ᠬᠥᠬᠡ ᠰᠤᠳᠤᠷ - ᠢᠨᠵᠠᠨᠨᠠᠰᠢ < ᠲᠠᠪᠢᠨ ᠳᠦᠷᠪᠡᠳᠦᠭᠡᠷ ᠪᠦᠯᠦᠭ > Хөх судар - Инжинаш < Тавин дөрөвдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠠᠪᠢᠨ ᠳᠦᠷᠪᠡᠳᠦᠭᠡᠷ ᠪᠦᠯᠦᠭ > Хөх судар - Инжинаш < Тавин дөрөвдүгээр бүлэг >

ᠬᠥᠬᠡ ᠰᠤᠳᠤᠷ - ᠢᠨᠵᠠᠨᠨᠠᠰᠢ < ᠲᠠᠪᠢᠨ ᠳᠦᠷᠪᠡᠳᠦᠭᠡᠷ ᠪᠦᠯᠦᠭ > Хөх судар - Инжинаш < Тавин дөрөвдүгээр бүлэг >

ᠠᠩᠭᠢᠯᠠᠯ:ᠲᠡᠦᠬᠡ ᠰᠣᠶᠣᠯ
2023-09-29

247

ᠴᠢᠭᠢᠷᠠᠭ ᠲᠠᠢᠰᠢ ᠲᠠᠪᠢᠨ ᠭᠤᠷᠪᠠᠨ ᠨᠠᠰᠤᠨ᠎ᠠ ᠴᠢᠰᠤᠨ ᠰᠡᠳᠬᠢᠯ  ᠢ᠋ ᠪᠦᠷᠢᠨ᠎ᠡ ᠠᠢᠯᠠᠳᠬᠠᠪᠠ

ᠴᠢᠩᠭᠢᠰ ᠬᠠᠭᠠᠨ ᠵᠢᠷᠠᠨ ᠨᠢᠭᠡᠨ ᠰᠡᠭᠦᠳᠡᠷ᠎ᠡ ᠴᠢᠳᠠᠯ ᠬᠦᠴᠦᠨ ᠢ ᠪᠠᠰᠠ ᠬᠦ᠌ ᠬᠡᠷᠡᠭᠯᠡᠪᠡ


                                       ᠲᠠᠪᠢᠨ ᠳᠥᠷᠪᠡᠳᠦᠭᠡᠷ ᠪᠦᠯᠦᠭ  
                         ᠬᠠᠷ᠎ᠠ ᠮᠣᠷᠢᠨ ᠵᠢᠯ ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠲᠠᠢᠽᠦ ᠶ᠋ᠢᠨ ᠠᠷᠪᠠᠨ ᠳᠣᠯᠣᠳᠤᠭᠠᠷ ᠣᠨ ᠂
                                 ᠰᠥᠩ ᠤᠯᠤᠰ ᠤ᠋ᠨ ᠨᠢᠩᠽᠥ᠋ᠩ ᠬᠠᠭᠠᠨ ᠤ᠋ ᠵᠢᠶᠠ ᠳ᠋ᠢᠩ ᠦ᠋ᠨ ᠠᠷᠪᠠᠨ ᠲᠠᠪᠤᠳᠤᠭᠠᠷ ᠣᠨ ᠂ 
                                 ᠠᠯᠲᠠᠨ ᠤᠯᠤᠰ ᠤ᠋ᠨ ᠰᠢᠦᠸᠠᠨᠽᠥ᠋ᠩ ᠬᠠᠭᠠᠨ ᠤ᠋ ᠶᠤᠸᠠᠨ ᠭᠤᠸᠠᠩ ᠤ᠋ᠨ ᠲᠡᠷᠢᠭᠦᠨ ᠣᠨ ᠂ 
                                 ᠴᠢᠩᠭᠢᠰ ᠬᠠᠭᠠᠨ ᠡᠨᠡ ᠵᠢᠯ ᠵᠢᠷᠠᠨ ᠨᠢᠭᠡᠨ ᠰᠡᠭᠦᠳᠡᠷ ᠲᠡᠢ   

              ᠴᠢᠭᠢᠷᠠᠭ ᠲᠠᠢᠰᠢ ᠲᠠᠪᠢᠨ ᠭᠤᠷᠪᠠᠨ ᠨᠠᠰᠤᠨ᠎ᠠ ᠴᠢᠰᠤᠨ ᠰᠡᠳᠬᠢᠯ  ᠢ᠋ ᠪᠦᠷᠢᠨ᠎ᠡ ᠠᠢᠯᠠᠳᠬᠠᠪᠠ 
              ᠴᠢᠩᠭᠢᠰ ᠬᠠᠭᠠᠨ ᠵᠢᠷᠠᠨ ᠨᠢᠭᠡᠨ ᠰᠡᠭᠦᠳᠡᠷ᠎ᠡ ᠴᠢᠳᠠᠯ ᠬᠦᠴᠦᠨ ᠢ ᠪᠠᠰᠠ ᠬᠦ᠌ ᠬᠡᠷᠡᠭᠯᠡᠪᠡ 

       ᠲᠡᠨᠳᠡᠴᠡ ᠨᠢᠳᠤᠨᠤᠨ ᠡᠪᠦᠯ ᠴᠢᠩᠭᠢᠰ ᠬᠠᠭᠠᠨ ᠰᠢ ᠢᠦᠢ᠂ ᠲᠠᠩᠭᠤᠳ  ᠢ᠋ ᠲᠦᠪᠰᠢᠳᠬᠡᠭᠡᠳ ᠣᠳᠣ ᠣᠯᠠᠨ ᠬᠣᠲᠣᠩ ᠪᠠ ᠡᠨᠡᠳᠬᠡᠭ ᠬᠣᠶᠠᠷ ᠤᠯᠤᠰ ᠢ ᠢᠷᠡᠬᠦ ᠵᠢᠯ ᠲᠡᠭᠰᠢᠯᠡᠰᠦᠭᠡᠢ ᠭᠡᠮᠡᠨ ᠶᠡᠬᠡ ᠭᠡᠷ ᠴᠡᠷᠢᠭ  ᠢ᠋ ᠴᠥᠮ ᠳᠤᠷ᠎ᠠ ᠶ᠋ᠢ ᠠᠨᠤ ᠦᠵᠡᠵᠦ ᠲᠣᠭᠲᠠᠭᠠᠨ᠂ ᠮᠥᠨ ᠬᠦ᠌ ᠲᠡᠨᠳᠡ ᠦᠯᠡᠳᠡᠭᠡᠵᠦ ᠴᠢᠨᠠᠭᠰᠢ ᠣᠷᠣᠬᠤ ᠶ᠋ᠢ ᠪᠡᠯᠡᠳᠬᠡᠵᠦ᠂ ᠬᠤᠸᠠᠩ ᠲᠠᠢᠬᠡᠦ ᠶ᠋ᠢᠨ ᠰᠡᠭᠦᠳᠡᠷ ᠥᠨᠳᠥᠷ ᠪᠣᠯᠤᠭᠰᠠᠨ ᠲᠤᠯᠠ ᠲᠦᠷ ᠬᠥᠩᠭᠡᠨ ᠵᠢᠭᠰᠠᠭᠠᠯ  ᠢ᠋ᠶ᠋ᠠᠷ ᠬᠠᠷᠢᠵᠤ ᠢᠷᠡᠭᠡᠳ ᠲᠠᠢᠬᠡᠦ ᠶ᠋ᠢᠨ ᠠᠮᠤᠭᠤᠯᠠᠩ ᠢ᠋ ᠡᠷᠢᠵᠦ ᠡᠪᠦᠯᠵᠢᠭᠡᠨ ᠦ᠌ ᠭᠠᠵᠠᠷ ᠢ᠋ ᠳ᠋ᠠᠢᠳᠦ᠋ ᠳ᠋ᠦ᠍ᠷ ᠪᠡᠯᠡᠳᠬᠡᠵᠦ᠂ ᠪᠠᠰᠠ ᠶᠡᠬᠡ ᠴᠡᠷᠢᠭ ᠦ᠋ᠨ ᠨᠡᠢᠭᠡᠮ ᠢ᠋ ᠡᠵᠡᠯᠡᠬᠦ ᠴᠢᠨ ᠸᠠᠩ ᠪᠡᠯᠭᠦᠳᠡᠢ ᠶ᠋ᠢ ᠢᠯᠡᠭᠡᠵᠦ᠂ ᠮᠤᠬᠤᠯᠢ ᠶ᠋ᠢᠨ ᠴᠡᠷᠢᠭ ᠢ᠋ ᠵᠠᠬᠢᠷᠤᠭᠤᠯᠵᠤ᠂ ᠭᠦᠸᠧ ᠸᠠᠩ ᠮᠤᠬᠤᠯᠢ ᠶ᠋ᠢ ᠲᠦᠷ ᠡᠭᠡᠭᠦᠯᠵᠦ ᠬᠠᠭᠠᠨ ᠦᠵᠡᠭᠰᠡᠨ ᠦᠭᠡᠢ ᠭᠤᠷᠪᠠᠨ ᠵᠢᠯ ᠪᠣᠯᠪᠠ᠂ ᠠᠰᠤᠷᠤ ᠮᠥᠷᠥᠭᠡᠳᠦᠮᠦᠢ ᠭᠡᠮᠡᠨ ᠨᠢᠳᠤᠨᠤᠨ ᠲᠠᠢᠽᠢ ᠲᠣᠯᠢ ᠪᠠᠷ ᠬᠡᠯᠡᠭᠦᠯᠪᠡ᠃ ᠡᠳᠦᠭᠡ ᠪᠠᠰᠠ ᠪᠡᠯᠭᠦᠳᠡᠢ ᠶ᠋ᠢ ᠵᠠᠷᠤᠵᠤ ᠳᠠᠭᠤᠳᠠᠭᠤᠯᠤᠭᠰᠠᠨ ᠳ᠋ᠤᠷ ᠭᠦᠸᠧ ᠸᠠᠩ ᠴᠡᠷᠢᠭ ᠦ᠋ᠨ ᠬᠡᠷᠡᠭ ᠢ᠋ ᠬᠢᠨᠠᠨ ᠨᠠᠷᠢᠪᠴᠢᠯᠠᠨ ᠲᠤᠰᠢᠶᠠᠯᠭᠠᠵᠤ᠂ ᠨᠠᠮᠠᠶ᠋ᠢ ᠢᠷᠡᠲᠡᠯ᠎ᠡ ᠪᠦᠦ ᠬᠥᠳᠡᠯ ᠭᠡᠮᠡᠨ ᠬᠠᠷᠢᠵᠤ ᠢᠷᠡᠭᠡᠳ ᠬᠠᠭᠠᠨ ᠳ᠋ᠤᠷ ᠮᠥᠷᠭᠥᠨ ᠵᠣᠯᠭᠠᠭᠰᠠᠨ᠎ᠠ᠂ ᠬᠠᠭᠠᠨ ᠬᠣᠲᠠ ᠭᠠᠷᠴᠤ ᠤᠭᠲᠤᠨ ᠭᠠᠷ ᠢ᠋ ᠢᠨᠤ ᠪᠠᠷᠢᠵᠤ ᠬᠣᠲᠠᠨ ᠳ᠋ᠤᠷ ᠣᠷᠣᠵᠤ ᠲᠥᠷᠥ ᠳ᠋ᠦ᠍ᠷ ᠭᠠᠷᠴᠤ ᠠᠷᠢᠬᠢ ᠬᠦᠷᠭᠡᠨ ᠥᠭᠦᠯᠡᠷᠦᠨ :《ᠤᠭ ᠠ᠋ᠴᠠ ᠵᠣᠪᠠᠯᠠᠩ ᠭᠠᠴᠢᠭᠳᠠᠯ ᠢ᠋ ᠠᠮᠰᠠᠭᠰᠠᠨ ᠪᠢᠳᠡ ᠨᠢᠭᠡᠨ ᠦᠶ᠎ᠡ ᠶ᠋ᠢᠨ ᠡᠵᠡᠨ ᠰᠠᠢᠳ ᠠ᠋ᠴᠠ ᠴᠢ ᠡᠮᠦᠨ᠎ᠡ ᠶ᠋ᠢ ᠳᠠᠢᠯᠠᠷ᠎ᠠ ᠡᠴᠢᠭᠡᠳ ᠭᠤᠷᠪᠠᠨ ᠵᠢᠯ ᠪᠣᠯᠵᠤ᠂ ᠪᠢ ᠬᠠᠷᠠᠬᠠᠨ ᠬᠥᠭᠰᠢᠷᠡᠬᠦᠢ ᠶ᠋ᠢᠨ ᠦᠶ᠎ᠡ ᠳ᠋ᠦ᠍ᠷ ᠵᠠᠯᠠᠭᠤ ᠶ᠋ᠢᠨ ᠨᠥᠬᠥᠷ ᠰᠠᠢᠳ  ᠢ᠋ᠶ᠋ᠠᠨ ᠰᠠᠨᠠᠵᠤ ᠪᠥᠬᠥᠶ᠎ᠡ᠂ ᠪᠠᠰᠠ ᠴᠢᠪᠬᠢᠲᠡᠯ᠎ᠡ ᠨᠢᠳᠤᠨᠤᠨ ᠵᠢᠯ ᠬᠦᠯᠦᠭ ᠪᠤᠭᠤᠷᠤᠯ ᠰᠢ ᠢᠦᠢ ᠳ᠋ᠦ᠍ᠷ ᠭᠠᠪᠢᠶ᠎ᠠ ᠶ᠋ᠢ ᠪᠦᠲᠦᠭᠡᠭᠡᠳ ᠰᠢ ᠢᠦᠢ ᠤᠯᠤᠰ ᠤ᠋ᠨ ᠴᠸᠨ ᠦ᠌ ᠭᠠᠵᠠᠷ ᠡᠪᠡᠳᠴᠦ ᠦᠭᠡᠢ ᠪᠣᠯᠤᠭᠰᠠᠨ ᠳ᠋ᠤᠷ ᠮᠢᠨᠦ ᠦᠶ᠎ᠡ ᠶ᠋ᠢᠨ ᠰᠠᠢᠳ  ᠤ᠋ᠳ ᠢ᠋ ᠮᠥᠷᠥᠭᠡᠳᠬᠦ  ᠢᠨᠤ ᠨᠡᠩ ᠨᠡᠮᠡᠭᠳᠡᠵᠦ᠂ ᠲᠡᠰᠳᠡᠰᠢ ᠦᠭᠡᠢ ᠲᠤᠯᠠ ᠵᠠᠷᠤᠭᠰᠠᠨ ᠪᠥᠯᠥᠭᠡ᠃ ᠴᠢᠩ ᠴᠢ ᠤᠯᠤᠰ ᠤ᠋ᠨ ᠬᠡᠷᠡᠭ ᠢ᠋ ᠬᠦᠨᠳᠦ ᠦᠵᠡᠵᠦ ᠢᠷᠡᠬᠦ ᠦᠭᠡᠢ ᠳ᠋ᠦ᠍ᠷ ᠮᠢᠨᠦ ᠳᠣᠲᠣᠷ᠎ᠠ ᠲᠡᠰᠬᠡᠯ ᠦᠭᠡᠢ ᠮᠥᠷᠥᠭᠡᠳᠦᠨ ᠦᠯᠦ ᠵᠣᠭᠰᠣᠬᠤᠢ ᠳ᠋ᠤᠷ ᠳᠡᠭᠦᠦ ᠴᠢᠨ ᠸᠠᠩ ᠢ᠋ᠶ᠋ᠠᠷ ᠳᠠᠭᠤᠳᠠᠭᠤᠯᠪᠠ᠃ ᠨᠢᠭᠡᠨ ᠳ᠋ᠦ᠍ᠷ ᠲᠠᠢᠬᠡᠦ ᠶ᠋ᠢᠨ ᠰᠡᠭᠦᠳᠡᠷ ᠨᠠᠶᠠᠨ ᠢ᠋ ᠭᠠᠷᠪᠠ᠂ ᠪᠢ ᠮᠥᠨ ᠦᠳᠡᠯᠭᠦᠢ ᠶ᠋ᠢᠨ ᠮᠥᠷ ᠲᠣᠷ ᠣᠷᠣᠵᠤᠬᠤᠢ᠃ ᠥᠨᠳᠥᠷ ᠰᠡᠭᠦᠳᠡᠷᠲᠦ ᠡᠬᠡ ᠪᠡᠨ ᠪᠠᠶᠠᠷᠯᠠᠭᠤᠯᠤᠨ ᠰᠠᠭᠤᠯᠭᠠᠶ᠎ᠠ᠃ ᠬᠣᠶᠠᠷ ᠲᠤᠷ ᠬᠠᠭᠤᠴᠢᠨ ᠰᠠᠢᠳ ᠤ᠋ᠳ ᠢ᠋ᠶ᠋ᠠᠨ ᠴᠢᠭᠤᠯᠤᠭᠤᠯᠤᠨ ᠪᠡᠶ᠎ᠡ ᠶ᠋ᠢ ᠢᠨᠤ ᠦᠵᠡᠶ᠎ᠡ ᠭᠡᠮᠡᠨ ᠬᠠᠷᠢᠵᠤ ᠢᠷᠡᠪᠡ᠃ ᠪᠢᠳᠡ ᠬᠥᠭᠰᠢᠨ ᠡᠵᠡᠨ ᠰᠠᠢᠳ  ᠢ᠋ᠶ᠋ᠠᠷ ᠡᠳᠡᠭᠡᠷ ᠵᠠᠯᠠᠭᠤᠴᠤᠳ ᠲᠤᠷ ᠵᠢᠳᠬᠦᠵᠦ ᠶᠠᠪᠤᠭᠰᠠᠭᠠᠷ ᠬᠠᠷᠢᠯᠴᠠᠨ ᠤᠴᠠᠷᠠᠯᠳᠤᠬᠤ ᠪᠠᠬᠠᠨ ᠴᠥᠭᠡᠨ ᠪᠣᠯᠪᠠ ! 》 ᠭᠡᠮᠡᠨ ᠰᠢᠨ᠎ᠡ ᠵᠢᠯ ᠦ᠋ᠨ ᠶᠡᠬᠡ ᠪᠠᠶᠠᠰᠬᠤᠯᠠᠩ ᠤ᠋ᠨ ᠶᠣᠰᠣᠭᠠᠷ ᠲᠠᠢᠬᠡᠦ ᠶ᠋ᠢᠨ ᠨᠠᠶᠠᠨ ᠨᠢᠭᠡᠨ  ᠦ᠌ ᠲᠦᠮᠡᠨ ᠰᠡᠭᠦᠳᠡᠷ ᠲᠣᠷ ᠮᠥᠷᠭᠥᠵᠦ᠂ ᠤᠯᠤᠰ ᠤ᠋ᠨ ᠬᠣᠲᠠᠯᠠᠭᠠᠷ ᠲᠤᠷ ᠤᠷᠢᠳᠤ ᠶ᠋ᠢᠨ ᠶᠣᠰᠣᠭᠠᠷ ᠳᠠᠪᠬᠤᠷ ᠱᠠᠩ ᠲᠠᠯᠪᠢᠨ ᠥᠷᠯᠥᠭ ᠪᠠᠭᠤᠯᠭᠠᠵᠤ᠂ ᠵᠠᠭᠤᠨ ᠲᠦᠰᠢᠮᠡᠯ  ᠢ᠋ ᠨᠢᠭᠡᠨ ᠵᠡᠷᠭᠡ ᠳᠡᠪᠰᠢᠭᠦᠯᠦᠨ᠂ ᠸᠠᠩ ᠰᠠᠢᠳ ᠢ ᠬᠤᠷᠢᠮᠯᠠᠬᠤᠢ ᠳ᠋ᠤᠷ ᠴᠢᠩᠭᠢᠰ ᠬᠠᠭᠠᠨ ᠦᠵᠡᠪᠡᠰᠦ ᠰᠥᠩ ᠤᠯᠤᠰ᠂ ᠠᠯᠲᠠᠨ ᠤᠯᠤᠰ᠂ ᠰᠢᠶᠠ ᠤᠯᠤᠰ᠂ ᠬᠢᠳᠠᠨ ᠤᠯᠤᠰ᠂ ᠵᠡᠭᠦᠨ ᠪᠠᠷᠠᠭᠤᠨ ᠬᠣᠶᠠᠷ ᠯᠢᠶᠣᠣ ᠤᠯᠤᠰ᠂ ᠲᠥᠪᠡᠳ ᠤᠯᠤᠰ᠂ ᠪᠠᠯᠪᠤ ᠤᠯᠤᠰ᠂ ᠰᠢᠨ᠎ᠡ ᠳᠠᠭᠠᠭᠰᠠᠨ ᠰᠢ ᠢᠦᠢ ᠤᠯᠤᠰ᠂ ᠲᠠᠩᠭᠤᠳ ᠤᠯᠤᠰ᠂ ᠬᠣᠲᠣᠩ ᠤᠯᠤᠰ᠂ ᠰᠣᠯᠣᠩᠭᠣᠰ᠂ ᠭᠠᠤᠯᠢ ᠤᠯᠤᠰ᠂ ᠣᠷᠣᠰ᠂ ᠡᠭᠦᠨ ᠡᠴᠡ ᠭᠠᠳᠠᠨ᠎ᠠ ᠬᠣᠢᠲᠤ ᠭᠠᠵᠠᠷ ᠳᠠᠯᠳᠠ ᠲᠠᠪᠤᠨ ᠪᠠᠭ᠎ᠠ ᠠᠢᠮᠠᠭ ᠴᠥᠮ ᠶᠡᠨᠳᠡᠷ ᠦ᠋ᠨ ᠳᠣᠣᠷ᠎ᠠ ᠮᠥᠷᠭᠥᠬᠦᠢ ᠳ᠋ᠦ᠍ᠷ ᠬᠠᠭᠠᠨ ᠸᠠᠩ ᠰᠠᠢᠳ ᠤ᠋ᠨ ᠵᠦᠭ ᠵᠠᠷᠯᠢᠭ ᠪᠣᠯᠤᠷᠤᠨ : 《ᠰᠥᠩ ᠂ ᠯᠢᠶᠣᠣ ᠂ ᠰᠢᠶᠠ ᠂ ᠠᠯᠲᠠᠨ ᠡᠨᠡ ᠳᠥᠷᠪᠡᠨ ᠤᠯᠤᠰ  ᠤ᠋ᠳ  ᠢ᠋ ᠠᠯᠪᠠ ᠬᠦᠷᠭᠡᠯᠭᠡᠨ ᠲᠣᠭᠲᠠᠭᠠᠨ ᠴᠢᠳᠠᠭᠰᠠᠨ ᠠᠨᠤ ᠴᠥᠮ ᠣᠯᠠᠨ ᠰᠠᠢᠳ ᠲᠠᠨ ᠤ᠋ ᠵᠢᠳᠬᠦᠯ ᠪᠥᠯᠥᠭᠡ ᠂ ᠨᠡᠩᠳᠡ ᠰᠥᠩ ᠂ ᠠᠯᠲᠠᠨ  ᠢ᠋ ᠭᠦᠸᠧ ᠸᠠᠩ ᠠ᠋ᠴᠠ ᠥᠪᠡᠷ᠎ᠡ ᠬᠡᠨ ᠴᠢᠳᠠᠬᠤ ? ᠲᠦᠮᠡᠨ ᠤᠯᠤᠰ ᠤ᠋ᠨ ᠮᠥᠷᠭᠥᠷ᠎ᠡ ᠢᠷᠡᠵᠦ ᠬᠦᠷᠢᠶ᠎ᠡ ᠳ᠋ᠦ᠍ᠷ ᠳᠦᠭᠦᠷᠦᠭᠰᠡᠨ ᠢᠨᠤ ᠭᠠᠭᠴᠠ ᠬᠦᠴᠦᠨ ᠳ᠋ᠦ᠍ᠷ ᠴᠢᠳᠠᠭᠰᠠᠨ ᠪᠤᠰᠤ᠂ ᠦᠨᠡᠨ ᠡᠷᠳᠡᠮᠲᠦ ᠰᠡᠳᠬᠢᠯ  ᠢ᠋ᠶ᠋ᠡᠷ ᠰᠠᠶᠢ ᠬᠤᠷᠠᠭᠰᠠᠨ ᠪᠣᠯᠠᠢ᠃ ᠡᠳᠦᠭᠡ ᠬᠡᠳᠦᠢ ᠰᠥᠩ᠂ ᠠᠯᠲᠠᠨ ᠲᠡᠷᠡ ᠮᠡᠲᠦ ᠰᠠᠢᠬᠠᠨ ᠲᠦᠪᠰᠢᠷᠡᠭᠡᠳᠦᠢ ᠬᠡᠮᠡᠪᠡᠴᠦ ᠡᠬᠢᠯᠡᠨ ᠠᠯᠪᠠ ᠪᠠᠷᠢᠭᠤᠯᠤᠭᠰᠠᠨ ᠠᠨᠤ ᠬᠥᠭᠰᠢᠨ ᠮᠡᠬᠦᠰ ᠮᠢᠨᠦ ᠪᠡᠶ᠎ᠡ ᠡᠴᠡ ᠡᠭᠦᠰᠪᠡᠢ᠃ ᠡᠭᠦᠨ ᠡᠴᠡ ᠬᠣᠢᠰᠢ ᠳᠡᠯᠡᠬᠡᠢ ᠳ᠋ᠠᠬᠢᠨ ᠤ᠋ ᠨᠡᠢᠭᠡᠮ ᠠᠮᠤᠷ ᠪᠣᠯᠬᠤ ᠶ᠋ᠢᠨ ᠦᠨᠳᠦᠰᠦᠨ ᠬᠠᠳᠬᠤᠭᠰᠠᠨ ᠪᠣᠯᠠᠢ᠃ ᠵᠠᠯᠠᠭᠤ ᠳᠡᠭᠦᠦ ᠨᠠᠷ ᠬᠡᠦᠬᠡᠳ ᠪᠠ ᠸᠠᠩ ᠰᠠᠢᠳ ᠮᠢᠨᠦ ᠡᠨᠡ ᠦᠭᠡ ᠶ᠋ᠢ ᠰᠤᠳᠤᠷᠯᠠᠨ ᠠᠪᠴᠤ ᠰᠠᠢᠬᠠᠨ ᠲᠡᠮᠳᠡᠭᠯᠡ᠃  ᠪᠢ ᠦᠵᠡᠪᠡᠰᠦ ᠬᠤᠸᠠᠩ ᠲᠠᠢᠬᠡᠦ ᠲᠡᠭᠷᠢ ᠶ᠋ᠢᠨ ᠰᠠᠨᠠᠭᠠᠨ  ᠢ᠋ ᠰᠦᠰᠦᠭᠯᠡᠨ ᠬᠦᠨᠳᠦᠯᠡᠭᠰᠡᠨ  ᠢ᠋ᠶ᠋ᠡᠷ ᠪᠡᠶ᠎ᠡ ᠶ᠋ᠢᠨ ᠭᠡᠭᠡᠨ ᠮᠠᠰᠢ ᠴᠢᠩᠭ᠎ᠠ ᠲᠡᠭᠰᠢ᠂ ᠪᠢ ᠡᠨᠡ ᠪᠠᠷᠠᠭᠤᠨ ᠪᠡᠶ᠎ᠡ ᠶ᠋ᠢ ᠲᠡᠭᠰᠢ ᠪᠣᠯᠭᠠᠬᠤᠢ ᠳ᠋ᠤᠷ ᠳᠡᠮᠡᠢ ᠤᠳᠠᠬᠤ ᠦᠭᠡᠢ ᠮᠡᠲᠦ᠂ ᠮᠢᠨᠦ ᠪᠡᠯᠭᠡ ᠲᠥᠯᠭᠡ ᠳ᠋ᠦ᠍ᠷ ᠮᠥᠨ ᠰᠠᠢᠨ᠂ ᠭᠠᠭᠴᠠ ᠭᠦᠸᠧ ᠸᠠᠩ ᠲᠠᠢᠰᠢ ᠴᠢ ᠬᠡᠳᠦᠨ ᠵᠢᠯ ᠠᠮᠠᠷᠠᠪᠠᠰᠤ ᠰᠠᠢᠨ᠂ ᠡᠰᠡᠬᠦᠯ᠎ᠡ ᠨᠠᠳᠠ ᠯᠤᠭ᠎ᠠ ᠪᠠᠷᠠᠭᠤᠨ  ᠢ᠋ ᠲᠠᠢᠯᠠᠰᠤᠭᠠᠢ᠂ ᠡᠳᠦᠭᠡ ᠴᠢᠨᠦ ᠪᠡᠶ᠎ᠡ ᠡᠮᠦᠨ᠎ᠡ ᠵᠦᠭ ᠣᠷᠣᠭᠰᠠᠨ ᠠ᠋ᠴᠠ ᠭᠤᠷᠪᠠᠨ ᠳᠥᠷᠪᠡᠨ ᠣᠨ ᠤ᠋ ᠳᠣᠲᠣᠷ᠎ᠠ ᠯᠢᠶᠣᠣ ᠳ᠋ᠦᠩ᠂ ᠯᠢᠶᠣᠣ ᠰᠢ᠂ ᠱᠠᠨ ᠳ᠋ᠦᠩ᠂ ᠾᠧ ᠪᠧᠢ ᠶ᠋ᠢ ᠴᠥᠮ ᠲᠦᠪᠰᠢᠨ ᠪᠣᠯᠭᠠᠪᠠ᠃ ᠪᠠᠭ᠎ᠠ ᠰᠠᠭ᠎ᠠ ᠦᠯᠡᠭᠰᠡᠨ ᠳᠠᠢᠰᠤᠨ  ᠢ᠋ ᠶᠠᠭᠠᠬᠢᠨ ᠲᠣᠭᠠᠨ ᠳ᠋ᠤᠷ ᠣᠷᠣᠭᠤᠯᠬᠤ ? ᠡᠨᠡ ᠳᠠᠷᠤᠢ ᠣᠷᠴᠢᠯᠠᠩ ᠤ᠋ᠨ ᠲᠠᠰᠤᠷᠬᠠᠢ ᠭᠠᠪᠢᠶ᠎ᠠ ᠪᠣᠯᠠᠢ ! ᠡᠷ᠎ᠡ ᠬᠥᠮᠦᠨ  ᠢ᠋ ᠬᠡᠳᠦᠢ ᠦᠬᠦᠲᠡᠯ᠎ᠡ ᠴᠢᠷᠮᠠᠢ ᠬᠡᠮᠡᠪᠡᠴᠦ ᠮᠥᠨ ᠪᠠᠰᠠ ᠬᠠᠨᠤᠯ  ᠢ᠋ ᠮᠡᠳᠡᠵᠦ ᠪᠡᠶ᠎ᠡ ᠶ᠋ᠢ ᠪᠡᠨ ᠠᠮᠠᠷᠠᠪᠠᠰᠤ ᠵᠣᠬᠢᠮᠤᠢ !》