ᠮᠣᠩᠭᠣᠯ ᠪᠢᠴᠢᠭ ᠦᠨ ᠬᠢᠴᠢᠶᠡᠯ 19 ᠲᠡᠢᠨ ᠢᠯᠭᠠᠯ ᠤᠨ ᠨᠥᠬᠥᠴᠡᠯМонгол бичгийн хичээл №19 Тийн ялгалын нөхцөл ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠢᠴᠢᠭ ᠦᠨ ᠬᠢᠴᠢᠶᠡᠯ 19 ᠲᠡᠢᠨ ᠢᠯᠭᠠᠯ ᠤᠨ ᠨᠥᠬᠥᠴᠡᠯМонгол бичгийн хичээл №19 Тийн ялгалын нөхцөл

ᠮᠣᠩᠭᠣᠯ ᠪᠢᠴᠢᠭ ᠦᠨ ᠬᠢᠴᠢᠶᠡᠯ 19 ᠲᠡᠢᠨ ᠢᠯᠭᠠᠯ ᠤᠨ ᠨᠥᠬᠥᠴᠡᠯМонгол бичгийн хичээл №19 Тийн ялгалын нөхцөл

ᠠᠩᠭᠢᠯᠠᠯ:ᠬᠡᠯᠡ ᠪᠢᠴᠢᠭ
2023-09-26

691

ᠲᠡᠢᠨ ᠢᠯᠭᠠᠯ ᠤ᠋ᠨ ᠳᠠᠭᠠᠪᠤᠷᠢ- ᠬᠡᠯᠡᠨ ‍ᠤ ᠵᠦᠢ

    ᠮᠣᠩᠭᠣᠯ ᠬᠡᠯᠡᠨ ᠳ᠋ᠦ᠍ ᠨᠡᠷᠡᠯᠡᠬᠦ᠂ ᠬᠠᠷᠢᠶᠠᠯᠠᠬᠤ᠂ ᠥᠭᠬᠦ ᠣᠷᠣᠰᠢᠬᠤ᠂ᠵᠢᠭᠠᠬᠤ᠂ ᠭᠠᠷᠬᠤ᠂ ᠦᠢᠯᠡᠳᠬᠦ᠂ ᠬᠠᠮᠲᠤᠷᠠᠬᠤ ᠵᠡᠷᠭᠡ ᠳᠣᠯᠣᠭᠠᠨ ᠲᠡᠢᠨ ᠢᠯᠭᠠᠯ ᠤ᠋ᠨ ᠣᠷᠣᠨ ᠲᠠᠢ᠃  ᠡᠭᠦᠨ ᠳ᠋ᠦ᠍ ᠨᠡᠷᠡᠯᠡᠬᠦ ᠡᠴᠡ ᠪᠤᠰᠤᠳ ᠲᠡᠢᠨ ᠢᠯᠭᠠᠯ ᠨᠢ ᠴᠥᠮ ᠲᠣᠰᠠᠠᠠᠢ ᠨᠥᠬᠥᠴᠡᠯ ᠲᠡᠢ ᠪᠥᠭᠡᠳ ᠲᠡᠳᠡᠭᠡᠷ ᠨᠥᠬᠥᠴᠡᠯ ᠢ᠋ ᠶᠡᠷᠦ ᠶ᠋ᠢᠨ ᠪᠠᠢᠳᠠᠯ ᠳ᠋ᠤ᠌ ᠲᠤᠬᠠᠢ ᠶ᠋ᠢᠨ ᠦᠭᠡᠨ ᠳ᠋ᠦ᠍ ᠰᠠᠯᠤᠩᠭᠢᠳᠠ ᠪᠢᠴᠢᠵᠦ ᠬᠡᠷᠡᠭᠯᠡᠳᠡᠭ᠃ 

