ᠬᠥᠬᠡ ᠰᠤᠳᠤᠷ - ᠢᠨᠵᠠᠨᠨᠠᠰᠢ < ᠲᠠᠪᠢᠨ ᠬᠣᠶᠠᠳᠤᠭᠠᠷ ᠪᠦᠯᠦᠭ > Хөх судар - Инжинаш < Тавин хоёрдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠠᠪᠢᠨ ᠬᠣᠶᠠᠳᠤᠭᠠᠷ ᠪᠦᠯᠦᠭ > Хөх судар - Инжинаш < Тавин хоёрдугаар бүлэг >

ᠬᠥᠬᠡ ᠰᠤᠳᠤᠷ - ᠢᠨᠵᠠᠨᠨᠠᠰᠢ < ᠲᠠᠪᠢᠨ ᠬᠣᠶᠠᠳᠤᠭᠠᠷ ᠪᠦᠯᠦᠭ > Хөх судар - Инжинаш < Тавин хоёрдугаар бүлэг >

ᠠᠩᠭᠢᠯᠠᠯ:ᠲᠡᠦᠬᠡ ᠰᠣᠶᠣᠯ
2023-09-21

284

ᠴᠢᠩᠭᠢᠰ ᠬᠠᠭᠠᠨ ᠰᠢ ᠢᠦᠢ ᠶ᠋ᠢᠨ ᠭᠤᠷᠪᠠᠨ ᠬᠣᠲᠠ ᠶ᠋ᠢᠨ ᠰᠣᠯᠣᠭᠠᠢ ᠤᠪᠠᠳᠢᠰᠲᠠᠨ ᠢ᠋ ᠳᠠᠷᠤᠪᠠ

ᠲᠠᠢᠱᠢ ᠮᠤᠬᠤᠯᠢ ᠰᠥᠩ ᠠᠯᠲᠠᠨ ᠬᠣᠶᠠᠷ ᠤᠯᠤᠰ ᠤ᠋ᠨ ᠣᠯᠠᠨ ᠵᠠᠩᠵᠤᠨ ᠨᠠᠷ ᠢ᠋ ᠳᠠᠭᠠᠭᠤᠯᠪᠠ


                      ᠲᠠᠪᠢᠨ ᠬᠣᠶᠠᠳᠤᠭᠠᠷ ᠪᠦᠯᠦᠭ    
                                    ᠴᠠᠭᠠᠨ ᠯᠤᠤ ᠵᠢᠯ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠲᠠᠢᠽᠦ ᠶ᠋ᠢᠨ ᠠᠷᠪᠠᠨ ᠲᠠᠪᠤᠳᠤᠭᠠᠷ ᠣᠨ᠂ 
                                    ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠳ᠋ᠢᠩ ᠦ᠋ᠨ ᠠᠷᠪᠠᠨ ᠭᠤᠷᠪᠠᠳᠤᠭᠠᠷ ᠣᠨ᠂ ᠠᠯᠲᠠᠨ ᠤᠯᠤᠰ ᠤ᠋ᠨ 
                                    ᠰᠢᠤᠸᠠᠨᠽᠦ᠋ᠩ ᠬᠠᠭᠠᠨ ᠤ᠋ ᠰᠢᠩ ᠳ᠋ᠢᠩ ᠦ᠋ᠨ ᠳᠥᠷᠪᠡᠳᠦᠭᠡᠷ ᠣᠨ ᠂ ᠡᠨᠡ ᠵᠢᠯ ᠲᠠᠢᠽᠦ ᠬᠠᠭᠠᠨ ᠲᠠᠪᠢᠨ ᠶᠢᠰᠦᠨ ᠨᠠᠰᠤ ᠲᠠᠢ   

                    ᠴᠢᠩᠭᠢᠰ ᠬᠠᠭᠠᠨ ᠰᠢ ᠢᠦᠢ ᠶ᠋ᠢᠨ ᠭᠤᠷᠪᠠᠨ ᠬᠣᠲᠠ ᠶ᠋ᠢᠨ ᠰᠣᠯᠣᠭᠠᠢ ᠤᠪᠠᠳᠢᠰᠲᠠᠨ ᠢ᠋ ᠳᠠᠷᠤᠪᠠ 
               ᠲᠡᠢᠰᠢ ᠮᠤᠬᠤᠯᠢ ᠰᠥᠩ ᠠᠯᠲᠠᠨ ᠬᠣᠶᠠᠷ ᠤᠯᠤᠰ ᠤ᠋ᠨ ᠣᠯᠠᠨ ᠵᠠᠩᠵᠤᠨ ᠨᠠᠷ ᠢ᠋ ᠳᠠᠭᠠᠭᠤᠯᠪᠠ  

       ᠥᠭᠦᠯᠡᠬᠦ ᠢᠨᠦ ᠲᠡᠷᠡ ᠵᠢᠯ ᠬᠠᠭᠠᠨ ᠤ᠋ ᠭᠡᠭᠡᠨ ᠰᠢ ᠢᠦᠢ ᠤᠯᠤᠰ ᠲᠤᠷ ᠡᠪᠦᠯᠵᠢᠵᠦ᠂ ᠭᠤᠷᠪᠠᠨ ᠲᠠᠢᠽᠢ ᠶ᠋ᠢᠨ ᠴᠡᠷᠢᠭ ᠢ ᠮᠥᠨ ᠲᠠᠲᠠᠭᠰᠠᠨ ᠦᠭᠡᠢ᠂ ᠰᠢ ᠢᠦᠢ ᠶ᠋ᠢᠨ ᠣᠯᠠᠨ ᠬᠣᠲᠠᠨ ᠢ᠋ ᠪᠠᠢᠯᠳᠤᠭᠤᠯᠤᠮᠤᠢ᠃ ᠡᠨᠡ ᠬᠣᠭᠣᠷᠣᠨᠳᠣ ᠴᠠᠭᠠᠨ ᠰᠠᠷ᠎ᠠ ᠳ᠋ᠤᠷ ᠰᠥᠩ ᠤᠯᠤᠰ ᠤ᠋ᠨ ᠶᠡᠬᠡ ᠵᠠᠩᠵᠤᠨ ᠵᠦᠩ ᠢᠡ ᠰᠢᠩ᠂ ᠰᠢᠦᠢ ᠭᠦᠸᠧ ᠬᠣᠶᠠᠭᠤᠯᠠ ᠠᠷᠪᠠᠨ ᠲᠦᠮᠡᠨ ᠴᠡᠷᠢᠭ ᠠᠪᠴᠤ ᠠᠯᠲᠠᠨ ᠤᠯᠤᠰ ᠤ᠋ᠨ ᠵᠦᠭ ᠪᠠᠢᠯᠳᠤᠨ ᠢᠷᠡᠵᠦ᠂ ᠠᠯᠲᠠᠨ ᠤᠯᠤᠰ ᠤ᠋ᠨ ᠳᠠᠩ ᠵᠧᠦ᠂ ᠳ᠋ᠧᠩ ᠵᠧᠦ ᠬᠣᠶᠠᠷ ᠬᠣᠲᠠᠨ ᠢ ᠪᠠᠢᠯᠳᠤᠵᠤ ᠴᠥᠮ ᠣᠯᠤᠭᠰᠠᠨ ᠦᠭᠡᠢ ᠲᠤᠯᠠ ᠴᠡᠷᠢᠭ ᠡᠭᠡᠬᠦᠢ ᠳ᠋ᠦ᠍ᠷ ᠠᠯᠲᠠᠨ ᠤᠯᠤᠰ ᠤ᠋ᠨ ᠴᠡᠷᠢᠭ ᠯᠠᠪ ᠨᠡᠬᠡᠮᠦᠢ ᠭᠡᠮᠡᠨ ᠬᠠᠷᠠᠬᠠᠨ ᠰᠡᠵᠢᠭᠯᠡᠨ ᠪᠦᠬᠦᠢ ᠳ᠋ᠦ᠍ᠷ ᠬᠣᠢᠨ᠎ᠠ ᠠ᠋ᠴᠠ ᠮᠧᠩ ᠽᠦᠩ  ᠵᠧᠩ ᠦ᠋ᠨ ᠶᠡᠬᠡ ᠴᠡᠷᠢᠭ ᠢᠷᠡᠪᠡ ᠬᠡᠮᠡᠬᠦᠢ ᠳ᠋ᠦ᠍ᠷ ᠵᠠᠩᠵᠤᠨ ᠵᠦᠩ ᠢᠨ ᠰᠢᠩ᠂ ᠰᠢᠦᠢ ᠭᠦᠸᠧ ᠨᠠᠷ ᠤᠷᠢᠳᠠ ᠮᠡᠳᠡᠭᠡ ᠢᠯᠡᠭᠡᠵᠦ ᠂ ᠡᠨᠳᠡᠬᠢ ᠬᠣᠲᠠ ᠶ᠋ᠢ ᠪᠠᠢᠯᠳᠤᠭᠠᠳ ᠠᠰᠢᠭ ᠦᠭᠡᠢ ᠶ᠋ᠢ ᠮᠡᠳᠡᠭᠦᠯᠦᠭᠦᠯᠵᠦ᠂ ᠬᠠᠷᠠᠬᠠᠨ ᠵᠠᠮ ᠳ᠋ᠤᠷ ᠴᠡᠷᠢᠭ ᠪᠦᠭᠭᠦᠵᠦ ᠶᠡᠬᠡ ᠴᠡᠷᠢᠭ ᠡᠭᠡᠬᠦᠢ ᠳ᠋ᠦ᠍ᠷ ᠨᠡᠬᠡᠬᠦ ᠴᠡᠷᠢᠭ ᠢ ᠳᠠᠷᠤᠮᠤ ! ᠬᠡᠮᠡᠭᠰᠡᠨ ᠳ᠋ᠦ᠍ᠷ ᠶᠡᠬᠡ ᠵᠠᠩᠵᠤᠨ ᠮᠧᠩ ᠽᠦᠩ  ᠵᠧᠩ ᠦᠭᠡ ᠠᠪᠴᠤ ᠬᠤ᠌ ᠶᠠᠩ ᠤ᠋ᠨ ᠭᠠᠵᠠᠷ ᠲᠤᠷ ᠴᠡᠷᠢᠭ ᠢ᠋ᠶ᠋ᠡᠨ ᠪᠦᠭᠭᠦᠪᠡ᠃ ᠲᠡᠳᠦᠢ ᠵᠦᠩ ᠢᠡ ᠰᠢᠩ᠂ ᠰᠢᠦᠢ ᠭᠦᠸᠧ ᠬᠣᠶᠠᠭᠤᠯᠠ ᠭᠡᠨᠡᠳᠲᠡ ᠰᠥᠨᠢ ᠳᠦᠯᠢ ᠳ᠋ᠦ᠍ᠷ ᠴᠡᠷᠢᠭ ᠦ᠋ᠨ ᠬᠦᠷᠢᠶ᠎ᠡ ᠶ᠋ᠢ ᠡᠪᠳᠡᠮᠡᠭᠴᠡ ᠳᠠᠷᠤᠢ ᠴᠡᠷᠢᠭ ᠡᠭᠡᠪᠡ᠃ ᠠᠯᠲᠠᠨ ᠤ᠋ ᠴᠡᠷᠢᠭ ᠵᠢᠴᠢ ᠥᠷᠯᠥᠭᠡ ᠦᠵᠡᠭᠡᠳ ᠪᠠᠰᠠ ᠠᠷᠭ᠎ᠠ ᠬᠡᠷᠡᠭᠯᠡᠭᠰᠡᠨ ᠪᠣᠯᠪᠠᠤ ᠭᠡᠮᠡᠨ ᠨᠡᠬᠡᠭᠰᠡᠨ ᠦᠭᠡᠢ᠂ ᠬᠣᠶᠠᠷ ᠡᠳᠦᠷ ᠪᠣᠯᠵᠤ ᠲᠤᠷᠰᠢᠭᠤᠯ ᠤ᠋ᠨ ᠠᠷᠠᠳ ᠢᠷᠡᠭᠡᠳ ᠰᠥᠩ ᠤᠯᠤᠰ ᠤ᠋ᠨ ᠴᠡᠷᠢᠭ ᠦᠨᠡᠬᠡᠷ ᠡᠭᠡᠭᠰᠡᠨ ᠢ᠋ ᠮᠡᠳᠡᠭᠦᠯᠬᠦᠢ ᠳ᠋ᠦ᠍ᠷ ᠠᠯᠲᠠᠨ ᠤᠯᠤᠰ ᠤ᠋ᠨ ᠬᠣᠶᠠᠷ ᠬᠣᠲᠠ ᠶ᠋ᠢ ᠰᠠᠬᠢᠭᠰᠠᠨ ᠵᠢᠩ ᠯᠢᠦᠸᠠᠢ ᠱᠢ ᠲᠦᠰᠢᠮᠡᠯ  ᠸᠠᠩ ᠹᠦ ᠨᠠᠷ ᠨᠥᠬᠥᠷ ᠰᠡᠯᠲᠡ ᠪᠡᠨ ᠠᠪᠴᠤ ᠰᠥᠩ ᠤᠯᠤᠰ ᠤ᠋ᠨ ᠴᠡᠷᠢᠭ ᠢ ᠨᠡᠬᠡᠵᠦ ᠡᠴᠢᠭᠡᠳ ᠬᠢᠳᠤᠨ ᠶᠠᠪᠤᠵᠤ᠂ ᠭᠡᠨᠡᠳᠲᠡ ᠬᠤ᠌ ᠶᠠᠩ ᠳ᠋ᠤᠷ ᠬᠦᠷᠲᠡᠯ᠎ᠡ ᠬᠤ᠌ ᠶᠠᠩ ᠳ᠋ᠤᠷ ᠪᠦᠭᠭᠦᠭᠰᠡᠨ ᠮᠧᠩ ᠽᠦᠩ  ᠵᠧᠩ ᠦ᠋ᠨ ᠴᠡᠷᠢᠭ ᠴᠣᠬᠢᠨ ᠭᠠᠷᠴᠤ ᠳᠥᠷᠪᠡᠨ ᠵᠦᠭ ᠳᠠᠷᠤᠵᠤ ᠪᠠᠢᠯᠳᠤᠭᠰᠠᠨ ᠳ᠋ᠤᠷ ᠠᠯᠲᠠᠨ ᠤᠯᠤᠰ ᠤ᠋ᠨ ᠸᠠᠩ ᠹᠦ ᠨᠠᠷ ᠤ᠋ᠨ ᠴᠡᠷᠢᠭ ᠶᠡᠬᠡᠯ᠎ᠡ ᠳᠠᠷᠤᠭᠳᠠᠵᠤ ᠪᠤᠷᠤᠭᠤᠯᠠᠨ ᠡᠴᠢᠬᠦᠢ ᠳ᠋ᠦ᠍ᠷ ᠮᠧᠩ ᠽᠦᠩ ᠵᠧᠩ ᠲᠠᠯᠪᠢᠯ ᠦᠭᠡᠢ ᠬᠣᠶᠠᠷ ᠵᠠᠭᠤᠨ ᠭᠠᠵᠠᠷ ᠬᠥᠭᠡᠭᠡᠵᠦ ᠠᠯᠠᠨ ᠶᠡᠬᠡᠯ᠎ᠡ ᠲᠠᠢᠯᠵᠤ ᠡᠭᠡᠪᠡ ᠂ ᠸᠠᠩ ᠹᠦ ᠨᠠᠷ ᠬᠡᠳᠦᠢ ᠴᠡᠷᠢᠭ ᠬᠣᠬᠢᠷᠠᠭᠰᠠᠨ ᠪᠣᠯᠪᠠᠴᠤ ᠬᠣᠲᠠ ᠠᠪᠲᠠᠭᠳᠠᠭᠰᠠ ᠦᠭᠡᠢ ᠲᠤᠯᠠ ᠠᠯᠲᠠᠨ ᠤᠯᠤᠰ ᠤ᠋ᠨ ᠡᠵᠡᠨ ᠰᠢᠤᠸᠠᠨᠽᠦ᠋ᠩ ᠰᠣᠨᠣᠰᠴᠤ ᠱᠠᠩ ᠬᠦᠷᠲᠡᠭᠡᠨ ᠢᠷᠡᠪᠡ᠃ ᠡᠨᠡ ᠮᠡᠳᠡᠭᠡ ᠶ᠋ᠢ ᠮᠤᠬᠤᠯᠠᠢ ᠰᠣᠨᠣᠰᠴᠤ ᠥᠭᠦᠯᠡᠷᠦᠨ :《ᠠᠯᠲᠠᠨ ᠤᠯᠤᠰ ᠡᠨᠡ ᠬᠡᠳᠦᠨ ᠵᠢᠯ ᠡᠴᠡ ᠪᠠᠢᠯᠳᠤᠭᠠᠨ ᠳ᠋ᠤᠷ ᠪᠣᠯᠪᠠᠰᠤᠷᠠᠨ ᠵᠢᠷᠦᠬᠡ ᠶᠡᠬᠡᠳᠴᠦ ᠰᠡᠳᠬᠢᠯ ᠬᠠᠲᠠᠭᠤᠷᠠᠪᠠ᠃ ᠪᠢᠳᠡ ᠣᠳᠣ ᠤᠷᠢᠳᠤ ᠶ᠋ᠢᠨ ᠮᠡᠲᠦ ᠪᠠᠢᠯᠳᠤᠵᠤ ᠦᠯᠦ ᠪᠣᠯᠤᠮᠤᠢ᠂ ᠡᠷᠬᠡᠪᠰᠢ ᠬᠢᠨᠠᠨ ᠬᠢᠴᠢᠶᠡᠵᠦ ᠪᠠᠢᠯᠳᠤᠬᠤ ᠬᠡᠷᠡᠭᠲᠡᠢ ᠃ ᠡᠳᠦᠭᠡ ᠡᠨᠡ ᠮᠧᠩ ᠵᠧᠦ ᠶ᠋ᠢ ᠠᠪᠬᠤ ᠠᠷᠭ᠎ᠠ ᠶ᠋ᠢ ᠣᠯᠠᠨ ᠵᠠᠩᠵᠤᠨ ᠢ᠋ ᠨᠢᠭᠲᠠᠯᠠᠨ ᠬᠡᠯᠡᠯᠴᠡᠵᠦ ᠲᠣᠭᠲᠠᠭ᠎ᠠ ! 》ᠭᠡᠮᠡᠨ ᠵᠠᠷᠯᠠᠪᠠ᠃ ᠬᠠᠪᠤᠷ ᠤ᠋ᠨ ᠰᠡᠭᠦᠯ ᠭᠤᠷᠪᠠᠨ ᠰᠠᠷ᠎ᠠ ᠳ᠋ᠤᠷ ᠴᠡᠷᠢᠭ ᠪᠦᠷᠢ ᠬᠥᠳᠡᠯᠵᠦ ᠪᠠᠢᠯᠳᠤᠬᠤᠢ ᠳ᠋ᠤᠷ ᠬᠠᠭᠠᠨ ᠤ᠋ ᠶᠡᠬᠡ ᠴᠡᠷᠢᠭ ᠰᠢ ᠢᠦᠢ ᠤᠯᠤᠰ ᠤ᠋ᠨ ᠫᠦ ᠬᠤᠸᠠ ᠨᠡᠷᠡᠲᠦ ᠬᠣᠲᠠ ᠶ᠋ᠢ ᠬᠠᠭᠠᠵᠤ ᠪᠠᠢᠯᠳᠤᠬᠤᠢ ᠳ᠋ᠤᠷ ᠬᠣᠲᠠᠨ ᠤ᠋ ᠳᠣᠲᠣᠷ᠎ᠠ ᠠᠮᠤ ᠡᠪᠡᠰᠦ ᠳᠦᠭᠦᠷᠡᠩ ᠪᠥᠭᠡᠳ ᠴᠡᠷᠢᠭ ᠪᠠᠰᠠ ᠴᠢᠭᠢᠷᠠᠭ᠂ ᠡᠨᠡ ᠰᠢ ᠢᠦᠢ ᠤᠯᠤᠰ ᠤ᠋ᠨ ᠬᠥᠮᠦᠨ ᠦ᠌ ᠵᠠᠩ ᠡᠮᠦᠨ᠎ᠡ ᠠᠯᠲᠠᠨ ᠤᠯᠤᠰ᠂ ᠰᠥᠩ ᠤᠯᠤᠰ ᠤ᠋ᠨ ᠢᠷᠭᠡᠨ ᠳ᠋ᠦ᠍ᠷ ᠠᠳᠠᠯᠢ ᠦᠭᠡᠢ᠂ ᠮᠤᠩᠬᠠᠭ ᠪᠥᠭᠡᠳ ᠬᠡᠷᠴᠡᠭᠡᠢ᠂ ᠨᠢᠭᠡᠨ ᠬᠠᠭᠠᠰ ᠠᠨᠤ ᠠᠯᠠᠭᠳᠠᠪᠠᠴᠤ ᠦᠯᠡᠭᠰᠡᠨ ᠢᠨᠦ ᠪᠠᠰᠠ ᠬᠦ᠌ ᠬᠠᠷᠢᠭᠤᠴᠠᠬᠤ ᠪᠥᠭᠡᠳ ᠶᠡᠷᠦ ᠨᠢᠭᠡᠨ ᠥᠴᠦᠬᠡᠨ ᠰᠣᠯᠣᠭᠠᠢ ᠤᠪᠠᠳᠢᠰ ᠭᠠᠷᠭᠠᠬᠤᠢ ᠳ᠋ᠤᠷ ᠳᠤᠷᠠᠲᠠᠢ᠂ ᠪᠠᠢᠨ ᠪᠠᠢᠨ ᠬᠣᠲᠠ ᠶ᠋ᠢ ᠪᠠᠢᠯᠳᠤᠬᠤᠢ ᠳ᠋ᠤᠷ ᠬᠠᠷ᠎ᠠ ᠮᠠᠨᠠᠨ ᠪᠠᠭᠤᠯᠭᠠᠨ᠂ ᠬᠣᠶᠠᠷ ᠡᠲᠡᠭᠡᠳ ᠦ᠋ᠨ ᠴᠡᠷᠢᠭ ᠬᠠᠷᠢᠯᠴᠠᠨ ᠦᠵᠡᠭᠳᠡᠬᠦ ᠦᠭᠡᠢ ᠳ᠋ᠦ᠍ᠷ ᠡᠭᠦᠨ ᠦ᠌ ᠳᠣᠲᠣᠷ᠎ᠠ ᠠᠷᠪᠠᠨ ᠬᠡᠳᠦᠨ ᠨᠠᠰᠤ ᠲᠠᠢ ᠰᠠᠢᠬᠠᠨ ᠥᠬᠢᠨ ᠨᠢᠭᠡᠨ ᠰᠦᠷᠦᠭ ᠬᠠᠷ᠎ᠠ ᠳᠡᠪᠡᠯᠲᠦ ᠴᠡᠷᠢᠭ ᠦ᠋ᠨ ᠳᠡᠭᠡᠷ᠎ᠡ ᠨᠢᠭᠡᠨ ᠨᠢᠴᠦᠭᠦᠨ ᠪᠡᠯᠪᠡᠰᠦᠨ ᠡᠬᠡᠨᠡᠷ ᠪᠡᠶ᠎ᠡ ᠪᠡᠨ ᠴᠢᠷᠠᠮᠠᠨ ᠨᠢᠴᠦᠭᠦᠨ ᠦᠰᠦ ᠪᠡᠨ ᠲᠠᠯᠪᠢᠵᠤ ᠡᠪᠴᠢᠭᠦᠦ ᠭᠡᠳᠡᠰᠦᠨ ᠳ᠋ᠦ᠍ᠷ ᠴᠢᠰᠤ ᠳᠦᠷᠭᠢᠭᠡᠳ ᠭᠠᠷ ᠲᠤᠷ ᠴᠠᠭᠠᠨ ᠳᠠᠯᠪᠠᠭ᠎ᠠ ᠪᠠᠷᠢᠵᠤ ᠳᠠᠭᠤᠯᠠᠨ ᠶᠠᠪᠤᠵᠤ᠂ ᠬᠠᠷ᠎ᠠ ᠮᠠᠨᠠᠨ ᠤ᠋ ᠳᠣᠲᠣᠷ᠎ᠠ ᠬᠤᠯᠠᠭᠤᠨ ᠭᠠᠷᠴᠤ ᠢᠷᠡᠭᠡᠳ ᠬᠣᠲᠠ ᠶ᠋ᠢ ᠬᠠᠭᠠᠭᠰᠠᠨ ᠴᠡᠷᠢᠭ ᠯᠦ᠍ᠭᠡ ᠪᠠᠢᠯᠳᠤᠮᠤᠢ᠃ ᠵᠠᠷ ᠵᠡᠪᠰᠡᠭ ᠲᠣᠷ ᠶᠡᠷᠦ ᠣᠨᠣᠭᠳᠠᠬᠤ ᠦᠭᠡᠢ᠂ ᠨᠣᠬᠠᠢ ᠭᠠᠬᠠᠢ ᠶ᠋ᠢᠨ ᠪᠤᠵᠠᠷ ᠴᠢᠰᠤ ᠰᠠᠴᠤᠪᠠᠰᠤ ᠲᠡᠳᠡᠨ ᠦ᠌ ᠴᠢᠳᠠᠯ ᠨᠡᠩ ᠨᠡᠮᠡᠵᠦ᠂ ᠲᠡᠷᠢᠭᠦᠯᠡᠭᠰᠡᠨ ᠰᠠᠢᠬᠠᠨ ᠥᠬᠢᠨ ᠭᠠᠷ ᠲᠤᠷ ᠭᠠᠤᠯᠢᠨ ᠪᠠᠮᠪᠠᠢ ᠪᠠᠷᠢᠵᠤ᠂ ᠶᠡᠬᠡ ᠴᠡᠷᠢᠭ ᠬᠠᠪᠴᠢᠨ ᠬᠠᠷᠪᠤᠯᠴᠠᠨ ᠪᠠᠢᠯᠳᠤᠪᠠᠰᠤ ᠲᠡᠷᠡ ᠥᠬᠢᠨ ᠪᠠᠮᠪᠠᠢ ᠪᠠᠨ ᠴᠣᠬᠢᠵᠤ ᠨᠠᠷᠢᠨ ᠬᠣᠭᠣᠯᠠᠢ ᠪᠠᠷ ᠬᠡᠳᠦᠨ ᠦᠭᠡ ᠪᠠᠷᠬᠢᠷᠠᠪᠠᠰᠤ ᠭᠠᠤᠯᠢᠨ ᠪᠠᠮᠪᠠᠢ ᠠ᠋ᠴᠠ ᠬᠠᠷ᠎ᠠ ᠠᠭᠤᠷ ᠭᠠᠷᠴᠤ ᠵᠠᠭᠤᠨ ᠵᠦᠢᠯ ᠦ᠋ᠨ ᠪᠠᠷᠰ ᠢᠷᠪᠢᠰ ᠣᠭᠲᠠᠷᠭᠤᠢ ᠠ᠋ᠴᠠ ᠪᠠᠭᠤᠨ ᠢᠷᠡᠵᠦ᠂ ᠮᠣᠩᠭᠣᠯ ᠤ᠋ᠨ ᠴᠡᠷᠢᠭ ᠦ᠋ᠨ ᠮᠣᠷᠢ ᠶ᠋ᠢ ᠨᠠᠳᠬᠤᠭᠠᠵᠤ ᠬᠥᠮᠦᠨ ᠢ᠋ ᠠᠶᠤᠯᠭᠠᠨ ᠫᠦ ᠬᠤᠸᠠ ᠬᠣᠲᠠ ᠶ᠋ᠢ ᠶᠡᠷᠦ ᠣᠢᠷ᠎ᠠ ᠬᠠᠭᠠᠵᠤ ᠪᠣᠯᠬᠤ ᠦᠭᠡᠢ ᠪᠣᠯᠤᠭᠰᠠᠨ ᠳ᠋ᠤᠷ ᠴᠢᠨ ᠸᠠᠩ ᠴᠠᠭᠠᠲᠠᠢ ᠤᠴᠢᠷ ᠢ᠋ ᠭᠠᠷᠭᠠᠵᠤ ᠬᠠᠭᠠᠨ ᠳ᠋ᠤᠷ ᠠᠢᠯᠠᠳᠬᠠᠭᠰᠠᠨ᠎ᠠ᠂ ᠬᠠᠭᠠᠨ ᠭᠠᠢᠬᠠᠵᠤ ᠴᠢᠦ ᠴᠦ ᠵᠢᠢ ᠡᠴᠡ ᠠᠰᠠᠭᠤᠭᠰᠠᠨ᠎ᠠ ᠴᠢᠦ ᠴᠦ ᠵᠢᠢ ᠠᠢᠯᠠᠳᠬᠠᠷᠤᠨ : 《ᠲᠡᠷᠡ ᠪᠣᠯᠪᠠᠰᠤ ᠵᠠᠭᠤᠨ ᠪᠡᠯᠪᠡᠰᠦᠨ ᠤ ᠴᠢᠰᠤ ᠶ᠋ᠢ ᠬᠤᠷᠢᠶᠠᠵᠤ ᠮᠠᠭᠤ ᠪᠤᠵᠠᠷ ᠢ᠋ᠶ᠋ᠠᠷ ᠲᠡᠭᠷᠢ ᠶ᠋ᠢ ᠵᠢᠭᠰᠢᠭᠦᠯᠦᠨ ᠳᠠᠢᠯᠠᠬᠤ ᠠᠷᠭ᠎ᠠ᠂ ᠲᠡᠷᠡ ᠬᠠᠷ᠎ᠠ ᠮᠠᠨᠠᠨ ᠡᠮ ᠬᠣᠯᠢᠵᠤ ᠰᠢᠲᠠᠭᠠᠭᠰᠠᠨ ᠤᠲᠤᠭ᠎ᠠ  ᠴᠢᠭᠢᠭ ᠠᠭᠤᠷ ᠯᠤᠭ᠎ᠠ ᠨᠡᠢᠯᠡᠪᠡᠰᠦ ᠬᠠᠭᠠᠰ ᠡᠳᠦᠷ ᠦᠯᠦ ᠰᠠᠷᠨᠢᠬᠤ ᠮᠠᠨᠠᠨ ᠪᠣᠯᠤᠮᠤᠢ᠂ ᠡᠭᠦᠨ ᠢ᠋ ᠣᠳᠣ ᠲᠡᠷᠡ ᠠᠯᠲᠠᠨ ᠤᠯᠤᠰ ᠤ᠋ᠨ ᠬᠤᠸᠠᠢ ᠭᠦᠸᠧ ᠭᠦᠩᠵᠦ ᠪᠡᠷ ᠡᠪᠳᠡᠭᠦᠯᠪᠡᠰᠦ ᠪᠣᠯᠤᠮᠤᠢ 》 ᠬᠡᠮᠡᠭᠰᠡᠨ ᠳ᠋ᠦ᠍ᠷ ᠬᠠᠭᠠᠨ ᠥᠴᠦᠬᠡᠨ ᠮᠦᠰᠢᠶᠡᠵᠦ ᠳᠠᠷᠤᠢ ᠵᠠᠷᠯᠢᠭ ᠪᠠᠭᠤᠯᠭᠠᠵᠤ ᠠᠪᠴᠢᠷᠠᠭᠤᠯᠤᠷ᠎ᠠ ᠶᠠᠪᠤᠭᠤᠯᠪᠠ᠃ ᠡᠨᠡ ᠦᠶ᠎ᠡ ᠳ᠋ᠦ᠍ᠷ ᠬᠤᠸᠠᠢ ᠭᠦᠸᠧ ᠭᠦᠩᠵᠦ ᠳ᠋ᠠᠢᠳᠦ᠋ ᠳ᠋ᠦ᠍ᠷ ᠡᠭᠡᠴᠢ ᠴᠢ ᠭᠦᠸᠧ ᠭᠦᠩᠵᠦ ᠶ᠋ᠢᠨ ᠳᠡᠷᠭᠡᠳᠡ ᠪᠦᠬᠦᠢ ᠳ᠋ᠦ᠍ᠷ ᠬᠠᠭᠠᠨ ᠤ᠋ ᠵᠠᠷᠯᠢᠭ ᠢ᠋ᠶ᠋ᠠᠷ ᠳᠠᠭᠤᠳᠠᠷ᠎ᠠ ᠢᠷᠡᠭᠰᠡᠨ᠎ᠡ ᠵᠠᠷᠯᠢᠭ ᠪᠣᠢ ᠲᠤᠯᠠ ᠠᠶᠤᠮᠰᠢᠭ ᠦᠭᠡᠢ ᠲᠦᠳᠡᠬᠦ ᠦᠭᠡᠢ᠂ ᠮᠥᠨ ᠵᠠᠷᠯᠢᠭ ᠬᠦᠷᠦᠭᠰᠡᠨ ᠴᠠᠭ ᠲᠤᠷ ᠮᠣᠷᠳᠠᠨ ᠭᠠᠷᠴᠤ ᠠᠷᠪᠠᠭᠠᠳ ᠡᠳᠦᠷ ᠶᠠᠪᠤᠨ᠂ ᠬᠠᠭᠠᠨ ᠤ᠋ ᠳᠡᠷᠭᠡᠳᠡ ᠬᠦᠷᠴᠦ ᠮᠥᠷᠭᠥᠨ ᠪᠠᠷᠠᠭᠠᠳᠠᠭᠰᠠᠨ ᠳ᠋ᠤᠷ ᠬᠠᠭᠠᠨ ᠠᠰᠠᠭᠤᠷᠤᠨ : 《ᠡᠳᠦᠭᠡ ᠰᠢ ᠢᠦᠢ ᠤᠯᠤᠰ ᠰᠣᠯᠣᠭᠠᠢ ᠤᠪᠠᠳᠢᠰ ᠬᠡᠷᠡᠭᠯᠡᠵᠦ ᠲᠤᠯᠤᠮᠤᠢ᠂ ᠴᠢ ᠡᠪᠳᠡᠵᠦ ᠴᠢᠳᠠᠮᠤᠢ ᠤᠤ ? 》 ᠬᠤᠸᠠᠢ ᠭᠦᠸᠧ ᠭᠦᠩᠵᠦ ᠤᠪᠠᠳᠢᠰ ᠢ᠋ ᠦᠵᠡᠵᠦ ᠮᠡᠳᠡᠰᠦᠭᠡᠢ ᠬᠡᠮᠡᠭᠰᠡᠨ ᠳ᠋ᠦ᠍ᠷ ᠬᠠᠭᠠᠨ ᠴᠡᠷᠢᠭ ᠦ᠋ᠨ ᠬᠦᠷᠢᠶ᠎ᠡ ᠳ᠋ᠦ᠍ᠷ ᠢᠯᠡᠭᠡᠵᠦ ᠫᠦ ᠬᠤᠸᠠ ᠬᠣᠲᠠᠨ ᠢ᠋ ᠬᠠᠭᠠᠷ᠎ᠠ ᠢᠯᠡᠭᠡᠭᠰᠡᠨ᠎ᠡ᠂ ᠬᠤᠸᠠᠢ ᠭᠦᠸᠧ ᠭᠦᠩᠵᠦ ᠨᠢᠭᠡᠨ ᠮᠢᠩᠭᠠᠨ ᠴᠡᠷᠢᠭ ᠭᠤᠶᠤᠨ ᠠᠪᠴᠤ ᠴᠥᠮ ᠴᠠᠭᠠᠨ ᠢ᠋ ᠡᠮᠦᠰᠬᠡᠵᠦ᠂ ᠴᠠᠭᠠᠨ ᠮᠣᠷᠢ ᠤᠨᠤᠭᠤᠯᠤᠨ᠂ ᠥᠪᠡᠷ ᠦ᠋ᠨ ᠪᠡᠶ᠎ᠡ ᠮᠥᠨ ᠮᠥᠩᠭᠥᠨ ᠦ᠌ ᠬᠤᠶᠠᠭ ᠬᠠᠰ ᠤ᠋ᠨ ᠳᠠᠷᠤᠭᠤᠯ᠂ ᠬᠢᠷᠭᠤᠤᠯ ᠤ᠋ᠨ ᠰᠣᠳᠣ᠂ ᠦᠨᠡᠭᠡᠨ ᠤ ᠰᠡᠭᠦᠯ ᠵᠡᠭᠦᠵᠦ᠂ ᠲᠡᠷᠢᠭᠦᠨ ᠳ᠋ᠦ᠍ᠷ ᠴᠠᠭᠠᠨ ᠭᠬᠢᠪ ᠵᠠᠩᠭᠢᠳᠤᠨ ᠤᠨᠵᠢᠭᠤᠯᠵᠤ  ᠬᠢᠲᠠᠳ ᠤ᠋ᠨ ᠬᠦᠨᠳᠦ ᠪᠡᠯᠪᠡᠰᠦᠷᠡᠯ ᠦ᠋ᠨ ᠶᠠᠩᠵᠤ ᠪᠠᠷ ᠴᠥᠮ ᠴᠠᠭᠠᠨ ᠲᠤᠭ᠂ ᠴᠠᠭᠠᠨ ᠳᠠᠯᠪᠠᠬ᠎ᠠ᠂ ᠴᠠᠭᠠᠨ ᠬᠢᠭᠢᠷᠢ᠂ ᠴᠠᠭᠠᠨ ᠰᠢᠬᠦᠷ ᠪᠠᠷᠢᠭᠤᠯᠵᠤ᠂ ᠫᠦ ᠬᠤᠸᠠ ᠬᠣᠲᠠ ᠶ᠋ᠢᠨ ᠴᠢᠬᠡ ᠡᠮᠦᠨ᠎ᠡ ᠡᠴᠢᠵᠦ ᠪᠠᠭᠤᠭᠠᠳ ᠴᠡᠷᠢᠭ ᠦ᠋ᠨ ᠡᠵᠡᠨ ᠲᠠᠢᠽᠢ ᠴᠠᠭᠠᠲᠠᠢ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠢᠷᠡᠵᠦ ᠬᠠᠭᠠᠨ ᠤ᠋ ᠵᠠᠷᠯᠢᠭ ᠢ ᠲᠤᠰᠢᠶᠠᠪᠠ᠃ ᠴᠠᠭᠠᠲᠠᠢ ᠬᠠᠭᠠᠨ ᠤ᠋ ᠵᠠᠷᠯᠢᠭ ᠢ᠋ ᠬᠦᠵᠢᠰ ᠦ᠋ᠨ ᠰᠢᠷᠡᠭᠡ ᠪᠡᠯᠡᠳᠴᠦ ᠮᠥᠷᠭᠥᠨ ᠤᠭᠲᠤᠵᠤ ᠠᠪᠤᠭᠠᠳ ᠬᠤᠸᠠᠢ ᠭᠦᠸᠧ ᠭᠦᠩᠵᠦ ᠶ᠋ᠢ ᠬᠠᠭᠠᠨ ᠤ᠋ ᠡᠯᠴᠢ ᠶ᠋ᠢᠨ ᠶᠣᠰᠣᠭᠠᠷ ᠬᠦᠨᠳᠦᠯᠡᠪᠡ᠃ ᠵᠢᠴᠢ ᠡᠳᠦᠷ ᠰᠠᠶᠢ ᠥᠪᠡᠷ ᠦ᠋ᠨ ᠬᠣᠪᠢᠨ ᠤ᠋ ᠶᠣᠰᠣ ᠪᠠᠷ ᠫᠦ ᠬᠤᠸᠠ ᠬᠣᠲᠠᠨ ᠢ᠋ ᠡᠪᠳᠡᠬᠦ ᠠᠷᠭ᠎ᠠ ᠶ᠋ᠢ ᠵᠥᠪᠯᠡᠭᠰᠡᠨ ᠳ᠋ᠦ᠍ᠷ ᠬᠤᠸᠠᠢ ᠭᠦᠸᠧ ᠭᠦᠩᠵᠦ ᠥᠭᠦᠯᠡᠷᠦᠨ : 《ᠤᠷᠢᠳᠠ ᠲᠣᠭᠲᠠᠭᠠᠨ ᠬᠡᠯᠡᠯᠴᠡᠵᠦ ᠦᠯᠦ ᠪᠣᠯᠤᠮᠤᠢ᠂ ᠣᠨᠴᠠ ᠲᠡᠭᠦᠨ ᠦ᠌ ᠲᠡᠷᠡ ᠵᠢᠭᠰᠠᠭᠠᠯ ᠢ᠋ ᠠᠨᠤ ᠦᠵᠡᠵᠦ ᠤᠪᠠᠳᠢᠰ ᠲᠤᠷ ᠢᠨᠦ ᠨᠡᠢᠯᠡᠭᠦᠯᠵᠦ ᠬᠡᠷᠡᠭᠯᠡᠪᠡᠰᠦ ᠰᠠᠶᠢ ᠪᠣᠯᠤᠮᠤᠢ 》ᠭᠡᠮᠡᠨ ᠵᠢᠴᠢ ᠡᠳᠦᠷ ᠪᠠᠰᠠ ᠶᠡᠬᠡ ᠴᠡᠷᠢᠭ ᠢ ᠬᠥᠭᠡᠭᠡᠵᠦ ᠬᠣᠲᠠᠨ ᠢ᠋ ᠪᠠᠢᠯᠳᠤᠷ᠎ᠠ ᠬᠦᠷᠦᠭᠰᠡᠨ ᠳ᠋ᠦ᠍ᠷ ᠬᠣᠲᠠ ᠶ᠋ᠢᠨ ᠬᠣᠢᠨ᠎ᠠ ᠠ᠋ᠴᠠ ᠪᠠᠰᠠ ᠬᠠᠷ᠎ᠠ ᠮᠠᠨᠠᠨ ᠳᠡᠭᠳᠡᠪᠡ᠃ ᠳᠠᠭᠠᠯᠳᠤᠭ᠎ᠠ ᠴᠢᠮᠥᠭᠡ ᠶ᠋ᠢᠨ ᠪᠦᠷᠢᠶ᠎ᠡ ᠳᠠᠭᠤᠷᠢᠰᠴᠤ ᠬᠣᠲᠠ ᠶ᠋ᠢᠨ ᠬᠣᠢᠲᠤ ᠬᠠᠭᠠᠯᠭ᠎ᠠ ᠪᠠᠷ ᠪᠤᠵᠠᠷ ᠵᠢᠭᠰᠠᠭᠠᠯ ᠭᠠᠷᠴᠤ ᠢᠷᠡᠪᠡ᠃ ᠬᠤᠸᠠᠢ ᠭᠦᠸᠧ ᠭᠦᠩᠵᠦ ᠶᠡᠬᠡ ᠴᠡᠷᠢᠭ ᠦ᠋ᠨ ᠡᠮᠦᠨ᠎ᠡ ᠥᠪᠡᠷ ᠦ᠋ᠨ ᠪᠡᠯᠪᠡᠰᠦᠷᠡᠯ ᠦ᠋ᠨ ᠴᠡᠷᠢᠭ ᠢ᠋ ᠵᠢᠭᠰᠠᠭᠠᠵᠤ ᠂ ᠡᠮᠦᠨ᠎ᠡ ᠢᠨᠦ ᠴᠥᠮ ᠶᠡᠬᠡ ᠤᠯᠠᠭᠠᠨ ᠳᠠᠯᠪᠠᠭ᠎ᠠ ᠶ᠋ᠢ ᠵᠡᠷᠭᠡᠴᠡᠭᠦᠯᠦᠨ ᠂ ᠥᠪᠡᠷ ᠦ᠋ᠨ ᠪᠡᠯᠪᠡᠰᠦᠷᠡᠯ ᠦ᠋ᠨ ᠵᠢᠭᠰᠠᠭᠠᠯ ᠢ᠋ ᠬᠠᠯᠬᠠᠯᠠᠵᠤ᠂ ᠰᠢ ᠢᠦᠢ ᠶ᠋ᠢᠨ ᠪᠤᠵᠠᠷ ᠵᠢᠭᠰᠠᠭᠠᠯ ᠣᠢᠷ᠎ᠠ ᠬᠦᠷᠴᠦ ᠢᠷᠡᠭᠰᠡᠨ ᠳ᠋ᠦ᠍ᠷ ᠡᠨᠡᠲᠡᠭᠡ ᠡᠲᠡᠭᠡᠳ ᠡᠴᠡ ᠴᠢᠨᠣ᠎ᠠ ᠶ᠋ᠢᠨ ᠭᠠᠪᠠᠯᠠ ᠶ᠋ᠢᠨ ᠲᠣᠭᠰᠢᠭᠤᠷ ᠴᠣᠬᠢᠵᠤ᠂ ᠤᠯᠠᠭᠠᠨ ᠳᠠᠯᠪᠠᠭ᠎ᠠ ᠴᠥᠮ ᠬᠤᠷᠢᠶᠠᠵᠤ ᠴᠠᠭᠠᠨ ᠳᠠᠯᠪᠠᠭ᠎ᠠ ᠬᠤᠪᠢᠯᠤᠨ ᠭᠠᠷᠴᠤ ᠢᠷᠡᠪᠡ᠃ ᠡᠨᠡ ᠴᠠᠭᠠᠨ ᠥᠩᠭᠡ ᠶ᠋ᠢ ᠦᠵᠡᠮᠡᠭᠴᠡ ᠰᠢ ᠢᠦᠢ ᠶ᠋ᠢᠨ ᠰᠠᠢᠬᠠᠨ ᠥᠬᠢᠨ ᠶᠡᠬᠡᠯ᠎ᠡ ᠰᠣᠴᠢᠵᠤ ᠶᠠᠭᠠᠷᠠᠨ ᠴᠡᠷᠢᠭ ᠤᠬᠤᠷᠢᠲᠠᠯ᠎ᠠ ᠴᠠᠭᠠᠨ ᠳᠠᠯᠪᠠᠭ᠎ᠠ ᠶ᠋ᠢᠨ ᠴᠡᠷᠢᠭ ᠬᠠᠮᠲᠤ ᠪᠠᠷ ᠨᠠᠷᠠᠰᠤᠨ ᠮᠣᠳᠣᠨ ᠲᠣᠰᠣ᠂ ᠡᠯᠡᠰᠦ ᠲᠡᠢ ᠬᠣᠯᠢᠵᠤ ᠭᠠᠯ ᠤ᠋ᠨ ᠪᠠᠭ ᠤ᠋ᠨ ᠳᠡᠭᠡᠷ᠎ᠡ ᠴᠣᠬᠢᠵᠤ ᠣᠷᠣᠬᠤᠢ ᠳ᠋ᠤᠷ ᠨᠢᠴᠦᠭᠦᠨ ᠡᠬᠡᠨᠡᠷ ᠦ᠋ᠨ ᠪᠡᠶ᠎ᠡ ᠬᠠᠯᠠᠵᠤ ᠦᠰᠦ ᠰᠢᠲᠠᠭᠠᠳ ᠲᠡᠷᠡ ᠡᠳᠦᠷ ᠦ᠋ᠨ ᠰᠠᠯᠬᠢᠨ ᠪᠠᠰᠠ ᠬᠣᠢᠨ᠎ᠠ ᠠ᠋ᠴᠠ ᠡᠮᠦᠨ᠎ᠡ ᠵᠦᠭ ᠳᠡᠯᠡᠳᠬᠦᠢ ᠳ᠋ᠦ᠍ᠷ ᠰᠠᠯᠬᠢᠨ ᠭᠠᠯ ᠨᠡᠢᠯᠡᠵᠦ᠂ ᠰᠢ ᠢᠦᠢ ᠶ᠋ᠢᠨ ᠴᠡᠷᠢᠭ ᠡᠭᠡᠵᠦ ᠳᠤᠲᠠᠭᠠᠬᠤᠢ ᠳ᠋ᠤᠷ ᠬᠤᠸᠠᠢ ᠭᠦᠸᠧ ᠭᠦᠩᠵᠦ ᠶᠠᠭᠠᠷᠠᠨ ᠶᠡᠬᠡ ᠴᠡᠷᠢᠭ ᠦ᠋ᠨ ᠫᠤᠤ ᠶ᠋ᠢ ᠲᠠᠯᠪᠢᠭᠠᠳ ᠳᠠᠷᠤᠨ ᠣᠷᠣᠪᠠ᠃ ᠰᠢ ᠢᠦᠢ ᠶ᠋ᠢᠨ ᠰᠠᠢᠬᠠᠨ ᠥᠬᠢᠨ ᠶᠡᠬᠡᠯ᠎ᠡ ᠰᠢᠬᠠᠮᠳᠠᠵᠤ ᠪᠠᠰᠠ ᠭᠠᠤᠯᠢᠨ ᠪᠠᠮᠪᠠᠢ ᠪᠠᠨ ᠭᠠᠷᠭᠠᠵᠤ ᠴᠣᠬᠢᠲᠠᠯ᠎ᠠ ᠬᠤᠸᠠᠢ ᠭᠦᠸᠧ ᠭᠦᠩᠵᠦ ᠬᠥᠭᠡᠭᠡᠨ ᠣᠷᠣᠵᠤ ᠪᠢᠰᠢᠯᠭᠠᠯ ᠤ᠋ᠨ ᠰᠤᠮᠤ ᠪᠠᠷ ᠨᠢᠭᠡᠨᠲᠡ ᠬᠠᠷᠪᠤᠵᠤ ᠴᠣᠭᠣᠯᠤᠭᠰᠠᠨ ᠳ᠋ᠤᠷ ᠭᠠᠤᠯᠢᠨ ᠪᠠᠮᠪᠠᠢ ᠶᠡᠬᠡ ᠴᠢᠮᠡᠭᠡ ᠭᠠᠷᠴᠤ ᠬᠠᠭᠠᠷᠠᠪᠠ᠃ ᠲᠡᠳᠦᠢ ᠬᠠᠭᠠᠰ ᠣᠭᠲᠠᠷᠭᠤᠢ ᠠ᠋ᠴᠠ ᠦᠰᠦ ᠪᠡᠷ ᠬᠢᠭᠰᠡᠨ ᠪᠠᠷᠰ ᠴᠢᠨᠣ᠎ᠠ ᠴᠥᠮ ᠭᠠᠵᠠᠷ ᠲᠤᠷ ᠤᠨᠠᠵᠤ ᠥᠩᠬᠥᠷᠢᠨ ᠬᠡᠢᠰᠦᠮᠦᠢ᠃ ᠰᠢ ᠢᠦᠢ ᠶ᠋ᠢᠨ ᠪᠤᠵᠠᠷ ᠵᠢᠭᠰᠠᠭᠠᠯ ᠨᠢᠭᠡᠨᠲᠡ ᠡᠪᠳᠡᠷᠡᠭᠰᠡᠨ ᠳ᠋ᠦ᠍ᠷ ᠤᠪᠠᠳᠢᠰᠲᠤ ᠥᠬᠢᠨ ᠦᠵᠡᠭᠡᠳ ᠶᠠᠭᠠᠷᠠᠨ ᠵᠢᠳᠠ ᠪᠠᠨ ᠬᠣᠷᠢᠶᠠᠨ ᠬᠣᠲᠠ ᠶ᠋ᠢᠨ ᠵᠦᠭ ᠳᠤᠲᠠᠭᠠᠨ ᠣᠷᠣᠬᠤᠢ ᠳ᠋ᠤᠷ ᠬᠤᠸᠠᠢ ᠭᠦᠸᠧ ᠭᠦᠩᠵᠦ ᠬᠣᠢᠨ᠎ᠠ ᠠ᠋ᠴᠠ ᠭᠠᠯ ᠤ᠋ᠨ ᠵᠢᠭᠰᠠᠭᠠᠯ ᠢ᠋ᠶ᠋ᠠᠷ ᠮᠣᠷᠢᠨ ᠤ᠋ ᠰᠡᠭᠦᠯ ᠢ᠋ ᠳᠠᠷᠤᠵᠤ ᠳᠠᠭᠠᠭᠰᠠᠭᠠᠷ ᠬᠣᠲᠠᠨ ᠳ᠋ᠤᠷ ᠣᠷᠣᠮᠠᠭᠴᠠ ᠬᠣᠲᠠ ᠶ᠋ᠢᠨ ᠬᠠᠭᠠᠯᠭ᠎ᠠ ᠶ᠋ᠢᠨ ᠠᠰᠠᠷ ᠲᠤᠷ ᠭᠠᠯ ᠲᠠᠯᠪᠢᠪᠠ᠃ ᠰᠢ ᠢᠦᠢ ᠶ᠋ᠢᠨ ᠳᠠᠷᠤᠭᠳᠠᠭᠰᠠᠨ ᠴᠡᠷᠢᠭ ᠬᠣᠲᠠᠨ ᠳ᠋ᠤᠷ ᠭᠠᠯ ᠭᠠᠷᠤᠭᠰᠠᠨ ᠢ ᠦᠵᠡᠭᠡᠳ ᠯᠠᠪ ᠬᠣᠲᠠ ᠠᠪᠲᠠᠪᠠ ᠭᠡᠮᠡᠨ ᠰᠡᠵᠢᠭᠯᠡᠵᠦ ᠬᠣᠲᠠ ᠶ᠋ᠢᠨ ᠬᠣᠶᠠᠷ ᠬᠠᠪᠢᠷᠭ᠎ᠠ ᠪᠠᠷ ᠳᠤᠲᠠᠭᠠᠨ ᠡᠴᠢᠬᠦᠢ ᠳ᠋ᠦ᠍ᠷ ᠮᠣᠩᠭᠣᠯ ᠤ᠋ᠨ ᠴᠡᠷᠢᠭ ᠬᠣᠲᠠᠨ ᠳ᠋ᠤᠷ ᠣᠷᠣᠪᠠ᠃ ᠰᠢ ᠢᠦᠢ ᠶ᠋ᠢᠨ ᠤᠪᠠᠳᠢᠰᠲᠤ ᠥᠬᠢᠨ ᠤᠪᠠᠳᠢᠰ ᠢ᠋ᠶ᠋ᠠᠨ ᠡᠪᠳᠡᠯᠡᠭᠳᠡᠭᠡᠳ ᠬᠣᠲᠠᠨ ᠳ᠋ᠠᠭᠠᠨ ᠣᠷᠣᠲᠠᠯ᠎ᠠ ᠳᠠᠭᠠᠯᠳᠤᠭ᠎ᠠ ᠶᠡᠬᠡ ᠭᠠᠯ ᠲᠠᠭᠠᠯᠴᠠᠨ ᠣᠷᠣᠬᠤᠢ ᠳ᠋ᠤᠷ ᠪᠠᠢᠳᠠᠯ ᠪᠤᠰᠤ ᠶ᠋ᠢ ᠮᠡᠳᠡᠵᠦ ᠰᠠᠶᠢ ᠪᠠᠷᠠᠭᠤᠨ ᠬᠠᠭᠠᠯᠭᠠᠨ ᠤ᠋ ᠵᠦᠭ ᠳᠤᠲᠠᠭᠠᠨ ᠡᠴᠢᠬᠦᠶ᠎ᠡ᠂ ᠬᠤᠸᠠᠢ ᠭᠦᠸᠧ ᠭᠦᠩᠵᠦ ᠨᠡᠬᠡᠨ ᠬᠦᠷᠴᠦ ᠮᠥᠨ ᠬᠦ᠌ ᠭᠠᠯ ᠤ᠋ᠨ ᠰᠤᠮᠤ ᠪᠠᠨ ᠬᠣᠶᠠᠷ ᠬᠠᠪᠢᠷᠭ᠎ᠠ ᠳ᠋ᠤᠷ ᠲᠠᠯᠪᠢᠨ ᠬᠣᠷᠢᠵᠤ ᠠᠪᠤᠪᠠ᠃ ᠳᠠᠭᠠᠯᠳᠤᠭ᠎ᠠ ᠮᠣᠩᠭᠣᠯ ᠤ᠋ᠨ ᠴᠡᠷᠢᠭ ᠬᠣᠲᠠ ᠳ᠋ᠤᠷ ᠣᠷᠣᠵᠤ ᠠᠯᠠᠭᠰᠠᠨ ᠠᠨᠤ ᠤᠯᠠᠭᠠᠨ ᠴᠢᠰᠤ ᠬᠣᠲᠠᠨ ᠢ ᠪᠢᠯᠬᠠᠪᠠ᠃ ᠫᠦ ᠬᠤᠸᠠ ᠬᠣᠲᠠᠨ ᠢ᠋ ᠠᠪᠴᠤ ᠢᠷᠭᠡᠨ ᠢ᠋ ᠲᠣᠭᠲᠠᠭᠠᠭᠠᠳ ᠥᠬᠢᠨ ᠵᠠᠩᠵᠤᠨ ᠢ᠋ ᠲᠦᠯᠬᠢᠨ ᠠᠴᠢᠷᠠᠭᠰᠠᠨ ᠳ᠋ᠤᠷ ᠴᠠᠭᠠᠲᠠᠢ ᠴᠢᠨ ᠸᠠᠩ ᠦᠵᠡᠭᠡᠳ ᠠᠯᠠᠨ ᠲᠦᠪᠳᠡᠬᠦ ᠦᠭᠡᠢ ᠪᠣᠯᠵᠤ᠂ ᠲᠡᠭᠦᠨ ᠦ᠌ ᠤᠴᠢᠷ ᠢ᠋ ᠬᠢᠨᠠᠨ ᠠᠰᠠᠭᠤᠬᠤᠢ ᠳ᠋ᠤᠷ ᠡᠨᠡ ᠥᠬᠢᠨ ᠦᠵᠡᠰᠡ ᠰᠠᠯᠠ ᠳ᠋ᠢᠩ ᠦ᠋ᠨ ᠲᠠᠪᠤᠳᠤᠭᠠᠷ ᠥᠬᠢᠨ – ᠨᠡᠷ᠎ᠡ ᠪᠧᠢ ᠯᠢᠩ ᠭᠦᠩᠵᠦ ᠬᠡᠮᠡᠮᠦᠢ᠃ ᠬᠣᠶᠠᠷ ᠭᠦᠩᠵᠦ ᠶ᠋ᠢᠨ ᠥᠩᠭᠡ ᠵᠢᠰᠦ ᠠᠰᠤᠷᠤ ᠰᠠᠢᠬᠠᠨ ᠪᠥᠭᠡᠳ ᠠᠯᠬᠤᠬᠤ ᠭᠢᠰᠬᠢᠬᠦ ᠥᠭᠦᠯᠡᠬᠦ ᠥᠴᠢᠬᠦ ᠬᠡᠲᠦᠷᠬᠡᠢ ᠠᠷᠢᠭᠤᠨ ᠳ᠋ᠤᠷ ᠠᠯᠠᠵᠤ ᠲᠦᠪᠳᠡᠬᠦ ᠦᠭᠡᠢ ᠪᠥᠭᠡᠳ ᠪᠠᠰᠠ ᠬᠡᠯᠲᠦᠷᠢᠭᠦᠯᠬᠦ ᠠᠷᠭ᠎ᠠ ᠶ᠋ᠢ ᠣᠯᠬᠤ ᠦᠭᠡᠢ ᠪᠠᠢᠬᠤᠢ ᠳ᠋ᠤᠷ ᠪᠧᠢ ᠯᠢᠩ ᠭᠦᠩᠵᠦ ᠶ᠋ᠢ ᠪᠠᠷᠢᠭᠰᠠᠨ ᠬᠤᠸᠠᠢ ᠭᠦᠸᠧ ᠭᠦᠩᠵᠦ ᠬᠦᠷᠴᠦ ᠢᠷᠡᠨ ᠶᠡᠨᠳᠡᠷ ᠲᠣᠷ ᠭᠠᠷᠴᠤ ᠭᠠᠳᠠᠭᠰᠢ ᠬᠠᠨᠳᠤᠨ ᠰᠥᠭᠥᠳᠴᠦ ᠴᠢᠨ ᠸᠠᠩ ᠴᠠᠭᠠᠲᠠᠢ ᠶᠤᠸᠠᠨᠱᠤᠸᠠᠢ ᠠ᠋ᠴᠠ ᠪᠧᠢ ᠯᠢᠩ ᠭᠦᠩᠵᠦ ᠶ᠋ᠢᠨ ᠠᠮᠢᠨ ᠢ᠋ ᠭᠡᠯᠳᠦᠷᠢᠭᠦᠯᠵᠦ ᠪᠡᠶ᠎ᠡ ᠳ᠋ᠦ᠍ᠷ ᠱᠠᠩᠨᠠᠬᠤ ᠶ᠋ᠢ ᠭᠤᠶᠤᠬᠤᠢ ᠳ᠋ᠤᠷ ᠴᠠᠭᠠᠲᠠᠢ ᠰᠡᠳᠬᠢᠯ ᠳ᠋ᠦ᠍ᠷ ᠨᠡᠢᠴᠡᠵᠦ ᠬᠤᠸᠠᠢ ᠭᠦᠸᠧ ᠭᠦᠩᠵᠦ ᠳ᠋ᠦ᠍ᠷ ᠲᠤᠰᠢᠶᠠᠨ ᠥᠭᠴᠦ ᠫᠦ ᠬᠤᠸᠠ ᠬᠣᠲᠠ ᠶ᠋ᠢ ᠣᠯᠤᠭᠰᠠᠨ ᠪᠠᠶᠠᠷ ᠤ᠋ᠨ ᠤᠯᠠᠭᠠᠨ ᠲᠤᠭ ᠢ ᠮᠥᠨ ᠬᠦ᠌ ᠬᠤᠸᠠᠢ ᠭᠦᠸᠧ ᠭᠦᠩᠵᠦ ᠳ᠋ᠦ᠍ᠷ ᠲᠤᠰᠢᠶᠠᠨ ᠬᠠᠭᠠᠨ ᠳ᠋ᠤᠷ ᠠᠢᠯᠠᠳᠬᠠᠷ᠎ᠠ ᠳᠣᠪᠲᠣᠯᠭᠠᠪᠠ᠃ ᠤᠳᠠᠭᠰᠠᠨ ᠦᠭᠡᠢ ᠬᠠᠭᠠᠨ ᠤ᠋ ᠳᠡᠷᠭᠡᠳᠡ ᠬᠦᠷᠬᠦᠢ ᠳ᠋ᠦ᠍ᠷ ᠡᠨᠡ ᠦᠶ᠎ᠡ ᠡᠮᠦᠨ᠎ᠡ ᠠᠯᠲᠠᠨ ᠤᠯᠤᠰ ᠤ᠋ᠨ ᠮᠧᠩ ᠵᠧᠦ ᠶ᠋ᠢ ᠡᠨᠡ ᠳᠥᠷᠪᠡᠨ ᠰᠠᠷ᠎ᠠ ᠬᠠᠭᠠᠵᠤ ᠰᠠᠷ᠎ᠠ ᠪᠠᠢᠯᠳᠤᠵᠤ ᠠᠪᠲᠠᠬᠤ ᠦᠭᠡᠢ ᠳ᠋ᠦ᠍ᠷ ᠮᠥᠨ ᠬᠦ᠌ ᠭᠠᠯ ᠢ᠋ ᠬᠡᠷᠡᠭᠯᠡᠵᠦ ᠬᠡᠳᠦᠨ ᠤᠳᠠᠭ᠎ᠠ ᠪᠣᠯᠤᠭᠰᠠᠨ ᠳ᠋ᠤᠷ ᠴᠥᠮ ᠨᠣᠴᠣᠭᠠᠨ ᠴᠢᠳᠠᠬᠤ ᠦᠭᠡᠢ ᠪᠣᠯᠵᠤ᠂ ᠬᠤᠸᠠᠢ ᠭᠦᠸᠧ ᠭᠦᠩᠵᠦ ᠶ᠋ᠢ ᠵᠠᠯᠠᠷ᠎ᠠ ᠳ᠋ᠠᠢᠳᠦ᠋ ᠳ᠋ᠦ᠍ᠷ ᠡᠴᠢᠭᠦᠯᠪᠡᠰᠦ ᠬᠠᠷᠢᠨ ᠬᠠᠭᠠᠨ ᠤ᠋ ᠲᠡᠨᠳᠡ ᠠᠪᠠᠴᠢᠪᠠ ᠬᠡᠮᠡᠬᠦᠢ ᠳ᠋ᠦ᠍ᠷ ᠬᠣᠢᠨ᠎ᠠ ᠠ᠋ᠴᠠ ᠲᠡᠨᠳᠡᠬᠢ ᠶᠠᠪᠤᠳᠠᠯ ᠲᠡᠭᠦᠰᠦᠭᠰᠡᠨ ᠪᠥᠭᠡᠰᠦ ᠬᠠᠢᠷᠠᠯᠠᠵᠤ ᠭᠡᠳᠡᠷᠭᠦ ᠢᠯᠡᠭᠡᠮᠦ ᠭᠡᠮᠡᠨ ᠬᠥᠪᠡᠭᠦᠨ ᠪᠤᠯᠤ ᠶ᠋ᠢ ᠵᠠᠷᠤᠭᠰᠠᠨ ᠳ᠋ᠤᠷ ᠱᠠᠩ ᠲᠠᠢᠹᠦ᠋ ᠪᠤᠯᠤ᠂ ᠥᠪᠡᠷ ᠦ᠋ᠨ ᠬᠥᠪᠡᠭᠦᠨ ᠳᠡᠰ ᠲᠣᠭᠣᠰ ᠢ ᠳᠠᠭᠠᠭᠤᠯᠤᠨ ᠬᠠᠭᠠᠨ ᠳ᠋ᠤᠷ ᠪᠠᠷᠠᠭᠠᠳᠠᠨ ᠤᠴᠢᠷ ᠢ᠋ ᠠᠢᠯᠠᠳᠬᠠᠲᠠᠯ᠎ᠠ ᠳᠠᠭᠠᠯᠳᠤᠭ᠎ᠠ ᠰᠢ ᠢᠦᠢ ᠶ᠋ᠢᠨ ᠪᠤᠵᠠᠷ ᠵᠢᠭᠰᠠᠭᠠᠯ ᠢ᠋ ᠡᠪᠳᠡᠵᠦ ᠫᠦ ᠬᠤᠸᠠ ᠬᠣᠲᠠ ᠶ᠋ᠢ ᠠᠪᠤᠭᠰᠠᠨ ᠢ ᠠᠢᠯᠠᠳᠬᠠᠨ ᠢᠷᠡᠭᠰᠡᠨ ᠳ᠋ᠦ᠍ᠷ ᠬᠠᠭᠠᠨ ᠶᠠᠭᠠᠷᠠᠨ ᠬᠤᠸᠠᠢ ᠭᠦᠸᠧ ᠭᠦᠩᠵᠦ ᠶ᠋ᠢ ᠡᠭᠡᠭᠦᠯᠦᠨ ᠵᠠᠷᠯᠠᠵᠤ ᠳᠠᠭᠤᠳᠠᠭᠰᠠᠨ ᠳ᠋ᠤᠷ ᠬᠤᠸᠠᠢ ᠭᠦᠸᠧ ᠭᠦᠩᠵᠦ ᠶ᠋ᠢ ᠢᠷᠡᠬᠦᠢ ᠳ᠋ᠦ᠍ᠷ ᠪᠤᠯᠤ ᠡᠴᠢᠭᠡ ᠬᠥᠪᠡᠭᠦᠨ ᠢ᠋ᠶ᠋ᠡᠷ ᠤᠭᠲᠤᠭᠤᠯᠪᠠ᠃ ᠬᠤᠸᠠᠢ ᠭᠦᠸᠧ ᠭᠦᠩᠵᠦ᠂ ᠪᠧᠢ ᠯᠢᠩ ᠭᠦᠩᠵᠦ ᠶ᠋ᠢ ᠣᠯᠵᠤ ᠶᠡᠬᠡᠯ᠎ᠡ ᠪᠠᠶᠠᠷᠯᠠᠨ ᠲᠡᠭᠦᠨ ᠦ᠌ ᠤᠯᠤᠰ ᠲᠤᠷ ᠥᠪᠡᠷ᠎ᠡ ᠤᠪᠠᠳᠢᠰᠲᠠᠨ ᠦᠭᠡᠢ ᠬᠡᠮᠡᠬᠦ ᠲᠤᠯᠠ ᠰᠡᠳᠬᠢᠯ ᠠᠮᠤᠷ ᠢ᠋ᠶ᠋ᠠᠷ ᠵᠠᠷᠯᠢᠭ ᠢ ᠳᠠᠭᠠᠵᠤ᠂ ᠦᠳᠡᠷ᠎ᠡ ᠬᠣᠲᠠᠨ ᠳ᠋ᠤᠷ ᠬᠠᠭᠠᠨ ᠤ᠋ ᠳᠡᠷᠭᠡᠳᠡ ᠢᠷᠡᠬᠦᠢ ᠳ᠋ᠦ᠍ᠷ ᠵᠠᠮ ᠳ᠋ᠤᠷ ᠴᠥᠮ ᠤᠯᠠᠭᠠᠨ ᠲᠤᠭ᠂ ᠤᠯᠠᠭᠠᠨ ᠳᠡᠪᠡᠯ ᠬᠠᠯᠠᠨ ᠡᠮᠦᠰᠴᠦ ᠣᠷᠣᠵᠤ ᠢᠷᠡᠬᠦᠶ᠎ᠡ᠂ ᠬᠠᠰ ᠡᠷᠳᠡᠨᠢ ᠰᠢᠷ᠎ᠠ ᠠᠯᠲᠠ ᠪᠠᠷ ᠬᠥᠪᠡᠭᠡᠯᠡᠵᠦ ᠣᠭ᠌ᠶᠤ ᠶ᠋ᠢᠨ ᠨᠠᠪᠴᠢ ᠳ᠋ᠤᠷ ᠱ᠌ᠢᠷᠦ ᠶ᠋ᠢᠨ ᠴᠡᠴᠡᠭ ᠳᠡᠯᠭᠡᠷᠡᠭᠰᠡᠨ ᠠᠳᠠᠯᠢ᠂ ᠡᠷᠪᠡᠬᠡᠢ ᠳᠡᠪᠳᠡᠷᠢᠭᠰᠡᠨ ᠰᠠᠢᠬᠠᠨ ᠥᠬᠢᠨ ᠬᠠᠰ ᠣᠷᠳᠣᠨ ᠳ᠋ᠤᠷ ᠣᠷᠣᠵᠤ ᠴᠢᠷᠠᠢ ᠶ᠋ᠢᠨ ᠥᠩᠭᠡ ᠰᠠᠷᠠᠨ ᠤ᠋ ᠳᠣᠣᠷᠠᠬᠢ ᠬᠠᠢᠲᠠᠩ ᠴᠡᠴᠡᠭ ᠮᠡᠲᠦ᠂ ᠨᠢᠳᠦ ᠬᠥᠮᠥᠰᠬᠡ ᠬᠥᠮᠦᠨ ᠦ᠌ ᠶᠢᠷᠲᠢᠨᠴᠦ ᠳ᠋ᠦ᠍ᠷ ᠴᠤᠬᠠᠭ᠂ ᠪᠡᠶ᠎ᠡ ᠳᠦᠭᠦᠷᠡᠩ ᠰᠤᠪᠤᠳ ᠤ᠋ᠨ ᠬᠡᠯᠬᠢᠶᠡᠯ ᠬᠤᠶᠠᠭ ᠢ᠋ᠶ᠋ᠠᠷ ᠴᠢᠮᠡᠵᠦ᠂ ᠲᠣᠯᠣᠭᠠᠢ ᠳᠡᠭᠡᠷ᠎ᠡ ᠼᠦᠢ ᠰᠤᠪᠤᠳ ᠤ᠋ᠨ ᠳᠤᠭᠤᠯᠠᠭ᠎ᠠ ᠡᠮᠦᠰᠴᠦ ᠨᠠᠢᠯᠵᠠᠭᠤᠷ ᠤ᠋ᠨ ᠨᠢᠷᠤᠭᠤ ᠰᠠᠯᠬᠢᠨ ᠤ᠋ ᠳᠣᠣᠷ᠎ᠠ ᠨᠠᠢᠭᠤᠯᠵᠠᠵᠤ᠂ ᠪᠢᠴᠢᠬᠠᠨ ᠬᠥᠯ ᠳᠥᠷᠦᠭᠡᠨ ᠦ᠌ ᠳᠣᠲᠣᠷ᠎ᠠ ᠭᠢᠰᠬᠢᠵᠦᠬᠦᠢ᠃ ᠭᠡᠨᠡᠳᠲᠡ ᠬᠠᠭᠠᠨ ᠤ᠋ ᠡᠮᠦᠨ᠎ᠡ ᠡᠴᠡ ᠶᠡᠬᠡ ᠰᠠᠢᠳ ᠤᠭᠲᠤᠨ ᠢᠷᠡᠬᠦᠢ ᠳ᠋ᠦ᠍ᠷ ᠶᠠᠭᠠᠷᠠᠨ ᠮᠣᠷᠢᠨ ᠠ᠋ᠴᠠ ᠪᠠᠭᠤᠵᠤ ᠬᠣᠢᠰᠢ ᠬᠠᠨᠳᠤᠨ ᠰᠥᠭᠥᠳᠴᠦ ᠵᠠᠷᠯᠢᠭ ᠢ᠋ ᠤᠭᠲᠤᠵᠤ ᠬᠡᠰᠢᠭ ᠢ ᠬᠦᠯᠢᠶᠡᠨ ᠵᠠᠷᠯᠢᠭ ᠤ᠋ᠨ ᠡᠯᠴᠢ ᠳ᠋ᠦ᠍ᠷ ᠵᠣᠯᠭᠠᠲᠠᠯ᠎ᠠ ᠨᠢᠳᠦ ᠡᠷᠭᠦᠨ ᠪᠤᠯᠤ ᠶ᠋ᠢᠨ ᠬᠥᠪᠡᠭᠦᠨ ᠳᠡᠰ ᠲᠣᠭᠣᠰ ᠢ ᠦᠵᠡᠮᠡᠭᠴᠡ ᠪᠦᠬᠦᠯᠢ ᠪᠡᠶ᠎ᠡ ᠤᠮᠳᠠᠷᠠᠪᠠ᠃ ᠶᠠᠭᠤᠨ ?  ᠬᠡᠮᠡᠪᠡᠰᠦ : ᠬᠠᠷᠢᠨ ᠲᠡᠷᠡ ᠵᠢᠯ ᠤᠴᠠᠷᠠᠯᠳᠤᠵᠤ ᠪᠡᠯᠡᠭ ᠰᠣᠯᠢᠯᠴᠠᠨ ᠰᠡᠳᠬᠢᠯ ᠣᠯᠤᠭᠰᠠᠨ ᠠ᠋ᠴᠠ ᠡᠳᠦᠭᠡ ᠬᠦᠷᠲᠡᠯ᠎ᠡ ᠨᠢᠭᠡᠨ ᠴᠠᠭ ᠴᠤ᠌ ᠰᠡᠳᠬᠢᠯ ᠡᠴᠡ ᠭᠠᠷᠤᠭᠰᠠᠨ ᠦᠭᠡᠢ᠂ ᠡᠳᠦᠭᠡ ᠭᠡᠨᠡᠳᠲᠡ ᠨᠢᠭᠤᠷ ᠤᠴᠠᠷᠠᠭᠠᠳ ᠶᠠᠭᠠᠬᠢᠨ ᠮᠡᠳᠡᠬᠦ ᠦᠭᠡᠢ ᠪᠣᠯᠤᠨ ᠴᠢᠳᠠᠬᠤ ᠪᠣᠢ !  ᠪᠤᠯᠤ ᠶ᠋ᠢᠨ ᠬᠥᠪᠡᠭᠦᠨ ᠦᠵᠡᠮᠡᠭᠴᠡ ᠮᠥᠨ ᠶᠡᠬᠡᠯ᠎ᠡ ᠰᠣᠴᠢᠵᠤ ᠪᠠᠯᠠᠷᠠᠪᠠ᠃ ᠡᠨᠡ ᠳᠠᠷᠤᠢ ᠲᠡᠷᠡ ᠵᠢᠯ ᠦ᠋ᠨ ᠬᠠᠮᠲᠤ ᠬᠣᠨᠣᠰᠤᠭᠠᠢ ᠬᠡᠮᠡᠭᠰᠡᠨ ᠮᠢᠨᠦ ᠲᠠᠨᠢᠯ ᠨᠥᠬᠥᠷ ᠪᠣᠯᠠᠢ᠂ ᠡᠨᠡ ᠶᠠᠭᠠᠬᠢᠨ ᠥᠬᠢᠨ ᠪᠣᠯᠤᠭᠰᠠᠨ ᠪᠣᠢ ? ᠲᠡᠭᠦᠨ ᠦ᠌ ᠥᠭᠭᠦᠭᠰᠡᠨ ᠡᠷᠳᠡᠨᠢ ᠶ᠋ᠢᠨ ᠰᠡᠯᠡᠮ᠎ᠡ ᠶ᠋ᠢ ᠪᠢ ᠵᠡᠭᠦᠭᠰᠡᠭᠡᠷ ᠪᠣᠢ ! ᠭᠡᠮᠡᠨ ᠶᠠᠭᠠᠷᠠᠨ ᠲᠡᠭᠦᠨ ᠦ᠌ ᠰᠠᠭᠠᠳᠠᠭ ᠲᠤᠷ ᠦᠵᠡᠪᠡᠰᠦ ᠲᠡᠭᠦᠨ ᠦ᠌ ᠰᠤᠮᠤ ᠬᠣᠶᠠᠷ ᠪᠣᠢ ᠲᠤᠯᠠ ᠯᠠᠪᠲᠠᠢ ᠮᠥᠨ ᠢ᠋ ᠮᠡᠳᠡᠪᠡ᠃ ᠬᠡᠳᠦᠢ ᠲᠡᠢᠮᠦ ᠪᠣᠯᠪᠠᠴᠤ ᠡᠴᠢᠭᠡ ᠢᠨᠦ ᠳᠡᠷᠭᠡᠳᠡ ᠪᠣᠢ ᠲᠤᠯᠠ ᠠᠶᠤᠮᠰᠢᠭ ᠦᠭᠡᠢ ᠥᠪᠡᠷ᠎ᠡ ᠦᠭᠡ ᠬᠡᠯᠡᠵᠦ ᠴᠢᠳᠠᠬᠤ ᠦᠭᠡᠢ᠂ ᠭᠠᠭᠴᠠ ᠨᠢᠳᠦ ᠲᠠᠯᠪᠢᠨ ᠡᠷᠭᠢᠴᠡᠭᠦᠯᠦᠨ ᠦᠵᠡᠬᠦᠢ ᠳ᠋ᠦ᠍ᠷ ᠲᠡᠷᠡ ᠬᠤᠸᠠᠢ ᠭᠦᠸᠧ ᠭᠦᠩᠵᠦ ᠮᠥᠨ ᠲᠡᠭᠦᠨ ᠢ᠋ ᠬᠡᠳᠦ ᠬᠡᠳᠦᠨ ᠤᠳᠠᠭ᠎ᠠ ᠬᠠᠷᠠᠵᠤ ᠦᠵᠡᠭᠡᠳ ᠬᠠᠷᠠᠬᠠᠨ ᠳᠠᠭᠤᠨ ᠭᠠᠷᠴᠤ ᠴᠢᠳᠠᠬᠤ ᠦᠭᠡᠢ᠂ ᠭᠠᠭᠴᠠ ᠬᠠᠭᠠᠨ ᠤ᠋ ᠬᠥᠬᠢᠭᠦᠯᠦᠯ ᠦ᠋ᠨ ᠱᠠᠩ ᠢ ᠬᠦᠯᠢᠶᠡᠨ ᠠᠪᠴᠤ ᠬᠡᠰᠢᠭ ᠲᠣᠷ ᠮᠥᠷᠭᠥᠵᠦ᠂ ᠡᠯᠴᠢ ᠳ᠋ᠦ᠍ᠷ ᠲᠠᠯᠠᠷᠬᠠᠨ ᠪᠠᠭᠤᠳᠠᠯ ᠳ᠋ᠤᠷ ᠡᠭᠡᠪᠡ᠃ ᠡᠨᠡ ᠰᠥᠨᠢ ᠳᠡᠰ ᠲᠣᠭᠣᠰ ᠬᠠᠯᠠᠭᠤᠨ ᠲᠣᠭᠣᠭᠠᠨ ᠤ᠋ ᠳᠡᠭᠡᠷᠡᠬᠢ ᠰᠢᠷᠭᠤᠯᠵᠢ ᠮᠡᠲᠦ ᠪᠣᠯᠵᠤ ᠲᠡᠰᠳᠡᠰᠢ ᠦᠭᠡᠶ᠎ᠡ ᠳᠠᠷᠤᠢ ᠬᠤᠸᠠᠢ ᠭᠦᠸᠧ ᠭᠦᠩᠵᠦ ᠶ᠋ᠢᠨ ᠪᠠᠭᠤᠳᠠᠯ ᠳ᠋ᠤᠷ ᠡᠴᠢᠰᠦᠭᠡᠢ ᠬᠡᠮᠡᠪᠡᠴᠦ ᠡᠴᠢᠭᠡ ᠢᠨᠦ ᠶᠠᠭᠤᠨᠠᠢ ᠢᠯᠡᠭᠡᠬᠦ ᠠᠵᠢ ! ᠬᠠᠷᠠᠬᠠᠨ ᠭᠠᠷᠤᠨ ᠣᠷᠣᠨ ᠠᠷᠭ᠎ᠠ ᠦᠭᠡᠢ ᠪᠦᠬᠦᠢ ᠳ᠋ᠦ᠍ᠷ ᠬᠤᠸᠠᠢ ᠭᠦᠸᠧ ᠭᠦᠩᠵᠦ ᠮᠥᠨ ᠲᠡᠭᠦᠨ ᠳ᠋ᠦ᠍ᠷ ᠤᠴᠠᠷᠠᠭᠰᠠᠨ ᠠ᠋ᠴᠠ ᠵᠢᠷᠦᠬᠡ ᠳᠣᠯᠭᠢᠰᠤᠨ ᠪᠠᠬᠠᠨ ᠴᠤ᠌ ᠠᠮᠤᠷ ᠦᠭᠡᠢ᠂ ᠶᠠᠭᠠᠬᠢᠨ ᠨᠢᠭᠡᠨᠲᠡ ᠵᠣᠯᠭᠠᠵᠤ ᠬᠡᠯᠡᠯᠴᠡᠬᠦ ᠶ᠋ᠢ ᠪᠣᠳᠣᠭᠰᠠᠭᠠᠷ ᠭᠡᠨᠡᠳᠲᠡ ᠨᠢᠭᠡᠨ ᠠᠷᠭ᠎ᠠ ᠣᠯᠵᠤ᠂ ᠶᠠᠭᠠᠷᠠᠨ ᠬᠠᠭᠠᠨ ᠤ᠋ ᠡᠯᠴᠢ ᠶ᠋ᠢᠨ ᠬᠦᠷᠢᠶ᠎ᠡ ᠳ᠋ᠦ᠍ᠷ ᠬᠥᠮᠦᠨ ᠢᠯᠡᠬᠡᠨ ᠶᠡᠬᠡ ᠲᠠᠢᠰᠢ ᠭᠦᠸᠧ ᠸᠠᠩ ᠤ᠋ᠨ ᠴᠡᠷᠢᠭ ᠦ᠋ᠨ ᠬᠦᠷᠢᠶᠡᠨ ᠦ᠌ ᠬᠡᠷᠡᠭ ᠢ ᠠᠰᠠᠭᠤᠰᠤᠭᠠᠢ ᠬᠡᠮᠡᠮᠦᠢ᠂ ᠡᠷᠬᠡᠪᠰᠢ ᠸᠠᠩ ᠤ᠋ᠨ ᠰᠢᠳᠠᠷ ᠠᠷᠠᠳ ᠠ᠋ᠴᠠ ᠨᠢᠭᠡᠨ ᠢᠨᠦ ᠢᠷᠠᠮᠤ ᠬᠡᠮᠡᠭᠰᠡᠨ ᠳ᠋ᠦ᠍ᠷ ᠴᠢᠪᠬᠢᠲᠡᠯ᠎ᠡ ᠳᠡᠰ ᠲᠣᠭᠣᠰ ᠤ᠋ᠨ ᠰᠡᠳᠬᠢᠯ ᠳ᠋ᠦ᠍ᠷ ᠨᠡᠢᠯᠡᠵᠦ ᠳᠠᠷᠤᠢ ᠥᠪᠡᠷ ᠢ᠋ᠶ᠋ᠡᠨ ᠢᠷᠡᠭᠰᠡᠨ ᠳ᠋ᠦ᠍ᠷ ᠬᠤᠸᠠᠢ ᠭᠦᠸᠧ ᠭᠦᠩᠵᠦ᠂ ᠭᠦᠸᠧ ᠸᠠᠩ ᠤ᠋ᠨ ᠠᠴᠢ ᠢᠷᠡᠪᠡ ᠬᠡᠮᠡᠬᠦᠢ ᠳ᠋ᠦ᠍ᠷ ᠶᠡᠬᠡᠯ᠎ᠡ ᠪᠠᠶᠠᠷᠯᠠᠨ ᠶᠠᠭᠠᠷᠠᠨ ᠤᠭᠲᠤᠨ ᠣᠷᠣᠭᠤᠯᠵᠤ ᠬᠦᠨᠳᠦᠯᠡᠨ ᠳᠡᠭᠡᠷ᠎ᠡ ᠰᠠᠭᠤᠯᠭᠠᠨ᠂ ᠮᠧᠩ ᠵᠧᠦ ᠶ᠋ᠢᠨ ᠬᠡᠷᠡᠭ ᠢ ᠠᠰᠠᠭᠤᠵᠤ ᠬᠡᠯᠡᠯᠴᠡᠬᠦᠢ ᠳ᠋ᠦ᠍ᠷ ᠭᠦᠢᠯᠡᠰᠦᠨ ᠨᠢᠳᠦ ᠶ᠋ᠢᠨ ᠬᠠᠷᠠᠬᠤ ᠠᠨᠤ ᠠᠰᠤᠷᠤ ᠠᠷᠢᠭᠤᠨ᠂ ᠲᠣᠭᠣᠷ ᠤ᠋ᠨ ᠨᠢᠭᠤᠷ ᠤ᠋ᠨ ᠪᠠᠢᠨ ᠪᠠᠢᠨ ᠵᠢᠮᠢᠰᠬᠢᠨ ᠢᠨᠢᠶᠡᠬᠦᠢ ᠳ᠋ᠦ᠍ᠷ ᠳᠡᠰ ᠲᠣᠭᠣᠰ ᠶᠡᠬᠡᠯ᠎ᠡ ᠴᠢᠬᠤᠯᠳᠠᠨ ᠳᠣᠲᠣᠷ᠎ᠠ ᠬᠠᠷᠠᠯᠠᠵᠤ ᠮᠥᠨ ᠠᠰᠠᠭᠤᠨ ᠴᠢᠳᠠᠬᠤ ᠦᠭᠡᠢ᠂ ᠠᠰᠠᠭᠤᠰᠤᠭᠠᠢ ᠬᠡᠮᠡᠬᠦᠯ᠎ᠡ ᠳᠣᠲᠣᠷ᠎ᠠ ᠨᠢᠭᠡᠨᠲᠡ ᠲᠡᠰᠦᠰᠢ ᠦᠭᠡᠢ ᠲᠤᠯᠠ ᠶᠠᠭᠠᠷᠠᠨ ᠵᠡᠭᠦᠭᠰᠡᠨ ᠰᠡᠯᠡᠮ᠎ᠡ ᠪᠡᠨ ᠠᠪᠴᠤ ᠢᠨᠢᠶᠡᠨ ᠥᠭᠦᠯᠡᠷᠦᠨ : 《ᠭᠦᠩᠵᠦ ᠡᠨᠡ ᠰᠡᠯᠡᠮ᠎ᠡ ᠶ᠋ᠢ ᠦᠵᠡ᠂ ᠡᠭᠦᠨ ᠢ ᠤᠷᠢᠳᠠ ᠨᠢᠭᠡᠨ ᠨᠥᠬᠥᠷ ᠥᠭᠭᠦᠭᠰᠡᠨ ᠪᠥᠯᠥᠭᠡ᠂ ᠶᠠᠮᠪᠠᠷ ᠰᠡᠯᠡᠮ᠎ᠡ ᠬᠡᠮᠡᠬᠦ ᠪᠣᠯᠪᠠ ? 