ᠬᠡᠮᠡᠭᠰᠡᠨ ᠳ᠋ᠦ᠍ᠷ ᠭᠦᠸᠧ ᠸᠠᠩ ᠮᠤᠬᠤᠯᠢ ᠮᠥᠷᠭᠥᠨ ᠠᠢᠯᠠᠳᠬᠠᠷᠤᠨ :《ᠰᠠᠢᠳ ᠪᠢ ᠪᠠᠭ᠎ᠠ ᠠ᠋ᠴᠠ ᠠᠶᠠᠨ ᠳ᠋ᠤᠷ ᠶᠠᠪᠤᠵᠤ ᠳᠠᠳᠤᠭᠰᠠᠨ  ᠢ᠋ᠶ᠋ᠠᠷ ᠰᠤᠯᠠ ᠰᠠᠭᠤᠪᠠᠴᠤ ᠬᠠᠷᠢᠨ ᠪᠢᠲᠡᠭᠦᠷᠡᠨ ᠵᠣᠪᠠᠮᠤᠢ᠂ ᠨᠡᠩ ᠪᠠᠰᠠ ᠰᠤᠯᠠ ᠬᠥᠮᠦᠨ  ᠦ᠌ ᠬᠤᠪᠢ ᠠ᠋ᠴᠠ ᠬᠠᠭᠠᠨ ᠤ᠋ ᠬᠡᠰᠢᠭ ᠲᠣᠷ ᠸᠠᠩ ᠤ᠋ᠨ ᠰᠠᠭᠤᠷᠢᠨ ᠳ᠋ᠤᠷ ᠬᠦᠷᠴᠦ ᠰᠥᠩ ᠂ ᠠᠯᠲᠠᠨ ᠤ᠋ ᠬᠠᠳ ᠯᠤᠭ᠎ᠠ ᠰᠠᠴᠠᠭᠤ ᠾᠧ ᠨᠠᠨ ᠂ ᠾᠧ ᠪᠧᠢ ᠳ᠋ᠦ᠍ᠷ ᠲᠦᠭ ᠲᠦᠮᠡᠨ ᠵᠧᠦ ᠰᠢᠶᠠᠨ ᠤ᠋ ᠳᠡᠭᠡᠷ᠎ᠡ ᠡᠷᠬᠢᠮ ᠶᠡᠬᠡ ᠥᠨᠳᠥᠷ ᠥᠩᠭᠡᠲᠡᠢ ᠳ᠋ᠦ᠍ᠷ ᠶᠠᠮᠪᠠᠷ ᠬᠥᠮᠦᠨ ᠰᠠᠢᠳ ᠨᠠᠳᠠ ᠳ᠋ᠤᠷ ᠬᠦᠷᠦᠮᠦᠢ ? ᠡᠭᠦᠨ ᠳ᠋ᠦ᠍ᠷ ᠵᠣᠪᠠᠯᠠᠩ ᠭᠡᠮᠡᠨ ᠦᠵᠡᠵᠦ ᠰᠠᠨᠠᠬᠤ ᠠᠨᠤ ᠪᠤᠶᠠᠨ ᠦᠭᠡᠢ ᠬᠥᠮᠦᠨ᠂ ᠸᠠᠩ ᠤ᠋ᠨ ᠣᠷᠳᠣᠨ ᠳ᠋ᠤᠷ ᠵᠢᠷᠭᠠᠨ ᠰᠠᠭᠤᠪᠠᠴᠤ ᠰᠡᠳᠬᠢᠯ ᠳ᠋ᠦ᠍ᠷ ᠶᠠᠭᠤᠮ᠎ᠠ ᠦᠯᠦ ᠪᠣᠳᠣᠬᠤ ᠴᠠᠭ ᠦᠭᠡᠢ ᠳ᠋ᠦ᠍ᠷ ᠲᠡᠷᠡ ᠰᠤᠯᠠ ᠰᠡᠳᠬᠢᠯ  ᠢ᠋ ᠶᠡᠬᠡ ᠤᠯᠤᠰ ᠲᠥᠷᠥ ᠳ᠋ᠦ᠍ᠷ ᠬᠡᠷᠡᠭᠯᠡᠪᠡᠰᠦ ᠶᠠᠮᠪᠠᠷ ᠬᠢᠷᠢᠲᠡᠢ ᠭᠠᠪᠢᠶ᠎ᠠ ᠲᠤᠰᠠᠲᠠᠢ ᠪᠣᠢ ! ᠭᠠᠭᠴᠠ ᠰᠠᠢᠳ ᠮᠢᠨᠦ ᠡᠳᠦᠷ ᠪᠦᠷᠢ ᠠᠶᠤᠨ ᠰᠡᠳᠬᠢᠬᠦ  ᠢᠨᠤ ᠡᠨᠡᠬᠡᠨ ᠥᠴᠦᠬᠡᠨ ᠴᠢᠬᠡᠴᠢ ᠪᠡᠷ ᠬᠠᠭᠠᠨ ᠤ᠋ ᠲᠡᠭᠷᠢ ᠮᠡᠲᠦ ᠥᠨᠳᠥᠷ ᠭᠠᠵᠠᠷ ᠠᠳᠠᠯᠢ ᠵᠤᠵᠠᠭᠠᠨ ᠬᠡᠰᠢᠭ ᠲᠣᠷ ᠬᠦᠷᠲᠡᠵᠦ᠂ ᠲᠦᠭᠡᠮᠡᠯ ᠬᠡᠰᠢᠭ ᠦ᠋ᠨ ᠲᠤᠢᠯ ᠳ᠋ᠤᠷ ᠬᠦᠷᠴᠦ ᠸᠠᠩ ᠤ᠋ᠨ ᠰᠠᠭᠤᠷᠢᠨ ᠵᠢᠭᠰᠠᠭᠠᠯ  ᠳ᠋ᠤᠷ ᠲᠤᠯᠤᠭᠰᠠᠨ ᠳ᠋ᠤᠷ ᠰᠠᠢᠳ ᠮᠢᠨᠦ ᠨᠠᠰᠤᠨ ᠬᠡᠰᠢᠭ ᠲᠣᠷ ᠬᠣᠣᠷ ᠪᠣᠯᠭᠤᠵᠠᠢ ᠬᠡᠮᠡᠮᠦᠢ᠃ ᠲᠡᠢᠨ ᠬᠦ᠌ ᠰᠠᠢᠳ ᠪᠢ ᠤᠷᠲᠤᠳᠠ ᠲᠦᠰᠢᠮᠡᠯ  ᠢ᠋ ᠡᠷᠬᠢᠮ ᠦ᠋ᠨ ᠲᠤᠢᠯ ᠳ᠋ᠤᠷ ᠪᠢᠲᠡᠭᠡᠢ ᠭᠥᠷᠦᠭᠦᠯ᠂ ᠥᠷᠥᠰᠢᠶᠡᠯ  ᠢ᠋ ᠰᠠᠨᠠᠭᠠᠨ  ᠢ᠋ᠶ᠋ᠠᠷ ᠬᠦᠰᠡᠯ ᠳ᠋ᠦ᠍ᠷ ᠦᠯᠦ ᠭᠥᠷᠥᠭᠦᠯᠮᠦ ᠬᠡᠮᠡᠬᠦ ᠢᠨᠤ ᠡᠨᠡ ᠰᠠᠨᠠᠭᠠᠨ ᠪᠥᠯᠥᠭᠡ᠃ ᠡᠳᠦᠭᠡ ᠲᠦᠰᠢᠮᠡᠯ ᠪᠢ ᠦᠵᠡᠪᠡᠰᠦ ᠬᠠᠭᠠᠨ ᠤ᠋ ᠥᠷᠥᠰᠢᠶᠡᠯ ᠰᠠᠢᠳ ᠨᠠᠳᠠ ᠳ᠋ᠤᠷ ᠰᠡᠳᠬᠢᠬᠦ ᠭᠠᠵᠠᠷ ᠦᠭᠡᠢ ᠪᠣᠯᠲᠠᠯ᠎ᠠ ᠬᠦᠷᠲᠡᠭᠡᠵᠦᠬᠦᠢ᠃ ᠨᠢᠭᠡᠨ ᠡᠭᠡᠯ ᠰᠤᠯᠠ ᠬᠥᠮᠦᠨ ᠡᠨᠡ ᠬᠢᠷᠢ ᠳ᠋ᠦ᠍ᠷ ᠬᠦᠷᠬᠦ ᠶ᠋ᠢ ᠴᠦ᠍ ᠪᠠᠢᠲᠤᠭᠠᠢ᠂ ᠵᠡᠭᠦᠳᠦᠨ ᠳ᠋ᠦ᠍ᠷ ᠮᠥᠨ ᠦᠯᠦ ᠣᠷᠣᠮᠤᠢ᠃ ᠰᠠᠢᠳ ᠪᠢ ᠬᠠᠭᠠᠨ ᠤ᠋ ᠬᠡᠰᠢᠭ ᠲᠣᠷ ᠬᠣᠷᠢᠨ ᠣᠨ ᠢᠯᠡᠭᠦᠦ ᠥᠨᠳᠥᠷ ᠵᠡᠷᠭᠡ ᠥᠩᠭᠡ ᠭᠡᠷᠡᠯ  ᠢ᠋ ᠬᠦᠷᠲᠡᠪᠡ᠃ ᠠᠬ᠎ᠠ ᠳᠡᠭᠦᠦ ᠬᠡᠦᠬᠡᠳ ᠠᠴᠢ ᠨᠠᠷ᠂ ᠡᠮ᠎ᠡ ᠦᠷ᠎ᠡ ᠤᠷᠤᠭ ᠰᠠᠳᠤᠨ ᠨᠥᠬᠥᠷ ᠰᠡᠯᠲᠡ ᠳ᠋ᠦ᠍ᠷ ᠬᠦᠷᠲᠡᠯ᠎ᠡ ᠬᠠᠭᠠᠨ ᠤ᠋ ᠬᠡᠰᠢᠭ ᠲᠣᠷ ᠮᠠᠩᠨᠤᠭ  ᠢ᠋ ᠡᠮᠦᠰᠴᠦ ᠬᠠᠰ ᠢ ᠪᠦᠰᠡᠯᠡᠨ᠂ ᠣᠷᠣᠪᠠᠰᠤ ᠵᠢᠷᠤᠭ ᠤ᠋ᠨ ᠤᠷᠲᠤ ᠬᠠᠷᠰᠢ ᠳ᠋ᠤᠷ ᠣᠷᠣᠰᠢᠵᠤ᠂ ᠭᠠᠷᠪᠠᠰᠤ ᠠᠯᠲᠠᠨ ᠤ᠋ ᠲᠡᠷᠭᠡ ᠮᠣᠷᠢ ᠪᠠᠷ ᠶᠠᠪᠤᠮᠤᠢ᠃ ᠡᠭᠦᠨ ᠳ᠋ᠦ᠍ᠷ ᠰᠠᠢᠳ ᠪᠢ ᠡᠳᠦᠷ ᠪᠦᠷᠢ ᠴᠠᠭ ᠳᠣᠳᠣᠮ ᠠᠶᠤᠨ ᠰᠢᠲᠦᠵᠦ ᠪᠠᠷᠠᠬᠤ ᠦᠭᠡᠢ᠂ ᠴᠢᠳᠠᠬᠤᠯ᠎ᠠ ᠲᠡᠭᠷᠢ ᠳ᠋ᠦ᠍ᠷ ᠭᠠᠷᠴᠤ ᠳᠠᠯᠠᠢ ᠳ᠋ᠤᠷ ᠣᠷᠣᠵᠤ ᠪᠣᠯᠬᠤ ᠪᠥᠭᠡᠰᠦ ᠶᠠᠪᠤᠵᠤ ᠦᠵᠡᠶ᠎ᠡ ᠂ ᠭᠠᠯ ᠳ᠋ᠤᠷ ᠣᠷᠣᠨ ᠤᠰᠤᠨ ᠳ᠋ᠤᠷ ᠬᠠᠷᠠᠢᠵᠤ ᠤᠯᠤᠰ ᠲᠤᠷ ᠲᠤᠰᠠ ᠪᠣᠯᠪᠠᠰᠤ ᠣᠷᠣᠨ ᠭᠠᠷᠴᠤ ᠬᠠᠭᠠᠨ ᠤ᠋ ᠠᠴᠢ ᠳ᠋ᠤᠷ ᠬᠠᠷᠢᠭᠤᠯᠠᠵᠤ ᠪᠠᠷᠠᠬᠤ ᠦᠭᠡᠢ ᠠᠲᠠᠯ᠎ᠠ ᠰᠤᠯᠠ ᠠᠮᠤᠷ ᠢ᠋ ᠶᠠᠭᠠᠬᠢᠨ ᠡᠷᠢᠬᠦ ᠴᠢᠯᠥᠭᠡ ᠪᠣᠢ ! ᠰᠤᠯᠠ ᠠᠮᠤᠷ ᠲᠡᠷᠡ ᠶᠠᠮᠪᠠᠷ ᠵᠢᠷᠭᠠᠯ ?  ᠡᠷᠳᠡᠮ ᠴᠢᠳᠠᠯ ᠪᠣᠯᠪᠠᠰᠤ ᠦᠨᠡᠨ ᠬᠦ᠌ ᠵᠢᠷᠭᠠᠯ᠂ ᠪᠣᠭᠳᠠ ᠡᠵᠡᠨ ᠪᠣᠭᠣᠯ  ᠢ᠋ᠶ᠋ᠠᠨ ᠮᠢᠨᠦ ᠲᠤᠯᠠ ᠰᠡᠳᠬᠢᠯ ᠪᠢᠲᠡᠭᠡᠢ ᠴᠢᠯᠡᠭᠡ᠂ ᠡᠳᠡᠭᠡᠷ ᠦᠭᠡᠰ ᠴᠥᠮ ᠪᠣᠭᠣᠯ ᠮᠢᠨᠦ ᠴᠢᠩ ᠦᠨᠡᠨ ᠰᠠᠨᠠᠭᠠᠨ᠂ ᠥᠴᠦᠬᠡᠨ ᠴᠦ᠍ ᠵᠠᠰᠠᠳᠠᠭ ᠬᠠᠭᠤᠷᠮᠠᠴᠢ ᠦᠭᠡᠢ᠃ ᠭᠠᠭᠴᠠ ᠡᠳᠦᠷ ᠪᠦᠷᠢ ᠬᠠᠭᠠᠨ ᠡᠵᠡᠨ  ᠦ᠌ ᠡᠮᠦᠨ᠎ᠡ ᠦᠬᠦᠨ ᠦᠬᠦᠲᠡᠯ᠎ᠡ ᠴᠢᠷᠮᠠᠢᠵᠤ ᠶᠠᠪᠤᠬᠤ ᠶ᠋ᠢ ᠬᠦᠰᠡᠮᠦᠢ᠂ ᠡᠳᠦᠷ ᠪᠦᠷᠢ ᠠᠶᠤᠬᠤ ᠠᠨᠤ ᠰᠠᠨᠠᠭᠠᠨ ᠳ᠋ᠤᠷ ᠭᠦᠷᠦᠯ ᠦᠭᠡᠢ ᠪᠡᠷ ᠦᠬᠦᠭᠦᠵᠡᠢ ᠬᠡᠮᠡᠮᠦᠢ᠃ ᠮᠢᠨᠦ ᠪᠡᠶ᠎ᠡ ᠦᠬᠦᠬᠦᠢ ᠳ᠋ᠦ᠍ᠷ ᠦᠰᠦᠨ ᠲᠡᠳᠦᠢ ᠭᠣᠮᠣᠳᠠᠬᠤ ᠭᠠᠵᠠᠷ ᠦᠭᠡᠢ᠃ ᠭᠠᠭᠴᠠ ᠬᠠᠭᠠᠨ ᠤ᠋ ᠶᠡᠬᠡ ᠦᠢᠯᠡ ᠶ᠋ᠢ ᠲᠣᠭᠲᠠᠨᠢᠭᠤᠯᠵᠤ ᠴᠢᠳᠠᠬᠤ ᠦᠭᠡᠢ ᠪᠣᠯᠭᠤᠵᠠᠢ ᠭᠡᠮᠡᠨ ᠵᠣᠪᠠᠨᠢᠮᠤᠢ᠃ ᠬᠡᠳᠦᠢ ᠡᠳᠡᠭᠡᠷ ᠢ ᠴᠥᠮ ᠦᠨᠳᠦᠰᠦᠨ  ᠢ᠋ ᠭᠦᠨ ᠪᠣᠯᠭᠠᠵᠤ᠂ ᠪᠠᠰᠠ ᠠᠯᠲᠠᠨ᠂ ᠰᠥᠩ ᠢ ᠴᠥᠮ ᠨᠡᠢᠭᠡᠮ ᠪᠣᠯᠭᠠᠪᠠᠴᠤ ᠪᠢ ᠬᠠᠭᠠᠨ ᠤ᠋ ᠥᠷᠥᠰᠢᠶᠡᠯ ᠳ᠋ᠦ᠍ᠷ ᠬᠠᠷᠢᠭᠤᠯᠠᠨ ᠴᠢᠳᠠᠬᠤ ᠦᠭᠡᠢ᠃ ᠲᠡᠢᠨ ᠬᠦ᠌ ᠬᠣᠢᠲᠤ ᠲᠥᠷᠥᠯ ᠳ᠋ᠦ᠍ᠷ ᠪᠠᠰᠠ ᠬᠦ᠌ ᠵᠢᠳᠬᠦᠵᠦ ᠬᠠᠷᠢᠭᠤᠯᠠᠬᠤ ᠢᠷᠦᠭᠡᠯ ᠢ ᠲᠠᠯᠪᠢᠮᠤᠢ! 》 ᠭᠡᠮᠡᠨ ᠰᠠᠨᠠᠮᠰᠠᠷ ᠦᠭᠡᠢ ᠬᠡᠯᠡᠭᠰᠡᠭᠡᠷ ᠨᠢᠳᠦᠨ ᠳ᠋ᠦ᠍ᠷ ᠨᠢᠯᠪᠤᠰᠤᠨ ᠬᠤᠷᠠᠭᠰᠠᠨ ᠳ᠋ᠤᠷ ᠬᠠᠭᠠᠨ ᠮᠥᠨ ᠰᠠᠨᠠᠮᠰᠠᠷ ᠦᠭᠡᠢ ᠳᠣᠲᠣᠷ᠎ᠠ ᠡᠪᠬᠡᠷᠡᠨ ᠯᠤᠤ ᠶ᠋ᠢᠨ ᠨᠢᠳᠦᠨ ᠡᠴᠡ ᠨᠢᠯᠪᠤᠰᠤᠨ ᠤᠨᠠᠭᠠᠭᠰᠠᠨ᠎ᠠ᠂ ᠲᠥᠷᠥ ᠶ᠋ᠢᠨ ᠵᠠᠭᠤᠨ ᠲᠦᠰᠢᠮᠡᠳ ᠴᠦ᠍ ᠮᠤᠬᠤᠯᠢ ᠶ᠋ᠢᠨ ᠡᠨᠡ ᠨᠢᠭᠡᠨ ᠵᠡᠷᠭᠡ ᠶ᠋ᠢᠨ ᠴᠢᠩ ᠦᠨᠡᠨ ᠰᠡᠳᠬᠢᠯ ᠡᠴᠡ ᠭᠠᠷᠬᠤ ᠡᠨᠡ ᠬᠡᠷᠡᠭ  ᠢ᠋ ᠤᠯᠤᠰ ᠤ᠋ᠨ ᠬᠣᠲᠠᠯᠠᠭᠠᠷ ᠰᠣᠨᠣᠰᠴᠤ ᠴᠥᠮ ᠤᠶᠠᠷᠠᠨ ᠰᠡᠳᠬᠢᠯ ᠬᠥᠳᠡᠯᠪᠡᠢ᠃ 
       ᠲᠡᠳᠦᠢ ᠬᠠᠭᠠᠨ ᠶᠠᠭᠠᠷᠠᠨ ᠮᠣᠳᠣᠷ  ᠢ᠋ᠶ᠋ᠠᠷ ᠠᠷᠢᠬᠢ ᠪᠠᠷᠢᠨ ᠬᠣᠶᠠᠷ ᠭᠠᠷ  ᠢ᠋ᠶ᠋ᠠᠷ ᠥᠭᠴᠦ ᠵᠠᠷᠯᠢᠭ ᠪᠣᠯᠤᠷᠤᠨ : 《ᠪᠢ ᠲᠡᠭᠷᠢ ᠶ᠋ᠢᠨ  ᠬᠥᠪᠡᠭᠦᠨ ᠬᠡᠮᠡᠬᠦᠢ ᠳ᠋ᠦ᠍ᠷ ᠴᠢ ᠮᠥᠨ ᠲᠡᠭᠷᠢ ᠶ᠋ᠢᠨ ᠲᠦᠰᠢᠮᠡᠯ ᠮᠥᠨ᠂ ᠡᠳᠡᠭᠡᠷ ᠰᠠᠨᠠᠯ ᠥᠲᠡᠯ᠎ᠡ ᠠᠷᠠᠳ ᠲᠤᠷ ᠦᠯᠦ ᠣᠷᠣᠮᠤᠢ᠂ ᠲᠡᠢᠨ ᠪᠣᠯᠪᠠᠴᠤ ᠦᠭᠡ ᠶ᠋ᠢ ᠡᠷᠡᠰ ᠲᠠᠰᠤᠷᠬᠠᠢ ᠦᠯᠦ ᠥᠭᠦᠯᠡᠵᠦ᠂ ᠮᠠᠨ ᠤ᠋ ᠤᠯᠤᠰ ᠤ᠋ᠨ ᠰᠢᠲᠦᠬᠦ ᠬᠤᠸᠠᠩ ᠲᠠᠢᠬᠡᠦ ᠡᠳᠦᠭᠡ ᠨᠠᠶᠠᠨ ᠨᠢᠭᠡᠨ ᠰᠡᠭᠦᠳᠡᠷ ᠬᠦᠷᠴᠦ ᠲᠦᠮᠡᠨ ᠤᠯᠤᠰ ᠤ᠋ᠨ ᠮᠥᠷᠭᠥᠷ᠎ᠡ ᠢᠷᠡᠬᠦ ᠶ᠋ᠢ ᠦᠵᠡᠭᠰᠡᠨ ᠢᠨᠤ ᠴᠥᠮ ᠲᠤᠢᠯ ᠤ᠋ᠨ ᠦᠨᠡᠨᠴᠢ ᠴᠢᠬᠡᠴᠢ ᠪᠡᠷ ᠶᠠᠪᠤᠭᠰᠠᠨ ᠠ᠋ᠴᠠ ᠨᠠᠰᠤᠨ ᠰᠡᠭᠦᠳᠡᠷ  ᠢ᠋ ᠣᠯᠤᠭᠰᠠᠨ ᠥᠯᠵᠡᠢ ᠪᠠᠲᠤ ᠶ᠋ᠢᠨ ᠰᠢᠯᠲᠠᠭᠠᠨ ᠪᠣᠯᠠᠢ᠃ ᠴᠢ ᠮᠢᠨᠦ ᠡᠬᠡ ᠲᠠᠢᠬᠡᠦ ᠶ᠋ᠢᠨ ᠨᠠᠰᠤᠨ ᠳ᠋ᠤᠷ ᠬᠦᠷᠪᠡᠰᠦ ᠳᠡᠯᠡᠬᠡᠢ ᠳ᠋ᠠᠬᠢᠨ ᠤ᠋ ᠲᠦᠪᠰᠢᠨ ᠥᠯᠵᠡᠢ ᠪᠣᠯᠬᠤ ᠳ᠋ᠤᠷ ᠶᠠᠭᠤᠨ ᠳ᠋ᠤᠷ ᠵᠣᠪᠠᠮᠤᠢ ? 》 ᠮᠤᠬᠤᠯᠢ ᠮᠥᠯᠬᠥᠨ ᠢᠷᠡᠵᠦ ᠠᠷᠢᠬᠢ ᠶ᠋ᠢ ᠬᠦᠷᠲᠡᠭᠡᠳ ᠠᠢᠯᠠᠳᠬᠠᠷᠤᠨ :《ᠰᠠᠢᠳ ᠪᠢ ᠮᠥᠨ ᠲᠡᠢᠨ ᠬᠦᠰᠡᠪᠡᠴᠦ ᠰᠤᠯᠠ ᠠᠬᠤ ᠳ᠋ᠤᠷ ᠪᠡᠶ᠎ᠡ ᠪᠡᠨ ᠳᠠᠩᠰᠠᠨ ᠦᠵᠡᠪᠡᠰᠦ ᠪᠡᠯᠭᠡ ᠲᠡᠮᠳᠡᠭ ᠲᠡᠷᠡ ᠬᠢᠷᠢ ᠳ᠋ᠦ᠍ᠷ ᠬᠦᠷᠴᠦ ᠴᠢᠳᠠᠬᠤ ᠦᠭᠡᠢ ᠶ᠋ᠢ ᠯᠠᠪ ᠮᠡᠳᠡᠪᠡ᠃ ᠲᠡᠢᠨ ᠬᠦ᠌ ᠰᠠᠢᠳ ᠪᠢ ᠨᠢᠭᠡ ᠴᠠᠭ  ᠢ᠋ ᠰᠤᠯᠠ ᠦᠯᠦ ᠥᠩᠭᠡᠷᠡᠭᠦᠯᠬᠦ ᠢᠨᠤ ᠲᠡᠢᠮᠦ ᠶ᠋ᠢᠨ ᠰᠢᠯᠲᠠᠭᠠᠨ᠂ ᠬᠠᠭᠠᠨ ᠡᠵᠡᠨ ᠮᠢᠨᠦ ᠳᠠᠬᠢᠨ ᠳᠠᠪᠲᠠᠨ ᠡᠰᠡ ᠳᠠᠭᠤᠳᠠᠭᠰᠠᠨ ᠪᠥᠭᠡᠰᠦ ᠴᠣᠬᠣᠮ ᠡᠨᠡ ᠤᠳᠠᠭ᠎ᠠ ᠲᠣᠭᠲᠠᠭᠠᠵᠤ ᠪᠣᠯᠤᠮᠤᠢ ᠭᠡᠮᠡᠨ ᠰᠡᠳᠬᠢᠭᠰᠡᠨ ᠪᠥᠯᠥᠭᠡ᠃ ᠡᠳᠦᠭᠡ ᠪᠣᠭᠣᠯ ᠨᠠᠳᠠ ᠳ᠋ᠤᠷ ᠪᠡᠶ᠎ᠡ ᠶ᠋ᠢᠨ ᠲᠥᠯᠥᠭᠡ ᠭᠣᠮᠣᠳᠠᠬᠤ ᠶᠠᠪᠤᠳᠠᠯ ᠦᠰᠦᠨ ᠲᠡᠳᠦᠢ ᠦᠭᠡᠢ ᠪᠡᠷ ᠦᠯᠦ ᠪᠠᠷᠠᠨ᠂ ᠬᠠᠷᠢᠨ ᠬᠡᠲᠦᠷᠡᠭᠰᠡᠨ ᠳ᠋ᠦ᠍ᠷ  ᠢ᠋ᠶ᠋ᠡᠨ ᠭᠡᠮᠰᠢᠨ ᠪᠣᠢ᠃ ᠭᠠᠭᠴᠠ ᠨᠢᠭᠡᠨ ᠭᠣᠮᠣᠳᠠᠬᠤ ᠭᠠᠵᠠᠷ ᠠᠨᠤ ᠠᠯᠲᠠᠨ ᠤᠯᠤᠰ ᠤ᠋ᠨ ᠪᠢᠶᠠᠨ ᠵᠢᠩ ᠳ᠋ᠦ᠍ᠷ ᠪᠣᠯᠠᠢ ! 》 ᠬᠡᠮᠡᠪᠡ᠃  
       ᠡᠳᠡᠭᠡᠷ ᠦᠭᠡ ᠳ᠋ᠦ᠍ᠷ ᠬᠠᠭᠠᠨ ᠪᠠᠬᠠᠨ ᠰᠡᠵᠢᠭ ᠲᠥᠷᠥᠵᠦ :《ᠴᠢᠩ ᠪᠡᠯᠭᠡᠲᠦ ᠦᠭᠡ ᠪᠡᠷ ᠪᠡᠶ᠎ᠡ ᠪᠡᠨ ᠠᠰᠠᠷᠠ᠂ ᠪᠡᠷᠬᠡ ᠳᠠᠢᠰᠤᠨ ᠢ᠋ ᠨᠢᠭᠡᠨ ᠪᠣᠯᠭ᠎ᠠ ! 》ᠭᠡᠮᠡᠨ ᠶᠢᠰᠦᠨ ᠡᠳᠦᠷ ᠦ᠋ᠨ ᠶᠡᠬᠡ ᠬᠤᠷᠢᠮ ᠬᠤᠷᠢᠮᠯᠠᠪᠠ᠃ ᠲᠡᠳᠦᠢ ᠶᠧ ᠯᠢᠦᠢ ᠴᠦ ᠼᠠᠢ ᠬᠠᠭᠠᠨ ᠳ᠋ᠤᠷ ᠰᠡᠮᠡᠬᠡᠷ ᠠᠢᠯᠠᠳᠬᠠᠵᠤ : 《ᠲᠡᠢᠰᠢ ᠭᠦᠸᠧ ᠸᠠᠩ ᠤ᠋ᠨ ᠡᠨᠡ ᠰᠠᠨᠳᠤᠷᠬᠤ ᠠᠨᠤ ᠰᠠᠢᠨ ᠬᠡᠷᠡᠭ ᠪᠤᠰᠤ !》ᠬᠡᠮᠡᠭᠰᠡᠨ ᠳ᠋ᠦ᠍ᠷ ᠬᠠᠭᠠᠨ ᠮᠥᠨ ᠰᠡᠭᠦᠷᠡᠰᠦᠨ ᠠᠯᠳᠠᠪᠠ᠃ 
       ᠲᠡᠳᠦᠢ ᠲᠡᠢᠰᠢ ᠮᠤᠬᠤᠯᠢ ᠸᠠᠩ ᠤ᠋ᠨ ᠶᠠᠮᠤᠨ ᠳ᠋ᠤᠷ ᠬᠢᠭᠰᠡᠨ ᠵᠠᠭᠤᠨ ᠵᠦᠢᠯ ᠦ᠋ᠨ ᠵᠦᠴᠦᠭᠡ ᠬᠤᠷᠢᠮ ᠪᠠ ᠪᠠᠶᠠᠷ ᠴᠡᠩᠭᠡᠯ ᠢ᠋ ᠥᠴᠦᠬᠡᠨ ᠴᠦ᠍ ᠬᠡᠷᠡᠭᠰᠡᠬᠦ ᠦᠭᠡᠢ᠂ ᠬᠠᠭᠠᠨ ᠳ᠋ᠤᠷ ᠳᠥᠷᠪᠡᠨ ᠤᠳᠠᠭ᠎ᠠ ᠨᠤᠭᠤᠯᠪᠤᠷᠢ ᠠᠢᠯᠠᠳᠬᠠᠵᠤ ᠬᠣᠶᠠᠷ ᠲᠠᠰᠢ ᠡᠴᠢᠬᠦ ᠶ᠋ᠢ ᠬᠠᠭᠠᠨ ᠠᠷᠭ᠎ᠠ ᠦᠭᠡᠢ ᠵᠥᠪᠰᠢᠶᠡᠵᠦ᠂ ᠤᠯᠤᠰ ᠤ᠋ᠨ ᠬᠡᠷᠡᠭ ᠢ ᠳ᠋ᠠᠢᠳᠦ᠋ ᠂ ᠱᠠᠩᠳᠤ ᠂ ᠰᠢᠨᠳᠦ ᠭᠤᠷᠪᠠᠨ ᠬᠣᠲᠠ ᠪᠠ ᠬᠣᠢᠲᠤ ᠵᠤᠰᠠᠯᠠᠩ ᠤ᠋ᠨ ᠬᠡᠷᠦᠯᠦᠨ ᠂ ᠤᠨᠤᠨ ᠂ ᠪᠠᠯᠭᠤ ᠡᠳᠡᠭᠡᠷ  ᠢ᠋ ᠴᠥᠮ ᠣᠯᠠᠨ ᠳᠡᠭᠦᠦ ᠶᠢᠰᠦᠨ ᠡᠩ ᠦ᠋ᠨ ᠲᠠᠢᠰᠢ ᠲᠠᠢᠪᠤᠤ ᠨᠠᠷ ᠲᠤᠷ ᠲᠤᠰᠢᠶᠠᠨ ᠂ ᠪᠤᠭᠤᠷᠵᠢ ᠴᠢᠯᠠᠭᠤ ᠭᠤᠴᠢᠨ ᠵᠢᠷᠭᠤᠭᠠᠨ ᠵᠠᠩᠵᠤᠨ  ᠢ᠋ ᠠᠪᠴᠤ ᠬᠠᠪᠤᠷ ᠤ᠋ᠨ ᠲᠡᠷᠢᠭᠦᠨ ᠰᠠᠷ᠎ᠠ ᠶ᠋ᠢᠨ ᠰᠡᠭᠦᠯ ᠳ᠋ᠦ᠍ᠷ ᠳᠠᠷᠤᠢ ᠮᠣᠷᠳᠠᠬᠤ ᠳ᠋ᠤᠷ ᠮᠤᠬᠤᠯᠢ ᠮᠥᠨ ᠬᠠᠮᠲᠤ ᠮᠣᠷᠳᠠᠬᠤ ᠲᠤᠯᠠ ᠬᠠᠭᠠᠨ ᠢ᠋ ᠳᠠᠭᠠᠵᠤ ᠮᠣᠷᠳᠠᠨ ᠭᠠᠷᠴᠤ ᠢᠷᠡᠪᠡ᠃ 
       ᠱᠠᠨ ᠰᠢ ᠳ᠋ᠦ᠍ᠷ ᠬᠦᠷᠴᠦ ᠬᠠᠭᠠᠨ ᠳ᠋ᠤᠷ ᠮᠥᠷᠭᠥᠵᠦ ᠵᠠᠮ ᠰᠠᠯᠤᠨ ᠡᠴᠢᠬᠦᠢ ᠳ᠋ᠦ᠍ᠷ  ᠢ᠋ᠶ᠋ᠡᠨ ᠠᠷᠢᠬᠢ ᠪᠠᠷᠢᠵᠤ ᠡᠢᠨ ᠠᠢᠯᠠᠳᠬᠠᠷᠤᠨ : 《ᠶᠡᠬᠡ ᠲᠥᠷᠥ ᠶ᠋ᠢᠨ ᠶᠡᠬᠡ ᠲᠥᠯᠥᠪ ᠲᠣᠭᠲᠠᠨᠢᠪᠠ᠂ ᠨᠠᠷᠢᠨ ᠨᠢᠭᠲᠠ ᠶ᠋ᠢ ᠠᠯᠭᠤᠷ ᠵᠠᠰᠠᠬᠤ ᠪᠣᠢ᠃ ᠰᠠᠢᠳ ᠪᠢ ᠦᠵᠡᠪᠡᠰᠦ ᠶᠧ ᠯᠢᠦᠢ ᠴᠦ ᠼᠠᠢ ᠮᠠᠰᠢ ᠤᠬᠠᠭᠠᠨᠲᠠᠢ ᠬᠥᠮᠦᠨ᠂ ᠬᠠᠭᠠᠨ ᠳᠣᠷᠣᠭᠰᠢ ᠲᠠᠢᠽᠢ ᠨᠠᠷ ᠲᠤᠷ ᠤᠯᠠᠮᠵᠢᠯᠠᠨ ᠲᠤᠰᠢᠶᠠᠪᠠᠰᠤ ᠪᠣᠯᠤᠮᠤᠢ᠃ ᠡᠨᠡ ᠢᠨᠤ ᠡᠨᠡ ᠦᠶ᠎ᠡ ᠬᠡᠷᠡᠭᠲᠦ ᠶᠠᠪᠤᠳᠠᠯ᠂ ᠬᠣᠢᠲᠤ ᠨᠤᠲᠤᠭ ᠭᠣᠯᠣᠮᠲᠠ ᠶ᠋ᠢ ᠬᠢᠴᠢᠶᠡᠨ ᠵᠠᠰᠠᠵᠤ ᠠᠭᠤᠳᠠᠮ ᠡᠯᠪᠡᠭ ᠪᠣᠯᠭᠠᠬᠤ ᠠᠨᠤ ᠴᠢᠬᠤᠯᠠ᠂ ᠲᠦᠮᠡᠨ ᠦᠶ᠎ᠡ ᠶ᠋ᠢᠨ ᠦᠨᠳᠦᠰᠦ ᠪᠣᠯᠵᠤ ᠪᠣᠯᠤᠮᠤᠢ᠃ ᠲᠦᠰᠢᠮᠡᠯ ᠪᠢ ᠡᠮᠦᠨ᠎ᠡ ᠭᠠᠵᠠᠷ ᠤ᠋ᠨ ᠪᠠᠢᠳᠠᠯ ᠢ ᠦᠵᠡᠪᠡᠰᠦ ᠠᠰᠢᠭ ᠦᠯᠡᠮᠵᠢ ᠬᠣᠣᠷ ᠭᠦᠨ᠂ ᠥᠷᠯᠥᠭᠡ ᠦᠳᠡᠰᠢ ᠬᠠᠷᠢᠯᠴᠠᠨ ᠪᠤᠯᠢᠶᠠᠯᠳᠤᠮᠤᠢ᠂ ᠬᠣᠢᠲᠤ ᠭᠠᠵᠠᠷ ᠠᠰᠢᠭ ᠪᠠᠭ᠎ᠠ ᠬᠥᠨᠥᠭᠡᠯ ᠭᠦᠶᠦᠬᠡᠨ᠂ ᠶᠡᠬᠡ ᠤᠯᠤᠰ ᠦᠯᠦ ᠰᠢᠨᠤᠬᠠᠢᠷᠠᠮᠤᠢ᠂ ᠰᠠᠢᠳ ᠮᠢᠨᠦ ᠠᠢᠯᠠᠳᠬᠠᠯ ᠲᠡᠭᠦᠰᠪᠡ᠃ 》ᠬᠠᠭᠠᠨ  ᠵᠠᠷᠯᠢᠭ ᠪᠣᠯᠤᠨ ᠠᠰᠠᠭᠤᠷᠤᠨ :《ᠴᠢᠩ ᠪᠠᠰᠠ ᠬᠦ᠌ ᠵᠠᠪ ᠦᠵᠡᠵᠦ ᠦᠵᠡᠷ᠎ᠡ ᠢᠷ᠎ᠡ᠂ ᠮᠢᠨᠦ ᠬᠠᠭᠤᠴᠢᠨ ᠳᠠᠳᠤᠭᠰᠠᠨ ᠨᠥᠬᠥᠳ  ᠢ᠋ᠶ᠋ᠡᠨ ᠰᠠᠨᠠᠬᠤ ᠠᠨᠤ ᠬᠡᠴᠡᠭᠦᠦ ᠪᠠᠢᠨᠠᠮ᠃ 》ᠮᠤᠬᠤᠯᠢ ᠮᠥᠷᠭᠥᠵᠦ ᠠᠢᠯᠠᠳᠬᠠᠷᠤᠨ :《ᠰᠠᠢᠳ ᠪᠢ ᠠᠮᠢᠳᠤ ᠳ᠋ᠤᠷ ᠡᠵᠡᠨ  ᠦ᠌ ᠲᠦᠰᠢᠮᠡᠯ᠂ ᠦᠬᠦᠪᠡᠴᠦ ᠡᠵᠡᠨ  ᠦ᠌ ᠴᠢᠳᠬᠥᠷ ᠂ ᠡᠭᠦᠨ ᠳ᠋ᠦ᠍ᠷ ᠰᠠᠨᠠᠵᠤ ᠥᠷᠥᠰᠢᠶᠡᠬᠦ ᠬᠡᠷᠡᠭ ᠶᠠᠭᠤᠨ ? ᠡᠮᠦᠨ᠎ᠡ ᠶ᠋ᠢ ᠨᠡᠢᠭᠡᠮ ᠲᠦᠪᠰᠢᠨ ᠪᠣᠯᠤᠭᠰᠠᠨ ᠬᠣᠢᠨ᠎ᠠ ᠡᠵᠡᠨ ᠰᠠᠶᠢ ᠠᠭᠤᠯᠵᠠᠬᠤ ᠶ᠋ᠢ ᠰᠠᠨᠠ᠂ ᠢᠨᠠᠭᠰᠢ ᠲᠦᠰᠢᠮᠡᠯ ᠢ ᠰᠡᠳᠬᠢᠬᠦ ᠬᠡᠷᠡᠭ ᠦᠭᠡᠢ ! 》ᠬᠡᠮᠡᠭᠡᠳ ᠵᠢᠭᠰᠠᠭᠠᠯ ᠰᠠᠯᠵᠤ ᠡᠴᠢᠬᠦᠢ ᠳ᠋ᠦ᠍ᠷ ᠨᠢᠭᠡᠨ ᠤᠳᠠᠭ᠎ᠠ ᠴᠤ᠌ ᠬᠣᠢᠰᠢ ᠬᠠᠨᠳᠤᠵᠤ ᠦᠵᠡᠬᠦ ᠦᠭᠡᠢ  ᠳ᠋ᠦ᠍ᠷ ᠬᠠᠭᠠᠨ ᠬᠣᠢᠨ᠎ᠠ ᠠ᠋ᠴᠠ ᠬᠠᠷᠠᠵᠤ ᠦᠵᠡᠪᠡᠰᠦ ᠰᠡᠳᠬᠢᠯ ᠳᠣᠲᠣᠷ᠎ᠠ ᠲᠡᠰᠬᠡᠯ ᠦᠭᠡᠢ ᠤᠶᠠᠷᠠᠯ ᠲᠥᠷᠥᠬᠦᠢ ᠳ᠋ᠦ᠍ᠷ ᠪᠤᠭᠤᠷᠵᠢ ᠶ᠋ᠢᠨ ᠵᠦᠭ ᠬᠠᠷᠠᠵᠤ ᠵᠠᠷᠯᠢᠭ ᠪᠣᠯᠤᠷᠤᠨ : 《ᠲᠡᠢᠰᠢ ᠶ᠋ᠢᠨ ᠡᠨᠡ ᠬᠦ᠌ ᠡᠴᠢᠬᠦ  ᠢᠨᠤ ᠶᠠᠭᠤᠲᠠᠢ ᠤᠶᠠᠷᠠᠯᠲᠠᠢ ?  》 ᠬᠡᠮᠡᠬᠦᠢ ᠳ᠋ᠦ᠍ᠷ ᠬᠠᠭᠠᠨ ᠤ᠋ ᠰᠢᠳᠠᠷ ᠪᠠᠢᠭᠰᠠᠨ ᠪᠤᠭᠤᠷᠵᠢ᠂ ᠴᠢᠯᠠᠭᠤ ᠬᠣᠶᠠᠭᠤᠯᠠ ᠶ᠋ᠢᠨ ᠨᠢᠳᠦᠨ ᠳ᠋ᠦ᠍ᠷ ᠮᠥᠨ ᠴᠥᠮ ᠨᠢᠯᠪᠤᠰᠤᠨ ᠬᠠᠪᠴᠢᠵᠤ᠂ ᠰᠦᠪᠡᠬᠡᠲᠡᠢ᠂ ᠲᠣᠭᠲᠣᠩᠭᠣ᠌᠂ ᠭᠢᠯᠦᠭᠡᠨ᠂ ᠵᠦᠯᠭᠡᠲᠡᠢ᠂ ᠬᠤᠢᠯᠠᠲᠠᠷ ᠨᠠᠷ ᠴᠥᠮ ᠤᠶᠠᠷᠠᠬᠤᠢ ᠳ᠋ᠤᠷ ᠬᠠᠭᠠᠨ ᠭᠠᠭᠴᠠ ᠲᠠᠪᠤᠨ ᠪᠠᠷᠰ ᠤ᠋ᠨ ᠵᠠᠩᠵᠤᠨ ᠢ᠋ᠶ᠋ᠠᠷ ᠮᠣᠷᠳᠠᠭᠤᠯᠤᠨ ᠬᠦᠷᠭᠡᠭᠦᠯᠪᠡ᠃ 
