᠨ ᠤ᠋ ᠭᠡᠭᠡᠨ ᠳᠠᠢᠯᠠᠷ᠎ᠠ ᠡᠴᠢᠰᠦᠭᠡᠢ ᠬᠡᠮᠡᠬᠦᠢ ᠳ᠋ᠦ᠍ᠷ ᠪᠤᠭᠤᠷᠵᠢ ᠭᠠᠷᠴᠤ ᠠᠢᠯᠠᠳᠬᠠᠷᠤᠨ :《ᠲᠡᠷᠡ ᠭᠠᠵᠠᠷ ᠬᠠᠭᠠᠨ ᠡᠴᠢᠬᠦ ᠶ᠋ᠢ ᠲᠦᠷ ᠪᠠᠢᠵᠤ ᠲᠦᠰᠢᠮᠡᠯ ᠪᠢ ᠲᠠᠪᠤᠨ ᠪᠠᠷᠰ ᠤ᠋ᠨ ᠵᠠᠩᠵᠤᠨ ᠢ ᠠᠪᠴᠤ ᠡᠴᠢᠭᠡᠳ ᠬᠡᠷᠪᠡ ᠦᠨᠡᠬᠡᠷ ᠡᠰᠡ ᠠᠪᠲᠠᠪᠠᠰᠤ ᠬᠠᠭᠠᠨ ᠤ᠋ ᠭᠡᠭᠡᠨ ᠡᠴᠢᠬᠦᠢ ᠳ᠋ᠦ᠍ᠷ ᠣᠷᠣᠢᠲᠠᠬᠤ ᠦᠭᠡᠢ ᠪᠣᠯᠠᠢ ! 》ᠬᠡᠮᠡᠭᠰᠡᠨ ᠳ᠋ᠦ᠍ᠷ ᠬᠠᠭᠠᠨ ᠵᠥᠪᠰᠢᠶᠡᠵᠦ ᠲᠠᠢᠪᠤᠤ ᠪᠤᠭᠤᠷᠵᠢ ᠳ᠋ᠤᠷ ᠲᠠᠪᠤᠨ ᠪᠠᠷᠰ ᠤ᠋ᠨ ᠵᠠᠩᠵᠤᠨ ᠲᠣᠭᠲᠣᠩᠭᠣ᠌᠂ ᠰᠥᠪᠡᠭᠡᠲᠡᠢ᠂ ᠭᠢᠯᠦᠭᠡᠨ᠂ ᠵᠦᠯᠭᠡᠲᠡᠢ᠂ ᠬᠣᠢᠯᠠᠳᠠᠷ ᠡᠨᠡ ᠲᠠᠪᠤᠨ ᠪᠠᠷᠰ ᠤ᠋ᠨ ᠵᠠᠩᠵᠤᠨ ᠢ ᠥᠭᠴᠦ ᠲᠠᠪᠤᠨ ᠲᠦᠮᠡᠨ ᠴᠡᠷᠢᠭ ᠢ᠋ ᠬᠤᠪᠢᠶᠠᠨ ᠵᠠᠬᠢᠷᠤᠭᠤᠯᠵᠤ ᠶᠠᠪᠤᠭᠤᠯᠪᠠ᠃ ᠲᠡᠳᠦᠢ ᠲᠠᠢᠪᠤᠤ  ᠪᠤᠭᠤᠷᠵᠢ ᠴᠢᠨ ᠴᠠ ᠠᠭᠤᠯᠠᠨ ᠳ᠋ᠤᠷ ᠬᠦᠷᠴᠦ ᠦᠵᠡᠪᠡᠰᠦ ᠳᠥᠷᠪᠡᠨ ᠡᠲᠡᠭᠡᠳ ᠮᠢᠩᠭᠠᠨ ᠭᠠᠵᠠᠷ ᠣᠷᠴᠢᠨ ᠲᠣᠭᠣᠷᠢᠨ ᠥᠨᠳᠥᠷ ᠠᠭᠤᠯᠠ ᠪᠡᠷᠬᠡ ᠬᠠᠳᠠ ᠪᠥᠭᠡᠳ ᠨᠢᠭᠲᠠ ᠰᠢᠭᠤᠢ ᠭᠦᠨ ᠣᠢ ᠮᠣᠳᠣ ᠵᠠᠮ ᠦᠭᠡᠢ᠂ ᠭᠠᠭᠴᠠ ᠡᠮᠦᠨ᠎ᠡ ᠶᠡᠬᠡ ᠵᠠᠮ ᠬᠣᠶᠠᠷ ᠵᠤᠷᠪᠤᠰ ᠲᠤᠷ ᠴᠥᠮ ᠬᠠᠪᠴᠢᠯ ᠪᠡᠷᠬᠡ ᠶ᠋ᠢ ᠡᠵᠡᠯᠡᠵᠦ ᠬᠣᠭᠣᠷᠣᠨᠳᠣ ᠬᠣᠲᠠ ᠪᠠᠷᠢᠵᠤ ᠴᠡᠷᠢᠭ ᠰᠠᠬᠢᠮᠤᠢ᠃ ᠲᠡᠳᠦᠢ ᠪᠣᠭᠣᠮᠲᠠ ᠳ᠋ᠤᠷ ᠬᠦᠷᠴᠦ ᠬᠠᠭᠠᠰ ᠰᠠᠷ᠎ᠠ ᠪᠠᠢᠯᠳᠤᠭᠠᠳ ᠥᠴᠦᠬᠡᠨ ᠴᠦ᠍ ᠠᠰᠢᠭ ᠦᠭᠡᠢ ᠲᠤᠯᠠ  ᠪᠤᠭᠤᠷᠵᠢ ᠠᠷᠭ᠎ᠠ ᠦᠭᠡᠢ ᠶᠡᠬᠡᠯ᠎ᠡ ᠵᠣᠪᠠᠨᠢᠨ ᠪᠦᠬᠦᠢ ᠳ᠋ᠦ᠍ᠷ ᠰᠥᠪᠡᠭᠡᠲᠡᠢ ᠪᠠᠭᠠᠲᠤᠷ ᠰᠠᠢᠨ ᠮᠣᠷᠢ ᠤᠨᠤᠵᠤ᠂ ᠠᠪᠠ ᠶ᠋ᠢᠨ ᠬᠤᠪᠴᠠᠰᠤ ᠡᠮᠦᠰᠴᠦ ᠵᠡᠪᠰᠡᠭ ᠢ᠋ ᠪᠠᠷᠢᠵᠤ᠂ ᠠᠭᠤᠯᠠᠨ ᠤ᠋ ᠳᠣᠲᠣᠷ᠎ᠠ ᠣᠷᠣᠵᠤ ᠵᠠᠮ ᠡᠷᠢᠨ ᠶᠠᠪᠤᠭᠰᠠᠭᠠᠷ ᠬᠡᠳᠦᠨ ᠡᠳᠦᠷ ᠪᠣᠯᠵᠤ᠂ ᠨᠢᠭᠡᠨ ᠡᠳᠦᠷ ᠲᠡᠷᠢᠭᠦᠨ ᠪᠣᠭᠣᠮᠲᠠ ᠶ᠋ᠢᠨ ᠵᠡᠭᠦᠨ ᠬᠠᠪᠠᠷ ᠥᠭᠡᠳᠡ ᠭᠠᠷᠴᠤ ᠶᠠᠪᠤᠭᠰᠠᠭᠠᠷ ᠣᠷᠣᠢᠲᠠᠵᠤ᠂ ᠬᠠᠭᠤᠷᠠᠢ ᠬᠦᠨᠡᠰᠦ ᠪᠡᠨ ᠢᠳᠡᠨ ᠪᠤᠯᠠᠭ ᠤ᠋ᠨ ᠤᠰᠤᠨ ᠢ᠋ ᠤᠤᠭᠤᠵᠤ᠂ ᠨᠢᠭᠡᠨ ᠬᠠᠳᠠ ᠶ᠋ᠢᠨ ᠨᠦᠬᠡ ᠳ᠋ᠦ᠍ᠷ ᠣᠷᠣᠵᠤ ᠤᠮᠳᠠᠭᠠᠳ ᠭᠡᠨᠡᠳᠲᠡ ᠦᠵᠡᠪᠡᠰᠦ᠂ ᠵᠡᠭᠦᠨ ᠡᠮᠦᠨ᠎ᠡ ᠡᠴᠡ ᠨᠢᠭᠡᠨ ᠵᠦᠢᠯ ᠵᠦᠢᠯ ᠦ᠋ᠨ ᠡᠲᠡᠭᠡᠳ ᠥᠩᠭᠡᠲᠡᠢ ᠡᠭᠦᠯᠡ ᠣᠭᠲᠠᠷᠭᠤᠢ ᠳ᠋ᠤᠷ ᠦᠢᠮᠡᠯᠳᠦᠨ᠂ ᠶᠡᠬᠡ ᠰᠠᠯᠬᠢᠨ ᠬᠤᠢ ᠭᠠᠵᠠᠷ ᠯᠤᠭ᠎ᠠ ᠦᠷᠭᠦᠯᠵᠢᠯᠡᠨ ᠲᠣᠭᠣᠰᠣ ᠲᠣᠷᠮᠤ ᠲᠡᠭᠷᠢ ᠳ᠋ᠦ᠍ᠷ ᠲᠤᠯᠵᠤ᠂ ᠪᠠᠷᠠᠭᠤᠨ ᠬᠣᠢᠲᠤ ᠵᠦᠭ ᠢᠷᠡᠮᠦᠢ᠃ ᠰᠥᠪᠡᠭᠡᠲᠡᠢ ᠪᠠᠭᠠᠲᠤᠷ ᠭᠠᠢᠬᠠᠵᠤ ᠰᠠᠨᠠᠷᠤᠨ :《ᠡᠨᠡ ᠰᠠᠯᠬᠢᠨ ᠳ᠋ᠤᠷ ᠠᠭᠤᠯᠠ ᠬᠠᠳᠠ ᠨᠠᠢᠭᠤᠵᠤ᠂ ᠲᠡᠭᠷᠢ ᠭᠠᠵᠠᠷ ᠦᠷᠭᠦᠯᠵᠢᠯᠡᠭᠰᠡᠨ ᠢᠨᠦ ᠳᠣᠲᠣᠷ᠎ᠠ ᠯᠠᠪ ᠰᠣᠨᠢᠨ ᠶᠠᠭᠤᠮ᠎ᠠ ᠪᠣᠢ ᠭᠡᠮᠡᠨ ᠠᠭᠤᠯᠠᠨ ᠳᠡᠭᠡᠷ᠎ᠡ ᠭᠠᠷᠴᠤ ᠦᠵᠡᠪᠡᠰᠦ᠂ ᠲᠡᠷᠡ ᠰᠠᠯᠬᠢᠨ ᠬᠤᠢ ᠬᠠᠮᠢᠭ᠎ᠠ ᠬᠦᠷᠪᠡᠰᠦ ᠲᠡᠷᠡ ᠭᠠᠵᠠᠷ ᠤ᠋ᠨ ᠠᠭᠤᠯᠠ ᠬᠠᠳᠠ ᠴᠥᠮ ᠡᠪᠳᠡᠷᠡᠵᠦ᠂ ᠮᠣᠳᠣ ᠰᠢᠭᠤᠢ ᠨᠡᠢᠲᠡ ᠪᠡᠷ ᠦᠭᠲᠡᠭᠡᠭᠳᠡᠨ ᠮᠠᠰᠢ ᠠᠶᠤᠮᠰᠢᠭᠲᠠᠢ ᠵᠠᠷᠢᠮ ᠳ᠋ᠤᠷ ᠪᠠᠬᠠᠨ ᠭᠡᠭᠡᠬᠡᠨ ᠵᠠᠷᠢᠮ ᠳ᠋ᠤᠷ ᠪᠠᠰᠠ ᠬᠠᠪ ᠬᠠᠷᠠᠩᠭᠤᠢ ᠪᠣᠯᠤᠮᠤᠢ᠃ ᠲᠡᠳᠦᠢ ᠤᠯᠠᠮ ᠦᠵᠡᠬᠦᠢ ᠳ᠋ᠦ᠍ᠷ ᠤᠯᠠᠮ ᠣᠢᠷ᠎ᠠ ᠪᠣᠯᠤᠭᠰᠠᠭᠠᠷ ᠲᠡᠭᠦᠨ ᠦ᠌ ᠪᠡᠶ᠎ᠡ ᠵᠣᠭᠰᠣᠭᠰᠠᠨ ᠠᠭᠤᠯᠠᠨ ᠤ᠋ ᠪᠠᠷᠠᠭᠤᠨ ᠡᠮᠦᠨ᠎ᠡ ᠠᠭᠤᠯᠠᠨ ᠤ᠋ ᠢᠷᠣᠭᠠᠷ ᠬᠦᠷᠦᠭᠰᠡᠨ ᠳ᠋ᠦ᠍ᠷ ᠰᠥᠪᠡᠬᠡᠲᠡᠢ ᠪᠠᠭᠠᠲᠤᠷ ᠶᠠᠭᠠᠷᠠᠨ ᠠᠭᠤᠯᠠᠨ ᠤ᠋ ᠬᠥᠲᠥᠯ ᠦ᠋ᠨ ᠳᠣᠣᠷ᠎ᠠ ᠪᠠᠭᠤᠵᠤ᠂ ᠲᠡᠷᠡ ᠬᠤᠢ ᠶ᠋ᠢᠨ ᠳᠣᠲᠣᠷ᠎ᠠ ᠶᠠᠭᠤᠨ ᠪᠠᠢᠬᠤ ᠶ᠋ᠢ ᠦᠵᠡᠰᠦᠭᠡᠢ ᠭᠡᠮᠡᠨ ᠭᠠᠵᠠᠷ ᠳᠣᠣᠭᠤᠷ ᠱᠠᠭᠠᠢᠵᠤ ᠦᠵᠡᠬᠦᠯ᠎ᠡ᠂ ᠳᠣᠲᠣᠷ᠎ᠠ ᠨᠡᠯᠢᠶᠡᠳ ᠬᠥᠮᠦᠰ ᠨᠡᠲᠦᠯᠵᠡᠨ ᠦᠵᠡᠭᠳᠡᠮᠦᠢ - ᠴᠥᠮ ᠬᠥᠯ ᠭᠠᠵᠠᠷ ᠲᠤᠷ ᠭᠢᠰᠬᠢᠵᠦ ᠲᠡᠪᠡᠷᠢᠯᠴᠡᠵᠦ ᠶᠠᠪᠤᠮᠤᠢ᠃ ᠰᠥᠪᠡᠭᠡᠲᠡᠢ ᠪᠠᠭᠠᠲᠤᠷ ᠬᠢᠨᠠᠨ ᠦᠵᠡᠪᠡᠰᠦ : ᠵᠠᠷᠢᠮ ᠳ᠋ᠤᠷ ᠪᠠᠬᠠᠨ ᠭᠡᠭᠡᠬᠡᠨ ᠪᠣᠯᠪᠠᠰᠤ ᠳᠣᠲᠣᠷ᠎ᠠ ᠠᠨᠤ ᠠᠯᠲᠠᠨ ᠤᠯᠤᠰ ᠤ᠋ᠨ᠂ ᠰᠥᠩ ᠤᠯᠤᠰ ᠤ᠋ᠨ ᠬᠥᠮᠦᠨ ᠮᠡᠲᠦ ᠠᠭᠤᠤ ᠬᠠᠨᠴᠤᠢ ᠥᠷᠭᠡᠨ ᠵᠠᠭᠠᠮ᠎ᠠ᠂ ᠭᠠᠳᠠᠭᠤᠷ ᠠᠨᠤ ᠨᠢᠭᠡᠨ ᠰᠦᠷᠦᠭ ᠡᠬᠡᠨᠡᠷ  ᠦ᠋ᠳ ᠡᠷᠭᠢᠵᠦ ᠶᠠᠪᠤᠮᠤᠢ᠃ ᠰᠥᠪᠡᠭᠡᠲᠡᠢ ᠪᠠᠭᠠᠲᠤᠷ ᠬᠠᠷᠠᠬᠠᠨ ᠭᠠᠢᠬᠠᠵᠤ ᠦᠵᠡᠬᠦᠶ᠎ᠡ ᠲᠡᠭᠦᠨ ᠦ᠌ ᠳᠣᠲᠣᠷ᠎ᠠ ᠪᠠᠰᠠ ᠡᠳᠡᠭᠡᠷ ᠡᠷ᠎ᠡ ᠡᠮ᠎ᠡ ᠬᠥᠮᠦᠰ ᠴᠥᠮ ᠪᠡᠶ᠎ᠡ ᠳ᠋ᠦ᠍ᠷ ᠰᠢᠷᠬ᠎ᠠ ᠲᠠᠢ ᠪᠤᠰᠤ ᠪᠣᠯᠪᠠᠰᠤ ᠪᠣᠭᠣᠮᠢᠯᠠᠨ ᠦᠬᠦᠭᠡᠳ ᠬᠡᠯᠡ ᠪᠡᠨ ᠤᠨᠵᠢᠢᠯᠭᠠᠨ ᠶᠠᠪᠤᠮᠤᠢ᠃ ᠡᠭᠦᠨ ᠳ᠋ᠦ᠍ᠷ ᠰᠥᠪᠡᠭᠡᠲᠡᠢ ᠪᠠᠭᠠᠲᠤᠷ ᠨᠡᠩ ᠰᠣᠨᠢᠷᠬᠠᠵᠤ ᠬᠢᠨᠠᠨ ᠦᠵᠡᠬᠦᠢ ᠳ᠋ᠦ᠍ᠷ ᠲᠡᠭᠦᠨ ᠦ᠌ ᠳᠣᠲᠣᠷ᠎ᠠ ᠠ᠋ᠴᠠ ᠨᠢᠭᠡᠨ ᠤᠷᠲᠤ ᠬᠡᠯᠡ ᠲᠡᠢ ᠬᠥᠮᠦᠨ ᠰᠥᠪᠡᠬᠡᠲᠡᠢ ᠪᠠᠭᠠᠲᠤᠷ ᠢ᠋ ᠦᠵᠡᠭᠡᠳ ᠨᠡᠬᠡᠵᠦ ᠢᠷᠡᠬᠦᠢ ᠳ᠋ᠦ᠍ᠷ ᠪᠦᠭᠦᠳᠡᠭᠡᠷ ᠰᠠᠯᠬᠢᠨ ᠬᠤᠢ ᠯᠤᠭ᠎ᠠ ᠬᠦᠷᠴᠦ ᠢᠷᠡᠬᠦ ᠢᠨᠤ ᠠᠰᠤᠷᠤ ᠲᠦᠷᠭᠡᠨ᠂ ᠵᠠᠢᠯᠠᠬᠤ ᠭᠠᠵᠠᠷ ᠦᠭᠡᠢ᠂ ᠡᠳᠡᠭᠡᠷ ᠴᠢᠳᠬᠥᠷ ᠰᠢᠮᠨᠤ ᠬᠠᠷᠠᠬᠠᠨ ᠰᠢᠭᠦᠷᠡᠨ ᠢᠷᠡᠬᠦᠢ ᠳ᠋ᠦ᠍ᠷ ᠦᠵᠡᠪᠡᠰᠦ ᠪᠡᠶ᠎ᠡ ᠳ᠋ᠦ᠍ᠷ ᠮᠥᠨ ᠵᠡᠪᠰᠡᠭ ᠦᠭᠡᠢ ᠲᠤᠯᠠ ᠰᠥᠪᠡᠭᠡᠲᠡᠢ ᠪᠠᠭᠠᠲᠤᠷ ᠬᠣᠭᠣᠰᠣᠨ ᠭᠠᠷ ᠢ᠋ᠶ᠋ᠠᠷ ᠵᠡᠭᠦᠨ ᠪᠠᠷᠠᠭᠤᠨ ᠢ᠋ ᠵᠠᠨᠴᠢᠪᠠᠰᠤ ᠣᠭᠲᠣ ᠳᠠᠭᠠᠷᠢᠭᠳᠠᠬᠤ ᠦᠭᠡᠢ ᠳ᠋ᠦ᠍ᠷ ᠬᠠᠷᠠᠬᠠᠨ ᠲᠡᠨᠴᠢᠭᠦᠷᠡᠨ ᠪᠥᠬᠥᠶ᠎ᠡ᠂ ᠭᠡᠨᠡᠳᠲᠡ ᠵᠡᠭᠦᠨ ᠣᠭᠲᠠᠷᠭᠤᠢ ᠠ᠋ᠴᠠ ᠲᠠᠪᠤᠨ ᠥᠩᠭᠡ ᠶ᠋ᠢᠨ ᠰᠣᠯᠣᠩᠭ᠎ᠠ ᠮᠢᠷᠠᠯᠵᠠᠵᠤ ᠡᠭᠦᠯᠡ ᠪᠤᠳᠠᠷᠠᠯᠳᠤᠨ ᠭᠡᠨᠡᠳᠲᠡ ᠠᠶᠤᠩᠭᠠᠯᠠᠨ᠂ ᠨᠢᠭᠡᠨ ᠶᠡᠬᠡ ᠵᠠᠩᠵᠤᠨ ᠭᠠᠷᠴᠤ ᠢᠷᠡᠨ ᠭᠠᠷ ᠲᠤᠷ ᠳᠠᠮ ᠢᠯᠳᠦᠨ ᠪᠠᠷᠢᠵᠤ᠂ ᠲᠡᠷᠡ ᠰᠠᠯᠬᠢᠨ ᠬᠤᠢ ᠳ᠋ᠤᠷ ᠣᠷᠣᠭᠠᠳ ᠨᠢᠭᠡᠨᠲᠡ ᠵᠠᠩᠳᠠᠨ ᠬᠡᠳᠦᠨᠲᠡ ᠴᠠᠪᠴᠢᠯᠠᠭᠰᠠᠨ ᠦᠭᠡᠢ ᠲᠡᠷᠡ ᠴᠢᠳᠬᠥᠷ ᠰᠢᠮᠨᠤ ᠴᠥᠮ ᠪᠤᠲᠠᠷᠠᠨ ᠰᠠᠯᠬᠢᠨ ᠬᠤᠢ ᠠᠷᠢᠯᠤᠭᠰᠠᠨ ᠳ᠋ᠤᠷ ᠰᠥᠪᠡᠭᠡᠲᠡᠢ ᠲᠡᠷᠡ ᠵᠠᠩᠵᠤᠨ ᠳ᠋ᠤᠷ ᠡᠴᠢᠵᠦ ᠲᠠᠯ᠎ᠠ ᠬᠢᠰᠦᠭᠡᠢ ᠭᠡᠮᠡᠨ ᠡᠴᠢᠪᠡᠰᠦ ᠲᠡᠷᠡ ᠲᠡᠭᠷᠢ ᠶ᠋ᠢᠨ ᠵᠠᠩᠵᠤᠨ ᠡᠢᠨ ᠥᠭᠦᠯᠡᠷᠦᠨ :《ᠲᠠ ᠨᠠᠷ ᠨᠠᠮᠠᠶ᠋ᠢ ᠲᠠᠨᠢᠬᠤ ᠦᠭᠡᠢ ᠪᠣᠯᠪᠠ ᠤᠤ ? 》ᠬᠡᠮᠡᠬᠦᠢ ᠳ᠋ᠦ᠍ᠷ ᠰᠥᠪᠡᠭᠡᠲᠡᠢ ᠪᠠᠭᠠᠲᠤᠷ ᠶᠠᠭᠠᠷᠠᠨ ᠲᠡᠷᠢᠭᠦᠨ ᠡᠷᠭᠦᠵᠦ ᠦᠵᠡᠪᠡᠰᠦ᠂ ᠦᠵᠡᠰᠡ ᠲᠠᠢᠪᠤᠤ ᠪᠤᠭᠤᠷᠤᠯ ᠠᠵᠤᠭᠤ᠃ ᠰᠥᠪᠡᠭᠡᠲᠡᠢ ᠶᠠᠭᠠᠷᠠᠨ ᠰᠥᠭᠥᠳᠴᠦ ᠮᠥᠷᠭᠥᠬᠦᠢ ᠳ᠋ᠦ᠍ᠷ ᠪᠤᠭᠤᠷᠤᠯ ᠶᠠᠭᠠᠷᠠᠨ ᠬᠠᠷᠢᠭᠤ ᠶᠣᠰᠣᠯᠠᠨ ᠲᠡᠳᠬᠦᠨ ᠪᠣᠰᠬᠠᠬᠤ ᠪᠥᠭᠡᠳ ᠢᠨᠢᠶᠡᠨ ᠥᠭᠦᠯᠡᠷᠦᠨ :《ᠨᠥᠬᠥᠷ ᠡᠨᠡ ᠴᠢᠨ ᠴᠠ ᠠᠭᠤᠯᠠᠨ ᠤ᠋ ᠪᠣᠭᠣᠮᠲᠠ ᠶ᠋ᠢ ᠡᠰᠡᠷᠭᠦ ᠪᠠᠢᠯᠳᠤᠵᠤ ᠦᠯᠦ ᠪᠣᠯᠤᠮᠤᠢ᠂ ᠲᠡᠭᠦᠨ ᠦ᠌ ᠳᠣᠲᠣᠭᠠᠳᠤ ᠬᠣᠶᠠᠳᠤᠭᠠᠷ ᠪᠣᠭᠣᠮᠲᠠᠨ ᠤ᠋ ᠳᠣᠲᠣᠷ᠎ᠠ ᠪᠠᠷᠠᠭᠤᠨ ᠬᠠᠪᠢᠷᠭ᠎ᠠ ᠪᠠᠷ ᠬᠥᠬᠡ ᠬᠠᠳᠠ ᠶ᠋ᠢᠨ ᠬᠠᠢᠷᠠᠲᠤ ᠬᠠᠳᠠ ᠤᠷᠤᠭᠤ ᠪᠠᠭᠤ᠂ ᠳᠣᠣᠷ᠎ᠠ ᠠᠨᠤ ᠡᠯᠡᠰᠦᠨ ᠳᠠᠩ ᠶᠠᠪᠠᠭᠠᠨ ᠴᠡᠷᠢᠭ ᠰᠢᠪᠳᠤᠷᠤᠨ ᠪᠠᠭᠤᠬᠤ ᠪᠠ ᠥᠩᠬᠥᠷᠢᠨ ᠣᠷᠣᠬᠤᠢ ᠳ᠋ᠤᠷ ᠵᠠᠮ ᠳ᠋ᠤᠷ ᠣᠭᠲᠣ ᠬᠠᠯᠠᠭᠯᠠᠬᠤ ᠲᠦᠯᠡᠭᠡ ᠮᠣᠳᠣ ᠰᠥᠭᠡᠭ ᠦᠭᠡᠢ᠃ ᠴᠢ ᠡᠰᠡ ᠢᠲᠡᠭᠡᠪᠡᠰᠦ ᠡᠨᠡ ᠥᠷᠯᠥᠭᠡ ᠨᠠᠷᠠᠨ ᠭᠠᠷᠬᠤᠢ ᠦᠶ᠎ᠡ ᠳ᠋ᠦ᠍ᠷ ᠡᠨᠡ ᠵᠡᠭᠦᠨ ᠬᠣᠱᠣᠣ ᠶ᠋ᠢᠨ ᠳᠡᠭᠡᠷ᠎ᠡ ᠵᠣᠭᠰᠣᠵᠤ ᠲᠡᠷᠡ ᠬᠠᠳᠠ ᠶ᠋ᠢ ᠦᠵᠡᠭᠳᠡᠬᠦᠢ᠂ ᠲᠡᠷᠡ ᠤᠷᠤᠭᠤ ᠰᠥᠨᠢ ᠪᠡᠷ ᠬᠡᠳᠦᠨ ᠮᠢᠩᠭᠠᠨ ᠪᠠᠭᠠᠲᠤᠷ ᠴᠡᠷᠢᠭ ᠣᠷᠣᠪᠠᠰᠤ ᠴᠢᠨ ᠴᠠ ᠭᠠᠵᠠᠷ ᠢ᠋ ᠡᠪᠳᠡᠵᠦ ᠶᠡᠬᠡ ᠭᠠᠪᠢᠶ᠎ᠠ ᠪᠠᠢᠭᠤᠯᠵᠤ ᠪᠣᠯᠤᠮᠤᠢ ! 》 ᠬᠡᠮᠡᠭᠰᠡᠨ ᠳ᠋ᠦ᠍ᠷ ᠰᠥᠪᠡᠭᠡᠲᠡᠢ ᠪᠠᠭᠠᠲᠤᠷ ᠶᠡᠬᠡᠯ᠎ᠡ ᠪᠠᠶᠠᠷᠯᠠᠵᠤ : 《ᠡᠳᠡᠭᠡᠷ ᠵᠠᠭᠤᠨ ᠵᠦᠢᠯ ᠦ᠋ᠨ ᠴᠢᠳᠬᠥᠷ ᠰᠢᠮᠨᠤ ᠠᠨᠤ ᠶᠠᠭᠤᠨ ᠪᠣᠢ ? 》 ᠬᠡᠮᠡᠭᠰᠡᠨ ᠳ᠋ᠦ᠍ᠷ ᠪᠤᠭᠤᠷᠤᠯ ᠥᠭᠦᠯᠡᠷᠦᠨ : 《ᠲᠡᠳᠡᠭᠡᠷ ᠴᠥᠮ ᠠᠯᠲᠠᠨ ᠤᠯᠤᠰ ᠲᠤᠷ ᠰᠢᠳᠤᠷᠭᠤ ᠶ᠋ᠢ ᠭᠦᠢᠴᠡᠳᠬᠡᠨ ᠦᠬᠦᠭᠰᠡᠨ ᠶᠡᠬᠡᠰ ᠰᠠᠢᠳ ᠲᠦᠰᠢᠮᠡᠳ᠂ ᠴᠢᠩ ᠵᠣᠷᠢᠭᠲᠤ ᠴᠡᠷᠢᠭ ᠢᠷᠭᠡᠨ᠂ ᠲᠡᠭᠦᠨ ᠦ᠌ ᠬᠠᠭᠠᠨ ᠠᠨᠤ ᠬᠠᠷᠠᠩᠭᠤᠢ ᠮᠤᠩᠬᠠᠭ᠂ ᠣᠯᠠᠨ ᠵᠢᠳᠬᠦᠭᠴᠢᠳ  ᠢ᠋ᠶ᠋ᠡᠨ ᠡᠷᠭᠦᠬᠦ ᠪᠠᠢᠲᠤᠭᠠᠢ᠂ ᠰᠠᠨᠠᠭᠠᠯᠵᠠᠬᠤ ᠴᠤ᠌ ᠦᠭᠡᠢ ᠳ᠋ᠦ᠍ᠷ ᠲᠡᠳᠡᠭᠡᠷ ᠰᠦᠨᠡᠰᠦᠨ ᠬᠢᠯᠢᠰᠳᠡᠵᠦ᠂ ᠣᠷᠣᠰᠢᠬᠤ ᠭᠠᠵᠠᠷ ᠦᠭᠡᠢ ᠳ᠋ᠦ᠍ᠷ  ᠢ᠋ᠶ᠋ᠡᠨ ᠮᠠᠨ ᠤ᠋ ᠬᠠᠭᠠᠨ ᠠ᠋ᠴᠠ ᠡᠷᠭᠦᠮᠵᠢᠯᠡᠯ ᠣᠷᠣᠰᠢᠯᠲᠠ ᠣᠯᠰᠤᠭᠠᠢ ᠬᠡᠮᠡᠪᠡᠴᠦ ᠣᠢᠷᠠᠲᠤᠨ ᠴᠢᠳᠠᠬᠤ ᠦᠭᠡᠢ ᠳ᠋ᠦ᠍ᠷ ᠲᠥᠭᠡᠷᠢᠨ ᠶᠠᠪᠤᠮᠤᠢ᠃ 》ᠰᠦᠪᠡᠭᠡᠲᠡᠢ ᠭᠡᠨᠡᠳᠲᠡ ᠪᠤᠭᠤᠷᠤᠯ ᠤ᠋ᠨ ᠦᠬᠦᠭᠰᠡᠨ ᠢ᠋ ᠰᠠᠨᠠᠭᠠᠯᠵᠠᠵᠤ ᠶᠠᠭᠠᠷᠠᠨ ᠠᠰᠠᠭᠤᠷᠤᠨ : 《ᠥᠨᠥ ᠲᠠᠢᠪᠤᠤ ᠴᠢᠨᠦ ᠪᠡᠶ᠎ᠡ ᠴᠧᠨ ᠦ᠌ ᠭᠠᠵᠠᠷ ᠡᠪᠡᠳᠴᠢᠨ  ᠢ᠋ᠶ᠋ᠡᠷ ᠥᠩᠭᠡᠷᠡᠭᠰᠡᠨ ᠪᠥᠭᠡᠳ ᠡᠳᠦᠭᠡ ᠶᠠᠭᠠᠬᠢᠨ ᠡᠢᠨ ᠬᠦ᠌ ᠶᠠᠪᠤᠮᠤᠢ ? 》ᠬᠡᠮᠡᠬᠦᠢ ᠳ᠋ᠦ᠍ᠷ ᠪᠤᠭᠤᠷᠤᠯ ᠠᠷᠤ ᠳᠡᠭᠡᠷᠡᠬᠢ ᠠᠯᠲᠠᠨ ᠲᠠᠮᠠᠭ᠎ᠠ ᠪᠠᠨ ᠦᠵᠡᠭᠦᠯᠵᠦ ᠥᠭᠦᠯᠡᠷᠦᠨ :《ᠮᠢᠨᠦ ᠪᠡᠶ᠎ᠡ ᠦᠬᠦᠭᠰᠡᠨ ᠳ᠋ᠦ᠍ᠷ ᠮᠢᠨᠦ ᠬᠠᠭᠠᠨ ᠠᠯᠲᠠᠨ ᠠᠮᠠᠨ ᠨᠡᠭᠡᠭᠡᠵᠦ ᠲᠠᠬᠢᠯ ᠡᠷᠭᠦᠨ ᠠᠷᠢᠬᠢ ᠰᠠᠴᠤᠨ ᠡᠷᠭᠦᠮᠵᠢᠯᠡᠭᠰᠡᠨ ᠳ᠋ᠦ᠍ᠷ ᠳᠡᠭᠡᠳᠦ ᠬᠤᠷᠮᠤᠰᠲᠠ ᠨᠠᠮᠠᠶ᠋ᠢ ᠬᠠᠭᠠᠨ ᠤ᠋ ᠠᠮᠠᠨ ᠠᠭᠤᠷ ᠬᠦᠷᠦᠭᠰᠡᠨ ᠰᠢᠳᠤᠷᠭᠤ ᠪᠠᠭᠠᠲᠤᠷ ᠭᠡᠮᠡᠨ ᠠᠯᠲᠠᠨ ᠲᠠᠮᠠᠭ᠎ᠠ ᠡᠭᠦᠷᠦᠭᠦᠯᠵᠦ᠂  ᠴᠧᠨ ᠦ᠌ ᠭᠠᠵᠠᠷ ᠤ᠋ᠨ ᠨᠡᠢᠲᠡ ᠬᠤᠪᠢᠯᠭᠠᠨ ᠴᠢᠳᠬᠥᠷ ᠢ᠋ ᠵᠠᠬᠢᠷᠬᠤ ᠰᠠᠬᠢᠭᠤᠯᠰᠤᠨ ᠪᠣᠯᠭᠠᠬᠤᠶ᠎ᠠ ᠥᠨᠥᠬᠡᠨ ᠮᠠᠨ ᠤ᠋ ᠭᠦᠸᠧ ᠸᠠᠩ ᠲᠡᠢᠰᠢ ᠮᠥᠨ ᠦᠭᠡᠢ ᠪᠣᠯᠤᠭᠰᠠᠨ᠎ᠠ᠂ ᠬᠠᠭᠠᠨ ᠤ᠋ ᠰᠣᠨᠣᠷ ᠲᠤᠷ ᠬᠦᠷᠦᠮᠡᠭᠴᠡ ᠲᠡᠭᠦᠨ ᠢ᠋ ᠳᠡᠭᠡᠳᠦ ᠬᠤᠷᠮᠤᠰᠲᠠ ᠾᠧ ᠪᠧᠢ ᠶ᠋ᠢᠨ ᠨᠡᠢᠲᠡ ᠬᠤᠪᠢᠯᠭᠠᠨ ᠴᠢᠳᠬᠥᠷ ᠢ᠋ ᠵᠠᠬᠢᠷᠠᠬᠤ ᠴᠧᠩ ᠬᠤᠸᠠᠩ ᠬᠡᠮᠡᠬᠦ ᠬᠣᠲᠠ ᠶ᠋ᠢᠨ ᠰᠠᠬᠢᠭᠤᠯᠰᠤᠨ ᠡᠷᠭᠦᠮᠵᠢᠯᠡᠵᠦ ᠲᠠᠮᠠᠭ᠎ᠠ ᠴᠠᠴᠤᠭ ᠰᠣᠶᠣᠷᠬᠠᠪᠠ᠃ ᠰᠣᠨᠣᠰᠬᠤᠯ᠎ᠠ ᠰᠥᠩ ᠤᠯᠤᠰ ᠮᠥᠬᠥᠭᠰᠡᠨ ᠦ᠌ ᠬᠣᠢᠨ᠎ᠠ ᠲᠡᠭᠦᠨ ᠢ᠋ ᠪᠠᠰᠠ ᠬᠣᠢᠲᠤ ᠭᠠᠵᠠᠷ ᠲᠤᠷ ᠳᠡᠪᠰᠢᠭᠦᠯᠦᠮᠦᠢ ᠬᠡᠮᠡᠮᠦ ! 