》ᠬᠡᠮᠡᠬᠦᠢ ᠳ᠋ᠦ᠍ᠷ ᠬᠤᠸᠠᠢ ᠭᠦᠸᠧ ᠭᠦᠩᠵᠦ ᠢᠨᠢᠶᠡᠮᠰᠦᠭᠯᠡᠨ ᠲᠣᠰᠴᠤ ᠠᠪᠤᠭᠠᠳ ᠨᠢᠭᠡᠨ ᠵᠡᠷᠭᠡ ᠰᠢᠨᠵᠢᠵᠦ ᠥᠭᠦᠯᠡᠷᠦᠨ : 《ᠡᠨᠡ ᠰᠡᠯᠡᠮ᠎ᠡ ᠶ᠋ᠢ ᠬᠤ᠌ ᠴᠤᠸᠠᠨ ᠬᠡᠮᠡᠮᠦᠢ᠂ ᠲᠡᠮᠦᠷ ᠪᠣᠯᠣᠳ ᠠᠯᠲᠠ ᠮᠥᠩᠭᠥᠨ ᠢ᠋ ᠴᠠᠭᠠᠰᠤ ᠮᠡᠲᠦ ᠳᠠᠭᠠᠭᠠᠮᠤᠢ᠂ ᠡᠷᠳᠡᠨᠢ ᠶ᠋ᠢᠨ ᠰᠡᠯᠡᠮ᠎ᠡ ᠪᠣᠯᠠᠢ ! 》 ᠭᠡᠮᠡᠨ ᠪᠤᠴᠠᠭᠠᠨ ᠥᠭᠭᠦᠭᠡᠳ ᠤᠷᠢᠳᠠ ᠶ᠋ᠢᠨ ᠬᠡᠷᠡᠭ ᠢ᠋ ᠪᠠᠬᠠᠨ ᠴᠤ᠌ ᠬᠡᠯᠡᠯᠴᠡᠬᠦ ᠦᠭᠡᠢ᠂ ᠭᠠᠭᠴᠠ ᠦᠭᠡ ᠳᠠᠭᠤᠨ ᠤ᠋ ᠠᠶᠠᠰ ᠠᠨᠤ ᠪᠠᠰᠠ ᠢᠨᠠᠭ ᠬᠠᠯᠠᠭᠤᠨ ᠤ᠋ ᠪᠠᠢᠳᠠᠯ ᠪᠣᠢ᠃ ᠲᠡᠷᠡ ᠪᠠᠰᠠ ᠶᠠᠮᠪᠠᠷ ᠬᠥᠮᠦᠨ ᠦ᠌ ᠦᠭᠭᠦᠭᠰᠡᠨ ᠢ᠋ ᠮᠥᠨ ᠨᠡᠬᠡᠮᠵᠢᠯᠡᠨ ᠠᠰᠠᠭᠤᠬᠤ ᠦᠭᠡᠢ ᠳ᠋ᠦ᠍ᠷ ᠳᠡᠰ ᠲᠣᠭᠣᠰ ᠲᠤᠩ ᠠᠷᠭ᠎ᠠ ᠠᠯᠳᠠᠷᠠᠵᠤ ᠶᠠᠭᠠᠷᠠᠨ ᠮᠣᠩᠭᠣᠯ ᠭᠡᠷ ᠦ᠋ᠨ ᠳᠣᠲᠣᠷ᠎ᠠ ᠡᠯᠭᠦᠭᠰᠡᠨ ᠬᠤᠸᠠᠢ ᠭᠦᠸᠧ ᠭᠦᠩᠵᠦ ᠶ᠋ᠢᠨ ᠰᠠᠭᠠᠳᠠᠭ ᠠ᠋ᠴᠠ ᠥᠪᠡᠷ ᠦ᠋ᠨ ᠪᠣᠷᠣ ᠳᠡᠰ ᠦ᠋ᠨ ᠰᠤᠳᠤᠳᠤ ᠰᠤᠮᠤ ᠶ᠋ᠢ ᠠᠪᠴᠤ ᠦᠵᠡᠭᠡᠳ ᠵᠣᠷᠢᠮᠠᠭ ᠢ᠋ᠶ᠋ᠠᠷ ᠰᠣᠴᠢᠭᠰᠠᠨ ᠮᠡᠲᠦ ᠥᠭᠦᠯᠡᠷᠦᠨ : 《ᠭᠦᠩᠵᠦ ᠶ᠋ᠢᠨ ᠡᠨᠡ ᠰᠤᠮᠤ ᠮᠢᠨᠦ ᠰᠤᠮᠤ ᠪᠣᠯᠠᠢ᠂ ᠶᠠᠭᠠᠬᠢᠨ ᠭᠦᠩᠵᠦ ᠶ᠋ᠢᠨ ᠰᠠᠭᠠᠳᠠᠭ ᠲᠤᠷ ᠣᠷᠣᠭᠰᠠᠨ ᠪᠣᠢ ? 》ᠬᠤᠸᠠᠢ ᠭᠦᠸᠧ ᠭᠦᠩᠵᠦ ᠪᠠᠰᠠ ᠢᠨᠢᠶᠡᠮᠰᠦᠭᠯᠡᠨ ᠥᠭᠦᠯᠡᠷᠦᠨ : 《ᠲᠡᠷᠡ ᠰᠤᠮᠤ ᠶ᠋ᠢ ᠮᠢᠨᠦ ᠨᠢᠭᠡᠨ ᠨᠥᠬᠥᠷ ᠬᠦᠷᠭᠡᠵᠦ ᠥᠭᠭᠦᠭᠰᠡᠨ ᠪᠥᠯᠥᠭᠡ᠂ ᠪᠢ ᠺᠦᠨ ᠯᠦᠨ ᠱᠠᠨ ᠳ᠋ᠤᠷ ᠡᠷᠳᠡᠮ ᠰᠤᠷᠬᠤᠢ ᠳ᠋ᠠᠭᠠᠨ ᠭᠤᠷᠪᠠᠨ ᠰᠤᠮᠤ ᠶ᠋ᠢ ᠬᠠᠮᠲᠤ ᠪᠦᠲᠦᠭᠡᠪᠡ᠃ ᠲᠡᠷᠡ ᠡᠳᠦᠷ ᠰᠢ ᠢᠦᠢ ᠶ᠋ᠢᠨ ᠫᠦ ᠬᠤᠸᠠ ᠬᠣᠲᠠ ᠶ᠋ᠢᠨ ᠪᠧᠢ ᠯᠢᠩ ᠦ᠋ᠨ ᠭᠠᠤᠯᠢᠨ ᠪᠠᠮᠪᠠᠢ ᠶ᠋ᠢ ᠬᠠᠷᠪᠤᠬᠤᠢ ᠳ᠋ᠤᠷ ᠨᠢᠭᠡᠨ ᠢ᠋ ᠬᠡᠷᠡᠭᠯᠡᠪᠡ᠃ ᠣᠳᠣ ᠨᠠᠳᠠ ᠳ᠋ᠤᠷ ᠬᠣᠶᠠᠷᠬᠠᠨ ᠦᠯᠡᠳᠡᠪᠡ 》ᠬᠡᠮᠡᠭᠰᠡᠨ ᠳ᠋ᠦ᠍ᠷ ᠳᠡᠰ ᠲᠣᠭᠣᠰ ᠪᠠᠰᠠ ᠶᠠᠮᠪᠠᠷ ᠨᠥᠬᠥᠷ ᠡᠴᠡ ᠣᠯᠪᠠ ᠬᠡᠮᠡᠭᠰᠡᠨ ᠳ᠋ᠦ᠍ᠷ ᠬᠤᠸᠠᠢ ᠭᠦᠸᠧ ᠭᠦᠩᠵᠦ ᠥᠭᠦᠯᠡᠷᠦᠨ : 《ᠮᠢᠨᠦ ᠨᠢᠭᠡᠨ ᠰᠤᠷᠭᠠᠭᠤᠯᠢ ᠶ᠋ᠢᠨ ᠳᠡᠭᠦᠦ ᠥᠭᠭᠦᠭᠰᠡᠨ ᠪᠥᠯᠥᠭᠡ 》ᠬᠡᠮᠡᠬᠦᠢ ᠳ᠋ᠦ᠍ᠷ ᠳᠡᠰ ᠲᠣᠭᠣᠰ ᠠᠮᠠ ᠬᠠᠭᠠᠭᠳᠠᠵᠤ ᠰᠠᠨᠠᠭ᠎ᠠ ᠪᠢᠲᠡᠭᠦᠷᠡᠨ ᠤᠶᠠᠷᠠᠬᠤ ᠴᠤ᠌ ᠪᠤᠰᠤ᠂ ᠪᠠᠶᠠᠷᠯᠠᠬᠤ ᠴᠤ᠌ ᠪᠤᠰᠤ᠂ ᠬᠠᠭᠠᠰ ᠰᠥᠨᠢ ᠬᠠᠷᠢᠯᠴᠠᠨ ᠰᠢᠷᠳᠡᠯᠴᠡᠭᠡᠳ ᠨᠢᠭᠡᠨ ᠦᠭᠡ ᠴᠦ᠍ ᠭᠠᠷᠭᠠᠨ ᠬᠡᠯᠡᠯᠴᠡᠵᠦ ᠪᠣᠯᠬᠤ ᠦᠭᠡᠢ ᠪᠣᠯᠵᠤᠬᠤᠢ᠃ ᠲᠡᠳᠡ ᠬᠣᠶᠠᠭᠤᠯᠠ ᠨᠢᠭᠤᠷ ᠡᠰᠡᠷᠭᠦᠯᠡᠨ ᠪᠥᠭᠡᠳ ᠥᠬᠢᠨ ᠪᠡᠶ᠎ᠡ ᠰᠡᠯᠡᠭᠦᠦ ᠰᠠᠭᠤᠬᠤ ᠦᠶ᠎ᠡ ᠲᠤᠯᠠ ᠬᠡᠯᠡᠵᠦ ᠪᠣᠯᠬᠤ ᠶᠠᠪᠤᠳᠠᠯ ᠪᠤᠰᠤ ᠲᠤᠯᠠ ᠠᠷᠭ᠎ᠠ ᠦᠭᠡᠢ ᠤᠷᠲᠤ ᠰᠡᠭᠦᠷᠡᠰᠦ ᠠᠯᠲᠠᠨ ᠭᠠᠷᠴᠤ ᠢᠷᠡᠪᠡ᠃ ᠬᠤᠸᠠᠢ ᠭᠦᠸᠧ ᠭᠦᠩᠵᠦ ᠮᠥᠨ ᠬᠦᠷᠭᠡᠨ ᠭᠠᠷᠴᠤ ᠢᠷᠡᠨ ᠬᠣᠢᠨ᠎ᠠ ᠠ᠋ᠴᠠ ᠬᠠᠷᠠᠵᠤ ᠵᠣᠭᠰᠣᠬᠤ ᠠᠨᠤ ᠠᠳᠠᠪᠠᠰᠢ ᠡᠶᠡᠪᠡᠷᠭᠦ ᠲᠠᠭᠠᠯᠠᠮᠵᠢᠲᠠᠢ᠂ ᠳᠡᠰ ᠲᠣᠭᠣᠰ ᠨᠢᠭᠡᠨ ᠴᠠᠭ ᠲᠤᠷ ᠵᠠᠭᠤᠨ ᠮᠢᠩᠭᠠᠨ ᠵᠦᠢᠯ ᠦ᠋ᠨ ᠪᠣᠳᠣᠯᠭ᠎ᠠ ᠲᠥᠷᠥᠵᠦ ᠬᠡᠷᠬᠢᠬᠦ ᠪᠡᠨ ᠮᠡᠳᠡᠬᠦ ᠦᠭᠡᠢ ᠪᠣᠯᠪᠠ᠃ 
       ᠲᠡᠨᠳᠡᠴᠡ ᠵᠢᠴᠢ ᠡᠳᠦᠷ ᠬᠠᠭᠠᠨ ᠳ᠋ᠤᠷ ᠮᠥᠷᠭᠥᠨ ᠪᠠᠷᠠᠯᠬᠠᠵᠤ ᠬᠠᠭᠠᠨ ᠤ᠋ ᠵᠠᠷᠯᠢᠭ ᠢ᠋ ᠬᠦᠯᠢᠶᠡᠭᠰᠡᠨ᠎ᠡ ᠬᠠᠭᠠᠨ ᠵᠠᠷᠯᠢᠭ ᠪᠣᠯᠤᠷᠤᠨ : 《ᠠᠯᠲᠠᠨ ᠤᠯᠤᠰ ᠠ᠋ᠴᠠ ᠭᠦᠸᠧ ᠸᠠᠩ ᠮᠤᠬᠤᠯᠠᠢ ᠴᠢᠨᠦ ᠭᠠᠯ ᠤ᠋ᠨ ᠠᠷᠭ᠎ᠠ ᠶ᠋ᠢ ᠵᠠᠷᠤᠰᠤᠭᠠᠢ ᠭᠡᠮᠡᠨ ᠨᠠᠳᠠ ᠳ᠋ᠤᠷ ᠠᠢᠯᠠᠳᠬᠠᠨ ᠠᠪᠤᠷ᠎ᠠ ᠢᠷᠡᠵᠦᠬᠦᠢ᠂ ᠰᠠᠢᠳ ᠴᠢ ᠡᠴᠢᠮᠦᠢ ᠤᠤ ᠦᠭᠡᠢ ᠤᠤ ?》 ᠬᠡᠮᠡᠭᠰᠡᠨ᠎ᠡ ᠬᠤᠸᠠᠢ ᠭᠦᠸᠧ ᠭᠦᠩᠵᠦ ᠮᠥᠷᠭᠥᠵᠦ ᠠᠢᠯᠠᠳᠬᠠᠷᠤᠨ : 《ᠰᠠᠢᠳ ᠪᠢ ᠲᠤᠬᠠᠢᠯᠠᠨ ᠬᠠᠭᠠᠨ ᠤ᠋ ᠡᠮᠦᠨ᠎ᠡ ᠵᠢᠳᠬᠦᠬᠦᠢ ᠶ᠋ᠢᠨ ᠲᠤᠯᠠ ᠠᠭᠤᠯᠠᠨ ᠠ᠋ᠴᠠ ᠪᠠᠭᠤᠭᠰᠠᠨ ᠪᠥᠯᠥᠭᠡ᠂ ᠶᠠᠭᠤᠨ ᠳ᠋ᠤᠷ ᠦᠯᠦ ᠡᠴᠢᠮᠦᠢ ? 》ᠬᠡᠮᠡᠭᠰᠡᠨ ᠳ᠋ᠦ᠍ᠷ ᠬᠠᠭᠠᠨ ᠶᠡᠬᠡᠯ᠎ᠡ ᠰᠠᠢᠰᠢᠶᠠᠨ ᠬᠤᠷᠢᠮ ᠬᠠᠢᠷᠠᠯᠠᠪᠠ᠃ ᠭᠠᠭᠴᠠ ᠥᠬᠢᠨ ᠬᠥᠮᠦᠨ ᠲᠤᠯᠠ ᠵᠠᠯᠠᠭᠤ ᠰᠠᠢᠳ ᠢ᠋ᠶ᠋ᠠᠷ ᠲᠠᠢᠯᠠᠭᠤᠯᠪᠠᠰᠤ ᠪᠣᠯᠬᠤ ᠦᠭᠡᠢ᠃ ᠭᠠᠭᠴᠠ ᠡᠵᠡᠨ ᠮᠣᠳᠣᠷ ᠢ᠋ᠶ᠋ᠠᠷ ᠠᠷᠢᠬᠢ ᠬᠠᠢᠷᠠᠯᠠᠵᠤ᠂ ᠪᠤᠯᠤ ᠯᠤᠭ᠎ᠠ ᠠᠯᠲᠠᠨ ᠤᠯᠤᠰ ᠲᠤᠷ ᠮᠣᠷᠳᠠᠭᠤᠯᠪᠠ᠃ ᠲᠡᠳᠦᠢ ᠳᠡᠰ ᠲᠣᠭᠣᠰ ᠤ᠋ᠨ ᠰᠡᠳᠬᠢᠯ ᠳ᠋ᠦ᠍ᠷ ᠶᠡᠬᠡᠯ᠎ᠡ ᠨᠡᠢᠴᠡᠵᠦ ᠵᠠᠮ ᠤ᠋ᠨ ᠭᠣᠳᠣᠰ ᠮᠣᠷᠢᠨ ᠤ᠋ ᠳᠡᠭᠡᠷ᠎ᠡ ᠪᠠᠭᠤᠳᠠᠯᠯᠠᠬᠤ ᠵᠠᠪᠰᠠᠷ ᠲᠤᠷ ᠬᠠᠷᠢᠯᠴᠠᠨ ᠰᠠᠨᠠᠭᠠᠨ ᠢ᠋ ᠨᠡᠪᠲᠡᠷᠡᠭᠦᠯᠦᠨ ᠬᠣᠶᠠᠷ ᠡᠲᠡᠭᠡᠳ ᠦ᠋ᠨ ᠬᠠᠷᠢᠯᠴᠠᠨ ᠰᠢᠷᠳᠡᠯᠴᠡᠬᠦ ᠰᠡᠳᠬᠢᠯ ᠨᠡᠩ ᠨᠡᠮᠡᠭᠳᠡᠪᠡ᠃ ᠮᠥᠨ ᠳᠡᠰ ᠲᠣᠭᠣᠰ ᠴᠤ᠌ ᠴᠢᠪ ᠴᠢᠬᠡ ᠠᠷᠪᠠᠨ ᠳᠣᠯᠣᠭᠠᠨ ᠨᠠᠢ᠍ᠮᠠᠨ ᠤ᠋ ᠦᠶ᠎ᠡ ᠪᠥᠭᠡᠳ ᠲᠥᠷᠥᠭᠰᠡᠨ ᠢᠨᠤ ᠬᠠᠰ ᠴᠢᠯᠠᠭᠤ ᠮᠡᠲᠦ ᠂ ᠥᠭᠦᠯᠡᠬᠦ ᠥᠴᠢᠬᠦ ᠬᠠᠪᠤᠷ ᠤ᠋ᠨ ᠰᠠᠯᠬᠢᠨ ᠠᠳᠠᠯᠢ ᠳ᠋ᠤᠷ ᠬᠤᠸᠠᠢ ᠭᠦᠸᠧ ᠭᠦᠩᠵᠦ ᠶ᠋ᠢᠨ ᠰᠡᠳᠬᠢᠯ ᠮᠣᠷᠢᠨ ᠤ᠋ ᠳᠡᠭᠡᠷ᠎ᠡ ᠳᠥᠷᠪᠡᠨ ᠰᠠᠷ᠎ᠠ ᠶ᠋ᠢᠨ ᠴᠡᠴᠡᠭ ᠮᠡᠲᠦ ᠳᠡᠯᠭᠡᠷᠡᠬᠦᠶ᠎ᠡ ᠪᠡᠶᠡᠰᠴᠦ ᠪᠠᠭᠤᠳᠠᠯ ᠤ᠋ᠨ ᠭᠡᠷ ᠲᠦ᠍ ᠣᠷᠣᠬᠤᠢ ᠳ᠋ᠤᠷ ᠮᠥᠷᠥ ᠢᠪᠡᠯᠴᠡᠨ ᠭᠠᠷ ᠪᠠᠷᠢᠯᠴᠠᠨ ᠰᠡᠯᠡᠭᠦᠦ ᠭᠠᠵᠠᠷ ᠥᠬᠢᠳ ᠬᠡᠦᠬᠡᠳ ᠦ᠋ᠨ ᠨᠠᠢᠷ ᠰᠠᠨᠠᠭᠠᠨ ᠢ᠋ ᠭᠦᠢᠴᠡᠭᠡᠬᠦᠢ ᠳ᠋ᠦ᠍ᠷ ᠦᠨᠡᠬᠡᠷ ᠰᠠᠯᠬᠢᠨ ᠰᠠᠷᠠᠨ ᠤ᠋ ᠥᠬᠢᠳ ᠬᠡᠦᠬᠡᠳ ᠴᠠᠭ ᠬᠡᠱᠡᠨ᠎ᠡ ᠪᠣᠰᠰᠤᠭᠠᠢ ᠬᠡᠮᠡᠮᠦᠢ᠃ 
       ᠨᠢᠭᠡᠨ ᠡᠳᠦᠷ ᠬᠠᠪᠤᠷ ᠤ᠋ᠨ ᠪᠣᠷᠣᠭᠠᠨ ᠵᠠᠯᠭᠠᠯᠳᠤᠨ ᠣᠷᠣᠵᠤ ᠪᠠᠭᠤᠳᠠᠯ ᠬᠥᠳᠡᠯᠦᠭᠰᠡᠨ ᠦᠭᠡᠢ᠂ ᠣᠯᠠᠨ ᠴᠡᠷᠢᠭ ᠠᠮᠠᠷᠠᠨ ᠰᠡᠭᠬᠢᠬᠦᠶ᠎ᠡ᠂ ᠰᠥᠨᠢ ᠵᠤᠯᠠ ᠶ᠋ᠢᠨ ᠳᠣᠣᠷ᠎ᠠ ᠬᠤᠸᠠᠢ ᠭᠦᠸᠧ ᠭᠦᠩᠵᠦ ᠬᠠᠷᠠᠬᠠᠨ ᠳᠡᠰ ᠲᠣᠭᠣᠰ ᠢ᠋ ᠮᠥᠷᠥᠭᠡᠳᠦᠨ ᠰᠠᠭᠤᠬᠤᠢ ᠳ᠋ᠤᠷ᠂ ᠰᠠᠨᠠᠮᠰᠠᠷ ᠦᠭᠡᠢ ᠳᠡᠰ ᠲᠣᠭᠣᠰ ᠪᠡᠶ᠎ᠡ ᠳ᠋ᠦ᠍ᠷ ᠰᠤᠯᠠ ᠬᠤᠪᠴᠠᠳ ᠡᠮᠦᠰᠴᠦ ᠭᠠᠷ ᠲᠤᠷ ᠰᠡᠯᠡᠮ᠎ᠡ ᠪᠠᠷᠢᠨ ᠣᠷᠣᠵᠤ ᠢᠷᠡᠭᠡᠳ ᠶᠠᠭᠠᠷᠠᠨ ᠬᠤᠸᠠᠢ ᠭᠦᠸᠧ ᠭᠦᠩᠵᠦ ᠶ᠋ᠢᠨ ᠣᠢᠷ᠎ᠠ ᠢᠷᠡᠵᠦ ᠰᠥᠭᠥᠳᠦᠭᠡᠳ ᠰᠡᠯᠡᠮ᠎ᠡ ᠪᠡᠨ ᠡᠷᠭᠦᠵᠦ ᠥᠭᠦᠯᠡᠷᠦᠨ: 《ᠡᠨᠡ ᠰᠡᠯᠡᠮ᠎ᠡ ᠶ᠋ᠢ ᠭᠦᠩᠵᠦ ᠳ᠋ᠦ᠍ᠷ ᠪᠠᠷᠢᠰᠤᠭᠠᠢ᠂ ᠮᠢᠨᠦ ᠰᠤᠮᠤ ᠶ᠋ᠢ ᠪᠤᠴᠠᠭᠠᠨ ᠥᠭᠭᠦᠨ᠎ᠡ ᠤᠤ ? 》ᠬᠡᠮᠡᠬᠦᠢ ᠳ᠋ᠦ᠍ᠷ ᠭᠦᠩᠵᠦ ᠶᠡᠬᠡᠯ᠎ᠡ ᠭᠠᠢᠬᠠᠵᠤ ᠥᠭᠦᠯᠡᠷᠦᠨ : 《ᠴᠢᠨᠦ ᠰᠡᠯᠡᠮ᠎ᠡ ᠪᠡᠷ ᠪᠢ ᠶᠠᠭᠤ ᠬᠢᠬᠦ ? ᠮᠢᠨᠦ ᠪᠦᠲᠦᠭᠡᠭᠰᠡᠨ ᠰᠤᠮᠤ ᠶ᠋ᠢ ᠴᠢ ᠵᠠᠷᠤᠵᠤ ᠴᠢᠳᠠᠬᠤ ᠦᠭᠡᠢ ᠪᠣᠯᠠᠢ ! 》ᠬᠡᠮᠡᠬᠦᠢ ᠳ᠋ᠦ᠍ᠷ ᠳᠡᠰ ᠲᠣᠭᠣᠰ ᠥᠭᠦᠯᠡᠷᠦᠨ:《ᠪᠢ ᠣᠨᠴᠠ ᠵᠠᠷᠤᠬᠤ ᠶ᠋ᠢᠨ ᠲᠤᠯᠠ ᠪᠤᠰᠤ᠂ ᠬᠡᠷᠡᠭ ᠢ ᠲᠣᠳᠣᠷᠬᠠᠢᠯᠠᠬᠤ ᠶ᠋ᠢᠨ ᠲᠤᠯᠠ ᠪᠣᠯᠠᠢ᠂ ᠣᠷᠣᠭᠰᠢ ᠡᠳᠦᠷ ᠰᠡᠯᠡᠮ᠎ᠡ ᠰᠤᠮᠤ ᠶ᠋ᠢ ᠰᠣᠯᠢᠯᠴᠠᠬᠤ ᠲᠤᠬᠠᠢ ᠳ᠋ᠤᠷ ᠰᠡᠳᠬᠢᠯ ᠢ᠋ᠶ᠋ᠡᠷ ᠬᠠᠨᠢᠯᠠᠨ ᠵᠢᠷᠤᠮ ᠢ᠋ᠶ᠋ᠠᠷ ᠨᠥᠬᠥᠷᠯᠡᠬᠦ ᠶ᠋ᠢ ᠡᠷᠢᠭᠰᠡᠨ ᠪᠥᠯᠥᠭᠡ᠂ ᠡᠳᠦᠭᠡ ᠰᠠᠨᠠᠮᠰᠠᠷ ᠦᠭᠡᠢ ᠵᠢᠷᠤᠮ ᠤ᠋ᠨ ᠨᠥᠬᠥᠷ ᠦ᠋ᠨ ᠰᠡᠯᠡᠮ᠎ᠡ ᠮᠢᠨᠦ ᠭᠠᠷ ᠲᠤᠷ ᠪᠥᠭᠡᠲᠡᠯ᠎ᠡ ᠮᠢᠨᠦ ᠰᠤᠮᠤ ᠭᠦᠩᠵᠦ ᠶ᠋ᠢᠨ ᠭᠠᠷ ᠲᠤᠷ ᠣᠷᠣᠭᠰᠠᠨ ᠠᠨᠤ ᠡᠨᠡ ᠵᠢᠷᠤᠮ ᠨᠢᠭᠡᠨᠲᠡ ᠪᠠᠷᠠᠭᠰᠠᠨ ᠲᠤᠯᠠ ᠰᠡᠯᠡᠮ᠎ᠡ ᠶ᠋ᠢ ᠭᠦᠩᠵᠦ ᠰᠤᠮᠤ ᠥᠭᠭᠦᠭᠰᠡᠨ ᠬᠥᠮᠦᠨ ᠳ᠋ᠦ᠍ᠷ ᠥᠭᠭᠦᠭᠡᠳ ᠮᠢᠨᠦ ᠰᠤᠮᠤ ᠶ᠋ᠢ ᠬᠣᠢᠰᠢ ᠪᠤᠴᠠᠭᠠᠪᠠᠰᠤ ᠬᠡᠷᠡᠭ ᠳᠠᠷᠤᠢ ᠲᠡᠭᠦᠰᠮᠦᠢ! 》 ᠬᠡᠮᠡᠬᠦᠢ ᠳ᠋ᠦ᠍ᠷ ᠬᠤᠸᠠᠢ ᠭᠦᠸᠧ ᠭᠦᠩᠵᠦ ᠰᠢᠳᠠᠷ ᠥᠬᠢᠳ ᠢ᠋ ᠵᠠᠢᠯᠠᠭᠤᠯᠵᠤ ᠳᠡᠰ ᠲᠣᠭᠣᠰ ᠤ᠋ᠨ ᠭᠠᠷ ᠠ᠋ᠴᠠ ᠪᠠᠷᠢᠵᠤ ᠥᠭᠦᠯᠡᠷᠦᠨ : 《ᠴᠢ ᠲᠣᠪ ᠳᠣᠲᠣᠷᠬᠠᠶ᠎ᠠ ᠲᠠᠨᠢᠬᠤ ᠪᠥᠭᠡᠳ ᠣᠨᠴᠠ ᠡᠨᠡ ᠮᠡᠲᠦ ᠲᠣᠳᠣᠯᠠᠬᠤ ᠠᠨᠤ ᠶᠠᠭᠤᠨ ?  ᠲᠡᠷᠡ ᠦᠶ᠎ᠡ ᠳ᠋ᠦ᠍ᠷ ᠪᠢ ᠵᠣᠪᠠᠯᠠᠩ ᠠ᠋ᠴᠠ ᠵᠠᠢᠯᠠᠬᠤ ᠴᠠᠭ ᠲᠤᠯᠠ ᠡᠷᠡᠴᠢᠯᠡᠨ ᠴᠢᠮᠡᠭᠰᠡᠨ ᠪᠥᠯᠥᠭᠡ᠂ ᠡᠳᠦᠭᠡ ᠡᠴᠢᠭᠡ ᠶ᠋ᠢᠨ ᠠᠯᠠᠭᠳᠠᠭᠰᠠᠨ ᠦᠰ ᠢ᠋ ᠠᠪᠬᠤᠢ ᠶ᠋ᠢᠨ ᠲᠤᠯᠠ ᠮᠣᠩᠭᠣᠯ ᠤ᠋ᠨ ᠬᠠᠭᠠᠨ ᠡᠵᠡᠨ᠎ᠡ ᠲᠦᠰᠢᠵᠦ ᠴᠡᠷᠢᠭ ᠲᠦ᠍ᠷ ᠶᠠᠪᠤᠨ ᠂ ᠵᠠᠪᠰᠢᠶᠠᠨ ᠳ᠋ᠤᠷ ᠬᠡᠳᠦᠨ ᠣᠨ ᠤ᠋ ᠳᠣᠲᠣᠷ᠎ᠠ ᠮᠠᠨ ᠤ᠋ ᠤᠯᠤᠰ ᠤ᠋ᠨ ᠥᠰᠲᠦ ᠠᠢᠮᠠᠭ ᠤ᠋ᠳ ᠢ᠋ ᠠᠷᠢᠯᠭᠠᠨ ᠴᠢᠳᠠᠪᠠᠰᠤ ᠮᠢᠨᠦ ᠰᠠᠨᠠᠭᠠᠨ ᠳᠠᠷᠤᠢ ᠪᠦᠷᠢᠳᠦᠮᠦᠢ ᠂ ᠪᠢ ᠴᠦ᠍ ᠮᠥᠨ ᠡᠨᠡ ᠪᠡᠶ᠎ᠡ ᠰᠡᠳᠬᠢᠯ ᠢ᠋ ᠁》ᠬᠡᠮᠡᠬᠦ ᠦᠭᠡ ᠳ᠋ᠦ᠍ᠷ ᠬᠦᠷᠦᠭᠡᠳ ᠦᠭᠡ ᠪᠡᠨ ᠬᠤᠷᠢᠶᠠᠵᠤ ᠴᠢᠷᠠᠢ ᠪᠠᠨ ᠤᠯᠠᠢᠯᠭᠠᠨ ᠳᠣᠷᠣᠭᠰᠢ ᠬᠠᠨᠳᠤᠭᠰᠠᠨ ᠳ᠋ᠤᠷ ᠳᠡᠰ ᠲᠣᠭᠣᠰ ᠥᠭᠦᠯᠡᠷᠦᠨ : 《ᠲᠡᠭᠷᠢ ᠨᠠᠷᠠᠨ ᠳᠡᠭᠡᠷ᠎ᠡ ᠪᠣᠢ᠂ ᠭᠠᠵᠠᠷ ᠳᠡᠯᠡᠬᠡᠢ ᠳᠣᠣᠷ᠎ᠠ ᠪᠣᠢ᠂ ᠥᠴᠦᠬᠡᠨ ᠪᠢ ᠡᠨᠡ ᠵᠠᠪᠰᠠᠷ ᠲᠤᠷ ᠪᠤᠰᠤ ᠤᠷᠤᠭ ᠰᠠᠭᠤᠭᠰᠠᠨ ᠦᠭᠡᠢ᠂ ᠬᠡᠷᠪᠡ ᠤᠷᠤᠭ ᠪᠠᠷᠢᠭᠰᠠᠨ ᠪᠥᠭᠡᠰᠦ ᠨᠠᠮᠠᠶ᠋ᠢ ᠮᠠᠲᠠᠯ ᠦᠭᠡᠢ ᠵᠢᠷᠤᠮ ᠦᠭᠡᠢ ᠶᠠᠯ᠎ᠠ ᠳ᠋ᠤᠷ ᠤᠨᠠᠭᠠᠬᠤ ᠦᠭᠡᠢ ᠤᠤ ?》ᠬᠡᠮᠡᠭᠰᠡᠨ ᠳ᠋ᠦ᠍ᠷ ᠬᠤᠸᠠᠢ ᠭᠦᠸᠧ ᠭᠦᠩᠵᠦ ᠲᠡᠭᠦᠨ ᠤ ᠤᠷᠤᠭ ᠬᠡᠯᠡᠯᠴᠡᠭᠡᠳᠦᠢ ᠬᠡᠮᠡᠬᠦᠢ ᠳ᠋ᠦ᠍ᠷ ᠳᠣᠲᠣᠷ᠎ᠠ ᠠᠯᠠᠰᠬᠢᠨ ᠪᠠᠶᠠᠷᠯᠠᠵᠤ ᠳᠠᠪᠰᠢᠵᠤ ᠠᠰᠠᠭᠤᠷᠤᠨ : 《ᠵᠠᠩᠵᠤᠨ ᠦᠨᠡᠬᠡᠷ ᠬᠡᠯᠡᠯᠴᠡᠭᠡᠳᠦᠢ ᠤᠤ ? 》 ᠬᠡᠮᠡᠭᠰᠡᠨ ᠳ᠋ᠦ᠍ᠷ ᠳᠡᠰ ᠲᠣᠭᠣᠰ ᠥᠭᠦᠯᠡᠷᠦᠨ : 《ᠦᠨᠡᠬᠡᠷ ᠲᠣᠭᠲᠠᠭᠠᠳᠤᠢ᠂ ᠡᠪᠦᠭᠡ ᠡᠴᠢᠭᠡ ᠨᠠᠷ ᠵᠢᠯ ᠪᠦᠷᠢ ᠶᠡᠬᠡ ᠴᠡᠷᠢᠭ ᠲᠦ᠍ᠷ ᠠᠬᠤ ᠪᠥᠭᠡᠳ ᠶᠠᠮᠪᠠᠷ ᠰᠠᠨᠠᠭ᠎ᠠ ᠪᠠᠷ ᠤᠷᠤᠭ ᠬᠡᠯᠡᠯᠴᠡᠮᠦᠢ ?  ᠤᠷᠢᠳᠤ ᠡᠳᠦᠷ ᠢᠯᠳᠦ ᠰᠤᠮᠤ ᠰᠣᠯᠢᠯᠴᠠᠬᠤ ᠲᠤᠬᠠᠢ ᠮᠢᠨᠦ ᠳᠣᠲᠣᠷ᠎ᠠ ᠠᠬ᠎ᠠ ᠳᠡᠭᠦᠦ ᠭᠡᠮᠡᠨ ᠪᠣᠳᠣᠵᠤ ᠪᠠᠢᠭᠰᠠᠨ ᠳ᠋ᠤᠷ ᠭᠦᠩᠵᠦ ᠬᠠᠷᠢᠨ ᠪᠣᠳᠣᠯᠭ᠎ᠠ ᠡᠪᠦᠷᠯᠡᠵᠦ ᠪᠠᠢᠭᠰᠠᠨ ᠪᠣᠯᠤᠯᠲᠠᠢ᠃ ᠪᠢ ᠨᠢᠭᠡᠨ ᠰᠤᠮᠤ ᠪᠠᠨ ᠨᠢᠭᠡᠨᠲᠡ ᠵᠠᠷᠤᠪᠠ᠂ ᠣᠳᠣ ᠬᠡᠷᠬᠢᠨ ᠭᠦᠢᠴᠡᠭᠡᠮᠦᠢ ?  ᠪᠢ ᠡᠨᠡ ᠨᠠᠰᠤᠨ ᠳ᠋ᠠᠭᠠᠨ ᠭᠦᠩᠵᠦ ᠡᠴᠡ ᠥᠪᠡᠷ᠎ᠡ ᠬᠥᠮᠦᠨ ᠢ ᠡᠷᠢᠬᠦ ᠦᠭᠡᠢ ᠪᠣᠯᠪᠠ᠂ ᠭᠦᠩᠵᠦ ᠦᠨᠡᠬᠡᠷ ᠨᠠᠮᠠᠶ᠋ᠢ ᠥᠷᠥᠰᠢᠶᠡᠬᠦ ᠪᠥᠭᠡᠰᠦ ᠡᠷᠬᠡᠪᠰᠢ ᠳᠠᠬᠢᠨ ᠪᠠᠲᠤᠯᠠᠬᠤ ᠲᠡᠮᠳᠡᠭ ᠬᠠᠢᠷᠠᠯᠠᠮᠤ ! 》ᠬᠡᠮᠡᠬᠦᠢ ᠳ᠋ᠦ᠍ᠷ ᠬᠤᠸᠠᠢ ᠭᠦᠸᠧ ᠭᠦᠩᠵᠦ ᠳᠡᠰ ᠲᠣᠭᠣᠰ ᠤ᠋ᠨ ᠭᠠᠷ ᠢ ᠪᠠᠷᠢᠵᠤ ᠴᠢᠷᠠᠢ ᠶ᠋ᠢ ᠤᠳᠠᠲᠠᠯ᠎ᠠ ᠬᠠᠷᠠᠵᠤ ᠭᠡᠨᠡᠳᠲᠡ ᠨᠢᠳᠦᠨ ᠳ᠋ᠦ᠍ᠷ ᠤᠰᠤᠨ ᠭᠦᠶᠦᠵᠦ ᠢᠷᠠᠭᠤ ᠠᠶᠠᠯᠭᠤ ᠪᠠᠷ ᠥᠭᠦᠯᠡᠷᠦᠨ: 《ᠵᠠᠩᠵᠤᠨ ᠴᠢ ᠡᠨᠡ ᠰᠠᠮᠠᠭᠤᠨ ᠴᠠᠭ ᠲᠤᠷ ᠶᠠᠭᠠᠬᠢᠨ ᠪᠠᠲᠤᠯᠠᠵᠤ ᠨᠠᠳᠠ ᠠ᠋ᠴᠠ ᠲᠡᠢᠮᠦ ᠲᠡᠮᠳᠡᠭ ᠠᠪᠴᠤ ᠪᠣᠯᠤᠮᠤᠢ ? ᠥᠬᠢᠨ ᠬᠥᠮᠦᠨ ᠤ ᠵᠣᠷᠢᠭ ᠢ ᠰᠠᠬᠢᠬᠤᠢ ᠳ᠋ᠤᠷ ᠬᠢᠯᠪᠠᠷ᠂ ᠡᠷ᠎ᠡ ᠬᠥᠮᠦᠨ ᠦ᠌ ᠵᠢᠷᠤᠮ ᠢ ᠬᠠᠳᠠᠭᠠᠯᠠᠬᠤ ᠪᠡᠷᠬᠡ ! 》 ᠬᠡᠮᠡᠭᠰᠡᠨ ᠳ᠋ᠦ᠍ᠷ ᠳᠡᠰ ᠲᠣᠭᠣᠰ ᠶᠡᠬᠡᠯ᠎ᠡ ᠪᠠᠶᠠᠷᠯᠠᠵᠤ᠂ ᠶᠠᠭᠠᠷᠠᠨ ᠪᠡᠶ᠎ᠡ ᠳ᠋ᠦ᠍ᠷ ᠪᠦᠰᠡᠯᠡᠭᠰᠡᠨ ᠬᠠᠰ ᠤ᠋ᠨ ᠪᠦᠰᠡ ᠪᠡᠨ ᠲᠠᠢᠯᠵᠤ ᠡᠷᠳᠡᠨᠢ ᠶ᠋ᠢᠨ ᠰᠡᠯᠡᠮ᠎ᠡ ᠪᠡᠷ ᠲᠠᠰᠤ ᠴᠠᠪᠴᠢᠵᠤ ᠲᠠᠩᠭᠠᠷᠢᠭᠯᠠᠨ ᠥᠭᠦᠯᠡᠷᠦᠨ:《ᠳᠡᠰ ᠲᠣᠭᠣᠰ ᠪᠢ ᠡᠨᠡ ᠨᠠᠰᠤᠨ ᠳ᠋ᠤᠷ ᠭᠦᠩᠵᠦ ᠡᠴᠡ ᠥᠪᠡᠷ᠎ᠡ ᠬᠣᠯᠪᠣᠭᠠᠨ ᠢ ᠡᠷᠢᠪᠡᠰᠦ ᠡᠨᠡ ᠪᠦᠰᠡ ᠮᠡᠲᠦ ᠲᠠᠰᠤᠷᠠᠵᠤ ᠴᠡᠷᠢᠭ ᠦ᠋ᠨ ᠵᠡᠪᠰᠡᠭ ᠲᠣᠷ ᠦᠬᠦᠲᠦᠭᠡᠢ !》 ᠭᠡᠮᠡᠨ ᠲᠠᠩᠭᠠᠷᠢᠭᠯᠠᠭᠰᠠᠨ ᠳ᠋ᠤᠷ ᠬᠤᠸᠠᠢ ᠭᠦᠸᠧ ᠭᠦᠩᠵᠦ ᠲᠡᠭᠦᠨ ᠤ ᠰᠡᠳᠬᠢᠯ ᠴᠢᠩ ᠦᠨᠡᠨ ᠪᠣᠯᠤᠭᠰᠠᠨ ᠢ ᠮᠡᠳᠡᠵᠦ ᠲᠡᠰᠳᠡᠰᠢ ᠦᠭᠡᠢ ᠨᠢᠳᠦᠨ ᠨᠢᠯᠪᠤᠰᠤᠨ ᠤᠨᠠᠭᠠᠵᠤ ᠥᠭᠦᠯᠡᠷᠦᠨ: 《ᠥᠨᠥᠴᠢᠨ ᠥᠬᠢᠨ ᠮᠢᠨᠦ ᠡᠨᠡ ᠪᠡᠶ᠎ᠡ ᠵᠠᠩᠵᠤᠨ ᠠ᠋ᠴᠠ ᠪᠤᠰᠤ ᠶ᠋ᠢ ᠰᠡᠳᠬᠢᠪᠡᠰᠦ ᠮᠥᠨ ᠬᠦ᠌ ᠲᠡᠷᠡ ᠶᠣᠰᠣᠭᠠᠷ ᠪᠣᠯᠲᠤᠭᠠᠢ! 》ᠭᠡᠮᠡᠨ ᠲᠠᠰᠤᠷᠠᠭᠰᠠᠨ ᠪᠦᠰᠡ ᠶ᠋ᠢᠨ ᠨᠢᠭᠡᠨ ᠬᠠᠭᠠᠰ ᠢ ᠬᠠᠰ ᠲᠤᠤᠬᠠᠢ ᠲᠠᠢ ᠠᠪᠴᠤ ᠥᠭᠦᠯᠡᠷᠦᠨ : 《ᠵᠠᠩᠵᠤᠨ ᠨᠥᠭᠦᠭᠡ ᠬᠠᠭᠠᠰ ᠢ ᠠᠪ᠂ ᠡᠨᠡ ᠪᠦᠰᠡ ᠶ᠋ᠢᠨ ᠬᠠᠭᠠᠰ ᠢᠯᠵᠢᠷᠡᠲᠡᠯ᠎ᠡ ᠮᠢᠨᠦ ᠰᠡᠳᠬᠢᠯ ᠦᠯᠦ ᠬᠤᠪᠢᠯᠤᠮᠤᠢ ! 》 ᠭᠡᠮᠡᠨ ᠬᠣᠶᠠᠭᠤᠯᠠ ᠬᠤᠪᠢᠶᠠᠯᠴᠠᠨ ᠠᠪᠴᠤ ᠡᠨᠡ ᠬᠣᠶᠠᠭᠤᠯᠠ ᠵᠢᠭᠤᠷᠠᠯᠳᠤᠨ ᠬᠠᠷᠢᠯᠴᠠᠨ ᠰᠠᠯᠤᠨ ᠲᠦᠪᠳᠡᠬᠦ ᠦᠭᠡᠢ᠂ ᠭᠠᠳᠠᠨ᠎ᠠ ᠴᠡᠷᠢᠭ ᠦ᠋ᠨ ᠬᠦᠷᠢᠶᠡᠨ ᠤ ᠬᠠᠭᠠᠯᠭ᠎ᠠ ᠬᠠᠭᠠᠵᠤ ᠬᠠᠷᠠᠩᠭ᠎ᠠ ᠳᠤᠤᠭᠠᠷᠴᠤ ᠰᠢᠪᠠᠭ᠎ᠠ ᠬᠠᠰᠬᠢᠷᠤᠭᠰᠠᠨ ᠳ᠋ᠤᠷ ᠬᠤᠸᠠᠢ ᠭᠦᠸᠧ ᠭᠦᠩᠵᠦ ᠠᠷᠭ᠎ᠠ ᠦᠭᠡᠢ ᠥᠪᠡᠷ ᠦ᠋ᠨ ᠳᠣᠣᠷᠠᠬᠢ ᠥᠬᠢᠳ ᠦ᠋ᠳ ᠢ᠋ᠶ᠋ᠡᠷ ᠵᠤᠯᠠ ᠪᠠᠷᠢᠭᠤᠯᠤᠨ ᠬᠦᠷᠭᠡᠭᠦᠯᠪᠡ᠃ ᠡᠭᠦᠨ ᠳ᠋ᠦ᠍ᠷ ᠭᠦᠩᠵᠦ ᠶ᠋ᠢᠨ ᠰᠢᠳᠠᠷ ᠥᠬᠢᠳ ᠰᠡᠮᠡᠬᠡᠷ ᠠᠮᠠ ᠪᠠᠨ ᠪᠠᠷᠢᠨ ᠢᠨᠢᠶᠡᠯᠴᠡᠵᠦ ᠳᠡᠰ ᠲᠣᠭᠣᠰ ᠵᠠᠩᠵᠤᠨ ᠢ ᠪᠠᠬᠠᠷᠬᠠᠨ ᠰᠢᠨᠵᠢᠮᠦᠢ᠃ ᠨᠡᠩᠳᠡ ᠲᠡᠷᠡ ᠰᠢ ᠢᠦᠢ ᠶ᠋ᠢᠨ ᠪᠧᠢ ᠯᠢᠩ ᠭᠦᠩᠵᠦ ᠨᠠᠰᠤ ᠬᠠᠷᠢᠨ ᠬᠤᠸᠠᠢ ᠭᠦᠸᠧ ᠭᠦᠩᠵᠦ ᠡᠴᠡ ᠨᠢᠭᠡᠨ ᠨᠠᠰᠤ ᠠᠬ᠎ᠠ᠂ ᠡᠨᠡ ᠵᠢᠯ ᠠᠷᠪᠠᠨ ᠵᠢᠷᠭᠤᠭᠠᠨ ᠨᠠᠰᠤ ᠲᠠᠢ ᠮᠥᠨ ᠬᠦ᠌  ᠺᠦᠨ ᠯᠥᠨ ᠱᠠᠨ ᠠᠭᠤᠯᠠᠨ ᠳ᠋ᠤᠷ ᠰᠤᠷᠭᠠᠯ ᠬᠢᠭᠰᠡᠨ ᠠᠵᠤᠭᠤ᠃ ᠰᠢ ᠢᠦᠢ ᠤᠯᠤᠰ ᠤ᠋ᠨ ᠸᠠᠩ ᠰᠠᠳᠤᠷ ᠤᠵᠢᠳ ᠢ ᠶᠡᠬᠡ ᠭᠡᠮ ᠳ᠋ᠦ᠍ᠷ ᠦᠵᠡᠬᠦ ᠦᠭᠡᠢ ᠲᠤᠯᠠ ᠥᠬᠢᠳ ᠢᠨᠦ ᠡᠭᠡᠨᠡᠭᠲᠡ ᠴᠠᠯᠠᠭᠠᠢ ᠳᠡᠭᠵᠢᠨ᠂ ᠭᠠᠭᠴᠠ ᠪᠠᠭᠰᠢ ᠶ᠋ᠢᠨ ᠰᠤᠷᠭᠠᠯ ᠢ ᠬᠢᠴᠢᠶᠡᠨ ᠪᠡᠶ᠎ᠡ ᠪᠡᠨ ᠰᠠᠬᠢᠨ ᠪᠥᠯᠥᠭᠡ᠃ ᠡᠳᠦᠭᠡ ᠮᠣᠩᠭᠣᠯ ᠳ᠋ᠤᠷ ᠢᠷᠡᠵᠦ ᠡᠳᠡᠭᠡᠷ ᠨᠢᠭᠡᠨ ᠰᠦᠷᠦᠭ ᠲᠡᠭᠷᠢ ᠶ᠋ᠢ ᠲᠠᠭᠠᠯᠴᠠᠨ ᠲᠥᠷᠥᠭᠰᠡᠨ ᠥᠩᠭᠡ ᠵᠢᠰᠦ ᠰᠦᠷ ᠭᠡᠷᠡᠯᠳᠡᠨ ᠢ ᠪᠠᠬᠠᠷᠬᠠᠨ ᠬᠠᠩᠬᠤ ᠦᠭᠡᠢ ᠳᠡᠭᠡᠷ᠎ᠡ᠂ ᠡᠳᠦᠭᠡ ᠨᠡᠩ ᠡᠨᠡ ᠳᠡᠰ ᠲᠣᠭᠣᠰ ᠢ ᠦᠵᠡᠭᠡᠳ ᠬᠤᠷᠢᠴᠠᠯ ᠢ ᠳᠠᠷᠤᠨ ᠴᠢᠳᠠᠬᠤ ᠦᠭᠡᠢ᠂ ᠰᠡᠳᠬᠢᠯ ᠳ᠋ᠦ᠍ᠷ ᠰᠠᠨᠠᠭᠳᠠᠨ ᠠᠮᠢ ᠠᠪᠤᠷᠠᠭᠰᠠᠨ ᠬᠤᠸᠠᠢ ᠭᠦᠸᠧ ᠭᠦᠩᠵᠦ ᠶ᠋ᠢ ᠬᠦᠨᠳᠦᠯᠡᠬᠦ ᠢᠨᠦ ᠦᠨᠡᠬᠡᠷ ᠲᠥᠷᠥᠭᠰᠡᠨ ᠡᠭᠡᠴᠢ ᠳ᠋ᠦ᠍ᠷ ᠠᠳᠠᠯᠢ᠂ ᠰᠤᠯᠠ ᠦᠭᠡ ᠳ᠋ᠦ᠍ᠷ ᠪᠠᠢᠨ ᠪᠠᠢᠨ ᠳᠡᠰ ᠲᠣᠭᠣᠰ ᠢ ᠮᠠᠭᠲᠠᠬᠤᠢ ᠳ᠋ᠤᠷ ᠬᠤᠸᠠᠢ ᠭᠦᠸᠧ ᠭᠦᠩᠵᠦ ᠲᠡᠭᠦᠨ ᠤ ᠪᠠᠬᠠᠷᠬᠠᠬᠤ ᠶ᠋ᠢ ᠮᠡᠳᠡᠵᠦ ᠬᠣᠶᠠᠭᠤᠯᠠ ᠬᠠᠷᠢᠨ ᠰᠡᠳᠬᠢᠯ ᠢ ᠬᠡᠯᠡᠯᠴᠡᠬᠦ ᠢᠨᠠᠭ ᠨᠥᠬᠥᠷ ᠪᠣᠯᠪᠠ᠃ 
