ᠬᠥᠬᠡ ᠰᠤᠳᠤᠷ - ᠢᠨᠵᠠᠨᠨᠠᠰᠢ < ᠲᠠᠪᠢᠨ ᠭᠤᠷᠪᠠᠳᠤᠭᠠᠷ ᠪᠦᠯᠦᠭ > Хөх судар - Инжинаш < Тавин гуравдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠠᠪᠢᠨ ᠭᠤᠷᠪᠠᠳᠤᠭᠠᠷ ᠪᠦᠯᠦᠭ > Хөх судар - Инжинаш < Тавин гуравдугаар бүлэг >

ᠬᠥᠬᠡ ᠰᠤᠳᠤᠷ - ᠢᠨᠵᠠᠨᠨᠠᠰᠢ < ᠲᠠᠪᠢᠨ ᠭᠤᠷᠪᠠᠳᠤᠭᠠᠷ ᠪᠦᠯᠦᠭ > Хөх судар - Инжинаш < Тавин гуравдугаар бүлэг >

ᠠᠩᠭᠢᠯᠠᠯ:ᠲᠡᠦᠬᠡ ᠰᠣᠶᠣᠯ
2023-09-25

243


                    ᠲᠠᠪᠢᠨ ᠭᠤᠷᠪᠠᠳᠤᠭᠠᠷ ᠪᠦᠯᠦᠭ       
                                ᠴᠠᠭᠠᠭᠴᠢᠨ  ᠮᠣᠭᠠᠢ  ᠵᠢᠯ ᠂ ᠶᠡᠬᠡ  ᠮᠣᠩᠭᠣᠯ  ᠤᠯᠤᠰ ᠤ᠋ᠨ ᠴᠢᠩᠭᠢᠰ  ᠬᠠᠭᠠᠨ ᠤ᠋  ᠠᠷᠪᠠᠨ  ᠵᠢᠷᠭᠤᠳᠤᠭᠠᠷ ᠣᠨ ᠂  
                                ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ  ᠳ᠋ᠢᠩ ᠦ᠋ᠨ ᠠᠷᠪᠠᠨ ᠳᠥᠷᠪᠡᠳᠦᠭᠡᠷ ᠣᠨ ᠂ ᠠᠯᠲᠠᠨ ᠤᠯᠤᠰ ᠤ᠋ᠨ    
                                ᠰᠢᠤᠸᠠᠨᠽᠦ᠋ᠩ ᠬᠠᠭᠠᠨ ᠤ᠋ ᠰᠢᠩ ᠳ᠋ᠢᠩ ᠦ᠋ᠨ ᠲᠠᠪᠤᠳᠤᠭᠠᠷ ᠣᠨ ᠂ ᠴᠢᠩᠭᠢᠰ ᠬᠠᠭᠠᠨ ᠡᠨᠡ ᠵᠢᠯ ᠮᠤᠬᠤᠷ ᠵᠢᠷᠠᠨ ᠰᠡᠭᠦᠳᠡᠷ ᠲᠡᠢ 

              ᠲᠠᠢᠽᠦ ᠬᠠᠭᠠᠨ ᠰᠢ ᠢᠦᠢ ᠶ᠋ᠢᠨ ᠠᠷᠪᠠᠨ ᠬᠣᠲᠠᠨ ᠢ᠋ ᠬᠥᠨᠳᠡᠯᠡᠨ ᠭᠤᠯᠳᠤ ᠪᠠᠷ ᠠᠪᠤᠪᠠ 
              ᠲᠠᠢᠰᠢ ᠮᠤᠬᠤᠯᠢ ᠰᠥᠩ ᠤᠯᠤᠰ ᠢ᠋ ᠨᠢᠭᠡᠨᠲᠡ ᠠᠶᠤᠯᠭᠠᠭᠰᠠᠨ ᠢ᠋ᠶ᠋ᠠᠷ ᠬᠥᠩᠭᠡᠨ ᠳᠥᠭᠥᠮ ᠢ᠋ᠶ᠋ᠡᠷ ᠳᠠᠭᠠᠭᠤᠯᠪᠠ 