》 ᠰᠥᠪᠡᠭᠡᠲᠡᠢ ᠪᠠᠭᠠᠲᠤᠷ ᠶᠡᠬᠡᠯ᠎ᠡ ᠭᠠᠢᠬᠠᠵᠤ ᠠᠰᠠᠭᠤᠷᠤᠨ : 《ᠳᠡᠭᠡᠳᠦ ᠲᠠᠢᠪᠤᠤ ᠶᠠᠭᠠᠬᠢᠨ ᠮᠡᠳᠡᠵᠦ ᠮᠠᠨ ᠤ᠋ ᠴᠡᠷᠢᠭ ᠲᠦ᠍ᠷ ᠵᠠᠮ ᠵᠢᠭᠠᠷ᠎ᠠ ᠢᠷᠡᠭᠰᠡᠨ ᠪᠣᠢ ? 》 ᠪᠤᠭᠤᠷᠤᠯ ᠢᠨᠢᠶᠡᠨ ᠥᠭᠦᠯᠡᠷᠦᠨ : 《ᠡᠨᠡ ᠭᠠᠵᠠᠷ ᠨᠠᠳᠠ ᠳ᠋ᠤᠷ ᠬᠠᠮᠢᠶ᠎ᠠ ᠦᠭᠡᠢ ᠪᠣᠯᠪᠠᠴᠤ ᠪᠣᠭᠳᠠ ᠬᠠᠭᠠᠨ ᠤ᠋ ᠵᠠᠷᠯᠢᠭ ᠠᠯᠢ ᠵᠦᠭ ᠲᠦ᠍ᠷ ᠭ᠍ᠡᠷᠪᠠᠰᠤ ᠪᠢ ᠲᠡᠷᠡ ᠵᠦᠭ ᠲᠦ᠍ᠷ ᠲᠤᠰᠠᠯᠠᠬᠤ ᠪᠣᠯᠠᠢ ! ᠭᠠᠭᠴᠠ ᠡᠮᠦᠨ᠎ᠡ ᠬᠢᠵᠠᠭᠠᠷ ᠲᠤᠷ ᠲᠤᠰᠠᠯᠠᠨ ᠴᠢᠳᠠᠬᠤ ᠦᠭᠡᠢ ! 》 ᠬᠡᠮᠡᠭᠡᠳ《ᠦᠭᠡ ᠶ᠋ᠢ ᠰᠠᠢᠬᠠᠨ ᠲᠡᠮᠳᠡᠭᠯᠡᠵᠦ ᠭᠠᠵᠠᠷ ᠢ᠋ ᠦᠵᠡᠭᠡᠳ ᠬᠠᠭᠠᠨ ᠳ᠋ᠤᠷ ᠠᠢᠯᠠᠳᠬ᠎ᠠ᠂ ᠬᠠᠭᠠᠨ ᠤ᠋ ᠰᠣᠨᠣᠷ ᠲᠤᠷ ᠡᠰᠡ ᠭᠦᠷᠦᠨ᠂ ᠬᠠᠭᠠᠨ ᠤ᠋ ᠵᠠᠷᠯᠢᠭ  ᠲᠤᠷ ᠡᠰᠡ ᠭ᠍ᠡᠷᠪᠠᠰᠤ ᠪᠢ ᠬᠠᠭᠠᠨ ᠳ᠋ᠤᠷ ᠠᠭᠤᠯᠵᠠᠨ ᠮᠥᠷᠭᠥᠵᠦ ᠴᠢᠳᠠᠬᠤ ᠦᠭᠡᠢ ᠲᠤᠯᠠ ᠴᠢᠮ᠎ᠠ ᠳ᠋ᠤᠷ ᠠᠢᠯᠠᠳᠬᠠᠭᠤᠯᠪᠠ ! 》 ᠬᠡᠮᠡᠭᠰᠡᠨ᠎ᠡ᠂ ᠰᠥᠪᠡᠭᠡᠲᠡᠢ ᠪᠠᠭᠠᠲᠤᠷ ᠳᠠᠬᠢᠨ ᠳᠠᠬᠢᠨ ᠪᠠᠶᠠᠷᠯᠠᠨ ᠬᠦᠯᠢᠶᠡᠨ ᠠᠪᠴᠤ᠂ ᠪᠤᠭᠤᠷᠤᠯ ᠭᠠᠷ ᠡᠷᠭᠦᠮᠡᠭᠴᠡ ᠡᠭᠦᠯᠡᠨ ᠳ᠋ᠦ᠍ᠷ ᠳᠡᠪᠬᠡᠯᠦᠨ ᠭᠠᠷᠴᠤ᠂ ᠵᠡᠭᠦᠨ ᠡᠮᠦᠨ᠎ᠡ ᠵᠦᠭ ᠳᠡᠭᠳᠡᠨ ᠡᠴᠢᠪᠡ᠃ ᠰᠥᠪᠡᠭᠡᠲᠡᠢ ᠪᠠᠭᠠᠲᠤᠷ ᠬᠣᠢᠨ᠎ᠠ ᠠ᠋ᠴᠠ ᠠᠨᠤ ᠬᠠᠷᠠᠵᠤ ᠪᠦᠬᠦᠢ ᠳ᠋ᠦ᠍ᠷ ᠲᠡᠷᠡ ᠠᠢᠮᠠᠭ ᠡᠭᠦᠯᠡᠨ ᠶᠠᠪᠤᠭᠰᠠᠭᠠᠷ ᠵᠡᠭᠦᠨ ᠡᠮᠦᠨ᠎ᠡ ᠵᠦᠭ ᠬᠦᠷᠴᠦ ᠣᠭᠲᠠᠷᠭᠤᠢ ᠳ᠋ᠤᠷ ᠰᠢᠩᠭᠡᠬᠦ ᠦᠶ᠎ᠡ ᠭᠡᠨᠡᠳᠲᠡ ᠴᠠᠬᠢᠯᠭᠠᠨ ᠤ᠋ ᠭᠢᠯᠪᠠᠯᠭᠠᠨ ᠠᠨᠤ ᠭᠠᠯ ᠮᠡᠲᠦ ᠲᠤᠶᠠᠭᠠᠯᠠᠨ ᠭᠡᠷᠡᠯ ᠰᠠᠴᠤᠷᠠᠭᠰᠠᠨ ᠳ᠋ᠤᠷ ᠨᠢᠳᠦ ᠭᠢᠯᠪᠠᠵᠤ ᠰᠣᠴᠢᠨ ᠰᠡᠷᠢᠪᠡᠰᠦ ᠤᠯᠠᠭᠠᠨ ᠨᠠᠷᠠᠨ ᠵᠡᠭᠦᠨ ᠠᠭᠤᠯᠠᠨ ᠤ᠋ ᠣᠷᠣᠢ ᠠ᠋ᠴᠠ ᠮᠠᠨᠳᠤᠨ ᠭᠠᠷᠴᠤ᠂ ᠴᠢᠷᠠᠢ ᠳ᠋ᠤᠷ ᠭᠡᠷᠡᠯ ᠲᠤᠰᠤᠭᠰᠠᠨ ᠠᠵᠤᠭᠤ᠃ ᠰᠥᠪᠡᠬᠡᠲᠡᠢ ᠪᠠᠭᠠᠲᠤᠷ ᠪᠣᠰᠬᠤ ᠦᠭᠡᠢ᠂ ᠳᠠᠬᠢᠨ ᠨᠢᠳᠦ ᠪᠡᠨ ᠠᠨᠢᠵᠤ ᠵᠡᠭᠦᠳᠦᠨ ᠦ᠌ ᠤᠴᠢᠷ ᠢ ᠡᠬᠢᠨ ᠡᠴᠡ ᠠᠳᠠᠭ ᠲᠤᠷ ᠲᠤᠯᠲᠠᠯ᠎ᠠ ᠪᠣᠳᠣᠵᠤ ᠳᠣᠲᠣᠷ᠎ᠠ ᠪᠠᠨ ᠲᠣᠭᠲᠠᠭᠠᠨ᠂ ᠶᠡᠬᠡᠯ᠎ᠡ ᠪᠠᠶᠠᠷᠯᠠᠨ ᠶᠠᠭᠠᠷᠠᠨ ᠭᠦᠶᠦᠨ ᠪᠣᠰᠴᠤ ᠵᠡᠪᠰᠡᠭ  ᠢ᠋ᠶ᠋ᠡᠨ ᠠᠪᠴᠤ᠂ ᠠᠭᠤᠯᠠᠨ ᠤ᠋ ᠣᠷᠣᠢ ᠳ᠋ᠤᠷ ᠭᠠᠷᠴᠤ ᠪᠤᠭᠤᠷᠤᠯ ᠤ᠋ᠨ ᠵᠢᠭᠠᠵᠤ ᠥᠭᠭᠦᠭᠰᠡᠨ ᠪᠠᠷᠠᠭᠤᠨ ᠠᠭᠤᠯᠠᠨ ᠤ᠋ ᠬᠠᠪᠢᠷᠭ᠎ᠠ ᠶ᠋ᠢ ᠦᠵᠡᠰᠦᠭᠡᠢ ᠭᠡᠮᠡᠨ ᠬᠠᠳᠠ ᠶ᠋ᠢᠨ ᠨᠦᠬᠡ ᠡᠴᠡ ᠭᠠᠷᠴᠤ ᠢᠷᠡᠪᠡᠰᠦ ᠲᠡᠷᠡ ᠣᠷᠴᠢᠮ ᠬᠡᠳᠦ ᠬᠡᠳᠦᠨ ᠴᠢᠨᠣ᠎ᠠ᠂ ᠰᠣᠯᠣᠩᠭ᠎ᠠ᠂ ᠢᠷᠪᠢᠰ ᠬᠠᠳᠠᠨ ᠠ᠋ᠴᠠ ᠤᠨᠠᠵᠤ ᠠᠮᠠ ᠬᠠᠮᠪᠠᠷ ᠠ᠋ᠴᠠ ᠴᠢᠰᠤ ᠭᠣᠭᠣᠵᠢᠭᠤᠯᠤᠨ ᠦᠬᠦᠵᠦᠬᠦᠢ᠃ ᠰᠥᠪᠡᠭᠡᠲᠡᠢ ᠪᠠᠭᠠᠲᠤᠷ ᠡᠳᠡᠭᠡᠷ ᠶᠠᠭᠤᠮ᠎ᠠ ᠨᠠᠮᠠᠶ᠋ᠢ ᠢᠳᠡᠷ᠎ᠡ ᠢᠷᠡᠭᠰᠡᠨ ᠢ᠋ ᠮᠢᠨᠦ ᠲᠠᠢᠪᠤᠤ ᠪᠤᠭᠤᠷᠤᠯ ᠲᠤᠰᠠᠯᠠᠨ ᠭᠠᠷᠭᠠᠭᠰᠠᠨ ᠠᠵᠤᠭᠤ! ᠭᠡᠮᠡᠨ ᠴᠥᠮ ᠲᠣᠯᠣᠭᠠᠢ ᠶ᠋ᠢ ᠠᠨᠤ ᠣᠭᠲᠣᠯᠤᠨ᠂ ᠪᠡᠶ᠎ᠡ ᠶ᠋ᠢ ᠢᠨᠦ ᠬᠠᠳᠠ ᠶ᠋ᠢᠨ ᠨᠦᠬᠡ ᠳ᠋ᠦ᠍ᠷ ᠬᠢᠵᠦ᠂ ᠱᠠᠯᠠᠮᠠᠭᠠᠢᠯᠠᠨ ᠠᠭᠤᠯᠠᠨ ᠤ᠋ ᠣᠷᠣᠢ ᠳ᠋ᠤᠷ ᠭᠠᠷᠬᠤᠶ᠎ᠠ ᠨᠠᠷᠠᠨ ᠤ᠋ ᠭᠡᠷᠡᠯ ᠵᠡᠭᠦᠨ ᠡᠴᠡ ᠪᠠᠷᠠᠭᠤᠨ ᠵᠦᠭ ᠮᠠᠭᠰᠢᠬᠤᠢ ᠳ᠋ᠤᠷ ᠴᠢᠨ ᠴᠠ ᠠᠭᠤᠯᠠᠨ ᠤ᠋ ᠳᠣᠲᠣᠷᠠᠬᠢ ᠪᠠᠷᠠᠭᠤᠨ ᠬᠠᠪᠢᠷᠭ᠎ᠠ ᠮᠠᠰᠢ ᠲᠣᠳᠣᠷᠬᠠᠢ ᠦᠵᠡᠭᠳᠡᠬᠦ ᠲᠤᠯᠠ ᠲᠡᠷᠡ ᠭᠠᠵᠠᠷ ᠢ᠋ ᠡᠷᠢᠨ ᠦᠵᠡᠪᠡᠰᠦ ᠦᠨᠡᠬᠡᠷ ᠬᠣᠶᠠᠳᠤᠭᠠᠷ ᠪᠣᠭᠣᠮᠲᠠ ᠶ᠋ᠢᠨ ᠳᠣᠲᠣᠷ᠎ᠠ᠂ ᠪᠠᠷᠠᠭᠤᠨ ᠠᠭᠤᠯᠠᠨ ᠤ᠋ ᠵᠡᠭᠦᠨ ᠬᠠᠪᠢᠷᠭ᠎ᠠ ᠳ᠋ᠤᠷ ᠲᠡᠢᠮᠦ ᠬᠥᠬᠡ ᠬᠠᠳᠠ᠂ ᠳᠣᠣᠷ᠎ᠠ ᠭᠣᠣᠯ ᠤ᠋ᠨ ᠡᠯᠡᠰᠦᠨ ᠳᠠᠩ ᠳ᠋ᠤᠷ ᠬᠦᠷᠲᠡᠯ᠎ᠡ ᠠᠶᠤᠤᠬᠠᠨ  ᠢ᠋ᠶ᠋ᠠᠷ ᠪᠠᠭᠤᠵᠤ ᠲᠤᠯᠤᠭᠰᠠᠨ ᠲᠤᠯᠠ ᠶᠡᠬᠡᠯ᠎ᠡ ᠪᠠᠶᠠᠷᠯᠠᠨ ᠶᠠᠭᠠᠷᠠᠨ ᠴᠡᠷᠢᠭ ᠦ᠋ᠨ ᠬᠦᠷᠢᠶ᠎ᠡ ᠳ᠋ᠦ᠍ᠷ ᠢᠷᠡᠵᠦ  ᠪᠤᠭᠤᠷᠵᠢ ᠳ᠋ᠤᠷ ᠵᠣᠯᠭᠠᠵᠤ᠂ ᠥᠴᠥᠭᠡᠳᠦᠷ ᠰᠥᠨᠢ ᠶ᠋ᠢᠨ ᠵᠡᠭᠦᠳᠦᠨ ᠪᠠ ᠡᠨᠡ ᠥᠷᠯᠥᠭᠡ ᠶ᠋ᠢᠨ ᠤᠴᠢᠷ ᠢ᠋ ᠪᠦᠷᠢᠨ᠎ᠡ ᠬᠡᠯᠡᠭᠰᠡᠨ᠎ᠡ᠂ ᠪᠤᠭᠤᠷᠵᠢ ᠮᠥᠨ ᠭᠠᠢᠬᠠᠵᠤ ᠥᠭᠦᠯᠡᠷᠦᠨ :《ᠪᠢ ᠮᠥᠨ ᠪᠤᠭᠤᠷᠤᠯ ᠠᠬᠠᠢ ᠶ᠋ᠢ ᠵᠡᠭᠦᠳᠦᠯᠡᠭᠰᠡᠨ ᠪᠥᠯᠥᠭᠡ᠂ ᠦᠵᠡᠰᠡ ᠡᠢᠮᠦ ᠠᠵᠤᠭᠤ᠃ ᠮᠠᠨ ᠤ᠋ ᠨᠢᠭᠡᠨ ᠦᠶ᠎ᠡ ᠶ᠋ᠢᠨ ᠠᠬ᠎ᠠ ᠳᠡᠭᠦᠦ ᠨᠠᠷ ᠦᠨᠡᠬᠡᠷ ᠦᠬᠦᠵᠦ ᠡᠳᠡᠭᠡᠪᠡᠴᠦ ᠡᠵᠡᠨ ᠳ᠋ᠦ᠍ᠷ ᠲᠤᠰᠠᠯᠠᠬᠤ ᠠᠵᠤᠭᠤ ! ᠲᠡᠢᠨ ᠪᠣᠯᠪᠠᠴᠤ ᠤᠷᠢᠳᠠ ᠡᠴᠢᠵᠦ ᠦᠵᠡᠭᠡᠳ ᠭᠠᠵᠠᠷ ᠢ᠋ ᠣᠯᠵᠤ ᠡᠪᠳᠡᠭᠰᠡᠨ ᠬᠣᠢᠨ᠎ᠠ ᠬᠠᠭᠠᠨ ᠳ᠋ᠤᠷ ᠠᠢᠯᠠᠳᠬᠠᠰᠤᠭᠠᠢ 》 ᠭᠡᠮᠡᠨ ᠲᠠᠪᠤᠨ ᠪᠠᠷᠰ ᠤ᠋ᠨ ᠵᠠᠩᠵᠤᠨ ᠪᠠ ᠲᠤᠭ ᠲᠠᠢ ᠴᠡᠷᠢᠭ ᠦ᠋ᠨ ᠲᠡᠷᠢᠭᠦᠯᠡᠭᠴᠢ ᠶ᠋ᠢ ᠴᠥᠮ ᠤᠢᠭᠤᠷ ᠤᠯᠤᠰ ᠤ᠋ᠨ ᠴᠡᠷᠢᠭ ᠦ᠋ᠨ ᠶᠠᠩᠵᠤ ᠪᠠᠷ ᠴᠢᠮᠡᠵᠦ᠂ ᠲᠡᠷᠡ ᠠᠭᠤᠯᠠᠨ ᠳ᠋ᠤᠷ ᠠᠪᠠᠷᠢᠵᠤ᠂ ᠰᠥᠪᠡᠭᠡᠲᠡᠢ ᠶ᠋ᠢ ᠳ᠋ᠡᠭᠡᠨ ᠲᠡᠷᠡ ᠭᠠᠵᠠᠷ ᠲᠤᠷ ᠬᠦᠷᠴᠦ ᠦᠵᠡᠪᠡᠰᠦ᠂ ᠠᠭᠤᠯᠠ ᠬᠡᠳᠦᠢ ᠬᠡᠮᠵᠢᠶ᠎ᠡ ᠦᠭᠡᠢ ᠥᠨᠳᠥᠷ ᠪᠣᠯᠪᠠᠴᠤ ᠳᠣᠣᠷ᠎ᠠ ᠨᠢ ᠦᠨᠡᠬᠡᠷ ᠤᠰᠤᠨ ᠳᠠᠩ ᠪᠥᠭᠡᠳ ᠬᠠᠳᠠ ᠶ᠋ᠢ ᠪᠠᠭᠤᠮᠠᠭᠴᠠ ᠭᠣᠣ ᠭᠠᠩᠭ᠎ᠠ ᠦᠭᠡᠢ ᠳ᠋ᠦ᠍ᠷ ᠶᠡᠬᠡᠯ᠎ᠡ ᠪᠠᠶᠠᠷᠯᠠᠨ ᠬᠦᠷᠢᠶ᠎ᠡ ᠳ᠋ᠦ᠍ᠷ ᠡᠭᠡᠵᠦ ᠳᠣᠷᠣᠭᠰᠢ ᠣᠷᠣᠬᠤ ᠴᠡᠷᠢᠭ ᠢ᠋ ᠲᠠᠪᠤᠨ ᠮᠢᠩᠭᠠᠨ ᠰᠣᠩᠭᠣᠪᠠ᠃ ᠲᠡᠷᠡ ᠦᠶ᠎ᠡ ᠳ᠋ᠦ᠍ᠷ ᠬᠠᠷᠠᠬᠠᠨ ᠡᠪᠦᠯ ᠦ᠋ᠨ ᠴᠠᠭ ᠲᠤᠯᠠ ᠴᠡᠷᠢᠭ ᠦ᠋ᠨ ᠨᠡᠬᠡᠢ ᠳᠡᠪᠡᠯ ᠳᠠᠪᠬᠤᠷ ᠬᠤᠪᠴᠠᠰᠤ ᠦᠯᠡᠮᠵᠢ ᠪᠣᠢ᠂ ᠴᠡᠷᠢᠭ ᠦ᠋ᠨ ᠬᠥᠮᠦᠨ ᠳ᠋ᠦ᠍ᠷ ᠬᠣᠶᠠᠷ ᠭᠤᠷᠪᠠᠨ ᠳᠠᠪᠬᠤᠷ ᠡᠮᠦᠰᠬᠡᠵᠦ᠂ ᠤᠷᠲᠤ ᠳᠡᠭᠡᠰᠦ ᠬᠠᠭᠤᠷᠠᠢ ᠬᠦᠨᠡᠰᠦ ᠠᠪᠴᠤ᠂ ᠰᠥᠨᠢ ᠨᠢᠭᠡᠨ ᠵᠢᠩ ᠦ᠋ᠨ ᠦᠶ᠎ᠡ ᠳ᠋ᠦ᠍ᠷ ᠠᠭᠤᠯᠠᠨ ᠢ᠋ ᠥᠭᠡᠳᠡᠯᠡᠨ ᠲᠡᠷᠡ ᠬᠠᠳᠠ ᠶ᠋ᠢᠨ ᠳᠡᠭᠡᠷ᠎ᠡ ᠬᠦᠷᠴᠦ᠂ ᠰᠤᠷ ᠳᠡᠭᠡᠰᠦ ᠶ᠋ᠢ ᠵᠠᠯᠭᠠᠨ ᠨᠢᠭᠡᠨ ᠦᠵᠦᠭᠦᠷ ᠢ᠋ ᠬᠠᠳᠠᠨ ᠤ᠋ ᠳᠡᠭᠡᠷ᠎ᠡ ᠤᠷᠭᠤᠭᠰᠠᠨ ᠮᠣᠳᠣ ᠲᠦᠯᠡᠭᠡ ᠡᠴᠡ ᠤᠶᠠᠵᠤ᠂ ᠨᠢᠭᠡᠨ ᠦᠵᠦᠭᠦᠷ ᠢ᠋ ᠠᠭᠤᠯᠠᠨ ᠠ᠋ᠴᠠ ᠳᠣᠷᠣᠭᠰᠢ ᠰᠢᠪᠳᠤᠷᠤᠨ ᠪᠠᠭᠤᠬᠤ ᠳᠡᠭᠡᠰᠦ ᠪᠣᠯᠭᠠᠪᠠ᠃ ᠴᠡᠷᠢᠭ ᠦ᠋ᠨ ᠠᠷᠠᠳ ᠲᠤᠷ ᠴᠥᠮ ᠬᠡᠰᠡᠭ ᠬᠡᠰᠡᠭ ᠠᠷᠠᠰᠤ ᠬᠤᠪᠢᠶᠠᠨ ᠥᠭᠴᠦ ᠵᠡᠪᠰᠡᠭ ᠢ᠋ ᠤᠷᠢᠳᠠ ᠬᠠᠳᠠ ᠤᠷᠤᠭᠤ ᠲᠠᠯᠪᠢᠨ ᠪᠠᠭᠤᠯᠭᠠᠵᠤ᠂ ᠳᠠᠷᠠᠭ᠎ᠠ ᠪᠠᠷ ᠲᠡᠷᠡ ᠰᠤᠷ ᠳᠡᠭᠡᠰᠦ ᠪᠡᠷ ᠰᠢᠪᠲᠤᠷᠠᠨ ᠪᠠᠭᠤᠬᠤ ᠪᠠᠷ ᠪᠡᠯᠡᠳᠬᠡᠪᠡ ᠃  ᠲᠡᠳᠦᠢ ᠰᠥᠪᠡᠭᠡᠲᠡᠢ ᠤᠷᠢᠳᠠ ᠰᠢᠪᠲᠤᠷᠠᠨ ᠪᠠᠭᠤᠨ ᠳᠣᠣᠷ᠎ᠠ ᠬᠦᠷᠴᠦ᠂ ᠬᠡᠲᠡ ᠴᠣᠬᠢᠵᠤ ᠭᠠᠯ ᠭᠡᠷᠡᠯ  ᠢ᠋ᠶ᠋ᠡᠷ ᠲᠡᠮᠳᠡᠭ ᠴᠢᠮᠡᠭᠡ ᠦᠭᠭᠰᠡᠨ ᠳ᠋ᠦ᠍ᠷ ᠣᠯᠠᠨ ᠴᠡᠷᠢᠭ ᠵᠡᠷᠭᠡ ᠵᠡᠷᠭᠡ ᠪᠡᠷ ᠳᠡᠭᠡᠰᠦ ᠪᠡᠷ ᠰᠢᠪᠲᠤᠷᠠᠯᠴᠠᠨ ᠪᠠᠭᠤᠬᠤᠢ ᠳ᠋ᠤᠷ ᠮᠠᠰᠢ ᠬᠢᠯᠪᠠᠷ ᠲᠤᠯᠠ ᠴᠥᠮ ᠤᠷᠢᠳᠠ ᠵᠡᠪᠰᠡᠭ ᠢ᠋ᠶ᠋ᠡᠨ ᠲᠠᠯᠪᠢᠨ ᠪᠠᠭᠤᠯᠭᠠᠵᠤ᠂ ᠣᠯᠠᠨ ᠴᠡᠷᠢᠭ ᠰᠢᠪᠲᠤᠷᠠᠯᠴᠠᠨ ᠪᠠᠭᠤᠬᠤᠢ ᠳ᠋ᠤᠷ᠂ ᠰᠥᠪᠡᠭᠡᠲᠡᠢ ᠪᠠᠭᠠᠲᠤᠷ ᠪᠠᠰᠠ ᠳᠡᠭᠡᠰᠦ ᠶ᠋ᠢ ᠲᠡᠳᠡᠨ ᠳᠠᠬᠢᠨ ᠭᠠᠷᠴᠤ ᠢᠷᠡᠭᠡᠳ ᠥᠭᠦᠯᠡᠷᠦᠨ: 《ᠡᠨᠡ ᠬᠠᠳᠠ ᠬᠡᠳᠦᠢ ᠥᠨᠳᠥᠷ ᠪᠣᠯᠪᠠᠴᠤ ᠵᠣᠷᠢᠭᠯᠠᠪᠠᠰᠤ ᠳᠡᠭᠡᠰᠦ ᠦᠭᠡᠢ ᠪᠡᠷ ᠰᠢᠪᠲᠤᠷᠠᠨ ᠪᠠᠭᠤᠵᠤ ᠪᠣᠯᠤᠮᠤᠢ 》ᠭᠡᠮᠡᠨ ᠥᠪᠡᠷ  ᠢ᠋ᠶ᠋ᠡᠨ ᠳᠠᠬᠢᠨ ᠡᠴᠢᠵᠦ ᠰᠤᠯᠠ ᠪᠡᠶᠡᠰ ᠢ᠋ᠶ᠋ᠡᠷ ᠰᠢᠪᠲᠤᠷᠠᠨ ᠪᠠᠭᠤᠭᠠᠳ ᠳᠣᠣᠷ᠎ᠠ ᠬᠦᠷᠴᠦ ᠬᠡᠲᠡ ᠴᠣᠬᠢᠵᠤ ᠲᠡᠮᠳᠡᠭ ᠥᠭᠭᠡᠳ ᠪᠠᠰᠠ ᠭᠠᠷᠴᠤ ᠢᠷᠡᠭᠰᠡᠨ ᠳ᠋ᠦ᠍ᠷ ᠣᠯᠠᠨ ᠴᠡᠷᠢᠭ ᠴᠥᠮ ᠰᠡᠳᠬᠢᠯ ᠲᠠᠯᠪᠢᠭᠤᠷᠠᠵᠤ ᠭᠠᠷ ᠭᠠᠷ ᠢ᠋ᠶ᠋ᠠᠨ ᠪᠠᠷᠢᠯᠴᠠᠨ ᠰᠢᠪᠲᠤᠷᠠᠯᠴᠠᠨ ᠪᠠᠭᠤᠪᠠ᠃ ᠲᠡᠢᠨ ᠬᠦ᠌ ᠤᠳᠠᠯ ᠦᠭᠡᠢ ᠨᠢᠭᠡᠨ ᠴᠠᠭ ᠲᠤᠷ ᠲᠠᠪᠤᠨ ᠮᠢᠩᠭᠠᠨ ᠴᠡᠷᠢᠭ ᠴᠥᠮ ᠠᠭᠤᠯᠠᠨ ᠠ᠋ᠴᠠ ᠪᠠᠭᠤᠵᠤ᠂ ᠪᠤᠭᠤᠷᠵᠢ ᠮᠥᠨ ᠳ᠋ᠡᠭᠡᠨ ᠪᠠᠭᠤᠵᠤ ᠢᠷᠡᠭᠡᠳ ᠶᠡᠬᠡᠯ᠎ᠡ ᠪᠠᠶᠠᠷᠯᠠᠵᠤ᠂ ᠭᠣᠪᠢ ᠤᠷᠤᠭᠤ ᠶᠠᠪᠤᠵᠤ ᠬᠣᠶᠠᠷ ᠮᠤᠰᠬᠢᠶ᠎ᠡ ᠶ᠋ᠢ ᠭᠠᠷᠴᠤ᠂ ᠬᠣᠶᠠᠳᠤᠭᠠᠷ ᠲᠤᠷ ᠪᠠᠭᠤᠬᠤ ᠳᠣᠲᠣᠷ᠎ᠠ ᠪᠣᠭᠣᠮᠲᠠ ᠳ᠋ᠤᠷ ᠬᠦᠷᠪᠡ᠃ ᠡᠨᠡ ᠦᠶ᠎ᠡ ᠳ᠋ᠦ᠍ᠷ ᠴᠢᠨ ᠴᠠ ᠠᠭᠤᠯᠠᠨ ᠤ᠋ ᠳᠣᠲᠣᠷᠠᠬᠢ ᠤᠢᠭᠤᠷ ᠤᠯᠤᠰ ᠤ᠋ᠨ ᠴᠡᠷᠢᠭ ᠨᠢᠭᠡᠨᠲᠡ ᠪᠠᠲᠤᠳᠠ ᠰᠠᠨᠠᠭᠠᠳ ᠨᠢᠭᠡᠮᠦᠰᠦᠨ ᠰᠠᠨᠠᠭ᠎ᠠ ᠠᠮᠤᠷ ᠤᠮᠳᠠᠵᠤ᠂ ᠭᠠᠭᠴᠠ ᠠᠰᠠᠷ ᠤ᠋ᠨ ᠳᠡᠭᠡᠷ᠎ᠡ ᠨᠢᠭᠡᠨ ᠠᠩᠭᠢ ᠴᠡᠷᠢᠭ ᠰᠠᠬᠢᠵᠤᠬᠤᠢ᠃ ᠡᠭᠦᠨ ᠳ᠋ᠦ᠍ᠷ ᠮᠣᠩᠭᠣᠯ ᠤ᠋ᠨ ᠴᠡᠷᠢᠭ ᠣᠢᠷ᠎ᠠ ᠬᠦᠷᠦᠮᠡᠭᠴᠡ ᠨᠢᠭᠡᠨᠲᠡ ᠬᠠᠰᠬᠢᠷᠤᠨ ᠭᠤᠷᠪᠠᠨ ᠠᠩᠭᠢ ᠪᠠᠷ ᠬᠣᠲᠠᠨ ᠳ᠋ᠤᠷ ᠠᠪᠠᠷᠢᠵᠤ ᠰᠠᠬᠢᠬᠤ ᠴᠡᠷᠢᠭ ᠢ᠋ ᠬᠠᠭᠠᠵᠤ ᠠᠯᠠᠭᠠᠳ ᠬᠣᠲᠠ ᠶ᠋ᠢᠨ ᠠᠰᠠᠷ ᠲᠤᠷ ᠭᠠᠯ ᠲᠠᠯᠪᠢᠵᠤ ᠬᠠᠭᠠᠯᠭ᠎ᠠ ᠶ᠋ᠢ ᠴᠠᠢᠲᠠᠯ᠎ᠠ ᠨᠡᠭᠡᠭᠡᠭᠰᠡᠨ ᠳ᠋ᠦ᠍ᠷ ᠳᠣᠣᠷ᠎ᠠ ᠪᠠᠢᠬᠤ ᠮᠣᠩᠭᠣᠯ ᠤ᠋ᠨ ᠶᠡᠬᠡ ᠴᠡᠷᠢᠭ ᠳᠠᠷᠤᠢ ᠳᠠᠪᠰᠢᠨ ᠢᠷᠡᠬᠦᠢ ᠳ᠋ᠦ᠍ᠷ ᠪᠤᠭᠤᠷᠵᠢ ᠪᠡᠶ᠎ᠡ ᠪᠡᠷ ᠡᠨᠡ ᠬᠠᠭᠠᠯᠭ᠎ᠠ ᠶ᠋ᠢ ᠰᠠᠬᠢᠵᠤ᠂ ᠲᠠᠪᠤᠨ ᠪᠠᠷᠰ ᠤ᠋ᠨ ᠵᠠᠩᠵᠤᠨ ᠢ᠋ ᠭᠠᠳᠠᠨ᠎ᠠ ᠪᠣᠭᠣᠮᠲᠠ ᠳ᠋ᠤᠷ ᠢᠯᠡᠭᠡᠭᠰᠡᠨ᠎ᠡ᠂ ᠡᠨᠡ ᠭᠠᠯ ᠤ᠋ᠨ ᠭᠡᠷᠡᠯ ᠳ᠋ᠦ᠍ᠷ ᠭᠠᠳᠠᠭᠠᠳᠤ ᠪᠣᠭᠣᠮᠲᠠ ᠶ᠋ᠢᠨ ᠴᠡᠷᠢᠭ ᠰᠠᠶᠢ ᠥᠭᠡᠳᠡᠯᠡᠨ᠂ ᠬᠠᠭᠠᠨ ᠢ᠋ ᠠᠪᠤᠷ᠎ᠠ ᠢᠷᠡᠬᠦᠢ ᠳ᠋ᠦ᠍ᠷ ᠲᠠᠪᠤᠨ ᠪᠠᠷᠰ ᠤ᠋ᠨ ᠴᠡᠷᠢᠭ ᠲᠦ᠍ᠷ ᠳᠠᠷᠤᠭᠳᠠᠵᠤ ᠨᠢᠭᠡᠨ ᠴᠦ᠍ ᠬᠥᠮᠦᠨ ᠭᠠᠷᠴᠤ ᠴᠢᠳᠠᠭᠰᠠᠨ ᠦᠭᠡᠢ ᠴᠥᠮ ᠠᠯᠠᠭᠳᠠᠭᠠᠳ ᠭᠠᠳᠠᠭᠠᠳᠤ ᠪᠣᠭᠣᠮᠲᠠ ᠶ᠋ᠢ ᠠᠪᠴᠤ ᠬᠠᠭᠠᠯᠭ᠎ᠠ ᠶ᠋ᠢ ᠨᠡᠭᠡᠭᠡᠪᠡ᠃ ᠡᠨᠡ ᠦᠶ᠎ᠡ ᠳ᠋ᠦ᠍ᠷ ᠮᠣᠩᠭᠣᠯ ᠤ᠋ᠨ ᠶᠡᠬᠡ ᠴᠡᠷᠢᠭ ᠬᠡᠳᠦᠢᠨᠡᠢ ᠬᠠᠭᠠᠯᠭ᠎ᠠ ᠶ᠋ᠢᠨ ᠳᠣᠣᠷ᠎ᠠ ᠬᠦᠷᠴᠦ ᠢᠷᠡᠭᠰᠡᠨ ᠲᠤᠯᠠ  ᠪᠤᠭᠤᠷᠵᠢ ᠶ᠋ᠢᠨ ᠬᠥᠪᠡᠭᠦᠨ ᠡᠭᠦᠯᠡᠨ ᠴᠡᠷᠪᠢ ᠠᠷᠪᠠᠨ ᠪᠠᠭ᠎ᠠ ᠵᠠᠩᠵᠤᠨ ᠢ᠋ ᠠᠪᠴᠤ ᠶᠡᠬᠡ ᠴᠡᠷᠢᠭ ᠳᠠᠭᠠᠭᠤᠯᠤᠨ ᠠᠯᠠᠨ ᠣᠷᠣᠵᠤ ᠢᠷᠡᠪᠡ᠃ ᠤᠢᠭᠤᠷ ᠤᠯᠤᠰ ᠤ᠋ᠨ ᠴᠡᠷᠢᠭ ᠮᠣᠩᠭᠣᠯ ᠤ᠋ᠨ ᠴᠡᠷᠢᠭ ᠢ᠋ ᠣᠭᠲᠠᠷᠭᠤᠢ ᠠ᠋ᠴᠠ ᠪᠠᠭᠤᠵᠤ ᠢᠷᠡᠪᠡ ᠭᠡᠮᠡᠨ ᠬᠣᠶᠠᠳᠤᠭᠠᠷ ᠪᠣᠭᠣᠮᠲᠠ ᠶ᠋ᠢᠨ ᠦᠯᠡᠳᠡᠭᠰᠡᠨ ᠴᠡᠷᠢᠭ ᠳᠤᠲᠠᠭᠠᠵᠤ᠂ ᠴᠢᠨ ᠴᠠ ᠬᠣᠲᠠᠨ ᠳ᠋ᠤᠷ ᠤᠷᠭᠤᠨ ᠡᠴᠢᠬᠦᠢ ᠳ᠋ᠦ᠍ᠷ ᠰᠥᠪᠡᠭᠡᠲᠡᠢ ᠪᠠᠭᠠᠲᠤᠷ ᠱᠠᠯᠠᠮᠠᠭᠠᠢ ᠬᠡᠳᠦᠨ ᠠᠷᠪᠠᠨ ᠴᠡᠷᠢᠭ ᠢ᠋ ᠠᠪᠴᠤ᠂ ᠲᠡᠳᠡᠨ ᠦ᠌ ᠰᠦᠷᠦᠭ ᠲᠦ᠍ᠷ ᠣᠷᠣᠵᠤ ᠬᠠᠮᠲᠤ ᠬᠣᠲᠠᠨ ᠳ᠋ᠤᠷ ᠣᠷᠣᠰᠤᠭᠠᠢ ᠭᠡᠮᠡᠨ ᠲᠠᠭᠠᠯᠴᠠᠨ ᠡᠴᠢᠪᠡᠰᠦ᠂ ᠴᠢᠨ ᠴᠠ ᠬᠣᠲᠠ ᠨᠢᠭᠡᠨᠲᠡ ᠬᠠᠭᠠᠯᠭ᠎ᠠ ᠪᠠᠨ ᠳᠠᠷᠤᠭᠠᠳ ᠥᠪᠡᠷ ᠦ᠋ᠨ ᠴᠡᠷᠢᠭ ᠢ᠋ ᠠᠪᠬᠤ ᠦᠭᠡᠢ ᠪᠣᠯᠵᠤ᠂ ᠠᠰᠠᠷ ᠠ᠋ᠴᠠ ᠬᠠᠷᠢᠶᠠᠨ ᠥᠭᠦᠯᠡᠷᠦᠨ :《ᠲᠠ ᠬᠣᠶᠠᠷ ᠪᠣᠭᠣᠮᠲᠠ ᠶ᠋ᠢ ᠰᠡᠷᠭᠡᠢᠯᠡᠭᠰᠡᠨ ᠦᠭᠡᠢ ᠴᠥᠮ ᠠᠪᠲᠠᠭᠰᠠᠨ ᠲᠤᠯᠠ ᠠᠯᠠᠪᠠᠰᠤ ᠵᠣᠬᠢᠮᠤᠢ ᠂ ᠡᠳᠦᠭᠡ ᠪᠢᠳᠡ ᠲᠠᠨ ᠢ᠋ ᠥᠪᠡᠷ  ᠢ᠋ᠶ᠋ᠡᠨ ᠠᠯᠠᠬᠤ ᠦᠭᠡᠢ ᠮᠣᠩᠭᠣᠯ  ᠢ᠋ᠶ᠋ᠠᠷ ᠠᠯᠠᠭᠤᠯᠰᠤᠭᠠᠢ᠂ ᠲᠠᠨ ᠢ ᠬᠡᠷᠪᠡ ᠲᠠᠯᠪᠢᠨ ᠣᠷᠣᠭᠤᠯᠪᠠᠰᠤ ᠮᠠᠨ ᠤ᠋ ᠬᠣᠲᠠ ᠶ᠋ᠢ ᠮᠥᠨ ᠰᠠᠬᠢᠬᠤᠢ ᠳ᠋ᠤᠷ ᠰᠡᠵᠢᠭᠲᠡᠢ ᠪᠣᠯᠤᠮᠤᠢ ! 