ᠬᠥᠬᠡ ᠰᠤᠳᠤᠷ - ᠢᠨᠵᠠᠨᠨᠠᠰᠢ < ᠲᠠᠪᠢᠳᠤᠭᠠᠷ ᠪᠦᠯᠦᠭ > Хөх судар - Инжинаш < Тавьдугаар бүлэг >
ᠰᠢᠷ᠎ᠠ ᠪᠠᠷᠰ ᠵᠢᠯ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠠᠷᠪᠠᠨ ᠭᠤᠷᠪᠠᠳᠤᠭᠠᠷ ᠣᠨ᠂
ᠰᠥᠩ ᠤᠯᠤᠰ ᠤ᠋ᠨ ᠨᠢᠩᠽᠦᠶ᠋ᠩ ᠬᠠᠭᠠᠨ ᠤ᠋ ᠵᠢᠶᠠ ᠳ᠋ᠢᠩ ᠦ᠋ᠨ ᠠᠷᠪᠠᠨ ᠨᠢᠭᠡᠳᠦᠭᠡᠷ ᠣᠨ᠂
ᠠᠯᠲᠠᠨ ᠤᠯᠤᠰ ᠤ᠋ᠨ ᠰᠢᠤᠸᠠᠨᠽᠦᠶ᠋ᠩ ᠦ᠋ᠨ ᠰᠢᠩ ᠳ᠋ᠢᠩ ᠦ᠋ᠨ ᠬᠣᠶᠠᠳᠤᠭᠠᠷ ᠣᠨ
ᠲᠡᠢᠰᠢ ᠭᠦᠸᠧ ᠸᠠᠩ ᠮᠤᠬᠤᠯᠢ ᠠᠯᠲᠠᠨ ᠤᠯᠤᠰ ᠤ᠋ᠨ ᠳᠣᠯᠣᠭᠠᠨ ᠬᠣᠲᠠᠨ ᠢ᠋ ᠠᠪᠤᠪᠠ
ᠲᠠᠢᠽᠢ ᠴᠢᠨ ᠸᠠᠩ ᠴᠠᠭᠠᠲᠠᠢ ᠰᠢᠶᠠ ᠤᠯᠤᠰ ᠤ᠋ᠨ ᠵᠠᠭᠤᠨ ᠲᠦᠰᠢᠮᠡᠳ ᠢ᠋ ᠵᠠᠨᠴᠢᠪᠠ
ᠲᠡᠨᠳᠡᠴᠡ ᠮᠤᠬᠤᠯᠢ ᠤᠯᠤᠰ ᠲᠤᠷ ᠢ᠋ᠶ᠋ᠠᠨ ᠡᠭᠡᠭᠰᠡᠨ ᠦᠭᠡᠢ ᠡᠮᠦᠨ᠎ᠡ ᠶ᠋ᠢ ᠳᠠᠢᠯᠠᠨ ᠶᠠᠪᠤᠵᠤ᠂ ᠴᠠᠭᠠᠯᠠᠬᠤ ᠥᠷᠯᠥᠭᠡ ᠳᠡᠭᠦᠦ ᠢᠨᠦ ᠳᠠᠢᠰᠣᠨᠳᠠᠷᠤᠭᠴᠢ᠂ ᠬᠥᠪᠡᠭᠦᠨ ᠢᠨᠦ ᠪᠤᠯᠤ ᠨᠠᠷ ᠢᠷᠡᠵᠦ ᠬᠠᠭᠠᠨ ᠤ᠋ ᠰᠢᠨ᠎ᠡ ᠵᠢᠯ ᠦ᠋ᠨ ᠠᠮᠤᠭᠤᠯᠠᠩ ᠢ᠋ ᠠᠢᠯᠠᠳᠬᠠᠵᠤ᠂ ᠡᠮᠦᠨ᠎ᠡ ᠵᠦᠭ ᠦ᠋ᠨ ᠠᠪᠤᠭᠰᠠᠨ ᠬᠣᠲᠠᠨ ᠪᠠ ᠬᠣᠷᠣᠭ᠎ᠠ ᠵᠧᠦ ᠵᠢᠶᠦ᠋ᠨ ᠦ᠌ ᠲᠣᠭ᠎ᠠ ᠳᠠᠩᠰᠠ ᠶ᠋ᠢ ᠡᠷᠭᠦᠵᠦᠬᠦᠢ᠃ ᠬᠠᠭᠠᠨ ᠴᠠᠭᠠᠯᠠᠬᠤ ᠰᠢᠨ᠎ᠡ ᠶ᠋ᠢᠨ ᠱᠠᠩ ᠢ᠋ ᠥᠭᠴᠦ ᠢᠯᠡᠭᠡᠲᠡᠯ᠎ᠡ ᠯᠢᠶᠣᠣ ᠳ᠋ᠦᠩ ᠦ᠋ᠨ ᠲᠡᠨᠳᠡ ᠡᠴᠡ ᠳᠣᠷᠣᠨᠠᠲᠤ ᠰᠢᠶᠠ ᠬᠢᠭᠡᠳ ᠬᠢᠳᠠᠨ᠂ ᠰᠣᠯᠣᠩᠭᠣᠰ ᠡᠨᠡ ᠭᠤᠷᠪᠠᠨ ᠤᠯᠤᠰ ᠤ᠋ᠨ ᠴᠡᠷᠢᠭ ᠪᠦᠷᠢᠨ ᠪᠣᠯᠤᠭᠰᠠᠨ ᠢ᠋ᠶ᠋ᠠᠨ ᠠᠢᠯᠠᠳᠬᠠᠨ ᠢᠯᠡᠭᠡᠭᠰᠡᠨ ᠳ᠋ᠦ᠍ ᠬᠠᠭᠠᠨ ᠬᠠᠵᠤᠰᠢᠯ ᠤ᠋ᠨ ᠠᠷᠪᠠᠨ ᠲᠦᠮᠡᠨ ᠴᠡᠷᠢᠭ ᠬᠢᠭᠡᠳ ᠰᠢᠶᠠ ᠤᠯᠤᠰ ᠤ᠋ᠨ ᠯᠢ ᠽᠦᠨ ᠰᠢᠦᠢ ᠶ᠋ᠢᠨ ᠴᠡᠷᠢᠭ ᠢ᠋ ᠣᠷᠣ ᠭᠡᠮᠡᠨ ᠵᠠᠷᠯᠢᠭ ᠪᠠᠭᠤᠯᠭᠠᠪᠠ᠃
ᠲᠡᠳᠦᠢ ᠬᠠᠵᠤᠰᠢᠯ ᠤ᠋ᠨ ᠳᠣᠣᠷ᠎ᠠ ᠳ᠋ᠠᠳᠠᠳᠤᠩᠭ᠎ᠠ ᠶ᠋ᠢᠨ ᠬᠥᠪᠡᠭᠦᠨ ᠳ᠋ᠦᠩ ᠵᠢᠶᠦ᠋ᠨ᠂ ᠭᠢᠯᠬᠣᠢ᠂ ᠰᠠᠢᠨ ᠮᠣᠬᠣ᠂ ᠲᠡᠰᠬᠡᠯ ᠪᠠᠷᠰ ᠳᠥᠷᠪᠡᠨ ᠵᠠᠩᠵᠤᠨ ᠢ᠋ ᠬᠠᠪᠰᠤᠷᠤᠭᠤᠯᠤᠨ ᠢᠯᠡᠭᠡᠪᠡ᠃ ᠬᠠᠵᠤᠰᠢᠯ ᠳᠥᠷᠪᠡᠨ ᠵᠠᠩᠵᠤᠨ ᠢ᠋ ᠠᠪᠴᠤ ᠬᠣᠢᠲᠤ ᠵᠠᠮ ᠢ᠋ᠶ᠋ᠠᠷ ᠣᠷᠣᠵᠤ ᠶᠧ ᠯᠢᠦᠢ ᠯᠢᠦ ᠭᠧ ᠶ᠋ᠢᠨ ᠬᠣᠪᠢᠨ ᠤ᠋ ᠴᠡᠷᠢᠭ᠂ ᠪᠠᠰᠠ ᠬᠢᠳᠠᠨ ᠤ᠋ ᠯᠦ ᠭᠧ ᠶ᠋ᠢᠨ ᠴᠡᠷᠢᠭ᠂ ᠳᠣᠷᠣᠨ᠎ᠠ ᠰᠢᠶᠠ ᠤᠯᠤᠰ ᠤ᠋ᠨ ᠴᠡᠷᠢᠭ᠂ ᠪᠠᠰᠠ ᠰᠣᠯᠣᠩᠭᠣᠰ ᠤᠯᠤᠰ ᠤ᠋ᠨ ᠬᠠᠪᠰᠤᠷᠬᠤ ᠳᠥᠴᠢᠨ ᠲᠦᠮᠡᠨ ᠴᠡᠷᠢᠭ ᠨᠡᠢᠲᠡ ᠨᠠᠶᠠᠨ ᠲᠦᠮᠡᠨ ᠴᠡᠷᠢᠭ ᠢ᠋ ᠠᠪᠴᠤ ᠰᠢᠶᠠᠨ ᠱᠧ ᠶ᠋ᠢᠨ ᠰᠠᠭᠤᠭᠰᠠᠨ ᠬᠣᠲᠠᠨ ᠢ᠋ ᠨᠠᠢ᠍ᠮᠠᠨ ᠳᠠᠪᠬᠤᠷ ᠬᠠᠭᠠᠵᠤ ᠪᠠᠭᠤᠪᠠ᠃ ᠰᠢᠶᠠᠨ ᠱᠧ ᠰᠠᠨᠠᠭᠠᠨ ᠳ᠋ᠤᠷ ᠦᠭᠡᠢ ᠪᠠᠢᠭᠰᠠᠨ ᠲᠤᠯᠠ ᠶᠡᠬᠡᠯ᠎ᠡ ᠭᠡᠯᠮᠡᠵᠦ ᠶᠠᠭᠠᠷᠠᠨ ᠬᠣᠲᠠ ᠶ᠋ᠢᠨ ᠠᠰᠠᠷ ᠲᠤᠷ ᠠᠪᠠᠷᠢᠵᠤ ᠦᠵᠡᠬᠦᠯ᠎ᠡ᠂ ᠳᠥᠷᠪᠡᠨ ᠵᠦᠭ ᠦ᠋ᠨ ᠴᠡᠷᠢᠭ ᠪᠦᠰᠡᠯᠡᠭᠰᠡᠨ ᠢᠨᠦ ᠵᠢᠭᠦᠷ ᠤᠷᠭᠤᠪᠠᠴᠤ ᠭᠠᠷᠬᠤᠶ᠎ᠠ ᠪᠡᠷᠬᠡ᠃ ᠳᠠᠷᠤᠢ ᠠᠰᠠᠷ ᠠ᠋ᠴᠠ ᠪᠠᠨ ᠪᠠᠭᠤᠵᠤ ᠭᠡᠷ ᠲᠡᠭᠡᠨ ᠡᠭᠡᠵᠦ ᠣᠯᠠᠨ ᠲᠦᠰᠢᠮᠡᠳ ᠢ᠋ ᠴᠤᠭᠯᠠᠭᠤᠯᠵᠤ ᠥᠭᠦᠯᠡᠷᠦᠨ :《ᠪᠢ ᠤᠭ ᠠ᠋ᠴᠠ ᠶᠧ ᠯᠢᠦᠢ ᠯᠢᠦ ᠭᠧ ᠶ᠋ᠢ ᠦᠬᠦᠪᠡ ᠭᠡᠮᠡᠨ ᠴᠢᠨᠣ᠎ᠠ ᠳ᠋ᠤᠷ ᠮᠡᠬᠡᠯᠡᠭᠳᠡᠵᠦ ᠤᠷᠪᠠᠭᠰᠠᠨ ᠮᠢᠨᠦ ᠦᠨᠡᠨ᠂ ᠡᠳᠦᠭᠡ ᠶᠠᠭᠤᠨ ᠢ᠋ ᠬᠡᠯᠡᠪᠡᠴᠦ ᠪᠡᠷᠬᠡ ᠲᠤᠯᠠ ᠲᠠ ᠰᠡᠳᠬᠢᠯ ᠢ᠋ᠶ᠋ᠡᠨ ᠰᠤᠯᠠ ᠲᠠᠯᠪᠢᠵᠤ᠂ ᠭᠤᠷᠪᠠᠨ ᠬᠣᠨᠣᠭ ᠤ᠋ᠨ ᠡᠴᠦᠰ ᠳᠠᠭᠠᠮᠤᠢ ᠭᠡᠮᠡᠨ ᠬᠣᠲᠠᠨ ᠢ᠋ ᠪᠠᠢᠯᠳᠤᠬᠤᠢ ᠶ᠋ᠢ ᠵᠣᠭᠰᠣᠭ᠎ᠠ᠃ ᠪᠢ ᠳᠠᠭᠠᠬᠤᠢ ᠳ᠋ᠤᠷ ᠠᠶᠤᠬᠤ ᠦᠭᠡᠢ ᠤᠴᠠᠷᠠᠬᠤᠢ ᠳ᠋ᠤᠷ ᠢᠴᠢᠩᠭᠦᠷᠡᠬᠦ ᠪᠣᠯᠠᠢ᠃ ᠮᠢᠨᠦ ᠪᠡᠶ᠎ᠡ ᠲᠡᠭᠦᠨ ᠳ᠋ᠦ᠍ᠷ ᠦᠯᠦ ᠪᠠᠷᠢᠭᠳᠠᠮᠤᠢ ᠭᠡᠮᠡᠨ ᠠᠷᠢᠬᠢ ᠪᠠᠨ ᠤᠤᠭᠤᠵᠤ ᠡᠬᠢᠯᠡᠪᠡ᠃ ᠣᠯᠠᠨ ᠴᠡᠷᠢᠭ ᠬᠣᠲᠠ ᠲᠣᠭᠣᠷᠢᠨ ᠤᠬᠢᠯᠠᠵᠤ ᠬᠣᠶᠠᠷ ᠡᠳᠦᠷ ᠦ᠋ᠨ ᠰᠥᠨᠢ ᠳᠦᠯᠢ ᠪᠣᠯᠤᠭᠰᠠᠨ ᠦᠭᠡᠢ ᠳᠤᠮᠳᠠᠳᠤ ᠶᠠᠮᠤᠨ ᠳ᠋ᠤᠷ ᠤᠬᠢᠯᠠᠯᠳᠤᠨ ᠡᠭᠦᠰᠬᠡᠪᠡ᠃ ᠵᠢᠴᠢ ᠡᠳᠦᠷ ᠲᠡᠭᠷᠢ ᠭᠡᠭᠡᠷᠡᠭᠰᠡᠨ ᠬᠣᠢᠨ᠎ᠠ ᠰᠢᠶᠠᠨ ᠱᠧ ᠶ᠋ᠢᠨ ᠶᠠᠰᠤᠨ ᠢ᠋ ᠠᠪᠰᠠ ᠳ᠋ᠤᠷ ᠬᠢᠵᠦ ᠲᠠᠩᠬᠢᠮ ᠳ᠋ᠤᠷ ᠲᠠᠯᠪᠢᠭᠰᠠᠨ ᠢ᠋ ᠬᠠᠮᠤᠭ ᠣᠯᠠᠨ ᠴᠡᠷᠢᠭ ᠰᠣᠨᠣᠰᠴᠤ ᠪᠠᠰᠠ ᠬᠣᠲᠠᠨ ᠢ᠋ ᠪᠠᠢᠯᠳᠤᠬᠤ ᠭᠠᠯ ᠤᠰᠤ ᠮᠡᠲᠦ ᠲᠦᠷᠭᠡᠨ ᠳ᠋ᠦ᠍ᠷ ᠵᠠᠭᠤᠨ ᠣᠪᠣᠭᠲᠠᠨ ᠶᠡᠬᠡᠯ᠎ᠡ ᠠᠶᠤᠯᠳᠤᠵᠤ᠂ ᠶᠠᠭᠠᠷᠠᠨ ᠰᠢᠶᠠᠨ ᠱᠧ ᠶ᠋ᠢᠨ ᠪᠣᠭᠣᠮᠢᠯᠠᠨ ᠦᠬᠦᠭᠰᠡᠨ ᠤᠴᠢᠷ ᠢ᠋ ᠬᠡᠯᠡᠵᠦ ᠬᠠᠭᠠᠯᠭ᠎ᠠ ᠨᠡᠭᠡᠭᠡᠵᠦ ᠳᠠᠭᠠᠪᠠ᠃ ᠶᠧ ᠯᠢᠦᠢ ᠯᠢᠦ ᠭᠧ᠂ ᠯᠢᠶᠣᠣ ᠳ᠋ᠦᠩ ᠦ᠋ᠨ ᠬᠠᠷᠢᠶᠠᠲᠤ ᠭᠠᠵᠠᠷ ᠪᠠ ᠴᠡᠷᠢᠭ ᠢᠷᠭᠡᠨ ᠢ᠋ᠶ᠋ᠡᠨ ᠢᠯᠳᠦᠨ ᠳ᠋ᠦ᠍ᠷ ᠴᠢᠰᠤ ᠨᠠᠭᠠᠯᠳᠤᠭᠤᠯᠤᠯ ᠦᠭᠡᠢ ᠪᠡᠷ ᠪᠦᠷᠢᠨ᠎ᠡ ᠣᠯᠵᠤ᠂ ᠰᠢ ᠯᠦ᠍ ᠬᠣᠲᠠᠨ ᠳ᠋ᠤᠷ ᠣᠯᠠᠨ ᠢ᠋ ᠨᠡᠭᠦᠯᠭᠡᠨ ᠰᠠᠭᠤᠯᠭᠠᠵᠤ᠂ ᠶᠡᠬᠡ ᠬᠤᠷᠢᠮ ᠬᠤᠷᠢᠮᠯᠠᠵᠤ ᠲᠡᠷᠢᠭᠦᠨ ᠰᠠᠭᠤᠳᠠᠯ ᠳ᠋ᠤᠷ ᠮᠣᠩᠭᠣᠯ ᠤ᠋ᠨ ᠬᠠᠭᠠᠨ ᠤ᠋ ᠡᠯᠴᠢ ᠬᠠᠵᠤᠰᠢᠯ ᠢ᠋ ᠰᠠᠭᠤᠯᠭᠠᠵᠤ᠂ ᠭᠤᠷᠪᠠᠨ ᠵᠡᠷᠭᠡ ᠠᠷᠢᠬᠢ ᠲᠣᠭᠣᠷᠢᠵᠤ ᠲᠠᠪᠤᠨ ᠵᠡᠷᠭᠡ ᠵᠠᠭᠤᠰᠢ ᠭᠠᠷᠤᠭᠰᠠᠨ ᠬᠣᠢᠨ᠎ᠠ᠂ ᠳᠥᠷᠪᠡᠨ ᠤᠯᠤᠰ ᠤ᠋ᠨ ᠴᠡᠷᠢᠭ ᠦ᠋ᠨ ᠡᠵᠡᠳ ᠦ᠋ᠨ ᠵᠦᠭ ᠥᠭᠦᠯᠡᠷᠦᠨ᠄《 ᠮᠤᠩᠬᠠᠭ ᠪᠢ ᠲᠥᠷᠥᠯᠬᠢ ᠪᠣᠯᠬᠢ ᠪᠢᠲᠡᠭᠦᠯᠢᠭ᠂ ᠰᠠᠨᠠᠭᠠᠨ ᠴᠢᠬᠡ᠂ ᠪᠣᠳᠣᠯᠭ᠎ᠠ ᠭᠦᠶᠦᠬᠡᠨ᠂ ᠭᠠᠭᠴᠠ ᠣᠯᠠᠨ ᠪᠠᠭᠰᠢ ᠨᠥᠬᠥᠳ ᠦ᠋ᠨ ᠰᠤᠷᠭᠠᠯ ᠢ᠋ ᠬᠢᠴᠢᠶᠡᠨ ᠰᠣᠨᠣᠰᠳᠠᠭ ᠲᠤᠯᠠ ᠥᠨᠥ ᠦᠨᠡᠨ ᠡᠵᠡᠨ ᠢ᠋ ᠣᠯᠵᠤ ᠦᠢᠯᠡᠴᠢᠯᠡᠭᠰᠡᠨ ᠢ᠋ᠶ᠋ᠡᠷ ᠰᠡᠳᠬᠢᠭᠰᠡᠨ ᠪᠦᠬᠦᠨ ᠮᠢᠨᠦ ᠬᠡᠳᠦᠢᠪᠡᠷ ᠪᠦᠲᠦᠭᠰᠡᠨ ᠪᠣᠯᠪᠠᠴᠤ ᠪᠢ ᠤᠭ ᠠ᠋ᠴᠠ ᠨᠢᠭᠡᠨ ᠰᠤᠯᠠ ᠢᠷᠭᠡᠨ ᠪᠥᠯᠥᠭᠡ᠃ ᠶᠠᠭᠠᠬᠢᠨ ᠸᠠᠩ ᠤ᠋ᠨ ᠰᠠᠭᠤᠷᠢᠨ ᠳ᠋ᠤᠷ ᠬᠦᠷᠴᠦ ᠴᠢᠳᠠᠮᠤᠢ ? ᠡᠨᠡ ᠬᠤᠷᠢᠮ ᠤ᠋ᠨ ᠳᠣᠲᠣᠷ᠎ᠠ ᠬᠥᠭᠰᠢᠨ ᠵᠠᠯᠠᠭᠤᠰ ᠪᠦᠷᠢᠨ ᠪᠣᠢ᠂ ᠪᠢ ᠡᠨᠡ ᠡᠳᠦᠷ ᠨᠢᠭᠡᠨ ᠦᠭᠡ ᠬᠡᠯᠡᠰᠦᠭᠡᠢ᠂ ᠬᠣᠷᠢᠨ ᠣᠨ ᠤ᠋ ᠳᠣᠲᠣᠷ᠎ᠠ ᠨᠠᠮᠠᠶ᠋ᠢ ᠨᠢᠭᠡᠨ ᠪᠢᠰᠢᠷᠡᠭᠴᠢᠳ ᠭᠠᠷᠤᠮᠤᠢ᠂ ᠮᠠᠨ ᠤ᠋ ᠡᠨᠡ ᠴᠢᠩᠭᠢᠰ ᠬᠠᠭᠠᠨ ᠬᠡᠮᠡᠭᠴᠢ ᠲᠠᠪᠤᠨ ᠮᠢᠩᠭᠠᠨ ᠣᠨ ᠤ᠋ ᠳᠣᠲᠣᠷ᠎ᠠ ᠨᠢᠭᠡᠨ ᠤᠳᠠᠭ᠎ᠠ ᠭᠠᠷᠬᠤ ᠲᠡᠭᠷᠢ ᠪᠤᠶᠤ᠃ ᠲᠡᠭᠦᠨ ᠳ᠋ᠦ᠍ᠷ ᠰᠥᠷᠦᠭᠰᠡᠨ ᠬᠥᠮᠦᠨ ᠠᠮᠢᠲᠠᠨ ᠢ᠋ ᠴᠦ᠍ ᠪᠠᠢᠲᠤᠭᠠᠢ᠂ ᠲᠡᠭᠦᠨ ᠳ᠋ᠦ᠍ᠷ ᠰᠥᠷᠦᠭᠰᠡᠨ ᠠᠭᠤᠯᠠ ᠬᠠᠳᠠ ᠴᠤ᠌ ᠡᠪᠳᠡᠷᠡᠬᠦ ᠶᠣᠰᠣᠲᠠᠢ᠃ ᠡᠳᠦᠭᠡ ᠳᠡᠯᠡᠬᠡᠢ ᠳᠡᠭᠡᠷᠡᠬᠢ ᠦᠯᠡᠳᠡᠭᠰᠡᠨ ᠥᠴᠦᠬᠡᠨ ᠤᠯᠤᠰ ᠡᠴᠦᠰ ᠲᠦ᠍ᠷ ᠴᠥᠮ ᠭᠠᠷᠴᠤ ᠴᠢᠳᠠᠬᠤ ᠦᠭᠡᠢ᠃ ᠮᠠᠨ ᠤ᠋ ᠯᠢᠶᠣᠣ ᠤᠯᠤᠰ ᠲᠤᠷ ᠪᠤᠷᠬᠠᠨ ᠤ᠋ ᠱᠠᠰᠢᠨ ᠳᠡᠯᠭᠡᠷᠡᠭᠰᠡᠨ ᠲᠤᠯᠠ ᠲᠡᠭᠦᠨ ᠳ᠋ᠦ᠍ᠷ ᠬᠠᠷᠰᠢᠯ ᠦᠭᠡᠢ ᠪᠣᠯᠠᠢ᠃ ᠨᠢᠭᠡᠨ ᠦᠶ᠎ᠡ ᠪᠤᠷᠬᠠᠨ ᠪᠣᠯᠪᠠᠰᠤ ᠶᠢᠰᠦᠨ ᠤᠭᠰᠠᠭ᠎ᠠ ᠲᠡᠭᠷᠢ ᠳ᠋ᠦ᠍ᠷ ᠲᠥᠷᠥᠮᠦᠢ ᠬᠡᠮᠡᠭᠰᠡᠨᠴᠢᠯᠡᠨ᠂ ᠡᠨᠡ ᠨᠢᠭᠡᠨ ᠴᠢᠩ ᠦᠨᠡᠨᠴᠢ ᠪᠣᠭᠳᠠ ᠪᠠᠭᠠᠲᠤᠷ ᠭ᠍ᠡᠷᠪᠠᠰᠤ ᠶᠢᠰᠦᠨ ᠦᠶ᠎ᠡ ᠲᠡᠭᠷᠢ ᠶ᠋ᠢᠨ ᠬᠥᠪᠡᠭᠦᠨ ᠪᠣᠯᠤᠮᠤᠢ ᠬᠡᠮᠡᠮᠦᠢ᠃ ᠡᠰᠡ ᠮᠡᠳᠡᠭᠴᠢᠳ ᠨᠠᠮᠠᠶ᠋ᠢ ᠪᠢᠯᠳᠠᠤᠴᠢ ᠲᠠᠰᠢᠮᠠᠭᠠᠢ ᠬᠡᠮᠡᠮᠦᠢ᠂ ᠴᠣᠬᠣᠮ ᠮᠡᠳᠡᠭᠴᠢᠳ ᠨᠠᠮᠠᠶ᠋ᠢ ᠬᠢᠴᠢᠶᠡᠩᠭᠦᠢ ᠬᠢᠨᠠᠮᠠᠭᠠᠢ ᠬᠡᠮᠡᠮᠦᠢ᠂ ᠬᠥᠮᠦᠨ ᠪᠣᠯᠤᠭᠰᠠᠨ ᠪᠦᠬᠦᠨ ᠥᠪᠡᠷ ᠦ᠋ᠨ ᠪᠡᠶ᠎ᠡ ᠶ᠋ᠢ ᠬᠥᠮᠦᠨ ᠦ᠌ ᠳᠣᠣᠷ᠎ᠠ ᠪᠣᠯᠰᠤᠭᠠᠢ ᠬᠡᠮᠡᠭᠴᠢᠳ ᠨᠢᠭᠡᠨ ᠴᠦ᠍ ᠦᠭᠡᠢ ᠪᠣᠯᠠᠢ᠃ ᠪᠢ ᠶᠠᠭᠤᠨ ᠳ᠋ᠤᠷ ᠣᠨᠴᠠ ᠪᠣᠭᠣᠯ ᠪᠣᠯᠬᠤ ᠳᠤᠷ᠎ᠠ ᠲᠠᠢ ᠪᠣᠢ᠂ ᠭᠠᠭᠴᠠ ᠲᠡᠭᠷᠢ ᠳ᠋ᠦ᠍ᠷ ᠰᠥᠷᠴᠦ ᠪᠡᠶ᠎ᠡ ᠪᠤᠰᠠᠨᠢᠵᠤ ᠤᠯᠤᠰ ᠮᠥᠬᠥᠬᠦ ᠡᠴᠡ ᠪᠡᠨ ᠠᠶᠤᠭᠰᠠᠨ ᠪᠣᠯᠠᠢ᠃ ᠡᠨᠡ ᠳᠠᠷᠤᠢ ᠮᠢᠨᠦ ᠲᠤᠢᠯ ᠤ᠋ᠨ ᠦᠭᠡ ! 》 ᠬᠡᠮᠡᠭᠰᠡᠨ ᠳ᠋ᠦ᠍ᠷ ᠳᠣᠷᠣᠨ᠎ᠠ ᠶ᠋ᠢᠨ ᠰᠢᠶᠠ ᠤᠯᠤᠰ᠂ ᠰᠣᠯᠣᠩᠭᠣᠰ ᠤᠯᠤᠰ ᠴᠥᠮ ᠳᠠᠭᠠᠬᠤ ᠰᠡᠳᠬᠢᠯ ᠲᠥᠷᠥᠪᠡ᠃ ᠭᠠᠭᠴᠠ ᠬᠢᠳᠠᠨ ᠤᠯᠤᠰ ᠤ᠋ᠨ ᠡᠵᠡᠨ ᠯᠦ᠍ ᠭᠧ ᠶᠤᠸᠠᠨᠱᠤᠸᠠᠢ ᠳᠣᠲᠣᠷ᠎ᠠ ᠪᠠᠨ ᠰᠥᠷᠬᠦ ᠰᠡᠳᠬᠢᠯ ᠪᠠᠷᠢᠪᠠ᠃ ᠲᠡᠳᠦᠢ ᠬᠠᠵᠤᠰᠢᠯ ᠥᠭᠦᠯᠡᠷᠦᠨ : 《ᠶᠡᠬᠡ ᠸᠠᠩ ᠡᠵᠡᠨ ᠢ᠋ ᠡᠷᠭᠦᠨ ᠬᠡᠯᠡᠬᠦ ᠶ᠋ᠢᠨ ᠲᠡᠳᠦᠢ ᠪᠣᠢ ᠶᠠ᠂ ᠮᠠᠨ ᠤ᠋ ᠡᠵᠡᠨ ᠦᠨᠡᠨ ᠳ᠋ᠦ᠍ᠷ ᠰᠡᠳᠬᠢᠯ ᠪᠠ ᠵᠠᠷᠯᠢᠭ ᠨᠢᠭᠡᠨ ᠠᠳᠠᠯᠢ ᠠᠨᠤ ᠦᠨᠡᠨ ᠂ ᠭᠠᠳᠠᠭᠠᠳᠤ ᠤᠯᠤᠰ ᠶᠠᠭᠤᠲᠠᠢ ᠨᠠᠮ ᠬᠡᠮᠡᠭᠳᠡᠬᠦ ᠦᠭᠡᠢ ᠪᠣᠢ ! 》ᠭᠡᠮᠡᠨ ᠣᠯᠠᠨ ᠵᠣᠴᠢᠳ ᠢ ᠱᠠᠭᠠᠷᠳᠠᠨ ᠤᠤᠭᠤᠯᠴᠠᠬᠤᠢ ᠳ᠋ᠤᠷ ᠶᠧ ᠯᠢᠦᠢ ᠯᠢᠦ ᠭᠧ ᠪᠠᠰᠠ ᠥᠭᠦᠯᠡᠷᠦᠨ : 《ᠬᠠᠷᠠᠬᠠᠨ ᠡᠮᠦᠨᠡᠲᠦ ᠰᠢᠶᠠ ᠤᠯᠤᠰ ᠤᠭ ᠠ᠋ᠴᠠ ᠶᠡᠬᠡ ᠤᠯᠤᠰ᠂ ᠲᠡᠭᠦᠨ ᠦ᠌ ᠬᠥᠭᠰᠢᠨ ᠡᠵᠡᠨ ᠠᠨ ᠴᠢᠣᠸᠠᠨ ᠰᠠᠨᠠᠭᠠᠨ ᠬᠣᠯᠠ ᠮᠠᠲᠠᠯ ᠦᠯᠡᠮᠵᠢ ᠲᠤᠯᠠ ᠬᠠᠷᠢᠶᠠᠲᠤ ᠤᠯᠤᠰ ᠤ᠋ᠨ ᠶᠡᠬᠡ ᠵᠣᠪᠠᠯᠠᠩ ᠢ᠋ ᠭᠡᠲᠦᠯᠭᠡᠨ ᠴᠢᠳᠠᠭᠰᠠᠨ ᠢ᠋ ᠡᠨᠡ ᠯᠢ ᠽᠦᠨ ᠰᠢᠦᠢ ᠯᠠᠪ ᠡᠪᠳᠡᠵᠦ ᠶᠡᠬᠡ ᠵᠣᠪᠠᠯᠠᠩ ᠪᠣᠯᠭᠠᠮᠤᠢ᠃ ᠡᠨᠡ ᠤᠳᠠᠭ᠎ᠠ ᠡᠰᠡ ᠢᠷᠡᠭᠰᠡᠨ ᠢᠨᠦ ᠬᠠᠭᠠᠨ ᠤ᠋ ᠬᠠᠯᠠᠭᠤᠨ ᠬᠠᠢᠷ᠎ᠠ ᠶ᠋ᠢ ᠶᠡᠬᠡᠳᠡ ᠦᠲᠡᠭᠡᠷᠦᠭᠰᠡᠨ ᠪᠣᠯᠠᠢ᠃ ᠣᠯᠠᠨ ᠵᠠᠯᠠᠭᠤᠰ ᠲᠡᠭᠦᠨ ᠦ᠌ ᠪᠡᠶ᠎ᠡ ᠳ᠋ᠦ᠍ᠷ ᠶᠡᠬᠡ ᠵᠣᠪᠠᠯᠠᠩ ᠪᠣᠯᠬᠤ ᠶ᠋ᠢ ᠦᠵᠡᠭᠳᠡᠬᠦᠢ !》ᠬᠡᠮᠡᠪᠡ᠃
ᠲᠡᠳᠦᠢ ᠯᠢᠶᠣᠣ ᠳ᠋ᠦᠩ ᠦ᠋ᠨ ᠭᠠᠵᠠᠷ ᠨᠢᠭᠡᠨᠲᠡ ᠲᠦᠪᠰᠢᠷᠡᠭᠰᠡᠨ ᠲᠤᠯᠠ ᠣᠯᠠᠨ ᠴᠡᠷᠢᠭ ᠵᠦᠭ ᠪᠦᠷᠢ ᠲᠠᠷᠬᠠᠯᠴᠠᠬᠤᠢ ᠳ᠋ᠤᠷ ᠰᠣᠯᠣᠩᠭᠣᠰ ᠤᠯᠤᠰ ᠤ᠋ᠨ ᠶᠡᠬᠡ ᠶᠤᠸᠠᠨᠱᠤᠸᠠᠢ ᠾᠦᠩ ᠳᠧ ᠰᠢᠦᠸᠠᠨ᠂ ᠳᠣᠷᠣᠨ᠎ᠠ ᠰᠢᠶᠠ ᠤᠯᠤᠰ ᠤ᠋ᠨ ᠶᠡᠬᠡ ᠶᠤᠸᠠᠨᠱᠤᠸᠠᠢ ᠬᠤ᠌ ᠳᠦ ᠬᠣᠶᠠᠭᠤᠯᠠ ᠶᠧ ᠯᠢᠦᠢ ᠯᠢᠦ ᠭᠧ ᠯᠤᠭ᠎ᠠ ᠮᠣᠩᠭᠣᠯ ᠤ᠋ᠨ ᠬᠠᠵᠤᠰᠢᠯ ᠤ᠋ᠨ ᠭᠠᠷ ᠠ᠋ᠴᠠ ᠪᠠᠷᠢᠵᠤ ᠰᠠᠯᠤᠨ ᠲᠦᠪᠳᠡᠬᠦ ᠦᠭᠡᠢ᠃ ᠭᠠᠭᠴᠠ ᠢᠯᠡᠷᠭᠡᠶ᠎ᠡ ᠳᠠᠭᠠᠰᠤᠭᠠᠢ ᠬᠡᠮᠡᠬᠦ ᠦᠭᠡᠰ ᠢ᠋ ᠬᠡᠯᠡᠵᠦ ᠭᠠᠷᠤᠨ ᠴᠢᠳᠠᠬᠤ ᠦᠭᠡᠢ᠃ ᠠᠷᠪᠠᠨ ᠭᠠᠵᠠᠷ ᠤ᠋ᠨ ᠡᠴᠦᠰ ᠬᠦᠷᠲᠡᠯ᠎ᠡ ᠮᠣᠷᠳᠠᠭᠤᠯᠤᠭᠰᠠᠨ ᠳ᠋ᠤᠷ ᠬᠠᠵᠤᠰᠢᠯ ᠮᠥᠨ ᠭᠠᠷ ᠪᠠᠷᠢᠨ ᠥᠭᠦᠯᠡᠷᠦᠨ :《ᠬᠣᠶᠠᠷ ᠶᠡᠬᠡ ᠶᠤᠸᠠᠨᠱᠤᠸᠠᠢ ᠶ᠋ᠢᠨ ᠲᠡᠭᠷᠢ ᠶ᠋ᠢᠨ ᠰᠠᠨᠠᠭᠠᠨ ᠢ ᠤᠬᠠᠭᠰᠠᠨ ᠢ ᠮᠤᠩᠬᠠᠭ ᠪᠢ ᠮᠡᠳᠡᠪᠡ᠃ ᠭᠠᠭᠴᠠ ᠬᠥᠮᠦᠨ ᠦ᠌ ᠲᠦᠰᠢᠮᠡᠯ ᠦ᠋ᠨ ᠬᠡᠯᠡᠵᠦ ᠪᠣᠯᠬᠤ ᠬᠡᠷᠡᠭ ᠪᠤᠰᠤ᠂ ᠪᠢ ᠪᠣᠭᠳᠠ ᠡᠵᠡᠨ ᠳ᠋ᠦ᠍ᠷ ᠬᠢᠨᠠᠨ ᠠᠢᠯᠠᠳᠬᠠᠰᠤᠭᠠᠢ !》ᠬᠡᠮᠡᠭᠡᠳ ᠳᠠᠷᠤᠢ ᠰᠠᠯᠵᠤ ᠡᠴᠢᠨ᠂ ᠭᠠᠭᠴᠠ ᠬᠢᠳᠠᠨ ᠤᠯᠤᠰ ᠤ᠋ᠨ ᠡᠵᠡᠨ ᠯᠦ᠍ ᠭᠧ ᠦᠯᠦ ᠮᠡᠳᠡᠭᠴᠢ ᠪᠡᠷ ᠬᠠᠷᠢᠵᠤ ᠡᠴᠢᠪᠡ᠃
