ᠬᠥᠬᠡ ᠰᠤᠳᠤᠷ - ᠢᠨᠵᠠᠨᠨᠠᠰᠢ < ᠲᠠᠪᠢᠨ ᠨᠢᠭᠡᠳᠦᠭᠡᠷ ᠪᠦᠯᠦᠭ > Хөх судар - Инжинаш < Тавин нэгдүгээр бүлэг >
ᠪᠠᠬᠠᠷᠬᠠᠯᠲᠤ ᠭᠠᠤᠯᠢ ᠤᠯᠤᠰ ᠣᠳᠣᠨ ᠢ᠋ ᠲᠠᠨᠢᠵᠤ ᠲᠠᠢᠽᠦ ᠪᠣᠭᠳᠠ ᠳ᠋ᠤᠷ ᠲᠠᠭᠠᠪᠠ
ᠪᠠᠷᠠᠭᠳᠠᠬᠤ ᠰᠢ ᠢᠦᠢ ᠠᠢᠮᠠᠭ ᠲᠡᠭᠷᠢ ᠵᠢ ᠰᠥᠷᠴᠦ ᠴᠢᠩᠭᠢᠰ ᠬᠠᠭᠠᠨ ᠳ᠋ᠤᠷ ᠲᠠᠢᠯᠠᠭᠳᠠᠪᠠ
ᠰᠢᠷᠬᠠᠨᠴᠢᠨ ᠲᠠᠤᠯᠠᠢ ᠵᠢᠯ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠲᠠᠢᠽᠦ ᠶ᠋ᠢᠨ ᠠᠷᠪᠠᠨ ᠳᠥᠷᠪᠡᠳᠦᠭᠡᠷ ᠣᠨ᠂
ᠰᠥᠩ ᠤᠯᠤᠰ ᠤ᠋ᠨ ᠨᠢᠩᠽᠦᠶ᠋ᠩ ᠬᠠᠭᠠᠨ ᠤ᠋ ᠵᠢᠶᠠ ᠳ᠋ᠢᠩ ᠦ᠋ᠨ ᠠᠷᠪᠠᠨ ᠬᠣᠶᠠᠳᠤᠭᠠᠷ ᠣᠨ᠂
ᠠᠯᠲᠠᠨ ᠤᠯᠤᠰ ᠤ᠋ᠨ ᠰᠢᠤᠸᠠᠨᠽᠦ᠋ᠩ ᠬᠠᠭᠠᠨ ᠤ᠋ ᠰᠢᠩ ᠳ᠋ᠢᠩ ᠦ᠋ᠨ ᠭᠤᠷᠪᠠᠳᠤᠭᠠᠷ ᠣᠨ᠂
ᠲᠠᠢᠽᠦ ᠴᠢᠩᠭᠢᠰ ᠬᠠᠭᠠᠨ ᠲᠠᠪᠢᠨ ᠨᠠᠢ᠍ᠮᠠᠨ ᠰᠡᠭᠦᠳᠡᠷ ᠲᠡᠢ
ᠪᠠᠬᠠᠷᠬᠠᠯᠲᠤ ᠭᠠᠤᠯᠢ ᠤᠯᠤᠰ ᠣᠳᠣᠨ ᠢ ᠲᠠᠨᠢᠵᠤ ᠲᠠᠢᠽᠦ ᠪᠣᠭᠳᠠ ᠳ᠋ᠤᠷ ᠳᠠᠭᠠᠪᠠ
ᠪᠠᠷᠠᠭᠳᠠᠬᠤ ᠰᠢ ᠢᠦᠢ ᠠᠢᠮᠠᠭ ᠲᠡᠭᠷᠢ ᠶ᠋ᠢ ᠰᠥᠷᠴᠦ ᠴᠢᠩᠭᠢᠰ ᠬᠠᠭᠠᠨ ᠳ᠋ᠤᠷ ᠳᠠᠢᠯᠠᠭᠳᠠᠪᠠ
ᠲᠡᠨᠳᠡᠴᠡ ᠬᠠᠪᠤᠷ ᠤ᠋ᠨ ᠲᠡᠷᠢᠭᠦᠨ ᠰᠠᠷ᠎ᠠ ᠳ᠋ᠤᠷ ᠴᠢᠩᠭᠢᠰ ᠬᠠᠭᠠᠨ ᠬᠠᠷᠰᠢ ᠳ᠋ᠤᠷ ᠭᠠᠷᠴᠤ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠰᠠᠢᠬᠠᠨ ᠰᠤᠷᠲᠠᠯᠲᠤ᠂ ᠬᠠᠵᠤᠰᠢᠯ ᠨᠠᠷ ᠨᠢᠭᠡᠨ ᠨᠤᠭᠤᠯᠪᠤᠷᠢ ᠡᠷᠭᠦᠨ ᠠᠢᠯᠠᠳᠬᠠᠪᠠ᠃ ᠲᠡᠷᠢᠭᠦᠨ ᠨᠤᠭᠤᠯᠪᠤᠷᠢ-ᠵᠡᠭᠦᠨ ᠰᠣᠯᠣᠩᠭᠣᠰ ᠤ᠋ᠨ ᠭᠠᠤᠯᠢ ᠤᠯᠤᠰ ᠤ᠋ᠨ ᠡᠵᠡᠨ ᠸᠠᠩ ᠵᠢᠶᠠᠨ ᠡᠮᠦᠨ᠎ᠡ ᠡᠴᠡ ᠪᠡᠨ ᠢᠨ ᠬᠦᠩ᠂ ᠢᠦ ᠰᠦᠢ ᠢ ᠬᠡᠮᠡᠬᠦ ᠬᠣᠶᠠᠷ ᠲᠠᠢᠹᠦ᠋ ᠲᠦᠰᠢᠮᠡᠯ ᠢ᠋ᠶ᠋ᠡᠷ ᠶᠣᠰᠣᠲᠤ ᠪᠠᠯᠠᠩ ᠭᠤᠴᠢᠨ ᠲᠡᠷᠭᠡ ᠪᠢᠰᠢᠷᠡᠯ ᠦ᠋ᠨ ᠪᠣᠳᠣᠷᠣᠣᠯ ᠪᠢᠴᠢᠭ ᠲᠡᠢ ᠡᠷᠭᠦᠨ ᠪᠠᠷᠢᠭᠤᠯᠤᠨ ᠢᠷᠡᠵᠦᠬᠦᠢ᠃ ᠬᠣᠶᠠᠳᠤᠭᠠᠷ ᠨᠤᠭᠤᠯᠪᠤᠷᠢ-ᠪᠠᠷᠠᠭᠤᠨ ᠲᠠᠩᠭᠤᠳ ᠤ᠋ᠨ ᠡᠮᠦᠨ᠎ᠡ ᠬᠣᠢᠨ᠎ᠠ ᠪᠦᠬᠦᠢ ᠰᠢ ᠢᠦᠢ ᠤᠯᠤᠰ ①᠂ ᠣᠯᠠᠨ ᠠᠢᠮᠠᠭ ᠤ᠋ᠳ ᠰᠠᠮᠠᠭᠤᠷᠠᠨ ᠰᠢᠶᠠ ᠤᠯᠤᠰ ᠤ᠋ᠨ ᠵᠡᠷᠭᠡ ᠶ᠋ᠢ ᠲᠠᠪᠴᠢᠯᠠᠵᠤ ᠦᠯᠦ ᠵᠣᠭᠰᠣᠮᠤᠢ ᠬᠡᠮᠡᠵᠦᠬᠦᠢ᠃ ᠭᠤᠷᠪᠠᠳᠤᠭᠠᠷ ᠨᠤᠭᠤᠯᠪᠤᠷᠢ-ᠰᠥᠩ ᠤᠯᠤᠰ ᠤ᠋ᠨ ᠭᠠᠵᠠᠷ ᠢ᠋ᠶ᠋ᠠᠷ ᠴᠡᠷᠢᠭ ᠣᠷᠣᠵᠤ᠂ ᠠᠯᠲᠠᠨ ᠢ ᠪᠠᠢᠯᠳᠤᠬᠤ ᠨᠢᠭᠡᠨ ᠬᠡᠷᠡᠭ᠃
– – – –
① ᠡᠭᠦᠨ ᠢ ᠪᠠᠰᠠ ᠰᠢ ᠴᠢᠶᠠᠩ ᠤᠯᠤᠰ ᠬᠡᠮᠡᠮᠦᠢ᠃ ᠪᠠᠰᠠ ᠬᠤᠢ ᠬᠤᠢ ᠤᠯᠤᠰ ᠬᠡᠮᠡᠮᠦᠢ᠂ ᠴᠥᠮ ᠬᠤᠢ ᠽᠢ ᠨᠠᠷ ᠪᠤᠶᠤ᠃
ᠲᠡᠳᠦᠢ ᠬᠠᠭᠠᠨ ᠰᠣᠯᠣᠩᠭᠣᠰ ᠤ᠋ᠨ ᠭᠠᠤᠯᠢ ᠳ᠋ᠤᠷ ᠱᠠᠩᠨᠠᠨ ᠬᠥᠬᠢᠭᠦᠯᠬᠦ ᠳᠡᠭᠡᠳᠦ ᠲᠠᠢᠹᠦ᠋ ᠲᠦᠰᠢᠮᠡᠯ ᠬᠠᠵᠤᠰᠢᠯ᠂ ᠫᠣᠯᠢᠭᠲᠠᠢ ᠬᠣᠶᠠᠭᠤᠯᠠ ᠳ᠋ᠤᠷ ᠵᠠᠷᠯᠢᠭ ᠤ᠋ᠨ ᠪᠢᠴᠢᠭ ᠡᠭᠦᠷᠦᠭᠦᠯᠵᠦ ᠢᠯᠡᠭᠡ᠃ ᠪᠠᠷᠠᠭᠤᠨ ᠣᠯᠠᠨ ᠰᠢ ᠴᠢᠶᠠᠩ ᠤᠯᠤᠰ ᠤ᠋ᠨ ᠬᠣᠲᠣᠩ ᠨᠠᠷ ᠲᠤᠷ ᠰᠢᠶᠠ ᠤᠯᠤᠰ ᠤ᠋ᠨ ᠳ᠋ᠦᠩ ᠢᠦ᠂ ᠹᠦ ᠱᠢ ᠬᠣᠶᠠᠷ ᠲᠠᠢᠹᠦ᠋ ᠲᠦᠰᠢᠮᠡᠯ ᠳ᠋ᠦ᠍ᠷ ᠬᠠᠭᠠᠨ ᠤ᠋ ᠡᠯᠰᠡᠬᠦ ᠵᠠᠷᠯᠢᠭ ᠢ ᠡᠭᠦᠷᠦᠭᠦᠯᠵᠦ ᠤᠴᠢᠷ ᠢ ᠠᠰᠠᠭᠤᠷ᠎ᠠ ᠢᠯᠡᠭᠡ᠃ ᠰᠥᠩ ᠤᠯᠤᠰ᠂ ᠠᠯᠲᠠᠨ ᠤᠯᠤᠰ ᠤ᠋ᠨ ᠬᠡᠷᠡᠭ ᠢ ᠾᠧ ᠪᠧᠢ ᠶ᠋ᠢ ᠰᠠᠬᠢᠬᠤ ᠵᠠᠩ ᠿᠧᠦ ᠳ᠋ᠦ᠍ᠷ ᠲᠤᠰᠢᠶᠠᠨ ᠢᠯᠡᠭᠡᠵᠦ᠂ ᠵᠣᠬᠢᠰ ᠢ ᠦᠵᠡᠵᠦ ᠵᠥᠪᠳᠡᠵᠦ ᠠᠢᠯᠠᠳᠬ᠎ᠠ ! ᠭᠡᠮᠡᠨ ᠲᠤᠰ ᠲᠤᠰ ᠬᠠᠭᠤᠯᠤᠨ ᠵᠠᠷᠯᠢᠭ ᠪᠠᠭᠤᠯᠭᠠᠪᠠ᠃ ᠶᠧ ᠯᠢᠦᠢ ᠯᠢᠦ ᠭᠧ ᠡᠭᠡᠬᠦ ᠶ᠋ᠢᠨ ᠠᠮᠤᠭᠤᠯᠠᠩ ᠢ ᠠᠢᠯᠠᠳᠬᠠᠪᠠ᠃ ᠰᠠᠢᠬᠠᠨ ᠰᠤᠷᠲᠠᠯᠲᠤ ᠪᠠᠰᠠ ᠥᠨᠳᠥᠷ ᠳᠠᠭᠤᠨ ᠢ᠋ᠶ᠋ᠠᠷ: 《ᠣᠯᠠᠨ ᠰᠠᠢᠳ ᠬᠡᠷᠡᠭ ᠠᠪᠠᠰᠤ ᠠᠢᠯᠠᠳᠬ᠎ᠠ᠂ ᠬᠡᠷᠡᠭ ᠦᠭᠡᠢ ᠪᠥᠭᠡᠰᠦ ᠬᠠᠭᠠᠨ ᠣᠷᠲᠣᠨ᠎ᠠ ᠵᠠᠯᠠᠷᠠᠮᠤᠢ ! 》ᠬᠡᠮᠡᠭᠰᠡᠨ ᠳ᠋ᠦ᠍ᠷ ᠵᠠᠭᠤᠨ ᠲᠦᠰᠢᠮᠡᠳ ᠳᠠᠭᠤᠨ ᠦᠭᠡᠢ ᠳ᠋ᠦ᠍ᠷ ᠭᠠᠷᠤᠳᠢ ᠭᠠᠯᠪᠢᠩᠭ᠎ᠠ ᠶ᠋ᠢᠨ ᠬᠤᠭᠤᠷ ᠪᠢᠰᠬᠢᠭᠦᠷ ᠡᠭᠦᠰᠬᠡᠮᠡᠭᠴᠡ ᠯᠤᠤ ᠶ᠋ᠢᠨ ᠬᠠᠨᠴᠤᠢ ᠨᠢᠭᠡᠨᠲᠡ ᠭᠦᠪᠢᠵᠦ᠂ ᠬᠠᠭᠠᠨ ᠤ᠋ ᠭᠡᠭᠡᠨ ᠤᠷᠲᠣᠨ᠎ᠠ ᠵᠠᠯᠠᠷᠠᠪᠠ᠃ ᠵᠠᠭᠤᠨ ᠲᠦᠰᠢᠮᠡᠳ ᠪᠤᠷᠭᠢᠲᠠᠯᠠ ᠲᠠᠷᠬᠠᠯᠴᠠᠨ ᠪᠠᠭᠤᠵᠤ᠂ ᠲᠤᠰ ᠲᠤᠰ ᠤ᠋ᠨ ᠲᠡᠷᠭᠡ ᠮᠣᠷᠢ ᠳ᠋ᠤᠷ ᠢ᠋ᠶ᠋ᠠᠨ ᠰᠠᠭᠤᠯᠴᠠᠨ ᠳᠥᠷᠪᠡᠨ ᠵᠦᠭ ᠲᠠᠷᠬᠠᠯᠴᠠᠨ ᠡᠭᠦᠯᠡ ᠨᠡᠭᠦᠬᠦ ᠮᠡᠲᠦ᠃
ᠲᠡᠨᠳᠡᠴᠡ ᠬᠠᠵᠤᠰᠢᠯ ᠤᠷᠢᠳᠠ ᠮᠣᠷᠳᠠᠵᠤ ᠳᠠᠭᠠᠯᠳᠤᠭ᠎ᠠ ᠫᠣᠯᠢᠭᠲᠠᠢ ᠮᠣᠷᠢᠯᠠᠵᠤ᠂ ᠰᠣᠯᠣᠩᠭᠣᠰ ᠤᠯᠤᠰ ᠤ᠋ᠨ ᠵᠦᠭ ᠢᠷᠡᠬᠦᠢ ᠳ᠋ᠦ᠍ᠷ ᠮᠡᠳᠡᠭᠡ ᠬᠡᠳᠦᠢᠨᠡᠢ ᠬᠦᠷᠦᠭᠰᠡᠨ ᠲᠤᠯᠠ ᠭᠠᠤᠯᠢ ᠶ᠋ᠢᠨ ᠡᠵᠡᠨ ᠸᠠᠩ ᠵᠢᠶᠠᠨ ᠲᠡᠷᠢᠭᠦᠨ ᠣᠳᠤᠯᠭ᠎ᠠ ᠳ᠋ᠤᠷ ᠲᠠᠢᠹᠦ᠋ ᠲᠦᠰᠢᠮᠡᠯ ᠢ᠋ᠶ᠋ᠡᠨ ᠫᠢᠶᠣᠣ ᠱᠢ ᠶᠦᠨ ᠢ ᠢᠯᠡᠬᠡᠨ ᠣᠭᠲᠣᠭᠤᠯᠵᠤ᠂ ᠬᠣᠶᠠᠳᠤᠭᠠᠷ ᠤᠲᠤᠯᠭᠠᠨ ᠤ᠋ ᠶᠤᠸᠠᠨᠱᠤᠸᠠᠢ ᠵᠣᠣ ᠵᠦᠩ ᠢ᠋ᠶ᠋ᠡᠷ ᠣᠭᠲᠣᠭᠤᠯᠤᠨ᠂ ᠭᠤᠷᠪᠠᠳᠤᠭᠠᠷ ᠲᠤᠷ ᠥᠪᠡᠷ ᠦ᠋ᠨ ᠪᠡᠶ᠎ᠡ ᠶᠡᠬᠡ ᠮᠥᠷᠡᠨ ᠦ᠌ ᠴᠢᠨᠠᠳᠤ ᠬᠥᠪᠡᠭᠡᠨ ᠳ᠋ᠦ᠍ᠷ ᠶᠡᠬᠡ ᠪᠠᠭᠤᠳᠠᠯ ᠪᠡᠯᠡᠳᠬᠡᠨ ᠬᠦᠵᠢᠰ ᠦ᠋ᠨ ᠰᠢᠷᠡᠭᠡ ᠵᠢᠭᠰᠠᠭᠠᠨ ᠰᠥᠭᠥᠳᠴᠦ ᠬᠠᠭᠠᠨ ᠤ᠋ ᠵᠠᠷᠯᠢᠭ ᠢ ᠤᠭᠲᠤᠨ ᠮᠥᠷᠭᠥᠵᠦ ᠬᠦᠯᠢᠶᠡᠨ ᠠᠪᠤᠭᠠᠳ ᠬᠠᠭᠠᠨ ᠤ᠋ ᠡᠯᠴᠢ ᠶ᠋ᠢ ᠬᠦᠨᠳᠦᠳᠡ ᠬᠦᠨᠳᠦᠯᠡᠨ ᠶᠡᠬᠡ ᠬᠤᠷᠢᠮ ᠪᠠᠷᠢᠵᠤ᠂ ᠤᠯᠤᠰ ᠲᠤᠷ ᠢ᠋ᠶ᠋ᠠᠨ ᠣᠷᠣᠭᠤᠯᠵᠤ᠂ ᠬᠠᠭᠠᠨ ᠤ᠋ ᠡᠷᠭᠦᠮᠵᠢᠯᠡᠬᠦ ᠱᠠᠩᠨᠠᠬᠤ ᠶ᠋ᠢ ᠣᠯᠠᠨ ᠳ᠋ᠤᠷ ᠦᠵᠡᠭᠦᠯᠦᠨ᠂ ᠬᠠᠭᠠᠨ ᠤ᠋ ᠱᠠᠩᠨᠠᠭᠰᠠᠨ ᠸᠠᠩ ᠤ᠋ᠨ ᠳᠡᠪᠡᠯ ᠮᠠᠯᠠᠭ᠎ᠠ ᠪᠠ ᠵᠢᠭᠰᠠᠭᠠᠯ ᠤ᠋ᠨ ᠵᠦᠢᠯ ᠢ ᠢᠯᠡᠳᠬᠡᠨ ᠭᠠᠷᠭᠠᠵᠤ ᠣᠯᠠᠨ ᠳ᠋ᠤᠷ ᠢ᠋ᠶ᠋ᠠᠨ ᠦᠵᠡᠭᠦᠯᠦᠨ᠂ ᠶᠡᠬᠡ ᠬᠤᠷᠢᠮ ᠬᠢᠵᠦ᠂ ᠬᠠᠷᠢᠶᠠᠲᠤ ᠤᠯᠤᠰ ᠲᠤᠷ ᠢ᠋ᠶ᠋ᠠᠨ ᠥᠷᠯᠥᠭ ᠪᠠᠭᠤᠯᠭᠠᠨ ᠬᠠᠭᠠᠨ ᠤ᠋ ᠬᠡᠰᠢᠭ ᠢ ᠢᠯᠡᠳᠬᠡᠪᠡ᠃
ᠲᠡᠳᠦᠢ ᠵᠢᠯ ᠪᠦᠷᠢ ᠠᠯᠪᠠ ᠪᠠᠷᠢᠬᠤ ᠬᠠᠤᠯᠢ ᠲᠣᠭᠲᠠᠭᠠᠪᠠ᠃ ᠬᠣᠶᠠᠷ ᠡᠯᠴᠢ ᠳ᠋ᠦ᠍ᠷ ᠬᠦᠨᠳᠦ ᠪᠡᠯᠡᠭ ᠪᠠᠷᠢᠭᠰᠠᠨ ᠳ᠋ᠤᠷ ᠬᠣᠶᠠᠭᠤᠯᠠ ᠴᠥᠮ ᠠᠪᠤᠭᠰᠠᠨ ᠦᠭᠡᠢ᠂ ᠤᠯᠤᠰ ᠲᠠᠭᠠᠨ ᠡᠭᠡᠵᠦ ᠵᠠᠷᠯᠢᠭ ᠢ ᠡᠭᠡᠭᠦᠯᠪᠡ᠃
ᠡᠨᠡ ᠬᠠᠪᠤᠷ ᠾᠧ ᠪᠧᠢ ᠶ᠋ᠢᠨ ᠠᠯᠲᠠᠨ ᠤᠯᠤᠰ ᠤ᠋ᠨ ᠰᠢᠨ ᠵᠧᠦ᠂ ᠡᠢ ᠵᠧᠦ᠂ ᠢᠦ ᠵᠧᠦ᠂ ᠰᠢᠩ ᠵᠧᠦ ᠡᠨᠡ ᠳᠥᠷᠪᠡᠨ ᠵᠢᠶᠦ᠋ᠨ ᠦ᠌ ᠭᠠᠵᠠᠷ ᠢ ᠬᠠᠳᠠᠭᠠᠯᠠᠭᠰᠠᠨ ᠵᠠᠩᠵᠤᠨ ᠵᠢᠶᠠ ᠢᠦᠢ᠂ ᠦ ᠰᠢᠶᠠᠨ ᠬᠣᠶᠠᠭᠤᠯᠠ ᠬᠣᠲᠠ ᠬᠦᠷᠢᠶ᠎ᠡ ᠪᠡᠨ ᠪᠡᠬᠢᠯᠡᠨ ᠰᠠᠬᠢᠭᠠᠳ ᠠᠮᠤᠷ ᠰᠠᠭᠤᠬᠤ ᠦᠭᠡᠢ ᠣᠨᠴᠠ ᠮᠣᠩᠭᠣᠯ ᠤ᠋ᠨ ᠾᠧ ᠪᠧᠢ ᠶ᠋ᠢᠨ ᠬᠣᠲᠠ ᠶ᠋ᠢ ᠰᠠᠬᠢᠭᠰᠠᠨ ᠳ᠋ᠤ᠌ ᠶᠤᠸᠠᠨᠱᠤᠸᠠᠢ ᠵᠠᠩ ᠿᠧᠦ ᠯᠦ᠍ᠭᠡ ᠬᠠᠯᠳᠠᠵᠤ ᠦᠰ ᠠᠪᠴᠤ ᠬᠣᠲᠠ ᠪᠠᠯᠭᠠᠳ ᠢ ᠪᠤᠯᠢᠶᠠᠰᠤᠭᠠᠢ ᠬᠡᠮᠡᠬᠦᠢ ᠳ᠋ᠦ᠍ᠷ ᠠᠯᠲᠠᠨ ᠤᠯᠤᠰ ᠤ᠋ᠨ ᠵᠠᠩᠵᠤᠨ ᠦ ᠰᠢᠶᠠᠨ᠂ ᠵᠢᠶᠠ ᠢᠦᠢ ᠳ᠋ᠦ᠍ᠷ ᠥᠭᠦᠯᠡᠷᠦᠨ: 《ᠪᠢᠳᠡ ᠮᠣᠩᠭᠣᠯ ᠤᠯᠤᠰ ᠯᠤᠭ᠎ᠠ ᠬᠠᠯᠳᠠᠬᠤ ᠠ᠋ᠴᠠ ᠡᠰᠡ ᠬᠠᠯᠳᠠᠬᠤ ᠳᠡᠭᠡᠷ᠎ᠡ ᠮᠡᠲᠦ᠂ ᠬᠠᠷᠢᠨ ᠪᠢᠳᠡ ᠥᠪᠡᠷ ᠦ᠋ᠨ ᠴᠡᠷᠢᠭ ᠢ᠋ᠶ᠋ᠡᠨ ᠪᠣᠯᠪᠠᠰᠤᠷᠠᠭᠤᠯᠤᠨ ᠬᠣᠲᠠ ᠪᠠᠯᠭᠠᠳ ᠢ᠋ᠶ᠋ᠠᠨ ᠪᠠᠲᠤᠯᠠᠵᠤ᠂ ᠲᠡᠳᠡᠨ ᠤ ᠡᠷᠢᠨ ᠢᠷᠡᠵᠦ ᠬᠠᠯᠳᠠᠬᠤ ᠶ᠋ᠢ ᠬᠦᠯᠢᠶᠡᠪᠡᠰᠦ ᠳᠡᠭᠡᠷ᠎ᠡ ᠪᠣᠢ ᠶᠠ ! 》ᠬᠡᠮᠡᠬᠦᠢ ᠳ᠋ᠦ᠍ᠷ ᠵᠢᠶᠠ ᠢᠦᠢ ᠥᠭᠦᠯᠡᠷᠦᠨ:《ᠲᠡᠳᠡ ᠡᠨᠡ ᠵᠢᠯ ᠬᠡᠷᠬᠢᠪᠡᠴᠦ ᠵᠦᠭᠡᠷ ᠦᠯᠦ ᠵᠣᠭᠰᠣᠮᠤᠢ᠂ ᠨᠡᠩ ᠡᠨᠡ ᠤᠷᠪᠠᠭᠰᠠᠨ ᠬᠤᠯᠠᠭᠠᠢ ᠵᠠᠩ ᠿᠧᠦ ᠵᠠᠯᠢᠬᠠᠢ ᠵᠢᠰᠤᠷ ᠠᠷᠭ᠎ᠠ ᠪᠦᠷᠢᠳᠦᠭᠡᠳ ᠪᠠᠰᠠ ᠠᠰᠤᠷᠤ ᠬᠦᠴᠦᠲᠡᠢ᠂ ᠲᠡᠭᠦᠨ ᠤ ᠠᠷᠭ᠎ᠠ ᠪᠠᠨ ᠲᠣᠭᠲᠠᠭᠠᠳ ᠮᠠᠨ ᠢ ᠬᠠᠯᠳᠠᠨ ᠢᠷᠡᠬᠦ ᠡᠴᠡ ᠤᠷᠢᠳᠠ ᠪᠢᠳᠡ ᠵᠠᠪᠳᠤᠨ ᠲᠡᠭᠦᠨ ᠢ ᠠᠯᠠᠪᠠᠰᠤ᠂ ᠾᠧ ᠪᠧᠢ ᠶ᠋ᠢᠨ ᠭᠠᠵᠠᠷ ᠢ ᠪᠦᠷᠢᠨ ᠳᠠᠬᠢᠨ ᠣᠯᠵᠤ ᠪᠣᠯᠤᠮᠤᠢ᠂ ᠮᠣᠩᠭᠣᠯ ᠤ᠋ᠨ ᠾᠧ ᠪᠧᠢ ᠶ᠋ᠢ ᠢᠲᠡᠭᠡᠭᠰᠡᠨ ᠢᠨᠦ ᠭᠠᠭᠴᠠ ᠵᠠᠩ ᠿᠧᠦ ᠳ᠋ᠦ᠍ᠷ ᠪᠣᠯᠠᠢ᠂ ᠵᠠᠩ ᠿᠧᠦ ᠶ᠋ᠢ ᠠᠯᠠᠪᠠᠰᠤ ᠾᠧ ᠪᠧᠢ ᠳᠠᠷᠤᠢ ᠮᠠᠨ ᠳ᠋ᠤᠷ ᠪᠣᠯᠤᠮᠤᠢ ! 》 ᠭᠡᠮᠡᠨ ᠦᠭᠡ ᠶ᠋ᠢ ᠦᠯᠦ ᠠᠪᠤᠨ᠂ ᠣᠨᠴᠠ ᠪᠠᠢᠯᠳᠤᠮᠤᠢ ᠬᠡᠮᠡᠬᠦᠢ ᠳ᠋ᠦ᠍ᠷ ᠦ ᠰᠢᠶᠠᠨ ᠠᠷᠭ᠎ᠠ ᠦᠭᠡᠢ ᠳᠠᠭᠠᠵᠤ ᠵᠠᠩ ᠿᠧᠦ ᠶ᠋ᠢ ᠪᠠᠢᠯᠳᠤᠬᠤ ᠠᠷᠭ᠎ᠠ ᠶ᠋ᠢ ᠲᠣᠭᠲᠠᠭᠠᠵᠤᠬᠤᠢ᠃ ᠵᠢᠶᠠ ᠢᠦᠢ ᠥᠭᠦᠯᠡᠷᠦᠨ: 《ᠵᠠᠩ ᠿᠧᠦ ᠬᠠᠳᠠᠨ ᠬᠢᠯᠢᠩ ᠲᠡᠢ᠂ ᠲᠡᠭᠦᠨ ᠢ ᠠᠭᠤᠷᠯᠠᠭᠤᠯᠤᠨ ᠬᠣᠲᠠᠨ ᠠ᠋ᠴᠠ ᠭᠠᠷᠭᠠᠵᠤ᠂ ᠪᠢᠳᠡ ᠰᠥᠩ ᠱᠠᠨ ᠬᠠᠢᠷᠠᠬᠠᠨ ᠤ᠋ ᠳᠣᠲᠣᠷ᠎ᠠ ᠴᠡᠷᠢᠭ ᠪᠦᠭᠭᠦᠵᠦ ᠲᠡᠭᠦᠨ ᠢ ᠤᠳᠤᠷᠢᠳᠤᠨ ᠣᠷᠣᠭᠤᠯᠵᠤ ᠠᠯᠠᠰᠤᠭᠠᠢ᠂ ᠪᠢ ᠤᠷᠢᠳᠠ ᠬᠠᠯᠳᠠᠨ ᠪᠠᠢᠯᠳᠤᠷ᠎ᠠ ᠡᠴᠢᠶ᠎ᠡ᠂ ᠴᠢ ᠬᠣᠷᠢᠨ ᠭᠠᠵᠠᠷ ᠤ᠋ᠨ ᠦᠵᠦᠭᠦᠷ ᠨᠠᠷᠠᠰᠤᠨ ᠰᠢᠭᠤᠢ ᠳ᠋ᠤᠷ ᠪᠦᠭᠭᠦᠵᠦ ᠬᠦᠯᠢᠶᠡ᠂ ᠪᠢ ᠬᠠᠭᠤᠷᠮᠠᠭᠯᠠᠨ ᠪᠤᠷᠤᠭᠤᠯᠠᠵᠤ ᠲᠡᠨᠳᠡ ᠬᠦᠷᠦᠭᠰᠡᠨ ᠳ᠋ᠦ᠍ᠷ ᠴᠢ ᠭᠠᠷᠴᠤ ᠲᠣᠰᠴᠤ ᠪᠠᠢᠯᠳᠤ᠂ ᠪᠢ ᠵᠣᠭ᠍ᠵᠢᠨ ᠭᠠᠷᠴᠤ ᠪᠠᠰᠠ ᠬᠣᠷᠢᠨ ᠭᠠᠵᠠᠷ ᠤ᠋ᠨ ᠦᠵᠦᠭᠦᠷ ᠬᠤᠯᠤᠰᠤᠨ ᠤ᠋ ᠳᠠᠯᠳᠠ ᠪᠦᠭᠭᠦᠭᠡᠳ ᠴᠢᠮᠠᠶ᠋ᠢ ᠲᠡᠨᠳᠡ ᠬᠦᠷᠪᠡᠰᠦ ᠴᠢ ᠵᠣᠭ᠍ᠵᠢᠨ ᠭᠠᠷᠴᠤ ᠬᠤᠸᠠ ᠱᠠᠨ ᠬᠠᠢᠷᠠᠬᠠᠨ ᠤ᠋ ᠵᠡᠪᠡ ᠳ᠋ᠦ᠍ᠷ ᠣᠷᠣᠵᠤ᠂ ᠠᠭᠤᠯᠠᠨ ᠤ᠋ ᠬᠣᠶᠠᠷ ᠬᠠᠪᠢᠷᠭ᠎ᠠ ᠶ᠋ᠢ ᠪᠠᠷᠢᠵᠤ ᠬᠣᠯᠬᠣᠪᠴᠢ ᠨᠤᠮᠤ ᠪᠠᠷᠢᠭᠰᠠᠨ ᠴᠡᠷᠢᠭ ᠢ ᠪᠦᠭᠭᠦᠵᠦ ᠬᠦᠯᠢᠶᠡ᠂ ᠪᠢ ᠲᠡᠨᠳᠡ ᠪᠠᠬᠠᠨ ᠪᠠᠢᠯᠳᠤᠮᠠᠭᠴᠠ ᠲᠡᠭᠦᠨ ᠢ ᠤᠳᠤᠷᠢᠳᠤᠨ ᠠᠭᠤᠯᠠᠨ ᠳ᠋ᠤᠷ ᠣᠷᠣᠪᠠᠰᠤ ᠲᠡᠷᠡ ᠯᠠᠪ ᠳᠠᠭᠠᠵᠤ ᠣᠷᠣᠮᠤᠢ᠃ ᠲᠡᠭᠦᠨ ᠤ ᠴᠡᠷᠢᠭ ᠵᠡᠪᠡ ᠶ᠋ᠢᠨ ᠠᠮᠠ ᠳ᠋ᠤᠷ ᠬᠠᠭᠠᠰ ᠣᠷᠣᠮᠠᠭᠴᠠ ᠴᠢ ᠬᠣᠶᠠᠷ ᠡᠲᠡᠭᠡᠳ ᠡᠴᠡ ᠰᠥᠩ ᠱᠠᠨ ᠬᠠᠢᠷᠠᠬᠠᠨ ᠤ᠋ ᠵᠡᠪᠡ ᠶ᠋ᠢᠨ ᠠᠮᠠ ᠶ᠋ᠢ ᠮᠣᠳᠣ ᠴᠢᠯᠠᠭᠤ ᠪᠠᠷ ᠪᠥᠭᠯᠡᠭᠦᠯ᠃ ᠲᠡᠳᠦᠢ ᠪᠢ ᠪᠠᠰᠠ ᠡᠭᠡᠵᠦ ᠪᠠᠢᠯᠳᠤᠪᠠᠰᠤ ᠯᠠᠪ ᠵᠠᠩ ᠿᠧᠦ ᠶ᠋ᠢ ᠠᠯᠠᠵᠤ ᠪᠣᠯᠤᠮᠤᠢ᠃》ᠬᠡᠮᠡᠭᠰᠡᠨ ᠳ᠋ᠦ᠍ᠷ ᠦ ᠰᠢᠶᠠᠨ ᠠᠷᠭ᠎ᠠ ᠦᠭᠡᠢ ᠦᠭᠡ ᠶ᠋ᠢ ᠬᠦᠯᠢᠶᠡᠨ ᠠᠪᠴᠤ ᠳᠥᠷᠪᠡᠨ ᠵᠢᠶᠦ᠋ᠨ ᠦ᠌ ᠴᠡᠷᠢᠭ ᠢ ᠬᠤᠷᠢᠶᠠᠵᠤ ᠭᠤᠷᠪᠠᠨ ᠬᠤᠪᠢ ᠰᠠᠯᠭᠠᠵᠤ᠂ ᠨᠢᠭᠡᠨ ᠬᠤᠪᠢ ᠪᠠᠷ ᠳᠥᠷᠪᠡᠨ ᠬᠣᠲᠠ ᠶ᠋ᠢᠨ ᠭᠠᠳᠠᠭᠤᠷ ᠬᠠᠳᠠᠭᠠᠯᠠᠨ ᠶᠠᠪᠤᠭᠤᠯᠵᠤ᠂ ᠬᠣᠶᠠᠷ ᠬᠤᠪᠢ ᠶ᠋ᠢ ᠵᠢᠶᠠ ᠿᠧᠦ᠂ ᠰᠢᠶᠠᠨ ᠦ ᠬᠣᠶᠠᠭᠤᠯᠠ ᠬᠥᠮᠦᠨ ᠪᠦᠷᠢ ᠨᠢᠭᠡᠨ ᠠᠩᠭᠢ ᠶ᠋ᠢ ᠵᠠᠬᠢᠷᠴᠤ ᠳᠠᠷᠤᠢ ᠵᠠᠩ ᠿᠧᠦ ᠶ᠋ᠢ ᠬᠠᠯᠳᠠᠨ᠂ ᠪᠠᠢᠯᠳᠤᠷ᠎ᠠ ᠢᠷᠡᠭᠰᠡᠨ ᠳ᠋ᠦ᠍ᠷ ᠵᠠᠩ ᠿᠧᠦ ᠰᠣᠨᠣᠰᠴᠤ ᠭᠠᠢᠬᠠᠨ ᠪᠥᠭᠡᠳ ᠰᠡᠵᠢᠭᠯᠡᠵᠦ ᠥᠭᠦᠯᠡᠷᠦᠨ: 《ᠡᠨᠡ ᠵᠤᠯᠵᠠᠭ᠎ᠠ ᠶᠠᠭᠤᠲᠠᠢ ᠶᠡᠬᠡ ᠰᠥᠰᠥ ᠶ᠋ᠢ ᠪᠠᠷᠢᠵᠤ ᠨᠠᠳᠠ ᠯᠤᠭ᠎ᠠ ᠬᠠᠯᠳᠠᠷ᠎ᠠ ᠢᠷᠡᠪᠡ ? ᠯᠠᠪ ᠨᠢᠭᠡᠨ ᠨᠠᠷᠢᠨ ᠠᠷᠭ᠎ᠠ ᠪᠣᠢ᠂ ᠡᠰᠡ ᠬᠢᠨᠠᠪᠠᠰᠤ ᠦᠯᠦ ᠪᠣᠯᠤᠮᠤᠢ 》ᠭᠡᠮᠡᠨ ᠳᠥᠷᠪᠡᠨ ᠵᠦᠭ ᠲᠦ᠍ᠷ ᠲᠤᠷᠰᠢᠭᠤᠯ ᠭᠠᠷᠭᠠᠵᠤ᠂ ᠭᠤᠷᠪᠠᠨ ᠡᠳᠦᠷ ᠲᠤᠷᠰᠢᠵᠤ᠂ ᠰᠥᠩ ᠱᠠᠨ ᠬᠠᠢᠷᠠᠬᠠᠨ ᠳ᠋ᠤᠷ ᠴᠡᠷᠢᠭ ᠪᠦᠭᠭᠦᠭᠰᠡᠨ ᠢ ᠲᠤᠷᠰᠢᠵᠤ ᠣᠯᠤᠭᠠᠳ ᠢᠷᠡᠵᠦ ᠮᠡᠳᠡᠭᠦᠯᠦᠨ ᠬᠡᠯᠡᠭᠰᠡᠨ ᠳ᠋ᠦ᠍ᠷ ᠵᠠᠩ ᠿᠧᠦ ᠢᠨᠢᠶᠡᠨ ᠥᠭᠦᠯᠡᠷᠦᠨ: 《ᠦᠵᠡᠰᠡ ᠡᠢᠮᠦ ᠠᠷᠭ᠎ᠠ ᠠᠵᠤᠭᠤ᠂ ᠡᠨᠡ ᠬᠣᠶᠠᠷ ᠵᠤᠯᠵᠠᠭ᠎ᠠ ᠦᠬᠦᠯ ᠢ᠋ᠶ᠋ᠡᠨ ᠡᠷᠢᠵᠦ ᠨᠠᠮᠠᠶ᠋ᠢ ᠪᠠᠰᠠ ᠮᠣᠩᠭᠣᠯ ᠳ᠋ᠤᠷ ᠭᠠᠪᠢᠶ᠎ᠠ ᠪᠠᠢᠭᠤᠯᠬᠤ ᠳ᠋ᠤᠷ ᠬᠦᠷᠭᠡᠪᠡ 》ᠭᠡᠮᠡᠨ ᠬᠣᠲᠠ ᠪᠠᠨ ᠴᠢᠩᠳᠠ ᠳᠠᠷᠤᠵᠤ ᠡᠪᠡᠳᠪᠡ ᠬᠡᠮᠡᠵᠦ ᠲᠠᠪᠤᠨ ᠡᠳᠦᠷ ᠭᠠᠷᠬᠤ ᠦᠭᠡᠢ ᠳ᠋ᠦ᠍ᠷ ᠠᠯᠲᠠᠨ ᠤᠯᠤᠰ ᠤ᠋ᠨ ᠴᠡᠷᠢᠭ ᠨᠡᠩ ᠣᠮᠣᠭᠰᠢᠵᠤ ᠵᠠᠭᠤᠨ ᠵᠦᠢᠯ ᠢ᠋ᠶ᠋ᠡᠷ ᠬᠠᠷᠢᠶᠠᠬᠤᠢ ᠳ᠋ᠤᠷ ᠵᠠᠩ ᠿᠧᠦ ᠵᠢᠷᠭᠤᠳᠤᠭᠠᠷ ᠡᠳᠦᠷ ᠦ᠋ᠨ ᠦᠬᠡᠷ ᠴᠠᠭ ᠲᠤᠷ ᠣᠯᠠᠨ ᠴᠡᠷᠢᠭ ᠢ ᠴᠠᠳᠲᠠᠯ᠎ᠠ ᠪᠤᠳᠠᠭᠠᠯᠠᠵᠤ᠂ ᠪᠠᠰᠠ ᠬᠥᠮᠦᠨ ᠪᠦᠷᠢ ᠳ᠋ᠦ᠍ᠷ ᠭᠤᠷᠪᠠᠨ ᠡᠳᠦᠷ ᠦ᠋ᠨ ᠬᠠᠭᠤᠷᠠᠢ ᠬᠦᠨᠡᠰᠦ ᠠᠪᠤᠭᠤᠯᠵᠤ᠂ ᠪᠠᠷᠰ ᠴᠠᠭ ᠲᠤᠷ ᠭᠡᠨᠡᠳᠲᠡ ᠬᠣᠲᠠ ᠶ᠋ᠢᠨ ᠳᠥᠷᠪᠡᠨ ᠬᠠᠭᠠᠯᠭ᠎ᠠ ᠪᠠᠷ ᠠᠳᠠᠯᠢ ᠪᠠᠷ ᠪᠠᠢᠯᠳᠤᠨ ᠭᠠᠷᠤᠭᠰᠠᠨ ᠳ᠋ᠤᠷ ᠵᠢᠶᠠ ᠢᠦᠢ ᠶ᠋ᠢᠨ ᠴᠡᠷᠢᠭ ᠰᠠᠨᠠᠭᠠᠨ ᠳ᠋ᠤ᠌ ᠦᠭᠡᠢ ᠪᠠᠢᠭᠰᠠᠨ ᠲᠤᠯᠠ ᠬᠦᠷᠢᠶ᠎ᠡ ᠶ᠋ᠢ ᠡᠪᠳᠡᠵᠦ ᠵᠠᠪᠳᠤᠭᠰᠠᠨ ᠦᠭᠡᠢ ᠰᠠᠷᠨᠢᠨ ᠪᠤᠷᠤᠭᠤᠯᠠᠬᠤᠢ ᠳ᠋ᠤᠷ ᠵᠢᠶᠠ ᠢᠦᠢ ᠬᠠᠷᠠᠬᠠᠨ ᠬᠡᠩᠭᠡᠷᠭᠡ ᠳᠡᠯᠡᠳᠴᠦ ᠵᠠᠩ ᠿᠧᠦ ᠶ᠋ᠢ ᠲᠣᠰᠴᠤ ᠪᠠᠢᠯᠳᠤᠨ ᠠᠷᠪᠠᠭᠠᠳ ᠤᠳᠠᠭ᠎ᠠ ᠪᠣᠯᠤᠭᠠᠳ ᠮᠣᠷᠢ ᠪᠠᠨ ᠡᠭᠡᠭᠦᠯᠦᠨ ᠴᠡᠷᠢᠭ ᠦ᠋ᠨ ᠰᠡᠭᠦᠯ ᠢ ᠬᠠᠮᠠᠭᠠᠯᠠᠨ ᠪᠠᠢᠯᠳᠤᠵᠤ ᠪᠤᠷᠤᠭᠤᠯᠠᠨ ᠶᠠᠪᠤᠵᠤ ᠰᠠᠶᠢ ᠨᠠᠷᠠᠰᠤᠨ ᠰᠢᠭᠤᠢ ᠶ᠋ᠢᠨ ᠡᠮᠦᠨ᠎ᠡ ᠬᠦᠷᠲᠡᠯ᠎ᠡ ᠦ ᠰᠢᠶᠠᠨ ᠤ᠋ ᠴᠡᠷᠢᠭ ᠭᠠᠷᠴᠤ ᠲᠣᠰᠴᠤ ᠵᠠᠩ ᠿᠧᠦ ᠶ᠋ᠢ ᠪᠠᠢᠯᠳᠤᠪᠠ᠃ ᠵᠢᠶᠠ ᠢᠦᠢ ᠤᠷᠢᠳᠠ ᠪᠤᠷᠤᠭᠤᠯᠠᠨ ᠰᠥᠩ ᠱᠠᠨ ᠬᠠᠢᠷᠬᠠᠨ ᠤ᠋ ᠵᠦᠭ ᠪᠤᠷᠤᠭᠤᠯᠠᠨ ᠶᠠᠪᠤᠪᠠ᠃ ᠦ ᠰᠢᠶᠠᠨ᠂ ᠵᠠᠩ ᠿᠧᠦ ᠯᠤᠭ᠎ᠠ ᠨᠡᠩ ᠪᠠᠢᠯᠳᠤᠵᠤ ᠲᠡᠩᠴᠡᠬᠦ ᠦᠭᠡᠢ ᠲᠤᠯᠠ ᠤᠷᠢᠳᠠ ᠴᠡᠷᠢᠭ ᠢ᠋ᠶ᠋ᠡᠨ ᠶᠠᠪᠤᠭᠤᠯᠵᠤ᠂ ᠳᠠᠭᠠᠯᠳᠤᠭ᠎ᠠ ᠮᠥᠨ ᠴᠡᠷᠢᠭ ᠦ᠋ᠨ ᠰᠡᠭᠦᠯ ᠢ᠋ᠶ᠋ᠡᠨ ᠬᠠᠮᠠᠭᠠᠯᠠᠨ ᠪᠤᠷᠤᠭᠤᠯᠠᠪᠠ᠃ ᠬᠣᠷᠢᠨ ᠭᠠᠵᠠᠷ ᠶᠠᠪᠤᠵᠤ ᠬᠤᠯᠤᠰᠤᠨ ᠰᠢᠭᠤᠢ ᠶ᠋ᠢᠨ ᠣᠢᠷ᠎ᠠ ᠬᠦᠷᠲᠡᠯ᠎ᠡ ᠵᠢᠶᠠ ᠢᠦᠢ ᠶ᠋ᠢᠨ ᠴᠡᠷᠢᠭ ᠰᠢᠭᠤᠳ ᠲᠣᠰᠴᠤ ᠪᠠᠰᠠ ᠪᠠᠢᠯᠳᠤᠨ ᠭᠠᠷᠪᠠ᠃ ᠵᠠᠩ ᠿᠧᠦ ᠣᠯᠠᠨ ᠴᠡᠷᠢᠭ ᠲᠦ᠍ᠷ ᠵᠠᠷᠯᠠᠨ ᠥᠭᠦᠯᠡᠷᠦᠨ: 《ᠡᠳᠡ ᠯᠠᠪ ᠰᠥᠩ ᠱᠠᠨ ᠬᠠᠢᠷᠠᠬᠠᠨ ᠤ᠋ ᠳᠣᠲᠣᠷ᠎ᠠ ᠰᠠᠮᠠᠭᠤᠨ ᠵᠡᠪᠡ ᠶ᠋ᠢᠨ ᠵᠢᠭᠰᠠᠭᠠᠯ ᠪᠡᠯᠡᠳᠬᠡᠪᠡ᠃ ᠡᠨᠡ ᠤᠳᠠᠭ᠎ᠠ ᠡᠨᠡ ᠵᠢᠶᠠ ᠢᠦᠢ ᠶ᠋ᠢ ᠬᠡᠷᠬᠢᠪᠡᠴᠦ ᠠᠭᠤᠯᠠᠨ ᠳ᠋ᠤᠷ ᠭᠦᠷᠦᠭᠦᠯᠦᠯ ᠦᠭᠡᠢ ᠪᠡᠷ ᠪᠠᠷᠢᠵᠤ ᠠᠯᠠᠰᠤᠭᠠᠢ᠃ ᠬᠡᠨ ᠬᠥᠮᠦᠨ ᠬᠣᠢᠰᠢᠯᠠᠪᠠᠰᠤ ᠡᠷᠬᠡᠪᠰᠢ ᠠᠯᠠᠮᠤᠢ᠃ 》ᠭᠡᠮᠡᠨ ᠴᠢᠩᠳᠠ ᠵᠠᠷᠯᠠᠭᠠᠳ ᠵᠢᠶᠠ ᠢᠦᠢ ᠶ᠋ᠢᠨ ᠴᠡᠷᠢᠭ ᠬᠦᠷᠴᠦ ᠢᠷᠡᠬᠦᠢ ᠳ᠋ᠦ᠍ᠷ ᠵᠠᠩ ᠿᠧᠦ ᠭᠡᠨᠡᠳᠲᠡ ᠪᠦᠷᠢᠶ᠎ᠡ ᠦᠯᠢᠶᠡᠮᠡᠭᠴᠡ ᠴᠡᠷᠢᠭ ᠬᠣᠶᠠᠷ ᠳᠠᠰᠢ ᠬᠠᠭ᠎ᠠ ᠡᠴᠢᠭᠡᠳ ᠤᠷᠤᠭᠰᠢ ᠳᠣᠪᠲᠣᠯᠤᠨ ᠣᠷᠣᠵᠤ᠂ ᠵᠢᠶᠠ ᠢᠦᠢ ᠶ᠋ᠢᠨ ᠴᠡᠷᠢᠭ ᠢ ᠬᠠᠭᠠᠵᠤ ᠠᠪᠤᠭᠰᠠᠨ ᠳ᠋ᠤᠷ ᠵᠢᠶᠠ ᠢᠦᠢ ᠶᠡᠬᠡᠯ᠎ᠡ ᠭᠡᠯᠮᠡᠵᠦ ᠶᠠᠭᠠᠷᠠᠨ ᠵᠠᠮ ᠡᠷᠢᠨ ᠪᠤᠷᠤᠭᠤᠯᠠᠰᠤᠭᠠᠢ ᠬᠡᠮᠡᠲᠡᠯ᠎ᠡ ᠴᠢᠪᠬᠢᠲᠡᠯ᠎ᠡ ᠵᠠᠩ ᠿᠧᠦ ᠳ᠋ᠦ᠍ᠷ ᠠᠭᠤᠯᠵᠠᠵᠤ᠂ ᠠᠷᠪᠠᠭᠠᠳ ᠤᠳᠠᠭ᠎ᠠ ᠪᠠᠢᠯᠳᠤᠭᠰᠠᠨ ᠦᠭᠡᠢ ᠶᠠᠭᠠᠷᠠᠨ ᠪᠤᠷᠤᠭᠤᠯᠠᠨ ᠡᠴᠢᠰᠦᠭᠡᠢ ᠭᠡᠮᠡᠨ ᠪᠠᠷᠢᠭᠰᠠᠨ ᠵᠢᠳᠠ ᠪᠠᠨ ᠬᠡᠳᠦᠨᠲᠡ ᠬᠤᠷᠤᠢᠯᠠᠵᠤ ᠡᠭᠡᠵᠦ ᠪᠤᠷᠤᠭᠤᠯᠠᠬᠤᠢ ᠳ᠋ᠤᠷ᠂ ᠵᠠᠩ ᠿᠧᠦ ᠨᠢᠭᠡᠨᠲᠡ ᠵᠠᠩᠳᠤᠷᠴᠤ ᠬᠣᠢᠨ᠎ᠠ ᠠ᠋ᠴᠠ ᠴᠠᠪᠴᠢᠬᠤᠢ ᠳ᠋ᠤᠷ ᠮᠥᠷᠥ ᠰᠢᠯᠢ ᠶ᠋ᠢᠨ ᠬᠦᠵᠦᠭᠦᠦ ᠲᠡᠢ ᠬᠣᠶᠠᠷ ᠠᠩᠭᠢ ᠪᠣᠯᠭᠠᠵᠤ ᠮᠣᠷᠢᠨ ᠠ᠋ᠴᠠ ᠤᠨᠠᠭᠠᠭᠠᠳ ᠳᠠᠷᠤᠨ ᠠᠪᠴᠤ ᠪᠠᠢᠯᠳᠤᠨ᠂ ᠵᠢᠶᠠ ᠢᠦᠢ ᠶ᠋ᠢᠨ ᠴᠡᠷᠢᠭ ᠡᠵᠡᠨ ᠢᠨᠦ ᠠᠪᠲᠠᠵᠤ ᠲᠤᠭ ᠠᠨᠤ ᠤᠨᠠᠭᠰᠠᠨ ᠳ᠋ᠤᠷ ᠨᠡᠩᠳᠡ ᠬᠠᠰᠬᠢᠷᠤᠯᠴᠠᠨ ᠳᠥᠷᠪᠡᠨ ᠵᠦᠭ ᠰᠠᠷᠨᠢᠬᠤᠢ ᠶ᠋ᠢ ᠵᠠᠩ ᠿᠧᠦ ᠬᠦᠯᠢᠶᠡᠬᠦ ᠦᠭᠡᠢ ᠬᠠᠭᠠᠵᠤ ᠠᠪᠤᠭᠠᠳ ᠴᠥᠮ ᠠᠯᠠᠰᠤᠭᠠᠢ ᠬᠡᠮᠡᠬᠦᠢ ᠳ᠋ᠦ᠍ᠷ ᠣᠯᠠᠨ ᠴᠡᠷᠢᠭ ᠴᠥᠮ ᠭᠠᠷᠴᠤ ᠴᠢᠳᠠᠬᠤ ᠦᠭᠡᠢ ᠪᠡᠨ ᠮᠡᠳᠡᠵᠦ ᠵᠠᠷ ᠵᠡᠪᠰᠡᠭ ᠢ᠋ᠶ᠋ᠡᠨ ᠣᠷᠭᠢᠯᠴᠠᠨ ᠳᠠᠭᠠᠭᠰᠠᠨ ᠳ᠋ᠤᠷ ᠵᠠᠩ ᠿᠧᠦ ᠶᠠᠭᠠᠷᠠᠨ ᠣᠯᠠᠨ ᠳ᠋ᠤᠷ ᠵᠠᠷᠯᠠᠵᠤ ᠥᠭᠦᠯᠡᠷᠦᠨ:《ᠲᠠ ᠬᠡᠷᠪᠡ ᠠᠮᠢ ᠭᠠᠷᠰᠤᠭᠠᠢ ᠬᠡᠮᠡᠪᠡᠰᠦ ᠲᠤᠭ ᠢ᠋ᠶ᠋ᠠᠨ ᠪᠤᠰᠬᠠᠵᠤ ᠬᠠᠭᠤᠴᠢᠨ ᠶᠣᠰᠣᠭᠠᠷ ᠰᠥᠩ ᠱᠠᠨ ᠬᠠᠢᠷᠬᠠᠨ ᠳ᠋ᠤᠷ ᠢ᠋ᠶ᠋ᠠᠨ ᠳᠤᠲᠠᠭᠠᠵᠤ ᠣᠷᠣᠭᠠᠳ ᠦ ᠰᠢᠶᠠᠨ ᠢ ᠪᠠᠷᠢᠪᠠᠰᠤ ᠲᠠᠨ ᠤ᠋ ᠠᠮᠢᠨ ᠢ ᠬᠡᠯᠲᠦᠷᠢᠭᠦᠯᠰᠦᠭᠡᠢ ! 》ᠬᠡᠮᠡᠭᠰᠡᠨ ᠳ᠋ᠦ᠍ᠷ ᠣᠯᠠᠨ ᠴᠡᠷᠢᠭ ᠳᠤᠷᠠᠲᠠᠶ᠎ᠠ ᠳᠠᠭᠠᠪᠠ᠃ ᠲᠡᠳᠦᠢ ᠵᠠᠩ ᠿᠧᠦ᠂ ᠵᠢᠶᠠ ᠢᠦᠢ ᠶ᠋ᠢᠨ ᠬᠤᠶᠠᠭ ᠳᠤᠭᠤᠯᠠᠭ᠎ᠠ ᠮᠣᠷᠢ ᠵᠡᠪᠰᠡᠭ ᠢ ᠠᠪᠴᠤ ᠥᠪᠡᠷ ᠢ᠋ᠶ᠋ᠡᠨ ᠲᠡᠷᠢᠭᠦᠯᠡᠨ ᠮᠣᠷᠢ ᠤᠨᠤᠵᠤ ᠵᠡᠪᠰᠡᠭ ᠪᠠᠷᠢᠨ ᠲᠤᠭ ᠢ ᠡᠷᠭᠦᠭᠦᠯᠵᠦ᠂ ᠥᠪᠡᠷ ᠦ᠋ᠨ ᠴᠡᠷᠢᠭ ᠲᠦ᠍ᠷ ᠵᠢᠶᠠ ᠢᠦᠢ ᠶ᠋ᠢᠨ ᠴᠡᠷᠢᠭ ᠦ᠋ᠨ ᠬᠤᠶᠠᠭ ᠳᠤᠭᠤᠯᠠᠭ᠎ᠠ ᠶ᠋ᠢ ᠡᠮᠦᠰᠬᠡᠨ ᠲᠤᠭ ᠬᠢᠭᠢᠷᠢ ᠶ᠋ᠢ ᠪᠠᠷᠢᠭᠤᠯᠵᠤ᠂ ᠬᠣᠢᠨ᠎ᠠ ᠨᠡᠬᠡᠭᠴᠢ ᠴᠡᠷᠢᠭ ᠪᠣᠯᠭᠠᠨ ᠰᠤᠷᠭᠠᠨ ᠥᠭᠦᠯᠡᠷᠦᠨ: 《ᠮᠠᠨ ᠤ᠋ ᠴᠡᠷᠢᠭ ᠵᠡᠪᠡ ᠳ᠋ᠦ᠍ᠷ ᠣᠷᠣᠮᠠᠭᠴᠠ ᠲᠠ ᠵᠡᠪᠡ ᠳ᠋ᠦ᠍ᠷ ᠪᠢᠲᠡᠭᠡᠢ ᠣᠷᠣ᠂ ᠠᠭᠤᠯᠠᠨ ᠤ᠋ ᠬᠠᠪᠠᠷ ᠬᠥᠲᠥᠯ ᠢ ᠳᠠᠷᠤᠨ ᠵᠡᠪᠡ ᠶ᠋ᠢᠨ ᠳᠣᠲᠣᠷ᠎ᠠ ᠪᠦᠭᠭᠦᠭᠰᠡᠨ ᠴᠡᠷᠢᠭ ᠦ᠋ᠨ ᠠᠷᠤ ᠠ᠋ᠴᠠ ᠪᠠᠢᠯᠳᠤᠵᠤ ᠬᠠᠷᠪᠤᠭᠠᠳ ᠲᠡᠳᠡ ᠠᠷᠭ᠎ᠠ ᠵᠠᠳᠠᠷᠠᠭᠰᠠᠨ ᠢ ᠦᠵᠡᠪᠡᠰᠦ ᠯᠠᠪ ᠵᠡᠪᠡ ᠶ᠋ᠢᠨ ᠳᠣᠲᠣᠷ᠎ᠠ ᠪᠠᠭᠤᠵᠤ ᠭᠣᠣᠯ ᠢ ᠥᠭᠡᠳᠡᠯᠡᠨ ᠮᠠᠨ ᠤ᠋ ᠴᠡᠷᠢᠭ ᠢ ᠥᠪᠡᠷ ᠦ᠋ᠨ ᠴᠡᠷᠢᠭ ᠪᠣᠯᠭᠠᠨ ᠡᠴᠢᠮᠦᠢ᠃ ᠡᠢᠮᠦ ᠪᠣᠯᠪᠠᠰᠤ ᠪᠢ ᠡᠭᠡᠵᠦ ᠪᠠᠢᠯᠳᠤᠪᠠᠰᠤ ᠳᠠᠷᠤᠵᠤ ᠪᠣᠯᠤᠮᠤᠢ !》ᠭᠡᠮᠡᠨ ᠳᠠᠷᠤᠢ ᠡᠮᠦᠨ᠎ᠡ ᠴᠡᠷᠢᠭ ᠢ ᠬᠣᠢᠨ᠎ᠠ ᠪᠣᠯᠭᠠᠨ᠂ ᠬᠣᠢᠲᠤ ᠴᠡᠷᠢᠭ ᠢ ᠡᠮᠦᠨ᠎ᠡ ᠪᠣᠯᠭᠠᠨ ᠪᠤᠰᠤᠳ ᠤ᠋ᠨ ᠴᠡᠷᠢᠭ ᠢ ᠥᠪᠡᠷ ᠦ᠋ᠨ ᠴᠡᠷᠢᠭ ᠪᠣᠯᠭᠠᠨ᠂ ᠥᠪᠡᠷ ᠦ᠋ᠨ ᠴᠡᠷᠢᠭ ᠢ ᠪᠤᠰᠤᠳ ᠤ᠋ᠨ ᠴᠡᠷᠢᠭ ᠪᠣᠯᠭᠠᠨ ᠳᠣᠪᠲᠣᠯᠤᠨ ᠰᠥᠩ ᠱᠠᠨ ᠬᠠᠢᠷᠬᠠᠨ ᠳ᠋ᠤᠷ ᠬᠦᠷᠴᠦ ᠬᠠᠭᠤᠷᠮᠠᠭ ᠵᠢᠶᠠ ᠢᠦᠢ ᠶᠠᠭᠠᠷᠠᠨ ᠳᠤᠲᠠᠭᠠᠵᠤ ᠭᠣᠣᠯ ᠳ᠋ᠤᠷ ᠣᠷᠣᠵᠤ ᠡᠴᠢᠪᠡ᠃ ᠳᠠᠭᠠᠯᠳᠤᠭ᠎ᠠ ᠵᠠᠩ ᠿᠧᠦ ᠶ᠋ᠢᠨ ᠴᠡᠷᠢᠭ ᠬᠦᠷᠴᠦ ᠡᠴᠢᠭᠡᠳ ᠭᠡᠨᠡᠳᠲᠡ ᠬᠡᠩᠭᠡᠷᠭᠡ ᠳᠡᠯᠡᠳᠦᠨ ᠴᠡᠷᠢᠭ ᠢ ᠬᠣᠶᠠᠷ ᠰᠠᠯᠭᠠᠵᠤ᠂ ᠠᠭᠤᠯᠠᠨ ᠤ᠋ ᠬᠣᠶᠠᠷ ᠬᠠᠪᠠᠷ ᠢ᠋ᠶ᠋ᠠᠷ ᠥᠭᠡᠳᠡᠯᠡᠨ ᠭᠠᠷᠴᠤ ᠦ ᠰᠢᠶᠠᠨ ᠤ᠋ ᠪᠥᠬᠥᠭᠰᠡᠨ ᠴᠡᠷᠢᠭ ᠢ ᠠᠷᠤ ᠠ᠋ᠴᠠ ᠬᠠᠭᠠᠵᠤ ᠠᠪᠤᠭᠠᠳ ᠰᠤᠮᠤ ᠲᠠᠯᠪᠢᠭᠰᠠᠨ ᠳ᠋ᠤᠷ ᠦ ᠰᠢᠶᠠᠨ ᠠᠷᠭ᠎ᠠ ᠵᠠᠳᠠᠷᠠᠭᠰᠠᠨ ᠳ᠋ᠤᠷ ᠶᠡᠬᠡᠯ᠎ᠡ ᠠᠶᠤᠵᠤ ᠶᠠᠭᠠᠷᠠᠨ ᠴᠡᠷᠢᠭ ᠢ᠋ᠶ᠋ᠡᠨ ᠠᠪᠴᠤ ᠭᠣᠣᠯ ᠢ ᠥᠭᠡᠳᠡᠯᠡᠨ᠂ ᠵᠢᠶᠠ ᠢᠦᠢ ᠶ᠋ᠢᠨ ᠴᠡᠷᠢᠭ ᠲᠦ᠍ᠷ ᠨᠡᠢᠯᠡᠷᠡ ᠣᠢᠷ᠎ᠠ ᠬᠦᠷᠦᠮᠡᠭᠴᠡ ᠵᠢᠶᠠ ᠢᠦᠢ ᠶ᠋ᠢᠨ ᠴᠡᠷᠢᠭ ᠦ᠋ᠨ ᠳᠣᠲᠣᠷ᠎ᠠ ᠭᠡᠨᠡᠳᠲᠡ ᠫᠤᠤ ᠳᠠᠭᠤᠷᠢᠰᠴᠤ ᠭᠣᠣᠯ ᠤᠷᠤᠭᠤ ᠳᠠᠷᠤᠨ ᠢᠷᠡᠭᠰᠡᠨ ᠳ᠋ᠦ᠍ᠷ ᠦ ᠰᠢᠶᠠᠨ ᠡᠯᠡᠢᠷᠡᠨ ᠪᠠᠯᠠᠢᠷᠠᠵᠤ ᠵᠦᠭ ᠴᠢᠭ ᠢ᠋ᠶ᠋ᠡᠨ ᠣᠯᠬᠤ ᠦᠭᠡᠢ ᠪᠦᠬᠦᠢ ᠳ᠋ᠦ᠍ᠷ ᠬᠣᠶᠠᠷ ᠡᠲᠡᠭᠡᠳ ᠦ᠋ᠨ ᠴᠡᠷᠢᠭ ᠬᠠᠪᠴᠢᠨ ᠪᠠᠢᠯᠳᠤᠵᠤ᠂ ᠦ ᠰᠢᠶᠠᠨ ᠤ᠋ ᠴᠡᠷᠢᠭ ᠨᠢᠭᠡ ᠴᠦ᠍ ᠪᠠᠢᠯᠳᠤᠭᠰᠠᠨ ᠦᠭᠡᠢ ᠳᠠᠷᠤᠭᠳᠠᠵᠤ᠂ ᠦ ᠰᠢᠶᠠᠨ᠂ ᠵᠢᠶᠠ ᠢᠦᠢ ᠶ᠋ᠢ ᠦᠵᠡᠪᠡᠰᠦ ᠶᠠᠭᠤᠨ ᠤ᠋ ᠵᠢᠶᠠ ᠢᠦᠢ ᠠᠵᠢ᠂ ᠦᠵᠡᠰᠡ ᠬᠠᠷᠢᠨ ᠵᠠᠩ ᠿᠧᠦ ᠲᠤᠯᠠ ᠪᠡᠭᠲᠡᠷᠡᠨ ᠰᠠᠨᠳᠤᠷᠴᠤ ᠵᠠᠢᠯᠠᠬᠤ ᠭᠠᠵᠠᠷ ᠦᠭᠡᠢ ᠪᠣᠯᠤᠭᠰᠠᠨ ᠳ᠋ᠤᠷ ᠵᠠᠩ ᠿᠧᠦ ᠵᠢᠳᠠᠨ ᠤ ᠡᠰᠢ ᠪᠡᠷ ᠳᠡᠯᠡᠳᠦᠨ ᠣᠷᠣᠬᠤᠢ ᠳ᠋ᠤᠷ ᠦ ᠰᠢᠶᠠᠨ ᠵᠡᠪᠰᠡᠭ ᠦ᠋ᠨ ᠳᠣᠣᠭᠤᠷ ᠰᠢᠷᠭᠤᠨ ᠭᠠᠷᠴᠤ ᠳᠤᠲᠠᠭᠠᠪᠠ᠃ ᠵᠠᠩ ᠿᠧᠦ ᠣᠯᠠᠨ ᠴᠡᠷᠢᠭ ᠢ ᠳᠠᠭᠠᠭᠤᠯᠵᠤ ᠳᠡᠢᠯᠦᠭᠰᠡᠨ ᠬᠦᠴᠦᠨ ᠳ᠋ᠦ᠍ᠷ ᠬᠣᠶᠠᠷ ᠠᠩᠭᠢ ᠴᠡᠷᠢᠭ ᠢ ᠡᠮᠦᠨ᠎ᠡ ᠪᠣᠯᠭᠠᠨ ᠬᠣᠶᠠᠷ ᠠᠩᠭᠢ ᠳᠤᠲᠠᠭᠠᠭᠰᠠᠨ ᠴᠡᠷᠢᠭ ᠮᠡᠲᠦ ᠪᠣᠯᠵᠤ᠂ ᠥᠪᠡᠷ ᠦ᠋ᠨ ᠴᠡᠷᠢᠭ ᠲᠦ᠍ᠷ ᠵᠢᠶᠠ ᠢᠦᠢ᠂ ᠦ ᠰᠢᠶᠠᠨ ᠨᠠᠷ ᠤ᠋ᠨ ᠴᠡᠷᠢᠭ ᠦ᠋ᠨ ᠲᠤᠭ ᠳᠠᠯᠪᠠᠭ᠎ᠠ ᠬᠤᠶᠠᠭ ᠳᠤᠭᠤᠯᠠᠭ᠎ᠠ ᠲᠤᠭ ᠬᠢᠭᠢᠷᠢ ᠪᠠᠷᠢᠭᠤᠯᠵᠤ᠂ ᠴᠢ ᠶᠠᠩ᠂ ᠴᠢᠦᠢ ᠶᠠᠩ ᠬᠣᠶᠠᠷ ᠬᠣᠲᠠᠨ ᠳ᠋ᠤᠷ ᠳᠤᠲᠠᠭᠠᠨ ᠣᠷᠣᠬᠤ ᠴᠡᠷᠢᠭ ᠪᠣᠯᠵᠤ ᠰᠥᠨᠢ ᠳᠦᠯᠢᠨ ᠢᠷᠡᠭᠰᠡᠨ ᠳ᠋ᠦ᠍ᠷ ᠬᠣᠲᠠ ᠶ᠋ᠢᠨ ᠠᠷᠠᠳ ᠵᠤᠯᠠ ᠪᠠᠭᠤᠯᠭᠠᠨ ᠦᠵᠡᠪᠡᠰᠦ ᠦᠨᠡᠬᠡᠷ ᠲᠡᠳᠡᠨ ᠤ ᠴᠡᠷᠢᠭ ᠲᠤᠯᠠ ᠶᠠᠭᠠᠷᠠᠨ ᠬᠣᠲᠠ ᠨᠡᠭᠡᠭᠡᠵᠦ ᠣᠷᠣᠭᠤᠯᠪᠠ᠃ ᠲᠡᠳᠦᠢ ᠨᠢᠭᠡᠨ ᠴᠠᠭ ᠲᠤᠷ ᠵᠠᠩ ᠿᠧᠦ ᠬᠣᠶᠠᠷ ᠬᠣᠲᠠᠨ ᠢ ᠠᠪᠴᠤ ᠣᠯᠠᠨ ᠴᠡᠷᠢᠭ ᠴᠤᠭᠯᠠᠨ ᠢᠷᠭᠡᠨ ᠢ ᠲᠣᠭᠲᠠᠭᠠᠵᠤ᠂ ᠰᠥᠩ ᠱᠠᠨ ᠤ᠋ ᠴᠡᠷᠢᠭ ᠥᠪᠡᠰᠦᠪᠡᠨ ᠢᠷᠡᠵᠦ ᠳᠠᠭᠠᠪᠠ᠃ ᠳᠣᠯᠣᠭᠠᠨ ᠡᠳᠦᠷ ᠦ᠋ᠨ ᠳᠣᠲᠣᠷ᠎ᠠ ᠴᠢ ᠶᠠᠩ᠂ ᠴᠢᠦᠢ ᠶᠠᠩ᠂ ᠰᠥᠩ ᠱᠠᠨ ᠢ ᠪᠦᠷᠢᠨ᠎ᠡ ᠣᠯᠵᠤ᠂ ᠳᠠᠷᠤᠢ ᠶᠡᠬᠡ ᠴᠡᠷᠢᠭ ᠢ ᠠᠪᠴᠤ ᠾᠧ ᠵᠧᠦ᠂ ᠢᠨ ᠵᠧᠦ᠂ ᠡᠢ ᠵᠧᠦ᠂ ᠢᠦ ᠵᠧᠦ ᠡᠨᠡ ᠳᠥᠷᠪᠡᠨ ᠬᠣᠲᠠᠨ ᠢ ᠬᠠᠭᠠᠬᠤᠢ ᠳ᠋ᠤᠷ ᠡᠨᠡ ᠳᠥᠷᠪᠡᠨ ᠬᠣᠲᠠ ᠶ᠋ᠢᠨ ᠲᠡᠷᠢᠭᠦᠯᠡᠭᠰᠡᠨ ᠵᠠᠩᠵᠤᠨ ᠨᠢᠭᠡᠨ ᠢᠨᠦ ᠠᠯᠠᠭᠳᠠᠵᠤ᠂ ᠨᠢᠭᠡᠨ ᠢᠨᠦ ᠪᠠᠷᠢᠭᠳᠠᠭᠰᠠᠨ ᠲᠤᠯᠠ ᠶᠠᠭᠤᠨ ᠤ᠋ ᠡᠰᠡᠷᠭᠦᠴᠡᠨ ᠲᠤᠯᠵᠤ ᠪᠠᠢᠯᠳᠤᠬᠤ ᠪᠣᠢ ! ᠴᠥᠮ ᠬᠣᠲᠠ ᠪᠠᠨ ᠨᠡᠭᠡᠭᠡᠵᠦ ᠳᠠᠭᠠᠪᠠ᠃ ᠡᠭᠦᠨ ᠳ᠋ᠦ᠍ᠷ ᠾᠧ ᠪᠧᠢ ᠶ᠋ᠢᠨ ᠶᠡᠬᠡ ᠬᠠᠭᠠᠰ ᠴᠥᠮ ᠮᠣᠩᠭᠣᠯ ᠤᠯᠤᠰ ᠤ᠋ᠨ ᠬᠠᠷᠢᠶᠠᠲᠤ ᠪᠣᠯᠪᠠ᠃ ᠵᠠᠩ ᠿᠧᠦ ᠡᠳᠡᠭᠡᠷ ᠬᠣᠲᠠ ᠪᠠ ᠭᠠᠵᠠᠷ ᠣᠷᠣᠨ ᠢ᠋ ᠠᠪᠤᠭᠠᠳ ᠳ᠋ᠠᠢᠳᠦ᠋ ᠳ᠋ᠦ᠍ᠷ ᠠᠢᠯᠠᠳᠬᠠᠨ ᠶᠠᠪᠤᠭᠤᠯᠪᠠ᠃