》 ᠬᠡᠮᠡᠭᠰᠡᠨ ᠳ᠋ᠦ᠍ᠷ ᠤᠢᠭᠤᠷ ᠤ᠋ᠨ ᠴᠡᠷᠢᠭ ᠭᠤᠷᠪᠠᠨ ᠮᠢᠩᠭᠠᠨ ᠢᠯᠡᠭᠦᠦ ᠠᠯᠠᠭᠳᠠᠵᠤ᠂ ᠨᠡᠩᠳᠡ ᠴᠢᠬᠤᠯᠳᠠᠨ ᠬᠠᠰᠬᠢᠷᠤᠯᠳᠤᠭᠠᠳ ᠮᠣᠩᠭᠣᠯ ᠳ᠋ᠤᠷ ᠳᠠᠭᠠᠰᠤᠭᠠᠢ ᠬᠡᠮᠡᠬᠦᠢ ᠳ᠋ᠦ᠍ᠷ ᠰᠥᠪᠡᠭᠡᠲᠡᠢ ᠪᠠᠭᠠᠲᠤᠷ ᠥᠨᠳᠥᠷ ᠳᠠᠭᠤᠨ  ᠢ᠋ᠶ᠋ᠠᠷ ᠥᠭᠦᠯᠡᠷᠦᠨ: 《ᠮᠣᠩᠭᠣᠯ ᠳ᠋ᠤᠷ ᠳᠠᠭᠠᠪᠠᠰᠤ ᠮᠣᠩᠭᠣᠯ ᠲᠠᠨ ᠢ᠋ ᠦᠯᠦ ᠠᠯᠠᠬᠤ ᠶ᠋ᠢ ᠪᠢ ᠪᠠᠲᠤᠯᠠᠰᠤᠭᠠᠢ !》 ᠭᠡᠮᠡᠨ ᠵᠠᠷᠯᠠᠭᠰᠠᠨ᠎ᠠ᠂ ᠭᠤᠷᠪᠠᠨ ᠮᠢᠩᠭᠠᠨ ᠴᠡᠷᠢᠭ ᠶᠡᠬᠡᠯ᠎ᠡ ᠪᠠᠶᠠᠷᠯᠠᠵᠤ ᠵᠠᠷ ᠵᠡᠪᠰᠡᠭ  ᠢ᠋ᠶ᠋ᠡᠨ ᠲᠠᠶᠠᠭᠳᠠᠨ᠂ ᠬᠤᠶᠠᠭ ᠳᠤᠭᠤᠯᠠᠭ᠎ᠠ ᠪᠠᠨ ᠣᠷᠬᠢᠯᠴᠠᠵᠤ ᠪᠦᠭᠦᠳᠡᠭᠡᠷ ᠰᠥᠭᠥᠳᠴᠦ ᠥᠭᠦᠯᠡᠷᠦᠨ : 《 ᠲᠡᠭᠷᠢ ᠶ᠋ᠢᠨ ᠬᠤᠪᠢᠯᠭᠠᠨ ᠵᠠᠩᠵᠤᠨ ᠮᠠᠭᠤ ᠮᠠᠨ ᠢ᠋ ᠠᠪᠤᠷᠠᠪᠠᠰᠤ ᠪᠢᠳᠡ ᠡᠨᠡ ᠬᠣᠲᠠᠨ ᠢ᠋ ᠦᠬᠦᠨ ᠪᠠᠢᠯᠳᠤᠰᠤᠭᠠᠢ ! 》ᠬᠡᠮᠡᠭᠰᠡᠨ ᠳ᠋ᠦ᠍ᠷ ᠰᠥᠪᠡᠬᠡᠲᠡᠢ ᠪᠠᠭᠠᠲᠤᠷ ᠶᠡᠬᠡᠯ᠎ᠡ ᠪᠠᠶᠠᠷᠯᠠᠨ ᠴᠥᠮ ᠳᠠᠭᠠᠭᠤᠯᠤᠨ ᠠᠴᠢᠷᠠᠵᠤ᠂ ᠨᠡᠷ᠎ᠡ ᠶ᠋ᠢ ᠢᠨᠦ ᠪᠢᠴᠢᠭᠦᠯᠦᠨ ᠪᠤᠭᠤᠷᠵᠢ ᠳ᠋ᠤᠷ ᠵᠣᠯᠭᠠᠭᠤᠯᠪᠠ᠃ ᠶᠡᠬᠡ  ᠶᠤᠸᠠᠨᠱᠤᠸᠠᠢ ᠪᠤᠭᠤᠷᠵᠢ᠂ ᠰᠦᠪᠡᠭᠡᠲᠡᠢ ᠶ᠋ᠢ ᠰᠠᠢᠰᠢᠶᠠᠵᠤ᠂ ᠶᠡᠬᠡᠯ᠎ᠡ ᠪᠠᠶᠠᠷᠯᠠᠨ ᠣᠯᠠᠨ ᠴᠡᠷᠢᠭ ᠢ᠋ ᠬᠣᠶᠠᠷ ᠪᠣᠭᠣᠮᠲᠠ ᠳ᠋ᠤᠷ ᠪᠠᠭᠤᠳᠠᠯᠯᠠᠭᠤᠯᠪᠠ᠂ ᠤᠢᠭᠤᠷ ᠤ᠋ᠨ ᠴᠡᠷᠢᠭ ᠡᠳᠦᠢ ᠪᠣᠯᠲᠠᠯ᠎ᠠ ᠲᠡᠭᠷᠢ ᠶ᠋ᠢᠨ ᠴᠡᠷᠢᠭ ᠬᠣᠭᠣᠰᠣᠨ ᠠ᠋ᠴᠠ ᠪᠠᠭᠤᠪᠠ ᠭᠡᠮᠡᠨ ᠮᠡᠳᠡᠬᠦ ᠪᠣᠢ ‍ᠶ᠎ᠠ᠂ ᠬᠠᠳᠠ ᠪᠠᠷ ᠥᠩᠬᠥᠷᠢᠨ ᠣᠷᠣᠭᠰᠠᠨ ᠢ᠋ ᠮᠡᠳᠡᠬᠦ ᠦᠭᠡᠢ ᠭᠠᠢᠬᠠᠯᠳᠤᠬᠤᠢ ᠳ᠋ᠤᠷ ᠰᠥᠪᠡᠭᠡᠲᠡᠢ ᠲᠠᠪᠤᠨ ᠮᠢᠩᠭᠠᠨ ᠴᠡᠷᠢᠭ ᠦ᠋ᠨ ᠠᠷᠠᠳ ᠢ ᠰᠡᠮᠡᠬᠡᠷ ᠵᠠᠷᠯᠠᠵᠤ ᠬᠠᠳᠠ ᠪᠠᠷ ᠥᠩᠬᠥᠷᠢᠯᠴᠡᠨ ᠣᠷᠣᠭᠰᠠᠨ ᠢ᠋ ᠡᠰᠡ ᠬᠡᠯᠡᠭᠦᠯᠪᠡ᠃ 
       ᠲᠡᠳᠦᠢ ᠴᠡᠷᠢᠭ ᠢ᠋ ᠲᠡᠭᠰᠢᠯᠡᠨ᠂ ᠵᠢᠴᠢ ᠡᠳᠦᠷ ᠶᠡᠬᠡ ᠴᠢᠨ ᠴᠠ ᠬᠣᠲᠠ ᠶ᠋ᠢ ᠲᠥᠭᠥᠷᠢᠭᠯᠡᠨ ᠬᠠᠭᠠᠭᠰᠠᠨ ᠳ᠋ᠤᠷ ᠡᠨᠡ ᠬᠣᠲᠠ ᠢᠷᠣᠭᠠᠷ ᠠ᠋ᠴᠠ ᠶᠡᠬᠡ ᠬᠡᠰᠡᠭᠲᠦ ᠴᠢᠯᠠᠭᠤ ᠪᠠᠷ ᠣᠷᠣᠢ ᠳ᠋ᠤᠷ ᠬᠦᠷᠲᠡᠯ᠎ᠡ ᠵᠡᠷᠭᠡᠯᠡᠭᠰᠡᠨ ᠲᠤᠯᠠ ᠲᠡᠮᠦᠷ ᠮᠡᠲᠦ ᠪᠠᠲᠤ ᠳᠡᠭᠡᠷ᠎ᠡ᠂ ᠪᠠᠰᠠ ᠴᠢᠯᠠᠭᠤ ᠪᠠᠷ ᠬᠣᠲᠠ ᠶ᠋ᠢ ᠲᠣᠭᠣᠷᠢᠭᠤᠯᠤᠨ ᠠᠭᠤᠯᠠ ᠮᠡᠲᠦ ᠣᠪᠣᠭᠠᠯᠠᠵᠤᠬᠤᠢ᠃ ᠴᠥᠮ ᠬᠡᠳᠦᠨ ᠵᠠᠭᠤᠨ ᠵᠢᠩ ᠦ᠋ᠨ ᠶᠡᠬᠡ ᠴᠢᠯᠠᠭᠤ᠂ ᠴᠡᠷᠢᠭ ᠦ᠋ᠨ ᠬᠥᠮᠦᠨ ᠨᠢᠭᠡᠨᠲᠡ ᠳᠠᠭᠠᠷᠢᠭᠳᠠᠪᠠᠰᠤ ᠬᠡᠮᠬᠡ ᠡᠴᠢᠬᠦ ᠲᠤᠯᠠ ᠣᠢᠷ᠎ᠠ ᠡᠴᠢᠵᠦ ᠪᠣᠯᠬᠤ ᠦᠭᠡᠢ᠃ ᠬᠣᠲᠠ ᠶ᠋ᠢᠨ ᠠᠰᠠᠷ ᠤ᠋ᠨ ᠪᠠᠭᠠᠨ᠎ᠠ ᠴᠥᠮ ᠴᠢᠯᠠᠭᠤ ᠲᠤᠯᠠ ᠭᠠᠯᠳᠠᠬᠤ ᠭᠠᠵᠠᠷ ᠦᠭᠡᠢ᠂ ᠪᠤᠰᠤ ᠬᠣᠲᠠ ᠶ᠋ᠢᠨ ᠠᠳᠠᠯᠢ ᠰᠢᠷᠣᠢ ᠶ᠋ᠢᠨ ᠭᠡᠷ ᠪᠤᠰᠤ᠂ ᠴᠥᠮ ᠲᠥᠪᠡᠳ ᠭᠡᠷ ᠲᠤᠯᠠ ᠪᠢᠴᠢᠬᠠᠨ ᠴᠤ᠌ ᠠᠷᠭ᠎ᠠ ᠦᠭᠡᠢ᠃ ᠪᠠᠰᠠ ᠬᠡᠳᠦᠨ ᠡᠳᠦᠷ ᠰᠠᠭᠤᠬᠤᠢ ᠳ᠋ᠤᠷ ᠣᠯᠠᠨ ᠴᠡᠷᠢᠭ ᠬᠣᠲᠠ ᠶ᠋ᠢᠨ ᠭᠠᠳᠠᠨ᠎ᠠ ᠢᠷᠭᠡᠨ ᠦ᠌ ᠡᠳ᠋ ᠲᠠᠸᠠᠷ ᠢ᠋ ᠪᠤᠯᠢᠶᠠᠬᠤᠢ ᠳ᠋ᠤᠷ  ᠶᠤᠸᠠᠨᠱᠤᠸᠠᠢ ᠪᠤᠭᠤᠷᠵᠢ ᠴᠡᠷᠢᠭ ᠢ᠋ ᠴᠢᠩᠳᠠ ᠴᠠᠭᠠᠵᠠᠯᠠᠨ᠂ ᠰᠤᠯᠠ ᠢᠷᠭᠡᠨ ᠢ᠋ ᠪᠢᠲᠡᠭᠡᠢ ᠬᠠᠯᠳᠠ᠂ ᠬᠡᠨ ᠬᠥᠮᠦᠨ ᠬᠠᠯᠳᠠᠪᠠᠰᠤ ᠠᠯᠠᠮᠤᠢ ᠬᠡᠮᠡᠭᠰᠡᠨ ᠳ᠋ᠦ᠍ᠷ ᠴᠡᠷᠢᠭ ᠦ᠋ᠨ ᠠᠷᠠᠳ ᠤᠷᠢᠳᠠ ᠶ᠋ᠢᠨ ᠶᠠᠭᠤᠮ᠎ᠠ ᠶ᠋ᠢ ᠴᠥᠮ ᠡᠭᠡᠭᠦᠯᠦᠨ ᠥᠭᠭᠦᠭᠰᠡᠨ᠎ᠡ᠂ ᠣᠯᠠᠨ ᠢᠷᠭᠡᠨ ᠶᠡᠬᠡᠯ᠎ᠡ ᠪᠠᠶᠠᠰᠤᠯᠳᠤᠵᠤ᠂ ᠰᠥᠨᠢ ᠨᠢᠭᠡᠨ ᠴᠠᠭᠠᠨ ᠰᠠᠬᠠᠯᠲᠤ ᠥᠲᠡᠭᠦᠰ ᠪᠤᠭᠤᠷᠵᠢ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠢᠷᠡᠵᠦ ᠰᠥᠪᠡᠬᠡᠲᠡᠢ ᠪᠠᠭᠠᠲᠤᠷ ᠲᠤᠷ ᠤᠴᠠᠷᠠᠵᠤ ᠥᠭᠦᠯᠡᠷᠦᠨ : 《ᠪᠢ ᠦᠵᠡᠪᠡᠰᠦ ᠲᠠᠨ ᠤ᠋ ᠡᠨᠡ ᠤᠯᠤᠰ ᠤ᠋ᠨ ᠴᠡᠷᠢᠭ ᠦ᠋ᠨ ᠡᠵᠡᠳ ᠵᠠᠩᠵᠤᠨ ᠴᠥᠮ ᠲᠡᠭᠷᠢ ᠡᠴᠡ ᠵᠠᠶᠠᠭᠠᠲᠤ ᠬᠥᠮᠦᠨ ᠮᠥᠨ᠂ ᠭᠠᠭᠴᠠ ᠡᠨᠡ ᠬᠣᠲᠠᠨ ᠢ᠋ ᠬᠦᠴᠦᠨ  ᠢ᠋ᠶ᠋ᠡᠷ ᠡᠪᠳᠡᠵᠦ ᠦᠯᠦ ᠪᠣᠯᠤᠮᠤᠢ᠂ ᠡᠨᠡ ᠬᠣᠲᠠᠨ ᠢ᠋ ᠬᠢᠯᠪᠠᠷ ᠠᠪᠬᠤ ᠨᠢᠭᠡᠨ ᠵᠠᠮ ᠪᠣᠢ᠂ ᠪᠤᠰᠤ ᠠᠷᠠᠳ ᠴᠥᠮ ᠮᠡᠳᠡᠬᠦ ᠦᠭᠡᠢ᠂ ᠭᠠᠭᠴᠠ ᠪᠢ ᠮᠡᠳᠡᠮᠦᠢ᠃ ᠪᠢ ᠡᠳᠦᠭᠡ ᠭᠠᠷᠴᠤ ᠲᠠᠨ ᠳ᠋ᠤᠷ ᠬᠡᠯᠡᠵᠦ ᠥᠭᠭᠦᠰᠦᠭᠡᠢ᠂ ᠲᠠ ᠬᠣᠲᠠ ᠶ᠋ᠢᠨ ᠭᠠᠳᠠᠨᠠᠬᠢ ᠠᠷᠠᠳ ᠪᠠ ᠰᠤᠯᠠ ᠢᠷᠭᠡᠨ ᠢ᠋ ᠡᠰᠡ ᠬᠠᠯᠳᠠᠭᠰᠠᠨ ᠤ᠋ ᠰᠠᠢᠨ ᠳ᠋ᠤᠷ ᠰᠠᠶᠢ ᠬᠡᠯᠡᠵᠦ ᠥᠭᠬᠥᠮᠦᠢ᠃ ᠡᠨᠡ ᠬᠣᠲᠠ ᠬᠡᠳᠦᠢ ᠪᠠᠲᠤ ᠶᠡᠬᠡ ᠪᠣᠯᠪᠠᠴᠤ ᠠᠭᠤᠯᠠᠨ ᠤ᠋ ᠳᠣᠲᠣᠷ᠎ᠠ ᠥᠨᠳᠥᠷ ᠳᠣᠪᠣ ᠳ᠋ᠤᠷ ᠪᠠᠷᠢᠭᠰᠠᠨ ᠲᠤᠯᠠ ᠳᠣᠣᠷ᠎ᠠ ᠠᠨᠤ ᠬᠠᠳᠠ ᠪᠤᠯᠠᠭ ᠣᠭᠲᠣ ᠤᠰᠤ ᠦᠭᠡᠢ᠃ ᠲᠡᠢᠨ ᠬᠦ᠌ ᠬᠣᠢᠲᠤ ᠶᠡᠬᠡ ᠠᠭᠤᠯᠠᠨ ᠤ᠋ ᠳᠣᠲᠣᠷ᠎ᠠ ᠪᠤᠯᠠᠭ ᠤ᠋ᠨ ᠰᠤᠳᠠᠯ ᠢ᠋ ᠤᠬᠤᠵᠤ᠂ ᠡᠨᠡ ᠳᠣᠪᠣ ᠶ᠋ᠢᠨ ᠳᠣᠣᠷ᠎ᠠ ᠬᠥᠨᠳᠡᠯᠡᠨ ᠭᠤᠯᠳᠤ ᠬᠡᠳᠦᠨ ᠠᠷᠪᠠᠨ ᠵᠠᠩ ᠤ᠋ᠨ ᠭᠦᠨ ᠰᠤᠪᠠᠭ ᠲᠠᠲᠠᠵᠤ᠂ ᠲᠡᠷᠡ ᠪᠤᠯᠠᠭ ᠤ᠋ᠨ ᠤᠰᠤᠨ ᠢ᠋ ᠲᠡᠳᠡᠨ ᠣᠷᠣᠭᠤᠯᠵᠤ᠂ ᠭᠠᠷᠬᠤ ᠭᠠᠵᠠᠷ ᠢ᠋ ᠬᠠᠳᠠ ᠶ᠋ᠢᠨ ᠡᠷᠭᠢ ᠳ᠋ᠦ᠍ᠷ ᠨᠢᠭᠤᠵᠤ᠂ ᠭᠠᠷᠭᠠᠨ ᠣᠷᠣᠬᠤ ᠭᠠᠵᠠᠷ  ᠢ᠋ᠶ᠋ᠠᠷ ᠪᠤᠯᠠᠭ ᠤ᠋ᠨ ᠡᠬᠢ ᠶ᠋ᠢ ᠴᠢᠴᠢᠵᠦ᠂ ᠳᠡᠭᠡᠷ᠎ᠡ ᠡᠴᠡ ᠬᠠᠳᠠ ᠴᠢᠯᠠᠭᠤ ᠴᠣᠬᠣᠢ ᠪᠠᠷ ᠬᠠᠯᠬᠠᠭᠯᠠᠨ ᠨᠢᠭᠤᠭᠰᠠᠨ ᠪᠥᠯᠥᠭᠡ᠃ ᠡᠨᠡ ᠤᠰᠤᠨ ᠤ᠋ ᠵᠠᠮ ᠢ᠋ ᠰᠡᠲᠡᠯᠦᠮᠡᠭᠴᠡ ᠨᠢᠭᠡᠨ ᠬᠣᠲᠠ ᠴᠥᠮ ᠠᠪᠲᠠᠮᠤᠢ᠃ 》ᠬᠡᠮᠡᠭᠰᠡᠨ ᠳ᠋ᠦ᠍ᠷ ᠰᠥᠪᠡᠭᠡᠲᠡᠢ ᠪᠠᠭᠠᠲᠤᠷ ᠶᠡᠬᠡᠯ᠎ᠡ ᠪᠠᠶᠠᠷᠯᠠᠨ ᠶᠠᠭᠠᠷᠠᠨ  ᠶᠤᠸᠠᠨᠱᠤᠸᠠᠢ ᠪᠤᠭᠤᠷᠵᠢ ᠳ᠋ᠤᠷ ᠮᠡᠳᠡᠭᠦᠯᠵᠦ᠂ ᠲᠡᠷᠡ ᠡᠪᠦᠭᠡᠨ ᠳ᠋ᠦ᠍ᠷ ᠬᠦᠨᠳᠦ ᠱᠠᠩ ᠥᠭᠭᠦᠪᠡᠰᠦ ᠣᠭᠲᠣ ᠠᠪᠬᠤ ᠦᠭᠡᠢ᠂ ᠨᠡᠷ᠎ᠡ ᠣᠪᠣᠭ  ᠢ᠋ᠶ᠋ᠠᠨ ᠮᠥᠨ ᠬᠡᠯᠡᠬᠦ ᠦᠭᠡᠢ᠂ ᠭᠠᠭᠴᠠ ᠬᠤᠷᠳᠤᠨ ᠳᠠᠭᠠᠵᠤ ᠢᠷ᠎ᠡ᠂ ᠤᠰᠤᠨ ᠤ᠋ ᠡᠬᠢ ᠶ᠋ᠢ ᠵᠢᠭᠠᠵᠤ ᠥᠭᠭᠥᠶ᠎ᠡ ᠬᠡᠮᠡᠬᠦᠢ ᠳ᠋ᠦ᠍ᠷ ᠰᠥᠪᠡᠬᠡᠲᠡᠢ ᠪᠠᠭᠠᠲᠤᠷ ᠳᠠᠭᠠᠵᠤ ᠡᠴᠢᠪᠡᠰᠦ ᠬᠣᠲᠠ ᠶ᠋ᠢᠨ ᠬᠣᠢᠲᠤ ᠶᠡᠬᠡ ᠠᠭᠤᠯᠠᠨ ᠤ᠋ ᠪᠠᠷᠠᠭᠤᠨ ᠬᠣᠢᠨ᠎ᠠ ᠠ᠋ᠴᠠ ᠡᠷᠢᠨ ᠨᠢᠭᠡᠨ ᠬᠠᠪᠠᠷ ᠢ᠋ ᠵᠢᠭᠠᠵᠤ ᠥᠭᠦᠯᠡᠷᠦᠨ:《ᠡᠨᠡ ᠳᠠᠷᠤᠢ ᠬᠣᠲᠠ ᠶ᠋ᠢᠨ ᠳᠣᠲᠣᠷᠠᠬᠢ ᠤᠰᠤᠨ ᠤ᠋ ᠰᠤᠳᠠᠯ ᠮᠥᠨ᠂ ᠬᠥᠨᠳᠡᠯᠡᠨ  ᠢ᠋ᠶ᠋ᠡᠷ ᠲᠠᠰᠤᠯᠤᠨ ᠤᠰᠤ ᠶ᠋ᠢ ᠪᠤᠰᠤ ᠳᠠᠰᠢ ᠭᠣᠣᠯ ᠤᠷᠤᠭᠤ ᠤᠷᠤᠰᠬᠠᠪᠠᠰᠤ ᠬᠣᠲᠠ ᠶ᠋ᠢᠨ ᠬᠣᠲᠠᠯᠠᠭᠠᠷ ᠢ᠋ ᠠᠪᠬᠤ ᠪᠣᠯᠠᠢ ! 》ᠬᠡᠮᠡᠭᠡᠳ ᠡᠴᠢᠪᠡᠢ᠃ 
       ᠲᠡᠳᠦᠢ ᠰᠥᠪᠡᠭᠡᠲᠡᠢ ᠪᠠᠭᠠᠲᠤᠷ ᠲᠡᠷᠡ ᠡᠪᠦᠭᠡᠨ ᠢ᠋ ᠬᠡᠷᠬᠢᠨ ᠦᠯᠡᠳᠡᠭᠡᠪᠡᠴᠦ ᠡᠪᠦᠭᠡᠨ ᠥᠭᠦᠯᠡᠷᠦᠨ :  《ᠨᠠᠳᠠ ᠳ᠋ᠤᠷ ᠪᠠᠶᠠᠨ ᠡᠷᠬᠢᠮ ᠠᠰᠢᠭ ᠠᠯᠳᠠᠷ ᠠᠯᠢᠨ ᠴᠤ᠌ ᠬᠡᠷᠡᠭ ᠦᠭᠡᠢ᠂ ᠴᠢ  ᠨᠠᠮᠠᠶ᠋ᠢ ᠦᠯᠡᠳᠡᠭᠡᠬᠦ ᠶᠠᠭᠤᠨ ? 》ᠬᠡᠮᠡᠭᠡᠳ ᠡᠴᠢᠭᠰᠡᠨ ᠳ᠋ᠦ᠍ᠷ ᠰᠥᠪᠡᠭᠡᠲᠡᠢ ᠴᠡᠷᠢᠭ ᠦ᠋ᠨ ᠬᠥᠮᠦᠨ  ᠢ᠋ᠶ᠋ᠡᠷ ᠦᠵᠡᠭᠦᠯᠦᠨ ᠮᠥᠨ ᠠᠭᠤᠯᠠᠨ ᠤ᠋ ᠬᠣᠱᠣᠣ ᠶ᠋ᠢ ᠲᠣᠭᠣᠷᠢᠨ ᠭᠠᠷᠤᠮᠠᠭᠴᠠ ᠦᠵᠡᠭᠳᠡᠬᠦ ᠦᠭᠡᠢ ᠪᠣᠯᠪᠠ ᠬᠡᠮᠡᠭᠰᠡᠨ ᠳ᠋ᠦ᠍ᠷ ᠯᠠᠪ ᠨᠠᠪᠳᠠᠭ ᠰᠠᠪᠳᠠᠭ ᠬᠠᠭᠠᠨ ᠳ᠋ᠤᠷ ᠲᠤᠰᠠᠯᠠᠬᠤ ᠪᠣᠢ ᠊ᠢ᠎ᠠ ᠭᠡᠮᠡᠨ ᠬᠦᠵᠢ ᠵᠤᠯᠠ ᠲᠠᠬᠢᠯ ᠳᠡᠪᠢᠭ ᠡᠷᠭᠦᠨ ᠮᠥᠷᠭᠥᠵᠦ᠂ ᠳᠠᠷᠤᠢ ᠡᠨᠡ ᠠᠭᠤᠯᠠᠨ ᠤ᠋ ᠬᠠᠪᠠᠷ ᠢ᠋ ᠣᠭᠲᠣᠯᠤᠨ ᠤᠬᠤᠵᠤ᠂ ᠠᠷᠪᠠᠨ ᠵᠠᠩ ᠭᠦᠨ ᠪᠣᠯᠤᠭᠰᠠᠨ ᠦᠭᠡᠢ ᠦᠨᠡᠬᠡᠷ ᠴᠢᠯᠠᠭᠤᠨ ᠤ᠋ ᠬᠠᠰᠢᠯᠭ᠎ᠠ ᠮᠡᠲᠦ ᠶᠡᠬᠡ ᠤᠰᠤᠨ ᠰᠤᠪᠠᠭ ᠢ᠋ ᠣᠯᠪᠠ᠃ 
       ᠲᠡᠳᠦᠢ ᠳᠡᠭᠡᠭᠦᠷ ᠪᠠᠢᠭᠰᠠᠨ ᠴᠢᠯᠠᠭᠤᠨ ᠢ᠋ ᠠᠪᠤᠪᠠᠰᠤ ᠳᠣᠲᠣᠷ᠎ᠠ ᠲᠠᠪᠤᠨ ᠲᠣᠬᠣᠢ ᠥᠷᠭᠡᠨ ᠨᠢᠭᠡᠨ ᠵᠠᠩ ᠢᠯᠡᠭᠦᠦ ᠭᠦᠨ ᠤᠰᠤ ᠤᠷᠤᠰᠤᠮᠤᠢ᠃ ᠰᠥᠪᠡᠭᠡᠲᠡᠢ ᠪᠠᠭᠠᠲᠤᠷ ᠶᠡᠬᠡᠯ᠎ᠡ ᠪᠠᠶᠠᠷᠯᠠᠵᠤ ᠤᠰᠤ ᠣᠷᠣᠬᠤ ᠵᠠᠮ ᠢ᠋ ᠪᠥᠭᠯᠡᠭᠡᠳ ᠬᠥᠨᠳᠡᠯᠡᠨ ᠣᠬᠣᠭᠰᠠᠨ ᠭᠣᠣ ᠤᠷᠤᠭᠤ ᠲᠠᠯᠪᠢᠨ ᠭᠠᠷᠭᠠᠪᠠ᠃ ᠲᠡᠳᠦᠢ ᠬᠣᠲᠠᠨ ᠤ᠋ ᠳᠣᠲᠣᠷ᠎ᠠ ᠤᠰᠤ ᠲᠠᠰᠤᠷᠠᠭᠰᠠᠨ ᠳ᠋ᠤᠷ ᠵᠠᠭᠤᠨ ᠣᠪᠣᠭᠲᠠᠨ ᠠᠶᠤᠯᠳᠤᠵᠤ ᠳᠥᠷᠪᠡᠨ ᠬᠠᠭᠠᠯᠭ᠎ᠠ ᠴᠠᠢᠲᠠᠯ᠎ᠠ ᠨᠡᠭᠡᠭᠡᠵᠦ ᠮᠣᠩᠭᠣᠯ ᠤ᠋ᠨ ᠴᠡᠷᠢᠭ ᠢ᠋ ᠤᠭᠲᠤᠨ ᠣᠷᠣᠭᠤᠯᠪᠠ᠃ ᠤᠢᠭᠤᠷ ᠤᠯᠤᠰ ᠤ᠋ᠨ ᠴᠡᠷᠢᠭ ᠳᠤᠲᠠᠭᠠᠪᠠᠴᠤ ᠭᠠᠷᠴᠤ ᠴᠢᠳᠠᠬᠤ ᠦᠭᠡᠢ ᠪᠡᠨ ᠮᠡᠳᠡᠭᠡᠳ ᠴᠥᠮ ᠳᠠᠭᠠᠪᠠ᠃ ᠴᠢᠨ ᠴᠠ ᠬᠣᠲᠠᠨ ᠤ᠋ ᠲᠡᠷᠢᠭᠦᠯᠡᠭᠰᠡᠨ ᠬᠥᠮᠦᠨ ᠴᠢᠴᠢᠨ ᠢ᠋ ᠪᠠᠷᠢᠵᠤ ᠬᠣᠷᠢᠭᠤᠯ ᠲᠡᠷᠭᠡᠨ ᠳ᠋ᠦ᠍ᠷ ᠬᠣᠷᠢᠭᠠᠳ ᠭᠡᠷ ᠦ᠋ᠨ ᠠᠮᠠᠨ ᠢ᠋ ᠴᠥᠮ ᠪᠠᠢᠴᠠᠭᠠᠨ ᠪᠠᠷᠢᠭᠤᠯᠤᠭᠠᠳ ᠰᠠᠩ ᠬᠥᠮᠥᠷᠭᠡ ᠡᠳ᠋ ᠲᠠᠸᠠᠷ᠂ ᠬᠤᠶᠠᠭ ᠳᠤᠭᠤᠯᠠᠭ᠎ᠠ ᠵᠠᠷ ᠵᠡᠪᠰᠡᠭ ᠢ᠋ ᠨᠠᠢ᠍ᠮᠠᠨ ᠮᠢᠩᠭᠠᠨ ᠲᠡᠷᠭᠡ ᠲᠡᠭᠡᠭᠡᠵᠦ ᠡᠭᠡᠵᠦ ᠢᠷᠡᠭᠡᠳ ᠬᠠᠭᠠᠨ ᠳ᠋ᠤᠷ ᠪᠠᠷᠠᠯᠬᠠᠨ ᠵᠠᠷᠯᠢᠭ  ᠢ᠋ ᠡᠭᠡᠭᠦᠯᠦᠭᠰᠡᠨ ᠳ᠋ᠦ᠍ᠷ ᠬᠠᠭᠠᠨ ᠴᠢᠴᠢᠨ ᠢ᠋ ᠠᠬᠤᠭᠤᠯᠵᠤ ᠣᠯᠠᠨ  ᠳ᠋ᠤᠷ ᠦᠵᠡᠭᠦᠯᠦᠨ᠂ ᠡᠮ᠎ᠡ ᠦᠷ᠎ᠡ ᠬᠠᠷᠢᠶᠠᠲᠤ ᠠᠷᠠᠳ ᠢ᠋  ᠶᠤᠸᠠᠨᠱᠤᠸᠠᠢ ᠪᠤᠭᠤᠷᠴᠢ ᠸᠠᠩ᠂ ᠰᠥᠪᠡᠭᠡᠲᠡᠢ ᠪᠠᠭᠠᠲᠤᠷ ᠬᠣᠶᠠᠷ ᠲᠤᠷ ᠱᠠᠩᠨᠠᠵᠤ᠂ ᠦᠯᠡᠭᠰᠡᠨ ᠢ᠋ ᠣᠯᠠᠨ ᠵᠠᠩᠵᠤᠨ ᠴᠡᠷᠢᠭ ᠲᠦ᠍ᠷ ᠬᠤᠪᠢᠶᠠᠨ ᠥᠭᠭᠦᠶ᠎ᠡ᠂ ᠬᠠᠳᠠ ᠪᠠᠷ ᠥᠩᠬᠥᠷᠢᠨ ᠣᠷᠣᠭᠰᠠᠨ ᠵᠠᠩᠵᠤᠨ ᠴᠡᠷᠢᠭ ᠲᠦ᠍ᠷ ᠠᠷᠪᠠᠨ ᠬᠤᠪᠢ ᠪᠠᠷ ᠱᠠᠩᠨᠠᠪᠠ᠃ 