       ᠲᠡᠳᠦᠢ ᠳᠡᠰ ᠲᠣᠭᠣᠰ ᠡᠨᠡ ᠨᠢᠭᠡᠨ ᠵᠦᠢᠯ ᠦ᠋ᠨ ᠭᠤᠸ᠎ᠠ ᠦᠵᠡᠰᠬᠦᠯᠡᠩ ᠵᠥᠭᠡᠯᠡᠨ ᠨᠡᠮᠡᠭᠦᠨ ᠰᠡᠳᠬᠢᠯ ᠡᠴᠡ ᠭᠠᠷᠬᠤ ᠦᠭᠡᠢ ᠪᠣᠯᠵᠤ᠂ ᠴᠢᠳᠠᠬᠤᠯ᠎ᠠ ᠨᠢᠭᠡᠨ ᠴᠠᠭ ᠲᠤᠷ ᠭᠤᠶᠤᠵᠤ ᠠᠪᠰᠤᠭᠠᠢ ᠬᠡᠮᠡᠮᠦᠢ᠃ ᠭᠠᠭᠴᠠ ᠴᠡᠷᠢᠭ ᠲᠡᠢᠨ ᠦ᠌ ᠳᠣᠲᠣᠷ᠎ᠠ ᠤᠯᠤᠰ ᠲᠥᠷᠥ ᠶ᠋ᠢᠨ ᠴᠢᠬᠤᠯᠠ ᠬᠡᠷᠡᠭ ᠪᠣᠢ ᠲᠤᠯᠠ ᠠᠶᠤᠮᠰᠢᠭ ᠦᠭᠡᠢ ᠡᠪᠦᠭᠡ ᠪᠠ ᠡᠴᠢᠭᠡ ᠳ᠋ᠦ᠍ᠷ ᠢ᠋ᠶ᠋ᠡᠨ ᠭᠠᠷᠭᠠᠨ ᠬᠡᠯᠡᠵᠦ ᠴᠢᠳᠠᠬᠤ ᠦᠭᠡᠢ᠃ ᠲᠡᠳᠦᠢ ᠪᠤᠯᠤ᠂ ᠬᠤᠸᠠᠢ ᠭᠦᠸᠧ ᠭᠦᠩᠵᠦ ᠨᠠᠷ ᠮᠧᠩ ᠵᠧᠦ ᠶ᠋ᠢᠨ ᠵᠦᠭ ᠰᠢᠪᠠᠳᠠᠨ ᠶᠠᠪᠤᠵᠤ ᠣᠢᠷ᠎ᠠ ᠬᠦᠷᠪᠡᠰᠦ ᠴᠡᠷᠢᠭ ᠦ᠋ᠨ ᠤᠯᠠᠭᠠᠨ ᠳᠠᠯᠪᠠᠭ᠎ᠠ ᠳᠠᠷᠠᠭ᠎ᠠ ᠳᠠᠷᠠᠭ᠎ᠠ ᠳᠣᠪᠲᠣᠯᠤᠮᠤᠢ ᠂ ᠠᠰᠠᠭᠤᠪᠠᠰᠤ ᠭᠦᠸᠧ ᠸᠠᠩ ᠥᠴᠥᠭᠡᠳᠦᠷ ᠮᠧᠩ ᠵᠧᠦ ᠬᠣᠲᠠᠨ ᠢ ᠠᠷᠪᠠᠨ ᠲᠦᠮᠡᠨ ᠭᠠᠯ ᠰᠤᠮᠤ᠂ ᠭᠠᠯ ᠴᠢᠯᠠᠭᠤ ᠪᠠᠷ ᠬᠣᠲᠠ ᠶ᠋ᠢᠨ ᠳᠥᠷᠪᠡᠨ ᠬᠠᠭᠠᠯᠭ᠎ᠠ ᠶ᠋ᠢᠨ ᠠᠰᠠᠷ ᠢ ᠭᠤᠷᠪᠠᠨ ᠡᠳᠦᠷ ᠰᠥᠨᠢ ᠬᠠᠷᠪᠤᠭᠤᠯᠵᠤ ᠭᠠᠯ ᠲᠠᠯᠪᠢᠭᠠᠳ ᠭᠠᠯ ᠤ᠋ᠨ ᠳᠣᠲᠣᠷ᠎ᠠ ᠮᠧᠩ ᠵᠧᠦ ᠶ᠋ᠢ ᠴᠢᠬᠤᠯᠳᠠᠭᠤᠯᠤᠨ ᠢᠷᠭᠡᠨ ᠢ ᠳᠠᠪᠠᠭᠤᠯᠤᠨ ᠣᠷᠣᠭᠤᠯᠵᠤ ᠬᠣᠲᠠᠨ ᠢ ᠠᠪᠤᠪᠠ ᠬᠡᠮᠡᠭᠰᠡᠨ ᠳ᠋ᠦ᠍ᠷ ᠪᠤᠯᠤ ᠨᠠᠷ ᠶᠡᠬᠡ ᠯᠡ ᠪᠠᠶᠠᠷᠯᠠᠨ ᠬᠣᠲᠠᠨ ᠳ᠋ᠤᠷ ᠣᠷᠣᠪᠠ᠃ ᠬᠣᠲᠠ ᠰᠠᠬᠢᠭᠰᠠᠨ ᠴᠡᠷᠢᠭ ᠶᠡᠬᠡ ᠬᠠᠭᠠᠰ ᠠᠯᠠᠭᠳᠠᠵᠤ᠂ ᠬᠣᠲᠠ ᠶ᠋ᠢᠨ ᠢᠷᠭᠡᠨ ᠮᠥᠨ ᠶᠡᠬᠡᠯ᠎ᠡ ᠬᠣᠬᠢᠷᠠᠪᠠ᠂ ᠦᠯᠡᠭᠰᠡᠨ ᠢ ᠢᠨᠦ ᠲᠣᠭᠲᠠᠭᠠᠨ ᠠᠪᠴᠤ ᠬᠠᠭᠠᠨ ᠤ᠋ ᠲᠡᠨᠳᠡ ᠠᠢᠯᠠᠳᠬᠠᠨ ᠢᠯᠡᠭᠡᠭᠰᠡᠨ ᠠᠵᠤᠭᠤ᠃ 
       ᠲᠡᠳᠦᠢ ᠪᠤᠯᠤ ᠣᠷᠣᠵᠤ ᠡᠴᠢᠭᠡ ᠸᠠᠩ ᠳ᠋ᠤᠷ ᠢ᠋ᠶ᠋ᠠᠨ ᠮᠥᠷᠭᠥᠨ ᠵᠣᠯᠭᠠᠵᠤ ᠂ ᠬᠠᠭᠠᠨ ᠤ᠋ ᠶᠡᠬᠡ ᠴᠡᠷᠢᠭ ᠪᠠᠰᠠ ᠰᠢ ᠢᠦᠢ ᠶ᠋ᠢᠨ ᠫᠦ ᠬᠤᠸᠠ ᠬᠣᠲᠠᠨ ᠢ ᠠᠪᠤᠭᠰᠠᠨ ᠢ ᠬᠡᠯᠡᠵᠦ᠂ ᠬᠤᠸᠠᠢ ᠭᠦᠸᠧ ᠭᠦᠩᠵᠦ ᠶ᠋ᠢ ᠤᠳᠤᠷᠢᠳᠤᠨ ᠸᠠᠩ ᠳ᠋ᠤᠷ ᠵᠣᠯᠭᠠᠭᠤᠯᠪᠠ᠃ 
       ᠭᠦᠸᠧ ᠸᠠᠩ ᠮᠤᠬᠤᠯᠠᠢ ᠥᠭᠦᠯᠡᠷᠦᠨ : 《ᠪᠢ ᠡᠨᠡ ᠬᠣᠲᠠ ᠢ ᠠᠪᠰᠤᠭᠠᠢ ᠭᠡᠮᠡᠨ ᠬᠠᠭᠠᠰ ᠰᠠᠷ᠎ᠠ ᠬᠠᠭᠠᠵᠤ ᠲᠤᠩ ᠳᠡᠢᠯᠬᠦ ᠦᠭᠡᠢ ᠳ᠋ᠦ᠍ᠷ ᠭᠦᠩᠵᠦ ᠴᠢᠮᠠᠶ᠋ᠢ ᠬᠠᠭᠠᠨ ᠠ᠋ᠴᠠ ᠭᠣᠶᠤᠯᠭᠠᠷ᠎ᠠ ᠵᠠᠷᠤᠭᠰᠠᠨ ᠪᠥᠯᠥᠭᠡ᠂ ᠰᠠᠨᠠᠮᠰᠠᠷ ᠦᠭᠡᠢ ᠬᠠᠷᠢᠨ ᠴᠢᠮᠠᠶ᠋ᠢ ᠢᠷᠡᠬᠦ ᠶ᠋ᠢᠨ ᠤᠷᠢᠳᠠ ᠬᠦᠴᠦᠨ ᠢ᠋ᠶ᠋ᠡᠷ ᠠᠪᠤᠪᠠ᠂ ᠴᠢ ᠡᠷᠳᠡᠮ ᠢ᠋ᠶ᠋ᠡᠨ ᠰᠠᠢᠬᠠᠨ ᠪᠣᠯᠪᠠᠰᠤᠷᠠᠭᠤᠯᠵᠤ ᠰᠠᠬᠢᠯ ᠢ᠋ᠶ᠋ᠠᠨ ᠬᠢᠴᠢᠶᠡᠨ ᠰᠠᠬᠢ᠂ ᠬᠠᠮᠲᠤ ᠨᠢᠭᠡᠨ ᠰᠡᠳᠬᠢᠯ ᠢ᠋ᠶ᠋ᠡᠷ ᠶᠡᠬᠡ ᠤᠯᠤᠰ ᠢ ᠪᠦᠲᠦᠭᠡᠵᠦ᠂ ᠭᠦᠩᠵᠦ ᠴᠢᠨᠦ ᠡᠴᠢᠭᠡ ᠶ᠋ᠢᠨ ᠦᠰ ᠢ ᠠᠪᠴᠤ ᠥᠭᠰᠦᠭᠡᠢ᠂ ᠴᠣᠬᠣᠮ ᠳ᠋ᠤᠷ ᠴᠢᠮ᠎ᠠ ᠯᠤᠭ᠎ᠠ ᠬᠠᠮᠲᠤ ᠴᠡᠷᠢᠭ ᠦ᠋ᠨ ᠬᠦᠷᠢᠶ᠎ᠡ ᠳ᠋ᠦ᠍ ᠠᠵᠤ ᠳᠠᠢᠰᠤᠨ ᠳ᠋ᠤᠷ ᠲᠤᠯᠵᠤ ᠴᠢᠨᠠᠳᠤᠰ ᠢ ᠡᠪᠳᠡᠪᠡᠰᠦ ᠵᠣᠬᠢᠬᠤ ᠪᠥᠯᠥᠭᠡ ᠃ ᠭᠠᠭᠴᠠ ᠴᠢ ᠬᠠᠷᠢ ᠦᠵᠡᠭᠡᠳᠦᠢ ᠬᠡᠦᠬᠡᠨ ᠬᠥᠮᠦᠨ ᠲᠤᠯᠠ ᠣᠷᠣᠬᠤ ᠭᠠᠷᠬᠤᠢ ᠪᠣᠰᠬᠤ ᠰᠠᠭᠤᠬᠤᠢ ᠳ᠋ᠤᠷ ᠪᠠᠬᠠᠨ ᠪᠡᠷᠬᠡ᠂ ᠲᠡᠢᠮᠦ ᠶ᠋ᠢᠨ ᠲᠤᠯᠠ ᠭᠦᠩᠵᠦ ᠲᠦᠷ ᠡᠭᠡᠵᠦ ᠬᠠᠷᠢᠲᠤᠭᠠᠢ᠂ ᠬᠡᠷᠪᠡ ᠡᠪᠳᠡᠬᠦᠶ᠎ᠡ ᠪᠡᠷᠬᠡ ᠭᠠᠵᠢᠭᠤ ᠤᠪᠠᠳᠢᠰᠲᠤ ᠬᠣᠲᠠ ᠪᠠᠯᠭᠠᠳ ᠲᠤᠷ ᠭᠠᠯ ᠬᠡᠷᠡᠭᠯᠡᠬᠦ ᠵᠦᠢᠯ ᠭ᠍ᠡᠷᠪᠠᠰᠤ ᠲᠤᠬᠠᠢᠯᠠᠨ ᠳᠠᠭᠤᠳᠠᠷ᠎ᠠ ᠢᠯᠡᠭᠡᠰᠦᠭᠡᠢ ! 》ᠭᠡᠮᠡᠨ ᠳᠠᠭᠠᠭᠰᠠᠨ ᠠᠷᠠᠳ ᠲᠤᠷ ᠬᠦᠨᠳᠦ ᠱᠠᠩ ᠥᠭᠴᠦ ᠲᠡᠷᠭᠡ ᠰᠡᠦᠬᠡ ᠪᠡᠷ ᠬᠦᠷᠭᠡᠬᠦᠶ᠎ᠡ᠂ ᠭᠦᠩᠵᠦ ᠵᠠᠬᠢᠶ᠎ᠠ ᠶ᠋ᠢ ᠬᠦᠯᠢᠶᠡᠵᠦ ᠸᠠᠩ ᠳ᠋ᠤᠷ ᠮᠥᠷᠭᠥᠨ ᠶᠣᠰᠣᠯᠠᠵᠤ ᠭᠠᠷᠴᠤ ᠡᠴᠢᠬᠦ ᠦᠶ᠎ᠡ ᠳ᠋ᠦ᠍ᠷ ᠬᠠᠭᠠᠨ ᠤ᠋ ᠭᠤᠷᠪᠠᠨ ᠣᠷᠳᠣᠨ ᠵᠢᠷᠭᠤᠭᠠᠨ ᠬᠦᠷᠢᠶᠡᠯᠡᠩ ᠴᠥᠮ ᠬᠣᠢᠲᠤ ᠯᠢᠶᠠᠩ ᠵᠢᠩ ᠬᠣᠲᠠ – ᠱᠠᠩᠳᠤ ᠳ᠋ᠤᠷ ᠵᠤᠰᠠᠷ᠎ᠠ ᠡᠴᠢᠭᠰᠡᠨ ᠲᠤᠯᠠ ᠱᠠᠩᠳᠤ ᠶ᠋ᠢ ᠵᠣᠷᠢᠪᠠ᠃ ᠮᠥᠨ ᠬᠦ᠌ ᠤᠭ ᠠᠴᠢᠷᠠᠭᠰᠠᠨ ᠬᠥᠪᠡᠭᠦᠨ ᠪᠤᠯᠤ ᠪᠠᠷ ᠬᠦᠷᠭᠡᠭᠦᠯᠬᠦᠢ ᠳ᠋ᠦ᠍ᠷ ᠵᠠᠮ ᠳ᠋ᠤᠷ ᠰᠠᠢᠬᠠᠨ ᠬᠥᠪᠡᠭᠦᠨ ᠦᠵᠡᠰᠬᠦᠯᠡᠩ ᠥᠬᠢᠨ ᠤ ᠶᠠᠪᠤᠳᠠᠯ ᠪᠠᠬᠠᠨ ᠬᠡᠮᠵᠢᠶ᠎ᠡ ᠡᠴᠡ ᠬᠡᠲᠦᠷᠡᠵᠦ᠂ ᠪᠤᠯᠤ ᠶ᠋ᠢᠨ ᠴᠢᠬᠢᠨ ᠳ᠋ᠦ᠍ᠷ ᠬᠦᠷᠦᠭᠰᠡᠨ ᠢ᠋ᠶ᠋ᠡᠷ ᠦᠯᠦ ᠪᠠᠷᠠᠨ᠂ ᠨᠡᠩ ᠪᠠᠰᠠ ᠵᠠᠮ ᠳ᠋ᠤᠷ ᠵᠢᠭᠰᠠᠭᠠᠯ ᠶᠠᠪᠤᠳᠠᠯ ᠳ᠋ᠤᠷ ᠮᠥᠨ ᠨᠢᠳᠦᠨ ᠳ᠋ᠦ᠍ᠷ ᠦᠵᠡᠭᠳᠡᠵᠦ ᠰᠡᠷᠡᠭᠳᠡᠭᠰᠡᠨ ᠳ᠋ᠦ᠍ᠷ ᠪᠤᠯᠤ ᠶᠡᠬᠡᠯ᠎ᠡ ᠠᠭᠤᠷᠯᠠᠨ ᠥᠪᠡᠷ᠎ᠡ ᠶᠠᠪᠤᠳᠠᠯ ᠢ᠋ᠶ᠋ᠠᠷ ᠰᠡᠪ ᠡᠷᠢᠵᠦ ᠬᠥᠪᠡᠭᠦᠨ ᠳᠡᠰ ᠲᠣᠭᠣᠰ ᠢ ᠨᠢᠭᠡᠨ ᠵᠡᠷᠭᠡ ᠰᠠᠢᠲᠤᠷ ᠵᠠᠨᠴᠢᠨ ᠰᠢᠳᠬᠡᠵᠦ᠂ ᠤᠷᠢᠳᠠ ᠳ᠋ᠠᠢᠳᠦ᠋ ᠳ᠋ᠦ᠍ᠷ ᠥᠪᠡᠷ᠎ᠡ ᠠᠯᠪᠠᠨ᠎ᠠ ᠵᠠᠷᠤᠪᠠ᠃ ᠡᠨᠡ ᠮᠡᠳᠡᠭᠡ ᠶ᠋ᠢ ᠬᠤᠸᠠᠢ ᠭᠦᠸᠧ ᠭᠦᠩᠵᠦ ᠰᠣᠨᠣᠰᠴᠤ ᠵᠢᠷᠦᠬᠡ ᠶ᠋ᠢ ᠰᠢᠪᠲᠤᠴᠢᠬᠤ ᠮᠡᠲᠦ᠂ ᠳᠠᠯᠳᠠ ᠭᠠᠵᠠᠷ ᠨᠢᠯᠪᠤᠰᠤ ᠤᠨᠠᠭᠠᠨ ᠪᠧᠢ ᠯᠢᠩ ᠭᠦᠩᠵᠦ ᠯᠦ᠍ᠭᠡ ᠰᠡᠳᠬᠢᠯ ᠢ ᠬᠡᠯᠡᠯᠴᠡᠨ ᠰᠥᠨᠢ ᠳᠦᠯᠢᠨ ᠲᠡᠭᠦᠨ ᠤ ᠪᠡᠶ᠎ᠡ ᠶ᠋ᠢ ᠡᠷᠡᠴᠢᠯᠡᠨ ᠴᠢᠮᠡᠭᠦᠯᠵᠦ ᠬᠡᠳᠦᠨ ᠵᠦᠢᠯ ᠦ᠋ᠨ ᠰᠡᠳᠬᠢᠯ ᠦ᠋ᠨ ᠪᠡᠯᠡᠭ ᠢ ᠲᠤᠰᠢᠶᠠᠨ ᠥᠭᠴᠦ ᠤᠷᠢᠳᠠ ᠮᠣᠷᠳᠠᠭᠤᠯᠵᠤ ᠵᠠᠮ ᠲᠣᠰᠴᠤ ᠦᠭᠭᠦᠭᠦᠯᠬᠦ ᠪᠡᠷ ᠶᠠᠪᠤᠭᠤᠯᠪᠠ᠃ ᠡᠭᠦᠨ ᠳ᠋ᠦ᠍ᠷ ᠳᠡᠰ ᠲᠣᠭᠣᠰ ᠰᠡᠳᠬᠢᠯ ᠤᠶᠠᠷᠠᠬᠤᠢ ᠶ᠋ᠢᠨ ᠳᠡᠭᠡᠷ᠎ᠡ ᠪᠥᠭᠰᠡ ᠪᠠᠰᠠ ᠡᠪᠡᠷᠰᠢᠶᠡᠵᠦ ᠠᠷᠭ᠎ᠠ ᠦᠭᠡᠢ ᠲᠡᠭᠷᠢ ᠶ᠋ᠢ ᠬᠠᠨᠳᠤᠵᠤ ᠰᠡᠭᠦᠷᠡᠰᠦᠨ ᠠᠯᠳᠠᠵᠤ ᠶᠠᠪᠤᠬᠤᠢ ᠳ᠋ᠤᠷ ᠵᠠᠮ ᠳ᠋ᠤᠷ ᠬᠠᠷᠠᠬᠠᠨ ᠪᠧᠢ ᠯᠢᠩ ᠭᠦᠩᠵᠦ ᠡᠷᠡᠴᠢᠯᠡᠨ ᠴᠢᠮᠡᠵᠦ ᠤᠴᠠᠷᠠᠭᠰᠠᠨ ᠳ᠋ᠤᠷ ᠶᠡᠬᠡᠯ᠎ᠡ ᠪᠠᠶᠠᠷᠯᠠᠨ ᠶᠠᠭᠠᠷᠠᠨ ᠮᠣᠷᠢᠨ ᠠ᠋ᠴᠠ ᠬᠠᠷᠠᠢᠨ ᠪᠠᠭᠤᠵᠤ ᠭᠠᠷ ᠠ᠋ᠴᠠ ᠪᠠᠷᠢᠵᠤ ᠦᠵᠡᠪᠡᠰᠦ ᠪᠡᠶ᠎ᠡ ᠮᠠᠬᠠᠪᠣᠳ ᠲᠡᠭᠦᠨ ᠡᠴᠡ ᠨᠠᠷᠢᠨ ᠪᠥᠭᠡᠳ ᠥᠩᠭᠡ ᠵᠢᠰᠦ ᠮᠠᠰᠢ ᠥᠪᠡᠷ᠎ᠡ᠂ ᠲᠠᠷᠪᠤᠰ ᠤ᠋ᠨ ᠦᠷ᠎ᠡ ᠶ᠋ᠢᠨ ᠵᠢᠰᠦ ᠮᠤᠷᠤᠢ ᠰᠠᠢᠬᠠᠨ ᠬᠥᠮᠥᠰᠬᠡ᠂ ᠨᠠᠢᠷᠠᠯᠲᠤ ᠨᠢᠳᠦ ᠤᠯᠠᠭᠠᠨ ᠰᠢᠩᠬᠤ ᠶ᠋ᠢᠨ ᠤᠷᠤᠭᠤᠯ – ᠭᠤᠸ᠎ᠠ ᠦᠵᠡᠰᠬᠦᠯᠡᠩ ᠬᠤᠸᠠᠢ ᠭᠦᠸᠧ ᠭᠦᠩᠵᠦ ᠡᠴᠡ ᠪᠠᠬᠠᠨ ᠴᠤ᠌ ᠳᠣᠣᠷ᠎ᠠ ᠦᠭᠡᠢ᠂ ᠭᠠᠭᠴᠠ ᠪᠠᠷᠠᠭᠤᠨ ᠵᠠᠪᠠᠵᠢ ᠳ᠋ᠤᠷ ᠨᠢᠭᠡᠨ ᠬᠣᠶᠠᠷ ᠨᠠᠷᠢᠮᠤ ᠶ᠋ᠢᠨ ᠴᠢᠨᠡᠭᠡᠨ ᠬᠠᠷ᠎ᠠ ᠰᠡᠪᠬᠡ ᠪᠣᠢ᠃ ᠲᠡᠳᠦᠢ ᠶᠠᠭᠠᠷᠠᠨ ᠭᠠᠢᠬᠠᠵᠤ ᠤᠴᠢᠷ ᠢ ᠠᠰᠠᠭᠤᠭᠰᠠᠨ ᠳ᠋ᠤᠷ ᠲᠡᠷᠡ ᠬᠡᠯᠡᠬᠦ ᠦᠭᠡᠢ᠂ ᠭᠠᠭᠴᠠ ᠪᠠᠭᠤᠳᠠᠯ ᠪᠠᠭᠤᠵᠤ ᠰᠤᠯᠠ ᠠᠷᠠᠳ ᠢ ᠵᠠᠢᠯᠠᠭᠤᠯᠤᠨ ᠰᠠᠶᠢ ᠪᠡᠯᠡᠭ ᠪᠠ ᠪᠢᠴᠢᠭ ᠢ ᠭᠠᠷᠭᠠᠵᠤ ᠲᠤᠰᠢᠶᠠᠪᠠ᠃ ᠲᠡᠭᠦᠨ ᠤ ᠨᠡᠷ᠎ᠡ ᠣᠪᠣᠭ ᠬᠠᠮᠢᠭ᠎ᠠ ᠶ᠋ᠢ ᠠᠰᠠᠭᠤᠪᠠᠰᠤ ᠴᠡᠷᠢᠭ ᠲᠦ᠍ᠷ ᠲᠥᠭᠡᠷᠢᠨ ᠶᠠᠪᠤᠬᠤᠶ᠎ᠠ ᠬᠤᠸᠠᠢ ᠭᠦᠸᠧ ᠭᠦᠩᠵᠦ ᠶ᠋ᠢ ᠳᠠᠭᠠᠪᠠ ᠭᠡᠮᠡᠨ ᠮᠡᠬᠡᠯᠡᠨ ᠥᠩᠭᠡᠷᠡᠭᠡᠪᠡ᠃ ᠬᠣᠶᠠᠷ ᠡᠲᠡᠭᠡᠳ ᠦ᠋ᠨ ᠬᠤᠷᠢᠴᠠᠯ ᠢ ᠨᠡᠩ ᠬᠡᠯᠡᠯᠴᠡᠬᠦ ᠦᠭᠡᠢ᠂ ᠭᠠᠭᠴᠠ ᠬᠡᠭᠡᠷ᠎ᠡ ᠭᠠᠳᠠᠨ᠎ᠠ ᠪᠥᠭᠡᠳ ᠬᠠᠮᠲᠤ ᠬᠣᠨᠣᠬᠤ ᠶᠣᠰᠣ ᠦᠭᠡᠢ ᠲᠤᠯᠠ ᠮᠥᠨ ᠡᠳᠦᠷ ᠲᠣᠷ ᠳᠠᠷᠤᠢ ᠰᠠᠯᠪᠠ᠃ ᠳᠡᠰ ᠲᠣᠭᠣᠰ ᠬᠣᠢᠨ᠎ᠠ ᠠ᠋ᠴᠠ ᠬᠠᠷᠠᠭᠰᠠᠭᠠᠷ ᠦᠵᠡᠭᠳᠡᠬᠦ ᠦᠭᠡᠢ ᠪᠣᠯᠲᠠᠯ᠎ᠠ ᠮᠣᠷᠳᠠᠭᠤᠯᠵᠤ ᠰᠠᠶᠢ ᠳ᠋ᠠᠢᠳᠦ᠋ ᠶ᠋ᠢ ᠵᠣᠷᠢᠪᠠ᠃ ᠲᠡᠳᠦᠢ ᠬᠤᠸᠠᠢ ᠭᠦᠸᠧ ᠭᠦᠩᠵᠦ ᠱᠠᠩᠳᠤ ᠳ᠋ᠤᠷ ᠡᠴᠢᠪᠡ᠂ ᠪᠤᠯᠤ ᠪᠤᠰᠤ ᠲᠦᠰᠢᠮᠡᠯ ᠴᠡᠷᠢᠭ ᠠᠮᠠᠯᠠᠨ ᠬᠦᠷᠭᠡᠭᠦᠯᠵᠦ ᠢᠯᠡᠭᠡᠭᠡᠳ ᠳ᠋ᠠᠢᠳᠦ᠋ ᠶ᠋ᠢᠨ ᠠᠯᠪᠠᠨ ᠳ᠋ᠠᠭᠠᠨ ᠡᠴᠢᠪᠡ᠃ 
       ᠡᠨᠡ ᠥᠬᠢᠳ ᠬᠡᠦᠬᠡᠳ ᠦ᠋ᠨ ᠰᠤᠯᠠ ᠤᠴᠢᠷ ᠢ ᠲᠦᠷ ᠲᠠᠯᠪᠢᠵᠤ ᠶᠡᠬᠡ ᠬᠡᠷᠡᠭ ᠢ ᠬᠡᠯᠡᠬᠦ ᠢᠨᠦ :ᠠᠯᠲᠠᠨ ᠤᠯᠤᠰ ᠠᠷᠤ ᠥᠪᠥᠷ ᠴᠥᠮ ᠳᠠᠢᠰᠤᠨ ᠳ᠋ᠤᠷ ᠤᠴᠠᠷᠠᠵᠤ ᠰᠥᠩ ᠤᠯᠤᠰ ᠤ᠋ᠨ ᠪᠠᠢᠯᠳᠤᠬᠤ᠂ ᠮᠣᠩᠭᠣᠯ ᠤᠯᠤᠰ ᠤ᠋ᠨ ᠳᠠᠷᠤᠯᠠᠬᠤ ᠳ᠋ᠤᠷ ᠮᠠᠰᠢᠳᠠ ᠪᠠᠴᠢᠮᠳᠠᠨ ᠳᠠᠩ ᠵᠧᠦ᠂ ᠳ᠋ᠧᠩ ᠵᠧᠦ ᠶ᠋ᠢ ᠬᠠᠯᠳᠠᠭᠰᠠᠨ ᠵᠢᠩ ᠯᠢᠶᠣᠣ ᠰᠢ ᠲᠦᠰᠢᠮᠡᠯ ᠸᠠᠩ  ᠹᠦ ᠶ᠋ᠢᠨ ᠴᠡᠷᠢᠭ ᠦ᠋ᠨ ᠡᠷᠳᠡᠮ ᠣᠯᠠᠨ ᠠ᠋ᠴᠠ ᠬᠡᠲᠦᠢᠳᠦᠭᠰᠡᠨ ᠲᠤᠯᠠ ᠲᠡᠭᠦᠨ ᠤ ᠨᠥᠬᠥᠷ ᠰᠠᠳᠤᠨ ᠶᠢᠰᠦᠨ ᠬᠥᠮᠦᠨ ᠢ ᠪᠢᠶᠠᠨ ᠵᠢᠩ ᠳ᠋ᠦ᠍ᠷ ᠳᠠᠭᠤᠳᠠᠨ ᠢᠷᠡᠭᠦᠯᠵᠦ᠂ ᠥᠪᠡᠷ ᠦ᠋ᠨ ᠪᠡᠶ᠎ᠡ ᠪᠡᠷ ᠠᠷᠢᠬᠢ ᠪᠠᠷᠢᠵᠤ᠂ ᠸᠠᠩ ᠹᠦ ᠶ᠋ᠢ ᠵᠢᠶᠦ᠋ᠨ ᠬᠦᠩ ᠭᠡᠮᠡᠨ ᠡᠷᠭᠦᠵᠦ᠂ ᠳᠠᠭᠠᠭᠰᠠᠨ ᠨᠠᠢ᠍ᠮᠠᠨ ᠵᠠᠩᠵᠤᠨ ᠢ ᠴᠥᠮ ᠬᠣᠶᠠᠷ ᠵᠡᠷᠭᠡ ᠳᠡᠪᠰᠢᠭᠦᠯᠦᠨ᠂ ᠾᠧ ᠪᠧᠢ᠂ ᠱᠠᠨ ᠳ᠋ᠦᠩ ᠦ᠋ᠨ ᠮᠣᠩᠭᠣᠯ ᠳ᠋ᠤᠷ ᠠᠪᠲᠠᠵᠤ ᠦᠯᠡᠭᠰᠡᠨ ᠬᠣᠲᠠ ᠶ᠋ᠢ ᠬᠠᠰᠤᠵᠤ ᠬᠣᠢᠲᠤ ᠪᠡᠶ᠎ᠡ ᠶ᠋ᠢ ᠰᠡᠷᠭᠡᠢᠯᠡᠨ ᠰᠠᠭᠤᠯᠭᠠᠪᠠ᠃ ᠡᠨᠡ ᠬᠣᠭᠣᠷᠣᠨᠳᠣ ᠵᠤᠨ ᠤ᠋ ᠳᠤᠮᠳᠠᠳᠤ ᠰᠠᠷ᠎ᠠ ᠳ᠋ᠤᠷ ᠪᠠᠷᠠᠭᠤᠨ ᠰᠢ ᠢᠦᠢ ᠤᠯᠤᠰ ᠲᠤᠷ ᠬᠠᠭᠠᠨ ᠤ᠋ ᠭᠡᠭᠡᠨ ᠥᠪᠡᠷ ᠢ᠋ᠶ᠋ᠡᠨ ᠴᠡᠷᠢᠭ ᠠᠪᠴᠤ ᠰᠢ ᠢᠦᠢ ᠤᠯᠤᠰ ᠤ᠋ᠨ ᠰᠢᠶᠦ᠋ᠨ ᠰᠧ ᠭᠠᠨ ᠬᠡᠮᠡᠬᠦ ᠬᠣᠲᠠ ᠶ᠋ᠢ ᠬᠠᠭᠠᠵᠤ᠂ ᠭᠠᠵᠠᠷ ᠤ᠋ᠨ ᠪᠠᠢᠳᠠᠯ ᠢ ᠦᠵᠡᠪᠡᠰᠦ ᠂ ᠬᠣᠲᠠ ᠶ᠋ᠢᠨ ᠬᠣᠢᠲᠤ ᠪᠡᠶ᠎ᠡ ᠪᠡᠷ ᠪᠠᠷᠠᠭᠤᠰᠢ ᠣᠷᠣᠭᠰᠠᠭᠠᠷ ᠨᠢᠭᠡᠨ ᠭᠣᠣᠯ ᠪᠣᠢ᠂ ᠭᠠᠭᠴᠠ ᠬᠣᠲᠠ ᠶ᠋ᠢᠨ ᠬᠣᠢᠲᠤ ᠪᠡᠶ᠎ᠡ ᠳ᠋ᠦ᠍ᠷ ᠨᠢᠭᠡᠨ ᠠᠭᠤᠯᠠᠨ ᠤ᠋ ᠬᠥᠮᠥᠰᠬᠡ ᠬᠠᠯᠬᠠᠯᠠᠨ ᠤᠷᠭᠤᠭᠰᠠᠨ ᠲᠤᠯᠠ ᠬᠠᠭᠠᠨ ᠨᠢᠭᠡᠨᠲᠡᠭᠡᠭᠦᠷ ᠬᠣᠲᠠᠨ ᠢ ᠬᠠᠭᠠᠵᠤ᠂ ᠨᠢᠭᠡᠨᠲᠡᠭᠡᠭᠦᠷ ᠠᠭᠤᠯᠠ ᠶ᠋ᠢᠨ ᠬᠥᠮᠥᠰᠬᠡ ᠶ᠋ᠢ ᠰᠡᠲᠡᠯᠦᠭᠦᠯᠵᠦ᠂ ᠨᠢᠭᠡᠨᠲᠡᠭᠡᠭᠦᠷ ᠬᠣᠲᠠ ᠶ᠋ᠢᠨ ᠪᠠᠷᠠᠭᠤᠨ ᠡᠭᠦᠳᠡ ᠶ᠋ᠢ ᠤᠭᠤᠲᠠ ᠳ᠋ᠤᠷ ᠰᠢᠷᠣᠢ ᠬᠢᠵᠦ ᠪᠥᠭᠯᠡᠵᠦ᠂ ᠨᠢᠭᠡᠨᠲᠡᠭᠡᠭᠦᠷ ᠬᠣᠲᠠ ᠶ᠋ᠢᠨ ᠡᠮᠦᠨ᠎ᠡ ᠶᠡᠬᠡ ᠤᠨᠠᠭᠤᠯᠢ ᠡᠷᠡᠦᠭᠦᠯᠵᠦ ᠪᠡᠯᠡᠨ ᠪᠣᠯᠭᠠᠮᠠᠭᠴᠠ ᠬᠣᠢᠲᠤ ᠠᠭᠤᠯᠠᠨ ᠤ᠋ ᠬᠥᠮᠥᠰᠬᠡ ᠶ᠋ᠢᠨ ᠥᠨᠳᠥᠷ ᠰᠢᠷᠣᠢ ᠶ᠋ᠢ ᠰᠡᠲᠡᠯᠦᠮᠡᠭᠴᠡ ᠭᠣᠣᠯ ᠤ᠋ᠨ ᠤᠰᠤ ᠬᠠᠷᠠᠬᠠᠨ ᠵᠤᠨ ᠤ᠋ ᠦᠶᠡᠷᠲᠦ ᠴᠠᠭ ᠲᠤᠷ ᠬᠣᠲᠠᠨ ᠢ ᠪᠢᠯᠬᠠᠨ ᠣᠷᠣᠪᠠ ᠂ ᠰᠢᠶᠦ᠋ᠨ ᠰᠧ ᠭᠠᠨ ᠬᠣᠲᠠ ᠭᠠᠭᠴᠠ ᠴᠡᠷᠢᠭ ᠢ ᠰᠡᠷᠭᠡᠢᠯᠡᠭᠰᠡᠨ ᠪᠣᠢ ‍ᠶ᠎ᠠ᠂ ᠤᠰᠤ ᠶ᠋ᠢ ᠰᠡᠷᠡᠮᠵᠢᠯᠡᠭᠰᠡᠨ ᠦᠭᠡᠢ᠂ ᠭᠡᠨᠡᠳᠲᠡ ᠬᠣᠢᠲᠤ ᠬᠠᠭᠠᠯᠭ᠎ᠠ ᠯᠤᠭ᠎ᠠ ᠰᠠᠴᠠᠭᠤ ᠤᠰᠤ ᠵᠠᠳᠠ ᠲᠠᠯᠪᠢᠨ ᠣᠷᠣᠵᠤ ᠢᠷᠡᠭᠰᠡᠨ ᠳ᠋ᠦ᠍ᠷ ᠶᠡᠬᠡᠯ᠎ᠡ ᠰᠠᠨᠳᠤᠷᠤᠨ ᠰᠠᠮᠠᠭᠤᠷᠠᠯᠴᠠᠬᠤᠶ᠎ᠠ᠂ ᠮᠣᠩᠭᠣᠯ ᠤ᠋ᠨ ᠴᠡᠷᠢᠭ ᠮᠣᠳᠣ ᠪᠠ ᠰᠠᠯ ᠢ᠋ᠶ᠋ᠠᠷ ᠭᠣᠣᠯ ᠤ᠋ᠨ ᠣᠯᠣᠮ ᠳ᠋ᠤᠷ ᠡᠴᠢᠵᠦ ᠠᠭᠤᠯᠠ ᠶ᠋ᠢᠨ ᠬᠥᠮᠥᠰᠬᠡ ᠡᠴᠡ ᠥᠨᠳᠥᠷ ᠲᠣᠷ ᠪᠠᠢᠵᠤ ᠤᠰᠤᠨ ᠳᠡᠭᠡᠭᠦᠷ ᠳᠡᠭᠳᠡᠯᠴᠡᠨ᠂ ᠬᠣᠲᠠ ᠶ᠋ᠢᠨ ᠳᠡᠭᠡᠷ᠎ᠡ ᠭᠠᠷᠴᠤ ᠬᠣᠲᠠ ᠶ᠋ᠢᠨ ᠣᠯᠠᠨ ᠴᠡᠷᠢᠭ ᠢ ᠠᠯᠠᠵᠤ ᠬᠣᠢᠲᠤ ᠬᠠᠭᠠᠯᠭ᠎ᠠ ᠶ᠋ᠢ ᠪᠥᠭᠯᠡᠨ᠂ ᠬᠠᠭᠠᠯᠭ᠎ᠠ ᠶ᠋ᠢᠨ ᠲᠡᠮᠦᠷ ᠳᠠᠷᠤᠭᠤᠯ ᠢ ᠳᠡᠭᠡᠭᠰᠢ ᠲᠡᠳᠡᠨ ᠭᠠᠷᠭᠠᠵᠤ ᠬᠠᠭᠠᠯᠭ᠎ᠠ ᠶ᠋ᠢᠨ ᠬᠥᠨᠳᠡᠯᠡᠨ ᠬᠥᠰᠢᠭᠦᠷᠢ ᠶ᠋ᠢ ᠠᠪᠴᠤ ᠶᠡᠬᠡ ᠤᠰᠤ ᠰᠢᠭᠤᠳ ᠬᠣᠲᠠᠨ ᠳ᠋ᠤᠷ ᠣᠷᠣᠵᠤ᠂ ᠰᠢᠶᠦ᠋ᠨ ᠰᠧ ᠭᠠᠨ ᠬᠣᠲᠠ ᠶ᠋ᠢ ᠪᠢᠯᠬᠠᠭᠠᠨ ᠲᠤᠰᠢᠮᠡᠯ ᠴᠡᠷᠢᠭ ᠢᠷᠭᠡᠨ ᠢ ᠴᠥᠮ ᠪᠠᠷᠢᠪᠠ᠃ ᠭᠤᠷᠪᠠᠨ ᠬᠣᠨᠣᠭ ᠲᠤᠷ ᠬᠣᠲᠠᠨ ᠢ ᠲᠣᠭᠲᠠᠭᠠᠭᠠᠳ ᠬᠠᠭᠠᠨ ᠴᠡᠷᠢᠭ ᠢ᠋ᠶ᠋ᠡᠨ ᠠᠮᠠᠷᠠᠭᠤᠯᠵᠤ ᠰᠢᠶᠦ᠋ᠨ ᠰᠧ ᠭᠠᠨ ᠬᠣᠲᠠ ᠶ᠋ᠢᠨ ᠶᠡᠬᠡ ᠰᠠᠩ ᠬᠥᠮᠥᠷᠭᠡ ᠶ᠋ᠢ ᠨᠡᠭᠡᠭᠡᠵᠦ᠂ ᠳᠥᠷᠪᠡᠨ ᠠᠩᠭᠢ ᠴᠡᠷᠢᠭ ᠲᠦ᠍ᠷ ᠬᠤᠪᠢᠶᠠᠨ ᠱᠠᠩᠨᠠᠵᠤ ᠬᠣᠶᠠᠷ ᠰᠢᠶᠠ ᠶ᠋ᠢᠨ ᠴᠡᠷᠢᠭ ᠢ ᠠᠯᠲᠠᠨ ᠤᠯᠤᠰ ᠤ᠋ᠨ ᠾᠦᠢ ᠵᠧᠦ ᠪᠡᠷ ᠣᠷᠣᠵᠤ ᠪᠠᠢᠯᠳᠤ ᠭᠡᠮᠡᠨ ᠵᠠᠷᠯᠢᠭ ᠪᠣᠯᠤᠭᠠᠳ ᠳᠣᠯᠣᠭᠠᠨ ᠰᠠᠷ᠎ᠠ ᠳ᠋ᠤᠷ ᠥᠪᠡᠷ ᠦ᠋ᠨ ᠪᠡᠶ᠎ᠡ ᠶᠡᠬᠡ ᠴᠡᠷᠢᠭ ᠢ ᠠᠪᠴᠤ ᠰᠢ ᠢᠦᠢ ᠶ᠋ᠢᠨ  ᠸᠠᠳᠤᠯᠤᠷ ᠬᠡᠮᠡᠬᠦ ᠶᠡᠬᠡ ᠬᠣᠲᠠᠨ ᠢ ᠬᠠᠭᠠᠵᠤ᠂ ᠳᠥᠷᠪᠡᠨ ᠡᠲᠡᠭᠡᠳ ᠲᠣᠷ ᠰᠢᠷᠣᠢ ᠣᠪᠣᠭᠠᠯᠠᠵᠤ᠂ ᠳᠡᠭᠡᠷ᠎ᠡ ᠡᠴᠡ ᠬᠣᠲᠠ ᠰᠠᠬᠢᠬᠤ ᠴᠡᠷᠢᠭ ᠢ ᠬᠠᠷᠪᠤᠬᠤᠢ ᠳ᠋ᠤᠷ ᠴᠡᠷᠢᠭ ᠦ᠋ᠨ ᠠᠷᠠᠳ ᠤ᠋ᠨ ᠨᠤᠮᠤ ᠴᠥᠮ ᠵᠥᠭᠡᠯᠡᠷᠡᠨ ᠰᠠᠢᠨ ᠨᠤᠮᠤᠴᠢ ᠳᠠᠷᠬᠠᠨ ᠢ ᠡᠷᠢᠭᠰᠡᠨ ᠢ ᠬᠠᠷᠢᠨ ᠰᠢᠶᠠ ᠤᠯᠤᠰ ᠤ᠋ᠨ ᠴᠡᠷᠢᠭ ᠦ᠋ᠨ ᠳᠣᠲᠣᠷ᠎ᠠ ᠠ᠋ᠴᠠ ᠴᠧᠩ ᠣᠪᠣᠭᠲᠤ ᠨᠡᠷ᠎ᠡ ᠪᠦᠸᠧ ᠴᠧᠨ ᠬᠡᠮᠡᠭᠴᠢ ᠨᠢᠭᠡᠨ ᠤᠷᠠᠨ ᠨᠤᠮᠤᠴᠢ ᠳᠠᠷᠬᠠᠨ ᠣᠯᠵᠤ ᠬᠡᠳᠦᠬᠡᠨ ᠡᠳᠦᠷ ᠦ᠋ᠨ ᠳᠣᠲᠣᠷ᠎ᠠ ᠣᠯᠠᠨ ᠴᠡᠷᠢᠭ ᠦ᠋ᠨ ᠨᠤᠮᠤ ᠶ᠋ᠢ ᠴᠥᠮ ᠵᠠᠰᠠᠵᠤ ᠬᠦᠴᠦ ᠨᠡᠮᠡᠭᠰᠡᠨ ᠳ᠋ᠦ᠍ᠷ ᠬᠠᠷᠪᠤᠬᠤ ᠪᠦᠷᠢ ᠪᠠᠭᠤᠳᠠᠯ ᠳ᠋ᠤᠷ ᠬᠦᠷᠴᠦ ᠬᠣᠲᠠ ᠶ᠋ᠢᠨ ᠴᠡᠷᠢᠭ ᠳᠠᠯᠳᠢᠷᠠᠬᠤ ᠴᠢᠯᠦᠭᠡᠨ᠎ᠡ ᠣᠯᠠᠨ ᠴᠡᠷᠢᠭ ᠬᠣᠲᠠ ᠶ᠋ᠢ ᠳᠠᠪᠠᠨ ᠣᠷᠣᠵᠤ᠂ ᠪᠠᠷᠠᠭᠤᠨ ᠬᠠᠭᠠᠯᠭ᠎ᠠ ᠶ᠋ᠢ ᠪᠤᠯᠢᠶᠠᠵᠤ ᠸᠠᠳᠤᠯᠤᠷ ᠢ ᠠᠪᠴᠤ ᠬᠣᠲᠠ ᠰᠠᠬᠢᠭᠰᠠᠨ ᠾᠧ ᠽᠢ ᠶ᠋ᠢ ᠴᠠᠪᠴᠢᠨ ᠤᠨᠠᠭᠠᠪᠠ ᠃ ᠲᠡᠳᠦᠢ ᠡᠨᠡ ᠬᠣᠲᠠᠨ ᠢ ᠠᠪᠤᠭᠰᠠᠨ ᠨᠤᠮᠤ ᠶ᠋ᠢᠨ ᠰᠠᠢᠨ ᠳ᠋ᠤᠷ ᠭᠡᠮᠡᠨ ᠨᠤᠮᠤᠴᠢ ᠳᠠᠷᠬᠠᠨ ᠴᠧᠩ ᠪᠦᠸᠧ ᠴᠧᠨ ᠢ ᠳᠠᠭᠤᠳᠠᠨ ᠠᠴᠢᠷᠠᠵᠤ ᠱᠠᠩ ᠥᠭᠴᠦ ᠴᠡᠷᠢᠭ ᠦ᠋ᠨ ᠵᠠᠷ ᠵᠡᠪᠰᠡᠭ ᠢ ᠬᠠᠮᠢᠶᠠᠷᠬᠤ ᠲᠦᠰᠢᠮᠡᠯ ᠡᠷᠭᠦᠬᠦᠢ ᠳ᠋ᠦ᠍ᠷ᠂ ᠴᠧᠩ ᠪᠦᠸᠧ ᠴᠧᠨ ᠬᠡᠳᠦᠢᠨᠡᠢ ᠬᠢᠭᠰᠡᠨ ᠠᠷᠪᠠᠨ ᠰᠠᠢᠬᠠᠨ ᠨᠤᠮᠤ ᠶ᠋ᠢ ᠬᠠᠭᠠᠨ ᠳ᠋ᠤᠷ ᠪᠠᠷᠢᠭᠰᠠᠨ ᠳ᠋ᠤᠷ ᠬᠠᠭᠠᠨ ᠬᠠᠷᠪᠤᠵᠤ ᠦᠵᠡᠪᠡᠰᠦ ᠦᠨᠡᠬᠡᠷ ᠪᠤᠰᠤ ᠨᠤᠮᠤ ᠠ᠋ᠴᠠ ᠢᠯᠡᠭᠦᠦ ᠰᠠᠢᠨ ᠪᠣᠯᠬᠤᠢ ᠳ᠋ᠤᠷ ᠭᠠᠢᠬᠠᠵᠤ ᠵᠠᠷᠯᠢᠭ ᠪᠣᠯᠤᠷᠤᠨ:《ᠬᠥᠪᠴᠢ ᠢᠨᠦ ᠵᠥᠭᠡᠯᠡᠨ ᠬᠠᠲᠠᠭᠤ ᠨᠢᠭᠡᠨ ᠠᠳᠠᠯᠢ ᠠᠲᠠᠯ᠎ᠠ ᠨᠡᠭᠦᠨ ᠶᠠᠪᠤᠬᠤ ᠠᠨᠤ ᠶᠠᠭᠤᠨ ᠳ᠋ᠤᠷ ᠡᠨᠡ ᠮᠡᠲᠦ ᠬᠤᠷᠴᠠ ᠪᠥᠭᠡᠳ ᠣᠨᠣᠴᠢᠲᠠᠢ ?  ᠡᠭᠦᠨ ᠤ ᠳᠣᠲᠣᠷ᠎ᠠ ᠯᠠᠪ ᠨᠢᠭᠡᠨ ᠲᠣᠪᠴᠢ ᠣᠨᠢᠰᠣ ᠶ᠋ᠢ ᠣᠯᠤᠭᠰᠠᠨ ᠤᠬᠠᠭᠠᠨ ᠪᠣᠢ᠃ 》 ᠭᠡᠮᠡᠨ ᠬᠠᠷᠠᠬᠠᠨ ᠮᠣᠷᠢᠨ ᠳᠡᠭᠡᠷ᠎ᠡ ᠲᠡᠷᠡ ᠨᠤᠮᠤ ᠶ᠋ᠢ ᠳᠠᠩᠰᠠᠨ ᠦᠵᠡᠵᠦ ᠴᠧᠩ ᠪᠦᠸᠧ ᠴᠧᠨ ᠢ ᠰᠠᠢᠰᠢᠶᠠᠨ ᠵᠠᠷᠯᠢᠭ ᠪᠣᠯᠬᠤᠶ᠎ᠠ᠂ ᠶᠧ ᠯᠢᠦᠢ ᠴᠦ ᠼᠠᠢ ᠭᠠᠷ ᠲᠤᠷ ᠨᠢᠭᠡᠨ ᠳᠡᠪᠲᠡᠷ ᠪᠢᠴᠢᠭ ᠪᠠ ᠪᠠᠰᠠ ᠨᠢᠭᠡᠨ ᠭᠠᠤᠯᠢᠨ ᠵᠣᠭᠣᠰ ᠢ ᠪᠠᠷᠢᠵᠤ ᠢᠷᠡᠨ ᠡᠷᠭᠦᠨ ᠵᠣᠭᠰᠣᠭᠰᠠᠨ ᠳ᠋ᠤᠷ ᠬᠠᠭᠠᠨ ᠲᠡᠭᠦᠨ ᠡᠴᠡ ᠠᠰᠠᠭᠤᠪᠠᠰᠤ᠂ ᠶᠧ ᠯᠢᠦᠢ ᠴᠦ ᠼᠠᠢ ᠠᠢᠯᠠᠳᠬᠠᠨ : 《ᠰᠠᠢᠳ ᠬᠠᠭᠠᠨ ᠤ᠋ ᠵᠠᠷᠯᠢᠭ ᠢ ᠬᠢᠴᠢᠶᠡᠨ ᠳᠠᠭᠠᠵᠤ ᠮᠥᠨ ᠣᠨ ᠤ᠋ ᠴᠠᠭ ᠤᠯᠠᠷᠢᠯ ᠤ᠋ᠨ ᠲᠣᠭᠠᠨ ᠤ᠋ ᠪᠢᠴᠢᠭ ᠢ ᠰᠡᠪ ᠦᠭᠡᠢ ᠪᠣᠯᠭᠠᠨ ᠠᠴᠢᠷᠠᠪᠠ᠃ 》 ᠬᠡᠮᠡᠬᠦᠢ ᠳ᠋ᠦ᠍ᠷ ᠬᠠᠭᠠᠨ ᠪᠡᠶᠡᠰᠦᠨ ᠥᠭᠦᠯᠡᠷᠦᠨ : 《ᠬᠠᠭᠤᠴᠢᠨ ᠠᠯᠲᠠᠨ ᠤᠯᠤᠰ ᠤ᠋ᠨ ᠴᠠᠭ ᠤᠯᠠᠷᠢᠯ ᠢ ᠪᠣᠳᠣᠭᠰᠠᠨ ᠠᠨᠤ ᠳᠡᠮᠡᠢ ᠨᠡᠢᠯᠡᠯᠴᠡᠬᠦ ᠦᠭᠡᠢ ᠪᠥᠭᠡᠳ ᠨᠡᠩ ᠪᠠᠰᠠ ᠬᠠᠭᠤᠴᠢᠨ ᠠᠯᠲᠠᠨ ᠤᠯᠤᠰ ᠤ᠋ᠨ ᠰᠠᠢᠳ ᠴᠥᠮ ᠪᠢᠶᠠᠨ ᠵᠢᠩ ᠳ᠋ᠦ᠍ᠷ ᠳᠠᠭᠠᠭᠰᠠᠨ ᠪᠥᠭᠡᠲᠡᠯ᠎ᠡ ᠴᠢ ᠬᠡᠷᠬᠢᠨ ᠣᠯᠵᠤ ᠵᠣᠬᠢᠶᠠᠨ ᠭᠠᠷᠭᠠᠪᠠ ? 》ᠬᠡᠮᠡᠬᠦᠢ ᠳ᠋ᠦ᠍ᠷ ᠶᠧ ᠯᠢᠦᠢ ᠴᠦ ᠼᠠᠢ ᠠᠢᠯᠠᠳᠬᠠᠷᠤᠨ : 《ᠲᠡᠳᠡ ᠶᠠᠮᠤᠨ ᠤ᠋ ᠰᠤᠳᠤᠷ ᠢ ᠠᠪᠠᠴᠢᠪᠠᠴᠤ ᠲᠦᠰᠢᠮᠡᠯ ᠦ᠋ᠨ ᠰᠤᠷᠤᠭᠰᠠᠨ ᠬᠡᠬᠦᠳᠡᠭ ᠢ ᠠᠪᠠᠴᠢᠬᠤᠶ᠎ᠠ ᠪᠡᠷᠬᠡ ᠲᠤᠯᠠ ᠶᠡᠬᠡ ᠤᠯᠤᠰ ᠲᠤᠷ ᠴᠠᠭ ᠲᠣᠭᠠᠨ ᠤ᠋ ᠪᠢᠴᠢᠭ ᠲᠣᠳᠣᠷᠬᠠᠢ ᠦᠭᠡᠢ ᠪᠣᠯᠪᠠᠰᠤ ᠳᠠᠭᠢᠵᠤ ᠲᠠᠪᠢᠭᠯᠠᠬᠤ᠂ ᠴᠡᠷᠢᠭ ᠣᠷᠣᠬᠤ ᠡᠭᠡᠬᠦ ᠶᠡᠬᠡ ᠦᠢᠯᠡ ᠳ᠋ᠦ᠍ᠷ ᠳᠥᠭᠥᠮ ᠦᠭᠡᠢ ᠲᠤᠯᠠ ᠰᠠᠢᠳ ᠪᠢ ᠬᠢᠨᠠᠨ ᠬᠢᠴᠢᠶᠡᠵᠦ ᠰᠤᠯᠠ ᠦᠶ᠎ᠡ ᠳ᠋ᠦ᠍ᠷ ᠲᠣᠪᠬᠢᠨ ᠭᠠᠷᠭᠠᠪᠠ᠃ 》ᠬᠠᠭᠠᠨ ᠡᠭᠦᠨ ᠳ᠋ᠦ᠍ᠷ ᠪᠡᠶᠡᠰᠴᠦ ᠳᠥᠷᠪᠡᠨ ᠴᠠᠭ ᠨᠠᠢ᠍ᠮᠠᠨ ᠤᠯᠠᠷᠢᠯ᠂ ᠬᠣᠷᠢᠨ ᠳᠥᠷᠪᠡᠨ ᠦᠶᠡᠰ ᠢ ᠶᠧ ᠯᠢᠦᠢ ᠴᠦ ᠼᠠᠢ ᠯᠤᠭ᠎ᠠ ᠬᠡᠯᠡᠯᠴᠡᠵᠦ᠂ ᠨᠤᠮᠤᠴᠢ ᠳᠠᠷᠬᠠᠨ ᠯᠤᠭ᠎ᠠ ᠬᠡᠯᠡᠯᠴᠡᠬᠦ ᠶ᠋ᠢ ᠪᠠᠢᠭᠰᠠᠨ ᠳ᠋ᠤᠷ ᠡᠨᠡ ᠴᠧᠩ ᠪᠦᠸᠧ ᠴᠧᠨ ᠬᠠᠷᠢᠨ ᠠᠭᠤᠷᠯᠠᠵᠤ᠂ ᠬᠠᠭᠠᠨ ᠤ᠋ ᠦᠭᠡᠰ ᠦ᠋ᠨ ᠵᠠᠪ ᠢ ᠦᠵᠡᠵᠦ ᠲᠡᠭᠦᠨ ᠡᠴᠡ ᠦᠭᠡᠰ ᠠᠰᠠᠭᠤᠬᠤᠢ ᠳ᠋ᠤᠷ ᠴᠧᠩ ᠪᠦᠸᠧ ᠴᠧᠨ ᠠᠢᠯᠠᠳᠬᠠᠷᠤᠨ : 《ᠪᠠᠢᠭᠤᠯᠬᠤ ᠶᠡᠬᠡ ᠲᠥᠷᠥ ᠳ᠋ᠦ᠍ᠷ ᠴᠢᠭᠢᠷᠠᠭ ᠴᠡᠷᠢᠭ ᠬᠡᠷᠡᠭᠲᠡᠢ᠂ ᠴᠢᠭᠢᠷᠠᠭ ᠴᠡᠷᠢᠭ ᠲᠦ᠍ᠷ ᠴᠢᠭᠢᠷᠠᠭ ᠵᠡᠪᠰᠡᠭ ᠬᠡᠷᠡᠭᠲᠡᠢ᠂ ᠴᠢᠩᠭ᠎ᠠ ᠵᠡᠪᠡ ᠴᠢᠭᠢᠷᠠᠭ ᠴᠡᠷᠢᠭ ᠢ᠋ᠶ᠋ᠡᠷ ᠴᠢᠰᠤ ᠤᠷᠤᠰᠬᠠᠨ ᠤᠯᠤᠰ ᠲᠥᠷᠥ ᠶ᠋ᠢ ᠪᠠᠢᠭᠤᠯᠤᠨ ᠪᠠᠷᠠᠭᠰᠠᠨ ᠬᠣᠢᠨ᠎ᠠ᠂ ᠴᠢᠳᠠᠪᠤᠷᠢ ᠦᠭᠡᠢ ᠴᠡᠩᠭᠡᠯ ᠢ ᠡᠷᠢᠭᠴᠢ ᠪᠢᠴᠢᠭ ᠦ᠋ᠨ ᠬᠥᠮᠦᠨ ᠲᠣᠭ᠎ᠠ ᠦᠭᠡᠢ ᠭᠠᠷᠴᠤ ᠢᠷᠡᠭᠡᠳ ᠬᠠᠭᠠᠨ ᠤ᠋ ᠬᠡᠰᠢᠭ ᠢ ᠵᠥᠪ ᠵᠦᠭᠡᠷ ᠬᠦᠷᠲᠡᠬᠦ ᠪᠣᠯᠠᠢ᠃ ᠡᠳᠦᠭᠡ ᠴᠡᠷᠢᠭ ᠲᠡᠢᠨ ᠦ᠌ ᠴᠠᠭ ᠬᠠᠭᠠᠨ ᠴᠡᠷᠢᠭ ᠲᠡᠢᠨ ᠢ ᠡᠷᠭᠢᠯᠡᠪᠡᠰᠦ ᠵᠣᠬᠢᠮᠤᠢ᠂ ᠴᠢᠳᠠᠯ ᠦᠭᠡᠢ ᠪᠥᠭᠡᠳ ᠶᠡᠬᠡ ᠦᠭᠡ ᠬᠡᠯᠡᠯᠴᠡᠵᠦ ᠪᠡᠯᠡᠨ ᠳ᠋ᠦ᠍ᠷ ᠪᠡᠭᠡᠵᠦ ᠪᠡᠷᠬᠡ ᠳ᠋ᠦ᠍ᠷ ᠵᠠᠢᠯᠠᠭᠴᠢ ᠪᠢᠴᠢᠭ ᠦ᠋ᠨ ᠬᠥᠮᠦᠨ ᠲᠡᠷᠡ ᠶᠧ ᠯᠢᠦᠢ ᠴᠦ ᠼᠠᠢ ᠶᠠᠭᠤᠨ ᠤ᠋ ᠲᠤᠰᠠ ? 》ᠬᠡᠮᠡᠭᠰᠡᠨ ᠳ᠋ᠦ᠍ᠷ ᠶᠧ ᠯᠢᠦᠢ ᠴᠦ ᠼᠠᠢ ᠲᠣᠰᠴᠤ ᠥᠭᠦᠯᠡᠷᠦᠨ : 《ᠨᠤᠮᠤᠴᠢ ᠴᠢ ᠨᠢᠭᠡᠨ ᠢ ᠮᠡᠳᠡᠪᠡᠴᠦ ᠬᠣᠶᠠᠷ ᠢ ᠲᠥᠰᠦᠭᠡᠯᠡᠬᠦ ᠦᠭᠡᠢ ᠪᠣᠯᠠᠢ᠃ ᠴᠡᠷᠢᠭ ᠬᠡᠷᠡᠭᠯᠡᠬᠦᠢ ᠳ᠋ᠦ᠍ᠷ ᠰᠠᠢᠨ ᠨᠤᠮᠤ ᠬᠡᠷᠡᠭᠲᠡᠢ᠂ ᠰᠠᠢᠨ ᠨᠤᠮᠤ ᠬᠢᠬᠦᠢ ᠳ᠋ᠦ᠍ᠷ ᠰᠠᠢᠨ ᠤᠷᠠᠨ ᠬᠡᠷᠡᠭᠲᠡᠢ᠂ ᠤᠯᠤᠰ ᠢ ᠵᠠᠰᠠᠬᠤᠢ ᠳ᠋ᠤᠷ ᠰᠠᠢᠨ ᠵᠠᠰᠠᠭ ᠬᠡᠷᠡᠭᠲᠡᠢ᠂ ᠰᠠᠢᠨ ᠵᠠᠰᠠᠭ ᠢ ᠶᠠᠪᠤᠭᠤᠯᠬᠤᠢ ᠳ᠋ᠤᠷ ᠰᠠᠢᠨ ᠨᠣᠶᠠᠨ ᠬᠡᠷᠡᠭᠲᠡᠢ᠃ ᠦᠯᠢᠭᠡᠷᠯᠡᠪᠡᠰᠦ ᠨᠢᠭᠡᠨ ᠠᠳᠠᠯᠢ ! 》 ᠬᠡᠮᠡᠲᠡᠯ᠎ᠡ ᠬᠠᠭᠠᠨ ᠮᠦᠰᠢᠶᠡᠵᠦ ᠵᠠᠷᠯᠢᠭ ᠪᠣᠯᠤᠷᠤᠨ : 《ᠳᠡᠯᠡᠬᠡᠢ ᠳ᠋ᠠᠬᠢᠨ ᠤ᠋ ᠲᠦᠮᠡᠨ ᠪᠣᠳᠠᠰ ᠢ ᠲᠦᠮᠡᠨ ᠥᠪᠡᠷ᠎ᠡ ᠪᠡᠷ ᠰᠢᠨᠵᠢᠬᠦ ᠪᠤᠶᠤ᠂ ᠭᠠᠯ ᠢ ᠪᠡᠶ᠎ᠡ ᠳ᠋ᠦ᠍ᠷ ᠠᠪᠴᠤ ᠶᠠᠪᠤᠬᠤ ᠬᠢᠯᠪᠠᠷ ᠪᠥᠭᠡᠲᠡᠯ᠎ᠡ ᠤᠰᠤ ᠶ᠋ᠢ ᠪᠡᠶ᠎ᠡ ᠳ᠋ᠦ᠍ᠷ ᠠᠪᠴᠤ ᠶᠠᠪᠤᠬᠤᠢ ᠳ᠋ᠤᠷ ᠪᠡᠷᠬᠡ᠂ ᠨᠢᠳᠦᠨ᠎ᠡ ᠦᠵᠡᠭᠳᠡᠬᠦ ᠢᠯᠡ ᠪᠣᠳᠠᠲᠠᠢ ᠶ᠋ᠢ ᠬᠠᠷᠪᠤᠵᠤ ᠤᠨᠤᠬᠤᠢ ᠳ᠋ᠤᠷ ᠨᠤᠮᠤ ᠰᠤᠮᠤ ᠡᠷᠬᠢᠮ᠂ ᠰᠡᠳᠬᠢᠯ ᠳ᠋ᠦ᠍ᠷ ᠪᠣᠳᠣᠭᠳᠠᠬᠤ ᠢᠷᠡᠭᠡᠳᠦᠢ ᠶ᠋ᠢ ᠵᠠᠰᠠᠵᠤ ᠵᠠᠯᠠᠬᠤᠢ ᠳ᠋ᠤᠷ ᠪᠢᠴᠢᠭ ᠦ᠋ᠨ ᠮᠡᠷᠭᠡᠳ ᠡᠷᠬᠢᠮ᠂ ᠲᠤᠰ ᠲᠤᠰ ᠤ᠋ᠨ ᠬᠢᠴᠢᠶᠡᠯ ᠪᠣᠢ᠂ ᠭᠦᠨ ᠭᠦᠶᠦᠬᠡᠨ ᠣᠢᠷ᠎ᠠ ᠬᠣᠯᠠ ᠪᠠᠷ ᠬᠡᠯᠡᠯᠴᠡᠮᠦᠢ ! 》 ᠭᠡᠮᠡᠨ ᠡᠭᠦᠨᠴᠡ ᠶᠧ ᠯᠢᠦᠢ ᠴᠦ ᠼᠠᠢ ᠶ᠋ᠢ ᠨᠡᠩ ᠰᠢᠳᠠᠷ ᠶᠠᠪᠤᠭᠤᠯᠪᠠ᠃ ᠪᠠᠰᠠ ᠶᠧ ᠯᠢᠦᠢ ᠴᠦ ᠼᠠᠢ ᠠ᠋ᠴᠠ ᠤᠯᠤᠰ ᠤ᠋ᠨ ᠨᠡᠢᠭᠡᠮ ᠬᠡᠷᠡᠭᠯᠡᠬᠦ ᠭᠠᠤᠯᠢᠨ ᠵᠣᠭᠣᠰ ᠤ᠋ᠨ ᠦᠰᠦᠭ ᠢ ᠶᠠᠮᠪᠠᠷ ᠦᠰᠦᠭ ᠢ᠋ᠶ᠋ᠡᠷ ᠬᠠᠯᠠᠪᠠᠰᠤ ᠵᠣᠬᠢᠮᠤᠢ ᠬᠡᠮᠡᠭᠰᠡᠨ ᠳ᠋ᠦ᠍ᠷ ᠶᠧ ᠯᠢᠦᠢ ᠴᠦ ᠼᠠᠢ ᠮᠥᠷᠭᠥᠨ ᠠᠢᠯᠠᠳᠬᠠᠷᠤᠨ : 《ᠠᠩᠬ᠎ᠠ ᠲᠡᠷᠢᠭᠦᠨ ᠪᠣᠭᠳᠠ ᠶ᠋ᠢᠨ ᠪᠡᠶ᠎ᠡ ᠤᠯᠤᠰ ᠢ ᠨᠡᠭᠡᠭᠡᠭᠰᠡᠨ ᠲᠤᠯᠠ ᠠᠩᠬ᠎ᠠ ᠪᠣᠭᠳᠠ ᠬᠡᠮᠡᠬᠦ ᠬᠣᠶᠠᠷ ᠦᠰᠦᠭ ᠢ ᠳᠡᠭᠡᠷ᠎ᠡ ᠳᠣᠣᠷ᠎ᠠ ᠪᠢᠴᠢᠪᠡᠰᠦ ᠵᠣᠬᠢᠮᠤᠢ ᠂ ᠬᠢᠲᠠᠳ ᠢ᠋ᠶ᠋ᠠᠷ  <  圣元 > ᠬᠡᠮᠡᠮᠦᠢ 》 ᠬᠡᠮᠡᠪᠡᠢ᠃ 
       ᠲᠡᠳᠦᠢ ᠲᠠᠢᠽᠦ ᠬᠠᠭᠠᠨ ᠮᠠᠰᠢᠳᠠ ᠪᠡᠶᠡᠰᠦᠨ ᠰᠠᠢᠰᠢᠶᠠᠵᠤ ᠵᠥᠪᠰᠢᠶᠡᠨ ᠲᠣᠭᠲᠠᠭᠠᠵᠤ᠂ ᠬᠠᠷᠢᠶᠠᠲᠤ ᠤᠯᠤᠰ ᠤ᠋ᠨ ᠬᠡᠷᠡᠭ ᠦᠭᠡᠢ ᠬᠦᠷᠡᠯ᠂ ᠵᠡᠰ᠂ ᠭᠠᠤᠯᠢ ᠶ᠋ᠢ ᠴᠥᠮ ᠴᠤᠭᠯᠠᠭᠤᠯᠵᠤ᠂ ᠨᠢᠭᠡᠨ ᠢᠮᠠᠬᠤ ᠶᠡᠬᠡ ᠭᠠᠤᠯᠢᠨ ᠵᠣᠭᠣᠰ ᠶᠡᠬᠡᠯ᠎ᠡ ᠴᠢᠳᠬᠤᠭᠤᠯᠪᠠ᠃ ᠲᠡᠳᠦᠢ ᠮᠥᠨ ᠨᠠᠮᠤᠷ ᠤ᠋ᠨ ᠳᠤᠮᠳᠠᠳᠤ ᠰᠠᠷ᠎ᠠ ᠳ᠋ᠤ᠌ ᠠᠯᠲᠠᠨ ᠤᠯᠤᠰ ᠠ᠋ᠴᠠ ᠡᠦ ᠬᠦ ᠯᠦᠨ᠂ ᠶᠦᠩ ᠳ᠋ᠤᠸᠠᠨ ᠬᠡᠮᠡᠬᠦ ᠬᠣᠶᠠᠷ ᠶᠤᠸᠠᠨ ᠸᠠᠢ ᠯᠠᠩ ᠲᠦᠰᠢᠮᠡᠯ ᠢ ᠵᠠᠷᠤᠵᠤ ᠠᠯᠪᠠ ᠪᠠᠷᠢᠭᠤᠯᠵᠤ᠂ ᠪᠠᠰᠠ ᠴᠢᠩᠭᠢᠰ ᠬᠠᠭᠠᠨ ᠢ ᠬᠠᠭᠠᠨ ᠪᠣᠯᠭᠠᠨ ᠳᠠᠭᠠᠵᠤ᠂ ᠵᠢᠯ ᠪᠦᠷᠢ ᠶ᠋ᠢᠨ ᠠᠯᠪᠠ ᠨᠡᠮᠡᠵᠦ ᠪᠠᠷᠢᠭᠠᠳ ᠨᠠᠢᠷᠠᠯᠳᠤᠨ ᠶᠠᠪᠤᠰᠤᠭᠠᠢ ᠭᠡᠮᠡᠨ ᠭᠤᠶᠤᠬᠤ ᠪᠣᠳᠣᠷᠣᠣᠯ ᠪᠢᠴᠢᠭ ᠪᠠᠷᠢᠭᠤᠯᠵᠤ ᠢᠯᠡᠭᠡᠭᠰᠡᠨ ᠳ᠋ᠦ᠍ᠷ ᠬᠠᠭᠠᠨ ᠵᠠᠷᠯᠢᠭ ᠪᠣᠯᠤᠷᠤᠨ : 《ᠠᠮᠲᠠ ᠦᠭᠡᠢ ᠠᠯᠲᠠᠨ᠂ ᠢᠲᠡᠭᠡᠯ ᠦᠭᠡᠢ ᠬᠢᠲᠠᠳ᠂ ᠡᠮᠦᠨ᠎ᠡ ᠦᠯᠦ ᠳ᠋ᠡᠭᠡᠨ ᠬᠣᠢᠨ᠎ᠠ ᠰᠠᠶᠢ ᠤᠬᠢᠯᠠᠮᠤᠢ᠂ ᠣᠯᠠᠨ ᠦᠭᠡ ᠬᠡᠷᠡᠭ ᠦᠭᠡᠢ᠂ ᠤᠷᠢᠳᠤ ᠵᠠᠷᠯᠢᠭ ᠢ ᠳᠠᠭ᠎ᠠ ! 》ᠭᠡᠮᠡᠨ ᠡᠭᠡᠭᠦᠯᠪᠡ᠃ ᠡᠨᠡ ᠦᠶ᠎ᠡ ᠳ᠋ᠦ᠍ᠷ ᠰᠢᠶᠠ ᠤᠯᠤᠰ ᠤ᠋ᠨ ᠬᠣᠶᠠᠷ ᠠᠩᠭᠢ ᠴᠡᠷᠢᠭ ᠬᠠᠭᠠᠨ ᠤ᠋ ᠵᠠᠷᠯᠢᠭ ᠢ᠋ᠶ᠋ᠠᠷ ᠲᠠᠢᠽᠢ ᠥᠭᠡᠳᠡᠢ ᠶ᠋ᠢ ᠠᠪᠴᠤ ᠠᠯᠲᠠᠨ ᠤᠯᠤᠰ ᠤ᠋ᠨ ᠬᠤᠸᠠᠢ ᠵᠧᠦ ᠶ᠋ᠢ ᠪᠠᠢᠯᠳᠤᠵᠤ ᠠᠪᠤᠭᠠᠳ ᠤᠷᠤᠭᠰᠢ ᠣᠷᠣᠬᠤᠢ ᠳ᠋ᠤᠷ ᠠᠯᠲᠠᠨ ᠤᠯᠤᠰ ᠠ᠋ᠴᠠ ᠪᠠᠰᠠ ᠡᠶᠡᠳᠡᠬᠦ ᠶ᠋ᠢ ᠭᠣᠶᠣᠬᠤᠢ ᠳ᠋ᠤᠷ ᠴᠡᠷᠢᠭ ᠢ ᠲᠦᠷ ᠵᠣᠭᠰᠣᠭᠠᠵᠤ ᠬᠠᠭᠠᠨ ᠳ᠋ᠤᠷ ᠠᠢᠯᠠᠳᠬᠠᠭᠰᠠᠨ᠎ᠠ᠂ ᠬᠠᠷᠢᠭᠤ ᠵᠠᠷᠯᠢᠭ : ᠠᠯᠲᠠᠨ ᠤᠯᠤᠰ ᠤ᠋ᠨ ᠭᠤᠶᠤᠷ᠎ᠠ ᠢᠷᠡᠭᠰᠡᠨ ᠶᠣᠰᠣᠭᠠᠷ ᠴᠡᠷᠢᠭ ᠢ ᠲᠦᠷ ᠵᠣᠭᠰᠣᠭᠠᠵᠤ᠂ ᠲᠡᠭᠦᠨ ᠤ ᠬᠡᠷᠬᠢᠨ ᠡᠶᠡᠳᠡᠬᠦ ᠶ᠋ᠢ ᠦᠵᠡᠭᠳᠡᠬᠦᠢ ᠬᠡᠮᠡᠪᠡ᠃ ᠳᠠᠷᠠᠭ᠎ᠠ ᠪᠠᠷ ᠬᠦᠯᠦᠭ ᠲᠠᠢᠪᠤᠤ ᠪᠤᠭᠤᠷᠤᠯ ᠴᠡᠷᠢᠭ ᠦ᠋ᠨ ᠬᠦᠷᠢᠶ᠎ᠡ ᠳ᠋ᠦ᠍ᠷ ᠡᠪᠡᠳᠴᠦ ᠪᠡᠶ᠎ᠡ ᠥᠩᠭᠡᠷᠡᠪᠡ᠃ 
       ᠬᠠᠭᠠᠨ ᠶᠡᠬᠡᠳᠡ ᠭᠣᠮᠣᠳᠠᠵᠤ ᠪᠡᠶ᠎ᠡ ᠪᠡᠷ ᠠᠷᠢᠬᠢ ᠰᠠᠴᠤᠵᠤ ᠡᠢᠨ ᠵᠠᠷᠯᠢᠭ ᠪᠣᠯᠤᠷᠤᠨ : 
             ᠬᠠᠭᠠᠵᠤ ᠪᠦᠭᠭᠦᠵᠦ ᠶᠠᠪᠤᠬᠤᠢ ᠴᠠᠭ ᠲᠤᠷ 
             ᠬᠠᠳᠠᠮ ᠠ᠋ᠴᠠ ᠮᠢᠨᠦ ᠦᠭᠭᠦᠭᠰᠡᠨ ᠪᠤᠭᠤᠷᠤᠯ ᠮᠢᠨᠦ᠂ 
             ᠬᠠᠷᠠᠳᠠᠨ ᠳᠠᠢᠰᠤᠨ᠎ᠠ ᠬᠠᠭᠠᠨᠲᠠᠨ ᠭᠢᠰᠬᠢᠯᠡᠭᠳᠡᠬᠦᠢ ᠳ᠋ᠦ᠍ᠷ 
             ᠬᠠᠯᠠᠬᠠᠪᠴᠢ ᠶ᠋ᠢ ᠮᠢᠨᠦ ᠪᠠᠷᠢᠭᠰᠠᠨ ᠪᠤᠭᠤᠷᠤᠯ ᠮᠢᠨᠦ᠂ 
             ᠬᠠᠰ ᠶᠡᠬᠡ ᠲᠥᠷᠥ ᠶ᠋ᠢ ᠪᠦᠲᠦᠭᠡᠬᠦᠶ᠎ᠡ 
             ᠬᠠᠯᠠᠭᠤᠨ ᠠᠮᠢ ᠪᠠᠨ ᠲᠡᠪᠴᠢᠵᠦ ᠵᠢᠳᠬᠦᠭᠰᠡᠨ ᠪᠤᠭᠤᠷᠤᠯ ᠮᠢᠨᠦ᠂ 
             ᠬᠠᠮᠤᠭ ᠤᠯᠤᠰ ᠢ ᠬᠣᠷᠢᠶᠠᠨ ᠶᠠᠪᠤᠬᠤᠶ᠎ᠠ 
             ᠬᠠᠯᠠᠰᠢᠷᠠᠯ ᠥᠭᠡᠶ᠎ᠡ ᠦᠬᠦᠨ ᠵᠢᠳᠬᠦᠵᠦ ᠪᠦᠲᠦᠭᠡᠭᠰᠡᠨ ᠪᠤᠭᠤᠷᠤᠯ ᠮᠢᠨᠦ ᠭᠡᠮᠡᠨ ᠬᠠᠢᠷᠠᠯᠠᠨ ᠡᠨᠡᠷᠢᠨ ᠭᠠᠰᠢᠭᠤᠳᠠᠵᠤ ᠶᠠᠰᠤᠨ ᠢ ᠮᠥᠩᠭᠥᠨ ᠤ ᠬᠠᠢᠷᠴᠠᠭ ᠲᠤᠷ ᠠᠭᠤᠯᠤᠨ᠂ ᠥᠪᠡᠷ ᠦ᠋ᠨ ᠳᠡᠪᠡᠯ ᠢ᠋ᠶ᠋ᠡᠷ ᠬᠤᠴᠢᠵᠤ᠂ ᠶᠢᠰᠦᠨ ᠮᠣᠷᠢ ᠬᠥᠯᠦᠭᠰᠡᠨ ᠶᠡᠬᠡ ᠲᠡᠷᠭᠡᠨ ᠳ᠋ᠦ᠍ᠷ ᠲᠡᠭᠡᠭᠡᠵᠦ᠂ ᠶᠡᠬᠡ ᠬᠥᠪᠡᠭᠦᠨ ᠪᠤᠳᠣᠯᠠᠩ ᠳ᠋ᠤᠷ ᠠᠨᠤ ᠵᠡᠷᠭᠡ ᠴᠣᠯᠠ ᠶ᠋ᠢ ᠵᠠᠯᠭᠠᠮᠵᠢᠯᠠᠭᠤᠯᠤᠨ᠂ ᠪᠠᠭ᠎ᠠ ᠬᠥᠪᠡᠭᠦᠨ ᠣᠩᠭᠣᠲᠠᠢ ᠳ᠋ᠤᠷ ᠵᠢᠷᠤᠮᠲᠤ ᠲᠠᠢᠪᠤᠤ ᠴᠣᠯᠠ ᠬᠠᠢᠷᠠᠯᠠᠭᠠᠳ ᠮᠢᠩᠭᠠᠨ ᠯᠠᠩ ᠮᠥᠩᠭᠥ ᠱᠠᠩᠨᠠᠵᠤ ᠶᠠᠰᠤᠨ ᠢ ᠨᠤᠲᠤᠭ ᠲᠤᠷ ᠬᠦᠷᠭᠡᠭᠦᠯᠦᠨ ᠢᠯᠡᠭᠡᠪᠡ᠃  