ᠲᠡᠳᠦᠢ ᠬᠠᠵᠤᠰᠢᠯ ᠳ᠋ᠠᠢᠳ᠋ᠦ᠋ ᠳ᠋ᠦ᠍ᠷ ᠡᠭᠡᠵᠦ ᠡᠳᠡᠭᠡᠷ ᠢ᠋ ᠴᠥᠮ ᠠᠢᠯᠠᠳᠬᠠᠵᠤ᠂ ᠯᠢᠦ ᠭᠧ ᠶ᠋ᠢᠨ ᠬᠡᠰᠢᠭ ᠲᠣᠷ ᠮᠥᠷᠭᠥᠬᠦ ᠬᠣᠶᠠᠳᠤᠭᠠᠷ ᠬᠥᠪᠡᠭᠦᠨ ᠢ᠋ ᠢᠨᠦ ᠤᠳᠤᠷᠢᠳᠤᠨ ᠪᠠᠷᠠᠯᠬᠠᠭᠤᠯᠵᠤ᠂ ᠶᠡᠬᠡ ᠬᠥᠪᠡᠭᠦᠨ ᠰᠢᠦᠸᠠᠢ ᠱᠧ ᠶ᠋ᠢ ᠬᠠᠭᠠᠨ ᠤ᠋ ᠡᠯᠴᠢ ᠪᠣᠯᠭᠠᠨ ᠳᠠᠢᠯᠠᠬᠤ ᠬᠤᠷᠢᠮ ᠬᠠᠢᠷᠠᠯᠠᠪᠠ᠃
ᠲᠡᠳᠦᠢ ᠬᠠᠭᠠᠨ ᠤ᠋ ᠭᠡᠭᠡᠨ ᠲᠥᠷᠥ ᠳ᠋ᠦ᠍ᠷ ᠭᠠᠷᠴᠤ ᠮᠥᠨ ᠬᠦ᠌ ᠬᠠᠵᠤᠰᠢᠯ ᠤ᠋ᠨ ᠴᠡᠷᠢᠭ ᠢ᠋ ᠨᠡᠮᠡᠵᠦ ᠪᠠᠢᠭᠤᠯᠤᠨ᠂ ᠬᠢᠳᠠᠨ ᠢ᠋ ᠳᠠᠢᠯᠠᠨ ᠰᠣᠯᠣᠩᠭᠣᠰ ᠲᠤᠷ ᠱᠠᠩ ᠬᠦᠷᠭᠡ᠂ ᠲᠠᠢᠽᠢ ᠴᠢᠨ ᠸᠠᠩ ᠴᠠᠭᠠᠲᠠᠢ ᠶ᠋ᠢ ᠠᠷᠪᠠᠨ ᠵᠠᠩᠵᠤᠨ ᠠᠪᠴᠤ ᠠᠷᠪᠠᠨ ᠲᠦᠮᠡᠨ ᠴᠡᠷᠢᠭ ᠢ᠋ᠶ᠋ᠡᠷ ᠰᠢᠶᠠ ᠤᠯᠤᠰ ᠤ᠋ᠨ ᠯᠢ ᠽᠦᠨ ᠰᠢᠦᠢ ᠶ᠋ᠢ ᠪᠠᠷᠢᠵᠤ ᠠᠪᠴᠢᠷᠠ᠂ ᠬᠡᠷᠪᠡ ᠵᠥᠷᠢᠴᠡᠪᠡᠰᠦ ᠤᠯᠤᠰ ᠢ᠋ ᠠᠨᠤ ᠬᠤᠷᠢᠶᠠᠮᠵᠢᠯᠠᠨ ᠠᠪ᠂ ᠲᠡᠷᠡ ᠡᠴᠦᠰ ᠲᠦ᠍ᠷ ᠴᠢᠨᠦ ᠭᠠᠵᠠᠷ ᠪᠣᠯᠤᠮᠤᠢ᠂ ᠥᠷᠥᠰᠢᠶᠡᠯ ᠢ᠋ ᠦᠯᠦ ᠮᠡᠳᠡᠬᠦ ᠶ᠋ᠢ ᠲᠡᠭᠷᠢ ᠪᠣᠯᠪᠠᠴᠤ ᠠᠪᠤᠷᠠᠬᠤᠶᠠ ᠪᠡᠷᠬᠡ᠃ ᠰᠢᠶᠠ ᠶ᠋ᠢᠨ ᠬᠠᠭᠤᠴᠢᠨ ᠡᠵᠡᠨ ᠯᠢ ᠠᠨ ᠴᠢᠤᠸᠠᠨ ᠤ᠋ ᠲᠠᠬᠢᠯᠭ᠎ᠠ ᠲᠠᠪᠢᠭᠯᠠᠯ ᠢ᠋ ᠪᠢᠲᠡᠭᠡᠢ ᠲᠠᠰᠤᠷᠠᠭᠤᠯ᠂ ᠲᠡᠭᠦᠨ ᠦ᠌ ᠲᠥᠷᠥᠯ ᠡᠴᠡ ᠣᠨᠴᠠ ᠨᠣᠮᠣᠬᠠᠨ ᠢ ᠰᠣᠩᠭᠣᠵᠤ ᠲᠠᠬᠢᠯᠭ᠎ᠠ ᠶ᠋ᠢ ᠵᠠᠯᠭᠠᠮᠵᠢᠯᠠᠭᠤᠯ᠂ ᠦᠨᠡᠨᠴᠢᠯᠡᠨ ᠠᠪᠠᠴᠢ᠃ ᠳᠠᠭᠠᠯᠳᠤᠭ᠎ᠠ ᠳᠣᠷᠣᠨᠠᠲᠤ ᠰᠢᠨ᠎ᠡ ᠰᠢᠶᠠ ᠠ᠋ᠴᠠ ᠲᠡᠭᠦᠨ ᠦ᠌ ᠦᠨᠡᠨ ᠢ᠋ ᠠᠰᠠᠭᠤ᠂ ᠬᠥᠪᠡᠭᠦᠨ ᠢ᠋ᠶ᠋ᠡᠨ ᠲᠢᠶᠧ ᠬᠦ ᠶ᠋ᠢ ᠮᠢᠨᠦ ᠡᠨᠳᠡ ᠳᠡᠨᠵᠢ ᠳᠠᠷᠤᠨ ᠪᠥᠭᠡᠳ ᠪᠠᠰᠠ ᠥᠪᠡᠷ᠎ᠡ ᠤᠯᠤᠰ ᠢ᠋ ᠨᠠᠢᠷᠠᠯᠳᠤᠭᠰᠠᠨ ᠠᠨᠤ ᠶᠠᠭᠤᠨ ? ᠬᠡᠷᠪᠡ ᠥᠪᠡᠷ᠎ᠡ ᠰᠠᠨᠠᠭᠠᠨ ᠦᠭᠡᠢ ᠪᠥᠭᠡᠰᠦ ᠤᠴᠢᠷ ᠢ᠋ᠶ᠋ᠠᠨ ᠢᠯᠡᠷᠬᠡᠢᠯᠡᠨ ᠠᠢᠯᠠᠳᠬ᠎ᠠ ᠭᠡᠮᠡᠨ ᠲᠤᠰ ᠲᠤᠰ ᠲᠤᠷ ᠬᠤᠪᠢᠶᠠᠨ ᠶᠠᠪᠤᠭᠤᠯᠪᠠ᠃ ᠡᠭᠦᠨ ᠢ᠋ ᠲᠦᠷ ᠬᠡᠯᠡᠬᠦ ᠦᠭᠡᠢ᠃
ᠵᠢᠴᠢ ᠥᠭᠦᠯᠡᠬᠦ ᠢᠨᠦ᠂ ᠡᠨᠡ ᠵᠢᠯ ᠮᠥᠯᠰᠥ ᠬᠡᠰᠦᠮᠡᠭᠴᠡ ᠬᠣᠶᠠᠷ ᠰᠠᠷ᠎ᠠ ᠠ᠋ᠴᠠ ᠠᠯᠲᠠᠨ ᠤᠯᠤᠰ ᠮᠣᠩᠭᠣᠯ ᠠ᠋ᠴᠠ ᠠᠶᠤᠵᠤ ᠬᠠᠯᠳᠠᠬᠤ ᠦᠭᠡᠢ᠂ ᠭᠠᠭᠴᠠ ᠳᠠᠷᠤᠯᠠᠵᠤ ᠰᠤᠷᠤᠭᠰᠠᠨ ᠰᠥᠩ ᠤᠯᠤᠰ ᠢ᠋ᠶ᠋ᠠᠨ ᠳᠠᠷᠤᠯᠠᠨ ᠭᠠᠵᠠᠷ ᠣᠷᠣᠨ ᠢ᠋ ᠪᠤᠯᠢᠶᠠᠬᠤᠢ ᠳ᠋ᠤᠷ ᠰᠥᠩ ᠤᠯᠤᠰ ᠠ᠋ᠴᠠ ᠮᠥᠨ ᠠᠯᠲᠠᠨ ᠤᠯᠤᠰ ᠤ᠋ᠨ ᠬᠦᠴᠦᠨ ᠬᠦᠷᠦᠯᠴᠡᠬᠦ ᠦᠭᠡᠢ ᠪᠣᠯᠤᠭᠰᠠᠨ ᠢ᠋ ᠮᠡᠳᠡᠵᠦ᠂ ᠡᠨᠡ ᠲᠠᠰᠢᠷᠠᠮ ᠬᠠᠭᠤᠴᠢᠨ ᠦᠰ ᠢ᠋ ᠠᠪᠰᠤᠭᠠᠢ ᠭᠡᠮᠡᠨ ᠳᠥᠷᠪᠡᠨ ᠰᠠᠷ᠎ᠠ ᠥᠩᠭᠡᠷᠡᠲᠡᠯ᠎ᠡ ᠪᠠᠢᠯᠳᠤᠭᠰᠠᠨ ᠳ᠋ᠤᠷ ᠮᠣᠩᠭᠣᠯ ᠤ᠋ᠨ ᠴᠡᠷᠢᠭ ᠠᠯᠲᠠᠨ ᠤᠯᠤᠰ ᠤ᠋ᠨ ᠡᠶᠡᠳᠡᠰᠦᠭᠡᠢ ᠬᠡᠮᠡᠭᠰᠡᠨ ᠢ᠋ᠶ᠋ᠡᠨ ᠨᠢᠴᠤᠭᠰᠠᠨ ᠣᠴᠢᠷ᠎ᠠ ᠡᠮᠦᠨ᠎ᠡ ᠵᠦᠭ ᠴᠡᠷᠢᠭ ᠣᠷᠣᠪᠠ ᠭᠡᠮᠡᠨ ᠰᠣᠨᠣᠰᠴᠤ ᠠᠯᠲᠠᠨ ᠤᠯᠤᠰ ᠤ᠋ᠨ ᠾᠧ ᠨᠠᠨ ᠤ᠋ ᠵᠦᠩ ᠵᠢᠩ ᠢ᠋ ᠰᠠᠬᠢᠭᠰᠠᠨ ᠵᠢᠩ ᠯᠢᠦᠸᠠᠢ ᠠᠨ ᠹᠦ ᠱᠢ ᠲᠦᠰᠢᠮᠡᠯ ᠮᠢᠶᠣᠤ ᠳ᠋ᠣᠣ ᠶᠦᠨ ᠢ᠋ ᠴᠡᠷᠢᠭ ᠳᠠᠷᠤᠭᠳᠠᠭᠰᠠᠨ ᠤᠴᠢᠷ ᠠᠯᠠᠰᠤᠭᠠᠢ ᠬᠡᠮᠡᠭᠰᠡᠨ ᠳ᠋ᠦ᠍ᠷ ᠪᠦ ᠰᠢᠶᠠᠩ ᠲᠦᠰᠢᠮᠡᠯ ᠲᠡᠩᠬᠡᠷᠡᠭᠦᠯᠦᠨ ᠭᠠᠷᠭᠠᠵᠤ᠂ ᠶᠡᠬᠡ ᠶᠤᠸᠠᠨᠱᠤᠸᠠᠢ ᠵᠠᠩ ᠿᠧᠦ ᠳ᠋ᠦ᠍ᠷ ᠮᠡᠳᠡᠭᠦᠯᠵᠦ᠂ ᠳ᠋ᠣᠣ ᠶᠦᠨ ᠦ᠌ ᠣᠯᠠᠨ ᠴᠡᠷᠢᠭ ᠢ᠋ ᠠᠪᠴᠤ ᠮᠣᠩᠭᠣᠯ ᠤ᠋ᠨ ᠴᠡᠷᠢᠭ ᠽᠢ ᠴᠧᠩ ᠭᠤᠸᠠᠨ ᠪᠣᠭᠣᠮᠲᠠ ᠪᠠᠷ ᠭᠠᠷᠬᠤ ᠲᠤᠯᠠ ᠳᠠᠯᠳᠠᠭᠤᠷ ᠬᠠᠯᠳᠠᠷ᠎ᠠ ᠡᠴᠢᠬᠦᠢ ᠳ᠋ᠦ᠍ᠷ ᠮᠣᠩᠭᠣᠯ ᠤ᠋ᠨ ᠴᠡᠷᠢᠭ ᠦ᠋ᠨ ᠬᠣᠯᠠ ᠶ᠋ᠢᠨ ᠲᠤᠷᠰᠢᠭᠤᠯ ᠰᠣᠨᠣᠰᠴᠤ ᠮᠡᠳᠡᠭᠦᠯᠦᠷ᠎ᠡ ᠢᠷᠡᠪᠡ᠃ ᠡᠨᠡ ᠦᠶ᠎ᠡ ᠳ᠋ᠦ᠍ ᠲᠠᠢᠰᠢ ᠭᠦᠸᠧ ᠸᠠᠩ ᠮᠤᠬᠤᠯᠢ ᠽᠢ ᠵᠢᠩ ᠪᠣᠭᠣᠮᠲᠠ ᠪᠠᠷ ᠭᠠᠷᠴᠤ ᠰᠢ ᠵᠢᠩ ᠬᠣᠲᠠ ᠠ᠋ᠴᠠ ᠪᠠᠷᠠᠭᠤᠨ ᠵᠦᠭ ᠪᠠᠭᠤᠳᠠᠯᠠᠪᠠ᠃ ᠮᠣᠩᠭᠣᠯ ᠤ᠋ᠨ ᠰᠢᠮᠦ ᠮᠢᠩᠭᠠᠨ ᠤ᠋ ᠴᠡᠷᠢᠭ ᠽᠢ ᠵᠢᠩ ᠭᠤᠸᠠᠨ ᠤ᠋ ᠭᠠᠳᠠᠨ᠎ᠠ ᠬᠣᠴᠣᠷᠴᠤ ᠳᠥᠷᠪᠡᠨ ᠵᠠᠮ ᠤ᠋ᠨ ᠴᠡᠷᠢᠭ ᠪᠦᠭᠭᠦᠪᠡ᠃ ᠳᠠᠭᠠᠯᠳᠤᠭ᠎ᠠ ᠠᠯᠲᠠᠨ ᠤ᠋ ᠶᠡᠬᠡ ᠶᠤᠸᠠᠨᠱᠤᠸᠠᠢ ᠵᠠᠩ ᠿᠧᠦ ᠶ᠋ᠢᠨ ᠶᠡᠬᠡ ᠴᠡᠷᠢᠭ ᠬᠦᠷᠴᠦ ᠢᠷᠡᠭᠡᠳ ᠰᠥᠨᠢ ᠬᠦᠷᠢᠶ᠎ᠡ ᠪᠠᠭᠤᠨ ᠵᠠᠪᠳᠤᠬᠤ ᠶ᠋ᠢᠨ ᠤᠷᠢᠳ᠂ ᠰᠢᠮᠦ ᠮᠢᠩᠭᠠᠨ ᠤ᠋ ᠳᠣᠬᠢᠶ᠎ᠠ ᠶ᠋ᠢᠨ ᠫᠤᠤ ᠳᠠᠭᠤᠷᠢᠰᠴᠤ ᠳᠥᠷᠪᠡᠨ ᠵᠠᠮ ᠤ᠋ᠨ ᠴᠡᠷᠢᠭ ᠬᠠᠮᠲᠤ ᠪᠠᠷ ᠭᠠᠷᠴᠤ ᠠᠯᠠᠨ ᠢᠷᠡᠬᠦᠢ ᠳ᠋ᠦ᠍ᠷ ᠠᠯᠲᠠᠨ ᠤᠯᠤᠰ ᠤ᠋ᠨ ᠴᠡᠷᠢᠭ ᠤᠭ ᠠ᠋ᠴᠠ ᠮᠣᠩᠭᠣᠯ ᠤ᠋ᠨ ᠴᠡᠷᠢᠭ ᠡᠴᠡ ᠰᠥᠰᠥ ᠬᠡᠮᠬᠡᠷᠡᠲᠡᠯ᠎ᠡ ᠠᠶᠤᠭᠰᠠᠨ ᠳ᠋ᠤᠷ ᠡᠳᠦᠭᠡ ᠪᠠᠰᠠ ᠭᠡᠨᠡᠳᠲᠡ ᠪᠦᠭᠭᠦᠭᠰᠡᠨ ᠴᠡᠷᠢᠭ ᠦ᠋ᠨ ᠠᠷᠭ᠎ᠠ ᠳ᠋ᠤᠷ ᠤᠨᠠᠭᠰᠠᠨ ᠳ᠋ᠤᠷ ᠢ᠋ᠶ᠋ᠠᠨ ᠤᠬᠠᠭᠠᠨ ᠢ᠋ᠶ᠋ᠠᠨ ᠠᠯᠳᠠᠵᠤ᠂ ᠳᠥᠷᠪᠡᠨ ᠵᠦᠭ ᠰᠠᠷᠨᠢᠨ ᠪᠤᠷᠤᠭᠤᠯᠠᠵᠤ᠂ ᠨᠢᠭᠡᠨᠲᠡ ᠶᠤᠸᠠᠨᠱᠤᠸᠠᠢ ᠶ᠋ᠢᠨ ᠴᠠᠭᠠᠵᠠ ᠶ᠋ᠢ ᠰᠣᠨᠣᠰᠬᠤ ᠦᠭᠡᠢ ᠪᠣᠯᠤᠭᠰᠠᠨ᠎ᠠ᠂ ᠵᠠᠩ ᠿᠧᠦ ᠨᠢᠭᠡᠨᠲᠡ ᠬᠡᠷᠡᠭ ᠡᠢᠮᠦ ᠪᠣᠯᠤᠭᠰᠠᠨ ᠳ᠋ᠤᠷ ᠴᠠᠭᠠᠵᠠᠯᠠᠬᠤ ᠪᠠᠨ ᠪᠠᠢᠵᠤ᠂ ᠥᠪᠡᠷ ᠦ᠋ᠨ ᠰᠢᠳᠠᠷ ᠴᠡᠷᠢᠭ ᠢ᠋ᠶ᠋ᠡᠨ ᠠᠪᠴᠤ ᠵᠠᠮ ᠡᠷᠢᠨ ᠪᠤᠷᠤᠭᠤᠯᠠᠨ ᠯᠠᠩ ᠶᠠ ᠯᠢᠩ-ᠴᠢᠨᠣ᠎ᠠ ᠶ᠋ᠢᠨ ᠰᠢᠳᠦ ᠶ᠋ᠢᠨ ᠳᠠᠪᠠᠭᠠᠨ ᠳ᠋ᠤᠷ ᠬᠦᠷᠴᠦ ᠥᠪᠡᠷ ᠢ᠋ᠶ᠋ᠡᠨ ᠱᠠᠯᠠᠮᠠᠭᠠᠢᠯᠠᠨ ᠲᠡᠷᠢᠭᠦᠯᠡᠵᠦ ᠠᠪᠠᠷᠢᠨ ᠠᠷᠠᠢ ᠣᠷᠣᠢ ᠳ᠋ᠤᠷ ᠬᠦᠷᠲᠡᠯ᠎ᠡ ᠠᠭᠤᠯᠠ ᠶ᠋ᠢᠨ ᠴᠢᠨᠠᠳᠤ ᠠ᠋ᠴᠠ ᠴᠡᠷᠢᠭ ᠴᠣᠬᠢᠨ ᠪᠠᠭᠤᠵᠤ ᠢᠷᠡᠭᠡᠳ ᠲᠡᠷᠢᠭᠦᠯᠡᠭᠰᠡᠨ ᠬᠣᠶᠠᠷ ᠵᠠᠩᠵᠤᠨ ᠣᠷᠣᠭᠰᠢ ᠱᠠᠯᠠᠮᠠᠭᠠᠢᠯᠠᠨ ᠬᠦᠷᠴᠦ ᠢᠷᠡᠭᠰᠡᠨ ᠳ᠋ᠦ᠍ᠷ ᠵᠠᠩ ᠿᠧᠦ ᠪᠠᠢᠳᠠᠯ ᠪᠤᠰᠤ ᠶ᠋ᠢ ᠦᠵᠡᠮᠡᠭᠴᠡ ᠮᠣᠷᠢ ᠪᠠᠨ ᠡᠭᠡᠭᠦᠯᠦᠨ ᠪᠤᠷᠤᠭᠤᠯᠠᠨ ᠡᠴᠢᠬᠦᠢ ᠳ᠋ᠦ᠍ᠷ ᠮᠣᠩᠭᠣᠯ ᠤ᠋ᠨ ᠵᠠᠩᠵᠤᠨ ᠬᠡᠳᠦᠢᠨᠡᠢ ᠨᠡᠬᠡᠨ ᠢᠷᠡᠵᠦ ᠨᠢᠭᠡᠨᠲᠡ ᠳᠡᠭᠡᠭᠡᠯᠡᠨ ᠪᠠᠷᠢᠵᠤ ᠠᠪᠠᠴᠢᠪᠠ᠃ ᠦᠵᠡᠰᠡ ᠶᠡᠬᠡ ᠵᠠᠩᠵᠤᠨ ᠬᠠᠳᠤ ᠲᠡᠮᠦᠷ᠂ ᠳᠤᠭᠤᠯᠠᠭ᠎ᠠ ᠲᠡᠮᠦᠷ ᠬᠣᠶᠠᠭᠤᠯᠠ ᠰᠢᠮᠦ ᠮᠢᠩᠭᠠᠨ ᠯᠤᠭ᠎ᠠ ᠵᠥᠪᠯᠡᠵᠦ ᠡᠨᠳᠡ ᠨᠢᠭᠡᠨ ᠠᠩᠭᠢ ᠴᠡᠷᠢᠭ ᠪᠦᠭᠭᠦᠭᠰᠡᠨ ᠠᠵᠤᠭᠤ᠃ ᠴᠢᠪᠬᠢᠲᠡᠯ᠎ᠡ ᠠᠯᠲᠠᠨ ᠤᠯᠤᠰ ᠤ᠋ᠨ ᠵᠠᠩ ᠿᠧᠦ ᠳᠤᠲᠠᠭᠠᠨ ᠡᠨᠡ ᠵᠠᠮ ᠢ᠋ᠶ᠋ᠠᠷ ᠢᠷᠡᠭᠰᠡᠨ ᠳ᠋ᠦ᠍ᠷ ᠡᠨᠡ ᠬᠣᠶᠠᠷ ᠵᠠᠩᠵᠤᠨ ᠳ᠋ᠤᠷ ᠪᠠᠷᠢᠭᠳᠠᠭᠰᠠᠨ ᠠᠵᠤᠭᠤ᠃ ᠡᠨᠡ ᠦᠶ᠎ᠡ ᠳ᠋ᠦ᠍ᠷ ᠵᠠᠩ ᠿᠧᠦ ᠶ᠋ᠢᠨ ᠭᠡᠷ ᠦ᠋ᠨ ᠠᠮᠠ ᠶᠡᠬᠡ ᠴᠡᠷᠢᠭ ᠦ᠋ᠨ ᠰᠡᠭᠦᠯ ᠢ᠋ ᠳ᠋ᠡᠭᠡᠨ ᠪᠠᠷᠠᠭᠤᠨ ᠰᠢᠶᠠ ᠳ᠋ᠤᠷ ᠡᠴᠢᠰᠦᠭᠡᠢ ᠬᠡᠮᠡᠬᠦᠢ ᠳ᠋ᠦ᠍ᠷ ᠡᠨᠡ ᠤᠳᠠᠭ᠎ᠠ ᠽᠢ ᠵᠢᠩ ᠭᠤᠸᠠᠨ ᠤ᠋ ᠶᠡᠬᠡ ᠪᠠᠢᠯᠳᠤᠭᠠᠨ ᠳ᠋ᠤᠷ ᠴᠥᠮ ᠪᠠᠷᠢᠭᠳᠠᠪᠠ᠃ ᠲᠡᠳᠦᠢ ᠬᠠᠳᠤ ᠲᠡᠮᠦᠷ ᠳᠤᠭᠤᠯᠠᠭ᠎ᠠ ᠲᠡᠮᠦᠷ ᠬᠣᠶᠠᠭᠤᠯᠠ ᠵᠠᠩ ᠿᠧᠦ ᠶ᠋ᠢ ᠬᠦᠯᠢᠵᠦ ᠰᠢᠮᠦ ᠮᠢᠩᠭᠠᠨ ᠳ᠋ᠤᠷ ᠠᠪᠴᠤ ᠢᠷᠡᠭᠰᠡᠨ ᠳ᠋ᠦ᠍ᠷ ᠰᠢᠮᠦ ᠮᠢᠩᠭᠠᠨ ᠶᠡᠬᠡ ᠴᠡᠷᠢᠭ ᠢ ᠬᠤᠷᠢᠶᠠᠵᠤ᠂ ᠶᠡᠬᠡ ᠴᠠᠴᠠᠷ ᠲᠤᠷ ᠰᠠᠭᠤᠨ ᠵᠠᠩ ᠿᠧᠦ ᠶ᠋ᠢ ᠠᠴᠢᠷᠠᠭᠤᠯᠵᠤ ᠬᠣᠶᠠᠷ ᠡᠲᠡᠭᠡᠳ ᠦ᠋ᠨ ᠠᠷᠠᠳ ᠰᠥᠭᠥᠳ ᠬᠡᠮᠡᠭᠰᠡᠨ ᠳ᠋ᠦ᠍ᠷ ᠵᠠᠩ ᠿᠧᠦ ᠥᠴᠦᠬᠡᠨ ᠴᠦ᠍ ᠬᠡᠷᠡᠭᠰᠡᠬᠦ ᠦᠭᠡᠢ ᠳ᠋ᠦ᠍ᠷ ᠰᠢᠮᠦ ᠮᠢᠩᠭᠠᠨ ᠠᠰᠠᠭᠤᠷᠤᠨ : 《ᠴᠢ ᠨᠢᠭᠡᠨᠲᠡ ᠪᠠᠷᠢᠭᠳᠠᠭᠠᠳ ᠪᠠᠰᠠ ᠶᠠᠭᠤᠨ ᠳ᠋ᠤᠷ ᠦᠯᠦ ᠰᠥᠭᠥᠳᠦᠮᠦᠢ ?》ᠵᠠᠩ ᠿᠧᠦ ᠵᠢᠬᠡᠭᠦᠨ ᠢ᠋ᠶ᠋ᠡᠷ ᠢᠨᠢᠶᠡᠨ ᠥᠭᠦᠯᠡᠷᠦᠨ :《ᠡᠨᠡ ᠪᠠᠰᠠ ᠰᠣᠨᠢᠨ᠂ ᠴᠢᠮᠠᠶ᠋ᠢ ᠴᠢᠨᠦ ᠤᠯᠤᠰ ᠤ᠋ᠨ ᠴᠡᠷᠢᠭ ᠦ᠋ᠨ ᠡᠵᠡᠨ ᠬᠡᠮᠡᠬᠦᠯ᠎ᠡ ᠪᠢ ᠪᠠᠰᠠ ᠮᠥᠨ ᠤᠯᠤᠰ ᠤ᠋ᠨ ᠴᠡᠷᠢᠭ ᠦ᠋ᠨ ᠡᠵᠡᠨ᠂ ᠬᠠᠷᠢᠯᠴᠠᠨ ᠨᠢᠭᠡᠨ ᠠᠳᠠᠯᠢ ᠴᠡᠷᠢᠭ ᠦ᠋ᠨ ᠡᠵᠡᠨ᠂ ᠪᠢ ᠴᠢᠮᠠᠶ᠋ᠢ ᠪᠠᠷᠢᠪᠠᠰᠤ ᠮᠥᠨ ᠠᠯᠠᠮᠤᠢ ᠂ ᠴᠢ ᠨᠠᠮᠠᠶ᠋ᠢ ᠪᠠᠷᠢᠭᠰᠠᠨ ᠲᠤᠯᠠ ᠮᠥᠨ ᠠᠯᠠᠪᠠᠰᠤ ᠪᠠᠷᠠᠪᠠ᠃ ᠡᠭᠦᠨ ᠳ᠋ᠦ᠍ᠷ ᠨᠠᠮᠠᠶ᠋ᠢ ᠰᠥᠭᠥᠳᠬᠡᠵᠦ ᠶᠠᠭᠤ ᠬᠢᠬᠦ ? ᠶᠡᠬᠡ ᠡᠷ᠎ᠡ ᠬᠡᠮᠡᠭᠴᠢ ᠦᠬᠦᠬᠦ ᠶ᠋ᠢ ᠤᠮᠳᠠᠬᠤ ᠶ᠋ᠢᠨ ᠲᠡᠳᠦᠢ ᠦᠵᠡᠮᠦᠢ᠂ ᠠᠮᠢᠳᠤᠷᠠᠬᠤ ᠶ᠋ᠢ ᠵᠡᠭᠦᠳᠦᠨ ᠠᠳᠠᠯᠢ ᠰᠠᠨᠠᠮᠤᠢ᠂ ᠡᠭᠦᠨ ᠦ᠌ ᠲᠤᠯᠠ ᠪᠢ ᠠᠯᠠᠬᠤ ᠠ᠋ᠴᠠ ᠠᠶᠤᠵᠤ ᠴᠢᠮᠠᠶ᠋ᠢ ᠭᠤᠶᠤᠵᠤ ᠰᠥᠭᠥᠳᠬᠦ ᠶᠣᠰᠣ ᠪᠣᠢ ᠤᠤ ? ᠰᠠᠢᠨ ᠡᠷ᠎ᠡ ᠶ᠋ᠢ ᠠᠯᠠᠪᠠᠰᠤ ᠪᠠᠷᠠᠪᠠᠢ ᠶᠠ᠂ ᠰᠠᠢᠨ ᠡᠷ᠎ᠡ ᠶ᠋ᠢ ᠭᠤᠲᠤᠭᠠᠵᠤ ᠪᠣᠯᠬᠤ ᠦᠭᠡᠢ᠂ ᠴᠢ ᠬᠡᠳᠦᠢ ᠮᠢᠨᠦ ᠤᠯᠤᠰ ᠠ᠋ᠴᠠ ᠤᠷᠪᠠᠭᠰᠠᠨ ᠮᠠᠭᠤ ᠬᠤᠯᠠᠭᠠᠢ ᠪᠣᠯᠪᠠᠴᠤ ᠶᠠᠰᠤ ᠮᠢᠬ᠎ᠠ ᠴᠢᠨᠦ ᠮᠥᠨ ᠬᠦ᠌ ᠮᠠᠨ ᠤ᠋ ᠤᠯᠤᠰ ᠤ᠋ᠨ ᠰᠢᠮ᠎ᠡ ᠴᠢᠰᠤ ᠪᠣᠯᠠᠢ᠃ ᠶᠠᠭᠤᠨ ᠳ᠋ᠤᠷ ᠮᠤᠩᠬᠠᠭ ᠮᠣᠩᠭᠣᠯ ᠤ᠋ᠨ ᠳᠦᠷᠰᠦ ᠦᠭᠡᠢ ᠪᠠᠢᠳᠠᠯ ᠢ᠋ ᠭᠠᠷᠭᠠᠵᠤ ᠬᠡᠨ ᠢ᠋ ᠠᠶᠤᠯᠭᠠᠮᠤᠢ ! 》 ᠬᠡᠮᠡᠭᠰᠡᠨ ᠳ᠋ᠦ᠍ᠷ ᠰᠢᠮᠦ ᠮᠢᠩᠭᠠᠨ ᠳᠣᠲᠣᠷ᠎ᠠ ᠪᠠᠨ ᠲᠡᠭᠦᠨ ᠦ᠌ ᠪᠠᠭᠠᠲᠤᠷ ᠴᠢᠬᠡᠴᠢ ᠶ᠋ᠢ ᠶᠡᠬᠡᠳᠡ ᠪᠠᠬᠠᠷᠬᠠᠨ ᠦᠭᠡ ᠪᠦᠷᠢ ᠶ᠋ᠢ ᠮᠥᠨ ᠮᠥᠨ ᠭᠡᠮᠡᠨ ᠬᠦᠯᠢᠶᠡᠨ ᠠᠪᠴᠤ ᠢᠨᠢᠶᠡᠭᠰᠡᠭᠡᠷ ᠪᠣᠰᠴᠤ ᠬᠦᠯᠢᠶᠡᠰᠦ ᠶ᠋ᠢ ᠲᠠᠢᠯᠵᠤ᠂ ᠠᠷᠢᠬᠢ ᠪᠠᠷᠢᠨ ᠴᠢᠩ ᠦᠨᠡᠨ ᠢ᠋ᠶ᠋ᠡᠷ ᠬᠢᠴᠢᠶᠡᠨ ᠬᠦᠨᠳᠦᠯᠡᠬᠦᠢ ᠳ᠋ᠦ᠍ᠷ᠂ ᠵᠠᠩ ᠿᠧᠦ ᠶ᠋ᠢᠨ ᠭᠠᠯ ᠮᠡᠲᠦ ᠲᠦᠷᠭᠡᠨ᠂ ᠪᠣᠯᠣᠳ ᠮᠡᠲᠦ ᠠᠭᠤᠷ ᠠᠨᠤ ᠠᠷᠭ᠎ᠠ ᠦᠭᠡᠢ ᠲᠡᠯᠡᠷᠡᠨ ᠠᠯᠳᠠᠷᠠᠵᠤ᠂ ᠠᠷᠭ᠎ᠠ ᠪᠤᠰᠤ ᠠᠷᠢᠬᠢ ᠶ᠋ᠢ ᠬᠦᠯᠢᠶᠡᠨ ᠠᠪᠴᠤ ᠤᠤᠭᠤᠬᠤᠢ ᠳ᠋ᠤᠷ ᠰᠢᠮᠦ ᠮᠢᠩᠭᠠᠨ ᠨᠢᠭᠡᠨ ᠰᠠᠢᠨ ᠵᠠᠩᠵᠤᠨ ᠣᠯᠤᠭᠰᠠᠨ ᠳ᠋ᠤᠷ ᠢ᠋ᠶ᠋ᠠᠨ ᠶᠡᠬᠡᠯ᠎ᠡ ᠪᠠᠶᠠᠷᠯᠠᠨ ᠶᠠᠭᠠᠷᠠᠨ ᠶᠡᠬᠡ ᠬᠤᠷᠢᠮ ᠬᠤᠷᠢᠮᠯᠠᠵᠤ ᠥᠭᠦᠯᠡᠷᠦᠨ᠄《ᠣᠷᠴᠢᠯᠠᠩ ᠤ᠋ᠨ ᠰᠢᠳᠤᠷᠭᠤ ᠨᠡᠷ᠎ᠡ ᠶ᠋ᠢ ᠬᠦᠰᠡᠬᠦ ᠢᠨᠦ ᠬᠥᠮᠦᠨ ᠪᠦᠬᠦᠨ᠎ᠡ ᠠᠬᠤ ᠬᠡᠷᠡᠭ᠂ ᠣᠷᠴᠢᠯᠠᠩ ᠤ᠋ᠨ ᠰᠥᠷᠭᠡᠦ ᠨᠡᠷ᠎ᠡ ᠶ᠋ᠢ ᠵᠢᠭᠰᠢᠬᠦ ᠰᠠᠨᠠᠭᠠᠨ ᠬᠥᠮᠦᠨ ᠪᠦᠬᠦᠨ᠎ᠡ ᠠᠮᠤᠢ ᠶᠠ᠂ ᠭᠠᠭᠴᠠ ᠰᠢᠳᠤᠷᠭᠤ ᠪᠣᠯᠬᠤᠢ ᠳ᠋ᠤᠷ ᠬᠢᠯᠪᠠᠷ᠂ ᠡᠵᠡᠨ ᠢ᠋ ᠠᠪᠤᠷᠠᠬᠤᠢ ᠳ᠋ᠤᠷ ᠪᠡᠷᠬᠡ᠂ ᠡᠵᠡᠨ ᠢ᠋ ᠠᠪᠤᠷᠠᠨ ᠡᠰᠡ ᠴᠢᠳᠠᠪᠠᠰᠤ ᠭᠠᠭᠴᠠ ᠪᠡᠶ᠎ᠡ ᠮᠥᠬᠥᠵᠦ ᠥᠪᠡᠷ ᠦ᠋ᠨ ᠨᠡᠷ᠎ᠡ ᠶ᠋ᠢᠨ ᠲᠤᠯᠠ ᠵᠢᠳᠬᠦᠭᠰᠡᠨ ᠪᠣᠯᠬᠤ ᠪᠣᠢ ᠶᠠ᠂ ᠡᠵᠡᠨ ᠦ᠌ ᠲᠤᠯᠠ ᠵᠢᠳᠬᠦᠭᠰᠡᠨ ᠪᠤᠰᠤ ᠪᠣᠯᠬᠤ ᠶ᠋ᠢ ᠶᠡᠬᠡ ᠶᠤᠸᠠᠨᠱᠤᠸᠠᠢ ᠢᠯᠡᠷᠭᠡᠶ᠎ᠡ ᠮᠡᠳᠡᠬᠦ ᠪᠣᠯᠠᠢ᠃ ᠡᠳᠦᠭᠡ ᠮᠠᠨ ᠤ᠋ ᠠᠯᠲᠠᠨ ᠤᠯᠤᠰ ᠤ᠋ᠨ ᠵᠠᠭᠤᠨ ᠲᠦᠰᠢᠮᠡᠳ ᠬᠣᠭᠣᠰᠣᠨ ᠬᠣᠩᠰᠢᠶᠠᠷ ᠢ᠋ᠶ᠋ᠠᠷ ᠬᠣᠲᠠ ᠪᠠᠢᠭᠤᠯᠬᠤ ᠶ᠋ᠢ ᠰᠤᠷᠴᠤ ᠲᠦᠪᠰᠢᠨ ᠦᠭᠡ ᠪᠡᠷ ᠭᠠᠪᠢᠶ᠎ᠠ ᠨᠡᠷ᠎ᠡ ᠣᠯᠬᠤ ᠶ᠋ᠢ ᠬᠢᠴᠢᠶᠡᠭᠰᠡᠭᠡᠷ ᠣᠳᠣ ᠶᠡᠬᠡ ᠪᠠᠢᠯᠳᠤᠭᠠᠨ ᠢ᠋ᠶ᠋ᠠᠷ ᠴᠡᠷᠢᠭ ᠦ᠋ᠨ ᠬᠡᠷᠡᠭ ᠢ᠋ ᠴᠢᠳᠠᠬᠤ ᠵᠠᠩᠵᠤᠨ ᠦᠭᠡᠢ ᠪᠣᠯᠵᠤᠬᠤᠢ᠃ ᠡᠭᠦᠨ ᠳ᠋ᠦ᠍ᠷ ᠥᠴᠦᠬᠡᠨ ᠬᠡᠦᠬᠡᠳ ᠵᠣ᠌ ᠬᠤ᠌ ᠭᠣᠣ ᠴᠢ ᠴᠡᠷᠢᠭ ᠦ᠋ᠨ ᠡᠷᠳᠡᠮ ᠥᠴᠦᠬᠡᠨ ᠴᠦ᠍ ᠦᠭᠡᠢ ᠪᠥᠭᠡᠳ ᠳᠡᠯᠡᠬᠡᠢ ᠳ᠋ᠠᠬᠢᠨ ᠤ᠋ ᠴᠡᠷᠢᠭ ᠦ᠋ᠨ ᠡᠷᠬᠡ ᠶ᠋ᠢ ᠪᠠᠷᠢᠭᠠᠳ ᠲᠡᠭᠦᠨ ᠦ᠌ ᠳᠣᠣᠷᠠᠬᠢ ᠦᠨᠡᠨ ᠡᠷᠳᠡᠮᠲᠦ ᠴᠡᠷᠢᠭ ᠦ᠋ᠨ ᠵᠠᠩᠵᠤᠨ ᠢ᠋ ᠬᠠᠰᠢᠬᠤ ᠠᠨᠤ ᠮᠠᠰᠢ ᠬᠡᠴᠡᠭᠦᠦ᠂ ᠡᠭᠦᠨ ᠢ᠋ ᠬᠠᠭᠠᠨ ᠶᠠᠭᠠᠬᠢᠨ ᠮᠡᠳᠡᠮᠦᠢ ᠶᠠ ! ᠪᠠᠰᠠ ᠲᠡᠳᠡᠭᠡᠷ ᠬᠣᠭᠣᠰᠣᠨ ᠬᠣᠩᠰᠢᠶᠠᠷ ᠪᠢᠴᠢᠭ ᠦ᠋ᠨ ᠲᠦᠰᠢᠮᠡᠳ ᠥᠪᠡᠷ ᠦ᠋ᠨ ᠬᠡᠷᠡᠭ ᠦᠭᠡᠢ ᠦᠮᠡᠬᠡᠢ ᠠᠮᠠᠨ ᠢ᠋ ᠲᠠᠢᠱᠠᠨ ᠠᠭᠤᠯᠠ ᠮᠡᠲᠦ ᠦᠵᠡᠵᠦ᠂ ᠬᠠᠭᠠᠨ ᠤ᠋ ᠬᠣᠲᠠ ᠪᠠᠯᠭᠠᠳ ᠴᠡᠷᠢᠭ ᠢᠷᠭᠡᠨ ᠨᠢᠭᠡᠨᠲᠡ ᠠᠪᠲᠠᠵᠤ ᠪᠠᠷᠠᠭᠰᠠᠨ ᠬᠣᠢᠨ᠎ᠠ ᠥᠪᠡᠷ ᠢ᠋ᠶ᠋ᠡᠨ ᠬᠣᠣᠷ᠎ᠠ ᠢᠳᠡᠬᠦ ᠪᠤᠶᠤ ᠪᠣᠭᠣᠮᠢᠯᠠᠵᠤ᠂ ᠡᠬᠡᠨᠡᠷ ᠬᠥᠮᠦᠨ ᠦ᠌ ᠮᠡᠲᠦ ᠨᠢᠭᠡᠨᠲᠡ ᠦᠬᠦᠪᠡᠰᠦ ᠮᠢᠩᠭᠠᠨ ᠣᠰᠣᠯ ᠲᠦᠮᠡᠨ ᠪᠤᠷᠤᠭᠤ ᠠᠨᠤ ᠴᠥᠮ ᠠᠷᠢᠯᠤᠭᠠᠳ ᠪᠠᠰᠠ ᠬᠠᠷᠢᠨ ᠴᠢᠩ ᠦᠨᠡᠨ ᠰᠢᠳᠤᠷᠭᠤ ᠰᠡᠳᠬᠢᠯ ᠪᠠᠢᠬᠤ ᠪᠣᠯᠵᠤ ᠰᠢᠳᠤᠷᠭᠤ ᠵᠢᠷᠤᠮᠲᠠᠨ ᠬᠡᠮᠡᠭᠳᠡᠮᠦᠢ᠃ ᠮᠠᠨ ᠤ᠋ ᠮᠡᠲᠦ ᠶ᠋ᠢᠨ ᠴᠢᠰᠤᠨ ᠳ᠋ᠤᠷ ᠤᠮᠪᠠᠵᠤ ᠵᠡᠪᠰᠡᠭ ᠲᠣᠷ ᠰᠢᠷᠭᠤᠯᠠᠨ᠂ ᠵᠠᠭᠤᠨᠲᠠ ᠦᠬᠦᠨ ᠵᠠᠭᠤᠨᠲᠠ ᠡᠳᠡᠭᠡᠳᠡᠭ ᠵᠠᠩᠵᠤᠨ ᠨᠠᠷ ᠡᠵᠡᠨ ᠦ᠌ ᠡᠮᠦᠨ᠎ᠡ ᠲᠦᠮᠡᠨ ᠵᠡᠪᠡ ᠮᠢᠩᠭᠠᠨ ᠵᠡᠪᠰᠡᠭ ᠲᠣᠷ ᠦᠬᠦᠪᠡᠴᠦ ᠥᠴᠦᠬᠡᠨ ᠬᠡᠷᠡᠭ ᠦᠭᠡᠢ᠂ ᠡᠨᠡ ᠮᠡᠲᠦ ᠪᠣᠯᠤᠭᠰᠠᠨ ᠲᠤᠯᠠ ᠠᠯᠲᠠᠨ ᠮᠥᠬᠥᠬᠦ ᠢᠨᠦ ᠨᠢᠭᠡᠨᠲᠡ ᠲᠣᠭᠲᠠᠪᠠ᠃ ᠲᠠᠢᠱᠠᠨ ᠠᠭᠤᠯᠠ ᠮᠡᠲᠦ ᠬᠦᠨᠳᠦ ᠬᠡᠮᠡᠭᠴᠢ ᠨᠢᠭᠡᠨ ᠲᠦᠰᠢᠮᠡᠯ ᠦᠬᠦᠭᠡᠳ ᠬᠣᠲᠠᠯᠠ ᠤᠯᠤᠰ ᠢ᠋ ᠡᠩᠬᠡᠵᠢᠭᠦᠯᠦᠨ ᠴᠢᠳᠠᠭᠴᠢ ᠶ᠋ᠢ ᠰᠠᠶᠢ ᠶᠡᠬᠡ ᠵᠢᠷᠤᠮᠲᠠᠨ ᠬᠡᠮᠡᠬᠦ ᠪᠣᠢ ᠶᠠ᠂ ᠠᠮᠢᠳᠤᠷᠠᠪᠠᠴᠤ ᠪᠣᠯᠬᠤ ᠦᠭᠡᠢ ᠳ᠋ᠦ᠍ᠷ ᠬᠦᠷᠦᠭᠰᠡᠨ ᠪᠡᠶ᠎ᠡ ᠪᠡᠨ ᠥᠪᠡᠷ ᠢ᠋ᠶ᠋ᠡᠨ ᠦᠬᠦᠭᠡᠳ ᠲᠡᠭᠦᠨ ᠢ᠋ ᠶᠠᠮᠪᠠᠷ ᠵᠢᠷᠤᠮ ᠬᠡᠮᠡᠬᠦ ᠪᠣᠢ ? ᠲᠡᠷᠡ ᠴᠣᠬᠣᠮ ᠵᠠᠯᠢᠬᠠᠢ ᠵᠢᠰᠤᠷ ᠬᠠᠭᠤᠷᠮᠠᠭ ᠪᠢᠯᠳᠠᠤᠴᠢ ᠲᠡᠳᠡᠭᠡᠷ ᠲᠦᠮᠡᠳ ᠲᠣᠷ ᠬᠡᠷᠪᠡ ᠮᠠᠨ ᠤ᠋ ᠮᠡᠲᠦ ᠥᠷᠥᠰᠢᠶᠡᠭᠳᠡᠬᠦ ᠡᠵᠡᠨ ᠢ᠋ ᠣᠯᠪᠠᠰᠤ ᠲᠡᠭᠦᠨ ᠡᠴᠡ ᠤᠷᠢᠳᠠ ᠳᠠᠭᠠᠭᠰᠠᠨ ᠢ᠋ᠶ᠋ᠠᠷ ᠦᠭᠡᠢ ᠪᠣᠯᠤᠮᠤᠢ᠃ ᠲᠡᠢᠨ ᠬᠦ᠌ ᠮᠠᠨ ᠤ᠋ ᠡᠳᠡᠭᠡᠷ ᠴᠡᠷᠢᠭ ᠦ᠋ᠨ ᠵᠠᠩᠵᠤᠨ ᠨᠠᠷ ᠤ᠋ᠨ ᠦᠬᠦᠬᠦ ᠢᠨᠦ ᠠᠯᠲᠠᠨ ᠤᠯᠤᠰ ᠲᠤᠷ ᠨᠣᠬᠠᠢ ᠭᠠᠬᠠᠢ ᠦᠬᠦᠬᠦ ᠮᠡᠲᠦ ᠦᠵᠡᠭᠳᠡᠮᠦᠢ᠂ ᠡᠭᠦᠨ ᠳ᠋ᠦ᠍ᠷ ᠶᠠᠮᠪᠠᠷ ᠤᠷᠮ᠎ᠠ ᠪᠠᠷ ᠦᠬᠦᠬᠦ ᠪᠣᠢ ! ᠬᠡᠨ ᠮᠠᠨ ᠢ᠋ ᠵᠢᠷᠤᠮᠲᠤ ᠶ᠋ᠢᠨ ᠳᠠᠩᠰᠠᠨ᠎ᠠ ᠲᠡᠮᠳᠡᠭᠯᠡᠬᠦ ᠪᠣᠢ ! 》ᠬᠡᠮᠡᠭᠰᠡᠨ ᠨᠢᠭᠡᠨ ᠵᠡᠷᠭᠡ ᠶ᠋ᠢᠨ ᠦᠭᠡᠨ ᠳ᠋ᠦ᠍ᠷ ᠵᠠᠩ ᠿᠧᠦ ᠰᠡᠭᠦᠷᠡᠰᠦᠨ ᠠᠯᠳᠠᠵᠤ ᠥᠭᠦᠯᠡᠷᠦᠨ: 《ᠡᠷᠭᠢᠨ ᠦ᠌ ᠡᠨᠡ ᠰᠤᠷᠭᠠᠯ ᠮᠠᠰᠢ ᠮᠥᠨ᠂ ᠭᠠᠭᠴᠠ ᠮᠢᠨᠦ ᠡᠴᠢᠭᠡ ᠡᠬᠡ ᠴᠥᠮ ᠪᠣᠢ ᠪᠣᠯᠠᠢ᠂ ᠪᠢ ᠶᠠᠭᠠᠬᠢᠨ ᠲᠦᠪᠳᠡᠵᠦ ᠴᠢᠳᠠᠮᠤᠢ ! 》ᠬᠡᠮᠡᠬᠦᠢ ᠳ᠋ᠦ᠍ᠷ ᠰᠢᠮᠦ ᠮᠢᠩᠭᠠᠨ ᠶᠠᠭᠠᠷᠠᠨ ᠥᠬᠦᠯᠡᠳ: 《ᠭᠠᠷᠤᠳᠢ ᠭᠠᠯᠪᠢᠩᠭ᠎ᠠ ᠮᠢᠩᠭᠠᠨ ᠭᠠᠵᠠᠷ ᠠᠯᠤᠰᠯᠠᠪᠠᠴᠤ ᠵᠠᠩ ᠰᠠᠨᠠᠭᠠᠨ ᠨᠢᠭᠡ᠂ ᠡᠷᠭᠢᠨ ᠠᠬ᠎ᠠ ᠶ᠋ᠢᠨ ᠡᠴᠢᠭᠡ ᠡᠬᠡ ᠳᠠᠷᠤᠢ ᠮᠢᠨᠦ ᠡᠴᠢᠭᠡ ᠡᠬᠡ ᠪᠣᠯᠠᠢ᠃ ᠳᠡᠭᠦᠦ ᠪᠢ ᠬᠡᠳᠦᠢᠨᠡᠢ ᠰᠣᠴᠢᠬᠤ ᠶ᠋ᠢ ᠪᠣᠯᠭᠣᠮᠵᠢᠯᠠᠨ ᠬᠣᠲᠠᠨ ᠳ᠋ᠤᠷ ᠬᠦᠨᠳᠦᠯᠡᠨ ᠠᠮᠤᠢ !》ᠬᠡᠮᠡᠭᠰᠡᠨ ᠳ᠋ᠦ᠍ᠷ ᠵᠠᠩ ᠿᠧᠦ ᠶᠠᠭᠠᠷᠠᠨ ᠳᠣᠲᠣᠷ᠎ᠠ ᠣᠷᠣᠵᠤ ᠡᠴᠢᠭᠡ ᠡᠬᠡ ᠶ᠋ᠢᠨ ᠡᠪᠦᠳᠦᠭ ᠢ᠋ ᠲᠡᠪᠡᠷᠢᠵᠦ ᠤᠬᠢᠯᠠᠨ ᠮᠥᠷᠭᠥᠵᠦ᠂ ᠭᠠᠷᠴᠤ ᠢᠷᠡᠭᠡᠳ ᠰᠢᠮᠤ ᠮᠢᠩᠭᠠᠨ ᠳ᠋ᠤᠷ ᠠᠴᠢ ᠶ᠋ᠢ ᠬᠠᠷᠢᠭᠤᠯᠠᠨ ᠮᠥᠷᠭᠥᠵᠦ᠂ ᠳᠠᠷᠤᠢ ᠴᠢᠩ ᠦᠨᠡᠨ ᠰᠡᠳᠬᠢᠯ ᠢ᠋ᠶ᠋ᠡᠷ ᠪᠡᠶ᠎ᠡ ᠡᠴᠡ ᠴᠢᠰᠤ ᠭᠠᠷᠭᠠᠨ ᠰᠠᠴᠤᠵᠤ ᠲᠠᠩᠭᠠᠷᠢᠭᠯᠠᠨ ᠮᠣᠩᠭᠣᠯ ᠤᠯᠤᠰ ᠲᠤᠷ ᠳᠠᠭᠠᠭᠰᠠᠨ ᠳ᠋ᠤᠷ ᠰᠢᠮᠤ ᠮᠢᠩᠭᠠᠨ ᠶᠡᠬᠡᠯ᠎ᠡ ᠪᠠᠶᠠᠷᠯᠠᠨ ᠶᠠᠭᠠᠷᠠᠨ ᠲᠤᠩᠬᠠᠭ ᠭᠠᠷᠭᠠᠨ ᠵᠠᠩ ᠿᠧᠦ ᠶ᠋ᠢᠨ ᠴᠡᠷᠢᠭ ᠢ᠋ ᠬᠤᠷᠢᠶᠠᠮᠵᠢᠯᠠᠨ ᠢᠷᠡᠭᠦᠯᠵᠦ ᠦᠵᠡᠬᠦᠯ᠎ᠡ ᠨᠠᠢ᠍ᠮᠠᠨ ᠲᠦᠮᠡᠨ ᠢᠯᠡᠭᠦᠦ ᠪᠣᠢ᠃ ᠶᠠᠭᠠᠷᠠᠨ ᠪᠣᠳᠣᠷᠣᠣᠯ ᠪᠢᠴᠢᠭ ᠪᠢᠴᠢᠭᠦᠯᠵᠦ ᠵᠠᠩ ᠿᠧᠦ ᠶ᠋ᠢᠨ ᠭᠡᠷ ᠦ᠋ᠨ ᠬᠣᠲᠠᠯᠠᠭᠠᠷ ᠯᠤᠭ᠎ᠠ ᠭᠦᠸᠧ ᠸᠠᠩ ᠮᠤᠬᠤᠯᠢ ᠳ᠋ᠤᠷ ᠬᠦᠷᠭᠡᠭᠦᠯᠦᠨ ᠢᠯᠡᠭᠡᠭᠰᠡᠨ ᠳ᠋ᠦ᠍ᠷ ᠴᠡᠷᠢᠭ ᠦ᠋ᠨ ᠠᠷᠠᠳ ᠬᠡᠳᠦᠢᠨᠡᠢ ᠰᠢᠮᠦ ᠮᠢᠩᠭᠠᠨ ᠤ᠋ ᠪᠢᠴᠢᠭ ᠢ᠋ ᠭᠦᠸᠧ ᠸᠠᠩ ᠳ᠋ᠤᠷ ᠤᠷᠤᠭᠰᠢᠯᠠᠨ ᠠᠪᠠᠴᠢᠵᠤ ᠪᠠᠷᠢᠭᠰᠠᠨ ᠲᠤᠯᠠ ᠭᠦᠸᠧ ᠸᠠᠩ ᠶᠡᠬᠡᠯ᠎ᠡ ᠪᠠᠶᠠᠷᠯᠠᠨ ᠪᠡᠶ᠎ᠡ ᠪᠡᠷ ᠴᠡᠷᠢᠭ ᠦ᠋ᠨ ᠬᠦᠷᠢᠶᠡᠨ ᠦ᠌ ᠭᠠᠳᠠᠨ᠎ᠠ ᠭᠠᠷᠴᠤ ᠤᠭᠲᠤᠪᠠ᠃ ᠵᠠᠩ ᠿᠧᠦ ᠮᠣᠩᠭᠣᠯ ᠤ᠋ᠨ ᠰᠠᠢᠳ ᠲᠦᠰᠢᠮᠡᠳ ᠡᠨᠡ ᠮᠡᠲᠦ ᠭᠦᠨ ᠬᠦᠨᠳᠦ ᠪᠡᠷ ᠵᠠᠩᠵᠤᠨ ᠤ᠋ ᠰᠡᠳᠬᠢᠯ ᠢ᠋ ᠠᠪᠬᠤ ᠶ᠋ᠢ ᠦᠵᠡᠭᠡᠳ ᠲᠣᠯᠣᠭᠠᠢ ᠳᠣᠬᠢᠵᠤ ᠡᠪᠦᠳᠦᠭ ᠢ᠋ᠶ᠋ᠡᠷ ᠮᠥᠯᠬᠥᠨ ᠵᠣᠯᠭᠠᠭᠰᠠᠨ ᠳ᠋ᠤᠷ ᠭᠦᠸᠧ ᠸᠠᠩ ᠶᠠᠭᠠᠷᠠᠨ ᠬᠠᠷᠢᠭᠤ ᠶᠣᠰᠣᠯᠠᠵᠤ ᠬᠦᠨᠳᠦ ᠪᠡᠷ ᠬᠣᠷᠢᠭᠯᠠᠬᠤᠢ ᠳ᠋ᠤᠷ ᠵᠠᠩ ᠿᠧᠦ ᠰᠡᠭᠦᠷᠡᠰᠦᠨ ᠠᠯᠳᠠᠵᠤ ᠥᠭᠦᠯᠡᠷᠦᠨ : 《ᠪᠢ ᠤᠯᠤᠰ ᠤ᠋ᠨ ᠬᠦᠨᠳᠦ ᠬᠡᠰᠢᠭ ᠢ᠋ ᠬᠦᠷᠲᠡᠭᠰᠡᠨ ᠪᠥᠭᠡᠳ ᠰᠠᠨᠠᠭᠠᠨ ᠳ᠋ᠤᠷ ᠦᠭᠡᠢ ᠵᠣᠷᠢᠭ ᠢ᠋ᠶ᠋ᠠᠷ ᠶᠠᠪᠤᠭᠰᠠᠭᠠᠷ ᠰᠢᠳᠤᠷᠭᠤ ᠡᠯᠪᠡᠷᠢᠯ ᠬᠣᠶᠠᠷ ᠢ᠋ ᠴᠥᠮ ᠠᠯᠳᠠᠪᠠ᠃ ᠡᠳᠦᠭᠡ ᠬᠡᠳᠦᠢ ᠦᠬᠦᠪᠡᠴᠦ ᠠᠮᠲᠠ ᠦᠭᠡᠢ ᠪᠣᠯᠤᠭᠰᠠᠨ ᠪᠥᠭᠡᠲᠡᠯ᠎ᠡ ᠶᠡᠬᠡ ᠸᠠᠩ ᠪᠠᠰᠠ ᠡᠨᠡ ᠮᠡᠲᠦ ᠬᠦᠨᠳᠦ ᠦᠵᠡᠬᠦ ᠢᠨᠦ ᠵᠠᠩ ᠿᠧᠦ ᠮᠢᠨᠦ ᠡᠨᠡ ᠪᠡᠶ᠎ᠡ ᠨᠡᠷ᠎ᠡ ᠪᠠ ᠠᠮᠢ᠂ ᠬᠠᠯᠠᠭᠤᠨ ᠴᠢᠰᠤ ᠶ᠋ᠢ ᠪᠦᠷᠢᠨ᠎ᠡ ᠬᠡᠷᠡᠭᠯᠡᠬᠦᠢ ᠳ᠋ᠦ᠍ᠷ ᠬᠦᠷᠦᠭᠰᠡᠨ ᠲᠤᠯᠠ ᠪᠢ ᠬᠡᠷᠬᠢᠨ ᠤᠬᠤᠷᠢᠵᠤ ᠪᠣᠯᠬᠤ ? ᠲᠡᠷᠢᠭᠦᠨ ᠳ᠋ᠦ᠍ᠷ ᠮᠢᠨᠦ ᠡᠴᠢᠭᠡ ᠡᠬᠡ ᠡᠨᠡ ᠤᠯᠤᠰ ᠲᠤᠷ ᠪᠣᠯᠪᠠ᠂ ᠦᠬᠦᠭᠰᠡᠨ ᠡᠵᠡᠨ ᠳ᠋ᠦ᠍ᠷ ᠲᠤᠰᠠᠯᠠᠨ ᠡᠴᠢᠭᠡ ᠡᠬᠡ ᠳ᠋ᠦ᠍ᠷ ᠬᠠᠷᠢᠭᠤᠯᠠᠨ ᠴᠢᠳᠠᠬᠤ ᠶᠠᠪᠤᠳᠠᠯ ᠪᠤᠶᠤ ! ᠸᠠᠩ ᠰᠡᠳᠬᠢᠯ ᠢ᠋ ᠰᠤᠯᠠ ᠲᠠᠯᠪᠢᠵᠤ ᠨᠠᠮᠠᠶ᠋ᠢ ᠶᠠᠨ ᠵᠢᠩ ᠳ᠋ᠦ᠍ᠷ ᠬᠦᠷᠭᠡᠭᠦᠯ᠂ ᠡᠴᠦᠰ ᠲᠦ᠍ᠷ ᠬᠦᠷᠲᠡᠯ᠎ᠡ ᠵᠢᠳᠬᠦᠰᠦᠭᠡᠢ ! 》ᠬᠡᠮᠡᠭᠰᠡᠨ ᠳ᠋ᠦ᠍ᠷ ᠭᠦᠸᠧ ᠸᠠᠩ ᠶᠡᠬᠡᠯ᠎ᠡ ᠪᠠᠶᠠᠷᠯᠠᠨ ᠥᠪᠡᠷ ᠦ᠋ᠨ ᠭᠠᠷ ᠢ᠋ᠶ᠋ᠠᠷ ᠠᠷᠢᠬᠢ ᠪᠠᠷᠢᠵᠤ ᠳᠠᠷᠤᠢ ᠳ᠋ᠠᠢᠳ᠋ᠦ᠋ ᠳ᠋ᠦ᠍ᠷ ᠶᠠᠪᠤᠭᠤᠯᠪᠠ᠃
ᠲᠡᠳᠦᠢ ᠬᠠᠭᠠᠨ ᠠᠯᠲᠠᠨ ᠤᠯᠤᠰ ᠤ᠋ᠨ ᠶᠡᠬᠡ ᠶᠤᠸᠠᠨᠱᠤᠸᠠᠢ ᠵᠠᠩ ᠿᠧᠦ ᠶ᠋ᠢᠨ ᠳᠠᠭᠠᠭᠰᠠᠨ ᠢ᠋ ᠬᠡᠳᠦᠢᠨᠡᠢ ᠰᠣᠨᠣᠰᠤᠭᠰᠠᠨ ᠲᠤᠯᠠ ᠵᠠᠩ ᠿᠧᠦ ᠶ᠋ᠢᠨ ᠪᠠᠷᠠᠯᠬᠠᠬᠤ ᠦᠶ᠎ᠡ ᠳ᠋ᠦ᠍ᠷ ᠰᠢᠭᠤᠳ ᠤᠭ ᠲᠤᠰᠢᠶᠠᠯ ᠳᠡᠪᠡᠯ ᠮᠠᠯᠠᠭ᠎ᠠ ᠶ᠋ᠢ ᠡᠮᠦᠰᠬᠡᠵᠦ ᠤᠷᠤᠭᠤᠯ ᠭᠡᠮᠡᠨ ᠵᠠᠷᠯᠢᠭ ᠪᠣᠯᠤᠷᠤᠨ : 《ᠠᠯᠲᠠᠨ ᠤᠯᠤᠰ ᠬᠥᠮᠦᠨ ᠢ᠋ ᠦᠯᠦ ᠲᠠᠨᠢᠮᠤᠢ᠂ ᠵᠠᠩ ᠿᠧᠦ ᠴᠢ ᠬᠡᠳᠦᠢ ᠰᠢᠳᠤᠷᠭᠤ ᠶ᠋ᠢ ᠭᠦᠢᠴᠡᠳᠬᠡᠪᠡᠰᠦ ᠬᠡᠯᠡᠯᠴᠡᠬᠦ ᠬᠥᠮᠦᠨ ᠦᠭᠡᠢ ᠲᠠᠯᠠᠭᠠᠷ ᠪᠣᠯᠬᠤ᠂ ᠴᠢ ᠡᠳᠦᠭᠡ ᠰᠢᠳᠤᠷᠭᠤ ᠶ᠋ᠢ ᠡᠰᠡ ᠴᠢᠳᠠᠪᠠᠴᠤ ᠡᠯᠪᠡᠷᠢᠯ ᠬᠠᠷᠢᠨ ᠪᠦᠷᠢᠳᠪᠡ᠃ ᠪᠢ ᠴᠢᠨᠦ ᠪᠠᠢᠳᠠᠯ ᠢ᠋ ᠦᠵᠡᠬᠦᠯ᠎ᠡ ᠴᠢᠬᠡᠴᠢ ᠪᠠᠭᠠᠲᠤᠷ ᠬᠥᠮᠦᠨ᠂ ᠪᠢ ᠢᠲᠡᠭᠡᠭᠰᠡᠨ ᠢ᠋ ᠦᠯᠦ ᠰᠡᠵᠢᠭᠯᠡᠮᠦᠢ ! 》ᠭᠡᠮᠡᠨ ᠵᠠᠩ ᠿᠧᠦ ᠶ᠋ᠢᠨ ᠶᠠᠨ ᠵᠢᠩ ᠦ᠋ᠨ ᠬᠠᠭᠤᠴᠢᠨ ᠨᠤᠲᠤᠭ ᠢ᠋ ᠪᠠᠢᠴᠠᠭᠠᠨ ᠭᠠᠷᠭᠠᠵᠤ᠂ ᠡᠯ᠎ᠡ ᠵᠦᠢᠯ ᠢ᠋ ᠪᠦᠷᠢᠳᠬᠡᠯᠭᠡᠨ ᠱᠠᠩᠨᠠᠵᠤ᠂ ᠡᠴᠢᠭᠡ ᠡᠬᠡ ᠶ᠋ᠢ ᠢᠨᠦ ᠰᠠᠭᠤᠯᠭᠠᠵᠤ᠂ ᠵᠠᠩ ᠿᠧᠦ ᠶ᠋ᠢᠨ ᠪᠡᠶ᠎ᠡ ᠶ᠋ᠢ ᠬᠠᠭᠤᠴᠢᠨ ᠲᠤᠰᠢᠶᠠᠯ ᠳ᠋ᠤᠷ ᠠᠨᠤ ᠠᠬᠤᠯᠤᠭᠤᠭᠠᠳ ᠳᠡᠭᠡᠷ᠎ᠡ ᠪᠠᠰᠠ ᠾᠧ ᠪᠧᠢ ᠶ᠋ᠢ ᠲᠣᠭᠲᠠᠭᠠᠬᠤ ᠳᠦ ᠶᠤᠸᠠᠨᠱᠤᠸᠠᠢ ᠡᠷᠭᠦᠮᠵᠢᠯᠡᠨ ᠮᠣᠷᠳᠠᠭᠤᠯᠪᠠ᠃ ᠡᠭᠦᠨ ᠳ᠋ᠦ᠍ᠷ ᠵᠠᠩ ᠿᠧᠦ ᠶ᠋ᠢᠨ ᠡᠵᠡᠨ ᠰᠠᠢᠳ ᠤ᠋ᠨ ᠰᠡᠳᠬᠢᠯ ᠨᠢᠭᠡᠨ ᠰᠢᠷᠬᠡᠭ ᠮᠡᠲᠦ ᠡᠷᠳᠡᠮᠲᠡᠢ ᠶ᠋ᠢ ᠮᠡᠳᠡᠵᠦ᠂ ᠲᠠᠷᠢᠬᠢ ᠴᠥᠮᠥᠭᠡᠨ ᠡᠴᠡ ᠰᠦᠰᠦᠭᠯᠡᠨ ᠪᠢᠰᠢᠷᠡᠵᠦ ᠳᠠᠭᠠᠪᠠᠢ᠃
ᠲᠡᠳᠦᠢ ᠮᠤᠬᠤᠯᠢ ᠵᠠᠩ ᠿᠧᠦ ᠶ᠋ᠢ ᠤᠭᠲᠤᠵᠤ ᠵᠣᠯᠭᠠᠨ᠂ ᠵᠢᠴᠢ ᠬᠠᠷᠢᠶᠠᠲᠤ ᠬᠣᠲᠠ ᠪᠠᠯᠭᠠᠳ ᠭᠠᠵᠠᠷ ᠣᠷᠣᠨ ᠴᠡᠷᠢᠭ ᠢᠷᠭᠡᠨ ᠳ᠋ᠦ᠍ᠷ ᠬᠦᠷᠲᠡᠯ᠎ᠡ ᠴᠥᠮ ᠵᠠᠩ ᠿᠧᠦ ᠳ᠋ᠦ᠍ᠷ ᠲᠤᠰᠢᠶᠠᠨ᠂ ᠥᠪᠡᠷ ᠦ᠋ᠨ ᠪᠡᠶ᠎ᠡ ᠰᠢ ᠵᠢᠩ ᠬᠣᠲᠠ ᠶ᠋ᠢᠨ ᠪᠠᠷᠠᠭᠤᠨ ᠡᠲᠡᠭᠡᠳ ᠢ᠋ᠶ᠋ᠡᠷ ᠬᠣᠲᠣᠩ ᠤᠯᠤᠰ ᠤ᠋ᠨ ᠭᠠᠵᠠᠷ ᠢ᠋ᠶ᠋ᠠᠷ ᠵᠡᠭᠦᠨ ᠵᠦᠭ ᠣᠷᠣᠵᠤ᠂ ᠤᠷᠢᠳᠠ ᠱᠠᠨ ᠰᠢ ᠮᠣᠵᠢ ᠶ᠋ᠢᠨ ᠲᠡᠢ ᠶᠤᠸᠠᠨ ᠹᠦ ᠶ᠋ᠢᠨ ᠶᠡᠬᠡ ᠬᠣᠲᠠ ᠶ᠋ᠢ ᠲᠣᠭᠣᠷᠢᠨ ᠪᠦᠰᠡᠯᠡᠵᠦ ᠬᠡᠳᠦᠨ ᠳᠠᠪᠬᠤᠷ ᠬᠠᠭᠠᠭᠠᠳ ᠬᠡᠳᠦᠨ ᠡᠳᠦᠷ ᠪᠠᠢᠯᠳᠤᠪᠠᠰᠤ ᠲᠠᠢ ᠶᠤᠸᠠᠨ ᠤ᠋ ᠬᠣᠲᠠᠨ ᠪᠠᠲᠤ ᠪᠡᠬᠢ ᠪᠥᠭᠡᠳ ᠢᠷᠭᠡᠨ ᠪᠠᠰᠠ ᠪᠠᠶᠠᠯᠢᠭ ᠵᠤᠵᠠᠭᠠᠨ᠂ ᠠᠪᠲᠠᠬᠤ ᠦᠭᠡᠢ ᠲᠤᠯᠠ ᠴᠡᠷᠢᠭ ᠦ᠋ᠨ ᠠᠷᠠᠳ ᠲᠤᠷ ᠵᠠᠷᠯᠠᠵᠤ᠂ ᠮᠣᠳᠣᠨ ᠬᠠᠯᠬᠠᠪᠴᠢ ᠪᠠᠷᠢᠭᠤᠯᠤᠨ ᠰᠢᠷᠣᠢ ᠶ᠋ᠢᠨ ᠤᠭᠤᠲᠠ ᠪᠠᠷ ᠬᠣᠲᠠᠨ ᠤ᠋ ᠳᠥᠷᠪᠡᠨ ᠥᠨᠴᠥᠭ ᠲᠣᠷ ᠥᠨᠳᠥᠷ ᠲᠡᠭᠲᠦ ᠴᠣᠭᠴᠠᠯᠠᠭᠤᠯᠤᠨ᠂ ᠨᠢᠭᠡᠨᠲᠡᠭᠡᠭᠦᠷ ᠪᠠᠰᠠ ᠭᠠᠵᠠᠷ ᠬᠥᠳᠡᠯᠭᠡᠬᠦ ᠬᠢᠲᠠᠳ ᠢ ᠡᠷᠢᠭᠦᠯᠵᠦ᠂ ᠬᠣᠲᠠ ᠶ᠋ᠢᠨ ᠪᠠᠷᠠᠭᠤᠨ ᠬᠣᠢᠲᠤ ᠥᠨᠴᠥᠭ ᠦ᠋ᠨ ᠳᠣᠣᠭᠤᠷ ᠨᠦᠬᠡ ᠡᠷᠦᠭᠦᠯᠦᠨ ᠭᠠᠵᠠᠷ ᠤ᠋ᠨ ᠠᠶᠤᠩᠭ᠎ᠠ ᠬᠢᠯᠭᠡᠵᠦ᠂ ᠬᠠᠭᠠᠰ ᠰᠠᠷ᠎ᠠ ᠪᠣᠯᠤᠭᠰᠠᠨ ᠦᠭᠡᠢ ᠭᠠᠵᠠᠷ ᠤ᠋ᠨ ᠠᠶᠤᠩᠭ᠎ᠠ ᠪᠠ ᠰᠢᠷᠣᠢ ᠶ᠋ᠢᠨ ᠲᠡᠭᠲᠦ ᠴᠥᠮ ᠪᠦᠲᠦᠭᠰᠡᠨ ᠳ᠋ᠦ᠍ᠷ ᠤᠷᠢᠳᠠ ᠭᠠᠵᠠᠷ ᠤ᠋ᠨ ᠠᠶᠤᠩᠭ᠎ᠠ ᠶ᠋ᠢ ᠨᠣᠴᠣᠭᠠᠭᠰᠠᠨ ᠳ᠋ᠤᠷ ᠨᠢᠭᠡᠨᠲᠡ ᠳᠡᠯᠪᠡᠷᠡᠵᠦ᠂ ᠲᠡᠢ ᠶᠤᠸᠠᠨ ᠹᠦ ᠬᠣᠲᠠ ᠶ᠋ᠢᠨ ᠪᠠᠷᠠᠭᠤᠨ ᠬᠣᠢᠲᠤ ᠥᠨᠴᠥᠭ ᠭᠤᠴᠢᠨ ᠬᠡᠳᠦᠨ ᠵᠠᠩ ᠶᠡᠭᠦᠷᠡᠨ ᠦᠰᠦᠷᠪᠡ᠃ ᠡᠭᠦᠨ ᠳ᠋ᠦ᠍ᠷ ᠬᠣᠲᠠᠨ ᠢ᠋ ᠬᠠᠮᠠᠭᠠᠯᠠᠭᠰᠠᠨ ᠠᠯᠲᠠᠨ ᠤᠯᠤᠰ ᠤ᠋ᠨ ᠶᠡᠬᠡ ᠶᠤᠸᠠᠨᠱᠤᠸᠠᠢ ᠡᠦ ᠬᠦ ᠯᠦᠨ ᠳᠧ ᠱᠧᠩ ᠬᠦᠴᠦᠨ ᠦ᠌ ᠬᠢᠷᠢ ᠪᠡᠷ ᠴᠢᠷᠮᠠᠢᠨ ᠬᠣᠲᠠ ᠶ᠋ᠢᠨ ᠰᠡᠲᠡᠷᠬᠡᠢ ᠳ᠋ᠦ᠍ᠷ ᠶᠡᠬᠡ ᠲᠡᠷᠭᠡ ᠲᠠᠯᠪᠢᠵᠤ ᠰᠢᠷᠣᠢ ᠶ᠋ᠢᠨ ᠤᠭᠤᠲᠠ ᠶ᠋ᠢ ᠣᠪᠣᠭᠠᠯᠠᠨ᠂ ᠳᠥᠷᠪᠡ ᠲᠠᠪᠤᠨ ᠳᠠᠪᠬᠤᠷ ᠵᠡᠷᠭᠡᠴᠡᠭᠦᠯᠦᠨ ᠬᠠᠯᠠᠠᠯᠠᠪᠠᠴᠤ ᠮᠣᠩᠭᠣᠯ ᠤ᠋ᠨ ᠰᠢᠷᠣᠢ ᠶ᠋ᠢᠨ ᠳᠡᠭᠲᠦ ᠳᠡᠭᠡᠷ᠎ᠡ ᠡᠴᠡ ᠶᠡᠬᠡ ᠰᠤᠮᠤ ᠲᠦᠷᠭᠡᠨ ᠴᠢᠯᠠᠭᠤ ᠶ᠋ᠢᠨ ᠴᠣᠬᠢᠬᠤ ᠪᠠ ᠬᠠᠷᠪᠤᠬᠤ ᠠᠨᠤ ᠪᠣᠷᠣᠭᠠᠨ ᠣᠷᠣᠬᠤ ᠮᠡᠲᠦ᠂ ᠰᠠᠬᠢᠬᠤ ᠴᠡᠷᠢᠭ ᠪᠢᠴᠢᠬᠠᠨ ᠴᠤ᠌ ᠵᠣᠭᠰᠣᠵᠤ ᠪᠣᠯᠬᠤ ᠦᠭᠡᠢ ᠲᠤᠯᠠ ᠬᠣᠲᠠ ᠨᠢᠭᠡᠨᠲᠡ ᠠᠪᠲᠠᠬᠤ ᠳ᠋ᠤᠷ ᠬᠦᠷᠦᠭᠰᠡᠨ ᠳ᠋ᠦ᠍ᠷ ᠡᠦ ᠬᠦ ᠯᠦᠨ ᠳᠧ ᠱᠧᠩ ᠭᠡᠷ ᠲᠡᠭᠡᠨ ᠡᠭᠡᠵᠦ ᠡᠬᠡ ᠪᠠ ᠡᠮ᠎ᠡ ᠶ᠋ᠢᠨ ᠵᠦᠭ ᠥᠭᠦᠯᠡᠷᠦᠨ : 《ᠮᠠᠨ ᠤ᠋ ᠠᠯᠲᠠᠨ ᠤᠯᠤᠰ ᠤ᠋ᠨ ᠪᠠᠭᠤᠷᠠᠯ ᠤ᠋ᠨ ᠲᠣᠭ᠎ᠠ ᠪᠣᠯᠵᠤ ᠵᠢᠯ ᠪᠦᠷᠢ ᠠᠯᠳᠠᠭᠰᠠᠭᠠᠷ ᠡᠳᠦᠭᠡ ᠪᠣᠯᠵᠤ᠂ ᠪᠢ ᠪᠠᠰᠠ ᠣᠨᠴᠠ ᠰᠡᠳᠬᠢᠯ ᠢ᠋ᠶ᠋ᠡᠨ ᠭᠦᠢᠴᠡᠳᠬᠡᠨ ᠡᠨᠡ ᠬᠣᠲᠠᠨ ᠢ᠋ ᠬᠡᠳᠦᠨ ᠵᠢᠯ ᠰᠠᠬᠢᠭᠰᠠᠭᠠᠷ ᠡᠳᠦᠭᠡ ᠨᠢᠭᠡᠨᠲᠡ ᠬᠦᠴᠦᠨ ᠮᠣᠬᠣᠵᠤ ᠲᠠᠮᠢᠷ ᠲᠠᠰᠤᠷᠠᠭᠠᠳ ᠬᠣᠲᠠ ᠡᠪᠳᠡᠷᠡᠵᠦ ᠢᠷᠭᠡᠨ ᠦᠬᠦᠬᠦᠢ ᠳ᠋ᠦ᠍ᠷ ᠬᠦᠷᠦᠭᠰᠡᠨ ᠲᠤᠯᠠ ᠨᠠᠮᠠᠶ᠋ᠢ ᠦᠬᠦᠪᠡᠰᠦ ᠮᠢᠨᠦ ᠲᠣᠯᠣᠭᠠᠢ ᠶ᠋ᠢ ᠣᠭᠲᠣᠯᠵᠤ ᠮᠢᠨᠦ ᠡᠵᠡᠨ ᠳ᠋ᠦ᠍ᠷ ᠶᠠᠯ᠎ᠠ ᠬᠦᠯᠢᠶᠡᠷ᠎ᠡ ᠢᠯᠡᠭᠡ᠂ ᠬᠡᠳᠦᠢ ᠮᠣᠩᠭᠣᠯ ᠦᠵᠡᠪᠡᠴᠦ ᠭᠠᠢ ᠦᠭᠡᠢ᠂ ᠬᠠᠷᠠᠬᠠᠨ ᠡᠷᠦᠬᠡ ᠪᠡᠨ ᠬᠠᠮᠠᠭᠠᠯᠠᠨ ᠴᠢᠳᠠᠬᠤ ᠴᠤ᠌ ᠮᠠᠭᠠᠳ ᠦᠭᠡᠢ ! 