ᠡᠨᠡ ᠦᠶ᠎ᠡ ᠳᠥᠷᠪᠡᠨ ᠰᠠᠷ᠎ᠠ ᠪᠣᠯᠤᠭᠰᠠᠨ ᠲᠤᠯᠠ ᠬᠠᠭᠠᠨ ᠤ᠋ ᠭᠡᠭᠡᠨ ᠣᠷᠳᠣᠨ ᠤ᠋ ᠬᠣᠲᠠᠯᠠᠭᠠᠷ ᠬᠠᠯᠠᠭᠤᠨ ᠠ᠋ᠴᠠ ᠵᠠᠢᠯᠠᠨ ᠱᠠᠩᠳᠤ ᠳ᠋ᠤᠷ ᠮᠣᠷᠢᠯᠠᠭᠰᠠᠨ ᠲᠤᠯᠠ ᠤᠯᠤᠰ ᠤ᠋ᠨ ᠶᠡᠬᠡ ᠬᠡᠷᠡᠭ ᠪᠦᠬᠦᠨ ᠴᠥᠮ ᠲᠡᠨᠳᠡ ᠳᠣᠪᠲᠣᠯᠭᠠᠨ ᠠᠢᠯᠠᠳᠬᠠᠮᠤᠢ᠃ ᠤᠳᠠᠭᠰᠠᠨ ᠦᠭᠡᠢ ᠬᠠᠭᠠᠨ ᠠ᠋ᠴᠠ ᠡᠷᠭᠦᠮᠵᠢᠯᠡᠯ ᠱᠠᠩ ᠪᠠᠭᠤᠵᠤ ᠢᠷᠡᠪᠡ᠃ ᠲᠡᠳᠦᠢ ᠪᠠᠷᠢᠭᠳᠠᠭᠠᠳᠤᠢ ᠦ ᠰᠢᠶᠠᠨ ᠢ ᠶᠤᠸᠠᠨᠱᠤᠸᠠᠢ ᠵᠠᠩ ᠿᠧᠦ ᠶ᠋ᠢ ᠡᠷᠬᠡᠪᠰᠢ ᠡᠷᠢᠵᠦ ᠪᠠᠷᠢᠭᠠᠳ ᠾᠧ ᠪᠧᠢ ᠶ᠋ᠢ ᠲᠦᠪᠰᠢᠨ ᠪᠣᠯᠭ᠎ᠠ ᠬᠡᠮᠡᠵᠦᠬᠦᠢ᠃ ᠾᠧ ᠪᠧᠢ ᠶ᠋ᠢᠨ ᠭᠠᠵᠠᠷ᠎ᠠ ᠵᠠᠩ ᠿᠧᠦ ᠶ᠋ᠢᠨ ᠨᠡᠷ᠎ᠡ ᠰᠦᠷ ᠶᠡᠬᠡᠯ᠎ᠡ ᠮᠠᠨᠳᠤᠪᠠ᠃ ᠡᠨᠡ ᠦᠶ᠎ᠡ ᠳ᠋ᠦ᠍ᠷ ᠰᠥᠩ ᠤᠯᠤᠰ ᠤ᠋ᠨ ᠬᠢᠵᠠᠭᠠᠷ ᠲᠤᠷ ᠵᠧᠩ ᠹᠦ ᠬᠡᠮᠡᠬᠦ ᠨᠢᠭᠡᠨ ᠬᠥᠮᠦᠨ ᠤᠷᠪᠠᠵᠤ ᠬᠡᠳᠦᠨ ᠮᠢᠩᠭᠠᠨ ᠴᠡᠷᠢᠭ ᠬᠤᠷᠢᠶᠠᠵᠤ᠂ ᠴᠥᠮ ᠤᠯᠠᠭᠠᠨ ᠪᠥᠰ ᠢ᠋ᠶ᠋ᠡᠷ ᠲᠣᠯᠣᠭᠠᠢ ᠪᠠᠨ ᠣᠷᠢᠶᠠᠬᠤᠢ ᠳ᠋ᠤᠷ ᠨᠡᠷ᠎ᠡ ᠶ᠋ᠢ 《ᠤᠯᠠᠭᠠᠨ ᠮᠠᠯᠠᠭᠠᠲᠤ ᠬᠤᠯᠠᠭᠠᠢ 》ᠭᠡᠮᠡᠨ ᠨᠠᠷᠠᠯᠠᠪᠠ᠂ ᠡᠨᠡ ᠾᠦᠩ ᠦ᠋ᠨ ᠽᠧᠢ᠂ ᠰᠥᠩ᠂ ᠠᠯᠲᠠᠨ᠂ ᠰᠢᠶᠠ ᠭᠤᠷᠪᠠᠨ ᠤᠯᠤᠰ ᠤ᠋ᠨ ᠵᠠᠪᠰᠠᠷ ᠢ ᠬᠥᠨᠳᠡᠯᠡᠨ ᠭᠤᠯᠳᠤ ᠲᠠᠪᠴᠢᠯᠠᠨ ᠶᠠᠪᠤᠭᠰᠠᠭᠠᠷ ᠵᠢᠷᠭᠤᠭᠠᠨ ᠰᠠᠷ᠎ᠠ ᠳ᠋ᠤᠷ ᠰᠥᠩ ᠤᠯᠤᠰ ᠲᠤᠷ ᠣᠷᠣᠵᠤ᠂ ᠮᠣᠩᠭᠣᠯ ᠤ᠋ᠨ ᠴᠡᠷᠢᠭ ᠡᠴᠡ ᠵᠠᠢᠯᠠᠨ ᠶᠠᠪᠤᠬᠤᠢ ᠳ᠋ᠤᠷ ᠰᠥᠩ ᠤᠯᠤᠰ ᠤ᠋ᠨ ᠤᠮᠠᠷᠠᠲᠤ ᠶ᠋ᠢ ᠰᠡᠷᠡᠮᠵᠢᠯᠡᠬᠦ ᠶᠡᠬᠡ ᠵᠠᠩᠵᠤᠨ ᠠᠨ ᠫᠢᠩ ᠦ᠋ᠨ ᠴᠡᠷᠢᠭ ᠲᠦ᠍ᠷ ᠤᠴᠠᠷᠠᠵᠤ᠂ ᠠᠨ ᠫᠢᠩ ᠴᠡᠷᠢᠭ ᠢ ᠬᠣᠶᠠᠷ ᠠᠩᠭᠢ ᠰᠠᠯᠭᠠᠵᠤ ᠨᠢᠭᠡᠨ ᠠᠩᠭᠢ ᠶ᠋ᠢ ᠮᠣᠩᠭᠣᠯ ᠤ᠋ᠨ ᠴᠡᠷᠢᠭ ᠭᠡᠮᠡᠨ ᠠᠯᠳᠠᠷᠰᠢᠭᠤᠯᠵᠤ᠂ ᠬᠤᠯᠠᠭᠠᠢ ᠶ᠋ᠢ ᠮᠡᠬᠡᠯᠡᠨ ᠬᠥᠭᠡᠭᠡᠭᠰᠡᠭᠡᠷ ᠥᠪᠡᠷ ᠦ᠋ᠨ ᠵᠢᠭᠰᠠᠭᠠᠯ ᠪᠡᠯᠡᠳᠦᠭᠰᠡᠨ ᠰᠧ ᠴᠤᠸᠠᠨ ᠤ᠋ ᠠᠭᠤᠯᠠᠨ ᠳ᠋ᠤᠷ ᠣᠷᠣᠭᠤᠯᠤᠭᠠᠳ ᠬᠣᠶᠠᠷ ᠴᠡᠷᠢᠭ ᠬᠠᠪᠰᠤᠷᠴᠤ ᠾᠦᠩ ᠦ᠋ᠨ ᠽᠧᠢ ᠶ᠋ᠢᠨ ᠬᠡᠳᠦᠨ ᠮᠢᠩᠭᠠᠨ ᠴᠡᠷᠢᠭ ᠢ ᠳᠠᠷᠤᠵᠤ ᠵᠧᠩ ᠹᠦ ᠶ᠋ᠢ ᠠᠯᠠᠵᠤ ᠬᠤᠯᠠᠭᠠᠢ ᠶ᠋ᠢ ᠰᠥᠨᠥᠭᠡᠪᠡ᠃ ᠡᠨᠡ ᠵᠠᠪᠰᠠᠷ᠎ᠠ ᠪᠠᠰᠠ ᠠᠯᠲᠠᠨ ᠤᠯᠤᠰ ᠤ᠋ᠨ ᠭᠠᠵᠠᠷ ᠣᠷᠣᠨ ᠮᠣᠩᠭᠣᠯ ᠳ᠋ᠤᠷ ᠠᠪᠲᠠᠭᠰᠠᠭᠠᠷ ᠠᠮᠢᠰᠬᠤᠯ ᠨᠡᠩ ᠲᠡᠪᠴᠢ ᠪᠣᠯᠤᠭᠰᠠᠨ ᠳ᠋ᠤᠷ ᠳᠠᠷᠤᠯᠠᠵᠤ ᠰᠤᠷᠤᠭᠰᠠᠨ ᠰᠥᠩ ᠤᠯᠤᠰ ᠤ᠋ᠨ ᠭᠠᠵᠠᠷ ᠣᠷᠣᠨ ᠢ ᠳᠠᠪᠴᠢᠯᠠᠷᠠ ᠤᠭᠰᠠᠭ᠎ᠠ ᠶ᠋ᠢᠨ ᠸᠠᠨ ᠶᠠᠨ ᠭᠦᠸᠧ ᠶ᠋ᠢ ᠲᠠᠪᠤᠨ ᠲᠦᠮᠡᠨ ᠴᠡᠷᠢᠭ ᠲᠡᠢ ᠢᠯᠡᠭᠡᠵᠦ᠂ ᠰᠥᠩ ᠤᠯᠤᠰ ᠤ᠋ᠨ ᠭᠠᠵᠠᠷ ᠣᠷᠣᠨ ᠢ ᠳᠠᠪᠴᠢᠯᠠᠨ ᠡᠵᠡᠯᠡᠭᠦᠯᠦᠷᠡ ᠭᠠᠷᠭᠠᠭᠰᠠᠨ ᠳ᠋ᠤᠷ ᠰᠥᠩ ᠤᠯᠤᠰ ᠤ᠋ᠨ ᠣᠯᠠᠨ ᠢᠷᠭᠡᠳ ᠶᠡᠬᠡᠯ᠎ᠡ ᠭᠠᠰᠢᠭᠤᠨ ᠢ ᠡᠳᠡᠯᠡᠵᠦ ᠵᠦᠭ ᠪᠦᠷᠢ ᠪᠤᠷᠬᠢᠷᠠᠯᠳᠤᠬᠤᠢ ᠳ᠋ᠤᠷ᠂ ᠰᠥᠩ ᠤᠯᠤᠰ ᠤ᠋ᠨ ᠲᠠᠢᠱᠧᠦ ᠲᠦᠰᠢᠮᠡᠯ ᠮᠧᠩ ᠰᠥᠩ ᠵᠧᠩ ᠵᠢᠴᠢ ᠶᠦᠩ ᠵᠧᠨ ᠰᠢᠩ ᠬᠣᠶᠠᠭᠤᠯᠠ ᠵᠥᠪᠯᠡᠨ ᠬᠡᠯᠡᠯᠴᠡᠵᠦ ᠠᠷᠭ᠎ᠠ ᠲᠣᠭᠲᠠᠭᠠᠨ ᠬᠣᠶᠠᠷ ᠴᠡᠷᠢᠭ ᠢ ᠨᠡᠢᠯᠡᠭᠦᠯᠵᠦ ᠮᠥᠨ ᠬᠦ᠌ ᠨᠢᠭᠡᠨ ᠠᠩᠭᠢ ᠬᠠᠭᠤᠷᠮᠠᠭ ᠮᠣᠩᠭᠣᠯ ᠴᠡᠷᠢᠭ ᠪᠠᠢᠭᠤᠯᠵᠤ᠂ ᠽᠧᠦ ᠶᠠᠩ ᠤ᠋ᠨ ᠭᠠᠵᠠᠷ ᠪᠡᠯᠡᠳᠬᠡᠨ ᠪᠦᠭᠭᠦᠭᠦᠯᠵᠦ᠂ ᠪᠤᠰᠤ ᠬᠣᠶᠠᠷ ᠵᠠᠮ ᠤ᠋ᠨ ᠴᠡᠷᠢᠭ ᠢ ᠵᠡᠭᠦᠨ ᠪᠠᠷᠠᠭᠤᠨ ᠳ᠋ᠤᠷ ᠪᠦᠭᠭᠦᠭᠦᠯᠦᠨ ᠬᠦᠯᠢᠶᠡᠭᠰᠡᠨ ᠳ᠋ᠦ᠍ᠷ ᠠᠯᠲᠠᠨ ᠤᠯᠤᠰ ᠤ᠋ᠨ ᠸᠠᠨ ᠶᠠᠨ ᠭᠦᠸᠧ ᠠᠵᠢᠭ ᠦᠭᠡᠢ ᠶᠠᠪᠤᠭᠰᠠᠭᠠᠷ ᠽᠧᠦ ᠶᠠᠩ ᠬᠦᠷᠴᠦ ᠢᠷᠡᠭᠡᠳ ᠴᠡᠷᠢᠭ ᠪᠠᠭᠤᠳᠠᠯᠯᠠᠨ ᠵᠠᠪᠳᠤᠬᠤ ᠶ᠋ᠢᠨ ᠤᠷᠢᠳ ᠭᠡᠨᠡᠳᠲᠡ ᠬᠠᠷᠢᠨ ᠮᠣᠩᠭᠣᠯ ᠤ᠋ᠨ ᠲᠤᠭ ᠬᠢᠭᠢᠷᠢ ᠦᠵᠡᠭᠳᠡᠵᠦ ᠬᠣᠢᠲᠤ ᠡᠲᠡᠭᠡᠳ ᠡᠴᠡ ᠴᠡᠷᠢᠭ ᠭᠠᠷᠴᠤ ᠢᠷᠡᠭᠰᠡᠨ ᠳ᠋ᠦ᠍ᠷ ᠰᠥᠰᠥ ᠬᠡᠮᠬᠡᠷᠡᠨ ᠰᠢᠭᠤᠳ ᠪᠠᠢᠯᠳᠤᠬᠤ ᠦᠭᠡᠢ ᠪᠡᠷ ᠪᠠᠷᠠᠭᠤᠨ ᠵᠠᠮ ᠢ᠋ᠶ᠋ᠠᠷ ᠳᠤᠲᠠᠭᠠᠰᠤᠭᠠᠢ ᠭᠡᠮᠡᠨ ᠡᠴᠢᠪᠡᠰᠦ᠂ ᠰᠥᠩ ᠤᠯᠤᠰ ᠤ᠋ᠨ ᠮᠧᠩ ᠰᠥᠩ ᠵᠧᠩ ᠦ᠋ᠨ ᠶᠡᠬᠡ ᠴᠡᠷᠢᠭ ᠲᠦ᠍ᠷ ᠲᠣᠬᠢᠶᠠᠯᠳᠤᠨ ᠳᠠᠷᠤᠭᠳᠠᠭᠠᠳ ᠪᠠᠰᠠ ᠡᠭᠡᠵᠦ ᠵᠡᠭᠦᠨ ᠵᠠᠮ ᠢ᠋ᠶ᠋ᠠᠷ ᠳᠤᠲᠠᠭᠠᠰᠤᠭᠠᠢ ᠬᠡᠮᠡᠲᠡᠯ᠎ᠡ ᠵᠡᠭᠦᠨ ᠵᠠᠮ ᠤ᠋ᠨ ᠶᠦᠩ ᠵᠧᠨ ᠰᠢᠩ ᠦ᠋ᠨ ᠶᠡᠬᠡ ᠴᠡᠷᠢᠭ ᠲᠦ᠍ᠷ ᠪᠠᠢᠯᠳᠤᠨ ᠳᠠᠷᠤᠭᠳᠠᠵᠤ᠂ ᠶᠠᠭᠠᠷᠠᠨ ᠵᠠᠮ ᠪᠤᠷᠤᠭᠤᠯᠠᠨ ᠳᠤᠮᠳᠠᠳᠤ ᠵᠠᠮ ᠤ᠋ᠨ ᠬᠣᠢᠲᠤ ᠡᠲᠡᠭᠡᠳ ᠢ᠋ᠶ᠋ᠡᠷ ᠨᠡᠪᠲᠡᠯᠦᠨ ᠭᠠᠷᠬᠤᠢ ᠳ᠋ᠤᠷ ᠬᠠᠭᠤᠷᠮᠠᠭ ᠮᠣᠩᠭᠣᠯ ᠤ᠋ᠨ ᠴᠡᠷᠢᠭ ᠲᠣᠰᠴᠤ ᠠᠯᠠᠨ ᠢᠷᠡᠭᠡᠳ ᠭᠤᠷᠪᠠᠨ ᠵᠠᠮ ᠤ᠋ᠨ ᠴᠡᠷᠢᠭ ᠨᠡᠢᠯᠡᠵᠦ ᠠᠯᠲᠠᠨ ᠤᠯᠤᠰ ᠤ᠋ᠨ ᠴᠡᠷᠢᠭ ᠢ ᠽᠧᠦ ᠶᠠᠩ ᠳ᠋ᠤᠷ ᠶᠡᠬᠡᠯ᠎ᠡ ᠳᠠᠷᠤᠵᠤ ᠲᠠᠯᠪᠢᠯ ᠦᠭᠡᠢ ᠬᠥᠭᠡᠭᠡᠵᠦ ᠳ᠋ᠧᠩ ᠵᠧᠦ ᠬᠦᠷᠲᠡᠯ᠎ᠡ ᠠᠯᠠᠭᠠᠳ ᠰᠥᠩ ᠦ᠋ᠨ ᠴᠡᠷᠢᠭ ᠰᠠᠶᠢ ᠵᠣᠭᠰᠣᠵᠤ ᠴᠡᠷᠢᠭ ᠬᠣᠷᠢᠶᠠᠨ ᠡᠭᠡᠪᠡ᠃
ᠡᠨᠡ ᠮᠡᠳᠡᠭᠡ ᠠᠯᠳᠠᠷᠰᠢᠭᠰᠠᠨ ᠳ᠋ᠤᠷ ᠠᠯᠲᠠᠨ ᠤᠯᠤᠰ ᠲᠤᠷ ᠮᠣᠩᠭᠣᠯ ᠰᠥᠩ ᠯᠦ᠍ᠭᠡ ᠨᠡᠢᠯᠡᠪᠡ ᠭᠡᠮᠡᠨ ᠶᠡᠬᠡᠯ᠎ᠡ ᠠᠶᠤᠯᠳᠤᠪᠠ ᠃ ᠡᠭᠦᠨ ᠢ ᠲᠦᠷ ᠥᠭᠦᠯᠡᠬᠦ ᠦᠭᠡᠢ᠃
ᠣᠳᠣ ᠥᠭᠦᠯᠡᠬᠦ ᠢᠨᠦ᠂ ᠴᠢᠩᠭᠢᠰ ᠬᠠᠭᠠᠨ ᠴᠠᠭᠠᠨ ᠰᠠᠷ᠎ᠠ ᠳ᠋ᠤᠷ ᠵᠠᠷᠯᠢᠭ ᠪᠠᠭᠤᠯᠭᠠᠨ ᠬᠣᠶᠠᠷ ᠡᠯᠴᠢ ᠠᠮᠠᠯᠠᠵᠤ᠂ ᠳ᠋ᠦᠩ ᠢᠦ᠂ ᠹᠦ ᠱᠢ ᠬᠣᠶᠠᠭᠤᠯᠠ ᠪᠠᠷ ᠵᠠᠷᠯᠢᠭ ᠤ᠋ᠨ ᠪᠢᠴᠢᠭ ᠢ ᠬᠥᠷᠭᠡᠯᠭᠡᠵᠦ᠂ ᠰᠢ ᠢᠦᠢ ᠤᠯᠤᠰ ᠤ᠋ᠨ ᠡᠵᠡᠨ ᠰᠠᠯᠠ ᠳ᠋ᠢᠩ ᠳ᠋ᠦ᠍ᠷ ᠵᠠᠷᠤᠵᠤ ᠠᠰᠢᠭ ᠵᠣᠪᠠᠯᠠᠩ ᠢ ᠲᠣᠭᠠᠴᠢᠨ ᠰᠠᠮᠠᠭᠤᠷᠠᠬᠤ ᠰᠢᠯᠲᠠᠭᠠᠨ ᠢ ᠠᠰᠠᠭᠤᠷ᠎ᠠ ᠡᠴᠢᠪᠡ᠃ ᠡᠨᠡ ᠰᠢ ᠢᠦᠢ ᠤᠯᠤᠰ ᠬᠡᠮᠡᠭᠴᠢ ᠬᠣᠶᠠᠷ ᠠᠩᠭᠢ ᠪᠣᠢ᠂ ᠬᠣᠢᠲᠤ ᠠᠩᠭᠢ ᠬᠣᠲᠣᠩ ᠤ᠋ᠨ ᠡᠵᠡᠨ ᠰᠠᠯᠠ ᠳ᠋ᠢᠩ᠂ ᠡᠮᠦᠨ᠎ᠡ ᠠᠢᠮᠠᠭ ᠤ᠋ᠨ ᠬᠣᠲᠣᠩ ᠤ᠋ᠨ ᠡᠵᠡᠨ ᠨᠢᠶᠧ ᠯᠢ ᠭᠧ᠃ ᠡᠨᠡ ᠬᠣᠶᠠᠷ ᠴᠥᠮ ᠭᠠᠵᠠᠷ ᠭᠠᠵᠠᠷ ᠲᠠᠭᠠᠨ ᠬᠠᠭᠠᠨ ᠰᠠᠭᠤᠵᠤ᠂ ᠬᠣᠷᠢ ᠭᠤᠴᠢᠨ ᠬᠣᠲᠠᠨ ᠢ ᠡᠵᠡᠯᠡᠵᠦᠬᠦᠢ᠃ ᠲᠠᠩᠭᠤᠳ᠂ ᠲᠥᠪᠡᠳ ᠲᠣᠷ ᠮᠠᠰᠢ ᠣᠢᠶ᠎ᠠ᠂ ᠡᠭᠦᠨ ᠤ ᠪᠤᠰᠤ ᠬᠡᠳᠦᠨ ᠰᠠᠯᠠᠭ᠎ᠠ᠂ ᠴᠠᠭᠠᠨ ᠳᠡᠪᠡᠯᠲᠦ ᠪᠠ ᠬᠣᠲᠣᠩ ᠤ᠋ᠨ ᠵᠡᠷᠭᠡ ᠬᠡᠳᠦᠨ ᠠᠢᠮᠠᠭ ᠮᠣᠩᠭᠣᠯ ᠳ᠋ᠤᠷ ᠳᠠᠭᠠᠭᠰᠠᠨ ᠪᠥᠭᠡᠲᠡᠯ᠎ᠡ ᠭᠠᠭᠴᠠ ᠡᠨᠡ ᠬᠣᠶᠠᠷ ᠠᠢᠮᠠᠭ ᠤᠯᠤᠰ ᠳᠠᠭᠠᠬᠤ ᠦᠭᠡᠢ ᠪᠡᠷ ᠦᠯᠦ ᠪᠠᠷᠠᠨ᠂ ᠬᠠᠷᠢᠨ ᠰᠠᠮᠠᠭᠤᠷᠠᠨ ᠪᠤᠰᠤ ᠤᠯᠤᠰ ᠢ ᠳᠠᠪᠴᠢᠯᠠᠨ ᠰᠠᠮᠠᠭᠤᠷᠠᠭᠤᠯᠵᠤ ᠶᠠᠪᠤᠬᠤᠢ ᠳ᠋ᠤᠷ ᠴᠢᠩᠭᠢᠰ ᠬᠠᠭᠠᠨ ᠰᠢᠶᠠ ᠤᠯᠤᠰ ᠠ᠋ᠴᠠ ᠡᠯᠴᠢ ᠢᠯᠡᠭᠡᠪᠡᠰᠦ ᠰᠢ ᠢᠦᠢ ᠶ᠋ᠢᠨ ᠡᠵᠡᠨ ᠰᠠᠯᠠ ᠳ᠋ᠢᠩ ᠬᠠᠷᠢᠨ ᠡᠯᠴᠢ ᠳ᠋ᠦᠩ ᠢᠦ ᠶ᠋ᠢ ᠠᠯᠠᠭᠰᠠᠨ ᠳ᠋ᠤᠷ ᠹᠦ ᠱᠢ ᠶᠠᠭᠠᠷᠠᠨ ᠢᠷᠡᠵᠦ ᠬᠠᠭᠠᠨ ᠳ᠋ᠤᠷ ᠠᠢᠯᠠᠳᠬᠠᠭᠰᠠᠨ᠎ᠠ᠂ ᠴᠢᠩᠭᠢᠰ ᠬᠠᠭᠠᠨ ᠶᠡᠬᠡᠯ᠎ᠡ ᠬᠢᠯᠢᠩᠯᠡᠨ ᠪᠤᠭᠤᠷᠵᠢ᠂ ᠪᠤᠭᠤᠷᠤᠯ ᠬᠣᠶᠠᠷ ᠲᠠᠢᠪᠤᠤ ᠳ᠋ᠤᠷ ᠬᠣᠶᠠᠷ ᠮᠥᠷᠥ ᠶ᠋ᠢᠨ ᠶᠡᠬᠡ ᠴᠡᠷᠢᠭ ᠢ ᠵᠠᠬᠢᠷᠤᠭᠤᠯᠵᠤ᠂ ᠥᠪᠡᠷ ᠢ᠋ᠶ᠋ᠡᠨ ᠭᠤᠷᠪᠠᠨ ᠲᠠᠢᠽᠢ᠂ ᠠᠯᠲᠠᠨᠱᠠᠭ᠎ᠠ᠂ ᠲᠤᠰᠬᠤ ᠨᠠᠷ ᠤ᠋ᠨ ᠠᠷᠪᠠᠨ ᠠᠢᠮᠠᠭ ᠤ᠋ᠨ ᠭᠡᠷ ᠴᠡᠷᠢᠭ ᠢ ᠠᠪᠴᠤ ᠪᠠᠰᠠ ᠪᠤᠭᠤᠷᠵᠢ᠂ ᠪᠤᠭᠤᠷᠤᠯ ᠳ᠋ᠤᠷ ᠡᠮᠦᠨ᠎ᠡ ᠬᠣᠢᠨ᠎ᠠ ᠬᠣᠶᠠᠷ ᠰᠢᠶᠠ ᠶ᠋ᠢᠨ ᠴᠡᠷᠢᠭ ᠢ ᠠᠪᠤᠭᠤᠯᠤᠨ ᠮᠣᠷᠳᠠᠬᠤᠢ ᠳ᠋ᠤᠷ ᠰᠦᠯᠳᠡ ᠪᠡᠨ ᠳᠠᠭᠢᠵᠤ᠂ ᠲᠠᠢᠬᠡᠦ ᠶ᠋ᠢᠨ ᠪᠡᠶ᠎ᠡ ᠪᠠ ᠴᠡᠷᠢᠭ ᠦ᠋ᠨ ᠬᠡᠷᠡᠭ ᠢ ᠲᠥᠯᠭᠡᠯᠡᠨ ᠦᠵᠡᠪᠡᠰᠦ ᠴᠥᠮ ᠭᠠᠢ ᠦᠭᠡᠢ ᠲᠤᠯᠠ ᠶᠧ ᠯᠢᠦᠢ ᠴᠦ ᠽᠠᠢ ᠪᠠᠷ ᠮᠥᠨ ᠬᠦᠯᠢᠯ ᠢ ᠦᠵᠡᠭᠦᠯᠪᠡᠰᠦ ᠣᠭᠲᠣ ᠵᠥᠷᠢᠴᠡᠬᠦ ᠦᠭᠡᠢ ᠲᠤᠯᠠ ᠳᠠᠷᠤᠢ ᠳ᠋ᠠᠢᠳᠦ᠋ ᠬᠣᠲᠠᠨ ᠢ ᠬᠠᠰᠠᠷ ᠪᠡᠯᠭᠦᠳᠡᠢ ᠬᠣᠶᠠᠷ ᠸᠠᠩ᠂ ᠴᠢᠯᠠᠭᠤ᠂ ᠴᠤᠤ ᠮᠡᠷᠭᠡᠨ᠂ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠳᠥᠷᠪᠡᠨ ᠲᠠᠢᠪᠤᠤ᠂ ᠨᠡᠢᠲᠡ ᠶ᠋ᠢ ᠲᠡᠢᠱ᠌ᠢ ᠲᠡᠢ ᠰᠡᠴᠡᠨ᠂ ᠲᠣᠷᠭᠠᠨ ᠰᠢᠷ᠎ᠠ ᠬᠣᠶᠠᠭᠤᠯᠠ ᠮᠡᠳᠡᠵᠦ᠂ ᠬᠣᠢᠲᠤ ᠨᠤᠲᠤᠭ ᠢ ᠣᠴᠢᠭ᠂ ᠭᠠᠴᠤᠭ᠂ ᠲᠣᠯᠢ ᠭᠤᠷᠪᠠᠨ ᠸᠠᠩ᠂ ᠰᠢᠷᠢ ᠬᠤᠲᠤᠭ᠂ ᠬᠠᠷ᠎ᠠ ᠬᠢᠷᠤ ᠬᠣᠶᠠᠷ ᠲᠠᠢᠪᠤᠤ᠂ ᠯᠢᠳᠠᠷ ᠲᠡᠢᠱ᠌ᠢ ᠭᠤᠷᠪᠠᠨ ᠭᠦᠸᠧ ᠯᠤᠤ ᠨᠠᠷ ᠰᠠᠬᠢᠵᠤ᠂ ᠬᠠᠭᠠᠨ ᠤ᠋ ᠪᠡᠶ᠎ᠡ ᠵᠡᠪᠡ ᠵᠠᠯᠮ᠎ᠠ ᠬᠣᠶᠠᠷ ᠲᠠᠢᠪᠤᠤ᠂ ᠭᠤᠷᠪᠠᠨ ᠪᠠᠷᠰ ᠤ᠋ᠨ ᠵᠠᠩᠵᠤᠨ ᠰᠠᠢᠬᠠᠨ ᠰᠤᠷᠲᠠᠯᠲᠤ᠂ ᠣᠶᠤᠲᠤ ᠰᠡᠴᠡᠨ᠂ ᠣᠶᠤᠨ ᠭᠤᠸ᠎ᠠ ᠨᠠᠷ ᠢ ᠠᠪᠴᠤ ᠶᠡᠬᠡ ᠴᠡᠷᠢᠭ ᠪᠠᠷᠠᠭᠤᠨᠰᠢ ᠰᠢ ᠢᠦᠢ ᠤᠯᠤᠰ ᠲᠤᠷ ᠮᠣᠷᠳᠠᠪᠠ᠃
ᠪᠤᠭᠤᠷᠵᠢ ᠪᠤᠭᠤᠷᠤᠯ ᠬᠣᠶᠠᠷ ᠲᠠᠢᠪᠤᠤ᠂ ᠡᠮᠦᠨ᠎ᠡ ᠤᠮᠠᠷ᠎ᠠ ᠶ᠋ᠢᠨ ᠬᠣᠶᠠᠷ ᠰᠢᠶᠠ ᠶ᠋ᠢᠨ ᠡᠵᠡᠳ ᠪᠠ ᠴᠡᠷᠢᠭ ᠢ ᠢᠨᠦ ᠠᠪᠴᠤ ᠵᠠᠮ ᠳ᠋ᠤᠷ ᠤᠭᠲᠤᠪᠠ᠃ ᠤᠮᠠᠷᠠᠲᠤ ᠰᠢᠶᠠ ᠶ᠋ᠢᠨ ᠡᠵᠡᠨ ᠫᠦ ᠰᠢᠶᠠᠨ ᠸᠠᠨ ᠨᠥ᠍ ᠠᠶᠤᠭᠰᠠᠭᠠᠷ ᠬᠠᠭᠠᠨ ᠳ᠋ᠤᠷ ᠪᠠᠷᠠᠯᠬᠠᠨ ᠮᠥᠷᠭᠥᠵᠦ ᠶᠠᠯ᠎ᠠ ᠬᠦᠯᠢᠶᠡᠭᠰᠡᠨ ᠳ᠋ᠦ᠍ᠷ ᠬᠠᠭᠠᠨ ᠵᠠᠷᠯᠢᠭ ᠪᠣᠯᠤᠷᠤᠨ:《ᠮᠢᠨᠦ ᠴᠡᠷᠢᠭ ᠡᠮᠦᠨ᠎ᠡ ᠵᠦᠭ ᠲᠦ᠍ᠷ ᠶᠠᠪᠤᠵᠤ ᠬᠣᠢᠲᠤ ᠡᠲᠡᠭᠡᠳ ᠢ ᠲᠦᠪᠰᠢᠳᠬᠡᠬᠦᠢ ᠳ᠋ᠦ᠍ᠷ ᠴᠢᠯᠥᠭᠡ ᠭᠠᠷᠴᠤ ᠪᠠᠷᠠᠭᠤᠨ ᠰᠢ ᠢᠦᠢ ᠤᠯᠤᠰ ᠦᠯᠡᠳᠡᠵᠦ ᠣᠯᠠᠨ ᠳ᠋ᠤᠷ ᠬᠣᠣᠷᠯᠠᠯ ᠪᠣᠯᠪᠠ᠂ ᠲᠠᠨ ᠤ᠋ ᠴᠡᠷᠢᠭ ᠬᠠᠮᠲᠤ ᠳᠠᠭᠠᠯᠳᠤᠵᠤ ᠳᠠᠢᠯᠠ᠂ ᠵᠢᠴᠢ ᠫᠦ ᠰᠢᠶᠠᠨ ᠸᠠᠨ ᠨᠥ᠍ ᠴᠢ ᠬᠡᠳᠦᠢ ᠵᠣᠷᠢᠭ ᠢ᠋ᠶ᠋ᠠᠷ ᠤᠯᠤᠰ ᠤ᠋ᠨ ᠨᠡᠷ᠎ᠡ ᠡᠷᠭᠦᠭᠰᠡᠨ ᠪᠣᠯᠪᠠᠴᠤ ᠴᠢᠨᠦ ᠬᠥᠪᠡᠭᠦᠨ ᠮᠢᠨᠦ ᠳᠡᠷᠭᠡᠳᠡ ᠪᠣᠢ ᠲᠤᠯᠠ ᠪᠢ ᠬᠡᠲᠦᠷᠬᠡᠢ ᠪᠤᠷᠤᠭᠤᠰᠢᠶᠠᠭᠰᠠᠨ ᠦᠭᠡᠢ᠂ ᠡᠳᠦᠭᠡ ᠴᠢᠨᠦ ᠲᠡᠷᠡ ᠤᠯᠤᠰ ᠤ᠋ᠨ ᠨᠡᠷ᠎ᠡ ᠪᠠᠰᠠ ᠠᠭᠰᠠᠭᠠᠷ ᠤᠤ ? 》ᠫᠦ ᠰᠢᠶᠠᠨ ᠸᠠᠨ ᠨᠥ᠍ ᠮᠥᠷᠭᠥᠵᠦ ᠠᠢᠯᠠᠳᠬᠠᠷᠤᠨ: 《ᠲᠡᠷᠡ ᠨᠡᠷ᠎ᠡ ᠪᠣᠯᠪᠠᠰᠤ ᠰᠤᠯᠠ ᠢᠷᠭᠡᠨ ᠢ ᠬᠠᠭᠤᠷᠤᠭᠰᠠᠨ ᠬᠣᠭᠣᠰᠣᠨ ᠨᠡᠷ᠎ᠡ᠂ ᠲᠥᠷᠥᠭᠰᠡᠨ ᠦᠷ᠎ᠡ ᠪᠡᠨ ᠬᠠᠭᠠᠨ ᠤ᠋ ᠳᠡᠷᠭᠡᠳᠡ ᠪᠠᠢᠯᠭᠠᠬᠤ ᠪᠥᠭᠡᠳ ᠶᠠᠮᠪᠠᠷ ᠠᠶᠤᠮᠰᠢᠭ ᠦᠭᠡᠢ ᠪᠤᠰᠤ ᠰᠠᠨᠠᠭᠠᠨ ᠡᠪᠦᠷᠯᠡᠮᠦᠢ ? ᠨᠢᠳᠤᠨᠤᠨ ᠵᠢᠯ ᠬᠠᠭᠠᠨ ᠤ᠋ ᠰᠣᠨᠣᠷ ᠲᠤᠷ ᠬᠦᠷᠴᠦ ᠰᠣᠨᠵᠢᠭᠤᠷ ᠪᠣᠢ ᠭᠡᠮᠡᠨ ᠰᠣᠨᠣᠰᠤᠭᠠᠳ ᠨᠢᠭᠡᠮᠦᠰᠦᠨ ᠪᠠᠢᠪᠠ ! 》ᠬᠡᠮᠡᠭᠰᠡᠨ ᠳ᠋ᠦ᠍ᠷ ᠬᠠᠭᠠᠨ ᠳᠡᠮᠡᠢ ᠤᠨᠲᠤᠭᠤᠴᠠᠭᠰᠠᠨ ᠦᠭᠡᠢ᠂ ᠯᠢᠶᠣᠣ ᠸᠠᠩ ᠤ᠋ᠨ ᠬᠥᠪᠡᠭᠦᠨ ᠰᠢᠦᠸᠠᠢ ᠱᠧ᠂ ᠰᠢᠶᠠ ᠸᠠᠩ ᠤ᠋ᠨ ᠬᠥᠪᠡᠭᠦᠨ ᠲᠢᠶᠧ ᠬᠦ ᠬᠣᠶᠠᠭᠤᠯᠠ ᠶ᠋ᠢ ᠬᠠᠮᠲᠤ ᠵᠣᠭᠰᠣᠭᠠᠵᠤ ᠵᠠᠷᠯᠢᠭ ᠪᠣᠯᠤᠷᠤᠨ: 《ᠰᠢᠦᠸᠠᠢ ᠱᠧ ᠶ᠋ᠢᠨ ᠡᠴᠢᠭᠡ ᠶᠧ ᠯᠢᠦᠢ ᠯᠢᠦ ᠭᠧ ᠤᠷᠢᠳᠠ ᠤᠯᠤᠰ ᠪᠠᠢᠭᠤᠯᠵᠤ ᠨᠡᠷ᠎ᠡ ᠡᠷᠭᠦᠭᠡᠳ ᠯᠢᠶᠣᠣ ᠳ᠋ᠦᠩ ᠢ ᠠᠪᠴᠤ ᠨᠠᠳᠠ ᠳ᠋ᠤᠷ ᠳᠠᠭᠠᠪᠠ᠃ ᠲᠢᠶᠧ ᠬᠦ ᠶ᠋ᠢᠨ ᠡᠴᠢᠭᠡ ᠫᠦ ᠰᠢᠶᠠᠨ ᠸᠠᠨ ᠨᠦ᠍ ᠤᠷᠢᠳᠠ ᠨᠠᠳᠠ ᠳ᠋ᠤᠷ ᠳᠠᠭᠠᠭᠠᠳ ᠬᠣᠢᠨ᠎ᠠ ᠤᠯᠤᠰ ᠤ᠋ᠨ ᠨᠡᠷ᠎ᠡ ᠡᠷᠭᠦᠪᠡ᠃ ᠲᠡᠢᠨ ᠠᠲᠠᠯ᠎ᠠ ᠬᠥᠮᠦᠨ ᠳ᠋ᠦ᠍ᠷ ᠮᠡᠷᠭᠡᠨ ᠮᠤᠩᠬᠠᠭ ᠪᠠ ᠣᠯᠬᠤ ᠠᠯᠳᠠᠬᠤ ᠢᠯᠭᠠᠯ ᠪᠣᠢ ᠲᠤᠯᠠ ᠪᠢ ᠲᠢᠶᠧ ᠬᠦ ᠶ᠋ᠢ ᠮᠥᠨ ᠬᠦ᠌ ᠬᠡᠪ ᠢ᠋ᠶ᠋ᠡᠷ ᠥᠷᠥᠰᠢᠶᠡᠪᠡ᠃ ᠮᠡᠷᠭᠡᠨ ᠠᠷᠠᠳ ᠣᠷᠴᠢᠯᠠᠩ ᠤ᠋ᠨ ᠵᠦᠢ ᠶ᠋ᠢ ᠨᠡᠪᠲᠡ ᠮᠡᠳᠡᠬᠦ ᠲᠤᠯᠠ ᠰᠡᠳᠬᠢᠯ ᠲᠣᠭᠲᠠᠭᠤᠨ ᠪᠣᠳᠣᠯᠭ᠎ᠠ ᠭᠦᠨ᠂ ᠨᠢᠭᠡᠨ ᠦᠵᠦᠭᠦᠷᠲᠦ ᠰᠡᠳᠬᠢᠯ ᠢ᠋ᠶ᠋ᠡᠷ ᠡᠴᠦᠰ ᠲᠦ᠍ᠷ ᠭᠦᠷᠦᠮᠦᠢ᠂ ᠮᠤᠩᠬᠠᠭ ᠠᠷᠠᠳ ᠣᠷᠴᠢᠯᠠᠩ ᠤ᠋ᠨ ᠦᠢᠯᠡ ᠳ᠋ᠦ᠍ᠷ ᠲᠣᠭᠲᠠᠭᠤᠷᠢ ᠦᠭᠡᠢ ᠲᠤᠯᠠ ᠰᠡᠳᠬᠢᠯ ᠬᠡᠯᠪᠡᠯᠵᠡᠨ ᠪᠣᠳᠣᠯᠭ᠎ᠠ ᠠᠯᠳᠠᠵᠤ ᠬᠣᠶᠠᠷ ᠳᠠᠰᠢ ᠪᠣᠯᠵᠤ ᠡᠭᠡᠨᠡᠭᠲᠡ ᠬᠡᠷᠡᠭ ᠢ ᠠᠯᠳᠠᠮᠤᠢ᠃ ᠶᠧ ᠯᠢᠦᠢ ᠯᠢᠦ ᠭᠧ ᠪᠠᠢᠭᠤᠯᠬᠤ ᠶ᠋ᠢ ᠮᠡᠳᠡᠭᠡᠳ ᠪᠠᠰᠠ ᠵᠣᠭᠰᠣᠯᠲᠠ ᠶ᠋ᠢ ᠮᠡᠳᠡᠵᠦᠬᠦᠢ᠂ ᠫᠦ ᠰᠢᠶᠠᠨ ᠸᠠᠨ ᠨᠦ᠍ ᠪᠠᠢᠭᠤᠯᠬᠤ ᠶ᠋ᠢ ᠮᠡᠳᠡᠪᠡᠴᠦ ᠵᠣᠭᠰᠣᠯᠲᠠ ᠪᠠᠨ ᠡᠰᠡ ᠮᠡᠳᠡᠵᠦᠬᠦᠢ !》ᠬᠡᠮᠡᠭᠰᠡᠨ ᠨᠢᠭᠡᠨ ᠵᠡᠷᠭᠡ ᠶ᠋ᠢᠨ ᠵᠠᠷᠯᠢᠭ ᠲᠤᠷ ᠫᠦ ᠰᠢᠶᠠᠨ ᠸᠠᠨ ᠨᠥ᠍ ᠠᠶᠤᠨ ᠴᠡᠴᠡᠷᠡᠵᠦ ᠮᠥᠷᠭᠥᠨ ᠵᠣᠭᠰᠣᠬᠤ ᠦᠭᠡᠢ ᠳ᠋ᠦ᠍ᠷ ᠬᠠᠭᠠᠨ ᠶᠠᠯ᠎ᠠ ᠶ᠋ᠢ ᠬᠡᠯᠲᠦᠷᠢᠭᠦᠯᠵᠦ᠂ ᠰᠢ ᠢᠦᠢ ᠤᠯᠤᠰ ᠢ ᠲᠠᠢᠯᠵᠤ ᠡᠭᠡᠭᠰᠡᠨ ᠬᠣᠢᠨ᠎ᠠ ᠵᠢᠳᠬᠦᠯ ᠢ ᠦᠵᠡᠰᠦᠭᠡᠢ ᠭᠡᠮᠡᠨ ᠶᠡᠬᠡ ᠴᠡᠷᠢᠭ ᠮᠣᠷᠳᠠᠪᠠ᠃
ᠡᠨᠡ ᠦᠶ᠎ᠡ ᠳ᠋ᠦ᠍ ᠰᠢ ᠢᠦᠢ ᠤᠯᠤᠰ ᠤ᠋ᠨ ᠡᠵᠡᠨ ᠰᠠᠯᠠ ᠳ᠋ᠢᠩ ᠡᠨᠡ ᠮᠡᠳᠡᠭᠡ ᠶ᠋ᠢ ᠰᠣᠨᠣᠰᠴᠤ ᠬᠠᠷᠢᠶᠠᠲᠤ ᠴᠡᠷᠢᠭ ᠢ᠋ᠶ᠋ᠡᠨ ᠲᠠᠪᠢᠨ ᠲᠦᠮᠡ ᠪᠠᠢᠭᠤᠯᠤᠨ ᠳᠣᠣᠷᠠᠬᠢ ᠲᠦᠰᠢᠮᠡᠳ ᠢ᠋ᠶ᠋ᠡᠨ ᠴᠤᠭᠯᠠᠭᠤᠯᠬᠤ ᠳ᠋ᠤᠷ ᠣᠯᠠᠨ ᠲᠦᠰᠢᠮᠡᠳ ᠠᠨᠤ ᠬᠤᠷᠠᠵᠤ ᠳᠠᠢᠰᠤᠨ ᠢ ᠲᠤᠯᠬᠤ ᠠᠷᠭ᠎ᠠ ᠶ᠋ᠢ ᠵᠥᠪᠳᠡᠬᠦᠢ ᠳ᠋ᠦ᠍ᠷ ᠲᠡᠷᠢᠭᠦᠯᠡᠭᠰᠡᠨ ᠲᠦᠰᠢᠮᠡᠯ ᠡᠦ ᠴᠢ ᠥᠭᠦᠯᠡᠷᠦᠨ:《ᠮᠣᠩᠭᠣᠯ ᠤᠯᠤᠰ ᠤ᠋ᠨ ᠡᠵᠡᠨ ᠢ ᠰᠣᠨᠣᠰᠬᠤᠯ᠎ᠠ ᠣᠯᠠᠨ ᠠ᠋ᠴᠠ ᠣᠨᠴᠠᠭᠠᠢ ᠰᠣᠨᠢᠨ ᠭᠠᠢᠬᠠᠯᠲᠠᠢ ᠬᠡᠮᠡᠮᠦ᠂ ᠬᠢᠯᠪᠠᠷ ᠢ᠋ᠶ᠋ᠠᠷ ᠪᠠᠢᠯᠳᠤᠵᠤ ᠦᠯᠦ ᠪᠣᠯᠤᠮᠤᠢ᠂ ᠡᠷᠬᠡᠪᠰᠢ ᠴᠡᠷᠢᠭ ᠢ ᠬᠠᠳᠠᠨ ᠴᠢᠭᠢᠷᠠᠭ ᠪᠣᠯᠭᠠᠪᠠᠰᠤ ᠵᠣᠬᠢᠮᠤᠢ !》ᠬᠡᠮᠡᠬᠦᠢ ᠳ᠋ᠦ᠍ᠷ ᠪᠠᠷᠠᠭᠤᠨ ᠡᠲᠡᠭᠡᠳ ᠦ᠋ᠨ ᠲᠡᠷᠢᠭᠦᠯᠡᠭᠰᠡᠨ ᠲᠦᠰᠢᠮᠡᠯ ᠮᠠ ᠰᠢ ᠥᠭᠦᠯᠡᠷᠦᠨ: 《ᠲᠡᠷᠡ ᠵᠢᠯ ᠮᠣᠩᠭᠣᠯ ᠤ᠋ᠨ ᠡᠵᠡᠨ ᠪᠠᠷᠠᠭᠤᠨᠰᠢ ᠳᠥᠷᠪᠡᠨ ᠡᠨᠡᠳᠬᠡᠭ ᠲᠣᠷ ᠡᠴᠢᠬᠦᠢ ᠳ᠋ᠦ᠍ᠷ ᠮᠠᠨ ᠤ ᠠᠢᠮᠠᠭ ᠤ᠋ᠨ ᠴᠠᠭᠠᠨ ᠳᠡᠪᠡᠯᠲᠦ ᠬᠣᠲᠣᠩ ᠤ᠋ᠨ ᠬᠡᠳᠦᠨ ᠠᠩᠭᠢ ᠡᠰᠡ ᠳᠠᠭᠠᠭᠰᠠᠨ ᠠᠪᠠᠰᠤ ᠲᠡᠷᠡ ᠤᠳᠠᠭ᠎ᠠ ᠪᠠᠷᠢᠵᠤ ᠰᠥᠨᠥᠭᠡᠭᠰᠡᠨ ᠪᠥᠯᠥᠭᠡ᠂ ᠲᠡᠷᠡ ᠤᠳᠠᠭ᠎ᠠ ᠳ᠋ᠤᠷ ᠶᠠᠭᠠᠬᠢᠨ ᠰᠢᠷᠠᠮᠤ ᠶ᠋ᠢᠨ ᠴᠢᠯᠠᠭᠤ ᠶ᠋ᠢ ᠬᠡᠮᠭᠡᠯᠡᠪᠡ ᠭᠡᠮᠡᠨ ᠳᠣᠷᠭᠢᠯᠳᠤᠵᠤ᠂ ᠪᠠᠰᠠ ᠮᠠᠨ ᠢ ᠡᠷᠢᠨ ᠬᠠᠯᠳᠠᠭᠰᠠᠨ ᠦᠭᠡᠢ ᠲᠤᠯᠠ ᠥᠩᠭᠡᠷᠡᠪᠡ᠂ ᠲᠡᠷᠡ ᠤᠳᠠᠭ᠎ᠠ ᠪᠠᠷᠢᠵᠤ ᠰᠥᠨᠥᠭᠡᠭᠰᠡᠨ ᠪᠥᠭᠡᠰᠦ᠂ ᠡᠨᠡ ᠤᠳᠠᠭ᠎ᠠ ᠠ᠋ᠴᠠ ᠬᠢᠯᠪᠠᠷ ᠪᠥᠯᠥᠭᠡ᠃ ᠡᠳᠦᠭᠡ ᠨᠢᠭᠡᠮᠦᠰᠦᠨ ᠶᠡᠬᠡ ᠤᠯᠤᠰ ᠪᠣᠯᠵᠤᠬᠤᠢ᠃ ᠲᠡᠢᠨ ᠪᠣᠯᠪᠠᠴᠤ ᠮᠠᠨ ᠤ᠋ ᠴᠡᠷᠢᠭ ᠢ ᠰᠠᠢᠲᠤᠷ ᠪᠣᠯᠪᠠᠰᠤᠷᠠᠭᠤᠯᠤᠨ᠂ ᠪᠠᠷᠠᠭᠤᠨ ᠬᠣᠢᠲᠤ ᠲᠠᠩᠭᠤᠳ ᠤ᠋ᠨ ᠨᠢᠶᠧ ᠯᠢ ᠭᠧ ᠬᠠᠭᠠᠨ ᠯᠤᠭ᠎ᠠ ᠨᠢᠭᠡᠳᠴᠦ ᠴᠡᠷᠢᠭ ᠭᠤᠶᠤᠵᠤ ᠵᠠᠭᠤᠨ ᠲᠦᠮᠡᠨ ᠢ᠋ᠶ᠋ᠡᠷ ᠪᠠᠢᠯᠳᠤᠪᠠᠰᠤ ᠦᠯᠦ ᠳᠡᠢᠯᠬᠦ ᠶᠣᠰᠣ ᠦᠭᠡᠢ ! 》ᠬᠡᠮᠡᠭᠰᠡᠨ ᠳ᠋ᠦ᠍ᠷ ᠰᠠᠯᠠ ᠳ᠋ᠢᠩ ᠶᠡᠬᠡᠯ᠎ᠡ ᠪᠠᠶᠠᠷᠯᠠᠨ ᠥᠪᠡᠷ ᠦ᠋ᠨ ᠴᠡᠷᠢᠭ ᠢ ᠪᠣᠯᠪᠠᠰᠤᠷᠠᠭᠤᠯᠤᠨ᠂ ᠮᠠ ᠰᠢ ᠶ᠋ᠢ ᠬᠣᠢᠲᠤ ᠲᠠᠩᠭᠤᠳ ᠤᠯᠤᠰ ᠲᠤᠷ ᠢᠯᠡᠭᠡᠵᠦ ᠨᠢᠶᠧ ᠯᠢ ᠭᠧ ᠡᠴᠡ ᠲᠤᠰᠠᠯᠠᠬᠤ ᠴᠡᠷᠢᠭ ᠭᠣᠶᠣᠷ᠎ᠠ ᠢᠯᠡᠭᠡᠪᠡ᠃ ᠡᠭᠦᠨ ᠳ᠋ᠦ᠍ᠷ ᠰᠠᠯᠠ ᠳ᠋ᠢᠩ ᠦ᠋ᠨ ᠳᠡᠳ᠋ ᠲᠦᠰᠢᠮᠡᠯ ᠮᠡᠷᠭᠡᠨ ᠭᠠᠷᠴᠤ ᠬᠣᠷᠢᠭᠯᠠᠨ ᠥᠭᠦᠯᠡᠷᠦᠨ:《ᠡᠵᠡᠨ ᠮᠣᠩᠭᠣᠯ ᠤ᠋ᠨ ᠴᠡᠷᠢᠭ ᠯᠦ᠍ᠭᠡ ᠡᠰᠡᠷᠭᠦᠴᠡᠵᠦ ᠦᠯᠦ ᠪᠣᠯᠤᠮᠤᠢ᠂ ᠲᠡᠷᠡ ᠬᠡᠮᠡᠭᠴᠢ ᠡᠨᠡ ᠴᠠᠭ ᠤ᠋ᠨ ᠪᠣᠭᠳᠠ ᠪᠥᠭᠡᠳ ᠪᠠᠭᠠᠲᠤᠷ᠂ ᠲᠡᠭᠷᠢ ᠭᠠᠵᠠᠷ ᠬᠥᠮᠦᠨ ᠢᠯᠡᠳᠲᠡ ᠲᠤᠰᠠᠯᠠᠮᠤᠢ ᠲᠡᠷᠡ ᠵᠢᠯ ᠴᠠᠭᠠᠨ ᠬᠣᠲᠣᠩ ᠤ᠋ᠨ ᠰᠢᠷᠡᠮᠦ ᠶ᠋ᠢᠨ ᠴᠢᠯᠠᠭᠤ ᠶ᠋ᠢ ᠬᠡᠮᠬᠡ ᠬᠠᠷᠪᠤᠬᠤᠢ ᠳ᠋ᠤᠷ ᠪᠢ ᠵᠠᠮ ᠲᠣᠬᠢᠶᠠᠯᠳᠤᠨ ᠨᠢᠳᠦ ᠪᠡᠷ ᠦᠵᠡᠭᠰᠡᠨ ᠪᠥᠯᠥᠭᠡ᠃ ᠲᠡᠷᠡ ᠬᠡᠷᠬᠢᠪᠡᠴᠦ ᠭᠡᠮᠡᠨ ᠥᠲᠡᠯ᠎ᠡ ᠬᠥᠮᠦᠨ ᠪᠤᠰᠤ᠂ ᠤᠴᠢᠷ ᠦᠭᠡᠢ ᠡᠰᠡᠷᠭᠦᠴᠡᠨ ᠤᠯᠤᠰ ᠢ᠋ᠶ᠋ᠠᠨ ᠡᠪᠳᠡᠭᠳᠡᠬᠦ ᠡᠴᠡ ᠰᠢᠶᠠ ᠤᠯᠤᠰ ᠢ ᠮᠥᠷᠳᠡᠵᠦ ᠪᠤᠷᠤᠭᠤ ᠬᠦᠯᠢᠶᠡᠨ᠂ ᠶᠠᠯ᠎ᠠ ᠪᠠᠨ ᠭᠡᠮᠰᠢᠵᠦ ᠳᠠᠭᠠᠪᠠᠰᠤ ᠬᠣᠶᠠᠷ ᠲᠤᠷ ᠪᠦᠷᠢᠨ ᠪᠣᠯᠤᠮᠤᠢ 》ᠬᠡᠮᠡᠭᠰᠡᠨ ᠳ᠋ᠦ᠍ᠷ ᠰᠠᠯᠠ ᠳ᠋ᠢᠩ ᠶᠡᠬᠡᠯ᠎ᠡ ᠠᠭᠤᠷᠯᠠᠨ ᠦᠯᠳᠡᠵᠦ ᠭᠠᠷᠭᠠᠪᠠ᠃ ᠤᠳᠠᠭᠰᠠᠨ ᠦᠭᠡᠢ ᠥᠪᠡᠷ ᠦ᠋ᠨ ᠤᠯᠤᠰ ᠤ᠋ᠨ ᠴᠡᠷᠢᠭ ᠢ ᠰᠣᠩᠭᠣᠵᠤ ᠵᠢᠷᠠᠨ ᠲᠦᠮᠡᠨ ᠰᠢᠯᠭᠠᠵᠤ᠂ ᠪᠠᠰᠠ ᠨᠢᠶᠧ ᠯᠢ ᠭᠧ ᠶ᠋ᠢᠨ ᠲᠤᠰᠠᠯᠠᠬᠤ ᠴᠡᠷᠢᠭ ᠳᠥᠴᠢᠨ ᠲᠦᠮᠡᠨ ᠬᠦᠷᠴᠦ ᠢᠷᠡᠭᠰᠡᠨ ᠳ᠋ᠦ᠍ᠷ ᠨᠡᠢᠲᠡ ᠵᠠᠭᠤᠨ ᠲᠦᠮᠡᠨ ᠰᠢᠯᠭᠠᠭᠰᠠᠨ ᠴᠡᠷᠢᠭ ᠢ ᠠᠪᠴᠤ ᠲᠤᠭ ᠢ᠋ᠶ᠋ᠠᠨ ᠳᠠᠭᠢᠵᠤ ᠴᠡᠷᠢᠭ ᠢ᠋ᠶ᠋ᠡᠨ ᠪᠠᠭᠤᠯᠭᠠᠪᠠ᠃ ᠮᠣᠩᠭᠣᠯ ᠤ᠋ᠨ ᠴᠡᠷᠢᠭ ᠨᠡᠢᠲᠡ ᠳᠥᠴᠢᠨ ᠲᠦᠮᠡᠨ ᠬᠦᠷᠬᠦ ᠦᠭᠡᠢ ᠳ᠋ᠦ᠍ᠷ ᠬᠣᠯᠠ ᠲᠤᠷᠰᠢᠭᠤᠯ ᠢᠷᠡᠵᠦ ᠬᠠᠭᠠᠨ ᠳ᠋ᠤᠷ ᠰᠢ ᠢᠦᠢ ᠤᠯᠤᠰ ᠤ᠋ᠨ ᠴᠡᠷᠢᠭ ᠣᠯᠠᠨ᠂ ᠮᠠᠨ ᠤ᠋ ᠴᠡᠷᠢᠭ ᠴᠥᠭᠡᠨ ᠭᠡᠮᠡᠨ ᠠᠢᠯᠠᠳᠬᠠᠭᠰᠠᠨ ᠳ᠋ᠤᠷ ᠬᠠᠭᠠᠨ ᠤ᠋ ᠭᠡᠭᠡᠨ ᠮᠦᠰᠢᠶᠡᠨ ᠵᠠᠷᠯᠢᠭ ᠪᠣᠯᠤᠷᠤᠨ: 《ᠲᠠᠤᠯᠠᠢ ᠬᠢᠷᠭᠤᠤᠯ ᠠᠭᠤᠯᠠ ᠲᠠᠯ᠎ᠠ ᠶ᠋ᠢ ᠪᠦᠷᠬᠦᠪᠡᠴᠦ ᠭᠠᠭᠴᠠ ᠬᠥᠮᠦᠨ ᠢ᠋ ᠬᠡᠷᠬᠢᠨ ᠴᠢᠳᠠᠬᠤ ? 》ᠭᠡᠮᠡᠨ ᠶᠡᠬᠡ ᠬᠡᠩᠭᠡᠷᠭᠡ ᠶ᠋ᠢ ᠴᠣᠬᠢᠭᠤᠯᠵᠤ᠂ ᠣᠯᠠᠨ ᠵᠠᠩᠵᠤᠨ ᠨᠠᠷ ᠢ ᠴᠤᠭᠯᠠᠭᠤᠯᠤᠨ ᠵᠠᠬ᠎ᠠ ᠳᠠᠷᠠᠭᠠᠯᠠᠨ ᠪᠠᠢᠴᠠᠭᠠᠨ᠂ ᠠᠩᠭᠢ ᠠᠩᠭᠢ ᠪᠠᠷ ᠠᠨᠤ ᠰᠠᠯᠭᠠᠵᠤ᠂ ᠨᠡᠷ᠎ᠡ ᠶ᠋ᠢ ᠪᠠᠢᠴᠠᠭᠠᠨ ᠳᠠᠭᠤᠳᠠᠵᠤ᠂ ᠶᠡᠬᠡ ᠬᠡᠩᠭᠡᠷᠭᠡ ᠬᠣᠶᠠᠷ ᠵᠡᠷᠭᠡ ᠳᠡᠯᠡᠳᠦᠭᠰᠡᠨ ᠳ᠋ᠦ᠍ᠷ ᠶᠡᠬᠡ ᠶᠤᠸᠠᠨᠱᠤᠸᠠᠢ ᠲᠠᠢᠪᠤᠤ ᠪᠤᠭᠤᠷᠵᠢ᠂ ᠪᠤᠭᠤᠷᠤᠯ ᠬᠣᠶᠠᠷ ᠬᠤᠶᠠᠭᠯᠠᠨ ᠳᠠᠯᠪᠠᠭ᠎ᠠ ᠪᠠᠷᠢᠵᠤ᠂ ᠣᠯᠠᠨ ᠵᠠᠩᠵᠤᠨ ᠨᠠᠷ ᠢ ᠪᠠᠢᠴᠠᠭᠠᠪᠠᠰᠤ ᠵᠣᠴᠢ᠂ ᠴᠠᠭᠠᠲᠠᠢ᠂ ᠥᠭᠡᠳᠡᠢ᠂ ᠹᠦ ᠮᠠ ᠴᠡᠴᠡᠭ ᠳᠥᠷᠪᠡᠨ ᠸᠠᠩ᠂ ᠵᠡᠪᠡ᠂ ᠵᠠᠯᠮ᠎ᠠ ᠬᠣᠶᠠᠷ ᠲᠠᠢᠪᠤᠤ᠂ ᠲᠣᠭᠲᠣᠩᠭᠣ᠌᠂ ᠰᠥᠪᠡᠭᠡᠲᠡᠢ᠂ ᠭᠢᠯᠦᠭᠡᠨ ᠭᠤᠷᠪᠠᠨ ᠪᠠᠷᠰ ᠤ᠋ᠨ ᠵᠠᠩᠵᠤᠨ᠂ ᠣᠶᠤᠲᠤ ᠰᠡᠴᠡᠨ᠂ ᠣᠶᠤᠨ ᠭᠤᠸ᠎ᠠ᠂ ᠰᠠᠢᠬᠠᠨ ᠰᠤᠷᠲᠠᠯᠲᠤ᠂ ᠡᠭᠦᠯᠡᠨ ᠴᠡᠷᠪᠢ ᠳᠥᠷᠪᠡᠨ ᠲᠠᠢᠹᠦ᠋᠂ ᠠᠯᠤᠬ᠎ᠠ᠂ ᠰᠦᠬᠡ᠂ ᠸᠴᠢᠷ᠂ ᠠᠯᠮᠠᠰ᠂ ᠬᠠᠳᠤ ᠲᠡᠮᠦᠷ᠂ ᠳᠤᠭᠤᠯᠠᠭ᠎ᠠ ᠲᠡᠮᠦᠷ᠂ ᠬᠣᠪᠣᠯᠠᠢ᠂ ᠱᠤᠪᠤᠯᠠᠢ᠂ ᠸᠠᠢᠵᠢᠩ᠂ ᠠᠯᠢᠵᠠᠩ᠂ ᠬᠦᠳᠡᠷ ᠪᠦᠰᠡ᠂ ᠬᠦᠷᠡᠯ ᠪᠦᠰᠡ᠂ ᠥᠳᠥ᠂ ᠰᠣᠳᠣ᠂ ᠠᠯᠠᠭ ᠲᠤᠭᠤᠯ᠂ ᠪᠤᠭᠤᠲᠤ ᠬᠤᠸᠠ᠂ ᠤᠨᠵᠢᠭᠠᠢ᠂ ᠰᠤᠨᠵᠢᠭᠠᠢ᠂ ᠠᠨᠳᠠ᠂ ᠰᠤᠪᠤᠲᠢ ᠠᠷᠪᠠᠨ ᠨᠠᠢ᠍ᠮᠠᠨ ᠵᠠᠩᠵᠤᠨ ᠢ᠋ ᠠᠷᠪᠠᠨ ᠨᠠᠢ᠍ᠮᠠᠨ ᠵᠠᠮ ᠤ᠋ᠨ ᠽᠦᠩ ᠭᠤᠸᠠᠨ ᠪᠣᠯᠭᠠᠵᠤ᠂ ᠬᠥᠮᠦᠨ ᠪᠦᠷᠢ ᠳ᠋ᠦ᠍ᠷ ᠨᠢᠭᠡᠨ ᠲᠦᠮᠡᠨ ᠴᠡᠷᠢᠭ ᠥᠭᠴᠦ ᠪᠠᠰᠠ ᠥᠨᠳᠥᠷ ᠰᠡᠴᠡᠨ ᠦ᠌ ᠭᠤᠷᠪᠠᠨ ᠬᠥᠪᠡᠭᠦᠨ ᠪᠣᠯᠢᠭ᠍ᠲᠤ ᠪᠠᠷᠰ᠂ ᠰᠢᠯᠢᠭᠲᠦ ᠪᠠᠷᠰ᠂ ᠲᠡᠰᠬᠡᠯ ᠪᠠᠷᠰ ᠡᠨᠡ ᠭᠤᠷᠪᠠᠨ ᠪᠠᠷᠰ ᠤ᠋ᠨ ᠵᠠᠩᠵᠤᠨ ᠢ᠋ ᠡᠵᠡᠨ ᠦ᠌ ᠣᠢᠶ᠎ᠠ ᠬᠠᠮᠠᠭᠠᠯᠠᠬᠤ ᠭᠤᠷᠪᠠᠨ ᠭᠠᠷᠤᠳᠢ ᠪᠣᠯᠭᠠᠵᠤ᠂ ᠭᠠᠯᠵᠠᠭᠤ ᠪᠠᠷᠰ ᠤ᠋ᠨ ᠵᠢᠭᠰᠠᠭᠠᠯ ᠨᠢᠭᠡ᠂ ᠭᠠᠯ ᠯᠤᠤ ᠶ᠋ᠢᠨ ᠵᠢᠭᠰᠠᠭᠠᠯ ᠨᠢᠭᠡ᠂ ᠪᠣᠷᠣ ᠠᠷᠰᠯᠠᠨ ᠤ᠋ ᠵᠢᠭᠰᠠᠭᠠᠯ ᠨᠢᠭᠡ᠂ ᠬᠣᠰᠢᠭᠤᠲᠤ ᠭᠠᠷᠤᠳᠢ ᠶ᠋ᠢᠨ ᠵᠢᠭᠰᠠᠭᠠᠯ ᠨᠢᠭᠡ᠂ ᠠᠵᠢᠨᠠᠢ ᠮᠣᠷᠢᠨ ᠤ᠋ ᠪᠠᠭ᠎ᠠ ᠵᠢᠭᠰᠠᠭᠠᠯ ᠨᠢᠭᠡ᠂ ᠨᠡᠢᠲᠡ ᠲᠠᠪᠤᠨ ᠵᠢᠭᠰᠠᠭᠠᠯ ᠵᠢᠭᠰᠠᠭᠠᠵᠤ᠂ ᠬᠠᠭᠠᠨ᠂ ᠪᠤᠭᠤᠷᠵᠢ᠂ ᠪᠤᠭᠤᠷᠤᠯ ᠳ᠋ᠤᠷ ᠠᠷᠰᠯᠠᠨ ᠪᠠᠷᠰ ᠤ᠋ᠨ ᠬᠣᠶᠠᠷ ᠵᠢᠭᠰᠠᠭᠠᠯ ᠢ᠋ ᠬᠠᠮᠢᠶᠠᠷᠤᠭᠤᠯᠪᠠ᠃ ᠵᠡᠪᠡ᠂ ᠵᠠᠯᠮ᠎ᠠ ᠳ᠋ᠤᠷ ᠯᠤᠤ ᠭᠠᠷᠤᠳᠢ ᠶ᠋ᠢᠨ ᠬᠣᠶᠠᠷ ᠵᠢᠭᠰᠠᠭᠠᠯ ᠢ᠋ ᠬᠠᠮᠢᠶᠠᠷᠤᠭᠤᠯᠪᠠ᠃ ᠥᠪᠡᠷ ᠦ᠋ᠨ ᠪᠡᠶ᠎ᠡ ᠠᠵᠢᠨᠠᠢ ᠮᠣᠷᠢᠨ ᠤ᠋ ᠵᠢᠭᠰᠠᠭᠠᠯ ᠢ᠋ ᠵᠠᠬᠢᠷᠴᠤ ᠭᠠᠳᠠᠭᠠᠳᠤ ᠠᠷᠪᠠᠨ ᠠᠢᠮᠠᠭ ᠤ᠋ᠨ ᠴᠡᠷᠢᠭ ᠢ᠋ ᠨᠠᠢ᠍ᠮᠠᠨ ᠤ᠋ ᠠᠯᠲᠠᠨᠱᠠᠭ᠎ᠠ᠂ ᠬᠡᠷᠡᠢᠳ ᠦ᠋ᠨ ᠲᠤᠰᠬᠤ ᠬᠣᠶᠠᠭᠤᠯᠠ᠂ ᠮᠠᠢᠯᠵᠢ᠂ ᠴᠠᠢᠯᠵᠢ᠂ ᠢᠵᠢᠯᠵᠢ᠂ ᠰᠠᠷᠯᠠᠭ᠂ ᠰᠠᠷᠲᠠᠭᠴᠢᠨ᠂ ᠬᠠᠷᠯᠢᠭᠤᠳ᠂ ᠭᠣᠷᠯᠤᠰᠤᠨ᠂ ᠰᠣᠯᠤᠩᠭᠤᠳ ᠡᠨᠡ ᠠᠷᠪᠠᠨ ᠠᠢᠮᠠᠭ ᠢ᠋ ᠠᠪᠴᠤ ᠳᠥᠷᠪᠡᠨ ᠬᠦᠴᠦᠲᠡᠨ ᠦ᠌ ᠵᠢᠭᠰᠠᠭᠠᠯ ᠳ᠋ᠤᠷ ᠬᠤᠪᠢᠶᠠᠨ ᠵᠢᠭᠰᠠᠭᠠᠵᠤ ᠵᠢᠭᠰᠠᠭᠠᠯ ᠪᠦᠲᠦᠭᠡᠪᠡ᠃ ᠡᠢᠨ ᠬᠦ᠌ ᠲᠠᠪᠤᠨ ᠠᠩᠭᠢ ᠵᠢᠭᠰᠠᠭᠠᠯ ᠢ᠋ ᠲᠣᠭᠲᠠᠭᠠᠵᠤ ᠪᠤᠭᠤᠷᠵᠢ᠂ ᠪᠤᠭᠤᠷᠤᠯ ᠬᠣᠶᠠᠭᠤᠯᠠ ᠶ᠋ᠢ ᠳᠠᠭᠤᠳᠠᠵᠤ ᠵᠠᠷᠯᠢᠭ ᠪᠣᠯᠤᠷᠤᠨ:《ᠭᠤᠷᠪᠠᠨ ᠡᠳᠦᠷ ᠲᠡᠳᠡᠭᠡᠷ ᠦ᠋ᠨ ᠴᠡᠷᠢᠭ ᠲᠦ᠍ᠷ ᠦᠭᠡᠨᠴᠡ ᠪᠠᠭᠤᠷᠠᠢ ᠶ᠋ᠢ ᠦᠵᠡᠭᠦᠯᠵᠦ᠂ ᠨᠢᠭᠡᠨ ᠡᠳᠦᠷ ᠲᠣᠷ ᠬᠣᠷᠢᠨ ᠭᠠᠵᠠᠷ ᠡᠭᠡᠵᠦ ᠬᠦᠷᠢᠶ᠎ᠡ ᠪᠠᠭᠤ᠂ ᠲᠡᠳᠡ ᠬᠡᠷᠪᠡ ᠲᠠᠪᠰᠢᠨ ᠢᠷᠡᠪᠡᠰᠦ ᠮᠠᠨ ᠤ᠋ ᠠᠷᠭ᠎ᠠ ᠳ᠋ᠤᠷ ᠣᠷᠣᠭᠰᠠᠨ ᠪᠣᠯᠠᠢ᠂ ᠡᠰᠡ ᠬᠥᠭᠡᠭᠡᠪᠡᠰᠦ ᠡᠨᠡ ᠠᠷᠭ᠎ᠠ ᠪᠠᠷ ᠪᠣᠯᠬᠤ ᠦᠭᠡᠢ᠂ ᠵᠢᠴᠢ ᠵᠥᠪᠳᠡᠰᠦᠭᠡᠢ᠃ ᠬᠡᠷᠪᠡ ᠪᠦᠲᠦᠬᠦ ᠪᠥᠭᠡᠰᠦ ᠶᠧ ᠯᠢᠦᠢ ᠯᠢᠦ ᠭᠧ ᠶ᠋ᠢᠨ ᠬᠥᠪᠡᠭᠦᠨ ᠰᠢᠦᠸᠠᠢ ᠱᠧ᠂ ᠫᠦ ᠰᠢᠶᠠᠨ ᠸᠠᠨ ᠨᠦ᠍ ᠶ᠋ᠢᠨ ᠬᠥᠪᠡᠭᠦᠨ ᠲᠢᠶᠧ ᠬᠦ ᠬᠣᠶᠠᠭᠤᠯᠠ ᠬᠣᠶᠠᠷ ᠰᠢᠶᠠ ᠶ᠋ᠢᠨ ᠴᠡᠷᠢᠭ ᠢ᠋ ᠵᠠᠬᠢᠷᠴᠤ ᠪᠤᠭᠤᠷᠤᠯ ᠴᠢ ᠲᠡᠷᠢᠭᠦᠯᠡᠨ ᠲᠡᠳᠡᠨ ᠦ᠌ ᠴᠡᠷᠢᠭ ᠮᠠᠨ ᠤ᠋ ᠭᠤᠷᠪᠠᠳᠤᠭᠠᠷ ᠡᠳᠦᠷ ᠦ᠋ᠨ ᠭᠠᠵᠠᠷ ᠨᠡᠬᠡᠵᠦ ᠡᠴᠢᠬᠦᠢ ᠳ᠋ᠦ᠍ᠷ ᠴᠢ ᠤᠷᠢᠳᠠ ᠡᠴᠢᠵᠦ ᠬᠣᠲᠠᠨ ᠤ᠋ ᠣᠢᠷ᠎ᠠ ᠪᠦᠭᠭᠦᠭᠲᠦᠨ᠃ ᠮᠠᠨ ᠤ᠋ ᠲᠠᠪᠤᠨ ᠵᠢᠭᠰᠠᠭᠠᠯ ᠬᠡᠳᠦᠨ ᠵᠠᠭᠤᠨ ᠲᠦᠮᠡᠨ ᠴᠡᠷᠢᠭ ᠲᠦ᠍ᠷ ᠭᠡᠨᠡᠳᠲᠡ ᠥᠩᠬᠥᠷᠢᠨ ᠣᠷᠣᠵᠤ ᠡᠴᠢᠪᠡᠰᠦ ᠲᠡᠳᠡ ᠯᠠᠪ ᠰᠠᠮᠠᠭᠤᠷᠠᠵᠤ ᠦᠢᠮᠡᠯᠳᠦᠨ᠂ ᠯᠠᠪ ᠬᠣᠲᠠᠨ ᠳ᠋ᠤᠷ ᠣᠷᠣᠬᠤᠢ ᠳ᠋ᠤᠷ ᠲᠠᠭᠠᠯᠴᠠᠨ ᠣᠷᠣᠵᠤ ᠬᠣᠲᠠᠨ ᠢ᠋ ᠠᠪ ! 》 ᠭᠡᠮᠡᠨ ᠠᠩᠭᠢ ᠠᠩᠭᠢ ᠪᠠᠷ ᠬᠤᠪᠢᠶᠠᠨ ᠪᠠᠷᠠᠵᠤ᠂ ᠭᠤᠷᠪᠠᠳᠤᠭᠠᠷ ᠬᠡᠩᠭᠡᠷᠭᠡ ᠳ᠋ᠦ᠍ᠷ ᠣᠯᠠᠨ ᠴᠡᠷᠢᠭ ᠲᠠᠷᠬᠠᠵᠤ ᠳᠠᠷᠤᠢ ᠤᠷᠤᠭᠰᠢ ᠳᠠᠪᠰᠢᠪᠠ᠃
ᠲᠡᠳᠦᠢ ᠬᠠᠭᠠᠨ ᠵᠠᠷᠯᠢᠭ ᠪᠠᠭᠤᠯᠭᠠᠨ: 《ᠡᠨᠡ ᠰᠢ ᠢᠦᠢ ᠤᠯᠤᠰ ᠢ᠋ ᠲᠦᠪᠰᠢᠳᠬᠡᠬᠦ ᠢᠪ ᠢᠯᠡᠳᠲᠡ ᠡᠨᠡ ᠤᠳᠠᠭ᠎ᠠ ᠳ᠋ᠤᠷ ᠮᠡᠳᠡᠭᠳᠡᠮᠦᠢ᠃ ᠡᠨᠡ ᠠᠷᠭ᠎ᠠ ᠬᠡᠷᠪᠡ ᠪᠦᠲᠦᠪᠡᠰᠦ ᠮᠥᠨ ᠲᠠᠪᠤᠨ ᠵᠢᠭᠰᠠᠭᠠᠯ ᠢ᠋ ᠳᠠᠷᠤᠢ ᠰᠢ ᠢᠦᠢ ᠤᠯᠤᠰ ᠢ᠋ ᠡᠴᠦᠰᠲᠡᠯ᠎ᠡ ᠬᠡᠷᠡᠭᠯᠡᠬᠦ ᠪᠤᠶᠤ᠂ ᠡᠳᠡᠭᠡᠷ ᠬᠤᠪᠢᠰᠬᠠᠯ ᠢ᠋ ᠲᠡᠳᠡᠭᠡᠷ ᠣᠬᠣᠷ ᠮᠡᠳᠡᠯᠲᠡᠨ ᠦᠯᠦ ᠤᠬᠠᠬᠤ ᠲᠤᠯᠠ ᠮᠥᠨ ᠮᠥᠬᠥᠵᠦ ᠪᠠᠷᠠᠬᠤ ᠪᠣᠯᠠᠢ ! 》ᠬᠡᠮᠡᠭᠰᠡᠨ ᠳ᠋ᠦ᠍ᠷ ᠸᠠᠩ᠂ ᠰᠠᠢᠳ᠂ ᠵᠠᠩᠵᠤᠨ ᠴᠡᠷᠢᠭ ᠮᠥᠷᠭᠥᠵᠦ ᠳᠠᠭᠠᠪᠠ᠃
ᠲᠡᠳᠦᠢ ᠬᠠᠭᠠᠨ ᠤ᠋ ᠴᠡᠷᠢᠭ ᠶᠠᠪᠤᠭᠰᠠᠭᠠᠷ ᠬᠣᠲᠠ ᠶ᠋ᠢᠨ ᠣᠢᠷ᠎ᠠ ᠬᠦᠷᠴᠦ ᠰᠢ ᠢᠦᠢ ᠶ᠋ᠢᠨ ᠴᠡᠷᠢᠭ ᠯᠦ᠍ᠭᠡ ᠡᠰᠡᠷᠭᠦᠯᠡᠨ ᠪᠠᠭᠤᠵᠤ ᠬᠠᠷᠢᠯᠴᠠᠨ ᠪᠠᠢᠯᠳᠤᠬᠤ ᠪᠢᠴᠢᠭ ᠢᠯᠡᠭᠡᠵᠦ᠂ ᠨᠢᠭᠡᠨ ᠡᠳᠦᠷ ᠮᠣᠩᠭᠣᠯ ᠤ᠋ᠨ ᠴᠡᠷᠢᠭ ᠭᠡᠨᠡᠳᠲᠡ ᠬᠣᠷᠢᠨ ᠭᠠᠵᠠᠷ ᠤᠬᠤᠷᠢᠵᠤ ᠪᠠᠭᠤᠪᠠ᠃ ᠰᠢ ᠢᠦᠢ ᠤᠯᠤᠰ ᠤ᠋ᠨ ᠴᠡᠷᠢᠭ ᠮᠣᠩᠭᠣᠯ ᠤ᠋ᠨ ᠴᠡᠷᠢᠭ ᠢ᠋ ᠦᠵᠡᠪᠡᠰᠦ ᠨᠡᠢᠲᠡ ᠨᠢᠭᠡᠨ ᠪᠠᠭ ᠬᠣᠷᠢᠶ᠎ᠠ ᠪᠠᠭᠤᠵᠤ ᠡᠬᠢ ᠰᠡᠭᠦᠯ ᠲᠡᠭᠰᠢ ᠦᠭᠡᠢ᠂ ᠭᠠᠭᠴᠠ ᠴᠡᠷᠢᠭ ᠴᠥᠭᠡᠨ ᠪᠥᠭᠡᠳ ᠠᠶᠤᠬᠤ ᠠᠨᠤ ᠢᠯᠡᠷᠡᠭᠰᠡᠨ ᠳ᠋ᠦ᠍ᠷ ᠰᠢ ᠢᠦᠢ ᠶ᠋ᠢᠨ ᠴᠡᠷᠢᠭ ᠶᠡᠬᠡᠯ᠎ᠡ ᠢᠨᠢᠶᠡᠨ ᠨᠡᠬᠡᠵᠦ ᠬᠦᠷᠢᠶ᠎ᠡ ᠪᠠᠭᠤᠬᠤᠢ ᠳ᠋ᠤᠷ ᠮᠠᠷᠭᠠᠲᠠ ᠮᠣᠩᠭᠣᠯ ᠤ᠋ᠨ ᠴᠡᠷᠢᠭ ᠪᠠᠰᠠ ᠬᠣᠷᠢᠨ ᠭᠠᠵᠠᠷ ᠤᠬᠤᠷᠢᠪᠠᠢ᠃ ᠡᠭᠦᠨ ᠳ᠋ᠦ᠍ᠷ ᠰᠠᠯᠠ ᠳ᠋ᠢᠩ ᠶᠡᠬᠡᠯ᠎ᠡ ᠢᠨᠢᠶᠡᠨ ᠥᠭᠦᠯᠡᠷᠦᠨ:《ᠡᠨᠡ ᠮᠤᠩᠬᠠᠭ ᠮᠣᠩᠭᠣᠯ ᠤ᠋ᠨ ᠤᠬᠤᠷᠢᠬᠤ ᠪᠠᠢᠳᠠᠯ ᠢᠯᠡᠷᠡᠪᠡ᠂ ᠯᠠᠪ ᠴᠡᠷᠢᠭ ᠠᠰᠤᠷᠤ ᠴᠥᠭᠡᠨ ᠲᠤᠯᠠ ᠵᠢᠷᠦᠬᠡ ᠬᠡᠮᠬᠡᠷᠡᠬᠦ ᠪᠣᠯᠠᠢ ! 》ᠭᠡᠮᠡᠨ ᠪᠠᠰᠠ ᠨᠡᠬᠡᠵᠦ ᠬᠦᠷᠢᠶ᠎ᠡ ᠪᠠᠭᠤᠪᠠ᠃
