ᠬᠤᠨᠴᠢᠨ ᠭᠠᠯᠠᠭᠤᠬᠠᠢХунчин галуухай-ᠣᠷᠳᠤᠰ ᠠᠷᠠᠳ ᠤᠨ ᠳᠠᠭᠤᠤ

ᠬᠤᠨᠴᠢᠨ ᠭᠠᠯᠠᠭᠤᠬᠠᠢ
ᠭᠤᠴᠢᠨ ᠬᠣᠶᠠᠷ ᠥᠨᠳᠡᠭᠡ ᠲᠡᠢ
ᠲᠡᠭᠦᠨ ᠡᠴᠡ ᠭᠠᠷᠤᠭᠰᠠᠨ
ᠥᠨᠥᠴᠢᠨ ᠳᠡᠭᠳᠡᠭᠡᠬᠡᠢ
ᠬᠠᠳᠠᠨ ᠳᠤᠮᠳᠠ ᠪᠠᠨ
ᠲᠠᠯᠪᠢᠶ᠎ᠠ ᠭᠡᠰᠡᠨ ᠶᠦ᠍ᠮ
ᠬᠠᠷᠴᠠᠭᠠᠢ ᠱᠢᠪᠠᠭᠤ
ᠱᠢᠭᠦᠷᠳᠡᠬᠦ ᠡᠴᠡ ᠠᠶᠤᠬᠤ ᠶᠤᠮ
ᠡᠯᠡᠰᠦᠨ ᠳᠤᠮᠳᠠ ᠪᠠᠨ
ᠲᠠᠯᠪᠢᠶ᠎ᠠ ᠭᠡᠰᠡᠨ ᠶᠦ᠍ᠮ
ᠡᠯᠢᠶ᠎ᠡ ᠱᠢᠪᠠᠭᠤ
ᠱᠢᠭᠦᠷᠳᠡᠬᠦ ᠡᠴᠡ ᠠᠶᠤᠬᠤ ᠶᠤᠮ
ᠱᠢᠭᠤᠢ ᠳᠤᠮᠳᠠ ᠪᠠᠨ
ᠲᠠᠯᠪᠢᠶ᠎ᠠ ᠭᠡᠰᠡᠨ ᠶᠦ᠍ᠮ
ᠱᠢᠭᠤᠷᠭᠠᠨ ᠰᠠᠯᠬᠢ
ᠱᠢᠭᠦᠷᠳᠡᠬᠦ ᠡᠴᠡ ᠠᠶᠤᠬᠤ ᠶᠤᠮ
ᠪᠤᠷᠭᠠᠰᠤᠨ ᠳᠤᠮᠳᠠ ᠪᠠᠨ
ᠲᠠᠯᠪᠢᠶ᠎ᠠ ᠭᠡᠰᠡᠨ ᠶᠦ᠍ᠮ
ᠪᠦᠷᠭᠦᠳ ᠱᠢᠪᠠᠭᠤ
ᠱᠢᠭᠦᠷᠳᠡᠬᠦ ᠡᠴᠡ ᠠᠶᠤᠬᠤ ᠶᠤᠮ
ᠬᠤᠵᠢᠷ ᠳᠤᠮᠳᠠ ᠪᠠᠨ
ᠲᠠᠯᠪᠢᠶ᠎ᠠ ᠭᠡᠰᠡᠨ ᠶᠦ᠍ᠮ
ᠬᠤᠷ᠎ᠠ ᠪᠣᠷᠣᠭᠠᠨ
ᠱᠢᠭᠦᠷᠳᠡᠬᠦ ᠡᠴᠡ ᠠᠶᠤᠬᠤ ᠶᠤᠮ