》 ᠭᠡᠮᠡᠨ ᠪᠣᠭᠣᠮᠢᠯᠠᠨ ᠦᠬᠦᠭᠰᠡᠨ ᠳ᠋ᠦ᠍ᠷ ᠭᠡᠷ ᠦ᠋ᠨ ᠠᠷᠠᠳ ᠲᠣᠯᠣᠭᠠᠢ ᠶ᠋ᠢ ᠰᠠᠯᠭᠠᠨ ᠴᠢᠳᠠᠬᠤ ᠦᠭᠡᠢ ᠳ᠋ᠦ᠍ᠷ ᠮᠣᠩᠭᠣᠯ ᠤ᠋ᠨ ᠴᠡᠷᠢᠭ ᠬᠣᠲᠠᠨ ᠢ᠋ ᠡᠪᠳᠡᠵᠦ ᠣᠷᠣᠵᠤ ᠢᠷᠡᠭᠰᠡᠨ᠎ᠡ᠂ ᠠᠷᠭ᠎ᠠ ᠦᠭᠡᠢ ᠲᠣᠯᠣᠭᠠᠢ ᠶ᠋ᠢ ᠣᠭᠲᠣᠯᠵᠤ ᠰᠢᠷ᠎ᠠ ᠪᠠᠭᠯᠠᠭ᠎ᠠ ᠪᠠᠷ ᠪᠠᠭᠯᠠᠵᠤ ᠬᠣᠲᠠᠨ ᠢ᠋ ᠭᠠᠷᠬᠤᠢ ᠳ᠋ᠤᠷ ᠮᠣᠩᠭᠣᠯ ᠤ᠋ᠨ ᠴᠡᠷᠢᠭ ᠲᠦ᠍ᠷ ᠪᠠᠷᠢᠭᠳᠠᠪᠠ᠃ ᠴᠡᠷᠢᠭ ᠦ᠋ᠨ ᠠᠷᠠᠳ ᠳᠡᠭᠡᠭᠰᠢ ᠮᠡᠳᠡᠭᠦᠯᠦᠭᠰᠡᠨ᠎ᠡ᠂ ᠮᠤᠬᠤᠯᠢ ᠤᠴᠢᠷ ᠢ ᠪᠠᠢᠴᠠᠭᠠᠵᠤ ᠣᠯᠤᠭᠠᠳ ᠮᠥᠨ ᠬᠦ᠌ ᠡᠦ ᠬᠦ ᠯᠦᠨ ᠳᠧ ᠱᠧᠩ ᠦ᠋ᠨ ᠵᠢᠷᠤᠮ ᠢ᠋ᠶ᠋ᠠᠷ ᠦᠬᠦᠭᠰᠡᠨ ᠢᠨᠦ ᠬᠥᠭᠡᠷᠦᠬᠦᠢ ᠭᠡᠮᠡᠨ ᠲᠡᠭᠦᠨ ᠦ᠌ ᠭᠡᠷ ᠢ᠋ ᠬᠥᠳᠡᠯᠭᠡᠭᠰᠡᠨ ᠦᠭᠡᠢ ᠰᠠᠬᠢᠭᠤᠯᠵᠤ᠂ ᠶᠠᠰᠤᠨ ᠢ᠋ ᠠᠨᠤ ᠳᠠᠬᠢᠭᠤᠯᠵᠤ ᠵᠢᠷᠤᠮᠲᠤ ᠴᠣᠯᠠ ᠰᠣᠶᠣᠷᠬᠠᠨ ᠬᠥᠰᠢᠶ᠎ᠡ ᠬᠠᠢᠷᠠᠯᠠᠨ᠂ ᠡᠦ ᠬᠦ ᠯᠦᠨ ᠳᠧ ᠱᠧᠩ ᠦ᠋ᠨ ᠤᠷᠤᠭ ᠰᠠᠳᠤᠨ ᠲᠥᠷᠥᠯ ᠲᠥᠷᠥᠭᠰᠡᠨ ᠡᠮ᠎ᠡ ᠦᠷ᠎ᠡ ᠢᠨᠦ ᠴᠥᠮ ᠢᠷᠡᠵᠦ ᠴᠢᠩ ᠦᠨᠡᠨ ᠢ᠋ᠶ᠋ᠡᠷ ᠤᠬᠢᠯᠠᠨ ᠳᠠᠭᠠᠪᠠ᠃ ᠲᠡᠭᠦᠨ ᠦ᠌ ᠲᠣᠯᠣᠭᠠᠢ ᠶ᠋ᠢ ᠪᠢᠴᠢᠭ ᠯᠦ᠍ᠭᠡ ᠠᠯᠲᠠᠨ ᠤᠯᠤᠰ ᠲᠤᠷ ᠬᠦᠷᠭᠡᠭᠦᠯᠦᠨ ᠢᠯᠡᠭᠡᠭᠰᠡᠨ ᠳ᠋ᠦ᠍ᠷ ᠠᠯᠲᠠᠨ ᠤᠯᠤᠰ ᠬᠣᠲᠠᠨ ᠳ᠋ᠤᠷ ᠢ᠋ᠶ᠋ᠠᠨ ᠡᠰᠡ ᠣᠷᠣᠭᠤᠯᠪᠠᠢ᠃ ᠡᠭᠦᠨ ᠳ᠋ᠦ᠍ᠷ ᠡᠨᠡ ᠮᠡᠳᠡᠭᠡ ᠨᠢᠭᠡᠨᠲᠡ ᠭᠠᠷᠴᠤ ᠢᠷᠡᠨ ᠲᠡᠢ ᠶᠤᠸᠠᠨ ᠤ᠋ ᠣᠢᠷᠠᠯᠴᠠᠭ᠎ᠠ ᠪᠠᠢᠬᠤ ᠶᠡᠬᠡ ᠬᠣᠲᠠ ᠫᠢᠩ ᠶᠠᠩ ᠤ᠋ᠨ ᠴᠡᠷᠢᠭ ᠴᠥᠭᠡᠨ ᠬᠦᠴᠦᠨ ᠮᠡᠬᠦᠰ᠂ ᠨᠡᠩ ᠪᠠᠰᠠ ᠬᠠᠭᠠᠨ ᠳ᠋ᠤᠷ ᠵᠢᠷᠤᠮᠲᠤ ᠰᠠᠢᠳ ᠤ᠋ᠨ ᠪᠣᠳᠣᠷᠣᠣᠯ ᠴᠥᠮ ᠨᠡᠪᠲᠡᠷᠡᠬᠦ ᠦᠭᠡᠢ ᠪᠣᠯᠤᠭᠰᠠᠨ ᠲᠤᠯᠠ ᠫᠢᠩ ᠶᠠᠩ ᠬᠣᠲᠠᠨ ᠢ᠋ ᠰᠠᠬᠢᠭᠰᠠᠨ ᠯᠢ ᠭᠧ᠂ ᠰᠢᠩ ᠱ᠌ᠸᠩ᠂ ᠱᠸᠠ ᠶᠠᠩ ᠭᠤᠷᠪᠠᠭᠤᠯᠠ ᠵᠥᠪᠯᠡᠨ᠂ ᠰᠢᠩ ᠱᠧᠩ᠂ ᠱᠸᠠ ᠶᠠᠩ ᠬᠣᠶᠠᠭᠤᠯᠠ ᠣᠯᠠᠨ ᠴᠡᠷᠢᠭ ᠢ᠋ ᠠᠪᠴᠤ ᠬᠣᠲᠠᠨ ᠢ᠋ ᠣᠷᠬᠢᠵᠤ ᠪᠤᠷᠤᠭᠤᠯᠠᠨ ᠡᠴᠢᠰᠦᠭᠡᠢ ᠬᠡᠮᠡᠬᠦᠢ ᠳ᠋ᠦ᠍ᠷ ᠯᠢ ᠭᠧ ᠥᠭᠦᠯᠡᠷᠦᠨ:《ᠲᠠ ᠬᠣᠶᠠᠭᠤᠯᠠ ᠣᠯᠠᠨ ᠴᠡᠷᠢᠭ ᠢ᠋ ᠠᠪᠴᠤ ᠳᠤᠲᠠᠭᠠᠨ ᠭᠠᠷᠴᠤ ᠠᠮᠢᠳᠤᠷᠠᠯ ᠡᠷᠢ᠂ ᠪᠢ ᠤᠭ ᠠ᠋ᠴᠠ ᠡᠨᠡ ᠬᠣᠲᠠᠨ ᠢ᠋ ᠬᠠᠳᠠᠭᠠᠯᠠᠭᠰᠠᠨ ᠲᠤᠯᠠ ᠶᠠᠮᠪᠠᠷ ᠨᠢᠭᠤᠷ ᠢ᠋ᠶ᠋ᠠᠷ ᠬᠠᠭᠠᠨ ᠳ᠋ᠤᠷ ᠤᠴᠠᠷᠠᠮᠤᠢ ? ᠡᠳᠦᠭᠡ ᠲᠡᠢ ᠶᠤᠸᠠᠨ ᠹᠦ ᠶ᠋ᠢ ᠰᠠᠬᠢᠭᠰᠠᠨ ᠡᠦ ᠬᠦ ᠯᠦᠨ ᠳᠧ ᠱᠧᠩ ᠲᠣᠯᠣᠭᠠᠢ ᠪᠠᠨ ᠢᠯᠡᠭᠡᠲᠡᠯ᠎ᠡ ᠡᠰᠡ ᠨᠡᠪᠲᠡᠷᠡᠭᠰᠡᠨ ᠲᠤᠯᠠ ᠪᠢ ᠶᠠᠭᠤᠨ ᠰᠠᠨᠠᠬᠤ ? ᠭᠠᠭᠴᠠ ᠥᠪᠡᠷ ᠦ᠋ᠨ ᠰᠡᠳᠬᠢᠯ ᠢ᠋ ᠭᠦᠢᠴᠡᠳᠬᠡᠰᠦᠭᠡᠢ ! 》 ᠭᠡᠮᠡᠨ ᠰᠢᠩ ᠱ᠌ᠸᠩ᠂ ᠱᠸᠠ ᠶᠠᠩ ᠬᠣᠶᠠᠭᠤᠯᠠ ᠳ᠋ᠤᠷ ᠲᠠᠮᠠᠭ᠎ᠠ ᠳᠠᠩᠰᠠ ᠶ᠋ᠢ ᠲᠤᠰᠢᠶᠠᠨ ᠥᠭᠭᠦᠭᠡᠳ ᠬᠠᠭᠠᠨ ᠤ᠋ ᠵᠦᠭ ᠬᠠᠨᠳᠤᠵᠤ ᠮᠥᠷᠭᠥᠭᠡᠳ ᠬᠦᠵᠦᠭᠦᠦ ᠪᠡᠨ ᠣᠭᠲᠣᠯᠵᠤ ᠦᠬᠦᠪᠡ ① ᠃ ᠡᠨᠡ ᠦᠶ᠎ᠡ ᠳ᠋ᠦ᠍ᠷ ᠮᠣᠩᠭᠣᠯ ᠤ᠋ᠨ ᠴᠡᠷᠢᠭ ᠬᠡᠳᠦᠢᠨᠡᠢ ᠫᠢᠩ ᠶᠠᠩ ᠢ᠋ ᠬᠠᠭᠠᠭᠰᠠᠭᠠᠷ ᠭᠤᠷᠪᠠᠨ ᠡᠳᠦᠷ ᠪᠣᠯᠤᠭᠰᠠᠨ ᠳ᠋ᠤᠷ ᠰᠢᠩ ᠱ᠌ᠸᠩ ᠂ ᠱᠸᠠ ᠶᠠᠩ ᠬᠣᠶᠠᠷ ᠵᠠᠩᠵᠤᠨ ᠣᠯᠠᠨ ᠴᠡᠷᠢᠭ ᠢ ᠠᠪᠴᠤ ᠪᠠᠷᠠᠭᠤᠨ ᠬᠠᠭᠠᠯᠭ᠎ᠠ ᠪᠠᠷ ᠭᠠᠷᠤᠮᠤᠢ ᠭᠡᠮᠡᠨ ᠦᠢᠮᠡᠭᠦᠯᠦᠭᠰᠡᠨ ᠪᠣᠯᠪᠠᠴᠤ ᠵᠡᠭᠦᠨ ᠬᠠᠭᠠᠯᠭ᠎ᠠ ᠪᠠᠷ ᠭᠠᠷᠴᠤ ᠳᠤᠲᠠᠭᠠᠪᠠ᠃ ᠬᠣᠲᠠ ᠶ᠋ᠢᠨ ᠣᠯᠠᠨ ᠢᠷᠭᠡᠨ ᠯᠢ ᠭᠧ ᠶ᠋ᠢᠨ ᠦᠬᠦᠳᠡᠯ ᠢ ᠦᠵᠡᠭᠦᠯᠵᠦ ᠬᠣᠲᠠ ᠶ᠋ᠢ ᠨᠡᠭᠡᠭᠡᠵᠦ ᠳᠠᠭᠠᠭᠰᠠᠨ ᠳ᠋ᠤᠷ ᠭᠦᠸᠧ ᠸᠠᠩ ᠤᠴᠢᠷ ᠢ᠋ ᠬᠢᠨᠠᠨ ᠠᠰᠠᠭᠤᠵᠤ ᠰᠡᠭᠦᠷᠡᠰᠦᠨ ᠠᠯᠳᠠᠵᠤ ᠥᠭᠦᠯᠡᠷᠦᠨ :《 ᠲᠡᠢ ᠶᠤᠸᠠᠨ ᠤ᠋ ᠡᠦ ᠬᠦ ᠯᠦᠨ ᠳᠧ ᠱᠧᠩ ᠦ᠋ᠨ ᠦᠬᠦᠭᠰᠡᠨ᠂ ᠫᠢᠩ ᠶᠠᠩ ᠤ᠋ᠨ ᠯᠢ ᠭᠧ ᠶ᠋ᠢᠨ ᠦᠬᠦᠭᠰᠡᠨ ᠬᠣᠶᠠᠷ ᠮᠠᠰᠢ ᠥᠪᠡᠷ᠎ᠡ ᠪᠣᠯᠪᠠ᠂ ᠡᠦ ᠬᠦ ᠯᠦᠨ ᠳᠧ ᠱᠧᠩ ᠴᠡᠷᠢᠭ ᠢ ᠪᠠᠷᠢᠭᠳᠠᠭᠤᠯᠵᠤ ᠬᠣᠲᠠᠨ ᠢ᠋ ᠡᠪᠳᠡᠭᠳᠡᠭᠡᠳ ᠰᠠᠶᠢ ᠪᠣᠭᠣᠮᠢᠯᠠᠨ ᠦᠬᠦᠭᠡᠳ ᠪᠠᠰᠠ ᠲᠣᠯᠣᠭᠠᠢ ᠶᠤᠭᠠᠨ ᠢᠯᠡᠭᠡᠵᠦ ᠭᠠᠪᠢᠶ᠎ᠠ ᠨᠡᠷ᠎ᠡ ᠶ᠋ᠢ ᠳᠤᠷᠠᠯᠠᠵᠤᠬᠠᠢ᠃ ᠫᠢᠩ ᠶᠠᠩ ᠤ᠋ᠨ ᠯᠢ ᠭᠧ ᠴᠡᠷᠢᠭ ᠢ᠋ ᠪᠦᠷᠢᠨ ᠢᠷᠭᠡᠨ ᠢ᠋ ᠠᠮᠤᠷ ᠢ᠋ᠶ᠋ᠠᠷ ᠴᠠᠭ ᠢ᠋ ᠮᠡᠳᠡᠵᠦ᠂ ᠪᠠᠰᠠ ᠬᠦᠵᠦᠭᠦᠦ ᠪᠡᠨ ᠣᠭᠲᠣᠯᠤᠨ ᠦᠬᠦᠵᠦ ᠨᠡᠷ᠎ᠡ ᠶ᠋ᠢ ᠪᠠᠰᠠ ᠳᠤᠷᠠᠯᠠᠭᠰᠠᠨ ᠦᠭᠡᠢ ᠢᠨᠦ ᠮᠡᠷᠭᠡᠨ ᠵᠢᠷᠤᠮᠲᠠᠨ ᠬᠡᠮᠡᠵᠦ ᠪᠣᠯᠤᠮᠤᠢ ! 》ᠭᠡᠮᠡᠨ ᠲᠡᠭᠦᠨ ᠦ᠌ ᠭᠡᠷ ᠢ᠋ ᠮᠥᠨ ᠬᠠᠮᠠᠭᠠᠯᠠᠨ᠂ ᠬᠡᠭᠦᠷ ᠲᠣᠷ ᠮᠡᠷᠭᠡᠨ ᠵᠢᠷᠤᠮᠲᠤ ᠬᠥᠰᠢᠶ᠎ᠡ ᠬᠠᠢᠷᠠᠯᠠᠨ᠂ ᠬᠣᠶᠠᠷ ᠬᠣᠲᠠ ᠶ᠋ᠢ ᠲᠦᠪᠰᠢᠳᠬᠡᠨ ᠲᠣᠭᠲᠠᠭᠠᠵᠤ᠂ ᠰᠠᠩ ᠬᠥᠮᠥᠷᠭᠡ ᠶ᠋ᠢ ᠪᠠᠢᠴᠠᠭᠠᠨ᠂ ᠲᠠᠷᠢᠶ᠎ᠠ ᠶ᠋ᠢ ᠳᠠᠩᠰᠠᠯᠠᠨ᠂ ᠳᠠᠷᠤᠢ ᠳᠡᠢᠯᠦᠭᠰᠡᠨ ᠬᠦᠴᠦᠨ ᠳ᠋ᠦ᠍ᠷ ᠰᠢᠨ ᠵᠧᠦ᠂ ᠳ᠋ᠠᠢ ᠵᠧᠦ᠂ ᠽᠢ ᠵᠧᠦ᠂ ᠯᠦ᠍ ᠵᠧᠦ᠂ ᠸᠠᠨ ᠵᠧᠦ ᠡᠳᠡᠭᠡᠷ ᠬᠣᠲᠠ ᠶ᠋ᠢ ᠬᠠᠭᠠᠭᠰᠠᠨ᠎ᠠ᠂ ᠡᠳᠡᠭᠡᠷ ᠬᠣᠲᠠ ᠶ᠋ᠢᠨ ᠴᠡᠷᠢᠭ ᠴᠥᠮ ᠨᠢᠭᠡᠨ ᠨᠡᠢᠯᠡᠵᠦ᠂ ᠵᠢᠶᠧ ᠳᠦ ᠱᠢ ᠲᠦᠰᠢᠮᠡᠯ ᠸᠠᠨ ᠶᠠᠨ ᠭᠦᠨ᠂ᠴᠦ ᠬᠤ᠌᠂ ᠹᠠᠨ ᠵᠧᠦ ᠶ᠋ᠢ ᠰᠠᠬᠢᠭᠰᠠᠨ ᠶᠤᠸᠠᠨᠱᠤᠸᠠᠢ ᠢᠦ ᠵᠢᠶᠠᠨ ᠵᠢᠶᠦ᠋ᠨ ᠲᠦᠰᠢᠮᠡᠯ ᠨᠠ ᠬᠠ ᠪᠤᠯᠠ ᠭᠤᠷᠪᠠᠭᠤᠯᠠ ᠯᠦ᠍ ᠵᠧᠦ ᠳ᠋ᠦ᠍ᠷ ᠴᠤᠭᠯᠠᠵᠤ᠂ ᠪᠤᠰᠤ ᠬᠣᠲᠠᠨ ᠢ᠋ ᠴᠥᠮ ᠣᠷᠬᠢᠭᠰᠠᠨ ᠳ᠋ᠤᠷ ᠮᠣᠩᠭᠣᠯ ᠤ᠋ᠨ ᠴᠡᠷᠢᠭ ᠪᠤᠰᠤ ᠬᠣᠲᠠ ᠶ᠋ᠢ ᠴᠥᠮ ᠲᠦᠪᠰᠢᠳᠬᠡᠨ ᠲᠣᠭᠲᠠᠭᠠᠵᠤ᠂ ᠶᠡᠬᠡ ᠴᠡᠷᠢᠭ ᠭᠠᠭᠴᠠ ᠯᠦ᠍ ᠵᠧᠦ ᠶ᠋ᠢ ᠬᠠᠭᠠᠭᠰᠠᠨ ᠳ᠋ᠤᠷ ᠯᠦ᠍ ᠵᠧᠦ ᠶ᠋ᠢᠨ ᠴᠡᠷᠢᠭ ᠣᠯᠠᠨ ᠳ᠋ᠤᠷ ᠢᠲᠡᠭᠡᠵᠦ ᠪᠠᠢᠯᠳᠤᠭᠰᠠᠭᠠᠷ ᠭᠡᠨᠡᠳᠲᠡ ᠪᠠᠰᠠ ᠭᠠᠵᠠᠷ ᠤ᠋ᠨ ᠠᠶᠤᠩᠭ᠎ᠠ ᠳᠤᠤᠭᠠᠷᠴᠤ ᠬᠣᠲᠠ ᠶ᠋ᠢᠨ ᠡᠮᠦᠨ᠎ᠡ ᠬᠠᠭᠠᠯᠭ᠎ᠠ ᠶ᠋ᠢᠨ ᠬᠠᠵᠠᠭᠤ ᠳ᠋ᠤᠷ ᠬᠣᠷᠢᠨ ᠵᠠᠩ ᠭᠠᠵᠠᠷ ᠦᠰᠦᠷᠦᠨ ᠳᠡᠯᠪᠡᠷᠡᠵᠦ ᠬᠣᠲᠠ ᠶᠡᠭᠦᠷᠡᠮᠡᠭᠴᠡ ᠮᠣᠩᠭᠣᠯ ᠤ᠋ᠨ ᠴᠡᠷᠢᠭ ᠳᠠᠷᠤᠢ ᠠᠯᠠᠨ ᠣᠷᠣᠵᠤ᠂ ᠠᠯᠲᠠ ᠬᠠᠰ ᠸᠠᠭᠠᠷ ᠲᠣᠭᠣᠰᠬ᠎ᠠ ᠶ᠋ᠢ ᠢᠯᠭᠠᠯ ᠦᠭᠡᠢ ᠰᠠᠮᠠᠭᠤᠷᠠᠨ ᠠᠯᠠᠭᠰᠠᠨ ᠳ᠋ᠤᠷ ᠸᠠᠨ ᠶᠠᠨ ᠭᠦᠨ᠂ ᠴᠦ ᠬᠤ᠌᠂ ᠨᠠ ᠬᠠ ᠪᠤᠯᠠ ᠨᠠᠷ ᠴᠥᠮ ᠰᠠᠮᠠᠭᠤᠨ ᠴᠡᠷᠢᠭ ᠲᠦ᠍ᠷ ᠠᠯᠠᠭᠳᠠᠪᠠ᠃ ᠡᠨᠡ ᠬᠣᠲᠠ ᠶ᠋ᠢᠨ ᠢᠷᠭᠡᠨ ᠢ᠋ ᠮᠠᠰᠢ ᠣᠯᠠᠨ ᠬᠣᠬᠢᠷᠠᠭᠤᠯᠤᠭᠰᠠᠨ ᠳ᠋ᠤᠷ ᠮᠤᠬᠤᠯᠢ ᠶᠠᠭᠠᠷᠠᠨ ᠰᠤᠯᠠ ᠢᠷᠭᠡᠨ ᠢ᠋ ᠪᠢᠲᠡᠭᠡᠢ ᠠᠯᠠ ᠭᠡᠮᠡᠨ ᠵᠠᠷᠯᠠᠵᠤ ᠠᠷᠠᠢ ᠰᠠᠶᠢ ᠲᠣᠭᠲᠠᠭᠠᠪᠠ᠃ ᠡᠳᠡᠭᠡᠷ ᠳᠣᠯᠣᠭᠠᠨ ᠬᠣᠲᠠ ᠶ᠋ᠢ ᠲᠣᠭᠲᠠᠭᠠᠨ ᠴᠡᠷᠢᠭ ᠢ᠋ ᠲᠡᠢ ᠶᠤᠸᠠᠨ ᠪᠠ ᠫᠢᠩ ᠶᠠᠩ ᠤ᠋ᠨ ᠶᠡᠬᠡ ᠭᠠᠵᠠᠷ ᠤ᠋ᠨ ᠵᠢᠷᠤᠭ᠂ ᠪᠠᠰᠠ ᠠᠯᠠᠨ ᠳᠡᠢᠯᠦᠭᠰᠡᠨ ᠤᠯᠠᠭᠠᠨ ᠲᠤᠭ ᠤ᠋ᠨ ᠪᠣᠳᠣᠷᠣᠣᠯ ᠪᠢᠴᠢᠭ ᠢ᠋ ᠳ᠋ᠡᠢᠳ᠋ᠦ᠋ ᠶ᠋ᠢᠨ ᠵᠦᠭ ᠳᠣᠪᠲᠣᠯᠭᠠᠪᠠ᠃ ᠡᠨᠡ ᠦᠶ᠎ᠡ ᠳ᠋ᠦ᠍ᠷ ᠬᠠᠭᠠᠨ ᠤ᠋ ᠭᠡᠭᠡᠨ ᠱᠠᠩᠳᠤ ᠠ᠋ᠴᠠ ᠡᠭᠡᠵᠦ ᠮᠣᠷᠢᠯᠠᠨ ᠢᠷᠡᠭᠰᠡᠨ ᠲᠤᠯᠠ ᠤᠳᠠᠭᠰᠠᠨ ᠦᠭᠡᠢ ᠬᠠᠷᠢᠭᠤ ᠱᠠᠩ ᠤ᠋ᠨ ᠵᠠᠷᠯᠢᠭ ᠬᠦᠷᠴᠦ ᠢᠷᠡᠪᠡ᠃ ᠡᠨᠡ ᠵᠠᠪᠰᠠᠷ ᠲᠤᠷ ᠠᠯᠲᠠᠨ ᠤᠯᠤᠰ ᠤ᠋ᠨ ᠾᠧ ᠪᠧᠢ ᠶ᠋ᠢ ᠲᠣᠭᠲᠠᠭᠠᠬᠤ ᠶᠡᠬᠡ ᠶᠤᠸᠠᠨᠱᠤᠸᠠᠢ ᠡᠤ ᠰᠢᠶᠠᠨ᠂ ᠮᠣᠩᠭᠣᠯ ᠤ᠋ᠨ ᠲᠠᠢᠰᠢ ᠭᠦᠸᠧ ᠸᠠᠩ ᠮᠤᠬᠤᠯᠢ ᠶ᠋ᠢᠨ ᠶᠡᠬᠡ ᠴᠡᠷᠢᠭ ᠲᠡᠢ ᠶᠤᠸᠠᠨ᠂ ᠫᠢᠩ ᠶᠠᠩ ᠤ᠋ᠨ ᠵᠡᠷᠭᠡ ᠭᠠᠵᠠᠷ ᠢ᠋ ᠪᠠᠢᠯᠳᠤᠷ᠎ᠠ ᠡᠴᠢᠭᠰᠡᠨ ᠬᠣᠭᠣᠷᠣᠨᠳᠣ ᠴᠢᠯᠦᠭᠡᠳᠡᠨ ᠠᠷᠪᠠᠨ ᠲᠦᠮᠡᠨ ᠴᠡᠷᠢᠭ ᠠᠪᠴᠤ ᠾᠧ ᠪᠧᠢ ᠶ᠋ᠢᠨ ᠵᠠᠩ ᠿᠧᠦ ᠶ᠋ᠢᠨ ᠬᠠᠷᠢᠶᠠᠲᠤ ᠭᠠᠵᠠᠷ ᠤ᠋ᠨ ᠮᠠ᠋ ᠴᠢᠩ ᠬᠣᠲᠠᠨ ᠢ ᠪᠠᠢᠯᠳᠤᠷ᠎ᠠ ᠢᠷᠡᠭᠰᠡᠨ᠎ᠡ ᠬᠣᠲᠠ ᠶ᠋ᠢ ᠬᠠᠭᠠᠨ ᠵᠠᠪᠳᠤᠵᠤ᠂ ᠵᠡᠷᠭᠡᠯᠡᠳᠡᠭᠡ ᠬᠣᠲᠠ ᠶ᠋ᠢᠨ ᠲᠦᠰᠢᠮᠡᠳ ᠵᠠᠩ ᠿᠧᠦ ᠳ᠋ᠦ᠍ᠷ ᠢᠷᠡᠵᠦ ᠮᠡᠳᠡᠭᠦᠯᠦᠭᠰᠡᠨ ᠳ᠋ᠦ᠍ᠷ᠂ ᠵᠠᠩ ᠿᠧᠦ ᠰᠥᠨᠢ ᠳᠦᠯᠢ ᠪᠡᠷ ᠳᠣᠪᠲᠣᠯᠤᠨ ᠬᠦᠷᠴᠦ ᠵᠣᠭᠰᠣᠯ ᠦᠭᠡᠢ ᠨᠢᠭᠡᠨ ᠡᠳᠦᠷ ᠨᠢᠭᠡᠨ ᠰᠥᠨᠢ ᠪᠠᠢᠯᠳᠤᠨ᠂ ᠮᠠ᠋ ᠴᠢᠩ ᠦ᠋ᠨ ᠴᠡᠷᠢᠭ ᠪᠠᠰᠠ ᠬᠠᠪᠰᠤᠷᠤᠨ ᠭᠠᠷᠴᠤ ᠪᠠᠢᠯᠳᠤᠭᠰᠠᠨ ᠳ᠋ᠤᠷ᠂ ᠠᠯᠲᠠᠨ ᠤᠯᠤᠰ ᠤ᠋ᠨ ᠶᠤᠸᠠᠨᠱᠤᠸᠠᠢ ᠡᠤ ᠰᠢᠶᠠᠨ ᠤ᠋ ᠴᠡᠷᠢᠭ ᠴᠥᠬᠥᠷᠡᠵᠦ᠂ ᠳᠤᠲᠠᠭᠠᠬᠤ ᠵᠠᠪ ᠭᠠᠷᠬᠤᠢ ᠶ᠋ᠢᠨ ᠤᠷᠢᠳ ᠬᠣᠶᠠᠷ ᠡᠲᠡᠭᠡᠳ ᠳᠠᠢᠰᠤᠨ ᠳ᠋ᠤᠷ ᠤᠴᠠᠷᠠᠭᠠᠳ ᠶᠡᠬᠡ ᠰᠣᠴᠢᠵᠤ ᠪᠤᠳᠠᠷᠠᠯᠳᠤᠨ ᠡᠭᠦᠰᠬᠡᠭᠰᠡᠨ ᠳ᠋ᠦ᠍ᠷ ᠵᠠᠩ ᠿᠧᠦ ᠣᠯᠠᠨ ᠴᠡᠷᠢᠭ ᠢ ᠠᠪᠴᠤ ᠬᠡᠩᠭᠡᠷᠭᠡ ᠳᠡᠯᠡᠳᠦᠨ ᠪᠠᠢᠯᠳᠤᠭᠰᠠᠨ ᠲᠤᠯᠠ ᠡᠤ ᠰᠢᠶᠠᠨ ᠤ᠋ ᠴᠡᠷᠢᠭ ᠳᠠᠷᠤᠢ ᠪᠤᠷᠤᠭᠤᠯᠠᠨ ᠡᠭᠦᠰᠬᠡᠭᠡᠳ ᠮᠣᠩᠭᠣᠯ ᠤ᠋ᠨ ᠴᠡᠷᠢᠭ ᠪᠤᠷᠤᠭᠤᠯᠠᠭᠰᠠᠨ ᠴᠡᠷᠢᠭ ᠦ᠋ᠨ ᠬᠣᠢᠨ᠎ᠠ ᠠ᠋ᠴᠠ ᠳᠠᠷᠤᠬᠤ ᠠᠨᠤ ᠨᠡᠩ ᠬᠢᠯᠪᠠᠷ ᠪᠣᠯᠵᠤ᠂ ᠬᠤᠶᠠᠭ ᠳᠤᠭᠤᠯᠠᠭ᠎ᠠ ᠵᠠᠷ ᠵᠡᠪᠰᠡᠭ ᠲᠡᠷᠭᠡ ᠮᠣᠷᠢ ᠲᠤᠭ ᠬᠢᠭᠢᠷᠢ ᠶ᠋ᠢ ᠪᠦᠷᠢᠨ᠎ᠡ ᠣᠯᠵᠤ᠂ ᠪᠠᠰᠠ ᠲᠠᠯᠪᠢᠯ ᠦᠭᠡᠢ ᠵᠠᠭᠤᠨ ᠭᠠᠵᠠᠷ ᠨᠡᠬᠡᠵᠦ᠂ ᠡᠤ ᠰᠢᠶᠠᠨ ᠤ᠋ ᠴᠡᠷᠢᠭ ᠢ ᠪᠠᠰᠠ ᠬᠠᠭᠠᠰ ᠠᠯᠠᠭᠰᠠᠨ ᠳ᠋ᠤᠷ ᠡᠤ ᠰᠢᠶᠠᠨ ᠨᠢᠭᠡᠮᠦᠰᠦᠨ ᠠᠶᠤᠵᠤ ᠳᠤᠲᠠᠭᠠᠨ ᠶᠠᠪᠤᠭᠰᠠᠭᠠᠷ ᠮᠣᠷᠢᠨ ᠠ᠋ᠴᠠ ᠣᠢᠴᠢᠵᠤ ᠬᠣᠶᠠᠷ ᠰᠢᠳᠦ ᠪᠤᠯᠭᠤᠷᠠᠪᠠᠢ᠃
– – – –
① ᠬᠡᠷᠡᠭ ᠢ᠋ ᠡᠰᠡ ᠴᠢᠳᠠᠪᠠᠰᠤ ᠦᠬᠦᠭᠰᠡᠨ ᠡᠴᠡ ᠢᠯᠭᠠᠭ᠎ᠠ ᠦᠭᠡᠢ ᠪᠥᠭᠡᠲᠡᠯ᠎ᠡ ᠬᠡᠷᠡᠭ ᠢ᠋ ᠪᠠᠰᠠ ᠦᠯᠦ ᠴᠢᠳᠠᠨ ᠰᠢᠳᠤᠷᠭᠤ ᠶ᠋ᠢ ᠪᠠᠰᠠ ᠦᠯᠦ ᠭᠦᠢᠴᠡᠳᠬᠡᠭᠡᠳ ᠡᠵᠡᠨ ᠢ᠋ ᠪᠠᠰᠠ ᠦᠯᠦ ᠡᠭᠡᠭᠦᠯᠦᠨ ᠥᠰᠢᠶ᠎ᠡ ᠪᠡᠨ ᠪᠠᠰᠠ ᠦᠯᠦ ᠬᠠᠷᠢᠭᠤᠯᠠᠨ᠂ ᠣᠨᠴᠠ ᠦᠬᠦᠬᠦ ᠢᠨᠦ ᠲᠡᠭᠦᠨ ᠢ᠋ᠶ᠋ᠡᠷ ᠶᠠᠮᠪᠠᠷ ᠵᠡᠷᠭᠡ ᠰᠢᠳᠤᠷᠭᠤ ᠪᠣᠯᠬᠤ ᠂ ᠡᠳᠡᠭᠡᠷ ᠴᠥᠮ ᠥᠪᠡᠷ ᠦ᠋ᠨ ᠨᠡᠷ᠎ᠡ ᠶ᠋ᠢᠨ ᠲᠤᠯᠠ ᠦᠬᠦᠬᠦ ᠪᠣᠯᠠᠢ᠂ ᠶᠠᠭᠠᠬᠢᠶ᠎ᠠ ᠶᠠᠭᠤᠲᠠᠢ ᠪᠡᠷᠬᠡ᠃
ᠲᠡᠳᠦᠢ ᠳᠠᠢᠰᠤᠨ ᠢ᠋ ᠳᠠᠷᠤᠭᠰᠠᠨ ᠮᠡᠳᠡᠭᠡ ᠶ᠋ᠢ ᠭᠦᠸᠧ ᠸᠠᠩ ᠳ᠋ᠤᠷ ᠮᠡᠳᠡᠭᠦᠯᠦᠨ ᠢᠯᠡᠭᠡᠭᠰᠡᠨ ᠳ᠋ᠦ᠍ᠷ ᠲᠡᠭᠦᠪᠡᠷ ᠬᠠᠭᠠᠨ ᠳ᠋ᠤᠷ ᠠᠢᠯᠠᠳᠬᠠᠨ᠂ ᠵᠠᠩ ᠿᠧᠦ ᠳ᠋ᠦ᠍ᠷ ᠬᠤᠶᠠᠭ ᠳᠤᠭᠤᠯᠠᠭ᠎ᠠ ᠡᠮᠡᠭᠡᠯ ᠬᠠᠵᠠᠭᠠᠷ ᠤ᠋ᠨ ᠱᠠᠩ ᠢᠷᠡᠪᠡ᠃ ᠡᠭᠦᠨ ᠢ᠋ ᠲᠦᠷ ᠬᠡᠯᠡᠬᠦ ᠦᠭᠡᠢ᠃