       ᠡᠨᠡ ᠨᠠᠢ᠍ᠮᠠᠨ ᠰᠠᠷ᠎ᠠ ᠳ᠋ᠤᠷ ᠶᠡᠬᠡ ᠶᠤᠸᠠᠨᠱᠤᠸᠠᠢ ᠭᠦᠸᠧ ᠸᠠᠩ ᠲᠠᠢᠱ᠌ᠢ ᠮᠤᠬᠤᠯᠠᠢ ᠮᠣᠩᠭᠣᠯ ᠬᠢᠲᠠᠳ ᠤ᠋ᠨ ᠶᠡᠬᠡ ᠴᠡᠷᠢᠭ ᠢ ᠠᠪᠴᠤ ᠳᠠᠢᠯᠠᠨ ᠶᠠᠪᠤᠭᠰᠠᠭᠠᠷ ᠠᠯᠲᠠᠨ ᠤᠯᠤᠰ ᠤ᠋ᠨ ᠬᠠᠷᠢᠶᠠᠲᠤ ᠭᠠᠵᠠᠷ ᠮᠠ ᠴᠧᠩ ᠬᠣᠲᠠᠨ ᠳ᠋ᠤᠷ ᠬᠦᠷᠴᠦ ᠤᠷᠢᠳᠠ ᠪᠠᠷ ᠮᠣᠩᠭᠣᠯ ᠪᠤᠬ᠎ᠠ ᠳ᠋ᠤᠷ ᠭᠤᠷᠪᠠᠨ ᠮᠢᠩᠭᠠᠨ ᠬᠤᠪᠢᠯᠭᠠᠨ ᠬᠦᠴᠦᠲᠦ ᠰᠢᠯᠭᠠᠳᠠᠭ ᠥᠭᠴᠦ ᠮᠠ ᠴᠧᠩ ᠦ᠋ᠨ ᠴᠡᠷᠢᠭ ᠬᠣᠲᠠ ᠶ᠋ᠢᠨ ᠮᠠ ᠭᠤᠸᠠᠨ ᠪᠣᠭᠣᠮᠲᠠ ᠳ᠋ᠤᠷ ᠬᠦᠷᠲᠡᠯ᠎ᠡ ᠠᠩᠬᠠᠨ ᠤ᠋ ᠤᠳᠠᠭ᠎ᠠ ᠬᠦ ᠵᠧᠦ᠂ ᠯᠤᠸᠠᠨ ᠵᠧᠦ᠂ ᠵᠢᠢ ᠵᠧᠦ᠂ ᠰᠢ ᠵᠧᠦ ᠡᠳᠡᠭᠡᠷ ᠳᠥᠷᠪᠡᠨ ᠬᠣᠲᠠᠨ ᠢ ᠪᠠᠢᠯᠳᠤᠬᠤ᠂ ᠾᠧ ᠪᠧᠢ ᠭᠠᠵᠠᠷ ᠢ ᠠᠪᠬᠤ ᠲᠤᠬᠠᠢ ᠳ᠋ᠤᠷ ᠳᠤᠲᠠᠭᠠᠨ ᠭᠠᠷᠤᠭᠰᠠᠨ ᠶᠡᠬᠡ ᠵᠠᠩᠵᠤᠨ ᠡᠦ ᠰᠢᠶᠠᠨ ᠤᠯᠤᠰ ᠲᠤᠷ ᠡᠭᠡᠵᠦ᠂ ᠭᠧ ᠲᠢᠶᠠᠨ ᠴᠢᠶᠠᠩ ᠢ ᠾᠧ ᠪᠧᠢ ᠶ᠋ᠢ ᠪᠠᠢᠯᠳᠤᠨ᠂  ᠮᠠ ᠭᠤᠸᠠᠨ ᠪᠣᠭᠣᠮᠲᠠ ᠶ᠋ᠢ ᠰᠠᠬᠢᠬᠤ ᠶᠡᠬᠡ ᠵᠠᠩᠵᠤᠨ ᠪᠣᠯᠭᠠᠨ ᠢᠯᠡᠭᠡᠭᠰᠡᠨ ᠳ᠋ᠦ᠍ᠷ ᠭᠧ ᠲᠢᠶᠠᠨ ᠴᠢᠶᠠᠩ ᠴᠡᠷᠢᠭ ᠢ᠋ᠶ᠋ᠡᠨ ᠠᠪᠴᠤ ᠪᠣᠭᠣᠮᠲᠠ ᠭᠠᠷᠴᠤ ᠳ᠋ᠠᠢ ᠵᠧᠦ ᠳ᠋ᠦ᠍ᠷ ᠮᠣᠩᠭᠣᠯ ᠪᠤᠬ᠎ᠠ ᠶ᠋ᠢᠨ ᠴᠡᠷᠢᠭ ᠢ ᠤᠭᠲᠤᠵᠤ ᠪᠠᠢᠯᠳᠤᠬᠤᠢ ᠳ᠋ᠤᠷ ᠮᠣᠩᠭᠣᠯ ᠪᠤᠬ᠎ᠠ ᠭᠡᠨᠡᠳᠲᠡ ᠶᠡᠬᠡ ᠬᠡᠩᠭᠡᠷᠭᠡ ᠪᠡᠨ ᠳᠡᠯᠪᠡ ᠳᠡᠯᠡᠳᠦᠭᠡᠳ ᠥᠪᠡᠷ ᠦ᠋ᠨ ᠪᠡᠶ᠎ᠡ ᠭᠠᠭᠴᠠᠭᠠᠷ ᠲᠡᠷᠢᠭᠦᠯᠡᠵᠦ ᠭᠧ ᠲᠢᠶᠠᠨ ᠴᠢᠶᠠᠩ ᠤ᠋ᠨ ᠴᠡᠷᠢᠭ ᠲᠦ᠍ᠷ ᠴᠣᠬᠢᠨ ᠣᠷᠣᠵᠤ ᠡᠴᠢᠭᠰᠡᠨ ᠳ᠋ᠦ᠍ᠷ ᠮᠣᠩᠭᠣᠯ ᠤ᠋ᠨ ᠴᠡᠷᠢᠭ ᠰᠢᠳᠠᠮᠯᠠᠨ ᠬᠠᠮᠲᠤ ᠪᠠᠷ ᠴᠣᠬᠢᠨ ᠣᠷᠣᠭᠰᠠᠨ᠎ᠠ᠂ ᠭᠧ ᠲᠢᠶᠠᠨ ᠴᠢᠶᠠᠩ ᠶᠡᠬᠡᠯ᠎ᠡ ᠳᠠᠷᠤᠭᠳᠠᠵᠤ ᠪᠤᠷᠤᠭᠤᠯᠠᠨ ᠡᠴᠢᠬᠦᠢ ᠳ᠋ᠦ᠍ᠷ ᠣᠯᠠᠨ ᠴᠡᠷᠢᠭ ᠰᠠᠮᠠᠭᠤᠷᠠᠭᠰᠠᠨ᠎ᠠ᠂ ᠮᠣᠩᠭᠣᠯ ᠤ᠋ᠨ ᠴᠡᠷᠢᠭ ᠬᠠᠮᠲᠤ ᠪᠠᠷ ᠪᠣᠭᠣᠮᠲᠠ ᠣᠷᠣᠵᠤ ᠮᠠ᠋ ᠭᠤᠸᠠᠨ ᠪᠣᠭᠣᠮᠲᠠ ᠶ᠋ᠢ ᠪᠤᠯᠢᠶᠠᠨ ᠠᠪᠤᠭᠰᠠᠨ ᠳ᠋ᠤᠷ ᠬᠣᠢᠨ᠎ᠠ ᠪᠠᠢᠯᠳᠤᠬᠤ ᠠᠯᠲᠠᠨ ᠤ᠋ ᠶᠡᠬᠡ ᠴᠡᠷᠢᠭ ᠦ᠋ᠨ ᠶᠤᠸᠠᠨᠱᠤᠸᠠᠢ ᠨᠢᠭᠡᠨᠲᠡ ᠲᠤᠯᠵᠤ ᠪᠣᠯᠬᠤ ᠦᠭᠡᠢ ᠪᠣᠯᠤᠭᠰᠠᠨ ᠢ᠋ᠶ᠋ᠠᠨ ᠮᠡᠳᠡᠭᠡᠳ ᠠᠷᠭ᠎ᠠ ᠦᠭᠡᠢ ᠭᠠᠵᠠᠷ ᠣᠷᠣᠨ ᠤ᠋ ᠲᠣᠭ᠎ᠠ ᠳᠠᠩᠰᠠ ᠪᠠ ᠬᠣᠲᠠ ᠪᠠᠯᠭᠠᠳ ᠤ᠋ᠨ ᠬᠣᠷᠣᠭ᠎ᠠ ᠬᠦᠷᠢᠶ᠎ᠡ ᠪᠡᠨ ᠠᠪᠴᠤ ᠮᠤᠬᠤᠯᠠᠢ ᠶ᠋ᠢᠨ ᠴᠡᠷᠢᠭ ᠲᠦ᠍ᠷ ᠣᠷᠣᠵᠤ ᠮᠥᠷᠭᠥᠨ ᠳᠠᠭᠠᠪᠠ᠃ ᠳᠡᠢᠱ᠌ᠢ ᠮᠤᠬᠤᠯᠠᠢ ᠮᠠ ᠭᠤᠸᠠᠨ ᠪᠣᠭᠣᠮᠲᠠ ᠶ᠋ᠢᠨ ᠳᠣᠲᠣᠷ᠎ᠠ ᠣᠷᠣᠵᠤ ᠣᠯᠠᠨ ᠵᠠᠩᠵᠤᠨ ᠴᠡᠷᠢᠭ ᠢ ᠱᠠᠩᠨᠠᠨ ᠬᠤᠷᠢᠮᠯᠠᠵᠤ᠂ ᠣᠯᠠᠨ ᠵᠠᠩᠵᠤᠨ ᠴᠡᠷᠢᠭ ᠡᠴᠡ ᠠᠰᠠᠭᠤᠷᠤᠨ : 《ᠶᠢᠷᠲᠢᠨᠴᠦ ᠳ᠋ᠦ᠍ᠷ ᠲᠥᠷᠥᠭᠰᠡᠳ ᠡᠨᠳᠡᠭᠦᠦ ᠦᠭᠡᠢ ᠶᠣᠰᠣ ᠦᠭᠡᠢ᠂ ᠰᠡᠳᠬᠢᠯ ᠡᠴᠡ ᠡᠰᠡ ᠡᠨᠳᠡᠬᠦ ᠶ᠋ᠢ ᠣᠢᠯᠠᠪᠠᠴᠤ ᠦᠢᠯᠡᠰ ᠦ᠋ᠨ ᠳᠣᠲᠣᠷ᠎ᠠ ᠡᠨᠳᠡᠭᠦᠦ ᠭᠠᠷᠬᠤ ᠦᠭᠡᠢ ᠶᠣᠰᠣ ᠦᠭᠡᠢ᠃ ᠪᠢ ᠬᠠᠭᠠᠨ ᠤ᠋ ᠬᠡᠰᠢᠭ ᠲᠣᠷ ᠤᠯᠤᠰ ᠤ᠋ᠨ ᠲᠠᠢᠱ᠌ᠢ ᠪᠥᠭᠡᠳ ᠤᠯᠤᠰ ᠤ᠋ᠨ ᠶᠡᠬᠡ ᠸᠠᠩ ᠪᠣᠯᠤᠭᠠᠳ ᠡᠮᠦᠨ᠎ᠡ ᠵᠦᠭ ᠴᠡᠷᠢᠭ ᠣᠷᠣᠵᠤ ᠬᠡᠳᠦᠨ ᠵᠢᠯ ᠪᠣᠯᠲᠠᠯ᠎ᠠ ᠡᠨᠳᠡᠭᠦᠦ ᠦᠭᠡᠢ ᠶᠣᠰᠣ ᠪᠣᠢ ᠤᠤ ? ᠤᠷᠢᠳᠠ ᠱᠢ ᠲᠢᠶᠠᠨ ᠢᠩ ᠮᠢᠨᠦ ᠳᠡᠷᠭᠡᠳᠡ ᠪᠦᠬᠦᠢ ᠴᠠᠭ ᠲᠤᠷ ᠪᠢ ᠡᠨᠳᠡᠭᠦᠦ ᠣᠰᠣᠯ ᠢ᠋ᠶ᠋ᠠᠨ ᠤᠷᠢᠳᠠ ᠣᠯᠵᠤ ᠰᠣᠨᠣᠰᠳᠠᠭ ᠲᠤᠯᠠ ᠬᠠᠭᠠᠨ ᠤ᠋ ᠶᠡᠬᠡ ᠤᠯᠤᠰ ᠲᠥᠷᠥ ᠳ᠋ᠦ᠍ᠷ ᠮᠠᠰᠢᠳᠠ ᠲᠤᠰᠠ ᠪᠣᠯᠳᠠᠭ ᠪᠥᠯᠥᠭᠡ᠃ ᠡᠷᠲᠡᠨ ᠤ ᠦᠭᠡ ᠳ᠋ᠦ᠍ᠷ < ᠡᠵᠡᠨ ᠪᠣᠭᠳᠠ ᠶ᠋ᠢᠨ ᠮᠠᠲᠠᠯ ᠲᠦᠮᠡᠨ ᠢᠷᠭᠡᠨ ᠳ᠋ᠦ᠍ᠷ ᠬᠦᠷᠬᠦ ᠦᠭᠡᠢ > ᠬᠡᠮᠡᠳᠡᠭ ᠪᠥᠯᠥᠭᠡ᠃ ᠡᠳᠦᠭᠡ ᠪᠢ ᠶᠡᠬᠡ ᠲᠤᠰᠢᠶᠠᠯ ᠬᠡᠷᠬᠡᠮ ᠢ ᠬᠦᠯᠢᠶᠡᠵᠦ ᠡᠮᠦᠨ᠎ᠡ ᠵᠦᠭ ᠣᠷᠣᠭᠰᠠᠨ ᠠ᠋ᠴᠠ ᠡᠳᠦᠭᠡ ᠪᠣᠯᠲᠠᠯ᠎ᠠ ᠮᠢᠨᠦ ᠣᠰᠣᠯ ᠪᠤᠷᠤᠭᠤ ᠶ᠋ᠢ ᠠᠷᠠᠢ ᠨᠢᠭᠡᠨ ᠬᠥᠮᠦᠨ ᠢ᠋ᠶ᠋ᠡᠷ ᠮᠢᠨᠦ ᠡᠰᠡᠷᠭᠦ ᠰᠡᠷᠭᠦᠭᠡᠨ ᠦᠯᠦ ᠮᠡᠳᠡᠭᠦᠯᠬᠦ ᠢᠨᠦ᠂ ᠮᠢᠨᠦ ᠨᠢᠳᠦ ᠰᠣᠬᠣᠷ᠂ ᠴᠢᠬᠢ ᠳᠦᠯᠡᠢ᠂ ᠰᠠᠨᠠᠭᠠᠨ ᠮᠤᠩᠬᠠᠭ᠂ ᠶᠠᠪᠤᠳᠠᠯ ᠣᠰᠣᠯ ᠬᠡᠳᠦᠢᠴᠢᠨᠡᠭᠡᠨ ᠭᠠᠷᠤᠭᠰᠠᠨ ᠢ ᠮᠡᠳᠡᠬᠦ ᠦᠭᠡᠢ᠃ ᠮᠣᠩᠭᠣᠯ ᠬᠢᠲᠠᠳ ᠵᠠᠩᠵᠤᠨ ᠴᠡᠷᠢᠭ ᠡᠷᠬᠡᠡᠦ᠋ᠭᠡᠢ ᠮᠢᠨᠦ ᠠᠯᠳᠠᠰᠢ ᠭᠠᠷᠤᠭᠰᠠᠨ ᠭᠠᠵᠠᠷ ᠢ ᠡᠷᠢᠨ ᠭᠠᠷᠭᠠᠵᠤ ᠨᠠᠳᠠ ᠳ᠋ᠤᠷ ᠬᠡᠯᠡ᠂ ᠪᠢ ᠡᠵᠡᠨ ᠢ᠋ᠶ᠋ᠡᠨ ᠡᠮᠦᠨ᠎ᠡ ᠮᠥᠨ ᠨᠢᠭᠡᠨ ᠶᠠᠯ᠎ᠠ ᠬᠦᠯᠢᠶᠡᠬᠦ ᠪᠠ ᠪᠠᠰᠠ ᠣᠯᠠᠨ ᠤᠯᠤᠰ ᠲᠥᠷᠥ ᠳ᠋ᠦ᠍ᠷ ᠲᠤᠰᠠ ᠪᠣᠯᠬᠤ ᠪᠠᠷ ᠶᠠᠪᠤᠬᠤᠢ ᠳ᠋ᠤᠷ ᠰᠡᠷᠡᠮᠵᠢ ᠪᠣᠯᠲᠤᠭᠠᠢ ! 》ᠭᠡᠮᠡᠨ ᠵᠠᠬᠢᠶ᠎ᠠ ᠪᠠᠭᠤᠯᠭᠠᠪᠠ᠃ ᠵᠢᠴᠢ ᠡᠳᠦᠷ ᠬᠢᠲᠠᠳ ᠵᠠᠩᠵᠤᠨ ᠨᠠᠷ ᠤ᠋ᠨ ᠳᠣᠲᠣᠷ᠎ᠠ ᠠ᠋ᠴᠠ ᠨᠢᠭᠡᠨ ᠡᠪᠬᠡᠮᠡᠯ ᠭᠠᠷᠭᠠᠵᠤ ᠪᠠᠷᠢᠪᠠ᠃ ᠦᠵᠡᠪᠡᠰᠦ ᠬᠢᠲᠠᠳ ᠵᠠᠩᠵᠤᠨ ᠱᠢ ᠲᠢᠶᠠᠨ ᠡᠯ ᠵᠠᠬᠢᠶ᠎ᠠ ᠶ᠋ᠢ ᠳᠠᠭᠠᠵᠤ ᠤᠯᠤᠰ ᠤ᠋ᠨ ᠰᠡᠪ ᠢ ᠠᠷᠢᠯᠭᠠᠬᠤ ᠶ᠋ᠢ ᠮᠡᠳᠡᠭᠦᠯᠬᠦ ᠢᠨᠦ : 《ᠡᠳᠦᠭᠡ ᠲᠡᠭᠷᠢ ᠶ᠋ᠢᠨ ᠴᠡᠷᠢᠭ ᠡᠮᠦᠨ᠎ᠡ ᠶ᠋ᠢ ᠳᠠᠢᠯᠠᠵᠤ ᠠᠷᠪᠠᠨ ᠢᠯᠡᠭᠦᠦ ᠵᠢᠯ ᠪᠣᠯᠵᠤ᠂ ᠳᠤᠮᠳᠠᠳᠤ ᠣᠷᠣᠨ ᠤ᠋ ᠠᠷᠠᠢ ᠨᠠᠢ᠍ᠮᠠᠨ ᠬᠤᠪᠢ ᠶ᠋ᠢ ᠲᠣᠭᠲᠠᠨᠢᠭᠤᠯᠪᠠᠢ᠃ ᠡᠨᠡ ᠢᠨᠦ ᠶᠡᠬᠡ ᠶᠤᠸᠠᠨᠱᠤᠸᠠᠢ ᠸᠠᠩ ᠲᠠᠢᠱ᠌ᠢ ᠶ᠋ᠢᠨ ᠮᠡᠷᠭᠡᠨ ᠭᠡᠭᠡᠬᠡᠨ ᠬᠠᠳᠠᠨ ᠴᠢᠭᠢᠷᠠᠭ ᠲᠤᠷ ᠪᠣᠯᠤᠭᠰᠠᠨ ᠪᠣᠯᠠᠢ᠃ ᠲᠡᠢᠨ ᠪᠣᠯᠪᠠᠴᠤ ᠣᠯᠠᠨ ᠴᠡᠷᠢᠭ ᠤᠳᠠᠭᠠᠨ ᠵᠢᠯ ᠳᠡᠢᠯᠦᠭᠰᠡᠨ ᠭᠠᠪᠢᠶ᠎ᠠ ᠳ᠋ᠤᠷ ᠢᠲᠡᠭᠡᠵᠦ ᠶᠡᠬᠡ ᠸᠠᠩ ᠤ᠋ᠨ ᠨᠢᠳᠦᠨ ᠤ ᠳᠣᠣᠷ᠎ᠠ ᠴᠡᠷᠢᠭ ᠦ᠋ᠨ ᠴᠠᠭᠠᠵᠠ ᠶ᠋ᠢ ᠴᠢᠩᠳᠡᠨ ᠰᠠᠬᠢᠬᠤ ᠪᠣᠯᠪᠠᠴᠤ ᠬᠣᠯᠠ ᠭ᠍ᠡᠷᠪᠡᠰᠤ ᠣᠯᠠᠨ ᠢᠷᠭᠡᠨ ᠤ ᠡᠳ᠋ ᠠᠭᠤᠷᠠᠰᠤᠨ ᠢ ᠬᠤᠷᠢᠶᠠᠬᠤ ᠠᠨᠤ ᠶᠡᠷᠦ ᠲᠠᠰᠤᠷᠠᠬᠤ ᠦᠭᠡᠢ᠃ ᠳᠣᠣᠷᠠᠲᠤ ᠬᠡᠷᠭᠡᠮᠲᠡᠨ ᠬᠢᠨᠠᠨ ᠪᠣᠳᠣᠪᠠᠰᠤ : ᠲᠡᠭᠷᠢ ᠶ᠋ᠢᠨ ᠬᠥᠪᠡᠭᠦᠨ ᠣᠷᠴᠢᠯᠠᠩ ᠳ᠋ᠤᠷ ᠪᠠᠭᠤᠵᠤ᠂ ᠣᠳᠣᠨ ᠭᠠᠷᠠᠭ ᠤ᠋ᠳ ᠶᠢᠷᠲᠢᠨᠴᠦ ᠳ᠋ᠦ᠍ᠷ ᠲᠥᠷᠥᠭᠡᠳ ᠳᠣᠭᠰᠢᠨ ᠢ ᠳᠠᠢᠯᠠᠵᠤ ᠬᠠᠷᠭᠢᠰ ᠢ ᠠᠷᠢᠯᠭᠠᠨ᠂ ᠰᠢᠳᠤᠷᠭᠤ ᠶ᠋ᠢ ᠥᠷᠥᠰᠢᠶᠡᠨ ᠢᠷᠭᠡᠨ ᠢ ᠲᠡᠩᠭᠦᠷᠡᠭᠦᠯᠬᠦ ᠶᠡᠬᠡ ᠴᠡᠷᠢᠭ ᠲᠤᠯᠠ ᠥᠴᠦᠬᠡᠨ ᠰᠤᠯᠠ ᠢᠷᠭᠡᠨ ᠤ ᠤᠷᠭᠤᠵᠤ ᠡᠯᠭᠦᠭᠳᠡᠭᠰᠡᠨ ᠢ ᠵᠣᠪᠠᠯᠠᠩ ᠠ᠋ᠴᠠ ᠭᠡᠲᠦᠯᠭᠡᠨ ᠶᠠᠪᠤᠬᠤ ᠪᠥᠭᠡᠳ ᠥᠴᠦᠬᠡᠨ ᠠᠷᠠᠳ ᠶᠡᠬᠡ ᠸᠠᠩ ᠤ᠋ᠨ ᠨᠢᠳᠦ ᠴᠢᠬᠢ ᠶ᠋ᠢᠨ ᠬᠣᠯᠠ ᠳᠠᠯᠳᠠ ᠳ᠋ᠤᠷ ᠵᠠᠪᠰᠢᠵᠤ ᠢᠷᠭᠡᠨ ᠤ ᠡᠳ᠋ ᠢ ᠠᠪᠬᠤ ᠠᠨᠤ ᠲᠡᠭᠷᠢ ᠶ᠋ᠢᠨ ᠬᠥᠪᠡᠭᠦᠨ ᠪᠠ ᠶᠡᠬᠡ ᠸᠠᠩ ᠤ᠋ᠨ ᠶᠠᠪᠤᠳᠠᠯ ᠳ᠋ᠤᠷ ᠥᠴᠦᠬᠡᠨ ᠬᠣᠷᠣᠮᠵᠢ ᠪᠣᠯᠤᠮᠤᠢ᠃ ᠲᠡᠢᠨ ᠬᠦ᠌ ᠶᠡᠬᠡ ᠸᠠᠩ ᠴᠡᠷᠢᠭ ᠦ᠋ᠨ ᠠᠷᠠᠳ ᠢ ᠳᠠᠪᠬᠤᠷ ᠲᠦᠰᠢᠮᠡᠯ ᠲᠠᠯᠪᠢᠵᠤ ᠬᠠᠷᠠᠭᠠᠯᠵᠠᠭᠤᠯᠤᠨ ᠴᠢᠩᠭ᠎ᠠ ᠴᠠᠭᠠᠵᠠ ᠶ᠋ᠢ ᠳᠠᠬᠢᠨ ᠰᠢᠨᠡᠳᠬᠡᠵᠦ ᠲᠣᠭᠲᠠᠭᠠᠪᠠᠰᠤ ᠬᠠᠭᠠᠨ ᠤ᠋ ᠴᠡᠷᠢᠭ ᠂ ᠸᠠᠩ ᠤ᠋ᠨ ᠴᠠᠭᠠᠵᠠ ᠳ᠋ᠤᠷ ᠣᠳᠣ ᠥᠴᠦᠬᠡᠨ ᠴᠦ᠍ ᠰᠡᠪ ᠦᠭᠡᠢ ᠪᠣᠯᠤᠮᠤᠢ ! 》 ᠬᠡᠮᠡᠭᠰᠡᠨ ᠳ᠋ᠦ᠍ᠷ ᠭᠦᠸᠧ ᠸᠠᠩ ᠮᠤᠬᠤᠯᠢ ᠶᠡᠬᠡᠯ᠎ᠡ ᠪᠠᠶᠠᠷᠯᠠᠨ ᠡᠨᠡ ᠦᠨᠡᠬᠡᠷ ᠮᠢᠨᠦ ᠬᠢᠨᠠᠮᠠᠭᠠᠢ ᠦᠭᠡᠢ ᠡᠴᠡ ᠡᠢᠨ ᠣᠰᠣᠯ ᠪᠣᠯᠪᠠ ᠭᠡᠮᠡᠨ ᠵᠠᠭᠤᠨ ᠵᠠᠩᠵᠤᠨ ᠨᠠᠷ ᠢ ᠴᠤᠭᠯᠠᠭᠤᠯᠤᠨ ᠥᠪᠡᠷ ᠦ᠋ᠨ ᠪᠡᠶ᠎ᠡ ᠪᠤᠷᠤᠭᠤ ᠪᠠᠨ ᠬᠦᠯᠢᠶᠡᠬᠦ ᠬᠤᠷᠢᠮ ᠬᠤᠷᠢᠮᠯᠠᠵᠤ᠂ ᠣᠯᠠᠨ ᠴᠡᠷᠢᠭ ᠲᠦ᠍ᠷ ᠳᠠᠬᠢᠨ ᠳᠠᠪᠬᠤᠷ ᠱᠠᠩ ᠪᠠᠭᠤᠯᠭᠠᠵᠤ᠂ ᠬᠤᠷᠢᠮ ᠦᠭᠭᠦᠭᠡᠳ ᠶᠡᠬᠡ ᠲᠤᠩᠬᠠᠭ ᠢ ᠣᠯᠠᠨ ᠴᠡᠷᠢᠭ ᠲᠦ᠍ᠷ ᠨᠢᠭᠡᠨᠲᠡ ᠵᠠᠷᠯᠠᠪᠠ᠃ ᠲᠡᠭᠦᠨ ᠤ ᠦᠭᠡ : 
       ᠭᠦᠸᠧ ᠸᠠᠩ ᠲᠠᠢᠱ᠌ᠢ ᠶᠤᠸᠠᠨᠱᠤᠸᠠᠢ ᠮᠤᠬᠤᠯᠠᠢ ᠶ᠋ᠢᠨ ᠵᠠᠬᠢᠶ᠎ᠠ : ᠨᠡᠢᠲᠡ ᠳ᠋ᠦ᠍ᠷ ᠴᠢᠩᠳᠠᠯᠠᠨ ᠤᠬᠠᠭᠤᠯᠵᠤ ᠡᠭᠦᠷᠢᠳᠡ ᠶ᠋ᠢᠨ ᠬᠠᠤᠯᠢ ᠪᠣᠯᠭᠠᠬᠤ ᠶ᠋ᠢᠨ ᠤᠴᠢᠷ᠃ ᠡᠷᠲᠡ ᠮᠣᠩᠭᠣᠯ ᠤᠯᠤᠰ ᠲᠤᠭᠲᠠᠮ ᠡᠭᠦᠰᠬᠦᠢ ᠳ᠋ᠦ᠍ᠷ ᠮᠢᠨᠦ ᠪᠡᠶ᠎ᠡ ᠰᠤᠯᠠ ᠴᠡᠷᠢᠭ ᠦ᠋ᠨ ᠬᠥᠮᠦᠨ ᠪᠥᠯᠥᠭᠡ᠂ ᠬᠣᠢᠨ᠎ᠠ ᠪᠣᠭᠳᠠ ᠡᠵᠡᠨ ᠬᠡᠳᠦᠨ ᠵᠦᠢᠯ ᠦ᠋ᠨ ᠳᠠᠢᠯᠠᠬᠤ ᠵᠦᠢᠯ ᠢ ᠠᠰᠠᠭᠤᠵᠤ ᠨᠠᠮᠠᠶ᠋ᠢ ᠳᠡᠪᠰᠢᠭᠦᠯᠦᠨ ᠬᠡᠷᠡᠭᠯᠡᠵᠦ᠂ ᠡᠳᠦᠭᠡ ᠳᠥᠴᠢᠨ ᠵᠢᠯ ᠰᠢᠬᠠᠮ ᠪᠣᠯᠪᠠ᠃ ᠵᠦᠩ ᠶᠤᠸᠠᠨ ᠤ ᠨᠠᠢ᠍ᠮᠠᠨ ᠬᠤᠪᠢ ᠶ᠋ᠢ ᠪᠠᠢᠯᠳᠤᠵᠤ ᠠᠪᠤᠭᠠᠳ ᠮᠢᠨᠦ ᠪᠡᠶ᠎ᠡ ᠤᠯᠤᠰ ᠤ᠋ᠨ ᠲᠠᠢᠱ᠌ᠢ ᠪᠥᠭᠡᠳ ᠤᠯᠤᠰ ᠤ᠋ᠨ ᠸᠠᠩ ᠶᠡᠬᠡ ᠶᠤᠸᠠᠨᠱᠤᠸᠠᠢ ᠪᠣᠯᠤᠭᠰᠠᠨ ᠠᠨᠤ ᠬᠠᠭᠠᠨ ᠡᠵᠡᠨ᠂ ᠮᠢᠨᠦ ᠬᠢᠨᠠᠮᠠᠭᠠᠢ ᠬᠣᠪᠳᠣᠭ ᠦᠭᠡᠢ ᠴᠢᠬᠡᠴᠢ ᠰᠢᠳᠤᠷᠭᠤ ᠳ᠋ᠤᠷ ᠥᠷᠥᠰᠢᠶᠡᠵᠦ ᠰᠠᠶᠢ ᠡᠨᠡ ᠬᠢᠷᠢ ᠳ᠋ᠦ᠍ᠷ ᠬᠦᠷᠦᠭᠰᠡᠨ ᠪᠣᠢ ‍ᠶ᠎ᠠ᠃ ᠮᠢᠨᠦ ᠥᠪᠡᠷ ᠦ᠋ᠨ ᠬᠤᠪᠢ ᠠ᠋ᠴᠠ ᠴᠢᠳᠠᠯ ᠤᠬᠠᠭᠠᠨ ᠭᠡᠮᠡᠨ ᠪᠠᠬᠠᠨ ᠴᠤ᠌ ᠦᠭᠡᠢ᠃ ᠭᠠᠭᠴᠠ ᠭᠤᠷᠪᠠᠨ ᠡᠳᠦᠷ ᠦ᠋ᠨ ᠶᠠᠪᠤᠳᠠᠯ ᠢ ᠪᠢ ᠰᠢᠳᠠᠷ ᠠᠷᠠᠳ ᠠ᠋ᠴᠠ ᠡᠨᠳᠡᠭᠰᠡᠨ ᠭᠠᠵᠠᠷ ᠢ ᠠᠰᠠᠭᠤᠳᠠᠭ ᠳᠤᠷᠠᠲᠠᠢ ᠲᠤᠯᠠ ᠸᠠᠩ ᠮᠢᠨᠦ ᠴᠢᠩ ᠰᠢᠳᠤᠷᠭᠤ ᠡᠳᠦᠭᠡ ᠪᠣᠯᠲᠠᠯ᠎ᠠ ᠠᠳᠠᠯ ᠭᠠᠷᠤᠯ ᠦᠭᠡᠢ ᠪᠡᠷ ᠡᠳᠦᠢ ᠬᠦᠷᠴᠦ ᠾᠧ ᠪᠧᠢ ᠂ ᠱᠠᠨ ᠰᠢ ᠂ ᠱᠠᠨ ᠳ᠋ᠦᠩ ᠦ᠋ᠨ ᠵᠡᠷᠭᠡ ᠶᠡᠬᠡ ᠮᠣᠵᠢ ᠶ᠋ᠢ ᠬᠤᠷᠢᠶᠠᠵᠤ᠂ ᠬᠠᠭᠠᠨ ᠤ᠋ ᠵᠠᠷᠯᠢᠭ ᠢ᠋ ᠢᠴᠡᠭᠡᠭᠰᠡᠨ ᠦᠭᠡᠢ ᠴᠥᠭᠡᠨ ᠶᠠᠪᠤᠳᠠᠯ ᠢ᠋ ᠪᠦᠲᠦᠭᠡᠪᠡ᠃ ᠡᠳᠡᠭᠡᠷ ᠴᠥᠮ ᠴᠠᠭᠠᠵᠠ ᠶ᠋ᠢ ᠰᠠᠬᠢᠵᠤ ᠰᠡᠳᠬᠢᠯ ᠢ᠋ ᠵᠠᠰᠠᠨ᠂ ᠬᠣᠪᠳᠣᠭ ᠰᠢᠨᠤᠬᠠᠢ ᠶ᠋ᠢ ᠲᠡᠪᠴᠢᠭᠰᠡᠨ ᠦ᠌ ᠶᠠᠪᠤᠳᠠᠯ ᠳ᠋ᠤᠷ ᠪᠣᠯᠠᠢ᠃ ᠡᠳᠦᠭᠡ ᠰᠣᠨᠣᠰᠬᠤᠯ᠎ᠠ ᠮᠢᠨᠦ ᠴᠡᠷᠢᠭ ᠦ᠋ᠨ ᠴᠠᠭᠠᠵᠠ ᠣᠰᠣᠯ ᠰᠤᠯᠠ ᠪᠣᠯᠵᠤ᠂ ᠲᠡᠭᠷᠢ ᠶ᠋ᠢᠨ ᠴᠡᠷᠢᠭ ᠳᠥᠷᠪᠡᠨ ᠵᠦᠭ ᠦ᠋ᠨ ᠲᠣᠭᠰᠢᠨ ᠬᠠᠷᠭᠢᠰ ᠢ ᠠᠷᠢᠯᠭᠠᠵᠤ ᠰᠢᠳᠤᠷᠭᠤ ᠰᠠᠢᠨ ᠢ᠋ ᠡᠷᠭᠦᠨ ᠶᠠᠪᠤᠬᠤ ᠪᠥᠭᠡᠲᠡᠯ᠎ᠡ ᠮᠢᠨᠦ ᠴᠡᠷᠢᠭ ᠦ᠋ᠨ ᠠᠷᠠᠳ ᠮᠢᠨᠦ ᠴᠢᠬᠢ ᠨᠢᠳᠦ ᠡᠴᠡ ᠬᠣᠯᠠ ᠪᠠᠷ ᠥᠩᠭᠡᠷᠡᠭᠰᠡᠳ ᠣᠯᠠᠨ ᠢᠷᠭᠡᠨ ᠦ᠌ ᠡᠳ᠋ ᠶᠠᠭᠤᠮ᠎ᠠ ᠶ᠋ᠢ ᠵᠣᠷᠢᠭ ᠢ᠋ᠶ᠋ᠠᠷ ᠠᠪᠴᠤ ᠲᠠᠷᠢᠶ᠎ᠠ ᠲᠥᠮᠦᠰᠦᠨ ᠢ ᠵᠣᠷᠢᠭ ᠢ᠋ᠶ᠋ᠠᠷ ᠭᠢᠰᠬᠢᠯᠡᠮᠦᠢ ᠭᠡᠮᠡᠨ ᠰᠣᠨᠣᠰᠪᠠ᠃ ᠡᠨᠡ ᠲᠡᠷᠢᠭᠦᠨ ᠳ᠋ᠦ᠍ᠷ ᠮᠢᠨᠦ ᠵᠠᠬᠢᠷᠴᠤ ᠴᠢᠩᠳᠠᠯᠠᠬᠤ ᠶ᠋ᠢ ᠠᠯᠳᠠᠭᠰᠠᠨ ᠶᠠᠯ᠎ᠠ᠂ ᠬᠣᠶᠠᠷ ᠲᠤᠷ ᠮᠢᠨᠦ ᠴᠡᠷᠢᠭ ᠦ᠋ᠨ ᠵᠠᠬᠢᠷᠤᠭᠰᠠᠨ ᠵᠠᠩᠵᠤᠨ ᠨᠠᠷ ᠤ᠋ᠨ ᠬᠠᠷᠢᠶᠠᠲᠤ ᠵᠠᠬᠢᠷᠬᠤ ᠴᠡᠷᠢᠭ ᠢ ᠡᠰᠡ ᠴᠢᠩᠳᠠᠯᠠᠨ ᠪᠠᠢᠭᠰᠠᠨ ᠶᠠᠯ᠎ᠠ᠂ ᠭᠤᠷᠪᠠᠨ ᠳ᠋ᠤᠷ ᠮᠢᠨᠦ ᠴᠡᠷᠢᠭ ᠰᠦᠷ ᠲᠣᠷ ᠡᠷᠡᠮᠰᠢᠵᠦ ᠢᠷᠭᠡᠨ ᠢ ᠳᠠᠷᠤᠯᠠᠨ ᠳᠡᠭᠡᠳᠦ ᠵᠠᠬᠢᠷᠤᠭᠰᠠᠳ ᠢ ᠬᠥᠩᠭᠡᠯᠡᠭᠰᠡᠨ ᠬᠡᠷᠡᠭ ᠲᠤᠯᠠ ᠶᠤᠸᠠᠨᠱᠤᠸᠠᠢ ᠸᠠᠩ ᠪᠢ ᠤᠷᠢᠳᠠ ᠶᠠᠯ᠎ᠠ ᠪᠠᠨ ᠬᠦᠯᠢᠶᠡᠨ ᠬᠠᠭᠠᠨ ᠠ᠋ᠴᠠ ᠶᠠᠯ᠎ᠠ ᠭᠣᠶᠣᠯᠭᠠᠷ᠎ᠠ ᠶᠠᠪᠤᠭᠤᠯᠤᠭᠠᠳ ᠳᠠᠭᠠᠯᠳᠤᠭ᠎ᠠ ᠪᠠᠰᠠ ᠪᠡᠶ᠎ᠡ ᠪᠡᠨ ᠢᠴᠡᠭᠡᠨ ᠣᠯᠠᠨ ᠵᠠᠩᠵᠤᠨ ᠴᠡᠷᠢᠭ ᠲᠦ᠍ᠷ ᠪᠤᠷᠤᠭᠤ ᠪᠠᠨ ᠮᠡᠳᠡᠬᠦ ᠬᠤᠷᠢᠮ ᠬᠤᠷᠢᠮᠯᠠᠵᠤ ᠥᠪᠡᠷ ᠦ᠋ᠨ ᠴᠠᠯᠠᠭᠠᠢ ᠣᠰᠣᠯ ᠪᠣᠯᠤᠭᠰᠠᠨ ᠶᠠᠪᠤᠳᠠᠯ ᠢ ᠢᠯᠡᠳᠬᠡᠨ᠂ ᠥᠪᠡᠷ ᠦ᠋ᠨ ᠨᠢᠭᠤᠷ ᠢ᠋ᠶ᠋ᠠᠨ ᠢᠴᠡᠭᠡᠬᠦ ᠳᠦᠷᠢᠮ ᠪᠣᠯᠭᠠᠪᠠ᠃ ᠴᠡᠷᠢᠭ ᠦ᠋ᠨ ᠴᠠᠭᠠᠵᠠ ᠬᠡᠮᠡᠭᠴᠢ ᠮᠢᠨᠦ ᠪᠡᠶ᠎ᠡ ᠡᠴᠡ ᠡᠭᠦᠰᠦᠮᠦᠢ᠂ ᠪᠢ ᠣᠰᠣᠯᠳᠠᠭᠰᠠᠨ ᠲᠤᠯᠠ ᠮᠢᠨᠦ ᠴᠡᠷᠢᠭ ᠴᠠᠭᠠᠵᠠ ᠶ᠋ᠢ ᠦᠲᠡᠭᠡᠷᠦᠭᠰᠡᠨ ᠢ᠋ᠶ᠋ᠡᠷ ᠡᠨᠡ ᠤᠳᠠᠭ᠎ᠠ ᠣᠯᠠᠨ ᠵᠠᠩᠵᠤᠨ ᠴᠡᠷᠢᠭ ᠢ ᠶᠠᠯ᠎ᠠ ᠬᠡᠯᠡᠯᠴᠡᠬᠦ ᠦᠭᠡᠢ ᠪᠣᠯᠭᠠᠵᠤ ᠡᠭᠦᠨ ᠡᠴᠡ ᠬᠣᠵᠢᠮ ᠮᠢᠨᠦ ᠵᠠᠩᠵᠤᠨ ᠴᠡᠷᠢᠭ ᠬᠡᠷᠪᠡ ᠵᠠᠮ ᠭᠣᠳᠣᠰ ᠬᠣᠯᠠ ᠣᠢᠷ᠎ᠠ ᠶ᠋ᠢᠨ ᠢᠷᠭᠡᠨ ᠦ᠌ ᠡᠳ᠋ ᠢ᠋ ᠦᠰᠦᠨ ᠲᠡᠳᠦᠢ᠂ ᠲᠠᠷᠢᠶ᠎ᠠ ᠨᠣᠭᠣᠭ᠎ᠠ ᠪᠠ ᠨᠣᠬᠠᠢ ᠲᠠᠬᠢᠶ᠎ᠠ ᠳ᠋ᠤᠷ ᠬᠠᠯᠳᠠᠪᠠᠰᠤ ᠵᠠᠩᠵᠤᠨ ᠴᠡᠷᠢᠭ ᠭᠠᠪᠢᠶᠠᠲᠤ ᠰᠠᠭᠤᠷᠢᠲᠤ ᠠ᠋ᠴᠠ ᠳᠠᠷᠤᠨ ᠢᠯᠭᠠᠯ ᠦᠭᠡᠢ ᠪᠡᠷ ᠴᠥᠮ ᠴᠠᠪᠴᠢᠵᠤ ᠠᠯᠠᠭᠠᠳ ᠢᠷᠭᠡᠨ ᠳ᠋ᠦ᠍ᠷ ᠦᠵᠡᠭᠦᠯᠵᠦ ᠬᠠᠭᠠᠨ ᠤ᠋ ᠵᠠᠰᠠᠭ ᠴᠠᠭᠠᠵᠠ ᠶ᠋ᠢ ᠲᠥᠪ ᠪᠣᠯᠭᠠᠮᠤᠢ᠂ ᠦᠭᠡᠰ ᠢ ᠵᠥᠭᠡᠯᠡᠨ ᠭᠡᠮᠡᠨ ᠪᠢᠲᠡᠭᠡᠢ ᠣᠮᠲᠣᠭᠠᠢᠯᠠ᠂ ᠤᠷᠢᠳᠠ ᠥᠪᠡᠷ ᠦ᠋ᠨ ᠪᠡᠶ᠎ᠡ ᠪᠡᠨ ᠵᠠᠯᠬᠠᠭᠠᠨ ᠰᠠᠶᠢ ᠦᠵᠡᠭᠳᠡᠬᠦᠢ ᠬᠡᠮᠡᠵᠦᠬᠦᠢ᠃ 
       ᠡᠭᠦᠨ ᠳ᠋ᠦ᠍ᠷ ᠮᠣᠩᠭᠣᠯ ᠬᠢᠲᠠᠳ ᠵᠠᠩᠵᠤᠨ ᠴᠡᠷᠢᠭ ᠦ᠋ᠳ ᠠᠶᠤᠨ ᠰᠢᠷᠪᠡᠭᠡᠲᠦᠬᠦ ᠶ᠋ᠢ ᠪᠠᠢᠲᠤᠭᠠᠢ᠂ ᠠᠯᠲᠠᠨ ᠤᠯᠤᠰ᠂ ᠰᠥᠩ ᠤᠯᠤᠰ ᠤ᠋ᠨ ᠪᠢᠴᠢᠭ ᠴᠡᠷᠢᠭ ᠦ᠋ᠨ ᠰᠠᠢᠳ ᠪᠠ ᠴᠡᠷᠢᠭ ᠢᠷᠭᠡᠳ ᠡᠰᠡ ᠠᠶᠤᠨ ᠡᠰᠡ ᠰᠣᠴᠢᠭᠰᠠᠨ ᠢ᠋ᠶ᠋ᠠᠷ ᠦᠭᠡᠢ ᠪᠣᠯᠵᠤ᠂ ᠡᠨᠡ ᠲᠤᠩᠬᠠᠭ ᠲᠤᠷ ᠭᠤᠷᠪᠠᠨ ᠤᠯᠤᠰ ᠤ᠋ᠨ ᠴᠡᠷᠢᠭ ᠢᠷᠭᠡᠨ ᠬᠠᠮᠲᠤ ᠪᠠᠷ ᠲᠣᠭᠳᠣᠯᠵᠠᠨ ᠬᠥᠳᠡᠯᠪᠡᠢ᠃ ᠡᠨᠡ ᠨᠠᠮᠤᠷ ᠤ᠋ᠨ ᠶᠢᠰᠦᠨ ᠰᠠᠷ᠎ᠠ ᠳ᠋ᠤ᠌ ᠠᠯᠲᠠᠨ ᠤ᠋ ᠡᠶᠡᠳᠡᠬᠦ ᠶ᠋ᠢ ᠲᠣᠭᠲᠠᠭᠠᠨ ᠬᠡᠯᠡᠯᠴᠡᠬᠦ ᠴᠢᠮᠡᠭᠡ ᠢᠷᠡᠬᠦ ᠦᠭᠡᠢ ᠳ᠋ᠦ᠍ᠷ ᠥᠭᠡᠳᠡᠢ ᠰᠢᠶᠠ ᠤᠯᠤᠰ ᠤ᠋ᠨ ᠴᠡᠷᠢᠭ ᠢ᠋ ᠠᠪᠴᠤ ᠠᠯᠲᠠᠨ ᠤᠯᠤᠰ ᠤ᠋ᠨ ᠵᠢᠩ ᠵᠧᠦ ᠶ᠋ᠢ ᠳᠠᠬᠢᠨ ᠬᠠᠭᠠᠵᠤ ᠪᠠᠢᠯᠳᠤᠬᠤᠢ ᠳ᠋ᠤᠷ ᠠᠯᠲᠠᠨ ᠠ᠋ᠴᠠ ᠡᠶᠡᠳᠡᠬᠦ ᠶ᠋ᠢ ᠭᠤᠶᠤᠬᠤ ᠡᠯᠴᠢ ᠬᠦᠷᠴᠦ ᠢᠷᠡᠭᠡᠳ ᠡᠶᠡᠳᠡᠬᠦ ᠶ᠋ᠢ ᠭᠤᠶᠤᠵᠤ᠂ ᠠᠯᠲᠠᠨ ᠤ᠋ ᠡᠯᠴᠢ ᠡᠦ ᠬᠦ ᠯᠦᠨ᠂ ᠶᠦᠩ ᠳ᠋ᠤᠸᠠᠨ ᠬᠣᠶᠠᠷ ᠲᠦᠰᠢᠮᠡᠯ ᠪᠣᠳᠣᠷᠣᠣᠯ ᠪᠢᠴᠢᠭ ᠠᠢᠯᠠᠳᠬᠠᠨ ᠵᠠᠷᠯᠢᠭ ᠭᠣᠶᠣᠬᠤᠢ ᠳ᠋ᠤᠷ ᠴᠢᠩᠭᠢᠰ ᠬᠠᠭᠠᠨ ᠳᠠ ᠬᠤ᠋ ᠲᠠᠢᠹᠦ᠋ ᠲᠤᠰᠢᠮᠡᠯ ᠢ ᠠᠯᠲᠠᠨ ᠤᠯᠤᠰ ᠲᠤᠷ ᠵᠣᠣ ᠪᠢᠴᠢᠭ ᠪᠠᠷᠢᠭᠤᠯᠵᠤ ᠢᠯᠡᠬᠡᠨ ᠬᠡᠯᠡᠭᠦᠯᠦᠭᠰᠡᠨ ᠢᠨᠦ : 《ᠪᠢ ᠤᠭ ᠠ᠋ᠴᠠ ᠾᠧ ᠪᠧᠢ ᠶ᠋ᠢᠨ ᠠᠩᠬ᠎ᠠ ᠪᠠᠷᠢᠭᠰᠠᠨ ᠭᠠᠵᠠᠷ ᠢ ᠮᠠᠨ ᠳ᠋ᠤᠷ ᠥᠭᠴᠦ ᠲᠠᠨ ᠢ ᠬᠤ᠌ ᠨᠠᠨ ᠸᠠᠩ ᠪᠣᠯᠭᠠᠰᠤᠭᠠᠢ ᠬᠡᠮᠡᠲᠡᠯ᠎ᠡ ᠡᠰᠡ ᠪᠣᠯᠤᠭᠰᠠᠨ ᠳ᠋ᠤᠷ ᠮᠢᠨᠦ ᠶᠤᠸᠠᠨᠱᠤᠸᠠᠢ ᠭᠦᠸᠧ ᠸᠠᠩ ᠮᠤᠬᠤᠯᠠᠢ ᠨᠢᠭᠡᠨᠲᠡ ᠳᠠᠢᠯᠠᠨ ᠠᠪᠴᠤ ᠮᠠᠨ ᠤ᠋ ᠭᠠᠵᠠᠷ ᠪᠣᠯᠪᠠ᠃ ᠡᠳᠦᠭᠡ ᠡᠶᠡᠳᠡᠰᠦᠭᠡᠢ ᠬᠡᠮᠡᠪᠡᠰᠦ ᠮᠠᠨ ᠤ᠋ ᠪᠠᠢᠯᠳᠤᠵᠤ ᠠᠪᠤᠭᠠᠳᠤᠢ ᠭᠤᠸᠠᠨ ᠰᠢ ᠶ᠋ᠢᠨ ᠬᠡᠳᠦᠨ ᠬᠣᠲᠠ ᠶ᠋ᠢ ᠮᠠᠨ ᠳ᠋ᠤᠷ ᠲᠠᠯᠪᠢᠵᠤ ᠥᠭ᠂ ᠪᠢ ᠲᠠᠨ ᠤ᠋ ᠡᠵᠡᠨ ᠢ ᠾᠧ ᠨᠠᠨ ᠸᠠᠩ ᠪᠣᠯᠭᠠᠵᠤ᠂ ᠪᠢᠳᠡ ᠬᠠᠮᠲᠤ ᠪᠠᠷ ᠳᠡᠯᠡᠬᠡᠢ ᠳ᠋ᠠᠬᠢᠨ ᠢ ᠳᠠᠩ ᠲᠡᠭᠰᠢ ᠲᠡᠢ ᠡᠵᠡᠯᠡᠵᠦ᠂ ᠤᠯᠤᠰ ᠢᠷᠭᠡᠨ ᠢ ᠠᠮᠤᠷ ᠡᠩᠬᠡ ᠪᠡᠷ ᠰᠤᠷᠭᠠᠰᠤᠭᠠᠢ᠃ ᠮᠢᠨᠦ ᠡᠨᠡ ᠦᠭᠡ ᠬᠡᠮᠡᠭᠴᠢ ᠮᠠᠰᠢ ᠦᠨᠡᠨ ᠦᠭᠡ᠂ ᠡᠳᠡᠭᠡᠷ ᠢ ᠬᠡᠯᠡᠭᠰᠡᠨ ᠢᠨᠦ ᠪᠠᠰᠠ ᠲᠠᠨ ᠤ᠋ ᠬᠠᠭᠤᠴᠢᠨ ᠤᠯᠤᠰ ᠪᠥᠭᠡᠳ ᠬᠣᠯᠠ ᠠ᠋ᠴᠠ ᠳᠠᠬᠢᠨ ᠳᠠᠪᠲᠠᠨ ᠡᠷᠢᠨ ᠭᠤᠶᠤᠭᠰᠠᠨ ᠢ᠋ ᠪᠣᠳᠣᠭᠰᠠᠨ ᠪᠣᠯᠥᠭᠡ᠂ ᠮᠢᠨᠦ ᠦᠭᠡ ᠡᠴᠡ ᠬᠡᠷᠬᠢᠪᠡᠴᠦ ᠪᠢᠲᠡᠭᠡᠢ ᠵᠥᠷᠢᠴᠡ᠂ ᠡᠨᠡ ᠦᠶ᠎ᠡ ᠳ᠋ᠦ᠍ᠷ ᠨᠠᠳᠠ ᠯᠤᠭ᠎ᠠ ᠡᠶᠡᠳᠡᠵᠦ ᠮᠢᠨᠦ ᠦᠭᠡᠰ ᠢ᠋ᠶ᠋ᠡᠷ ᠲᠣᠭᠲᠠᠭᠠᠪᠠᠰᠤ ᠬᠣᠢᠲᠤ ᠦᠶ᠎ᠡ ᠳ᠋ᠦ᠍ᠷ ᠮᠢᠨᠦ ᠦᠷ᠎ᠡ ᠠᠴᠢ ᠮᠥᠨ ᠲᠠᠨ ᠤ᠋ ᠤᠯᠤᠰ ᠢ᠋ ᠦᠯᠡᠳᠡᠭᠡᠵᠦ ᠮᠢᠨᠦ ᠵᠠᠷᠯᠢᠭ ᠢ᠋ ᠬᠦᠨᠳᠦᠳᠡ ᠰᠠᠬᠢᠬᠤ ᠪᠥᠯᠥᠭᠡ᠃ ᠲᠠ ᠡᠳᠦᠭᠡ ᠡᠰᠡ ᠮᠡᠳᠡᠨ ᠮᠢᠨᠦ ᠦᠭᠡ ᠡᠴᠡ ᠵᠥᠷᠢᠴᠡᠨ ᠶᠠᠪᠤᠭᠰᠠᠭᠠᠷ ᠮᠢᠨᠦ ᠪᠡᠶ᠎ᠡ ᠥᠩᠭᠡᠷᠡᠪᠡᠰᠦ ᠲᠠᠨ ᠤ᠋ ᠦᠨᠳᠦᠰᠦᠨ ᠢ᠋ᠶ᠋ᠡᠨ ᠰᠠᠬᠢᠨ ᠦᠯᠦ ᠴᠢᠳᠠᠬᠤᠢ ᠳ᠋ᠤᠷ ᠬᠦᠷᠴᠦ ᠭᠡᠮᠰᠢᠪᠡᠴᠦ ᠭᠦᠢᠴᠡᠬᠦ ᠦᠭᠡᠢ ᠪᠣᠯᠤᠮᠤᠢ᠃ ᠮᠢᠨᠦ ᠬᠡᠯᠡᠭᠰᠡᠨ ᠢ᠋ᠶ᠋ᠡᠷ ᠲᠠᠢᠽᠢ ᠸᠠᠩ ᠤ᠋ᠳ ᠪᠠ ᠰᠠᠢᠳ ᠲᠦᠰᠢᠮᠡᠯ ᠲᠠᠨ ᠤ᠋ ᠤᠯᠤᠰ ᠢ᠋ ᠪᠠᠷᠠᠲᠠᠯ᠎ᠠ ᠮᠥᠬᠥᠭᠡᠬᠦ ᠶ᠋ᠢ ᠰᠡᠳᠬᠡᠬᠦ ᠶ᠋ᠢ ᠴᠦ᠍ ᠪᠠᠢᠲᠤᠭᠠᠢ ᠂ ᠡᠴᠦᠰ ᠲᠦ᠍ᠷ ᠮᠥᠨ ᠰᠥᠩ ᠤᠯᠤᠰ ᠢ᠋ ᠬᠤᠷᠢᠶᠠᠬᠤ ᠰᠡᠳᠬᠢᠯ ᠪᠣᠢ ᠃ ᠮᠢᠨᠦ ᠡᠳᠡᠭᠡᠷ ᠦᠭᠡᠰ ᠢ᠋ ᠪᠢᠲᠡᠭᠡᠢ ᠲᠠᠨ ᠤ᠋ ᠬᠢᠲᠠᠳ ᠤ᠋ᠳ ᠤ᠋ᠨ ᠪᠠᠷᠢᠮᠲᠠ ᠢᠲᠡᠭᠡᠮᠵᠢ ᠦᠭᠡᠢ ᠦᠭᠡᠰ ᠲᠣᠷ ᠢ᠋ᠶ᠋ᠠᠨ ᠨᠡᠢᠯᠡᠭᠦᠯᠦᠨ ᠬᠡᠢᠳᠡᠮ ᠦᠭᠡ ᠪᠣᠯᠭᠠᠨ ᠰᠡᠳᠬᠢ ᠂ ᠡᠷᠬᠡᠪᠰᠢ ᠳᠠᠬᠢᠨ ᠳᠠᠪᠲᠠᠨ ᠬᠢᠨᠠᠨ ᠰᠡᠳᠬᠢᠭᠲᠦᠨ ! 》ᠬᠡᠮᠡᠵᠦᠬᠦᠢ᠃ 
       ᠲᠡᠨᠳᠡᠴᠡ ᠠᠯᠲᠠᠨ ᠤᠯᠤᠰ ᠤ᠋ᠨ ᠡᠯᠴᠢ ᠡᠳᠡᠭᠡᠷ ᠵᠠᠷᠯᠢᠭ ᠪᠢᠴᠢᠭ ᠢ᠋ ᠣᠯᠵᠤ ᠢᠷᠡᠭᠡᠳ ᠠᠯᠲᠠᠨ ᠤ᠋ ᠡᠵᠡᠨ ᠪᠠᠰᠠ ᠬᠦ᠌ ᠳᠠᠭᠠᠭᠰᠠᠨ ᠦᠭᠡᠢ ᠳ᠋ᠦ᠍ᠷ ᠣᠯᠠᠨ ᠲᠦᠰᠢᠮᠡᠳ ᠶᠡᠬᠡᠳᠡ ᠭᠡᠮᠰᠢᠵᠦ ᠭᠠᠰᠢᠭᠤᠳᠠᠬᠤᠢ ᠳ᠋ᠤᠷ ᠬᠠᠭᠠᠨ ᠠᠨᠤ ᠦᠵᠡᠵᠦ ᠭᠠᠷᠤᠭᠠᠳ ᠠᠷᠪᠠᠨ ᠰᠠᠷ᠎ᠠ ᠳ᠋ᠤᠷ ᠥᠪᠡᠷ ᠦ᠋ᠨ ᠰᠢᠳᠠᠷ ᠰᠠᠢᠳ ᠱᠢ ᠴᠢᠩ ᠢ᠋ ᠵᠢᠢ ᠵᠧᠦ ᠶ᠋ᠢᠨ ᠰᠢᠦᠸᠠᠨ ᠹᠦ ᠱᠢ ᠲᠦᠰᠢᠮᠡᠯ ᠪᠥᠭᠡᠳ ᠲᠡᠢ ᠶᠠᠩ ᠬᠦᠩ ᠡᠷᠭᠦᠮᠵᠢᠯᠡᠪᠡᠢ᠃ ᠵᠢᠴᠢ ᠠᠯᠲᠠᠨ ᠤᠯᠤᠰ ᠤ᠋ᠨ ᠶᠤᠸᠠᠨᠱᠤᠸᠠᠢ ᠬᠠᠢ ᠱᠢ ᠯᠢᠶᠠᠨ ᠂ ᠶᠠ ᠦ ᠳᠡ ᠶ᠋ᠢ ᠳᠠᠭᠤᠳᠠᠨ ᠠᠴᠢᠷᠠᠭᠤᠯᠤᠨ ᠣᠷᠣᠨ ᠳ᠋ᠤᠷ ᠢᠯᠡᠭᠡᠵᠦ᠂ ᠭᠠᠵᠠᠷ ᠢ᠋ ᠰᠠᠬᠢᠭᠤᠯᠤᠨ ᠱᠢ ᠴᠢᠩ ᠬᠡᠮᠡᠭᠴᠢ ᠠᠭᠤᠯᠠᠨ ᠳ᠋ᠤᠷ ᠤᠯᠠᠭᠠᠨ ᠮᠠᠯᠠᠭᠠᠢᠲᠤ ᠬᠤᠯᠠᠭᠠᠢ ᠪᠣᠰᠪᠠ᠃ ᠲᠡᠭᠦᠨ ᠢ ᠣᠷᠣᠨ ᠳ᠋ᠤᠷ ᠠᠨᠤ ᠢᠯᠡᠭᠡᠵᠦ ᠰᠠᠭᠢᠭᠤᠯᠤᠭᠰᠠᠨ ᠳ᠋ᠤᠷ ᠮᠣᠩᠭᠣᠯ ᠤ᠋ᠨ ᠲᠠᠢᠱ᠌ᠢ ᠭᠦᠸᠧ ᠸᠠᠩ ᠮᠤᠬᠤᠯᠠᠢ᠂ ᠠᠯᠲᠠᠨ ᠢ᠋ ᠳᠠᠬᠢᠨ ᠳᠠᠬᠢᠨ ᠭᠤᠶᠤᠬᠤ ᠪᠣᠯᠪᠠᠴᠤ ᠪᠠᠰᠠ ᠰᠠᠨᠠᠭᠠᠨ ᠢ᠋ᠶ᠋ᠠᠷ ᠪᠣᠯᠬᠤ ᠦᠭᠡᠢ ᠳ᠋ᠦ᠍ᠷ᠂ ᠶᠡᠬᠡ ᠬᠡᠩᠭᠡᠷᠭᠡ ᠶ᠋ᠢ ᠳᠡᠯᠪᠡᠷᠡᠲᠡᠯ᠎ᠡ ᠴᠣᠬᠢᠭᠤᠯᠵᠤ ᠪᠠᠰᠠ ᠠᠯᠲᠠᠨ ᠤ᠋ ᠡᠰᠡᠷᠭᠦ ᠪᠠᠢᠯᠳᠤᠨ ᠣᠷᠣᠪᠠ᠃ ᠠᠷᠪᠠᠨ ᠨᠢᠭᠡᠨ ᠰᠠᠷ᠎ᠠ ᠳ᠋ᠤᠷ ᠪᠠᠢᠯᠳᠤᠭᠰᠠᠭᠠᠷ ᠡᠮᠦᠨ᠎ᠡ ᠵᠦᠭ ᠣᠷᠣᠬᠤᠢ ᠳ᠋ᠤᠷ ᠮᠠᠰᠢ ᠬᠢᠯᠪᠠᠷ ᠪᠣᠯᠵᠤᠬᠤᠢ ᠃ ᠶᠠᠭᠤᠨ ? ᠬᠡᠮᠡᠪᠡᠰᠦ : ᠡᠮᠦᠨ᠎ᠡ ᠬᠢᠲᠠᠳ ᠤᠯᠤᠰ ᠤ᠋ᠨ ᠴᠡᠷᠢᠭ ᠢᠷᠭᠡᠨ ᠮᠣᠩᠭᠣᠯ ᠤᠯᠤᠰ ᠤ᠋ᠨ ᠬᠡᠴᠡᠭᠦᠦ ᠪᠠᠭᠠᠲᠤᠷ ᠰᠦᠷ ᠡᠴᠡ ᠠᠶᠤᠵᠤ ᠪᠠᠲᠤ ᠢᠲᠡᠭᠡᠮᠵᠢ ᠲᠡᠢ ᠶᠠᠪᠤᠳᠠᠯ ᠦᠭᠡᠢ ᠲᠤᠯᠠ ᠵᠠᠭᠤᠨ ᠣᠪᠣᠭᠲᠠᠨ ᠲᠦᠮᠡᠨ ᠢᠷᠭᠡᠨ ᠦ᠌ ᠰᠡᠳᠬᠢᠯ ᠮᠣᠩᠭᠣᠯ ᠳ᠋ᠤᠷ ᠴᠢᠳᠬᠤᠨ ᠳᠠᠭᠠᠵᠤ ᠂ ᠮᠣᠩᠭᠣᠯ ᠣᠷᠣᠵᠤ ᠢᠷᠡᠬᠦ ᠶ᠋ᠢ ᠪᠠᠶᠠᠷᠯᠠᠯᠴᠠᠨ ᠬᠦᠰᠡᠬᠦᠢ ᠳ᠋ᠦ᠍ᠷ ᠭᠦᠸᠧ ᠸᠠᠩ ᠤ᠋ᠨ ᠴᠡᠷᠢᠭ  ᠵᠢᠢ ᠨᠠᠨ ᠹᠦ ᠳ᠋ᠦ᠍ᠷ ᠤᠰᠤ ᠤᠷᠤᠰᠬᠤ ᠮᠡᠲᠦ ᠬᠢᠯᠪᠠᠷ ᠢ᠋ᠶ᠋ᠠᠷ ᠬᠦᠷᠦᠭᠰᠡᠨ ᠳ᠋ᠦ᠍ᠷ ᠠᠯᠲᠠᠨ ᠤ᠋ ᠳ᠋ᠦᠩ ᠫᠢᠩ ᠹᠦ ᠶ᠋ᠢᠨ ᠬᠠᠷᠢᠶᠠᠲᠤ ᠴᠠᠩ ᠶᠠᠨ ᠬᠦ ᠬᠣᠲᠠᠨ ᠳ᠋ᠤᠷ ᠰᠠᠭᠤᠵᠤ ᠂ ᠳ᠋ᠦᠩ ᠫᠢᠩ ᠹᠦ ᠶ᠋ᠢᠨ ᠭᠠᠳᠠᠭᠠᠳᠤ ᠶ᠋ᠢ ᠨᠡᠢᠲᠡ ᠶ᠋ᠢ ᠵᠠᠬᠢᠷᠬᠤ ᠶᠡᠬᠡ ᠲᠦᠰᠢᠮᠡᠯ ᠶᠠᠨ ᠱᠢ ᠶ᠋ᠢᠨ ᠬᠠᠷᠢᠶᠠᠲᠤ ᠵᠠᠩ ᠳᠧ ᠹᠦ ᠂ ᠳ᠋ᠠᠢ ᠮᠢᠩ ᠹᠦ ᠂ ᠳ᠋ᠦᠩ ᠪᠦᠸᠧ ᠹᠦ ᠂ ᠭᠠᠳᠠᠭᠠᠳᠤ ᠮᠣᠵᠢ ᠶ᠋ᠢᠨ ᠭᠤᠷᠪᠠᠨ ᠹᠦ ᠪᠣᠯᠤᠨ ᠽᠢ ᠵᠧᠦ ᠂ ᠯᠤᠸᠠᠨ ᠵᠧᠦ ᠂ ᠹᠦ ᠵᠧᠦ ᠂ ᠬᠤᠸᠠ ᠵᠧᠦ ᠂ ᠱᠦᠸᠧ ᠵᠧᠦ ᠂ ᠱᠢ ᠵᠧᠦ ᠡᠨᠡ ᠵᠢᠷᠭᠤᠭᠠᠨ ᠵᠧᠦ ᠶ᠋ᠢᠨ ᠳᠥᠴᠢᠨ ᠲᠦᠮᠡᠨ ᠢᠯᠡᠭᠦᠦ ᠡᠷᠦᠬᠡ ᠶ᠋ᠢ ᠠᠪᠴᠤ ᠮᠣᠩᠭᠣᠯ ᠤ᠋ᠨ ᠲᠡᠢᠰᠢ ᠭᠦᠸᠧ ᠸᠠᠩ ᠮᠤᠬᠤᠯᠢ ᠳ᠋ᠤᠷ ᠣᠷᠣᠵᠤ ᠳᠠᠭᠠᠭᠰᠠᠨ ᠳ᠋ᠤᠷ ᠭᠦᠸᠧ ᠸᠠᠩ ᠶᠠᠭᠠᠷᠠᠨ ᠬᠠᠭᠠᠨ ᠳ᠋ᠤᠷ ᠢᠯᠡᠷᠬᠡᠢᠯᠡᠨ ᠠᠢᠯᠠᠳᠬᠠᠵᠤ᠂ ᠪᠣᠳᠣᠷᠣᠣᠯ ᠪᠢᠴᠢᠭ ᠡᠷᠭᠦᠨ᠂ ᠶᠠᠨ ᠱᠢ ᠶ᠋ᠢ ᠳᠠᠭᠠᠭᠤᠯᠤᠨ ᠢᠯᠡᠭᠡᠭᠰᠡᠨ᠎ᠡ ᠂ ᠬᠠᠭᠠᠨ ᠶᠡᠬᠡᠳᠡ ᠪᠠᠶᠠᠷᠯᠠᠨ ᠰᠠᠢᠰᠢᠶᠠᠵᠤ᠂ ᠨᠢᠭᠤᠷ ᠤᠴᠠᠷᠠᠨ ᠪᠠᠷᠠᠯᠬᠠᠭᠤᠯᠤᠨ ᠶᠠᠨ ᠱᠢ ᠡᠴᠡ ᠠᠰᠠᠭᠤᠷᠤᠨ: 《ᠮᠡᠷᠭᠡᠨ ᠰᠠᠢᠳ ᠴᠢ ᠲᠡᠭᠷᠢ ᠶ᠋ᠢᠨ ᠪᠠᠢᠳᠠᠯ ᠬᠤᠪᠢᠰᠤᠭᠰᠠᠨ ᠢ᠋ ᠬᠡᠷᠬᠢᠨ ᠣᠯᠵᠤ ᠮᠡᠳᠡᠪᠡ ? 》ᠬᠡᠮᠡᠭᠰᠡᠨ ᠳ᠋ᠦ᠍ᠷ᠂ ᠶᠠᠨ ᠱᠢ ᠮᠥᠷᠭᠥᠵᠦ ᠠᠢᠯᠠᠳᠬᠠᠷᠤᠨ : 《ᠰᠠᠢᠳ ᠪᠢ ᠵᠠᠭᠤᠨ ᠣᠪᠣᠭᠲᠠᠨ ᠤ᠋ ᠰᠠᠨᠠᠭᠠᠨ ᠬᠤᠪᠢᠯᠤᠭᠰᠠᠨ ᠢ᠋ᠶ᠋ᠠᠷ ᠣᠯᠵᠤ ᠮᠡᠳᠡᠪᠡ ᠃ 》 ᠬᠡᠮᠡᠭᠰᠡᠨ ᠳ᠋ᠦ᠍ᠷ ᠬᠠᠭᠠᠨ ᠶᠡᠬᠡᠳᠡ ᠰᠠᠢᠰᠢᠶᠠᠨ ᠶᠠᠨ ᠱᠢ ᠶ᠋ᠢ ᠵᠢᠢ ᠰᠧ ᠭᠤᠸᠠᠩ ᠯᠦ᠍ ᠲᠠᠢᠹᠦ᠋ ᠲᠦᠰᠢᠮᠡᠯ ᠪᠥᠭᠡᠳ ᠱᠠᠩ ᠱᠣ ᠱᠧᠩ ᠦ᠋ᠨ ᠶᠠᠪᠤᠳᠠᠯ ᠢ ᠵᠠᠬᠢᠷᠠᠬᠤ ᠵᠢᠶᠠᠨᠱᠢ ᠪᠣᠯᠭᠠᠵᠤ᠂ ᠤᠭ ᠭᠠᠵᠠᠷ ᠲᠤᠷ ᠡᠭᠡᠭᠦᠯᠦᠨ ᠰᠠᠭᠤᠯᠭᠠᠬᠤᠢ ᠳ᠋ᠤᠷ ᠡᠨᠡ ᠵᠠᠪᠰᠠᠷ ᠲᠤᠷ ᠲᠡᠭᠦᠨ ᠦ᠌ ᠳᠣᠣᠷᠠᠲᠤ ᠲᠦᠰᠢᠮᠡᠯ ᠯᠢ ᠰᠢᠨ ᠬᠡᠮᠡᠭᠴᠢ ᠴᠢᠯᠥᠭᠡ ᠣᠯᠵᠤ ᠂ ᠶᠠᠨ ᠱᠢ ᠶ᠋ᠢᠨ ᠭᠡᠷ ᠦ᠋ᠨ ᠬᠣᠲᠠᠯᠠᠭᠠᠷ ᠢ᠋ ᠬᠣᠷᠢᠵᠤ ᠬᠡᠳᠦᠨ ᠬᠥᠮᠦᠨ ᠢ᠋ ᠠᠯᠠᠭᠠᠳ ᠬᠠᠷᠢᠶᠠᠲᠤ ᠴᠠᠩ ᠶᠠᠨ ᠬᠦ ᠶ᠋ᠢ ᠠᠪᠴᠤ ᠤᠷᠪᠠᠭᠰᠠᠨ ᠳ᠋ᠤᠷ ᠮᠤᠬᠤᠯᠠᠢ ᠶᠡᠬᠡ ᠯᠡ ᠠᠭᠤᠷᠯᠠᠵᠤ᠂ ᠶᠡᠬᠡ ᠴᠡᠷᠢᠭ ᠢ᠋ᠶ᠋ᠡᠷ ᠬᠥᠭᠡᠭᠡᠵᠦ ᠴᠠᠩ ᠶᠠᠨ ᠬᠦ ᠶ᠋ᠢ ᠪᠠᠢᠯᠳᠤᠨ ᠠᠪᠴᠤ ᠯᠢ ᠰᠢᠨ ᠢ ᠠᠮᠢᠳᠤ ᠪᠠᠷᠢᠵᠤ ᠶᠠᠨ ᠱᠢ ᠳ᠋ᠦ᠍ᠷ ᠥᠭᠴᠦ ᠠᠯᠠᠭᠤᠯᠪᠠ᠃ ᠲᠡᠷᠡ ᠦᠶ᠎ᠡ ᠳ᠋ᠦ᠍ᠷ ᠠᠯᠲᠠᠨ ᠤᠯᠤᠰ ᠤ᠋ᠨ ᠳᠥᠴᠢᠨ ᠲᠦᠮᠡᠨ ᠴᠡᠷᠢᠭ ᠺᠤᠸᠠᠩ ᠯᠢᠩ ᠭᠠᠩ ᠳᠣᠪᠣ ᠳ᠋ᠤᠷ ᠪᠠᠭᠤᠳᠠᠯᠯᠠᠵᠤ᠂ ᠬᠣᠶᠠᠷ ᠲᠦᠮᠡᠨ ᠶᠠᠪᠠᠭᠠᠨ ᠴᠡᠷᠢᠭ ᠮᠤᠬᠤᠯᠠᠢ ᠶ᠋ᠢ ᠨᠡᠬᠡᠵᠦ ᠵᠢᠢ ᠨᠠᠨ ᠳ᠋ᠤᠷ ᠬᠦᠷᠴᠦ ᠮᠣᠩᠭᠣᠯ ᠤ᠋ᠨ ᠴᠡᠷᠢᠭ ᠭᠡᠨᠡᠳᠲᠡ ᠤᠷᠪᠠᠨ ᠣᠷᠣᠵᠤ ᠪᠠᠢᠯᠳᠤᠵᠤ ᠠᠯᠲᠠᠨ ᠤ᠋ ᠴᠡᠷᠢᠭ ᠢ᠋ ᠶᠡᠬᠡᠯ᠎ᠡ ᠳᠠᠷᠤᠭᠠᠳ ᠲᠠᠯᠪᠢᠯ ᠦᠭᠡᠢ ᠨᠡᠬᠡᠵᠦ ᠠᠯᠠᠭᠰᠠᠭᠠᠷ ᠺᠤᠸᠠᠩ ᠯᠢᠩ ᠭᠠᠩ ᠮᠥᠷᠡᠨ ᠳ᠋ᠦ᠍ᠷ ᠬᠦᠷᠴᠦ ᠢᠷᠡᠭᠰᠡᠨ ᠳ᠋ᠦ᠍ᠷ ᠠᠯᠲᠠᠨ ᠤ᠋ ᠴᠡᠷᠢᠭ ᠤᠰᠤᠨ ᠳ᠋ᠤᠷ ᠬᠣᠣᠷᠠᠳᠠᠭᠠᠳ ᠠᠷᠭ᠎ᠠ ᠦᠭᠡᠢ᠂ ᠪᠠᠰᠠ ᠲᠤᠯᠰᠤᠭᠠᠢ ᠭᠡᠮᠡᠨ ᠤᠰᠤᠨ ᠤ᠋ ᠬᠥᠪᠡᠭᠡ ᠳ᠋ᠦ᠍ᠷ ᠵᠢᠭᠰᠠᠭᠠᠨ ᠬᠦᠯᠢᠶᠡᠭᠰᠡᠨ᠎ᠡ᠂ ᠮᠤᠬᠤᠯᠠᠢ ᠣᠯᠠᠨ ᠴᠡᠷᠢᠭ ᠲᠦ᠍ᠷ ᠵᠠᠷᠯᠠᠨ ᠥᠭᠦᠯᠡᠷᠦᠨ : 《ᠡᠨᠡ ᠯᠠᠪ ᠴᠡᠷᠢᠭ ᠢ᠋ ᠤᠬᠤᠷᠢᠭᠤᠯᠵᠤ ᠮᠠᠨ ᠢ᠋ ᠳᠠᠭᠠᠭᠤᠯᠬᠤ ᠠᠷᠭ᠎ᠠ᠂ ᠡᠰᠡ ᠬᠦᠴᠦᠯᠡᠪᠡᠰᠦ ᠦᠯᠦ ᠪᠣᠯᠤᠮᠤᠢ ! 》 ᠭᠡᠮᠡᠨ ᠥᠪᠡᠷ ᠦ᠋ᠨ ᠪᠡᠶ᠎ᠡ ᠮᠣᠷᠢᠨ ᠠ᠋ᠴᠠ ᠪᠠᠭᠤᠵᠤ᠂ ᠶᠡᠬᠡ ᠴᠡᠷᠢᠭ ᠢ᠋ ᠮᠥᠨ ᠮᠣᠷᠢᠨ ᠠ᠋ᠴᠠ ᠪᠠᠭᠤᠯᠭᠠᠨ ᠣᠬᠣᠷ ᠵᠡᠪᠰᠡᠭ ᠪᠠᠷᠢᠭᠤᠯᠵᠤ ᠲᠣᠰᠴᠤ ᠪᠠᠢᠯᠳᠤᠨ ᠣᠷᠣᠭᠰᠠᠨ ᠳ᠋ᠤᠷ ᠠᠯᠲᠠᠨ ᠤᠯᠤᠰ ᠤ᠋ᠨ ᠶᠠᠪᠠᠭᠠᠨ ᠴᠡᠷᠢᠭ ᠲᠡᠭᠰᠢ ᠭᠠᠵᠠᠷ ᠲᠤᠷ ᠤᠷᠢᠳᠠ ᠴᠡᠷᠢᠭ ᠲᠦ᠍ᠷ ᠳᠠᠷᠤᠭᠳᠠᠨ ᠠᠭᠤᠯᠠᠨ ᠵᠡᠪᠡ ᠳ᠋ᠦ᠍ᠷ ᠶᠠᠪᠠᠭᠠᠨ ᠴᠡᠷᠢᠭ ᠲᠦ᠍ᠷ ᠠᠯᠠᠭᠳᠠᠵᠤ ᠲᠡᠮᠡᠴᠡᠯᠳᠦᠨ ᠤᠰᠤ ᠭᠡᠲᠦᠯᠬᠦᠢ ᠳ᠋ᠦ᠍ᠷ ᠠᠷᠪᠠᠨ ᠤ᠋ ᠳᠣᠯᠣᠭᠠᠨ ᠬᠤᠪᠢ ᠤᠰᠤᠨ ᠳ᠋ᠤᠷ ᠦᠬᠦᠪᠡ᠃ ᠭᠦᠸᠧ ᠸᠠᠩ ᠮᠤᠬᠤᠯᠠᠢ ᠳᠡᠢᠯᠦᠭᠰᠡᠨ ᠬᠦᠴᠦᠨ ᠳ᠋ᠦ᠍ᠷ ᠲᠠᠪᠰᠢᠵᠤ᠂ ᠠᠯᠲᠠᠨ ᠤᠯᠤᠰ ᠤ᠋ᠨ ᠴᠦ ᠵᠧᠦ ᠶ᠋ᠢ ᠠᠪᠤᠭᠠᠳ ᠳ᠋ᠠᠨ ᠵᠧᠦ ᠶ᠋ᠢ ᠡᠪᠳᠡᠵᠦ᠂ ᠳᠠᠷᠤᠢ ᠳ᠋ᠠᠨ ᠵᠧᠦ ᠪᠡᠷ ᠬᠥᠳᠡᠭᠡᠰᠦᠨ ᠳ᠋ᠦᠩ ᠪᠦᠸᠧ ᠹᠦ ᠶ᠋ᠢ ᠬᠠᠭᠠᠵᠤ ᠪᠦᠰᠡᠯᠡᠪᠡ᠃ ᠳᠠᠭᠠᠯᠳᠤᠭ᠎ᠠ ᠶᠠᠨ ᠱᠢ ᠬᠦᠷᠴᠦ ᠢᠷᠡᠭᠡᠳ ᠳ᠋ᠦᠩ ᠫᠢᠩ ᠦ᠋ᠨ ᠤᠷᠪᠠᠭᠰᠠᠨ ᠢ᠋ ᠰᠣᠨᠣᠰᠴᠤ ᠲᠡᠢᠰᠢ ᠮᠤᠬᠤᠯᠢ ᠳ᠋ᠤᠷ ᠤᠬᠢᠯᠠᠨ ᠵᠣᠯᠭᠠᠵᠤ ᠬᠣᠶᠠᠭᠤᠯᠠ ᠬᠠᠮᠲᠤ ᠳ᠋ᠦᠩ ᠪᠦᠸᠧ ᠹᠦ ᠶ᠋ᠢ ᠬᠠᠭᠠᠵᠤ ᠪᠠᠢᠯᠳᠤᠭᠤᠯᠤᠮᠤᠢ᠂ ᠡᠨᠡ ᠵᠠᠪᠰᠠᠷ ᠲᠤᠷ ᠪᠠᠰᠠ ᠨᠢᠭᠡᠨ ᠵᠦᠢᠯ ᠦ᠋ᠨ ᠬᠡᠷᠡᠭ ᠭᠠᠷᠴᠤ ᠠᠯᠲᠠᠨ ᠤᠯᠤᠰ ᠤ᠋ᠨ ᠰᠢᠩ ᠵᠧᠦ ᠶ᠋ᠢ ᠰᠠᠬᠢᠭᠰᠠᠨ ᠵᠢᠶᠸ ᠳᠦ ᠱᠢ ᠲᠦᠰᠢᠮᠡᠯ ᠡᠦ ᠬᠦᠢ ᠣᠯᠠᠨ ᠮᠡᠷᠭᠡᠨ ᠨᠥᠬᠥᠷ ᠦ᠋ᠳ ᠢ᠋ ᠬᠣᠷᠢᠶᠠᠨ ᠲᠡᠭᠷᠢ ᠭᠠᠵᠠᠷ ᠬᠥᠮᠦᠨ ᠦ᠌ ᠪᠠᠢᠳᠠᠯ ᠶᠣᠰᠣ ᠶ᠋ᠢ ᠨᠡᠪᠲᠡᠷᠬᠡᠶ᠎ᠡ ᠰᠢᠭᠦᠮᠵᠢᠯᠡᠨ ᠤᠬᠠᠵᠤ᠂ ᠳᠠᠷᠤᠢ ᠭᠦᠸᠧ ᠸᠠᠩ ᠮᠤᠬᠤᠯᠠᠢ ᠳ᠋ᠤᠷ ᠢᠷᠡᠵᠦ ᠳᠠᠭᠠᠭᠰᠠᠨ ᠳ᠋ᠤᠷ ᠮᠤᠬᠤᠯᠠᠢ ᠶᠡᠬᠡᠯ᠎ᠡ ᠪᠠᠶᠠᠷᠯᠠᠨ ᠪᠣᠳᠣᠷᠣᠣᠯ ᠪᠢᠴᠢᠭ ᠬᠢᠵᠦ ᠡᠦ ᠬᠦᠢ ᠶ᠋ᠢᠨ ᠬᠠᠮᠲᠤ ᠬᠠᠭᠠᠨ ᠳ᠋ᠤᠷ ᠪᠠᠷᠠᠯᠬᠠᠷ᠎ᠠ ᠶᠠᠪᠤᠭᠤᠯᠪᠠ᠃ ᠲᠡᠨᠳᠡ ᠬᠦᠷᠪᠡᠰᠦ ᠬᠠᠭᠠᠨ ᠰᠢ ᠢᠦᠢ ᠡᠴᠡ ᠡᠭᠡᠭᠡᠳᠦᠢ᠂ ᠬᠠᠭᠠᠨ ᠤ᠋ ᠳᠡᠭᠦᠦ ᠴᠢᠨ ᠸᠠᠩ ᠬᠠᠰᠠᠷ ᠤᠯᠤᠰ ᠤ᠋ᠨ ᠬᠡᠷᠡᠭ ᠰᠢᠳᠬᠡᠬᠦ ᠲᠤᠯᠠ ᠬᠦᠨᠳᠦ ᠱᠠᠩ ᠥᠭᠴᠦ ᠬᠠᠭᠤᠴᠢᠨ ᠲᠤᠰᠢᠶᠠᠯ ᠳ᠋ᠤᠷ ᠨᠥᠬᠥᠨ ᠵᠡᠷᠭᠡ ᠲᠤᠰᠢᠶᠠᠨ ᠬᠠᠭᠠᠨ ᠳ᠋ᠤᠷ ᠠᠢᠯᠠᠳᠬᠠᠨ ᠪᠠᠭᠤᠵᠤ ᠢᠷᠡᠬᠦ ᠶ᠋ᠢ ᠬᠦᠯᠢᠶᠡ ᠭᠡᠮᠡᠨ ᠬᠤᠷᠢᠮ ᠥᠭᠬᠦᠢ ᠳ᠋ᠦ᠍ᠷ ᠯᠢᠶᠣᠣ ᠳ᠋ᠦᠩ ᠦ᠋ᠨ ᠯᠢᠶᠣᠣ ᠸᠠᠩ ᠶᠧ ᠯᠢᠦᠢ ᠯᠢᠦ ᠭᠧ ᠥᠩᠭᠡᠷᠡᠪᠡ ᠂ ᠲᠠᠪᠢᠨ ᠵᠢᠷᠭᠤᠭᠠᠨ ᠨᠠᠰᠤ ᠲᠠᠢ ᠠᠵᠤᠭᠤ ᠂ ᠬᠠᠢᠷᠠᠬᠠᠨ ᠨᠢᠭᠡᠨ ᠴᠢᠬᠡᠴᠢ ᠪᠠᠭᠠᠲᠤᠷ ᠰᠠᠢᠨ ᠡᠷ᠎ᠡ ᠪᠠᠬᠠᠨ ᠬᠡᠳᠦᠨ ᠵᠢᠯ ᠳᠤᠲᠠᠭᠤ ᠨᠠᠰᠤᠯᠠᠪᠠᠢ᠃ 
       ᠲᠡᠳᠦᠢ ᠡᠮ᠎ᠡ ᠢᠨᠦ ᠶᠣᠣ ᠯᠢ ᠱᠢ ᠪᠡᠶ᠎ᠡ ᠪᠡᠷ ᠬᠠᠭᠠᠨ ᠳ᠋ᠤᠷ ᠵᠣᠯᠭᠠᠷ᠎ᠠ ᠢᠷᠡᠭᠰᠡᠨ ᠢ᠋ ᠴᠢᠨ ᠸᠠᠩ ᠤ᠋ᠳ ᠵᠥᠪᠯᠡᠵᠦ ᠲᠡᠭᠦᠨ ᠦ᠌ ᠤᠯᠤᠰ ᠢ᠋ ᠲᠦᠷ ᠵᠠᠬᠢᠷᠬᠤ ᠵᠠᠷᠯᠢᠭ ᠤ᠋ᠨ ᠪᠠᠷᠰ ᠤ᠋ᠨ ᠲᠠᠮᠠᠭ᠎ᠠ ᠰᠣᠶᠣᠷᠬᠠᠵᠤ ᠥᠭᠴᠦ ᠢᠯᠡᠭᠡᠪᠡ᠃ ᠶᠣᠣ ᠹᠧᠢ ᠯᠢᠶᠣᠣ ᠳ᠋ᠦᠩ ᠢ ᠡᠨᠡ ᠮᠡᠲᠦ ᠳᠣᠯᠣᠭᠠᠨ ᠵᠢᠯ ᠬᠢᠴᠢᠶᠡᠨ ᠰᠠᠬᠢᠵᠤ ᠥᠴᠦᠬᠡᠨ ᠴᠦ᠍ ᠣᠰᠣᠯ ᠠᠯᠳᠠᠰᠢ ᠡᠰᠡ ᠭᠠᠷᠭᠠᠯᠤᠭ᠎ᠠ᠂ ᠰᠠᠢᠨ ᠡᠬᠡᠨᠡᠷ ᠲᠣᠷ ᠪᠠᠭᠲᠠᠭᠠᠵᠤ ᠪᠣᠯᠤᠮᠤᠢ᠂ ᠦᠨᠡᠬᠡᠷ ᠤᠯᠤᠰ ᠭᠡᠷ ᠦ᠋ᠨ ᠬᠤᠪᠢ ᠮᠥᠨ᠃ 