ᠨᠢᠭᠡ: ᠨᠡᠷᠡᠯᠡᠬᠦ ᠶ᠋ᠢᠨ ᠲᠡᠢᠨ ᠢᠯᠭᠠᠯ
    ᠨᠡᠷᠡᠯᠡᠬᠦ ᠶ᠋ᠢᠨ ᠲᠡᠢᠨ ᠢᠯᠭᠠᠯ ᠨᠢ 《ᠬᠡᠨ? ᠶᠠᠭᠤ?》 ᠭᠡᠬᠦ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ ᠲᠣᠰᠠᠠᠠᠢ ᠳᠠᠭᠠᠪᠤᠷᠢ ᠦᠭᠡᠢ᠃ ᠥᠭᠦᠯᠡᠪᠦᠷᠢ ᠳᠤ ᠶᠡᠬᠡ ᠲᠥᠯᠥᠪ ᠥᠭᠥᠯᠡᠭᠳᠡᠬᠦᠨ᠂ᠲᠣᠳᠣᠳᠬᠠᠯ ᠪᠣᠯᠣᠨ᠎ᠠ᠃   ᠵᠢᠱ᠌ᠢᠶ᠎ᠡ: ᠨᠠᠷᠠ ᠮᠠᠨᠳᠤᠪᠠ᠃  ᠪᠠᠭᠰᠢ ᠢᠷᠡᠯ᠎ᠡ᠃  ᠴᠠᠴᠩ ᠳᠡᠯᠭᠡᠷᠡᠪᠡ᠃ ᠮᠣᠷᠢ ᠳᠠᠪᠬᠢᠵᠤ ᠪᠠᠢᠨ᠎ᠠ ᠭᠡᠬᠦ ᠮᠡᠲᠦ᠃ 

ᠬᠣᠶᠠᠷ: ᠬᠠᠷᠢᠶᠠᠯᠠᠬᠤ ᠶ᠋ᠢᠨ ᠲᠡᠢᠨ ᠢᠯᠭᠠᠯ
    ᠬᠠᠷᠢᠶᠠᠯᠠᠬᠤ ᠶ᠋ᠢᠨ ᠲᠡᠢᠨ ᠢᠯᠭᠠᠯ ᠦᠭᠡ ᠨᠢ 《ᠬᠡᠨ ᠦ᠌? ᠶᠠᠭᠤᠨ ᠤ᠋? ᠬᠡᠵᠢᠶᠡᠨ ᠦ᠌? ᠬᠠᠮᠢᠭᠠᠬᠢ ᠶ᠋ᠢᠨ?》 ᠵᠡᠷᠭᠡ ᠠᠰᠠᠭᠤᠯᠲᠠ ᠳ᠋ᠤ᠌ ᠬᠠᠷᠢᠭᠤᠯᠤᠭᠳᠠᠨ᠎ᠠ᠃ 《 ᠶᠢᠨ᠂ ᠤᠨ᠂ ᠤ》 ᠭᠡᠬᠦ ᠭᠤᠷᠪᠠᠨ ᠨᠥᠬᠥᠴᠡᠯ ᠲᠡᠢ᠃ 

《 ᠶ᠋ᠢᠨ》 ᠢ᠋ ᠡᠬᠡᠰᠢᠭ ᠢ᠋ᠶ᠋ᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠳᠡᠭ᠃ ᠵᠢᠱ᠌ᠢᠶ᠎ᠡ: ᠠᠬ᠎ᠠ ᠶ᠋ᠢᠨ ᠮᠣᠷᠢ᠂ ᠪᠠᠭᠰᠢ ᠶ᠋ᠢᠨ ᠭᠡᠷ᠂ ᠡᠵᠢ ᠶ᠋ᠢᠨ ᠵᠠᠬᠢᠶ᠎ᠠ ᠭᠡᠬᠦ ᠮᠡᠲᠦ᠃ 