ᠣᠳᠣ ᠬᠢᠳᠠᠨ ᠤᠯᠤᠰ᠂ ᠰᠢᠶᠠ ᠤᠯᠤᠰ ᠤ᠋ᠨ ᠤᠴᠢᠷ ᠢ᠋ ᠬᠡᠯᠡᠬᠦ ᠢᠨᠦ : ᠴᠠᠭᠠᠲᠠᠢ ᠴᠢᠨ ᠸᠠᠩ ᠬᠠᠭᠠᠨ ᠤ᠋ ᠵᠠᠷᠯᠢᠭ ᠢ᠋ ᠣᠯᠵᠤ ᠳᠣᠲᠣᠷ᠎ᠠ ᠪᠠᠨ ᠯᠢ ᠽᠦᠨ ᠰᠢᠦᠢ ᠳ᠋ᠦ᠍ᠷ ᠶᠡᠬᠡᠯ᠎ᠡ ᠠᠭᠤᠷᠯᠠᠨ ᠶᠠᠭᠠᠷᠠᠨ ᠰᠢᠪᠠᠳᠠᠵᠤ᠂ ᠶᠡᠬᠡ ᠴᠡᠷᠢᠭ ᠢ᠋ᠶ᠋ᠡᠷ ᠰᠢᠶᠠ ᠤᠯᠤᠰ ᠲᠤᠷ ᠢᠷᠡᠵᠦ ᠬᠡᠩᠭᠡᠷᠭᠡ ᠳᠡᠯᠡᠳᠦᠨ᠂ ᠰᠢᠶᠠ ᠤᠯᠤᠰ ᠤ᠋ᠨ ᠨᠡᠢᠰᠯᠡᠯ ᠬᠣᠲᠠ ᠰᠢᠩ ᠵᠧᠦ ᠶ᠋ᠢ ᠲᠥᠭᠥᠷᠢᠭᠯᠡᠨ ᠬᠠᠭᠠᠵᠤ᠂ ᠰᠢᠶᠠ ᠤᠯᠤᠰ ᠤ᠋ᠨ ᠡᠵᠡᠨ ᠯᠢ ᠽᠦᠨ ᠰᠢᠦᠢ ᠶ᠋ᠢ ᠬᠠᠷᠢᠶᠠᠨ ᠥᠭᠦᠯᠡᠷᠦᠨ : 《ᠡᠴᠢᠭᠡ ᠡᠴᠡ ᠪᠡᠨ ᠲᠡᠰᠡᠷᠭᠦᠯᠡᠨ ᠡᠵᠡᠨ ᠡᠴᠡ ᠪᠡᠨ ᠰᠥᠷᠦᠭᠰᠡᠨ ᠮᠠᠲᠠᠯ ᠦᠭᠡᠢ ᠪᠣᠭᠣᠯ᠂ ᠮᠠᠨ ᠤ᠋ ᠬᠠᠭᠠᠨ ᠡᠴᠢᠭᠡ ᠴᠢᠨᠦ ᠡᠴᠢᠭᠡ ᠶ᠋ᠢ ᠥᠷᠥᠰᠢᠶᠡᠨ ᠤᠯᠤᠰ ᠢ᠋ ᠴᠢᠨᠦ ᠡᠰᠡ ᠰᠥᠨᠥᠭᠡᠭᠰᠡᠨ ᠢ᠋ᠶ᠋ᠡᠷ ᠦᠯᠦ ᠪᠠᠷᠠᠨ᠂ ᠪᠠᠰᠠ ᠤᠷᠤᠭ ᠰᠠᠳᠤᠨ ᠪᠣᠯᠤᠨ ᠲᠠᠨ ᠤ᠋ ᠬᠠᠭᠠᠨ ᠨᠡᠷ᠎ᠡ ᠶ᠋ᠢ ᠡᠰᠡ ᠤᠰᠠᠳᠬᠠᠨ ᠣᠷᠣ ᠶ᠋ᠢᠨ ᠲᠡᠳᠦᠢ ᠠᠯᠪᠠ ᠠᠪᠴᠤ ᠪᠠᠭ᠎ᠠ ᠰᠠᠭ᠎ᠠ ᠴᠡᠷᠢᠭ ᠵᠠᠷᠤᠬᠤᠢ ᠳ᠋ᠤᠷ ᠡᠳᠦᠭᠡ ᠬᠡᠰᠢᠭ ᠢ᠋ ᠰᠢᠲᠦᠬᠦ ᠦᠭᠡᠢ᠂ ᠲᠡᠵᠢᠭᠡᠭᠰᠡᠨ ᠡᠴᠢᠭᠡ ᠶ᠋ᠢᠨ ᠰᠠᠨᠠᠭᠠᠨ ᠢ᠋ ᠦᠲᠡᠭᠡᠷᠦᠨ ᠰᠢᠶᠠ ᠤᠯᠤᠰ ᠤ᠋ᠨ ᠵᠠᠭᠤᠨ ᠣᠪᠣᠭᠲᠠᠨ ᠳ᠋ᠤᠷ ᠵᠣᠪᠠᠯᠠᠩ ᠪᠣᠯᠭᠠᠨ ᠤᠷᠪᠠᠬᠤ ᠶ᠋ᠢ ᠰᠡᠳᠦᠵᠦ᠂ ᠴᠡᠷᠢᠭ ᠲᠠᠲᠠᠬᠤᠢ ᠳ᠋ᠤᠷ ᠰᠥᠷᠴᠦ ᠵᠥᠷᠢᠴᠡᠨ ᠶᠠᠪᠤᠬᠤᠢ ᠳ᠋ᠤᠷ ᠬᠠᠭᠠᠨ ᠤ᠋ ᠥᠷᠥᠰᠢᠶᠡᠯ ᠪᠠᠰᠠ ᠬᠦ᠌ ᠳᠠᠯᠠᠢ ᠮᠡᠲᠦ ᠭᠦᠨ᠂ ᠴᠢᠮᠠᠶ᠋ᠢ ᠰᠢᠭᠦᠰᠦ ᠵᠠᠷᠮ᠎ᠠ ᠪᠣᠯᠭᠠᠭᠰᠠᠨ ᠦᠭᠡᠢ ᠢᠨᠦ ᠪᠢᠳᠡᠨ ᠦ᠌ ᠤᠷᠤᠭ ᠰᠠᠳᠤᠨ ᠤ᠋ ᠰᠠᠢᠨ ᠳ᠋ᠤᠷ ᠦᠭᠡᠢ ᠤᠤ ? ᠦᠬᠦᠯ ᠢ᠋ᠶ᠋ᠡᠨ ᠡᠷᠢᠭᠰᠡᠨ ᠮᠤᠩᠬᠠᠭ ᠪᠣᠭᠣᠯ ᠲᠡᠭᠷᠢ ᠡᠴᠡ ᠵᠥᠷᠢᠴᠡᠮᠦᠢ ᠤᠤ ? ᠲᠦᠷᠭᠡᠨ᠎ᠡ ᠭᠠᠷᠴᠤ ᠶᠠᠯ᠎ᠠ ᠪᠠᠨ ᠬᠦᠯᠢᠶᠡᠵᠦ ᠳᠠᠭᠠᠵᠤ ᠡᠴᠢᠪᠡᠰᠦ ᠠᠯᠠᠬᠤ ᠶ᠋ᠢ ᠬᠡᠯᠲᠦᠷᠢᠭᠦᠯᠰᠦᠭᠡᠢ ! ᠬᠡᠷᠪᠡ ᠮᠤᠩᠬᠠᠭᠤᠷᠠᠨ ᠰᠠᠭᠤᠪᠠᠰᠤ ᠲᠡᠭᠰᠢᠯᠡᠨ ᠳᠠᠢᠯᠠᠵᠤ ᠰᠢᠶᠠ ᠤᠯᠤᠰ ᠢ ᠴᠢᠨᠦ ᠮᠥᠬᠥᠭᠡᠮᠦᠢ !》ᠬᠡᠮᠡᠭᠰᠡᠨ ᠳ᠋ᠦ᠍ᠷ ᠯᠢ ᠽᠦᠨ ᠰᠢᠦᠢ ᠬᠡᠷᠡᠭ ᠰᠡᠷᠡᠭᠳᠡᠭᠰᠡᠨ ᠢ᠋ᠶ᠋ᠡᠨ ᠮᠡᠳᠡᠵᠦ ᠶᠡᠬᠡᠯ᠎ᠡ ᠭᠡᠯᠮᠡᠵᠦ ᠶᠠᠭᠠᠷᠠᠨ ᠬᠣᠲᠠᠨ ᠳᠡᠭᠡᠷ᠎ᠡ ᠭᠠᠷᠴᠤ ᠥᠭᠦᠯᠡᠷᠦᠨ: 《ᠮᠢᠨᠦ ᠤᠷᠪᠠᠭᠰᠠᠨ ᠶᠠᠯ᠎ᠠ ᠶ᠋ᠢᠨ ᠭᠡᠷᠡᠴᠢ ᠶᠠᠭᠤᠨ ? ᠪᠢ ᠡᠪᠡᠳᠦᠭᠡᠳ ᠯᠢᠶᠣᠣ ᠳ᠋ᠦᠩ ᠦ᠋ᠨ ᠴᠡᠷᠢᠭ ᠲᠦ᠍ᠷ ᠡᠴᠢᠵᠦ ᠴᠢᠳᠠᠭᠰᠠᠨ ᠦᠭᠡᠢ᠃ 》ᠴᠠᠭᠠᠲᠠᠢ ᠥᠨᠳᠥᠷ ᠳᠠᠭᠤᠨ ᠢ᠋ᠶ᠋ᠠᠷ ᠪᠠᠷᠬᠢᠷᠠᠨ ᠥᠭᠦᠯᠡᠷᠦᠨ: 《ᠲᠡᠢᠮᠦ ᠪᠥᠭᠡᠰᠦ ᠤᠴᠢᠷ ᠢ᠋ᠶ᠋ᠠᠨ ᠤᠷᠢᠳᠴᠢᠯᠠᠨ ᠠᠢᠯᠠᠳᠬᠠᠵᠤ᠂ ᠪᠤᠰᠤ ᠵᠠᠩᠵᠤᠨ ᠳ᠋ᠤᠷ ᠴᠡᠷᠢᠭ ᠢ᠋ᠶ᠋ᠡᠨ ᠲᠤᠰᠢᠶᠠᠵᠤ ᠢᠯᠡᠭᠡᠵᠦ ᠪᠣᠯᠬᠤ ᠦᠭᠡᠢ ᠤᠤ ? ᠮᠠᠨ ᠳ᠋ᠤᠷ ᠳᠠᠭᠠᠭᠠᠳᠤᠢ ᠬᠢᠳᠠᠨ ᠤᠯᠤᠰ᠂ ᠰᠣᠯᠣᠩᠭᠣᠰ ᠤᠯᠤᠰ ᠴᠥᠮ ᠤᠯᠤᠰ ᠲᠤᠷ ᠬᠦᠴᠦᠨ ᠪᠠᠷᠢᠭᠰᠠᠨ ᠪᠥᠭᠡᠲᠡᠯ᠎ᠡ ᠴᠢ ᠬᠡᠳᠦᠢᠨᠡᠢ ᠳᠠᠭᠠᠭᠰᠠᠨ ᠤ᠋ ᠳᠡᠭᠡᠷ᠎ᠡ ᠪᠠᠰᠠ ᠤᠷᠤᠭ ᠰᠠᠳᠤᠨ ᠤ᠋ ᠥᠷᠥᠰᠢᠶᠡᠯ ᠢ᠋ ᠬᠦᠷᠲᠡᠭᠰᠡᠨ ᠪᠥᠭᠡᠳ ᠶᠠᠭᠤᠨ ᠳ᠋ᠤᠷ ᠡᠨᠡ ᠮᠡᠲᠦ ᠦᠨᠡᠭᠡ ᠲᠠᠤᠯᠠᠢ ᠶ᠋ᠢᠨ ᠶᠠᠪᠤᠳᠠᠯ ᠢ᠋ᠶ᠋ᠠᠷ ᠶᠠᠪᠤᠮᠤᠢ ? 》ᠬᠡᠮᠡᠭᠰᠡᠨ ᠳ᠋ᠦ᠍ᠷ ᠯᠢ ᠽᠦᠨ ᠰᠢᠦᠢ ᠦᠭᠡ ᠬᠠᠭᠠᠭᠳᠠᠵᠤ ᠭᠤᠶᠤᠨ ᠥᠭᠦᠯᠡᠷᠦᠨ᠄《ᠶᠡᠬᠡ ᠲᠠᠢᠽᠢ ᠸᠠᠩ ᠲᠦᠷ ᠴᠡᠷᠢᠭ ᠢ᠋ᠶ᠋ᠡᠨ ᠲᠠᠲᠠᠵᠤ ᠠᠭᠤᠷ ᠢ᠋ᠶ᠋ᠠᠨ ᠲᠣᠬᠣᠷᠤᠭᠤᠯ᠂ ᠪᠢ ᠡᠳᠦᠭᠡ ᠭᠠᠷᠪᠠᠰᠤ ᠴᠢᠨᠦ ᠲᠡᠷᠡ ᠠᠭᠤᠷ ᠢ᠋ᠶ᠋ᠠᠷ ᠨᠠᠮᠠᠶ᠋ᠢ ᠡᠰᠡ ᠠᠯᠠᠪᠠᠴᠤ ᠮᠥᠨ ᠵᠠᠨᠴᠢᠵᠤ ᠰᠢᠷᠬᠠᠲᠤᠭᠤᠯᠤᠮᠤᠢ᠃ ᠮᠢᠨᠦ ᠶᠠᠯ᠎ᠠ ᠢᠯᠡᠷᠡᠬᠦ ᠶ᠋ᠢᠨ ᠤᠷᠢᠳᠠ ᠭᠠᠰᠢᠭᠤᠨ ᠢ᠋ ᠠᠮᠰᠠᠬᠤ ᠪᠤᠰᠤ ᠤᠤ ? ᠲᠡᠢᠨ ᠬᠦ᠌ ᠲᠠᠢᠽᠢ ᠴᠡᠷᠢᠭ ᠢ᠋ᠶ᠋ᠡᠨ ᠲᠦᠷ ᠲᠠᠲᠠᠵᠤ ᠠᠭᠤᠷ ᠨᠠᠮᠬᠠᠷᠠᠭᠰᠠᠨ ᠬᠣᠢᠨ᠎ᠠ᠂ ᠭᠤᠷᠪᠠᠨ ᠡᠳᠦᠷ ᠲᠣᠷ ᠪᠢ ᠭᠠᠷᠴᠤ ᠶᠠᠯ᠎ᠠ ᠬᠦᠯᠢᠶᠡᠷ᠎ᠡ ᠬᠠᠮᠲᠤ ᠳ᠋ᠠᠢᠳ᠋ᠦ᠋ ᠳ᠋ᠦ᠍ᠷ ᠡᠴᠢᠰᠦᠭᠡᠢ ! 》 ᠬᠡᠮᠡᠭᠰᠡᠨ ᠳ᠋ᠦ᠍ᠷ ᠴᠠᠭᠠᠲᠠᠢ ᠴᠢᠨ ᠸᠠᠩ: 《ᠡᠨᠡ ᠦᠭᠡ ᠯᠠᠪ ᠤᠤ ? ᠪᠢᠲᠡᠭᠡᠢ ᠮᠤᠩᠬᠠᠭᠳᠠ᠂ ᠲᠡᠢᠮᠦ ᠥᠷᠥᠰᠢᠶᠡᠯ ᠪᠣᠢ ᠲᠤᠯᠠ ᠬᠠᠭᠠᠨ ᠰᠠᠶᠢ ᠤᠷᠤᠭ ᠢ᠋ ᠢᠯᠡᠭᠡᠭᠰᠡᠨ ᠪᠣᠯᠠᠢ ! 》ᠭᠡᠮᠡᠨ ᠴᠡᠷᠢᠭ ᠢ ᠲᠠᠲᠠᠵᠤ ᠬᠣᠷᠢᠨ ᠭᠠᠵᠠᠷ ᠤ᠋ᠨ ᠦᠵᠦᠭᠦᠷ ᠬᠦᠷᠢᠶ᠎ᠡ ᠪᠠᠭᠤᠭᠰᠠᠨ ᠳ᠋ᠤᠷ ᠯᠢ ᠽᠦᠨ ᠰᠢᠦᠢ ᠣᠯᠠᠨ ᠲᠦᠰᠢᠮᠡᠳ ᠯᠦ᠍ᠭᠡ ᠲᠤᠯᠬᠤ ᠪᠠ ᠵᠠᠢᠯᠠᠬᠤ ᠶ᠋ᠢ ᠵᠥᠪᠳᠡᠬᠦᠢ ᠳ᠋ᠦ᠍ᠷ ᠣᠯᠠᠨ ᠲᠦᠰᠢᠮᠡᠳ ᠴᠥᠮ ᠳᠤᠷ᠎ᠠ ᠦᠭᠡᠢ ᠥᠭᠦᠯᠡᠷᠦᠨ᠄《ᠵᠥᠪ ᠵᠦᠭᠡᠷ ᠠᠮᠠᠷᠠᠭ ᠤᠯᠤᠰ ᠢ᠋ ᠠᠭᠤᠷᠯᠠᠭᠤᠯᠵᠤ ᠡᠳᠦᠭᠡ ᠶᠡᠬᠡ ᠵᠣᠪᠠᠯᠠᠩ ᠢᠷᠡᠭᠦᠯᠪᠡ᠃ ᠡᠵᠡᠨ ᠡᠷᠲᠡᠬᠡᠨ ᠡᠰᠡ ᠳᠠᠭᠠᠪᠠᠰᠤ ᠬᠣᠲᠠ ᠶ᠋ᠢᠨ ᠳᠣᠲᠣᠷ᠎ᠠ ᠠ᠋ᠴᠠ ᠬᠤᠪᠢᠰᠬᠠᠯ ᠭᠠᠷᠴᠤ ᠣᠯᠠᠨ ᠢᠷᠭᠡᠨ ᠰᠠᠮᠠᠭᠤᠷᠠᠭᠤᠵᠠᠢ ! 》ᠬᠡᠮᠡᠭᠰᠡᠨ ᠳ᠋ᠦ᠍ᠷ ᠯᠢ ᠽᠦᠨ ᠰᠢᠦᠢ ᠬᠥᠯ ᠳᠡᠪᠰᠡᠨ ᠭᠡᠮᠰᠢᠪᠡᠴᠦ ᠲᠤᠰᠠ ᠦᠭᠡᠢ ᠪᠣᠯᠵᠤ᠂ ᠭᠡᠨᠡᠳᠲᠡ ᠨᠢᠭᠡᠨ ᠠᠷᠭ᠎ᠠ ᠣᠯᠤᠭᠠᠳ ᠣᠯᠠᠨ ᠰᠠᠢᠳ ᠢ᠋ ᠴᠤᠭᠯᠠᠭᠤᠯᠤᠨ ᠳᠠᠭᠠᠷ᠎ᠠ ᠡᠴᠢᠮᠦᠢ ᠭᠡᠮᠡᠨ ᠮᠡᠬᠡᠯᠡᠨ ᠬᠠᠭᠤᠷᠴᠤ ᠥᠪᠡᠷ ᠦ᠋ᠨ ᠣᠢᠷ᠎ᠠ ᠰᠠᠳᠤᠨ ᠢᠨᠠᠭ ᠠᠮᠠᠷᠠᠭ ᠢ ᠬᠣᠢᠨ᠎ᠠ ᠠ᠋ᠴᠠ ᠭᠠᠷ ᠭᠡᠮᠡᠨ ᠵᠢᠴᠢ ᠡᠳᠦᠷ ᠦ᠋ᠨ ᠰᠥᠨᠢ ᠳᠦᠯᠢ ᠶ᠋ᠢᠨ ᠬᠢᠷᠢ ᠪᠠᠷᠠᠭᠤᠨ ᠬᠠᠭᠠᠯᠭ᠎ᠠ ᠪᠠᠷ ᠭᠠᠷᠴᠤ ᠰᠢ ᠯᠢᠶᠠᠩ ᠤ᠋ᠨ ᠭᠠᠵᠠᠷ ᠲᠤᠷ ᠣᠷᠣᠵᠤ ᠡᠴᠢᠪᠡ᠃ ᠡᠭᠦᠨ ᠳ᠋ᠦ᠍ᠷ ᠬᠣᠲᠠ ᠶ᠋ᠢᠨ ᠣᠯᠠᠨ ᠲᠦᠰᠢᠮᠡᠯ ᠢᠷᠭᠡᠨ᠂ ᠮᠣᠩᠭᠣᠯ ᠤ᠋ᠨ ᠲᠠᠪᠴᠢᠯᠠᠬᠤ ᠠ᠋ᠴᠠ ᠠᠶᠤᠵᠤ ᠶᠠᠭᠠᠷᠠᠨ ᠳᠣᠪᠲᠣᠯᠤᠨ ᠢᠷᠡᠵᠦ ᠴᠠᠭᠠᠲᠠᠢ ᠴᠢᠨ ᠸᠠᠩ ᠳ᠋ᠤᠷ ᠮᠡᠳᠡᠭᠦᠯᠦᠭᠰᠡᠨ ᠳ᠋ᠦ᠍ᠷ ᠴᠠᠭᠠᠲᠠᠢ ᠠᠶᠤᠩᠭ᠎ᠠ ᠮᠡᠲᠦ ᠬᠢᠯᠢᠩᠯᠡᠨ᠂ ᠰᠢᠶᠠ ᠤᠯᠤᠰ ᠤ᠋ᠨ ᠶᠡᠬᠡᠰ ᠲᠦᠰᠢᠮᠡᠳ ᠢ᠋ ᠴᠥᠮ ᠪᠠᠷᠢᠵᠤ᠂ ᠬᠣᠲᠠᠨ ᠳ᠋ᠤᠷ ᠣᠷᠣᠭᠠᠳ ᠶᠠᠮᠤᠨ ᠳ᠋ᠤᠷ ᠠᠪᠠᠴᠢᠵᠤ ᠠᠰᠠᠭᠤᠷᠤᠨ : 《ᠲᠠ ᠲᠡᠷᠡ ᠮᠠᠲᠠᠯ ᠦᠭᠡᠢ ᠡᠵᠡᠨ ᠢ᠋ᠶ᠋ᠡᠨ ᠶᠠᠭᠤᠨ ᠳ᠋ᠤᠷ ᠤᠬᠠᠭᠤᠯᠤᠨ ᠬᠣᠷᠢᠭᠯᠠᠵᠤ ᠰᠡᠩᠬᠡᠷᠡᠭᠦᠯᠦᠨ ᠰᠤᠷᠭᠠᠬᠤ ᠦᠭᠡᠢ ᠪᠡᠷ ᠤᠷᠭᠤᠵᠤ ᠰᠥᠷᠬᠦᠢ ᠳ᠋ᠦ᠍ᠷ ᠭᠥᠷᠥᠭᠦᠯᠦᠮᠦᠢ ? ᠡᠳᠡᠭᠡᠷ ᠠᠮᠢᠲᠠᠳ ᠢ᠋ ᠮᠢᠨᠦ ᠬᠠᠳᠠᠮ ᠡᠴᠢᠭᠡ ᠠᠨ ᠴᠢᠤᠸᠠᠨ ᠲᠠᠯᠠᠭᠠᠷ ᠲᠡᠵᠢᠭᠡᠭᠰᠡᠨ ᠦᠭᠡᠢ ᠤᠤ ? ᠴᠥᠮ ᠴᠢᠷᠦᠨ ᠭᠠᠷᠭᠠᠵᠤ ᠠᠯᠠ ! 》ᠬᠡᠮᠡᠭᠰᠡᠨ ᠳ᠋ᠦ᠍ᠷ ᠬᠣᠶᠠᠷ ᠬᠠᠵᠠᠭᠤ ᠶ᠋ᠢᠨ ᠪᠠᠭᠠᠲᠤᠷ ᠤ᠋ᠳ ᠬᠠᠮᠲᠤ ᠪᠠᠷ ᠲᠠᠪᠰᠢᠵᠤ ᠳᠥᠴᠢ ᠲᠠᠪᠢᠨ ᠪᠢᠴᠢᠭ ᠴᠡᠷᠢᠭ ᠦ᠋ᠨ ᠲᠦᠰᠢᠮᠡᠳ ᠢ᠋ ᠴᠥᠮ ᠪᠠᠷᠢᠵᠤ ᠬᠦᠯᠢᠭᠰᠡᠨ ᠳ᠋ᠦ᠍ᠷ ᠴᠠᠭᠠᠲᠠᠢ ᠪᠠᠰᠠ ᠠᠭᠤᠷᠯᠠᠨ ᠥᠭᠦᠯᠡᠷᠦᠨ : 《ᠡᠳᠦᠭᠡ ᠨᠢᠭᠡᠨᠲᠡ ᠲᠡᠭᠷᠢ ᠶ᠋ᠢᠨ ᠴᠡᠷᠢᠭ ᠬᠦᠷᠴᠦ ᠢᠷᠡᠭᠰᠡᠨ ᠳ᠋ᠦ᠍ᠷ ᠣᠳᠣ ᠳᠠᠢᠯᠠᠵᠤ ᠴᠢᠳᠠᠬᠤ ᠦᠭᠡᠢ ᠳ᠋ᠡᠭᠡᠨ ᠬᠠᠷᠠᠬᠠᠨ ᠲᠡᠭᠦᠨ ᠳ᠋ᠦ᠍ᠷ ᠤᠬᠠᠭᠠᠨ ᠵᠢᠭᠠᠵᠤ ᠤᠷᠭᠤᠭᠤᠯᠤᠭᠠᠳ ᠬᠠᠷᠢᠨ ᠪᠠᠰᠠ ᠨᠠᠳᠠ ᠳ᠋ᠤᠷ ᠰᠠᠢᠨ ᠬᠥᠮᠦᠨ ᠪᠣᠯᠵᠤ ᠮᠡᠬᠡᠯᠡᠷᠡ ᠡᠴᠢᠮᠦᠢ᠃ ᠭᠡᠷ ᠡᠷᠦᠬᠡ ᠳ᠋ᠦ᠍ᠷ ᠴᠦ᠍ ᠲᠤᠰᠠ ᠦᠭᠡᠢ ᠡᠳᠡᠭᠡᠷ ᠪᠣᠭᠣᠯᠴᠤᠳ ᠤᠯᠤᠰ ᠢᠷᠭᠡᠨ ᠢ᠋ ᠬᠡᠷᠬᠢᠨ ᠬᠠᠮᠠᠭᠠᠯᠠᠨ ᠴᠢᠳᠠᠮᠤᠢ ? ᠲᠠᠯᠠᠭᠠᠷ ᠰᠢᠶᠠ ᠤᠯᠤᠰ ᠤ᠋ᠨ ᠬᠡᠰᠢᠭ ᠢ ᠦᠶ᠎ᠡ ᠤᠯᠠᠷᠢᠨ ᠬᠦᠷᠲᠡᠭᠰᠡᠨ ᠦᠭᠡᠢ ᠤᠤ ? ᠲᠥᠷᠭᠡᠨ᠎ᠡ ᠴᠢᠷᠴᠦ ᠭᠠᠷᠭᠠᠭᠠᠳ ᠴᠥᠮ ᠠᠯᠠ ! 》ᠬᠡᠮᠡᠭᠰᠡᠨ ᠳ᠋ᠦ᠍ᠷ ᠴᠡᠷᠢᠭ ᠦ᠋ᠨ ᠠᠷᠠᠳ ᠲᠦᠷᠴᠢᠭᠢᠨᠡᠲᠡᠯ᠎ᠡ ᠲᠠᠪᠰᠢᠵᠤ ᠵᠠᠭᠤᠨ ᠲᠦᠰᠢᠮᠡᠳ ᠢ᠋ ᠢᠨᠦ ᠴᠢᠷᠦᠨ ᠭᠠᠷᠭᠠᠭᠰᠠᠨ ᠳ᠋ᠤᠷ ᠰᠢᠶᠠ ᠤᠯᠤᠰ ᠤ᠋ᠨ ᠵᠠᠭᠤᠨ ᠲᠦᠰᠢᠮᠡᠳ ᠶᠡᠬᠡᠯ᠎ᠡ ᠠᠶᠤᠵᠤ ᠮᠠᠨ ᠢ᠋ ᠠᠯᠠᠬᠤ ᠬᠢᠯᠢᠰ ᠭᠡᠮᠡᠨ ᠪᠠᠷᠬᠢᠷᠠᠯᠴᠠᠬᠤᠢ ᠳ᠋ᠤᠷ ᠴᠠᠭᠠᠲᠠᠢ ᠴᠢᠨ ᠸᠠᠩ ᠠᠭᠤᠷᠰᠠᠨ ᠥᠭᠦᠯᠡᠷᠦᠨ : 《ᠲᠠᠨ ᠢ᠋ ᠠᠯᠠᠬᠤ ᠳ᠋ᠤᠷ ᠣᠭᠲᠣ ᠬᠢᠯᠢᠰ ᠦᠭᠡᠢ᠂ ᠲᠠᠨ ᠳ᠋ᠤᠷ ᠤᠷᠪᠠᠬᠤ ᠰᠡᠳᠬᠢᠯ ᠦᠭᠡᠢ ᠪᠥᠭᠡᠰᠦ ᠲᠡᠷᠡ ᠮᠠᠲᠠᠯ ᠦᠭᠡᠢ ᠮᠠᠯ ᠢ᠋ ᠪᠠᠷᠢᠵᠤ ᠮᠠᠨ ᠳ᠋ᠤᠷ ᠬᠦᠷᠭᠡᠨ ᠰᠢᠳᠬᠡᠭᠦᠯᠬᠦ ᠦᠭᠡᠢ ᠶᠠᠭᠤᠨ ᠳ᠋ᠤᠷ ᠲᠠᠯᠪᠢᠨ ᠭᠠᠷᠭᠠᠵᠤ ᠶᠠᠪᠤᠭᠤᠯᠪᠠ ? ᠬᠤᠷᠳᠤᠨ ᠠᠯᠠ ! 》ᠭᠡᠮᠡᠨ ᠭᠠᠷᠭᠠᠭᠰᠠᠨ ᠳ᠋ᠤᠷ ᠰᠢᠶᠠ ᠤᠯᠤᠰ ᠤ᠋ᠨ ᠵᠠᠭᠤᠨ ᠲᠦᠰᠢᠮᠡᠳ ᠶᠡᠬᠡᠯ᠎ᠡ ᠠᠶᠤᠯᠳᠤᠵᠤ ᠤᠬᠢᠯᠠᠯᠳᠤᠬᠤ ᠦᠶ᠎ᠡ ᠳ᠋ᠦ᠍ᠷ ᠯᠢ ᠠᠨ ᠴᠢᠤᠸᠠᠨ ᠤ᠋ ᠶᠡᠬᠡ ᠡᠮ᠎ᠡ ᠶ᠋ᠸᠨ ᠱᠢ ᠦᠷᠡᠴᠢᠯᠡᠭᠰᠡᠨ ᠬᠥᠪᠡᠭᠦᠨ ᠦᠭᠡ ᠳ᠋ᠦ᠍ᠷ ᠣᠷᠣᠬᠤ ᠦᠭᠡᠢ ᠲᠤᠯᠠ ᠥᠬᠢᠨ ᠯᠢ ᠽᠦᠨ ᠢᠩ ᠳ᠋ᠦ᠍ᠷ ᠢᠲᠡᠭᠡᠵᠦ ᠳᠠᠭᠠᠵᠤ ᠡᠴᠢᠭᠰᠡᠨ ᠦᠭᠡᠢ ᠲᠤᠯᠠ ᠵᠠᠭᠤᠨ ᠲᠦᠰᠢᠮᠡᠳ ᠢ ᠴᠥᠮ ᠠᠯᠠᠷ᠎ᠠ ᠠᠪᠠᠴᠢᠪᠠ ᠬᠡᠮᠡᠭᠰᠡᠨ ᠳ᠋ᠦ᠍ᠷ ᠶᠠᠭᠠᠷᠠᠨ ᠶᠡᠬᠡ ᠲᠥᠷᠥ ᠳ᠋ᠦ᠍ᠷ ᠭᠠᠷᠴᠤ ᠬᠦᠷᠭᠡᠨ ᠴᠠᠭᠠᠲᠠᠢ ᠳ᠋ᠤᠷ ᠤᠬᠢᠯᠠᠨ ᠭᠤᠶᠤᠵᠤ ᠵᠠᠭᠤᠨ ᠲᠦᠰᠢᠮᠡᠳ ᠦ᠋ᠨ ᠦᠨᠡᠨ ᠢ᠋ ᠬᠡᠯᠡᠭᠰᠡᠨ ᠳ᠋ᠦ᠍ᠷ ᠴᠠᠭᠠᠲᠠᠢ ᠠᠷᠭ᠎ᠠ ᠦᠭᠡᠢ ᠵᠠᠭᠤᠨ ᠲᠦᠰᠢᠮᠡᠳ ᠢ᠋ ᠡᠭᠡᠭᠦᠯᠦᠨ ᠣᠷᠣᠭᠤᠯᠵᠤ ᠢᠷᠡᠭᠡᠳ ᠮᠥᠨ ᠠᠭᠤᠷ ᠲᠠᠢᠳᠬᠤᠷᠠᠬᠤ ᠦᠭᠡᠢ᠂ ᠡᠳᠡᠭᠡᠷ ᠮᠠᠲᠠᠯ ᠦᠭᠡᠢ ᠠᠮᠢᠲᠠᠳ ᠢ ᠡᠰᠡ ᠠᠯᠠᠪᠠᠴᠤ ᠰᠠᠢᠲᠤᠷ ᠡᠰᠡ ᠵᠠᠨᠴᠢᠪᠠᠰᠤ ᠪᠣᠯᠬᠤ ᠦᠭᠡᠢ ᠭᠡᠮᠡᠨ ᠲᠠᠪᠤ ᠲᠠᠪᠤ ᠪᠠᠷ ᠳᠠᠷᠤᠭᠤᠯᠠᠨ ᠳᠥᠴᠢ ᠳᠥᠴᠢ ᠰᠢᠳᠠᠮᠯᠠᠭᠰᠠᠨ ᠳ᠋ᠤᠷ ᠴᠡᠷᠢᠭ ᠦ᠋ᠨ ᠲᠦᠰᠢᠮᠡᠳ ᠢᠨᠦ ᠡᠰᠡ ᠠᠯᠵᠢᠪᠠᠴᠤ ᠪᠢᠴᠢᠭ ᠦ᠋ᠨ ᠰᠠᠢᠳ ᠠᠨᠤ ᠴᠥᠮ ᠭᠤᠶ᠎ᠠ ᠬᠠᠪᠤᠳᠴᠤ ᠳᠤᠭᠤᠯᠪᠠ᠃ ᠲᠡᠳᠦᠢ ᠵᠠᠭᠤᠨ ᠲᠦᠰᠢᠮᠡᠳ ᠲᠥᠷᠥ ᠡᠴᠡ ᠪᠠᠭᠤᠬᠤᠢ ᠳ᠋ᠤᠷ ᠴᠥᠮ ᠲᠤᠭᠤᠯᠤᠭᠰᠠᠨ ᠳ᠋ᠤᠷ ᠵᠡᠭᠡᠯᠢ ᠶ᠋ᠢᠨ ᠠᠷᠠᠳ ᠦᠵᠡᠨ ᠶᠡᠬᠡᠯ᠎ᠡ ᠢᠨᠢᠶᠡᠯᠴᠡᠪᠡ᠃
