ᠠᠯᠳᠠᠨ ᠠᠯᠳᠠᠨ ᠵᠢᠭ᠍ᠵᠤᠤᠬᠠᠢАлтан алтан жигжоохой-ᠣᠷᠳᠤᠰ ᠠᠷᠠᠳ ᠤᠨ ᠳᠠᠭᠤᠤ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠳᠠᠨ ᠠᠯᠳᠠᠨ ᠵᠢᠭ᠍ᠵᠤᠤᠬᠠᠢАлтан алтан жигжоохой-ᠣᠷᠳᠤᠰ ᠠᠷᠠᠳ ᠤᠨ ᠳᠠᠭᠤᠤ

ᠠᠯᠳᠠᠨ ᠠᠯᠳᠠᠨ ᠵᠢᠭ᠍ᠵᠤᠤᠬᠠᠢАлтан алтан жигжоохой-ᠣᠷᠳᠤᠰ ᠠᠷᠠᠳ ᠤᠨ ᠳᠠᠭᠤᠤ

2023-09-29

528

ᠠᠯᠳᠠᠨ ᠠᠯᠳᠠᠨ ᠵᠢᠭ᠍ᠵᠤᠤᠬᠠᠢ

      ᠣᠷᠳᠤᠰ ᠠᠷᠠᠳ ᠤᠨ ᠳᠠᠭᠤᠤ 
ᠠᠯᠲᠠᠨ ᠠᠯᠲᠠᠨ ᠵᠢᠭ᠍ᠵᠤᠤᠬᠠᠢ 
ᠠᠯᠲᠠᠢ ᠳᠡᠭᠡᠭᠦᠷ ᠵᠢᠷᠭᠢᠨ᠎ᠡ 
ᠠᠪᠤ ᠶ᠋ᠢᠨ ᠦᠷ᠎ᠡ ᠮᠢᠩᠯᠤᠬᠤᠸᠠᠷ ᠠᠢ ᠳᠠ ᠬᠥ  
ᠠᠢᠯ ᠤ᠋ᠨ ᠡᠭᠦᠳᠡᠨ ᠳ᠋ᠦ᠍ ᠭᠣᠨᠵᠢᠷ ᠭᠣᠢᠭᠣᠷ ᠭᠡᠨ᠎ᠡ᠃ 

ᠮᠥᠩᠭᠥᠨ ᠮᠥᠩᠭᠥᠨ ᠵᠢᠭ᠍ᠵᠤᠤᠬᠠᠢ 
ᠮᠥᠷᠥᠨ ᠦ᠌ ᠪᠡᠨ ᠳᠡᠭᠡᠭᠦᠷ ᠵᠢᠷᠭᠢᠨ᠎ᠡ 
ᠮᠥᠨ ᠴᠦ᠍ ᠦᠷ᠎ᠡ ᠮᠢᠩᠯᠤᠬᠤᠸᠠᠷ ᠠᠢ ᠳᠠ ᠬᠥ 
ᠮᠥᠩᠬᠡ ᠶ᠋ᠢᠨ ᠡᠭᠦᠳᠡᠨ ᠳ᠋ᠦ᠍ ᠭᠣᠨᠵᠢᠷ ᠭᠣᠢᠭᠣᠷ ᠭᠡᠨ᠎ᠡ᠃ 

ᠬᠦᠷᠡᠩ ᠬᠦᠷᠡᠩ ᠵᠢᠭ᠍ᠵᠤᠤᠬᠠᠢ
ᠬᠦᠷᠢᠶᠡᠨ ᠦ᠌ ᠪᠡᠨ ᠳᠡᠭᠡᠭᠦᠷ ᠵᠢᠷᠭᠢᠨ᠎ᠡ
ᠬᠡᠦᠬᠡᠨ ᠦᠷ᠎ᠡ ᠯᠠ ᠮᠢᠩᠯᠤᠬᠤᠸᠠᠷ ᠠᠢ ᠳᠠ ᠬᠥ
ᠬᠥᠮᠦᠨ ᠦ᠌ ᠡᠭᠦᠳᠡᠨ ᠳ᠋ᠦ᠍ ᠭᠣᠨᠵᠢᠷ ᠭᠣᠢᠭᠣᠷ ᠭᠡᠨ᠎ᠡ᠃

ᠤᠯᠠᠭᠠᠨ ᠪᠣᠷᠣ ᠵᠢᠭ᠍ᠵᠤᠤᠬᠠᠢ
ᠣᠭᠲᠠᠷᠭᠤᠢ ᠳᠡᠭᠡᠭᠦᠷ ᠵᠢᠷᠭᠢᠨ᠎ᠡ
ᠤᠶᠠᠬᠠᠨ ᠵᠠᠩ ᠲᠡᠢ ᠮᠢᠯᠤᠬᠤᠸᠠᠷ ᠠᠢ ᠳᠠ ᠬᠥ
ᠨᠠᠮᠠᠶ᠋ᠢ ᠪᠠᠨ ᠬᠠᠷᠠᠭᠠᠳ ᠮᠡᠯᠮᠡᠷᠡᠭᠦᠯᠦᠨ᠎ᠡ᠃

ᠳᠠᠷᠤᠵᠤ ᠬᠦᠷᠦᠭᠰᠡᠨ ᠭᠡᠵᠢᠭᠡ ᠴᠢᠨᠢ ᠬᠥ
ᠳᠠᠯᠤ ᠨᠢ ᠶ᠋ᠢᠨ ᠭᠣᠣᠯ ᠢ᠋ᠶ᠋ᠠᠷ ᠣᠷᠭᠢᠰ ᠭᠡᠨ᠎ᠡ
ᠳᠠᠪᠬᠤᠷ ᠠᠯᠠᠭ ᠬᠣᠰᠢᠨ ᠨᠢᠳᠦ ᠪᠡᠷ ᠢ᠋ᠶ᠋ᠡᠨ ᠠᠢ ᠳᠠ ᠬᠥ
ᠳᠠᠭᠠᠵᠤ ᠬᠠᠷᠠᠭᠠᠳ ᠮᠡᠯᠮᠡᠷᠡᠭᠦᠯᠦᠨ᠎ᠡ᠃

ᠨᠤᠭᠤᠯᠵᠤ ᠬᠦᠷᠦᠭᠰᠡᠨ ᠭᠡᠵᠢᠭᠡ ᠴᠢᠨᠢ ᠬᠥ
ᠨᠢᠷᠤᠭᠤᠨ ᠤ᠋ ᠶᠢᠨ ᠭᠣᠣᠯ ᠢ᠋ᠶ᠋ᠠᠷ ᠣᠷᠬᠢᠰ ᠭᠡᠨ᠎ᠡ
ᠨᠤᠭᠤᠰᠤᠨ ᠠᠯᠠᠭ ᠬᠣᠶᠠᠷ ᠨᠢᠳᠦ ᠪᠡᠷ ᠢ᠋ᠶ᠋ᠡᠨ ᠠᠢ ᠳᠠ ᠬᠥ
ᠨᠢᠭᠤᠵᠤ ᠬᠠᠷᠠᠭᠠᠳ ᠮᠡᠯᠮᠡᠷᠡᠭᠦᠯᠦᠨ᠎ᠡ᠃