       ᠲᠡᠭᠦᠨᠴᠡ ᠬᠠᠪᠤᠷ ᠤ᠋ᠨ ᠰᠡᠭᠦᠯ ᠰᠠᠷ᠎ᠠ ᠳ᠋ᠤᠷ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ᠂ ᠶᠡᠬᠡ ᠴᠧᠩᠰᠢᠶᠠᠩ ᠳ᠋ᠦᠩ ᠯᠢᠦᠢ ᠬᠦᠩ᠂ ᠠᠪᠠᠭ᠎ᠠ ᠸᠠᠨ ᠶᠠᠨ ᠨᠢᠩ ᠳ᠋ᠦ᠍ᠷ ᠠᠷᠪᠠᠨ ᠲᠦᠮᠡᠨ ᠴᠡᠷᠢᠭ ᠥᠭᠴᠦ ᠳᠣᠷᠣᠮᠵᠢᠯᠠᠭᠰᠠᠨ ᠦᠰ ᠢ᠋ ᠠᠪᠤᠷ᠎ᠠ ᠢᠯᠡᠭᠡᠪᠡ᠃ ᠡᠨᠡ ᠦᠶ᠎ᠡ ᠮᠣᠩᠭᠣᠯ ᠤ᠋ᠨ ᠲᠡᠢᠰᠢ ᠭᠦᠸᠧ ᠸᠠᠩ ᠮᠤᠬᠤᠯᠢ ᠠᠯᠲᠠᠨ ᠤᠯᠤᠰ ᠠ᠋ᠴᠠ ᠯᠠᠪ ᠴᠡᠷᠢᠭ ᠢᠷᠡᠬᠦ ᠶ᠋ᠢ ᠮᠡᠳᠡᠵᠦ᠂ ᠬᠣᠢᠯᠠᠳᠠᠷ᠂ ᠭᠢᠯᠦᠭᠡᠨ ᠬᠣᠶᠠᠷ ᠪᠠᠷᠰ ᠤ᠋ᠨ ᠵᠠᠩᠵᠤᠨ ᠢ᠋ ᠳ᠋ᠦᠩ ᠫᠢᠩ ᠦ᠋ᠨ ᠡᠮᠦᠨ᠎ᠡ ᠵᠠᠮ ᠤ᠋ᠨ ᠺᠤᠸᠠᠢ ᠨᠢᠩ ᠦ᠋ᠨ ᠠᠭᠤᠯᠠᠨ ᠤ᠋ ᠬᠣᠶᠠᠷ ᠡᠲᠡᠭᠡᠳ ᠲᠣᠷ ᠪᠦᠭᠭᠦᠭᠦᠯᠵᠦ ᠬᠦᠯᠢᠶᠡᠬᠦᠢ ᠳ᠋ᠦ᠍ᠷ ᠬᠣᠯᠠ ᠲᠤᠷᠰᠢᠭᠤᠯ ᠳᠣᠪᠲᠣᠯᠤᠨ ᠢᠷᠡᠵᠦ ᠮᠡᠳᠡᠭᠦᠯᠦᠷᠦᠨ᠄《ᠠᠯᠲᠠᠨ ᠤᠯᠤᠰ ᠤ᠋ᠨ ᠪᠢᠶᠠᠨ ᠵᠢᠩ ᠡᠴᠡ ᠶᠡᠬᠡ ᠴᠧᠩᠰᠢᠶᠠᠩ ᠳ᠋ᠦᠩ ᠯᠢᠦᠢ ᠬᠦᠩ ᠠᠷᠪᠠᠨ ᠲᠦᠮᠡᠨ ᠰᠢᠯᠭᠠᠳᠠᠭ ᠴᠡᠷᠢᠭ ᠠᠪᠴᠤ ᠠᠢᠰᠤᠢ!》 ᠬᠡᠮᠡᠭᠰᠡᠨ ᠳ᠋ᠦ᠍ᠷ ᠮᠤᠬᠤᠯᠢ ᠱᠠᠩ ᠥᠭᠴᠦ ᠳᠠᠬᠢᠨ ᠲᠤᠷᠰᠢᠭᠤᠯᠤᠷ᠎ᠠ ᠢᠯᠡᠭᠡᠭᠡᠳ ᠺᠤᠸᠠᠢ ᠨᠢᠩ ᠦ᠋ᠨ ᠮᠡᠳᠡᠭᠡ ᠥᠪᠡᠷ ᠦ᠋ᠨ ᠴᠡᠷᠢᠭ ᠢ᠋ ᠵᠣᠷᠢᠮᠠᠭ ᠢ᠋ᠶ᠋ᠠᠷ ᠰᠤᠯᠠ ᠪᠠᠭᠤᠳᠠᠯ ᠮᠡᠲᠦ ᠪᠣᠯᠵᠤ ᠪᠠᠢᠬᠤ ᠶ᠋ᠢ ᠰᠣᠨᠣᠰᠴᠤ ᠴᠡᠷᠢᠭ ᠦ᠋ᠨ ᠠᠷᠠᠳ ᠲᠤᠷ ᠰᠡᠮᠡᠬᠡᠷ ᠵᠠᠷᠯᠠᠨ ᠥᠭᠦᠯᠡᠷᠦᠨ :《ᠠᠯᠲᠠᠨ ᠤᠯᠤᠰ ᠤ᠋ᠨ ᠴᠡᠷᠢᠭ ᠮᠠᠨ ᠢ᠋ ᠮᠣᠷᠢᠨ ᠠ᠋ᠴᠠ ᠪᠠᠭᠤᠵᠤ ᠴᠡᠷᠢᠭ ᠮᠣᠷᠢᠨ ᠢ᠋ ᠠᠷᠠᠯᠵᠢᠮᠤᠢ ᠭᠡᠮᠡᠨ ᠰᠣᠨᠣᠰᠪᠠᠰᠤ ᠯᠠᠪ ᠱᠠᠭᠠᠷᠳᠠᠨ ᠢᠷᠡᠮᠦᠢ᠂ ᠲᠡᠭᠦᠨ ᠦ᠌ ᠴᠡᠷᠢᠭ ᠺᠤᠸᠠᠢ ᠨᠢᠩ ᠢ᠋ ᠥᠩᠭᠡᠷᠡᠨ ᠢᠷᠡᠮᠡᠭᠴᠡ᠂ ᠪᠢᠳᠡ ᠭᠡᠨᠡᠳᠲᠡ ᠡᠰᠡᠷᠭᠦ ᠢᠨᠤ ᠴᠣᠬᠢᠨ ᠣᠷᠣᠪᠠᠰᠤ ᠮᠠᠨ ᠤ᠋ ᠪᠦᠭᠭᠦᠭᠰᠡᠨ ᠴᠡᠷᠢᠭ ᠯᠦ᠍ᠭᠡ ᠠᠷᠤ ᠥᠪᠥᠷ ᠡᠴᠡ ᠬᠠᠪᠴᠢᠨ ᠠᠯᠠᠵᠤ ᠪᠣᠯᠤᠮᠤᠢ 》ᠬᠡᠮᠡᠭᠰᠡᠨ ᠳ᠋ᠦ᠍ᠷ ᠣᠯᠠᠨ ᠵᠠᠩᠵᠤᠨ ᠴᠡᠷᠢᠭ ᠵᠠᠬᠢᠶ᠎ᠠ ᠶ᠋ᠢ ᠳᠠᠭᠠᠵᠤ ᠱᠠᠯᠠᠮᠠᠭᠠᠢᠯᠠᠨ ᠪᠡᠯᠡᠳᠬᠡᠵᠦ᠂ ᠬᠠᠭᠤᠷᠮᠠᠭ ᠢ᠋ᠶ᠋ᠠᠷ ᠤᠪᠠᠢ ᠦᠭᠡᠢ ᠪᠠᠢᠳᠠᠯ ᠢ᠋ ᠦᠵᠡᠭᠦᠯᠦᠨ᠂ ᠠᠭᠤᠯᠠ ᠲᠠᠯ᠎ᠠ ᠳ᠋ᠤᠷ ᠲᠠᠷᠬᠠᠯᠴᠠᠨ ᠠᠮᠤ ᠡᠪᠡᠰᠦ ᠪᠡᠷ ᠮᠣᠷᠢ ᠪᠠᠨ ᠪᠣᠷᠳᠣᠮᠤᠢ᠃ ᠡᠨᠡ ᠮᠡᠳᠡᠭᠡ ᠶ᠋ᠢ ᠠᠯᠲᠠᠨ ᠤᠯᠤᠰ ᠤ᠋ᠨ ᠳ᠋ᠦᠩ ᠯᠢᠦᠢ ᠬᠦᠩ ᠬᠠᠭᠠᠨ ᠤ᠋ ᠳᠡᠷᠭᠡᠳᠡ ᠪᠠᠢᠵᠤ ᠪᠠᠢᠯᠳᠤᠬᠤ ᠳᠠᠢᠳᠤᠬᠤ ᠤᠴᠢᠷ ᠢ᠋ ᠪᠠᠬᠠᠨ ᠴᠤ᠌ ᠮᠡᠳᠡᠬᠦ ᠦᠭᠡᠢ ᠪᠥᠭᠡᠳ ᠪᠠᠰᠠ ᠪᠠᠢᠨ ᠪᠠᠢᠨ ᠴᠡᠷᠢᠭ ᠳᠠᠷᠤᠭᠳᠠᠬᠤᠢ ᠳ᠋ᠤᠷ ᠠᠯᠲᠠᠨ ᠤᠯᠤᠰ ᠤ᠋ᠨ ᠡᠵᠡᠨ ᠦ᠌ ᠡᠮᠦᠨ᠎ᠡ ᠲᠡᠨᠴᠢᠭᠦᠷᠡᠨ ᠠᠭᠤᠷᠯᠠᠬᠤᠶ᠎ᠠ᠂ ᠠᠯᠲᠠᠨ ᠤᠯᠤᠰ ᠤ᠋ᠨ ᠡᠵᠡᠨ ᠳᠠᠷᠤᠢ ᠲᠡᠭᠦᠨ ᠢ᠋ ᠭᠠᠷᠭᠠᠭᠰᠠᠨ ᠳ᠋ᠤᠷ ᠶᠠᠨ ᠨᠢᠩ ᠳᠠᠷᠤᠢ ᠶᠡᠷᠦ ᠶ᠋ᠢᠨ ᠲᠦᠪᠰᠢᠨ ᠬᠡᠷᠡᠭ ᠲᠦ᠍ᠷ ᠣᠯᠤᠭᠰᠠᠨ ᠠᠷᠪᠠᠨ ᠲᠦᠮᠡᠨ ᠴᠡᠷᠢᠭ ᠲᠦ᠍ᠷ ᠡᠷᠳᠦᠵᠦ ᠠᠵᠢᠭ ᠦᠭᠡᠢ ᠶᠠᠪᠤᠬᠤᠢ ᠳ᠋ᠤᠷ ᠮᠣᠩᠭᠣᠯ ᠤ᠋ᠨ ᠴᠡᠷᠢᠭ ᠦ᠋ᠳ ᠮᠣᠷᠢᠨ ᠠ᠋ᠴᠠ ᠪᠠᠭᠤᠵᠤ ᠮᠣᠷᠢ ᠪᠠᠨ ᠪᠣᠷᠳᠣᠮᠤᠢ ᠬᠡᠮᠡᠬᠦᠢ ᠳ᠋ᠦ᠍ᠷ ᠡᠨᠡ ᠯᠠᠪ ᠲᠡᠭᠷᠢ ᠨᠠᠳᠠ ᠳ᠋ᠤᠷ ᠭᠠᠪᠢᠶ᠎ᠠ ᠱᠠᠩᠨᠠᠭᠰᠠᠨ ᠪᠣᠯᠠᠢ ᠭᠡᠮᠡᠨ ᠣᠯᠠᠨ ᠴᠡᠷᠢᠭ ᠢ᠋ ᠬᠥᠭᠡᠭᠡᠨ ᠬᠦᠷᠴᠦ ᠢᠷᠡᠭᠡᠳ ᠺᠤᠸᠠᠢ ᠨᠢᠩ ᠦ᠋ᠨ ᠵᠠᠮ ᠢ᠋ ᠬᠥᠨᠳᠡᠯᠢᠳᠴᠦ ᠮᠣᠩᠭᠣᠯ ᠤ᠋ᠨ ᠴᠡᠷᠢᠭ ᠦ᠋ᠨ ᠵᠦᠭ ᠢᠷᠡᠬᠦᠶ᠎ᠡ᠂ ᠭᠡᠨᠡᠳᠲᠡ ᠡᠮᠦᠨ᠎ᠡ ᠬᠣᠰᠢᠭᠤᠴᠢ ᠪᠡᠶ᠎ᠡ ᠡᠭᠡᠵᠦ ᠳᠤᠲᠠᠭᠠᠨ ᠢᠷᠡᠬᠦᠢ ᠳ᠋ᠦ᠍ᠷ ᠤᠴᠢᠷ ᠢ᠋ ᠠᠰᠠᠭᠤᠪᠠᠰᠤ᠄《ᠮᠠᠨ ᠤ᠋ ᠴᠡᠷᠢᠭ ᠢ᠋ ᠮᠣᠩᠭᠣᠯ ᠤ᠋ᠨ ᠲᠠᠢᠰᠢ ᠭᠦᠸᠧ ᠸᠠᠩ ᠲᠡᠷᠢᠭᠦᠯᠡᠨ ᠤᠭᠲᠤᠨ ᠢᠷᠡᠵᠦ ᠨᠢᠭᠡᠨᠲᠡ ᠪᠠᠢᠯᠳᠤᠵᠤ ᠲᠡᠳᠡᠨ ᠦ᠌ ᠴᠡᠷᠢᠭ ᠴᠥᠭᠡᠨ ᠪᠣᠯᠪᠠᠴᠤ ᠬᠥᠮᠦᠨ ᠮᠣᠷᠢᠨ ᠨᠤᠮᠤ ᠵᠡᠪᠰᠡᠭ ᠨᠡᠢᠲᠡ ᠪᠡᠷ ᠴᠢᠭᠢᠷᠠᠭ ᠬᠦᠴᠦᠲᠡᠢ ᠲᠤᠯᠠ ᠲᠤᠯᠤᠨ ᠴᠢᠳᠠᠬᠤ ᠦᠭᠡᠢ ᠳ᠋ᠦ᠍ᠷ ᠪᠤᠷᠤᠭᠤᠯᠠᠨ ᠢᠷᠡᠪᠡ ! 》ᠬᠡᠮᠡᠭᠰᠡᠨ ᠳ᠋ᠦ᠍ᠷ ᠶᠠᠨ ᠨᠢᠩ ᠶᠡᠬᠡᠯ᠎ᠡ ᠠᠭᠤᠷᠯᠠᠵᠤ᠂ ᠰᠢᠶᠠᠨ ᠹᠧᠩ ᠪᠠᠢ ᠵᠧᠨ ᠢ᠋ ᠠᠯᠠᠮᠤᠢ ᠬᠡᠮᠡᠭᠰᠡᠨ ᠢ᠋ ᠣᠯᠠᠨ ᠵᠠᠩᠵᠤᠨ ᠨᠠᠷ ᠬᠦᠴᠦᠯᠡᠨ ᠭᠤᠶᠤᠭᠰᠠᠨ ᠢ᠋ᠶ᠋ᠠᠷ ᠠᠯᠠᠬᠤ ᠶ᠋ᠢ ᠭᠡᠯᠳᠦᠷᠢᠭᠦᠯᠵᠦ᠂ ᠳᠥᠴᠢᠨ ᠮᠣᠳᠣ ᠵᠠᠨᠴᠢᠵᠤ ᠬᠣᠷᠢᠭᠠᠳ ᠪᠠᠷᠠᠭᠤᠨ ᠮᠥᠷᠥ ᠶ᠋ᠢᠨ ᠵᠠᠩᠵᠤᠨ ᠾᠦᠢ ᠳ᠋ᠦᠩ ᠢ᠋ ᠬᠣᠰᠢᠭᠤᠴᠢ ᠰᠢᠶᠠᠨ ᠹᠧᠩ ᠪᠣᠯᠭᠠᠨ ᠡᠰᠡᠷᠭᠦ ᠡᠴᠢᠬᠦᠶ᠎ᠡ᠂ ᠮᠣᠩᠭᠣᠯ ᠤ᠋ᠨ ᠴᠡᠷᠢᠭ ᠬᠡᠳᠦᠢᠨᠡᠢ ᠨᠡᠬᠡᠨ ᠬᠦᠷᠴᠦ ᠢᠷᠡᠭᠡᠳ ᠠᠯᠲᠠᠨ ᠤᠯᠤᠰ ᠤ᠋ᠨ ᠴᠡᠷᠢᠭ ᠲᠦ᠍ᠷ ᠤᠴᠠᠷᠠᠮᠠᠭᠴᠠ ᠴᠡᠷᠢᠭ ᠦ᠋ᠨ ᠬᠦᠷᠢᠶᠡᠨ ᠦ᠌ ᠳᠣᠲᠣᠷ᠎ᠠ ᠨᠢᠭᠡᠨ ᠶᠡᠬᠡ ᠦᠬᠡᠷ ᠫᠤᠤ ᠶ᠋ᠢᠨ ᠳᠠᠭᠤᠨ ᠭᠠᠷᠤᠮᠠᠭᠴᠠ ᠮᠣᠩᠭᠣᠯ ᠤ᠋ᠨ ᠴᠡᠷᠢᠭ ᠭᠤᠷᠪᠠᠨ ᠳᠠᠰᠢ ᠬᠠᠭ᠎ᠠ ᠡᠴᠢᠵᠦ ᠰᠠᠯᠤᠭᠠᠳ ᠭᠤᠷᠪᠠᠨ ᠠᠩᠭᠢ ᠴᠡᠷᠢᠭ ᠦ᠋ᠨ ᠳᠣᠲᠣᠷ᠎ᠠ ᠬᠠᠮᠲᠤ ᠪᠠᠷ ᠬᠡᠩᠭᠡᠷᠭᠡ ᠴᠣᠬᠢᠨ ᠳᠤᠮᠳᠠᠳᠤ ᠴᠡᠷᠢᠭ ᠢ᠋ ᠭᠦᠸᠧ ᠸᠠᠩ ᠥᠪᠡᠷ ᠢ᠋ᠶ᠋ᠡᠨ ᠲᠡᠷᠢᠭᠦᠯᠡᠵᠦ᠂ ᠵᠡᠭᠦᠨ ᠡᠲᠡᠭᠡᠳ ᠦ᠋ᠨ ᠴᠡᠷᠢᠭ ᠢ᠋ ᠮᠣᠩᠭᠣᠯ ᠪᠤᠬ᠎ᠠ ᠮᠣᠩᠭᠣᠯ ᠰᠠᠷᠠᠨ ᠬᠣᠶᠠᠷ ᠵᠠᠩᠵᠤᠨ ᠲᠡᠷᠢᠭᠦᠯᠡᠵᠦ᠂ ᠨᠢᠭᠡᠨᠲᠡ ᠬᠠᠰᠬᠢᠷᠤᠨ ᠳᠠᠷᠤᠨ ᠣᠷᠣᠵᠤ ᠢᠷᠡᠭᠰᠡᠨ ᠳ᠋ᠦ᠍ᠷ ᠠᠯᠲᠠᠨ ᠤᠯᠤᠰ ᠤ᠋ᠨ ᠴᠡᠷᠢᠭ ᠪᠠᠢᠯᠳᠤᠯ ᠦᠭᠡᠢ ᠡᠭᠡᠵᠦ ᠪᠤᠷᠤᠭᠤᠯᠠᠬᠤᠢ ᠳ᠋ᠤᠷ ᠶᠠᠨ ᠨᠢᠩ ᠦ᠋ᠨ ᠵᠠᠷ ᠵᠠᠬᠢᠶ᠎ᠠ ᠶ᠋ᠢ ᠳᠠᠭᠠᠬᠤ ᠦᠭᠡᠢ ᠪᠣᠯᠵᠤ᠂ ᠥᠪᠡᠷ ᠦ᠋ᠨ ᠵᠢᠭᠰᠠᠭᠠᠯ ᠢ᠋ ᠳᠠᠭᠠᠷᠢᠨ ᠣᠷᠣᠭᠰᠠᠨ ᠳ᠋ᠤᠷ ᠮᠣᠩᠭᠣᠯ ᠤ᠋ᠨ ᠴᠡᠷᠢᠭ ᠭᠡᠨᠡᠳᠲᠡ ᠬᠠᠰᠬᠢᠷᠤᠨ ᠲᠡᠷᠢᠭᠦᠯᠡᠨ ᠣᠷᠣᠭᠰᠠᠨ᠎ᠠ᠂ ᠠᠯᠲᠠᠨ ᠤᠯᠤᠰ ᠤ᠋ᠨ ᠴᠡᠷᠢᠭ ᠲᠡᠮᠡᠴᠡᠨ ᠴᠢᠳᠠᠬᠤ ᠦᠭᠡᠢ ᠡᠭᠡᠵᠦ ᠪᠤᠷᠤᠭᠤᠯᠠᠨ ᠡᠴᠢᠪᠡ᠃ ᠮᠣᠩᠭᠣᠯ ᠤ᠋ᠨ ᠴᠡᠷᠢᠭ ᠲᠠᠯᠪᠢᠯ ᠦᠭᠡᠢ ᠨᠡᠬᠡᠵᠦ ᠡᠴᠢᠬᠦᠢ ᠳ᠋ᠦ᠍ᠷ ᠠᠯᠲᠠᠨ ᠤᠯᠤᠰ ᠤ᠋ᠨ ᠴᠡᠷᠢᠭ ᠦ᠋ᠨ ᠡᠵᠡᠨ ᠪᠡᠶ᠎ᠡ ᠳ᠋ᠦ᠍ᠷ ᠥᠪᠡᠷ ᠦ᠋ᠨ ᠴᠡᠷᠢᠭ ᠦ᠋ᠨ ᠵᠡᠪᠰᠡᠭ ᠪᠠ ᠳᠠᠢᠰᠤᠨ ᠤ᠋ ᠴᠡᠷᠢᠭ ᠦ᠋ᠨ ᠰᠠᠮᠠᠭᠤᠨ ᠰᠤᠮᠤ ᠳ᠋ᠤᠷ ᠬᠡᠳᠦᠨᠲᠡ ᠰᠢᠷᠬᠠᠲᠤᠵᠤ ᠳᠤᠭᠤᠯᠠᠭ᠎ᠠ ᠪᠠᠨ ᠭᠡᠭᠡᠭᠡᠳ ᠶᠡᠬᠡ ᠳᠠᠭᠤᠨ ᠢ᠋ᠶ᠋ᠠᠷ ᠪᠠᠷᠬᠢᠷᠠᠨ ᠤᠬᠢᠯᠠᠵᠤ ᠳᠤᠲᠠᠭᠠᠨ ᠲᠡᠷᠢᠭᠦᠨ ᠳ᠋ᠦ᠍ᠷ ᠶᠠᠪᠤᠭᠰᠠᠭᠠᠷ ᠺᠤᠸᠠᠢ ᠨᠢᠩ ᠦ᠋ᠨ ᠬᠠᠪᠴᠢᠯ ᠵᠠᠮ ᠳ᠋ᠤᠷ ᠬᠦᠷᠲᠡᠯ᠎ᠡ ᠭᠡᠨᠡᠳᠲᠡ ᠠᠭᠤᠯᠠᠨ ᠤ᠋ ᠳᠣᠲᠣᠷ᠎ᠠ ᠫᠤᠤ ᠶ᠋ᠢᠨ ᠳᠠᠭᠤᠨ ᠭᠠᠷᠴᠤ ᠵᠡᠭᠦᠨ ᠡᠴᠡ ᠭᠢᠯᠥᠭᠡᠨ ᠪᠠᠭᠠᠲᠤᠷ᠂ ᠪᠠᠷᠠᠭᠤᠨ ᠠ᠋ᠴᠠ ᠬᠣᠢᠯᠠᠳᠠᠷ ᠬᠣᠰᠢᠭᠤᠴᠢ ᠬᠠᠮᠲᠤ ᠪᠠᠷᠬᠢᠷᠠᠨ ᠠᠯᠠᠨ ᠭᠠᠷᠴᠤ ᠢᠷᠡᠭᠰᠡᠨ ᠳ᠋ᠦ᠍ᠷ ᠠᠯᠲᠠᠨ ᠤᠯᠤᠰ ᠤ᠋ᠨ ᠶᠠᠨ ᠨᠢᠩ ᠶᠡᠬᠡᠯ᠎ᠡ ᠭᠡᠯᠮᠡᠵᠦ᠂ ᠶᠠᠭᠠᠷᠠᠨ ᠠᠭᠤᠯᠠᠨ ᠤ᠋ ᠠᠮᠠᠨ ᠤ᠋ ᠵᠦᠭ ᠪᠤᠷᠤᠭᠤᠯᠠᠬᠤᠢ ᠳ᠋ᠤᠷ ᠬᠣᠶᠠᠷ ᠡᠲᠡᠭᠡᠳ ᠦ᠋ᠨ ᠴᠡᠷᠢᠭ ᠬᠠᠪᠴᠢᠨ ᠢᠷᠡᠵᠦ ᠬᠣᠢᠯᠠᠲᠠᠷ ᠬᠣᠰᠢᠭᠤᠴᠢ ᠰᠢᠭᠤᠳ ᠣᠷᠣᠵᠤ᠂ ᠠᠯᠲᠠᠨ ᠤᠯᠤᠰ ᠤ᠋ᠨ ᠲᠡᠷᠢᠭᠦᠯᠡᠭᠴᠢ ᠶᠤᠸᠠᠨᠱᠤᠸᠠᠢ ᠳ᠋ᠦᠩ ᠯᠢᠦᠢ ᠬᠦᠩ᠂ ᠶᠠᠨ ᠨᠢᠩ ᠢ᠋ ᠠᠷᠤ ᠶ᠋ᠢᠨ ᠬᠣᠢᠨ᠎ᠠ ᠠ᠋ᠴᠠ ᠨᠢᠭᠡᠨᠲᠡ ᠵᠢᠳᠠᠯᠠᠨ ᠠᠪᠴᠤ ᠥᠪᠡᠷ ᠦ᠋ᠨ ᠳᠣᠣᠷᠠᠬᠢ ᠴᠡᠷᠢᠭ ᠲᠦ᠍ᠷ ᠴᠣᠬᠢᠨ ᠥᠭᠴᠦ ᠲᠣᠯᠣᠭᠠᠢ ᠶ᠋ᠢ ᠠᠪᠴᠤ ᠥᠨᠳᠥᠷ ᠰᠢᠷᠤᠭ ᠲᠤᠷ ᠡᠯᠭᠦᠵᠦ᠂ ᠠᠯᠲᠠᠨ ᠤᠯᠤᠰ ᠤ᠋ᠨ ᠣᠯᠠᠨ ᠴᠡᠷᠢᠭ ᠢ᠋ ᠠᠯᠠᠨ ᠣᠷᠣᠭᠰᠠᠨ ᠳ᠋ᠤᠷ ᠠᠯᠲᠠᠨ ᠤᠯᠤᠰ ᠤ᠋ᠨ ᠴᠡᠷᠢᠭ ᠶᠠᠭᠠᠷᠠᠨ ᠺᠤᠸᠠᠢ ᠨᠢᠩ ᠦ᠋ᠨ ᠠᠭᠤᠯᠠᠨ ᠤ᠋ ᠠᠮᠠᠨ ᠳ᠋ᠤᠷ ᠣᠷᠣᠵᠤ ᠡᠴᠢᠪᠡᠰᠦ ᠴᠢᠨᠠᠳᠤ ᠠᠮᠠᠨ ᠢ ᠲᠠᠭ ᠪᠥᠭᠯᠡᠵᠦ᠂ ᠡᠭᠦᠨ ᠦ᠌ ᠳᠡᠭᠡᠷ᠎ᠡ ᠬᠣᠶᠠᠷ ᠡᠲᠡᠭᠡᠳ ᠲᠣᠷ ᠬᠣᠯᠬᠣᠪᠴᠢ ᠨᠤᠮᠤ ᠪᠠᠷᠢᠭᠰᠠᠨ ᠴᠡᠷᠢᠭ ᠪᠦᠭᠭᠦᠨ ᠬᠠᠷ᠎ᠠ ᠲᠤᠭ ᠪᠤᠰᠬᠠᠵᠤ᠂ ᠮᠣᠳᠣ ᠲᠣᠭᠰᠢᠬᠤ ᠴᠢᠮᠡᠭᠡ ᠭᠠᠷᠤᠮᠠᠭᠴᠠ ᠰᠠᠯᠠᠭᠠᠲᠤ ᠵᠡᠪᠡ ᠬᠥᠨᠳᠡᠯᠡᠨ ᠭᠠᠷᠪᠠ᠃ ᠶᠠᠭᠠᠷᠠᠨ ᠡᠭᠡᠵᠦ ᠭᠠᠷᠴᠤ ᠢᠷᠡᠬᠦᠶ᠎ᠡ᠂ ᠲᠡᠭᠦᠨ ᠦ᠌ ᠴᠡᠷᠢᠭ ᠦ᠋ᠨ ᠵᠠᠩᠵᠤᠨ ᠶᠤᠸᠠᠨᠱᠤᠸᠠᠢ ᠶ᠋ᠢᠨ ᠲᠣᠯᠣᠭᠠᠢ ᠬᠡᠳᠦᠢᠨᠡᠢ ᠲᠤᠭ ᠤ᠋ᠨ ᠳᠡᠭᠡᠷ᠎ᠡ ᠭᠠᠷᠴᠤ ᠠᠯᠲᠠᠨ ᠤᠯᠤᠰ ᠤ᠋ᠨ ᠴᠡᠷᠢᠭ ᠢ᠋ ᠬᠤᠷᠤᠢᠯᠠᠬᠤᠢ ᠳ᠋ᠤᠷ ᠠᠯᠲᠠᠨ ᠤᠯᠤᠰ ᠤ᠋ᠨ ᠴᠡᠷᠢᠭ ᠦ᠋ᠨ ᠰᠡᠳᠬᠢᠯ ᠴᠥᠬᠥᠷᠡᠵᠦ᠂ ᠬᠤᠶᠠᠭ ᠢ᠋ᠶ᠋ᠠᠨ ᠲᠠᠢᠯᠤᠨ ᠵᠡᠪᠰᠡᠭ ᠢ᠋ᠶ᠋ᠡᠨ ᠣᠷᠬᠢᠵᠤ ᠳᠠᠭᠠᠬᠤ ᠶ᠋ᠢ ᠭᠣᠶᠣᠬᠤᠢ ᠳ᠋ᠤᠷ ᠮᠣᠩᠭᠣᠯ ᠤ᠋ᠨ ᠭᠦᠸᠧ ᠸᠠᠩ ᠤ᠋ᠨ ᠶᠡᠬᠡ ᠴᠡᠷᠢᠭ ᠭᠤᠷᠪᠠᠨ ᠠᠩᠭᠢ ᠪᠠᠷ ᠬᠦᠷᠴᠦ ᠢᠷᠡᠭᠡᠳ ᠠᠯᠲᠠᠨ ᠤ᠋ ᠴᠡᠷᠢᠭ ᠦ᠋ᠨ ᠡᠵᠡᠨ ᠠᠯᠠᠭᠳᠠᠵᠤ᠂ ᠣᠯᠠᠨ ᠴᠡᠷᠢᠭ ᠳᠠᠷᠤᠭᠳᠠᠨ ᠳᠠᠭᠠᠬᠤ ᠶ᠋ᠢ ᠭᠣᠶᠣᠬᠤᠢ ᠳ᠋ᠤᠷ ᠬᠡᠯᠲᠦᠷᠢᠭᠦᠯᠬᠦ ᠴᠠᠭᠠᠵᠠ ᠵᠠᠷᠯᠠᠨ ᠠᠯᠲᠠᠨ ᠤᠯᠤᠰ ᠤ᠋ᠨ ᠴᠡᠷᠢᠭ ᠢ᠋ ᠡᠯᠰᠡᠨ ᠲᠣᠬᠣᠨᠢᠭᠤᠯᠬᠤᠢ ᠳ᠋ᠤᠷ ᠬᠣᠷᠢᠭᠤᠯ ᠲᠡᠷᠭᠡᠨ ᠦ᠌ ᠳᠣᠲᠣᠷ᠎ᠠ ᠠ᠋ᠴᠠ ᠪᠠᠢ ᠵᠧᠨ ᠢ᠋ ᠣᠯᠵᠤ᠂ ᠪᠠᠰᠠ ᠰᠠᠮᠠᠭᠤᠨ ᠴᠡᠷᠢᠭ ᠦ᠋ᠨ ᠳᠣᠲᠣᠷ᠎ᠠ ᠠ᠋ᠴᠠ ᠾᠦᠢ ᠳ᠋ᠦᠩ ᠢ᠋ ᠪᠠᠢᠴᠠᠭᠠᠨ ᠣᠯᠵᠤ ᠭᠠᠷᠭᠠᠭᠠᠳ ᠬᠣᠶᠠᠭᠤᠯᠠ ᠶ᠋ᠢ ᠠᠯᠠᠬᠤ ᠶ᠋ᠢ ᠬᠡᠯᠲᠦᠷᠢᠭᠦᠯᠵᠦ᠂ ᠠᠯᠲᠠᠨ ᠤᠯᠤᠰ ᠤ᠋ᠨ ᠴᠡᠷᠢᠭ ᠢ᠋ ᠲᠡᠷᠢᠭᠦᠯᠡᠭᠰᠡᠨ ᠶᠡᠬᠡ ᠶᠤᠸᠠᠨᠱᠤᠸᠠᠢ ᠳ᠋ᠦᠩ ᠯᠢᠦᠢ ᠬᠦᠩ ᠂ ᠶᠠᠨ ᠨᠢᠩ ᠦ᠋ᠨ ᠲᠣᠯᠣᠭᠠᠢ ᠪᠠ ᠶᠠᠰᠤᠨ ᠢ᠋ ᠲᠤᠰᠢᠶᠠᠨ ᠥᠭᠴᠦ ᠤᠯᠤᠰ ᠲᠤᠷ ᠠᠨᠤ ᠢᠯᠡᠭᠡᠪᠡ᠃ ᠠᠯᠲᠠᠨ ᠤᠯᠤᠰ ᠡᠨᠡ ᠮᠡᠳᠡᠭᠡ ᠶ᠋ᠢ ᠰᠣᠨᠣᠰᠴᠤ ᠵᠠᠭᠤᠨ ᠲᠦᠰᠢᠮᠡᠳ ᠠᠶᠤᠵᠤ ᠴᠢᠷᠠᠢ ᠠᠯᠳᠠᠪᠠ ᠃ 
       ᠲᠡᠳᠦᠢ ᠭᠦᠸᠧ ᠸᠠᠩ ᠮᠤᠬᠤᠯᠢ ᠣᠯᠠᠨ ᠵᠠᠩᠵᠤᠨ ᠴᠡᠷᠢᠭ ᠢ᠋ ᠱᠠᠩᠨᠠᠨ ᠬᠥᠬᠢᠭᠦᠯᠵᠦ ᠰᠠᠶᠢ ᠤᠷᠤᠭᠰᠢ ᠣᠷᠣᠰᠤᠭᠠᠢ ᠬᠡᠮᠡᠲᠡᠯ᠎ᠡ ᠳ᠋ᠦᠩ ᠫᠢᠩ ᠹᠦ ᠶ᠋ᠢ ᠣᠯᠬᠤ ᠰᠢᠬᠠᠪᠠ ᠭᠡᠮᠡᠨ ᠪᠠᠰᠠ ᠬᠠᠭᠠᠨ ᠤ᠋ ᠲᠡᠨᠳᠡ ᠡᠴᠡ ᠰᠢ ᠢᠦᠢ ᠳ᠋ᠦ᠍ᠷ ᠶᠡᠬᠡᠯ᠎ᠡ ᠲᠠᠢᠯᠪᠠ ᠭᠡᠮᠡᠨ ᠤᠯᠠᠭᠠᠨ ᠳᠠᠯᠪᠠᠭ᠎ᠠ ᠪᠠᠷ ᠪᠠᠶᠠᠷ ᠢ ᠮᠡᠳᠡᠭᠦᠯᠦᠨ ᠬᠦᠷᠴᠦ ᠢᠷᠡᠪᠡ᠂ ᠦᠵᠡᠰᠡ ᠳ᠋ᠦᠩ ᠫᠧᠩ  ᠹᠦ ᠶ᠋ᠢᠨ ᠬᠣᠲᠠ ᠨᠢᠳᠤᠨᠤᠨ ᠵᠢᠯ ᠡᠴᠡ ᠡᠨᠡ ᠬᠠᠪᠤᠷ ᠪᠣᠯᠲᠠᠯ᠎ᠠ ᠬᠠᠭᠠᠭᠳᠠᠵᠤ᠂ ᠬᠣᠲᠠᠨ ᠤ᠋ ᠳᠣᠲᠣᠷ᠎ᠠ ᠬᠦᠨᠡᠰᠦ ᠲᠠᠰᠤᠷᠠᠭᠠᠳ ᠬᠣᠲᠠ ᠶ᠋ᠢᠨ ᠭᠠᠳᠠᠨ᠎ᠠ ᠵᠠᠮ ᠢ᠋ ᠲᠠᠰᠤᠯᠵᠤ᠂ ᠨᠢᠭᠡᠨᠲᠡ ᠰᠠᠬᠢᠨ ᠴᠢᠳᠠᠬᠤ ᠦᠭᠡᠢ ᠪᠣᠯᠤᠭᠰᠠᠨ ᠪᠥᠭᠡᠳ ᠪᠠᠰᠠ ᠭᠠᠷᠴᠤ ᠴᠢᠳᠠᠬᠤ ᠦᠭᠡᠢ ᠪᠣᠯᠵᠤ᠂ ᠦᠬᠦᠨ ᠰᠠᠬᠢᠪᠠᠴᠤ ᠠᠪᠲᠠᠬᠤ ᠠᠨᠤ ᠥᠷᠯᠥᠭᠡ ᠦᠳᠡᠰᠢ ᠪᠣᠯᠵᠤᠬᠤᠢ᠃ 
       ᠲᠡᠳᠦᠢ ᠰᠢ ᠢᠦᠢ ᠤᠯᠤᠰ ᠲᠤᠷ ᠬᠠᠭᠠᠨ ᠤ᠋ ᠭᠡᠭᠡᠨ ᠬᠡᠷᠬᠢᠨ ᠲᠠᠢᠯᠪᠠ ?  ᠬᠡᠮᠡᠪᠡᠰᠦ ᠄ ᠠᠯᠭᠤᠷ ᠥᠭᠦᠯᠡᠬᠦ ᠶ᠋ᠢ ᠰᠣᠨᠣᠰ᠃ ᠬᠠᠭᠠᠨ ᠤ᠋ ᠭᠡᠭᠡᠨ ᠰᠢ ᠢᠦᠢ ᠤᠯᠤᠰ ᠲᠤᠷ ᠰᠢᠨᠡᠯᠡᠵᠦ᠂ ᠬᠠᠪᠤᠷ ᠤ᠋ᠨ ᠰᠡᠭᠦᠯ ᠰᠠᠷ᠎ᠠ ᠳ᠋ᠤᠷ ᠶᠡᠬᠡ ᠴᠡᠷᠢᠭ ᠢ᠋ ᠰᠢᠪᠠᠳᠠᠵᠤ ᠪᠠᠰᠠ ᠪᠠᠷᠠᠭᠤᠨ ᠡᠮᠦᠨ᠎ᠡ ᠵᠦᠭ ᠣᠷᠣᠪᠠ᠃ ᠰᠢ ᠢᠦᠢ ᠤᠯᠤᠰ ᠤ᠋ᠨ ᠪᠤᠬᠠᠷ ᠬᠡᠮᠡᠬᠦ ᠶᠡᠬᠡ ᠬᠣᠲᠠᠨ ᠳ᠋ᠤᠷ ᠬᠦᠷᠴᠦ ᠦᠵᠡᠪᠡᠰᠦ ᠂ ᠪᠤᠬᠠᠷ ᠬᠣᠲᠠ ᠶ᠋ᠢᠨ ᠬᠣᠢᠲᠤ ᠳ᠋ᠤᠷ ᠰᠢᠨᠢᠰᠡᠭ᠎ᠠ ᠬᠡᠮᠡᠬᠦ ᠨᠢᠭᠡᠨ ᠶᠡᠬᠡ ᠬᠣᠲᠠ ᠪᠣᠢ᠂ ᠴᠥᠮ ᠢ᠋ᠶ᠋ᠡᠷ ᠴᠢᠯᠠᠭᠤ ᠴᠣᠬᠣᠢ ᠪᠠᠷ ᠢᠷᠣᠭᠠᠷ ᠠ᠋ᠴᠠ ᠳᠡᠯᠡᠳᠦᠨ ᠭᠠᠷᠤᠭᠰᠠᠨ ᠬᠣᠲᠠ ᠮᠠᠰᠢ ᠪᠡᠬᠢ ᠪᠠᠲᠤ᠂ ᠶᠡᠷᠦ ᠡᠮᠦᠨ᠎ᠡ ᠭᠠᠵᠠᠷ ᠤ᠋ᠨ ᠮᠡᠲᠦ ᠲᠣᠭᠣᠰᠬ᠎ᠠ ᠪᠠᠷ ᠭᠠᠳᠠᠷ ᠢ᠋ ᠪᠠᠷᠢᠵᠤ ᠳᠣᠲᠣᠷ᠎ᠠ ᠶ᠋ᠢ ᠰᠢᠷᠣᠢ ᠪᠠᠷ ᠳᠦᠭᠦᠷᠭᠡᠭᠰᠡᠨ ᠬᠣᠲᠠ ᠪᠤᠰᠤ ᠲᠤᠯᠠ ᠡᠪᠳᠡᠬᠦᠢ ᠳ᠋ᠦ᠍ᠷ ᠮᠠᠰᠢ ᠪᠡᠷᠬᠡ᠃ ᠡᠨᠡ ᠪᠤᠬᠠᠷ ᠰᠢᠨᠢᠰᠠᠭ᠎ᠠ ᠬᠣᠶᠠᠷ ᠬᠣᠲᠠᠨ ᠢ᠋ ᠠᠷᠪᠠᠨ ᠡᠳᠦᠷ ᠡᠭᠡᠯᠵᠢᠯᠡᠨ ᠬᠠᠭᠠᠪᠠᠴᠤ ᠠᠪᠲᠠᠬᠤ ᠦᠭᠡᠢ᠂ ᠠᠯᠢ ᠬᠣᠲᠠᠨ ᠢ ᠬᠠᠭᠠᠪᠠᠰᠤ ᠲᠡᠷᠡ ᠬᠣᠲᠠ ᠶ᠋ᠢᠨ ᠴᠡᠷᠢᠭ ᠢᠨᠦ ᠣᠯᠠᠨ ᠪᠣᠯᠵᠤ ᠲᠤᠯᠬᠤᠢ ᠳ᠋ᠤᠷ ᠬᠠᠭᠠᠨ ᠭᠠᠢᠬᠠᠵᠤ᠂ ᠵᠢᠴᠢ ᠡᠳᠦᠷ ᠲᠥᠯᠭᠡ ᠲᠠᠲᠠᠵᠤ ᠦᠵᠡᠭᠡᠳ ᠶᠧ ᠯᠢᠦᠢ ᠴᠦ ᠼᠠᠢ ᠶ᠋ᠢᠨ ᠵᠦᠭ ᠵᠠᠷᠯᠢᠭ ᠪᠣᠯᠤᠷᠤᠨ᠄ 《ᠡᠨᠡ ᠬᠣᠲᠠ ᠯᠠᠪ ᠭᠠᠵᠠᠷ ᠤ᠋ᠨ ᠳᠣᠣᠭᠤᠷ ᠬᠠᠷᠢᠯᠴᠠᠨ ᠨᠡᠪᠲᠡᠷᠡᠬᠦ ᠵᠠᠮ ᠪᠣᠢ ᠂ ᠬᠣᠶᠠᠭᠤᠯᠠ ᠶ᠋ᠢᠨ ᠬᠣᠭᠣᠷᠣᠨᠳᠣ ᠬᠥᠨᠳᠡᠯᠡᠨ ᠭᠣᠣ ᠡᠷᠦᠪᠡᠰᠦ ᠯᠠᠪ ᠣᠯᠵᠤ ᠪᠣᠯᠤᠮᠤᠢ᠂ ᠭᠠᠭᠴᠠ ᠤᠬᠠᠭᠠᠨ ᠢ᠋ ᠮᠡᠳᠡᠵᠦ ᠤᠬᠤᠬᠤ ᠬᠡᠷᠡᠭᠲᠡᠢ᠂ ᠯᠠᠪ ᠠᠭᠤᠯᠠ ᠬᠠᠳᠠ ᠠ᠋ᠴᠠ ᠵᠠᠢᠯᠠᠮᠤᠢ ᠭᠡᠮᠡᠨ ᠬᠣᠶᠠᠷ ᠬᠣᠲᠠ ᠶ᠋ᠢᠨ ᠵᠠᠪᠰᠠᠷ ᠤ᠋ᠨ ᠬᠣᠶᠠᠷ ᠠᠭᠤᠯᠠ ᠶ᠋ᠢᠨ ᠬᠠᠳᠠ ᠶ᠋ᠢᠨ ᠬᠣᠱᠣᠣ ᠶ᠋ᠢᠨ ᠬᠥᠲᠥᠯ ᠳ᠋ᠦ᠍ᠷ ᠬᠥᠨᠳᠡᠯᠡᠨ ᠬᠣᠶᠠᠷ ᠭᠠᠵᠠᠷ ᠤ᠋ᠨ ᠭᠣᠣ ᠤᠬᠤᠵᠤ ᠦᠵᠡᠪᠡᠰᠦ ᠦᠨᠡᠬᠡᠷ ᠡᠴᠢᠵᠦ ᠢᠷᠡᠬᠦ ᠬᠣᠶᠠᠷ ᠨᠦᠬᠡ ᠭᠠᠷᠤᠭᠰᠠᠨ ᠳ᠋ᠤᠷ ᠬᠠᠭᠠᠨ ᠪᠡᠶ᠎ᠡ ᠪᠡᠷ ᠡᠴᠢᠵᠦ ᠬᠣᠶᠠᠷ ᠨᠦᠬᠡ ᠶ᠋ᠢᠨ ᠠᠮᠠᠰᠠᠷ ᠢ᠋ ᠰᠠᠬᠢᠵᠤ᠂ ᠳᠠᠷᠤᠢ ᠭᠠᠭᠴᠠ ᠪᠤᠬᠠᠷ ᠬᠣᠲᠠ ᠶ᠋ᠢ ᠬᠠᠭᠠᠵᠤ ᠪᠠᠢᠯᠳᠤᠭᠠᠳ᠂ ᠬᠣᠶᠠᠷ ᠨᠦᠬᠡ ᠶ᠋ᠢ ᠬᠠᠷᠠᠵᠤ ᠪᠦᠬᠦᠢ ᠳ᠋ᠦ᠍ᠷ ᠪᠠᠷᠠᠭᠤᠨ ᠨᠦᠬᠡ ᠪᠡᠷ ᠰᠢᠨᠢᠰᠡᠭ᠎ᠠ ᠬᠣᠲᠠ ᠶ᠋ᠢᠨ ᠲᠤᠰᠠᠯᠠᠬᠤ ᠴᠡᠷᠢᠭ ᠬᠡᠳᠦᠨ ᠵᠠᠭᠤᠨ ᠬᠥᠮᠦᠨ ᠡᠴᠢᠬᠦᠢ ᠶ᠋ᠢ ᠨᠦᠬᠡ ᠡᠴᠡ ᠭᠠᠷᠴᠤ ᠢᠷᠡᠮᠡᠭᠴᠡ ᠪᠠᠷᠢᠵᠤ᠂ ᠶᠠᠭᠠᠷᠠᠨ ᠲᠡᠳᠡᠨ ᠦ᠌ ᠳᠠᠯᠪᠠᠭ᠎ᠠ ᠮᠠᠯᠠᠭ᠎ᠠ ᠵᠠᠷ ᠵᠡᠪᠰᠡᠭ ᠢ᠋ ᠥᠪᠡᠷ ᠦ᠋ᠨ ᠴᠡᠷᠢᠭ ᠲᠦ᠍ᠷ ᠪᠠᠷᠢᠭᠤᠯᠵᠤ᠂ ᠲᠡᠳᠡᠨ ᠦ᠌  ᠪᠠᠷᠢᠭᠰᠠᠨ ᠴᠡᠷᠢᠭ ᠲᠡᠢ ᠬᠠᠮᠲᠤ ᠪᠤᠬᠠᠷ ᠬᠣᠲᠠ ᠳ᠋ᠤᠷ ᠡᠴᠢᠬᠦ ᠵᠡᠭᠦᠨ ᠨᠦᠬᠡ ᠪᠡᠷ ᠲᠠᠯᠪᠢᠨ ᠣᠷᠣᠭᠤᠯᠵᠤ᠂ ᠨᠢᠭᠡᠨ ᠬᠠᠭᠠᠰ ᠢ᠋ ᠭᠠᠳᠠᠨ᠎ᠠ ᠦᠯᠡᠳᠡᠭᠡᠨ᠂ ᠬᠡᠷᠪᠡ ᠲᠠ ᠬᠣᠲᠠᠨ᠎ᠠ ᠣᠷᠣᠵᠤ ᠬᠠᠭᠠᠯᠭ᠎ᠠ ᠶ᠋ᠢ ᠨᠡᠭᠡᠭᠡᠬᠦ ᠦᠭᠡᠢ ᠪᠥᠭᠡᠰᠦ ᠡᠨᠡ ᠦᠯᠡᠭᠰᠡᠨ ᠢ᠋ ᠢᠨᠤ ᠪᠠᠷᠢᠵᠤ ᠠᠯᠠᠮᠤᠢ ᠭᠡᠮᠡᠨ ᠢᠯᠡᠭᠡᠪᠡ᠃ ᠮᠣᠩᠭᠣᠯ ᠤ᠋ᠨ ᠴᠡᠷᠢᠭ ᠬᠣᠶᠠᠷ ᠬᠠᠭᠠᠰᠯᠠᠵᠤ ᠬᠣᠶᠠᠷ ᠬᠣᠲᠠ ᠶ᠋ᠢᠨ ᠪᠠᠷᠠᠭᠤᠨ ᠬᠠᠭᠠᠯᠭ᠎ᠠ ᠳ᠋ᠤᠷ ᠬᠦᠯᠢᠶᠡᠬᠦᠶ᠎ᠡ᠂ ᠪᠤᠬᠠᠷ ᠬᠣᠲᠠ ᠳ᠋ᠤᠷ ᠡᠴᠢᠭᠰᠡᠨ ᠮᠣᠩᠭᠣᠯ ᠴᠡᠷᠢᠭ ᠢ᠋ ᠲᠡᠰᠬᠡᠯ ᠪᠠᠷᠰ᠂ ᠰᠢᠯᠢᠭᠲᠦ ᠪᠠᠷᠰ ᠬᠣᠶᠠᠭᠤᠯᠠ ᠳᠠᠭᠠᠭᠤᠯᠤᠨ ᠡᠴᠢᠵᠦ ᠨᠦᠬᠡ ᠶ᠋ᠢᠨ ᠠᠮᠠᠰᠠᠷ ᠢ ᠭᠠᠷᠤᠮᠠᠭᠴᠠ ᠳᠠᠷᠤᠢ ᠴᠠᠪᠴᠢᠨ ᠠᠯᠠᠵᠤ᠂ ᠶᠡᠬᠡ ᠴᠡᠷᠢᠭ ᠢ᠋ ᠰᠣᠨᠣᠰᠬᠤ ᠶ᠋ᠢᠨ ᠤᠷᠢᠳᠠ ᠪᠤᠬᠠᠷ ᠬᠣᠲᠠ ᠶ᠋ᠢᠨ ᠪᠠᠷᠠᠭᠤᠨ ᠬᠠᠭᠠᠯᠭ᠎ᠠ ᠶ᠋ᠢ ᠪᠤᠯᠢᠶᠠᠨ ᠠᠪᠴᠤ ᠮᠣᠩᠭᠣᠯ ᠴᠡᠷᠢᠭ ᠢ᠋ ᠤᠭᠲᠤᠨ ᠣᠷᠣᠭᠤᠯᠪᠠ᠃ ᠭᠠᠭᠴᠠ ᠰᠢ ᠢᠦᠢ ᠶ᠋ᠢᠨ ᠴᠡᠷᠢᠭ ᠴᠥᠮ ᠨᠦᠬᠡ ᠳ᠋ᠦ᠍ᠷ ᠣᠷᠣᠵᠤ ᠡᠴᠢᠭᠰᠡᠨ ᠳ᠋ᠦ᠍ᠷ ᠲᠡᠰᠬᠡᠯ ᠪᠠᠷᠰ᠂ ᠰᠢᠯᠢᠭᠲᠦ ᠪᠠᠷᠰ ᠬᠣᠶᠠᠷ ᠵᠠᠩᠵᠤᠨ ᠣᠯᠠᠨ ᠴᠡᠷᠢᠭ ᠢ᠋ ᠠᠪᠴᠤ ᠬᠣᠶᠠᠷ ᠨᠦᠬᠡ ᠶ᠋ᠢᠨ ᠠᠮᠠᠰᠠᠷ ᠢ᠋ ᠲᠠᠭ ᠪᠥᠭᠡᠵᠦ ᠬᠠᠳᠠᠭᠠᠯᠠᠪᠠ᠂ ᠡᠭᠦᠨ ᠳ᠋ᠦ᠍ᠷ ᠬᠣᠢᠲᠤ ᠰᠢᠨᠠᠰᠠᠭ᠎ᠠ ᠬᠤᠲᠠᠨ᠎ᠠ ᠣᠭᠲᠣ ᠮᠡᠳᠡᠬᠦ ᠦᠭᠡᠶ᠎ᠡ ᠪᠦᠬᠦᠢ ᠳ᠋ᠦ᠍ᠷ ᠮᠣᠩᠭᠣᠯ ᠤ᠋ᠨ ᠴᠡᠷᠢᠭ ᠶᠠᠭᠠᠷᠠᠨ ᠬᠦᠷᠴᠦ ᠢᠷᠡᠭᠡᠳ ᠪᠠᠰᠠ ᠵᠡᠭᠦᠨ ᠪᠠᠷᠠᠭᠤᠨ ᠬᠠᠭᠠᠯᠭ᠎ᠠ ᠶ᠋ᠢ ᠲᠠᠪᠴᠢᠯᠠᠨ ᠪᠠᠢᠯᠳᠤᠬᠤᠢ ᠳ᠋ᠤᠷ ᠶᠠᠭᠠᠷᠠᠨ ᠳᠥᠷᠪᠡᠨ ᠬᠠᠭᠠᠯᠭ᠎ᠠ ᠶ᠋ᠢᠨ ᠴᠡᠷᠢᠭ ᠢ᠋ ᠬᠤᠷᠢᠶᠠᠵᠤ ᠵᠡᠭᠦᠨ ᠬᠠᠭᠠᠯᠭ᠎ᠠ ᠶ᠋ᠢ ᠬᠦᠴᠦᠨ ᠨᠡᠮᠡᠵᠦ ᠰᠠᠬᠢᠨ ᠣᠷᠣᠬᠤᠶ᠎ᠠ ᠭᠡᠨᠡᠳᠲᠡ ᠬᠣᠲᠠᠨ ᠤ᠋ ᠳᠣᠲᠣᠷ᠎ᠠ ᠵᠠᠭᠤᠨ ᠣᠪᠣᠭᠲᠠᠨ ᠦᠢᠮᠡᠯᠳᠦᠮᠦᠢ ᠃ ᠦᠵᠡᠪᠡᠰᠦ ᠪᠠᠷᠠᠭᠤᠨ ᠬᠠᠭᠠᠯᠭ᠎ᠠ ᠶ᠋ᠢ ᠴᠠᠢᠲᠠᠯ᠎ᠠ ᠨᠡᠭᠡᠭᠡᠵᠦ ᠂ ᠮᠣᠩᠭᠣᠯ ᠤ᠋ᠨ ᠴᠡᠷᠢᠭ ᠣᠷᠣᠵᠤ ᠢᠷᠡᠭᠰᠡᠨ᠎ᠡ ᠂ ᠵᠡᠭᠦᠨ ᠬᠠᠭᠠᠯᠭ᠎ᠠ ᠶ᠋ᠢᠨ ᠴᠡᠷᠢᠭ ᠶᠠᠭᠠᠷᠠᠨ ᠪᠠᠰᠠ ᠪᠤᠬᠠᠷ ᠬᠣᠲᠠᠨ ᠳ᠋ᠤᠷ ᠡᠴᠢᠬᠦ ᠢᠷᠡᠬᠦ ᠬᠣᠶᠠᠷ ᠨᠦᠬᠡ ᠳ᠋ᠦ᠍ᠷ ᠭᠦᠶᠦᠯᠳᠦᠨ ᠣᠷᠣᠵᠤ ᠡᠴᠢᠭᠰᠡᠨ ᠳ᠋ᠦ᠍ᠷ ᠬᠠᠭᠠᠨ ᠤ᠋ ᠭᠡᠭᠡᠨ ᠪᠡᠶ᠎ᠡ ᠪᠡᠷ ᠪᠠᠢᠵᠤ ᠬᠣᠶᠠᠷ ᠨᠦᠬᠡ ᠶ᠋ᠢᠨ ᠠᠮᠠᠰᠠᠷ ᠢ᠋ ᠪᠡᠬᠢᠯᠡᠨ ᠰᠠᠬᠢᠭᠠᠳ ᠬᠣᠶᠠᠷ ᠬᠣᠲᠠ ᠶ᠋ᠢ ᠪᠦᠷᠢᠨ᠎ᠡ ᠠᠪᠤᠪᠠ ᠃ ᠭᠠᠭᠴᠠ ᠡᠨᠡ ᠬᠣᠷᠢᠨ ᠭᠠᠵᠠᠷ ᠤ᠋ᠨ ᠬᠣᠶᠠᠷ ᠵᠤᠷᠪᠤᠰ ᠨᠦᠬᠡ ᠳ᠋ᠦ᠍ᠷ ᠴᠥᠮ ᠰᠢ ᠢᠦᠢ ᠶ᠋ᠢᠨ ᠴᠡᠷᠢᠭ ᠳᠦᠭᠦᠷᠡᠩ ᠣᠷᠣᠭᠰᠠᠨ ᠳ᠋ᠤᠷ ᠣᠯᠠᠨ ᠵᠠᠩᠵᠤᠨ ᠨᠠᠷ ᠡᠳᠡᠭᠡᠷ ᠴᠡᠷᠢᠭ ᠢ᠋ ᠳᠠᠷᠤᠢ ᠡᠨᠡ ᠨᠦᠬᠡ ᠶ᠋ᠢᠨ ᠳᠣᠲᠣᠷ᠎ᠠ ᠴᠥᠮ ᠥᠯᠪᠡᠷᠭᠡᠵᠦ ᠠᠯᠠᠰᠤᠭᠠᠢ ᠬᠡᠮᠡᠬᠦᠢ ᠳ᠋ᠦ᠍ᠷ ᠬᠠᠭᠠᠨ ᠵᠠᠷᠯᠢᠭ ᠪᠣᠯᠤᠷᠤᠨ ᠄《ᠦᠯᠦ ᠪᠣᠯᠬᠤ᠂ ᠨᠢᠭᠡᠨ ᠳ᠋ᠦ᠍ᠷ ᠣᠯᠠᠨ ᠬᠥᠮᠦᠨ ᠢ᠋ ᠲᠡᠭᠦᠨ ᠦ᠌ ᠳᠣᠲᠣᠷ᠎ᠠ ᠥᠯᠪᠡᠷᠬᠡᠨ ᠠᠯᠠᠬᠤᠢ ᠳ᠋ᠤᠷ ᠭᠥᠷᠦᠭᠦᠯᠬᠦ ᠢᠨᠤ ᠪᠠᠢᠯᠳᠤᠵᠤ ᠲᠠᠢᠯᠵᠤ ᠠᠯᠠᠭᠰᠠᠨ ᠪᠤᠰᠤ ᠲᠤᠯᠠ ᠠᠰᠤᠷᠤ ᠬᠠᠷᠠᠲᠠᠢ ᠪᠣᠯᠤᠮᠤᠢ᠂ ᠬᠣᠶᠠᠷ ᠲᠤᠷ ᠲᠡᠳᠡ ᠪᠠᠰᠠ ᠬᠡᠳᠦᠢ ᠭᠠᠷ ᠬᠥᠳᠡᠯᠬᠦ ᠵᠡᠪᠰᠡᠭ ᠦᠭᠡᠢ ᠪᠣᠯᠪᠠᠴᠤ ᠴᠡᠷᠢᠭ ᠢᠯᠳᠦ ᠵᠢᠳᠠ ᠪᠠᠷ ᠨᠢᠮᠭᠡᠨ ᠭᠠᠵᠠᠷ ᠢ᠋ ᠦᠵᠡᠵᠦ ᠴᠣᠭᠣᠯᠤᠨ ᠭᠠᠷᠬᠤ ᠪᠣᠯᠠᠢ !》 ᠭᠡᠮᠡᠨ ᠨᠠᠢ᠍ᠮᠠᠨ ᠵᠠᠩᠵᠤᠨ ᠳ᠋ᠤᠷ ᠨᠠᠢ᠍ᠮᠠᠨ ᠮᠢᠩᠭᠠᠨ ᠴᠡᠷᠢᠭ ᠥᠭᠴᠦ ᠨᠦᠬᠡᠨ ᠠᠮᠠᠰᠠᠷ ᠢ᠋ ᠰᠠᠬᠢᠭᠤᠯᠵᠤ ᠨᠢᠭᠡᠨ ᠴᠡᠷᠢᠭ ᠭᠠᠷᠴᠤ ᠢᠷᠠᠪᠠᠰᠤ ᠨᠢᠭᠡᠨ ᠢ᠋ ᠪᠠᠷᠢᠵᠤ ᠬᠦᠯᠢᠭᠡᠳ ᠠᠪᠴᠤ ᠢᠷ᠎ᠡ ᠭᠡᠮᠡᠨ ᠵᠠᠷᠯᠢᠭ ᠪᠠᠭᠤᠯᠭᠠᠪᠠ᠂ ᠬᠣᠶᠠᠷ ᠡᠳᠦᠷ ᠪᠣᠯᠤᠭᠰᠠᠨ ᠦᠭᠡᠢ ᠰᠢ ᠢᠦᠢ ᠶ᠋ᠢᠨ ᠲᠠᠪᠤᠨ ᠲᠦᠮᠡᠨ ᠴᠡᠷᠢᠭ ᠢ᠋ ᠴᠥᠮ ᠪᠠᠷᠢᠵᠤ ᠠᠴᠢᠷᠠᠭᠰᠠᠨ ᠳ᠋ᠤᠷ ᠬᠠᠭᠠᠨ ᠲᠡᠷᠢᠭᠦᠯᠡᠭᠰᠡᠨ ᠬᠣᠶᠠᠷ ᠵᠠᠩᠵᠤᠨ ᠢ᠋ ᠠᠨᠤ ᠠᠬᠤᠭᠤᠯᠤᠨ᠂ ᠣᠯᠤᠭᠰᠠᠨ ᠴᠡᠷᠢᠭ ᠢ᠋ ᠭᠤᠴᠢᠨ ᠵᠢᠷᠭᠤᠭᠠᠨ ᠪᠠᠭ ᠪᠣᠯᠭᠠᠨ ᠳᠠᠷᠤᠭᠤᠯᠤᠨ ᠵᠠᠬᠢᠷᠤᠭᠤᠯᠪᠠ᠃ ᠡᠨᠡ ᠦᠶ᠎ᠡ ᠳ᠋ᠦ᠍ᠷ ᠬᠠᠭᠠᠨ ᠤ᠋ ᠶᠡᠬᠡ ᠲᠠᠢᠽᠢ ᠵᠣᠴᠢ ᠴᠢᠨ ᠸᠠᠩ᠂ ᠰᠢ ᠢᠦᠢ ᠶ᠋ᠢᠨ ᠸᠠᠩᠵᠢᠭᠠᠨ ᠂ ᠪᠠᠯᠠᠵᠠᠨ ᠬᠣᠶᠠᠷ ᠬᠣᠲᠠᠨ ᠢ᠋ ᠬᠠᠭᠠᠵᠤ ᠪᠠᠢᠯᠳᠤᠭᠠᠳ ᠬᠠᠭᠠᠰ ᠰᠠᠷ᠎ᠠ ᠪᠣᠯᠲᠠᠯ᠎ᠠ ᠠᠪᠲᠠᠬᠤ ᠦᠭᠡᠢ ᠪᠦᠬᠦᠢ ᠳ᠋ᠦ᠍ᠷ ᠬᠠᠭᠠᠨ ᠤ᠋ ᠴᠡᠷᠢᠭ ᠪᠤᠬᠠᠷ᠂ ᠰᠢᠨᠢᠰᠡᠭ᠎ᠠ ᠬᠣᠶᠠᠷ ᠬᠣᠲᠠᠨ ᠢ᠋ ᠠᠪᠴᠤ ᠬᠡᠳᠦᠨ ᠲᠦᠮᠡᠨ ᠰᠢ ᠢᠦᠢ ᠤᠯᠤᠰ ᠢ᠋ ᠣᠯᠪᠠ ᠭᠡᠮᠡᠨ ᠰᠣᠨᠣᠰᠴᠤ ᠶᠠᠭᠠᠷᠠᠨ ᠰᠥᠨᠢ ᠬᠠᠭᠠᠨ ᠤ᠋ ᠳᠡᠷᠭᠡᠳᠡ ᠢᠷᠡᠵᠦ ᠨᠢᠭᠡᠨ ᠮᠢᠩᠭᠠᠨ ᠰᠢ ᠢᠦᠢ ᠤᠯᠤᠰ ᠤ᠋ᠨ ᠡᠮ᠎ᠡ ᠦᠷᠡᠲᠦ ᠴᠡᠷᠢᠭ ᠢ᠋ ᠰᠣᠩᠭᠣᠨ ᠠᠪᠴᠤ ᠢᠷᠡᠭᠡᠳ ᠥᠭᠦᠯᠡᠷᠦᠨ ᠄《ᠲᠠᠨ ᠤ᠋ ᠡᠮ᠎ᠡ ᠦᠷ᠎ᠡ ᠤᠷᠤᠭ ᠰᠠᠳᠤᠨ ᠴᠥᠮ ᠪᠤᠬᠠᠷ ᠬᠣᠲᠠ ᠰᠢᠨᠢᠰᠡᠭ᠎ᠠ ᠬᠣᠶᠠᠷ ᠬᠣᠲᠠᠨ ᠳ᠋ᠤᠷ ᠪᠣᠢ᠂ ᠲᠠ ᠬᠡᠷᠪᠡ ᠮᠢᠨᠦ ᠠᠷᠭ᠎ᠠ ᠪᠠᠷ ᠶᠠᠪᠤᠵᠤ ᠡᠨᠡ ᠬᠣᠶᠠᠷ ᠬᠣᠲᠠ ᠶ᠋ᠢᠨ ᠬᠠᠭᠠᠯᠭ᠎ᠠ ᠶ᠋ᠢ ᠪᠤᠯᠢᠶᠠᠨ ᠠᠪᠴᠤ ᠨᠡᠭᠡᠭᠡᠵᠦ ᠮᠠᠨ ᠤ᠋ ᠴᠡᠷᠢᠭ ᠢ᠋ ᠣᠷᠣᠭᠤᠯᠪᠠᠰᠤ ᠲᠠᠨ ᠤ᠋ ᠨᠢᠭᠡᠨ ᠠᠮᠠ ᠶ᠋ᠢ ᠠᠯᠠᠬᠤ ᠦᠭᠡᠢ ᠪᠡᠷ ᠬᠦᠨᠳᠦᠳᠡ ᠱᠠᠩᠨᠠᠰᠤᠭᠠᠢ ᠂ ᠬᠡᠷᠪᠡ ᠬᠡᠷᠡᠭ ᠡᠰᠡ ᠪᠦᠲᠦᠪᠡᠰᠦ ᠲᠠᠨ ᠤ᠋ ᠨᠢᠭᠡᠨ ᠮᠢᠩᠭᠠᠨ ᠬᠥᠮᠦᠨ ᠦ᠌ ᠡᠮ᠎ᠡ ᠦᠷ᠎ᠡ ᠶ᠋ᠢ ᠴᠥᠮ ᠪᠠᠢᠴᠠᠭᠠᠨ ᠭᠠᠷᠭᠠᠵᠤ ᠦᠯᠡᠳᠡᠭᠡᠯ ᠦᠭᠡᠢ ᠠᠯᠠᠮᠤᠢ!》 ᠬᠡᠮᠡᠭᠰᠡᠨ ᠳ᠋ᠦ᠍ᠷ ᠰᠢ ᠢᠦᠢ ᠶ᠋ᠢᠨ ᠮᠢᠩᠭᠠᠨ ᠬᠥᠮᠦᠨ ᠳᠤᠷᠠᠲᠠᠶ᠎ᠠ ᠬᠦᠯᠢᠶᠡᠨ᠂ ᠲᠠᠪᠤ ᠲᠠᠪᠤᠨ ᠵᠠᠭᠤ ᠪᠠᠷ ᠬᠣᠶᠠᠷ ᠠᠩᠭᠢ ᠬᠤᠪᠢᠶᠠᠨ᠂ ᠵᠠᠪᠰᠠᠷ ᠲᠤᠷ ᠮᠣᠩᠭᠣᠯ ᠤ᠋ᠨ ᠴᠡᠷᠢᠭ ᠢ᠋ ᠲᠠᠪᠤ ᠲᠠᠪᠤᠨ ᠵᠠᠭᠤ ᠪᠠᠷ ᠬᠣᠯᠢᠯᠴᠠᠨ ᠳᠠᠭᠠᠭᠤᠯᠵᠤ ᠰᠥᠨᠢ ᠳᠦᠯᠢ ᠪᠡᠷ ᠬᠣᠶᠠᠷ ᠬᠣᠲᠠ ᠳ᠋ᠤᠷ ᠬᠠᠮᠲᠤ ᠪᠠᠷ ᠲᠡᠰᠬᠡᠨ ᠢᠯᠡᠭᠡᠵᠦ᠂ ᠪᠤᠬᠠᠷ᠂ ᠰᠢᠨᠢᠰᠡᠭ᠎ᠠ ᠬᠣᠶᠠᠷ ᠬᠣᠲᠠ ᠠᠪᠲᠠᠵᠤ ᠳᠤᠲᠠᠭᠠᠭᠰᠠᠨ ᠴᠡᠷᠢᠭ ᠰᠢᠷᠭᠤᠷ᠎ᠠ ᠢᠷᠡᠪᠡ ᠭᠡᠮᠡᠨ ᠸᠠᠩᠵᠢᠭᠠᠨ᠂ ᠪᠡᠯᠠᠵᠠᠨ ᠬᠣᠶᠠᠷ ᠬᠣᠲᠠ ᠶ᠋ᠢᠨ ᠳᠣᠣᠷ᠎ᠠ ᠢᠷᠡᠭᠰᠡᠨ ᠳ᠋ᠦ᠍ᠷ ᠬᠣᠶᠠᠷ ᠬᠣᠲᠠ ᠶ᠋ᠢᠨ ᠬᠠᠭᠠᠯᠭ᠎ᠠ ᠰᠠᠬᠢᠭᠰᠠᠨ ᠠᠷᠠᠳ ᠵᠤᠯᠠ ᠪᠠᠭᠤᠯᠭᠠᠨ ᠴᠢᠷᠠᠢ ᠵᠢᠰᠦ ᠶ᠋ᠢ ᠲᠠᠨᠢᠵᠤ ᠦᠵᠡᠪᠡᠰᠦ ᠴᠥᠮ ᠥᠪᠡᠷ ᠦ᠋ᠨ ᠤᠯᠤᠰ ᠤ᠋ᠨ ᠴᠡᠷᠢᠭ ᠮᠥᠨ ᠲᠤᠯᠠ ᠳᠠᠷᠤᠢ ᠬᠠᠭᠠᠯᠭ᠎ᠠ ᠨᠡᠭᠡᠭᠡᠵᠦ ᠣᠷᠣᠭᠤᠯᠬᠤᠢ ᠳ᠋ᠤᠷ ᠮᠣᠩᠭᠣᠯ ᠤ᠋ᠨ ᠴᠡᠷᠢᠭ ᠬᠠᠮᠲᠤ ᠬᠣᠯᠢᠨ ᠣᠷᠣᠵᠤ ᠡᠴᠢᠭᠡᠳ ᠨᠢᠭᠡᠨᠲᠡ ᠬᠠᠰᠬᠢᠷᠤᠨ ᠬᠠᠭᠠᠯᠭ᠎ᠠ ᠰᠠᠬᠢᠭᠰᠠᠨ ᠴᠡᠷᠢᠭ ᠢ᠋ ᠠᠯᠠᠨ ᠰᠠᠷᠨᠢᠭᠤᠯᠵᠤ᠂ ᠶᠡᠬᠡ ᠴᠡᠷᠢᠭ ᠢ᠋ ᠲᠠᠯᠪᠢᠨ ᠣᠷᠣᠭᠤᠯᠪᠠ᠃ ᠨᠢᠭᠡᠨ ᠰᠥᠨᠢ ᠳ᠋ᠦ᠍ᠷ ᠸᠠᠩᠵᠢᠭᠠᠨ᠂ ᠪᠡᠯᠠᠵᠠᠨ ᠬᠣᠶᠠᠷ ᠬᠣᠲᠠᠨ ᠢ᠋ ᠬᠠᠮᠲᠤ ᠪᠠᠷ ᠠᠪᠴᠤ ᠬᠠᠷᠠᠩᠭᠤᠢ ᠰᠥᠨᠢ ᠲᠤᠯᠠ ᠠᠯᠠᠭᠰᠠᠨ ᠮᠠᠰᠢ ᠣᠯᠠᠨ᠃ ᠵᠢᠴᠢ ᠥᠷᠯᠥᠭᠡ ᠰᠠᠶᠢ ᠴᠡᠷᠢᠭ ᠢ᠋ ᠬᠣᠷᠢᠶᠠᠨ ᠴᠡᠷᠢᠭ ᠢᠷᠭᠡᠨ ᠢ᠋ ᠪᠠᠢᠴᠠᠭᠠᠨ᠂ ᠰᠠᠩ ᠬᠥᠮᠥᠷᠭᠡ ᠶ᠋ᠢ ᠪᠠᠭᠴᠠᠯᠠᠨ ᠲᠡᠷᠢᠭᠦᠯᠡᠭᠰᠡᠨ ᠬᠥᠮᠦᠰ ᠢ᠋ ᠡᠷᠢᠪᠡᠰᠦ ᠴᠥᠮ ᠰᠠᠮᠠᠭᠤᠨ ᠴᠡᠷᠢᠭ ᠲᠦ᠍ᠷ ᠦᠬᠦᠭᠡᠳ ᠦᠬᠦᠳᠡᠯ ᠢ᠋ ᠭᠠᠵᠠᠷ ᠤ᠋ᠨ ᠬᠥᠮᠦᠨ ᠢ᠋ᠶ᠋ᠡᠷ ᠡᠷᠢᠭᠦᠯᠦᠨ ᠠᠴᠢᠷᠠᠵᠤ ᠵᠣᠴᠢ ᠦᠵᠡᠭᠡᠳ ᠦᠨᠡᠨ ᠬᠤᠳᠠᠯ ᠢ᠋ ᠢᠲᠡᠭᠡᠬᠦ ᠦᠭᠡᠢ᠂ ᠬᠡᠳᠦᠢ ᠬᠤᠶᠠᠭ ᠳᠤᠭᠤᠯᠠᠭ᠎ᠠ ᠳᠡᠪᠡᠯ ᠬᠤᠪᠴᠠᠰᠤ ᠪᠤᠰᠤᠳ ᠠ᠋ᠴᠠ ᠪᠠᠬᠠᠨ ᠢᠯᠭᠠᠪᠤᠷᠢ ᠲᠠᠢ ᠪᠣᠯᠪᠠᠴᠤ ᠪᠡᠶ᠎ᠡ ᠳ᠋ᠦ᠍ᠷ ᠲᠡᠮᠳᠡᠭ ᠦᠭᠡᠢ᠂ ᠤᠷᠢᠳᠤ ᠡᠳᠦᠷ ᠪᠠᠰᠠ ᠬᠣᠲᠠ ᠨᠡᠭᠡᠭᠡᠨ ᠭᠠᠷᠴᠤ ᠴᠢᠷᠠᠢ ᠤᠴᠠᠷᠠᠭᠰᠠᠨ ᠭᠠᠵᠠᠷ ᠦᠭᠡᠢ ᠲᠤᠯᠠ ᠲᠡᠭᠦᠨ ᠦ᠌ ᠡᠮ᠎ᠡ ᠦᠷ᠎ᠡ ᠶ᠋ᠢ ᠢᠨᠦ ᠪᠠᠢᠴᠠᠭᠠᠨ ᠭᠠᠷᠭᠠᠵᠤ ᠲᠠᠨᠢᠭᠤᠯᠪᠠᠰᠤ ᠴᠥᠮ ᠮᠥᠨ ᠬᠡᠮᠡᠬᠦ ᠲᠤᠯᠠ ᠲᠣᠯᠣᠭᠠᠢ ᠶ᠋ᠢ ᠣᠭᠲᠣᠯᠵᠤ᠂ ᠬᠠᠭᠠᠨ ᠤ᠋ ᠳᠡᠷᠭᠡᠳᠡ ᠠᠴᠢᠷᠠᠵᠤ ᠡᠷᠭᠦᠪᠡ ᠃ ᠬᠠᠭᠠᠨ ᠱᠠᠩ ᠥᠭᠴᠦ ᠵᠤᠨ ᠤ᠋ ᠲᠡᠷᠢᠭᠦᠨ ᠰᠠᠷ᠎ᠠ ᠣᠷᠣᠵᠤ ᠴᠠᠭ ᠬᠠᠯᠠᠭᠤᠨ ᠪᠣᠯᠤᠭᠰᠠᠨ ᠲᠤᠯᠠ ᠶᠡᠬᠡ ᠴᠡᠷᠢᠭ ᠢ᠋ ᠲᠦᠷ ᠵᠣᠭᠰᠣᠭᠠᠨ ᠲᠢᠶᠠᠨ ᠮᠧᠨ ᠭᠤᠸᠠᠨ ᠪᠣᠭᠣᠮᠲᠠ ① ᠳ᠋ᠤᠷ ᠪᠠᠭᠤᠳᠠᠯᠯᠠᠪᠠ ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠳ᠋ᠦᠩ ᠯᠢᠦᠢ ᠬᠦᠩ ᠂ ᠶᠠᠨ ᠨᠢᠩ ᠦ᠋ᠨ ᠴᠡᠷᠢᠭ ᠳᠠᠷᠤᠭᠳᠠᠵᠤ ᠪᠡᠶ᠎ᠡ ᠦᠬᠦᠭᠰᠡᠨ ᠳ᠋ᠦ᠍ᠷ ᠠᠯᠲᠠᠨ ᠤᠯᠤᠰ ᠤ᠋ᠨ ᠵᠠᠭᠤᠨ ᠲᠦᠰᠢᠮᠡᠳ ᠶᠡᠬᠡᠯ᠎ᠡ ᠠᠶᠤᠯᠳᠤᠵᠤ᠂ ᠬᠠᠭᠠᠨ ᠳ᠋ᠤᠷ ᠠᠢᠯᠠᠳᠬᠠᠨ ᠮᠣᠩᠭᠣᠯ ᠯᠤᠭ᠎ᠠ ᠡᠶᠡᠳᠡᠬᠦ ᠶ᠋ᠢ ᠬᠡᠯᠡᠯᠴᠡᠭᠦᠯᠰᠦᠭᠡᠢ ᠬᠡᠮᠡᠭᠰᠡᠨ᠎ᠡ ᠂ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ ᠠᠷᠭ᠎ᠠ ᠦᠭᠡᠢ ᠡᠷᠬᠢᠯᠡᠭᠰᠡᠨ ᠰᠠᠢᠳ ᠶᠣᠨᠳᠤᠨ ᠳ᠋ᠤᠷ ᠬᠦᠨᠳᠦ ᠪᠡᠯᠡᠭ ᠬᠡᠳᠦᠨ ᠵᠠᠭᠤᠨ ᠲᠡᠷᠭᠡ ᠥᠭᠴᠦ ᠮᠣᠩᠭᠣᠯ ᠤ᠋ᠨ ᠲᠠᠢᠽᠦ ᠬᠠᠭᠠᠨ ᠢ᠋ ᠰᠢᠭᠤᠳ ᠬᠠᠭᠠᠨ ᠠᠬ᠎ᠠ ᠭᠡᠮᠡᠨ ᠡᠷᠭᠦᠵᠦ ᠪᠢᠴᠢᠭᠡᠳ ᠡᠶᠡᠳᠡᠬᠦ ᠶ᠋ᠢ ᠭᠤᠶᠤᠯᠭᠠᠷ᠎ᠠ ᠵᠠᠷᠤᠭᠰᠠᠨ ᠳ᠋ᠤᠷ ᠠᠯᠲᠠᠨ ᠤᠯᠤᠰ ᠤ᠋ᠨ ᠡᠯᠴᠢ ᠮᠣᠩᠭᠣᠯ ᠤ᠋ᠨ ᠬᠢᠵᠠᠭᠠᠷ ᠤ᠋ᠨ ᠵᠠᠩᠵᠤᠨ ᠳ᠋ᠤᠷ ᠬᠡᠯᠡᠵᠦ ᠳ᠋ᠠᠢᠳᠦ᠋ ᠳ᠋ᠦ᠍ᠷ ᠢᠷᠡᠭᠡᠳ ᠳ᠋ᠠᠢᠳᠦ᠋ ᠡᠴᠡ ᠪᠤᠰᠤ ᠲᠦᠰᠢᠮᠡᠯ ᠬᠠᠪᠰᠤᠷᠤᠭᠤᠯᠤᠨ᠂ ᠬᠠᠭᠠᠨ ᠤ᠋ ᠬᠣᠢᠨ᠎ᠠ ᠠ᠋ᠴᠠ ᠲᠢᠶᠠᠨ ᠮᠧᠨ ᠭᠤᠸᠠᠨ ᠪᠣᠭᠣᠮᠲᠠ ᠳ᠋ᠤᠷ ᠬᠦᠷᠴᠦ ᠤᠴᠢᠷ ᠢ᠋ ᠭᠠᠷᠭᠠᠨ ᠠᠢᠯᠠᠳᠬᠠᠭᠰᠠᠨ ᠳ᠋ᠤᠷ ᠴᠢᠩᠭᠢᠰ ᠬᠠᠭᠠᠨ ᠪᠠᠷᠠᠳᠠᠭᠤᠯ ᠬᠡᠮᠡᠭᠰᠡᠨ᠎ᠡ ᠂ ᠰᠠᠢᠬᠠᠨ ᠰᠤᠷᠲᠠᠯᠲᠤ ᠠᠯᠲᠠᠨ ᠤᠯᠤᠰ ᠤ᠋ᠨ ᠶᠣᠨᠳᠣᠨ ᠢ᠋ ᠤᠳᠤᠷᠢᠳᠤᠨ ᠬᠠᠭᠠᠨ ᠳ᠋ᠤᠷ ᠪᠠᠷᠠᠳᠠᠭᠤᠯᠤᠨ ᠮᠥᠷᠭᠥᠭᠦᠯᠦᠭᠰᠡᠨ ᠳ᠋ᠦ᠍ᠷ ᠬᠠᠭᠠᠨ ᠪᠢᠴᠢᠭ ᠢ᠋ ᠢᠨᠤ ᠦᠵᠡᠵᠦ ᠬᠠᠷᠢᠭᠤ ᠵᠠᠷᠯᠢᠭ ᠪᠣᠯᠤᠷᠤᠨ᠄ 《ᠲᠠᠨ ᠤ᠋ ᠡᠨᠡ ᠬᠢᠲᠠᠳ ᠶᠠᠭᠤᠲᠠᠢ ᠮᠠᠲᠠᠯ ᠦᠭᠡᠢ ᠪᠡᠷᠬᠡᠲᠡᠢ ᠪᠣᠢ ! ᠪᠢ ᠤᠭ ᠠ᠋ᠴᠠ ᠲᠠᠨ ᠤ᠋ ᠡᠵᠡᠨ ᠢ᠋ ᠣᠨᠴᠠ ᠦᠷ᠎ᠡ ᠶ᠋ᠢ ᠢᠨᠤ ᠲᠠᠰᠤᠯᠤᠨ ᠠᠷᠢᠯᠭᠠᠰᠤᠭᠠᠢ ᠬᠡᠮᠡᠪᠡᠰᠦ ᠂ ᠪᠢ ᠶᠠᠭᠤᠨ ᠳ᠋ᠤᠷ ᠡᠳᠡᠭᠡᠷ ᠴᠡᠷᠢᠭ ᠢ᠋ᠶ᠋ᠡᠨ ᠠᠪᠴᠤ ᠡᠢᠮᠦ ᠬᠣᠯᠠ ᠡᠲᠡᠭᠡᠳ ᠬᠡᠯᠡᠲᠡᠨ ᠰᠢ ᠢᠦᠢ ᠤᠯᠤᠰ ᠢ᠋ ᠳᠠᠢᠯᠠᠷ᠎ᠠ ᠢᠷᠡᠬᠦ ᠪᠣᠢ ! ᠰᠥᠩ ᠠᠯᠲᠠᠨ ᠬᠣᠶᠠᠷ ᠤᠯᠤᠰ ᠢ᠋ ᠪᠢ ᠡᠭᠡᠨᠡᠭᠲᠡ ᠮᠢᠨᠦ ᠤᠯᠤᠰ ᠠ᠋ᠴᠠ ᠬᠠᠭᠤᠴᠢᠨ ᠤᠯᠤᠰ ᠭᠡᠮᠡᠨ ᠪᠦᠦ ᠰᠥᠨᠥᠭᠡᠰᠦᠭᠡᠢ ᠬᠡᠮᠡᠭᠰᠡᠨ ᠦᠭᠡ ᠮᠢᠨᠦ ᠬᠡᠳᠦᠢᠨᠡᠢ ᠡᠴᠡ ᠪᠠᠢᠭᠰᠠᠭᠠᠷ ᠦᠭᠡᠢ ᠤᠤ ?  ᠪᠢ ᠣᠨᠴᠠ ᠲᠠᠨ ᠤ᠋ ᠤᠯᠤᠰ ᠢ᠋ ᠦᠨᠳᠦᠰᠦ ᠦᠭᠡᠢ ᠤᠬᠢᠶᠠᠨ ᠲᠠᠰᠤᠯᠰᠤᠭᠠᠢ ᠬᠡᠮᠡᠪᠡᠰᠦ ᠪᠢ ᠡᠳᠦᠢᠴᠢᠨᠡᠭᠡᠨ ᠴᠡᠷᠢᠭ ᠢ᠋ᠶ᠋ᠡᠷ ᠡᠢᠮᠦ ᠬᠣᠯᠠ ᠡᠨᠡ ᠬᠠᠯᠠᠭᠤᠨ ᠭᠠᠵᠠᠷ ᠢᠷᠡᠬᠦ ᠡᠴᠡ ᠲᠠᠨ ᠤ᠋ ᠪᠢᠶᠠᠨ ᠵᠢᠩ ᠢ᠋ ᠬᠠᠭᠠᠵᠤ ᠪᠠᠢᠯᠳᠤᠨ ᠴᠢᠳᠠᠬᠤ ᠦᠭᠡᠢ ᠤᠤ ? ᠲᠡᠢᠨ ᠬᠦ᠌ ᠲᠠᠨ ᠢ᠋ ᠾᠧ ᠨᠠᠨ ᠸᠠᠩ ᠪᠣᠯᠭᠠᠰᠤᠭᠠᠢ ᠭᠡᠮᠡᠨ ᠳᠠᠬᠢᠨ ᠳᠠᠪᠲᠠᠨ ᠰᠤᠷᠭᠠᠪᠠᠰᠤ ᠲᠠ ᠪᠠᠰᠠ ᠬᠦ᠌ ᠴᠡᠷᠢᠭᠯᠡᠨ ᠳᠠᠭᠠᠬᠤ ᠦᠭᠡᠢ ᠪᠠᠢᠭᠰᠠᠭᠠᠷ ᠮᠢᠨᠦ ᠭᠦᠸᠧ ᠸᠠᠩ ᠮᠤᠬᠤᠯᠢ ᠭᠠᠵᠠᠷ ᠢ᠋ ᠴᠢᠨᠦ ᠠᠪᠴᠤ ᠪᠠᠷᠠᠬᠤ ᠰᠢᠬᠠᠪᠠ ᠃ ᠪᠢ ᠦᠵᠡᠪᠡᠰᠦ ᠲᠠᠨ ᠤ᠋ ᠡᠳᠡᠭᠡᠷ ᠬᠢᠲᠠᠳ ᠮᠠᠰᠢ ᠦᠨᠡᠨᠴᠢ ᠦᠭᠡᠢ ᠬᠣᠯᠴᠠᠷᠭᠠᠨ ᠪᠠᠢᠨᠠᠮ ! ᠡᠳᠦᠭᠡ ᠪᠢ ᠲᠠᠨ ᠤ᠋ ᠡᠵᠡᠨ ᠢ᠋ ᠳᠡᠭᠦᠦ ᠪᠣᠯᠭᠠᠨ ᠬᠦᠯᠢᠶᠡᠨ ᠠᠪᠰᠤᠭᠠᠢ ᠬᠡᠮᠡᠬᠦᠯ᠎ᠡ ᠂ ᠲᠠᠨ ᠤ᠋ ᠡᠨᠡ ᠬᠤᠯᠴᠠᠷᠭᠠᠨ ᠢ᠋ᠶ᠋ᠠᠷ  ᠬᠣᠢᠴᠢ ᠡᠳᠦᠷ ᠯᠠᠪ ᠪᠠᠰᠠ ᠬᠤᠪᠢᠯᠵᠤ ᠤᠷᠪᠠᠮᠤᠢ᠃ ᠪᠢ ᠡᠳᠦᠭᠡ ᠬᠥᠪᠡᠭᠦᠨ ᠪᠠ ᠲᠦᠰᠢᠮᠡᠳ ᠢ᠋ ᠦᠵᠡᠬᠦᠯ᠎ᠡ ᠮᠢᠨᠦ ᠪᠡᠶ᠎ᠡ ᠡᠴᠡ ᠬᠣᠵᠢᠮ ᠲᠠᠨ ᠤ᠋ ᠤᠯᠤᠰ ᠢ᠋ ᠴᠦ᠍ ᠪᠠᠢᠲᠤᠭᠠᠢ᠂ ᠬᠡᠳᠦᠢ ᠰᠥᠩ ᠤᠯᠤᠰ ᠢ᠋ ᠴᠦ᠍ ᠮᠥᠨ ᠵᠦᠭᠡᠷ ᠦᠯᠦ ᠲᠠᠯᠪᠢᠮᠤᠢ ᠃ ᠡᠨᠡ ᠦᠶ᠎ᠡ ᠳ᠋ᠦ᠍ᠷ ᠭᠠᠭᠴᠠ ᠮᠢᠨᠦ ᠨᠢᠭᠡᠨ ᠬᠥᠮᠦᠨ ᠳ᠋ᠦ᠍ᠷ ᠮᠤᠰᠬᠢᠭᠳᠠᠨ ᠪᠠᠢᠮᠤᠢ᠃ ᠲᠠ ᠲᠡᠷᠡ ᠦᠶ᠎ᠡ ᠳ᠋ᠦ᠍ᠷ ᠯᠠᠪ ᠨᠠᠮᠠᠶ᠋ᠢ ᠮᠥᠷᠥᠭᠡᠳᠬᠦ ᠴᠠᠭ ᠪᠣᠢ! ᠲᠡᠭᠦᠨᠴᠡ ᠡᠨᠡ ᠦᠶ᠎ᠡ ᠳ᠋ᠦ᠍ᠷ ᠮᠢᠨᠦ ᠤᠷᠢᠳᠤ ᠵᠠᠷᠯᠢᠭ ᠢ᠋ ᠳᠠᠭᠠᠵᠤ ᠾᠧ ᠪᠧᠢ᠂ ᠾᠧ ᠨᠠᠨ ᠢ᠋ᠶ᠋ᠠᠷ ᠬᠤᠪᠢᠶᠠᠵᠤ᠂ ᠰᠥᠩ ᠤᠯᠤᠰ ᠠᠯᠲᠠᠨ ᠤᠯᠤᠰ᠂ ᠮᠠᠨ ᠤ᠋ ᠮᠣᠩᠭᠣᠯ ᠭᠤᠷᠪᠠᠭᠤᠯᠠ ᠳᠡᠯᠡᠬᠡᠢ ᠳ᠋ᠠᠬᠢᠨ ᠢ᠋ ᠠᠳᠠᠯᠢ ᠪᠠᠷ ᠡᠵᠡᠯᠡᠵᠦ ᠴᠡᠷᠢᠭ ᠲᠡᠢᠨ ᠦᠭᠡᠢ ᠰᠠᠭᠤᠪᠠᠰᠤ ᠪᠣᠯᠬᠤ ᠪᠣᠯᠠᠢ᠃ ᠡᠢᠨ ᠪᠣᠯᠪᠠᠰᠤ ᠪᠢ ᠬᠡᠦᠬᠡᠳ ᠠᠴᠢᠷ ᠪᠠ ᠰᠠᠢᠳ ᠲᠦᠰᠢᠮᠡᠳ ᠲᠣᠷ ᠢ᠋ᠶ᠋ᠠᠨ ᠴᠢᠩᠳᠠ ᠴᠠᠭᠠᠵᠠᠯᠠᠵᠤ᠂ ᠨᠠᠳᠠ ᠠ᠋ᠴᠠ ᠬᠣᠵᠢᠮ ᠲᠠᠨ ᠢ᠋ ᠠᠷᠢᠯᠭᠠᠬᠤ ᠶ᠋ᠢ ᠨᠢᠭᠡᠮᠦᠰᠦᠨ ᠭᠡᠷᠢᠶᠡᠰᠦᠯᠡᠨ ᠲᠠᠯᠪᠢᠵᠤ᠂ ᠲᠠᠨ ᠳ᠋ᠤ᠌ ᠮᠢᠨᠦ ᠭᠡᠷᠡᠴᠢ ᠪᠢᠴᠢᠭ ᠢ᠋ ᠥᠭᠭᠦᠪᠡᠰᠦ ᠬᠣᠢᠴᠢ ᠡᠳᠦᠷ ᠮᠢᠨᠦ ᠬᠡᠦᠬᠡᠳ ᠠᠴᠢᠷ ᠲᠠᠨ ᠢ᠋ ᠡᠷᠢᠨ ᠬᠠᠯᠳᠠᠪᠠᠰᠤ ᠳᠠᠷᠤᠢ ᠮᠢᠨᠦ ᠭᠠᠷ ᠤ᠋ᠨ ᠪᠢᠴᠢᠭ ᠢ᠋ ᠭᠠᠷᠭᠠᠵᠤ ᠲᠡᠳᠡᠨ ᠢ᠋ ᠮᠣᠬᠣᠭᠠᠬᠤ ᠦᠭᠡᠢ ᠤᠤ ? ᠡᠨᠡ ᠢᠨᠤ ᠠᠮᠤᠷ ᠢ᠋ ᠣᠯᠬᠤ ᠳᠡᠭᠡᠳᠦ ᠠᠷᠭ᠎ᠠ ᠪᠥᠭᠡᠲᠡᠯ᠎ᠡ ᠲᠠ ᠳᠠᠬᠢᠨ ᠳᠠᠪᠲᠠᠨ ᠢᠷᠡᠵᠦ ᠂ ᠪᠢ ᠳᠠᠬᠢᠨ ᠳᠠᠪᠲᠠᠨ ᠰᠤᠷᠭᠠᠪᠠᠴᠤ ᠲᠠᠨ ᠦᠯᠦ ᠪᠣᠯᠬᠤ ᠪᠥᠭᠡᠳ ᠡᠳᠦᠭᠡ ᠪᠠᠰᠠ ᠬᠡᠷᠡᠭ ᠦᠭᠡᠢ ᠠᠯᠲᠠᠨ ᠰᠤᠪᠤᠳ ᠮᠠᠩᠨᠤᠭ ᠲᠣᠷᠭ᠎ᠠ ᠶ᠋ᠢ ᠬᠡᠳᠦᠢᠴᠢᠨᠡᠭᠡᠨ ᠲᠡᠭᠡᠭᠡᠵᠦ ᠠᠴᠢᠷᠠᠨ ᠬᠡᠨ ᠢ᠋ ᠮᠡᠬᠡᠯᠡᠮᠦᠢ ?  ᠨᠠᠳᠠ ᠳ᠋ᠤᠷ ᠳᠡᠯᠡᠬᠡᠢ ᠳ᠋ᠠᠬᠢᠨ ᠭᠠᠵᠠᠷ ᠣᠷᠣᠨ᠂ ᠤᠯᠤᠰ ᠢᠷᠭᠡᠨ ᠵᠠᠭᠤᠨ ᠣᠪᠣᠭᠲᠠᠨ ᠬᠡᠷᠡᠭᠲᠡᠢ ᠪᠣᠢ ‍ᠶ᠎ᠠ ! ᠲᠡᠳᠡᠭᠡᠷ ᠡᠮᠦᠰᠬᠦ ᠪᠦᠷᠢᠯᠭᠡᠬᠦ ᠨᠠᠷᠢᠨ ᠵᠥᠭᠡᠯᠡᠨ ᠶᠠᠭᠤᠮ᠎ᠠ ᠣᠭᠲᠣ ᠬᠡᠷᠡᠭ ᠦᠭᠡᠢ᠂ ᠲᠠᠨ ᠤ᠋ ᠤᠯᠤᠰ ᠤ᠋ᠨ ᠴᠡᠷᠢᠭ ᠢᠨᠦ ᠵᠥᠭᠡᠯᠡᠨ ᠪᠠᠭᠤᠷᠠᠢ ᠂ ᠵᠠᠩᠵᠤᠨ ᠠᠨᠤ ᠴᠡᠷᠢᠭ ᠢ᠋ ᠵᠠᠬᠢᠷᠴᠤ ᠴᠢᠳᠠᠬᠤ ᠦᠭᠡᠢ ᠪᠣᠯᠵᠤ ᠂ ᠮᠠᠨ ᠤ᠋ ᠮᠣᠩᠭᠣᠯ ᠤ᠋ᠨ ᠡᠰᠡᠷᠭᠦ ᠬᠠᠯᠳᠠᠨ ᠴᠢᠳᠠᠬᠤ ᠦᠭᠡᠢ ᠪᠣᠯᠤᠭᠰᠠᠨ ᠠᠨᠤ ᠴᠥᠮ ᠲᠡᠳᠡᠭᠡᠷ ᠨᠠᠷᠢᠨ ᠵᠥᠭᠡᠯᠡᠨ ᠢ᠋ ᠡᠷᠬᠢᠯᠡᠨ ᠠᠮᠤᠷ ᠵᠢᠷᠭᠠᠯ ᠳ᠋ᠤᠷ ᠰᠢᠨᠤᠭᠰᠠᠨ ᠠ᠋ᠴᠠ ᠰᠠᠶᠢ ᠡᠨᠡ ᠬᠢᠷᠢ ᠲᠡᠢ ᠪᠣᠯᠤᠭᠰᠠᠨ ᠢ᠋ ᠪᠢ ᠨᠢᠳᠦ ᠪᠡᠷ ᠦᠵᠡᠭᠰᠡᠨ ᠪᠥᠭᠡᠳ ᠲᠡᠭᠦᠨ ᠳ᠋ᠦ᠍ᠷ ᠰᠢᠨᠤᠬᠠᠢᠷᠠᠬᠤ ᠶᠣᠰᠣ ᠪᠣᠢ ᠤᠤ ? ᠪᠢ ᠥᠪᠡᠷ ᠦ᠋ᠨ ᠲᠥᠷᠥᠭᠰᠡᠨ ᠠᠬ᠎ᠠ ᠳᠡᠭᠦᠦ ᠳ᠋ᠦ᠍ᠷ ᠢ᠋ᠶ᠋ᠡᠨ ᠪᠣᠯᠪᠠᠴᠤ ᠬᠠᠮᠢᠭ᠎ᠠ ᠠ᠋ᠴᠠ ᠲᠥᠷᠥᠭᠰᠡᠨ ᠦ᠌ ᠢᠨᠠᠭ ᠣᠢᠷ᠎ᠠ ᠶ᠋ᠢᠨ ᠶᠠᠪᠤᠳᠠᠯ ᠳ᠋ᠤᠷ ᠬᠠᠷᠰᠢᠭᠤᠵᠠᠢ ᠭᠡᠮᠡᠨ ᠡᠳᠦᠷ ᠳᠤᠮᠳᠠ ᠬᠢᠴᠢᠶᠡᠨ ᠪᠣᠳᠣᠵᠤ ᠬᠦᠴᠦᠷᠭᠦ ᠦᠭᠡᠢ ᠳ᠋ᠦ᠍ᠷ ᠭᠠᠳᠠᠭᠠᠳᠤ ᠤᠯᠤᠰ ᠤ᠋ᠨ ᠲᠠᠨ ᠤ᠋ ᠡᠵᠡᠨ ᠢ᠋ ᠳᠡᠭᠦᠦ ᠶᠦ᠍ᠭᠡᠨ ᠪᠣᠯᠭᠠᠭᠠᠳ ᠬᠣᠢᠲᠤ ᠡᠳᠦᠷ ᠮᠢᠨᠦ ᠬᠡᠦᠬᠡᠳ ᠠᠴᠢᠷ ᠲᠠᠨ ᠢ᠋ ᠳᠠᠢᠯᠠᠨ ᠡᠷᠢᠪᠡᠰᠦ ᠮᠢᠨᠦ ᠦᠭᠡ ᠬᠣᠭᠣᠰᠣᠨ ᠪᠣᠯᠬᠤ ᠦᠭᠡᠢ ᠤᠤ ? ᠲᠡᠢᠨ ᠬᠦ᠌ ᠳᠠᠭᠠᠰᠤᠭᠠᠢ ᠬᠡᠮᠡᠪᠡᠰᠦ ᠮᠢᠨᠦ ᠤᠷᠢᠳᠤ ᠶ᠋ᠢᠨ ᠵᠠᠷᠯᠢᠭ ᠢ᠋ ᠳᠠᠭᠠᠲᠤᠭᠠᠢ᠂ ᠳᠠᠭᠠᠬᠤ ᠦᠭᠡᠢ ᠪᠣᠯᠪᠠᠰᠤ ᠪᠠᠢᠲᠤᠭᠠᠢ᠂ ᠭᠠᠭᠴᠠ ᠪᠢ ᠡᠨᠡ ᠪᠡᠶ᠎ᠡ ᠪᠡᠷ ᠲᠠᠨ ᠤ᠋ ᠤᠯᠤᠰ ᠢ᠋ ᠡᠰᠡ ᠠᠷᠢᠯᠭᠠᠨ ᠦᠭᠡ ᠳ᠋ᠦ᠍ᠷ ᠢ᠋ᠶ᠋ᠡᠨ ᠬᠦᠷᠪᠡᠰᠦ ᠪᠠᠷᠠᠪᠠ᠃ ᠠᠬ᠎ᠠ ᠳᠡᠭᠦᠦ ᠪᠣᠯᠪᠠᠴᠤ ᠪᠠᠲᠤ ᠦᠭᠡᠢ ᠪᠣᠯᠪᠠᠰᠤ ᠶᠠᠮᠪᠠᠷ ᠠᠮᠲᠠ ! ᠬᠡᠷᠡᠭ ᠦᠭᠡᠢ ! 》ᠭᠡᠮᠡᠨ ᠠᠴᠢᠷᠠᠭᠰᠠᠨ ᠠᠯᠢᠪᠠ ᠵᠦᠢᠯ ᠢ᠋ ᠴᠥᠮ ᠠᠪᠤᠭᠰᠠᠨ ᠦᠭᠡᠢ᠂ ᠢᠷᠡᠭᠰᠡᠨ ᠡᠯᠴᠢ ᠶᠤᠨᠳᠤᠨ ᠳ᠋ᠤᠷ ᠬᠦᠨᠳᠦ ᠱᠠᠩ ᠥᠭᠴᠦ ᠡᠭᠡᠭᠦᠯᠪᠡ ᠃  