ᠵᠢᠴᠢ ᠡᠳᠦᠷ ᠮᠣᠩᠭᠣᠯ ᠤ᠋ᠨ ᠴᠡᠷᠢᠭ ᠪᠠᠰᠠ ᠤᠬᠤᠷᠢᠵᠤ ᠪᠠᠭᠤᠭᠰᠠᠨ ᠳ᠋ᠤᠷ ᠰᠠᠯᠠ ᠳ᠋ᠢᠩ ᠂ ᠮᠠ ᠰᠢ᠂ ᠡᠦ ᠴᠢ ᠬᠣᠶᠠᠷ ᠵᠠᠩᠵᠤᠨ ᠯᠤᠭ᠎ᠠ ᠪᠠᠨ ᠵᠥᠪᠯᠡᠨ ᠥᠭᠦᠯᠡᠷᠦᠨ: 《ᠡᠨᠡ ᠮᠣᠩᠭᠣᠯ ᠨᠢᠭᠡᠮᠦᠰᠦᠨ ᠳᠠᠭᠤᠰᠪᠠ᠂ ᠣᠳᠣ ᠰᠢᠭᠤᠳ ᠳᠠᠷᠤᠨ ᠣᠷᠣᠵᠤ ᠪᠠᠢᠯᠳᠤᠰᠤᠭᠠᠢ ! 》ᠬᠡᠮᠡᠬᠦᠢ ᠳ᠋ᠦ᠍ᠷ ᠲᠡᠳᠡᠨ ᠦ᠌ ᠲᠦᠰᠢᠮᠡᠯ ᠮᠡᠷᠭᠡᠨ ᠢᠷᠡᠨ ᠬᠣᠷᠢᠭᠯᠠᠨ ᠥᠭᠦᠯᠡᠷᠦᠨ: 《ᠮᠣᠩᠭᠣᠯ ᠤ᠋ᠨ ᠲᠡᠷᠡ ᠮᠠᠨ ᠤ᠋ ᠴᠡᠷᠢᠭ ᠦ᠋ᠨ ᠰᠡᠳᠬᠢᠯ ᠢ᠋ ᠣᠰᠣᠯᠳᠠᠭᠤᠯᠬᠤ ᠬᠤᠢᠬᠤᠷ ᠠᠷᠭ᠎ᠠ᠂ ᠬᠡᠷᠬᠢᠪᠡᠴᠦ ᠬᠠᠯᠳᠠᠨ ᠪᠠᠢᠯᠳᠤᠵᠤ ᠪᠣᠯᠬᠤ ᠦᠭᠡᠢ !》ᠬᠡᠮᠡᠭᠰᠡᠨ ᠳ᠋ᠦ᠍ᠷ ᠰᠠᠯᠠ ᠳ᠋ᠢᠩ ᠴᠢ ᠬᠡᠷᠬᠢᠵᠦ ᠮᠡᠳᠡᠪᠡ ᠭᠡᠮᠡᠨ ᠬᠥᠭᠡᠭᠡᠵᠦ ᠭᠠᠷᠭᠠᠪᠠ᠃ ᠵᠢᠴᠢ ᠡᠳᠦᠷ ᠬᠣᠶᠠᠷ ᠡᠲᠡᠭᠡᠳ ᠴᠡᠷᠢᠭ ᠵᠠᠰᠠᠨ ᠪᠠᠢᠯᠳᠤᠵᠤ ᠮᠣᠩᠭᠣᠯ ᠤ᠋ᠨ ᠴᠡᠷᠢᠭ ᠦ᠋ᠨ ᠬᠦᠷᠢᠶᠡᠨ ᠦ᠌ ᠳᠣᠲᠣᠷ᠎ᠠ ᠨᠢᠭᠡᠨᠲᠡ ᠫᠤᠤ ᠶ᠋ᠢᠨ ᠳᠠᠭᠤᠨ ᠭᠠᠷᠤᠮᠠᠭᠴᠠ ᠮᠣᠩᠭᠣᠯ ᠤ᠋ᠨ ᠴᠡᠷᠢᠭ ᠪᠠᠰᠠ ᠭᠡᠨᠡᠳᠲᠡ ᠬᠣᠢᠰᠢ ᠬᠠᠭᠠᠰ ᠭᠠᠵᠠᠷ ᠤᠬᠤᠷᠢᠭᠰᠠᠨ ᠳ᠋ᠤᠷ ᠰᠠᠯᠠ ᠳ᠋ᠢᠩ ᠨᠢᠭᠡᠨᠲᠡ ᠴᠡᠷᠢᠭ ᠢ᠋ᠶ᠋ᠡᠨ ᠲᠡᠭᠰᠢᠯᠡᠵᠦ ᠵᠠᠭᠤᠨ ᠲᠦᠮᠡᠨ ᠳ᠋ᠦ᠍ᠷ ᠢ᠋ᠶ᠋ᠡᠨ ᠡᠷᠳᠦᠵᠦ ᠳᠠᠷᠤᠨ ᠣᠷᠣᠬᠤᠢ ᠳ᠋ᠤᠷ ᠲᠡᠳᠡᠨ ᠦ᠌ ᠲᠦᠰᠢᠮᠡᠯ ᠮᠡᠷᠭᠡᠨ ᠶᠠᠭᠠᠷᠠᠨ ᠢᠷᠡᠵᠦ ᠮᠣᠷᠢᠨ ᠤ᠋ ᠵᠢᠯᠣᠭᠣ ᠠ᠋ᠴᠠ ᠪᠠᠷᠢᠵᠤ ᠬᠣᠷᠢᠭᠯᠠᠨ ᠥᠭᠦᠯᠡᠷᠦᠨ : 《ᠡᠵᠡᠨ ᠬᠡᠷᠬᠢᠪᠡᠴᠦ ᠪᠢᠲᠡᠭᠡᠢ ᠨᠡᠬᠡᠵᠦ ᠪᠠᠢᠯᠳᠤ᠂ ᠲᠡᠳᠡᠨ ᠦ᠌ ᠴᠡᠷᠢᠭ ᠦ᠋ᠨ ᠳᠣᠲᠣᠷ᠎ᠠ ᠯᠠᠪ ᠨᠠᠷᠢᠨ ᠠᠷᠭ᠎ᠠ ᠪᠣᠢ 》ᠬᠡᠮᠡᠬᠦ ᠦᠭᠡ ᠪᠠᠷᠠᠬᠤ ᠶ᠋ᠢᠨ ᠤᠷᠢᠳ᠂ ᠮᠣᠩᠭᠣᠯ ᠤ᠋ᠨ ᠴᠡᠷᠢᠭ ᠦ᠋ᠨ ᠬᠦᠷᠢᠶᠡᠨ ᠳᠣᠲᠣᠷ᠎ᠠ ᠳᠠᠭᠠᠯᠳᠤᠭ᠎ᠠ ᠲᠠᠪᠤᠨ ᠶᠡᠬᠡ ᠦᠬᠡᠷ ᠫᠤᠤ ᠲᠡᠭᠷᠢ ᠭᠠᠵᠠᠷ ᠳᠡᠯᠪᠡᠷᠡᠲᠡᠯ᠎ᠡ ᠳᠠᠭᠤᠷᠢᠰᠤᠨ᠂ ᠮᠣᠩᠭᠣᠯ ᠤ᠋ᠨ ᠴᠡᠷᠢᠭ ᠲᠠᠪᠤᠨ ᠠᠩᠭᠢ ᠰᠠᠯᠵᠤ ᠲᠠᠪᠤᠨ ᠪᠥᠭᠡᠮ ᠪᠣᠯᠤᠨ ᠭᠡᠨᠡᠳᠲᠡ ᠠᠭᠤᠯᠠᠨ ᠤᠷᠤᠭᠤ ᠲᠡᠷᠭᠡᠨ ᠦ᠌ ᠬᠦᠷᠳᠦ ᠶ᠋ᠢ ᠲᠠᠯᠪᠢᠭᠰᠠᠨ ᠮᠡᠲᠦ ᠥᠩᠬᠥᠷᠢᠨ ᠰᠢ ᠢᠦᠢ ᠤᠯᠤᠰ ᠤ᠋ᠨ ᠶᠡᠬᠡ ᠴᠡᠷᠢᠭ ᠲᠦ᠍ᠷ ᠣᠷᠣᠵᠤ ᠢᠷᠡᠭᠡᠳ ᠲᠠᠪᠤᠨ ᠪᠥᠭᠡᠮ ᠢ᠋ᠶ᠋ᠡᠷ ᠣᠯᠠᠨ ᠴᠡᠷᠢᠭ ᠦ᠋ᠨ ᠳᠣᠲᠣᠷ᠎ᠠ ᠥᠭᠡᠳᠡ ᠤᠷᠤᠭᠤ ᠶᠠᠪᠤᠵᠤ ᠠᠯᠠᠬᠤ ᠠᠨᠤ ᠨᠠᠢᠯᠵᠠᠭᠤᠷ ᠰᠠᠨᠳᠤᠤ ᠡᠪᠡᠰᠦᠨ᠎ᠡ ᠲᠠᠯᠪᠢᠭᠰᠠᠨ ᠮᠡᠲᠦ᠃ ᠰᠢ ᠢᠦᠢ ᠶ᠋ᠢᠨ ᠴᠡᠷᠢᠭ ᠬᠡᠳᠦᠢ ᠣᠯᠠᠨ ᠪᠣᠯᠪᠠᠴᠤ ᠲᠣᠯᠣᠭᠠᠢ ᠰᠡᠭᠦᠯ ᠢ᠋ᠶ᠋ᠡᠨ ᠬᠠᠮᠠᠭᠠᠯᠠᠨ ᠴᠢᠳᠠᠬᠤ ᠦᠭᠡᠢ ᠪᠣᠯᠤᠨ ᠳᠠᠷᠤᠢ ᠳᠥᠷᠪᠡᠨ ᠵᠦᠭ ᠲᠠᠷᠬᠠᠯᠴᠠᠨ ᠡᠭᠦᠰᠬᠡᠪᠡ᠃ ᠮᠣᠩᠭᠣᠯ ᠤ᠋ᠨ ᠲᠠᠪᠤᠨ ᠠᠩᠭᠢ ᠵᠢᠭᠰᠠᠭᠠᠯ ᠬᠠᠮᠢᠭ᠎ᠠ ᠬᠦᠷᠪᠡᠴᠦ ᠬᠠᠷᠢᠯᠴᠠᠨ ᠵᠢᠭᠤᠷᠠᠯᠳᠤᠵᠤ ᠡᠬᠢ ᠰᠡᠭᠦᠯ ᠢ᠋ᠶ᠋ᠡᠨ ᠬᠠᠮᠠᠭᠠᠯᠠᠨ ᠶᠠᠪᠤᠬᠤ ᠠᠨᠤ ᠲᠠᠪᠤᠨ ᠬᠡᠰᠡᠭ ᠲᠡᠷᠭᠡ ᠮᠡᠲᠦ᠃ ᠰᠢ ᠢᠦᠢ ᠶ᠋ᠢᠨ ᠴᠡᠷᠢᠭ ᠡᠰᠡᠷᠭᠦ ᠬᠠᠨᠳᠤᠵᠤ ᠴᠢᠳᠠᠬᠤ ᠦᠭᠡᠢ᠃ ᠡᠭᠦᠨ ᠳ᠋ᠦ᠍ᠷ ᠰᠠᠯᠠ ᠳ᠋ᠢᠩ ᠶᠡᠬᠡᠯ᠎ᠡ ᠳᠠᠷᠤᠭᠳᠠᠵᠤ ᠵᠠᠮ ᠡᠷᠢᠨ ᠳᠤᠲᠠᠭᠠᠰᠤᠭᠠᠢ ᠬᠡᠮᠡᠲᠡᠯ᠎ᠡ ᠬᠠᠭᠠᠨ ᠤ᠋ ᠠᠵᠢᠨᠠᠢ ᠮᠣᠷᠢᠨ ᠤ᠋ ᠵᠡᠭᠦᠨ ᠮᠥᠷᠥ ᠶ᠋ᠢᠨ ᠵᠢᠭᠰᠠᠭᠠᠯ ᠳ᠋ᠤᠷ ᠬᠠᠭᠠᠭᠳᠠᠵᠤ ᠳᠥᠷᠪᠡᠨ ᠵᠦᠭ ᠮᠥᠷᠭᠥᠯᠭᠢᠯᠡᠨ ᠴᠠᠪᠴᠢᠯᠠᠭᠰᠠᠭᠠᠷ ᠠᠲᠠᠯ᠎ᠠ ᠬᠠᠭᠠᠨ ᠠᠯᠲᠠᠨ ᠣᠨᠢᠲᠤ ᠰᠤᠮᠤ ᠪᠠᠨ ᠣᠨᠢᠯᠠᠵᠤ ᠬᠠᠷᠪᠤᠭᠰᠠᠨ ᠳ᠋ᠤᠷ ᠰᠠᠯᠠ ᠳ᠋ᠢᠩ ᠦ᠋ᠨ ᠵᠡᠭᠦᠨ ᠨᠢᠳᠦ ᠪᠡᠷ ᠭᠠᠳᠠᠵᠤ ᠬᠡᠯᠲᠦᠷᠬᠢᠯᠡᠬᠦ ᠳ᠋ᠦ᠍ᠷ ᠲᠡᠭᠦᠨ ᠦ᠌ ᠵᠠᠩᠵᠤᠨ ᠡᠦ ᠴᠢ ᠂ ᠮᠠ ᠰᠢ ᠬᠣᠶᠠᠭᠤᠯᠠ ᠬᠠᠮᠠᠭᠠᠯᠠᠨ ᠠᠪᠴᠤ ᠭᠠᠷ ᠤ᠋ᠨ ᠶᠡᠬᠡ ᠴᠡᠷᠢᠭ ᠢ᠋ᠶ᠋ᠡᠨ ᠣᠷᠬᠢᠵᠤ ᠬᠣᠲᠠᠨ ᠳ᠋ᠠᠭᠠᠨ ᠳᠤᠲᠠᠭᠠᠨ ᠣᠷᠣᠬᠤᠢ ᠳ᠋ᠤᠷ ᠪᠤᠭᠤᠷᠤᠯ ᠬᠡᠳᠦᠢᠨᠡᠢ ᠲᠠᠭᠠᠯᠴᠠᠨ ᠣᠷᠣᠭᠠᠳ ᠬᠠᠭᠠᠯᠭ᠎ᠠ ᠶ᠋ᠢ ᠪᠤᠯᠢᠶᠠᠵᠤ ᠶᠡᠬᠡ ᠫᠤᠤ ᠲᠠᠯᠪᠢᠨ ᠬᠣᠶᠠᠷ ᠰᠢᠶᠠ ᠶ᠋ᠢᠨ ᠴᠡᠷᠢᠭ ᠬᠠᠮᠲᠤ ᠪᠠᠷ ᠬᠣᠲᠠᠨ ᠳ᠋ᠤᠷ ᠣᠷᠣᠭᠰᠠᠨ ᠳ᠋ᠤᠷ ᠰᠠᠯᠠ ᠳ᠋ᠢᠩ ᠬᠣᠲᠠ ᠪᠠᠰᠠ ᠠᠪᠲᠠᠭᠰᠠᠨ ᠳ᠋ᠤᠷ ᠮᠣᠷᠢᠨ ᠠ᠋ᠴᠠ ᠪᠠᠭᠤᠯ ᠦᠭᠡᠢ ᠪᠡᠷ ᠪᠠᠷᠠᠭᠤᠨ ᠬᠠᠭᠠᠯᠭ᠎ᠠ ᠪᠠᠷ ᠭᠠᠷᠴᠤ ᠳᠤᠲᠠᠭᠠᠪᠠ᠃
ᠲᠡᠳᠦᠢ ᠪᠤᠭᠤᠷᠤᠯ ᠬᠣᠲᠠ ᠶ᠋ᠢᠨ ᠠᠰᠠᠷ ᠲᠤᠷ ᠲᠡᠮᠳᠡᠭ ᠲᠤᠭ ᠪᠣᠰᠠᠬᠠᠲᠠᠯᠠ ᠬᠠᠭᠠᠨ ᠤ᠋ ᠭᠡᠭᠡᠨ ᠤᠷᠢᠳᠠ ᠬᠦᠷᠴᠦ ᠢᠷᠡᠭᠡᠳ ᠬᠣᠲᠠ ᠳ᠋ᠤ᠌ ᠣᠷᠣᠪᠠ᠃ ᠨᠥᠭᠦᠭᠡ ᠳᠥᠷᠪᠡᠨ ᠵᠢᠭᠰᠠᠭᠠᠯ ᠵᠦᠭ ᠪᠦᠷᠢ ᠳ᠋ᠦ᠍ᠷ ᠲᠠᠷᠬᠠᠵᠤ᠂ ᠰᠢ ᠢᠦᠢ ᠶ᠋ᠢᠨ ᠴᠡᠷᠢᠭ ᠢ᠋ ᠠᠯᠠᠭᠰᠠᠨ ᠠᠨᠤ᠂ ᠤᠯᠠᠭᠠᠨ ᠴᠢᠰᠤ ᠭᠣᠣᠯ ᠤᠷᠤᠰᠴᠤ ᠦᠬᠦᠳᠡᠯ ᠲᠠᠯ᠎ᠠ ᠶ᠋ᠢ ᠪᠦᠷᠬᠦᠵᠦᠬᠦᠢ᠃ ᠰᠢ ᠢᠦᠢ ᠶ᠋ᠢᠨ ᠴᠡᠷᠢᠭ ᠬᠣᠶᠠᠷ ᠮᠢᠩᠭᠠᠨ ᠢᠯᠡᠭᠦᠦ ᠬᠣᠬᠢᠷᠠᠵᠤ᠂ ᠮᠢᠩᠭᠠᠨ ᠢᠯᠡᠭᠦᠦ ᠰᠢᠷᠬᠠᠲᠤᠨ ᠰᠠᠷᠨᠢᠵᠤ ᠬᠣᠲᠠᠨ ᠳ᠋ᠤᠷ ᠮᠥᠨ ᠡᠭᠡᠬᠦ ᠦᠭᠡᠢ ᠳ᠋ᠦ᠍ᠷ ᠰᠠᠯᠠ ᠳ᠋ᠢᠩ ᠨᠢᠭᠡᠨ ᠨᠢᠳᠦᠨ ᠳ᠋ᠦ᠍ᠷ ᠢ᠋ᠶ᠋ᠡᠨ ᠬᠠᠭᠠᠨ ᠤ᠋ ᠬᠡᠰᠢᠭ ᠰᠤᠮᠤ ᠶ᠋ᠢ ᠬᠤᠢᠯᠠᠨ ᠳᠤᠲᠠᠭᠠᠵᠤ ᠬᠣᠷᠢᠨ ᠭᠠᠵᠠᠷ ᠭᠠᠷᠤᠭᠰᠠᠨ ᠦᠭᠡᠢ ᠬᠠᠷᠠᠩᠭᠤᠳᠤᠨ ᠤᠨᠠᠭᠰᠠᠨ ᠳ᠋ᠤᠷ ᠮᠠ ᠰᠢ ᠲᠡᠷᠡ ᠲᠠᠰᠢᠷᠠᠮ ᠳ᠋ᠤ᠌ ᠰᠤᠮᠤ ᠶ᠋ᠢ ᠰᠤᠭᠤᠯᠤᠨ ᠠᠪᠬᠤᠢ ᠳ᠋ᠤᠷ ᠨᠢᠳᠦ ᠢᠨᠦ ᠳᠠᠭᠠᠨ ᠭᠠᠷᠴᠤ ᠢᠷᠡᠪᠡ᠃ ᠲᠡᠳᠦᠢ ᠮᠣᠷᠢᠨ ᠤ᠋ ᠳᠡᠭᠡᠷ᠎ᠡ ᠲᠦᠰᠢᠭᠦᠯᠵᠦ ᠢᠯᠡᠭᠡᠭᠡᠳ ᠨᠢᠭᠡᠨᠲᠡᠭᠡᠭᠦᠷ ᠰᠠᠷᠨᠢᠭᠰᠠᠨ ᠴᠡᠷᠢᠭ ᠢ᠋ᠶ᠋ᠡᠨ ᠬᠤᠷᠢᠶᠠᠵᠤ ᠡᠭᠡᠪᠡ᠃
ᠲᠡᠳᠦᠢ ᠦᠳᠡᠷᠡ ᠬᠣᠲᠠ ᠨᠢᠭᠡᠨᠲᠡ ᠮᠣᠩᠭᠣᠯ ᠳ᠋ᠤᠷ ᠰᠠᠩ ᠬᠥᠮᠥᠷᠭᠡ ᠲᠡᠢ ᠴᠥᠮ ᠪᠤᠯᠢᠶᠠᠭᠳᠠᠵᠤ᠂ ᠴᠡᠷᠢᠭ ᠦ᠋ᠨ ᠵᠠᠷ ᠵᠡᠪᠰᠡᠭ ᠮᠣᠷᠢ ᠲᠡᠷᠭᠡ ᠬᠦᠷᠢᠶ᠎ᠡ ᠮᠠᠢᠬᠠᠨ ᠲᠠᠭᠲᠤ ᠪᠠᠨ ᠠᠪᠲᠠᠪᠠ᠃ ᠬᠠᠭᠠᠨ ᠶᠡᠬᠡ ᠶᠠᠮᠤᠨ ᠳ᠋ᠤ᠌ ᠰᠠᠭᠤᠵᠤ ᠣᠯᠠᠨ ᠵᠠᠩᠵᠤᠨ ᠴᠡᠷᠢᠭ ᠢ᠋ ᠪᠠᠢᠴᠠᠭᠠᠬᠤᠶᠠ ᠪᠤᠭᠤᠷᠵᠢ ᠡᠨᠡ ᠬᠣᠲᠠ ᠶ᠋ᠢᠨ ᠡᠵᠡᠨ ᠬᠠᠴᠢᠷ ᠵᠢᠯᠡᠳᠦ ᠶ᠋ᠢᠨ ᠨᠢᠭᠡᠨ ᠮᠥᠷᠥ ᠶ᠋ᠢ ᠴᠠᠪᠴᠢᠨ ᠤᠨᠠᠭᠠᠵᠤ ᠪᠠᠷᠢᠵᠤ ᠠᠪᠤᠭᠠᠳ ᠲᠦᠯᠬᠢᠨ ᠠᠴᠢᠷᠠᠭᠰᠠᠨ ᠳ᠋ᠤᠷ ᠬᠠᠭᠠᠨ ᠦᠵᠡᠪᠡᠰᠦ ᠬᠥᠮᠦᠨ ᠢᠨᠦ ᠰᠢᠨᠵᠢ ᠮᠠᠭᠤ ᠦᠭᠡᠢ ᠲᠤᠯᠠ ᠵᠠᠷᠯᠢᠭ ᠪᠣᠯᠤᠷᠤᠨ:《ᠲᠠᠨ ᠤ᠋ ᠵᠡᠷᠭᠡ ᠶ᠋ᠢᠨ ᠥᠴᠦᠬᠡᠨ ᠠᠢᠮᠠᠭ ᠪᠠᠢᠲᠤᠭᠠᠢ᠂ ᠳᠤᠮᠳᠠᠳᠤ ᠶᠡᠬᠡ ᠤᠯᠤᠰ ᠰᠥᠩ᠂ ᠠᠯᠲᠠᠨ ᠴᠥᠮ ᠠᠯᠪᠠ ᠪᠠᠷᠢᠨ ᠠᠲᠠᠯ᠎ᠠ ᠲᠠ ᠨᠠᠳᠠ ᠯᠤᠭ᠎ᠠ ᠲᠡᠮᠡᠴᠡᠨ ᠢᠷᠭᠡᠨ ᠢ᠋ ᠵᠣᠪᠠᠭᠠᠬᠤ ᠠᠨᠤ ᠲᠡᠭᠷᠢ ᠶ᠋ᠢ ᠰᠥᠷᠬᠦ ᠪᠣᠯᠠᠢ᠃ ᠴᠢᠨᠦ ᠠᠮᠢ ᠶ᠋ᠢ ᠬᠡᠯᠲᠦᠷᠢᠭᠦᠯᠰᠦᠭᠡᠢ᠂ ᠴᠢ ᠡᠴᠢᠵᠦ ᠣᠯᠠᠨ ᠬᠣᠲᠠ ᠶ᠋ᠢᠨ ᠡᠵᠡᠳ ᠪᠠ ᠲᠡᠭᠦᠨ ᠦ᠌ ᠡᠵᠡᠨ ᠰᠠᠯᠠ ᠳ᠋ᠢᠩ ᠳ᠋ᠦ᠍ᠷ ᠡᠴᠢᠵᠦ ᠮᠢᠨᠦ ᠠᠭᠤᠳᠠᠮ ᠶᠡᠬᠡ ᠵᠠᠷᠯᠢᠭ ᠢ᠋ ᠤᠬᠠᠭᠤᠯ᠂ ᠪᠢ ᠲᠠᠨ ᠤ᠋ ᠡᠵᠡᠨ ᠦ᠌ ᠲᠦᠭᠦᠬᠡᠢ ᠲᠡᠨᠡᠭ ᠮᠣᠩᠭᠣᠯ ᠢ᠋ ᠳᠠᠷᠤᠯᠠᠭᠴᠢ ᠶ᠋ᠢᠨ ᠲᠤᠯᠠ ᠨᠢᠭᠡᠨ ᠰᠤᠮᠤ ᠬᠠᠢᠷᠠᠯᠠᠵᠤ ᠲᠡᠭᠦᠨ ᠦ᠌ ᠵᠡᠭᠦᠨ ᠨᠢᠳᠦ ᠶ᠋ᠢ ᠬᠠᠷᠪᠤᠪᠠ᠂ ᠦᠬᠦᠬᠦᠢ ᠳ᠋ᠦ᠍ᠷ ᠦᠯᠦ ᠬᠦᠷᠦᠮᠦᠢ᠂ ᠭᠡᠮᠰᠢᠬᠦ ᠶ᠋ᠢ ᠮᠡᠳᠡᠭᠦᠯᠦᠭᠰᠡᠨ ᠪᠥᠯᠥᠭᠡ ! 》ᠭᠡᠮᠡᠨ ᠬᠠᠴᠢᠷ ᠵᠢᠯᠡᠲᠦ ᠶ᠋ᠢ ᠠᠮᠢᠨ ᠢ᠋ ᠬᠡᠯᠲᠦᠷᠢᠭᠦᠯᠦᠨ ᠡᠮ᠎ᠡ ᠦᠷ᠎ᠡ ᠶ᠋ᠢ ᠢᠨᠦ ᠥᠭᠴᠦ ᠶᠠᠪᠤᠭᠤᠯᠪᠠ᠃
ᠲᠡᠭᠦᠨᠴᠡ ᠬᠠᠭᠠᠨ ᠤ᠋ ᠭᠡᠭᠡᠨ ᠵᠠᠷᠯᠢᠭ ᠪᠣᠯᠤᠷᠤᠨ:《ᠲᠡᠷᠢᠭᠦᠨ ᠤᠳᠠᠭ᠎ᠠ ᠳ᠋ᠤᠷ ᠪᠦᠷᠢᠨ᠎ᠡ ᠳᠡᠢᠯᠦᠭᠰᠡᠨ ᠲᠤᠯᠠ ᠰᠢ ᠢᠦᠢ ᠤᠯᠤᠰ ᠯᠠᠪ ᠣᠳᠣ ᠬᠢᠴᠢᠶᠡᠮᠦᠢ᠃ ᠣᠯᠠᠨ ᠵᠠᠩᠵᠤᠨ ᠨᠠᠷ ᠬᠢᠨᠠᠨ ᠬᠢᠴᠢᠶᠡ᠂ ᠬᠡᠷᠬᠢᠪᠡᠴᠦ ᠣᠮᠣᠷᠬᠠᠭ ᠰᠡᠳᠬᠢᠵᠦ ᠣᠰᠣᠯᠳᠠᠨ ᠠᠯᠳᠠᠬᠤᠢ ᠳ᠋ᠤᠷ ᠪᠢᠲᠡᠭᠡᠢ ᠬᠦᠷᠭᠦᠯ ! ᠭᠤᠷᠪᠠᠨ ᠲᠠᠢᠽᠢ ᠨᠢᠭᠡᠨ ᠹᠦ ᠮᠠ᠋ ᠂ ᠪᠤᠭᠤᠷᠵᠢ᠂ ᠪᠤᠭᠤᠷᠤᠯ᠂ ᠵᠡᠪᠡ᠂ ᠵᠠᠯᠮ᠎ᠠ ᠳᠥᠷᠪᠡᠨ ᠲᠠᠢᠪᠤᠤ ᠳᠥᠷᠪᠡᠨ ᠳᠠᠰᠢ ᠠᠪᠴᠤ ᠲᠦᠷᠭᠡᠨ ᠬᠦᠴᠦᠲᠦ ᠶ᠋ᠢᠨ ᠵᠢᠭᠰᠠᠭᠠᠯ ᠢ᠋ ᠠᠪᠴᠤ ᠳᠥᠷᠪᠡᠨ ᠵᠦᠭ ᠲᠦ᠍ᠷ ᠭᠠᠷᠴᠤ ᠰᠢ ᠢᠦᠢ ᠶ᠋ᠢᠨ ᠬᠣᠲᠠ ᠪᠠᠯᠭᠠᠳ ᠢ᠋ ᠪᠠᠢᠯᠳᠤ᠃ ᠪᠢ ᠡᠨᠳᠡ ᠶᠡᠬᠡ ᠴᠡᠷᠢᠭ ᠢ᠋ ᠠᠪᠴᠤ ᠳᠥᠷᠪᠡᠨ ᠵᠦᠭ ᠦ᠋ᠨ ᠵᠣᠪᠬᠢᠰ ᠢ᠋ ᠲᠡᠭᠰᠢᠯᠡᠨ ᠲᠣᠬᠣᠨᠢᠭᠤᠯᠰᠤᠭᠠᠢ ! 》ᠭᠡᠮᠡᠨ ᠮᠣᠷᠳᠠᠭᠤᠯᠪᠠ᠃ ᠡᠨᠡ ᠰᠢ ᠢᠦᠢ ᠤᠯᠤᠰ ᠤ᠋ᠨ ᠠᠢᠮᠠᠭ ᠠᠨᠤ ᠮᠠᠰᠢ ᠣᠯᠠᠨ᠂ ᠡᠳᠦᠭᠡ ᠬᠡᠳᠦᠢ ᠰᠠᠯᠠ ᠳ᠋ᠢᠩ᠂ ᠨᠢᠶᠧ ᠯᠢ ᠭᠧ ᠬᠣᠶᠠᠷ ᠣᠯᠠᠨ ᠠᠢᠮᠠᠭ ᠲᠤᠷ ᠢ᠋ᠶ᠋ᠠᠨ ᠬᠦᠴᠦᠷᠬᠡᠭ ᠢᠨᠦ ᠪᠣᠢ ᠶᠠ᠂ ᠴᠥᠮ ᠡᠵᠡᠯᠡᠬᠦ ᠢᠨᠦ ᠪᠤᠰᠤ᠃ ᠰᠢ ᠢᠦᠢ ᠶ᠋ᠢᠨ ᠶᠡᠬᠡ ᠬᠠᠭᠠᠰ ᠬᠠᠭᠤᠴᠢᠨ ᠬᠣᠢᠲᠤ ᠭᠠᠵᠠᠷ ᠤ᠋ᠨ ᠤᠯᠤᠰ ᠠᠢᠮᠠᠭ ᠤ᠋ᠳ ᠮᠡᠲᠦ ᠪᠤᠶᠤ᠂ ᠠᠢᠮᠠᠭ ᠠᠢᠮᠠᠭ ᠤ᠋ᠨ ᠡᠵᠡᠳ ᠢᠨᠦ ᠥᠪᠡᠷ᠎ᠡ ᠥᠪᠡᠷ᠎ᠡ ᠤᠯᠤᠰ᠂ ᠥᠪᠡᠷ᠎ᠡ ᠥᠪᠡᠷ᠎ᠡ ᠬᠣᠲᠠ ᠪᠣᠢ᠃ ᠭᠠᠭᠴᠠ ᠶᠡᠬᠡ ᠪᠢᠴᠢᠭ ᠲᠣᠷ ᠵᠠᠬ᠎ᠠ ᠳᠠᠷᠠᠭᠠᠯᠠᠨ ᠲᠣᠭᠠᠴᠢᠬᠤ ᠴᠢᠯᠥᠭᠡ ᠦᠭᠡᠢ ᠲᠤᠯᠠ ᠰᠢ ᠢᠦᠢ᠂ ᠲᠠᠩᠭᠤᠳ᠂ ᠬᠣᠲᠣᠩ ᠤ᠋ᠨ ᠵᠡᠷᠭᠡ ᠪᠡᠷ ᠲᠣᠭᠠᠴᠢᠨ ᠪᠦᠷᠢᠳᠬᠡᠪᠡ᠃ ᠲᠡᠢᠨ ᠬᠦ᠌ ᠡᠨᠡ ᠭᠤᠷᠪᠠᠨ ᠠᠩᠭᠢ ᠴᠡᠷᠢᠭ ᠢ᠋ ᠭᠤᠷᠪᠠᠨ ᠵᠠᠮ ᠢ᠋ᠶ᠋ᠠᠷ ᠰᠢ ᠢᠦᠢ ᠤᠯᠤᠰ ᠢ᠋ ᠳᠠᠢᠯᠠᠬᠤ ᠶ᠋ᠢ ᠲᠦᠷ ᠬᠡᠯᠡᠬᠦ ᠦᠭᠡᠢ᠃
ᠵᠢᠴᠢ ᠥᠭᠦᠯᠡᠬᠦ ᠢᠨᠦ᠂ ᠮᠣᠩᠭᠣᠯ ᠤ᠋ᠨ ᠲᠡᠢᠰᠢ ᠭᠦᠸᠧ ᠸᠠᠩ ᠮᠤᠬᠤᠯᠢ ᠠᠯᠲᠠᠨ ᠤᠯᠤᠰ ᠤ᠋ᠨ ᠬᠦ ᠵᠧᠦ ᠂ ᠯᠠᠨ ᠵᠧᠦ ᠂ ᠵᠢᠢ ᠵᠧᠦ ᠂ ᠱᠢ ᠵᠧᠦ ᠡᠨᠡ ᠳᠥᠷᠪᠡᠨ ᠬᠣᠲᠠᠨ ᠢ᠋ ᠵᠠᠬ᠎ᠠ ᠳᠠᠷᠠᠭᠠᠯᠠᠨ ᠴᠥᠮ ᠪᠠᠢᠯᠳᠤᠵᠤ ᠠᠪᠬᠤᠢ ᠳ᠋ᠤᠷ ᠬᠦ ᠵᠧᠦ ᠶ᠋ᠢ ᠲᠠᠪᠤᠨ ᠡᠳᠦᠷ ᠬᠠᠭᠠᠵᠤ ᠬᠣᠲᠠᠨ ᠢ᠋ ᠳᠠᠪᠠᠵᠤ ᠠᠪᠤᠪᠠ᠃ ᠬᠣᠶᠠᠳᠤᠭᠠᠷ ᠬᠣᠲᠠ ᠯᠠᠨ ᠵᠧᠦ ᠶ᠋ᠢ ᠵᠢᠷᠭᠤᠭᠠᠨ ᠡᠳᠦᠷ ᠪᠠᠢᠯᠳᠤᠵᠤ᠂ ᠳᠡᠭᠲᠦ ᠴᠣᠭᠴᠠᠯᠠᠨ ᠬᠠᠷᠪᠤᠵᠤ ᠴᠡᠷᠢᠭ ᠬᠣᠲᠠᠨ ᠢ᠋ ᠳᠠᠪᠠᠵᠤ ᠠᠪᠤᠪᠠ᠃ ᠭᠤᠷᠪᠠᠳᠤᠭᠠᠷ ᠬᠣᠲᠠ ᠵᠢᠢ ᠵᠧᠦ ᠶ᠋ᠢ ᠭᠠᠯ ᠰᠤᠮᠤ ᠪᠠᠷ ᠠᠰᠠᠷ ᠢ᠋ ᠬᠠᠷᠪᠤᠵᠤ ᠭᠠᠯ ᠤ᠋ᠨ ᠳᠣᠲᠣᠷ᠎ᠠ ᠴᠡᠷᠢᠭ ᠳᠠᠪᠠᠵᠤ ᠠᠪᠤᠪᠠ᠃ ᠳᠥᠷᠪᠡᠳᠦᠭᠡᠷ ᠬᠣᠲᠠ ᠱᠢ ᠵᠧᠦ ᠶ᠋ᠢ ᠠᠷᠪᠠᠨ ᠡᠳᠦᠷ ᠪᠠᠢᠯᠳᠤᠵᠤ ᠭᠠᠵᠠᠷ ᠤ᠋ᠨ ᠠᠶᠤᠩᠭ᠎ᠠ ᠪᠠᠷ ᠵᠡᠭᠦᠨ ᠬᠡᠷᠡᠮ ᠢ᠋ ᠥᠰᠥᠷᠬᠡᠵᠦ ᠠᠪᠤᠪᠠ᠃ ᠡᠢᠨ ᠬᠦ᠌ ᠵᠠᠬ᠎ᠠ ᠳᠠᠷᠠᠭᠠᠯᠠᠨ ᠪᠡᠷᠬᠡ ᠪᠡᠷ ᠠᠪᠤᠭᠰᠠᠨ ᠲᠤᠯᠠ ᠬᠣᠲᠠ ᠰᠠᠬᠢᠭᠰᠠᠨ ᠵᠠᠩᠵᠤᠨ ᠢ᠋ ᠴᠥᠮ ᠡᠷᠡᠦᠯᠡᠨ ᠠᠯᠠᠪᠠ᠃ ᠳᠥᠷᠪᠡᠨ ᠬᠣᠲᠠ ᠶ᠋ᠢᠨ ᠢᠷᠭᠡᠨ ᠦ᠌ ᠦᠬᠦᠭᠰᠡᠨ ᠢᠨᠦ ᠮᠥᠨ ᠴᠥᠭᠡᠨ ᠦᠭᠡᠢ᠂ ᠦᠯᠡᠭᠰᠡᠨ ᠴᠡᠷᠢᠭ ᠶᠡᠬᠡᠯ᠎ᠡ ᠭᠡᠮᠰᠢᠪᠡ᠃ ᠡᠨᠡ ᠳᠥᠷᠪᠡᠨ ᠬᠣᠲᠠ ᠶᠠᠭᠤᠨ ᠳ᠋ᠤᠷ ᠡᠨᠡ ᠮᠡᠲᠦ ᠵᠠᠬ᠎ᠠ ᠳᠠᠷᠠᠭᠠᠯᠠᠨ ᠦᠬᠦᠨ ᠰᠠᠬᠢᠪᠠ ᠬᠡᠮᠡᠪᠡᠰᠦ ᠲᠠᠢᠯᠤᠨ ᠮᠡᠳᠡᠭᠦᠯᠬᠦ ᠶ᠋ᠢ ᠰᠣᠨᠣᠰ : ᠠᠯᠲᠠᠨ ᠤᠯᠤᠰ ᠤ᠋ᠨ ᠤᠷᠢᠳᠤ ᠡᠵᠡᠨ ᠸᠧᠢ ᠸᠠᠩ ᠶᠦᠩ ᠵᠢᠢ-ᠸᠧᠢ ᠱᠣᠣ ᠸᠠᠩ ᠳ᠋ᠤᠷ ᠬᠣᠶᠠᠷ ᠥᠬᠢᠨ ᠲᠡᠢ ᠪᠥᠯᠥᠭᠡ ᠂ ᠶᠡᠬᠡ ᠥᠬᠢᠨ ᠴᠢ ᠭᠦᠸᠧ ᠭᠦᠩᠵᠦ᠂ ᠬᠣᠶᠠᠳᠤᠭᠠᠷ ᠥᠬᠢᠨ ᠬᠤᠸᠠᠢ ᠭᠦᠸᠧ ᠭᠦᠩᠵᠦ-ᠴᠢ ᠭᠦᠸᠧ ᠡᠴᠡ ᠲᠠᠪᠤᠨ ᠨᠠᠰᠤ ᠳᠡᠭᠦᠦ ᠂ ᠡᠴᠢᠭᠡ ᠢᠨᠦ ᠸᠧᠢ ᠱᠣᠣ ᠸᠠᠩ ᠢ᠋ ᠬᠤ᠌ ᠱᠠ ᠾᠧ ᠠᠯᠠᠬᠤ ᠲᠤᠬᠠᠢ ᠲᠡᠷᠡ ᠦᠶ᠎ᠡ ᠰᠠᠶᠢ ᠶᠢᠰᠦᠨ ᠨᠠᠰᠤ ᠲᠠᠢ ᠪᠥᠯᠥᠭᠡ᠃ ᠲᠥᠷᠥᠭᠰᠡᠨ ᠢᠨᠦ ᠲᠡᠭᠷᠢ ᠶ᠋ᠢᠨ ᠥᠬᠢᠨ ᠮᠡᠲᠦ᠂ ᠮᠠᠲᠠᠯ ᠤᠬᠠᠭᠠᠨ ᠠᠨᠤ ᠬᠤᠪᠢᠯᠭᠠᠨ ᠬᠥᠮᠦᠨ ᠠᠳᠠᠯᠢ᠂ ᠬᠤ᠌ ᠱᠠ ᠾᠧ ᠡᠴᠢᠭᠡ ᠶ᠋ᠢ ᠢᠨᠦ ᠠᠯᠠᠭᠰᠠᠨ ᠳ᠋ᠤᠷ ᠶᠡᠬᠡᠯ᠎ᠡ ᠬᠣᠷᠣᠰᠴᠤ ᠡᠴᠢᠭᠡ ᠶᠦ᠍ᠭᠡᠨ ᠨᠠᠷᠢᠨ ᠡᠷᠳᠡᠨᠢ ᠶ᠋ᠢᠨ ᠰᠠᠯᠮ᠎ᠠ ᠶ᠋ᠢ ᠪᠡᠶ᠎ᠡ ᠳ᠋ᠦ᠍ᠷ ᠨᠢᠭᠤᠵᠤ᠂ ᠬᠦᠨᠳᠦ ᠨᠠᠷᠢᠨ ᠠᠯᠲᠠᠨ ᠰᠤᠪᠤᠳ ᠢ᠋ ᠤᠷᠢᠳᠠᠰᠠ ᠭᠠᠷᠭᠠᠵᠤ᠂ ᠬᠣᠢᠨ᠎ᠠ ᠡᠭᠡᠴᠢ ᠴᠢ ᠭᠦᠸᠧ ᠭᠦᠩᠵᠦ ᠡᠴᠡ ᠪᠡᠨ ᠨᠢᠭᠤᠭᠠᠳ ᠰᠥᠨᠢ ᠤᠷᠭᠤᠨ ᠭᠠᠷᠴᠤ ᠬᠡᠦᠬᠡᠳ ᠦ᠋ᠨ ᠳᠦᠷᠢᠮ ᠢ᠋ᠶ᠋ᠡᠷ ᠴᠢᠮᠡᠵᠦ᠂ ᠠᠯᠲᠠᠨ ᠰᠤᠪᠤᠳ ᠢ᠋ ᠠᠷᠠᠯᠵᠢᠨ ᠬᠤᠪᠢᠯᠭᠠᠵᠤ᠂ ᠳᠡᠪᠡᠯ ᠬᠤᠪᠴᠠᠰᠤ ᠮᠣᠷᠢ ᠠᠷᠠᠯᠵᠢᠵᠤ ᠪᠡᠯᠡᠳᠬᠡᠭᠡᠳ ᠪᠠᠰᠠ ᠨᠠᠷᠢᠨ ᠦᠵᠦᠭᠦᠷᠲᠦ ᠬᠠᠨᠴᠤᠢ ᠳ᠋ᠤᠷ ᠬᠣᠯᠬᠣᠪᠴᠢ ᠨᠤᠮᠤ ᠪᠡᠯᠡᠳᠬᠡᠨ᠂ ᠳᠠᠬᠢᠨ ᠳᠠᠪᠲᠠᠨ ᠴᠢᠮᠡᠭᠡᠴᠢᠯᠡᠨ ᠬᠣᠲᠠ ᠶ᠋ᠢᠨ ᠭᠠᠳᠠᠨ᠎ᠠ ᠵᠣᠴᠢᠨ ᠤ᠋ ᠪᠠᠭᠤᠳᠠᠯ ᠳ᠋ᠤᠷ ᠤᠷᠤᠭ ᠢ᠋ᠶ᠋ᠠᠨ ᠡᠷᠢᠬᠦ ᠡᠢᠮᠦ ᠲᠡᠢᠮᠦ ᠭᠠᠵᠠᠷ ᠤ᠋ᠨ ᠭᠦᠩᠽᠢ ᠭᠡᠮᠡᠨ ᠬᠡᠯᠡᠵᠦ᠂ ᠭᠠᠭᠴᠠ ᠬᠤ᠌ ᠱᠠ ᠾᠧ ᠶ᠋ᠢᠨ ᠬᠣᠲᠠ ᠭᠠᠷᠬᠤ ᠶ᠋ᠢ ᠬᠦᠯᠢᠶᠡᠵᠦ᠂ ᠭᠡᠨᠡᠳᠲᠡ ᠬᠤ᠌ ᠱᠠ ᠾᠧ ᠶ᠋ᠢᠨ ᠬᠣᠲᠠ ᠭᠠᠷᠴᠤ ᠮᠣᠩᠭᠣᠯ ᠤ᠋ᠨ ᠴᠡᠷᠢᠭ ᠯᠦ᠍ᠭᠡ ᠪᠠᠢᠯᠳᠤᠷ᠎ᠠ ᠭᠠᠷᠤᠭᠰᠠᠨ ᠳ᠋ᠤᠷ ᠰᠠᠢᠨ ᠮᠣᠷᠢᠨ ᠢ᠋ᠶ᠋ᠠᠨ ᠤᠨᠤᠵᠤ᠂ ᠣᠯᠠᠨ ᠴᠡᠷᠢᠭ ᠦ᠋ᠨ ᠳᠣᠲᠣᠷ᠎ᠠ ᠬᠣᠯᠢᠯᠴᠠᠨ ᠣᠷᠣᠵᠤ᠂ ᠰᠥᠨᠢ ᠪᠣᠯᠬᠤ ᠶ᠋ᠢ ᠬᠦᠯᠢᠶᠡᠨ ᠭᠡᠨᠡᠳᠲᠡ ᠬᠤ᠌ ᠱᠠ ᠾᠧ ᠶ᠋ᠢᠨ ᠮᠣᠷᠢᠨ ᠠ᠋ᠴᠠ ᠪᠠᠭᠤᠭᠰᠠᠨ ᠦᠶ᠎ᠡ ᠳ᠋ᠦ᠍ᠷ ᠬᠠᠲᠠᠭᠤ ᠪᠣᠯᠣᠳ ᠰᠡᠷᠡᠭᠡᠲᠦ ᠬᠠᠨᠴᠤᠢ ᠶ᠋ᠢᠨ ᠰᠤᠮᠤ ᠪᠠᠷ ᠬᠠᠷᠪᠤᠭᠰᠠᠨ ᠳ᠋ᠤᠷ ᠬᠤ᠌ ᠱᠠ ᠾᠧ ᠶ᠋ᠢᠨ ᠦᠬᠦᠬᠦ ᠴᠠᠭ ᠲᠤᠯᠤᠭᠠᠳᠤᠢ ᠲᠤᠯᠠ ᠬᠥᠯ ᠣᠨᠣᠭᠳᠠᠪᠠ᠃ ᠲᠡᠳᠦᠢ ᠬᠤᠸᠠᠢ ᠭᠦᠸᠧ ᠭᠦᠩᠵᠦ ᠬᠠᠨᠴᠤᠢ ᠶ᠋ᠢᠨ ᠨᠤᠮᠤ ᠪᠠᠨ ᠠᠪᠴᠤ ᠣᠯᠠᠨ ᠬᠥᠮᠦᠨ ᠦ᠌ ᠰᠦᠷᠦᠭ ᠲᠣᠷ ᠰᠢᠷᠭᠤᠵᠤ᠂ ᠥᠪᠡᠷ ᠦ᠋ᠨ ᠪᠡᠶ᠎ᠡ ᠬᠤ᠌ ᠱᠠ ᠾᠧ ᠶ᠋ᠢᠨ ᠰᠢᠳᠠᠷ ᠳᠠᠭᠠᠭᠰᠠᠳ ᠨᠠᠷ ᠤ᠋ᠨ ᠰᠦᠷᠦᠭ ᠲᠣᠢ ᠣᠷᠣᠭᠰᠠᠨ ᠳ᠋ᠤᠷ ᠬᠤ᠌ ᠱᠠ ᠾᠧ ᠬᠥᠯ ᠣᠨᠣᠭᠳᠠᠨ ᠤᠬᠠᠭᠠᠨ ᠠᠯᠳᠠᠵᠤ᠂ ᠶᠠᠭᠠᠷᠠᠨ ᠮᠣᠩᠭᠣᠯ ᠤ᠋ᠨ ᠬᠤᠯᠠᠭᠠᠢ ᠴᠡᠷᠢᠭ ᠪᠣᠢ ᠭᠡᠮᠡᠨ ᠬᠣᠯᠠ ᠠᠩᠬᠠᠷᠬᠤ ᠪᠣᠢ ᠶᠠ᠂ ᠬᠦᠷᠢᠶᠡᠨ ᠦ᠌ ᠳᠣᠲᠣᠷ᠎ᠠ ᠡᠰᠡ ᠡᠷᠢᠨ ᠶᠠᠭᠠᠷᠠᠨ ᠵᠡᠪᠡ ᠶ᠋ᠢ ᠰᠤᠭᠤᠯᠵᠤ ᠡᠮ ᠳᠦᠷᠭᠢᠬᠦᠶᠡ ᠬᠣᠣᠷ᠎ᠠ ᠶᠠᠰᠤᠨ ᠳ᠋ᠤᠷ ᠬᠦᠷᠪᠡ᠂ ᠡᠭᠦᠨ ᠢ᠋ ᠡᠰᠡ ᠬᠤᠰᠤᠭᠰᠠᠨ ᠢ᠋ᠶ᠋ᠠᠷ ᠬᠥᠯ ᠡᠪᠡᠳᠴᠢᠲᠡᠢ ᠪᠣᠯᠪᠠ᠃ ᠲᠡᠳᠦᠢ ᠬᠤᠸᠠᠢ ᠭᠦᠸᠧ ᠭᠦᠩᠵᠦ ᠣᠯᠠᠨ ᠤ᠋ ᠳᠣᠲᠣᠷ᠎ᠠ ᠠ᠋ᠴᠠ ᠬᠤᠯᠠᠭᠠᠢ ᠶ᠋ᠢ ᠡᠷᠢᠬᠦᠢ ᠳ᠋ᠦ᠍ᠷ ᠳᠣᠲᠣᠭᠠᠳᠤ ᠵᠠᠬᠢᠶ᠎ᠠ ᠤᠯᠠᠮᠵᠢᠯᠠᠬᠤ ᠬᠡᠦᠬᠡᠳ ᠯᠦ᠍ᠭᠡ ᠭᠠᠷᠴᠤ ᠢᠷᠡᠭᠡᠳ ᠬᠠᠮᠲᠤ ᠵᠠᠬᠢᠶ᠎ᠠ ᠤᠯᠠᠮᠵᠢᠯᠠᠨ ᠶᠠᠪᠤᠬᠤ ᠵᠡᠪᠡ ᠶ᠋ᠢ ᠣᠯᠵᠤ ᠤᠷᠭᠤᠨ ᠭᠠᠷᠴᠤ ᠢᠷᠡᠭᠡᠳ ᠮᠣᠷᠢ ᠪᠠᠨ ᠤᠨᠤᠵᠤ ᠮᠣᠩᠭᠣᠯ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠢᠷᠡᠬᠦᠶ᠎ᠡ᠂ ᠵᠠᠮ ᠮᠡᠳᠡᠬᠦ ᠦᠭᠡᠢ ᠲᠤᠯᠠ ᠹᠠᠩ ᠴᠢᠶᠣᠤ ᠬᠥᠭᠥᠷᠭᠡ ᠳ᠋ᠦ᠍ᠷ ᠬᠦᠷᠲᠡᠯ᠎ᠡ ᠰᠥᠨᠢ ᠳᠦᠯᠢ ᠪᠣᠯᠤᠭᠰᠠᠨ ᠳ᠋ᠤᠷ ᠬᠥᠭᠥᠷᠭᠡ ᠶ᠋ᠢᠨ ᠳᠡᠭᠡᠷ᠎ᠡ ᠨᠢᠭᠡᠨ ᠲᠡᠭᠷᠢ ᠶ᠋ᠢᠨ ᠥᠬᠢᠨ ᠰᠠᠷᠠᠨ ᠤ᠋ ᠭᠡᠷᠡᠯ ᠳ᠋ᠦ᠍ ᠵᠠᠮ ᠢ᠋ ᠬᠠᠯᠠᠬᠠᠯᠠᠨ ᠵᠣᠭᠰᠣᠵᠤ ᠬᠤᠸᠠᠢ ᠭᠦᠸᠧ ᠭᠦᠩᠵᠦ ᠶ᠋ᠢ ᠳᠠᠭᠤᠳᠠᠨ ᠥᠭᠦᠯᠡᠷᠦᠨ : 《ᠭᠦᠩᠵᠦ ᠴᠢ ᠬᠠᠮᠢᠭᠠᠰᠢ ᠡᠴᠢᠮᠦᠢ ? ᠡᠨᠡ ᠮᠣᠩᠭᠣᠯ ᠤ᠋ᠨ ᠴᠡᠷᠢᠭ ᠦ᠋ᠨ ᠬᠦᠷᠢᠶ᠎ᠡ ᠳ᠋ᠦ᠍ᠷ ᠡᠴᠢᠬᠦ ᠵᠠᠮ ᠪᠤᠰᠤ᠂ ᠬᠡᠳᠦᠢ ᠡᠴᠢᠪᠡᠰᠦ ᠲᠡᠭᠷᠢ ᠶ᠋ᠢᠨ ᠬᠥᠪᠡᠭᠦᠨ ᠳ᠋ᠦ᠍ᠷ ᠣᠯᠵᠤ ᠵᠣᠯᠭᠠᠨ ᠴᠢᠳᠠᠬᠤ ᠦᠭᠡᠢ ᠴᠢᠨᠦ ᠪᠡᠶ᠎ᠡ ᠲᠠᠯᠠᠭᠠᠷ ᠰᠦᠢᠳᠦᠮᠦᠢ 》ᠬᠡᠮᠡᠭᠰᠡᠨ ᠳ᠋ᠦ᠍ᠷ ᠬᠤᠸᠠᠢ ᠭᠦᠸᠧ ᠭᠦᠩᠵᠦ ᠶᠡᠬᠡᠯ᠎ᠡ ᠠᠶᠤᠵᠤ᠂ ᠶᠠᠭᠠᠷᠠᠨ ᠮᠣᠷᠢᠨ ᠠ᠋ᠴᠠ ᠪᠠᠭᠤᠵᠤ ᠤᠬᠢᠯᠠᠨ ᠮᠥᠷᠭᠥᠬᠦᠢ ᠳ᠋ᠦ᠍ᠷ ᠲᠡᠷᠡ ᠥᠬᠢᠨ ᠥᠭᠦᠯᠡᠷᠦᠨ: 《ᠴᠢ ᠨᠠᠳᠠ ᠠ᠋ᠴᠠ ᠰᠡᠵᠢᠭᠯᠡᠬᠦ ᠬᠡᠷᠡᠭ ᠦᠭᠡᠢ ᠂ ᠪᠢ ᠬᠡᠮᠡᠭᠴᠢ ᠡᠷᠲᠡᠨ ᠦ᠌ ᠰᠥᠩ ᠤᠯᠤᠰ ᠤ᠋ᠨ ᠱᠣᠣ ᠺᠠᠩ ᠵᠢᠶᠠ ᠶ᠋ᠢᠨ ᠵᠢᠷᠭᠤᠳᠤᠭᠠᠷ ᠥᠬᠢᠨ ᠳᠡᠭᠦᠦ ᠱᠣᠣ ᠢᠦᠢ ᠬᠦ ᠮᠥᠨ᠂ ᠪᠠᠭ᠎ᠠ ᠠ᠋ᠴᠠ ᠺᠦᠨ ᠯᠦᠨ ᠱᠠᠨ ᠠᠭᠤᠯᠠᠨ ᠳ᠋ᠤᠷ ᠶᠠᠪᠤᠳᠠᠯ ᠢ᠋ ᠵᠠᠰᠠᠭᠰᠠᠨ ᠪᠥᠯᠥᠭᠡ᠂ ᠡᠳᠦᠭᠡ ᠴᠢᠨᠦ ᠡᠴᠢᠭᠡ ᠶ᠋ᠢ ᠠᠯᠲᠠᠨ ᠤᠯᠤᠰ ᠤ᠋ᠨ ᠪᠦᠭᠦᠳᠡᠭᠡᠷ ᠠᠯᠠᠭᠰᠠᠨ ᠳ᠋ᠤᠷ ᠴᠢᠮᠠᠶ᠋ᠢ ᠯᠠᠪ ᠡᠴᠢᠭᠡ ᠶᠦ᠍ᠭᠡᠨ ᠥᠰᠢᠶ᠎ᠡ ᠶ᠋ᠢ ᠰᠠᠨᠠᠵᠤ ᠭᠠᠷᠬᠤ ᠶ᠋ᠢ ᠮᠡᠳᠡᠵᠦ ᠡᠢᠨ ᠢᠷᠡᠨ ᠬᠦᠯᠢᠶᠡᠪᠡ ᠃ ᠴᠢ ᠬᠡᠳᠦᠢ ᠡᠴᠦᠰ ᠲᠦ᠍ᠷ ᠮᠣᠩᠭᠣᠯ ᠤ᠋ᠨ ᠬᠥᠮᠦᠨ ᠪᠣᠯᠬᠤ ᠪᠣᠯᠪᠠᠴᠤ ᠤᠴᠠᠷᠠᠬᠤ ᠴᠠᠭ ᠪᠣᠯᠤᠭᠠᠳᠤᠢ ᠂ ᠡᠳᠦᠭᠡ ᠳ᠋ᠦ᠍ᠷ ᠨᠠᠮᠠᠶ᠋ᠢ ᠳᠠᠭᠠᠵᠤ ᠺᠦᠨ ᠯᠦᠨ ᠱᠠᠨ ᠠᠭᠤᠯᠠᠨ ᠳ᠋ᠤᠷ ᠡᠴᠢᠵᠦ ᠬᠡᠳᠦᠨ ᠵᠢᠯ ᠪᠠᠭ᠎ᠠ ᠰᠠᠭ᠎ᠠ ᠤᠪᠠᠳᠢᠰ ᠰᠤᠷᠴᠤ ᠶᠡᠬᠡ ᠶᠤᠸᠠᠨ ᠤᠯᠤᠰ ᠲᠤᠷ ᠭᠠᠪᠢᠶ᠎ᠠ ᠪᠠᠢᠭᠤᠯᠵᠤ ᠶᠡᠬᠡ ᠶᠤᠸᠠᠨᠱᠤᠸᠠᠢ ᠶ᠋ᠢᠨ ᠡᠷᠬᠢᠮ ᠢ᠋ ᠣᠯᠤᠮᠤᠢ !》ᠬᠡᠮᠡᠬᠦᠢ ᠳ᠋ᠦ᠍ᠷ ᠬᠤᠸᠠᠢ ᠭᠦᠸᠧ ᠭᠦᠩᠵᠦ ᠶᠡᠬᠡᠯ᠎ᠡ ᠪᠠᠶᠠᠷᠯᠠᠨ ᠳᠠᠷᠤᠢ ᠮᠥᠷᠭᠥᠵᠦ ᠳ᠋ᠡᠭᠡᠨ ᠡᠴᠢᠰᠦᠭᠡᠢ ᠬᠡᠮᠡᠬᠦᠢ ᠳ᠋ᠦ᠍ᠷ ᠱᠣᠣ ᠢᠦᠢ ᠬᠦ ᠥᠭᠦᠯᠡᠷᠦᠨ: 《ᠲᠦᠷ ᠪᠠᠢᠵᠠ᠂ ᠴᠢ ᠮᠣᠷᠢ ᠪᠠᠨ ᠡᠨᠡ ᠬᠥᠭᠥᠷᠭᠡ ᠳ᠋ᠦ᠍ᠷ ᠤᠶᠠᠵᠤ ᠨᠠᠮᠠᠶ᠋ᠢ ᠳᠠᠭᠠᠵᠤ ᠢᠷ᠎ᠡ 》ᠭᠡᠮᠡᠨ ᠬᠣᠶᠠᠭᠤᠯᠠ ᠬᠥᠭᠥᠷᠭᠡ ᠶ᠋ᠢᠨ ᠬᠣᠢᠲᠤ ᠪᠡᠶ᠎ᠡ ᠶ᠋ᠢᠨ ᠨᠢᠭᠡᠨ ᠬᠡᠳᠦᠨ ᠰᠡᠢᠷᠡᠭ ᠠᠢᠯ ᠳ᠋ᠤᠷ ᠨᠢᠭᠡᠨ ᠪᠠᠶᠠᠯᠢᠭ ᠰᠢᠭ᠋ ᠭᠡᠷ ᠢ᠋ ᠡᠷᠢᠵᠦ ᠣᠷᠣᠪᠠ᠃ ᠡᠨᠡ ᠦᠶ᠎ᠡ ᠳ᠋ᠦ᠍ᠷ ᠠᠢᠯ ᠤ᠋ᠨ ᠬᠥᠮᠦᠨ ᠴᠥᠮ ᠰᠠᠮᠠᠭᠤᠨ ᠠ᠋ᠴᠠ ᠵᠠᠢᠯᠠᠵᠤ ᠭᠠᠭᠴᠠ ᠨᠢᠭᠡᠨ ᠬᠥᠭᠰᠢᠨ ᠡᠬᠡᠨᠡᠷ ᠦ᠋ᠨ ᠡᠭᠦᠳᠡ ᠶ᠋ᠢ ᠨᠡᠭᠡᠭᠡᠵᠦ ᠣᠷᠣᠭᠰᠠᠨ ᠳ᠋ᠤᠷ ᠲᠡᠷᠡ ᠡᠬᠡᠨᠡᠷ ᠦᠵᠡᠪᠡᠰᠦ ᠨᠢᠭᠡᠨ ᠬᠤᠪᠢᠯᠭᠠᠨ ᠥᠬᠢᠨ᠂ ᠨᠢᠭᠡᠨ ᠰᠠᠢᠬᠠᠨ ᠲᠥᠷᠥᠭᠰᠡᠨ ᠪᠢᠴᠢᠬᠠᠨ ᠭᠦᠩᠽᠢ ᠲᠤᠯᠠ ᠯᠠᠪ ᠵᠣᠪᠠᠯᠠᠩ ᠠ᠋ᠴᠠ ᠵᠠᠢᠯᠠᠬᠤ ᠶ᠋ᠢ ᠮᠡᠳᠡᠵᠦ ᠶᠠᠭᠠᠷᠠᠨ ᠳ᠋ᠧᠩ ᠵᠤᠯᠠ ᠰᠢᠲᠠᠭᠠᠨ ᠴᠠᠢ ᠪᠤᠳᠠᠭ᠎ᠠ ᠢᠳᠡᠭᠦᠯᠵᠦ ᠬᠣᠨᠣᠬᠤᠢ ᠳ᠋ᠤᠷ ᠱᠣᠣ ᠢᠦᠢ ᠬᠦ ᠭᠠᠷᠴᠤ ᠡᠴᠢᠪᠡ᠃ ᠤᠳᠠᠯ ᠦᠭᠡᠢ ᠴᠡᠷᠢᠭ ᠮᠣᠷᠢᠨ ᠤ᠋ ᠳᠠᠭᠤᠨ ᠭᠠᠷᠴᠤ ᠨᠢᠭᠡᠨ ᠴᠡᠷᠢᠭ ᠡᠭᠦᠳᠡ ᠶ᠋ᠢ ᠴᠣᠬᠢᠨ ᠶᠡᠬᠡ ᠭᠠᠯ ᠤ᠋ᠨ ᠪᠠᠮᠪᠠᠷ ᠪᠠᠷᠢᠨ ᠣᠷᠣᠵᠤ ᠢᠷᠡᠪᠡ᠃ ᠬᠤᠸᠠᠢ ᠭᠦᠸᠧ ᠭᠦᠩᠵᠦ ᠦᠵᠡᠪᠡᠰᠦ ᠠᠷᠪᠠᠨ ᠭᠤᠷᠪᠠ ᠳᠥᠷᠪᠡᠨ ᠨᠠᠰᠤᠨ ᠤ᠋ ᠨᠢᠭᠡᠨ ᠪᠢᠴᠢᠬᠠᠨ ᠵᠠᠩᠵᠤᠨ᠂ ᠲᠥᠷᠥᠭᠰᠡᠨ ᠢᠨᠦ ᠴᠠᠰᠤ ᠶ᠋ᠢᠨ ᠠᠭᠤᠯᠠ᠂ ᠬᠠᠰ ᠤ᠋ᠨ ᠰᠠᠷᠠᠨ ᠮᠡᠲᠦ᠂ ᠳᠠᠭᠤᠨ ᠠᠨᠤ ᠵᠦᠩ ᠴᠣᠬᠢᠬᠤ ᠠᠳᠠᠯᠢ᠂ ᠨᠢᠳᠦ ᠬᠥᠮᠥᠰᠬᠡ ᠲᠦᠮᠡᠨ ᠴᠡᠷᠢᠭ ᠢ᠋ ᠰᠡᠷᠭᠦᠯᠡᠩ ᠪᠣᠯᠭᠠᠵᠤ᠂ ᠦᠭᠡ ᠠᠶᠠᠯᠭᠤ ᠬᠣᠯᠠ ᠤᠯᠤᠰ ᠢ᠋ ᠠᠮᠠᠷᠠᠭ ᠢᠨᠠᠭᠯᠠᠵᠤᠬᠤᠢ᠃ ᠡᠨᠡ ᠬᠥᠮᠦᠨ ᠬᠡᠨ ? ᠬᠡᠮᠡᠪᠡᠰᠦ : ᠥᠪᠡᠷ᠎ᠡ ᠬᠥᠮᠦᠨ ᠪᠤᠰᠤ᠂ ᠦᠵᠡᠰᠡ ᠪᠤᠯᠤ ᠶ᠋ᠢᠨ ᠶᠡᠬᠡ ᠬᠥᠪᠡᠭᠦᠨ ᠮᠤᠬᠤᠯᠢ ᠶ᠋ᠢᠨ ᠠᠴᠢ-ᠳᠡᠰ ᠲᠣᠭᠣᠰ ᠠᠵᠤᠭᠤ᠃ ᠡᠳᠦᠭᠡ ᠡᠴᠢᠭᠡ ᠪᠡᠨ ᠳᠠᠭᠠᠵᠤ ᠤᠯᠤᠰ ᠤ᠋ᠨ ᠡᠮᠦᠨ᠎ᠡ ᠡᠴᠡ ᠡᠪᠦᠭᠡ ᠶ᠋ᠢᠨ ᠠᠮᠤᠭᠤᠯᠠᠩ ᠡᠷᠢᠶ᠎ᠡ ᠢᠷᠡᠭᠡᠳ ᠵᠧ ᠵᠢᠶᠠᠩ ᠤ᠋ᠨ ᠭᠠᠳᠠᠭᠠᠳᠤ ᠦᠵᠡᠮᠵᠢ ᠶ᠋ᠢ ᠦᠵᠡᠵᠦ ᠶᠠᠪᠤᠭᠰᠠᠭᠠᠷ᠂ ᠡᠨᠡ ᠡᠳᠦᠷ ᠦ᠋ᠨ ᠴᠡᠷᠢᠭ ᠲᠦ᠍ᠷ ᠵᠠᠮ ᠵᠠᠢᠯᠠᠨ ᠶᠠᠪᠤᠭᠰᠠᠭᠠᠷ ᠲᠥᠭᠡᠷᠢᠵᠦ ᠡᠨᠳᠡ ᠬᠣᠨᠣᠭ ᠡᠷᠢᠨ ᠣᠷᠣᠭᠰᠠᠨ ᠠᠵᠤᠭᠤ᠃ ᠡᠨᠡ ᠬᠣᠶᠠᠷ ᠵᠠᠯᠠᠭᠤ ᠬᠠᠷᠢᠯᠴᠠᠨ ᠨᠢᠭᠡᠨ ᠨᠢᠭᠡᠨ ᠢ᠋ᠶ᠋ᠡᠨ ᠦᠵᠡᠮᠡᠭᠴᠡ ᠴᠥᠮ ᠪᠡᠶ᠎ᠡ ᠤᠮᠳᠠᠷᠠᠵᠤ᠂ ᠳᠡᠰ ᠲᠣᠭᠣᠰ ᠤᠷᠢᠳᠠ ᠦᠭᠡ ᠭᠠᠷᠭᠠᠨ ᠬᠡᠳᠦᠨ ᠦᠭᠡ ᠠᠰᠠᠭᠤᠵᠤ᠂ ᠰᠥᠨᠢ ᠬᠠᠮᠲᠤ ᠬᠣᠨᠣᠬᠤᠢ ᠳ᠋ᠤᠷ ᠳᠡᠰ ᠲᠣᠭᠣᠰ ᠡᠷᠬᠡᠪᠰᠢ ᠳᠡᠷᠭᠡᠳᠡ ᠬᠡᠪᠲᠡᠰᠦᠭᠡᠢ ᠬᠡᠮᠡᠬᠦᠢ ᠳ᠋ᠦ᠍ᠷ ᠬᠤᠸᠠᠢ ᠭᠦᠸᠧ ᠭᠦᠩᠵᠦ ᠥᠬᠢᠨ ᠬᠥᠮᠦᠨ ᠲᠤᠯᠠ ᠬᠥᠯ ᠪᠠᠭ᠎ᠠ᠂ ᠰᠡᠷᠡᠭᠳᠡᠬᠦ ᠡᠴᠡ ᠠᠶᠤᠵᠤ᠂ ᠬᠠᠮᠲᠤ ᠪᠦᠦ ᠬᠣᠨᠣᠰᠤᠭᠠᠢ ᠬᠡᠮᠡᠬᠦᠯ᠎ᠡ ᠲᠡᠭᠦᠨ ᠦ᠌ ᠰᠠᠢᠬᠠᠨ ᠲᠥᠷᠥᠭᠰᠡᠨ ᠳ᠋ᠦ᠍ᠷ ᠪᠠᠰᠠ ᠬᠦᠰᠡᠬᠦ ᠰᠡᠳᠬᠢᠯ ᠢ᠋ ᠲᠡᠪᠴᠢᠨ ᠴᠢᠳᠠᠬᠤ ᠦᠭᠡᠢ ᠪᠥᠭᠡᠳ ᠪᠠᠰᠠ ᠲᠡᠭᠦᠨ ᠦ᠌ ᠰᠡᠵᠢᠭᠯᠡᠬᠦ ᠡᠴᠡ ᠪᠣᠯᠭᠣᠮᠵᠢᠯᠠᠮᠤᠢ᠃ ᠲᠡᠢᠨ ᠭᠡᠪᠡᠴᠦ ᠬᠣᠶᠠᠭᠤᠯᠠ ᠭᠠᠷ ᠪᠠᠷᠢᠯᠴᠠᠨ ᠬᠡᠯᠡᠯᠴᠡᠵᠦ ᠰᠠᠯᠬᠤ ᠦᠭᠡᠢ ᠪᠦᠬᠦᠢ ᠳ᠋ᠦ᠍ᠷ ᠴᠣᠩᠬᠣᠨ ᠤ᠋ ᠭᠠᠳᠠᠨ᠎ᠠ ᠱᠣᠣ ᠢᠦᠢ ᠬᠦ ᠬᠣᠭᠣᠯᠠᠢ ᠵᠠᠰᠠᠬᠤᠢ ᠳ᠋ᠤᠷ ᠬᠤᠸᠠᠢ ᠭᠦᠸᠧ ᠭᠦᠩᠵᠦ ᠠᠯᠭᠤᠷ ᠭᠠᠷᠴᠤ ᠢᠷᠡᠭᠰᠡᠨ ᠳ᠋ᠦ᠍ᠷ ᠱᠣᠣ ᠢᠦᠢ ᠬᠦ ᠥᠭᠦᠯᠡᠷᠦᠨ: 《ᠲᠡᠷᠡ ᠳᠠᠷᠤᠢ ᠴᠢᠨᠦ ᠵᠠᠶᠠᠭᠠᠲᠤ ᠨᠥᠬᠥᠷ ᠮᠥᠨ ᠂ ᠰᠠᠢᠬᠠᠨ ᠲᠠᠨᠢᠵᠤ ᠠᠪ᠃ ᠴᠢ ᠴᠢᠳᠠᠬᠤᠯ᠎ᠠ ᠲᠡᠭᠦᠨ ᠦ᠌ ᠨᠢᠭᠡᠨ ᠲᠡᠮᠳᠡᠭ ᠢ᠋ ᠣᠯᠵᠤ ᠠᠪ᠂ ᠲᠡᠷᠡ ᠡᠨᠡ ᠰᠥᠨᠢ ᠳᠠᠷᠤᠢ ᠶᠠᠪᠤᠮᠤᠢ᠃ ᠴᠢ ᠬᠠᠷᠢᠨ ᠲᠡᠭᠦᠨ ᠯᠦ᠍ᠭᠡ ᠠᠮᠠᠷᠠᠭ ᠢ᠋ ᠭᠦᠢᠴᠡᠳᠬᠡᠵᠦ ᠦᠯᠦ ᠪᠣᠯᠤᠮᠤᠢ᠂ ᠬᠣᠵᠢᠮ ᠤ᠋ᠨ ᠬᠡᠷᠡᠭ ᠲᠦ᠍ᠷ ᠲᠤᠰᠠ ᠦᠭᠡᠢ 》 ᠬᠡᠮᠡᠬᠦᠢ ᠳ᠋ᠦ᠍ᠷ ᠬᠤᠸᠠᠢ ᠭᠦᠸᠧ ᠭᠦᠩᠵᠦ ᠴᠢᠷᠠᠢ ᠤᠯᠠᠢᠵᠤ ᠢᠴᠢᠩᠭᠦᠷᠡᠨ ᠡᠭᠡᠨ ᠣᠷᠣᠵᠤ ᠢᠷᠡᠭᠡᠳ ᠥᠪᠡᠷ ᠦ᠋ᠨ ᠰᠡᠯᠡᠮ᠎ᠡ ᠪᠡᠨ ᠲᠡᠭᠦᠨ ᠳ᠋ᠦ᠍ᠷ ᠥᠭᠴᠦ ᠲᠡᠭᠦᠨ ᠦ᠌ ᠰᠠᠭᠠᠳᠠᠭ ᠠ᠋ᠴᠠ ᠨᠢᠭᠡᠨ ᠰᠤᠮᠤ ᠶ᠋ᠢ ᠰᠤᠭᠤᠯᠤᠨ ᠠᠪᠬᠤᠢ ᠳ᠋ᠤᠷ ᠳᠡᠰ ᠲᠣᠭᠣᠰ ᠯᠠᠪ ᠠᠬ᠎ᠠ ᠳᠡᠭᠦᠦ ᠪᠣᠯᠬᠤ ᠰᠠᠨᠠᠭᠠᠨ ᠪᠣᠢ ᠶᠠ ᠭᠡᠮᠡᠨ ᠳᠤᠷᠠᠲᠠᠶ᠎ᠠ ᠬᠦᠯᠢᠶᠡᠨ ᠠᠪᠴᠤ ᠪᠤᠳᠠᠭ᠎ᠠ ᠢᠳᠡᠭᠡᠳ ᠡᠷᠬᠡᠪᠰᠢ ᠬᠠᠮᠲᠤ ᠬᠣᠨᠣᠰᠤᠭᠠᠢ ᠬᠡᠮᠡᠬᠦᠢ ᠳ᠋ᠦ᠍ᠷ ᠬᠤᠸᠠᠢ ᠭᠦᠸᠧ ᠭᠦᠩᠵᠦ ᠪᠡᠶ᠎ᠡ ᠵᠠᠰᠠᠰᠤᠭᠠᠢ ᠭᠡᠮᠡᠨ ᠰᠢᠯᠲᠠᠵᠤ ᠭᠠᠷᠴᠤ ᠢᠷᠡᠭᠰᠡᠨ ᠳ᠋ᠦ᠍ᠷ ᠱᠣᠣ ᠢᠦᠢ ᠬᠦ ᠳᠠᠷᠤᠢ ᠭᠠᠷ ᠠ᠋ᠴᠠ ᠬᠥᠲᠥᠯᠦᠨ ᠬᠡᠷᠡᠮ ᠢ᠋ ᠵᠢᠭᠠᠨ ᠡᠭᠦᠳᠡ ᠭᠠᠷᠭᠠᠨ ᠡᠴᠢᠬᠦᠢ ᠳ᠋ᠦ᠍ᠷ ᠬᠤᠸᠠᠢ ᠭᠦᠸᠧ ᠭᠦᠩᠵᠦ ᠳᠡᠰ ᠲᠣᠭᠣᠰ ᠲᠤᠷ ᠰᠡᠳᠬᠢᠯ ᠲᠠᠲᠠᠯᠳᠠᠬᠤᠶᠠ ᠱᠣᠣ ᠢᠦᠢ ᠬᠦ ᠢᠨᠢᠶᠡᠨ ᠥᠭᠦᠯᠡᠷᠦᠨ :《ᠴᠢ ᠰᠡᠳᠬᠢᠯ ᠲᠠᠲᠠᠭᠳᠠᠬᠤ ᠬᠡᠷᠡᠭ ᠦᠭᠡᠢ᠂ ᠲᠡᠭᠦᠨ ᠳ᠋ᠦ᠍ᠷ ᠠᠭᠤᠯᠵᠠᠬᠤ ᠴᠠᠭ ᠪᠣᠢ ᠶᠠᠪᠤ !》ᠭᠡᠮᠡᠨ ᠬᠥᠭᠥᠷᠭᠡ ᠳ᠋ᠦ᠍ᠷ ᠬᠦᠷᠴᠦ ᠬᠣᠶᠠᠭᠤᠯᠠ ᠮᠣᠷᠢ ᠪᠠᠨ ᠤᠨᠤᠭᠠᠳ ᠳᠠᠷᠤᠢ ᠤᠰᠤᠨ ᠳ᠋ᠤᠷ ᠬᠠᠷᠠᠢᠯᠭᠠᠨ ᠣᠷᠣᠵᠤ ᠫᠦ᠋ᠳᠡᠩ ᠬᠡᠮᠡᠬᠦ ᠴᠢᠮᠡᠭᠡ ᠭᠠᠷᠴᠤ ᠨᠢᠳᠦ ᠴᠢᠬᠢ ᠱᠤᠤᠭᠢᠮᠠᠭᠴᠠ ᠮᠣᠷᠢ ᠬᠡᠳᠦᠢᠨᠡᠢ ᠴᠢᠨᠠᠳᠤ ᠬᠥᠪᠡᠭᠡᠨ ᠳ᠋ᠦ᠍ᠷ ᠭᠠᠷᠪᠠ ᠃ ᠨᠢᠳᠦ ᠨᠡᠭᠡᠭᠡᠨ ᠤᠰᠤ ᠶ᠋ᠢ ᠬᠠᠷᠠᠵᠤ ᠦᠵᠡᠬᠦᠯ᠎ᠡ ᠺᠦᠨ ᠯᠦᠨ ᠱᠠᠨ ᠠᠭᠤᠯᠠᠨ ᠳ᠋ᠤᠷ ᠬᠦᠷᠴᠦ ᠢᠷᠡᠭᠰᠡᠨ ᠠᠵᠤᠭᠤ᠃
