ᠥᠩᠰᠢᠭ ᠰᠠᠢᠬᠠᠨ ᠳᠠᠯᠠᠳ ᠤᠨ ᠬᠣᠰᠢᠭᠤӨншиг сайхан дэлдийн хошуу-ᠣᠷᠳᠤᠰ ᠠᠷᠠᠳ ᠤᠨ ᠳᠠᠭᠤᠤ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠩᠰᠢᠭ ᠰᠠᠢᠬᠠᠨ ᠳᠠᠯᠠᠳ ᠤᠨ ᠬᠣᠰᠢᠭᠤӨншиг сайхан дэлдийн хошуу-ᠣᠷᠳᠤᠰ ᠠᠷᠠᠳ ᠤᠨ ᠳᠠᠭᠤᠤ

ᠥᠩᠰᠢᠭ ᠰᠠᠢᠬᠠᠨ ᠳᠠᠯᠠᠳ ᠤᠨ ᠬᠣᠰᠢᠭᠤӨншиг сайхан дэлдийн хошуу-ᠣᠷᠳᠤᠰ ᠠᠷᠠᠳ ᠤᠨ ᠳᠠᠭᠤᠤ

2023-09-18

305

ᠥᠩᠰᠢᠭ ᠰᠠᠢᠬᠠᠨ ᠳᠠᠯᠠᠳ ᠤᠨ ᠬᠣᠰᠢᠭᠤ

         ᠣᠷᠳᠣᠰ ᠠᠷᠠᠳ ᠤ᠋ᠨ ᠳᠠᠭᠤᠤ 
ᠳᠠᠪᠠᠭ᠎ᠠ ᠱᠢᠯᠢ ᠨᠢ ᠥᠨᠳᠥᠷ ᠪᠠᠢᠨ᠎ᠠ ᠱᠢᠦ ᠳ᠋ᠣᠣ 
ᠳᠠ ᠨᠣᠶᠠᠨ ᠤ᠋ ᠬᠠᠤᠯᠢ ᠨᠢ ᠴᠢᠩᠭ᠎ᠠ ᠪᠠᠢᠨ᠎ᠠ ᠱᠢᠦ ᠳ᠋ᠣᠣ 
ᠳᠠᠯᠠᠳ ᠤ᠋ᠨ ᠬᠤᠱᠢᠭᠤᠨ ᠳ᠋ᠤ᠌ ᠳᠠᠶᠠᠭᠠᠷ ᠪᠠᠢᠨ᠎ᠠ 
ᠳᠠᠭᠠᠯᠲᠠ ᠳ᠋ᠤ᠌ ᠨᠠᠮ᠎ᠠ ᠪᠠᠷ ᠶᠠᠭᠤ ᠪᠠᠨ ᠬᠢᠬᠦ ᠯᠡ ᠪᠣᠢ 

ᠡᠩᠭᠡᠷ ᠱᠢᠯᠢ ᠨᠢ ᠥᠨᠳᠥᠷ ᠪᠠᠢᠨ᠎ᠠ ᠱᠢᠦ ᠳ᠋ᠣᠣ 
ᠡᠷᠬᠡᠲᠦ ᠨᠣᠶᠠᠨ ᠤ᠋ ᠬᠠᠤᠯᠢ ᠨᠢ ᠴᠢᠩᠭ᠎ᠠ ᠪᠠᠢᠨ᠎ᠠ ᠳ᠋ᠣᠣ 
ᠥᠩᠱᠢᠭ ᠯᠡ ᠰᠠᠢᠬᠠᠨ ᠳᠡᠯᠡᠳ ᠦ᠋ᠨ ᠬᠣᠱᠢᠭᠤ ᠪᠠᠢᠨ᠎ᠠ 
ᠥᠨᠥᠴᠢᠨ ᠨᠠᠮ᠎ᠠ ᠪᠠᠷ ᠶᠠᠭᠤ ᠪᠠᠨ ᠬᠢᠬᠦ ᠯᠡ ᠪᠣᠢ 