       ᠲᠡᠳᠦᠢ ᠬᠠᠭᠠᠨ ᠯᠤᠤ ᠶ᠋ᠢᠨ ᠨᠢᠯᠪᠤᠰᠤ ᠶ᠋ᠢ ᠡᠭᠡᠭᠦᠯᠦᠨ ᠶᠡᠬᠡ ᠵᠢᠭᠰᠠᠭᠠᠯ ᠪᠠᠷᠠᠭᠤᠨ ᠵᠦᠭ ᠣᠷᠣᠪᠠ ᠃ ᠡᠨᠡ ᠢᠷᠣ᠎ᠠ ᠶ᠋ᠢ ᠦᠵᠡᠬᠦᠯ᠎ᠡ ᠮᠤᠬᠤᠯᠢ ᠯᠠᠪ ᠰᠥᠩ ᠤᠯᠤᠰ ᠮᠥᠬᠥᠭᠰᠡᠨ ᠬᠣᠢᠨ᠎ᠠ ᠰᠠᠶᠢ ᠬᠠᠭᠠᠨ  ᠳ᠋ᠤᠷ ᠪᠠᠷᠠᠯᠬᠠᠮᠤᠢ ‍ᠶ᠎ᠠ᠃ 
       ᠲᠡᠳᠦᠢ ᠬᠠᠭᠠᠨ ᠤ᠋ ᠭᠡᠭᠡᠨ ᠰᠢ ᠢᠦᠢ ᠬᠣᠲᠣᠩ ᠤᠯᠤᠰ ᠲᠤᠷ ᠮᠣᠷᠢᠯᠠᠨ ᠡᠴᠢᠬᠦ ᠶ᠋ᠢ ᠲᠦᠷ ᠬᠡᠯᠡᠬᠦ ᠦᠭᠡᠢ᠃  
       ᠦᠭᠡ ᠶ᠋ᠢ ᠬᠠᠭᠠᠰ ᠰᠠᠷ᠎ᠠ ᠤᠬᠤᠷᠢᠭᠤᠯᠵᠤ᠂ ᠰᠥᠩ ᠤᠯᠤᠰ ᠤ᠋ᠨ ᠬᠡᠷᠡᠭ  ᠢ᠋ ᠬᠡᠯᠡᠬᠦ ᠢᠨᠦ : ᠡᠨᠡ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠰᠥᠩ ᠤᠯᠤᠰ ᠤ᠋ᠨ ᠵᠧ ᠵᠢᠶᠠᠩ ᠤ᠋ᠨ ᠳ᠋ᠦᠲ᠋ᠦᠩ ᠲᠡᠢ ᠴᠤᠤ ᠽᠦᠩ ᠠᠯᠲᠠᠨ ᠤᠯᠤᠰ ᠤ᠋ᠨ ᠴᠡᠷᠢᠭ ᠡᠴᠡ ᠬᠠᠰ ᠲᠠᠮᠠᠭ᠎ᠠ ᠣᠯᠵᠤ ᠬᠠᠭᠠᠨ  ᠳ᠋ᠤᠷ  ᠢ᠋ᠶ᠋ᠠᠨ ᠪᠠᠷᠢᠪᠠ ᠃ ᠲᠡᠭᠦᠨ  ᠦ᠌ ᠦᠰᠦᠭ ᠢᠨᠤ 《受恭膺天命宝  》 (  ᠱᠧᠦ ᠬᠦᠩ ᠢᠩ ᠲᠢᠶᠠᠨ ᠮᠢᠩ ᠪᠦᠦ ) - ᠲᠡᠭᠷᠢ ᠶ᠋ᠢᠨ ᠪᠣᠱᠣᠭ  ᠢ᠋ᠶ᠋ᠠᠷ ᠵᠠᠷᠯᠢᠭ  ᠢ᠋ ᠬᠢᠴᠢᠶᠡᠩᠭᠦᠢᠯᠡᠬᠦ ᠡᠷᠳᠡᠨᠢ ᠬᠡᠮᠡᠭᠰᠡᠨ ᠦᠰᠦᠭ ᠪᠣᠢ᠃ ᠲᠡᠢᠨ ᠬᠦ᠌ ᠬᠠᠭᠠᠨ ᠠᠨᠤ ᠰᠠᠢᠨ ᠪᠡᠯᠭᠡ ᠪᠣᠯᠪᠠ ᠭᠡᠮᠡᠨ ᠪᠠᠶᠠᠰᠬᠤᠯᠠᠩ ᠤ᠋ᠨ ᠬᠤᠷᠢᠮ ᠬᠤᠷᠢᠮᠯᠠᠵᠤ ᠤᠯᠤᠰ ᠲᠤᠷ  ᠢ᠋ᠶ᠋ᠠᠨ ᠥᠷᠯᠥᠭ ᠪᠠᠭᠤᠯᠭᠠᠪᠠ ᠃ ᠳᠠᠭᠠᠯᠳᠤᠭ᠎ᠠ ᠠᠩᠬᠠᠨ ᠤ᠋ ᠦᠷᠡᠴᠢᠯᠡᠵᠦ ᠲᠡᠵᠢᠭᠡᠭᠰᠡᠨ ᠬᠤᠸᠠᠩ ᠲᠠᠢᠽᠢ ᠢ ᠸᠠᠩ ᠤ᠋ᠨ ᠬᠥᠪᠡᠭᠦᠨ ᠾᠧᠩ ᠂ ᠡᠳᠦᠷ ᠪᠦᠷᠢ ᠵᠠᠭᠤᠨ ᠬᠥᠭᠵᠢᠮ ᠦ᠋ᠨ ᠥᠬᠢᠳ ᠢ ᠠᠪᠴᠤ ᠪᠡᠶ᠎ᠡ ᠪᠡᠨ ᠲᠣᠭᠣᠷᠢᠭᠤᠯᠤᠨ᠂ ᠥᠪᠡᠷ ᠦ᠋ᠨ ᠪᠡᠶ᠎ᠡ ᠲᠡᠷᠢᠭᠦᠯᠡᠵᠦ ᠬᠥᠭᠵᠢᠮ ᠡᠭᠦᠰᠬᠡᠨ ᠠᠷᠢᠬᠢ ᠤᠤᠭᠤᠵᠤ᠂ ᠠᠷᠢᠬᠢ ᠥᠩᠭᠡ ᠬᠥᠭ ᠳᠠᠭᠤᠨ ᠳ᠋ᠤᠷ ᠰᠢᠨᠤᠭᠰᠠᠨ ᠳ᠋ᠤᠷ ᠤᠯᠤᠰ  ᠤ᠋ᠨ ᠶᠡᠬᠡ ᠦᠢᠯᠡ ᠳ᠋ᠦ᠍ᠷ ᠬᠠᠷᠰᠢᠬᠤ ᠵᠢᠷᠭᠤᠭᠠᠨ ᠴᠡᠭᠡᠷᠯᠡᠯ ᠢ ᠴᠥᠮ ᠭᠦᠢᠴᠡᠳᠬᠡᠪᠡ ᠭᠡᠮᠡᠨ ᠬᠤᠸᠠᠩ ᠲᠠᠢᠽᠢ ᠶ᠋ᠢᠨ ᠴᠣᠯᠠ ᠶ᠋ᠢ ᠪᠠᠢᠯᠭᠠᠨ ᠪᠠᠭᠤᠷᠠᠭᠤᠯᠵᠤ ᠂ ᠢ ᠭᠦᠸᠧ ᠬᠦᠩ ᠭᠡᠮᠡᠨ ᠪᠤᠰᠤ ᠬᠣᠲᠠᠨ ᠳ᠋ᠤᠷ ᠰᠠᠭᠤᠯᠭᠠᠵᠤ ᠂ ᠠᠩᠬᠠᠨ ᠤ᠋ ᠢ ᠸᠠᠩ ᠳ᠋ᠤᠷ ᠲᠡᠵᠢᠭᠡᠵᠦ ᠦᠭᠭᠰᠡᠨ ᠣᠢᠷ᠎ᠠ ᠤᠭᠰᠠᠭ᠎ᠠ ᠶ᠋ᠢᠨ ᠬᠦᠢ ᠴᠧᠩ  ᠢ᠋ ᠲᠠᠢᠽᠢ ᠪᠠᠢᠭᠤᠯᠪᠠ ᠃ ᠡᠭᠦᠨ ᠢ ᠬᠡᠯᠡᠬᠦ ᠦᠭᠡᠢ ᠃  
       ᠥᠭᠦᠯᠡᠬᠦ ᠢᠨᠤ᠂ ᠴᠢᠩᠭᠢᠰ ᠬᠠᠭᠠᠨ ᠤ᠋ ᠭᠡᠭᠡᠨ ᠰᠢ ᠢᠦᠢ ᠤᠯᠤᠰ ᠲᠤᠷ ᠬᠦᠷᠲᠡᠯ᠎ᠡ ᠳᠥᠷᠪᠡᠳᠦᠭᠡᠷ ᠲᠠᠢᠽᠢ ᠲᠣᠯᠢ ᠶ᠋ᠢᠨ ᠴᠢᠨ ᠸᠠᠩ ᠬᠠᠪᠤᠷ ᠤ᠋ᠨ ᠬᠣᠶᠠᠷ ᠰᠠᠷ᠎ᠠ ᠳ᠋ᠤᠷ ᠬᠠᠷᠢᠶᠠᠲᠤ ᠴᠡᠷᠢᠭ ᠢ᠋ᠶ᠋ᠡᠨ ᠠᠪᠴᠤ ᠬᠣᠲᠣᠩ ᠤᠯᠤᠰ  ᠤ᠋ᠨ ᠣᠣ ᠵᠢᠢ ᠬᠡᠮᠡᠬᠦ ᠶᠡᠬᠡ ᠬᠣᠲᠠ ᠶ᠋ᠢ ᠬᠠᠭᠠᠵᠤ ᠰᠥᠨᠢ ᠡᠳᠦᠷ ᠦᠭᠡᠢ ᠪᠠᠢᠯᠳᠤᠵᠤ᠂ ᠭᠡᠨᠡᠳᠲᠡ ᠶᠡᠬᠡ ᠴᠠᠰᠤ ᠣᠷᠣᠭᠰᠠᠨ᠎ᠠ᠂ ᠬᠣᠲᠠ ᠶ᠋ᠢᠨ ᠳᠡᠭᠡᠷ᠎ᠡ ᠣᠪᠣᠭᠠᠯᠠᠭᠰᠠᠨ ᠴᠢᠯᠠᠭᠤ ᠮᠣᠳᠣ ᠬᠠᠢᠯᠤᠭᠰᠠᠨ ᠴᠠᠰᠤ ᠯᠤᠭ᠎ᠠ ᠪᠠᠷᠢᠯᠳᠤᠨ ᠬᠥᠯᠳᠡᠬᠦᠢ ᠳ᠋ᠦ᠍ᠷ ᠬᠣᠲᠠ ᠶ᠋ᠢᠨ ᠳᠡᠭᠡᠷ᠎ᠡ ᠴᠥᠮ ᠴᠢᠯᠠᠭᠤ ᠮᠡᠲᠦ ᠪᠣᠯᠤᠭᠰᠠᠨ᠎ᠠ ᠂ ᠰᠥᠨᠢ ᠳᠦᠯᠢ ᠳ᠋ᠦ᠍ᠷ ᠲᠣᠯᠢ ᠶ᠋ᠢᠨ ᠵᠡᠭᠦᠳᠦᠨ ᠳ᠋ᠦ᠍ᠷ ᠪᠤᠭᠤᠷᠤᠯ ᠢᠷᠡᠵᠦ ᠬᠡᠯᠡᠷᠦᠨ : 《ᠲᠠᠢᠽᠢ ᠬᠤᠷᠳᠤᠨ ᠪᠠᠢᠯᠳᠤ᠂ ᠴᠢᠯᠠᠭᠤ ᠮᠣᠳᠣ ᠬᠣᠲᠠᠨ ᠳ᠋ᠤᠷ ᠨᠠᠭᠠᠯᠳᠤᠨ ᠬᠥᠯᠳᠡᠪᠡ ᠂ ᠴᠡᠷᠢᠭ ᠦ᠋ᠨ ᠠᠷᠠᠳ ᠮᠠᠩᠬᠠᠨ ᠳ᠋ᠤ᠌ ᠰᠢᠷᠭᠤᠪᠠ ! 》ᠬᠡᠮᠡᠭᠰᠡᠨ ᠳ᠋ᠦ᠍ᠷ ᠲᠣᠯᠢ ᠶᠠᠭᠠᠷᠠᠨ ᠣᠯᠠᠨ ᠴᠡᠷᠢᠭ  ᠢ᠋ ᠰᠡᠮᠡᠬᠡᠷ ᠴᠤᠭᠯᠠᠭᠤᠯᠤᠨ ᠂ ᠭᠡᠨᠡᠳᠲᠡ ᠬᠣᠲᠠᠨ ᠳ᠋ᠤᠷ ᠠᠪᠠᠷᠢᠨ ᠱᠠᠲᠤ ᠲᠦᠯᠬᠢᠵᠦ ᠂ ᠳᠠᠷᠠᠭ᠎ᠠ ᠪᠠᠷ ᠵᠠᠭᠤᠨ ᠰᠢᠬᠠᠮ ᠴᠡᠷᠢᠭ ᠭᠠᠷᠴᠤ ᠪᠠᠷᠠᠭᠤᠨ ᠬᠠᠭᠠᠯᠭ᠎ᠠ ᠶ᠋ᠢ ᠪᠤᠯᠢᠶᠠᠨ ᠠᠪᠴᠤ ᠬᠠᠭᠠᠯᠭ᠎ᠠ ᠶ᠋ᠢ ᠨᠡᠭᠡᠭᠡᠵᠦ ᠶᠡᠬᠡ ᠴᠡᠷᠢᠭ  ᠢ᠋ ᠲᠠᠯᠪᠢᠨ ᠣᠷᠣᠭᠤᠯᠵᠤ ᠠᠯᠠᠭᠰᠠᠨ  ᠳ᠋ᠤᠷ ᠬᠣᠲᠠ ᠶ᠋ᠢᠨ ᠪᠠᠭ᠎ᠠ ᠬᠠᠭᠠᠰ ᠠᠪᠲᠠᠪᠠ ᠃ ᠦᠯᠡᠳᠡᠭᠰᠡᠨ ᠴᠡᠷᠢᠭ ᠳᠤᠲᠠᠭᠠᠨ ᠭᠠᠷᠤᠭᠰᠠᠨ ᠳ᠋ᠤᠷ ᠲᠣᠯᠢ ᠵᠡᠭᠦᠨ ᠬᠠᠭᠠᠯᠭ᠎ᠠ ᠶ᠋ᠢᠨ ᠭᠠᠳᠠᠨ᠎ᠠ ᠪᠦᠭᠭᠦᠵᠦ ᠲᠣᠰᠴᠤ ᠠᠯᠠᠭᠰᠠᠨ᠎ᠠ ᠂ ᠨᠢᠭᠡᠨ ᠬᠥᠮᠦᠨ ᠭᠠᠷᠴᠤ ᠴᠢᠳᠠᠭᠰᠠᠨ ᠦᠭᠡᠢ ᠴᠥᠮ ᠳᠠᠭᠠᠪᠠ᠃ 
       ᠲᠡᠳᠦᠢ ᠡᠨᠡ ᠬᠣᠲᠠᠨ ᠤ᠋ ᠴᠡᠷᠢᠭ ᠢ ᠡᠮᠦᠨ᠎ᠡ ᠪᠣᠯᠭᠠᠨ ᠬᠥᠭᠡᠭᠡᠵᠦ ᠴᠡᠷᠢᠭ ᠢ ᠡᠭᠡᠭᠦᠯᠦᠨ᠂ ᠮᠦ᠍ ᠯᠡ ᠵᠢᠢ ᠤᠯᠤᠰ ᠢ ᠳᠠᠭᠠᠷᠢᠨ ᠪᠠᠢᠯᠳᠤᠵᠤ ᠴᠥᠮ ᠬᠤᠷᠢᠶᠠᠮᠵᠢᠯᠠᠭᠠᠳ ᠰᠥᠰᠥᠯᠡᠨ ᠮᠥᠷᠡᠨ ᠢ ᠭᠡᠲᠦᠯᠵᠦ᠂ ᠶᠡᠬᠡ ᠢᠯᠢ ᠶ᠋ᠢᠨ ᠬᠣᠲᠠᠨ ᠢ ᠬᠠᠭᠠᠵᠤ ᠪᠠᠢᠯᠳᠤᠭᠠᠳ ᠪᠠᠰᠠ ᠥᠴᠦᠬᠡᠨ ᠴᠦ᠍ ᠵᠠᠪ ᠭᠠᠷᠬᠤ ᠦᠭᠡᠢ ᠳ᠋ᠦ᠍ᠷ ᠶᠡᠬᠡ ᠢᠯᠢ ᠶ᠋ᠢᠨ ᠲᠡᠷᠢᠭᠦᠯᠡᠭᠰᠡᠨ ᠬᠥᠮᠦᠨ ᠢᠯᠳᠠᠰᠢ ᠶ᠋ᠢᠨ ᠬᠣᠲᠠ ᠶ᠋ᠢᠨ ᠪᠠᠭ᠎ᠠ ᠢᠯᠢ  ᠯᠦ᠍ᠭᠡ ᠲᠥᠷᠥᠯ ᠲᠤᠯᠠ ᠳᠠᠭᠠᠬᠤ ᠪᠢᠴᠢᠭ ᠪᠠᠷᠢᠭᠤᠯᠤᠨ ᠭᠠᠷᠭᠠᠭᠰᠠᠨ ᠳ᠋ᠤᠷ ᠲᠣᠯᠢ ᠵᠥᠪᠰᠢᠶᠡᠷᠡᠭᠡᠳ ᠬᠣᠲᠠᠨ ᠢ ᠳᠠᠭᠠᠭᠤᠯᠤᠨ᠂ ᠳᠠᠷᠠᠭ᠎ᠠ ᠭᠤᠷᠪᠠᠨ ᠶᠡᠬᠡ ᠪᠠᠢᠯᠳᠤᠭᠠᠨ ᠳ᠋ᠤᠷ ᠬᠣᠲᠣᠩ ᠤᠯᠤᠰ ᠤ᠋ᠨ ᠶᠡᠬᠡ ᠴᠡᠷᠢᠭ ᠢ ᠠᠷᠪᠠᠨ ᠲᠦᠮᠡ ᠢᠯᠡᠭᠦᠦ ᠣᠯᠪᠠ᠃ ᠲᠡᠳᠦᠢ ᠲᠣᠯᠢ᠂ ᠬᠠᠭᠠᠨ ᠢ᠋ ᠪᠠᠭᠤᠳᠠᠯᠯᠠᠬᠤ ᠦᠶ᠎ᠡ ᠳ᠋ᠦ᠍ᠷ ᠬᠣᠲᠠ ᠳ᠋ᠤᠷ ᠢᠷᠡᠵᠦ ᠤᠭᠲᠤᠨ ᠮᠥᠷᠭᠥᠵᠦ ᠵᠣᠯᠭᠠᠪᠠ᠃ ᠬᠠᠭᠠᠨ ᠰᠠᠢᠰᠢᠶᠠᠨ ᠬᠥᠬᠢᠭᠦᠯᠵᠦ ᠴᠡᠷᠢᠭ ᠢ᠋ᠶ᠋ᠡᠨ ᠨᠡᠢᠯᠡᠭᠦᠯᠵᠦ᠂ ᠰᠢ ᠢᠦᠢ ᠂ ᠳᠡ ᠯᠢ ᠬᠠᠨ ᠪᠠᠯᠭᠠᠳ ᠢ ᠪᠠᠢᠯᠳᠤᠬᠤᠢ ᠳ᠋ᠤᠷ ᠬᠡᠩᠭᠡᠷᠭᠡ ᠨᠢᠭᠡᠨᠲᠡ ᠴᠣᠬᠢᠮᠠᠭᠴᠠ ᠰᠢᠨ᠎ᠡ ᠬᠠᠭᠤᠴᠢᠨ ᠴᠡᠷᠢᠭ ᠭᠠᠪᠢᠶ᠎ᠠ ᠪᠠᠢᠭᠤᠯᠵᠤ ᠤᠷᠢᠳᠤ ᠶ᠋ᠢᠨ ᠴᠡᠷᠢᠭ ᠦ᠋ᠨ ᠮᠡᠲᠦ ᠬᠥᠷᠥᠩᠭᠡ ᠪᠠᠢᠭᠤᠯᠰᠤᠭᠠᠢ ᠭᠡᠮᠡᠨ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠠᠯᠠᠨ ᠣᠷᠣᠬᠤ ᠳ᠋ᠤᠷ ᠨᠢᠭᠡᠨ ᠤᠳᠠᠭ᠎ᠠ ᠳ᠋ᠤᠷ ᠳᠠ ᠯᠢ ᠬᠠᠨ ᠪᠠᠯᠭᠠᠳ ᠢ᠋ ᠦᠭᠡᠢ ᠪᠣᠯᠲᠠᠯ᠎ᠠ ᠭᠢᠰᠬᠢᠯᠡᠨ ᠲᠡᠭᠰᠢᠯᠡᠭᠡᠳ ᠨᠠᠢ᠍ᠮᠠᠨ ᠲᠦᠮᠡ ᠢᠯᠡᠭᠦᠦ ᠴᠡᠷᠢᠭ ᠣᠯᠪᠠ ᠃ ᠡᠨᠡ ᠭᠠᠵᠠᠷ ᠮᠥᠨ ᠡᠮᠦᠨ᠎ᠡ ᠭᠠᠵᠠᠷ ᠠ᠋ᠴᠠ ᠳᠣᠣᠷ᠎ᠠ ᠦᠭᠡᠢ ᠬᠠᠯᠠᠭᠤᠨ ᠲᠤᠯᠠ ᠬᠠᠭᠠᠨ ᠴᠡᠷᠢᠭ ᠢ ᠲᠦᠷ ᠣᠷᠣᠭᠤᠯᠤᠨ ᠮᠣᠷᠢ ᠪᠣᠷᠳᠣᠭᠤᠯᠪᠠ᠃ 
       ᠡᠨᠡ ᠴᠢᠯᠥᠭᠡ ᠳ᠋ᠦ᠍ᠷ ᠲᠡᠢᠰᠢ ᠭᠦᠸᠧ ᠸᠠᠩ ᠮᠤᠬᠤᠯᠢ ᠶ᠋ᠢ ᠥᠭᠦᠯᠡᠬᠦ ᠢᠨᠦ : ᠮᠤᠬᠤᠯᠢ ᠬᠥᠪᠡᠭᠦᠨ ᠪᠤᠯᠤ᠂ ᠠᠴᠢ ᠳᠡᠰ ᠲᠣᠭᠣᠰ ᠬᠣᠶᠠᠭᠤᠯᠠ ᠶ᠋ᠢ ᠠᠪᠤᠨ ᠶᠡᠬᠡ ᠴᠡᠷᠢᠭ ᠦ᠋ᠨ ᠪᠠᠭᠤᠳᠠᠯ ᠳ᠋ᠤᠷ ᠬᠦᠷᠴᠦ ᠴᠢᠨ ᠸᠠᠩ ᠪᠦᠬᠦ ᠪᠡᠯᠭᠦᠳᠡᠢ ᠶ᠋ᠢ ᠤᠯᠤᠰ  ᠲᠤᠷ ᠡᠭᠡᠭᠦᠯᠵᠦ ᠮᠣᠷᠳᠠᠭᠤᠯᠬᠤᠢ ᠳ᠋ᠤᠷ ᠠᠴᠢ ᠳᠡᠰ ᠲᠣᠭᠣᠰ ᠡᠪᠡᠳᠴᠢᠲᠡᠢ ᠲᠤᠯᠠ ᠳᠠᠭᠠᠭᠤᠯᠤᠨ ᠶᠠᠪᠤᠭᠤᠯᠪᠠ᠃ ᠲᠡᠳᠦᠢ ᠡᠨᠡ ᠳᠡᠰ ᠲᠣᠭᠣᠰ ᠬᠡᠷᠬᠢᠨ ᠡᠪᠡᠳᠴᠢᠨ ᠣᠯᠪᠠ ? ᠬᠡᠮᠡᠪᠡᠰᠦ : ᠢᠨᠢᠶᠡᠯᠲᠡᠢ ᠪᠣᠯᠠᠢ !ᠡᠨᠡ ᠵᠢᠯ ᠠᠯᠲᠠᠨ ᠤᠯᠤᠰ ᠤ᠋ᠨ ᠬᠤᠸᠠᠢ ᠭᠦᠸᠧ ᠭᠦᠩᠵᠦ ᠶ᠋ᠢᠨ ᠲᠡᠷᠡ ᠨᠢᠭᠡᠨ ᠵᠦᠢᠯ ᠦ᠋ᠨ ᠵᠥᠭᠡᠯᠡᠨ ᠨᠡᠮᠡᠭᠦᠨ ᠡᠭᠡᠮ᠎ᠡ ᠬᠠᠯᠠᠭᠤᠨ ᠠᠨᠤ ᠰᠡᠳᠬᠢᠯ ᠡᠴᠡ ᠭᠠᠷᠬᠤ ᠦᠭᠡᠢ ᠪᠣᠯᠤᠭᠠᠳ ᠡᠳᠦᠷ ᠰᠥᠨᠢ ᠦᠭᠡᠢ ᠡᠪᠬᠡᠷᠡᠨ ᠪᠣᠳᠣᠭᠰᠠᠭᠠᠷ ᠬᠠᠷᠢᠨ ᠵᠥᠭᠡᠯᠡᠨ ᠡᠪᠡᠳᠴᠢᠲᠡᠢ ᠮᠡᠲᠦ ᠪᠣᠯᠤᠭᠰᠠᠨ ᠳ᠋ᠤᠷ ᠬᠤᠸᠠᠢ ᠭᠦᠸᠧ ᠭᠦᠩᠵᠦ ᠱᠠᠩᠳᠤ ᠠ᠋ᠴᠠ ᠢᠷᠡᠭᠡᠳ ᠡᠭᠦᠨ ᠢ᠋ ᠰᠣᠨᠣᠰᠴᠤ ᠶᠡᠬᠡᠯ᠎ᠡ ᠰᠣᠴᠢᠨ ᠳᠠᠯᠳᠠ ᠠ᠋ᠴᠠ ᠲᠡᠭᠦᠨ ᠤ ᠰᠡᠳᠬᠢᠯ ᠢ ᠲᠡᠵᠢᠭᠡᠬᠦ ᠡᠮ ᠲᠣᠮ᠂ ᠳᠡᠪᠡᠯ ᠬᠤᠪᠴᠠᠰᠤᠨ ᠰᠠᠪᠠ ᠵᠡᠪᠰᠡᠭ ᠡᠯ᠎ᠡ ᠵᠦᠢᠯ ᠢ᠋ ᠢᠯᠡᠭᠡᠵᠦ᠂ ᠲᠡᠭᠦᠨ ᠤ ᠰᠡᠳᠬᠢᠯ  ᠢ᠋ ᠲᠡᠵᠢᠭᠡᠨ᠂ ᠵᠠᠷᠢᠮ ᠳ᠋ᠤᠷ ᠵᠠᠮ ᠰᠢᠯᠲᠠᠭ ᠵᠢᠭᠠᠨ ᠠᠭᠤᠯᠠ ᠲᠠᠯ᠎ᠠ ᠳ᠋ᠤᠷ ᠵᠢᠭᠠᠰᠤ ᠭᠥᠬᠢᠳᠡᠬᠦ ᠭᠠᠯᠠᠭᠤ ᠬᠠᠷᠪᠤᠬᠤ ᠪᠠᠷ ᠭᠠᠷᠴᠤ ᠢᠷᠡᠨ ᠲᠡᠭᠦᠨ ᠳ᠋ᠦ᠍ᠷ ᠵᠣᠯᠭᠠᠵᠤ᠂ ᠠᠭᠤᠳᠠᠮ ᠦᠭᠡ ᠪᠡᠷ ᠰᠡᠳᠬᠢᠯ ᠢ᠋ ᠢᠨᠦ ᠵᠠᠰᠠᠭᠰᠠᠭᠠᠷ ᠠᠷᠠᠢ ᠪᠠᠬᠠᠨ ᠭᠠᠢᠭᠤᠢ ᠪᠣᠯᠲᠠᠯ᠎ᠠ ᠰᠠᠨᠠᠮᠰᠠᠷ ᠦᠭᠡᠢ ᠪᠠᠰᠠ ᠨᠢᠳᠤᠨᠤᠨ ᠡᠪᠦᠯ ᠡᠪᠦᠭᠡ ᠢᠨᠤ ᠲᠠᠢᠰᠢ ᠭᠦᠸᠧ ᠸᠠᠩ ᠮᠤᠬᠤᠯᠢ ᠢᠷᠡᠵᠦ᠂ ᠲᠡᠭᠦᠨ ᠢ᠋ ᠳᠠᠭᠠᠭᠤᠯᠤᠨ ᠠᠪᠠᠴᠢᠮᠤᠢ ᠬᠡᠮᠡᠭᠰᠡᠨ ᠳ᠋ᠦ᠍ᠷ ᠰᠠᠢᠬᠠᠨ ᠥᠬᠢᠨ ᠡᠷᠳᠡᠮᠲᠦ ᠬᠥᠪᠡᠭᠦᠨ ᠤ ᠳᠣᠲᠣᠷ᠎ᠠ ᠶᠡᠬᠡᠯ᠎ᠡ ᠠᠮᠤᠷ ᠦᠭᠡᠢ ᠪᠣᠯᠵᠤ᠂ ᠰᠡᠯᠡᠭᠦᠨ ᠭᠠᠵᠠᠷ ᠨᠢᠯᠪᠤᠰᠤᠨ ᠢ᠋ ᠤᠷᠤᠰᠬᠠᠨ ᠠᠷᠭ᠎ᠠ ᠦᠭᠡᠢ ᠰᠠᠯᠤᠯᠴᠠᠵᠤ᠂ ᠳᠡᠰ ᠲᠣᠭᠣᠰ ᠡᠪᠦᠭᠡ ᠪᠡᠨ ᠳᠠᠭᠠᠵᠤ ᠡᠮᠦᠨ᠎ᠡ ᠵᠦᠭ ᠡᠴᠢᠬᠦᠢ ᠳ᠋ᠦ᠍ᠷ ᠵᠠᠮ ᠳ᠋ᠤᠷ ᠦᠳᠡᠷᠡᠭᠡᠳ ᠪᠠᠰᠠ ᠲᠠᠬᠢᠭᠰᠠᠨ ᠠᠵᠤᠭᠤ ᠃ ᠲᠡᠳᠦᠢ ᠭᠦᠸᠧ ᠸᠠᠩ ᠠᠷᠭ᠎ᠠ ᠦᠭᠡᠢ ᠤᠯᠤᠰ ᠲᠤᠷ ᠡᠭᠡᠭᠦᠯᠦᠭᠰᠡᠨ ᠪᠣᠯᠠᠢ᠃ ᠲᠡᠭᠦᠨ ᠤ ᠡᠭᠡᠬᠦ ᠶ᠋ᠢ ᠬᠤᠸᠠᠢ ᠭᠦᠸᠧ ᠭᠦᠩᠵᠦ ᠮᠡᠳᠡᠬᠦ ᠦᠭᠡᠢ ᠡᠳᠦᠷ ᠪᠦᠷᠢ ᠥᠨᠳᠥᠷ ᠠᠰᠠᠷ ᠭᠦᠨ ᠨᠠᠭᠤᠷ ᠤ᠋ᠨ ᠬᠥᠪᠡᠭᠡ ᠳ᠋ᠦ᠍ᠷ ᠵᠣᠭᠰᠣᠵᠤ᠂ ᠥᠪᠡᠷ ᠦ᠋ᠨ ᠳᠦᠷᠰᠦ ᠪᠡᠨ ᠤᠰᠤᠨ ᠤ᠋ ᠳᠣᠲᠣᠷ᠎ᠠ ᠦᠵᠡᠵᠦ ᠣᠷᠳᠣᠨ ᠤ᠋ ᠳᠣᠲᠣᠷ᠎ᠠ ᠰᠢᠯᠦᠭ ᠳᠠᠭᠤᠯᠠᠯ  ᠢ᠋ᠶ᠋ᠠᠷ ᠤᠢᠳᠬᠤ ᠰᠡᠳᠬᠢᠯ ᠢ᠋ ᠲᠣᠬᠣᠷᠤᠭᠤᠯᠤᠨ᠂ ᠨᠢᠯᠪᠤᠰᠤ ᠤᠨᠠᠭᠠᠨ ᠭᠠᠭᠴᠠ ᠪᠧᠢ ᠯᠢᠩ ᠭᠦᠩᠵᠦ ᠯᠦ᠍ᠭᠡ ᠰᠡᠳᠬᠢᠯ  ᠢ᠋ ᠬᠡᠯᠡᠯᠴᠡᠨ ᠨᠢᠭᠡᠨ ᠬᠠᠪᠤᠷ  ᠢ᠋ ᠤᠯᠠᠷᠢᠵᠤ ᠳᠥᠷᠪᠡᠨ ᠰᠠᠷ᠎ᠠ ᠶ᠋ᠢᠨ ᠦᠶ᠎ᠡ ᠪᠣᠯᠵᠤ᠂ ᠵᠤᠰᠠᠯᠠᠩ ᠤ᠋ᠨ ᠬᠤᠲᠠᠨ᠎ᠠ ᠡᠴᠢᠬᠦ ᠪᠡᠷ ᠰᠠᠨᠠᠵᠤ ᠳᠡᠰ ᠲᠣᠭᠣᠰ ᠠ᠋ᠴᠠ ᠨᠡᠩ ᠬᠣᠯᠠ ᠪᠣᠯᠬᠤ ᠶ᠋ᠢᠨ ᠲᠤᠯᠠ ᠵᠣᠪᠠᠨᠢᠨ ᠪᠦᠬᠦᠢ ᠳ᠋ᠦ᠍ᠷ ᠭᠡᠨᠡᠳᠲᠡ ᠬᠠᠷᠢᠨ ᠴᠢᠨ ᠸᠠᠩ ᠪᠡᠯᠭᠦᠳᠡᠢ᠂ ᠳᠡᠰ ᠲᠣᠭᠣᠰ  ᠢ᠋ ᠠᠪᠴᠤ ᠠᠢᠰᠤᠢ ᠭᠡᠮᠡᠨ ᠰᠣᠨᠣᠰᠴᠤ ᠣᠳᠣ ᠪᠠᠰᠠ ᠠᠭᠤᠯᠵᠠᠮᠤᠢ᠂ ᠯᠠᠪ ᠲᠡᠭᠦᠨ ᠦ᠌ ᠡᠪᠡᠳᠴᠢᠨ ᠲᠠᠬᠢᠭᠰᠠᠨ ᠤ᠋ ᠤᠴᠢᠷ ᠭᠡᠮᠡᠨ ᠪᠣᠳᠣᠵᠤ ᠶᠡᠬᠡᠯ᠎ᠡ ᠪᠠᠶᠠᠷᠯᠠᠮᠤᠢ᠃
