ᠵᠦᠢᠷ ᠰᠡᠴᠡᠨ ᠦᠭᠡ – ᠣ<4> ᠶ᠋ᠢᠨ ᠠᠢᠮᠠᠭ Зүйр цэцэн үг – О ин аймаг
ᠣ <4> ᠶ᠋ᠢᠨ ᠠᠢᠮᠠᠭ
ᠣᠯᠠᠨ ᠤ᠋ ᠦᠭᠡ ᠣᠷᠣ ᠲᠠᠢ
ᠣᠷᠣᠢ ᠶ᠋ᠢᠨ ᠪᠤᠷᠭᠠᠰᠤ ᠣᠴᠢ ᠲᠠᠢ
ᠣᠷᠣᠬᠤ ᠲᠡᠭᠷᠢ ᠶ᠋ᠢᠨ ᠣᠷᠣᠢ ᠨᠢ ᠴᠤᠭᠤᠷᠬᠠᠢ
ᠭᠡᠢᠬᠦ ᠲᠡᠭᠷᠢ ᠶ᠋ᠢᠨ ᠭᠡᠳᠡᠰᠦ ᠨᠢ ᠴᠣᠭᠣᠷᠬᠠᠢ
ᠣᠯᠠᠨ ᠤ᠋ ᠠᠮᠠ ᠂ ᠳᠠᠯᠠᠢ ᠶ᠋ᠢ ᠰᠢᠷᠭᠡᠭᠡᠨᠡ
ᠣ ᠲᠠᠢ ᠤᠢᠷᠠᠳᠪᠠᠯ ᠴᠠᠭᠠᠨ ᠪᠣᠯᠤᠨ᠎ᠠ
ᠬᠦ ᠲᠡᠢ ᠤᠢᠷᠠᠳᠪᠠᠯ ᠬᠠᠷ᠎ᠠ ᠪᠣᠯᠤᠨ᠎ᠠ
ᠣᠢᠷ᠎ᠠ ᠳᠤ ᠪᠡᠨ ᠮᠥᠷᠭᠥᠯᠳᠦᠵᠦ
ᠬᠣᠯᠠ ᠳᠤ ᠪᠡᠨ ᠮᠦᠭᠡᠷᠡᠯᠴᠡᠨᠡ
- ᠬᠥᠮᠦᠨ ᠬᠠᠮᠲᠤ ᠪᠠᠢᠬᠤ ᠳᠤ ᠪᠡᠨ ᠵᠥᠷᠢᠴᠡᠯ ᠮᠥᠷᠭᠥᠯᠳᠦᠭᠡᠨ ᠲᠠᠰᠤᠷᠠᠬᠤ ᠦᠭᠡᠢ ᠴᠤ᠌ ᠰᠠᠯᠵᠤ ᠶᠠᠪᠤᠪᠠᠯ ᠰᠠᠨᠠᠵᠤ ᠪᠣᠳᠣᠬᠤ ᠨᠢ ᠢᠯᠡᠭᠦᠦ
ᠣᠪᠣᠯᠵᠠᠭᠤᠷ ᠠᠭᠠᠰᠢ ᠲᠠᠢ ᠨᠢ ᠢᠷᠣᠭᠠᠯ ᠳᠤ ᠨᠢ ᠬᠣᠴᠣᠷᠳᠠᠭ
ᠣᠷᠣᠯᠳᠣᠯᠭ᠎ᠠ ᠰᠠᠢᠲᠠᠢ ᠨᠢ ᠣᠷᠭᠢᠯ ᠳᠤ ᠨᠢ ᠭᠠᠷᠳᠠᠭ
ᠣᠭᠲᠠᠷᠭᠤᠢ ᠶ᠋ᠢᠨ ᠴᠡᠭᠡᠯ ᠳᠤ ᠠᠯᠲᠠᠨ ᠨᠠᠷᠠᠨ ᠴᠢᠮᠡᠭ
ᠣᠷᠴᠢᠯᠠᠩ ᠤ᠋ᠨ ᠵᠠᠢ ᠳᠤ ᠮᠣᠩᠭᠣᠯ ᠰᠣᠶᠣᠯ ᠴᠢᠮᠡᠭ