– – – – 
① ᠡᠨᠡ ᠲᠢᠶᠠᠨ ᠮᠧᠨ ᠭᠤᠸᠠᠨ ᠯᠠᠪ ᠪᠠᠷᠠᠭᠤᠨ ᠪᠡᠶ᠎ᠡ ᠳ᠋ᠦ᠍ᠷ ᠪᠣᠢ ᠂ ᠬᠡᠷᠬᠢᠪᠡᠴᠦ ᠡᠨᠡ ᠵᠡᠭᠦᠨ ᠲᠢᠶᠠᠨ ᠮᠧᠨ ᠭᠤᠸᠠᠨ ᠪᠤᠰᠤ᠂ ᠴᠠᠩ ᠴᠧᠩ ᠦ᠋ᠨ ᠬᠠᠭᠠᠯᠭ᠎ᠠ ᠶ᠋ᠢ ᠪᠠᠢᠴᠠᠭᠠᠪᠠᠰᠤ ᠣᠯᠤᠮᠤᠢ ᠃

       ᠡᠨᠡ ᠦᠶ᠎ᠡ ᠳ᠋ᠦ᠍ᠷ ᠮᠣᠩᠭᠣᠯ ᠤ᠋ᠨ ᠲᠠᠢᠰᠢ ᠮᠤᠬᠤᠯᠢ ᠶ᠋ᠢᠨ ᠶᠡᠬᠡ ᠴᠡᠷᠢᠭ ᠶᠡᠬᠡ ᠭᠣᠣᠯ ᠢ᠋ ᠭᠡᠲᠦᠯᠦᠨ ᠰᠥᠩ ᠤᠯᠤᠰ ᠤ᠋ᠨ ᠬᠥᠪᠡᠭᠡ ᠬᠢᠵᠠᠭᠠᠷ ᠢ ᠳᠠᠭᠠᠷᠢᠨ ᠶᠠᠪᠤᠵᠤ᠂ ᠰᠥᠩ ᠤᠯᠤᠰ ᠢ᠋ᠶ᠋ᠠᠷ ᠠᠯᠲᠠᠨ ᠤᠯᠤᠰ ᠢ᠋ ᠬᠦᠴᠦᠷᠭᠦ ᠦᠭᠡᠢ ᠪᠦᠬᠦᠢ ᠳ᠋ᠦ᠍ᠷ ᠡᠳᠦᠭᠡ ᠮᠣᠩᠭᠣᠯ ᠤ᠋ᠨ ᠡᠨᠡ ᠲᠦᠭᠦᠬᠡᠢ ᠬᠦᠴᠦᠨ ᠳ᠋ᠦ᠍ᠷ ᠨᠡᠩ ᠶᠠᠭᠠᠬᠢᠨ ᠲᠤᠯᠤᠨ ᠴᠢᠳᠠᠬᠤ ᠪᠣᠢ! ᠲᠡᠳᠦᠢ ᠰᠥᠩ ᠨᠢᠩᠽᠥ᠋ᠡᠭ ᠵᠠᠭᠤᠨ ᠲᠦᠰᠢᠮᠡᠳ ᠯᠤᠭᠡ ᠪᠡᠨ ᠵᠥᠪᠯᠡᠵᠦ᠂ ᠮᠣᠩᠭᠣᠯ ᠤᠯᠤᠰ ᠲᠤᠷ ᠣᠷᠣᠵᠤ ᠦᠭᠭᠦᠨ ᠠᠯᠪᠠ ᠪᠠᠷᠢᠬᠤ ᠪᠠᠷ ᠲᠣᠭᠲᠠᠵᠤ᠂ ᠶᠡᠬᠡ ᠶᠣᠰᠣᠨ ᠤ᠋ ᠠᠯᠪᠠ ᠬᠦᠷᠭᠡᠭᠦᠯᠦᠨ ᠳᠠᠭᠠᠬᠤ ᠶᠣᠰᠣᠭᠠᠷ ᠪᠢᠴᠢᠭ ᠪᠢᠴᠢᠵᠦ ᠶᠠᠪᠤᠭᠤᠯᠪᠠ᠃ 
       ᠲᠡᠳᠦᠢ ᠮᠤᠬᠤᠯᠢ ᠰᠥᠩ ᠤᠯᠤᠰ ᠤ᠋ᠨ ᠡᠯᠴᠢ ᠶ᠋ᠢ ᠤᠳᠤᠷᠢᠳᠤᠨ ᠬᠠᠭᠠᠨ ᠤ᠋ ᠳᠡᠷᠭᠡᠳᠡ ᠣᠷᠣᠭᠤᠯᠪᠠ᠃ ᠡᠨᠡ ᠵᠠᠪᠰᠠᠷ ᠲᠠᠪᠤᠨ ᠰᠠᠷ᠎ᠠ ᠳ᠋ᠤᠷ ᠠᠯᠲᠠᠨ ᠤᠯᠤᠰ ᠤ᠋ᠨ ᠳ᠋ᠦᠩ ᠫᠢᠩ ᠹᠦ ᠶ᠋ᠢ ᠰᠠᠬᠢᠭᠰᠠᠨ ᠰᠢᠩ ᠱᠠᠩ ᠱᠢ ᠲᠦᠰᠢᠮᠡᠯ ᠸᠠᠩ ᠲᠢᠩ ᠢᠦᠢ ᠂ ᠮᠠ ᠬᠦ ᠬᠣᠶᠠᠭᠤᠯᠠ ᠦᠬᠦᠨ ᠰᠠᠬᠢᠭᠰᠠᠭᠠᠷ ᠬᠣᠲᠠ ᠶ᠋ᠢᠨ ᠳᠣᠲᠣᠷ᠎ᠠ ᠬᠥᠮᠦᠨ ᠦ᠌ ᠮᠢᠬ᠎ᠠ ᠢᠳᠡᠬᠦᠢ ᠳ᠋ᠦ᠍ᠷ ᠬᠥᠷᠥᠭᠰᠡᠨ᠎ᠡ ᠂ ᠨᠢᠭᠡᠨᠲᠡ ᠠᠷᠭ᠎ᠠ ᠲᠠᠰᠤᠷᠠᠭᠠᠳ ᠦᠯᠡᠭᠰᠡᠨ ᠴᠡᠷᠢᠭ ᠢ᠋ ᠠᠪᠴᠤ ᠪᠠᠷᠠᠭᠤᠨ ᠬᠠᠭᠠᠯᠭ᠎ᠠ ᠶ᠋ᠢ ᠨᠡᠭᠡᠭᠡᠵᠦ ᠳᠤᠲᠠᠭᠠᠭᠠᠳ ᠠᠯᠲᠠᠨ ᠤᠯᠤᠰ ᠤ᠋ᠨ ᠫᠠᠢ ᠵᠧᠦ ᠳ᠋ᠦ᠍ᠷ ᠡᠴᠢᠬᠦᠢ ᠳ᠋ᠦ᠍ᠷ ᠮᠣᠩᠭᠣᠯ ᠤ᠋ᠨ ᠭᠦᠸᠧ ᠸᠠᠩ ᠤ᠋ᠨ ᠵᠠᠬᠢᠶ᠎ᠠ ᠪᠠᠷ ᠬᠣᠲᠠᠨ ᠢ᠋ ᠬᠠᠭᠠᠵᠤ ᠪᠠᠢᠯᠳᠤᠬᠤ ᠳᠠᠢᠰᠤᠨᠳᠠᠷᠤᠭᠴᠢ ᠶ᠋ᠢᠨ ᠬᠥᠪᠡᠭᠦᠨ ᠵᠢᠷᠦᠬᠡᠲᠦ ᠵᠠᠩᠵᠤᠨ ᠶᠡᠬᠡ ᠴᠡᠷᠢᠭ ᠢ᠋ᠶ᠋ᠡᠨ ᠠᠪᠴᠤ ᠬᠥᠭᠡᠭᠡᠨ ᠠᠯᠠᠬᠤᠢ ᠳ᠋ᠤᠷ ᠶᠠᠭᠠᠷᠠᠨ ᠶᠠᠨ ᠱᠢ ᠶ᠋ᠢ ᠤᠷᠢᠳᠠ ᠬᠣᠲᠠᠨ ᠳ᠋ᠤᠷ ᠣᠷᠣᠭᠤᠯᠤᠨ᠂ ᠹᠦ ᠶ᠋ᠢᠨ ᠶᠠᠮᠤᠨ ᠳ᠋ᠤᠷ ᠰᠠᠭᠤᠵᠤ ᠢᠷᠭᠡᠨ ᠢ᠋ ᠲᠣᠭᠲᠠᠭᠠᠨ ᠰᠢᠩ ᠱᠠᠩ ᠱᠢ ᠬᠡᠷᠡᠭ ᠢ ᠰᠢᠳᠬᠡᠨ ᠠᠭᠰᠠᠨ ᠠᠵᠤᠭᠤ᠃ ᠲᠡᠳᠦᠢ ᠪᠠᠬᠠᠨ ᠬᠣᠴᠣᠷᠤᠭᠰᠠᠨ ᠢ᠋ᠶ᠋ᠠᠷ ᠸᠠᠩ ᠲᠢᠩ ᠢᠦᠢ ᠂ ᠮᠠ ᠬᠦ ᠬᠣᠶᠠᠭᠤᠯᠠ ᠶ᠋ᠢ ᠣᠯᠵᠤ ᠪᠠᠷᠢᠭᠰᠠᠨ ᠦᠭᠡᠢ᠂ ᠲᠤᠯᠤᠭᠰᠠᠨ ᠴᠡᠷᠢᠭ ᠢ ᠢᠨᠤ ᠳᠣᠯᠣᠭᠠᠨ ᠮᠢᠩᠭᠠᠨ ᠢᠯᠡᠭᠦᠦ ᠠᠯᠠᠵᠤ ᠴᠡᠷᠢᠭ ᠡᠭᠡᠬᠦᠢ ᠳ᠋ᠦ᠍ᠷ ᠭᠡᠨᠡᠳᠲᠡ ᠨᠢᠭᠡᠨ ᠠᠷᠭ᠎ᠠ ᠣᠯᠵᠤ᠂ ᠳᠣᠯᠣᠭᠠᠨ ᠮᠢᠩᠭᠠᠨ ᠲᠣᠯᠣᠭᠠᠢ ᠶ᠋ᠢ ᠴᠥᠮ ᠣᠭᠲᠣᠯᠤᠨ ᠠᠪᠴᠤ ᠳ᠋ᠦᠩ ᠫᠢᠩ ᠦ᠋ᠨ ᠬᠣᠢᠲᠤ ᠪᠦᠬᠦᠢ ᠠ ᠵᠧᠦ ᠂ ᠹᠦ ᠵᠧᠦ ᠬᠣᠶᠠᠷ ᠤ᠋ᠨ ᠣᠢᠷ᠎ᠠ ᠠᠪᠠᠴᠢᠴᠤ ᠬᠠᠭᠠᠯᠭᠠᠨ ᠤ᠋ ᠡᠮᠦᠨ᠎ᠡ ᠣᠪᠣᠭᠠᠯᠠᠭᠤᠯᠵᠤ ᠬᠣᠲᠠ ᠶ᠋ᠢᠨ ᠣᠯᠠᠨ ᠳ᠋ᠤᠷ ᠦᠵᠡᠭᠦᠯᠦᠨ ᠠᠶᠤᠯᠭᠠᠨ ᠥᠭᠦᠯᠡᠷᠦᠨ᠄ 《ᠳ᠋ᠦᠩ ᠫᠢᠩ ᠹᠦ ᠶ᠋ᠢᠨ ᠬᠣᠲᠠ ᠲᠡᠷᠡ ᠮᠡᠲᠦ ᠪᠠᠲᠤ ᠶ᠋ᠢ ᠪᠢᠳᠡ ᠬᠠᠭᠠᠰ ᠵᠢᠯ ᠰᠢᠬᠠᠮ ᠬᠠᠭᠠᠵᠤ ᠡᠴᠦᠰ ᠲᠦ᠍ᠷ ᠠᠪᠤᠭᠠᠳ ᠬᠠᠷᠢᠭᠤᠴᠠᠭᠰᠠᠨ ᠳᠤᠲᠠᠭᠠᠭᠰᠠᠨ ᠡᠳᠡᠭᠡᠷ ᠴᠡᠷᠢᠭ ᠢᠷᠭᠡᠨ ᠲᠦᠰᠢᠮᠡᠯ ᠲᠡᠢ ᠴᠥᠮ ᠠᠯᠠᠪᠠ᠃ ᠲᠠᠨ ᠤ᠋ ᠡᠨᠡ ᠬᠣᠲᠠᠨ ᠳ᠋ᠦᠩ  ᠫᠢᠩ ᠹᠦ ᠶ᠋ᠢᠨ ᠬᠣᠲᠠ ᠳ᠋ᠤᠷ ᠠᠳᠠᠯᠢᠳᠬᠠᠪᠠᠰᠤ ᠳᠥᠷᠪᠡᠨ ᠥᠨᠴᠥᠭ ᠦ᠋ᠨ ᠨᠢᠭᠡᠨ ᠥᠨᠴᠥᠭ ᠲᠣᠷ ᠴᠦ᠍ ᠬᠦᠷᠬᠦ ᠦᠭᠡᠢ ᠪᠥᠭᠡᠳ ᠪᠠᠰᠠ ᠶᠠᠭᠤᠨ ᠣᠷᠪᠣᠯᠵᠠᠵᠤ ᠬᠠᠭᠠᠯᠭ᠎ᠠ ᠪᠠᠨ ᠬᠠᠭᠠᠮᠤᠢ? ᠲᠡᠷᠢᠭᠦᠯᠡᠭᠰᠡᠨ ᠨᠢᠭᠡᠬᠡᠨ ᠬᠥᠮᠦᠨ ᠲᠩᠷᠢ ᠡᠴᠡ ᠵᠥᠷᠢᠴᠡᠪᠡᠰᠦ ᠡᠳᠡᠭᠡᠷ ᠠᠷᠠᠳ ᠢ᠋ ᠵᠦᠭᠡᠷ ᠦᠬᠦᠭᠦᠯᠬᠦ ᠪᠣᠯᠠᠢ !》 ᠬᠡᠮᠡᠭᠰᠡᠨ ᠳ᠋ᠦ᠍ᠷ ᠠ ᠵᠧᠦ ᠂  ᠹᠦ ᠵᠧᠦ ᠬᠣᠶᠠᠷ ᠬᠣᠲᠠ ᠶ᠋ᠢᠨ ᠲᠦᠰᠢᠮᠡᠯ ᠴᠡᠷᠢᠭ ᠵᠠᠭᠤᠨ ᠣᠪᠣᠭᠲᠠᠨ ᠢᠷᠡᠭᠡᠳ ᠬᠣᠲᠠᠨ ᠤ᠋ ᠳᠡᠭᠡᠷ᠎ᠡ ᠭᠠᠷᠤᠨ ᠠᠭᠤᠯᠠ ᠮᠡᠲᠦ ᠣᠪᠣᠭᠠᠯᠠᠭᠰᠠᠨ ᠲᠣᠯᠣᠭᠠᠢ ᠶ᠋ᠢ ᠦᠵᠡᠭᠡᠳ ᠪᠦᠭᠦᠳᠡᠭᠡᠷ ᠰᠥᠰᠥ ᠬᠡᠮᠬᠡᠷᠡᠵᠦ ᠬᠠᠭᠠᠯᠭ᠎ᠠ ᠨᠡᠭᠡᠭᠡᠵᠦ ᠮᠥᠷᠭᠥᠨ ᠳᠠᠭᠠᠪᠠ᠃ ᠡᠨᠡ ᠬᠢᠷᠢ ᠳ᠋ᠦ᠍ᠷ ᠮᠣᠩᠭᠣᠯ ᠤ᠋ᠨ ᠰᠡᠷᠡᠳᠡᠨ ᠭᠦᠸᠧ ᠸᠠᠩ ᠤ᠋ᠨ ᠵᠠᠬᠢᠶ᠎ᠠ ᠪᠠᠷ ᠳ᠋ᠦᠩ ᠫᠢᠩ ᠹᠦ ᠬᠣᠲᠠ ᠶ᠋ᠢ ᠬᠣᠶᠠᠷ ᠠᠩᠭᠢ ᠬᠤᠪᠢᠶᠠᠨ ᠶᠠᠨ ᠱᠢ ᠳ᠋ᠦ᠍ᠷ ᠵᠠᠬᠢᠷᠤᠭᠤᠯᠤᠨ᠂ ᠰᠢᠨ᠎ᠡ ᠠᠪᠤᠭᠰᠠᠨ ᠠ ᠵᠧᠦ᠂ ᠹᠦ ᠵᠧᠦ ᠬᠣᠶᠠᠷ ᠬᠣᠲᠠ ᠶ᠋ᠢ ᠮᠥᠨ ᠬᠠᠮᠳᠤᠤᠳᠬᠠᠨ ᠲᠡᠭᠰᠢᠯᠡᠵᠦ ᠵᠠᠰᠠᠭᠤᠯᠪᠠᠢ᠃  
       ᠲᠡᠳᠦᠢ ᠵᠢᠷᠦᠬᠡᠲᠦ ᠳᠣᠯᠣᠭᠠᠨ ᠮᠢᠩᠭᠠᠨ ᠲᠣᠯᠣᠭᠠᠢ ᠶ᠋ᠢ ᠬᠡᠯᠬᠢᠵᠦ ᠼᠤᠤ ᠵᠧᠦ ᠶ᠋ᠢᠨ ᠡᠮᠦᠨ᠎ᠡ ᠳᠡᠯᠭᠡᠭᠰᠡᠨ᠎ᠡ ᠂ ᠡᠨᠡ ᠦᠶ᠎ᠡ ᠳ᠋ᠦ᠍ᠷ ᠬᠠᠷᠠᠬᠠᠨ ᠬᠠᠯᠠᠭᠤᠨ ᠤ᠋ ᠴᠠᠭ ᠲᠤᠯᠠ ᠡᠳᠡᠭᠡᠷ ᠲᠣᠯᠣᠭᠠᠢ ᠮᠠᠰᠢ ᠦᠮᠡᠬᠡᠢᠷᠡᠵᠦ᠂ ᠮᠣᠷᠢ ᠦᠬᠡᠷ ᠬᠣᠲᠠᠨ ᠤ᠋ ᠳᠣᠲᠣᠷ᠎ᠠ ᠦᠨᠦᠰᠳᠡᠵᠦ᠂ ᠳ᠋ᠦᠩ ᠫᠢᠩ ᠹᠦ ᠶ᠋ᠢᠨ ᠬᠣᠲᠠ ᠶ᠋ᠢᠨ ᠡᠰᠡ ᠳ᠋ᠡᠭᠡᠨ ᠬᠠᠷᠢᠭᠤᠴᠠᠭᠰᠠᠨ ᠢ᠋ ᠡᠢᠨ ᠠᠯᠠᠪᠠ ᠭᠡᠮᠡᠨ ᠬᠡᠯᠡᠭᠰᠡᠨ᠎ᠡ᠂ ᠮᠥᠨ ᠬᠦ᠌ ᠬᠠᠭᠠᠯᠭ᠎ᠠ ᠨᠡᠭᠡᠭᠡᠨ ᠮᠥᠷᠭᠥᠨ ᠤᠭᠲᠤᠵᠤ ᠳᠠᠭᠠᠭᠰᠠᠨ ᠳ᠋ᠤᠷ ᠵᠢᠷᠦᠬᠡᠲᠦ ᠰᠥᠩ ᠤᠯᠤᠰ ᠠ᠋ᠴᠠ ᠳᠠᠭᠠᠭᠰᠠᠨ ᠵᠠᠩᠵᠤᠨ ᠱᠢ ᠬᠦᠢ ᠶ᠋ᠢ ᠠᠴᠢᠷᠠᠭᠤᠯᠵᠤ ᠼᠤᠤ ᠵᠧᠦ ᠶ᠋ᠢ ᠰᠠᠬᠢᠭᠤᠯᠵᠤ  ᠵᠠᠰᠠᠭᠤᠯᠤᠮᠤᠢ᠃ ᠡᠨᠡ ᠦᠶ᠎ᠡ ᠳ᠋ᠦ᠍ᠷ ᠰᠥᠩ ᠤᠯᠤᠰ ᠤ᠋ᠨ ᠨᠢᠩᠽᠥ᠋ᠡᠭ ᠬᠠᠭᠠᠨ ᠤ᠋ ᠶᠡᠬᠡ ᠬᠥᠪᠡᠭᠦᠨ ᠦᠬᠦᠭᠡᠳ ᠨᠢᠩᠽᠥ᠋ᠡᠭ ᠮᠥᠨ ᠬᠥᠪᠡᠭᠦᠨ ᠲᠡᠢ ᠪᠣᠯᠬᠤ ᠠ᠋ᠴᠠ ᠬᠡᠲᠦᠷᠡᠭᠰᠡᠨ ᠲᠤᠯᠠ ᠠᠷᠭ᠎ᠠ ᠦᠭᠡᠢ ᠠᠬ᠎ᠠ ᠢ ᠸᠠᠩ ᠤ᠋ᠨ ᠭᠠᠭᠴᠠ ᠬᠥᠪᠡᠭᠦᠨ ᠬᠦᠢ ᠾᠧ ᠶ᠋ᠢ ᠠᠪᠴᠤ ᠦᠷᠡᠴᠢᠯᠡᠭᠡᠳ ᠨᠡᠷ᠎ᠡ ᠶ᠋ᠢ ᠢᠨᠤ ᠾᠦᠩ ᠾᠧ ᠭᠡᠮᠡᠨ ᠬᠠᠯᠠᠵᠤ ᠬᠤᠸᠠᠩ ᠲᠠᠢᠽᠢ ᠡᠷᠭᠦᠮᠵᠢᠯᠡᠭᠡᠳ ᠠᠬ᠎ᠠ ᠢ ᠸᠠᠩ ᠢ᠋ ᠣᠢᠷ᠎ᠠ ᠤᠭᠰᠠᠭ᠎ᠠ ᠠ᠋ᠴᠠ ᠰᠠᠢᠨ ᠬᠡᠦᠬᠡᠳ ᠢ᠋ ᠰᠣᠩᠭᠣᠵᠤ ᠦᠷ᠎ᠡ ᠪᠣᠯᠭᠠᠨ ᠲᠡᠵᠢᠭᠡᠲᠦᠭᠡᠢ ᠭᠡᠮᠡᠨ ᠵᠠᠷᠯᠢᠭ ᠪᠠᠭᠤᠯᠭᠠᠵᠤ᠂ ᠪᠡᠶ᠎ᠡ ᠳ᠋ᠦ᠍ᠷ ᠬᠥᠪᠡᠭᠦᠨ ᠦᠭᠡᠢ ᠲᠤᠯᠠ ᠰᠡᠳᠬᠢᠯ ᠰᠢᠨᠲᠠᠷᠠᠵᠤ᠂ ᠮᠣᠩᠭᠣᠯ ᠤ᠋ᠨ ᠶᠡᠬᠡ ᠵᠣᠪᠠᠯᠠᠩ ᠢ᠋ ᠠᠷᠢᠯᠭᠠᠰᠤᠭᠠᠢ ᠭᠡᠮᠡᠨ ᠶᠡᠬᠡ ᠴᠸᠡᠩᠰᠢᠶᠠᠡᠭ ᠬᠣᠣ ᠮᠢᠩ ᠵᠣ᠌  ᠳ᠋ᠦ᠍ᠷ ᠬᠦᠨᠳᠦ ᠪᠡᠯᠡᠭ ᠵᠠᠭᠤᠨ ᠲᠡᠷᠭᠡ ᠶ᠋ᠢᠨ ᠠᠯᠪᠠ ᠪᠠᠷᠢᠭᠤᠯᠵᠤ᠂ ᠮᠣᠩᠭᠣᠯ ᠤᠯᠤᠰ ᠲᠤᠷ ᠳᠠᠭᠠᠵᠤ᠂ ᠵᠢᠯ ᠪᠦᠷᠢ ᠡᠨᠡ ᠶᠣᠰᠣᠭᠠᠷ ᠠᠯᠪᠠ ᠪᠠᠷᠢᠰᠤᠭᠠᠢ᠂ ᠴᠡᠷᠢᠭ ᠲᠡᠢᠨ ᠢ ᠵᠣᠭᠰᠣᠬᠤ ᠪᠣᠯᠪᠠᠤ ᠭᠡᠮᠡᠨ ᠵᠠᠷᠤᠭᠰᠠᠨ ᠠᠵᠤᠭᠤ ᠃ 
       ᠲᠡᠳᠦᠢ ᠰᠥᠩ ᠤᠯᠤᠰ ᠤ᠋ᠨ ᠨᠢᠩᠽᠥ᠋ᠡᠭ ᠦ᠋ᠨ ᠡᠯᠴᠢ ᠴᠸᠡᠩᠰᠢᠶᠠᠩ ᠬᠣᠣ ᠮᠢᠩ ᠵᠣ᠌ ᠶᠡᠬᠡ ᠵᠢᠭᠰᠠᠭᠠᠯ ᠢ᠋ᠶ᠋ᠠᠷ ᠮᠣᠩᠭᠣᠯ ᠤᠯᠤᠰ ᠲᠤᠷ ᠢᠷᠡᠵᠦ ᠭᠦᠸᠧ ᠸᠠᠩ ᠮᠤᠬᠤᠯᠢ ᠳ᠋ᠤᠷ ᠵᠣᠯᠭᠠᠬᠤᠢ ᠳ᠋ᠤᠷ ᠳᠣᠲᠣᠷ᠎ᠠ ᠲᠦᠭᠰᠢᠨ ᠠᠶᠤᠮᠤᠢ᠃ ᠡᠨᠡ ᠢᠨᠤ ᠮᠤᠬᠤᠯᠢ ᠶ᠋ᠢᠨ ᠨᠡᠷ᠎ᠡ ᠡᠷᠲᠡᠨ ᠦ᠌ ᠭᠤᠸᠠᠨ ᠪᠣᠭᠳᠠ ᠮᠡᠲᠦ ᠡᠮᠦᠨᠡᠲᠦ ᠳ᠋ᠦ᠍ᠷ ᠠᠯᠳᠠᠷᠰᠢᠵᠤ᠂ ᠰᠦᠷ ᠬᠦᠴᠦᠨ ᠠᠰᠤᠷᠤ ᠴᠢᠭᠢᠷᠠᠭ ᠲᠤᠷ ᠤᠴᠠᠷᠠᠬᠤ ᠦᠶ᠎ᠡ ᠳ᠋ᠦ᠍ᠷ ᠨᠠᠢᠷ ᠦᠯᠦ ᠲᠠᠯᠪᠢᠨ ᠮᠥᠷᠭᠥᠭᠦᠯᠬᠦ ᠰᠥᠭᠥᠳᠬᠡᠬᠦ ᠶ᠋ᠢ ᠵᠣᠪᠠᠭᠣᠷᠢᠰᠢᠶᠠᠨ ᠠᠷᠭ᠎ᠠ ᠦᠭᠡᠢ ᠨᠢᠷᠤᠭᠤ ᠪᠥᠭᠲᠥᠢᠨ ᠵᠣᠯᠭᠠᠷ᠎ᠠ ᠢᠷᠡᠭᠰᠡᠨ ᠳ᠋ᠦ᠍ᠷ ᠮᠣᠩᠭᠣᠯ ᠤ᠋ᠨ ᠲᠡᠢᠰᠢ ᠭᠦᠸᠧ ᠸᠠᠩ ᠮᠤᠬᠤᠯᠢ ᠬᠠᠷᠠᠬᠠᠨ ᠣᠭᠲᠣ ᠶᠡᠬᠡᠷᠬᠡᠬᠦ ᠦᠭᠡᠢ ᠪᠡᠶ᠎ᠡ ᠪᠡᠷ ᠤᠭᠲᠤᠨ ᠭᠠᠷᠴᠤ ᠭᠠᠷ ᠪᠠᠷᠢᠨ ᠵᠣᠯᠭᠠᠵᠤ᠂ ᠳᠡᠭᠡᠳᠦ ᠰᠠᠭᠤᠳᠠᠯ ᠳ᠋ᠤᠷ ᠵᠠᠯᠠᠨ ᠰᠠᠭᠤᠯᠭᠠᠨ ᠥᠪᠡᠷ ᠦ᠋ᠨ ᠭᠠᠷ ᠢ᠋ᠶ᠋ᠠᠷ ᠴᠠᠢ ᠪᠠᠷᠢᠨ ᠠᠷᠢᠬᠢ ᠡᠷᠭᠦᠭᠰᠡᠨ ᠳ᠋ᠦ᠍ᠷ ᠰᠥᠩ ᠦ᠋ᠨ ᠴᠸᠡᠩᠰᠢᠶᠠᠩ ᠬᠣᠣ ᠮᠢᠩ ᠵᠣ᠌ ᠶᠡᠬᠡᠯ᠎ᠡ ᠭᠠᠢᠬᠠᠨ ᠪᠢᠰᠢᠷᠡᠵᠦ᠂ ᠮᠤᠬᠤᠯᠢ ᠶ᠋ᠢ ᠦᠵᠡᠪᠡᠰᠦ ᠶᠢᠰᠦᠨ ᠲᠣᠬᠣᠢ ᠶ᠋ᠢᠨ ᠥᠨᠳᠥᠷ ᠪᠡᠶ᠎ᠡ᠂ ᠲᠠᠪᠤᠨ ᠮᠠᠬᠠᠪᠣᠳ ᠤ᠋ᠨ ᠠᠭᠤᠳᠠᠮ ᠴᠡᠭᠡᠵᠢ᠂ ᠤᠯᠠᠭᠠᠨ ᠨᠠᠷᠠᠨ ᠤ᠋ ᠶᠡᠬᠡ ᠵᠠᠩᠵᠤᠨ᠂ ᠭᠡᠭᠡᠨ ᠣᠳᠣᠨ ᠤ᠋ ᠰᠦᠷᠲᠦ ᠨᠢᠳᠦ᠂ ᠳᠠᠭᠤᠨ ᠤ᠋ ᠥᠩᠭᠡ ᠵᠦᠩ ᠬᠡᠩᠭᠡᠷᠭᠡ ᠮᠡᠲᠦ᠂ ᠠᠯᠬᠤᠵᠤ ᠭᠢᠰᠬᠢᠬᠦ ᠪᠠᠷᠰ ᠢᠷᠪᠢᠰ ᠮᠡᠲᠦ᠂ ᠬᠣᠣ ᠮᠢᠩ ᠵᠣ᠌ ᠶᠡᠬᠡᠯ᠎ᠡ ᠭᠠᠢᠬᠠᠨ ᠰᠠᠢᠰᠢᠶᠠᠵᠤ ᠬᠡᠳᠦᠨ ᠬᠤᠨᠳᠠᠭ᠎ᠠ ᠠᠷᠢᠬᠢ ᠪᠠᠷᠢᠵᠤ ᠴᠡᠴᠡᠷᠡᠨ ᠵᠢᠷᠦᠬᠡ ᠪᠡᠨ ᠳᠠᠷᠤᠵᠤ ᠢᠨᠢᠶᠡᠨ ᠠᠰᠠᠭᠤᠷᠤᠨ ᠄ 《 ᠪᠢ ᠬᠡᠮᠡᠭᠴᠢ ᠳᠣᠣᠷᠠᠲᠤ ᠪᠠᠭᠤᠷᠠᠢ ᠶᠠᠳᠠᠭᠤᠯᠢᠭ ᠤᠯᠤᠰ ᠤ᠋ᠨ ᠲᠦᠰᠢᠮᠡᠯ᠂ ᠸᠠᠩ ᠲᠠᠨ ᠬᠡᠮᠡᠭᠴᠢ ᠴᠠᠭ ᠲᠤᠷ ᠨᠡᠢᠯᠡᠭᠦᠯᠬᠦ ᠪᠠᠭᠠᠲᠤᠳ᠂ ᠬᠠᠭᠠᠨ ᠤ᠋ ᠴᠢᠭᠢᠷᠠᠭ ᠴᠡᠷᠢᠭ ᠢ᠋ᠶ᠋ᠡᠷ ᠳᠡᠯᠡᠬᠡᠢ ᠳ᠋ᠠᠬᠢᠨ ᠢ᠋ ᠳᠠᠢᠯᠠᠨ ᠶᠠᠪᠤᠬᠤ ᠶᠡᠬᠡ ᠸᠠᠩ ᠪᠥᠭᠡᠳ ᠥᠴᠦᠬᠡᠨ ᠪᠠᠭᠤᠷᠠᠢ ᠲᠦᠰᠢᠮᠡᠯ ᠢ᠋ ᠡᠨᠡ ᠮᠡᠲᠦ ᠬᠦᠨᠳᠦ ᠪᠡᠷ ᠬᠦᠨᠳᠦᠯᠡᠬᠦ ᠢᠨᠦ ᠶᠠᠭᠤᠨ ? 》ᠭᠦᠸᠧ ᠸᠠᠩ ᠮᠤᠬᠤᠯᠢ ᠬᠠᠷᠢᠭᠤ ᠮᠡᠬᠦᠢᠵᠦ ᠥᠭᠦᠯᠡᠷᠦᠨ ᠄ 《ᠶᠡᠬᠡ ᠤᠯᠤᠰ ᠤ᠋ᠨ ᠴᠸᠡᠩᠰᠢᠶᠠᠩ ᠶᠠᠭᠤᠨ ᠳ᠋ᠤᠷ ᠲᠡᠢᠨ ᠬᠦ᠌ ᠬᠡᠯᠡᠮᠦᠢ ? ᠰᠥᠩ ᠤᠯᠤᠰ ᠬᠡᠮᠡᠭᠴᠢ ᠴᠣᠬᠣᠮ ᠳᠤᠮᠳᠠᠳᠤ ᠤᠯᠤᠰ ᠤ᠋ᠨ ᠬᠠᠭᠤᠴᠢᠨ ᠤᠯᠤᠰ ᠪᠤᠶᠤ ᠂ ᠯᠢᠶᠣᠣ ᠂ ᠠᠯᠲᠠᠨ ᠂ ᠰᠢᠶᠠ ᠳ᠋ᠤᠷ ᠦᠯᠢᠳᠬᠡᠵᠦ ᠦᠯᠦ ᠪᠣᠯᠤᠮᠤᠢ ! ᠪᠢᠳᠡᠨ ᠦ᠌ ᠮᠣᠩᠭᠣᠯ ᠬᠡᠳᠦᠢᠪᠡᠷ ᠡᠷᠲᠡᠨ ᠡᠴᠡ ᠡᠳᠦᠭᠡ ᠬᠦᠷᠲᠡᠯ᠎ᠡ ᠡᠮᠦᠨ᠎ᠡ ᠵᠦᠭ ᠬᠠᠨᠳᠤᠨ ᠳᠤᠮᠳᠠᠳᠤ ᠤᠯᠤᠰ ᠢ᠋ ᠡᠵᠡᠨ ᠪᠣᠯᠭᠠᠨ ᠦᠢᠯᠡᠴᠢᠯᠡᠭᠰᠡᠨ ᠭᠠᠵᠠᠷ ᠦᠭᠡᠢ ᠪᠣᠯᠪᠠᠴᠤ ᠮᠥᠨ ᠬᠦ᠌ ᠳᠠᠩ ᠰᠠᠴᠠᠭᠤ ᠤᠯᠤᠰ ᠪᠣᠯᠠᠢ᠂ ᠶᠠᠭᠠᠬᠢᠨ ᠪᠤᠰᠤᠳ ᠤ᠋ᠨ ᠲᠥᠷᠥ ᠶ᠋ᠢ ᠲᠠᠪᠴᠢᠯᠠᠨ ᠪᠣᠯᠬᠤ ? ᠯᠢᠶᠣᠣ ᠂ ᠠᠯᠲᠠᠨ ᠂ ᠬᠢᠳᠠᠨ ᠂ ᠰᠢᠶᠠ ᠶ᠋ᠢᠨ ᠵᠡᠷᠭᠡ ᠤᠯᠤᠰ ᠯᠤᠭ᠎ᠠ ᠦᠯᠢᠳᠬᠡᠨ ᠦᠵᠡᠵᠦ ᠪᠣᠯᠤᠮᠤᠢ ᠤᠤ ? ᠲᠡᠳᠡᠭᠡᠷ ᠤᠯᠤᠰ ᠴᠥᠮ ᠰᠥᠩ ᠤᠯᠤᠰ ᠤ᠋ᠨ ᠪᠣᠭᠣᠯ ᠪᠣᠯᠠᠢ !  