ᠲᠡᠳᠦᠢ ᠴᠠᠭᠠᠲᠠᠢ ᠯᠢ ᠽᠦᠨ ᠰᠢᠦᠢ ᠶ᠋ᠢᠨ ᠣᠢᠷ᠎ᠠ ᠶ᠋ᠢ ᠡᠷᠢᠪᠡᠰᠦ ᠴᠥᠮ ᠤᠷᠭᠤᠭᠰᠠᠨ ᠲᠤᠯᠠ ᠶ᠋ᠸᠨ ᠱᠢ ᠡᠴᠡ ᠠᠰᠠᠭᠤᠵᠤ ᠲᠡᠭᠦᠨ ᠦ᠌ ᠨᠢᠳᠦ ᠪᠡᠷ ᠲᠣᠭᠲᠠᠭᠠᠨ ᠲᠥᠷᠥᠯ ᠦ᠋ᠨ ᠬᠡᠦᠬᠡᠳ ᠢ᠋ ᠬᠡᠳᠦ ᠬᠡᠳᠦᠨ ᠰᠣᠩᠭᠣᠨ ᠠᠴᠢᠷᠠᠵᠤ ᠥᠪᠡᠷ ᠢ᠋ᠶ᠋ᠡᠨ ᠦᠵᠡᠵᠦ ᠯᠢ ᠽᠦᠨ ᠠᠨ ᠬᠡᠮᠡᠭᠴᠢ ᠶ᠋ᠢ ᠰᠣᠩᠭᠣᠭᠤᠯᠤᠨ ᠬᠣᠲᠠ ᠬᠣᠷᠢᠶ᠎ᠠ ᠶ᠋ᠢ ᠰᠠᠬᠢᠭᠤᠯᠵᠤ ᠬᠠᠭᠤᠴᠢᠳ ᠤ᠋ᠨ ᠰᠦᠮ᠎ᠡ ᠲᠠᠬᠢᠯᠭ᠎ᠠ ᠶ᠋ᠢ ᠠᠨᠤ ᠲᠤᠰᠢᠶᠠᠵᠤ ᠵᠠᠯᠭᠠᠮᠵᠢᠯᠠᠭᠤᠯᠤᠭᠠᠳ ᠤᠯᠤᠰ ᠤ᠋ᠨ ᠪᠤᠰᠤ ᠬᠡᠷᠡᠭ ᠢ᠋ ᠴᠥᠮ ᠳ᠋ᠡᠢᠳ᠋ᠦ᠋ ᠡᠴᠡ ᠡᠰᠢᠯᠡᠬᠦ ᠪᠡᠷ ᠲᠣᠭᠲᠠᠭᠠᠨ ᠯᠢ ᠽᠦᠨ ᠰᠢᠦᠢ ᠶ᠋ᠢ ᠬᠡᠵᠢᠶ᠎ᠡ ᠪᠠᠷᠢᠪᠠᠰᠤ ᠲᠡᠷᠡ ᠬᠢᠷᠢ ᠠᠯᠠᠮᠤᠢ ᠭᠡᠮᠡᠨ ᠵᠠᠷᠯᠠᠵᠤ᠂ ᠳᠣᠷᠣᠨᠠᠲᠤ ᠰᠢᠶᠠ ᠤᠯᠤᠰ ᠤ᠋ᠨ ᠫᠦ ᠰᠢᠶᠠᠨ ᠸᠠᠨ ᠨᠥ ᠳ᠋ᠦ᠍ᠷ ᠡᠯᠴᠢ ᠢᠯᠡᠭᠡᠵᠦ᠂ ᠥᠪᠡᠷ ᠦ᠋ᠨ ᠬᠥᠪᠡᠭᠦᠨ ᠲᠢᠶᠧ ᠬᠦ ᠶ᠋ᠢ ᠮᠠᠨ ᠤ᠋ ᠤᠯᠤᠰ ᠲᠤᠷ ᠳᠡᠨᠵᠢ ᠳᠠᠷᠤᠨ ᠪᠥᠭᠡᠳ ᠶᠠᠭᠤᠨ ᠳ᠋ᠤᠷ ᠪᠠᠰᠠ ᠥᠪᠡᠷ᠎ᠡ ᠤᠯᠤᠰ ᠪᠠᠢᠭᠤᠯᠵᠤ᠂ ᠨᠡᠷ᠎ᠡ ᠰᠠᠭᠤᠷᠢᠨ ᠡᠳᠦᠭᠰᠡᠨ ᠤᠴᠢᠷ ᠢ᠋ ᠠᠰᠠᠭᠤᠷ᠎ᠠ ᠢᠯᠡᠬᠡᠨ᠂ ᠫᠦ ᠰᠢᠶᠠᠨ ᠸᠠᠨ ᠨᠦ ᠴᠠᠭᠠᠲᠠᠢ ᠴᠢᠨ ᠸᠠᠩ ᠤ᠋ᠨ ᠪᠠᠭᠠᠲᠤᠷ ᠢ᠋ ᠮᠡᠳᠡᠬᠦ ᠲᠤᠯᠠ ᠡᠳᠦᠭᠡ ᠬᠠᠭᠤᠴᠢᠨ ᠶᠡᠬᠡ ᠰᠢᠶᠠ ᠤᠯᠤᠰ ᠨᠢᠭᠡᠨᠲᠡ ᠬᠣᠷᠢᠭᠳᠠᠵᠤ ᠪᠠᠰᠠ ᠶᠠᠯ᠎ᠠ ᠠᠰᠠᠭᠤᠬᠤ ᠡᠯᠴᠢ ᠢᠯᠡᠭᠡᠭᠰᠡᠨ ᠳ᠋ᠦ᠍ᠷ ᠡᠯᠴᠢ ᠶ᠋ᠢ ᠬᠦᠨᠳᠦᠳᠡ ᠬᠦᠨᠳᠦᠯᠡᠵᠦ᠂ ᠡᠮᠦᠨ᠎ᠡ ᠡᠴᠡ ᠪᠡᠨ ᠶᠠᠯ᠎ᠠ ᠬᠦᠯᠢᠶᠡᠬᠦ ᠶᠤᠸᠠᠨᠱᠤᠸᠠᠢ ᠬᠣᠲᠣ ᠳ᠋ᠤᠷ ᠪᠢᠴᠢᠭ ᠪᠠᠷᠢᠭᠤᠯᠤᠨ᠂ ᠬᠠᠭᠤᠴᠢᠨ ᠰᠢᠶᠠ ᠤᠯᠤᠰ ᠲᠤᠷ ᠢᠷᠡᠭᠡᠳ ᠲᠠᠢᠽᠢ ᠴᠠᠭᠠᠲᠠᠢ ᠳ᠋ᠤᠷ ᠮᠥᠷᠭᠥᠨ ᠵᠣᠯᠭᠠᠵᠤ ᠮᠡᠳᠡᠭᠦᠯᠦᠷᠦᠨ : 《ᠮᠠᠨ ᠤ᠋ ᠡᠵᠡᠨ ᠫᠦ ᠰᠢᠶᠠᠨ ᠸᠠᠨ ᠨᠦ ᠦᠨᠡᠨ ᠳ᠋ᠦ᠍ᠷ ᠥᠪᠡᠷ᠎ᠡ ᠰᠠᠨᠠᠭᠠᠨ ᠪᠠᠷᠢᠭᠰᠠᠨ ᠦᠭᠡᠢ ᠪᠥᠯᠥᠭᠡ᠂ ᠮᠥᠨ ᠬᠦ᠌ ᠪᠣᠭᠳᠠ ᠡᠵᠡᠨ ᠳ᠋ᠦ᠍ᠷ ᠵᠢᠳᠬᠦᠬᠦ ᠶ᠋ᠢᠨ ᠲᠤᠯᠠ ᠲᠡᠷᠡ ᠭᠠᠵᠠᠷ ᠢ᠋ ᠪᠠᠭᠴᠠᠯᠠᠨ ᠬᠤᠷᠢᠶᠠᠮᠵᠢᠯᠠᠬᠤ ᠰᠠᠨᠠᠭ᠎ᠠ ᠪᠠᠷ ᠲᠡᠢᠮᠦ ᠨᠡᠷ᠎ᠡ ᠴᠣᠯᠠ ᠶ᠋ᠢ ᠡᠷᠭᠦᠪᠡ᠂ ᠬᠡᠷᠪᠡ ᠡᠰᠡ ᠡᠷᠭᠦᠪᠡᠰᠦ ᠣᠯᠠᠨ ᠢ᠋ ᠬᠤᠷᠢᠶᠠᠮᠵᠢᠯᠠᠨ ᠲᠣᠭᠲᠠᠭᠠᠬᠤᠶ᠎ᠠ ᠪᠡᠷᠬᠡ᠃ ᠲᠡᠢᠨ ᠬᠦ᠌ ᠮᠠᠨ ᠤ᠋ ᠡᠵᠡᠨ ᠬᠠᠭᠤᠷᠮᠠᠭ ᠨᠡᠷ᠎ᠡ ᠶ᠋ᠢ ᠡᠷᠭᠦᠵᠦ ᠣᠯᠠᠨ ᠤ᠋ ᠰᠡᠳᠬᠢᠯ ᠢ᠋ ᠲᠣᠭᠲᠠᠭᠠᠨ ᠬᠣᠷᠢᠵᠤ᠂ ᠪᠣᠭᠳᠠ ᠡᠵᠡᠨ ᠳ᠋ᠦ᠍ᠷ ᠠᠯᠪᠠ ᠪᠠᠷᠢᠭᠤᠯᠬᠤ ᠪᠣᠯᠪᠠ᠂ ᠬᠡᠷᠪᠡ ᠤᠷᠪᠠᠬᠤ ᠰᠠᠨᠠᠭᠠᠨ ᠠᠪᠠᠰᠤ ᠬᠥᠪᠡᠭᠦᠨ ᠲᠢᠶᠧ ᠬᠦ ᠶ᠋ᠢ ᠲᠡᠨᠳᠡ ᠳᠡᠨᠵᠢ ᠳᠠᠷᠤᠵᠤ᠂ ᠵᠢᠯ ᠦ᠋ᠨ ᠠᠯᠪᠠᠨ ᠢ᠋ ᠬᠢᠴᠢᠶᠡᠨ ᠬᠦᠷᠭᠡᠬᠦ ᠶᠣᠰᠣ ᠪᠣᠢ ᠤᠤ ? ᠲᠡᠢᠨ ᠬᠦ᠌ ᠡᠵᠡᠨ ᠦ᠌ ᠯᠢᠶᠣᠣ ᠳ᠋ᠦᠩ ᠢ ᠳᠠᠢᠯᠠᠭᠰᠠᠨ ᠳ᠋ᠤᠷ ᠪᠠᠰᠠ ᠬᠦᠴᠦᠨ ᠲᠤᠰᠠᠯᠠᠵᠤ ᠭᠠᠪᠢᠶ᠎ᠠ ᠪᠦᠲᠦᠭᠡᠭᠰᠡᠨ ᠪᠥᠯᠥᠭᠡ᠂ ᠲᠡᠷᠡ ᠠᠷᠪᠠᠨ ᠲᠦᠮᠡᠨ ᠴᠡᠷᠢᠭ ᠢ᠋ᠶ᠋ᠡᠷ ᠶᠧ ᠯᠢᠦᠢ ᠯᠢᠦ ᠭᠧ ᠳ᠋ᠦ᠍ᠷ ᠬᠠᠪᠰᠤᠷᠤᠭᠰᠠᠨ ᠠᠨᠤ ᠨᠢᠭᠡᠨᠲᠡ ᠡᠵᠡᠨ ᠳ᠋ᠦ᠍ᠷ ᠬᠦᠴᠦᠨ ᠪᠠᠷᠢᠭᠰᠠᠨ ᠪᠣᠯᠠᠢ᠂ ᠶᠧ ᠯᠢᠦᠢ ᠯᠢᠦ ᠭᠧ ᠮᠥᠨ ᠬᠦ᠌ ᠡᠵᠡᠨ ᠦ᠌ ᠲᠦᠰᠢᠮᠡᠯ᠂ ᠪᠢᠳᠡ ᠡᠵᠡᠨ ᠦ᠌ ᠲᠦᠰᠢᠮᠡᠯ ᠳ᠋ᠦ᠍ᠷ ᠬᠠᠪᠰᠤᠷᠪᠠᠰᠤ ᠨᠢᠭᠡᠨᠲᠡ ᠡᠵᠡᠨ ᠳ᠋ᠦ᠍ᠷ ᠬᠦᠴᠦᠨ ᠪᠠᠷᠢᠭᠰᠠᠨ ᠪᠣᠯᠠᠢ᠃ ᠡᠳᠦᠭᠡ ᠮᠠᠨ ᠤ᠋ ᠴᠡᠷᠢᠭ ᠢ᠋ ᠠᠯᠢ ᠵᠦᠭ ᠲᠦ᠍ᠷ ᠵᠠᠷᠤᠪᠠᠰᠤ ᠳᠠᠷᠤᠢ ᠲᠡᠷᠡ ᠵᠦᠭ ᠲᠦ᠍ᠷ ᠶᠠᠪᠤᠬᠤ ᠪᠣᠯᠠᠢ᠃ ᠳᠣᠷᠣᠨᠠᠲᠤ ᠰᠢᠶᠠ ᠤᠯᠤᠰ ᠭᠡᠮᠡᠨ ᠡᠷᠭᠦᠭᠰᠡᠨ ᠢᠨᠦ ᠨᠢᠭᠡᠨ ᠳ᠋ᠦ᠍ᠷ ᠰᠥᠩ ᠤᠯᠤᠰ᠂ ᠠᠯᠲᠠᠨ ᠤᠯᠤᠰ ᠲᠤᠷ ᠠᠯᠪᠠ ᠦᠯᠦ ᠪᠠᠷᠢᠨ᠂ ᠬᠣᠶᠠᠷ ᠲᠤᠷ ᠭᠠᠵᠠᠷ ᠣᠷᠣᠨ ᠤ᠋ ᠮᠤᠩᠬᠠᠭ ᠢᠷᠭᠡᠨ ᠢ᠋ ᠬᠣᠷᠢᠶᠠᠨ ᠲᠣᠭᠲᠠᠭᠠᠭᠰᠠᠨ ᠠᠮᠤᠢ᠂ ᠶᠠᠮᠪᠠᠷ ᠠᠶᠤᠯ ᠦᠭᠡᠢ ᠬᠠᠭᠠᠨ ᠤ᠋ ᠡᠮᠦᠨ᠎ᠡ ᠲᠡᠢᠨ ᠨᠡᠷᠡᠯᠡᠬᠦ ᠪᠣᠢ ! ᠶᠡᠬᠡ ᠸᠠᠩ ᠠᠭᠤᠷ ᠢ᠋ ᠨᠠᠮᠬᠠᠷᠠᠭᠤᠯᠵᠤ ᠤᠴᠢᠷ ᠢ ᠤᠯᠠᠮᠵᠢᠯᠠᠨ ᠳᠡᠭᠡᠭᠰᠢ ᠠᠢᠯᠠᠳᠬᠠᠨ ᠦᠭᠭᠦᠮᠦ ! 》ᠬᠡᠮᠡᠭᠰᠡᠨ ᠳ᠋ᠦ᠍ᠷ ᠴᠠᠭᠠᠲᠠᠢ ᠰᠣᠨᠣᠰᠤᠭᠰᠠᠭᠠᠷ ᠠᠭᠤᠷᠯᠠᠵᠤ ᠥᠭᠦᠯᠡᠷᠦᠨ : 《ᠴᠢ ᠨᠠᠳᠠ ᠯᠤᠭ᠎ᠠ ᠤᠷᠠᠨ ᠦᠭᠡ ᠪᠡᠷ ᠦᠭᠡ ᠣᠷᠣᠯᠳᠣᠷᠠ ᠢᠷᠡᠭᠰᠡᠨ ᠪᠣᠯᠠᠢ ! ᠲᠠᠨ ᠤ᠋ ᠴᠢᠨᠠᠳᠤ ᠰᠠᠨᠠᠭᠠᠨ ᠢ᠋ ᠡᠰᠡ ᠮᠡᠳᠡᠪᠡᠴᠦ ᠡᠳᠦᠢᠬᠡᠨ ᠤᠬᠠᠭᠠᠨ ᠢ᠋ ᠣᠯᠬᠤ ᠦᠭᠡᠢ ᠶᠣᠰᠣ ᠪᠣᠢ ᠤᠤ ? ᠲᠠ ᠨᠢᠭᠡᠨᠲᠡᠭᠡᠭᠦᠷ ᠴᠡᠷᠢᠭ ᠢ᠋ᠶ᠋ᠡᠨ ᠡᠯᠰᠡᠵᠦ ᠬᠦᠴᠦᠨ ᠬᠦᠷᠦᠯᠴᠡᠪᠡᠰᠦ ᠮᠥᠨ ᠬᠦ᠌ ᠬᠠᠷᠢᠭᠤᠴᠠᠬᠤ ᠰᠠᠨᠠᠭᠠᠨ ᠪᠣᠯᠠᠢ᠂ ᠡᠳᠦᠭᠡ ᠯᠢᠶᠣᠣ ᠳ᠋ᠦᠩ ᠦ᠋ᠨ ᠶᠧ ᠯᠢᠦᠢ ᠯᠢᠦ ᠭᠧ ᠬᠡᠮᠡᠭᠴᠢ ᠬᠠᠭᠠᠨ ᠤ᠋ ᠡᠷᠭᠦᠮᠵᠢᠯᠡᠭᠰᠡᠨ ᠯᠢᠶᠣᠣ ᠸᠠᠩ᠂ ᠲᠠᠨ ᠤ᠋ ᠰᠢᠶᠠ ᠬᠡᠨ ᠦ᠌ ᠡᠷᠭᠦᠮᠵᠢᠯᠡᠭᠰᠡᠨ ᠰᠢᠶᠠ ᠪᠣᠢ ? ᠶᠡᠬᠡ ᠤᠯᠤᠰ ᠡᠯᠴᠢ ᠶ᠋ᠢ ᠠᠯᠠᠬᠤ ᠶᠣᠰᠣ ᠦᠭᠡᠢ ᠪᠣᠯᠪᠠᠴᠤ ᠵᠠᠨᠴᠢᠵᠤ ᠪᠣᠯᠬᠤ ᠶᠣᠰᠣ ᠪᠣᠢ᠂ ᠡᠭᠦᠨ ᠢ᠋ ᠳᠠᠷᠤᠵᠤ ᠵᠠᠭᠤᠨ ᠮᠣᠳᠣ ᠰᠠᠢᠲᠤᠷ ᠵᠠᠨᠴᠢᠵᠤ ᠡᠭᠡᠭᠦᠯᠦᠨ ᠬᠤᠷᠳᠤᠨ ᠡᠴᠢᠵᠦ ᠫᠦ ᠰᠢᠶᠠᠨ ᠸᠠᠨ ᠨᠥ ᠳ᠋ᠦ᠍ᠷ ᠵᠠᠬᠢᠵᠤ ᠥᠪᠡᠷ ᠢ᠋ᠶ᠋ᠡᠨ ᠢᠷ᠎ᠡ !》ᠭᠡᠮᠡᠨ ᠬᠣᠶᠠᠷ ᠡᠲᠡᠭᠡᠳ ᠦ᠋ᠨ ᠪᠠᠭᠠᠲᠤᠷ ᠤ᠋ᠳ ᠢ᠋ ᠵᠠᠩᠳᠠᠨ ᠬᠣᠲᠣ ᠶ᠋ᠢ ᠳᠠᠷᠤᠨ ᠤᠨᠠᠭᠠᠵᠤ ᠥᠮᠥᠳᠥ ᠶ᠋ᠢ ᠰᠢᠪᠲᠤᠯᠤᠭᠰᠠᠨ ᠳ᠋ᠤᠷ ᠬᠣᠲᠣ ᠶᠡᠬᠡᠯ᠎ᠡ ᠴᠢᠬᠤᠯᠳᠠᠵᠤ ᠥᠨᠳᠥᠷ ᠳᠠᠭᠤᠨ ᠢ᠋ᠶ᠋ᠠᠷ ᠪᠠᠷᠬᠢᠷᠠᠨ ᠥᠭᠦᠯᠡᠷᠦᠨ : 《ᠶᠡᠬᠡ ᠸᠠᠩ ᠲᠦᠰᠢᠮᠡᠯ ᠨᠠᠮᠠᠶ᠋ᠢ ᠵᠠᠨᠴᠢᠪᠠᠰᠤ ᠸᠠᠩ ᠴᠢᠨᠦ ᠨᠢᠭᠤᠷ ᠲᠤᠷ ᠮᠠᠭᠤᠬᠠᠢ ᠪᠥᠭᠡᠳ ᠬᠣᠢᠨ᠎ᠠ ᠬᠠᠭᠠᠨ ᠰᠣᠨᠣᠰᠪᠠᠰᠤ ᠴᠢᠮ᠎ᠠ ᠳ᠋ᠤᠷ ᠪᠤᠷᠤᠭᠤᠰᠢᠶᠠᠯ ᠢᠷᠡᠮᠦᠢ ! 》ᠬᠡᠮᠡᠭᠰᠡᠨ ᠳ᠋ᠦ᠍ᠷ ᠴᠠᠭᠠᠲᠠᠢ ᠶᠡᠬᠡᠯ᠎ᠡ ᠭᠠᠢᠬᠠᠵᠤ ᠲᠦᠷ ᠲᠠᠯᠪᠢᠵᠤ ᠠᠰᠠᠭᠤᠷᠤᠨ :《ᠴᠢᠮᠠᠶ᠋ᠢ ᠵᠠᠨᠴᠢᠬᠤᠢ ᠳ᠋ᠤᠷ ᠮᠢᠨᠦ ᠨᠢᠭᠤᠷ ᠲᠤᠷ ᠶᠠᠭᠤᠨ ᠳ᠋ᠤᠷ ᠮᠠᠭᠤ ᠪᠣᠯᠤᠮᠤᠢ ? ᠬᠠᠭᠠᠨ ᠨᠠᠮᠠᠶ᠋ᠢ ᠶᠠᠭᠠᠬᠢᠨ ᠪᠤᠷᠤᠭᠤᠰᠢᠶᠠᠮᠤᠢ ? 》ᠭᠡᠮᠡᠨ ᠠᠰᠠᠭᠤᠭᠰᠠᠨ ᠳ᠋ᠤᠷ ᠬᠣᠲᠣ ᠶᠤᠸᠠᠨᠱᠤᠸᠠᠢ ᠥᠮᠥᠳᠥ ᠪᠡᠨ ᠲᠠᠲᠠᠵᠤ ᠴᠢᠬᠤᠯᠳᠠᠨ ᠮᠡᠳᠡᠭᠦᠯᠦᠷᠦᠨ :《ᠲᠠᠢᠽᠢ ᠸᠠᠩ ᠬᠡᠮᠡᠭᠴᠢ ᠬᠠᠭᠠᠨ ᠤ᠋ ᠬᠥᠪᠡᠭᠦᠨ ᠪᠥᠭᠡᠳ ᠬᠠᠭᠠᠨ ᠤ᠋ ᠶᠤᠸᠠᠨᠱᠤᠸᠠᠢ᠂ ᠪᠠᠰᠠ ᠬᠠᠭᠠᠨ ᠤ᠋ ᠡᠯᠴᠢ᠂ ᠬᠠᠭᠠᠨ ᠤ᠋ ᠨᠢᠳᠦ ᠴᠢᠬᠢ᠂ ᠤᠯᠤᠰ ᠲᠥᠷᠥ ᠶ᠋ᠢᠨ ᠲᠠᠢᠪᠤᠤ ᠪᠠᠭᠠᠨ᠎ᠠ ᠪᠥᠭᠡᠳ ᠲᠤᠯᠭᠠᠭᠤᠷᠢ ᠲᠦᠰᠢᠶ᠎ᠡ᠂ ᠶᠡᠬᠡ ᠲᠦᠰᠢᠮᠡᠯ ᠲᠡᠢᠮᠦ ᠪᠥᠭᠡᠳ ᠭᠠᠳᠠᠭᠠᠳᠤ ᠤᠯᠤᠰ ᠤ᠋ᠨ ᠪᠣᠳᠣᠷᠣᠣᠯ ᠠᠢᠯᠠᠳᠬᠠᠬᠤ ᠨᠢᠭᠡᠨ ᠥᠴᠦᠬᠡᠨ ᠵᠠᠩᠵᠤᠨ ᠢ᠋ ᠵᠠᠨᠴᠢᠪᠠᠰᠤ ᠶᠡᠬᠡ ᠶᠤᠸᠠᠨᠱᠤᠸᠠᠢ ᠶᠡᠬᠡ ᠲᠦᠰᠢᠮᠡᠯ ᠦ᠋ᠨ ᠶᠠᠪᠤᠳᠠᠯ ᠪᠤᠰᠤ ᠪᠣᠯᠤᠮᠤᠢ᠂ ᠭᠠᠳᠠᠭᠠᠳᠤ ᠤᠯᠤᠰ ᠤ᠋ᠨ ᠦᠨᠡᠨ ᠪᠤᠷᠤᠭᠤ ᠪᠣᠯᠪᠠᠴᠤ ᠳᠠᠢᠯᠠᠵᠤ ᠠᠷᠢᠯᠭᠠᠬᠤ ᠠᠨᠤ ᠶᠡᠬᠡ ᠶᠣᠰᠣ ᠪᠣᠢ ᠶᠠ᠂ ᠨᠢᠭᠡᠨ ᠥᠴᠦᠬᠡᠨ ᠡᠯᠴᠢ ᠶ᠋ᠢ ᠵᠠᠨᠴᠢᠬᠤ ᠠᠨᠤ ᠶᠡᠬᠡ ᠸᠠᠩ ᠤ᠋ᠨ ᠬᠢᠬᠦ ᠶᠠᠪᠤᠳᠠᠯ ᠪᠤᠰᠤ ! ᠨᠡᠩ ᠪᠠᠰᠠ ᠬᠠᠭᠠᠨ ᠳ᠋ᠤᠷ ᠠᠢᠯᠠᠳᠬᠠᠬᠤ ᠪᠣᠳᠣᠷᠣᠣᠯ ᠪᠢᠴᠢᠭ ᠪᠠᠷᠢᠵᠤ ᠲᠣᠭᠲᠠᠬᠤ ᠶ᠋ᠢᠨ ᠤᠷᠢᠳ ᠵᠠᠨᠴᠢᠬᠤ ᠭᠥᠪᠰᠢᠬᠦ ᠦᠢᠯᠡ ᠶ᠋ᠢ ᠶᠠᠪᠤᠪᠠᠰᠤ ᠶᠡᠬᠡ ᠤᠯᠤᠰ ᠤ᠋ᠨ ᠶᠡᠬᠡ ᠶᠣᠰᠣᠲᠤ ᠶᠠᠪᠤᠳᠠᠯ ᠪᠤᠰᠤ ᠪᠣᠯᠬᠤ ᠲᠤᠯᠠ ᠬᠠᠭᠠᠨ ᠯᠠᠪ ᠲᠠᠢᠽᠢ ᠶ᠋ᠢ ᠪᠤᠷᠤᠭᠤᠰᠢᠶᠠᠨ ᠰᠠᠨᠠᠮᠤᠢ᠃ ᠲᠦᠰᠢᠮᠡᠯ ᠮᠢᠨᠦ ᠬᠡᠳᠦᠨ ᠮᠣᠳᠣ ᠵᠠᠨᠴᠢᠭᠳᠠᠨ ᠮᠢᠬ᠎ᠠ ᠡᠪᠡᠳᠬᠦ ᠶᠠᠭᠤᠨ ? ᠲᠠᠢᠽᠢ ᠴᠢᠮᠠᠶ᠋ᠢ ᠬᠥᠮᠦᠨ ᠴᠥᠮ ᠪᠠᠴᠢᠮ ᠭᠡᠮᠡᠨ ᠡᠯᠡᠭᠯᠡᠬᠦ ᠪᠥᠭᠡᠳ ᠬᠠᠭᠠᠨ ᠪᠠᠰᠠ ᠶᠡᠬᠡ ᠬᠡᠷᠡᠭ ᠢ᠋ ᠡᠰᠡ ᠪᠦᠲᠦᠭᠡᠪᠡ ᠭᠡᠮᠡᠨ ᠳᠣᠩᠭᠣᠳᠤᠮᠤᠢ᠃ ᠲᠦᠰᠢᠮᠡᠯ ᠪᠢ ᠯᠢᠶᠣᠣ ᠳ᠋ᠦᠩ ᠦ᠋ᠨ ᠰᠠᠮᠠᠭᠤᠨ ᠢ᠋ ᠳᠠᠷᠤᠵᠤ ᠬᠦᠴᠦᠨ ᠪᠠᠷᠢᠷ᠎ᠠ ᠡᠴᠢᠬᠦᠢ ᠳ᠋ᠦ᠍ᠷ ᠬᠠᠭᠠᠨ ᠤ᠋ ᠡᠯᠴᠢ ᠬᠠᠵᠤᠰᠢᠯ ᠢ᠋ᠶ᠋ᠠᠷ ᠮᠥᠨ ᠦᠨᠡᠨ ᠤᠴᠢᠷ ᠶᠤᠭᠠᠨ ᠠᠮᠠ ᠪᠠᠷ ᠮᠡᠳᠡᠭᠦᠯᠦᠭᠰᠡᠨ ᠤᠴᠢᠷ ᠪᠣᠢ᠂ ᠡᠳᠦᠭᠡ ᠬᠠᠭᠠᠨ ᠤ᠋ ᠲᠠᠢᠽᠢ ᠮᠢᠨᠦ ᠵᠡᠷᠭᠡ ᠶ᠋ᠢᠨ ᠲᠦᠰᠢᠮᠡᠯ ᠦ᠋ᠨ ᠳᠣᠣᠷᠠᠬᠢ ᠲᠦᠰᠢᠮᠡᠯ ᠢ᠋ ᠵᠠᠨᠴᠢᠬᠤ ᠠᠨᠤ ᠣᠭᠲᠣ ᠨᠡᠢᠴᠡᠬᠦ ᠦᠭᠡᠢ᠂ ᠦᠨᠡᠬᠡᠷ ᠵᠠᠨᠴᠢᠪᠠᠰᠤ ᠮᠢᠨᠦ ᠡᠵᠡᠨ ᠪᠣᠯᠪᠠᠰᠤ ᠲᠡᠷᠡ ᠰᠠᠶᠢ ᠲᠡᠩᠴᠡᠮᠦᠢ᠂ ᠲᠤᠰᠢᠮᠡᠯ ᠨᠠᠮᠠᠶ᠋ᠢ ᠵᠠᠨᠴᠢᠪᠠᠰᠤ ᠲᠠᠢᠽᠢ ᠶ᠋ᠢᠨ ᠬᠢᠷᠢ ᠬᠤᠪᠢ ᠳ᠋ᠤᠷ ᠬᠠᠷᠰᠢᠯ ᠪᠣᠯᠤᠮᠤᠢ ! 》 ᠬᠡᠮᠡᠭᠰᠡᠨ ᠳ᠋ᠦ᠍ᠷ ᠴᠠᠭᠠᠲᠠᠢ ᠲᠠᠢᠽᠢ ᠬᠠᠭᠠᠰ ᠴᠠᠭ ᠪᠣᠳᠣᠭᠠᠳ ᠠᠰᠠᠭᠤᠷᠤᠨ : 《ᠲᠡᠢᠮᠦ ᠪᠥᠭᠡᠰᠦ ᠪᠢ ᠲᠡᠷᠡ ᠡᠳᠦᠷ ᠡᠨᠡ ᠰᠢᠶᠠ ᠤᠯᠤᠰ ᠤ᠋ᠨ ᠵᠠᠭᠤᠨ ᠲᠦᠰᠢᠮᠡᠳ ᠢ᠋ ᠵᠠᠬ᠎ᠠ ᠳᠠᠷᠤᠨ ᠴᠥᠮ ᠳᠥᠴᠢᠨ ᠮᠣᠳᠣ ᠰᠢᠳᠬᠡᠪᠡ᠂ ᠮᠢᠨᠦ ᠡᠨᠡ ᠪᠠᠰᠠ ᠡᠰᠡ ᠵᠣᠬᠢᠴᠠᠵᠤᠬᠤᠢ ᠤᠤ ? 》ᠬᠣᠳᠣ ᠮᠡᠳᠡᠭᠦᠯᠦᠷᠦᠨ :《ᠲᠡᠷᠡ ᠰᠢᠳᠬᠡᠭᠰᠡᠨ ᠢᠨᠦ ᠲᠡᠳᠡᠨ ᠳ᠋ᠦ᠍ᠷ ᠠᠪᠤᠷᠠᠯ ᠪᠣᠯᠠᠢ᠂ ᠲᠡᠳᠡᠨ ᠦ᠌ ᠡᠵᠡᠨ ᠤᠷᠪᠠᠵᠤ ᠤᠷᠭᠤᠭᠰᠠᠨ ᠲᠤᠯᠠ ᠠᠯᠠᠬᠤ ᠶ᠋ᠢ ᠬᠡᠯᠲᠦᠷᠢᠭᠦᠯᠵᠦ᠂ ᠤᠷᠤᠭ ᠰᠠᠳᠤᠨ ᠤ᠋ ᠲᠣᠭᠠᠲᠤ ᠶᠣᠰᠣᠨ ᠢ᠋ᠶ᠋ᠠᠷ ᠲᠠᠰᠢᠭᠤᠷ ᠢ᠋ᠶ᠋ᠠᠷ ᠰᠢᠳᠬᠡᠵᠦ᠂ ᠶᠠᠯ᠎ᠠ ᠶ᠋ᠢ ᠪᠠᠷᠠᠭᠰᠠᠨ ᠠᠨᠤ ᠲᠡᠳᠡᠨ ᠳ᠋ᠦ᠍ᠷ ᠵᠠᠪᠰᠢᠶᠠᠨ ᠪᠣᠯᠠᠢ ! ᠲᠦᠰᠢᠮᠡᠯ ᠮᠢᠨᠦ ᠡᠨᠡ ᠪᠣᠯᠪᠠᠰᠤ ᠳᠠᠭᠠᠷ᠎ᠠ ᠢᠷᠡᠬᠦ ᠪᠥᠭᠡᠳ ᠠᠯᠪᠠ ᠪᠠᠷᠢᠬᠤ ᠪᠣᠳᠣᠷᠣᠣᠯ ᠪᠢᠴᠢᠭ ᠪᠠᠷᠢᠭᠰᠠᠨ ᠥᠴᠦᠬᠡᠨ ᠡᠯᠴᠢ ᠪᠣᠯᠠᠢ !》ᠬᠡᠮᠡᠭᠰᠡᠨ ᠳ᠋ᠦ᠍ᠷ ᠴᠠᠭᠠᠲᠠᠢ ᠲᠠᠢᠽᠢ ᠨᠡᠯᠢᠶᠡᠳ ᠪᠣᠳᠣᠭᠠᠳ ᠮᠦᠰᠢᠶᠡᠵᠦ ᠥᠭᠦᠯᠡᠷᠦᠨ: 《ᠡᠨᠡ ᠬᠣᠳᠣ ᠶ᠋ᠢᠨ ᠦᠭᠡ ᠮᠥᠨ᠂ ᠪᠢ ᠡᠭᠦᠨ ᠢ᠋ ᠵᠠᠨᠴᠢᠪᠠᠰᠤ ᠬᠠᠷᠢᠨ ᠪᠢ ᠪᠠᠭ᠎ᠠ ᠪᠣᠯᠬᠤ ᠪᠤᠰᠤ ᠶᠠᠭᠤᠨ ? ᠡᠨᠡ ᠬᠥᠮᠦᠨ ᠦᠨᠡᠨᠴᠢ ᠬᠥᠮᠦᠨ᠂ ᠲᠡᠢᠮᠦ ᠶ᠋ᠢᠨ ᠲᠤᠯᠠ ᠪᠣᠳᠣᠷᠣᠣᠯ ᠪᠢᠴᠢᠭ ᠢ᠋ᠶ᠋ᠡᠨ ᠡᠭᠦᠷᠴᠦ ᠨᠠᠮᠠᠶ᠋ᠢ ᠳᠠᠭᠠᠵᠤ ᠬᠠᠭᠠᠨ ᠳ᠋ᠤᠷ ᠠᠢᠯᠠᠳᠬᠠᠷ᠎ᠠ ᠡᠴᠢᠲᠦᠭᠡᠢ ! 》ᠭᠡᠮᠡᠨ ᠵᠠᠬᠢᠪᠠ᠃ ᠬᠣᠲᠣ ᠠᠷᠭ᠎ᠠ ᠦᠭᠡᠢ ᠬᠠᠰᠠ ᠶ᠋ᠢᠨ ᠮᠢᠬ᠎ᠠ ᠴᠡᠴᠡᠷᠡᠵᠦ ᠵᠣᠪᠠᠯᠠᠩ ᠠ᠋ᠴᠠ ᠬᠡᠯᠲᠦᠷᠢᠵᠦ᠂ ᠮᠠᠯᠠᠭ᠎ᠠ ᠪᠠᠨ ᠠᠪᠴᠤ ᠮᠥᠷᠭᠥᠭᠡᠳ ᠭᠠᠷᠴᠤ ᠢᠷᠡᠮᠡᠭᠴᠡ ᠰᠢᠶᠠ ᠤᠯᠤᠰ ᠤ᠋ᠨ ᠵᠠᠭᠤᠨ ᠲᠦᠰᠢᠮᠡᠳ ᠯᠣᠭᠡ ᠵᠣᠯᠭᠠᠵᠤ ᠤᠷᠲᠤ ᠰᠡᠭᠦᠷᠡᠰᠦᠨ ᠠᠯᠳᠠᠵᠤ᠂ ᠲᠡᠭᠷᠢ ᠳ᠋ᠦ᠍ᠷ ᠨᠠᠮᠠᠨᠴᠢᠯᠠᠨ ᠥᠭᠦᠯᠡᠷᠦᠨ:《 ᠶᠠᠭᠤᠲᠠᠢ ᠰᠦᠷᠡᠬᠡᠢ᠂ ᠶᠠᠭᠤᠲᠠᠢ ᠠᠶᠤᠯᠲᠠᠢ ! ᠡᠨᠡ ᠲᠠᠢᠽᠢ ᠶᠠᠭᠤᠲᠠᠢ ᠡᠨᠡ ᠮᠡᠲᠦ ᠬᠢᠯᠢᠩ ᠲᠡᠢ ᠪᠣᠢ ! 》 ᠬᠡᠮᠡᠭᠰᠡᠨ ᠳ᠋ᠦ᠍ᠷ ᠰᠢᠶᠠ ᠤᠯᠤᠰ ᠤ᠋ᠨ ᠵᠠᠨᠴᠢᠭᠳᠠᠭᠰᠠᠨ ᠲᠦᠰᠢᠮᠡᠳ ᠢᠨᠢᠶᠡᠯᠴᠡᠨ ᠥᠭᠦᠯᠡᠷᠦᠨ : 《ᠮᠠᠨ ᠤ᠋ ᠡᠨᠡ ᠹᠦ ᠮᠠ᠋ ᠲᠠᠢᠽᠢ ᠬᠡᠳᠦᠢ ᠬᠢᠯᠢᠩ ᠲᠡᠢ ᠪᠣᠯᠪᠠᠴᠤ ᠬᠣᠣᠷ ᠦᠭᠡᠢ ᠪᠣᠯᠠᠢ᠂ ᠲᠡᠷᠡ ᠡᠳᠦᠷ ᠮᠠᠨ ᠤ᠋ ᠵᠠᠭᠤᠨ ᠲᠦᠰᠢᠮᠡᠳ ᠢ᠋ ᠵᠠᠨᠴᠢᠬᠤᠢ ᠳ᠋ᠤᠷ ᠲᠠᠪᠤ ᠲᠠᠪᠤ ᠪᠠᠷ ᠬᠡᠪᠲᠡᠭᠦᠯᠦᠨ ᠰᠢᠳᠠᠮᠯᠠᠬᠤᠢ ᠳ᠋ᠤᠷ ᠲᠡᠷᠡ ᠳᠠᠭᠤᠨ ᠨᠠᠷᠢᠨ ᠪᠦᠳᠦᠭᠦᠨ ᠬᠠᠲᠠᠭᠤ ᠰᠤᠯᠠ ᠵᠠᠭᠤᠨ ᠵᠦᠢᠯ ᠦ᠋ᠨ ᠳᠠᠭᠤᠨ ᠭᠠᠷᠴᠤᠬᠤᠢ᠃ ᠲᠡᠷᠡ ᠮᠥᠨ ᠦᠭᠡ ᠪᠡᠷ ᠢ᠋ᠶ᠋ᠡᠨ ᠵᠠᠭᠤᠨ ᠲᠦᠰᠢᠮᠡᠳ ᠡᠴᠡ ᠠᠰᠠᠭᠤᠷᠤᠨ: 《ᠲᠠᠨ ᠤ᠋ ᠰᠢᠶᠠ ᠤᠯᠤᠰ ᠪᠠᠢᠭᠤᠯᠤᠭᠰᠠᠭᠠᠷ ᠵᠠᠭᠤᠨ ᠵᠢᠯ ᠰᠢᠬᠠᠮ ᠪᠣᠯᠲᠠᠯ᠎ᠠ ᠡᠨᠡ ᠮᠡᠲᠦ ᠵᠠᠨᠴᠢᠭᠰᠠᠨ ᠬᠡᠷᠡᠭ ᠭᠠᠷᠪᠠ ᠤᠤ ? ᠬᠡᠮᠡᠮᠦᠢ᠂ ᠡᠨᠡ ᠶᠠᠮᠪᠠᠷ ᠬᠢᠷᠢᠲᠡᠢ ᠢᠨᠢᠶᠡᠯᠲᠡᠢ ᠪᠣᠢ ! 》ᠭᠡᠮᠡᠨ ᠬᠡᠯᠡᠯᠴᠡᠵᠦ᠂ ᠴᠠᠭᠠᠲᠠᠢ ᠠ᠋ᠴᠠ ᠠᠶᠤᠬᠤ ᠠᠨᠤ ᠥᠪᠡᠷ ᠦ᠋ᠨ ᠡᠵᠡᠨ ᠡᠴᠡ ᠪᠡᠨ ᠢᠯᠡᠭᠦᠦ᠂ ᠵᠠᠭᠤᠨ ᠲᠦᠰᠢᠮᠡᠳ ᠦ᠋ᠨ ᠥᠷᠯᠥᠭᠡ ᠪᠦᠷᠢ ᠶᠠᠮᠤᠯᠠᠬᠤ ᠠᠨᠤ ᠤᠷᠢᠳᠠ ᠠ᠋ᠴᠠ ᠮᠠᠰᠢ ᠡᠷᠲᠡ ᠪᠥᠭᠡᠳ ᠬᠣᠭᠣᠷᠣᠨᠳᠣ ᠶ᠋ᠢᠨ ᠵᠠᠭᠤᠨ ᠵᠦᠢᠯ ᠦ᠋ᠨ ᠬᠡᠷᠡᠭ ᠮᠠᠰᠢ ᠬᠢᠴᠢᠶᠡᠩᠭᠦᠢ᠂ ᠭᠡᠨᠡᠳᠲᠡ ᠨᠢᠭᠡᠨ ᠬᠣᠶᠠᠷ ᠢ᠋ ᠠᠨᠤ ᠲᠣᠭᠲᠠᠭᠠᠵᠤ᠂ ᠤᠯᠤᠰ ᠤ᠋ᠨ ᠬᠡᠷᠡᠭ ᠢ ᠢᠨᠦ ᠪᠠᠢᠴᠠᠭᠠᠨ ᠠᠰᠠᠭᠤᠬᠤ ᠤᠴᠢᠷ ᠳᠠᠭᠤᠳᠠᠭᠳᠠᠭᠰᠠᠨ ᠲᠦᠰᠢᠮᠡᠳ ᠴᠢᠷᠠᠢ ᠬᠤᠪᠢᠯᠵᠤ ᠴᠡᠴᠡᠷᠡᠨ᠂ ᠪᠦᠬᠦᠯᠢ ᠪᠡᠶ᠎ᠡ ᠳᠠᠭᠵᠢᠵᠤ ᠶᠡᠨᠳᠡᠷ ᠥᠭᠡᠳᠡ ᠭᠠᠷᠬᠤᠢ ᠳ᠋ᠤᠷ ᠤᠨᠠᠵᠤ ᠲᠤᠰᠤᠯᠴᠠᠮᠤᠢ᠃
