ᠣᠷᠣᠢ ᠦᠭᠡᠢ ᠰᠦᠮ᠎ᠡ – ᠠᠷᠪᠠᠨ ᠭᠤᠷᠪᠠ ᠂ ᠵᠣᠷ ᠦᠭᠡᠢ ᠯᠠᠮ᠎ᠠ ᠠᠴᠠ ᠵᠣᠪᠠᠭᠰᠠᠨ ᠴᠢᠪᠠᠭᠠᠨᠴᠠ Оройгүй сүм – Арван гурав ᠂ Жоргүй ламаас зовсон чавганц- Oroigui sum 13 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠠᠷᠪᠠᠨ ᠭᠤᠷᠪᠠ ᠂ ᠵᠣᠷ ᠦᠭᠡᠢ ᠯᠠᠮ᠎ᠠ ᠠᠴᠠ ᠵᠣᠪᠠᠭᠰᠠᠨ ᠴᠢᠪᠠᠭᠠᠨᠴᠠ Оройгүй сүм – Арван гурав ᠂ Жоргүй ламаас зовсон чавганц- Oroigui sum 13

ᠣᠷᠣᠢ ᠦᠭᠡᠢ ᠰᠦᠮ᠎ᠡ – ᠠᠷᠪᠠᠨ ᠭᠤᠷᠪᠠ ᠂ ᠵᠣᠷ ᠦᠭᠡᠢ ᠯᠠᠮ᠎ᠠ ᠠᠴᠠ ᠵᠣᠪᠠᠭᠰᠠᠨ ᠴᠢᠪᠠᠭᠠᠨᠴᠠ Оройгүй сүм – Арван гурав ᠂ Жоргүй ламаас зовсон чавганц- Oroigui sum 13

ᠠᠩᠭᠢᠯᠠᠯ:ᠲᠤᠭᠤᠵᠢ ᠷᠣᠮᠠᠨ
2023-09-17

770

ᠠᠷᠪᠠᠨ ᠭᠤᠷᠪᠠ ᠂ ᠵᠣᠷ ᠦᠭᠡᠢ ᠯᠠᠮ᠎ᠠ ᠠᠴᠠ ᠵᠣᠪᠠᠭᠰᠠᠨ ᠴᠢᠪᠠᠭᠠᠨᠴᠠ


                       ᠬᠡᠨ ᠳ᠋ᠦ᠍ ᠡᠷᠳᠡᠮ ᠪᠣᠢ ᠪᠣᠯᠪᠠᠰᠤ ᠲᠡᠭᠦᠨ ᠳ᠋ᠦ᠍ ᠲᠤᠰᠠ ᠪᠤᠢ 