ᠵᠢᠴᠢ ᠳ᠋ᠦ᠍ᠷ ᠮᠢᠨᠦ ᠡᠵᠡᠨ ᠴᠦ᠍ ᠲᠠᠨ ᠤ᠋ ᠶᠡᠬᠡ ᠤᠯᠤᠰ ᠢ᠋ ᠣᠨᠴᠠᠭᠠᠢ ᠦᠵᠡᠭᠰᠡᠭᠡᠷ ᠢᠷᠡᠭᠰᠡᠨ ᠳ᠋ᠦ᠍ᠷ ᠲᠠ ᠪᠠᠰᠠ ᠲᠡᠭᠷᠢ ᠶ᠋ᠢᠨ ᠪᠠᠢᠳᠠᠯ ᠢ᠋ ᠮᠡᠳᠡᠵᠦ᠂ ᠡᠨᠡ ᠮᠡᠲᠦ ᠨᠡᠢᠯᠡᠨ ᠡᠶᠡᠳᠡᠵᠦ᠂ ᠠᠯᠪᠠ ᠪᠠᠷᠢᠨ ᠬᠠᠷᠢᠯᠴᠠᠨ ᠴᠡᠷᠢᠭ ᠲᠡᠢᠨ ᠦᠭᠡᠢ ᠪᠣᠯᠬᠤ ᠭᠡᠮᠡᠨ ᠶᠡᠬᠡ ᠴᠸᠡᠩᠰᠢᠶᠠᠩ ᠴᠢᠮᠠᠶ᠋ᠢ ᠢᠯᠡᠬᠡᠨ ᠪᠦᠬᠦᠢ ᠳ᠋ᠦ᠍ᠷ ᠪᠢ ᠶᠠᠭᠤᠨ ᠳ᠋ᠤᠷ ᠨᠢᠭᠡᠨ ᠴᠠᠭ ᠤ᠋ᠨ ᠦᠮᠡᠬᠡᠢ ᠣᠮᠣᠭ ᠢ᠋ᠶ᠋ᠠᠷ ᠬᠡᠲᠦᠷᠬᠡᠢᠯᠡᠨ ᠠᠭᠠᠰᠢᠯᠠᠵᠤ᠂ ᠥᠪᠡᠷ ᠦ᠋ᠨ ᠡᠵᠡᠨ ᠦ᠌ ᠮᠥᠨ ᠴᠢᠨᠠᠷ ᠤ᠋ᠨ ᠶᠡᠬᠡ ᠥᠷᠥᠰᠢᠶᠡᠯᠲᠦ ᠡᠷᠳᠡᠮ ᠰᠠᠨᠠᠭᠠᠨ ᠢ᠋ ᠭᠤᠲᠤᠭᠠᠮᠤᠢ ? ᠶᠡᠬᠡ ᠴᠸᠡᠩᠰᠢᠶᠠᠩ ᠯᠠᠪ ᠮᠠᠨ ᠤ᠋ ᠬᠣᠢᠲᠤ ᠭᠠᠵᠠᠷ ᠤ᠋ᠨ ᠮᠣᠩᠭᠣᠯ ᠶᠠᠭᠤᠲᠠᠢ ᠭᠦᠨ ᠨᠠᠷᠢᠨ ᠢ᠋ ᠮᠡᠳᠡᠬᠦ ᠪᠣᠢ ! ᠯᠠᠪ ᠡᠷᠬᠡ ᠰᠦᠷ ᠲᠣᠷ ᠡᠷᠡᠮᠰᠢᠨ ᠬᠡᠴᠡᠭᠦᠦ ᠪᠠᠭᠠᠲᠤᠷ ᠰᠦᠷ ᠢ᠋ᠶ᠋ᠡᠷ ᠣᠮᠣᠭᠰᠢᠵᠤ ᠵᠠᠰᠬᠠᠯᠠᠮᠤᠢ ᠭᠡᠮᠡᠨ ᠰᠠᠨᠠᠭᠰᠠᠨ ᠪᠣᠢ ‍ᠶ᠎ᠠ ! ᠶᠡᠬᠡ ᠤᠯᠤᠰ ᠬᠡᠮᠡᠭᠴᠢ ᠪᠢᠴᠢᠭ ᠰᠤᠳᠤᠷ ᠲᠤ᠌ ᠶᠣᠰᠣ ᠬᠥᠭᠵᠢᠮᠲᠦ ᠤᠯᠤᠰ ᠪᠥᠭᠡᠳ ᠶᠠᠭᠤᠨ ᠳ᠋ᠤᠷ ᠣᠷᠴᠢᠯᠠᠩ ᠤ᠋ᠨ ᠪᠦᠲᠦᠬᠦ ᠡᠪᠳᠡᠷᠡᠬᠦ ᠶ᠋ᠢᠨ ᠰᠠᠢᠨ ᠮᠠᠭᠤ ᠶ᠋ᠢᠨ ᠢᠯᠭᠠᠯ ᠢ᠋ ᠦᠯᠦ ᠲᠡᠩᠴᠡᠭᠦᠯᠦᠨ ᠰᠡᠳᠬᠢᠮᠦᠢ?ᠲᠡᠭᠷᠢ ᠶ᠋ᠢᠨ ᠬᠥᠪᠡᠭᠦᠨ ᠪᠤᠰᠤ ᠪᠣᠯᠪᠠᠰᠤ ᠲᠦᠮᠡᠨ ᠭᠠᠵᠠᠷ ᠢ᠋ ᠬᠡᠷᠬᠢᠨ ᠲᠡᠭᠰᠢᠯᠡᠮᠦᠢ ? ᠨᠡᠩᠳᠡ ᠲᠡᠭᠷᠢ ᠶ᠋ᠢᠨ ᠬᠥᠪᠡᠭᠦᠨ ᠪᠣᠯᠪᠠᠰᠤ ᠲᠡᠭᠷᠢ ᠶ᠋ᠢᠨ ᠲᠥᠷᠥᠯᠬᠢ ᠦᠨᠡᠨ ᠡᠷᠳᠡᠮ ᠤᠬᠠᠭᠠᠨ ᠪᠣᠢ ᠪᠣᠯᠠᠢ ! ᠪᠤᠰᠤ ᠪᠣᠯᠪᠠᠰᠤ ᠡᠨᠡ ᠬᠢᠷᠢ ᠳ᠋ᠦ᠍ᠷ ᠬᠦᠷᠴᠦ ᠦᠯᠦ ᠪᠤᠯᠬᠤᠢ ! ᠮᠢᠨᠦ ᠡᠵᠡᠨ ᠦ᠌ ᠮᠡᠷᠭᠡᠨ ᠭᠡᠭᠡᠨ᠂ ᠡᠷᠳᠡᠮ ᠤᠬᠠᠭᠠᠨ ᠢ᠋ ᠴᠢ ᠬᠡᠷᠬᠢᠨ ᠮᠡᠳᠡᠬᠦ ! ᠨᠢᠭᠤᠷ ᠵᠣᠯᠭᠠᠭᠰᠠᠨ ᠴᠠᠭ ᠲᠤ᠌ ᠰᠠᠶᠢ ᠦᠨᠡᠨ ᠢ᠋ ᠣᠯᠤᠮᠤᠢ ᠃ ᠮᠢᠨᠦ ᠪᠢᠲᠡᠭᠦᠯᠢᠭ ᠰᠠᠢᠳ ᠶᠠᠮᠪᠠᠷ ᠠᠶᠤᠮᠰᠢᠭ ᠦᠭᠡᠢ ᠡᠵᠡᠨ ᠦ᠌ ᠰᠠᠨᠠᠭᠠᠨ ᠢ᠋ ᠳᠠᠭᠠᠭᠤᠯᠵᠤ ᠦᠯᠦ ᠶᠠᠪᠤᠮᠤᠢ!》ᠬᠡᠮᠡᠭᠰᠡᠨ ᠳ᠋ᠦ᠍ᠷ ᠬᠣᠣ ᠮᠢᠩ ᠵᠣ᠌ ᠠᠮᠠ ᠬᠠᠪᠠᠷ ᠢ᠋ᠶ᠋ᠠᠨ ᠪᠥᠭᠯᠡᠭᠳᠡᠨ ᠡᠯᠢᠭᠡ ᠵᠢᠷᠦᠬᠡ ᠦᠬᠦᠲᠡᠯ᠎ᠡ ᠪᠢᠰᠢᠷᠡᠵᠦ᠂ ᠮᠤᠬᠤᠯᠢ ᠯᠤᠭ᠎ᠠ ᠬᠠᠮᠲᠤ ᠴᠢᠩᠭᠢᠰ ᠬᠠᠭᠠᠨ ᠤ᠋ ᠳᠡᠷᠭᠡᠳᠡ ᠢᠷᠡᠭᠰᠡᠨ ᠳ᠋ᠦ᠍ᠷ ᠬᠠᠭᠠᠨ᠂ ᠭᠦᠸᠧ ᠸᠠᠩ ᠤ᠋ᠨ ᠠᠢᠯᠠᠳᠬᠠᠭᠰᠠᠨ ᠨᠤᠭᠤᠯᠪᠤᠷᠢ ᠶ᠋ᠢ ᠦᠵᠡᠭᠡᠳ ᠶᠡᠬᠡᠯ᠎ᠡ ᠪᠡᠶᠡᠰᠦᠨ᠂ ᠵᠢᠴᠢ ᠡᠳᠦᠷ ᠶᠡᠬᠡ ᠲᠥᠷᠥ ᠳ᠋ᠦ᠍ᠷ ᠰᠥᠩ ᠤᠯᠤᠰ ᠤ᠋ᠨ ᠡᠯᠴᠢ ᠴᠧᠩᠰᠢᠶᠠᠩ ᠬᠣᠣ ᠮᠢᠩ ᠵᠣ᠌ ᠶ᠋ᠢ ᠪᠠᠷᠠᠭᠠᠳᠠᠭᠤᠯᠤᠭᠰᠠᠨ ᠳ᠋ᠤᠷ ᠬᠣᠣ ᠮᠢᠩ ᠵᠣ᠌ ᠪᠣᠳᠣᠷᠣᠣᠯ ᠪᠢᠴᠢᠭ ᠢ᠋ᠶ᠋ᠡᠨ ᠪᠠᠷᠢᠵᠤ ᠶᠣᠰᠣᠯᠠᠨ ᠮᠥᠷᠭᠥᠬᠦᠢ ᠳ᠋ᠦ᠍ᠷ ᠬᠠᠭᠠᠨ ᠰᠢᠳᠠᠷ ᠰᠠᠢᠳ ᠢ᠋ᠶ᠋ᠠᠷ ᠲᠦᠰᠢᠭᠦᠯᠦᠨ ᠪᠣᠰᠬᠠᠯᠭᠠᠵᠤ᠂ ᠳᠣᠣᠷ᠎ᠠ ᠳᠡᠪᠢᠰᠬᠡᠷ ᠲᠣᠷ ᠰᠠᠭᠤᠳᠠᠯ ᠬᠠᠢᠷᠠᠯᠠᠭᠰᠠᠨ᠎ᠠ᠂ ᠬᠣᠣ ᠮᠢᠩ ᠵᠣ᠌ ᠬᠠᠭᠠᠨ ᠤ᠋ ᠭᠡᠭᠡᠨ ᠢ᠋ ᠳᠡᠭᠡᠭᠰᠢ ᠬᠠᠨᠳᠤᠨ ᠨᠢᠭᠡᠨᠲᠡ ᠦᠵᠡᠭᠡᠳ ᠵᠢᠷᠦᠬᠡ ᠬᠡᠮᠬᠡᠷᠡᠵᠦ ᠪᠦᠬᠦᠯᠢ ᠪᠡᠶ᠎ᠡ ᠤᠮᠳᠠᠷᠠᠨ ᠬᠣᠶᠠᠷ ᠴᠢᠬᠢ ᠱᠤᠤᠭᠢᠵᠤ ᠨᠢᠳᠦ ᠬᠠᠷᠠᠯᠠᠨ ᠵᠠᠷᠯᠢᠭ ᠢ᠋ ᠰᠣᠨᠣᠰᠴᠤ ᠭᠠᠷᠤᠭᠰᠠᠨ ᠦᠭᠡᠢ ᠲᠣᠯᠣᠭᠠᠢ ᠳᠠᠷᠤᠵᠤ ᠵᠣᠭᠰᠣᠬᠤᠢ ᠳ᠋ᠤᠷ ᠰᠢᠳᠠᠷ ᠰᠠᠢᠳ ᠬᠠᠨᠴᠤᠢ ᠠ᠋ᠴᠠ ᠲᠠᠲᠠᠵᠤ ᠳᠡᠪᠢᠰᠬᠡᠷ ᠲᠣᠷ ᠳᠣᠬᠢᠭᠰᠠᠨ ᠳ᠋ᠤᠷ ᠯᠠᠪ ᠰᠥᠭᠥᠳ ᠬᠡᠮᠡᠭᠰᠡᠨ ᠪᠣᠯᠪᠠᠤ ᠭᠡᠮᠡᠨ ᠶᠠᠭᠠᠷᠠᠨ ᠡᠴᠢᠵᠦ ᠳᠡᠪᠢᠰᠬᠡᠷ ᠲᠣᠷ ᠰᠥᠭᠥᠳᠴᠦ ᠬᠣᠶᠠᠷ ᠭᠠᠷ ᠢ᠋ᠶ᠋ᠠᠨ ᠭᠠᠵᠠᠷ ᠢ᠋ ᠲᠤᠯᠵᠤ ᠬᠠᠭᠠᠨ ᠤ᠋ ᠵᠦᠭ ᠲᠣᠩᠭᠣᠢᠭᠰᠠᠨ ᠳ᠋ᠤᠷ ᠬᠠᠭᠠᠨ ᠤ᠋ ᠰᠢᠳᠠᠷ ᠰᠠᠢᠳ ᠶᠡᠬᠡᠯ᠎ᠡ ᠠᠶᠤᠯᠳᠤᠵᠤ ᠶᠠᠭᠠᠷᠠᠨ ᠢᠷᠡᠵᠦ ᠬᠣᠣ ᠮᠢᠩ ᠵᠣ᠌ ᠶ᠋ᠢ ᠲᠠᠲᠠᠵᠤ ᠰᠡᠮᠡᠬᠡᠷ ᠥᠭᠦᠯᠡᠷᠦᠨ ᠄ 《ᠬᠠᠭᠠᠨ ᠡᠵᠡᠨ ᠴᠢᠮ᠎ᠠ ᠳ᠋ᠤᠷ ᠰᠠᠭᠤᠳᠠᠯ ᠬᠠᠢᠷᠠᠯᠠᠭᠰᠠᠨ ᠪᠣᠯᠠᠢ᠂ ᠴᠢ ᠡᠢᠨ ᠰᠥᠭᠥᠳᠪᠡᠰᠦ ᠮᠠᠨ ᠤ᠋ ᠣᠰᠣᠯ ᠪᠣᠯᠬᠤ ᠦᠭᠡᠢ ᠤᠤ ? 》ᠬᠡᠮᠡᠭᠰᠡᠨ ᠳ᠋ᠦ᠍ᠷ ᠬᠣᠣ ᠮᠢᠩ ᠵᠣ᠌ ᠰᠠᠶᠢ ᠬᠠᠭᠠᠨ ᠤ᠋ ᠬᠡᠰᠢᠭ ᠲᠣᠷ ᠮᠥᠷᠭᠥᠨ ᠰᠥᠭᠥᠳᠴᠦ ᠰᠠᠭᠤᠪᠠ ᠃ ᠬᠠᠭᠠᠨ ᠡᠨᠡ ᠦᠶ᠎ᠡ ᠳ᠋ᠦ᠍ᠷ ᠰᠥᠩ ᠤᠯᠤᠰ ᠠ᠋ᠴᠠ ᠠᠢᠯᠠᠳᠬᠠᠭᠰᠠᠨ ᠨᠤᠭᠤᠯᠪᠤᠷᠢ ᠶ᠋ᠢ ᠦᠵᠡᠵᠦ ᠪᠠᠢᠭᠰᠠᠨ ᠲᠤᠯᠠ ᠡᠰᠡ ᠤᠪᠠᠢᠯᠠᠪᠠ᠃ ᠳᠠᠷᠤᠢ ᠬᠠᠭᠠᠨ ᠬᠠᠷᠢᠭᠤ ᠵᠠᠷᠯᠢᠭ ᠪᠣᠯᠤᠷᠤᠨ᠄ 《 ᠰᠥᠩ ᠤᠯᠤᠰ ᠬᠡᠮᠡᠭᠴᠢ ᠳᠤᠮᠳᠠᠳᠤ ᠤᠯᠤᠰ ᠤ᠋ᠨ ᠬᠠᠭᠤᠴᠢᠨ ᠤᠯᠤᠰ ᠪᠣᠯᠠᠢ᠂ ᠠᠯᠪᠠ ᠬᠦᠷᠭᠡᠪᠡᠰᠦ ᠪᠠᠷᠠᠪᠠ᠂ ᠬᠣᠢᠰᠢ ᠬᠠᠨᠳᠤᠨ ᠦᠢᠯᠡᠴᠢᠯᠡᠮᠦᠢ ᠬᠡᠮᠡᠬᠦ ᠦᠭᠡ ᠦᠯᠦ ᠨᠡᠢᠯᠡᠮᠦᠢ᠂ ᠬᠣᠢᠴᠢ ᠡᠳᠦᠷ ᠮᠢᠨᠦ ᠦᠷ᠎ᠡ ᠠᠴᠢ ᠮᠥᠨ ᠬᠦ᠌ ᠪᠠᠭᠤᠷᠠᠯ ᠪᠣᠢ᠂ ᠲᠡᠷᠡ ᠦᠶ᠎ᠡ ᠳ᠋ᠦ᠍ᠷ ᠰᠢᠨ᠎ᠡ ᠤᠯᠤᠰ ᠢ᠋ ᠪᠠᠰᠠ ᠬᠣᠢᠰᠢ ᠬᠠᠨᠳᠤᠨ ᠦᠢᠯᠡᠴᠢᠯᠡᠬᠦᠢ ᠳ᠋ᠦ᠍ᠷ ᠬᠦᠷᠪᠡᠰᠦ ᠶᠠᠭᠠᠬᠢᠨ ᠲᠦᠪᠳᠡᠮᠦᠢ ? ᠬᠣᠶᠠᠷ ᠤᠯᠤᠰ ᠬᠠᠷᠢᠯᠴᠠᠨ ᠲᠡᠢᠨ ᠡᠰᠡ ᠳᠡᠭᠳᠡᠭᠡᠪᠡᠰᠦ ᠪᠠᠷᠠᠪᠠ᠃ ᠠᠯᠪᠠ ᠮᠥᠨ ᠡᠨᠡ ᠮᠡᠲᠦ ᠬᠦᠨᠳᠦ ᠬᠡᠷᠡᠭ ᠦᠭᠡᠢ᠂ ᠬᠣᠶᠠᠷ ᠤᠯᠤᠰ ᠬᠠᠷᠢᠯᠴᠠᠨ ᠨᠠᠢᠷ ᠡᠰᠡ ᠲᠠᠰᠤᠷᠠᠪᠠᠰᠤ ᠪᠠᠷᠠᠪᠠ!》 ᠬᠡᠮᠡᠭᠰᠡᠨ ᠳ᠋ᠦ᠍ᠷ ᠰᠥᠩ ᠤᠯᠤᠰ ᠤ᠋ᠨ ᠴᠧᠩᠰᠢᠶᠠᠩ ᠬᠠᠭᠠᠨ ᠤ᠋ ᠡᠳᠡᠭᠡᠷ ᠦᠭᠡᠰ ᠲᠣᠷ ᠤᠬᠢᠯᠠᠨ ᠡᠨᠡᠯᠵᠦ ᠮᠥᠷᠭᠥᠪᠡ᠃ ᠬᠠᠭᠠᠨ ᠶᠧ ᠯᠢᠦᠢ ᠴᠦ ᠼᠠᠢ ᠪᠠᠷ ᠬᠠᠷᠢᠭᠤ ᠵᠠᠷᠯᠢᠭ ᠢ᠋ ᠪᠢᠴᠢᠭᠦᠯᠵᠦ ᠢᠯᠡᠭᠡᠪᠡ᠃ ᠰᠥᠩ ᠤᠯᠤᠰ ᠤ᠋ᠨ ᠡᠯᠴᠢ ᠴᠧᠩᠰᠢᠶᠠᠩ ᠬᠣᠣ ᠮᠢᠩ ᠵᠣ᠌ ᠴᠢᠩᠭᠢᠰ ᠬᠠᠭᠠᠨ ᠳ᠋ᠤᠷ ᠴᠢᠩ ᠦᠨᠡᠨ ᠰᠦᠰᠦᠭ ᠢ᠋ᠶ᠋ᠡᠷ ᠨᠢᠯᠪᠤᠰᠤ ᠤᠨᠠᠭᠠᠨ ᠮᠥᠷᠭᠥᠵᠦ ᠠᠶᠠᠷᠯᠠᠨ ᠲᠥᠷᠥ ᠡᠴᠡ ᠪᠠᠭᠤᠭᠰᠠᠨ ᠳ᠋ᠤᠷ ᠬᠠᠭᠠᠨ ᠲᠡᠷᠢᠭᠦᠯᠡᠭᠰᠡᠨ ᠲᠦᠰᠢᠮᠡᠳ ᠲᠡᠢᠰᠢ ᠲᠠᠢᠪᠤᠤ ᠪᠣᠯᠤᠨ ᠶᠧ ᠯᠢᠦᠢ ᠴᠦ ᠼᠠᠢ ᠨᠠᠷ ᠢ᠋ ᠢᠯᠡᠬᠡᠨ ᠶᠡᠬᠡ ᠬᠤᠷᠢᠮ ᠬᠤᠷᠢᠮᠯᠠᠨ᠂ ᠬᠦᠨᠳᠦ ᠱᠠᠩ ᠥᠭᠴᠦ ᠬᠠᠭᠠᠰ ᠠᠯᠪᠠ ᠶ᠋ᠢ ᠡᠭᠡᠭᠦᠯᠪᠡ᠃ 
       ᠲᠡᠳᠦᠢ ᠬᠣᠣ ᠮᠢᠩ ᠵᠣ᠌ ᠥᠪᠡᠷ ᠦ᠋ᠨ ᠤᠯᠤᠰ ᠲᠤᠷ ᠡᠭᠡᠵᠦ ᠢᠷᠡᠬᠦᠢ ᠳ᠋ᠦ᠍ᠷ ᠳᠠᠭᠠᠷᠢᠨ ᠥᠩᠭᠡᠷᠡᠬᠦ ᠭᠠᠵᠠᠷ ᠪᠦᠷᠢ ᠶᠡᠬᠡ ᠮᠣᠵᠢ ᠶ᠋ᠢᠨ ᠡᠵᠡᠳ ᠂  ᠹᠦ ᠂ ᠵᠧᠦ ᠂ ᠰᠢᠶᠠᠨ ᠤ᠋ ᠲᠦᠰᠢᠮᠡᠳ ᠣᠨᠳᠣᠨ ᠢᠷᠡᠵᠦ ᠶᠡᠬᠡ ᠬᠤᠷᠢᠮ ᠬᠤᠷᠢᠮᠯᠠᠬᠤᠢ ᠳ᠋ᠤᠷ ᠴᠧᠩᠰᠢᠶᠠᠩ ᠣᠯᠠᠨ ᠢ᠋ ᠮᠥᠨ ᠬᠤᠷᠢᠮ ᠳ᠋ᠤᠷ ᠰᠠᠭᠤᠯᠭᠠᠨ ᠰᠤᠯᠠ ᠦᠭᠡ ᠪᠣᠯᠤᠭᠰᠠᠭᠠᠷ ᠥᠭᠦᠯᠡᠷᠦᠨ᠄ 《ᠳᠡᠯᠡᠬᠡᠢ ᠳ᠋ᠠᠬᠢᠨ ᠬᠡᠮᠡᠭᠴᠢ ᠦᠨᠡᠬᠡᠷ ᠶᠡᠬᠡ ᠠᠵᠤᠭᠤ ! ᠶᠡᠬᠡᠰ ᠰᠠᠢᠳ ᠬᠡᠮᠡᠭᠴᠢ ᠣᠷᠴᠢᠯᠠᠩ ᠳ᠋ᠤᠷ ᠪᠠᠢᠬᠤ ᠠᠵᠤᠭᠤ᠃ ᠪᠢ ᠡᠨᠡ ᠤᠳᠠᠭ᠎ᠠ ᠮᠣᠩᠭᠣᠯ ᠳ᠋ᠤᠷ ᠬᠦᠷᠴᠦ ᠮᠣᠩᠭᠣᠯ ᠤ᠋ᠨ ᠡᠮᠦᠨ᠎ᠡ ᠶ᠋ᠢ ᠳᠠᠢᠯᠠᠬᠤ ᠶᠤᠸᠠᠨᠱᠤᠸᠠᠢ ᠭᠦᠸᠧ ᠸᠠᠩ ᠮᠤᠬᠤᠯᠢ ᠳ᠋ᠤᠷ ᠤᠴᠠᠷᠠᠵᠤ ᠨᠢᠭᠡᠨ ᠵᠡᠷᠭᠡ ᠭᠠᠢᠬᠠᠪᠠ᠂ ᠦᠨᠡᠬᠡᠷ ᠬᠡᠯᠡᠬᠦ ᠦᠭᠡ ᠡᠰᠡ ᠣᠯᠳᠠᠪᠠ᠃ ᠳᠠᠬᠢᠨ ᠮᠣᠩᠭᠣᠯ ᠤ᠋ᠨ ᠬᠠᠭᠠᠨ ᠳ᠋ᠤᠷ ᠤᠴᠠᠷᠠᠭᠠᠳ ᠴᠢᠷᠠᠢ ᠶ᠋ᠢᠨ ᠭᠡᠷᠡᠯ ᠪᠡᠶ᠎ᠡ ᠶ᠋ᠢᠨ ᠡᠷᠬᠢᠮ ᠢ᠋ ᠦᠵᠡᠭᠡᠳ ᠭᠠᠢᠬᠠᠵᠤ ᠰᠣᠴᠢᠪᠠ᠃ ᠬᠣᠢᠨ᠎ᠠ ᠲᠡᠭᠦᠨ ᠦ᠌ ᠦᠭᠡ ᠶ᠋ᠢᠨ ᠭᠠᠢᠬᠠᠯ ᠢ᠋ ᠡᠳᠦᠭᠡ ᠪᠣᠯᠲᠠᠯ᠎ᠠ ᠭᠠᠢᠬᠠᠵᠤ ᠣᠯᠬᠤ ᠦᠭᠡᠢ᠂ ᠬᠣᠢᠨ᠎ᠠ ᠪᠠᠰᠠ ᠶᠧ ᠯᠢᠦᠢ ᠴᠦ ᠼᠠᠢ ᠪᠠᠷ ᠬᠤᠷᠢᠮᠯᠠᠭᠤᠯᠤᠨ ᠡᠷᠲᠡ ᠡᠳᠦᠭᠡᠬᠢ ᠶ᠋ᠢ ᠰᠢᠭᠦᠮᠵᠢᠯᠡᠬᠦᠢ ᠳ᠋ᠦ᠍ᠷ ᠬᠠᠷᠢᠨ ᠨᠢᠭᠡᠨ ᠵᠦᠢᠯ ᠢ᠋ ᠴᠦ᠍ ᠠᠰᠠᠭᠤᠨ ᠡᠰᠡ ᠴᠢᠳᠠᠪᠠ᠃ ᠲᠡᠭᠦᠨ ᠦ᠌ ᠰᠢᠳᠠᠷ ᠬᠦᠷᠴᠦ ᠦᠵᠡᠬᠦᠯ᠎ᠡ ᠰᠠᠢᠨ ᠰᠢᠨᠵᠢ ᠥᠰᠪᠥᠷᠢ ᠰᠦᠷ ᠲᠡᠭᠡᠨ ᠮᠠᠨᠳᠤᠪᠠᠢ !》 ᠭᠡᠮᠡᠨ ᠬᠡᠯᠡᠯᠴᠡᠬᠦᠢ ᠳ᠋ᠦ᠍ᠷ ᠰᠥᠩ ᠤᠯᠤᠰ ᠤ᠋ᠨ ᠯᠢᠶᠠᠨ ᠱᠢ ᠬᠣᠲᠠ ᠶ᠋ᠢ ᠰᠠᠬᠢᠭᠰᠠᠨ ᠵᠠᠩᠵᠤᠨ ᠰᠢᠦᠢ ᠬᠦᠢ ᠮᠥᠨ ᠪᠠᠰᠠ ᠲᠡᠭᠷᠢ ᠶ᠋ᠢᠨ ᠨᠢᠭᠤᠴᠠ ᠶ᠋ᠢ ᠲᠠᠨᠢᠬᠤ ᠲᠤᠯᠠ ᠮᠣᠩᠭᠣᠯ ᠤ᠋ᠨ ᠶᠡᠬᠡ ᠬᠡᠷᠡᠭ ᠪᠦᠲᠦᠭᠡᠬᠦ ᠶ᠋ᠢ ᠬᠡᠳᠦᠢᠨᠡᠢ ᠮᠡᠳᠡᠭᠰᠡᠨ ᠦ᠌ ᠳᠡᠭᠡᠷ᠎ᠡ ᠡᠳᠦᠭᠡ ᠴᠧᠩᠰᠢᠶᠠᠩ ᠤ᠋ᠨ ᠦᠭᠡ ᠶ᠋ᠢ ᠰᠣᠨᠣᠰᠴᠤ ᠨᠢᠭᠡᠨ ᠰᠠᠨᠠᠭᠠᠨ ᠣᠷᠣᠵᠤ ᠳᠣᠪᠲᠣᠯᠤᠨ ᠶᠠᠪᠤᠪᠠ ᠃ ᠵᠢᠴᠢ ᠴᠧᠩᠰᠢᠶᠠᠩ ᠤᠯᠤᠰ ᠲᠤᠷ ᠬᠦᠷᠴᠦ ᠵᠠᠷᠯᠢᠭ ᠢ᠋ ᠡᠭᠡᠭᠦᠯᠵᠦ ᠶᠡᠬᠡ ᠱᠠᠩ ᠳ᠋ᠤᠷ ᠬᠦᠷᠲᠡᠪᠡ᠃ 
       ᠲᠡᠳᠦᠢ ᠰᠢᠦᠢ ᠬᠦᠢ ᠳ᠋ᠦᠩ ᠰᠢᠶᠠᠨ ᠤ᠋ ᠵᠡᠷᠭᠡ ᠲᠠᠮᠠᠭ᠎ᠠ ᠪᠠᠨ ᠠᠪᠴᠤ ᠣᠯᠠᠨ ᠴᠡᠷᠢᠭ ᠢᠷᠭᠡᠨ ᠢ᠋ᠶ᠋ᠡᠨ ᠳᠠᠭᠠᠭᠤᠯᠤᠨ ᠮᠤᠬᠤᠯᠢ ᠶ᠋ᠢᠨ ᠴᠡᠷᠢᠭ ᠦ᠋ᠨ ᠬᠦᠷᠢᠶ᠎ᠡ ᠶ᠋ᠢ ᠡᠷᠢᠨ ᠡᠴᠢᠵᠦ ᠣᠷᠣᠵᠤ ᠳᠠᠭᠠᠭᠰᠠᠨ ᠳ᠋ᠤᠷ ᠮᠤᠬᠤᠯᠢ ᠤᠴᠢᠷ ᠢ᠋ ᠠᠰᠠᠭᠤᠪᠠᠰᠤ᠂ ᠲᠡᠭᠦᠨ ᠦ᠌ ᠴᠧᠩᠰᠢᠶᠠᠩ ᠬᠣᠣ ᠮᠢᠩ ᠵᠣ᠌ ᠶ᠋ᠢᠨ ᠤᠴᠢᠷ ᠢ᠋ ᠡᠬᠢᠨ ᠡᠴᠡ ᠠᠳᠠᠭ ᠲᠤᠷ ᠬᠦᠷᠲᠡᠯ᠎ᠡ ᠮᠡᠳᠡᠭᠦᠯᠦᠭᠰᠡᠨ ᠳ᠋ᠦ᠍ᠷ ᠮᠤᠬᠤᠯᠢ ᠪᠠᠶᠠᠷᠯᠠᠵᠤ ᠰᠠᠨᠠᠷᠤᠨ᠄ 《ᠡᠨᠡ ᠰᠣᠶᠣᠯ ᠬᠡᠷᠡᠭᠲᠡᠢ ᠪᠣᠯᠤᠭᠰᠠᠨ ᠪᠣᠯᠠᠢ !? ᠭᠡᠮᠡᠨ ᠳ᠋ᠦ᠍ᠷ ᠢᠯᠡᠷᠬᠡᠢᠯᠡᠨ ᠠᠢᠯᠠᠳᠬᠠᠵᠤ᠂ ᠳ᠋ᠦᠩ ᠰᠢᠶᠠᠨ ᠤ᠋ ᠲᠤᠰᠢᠮᠡᠯ ᠰᠢᠦᠢ ᠬᠦᠢ ᠶ᠋ᠢ ᠯᠤᠤ ᠬᠦᠩ ᠴᠣᠯᠠ ᠥᠭᠴᠦ ᠵᠢᠢ ᠵᠧᠦ᠂ ᠶᠠᠨ ᠵᠧᠦ᠂ ᠱᠠᠨ ᠵᠧᠦ ᠡᠨᠡ ᠭᠤᠷᠪᠠᠨ ᠬᠣᠲᠠ ᠶ᠋ᠢᠨ ᠨᠡᠢᠳᠡᠮ ᠢ᠋ ᠵᠠᠬᠢᠷᠬᠤ ᠳ᠋ᠦᠲ᠋ᠦ᠋ᠩ ᠴᠣᠯᠠ ᠬᠠᠢᠷᠠᠯᠠᠪᠠᠢ᠃ 
       ᠡᠨᠡ ᠨᠠᠮᠤᠷ ᠬᠠᠭᠠᠨ ᠤ᠋ ᠭᠡᠭᠡᠨ ᠰᠢ ᠢᠦᠢ ᠤᠯᠤᠰ ᠤ᠋ᠨ ᠢ᠋ᠶ᠋ᠠᠨ ᠯᠠ ᠾᠧ ᠨᠡᠷᠡᠲᠦ ᠬᠣᠲᠠ ᠶ᠋ᠢ ᠬᠠᠳᠬᠤᠯᠳᠤᠵᠤ ᠨᠢᠭᠡᠨ ᠰᠥᠨᠢ ᠪᠡᠷ ᠣᠯᠠᠨ ᠴᠡᠷᠢᠭ ᠬᠣᠲᠠ ᠶ᠋ᠢ ᠳᠠᠪᠠᠵᠤ᠂ ᠨᠢᠭᠡᠨᠲᠡ ᠬᠡᠩᠭᠡᠷᠭᠡ ᠴᠣᠬᠢᠵᠤ ᠪᠠᠢᠯᠳᠤᠨ ᠠᠪᠤᠭᠰᠠᠨ ᠳ᠋ᠤᠷ ᠬᠠᠭᠠᠨ ᠤ᠋ ᠭᠤᠷᠪᠠᠨ ᠲᠠᠢᠽᠦ ᠵᠣᠴᠢ᠂ ᠴᠠᠭᠠᠲᠠᠢ᠂ ᠥᠭᠡᠳᠡᠢ ᠭᠤᠷᠪᠠᠨ ᠴᠢᠨ ᠸᠠᠩ ᠭᠤᠷᠪᠠᠨ ᠵᠦᠭ ᠲᠦ᠍ᠷ ᠮᠣᠷᠳᠠᠵᠤ᠂ ᠴᠢᠭ ᠴᠢᠭ ᠲᠣᠷ ᠢ᠋ᠶ᠋ᠠᠨ ᠵᠠᠮ ᠬᠤᠪᠢᠶᠠᠯᠴᠠᠨ ᠶᠠᠪᠤᠬᠤ ᠲᠤᠯᠠ ᠰᠢ ᠢᠦᠢ ᠤᠯᠤᠰ ᠤ᠋ᠨ ᠢᠦᠢ ᠯᠦᠩ ᠵᠢᠶᠧ ‍ᠤᠤᠢ ᠶ᠋ᠢᠨ ᠬᠠᠷᠢᠶᠠᠲᠤ ᠣᠯᠠᠨ ᠬᠣᠲᠠ ᠨᠤᠭᠤᠳ ᠢ᠋ ᠴᠢᠭ ᠴᠢᠭ ᠢ᠋ᠶ᠋ᠡᠷ ᠠᠪᠤᠯᠴᠠᠵᠤ᠂ ᠨᠠᠢ᠍ᠮᠠᠨ ᠬᠣᠲᠠ ᠶ᠋ᠢ ᠠᠪᠤᠪᠠ᠃ ᠤᠷᠢᠳᠤ ᠬᠣᠢᠲᠤ ᠶ᠋ᠢᠨ ᠨᠡᠢᠲᠡ ᠠᠪᠤᠭᠰᠠᠨ ᠠᠨᠤ ᠠᠷᠪᠠᠨ ᠳᠣᠯᠣᠭᠠᠨ ᠨᠠᠢ᠍ᠮᠠᠨ ᠬᠣᠲᠠ᠃ ᠡᠨᠡ ᠦᠶ᠎ᠡ ᠳ᠋ᠦ᠍ᠷ ᠴᠢᠩᠭᠢᠰ ᠬᠠᠭᠠᠨ ᠤ᠋ ᠬᠥᠪᠡᠭᠦᠨ ᠲᠣᠯᠢ ᠪᠠᠰᠠ ᠨᠢᠭᠡᠨ ᠠᠩᠭᠢ ᠴᠡᠷᠢᠭ ᠢ᠋ ᠠᠪᠴᠤ ᠬᠣᠢᠲᠤ ᠵᠦᠭ ᠡᠴᠡ ᠰᠢ ᠢᠦᠢ ᠶ᠋ᠢᠨ ᠭᠠᠵᠠᠷ ᠲᠤᠷ ᠣᠷᠣᠪᠠ᠃ ᠡᠭᠦᠨ ᠦ᠌ ᠪᠠᠷᠠᠭᠤᠨ ᠡᠲᠡᠭᠡᠳ ᠲᠣᠷ ᠵᠣᠭᠰᠣᠵᠤ ᠡᠭᠦᠨ ᠢ ᠲᠦᠷ ᠥᠭᠦᠯᠡᠬᠦ ᠦᠭᠡᠢ᠃ 