《 ᠦᠨ》 ᠢ᠋  《‍ᠠ》 ᠡᠴᠡ ᠪᠤᠰᠤᠳ ᠭᠡᠢᠭᠦᠯᠦᠭᠴᠢ ᠪᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠳᠡᠭ᠃ ᠵᠢᠱ᠌ᠢᠶ᠎ᠡ: ᠭᠠᠯ ᠤ᠋ᠨ ᠭᠡᠷᠡᠯ᠂ ᠪᠢᠴᠢᠭ ᠦ᠋ᠨ ᠭᠡᠷ᠂ ᠠᠷᠠᠳ ᠤ᠋ᠨ ᠰᠠᠨᠠᠭ᠎ᠠ᠂ ᠨᠤᠲᠤᠭ ᠤ᠋ᠨ ᠬᠥᠮᠦᠨ ᠭᠡᠬᠦ ᠮᠡᠲᠦ᠃ 

《 ᠤ 》 ᠶ᠋ᠢ 《‍ᠠ》 ᠭᠡᠢᠭᠦᠯᠦᠭᠴᠢ ᠪᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠳᠡᠭ᠃ ᠵᠢᠱ᠌ᠢᠶ᠎ᠡ: ᠨᠠᠷᠠᠨ ᠤ᠋ ᠭᠡᠷᠡᠯ᠂ ᠮᠣᠷᠢᠨ ᠤ᠋ ᠬᠥᠯ ᠭᠡᠬᠦ ᠮᠡᠲᠦ᠃ 

ᠭᠤᠷᠪᠠ: ᠥᠭᠬᠦ ᠣᠷᠣᠰᠢᠬᠤ ᠶ᠋ᠢᠨ ᠲᠡᠢᠨ ᠢᠯᠭᠠᠯ
    ᠥᠭᠬᠦ ᠣᠷᠣᠰᠢᠬᠤ ᠶ᠋ᠢᠨ ᠲᠡᠢᠨ ᠢᠯᠭᠠᠯ ᠨᠢ 《ᠬᠡᠨ ᠳ᠋ᠦ᠍? ᠶᠠᠭᠤᠨ ᠳ᠋ᠤ᠌? ᠬᠡᠵᠢᠶ᠎ᠡ? ᠬᠠᠮᠢᠭ᠎ᠠ? ᠶᠠᠭᠠᠬᠢᠠᠠᠣ ᠳ᠋ᠤ᠌?》 ᠵᠡᠷᠭᠡ ᠠᠰᠠᠭᠤᠯᠲᠠ ᠳ᠋ᠤ᠌ ᠬᠠᠷᠢᠭᠤᠯᠤᠭᠳᠠᠨ᠎ᠠ᠃ 《 ᠳᠤ ( ᠳ᠋ᠤᠷ )᠂ ᠲᠤ  ( ᠲᠤᠷ )》 ᠭᠡᠬᠦ ᠬᠣᠶᠠᠷ ᠨᠥᠬᠥᠴᠡᠯ ᠲᠡᠢ᠃ 

《 ᠳᠤ ( ᠳ᠋ᠤᠷ )》 ᠢ᠋ ᠡᠬᠡᠰᠢᠭ ᠪᠣᠯᠤᠨ ᠵᠥᠭᠡᠯᠡᠨ ᠳᠡᠪᠢᠰᠬᠡᠷ  《 ‍ᠠ ᠂ ‍ᠮ ᠂‍ ‍ᠯ᠂ ‍ᠩ》( ᠨᠡᠮᠡᠯᠡᠩ)  ᠭᠡᠢᠭᠦᠯᠦᠭᠴᠢ ᠪᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠳᠡᠭ᠃ ᠵᠢᠱ᠌ᠢᠶ᠎ᠡ: ᠲᠠᠯ᠎ᠠ ᠳ᠋ᠤ᠌᠂ ᠬᠥᠷᠥᠩᠭᠡ ᠳ᠋ᠦ᠍᠂ ᠳᠣᠷᠵᠢ ᠳ᠋ᠤ᠌᠂ ᠠᠩᠬᠠᠨ ᠳ᠋ᠤ᠌ ᠭᠡᠬᠦ ᠮᠡᠲᠦ᠃ 