ᠲᠡᠳᠦᠢ ᠴᠠᠭᠠᠲᠠᠢ ᠬᠣᠶᠠᠷ ᠰᠢᠶᠠ ᠤᠯᠤᠰ ᠤ᠋ᠨ ᠬᠡᠷᠡᠭ ᠢ᠋ ᠯᠠᠪᠯᠠᠵᠤ᠂ ᠪᠠᠰᠠ ᠬᠠᠭᠠᠰ ᠴᠡᠷᠢᠭ ᠢ᠋ ᠦᠯᠡᠳᠡᠭᠡᠵᠦ ᠰᠠᠭᠢᠭᠤᠯᠤᠭᠠᠳ ᠤᠯᠤᠰ ᠤ᠋ᠨ ᠵᠦᠭ ᠡᠭᠡᠵᠦ ᠢᠷᠡᠪᠡ᠃ ᠳᠣᠷᠣᠨᠠᠲᠤ ᠰᠢᠶᠠ ᠤᠯᠤᠰ ᠪᠠ ᠬᠠᠭᠤᠴᠢᠨ ᠰᠢᠶᠠ ᠤᠯᠤᠰ ᠤ᠋ᠨ ᠲᠣᠭᠲᠠᠭᠰᠠᠨ ᠤᠴᠢᠷ ᠤ᠋ᠨ ᠪᠣᠳᠣᠷᠣᠣᠯ ᠪᠢᠴᠢᠭ ᠢ᠋ ᠡᠪᠬᠡᠵᠦ ᠠᠢᠯᠠᠳᠬᠠᠭᠰᠠᠨ ᠳ᠋ᠤᠷ ᠬᠠᠭᠠᠨ ᠤ᠋ ᠭᠡᠭᠡᠨ ᠦᠵᠡᠭᠰᠡᠭᠡᠷ ᠴᠠᠭᠠᠲᠠᠢ ᠶ᠋ᠢᠨ ᠰᠢᠶᠠ ᠤᠯᠤᠰ ᠤ᠋ᠨ ᠵᠠᠭᠤᠨ ᠲᠦᠰᠢᠮᠡᠳ ᠢ᠋ ᠰᠢᠳᠬᠡᠭᠰᠡᠨ ᠢ᠋ ᠦᠵᠡᠭᠡᠳ ᠮᠥᠰᠢᠶᠡᠳᠦᠨ ᠠᠯᠳᠠᠵᠤ ᠴᠠᠭᠠᠲᠠᠢ ᠶ᠋ᠢᠨ ᠵᠦᠭ ᠵᠠᠷᠯᠢᠭ ᠪᠣᠯᠤᠷᠤᠨ: 《ᠴᠢ ᠭᠤᠴᠢᠨ ᠢ᠋ ᠭᠠᠷᠤᠭᠰᠠᠨ ᠪᠥᠭᠡᠳ ᠶᠠᠭᠤᠨ ᠳ᠋ᠤᠷ ᠪᠠᠭ᠎ᠠ ᠶ᠋ᠢᠨ ᠵᠠᠩ ᠴᠢᠨᠦ ᠠᠭᠰᠠᠭᠠᠷ ᠠᠵᠢ ! 》ᠬᠡᠮᠡᠭᠰᠡᠨ ᠳ᠋ᠦ᠍ᠷ ᠴᠠᠭᠠᠲᠠᠢ ᠳᠣᠷᠣᠨᠠᠲᠤ ᠰᠢᠶᠠ ᠤᠯᠤᠰ ᠤ᠋ᠨ ᠡᠯᠴᠢ ᠶ᠋ᠢ ᠵᠠᠨᠴᠢᠭᠰᠠᠨ ᠦᠭᠡᠢ ᠳ᠋ᠦ᠍ᠷ ᠢ᠋ᠶ᠋ᠡᠨ ᠶᠡᠬᠡᠯ᠎ᠡ ᠪᠠᠶᠠᠷᠯᠠᠵᠤ᠂ ᠲᠡᠷᠡ ᠨᠤᠭᠤᠯᠪᠤᠷᠢ ᠠᠢᠯᠠᠳᠬᠠᠪᠠ᠃ ᠬᠠᠭᠠᠨ ᠦᠵᠡᠭᠡᠳ ᠲᠡᠷᠢᠭᠦᠨ ᠳᠣᠬᠢᠵᠤ ᠬᠠᠭᠤᠯᠤᠨ ᠪᠠᠭᠤᠯᠭᠠᠭᠰᠠᠨ ᠠᠨᠤ : ᠯᠢ ᠽᠦᠨ ᠰᠢᠦᠢ ᠨᠠᠰᠤᠨ ᠪᠠᠭ᠎ᠠ ᠤᠴᠢᠷ ᠢ᠋ ᠤᠬᠠᠬᠤ ᠦᠭᠡᠢ᠂ ᠬᠡᠳᠦᠢ ᠵᠠᠷᠯᠢᠭ ᠠ᠋ᠴᠠ ᠵᠥᠷᠢᠴᠡᠵᠦ ᠴᠡᠷᠢᠭ ᠡᠰᠡ ᠢᠷᠡᠭᠰᠡᠨ ᠪᠣᠯᠪᠠᠴᠤ ᠲᠡᠭᠦᠨ ᠦ᠌ ᠠᠷᠠᠢ ᠤᠷᠪᠠᠵᠤ ᠴᠡᠷᠢᠭ ᠲᠤᠯᠭᠠᠴᠠᠭᠰᠠᠨ ᠶᠠᠪᠤᠳᠠᠯ ᠦᠭᠡᠢ᠂ ᠡᠳᠦᠭᠡ ᠤᠷᠭᠤᠭᠰᠠᠨ ᠪᠣᠯᠪᠠᠴᠤ ᠴᠢᠬᠤᠯᠳᠠᠬᠤᠢ ᠳ᠋ᠤᠷ ᠡᠳᠦᠭᠰᠡᠨ ᠴᠦ᠍ ᠮᠠᠭᠠᠳ ᠦᠭᠡᠢ ᠲᠤᠯᠠ ᠥᠪᠡᠷ ᠢ᠋ᠶ᠋ᠡᠨ ᠶᠠᠯ᠎ᠠ ᠬᠦᠯᠢᠶᠡᠷ᠎ᠡ ᠢᠷᠠᠪᠠᠰᠤ ᠶᠠᠯ᠎ᠠ ᠶ᠋ᠢ ᠬᠡᠯᠲᠦᠷᠢᠭᠦᠯᠵᠦ ᠬᠠᠭᠤᠴᠢᠨ ᠲᠤᠰᠢᠶᠠᠯ ᠳ᠋ᠤᠷ ᠠᠨᠤ ᠠᠬᠤᠭᠤᠯᠵᠤ᠂ ᠮᠠᠨ ᠤ᠋ ᠤᠯᠤᠰ ᠤ᠋ᠨ ᠵᠠᠰᠠᠭ ᠰᠠᠢᠳ ᠡᠴᠢᠵᠦ ᠬᠠᠪᠰᠤᠷᠤᠨ ᠮᠡᠳᠡᠲᠦᠭᠡᠢ᠃ ᠵᠢᠴᠢ ᠫᠦ ᠰᠢᠶᠠᠨ ᠸᠠᠨ ᠨᠥ ᠶ᠋ᠢᠨ ᠨᠤᠭᠤᠯᠪᠤᠷᠢ ᠶ᠋ᠢ ᠠᠪᠴᠤ ᠦᠵᠡᠭᠡᠳ ᠴᠣᠬᠣᠯᠠᠭᠰᠠᠨ ᠠᠨᠤ :《ᠡᠭᠡᠨᠡᠭᠲᠡ ᠤᠯᠤᠰ ᠤ᠋ᠨ ᠨᠡᠷ᠎ᠡ ᠨᠡᠷᠡᠯᠡᠭᠰᠡᠨ ᠢᠨᠤ ᠬᠥᠮᠦᠨ ᠳ᠋ᠦ᠍ᠷ ᠳᠠᠭᠠᠭᠰᠠᠨ ᠶᠣᠰᠣ ᠪᠤᠰᠤ᠂ ᠬᠣᠢᠲᠤ ᠵᠢᠯ ᠡᠷᠬᠡᠪᠰᠢ ᠪᠡᠶ᠎ᠡ ᠪᠡᠷ ᠪᠠᠷᠠᠯᠬᠠᠨ ᠮᠥᠷᠭᠥᠷ᠎ᠡ ᠢᠷᠡᠵᠦ ᠮᠢᠨᠦ ᠨᠡᠷᠡᠯᠡᠵᠦ ᠬᠠᠢᠷᠠᠯᠠᠬᠤ ᠶ᠋ᠢ ᠬᠦᠯᠢᠶᠡ᠂ ᠴᠡᠷᠢᠭ ᠢ᠋ᠶ᠋ᠡᠷ ᠳᠠᠢᠯᠠᠬᠤ ᠶ᠋ᠢ ᠲᠦᠷ ᠵᠣᠭᠰᠣ᠂ ᠲᠠᠢᠽᠢ ᠴᠠᠭᠠᠲᠠᠢ ᠡᠨᠡ ᠬᠣᠶᠠᠷ ᠲᠤᠷ ᠪᠦᠲᠦᠭᠡᠮᠵᠢ ᠲᠡᠢ ᠮᠡᠲᠦ ᠲᠤᠯᠠ ᠵᠢᠭᠰᠠᠭᠠᠯ ᠳ᠋ᠤᠷ ᠰᠢᠷ᠎ᠠ ᠳᠠᠯᠪᠠᠭ᠎ᠠ ᠱᠠᠩᠨᠠ ! 》ᠭᠡᠮᠡᠨ ᠪᠠᠭᠤᠵᠤ ᠢᠷᠡᠭᠰᠡᠨ ᠳ᠋ᠦ᠍ᠷ ᠴᠠᠭᠠᠲᠠᠢ ᠬᠡᠰᠢᠭ ᠲᠣᠷ ᠮᠥᠷᠭᠥᠵᠦ ᠭᠠᠷᠴᠤ ᠢᠷᠡᠭᠡᠳ ᠳᠣᠷᠣᠨᠠᠲᠤ ᠰᠢᠶᠠ ᠶ᠋ᠢᠨ ᠶᠤᠸᠠᠨᠱᠤᠸᠠᠢ ᠬᠣᠲᠣ ᠶ᠋ᠢ ᠳᠠᠭᠤᠳᠠᠵᠤ ᠬᠠᠭᠠᠨ ᠤ᠋ ᠵᠠᠷᠯᠢᠭ ᠢ᠋ ᠬᠡᠯᠡᠵᠦ᠂ ᠪᠠᠰᠠ ᠱᠠᠩ ᠥᠭᠴᠦ ᠥᠭᠦᠯᠡᠷᠦᠨ : 《ᠪᠢ ᠴᠢᠮᠠᠶ᠋ᠢ ᠡᠰᠡ ᠵᠠᠨᠴᠢᠭᠰᠠᠨ ᠠᠨᠤ ᠵᠣᠬᠢᠴᠠᠵᠤᠬᠤᠢ᠂ ᠡᠨᠡ ᠴᠢᠨᠦ ᠰᠠᠨᠠᠭᠤᠯᠤᠭᠰᠠᠨ ᠤ᠋ ᠰᠠᠢᠨ ! 》ᠬᠡᠮᠡᠭᠰᠡᠨ ᠳ᠋ᠦ᠍ᠷ ᠬᠣᠲᠣ ᠮᠥᠷᠭᠥᠵᠦ ᠬᠠᠭᠠᠨ ᠤ᠋ ᠵᠠᠷᠯᠢᠭ ᠢ᠋ ᠡᠭᠦᠷᠴᠦ ᠡᠭᠡᠪᠡ᠃
ᠡᠭᠦᠨ ᠢ᠋ ᠲᠦᠷ ᠵᠣᠭᠰᠣᠵᠤ ᠣᠳᠣ ᠬᠠᠵᠤᠰᠢᠯ ᠬᠢᠳᠠᠨ ᠤᠯᠤᠰ ᠲᠤᠷ ᠡᠴᠢᠭᠰᠡᠨ ᠢ᠋ ᠬᠡᠯᠡᠬᠦ ᠢᠨᠦ : ᠲᠡᠳᠦᠢ ᠬᠠᠵᠤᠰᠢᠯ ᠬᠠᠭᠠᠨ ᠤ᠋ ᠵᠠᠷᠯᠢᠭ ᠢ᠋ᠶ᠋ᠠᠷ ᠶᠡᠬᠡ ᠴᠡᠷᠢᠭ ᠢ ᠠᠪᠴᠤ ᠮᠤᠨᠢ ᠠᠭᠤᠯᠠᠨ ᠤ᠋ ᠬᠢᠳᠠᠨ ᠤᠯᠤᠰ ᠤ᠋ᠨ ᠯᠦ᠍ ᠭᠧ ᠶ᠋ᠢ ᠳᠠᠢᠯᠠᠷ᠎ᠠ ᠡᠴᠢᠬᠦᠢ ᠳ᠋ᠦ᠍ᠷ ᠵᠠᠮ ᠠᠨᠤ ᠰᠣᠯᠣᠩᠭ᠎ᠠ ᠤᠯᠤᠰ ᠢ᠋ᠶ᠋ᠠᠷ ᠳᠠᠭᠠᠷᠢᠨ ᠭᠠᠷᠬᠤᠢ ᠳ᠋ᠤᠷ ᠬᠠᠭᠠᠨ ᠤ᠋ ᠢᠯᠪᠢᠬᠦ ᠵᠠᠷᠯᠢᠭ ᠢ᠋ ᠤᠷᠢᠳᠠ ᠳᠣᠪᠲᠣᠯᠭᠠᠨ ᠢᠯᠡᠭᠡᠭᠰᠡᠨ᠎ᠡ᠂ ᠰᠣᠯᠣᠩᠭᠣᠰ ᠤ᠋ᠨ ᠸᠠᠩ ᠴᠧ ᠸᠠᠩ ᠶᠠᠭᠠᠷᠠᠨ ᠬᠠᠭᠠᠨ ᠤ᠋ ᠵᠠᠷᠯᠢᠭ ᠪᠠ ᠱᠠᠩ ᠢ᠋ ᠬᠦᠵᠢᠰ ᠦ᠋ᠨ ᠰᠢᠷᠡᠭᠡ ᠪᠡᠯᠡᠳᠴᠦ ᠮᠥᠷᠭᠥᠨ ᠤᠭᠲᠤᠵᠤ ᠠᠪᠤᠭᠠᠳ ᠶᠠᠭᠠᠷᠠᠨ ᠶᠡᠬᠡ ᠶᠤᠸᠠᠨᠱᠤᠸᠠᠢ ᠾᠦᠩ ᠳᠧ ᠰᠢᠦᠸᠠᠨ ᠳ᠋ᠤᠷ ᠳᠥᠴᠢᠨ ᠲᠦᠮᠡᠨ ᠴᠡᠷᠢᠭ ᠥᠭᠴᠦ ᠬᠠᠵᠤᠰᠢᠯ ᠢ᠋ ᠤᠭᠲᠤᠭᠤᠯᠤᠨ ᠬᠤᠷᠢᠮ ᠪᠠᠷᠢᠭᠤᠯᠵᠤ ᠵᠠᠷᠯᠢᠭ ᠢ᠋ ᠳᠠᠭᠠᠵᠤ ᠴᠡᠷᠢᠭ ᠲᠦ᠍ᠷ ᠬᠠᠪᠰᠤᠷᠤᠨ ᠮᠣᠷᠳᠠᠬᠤ ᠶ᠋ᠢ ᠮᠡᠳᠡᠭᠦᠯ ᠭᠡᠮᠡᠨ ᠢᠯᠡᠭᠡᠭᠰᠡᠨ ᠳ᠋ᠦ᠍ᠷ ᠾᠦᠩ ᠳᠧ ᠰᠢᠦᠸᠠᠨ ᠶᠡᠬᠡᠯ᠎ᠡ ᠪᠠᠶᠠᠷᠯᠠᠨ᠂ ᠶᠠᠭᠠᠷᠠᠨ ᠥᠪᠡᠷ ᠦ᠋ᠨ ᠪᠡᠶ᠎ᠡ ᠪᠡᠷ ᠤᠷᠤᠭᠰᠢᠯᠠᠨ ᠶᠡᠬᠡ ᠮᠥᠷᠡᠨ ᠦ᠌ ᠵᠠᠬ᠎ᠠ ᠳ᠋ᠤᠷ ᠶᠡᠬᠡ ᠬᠦᠷᠢᠶ᠎ᠡ ᠪᠠᠢᠭᠤᠯᠵᠤ᠂ ᠮᠣᠩᠭᠣᠯ ᠤ᠋ᠨ ᠶᠤᠸᠠᠨᠱᠤᠸᠠᠢ ᠬᠠᠵᠤᠰᠢᠯ ᠬᠦᠷᠴᠦ ᠢᠷᠡᠬᠦᠢ ᠳ᠋ᠦ᠍ᠷ ᠵᠠᠮ ᠤ᠋ᠨ ᠬᠠᠵᠠᠭᠤᠳᠠ ᠰᠥᠭᠥᠳᠴᠦ ᠠᠷᠢᠬᠢ ᠪᠠᠷᠢᠨ ᠤᠭᠲᠤᠵᠤ᠂ ᠬᠠᠭᠠᠨ ᠤ᠋ ᠡᠯᠴᠢ ᠳ᠋ᠦ᠍ᠷ ᠶᠣᠰᠣᠯᠠᠨ ᠲᠡᠭᠦᠰᠦᠭᠰᠡᠨ ᠬᠣᠢᠨ᠎ᠠ᠂ ᠬᠠᠵᠤᠰᠢᠯ ᠲᠠᠢ ᠰᠠᠶᠢ ᠥᠪᠡᠷ ᠦ᠋ᠨ ᠨᠠᠢᠷ ᠢ᠋ᠶ᠋ᠠᠨ ᠭᠦᠢᠴᠡᠳᠬᠡᠨ ᠬᠠᠮᠲᠤ ᠶᠡᠬᠡᠯ᠎ᠡ ᠪᠠᠶᠠᠰᠤᠯᠴᠠᠨ ᠬᠤᠷᠢᠮᠯᠠᠵᠤ ᠬᠠᠵᠤᠰᠢᠯ᠂ ᠾᠦᠩ ᠳᠧ ᠰᠢᠦᠸᠠᠨ ᠠ᠋ᠴᠠ ᠴᠢ ᠶᠠᠭᠠᠬᠢᠨ ᠮᠠᠨ ᠤ᠋ ᠤᠯᠤᠰ ᠤ᠋ᠨ ᠮᠠᠭᠠᠳ ᠦᠨᠡᠨ ᠲᠡᠭᠷᠢ ᠶ᠋ᠢᠨ ᠬᠥᠪᠡᠭᠦᠨ ᠢ᠋ ᠮᠡᠳᠡᠪᠡ ? ᠬᠡᠮᠡᠭᠰᠡᠨ ᠳ᠋ᠦ᠍ᠷ ᠾᠦᠩ ᠳᠧ ᠰᠢᠦᠸᠠᠨ ᠥᠴᠢᠷᠦᠨ :《ᠶᠡᠬᠡ ᠮᠣᠩᠭᠣᠯ ᠤᠯᠤᠰ ᠲᠤᠷ ᠲᠡᠭᠷᠢ ᠶ᠋ᠢᠨ ᠬᠥᠪᠡᠭᠦᠨ ᠭᠠᠷᠬᠤ ᠶ᠋ᠢ ᠪᠢᠳᠡ ᠭᠠᠭᠴᠠᠭᠠᠷ ᠮᠡᠳᠡᠭᠰᠡᠨ ᠪᠤᠰᠤ᠂ ᠰᠥᠩ᠂ ᠯᠢᠶᠣᠣ ᠴᠥᠮ ᠮᠡᠳᠡᠭᠰᠡᠨ ᠪᠣᠯᠠᠢ᠂ ᠬᠠᠭᠠᠨ ᠤ᠋ ᠰᠡᠭᠦᠳᠡᠷ ᠡᠨᠡ ᠵᠢᠯ ᠰᠠᠶᠢ ᠲᠠᠪᠢᠨ ᠳᠣᠯᠣᠭᠠᠨ ᠪᠥᠭᠡᠲᠡᠯ᠎ᠡ ᠡᠨᠡ ᠬᠠᠭᠠᠨ ᠤ᠋ ᠣᠳᠣᠨ ᠬᠣᠶᠠᠷ ᠵᠠᠭᠤᠨ ᠣᠨ ᠤ᠋ ᠤᠷᠢᠳ ᠳᠠᠷᠤᠢ ᠭᠠᠷᠴᠤ ᠰᠥᠩ ᠤᠯᠤᠰ᠂ ᠠᠯᠲᠠᠨ ᠤᠯᠤᠰ᠂ ᠯᠢᠶᠣᠣ ᠤᠯᠤᠰ ᠤ᠋ᠨ ᠮᠠᠲᠠᠯ ᠪᠣᠢ ᠲᠦᠰᠢᠮᠡᠳ ᠴᠥᠮ ᠲᠡᠮᠳᠡᠭᠯᠡᠨ ᠲᠠᠯᠪᠢᠭᠰᠠᠨ ᠪᠣᠢ᠃ ᠶᠠᠭᠤᠨ ᠳ᠋ᠤᠷ ᠮᠥᠨ ᠮᠣᠩᠭᠣᠯ ᠢ᠋ ᠡᠰᠡ ᠮᠡᠳᠡᠬᠦ ᠪᠣᠢ ? 》ᠬᠠᠵᠤᠰᠢᠯ ᠠᠰᠠᠭᠤᠷᠤᠨ : 《ᠨᠡᠩ ᠲᠡᠢᠮᠦ ᠪᠣᠯᠪᠠᠰᠤ ᠲᠡᠭᠦᠨ ᠦ᠌ ᠳᠣᠲᠣᠷ᠎ᠠ ᠮᠠᠨ ᠤ᠋ ᠬᠠᠭᠠᠨ ᠳ᠋ᠤᠷ ᠲᠣᠬᠢᠶᠠᠯᠳᠤᠬᠤ ᠶᠠᠮᠪᠠᠷ ᠭᠡᠷᠡᠴᠢ ᠪᠣᠢ ? 》ᠾᠦᠩ ᠳᠧ ᠰᠢᠦᠸᠠᠨ ᠥᠭᠦᠯᠡᠷᠦᠨ: 《ᠲᠡᠭᠷᠢ ᠶ᠋ᠢ ᠠᠷᠪᠠᠨ ᠨᠠᠢ᠍ᠮᠠᠨ ᠮᠣᠵᠢ ᠪᠠᠷ ᠬᠤᠪᠢᠶᠠᠵᠤ᠂ ᠳᠥᠷᠪᠡᠨ ᠵᠣᠪᠬᠢᠰ ᠨᠠᠢ᠍ᠮᠠᠨ ᠥᠨᠴᠥᠭ ᠢ᠋ᠶ᠋ᠡᠷ ᠰᠠᠯᠭᠠᠨ ᠲᠣᠭᠲᠠᠭᠠᠬᠤ ᠣᠴᠢᠷ᠎ᠠ᠂ ᠨᠡᠩ ᠪᠠᠰᠠ ᠮᠥᠨ ᠮᠣᠩᠭᠣᠯ ᠤ᠋ᠨ ᠬᠠᠭᠠᠨ ᠳ᠋ᠤᠷ ᠲᠣᠬᠢᠶᠠᠯᠳᠤᠬᠤ ᠠᠨᠤ ᠨᠢᠳᠦᠨ ᠦ᠌ ᠦᠵᠡᠭᠳᠡᠯ ᠢᠯᠡᠷᠬᠡᠢ ᠪᠣᠢ᠃ ᠬᠠᠭᠠᠨ ᠤ᠋ ᠪᠡᠶ᠎ᠡ ᠴᠡᠷᠢᠭ ᠪᠠᠢᠭᠤᠯᠤᠭᠰᠠᠨ ᠠ᠋ᠴᠠ ᠡᠳᠦᠭᠡ ᠬᠦᠷᠲᠡᠯ᠎ᠡ ᠶᠠᠪᠤᠭᠰᠠᠨ ᠲᠡᠳᠡᠭᠡᠷ ᠶᠠᠪᠤᠳᠠᠯ ᠢ᠋ᠶ᠋ᠠᠷ ᠦᠵᠡᠪᠡᠰᠦ ᠨᠢᠭᠡᠨ ᠴᠢᠩᠭᠢᠰ ᠬᠠᠭᠠᠨ ᠢ᠋ ᠪᠠᠢᠲᠤᠭᠠᠢ᠂ ᠬᠡᠳᠦᠨ ᠵᠠᠭᠤᠨ ᠴᠢᠩᠭᠢᠰ ᠬᠠᠭᠠᠨ ᠪᠣᠯᠪᠠᠴᠤ ᠲᠡᠳᠦᠢᠴᠢᠨᠡᠭᠡᠨ ᠳᠠᠢᠰᠤᠨ ᠳ᠋ᠤᠷ ᠮᠥᠨ ᠦᠬᠦᠵᠦ ᠪᠠᠷᠠᠭᠰᠠᠨ ᠪᠣᠯᠠᠢ᠃ ᠶᠠᠭᠠᠬᠢᠨ ᠡᠨᠡ ᠮᠡᠲᠦ ᠳᠠᠢᠰᠤᠨ ᠪᠦᠷᠢ ᠳ᠋ᠦ᠍ᠷ ᠪᠡᠶ᠎ᠡ ᠪᠡᠷ ᠶᠠᠪᠤᠬᠤ ᠪᠣᠢ ? 》ᠬᠡᠮᠡᠭᠰᠡᠨ ᠳ᠋ᠦ᠍ᠷ ᠬᠠᠵᠤᠰᠢᠯ : 《ᠲᠠᠨ ᠤ᠋ ᠤᠯᠤᠰ ᠲᠤᠷ ᠮᠡᠳᠡᠯᠲᠡᠨ ᠠᠬᠤ ᠠᠵᠤᠭᠤ ! ᠭᠡᠮᠡᠨ ᠳᠣᠲᠣᠭᠰᠢ ᠣᠷᠣᠬᠤᠢ ᠳ᠋ᠤᠷ ᠬᠣᠶᠠᠳᠤᠭᠠᠷ ᠣᠳᠤᠯᠭᠠᠨ ᠳ᠋ᠤᠷ ᠰᠣᠯᠣᠩᠭ᠎ᠠ ᠶ᠋ᠢᠨ ᠸᠠᠩ ᠪᠠᠰᠠ ᠲᠥᠪ ᠦ᠋ᠨ ᠶᠡᠬᠡ ᠶᠤᠸᠠᠨᠱᠤᠸᠠᠢ ᠵᠣᠣ ᠵᠦᠩ ᠢ᠋ᠶ᠋ᠡᠷ ᠠᠷᠢᠬᠢ ᠪᠠᠷᠢᠭᠤᠯᠤᠨ ᠤᠭᠲᠤᠵᠤ᠂ ᠳᠡᠳ᠋ ᠣᠳᠤᠯᠭ᠎ᠠ ᠶ᠋ᠢᠨ ᠬᠤᠷᠢᠮ ᠪᠠᠷᠢᠵᠤ᠂ ᠭᠤᠷᠪᠠᠳᠤᠭᠠᠷ ᠣᠳᠤᠯᠭᠠᠨ ᠳ᠋ᠤᠷ ᠥᠪᠡᠷ ᠦ᠋ᠨ ᠪᠡᠶ᠎ᠡ ᠪᠡᠷ ᠤᠭᠲᠤᠨ ᠬᠤᠯᠠᠨ ᠠᠭᠤᠯᠠ - ᠾᠧ ᠯᠠᠨ ᠱᠠᠨ ᠤ᠋ ᠣᠷᠣᠢ ᠳ᠋ᠤᠷ ᠭᠡᠷ ᠴᠣᠭᠴᠠᠯᠠᠨ ᠤᠭᠲᠤᠨ ᠵᠣᠯᠭᠠᠵᠤ᠂ ᠬᠠᠷᠢᠯᠴᠠᠨ ᠶᠣᠰᠣᠯᠠᠵᠤ ᠲᠡᠭᠰᠢ ᠰᠠᠭᠤᠳᠠᠯ ᠳ᠋ᠤᠷ ᠰᠠᠭᠤᠨ ᠶᠡᠬᠡ ᠬᠤᠷᠢᠮ ᠬᠤᠷᠢᠮᠯᠠᠬᠤᠢ ᠳ᠋ᠤᠷ ᠰᠣᠯᠣᠩᠭᠣᠰ ᠤ᠋ᠨ ᠸᠠᠩ ᠮᠣᠩᠭᠣᠯ ᠤ᠋ᠨ ᠡᠯᠴᠢ ᠬᠠᠵᠤᠰᠢᠯ ᠢ᠋ ᠦᠵᠡᠬᠦᠯ᠎ᠡ ᠪᠢᠴᠢᠬᠠᠨ ᠴᠤ᠌ ᠶᠠᠭᠠᠷᠠᠨ ᠠᠰᠠᠭᠤᠬᠤ ᠦᠭᠡᠢ ᠪᠥᠭᠡᠳ ᠦᠭᠡ ᠪᠦᠷᠢ ᠤᠯᠤᠰ ᠭᠡᠷ ᠲᠦ᠍ᠷ ᠲᠤᠰᠠᠲᠠᠢ ᠦᠭᠡ ᠶ᠋ᠢ ᠬᠡᠯᠡᠵᠦ᠂ ᠬᠥᠮᠦᠨ ᠦ᠌ ᠰᠡᠳᠬᠢᠯ ᠢ᠋ ᠲᠡᠵᠢᠭᠡᠵᠦ᠂ ᠭᠠᠳᠠᠭᠠᠳᠤ ᠠᠢᠮᠠᠭ ᠢ᠋ ᠬᠠᠮᠠᠭᠠᠯᠠᠬᠤ ᠪᠠᠢᠳᠠᠯ ᠳ᠋ᠤᠷ ᠰᠣᠯᠣᠩᠭᠣᠰ ᠤ᠋ᠨ ᠸᠠᠩ ᠳᠣᠲᠣᠷ᠎ᠠ ᠪᠠᠨ ᠭᠦᠨ᠎ᠡ ᠲᠣᠭᠣᠮᠵᠢᠯᠠᠵᠤ᠂ ᠰᠤᠯᠠ ᠦᠭᠡ ᠳ᠋ᠦ᠍ᠷ ᠬᠡᠯᠡᠯᠴᠡᠨ ᠠᠰᠠᠭᠤᠷᠤᠨ : 《ᠡᠷᠭᠢᠨ ᠦ᠌ ᠶᠡᠬᠡ ᠲᠡᠭᠷᠢ ᠶ᠋ᠢᠨ ᠤᠯᠤᠰ ᠲᠤᠷ ᠡᠷᠭᠢᠨ ᠴᠢᠨᠦ ᠮᠡᠲᠦ ᠰᠠᠢᠳ ᠬᠡᠳᠦ ᠪᠣᠢ ? 》ᠬᠡᠮᠡᠭᠰᠡᠨ ᠳ᠋ᠦ᠍ᠷ ᠬᠠᠵᠤᠰᠢᠯ ᠥᠨᠳᠡᠢᠵᠦ ᠥᠭᠦᠯᠡᠷᠦᠨ : 《ᠮᠠᠨ ᠤ᠋ ᠤᠯᠤᠰ ᠲᠤᠷ ᠮᠢᠨᠦ ᠮᠡᠲᠦ ᠰᠠᠢᠳ ᠬᠡᠭᠡᠷ᠎ᠡ ᠲᠠᠯ᠎ᠠ ᠳ᠋ᠤᠷ ᠳᠦᠭᠦᠷᠡᠩ᠂ ᠨᠠᠳᠠ ᠠ᠋ᠴᠠ ᠠᠷᠪᠠᠨ ᠬᠤᠪᠢ ᠢᠯᠡᠭᠦᠦ ᠰᠠᠢᠳ ᠭᠤᠴᠢᠨ ᠵᠢᠷᠭᠤᠭᠠᠨ ᠪᠣᠢ᠂ ᠵᠢᠴᠢ ᠶᠡᠬᠡ ᠮᠡᠳᠡᠯᠲᠦ ᠪᠢᠴᠢᠭ ᠴᠡᠷᠢᠭ ᠦ᠋ᠨ ᠰᠠᠢᠳ ᠶᠢᠰᠦᠨ ᠡᠩ ᠳᠦᠭᠦᠷᠡᠩ᠂ ᠸᠠᠩ ᠶᠠᠭᠤᠨ ᠳ᠋ᠤᠷ ᠨᠠᠮᠠᠶ᠋ᠢ ᠲᠣᠭᠠᠴᠠᠮᠤᠢ ?》ᠬᠡᠮᠡᠪᠡ᠃
ᠲᠡᠳᠦᠢ ᠰᠣᠯᠣᠩᠭ᠎ᠠ ᠶ᠋ᠢᠨ ᠸᠠᠩ ᠶᠡᠬᠡᠯ᠎ᠡ ᠭᠠᠢᠬᠠᠵᠤ ᠳᠠᠷᠤᠢ ᠵᠣᠣ ᠵᠦᠩ᠂ ᠾᠦᠩ ᠳᠧ ᠰᠢᠦᠸᠠᠨ ᠬᠣᠶᠠᠭᠤᠯᠠ ᠳ᠋ᠤᠷ ᠲᠦᠮᠡᠨ ᠴᠡᠷᠢᠭ ᠥᠭᠴᠦ ᠬᠠᠵᠤᠰᠢᠯ ᠤ᠋ᠨ ᠴᠡᠷᠢᠭ ᠯᠤᠭ᠎ᠠ ᠬᠢᠳᠠᠨ ᠤᠯᠤᠰ ᠢ᠋ ᠳᠠᠢᠯᠠᠷ᠎ᠠ ᠡᠴᠢᠪᠡ᠃ ᠡᠨᠡ ᠮᠡᠳᠡᠭᠡ ᠶ᠋ᠢ ᠬᠢᠳᠠᠨ ᠤᠯᠤᠰ ᠤ᠋ᠨ ᠡᠵᠡᠨ ᠯᠦ᠍ ᠭᠧ ᠬᠡᠳᠦᠢᠨᠡᠢ ᠰᠣᠨᠣᠰᠴᠤ ᠶᠢᠰᠦᠨ ᠲᠦᠮᠡᠨ ᠢᠯᠡᠭᠦᠦ ᠴᠡᠷᠢᠭ ᠢ᠋ᠶ᠋ᠡᠨ ᠠᠪᠴᠤ ᠪᠤᠷᠤᠭᠤᠯᠠᠨ᠂ ᠰᠣᠯᠣᠩᠭᠣᠰ ᠤᠯᠤᠰ ᠤ᠋ᠨ ᠬᠠᠷᠢᠶᠠᠲᠤ ᠭᠠᠵᠠᠷ ᠵᠢᠶᠠᠩ ᠳ᠋ᠦᠩ ᠴᠧᠩ ᠬᠣᠲᠠᠨ ᠢ ᠪᠤᠯᠢᠶᠠᠨ ᠡᠵᠡᠯᠡᠵᠦ ᠰᠠᠭᠤᠭᠰᠠᠨ ᠠᠵᠤᠭᠤ᠃ ᠲᠡᠳᠦᠢ ᠮᠣᠩᠭᠣᠯ᠂ ᠰᠣᠯᠣᠩᠭᠣᠰ ᠬᠣᠶᠠᠷ ᠤᠯᠤᠰ ᠤ᠋ᠨ ᠴᠡᠷᠢᠭ ᠠᠭᠤᠯᠠ ᠲᠠᠯ᠎ᠠ ᠶ᠋ᠢ ᠪᠦᠷᠬᠦᠵᠦ ᠭᠡᠷᠡᠯ ᠭᠢᠯᠪᠠᠨ ᠨᠠᠷᠠᠨ ᠰᠠᠷᠠᠨ ᠢ᠋ ᠬᠠᠯᠬᠠᠯᠠᠨ ᠳᠠᠯᠠᠢ ᠴᠠᠯᠭᠢᠯᠠᠬᠤ ᠮᠡᠲᠦ ᠢᠷᠡᠵᠦ ᠵᠢᠶᠠᠩ ᠳ᠋ᠦᠩ ᠴᠧᠩ ᠬᠣᠲᠠᠨ ᠢ᠋ ᠲᠠᠪᠤᠨ ᠳᠠᠪᠬᠤᠷ ᠲᠥᠭᠥᠷᠢᠭᠯᠡᠨ ᠬᠠᠭᠠᠪᠠ᠃ ᠲᠡᠳᠦᠢ ᠬᠠᠵᠤᠰᠢᠯ ᠲᠦᠷ ᠪᠠᠢᠯᠳᠤᠬᠤ ᠦᠭᠡᠢ ᠮᠣᠷᠢ ᠤᠨᠤᠨ ᠭᠠᠷᠴᠤ ᠳᠥᠷᠪᠡᠨ ᠵᠦᠭ ᠢ ᠲᠣᠭᠣᠷᠢᠨ ᠭᠠᠵᠠᠷ ᠤ᠋ᠨ ᠪᠠᠢᠳᠠᠯ ᠢ᠋ ᠦᠵᠡᠭᠡᠳ ᠡᠭᠡᠨ ᠢᠷᠡᠵᠦ᠂ ᠰᠣᠯᠣᠩᠭᠣᠰ ᠤ᠋ᠨ ᠵᠣᠣ ᠵᠦᠩ᠂ ᠾᠦᠩ ᠳᠧ ᠰᠢᠦᠸᠠᠨ ᠬᠣᠶᠠᠭᠤᠯᠠ ᠠ᠋ᠴᠠ ᠠᠰᠠᠭᠤᠷᠤᠨ:《ᠬᠣᠶᠠᠷ ᠵᠠᠩᠵᠤᠨ ᠡᠨᠡ ᠬᠣᠲᠠ ᠶ᠋ᠢ ᠠᠪᠬᠤ ᠠᠷᠭ᠎ᠠ ᠶ᠋ᠢ ᠣᠯᠪᠠ ᠤᠤ ? 》ᠲᠡᠷᠡ ᠬᠣᠶᠠᠷ ᠥᠭᠦᠯᠡᠷᠦᠨ :《ᠪᠢᠳᠡ ᠪᠠᠰᠠ ᠭᠠᠢᠬᠠᠨ ᠪᠣᠳᠣᠵᠤ ᠣᠯᠬᠤ ᠦᠭᠡᠢ ᠪᠣᠢ ! 》ᠬᠡᠮᠡᠭᠰᠡᠨ ᠳ᠋ᠦ᠍ᠷ ᠬᠠᠵᠤᠰᠢᠯ ᠥᠭᠦᠯᠡᠷᠦᠨ : 《ᠡᠨᠡ ᠬᠣᠲᠠᠨ ᠢ᠋ ᠠᠪᠬᠤ ᠳ᠋ᠤᠷ ᠨᠢᠭᠡᠨ ᠴᠡᠷᠢᠭ ᠬᠣᠣᠰ ᠬᠤᠶᠠᠭ ᠬᠣᠬᠢᠷᠠᠯ ᠦᠭᠡᠢ ᠨᠢᠭᠡᠨ ᠵᠠᠮ ᠪᠣᠢ᠃ ᠬᠣᠶᠠᠷ ᠵᠠᠩᠵᠤᠨ ᠮᠢᠨᠦ ᠣᠯᠬᠤ ᠶ᠋ᠢ ᠦᠵᠡ ! 