ᠲᠡᠳᠦᠢ ᠱᠣᠣ ᠢᠦᠢ ᠬᠦ ᠥᠪᠡᠷ᠎ᠡ ᠠᠭᠤᠢ ᠶ᠋ᠢᠨ ᠪᠠᠭᠰᠢ ᠨᠠᠷ ᠲᠤᠷ ᠭᠤᠶᠤᠵᠤ ᠬᠤᠸᠠᠢ ᠭᠦᠸᠧ ᠭᠦᠩᠵᠦ ᠳ᠋ᠦ᠍ᠷ ᠬᠡᠳᠦᠨ ᠵᠦᠢᠯ ᠦ᠋ᠨ ᠡᠷᠳᠡᠮ ᠰᠤᠷᠭᠠᠬᠤ ᠶ᠋ᠢ ᠭᠤᠶᠤᠭᠰᠠᠨ ᠠᠨᠤ: 《ᠪᠢ ᠬᠡᠮᠡᠭᠴᠢ ᠰᠥᠩ ᠦ᠋ᠨ ᠰᠠᠢᠳ᠂ ᠠᠯᠲᠠᠨ ᠬᠡᠮᠡᠭᠴᠢ ᠰᠥᠩ ᠦ᠋ᠨ ᠡᠰᠡᠷᠭᠦᠴᠡᠯ᠂ ᠶᠤᠸᠠᠨ ᠬᠡᠮᠡᠭᠴᠢ ᠰᠥᠩ ᠦ᠋ᠨ ᠠᠴᠢᠲᠠᠨ᠂ ᠡᠳᠦᠭᠡ ᠡᠨᠡ ᠭᠦᠩᠵᠦ ᠬᠡᠳᠦᠢ ᠠᠯᠲᠠᠨ ᠤ᠋ ᠤᠭᠰᠠᠭ᠎ᠠ ᠪᠣᠯᠪᠠᠴᠤ ᠡᠴᠢᠭᠡ ᠠᠯᠬᠠᠳᠠᠨ᠂ ᠠᠬ᠎ᠠ ᠰᠦᠨᠦᠭᠡᠭᠳᠡᠨ ᠠᠯᠲᠠᠨ ᠯᠤᠭ᠎ᠠ ᠶᠡᠬᠡ ᠥᠰᠢᠶ᠎ᠡ ᠪᠣᠢ᠂ ᠠᠯᠲᠠᠨ ᠤ᠋ ᠬᠣᠷᠣᠰᠤᠯ ᠢ᠋ ᠡᠨᠡ ᠬᠥᠮᠦᠨ ᠰᠠᠶᠢ ᠠᠷᠢᠯᠭᠠᠵᠤ ᠴᠢᠳᠠᠮᠤᠢ᠂ ᠪᠢ ᠤᠭ ᠠ᠋ᠴᠠ ᠰᠥᠩ ᠦ᠋ᠨ ᠰᠠᠢᠳ ᠲᠤᠯᠠ ᠰᠥᠩ ᠳ᠋ᠦ᠍ᠷ ᠢ᠋ᠶ᠋ᠡᠨ ᠠᠴᠢ ᠬᠠᠷᠢᠭᠤᠯᠠᠨ᠂ ᠡᠴᠢᠭᠡ ᠠᠬ᠎ᠠ ᠶ᠋ᠢᠨ ᠰᠠᠨᠠᠭᠠᠨ ᠢ ᠭᠦᠢᠴᠡᠳᠬᠡᠮᠦᠢ !》ᠬᠡᠮᠡᠭᠰᠡᠨ ᠳ᠋ᠦ᠍ᠷ ᠲᠡᠷᠡ ᠴᠢᠬᠢ ᠳ᠋ᠦ᠍ᠷ ᠦᠰᠦ ᠤᠷᠭᠤᠭᠰᠠᠨ ᠬᠥᠬᠡ ᠴᠢᠷᠠᠢᠲᠤ ᠪᠠᠭᠰᠢ ᠲᠣᠯᠣᠭᠠᠢ ᠳᠣᠬᠢᠨ ᠬᠦᠯᠢᠶᠡᠵᠦ ᠠᠪᠤᠭᠠᠳ ᠬᠤᠸᠠᠢ ᠭᠦᠸᠧ ᠭᠦᠩᠵᠦ ᠶ᠋ᠢ ᠣᠨᠴᠠ ᠪᠠᠷᠰ ᠴᠢᠨᠣ᠎ᠠ ᠶ᠋ᠢᠨ ᠲᠣᠯᠣᠭᠠᠢᠲᠤ ᠪᠠ ᠬᠠᠪᠲᠠᠰᠤ ᠮᠡᠯᠡᠬᠡᠢ ᠶ᠋ᠢᠨ ᠲᠣᠯᠣᠭᠠᠢᠲᠤ ᠰᠢᠷ᠎ᠠ ᠤᠯᠠᠭᠠᠨ ᠱᠠᠪᠢᠨᠠᠷ ᠲᠤᠷ ᠲᠤᠰᠢᠶᠠᠨ ᠥᠭᠴᠦ ᠬᠠᠮᠲᠤ ᠬᠣᠨᠣᠭᠤᠯᠤᠮᠤᠢ᠃ ᠲᠡᠳᠡᠭᠡᠷ ᠠᠮᠢᠲᠠᠨ ᠬᠡᠳᠦᠢ ᠬᠤᠸᠠᠢ ᠭᠦᠸᠧ ᠭᠦᠩᠵᠦ ᠶ᠋ᠢ ᠤᠵᠢᠳᠯᠠᠬᠤ ᠦᠭᠡᠢ ᠪᠣᠯᠪᠠᠴᠤ ᠬᠠᠭᠠᠰ ᠰᠥᠨᠢ ᠪᠦᠷᠢ ᠪᠦᠬᠦᠯᠢ ᠪᠡᠶ᠎ᠡ ᠶ᠋ᠢ ᠠᠨᠤ ᠳᠣᠯᠢᠶᠠᠮᠤᠢ᠂ ᠠᠩᠬᠠᠨ ᠳ᠋ᠤᠷ ᠬᠤᠸᠠᠢ ᠭᠦᠸᠧ ᠭᠦᠩᠵᠦ ᠬᠡᠲᠦᠷᠬᠡᠢ ᠢᠴᠢᠪᠡᠴᠦ ᠠᠷᠭ᠎ᠠ ᠦᠭᠡᠢ ᠬᠦᠯᠢᠴᠡᠭᠰᠡᠭᠡᠷ ᠬᠣᠢᠨ᠎ᠠ ᠮᠥᠨ ᠳᠠᠳᠴᠤᠬᠤᠢ᠃ ᠡᠢᠨ ᠬᠦ᠌ ᠬᠡᠳᠦᠨ ᠣᠨ ᠪᠣᠯᠤᠭᠰᠠᠨ ᠳ᠋ᠤᠷ ᠲᠡᠷᠡ ᠬᠥᠬᠡ ᠴᠢᠷᠠᠢ ᠤᠯᠠᠭᠠᠨ ᠦᠰᠦᠲᠦ ᠪᠠᠭᠰᠢ ᠲᠡᠭᠦᠨ ᠦ᠌ ᠬᠦᠯᠢᠴᠡᠩᠭᠦᠢ ᠰᠠᠢᠨ ᠢ᠋ ᠦᠵᠡᠵᠦ ᠳᠠᠷᠠᠭ᠎ᠠ ᠪᠠᠷ ᠳᠡᠷᠭᠡᠳᠡ ᠪᠡᠨ ᠳᠣᠯᠣᠭᠠᠨ ᠰᠥᠨᠢ ᠰᠥᠭᠥᠳᠬᠡᠵᠦ ᠳᠣᠯᠣᠭᠠᠨ ᠵᠦᠢᠯ ᠦ᠋ᠨ ᠤᠪᠠᠳᠢᠰ ᠢ᠋ ᠵᠢᠭᠠᠵᠤ ᠥᠭᠪᠡ᠃ ᠲᠡᠷᠢᠭᠦᠨ ᠳ᠋ᠦ᠍ᠷ : ᠭᠤᠷᠪᠠᠨ ᠬᠤᠪᠢᠯᠭᠠᠨ ᠰᠤᠮᠤ ᠬᠠᠷᠪᠤᠬᠤ᠂ ᠬᠣᠶᠠᠷ ᠲᠤᠷ : ᠵᠠᠭᠤᠨ ᠵᠦᠢᠯ ᠦ᠋ᠨ ᠰᠢᠮᠨᠤ ᠶ᠋ᠢ ᠪᠠᠷᠢᠬᠤ ᠴᠠᠯᠮ᠎ᠠ᠂ ᠭᠤᠷᠪᠠᠨ ᠳ᠋ᠤᠷ : ᠴᠢᠭᠢᠷᠰᠤᠨ ᠪᠠ ᠡᠭᠦᠯᠡᠨ ᠳ᠋ᠦ᠍ᠷ ᠰᠠᠭᠤᠬᠤ᠂ ᠳᠥᠷᠪᠡᠨ ᠳ᠋ᠦ᠍ᠷ : ᠲᠠᠪᠤᠨ ᠵᠤᠯᠠ ᠪᠠᠷ ᠭᠠᠯ ᠲᠠᠯᠪᠢᠬᠤ ᠤᠪᠠᠳᠢᠰ᠂ ᠲᠠᠪᠤᠨ ᠳ᠋ᠤᠷ :ᠢᠯᠳᠦ ᠰᠡᠯᠡᠮ᠎ᠡ ᠬᠡᠷᠡᠭᠯᠡᠬᠦ ᠡᠷᠳᠡᠮ ᠂ ᠵᠢᠷᠭᠤᠭᠠᠨ ᠳ᠋ᠤᠷ : ᠤᠰᠤ ᠭᠢᠰᠬᠢᠬᠦ ᠠᠷᠭ᠎ᠠ᠂ ᠳᠣᠯᠣᠭ᠎ᠠ ᠳ᠋ᠤᠷ : ᠴᠡᠷᠢᠭ ᠵᠠᠷᠤᠬᠤ ᠤᠬᠠᠭᠠᠨ – ᠡᠨᠡ ᠳᠣᠯᠣᠭᠠᠨ ᠵᠦᠢᠯ ᠢ᠋ ᠵᠢᠭᠠᠵᠤ ᠥᠭᠭᠦᠭᠡᠳ ᠰᠤᠷᠭᠠᠨ ᠥᠭᠦᠯᠡᠷᠦᠨ: 《ᠪᠢ ᠦᠵᠡᠪᠡᠰᠦ ᠴᠢᠨᠦ ᠶᠠᠰᠤ ᠴᠢᠨᠠᠷ ᠮᠠᠰᠢ ᠲᠠᠴᠢᠶᠠᠩᠭᠤᠢ ᠬᠤᠷᠢᠴᠠᠯᠲᠠᠢ᠂ ᠠᠯᠢ ᠦᠶ᠎ᠡ ᠳ᠋ᠦ᠍ᠷ ᠨᠠᠢᠷ ᠬᠤᠷᠢᠴᠠᠯ ᠢ᠋ ᠪᠦᠷᠢᠳᠬᠡᠪᠡᠰᠦ ᠲᠡᠷᠡ ᠦᠶ᠎ᠡ ᠳ᠋ᠦ᠍ᠷ ᠤᠪᠠᠳᠢᠰ ᠳᠠᠷᠤᠢ ᠴᠥᠮ ᠡᠪᠳᠡᠷᠡᠮᠦᠢ᠂ ᠴᠢ ᠭᠠᠭᠴᠠ ᠡᠴᠢᠭᠡ ᠶ᠋ᠢᠨ ᠦᠰ ᠢ᠋ ᠠᠪᠴᠤ ᠡᠴᠢᠭᠡ ᠪᠡᠨ ᠠᠯᠠᠭᠰᠠᠨ ᠬᠥᠮᠦᠨ ᠦ᠌ ᠨᠥᠬᠥᠷ ᠬᠤᠷᠰᠢᠶ᠎ᠠ ᠶ᠋ᠢ ᠠᠷᠢᠯᠭᠠᠨ ᠳᠠᠭᠤᠰᠤᠭᠰᠠᠨ ᠴᠠᠭ ᠲᠤᠷ ᠣᠷᠴᠢᠯᠠᠩ ᠤ᠋ᠨ ᠡᠷ᠎ᠡ ᠡᠮ᠎ᠡ ᠶ᠋ᠢᠨ ᠵᠠᠶᠠᠭᠠᠲᠤ ᠨᠥᠬᠥᠷ ᠯᠦ᠍ᠭᠡ ᠶᠡᠬᠡ ᠶᠣᠰᠣ ᠶ᠋ᠢ ᠲᠡᠭᠦᠰᠬᠡᠪᠡᠰᠦ ᠰᠠᠶᠢ ᠰᠤᠷᠤᠭᠰᠠᠨ ᠠᠮᠲᠠ ᠪᠣᠢ᠂ ᠠᠭᠤᠯᠠᠨ ᠠ᠋ᠴᠠ ᠪᠠᠭᠤᠮᠠᠭᠴᠠ ᠬᠤᠷᠢᠴᠠᠯ ᠢ᠋ᠶ᠋ᠠᠨ ᠳᠠᠷᠤᠨ ᠡᠰᠡ ᠴᠢᠳᠠᠵᠤ᠂ ᠣᠷᠴᠢᠯᠠᠩ ᠤ᠋ᠨ ᠰᠠᠳᠤᠷ ᠢ᠋ ᠡᠭᠦᠰᠬᠡᠪᠡᠰᠦ ᠤᠪᠠᠳᠢᠰ ᠳᠠᠷᠤᠢ ᠴᠠᠭ ᠬᠱᠡᠨᠡ ᠡᠪᠳᠡᠷᠡᠮᠦᠢ᠃ ᠬᠡᠷᠪᠡ ᠲᠡᠢᠮᠦ ᠦᠭᠡᠢ ᠠᠪᠠᠰᠤ ᠨᠢᠭᠡᠨ ᠨᠠᠰᠤᠨ ᠳ᠋ᠤᠷ ᠦᠯᠦ ᠡᠪᠳᠡᠷᠡᠮᠦᠢ᠂ ᠨᠠᠰᠤᠨ ᠤ᠋ ᠲᠣᠭ᠎ᠠ ᠳᠥᠭᠥᠷᠦᠨ ᠳᠦᠭᠦᠷᠲᠡᠯ᠎ᠡ ᠥᠩᠭᠡ ᠵᠢᠰᠦ ᠦᠯᠦ ᠬᠠᠯᠠᠮᠤᠢ᠂ ᠨᠠᠰᠤᠨ ᠤ᠋ ᠲᠣᠭ᠎ᠠ ᠳᠦᠭᠦᠷᠪᠡᠰᠦ ᠥᠪᠡᠷ᠎ᠡ ᠵᠦᠢᠯ ᠳ᠋ᠦ᠍ᠷ ᠪᠡᠶ᠎ᠡ ᠠᠷᠠᠯᠵᠢᠨ ᠡᠨᠳᠡ ᠢᠷᠠᠪᠠᠰᠤ ᠮᠥᠨ ᠡᠭᠦᠷᠢᠳᠡ ᠶ᠋ᠢᠨ ᠰᠢᠳᠢᠲᠡᠨ ᠪᠣᠯᠵᠤ ᠪᠣᠯᠤᠮᠤᠢ᠃ ᠭᠠᠭᠴᠠ ᠴᠢ ᠶᠠᠭᠤᠨ ᠤ᠋ ᠴᠢᠳᠠᠬᠤ ᠠᠵᠢ ! ᠬᠡᠳᠦᠢ ᠲᠡᠢᠨ ᠪᠣᠯᠪᠠᠴᠤ ᠬᠡᠷᠬᠢᠪᠡᠴᠦ ᠡᠴᠢᠭᠡ ᠶᠦ᠍ᠭᠡᠨ ᠦᠰ ᠢ᠋ ᠠᠪᠴᠤ ᠪᠠᠷᠠᠲᠠᠯ᠎ᠠ ᠰᠠᠬᠢᠪᠠᠰᠤ ᠰᠠᠶᠢ ᠰᠠᠢᠨ ! ᠴᠢᠨᠦ ᠵᠠᠶᠠᠭᠠᠲᠤ ᠨᠥᠬᠥᠷ ᠪᠣᠯᠪᠠᠰᠤ ᠶᠡᠬᠡ ᠶᠤᠸᠠᠨ ᠤᠯᠤᠰ ᠢ᠋ ᠨᠡᠭᠡᠭᠡᠭᠰᠡᠨ ᠶᠤᠸᠠᠨᠱᠤᠸᠠᠢ ᠮᠤᠬᠤᠯᠢ ᠶ᠋ᠢᠨ ᠠᠴᠢ ᠬᠥᠪᠡᠭᠦᠨ ᠲᠠᠢᠰᠢ ᠳᠡᠰ ᠲᠣᠭᠣᠰ ᠪᠣᠯᠠᠢ᠃ ᠭᠠᠭᠴᠠ ᠨᠠᠰᠤᠨ ᠪᠠᠬᠠᠨ ᠣᠬᠣᠷ᠃ ᠴᠢᠨᠦ ᠵᠠᠶᠠᠭᠠᠲᠤ ᠡᠵᠡᠨ ᠴᠢᠩᠭᠢᠰ ᠬᠠᠭᠠᠨ ᠪᠣᠯᠠᠢ᠂ ᠴᠢᠨᠦ ᠡᠨᠡ ᠡᠷᠳᠡᠮ ᠲᠡᠭᠦᠨ ᠦ᠌ ᠪᠡᠶ᠎ᠡ ᠳ᠋ᠦ᠍ᠷ ᠲᠠᠭᠠᠯᠴᠠᠵᠤ ᠲᠥᠷᠥᠪᠡ᠃ ᠲᠡᠷᠡ ᠥᠪᠡᠷ ᠢ᠋ᠶ᠋ᠡᠨ ᠡᠰᠡ ᠮᠡᠳᠡᠬᠦ ᠶ᠋ᠢᠨ ᠲᠤᠯᠠ ᠪᠣᠯᠠᠢ᠃ ᠴᠢ ᠲᠡᠭᠦᠨ ᠳ᠋ᠦ᠍ᠷ ᠰᠢᠲᠦᠵᠦ ᠨᠢᠭᠡᠨ ᠨᠠᠰᠤᠨ ᠢ᠋ ᠪᠠᠷᠠᠮᠤᠢ᠂ ᠬᠡᠷᠬᠢᠪᠡᠴᠦ ᠡᠨᠳᠡᠭᠦᠷᠡᠨ ᠪᠢᠲᠡᠭᠡᠢ ᠶᠠᠪᠤ᠂ ᠴᠢ ᠬᠡᠮᠡᠭᠴᠢ ᠮᠥᠨ ᠲᠡᠭᠦᠨ ᠦ᠌ ᠪᠡᠷᠢ ᠪᠣᠯᠪᠠ᠃ ᠤᠳᠠᠯ ᠦᠭᠡᠢ ᠡᠨᠡ ᠠᠭᠤᠯᠠᠨ ᠤ᠋ ᠴᠢᠦ ᠴᠦ ᠵᠢᠢ ᠬᠤᠪᠢᠯᠭᠠᠨ ᠢ᠋ ᠵᠠᠯᠠᠷ᠎ᠠ ᠢᠷᠡᠮᠦᠢ᠂ ᠴᠢ ᠤᠷᠢᠳᠠ ᠡᠴᠢᠵᠦ ᠮᠥᠷᠭᠥᠵᠦ ᠲᠠᠨᠢᠯᠴᠠ᠂ ᠲᠡᠷᠡ ᠬᠤᠪᠢᠯᠭᠠᠨ ᠶᠡᠬᠡ ᠵᠠᠶᠠᠭᠠᠲᠤ ᠲᠡᠷᠢᠭᠦᠨ ᠵᠡᠷᠭᠡ ᠶ᠋ᠢᠨ ᠬᠤᠪᠢ ᠪᠣᠢ 》ᠬᠡᠮᠡᠭᠰᠡᠨ ᠳ᠋ᠦ᠍ᠷ ᠬᠤᠸᠠᠢ ᠭᠦᠸᠧ ᠭᠦᠩᠵᠦ ᠶᠠᠭᠠᠷᠠᠨ ᠮᠥᠷᠭᠥᠵᠦ ᠳᠠᠷᠤᠢ ᠪᠠᠭᠰᠢ ᠪᠠᠨ ᠳᠠᠭᠠᠵᠤ ᠴᠢᠦ ᠴᠦ ᠵᠢᠢ ᠬᠤᠪᠢᠯᠭᠠᠨ ᠳ᠋ᠤᠷ ᠢᠷᠡᠵᠦ ᠮᠥᠷᠭᠥᠵᠦ ᠲᠠᠨᠢᠯᠴᠠᠪᠠ᠃ ᠴᠢᠦ ᠴᠦ ᠵᠢᠢ ᠰᠡᠭᠦᠷᠡᠰᠦᠨ ᠠᠯᠳᠠᠵᠤ ᠥᠭᠦᠯᠡᠷᠦᠨ: 《ᠮᠢᠨᠦ ᠪᠣᠳᠣᠯᠭ᠎ᠠ ᠳ᠋ᠤᠷ ᠡᠨᠡ ᠥᠬᠢᠨ ᠪᠠᠭᠤᠬᠤ ᠴᠠᠭ ᠪᠣᠯᠤᠭᠠᠳᠤᠢ᠂ ᠲᠡᠢᠨ ᠭᠡᠪᠡᠴᠦ ᠪᠠᠭᠤᠬᠤ ᠦᠭᠡᠢ ᠦᠯᠦ ᠪᠣᠯᠬᠤ ᠲᠤᠯᠠ ᠬᠡᠳᠦᠨ ᠵᠦᠢᠯ ᠦ᠋ᠨ ᠤᠴᠢᠷ ᠰᠤᠷᠭᠠᠪᠠ 》ᠬᠡᠮᠡᠪᠡ᠃ ᠳᠠᠭᠠᠯᠳᠤᠭ᠎ᠠ ᠱᠣᠣ ᠢᠦᠢ ᠬᠦ ᠳ᠋ᠦ᠍ᠷ ᠮᠥᠷᠭᠥᠵᠦ᠂ ᠶᠠᠭᠠᠷᠠᠨ ᠡᠭᠦᠯᠡᠨ ᠳ᠋ᠦ᠍ᠷ ᠰᠠᠭᠤᠵᠤ ᠳ᠋ᠠᠢᠳ᠋ᠦ᠋ ᠳ᠋ᠦ᠍ᠷ ᠢᠷᠡᠵᠦ᠂ ᠡᠭᠡᠴᠢ ᠳ᠋ᠦ᠍ᠷ ᠢ᠋ᠶ᠋ᠡᠨ ᠬᠡᠯᠡᠵᠦ ᠴᠡᠷᠢᠭ ᠦ᠋ᠨ ᠬᠦᠷᠢᠶ᠎ᠡ ᠳ᠋ᠦ᠍ᠷ ᠢᠷᠡᠵᠦ ᠮᠤᠬᠤᠯᠢ ᠳ᠋ᠤᠷ ᠮᠥᠷᠭᠥᠨ ᠵᠣᠯᠭᠠᠵᠤ᠂ ᠥᠪᠡᠷ ᠦ᠋ᠨ ᠪᠠᠢᠳᠠᠯ ᠢ᠋ ᠲᠣᠪᠴᠢᠯᠠᠨ ᠬᠡᠯᠡᠵᠦ᠂ ᠡᠨᠡ ᠳᠥᠷᠪᠡᠨ ᠬᠣᠲᠠᠨ ᠢ᠋ ᠪᠠᠢᠯᠳᠤᠬᠤ ᠠᠷᠭ᠎ᠠ ᠶ᠋ᠢ ᠵᠢᠭᠠᠵᠤ᠂ ᠳᠥᠷᠪᠡᠨ ᠬᠣᠲᠠᠨ ᠢ᠋ ᠪᠠᠢᠯᠳᠤᠨ ᠠᠪᠤᠭᠰᠠᠨ ᠳ᠋ᠤᠷ ᠮᠤᠬᠤᠯᠢ ᠡᠭᠦᠨ ᠦ᠌ ᠭᠠᠪᠢᠶ᠎ᠠ ᠶ᠋ᠢ ᠬᠠᠭᠠᠨ ᠳ᠋ᠤᠷ ᠠᠢᠯᠠᠳᠬᠠᠨ ᠪᠡᠶ᠎ᠡ ᠶ᠋ᠢ ᠢᠯᠡᠭᠡᠭᠰᠡᠨ᠎ᠡ ᠬᠠᠭᠠᠨ ᠡᠨᠡ ᠦᠶ᠎ᠡ ᠳ᠋ᠦ᠍ᠷ ᠬᠣᠢᠲᠤ ᠨᠡᠢᠰᠯᠡᠯ ᠡᠴᠡ ᠰᠢ ᠢᠦᠢ ᠤᠯᠤᠰ ᠢ᠋ ᠳᠠᠢᠯᠠᠷ᠎ᠠ ᠡᠴᠢᠭᠰᠡᠨ ᠲᠤᠯᠠ ᠳᠠᠷᠤᠢ ᠲᠡᠨᠳᠡ ᠮᠥᠨ ᠬᠦ᠌ ᠨᠤᠭᠤᠯᠪᠤᠷᠢ ᠶ᠋ᠢ ᠢᠯᠡᠭᠡᠵᠦ ᠬᠤᠸᠠᠢ ᠭᠦᠸᠧ ᠭᠦᠩᠵᠦ ᠶ᠋ᠢ ᠪᠠᠷᠠᠭᠠᠳᠠᠭᠤᠯᠤᠨ᠂ ᠬᠠᠭᠠᠨ ᠤᠴᠢᠷ ᠰᠢᠯᠲᠠᠭᠠᠨ ᠢ᠋ ᠨᠠᠷᠢᠪᠴᠢᠯᠠᠨ ᠠᠰᠠᠭᠤᠵᠤ ᠭᠠᠢᠬᠠᠨ ᠪᠡᠶᠡᠰᠴᠦ ᠳᠠᠷᠤᠢ ᠳ᠋ᠤᠷ ᠵᠠᠮᠪᠠᠯ᠂ ᠯᠢᠦ ᠵᠦᠩ ᠯᠦ᠍ ᠬᠣᠶᠠᠭᠤᠯᠠ ᠳ᠋ᠤᠷ ᠴᠢᠦ ᠴᠦ ᠵᠢᠢ ᠬᠤᠪᠢᠯᠭᠠᠨ ᠢ᠋ ᠵᠠᠯᠠᠬᠤ ᠵᠠᠷᠯᠢᠭ ᠤ᠋ᠨ ᠪᠢᠴᠢᠭ ᠢ᠋ ᠪᠠᠷᠢᠭᠤᠯᠵᠤ ᠶᠠᠪᠤᠭᠤᠯᠤᠨ ᠬᠤᠸᠠᠢ ᠭᠦᠸᠧ ᠭᠦᠩᠵᠦ ᠶ᠋ᠢ ᠥᠪᠡᠷ ᠦ᠋ᠨ ᠠᠴᠢ ᠨᠠᠷ ᠲᠤᠷ ᠠᠪᠴᠤ ᠥᠭᠭᠦᠰᠦᠭᠡᠢ ᠬᠡᠮᠡᠬᠦᠢ ᠳ᠋ᠦ᠍ᠷ ᠬᠤᠸᠠᠢ ᠭᠦᠸᠧ ᠭᠦᠩᠵᠦ ᠠᠷᠭ᠎ᠠ ᠦᠭᠡᠢ ᠥᠪᠡᠷ ᠦ᠋ᠨ ᠤᠴᠢᠷ ᠢ᠋ ᠨᠠᠷᠢᠪᠴᠢᠯᠠᠨ ᠠᠢᠯᠠᠳᠬᠠᠵᠤ᠂ ᠡᠨᠡ ᠵᠢᠯ ᠰᠠᠶᠢ ᠠᠷᠪᠠᠨ ᠨᠠᠰᠤ ᠲᠠᠢ ᠬᠡᠮᠡᠬᠦᠢ ᠳ᠋ᠦ᠍ᠷ ᠬᠠᠭᠠᠨ ᠵᠥᠪᠰᠢᠶᠡᠵᠦ᠂ ᠨᠡᠢᠰᠯᠡᠯ ᠦ᠋ᠨ ᠡᠭᠡᠴᠢ ᠶ᠋ᠢᠨ ᠳᠡᠷᠭᠡᠳᠡ ᠢᠨᠦ ᠬᠦᠷᠭᠡᠭᠦᠯᠦᠨ ᠢᠯᠡᠭᠡᠵᠦ ᠤᠷᠲᠤ ᠭᠡᠷ ᠱᠠᠩᠨᠠᠪᠠ᠃ ᠬᠤᠸᠠᠢ ᠭᠦᠸᠧ ᠭᠦᠩᠵᠦ ᠶ᠋ᠢᠨ ᠬᠡᠷᠡᠭ ᠢ᠋ ᠲᠦᠷ ᠣᠷᠬᠢᠵᠤ᠂ ᠴᠢᠦ ᠴᠦ ᠵᠢᠢ ᠬᠤᠪᠢᠯᠭᠠᠨ ᠢ᠋ ᠬᠡᠯᠡᠬᠦ ᠢᠨᠦ :
ᠡᠨᠡ ᠬᠥᠮᠦᠨ ᠤᠭ ᠠ᠋ᠴᠠ ᠰᠡᠴᠡᠨ ᠭᠡᠭᠡᠨ ᠦ᠌ ᠲᠤᠢᠯ ᠳ᠋ᠤᠷ ᠬᠦᠷᠴᠦᠬᠦᠢ᠂ ᠲᠡᠳᠦᠢ ᠠᠷᠪᠠᠨ ᠨᠠᠢ᠍ᠮᠠᠨ ᠰᠢᠯᠭᠠᠷᠠᠭᠰᠠᠨ ᠱᠠᠪᠢ ᠨᠠᠷ ᠲᠤᠷ ᠢ᠋ᠶ᠋ᠠᠨ ᠥᠭᠦᠯᠡᠷᠦᠨ :《ᠶᠢᠷᠲᠢᠨᠴᠦ ᠶ᠋ᠢᠨ ᠬᠤᠷᠢᠮ ᠢᠳᠡᠭᠡᠨ ᠢ᠋ ᠪᠡᠯᠡᠳ᠂ ᠶᠡᠬᠡ ᠶᠤᠸᠠᠨ ᠤᠯᠤᠰ ᠢ᠋ ᠲᠤᠯᠭᠤᠷ ᠨᠡᠭᠡᠭᠡᠭᠰᠡᠨ ᠪᠣᠭᠳᠠ ᠴᠢᠩᠭᠢᠰ ᠬᠠᠭᠠᠨ ᠤ᠋ ᠡᠮᠦᠨ᠎ᠡ ᠡᠴᠡ ᠬᠣᠶᠠᠷ ᠡᠯᠴᠢ ᠵᠠᠯᠠᠷᠠᠨ ᠢᠷᠡᠮᠦᠢ᠂ ᠡᠰᠡ ᠡᠴᠢᠪᠡᠰᠦ ᠪᠣᠯᠬᠤ ᠦᠭᠡᠢ᠃ ᠲᠡᠷᠡ ᠬᠡᠮᠡᠭᠴᠢ ᠰᠤᠷᠲᠠᠯ ᠰᠠᠨᠸᠠᠷ ᠪᠦᠷᠢᠳᠦᠭᠰᠡᠨ ᠬᠦᠴᠦᠲᠦ ᠲᠡᠭᠷᠢ᠂ ᠵᠥᠷᠢᠵᠦ ᠦᠯᠦ ᠪᠣᠯᠤᠮᠤᠢ᠃ ᠬᠣᠶᠠᠷ ᠲᠤᠷ ᠶᠡᠬᠡ ᠶᠤᠸᠠᠨ ᠤᠯᠤᠰ ᠲᠤᠷ ᠶᠠᠪᠤᠵᠤ ᠮᠢᠨᠦ ᠶᠠᠪᠤᠳᠠᠯ ᠢ᠋ ᠲᠡᠭᠦᠰᠬᠡᠯ ᠦᠭᠡᠢ ᠵᠣᠭᠰᠣᠵᠤ ᠪᠣᠯᠬᠤ ᠦᠭᠡᠢ !》ᠬᠡᠮᠡᠭᠰᠡᠨ ᠳ᠋ᠦ᠍ᠷ ᠣᠯᠠᠨ ᠱᠠᠪᠢ ᠨᠠᠷ ᠭᠠᠷᠴᠤ ᠵᠠᠬᠢᠶ᠎ᠠ ᠶ᠋ᠢᠨ ᠶᠣᠰᠣᠭᠠᠷ ᠪᠡᠯᠡᠳᠬᠡᠪᠡ᠃ ᠦᠨᠡᠬᠡᠷ ᠤᠳᠠᠯ ᠦᠭᠡᠢ᠂ ᠵᠢᠴᠢ ᠡᠳᠦᠷ ᠵᠠᠮᠪᠠᠯ᠂ ᠯᠢᠦ ᠵᠦᠩ ᠯᠦ᠍ ᠬᠣᠶᠠᠭᠤᠯᠠ ᠴᠢᠦ ᠴᠦ ᠵᠢᠢ ᠶ᠋ᠢ ᠵᠠᠯᠠᠷ᠎ᠠ ᠬᠠᠭᠠᠨ ᠤ᠋ ᠵᠣᠣ ᠪᠢᠴᠢᠭ ᠢ ᠡᠭᠦᠷᠦᠨ ᠬᠦᠷᠴᠦ ᠢᠷᠡᠭᠰᠡᠨ ᠳ᠋ᠦ᠍ᠷ ᠴᠢᠦ ᠴᠦ ᠵᠢᠢ ᠠᠭᠤᠢ ᠶ᠋ᠢᠨ ᠭᠠᠳᠠᠨ᠎ᠠ ᠬᠦᠵᠢᠰ ᠦ᠋ᠨ ᠰᠢᠷᠡᠭᠡ ᠪᠡᠯᠡᠳᠴᠦ ᠬᠦᠯᠢᠶᠡᠨ ᠠᠪᠤᠭᠠᠳ ᠮᠥᠷᠭᠥᠵᠦ ᠪᠢᠴᠢᠭ ᠢ᠋ ᠰᠣᠨᠣᠰᠴᠤ ᠬᠠᠭᠠᠨ ᠤ᠋ ᠡᠯᠴᠢ ᠶ᠋ᠢ ᠬᠦᠨᠳᠦᠳᠡ ᠬᠦᠨᠳᠦᠯᠡᠵᠦ᠂ ᠳᠠᠷᠤᠢ ᠠᠷᠪᠠᠨ ᠨᠠᠢ᠍ᠮᠠᠨ ᠱᠠᠪᠢᠨᠠᠷ ᠢ᠋ᠶ᠋ᠠᠨ ᠠᠪᠤᠨ ᠬᠠᠭᠠᠨ ᠤ᠋ ᠡᠯᠴᠢ ᠶ᠋ᠢ ᠳᠠᠭᠠᠵᠤ᠂ ᠰᠢ ᠢᠦᠢ ᠤᠯᠤᠰ ᠤ᠋ᠨ ᠬᠣᠢᠲᠤ ᠵᠠᠬ᠎ᠠ ᠳ᠋ᠤᠷ ᠢᠷᠡᠵᠦ ᠬᠠᠭᠠᠨ ᠳ᠋ᠤᠷ ᠮᠥᠷᠭᠥᠵᠦ ᠪᠠᠷᠠᠭᠠᠳᠠᠪᠠ᠃ ᠬᠠᠭᠠᠨ ᠶᠡᠬᠡᠳᠡ ᠪᠡᠶᠡᠰᠦᠨ ᠲᠠᠵᠢ ᠮᠠᠩᠨᠤᠭ ᠤ᠋ᠨ ᠥᠷᠭᠥᠭᠡ ᠳ᠋ᠦ᠍ᠷ ᠰᠠᠭᠤᠯᠭᠠᠵᠤ᠂ ᠬᠠᠭᠠᠨ ᠤ᠋ ᠵᠣᠭᠣᠭ ᠤ᠋ᠨ ᠢᠳᠡᠭᠡᠨ ᠤᠮᠳᠠᠭᠠᠨ ᠢ᠋ ᠱᠠᠩᠨᠠᠵᠤ ᠠᠩᠭᠢᠳᠠ ᠥᠷᠥᠰᠢᠶᠡᠯ ᠢ᠋ ᠦᠵᠡᠭᠦᠯᠪᠡᠢ᠃ ᠲᠡᠷᠡ ᠦᠶ᠎ᠡ ᠳ᠋ᠦ᠍ᠷ ᠬᠠᠭᠠᠨ ᠤ᠋ ᠲᠠᠪᠤᠨ ᠠᠩᠭᠢ ᠶᠡᠬᠡ ᠴᠡᠷᠢᠭ ᠰᠢ ᠢᠦᠢ ᠤᠯᠤᠰ ᠤ᠋ᠨ ᠣᠯᠠᠨ ᠬᠣᠲᠠ ᠪᠠ ᠤᠯᠤᠰ ᠠᠢᠮᠠᠭ ᠢ᠋ ᠳᠠᠢᠯᠠᠵᠤ ᠂ ᠠᠯᠠᠯᠳᠤᠬᠤ ᠪᠠᠢᠯᠳᠤᠬᠤ ᠡᠳᠦᠷ ᠪᠦᠷᠢ ᠲᠠᠰᠤᠷᠠᠬᠤ ᠦᠭᠡᠢ᠃ ᠬᠣᠲᠣᠩ ᠨᠠᠷ ᠤ᠋ᠨ ᠰᠡᠳᠬᠢᠯ ᠬᠠᠷᠠᠲᠠᠢ ᠳ᠋ᠤᠷ ᠠᠯᠠᠭᠳᠠᠬᠤ ᠠᠨᠤ ᠡᠪᠡᠰᠦ ᠬᠠᠳᠤᠬᠤ ᠮᠡᠲᠦ ᠳ᠋ᠦ᠍ᠷ ᠴᠢᠦ ᠴᠦ ᠵᠢᠢ ᠬᠠᠭᠠᠨ ᠤ᠋ ᠳᠡᠷᠭᠡᠳᠡ ᠪᠠᠷᠠᠯᠬᠢᠯᠠᠨ᠂ ᠬᠠᠭᠠᠨ ᠡᠨᠡ ᠲᠡᠷᠡ ᠶ᠋ᠢ ᠠᠰᠠᠭᠤᠬᠤᠢ ᠳ᠋ᠤᠷ ᠴᠢᠦ ᠴᠦ ᠵᠢᠢ ① ᠠᠢᠯᠠᠳᠬᠠᠷᠤᠨ:《ᠬᠠᠭᠠᠨ ᠳᠡᠯᠡᠬᠡᠢ ᠳ᠋ᠠᠬᠢᠨ ᠢ᠋ ᠬᠠᠮᠲᠤᠳᠬᠠᠰᠤᠭᠠᠢ ᠬᠡᠮᠡᠬᠦᠢ ᠳ᠋ᠦ᠍ᠷ ᠲᠡᠷᠡ ᠰᠤᠯᠠ ᠴᠡᠷᠢᠭ ᠦ᠋ᠨ ᠵᠣᠷᠢᠭ ᠢ᠋ᠶ᠋ᠠᠷ ᠰᠤᠯᠠ ᠬᠥᠮᠦᠨ ᠢ᠋ ᠡᠰᠡ ᠠᠯᠠᠭᠤᠯᠪᠠᠰᠤ ᠵᠣᠬᠢᠮᠤᠢ ᠃》ᠬᠡᠮᠡᠬᠦᠢ ᠳ᠋ᠦ᠍ᠷ ᠬᠠᠭᠠᠨ ᠵᠥᠪᠰᠢᠶᠡᠭᠡᠳ ᠳᠠᠷᠤᠢ ᠳ᠋ᠤᠷ ᠲᠠᠪᠤᠨ ᠠᠩᠭᠢ ᠶᠡᠬᠡ ᠴᠡᠷᠢᠭ ᠲᠦ᠍ᠷ ᠴᠠᠭᠠᠵᠠ ᠵᠠᠷᠯᠠᠭᠤᠯᠪᠠ᠃ ᠲᠡᠳᠦᠢ ᠬᠠᠭᠠᠨ ᠴᠢᠦ ᠴᠦ ᠵᠢᠢ ᠡᠴᠡ ᠤᠯᠤᠰ ᠲᠥᠷᠥ ᠶ᠋ᠢ ᠬᠡᠷᠬᠢᠨ ᠵᠠᠰᠠᠪᠠᠰᠤ ᠬᠠᠷᠢᠯᠴᠠᠨ ᠲᠡᠮᠡᠴᠡᠯ ᠦᠭᠡᠢ ᠪᠣᠯᠬᠤ ᠶ᠋ᠢ ᠠᠰᠠᠭᠤᠭᠰᠠᠨ ᠳ᠋ᠤᠷ ᠴᠢᠦ ᠴᠦ ᠵᠢᠢ ᠥᠭᠦᠯᠡᠷᠦᠨ:《ᠳᠡᠭᠡᠭᠰᠢᠳᠡ ᠲᠡᠭᠷᠢ ᠶ᠋ᠢ ᠡᠷᠬᠢᠯᠡᠨ ᠬᠦᠨᠳᠦᠯᠡᠵᠦ᠂ ᠳᠣᠷᠣᠭᠰᠢᠳᠠ ᠢᠷᠭᠡᠨ ᠢ᠋ ᠠᠰᠠᠷᠠᠨ ᠨᠢᠭᠦᠯᠡᠰᠬᠦ ᠪᠣᠯᠪᠠᠰᠤ ᠶᠡᠬᠡ ᠤᠯᠤᠰ ᠮᠠᠭᠠᠳ ᠲᠦᠪᠰᠢᠷᠡᠮᠦᠢ ᠃》ᠬᠠᠭᠠᠨ ᠬᠡᠵᠢᠶ᠎ᠡ ᠡᠩᠬᠡᠵᠢᠬᠦ ᠶ᠋ᠢ ᠠᠰᠠᠭᠤᠭᠰᠠᠨ ᠳ᠋ᠤᠷ ᠴᠢᠦ ᠴᠦ ᠵᠢᠢ ᠠᠢᠯᠠᠳᠬᠠᠷᠤᠨ: 《ᠬᠠᠭᠠᠨ ᠤ᠋ ᠰᠡᠳᠬᠢᠯ ᠠᠷᠢᠭᠤᠨ ᠪᠣᠯᠵᠤ ᠬᠦᠰᠡᠯ ᠰᠢᠨᠤᠯ ᠢ᠋ ᠠᠷᠢᠭᠤᠳᠬᠠᠪᠠᠰᠤ ᠵᠠᠭᠤᠨ ᠣᠪᠣᠭᠲᠠᠨ ᠶᠠᠷᠠᠭᠳᠠᠭᠠᠨ ᠬᠠᠭᠠᠨ ᠤ᠋ ᠰᠠᠨᠠᠭᠠᠨ ᠢ᠋ ᠳᠠᠭᠠᠵᠤ ᠴᠥᠮ ᠠᠷᠢᠭᠤᠨ ᠪᠣᠯᠤᠮᠤᠢ᠃ 》ᠬᠡᠮᠡᠭᠰᠡᠨ ᠳ᠋ᠦ᠍ᠷ ᠬᠠᠭᠠᠨ ᠨᠡᠩ ᠮᠠᠰᠢᠳᠠ ᠪᠡᠶᠡᠰᠦᠨ ᠠᠮᠤᠵᠤ ᠶᠡᠬᠡᠳᠡ ᠪᠠᠶᠠᠷᠯᠠᠨ: 《ᠴᠢᠦ ᠴᠦ ᠵᠢᠢ ᠶ᠋ᠢᠨ ᠦᠭᠡ ᠴᠥᠮ ᠭᠦᠨ ᠬᠣᠯᠠ ᠦᠭᠡ ᠮᠥᠨ᠂ ᠪᠢ ᠬᠡᠷᠪᠡ ᠬᠦᠰᠡᠯ ᠰᠢᠨᠤᠯ ᠠᠷᠢᠯᠪᠠᠰᠤ ᠵᠠᠭᠤᠨ ᠣᠪᠣᠭᠲᠠᠨ ᠬᠡᠷᠬᠢᠨ ᠬᠡᠲᠦᠷᠡᠮᠡᠬᠡᠢᠯᠡᠨ ᠶᠠᠪᠤᠵᠤ ᠴᠢᠳᠠᠬᠤ ᠪᠣᠢ ? ᠡᠨᠡ ᠢᠨᠦ ᠲᠡᠮᠳᠡᠭᠲᠡᠶ᠎ᠡ ᠲᠡᠭᠷᠢ ᠡᠴᠢᠭᠡ ᠮᠢᠨᠦ ᠬᠤᠪᠢᠯᠭᠠᠨ ᠬᠥᠮᠦᠨ ᠢ᠋ ᠲᠥᠷᠥᠭᠦᠯᠵᠦ᠂ ᠲᠤᠰᠬᠠᠢᠯᠠᠨ ᠨᠠᠮᠠᠶ᠋ᠢ ᠥᠷᠥᠰᠢᠶᠡᠨ ᠣᠷᠣᠭᠤᠯᠬᠤ ᠶ᠋ᠢᠨ ᠰᠢᠯᠲᠠᠭᠠᠨ ᠰᠠᠨᠠᠭᠠᠨ ᠮᠥᠨ ! 》 ᠭᠡᠮᠡᠨ ᠤᠯᠤᠰ ᠤ᠋ᠨ ᠬᠣᠲᠠᠯᠠᠭᠠᠷ ᠲᠤᠷ ᠴᠢᠦ ᠴᠦ ᠵᠢᠢ ᠶ᠋ᠢᠨ ᠨᠡᠷ᠎ᠡ ᠶ᠋ᠢ ᠴᠡᠭᠡᠷᠯᠡᠭᠦᠯᠵᠦ《ᠬᠤᠪᠢᠯᠭᠠᠨ ᠬᠥᠮᠦᠨ 》ᠭᠡᠮᠡᠨ ᠡᠷᠭᠦᠮᠵᠢᠯᠡᠨ ᠳᠠᠭᠤᠳᠠᠭᠤᠯᠪᠠᠢ᠃ ᠡᠭᠦᠨ ᠡᠴᠡ ᠴᠢᠦ ᠴᠦ ᠵᠢᠢ ᠶ᠋ᠢᠨ ᠪᠢᠯᠢᠭ ᠤᠪᠠᠳᠢᠰ ᠬᠠᠭᠠᠨ ᠤ᠋ ᠠᠮᠠ ᠪᠠᠷ ᠨᠡᠩ ᠨᠡᠮᠡᠪᠡ᠃ ᠲᠡᠳᠦᠢ ᠬᠠᠭᠠᠨ ᠰᠢᠳᠠᠷ ᠰᠠᠢᠳ ᠤ᠋ᠳ ᠲᠤᠷ ᠵᠠᠷᠯᠢᠭ ᠪᠠᠭᠤᠯᠭᠠᠵᠤ ᠴᠢᠦ ᠴᠦ ᠵᠢᠢ ᠶ᠋ᠢᠨ ᠦᠭᠡᠰ ᠦ᠋ᠳ ᠢ᠋ ᠰᠤᠳᠤᠷᠯᠠᠨ ᠲᠡᠮᠳᠡᠭᠯᠡᠵᠦ ᠠᠪᠤᠭᠤᠯᠤᠨ ᠣᠯᠠᠨ ᠸᠠᠩ ᠤ᠋ᠳ ᠤ᠋ᠨ ᠲᠠᠢᠽᠢ ᠨᠠᠷ ᠲᠤᠷ ᠰᠤᠷᠭᠠᠯᠭᠠᠨ ᠤᠩᠰᠢᠭᠤᠯᠵᠤ ᠲᠠᠢᠯᠪᠤᠷᠢᠯᠠᠨ ᠰᠤᠷᠭᠠᠯᠭᠠ ᠬᠡᠮᠡᠪᠡᠢ᠃