《 ᠲᠦ  ( ᠲᠤᠷ )》 ᠢ᠋ ᠬᠠᠲᠠᠭᠤ ᠳᠡᠪᠢᠰᠬᠡᠷ《 ‍ᠪ ᠂ ‍‍ᠭ( ‍ᠭ᠌) ᠂‍ ‍ᠷ ᠂ ‍ᠰ᠂ ‍ᠳ》( ᠪᠡᠭᠡᠷᠡᠰᠡᠳ) ᠭᠡᠢᠭᠦᠯᠦᠭᠴᠢ ᠪᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠳᠡᠭ᠃  ᠵᠢᠱ᠌ᠢᠶ᠎ᠡ: ᠬᠡᠷᠡᠭ ᠲᠦ᠂ ᠨᠥᠬᠥᠳ ᠲᠦ᠂ ᠤᠯᠤᠰ ᠲᠦ᠂ ᠡᠳᠦᠷ ᠲᠦ  ᠭᠡᠬᠦ ᠮᠡᠲᠦ᠃ 

ᠳᠥᠷᠪᠡ: ᠵᠢᠭᠠᠬᠤ ᠶ᠋ᠢᠨ ᠲᠡᠢᠨ ᠢᠯᠭᠠᠯ 
    ᠵᠢᠭᠠᠬᠤ ᠶ᠋ᠢᠨ ᠲᠡᠢᠨ ᠢᠯᠭᠠᠯ ᠦᠭᠡ ᠨᠢ 《ᠶᠠᠭᠤ ᠶ᠋ᠢ? ᠬᠡᠨ ᠢ᠋?》 ᠭᠡᠬᠦ ᠠᠰᠠᠭᠤᠯᠲᠠ ᠳ᠋ᠤ᠌ ᠬᠠᠷᠢᠭᠤᠯᠤᠭᠳᠠᠨ᠎ᠠ᠃  《 ᠶ᠋ᠢ᠂  ᠢ᠋》 ᠭᠡᠬᠦ ᠬᠣᠶᠠᠷ ᠨᠥᠬᠥᠴᠡᠯ ᠲᠡᠢ᠃ 

《ᠵᠢ》 ᠶ᠋ᠢ ᠡᠬᠡᠰᠢᠭ ᠢ᠋ᠶ᠋ᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠳᠡᠭ᠃ ᠵᠢᠱ᠌ᠢᠶ᠎ᠡ: ᠰᠤᠷᠤᠯᠭ᠎ᠠ ᠶ᠋ᠢ᠂ ᠪᠡᠷᠬᠡ ᠶ᠋ᠢ᠂ ᠰᠤᠮᠤ ᠶ᠋ᠢ᠂ ᠠᠷᠭ᠎ᠠ ᠶ᠋ᠢ ᠭᠡᠬᠦ ᠮᠡᠲᠦ᠃ 

《 ᠢ᠋》 ᠶ᠋ᠢ ᠭᠡᠢᠭᠦᠯᠦᠭᠴᠢ ᠪᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠳᠡᠭ᠃ ᠵᠢᠱ᠌ᠢᠶ᠎ᠡ: ᠡᠷᠳᠡᠮ ᠢ᠋᠂ ᠵᠣᠬᠢᠶᠠᠯ ᠢ᠋᠂ ᠤᠯᠤᠰ ᠢ᠋᠂ ᠲᠠᠷᠢᠶᠠᠯᠠᠩ ᠢ᠋ ᠭᠡᠬᠦ ᠮᠡᠲᠦ᠃ 