       ᠵᠢᠴᠢ ᠬᠡᠯᠡᠬᠦ ᠢᠨᠦ᠂ ᠡᠨᠡ ᠶᠢᠰᠦᠨ ᠰᠠᠷ᠎ᠠ ᠳ᠋ᠤᠷ ᠰᠥᠩ ᠤᠯᠤᠰ ᠤ᠋ᠨ ᠨᠢᠩᠽᠦ᠋ᠩ ᠬᠠᠭᠠᠨ ᠠᠬ᠎ᠠ ᠢ ᠸᠠᠩ ᠤ᠋ᠨ ᠭᠠᠭᠴᠠ ᠬᠥᠪᠡᠭᠦᠨ ᠢ᠋ ᠠᠪᠴᠤ ᠲᠡᠵᠢᠭᠡᠭᠰᠡᠨ ᠲᠤᠯᠠ ᠲᠡᠭᠦᠨ ᠦ᠌ ᠡᠷᠢᠵᠦ ᠣᠯᠤᠭᠰᠠᠨ ᠬᠦᠢ ᠴᠧᠩ ᠢ᠋ ᠢ ᠸᠠᠩ ᠳ᠋ᠤᠷ ᠦᠷ᠎ᠡ ᠪᠣᠯᠭᠠᠨ ᠦᠷᠡᠴᠢᠯᠡᠵᠦ ᠪᠠᠶᠠᠷ ᠬᠢᠬᠦᠢ ᠳ᠋ᠦ᠍ᠷ ᠮᠣᠩᠭᠣᠯ ᠤ᠋ᠨ ᠲᠠᠢᠽᠢ ᠴᠢᠨ ᠸᠠᠩ ᠴᠠᠭᠠᠲᠠᠢ ᠰᠢᠶᠠ ᠤᠯᠤᠰ ᠤ᠋ᠨ ᠡᠵᠡᠨ ᠯᠢ ᠽᠦᠨ ᠰᠢᠦᠢ ᠶ᠋ᠢ ᠡᠯᠴᠢ ᠪᠡᠷ ᠢᠯᠡᠭᠡᠵᠦ ᠰᠥᠩ ᠤᠯᠤᠰ ᠯᠤᠭ᠎ᠠ ᠵᠥᠪᠳᠡᠨ ᠨᠡᠢᠯᠡᠵᠦ᠂ ᠠᠯᠲᠠᠨ ᠢ᠋ ᠳᠠᠢᠯᠠᠰᠤᠭᠠᠢ ᠭᠡᠮᠡᠨ ᠵᠥᠪᠯᠡᠬᠦᠢ ᠳ᠋ᠦ᠍ᠷ ᠰᠥᠩ ᠤᠯᠤᠰ ᠳᠤᠷᠠᠲᠠᠶ᠎ᠠ ᠳᠠᠭᠠᠵᠤ ᠠᠷᠪᠠᠨ ᠰᠠᠷ᠎ᠠ ᠳ᠋ᠤᠷ ᠰᠥᠩ ᠰᠢᠶᠠ ᠬᠣᠶᠠᠷ ᠤᠯᠤᠰ ᠤ᠋ᠨ ᠴᠡᠷᠢᠭ ᠨᠡᠢᠯᠡᠵᠦ᠂ ᠠᠯᠲᠠᠨ ᠤ᠋ ᠡᠮᠦᠨ᠎ᠡ ᠬᠢᠵᠠᠭᠠᠷ ᠢ᠋ ᠪᠠᠢᠯᠳᠤᠵᠤ ᠬᠣᠶᠠᠷ ᠬᠣᠲᠠ ᠶ᠋ᠢ ᠠᠪᠤᠪᠠ᠃ ᠪᠠᠷᠠᠭᠤᠨ ᠡᠲᠡᠭᠡᠳ ᠰᠢ ᠢᠦᠢ ᠤᠯᠤᠰ ᠲᠤᠷ ᠬᠠᠭᠠᠨ ᠤ᠋ ᠳᠥᠷᠪᠡᠳᠦᠭᠡᠷ ᠲᠠᠢᠽᠢ ᠴᠢᠨ ᠸᠠᠩ ᠲᠣᠯᠢ ᠰᠢᠨ᠎ᠡ ᠰᠢᠯᠭᠠᠭᠰᠠᠨ ᠮᠣᠩᠭᠣᠯ ᠴᠡᠷᠢᠭ ᠲᠠᠪᠤᠨ ᠲᠦᠮᠡᠨ ᠢ ᠠᠪᠤᠨ ᠣᠷᠣᠵᠤ ᠢᠷᠡᠭᠡᠳ ᠰᠢ ᠢᠦᠢ ᠤᠯᠤᠰ ᠤ᠋ᠨ ᠮᠠ ᠦ ᠰᠠ ᠵᠢᠶᠧ ᠬᠦ ᠂ ᠮᠠᠩᠭᠤᠰ ᠤ᠋ᠨ ᠬᠥᠯ ᠂ ᠮᠠᠯ ᠤ᠋ᠨ ᠳᠡᠭᠡᠷ᠎ᠡ ᠂  ᠮᠠ ᠯᠦ᠍ ᠰᠢ ᠯᠡ ᠱᠢ ᠂ ᠬᠣᠶᠠᠷ ᠬᠣᠲᠠ ᠶ᠋ᠢ ᠭᠤᠷᠪᠠᠨ ᠡᠳᠦᠷ ᠪᠠᠢᠯᠳᠤᠵᠤ ᠳᠥᠷᠪᠡᠨ ᠥᠨᠴᠥᠭ ᠦ᠋ᠨ ᠠᠰᠠᠷ ᠢ᠋ ᠭᠠᠯ ᠰᠤᠮᠤ ᠪᠠᠷ ᠬᠠᠷᠪᠤᠵᠤ ᠭᠠᠯ ᠲᠠᠯᠪᠢᠵᠤ ᠂ ᠠᠪᠠᠭ᠎ᠠ ᠹᠦ ᠮᠠ᠂ ᠴᠡᠴᠡᠭ  ᠹᠦ ᠮᠠ ᠬᠣᠶᠠᠭᠤᠯᠠ ᠬᠣᠲᠠᠨ ᠳ᠋ᠤᠷ ᠲᠡᠷᠢᠭᠦᠯᠡᠨ ᠠᠪᠠᠷᠢᠨ ᠭᠠᠷᠴᠤ ᠬᠣᠶᠠᠷ ᠬᠣᠲᠠ ᠶ᠋ᠢ ᠬᠠᠮᠲᠤ ᠠᠪᠤᠪᠠ ᠃ 
       ᠲᠡᠳᠦᠢ ᠬᠠᠭᠠᠨ ᠳ᠋ᠤᠷ ᠮᠥᠷᠭᠥᠨ ᠵᠣᠯᠭᠠᠵᠤ᠂ ᠤᠯᠤᠰ ᠭᠦᠷᠦᠨ ᠦ᠌ ᠡᠬᠡ ᠲᠠᠢᠬᠡᠦ ᠬᠤᠸᠠᠩᠬᠡᠦ ᠶ᠋ᠢᠨ ᠠᠮᠤᠭᠤᠯᠠᠩ ᠢ᠋ ᠠᠢᠯᠠᠳᠬᠠᠪᠠ᠃ ᠬᠠᠭᠠᠨ ᠪᠡᠶᠡᠰᠦᠨ ᠵᠠᠷᠯᠢᠭ ᠪᠣᠯᠤᠷᠤᠨ᠄ 《ᠲᠡᠨᠡᠭ ᠬᠦᠷᠭᠡᠨ ᠳᠡᠭᠦᠦ ᠹᠦ ᠮᠠ᠂ ᠮᠢᠨᠦ ᠲᠡᠨᠡᠭ ᠬᠦᠷᠭᠡᠨ ᠴᠡᠴᠡᠭ᠂ ᠲᠡᠨᠡᠭ ᠬᠥᠪᠡᠭᠦᠨ ᠲᠣᠯᠢ ᠭᠤᠷᠪᠠᠭᠤᠯᠠ ᠶ᠋ᠢ ᠳᠠᠭᠠᠭᠤᠯᠵᠤ᠂ ᠲᠡᠨᠡᠭᠷᠡᠭᠡᠨ ᠶᠠᠪᠤᠵᠤ ᠬᠣᠲᠠ ᠳᠠᠪᠠᠬᠤ ᠪᠠᠨ ᠪᠠᠰᠠ ᠵᠣᠭᠰᠣᠭᠠᠳᠤᠢ ᠤᠤ ? ᠡᠷ᠎ᠡ ᠬᠥᠮᠦᠨ ᠶᠠᠭᠤᠨ ᠳ᠋ᠤᠷ ᠬᠡᠲᠦᠷᠬᠡᠢ ᠰᠢᠨᠤᠪᠠᠰᠤ ᠲᠡᠭᠦᠨ ᠦ᠌ ᠭᠡᠮ ᠢ᠋ ᠡᠳ᠋ᠯᠡᠮᠦᠢ᠂ ᠡᠭᠦᠨ ᠡᠴᠡ ᠬᠣᠢᠰᠢ ᠬᠣᠲᠠ ᠳᠠᠪᠠᠬᠤ ᠲᠦᠭᠰᠢᠭᠦᠷᠢ ᠲᠡᠢ ᠶᠠᠪᠤᠳᠠᠯ ᠢ᠋ ᠬᠡᠷᠬᠢᠪᠡᠴᠦ ᠪᠦᠦ ᠦᠢᠯᠡᠳ !》 ᠭᠡᠮᠡᠨ ᠵᠠᠷᠯᠢᠭ ᠪᠣᠯᠤᠭᠠᠳ ᠬᠦᠨᠳᠦ ᠱᠠᠩ ᠥᠭᠴᠦ ᠲᠠᠢᠽᠢ ᠲᠣᠯᠢ ᠴᠢᠨ ᠸᠠᠩ᠂ ᠬᠦᠷᠭᠡᠨ ᠴᠡᠴᠡᠭ ᠹᠦ ᠮᠠ ᠬᠣᠶᠠᠭᠤᠯᠠ ᠳ᠋ᠤᠷ ᠬᠦᠨᠳᠦ ᠱᠠᠩ ᠤ᠋ᠨ ᠶᠠᠭᠤᠮ᠎ᠠ ᠪᠠ ᠰᠥᠩ ᠡᠴᠡ ᠬᠦᠷᠭᠡᠵᠦ ᠢᠷᠡᠭᠰᠡᠨ ᠨᠠᠷᠢᠨ ᠡᠳ᠋ ᠠᠯᠲᠠᠨ ᠰᠤᠪᠤᠳ ᠤᠭᠶᠤ ᠱ᠌ᠢᠷᠦ ᠶ᠋ᠢᠨ ᠵᠦᠢᠯ ᠢ ᠲᠠᠢᠰᠢ  ᠭᠦᠸᠧ ᠸᠠᠩ ᠮᠤᠬᠤᠯᠢ ᠳ᠋ᠤᠷ ᠱᠠᠩᠨᠠᠨ ᠡᠷᠭᠢᠨ ᠦᠵᠡᠭᠦᠯᠦᠷ᠎ᠡ ᠢᠯᠡᠭᠡᠬᠦᠢ ᠳ᠋ᠦ᠍ᠷ ᠬᠣᠷᠢᠨ ᠵᠢᠷᠤᠮᠲᠠᠨ ᠤ᠋ ᠠᠯᠲᠠᠨ ᠲᠠᠮᠠᠭ᠎ᠠ ᠰᠣᠶᠣᠷᠬᠠᠵᠤ᠄《 ᠭᠠᠪᠢᠶ᠎ᠠ ᠵᠢᠳᠬᠦᠯᠲᠡᠨ ᠦ᠌ ᠳᠠᠩ ᠢ᠋ ᠦᠵᠡᠵᠦ ᠬᠥᠬᠢᠭᠡᠨ ᠬᠥᠮᠦᠵᠢᠭᠦᠯᠵᠦ ᠤᠯᠤᠰ ᠢ᠋ᠶ᠋ᠠᠨ ᠪᠠᠢᠭᠤᠯ᠃ ᠬᠣᠢᠲᠤ ᠵᠢᠯ ᠵᠠᠪᠰᠠᠷ ᠢ᠋ ᠦᠵᠡᠵᠦ ᠰᠠᠢᠨ ᠬᠥᠮᠦᠨ ᠳ᠋ᠦ᠍ᠷ ᠴᠡᠷᠢᠭ ᠢ᠋ ᠵᠠᠬᠢᠷᠤᠭᠤᠯᠤᠨ ᠨᠢᠭᠡᠨ ᠤᠳᠠᠭ᠎ᠠ ᠡᠭᠡᠵᠦ ᠢᠷ᠎ᠡ᠂ ᠪᠢ ᠬᠣᠶᠠᠷ ᠣᠨ ᠦᠵᠡᠭᠰᠡᠨ ᠦᠭᠡᠢ ᠲᠤᠯᠠ ᠰᠡᠳᠬᠢᠯ ᠳ᠋ᠦ᠍ᠷ ᠦᠨᠡᠬᠡᠷ ᠰᠠᠨᠠᠭᠳᠠᠮᠤᠢ ! 》ᠭᠡᠮᠡᠨ ᠡᠷᠭᠢᠨ ᠦᠵᠡᠭᠦᠯᠦᠷ᠎ᠡ ᠢᠯᠡᠭᠡᠪᠡ᠃ ᠡᠨᠡ ᠦᠶ᠎ᠡ ᠳ᠋ᠦ᠍ᠷ ᠲᠡᠢᠰᠢ ᠭᠦᠸᠧ ᠸᠠᠩ ᠮᠤᠬᠤᠯᠢ ᠶᠡᠬᠡ ᠴᠡᠷᠢᠭ ᠢ᠋ ᠠᠪᠴᠤ ᠶᠦᠨ ᠵᠦᠩ ᠦ᠋ᠨ ᠭᠠᠵᠠᠷ ᠢ᠋ᠶ᠋ᠠᠷ ᠨᠡᠪᠲᠡᠯᠦᠨ ᠣᠷᠣᠭᠠᠳ ᠲᠠᠢ ᠬᠤ᠋ ᠵᠠᠢ ᠶ᠋ᠢᠨ ᠬᠣᠷᠣᠭ᠎ᠠ ᠶ᠋ᠢ ᠳᠠᠭᠠᠷᠢᠨ ᠲᠦᠪᠰᠢᠳᠬᠡᠵᠦ᠂ ᠳ᠋ᠤᠸᠠᠨ ᠵᠧᠦ ᠬᠣᠲᠠᠨ᠎ᠠ ᠭᠡᠨᠡᠳᠲᠡ ᠣᠷᠣᠬᠤᠢ ᠳ᠋ᠤᠷ ᠠᠯᠲᠠᠨ ᠤᠯᠤᠰ ᠤ᠋ᠨ ᠵᠠᠩᠵᠤᠨ ᠸᠠᠩ ᠬᠦ ᠽᠢ ᠰᠠᠨᠠᠭᠠᠨ ᠳ᠋ᠤᠷ ᠦᠭᠡᠢ ᠪᠠᠢᠬᠤᠢ ᠳ᠋ᠤᠷ ᠬᠣᠲᠠ ᠶ᠋ᠢᠨ ᠬᠠᠭᠠᠯᠭ᠎ᠠ ᠬᠠᠭᠠᠵᠤ ᠵᠠᠪᠳᠤᠭᠰᠠᠨ ᠦᠭᠡᠢ ᠮᠣᠩᠭᠣᠯ ᠤ᠋ᠨ ᠴᠡᠷᠢᠭ ᠴᠣᠬᠢᠨ ᠣᠷᠣᠭᠰᠠᠨ ᠳ᠋ᠤᠷ ᠸᠠᠩ ᠬᠦ ᠽᠢ ᠶᠠᠭᠠᠷᠠᠨ ᠬᠣᠢᠲᠤ ᠬᠠᠭᠠᠯᠭ᠎ᠠ ᠪᠠᠷ ᠭᠠᠷᠴᠤ ᠳᠤᠲᠠᠭᠠᠪᠠ᠃ ᠳᠠᠭᠠᠯᠳᠤᠭ᠎ᠠ ᠬᠠᠭᠠᠨ ᠤ᠋ ᠭᠦᠸᠧ ᠸᠠᠩ ᠢ᠋ ᠡᠷᠭᠢᠨ ᠦᠵᠡᠬᠦ ᠲᠠᠢᠽᠢ ᠹᠦ ᠮᠠ ᠨᠠᠷ ᠬᠦᠷᠴᠦ ᠢᠷᠡᠭᠰᠡᠨ ᠳ᠋ᠦ᠍ᠷ ᠭᠦᠸᠧ ᠸᠠᠩ ᠮᠤᠬᠤᠯᠢ ᠬᠣᠲᠠ ᠭᠠᠷᠴᠤ ᠤᠭᠲᠤᠨ ᠬᠦᠵᠢᠰ ᠦ᠋ᠨ ᠰᠢᠷᠡᠭᠡ ᠠᠪᠴᠤ ᠵᠠᠷᠯᠢᠭ ᠤ᠋ᠨ ᠪᠢᠴᠢᠭ ᠢ᠋ ᠮᠥᠷᠭᠥᠨ ᠬᠦᠯᠢᠶᠡᠨ ᠠᠪᠴᠤ ᠱᠠᠩ ᠬᠡᠰᠢᠭ ᠲᠣᠷ ᠬᠦᠷᠲᠡᠭᠰᠡᠨ ᠬᠣᠢᠨ᠎ᠠ ᠰᠠᠶᠢ ᠹᠦ ᠮᠠ ᠲᠠᠢᠽᠢ ᠨᠠᠷ ᠭᠦᠸᠧ ᠸᠠᠩ ᠳ᠋ᠤᠷ ᠶᠣᠰᠣᠯᠠᠨ ᠵᠣᠯᠭᠠᠵᠤ᠂ ᠠᠨᠳᠠ ᠠᠬ᠎ᠠ ᠶ᠋ᠢᠨ ᠶᠣᠰᠣ ᠪᠠᠷ ᠬᠦᠨᠳᠦᠯᠡᠮᠦᠢ᠂ ᠡᠭᠦᠨ ᠢ᠋ ᠠᠯᠲᠠᠨ ᠤ᠋ ᠲᠦᠰᠢᠮᠡᠳ ᠦᠵᠡᠭᠡᠳ ᠴᠥᠮ ᠭᠠᠢᠬᠠᠯᠴᠠᠪᠠ᠃ 
        ᠲᠡᠳᠦᠢ ᠱᠢ ᠲᠢᠶᠠᠨ ᠢᠩ ᠮᠥᠨ ᠢᠷᠡᠵᠦ ᠭᠦᠸᠧ ᠸᠠᠩ ᠤ᠋ᠨ ᠪᠠᠶᠠᠷ ᠲᠤᠷ ᠮᠥᠷᠭᠥᠵᠦ ᠶᠡᠬᠡ ᠬᠤᠷᠢᠮ ᠬᠤᠷᠢᠮᠯᠠᠬᠤᠢ ᠳ᠋ᠤᠷ ᠲᠠᠢᠽᠢ ᠹᠦ ᠮᠠ ᠨᠠᠷ ᠡᠷᠬᠡᠪᠰᠢ ᠭᠦᠸᠧ ᠸᠠᠩ ᠮᠤᠬᠤᠯᠢ ᠶ᠋ᠢ ᠳᠡᠭᠡᠳᠦ ᠰᠠᠭᠤᠳᠠᠯ ᠳ᠋ᠤᠷ ᠨᠠᠢᠷ ᠲᠠᠯᠪᠢᠬᠤᠢ ᠳ᠋ᠤᠷ᠂ ᠮᠤᠬᠤᠯᠢ ᠥᠭᠦᠯᠡᠷᠦᠨ᠄《ᠬᠡᠷᠬᠢᠪᠡᠴᠦ ᠪᠣᠯᠬᠤ ᠦᠭᠡᠢ᠂ ᠬᠢᠲᠠᠳ ᠤ᠋ᠨ ᠭᠠᠵᠠᠷ ᠲᠤᠷ ᠪᠥᠭᠡᠳ ᠡᠵᠡᠨ ᠡᠰᠢ ᠦᠭᠡᠢ ᠠᠭᠠᠰᠢᠯᠠᠵᠤ ᠬᠡᠷᠬᠢᠨ ᠪᠣᠯᠬᠤ ! 》ᠬᠡᠮᠡᠬᠦᠢ ᠳ᠋ᠦ᠍ᠷ ᠲᠠᠢᠽᠢ ᠹᠦ ᠮᠠ ᠨᠠᠷ ᠬᠦᠯᠢᠶᠡᠬᠦ ᠦᠭᠡᠢ᠂ ᠤᠯᠤᠰ ᠤ᠋ᠨ ᠲᠠᠢᠰᠢ ᠳ᠋ᠤᠷ ᠠᠳᠠᠯᠢᠰᠢᠶᠠᠬᠤ ᠰᠠᠢᠳ ᠦᠭᠡᠢ ᠭᠡᠮᠡᠨ ᠲᠣᠯᠣᠭᠠᠢ ᠳᠠᠷᠤᠵᠤ ᠳᠤᠮᠳᠠ ᠰᠠᠭᠤᠯᠭᠠᠪᠠ᠃ ᠡᠭᠦᠨ ᠳ᠋ᠦ᠍ᠷ ᠠᠯᠲᠠᠨ ᠤ᠋ ᠰᠠᠢᠳ ᠲᠦᠰᠢᠮᠡᠳ ᠮᠣᠩᠭᠣᠯ ᠤ᠋ᠨ ᠶᠣᠰᠣ ᠵᠢᠷᠤᠮ ᠬᠠᠷᠢᠨ ᠡᠷᠲᠡᠨ ᠦ᠌ ᠬᠠᠭᠠᠳ ᠤ᠋ᠨ ᠪᠠᠢᠳᠠᠯ ᠯᠤᠭ᠎ᠠ ᠠᠳᠠᠯᠢ ᠶ᠋ᠢ ᠰᠠᠶᠢ ᠮᠡᠳᠡᠪᠡ ᠃ 
       ᠲᠡᠳᠦᠢ ᠬᠤᠷᠢᠮ ᠲᠠᠷᠬᠠᠵᠤ᠂ ᠮᠤᠬᠤᠯᠢ ᠬᠠᠭᠠᠨ ᠤ᠋ ᠬᠡᠰᠢᠭ ᠲᠣᠷ ᠮᠥᠷᠭᠥᠵᠦ ᠪᠣᠳᠣᠷᠣᠣᠯ ᠪᠢᠴᠢᠭ ᠪᠠᠷᠢᠭᠤᠯᠤᠨ ᠬᠣᠶᠠᠷ ᠸᠠᠩ ᠮᠣᠷᠳᠠᠪᠠ᠃ ᠣᠯᠠᠨ ᠶᠡᠬᠡ ᠰᠠᠢᠳ ᠣᠷᠣᠭᠰᠢ ᠴᠡᠷᠢᠭ ᠣᠷᠣᠬᠤ ᠶ᠋ᠢ ᠵᠥᠪᠯᠡᠬᠦᠢ ᠳ᠋ᠦ᠍ᠷ ᠱᠢ ᠲᠢᠶᠠᠨ ᠢᠩ ᠂ ᠭᠦᠸᠧ ᠸᠠᠩ ᠳ᠋ᠤᠷ ᠮᠡᠳᠡᠭᠦᠯᠦᠷᠦᠨ᠄ 《ᠡᠳᠦᠭᠡ ᠰᠥᠩ ᠤᠯᠤᠰ ᠬᠡᠳᠦᠢ ᠳᠠᠭᠠᠪᠠᠴᠤ ᠪᠠᠲᠤ ᠢᠲᠡᠭᠡᠬᠦ ᠭᠠᠵᠠᠷ ᠦᠭᠡᠢ ᠂ ᠳ᠋ᠤᠸᠠᠨ ᠵᠧᠦ ᠬᠣᠲᠠ ᠡᠷᠲᠡ ᠳ᠋ᠦ᠍ᠷ ᠠᠯᠲᠠᠨ ᠤᠯᠤᠰ ᠰᠢᠶᠠ ᠤᠯᠤᠰ ᠬᠣᠶᠠᠭᠤᠯᠠ ᠶ᠋ᠢᠨ ᠬᠠᠭᠤᠷᠮᠠᠭ ᠨᠤᠲᠤᠭ ᠠᠮᠤᠢ᠂ ᠡᠨᠡ ᠭᠠᠵᠠᠷ ᠰᠠᠭᠤᠬᠤᠢ ᠳ᠋ᠤᠷ ᠪᠠᠲᠤ ᠪᠥᠭᠡᠳ ᠡᠳ᠋ ᠢᠳᠡᠭᠡᠨ ᠡᠯᠪᠡᠭ᠂ ᠰᠠᠩ ᠬᠥᠮᠥᠷᠭᠡ ᠳᠦᠭᠦᠷᠡᠩ᠂ ᠠᠰᠠᠷ ᠣᠷᠳᠣᠨ ᠠᠭᠤᠳᠠᠮ᠂ ᠲᠠᠷᠢᠶ᠎ᠠ ᠲᠥᠮᠥᠰᠥ ᠵᠤᠵᠠᠭᠠᠨ᠂ ᠡᠨᠡ ᠭᠠᠵᠠᠷ ᠢ᠋ ᠬᠢᠴᠢᠶᠡᠨ ᠰᠠᠬᠢᠪᠠᠰᠤ ᠭᠠᠳᠠᠭᠠᠳᠤ ᠳᠠᠢᠰᠤᠨ ᠬᠠᠯᠳᠠᠬᠤᠶ᠎ᠠ ᠪᠡᠷᠬᠡ᠃ ᠡᠳᠦᠭᠡ ᠸᠠᠩ ᠨᠢᠭᠡᠨᠲᠡ ᠡᠨᠡ ᠭᠠᠵᠠᠷ ᠢ᠋ ᠣᠯᠤᠭᠰᠠᠨ ᠲᠤᠯᠠ ᠡᠷᠬᠡᠪᠰᠢ ᠪᠠᠭᠠᠲᠤᠷ ᠪᠣᠳᠣᠯᠭᠠᠲᠤ ᠰᠠᠢᠨ ᠵᠠᠩᠵᠤᠨ ᠢ᠋ ᠰᠣᠩᠭᠣᠨ ᠰᠠᠬᠢᠭᠤᠯᠵᠤ᠂ ᠣᠯᠠᠨ ᠣᠩᠭᠣᠴᠠ ᠶ᠋ᠢ ᠤᠷᠢᠳᠠᠰᠠ ᠪᠡᠯᠡᠳᠬᠡᠵᠦ ᠂ ᠰᠠᠢᠨ ᠬᠥᠭᠥᠷᠭᠡ ᠪᠠᠷᠢᠵᠤ ᠰᠠᠬᠢᠪᠠᠰᠤ ᠲᠦᠮᠡᠨ ᠦᠶ᠎ᠡ ᠡᠮᠦᠨ᠎ᠡ ᠭᠠᠵᠠᠷ ᠢ᠋ ᠬᠠᠮᠭᠠᠯᠠᠬᠤ ᠦᠨᠳᠦᠰᠦ ᠪᠣᠯᠠᠢ !》 ᠬᠡᠮᠡᠭᠰᠡᠨ ᠳ᠋ᠦ᠍ᠷ ᠮᠤᠬᠤᠯᠢ ᠶᠡᠬᠡᠯ᠎ᠡ ᠪᠠᠶᠠᠷᠯᠠᠨ ᠰᠠᠢᠰᠢᠶᠠᠭᠠᠳ ᠱᠢ ᠲᠢᠶᠠᠨ ᠢᠩ ᠢ ᠡᠨᠡ ᠭᠠᠵᠠᠷ ᠢ᠋ ᠵᠠᠬᠢᠷᠬᠤ ᠳᠦ ᠶᠤᠸᠠᠨᠱᠤᠸᠠᠢ ᠪᠣᠯᠭᠠᠭᠠᠳ ᠰᠢᠯᠭᠠᠭᠰᠠᠨ ᠴᠡᠷᠢᠭ ᠲᠠᠪᠤᠨ ᠮᠢᠩᠭᠠᠨ ᠦᠯᠡᠳᠡᠭᠡᠵᠦ ᠰᠠᠬᠢᠭᠤᠯᠤᠨ᠂ ᠥᠪᠡᠷ ᠦ᠋ᠨ ᠴᠡᠷᠢᠭ ᠢ᠋ᠶ᠋ᠡᠨ ᠠᠪᠴᠤ ᠣᠷᠣᠭᠰᠢ ᠣᠷᠣᠪᠠ᠃ 
       ᠲᠡᠳᠦᠢ ᠱᠢ ᠲᠢᠶᠠᠨ ᠢᠩ ᠣᠩᠭᠣᠴᠠ ᠰᠠᠯ ᠢ᠋ ᠶᠡᠬᠡᠯ᠎ᠡ ᠪᠡᠯᠡᠳᠬᠡᠨ᠂ ᠪᠠᠰᠠ ᠶᠡᠬᠡ ᠤᠷᠠᠴᠤᠳ ᠢ᠋ ᠴᠤᠭᠯᠠᠭᠤᠯᠤᠨ ᠬᠥᠭᠥᠷᠭᠡ ᠪᠠᠷᠢᠭᠤᠯᠬᠤᠢ ᠳ᠋ᠤᠷ ᠣᠯᠠᠨ ᠵᠠᠩᠵᠤᠨ ᠨᠠᠷ ᠢᠳᠬᠠᠨ ᠥᠭᠦᠯᠡᠷᠦᠨ ᠄《ᠮᠥᠷᠡᠨ ᠦ᠌ ᠤᠷᠤᠰᠬᠠᠯ ᠲᠦᠷᠭᠡᠨ ᠳᠠᠪᠠᠯᠭᠠᠨ ᠥᠨᠳᠥᠷ ᠂ ᠤᠴᠢᠷ ᠦᠭᠡᠢ ᠬᠦᠴᠦᠨ ᠰᠦᠢᠳᠬᠡᠭᠦᠵᠡᠢ ᠂ ᠶᠠᠭᠠᠬᠢᠨ ᠬᠥᠭᠥᠷᠭᠡ ᠪᠠᠷᠢᠵᠤ ᠪᠣᠯᠬᠤ !》ᠬᠡᠮᠡᠭᠰᠡᠨ ᠳ᠋ᠦ᠍ᠷ ᠱᠢ ᠲᠢᠶᠠᠨ ᠢᠩ ᠵᠢᠴᠢ ᠡᠳᠦᠷ ᠨᠢᠭᠡᠨ ᠢᠯᠳᠦ ᠨᠢᠭᠡᠨ ᠲᠤᠩᠬᠠᠭ ᠭᠠᠷᠭᠠᠪᠠ᠃ ᠲᠡᠭᠦᠨ ᠦ᠌ ᠦᠭᠡ ᠄ ᠬᠡᠨ ᠬᠥᠮᠦᠨ ᠮᠢᠨᠦ ᠬᠥᠭᠥᠷᠭᠡ ᠪᠠᠷᠢᠬᠤ ᠶ᠋ᠢ ᠬᠠᠷᠢᠭᠤᠴᠠᠨ ᠢᠳᠬᠠᠵᠤ ᠶᠡᠬᠡ ᠦᠢᠯᠡᠰ ᠢ᠋ ᠪᠦᠲᠦᠭᠡᠬᠦ ᠬᠡᠷᠡᠭ ᠢ᠋ ᠰᠠᠭᠠᠳᠠᠭᠤᠯᠤᠨ ᠬᠡᠯᠡᠯᠴᠡᠪᠡᠰᠦ ᠤᠷᠢᠳᠠ ᠡᠨᠡ ᠢᠯᠳᠦᠨ ᠢ᠋ᠶ᠋ᠡᠷ ᠲᠣᠯᠣᠭᠠᠢ ᠶ᠋ᠢ ᠣᠭᠲᠣᠯᠤᠮᠤᠢ  》ᠭᠡᠮᠡᠨ ᠵᠠᠷᠯᠠᠪᠠ᠃ ᠲᠡᠳᠦᠢ ᠣᠯᠠᠨ ᠵᠠᠩᠵᠤᠨ ᠳᠠᠭᠤᠨ ᠢ᠋ᠶ᠋ᠠᠨ ᠬᠤᠷᠢᠶᠠᠵᠤ ᠱᠢ ᠲᠢᠶᠠᠨ ᠢᠩ ᠮᠥᠷᠡᠨ ᠦ᠌ ᠬᠥᠪᠡᠭᠡ ᠳ᠋ᠦ᠍ᠷ ᠮᠣᠩᠭᠣᠯ ᠪᠠᠭᠤᠳᠠᠯ ᠢ᠋ᠶ᠋ᠠᠷ ᠪᠠᠭᠤᠵᠤ ᠨᠢᠳᠦ ᠪᠡᠷ ᠦᠵᠡᠵᠦ᠂ ᠤᠨᠠᠭᠤᠯᠢ ᠤᠬᠤᠭᠤᠯᠤᠨ ᠮᠥᠷᠡᠨ ᠦ᠌ ᠤᠰᠤ ᠶ᠋ᠢ ᠵᠠᠰᠠᠭᠤᠯᠤᠨ ᠤᠷᠤᠰᠬᠠᠵᠤ᠂ ᠳᠠᠷᠤᠢ ᠬᠠᠭᠤᠴᠢᠨ ᠭᠠᠵᠠᠷ ᠲᠤᠷ ᠭᠤᠷᠪᠠᠨ ᠵᠠᠩ ᠤ᠋ᠨ ᠭᠦᠨ ᠡᠴᠡ ᠴᠢᠯᠠᠭᠤ ᠳᠡᠪᠢᠰᠴᠦ ᠰᠢᠷᠠᠮᠤ ᠪᠠᠷ ᠭᠣᠣᠯ ᠴᠢᠳᠬᠤᠭᠤᠯᠤᠨ᠂ ᠴᠣᠭᠣᠷᠣᠬᠠᠢ ᠴᠢᠯᠠᠭᠤ ᠶ᠋ᠢ ᠳᠡᠪᠢᠰᠴᠦ ᠭᠠᠷᠠᠬ᠎ᠠ ᠶ᠋ᠢᠨ ᠲᠣᠪᠴᠢ ᠪᠠᠷ ᠲᠣᠪᠴᠢᠯᠠᠨ ᠴᠢᠳᠬᠤᠵᠤ ᠬᠡᠳᠦᠨ ᠰᠠᠷ᠎ᠠ ᠪᠣᠯᠤᠭᠰᠠᠨ ᠦᠭᠡᠢ ᠬᠥᠭᠥᠷᠭᠡ ᠪᠠᠷᠢᠵᠤ ᠳᠠᠭᠤᠰᠤᠨ ᠤᠰᠤᠨ ᠢ᠋ ᠵᠠᠯᠠᠵᠤ ᠣᠷᠣᠭᠤᠯᠪᠠ᠃ ᠡᠨᠡ ᠦᠶ᠎ᠡ ᠳ᠋ᠦ᠍ᠷ ᠳ᠋ᠤᠸᠠᠨ ᠵᠧᠦ ᠶ᠋ᠢ ᠡᠵᠡᠯᠡᠭᠰᠡᠨ ᠸᠠᠩ ᠰᠥᠩ ᠰᠦ ᠰᠠᠷᠨᠢᠭᠰᠠᠨ ᠴᠡᠷᠢᠭ ᠢ᠋ᠶ᠋ᠡᠨ ᠠᠪᠴᠤ ᠳᠠᠬᠢᠨ ᠢᠷᠡᠵᠦ ᠬᠠᠯᠳᠠᠬᠤ ᠰᠠᠨᠠᠭᠠᠨ ᠪᠠᠷᠢᠵᠤ ᠪᠦᠬᠦᠢ ᠳ᠋ᠦ᠍ᠷ ᠳᠣᠷᠣᠭᠰᠢ ᠣᠯᠠᠨ ᠬᠣᠲᠠ ᠯᠤᠭ᠎ᠠ ᠵᠠᠯᠭᠠᠯᠳᠤᠬᠤ ᠶᠡᠬᠡ ᠬᠥᠭᠥᠷᠭᠡ ᠪᠦᠲᠦᠭᠡᠭᠰᠡᠨ ᠳ᠋ᠦ᠍ᠷ ᠰᠢᠶᠠ ᠬᠦ ᠭᠤᠸᠠᠨ ᠬᠡᠷᠡᠮ ᠡᠴᠡ ᠪᠡᠨ ᠳᠤᠲᠠᠭᠠᠨ ᠣᠳᠪᠠᠢ᠃ ᠲᠡᠳᠦᠢ ᠱᠢ ᠲᠢᠶᠠᠨ ᠢᠩ ᠶᠡᠬᠡ ᠴᠡᠷᠢᠭ ᠢ᠋ ᠡᠭᠡᠵᠦ ᠳᠥᠷᠪᠡᠨ ᠵᠦᠭ ᠲᠦ᠍ᠷ ᠲᠠᠷᠬᠠᠭᠠᠨ ᠳᠠᠢᠯᠠᠭᠤᠯᠵᠤ ᠰᠢᠶᠠ ᠬᠦᠢ ᠶ᠋ᠢᠨ ᠭᠠᠵᠠᠷ ᠢ ᠳᠠᠬᠢᠨ ᠲᠣᠭᠲᠠᠭᠠᠨ ᠠᠪᠤᠪᠠ᠃ 
       ᠲᠡᠨᠳᠡᠴᠡ ᠱᠢ ᠲᠢᠶᠠᠨ ᠢᠩ ᠂ ᠹᠸᠨ ᠱᠦᠢ ᠮᠥᠷᠡᠨ ᠦ᠌ ᠵᠡᠭᠦᠨ ᠡᠲᠡᠭᠡᠳ ᠭᠦᠸᠧ ᠸᠠᠩ ᠮᠤᠬᠤᠯᠢ ᠳ᠋ᠤᠷ ᠢᠷᠡᠵᠦ ᠠᠭᠤᠯᠵᠠᠭᠠᠳ ᠬᠥᠭᠥᠷᠭᠡ ᠪᠦᠲᠦᠵᠦ ᠰᠢᠶᠠ ᠬᠦᠢ ᠶ᠋ᠢ ᠲᠣᠭᠲᠠᠭᠠᠭᠰᠠᠨ ᠢ᠋ ᠮᠡᠳᠡᠭᠦᠯᠦᠭᠰᠡᠨ ᠳ᠋ᠦ᠍ᠷ ᠮᠤᠬᠤᠯᠢ ᠶᠡᠬᠡᠯ᠎ᠡ ᠰᠠᠢᠰᠢᠶᠠᠵᠤ ᠬᠠᠮᠲᠤ ᠬᠤᠷᠢᠮᠯᠠᠵᠤ ᠂ ᠲᠡᠭᠦᠨ ᠳ᠋ᠦ᠍ᠷ ᠡᠮᠦᠨ᠎ᠡ ᠵᠦᠭ ᠳᠠᠢᠯᠠᠬᠤ ᠪᠠ ᠠᠪᠬᠤ ᠰᠠᠬᠢᠬᠤ ᠠᠷᠭ᠎ᠠ ᠶ᠋ᠢ ᠬᠢᠨᠠᠨ ᠰᠤᠷᠭᠠᠪᠠ᠃ 
       ᠲᠡᠳᠦᠢ ᠱᠢ ᠲᠢᠶᠠᠨ ᠢᠩ ᠂ ᠳ᠋ᠤᠸᠠᠨ ᠵᠧᠦ ᠳ᠋ᠦ᠍ᠷ ᠢ᠋ᠶ᠋ᠡᠨ ᠡᠭᠡᠨ ᠢᠷᠡᠵᠦ ᠣᠯᠠᠨ ᠵᠠᠩᠵᠤᠨ ᠢ᠋ᠶ᠋ᠠᠨ ᠬᠤᠷᠢᠮᠯᠠᠵᠤ ᠵᠢᠭᠦᠷ ᠰᠥᠳᠥ ᠪᠡᠨ ᠬᠠᠮᠲᠤ ᠠᠪᠴᠤ ᠣᠯᠠᠨ ᠤ᠋ ᠵᠦᠭ ᠰᠤᠷᠭᠠᠨ ᠥᠭᠦᠯᠡᠷᠦᠨ᠄  ᠪᠢᠳᠡ ᠪᠦᠭᠦᠳᠡᠭᠡᠷ ᠡᠨᠡ ᠭᠠᠵᠠᠷ ᠢ᠋ ᠰᠠᠬᠢᠵᠤ ᠰᠠᠭᠤᠪᠠ᠃ ᠡᠳᠦᠭᠡ ᠬᠤ᠋ ᠵᠧᠦ ᠶ᠋ᠢᠨ ᠭᠠᠵᠠᠷ ᠪᠠᠷᠠᠭᠤᠨ ᠡᠲᠡᠭᠡᠳ ᠦ᠋ᠨ ᠲᠠᠯ᠎ᠠ ᠠᠭᠤᠳᠠᠮ ᠶᠡᠬᠡ ᠪᠡᠯᠴᠢᠭᠡᠷ ᠪᠣᠢ᠂ ᠲᠡᠨᠳᠡ ᠶᠡᠬᠡ ᠴᠡᠷᠢᠭ ᠢ᠋ ᠡᠭᠦᠷᠢᠳᠡ ᠪᠠᠭᠤᠵᠤ ᠲᠡᠵᠢᠭᠡᠵᠦ ᠪᠣᠯᠤᠮᠤᠢ᠃ ᠲᠡᠨᠳᠡ ᠴᠡᠷᠢᠭ ᠲᠣᠭᠲᠠᠨ ᠴᠢᠳᠠᠪᠠᠰᠤ ᠬᠤᠸᠠ ᠱᠠᠨ ᠠᠭᠤᠯᠠᠨ ᠤ᠋ ᠭᠠᠵᠠᠷ ᠢ᠋ ᠠᠪᠴᠤ ᠪᠣᠯᠤᠮᠤᠢ᠃ ᠣᠯᠠᠨ ᠠᠬ᠎ᠠ ᠳᠡᠭᠦᠦ ᠠᠴᠢ ᠬᠡᠦᠬᠡᠳ ᠲᠠ ᠬᠢᠨᠠᠵᠤ ᠦᠵᠡᠭᠡᠳ ᠬᠡᠷᠬᠢᠨ ᠲᠡᠵᠢᠭᠡᠪᠡᠰᠦ ᠰᠠᠢᠨ ?》 ᠬᠡᠮᠡᠪᠡ ᠃  
       ᠲᠡᠳᠦᠢ ᠵᠠᠷᠢᠮ ᠲᠦᠰᠢᠮᠡᠳ ᠥᠭᠦᠯᠡᠷᠦᠨ ᠄ 《ᠦᠯᠦ ᠪᠣᠯᠬᠤ ᠪᠣᠢ ‍ᠶ᠎ᠠ ᠂ ᠶᠠᠭᠤᠨ? ᠬᠡᠮᠡᠪᠡᠰᠦ ᠄ ᠬᠣ ᠵᠦᠩ ᠦ᠋ᠨ ᠭᠠᠵᠠᠷ ᠤ᠋ᠨ ᠡᠮᠦᠨ᠎ᠡ ᠢᠨᠦ ᠲᠦᠩ ᠭᠤᠸᠠᠨ᠂ ᠶᠠᠭ ᠬᠣᠢᠨ᠎ᠠ ᠠᠨᠤ ᠵᠢᠩ ᠵᠧᠦ ᠬᠣᠲᠠ ᠪᠣᠢ ᠂ ᠲᠡᠨᠳᠡ ᠠᠯᠲᠠᠨ ᠤᠯᠤᠰ ᠤ᠋ᠨ ᠴᠡᠷᠢᠭ ᠰᠠᠬᠢᠮᠤᠢ᠃ ᠰᠢᠨ᠎ᠡ ᠳᠠᠭᠠᠭᠰᠠᠨ ᠢᠷᠭᠡᠳ ᠦ᠋ᠨ ᠰᠡᠳᠬᠢᠯ ᠲᠣᠭᠲᠠᠭᠠᠳᠤᠢ᠂ ᠲᠡᠷᠡ ᠭᠠᠵᠠᠷ ᠢ᠋ ᠰᠠᠬᠢᠪᠠᠰᠤ ᠬᠣᠵᠢᠮ ᠡᠳᠦᠷ ᠬᠠᠷᠢᠨ ᠭᠡᠮᠰᠢᠯ ᠪᠣᠯᠬᠤ ᠪᠣᠯᠭᠤᠵᠠᠢ ᠬᠡᠮᠡᠮᠦᠢ᠃ 》ᠬᠡᠮᠡᠭᠰᠡᠨ ᠳ᠋ᠦ᠍ᠷ ᠱᠢ ᠲᠢᠶᠠᠨ ᠢᠩ ᠥᠭᠦᠯᠡᠷᠦᠨ :《ᠡᠨᠡ ᠵᠢᠶᠠ ᠵᠧᠦ ᠶ᠋ᠢᠨ ᠢᠷᠭᠡᠨ ᠰᠠᠭᠠᠷ ᠦᠭᠡᠢ ᠹᠦ ᠶᠠᠨ ᠤ᠋ ᠭᠠᠵᠠᠷ ᠤ᠋ᠨ ᠢᠷᠭᠡᠨ ᠯᠦ᠍ᠭᠡ ᠬᠠᠷᠢᠯᠴᠠᠨ ᠠᠷᠠᠯᠵᠢᠶᠠᠯᠠᠵᠤ ᠠᠮᠢᠳᠤᠷᠠᠮᠤᠢ ᠂ ᠵᠢᠶᠠ ᠶ᠋ᠢᠨ ᠭᠠᠵᠠᠷ ᠢ᠋ ᠡᠳᠦᠭᠡ ᠲᠦᠪᠰᠢᠳᠬᠡᠪᠡ᠃  ᠹᠦ᠂ ᠶᠠᠨ ᠤ᠋ ᠭᠠᠵᠠᠷ ①  ᠭᠠᠭᠴᠠᠭᠠᠷ ᠬᠡᠷᠬᠢᠨ ᠰᠠᠭᠤᠵᠤ ᠴᠢᠳᠠᠬᠤ᠂ ᠰᠢᠶᠠ ᠤᠯᠤᠰ ᠪᠠᠰᠠ ᠨᠢᠭᠡᠨᠲᠡ ᠮᠠᠨ ᠤ᠋ ᠮᠣᠩᠭᠣᠯ ᠤ᠋ᠨ ᠬᠠᠷᠢᠶᠠᠲᠤ ᠪᠣᠯᠪᠠ ᠃ ᠡᠳᠦᠭᠡ ᠭᠦᠸᠧ ᠸᠠᠩ ᠳ᠋ᠤᠷ ᠮᠡᠳᠡᠭᠦᠯᠦᠨ ᠰᠢᠶᠠ ᠤᠯᠤᠰ ᠲᠤᠷ ᠵᠠᠬᠢᠶ᠎ᠠ ᠢᠯᠡᠭᠡᠵᠦ᠂ ᠰᠢᠶᠠ ᠤᠯᠤᠰ ᠢ᠋ᠶ᠋ᠠᠷ ᠳᠠᠢᠯᠠᠭᠤᠯᠪᠠᠰᠤ  ᠬᠤ᠋ ᠵᠦᠩ ᠦ᠋ᠨ ᠭᠠᠵᠠᠷ ᠢ᠋ ᠠᠪᠬᠤ ᠠᠨᠤ ᠠᠯᠠᠭᠠᠨ ᠤ᠋ ᠳᠣᠲᠣᠷᠠᠬᠢ ᠶᠠᠭᠤᠮ᠎ᠠ ᠠᠳᠠᠯᠢ᠂ ᠬᠠᠷᠢᠨ ᠤᠯᠤᠰ ᠢᠷᠭᠡᠨ ᠪᠠᠬᠠᠨ ᠪᠡᠷᠬᠡ ᠵᠠᠷᠯᠢᠭᠳᠠᠬᠤ ᠦᠢᠯᠡᠰ ᠦ᠋ᠨ ᠶᠠᠪᠤᠳᠠᠯ ᠬᠠᠷᠢᠨ  ᠬᠤ᠋ ᠨᠠᠨ ᠤ᠋ ᠭᠠᠵᠠᠷ ᠲᠤᠷ ᠪᠣᠢ᠂ ᠡᠨᠡ ᠵᠢᠶᠠ ᠵᠧᠦ ᠶ᠋ᠢᠨ ᠵᠠᠮ ᠠᠨᠤ ᠰᠢᠬᠠᠮ ᠪᠣᠯᠤᠭᠠᠳ ᠭᠠᠵᠠᠷ ᠠᠨᠤ ᠴᠢᠬᠤᠯ ᠲᠤᠯᠠ ᠠᠮᠤ ᠬᠦᠨᠡᠰᠦ ᠵᠥᠭᠡᠭᠡᠬᠦᠢ ᠳ᠋ᠦ᠍ᠷ ᠮᠠᠰᠢ ᠪᠡᠷᠬᠡ ᠪᠤᠶᠤ᠂  ᠬᠤ᠋ ᠵᠦᠩ ᠦ᠋ᠨ ᠭᠠᠵᠠᠷ ᠲᠦᠩ ᠭᠤᠸᠠᠨ ᠳ᠋ᠤᠷ ᠰᠢᠬᠠᠮ ᠂ ᠵᠢᠩ ᠵᠧᠦ ᠳ᠋ᠦ᠍ᠷ ᠣᠢᠷ᠎ᠠ ᠪᠣᠯᠪᠠᠴᠤ ᠲᠡᠳᠡᠭᠡᠷ ᠢ᠋ ᠳᠠᠢᠯᠠᠬᠤᠢ ᠳᠤᠷ ᠬᠤ᠋ ᠵᠦᠭ ᠦ᠋ᠨ ᠭᠠᠵᠠᠷ ᠤ᠋ᠨ ᠬᠦᠴᠦᠨ ᠢ᠋ᠶ᠋ᠡᠷ ᠰᠠᠶᠢ ᠲᠦᠩ ᠭᠤᠸᠠᠨ ᠢ᠋ ᠵᠢᠰᠢᠵᠦ ᠳᠠᠢᠯᠠᠵᠤ ᠪᠣᠯᠬᠤ᠂ ᠲᠡᠷᠡ ᠭᠠᠵᠠᠷ ᠢ᠋ ᠳᠠᠢᠯᠠᠨ ᠲᠣᠭᠲᠠᠭᠠᠪᠠᠰᠤ ᠮᠠᠨ ᠤ᠋ ᠮᠣᠩᠭᠣᠯ ᠤ᠋ᠨ ᠰᠠᠢᠨ ᠨᠡᠷ᠎ᠡ ᠭᠠᠷᠬᠤᠢ ᠳ᠋ᠤᠷ ᠬᠢᠯᠪᠠᠷ᠂ ᠳᠣᠷᠣᠭᠰᠢ ᠹᠸᠨ ᠦ᠌ ᠶ᠋ᠢᠨ ᠭᠠᠵᠠᠷ ᠲᠤᠷ ᠨᠡᠢᠯᠡᠵᠦ᠂ ᠳᠣᠷᠣᠭᠰᠢ ᠲᠦᠩ ᠭᠤᠸᠠᠨ ᠤ᠋ ᠭᠠᠵᠠᠷ ᠢ᠋ ᠲᠤᠯᠵᠤᠬᠤᠢ ᠃ ᠲᠠᠪᠤᠨ ᠮᠢᠩᠭᠠᠨ ᠢᠯᠡᠭᠦᠦ ᠭᠠᠵᠠᠷ ᠲᠤᠷ ᠬᠡᠳᠦᠨ ᠠᠷᠪᠠᠨ ᠲᠦᠮᠡᠨ ᠡᠷᠦᠬᠡ ᠢᠷᠭᠡᠨ ᠪᠣᠢ᠃ ᠤᠰᠤᠨ ᠵᠠᠮ ᠢ᠋ᠶ᠋ᠠᠷ ᠠᠮᠤ ᠵᠥᠭᠡᠭᠡᠪᠡᠰᠦ ᠭᠤᠸᠠᠨ ᠨᠧᠢ – ᠪᠣᠭᠣᠮᠲᠠ ᠶ᠋ᠢᠨ ᠳᠣᠲᠣᠷᠠᠬᠢ ᠭᠠᠵᠠᠷ ᠲᠤᠷ ᠡᠳᠦᠷ ᠪᠣᠯᠵᠣᠵᠤ ᠬᠦᠷᠴᠦ ᠪᠣᠯᠤᠮᠤᠢ᠃ ᠬᠡᠷᠪᠡ ᠡᠢᠨ ᠲᠣᠭᠲᠠᠭᠠᠪᠠᠰᠤ ᠶᠡᠬᠡ ᠮᠥᠷᠡᠨ ᠡᠴᠡ ᠡᠮᠦᠨᠡᠰᠢ ᠮᠠᠨ ᠤ᠋ ᠮᠣᠩᠭᠣᠯ ᠤ᠋ᠨ ᠬᠠᠷᠢᠶᠠᠲᠤ ᠪᠣᠯᠭᠠᠵᠤ ᠪᠣᠯᠤᠮᠤᠢ᠃ ᠭᠠᠭᠴᠠ ᠪᠢ ᠵᠢᠷᠠᠨ ᠨᠠᠰᠤᠯᠠᠵᠤ ᠦᠳᠡᠯᠭᠦᠢ ᠶ᠋ᠢᠨ ᠮᠥᠷ ᠲᠦ᠍ᠷ ᠣᠷᠣᠵᠤ ᠠᠮᠢᠳᠤ ᠶᠠᠪᠤᠬᠤ ᠡᠳᠦᠷ ᠣᠢᠷ᠎ᠠ ᠪᠣᠯᠪᠠ᠃ ᠡᠭᠦᠨᠴᠡ ᠬᠡᠷᠪᠡ ᠳᠣᠷᠣᠭᠰᠢᠳᠠ ᠡᠳᠡᠭᠡᠷ ᠵᠠᠯᠠᠭᠤᠰ ᠨᠠᠷ ᠳᠡᠭᠦᠦ ᠨᠠᠷ ᠬᠡᠦᠬᠡᠳ ᠲᠠ᠂ ᠦᠨᠡᠨ ᠰᠡᠳᠬᠢᠯ ᠦ᠋ᠨ ᠮᠥᠨ ᠴᠢᠨᠠᠷ ᠠ᠋ᠴᠠ ᠬᠢᠴᠢᠶᠡᠨ ᠵᠢᠳᠬᠦᠵᠦ ᠤᠯᠤᠰ ᠲᠥᠷᠥ ᠳ᠋ᠦ᠍ᠷ ᠶᠡᠬᠡᠳᠡ ᠲᠤᠰᠠ ᠬᠦᠷᠭᠡᠨ᠂ ᠲᠤᠯᠭᠤᠷ ᠲᠥᠷᠥ ᠶ᠋ᠢ ᠪᠠᠢᠭᠤᠯᠪᠠᠰᠤ ᠨᠡᠷ᠎ᠡ ᠰᠦᠷ ᠢ᠋ ᠲᠥᠪ ᠪᠣᠯᠭᠠᠨ᠂ ᠭᠠᠪᠢᠶ᠎ᠠ ᠬᠥᠷᠥᠩᠭᠡ ᠶ᠋ᠢ ᠪᠠᠢᠭᠤᠯᠵᠤ ᠴᠢᠳᠠᠪᠠᠰᠤ᠂ ᠪᠢ ᠬᠡᠳᠦᠢ ᠦᠬᠦᠪᠡᠴᠦ ᠨᠢᠳᠦ ᠪᠡᠨ ᠨᠡᠭᠡᠭᠡᠵᠦ ᠬᠠᠷᠠᠵᠤ ᠦᠵᠡᠮᠦᠢ᠃ ᠠᠶ᠎ᠠ ᠡᠷ᠎ᠡ ᠬᠥᠮᠦᠨ ᠪᠣᠯᠤᠨ ᠲᠦᠷᠦᠪᠡᠰᠦ ᠲᠡᠭᠷᠢ ᠶ᠋ᠢᠨ ᠬᠥᠪᠡᠭᠦᠨ ᠡᠴᠡ ᠭᠤᠢᠯᠢᠨᠴᠢ ᠬᠥᠮᠦᠨ ᠳ᠋ᠦ᠍ᠷ ᠬᠦᠷᠲᠡᠯ᠎ᠡ ᠴᠥᠮ ᠬᠢᠴᠢᠶᠡᠬᠦ ᠴᠢᠷᠮᠠᠢᠬᠤ ᠶ᠋ᠢ ᠰᠠᠬᠢᠯ ᠪᠣᠯᠭᠠᠬᠤ ᠪᠣᠢ᠂ ᠪᠠᠢᠭᠤᠯᠬᠤ ᠲᠥᠷᠥ ᠳ᠋ᠦ᠍ᠷ ᠳᠠᠢᠰᠤᠨ᠎ᠠ ᠣᠷᠣᠬᠤᠢ ᠳ᠋ᠤᠷ ᠠᠮᠢ ᠪᠠᠨ ᠲᠠᠯᠪᠢᠨ ᠵᠢᠳᠬᠦᠵᠦ᠂ ᠤᠯᠤᠰ ᠤ᠋ᠨ ᠠᠴᠢ ᠬᠡᠰᠢᠭ ᠲᠣᠷ ᠬᠠᠷᠢᠭᠤᠯᠠᠵᠤ᠂ ᠦᠷ᠎ᠡ ᠠᠴᠢ ᠳ᠋ᠤᠷ ᠨᠡᠪᠲᠡᠷᠬᠡᠢ ᠣᠬᠢ ᠭᠠᠪᠢᠶ᠎ᠠ ᠬᠥᠷᠥᠩᠭᠡ ᠪᠠᠢᠭᠤᠯᠪᠠᠰᠤ ᠰᠠᠶᠢ ᠡᠴᠢᠭᠡ ᠬᠥᠪᠡᠭᠦᠨ ᠦ᠌ ᠶᠠᠪᠤᠳᠠᠯ ᠪᠣᠯᠠᠢ 》 ᠬᠡᠮᠡᠪᠡ ᠃ 
       ᠲᠡᠨᠳᠡᠴᠡ ᠠᠷᠪᠠᠨ ᠰᠠᠷ᠎ᠠ ᠳ᠋ᠤ᠌ ᠮᠣᠩᠭᠣᠯ ᠤ᠋ᠨ ᠲᠠᠢᠰᠢ ᠭᠦᠸᠧ ᠸᠠᠩ ᠮᠤᠬᠤᠯᠢ ᠶᠡᠬᠡ ᠴᠡᠷᠢᠭ ᠢ᠋ᠶ᠋ᠡᠨ ᠠᠪᠴᠤ ᠰᠦᠢ ᠳᠧ ᠵᠧᠦ ᠶ᠋ᠢ ᠪᠠᠢᠯᠳᠤᠨ ᠬᠣᠲᠠ ᠶ᠋ᠢᠨ ᠢᠷᠭᠡᠨ ᠰᠡᠮᠡᠬᠡᠷ ᠬᠠᠭᠠᠯᠭ᠎ᠠ ᠨᠡᠭᠡᠭᠡᠵᠦ ᠤᠭᠲᠤᠨ ᠣᠷᠣᠭᠤᠯᠤᠭᠰᠠᠨ ᠳ᠋ᠤᠷ ᠲᠦᠰᠢᠮᠡᠯ ᠴᠡᠷᠢᠭ ᠪᠤᠷᠤᠭᠤᠯᠠᠨ ᠳᠤᠲᠠᠭᠠᠬᠤᠶ᠎ᠠ ᠮᠣᠩᠭᠣᠯ ᠤ᠋ᠨ ᠴᠡᠷᠢᠭ ᠶᠡᠬᠡᠯ᠎ᠡ ᠳᠠᠷᠤᠭᠠᠳ ᠮᠠ ᠭᠧ ᠵᠦᠩ ᠦ᠋ᠨ ᠬᠣᠶᠠᠷ ᠪᠠᠭᠤᠳᠠᠯ ᠴᠡᠷᠢᠭ ᠢ᠋ ᠪᠦᠭᠦᠳᠡ ᠶ᠋ᠢ ᠠᠪᠤᠪᠠ᠃ ᠲᠡᠳᠦᠢ ᠤᠯᠤᠰ ᠤ᠋ᠨ ᠬᠠᠭᠤᠴᠢᠨ ᠡᠵᠡᠨ ᠯᠢ ᠽᠦᠨ ᠰᠢᠦᠢ ᠂ ᠰᠢ ᠯᠢᠶᠠᠩ ᠤ᠋ᠨ ᠭᠠᠵᠠᠷ ᠲᠤᠷ ᠴᠡᠷᠢᠭ ᠢ᠋ᠶ᠋ᠡᠨ ᠵᠠᠰᠠᠨ ᠪᠦᠬᠦᠢ ᠳ᠋ᠦ᠍ᠷ ᠴᠢᠩᠭᠢᠰ ᠬᠠᠭᠠᠨ ᠰᠢ ᠢᠦᠢ ᠶ᠋ᠢ ᠳᠠᠢᠯᠠᠵᠤ᠂ ᠬᠠᠭᠤᠴᠢᠨ ᠰᠢᠶᠠ ᠤᠯᠤᠰ ᠢ᠋ ᠨᠢᠭᠡᠨᠲᠡ ᠮᠣᠩᠭᠣᠯ ᠤᠯᠤᠰ ᠬᠤᠷᠢᠶᠠᠭᠰᠠᠨ ᠳ᠋ᠤᠷ ᠶᠡᠬᠡᠯ᠎ᠡ ᠠᠭᠤᠷᠯᠠᠵᠤ ᠠᠷᠭ᠎ᠠ ᠦᠭᠡᠢ ᠳᠠᠭᠠᠰᠤᠭᠠᠢ ᠬᠡᠮᠡᠭᠰᠡᠨ ᠳᠡᠭᠡᠷ᠎ᠡ ᠂ ᠮᠢ ᠫᠦ ᠶ᠋ᠢ ᠵᠠᠷᠤᠵᠤ ᠂ ᠣᠯᠠᠨ ᠢ᠋ ᠴᠤᠭᠯᠠᠭᠤᠯᠤᠨ ᠲᠠᠢᠰᠢ ᠮᠤᠬᠤᠯᠢ ᠳ᠋ᠤᠷ ᠵᠣᠯᠭᠠᠵᠤ ᠄ 《ᠮᠢᠨᠦ ᠡᠵᠡᠨ ᠴᠢᠩᠭᠢᠰ ᠬᠠᠭᠠᠨ ᠳ᠋ᠤᠷ ᠳᠠᠭᠠᠰᠤᠭᠠᠢ ᠬᠡᠮᠡᠮᠦᠢ᠂ ᠭᠠᠭᠴᠠ ᠮᠥᠨ ᠬᠦ᠌ ᠤᠭ ᠬᠡᠪ ᠢ᠋ᠶ᠋ᠡᠷ ᠲᠦᠰᠢᠮᠡᠯ ᠦ᠋ᠨ ᠶᠣᠰᠣᠭᠠᠷ ᠮᠥᠷᠭᠥᠯᠡᠬᠦ ᠤᠤ ?》 ᠬᠡᠮᠡᠭᠰᠡᠨ ᠳ᠋ᠦ᠍ᠷ ᠮᠤᠬᠤᠯᠢ ᠥᠭᠦᠯᠡᠷᠦᠨ ᠄《ᠴᠢᠨᠦ ᠡᠵᠡᠨ ᠢ᠋ ᠪᠠᠢᠲᠤᠭᠠᠢ ᠰᠥᠩ ᠤᠯᠤᠰ᠂ ᠠᠯᠲᠠᠨ ᠤᠯᠤᠰ ᠤ᠋ᠨ ᠡᠯᠴᠢ ᠴᠥᠮ ᠮᠥᠷᠭᠥᠨ ᠵᠣᠯᠭᠠᠮᠤᠢ᠂ ᠴᠢᠨᠦ ᠡᠵᠡᠨ ᠢᠨᠦ ᠡᠵᠡᠨ ᠳ᠋ᠦ᠍ᠷ ᠵᠣᠯᠭᠠᠪᠠᠰᠤ ᠮᠥᠨ ᠬᠦ᠌ ᠲᠦᠰᠢᠮᠡᠯ ᠪᠣᠯᠠᠢ !》 ᠬᠡᠮᠡᠭᠰᠡᠨ ᠳ᠋ᠦ᠍ᠷ ᠮᠢ ᠫᠦ ᠥᠭᠦᠯᠡᠷᠦᠨ᠄《 ᠪᠢ ᠥᠪᠡᠷ ᠦ᠋ᠨ ᠡᠵᠡᠨ ᠦ᠌ ᠵᠠᠷᠯᠢᠭ ᠢ᠋ᠶ᠋ᠠᠷ ᠭᠠᠷᠴᠤ ᠢᠷᠡᠭᠰᠡᠨ ᠲᠤᠯᠠ ᠡᠨᠡ ᠤᠳᠠᠭ᠎ᠠ ᠳ᠋ᠤᠷ ᠠᠶᠤᠮᠰᠢᠭ ᠥᠬᠡᠢ ᠸᠠᠩ ᠴᠢᠮ᠎ᠠ ᠳ᠋ᠤᠷ ᠮᠥᠷᠭᠥᠵᠦ ᠴᠢᠳᠠᠬᠤ ᠦᠭᠡᠢ!》ᠬᠡᠮᠡᠭᠰᠡᠨ ᠳ᠋ᠦ᠍ᠷ ᠮᠤᠬᠤᠯᠢ ᠥᠴᠦᠬᠡᠨ ᠮᠦᠰᠢᠶᠡᠵᠦ ᠥᠴᠢᠷᠦᠨ ᠄《 ᠪᠢ ᠪᠠᠰᠠ ᠬᠠᠭᠠᠨ ᠪᠤᠰᠤ ᠨᠠᠳᠠ ᠳ᠋ᠤᠷ ᠶᠠᠭᠤᠨ ᠳ᠋ᠤ᠌ ᠮᠥᠷᠭᠥᠬᠦ ᠪᠣᠢ ! ᠲᠠᠨ ᠤ᠋ ᠡᠵᠡᠨ ᠡᠰᠡ ᠳᠠᠭᠠᠪᠠᠰᠤ ᠪᠠᠢᠮᠤᠢ ‍ᠶ᠎ᠠ᠂ ᠲᠡᠭᠷᠢ ᠳᠠᠭᠠᠭᠤᠯᠬᠤ ᠴᠠᠭ ᠪᠣᠢ !》 ᠭᠡᠮᠡᠨ ᠮᠣᠷᠳᠠᠭᠤᠯᠵᠤ ᠶᠠᠪᠤᠭᠤᠯᠤᠭᠠᠳ ᠣᠯᠠᠨ ᠴᠡᠷᠢᠭ ᠢ᠋ ᠱᠠᠭᠠᠷᠳᠠᠵᠤ ᠬᠣᠢᠨ᠎ᠠ ᠠ᠋ᠴᠠ ᠢᠨᠦ ᠬᠥᠭᠡᠭᠡᠵᠦ ᠨᠡᠬᠡᠨ ᠬᠠᠯᠳᠠᠷ᠎ᠠ ᠢᠷᠡᠭᠰᠡᠨ ᠲᠤᠯᠠ ᠶᠠᠨ ᠠᠨ ᠢ᠋  ᠪᠠᠢᠯᠳᠤᠬᠤ ᠶ᠋ᠢ ᠪᠠᠢᠵᠤ᠂ ᠰᠢᠶᠠ ᠶ᠋ᠢᠨ ᠦᠨᠳᠦᠰᠦᠨ ᠢ᠋ ᠠᠷᠢᠯᠭᠠᠰᠤᠭᠠᠢ ᠭᠡᠮᠡᠨ ᠠᠯᠳᠠᠷᠰᠢᠭᠤᠯᠤᠨ ᠵᠠᠷᠯᠠᠭᠰᠠᠨ ᠳ᠋ᠤᠷ ᠰᠢᠶᠠ ᠤᠯᠤᠰ ᠤ᠋ᠨ ᠮᠢ ᠫᠦ ᠶᠡᠬᠡᠯ᠎ᠡ ᠠᠶᠤᠵᠤ ᠶᠠᠭᠠᠷᠠᠨ  ᠴᠡᠷᠢᠭ ᠡᠭᠡᠵᠦ ᠮᠣᠷᠢᠨ ᠠ᠋ᠴᠠ ᠪᠠᠭᠤᠵᠤ ᠮᠥᠷᠭᠥᠵᠦ ᠳᠠᠭᠠᠬᠤ ᠪᠣᠳᠣᠷᠣᠣᠯ ᠪᠢᠴᠢᠭ ᠢ᠋ᠶ᠋ᠡᠨ ᠪᠠᠷᠢᠭᠰᠠᠨ ᠳ᠋ᠤᠷ ᠮᠤᠬᠤᠯᠢ ᠮᠥᠨ ᠳᠡᠮᠡᠢ ᠣᠢᠰᠢᠶᠠᠭᠰᠠᠨ ᠦᠭᠡᠢ᠂ ᠮᠥᠨ ᠥᠴᠦᠬᠡᠨ ᠢᠨᠢᠶᠡᠵᠦ ᠬᠦᠯᠢᠶᠡᠨ ᠠᠪᠴᠤ ᠨᠢᠭᠡᠨᠲᠡᠭᠡᠭᠦᠷ ᠬᠠᠭᠠᠨ ᠳ᠋ᠤᠷ ᠳᠣᠪᠲᠣᠯᠭᠠᠨ ᠠᠢᠯᠠᠳᠬᠠᠷ᠎ᠠ ᠶᠠᠪᠤᠭᠤᠯᠤᠨ᠂ ᠨᠢᠭᠡᠨᠲᠡᠭᠡᠭᠦᠷ ᠮᠢ ᠫᠦ ᠶ᠋ᠢ ᠲᠠᠪᠤᠨ ᠲᠦᠮᠡᠨ ᠴᠡᠷᠢᠭ ᠳᠠᠭᠠᠭᠤᠯᠤᠨ ᠭᠠᠪᠢᠶ᠎ᠠ ᠪᠦᠲᠦᠭᠡ ᠭᠡᠮᠡᠨ ᠡᠮᠦᠨ᠎ᠡ ᠪᠡᠨ ᠶᠠᠪᠤᠭᠤᠯᠪᠠ᠃ ᠡᠨᠡ ᠮᠡᠳᠡᠭᠡ ᠶ᠋ᠢ ᠠᠯᠲᠠᠨ ᠤᠯᠤᠰ ᠤ᠋ᠨ ᠡᠵᠡᠨ ᠰᠣᠨᠣᠰᠴᠤ ᠠᠷᠭ᠎ᠠ ᠦᠭᠡᠢ ᠶᠡᠬᠡ ᠶᠤᠸᠠᠨᠱᠤᠸᠠᠢ ᠸᠠᠨ ᠶᠠᠨ ᠾᠧ ᠳᠡ᠂ ᠨᠠᠬᠠᠮᠢ ᠵᠣ᠌ ᠬᠣᠶᠠᠭᠤᠯᠠ ᠳ᠋ᠤᠷ ᠭᠤᠷᠪᠠᠨ ᠲᠦᠮᠡᠨ ᠴᠡᠷᠢᠭ ᠥᠭᠴᠦ ᠴᠧ ᠵᠣ᠌ ᠬᠣᠲᠠ ᠶ᠋ᠢᠨ ᠵᠡᠭᠦᠨ ᠡᠲᠡᠭᠡᠳ ᠲᠣᠷ ᠲᠣᠰᠴᠤ ᠪᠠᠭᠤᠳᠠᠯᠯᠠᠨ ᠰᠠᠬᠢᠭᠤᠯᠪᠠ ᠃    

