ᠬᠣᠷᠤᠭᠠᠨᠴᠠᠢᠳᠠᠮ ᠨᠤᠲᠤᠭ ᠲᠠᠢХороонцайдам нутагтай-ᠣᠷᠳᠤᠰ ᠠᠷᠠᠳ ᠤᠨ ᠳᠠᠭᠤᠤ
ᠬᠣᠷᠤᠭᠠᠨᠴᠠᠢᠳᠠᠮ ᠨᠤᠲᠤᠭ ᠲᠠᠢ
ᠬᠣᠷᠤᠭᠠᠨᠴᠠᠢᠳᠠᠮ ᠨᠤᠲᠤᠭ ᠲᠠᠢ ᠯᠠ ᠶᠤᠮ
ᠬᠣᠶᠠᠷ ᠨᠣᠮᠤᠭᠤᠨ ᠥᠨᠳᠥᠷ ᠲᠡᠢ ᠯᠡ ᠶᠦ᠍ᠮ
ᠬᠣᠯᠠ ᠶ᠋ᠢᠨ ᠠᠯᠪᠠᠨ ᠳ᠋ᠤ᠌ ᠶᠠᠪᠤᠵᠤ ᠪᠠᠢᠬᠤ ᠳ᠋ᠤ᠌
ᠭᠠᠤᠯᠢᠨ ᠪᠦᠷᠢᠶ᠎ᠡ ᠬᠣᠶᠠᠭᠤᠯᠠ ᠪᠠᠨ ᠱᠢᠦ
ᠡᠵᠢ ᠡᠴᠡ ᠪᠡᠨ ᠲᠦᠷᠬᠦᠢ ᠳ᠋ᠦ᠍
ᠡᠭᠡᠴᠢ ᠳᠡᠭᠦᠦ ᠬᠣᠶᠠᠷ ᠶᠤᠮ
ᠡᠨᠡ ᠴᠡᠷᠢᠭ ᠦ᠋ᠨ ᠠᠯᠪᠠᠨ ᠳ᠋ᠤ᠌
ᠭᠠᠤᠯᠢᠨ ᠪᠦᠷᠢᠶ᠎ᠡ ᠬᠣᠶᠠᠭᠤᠯᠠ ᠱᠢᠦ
ᠡᠵᠡᠨ ᠵᠠᠰᠠᠭ ᠤ᠋ᠨ ᠵᠠᠷᠯᠢᠭ ᠢ᠋ᠶ᠋ᠠᠷ
ᠡᠨᠡ ᠪᠡᠶ᠎ᠡ ᠮᠢᠨᠢ ᠮᠣᠷᠳᠠᠯ᠎ᠠ
ᠡᠭᠡᠯ ᠪᠢᠳᠡᠨ ᠳᠥᠷᠪᠡᠭᠦᠯᠡ ᠪᠡᠨ
ᠢᠷᠭᠡᠨ ᠬᠢᠲᠠᠳ ᠤ᠋ᠨ ᠮᠠᠲᠠᠯ ᠳ᠋ᠤ᠌ ᠣᠷᠣᠯ᠎ᠠ
ᠠᠲᠠᠨ ᠠᠲᠠᠨ ᠲᠡᠮᠡᠭᠡ ᠨᠢ
ᠠᠷᠤ ᠬᠠᠩᠬ᠎ᠠ ᠠ᠋ᠴᠠ ᠢᠷᠡᠭᠰᠡᠨ ᠶᠦ᠍ᠮ
ᠠᠯᠪᠠᠨ ᠤ᠋ ᠪᠢᠳᠡᠨ ᠳᠥᠷᠪᠡᠭᠦᠯᠡ ᠶ᠋ᠢᠨ
ᠠᠯᠤᠰ ᠬᠣᠯᠠ ᠶ᠋ᠢᠨ ᠤᠨᠤᠭ᠎ᠠ ᠶᠤᠮ
ᠠᠯᠠᠭ ᠮᠣᠷᠢ ᠪᠠᠨ ᠤᠨᠤᠯᠠ ᠳ᠋ᠣᠤ
ᠠᠯᠤᠰ ᠤ᠋ᠨ ᠭᠠᠵᠠᠷ ᠢ᠋ᠶ᠋ᠠᠨ ᠵᠣᠷᠢᠯ᠎ᠠ ᠳ᠋ᠣᠣ
ᠠᠪᠤ ᠡᠵᠢ ᠬᠣᠶᠠᠷ ᠮᠢᠨᠢ
ᠠᠮᠤᠷ ᠮᠡᠨᠳᠦ ᠰᠠᠭᠠᠲᠠᠵᠤ ᠪᠠᠢ
ᠬᠦᠷᠡᠩ ᠮᠣᠷᠢ ᠪᠠᠨ ᠤᠨᠤᠯᠠ ᠳ᠋ᠣᠤ
ᠬᠥᠨᠳᠡᠢ ᠶ᠋ᠢᠨ ᠵᠠᠮ ᠢ᠋ᠶ᠋ᠠᠷ ᠮᠣᠷᠳᠠᠯ᠎ᠠ ᠳ᠋ᠣᠣ
ᠬᠦᠨᠳᠦᠲᠦ ᠠᠪᠤ ᠡᠵᠢ ᠬᠣᠶᠠᠷ ᠮᠢᠨᠢ
ᠠᠮᠤᠷ ᠮᠡᠨᠳᠦ ᠰᠠᠭᠠᠲᠠᠵᠤ ᠪᠠᠢ
ᠪᠣᠷᠣ ᠮᠣᠷᠢ ᠪᠠᠨ ᠤᠨᠤᠯᠠ ᠳ᠋ᠣᠤ