                         ᠬᠡᠨ ᠳ᠋ᠦ᠍ ᠡᠶ᠎ᠡ ᠪᠣᠢ ᠪᠣᠯᠪᠠᠰᠤ ᠲᠡᠭᠦᠨ ᠳ᠋ᠦ᠍ ᠨᠥᠬᠥᠷ ᠪᠤᠢ 
                         ᠬᠡᠨ ᠳ᠋ᠦ᠍ ᠡᠳ᠋ ᠪᠣᠢ ᠪᠣᠯᠪᠠᠰᠤ ᠲᠡᠭᠦᠨ ᠳ᠋ᠦ᠍ ᠬᠠᠷᠠᠮ ᠪᠤᠢ 

       ᠣᠲᠠᠴᠢ ᠶ᠋ᠢᠨ ᠶᠡᠬᠡ ᠡᠷᠳᠡᠮ ᠰᠠᠩᠵᠢ ᠭᠡᠰᠦᠯ ᠳ᠋ᠦ᠍ ᠪᠠᠰᠠ ᠯᠠ ᠲᠤᠰᠠ ᠪᠣᠯᠤᠭᠰᠠᠨ ᠦᠭᠡᠢ᠃ ᠵᠠᠯᠠᠭᠤ ᠭᠡᠰᠦᠯ ᠦ᠋ᠨ ᠪᠡᠶ᠎ᠡ ᠰᠠᠢᠵᠢᠷᠠᠭᠰᠠᠨ ᠴᠤ᠌ ᠦᠭᠡᠢ᠂ ᠬᠠᠷᠢᠨ ᠲᠡᠭᠦᠨ ᠡᠴᠡ ᠪᠡᠨ ᠳᠣᠤᠷᠠᠳᠠᠭᠰᠠᠨ ᠴᠤ᠌ ᠦᠭᠡᠢ᠂ ᠨᠢᠭᠡᠨ ᠬᠡᠪ᠎ ᠲᠤ ᠲᠣᠭᠲᠠᠵᠤ ᠥᠭᠡᠬᠦ ᠴᠤ᠌ ᠪᠢᠰᠢ᠂ ᠪᠤᠯᠴᠢᠷᠬᠠᠢ ᠴᠤ᠌ ᠪᠢᠰᠢ ᠪᠣᠯᠵᠠᠢ᠃ ᠲᠠᠮᠢᠷᠳᠠᠨ ᠶᠠᠳᠠᠷᠴᠤ ᠬᠦᠢᠲᠡᠨ ᠬᠠᠷ᠎ᠠ ᠬᠥᠯᠥᠰᠥ ᠦᠶ᠎ᠡ ᠦᠶ᠎ᠡ ᠴᠤᠪᠤᠨ᠎ᠠ᠃ ᠵᠠᠷᠢᠮ ᠳ᠋ᠠᠭᠠᠨ ᠣᠢ ᠤᠬᠠᠭᠠᠨ ᠨᠢ ᠬᠤᠷᠴᠠᠳᠵᠤ᠂ ᠵᠠᠷᠢᠮ ᠳ᠋ᠠᠭᠠᠨ ᠮᠣᠬᠣᠵᠤ  ᠪᠠᠯᠠᠢᠷᠠᠨ᠎ᠠ᠃ ᠫᠦᠷᠪᠦᠳᠣᠨᠣᠢ ᠮᠠᠷᠠᠮᠪᠠ᠄
      - ᠮᠢᠨᠦ ᠠᠷᠭ᠎ᠠ ᠰᠢᠷᠭᠡ ᠳᠠᠭᠤᠰᠤᠯ᠎ᠠ᠃ ᠴᠢᠨᠦ ᠰᠦᠨᠡᠰᠦ  ᠠᠢᠬᠤᠪᠲᠤᠷ ᠬᠣᠯᠠ ᠲᠥᠭᠡᠷᠢᠵᠡᠢ᠂ ᠪᠡᠶ᠎ᠡ ᠴᠢᠨᠢ  ᠠᠢᠬᠤᠪᠲᠤᠷ ᠰᠤᠯᠠᠳᠠᠵᠠᠢ᠃ ᠣᠳᠣ ᠨᠠᠳᠠ ᠭᠠᠭᠴᠠ ᠠᠷᠭ᠎ᠠ  