       ᠡᠨᠡ ᠡᠪᠦᠯ ᠦ᠋ᠨ ᠰᠡᠭᠦᠯ ᠯᠡ ᠰᠠᠷ᠎ᠠ ᠳ᠋ᠤ᠌ ᠰᠥᠩ ᠤᠯᠤᠰ ᠤ᠋ᠨ ᠶᠡᠬᠡ ᠶᠤᠸᠠᠨᠱᠤᠸᠠᠢ ᠯᠢ ᠴᠢᠤᠸᠠᠨ ᠬᠡᠮᠡᠭᠴᠢ ᠲᠡᠭᠦᠨ ᠦ᠌ ᠳᠣᠣᠷᠠᠲᠤ ᠵᠠᠩᠵᠤᠨ ᠱᠢ ᠬᠦᠢ ᠶ᠋ᠢᠨ ᠴᠡᠷᠢᠭ ᠲᠦ᠍ᠷ ᠬᠦᠨᠡᠰᠦ ᠥᠭᠬᠦ ᠦᠭᠡᠢ ᠪᠥᠭᠡᠳ ᠪᠠᠰᠠ ᠳᠡᠭᠡᠭᠰᠢ ᠬᠣᠴᠢᠯᠠᠨ ᠠᠢᠯᠠᠳᠬᠠᠬᠤᠢ ᠳ᠋ᠤᠷ ᠵᠠᠷᠯᠢᠭ ᠢ᠋ᠶ᠋ᠠᠷ ᠫᠠᠢ ᠶᠤᠸᠠᠨ ᠢ᠋ᠶ᠋ᠠᠷ ᠪᠠᠷᠢᠭᠤᠯᠤᠷ᠎ᠠ ᠵᠠᠷᠤᠭᠰᠠᠨ᠎ᠠ᠂ ᠱᠢ ᠬᠦᠢ ᠴᠢᠬᠤᠯᠳᠠᠨ ᠠᠷᠭ᠎ᠠ ᠦᠭᠡᠢ ᠤᠷᠪᠠᠵᠤ ᠪᠠᠷᠢᠷ᠎ᠠ ᠢᠷᠡᠭᠰᠡᠨ ᠡᠯᠴᠢ ᠫᠠᠢ ᠶᠤᠸᠠᠨ ᠢ᠋ ᠠᠯᠠᠭᠠᠳ ᠬᠤᠷᠰᠢᠶ᠎ᠠ ᠲᠦᠰᠢᠮᠡᠳ ᠰᠦᠨ ᠡᠦ ᠵᠧᠩ᠂ ᠰᠥᠩ ᠳᠧ ᠵᠧᠨ ᠲᠠᠨ ᠢ᠋ ᠠᠪᠴᠤ ᠳ᠋ᠦᠩ ᠫᠢᠩ ᠳ᠋ᠦ᠍ᠷ ᠪᠦᠬᠦᠢ ᠮᠣᠩᠭᠣᠯ ᠤ᠋ᠨ ᠭᠦᠸᠧ ᠸᠠᠩ ᠮᠤᠬᠤᠯᠠᠢ ᠳ᠋ᠤᠷ ᠢᠷᠡᠵᠦ ᠮᠥᠷᠭᠥᠨ ᠵᠣᠯᠭᠠᠵᠤ ᠤᠴᠢᠷ ᠢ᠋ᠶ᠋ᠠᠨ ᠬᠡᠯᠡᠵᠦ ᠳᠠᠭᠠᠭᠰᠠᠨ ᠳ᠋ᠤᠷ ᠸᠠᠩ ᠤᠴᠢᠷ ᠢ᠋ ᠰᠣᠨᠣᠰᠴᠤ ᠦᠨᠡᠨ ᠢ᠋ ᠮᠡᠳᠡᠭᠡᠳ ᠱᠢ ᠬᠦᠢ ᠶ᠋ᠢ ᠳᠡᠳ᠋ ᠶᠤᠸᠠᠨᠱᠤᠸᠠᠢ ᠪᠣᠯᠭᠠᠵᠤ᠂ ᠨᠢᠭᠡᠨᠲᠡᠭᠡᠭᠦᠷ ᠬᠠᠭᠠᠨ ᠳ᠋ᠤᠷ ᠠᠢᠯᠠᠳᠬᠠᠨ ᠶᠠᠪᠤᠭᠤᠯᠵᠤ ᠂ ᠨᠢᠭᠡᠨᠲᠡᠭᠡᠭᠦᠷ ᠱᠢ ᠬᠦᠢ ᠳ᠋ᠦ᠍ᠷ ᠴᠡᠷᠢᠭ ᠨᠡᠮᠡᠨ ᠥᠭᠴᠦ ᠭᠡᠳᠡᠷᠭᠦ ᠯᠢ ᠴᠢᠤᠸᠠᠨ ᠢ᠋ ᠳᠠᠢᠯᠠᠷ᠎ᠠ ᠢᠯᠡᠭᠡᠭᠰᠡᠨ᠎ᠡ ᠂ ᠯᠢ ᠴᠢᠤᠸᠠᠨ ᠶᠡᠬᠡᠯ᠎ᠡ ᠠᠭᠤᠷᠯᠠᠨ ᠶᠠᠭᠠᠷᠠᠵᠤ ᠱᠢ ᠬᠦᠢ ᠶ᠋ᠢᠨ ᠵᠡᠷᠭᠡ ᠶ᠋ᠢᠨ ᠲᠦᠰᠢᠮᠡᠳ ᠦ᠋ᠨ ᠤᠷᠤᠭ ᠰᠠᠳᠤᠨ ᠨᠠᠷ ᠢ᠋ ᠢᠯᠡᠭᠡᠵᠦ ᠡᠶᠡᠳᠡᠬᠦ ᠶ᠋ᠢ ᠭᠤᠶᠤᠭᠰᠠᠨ ᠳ᠋ᠤᠷ ᠱᠢ ᠬᠦᠢ ᠡᠮ᠎ᠡ ᠦᠷ᠎ᠡ ᠤᠷᠤᠭ ᠰᠠᠳᠤᠨ ᠢ᠋ᠶ᠋ᠠᠨ ᠠᠪᠤᠭᠠᠳ ᠡᠶᠡᠳᠡᠬᠦ ᠶ᠋ᠢ ᠬᠦᠯᠢᠶᠡᠭᠰᠡᠨ ᠦᠭᠡᠢ ᠂ ᠯᠢᠶᠠᠨ ᠱᠦᠢ ᠶ᠋ᠢᠨ ᠣᠯᠠᠨ ᠠᠢᠯ ᠬᠣᠷᠢᠶ᠎ᠠ ᠶ᠋ᠢᠨ ᠴᠡᠷᠢᠭ ᠢᠷᠭᠡᠨ ᠢ᠋ ᠬᠤᠷᠢᠶᠠᠮᠵᠢᠯᠠᠨ ᠂ ᠶᠡᠬᠡ ᠴᠡᠷᠢᠭ ᠡᠯᠰᠡᠵᠦ ᠰᠥᠩ ᠢ ᠪᠠᠢᠯᠳᠤᠬᠤ ᠶ᠋ᠢ ᠪᠡᠯᠡᠳᠬᠡᠪᠡ᠃ 
       ᠲᠡᠳᠦᠢ ᠭᠦᠸᠧ ᠸᠠᠩ ᠮᠤᠬᠤᠯᠠᠢ ᠳ᠋ᠦᠩ ᠫᠢᠩ ᠹᠦ ᠶ᠋ᠢ ᠪᠠᠲᠤᠯᠠᠨ ᠬᠠᠭᠠᠭᠰᠠᠨ᠎ᠠ᠂ ᠲᠡᠳᠡ ᠪᠠᠰᠠ ᠪᠠᠲᠤᠯᠠᠨ ᠰᠠᠬᠢᠭᠠᠳ ᠳᠠᠪ ᠳᠡᠭᠡᠷ᠎ᠡ ᠠᠪᠲᠠᠬᠤ ᠦᠭᠡᠢ ᠳ᠋ᠦ᠍ᠷ ᠮᠤᠬᠤᠯᠠᠢ ᠶᠠᠨ ᠱᠢ ᠶ᠋ᠢ ᠰᠤᠷᠭᠠᠨ ᠥᠭᠦᠯᠡᠷᠦᠨ : 《ᠳ᠋ᠦᠩ ᠫᠢᠩ ᠬᠣᠲᠠ ᠬᠦᠨᠡᠰᠦ ᠪᠡᠨ ᠲᠠᠰᠤᠷᠠᠬᠤ ᠠ᠋ᠴᠠ ᠢᠨᠠᠭᠰᠢ ᠦᠯᠦ ᠳᠠᠭᠠᠮᠤᠢ᠂ ᠲᠡᠭᠦᠨ ᠦ᠌ ᠬᠦᠨᠡᠰᠦ ᠲᠠᠰᠤᠷᠠᠪᠠᠴᠤ ᠲᠡᠳᠡ ᠯᠠᠪ ᠤᠷᠭᠤᠮᠤᠢ᠃ ᠲᠡᠷᠡ ᠬᠢᠷᠢ ᠳ᠋ᠦ᠍ᠷ ᠴᠢ ᠬᠣᠲᠠᠨ ᠳ᠋ᠤᠷ ᠣᠷᠣᠵᠤ ᠤᠷᠢᠳᠠ ᠢᠷᠭᠡᠨ ᠢ᠋ ᠲᠣᠭᠲᠠᠭᠠᠭᠠᠳ ᠳᠣᠷᠣᠭᠰᠢ ᠵᠢᠶᠦ᠋ᠨ ᠰᠢᠶᠠᠨ ᠤ᠋ ᠢᠷᠭᠡᠨ ᠳ᠋ᠦ᠍ᠷ ᠵᠦᠳᠡᠭᠦᠷᠢ ᠪᠣᠯᠭᠠᠨ ᠬᠡᠷᠡᠭ ᠡᠪᠳᠡᠷᠡᠬᠦᠢ ᠳ᠋ᠦ᠍ᠷ ᠪᠢᠲᠡᠭᠡᠢ ᠬᠦᠷᠭᠦᠯ᠂ ᠭᠠᠭᠴᠠ ᠨᠢᠭᠡᠨ ᠬᠣᠲᠠᠨ ᠳ᠋ᠤᠷ ᠣᠷᠣᠭᠰᠢ ᠣᠷᠣᠬᠤᠢ ᠳ᠋ᠤᠷ ᠰᠠᠭᠠᠲᠠᠯ ᠪᠣᠯᠭᠠᠨ ᠶᠡᠬᠡ ᠦᠢᠯᠡ ᠶ᠋ᠢ ᠰᠠᠭᠠᠲᠠᠭᠤᠯᠵᠤ ᠦᠯᠦ ᠪᠣᠯᠤᠮᠤᠢ ᠃ 》ᠭᠡᠮᠡᠨ ᠵᠢᠶᠦ᠋ᠨ ᠯᠦ᠍᠂ ᠬᠤᠲᠤᠭᠲᠤ ᠬᠣᠶᠠᠷ ᠵᠠᠩᠵᠤᠨ ᠳ᠋ᠤᠷ ᠲᠠᠪᠤᠨ ᠲᠦᠮᠡᠨ ᠮᠣᠩᠭᠣᠯ ᠴᠡᠷᠢᠭ ᠢ᠋ ᠲᠤᠰᠢᠶᠠᠨ ᠬᠣᠲᠠᠨ ᠢ ᠬᠠᠭᠠᠯᠭᠠᠵᠤ᠂ ᠪᠠᠰᠠ ᠶᠠᠨ ᠱᠢ ᠳ᠋ᠦ᠍ᠷ ᠱᠠᠩ ᠱᠧᠩ ᠱᠢ ᠡᠷᠬᠡ ᠶ᠋ᠢ ᠪᠠᠷᠢᠭᠤᠯᠵᠤ᠂ ᠬᠣᠲᠠ ᠶ᠋ᠢᠨ ᠨᠡᠢᠲᠡ ᠶ᠋ᠢ ᠬᠠᠭᠠᠬᠤ ᠶ᠋ᠢ ᠲᠤᠰᠢᠶᠠᠪᠠ᠃ ᠡᠭᠦᠨ ᠳ᠋ᠦ᠍ᠷ ᠮᠢᠩᠭᠠᠨ ᠤ᠋ ᠨᠣᠶᠠᠨ ᠭᠦᠸᠧ ᠸᠠᠩ ᠳ᠋ᠤᠷ ᠮᠡᠳᠡᠭᠦᠯᠦᠷᠦᠨ : 《ᠡᠨᠡ ᠬᠣᠲᠠᠨ ᠢ᠋ ᠠᠪᠤᠪᠠᠰᠤ ᠶᠠᠨ ᠱᠢ ᠂ ᠱᠢ ᠬᠦᠢ ᠬᠣᠶᠠᠭᠤᠯᠠ ᠳ᠋ᠤᠷ ᠬᠣᠲᠠ ᠶ᠋ᠢᠨ ᠳᠣᠲᠣᠷ᠎ᠠ ᠡᠮᠦᠨ᠎ᠡ ᠬᠣᠢᠨ᠎ᠠ ᠶ᠋ᠢ ᠬᠤᠪᠢᠶᠠᠨ ᠰᠠᠬᠢᠭᠤᠯᠪᠠᠰᠤ ᠬᠣᠲᠠ ᠶ᠋ᠢᠨ ᠢᠷᠭᠡᠨ ᠬᠡᠳᠦᠢ ᠤᠷᠭᠤᠨ ᠭᠠᠷᠪᠠᠴᠤ ᠮᠥᠨ ᠬᠦ᠌ ᠥᠪᠡᠷ᠎ᠡ ᠬᠥᠮᠦᠨ ᠡᠴᠡ ᠳᠡᠭᠡᠷ᠎ᠡ ᠦᠭᠡᠢ ᠤᠤ ? 》ᠬᠡᠮᠡᠭᠰᠡᠨ ᠳ᠋ᠦ᠍ᠷ ᠮᠤᠬᠤᠯᠠᠢ ᠮᠥᠨ ᠭᠡᠮᠡᠨ ᠰᠠᠢᠰᠢᠶᠠᠵᠤ ᠳᠠᠷᠤᠢ ᠶᠠᠨ ᠱᠢ ᠂ ᠱᠢ ᠬᠦᠢ ᠬᠣᠶᠠᠭᠤᠯᠠ ᠳ᠋ᠤᠷ ᠬᠣᠲᠠ ᠰᠠᠬᠢᠵᠤ ᠣᠯᠠᠨ ᠤ᠋ ᠰᠡᠳᠬᠢᠯ ᠢ᠋ ᠠᠪᠴᠤ ᠢᠷᠭᠡᠨ ᠢ ᠬᠤᠷᠢᠶᠠᠬᠤ ᠶ᠋ᠢ ᠰᠤᠷᠭᠠᠵᠤ᠂ ᠮᠥᠨ ᠥᠪᠡᠷ ᠦ᠋ᠨ ᠬᠠᠷᠢᠶᠠᠲᠤ ᠠᠷᠪᠠᠨ ᠲᠦᠮᠡᠨ ᠴᠡᠷᠢᠭ ᠢ᠋ ᠠᠪᠤᠨ ᠠᠯᠲᠠᠨ ᠤ᠋ ᠵᠦᠭ ᠡᠦ  ᠹᠠᠨ ᠱᠠᠨ ᠠᠭᠤᠯᠠᠨ ᠳ᠋ᠤᠷ ᠬᠦᠷᠴᠦ ᠪᠠᠭᠤᠪᠠ ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠶᠡᠬᠡ ᠵᠠᠩᠵᠤᠨ ᠢ ᠰᠦᠢ ᠬᠦᠩ ᠂ ᠵᠢᠩ ᠠᠨ ᠮᠢᠨ ᠬᠣᠶᠠᠷ ᠵᠠᠷᠯᠢᠭ ᠢ᠋ᠶ᠋ᠠᠷ ᠮᠣᠩᠭᠣᠯ ᠤ᠋ᠨ ᠴᠡᠷᠢᠭ ᠢ ᠲᠣᠰᠴᠤ ᠬᠠᠯᠬᠠᠯᠠᠷ᠎ᠠ ᠢᠷᠡᠭᠰᠡᠨ ᠳ᠋ᠦ᠍ᠷ ᠮᠣᠩᠭᠣᠯ ᠤ᠋ᠨ ᠴᠡᠷᠢᠭ  ᠹᠠᠨ ᠱᠠᠨ ᠳ᠋ᠤᠷ ᠪᠠᠭᠤᠪᠠ ᠃ ᠢ ᠰᠦᠢ ᠬᠦᠩ ᠂ ᠵᠢᠩ ᠠᠨ ᠮᠢᠨ ᠲᠡᠷᠡ ᠣᠷᠴᠢᠮ ᠤ᠋ᠨ ᠢᠷᠭᠡᠨ ᠦ᠌ ᠬᠥᠭᠰᠢᠨ ᠵᠠᠯᠠᠭᠤ ᠡᠮ᠎ᠡ ᠦᠷ᠎ᠡ ᠶ᠋ᠢ ᠴᠥᠮ ᠬᠣᠷᠢᠶᠠᠨ ᠥᠪᠡᠷ ᠦ᠋ᠨ ᠡᠮ᠎ᠡ ᠦᠷ᠎ᠡ ᠯᠦ᠍ᠭᠡ ᠪᠦᠭᠦᠳᠡᠭᠡᠷ ᠢ᠋ ᠱᠠ ᠱᠠᠨ ᠠᠭᠤᠯᠠᠨ ᠳ᠋ᠤᠷ ᠣᠷᠣᠭᠤᠯᠵᠤ ᠪᠠᠲᠤᠯᠠᠨ ᠪᠠᠭᠤᠯᠭᠠᠭᠠᠳ ᠰᠠᠶᠢ ᠴᠡᠷᠢᠭ ᠠᠪᠴᠤ ᠹᠠᠨ ᠱᠠᠨ ᠠᠭᠤᠯᠠᠨ ᠳ᠋ᠤᠷ ᠮᠣᠩᠭᠣᠯ ᠤ᠋ᠨ ᠴᠡᠷᠢᠭ ᠢ᠋ ᠬᠤᠯᠠᠭᠤᠨ ᠬᠠᠯᠳᠠᠷ᠎ᠠ ᠡᠴᠢᠬᠦᠢ ᠳ᠋ᠦ᠍ᠷ ᠭᠦᠸᠧ ᠸᠠᠩ ᠮᠤᠬᠤᠯᠠᠢ ᠬᠡᠳᠦᠢᠨᠡᠢ ᠰᠣᠨᠣᠰᠴᠤ ᠢᠨᠢᠶᠡᠨ ᠥᠭᠦᠯᠡᠷᠦᠨ : 《ᠡᠨᠡ ᠬᠣᠶᠠᠷ ᠬᠢᠲᠠᠳ ᠥᠪᠡᠷ ᠢ᠋ᠶ᠋ᠡᠨ ᠡᠰᠡ ᠳᠠᠭᠠᠬᠤ ᠪᠠᠷ ᠦᠯᠦ ᠪᠠᠷᠠᠨ᠂ ᠵᠠᠭᠤᠨ ᠣᠪᠣᠭᠲᠠᠨ ᠢ ᠴᠥᠮ ᠢᠷᠡᠭᠦᠯᠪᠡ᠃ 》ᠭᠡᠮᠡᠨ ᠳᠣᠣᠷᠠᠬᠢ ᠮᠣᠩᠭᠣᠯ ᠬᠢᠲᠠᠳ ᠴᠡᠷᠢᠭ ᠢ ᠬᠣᠶᠠᠷ ᠬᠠᠭᠠᠰᠯᠠᠵᠤ᠂ ᠳᠡᠭᠦᠦ ᠳᠠᠢᠰᠤᠨᠳᠠᠷᠤᠭᠴᠢ ᠳ᠋ᠤᠷ ᠲᠠᠪᠤᠨ ᠲᠦᠮᠡᠨ ᠴᠡᠷᠢᠭ ᠥᠭᠴᠦ ᠰᠥᠨᠢ ᠳᠦᠯᠢᠨ ᠮᠣᠷᠳᠠᠭᠤᠯᠵᠤ ᠰᠤᠷᠭᠠᠨ ᠥᠭᠦᠯᠡᠷᠦᠨ : 《ᠠᠯᠲᠠᠨ ᠤᠯᠤᠰ ᠤ᠋ᠨ ᠴᠡᠷᠢᠭ ᠯᠠᠪ ᠮᠠᠨ ᠤ᠋ ᠣᠯᠠᠨ ᠢ᠋ ᠬᠠᠭᠠᠷ᠎ᠠ ᠢᠷᠡᠮᠦᠢ᠂ ᠴᠢ ᠬᠣᠢᠲᠤ ᠵᠠᠮ ᠢ᠋ᠶ᠋ᠠᠷ ᠡᠴᠢᠵᠦ ᠲᠡᠭᠦᠨ ᠦ᠌ ᠴᠡᠷᠢᠭ ᠥᠩᠭᠡᠷᠡᠨ ᠭᠠᠷᠤᠭᠰᠠᠨ ᠬᠣᠢᠨ᠎ᠠ ᠰᠢᠭᠤᠳ ᠱᠠ ᠱᠠᠨ ᠠᠭᠤᠯᠠᠨ ᠤ᠋ ᠠᠷᠤ ᠪᠠᠷ ᠳᠠᠪᠠᠵᠤ ᠣᠷᠣᠨ᠂ ᠲᠡᠳᠡᠨ ᠦ᠌ ᠡᠮ᠎ᠡ ᠦᠷ᠎ᠡ ᠶ᠋ᠢ ᠪᠦᠷᠢᠨ᠎ᠡ ᠬᠠᠭᠠᠵᠤ ᠠᠪᠤᠭᠲᠤᠨ ᠂ ᠪᠢᠲᠡᠭᠡᠢ ᠴᠥᠮ ᠠᠯᠠ ᠂ ᠭᠠᠭᠴᠠ ᠲᠡᠳᠡᠨ ᠢ᠋ ᠬᠣᠶᠠᠷ ᠳᠠᠰᠢ ᠬᠠᠮᠠᠭᠠᠯᠠᠨ ᠴᠢᠳᠠᠬᠤ ᠦᠭᠡᠢ ᠪᠣᠯᠭᠠᠰᠤᠭᠠᠢ᠂ ᠡᠢᠮᠦ ᠪᠥᠭᠡᠰᠦ ᠲᠡᠭᠦᠨ ᠦ᠌ ᠴᠡᠷᠢᠭ ᠦ᠋ᠨ ᠳᠣᠲᠣᠷ᠎ᠠ ᠥᠪᠡᠷ ᠢ᠋ᠶ᠋ᠡᠨ ᠬᠤᠪᠢᠰᠬᠠᠯ ᠭᠠᠷᠤᠮᠤᠢ 》ᠬᠡᠮᠡᠭᠰᠡᠨ ᠳ᠋ᠦ᠍ᠷ ᠵᠠᠮᠪᠠᠯ ᠥᠭᠦᠯᠡᠷᠦᠨ : 《ᠱᠠ ᠱᠠᠨ ᠤ᠋ ᠵᠠᠮ ᠢ᠋ ᠪᠢ ᠰᠠᠢᠨ ᠮᠡᠳᠡᠮᠦᠢ᠂ ᠤᠷᠢᠳᠤ ᠵᠢᠯ ᠲᠡᠨᠳᠡ ᠠᠳᠤᠭᠤ ᠬᠤᠳᠠᠯᠳᠤᠭᠰᠠᠨ ᠪᠥᠯᠥᠭᠡ ! 》 ᠭᠡᠮᠡᠨ ᠳᠠᠷᠤᠢ ᠪᠠᠷᠠᠭᠤᠨ ᠬᠣᠢᠲᠤ ᠵᠠᠮ ᠢ᠋ᠶ᠋ᠠᠷ ᠮᠤᠰᠬᠢᠨ ᠮᠣᠷᠳᠠᠪᠠ᠃ ᠡᠨᠡ ᠮᠡᠳᠡᠭᠡ ᠶ᠋ᠢ ᠢ ᠰᠦᠢ ᠬᠦᠩ ᠂ ᠵᠢᠩ ᠠᠨ ᠮᠢᠨ ᠨᠠᠷ ᠲᠡᠰᠢᠶ᠎ᠡ ᠰᠣᠨᠣᠰᠴᠤ ᠮᠣᠩᠭᠣᠯ ᠴᠡᠷᠢᠭ ᠠᠶᠤᠵᠤ ᠶᠡᠬᠡ ᠬᠠᠭᠠᠰ ᠤᠷᠭᠤᠪᠠ ᠭᠡᠮᠡᠨ ᠶᠡᠬᠡᠯ᠎ᠡ ᠪᠠᠶᠠᠷᠯᠠᠨ ᠰᠢᠪᠠᠳᠠᠵᠤ᠂ ᠹᠠᠨ ᠱᠠᠨ ᠠᠭᠤᠯᠠᠨ ᠳ᠋ᠤᠷ ᠬᠦᠷᠴᠦ ᠢᠷᠡᠭᠰᠡᠨ ᠳ᠋ᠦ᠍ᠷ ᠮᠣᠩᠭᠣᠯ ᠤ᠋ᠨ ᠴᠡᠷᠢᠭ ᠠᠭᠤᠯᠠᠨ ᠤ᠋ ᠠᠮᠠ ᠶ᠋ᠢ ᠪᠠᠲᠤᠳᠠ ᠰᠠᠬᠢᠨ ᠰᠠᠭᠤᠵᠤ ᠲᠡᠨᠳᠡ ᠰᠢᠨᠡᠯᠡᠬᠦ ᠪᠡᠷ ᠪᠡᠯᠡᠳᠴᠦᠬᠦᠢ᠃ 
      ᠲᠡᠳᠦᠢ ᠬᠠᠯᠳᠠᠨ ᠪᠠᠢᠯᠳᠤᠬᠤᠢ ᠳ᠋ᠤᠷ ᠮᠣᠩᠭᠣᠯ ᠴᠡᠷᠢᠭ ᠬᠠᠷᠢᠨ ᠠᠭᠤᠯᠠᠨ ᠤ᠋ ᠬᠦᠮᠥᠭ ᠣᠷᠣᠢ ᠳ᠋ᠤᠷ ᠰᠠᠭᠤᠯᠴᠠᠵᠤ ᠤᠯᠠᠭᠠᠨ ᠴᠠᠭᠠᠰᠤᠨ ᠵᠤᠯᠠ᠂ ᠯᠠ ᠮᠧᠢ ᠴᠡᠴᠡᠭ ᠦ᠋ᠨ ᠴᠢᠮᠡᠭᠯᠡᠯ ᠢ᠋ᠶ᠋ᠡᠷ ᠬᠤᠷᠢᠮᠯᠠᠨ᠂ ᠤᠷᠲᠤ ᠠᠶᠠᠯᠭᠤ ᠪᠠᠷ ᠳᠠᠭᠤᠯᠠᠯᠴᠠᠨ ᠠᠵᠢᠭ ᠦᠭᠡᠢ ᠳ᠋ᠦ᠍ᠷ ᠢ᠂ ᠵᠢᠩ ᠬᠣᠶᠠᠷ ᠵᠠᠩᠵᠤᠨ ᠶᠡᠬᠡᠯ᠎ᠡ ᠠᠭᠤᠷᠯᠠᠨ ᠠᠭᠤᠯᠠᠨ ᠤ᠋ ᠠᠮᠠ ᠪᠠᠷ ᠪᠡᠬᠢᠯᠡᠯᠲᠡ ᠶ᠋ᠢ ᠡᠪᠳᠡᠬᠦᠢ ᠳ᠋ᠦ᠍ᠷ ᠭᠡᠨᠡᠳᠲᠡ ᠰᠠᠮᠠᠭᠤᠨ ᠵᠡᠪᠡ ᠳ᠋ᠦ᠍ᠷ ᠤᠴᠠᠷᠠᠵᠤ ᠴᠡᠷᠢᠭ ᠨᠡᠯᠢᠶᠡᠳ ᠬᠣᠬᠢᠷᠠᠪᠠ ᠃ ᠲᠡᠢᠨ ᠬᠦ᠌ ᠲᠣᠭᠣᠷᠢᠵᠤ ᠵᠠᠮ ᠡᠷᠢᠬᠦᠢ ᠳ᠋ᠦ᠍ᠷ ᠭᠡᠨᠡᠳᠲᠡ ᠬᠣᠢᠨ᠎ᠠ ᠠ᠋ᠴᠠ ᠮᠡᠳᠡᠭᠡ ᠢᠷᠡᠵᠦ: 《ᠮᠣᠩᠭᠣᠯ ᠤ᠋ᠨ ᠭᠦᠸᠧ ᠸᠠᠩ ᠮᠤᠬᠤᠯᠠᠢ ᠮᠠᠨ ᠤ᠋ ᠰᠠᠭᠤᠭᠰᠠᠨ ᠱᠠ ᠱᠠᠨ ᠢ᠋ ᠣᠷᠣᠵᠤ ᠠᠪᠤᠪᠠ᠂ ᠴᠡᠷᠢᠭ ᠦᠭᠡᠢ ᠲᠤᠯᠠ ᠨᠢᠭᠡᠨᠲᠡ ᠬᠠᠰᠬᠢᠷᠤᠨ ᠳᠠᠷᠤᠢ ᠠᠷᠤ ᠪᠠᠷ ᠣᠷᠣᠵᠤ᠂ ᠨᠡᠢᠲᠡ ᠪᠦᠭᠦᠳᠡᠭᠡᠷ ᠦ᠋ᠨ ᠡᠮ᠎ᠡ ᠦᠷ᠎ᠡ ᠴᠥᠮ ᠠᠪᠲᠠᠪᠠ᠂ ᠬᠡᠯᠡᠬᠦ ᠢᠨᠦ ᠮᠠᠨ ᠤ᠋ ᠴᠡᠷᠢᠭ ᠳᠠᠭᠠᠪᠠᠰᠤ ᠠᠯᠠᠬᠤ ᠶ᠋ᠢ ᠭᠡᠯᠳᠦᠷᠢᠭᠦᠯᠦᠮᠦᠢ ! 》ᠬᠡᠮᠡᠬᠦᠢ ᠳ᠋ᠦ᠍ᠷ ᠢ ᠂ ᠵᠢᠩ ᠬᠣᠶᠠᠷ ᠤ᠋ᠨ ᠣᠯᠠᠨ ᠴᠡᠷᠢᠭ ᠴᠥᠮ ᠴᠢᠷᠠᠢ ᠠᠯᠳᠠᠵᠤ ᠣᠳᠣ ᠡᠰᠡ ᠳᠠᠭᠠᠪᠠᠰᠤ ᠮᠠᠨ ᠤ᠋ ᠡᠮ᠎ᠡ ᠦᠷ᠎ᠡ ᠴᠥᠮ ᠠᠯᠠᠭᠳᠠᠮᠤᠢ᠂ ᠡᠭᠡᠵᠦ ᠡᠴᠢᠨ ᠪᠤᠯᠢᠶᠠᠨ ᠠᠪᠴᠤ ᠴᠢᠳᠠᠬᠤ ᠦᠭᠡᠢ ᠭᠡᠮᠡᠨ ᠰᠠᠨᠳᠤᠷᠤᠨ ᠤᠬᠢᠯᠠᠯᠴᠠᠬᠤᠢ ᠳ᠋ᠤᠷ ᠦᠨᠡᠬᠡᠷ ᠬᠠᠳᠠ ᠶ᠋ᠢᠨ ᠬᠥᠲᠥᠯ ᠳ᠋ᠦ᠍ᠷ ᠭᠦᠸᠧ ᠸᠠᠩ ᠵᠣᠭᠰᠣᠵᠤ ᠡᠳᠡᠨ ᠦ᠌ ᠪᠠᠢᠳᠠᠯ ᠢ᠋ ᠮᠡᠳᠡᠭᠡᠳ ᠶᠡᠬᠡ ᠳᠠᠭᠤᠨ ᠢ᠋ᠶ᠋ᠠᠷ ᠥᠭᠦᠯᠡᠷᠦᠨ: 《ᠮᠢᠨᠦ ᠪᠡᠶ᠎ᠡ ᠡᠨᠳᠡ ᠪᠣᠢ᠂ ᠲᠠᠨ ᠤ᠋ ᠡᠮ᠎ᠡ ᠦᠷ᠎ᠡ ᠶ᠋ᠢ ᠠᠪᠤᠷ᠎ᠠ ᠡᠴᠢᠭᠰᠡᠨ ᠢᠨᠦ ᠮᠢᠨᠦ ᠳᠡᠭᠦᠦ ᠮᠥᠨ᠂ ᠲᠠ ᠣᠳᠣ ᠪᠠᠰᠠ ᠳᠠᠭᠠᠬᠤ ᠦᠭᠡᠢ ᠶᠠᠮᠪᠠᠷ ᠴᠠᠭ ᠢ᠋ ᠬᠦᠯᠢᠶᠡᠮᠦᠢ ? 》ᠬᠡᠮᠡᠬᠦᠢ ᠳ᠋ᠦ᠍ᠷ ᠠᠯᠲᠠᠨ ᠤᠯᠤᠰ ᠤ᠋ᠨ ᠴᠡᠷᠢᠭ ᠢ ᠂ ᠵᠢᠩ ᠬᠣᠶᠠᠷ ᠵᠠᠩᠵᠤᠨ ᠢ᠋ᠶ᠋ᠠᠨ ᠱᠠᠭᠠᠷᠳᠠᠵᠤ ᠣᠳᠣ ᠲᠦᠷᠭᠡᠨ᠎ᠡ ᠳᠠᠭᠠᠵᠤ ᠠᠭᠤᠯᠠᠨ ᠤ᠋ ᠵᠡᠪᠡ ᠶ᠋ᠢᠨ ᠠᠮᠠᠨ ᠢ᠋ ᠳᠠᠷᠤᠭᠤᠯᠰᠤᠭᠠᠢ ᠬᠡᠮᠡᠬᠦᠢ ᠳ᠋ᠦ᠍ᠷ ᠬᠣᠶᠠᠭᠤᠯᠠ ᠪᠠᠰᠠ ᠰᠠᠢᠨ ᠨᠡᠷ᠎ᠡ ᠠᠪᠰᠤᠭᠠᠢ ᠭᠡᠮᠡᠨ ᠴᠢᠷᠮᠠᠢᠯᠴᠠᠬᠤᠢ ᠳ᠋ᠤᠷ ᠣᠯᠠᠨ ᠴᠡᠷᠢᠭ ᠲᠡᠳᠡᠨ ᠦ᠌ ᠴᠠᠭᠳᠠᠬᠤᠢ ᠶ᠋ᠢ ᠬᠦᠯᠢᠶᠡᠨ ᠴᠢᠳᠠᠬᠤ ᠦᠭᠡᠢ ᠭᠡᠨᠡᠳᠲᠡ ᠨᠢᠭᠡᠨ ᠰᠥᠨᠢ ᠳ᠋ᠦ᠍ᠷ ᠬᠤᠪᠢᠰᠴᠤ  ᠢ ᠰᠥᠩ ᠬᠥᠭ ᠂ ᠵᠢᠩ ᠠᠨ ᠮᠢᠨ ᠬᠣᠶᠠᠭᠤᠯᠠ ᠶ᠋ᠢ ᠠᠯᠠᠵᠤ ᠲᠣᠯᠣᠭᠠᠢ ᠶ᠋ᠢ ᠡᠷᠭᠦᠵᠦ ᠂ ᠭᠦᠸᠧ ᠸᠠᠩ ᠳ᠋ᠤᠷ ᠳᠠᠭᠠᠭᠰᠠᠨ ᠳ᠋ᠤᠷ ᠭᠦᠸᠧ ᠸᠠᠩ ᠶᠠᠭᠠᠷᠠᠨ ᠠᠯᠲᠠᠨ ᠤᠯᠤᠰ ᠤ᠋ᠨ ᠵᠠᠷ ᠵᠡᠪᠰᠡᠭ ᠬᠤᠶᠠᠭ ᠳᠤᠭᠤᠯᠠᠭ᠎ᠠ ᠮᠣᠷᠢ ᠡᠮᠡᠭᠡᠯ ᠢ ᠪᠦᠷᠢᠨ᠎ᠡ ᠬᠤᠷᠢᠶᠠᠯᠭᠠᠨ ᠠᠪᠤᠭᠤᠯᠤᠭᠠᠳ ᠳᠠᠷᠤᠢ ᠱᠠ ᠱᠠᠨ ᠠᠭᠤᠯᠠᠨ ᠳ᠋ᠤᠷ ᠵᠡᠪᠡ ᠲᠡᠮᠳᠡᠭ ᠳᠣᠪᠲᠣᠯᠭᠠᠨ ᠥᠪᠡᠷ ᠥᠪᠡᠷ ᠦ᠋ᠨ ᠡᠮ᠎ᠡ ᠦᠷ᠎ᠡ ᠪᠡᠨ ᠲᠠᠨᠢᠵᠤ ᠠᠪ ᠭᠡᠮᠡᠨ ᠶᠡᠬᠡ ᠴᠡᠷᠢᠭ ᠢ᠋ᠶ᠋ᠡᠷ ᠬᠦᠷᠴᠦ ᠵᠠᠭᠤᠨ ᠣᠪᠣᠭᠲᠠᠨ ᠤ᠋ ᠡᠮ᠎ᠡ ᠦᠷ᠎ᠡ ᠪᠠ ᠣᠯᠠᠨ ᠴᠡᠷᠢᠭ ᠦ᠋ᠨ ᠭᠡᠷ ᠦ᠋ᠨ ᠠᠮᠠᠨ ᠢ᠋ ᠨᠢᠭᠡᠨ ᠨᠢᠭᠡᠨ ᠢ᠋ᠶ᠋ᠡᠷ ᠲᠠᠨᠢᠭᠤᠯᠤᠨ ᠥᠭᠴᠦ ᠰᠡᠳᠬᠢᠯ ᠢ᠋ ᠲᠣᠬᠣᠨᠢᠭᠤᠯᠤᠨ᠂ ᠪᠠᠰᠠ ᠢ ᠰᠦᠢ ᠬᠥᠭ ᠂ ᠵᠢᠩ ᠠᠨ ᠮᠢᠨ ᠬᠣᠶᠠᠭᠤᠯᠠ ᠶ᠋ᠢᠨ ᠭᠡᠷ ᠦ᠋ᠨ ᠠᠮᠠ ᠶ᠋ᠢ ᠮᠥᠨ ᠬᠥᠳᠡᠯᠭᠡᠭᠰᠡᠨ ᠦᠭᠡᠢ ᠂ ᠤᠷᠤᠭ ᠰᠠᠳᠤᠨ ᠳ᠋ᠤᠷ ᠠᠨᠤ ᠲᠤᠰᠢᠶᠠᠨ ᠥᠭᠴᠦ ᠥᠷᠥᠰᠢᠶᠡᠭᠰᠡᠨ ᠳ᠋ᠦ᠍ᠷ ᠡᠨᠡ ᠪᠠᠢᠯᠳᠤᠭᠠᠨ ᠤ᠋ ᠲᠦᠰᠢᠮᠡᠯ ᠴᠡᠷᠢᠭ ᠬᠠᠮᠲᠤ ᠪᠠᠷ ᠪᠢᠰᠢᠷᠡᠨ ᠰᠢᠲᠦᠵᠦ ᠨᠢᠯᠪᠤᠰᠤᠨ ᠤᠨᠠᠭᠠᠵᠤ ᠰᠦᠰᠦᠭᠯᠡᠨ ᠳᠠᠭᠠᠪᠠ ᠃ 
       ᠲᠡᠳᠦᠢ ᠮᠤᠬᠤᠯᠠᠢ ᠢ ᠂ ᠵᠢᠩ ᠬᠣᠶᠠᠷ ᠤ᠋ᠨ ᠲᠣᠯᠣᠭᠠᠢ ᠶ᠋ᠢ ᠠᠯᠲᠠᠨ ᠤᠯᠤᠰ ᠲᠤᠷ ᠢᠯᠡᠭᠡᠵᠦ ᠬᠡᠯᠡᠭᠦᠯᠦᠭᠰᠡᠨ ᠢᠨᠦ : 《ᠡᠨᠡ ᠬᠣᠶᠠᠷ ᠬᠡᠮᠡᠭᠴᠢ ᠲᠠᠨ ᠤ᠋ ᠭᠠᠪᠢᠶᠠᠲᠤ ᠰᠠᠢᠳ᠂ ᠪᠢ ᠠᠷᠢᠬᠢ ᠳᠤᠰᠤᠭᠠᠵᠤ ᠪᠡᠶ᠎ᠡ ᠶ᠋ᠢ ᠢᠨᠦ ᠠᠷᠢᠭᠤᠳᠬᠠᠨ ᠲᠠᠯᠪᠢᠵᠤ ᠪᠣᠢ᠂ ᠠᠯᠲᠠᠨ ᠤ᠋ ᠡᠵᠡᠨ ᠮᠥᠨ ᠠᠷᠢᠬᠢ ᠳᠤᠰᠤᠭᠠᠵᠤ ᠬᠠᠷᠢᠭᠤᠯᠪᠠᠰᠤ ᠵᠣᠬᠢᠮᠤᠢ᠂ ᠭᠠᠭᠴᠠ ᠲᠠᠨ ᠤ᠋ ᠶᠡᠬᠡ ᠰᠠᠢᠳ ᠦᠬᠦᠬᠦ ᠶ᠋ᠢ ᠢᠨᠦ ᠲᠠᠨ ᠤ᠋ ᠡᠵᠡᠨ ᠨᠣᠬᠠᠢ ᠭᠠᠬᠠᠢ ᠦᠬᠦᠬᠦᠢ ᠳ᠋ᠦ᠍ᠷ ᠬᠦᠷᠬᠦ ᠦᠭᠡᠢ ᠪᠡᠷ ᠦᠵᠡᠬᠦ ᠲᠤᠯᠠ ᠶᠠᠭᠠᠬᠢᠨ ᠪᠠᠰᠠ ᠠᠯᠲᠠᠨ ᠤᠯᠤᠰ ᠢ᠋ ᠤᠳᠠᠲᠠᠯ᠎ᠠ ᠬᠠᠮᠠᠭᠠᠯᠠᠨ ᠴᠢᠳᠠᠬᠤ ᠪᠣᠢ ! ᠬᠠᠷᠢᠨ ᠡᠷᠲᠡᠬᠡᠨ ᠳᠠᠭᠠᠪᠠᠰᠤ ᠬᠣᠵᠢᠮ ᠤ᠋ᠨ ᠭᠡᠮᠰᠢᠬᠦ ᠵᠣᠪᠠᠯᠠᠩ ᠠ᠋ᠴᠠ ᠭᠡᠲᠦᠯᠦᠮᠦᠢ᠂ ᠡᠰᠡ ᠪᠢᠰᠢᠷᠡᠪᠡᠰᠦ ᠸᠠᠩ ᠪᠢ ᠡᠨᠳᠡ ᠬᠦᠯᠢᠶᠡᠵᠦ ᠪᠣᠢ᠂ ᠡᠷ᠎ᠡ ᠶ᠋ᠢᠨ ᠪᠠᠢᠳᠠᠯᠲᠤ ᠠᠷᠠᠳ ᠪᠠᠢᠪᠠᠰᠤ ᠰᠣᠩᠭᠣᠵᠤ ᠮᠢᠨᠦ ᠡᠰᠡᠷᠭᠦ ᠢᠯᠡᠭᠡ᠂ ᠪᠢ ᠲᠠᠨ ᠤ᠋ ᠰᠠᠢᠳ ᠢ ᠵᠢᠷᠤᠮᠲᠤ ᠪᠣᠯᠭᠠᠵᠤ ᠥᠭᠰᠦᠭᠡᠢ᠂ ᠰᠡᠳᠬᠢᠯ ᠡᠴᠡ ᠰᠢᠳᠤᠷᠭᠤ ᠶ᠋ᠢ ᠡᠰᠡ ᠭᠦᠢᠴᠡᠭᠡᠪᠡᠴᠦ ᠪᠢ ᠪᠠᠷᠢᠵᠤ ᠠᠯᠠᠪᠠᠰᠤ ᠳᠠᠷᠤᠢ ᠲᠠᠨ ᠳ᠋ᠤᠷ ᠢ᠋ᠶ᠋ᠠᠨ ᠰᠢᠳᠤᠷᠭᠤ ᠲᠦᠰᠢᠮᠡᠯ ᠪᠣᠯᠠᠢ ! 》 ᠬᠡᠮᠡᠭᠰᠡᠨ ᠳ᠋ᠦ᠍ᠷ ᠠᠯᠲᠠᠨ ᠤ᠋ ᠡᠵᠡᠨ ᠰᠢᠤᠸᠠᠨᠽᠦ᠋ᠩ ᠶᠡᠬᠡᠯ᠎ᠡ ᠬᠢᠯᠢᠩᠯᠡᠨ ᠤᠯᠤᠰ ᠤ᠋ᠨ ᠶᠡᠬᠡ ᠴᠧᠩᠰᠢᠶᠠᠩ ᠳ᠋ᠦᠩ ᠯᠢᠦᠢ ᠬᠦᠩ ᠂ ᠠᠪᠠᠭ᠎ᠠ ᠸᠠᠨ ᠶᠠᠨ ᠨᠢᠩ ᠢ᠋ ᠬᠠᠮᠠᠭᠠᠯᠠᠬᠤ ᠶᠡᠬᠡ ᠸᠠᠩ ᠡᠷᠭᠦᠮᠵᠢᠯᠡᠵᠦ᠂ ᠶᠡᠬᠡ ᠴᠡᠷᠢᠭ ᠢ ᠰᠢᠯᠭᠠᠵᠤ ᠳᠠᠢᠯᠠᠬᠤ ᠶ᠋ᠢ ᠪᠡᠯᠡᠳᠬᠡᠪᠡ᠂ ᠡᠭᠦᠨ ᠦ᠌ ᠬᠡᠷᠬᠢᠬᠦ ᠶ᠋ᠢ ᠮᠡᠳᠡᠰᠦᠭᠡᠢ ᠬᠡᠮᠡᠪᠡᠰᠦ ᠲᠠᠯᠪᠢᠯ ᠦᠭᠡᠢ ᠳᠣᠣᠷᠠᠲᠤ ᠪᠦᠯᠦᠭ ᠲᠣᠷ ᠦᠵᠡᠭᠳᠡᠬᠦᠢ᠃  

ᠰᠤᠳᠤᠷᠴᠢ ᠲᠦᠰᠢᠮᠡᠯ ᠦ᠋ᠨ ᠰᠤᠯᠠ ᠰᠢᠯᠦᠭ 
             ᠤᠪᠠᠳᠢᠰᠲᠤ ᠭᠦᠩᠵᠦ ᠭᠠᠵᠢᠭᠤ ᠶ᠋ᠢ ᠡᠪᠳᠡᠬᠦᠶ᠎ᠡ ᠪᠣᠭᠳᠠ ᠶ᠋ᠢᠨ ᠵᠠᠷᠯᠢᠭ ᠲᠤᠷ ᠢᠲᠡᠭᠡᠪᠡᠢ 
             ᠣᠮᠣᠭᠲᠤ ᠨᠤᠮᠤᠴᠢ ᠡᠷᠳᠡᠮ ᠢ᠋ᠶ᠋ᠡᠨ ᠡᠷᠭᠦᠬᠦᠢ ᠳ᠋ᠦ᠍ᠷ ᠦᠬᠦᠬᠦ ᠶᠦ᠍ᠭᠡᠨ ᠤᠮᠠᠷᠲᠠᠪᠠᠢ 
             ᠣᠨᠣᠴᠢᠲᠤ ᠭᠦᠸᠧ ᠸᠠᠩ ᠴᠠᠭᠠᠵᠠ ᠪᠠᠨ ᠴᠢᠩᠭᠠᠳᠬᠠᠬᠤᠶ᠎ᠠ ᠪᠡᠶ᠎ᠡ ᠪᠡᠨ ᠤᠷᠢᠳᠠ ᠶᠠᠯᠠᠯᠠᠪᠠᠢ 
             ᠣᠪᠲᠤ ᠢ ᠂ ᠵᠢᠩ  ᠪᠤᠰᠤᠳ ᠢ᠋ ᠬᠠᠭᠠᠬᠤᠶ᠎ᠠ ᠥᠪᠡᠷ ᠢ᠋ ᠬᠠᠷᠢᠨ ᠠᠪᠲᠠᠭᠳᠠᠪᠠᠢ᠃