       ᠲᠡᠳᠦᠢ ᠴᠢᠨ ᠴᠠ ᠶ᠋ᠢ ᠠᠪᠤᠭᠰᠠᠨ ᠰᠢᠯᠲᠠᠭᠠᠨ ᠪᠠ ᠪᠤᠭᠤᠷᠤᠯ ᠤ᠋ᠨ ᠵᠡᠭᠦᠳᠦᠨ ᠳ᠋ᠦ᠍ᠷ ᠣᠷᠣᠵᠤ ᠵᠠᠮ ᠵᠢᠭᠠᠭᠰᠠᠨ ᠡᠢᠮᠦ ᠰᠠᠬᠢᠭᠤᠯᠰᠤᠨ ᠪᠣᠯᠤᠭᠰᠠᠨ ᠢ᠋ ᠬᠠᠭᠠᠨ ᠳ᠋ᠤᠷ ᠠᠢᠯᠠᠳᠬ᠎ᠠ ᠬᠡᠮᠡᠭᠰᠡᠨ ᠬᠢᠭᠡᠳ ᠮᠤᠬᠤᠯᠢ ᠶ᠋ᠢᠨ ᠡᠮᠦᠨ᠎ᠡ ᠭᠠᠵᠠᠷ ᠪᠠᠰᠠ ᠬᠣᠲᠠ ᠶ᠋ᠢᠨ ᠰᠠᠬᠢᠭᠤᠯᠰᠤᠨ ᠪᠣᠯᠤᠭᠰᠠᠨ ᠢ᠋ ᠴᠥᠮ ᠨᠠᠷᠢᠪᠴᠢᠯᠠᠨ ᠠᠢᠯᠠᠳᠬᠠᠭᠰᠠᠨ᠎ᠠ᠂ ᠬᠠᠭᠠᠨ ᠡᠨᠡᠷᠢᠨ ᠬᠠᠷᠢᠭᠤ ᠲᠠᠢᠵᠤ ᠮᠤᠬᠤᠯᠢ ᠶ᠋ᠢ《ᠶᠡᠬᠡ ᠪᠠᠭᠠᠲᠤᠷ ᠪᠠᠢᠭᠤᠯᠤᠭᠴᠢ ᠰᠠᠬᠢᠭᠤᠯᠰᠤᠨ 》᠂ ᠪᠤᠭᠤᠷᠤᠯ ᠢ᠋《ᠶᠡᠬᠡ ᠬᠦᠴᠦᠲᠦ ᠳᠠᠷᠤᠭᠴᠢ ᠰᠠᠬᠢᠭᠤᠯᠰᠤᠨ 》᠂  ᠱᠢ ᠲᠢᠶᠠᠨ ᠢᠩ ᠢ᠋《ᠶᠡᠬᠡ ᠰᠢᠳᠤᠷᠭᠤ ᠪᠠᠲᠤ ᠰᠠᠬᠢᠭᠤᠯᠰᠤᠨ 》ᠡᠷᠭᠦᠮᠵᠢᠯᠡᠵᠦ᠂ ᠰᠠᠭᠤᠷᠢ ᠨᠡᠷ᠎ᠡ ᠶ᠋ᠢ ᠰᠢᠲᠠᠭᠠᠪᠠ᠃ ᠮᠥᠨ ᠰᠥᠨᠢ ᠬᠠᠭᠠᠨ ᠤ᠋ ᠵᠡᠭᠦᠳᠦᠨ ᠳ᠋ᠦ᠍ᠷ ᠭᠤᠷᠪᠠᠨ ᠵᠠᠩᠵᠤᠨ ᠬᠡᠰᠢᠭ ᠲᠣᠷ ᠮᠥᠷᠭᠥᠬᠦ ᠶ᠋ᠢ ᠵᠡᠭᠦᠳᠦᠯᠡᠭᠰᠡᠨ ᠳ᠋ᠦ᠍ᠷ ᠬᠠᠭᠠᠨ ᠭᠠᠢᠬᠠᠨ ᠪᠡᠶᠡᠰᠴᠦ᠂  ᠶᠧ ᠯᠢᠦᠢ ᠴᠦ ᠽᠠᠢ ᠠ᠋ᠴᠠ ᠠᠰᠠᠭᠤᠷᠤᠨ :《ᠣᠷᠴᠢᠯᠠᠩ ᠤ᠋ᠨ ᠬᠣᠭᠣᠷᠣᠨᠳᠣ ᠰᠠᠢᠨ ᠬᠥᠮᠦᠨ ᠪᠦᠬᠦᠨ ᠴᠥᠮ ᠶᠡᠬᠡ ᠦᠢᠯᠡ ᠶ᠋ᠢ ᠪᠦᠲᠦᠭᠡᠪᠡᠰᠦ ᠪᠣᠯᠬᠤ ᠪᠥᠭᠡᠲᠡᠯ᠎ᠡ ᠣᠨᠴᠠ ᠵᠢᠴᠢ ᠨᠢᠭᠡᠨ ᠵᠦᠢᠯ ᠦ᠋ᠨ ᠥᠪᠡᠷ᠎ᠡ ᠤᠴᠢᠷ ᠭᠠᠷᠬᠤ ᠠᠨᠤ ᠶᠠᠭᠤᠨ ? 》 ᠬᠡᠮᠡᠬᠦᠢ ᠳ᠋ᠦ᠍ᠷ ᠶᠧ ᠯᠢᠦᠢ ᠴᠦ  ᠽᠠᠢ ᠠᠢᠯᠠᠳᠬᠠᠷᠤᠨ : 《ᠰᠠᠢᠨ ᠬᠥᠮᠦᠨ ᠪᠦᠬᠦᠨ ᠴᠥᠮ ᠥᠲᠡᠯ᠎ᠡ ᠬᠥᠮᠦᠨ ᠪᠤᠰᠤ !》 ᠬᠡᠮᠡᠭᠰᠡᠨ ᠳ᠋ᠦ᠍ᠷ ᠬᠠᠭᠠᠨ ᠮᠥᠨ ᠭᠡᠮᠡᠨ ᠵᠥᠪᠰᠢᠶᠡᠪᠡ᠃  
       ᠲᠡᠨᠳᠡᠴᠡ ᠳᠥᠷᠪᠡᠨ ᠲᠠᠢᠽᠢ ᠶ᠋ᠢᠨ ᠴᠡᠷᠢᠭ ᠪᠠᠷᠠᠭᠤᠨ ᠬᠢᠵᠠᠭᠠᠷ ᠤ᠋ᠨ ᠳᠣᠷᠣᠨ᠎ᠠ ᠡᠨᠡᠳᠬᠡᠭ᠂ ᠬᠠᠨᠵᠢᠨ ᠨᠢᠦ ᠰᠢᠨ᠂ ᠡᠨᠡᠳᠬᠡᠭ ᠦ᠋ᠨ ᠵᠡᠭᠦᠨ ᠬᠣᠢᠲᠤ ᠵᠠᠬ᠎ᠠ ᠶ᠋ᠢᠨ ᠪᠠᠯᠪᠤ᠂ ᠳᠥᠷᠪᠡᠨ ᠠᠢᠮᠠᠭ ᠲᠥᠪᠡᠳ᠂ ᠽᠠ ᠴᠠ ᠡᠳᠡᠭᠡᠷ ᠭᠠᠵᠠᠷ ᠢ᠋ ᠲᠤᠰ ᠲᠤᠰ ᠢ᠋ᠶ᠋ᠠᠷ ᠳᠠᠢᠯᠠᠨ ᠠᠪᠴᠤ᠂ ᠴᠥᠮ ᠵᠢᠯ ᠪᠦᠷᠢ ᠶ᠋ᠢᠨ ᠠᠯᠪᠠ ᠪᠠᠷᠢᠬᠤ᠂ ᠶᠣᠰᠣᠯᠠᠬᠤ ᠡᠯ᠎ᠡ ᠵᠦᠢᠯ ᠢ᠋ ᠲᠣᠭᠲᠠᠭᠠᠨ᠂ ᠳᠠᠷᠠᠭ᠎ᠠ ᠳᠠᠷᠠᠭ᠎ᠠ ᠪᠠᠷ ᠬᠠᠭᠠᠨ ᠤ᠋ ᠳᠡᠷᠭᠡᠳᠡ ᠢᠷᠡᠯᠴᠡᠪᠡ᠃ ᠡᠨᠡ ᠦᠶ᠎ᠡ ᠳ᠋ᠦ᠍ᠷ ᠬᠠᠭᠠᠨ ᠳᠣᠷᠣᠨ᠎ᠠ ᠡᠨᠡᠳᠬᠡᠭ ᠤᠯᠤᠰ ᠲᠤᠷ ᠶᠡᠬᠡ ᠴᠡᠷᠢᠭ ᠢ᠋ ᠪᠠᠭᠤᠳᠠᠯᠯᠠᠨ ᠭᠠᠤᠯᠢᠨ ᠬᠥᠮᠦᠨ ᠦ᠌ ᠬᠠᠢᠰᠠᠩᠲᠤ ᠳ᠋ᠦᠩ ᠢᠨ ᠴᠧᠩ ᠬᠣᠲᠠ ᠳ᠋ᠤᠷ ᠵᠠᠯᠠᠷᠠᠨ ᠰᠠᠭᠤᠵᠤ ᠪᠣᠢ᠃ ᠲᠡᠷᠡ ᠭᠠᠵᠠᠷ ᠴᠠᠭ ᠬᠡᠳᠦᠢ ᠬᠠᠯᠠᠭᠤᠨ ᠪᠣᠯᠪᠠᠴᠤ ᠤᠰᠤ ᠪᠠᠭᠤᠬᠤ ᠥᠨᠳᠥᠷ᠂ ᠰᠢᠯ ᠦ᠋ᠨ ᠬᠡᠷᠡᠮ  ᠢ᠋ᠶ᠋ᠡᠷ ᠤᠰᠤ ᠶᠠᠪᠤᠬᠤ ᠪᠣᠯᠣᠷ ᠬᠠᠷᠰᠢ ᠪᠣᠢ᠂ ᠳᠡᠯᠭᠡᠷᠡᠭᠰᠡᠨ ᠶᠡᠬᠡ ᠲᠥᠪᠡᠳ ᠯᠢᠩᠬᠤ᠎ᠠ ᠳ᠋ᠤᠷ ᠬᠥᠮᠦᠨ ᠬᠣᠨᠣᠵᠤ ᠪᠣᠯᠤᠮᠤᠢ᠃ ᠨᠡᠩ ᠡᠪᠦᠯ ᠦ᠋ᠨ ᠴᠠᠭ ᠲᠤᠷ ᠮᠣᠳᠣᠨ ᠤ᠋ ᠨᠠᠪᠴᠢ ᠤᠨᠠᠬᠤ ᠦᠭᠡᠢ᠂ ᠮᠥᠷᠡᠨ ᠦ᠌ ᠤᠰᠤᠨ ᠬᠥᠯᠳᠡᠬᠦ ᠦᠭᠡᠢ᠂ ᠬᠡᠳᠦᠨ ᠲᠡᠪᠡᠷᠢ ᠪᠦᠳᠦᠭᠦᠨ ᠶᠡᠬᠡ ᠬᠤᠯᠤᠰᠤ ᠤᠷᠭᠤᠵᠤ᠂ ᠬᠡᠮᠵᠢᠶ᠎ᠡ ᠦᠭᠡᠢ ᠶᠡᠬᠡ ᠵᠢᠭᠠᠰᠤ ᠲᠥᠷᠥᠮᠦᠢ᠃ ᠵᠠᠭᠤᠨ ᠵᠦᠢᠯ ᠦ᠋ᠨ ᠬᠢᠰᠤᠭ᠎ᠠ ᠯᠠᠪᠠᠢ ᠮᠠᠰᠢ ᠠᠷᠪᠢᠨ᠂ ᠡᠭᠦᠨ ᠳ᠋ᠦ᠍ᠷ ᠬᠠᠭᠠᠨ ᠡᠨᠳᠡ ᠡᠪᠦᠯᠵᠢᠪᠡ᠃ ᠡᠭᠦᠨ ᠢ᠋ ᠲᠦᠷ ᠬᠡᠯᠡᠯᠴᠡᠬᠦ ᠦᠭᠡᠢ᠃ 
       ᠭᠠᠭᠴᠠ ᠥᠭᠦᠯᠡᠬᠦ ᠢᠨᠦ᠂ ᠲᠡᠢᠰᠢ ᠭᠦᠸᠧ ᠸᠠᠩ ᠮᠤᠬᠤᠯᠢ ᠪᠡᠶ᠎ᠡ ᠥᠩᠭᠡᠷᠡᠭᠰᠡᠨ ᠳ᠋ᠦ᠍ᠷ ᠬᠥᠪᠡᠭᠦᠨ ᠢᠨᠦ ᠨᠢᠭᠡᠨ ᠠᠳᠠᠯᠢ ᠠᠷᠪᠠᠨ ᠬᠡᠭᠦᠷ ᠢ᠋ ᠠᠷᠪᠠᠨ ᠬᠡᠳᠦᠨ ᠭᠠᠵᠠᠷ ᠪᠤᠮᠪᠠᠯᠠᠵᠤ ᠨᠢᠭᠡᠨ ᠬᠡᠭᠦᠷ ᠢ᠋ ᠬᠣᠢᠲᠤ ᠳ᠋ᠠᠢᠳᠦ᠋ ᠳ᠋ᠦ᠍ᠷ ᠠᠴᠢᠷᠠᠵᠤ ᠬᠠᠭᠠᠨ ᠤ᠋ ᠵᠠᠷᠯᠢᠭ ᠢ᠋ ᠬᠦᠯᠢᠶᠡᠯᠭᠡᠪᠡ᠃ 
       ᠲᠡᠨᠳᠡᠴᠡ ᠲᠠᠢᠰᠢ ᠪᠤᠯᠤ ᠶ᠋ᠢᠨ ᠬᠥᠪᠡᠭᠦᠨ ᠳᠡᠰ ᠲᠣᠭᠣᠰ ᠢ᠋ ᠥᠭᠦᠯᠡᠬᠦ ᠢᠨᠦ᠂ ᠨᠢᠳᠤᠨᠤᠨ ᠵᠢᠯ ᠬᠠᠷᠠᠬᠠᠨ ᠨᠠᠢᠷᠢ ᠡᠪᠡᠳᠴᠢᠨ ᠳ᠋ᠦ᠍ᠷ ᠪᠠᠷᠢᠭᠳᠠᠭᠰᠠᠨ ᠢ᠋ ᠬᠤᠸᠠᠢ ᠭᠦᠸᠧ ᠭᠦᠩᠵᠦ ᠬᠠᠭᠤᠷᠮᠠᠭ ᠤᠪᠠᠳᠢᠰ ᠢ᠋ ᠬᠡᠷᠡᠭᠯᠡᠨ ᠲᠡᠭᠦᠨ ᠦ᠌ ᠰᠠᠨᠠᠭᠠᠨ ᠤ᠋ ᠡᠪᠡᠳᠴᠢᠨ ᠳ᠋ᠦ᠍ᠷ ᠨᠢᠭᠡᠬᠡᠨ ᠤᠤᠭᠤᠬᠤ ᠰᠡᠳᠬᠢᠯ ᠦ᠋ᠨ ᠡᠮ  ᠢ᠋ᠶ᠋ᠡᠷ ᠡᠮᠨᠡᠵᠦ ᠪᠥᠭᠡᠯᠵᠢᠭᠦᠯᠦᠭᠡᠳ ᠵᠠᠭᠤᠨ ᠵᠦᠢᠯ ᠦ᠋ᠨ ᠭᠡᠮ ᠬᠣᠣᠷ ᠢ᠋ ᠴᠥᠮ ᠠᠷᠢᠯᠭᠠᠵᠤ ᠰᠠᠷ᠎ᠠ ᠶ᠋ᠢᠨ ᠳᠣᠲᠣᠷ᠎ᠠ ᠰᠠᠢᠨ ᠪᠣᠯᠭᠠᠭᠰᠠᠨ ᠤ᠋ ᠬᠣᠢᠨ᠎ᠠ᠂ ᠳᠠᠬᠢᠨ ᠤᠴᠠᠷᠠᠵᠤ ᠰᠤᠷᠭᠠᠨ ᠥᠭᠦᠯᠡᠷᠦᠨ: 《ᠪᠢ ᠪᠡᠶ᠎ᠡ ᠪᠡᠨ ᠪᠦᠷᠢᠯᠭᠡᠨ ᠴᠢᠮᠠᠶ᠋ᠢ ᠵᠠᠰᠠᠭᠰᠠᠨ ᠠᠨᠤ ᠭᠠᠭᠴᠠ ᠴᠢᠨᠦ ᠨᠢᠭᠡᠨ ᠬᠥᠮᠦᠨ ᠢ᠋ ᠬᠠᠢᠷᠠᠯᠠᠭᠰᠠᠨ ᠪᠤᠰᠤ᠂ ᠮᠥᠨ ᠬᠦ᠌ ᠬᠠᠭᠠᠨ ᠤ᠋ ᠤᠯᠤᠰ ᠲᠥᠷᠥ ᠶ᠋ᠢ ᠪᠣᠳᠣᠭᠰᠠᠨ ᠪᠥᠯᠥᠭᠡ᠂ ᠴᠢ ᠣᠳᠣ ᠪᠠᠰᠠ ᠴᠡᠩᠭᠡᠯᠳᠦᠬᠦ ᠤᠵᠢᠳᠯᠠᠬᠤ ᠶ᠋ᠢ ᠬᠦᠰᠡᠪᠡᠰᠦ ᠣᠳᠣ ᠠᠮᠲᠠ ᠦᠭᠡᠢ ᠪᠣᠯᠤᠮᠤᠢ᠃ ᠴᠢ ᠭᠠᠭᠴᠠ ᠬᠠᠷᠢᠯᠴᠠᠨ ᠨᠢᠭᠤᠷ ᠤᠴᠠᠷᠠᠯᠳᠤᠨ ᠰᠡᠳᠬᠢᠯ ᠢ ᠪᠠᠶᠠᠰᠬᠠᠨ ᠴᠢᠳᠠᠪᠠᠰᠤ ᠪᠠᠷᠠᠪᠠᠢ ‍ᠶ᠎ᠠ᠂ ᠣᠨᠴᠠ ᠤᠵᠢᠳ ᠰᠠᠮᠠᠭᠤᠨ ᠢ᠋ ᠬᠥᠭᠵᠢᠭᠦᠯᠬᠦ ᠢᠨᠦ ᠰᠠᠢᠨ ᠬᠡᠷᠡᠭ ᠪᠤᠰᠤ ! 