ᠪᠠᠢᠨ᠎ᠠ᠃ ᠲᠡᠭᠦᠨ ᠢ᠋ ᠴᠢ ᠬᠦᠷᠲᠡᠬᠦ ᠤᠤ᠂ ᠠᠯᠢ ᠡᠰᠡᠪᠡᠯ ᠭᠡᠷ ᠲᠦ᠍ ᠪᠡᠨ ᠬᠦᠷᠭᠡᠭᠳᠡᠵᠦ  ᠬᠣᠢᠳᠤᠬᠢ ᠪᠠᠨ ᠵᠠᠬᠢᠶᠠᠯᠠᠬᠤ ᠤᠤ? ᠭᠡᠵᠦ ᠠᠰᠠᠭᠤᠯ᠎ᠠ᠃  ᠰᠠᠩᠵᠢ ᠭᠡᠰᠦᠯ ᠳ᠋ᠦ᠍ ᠠᠷᠠᠢ ᠴᠤ᠌ ᠶᠠᠭᠤᠮ᠎ᠠ ᠪᠦᠬᠦᠨ ᠬᠡᠷᠡᠭ ᠦᠭᠡᠢ ᠪᠣᠯᠵᠤ᠂ ᠶᠢᠷᠲᠢᠨᠴᠦ ᠶ᠋ᠢ ᠣᠭᠣᠷᠤᠭ᠎ᠠ ᠦᠭᠡᠢ ᠪᠠᠢᠭ᠎ᠠ ᠲᠤᠯᠠ ᠮᠠᠷᠠᠮᠪᠠ ᠶ᠋ᠢᠨ ᠲᠡᠷᠡ ᠠᠷᠭ᠎ᠠ ᠶ᠋ᠢ ᠬᠡᠷᠡᠭᠯᠡᠬᠦ ᠶ᠋ᠢ ᠵᠥᠪᠰᠢᠶᠡᠷᠡᠪᠡ᠃
      - ᠮᠢᠨᠦ ᠡᠨᠡ ᠠᠷᠭ᠎ᠠ ᠪᠣᠯ ᠪᠡᠶ᠎ᠡ ᠰᠡᠳᠬᠢᠯ ᠬᠣᠶᠠᠷ ᠢ᠋ ᠬᠠᠮᠤᠵᠤ ᠬᠡᠯᠡ ᠪᠡᠷ ᠬᠠᠭᠤᠷᠤᠨ ᠡᠪᠳᠡᠬᠦ ᠠᠷᠭ᠎ᠠ ᠶᠤᠮ᠃ ᠨᠣᠮ ᠤ᠋ᠨ ᠬᠡᠯᠡ ᠪᠡᠷ ᠪᠣᠯ 《ᠬᠤᠮ᠂ ᠬᠤᠮ᠂ ᠬᠤᠮ》 ᠪᠣᠯᠤᠨ᠎ᠠ᠃  ᠴᠢᠮᠠᠶ᠋ᠢ ᠭᠦᠷᠢᠮ᠂ ᠮᠡᠩᠭᠡᠨ ᠵᠠᠰᠠᠯ᠂ ᠰᠦᠨᠡᠰᠦ ᠳᠠᠭᠤᠳᠠᠯᠭ᠎ᠠ ᠪᠠᠷ ᠡᠳᠡᠭᠡᠭᠡᠵᠦ ᠴᠢᠳᠠᠭᠰᠠᠨ ᠦᠭᠡᠢ᠃  ᠴᠢᠮᠠᠶ᠋ᠢ ᠪᠠᠰᠠ ᠲᠠᠪᠤᠨ ᠴᠤᠯᠤ᠂ ᠲᠠᠪᠤᠨ ᠣᠨᠢᠰᠣ᠂ ᠭᠤᠷᠪᠠᠨ ᠭᠦᠷᠳᠦ ᠢ᠋ ᠴᠢᠨᠢ ᠰᠢᠨᠵᠢᠵᠦ᠂ ᠬᠦᠴᠦ ᠪᠡᠷ ᠢᠳᠡᠭᠴᠢ᠂ ᠬᠦᠮᠦᠨ ᠡᠵᠡᠯᠡᠭᠰᠡᠨ᠂  ᠨᠥᠭᠡᠨ᠎ᠡ ᠣᠷᠣᠰᠢᠭᠴᠢ᠂ ᠳᠠᠪᠤᠰᠤ ᠬᠤᠵᠢᠷ᠂ ᠡᠪᠡᠰᠦᠨ ᠡᠮ ᠲᠡᠷᠢᠭᠦᠲᠡᠨ ᠢ᠋ᠶ᠋ᠡᠷ ᠠᠨᠠᠭᠠᠵᠤ ᠡᠰᠡ ᠪᠠᠷᠪᠠ᠃ ᠣᠳᠣ ᠪᠣᠳᠣᠬᠤ ᠳ᠋ᠤ᠌ ᠴᠢᠮ᠎ᠠ ᠳ᠋ᠤ᠌ ᠳᠥᠷᠪᠡᠨ ᠬᠣᠣᠷ ᠤ᠋ᠨ ᠢᠵᠠᠭᠤᠷ ᠰᠢᠩᠭᠡᠵᠡᠢ᠃ ᠲᠡᠷᠡ ᠶᠠᠭᠤᠨ ᠭᠡᠪᠡᠯ ᠰᠠᠨᠠᠭᠠᠨ ᠤ᠋ ᠬᠣᠣᠷ᠂ ᠬᠦᠷᠦᠯᠴᠡᠬᠦ ᠬᠣᠣᠷ᠂ ᠠᠮᠠᠨ ᠤ᠋ ᠠᠭᠤᠷ ᠤ᠋ᠨ ᠬᠣᠣᠷ᠂ ᠦᠵᠡᠬᠦ ᠬᠣᠣᠷ ᠡᠨᠡ ᠳᠥᠷᠪᠡᠭᠦᠯᠡ ᠴᠢᠮ᠎ᠠ ᠳ᠋ᠤ᠌ ᠬᠦᠷᠴᠡᠢ᠃ ᠲᠡᠭᠡᠬᠦ ᠪᠡᠷ ᠡᠳᠡᠭᠡᠷ ᠢ᠋ ᠬᠣᠷᠢᠶᠠᠨ ᠡᠪᠳᠡᠪᠡᠯ ᠵᠣᠬᠢᠨ᠎ᠠ᠃ ᠪᠢ ᠴᠢᠮ᠎ᠡ ᠳ᠋ᠦ᠍ ᠭᠦᠷᠳᠡᠮᠪᠡ ᠵᠠᠯᠠᠵᠤ ᠢᠷᠡᠨ᠎ᠡ ᠭᠡᠵᠦ  ᠫᠦᠷᠪᠦᠳᠤᠨᠤᠢᠲᠠᠨ ᠠᠢᠯᠠᠳᠤᠯ᠎ᠠ ᠃ 
       ᠰᠠᠩᠵᠢ ᠳᠡᠮᠡᠢ ᠯᠡ ᠲᠣᠯᠣᠭᠠᠢ ᠳᠣᠬᠢᠪᠠ᠃ ᠲᠡᠭᠦᠨ ᠳ᠋ᠦ᠍ ᠦᠨᠡᠮᠰᠢᠭᠰᠡᠨ ᠮᠠᠷᠠᠮᠪᠠ᠄
      - ᠴᠢᠮ᠎ᠠ ᠳ᠋ᠤ᠌ ᠮᠥᠩᠭᠥ  ᠪᠠᠢᠬᠤ ᠦᠭᠡᠢ ᠪᠢ ᠮᠡᠳᠡᠵᠦ  ᠪᠠᠢᠨ᠎ᠠ᠃ ᠡᠨᠡ ᠭᠦᠷᠳᠡᠮᠪᠡ ᠨᠤᠭᠦᠳ ᠮᠥᠩᠭᠥ ᠶᠡᠬᠡ ᠨᠡᠬᠡᠳᠡᠭ ᠤᠯᠤᠰ᠃ ᠪᠢ ᠴᠢᠨᠦ ᠡᠷᠭᠦᠯ ᠪᠠᠷᠢᠴᠠ ᠶ᠋ᠢ ᠥᠪᠡᠷ ᠢ᠋ᠶ᠋ᠡᠨ ᠲᠠᠭᠠᠭᠠᠨ᠎ᠠ᠃ ᠡᠳᠡᠭᠡᠷᠡᠳᠡᠭ ᠶᠦᠮ ᠪᠣᠯ ᠴᠢ ᠲᠡᠷᠡ ᠠᠴᠢ ᠶ᠋ᠢ ᠪᠣᠳᠣᠵᠤ ᠬᠠᠷᠢᠭᠤᠯᠤᠨ᠎ᠠ ᠪᠢᠵᠡ᠃ ᠡᠳᠡᠭᠡᠷᠡᠳᠡᠭ ᠦᠭᠡᠢ ᠶᠦᠮ ᠪᠣᠯ ᠴᠢ ᠵᠠᠩᠴᠢ ᠠᠷᠠᠯᠵᠢᠵᠤ ᠣᠴᠢᠭᠰᠠᠨ ᠬᠣᠷᠸ᠎ᠠ ᠳ᠋ᠠᠭᠠᠨ ᠮᠢᠨᠦ ᠠᠴᠢ ᠶ᠋ᠢ ᠳᠤᠭᠤᠯᠭᠠᠨ᠎ᠠ ᠪᠢᠵᠡ᠃ ᠪᠤᠶᠠᠨ ᠪᠣᠯᠤᠨ᠎ᠠ ᠭᠡᠪᠡ᠃