       ᠲᠡᠳᠦᠢ ᠮᠥᠨ ᠥᠪᠡᠷ᠎ᠡ ᠶ᠋ᠢ ᠪᠣᠳᠣᠬᠤ ᠦᠭᠡᠢ᠂ ᠶᠠᠭᠠᠷᠠᠨ ᠡᠷᠡᠴᠢᠯᠡᠨ ᠴᠢᠮᠡᠵᠦ ᠮᠣᠷᠢ ᠤᠨᠤᠵᠤ᠂ ᠪᠧᠢ ᠯᠢᠩ ᠭᠦᠩᠵᠦ ᠶ᠋ᠢ ᠳᠠᠭᠠᠭᠤᠯᠤᠨ ᠬᠣᠶᠠᠭᠤᠯᠠ ᠬᠣᠢᠲᠤ ᠡᠭᠦᠳᠡ ᠪᠡᠷ ᠬᠣᠲᠠ ᠶ᠋ᠢᠨ ᠬᠠᠭᠠᠯᠭ᠎ᠠ ᠭᠠᠷᠴᠤ ᠵᠠᠮ ᠤ᠋ᠨ ᠬᠠᠵᠠᠭᠤᠳᠠ ᠮᠣᠳᠣᠨ ᠤ᠋ ᠰᠡᠭᠦᠳᠡᠷ ᠲᠣᠷ ᠵᠣᠭᠰᠣᠵᠤ ᠂ ᠴᠢᠨ ᠸᠠᠩ ᠤ᠋ᠨ ᠶᠡᠬᠡ ᠵᠢᠭᠰᠠᠭᠠᠯ ᠢ ᠥᠩᠭᠡᠷᠡᠭᠦᠯᠦᠮᠡᠭᠴᠡ ᠨᠢᠳᠦ ᠣᠷᠬᠢᠨ ᠦᠵᠡᠬᠦᠶ᠎ᠡ ᠪᠠᠭ᠎ᠠ ᠳᠠ ᠬᠦᠩ ᠦ᠋ᠨ ᠵᠢᠭᠰᠠᠭᠠᠯ ᠬᠦᠷᠴᠦ ᠢᠷᠡᠪᠡ᠃ ᠦᠵᠡᠪᠡᠰᠦ ᠶᠡᠬᠡ ᠰᠡᠦᠬᠡ ᠶ᠋ᠢᠨ ᠳᠣᠲᠣᠷ᠎ᠠ ᠳᠡᠰ ᠲᠣᠭᠣᠰ ᠭᠠᠷ ᠤ᠋ᠨ ᠬᠠᠪᠲᠠᠰᠤ ᠶ᠋ᠢ ᠲᠦᠰᠢᠵᠦ ᠬᠣᠲᠠᠨ ᠤ᠋ ᠵᠦᠭ ᠬᠠᠷᠠᠵᠤ ᠶᠠᠪᠤᠮᠤᠢ᠂ ᠴᠢᠷᠠᠢ ᠰᠢᠷᠠᠯᠠᠵᠤ ᠪᠡᠶ᠎ᠡ ᠮᠠᠭᠤᠵᠢᠷᠠᠵᠤᠬᠤᠢ᠃ ᠲᠤᠩᠭᠠᠯᠠᠭ ᠰᠠᠷᠠᠨ ᠤ᠋ ᠰᠠᠢᠬᠠᠨ ᠵᠢᠰᠦ ᠲᠤᠷᠠᠩᠬᠠᠢ ᠨᠢᠮᠭᠡᠨ ᠪᠣᠯᠵᠤ᠂ ᠲᠤᠶᠠᠭᠠᠯᠠᠭᠰᠠᠨ ᠰᠠᠢᠬᠠᠨ ᠭᠡᠭᠡᠬᠡᠨ ᠨᠢᠳᠦ ᠳ᠋ᠦ᠍ᠷ ᠳᠣᠲᠣᠭᠠᠳᠤ ᠵᠣᠪᠠᠨᠢᠯ ᠢᠯᠡᠷᠡᠵᠦᠬᠦᠢ᠃ ᠬᠤᠸᠠᠢ ᠭᠦᠸᠧ᠂ ᠪᠧᠢ ᠯᠢᠩ ᠬᠣᠶᠠᠷ ᠭᠦᠩᠵᠦ ᠶᠠᠭᠠᠷᠠᠨ ᠮᠣᠷᠢ ᠪᠠᠨ ᠤᠨᠤᠵᠤ ᠲᠡᠭᠦᠨ ᠦ᠌ ᠰᠣᠴᠢᠨ ᠳᠠᠭᠤᠳᠠᠬᠤ ᠠ᠋ᠴᠠ ᠵᠠᠢᠯᠠᠵᠤ ᠪᠠᠬᠠᠨ ᠵᠠᠢᠯᠠᠲᠠᠯ᠎ᠠ ᠳᠡᠰ ᠲᠣᠭᠣᠰ ᠬᠡᠳᠦᠢᠨᠡᠢ ᠣᠯᠠᠨ ᠬᠥᠮᠦᠨ ᠦ᠌ ᠬᠠᠷᠠᠬᠤ ᠶ᠋ᠢ ᠳᠠᠭᠠᠵᠤ ᠲᠡᠷᠡ ᠬᠣᠶᠠᠷ ᠢ᠋ ᠦᠵᠡᠭᠡᠳ ᠯᠠᠪ ᠲᠠᠨᠢᠨ ᠭᠡᠨᠡᠳᠲᠡ ᠵᠡᠭᠦᠳᠦᠨ ᠮᠡᠲᠦ ᠪᠣᠯᠵᠤ ᠠᠷᠠᠢ ᠶᠡᠬᠡ ᠳᠠᠭᠤᠨ ᠢ᠋ᠶ᠋ᠠᠷ ᠪᠠᠷᠬᠢᠷᠠᠨ ᠡᠰᠡ ᠳᠠᠭᠤᠳᠠᠪᠠ᠃ ᠬᠣᠶᠠᠭᠤᠯᠠ ᠨᠢᠳᠦᠨ  ᠢ᠋ᠶ᠋ᠡᠷ ᠰᠠᠨᠠᠭᠠᠨ ᠢ᠋ ᠬᠦᠷᠭᠡᠵᠦ ᠤᠷᠢᠳᠠ ᠳᠣᠪᠲᠣᠯᠤᠨ ᠬᠣᠲᠠᠨ ᠳ᠋ᠤᠷ ᠣᠷᠣᠮᠠᠭᠴᠠ ᠬᠤᠸᠠᠢ ᠭᠦᠸᠧ ᠭᠦᠩᠵᠦ ᠤᠷᠲᠤ ᠰᠡᠭᠦᠷᠡᠰᠦᠨ ᠠᠯᠳᠠᠵᠤ ᠤᠬᠢᠯᠠᠨ ᠵᠣᠭᠰᠣᠬᠤ ᠦᠭᠡᠢ ᠳ᠋ᠦ᠍ᠷ ᠪᠧᠢ ᠯᠢᠩ ᠭᠦᠩᠵᠦ ᠠᠰᠠᠭᠤᠷᠤᠨ : 《 ᠳᠠ ᠯᠠᠩ ᠢᠷᠠᠪᠠᠰᠤ ᠪᠠᠶᠠᠷ ᠪᠥᠭᠡᠲᠡᠯ᠎ᠡ ᠶᠠᠭᠤᠨ ᠳ᠋ᠤᠷ ᠤᠬᠢᠯᠠᠮᠤᠢ ? 》 ᠬᠡᠮᠡᠭᠰᠡᠨ ᠳ᠋ᠦ᠍ᠷ ᠬᠤᠸᠠᠢ ᠭᠦᠸᠧ ᠭᠦᠩᠵᠦ ᠥᠭᠦᠯᠡᠷᠦᠨ : 《ᠴᠢ ᠲᠡᠭᠦᠨ ᠦ᠌ ᠲᠡᠷᠡ ᠪᠠᠢᠳᠠᠯ ᠢ᠋ ᠦᠵᠡᠭᠰᠡᠨ ᠦᠭᠡᠢ ᠤᠤ ?  ᠶᠠᠭᠠᠬᠢᠨ ᠰᠠᠢᠨ ᠪᠣᠯᠭᠠᠵᠤ ᠠᠪᠤᠶ᠎ᠠ ! 》 ᠬᠡᠮᠡᠬᠦᠢ  ᠳ᠋ᠦ᠍ᠷ ᠪᠧᠢ ᠯᠢᠩ ᠮᠥᠨ ᠠᠷᠭ᠎ᠠ ᠵᠠᠪᠬᠠᠷᠠᠨ ᠰᠡᠭᠦᠷᠡᠰᠦᠨ ᠠᠯᠳᠠᠵᠤ᠂ ᠡᠨᠡ ᠲᠡᠷᠡ ᠭᠡᠮᠡᠨ ᠬᠣᠷᠢᠭᠯᠠᠬᠤ ᠳ᠋ᠤᠷ ᠬᠤᠸᠠᠢ ᠭᠦᠸᠧ ᠭᠦᠩᠵᠦ ᠥᠭᠦᠯᠡᠷᠦᠨ :《ᠪᠢ ᠪᠠᠭᠰᠢ ᠪᠠ ᠬᠠᠭᠠᠨ ᠤ᠋ ᠶᠡᠬᠡ ᠠᠴᠢ ᠶ᠋ᠢ ᠡᠰᠡ ᠰᠠᠬᠢᠪᠠᠰᠤ ᠳᠠ ᠯᠠᠩ ᠢ᠋ ᠰᠠᠢᠨ ᠪᠣᠯᠭᠠᠨ ᠴᠢᠳᠠᠬᠤ ᠪᠥᠯᠥᠭᠡ᠂ ᠣᠳᠣ ᠴᠢᠳᠠᠪᠠᠰᠤ ᠡᠭᠡᠴᠢ ᠴᠢᠮ᠎ᠠ ᠠ᠋ᠴᠠ ᠥᠪᠡᠷ᠎ᠡ ᠬᠥᠮᠦᠨ ᠴᠢᠳᠠᠬᠤ ᠦᠭᠡᠢ ᠪᠣᠯᠠᠢ !》ᠭᠡᠮᠡᠨ ᠵᠣᠪᠠᠨᠢᠬᠤᠢ ᠳ᠋ᠤᠷ ᠪᠧᠢ ᠯᠢᠩ ᠭᠦᠩᠵᠦ ᠥᠭᠦᠯᠡᠷᠦᠨ : 《 ᠭᠦᠩᠵᠦ ᠨᠠᠮᠠᠶ᠋ᠢ ᠳᠠᠢᠰᠤᠨ ᠠ᠋ᠴᠠ ᠪᠠᠷᠢᠭᠰᠠᠨ ᠪᠥᠭᠡᠳ ᠡᠰᠡ ᠠᠯᠠᠭᠰᠠᠨ ᠪᠥᠭᠡᠳ ᠪᠠᠰᠠ ᠲᠥᠷᠥᠭᠰᠡᠨ ᠮᠡᠲᠦ ᠰᠠᠨᠠᠭᠰᠠᠨ ᠠᠴᠢ ᠳ᠋ᠤᠷ ᠭᠠᠯ ᠤᠰᠤ ᠪᠣᠯᠪᠠᠴᠤ ᠦᠯᠦ ᠬᠣᠢᠰᠢᠯᠠᠮᠤᠢ ! 》 ᠬᠡᠮᠡᠬᠦ ᠦᠭᠡ ᠪᠠᠷᠠᠬᠤ ᠶ᠋ᠢᠨ ᠤᠷᠢᠳᠠ ᠬᠤᠸᠠᠢ ᠭᠦᠸᠧ ᠭᠦᠩᠵᠦ ᠶᠠᠭᠠᠷᠠᠨ ᠰᠥᠭᠥᠳᠴᠦ ᠮᠥᠷᠭᠥᠭᠰᠡᠨ᠎ᠡ ᠂ ᠪᠧᠢ ᠯᠢᠩ ᠭᠦᠩᠵᠦ ᠶᠡᠬᠡᠯ᠎ᠡ ᠠᠶᠤᠵᠤ ᠶᠠᠭᠠᠷᠠᠨ ᠬᠠᠷᠢᠭᠤ ᠶᠣᠰᠣᠯᠠᠬᠤᠢ ᠳ᠋ᠤᠷ ᠬᠤᠸᠠᠢ ᠭᠦᠸᠧ ᠭᠦᠩᠵᠦ ᠬᠡᠳᠦᠢᠨᠡᠢ ᠮᠥᠷᠭᠥᠵᠦ ᠪᠠᠷᠠᠭᠠᠳ ᠪᠣᠰᠴᠤ ᠥᠭᠦᠯᠡᠷᠦᠨ : 《ᠡᠭᠡᠴᠢ ᠴᠢ ᠨᠢᠭᠡᠨᠲᠡ ᠥᠬᠢᠨ ᠳᠡᠭᠦᠦ ᠳ᠋ᠦ᠍ᠷ ᠲᠤᠰᠠᠯᠠᠬᠤ ᠶᠠᠪᠤᠳᠠᠯ ᠢ᠋ ᠬᠦᠯᠢᠶᠡᠭᠰᠡᠨ ᠲᠤᠯᠠ ᠵᠦᠭᠡᠷ ᠰᠠᠭᠤᠵᠤ ᠪᠣᠯᠤᠮᠤᠢ ᠤᠤ ? 》ᠬᠡᠮᠡᠭᠰᠡᠨ ᠳ᠋ᠦ᠍ᠷ ᠪᠧᠢ ᠯᠢᠩ ᠭᠦᠩᠵᠦ ᠦᠭᠡ ᠳᠠᠭᠠᠵᠤ ᠠᠷᠭ᠎ᠠ  ᠶ᠋ᠢ ᠰᠣᠨᠣᠰᠰᠤᠭᠠᠢ ᠬᠡᠮᠡᠬᠦᠢ ᠳ᠋ᠦ᠍ᠷ ᠬᠤᠸᠠᠢ ᠭᠦᠸᠧ ᠭᠦᠩᠵᠦ ᠥᠭᠦᠯᠡᠷᠦᠨ : 《ᠡᠭᠡᠴᠢ ᠨᠢᠭᠡᠨᠲᠡ ᠬᠦᠯᠢᠶᠡᠪᠡᠰᠦ ᠪᠠᠷᠠᠭᠰᠠᠨ ᠪᠣᠯᠠᠢ᠂ ᠲᠡᠷᠡ ᠴᠠᠭ ᠲᠤᠷ ᠬᠡᠯᠡᠵᠦ ᠥᠭᠰᠦᠭᠡᠢ᠂ ᠭᠠᠭᠴᠠ ᠡᠭᠡᠴᠢ ᠡᠰᠡ ᠬᠣᠢᠰᠢᠯᠠᠪᠠᠰᠤ ᠲᠦᠮᠡᠨ ᠬᠡᠰᠢᠭ ! 》 ᠬᠡᠮᠡᠭᠰᠡᠨ ᠳ᠋ᠦ᠍ᠷ ᠪᠧᠢ ᠯᠢᠩ ᠭᠦᠩᠵᠦ : 《ᠮᠢᠨᠦ ᠴᠢᠳᠠᠬᠤ ᠬᠡᠷᠡᠭ ᠪᠣᠯᠪᠠᠰᠤ ᠦᠯᠦ ᠬᠣᠢᠰᠢᠯᠠᠮᠤᠢ᠃ 》 ᠬᠤᠸᠠᠢ ᠭᠦᠸᠧ ᠭᠦᠩᠵᠦ ᠥᠭᠦᠯᠡᠷᠦᠨ : 《ᠦᠯᠦ ᠴᠢᠳᠠᠬᠤ ᠶ᠋ᠢ ᠮᠥᠨ ᠦᠯᠦ ᠭᠤᠶᠤᠮᠤᠢ 》 ᠬᠡᠮᠡᠭᠰᠡᠨ ᠳ᠋ᠦ᠍ᠷ ᠪᠧᠢ ᠯᠢᠩ ᠭᠦᠩᠵᠦ ᠥᠭᠦᠯᠡᠷᠦᠨ : 《ᠲᠡᠢᠮᠦ ᠪᠥᠭᠡᠰᠦ ᠮᠠᠭᠠᠳ ᠶᠠᠪᠤᠮᠤᠢ ! 》ᠭᠡᠮᠡᠨ ᠪᠠᠲᠤᠯᠠᠨ ᠬᠦᠯᠢᠶᠡᠨ ᠠᠪᠤᠭᠰᠠᠨ᠎ᠠ ᠂ ᠬᠤᠸᠠᠢ ᠭᠦᠸᠧ ᠭᠦᠩᠵᠦ ᠳᠠᠬᠢᠨ ᠳᠠᠪᠲᠠᠨ ᠶᠣᠰᠣᠯᠠᠪᠠ᠃ 
       ᠲᠡᠳᠦᠢ ᠬᠣᠢᠲᠤ ᠡᠭᠦᠳᠡᠨ ᠳ᠋ᠦ᠍ᠷ ᠥᠬᠢᠳ ᠬᠦᠯᠢᠶᠡᠨ ᠪᠠᠢᠲᠠᠯ᠎ᠠ ᠡᠨᠡ ᠦᠶ᠎ᠡ ᠳ᠋ᠦ᠍ᠷ ᠳᠡ ᠯᠠᠩ ᠬᠣᠲᠠ ᠶ᠋ᠢᠨ ᠭᠠᠳᠠᠨ᠎ᠠ ᠬᠤᠸᠠᠢ ᠭᠦᠸᠧ ᠭᠦᠩᠵᠦ ᠶ᠋ᠢ ᠦᠵᠡᠮᠡᠭᠴᠡ ᠨᠠᠢ᠍ᠮᠠᠨ ᠬᠤᠪᠢ ᠰᠠᠨᠠᠯ ᠪᠣᠯᠵᠤ᠂ ᠭᠡᠷ ᠲᠦ᠍ᠷ ᠬᠦᠷᠴᠦ ᠬᠥᠭᠰᠢᠨ ᠵᠠᠯᠠᠭᠤ ᠳ᠋ᠤᠷ ᠵᠣᠯᠭᠠᠵᠤ ᠥᠪᠡᠷ ᠦ᠋ᠨ ᠰᠠᠭᠤᠬᠤ ᠭᠡᠷ ᠲᠦ᠍ᠷ ᠬᠦᠷᠦᠮᠡᠭᠴᠡ ᠰᠢᠳᠠᠷ ᠬᠡᠦᠬᠡᠳ ᠢ ᠨᠢᠭᠡᠨ ᠤᠬᠠᠭᠠᠨᠲᠠᠢ ᠶ᠋ᠢ ᠠᠨᠤ ᠠᠴᠢᠷᠠᠵᠤ ᠨᠢᠭᠡᠨ ᠪᠢᠲᠡᠭᠦᠮᠵᠢ ᠪᠢᠴᠢᠭ ᠢ᠋ ᠪᠠᠷᠢᠭᠤᠯᠵᠤ ᠂ ᠬᠤᠸᠠᠢ ᠭᠦᠸᠧ ᠭᠦᠩᠵᠦ  ᠶ᠋ᠢᠨ ᠣᠷᠳᠣᠨ ᠤ᠋ ᠬᠣᠢᠲᠤ ᠡᠭᠦᠳᠡᠨ ᠳ᠋ᠦ᠍ᠷ ᠬᠦᠷᠭᠡᠭᠦᠯᠵᠦ ᠠᠮᠤᠷ ᠢ᠋ ᠡᠷᠢᠭᠦᠯᠦᠭᠰᠡᠨ ᠳ᠋ᠦ᠍ᠷ ᠬᠤᠸᠠᠢ ᠭᠦᠸᠧ ᠭᠦᠩᠵᠦ ᠲᠡᠭᠦᠨ  ᠦ᠌ ᠮᠥᠷᠥᠭᠡᠳᠦᠭᠰᠡᠨ ᠪᠢᠴᠢᠭ ᠢ᠋ ᠦᠵᠡᠭᠡᠳ ᠪᠢᠷ ᠠᠪᠴᠤ ᠬᠠᠷᠢᠭᠤ ᠳᠠᠯᠳᠠ ᠪᠢᠴᠢᠭ ᠲᠤᠰᠢᠶᠠᠨ ᠢᠯᠡᠭᠡᠪᠡ᠃ 
       ᠲᠡᠳᠦᠢ ᠲᠡᠷᠡ ᠬᠥᠪᠡᠭᠦᠨ ᠪᠠᠶᠠᠷᠯᠠᠨ ᠪᠢᠴᠢᠭ ᠢ᠋ ᠪᠠᠷᠢᠵᠤ ᠡᠭᠡᠵᠦ ᠡᠴᠢᠪᠡ᠂ ᠬᠤᠸᠠᠢ ᠭᠦᠸᠧ ᠭᠦᠩᠵᠦ ᠰᠤᠯᠠ ᠡᠬᠡᠨᠡᠷ ᠪᠠ ᠲᠠᠢᠭᠠᠨ ᠢ᠋ ᠴᠥᠮ ᠰᠢᠯᠲᠠᠭ ᠭᠠᠷᠭᠠᠵᠤ ᠵᠠᠷᠤᠵᠤ ᠶᠠᠪᠤᠭᠤᠯᠤᠨ᠂ ᠳᠣᠲᠣᠭᠠᠳᠤ ᠣᠷᠳᠣᠨ ᠤ᠋ ᠡᠭᠦᠳᠡᠨ ᠬᠠᠭᠠᠯᠭ᠎ᠠ ᠶ᠋ᠢ ᠴᠢᠩᠳᠠ ᠬᠠᠭᠠᠯᠭᠠᠨ ᠣᠨᠢᠰᠤᠯᠠᠵᠤ᠂ ᠳᠠᠷᠤᠢ ᠬᠣᠢᠲᠤ ᠬᠡᠷᠡᠮ ᠦ᠋ᠨ ᠠᠰᠠᠷ ᠲᠤᠷ ᠬᠤᠷᠢᠮ ᠪᠡᠯᠡᠳᠦᠨ᠂ ᠬᠣᠶᠠᠷ ᠰᠢᠳᠠᠷ ᠥᠬᠢᠳ ᠡᠴᠡ ᠥᠪᠡᠷ᠎ᠡ ᠬᠥᠮᠦᠰ ᠢ᠋ ᠴᠦ᠍ ᠶᠠᠪᠤᠭᠤᠯᠤᠨ ᠬᠦᠯᠢᠶᠡᠪᠡ᠃ ᠲᠡᠳᠦᠢ ᠳᠡ ᠯᠠᠩ ᠤ᠋ᠨ ᠵᠠᠷᠤᠭᠰᠠᠨ ᠬᠡᠦᠬᠡᠳ ᠡᠭᠡᠵᠦ ᠡᠴᠢᠭᠡᠳ ᠬᠠᠢᠷᠴᠠᠭ ᠢ᠋ ᠡᠷᠭᠦᠭᠰᠡᠨ᠎ᠡ ᠪᠢᠲᠡᠭᠦᠮᠵᠢ ᠶ᠋ᠢ ᠡᠪᠳᠡᠵᠦ ᠦᠵᠡᠪᠡᠰᠦ ᠰᠢᠭᠤᠳ ᠵᠠᠯᠠᠭᠰᠠᠨ ᠪᠢᠴᠢᠭ ᠲᠤᠯᠠ ᠳᠡᠯᠪᠡᠷᠡᠲᠡᠯ᠎ᠡ ᠪᠠᠶᠠᠷᠯᠠᠨ ᠡᠪᠡᠳᠴᠢᠨ ᠠᠷᠪᠠᠨ ᠬᠤᠪᠢ ᠰᠠᠢᠨ ᠪᠣᠯᠵᠤ᠂ ᠴᠠᠭ ᠳᠣᠲᠣᠷ᠎ᠠ ᠥᠩᠭᠡ ᠴᠢᠮᠡᠭ ᠨᠡᠮᠡᠵᠦ᠂ ᠣᠷᠳᠣᠨ ᠤ᠋ ᠣᠯᠠᠨ ᠢ᠋ ᠤᠮᠳᠠᠭᠤᠯᠤᠨ᠂ ᠰᠡᠮᠡᠬᠡᠷ ᠲᠡᠷᠡ ᠬᠥᠪᠡᠭᠦᠨ ᠢ᠋ ᠲᠠᠭᠠᠨ ᠶᠠᠪᠠᠭᠠᠨ ᠢ᠋ᠶ᠋ᠠᠷ ᠭᠠᠷᠴᠤ ᠢᠷᠡᠨ᠂ ᠬᠣᠶᠠᠷ ᠵᠢᠩ ᠦ᠋ᠨ ᠦᠶ᠎ᠡ ᠳ᠋ᠦ᠍ᠷ ᠬᠤᠸᠠᠢ ᠭᠦᠸᠧ ᠭᠦᠩᠵᠦ ᠶ᠋ᠢᠨ ᠬᠣᠢᠲᠤ ᠡᠭᠦᠳᠡᠨ ᠳ᠋ᠦ᠍ᠷ ᠬᠦᠷᠴᠦ ᠢᠷᠡᠲᠡᠯ᠎ᠡ ᠳᠣᠲᠣᠷ᠎ᠠ ᠠ᠋ᠴᠠ ᠬᠣᠶᠠᠷ ᠥᠬᠢᠳ ᠭᠠᠷᠴᠤ ᠢᠷᠡᠭᠡᠳ ᠭᠠᠷ ᠠ᠋ᠴᠠ ᠪᠠᠷᠢᠵᠤ ᠤᠭᠲᠤᠨ ᠣᠷᠣᠭᠤᠯᠵᠤ ᠂ ᠳᠣᠣᠷ᠎ᠠ ᠭᠡᠷ ᠲᠦ᠍ᠷ ᠲᠦᠷ ᠠᠮᠠᠷᠠᠭᠤᠯᠤᠨ ᠠᠰᠠᠷ ᠲᠤᠷ ᠭ᠍ᠡᠷᠪᠠᠰᠤ᠂ ᠬᠤᠸᠠᠢ ᠭᠦᠸᠧ ᠭᠦᠩᠵᠦ ᠲᠡᠭᠷᠢ ᠶ᠋ᠢᠨ ᠬᠤᠪᠢᠯᠭᠠᠨ ᠮᠡᠲᠦ ᠴᠢᠮᠡᠭᠯᠡᠨ ᠬᠦᠯᠢᠶᠡᠬᠦᠶ᠎ᠡ᠂ ᠬᠣᠶᠠᠭᠤᠯᠠ ᠬᠠᠷᠢᠯᠴᠠᠨ ᠤᠴᠠᠷᠠᠯᠳᠤᠮᠠᠭᠴᠠ ᠶᠣᠰᠣ ᠵᠢᠷᠤᠮ ᠢ ᠥᠴᠦᠬᠡᠨ ᠴᠦ᠍ ᠬᠡᠷᠡᠭᠰᠡᠬᠦ ᠦᠭᠡᠢ ᠪᠣᠯᠵᠤ᠂ ᠬᠠᠷᠢᠯᠴᠠᠨ ᠲᠡᠪᠡᠷᠢᠯᠴᠡᠨ ᠵᠢᠭᠤᠷᠠᠯᠳᠤᠵᠤ ᠨᠢᠭᠡᠨ ᠵᠡᠷᠭᠡ ᠤᠬᠢᠯᠠᠵᠤ᠂ ᠳᠠᠷᠤᠢ ᠬᠠᠮᠲᠤ ᠰᠠᠭᠤᠵᠤ ᠠᠷᠢᠬᠢ ᠤᠤᠭᠤᠨ ᠡᠭᠦᠰᠬᠡᠪᠡ᠃ ᠡᠭᠦᠨ ᠳ᠋ᠦ᠍ᠷ ᠳᠡ ᠯᠠᠩ ᠲᠡᠭᠷᠢ ᠭᠠᠵᠠᠷ ᠲᠤᠷ ᠵᠠᠯᠪᠠᠷᠢᠨ᠂ ᠬᠤᠸᠠᠢ ᠭᠦᠸᠧ ᠭᠦᠩᠵᠦ ᠶ᠋ᠢ ᠲᠡᠪᠡᠷᠢᠨ ᠰᠠᠭᠤᠵᠤ᠂ ᠬᠠᠷᠢᠯᠴᠠᠨ ᠠᠷᠢᠬᠢ ᠤᠤᠭᠤᠬᠤᠢ ᠳ᠋ᠤᠷ ᠬᠤᠸᠠᠢ ᠭᠦᠸᠧ ᠭᠦᠩᠵᠦ ᠥᠭᠦᠯᠡᠷᠦᠨ : 《ᠪᠢ ᠡᠨᠡ ᠨᠡᠷ᠎ᠡ ᠪᠠ ᠰᠠᠬᠢᠯ ᠢ᠋ ᠴᠥᠮ ᠠᠪᠬᠤ ᠦᠭᠡᠢ ᠭᠠᠭᠴᠠ ᠡᠨᠡ ᠪᠡᠶ᠎ᠡ ᠪᠡᠨ ᠭᠡᠭᠡᠵᠦ ᠶᠡᠬᠡᠰ ᠰᠠᠢᠳ ᠢ ᠦᠢᠯᠡᠴᠢᠯᠡᠵᠦ᠂ ᠴᠢᠨᠦ ᠡᠪᠡᠳᠴᠢᠨ ᠢ᠋ ᠵᠠᠰᠠᠵᠤ ᠰᠠᠢᠨ ᠪᠣᠯᠭᠠᠮᠤᠢ᠂ ᠭᠠᠭᠴᠠ ᠭᠤᠶᠤᠬᠤ ᠠᠨᠤ ᠪᠡᠶ᠎ᠡ ᠶ᠋ᠢᠨ ᠪᠤᠯᠪᠠᠷᠢ ᠶ᠋ᠢ ᠪᠣᠳᠣᠵᠤ ᠪᠠᠬᠠᠨ ᠦᠷᠦ ᠡᠪᠡᠳᠴᠦ ᠠᠯᠭᠤᠷᠬᠠᠨ ᠶᠠᠪᠤᠮᠤ᠂ ᠲᠡᠷᠡ ᠲᠤᠬᠠᠢ ᠪᠢᠲᠡᠭᠡᠢ ᠦᠭᠡ ᠥᠴᠢ ! 》 ᠬᠡᠮᠡᠭᠰᠡᠨ ᠳ᠋ᠦ᠍ᠷ ᠳᠡ ᠯᠠᠩ ᠶᠡᠬᠡᠯ᠎ᠡ ᠪᠠᠶᠠᠷᠯᠠᠨ ᠳᠠᠷᠤᠢ ᠬᠡᠰᠢᠭ ᠲᠣᠷ ᠮᠥᠷᠭᠥᠵᠦ ᠂ ᠶᠡᠬᠡᠯ᠎ᠡ ᠰᠣᠭᠲᠣᠭᠰᠠᠨ ᠳ᠋ᠤᠷ ᠳᠠᠷᠤᠢ ᠬᠤᠸᠠᠢ ᠭᠦᠸᠧ ᠭᠦᠩᠵᠦ ᠭᠠᠷᠴᠤ ᠡᠴᠢᠭᠡᠳ ᠪᠧᠢ ᠯᠢᠩ ᠭᠦᠩᠵᠦ  ᠶ᠋ᠢ ᠦᠵᠡᠪᠡᠰᠦ ᠂ ᠪᠧᠢ ᠯᠢᠩ ᠡᠨᠡ ᠦᠶ᠎ᠡ ᠳ᠋ᠦ᠍ᠷ ᠳᠣᠲᠣᠭᠠᠳᠤ ᠥᠷᠥᠭᠡᠨ  ᠦ᠌ ᠲᠠᠰᠤᠯᠪᠤᠷᠢ ᠪᠠᠷ ᠡᠳᠡ ᠬᠣᠶᠠᠭᠤᠯᠠ ᠶ᠋ᠢᠨ ᠪᠠᠢᠳᠠᠯ ᠢ ᠦᠵᠡᠭᠡᠳ ᠬᠡᠳᠦᠢᠨᠡᠢ ᠬᠠᠪᠤᠷ ᠤ᠋ᠨ ᠰᠡᠳᠬᠢᠯ ᠬᠥᠳᠡᠯᠦᠭᠰᠡᠨ ᠲᠤᠯᠠ ᠲᠡᠭᠦᠨ  ᠦ᠌ ᠢᠷᠡᠬᠦ  ᠶ᠋ᠢ ᠦᠵᠡᠭᠡᠳ ᠶᠠᠭᠠᠷᠠᠨ ᠵᠣᠭᠰᠣᠭᠰᠠᠨ ᠳ᠋ᠤᠷ ᠬᠤᠸᠠᠢ ᠭᠦᠸᠧ ᠭᠦᠩᠵᠦ ᠰᠥᠭᠥᠳᠴᠦ ᠮᠥᠷᠭᠥᠬᠦᠢ  ᠳ᠋ᠦ᠍ᠷ ᠶᠠᠭᠠᠷᠠᠨ ᠲᠣᠰᠴᠤ ᠤᠴᠢᠷ ᠢ ᠠᠰᠠᠭᠤᠭᠰᠠᠨ ᠳ᠋ᠤᠷ ᠬᠤᠸᠠᠢ ᠭᠦᠸᠧ ᠭᠦᠩᠵᠦ ᠰᠠᠶᠢ ᠤᠴᠢᠷ ᠢ ᠭᠠᠷᠭᠠᠵᠤ᠂ ᠲᠡᠭᠦᠨ ᠦ᠌ ᠪᠡᠶ᠎ᠡ ᠶ᠋ᠢᠨ ᠣᠷᠣ ᠳ᠋ᠤᠷ ᠪᠧᠢ ᠯᠢᠩ ᠢ᠋ᠶ᠋ᠡᠷ ᠮᠡᠬᠡᠯᠡᠵᠦ ᠲᠡᠭᠦᠨ ᠦ᠌ ᠰᠡᠳᠬᠢᠯ ᠢ ᠭᠦᠢᠴᠡᠳᠬᠡᠭᠡᠳ ᠡᠪᠡᠳᠴᠢᠨ ᠢ᠋ ᠢᠨᠤ ᠰᠠᠢᠨ ᠪᠣᠯᠭᠠᠨ ᠬᠣᠵᠢᠮ ᠥᠪᠡᠷ ᠦ᠋ᠨ ᠶᠠᠪᠤᠳᠠᠯ ᠳᠦᠭᠦᠷᠦᠭᠰᠡᠨ ᠴᠠᠭ ᠲᠤ᠌ ᠬᠠᠮᠲᠤ ᠪᠠᠷ ᠲᠡᠭᠦᠨ ᠢ᠋ ᠦᠢᠯᠡᠴᠢᠯᠡᠬᠦ ᠶ᠋ᠢ ᠬᠡᠯᠡᠭᠰᠡᠨ ᠳ᠋ᠦ᠍ᠷ᠂ ᠪᠧᠢ ᠯᠢᠩ ᠭᠦᠩᠵᠦ ᠶᠡᠬᠡᠯ᠎ᠡ ᠢᠴᠢᠩᠭᠦᠷᠡᠨ ᠴᠢᠷᠠᠢ ᠤᠯᠠᠢᠵᠤ ᠳᠣᠲᠣᠭᠰᠢ ᠬᠠᠨᠳᠤᠬᠤᠢ ᠳ᠋ᠤᠷ ᠬᠤᠸᠠᠢ ᠭᠦᠸᠧ ᠭᠦᠩᠵᠦ ᠶᠠᠭᠠᠷᠠᠨ ᠳᠠᠬᠢᠨ ᠶᠣᠰᠣᠯᠠᠨ ᠥᠭᠦᠯᠡᠷᠦᠨ : 《ᠡᠭᠡᠴᠢ ᠦᠭᠡ ᠶ᠋ᠢ ᠪᠢᠲᠡᠭᠡᠢ ᠨᠢᠴᠤ ! 》ᠬᠡᠮᠡᠭᠰᠡᠨ ᠳ᠋ᠦ᠍ᠷ ᠪᠧᠢ ᠯᠢᠩ ᠭᠦᠩᠵᠦ ᠬᠠᠭᠠᠰ ᠴᠠᠭ ᠳᠠᠭᠤᠨ ᠦᠭᠡᠢ ᠪᠣᠳᠣᠵᠤ ᠴᠢᠷᠠᠢ ᠪᠠᠨ ᠬᠠᠯᠠᠬᠠᠯᠠᠨ ᠮᠥᠷᠭᠥᠵᠦ ᠬᠦᠯᠢᠶᠡᠪᠡ ᠃ ᠲᠡᠳᠦᠢ ᠶᠠᠭᠠᠷᠠᠨ ᠳᠠᠷᠤᠢ ᠬᠤᠪᠴᠠᠰᠤᠨ ᠢ᠋ ᠲᠠᠢᠴᠢᠭᠤᠯᠤᠨ ᠬᠥᠰᠢᠭᠡ ᠵᠠᠮ᠎ᠠ ᠳ᠋ᠤᠷ ᠣᠷᠣᠭᠤᠯᠵᠤ ᠨᠢᠭᠤᠭᠠᠳ ᠥᠪᠡᠷ ᠦ᠋ᠨ ᠪᠡᠶ᠎ᠡ ᠡᠭᠡᠨ ᠭᠠᠷᠴᠤ ᠳᠠ ᠯᠠᠩ ᠢ᠋ ᠳᠠᠬᠢᠨ ᠨᠢᠭᠡᠨ ᠵᠡᠷᠭᠡ ᠤᠤᠭᠤᠯᠭᠠᠭᠠᠳ ᠪᠠᠭ᠎ᠠ ᠰᠠᠭ᠎ᠠ ᠢᠳᠡᠰᠢ ᠢᠳᠡᠭᠦᠯᠵᠦ᠂ ᠠᠮᠠᠨ ᠢ ᠵᠠᠢᠯᠠᠵᠤ ᠭᠠᠷ ᠢ᠋ ᠠᠷᠴᠢᠨ᠂ ᠬᠣᠶᠠᠭᠤᠯᠠ ᠬᠠᠮᠲᠤ ᠭᠠᠷ ᠪᠠᠷᠢᠨ ᠠᠰᠠᠷ ᠤ᠋ᠨ ᠳᠣᠲᠣᠷ᠎ᠠ ᠡᠭᠦᠳᠡ ᠪᠡᠷ ᠵᠡᠭᠦᠨ ᠥᠷᠥᠭᠡᠯ ᠦ᠋ᠨ ᠬᠥᠰᠢᠭᠡ ᠶ᠋ᠢᠨ ᠭᠡᠷ ᠲᠦ᠍ᠷ ᠢᠷᠡᠬᠦᠢ  ᠳ᠋ᠦ᠍ᠷ ᠪᠡᠶ᠎ᠡ ᠡᠭᠡᠵᠦ ᠵᠤᠯᠠ ᠶ᠋ᠢ ᠤᠮᠳᠠᠷᠠᠭᠠᠵᠤ᠂ ᠳᠠ ᠯᠠᠩ ᠢ᠋ ᠬᠥᠲᠥᠯᠦᠨ ᠣᠷᠣᠵᠤ ᠢᠷᠡᠬᠦᠢ ᠳ᠋ᠦ᠍ᠷ ᠯᠣᠪᠬᠢᠮ᠎ᠠ ᠬᠠᠷᠠᠩᠭᠤᠢ ᠲᠤᠯᠠ ᠳᠠ ᠯᠠᠩ ᠪᠠᠰᠠ ᠠᠷᠪᠠᠨ ᠬᠤᠪᠢ ᠰᠣᠭᠲᠣᠵᠤ᠂ ᠬᠥᠯ ᠭᠠᠷ ᠲᠡᠮᠳᠡᠭᠡ ᠦᠭᠡᠢ ᠲᠡᠨᠲᠦᠷ ᠮᠥᠨᠳᠥᠷ ᠬᠥᠳᠡᠯᠬᠦ  ᠶ᠋ᠢ ᠳᠠᠭᠠᠵᠤ᠂ ᠬᠥᠰᠢᠭᠡ ᠵᠠᠮ᠎ᠠ ᠳ᠋ᠤᠷ ᠽᠠᠨᠳᠠᠨ ᠰᠢᠷᠡᠭᠡ ᠶ᠋ᠢᠨ ᠳᠡᠭᠡᠷ᠎ᠡ ᠬᠦᠷᠴᠦ ᠬᠤᠪᠴᠠᠰᠤ ᠪᠠᠨ ᠲᠠᠢᠯᠵᠤ ᠬᠡᠪᠲᠡ ᠬᠡᠮᠡᠭᠰᠡᠨ ᠳ᠋ᠦ᠍ᠷ ᠳᠡ ᠯᠠᠩ ᠶᠡᠬᠡᠯ᠎ᠡ ᠪᠠᠶᠠᠷᠯᠠᠨ ᠶᠠᠭᠠᠷᠠᠨ ᠲᠠᠢᠯᠠᠬᠤᠢ ᠳ᠋ᠤᠷ ᠬᠤᠸᠠᠢ ᠭᠦᠸᠧ ᠭᠦᠩᠵᠦ ᠮᠥᠨ ᠴᠠᠭ ᠲᠤ᠌ ᠮᠡᠳᠡᠭᠡ ᠠᠯᠳᠠᠷᠠᠨ ᠠᠷᠭ᠎ᠠ ᠦᠭᠡᠢ ᠪᠣᠯᠵᠤ᠂ ᠳᠠ ᠯᠠᠩ ᠶᠠᠭᠠᠷᠠᠨ ᠬᠥᠨᠵᠢᠯᠡ ᠳ᠋ᠦ᠍ᠷ ᠣᠷᠣᠵᠤ ᠬᠡᠪᠲᠡᠬᠦᠢ ᠳ᠋ᠦ᠍ᠷ ᠬᠤᠸᠠᠢ ᠭᠦᠸᠧ ᠥᠭᠦᠯᠡᠷᠦᠨ :《ᠴᠢ ᠵᠢᠴᠢ ᠥᠷᠯᠥᠭᠡ ᠪᠣᠯᠲᠠᠯ᠎ᠠ ᠨᠠᠳᠠ ᠠ᠋ᠴᠠ ᠦᠭᠡ ᠠᠰᠠᠭᠤᠵᠤ ᠪᠣᠯᠬᠤ ᠦᠭᠡᠢ᠂ ᠬᠡᠷᠪᠡ ᠨᠠᠮᠠᠶ᠋ᠢ ᠦᠭᠡ ᠠᠯᠳᠠᠭᠤᠯᠪᠠᠰᠤ ᠮᠢᠨᠦ ᠤᠪᠠᠳᠢᠰ ᠰᠠᠬᠢᠯ ᠴᠥᠮ ᠡᠪᠳᠡᠷᠡᠮᠦᠢ ! 