ᠮᠣᠩᠭᠣᠯ ᠪᠢᠴᠢᠭ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠢᠴᠢᠭ -ᠮᠠᠨᠳᠤᠬᠤ ᠪᠠᠭᠰᠢ ᠶᠢᠨ ᠤᠷᠠᠨ ᠪᠢᠴᠢᠯᠭᠡ

ᠮᠣᠩᠭᠣᠯ ᠪᠢᠴᠢᠭ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2023-10-01

437

ᠮᠣᠩᠭᠣᠯ ᠪᠢᠴᠢᠭ

ᠵᠤᠯᠠᠢ ᠴᠠᠭᠠᠨ ᠠᠯᠲᠠᠢ ᠡᠴᠡ 
ᠵᠤᠯᠠᠷᠠᠵᠤ ᠪᠠᠭᠤᠭᠰᠠᠨ ᠬᠦᠷᠬᠢᠷ᠎ᠡ ᠶᠦ᠍ᠮ ᠠ᠋ 
ᠵᠠᠭᠤᠨ ᠵᠠᠭᠤᠨ ᠢ᠋ ᠥᠷᠲᠡᠭᠡᠯᠡᠨ 
ᠵᠢᠷᠦᠬᠡᠨ ᠡᠴᠡ ᠤᠨᠳᠤᠷᠤᠭᠰᠠᠨ ᠬᠠᠷᠭᠢᠶ᠎ᠠ ᠶᠤᠮ ᠠ᠋ 

ᠮᠢᠨᠦ ᠮᠣᠩᠭᠣᠯ ᠪᠢᠴᠢᠭ ᠮᠢᠨᠢ 
ᠮᠢᠩᠭᠠᠨ ᠮᠢᠩᠭᠠᠨ ᠤ᠋ ᠥᠪ ᠲᠡᠢ 
ᠮᠢᠨᠦ ᠮᠣᠩᠭᠣᠯ ᠪᠢᠴᠢᠭ ᠮᠢᠨᠢ 
ᠮᠥᠬᠥᠵᠦ ᠪᠣᠯᠣᠰᠢ ᠦᠭᠡᠢ ᠵᠢᠮ᠎ᠡ ᠲᠡᠢ 

ᠴᠢᠩᠭᠢᠰ ᠦ᠋ᠨ ᠴᠢᠯᠠᠭᠤᠨ ᠳ᠋ᠤ᠌ ᠮᠥᠩᠬᠡᠷᠡᠭᠰᠡᠨ 
ᠴᠢᠩ ᠵᠣᠷᠢᠭ ᠤ᠋ᠨ ᠤᠤᠬᠠᠢ ᠶᠤᠮ ᠠ᠋ 
ᠲᠢᠪ ᠳᠡᠯᠡᠬᠡᠢ ᠶ᠋ᠢ ᠰᠤᠨᠳᠠᠯᠠᠭᠰᠠᠨ 
ᠲᠡᠭᠷᠢ ᠶ᠋ᠢᠨ ᠪᠣᠱᠣᠭ ᠲᠠᠢ ᠵᠢᠷᠤᠬᠠᠢ ᠶᠤᠮ ᠠ᠋ 

ᠮᠢᠨᠦ ᠮᠣᠩᠭᠣᠯ ᠪᠢᠴᠢᠭ ᠮᠢᠨᠢ
ᠮᠢᠩᠭᠠᠨ ᠮᠢᠩᠭᠠᠨ ᠤ᠋ ᠥᠪ ᠲᠡᠢ
ᠮᠢᠨᠦ ᠮᠣᠩᠭᠣᠯ ᠪᠢᠴᠢᠭ ᠮᠢᠨᠢ
ᠮᠥᠬᠥᠵᠦ ᠪᠣᠯᠣᠰᠢ ᠦᠭᠡᠢ ᠵᠢᠮ᠎ᠡ ᠲᠡᠢ

ᠮᠠᠨ ᠤ᠋ ᠮᠣᠩᠭᠣᠯ ᠲᠤᠭᠤᠷᠭᠠᠲᠠᠨ ᠤ᠋
ᠮᠠᠭᠠᠳ ᠣᠷᠣᠰᠢᠬᠤ ᠶ᠋ᠢᠨ ᠪᠡᠯᠭᠡ ᠶᠤᠮ ᠠ᠋
ᠮᠠᠨᠳᠤᠨ ᠪᠠᠳᠠᠷᠠᠬᠤ ᠢᠷᠡᠭᠡᠳᠦᠢ ᠶ᠋ᠢ
ᠮᠠᠩᠯᠠᠢᠯᠠᠨ ᠭᠡᠢᠭᠦᠯᠬᠦ ᠪᠢᠯᠢᠭ ᠶᠦ᠍ᠮ ᠠ᠋

ᠮᠢᠨᠦ ᠮᠣᠩᠭᠣᠯ ᠪᠢᠴᠢᠭ ᠮᠢᠨᠢ
ᠮᠢᠩᠭᠠᠨ ᠮᠢᠩᠭᠠᠨ ᠤ᠋ ᠥᠪ ᠲᠡᠢ
ᠮᠢᠨᠦ ᠮᠣᠩᠭᠣᠯ ᠪᠢᠴᠢᠭ ᠮᠢᠨᠢ
ᠮᠥᠬᠥᠵᠦ ᠪᠣᠯᠣᠰᠢ ᠦᠭᠡᠢ ᠵᠢᠮ᠎ᠡ ᠲᠡᠢ

   ᠦᠰᠦᠭ ᠠᠮᠢᠯᠠᠭᠤᠯᠤᠭᠴᠢ᠄ ᠪᠤᠶᠠᠨᠲᠣᠭᠲᠠᠬᠤ
   ᠬᠢᠨᠠᠭᠴᠢ᠄ ᠭᠠᠷᠮ᠎ᠠ