》 ᠭᠡᠮᠡᠨ ᠢᠳᠬᠠᠬᠤᠢ ᠳ᠋ᠤᠷ ᠳᠡᠰ ᠲᠣᠭᠣᠰ ᠮᠥᠨ ᠮᠠᠰᠢ ᠰᠡᠴᠡᠨ ᠰᠡᠷᠭᠦᠯᠡᠩ ᠬᠥᠮᠦᠨ ᠲᠤᠯᠠ ᠦᠭᠡ ᠶ᠋ᠢᠨ ᠮᠥᠨ ᠴᠢᠨᠠᠷ ᠢ᠋ ᠪᠣᠳᠣᠵᠤ ᠭᠠᠷᠤᠭᠠᠳ ᠮᠥᠨ ᠮᠥᠨ ᠭᠡᠮᠡᠨ ᠬᠡᠯᠡᠪᠡᠴᠦ ᠡᠭᠡᠨᠡᠭᠲᠡ ᠨᠢᠯᠬ᠎ᠠ ᠪᠠᠭ᠎ᠠ ᠶ᠋ᠢᠨ ᠡᠷᠬᠡ ᠪᠡᠷ ᠬᠤᠷᠢᠴᠠᠯ ᠨᠢᠰᠸᠠᠨᠢᠰ ᠢ ᠭᠡᠭᠡᠵᠦ ᠴᠢᠳᠠᠬᠤ ᠦᠭᠡᠢ᠂ ᠨᠢᠭᠡᠨ ᠰᠠᠷ᠎ᠠ ᠬᠤᠸᠠᠢ ᠭᠦᠸᠧ ᠭᠦᠩᠵᠦ ᠶ᠋ᠢᠨ ᠴᠢᠷᠠᠢ ᠶ᠋ᠢ ᠡᠰᠡ ᠦᠵᠡᠪᠡᠰᠦ ᠦᠨᠦᠷ ᠠᠮᠲᠠ ᠶ᠋ᠢ ᠴᠥᠮ ᠮᠡᠳᠡᠬᠦ ᠦᠭᠡᠢ ᠳ᠋ᠦ᠍ᠷ ᠡᠷᠬᠡᠪᠰᠢ ᠵᠠᠭᠤᠨ ᠵᠦᠢᠯ  ᠢ᠋ᠶ᠋ᠡᠷ ᠠᠷᠭᠠᠴᠠᠰᠬᠢᠨ ᠡᠴᠢᠵᠦ᠂ ᠬᠤᠸᠠᠢ ᠭᠦᠸᠧ ᠭᠦᠩᠵᠦ ᠶ᠋ᠢᠨ ᠨᠢᠭᠤᠷ ᠢ᠋ ᠦᠵᠡᠬᠦ ᠰᠢᠯᠲᠠᠭᠠᠨ ᠢ ᠡᠷᠢᠬᠦᠢ ᠳ᠋ᠦ᠍ᠷ ᠭᠡᠨᠡᠳᠲᠡ ᠲᠡᠭᠦᠨ ᠦ᠌ ᠡᠪᠦᠭᠡ ᠲᠠᠢᠰᠢ ᠪᠡᠶ᠎ᠡ ᠥᠩᠭᠡᠷᠡᠪᠡ ᠭᠡᠮᠡᠨ ᠨᠢᠰᠦᠨ ᠳᠣᠪᠲᠣᠯᠭᠠᠵᠤ ᠬᠡᠯᠡᠷ᠎ᠡ ᠢᠷᠡᠭᠰᠡᠨ ᠳ᠋ᠦ᠍ᠷ ᠶᠡᠬᠡᠯ᠎ᠡ ᠰᠣᠴᠢᠵᠤ ᠶᠠᠭᠠᠷᠠᠨ ᠶᠡᠬᠡᠳᠡ ᠭᠠᠰᠢᠭᠤᠳᠠᠨ ᠤᠬᠢᠯᠠᠵᠤ᠂ ᠭᠡᠷ ᠦ᠋ᠨ ᠬᠣᠲᠠᠯᠠᠭᠠᠷ ᠴᠥᠮ ᠪᠡᠯᠪᠡᠰᠦᠷᠡᠯ ᠡᠮᠦᠰᠴᠦ᠂ ᠦᠰᠦ ᠪᠡᠨ ᠠᠯᠳᠠᠷᠠᠭᠠᠨ ᠸᠠᠩ ᠤ᠋ᠨ ᠶᠠᠮᠤᠨ ᠬᠠᠤᠯᠢ ᠶᠣᠰᠣᠭᠠᠷ ᠪᠡᠯᠪᠡᠰᠦᠷᠡᠯ ᠢ ᠡᠭᠦᠰᠬᠡᠪᠡ᠃ ᠳᠠᠭᠠᠯᠳᠤᠭ᠎ᠠ ᠬᠠᠭᠠᠨ ᠤ᠋ ᠵᠠᠷᠯᠢᠭ ᠬᠦᠷᠴᠦ ᠢᠷᠡᠨ ᠮᠤᠬᠤᠯᠢ ᠶ᠋ᠢᠨ ᠶᠠᠰᠤᠨ ᠢ᠋ ᠬᠠᠭᠠᠨ ᠤ᠋ ᠳᠡᠭᠦᠦ ᠶ᠋ᠢᠨ ᠶᠣᠰᠣᠯᠠᠯ ᠨᠡᠮᠡᠵᠦ ᠰᠢᠳᠬᠡ᠂ ᠬᠠᠭᠠᠨ ᠤ᠋ ᠲᠠᠪᠤᠳᠤᠭᠠᠷ ᠵᠢᠷᠭᠤᠳᠤᠭᠠᠷ ᠳᠣᠯᠣᠳᠤᠭᠠᠷ ᠭᠤᠷᠪᠠᠨ  ᠲᠠᠢᠽᠢ ᠵᠢᠶᠦ᠋ᠨ ᠸᠠᠩ  ᠤ᠋ᠳ ᠬᠠᠮᠲᠤ ᠪᠠᠢᠵᠤ ᠭᠠᠰᠠᠯᠠᠩ ᠢ᠋ ᠭᠦᠢᠴᠡᠳᠬᠡᠵᠦ᠂ ᠬᠠᠭᠠᠨ ᠤ᠋ ᠭᠡᠭᠡᠨ ᠢ᠋ ᠬᠦᠯᠢᠶᠡ ᠬᠡᠮᠡᠬᠦ  ᠵᠠᠷᠯᠢᠭ ᠬᠦᠷᠴᠦ ᠢᠷᠡᠪᠡ᠃ ᠳᠠᠭᠠᠯᠳᠤᠭ᠎ᠠ ᠶ᠋ᠢᠨ ᠬᠡᠭᠦᠷ ᠢ᠋ ᠦᠳᠡᠰᠦᠭᠡᠢ ᠬᠡᠮᠡᠬᠦᠢ ᠳ᠋ᠦ᠍ᠷ ᠳᠡᠰ ᠲᠣᠭᠣᠰ ᠭᠡᠷ ᠦ᠋ᠨ ᠬᠣᠲᠠᠯᠠᠭᠠᠷ ᠢ᠋ ᠠᠪᠴᠤ ᠬᠣᠯᠠ ᠤᠭᠲᠤᠷ᠎ᠠ ᠡᠴᠢᠪᠡ᠃ ᠮᠤᠬᠤᠯᠢ ᠶ᠋ᠢᠨ ᠠᠪᠠᠯᠢ ᠶ᠋ᠢᠨ ᠭᠡᠷᠭᠡᠢ ᠰᠢᠯᠤᠭᠤᠨ ᠬᠠᠲᠤᠨ ᠬᠡᠳᠦᠢᠨᠡᠢ ᠨᠥᠭᠴᠢᠵᠦ᠂ ᠪᠡᠶ᠎ᠡ ᠡᠴᠡ ᠭᠠᠭᠴᠠ ᠨᠢᠭᠡᠨ ᠬᠥᠪᠡᠭᠦᠨ - ᠡᠨᠡ ᠲᠡᠢᠰᠢ ᠪᠤᠯᠤ᠂ ᠬᠥᠭᠰᠢᠨ ᠲᠠᠢᠰᠢ ᠳᠠᠬᠢᠵᠤ ᠨᠢᠭᠡᠨ ᠲᠠᠲᠠᠪᠤᠷᠢ ᠪᠠᠭ᠎ᠠ ᠡᠮ᠎ᠡ ᠴᠦ᠍ ᠠᠪᠤᠭᠰᠠᠨ ᠦᠭᠡᠢ ᠠᠵᠤᠭᠤ᠃ ᠡᠨᠡ ᠳᠠᠷᠤᠢ ᠭᠡᠷ ᠦ᠋ᠨ ᠳᠣᠲᠣᠷ᠎ᠠ ᠪᠠᠲᠤ ᠵᠢᠷᠤᠮ ᠠᠨᠤ ᠢᠯᠡᠷᠡᠭᠰᠡᠨ ᠪᠣᠯᠠᠢ᠂ ᠦᠨᠡᠬᠡᠷ ᠶᠡᠬᠡ ᠬᠥᠮᠦᠨ ᠠᠵᠤᠭᠤ᠃  
       ᠲᠡᠳᠦᠢ ᠡᠳᠦᠭᠡ ᠬᠠᠭᠠᠨ ᠤ᠋ ᠬᠡᠦᠬᠡᠳ ᠪᠡᠷᠢᠶᠡᠳ ᠤᠷᠤᠭ ᠰᠠᠳᠤᠨ ᠠᠨᠤ ᠤᠭᠲᠤᠵᠤ ᠭᠠᠷᠪᠠ᠃ ᠵᠢᠷᠤᠮ ᠤ᠋ᠨ ᠥᠬᠢᠨ ᠬᠣᠩᠭᠣᠷ ᠵᠤᠯᠠ ᠰᠣᠨᠣᠰᠤᠮᠠᠭᠴᠠ ᠬᠠᠷᠠᠩᠭᠤᠳᠤᠨ ᠤᠬᠢᠯᠠᠮᠤᠢ᠃ ᠨᠡᠩ ᠢᠯᠠᠩᠭᠤᠶ᠎ᠠ ᠬᠤᠸᠠᠢ ᠭᠦᠸᠧ ᠭᠦᠩᠵᠦ ᠲᠡᠭᠦᠨ ᠦ᠌ ᠬᠡᠰᠢᠭ  ᠢ᠋ᠶ᠋ᠡᠷ ᠬᠠᠭᠠᠨ ᠳ᠋ᠤᠷ ᠠᠭᠤᠯᠵᠠᠵᠤ ᠡᠨᠡ ᠮᠡᠲᠦ ᠪᠣᠯᠤᠭᠰᠠᠨ ᠪᠥᠭᠡᠳ ᠪᠠᠰᠠ ᠲᠡᠭᠦᠨ ᠦ᠌ ᠠᠴᠢ ᠬᠥᠪᠡᠭᠦᠨ ᠳᠡ ᠯᠠᠩ ᠯᠤᠭ᠎ᠠ ᠰᠢᠨ᠎ᠡ ᠨᠠᠢᠷ ᠪᠠᠢᠬᠤᠢ ᠳ᠋ᠤᠷ ᠨᠡᠩ ᠳᠠᠰᠤᠨ ᠴᠢᠳᠠᠬᠤ ᠦᠭᠡᠢ ᠪᠡᠯᠪᠡᠰᠦᠷᠡᠯ ᠡᠮᠦᠰᠴᠦ᠂ ᠴᠡᠷᠢᠭ ᠦ᠋ᠨ ᠶᠣᠰᠣᠭᠠᠷ ᠮᠣᠷᠢ ᠤᠨᠤᠵᠤ ᠤᠭᠲᠤᠷ᠎ᠠ ᠭᠠᠷᠪᠠ᠃ ᠡᠭᠦᠨ ᠡᠴᠡ ᠭᠠᠳᠠᠨ᠎ᠠ ᠲᠡᠢᠰᠢ ᠶ᠋ᠢᠨ ᠶᠣᠰᠣᠨ ᠢ᠋ᠶ᠋ᠠᠷ ᠤᠯᠤᠰ ᠤ᠋ᠨ ᠡᠮᠦᠨ᠎ᠡ ᠡᠴᠡ ᠤᠭᠲᠤᠬᠤ᠂ ᠨᠡᠩ ᠬᠠᠭᠠᠨ ᠤ᠋ ᠳᠣᠲᠣᠭᠠᠳᠤ ᠬᠣᠪᠢᠨ ᠤ᠋ ᠨᠠᠢᠷ  ᠢ᠋ᠶ᠋ᠠᠷ ᠭᠤᠷᠪᠠᠨ ᠲᠠᠢᠽᠢ ᠤᠭᠲᠤᠨ ᠭᠠᠷᠴᠤ ᠬᠣᠲᠠᠨ ᠳ᠋ᠤᠷ ᠢᠷᠡᠬᠦᠶ᠎ᠡ᠂ ᠦᠨᠡᠬᠡᠷ ᠲᠡᠭᠷᠢ ᠶ᠋ᠢᠨ ᠬᠥᠪᠡᠭᠦᠨ ᠡᠴᠡ ᠳᠣᠣᠷ᠎ᠠ ᠦᠭᠡᠢ᠂ ᠵᠠᠮ ᠵᠡᠭᠡᠯᠢ ᠶ᠋ᠢᠨ ᠬᠣᠶᠠᠷ ᠬᠠᠵᠠᠭᠤ ᠳ᠋ᠤᠷ ᠮᠣᠩᠭᠣᠯ ᠢᠷᠭᠡᠨ ᠨᠣᠶᠠᠳ ᠲᠦᠰᠢᠮᠡᠳ ᠵᠡᠷᠭᠡ ᠬᠡᠷᠭᠡᠮᠲᠡᠨ ᠫᠢᠭ ᠳᠦᠭᠦᠷᠴᠦ᠂ ᠲᠤᠭ ᠬᠢᠭᠢᠷᠢ ᠰᠢᠭᠦᠷ ᠳᠠᠯᠪᠠᠭ᠎ᠠ ᠴᠥᠮ ᠬᠠᠭᠠᠨ ᠤ᠋ ᠶᠠᠭᠤᠮ᠎ᠠ ᠶ᠋ᠢ ᠬᠡᠷᠡᠭᠯᠡᠨ ᠶᠠᠪᠤᠬᠤ ᠲᠤᠯᠠ ᠬᠡᠳᠦᠢ ᠦᠨᠡᠬᠡᠷ ᠬᠠᠭᠠᠨ ᠤ᠋ ᠲᠥᠷᠥᠭᠰᠡᠨ ᠳᠡᠭᠦᠦ ᠴᠦ᠍ ᠮᠥᠨ ᠡᠨᠡ ᠮᠡᠲᠦ ᠪᠣᠯᠤᠨ ᠴᠢᠳᠠᠮᠤᠢ ᠬᠡᠮᠡᠮᠦᠶᠦ᠃ ᠡᠮᠦᠨ᠎ᠡ ᠢᠨᠦ《ᠬᠠᠭᠠᠨ ᠤ᠋ ᠳᠡᠭᠦᠦ ᠤᠯᠤᠰ ᠤ᠋ᠨ ᠲᠠᠢᠰᠢ ᠭᠦᠸᠧ ᠸᠠᠩ ᠮᠤᠬᠤᠯᠢ ᠶ᠋ᠢᠨ ᠴᠢᠨᠳᠠᠷ  》ᠬᠡᠮᠡᠬᠦ ᠰᠢᠷ᠎ᠠ ᠠᠯᠲᠠᠨ ᠯᠤᠤᠲᠤ ᠲᠤᠭ ᠶᠠᠪᠤᠮᠤᠢ᠃ ᠲᠡᠳᠦᠢ ᠶᠡᠬᠡ ᠶᠠᠮᠤᠨ ᠳ᠋ᠤᠷ ᠣᠷᠣᠵᠤ᠂ ᠢᠨ ᠠᠨ ᠳ᠋ᠢᠶᠠᠨ ᠬᠠᠷᠰᠢ ᠳ᠋ᠤᠷ ᠲᠠᠯᠪᠢᠪᠠ᠃ ᠡᠨᠡ ᠦᠢᠮᠡᠭᠡᠨ ᠢ᠋ ᠨᠢᠭᠡᠨ ᠦᠭᠡᠨ ᠳ᠋ᠦ᠍ᠷ ᠳᠠᠭᠤᠰᠬᠤ ᠦᠭᠡᠢ᠂ ᠭᠠᠰᠠᠯᠠᠩ ᠤ᠋ᠨ ᠬᠡᠷᠡᠭ ᠢ᠋ ᠲᠦᠷ ᠬᠤᠷᠢᠶᠠᠵᠤ᠂ ᠣᠳᠣ ᠬᠠᠭᠠᠨ ᠤ᠋ ᠪᠠᠷᠠᠭᠤᠨ ᠠ᠋ᠴᠠ ᠡᠭᠡᠬᠦ ᠶ᠋ᠢ ᠬᠡᠯᠡᠰᠦᠭᠡᠢ᠃ ᠬᠡᠷᠬᠢᠨ ᠡᠭᠡᠵᠦ ᠢᠷᠡᠬᠦ ᠶ᠋ᠢ ᠰᠣᠨᠣᠰᠰᠤᠭᠠᠢ ᠬᠡᠮᠡᠪᠡᠰᠦ ᠲᠠᠯᠪᠢᠯ ᠦᠭᠡᠢ ᠳᠣᠣᠷᠠᠲᠤ ᠪᠦᠯᠦᠭ ᠲᠣᠷ ᠦᠵᠡᠭᠳᠡᠬᠦᠢ᠃  

ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠦ :  
             ᠬᠠᠳᠠᠨ ᠤ᠋ ᠣᠬᠢ ᠲᠡᠢᠰᠢ ᠭᠦᠸ᠋ᠸ ᠸᠠᠩ 
             ᠬᠥᠮᠦᠨ ᠦ᠌ ᠣᠬᠢ ᠱᠢ ᠲᠢᠶᠠᠨ ᠢᠩ᠂ 
             ᠬᠠᠷᠭᠢᠰ ᠤ᠋ᠨ ᠲᠤᠢᠯ ᠰᠢᠶᠠ ᠶ᠋ᠢᠨ ᠽᠦᠨ ᠰᠢᠦᠢ
             ᠬᠠᠷᠠᠩᠭᠤᠢ ᠶ᠋ᠢᠨ ᠲᠤᠢᠯ ᠬᠣᠲᠣᠩ᠂ 
             ᠬᠠᠳ ᠤ᠋ᠨ ᠮᠠᠩᠯᠠᠢ ᠴᠢᠩᠭᠢᠰ ᠪᠣᠭᠳᠠ 
             ᠰᠠᠢᠳ ᠤ᠋ᠨ ᠮᠠᠩᠯᠠᠢ ᠮᠤᠬᠤᠯᠢ 
             ᠬᠠᠷᠭᠢᠰ ᠤ᠋ᠨ ᠲᠡᠷᠢᠭᠦᠨ ᠠᠯᠲᠠᠨ ᠤ᠋ ᠠ ᠯᠦ᠍ ᠳ᠋ᠠᠢ 
             ᠬᠠᠭᠤᠷᠮᠠᠭ ᠤ᠋ᠨ ᠲᠡᠷᠢᠭᠦᠨ ᠰᠢᠶᠣᠤ ᠱᠤ᠌ !