》 ᠬᠡᠮᠡᠭᠰᠡᠨ ᠳ᠋ᠦ᠍ᠷ ᠳᠡ ᠯᠠᠩ ᠪᠣᠯᠤᠮᠤᠢ ᠭᠡᠮᠡᠨ ᠮᠣᠷᠢᠨ ᠤ᠋ ᠭᠠᠯ ᠲᠠᠪᠤᠨ ᠮᠢᠩᠭᠠᠨ ᠭᠠᠵᠠᠷ ᠳᠡᠭᠳᠡᠵᠦ ᠬᠦᠯᠢᠶᠡᠬᠦᠶ᠎ᠡ᠂ ᠬᠤᠸᠠᠢ ᠭᠦᠸᠧ ᠭᠦᠩᠵᠦ ᠭᠠᠷᠴᠤ ᠡᠴᠢᠭᠡᠳ ᠪᠠᠬᠠᠨ ᠤᠳᠠᠵᠤ ᠡᠭᠡᠨ ᠣᠷᠣᠵᠤ ᠢᠷᠡᠭᠡᠳ ᠲᠡᠭᠦᠨ ᠦ᠌ ᠬᠠᠪᠢᠷᠭ᠎ᠠ ᠪᠠᠷ ᠬᠥᠨᠵᠢᠯᠡ ᠳ᠋ᠦ᠍ᠷ ᠣᠷᠣᠮᠠᠭᠴᠠ ᠳᠠ ᠯᠠᠩ ᠪᠦᠬᠦᠯᠢ ᠪᠡᠶ᠎ᠡ ᠶ᠋ᠢ ᠲᠡᠮᠲᠡᠷᠢᠨ ᠦᠵᠡᠪᠡᠰᠦ ᠲᠣᠷᠭ᠎ᠠ ᠮᠡᠲᠦ ᠵᠥᠭᠡᠯᠡᠨ ᠬᠥᠪᠥᠩ ᠮᠡᠲᠦ ᠨᠡᠮᠡᠭᠦᠨ᠂ ᠰᠡᠷᠢᠭᠦᠨ ᠵᠠᠭᠠᠷ ᠤ᠋ᠨ ᠰᠠᠢᠬᠠᠨ ᠦᠨᠦᠷ ᠠᠩᠬᠢᠯᠤᠨ ᠭᠠᠷᠴᠤ ᠭᠠᠪᠢᠷ᠎ᠠ ᠶ᠋ᠢᠨ ᠲᠣᠰᠣ ᠶ᠋ᠢᠨ ᠦᠨᠦᠷ ᠭᠡᠷ ᠳᠦᠭᠦᠷᠴᠦ ᠳᠠᠷᠤᠢ ᠬᠤᠸᠠᠢ ᠭᠦᠸᠧ ᠭᠦᠩᠵᠦ ᠶ᠋ᠢᠨ ᠪᠡᠶ᠎ᠡ ᠶ᠋ᠢ ᠲᠡᠪᠡᠷᠢᠨ ᠠᠪᠴᠤ ᠪᠦᠬᠦᠯᠢ ᠪᠡᠷ ᠡᠮᠬᠦᠬᠦ ᠮᠡᠲᠦ ᠲᠡᠪᠡᠷᠢᠨ ᠬᠠᠷᠢᠯᠴᠠᠨ ᠲᠡᠪᠡᠷᠢᠯᠴᠡᠵᠦ ᠡᠭᠦᠰᠬᠡᠪᠡ᠃ ᠡᠨᠡ ᠦᠶ᠎ᠡ ᠳ᠋ᠦ᠍ᠷ ᠬᠤᠸᠠᠢ ᠭᠦᠸᠧ ᠭᠦᠩᠵᠦ ᠬᠡᠲᠦᠢᠨᠢ ᠪᠧᠢ ᠯᠢᠩ ᠭᠦᠩᠵᠦ ᠶ᠋ᠢ ᠲᠦᠯᠬᠢᠨ ᠣᠷᠣᠭᠤᠯᠵᠤ᠂ ᠥᠪᠡᠷ ᠦ᠋ᠨ ᠪᠡᠶ᠎ᠡ ᠰᠡᠮᠡᠬᠡᠷ ᠤᠬᠤᠷᠢᠨ ᠬᠥᠰᠢᠭᠡ ᠰᠠᠨᠳᠠᠯᠢ ᠶ᠋ᠢᠨ ᠬᠣᠢᠭᠤᠷ ᠲᠣᠭᠣᠷᠢᠨ ᠴᠠᠭᠠᠨ᠎ᠠ ᠲᠠᠰᠤᠯᠪᠤᠷᠢ ᠳ᠋ᠤᠷ ᠡᠴᠢᠵᠦ ᠰᠠᠭᠤᠪᠠ᠃ ᠡᠨᠡ ᠦᠶ᠎ᠡ ᠳ᠋ᠦ᠍ᠷ ᠭᠠᠳᠠᠭᠠᠳᠤ ᠥᠷᠥᠭᠡᠨ  ᠦ᠌ ᠭᠡᠭᠡᠪᠴᠢ ᠬᠠᠯᠬᠠᠪᠴᠢ ᠶ᠋ᠢ ᠴᠥᠮ ᠪᠠᠭᠤᠯᠭᠠᠵᠤ᠂ ᠴᠢᠨᠠᠳᠤ ᠭᠡᠷ ᠲᠦ᠍ᠷ ᠮᠥᠨ ᠵᠤᠯᠠ ᠦᠭᠡᠢ ᠶ᠋ᠢᠨ ᠲᠤᠯᠠ ᠭᠡᠷ ᠲᠦ᠍ᠷ ᠫᠠᠳ ᠬᠠᠷᠠᠩᠭᠤᠢ᠂ ᠭᠠᠭᠴᠠ ᠬᠣᠶᠠᠷ ᠬᠠᠰ ᠬᠠᠷᠰᠢᠯᠠᠨ ᠳᠠᠭᠤᠨ ᠭᠠᠷᠬᠤ ᠪᠠ ᠵᠠᠭᠠᠷ ᠬᠦᠵᠢᠰ ᠵᠠᠭᠤᠷᠠᠯᠳᠤᠨ ᠴᠢᠭᠢᠭ ᠭᠠᠷᠴᠤ ᠳᠠ ᠯᠠᠩ ᠤ᠋ᠨ ᠡᠢᠨ ᠬᠦ᠌ ᠦᠢᠮᠡᠭᠡᠨ ᠳ᠋ᠦ᠍ᠷ ᠪᠧᠢ ᠯᠢᠩ ᠭᠦᠩᠵᠦ ᠪᠤᠷᠭᠠᠰᠤᠨ ᠤ᠋ ᠨᠠᠢᠯᠵᠠᠭᠤᠷ ᠰᠠᠯᠬᠢᠨ᠎ᠠ ᠨᠠᠢᠭᠤᠬᠤ ᠮᠡᠲᠦ ᠪᠣᠯᠵᠤ᠂ ᠯᠢᠩᠬᠤ᠎ᠠ ᠶ᠋ᠢᠨ ᠭᠡᠰᠡᠷ ᠡᠮᠭᠡᠨᠢᠨ ᠵᠥᠭᠡᠯᠡᠨ ᠥᠷᠲᠥᠵᠦ᠂ ᠣ ᠶ᠋ᠢᠨ ᠦᠨᠦᠷ ᠬᠣᠶᠠᠷ ᠲᠠᠰᠢ ᠰᠠᠯᠵᠤ᠂ ᠪᠤᠴᠠᠯᠤᠮ᠎ᠠ ᠬᠡᠮᠬᠡ ᠮᠠᠨᠳᠠᠷᠸ᠎ᠠ ᠴᠡᠴᠡᠭ ᠲᠣᠷ ᠲᠤᠰᠤᠮᠠᠭᠴᠠ ᠤᠯᠠᠭᠠᠨ  ᠢ᠋ᠶ᠋ᠠᠷ ᠳᠡᠯᠪᠡ ᠡᠴᠢᠵᠦ ᠤᠷᠤᠰᠤᠮᠤᠢ᠃ ᠬᠠᠰ ᠤ᠋ᠨ ᠭᠡᠰᠢᠭᠦᠨ ᠲᠡᠪᠡᠷᠢᠨ ᠪᠥᠭᠡᠳ ᠳᠠᠯᠳᠠᠷᠠᠮᠤᠢ᠂ ᠵᠥᠭᠡᠯᠡᠨ ᠨᠡᠮᠡᠭᠦᠨ ᠤᠬᠢᠯᠠᠬᠤ ᠪᠥᠭᠡᠳ ᠴᠡᠴᠡᠷᠬᠢᠯᠡᠮᠦᠢ᠃ ᠨᠡᠮᠡᠭᠦᠨ ᠥᠬᠢᠨ ᠪᠤᠯᠪᠠᠷᠠᠢ ᠬᠥᠪᠡᠭᠦᠨ ᠬᠠᠷᠢᠯᠴᠠᠨ ᠬᠥᠯᠥᠰᠥ ᠭᠠᠷᠴᠤ ᠵᠥᠭᠡᠯᠡᠨ ᠥᠬᠢᠨ ᠰᠢᠳᠦ ᠵᠠᠭᠤᠨ ᠭᠤᠶᠤᠳᠠᠯ ᠢ᠋ ᠬᠦᠯᠢᠶᠡᠬᠦᠶ᠎ᠡ᠂ ᠰᠠᠢᠬᠠᠨ ᠬᠥᠪᠡᠭᠦᠨ ᠤᠷᠤᠭᠤᠯ ᠢ ᠡᠮᠬᠦᠨ ᠬᠤᠷᠢᠴᠠᠯ ᠢ᠋ ᠭᠦᠢᠴᠡᠳᠬᠡᠮᠦᠢ᠂ ᠳᠤᠰᠤᠯ ᠰᠢᠮ᠎ᠡ ᠭᠤᠷᠪᠠᠨ ᠮᠢᠩᠭᠠᠨ᠎ᠠ ᠨᠡᠪᠲᠡᠷᠡᠭᠰᠡᠨ ᠳ᠋ᠦ᠍ᠷ ᠦᠶᠡᠰ ᠭᠡᠰᠢᠭᠦᠨ ᠲᠠᠪᠤᠨ ᠲᠦᠮᠡᠨ ᠳ᠋ᠦ᠍ᠷ ᠠᠮᠤᠷᠯᠢᠪᠠᠢ᠃ 
       ᠲᠡᠳᠦᠢ ᠳᠡ ᠯᠠᠩ ᠰᠡᠳᠬᠢᠯ ᠬᠠᠨᠵᠤ ᠰᠠᠨᠠᠭᠠᠨ ᠭᠦᠢᠴᠡᠳᠬᠡᠭᠰᠡᠨ ᠢ᠋ᠶ᠋ᠡᠷ ᠨᠢᠭᠡᠨ ᠰᠥᠨᠢ ᠦᠬᠦᠰᠢᠷᠡᠬᠦ ᠮᠡᠲᠦ ᠤᠮᠳᠠᠬᠤᠶ᠎ᠠ᠂ ᠰᠥᠨᠢ ᠳᠦᠯᠢ ᠳ᠋ᠦ᠍ᠷ ᠬᠦᠯᠢᠴᠡᠯ ᠢ ᠬᠦᠯᠢᠶᠡᠭᠰᠡᠨ ᠥᠬᠢᠨ ᠭᠠᠷᠴᠤ ᠢᠷᠡᠭᠡᠳ ᠴᠢᠷᠠᠢ ᠤᠯᠠᠢᠨ ᠣᠬᠢᠯᠠᠭᠰᠠᠨ᠎ᠠ᠂ ᠬᠤᠸᠠᠢ ᠭᠦᠸᠧ ᠭᠦᠩᠵᠦ ᠵᠣᠪᠠᠭᠰᠠᠨ ᠳ᠋ᠤᠷ ᠲᠣᠬᠣᠷᠤᠭᠤᠯᠤᠨ ᠮᠥᠷᠭᠥᠬᠦᠢ ᠳ᠋ᠦ᠍ᠷ ᠪᠤᠷᠤᠭᠤ ᠬᠠᠨᠳᠤᠨ ᠤᠬᠢᠯᠠᠵᠤ᠂ ᠵᠥᠪ ᠬᠠᠨᠳᠤᠨ ᠢᠨᠢᠶᠡᠵᠦ᠂ ᠴᠢᠷᠠᠢ ᠤᠯᠠᠢᠨ ᠢᠴᠢᠩᠭᠦᠷᠡᠯ  ᠢ᠋ ᠬᠦᠯᠢᠴᠡᠵᠦ᠂ ᠵᠢᠴᠢ ᠡᠳᠦᠷ ᠥᠷᠯᠥᠭᠡ ᠬᠤᠸᠠᠢ ᠭᠦᠸᠧ ᠭᠦᠩᠵᠦ ᠳᠡᠷᠭᠡᠳᠡ ᠢᠨᠤ ᠣᠷᠣᠵᠤ ᠰᠠᠭᠤᠪᠠ᠃ ᠲᠡᠭᠦᠨ ᠢ᠋ ᠰᠡᠷᠭᠦᠭᠡᠬᠦᠢ ᠳ᠋ᠦ᠍ᠷ ᠲᠡᠷᠡ ᠪᠠᠰᠠ ᠰᠡᠳᠬᠢᠯ ᠭᠦᠢᠴᠡᠬᠦ ᠦᠭᠡᠢ ᠬᠤᠸᠠᠢ ᠭᠦᠸᠧ ᠭᠦᠩᠵᠦ ᠶ᠋ᠢ ᠲᠡᠪᠡᠷᠢᠨ ᠳᠠᠷᠤᠵᠤ᠂ ᠳᠡᠪᠡᠯ ᠬᠤᠪᠴᠠᠰᠤᠨ ᠢ᠋ ᠴᠥᠮ ᠲᠠᠢᠴᠢᠵᠤ ᠦᠵᠡᠪᠡᠰᠦ ᠳ᠋ᠧᠩ ᠵᠤᠯᠠ ᠰᠢᠲᠠᠭᠠᠵᠤ᠂ ᠳᠡᠷᠭᠡᠳᠡ ᠪᠠᠰᠠ ᠰᠠᠢᠬᠠᠨ ᠥᠬᠢᠳ ᠵᠣᠭᠰᠣᠬᠤᠢ ᠳ᠋ᠤᠷ ᠠᠷᠭ᠎ᠠ ᠦᠭᠡᠢ ᠪᠣᠰᠴᠤ ᠳᠡᠪᠡᠯ ᠬᠤᠪᠴᠠᠳ ᠢ᠋ᠶ᠋ᠠᠨ ᠡᠮᠦᠰᠴᠦ ᠳᠡ ᠯᠠᠩ ᠢ ᠰᠢᠩᠭᠡᠨ ᠪᠤᠳᠠᠭ᠎ᠠ ᠢᠳᠡᠭᠦᠯᠦᠨ ᠬᠦᠷᠭᠡᠨ ᠭᠠᠷᠭᠠᠵᠤ᠂ ᠬᠤᠸᠠᠢ ᠭᠦᠸᠧ ᠭᠦᠩᠵᠦ ᠥᠭᠦᠯᠡᠷᠦᠨ : 《 ᠴᠢ ᠰᠡᠳᠬᠢᠯ ᠬᠠᠨᠤᠨ ᠰᠠᠨᠠᠭᠠᠨ ᠭᠦᠢᠴᠡᠪᠡ᠂ ᠪᠠᠰᠠ ᠶᠠᠭᠤᠨ ᠢ ᠰᠠᠨᠠᠮᠤᠢ ? 》ᠳᠠ ᠯᠠᠩ ᠬᠡᠰᠢᠭ ᠲᠣᠷ ᠮᠥᠷᠭᠥᠵᠦ ᠡᠴᠢᠬᠦᠢ  ᠳ᠋ᠦ᠍ᠷ ᠬᠤᠸᠠᠢ ᠭᠦᠸᠧ  ᠭᠦᠩᠵᠦ ᠳᠠᠭᠠᠭᠰᠠᠨ ᠬᠡᠦᠬᠡᠳ ᠢ᠋ ᠰᠡᠷᠭᠦᠭᠡᠨ᠂ ᠬᠣᠢᠲᠤ ᠡᠭᠦᠳᠡᠨ ᠢ᠋ ᠬᠦᠷᠭᠡᠨ ᠭᠠᠷᠭᠠᠵᠤ ᠡᠭᠦᠳᠡ ᠪᠡᠨ ᠬᠠᠭᠠᠪᠠ᠃ ᠬᠤᠸᠠᠢ ᠭᠦᠸᠧ ᠭᠦᠩᠵᠦ ᠡᠭᠡᠨ ᠣᠷᠣᠵᠤ᠂ ᠳᠡᠪᠢᠰᠬᠡᠷ ᠬᠥᠨᠵᠢᠯᠡ ᠶ᠋ᠢᠨ ᠤᠯᠠᠭᠠᠨ ᠴᠡᠴᠡᠭ ᠢ ᠦᠵᠡᠭᠡᠳ ᠰᠡᠭᠦᠷᠡᠰᠦᠨ ᠠᠯᠳᠠᠵᠤ᠂ ᠪᠧᠢ ᠯᠢᠩ ᠳ᠋ᠦ᠍ᠷ ᠮᠥᠷᠭᠥᠬᠦᠶ᠎ᠡ᠂ ᠪᠧᠢ ᠯᠢᠩ ᠭᠠᠭᠴᠠ ᠨᠢᠯᠪᠤᠰᠤ ᠤᠨᠠᠭᠠᠨ ᠬᠠᠷᠢᠭᠤᠯᠤᠮᠤᠢ᠃ ᠲᠡᠭᠦᠨ ᠦ᠌ ᠨᠢᠯᠪᠤᠰᠤ ᠤᠨᠠᠭᠰᠠᠨ ᠠᠨᠤ ᠬᠢᠯᠢᠰᠳᠡᠭᠰᠡᠨ ᠶᠠᠪᠤᠳᠠᠯ ᠪᠤᠰᠤ᠂ ᠬᠤᠸᠠᠢ ᠭᠦᠸᠧ ᠭᠦᠩᠵᠦ ᠶ᠋ᠢᠨ ᠠᠭᠤᠳᠠᠮ ᠮᠡᠷᠭᠡᠨ ᠳ᠋ᠦ᠍ᠷ ᠰᠢᠲᠦᠭᠰᠡᠨ ᠪᠣᠯᠠᠢ᠃ ᠡᠳᠡᠭᠡᠷ ᠥᠬᠢᠳ ᠬᠡᠦᠬᠡᠳ ᠦ᠋ᠨ ᠥᠴᠦᠬᠡᠨ ᠬᠡᠷᠡᠭ ᠢ᠋ ᠲᠦᠷ ᠣᠷᠬᠢᠵᠤ᠂ ᠤᠯᠤᠰ ᠲᠥᠷᠥ ᠶ᠋ᠢᠨ ᠶᠡᠬᠡ ᠬᠡᠷᠡᠭ ᠢ᠋ ᠬᠡᠯᠡᠰᠦᠭᠡᠢ᠃  
       ᠮᠤᠬᠤᠯᠢ ᠬᠠᠭᠤᠴᠢᠨ ᠳᠠᠭᠠᠭᠠᠭᠰᠠᠨ ᠱᠠᠨ ᠳ᠋ᠦᠩ᠂ ᠾᠧ ᠪᠧᠢ ᠶ᠋ᠢᠨ ᠭᠠᠵᠠᠷ ᠢ᠋ ᠴᠠᠭᠳᠠᠵᠤ᠂ ᠵᠤᠨ ᠤ᠋ ᠬᠠᠯᠠᠭᠤᠨ ᠢ᠋ ᠥᠩᠭᠡᠷᠡᠨ ᠳᠣᠯᠣᠭᠠᠨ ᠰᠠᠷ᠎ᠠ ᠣᠷᠣᠮᠠᠭᠴᠠ ᠶᠡᠬᠡ ᠴᠡᠷᠢᠭ ᠢ ᠬᠥᠳᠡᠯᠭᠡᠵᠦ᠂ ᠡᠮᠦᠨ᠎ᠡ ᠵᠦᠭ ᠴᠡᠷᠢᠭ ᠣᠷᠣᠬᠤᠢ ᠳ᠋ᠤᠷ ᠮᠣᠩᠭᠣᠯ ᠤ᠋ᠨ ᠬᠠᠷᠢᠶᠠᠲᠤ ᠭᠠᠵᠠᠷ ᠤ᠋ᠨ ᠴᠢᠶᠣᠤ ᠵᠢᠩ ᠵᠸᠨ ᠬᠡᠮᠡᠭᠴᠢ ᠮᠡᠷᠭᠡᠨ ᠰᠠᠢᠳ ᠭᠦᠨ ᠠᠭᠤᠯᠠᠨ᠎ᠠ ᠰᠠᠭᠤᠵᠤ ᠮᠥᠷ ᠢ᠋ ᠨᠢᠭᠤᠵᠤ ᠪᠦᠬᠦᠢ ᠳ᠋ᠦ᠍ᠷ ᠬᠠᠷᠠᠬᠠᠨ ᠵᠠᠩᠵᠤᠨ ᠤ᠋ ᠣᠳᠣᠨ ᠡᠮᠦᠨ᠎ᠡ ᠵᠦᠭ ᠢᠷᠡᠵᠦ᠂ ᠡᠮᠦᠨ᠎ᠡ ᠵᠦᠭ ᠢ᠋ ᠳᠠᠭᠠᠭᠤᠯᠤᠨ ᠪᠦᠬᠦᠢ ᠳ᠋ᠦ᠍ᠷ ᠬᠠᠷᠠᠬᠠᠨ ᠭᠠᠷᠴᠤ ᠪᠡᠶ᠎ᠡ ᠪᠡᠨ ᠢᠯᠡᠷᠡᠭᠦᠯᠬᠦ ᠵᠠᠮ ᠢ᠋ ᠣᠯᠬᠤ ᠦᠭᠡᠢ ᠪᠦᠬᠦᠢ ᠳ᠋ᠦ᠍ᠷ ᠭᠡᠨᠡᠳᠲᠡ ᠡᠨᠡ ᠳᠣᠯᠣᠭᠠᠨ ᠰᠠᠷ᠎ᠠ ᠳ᠋ᠤᠷ ᠵᠠᠩᠵᠤᠨ ᠤ᠋ ᠣᠳᠣᠨ ᠡᠳᠦᠷ  ᠢ᠋ᠶ᠋ᠡᠷ ᠢᠯᠡᠷᠡᠭᠰᠡᠨ᠎ᠡ ᠂ ᠴᠢᠶᠣᠤ ᠵᠢᠩ ᠵᠸᠨ ᠠᠭᠤᠯᠠᠨ ᠠ᠋ᠴᠠ ᠪᠠᠭᠤᠵᠤ ᠭᠦᠸᠧ ᠸᠠᠩ ᠮᠤᠬᠤᠯᠢ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠢᠷᠡᠵᠦ ᠵᠣᠯᠭᠠᠨ ᠥᠭᠦᠯᠡᠷᠦᠨ : 《ᠶᠡᠬᠡ ᠸᠠᠩ ᠡᠨᠡ ᠵᠢᠯ ᠬᠣᠢᠲᠤ ᠵᠢᠯ ᠡᠮᠦᠨ᠎ᠡ ᠵᠦᠭ ᠪᠢᠲᠡᠭᠡᠢ ᠣᠷᠣ ᠂ ᠵᠠᠩᠵᠤᠨ ᠤ᠋ ᠣᠳᠣᠨ ᠡᠳᠦᠷ ᠢᠯᠡᠷᠡᠪᠡᠰᠦ ᠶᠡᠬᠡ ᠵᠠᠩᠵᠤᠨ ᠣᠷᠳᠣᠨ ᠳ᠋ᠤᠷ ᠡᠭᠡᠮᠦᠢ᠂ ᠴᠣᠬᠣᠮ ᠳ᠋ᠤᠷ ᠵᠠᠩᠵᠤᠨ ᠬᠣᠢᠲᠤ ᠤᠯᠤᠰ ᠲᠤᠷ ᠡᠭᠡᠵᠦ ᠡᠨᠡ ᠬᠣᠶᠠᠷ ᠵᠢᠯ ᠮᠥᠩᠬᠡ ᠶ᠋ᠢᠨ ᠭᠡᠷ ᠲᠦ᠍ᠷ ᠰᠠᠭᠤᠵᠤ᠂ ᠨᠠᠷᠠᠨ ᠰᠠᠷᠠᠨ ᠢ᠋ ᠦᠵᠡᠬᠦ ᠦᠭᠡᠢ ᠪᠣᠯᠪᠠᠰᠤ ᠵᠣᠬᠢᠮᠤᠢ᠃ ᠵᠠᠩᠵᠤᠨ ᠤ᠋ ᠪᠡᠶ᠎ᠡ ᠶ᠋ᠢᠨ ᠬᠡᠷᠡᠭ ᠭᠠᠢ ᠦᠭᠡᠢ ᠂ ᠤᠯᠤᠰ ᠤ᠋ᠨ ᠬᠡᠷᠡᠭ ᠴᠢᠬᠤᠯᠠ ! 》 ᠬᠡᠮᠡᠭᠰᠡᠨ ᠳ᠋ᠦ᠍ᠷ ᠭᠦᠸᠧ ᠸᠠᠩ ᠶᠡᠬᠡᠯ᠎ᠡ ᠪᠠᠶᠠᠷᠯᠠᠵᠤ ᠂ ᠴᠢᠶᠣᠤ ᠵᠢᠩ ᠵᠧᠨ ᠢ᠋ ᠬᠦᠨᠳᠦᠳᠡ ᠳᠠᠢᠯᠠᠵᠤ ᠥᠭᠦᠯᠡᠷᠦᠨ : 《ᠮᠡᠷᠭᠡᠨ ᠨᠥᠬᠥᠷ ᠦ᠋ᠨ ᠦᠭᠡ ᠴᠢᠪᠬᠢᠲᠡᠯ᠎ᠡ ᠮᠢᠨᠦ ᠰᠠᠨᠠᠭᠠᠨ ᠳ᠋ᠤᠷ ᠨᠡᠢᠴᠡᠪᠡ ᠃ ᠪᠢ ᠮᠥᠨ ᠪᠡᠶ᠎ᠡ ᠶ᠋ᠢᠨ ᠣᠢᠷ᠎ᠠ ᠪᠣᠯᠤᠭᠰᠠᠨ ᠢ᠋ ᠮᠡᠳᠡᠪᠡ ᠃ ᠭᠠᠭᠴᠠ ᠪᠢ ᠬᠠᠭᠠᠨ ᠤ᠋ ᠡᠮᠦᠨ᠎ᠡ ᠵᠢᠳᠬᠦᠨ ᠶᠠᠪᠤᠵᠤ ᠦᠬᠦᠬᠦ ᠴᠠᠭ ᠲᠤᠷ ᠦᠨᠡᠬᠡᠷ ᠭᠡᠷ ᠲᠦ᠍ᠷ ᠦᠬᠦᠬᠦ ᠡᠴᠡ ᠪᠣᠯᠭᠣᠮᠵᠢᠯᠠᠮᠤᠢ᠃ ᠠᠷᠭ᠎ᠠ ᠦᠭᠡᠢ ᠲᠩᠷᠢ ᠶ᠋ᠢᠨ ᠢᠷᠣ᠎ᠠ ᠪᠠᠷ ᠴᠡᠷᠢᠭ ᠣᠷᠣᠬᠤ ᠶ᠋ᠢ ᠵᠣᠭᠰᠣᠪᠠᠰᠤ ᠂ ᠠᠯᠲᠠᠨ ᠂ ᠰᠥᠩ ᠢ᠋ ᠠᠯᠢ ᠦᠶ᠎ᠡ ᠳ᠋ᠦ᠍ᠷ ᠲᠦᠪᠰᠢᠳᠬᠡᠮᠦᠢ ᠭᠡᠮᠡᠨ ᠬᠠᠭᠠᠨ ᠨᠠᠳᠠ ᠳ᠋ᠤᠷ ᠡᠮᠦᠨ᠎ᠡ ᠶ᠋ᠢ ᠲᠤᠰᠢᠶᠠᠵᠤ᠂ ᠬᠠᠭᠠᠨ ᠤ᠋ ᠪᠡᠶ᠎ᠡ ᠬᠣᠢᠲᠤ ᠶ᠋ᠢ ᠪᠠᠢᠯᠳᠤᠬᠤ ᠪᠠᠷ ᠲᠣᠭᠲᠠᠵᠤ᠂ ᠬᠠᠭᠠᠨ ᠨᠠᠶᠠᠨ ᠨᠠᠰᠤᠲᠤ ᠲᠠᠢᠬᠡᠦ ᠶ᠋ᠢ ᠣᠷᠬᠢᠵᠤ ᠬᠣᠢᠲᠤ ᠭᠠᠵᠠᠷ ᠪᠠ ᠪᠠᠷᠠᠭᠤᠨ ᠲᠥᠪᠡᠳ ᠤᠯᠤᠰ ᠢ ᠲᠦᠪᠰᠢᠳᠬᠡᠬᠦ ᠣᠢᠷᠠᠲᠤᠪᠠ᠃ ᠪᠢ ᠱᠠᠨ ᠳ᠋ᠦᠩ ᠂ ᠾᠧ ᠪᠧᠢ ᠡᠴᠡ ᠥᠪᠡᠷ᠎ᠡ ᠶ᠋ᠢ ᠣᠯᠣᠳᠤᠭᠠᠢ᠂ ᠡᠳᠦᠭᠡ ᠬᠤ᠌ ᠨᠠᠨ ᠤ᠋ ᠭᠠᠵᠠᠷ ᠤ᠋ᠨ ᠶᠡᠬᠡ ᠮᠣᠵᠢ ᠂ ᠴᠸᠨ ᠵᠧᠦ ᠂ ᠭᠤᠸᠠᠩ ᠵᠧᠦ ᠶ᠋ᠢᠨ ᠵᠡᠷᠭᠡ ᠭᠠᠵᠠᠷ ᠢ᠋ ᠠᠪᠤᠭᠠᠳᠤᠢ ᠃ ᠪᠢ ᠤᠯᠤᠰ ᠢ᠋ ᠨᠡᠭᠡᠭᠡᠭᠰᠡᠨ ᠶᠤᠸᠠᠨᠱᠤᠸᠠᠢ ᠪᠥᠭᠡᠳ ᠬᠡᠷᠪᠡ ᠥᠪᠡᠷ ᠦ᠋ᠨ ᠪᠡᠶ᠎ᠡ ᠶ᠋ᠢᠨ ᠪᠡᠯᠭᠡ ᠢᠷᠣ᠎ᠠ ᠶ᠋ᠢ ᠪᠣᠳᠣᠵᠤ ᠂ ᠡᠢᠨ ᠬᠦ᠌ ᠡᠭᠡᠪᠡᠰᠦ ᠬᠣᠢᠴᠢ ᠡᠳᠦᠷ ᠦ᠋ᠨ ᠴᠡᠷᠢᠭ ᠦ᠋ᠨ ᠡᠵᠡᠳ ᠢ᠋ ᠣᠳᠣ ᠬᠡᠷᠬᠢᠨ ᠵᠠᠬᠢᠷᠤᠮᠤᠢ ? ᠨᠡᠩ ᠪᠠᠰᠠ ᠪᠢ ᠲᠡᠷᠢᠭᠦᠯᠡᠭᠰᠡᠨ ᠶᠤᠸᠠᠨᠱᠤᠸᠠᠢ ᠡᠨᠡ ᠮᠡᠲᠦ ᠡᠬᠡᠨᠡᠷ ᠦ᠋ᠨ ᠪᠠᠢᠳᠠᠯ ᠢ᠋ ᠭᠠᠷᠭᠠᠪᠠᠰᠤ ᠬᠣᠢᠴᠢ ᠡᠳᠦᠷ ᠦ᠋ᠨ ᠶᠤᠸᠠᠨᠱᠤᠸᠠᠢ ᠪᠣᠯᠤᠭᠴᠢᠳ ᠲᠤᠷ ᠮᠠᠭᠤ ᠰᠤᠷᠲᠠᠯ ᠪᠣᠯᠬᠤ ᠦᠭᠡᠢ ᠤᠤ?  ᠬᠡᠷᠪᠡ ᠦᠶ᠎ᠡ ᠦᠶ᠎ᠡ ᠶ᠋ᠢᠨ ᠴᠡᠷᠢᠭ ᠦ᠋ᠨ ᠲᠡᠷᠢᠭᠦᠯᠡᠭᠰᠡᠳ ᠴᠥᠮ ᠨᠠᠳᠠ ᠳ᠋ᠤᠷ ᠠᠳᠠᠯᠢ ᠲᠡᠭᠷᠢ ᠭᠠᠵᠠᠷ ᠢ᠋ ᠵᠢᠭᠠᠬᠤ ᠴᠡᠷᠢᠭ ᠢ᠋ ᠰᠠᠭᠠᠳᠠᠭᠤᠯᠪᠠᠰᠤ ᠳᠡᠯᠡᠬᠡᠢ ᠳ᠋ᠠᠬᠢᠨ ᠠᠯᠢ ᠦᠶ᠎ᠡ ᠳ᠋ᠦ᠍ᠷ ᠲᠣᠭᠲᠠᠨᠢᠵᠤ ᠲᠦᠪᠰᠢᠷᠡᠮᠦᠢ ! 》 ᠭᠡᠳ ᠴᠢᠶᠣᠤ ᠵᠢᠩ ᠵᠸᠨ ᠢ ᠬᠦᠨᠳᠦᠳᠡ ᠬᠦᠨᠳᠦᠯᠡᠵᠦ᠂ ᠬᠠᠭᠠᠨ ᠳ᠋ᠤᠷ ᠪᠠᠷᠠᠳᠠᠭᠤᠯᠤᠷ᠎ᠠ ᠶᠠᠪᠤᠭᠤᠯᠪᠠ᠃ 
