ᠭᠤᠴᠢᠨ ᠬᠣᠶᠠᠷ ᠰᠢᠲᠠᠷ᠎ᠠГучин хоёр шатар-ᠣᠷᠳᠤᠰ ᠠᠷᠠᠳ ᠤᠨ ᠳᠠᠭᠤᠤ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠴᠢᠨ ᠬᠣᠶᠠᠷ ᠰᠢᠲᠠᠷ᠎ᠠГучин хоёр шатар-ᠣᠷᠳᠤᠰ ᠠᠷᠠᠳ ᠤᠨ ᠳᠠᠭᠤᠤ

ᠭᠤᠴᠢᠨ ᠬᠣᠶᠠᠷ ᠰᠢᠲᠠᠷ᠎ᠠГучин хоёр шатар-ᠣᠷᠳᠤᠰ ᠠᠷᠠᠳ ᠤᠨ ᠳᠠᠭᠤᠤ

2023-09-29

490

   ᠣᠷᠳᠣᠰ ᠠᠷᠠᠳ ᠤ᠋ᠨ ᠳᠠᠭᠤᠤ 
ᠰᠦᠮᠪᠦᠷ ᠠᠭᠤᠯᠠ ᠶ᠋ᠢ ᠡᠷᠭᠢᠭᠴᠢ 
ᠨᠠᠷᠠᠨ ᠰᠠᠷᠠᠨ ᠬᠣᠶᠠᠷ ᠱᠢᠦ 
ᠰᠦᠨ ᠳᠠᠯᠠᠢ ᠳ᠋ᠤ᠌ ᠱᠤᠮᠪᠠᠭᠴᠢ 
ᠬᠠᠯᠢᠮᠤ ᠵᠢᠭᠠᠰᠤ ᠬᠣᠶᠠᠷ ᠱᠢᠦ 

ᠠᠱᠢᠳᠠ ᠶ᠋ᠢᠨ ᠠᠮᠤᠷ ᠵᠢᠷᠭᠠᠪᠠᠢ 
ᠨᠠᠢᠷ ᠶᠣ ᠨᠠᠭᠠᠳᠤᠮ ᠤ᠋ᠨ ᠲᠣᠭᠯᠠᠭᠠᠮ ᠢ᠋ᠶ᠋ᠠᠨ ᠭᠡᠢᠭᠦᠯᠦᠭᠰᠡᠨ 
ᠭᠤᠴᠢᠨ ᠬᠣᠶᠠᠷ ᠱᠢᠳᠡᠷ᠎ᠡ ᠰᠠᠢᠬᠠᠨ 
ᠠᠱᠢᠳᠠ ᠶ᠋ᠢᠨ ᠠᠮᠤᠷ ᠵᠢᠷᠭᠠᠪᠠᠢ 

ᠦᠦᠷ ᠶᠣ ᠴᠠᠢᠬᠤ ᠶ᠋ᠢᠨ ᠲᠡᠮᠳᠡᠭ ᠨᠢ 
ᠦᠦᠷ ᠦ᠋ᠨ ᠴᠣᠯᠮᠣᠨ ᠴᠠᠭᠠᠨ ᠱᠢᠦ 
ᠥᠲᠡᠯᠬᠦ ᠶ᠋ᠢᠨ ᠲᠡᠮᠳᠡᠭ ᠨᠢ 
ᠣᠩᠭᠣᠨ ᠦᠰᠦ ᠴᠠᠭᠠᠨ 

ᠠᠱᠢᠳᠠ ᠶ᠋ᠢᠨ ᠠᠮᠤᠷ ᠵᠢᠷᠭᠠᠪᠠᠢ
ᠨᠠᠢᠷ ᠶᠣ ᠨᠠᠭᠠᠳᠤᠮ ᠤ᠋ᠨ ᠲᠣᠭᠯᠠᠭᠠᠮ ᠢ᠋ᠶ᠋ᠠᠨ ᠭᠡᠢᠭᠦᠯᠦᠭᠰᠡᠨ
ᠭᠤᠴᠢᠨ ᠬᠣᠶᠠᠷ ᠱᠢᠳᠡᠷ᠎ᠡ ᠰᠠᠢᠬᠠᠨ
ᠠᠱᠢᠳᠠ ᠶ᠋ᠢᠨ ᠠᠮᠤᠷ ᠵᠢᠷᠭᠠᠪᠠᠢ
ᠡᠭᠦᠰᠬᠦᠢ ᠴᠠᠭ ᠲᠤ᠌ ᠪᠡᠶ᠎ᠡ ᠮᠢᠨᠢ ᠴᠠᠭᠠᠨ
ᠦᠰᠬᠦᠢ ᠴᠠᠭ ᠲᠤ᠌ ᠱᠢᠳᠦ ᠮᠢᠨᠢ ᠴᠠᠭᠠᠨ
ᠥᠲᠡᠯᠬᠦᠢ ᠴᠠᠭ ᠲᠤ᠌ ᠦᠰᠦ ᠮᠢᠨᠢ ᠴᠠᠭᠠᠨ
ᠥᠩᠭᠡᠷᠡᠬᠦᠢ ᠴᠠᠭ ᠲᠤ᠌ ᠶᠠᠰᠤ ᠮᠢᠨᠢ ᠴᠠᠭᠠᠨ

ᠠᠱᠢᠳᠠ ᠶ᠋ᠢᠨ ᠠᠮᠤᠷ ᠵᠢᠷᠭᠠᠪᠠᠢ
ᠨᠠᠢᠷ ᠶᠣ ᠨᠠᠭᠠᠳᠤᠮ ᠤ᠋ᠨ ᠲᠣᠭᠯᠠᠭᠠᠮ ᠢ᠋ᠶ᠋ᠠᠨ ᠭᠡᠢᠭᠦᠯᠦᠭᠰᠡᠨ
ᠭᠤᠴᠢᠨ ᠬᠣᠶᠠᠷ ᠱᠢᠳᠡᠷ᠎ᠡ ᠰᠠᠢᠬᠠᠨ
ᠠᠱᠢᠳᠠ ᠶ᠋ᠢᠨ ᠠᠮᠤᠷ ᠵᠢᠷᠭᠠᠪᠠᠢ