ᠥᠰᠦᠭᠰᠡᠨ ᠬᠣᠱᠢᠭᠤ ᠮᠢᠨᠢ ᠤᠷᠠᠳ ᠤ᠋ᠨ ᠬᠤᠱᠢᠭᠤᠨ ᠳ᠋ᠤ᠌
ᠦᠭᠭᠦᠭᠰᠡᠨ ᠬᠣᠱᠢᠭᠤ ᠮᠢᠨᠢ ᠳᠠᠯᠠᠳ ᠤ᠋ᠨ ᠬᠤᠱᠢᠭᠤᠨ ᠳ᠋ᠤ᠌
ᠥᠯᠥᠭᠡᠢ ᠨᠤᠲᠤᠭ ᠮᠢᠨᠢ ᠠᠭᠤᠳᠠᠮ ᠳᠡᠯᠭᠡᠷ ᠪᠠᠢᠨ᠎ᠠ
ᠥᠨᠥᠴᠢᠨ ᠨᠠᠮ᠎ᠠ ᠪᠠᠨ ᠶᠠᠭᠤᠨ ᠳ᠋ᠠᠭᠠᠨ ᠦᠭᠭᠦᠭᠰᠡᠨ ᠶᠦ᠍ᠮ

ᠬᠣᠷᠢᠨ ᠬᠥᠮᠦᠨ ᠢ᠋ᠶ᠋ᠡᠷ ᠬᠡᠯᠡᠯᠴᠡᠭᠦᠯᠵᠦ
ᠬᠣᠶᠠᠷ ᠬᠣᠱᠢᠭᠤ ᠪᠠᠷ ᠬᠦᠷᠭᠡᠭᠦᠯᠦᠭᠰᠡᠨ ᠶᠦ᠍ᠮ
ᠬᠤᠸᠠ ᠮᠣᠷᠢᠨ ᠢᠨᠵᠢ ᠲᠡᠢ ᠢᠷᠡᠭᠰᠡᠨ ᠶᠦ᠍ᠮ
ᠬᠣᠶᠠᠷ ᠥᠬᠢᠨ ᠳᠠᠭᠠᠯ ᠲᠠᠢ ᠢᠷᠡᠭᠰᠡᠨ ᠶᠦ᠍ᠮ

ᠠᠯᠠᠭ ᠶᠣ ᠮᠣᠷᠢᠨ ᠤ᠋ ᠢᠨᠵᠢ ᠲᠡᠢ ᠢᠷᠡᠭᠰᠡᠨ ᠶᠦ᠍ᠮ
ᠠᠯᠠᠭ ᠶᠣ ᠦᠷ᠎ᠡ ᠶ᠋ᠢᠨ ᠳᠠᠭᠠᠯ ᠲᠠᠢ ᠢᠷᠡᠭᠰᠡᠨ ᠶᠦ᠍ᠮ
ᠠᠮᠠᠷᠠᠭ ᠯᠠ ᠪᠠᠭ᠎ᠠ ᠶ᠋ᠢᠨ ᠨᠠᠰᠤ ᠪᠠᠢᠨ᠎ᠠ
ᠠᠮᠢᠳᠤ ᠶᠠᠪᠤᠬᠤ ᠶ᠋ᠢᠨ ᠢᠷᠦᠭᠡᠯ ᠪᠠᠢᠨ᠎ᠠ ᠤᠤ ᠳ᠋ᠣᠤ

ᠮᠢᠩᠭᠠᠨ ᠯᠠᠩ ᠤ᠋ᠨ ᠪᠡᠶ᠎ᠡ ᠶ᠋ᠢ ᠮᠢᠨᠢ
ᠮᠥᠩᠭᠥᠨ ᠵᠡᠭᠦᠦ ᠪᠡᠷ ᠬᠠᠳᠭᠤᠭᠠᠳ ᠪᠠᠢᠨ᠎ᠠ
ᠢᠨᠵᠢ ᠳ᠋ᠦ᠍ ᠢᠷᠡᠭᠰᠡᠨ ᠬᠡᠦᠬᠡᠨ ᠦᠷ᠎ᠡ ᠮᠢᠨᠢ
ᠨᠠᠮᠠᠶ᠋ᠢ ᠬᠠᠷᠠᠭᠠᠳ ᠮᠡᠯᠮᠡᠷᠡᠭᠦᠯᠦᠨ᠎ᠡ