       ᠲᠡᠳᠦᠢ ᠵᠠᠭᠤᠨ ᠲᠦᠰᠢᠮᠡᠳ ᠶᠡᠬᠡ ᠴᠡᠷᠢᠭ  ᠢ᠋ᠶ᠋ᠡᠷ ᠫᠢᠩ ᠶᠠᠩ  ᠳ᠋ᠤᠷ ᠢᠷᠡᠨ ᠡᠨᠡ ᠬᠣᠶᠠᠷ ᠬᠣᠲᠠᠨ ᠢ᠋ ᠬᠠᠭᠠᠵᠤ ᠰᠠᠷ᠎ᠠ ᠪᠣᠯᠤᠭᠰᠠᠨ ᠦᠭᠡᠢ ᠂ ᠮᠤᠬᠤᠯᠢ ᠭᠠᠵᠠᠷ ᠤ᠋ᠨ ᠠᠶᠤᠩᠭ᠎ᠠ ᠪᠠᠷ ᠬᠣᠲᠠᠨ ᠢ᠋ ᠥᠰᠥᠷᠬᠡᠵᠦ ᠴᠡᠷᠢᠭ ᠣᠷᠣᠵᠤ ᠠᠪᠤᠭᠠᠳ ᠵᠠᠭᠤᠨ ᠣᠪᠣᠭᠲᠠᠨ ᠢ ᠲᠣᠭᠲᠠᠭᠠᠨ ᠰᠠᠩ ᠬᠥᠮᠥᠷᠭᠡ ᠶ᠋ᠢ ᠪᠠᠭᠴᠠᠯᠠᠵᠤ᠂ ᠶᠡᠬᠡ ᠴᠡᠷᠢᠭ ᠢ ᠳᠠᠭᠠᠭᠤᠯᠤᠨ ᠴᠡᠷᠢᠭ  ᠢ᠋ᠶ᠋ᠡᠨ ᠵᠠᠰᠠᠵᠤ᠂ ᠣᠯᠠᠨ ᠵᠠᠩᠵᠤᠨ ᠨᠠᠷ ᠤ᠋ᠨ ᠵᠦᠭ ᠥᠭᠦᠯᠡᠷᠦᠨ :《ᠵᠠᠶᠠᠭᠠᠨ ᠠ᠋ᠴᠠ ᠳᠠᠪᠠᠵᠤ ᠦᠯᠦ ᠪᠣᠯᠤᠮᠤᠢ᠃ ᠪᠢ ᠬᠡᠷᠪᠡ ᠪᠡᠶ᠎ᠡ ᠶ᠋ᠢᠨ ᠤᠴᠢᠷ ᠡᠢᠨ ᠬᠦ᠌ ᠰᠠᠭᠠᠲᠠᠭᠤᠯᠪᠠᠰᠤ ᠰᠢᠳᠤᠷᠭᠤ ᠴᠢᠩ ᠪᠠᠲᠤ ᠵᠢᠷᠤᠮ ᠠᠨᠤ ᠬᠠᠮᠢᠭ᠎ᠠ ᠪᠣᠢ ! 》ᠭᠡᠮᠡᠨ ᠶᠡᠬᠡ ᠬᠡᠩᠭᠡᠷᠭᠡ ᠴᠣᠬᠢᠵᠤ ᠂ ᠣᠯᠠᠨ ᠵᠠᠩᠵᠤᠨ ᠴᠡᠷᠢᠭ ᠢ ᠲᠡᠭᠰᠢᠯᠡᠵᠦ᠂ ᠲᠤᠭ ᠢ᠋ ᠳᠠᠬᠢᠵᠤ ᠡᠮᠦᠨ᠎ᠡ ᠵᠦᠭ ᠣᠷᠣᠪᠠ᠃ ᠲᠡᠳᠦᠢ ᠡᠮᠦᠨᠡᠲᠦ ᠬᠣᠰᠢᠭᠤᠴᠢ ᠳᠠᠢᠰᠤᠨᠳᠠᠷᠤᠭᠴᠢ ᠴᠢᠶᠠᠨ ᠵᠧᠦ ᠳ᠋ᠦ᠍ᠷ ᠬᠦᠷᠦᠭᠡᠳ ᠭᠡᠨᠡᠳᠲᠡ ᠨᠢᠭᠡᠨ ᠰᠠᠨᠠᠭᠠᠨ ᠣᠯᠵᠤ ᠂ ᠴᠢᠶᠠᠨ ᠵᠧᠦ ᠶ᠋ᠢ ᠥᠴᠦᠬᠡᠨ ᠴᠦ᠍ ᠬᠠᠯᠳᠠᠭᠰᠠᠨ ᠦᠭᠡᠢ ᠥᠩᠭᠡᠷᠡᠨ ᠭᠠᠷᠴᠤ ᠡᠴᠢᠬᠦᠢ ᠳ᠋ᠦ᠍ᠷ ᠴᠢᠶᠠᠨ ᠵᠧᠦ ᠬᠣᠲᠠᠨ ᠬᠡᠳᠦᠨ ᠤᠳᠠᠭ᠎ᠠ ᠭᠡᠯᠳᠦᠷᠢᠭᠰᠡᠨ ᠲᠤᠯᠠ ᠮᠥᠨ ᠤᠳᠠᠭ᠎ᠠ ᠪᠠᠰᠠ ᠬᠡᠯᠲᠦᠷᠢᠪᠡ ᠭᠡᠮᠡᠨ ᠰᠥᠨᠢ ᠬᠣᠲᠠ ᠶ᠋ᠢᠨ ᠬᠠᠭᠠᠯᠭ᠎ᠠ ᠶ᠋ᠢ ᠨᠡᠭᠡᠭᠡᠵᠦ ᠂ ᠣᠷᠣᠵᠤ ᠭᠠᠷᠬᠤ ᠰᠤᠯᠠ ᠢᠷᠭᠡᠨ ᠢ᠋ ᠣᠷᠣᠭᠤᠯᠤᠨ ᠭᠠᠷᠭᠠᠵᠤ ᠂ ᠵᠢᠴᠢ ᠡᠳᠦᠷ ᠬᠠᠭᠠᠯᠭ᠎ᠠ ᠳᠠᠷᠤᠬᠤᠢ ᠶ᠋ᠢ ᠪᠡᠯᠡᠳᠬᠡᠬᠦᠢ ᠳ᠋ᠦ᠍ᠷ ᠳᠠᠢᠰᠤᠨᠳᠠᠷᠤᠭᠴᠢ ᠶ᠋ᠢᠨ ᠴᠡᠷᠢᠭ ᠦ᠋ᠨ ᠮᠣᠩᠭᠣᠯ ᠪᠤᠬ᠎ᠠ ᠶ᠋ᠢᠨ ᠴᠡᠷᠢᠭ ᠲᠠᠷᠢᠶᠠᠯᠠᠩ ᠤ᠋ᠨ ᠠᠷᠠᠳ ᠤ᠋ᠨ ᠶᠠᠩᠵᠤ ᠪᠠᠷ ᠴᠢᠮᠡᠭᠰᠡᠨ ᠬᠢᠲᠠᠳ ᠴᠡᠷᠢᠭ ᠳᠥᠴᠢᠨ ᠬᠥᠮᠦᠨ ᠢ᠋ ᠣᠯᠠᠨ ᠢᠷᠭᠡᠳ ᠯᠤᠬᠡ ᠬᠣᠯᠢᠯᠴᠠᠯᠳᠤᠭᠤᠯᠤᠨ ᠬᠣᠲᠠᠨ ᠳ᠋ᠤᠷ ᠣᠷᠣᠭᠤᠯᠵᠤ᠂ ᠳᠠᠢᠰᠤᠨᠳᠠᠷᠤᠭᠴᠢ ᠶ᠋ᠢᠨ ᠴᠡᠷᠢᠭ ᠬᠦᠷᠴᠦ ᠢᠷᠡᠭᠰᠡᠨ ᠳ᠋ᠦ᠍ᠷ ᠰᠥᠨᠢ ᠳᠦᠯᠢ ᠲᠡᠮᠳᠡᠭ ᠫᠤᠤ ᠲᠠᠯᠪᠢᠮᠠᠭᠴᠠ ᠬᠠᠭᠠᠯᠭ᠎ᠠ ᠴᠠᠢᠲᠠᠯ᠎ᠠ ᠨᠡᠭᠡᠭᠡᠭᠰᠡᠨ ᠳ᠋ᠦ᠍ᠷ ᠴᠢᠶᠠᠨ ᠵᠧᠦ ᠬᠣᠲᠠ ᠶ᠋ᠢ ᠠᠪᠴᠤ᠂ ᠲᠦᠰᠢᠮᠡᠯ ᠴᠡᠷᠢᠭ ᠳᠤᠲᠠᠭᠠᠨ ᠭᠠᠷᠬᠤᠢ ᠳ᠋ᠤᠷ ᠮᠣᠩᠭᠣᠯ ᠪᠤᠬ᠎ᠠ ᠶᠠᠭᠠᠷᠠᠨ ᠮᠥᠨ ᠴᠡᠷᠢᠭ ᠠᠪᠴᠤ᠂ ᠬᠣᠲᠠᠨ ᠤ᠋ ᠴᠡᠷᠢᠭ ᠦ᠋ᠨ ᠰᠦᠷᠦᠭ ᠲᠦ᠍ᠷ ᠣᠷᠣᠵᠤ ᠬᠠᠮᠲᠤ ᠶ᠋ᠢᠨ ᠵᠧᠦ ᠬᠣᠲᠠᠨ  ᠳ᠋ᠤᠷ ᠰᠢᠷᠭᠤᠷ᠎ᠠ ᠢᠷᠡᠭᠰᠡᠨ ᠳ᠋ᠦ᠍ᠷ ᠦ᠋ᠨ ᠵᠧᠦ ᠬᠣᠲᠠ ᠶ᠋ᠢᠨ ᠳᠣᠲᠣᠷ᠎ᠠ ᠴᠢᠶᠠᠨ ᠵᠧᠦ ᠬᠣᠲᠠ ᠶ᠋ᠢᠨ ᠣᠢᠷ᠎ᠠ ᠳᠥᠷᠪᠡᠨ ᠡᠭᠦᠳᠡ ᠪᠣᠢ ᠲᠤᠯᠠ ᠬᠣᠲᠠ ᠶ᠋ᠢ ᠨᠡᠭᠡᠭᠡᠵᠦ ᠣᠯᠠᠨ ᠢᠷᠭᠡᠨ ᠢ᠋ ᠣᠷᠣᠭᠤᠯᠤᠭᠰᠠᠨ᠎ᠠ ᠂ ᠲᠡᠷᠡ ᠰᠥᠨᠢ ᠳᠠᠢᠰᠤᠨᠳᠠᠷᠤᠭᠴᠢ  ᠶ᠋ᠢᠨ ᠴᠡᠷᠢᠭ ᠪᠠᠰᠠ ᠬᠦᠷᠴᠦ ᠢᠷᠡᠨ ᠬᠣᠢᠲᠤ ᠬᠠᠭᠠᠯᠭ᠎ᠠ ᠶ᠋ᠢ ᠪᠤᠯᠢᠶᠠᠵᠤ ᠣᠷᠣᠪᠠ᠃ ᠮᠤᠬᠤᠯᠢ ᠶ᠋ᠢᠨ ᠶᠡᠬᠡ ᠴᠡᠷᠢᠭ ᠬᠦᠷᠴᠦ ᠢᠷᠡᠲᠡᠯ᠎ᠡ ᠳᠠᠢᠰᠤᠨᠳᠠᠷᠤᠭᠴᠢ ᠂ ᠪᠤᠯᠤ ᠬᠣᠶᠠᠭᠤᠯᠠ ᠬᠣᠶᠠᠷ ᠬᠣᠲᠠᠨ ᠢ᠋ ᠠᠪᠴᠤ ᠬᠦᠯᠢᠶᠡᠬᠦᠢ  ᠳ᠋ᠦ᠍ᠷ ᠭᠦᠸᠧ ᠸᠠᠩ ᠮᠤᠬᠤᠯᠢ ᠶᠡᠬᠡᠯ᠎ᠡ ᠪᠠᠶᠠᠷᠯᠠᠨ : 《ᠮᠢᠨᠦ ᠳᠡᠭᠦᠦ ᠂ ᠬᠡᠦᠬᠡᠳ ᠤᠯᠤᠰ ᠲᠤᠷ ᠲᠤᠰᠠᠲᠠᠢ ᠪᠣᠯᠪᠠ ! 》ᠭᠡᠮᠡᠨ ᠬᠣᠶᠠᠷ ᠬᠣᠲᠠᠨ ᠢ᠋ ᠲᠣᠭᠲᠠᠭᠠᠨ ᠣᠯᠠᠨ ᠢᠷᠭᠡᠨ ᠢ᠋ ᠢᠨᠤ ᠬᠥᠭᠡᠭᠡᠨ ᠪᠢᠨ ᠵᠧᠦ ᠂ ᠴᠸᠨ ᠵᠧᠦ ᠂ ᠶᠦᠨ ᠵᠧᠦ ᠬᠡᠳᠦᠨ ᠬᠣᠲᠠᠨ ᠢ᠋ ᠬᠠᠭᠠᠯᠭᠠᠵᠤ ᠬᠡᠯᠡᠯᠡᠴᠡᠭᠦᠯᠬᠦ  ᠳ᠋ᠦ᠍ᠷ ᠬᠣᠶᠠᠷ ᠬᠣᠲᠠ ᠶ᠋ᠢᠨ ᠢᠷᠭᠡᠨ ᠢᠨᠤ ᠲᠦᠰᠢᠮᠡᠯ  ᠦ᠋ᠨ ᠬᠡᠯᠡᠯᠴᠡᠬᠦ ᠶ᠋ᠢ ᠬᠦᠯᠢᠶᠡᠬᠦ ᠦᠭᠡᠢ ᠬᠠᠭᠠᠯᠭ᠎ᠠ ᠨᠡᠭᠡᠭᠡᠪᠡ᠃ ᠲᠦᠰᠢᠮᠡᠯ ᠴᠡᠷᠢᠭ ᠬᠠᠭᠠᠯᠭ᠎ᠠ ᠨᠡᠭᠡᠭᠡᠭᠰᠡᠨ ᠢ ᠰᠣᠨᠣᠰᠤᠮᠠᠭᠴᠠ ᠴᠡᠷᠢᠭ ᠦ᠋ᠨ ᠢᠷᠡᠬᠦ ᠡᠰᠡᠬᠦ ᠶ᠋ᠢ ᠠᠰᠠᠭᠤᠬᠤ ᠦᠭᠡᠢ ᠬᠣᠢᠲᠤ ᠬᠠᠭᠠᠯᠭ᠎ᠠ ᠪᠠᠷ ᠭᠠᠷᠴᠤ ᠳᠤᠲᠠᠭᠠᠪᠠ᠃ ᠬᠠᠭᠠᠰ ᠡᠳᠦᠷ ᠦ᠋ᠨ ᠬᠣᠢᠨ᠎ᠠ ᠮᠣᠩᠭᠣᠯ ᠤ᠋ᠨ ᠴᠡᠷᠢᠭ ᠰᠠᠶᠢ ᠣᠷᠣᠵᠤ ᠂ ᠴᠸᠨ ᠵᠧᠦ ᠂ ᠶᠦᠨ ᠵᠧᠦ ᠬᠣᠶᠠᠷ ᠬᠣᠲᠠ ᠶ᠋ᠢ ᠡᠵᠡᠯᠡᠪᠡ᠃ ᠲᠡᠢᠨ ᠬᠦ᠌ ᠨᠢᠭᠡᠨ ᠰᠠᠷ᠎ᠠ ᠶ᠋ᠢᠨ ᠳᠣᠲᠣᠷ᠎ᠠ ᠳᠥᠷᠪᠡᠨ ᠵᠧᠦ  ᠶ᠋ᠢ ᠬᠢᠯᠪᠠᠷ  ᠢ᠋ᠶ᠋ᠠᠷ ᠣᠯᠵᠤ ᠂ ᠣᠯᠠᠨ ᠴᠡᠷᠢᠭ  ᠲᠦ᠍ᠷ ᠱᠠᠩᠨᠠᠵᠤ᠂ ᠶᠡᠬᠡ ᠹᠧᠩ ᠰᠢᠶᠠᠩ ᠹᠦ ᠬᠣᠲᠠᠨ ᠢ ᠡᠴᠢᠵᠦ ᠬᠠᠭᠠᠪᠠ᠃ ᠡᠳᠦᠷ ᠰᠥᠨᠢ ᠦᠭᠡᠢ ᠪᠠᠢᠯᠳᠤᠪᠠᠴᠤ ᠹᠧᠩ ᠰᠢᠶᠠᠩ ᠹᠦ ᠳ᠋ᠦ᠍ᠷ ᠨᠢᠭᠡᠨ ᠡᠷᠳᠡᠮᠲᠡᠨ ᠠᠵᠤ᠂ ᠬᠣᠲᠠ ᠨᠢᠭᠡᠨᠲᠡ ᠠᠪᠲᠠᠬᠤ ᠦᠭᠡᠢ ᠪᠣᠯᠤᠭᠰᠠᠨ ᠳ᠋ᠤᠷ ᠮᠤᠬᠤᠯᠢ ᠰᠡᠭᠦᠷᠡᠰᠦᠨ ᠠᠯᠳᠠᠵᠤ ᠣᠯᠠᠨ ᠵᠠᠩᠵᠤᠨ ᠨᠠᠷ ᠤ᠋ᠨ ᠵᠦᠭ ᠥᠭᠦᠯᠡᠷᠦᠨ : 《ᠮᠡᠬᠦᠰ ᠸᠠᠩ ᠪᠢ ᠪᠣᠭᠳᠠ ᠡᠵᠡᠨ ᠦ᠌ ᠵᠠᠷᠯᠢᠭ  ᠢ᠋ᠶ᠋ᠠᠷ ᠡᠮᠦᠨ᠎ᠡ ᠵᠦᠭ ᠴᠡᠷᠢᠭ ᠣᠷᠣᠵᠤ᠂ ᠳᠥᠷᠪᠡᠨ ᠵᠦᠭ ᠬᠥᠨᠳᠡᠯᠡᠨ ᠭᠤᠯᠳᠤ  ᠪᠠᠷ ᠳᠠᠢᠯᠠᠨ ᠶᠠᠪᠤᠵᠤ᠂ ᠯᠢᠶᠣᠣ ᠂ ᠰᠥᠩ ᠂ ᠯᠢᠶᠣᠣ ᠰᠢ ᠂ ᠱᠠᠨ ᠳ᠋ᠦᠩ ᠂ ᠾᠧ ᠪᠧᠢ ᠶ᠋ᠢ ᠬᠠᠭᠠᠨ ᠤ᠋ ᠪᠤᠶᠠᠨ ᠳ᠋ᠤᠷ ᠬᠢᠯᠪᠠᠷ  ᠢ᠋ᠶ᠋ᠠᠷ ᠲᠣᠭᠲᠠᠭᠠᠭᠠᠳ ᠡᠳᠦᠭᠡ ᠪᠠᠰᠠ ᠲᠢᠶᠠᠨ ᠫᠢᠩ ᠂ ᠶᠠᠨ ᠠᠨ ᠬᠣᠶᠠᠷ ᠹᠦ ᠶ᠋ᠢ ᠬᠦᠴᠦᠨ ᠢ᠋ᠶ᠋ᠡᠷ ᠪᠠᠢᠯᠳᠤᠵᠤ ᠠᠪᠤᠪᠠ᠃ ᠡᠳᠡᠭᠡᠷ ᠴᠥᠮ ᠬᠠᠭᠠᠨ ᠤ᠋ ᠶᠡᠬᠡ ᠪᠤᠶᠠᠨ ᠤᠯᠤᠰ ᠪᠦᠲᠦᠬᠦᠢ ᠳ᠋ᠦ᠍ᠷ ᠪᠣᠯᠠᠢ᠃ ᠭᠠᠭᠴᠠ ᠡᠳᠦᠭᠡ ᠪᠢ ᠴᠢᠶᠠᠨ ᠵᠧᠦ ᠂ ᠶ᠋ᠢᠨ ᠵᠧᠦ ᠂ ᠪᠢᠨ ᠵᠧᠦ ᠂ ᠶᠦᠨ ᠵᠧᠦ ᠂ ᠡᠨᠡ ᠳᠥᠷᠪᠡᠨ ᠬᠣᠲᠠᠨ ᠢ ᠮᠥᠨ ᠮᠠᠰᠢ ᠬᠢᠯᠪᠠᠷ ᠠᠪᠤᠪᠠ᠃ ᠯᠠᠪ ᠪᠠᠰᠠ ᠬᠡᠳᠦᠨ ᠵᠢᠯ ᠤᠯᠤᠰ ᠲᠥᠷᠥ ᠳ᠋ᠦ᠍ᠷ ᠬᠦᠴᠦᠨ ᠢ᠋ᠶ᠋ᠡᠨ ᠪᠠᠷᠢᠬᠤ ᠭᠡᠮᠡᠨ ᠰᠠᠨᠠᠬᠤᠢ ᠳ᠋ᠤᠷ ᠰᠠᠨᠠᠮᠰᠠᠷ ᠦᠭᠡᠢ ᠡᠨᠡ ᠹᠧᠩ ᠰᠢᠶᠠᠩ ᠹᠦ  ᠶ᠋ᠢ ᠰᠠᠷ᠎ᠠ ᠢᠯᠡᠭᠦᠦ ᠬᠠᠭᠠᠲᠠᠯ᠎ᠠ ᠡᠰᠡ ᠣᠯᠬᠤ ᠠᠨᠤ ᠪᠢ ᠠᠷᠪᠠᠨ ᠲᠠᠪᠤᠨ ᠨᠠᠰᠤᠨ ᠠ᠋ᠴᠠ ᠬᠠᠭᠠᠨ ᠢ ᠳᠠᠭᠠᠵᠤ ᠶᠠᠪᠤᠭᠰᠠᠭᠠᠷ ᠡᠨᠡ ᠮᠡᠲᠦ ᠢᠨᠦ ᠨᠢᠭᠡᠨ ᠤᠳᠠᠭ᠎ᠠ ᠭᠠᠷᠤᠭᠰᠠᠨ ᠦᠭᠡᠢ ᠪᠣᠯᠥᠭᠡ ᠃ ᠡᠨᠡ ᠯᠠᠪ ᠮᠢᠨᠦ ᠵᠠᠶᠠᠭᠠᠨ ᠲᠡᠭᠦᠰᠬᠦ ᠴᠠᠭ  ᠪᠣᠯᠵᠤᠬᠤᠢ ! < ᠴᠢᠬᠤᠯᠠ ᠦᠭᠡ ᠶ᠋ᠢ ᠠᠭᠤᠳᠠᠮ ᠴᠠᠭ ᠲᠤᠷ ᠬᠡᠯᠡᠮᠦᠢ᠂ ᠨᠠᠷᠢᠨ ᠠᠷᠭ᠎ᠠ ᠶ᠋ᠢ ᠰᠤᠯᠠ ᠴᠠᠭ ᠲᠤᠷ ᠪᠣᠯᠪᠠᠰᠤᠷᠠᠭᠤᠯᠤᠮᠤᠢ >᠂ ᠪᠢ ᠬᠡᠷᠪᠡ ᠦᠬᠦᠪᠡᠰᠦ ᠣᠯᠠᠨ ᠵᠠᠩᠵᠤᠨ ᠠᠬ᠎ᠠ ᠳᠡᠭᠦᠦ ᠬᠡᠦᠬᠡᠳ ᠠᠴᠢᠷ ᠲᠡᠭᠷᠢ ᠶ᠋ᠢᠨ ᠢᠷᠣ᠎ᠠ ᠭᠠᠵᠠᠷ ᠤ᠋ᠨ ᠪᠡᠯᠭᠡ ᠭᠡᠮᠡᠨ ᠴᠡᠷᠢᠭ ᠢ ᠪᠢᠲᠡᠭᠡᠢ ᠰᠠᠭᠠᠳᠠ᠂ ᠪᠡᠶ᠎ᠡ ᠦᠬᠦᠪᠡᠴᠦ ᠬᠡᠷᠡᠭ ᠪᠦᠲᠦᠬᠦ ᠶ᠋ᠢ ᠰᠠᠨᠠᠬᠤ ᠬᠡᠷᠡᠭᠲᠡᠢ ! 》ᠭᠡᠮᠡᠨ ᠶᠡᠬᠡ ᠴᠡᠷᠢᠭ ᠢ ᠬᠤᠷᠢᠶᠠᠵᠤ᠂ ᠡᠨᠡ ᠡᠰᠡ ᠠᠪᠲᠠᠪᠠᠴᠤ ᠪᠤᠰᠤ ᠶ᠋ᠢ ᠪᠢᠲᠡᠭᠡᠢ ᠰᠠᠭᠠᠲᠠ ᠭᠡᠮᠡᠨ ᠶᠡᠬᠡ ᠴᠡᠷᠢᠭ ᠢ ᠸᠧᠢ ᠱᠦᠢ ᠮᠥᠷᠡᠨ ᠢ ᠭᠡᠲᠦᠯᠭᠡᠵᠦ ᠪᠠᠭᠤᠳᠠᠯᠯᠠᠪᠠ᠃ ᠶᠠᠨ ᠠᠨ᠂ ᠹᠧᠩ ᠰᠢᠶᠠᠩ ᠴᠥᠮ ᠱᠠᠨ ᠰᠢ ᠭᠠᠵᠠᠷ ᠲᠤᠷ ᠪᠣᠢ᠃  
       ᠮᠤᠬᠤᠯᠢ ᠸᠠᠩ ᠤ᠋ᠨ ᠴᠡᠷᠢᠭ ᠶᠡᠬᠡᠯ᠎ᠡ ᠬᠠᠯᠠᠭᠤᠨ ᠳ᠋ᠤᠷ ᠴᠡᠷᠢᠭ ᠢ ᠪᠡᠨ ᠰᠡᠭᠬᠢᠬᠦ ᠴᠢᠯᠥᠭᠡᠨ ᠳ᠋ᠦ᠍ᠷ ᠵᠢᠴᠢ ᠪᠠᠷᠠᠭᠤᠨ ᠡᠲᠡᠭᠡᠳ ᠦ᠋ᠨ ᠬᠠᠭᠠᠨ ᠤ᠋ ᠴᠡᠷᠢᠭ ᠢ᠋ ᠬᠡᠯᠡᠬᠦ  ᠢᠨᠤ : ᠬᠠᠭᠠᠨ ᠤ᠋ ᠶᠡᠬᠡ ᠴᠡᠷᠢᠭ ᠰᠢ ᠢᠦᠢ ᠤᠯᠤᠰ ᠲᠤᠷ ᠬᠦᠷᠴᠦ ᠳᠥᠷᠪᠡᠨ ᠲᠠᠢᠽᠢ ᠴᠢᠨ ᠸᠠᠩ ᠳ᠋ᠤᠷ ᠳᠥᠷᠪᠡᠨ ᠠᠩᠭᠢ ᠴᠡᠷᠢᠭ ᠥᠭᠴᠦ᠂ ᠳᠥᠷᠪᠡᠨ ᠡᠲᠡᠭᠡᠳ ᠲᠣᠷ ᠪᠠᠢᠯᠳᠤᠷ᠎ᠠ ᠭᠠᠷᠤᠭᠰᠠᠨ ᠳ᠋ᠤᠷ ᠥᠪᠡᠷ  ᠢ᠋ᠶ᠋ᠡᠨ ᠮᠥᠨ ᠶᠡᠬᠡ ᠴᠡᠷᠢᠭ ᠢ᠋ ᠠᠪᠴᠤ ᠣᠷᠣᠨ᠂ ᠰᠢ ᠢᠦᠢ  ᠶ᠋ᠢ ᠨᠢᠭᠡᠨᠲᠡ ᠨᠢᠭᠡᠨ ᠥᠷᠯᠥᠭᠡ ᠶ᠋ᠢᠨ ᠵᠠᠭᠤᠷ᠎ᠠ ᠶ᠋ᠢᠨ ᠵᠤᠯᠠ ᠮᠡᠲᠦ ᠳᠠᠢᠯᠠᠵᠤ ᠳᠠᠭᠠᠭᠤᠯᠤᠭᠰᠠᠨ ᠳ᠋ᠤᠷ ᠰᠢ ᠢᠦᠢ ᠤᠯᠤᠰ ᠤ᠋ᠨ ᠰᠠᠯᠠ ᠳ᠋ᠢᠩ ᠠᠩᠬᠠᠨ ᠳ᠋ᠤᠷ ᠨᠢᠭᠡᠨ ᠤᠳᠠᠭ᠎ᠠ ᠰᠥᠰᠥ ᠬᠡᠮᠬᠡᠷᠡᠭᠰᠡᠨ ᠳ᠋ᠦ᠍ᠷ ᠡᠨᠡ ᠤᠳᠠᠭ᠎ᠠ ᠶᠡᠬᠡ ᠴᠡᠷᠢᠭ ᠳᠠᠷᠤᠨ ᠬᠦᠷᠴᠦ ᠢᠷᠡᠭᠰᠡᠨ ᠳ᠋ᠦ᠍ᠷ ᠰᠦᠨᠡᠰᠦ ᠪᠡᠶ᠎ᠡ ᠡᠴᠡ ᠠᠩᠭᠢᠵᠢᠷᠠᠨ᠂ ᠤᠯᠤᠰ ᠤ᠋ᠨ ᠬᠣᠲᠠᠯᠠᠭᠠᠷ  ᠢ᠋ᠶ᠋ᠠᠨ ᠠᠪᠴᠤ ᠤᠷᠢᠳᠠᠰᠠ ᠪᠤᠷᠤᠭᠤᠯᠠᠨ᠂ ᠬᠣᠲᠣᠩ ᠤᠯᠤᠰ ᠤ᠋ᠨ ᠨᠢᠶᠠ ᠯᠢ ᠬᠦ ᠬᠠᠨ ᠳ᠋ᠤ᠌ ᠣᠷᠣᠵᠤ ᠥᠭᠭᠦᠨ ᠬᠠᠮᠲᠤ ᠬᠦᠴᠦᠨ ᠢ᠋ᠶ᠋ᠡᠷ ᠮᠣᠩᠭᠣᠯ ᠢ ᠲᠤᠯᠰᠤᠭᠠᠢ ᠬᠡᠮᠡᠬᠦᠢ ᠳ᠋ᠦ᠍ᠷ ᠨᠢᠶᠠ ᠯᠢ ᠬᠦ ᠬᠠᠨ ᠡᠨᠡ ᠦᠶ᠎ᠡ ᠳ᠋ᠦ᠍ᠷ ᠮᠥᠨ ᠬᠠᠭᠠᠰ ᠤᠯᠤᠰ ᠢ᠋ᠶ᠋ᠠᠨ ᠮᠣᠩᠭᠣᠯ  ᠳ᠋ᠤᠷ ᠠᠪᠲᠠᠵᠤ ᠬᠠᠷᠠᠬᠠᠨ ᠲᠡᠨᠴᠢᠭᠦᠷᠡᠨ ᠬᠣᠷᠣᠰᠬᠤ ᠴᠠᠭ ᠲᠤᠯᠠ ᠳᠠᠷᠤᠢ ᠴᠢᠰᠤ ᠤᠤᠭᠤᠵᠤ ᠲᠠᠩᠭᠠᠷᠢᠭᠯᠠᠨ᠂ ᠤᠯᠤᠰ ᠤ᠋ᠨ ᠴᠡᠷᠢᠭ ᠢ ᠪᠠᠷᠠᠲᠠᠯ᠎ᠠ ᠪᠠᠢᠭᠤᠯᠵᠤ᠂ ᠥᠪᠡᠷ  ᠢ᠋ᠶ᠋ᠡᠨ ᠲᠡᠷᠢᠭᠦᠯᠡᠨ ᠴᠢᠩᠭᠢᠰ ᠬᠠᠭᠠᠨ ᠢ ᠤᠭᠲᠤᠨ ᠢᠷᠡᠵᠦ᠂ ᠬᠣᠶᠠᠷ ᠰᠠᠷ᠎ᠠ ᠰᠢᠬᠠᠮ ᠡᠰᠡᠷᠭᠦᠴᠡᠨ ᠪᠠᠢᠯᠳᠤᠵᠤ᠂ ᠣᠨᠴᠠ ᠴᠢᠩᠭᠢᠰ ᠬᠠᠭᠠᠨ ᠤ᠋ ᠪᠡᠶ᠎ᠡ ᠯᠦ᠍ᠭᠡ ᠲᠤᠯᠵᠤ ᠪᠠᠢᠯᠳᠤᠮᠤᠢ ᠭᠡᠮᠡᠨ ᠴᠣᠭᠣᠷᠴᠤ ᠭᠠᠷᠤᠭᠰᠠᠨ ᠳ᠋ᠤᠷ ᠬᠠᠭᠠᠨ ᠮᠥᠨ ᠪᠠᠢᠯᠳᠤᠪᠠᠰᠤ ᠪᠠᠢᠯᠳᠤᠮᠤᠢ ᠊ᠶ᠎ᠠ ᠬᠡᠮᠡᠬᠦᠢ ᠳ᠋ᠦ᠍ᠷ ᠲᠡᠷᠢᠭᠦᠨ ᠳ᠋ᠦ᠍ᠷ ᠶᠧ ᠯᠢᠦᠢ ᠴᠦ ᠼᠠᠢ ᠭᠠᠷᠴᠤ ᠪᠣᠯᠬᠤ ᠦᠭᠡᠢ ᠭᠡᠮᠡᠨ ᠢᠳᠬᠠᠨ ᠠᠢᠯᠠᠳᠬᠠᠷᠤᠨ : 《ᠡᠨᠡ ᠬᠡᠳᠦᠨ ᠬᠡᠯᠲᠡᠰ ᠦ᠋ᠨ ᠬᠣᠷᠢᠶ᠎ᠠ ᠶ᠋ᠢ ᠡᠰᠡ ᠠᠪᠬᠤ ᠶ᠋ᠢ ᠪᠣᠯᠬᠤ ᠪᠣᠢ ᠊ᠶ᠎ᠠ᠂ ᠬᠠᠭᠠᠨ ᠤ᠋ ᠪᠡᠶ᠎ᠡ ᠭᠠᠷᠴᠤ ᠪᠠᠢᠯᠳᠤᠵᠤ ᠪᠣᠯᠬᠤ ᠦᠭᠡᠢ᠂ ᠬᠠᠭᠠᠨ ᠵᠢᠷᠠᠨ ᠨᠢᠭᠡᠨ ᠰᠡᠭᠦᠳᠡᠷ ᠬᠦᠷᠴᠦ ᠬᠥᠭᠰᠢᠷᠡᠬᠦᠢ  ᠶ᠋ᠢᠨ ᠦᠶ᠎ᠡ ᠳ᠋ᠦ᠍ᠷ ᠬᠦᠷᠪᠡ᠃ ᠬᠡᠳᠦᠢ ᠴᠢᠰᠤᠨ ᠠᠭᠤᠷ ᠴᠢᠭᠢᠷᠠᠭ ᠪᠣᠯᠪᠠᠴᠤ ᠪᠡᠶ᠎ᠡ ᠶ᠋ᠢᠨ ᠭᠡᠭᠡᠨ ᠢᠯᠳᠦ ᠵᠢᠳᠠ ᠪᠠᠷᠢᠵᠤ ᠭᠠᠷᠴᠤ ᠪᠠᠢᠯᠳᠤᠬᠤ ᠠᠨᠤ ᠲᠡᠭᠷᠢ ᠭᠠᠵᠠᠷ  ᠢ᠋ᠶ᠋ᠠᠷ ᠨᠠᠭᠠᠳᠬᠤ ᠬᠡᠷᠡᠭ ᠪᠣᠯᠠᠢ !》ᠭᠡᠮᠡᠨ ᠨᠢᠭᠡᠮᠦᠰᠦᠨ ᠰᠥᠭᠥᠳᠴᠦ ᠲᠠᠰᠤ ᠬᠣᠷᠢᠬᠤᠢ ᠳ᠋ᠤᠷ ᠬᠠᠭᠠᠨ ᠵᠢᠴᠢ ᠡᠳᠦᠷ ᠦ᠋ᠨ ᠥᠷᠯᠥᠭᠡ ᠰᠦᠯᠳᠡ ᠲᠡᠭᠷᠢ ᠪᠡᠨ ᠳᠠᠬᠢᠵᠤ ᠬᠣᠨᠢᠨ ᠤ᠋ ᠳᠠᠯᠤ  ᠶ᠋ᠢᠨ ᠲᠥᠯᠭᠡ ᠪᠡᠨ ᠠᠪᠴᠤ᠂ ᠪᠤᠰᠤ ᠳᠠᠯᠤ ᠶ᠋ᠢ ᠥᠴᠦᠬᠡᠨ ᠲᠦᠯᠡᠵᠦ ᠤᠲᠤᠭᠠᠨ ᠳ᠋ᠤᠷ ᠪᠠᠷᠢᠵᠤ᠂ ᠪᠠᠰᠠ ᠬᠣᠣᠰ ᠱᠠᠬ᠎ᠠ  ᠶ᠋ᠢᠨ ᠲᠥᠯᠭᠡ  ᠪᠡᠨ ᠣᠷᠬᠢᠵᠤ ᠦᠵᠡᠪᠡᠰᠦ᠂ ᠬᠠᠷᠢᠨ ᠪᠠᠶᠠᠷ ᠠᠬᠤ ᠪᠣᠢ ᠊ᠶ᠎ᠠ᠂ ᠲᠦᠭᠰᠢᠯ ᠦᠭᠡᠢ ᠳ᠋ᠦ᠍ᠷ ᠬᠡᠳᠦᠨ ᠤᠳᠠᠭ᠎ᠠ ᠬᠢᠨᠠᠨ ᠦᠵᠡᠵᠦ ᠰᠠᠶᠢ ᠶᠧ ᠯᠢᠦᠢ ᠴᠦ ᠼᠠᠢ  ᠶ᠋ᠢ ᠳᠠᠭᠤᠳᠠᠵᠤ ᠵᠠᠷᠯᠢᠭ ᠪᠣᠯᠤᠷᠤᠨ : 《ᠮᠢᠨᠦ ᠲᠥᠯᠭᠡ ᠴᠢᠨᠦ ᠬᠦᠯᠢᠯ ᠶᠡᠷᠦ ᠨᠢᠭᠡᠨ ᠤᠳᠠᠭ᠎ᠠ ᠡᠰᠡ ᠵᠥᠷᠢᠴᠡᠯᠦᠭᠡ ᠂ ᠪᠢ ᠪᠡᠶ᠎ᠡ ᠪᠡᠷ ᠭᠠᠷᠴᠤ ᠪᠠᠢᠯᠳᠤᠬᠤ ᠶ᠋ᠢ ᠲᠤᠰᠬᠠᠢᠯᠠᠨ ᠦᠵᠡᠪᠡᠰᠦ ᠰᠠᠢᠨ ᠪᠠᠢᠬᠤ ᠪᠣᠢ ᠊ᠶ᠎ᠠ ᠂ ᠮᠠᠭᠤ ᠦᠭᠡᠢ ᠂ ᠡᠰᠡ ᠢᠲᠡᠭᠡᠪᠡᠰᠦ ᠴᠢ ᠮᠥᠨ ᠬᠦᠯᠢᠯ  ᠢ᠋ᠶ᠋ᠡᠨ ᠦᠵᠡᠵᠦ ᠠᠢᠯᠠᠳᠬ᠎ᠠ !》ᠬᠡᠮᠡᠭᠰᠡᠨ ᠳ᠋ᠦ᠍ᠷ ᠶᠧ ᠯᠢᠦᠢ ᠴᠦ ᠼᠠᠢ ᠠᠷᠭ᠎ᠠ ᠦᠭᠡᠢ ᠵᠠᠷᠯᠢᠭ ᠢ᠋ ᠳᠠᠭᠠᠵᠤ ᠦᠵᠡᠪᠡᠰᠦ ᠪᠠᠰᠠ ᠬᠦ᠌ ᠲᠡᠭᠷᠢ ᠭᠠᠵᠠᠷ ᠤ᠋ᠨ ᠰᠣᠶᠣᠯ ᠣᠷᠣᠨ ᠡᠵᠡᠯᠡᠭᠰᠡᠨ ᠬᠦᠯᠢᠯ ᠪᠠᠭᠤᠵᠤ ᠮᠠᠭᠠᠳ ᠰᠠᠢᠨ ᠲᠥᠯᠭᠡ ᠪᠣᠯᠤᠮᠤᠢ ᠂ ᠬᠡᠳᠦᠨ ᠤᠳᠠᠭ᠎ᠠ ᠦᠵᠡᠪᠡᠰᠦ ᠬᠡᠳᠦᠨ ᠤᠳᠠᠬ᠎ᠠ ᠲᠡᠢᠮᠦ ᠳ᠋ᠦ᠍ᠷ ᠠᠷᠭ᠎ᠠ ᠦᠭᠡᠢ ᠦᠨᠡᠨ ᠢ᠋ ᠭᠠᠷᠭᠠᠵᠤ ᠢᠯᠭᠠᠨ ᠠᠢᠯᠠᠳᠬᠠᠷᠤᠨ : 《ᠬᠡᠳᠦᠢ ᠲᠡᠢᠮᠦ ᠪᠣᠯᠪᠠᠴᠤ ᠬᠠᠭᠠᠨ ᠤ᠋ ᠪᠡᠶ᠎ᠡ ᠭᠠᠷᠴᠤ ᠪᠠᠢᠯᠳᠤᠬᠤ ᠶᠣᠰᠣ ᠳᠡᠯᠡᠬᠡᠢ ᠳ᠋ᠠᠬᠢᠨ ᠨᠡᠭᠡᠭᠡᠭᠰᠡᠭᠡᠷ ᠦᠭᠡᠢ ᠪᠥᠯᠥᠭᠡ ᠂ ᠨᠡᠩ ᠬᠠᠭᠠᠨ ᠤ᠋ ᠪᠡᠶ᠎ᠡ ᠵᠢᠷᠠᠨ ᠰᠡᠭᠦᠳᠡᠷ ᠭᠠᠷᠪᠠ ! 》 ᠭᠡᠮᠡᠨ  ᠬᠣᠷᠢᠭᠯᠠᠨ ᠠᠢᠯᠠᠳᠬᠠᠬᠤᠢ ᠳ᠋ᠤᠷ ᠬᠠᠭᠠᠨ ᠵᠥᠪᠰᠢᠶᠡᠵᠦ ᠵᠥᠪᠯᠡᠨ ᠥᠭᠦᠯᠡᠷᠦᠨ : 《ᠲᠡᠢᠮᠦ ᠪᠥᠭᠡᠰᠦ ᠪᠢ ᠪᠡᠶ᠎ᠡ ᠶ᠋ᠢᠨ ᠲᠤᠯᠠ ᠤᠷᠮ᠎ᠠ ᠬᠤᠭᠤᠷᠠᠵᠤ ᠶᠠᠭᠠᠬᠢᠨ ᠲᠡᠭᠦᠨ ᠢ᠋ ᠪᠠᠢᠯᠳᠤᠵᠤ ᠠᠯᠢ ᠡᠳᠦᠷ ᠰᠠᠶᠢ ᠪᠠᠢᠯᠳᠤᠨ ᠳᠠᠷᠤᠮᠤᠢ ! 》ᠬᠡᠮᠡᠭᠰᠡᠨ ᠳ᠋ᠦ᠍ᠷ ᠶᠧ ᠯᠢᠦᠢ ᠴᠦ ᠼᠠᠢ ᠠᠷᠭ᠎ᠠ ᠦᠭᠡᠢ ᠮᠥᠷᠭᠥᠵᠦ ᠪᠠᠭᠤᠪᠠ᠃ 