》 ᠭᠡᠮᠡᠨ ᠳᠠᠷᠤᠢ ᠬᠡᠩᠭᠡᠷᠭᠡ ᠴᠣᠬᠢᠵᠤ ᠬᠣᠲᠠᠨ ᠢ᠋ ᠲᠣᠭᠣᠷᠢᠨ ᠲᠠᠪᠤᠨ ᠭᠠᠵᠠᠷ ᠤ᠋ᠨ ᠵᠠᠪᠰᠠᠷ ᠭᠠᠷᠬᠤ ᠶᠡᠬᠡ ᠤᠨᠠᠭᠤᠯᠢ ᠤᠬᠤᠭᠤᠯᠪᠠ᠃ ᠬᠠᠵᠤᠰᠢᠯ ᠲᠡᠷᠢᠭᠦᠯᠡᠨ ᠬᠦᠷᠵᠡ ᠰᠦᠬᠡ ᠪᠠᠷᠢᠭᠰᠠᠨ ᠴᠡᠷᠢᠭ ᠢ᠋ᠶ᠋ᠡᠷ ᠤᠬᠤᠭᠤᠯᠤᠭᠰᠠᠭᠠᠷ ᠬᠠᠭᠠᠰ ᠰᠠᠷ᠎ᠠ ᠪᠣᠯᠤᠭᠰᠠᠨ ᠦᠭᠡᠢ ᠶᠡᠬᠡ ᠤᠨᠠᠭᠤᠯᠢ ᠪᠦᠲᠦᠵᠦ᠂ ᠪᠠᠷᠠᠭᠤᠨ ᠬᠣᠢᠲᠤ ᠶᠡᠬᠡ ᠬᠠᠷ᠎ᠠ ᠮᠥᠷᠡᠨ ᠦ᠌ ᠤᠰᠤ ᠶ᠋ᠢ ᠨᠠᠷᠢᠨ ᠤᠨᠠᠭᠤᠯᠢ ᠪᠠᠷ ᠣᠷᠣᠭᠤᠯᠤᠨ ᠠᠪᠴᠤ ᠢᠷᠡᠨ ᠬᠣᠲᠠᠨ ᠤ᠋ ᠵᠦᠭ ᠤᠷᠤᠰᠬᠠᠬᠤᠢ ᠳ᠋ᠤᠷ ᠲᠡᠭᠷᠢ ᠪᠠᠰᠠ ᠡᠮᠦᠨ᠎ᠡ ᠡᠴᠡ ᠬᠡᠳᠦᠨ ᠡᠳᠦᠷ ᠰᠠᠯᠬᠢᠯᠠᠭᠰᠠᠨ ᠢ᠋ᠶ᠋ᠠᠷ ᠮᠥᠷᠡᠨ ᠦ᠌ ᠤᠰᠤ ᠳᠠᠯᠠᠢ ᠳᠠᠪᠠᠯᠭᠠᠯᠠᠨ ᠵᠢᠶᠠᠩ ᠳ᠋ᠦᠩ ᠴᠧᠩ ᠢ᠋ ᠤᠰᠤ ᠪᠠᠷ ᠪᠢᠯᠬᠠᠭᠤᠯᠵᠤ ᠬᠠᠭᠠᠰ ᠰᠠᠷ᠎ᠠ ᠪᠣᠯᠤᠭᠰᠠᠨ ᠦᠭᠡᠢ ᠬᠣᠲᠠᠨ ᠳᠣᠲᠣᠷᠠᠬᠢ ᠴᠡᠷᠢᠭ ᠢᠷᠭᠡᠨ ᠦᠢᠮᠡᠯᠳᠦᠨ ᠨᠡᠩ ᠢᠳᠡᠬᠦ ᠠᠮᠤ ᠦᠭᠡᠢ ᠪᠣᠯᠵᠤ ᠶᠡᠬᠡᠯ᠎ᠡ ᠭᠠᠴᠢᠭᠳᠠᠨ ᠨᠢᠭᠡᠨ ᠡᠳᠦᠷ ᠢ ᠨᠢᠭᠡᠨ ᠣᠨ ᠮᠡᠲᠦ ᠥᠩᠭᠡᠷᠡᠮᠦᠢ᠃ ᠡᠨᠡ ᠮᠥᠷᠡᠨ ᠦ᠌ ᠤᠰᠤᠨ ᠪᠠᠰᠠ ᠰᠣᠨᠢᠨ᠂ ᠲᠡᠭᠷᠢ ᠲᠤᠯᠬᠤ ᠮᠡᠲᠦ ᠬᠣᠲᠠᠨ ᠢ ᠪᠢᠯᠬᠠᠬᠤ ᠠᠨᠤ ᠡᠳᠦᠷ ᠢᠷᠡᠬᠦᠶ᠎ᠡ ᠨᠡᠮᠡᠬᠦᠢ ᠳ᠋ᠦ᠍ᠷ ᠣᠯᠠᠨ ᠴᠡᠷᠢᠭ ᠢᠷᠭᠡᠨ ᠰᠡᠳᠬᠢᠯ ᠬᠤᠪᠢᠰᠴᠤ ᠯᠦ᠍ ᠭᠧ ᠶ᠋ᠢ ᠪᠠᠷᠢᠵᠤ ᠠᠯᠠᠭᠠᠳ ᠲᠣᠯᠣᠭᠠᠢ ᠶ᠋ᠢ ᠠᠪᠴᠤ ᠤᠰᠤ ᠴᠢᠳᠠᠬᠤ ᠠᠷᠠᠳ ᠲᠤᠷ ᠪᠠᠷᠢᠭᠤᠯᠵᠤ ᠢᠷᠡᠵᠦ ᠳᠠᠭᠠᠭᠰᠠᠨ ᠳ᠋ᠤᠷ ᠬᠠᠵᠤᠰᠢᠯ ᠦᠨᠡᠨ ᠢ ᠮᠡᠳᠡᠵᠦ᠂ ᠬᠡᠳᠦᠨ ᠮᠢᠩᠭᠠᠨ ᠤᠰᠤ ᠴᠢᠳᠠᠬᠤ ᠴᠡᠷᠢᠭ ᠢ᠋ ᠬᠣᠲᠠᠨ ᠳ᠋ᠤᠷ ᠣᠷᠣᠭᠤᠯᠵᠤ ᠪᠠᠢᠴᠠᠭᠠᠯᠭᠠᠨ ᠦᠵᠡᠭᠦᠯᠵᠦ ᠰᠠᠶᠢ ᠤᠨᠠᠭᠤᠯᠢ ᠶ᠋ᠢ ᠰᠡᠲᠡᠯᠦᠭᠦᠯᠵᠦ᠂ ᠶᠡᠬᠡ ᠤᠰᠤ ᠶ᠋ᠢ ᠲᠠᠯᠪᠢᠨ ᠭᠠᠷᠭᠠᠵᠤ ᠬᠢᠳᠠᠨ ᠤᠯᠤᠰ ᠤ᠋ᠨ ᠣᠯᠠᠨ ᠢ᠋ ᠳᠠᠭᠠᠭᠤᠯᠤᠨ ᠠᠪᠴᠤ ᠵᠢᠶᠠᠩ ᠳ᠋ᠦᠩ ᠴᠧᠩ ᠬᠣᠲᠠᠨ ᠢ᠋ ᠲᠣᠭᠲᠠᠭᠠᠭᠠᠳ ᠬᠢᠳᠠᠨ ᠤ᠋ ᠣᠯᠠᠨ ᠴᠡᠷᠢᠭ ᠢ᠋ ᠬᠠᠭᠤᠴᠢᠨ ᠭᠠᠵᠠᠷ ᠲᠤᠷ ᠲᠠᠷᠬᠠᠭᠠᠨ ᠰᠠᠭᠤᠯᠭᠠᠵᠤ᠂ ᠰᠣᠯᠣᠩᠭᠣᠰ ᠤᠯᠤᠰ ᠲᠤᠷ ᠢᠷᠡᠵᠦ ᠤᠯᠤᠰ ᠤ᠋ᠨ ᠡᠵᠡᠨ ᠳ᠋ᠦ᠍ᠷ ᠲᠠᠯ᠎ᠠ ᠬᠡᠯᠡᠬᠦᠢ ᠳ᠋ᠦ᠍ᠷ ᠰᠣᠯᠣᠩᠭᠣᠰ ᠤ᠋ᠨ ᠸᠠᠩ ᠶᠡᠬᠡ ᠬᠤᠷᠢᠮ ᠪᠡᠯᠡᠳᠬᠡᠵᠦ ᠬᠦᠨᠳᠦᠳᠡ ᠬᠦᠨᠳᠦᠯᠡᠨ ᠠᠬ᠎ᠠ ᠳᠡᠭᠦᠦ ᠪᠠᠷᠢᠯᠴᠠᠵᠤ᠂ ᠾᠧ ᠯᠠᠨ ᠱᠠᠨ ᠠᠭᠤᠯᠠ ᠶ᠋ᠢᠨ ᠣᠷᠣᠢ ᠳ᠋ᠤᠷ ᠲᠡᠭᠷᠢ ᠭᠠᠵᠠᠷ ᠢ᠋ ᠳᠠᠬᠢᠵᠤ ᠠᠬ᠎ᠠ ᠳᠡᠭᠦᠦ ᠪᠠᠷᠢᠯᠴᠠᠨ᠂ ᠰᠣᠯᠣᠩᠭᠣᠰ ᠤᠯᠤᠰ ᠤ᠋ᠨ ᠵᠢᠯ ᠦ᠋ᠨ ᠠᠯᠪᠠ ᠬᠦᠷᠭᠡᠰᠦᠭᠡᠢ ᠬᠡᠮᠡᠬᠦᠢ ᠳ᠋ᠦ᠍ᠷ ᠬᠠᠵᠤᠰᠢᠯ ᠶᠡᠬᠡᠯ᠎ᠡ ᠪᠠᠶᠠᠷᠯᠠᠵᠤ ᠥᠭᠦᠯᠡᠷᠦᠨ: 《ᠲᠠᠨ ᠳ᠋ᠤᠷ ᠯᠠᠪ ᠲᠡᠭᠷᠢ ᠶ᠋ᠢᠨ ᠤᠳᠬ᠎ᠠ ᠶ᠋ᠢ ᠲᠥᠰᠦᠭᠡᠯᠡᠬᠦ ᠤᠬᠠᠭᠠᠨ ᠪᠣᠢ᠂ ᠮᠠᠨ ᠤ᠋ ᠡᠵᠡᠨ ᠴᠢᠩᠭᠢᠰ ᠬᠠᠭᠠᠨ ᠬᠡᠮᠡᠭᠴᠢ ᠶᠡᠷᠦ ᠡᠭᠡᠯ ᠬᠥᠮᠦᠨ ᠪᠤᠰᠤ᠂ ᠲᠠᠢᠬᠡᠦ ᠮᠡᠨᠳᠦᠯᠡᠬᠦ ᠦᠶ᠎ᠡ ᠳ᠋ᠦ᠍ᠷ ᠴᠠᠭᠠᠨ ᠭᠡᠷᠡᠯᠲᠦ ᠠᠯᠲᠠᠨ ᠥᠩᠭᠡᠲᠦ ᠲᠡᠭᠷᠢ ᠶ᠋ᠢ ᠵᠡᠭᠦᠳᠦᠯᠡᠵᠦ ᠡᠨᠡ ᠬᠠᠭᠠᠨ ᠢ᠋ ᠲᠥᠷᠥᠭᠰᠡᠨ ᠪᠥᠯᠥᠭᠡ᠃ ᠬᠣᠢᠨ᠎ᠠ ᠵᠦᠢᠯ ᠵᠦᠢᠯ ᠦ᠋ᠨ ᠲᠡᠭᠷᠢ ᠶ᠋ᠢᠨ ᠪᠡᠯᠭᠡ ᠶ᠋ᠢ ᠦᠵᠡᠭᠰᠡᠨ ᠢ᠋ ᠬᠡᠯᠡᠪᠡᠴᠦ ᠣᠯᠵᠤ ᠮᠡᠳᠡᠮᠦᠢ᠃ ᠲᠡᠢᠨ ᠬᠦ᠌ ᠠᠮᠠᠨ ᠠ᠋ᠴᠠ ᠭᠠᠷᠤᠭᠰᠠᠨ ᠦᠭᠡ ᠶᠡᠷᠦ ᠬᠣᠭᠣᠰᠣᠨ ᠦᠭᠡᠢ᠃ ᠲᠡᠭᠦᠨ ᠦ᠌ ᠨᠢᠭᠡᠨᠲᠡ ᠪᠠᠶᠠᠷᠯᠠᠬᠤ ᠨᠢᠭᠡᠨᠲᠡ ᠢᠨᠢᠶᠡᠬᠦᠢ ᠳ᠋ᠦ᠍ᠷ ᠲᠡᠭᠷᠢ ᠬᠠᠮᠲᠤ ᠬᠥᠳᠡᠯᠦᠮᠦᠢ᠃ ᠪᠠᠶᠠᠷᠯᠠᠬᠤ ᠬᠢᠯᠢᠩᠯᠡᠬᠦ ᠠᠭᠤᠷᠯᠠᠬᠤᠢ ᠳ᠋ᠤᠷ ᠠᠶᠤᠩᠭ᠎ᠠ ᠴᠠᠬᠢᠯᠭᠠᠨ ᠳᠠᠭᠠᠯᠴᠠᠮᠤᠢ᠃ ᠡᠳᠡᠭᠡᠷ ᠴᠥᠮ ᠨᠢᠳᠦ ᠪᠡᠷ ᠦᠵᠡᠭᠰᠡᠨ ᠬᠡᠷᠡᠭ᠂ ᠡᠳᠦᠭᠡ ᠲᠠᠨ ᠤ᠋ ᠡᠷᠭᠢᠨ ᠤᠯᠤᠰ ᠲᠡᠭᠷᠢ ᠶ᠋ᠢᠨ ᠵᠦᠢ ᠶ᠋ᠢ ᠳᠠᠭᠠᠵᠤ᠂ ᠬᠠᠭᠠᠨ ᠳ᠋ᠤᠷ ᠳᠠᠭᠠᠬᠤ ᠲᠤᠯᠠ ᠪᠢ ᠲᠡᠭᠦᠨ ᠦ᠌ ᠮᠡᠷᠭᠡᠨ ᠢ ᠮᠡᠳᠡᠪᠡ᠃ ᠮᠠᠨ ᠤ᠋ ᠬᠠᠭᠠᠨ ᠤ᠋ ᠴᠢᠬᠢᠨ ᠳ᠋ᠦ᠍ᠷ ᠰᠣᠨᠣᠰᠳᠠᠭᠰᠠᠨ ᠭᠠᠵᠠᠷ ᠳᠠᠷᠤᠢ ᠲᠡᠭᠦᠨ ᠦ᠌ ᠲᠠᠭᠠᠯᠠᠯ ᠳ᠋ᠤᠷ ᠦᠯᠦ ᠨᠡᠢᠴᠡᠭᠦᠨ ᠢ᠋ᠶ᠋ᠡᠷ ᠦᠭᠡᠢ ᠪᠣᠯᠤᠮᠤᠢ᠃ ᠡᠳᠦᠭᠡ ᠲᠠ ᠡᠨᠡ ᠮᠡᠲᠦ ᠲᠤᠯᠠ ᠮᠠᠨ ᠤ᠋ ᠬᠠᠭᠠᠨ ᠣᠨᠴᠠ ᠠᠯᠪᠠ ᠪᠠ ᠡᠳ᠋ ᠦ᠋ᠨ ᠲᠤᠯᠠ ᠪᠤᠰᠤ᠂ ᠣᠨᠴᠠ ᠬᠠᠭᠠᠨ ᠤ᠋ ᠶᠠᠪᠤᠳᠠᠯ ᠳ᠋ᠤᠷ ᠬᠦᠷᠦᠭᠦᠯᠵᠦ᠂ ᠣᠯᠠᠨ ᠢ᠋ ᠪᠢᠰᠢᠷᠡᠭᠦᠯᠬᠦ ᠰᠠᠨᠠᠭᠠᠨ ᠳ᠋ᠤᠷ ᠨᠡᠢᠴᠡᠬᠦ ᠲᠤᠯᠠ ᠲᠠ ᠡᠳᠦᠭᠡ ᠠᠯᠪᠠ ᠪᠠᠷᠢᠵᠤ ᠬᠠᠷᠢᠯᠴᠠᠨ ᠲᠡᠢᠨ ᠳᠠᠢᠰᠤᠨ ᠦᠭᠡᠢ ᠶᠠᠪᠤᠰᠤᠭᠠᠢ ᠬᠡᠮᠡᠬᠦᠯ᠎ᠡ᠂ ᠡᠨᠡ ᠢᠨᠦ ᠲᠠᠨ ᠤ᠋ ᠲᠡᠭᠷᠢ ᠶ᠋ᠢ ᠮᠡᠳᠡᠭᠰᠡᠨ ᠶᠡᠬᠡ ᠦᠢᠯᠡ ᠮᠥᠨ᠃ ᠭᠠᠭᠴᠠ ᠲᠠᠨ ᠤ᠋ ᠭᠠᠵᠠᠷ ᠬᠠᠷᠠᠬᠠᠨ ᠬᠣᠯᠠ᠂ ᠡᠴᠢᠵᠦ ᠢᠷᠡᠬᠦᠢ ᠳ᠋ᠦ᠍ᠷ ᠬᠥᠮᠦᠨ ᠠᠮᠢᠲᠠᠨ ᠠᠰᠤᠷᠤ ᠵᠣᠪᠠᠬᠤ ᠲᠤᠯᠠ ᠣᠨ ᠪᠦᠷᠢ ᠨᠢᠭᠡᠨ ᠲᠦᠰᠢᠮᠡᠯ ᠠᠷᠪᠠᠨ ᠬᠥᠮᠦᠨ ᠢ᠋ᠶ᠋ᠡᠷ ᠠᠯᠪᠠ ᠪᠠᠷᠢᠷ᠎ᠠ ᠡᠴᠢᠲᠦᠭᠡᠢ᠃ ᠡᠢᠮᠦ ᠪᠣᠯᠪᠠᠰᠤ ᠦᠶ᠎ᠡ ᠤᠯᠠᠷᠢᠨ ᠠᠮᠤᠷ ᠡᠩᠬᠡ ᠰᠠᠭᠤᠵᠤ ᠪᠣᠯᠤᠮᠤᠢ ! 》ᠬᠡᠮᠡᠭᠰᠡᠨ ᠳ᠋ᠦ᠍ᠷ ᠰᠣᠯᠣᠩᠭᠣᠰ ᠤᠯᠤᠰ ᠤ᠋ᠨ ᠸᠠᠩ ᠶᠡᠬᠡᠳᠡ ᠪᠠᠶᠠᠷᠯᠠᠨ ᠬᠦᠯᠢᠶᠡᠨ ᠠᠪᠴᠤ ᠬᠠᠭᠠᠨ ᠳ᠋ᠤᠷ ᠠᠢᠯᠠᠳᠬᠠᠬᠤ ᠪᠣᠳᠣᠷᠣᠣᠯ ᠪᠢᠴᠢᠭ ᠪᠢᠴᠢᠭᠡᠳ ᠡᠯᠴᠢ ᠳ᠋ᠦ᠍ᠷ ᠪᠠᠷᠢᠭᠤᠯᠵᠤ ᠢᠯᠡᠭᠡᠬᠦ ᠪᠡᠷ ᠲᠣᠭᠲᠠᠭᠠᠵᠤ᠂ ᠮᠣᠩᠭᠣᠯ ᠤ᠋ᠨ ᠴᠡᠷᠢᠭ ᠲᠦ᠍ᠷ ᠬᠦᠨᠳᠦ ᠨᠠᠷᠢᠨ ᠡᠳ᠋ ᠵᠠᠭᠤᠨ ᠲᠡᠷᠭᠡ᠂ ᠴᠡᠷᠢᠭ ᠦ᠋ᠨ ᠬᠦᠨᠡᠰᠦ ᠮᠢᠩᠭᠠᠨ ᠲᠠᠭᠠᠷ ᠠᠮᠤ ᠶ᠋ᠢ ᠲᠡᠭᠡᠭᠡᠯᠭᠡᠵᠦ ᠬᠦᠷᠭᠡᠵᠦ ᠢᠯᠡᠭᠡᠬᠦᠶ᠎ᠡ᠂ ᠬᠠᠵᠣᠰᠢᠯ ᠰᠣᠯᠣᠩᠭᠣᠰ ᠤ᠋ᠨ ᠡᠵᠡᠨ ᠯᠦ᠍ᠭᠡ ᠭᠠᠷ ᠪᠠᠷᠢᠨ ᠨᠢᠯᠪᠤᠰᠤ ᠤᠨᠠᠭᠠᠨ ᠰᠠᠯᠵᠤ᠂ ᠳᠡᠢᠯᠦᠭᠰᠡᠨ ᠴᠡᠷᠢᠭ ᠢ᠋ ᠠᠪᠴᠤ ᠤᠯᠤᠰ ᠤ᠋ᠨ ᠵᠠᠬ᠎ᠠ ᠣᠷᠣᠪᠠ᠃ ᠡᠨᠡ ᠦᠶ᠎ᠡ ᠳ᠋ᠦ᠍ᠷ ᠬᠠᠵᠤᠰᠢᠯ ᠤ᠋ᠨ ᠳᠡᠢᠯᠦᠭᠰᠡᠨ ᠪᠠ ᠣᠯᠤᠭᠰᠠᠨ ᠠᠯᠪᠠ ᠪᠣᠳᠣᠷᠣᠣᠯ ᠲᠠᠢ ᠬᠡᠳᠦᠢᠨᠡᠢ ᠬᠦᠷᠦᠭᠰᠡᠨ ᠳ᠋ᠦ᠍ᠷ ᠬᠠᠭᠠᠨ ᠤ᠋ ᠡᠮᠦᠨ᠎ᠡ ᠡᠴᠡ ᠨᠠᠨᠰᠠᠷ ᠢ᠋ ᠵᠠᠷᠤᠵᠤ ᠲᠡᠷᠢᠭᠦᠨ ᠤᠳᠤᠯᠭ᠎ᠠ ᠳ᠋ᠤᠷ ᠤᠭᠲᠤᠪᠠ᠃ ᠬᠣᠶᠠᠳᠤᠭᠠᠷ ᠣᠳᠤᠯᠭᠠᠨ ᠳ᠋ᠤᠷ ᠬᠠᠰᠠᠷ ᠤ᠋ᠨ ᠬᠥᠪᠡᠭᠦᠨ ᠲᠠᠢᠽᠢ ᠶ᠋ᠢ ᠵᠠᠷᠤᠵᠤ ᠤᠭᠲᠤᠪᠠ᠃ ᠬᠣᠲᠠᠨ ᠤ᠋ ᠭᠠᠳᠠᠨ᠎ᠠ ᠭᠤᠷᠪᠠᠳᠤᠭᠠᠷ ᠲᠠᠢᠽᠢ ᠥᠭᠡᠳᠡᠢ ᠤᠭᠲᠤᠪᠠ᠃ ᠬᠠᠵᠤᠰᠢᠯ ᠣᠷᠣᠵᠤ ᠬᠠᠭᠠᠨ ᠳ᠋ᠤᠷ ᠮᠥᠷᠭᠥᠵᠦ ᠵᠣᠯᠭᠠᠪᠠ᠃ ᠬᠠᠭᠠᠨ ᠭᠠᠷ ᠢ᠋ᠶ᠋ᠠᠷ ᠠᠷᠢᠬᠢ ᠬᠠᠢᠷᠠᠯᠠᠨ ᠭᠠᠤᠯᠢ ᠬᠦᠩ ᠭᠡᠮᠡᠨ ᠡᠷᠭᠦᠪᠡ᠃ ᠳᠠᠭᠠᠯᠳᠤᠭ᠎ᠠ ᠯᠢᠶᠣᠣ ᠸᠠᠩ ᠶᠧ ᠯᠢᠦᠢ ᠯᠢᠦ ᠭᠧ ᠵᠠᠭᠤᠨ ᠲᠡᠷᠭᠡ ᠲᠣᠷᠭ᠎ᠠ ᠲᠥᠷᠭᠡ ᠠᠯᠲᠠᠨ ᠰᠤᠪᠤᠳ ᠲᠡᠭᠡᠭᠡᠵᠦ ᠶᠣᠰᠣᠲᠤ ᠪᠡᠯᠡᠭ ᠬᠦᠷᠭᠡᠵᠦ ᠢᠷᠡᠭᠡᠳ ᠬᠠᠭᠠᠨ ᠳ᠋ᠤᠷ ᠪᠠᠷᠠᠭᠠᠳᠠᠭᠰᠠᠨ ᠬᠣᠢᠨ᠎ᠠ᠂ ᠬᠠᠭᠠᠨ ᠵᠠᠷᠯᠢᠭ ᠪᠣᠯᠤᠷᠤᠨ : 《ᠡᠭᠦᠨ ᠡᠴᠡ ᠬᠣᠵᠢᠮ ᠶᠣᠰᠣᠲᠤ ᠪᠡᠯᠡᠭ ᠢ᠋ ᠪᠠᠢᠭ᠎ᠠ᠂ ᠴᠢᠨᠦ ᠬᠠᠷᠢᠶᠠᠲᠤ ᠢᠷᠭᠡᠨ ᠪᠡᠷᠬᠡ ᠬᠦᠴᠢᠷ ᠪᠣᠯᠵᠤ ᠠᠮᠢᠳᠤᠷᠠᠬᠤ ᠳ᠋ᠤᠷ ᠬᠣᠷᠣᠮᠵᠢ ᠪᠣᠯᠬᠤ ᠪᠣᠯᠭᠤᠵᠠᠢ᠂ ᠮᠢᠨᠦ ᠬᠠᠭᠠᠨ ᠪᠣᠯᠤᠭᠰᠠᠨ ᠠᠨᠤ ᠣᠯᠠᠨ ᠢ᠋ ᠡᠩᠬᠡ ᠪᠣᠯᠭᠠᠬᠤ ᠶ᠋ᠢᠨ ᠲᠤᠯᠠ ᠪᠤ ᠶᠠ᠂ ᠣᠯᠠᠨ ᠤ᠋ ᠡᠳ᠋ ᠢ᠋ ᠠᠪᠬᠤ ᠶ᠋ᠢᠨ ᠲᠤᠯᠠ ᠪᠤᠰᠤ᠂ ᠮᠢᠨᠦ ᠨᠢᠭᠡᠨ ᠭᠡᠷ ᠨᠢᠭᠡᠨ ᠪᠡᠶ᠎ᠡ᠂ ᠨᠢᠭᠡᠨ ᠲᠦᠰᠢᠮᠡᠯ ᠦ᠋ᠨ ᠲᠡᠳᠦᠢ ᠬᠡᠷᠡᠭᠯᠡᠯ ᠢ᠋ ᠵᠠᠷᠤᠵᠤ ᠪᠠᠷᠠᠬᠤ ᠦᠭᠡᠢ᠂ ᠡᠷᠲᠡᠨ ᠦ᠌ ᠦᠭᠡᠨ ᠳ᠋ᠦ᠍ᠷ《ᠪᠦᠲᠦᠭᠡᠭᠴᠢ ᠬᠥᠪᠡᠭᠦᠨ ᠳ᠋ᠦ᠍ᠷ ᠡᠰᠡ ᠵᠥᠭᠡᠭᠡᠪᠡᠴᠦ ᠪᠦᠲᠦᠮᠦᠢ᠂ ᠪᠦᠷᠢᠯᠭᠡᠭᠴᠢ ᠬᠥᠪᠡᠭᠦᠨ ᠳ᠋ᠦ᠍ᠷ ᠬᠡᠳᠦᠢ ᠬᠤᠷᠢᠶᠠᠪᠠᠴᠤ ᠪᠦᠷᠢᠯᠭᠡᠮᠦᠢ 》᠂ ᠬᠡᠷᠡᠭ ᠦᠭᠡᠢ ᠡᠳ᠋ ᠢ᠋ ᠠᠭᠤᠯᠠ ᠶ᠋ᠢᠨ ᠲᠡᠳᠦᠢ ᠣᠪᠣᠭᠠᠯᠠᠬᠤ ᠠ᠋ᠴᠠ ᠬᠡᠷᠡᠭᠲᠦ ᠨᠢᠭᠡᠨ ᠪᠠᠳᠠᠭ ᠬᠣᠭᠣᠰᠣᠨ ᠰᠤᠷᠭᠠᠯ ᠳᠡᠭᠡᠷ᠎ᠡ᠃ ᠬᠡᠳᠦᠢ ᠴᠢ ᠥᠪᠡᠷ ᠦ᠋ᠨ ᠬᠠᠷᠢᠶᠠᠲᠤ ᠤᠯᠤᠰ ᠲᠤᠷ ᠢ᠋ᠶ᠋ᠠᠨ ᠪᠣᠯᠪᠠᠴᠤ ᠬᠡᠲᠦᠷᠬᠡᠢ ᠪᠢᠲᠡᠭᠡᠢ ᠪᠦᠷᠢᠯᠭᠡ᠂ ᠡᠳ᠋ ᠠᠭᠤᠷᠠᠰᠤᠨ ᠴᠥᠮ ᠢᠷᠭᠡᠨ ᠦ᠌ ᠬᠦᠴᠦᠨ ᠰᠦᠢᠳᠬᠡᠭᠰᠡᠨ ᠡᠴᠡ ᠪᠦᠲᠦᠭᠰᠡᠨ ᠪᠣᠯᠠᠢ ! ᠵᠢᠷᠭᠠᠯ ᠢ᠋ ᠲᠡᠪᠴᠢᠵᠦ ᠵᠢᠳᠬᠦᠯ ᠢ᠋ ᠪᠦᠲᠦᠭᠡ᠂ ᠲᠡᠷᠡ ᠰᠠᠢᠬᠠᠨ ᠭᠡᠷ ᠢ᠋ ᠳᠤᠮᠳᠠᠳᠤ ᠤᠯᠤᠰ ᠡᠵᠡᠯᠡᠵᠦ ᠬᠣᠯᠠᠳᠠᠬᠢ ᠤᠯᠤᠰ ᠮᠥᠷᠭᠥᠷ᠎ᠡ ᠢᠷᠡᠮᠦ᠂ ᠪᠢ ᠡᠳᠦᠭᠡ ᠴᠢᠨᠦ ᠬᠥᠪᠡᠭᠦᠨ ᠰᠢᠦᠸᠠᠢ ᠱᠧ ᠶ᠋ᠢ ᠦᠵᠡᠬᠦᠯ᠎ᠡ ᠬᠥᠮᠦᠨ ᠢᠨᠦ ᠴᠢᠭᠢᠷᠠᠭ ᠪᠥᠭᠡᠳ ᠴᠢᠬᠡᠴᠢ᠂ ᠬᠣᠢᠴᠢ ᠡᠳᠦᠷ ᠴᠢᠨᠦ ᠣᠷᠣ ᠶ᠋ᠢ ᠳᠠᠷᠤᠵᠤ ᠪᠣᠯᠬᠤ᠂ ᠨᠡᠩ ᠢᠯᠠᠩᠭᠤᠶ᠎ᠠ ᠮᠠᠨ ᠤ᠋ ᠡᠩ ᠦ᠋ᠨ ᠡᠳᠦᠷ ᠦ᠋ᠨ ᠰᠤᠷᠭᠠᠯ ᠢ᠋ ᠬᠢᠴᠢᠶᠡᠨ ᠰᠣᠨᠣᠰᠴᠤ ᠴᠢᠮᠡᠭᠯᠡᠵᠦ ᠵᠠᠰᠠᠬᠤ ᠳᠤᠷ᠎ᠠ ᠦᠭᠡᠢ ᠢᠨᠦ ᠯᠠᠪ ᠪᠦᠲᠥᠭᠡᠮᠵᠢᠲᠦ ᠰᠠᠪᠠ ᠪᠣᠯᠤᠮᠤᠢ᠂ ᠪᠢ ᠡᠨᠡ ᠳ᠋ᠡᠢᠳ᠋ᠦ᠋ ᠶ᠋ᠢ ᠣᠯᠤᠭᠰᠠᠨ ᠠ᠋ᠴᠠ ᠬᠣᠲᠠᠨ ᠤ᠋ ᠳᠣᠲᠣᠷ᠎ᠠ ᠣᠷᠣᠵᠤ ᠶᠠᠭᠤᠮ᠎ᠠ ᠶ᠋ᠢ ᠦᠵᠡᠪᠡᠰᠦ ᠲᠤᠰᠠ ᠦᠭᠡᠢ ᠪᠦᠷᠢᠯᠭᠡᠭᠰᠡᠨ ᠦ᠌ ᠣᠯᠠᠨ ᠢ᠋ᠶ᠋ᠠᠷ ᠲᠡᠭᠷᠢ ᠶ᠋ᠢᠨ ᠬᠥᠪᠡᠭᠦᠨ ᠪᠣᠯᠵᠤ ᠪᠣᠯᠬᠤ ᠶᠣᠰᠣ ᠪᠣᠢ ᠤᠤ ? ᠵᠠᠭᠤᠨ ᠣᠪᠣᠭᠲᠠᠨ ᠬᠠᠰᠢᠷᠠᠬᠤ ᠦᠭᠡᠢ ᠶᠣᠰᠣ ᠪᠣᠢ ᠤᠤ ? ᠲᠡᠢᠨ ᠬᠦ᠌ ᠠᠯᠲᠠᠨ ᠤᠯᠤᠰ ᠤ᠋ᠨ ᠴᠡᠷᠢᠭ ᠢᠷᠭᠡᠨ ᠰᠡᠳᠬᠢᠯ ᠴᠥᠬᠥᠷᠡᠵᠦ᠂ ᠮᠢᠨᠦ ᠴᠡᠷᠢᠭ ᠲᠦ᠍ᠷ ᠤᠳᠠᠭ᠎ᠠ ᠪᠦᠷᠢ ᠳ᠋ᠦ᠍ᠷ ᠳᠠᠷᠤᠭᠳᠠᠬᠤ ᠠᠨᠤ ᠲᠡᠷᠡ ᠰᠢᠯᠲᠠᠭᠠᠨ ᠠᠵᠤᠭᠤ ! ᠡᠨᠡ ᠣᠷᠳᠣᠨ ᠳ᠋ᠤᠷ ᠨᠢᠳᠦᠨ ᠢ ᠪᠠᠶᠠᠰᠬᠠᠬᠤ ᠶ᠋ᠢᠨ ᠲᠤᠯᠠ ᠢᠷᠭᠡᠨ ᠵᠠᠭᠤᠨ ᠲᠦᠮᠡᠨ ᠦ᠌ ᠬᠦᠴᠦᠨ ᠣᠷᠣᠭᠰᠠᠨ ᠶᠠᠭᠤᠮ᠎ᠠ ᠪᠣᠢ᠃ ᠬᠡᠷᠡᠭ ᠪᠦᠲᠦᠬᠦᠢ ᠳ᠋ᠦ᠍ᠷ ᠲᠡᠷᠡ ᠶᠠᠮᠪᠠᠷ ᠲᠤᠰᠠ ? ᠬᠡᠷᠪᠡ ᠲᠡᠷᠡ ᠬᠦᠴᠦᠨ ᠢ᠋ᠶ᠋ᠡᠨ ᠴᠡᠷᠢᠭ ᠢᠷᠭᠡᠨ ᠳ᠋ᠦ᠍ᠷ ᠬᠡᠷᠡᠭᠯᠡᠭᠰᠡᠨ ᠪᠥᠭᠡᠰᠦ ᠠᠯᠲᠠᠨ ᠤᠯᠤᠰ ᠶᠠᠭᠤᠨ ᠤ᠋ ᠡᠨᠡ ᠮᠡᠲᠦ ᠪᠣᠯᠬᠤ ᠪᠣᠢ ! ᠲᠡᠢᠨ ᠬᠦ᠌ ᠬᠦᠰᠡᠬᠦ ᠢᠨᠦ ᠡᠳᠡᠭᠡᠷ ᠢ᠋ ᠬᠡᠦᠬᠡᠳ ᠠᠴᠢᠷ ᠲᠠᠭᠠᠨ ᠡᠰᠡ ᠰᠤᠷᠭᠠᠪᠠᠰᠤ ᠦᠯᠦ ᠪᠣᠯᠬᠤ ᠭᠡᠮᠡᠨ ᠰᠠᠨᠠᠮᠤᠢ᠂ ᠣᠨ ᠤᠳᠠᠪᠠᠰᠤ ᠮᠢᠨᠦ ᠦᠭᠡ ᠶ᠋ᠢ ᠶᠠᠭᠤᠨᠠᠢ ᠲᠡᠮᠳᠡᠭᠯᠡᠬᠦ ᠪᠣᠢ ! 》ᠬᠡᠮᠡᠭᠰᠡᠨ ᠳ᠋ᠦ᠍ᠷ ᠶᠧ ᠯᠢᠦᠢ ᠯᠢᠦ ᠭᠧ ᠶᠡᠬᠡᠯ᠎ᠡ ᠪᠠᠶᠠᠷᠯᠠᠵᠤ《ᠲᠦᠮᠡᠨ ᠨᠠᠰᠤᠲᠤ ! 》ᠭᠡᠮᠡᠨ ᠬᠡᠳᠦᠨᠲᠡ ᠳᠠᠭᠤᠳᠠᠵᠤ ᠮᠥᠷᠭᠥᠪᠡ᠃
ᠰᠤᠳᠤᠷᠴᠢ ᠲᠦᠰᠢᠮᠡᠯ ᠦ᠋ᠨ ᠰᠤᠯᠠ ᠰᠢᠯᠦᠭ ᠢᠨᠦ :
ᠠᠯᠲᠠᠨ ᠤ᠋ ᠵᠠᠩ ᠿᠧᠦ ᠰᠠᠨᠠᠭᠠᠨ ᠳ᠋ᠤ᠌ ᠦᠭᠡᠢ ᠮᠣᠩᠭᠣᠯ ᠤᠯᠤᠰ ᠲᠤᠷ ᠳᠠᠭᠠᠪᠠ
ᠬᠢᠳᠠᠨ ᠤ᠋ ᠯᠦ᠍ ᠭᠧ ᠮᠠᠲᠠᠯ ᠦᠭᠡᠢ ᠵᠢᠶᠠᠩ ᠳ᠋ᠦᠩ ᠦ᠋ᠨ ᠬᠣᠲᠠᠨ ᠳ᠋ᠤᠷ ᠦᠬᠦᠪᠡ᠂
ᠰᠢᠶᠠ ᠶ᠋ᠢᠨ ᠽᠦᠨ ᠰᠢᠦᠢ ᠵᠢᠷᠤᠮ ᠦᠭᠡᠢ ᠰᠢ ᠯᠢᠶᠠᠩ ᠤ᠋ᠨ ᠭᠠᠵᠠᠷ᠎ᠠ ᠳᠤᠲᠠᠭᠠᠪᠠ
ᠭᠠᠤᠯᠢ ᠶ᠋ᠢᠨ ᠸᠠᠩ ᠵᠢᠶᠠᠨ ᠬᠠᠭᠤᠷᠮᠠᠭ ᠦᠭᠡᠢ ᠲᠡᠭᠷᠢ ᠶ᠋ᠢᠨ ᠬᠥᠪᠡᠭᠦᠨ ᠳ᠋ᠦ᠍ᠷ ᠰᠦᠰᠦᠭᠯᠡᠪᠡ᠃