ᠪᠤᠭᠤᠲᠤ ᠰᠦᠢᠶᠦᠸᠠᠨ ᠳ᠋ᠤ᠌ ᠮᠣᠷᠳᠠᠯ᠎ᠠ ᠳ᠋ᠣᠣ
ᠪᠤᠭᠤᠷᠤᠯ ᠠᠪᠤ ᠮᠢᠨᠢ ᠠᠰᠠᠭᠤᠪᠠᠯ
ᠪᠤᠭᠤᠲᠤ ᠰᠦᠢᠶᠦᠸᠠᠨ ᠳ᠋ᠤ᠌ ᠮᠣᠷᠳᠠᠯ᠎ᠠ ᠳ᠋ᠣᠣ
ᠬᠠᠷ᠎ᠠ ᠮᠣᠷᠢ ᠪᠠᠨ ᠤᠨᠤᠯᠠ ᠳ᠋ᠣᠤ
ᠬᠠᠩᠭᠢᠨ ᠨᠤᠲᠤᠭ ᠠ᠋ᠴᠠ ᠪᠠᠨ ᠮᠣᠷᠳᠠᠯ᠎ᠠ ᠳ᠋ᠣᠣ
ᠬᠠᠢᠷᠠᠲᠤ ᠡᠵᠢ ᠮᠢᠨᠢ ᠠᠰᠠᠭᠤᠪᠠᠯ
ᠬᠠᠷᠢ ᠭᠠᠵᠠᠷ ᠲᠤ᠌ ᠰᠠᠭᠤᠵᠤ ᠪᠠᠢᠨ᠎ᠠ ᠪᠢ
ᠲᠡᠮᠦᠷ ᠵᠠᠮ ᠢ᠋ᠶ᠋ᠠᠷ ᠳᠦᠭᠡᠢᠭᠦᠯᠵᠦ ᠪᠠᠢᠨ᠎ᠠ
ᠲᠥᠷᠥ ᠶ᠋ᠢᠨ ᠡᠮᠦᠨ᠎ᠡ ᠵᠢᠳᠭᠦᠵᠦ ᠪᠠᠢᠨ᠎ᠠ
ᠲᠥᠷᠥᠯ ᠰᠠᠳᠤᠨ ᠮᠢᠨᠢ ᠠᠰᠠᠭᠤᠪᠠᠯ
ᠲᠦᠪᠱᠢᠨ ᠠᠮᠤᠷ ᠰᠠᠭᠤᠵᠤ ᠪᠠᠢᠨ᠎ᠠ ᠪᠢ
ᠬᠠᠢᠷᠠᠨ ᠪᠡᠶ᠎ᠡ ᠮᠢᠨᠢ ᠡᠪᠡᠳᠬᠦ ᠳ᠋ᠦ᠍
ᠬᠠᠷᠢᠬᠤ ᠶ᠋ᠢᠨ ᠰᠠᠨᠠᠭ᠎ᠠ ᠲᠥᠷᠥᠭᠳᠡᠯᠡ
ᠬᠠᠷᠢᠶ᠎ᠠ ᠭᠡᠵᠦ ᠭᠤᠶᠤᠯ᠎ᠠ ᠪᠢ
ᠬᠠᠷᠢᠬᠤ ᠶ᠋ᠢᠨ ᠥᠷᠥᠱᠢᠶᠡᠯ ᠦᠭᠭᠦᠭᠰᠡᠨ ᠦᠭᠡᠢ
ᠴᠡᠩᠬᠡᠷ ᠬᠠᠢᠯᠠᠩ ᠵᠢᠶᠦ᠋ᠨ ᠢ1
ᠵᠡᠭᠦᠨ ᠪᠠᠷᠠᠭᠤᠨ ᠬᠠᠷᠮᠠᠨ ᠲᠠᠢ
ᠬᠠᠷᠮᠠᠨ ᠳᠦᠭᠦᠷᠡᠩ ᠴᠠᠭᠠᠰᠤ ᠪᠠᠢᠨ᠎ᠠ
ᠬᠠᠷᠢᠭᠤ ᠰᠢᠦᠽᠠ2 ᠢ᠋ᠶ᠋ᠠᠨ ᠳᠠᠢᠯᠭᠠᠶᠠ ᠳ᠋ᠣᠣ
ᠤᠯᠠᠭᠠᠨ ᠥᠩᠭᠡ ᠶ᠋ᠢᠨ ᠪᠣᠳᠣᠭ ᠪᠠᠢᠨ᠎ᠠ
ᠤᠰᠤᠨ ᠦᠵᠦᠭ ᠲᠡᠭᠡᠨ ᠰᠠᠪᠠᠯᠠᠴᠢᠬᠠᠶᠠ
ᠤᠯᠠᠭᠠᠨ ᠱᠤᠭᠤᠮ ᠲᠠᠢ ᠴᠠᠭᠠᠰᠤᠨ ᠳᠡᠭᠡᠷ᠎ᠡ
ᠤᠴᠢᠷ ᠢ᠋ᠶ᠋ᠠᠨ ᠪᠢᠴᠢᠭᠡᠳ ᠳᠠᠢᠯᠭᠠᠶᠠ ᠳ᠋ᠣᠣ
ᠵᠢᠶᠦ᠋ᠨ ᠢ1------ᠬᠢᠲᠠᠳ ᠦᠭᠡ(军衣) ᠴᠡᠷᠢᠭ ᠦ᠋ᠨ ᠬᠤᠪᠴᠠᠰᠤ
ᠰᠢᠦᠽᠠ2------- ᠬᠢᠲᠠᠳ ᠦᠭᠡ(书子) ᠵᠠᠬᠢᠳᠠᠯ ᠴᠢᠮᠡᠭᠡ