       ᠵᠢᠴᠢ ᠡᠳᠦᠷ ᠬᠠᠭᠠᠨ ᠤ᠋ ᠶᠡᠬᠡ ᠵᠢᠭᠰᠠᠭᠠᠯ ᠵᠢᠭᠰᠠᠭᠠᠵᠤ ᠭᠠᠷᠤᠨ ᠪᠠᠢᠯᠳᠤᠬᠤᠢ ᠳ᠋ᠤᠷ ᠰᠥᠪᠡᠭᠡᠲᠡᠢ ᠪᠠᠭᠠᠲᠤᠷ ᠢ᠋ ᠭᠠᠷᠤᠮᠤᠢ ᠭᠡᠮᠡᠨ ᠶᠧ ᠯᠢᠦᠢ ᠴᠦ ᠼᠠᠢ ᠶ᠋ᠢ ᠮᠡᠬᠡᠯᠡᠨ᠂ ᠬᠣᠶᠠᠷ ᠴᠡᠷᠢᠭ ᠵᠢᠭᠰᠠᠭᠠᠭᠰᠠᠨ ᠬᠣᠢᠨ᠎ᠠ᠂ ᠬᠡᠩᠭᠡᠷᠭᠡ ᠴᠠᠩ ᠳᠡᠯᠡᠳᠦᠭᠦᠯᠦᠨ ᠬᠠᠭᠠᠨ ᠤ᠋ ᠪᠡᠶ᠎ᠡ ᠭᠡᠨᠡᠳᠲᠡ ᠰᠢᠳᠠᠷ ᠰᠠᠢᠳ ᠢ᠋ ᠵᠠᠩᠳᠠᠨ ᠶᠧ ᠯᠢᠦᠢ ᠴᠦ ᠼᠠᠢ ᠶ᠋ᠢ ᠲᠡᠪᠡᠷᠢᠭᠦᠯᠦᠨ᠂ ᠥᠪᠡᠷ ᠦ᠋ᠨ ᠪᠡᠶ᠎ᠡ ᠭᠠᠩ ᠤ᠋ᠨ ᠵᠢᠳᠠ ᠶ᠋ᠢ ᠪᠠᠷᠢᠵᠤ ᠳᠣᠪᠲᠣᠯᠤᠨ ᠭᠠᠷᠪᠠ᠃ ᠣᠯᠠᠨ ᠵᠠᠩᠵᠤᠨ ᠳᠠᠭᠤᠨ ᠭᠠᠷᠴᠤ ᠬᠠᠰᠬᠢᠷᠤᠯᠳᠤᠨ ᠨᠢᠷ ᠨᠢᠷᠬᠢᠲᠡᠯ᠎ᠡ ᠬᠠᠭᠠᠨ ᠬᠡᠳᠦᠢᠨᠡᠢ ᠨᠢᠶᠨ ᠯᠢ ᠬᠦ ᠬᠠᠨ ᠯᠤᠭ᠎ᠠ ᠪᠠᠢᠯᠳᠤᠵᠤ ᠭᠤᠷᠪᠠᠨ ᠦᠶ᠎ᠡ ᠪᠣᠯᠤᠭᠰᠠᠨ ᠦᠭᠡᠢ ᠂ ᠵᠡᠭᠦᠨ ᠮᠥᠷᠥ ᠶ᠋ᠢ ᠨᠡᠪᠲᠡ ᠵᠢᠳᠠᠯᠠᠨ ᠡᠲᠡᠵᠦ ᠠᠪᠤᠭᠠᠳ ᠵᠢᠭᠰᠠᠭᠠᠯ ᠳ᠋ᠤᠷ ᠴᠣᠬᠢᠵᠤ ᠣᠷᠣᠭᠤᠯᠤᠭᠰᠠᠨ᠎ᠠ ᠂ ᠨᠢᠶᠠ ᠯᠢ ᠬᠦ ᠬᠠᠨ ᠮᠥᠷᠥ ᠮᠥᠯᠲᠥᠷᠡᠨ ᠪᠠᠷᠢᠭᠳᠠᠪᠠ᠃ ᠡᠨᠡ ᠦᠶ᠎ᠡ ᠳ᠋ᠦ᠍ᠷ ᠬᠠᠭᠠᠨ ᠤ᠋ ᠰᠢᠳᠠᠷ ᠸᠠᠩ ᠰᠠᠢᠳ ᠵᠠᠩᠵᠤᠨ ᠲᠦᠰᠢᠮᠡᠳ ᠴᠥᠮ ᠬᠠᠭᠠᠨ ᠤ᠋ ᠭᠠᠷᠤᠭᠰᠠᠨ ᠢ᠋ ᠦᠵᠡᠭᠡᠳ ᠨᠢᠭᠡᠨᠲᠡ ᠬᠠᠰᠬᠢᠷᠤᠯᠳᠤᠨ ᠬᠣᠲᠣᠩ ᠤᠯᠤᠰ ᠤ᠋ᠨ ᠴᠡᠷᠢᠭ ᠲᠦ᠍ᠷ ᠣᠷᠣᠵᠤ ᠡᠴᠢᠪᠡ᠃  ᠶᠧ ᠯᠢᠦᠢ ᠴᠦ ᠼᠠᠢ ᠴᠤ᠌ ᠤᠷᠲᠤ ᠰᠡᠯᠡᠮ᠎ᠡ ᠪᠡᠨ ᠪᠠᠷᠢᠵᠤ ᠳᠣᠪᠲᠣᠯᠤᠨ ᠭᠠᠷᠴᠤ ᠴᠢᠬᠤᠯᠳᠠᠭᠰᠠᠨ ᠳ᠋ᠤᠷ  ᠢ᠋ᠶ᠋ᠠᠨ ᠬᠡᠳᠦ ᠬᠡᠳᠦᠨ ᠳᠠᠢᠰᠤᠨ ᠤ᠋ ᠴᠡᠷᠢᠭ ᠢ᠋ ᠴᠠᠪᠴᠢᠨ ᠤᠨᠠᠭᠠᠵᠤ᠂ ᠪᠡᠶ᠎ᠡ ᠳᠦᠭᠦᠷᠡᠩ ᠴᠢᠰᠤ ᠪᠢᠯᠳᠠᠵᠤ ᠬᠠᠭᠠᠨ ᠢ ᠨᠡᠬᠡᠨ ᠬᠦᠷᠴᠦ ᠢᠷᠡᠪᠡ ᠃ ᠡᠨᠡ ᠦᠶ᠎ᠡ ᠮᠣᠩᠭᠣᠯ ᠤ᠋ᠨ ᠴᠡᠷᠢᠭ ᠠᠭᠤᠯᠠ ᠳᠡᠯᠪᠡᠷᠡᠨ ᠭᠠᠵᠠᠷ ᠦᠰᠦᠷᠬᠦ ᠮᠡᠲᠦ ᠬᠠᠭᠠᠨ ᠢ᠋ ᠬᠠᠮᠠᠭᠠᠯᠠᠨ ᠳᠠᠢᠰᠤᠨ ᠤ᠋ ᠴᠡᠷᠢᠭ ᠢ ᠳᠠᠷᠤᠨ ᠬᠢᠳᠤᠵᠤ ᠣᠷᠣᠭᠰᠠᠨ ᠲᠤᠯᠠ ᠬᠠᠭᠠᠨ ᠰᠠᠶᠢ ᠲᠡᠷᠢᠭᠦᠯᠡᠨ ᠨᠡᠬᠡᠰᠦᠭᠡᠢ ᠬᠡᠮᠡᠬᠦᠢ ᠳ᠋ᠦ᠍ᠷ ᠶᠧ ᠯᠢᠦᠢ ᠴᠦ ᠼᠠᠢ ᠪᠡᠶ᠎ᠡ ᠳᠦᠭᠦᠷᠡᠩ ᠴᠢᠰᠤ ᠪᠢᠯᠳᠠᠵᠤ ᠬᠠᠨᠴᠤᠢᠲᠤ ᠲᠥᠷᠥ ᠶ᠋ᠢᠨ ᠳᠡᠪᠡᠯ ᠬᠠᠰ ᠤ᠋ᠨ ᠪᠥᠰ ᠵᠤᠵᠠᠭᠠᠨ ᠤᠯᠠᠲᠤ ᠭᠤᠲᠤᠯ  ᠢ᠋ᠶ᠋ᠠᠷ ᠴᠡᠷᠢᠭ ᠲᠦ᠍ᠷ ᠣᠷᠣᠵᠤ ᠢᠷᠡᠨ ᠮᠣᠷᠢᠨ ᠠ᠋ᠴᠠ ᠪᠠᠨ ᠥᠩᠬᠥᠷᠢᠨ ᠪᠠᠭᠤᠵᠤ ᠢᠷᠡᠭᠡᠳ ᠬᠠᠭᠠᠨ ᠤ᠋ ᠮᠣᠷᠢᠨ ᠢ ᠴᠤᠯᠪᠤᠭᠤᠷᠳᠠᠵᠤ《ᠬᠠᠭᠠᠨ ᠲᠡᠭᠷᠢ ᠤᠯᠤᠰ ᠴᠢᠬᠤᠯᠠ᠂ ᠬᠠᠭᠠᠨ ᠲᠡᠭᠷᠢ ᠤᠯᠤᠰ ᠴᠢᠬᠤᠯᠠ ! 》 ᠭᠡᠮᠡᠨ ᠤᠬᠢᠯᠠᠨ ᠪᠠᠷᠬᠢᠷᠠᠵᠤ ᠢᠳᠬᠠᠨ ᠶᠠᠪᠤᠭᠤᠯᠬᠤ ᠦᠭᠡᠢ ᠪᠣᠯᠤᠭᠰᠠᠨ ᠳ᠋ᠤᠷ ᠬᠠᠭᠠᠨ ᠮᠥᠨ ᠠᠷᠭ᠎ᠠ ᠦᠭᠡᠢ ᠰᠢᠳᠠᠷ ᠰᠠᠢᠳ  ᠢ᠋ᠶ᠋ᠠᠷ ᠲᠦᠰᠢᠭᠦᠯᠦᠨ ᠪᠣᠰᠬᠠᠵᠤ᠂ ᠶᠡᠬᠡ ᠴᠡᠷᠢᠭ ᠣᠷᠣ ᠭᠡᠮᠡᠨ ᠱᠠᠭᠠᠷᠳᠠᠪᠠ᠃ ᠡᠨᠡ ᠦᠶ᠎ᠡ  ᠳ᠋ᠦ᠍ᠷ ᠬᠠᠭᠠᠨ ᠤ᠋ ᠰᠢᠳᠠᠷ ᠰᠠᠢᠳ ᠬᠡᠳᠦᠢᠨᠡᠢ ᠠᠶᠤᠨ ᠰᠣᠴᠢᠵᠤ ᠱᠠᠯᠠᠮᠠᠭᠠᠢᠯᠠᠨ ᠣᠷᠣᠭᠰᠠᠨ ᠳ᠋ᠤᠷ ᠴᠡᠷᠢᠭ ᠬᠤᠶᠠᠭ ᠬᠡᠨ ᠬᠥᠮᠦᠨ ᠠᠶᠤᠮᠰᠢᠭ ᠦᠭᠡᠢ ᠥᠴᠦᠬᠡᠨ ᠤᠬᠤᠷᠢᠮᠤᠢ ?  ᠪᠤᠭᠤᠷᠵᠢ᠂ ᠴᠢᠯᠠᠭᠤ᠂ ᠵᠡᠪᠡ᠂ ᠵᠠᠯᠮ᠎ᠠ ᠶᠡᠬᠡ ᠴᠡᠷᠢᠭ ᠢ᠋ ᠠᠪᠴᠤ ᠂ ᠬᠣᠲᠣᠩ ᠤᠯᠤᠰ ᠤ᠋ᠨ ᠴᠡᠷᠢᠭ ᠢ᠋ ᠵᠠᠭᠤᠨ ᠭᠠᠵᠠᠷ ᠬᠦᠷᠲᠡᠯ᠎ᠡ ᠠᠯᠠᠭᠰᠠᠨ ᠠᠨᠤ ᠬᠥᠮᠦᠨ ᠦ᠌ ᠴᠢᠰᠤ ᠭᠣᠣᠯ ᠳ᠋ᠤᠷ ᠤᠷᠤᠰᠴᠤ᠂ ᠬᠥᠮᠦᠨ ᠦ᠌ ᠦᠬᠦᠳᠡᠯ ᠭᠠᠵᠠᠷ ᠢ ᠪᠦᠷᠬᠦᠵᠦᠬᠦᠢ᠃ ᠬᠣᠲᠣᠩ ᠤᠯᠤᠰ ᠤ᠋ᠨ ᠴᠡᠷᠢᠭ ᠨᠢᠭᠡᠨᠲᠡ ᠰᠠᠮᠠᠭᠤᠷᠠᠨ ᠳᠤᠲᠠᠭᠠᠬᠤᠢ ᠳ᠋ᠤᠷ ᠰᠢ ᠢᠦᠢ ᠤᠯᠤᠰ ᠤ᠋ᠨ ᠡᠵᠡᠨ ᠰᠠᠯᠠ ᠳ᠋ᠢᠩ ᠶᠠᠭᠠᠷᠠᠨ ᠭᠠᠭᠴᠠᠭᠠᠷ ᠪᠤᠷᠤᠭᠤᠯᠠᠵᠤ ᠭᠠᠷᠤᠭᠰᠠᠨ ᠢ ᠬᠠᠭᠠᠨ ᠡᠷᠬᠡᠪᠰᠢ ᠪᠡᠷᠢ ᠭᠡᠮᠡᠨ ᠰᠠᠢᠬᠠᠨ ᠰᠤᠷᠲᠠᠯᠲᠤ ᠳ᠋ᠤᠷ ᠰᠢ ᠢᠦᠢ ᠡᠴᠡ ᠳᠠᠭᠠᠭᠰᠠᠨ ᠪᠢᠯᠡ ᠬᠡᠮᠡᠬᠦ ᠵᠠᠩᠵᠤᠨ ᠢ ᠥᠭᠴᠦ ᠨᠡᠭᠡᠭᠦᠯᠦᠨ ᠢᠯᠡᠭᠡᠪᠡ᠃ ᠦᠯᠡᠭᠰᠡᠨ ᠴᠡᠷᠢᠭ  ᠢ᠋ ᠴᠥᠮ ᠳᠠᠭᠠᠭᠤᠯᠪᠠ᠃ 
       ᠲᠡᠨᠳᠡᠴᠡ ᠰᠠᠯᠠ ᠳ᠋ᠢᠩ ᠳᠤᠲᠠᠭᠠᠨ ᠡᠮᠦᠨ᠎ᠡ ᠳᠠᠯᠠᠢ ᠶ᠋ᠢᠨ ᠬᠣᠢᠭ ᠲᠤᠷ ᠣᠷᠣᠭᠰᠠᠨ ᠳ᠋ᠤᠷ ᠮᠣᠩᠭᠣᠯ ᠤ᠋ᠨ ᠴᠡᠷᠢᠭ ᠬᠠᠷᠠᠬᠠᠨ ᠣᠯᠬᠤ ᠦᠭᠡᠢ ᠪᠦᠬᠦᠢ ᠳ᠋ᠦ᠍ᠷ ᠲᠡᠷᠡ ᠭᠠᠵᠠᠷ ᠤ᠋ᠨ ᠡᠷ᠎ᠡ ᠂ ᠮᠣᠩᠭᠣᠯ ᠤ᠋ᠨ ᠴᠡᠷᠢᠭ  ᠢ᠋ ᠠᠭᠤᠯᠠ ᠳᠠᠯᠠᠢ ᠶ᠋ᠢ ᠨᠡᠪᠲᠡ ᠶᠠᠪᠤᠮᠤᠢ ᠭᠡᠮᠡᠨ ᠰᠣᠨᠣᠰᠤᠭᠰᠠᠨ ᠲᠤᠯᠠ ᠰᠠᠯᠠ ᠳ᠋ᠢᠩ ᠢ ᠪᠠᠷᠢᠵᠤ ᠬᠦᠷᠭᠡᠵᠦ ᠢᠷᠡᠪᠡ ᠃ ᠬᠠᠭᠠᠨ ᠶᠠᠯ᠎ᠠ ᠶ᠋ᠢ ᠬᠡᠯᠲᠦᠷᠢᠭᠦᠯᠵᠦ ᠰᠡᠳᠬᠢᠯ ᠢ᠋ ᠠᠪᠰᠤᠭᠠᠢ ᠬᠡᠮᠡᠬᠦᠢ ᠳ᠋ᠦ᠍ᠷ ᠶᠧ ᠯᠢᠦᠢ ᠴᠦ ᠼᠠᠢ ᠠᠢᠯᠠᠳᠬᠠᠷᠤᠨ : 《ᠡᠨᠡ ᠵᠡᠷᠭᠡ ᠶ᠋ᠢᠨ ᠬᠥᠮᠦᠨ ᠢ ᠡᠷᠲᠡᠨ ᠦ᠌ ᠪᠣᠭᠳᠠᠰ ᠤ᠋ᠨ ᠰᠤᠷᠭᠠᠯ ᠳ᠋ᠤᠷ ᠮᠥᠨ ᠭᠡᠰᠬᠡᠨ ᠴᠢᠳᠠᠭᠰᠠᠨ ᠦᠭᠡᠢ ᠂ ᠬᠠᠭᠠᠨ ᠠᠯᠠᠭᠤᠯᠪᠠᠰᠤ ᠵᠣᠬᠢᠮᠤᠢ᠂ ᠡᠳᠡᠨ ᠳ᠋ᠦ᠍ᠷ ᠦᠯᠢᠳᠬᠡᠪᠡᠰᠦ ᠰᠢᠶᠠ ᠤᠯᠤᠰ ᠬᠡᠮᠡᠭᠴᠢ ᠲᠠᠬᠢᠯᠭ᠎ᠠ ᠱᠸᠵᠢᠲᠦ ᠤᠯᠤᠰ ᠪᠥᠭᠡᠲᠡᠯ᠎ᠡ ᠬᠠᠭᠠᠨ ᠤ᠋ ᠲᠡᠷᠡ ᠮᠡᠲᠦ ᠭᠦᠨ ᠬᠦᠨᠳᠦ ᠥᠷᠥᠰᠢᠶᠡᠯ  ᠢ᠋ ᠡᠰᠡ ᠰᠢᠲᠦᠭᠰᠡᠨ ᠪᠥᠭᠡᠲᠡᠯ᠎ᠡ ᠲᠡᠷᠡ ᠬᠡᠷᠬᠢᠨ ᠮᠡᠳᠡᠬᠦ ? 》 ᠬᠡᠮᠡᠭᠰᠡᠨ ᠳ᠋ᠦ᠍ᠷ ᠬᠠᠭᠠᠨ ᠮᠥᠨ ᠭᠡᠮᠡᠨ ᠠᠬᠤᠭᠤᠯᠵᠤ ᠂ ᠶᠡᠬᠡ ᠣᠷᠣᠨ  ᠢ᠋ ᠲᠣᠭᠲᠠᠭᠠᠭᠰᠠᠨ ᠬᠣᠢᠨ᠎ᠠ ᠠᠯᠠᠰᠤᠭᠠᠢ ᠭᠡᠮᠡᠨ ᠶᠧ ᠯᠢᠦᠢ ᠴᠦ ᠼᠠᠢ ᠠ᠋ᠴᠠ ᠲᠡᠷᠢᠭᠦᠯᠡᠨ ᠱᠠᠩ ᠲᠠᠯᠪᠢᠵᠤ ᠂ ᠣᠯᠠᠨ ᠵᠠᠩᠵᠤᠨ ᠴᠡᠷᠢᠭ ᠲᠦ᠍ᠷ ᠱᠠᠩ ᠦᠭᠬᠦᠢ ᠳ᠋ᠦ᠍ᠷ ᠬᠠᠭᠠᠨ ᠶᠧ ᠯᠢᠦᠢ ᠴᠦ ᠼᠠᠢ ᠤᠬᠢᠯᠠᠵᠤ ᠬᠤᠷᠢᠮ ᠳ᠋ᠤᠷ ᠰᠠᠭᠤᠬᠤ ᠦᠭᠡᠢ ᠳ᠋ᠦ᠍ᠷ ᠭᠠᠭᠴᠠ ᠤᠴᠢᠷ  ᠢ᠋ ᠠᠰᠠᠭᠤᠪᠠᠰᠤ ᠂ ᠶᠧ ᠯᠢᠦᠢ ᠴᠦ ᠼᠠᠢ ᠴᠢᠷᠠᠢ ᠪᠠᠨ ᠬᠤᠪᠢᠯᠵᠤ ᠲᠣᠯᠣᠭᠠᠢ ᠪᠠᠨ ᠭᠠᠵᠠᠷ ᠲᠤᠷ ᠮᠥᠷᠭᠥᠯᠬᠢᠯᠡᠨ ᠠᠢᠯᠠᠳᠬᠠᠷᠤᠨ : 《ᠲᠩᠷᠢ ᠶ᠋ᠢᠨ ᠬᠥᠪᠡᠭᠦᠨ ᠬᠡᠮᠡᠭᠴᠢ ᠳᠡᠯᠡᠬᠡᠢ ᠳ᠋ᠠᠬᠢᠨ ᠤ᠋ ᠨᠠᠷᠠᠨ ᠪᠥᠭᠡᠳ ᠡᠨᠡ ᠮᠡᠲᠦ ᠨᠠᠰᠤᠨ ᠳ᠋ᠤᠷ ᠡᠨᠡ ᠮᠡᠲᠦ ᠲᠦᠭᠰᠢᠯᠲᠡᠢ ᠶᠠᠪᠤᠬᠤ ᠠᠨᠤ ᠲᠦᠰᠢᠮᠡᠯ ᠪᠢ ᠲᠦᠮᠡᠨᠲᠡ ᠦᠬᠦᠪᠡᠴᠦ ᠡᠨᠡ ᠶᠠᠪᠤᠳᠠᠯ  ᠢ᠋ ᠲᠡᠰᠬᠦᠶ᠎ᠡ ᠪᠡᠷᠬᠡ ! 》ᠬᠡᠮᠡᠬᠦᠢ ᠳ᠋ᠦ᠍ᠷ ᠬᠠᠭᠠᠨ ᠲᠡᠭᠦᠨ ᠤ ᠴᠢᠩ ᠦᠨᠡᠨ ᠰᠠᠨᠠᠭᠠᠨ ᠢ᠋ ᠠᠢᠯᠠᠳᠴᠤ ᠂ ᠡᠭᠦᠨ ᠡᠴᠡ ᠬᠣᠢᠰᠢ ᠵᠣᠭᠰᠣᠰᠤᠭᠠᠢ ᠭᠡᠮᠡᠨ ᠠᠮᠠ ᠠᠯᠳᠠᠵᠤ ᠵᠠᠷᠯᠢᠭ ᠪᠠᠭᠤᠪᠠ᠃ 
       ᠲᠡᠳᠦᠢ ᠲᠡᠢᠨ ᠳ᠋ᠦ᠍ᠷ ᠭᠠᠷᠬᠤ ᠪᠦᠷᠢ ᠡᠵᠡᠨ ᠳ᠋ᠦ᠍ᠷ ᠠᠷᠪᠠᠨ ᠵᠠᠩᠵᠤᠨ ᠠᠮᠤᠷ  ᠢ᠋ ᠬᠠᠮᠠᠭᠠᠯᠠᠬᠤ ᠪᠠᠷ ᠬᠠᠭᠠᠨ ᠤ᠋ ᠭᠠᠷ ᠤ᠋ᠨ ᠵᠠᠷᠯᠢᠭ ᠪᠣᠯᠪᠠ᠃ ᠲᠡᠷᠡ ᠰᠠᠷ᠎ᠠ ᠳ᠋ᠤᠷ ᠴᠠᠩ ᠰᠢᠩ ᠣᠳᠣᠨ ᠥᠷᠥᠨ᠎ᠡ ᠵᠣᠪᠬᠢᠰ ᠲᠤᠷ ᠦᠵᠡᠭᠳᠡᠭᠰᠡᠨ ᠳ᠋ᠦ᠍ᠷ ᠶᠧ ᠯᠢᠦᠢ ᠴᠦ ᠼᠠᠢ ᠬᠠᠭᠠᠨ ᠳ᠋ᠤᠷ ᠠᠢᠯᠠᠳᠬᠠᠷᠤᠨ : 《ᠬᠣᠢᠲᠤ ᠵᠢᠯ ᠯᠠᠪ ᠠᠯᠲᠠᠨ ᠤᠯᠤᠰ ᠤ᠋ᠨ ᠬᠠᠭᠠᠨ ᠠᠨᠤ ᠬᠠᠯᠢᠮᠤᠢ 》ᠬᠡᠮᠡᠪᠡ ᠃ ᠳᠠᠭᠠᠯᠳᠤᠭ᠎ᠠ ᠳᠥᠷᠪᠡᠨ ᠲᠠᠢᠽᠢ ᠸᠠᠩ ᠤ᠋ᠨ ᠴᠡᠷᠢᠭ ᠦ᠋ᠨ ᠰᠢ ᠢᠦᠢ ᠬᠣᠲᠣᠩ ᠳᠥᠴᠢᠨ ᠨᠠᠢ᠍ᠮᠠᠨ ᠵᠧᠦ ᠶ᠋ᠢ ᠲᠣᠭᠲᠠᠭᠠᠭᠠᠳ ᠬᠦᠷᠴᠦ ᠢᠷᠡᠭᠰᠡᠨ ᠳ᠋ᠦ᠍ᠷ ᠬᠠᠭᠠᠨ ᠳᠥᠷᠪᠡᠨ ᠲᠠᠢᠽᠢ ᠳ᠋ᠤᠷ ᠶᠧ ᠯᠢᠦᠢ ᠴᠦ ᠼᠠᠢ ᠶ᠋ᠢᠨ ᠡᠷᠳᠡᠮ ᠴᠢᠳᠠᠯ ᠪᠠ ᠴᠢᠩ ᠦᠨᠡᠨ ᠢ ᠴᠥᠮ ᠵᠠᠷᠯᠢᠭ ᠪᠣᠯᠵᠤ ᠬᠣᠵᠢᠮ ᠤ᠋ᠨ ᠡᠳᠦᠷ ᠤᠯᠤᠰ ᠤ᠋ᠨ ᠶᠡᠬᠡ ᠡᠷᠬᠡ ᠶ᠋ᠢ ᠪᠠᠷᠢᠭᠤᠯ ᠭᠡᠮᠡᠨ ᠮᠣᠳᠣᠷ  ᠢ᠋ᠶ᠋ᠠᠷ ᠪᠢᠴᠢᠵᠦ ᠬᠠᠢᠷᠠᠯᠠᠪᠠ᠃ ᠡᠨᠡ ᠬᠡᠮᠡᠭᠴᠢ ᠲᠡᠭᠷᠢ ᠶ᠋ᠢᠨ ᠬᠠᠢᠷᠠᠯᠠᠭᠰᠠᠨ ᠵᠠᠰᠠᠭᠴᠢ ᠰᠠᠢᠳ ᠪᠣᠯᠠᠢ ᠬᠡᠮᠡᠪᠡ᠃ 
       ᠡᠨᠡ ᠦᠶ᠎ᠡ ᠳ᠋ᠦ᠍ᠷ ᠠᠯᠲᠠᠨ ᠤᠯᠤᠰ ᠤ᠋ᠨ ᠵᠠᠯᠢᠬᠠᠢ ᠰᠠᠢᠳ ᠬᠡᠲᠦᠷᠡᠵᠦ᠂ ᠴᠢᠩ ᠯᠦᠩ ᠹᠦ  ᠶ᠋ᠢᠨ ᠫᠢᠩ ᠶᠠᠩ ᠬᠦᠩ ᠂ ᠬᠤ᠌ ᠲᠢᠶᠠᠨ ᠽᠦᠸᠧ ᠶ᠋ᠢ ᠭᠤᠴᠢᠯᠠᠨ ᠳᠠᠷᠤᠯᠠᠵᠤ᠂ ᠡᠳ᠋ ᠢ᠋ ᠬᠢᠬᠠᠵᠤ ᠠᠪᠬᠤᠢ ᠳ᠋ᠤᠷ ᠬᠤ᠌ ᠲᠢᠶᠠᠨ ᠽᠦᠸᠧ ᠴᠢᠬᠤᠯᠳᠠᠵᠤ᠂ ᠴᠢᠩ ᠯᠦᠩ  ᠹᠦ ᠶ᠋ᠢᠨ ᠬᠣᠲᠠᠯᠠᠭᠠᠷ  ᠢ᠋ ᠠᠪᠴᠤ ᠭᠦᠸᠧ ᠸᠠᠩ ᠮᠤᠬᠤᠯᠢ ᠳ᠋ᠤᠷ ᠣᠷᠣᠵᠤ ᠳᠠᠭᠠᠪᠠ᠃ ᠳᠠᠭᠠᠯᠳᠤᠭ᠎ᠠ ᠠᠯᠲᠠᠨ ᠤᠯᠤᠰ ᠤ᠋ᠨ ᠾᠧ ᠵᠦᠭ ᠹᠦ ᠶ᠋ᠢᠨ ᠵᠠᠭᠤᠨ ᠣᠪᠣᠭᠲᠠᠨ ᠪᠠᠰᠠ ᠮᠣᠩᠭᠣᠯ  ᠳ᠋ᠤᠷ ᠳᠠᠭᠠᠭᠰᠠᠨ ᠳ᠋ᠤᠷ ᠭᠦᠸᠧ ᠸᠠᠩ ᠮᠤᠬᠤᠯᠢ ᠬᠠᠭᠠᠨ ᠳ᠋ᠤᠷ ᠠᠢᠯᠠᠳᠬᠠᠵᠤ ᠵᠠᠷᠯᠢᠭ ᠭᠤᠶᠤᠷ᠎ᠠ ᠶᠠᠪᠤᠭᠤᠯᠪᠠ᠃ ᠡᠨᠡ ᠬᠣᠶᠠᠷ ᠤᠷᠪᠠᠭᠰᠠᠨ ᠳ᠋ᠤᠷ ᠠᠯᠲᠠᠨ ᠤᠯᠤᠰ ᠪᠠᠰᠠ ᠶᠣᠨᠳᠣᠨ ᠢ ᠴᠢᠩᠭᠢᠰ ᠬᠠᠭᠠᠨ ᠳ᠋ᠤᠷ ᠵᠠᠷᠤᠵᠤ᠂ ᠡᠶᠡᠳᠡᠬᠦ ᠶ᠋ᠢ ᠭᠣᠶᠣᠬᠤᠢ ᠳ᠋ᠤᠷ ᠬᠠᠭᠠᠨ ᠪᠠᠷᠠᠳᠠᠭᠤᠯᠵᠤ ᠵᠠᠷᠯᠢᠭ ᠪᠣᠯᠤᠷᠤᠨ : 《ᠲᠠ ᠮᠠᠰᠢ ᠠᠮᠲᠠ ᠦᠭᠡᠢ ᠪᠠᠢᠨᠠᠮ᠂ ᠪᠢ ᠤᠷᠢᠳᠠ ᠪᠠᠭᠤᠯᠭᠠᠭᠰᠠᠨ ᠵᠠᠷᠯᠢᠭ᠂ ᠬᠤ᠌ ᠱᠧᠦ ᠭᠠᠵᠠᠷ ᠢ᠋ ᠨᠠᠳᠠ ᠳ᠋ᠤᠷ ᠲᠤᠰᠢᠶᠠ᠂ ᠲᠠᠨ ᠤ᠋ ᠡᠵᠡᠨ ᠢ᠋ ᠾᠧ ᠨᠠᠨ ᠸᠠᠩ ᠪᠣᠯᠭᠠᠰᠤᠭᠠᠢ ᠬᠡᠮᠡᠭᠰᠡᠨ ᠳ᠋ᠦ᠍ᠷ ᠴᠢᠨᠦ ᠡᠵᠡᠨ ᠡᠰᠡ ᠪᠣᠯᠤᠨ ᠡᠳᠦᠭᠡ ᠮᠢᠨᠦ ᠭᠦᠸᠧ ᠸᠠᠩ ᠨᠢᠭᠡᠨᠲᠡ ᠴᠥᠮ ᠱᠦᠭᠦᠷᠳᠡᠵᠦ ᠠᠪᠤᠪᠠ᠃ ᠡᠭᠦᠨ ᠳ᠋ᠦ᠍ᠷ ᠪᠠᠰᠠ ᠶᠠᠭᠤᠨ ᠡᠶᠡᠳᠡᠬᠦ ᠪᠣᠢ ? 