– – – –
① ᠠᠯᠲᠠᠨ ᠬᠦᠷᠳᠦᠲᠦ ᠲᠣᠳᠣ ᠲᠡᠦᠬᠡ ᠳ᠋ᠦ᠍ᠷ ᠡᠨᠡ ᠴᠢᠦ ᠴᠦ ᠵᠢᠢ ᠶ᠋ᠢ 《ᠰᠢ ᠢᠦᠢ ᠵᠢᠢ ᠪᠢᠴᠢᠭ 》 ᠢ᠋ ᠵᠣᠬᠢᠶᠠᠪᠠ ᠭᠡᠮᠡᠨ ᠬᠡᠯᠡᠵᠦ ᠪᠣᠢ᠃
ᠲᠡᠳᠦᠢ ᠴᠢᠦ ᠴᠦ ᠵᠢᠢ ᠳ᠋ᠦ᠍ᠷ ᠰᠢ ᠢᠦᠢ ᠤᠯᠤᠰ ᠤ᠋ᠨ ᠲᠦᠮᠡᠨ ᠬᠥᠮᠦᠨ ᠢ᠋ ᠵᠠᠬᠢᠷᠤᠭᠤᠯᠤᠨ ᠪᠠᠷᠰ ᠤ᠋ᠨ ᠲᠠᠮᠠᠭ᠎ᠠ ᠬᠢᠭᠡᠳ ᠡᠷᠭᠦᠮᠵᠢᠯᠡᠬᠦ ᠭᠣᠣ ᠮᠢᠩ ᠪᠢᠴᠢᠭ ᠢ᠋ ᠥᠭᠴᠦ ᠠᠯᠲᠠᠨ ᠰᠢᠪᠠᠭ᠎ᠠ ᠬᠠᠢᠷᠠᠯᠠᠨ᠂ ᠪᠢᠯᠢᠭᠲᠦ ᠬᠤᠪᠢᠯᠭᠠᠨ ᠭᠡᠮᠡᠨ ᠨᠡᠷᠡᠢᠳᠪᠡ᠃ ᠲᠡᠷᠡ ᠦᠶ᠎ᠡ ᠳ᠋ᠦ᠍ᠷ ᠬᠠᠭᠠᠨ ᠰᠢ ᠢᠦᠢ ᠤᠯᠤᠰ ᠤ᠋ᠨ ᠶᠡᠬᠡ ᠠᠭᠤᠯᠠ ᠬᠠᠳᠠᠲᠤ ᠭᠠᠵᠠᠷ ᠲᠤᠷ ᠪᠣᠢ ᠲᠤᠯᠠ ᠲᠡᠭᠷᠢ ᠶ᠋ᠢᠨ ᠳᠠᠭᠤᠨ ᠶᠡᠬᠡ ᠭᠠᠷᠬᠤᠢ ᠳ᠋ᠤᠷ ᠬᠠᠭᠠᠨ ᠠᠰᠠᠭᠤᠷᠤᠨ:《ᠡᠨᠡ ᠭᠠᠵᠠᠷ ᠤ᠋ᠨ ᠲᠡᠭᠷᠢ ᠳᠤᠤᠭᠠᠷᠬᠤ ᠶᠠᠭᠤᠨ ᠳ᠋ᠤᠷ ᠡᠨᠡ ᠮᠡᠲᠦ ᠳᠣᠭᠰᠢᠨ ᠪᠣᠢ ?》ᠬᠡᠮᠡᠬᠦᠢ ᠳ᠋ᠦ᠍ᠷ ᠴᠢᠦ ᠴᠦ ᠵᠢᠢ ᠠᠢᠯᠠᠳᠬᠠᠷᠤᠨ: 《ᠲᠡᠭᠷᠢ ᠳᠤᠤᠭᠠᠷᠬᠤ ᠰᠣᠯᠣᠩᠭ᠎ᠠ᠂ ᠴᠠᠬᠢᠯᠭᠠᠨ ᠳ᠋ᠤᠷ ᠰᠢᠯᠲᠠᠭᠠᠨ ᠭᠤᠷᠪᠠᠨ ᠵᠦᠢᠯ ᠪᠣᠢ : ᠲᠡᠷᠢᠭᠦᠨ ᠳ᠋ᠦ᠍ᠷ ᠲᠡᠭᠷᠢ ᠦᠨᠡᠨ ᠰᠦᠷ ᠢ᠋ ᠠᠯᠳᠠᠷᠰᠢᠭᠤᠯᠬᠤ ᠨᠢᠭᠡ᠂ ᠬᠣᠶᠠᠳᠤᠭᠠᠷ ᠲᠤᠷ-ᠬᠠᠭᠠᠨ ᠪᠣᠭᠳᠠ ᠶ᠋ᠢ ᠰᠠᠬᠢᠨ ᠢᠪᠡᠭᠡᠬᠦ ᠬᠣᠶᠠᠷ ᠂ ᠭᠤᠷᠪᠠᠨ ᠳ᠋ᠤᠷ-ᠴᠠᠭ ᠠᠭᠤᠷ ᠤ᠋ᠨ ᠴᠢᠬᠤᠯᠠ ᠬᠠᠪᠴᠢᠭᠠᠢ ᠠᠭᠤᠷ ᠠᠮᠢᠰᠬᠤᠯ ᠡᠨᠡ ᠭᠤᠷᠪᠠᠨ ᠳ᠋ᠤᠷ ᠳᠣᠬᠢᠵᠤᠬᠤᠢ᠃ ᠡᠳᠦᠭᠡ ᠰᠣᠨᠣᠰᠬᠤᠯ᠎ᠠ ᠬᠡᠷᠡᠮ ᠦ᠋ᠨ ᠳᠣᠲᠣᠭᠠᠳᠤ ᠰᠢ ᠢᠦᠢ ᠤᠯᠤᠰ ᠲᠠᠬᠢᠮᠳᠠᠭᠤ ᠶ᠋ᠢ ᠮᠡᠳᠡᠬᠦ ᠦᠭᠡᠢ ᠢᠨᠦ ᠣᠯᠠᠨ ᠭᠡᠮᠡᠨ ᠰᠣᠨᠣᠰᠳᠠᠮᠤᠢ᠂ ᠬᠠᠭᠠᠨ ᠡᠳᠡᠭᠡᠷ ᠲᠠᠬᠢᠮᠳᠠᠭᠤ ᠦᠭᠡᠢ ᠳ᠋ᠦ᠍ᠷ ᠲᠡᠭᠷᠢ ᠶ᠋ᠢᠨ ᠠᠶᠤᠩᠭ᠎ᠠ ᠯᠤᠭ᠎ᠠ ᠬᠠᠪᠰᠤᠷᠴᠤ ᠨᠢᠭᠡᠨ ᠠᠳᠠᠯᠢ ᠴᠢᠩᠭ᠎ᠠ ᠴᠢᠩᠳᠠ ᠬᠠᠷᠠᠬᠠᠨ ᠡᠯᠪᠡᠷᠢᠯ ᠲᠠᠬᠢᠮᠳᠠᠭᠤ ᠦᠭᠡᠢ ᠠᠷᠠᠳ ᠢ᠋ ᠴᠠᠭᠠᠵᠠ ᠪᠠᠷ ᠠᠶᠤᠯᠭᠠᠨ᠂ ᠬᠡᠰᠢᠭ ᠢ᠋ᠶ᠋ᠡᠷ ᠤᠳᠤᠷᠢᠳᠤᠨ ᠰᠤᠷᠭᠠᠬᠤ ᠴᠠᠭ ᠲᠤᠯᠤᠭᠰᠠᠨ ᠲᠤᠯᠠ ᠲᠡᠭᠷᠢ ᠬᠠᠭᠠᠨ ᠳ᠋ᠤᠷ ᠲᠤᠰᠠᠯᠠᠨ ᠰᠦᠷ ᠢ᠋ᠶ᠋ᠡᠨ ᠵᠠᠷᠯᠠᠮᠤᠢ᠂ ᠴᠣᠬᠣᠮ ᠳ᠋ᠤᠷ ᠡᠯᠪᠡᠷᠢᠯᠳᠦ ᠠᠷᠠᠳ ᠯᠤᠭ᠎ᠠ ᠬᠠᠮᠲᠤ ᠶᠠᠪᠤᠮᠤᠢ᠃ 》ᠬᠡᠮᠡᠭᠰᠡᠨ ᠳ᠋ᠦ᠍ᠷ ᠬᠠᠭᠠᠨ ᠶᠡᠬᠡᠯ᠎ᠡ ᠵᠥᠪᠰᠢᠶᠡᠵᠦ ᠪᠠᠰᠠ ᠠᠰᠠᠭᠤᠷᠤᠨ: 《ᠪᠢ ᠥᠨᠥᠬᠡᠨ ᠨᠢᠭᠡᠨ ᠥᠬᠢᠨ ᠬᠥᠮᠦᠨ ᠡᠴᠡ ᠴᠢᠮᠠᠶ᠋ᠢ ᠺᠦᠨ ᠯᠦᠨ ᠱᠠᠨ ᠠᠭᠤᠯᠠᠨ ᠤ᠋ ᠶᠡᠬᠡ ᠬᠤᠪᠢᠯᠭᠠᠨ ᠭᠡᠮᠡᠨ ᠬᠡᠯᠡᠬᠦ ᠶ᠋ᠢ ᠰᠣᠨᠣᠰᠪᠠ ᠃ ᠲᠡᠷᠡ ᠥᠬᠢᠨ ᠶᠠᠭᠤᠨ ᠤ᠋ ᠤᠴᠢᠷ ᠺᠦᠨ ᠯᠦᠨ ᠱᠠᠨ ᠠᠭᠤᠯᠠᠨ ᠳ᠋ᠤᠷ ᠡᠴᠢᠭᠰᠡᠨ ᠪᠣᠢ ? 》ᠬᠡᠮᠡᠭᠰᠡᠨ ᠳ᠋ᠦ᠍ᠷ ᠴᠢᠦ ᠴᠦ ᠵᠢᠢ ᠠᠢᠯᠠᠳᠬᠠᠷᠤᠨ:《ᠲᠡᠷᠡ ᠪᠣᠯᠪᠠᠰᠤ ᠠᠯᠲᠠᠨ ᠤᠯᠤᠰ ᠤ᠋ᠨ ᠬᠣᠷᠣᠰᠤᠯᠳᠤ ᠥᠬᠢᠨ᠂ ᠠᠯᠲᠠᠨ ᠤᠯᠤᠰ ᠤ᠋ᠨ ᠸᠧᠢ ᠸᠠᠩ ᠶᠦᠩ ᠵᠢᠢ ᠤᠷᠢᠳᠤ ᠬᠠᠭᠠᠨ ᠢ᠋ᠶ᠋ᠠᠨ ᠬᠠᠲᠤᠨ ᠢ ᠠᠯᠠᠭᠰᠠᠨ ᠳ᠋ᠤᠷ ᠲᠡᠭᠦᠨ ᠦ᠌ ᠬᠣᠣᠷᠠᠲᠤ ᠠᠭᠤᠷ ᠦᠯᠦ ᠰᠠᠷᠨᠢᠨ᠂ ᠲᠡᠭᠦᠨ ᠦ᠌ ᠥᠬᠢᠨ ᠳ᠋ᠦ᠍ᠷ ᠣᠷᠣᠰᠢᠭᠠᠳ ᠡᠴᠢᠭᠡ ᠪᠡᠨ ᠰᠠᠨᠠᠮᠤᠢ ᠬᠡᠮᠡᠪᠡᠴᠦ ᠡᠴᠦᠰ ᠲᠦ᠍ᠷ ᠠᠯᠲᠠᠨ ᠤᠯᠤᠰ ᠢ ᠮᠥᠬᠥᠬᠦ ᠶ᠋ᠢ ᠦᠵᠡᠵᠦ ᠰᠠᠶᠢ ᠰᠠᠨᠠᠭᠠᠨ ᠠᠯᠳᠠᠷᠠᠮᠤᠢ᠃ ᠲᠡᠷᠡ ᠬᠡᠳᠦᠢ ᠶᠡᠬᠡ ᠡᠷᠳᠡᠮ ᠦᠭᠡᠢ ᠪᠣᠯᠪᠠᠴᠤ ᠬᠠᠭᠠᠨ ᠴᠢᠨᠦ ᠤᠯᠤᠰ ᠲᠤᠷ ᠲᠤᠰᠠᠲᠠᠢ ᠪᠣᠯᠤᠮᠤᠢ᠃ 》 ᠬᠠᠭᠠᠨ ᠭᠠᠢᠬᠠᠨ ᠠᠰᠠᠭᠤᠷᠤᠨ : 《ᠬᠥᠮᠦᠨ ᠦᠬᠦᠪᠡᠰᠦ ᠪᠠᠰᠠ ᠥᠪᠡᠷ᠎ᠡ ᠴᠢᠳᠠᠯ ᠪᠣᠢ ᠤᠤ ? 》 ᠴᠢᠦ ᠴᠦ᠍ ᠵᠢᠢ ᠠᠢᠯᠠᠳᠬᠠᠷᠤᠨ: 《ᠬᠡᠳᠦᠢ ᠥᠪᠡᠷ᠎ᠡ ᠴᠢᠳᠠᠯ ᠦᠭᠡᠢ ᠪᠣᠯᠪᠠᠴᠤ ᠦᠬᠦᠬᠦ ᠲᠤᠬᠠᠢ ᠶ᠋ᠢᠨ ᠲᠡᠷᠡ ᠨᠢᠭᠡᠨ ᠵᠦᠢᠯ ᠦ᠋ᠨ ᠰᠠᠨᠠᠭᠠᠨ ᠠᠨᠤ ᠳᠠᠷᠤᠢ ᠬᠣᠭᠣᠰᠣᠨ ᠭᠠᠵᠠᠷ ᠲᠤᠷ ᠲᠡᠢᠮᠦ ᠨᠢᠭᠡᠨ ᠳᠦᠷᠰᠦ ᠪᠦᠲᠦᠮᠦᠢ᠃ ᠲᠦᠪᠰᠢᠨ ᠦᠬᠦᠭᠰᠡᠨ ᠬᠥᠮᠦᠨ ᠳ᠋ᠦ᠍ᠷ ᠲᠡᠢᠮᠦ ᠶᠠᠪᠤᠳᠠᠯ ᠦᠭᠡᠢ 》ᠬᠡᠮᠡᠭᠰᠡᠨ ᠳ᠋ᠦ᠍ᠷ ᠬᠠᠭᠠᠨ ᠬᠠᠭᠠᠰ ᠴᠠᠭ ᠪᠣᠳᠣᠵᠤ ᠮᠥᠨ ᠭᠡᠮᠡᠨ ᠰᠠᠢᠰᠢᠶᠠᠪᠠ᠃
ᠲᠡᠳᠦᠢ ᠪᠠᠰᠠ ᠲᠠᠢᠬᠡᠦ ᠶ᠋ᠢᠨ ᠥᠯᠵᠡᠢ ᠶ᠋ᠢ ᠦᠵᠡᠭᠦᠯᠪᠡᠰᠦ ᠴᠢᠦ ᠴᠦ ᠵᠢᠢ ᠶᠠᠭᠠᠷᠠᠨ ᠮᠥᠷᠭᠥᠵᠦ ᠠᠢᠯᠠᠳᠬᠠᠷᠤᠨ:《ᠦᠯᠡᠭᠦᠦ ᠢᠷᠦᠭᠡᠯᠲᠦ ᠲᠠᠢᠬᠡᠦ ᠬᠡᠮᠡᠭᠴᠢ ᠬᠠᠭᠠᠨ ᠴᠢᠨᠦ ᠭᠠᠭᠴᠠᠭᠠᠷ ᠤ᠋ᠨ ᠡᠬᠡ ᠪᠤᠰᠤ᠂ ᠡᠯ᠎ᠡ ᠶᠡᠬᠡ ᠤᠯᠤᠰ ᠢ᠋ ᠨᠡᠭᠡᠭᠡᠬᠦᠢ ᠳ᠋ᠦ᠍ᠷ ᠡᠷᠬᠡᠪᠰᠢ ᠲᠡᠷᠡ ᠲᠡᠭᠷᠢ ᠶ᠋ᠢᠨ ᠬᠠᠲᠤᠨ① ᠢᠷᠡᠵᠦ ᠰᠠᠶᠢ ᠪᠣᠭᠳᠠ ᠬᠥᠮᠦᠨ ᠢ᠋ ᠲᠥᠷᠥᠵᠦ ᠴᠢᠳᠠᠮᠤᠢ᠂ ᠡᠭᠡᠯ ᠬᠥᠮᠦᠨ ᠦ᠌ ᠬᠡᠪᠡᠯᠢ ᠪᠣᠭᠳᠠ ᠬᠥᠮᠦᠨ ᠢ᠋ ᠡᠪᠦᠷᠯᠡᠨ ᠠᠷᠪᠠᠨ ᠰᠠᠷ᠎ᠠ ᠪᠣᠯᠭᠠᠨ ᠦᠯᠦ ᠴᠢᠳᠠᠮᠤᠢ᠂ ᠡᠨᠡ ᠲᠠᠢᠬᠡᠦ ᠶ᠋ᠢ ᠬᠢᠲᠠᠳ ᠤᠯᠤᠰ ᠲᠤᠷ ᠨᠢᠳᠦᠨ ᠭᠡᠷᠡᠯᠲᠦ ᠨᠢᠶᠠᠩᠨᠢᠶᠠᠩ ᠭᠡᠮᠡᠨ ᠬᠡᠯᠡᠮᠦᠢ᠃ ᠯᠠᠪ ᠶᠡᠷᠡᠨ ᠨᠠᠰᠤ ᠰᠢᠬᠠᠮᠤᠢ᠂ ᠬᠠᠭᠠᠨ ᠰᠡᠳᠬᠢᠯ ᠢ᠋ ᠰᠤᠯᠠ ᠳᠡᠯᠪᠢ᠂ ᠡᠭᠡᠬᠦ ᠦᠶ᠎ᠡ ᠳ᠋ᠦ᠍ᠷ ᠬᠠᠭᠠᠨ ᠡᠷᠬᠡᠪᠰᠢ ᠳᠡᠷᠭᠡᠳᠡ ᠪᠠᠢᠵᠤ ᠰᠠᠶᠢ ᠮᠣᠷᠳᠠᠮᠤᠢ 》ᠬᠡᠮᠡᠭᠰᠡᠨ ᠳ᠋ᠦ᠍ᠷ ᠬᠠᠭᠠᠨ ᠶᠡᠬᠡᠯ᠎ᠡ ᠪᠠᠶᠠᠷᠯᠠᠵᠤ 《ᠤᠯᠤᠰ ᠤ᠋ᠨ ᠬᠤᠪᠢᠯᠭᠠᠨ ᠪᠠᠭᠰᠢ ᠲᠦᠰᠢᠯᠭᠡ 》ᠭᠡᠮᠡᠨ ᠡᠷᠭᠦᠮᠵᠢᠯᠡᠪᠡ᠃
ᠲᠡᠳᠦᠢ ᠰᠠᠶᠢ ᠡᠨᠡ ᠠᠯᠲᠠᠨ ᠤᠯᠤᠰ ᠤ᠋ᠨ ᠬᠤᠸᠠᠢ ᠭᠦᠸᠧ ᠭᠦᠩᠵᠦ ᠶ᠋ᠢᠨ ᠨᠠᠷᠢᠨ ᠤᠴᠢᠷ ᠢ᠋ ᠣᠯᠵᠤ᠂ ᠬᠤᠸᠠᠢ ᠭᠦᠸᠧ ᠭᠦᠩᠵᠦ ᠶ᠋ᠢᠨ 《ᠬᠤᠸᠠᠢ ᠤᠭ ᠠᠨᠤ ᠤᠯᠤᠰ ᠢ᠋ ᠡᠪᠦᠷᠯᠡᠬᠦ ᠶ᠋ᠢᠨ 《ᠬᠤᠸᠠᠢ 》ᠪᠥᠯᠥᠭᠡ ᠂ ᠡᠳᠦᠭᠡ ᠬᠠᠷᠢᠨ ᠤᠯᠤᠰ ᠢ᠋ ᠡᠪᠳᠡᠯᠡᠬᠦ ᠶ᠋ᠢᠨ 《ᠬᠤᠸᠠᠢ 》 ᠪᠣᠯᠵᠤᠬᠤᠢ ᠃ ᠲᠡᠭᠦᠨᠴᠡ ᠡᠨᠡ ᠬᠤᠸᠠᠢ ᠭᠦᠸᠧ ᠭᠦᠩᠵᠦ ᠶ᠋ᠢᠨ ᠢᠨᠢᠶᠡᠳᠦᠮ ᠢ᠋ ᠦᠵᠡᠰᠦᠭᠡᠢ ᠬᠡᠮᠡᠪᠡᠰᠦ ᠰᠤᠳᠤᠷᠴᠢ ᠰᠠᠢᠳ ᠢᠨᠵᠠᠨᠨᠠᠰᠢ ᠮᠢᠨᠦ ᠭᠡᠷ ᠦ᠋ᠨ ᠲᠦᠰᠢᠮᠡᠳ ᠵᠠᠷᠭᠤ ᠪᠣᠯᠵᠤ ᠠᠮᠠᠷᠠᠭᠤᠯᠬᠤ ᠦᠭᠡᠢ ᠲᠤᠯᠠ ᠵᠢᠴᠢ ᠲᠡᠳᠡᠨ ᠦ᠌ ᠶᠠᠪᠤᠳᠠᠯ ᠢ᠋ ᠢᠯᠭᠠᠷᠠᠭᠤᠯᠵᠤ ᠵᠠᠯᠭᠠᠨ ᠪᠢᠴᠢᠭᠰᠡᠨ ᠳᠣᠣᠷᠠᠲᠤ ᠳᠡᠪᠲᠡᠷ ᠲᠣᠷ ᠦᠵᠡᠭᠳᠡᠬᠦᠢ᠃
– – – –
① ᠡᠨᠡ ᠯᠠᠪ ᠲᠡᠭᠷᠢ ᠶ᠋ᠢᠨ ᠷᠠᠭᠢᠨᠢ ᠬᠡᠮᠡᠭᠰᠡᠨ ᠢ᠋ ᠡᠢᠨ ᠬᠦ᠌ ᠪᠢᠴᠢᠭᠰᠡᠨ ᠪᠣᠢ ᠶᠠ᠂ ᠡᠰᠡᠬᠦᠯ᠎ᠡ ᠲᠡᠭᠷᠢ ᠶ᠋ᠢᠨ ᠥᠬᠢᠨ ᠬᠡᠮᠡᠭᠰᠡᠨ ᠦᠭᠡ ᠪᠣᠢ ᠶᠠ᠃
ᠰᠤᠳᠤᠷᠴᠢ ᠰᠠᠢᠳ ᠢᠨᠵᠠᠨᠨᠠᠰᠢ ᠶ᠋ᠢᠨ ᠰᠤᠯᠠ ᠰᠢᠯᠦᠭ ᠨᠢᠭᠡᠨ ᠠᠩᠭᠢ :
ᠠᠳᠠᠪᠠᠰᠢ ᠮᠡᠷᠭᠡᠨ ᠭᠠᠤᠯᠢ ᠶ᠋ᠢᠨ ᠸᠠᠩ ᠵᠢᠶᠠᠨ ᠮᠡᠷᠭᠡᠨ ᠪᠥᠭᠡᠳ ᠤᠬᠠᠭᠠᠨᠲᠠᠢ
ᠠᠰᠤᠷᠤ ᠬᠠᠷᠭᠢᠰ ᠰᠢ ᠢᠦᠢ ᠶ᠋ᠢᠨ ᠰᠠᠯᠠ ᠳ᠋ᠢᠩ ᠲᠡᠨᠡᠭ ᠪᠥᠭᠡᠳ ᠬᠡᠷᠴᠡᠭᠡᠢ᠂
ᠠᠯᠢᠶ᠎ᠠ ᠥᠬᠢᠨ ᠠᠯᠲᠠᠨ ᠤ᠋ ᠬᠤᠸᠠᠢ ᠭᠦᠸᠧ ᠭᠦᠩᠵᠦ ᠢᠨᠢᠶᠡᠯᠲᠡᠢ ᠪᠥᠭᠡᠳ ᠲᠣᠬᠢᠶᠠᠯᠲᠠᠢ
ᠠᠷᠢᠭᠤᠨ ᠴᠡᠭᠡᠷ ᠴᠢᠦ ᠴᠦ ᠵᠢᠢ ᠬᠤᠪᠢᠯᠭᠠᠨ ᠰᠣᠨᠢᠨ ᠪᠥᠭᠡᠳ ᠭᠠᠢᠬᠠᠯᠲᠠᠢ᠃
ᠡᠨᠡ ᠵᠢᠯ ᠦ᠋ᠨ ᠳᠣᠯᠣᠭᠠᠨ ᠰᠠᠷ᠎ᠠ ᠳ᠋ᠤᠷ ᠱᠠᠨ ᠳ᠋ᠦᠩ ᠦ᠋ᠨ ᠵᠠᠩ ᠯᠢᠨ᠂ ᠱᠠᠨ ᠳ᠋ᠦᠩ ᠦ᠋ᠨ ᠣᠯᠠᠨ ᠵᠢᠶᠦ᠋ᠨ ᠰᠢᠶᠠᠨ ᠢ᠋ᠶ᠋ᠠᠨ ᠠᠪᠴᠤ ᠠᠯᠲᠠᠨ ᠤᠯᠤᠰ ᠠ᠋ᠴᠠ ᠪᠠᠨ ᠤᠷᠪᠠᠴᠤ ᠶᠡᠬᠡ ᠶᠤᠸᠠᠨᠱᠤᠸᠠᠢ ᠵᠣ᠌ ᠬᠤ᠌ ᠭᠣᠣ ᠴᠢ ᠮᠥᠨ ᠬᠡᠯᠡᠯᠴᠡᠨ ᠰᠥᠩ ᠤᠯᠤᠰ ᠤ᠋ᠨ ᠬᠦᠨᠳᠦ ᠡᠳ᠋ ᠢ᠋ ᠥᠭᠴᠦ ᠰᠡᠳᠬᠢᠯ ᠢ᠋ ᠬᠥᠳᠡᠯᠭᠡᠭᠡᠳ ᠥᠪᠡᠷ ᠦ᠋ᠨ ᠵᠠᠬᠢᠷᠤᠭᠰᠠᠨ ᠱᠠᠨ ᠳ᠋ᠦᠩ ᠦ᠋ᠨ ᠬᠠᠷᠢᠶᠠᠲᠤ ᠵᠢᠶᠦ᠋ᠨ ᠰᠢᠶᠠᠨ ᠢ᠋ ᠰᠥᠩ ᠤᠯᠤᠰ ᠤ᠋ᠨ ᠯᠢ ᠴᠢᠤᠸᠠᠨ ᠳ᠋ᠤᠷ ᠲᠤᠰᠢᠶᠠᠭᠠᠳ ᠰᠥᠩ ᠤᠯᠤᠰ ᠲᠤᠷ ᠣᠷᠣᠵᠤ ᠳᠠᠭᠠᠭᠰᠠᠨ ᠳ᠋ᠤᠷ ᠰᠥᠩ ᠤᠯᠤᠰ ᠤ᠋ᠨ ᠬᠠᠭᠠᠨ ᠵᠠᠷᠯᠢᠭ ᠢ᠋ᠶ᠋ᠠᠷ ᠵᠠᠩ ᠯᠢᠨ ᠢ᠋ ᠨᠡᠢᠰᠯᠡᠯ ᠦ᠋ᠨ ᠵᠡᠭᠦᠨ ᠡᠲᠡᠭᠡᠳ ᠦ᠋ᠨ ᠠᠨ ᠹᠦ ᠱᠢ ᠲᠦᠰᠢᠮᠡᠯ ᠪᠣᠯᠭᠠᠪᠠᠢ᠃ ᠡᠪᠦᠯ ᠦ᠋ᠨ ᠰᠡᠭᠦᠯ ᠰᠠᠷ᠎ᠠ ᠳ᠋ᠤᠷ ᠰᠥᠩ ᠤᠯᠤᠰ ᠤ᠋ᠨ ᠵᠣᠣ ᠹᠠᠩ ᠱᠢ᠂ ᠵᠦᠩ ᠢᠨ ᠰᠢᠩ᠂ ᠰᠢᠦᠢ ᠭᠤᠸᠠᠨ᠂ ᠮᠧᠩ ᠽᠦᠩ ᠵᠧᠩ ᠳᠥᠷᠪᠡᠨ ᠵᠠᠩᠵᠤᠨ ᠳᠥᠷᠪᠡᠨ ᠠᠩᠭᠢ ᠴᠡᠷᠢᠭ ᠳᠠᠭᠠᠭᠤᠯᠤᠨ ᠠᠯᠲᠠᠨ ᠤᠯᠤᠰ ᠤ᠋ᠨ ᠡᠮᠦᠨ᠎ᠡ ᠡᠴᠡ ᠣᠷᠣᠵᠤ ᠵᠠᠯᠭᠠᠯᠳᠤᠬᠤ ᠠᠯᠴᠠᠮ ᠤ᠋ᠨ ᠠᠷᠭ᠎ᠠ ᠪᠠᠷ ᠲᠠᠪᠰᠢᠵᠤ᠂ ᠠᠯᠲᠠᠨ ᠤᠯᠤᠰ ᠢ᠋ ᠪᠠᠢᠯᠳᠤᠵᠤ ᠶᠡᠬᠡᠯ᠎ᠡ ᠰᠠᠨᠳᠤᠷᠭᠠᠵᠤ ᠰᠠᠶᠢ ᠡᠭᠡᠪᠡ᠃ ᠨᠢᠭᠡᠨᠲᠡᠭᠡᠭᠦᠷ ᠠᠯᠲᠠᠨ ᠤᠯᠤᠰ ᠠ᠋ᠴᠠ ᠤᠷᠪᠠᠭᠰᠠᠨ ᠯᠢ ᠴᠢᠤᠸᠠᠨ᠂ ᠰᠥᠩ ᠤᠯᠤᠰ ᠤ᠋ᠨ ᠲᠠᠪᠤᠨ ᠮᠢᠩᠭᠠᠨ ᠴᠡᠷᠢᠭ ᠢ᠋ ᠠᠪᠴᠤ ᠢᠷᠡᠭᠡᠳ ᠠᠯᠲᠠᠨ ᠤᠯᠤᠰ ᠤ᠋ᠨ ᠰᠧ ᠵᠧᠦ ᠶ᠋ᠢ ᠬᠠᠭᠠᠵᠤ ᠪᠠᠢᠯᠳᠤᠭᠠᠳ ᠬᠠᠭᠠᠰ ᠰᠠᠷ᠎ᠠ ᠴᠣᠬᠢᠨ ᠠᠪᠴᠤ ᠴᠢᠳᠠᠭᠰᠠᠨ ᠦᠭᠡᠢ ᠡᠭᠡᠭᠦᠷ ᠲᠦ᠍ᠷ ᠰᠤᠯᠠ ᠴᠡᠷᠢᠭ ᠦ᠋ᠨ ᠰᠡᠷᠭᠦᠯᠡᠩ ᠰᠡᠴᠡᠨ ᠠᠷᠠᠳ ᠢ᠋ ᠰᠣᠩᠭᠣᠵᠤ ᠠᠯᠲᠠᠨ ᠤᠯᠤᠰ ᠤ᠋ᠨ ᠵᠣ᠌ ᠬᠤ᠌ ᠭᠣᠣ ᠴᠢ ᠳ᠋ᠦ᠍ᠷ ᠤᠷᠪᠠᠬᠤ ᠶ᠋ᠢ ᠱᠠᠭᠠᠷᠳᠠᠵᠤ ᠪᠢᠴᠢᠭ ᠢᠯᠡᠭᠡᠭᠰᠡᠨ ᠳ᠋ᠦ᠍ᠷ ᠬᠣᠲᠠ ᠶ᠋ᠢᠨ ᠬᠠᠭᠠᠯᠭ᠎ᠠ ᠰᠠᠬᠢᠬᠤ ᠴᠡᠷᠢᠭ ᠲᠦ᠍ᠷ ᠪᠠᠷᠢᠭᠳᠠᠵᠤ ᠰᠠᠶᠢ ᠴᠧᠩᠰᠢᠶᠠᠩ ᠵᠣ᠌ ᠬᠤ᠌ ᠭᠣᠣ ᠴᠢ ᠶ᠋ᠢᠨ ᠶᠠᠮᠤᠨ᠎ᠠ ᠬᠦᠷᠭᠡᠰᠦᠭᠡᠢ ᠬᠡᠮᠡᠲᠡᠯ᠎ᠡ ᠬᠣᠲᠠ ᠶ᠋ᠢ ᠬᠠᠮᠢᠶᠠᠷᠬᠤ ᠸᠠᠨ ᠶᠠᠨ ᠭᠤᠸᠠᠨ ᠳ᠋ᠤᠷ ᠤᠴᠠᠷᠠᠵᠤ ᠤᠴᠢᠷ ᠢ᠋ ᠠᠰᠠᠭᠤᠭᠠᠳ ᠶᠠᠭᠠᠷᠠᠨ ᠪᠢᠴᠢᠭ ᠢ ᠠᠪᠴᠤ ᠬᠠᠭᠠᠨ ᠳ᠋ᠤᠷ ᠢ᠋ᠶ᠋ᠠᠨ ᠢᠯᠡᠭᠡᠭᠰᠡᠨ ᠳ᠋ᠦ᠍ᠷ ᠬᠠᠭᠠᠨ ᠠᠨᠤ ᠶᠠᠭᠠᠷᠠᠨ ᠲᠣᠷᠭᠠᠨ ᠴᠡᠷᠢᠭ -ᠢᠦᠢ ᠯᠢᠨ ᠵᠢᠶᠦ᠋ᠨ ᠦ᠌ ᠴᠡᠷᠢᠭ ᠢ᠋ᠶ᠋ᠡᠷ ᠴᠧᠩᠰᠢᠶᠠᠩ ᠵᠣ᠌ ᠬᠤ᠌ ᠭᠣᠣ ᠴᠢ ᠶ᠋ᠢ ᠪᠠᠷᠢᠭᠤᠯᠵᠤ᠂ ᠶᠠᠯ᠎ᠠ ᠶ᠋ᠢ ᠠᠨᠤ ᠪᠢᠴᠢᠵᠦ ᠠᠷᠤ ᠳ᠋ᠤᠷ ᠠᠨᠤ ᠬᠠᠳᠬᠤᠵᠤ ᠭᠠᠷᠭᠠᠭᠠᠳ ᠴᠠᠪᠴᠢᠵᠤ ᠠᠯᠠᠪᠠ᠃ ᠡᠭᠦᠨ ᠳ᠋ᠦ᠍ᠷ ᠠᠯᠲᠠᠨ ᠤ᠋ ᠡᠰᠡ ᠮᠡᠳᠡᠭᠰᠡᠨ ᠢᠷᠭᠡᠨ ᠦ᠌ ᠰᠡᠳᠬᠢᠯ ᠶᠡᠬᠡᠯ᠎ᠡ ᠬᠤᠪᠢᠰᠪᠠ᠃ ᠮᠣᠩᠭᠣᠯ ᠤ᠋ᠨ ᠭᠦᠸᠧ ᠸᠠᠩ ᠲᠡᠢᠰᠢ ᠮᠤᠬᠤᠯᠢ ᠰᠣᠨᠣᠰᠴᠤ ᠰᠡᠭᠦᠷᠡᠰᠦᠨ ᠠᠯᠳᠠᠵᠤ ᠂ ᠡᠭᠦᠨ ᠦ᠌ ᠦᠬᠦᠭᠰᠡᠨ ᠢᠨᠦ ᠮᠠᠨ ᠤ᠋ ᠤᠯᠤᠰ ᠲᠤᠷ ᠶᠡᠬᠡᠯ᠎ᠡ ᠠᠰᠢᠭ ᠦᠭᠡᠢ ᠪᠣᠯᠪᠠ ᠬᠡᠮᠡᠪᠡ᠃ 《ᠭᠠᠩ ᠮᠦ᠍ ᠪᠢᠴᠢᠭ 》ᠲᠣᠷ ᠭᠠᠤᠯᠢ ᠶ᠋ᠢᠨ ᠳᠠᠭᠠᠭᠰᠠᠨ ᠢ᠋ ᠬᠣᠢᠨ᠎ᠠ ᠠᠨᠤ ᠰᠠᠶᠢ ᠨᠥᠬᠥᠵᠦ ᠭᠠᠷᠭᠠᠪᠠ᠃