ᠲᠠᠪᠤ: ᠭᠠᠷᠬᠤ ᠶ᠋ᠢᠨ ᠲᠡᠢᠨ ᠢᠯᠭᠠᠯ
    ᠭᠠᠷᠬᠤ ᠶ᠋ᠢᠨ ᠲᠡᠢᠨ ᠢᠯᠭᠠᠯ ᠦᠭᠡ ᠨᠢ 《ᠬᠡᠨ ᠡᠴᠡ? ᠶᠠᠭᠤᠨ ᠠ᠋ᠴᠠ? ᠬᠠᠮᠢᠭ᠎ᠠ ᠠ᠋ᠴᠠ? ᠬᠡᠵᠢᠶᠡᠨ ᠡᠴᠡ?》 ᠵᠡᠷᠭᠡ ᠠᠰᠠᠭᠤᠯᠲᠠ ᠳ᠋ᠤ᠌ ᠬᠠᠷᠢᠭᠤᠯᠤᠭᠳᠠᠨ᠎ᠠ᠃  《ᠠ᠋ᠴᠠ》 ᠭᠡᠬᠦ ᠨᠥᠬᠥᠴᠡᠯ ᠲᠡᠢ᠃ 

《 ᠡᠴᠡ》 ᠶ᠋ᠢ ᠡᠭᠡᠰᠢᠭ᠂ ᠭᠡᠢᠭᠦᠯᠦᠭᠴᠢ ᠪᠡᠷ ᠲᠡᠭᠦᠰᠦᠭᠰᠡᠨ ᠦᠭᠡᠨ ᠦ᠌ ᠳᠠᠷᠠᠭ᠎ᠠ ᠪᠦᠷ ᠬᠡᠷᠩᠯᠠᠵᠣ ᠪᠣᠯᠤᠨ᠎ᠠ᠃ ᠵᠢᠱ᠌ᠢᠶ᠎ᠡ: ᠲᠥᠪ ᠡᠴᠡ᠂ ᠳᠡᠭᠦᠦ ᠡᠴᠡ᠂ ᠡᠷᠲᠡᠨ ᠡᠴᠡ᠂ ᠮᠠᠷᠭᠠᠰᠢ ᠠ᠋ᠴᠠ ᠭᠡᠬᠦ ᠮᠡᠲᠦ᠃ 

ᠵᠢᠷᠭᠤᠭ᠎ᠠ: ᠦᠢᠯᠡᠳᠬᠦ ᠶ᠋ᠢᠨ ᠲᠡᠢᠨ ᠢᠯᠭᠠᠯ
    ᠦᠢᠯᠡᠳᠬᠦ ᠶ᠋ᠢᠨ ᠲᠡᠢᠨ ᠢᠯᠭᠠᠯ ᠦᠭᠡ ᠨᠢ 《ᠶᠠᠭᠤ ᠪᠠᠷ? ᠬᠡᠨ ᠢ᠋ᠶ᠋ᠡᠷ? ᠬᠠᠮᠢᠭᠠᠭᠤᠷ? ᠬᠡᠳᠦᠢ ᠪᠡᠷ?》 ᠵᠡᠷᠭᠡ ᠠᠰᠠᠭᠤᠯᠲᠠ ᠳ᠋ᠤ᠌ ᠬᠠᠷᠢᠭᠤᠯᠤᠭᠳᠠᠨ᠎ᠠ᠃  《 ᠪᠠᠷ᠂ ᠢ᠋ᠶ᠋ᠠᠷ》 ᠭᠡᠬᠦ ᠬᠣᠶᠠᠷ ᠨᠥᠬᠥᠴᠡᠯ ᠲᠡᠢ᠃ 

《 ᠪᠠᠷ》 ᠢ᠋ ᠡᠬᠡᠰᠢᠭ ᠢ᠋ᠶ᠋ᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠳᠡᠭ᠃ ᠵᠢᠱ᠌ᠢᠶ᠎ᠡ: ᠮᠣᠳᠣ ᠪᠠᠷ᠂ ᠠᠭᠤᠯᠠ ᠪᠠᠷ᠂ ᠮᠡᠳᠡᠯᠭᠡ ᠪᠡᠷ ᠭᠡᠬᠦ ᠮᠡᠲᠦ᠃ 