》ᠬᠡᠮᠡᠭᠰᠡᠨ ᠳ᠋ᠦ᠍ᠷ ᠶᠣᠨᠳᠣᠨ ᠵᠠᠭᠤᠨ ᠮᠢᠩᠭᠠᠨ ᠵᠦᠢᠯ  ᠢ᠋ᠶ᠋ᠡᠷ ᠤᠬᠢᠯᠠᠨ ᠮᠥᠷᠭᠥᠵᠦ ᠭᠤᠶᠤᠬᠤᠢ ᠳ᠋ᠤᠷ ᠬᠠᠭᠠᠨ ᠵᠠᠷᠯᠢᠭ ᠪᠣᠯᠤᠷᠤᠨ :《ᠴᠢᠨᠦ ᠡᠵᠡᠨ ᠳ᠋ᠡᠭᠡᠨ ᠰᠢᠳᠤᠷᠭᠤ ᠶ᠋ᠢ ᠪᠣᠳᠣᠵᠤ ᠡᠶᠡᠳᠡᠬᠦ ᠵᠠᠮ ᠥᠭᠴᠦ ᠢᠯᠡᠭᠡᠶ᠎ᠡ᠂ ᠬᠤ᠌ ᠱᠧᠦ ①  ᠭᠠᠵᠠᠷ ᠤ᠋ᠨ ᠬᠣᠲᠠ ᠪᠠᠯᠭᠠᠰᠤᠨ ᠪᠠ ᠭᠤᠸᠠᠨ ᠰᠢ ᠶ᠋ᠢᠨ ᠣᠯᠠᠨ ᠬᠣᠲᠠ ᠶ᠋ᠢ ᠢᠨᠠᠭᠰᠢ ᠲᠠᠯᠪᠢᠵᠤ ᠥᠭ ᠂ ᠲᠠᠨ ᠤ᠋ ᠡᠵᠡᠨ ᠢ᠋ ᠾᠧ ᠨᠠᠨ ᠳ᠋ᠤᠷ ᠸᠠᠩ ᠪᠣᠯᠭᠠᠨ ᠡᠷᠭᠦᠵᠦ ᠡᠭᠦᠷᠢ ᠠᠮᠤᠷ ᠰᠠᠭᠤᠯᠭᠠᠪᠠᠰᠤ ᠪᠠᠷᠠᠪᠠ ᠂ ᠮᠢᠨᠦ ᠵᠠᠷᠯᠢᠭ ᠠ᠋ᠴᠠ ᠣᠳᠣ ᠪᠢᠲᠡᠭᠡᠢ ᠳᠠᠪᠬᠠᠲᠤᠨ᠂ ᠣᠳᠣ ᠳᠠᠪᠠᠪᠠᠰᠤ ᠬᠣᠷᠢᠨ ᠣᠨ ᠪᠣᠯᠬᠤ ᠦᠭᠡᠢ ᠴᠢᠰᠤ ᠤᠷᠤᠰᠬᠤ ᠶᠡᠬᠡ ᠵᠣᠪᠠᠯᠠᠩ ᠪᠣᠯᠤᠮᠤᠢ᠃ ᠲᠡᠷᠡ ᠴᠠᠭ ᠲᠤᠷ ᠪᠢᠲᠡᠭᠡᠢ ᠭᠡᠮᠰᠢ ᠬᠡᠮᠡᠪᠡ ᠃ ᠡᠨᠡ ᠦᠶ᠎ᠡ ᠳ᠋ᠦ᠍ᠷ ᠭᠦᠸᠧ ᠸᠠᠩ ᠮᠤᠬᠤᠯᠢ ᠶ᠋ᠢᠨ ᠬᠦᠷᠦᠭᠰᠡᠨ ᠡᠯ᠎ᠡ ᠭᠠᠵᠠᠷ ᠵᠢᠶᠦ᠋ᠨ ᠰᠢᠶᠠᠨ ᠬᠣᠲᠠ ᠪᠠᠯᠭᠠᠳ ᠴᠥᠮ ᠳᠠᠭᠠᠵᠤ ᠣᠷᠣᠭᠰᠠᠨ ᠲᠤᠯᠠ ᠠᠯᠲᠠᠨ ᠤ᠋ ᠨᠢᠦ ᠱᠠᠨ ᠵᠠᠢ  ᠶ᠋ᠢᠨ ᠵᠢᠶᠣᠤ ᠵᠢᠢ ᠶ᠋ᠢ ᠵᠧᠦ ᠶ᠋ᠢᠨ ᠬᠡᠷᠡᠭ ᠢ᠋ ᠮᠡᠳᠡᠭᠦᠯᠵᠦᠬᠦᠢ᠃ ᠮᠤᠬᠤᠯᠢ ᠬᠠᠷᠠᠬᠠᠨ ᠰᠢᠶᠠᠨ ᠵᠧᠦ ᠶ᠋ᠢ ᠪᠠᠢᠯᠳᠤᠬᠤᠢ ᠳ᠋ᠤᠷ ᠵᠧᠦ ᠶ᠋ᠢ ᠮᠡᠳᠡᠭᠴᠢ ᠶᠠᠩ ᠿᠧᠨ ᠬᠡᠮᠡᠭᠴᠢ ᠡᠮ᠎ᠡ ᠦᠷ᠎ᠡ ᠪᠡᠨ ᠠᠪᠴᠤ ᠥᠨᠳᠥᠷ ᠡᠷᠭᠢ ᠡᠴᠡ ᠬᠠᠷᠠᠢᠨ ᠦᠬᠦᠵᠦᠬᠦᠢ᠃ ᠸᠠᠩ ᠮᠤᠬᠤᠯᠢ ᠬᠦᠷᠢᠶ᠎ᠡ ᠳ᠋ᠦ᠍ᠷ ᠴᠡᠷᠢᠭ ᠦᠯᠡᠳᠡᠭᠡᠨ ᠰᠠᠬᠢᠭᠤᠯᠵᠤ᠂ ᠵᠢᠴᠢ ᠮᠣᠩᠭᠣᠯ ᠪᠤᠬ᠎ᠠ ᠶ᠋ᠢ ᠵᠠᠷᠤᠵᠤ ᠴᠢᠨ ᠯᠦᠩ ᠢ᠋ᠶ᠋ᠡᠷ ᠭᠠᠷᠴᠤ ᠢ ᠵᠢᠶᠠᠨ ᠢ᠋ ᠠᠪᠤᠭᠤᠯᠤᠷ᠎ᠠ ᠢᠯᠡᠭᠡᠵᠦ᠂ ᠥᠪᠡᠷ ᠢ᠋ᠶ᠋ᠡᠨ ᠶᠡᠬᠡ ᠴᠡᠷᠢᠭ ᠢ ᠠᠪᠴᠤ ᠮᠧᠩ ᠵᠧᠦ ᠂ ᠶ᠋ᠢᠨ ᠶᠠᠩ ᠂ ᠭᠤᠸᠠᠨ ᠰᠢ ᠶ᠋ᠢᠨ ᠵᠡᠷᠭᠡ ᠭᠠᠵᠠᠷ᠎ᠠ ᠬᠣᠷᠢᠶ᠎ᠠ ᠶ᠋ᠢ ᠴᠥᠮ ᠠᠪᠴᠤ ᠴᠡᠷᠢᠭ  ᠢ᠋ ᠲᠡᠭᠰᠢᠯᠡᠮᠦᠢ ᠃ ᠬᠠᠭᠠᠨ ᠤ᠋ ᠬᠠᠷᠢᠭᠤ ᠵᠠᠷᠯᠢᠭ ᠬᠦᠷᠴᠦ ᠢᠷᠡᠨ ᠮᠥᠷᠭᠥᠨ ᠤᠭᠲᠤᠵᠤ᠂ ᠱᠢ ᠲᠢᠶᠠᠨ ᠢᠩ  ᠢ᠋ ᠳᠠᠭᠤᠳᠠᠵᠤ ᠵᠠᠷᠯᠢᠭ ᠢ᠋ ᠰᠣᠨᠣᠰᠬᠠᠨ ᠥᠭᠦᠯᠡᠷᠦᠨ : 《ᠾᠧ ᠵᠦᠩ ᠬᠡᠮᠡᠭᠴᠢ ᠾᠧ ᠳ᠋ᠦᠩ ᠦ᠋ᠨ ᠴᠢᠬᠤᠯᠠ ᠲᠣᠪᠴᠢᠶᠠᠲᠤ ᠭᠠᠵᠠᠷ᠂ ᠰᠣᠨᠣᠰᠪᠠᠰᠤ ᠴᠢᠮ᠎ᠠ ᠠ᠋ᠴᠠ ᠥᠪᠡᠷ᠎ᠡ ᠬᠥᠮᠦᠨ ᠡᠨᠡ ᠭᠠᠵᠠᠷ ᠪᠣᠯᠬᠤ ᠦᠭᠡᠢ ᠭᠡᠮᠡᠨ ᠬᠠᠭᠠᠨ ᠴᠢᠮᠠᠲᠤ  ᠶ᠋ᠢᠨ ᠰᠢ ᠶ᠋ᠢᠨ ᠡᠷᠬᠡ ᠶ᠋ᠢ ᠪᠦᠷᠢᠨ᠎ᠡ ᠲᠤᠰᠢᠶᠠᠨ᠂ ᠫᠢᠩ ᠶᠠᠩ ᠂ ᠲᠠᠢ ᠶᠤᠸᠠᠨ ᠂ ᠵᠢᠢ ᠰᠢᠶᠠᠨ ᠤ᠋ ᠵᠡᠷᠭᠡ ᠶ᠋ᠢᠨ ᠶᠡᠬᠡ ᠭᠠᠵᠠᠷ ᠢ᠋ ᠬᠠᠪᠰᠤᠷᠤᠭᠤᠯᠤᠨ ᠵᠠᠬᠢᠷᠤᠭᠤᠯᠵᠤ᠂ ᠶᠡᠬᠡ ᠵᠢᠶᠠᠨᠱ᠌ᠢ ᠲᠦᠰᠢᠮᠡᠯ ᠦ᠋ᠨ ᠲᠤᠰᠢᠶᠠᠯ ᠢ ᠬᠦᠷᠭᠡᠨ ᠢᠷᠡᠪᠡ᠃ ᠡᠭᠦᠨ ᠳ᠋ᠦ᠍ᠷ ᠱᠢ ᠲᠢᠶᠠᠨ ᠢᠩ ᠢ ᠬᠠᠭᠠᠨ ᠤ᠋ ᠵᠦᠭ ᠬᠡᠰᠢᠭ ᠲᠣᠷ ᠮᠥᠷᠭᠥᠭᠦᠯᠪᠡ᠃ ᠳᠠᠷᠠᠭ᠎ᠠ ᠪᠠᠷ ᠮᠣᠩᠭᠣᠯ ᠵᠠᠩᠵᠤᠨ ᠡᠦ ᠬᠤ᠌ ᠨᠢ ᠲᠡᠢ᠂ ᠪᠤᠭᠤ ᠬᠣᠶᠠᠭᠤᠯᠠ ᠳ᠋ᠤᠷ ᠭᠤᠷᠪᠠᠨ ᠲᠦᠮᠡᠨ ᠴᠡᠷᠢᠭ  ᠢ᠋ ᠵᠠᠬᠢᠷᠤᠭᠤᠯᠵᠤ᠂ ᠴᠠ ᠠᠨ ᠤ᠋ ᠵᠠᠮ  ᠢ᠋ ᠰᠠᠬᠢᠭᠤᠯᠵᠤ᠂ ᠠᠨ ᠴᠢ ᠶ᠋ᠢᠨ ᠵᠠᠩᠵᠤᠨ ᠴᠡᠷᠢᠭ  ᠢ᠋ ᠳᠡᠪᠰᠢᠭᠦᠯᠵᠦ ᠲᠦᠩ ᠭᠤᠸᠠᠨ ᠤ᠋ ᠵᠠᠮ  ᠢ᠋ ᠲᠣᠰᠴᠤ ᠪᠠᠭᠤᠳᠠᠯᠯᠠᠭᠤᠯᠪᠠ᠃ ᠡᠨᠡ ᠴᠢᠯᠥᠭᠡᠨ ᠳ᠋ᠦ᠍ᠷ ᠠᠯᠲᠠᠨ ᠤᠯᠤᠰ ᠤ᠋ᠨ ᠸᠠᠩ ᠳᠠᠩ ᠢᠦᠢ ᠬᠡᠮᠡᠬᠦ ᠵᠠᠩᠵᠤᠨ ᠬᠤᠯᠠᠭᠠᠢ ᠴᠡᠷᠢᠭ ᠪᠠᠢᠭᠤᠯᠤᠨ ᠮᠣᠩᠭᠣᠯ ᠤ᠋ᠨ ᠼᠤᠤ ᠵᠧᠦ ᠹᠦ ᠳ᠋ᠦ᠍ᠷ ᠣᠷᠣᠵᠤ᠂ ᠮᠣᠩᠭᠣᠯ ᠳ᠋ᠤᠷ ᠳᠠᠭᠠᠭᠰᠠᠨ ᠱᠢ ᠬᠦᠢ ᠶ᠋ᠢ ᠰᠠᠨᠠᠭᠠᠨ ᠳ᠋ᠤᠷ ᠦᠭᠡᠢ ᠪᠡᠷ ᠠᠯᠠᠭᠰᠠᠨ ᠳ᠋ᠤᠷ ᠬᠣᠲᠠ ᠶ᠋ᠢᠨ ᠴᠡᠷᠢᠭ ᠮᠡᠳᠡᠵᠦ ᠬᠠᠭᠠᠯᠭ᠎ᠠ ᠶ᠋ᠢ ᠳᠠᠷᠤᠭᠠᠳ ᠸᠠᠩ ᠳᠠᠩ ᠢᠦᠢ ᠶ᠋ᠢ ᠪᠠᠷᠢᠵᠤ ᠮᠤᠬᠤᠯᠠᠢ ᠳ᠋ᠤᠷ ᠬᠦᠷᠭᠡᠵᠦ ᠢᠷᠡᠭᠰᠡᠨ ᠳ᠋ᠦ᠍ᠷ ᠮᠤᠬᠤᠯᠢ ᠱᠢ ᠬᠦᠢ ᠶ᠋ᠢ ᠬᠦᠨᠳᠦᠳᠡ ᠡᠷᠭᠦᠨ ᠶᠠᠰᠤᠨ ᠢ᠋ ᠰᠢᠳᠬᠡᠵᠦ᠂ ᠸᠠᠩ ᠳᠠᠩ ᠢᠦᠢ ᠶ᠋ᠢ ᠱᠢ ᠬᠦᠢ ᠶ᠋ᠢᠨ ᠲᠠᠬᠢᠯ ᠤ᠋ᠨ ᠡᠮᠦᠨ᠎ᠡ ᠣᠭᠲᠣᠴᠢᠨ ᠬᠡᠰᠡᠭᠯᠡ ᠭᠡᠮᠡᠨ ᠣᠯᠠᠨ ᠴᠡᠷᠢᠭ ᠲᠦ᠍ᠷ ᠬᠦᠨᠳᠦ ᠱᠠᠩ ᠲᠠᠯᠪᠢᠨ ᠂ ᠠᠷᠪᠠᠨ ᠨᠢᠭᠡᠨ ᠰᠠᠷ᠎ᠠ ᠳ᠋ᠤᠷ ᠭᠦᠸᠧ ᠸᠠᠩ ᠮᠤᠬᠤᠯᠢ ᠴᠡᠷᠢᠭ  ᠢ᠋ᠶ᠋ᠡᠷ ᠪᠠᠷᠠᠭᠤᠨ ᠵᠦᠭ ᠣᠷᠣᠵᠤ ᠂ ᠠᠯᠲᠠᠨ ᠤᠯᠤᠰ ᠤ᠋ᠨ ᠳ᠋ᠦᠩ ᠵᠧᠦ ᠶ᠋ᠢ ᠳᠣᠪᠲᠣᠯᠤᠨ ᠣᠷᠣᠵᠤ ᠠᠪᠤᠭᠰᠠᠨ ᠳ᠋ᠤᠷ ᠳ᠋ᠦᠩ ᠵᠧᠦ ᠶ᠋ᠢ ᠰᠠᠬᠢᠭᠰᠠᠨ ᠵᠢᠶᠧ ᠳᠦ ᠱᠢ ᠲᠦᠰᠢᠮᠡᠯ ᠸᠠᠨ ᠶᠠᠨ ᠭᠦᠸᠧ ᠭᠧ ᠴᠢᠬᠤᠯᠳᠠᠨ ᠠᠶᠤᠵᠤ ᠪᠣᠭᠣᠮᠢᠯᠠᠨ ᠦᠬᠦᠪᠡ᠃ ᠡᠨᠡ ᠦᠶ᠎ᠡ ᠳ᠋ᠦ᠍ᠷ ᠱᠢ ᠲᠢᠶᠠᠨ ᠢᠩ ᠬᠠᠭᠠᠨ ᠤ᠋ ᠬᠡᠰᠢᠭ ᠲᠣᠷ ᠬᠤ᠌ ᠵᠦᠩ ᠹᠦ ᠶ᠋ᠢᠨ ᠶᠡᠬᠡ ᠳᠦ ᠶᠤᠸᠠᠨᠱᠤᠸᠠᠢ ᠶ᠋ᠢ ᠬᠦᠯᠢᠶᠡᠵᠦ ᠰᠠᠶᠢ ᠬᠤ᠌ ᠵᠦᠩ ᠹᠦ ᠳ᠋ᠦ᠍ᠷ ᠬᠦᠷᠴᠦ ᠢᠷᠡᠲᠡᠯ᠎ᠡ ᠰᠣᠨᠣᠰᠬᠤᠯ᠎ᠠ ᠠᠯᠲᠠᠨ ᠤᠯᠤᠰ ᠤ᠋ᠨ ᠡᠵᠡᠨ ᠳᠦ ᠵᠢᠶᠠ ᠾᠧᠦ - ᠰᠢᠶᠣᠤ ᠱᠤ᠌ ᠶ᠋ᠢ ᠶᠤᠸᠠᠨᠱᠤᠸᠠᠢ ᠪᠣᠯᠭᠠᠨ ᠾᠧ ᠵᠦᠩ  ᠢ᠋ ᠠᠪᠤᠷ᠎ᠠ ᠢᠷᠡᠮᠦᠢ ᠭᠡᠮᠡᠨ ᠰᠣᠨᠣᠰᠴᠤ᠂ ᠱᠢ ᠲᠢᠶᠠᠨ ᠢᠩ ᠪᠠᠭᠠᠲᠤᠷ ᠵᠠᠩᠵᠤᠨ ᠡᠦ ᠽᠠᠨ ᠢ ᠾᠧ ᠵᠦᠩ ᠦ᠋ᠨ ᠬᠠᠪᠴᠢᠯ ᠵᠠᠮ  ᠳ᠋ᠤᠷ ᠠᠯᠲᠠᠨ ᠤ᠋ ᠴᠡᠷᠢᠭ ᠢ᠋ ᠰᠡᠷᠭᠡᠢᠯᠡᠨ ᠰᠠᠭᠤᠯᠭᠠᠪᠠ᠃ 

- - - - 
① ᠬᠤ᠌ ᠱᠧᠦ ᠭᠠᠵᠠᠷ ᠬᠡᠮᠡᠭᠴᠢ ᠮᠥᠨ ᠱᠠᠨ ᠰᠢ ᠮᠣᠵᠢ ᠳ᠋ᠤᠷ ᠪᠣᠢ᠃ 

       ᠲᠡᠳᠦᠢ ᠣᠳᠣ ᠬᠠᠭᠠᠨ ᠤ᠋ ᠪᠠᠷᠠᠭᠤᠨ ᠪᠡᠶ᠎ᠡ ᠶ᠋ᠢᠨ ᠤᠴᠢᠷ  ᠢ᠋ ᠬᠡᠯᠡᠬᠦ  ᠢᠨᠤ ᠂ ᠬᠠᠭᠠᠨ ᠤ᠋ ᠭᠡᠭᠡᠨ ᠠᠷᠪᠠᠨ ᠬᠣᠶᠠᠷ ᠰᠠᠷ᠎ᠠ ᠳ᠋ᠤᠷ ᠳᠥᠷᠪᠡᠨ ᠲᠠᠢᠽᠢ ᠴᠢᠨ ᠸᠠᠩ  ᠢ᠋ ᠵᠠᠮ ᠬᠤᠪᠢᠶᠠᠨ ᠢᠯᠡᠭᠡᠭᠰᠡᠨ ᠢᠨᠤ : ᠬᠠᠨ ᠳ᠋ᠦᠸᠧ ᠯᠦᠸᠧ ᠡᠯ ᠂ ᠵᠢᠴᠢ ᠯᠦᠩ  ᠦ᠋ᠨ ᠱᠢ ᡂᠢ ᠶ᠋ᠢᠨ ᠵᠡᠷᠭᠡ ᠬᠣᠲᠠ ᠨᠤᠭᠤᠳ  ᠢ᠋ ᠴᠥᠮ ᠪᠠᠢᠯᠳᠤᠨ ᠠᠪᠤᠭᠠᠳ ᠬᠠᠭᠠᠨ ᠤ᠋ ᠭᠡᠭᠡᠨ ᠱᠢ ᠯᠢ ᠮᠢ ᠵᠢᠢ᠂ ᠪᠠᠨ ᠯᠠ ᠴᠢ ᠬᠣᠲᠠ ᠶ᠋ᠢ ᠴᠥᠮ ᠣᠯᠵᠤ᠂ ᠲᠧ ᠯᠢ ᠺᠠᠨ ᠵᠠᠢ ᠶ᠋ᠢᠨ ᠬᠣᠷᠢᠶ᠎ᠠ ᠪᠠᠯᠭᠠᠳ ᠢ ᠪᠦᠰᠡᠯᠡᠵᠦ ᠠᠪᠤᠭᠠᠳ ᠰᠢ ᠢᠦᠢ᠂ ᠲᠠᠩᠭᠤᠳ᠂ ᠬᠣᠲᠣᠩ ᠭᠤᠷᠪᠠᠨ ᠤᠯᠤᠰ ᠢ ᠴᠥᠮ ᠣᠷᠣᠭᠤᠯᠤᠨ ᠲᠦᠪᠰᠢᠳᠬᠡᠵᠦ᠂ ᠣᠳᠣ ᠡᠨᠡᠳᠬᠡᠭ ᠱᠠᠨ ᠳᠦ ᠬᠣᠶᠠᠷ ᠤᠯᠤᠰ ᠢ ᠳᠠᠢᠯᠠᠷ᠎ᠠ ᠣᠷᠣᠪᠠ᠃ 
       ᠡᠨᠡ ᠬᠣᠭᠣᠷᠣᠨᠳᠣ《ᠽᠢ ᡁᠢ ᠲᠦᠩ ᠵᠢᠶᠠᠨ ᠭᠠᠩ ᠮᠦ᠍ 》 ᠳ᠋ᠦ᠍ᠷ ᠰᠢ ᠢᠦᠢ ᠤᠯᠤᠰ  ᠢ᠋ ᠲᠠᠩᠭᠤᠳ ᠭᠡᠮᠡᠨ ᠡᠭᠦᠨ  ᠦ᠌ ᠬᠡᠷᠡᠭ  ᠢ᠋ ᠲᠣᠪᠴᠢᠯᠠᠨ ᠬᠡᠯᠡᠬᠦᠢ ᠳ᠋ᠦ᠍ᠷ ᠭᠠᠭᠴᠠ ᠡᠨᠡᠳᠬᠡᠭ ᠤᠯᠤᠰ ᠤ᠋ᠨ ᠳᠠ ᠮᠠ ᠭᠤᠸᠠᠨ ᠪᠣᠭᠣᠮᠲᠠ ᠳ᠋ᠤᠷ ᠪᠣᠳᠢ ᠭᠥᠷᠦᠭᠡᠰᠦᠨ ᠤᠴᠠᠷᠠᠭᠰᠠᠨ ᠡᠨᠡ ᠵᠢᠯ ᠳ᠋ᠦ᠍ᠷ ᠲᠡᠳᠡᠨ ᠠᠴᠢᠷᠠᠵᠤ ᠪᠢᠴᠢᠵᠦᠬᠦᠢ᠃ ᠲᠡᠷᠡ ᠢᠨᠤ ᠣᠷᠴᠢᠭᠤᠯᠬᠤᠢ ᠳ᠋ᠤᠷ ᠣᠷᠣᠭᠤᠯᠤᠭᠰᠠᠨ ᠠᠵᠤᠭᠤ᠃ ᠤᠭ ᠰᠤᠳᠤᠷ ᠲᠤᠷ ᠲᠠᠢᠽᠦ ᠬᠠᠭᠠᠨ ᠤ᠋ ᠠᠷᠪᠠᠨ ᠶᠢᠰᠦᠳᠦᠭᠡᠷ ᠣᠨ ᠳ᠋ᠤᠷ ᠰᠠᠶᠢ ᠲᠡᠷᠡ ᠬᠡᠷᠡᠭ ᠪᠣᠢ ᠃ ᠵᠢᠴᠢ ᠪᠠᠰᠠ ᠱᠢ ᠲᠢᠶᠠᠨ ᠢᠩ ᠦ᠋ᠨ ᠾᠧ ᠵᠦᠩ ᠦ᠋ᠨ ᠴᠢᠬᠤᠯᠠ ᠭᠠᠵᠠᠷ ᠢ᠋ ᠠᠯᠲᠠᠨ ᠤᠯᠤᠰ ᠤ᠋ᠨ ᠳᠦ ᠵᠢᠶᠠᠨ ᠾᠧᠦ - ᠰᠢᠶᠣᠤ ᠱᠤ᠌ ᠬᠤᠯᠠᠭᠤᠵᠤ ᠪᠠᠢᠯᠳᠤᠭᠠᠳ ᠾᠧ ᠵᠦᠩ ᠢ ᠪᠠᠢᠯᠳᠤᠭᠰᠠᠨ ᠪᠠ ᠱᠢ ᠲᠢᠶᠠᠨ ᠢᠩ ᠦ᠋ᠨ ᠦᠬᠦᠭᠰᠡᠨ ᠬᠡᠷᠡᠭ  ᠢ᠋  《ᠲᠦᠩ ᠵᠢᠶᠠᠨ ᠭᠠᠩ ᠮᠦ᠍ ᠪᠢᠴᠢᠭ 》 ᠲᠣᠷ ᠲᠠᠢᠽᠦ ᠬᠠᠭᠠᠨ ᠤ᠋ ᠠᠷᠪᠠᠨ ᠨᠠᠢ᠍ᠮᠠᠳᠤᠭᠠᠷ ᠣᠨ ᠤ᠋ ᠴᠠᠭᠠᠨ ᠰᠠᠷ᠎ᠠ ᠶ᠋ᠢᠨ ᠬᠡᠷᠡᠭ ᠠᠲᠠᠯ᠎ᠠ ᠶᠡᠬᠡ ᠶᠤᠸᠠᠨ ᠤᠯᠤᠰ ᠤ᠋ᠨ ᠴᠣᠬᠣᠮ ᠰᠤᠳᠤᠷ ᠲᠤᠷ ᠣᠷᠴᠢᠭᠤᠯᠤᠭᠰᠠᠨ ᠬᠥᠮᠦᠨ  ᠦ᠌ ᠤᠬᠠᠮᠵᠢᠯᠠᠯ ᠠᠨᠤ ᠭᠦᠶᠦᠳᠴᠦ ᠂ ᠰᠠᠢᠬᠠᠨ ᠬᠢᠨᠠᠭᠰᠠᠨ ᠦᠭᠡᠢ ᠲᠠᠢᠽᠦ ᠬᠠᠭᠠᠨ ᠤ᠋ ᠡᠨᠡ ᠠᠷᠪᠠᠨ ᠳᠣᠯᠣᠳᠤᠭᠠᠷ ᠵᠢᠯ ᠦ᠋ᠨ ᠰᠡᠭᠦᠯ ᠳ᠋ᠦ᠍ᠷ ᠵᠠᠯᠭᠠᠯᠳᠤᠭᠤᠯᠤᠨ ᠪᠢᠴᠢᠵᠦ ᠬᠡᠪ ᠲᠣᠷ ᠭᠠᠷᠭᠠᠵᠤᠬᠤᠢ ᠃ ᠡᠳᠦᠭᠡ ᠰᠤᠳᠤᠷᠴᠢ ᠪᠢ ᠬᠠᠷᠢᠯᠴᠠᠨ ᠬᠣᠣᠰᠯᠠᠯᠳᠤᠭᠤᠯᠤᠨ ᠂ ᠠᠷᠪᠠᠨ ᠵᠦᠢᠯ ᠦ᠋ᠨ ᠰᠤᠳᠤᠷ ᠱᠠᠰᠲᠢᠷ ᠪᠢᠴᠢᠭ ᠲᠡᠮᠳᠡᠭᠯᠡᠯ  ᠦ᠋ᠳ  ᠢ᠋ ᠦᠵᠡᠭᠰᠡᠭᠡᠷ ᠰᠠᠶᠢ ᠣᠯᠪᠠ ᠃ ᠲᠡᠷᠡ ᠢᠨᠤ ᠡᠷᠲᠡᠨ  ᠦ᠌ ᠰᠤᠳᠤᠷᠴᠢ ᠶ᠋ᠢᠨ ᠣᠰᠣᠯ ᠪᠤᠰᠤ ᠂ ᠬᠣᠵᠢᠮ ᠤ᠋ᠨ ᠣᠷᠴᠢᠭᠤᠯᠤᠭᠴᠢ ᠮᠠᠨᠵᠤ ᠪᠠᠭᠰᠢ ᠨᠠᠷ ᠤ᠋ᠨ ᠴᠠᠯᠠᠭᠠᠢ ᠠ᠋ᠴᠠ ᠪᠣᠯᠵᠤᠬᠤᠢ ᠃ ᠲᠡᠢᠨ ᠬᠦ᠌ ᠰᠤᠳᠤᠷᠴᠢ ᠪᠢ ᠲᠡᠢᠮᠦ ᠵᠦᠢᠯ ᠢ ᠬᠡᠳᠦ ᠬᠡᠳᠦᠨ ᠤᠳᠠᠭ᠎ᠠ ᠥᠩᠭᠡᠷᠡᠭᠡᠭᠡᠳ ᠡᠳᠦᠭᠡ ᠬᠣᠶᠠᠷ ᠳᠠᠪᠬᠤᠷ ᠭᠠᠷᠴᠤ ᠢᠷᠡᠭᠰᠡᠨ ᠳ᠋ᠦ᠍ᠷ ᠤᠴᠢᠷ  ᠢ᠋ ᠡᠰᠡ ᠲᠣᠳᠣᠷᠬᠠᠢᠯᠠᠪᠠᠰᠤ ᠬᠣᠵᠢᠮ ᠤ᠋ᠨ ᠮᠡᠷᠭᠡᠳ ᠬᠠᠷᠢᠨ ᠰᠤᠳᠤᠷᠴᠢ ᠲᠠᠢᠵᠢ ᠢᠨᠵᠠᠨᠨᠠᠰᠢ ᠨᠠᠮᠠᠶ᠋ᠢ ᠪᠤᠷᠤᠭᠤᠰᠢᠶᠠᠬᠤ ᠪᠣᠯᠠᠢ :《ᠽᠢ ᡁᠢ ᠲᠦᠩ ᠵᠢᠶᠠᠨ ᠭᠠᠩ ᠮᠦ᠍ 》ᠬᠡᠮᠡᠭᠴᠢ ᠡᠨᠳᠡᠭᠦᠷᠡᠵᠦ ᠪᠣᠯᠬᠤ ᠶᠣᠰᠣ ᠦᠭᠡᠢ ᠃ ᠶᠠᠭᠤᠨ ?  ᠬᠡᠮᠡᠪᠡᠰᠦ : ᠶᠡᠬᠡ ᠤᠯᠤᠰ ᠤ᠋ᠨ ᠬᠡᠷᠡᠭ  ᠢ᠋ ᠲᠡᠷᠡ ᠦᠶ᠎ᠡ ᠳ᠋ᠦ᠍ᠷ ᠰᠠᠷ᠎ᠠ ᠳᠠᠷᠠᠭᠠᠯᠠᠨ ᠲᠡᠮᠳᠡᠭᠯᠡᠭᠦᠯᠵᠦ᠂ ᠳᠠᠷᠤᠢ ᠳ᠋ᠤᠷ ᠬᠡᠪ ᠭᠠᠷᠭᠠᠮᠤᠢ᠂ ᠰᠠᠢᠨ ᠮᠠᠭᠤ ᠶ᠋ᠢ ᠢᠯᠭᠠᠬᠤ ᠪᠠ ᠰᠠᠨᠠᠭᠠᠨ᠎ᠢ ᠨᠡᠢᠯᠡᠭᠦᠯᠬᠦ ᠢᠨᠤ ᠴᠥᠮ ᠬᠣᠵᠢᠮ ᠤ᠋ᠨ ᠮᠡᠷᠭᠡᠳ ᠨᠡᠮᠡᠮᠦᠢ᠃ ᠲᠡᠢᠨ ᠬᠦ᠌ ᠬᠣᠵᠢᠮ ᠤ᠋ᠨ ᠮᠡᠷᠭᠡᠳ ᠲᠠᠢᠽᠦ ᠬᠠᠭᠠᠨ ᠤ᠋ ᠰᠢ ᠢᠦᠢ ᠶ᠋ᠢᠨ ᠨᠢᠭᠡᠨ ᠠᠩᠭᠢ ᠶ᠋ᠢ ᠬᠣᠷᠢᠶᠠᠨ ᠬᠡᠯᠡᠬᠦᠢ ᠳ᠋ᠦ᠍ᠷ ᠬᠣᠵᠢᠮ ᠤ᠋ᠨ ᠬᠣᠶᠠᠷ ᠵᠢᠯ ᠦ᠋ᠨ ᠬᠡᠷᠡᠭ  ᠢ᠋ ᠲᠡᠳᠡᠨ ᠠᠴᠢᠷᠠᠵᠤ᠂ ᠡᠨᠳᠡ ᠳᠡᠪᠰᠢᠭᠦᠯᠦᠨ ᠬᠡᠯᠡᠭᠰᠡᠨ ᠤᠴᠢᠷ ᠢᠯᠡᠷᠬᠡᠢ ᠪᠣᠢ ᠃ ᠵᠢᠴᠢ ᠶᠡᠬᠡ ᠶᠤᠸᠠᠨ ᠤᠯᠤᠰ ᠤ᠋ᠨ ᠤᠭ ᠰᠤᠳᠤᠷ ᠠᠨᠤ᠂ ᠬᠣᠢᠲᠤ ᠵᠢᠯ ᠦ᠋ᠨ ᠬᠡᠷᠡᠭ᠎ᠢ ᠡᠨᠡ ᠵᠢᠯ ᠳ᠋ᠦ᠍ᠷ ᠪᠢᠴᠢᠭᠰᠡᠨ ᠢᠨᠤ ᠶᠤᠸᠠᠨ ᠤᠯᠤᠰ ᠤ᠋ᠨ ᠤᠭ ᠢᠷᠭᠡᠨ ᠰᠤᠳᠤᠷ ᠲᠤᠷ ᠲᠠᠰᠢᠶᠠᠷᠠᠭᠰᠠᠨ ᠪᠤᠰᠤ ᠣᠷᠴᠢᠭᠤᠯᠤᠭᠰᠠᠨ ᠮᠠᠨᠵᠤ ᠪᠠᠭᠰᠢ ᠴᠠᠯᠠᠭᠠᠢᠷᠠᠵᠤ ᠂ ᠡᠮᠦᠨ᠎ᠡ ᠬᠣᠢᠨ᠎ᠠ ᠥᠴᠦᠬᠡᠨ ᠳᠡᠪᠰᠢᠭᠦᠯᠵᠦᠬᠦᠢ᠃ ᠲᠡᠢᠨ ᠬᠦ᠌ ᠤᠴᠢᠷ ᠢ᠋ ᠭᠠᠷᠭᠠᠵᠤ ᠲᠣᠳᠣᠷᠬᠠᠢᠯᠠᠨ ᠪᠢᠴᠢᠪᠡ ᠃ ᠬᠣᠢᠴᠢ ᠡᠳᠦᠷ ᠦ᠋ᠨ ᠮᠡᠷᠭᠡᠳ ᠰᠠᠢᠳ ᠶᠤᠸᠠᠨ ᠤ᠋ ᠲᠣᠪᠴᠢᠯᠠᠭᠰᠠᠨ ᠰᠤᠳᠤᠷ ᠪᠠ《ᠭᠠᠩ ᠮᠦ᠍ 》 ᠶ᠋ᠢᠨ ᠲᠣᠪᠴᠢ ᠳ᠋ᠤᠷ ᠬᠣᠣᠰᠯᠠᠯᠳᠤᠭᠤᠯᠤᠨ ᠠᠢᠯᠠᠳᠤᠭᠴᠢᠳ ᠬᠢᠨᠠᠨ ᠦᠵᠡᠭᠳᠡᠬᠦᠢ ᠃ 

ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ : 
             ᠲᠡᠢᠰᠢ ᠭᠦᠸᠧ ᠸᠠᠩ ᠤ᠋ᠨ ᠲᠡᠳᠡᠭᠡᠷ ᠦᠭᠡᠰ ᠮᠢᠩᠭᠠᠨ ᠣᠨ ᠤ᠋ ᠵᠢᠷᠤᠮ 
             ᠲᠠᠩᠰᠤᠭ ᠭᠦᠩᠵᠦ ᠶ᠋ᠢᠨ ᠲᠡᠳᠦᠢᠴᠢᠨᠡᠭᠡᠨ ᠶᠠᠪᠤᠳᠠᠯ ᠨᠢᠭᠡᠨ ᠴᠠᠭ ᠤ᠋ᠨ ᠨᠠᠢᠷ᠂ 
             ᠲᠠᠢᠽᠦ ᠪᠣᠭᠳᠠ ᠶ᠋ᠢᠨ ᠲᠡᠷᠡ ᠬᠦ᠌ ᠴᠢᠭᠢᠷᠠᠭ ᠲᠦᠮᠡᠨ ᠦᠶ᠎ᠡ ᠶ᠋ᠢᠨ ᠪᠠᠭᠠᠲᠤᠷ 
             ᠲᠠᠲᠠᠩᠭᠤ ᠴᠦ ᠼᠠᠢ ᠶ᠋ᠢᠨ ᠲᠡᠢᠨ ᠬᠦ᠌ ᠢᠳᠬᠠᠬᠤ ᠭᠠᠭᠴᠠ ᠦᠨᠡᠨᠴᠢ ᠶ᠋ᠢᠨ ᠬᠠᠷᠠᠭ᠎ᠠ᠃