ᠲᠦᠮᠡᠨ ᠯᠠᠩ ᠤ᠋ᠨ ᠪᠡᠶ᠎ᠡ ᠶ᠋ᠢ ᠮᠢᠨᠢ
ᠲᠡᠮᠦᠷ ᠵᠡᠭᠦᠦ ᠪᠡᠷ ᠬᠠᠳᠭᠤᠭᠠᠳ ᠪᠠᠢᠨ᠎ᠠ
ᠢᠨᠵᠢ ᠳ᠋ᠦ᠍ ᠢᠷᠡᠭᠰᠡᠨ ᠬᠡᠦᠬᠡᠨ ᠦᠷ᠎ᠡ ᠮᠢᠨᠢ
ᠨᠠᠮᠠᠶ᠋ᠢ ᠬᠠᠷᠠᠭᠠᠳ ᠮᠡᠯᠮᠡᠷᠡᠭᠦᠯᠦᠨ᠎ᠡ

ᠳᠠᠷᠤᠯᠠᠯ ᠵᠣᠪᠠᠯᠠᠩ ᠤ᠋ᠨ ᠳᠠᠯᠠᠢ ᠪᠠᠢᠨ᠎ᠠ
ᠠᠷᠪᠠᠨ ᠨᠠᠢ᠍ᠮᠠᠨ ᠵᠢᠯ ᠲᠡᠢ ᠱᠢᠦ
ᠠᠪᠤᠷᠠᠵᠤ ᠠᠪᠬᠤ ᠬᠥᠮᠦᠨ ᠪᠠᠢᠨ᠎ᠠ ᠤᠤ
ᠠᠮᠢᠳᠤ ᠶᠠᠪᠤᠬᠤ ᠶ᠋ᠢᠨ ᠢᠷᠦᠭᠡᠯ ᠪᠠᠢᠨ᠎ᠠ ᠤᠤ

ᠬᠣᠶᠠᠷᠲᠠ ᠰᠠᠨᠠᠭᠰᠠᠨ ᠰᠠᠨᠠᠭ᠎ᠠ ᠮᠢᠨᠢ ᠳ᠋ᠣᠣ
ᠬᠣᠶᠠᠷ ᠪᠣᠭᠳᠠ ᠶ᠋ᠢᠨ ᠥᠪᠥᠷ ᠲᠦ᠍ ᠯᠡ ᠱᠢᠦ
ᠬᠣᠩᠭᠣᠷ ᠨᠥᠬᠥᠷ ᠦ᠋ᠨ ᠮᠢᠨᠢ ᠰᠠᠭᠤᠭᠰᠠᠨ ᠭᠠᠵᠠᠷ
ᠬᠣᠢᠨ᠎ᠠ ᠵᠦᠭ ᠲᠦ᠍ ᠯᠡ ᠪᠠᠢᠨ᠎ᠠ ᠱᠢᠦ ᠳ᠋ᠣᠣ

ᠤᠳᠠᠨ ᠤᠳᠠᠨ ᠪᠠᠢᠬᠤᠯᠠᠷ
ᠤᠬᠠᠭ᠎ᠠ ᠮᠡᠳᠡᠷᠡᠯ ᠮᠢᠨᠢ ᠠᠯᠳᠠᠭᠳᠠᠬᠤ ᠯᠠ ᠶᠤᠮ
ᠤᠶᠠᠬᠠᠨ ᠲᠥᠷᠥᠭᠰᠡᠨ ᠪᠡᠶ᠎ᠡ ᠯᠡ ᠮᠢᠨᠢ
ᠤᠲᠠᠰᠤ ᠮᠡᠲᠦ ᠬᠡᠪᠡᠷᠡᠭ ᠪᠠᠢᠨ᠎ᠠ ᠱᠢᠦ ᠳ᠋ᠣᠣ