《 ᠶ᠋ᠢᠠᠷ》 ᠢ᠋ ᠭᠡᠢᠭᠦᠯᠦᠭᠴᠢ ᠪᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠳᠡᠭ᠃ ᠵᠢᠱ᠌ᠢᠶ᠎ᠡ: ᠪᠢᠴᠢᠭ ᠢ᠋ᠶ᠋ᠡᠷ᠂ ᠭᠡᠷ ᠢ᠋ᠶ᠋ᠡᠷ᠂ ᠨᠥᠬᠥᠳ ᠢ᠋ᠶ᠋ᠡᠷ ᠭᠡᠬᠦ ᠮᠡᠲᠦ᠃ 

ᠳᠣᠯᠣᠭ᠎ᠠ: ᠬᠠᠮᠲᠤᠷᠠᠬᠤ ᠶ᠋ᠢᠨ ᠲᠡᠢᠨ ᠢᠯᠭᠠᠯ
    ᠬᠠᠮᠲᠤᠷᠠᠬᠤ ᠶ᠋ᠢᠨ ᠲᠡᠢᠨ ᠢᠯᠭᠠᠯ ᠦᠭᠡ ᠨᠢ 《ᠬᠡᠨ ᠲᠡᠢ? ᠶᠠᠭᠤ ᠲᠠᠢ?》 ᠭᠡᠬᠦ ᠠᠰᠠᠭᠤᠯᠲᠠ ᠳ᠋ᠤ᠌ ᠬᠠᠷᠢᠭᠤᠯᠤᠭᠳᠠᠨ᠎ᠠ᠃  《 ᠲᠠᠢ》 ᠭᠡᠬᠦ ᠨᠥᠬᠥᠴᠡᠯ ᠲᠡᠢ᠃ 
《 ᠲᠠᠢ》 ᠶ᠋ᠢ ᠡᠭᠡᠰᠢᠭ᠂ ᠭᠡᠢᠭᠦᠯᠦᠭᠴᠢ ᠪᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠨ᠎ᠡ᠃ ᠵᠢᠱ᠌ᠢᠶ᠎ᠡ: ᠪᠠᠶᠠᠷ ᠲᠠᠢ ᠪᠠᠭᠰᠢ ᠲᠠᠢ ᠤᠴᠠᠷᠠᠪᠠ ᠭᠡᠬᠦ ᠮᠡᠲᠦ᠃ 
    ᠡᠭᠦᠨ ᠡᠴᠡ ᠭᠠᠳᠠᠨ᠎ᠠ ᠡᠷᠲᠡᠨ ᠦ᠌ ᠪᠢᠴᠢᠭ ᠦ᠋ᠨ ᠬᠡᠯᠡᠨ ᠳ᠋ᠦ᠍ 《ᠯᠤᠭ᠎ᠠ᠂ ᠯᠣᠬᠡ》 ᠶ᠋ᠢ ᠴᠢᠩᠭ᠎ᠠ ᠬᠥᠨᠳᠡᠢ ᠰᠠᠯᠤᠩᠭᠢᠳᠠ ᠪᠢᠴᠢᠵᠦ ᠬᠡᠷᠡᠭᠯᠡᠳᠡᠭ ᠪᠥᠭᠡᠳ ᠣᠳᠣ ᠴᠤ᠌ ᠭᠡᠰᠡᠨ ᠬᠠᠶᠠ ᠬᠡᠷᠡᠭᠯᠡᠳᠡᠭ᠃ ᠵᠢᠱ᠌ᠢᠶ᠎ᠡ: ᠠᠬ᠎ᠠ ᠯᠤᠭ᠎ᠠ᠂ ᠪᠠᠭᠰᠢ ᠯᠤᠭ᠎ᠠ᠂ ᠡᠵᠢ ᠯᠣᠬᠡ ᠭᠡᠬᠦ ᠮᠡᠲᠦ᠃