ᠣᠯᠪᠣᠭ ᠢ᠋ᠶ᠋ᠠᠨ ᠴᠣᠭᠣᠷᠠᠲᠠᠯ᠎ᠠ ᠰᠠᠭᠤᠭᠰᠠᠨ ᠮᠡᠷᠭᠡᠨ ᠡᠴᠡ
ᠤᠯᠠ ᠨᠢᠲᠤᠭᠤᠷᠢᠭᠰᠠᠨ ᠮᠤᠩᠬᠠᠭ ᠳᠡᠭᠡᠷ᠎ᠡ
- ᠦᠢᠯᠡᠳᠦᠯᠭᠡ ᠲᠤᠷᠰᠢᠯᠭ᠎ᠠ ᠡᠷᠬᠢᠮ
ᠣᠯᠠᠨ ᠬᠥᠮᠦᠨ ᠡᠪ ᠦᠭᠡᠢ ᠪᠣᠯ ᠣᠭᠣᠷᠴᠣᠭ ᠬᠥᠮᠦᠨ ᠦ᠌ ᠢᠳᠡᠰᠢ
ᠥᠨᠢᠷ ᠬᠥᠮᠦᠨ ᠡᠪ ᠦᠭᠡᠢ ᠪᠣᠯ ᠥᠨᠥᠴᠢᠨ ᠬᠥᠮᠦᠨ ᠦ᠌ ᠬᠣᠭᠣᠯᠠ
ᠣᠶᠣᠭᠰᠠᠭᠠᠷ ᠣᠶᠣᠭᠰᠠᠭᠠᠷ ᠤᠷᠠᠨ ᠪᠣᠯᠳᠠᠭ
ᠣᠷᠣᠯᠳᠣᠭᠰᠠᠭᠠᠷ ᠤᠷᠤᠯᠳᠤᠭᠰᠭᠠᠷ ᠳᠠᠷᠬᠠᠨ ᠪᠣᠯᠳᠠᠭ
ᠣᠷᠣᠭ᠎ᠠ ᠮᠣᠷᠢ ᠶ᠋ᠢ ᠤᠷᠭ᠎ᠠ ᠪᠠᠷ
ᠠᠭᠤᠷᠲᠠᠢ ᠬᠥᠮᠦᠨ ᠢ ᠠᠷᠭ᠎ᠠ ᠪᠠᠷ
ᠣᠷᠣ ᠣᠷᠣ ᠭᠡᠬᠦ ᠳᠤ ᠱᠠᠭᠠᠢᠬᠤ
ᠣᠭᠣᠴᠢ ᠣᠭᠣᠴᠢ ᠭᠡᠬᠦ ᠳᠤ ᠳᠣᠯᠢᠶᠠᠬᠤ
ᠣᠷᠣ ᠥᠬᠡᠢ ᠭᠠᠵᠠᠷ ᠣᠪᠣᠭ᠎ᠠ ᠪᠣᠰᠬᠠᠵᠤ
ᠤᠰᠤ ᠦᠭᠡᠢ ᠭᠠᠵᠠᠷ ᠬᠥᠭᠥᠷᠭᠡ ᠲᠠᠯᠪᠢᠬᠤ
- ᠦᠭᠡᠢ ᠶ᠋ᠢ ᠪᠠᠢᠨ᠎ᠠ ᠭᠡᠵᠦ ᠵᠣᠬᠢᠶᠠᠨ ᠬᠡᠯᠡᠬᠦ
ᠣᠯᠠᠨ ᠪᠣᠯᠤᠭᠰᠠᠨ ᠨᠢ ᠠᠯᠠᠭᠰᠠᠨ ᠤ᠋ ᠬᠢ
ᠵᠤᠯᠠ ᠪᠣᠯᠤᠭᠰᠠᠨ ᠨᠢ ᠰᠢᠲᠦᠭᠰᠡᠨ ᠦ᠌ ᠬᠢ
ᠣᠯᠠᠨ ᠢ᠋ ᠢᠳᠡᠭᠰᠡᠨ ᠶᠠᠭᠤᠮ᠎ᠠ ᠣᠷᠣᠢ ᠪᠠᠷ ᠢ᠋ᠶ᠋ᠠᠨ ᠴᠣᠭᠣᠷᠠᠬᠤ
ᠲᠦᠮᠡᠨ ᠢ᠋ ᠮᠥᠯᠵᠢᠭᠰᠡᠨ ᠶᠠᠭᠤᠮ᠎ᠠ ᠳᠦᠷᠢ ᠪᠡᠷ ᠢ᠋ᠶ᠋ᠡᠨ ᠭᠣᠭᠣᠵᠢᠨᠠ
