ᠭᠤᠷᠪᠠᠨ ᠳᠠᠭᠤᠲᠤГураван дуут-ᠣᠷᠳᠤᠰ ᠠᠷᠠᠳ ᠤᠨ ᠳᠠᠭᠤᠤ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠳᠠᠭᠤᠲᠤГураван дуут-ᠣᠷᠳᠤᠰ ᠠᠷᠠᠳ ᠤᠨ ᠳᠠᠭᠤᠤ

ᠭᠤᠷᠪᠠᠨ ᠳᠠᠭᠤᠲᠤГураван дуут-ᠣᠷᠳᠤᠰ ᠠᠷᠠᠳ ᠤᠨ ᠳᠠᠭᠤᠤ

2023-09-30

300

ᠭᠤᠷᠪᠠᠨ ᠳᠠᠭᠤᠲᠤ

   ᠣᠷᠳᠣᠰ ᠠᠷᠠᠳ ᠤ᠋ᠨ ᠳᠠᠭᠤᠤ 

ᠳᠠᠭᠤᠲᠤ ᠳᠠᠭᠤᠲᠤ ᠭᠤᠷᠪᠠᠨ ᠳᠠᠭᠤᠲᠤ 
ᠳᠠᠭᠤᠯᠠᠯ ᠲᠠᠢ ᠣᠷᠣᠨ ᠪᠠᠢᠨ᠎ᠠ 
ᠳᠠᠭᠤᠤ ᠶᠣ ᠨᠠᠢᠷ ᠤ᠋ᠨ ᠳᠡᠭᠡᠵᠢ ᠪᠣᠯᠤᠭᠰᠠᠨ 
ᠳᠤᠷᠠᠰᠭᠠᠯ ᠲᠠᠢ ᠨᠤᠲᠤᠭ ᠱᠢᠦ 

ᠡᠬᠢᠨ ᠳᠠᠭᠤᠲᠤ ᠡᠬᠢᠨ ᠳᠠᠭᠤᠲᠤ 
ᠡᠨᠡᠷᠢᠯ ᠲᠡᠢ ᠣᠷᠣᠨ ᠪᠠᠢᠨ᠎ᠠ 
ᠡᠷᠴᠢ ᠰᠡᠳᠭᠢᠯ ᠳ᠋ᠦ᠍ ᠮᠢᠨᠢ ᠴᠢᠮᠡᠭ ᠪᠣᠯᠤᠭᠰᠠᠨ 
ᠡᠢᠮᠦ ᠰᠠᠢᠬᠠᠨ ᠨᠤᠲᠤᠭ ᠱᠢᠦ 

ᠠᠯᠤᠰ ᠤ᠋ᠨ ᠭᠠᠵᠠᠷ ᠠ᠋ᠴᠠ ᠬᠠᠷᠠᠭᠳᠠᠭᠠᠳ ᠪᠠᠢᠳᠠᠭ 
ᠠᠤᠭ᠎ᠠ ᠰᠠᠢᠬᠠᠨ ᠣᠷᠣᠨ ᠱᠢᠦ 
ᠠᠶᠤᠤᠯᠢᠬᠠᠢ ᠴᠡᠭᠡᠵᠢᠨ ᠳ᠋ᠦ᠍ ᠮᠢᠨᠢ ᠪᠣᠳᠣᠭᠳᠠᠭᠠᠳ ᠪᠠᠢᠳᠠᠭ 
ᠠᠪᠤ ᠶ᠋ᠢᠨ ᠮᠢᠨᠢ ᠨᠤᠲᠤᠭ ᠱᠢᠦ 

ᠡᠳᠦᠷ ᠦ᠋ᠨ ᠭᠠᠵᠠᠷ ᠠ᠋ᠴᠠ ᠬᠠᠷᠠᠭᠳᠠᠭᠠᠳ ᠪᠠᠢᠳᠠᠭ
ᠦᠨᠡᠬᠡᠷ ᠰᠠᠢᠬᠠᠨ ᠣᠷᠣᠨ ᠱᠢᠦ
ᠣᠴᠢ ᠰᠡᠳᠭᠢᠯ ᠳ᠋ᠦ᠍ ᠮᠢᠨᠢ ᠪᠣᠳᠣᠭᠳᠠᠭᠠᠳ ᠪᠠᠢᠳᠠᠭ
ᠡᠵᠢ ᠶ᠋ᠢᠨ ᠮᠢᠨᠢ ᠨᠤᠲᠤᠭ ᠱᠢᠦ

ᠨᠡᠯᠦᠭᠡᠷ ᠴᠠᠭᠠᠨ ᠮᠠᠩᠬ᠎ᠠ ᠨᠢ
ᠮᠤᠨᠢ ᠶ᠋ᠢᠨ ᠠᠭᠤᠯᠠᠨ ᠠ᠋ᠴᠠ ᠳᠣᠣᠷᠠᠳᠠᠬᠤ ᠦᠭᠡᠢ
ᠮᠡᠯᠲᠡᠭᠡᠨᠡᠭᠰᠡᠨ ᠲᠤᠩᠭᠠᠯᠠᠭ ᠨᠠᠭᠤᠷ ᠤ᠋ᠨ ᠤᠰᠤ ᠨᠢ
ᠤᠯᠠᠭᠠᠨ ᠬᠠᠲᠤᠨ ᠠ᠋ᠴᠠ ᠳᠤᠲᠠᠭᠤ ᠦᠭᠡᠢ