ᠥᠷᠭᠡᠨ ᠠᠭᠤᠯᠠ ᠶᠢᠨ ᠡᠩᠭᠡᠷӨргөн уулын энгэр-ᠣᠷᠳᠤᠰ ᠠᠷᠠᠳ ᠤᠨ ᠳᠠᠭᠤᠤ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠭᠡᠨ ᠠᠭᠤᠯᠠ ᠶᠢᠨ ᠡᠩᠭᠡᠷӨргөн уулын энгэр-ᠣᠷᠳᠤᠰ ᠠᠷᠠᠳ ᠤᠨ ᠳᠠᠭᠤᠤ

ᠥᠷᠭᠡᠨ ᠠᠭᠤᠯᠠ ᠶᠢᠨ ᠡᠩᠭᠡᠷӨргөн уулын энгэр-ᠣᠷᠳᠤᠰ ᠠᠷᠠᠳ ᠤᠨ ᠳᠠᠭᠤᠤ

2023-09-22

340

ᠥᠷᠭᠡᠨ ᠠᠭᠤᠯᠠ ᠶᠢᠨ ᠡᠩᠭᠡᠷ

      ᠣᠷᠳᠣᠰ ᠠᠷᠠᠳ ᠤ᠋ᠨ ᠳᠠᠭᠤᠤ 

ᠥᠷᠭᠡᠨ ᠠᠭᠤᠯᠠ ᠶ᠋ᠢᠨ ᠡᠩᠭᠡᠷ ᠲᠦ᠍ 
ᠥᠩᠱᠢᠭ ᠰᠠᠢᠬᠠᠨ ᠯᠠ ᠨᠤᠲᠤᠭ ᠱᠢᠦ 
ᠡᠪᠦᠯ ᠵᠤᠨ ᠤ᠋ ᠤᠯᠠᠷᠢᠯ ᠳ᠋ᠤ᠌ 
ᠰᠠᠭᠤᠯᠲᠠᠢ ᠰᠠᠢᠬᠠᠨ ᠯᠠ ᠨᠤᠲᠤᠭ ᠪᠠᠢᠨ᠎ᠠ 

ᠠᠭᠢ ᠦᠭᠡᠢ ᠭᠠᠵᠠᠷ ᠲᠤ᠌ 
ᠠᠳᠤᠭᠤ ᠶᠠᠭᠤᠨ ᠳ᠋ᠠᠭᠠᠨ ᠡᠷᠭᠢᠨ᠎ᠡ ᠳ᠋ᠣᠣ 
ᠠᠪᠤ ᠦᠭᠡᠢ ᠭᠠᠵᠠᠷ ᠲᠤ᠌ 
ᠪᠢᠳᠡᠨ ᠶᠠᠭᠤᠨ ᠳ᠋ᠠᠭᠠᠨ ᠡᠷᠭᠢᠨ᠎ᠡ ᠳ᠋ᠣᠣ 
ᠡᠷᠭᠢ ᠦᠭᠡᠢ ᠭᠠᠵᠠᠷ ᠲᠤ᠌ 
ᠡᠯᠢᠶ᠎ᠡ ᠶᠠᠭᠤᠨ ᠳ᠋ᠠᠭᠠᠨ ᠡᠷᠭᠢᠨ᠎ᠡ ᠳ᠋ᠣᠣ 
ᠡᠵᠢ ᠦᠭᠡᠢ ᠭᠠᠵᠠᠷ ᠲᠤ᠌ 
ᠪᠢᠳᠡᠨ ᠶᠠᠭᠤᠨ ᠳ᠋ᠠᠭᠠᠨ ᠡᠷᠭᠢᠨ᠎ᠡ ᠳ᠋ᠣᠣ

ᠨᠠᠷᠠ ᠲᠤᠰᠬᠤ ᠦᠭᠡᠢ ᠭᠠᠵᠠᠷ ᠲᠤ᠌
ᠨᠠᠪᠴᠢ ᠶᠠᠭᠤᠨ ᠳ᠋ᠠᠭᠠᠨ ᠳᠡᠯᠭᠡᠷᠡᠨ᠎ᠡ ᠳ᠋ᠣᠣ
ᠨᠠᠭᠠᠴᠤ ᠦᠭᠡᠢ ᠭᠠᠵᠠᠷ ᠲᠤ᠌
ᠪᠢᠳᠡᠨ ᠶᠠᠭᠤᠨ ᠳ᠋ᠠᠭᠠᠨ ᠡᠷᠭᠢᠨ᠎ᠡ ᠳ᠋ᠣᠣ

ᠰᠠᠷᠠ ᠲᠤᠰᠬᠤ ᠦᠭᠡᠢ ᠭᠠᠵᠠᠷ ᠲᠤ᠌
ᠰᠠᠷᠭᠠᠢ ᠶᠠᠭᠤᠨ ᠳ᠋ᠠᠭᠠᠨ ᠳᠡᠯᠭᠡᠷᠡᠨ᠎ᠡ ᠳ᠋ᠣᠣ
ᠰᠠᠳᠤᠨ ᠦᠭᠡᠢ ᠭᠠᠵᠠᠷ ᠲᠤ᠌
ᠪᠢᠳᠡᠨ ᠶᠠᠭᠤᠨ ᠳ᠋ᠠᠭᠠᠨ ᠡᠷᠭᠢᠨ᠎ᠡ ᠳ᠋ᠣᠣ

ᠬᠠᠳᠠᠨ ᠦᠭᠡᠢ ᠭᠠᠵᠠᠷ ᠲᠤ᠌
ᠬᠠᠷᠴᠠᠭᠠᠢ ᠶᠠᠭᠤᠨ ᠳ᠋ᠠᠭᠠᠨ ᠡᠷᠭᠢᠨ᠎ᠡ ᠳ᠋ᠣᠣ
ᠬᠠᠳᠠᠮ ᠦᠭᠡᠢ ᠭᠠᠵᠠᠷ ᠲᠤ᠌
ᠪᠢᠳᠡᠨ ᠶᠠᠭᠤᠨ ᠳ᠋ᠠᠭᠠᠨ ᠡᠷᠭᠢᠨ᠎ᠡ ᠳ᠋ᠣᠣ