– – – – 
 ①  ᠹᠦ ᠂ ᠶᠠᠨ ᠤ᠋ ᠭᠠᠵᠠᠷ ᠬᠡᠮᠡᠭᠴᠢ ᠡᠳᠦᠭᠡ ᠶ᠋ᠢᠨ ᠶᠠᠨ ᠠᠨ ᠤ᠋ ᠭᠠᠵᠠᠷ ᠪᠤᠶᠤ ᠃
     

       ᠲᠡᠳᠦᠢ ᠭᠦᠸᠧ ᠸᠠᠩ ᠮᠤᠬᠤᠯᠢ ᠵᠠᠩᠵᠤᠨ ᠮᠣᠩᠭᠣᠯ ᠪᠤᠬ᠎ᠠ ᠳ᠋ᠤᠷ ᠭᠤᠷᠪᠠᠨ ᠮᠢᠩᠭᠠᠨ ᠰᠢᠯᠭᠠᠳᠠᠭ ᠴᠡᠷᠢᠭ ᠥᠭᠴᠦ ᠬᠣᠰᠢᠭᠤᠴᠢ ᠪᠣᠯᠭᠠᠨ ᠲᠤᠷᠰᠢᠭᠤᠯᠤᠷ᠎ᠠ ᠵᠠᠷᠤᠭᠰᠠᠨ ᠳ᠋ᠤᠷ ᠮᠣᠩᠭᠣᠯ ᠪᠤᠬ᠎ᠠ ᠲᠤᠷᠰᠢᠵᠤ ᠣᠯᠤᠭᠠᠳ ᠭᠦᠸᠧ ᠸᠠᠩ ᠳ᠋ᠤᠷ ᠮᠡᠳᠡᠭᠦᠯᠦᠷᠦᠨ᠄ 《ᠠᠯᠲᠠᠨ ᠤ᠋ ᠴᠡᠷᠢᠭ ᠢᠨᠦ ᠮᠠᠨ ᠤ᠋ ᠴᠡᠷᠢᠭ ᠢ᠋ ᠴᠥᠭᠡᠨ ᠭᠡᠮᠡᠨ ᠪᠠᠰᠤᠮᠵᠢᠯᠠᠬᠤ ᠰᠡᠳᠬᠢᠯ ᠪᠣᠢ᠂ ᠮᠠᠷᠭᠠᠲᠠ ᠪᠠᠢᠯᠳᠤᠬᠤᠢ ᠳ᠋ᠤᠷ ᠵᠣᠷᠢᠮᠠᠭ ᠢ᠋ᠶ᠋ᠠᠷ ᠳᠠᠷᠤᠭᠳᠠᠭᠴᠢ ᠪᠣᠯᠤᠨ ᠪᠤᠷᠤᠭᠤᠯᠠᠰᠤᠭᠠᠢ᠂ ᠲᠡᠳᠡ ᠨᠡᠬᠡᠵᠦ ᠢᠷᠡᠪᠡᠰᠦ ᠸᠠᠩ ᠤ᠋ᠨ ᠪᠦᠭᠭᠦᠭᠰᠡᠨ ᠴᠡᠷᠢᠭ ᠢ᠋ᠶ᠋ᠡᠷ ᠳᠠᠷᠤᠪᠠᠰᠤ ᠪᠣᠯᠤᠮᠤᠢ !》 ᠬᠡᠮᠡᠭᠰᠡᠨ ᠳ᠋ᠦ᠍ᠷ ᠮᠤᠬᠤᠯᠢ ᠮᠠᠰᠢᠳᠠ ᠰᠠᠢᠰᠢᠶᠠᠨ ᠮᠠᠭᠲᠠᠵᠤ᠂ ᠳᠠᠷᠤᠢ ᠲᠡᠷᠡ ᠶᠣᠰᠣᠭᠠᠷ ᠶᠡᠬᠡ ᠴᠡᠷᠢᠭ ᠦ᠋ᠨ ᠮᠣᠷᠢᠨ ᠤ᠋ ᠬᠣᠩᠬᠣ ᠶ᠋ᠢ ᠠᠪᠴᠤ ᠬᠥᠮᠦᠨ ᠦ᠌ ᠠᠮᠠᠨ ᠳ᠋ᠤᠷ ᠮᠥᠬᠥᠯᠢᠭ ᠡᠮᠬᠦᠭᠦᠯᠦᠨ᠂ ᠰᠥᠨᠢ ᠪᠡᠷ ᠬᠣᠲᠠ ᠶ᠋ᠢᠨ ᠣᠢᠷ᠎ᠠ ᠠᠷᠪᠠᠨ ᠭᠠᠵᠠᠷ ᠤ᠋ᠨ ᠦᠵᠦᠭᠦᠷ ᠠᠭᠤᠯᠠᠨ ᠤ᠋ ᠬᠣᠶᠠᠷ ᠵᠡᠪᠡ ᠶ᠋ᠢᠨ ᠬᠣᠭᠣᠷᠣᠨᠳᠣ ᠴᠡᠷᠢᠭ ᠪᠦᠭᠭᠦᠭᠦᠯᠪᠡᠢ ᠃ ᠵᠢᠴᠢ ᠡᠳᠦᠷ ᠮᠣᠩᠭᠣᠯ ᠪᠤᠬ᠎ᠠ ᠴᠡᠷᠢᠭ ᠣᠷᠣᠵᠤ᠂ ᠠᠯᠲᠠᠨ ᠤᠯᠤᠰ ᠤ᠋ᠨ ᠸᠠᠨ ᠶᠠᠨ ᠾᠧ ᠳᠡ ᠶ᠋ᠢᠨ ᠴᠡᠷᠢᠭ ᠢ᠋ ᠥᠳᠥᠭᠡᠨ ᠪᠠᠢᠯᠳᠤᠵᠤ ᠬᠡᠳᠦᠬᠡᠨ ᠤᠳᠠᠭ᠎ᠠ ᠪᠣᠯᠣᠮᠠᠭᠴᠠ ᠳᠠᠷᠤᠢ ᠪᠤᠷᠤᠭᠤᠯᠠᠨ ᠲᠤᠭ ᠳᠠᠯᠪᠠᠭ᠎ᠠ ᠪᠠᠨ ᠣᠷᠬᠢᠵᠤ᠂ ᠬᠡᠩᠭᠡᠷᠭᠡ ᠬᠠᠷᠠᠩᠭ᠎ᠠ ᠪᠠᠨ ᠴᠣᠬᠢᠵᠤ ᠂ ᠬᠤᠶᠠᠭ ᠳᠤᠭᠤᠯᠠᠭ᠎ᠠ ᠪᠠᠨ ᠭᠡᠭᠡᠵᠦ᠂ ᠵᠠᠷ ᠵᠡᠪᠰᠡᠭ ᠢ᠋ᠶ᠋ᠡᠨ ᠣᠷᠬᠢᠨ ᠳᠤᠲᠠᠭᠠᠬᠤᠢ ᠳ᠋ᠤᠷ ᠠᠯᠲᠠᠨ ᠤᠯᠤᠰ ᠤ᠋ᠨ ᠴᠡᠷᠢᠭ ᠶᠡᠬᠡᠯ᠎ᠡ ᠦᠨᠡᠮᠰᠢᠨ ᠬᠥᠭᠡᠭᠡᠨ ᠢᠷᠡᠵᠦ ᠂ ᠠᠭᠤᠯᠠᠨ ᠤ᠋ ᠵᠡᠪᠡ ᠶ᠋ᠢᠨ ᠠᠮᠠᠨ ᠢ᠋ ᠭᠠᠷᠤᠮᠠᠭᠴᠠ ᠬᠣᠶᠠᠷ ᠬᠠᠪᠢᠷᠭ᠎ᠠ ᠠ᠋ᠴᠠ ᠭᠦᠸᠧ ᠸᠠᠩ ᠮᠤᠬᠤᠯᠢ ᠶ᠋ᠢᠨ ᠶᠡᠬᠡ ᠴᠡᠷᠢᠭ ᠬᠠᠰᠬᠢᠷᠤᠨ ᠭᠠᠷᠴᠤ ᠪᠠᠢᠯᠳᠤᠭᠰᠠᠨ ᠳ᠋ᠤᠷ ᠠᠯᠲᠠᠨ ᠤ᠋ ᠴᠡᠷᠢᠭ ᠭᠤᠷᠪᠠᠨ ᠡᠲᠡᠭᠡᠳ ᠦ᠋ᠨ ᠴᠡᠷᠢᠭ ᠲᠦ᠍ᠷ ᠶᠡᠬᠡᠯ᠎ᠡ ᠳᠠᠷᠤᠭᠳᠠᠵᠤ ᠪᠤᠷᠤᠭᠤᠯᠠᠨ ᠳᠤᠲᠠᠭᠠᠬᠤᠢ ᠳ᠋ᠤᠷ ᠮᠣᠩᠭᠣᠯ ᠤ᠋ᠨ ᠴᠡᠷᠢᠭ ᠨᠢᠭᠡᠨᠲᠡ ᠬᠠᠰᠬᠢᠷᠤᠨ ᠣᠷᠣᠵᠤ ᠰᠤᠮᠤ ᠲᠠᠯᠪᠢᠨ ᠬᠥᠭᠡᠭᠡᠨ ᠣᠷᠣᠭᠰᠠᠨ᠎ᠠ ᠂ ᠠᠯᠲᠠᠨ ᠤᠯᠤᠰ ᠤ᠋ᠨ ᠴᠡᠷᠢᠭ ᠶᠡᠬᠡᠯ᠎ᠡ ᠳᠠᠷᠤᠭᠳᠠᠵᠤ ᠸᠠᠨ ᠶᠠᠨ ᠾᠧ ᠳᠡ᠂ ᠨᠠᠬᠠᠮᠢ  ᠵᠣ᠌  ᠬᠣᠶᠠᠭᠤᠯᠠ ᠨᠢᠷᠤᠭᠤᠨ ᠳ᠋ᠤᠷ ᠬᠡᠳᠦ ᠬᠡᠳᠦᠨ ᠰᠤᠮᠤ ᠭᠠᠳᠠᠵᠤ ᠶᠠᠭᠠᠷᠠᠨ ᠤᠷᠢᠳᠠ ᠶ᠋ᠢᠨ ᠨᠠ ᠵᠧᠦ ᠶ᠋ᠢᠨ ᠬᠣᠲᠠᠨ ᠳ᠋ᠤᠷ ᠳᠤᠲᠠᠭᠠᠨ ᠣᠷᠣᠵᠤ ᠪᠠᠲᠤᠯᠠᠨ ᠰᠠᠬᠢᠪᠠ᠃ ᠮᠣᠩᠭᠣᠯ ᠤ᠋ᠨ ᠴᠡᠷᠢᠭ ᠬᠣᠲᠠᠨ ᠤ᠋ ᠢᠷᠣᠭᠠᠷ ᠬᠦᠷᠲᠡᠯ᠎ᠡ ᠬᠥᠭᠡᠭᠡᠨ ᠠᠯᠠᠪᠠ᠃ ᠠᠯᠲᠠᠨ ᠤ᠋ ᠴᠡᠷᠢᠭ ᠨᠠᠢ᠍ᠮᠠᠨ ᠵᠠᠭᠤᠨ ᠢᠯᠡᠭᠦᠦ ᠠᠯᠠᠭᠳᠠᠪᠠ᠃ ᠲᠡᠳᠦᠢ ᠭᠦᠸᠧ ᠸᠠᠩ ᠮᠤᠬᠤᠯᠢ ᠶᠠᠨ ᠠᠨ ᠹᠦ ᠬᠣᠲᠠᠨ ᠢ᠋ ᠠᠷᠪᠠᠭᠠᠳ ᠡᠳᠦᠷ ᠬᠠᠭᠠᠵᠤ ᠪᠠᠢᠳᠠᠯ ᠢ᠋ ᠦᠵᠡᠪᠡᠰᠦ ᠬᠣᠲᠠ ᠪᠠᠲᠤ᠂ ᠤᠨᠠᠭᠤᠯᠢ ᠭᠦᠨ ᠳᠠᠪ ᠲᠣᠪ ᠲᠤᠷ ᠦᠯᠦ ᠠᠪᠲᠠᠬᠤ ᠶ᠋ᠢ ᠮᠡᠳᠡᠵᠦ᠂ ᠶᠡᠬᠡ ᠴᠡᠷᠢᠭ ᠢ᠋ ᠯᠦᠸᠧ ᠴᠤᠸᠠᠨ ᠤ᠋ ᠭᠠᠵᠠᠷ ᠲᠤᠷ ᠢᠯᠡᠭᠡᠵᠦ᠂ ᠮᠣᠩᠭᠣᠯ ᠪᠤᠬ᠎ᠠ ᠳᠠᠢᠰᠤᠨᠳᠠᠷᠤᠭᠴᠢ ᠬᠣᠶᠠᠷ ᠢ᠋ᠶ᠋ᠠᠷ ᠬᠣᠲᠠᠨ ᠢ᠋ ᠬᠠᠭᠠᠯᠭᠠᠨ ᠦᠯᠡᠳᠡᠭᠡᠪᠡ᠃ ᠥᠪᠡᠷ ᠦ᠋ᠨ ᠪᠡᠶ᠎ᠡ ᠪᠡᠷ ᠶᠡᠬᠡ ᠴᠡᠷᠢᠭ ᠢ᠋ ᠠᠪᠴᠤ ᠡᠮᠦᠨ᠎ᠡ ᠵᠦᠭ ᠯᠦᠸᠧ ᠵᠧᠦ ᠂ ᠪᠤᠤ ᠠᠨ ᠡᠨᠡ ᠬᠣᠶᠠᠷ ᠬᠣᠲᠠᠨ ᠢ᠋ ᠪᠠᠢᠯᠳᠤᠨ ᠠᠪᠴᠤ ᠬᠣᠲᠠᠨ ᠳ᠋ᠤᠷ ᠣᠷᠣᠲᠠᠯ᠎ᠠ ᠳᠠᠭᠠᠯᠳᠤᠭ᠎ᠠ ᠱᠢ ᠲᠢᠶᠠᠨ ᠢᠩ ᠠᠯᠲᠠᠨ ᠤᠯᠤᠰ ᠤ᠋ᠨ ᠶᠡᠬᠡ ᠵᠠᠩᠵᠤᠨ ᠵᠠᠩ ᠲᠢᠶᠠᠨ ᠴᠢᠩ ᠂ ᠵᠢᠶᠠ ᠵᠧᠦ ᠶ᠋ᠢ ᠪᠠᠢᠯᠳᠤᠷ᠎ᠠ ᠢᠷᠡᠭᠰᠡᠨ ᠢ᠋ ᠠᠮᠢᠳᠤ ᠪᠠᠷᠢᠵᠤ ᠬᠦᠷᠭᠡᠵᠦ ᠢᠷᠡᠭᠰᠡᠨ᠎ᠡ᠂ ᠮᠤᠬᠤᠯᠢ ᠣᠷᠣᠭᠤᠯᠵᠤ ᠦᠵᠡᠪᠡᠰᠦ ᠬᠣᠢᠲᠤ ᠭᠠᠵᠠᠷ ᠤ᠋ᠨ ᠰᠡᠴᠡᠨ ᠪᠥᠬᠡ ᠠᠮᠢᠳᠤᠷᠠᠵᠤ ᠢᠷᠡᠭᠰᠡᠨ ᠮᠡᠲᠦ ᠳ᠋ᠦ᠍ᠷ ᠰᠠᠢᠨ ᠬᠥᠮᠦᠨ ᠪᠤᠰᠤ ᠶ᠋ᠢ ᠮᠡᠳᠡᠵᠦ ᠳᠠᠩᠰᠠᠨ ᠦᠵᠡᠪᠡᠰᠦ ᠲᠡᠷᠡ ᠪᠠᠰᠠ ᠬᠦ᠌ ᠬᠠᠭᠤᠷᠮᠠᠭ ᠢ᠋ᠶ᠋ᠠᠷ ᠣᠮᠣᠷᠬᠠᠭ ᠥᠭᠦᠯᠡᠷᠦᠨ᠄ 《 ᠪᠢ ᠠᠯᠲᠠᠨ ᠤᠯᠤᠰ ᠤ᠋ᠨ ᠬᠡᠰᠢᠭ ᠲᠣᠷ ᠬᠣᠷᠢᠨ ᠵᠢᠯ ᠢᠯᠡᠭᠦᠦ ᠬᠦᠷᠲᠡᠪᠡ᠂ ᠡᠳᠦᠭᠡ ᠲᠠᠨ ᠳ᠋ᠤᠷ ᠠᠯᠠᠭᠳᠠᠵᠤ ᠬᠠᠷᠢᠭᠤᠯᠬᠤ ᠠ᠋ᠴᠠ ᠥᠭᠡᠷ᠎ᠡ ᠶᠠᠮᠪᠠᠷ ᠶᠠᠪᠤᠳᠠᠯ ᠪᠣᠢ !》ᠬᠡᠮᠡᠬᠦᠢ ᠳ᠋ᠦ᠍ᠷ ᠮᠤᠬᠤᠯᠢ ᠡᠨᠡ ᠡᠵᠡᠨ ᠳ᠋ᠡᠭᠡᠨ ᠵᠢᠷᠤᠮ ᠲᠠᠢ ᠲᠠᠯᠪᠢᠵᠤ ᠭᠠᠷᠭᠠᠰᠤᠭᠠᠢ ᠬᠡᠮᠡᠬᠦᠢ ᠳ᠋ᠦ᠍ᠷ ᠡᠨᠡ ᠡᠳᠦᠷ ᠴᠢᠪᠬᠢᠲᠡᠯ᠎ᠡ ᠮᠣᠩᠭᠣᠯ ᠪᠤᠬ᠎ᠠ ᠬᠡᠷᠡᠭ ᠵᠥᠪᠳᠡᠷ᠎ᠡ ᠢᠷᠡᠵᠦ ᠳᠡᠷᠭᠡᠳᠡ ᠪᠠᠢᠬᠤ ᠲᠤᠯᠠ ᠥᠭᠦᠯᠡᠷᠦᠨ᠄《ᠡᠭᠦᠨ ᠡᠴᠡ ᠬᠣᠵᠢᠮ ᠮᠠᠨ ᠤ᠋ ᠰᠠᠢᠨ ᠡᠷ᠎ᠡ ᠶ᠋ᠢ ᠦᠯᠦ ᠠᠯᠠᠬᠤ ᠶ᠋ᠢ ᠲᠠᠷᠬᠠᠭᠠᠨ ᠰᠣᠨᠣᠰᠬᠠᠵᠤ ᠵᠢᠷᠤᠮ ᠢ᠋ ᠦᠯᠡᠳᠡᠭᠡᠮᠦᠢ᠃ 》ᠬᠡᠮᠡᠭᠡᠳ ᠨᠢᠳᠦ ᠢᠮᠡᠷᠦᠨ ᠮᠤᠬᠤᠯᠢ ᠶ᠋ᠢ ᠬᠠᠷᠠᠵᠤ ᠦᠵᠡᠭᠰᠡᠨ ᠳ᠋ᠦ᠍ᠷ ᠮᠤᠬᠤᠯᠢ ᠲᠡᠷᠢᠭᠦᠨ ᠳᠣᠬᠢᠵᠤ ᠳᠣᠬᠢᠶ᠎ᠠ ᠥᠭᠪᠡ ᠃ ᠲᠡᠳᠦᠢ ᠲᠡᠷᠡ ᠬᠦᠯᠢᠶᠡᠨ ᠪᠦᠬᠦᠢ ᠳ᠋ᠦ᠍ᠷ ᠮᠤᠬᠤᠯᠢ ᠲᠡᠭᠦᠨ ᠢ᠋ ᠡᠭᠡᠨᠡᠭᠲᠡ ᠡᠵᠡᠨ ᠳ᠋ᠡᠭᠡᠨ ᠵᠢᠷᠤᠮᠲᠠᠢ ᠭᠡᠮᠡᠨ ᠬᠦᠯᠢᠶᠡᠰᠦᠨ ᠢ᠋ ᠲᠠᠢᠯᠤᠭᠤᠯᠤᠨ ᠳᠡᠪᠡᠯ ᠢ᠋ ᠢᠨᠤ ᠡᠮᠦᠰᠬᠡᠷ᠎ᠡ ᠭᠠᠷᠭᠠᠬᠤᠢ ᠳ᠋ᠤᠷ ᠲᠡᠷᠡ ᠮᠥᠨ ᠬᠦ᠌ ᠮᠥᠷᠭᠥᠬᠦ ᠦᠭᠡᠢ ᠭᠠᠷᠴᠤ ᠡᠴᠢᠭᠰᠡᠨ ᠳ᠋ᠦ᠍ᠷ ᠮᠣᠩᠭᠣᠯ ᠪᠤᠬ᠎ᠠ ᠡᠭᠦᠳᠡᠨ ᠦ᠌ ᠭᠠᠳᠠᠨ᠎ᠠ ᠵᠣᠭᠰᠣᠵᠤ 《ᠮᠠᠲᠠᠯ ᠦᠭᠡᠢ ᠪᠣᠭᠣᠯ ᠬᠡᠨ ᠢ ᠮᠡᠬᠡᠯᠡᠮᠦᠢ ?》 ᠭᠡᠮᠡᠨ ᠨᠢᠭᠡᠨᠲᠡ ᠴᠠᠪᠴᠢᠵᠤ ᠲᠣᠯᠣᠭᠠᠢ ᠶ᠋ᠢ ᠠᠪᠤᠭᠠᠳ ᠣᠷᠣᠵᠤ ᠢᠷᠡᠨ ᠶᠠᠯ᠎ᠠ ᠬᠦᠯᠢᠶᠡᠭᠰᠡᠨ ᠳ᠋ᠦ᠍ᠷ ᠮᠤᠬᠤᠯᠢ ᠶᠤᠸᠠᠨᠱᠤᠸᠠᠢ ᠶ᠋ᠢᠨ ᠴᠠᠭᠠᠵᠠ ᠶ᠋ᠢ ᠬᠥᠩᠭᠡᠨ ᠦᠵᠡᠭᠰᠡᠨ ᠶᠠᠯ᠎ᠠ ᠪᠠᠷ ᠴᠣᠯᠠ ᠶ᠋ᠢ ᠪᠠᠭᠤᠷᠠᠭᠤᠯᠤᠨ ᠴᠡᠷᠢᠭ ᠲᠦ᠍ᠷ ᠵᠢᠳᠬᠦ ᠬᠡᠮᠡᠪᠡ᠃ 

       ᠡᠨᠡ ᠠᠷᠭ᠎ᠠ ᠶ᠋ᠢ ᠱᠢ ᠲᠢᠶᠠᠨ ᠢᠩ ᠬᠡᠳᠦᠢᠨᠡᠢ ᠮᠡᠳᠡᠭᠡᠳ ᠰᠥᠨᠢ ᠭᠠᠢᠬᠠᠨ ᠠᠰᠠᠭᠤᠷᠤᠨ᠄《 ᠸᠠᠩ ᠲᠡᠭᠦᠨ ᠢ᠋ ᠲᠠᠯᠪᠢᠵᠤ ᠦᠯᠦ ᠪᠣᠯᠬᠤ ᠶ᠋ᠢ ᠬᠡᠷᠬᠢᠵᠦ ᠮᠡᠳᠡᠪᠡ ?》 ᠬᠡᠮᠡᠭᠰᠡᠨ ᠳ᠋ᠦ᠍ᠷ ᠮᠤᠬᠤᠯᠢ ᠥᠭᠦᠯᠡᠷᠦᠨ ᠄《ᠣᠭᠣᠯᠢ ᠶ᠋ᠢᠨ ᠰᠢᠨᠵᠢ ᠲᠡᠢ ᠤᠷᠪᠠᠯᠭ᠎ᠠ ᠶ᠋ᠢᠨ ᠨᠢᠳᠦᠲᠡᠢ !》 ᠬᠡᠮᠡᠭᠰᠡᠨ ᠳ᠋ᠦ᠍ᠷ ᠱᠢ ᠲᠢᠶᠠᠨ ᠢᠩ ᠭᠠᠢᠬᠠᠵᠤ ᠮᠠᠭᠲᠠᠪᠠᠢ᠃ 

       ᠲᠡᠳᠦᠢ ᠱᠢ ᠲᠢᠶᠠᠨ ᠢᠩ ᠮᠣᠩᠭᠣᠯ ᠪᠤᠬ᠎ᠠ ᠬᠣᠶᠠᠭᠤᠯᠠ ᠶ᠋ᠢ ᠡᠭᠡᠭᠦᠯᠵᠦ᠂ ᠥᠪᠡᠷ ᠦ᠋ᠨ ᠪᠡᠶ᠎ᠡ ᠸᠠᠩ ᠵᠧᠦ ᠬᠣᠲᠠᠨ ᠳ᠋ᠤᠷ ᠬᠦᠷᠦᠭᠰᠡᠨ ᠳ᠋ᠦ᠍ᠷ ᠬᠣᠲᠠ ᠶ᠋ᠢᠨ ᠢᠷᠭᠡᠨ ᠬᠠᠭᠠᠯᠭ᠎ᠠ ᠨᠡᠭᠡᠭᠡᠵᠦ ᠤᠭᠲᠤᠨ ᠳᠠᠭᠠᠪᠠ᠃ ᠲᠡᠢᠨ ᠬᠦ᠌ ᠣᠯᠠᠨ ᠴᠡᠷᠢᠭ ᠲᠦ᠍ᠷ ᠠᠷᠪᠠᠨ ᠬᠤᠪᠢ ᠶ᠋ᠢᠨ ᠬᠦᠨᠳᠦ ᠱᠠᠩ ᠬᠦᠷᠲᠡᠭᠡᠪᠡ᠃ ᠳᠠᠭᠠᠯᠳᠤᠭ᠎ᠠ ᠰᠢ ᠵᠧᠦ ᠬᠣᠲᠠ ᠶ᠋ᠢ ᠠᠯᠲᠠᠨ ᠤᠯᠤᠰ ᠤ᠋ᠨ ᠴᠡᠷᠢᠭ ᠠᠪᠪᠠ ᠭᠡᠮᠡᠨ ᠰᠣᠨᠣᠰᠴᠤ ᠶᠠᠭᠠᠷᠠᠨ ᠰᠥᠨᠢ ᠪᠡᠷ ᠭᠡᠨᠡᠳᠲᠡ ᠳᠣᠪᠲᠣᠯᠤᠨ ᠡᠴᠢᠵᠦ᠂ ᠳᠧ ᠵᠧᠦ ᠬᠣᠲᠠ ᠶ᠋ᠢ ᠳᠠᠷᠤᠵᠤ ᠠᠪᠤᠭᠠᠳ ᠮᠥᠷᠡᠨ ᠭᠡᠲᠦᠯᠬᠦᠢ ᠳ᠋ᠦ᠍ᠷ ᠴᠥᠮ ᠮᠥᠰᠥ ᠲᠤᠯᠠ ᠳᠣᠪᠲᠣᠯᠤᠨ ᠬᠥᠳᠡᠭᠡᠰᠦᠵᠦ ᠰᠢ ᠵᠧᠦ ᠬᠣᠲᠠ ᠶ᠋ᠢ ᠬᠠᠭᠠᠵᠤ᠂ ᠭᠢᠯᠦᠭᠡᠨ᠂ ᠬᠤᠢᠯᠠᠲᠠᠷ ᠬᠣᠶᠠᠷ ᠵᠠᠩᠵᠤᠨ ᠬᠣᠲᠠᠨ ᠳ᠋ᠤᠷ ᠡᠭᠦᠯᠡᠨ ᠱᠠᠲᠤ ᠪᠠᠷ ᠭᠠᠷᠴᠤ ᠴᠡᠷᠢᠭ ᠢ᠋ ᠠᠯᠠᠨ ᠰᠠᠷᠨᠢᠭᠤᠯᠵᠤ᠂ ᠬᠠᠭᠠᠯᠭ᠎ᠠ ᠨᠡᠭᠡᠭᠡᠵᠦ ᠶᠡᠬᠡ ᠴᠡᠷᠢᠭ ᠢ᠋ ᠬᠣᠲᠠᠨ ᠳ᠋ᠤᠷ ᠣᠷᠣᠭᠤᠯᠪᠠ᠃ 

       ᠲᠡᠨᠳᠡᠴᠡ ᠠᠷᠪᠠᠨ ᠨᠢᠭᠡᠨ ᠰᠠᠷ᠎ᠠ ᠳ᠋ᠤᠷ ᠰᠥᠩ ᠤᠯᠤᠰ ᠤ᠋ᠨ ᠱᠠᠨ ᠳ᠋ᠦᠩ ᠮᠣᠵᠢ ᠶ᠋ᠢ ᠬᠠᠮᠢᠶᠠᠷᠬᠤ ᠶᠡᠬᠡ ᠠᠨ ᠹᠦ ᠱᠢ – ᠵᠠᠩ ᠯᠢᠨ᠂ ᠴᠢᠩᠭᠢᠰ ᠬᠠᠭᠠᠨ ᠤ᠋ ᠠᠯᠳᠠᠷ ᠪᠠ ᠮᠤᠬᠤᠯᠢ ᠶ᠋ᠢᠨ ᠮᠡᠷᠭᠡᠨ ᠢ᠋ ᠰᠣᠨᠣᠰᠴᠤ ᠬᠠᠷᠢᠶᠠᠲᠤ ᠵᠡᠭᠦᠨ ᠱᠠᠨ ᠳ᠋ᠦᠩ ᠮᠣᠵᠢ ᠶ᠋ᠢᠨ ᠢᠷᠭᠡᠨ ᠢ᠋ᠶ᠋ᠡᠨ ᠴᠥᠮ ᠠᠪᠴᠤ ᠮᠤᠬᠤᠯᠢ ᠳ᠋ᠤᠷ ᠢᠷᠡᠵᠦ ᠳᠠᠭᠠᠭᠰᠠᠨ ᠳ᠋ᠤᠷ ᠭᠦᠸᠧ  ᠸᠠᠩ ᠮᠤᠬᠤᠯᠢ ᠶᠠᠭᠠᠷᠠᠨ ᠪᠡᠶ᠎ᠡ ᠪᠡᠷ ᠤᠭᠲᠤᠨ ᠬᠤᠷᠢᠮᠯᠠᠵᠤ ᠂ ᠨᠢᠭᠡᠨᠲᠡᠭᠡᠭᠦᠷ ᠬᠠᠭᠠᠨ ᠳ᠋ᠤᠷ ᠠᠢᠯᠠᠳᠬᠠᠨ ᠶᠠᠪᠤᠭᠤᠯᠵᠤ ᠵᠠᠷᠯᠢᠭ ᠭᠤᠶᠤᠷ᠎ᠠ ᠳᠣᠪᠲᠣᠯᠭᠠᠪᠠ᠃   

       ᠲᠡᠳᠦᠢ ᠡᠨᠡ ᠵᠠᠩ ᠯᠢᠨ ᠯᠤᠭ᠎ᠠ ᠬᠠᠮᠲᠤ ᠱᠠᠨ ᠳ᠋ᠦᠩ ᠢ᠋ ᠵᠠᠬᠢᠷᠬᠤ ᠵᠠᠩᠵᠤᠨ ᠯᠢ ᠹᠦ ᠭᠠᠭᠴᠠᠭᠠᠷ ᠱᠠᠨ ᠳ᠋ᠦᠩ ᠢ᠋ ᠰᠠᠬᠢᠵᠤ ᠴᠢᠳᠠᠬᠤ ᠦᠭᠡᠢ ᠪᠡᠨ ᠮᠡᠳᠡᠭᠡᠳ ᠵᠢᠶᠣᠤ ᠱᠢ ᠬᠡᠮᠡᠬᠦ ᠭᠠᠵᠠᠷ ᠠ᠋ᠴᠠ ᠡᠭᠡᠵᠦ ᠪᠤᠷᠤᠭᠤᠯᠠᠨ ᠡᠴᠢᠪᠡ᠃ ᠲᠡᠢᠨ ᠬᠦ᠌ ᠱᠠᠨ ᠳ᠋ᠦᠩ ᠦ᠋ᠨ ᠵᠡᠭᠦᠨ ᠵᠠᠮ ᠤ᠋ᠨ ᠢ ᠳᠦ᠂  ᠼᠠᠩ ᠵᠧᠦ᠂ ᠵᠢᠩ ᠵᠧᠦ᠂ ᠪᠢᠨ ᠵᠧᠦ ᠡᠳᠡᠭᠡᠷ ᠬᠣᠲᠠ ᠪᠠᠯᠭᠠᠳ ᠵᠢᠶᠦ᠋ᠨ ᠰᠢᠶᠠᠨ ᠴᠥᠮ ᠮᠣᠩᠭᠣᠯ ᠤᠯᠤᠰ ᠲᠤᠷ ᠬᠠᠷᠢᠶᠠᠲᠤ ᠪᠣᠯᠵᠤ ᠳᠠᠭᠠᠪᠠ᠃ ᠦᠵᠡᠰᠡ ᠡᠨᠡ ᠵᠠᠩ ᠯᠢᠨ ᠬᠥᠮᠦᠨ ᠢᠨᠦ ᠴᠢᠬᠡᠴᠢ ᠪᠠᠭᠠᠲᠤᠷ᠂ ᠳᠡᠭᠡᠳᠦᠰ ᠢ᠋ ᠪᠢᠯᠳᠠᠤᠴᠢᠯᠠᠨ ᠴᠢᠳᠠᠬᠤ ᠦᠭᠡᠢ ᠳ᠋ᠡᠭᠡᠨ ᠠᠯᠲᠠᠨ ᠤᠯᠤᠰ ᠤ᠋ᠨ ᠡᠷᠬᠡ ᠪᠠᠷᠢᠭᠴᠢᠳ ᠲᠠᠪᠠ ᠦᠭᠡᠢ ᠪᠦᠬᠦᠢ ᠳ᠋ᠦ᠍ᠷ ᠡᠳᠦᠭᠡ ᠪᠠᠰᠠ  ᠸᠠᠨ ᠶᠠᠨ ᠾᠧ ᠳᠡ᠂ ᠨᠠᠬᠠᠮᠢ ᠵᠣ᠌ ᠬᠣᠶᠠᠷ ᠤ᠋ᠨ ᠴᠡᠷᠢᠭ ᠢᠷᠡᠬᠦ ᠳ᠋ᠦ᠍ᠷ ᠬᠦᠨᠳᠦ ᠡᠳ᠋ ᠭᠠᠷᠭᠠᠨ ᠦᠭᠭᠦᠭᠰᠡᠨ ᠦᠭᠡᠢ ᠳ᠋ᠦ᠍ᠷ ᠬᠠᠭᠠᠨ ᠳ᠋ᠤᠷ ᠢ᠋ᠶ᠋ᠠᠨ ᠬᠣᠴᠢᠯᠠᠨ ᠠᠢᠯᠠᠳᠬᠠᠵᠤ ᠵᠡᠷᠭᠡ ᠶ᠋ᠢ ᠬᠤᠰᠤᠭᠤᠯᠤᠭᠰᠠᠨ᠎ᠠ᠂ ᠬᠠᠵᠠᠭᠤ ᠠ᠋ᠴᠠ ᠨᠥᠬᠥᠷ ᠯᠢ ᠹᠦ ᠲᠡᠭᠦᠨ ᠦ᠌ ᠲᠤᠰᠢᠶᠠᠯ ᠢ᠋ ᠡᠭᠡᠭᠦᠯᠦᠭᠰᠡᠨ ᠪᠣᠯᠪᠠᠴᠤ ᠵᠠᠩ ᠯᠢᠨ ᠴᠠᠳᠲᠠᠯ᠎ᠠ ᠬᠣᠷᠣᠰᠴᠤ ᠡᠮ᠎ᠡ ᠦᠷ᠎ᠡ ᠪᠡᠨ ᠠᠪᠴᠤ ᠮᠣᠩᠭᠣᠯ ᠳ᠋ᠤᠷ ᠳᠠᠭᠠᠭᠰᠠᠨ ᠳ᠋ᠤᠷ ᠢᠯᠡᠭᠦᠦ ᠡᠪᠦᠯ ᠦ᠋ᠨ ᠰᠡᠭᠦᠯ ᠰᠠᠷ᠎ᠠ ᠳ᠋ᠤᠷ ᠰᠥᠩ ᠤᠯᠤᠰ ᠠ᠋ᠴᠠ ᠮᠣᠩᠭᠣᠯ ᠤᠯᠤᠰ ᠲᠤᠷ ᠠᠯᠪᠠ ᠬᠦᠷᠭᠡᠨ ᠪᠠᠰᠠ ᠡᠨᠡ ᠵᠠᠩ ᠯᠢᠨ ᠢ᠋ ᠭᠡᠳᠡᠷᠭᠦ ᠪᠠᠷᠢᠵᠤ ᠥᠭᠭᠦᠮᠦ ᠬᠡᠮᠡᠭᠰᠡᠨ ᠳ᠋ᠦ᠍ᠷ ᠴᠢᠩᠭᠢᠰ ᠬᠠᠭᠠᠨ ᠵᠠᠩ ᠯᠢᠨ ᠢ᠋ ᠬᠠᠷᠢᠭᠤ ᠢᠯᠡᠬᠡᠨ ᠥᠭᠬᠦ ᠦᠭᠡᠢ ᠪᠡᠷ ᠦᠯᠦ ᠪᠠᠷᠠᠨ᠂ ᠬᠠᠷᠢᠨ ᠵᠠᠩ ᠯᠢᠨ ᠢ᠋ ᠱᠠᠨ ᠳ᠋ᠦᠩ ᠦ᠋ᠨ ᠳᠥᠷᠪᠡᠨ ᠵᠧᠦ ᠶ᠋ᠢᠨ ᠨᠡᠢᠲᠡ ᠶ᠋ᠢ ᠵᠠᠬᠢᠷᠴᠤ ᠰᠠᠬᠢᠬᠤ ᠶᠡᠬᠡ ᠴᠡᠷᠢᠭ ᠦ᠋ᠨ ᠳᠦ ᠶᠤᠸᠠᠨᠱᠤᠸᠠᠢ ᠲᠠᠯᠪᠢᠵᠤ᠂ ᠰᠥᠩ ᠤᠯᠤᠰ ᠲᠤᠷ ᠬᠠᠷᠢᠭᠤ ᠪᠡᠯᠡᠭ ᠲᠤᠰᠢᠶᠠᠨ᠂ ᠵᠠᠩ ᠯᠢᠨ ᠢ᠋ ᠪᠢ ᠨᠢᠭᠡᠨᠲᠡ ᠬᠡᠷᠡᠭᠯᠡᠭᠰᠡᠨ ᠲᠤᠯᠠ ᠦᠭᠡ ᠪᠡᠨ ᠢᠳᠡᠵᠦ ᠳᠡᠯᠡᠬᠡᠢ ᠳ᠋ᠠᠬᠢᠨ ᠤ᠋ ᠬᠥᠮᠦᠨ ᠳ᠋ᠦ᠍ᠷ ᠡᠯᠡᠭᠯᠡᠯ ᠪᠣᠯᠬᠤ ᠶ᠋ᠢ ᠴᠢᠳᠠᠬᠤ ᠦᠭᠡᠢ᠂ ᠶᠡᠬᠡ ᠤᠯᠤᠰ ᠲᠡᠷᠡ ᠵᠠᠩ ᠯᠢᠨ ᠨᠢᠭᠡᠬᠡᠨ ᠬᠥᠮᠦᠨ ᠢ᠋ ᠦᠭᠡᠢ ᠳ᠋ᠦ᠍ᠷ ᠶᠠᠭᠤᠨ ᠳᠤᠲᠠᠭᠳᠠᠬᠤ ᠭᠠᠵᠠᠷ ᠪᠣᠢ᠃ ᠲᠡᠭᠦᠨ ᠢ᠋ ᠨᠠᠳᠠ ᠳ᠋ᠤᠷ ᠲᠠᠯ᠎ᠠ ᠥᠭᠪᠡ ᠭᠡᠮᠡᠨ ᠰᠠᠨᠠᠪᠠᠰᠤ ᠪᠠᠷᠠᠪᠠ ᠭᠡᠮᠡᠨ ᠡᠭᠡᠭᠦᠯᠪᠡ ᠂ ᠡᠨᠡ ᠡᠯᠴᠢ ᠶ᠋ᠢ ᠮᠤᠬᠤᠯᠢ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠳᠠᠭᠠᠷᠢᠭᠤᠯᠤᠨ ᠨᠢᠭᠡᠨ ᠳ᠋ᠦ᠍ᠷ ᠵᠠᠩ ᠯᠢᠨ ᠦ᠌ ᠪᠡᠶ᠎ᠡ ᠬᠠᠭᠠᠨ ᠪᠠ ᠭᠦᠸᠧ ᠸᠠᠩ ᠬᠣᠶᠠᠷ ᠤ᠋ᠨ ᠬᠡᠰᠢᠭ ᠢ᠋ ᠶᠠᠰᠤ ᠴᠢᠮᠦᠭᠡᠨ ᠳ᠋ᠦ᠍ᠷ ᠰᠡᠢᠯᠦᠨ ᠲᠡᠮᠳᠡᠭᠯᠡᠪᠡ᠃ ᠡᠨᠡ ᠦᠨᠡᠬᠡᠷ :   

             ᠠᠪᠤᠰᠢ ᠦᠭᠡᠢ ᠰᠢ ᠢᠦᠢ ᠤᠯᠤᠰ ᠠᠷᠢᠶᠠᠲᠠᠨ ᠮᠡᠲᠦ ᠵᠡᠷᠯᠢᠭ  

             ᠠᠮᠲᠠ ᠦᠭᠡᠢ ᠠᠯᠲᠠᠨ ᠤᠯᠤᠰ ᠠᠳᠤᠭᠤᠰᠤ ᠠᠳᠠᠯᠢ ᠠᠭᠠᠰᠢᠯᠠᠮᠤᠢ᠂ 

             ᠠᠴᠢᠯᠠᠯ ᠦᠭᠡᠢ ᠰᠢᠶᠠ ᠤᠯᠤᠰ ᠠᠯᠪᠢᠨ ᠮᠡᠲᠦ ᠵᠢᠭᠰᠢᠭᠦᠷᠢᠲᠡᠢ   

             ᠠᠷᠭ᠎ᠠ ᠦᠭᠡᠢ ᠰᠥᠩ ᠤᠯᠤᠰ ᠠᠯᠪᠠᠲᠤ ᠠᠳᠠᠯᠢ ᠪᠣᠯᠵᠤᠬᠤᠢ᠃