       ᠤᠳᠠᠯ ᠦᠭᠡᠢ  ᠭᠦᠷᠳᠡᠮᠪᠡ ᠢᠷᠡᠯ᠎ᠡ᠃ ᠪᠠᠷᠤᠭᠠᠷ ᠬᠠᠷ᠎ᠠ ᠬᠥᠬᠡ ᠴᠢᠷᠠᠢ ᠲᠠᠢ᠂ ᠰᠠᠷᠯᠤᠭ ᠤ᠋ᠨ ᠰᠡᠭᠦᠯ ᠰᠢᠭ ᠰᠢᠷᠦᠭᠦᠨ ᠬᠠᠷ᠎ᠠ ᠦᠰᠦ ᠪᠡᠨ ᠮᠥᠷᠦᠨ ᠳ᠋ᠡᠭᠡᠨ ᠬᠦᠷᠲᠡᠯ᠎ᠡ ᠤᠷᠭᠤᠭᠤᠯᠤᠭᠰᠠᠨ ᠠᠶᠤᠮᠠᠷ ᠬᠥᠮᠦᠨ ᠠᠵᠢ᠃ ᠲᠡᠷᠡ ᠬᠦᠷᠳᠡᠮ ᠪᠣᠯ ᠳᠣᠭᠰᠢᠳ ᠪᠤᠶᠤ ᠨᠣᠮ ᠤ᠋ᠨ ᠰᠠᠬᠢᠭᠤᠰᠤᠨ ᠪᠣᠯᠬᠤ ᠲᠣᠭᠰᠢᠨ ᠳᠦᠷᠢᠲᠦ ᠪᠤᠷᠬᠠᠳ ᠤᠨ ᠲᠠᠭᠢᠯᠭ᠎ᠠ ᠰᠦᠯᠳᠡ᠂ ᠶᠣᠰᠣᠯᠠᠯ ᠢ᠋ ᠭᠦᠷᠳᠡᠮᠳᠡᠬᠦ ᠲᠡᠢ ᠬᠣᠣᠰᠯᠠᠨ ᠬᠢᠳᠡᠭ ᠡᠷᠳᠡᠮ ᠲᠡᠢ ᠠᠵᠢ᠃ ᠭᠦᠷᠳᠡᠮᠪᠡ ᠡᠪᠡᠳᠴᠢᠲᠡᠨ ᠤ ᠳᠡᠷᠭᠡᠳᠡ ᠰᠢᠭᠤᠳ ᠯᠠ ᠨᠣᠮᠲᠤ ᠬᠤᠪᠴᠠᠰᠤ ᠪᠠᠨ ᠡᠮᠦᠰᠴᠦ ᠡᠬᠢᠯᠡᠯ᠎ᠡ᠃ ᠵᠣᠳᠪᠠ ᠭᠡᠳᠡᠭ ᠲᠢᠲᠢᠮ ᠮᠠᠯᠠᠭᠠᠢ ᠶ᠋ᠢ ᠶᠡᠬᠡ ᠦᠰᠦᠲᠦ ᠰᠠᠭᠯᠠᠭᠠᠷ ᠲᠣᠯᠣᠭᠠᠢ ᠳᠡᠭᠡᠷ᠎ᠡ ᠪᠡᠨ ᠲᠠᠯᠪᠢᠯ᠎ᠠ᠃ ᠵᠣᠳᠪᠠ ᠪᠤᠶᠤ ᠲᠢᠲᠢᠮ ᠨᠢ ᠲᠠᠪᠤᠨ ᠲᠠᠯ᠎ᠠ ᠲᠠᠢ᠂ ᠲᠠᠯ᠎ᠠ ᠪᠦᠷ ᠳᠡᠭᠡᠷ᠎ᠡ ᠪᠡᠨ ᠪᠤᠷᠬᠠᠨ ᠤ᠋ ᠵᠢᠷᠤᠭ ᠲᠠᠢ ᠬᠣᠶᠠᠷ ᠬᠠᠴᠠᠷ ᠤᠷᠤᠭᠤ ᠲᠣᠬᠣᠢ ᠬᠢᠷᠢ ᠶ᠋ᠢᠨ ᠤᠷᠲᠤ ᠬᠣᠩᠭᠣᠷᠴᠠᠭ ᠦᠰᠦᠨ ᠤᠨᠵᠢᠯᠭ᠎ᠠ ᠲᠠᠢ᠂ ᠠᠷᠤ ᠲᠠᠯ᠎ᠠ ᠤᠷᠤᠭᠤ ᠬᠥᠬᠡ᠂ ᠴᠠᠭᠠᠨ᠂ ᠤᠯᠠᠭᠠᠨ᠂ ᠰᠢᠷ᠎ᠠ᠂ ᠨᠣᠭᠣᠭᠠᠨ ᠲᠠᠪᠤᠨ ᠥᠩᠭᠡ ᠶ᠋ᠢᠨ ᠳᠠᠷᠵᠢᠨ ᠵᠡᠭᠦᠭᠰᠡᠨ᠂ ᠲᠣᠭᠣᠷᠴᠣᠭ ᠬᠡᠯᠪᠡᠷᠢᠲᠡᠢ ᠮᠠᠯᠠᠭᠠᠢ᠂ ᠣᠷᠣᠢ ᠳ᠋ᠠᠭᠠᠨ ᠸᠠᠴᠢᠷ ᠲᠠᠢ ᠲᠤᠯᠠ ᠶᠡᠬᠡ ᠯᠡ ᠰᠦᠷ ᠲᠡᠢ ᠦᠵᠡᠭᠳᠡᠨ᠎ᠡ᠃  ᠭᠦᠷᠲᠡᠮ ᠦ᠋ᠨ ᠰᠠᠭᠯᠠᠭᠠᠷ ᠬᠠᠷ᠎ᠠ ᠦᠰᠦ᠂ ᠵᠤᠳᠪᠠ ᠶᠢᠨ ᠨᠢ ᠲᠣᠷᠭᠠᠮᠰᠤᠭ ᠪᠠᠷᠠᠭᠠᠨ ᠦᠰᠦ ᠬᠣᠶᠠᠷ ᠬᠣᠣᠰᠯᠠᠨ  ᠨᠡᠢᠯᠡᠭᠡᠳ ᠶᠡᠷᠦ ᠪᠤᠰᠤ ᠶ᠋ᠢᠨ ᠰᠠᠩᠭᠠᠰᠪᠠ ᠮᠠᠶᠢᠭ᠍ᠲᠠᠢ ᠪᠣᠯᠵᠠᠢ᠃ ᠲᠠᠪᠤᠨ ᠲᠠᠯ᠎ᠠ ᠳ᠋ᠤ᠌ ᠨᠢ ᠡᠷᠭᠢᠨ ᠲᠣᠭᠣᠷᠢᠨ ᠵᠢᠷᠤᠭᠰᠠᠨ ᠪᠤᠷᠬᠠᠳ ᠨᠢ ᠪᠢᠷᠤᠤᠵᠠᠨ᠎ᠠ᠂ ᠠᠭᠵᠠ᠂ ᠷᠠᠳᠨᠠᠰᠠᠮᠪᠤᠤ᠂ ᠠᠪᠢᠳ᠂ ᠠᠮᠠᠭᠠᠰᠠᠳ ᠡᠳᠡᠭᠡᠷ ᠶᠤᠮ᠃  ᠪᠢᠷᠤᠤᠵᠠᠨ᠎ᠠ ᠶᠢ ᠮᠣᠩᠭᠣᠯᠴᠤᠳ ᠮᠠᠰᠢ  ᠭᠡᠢᠬᠦᠯᠦᠨ ᠵᠣᠬᠢᠶᠠᠭᠴᠢ ᠪᠤᠷᠬᠠᠨ ᠭᠡᠬᠦ ᠪᠥᠭᠡᠳ ᠮᠣᠳᠣᠷ ᠨᠢ  ᠪᠦᠭᠦᠮᠢᠰᠫᠠᠷᠠ  ᠮᠠᠶᠢᠭ᠍ᠲᠠᠢ᠂ ᠬᠥᠬᠡ ᠥᠩᠭᠡ ᠲᠡᠢ᠃ ᠠᠭᠵᠠ ᠶ᠋ᠢ ᠦᠯᠦ ᠬᠥᠳᠡᠯᠦᠭᠴᠢ ᠪᠤᠷᠬᠠᠨ ᠭᠡᠬᠦ ᠡᠴᠡ ᠭᠠᠳᠠᠨ᠎ᠠ ᠠᠵᠠᠯᠢ ᠮᠣᠳᠣᠷ ᠲᠠᠢ᠂ ᠴᠠᠭᠠᠨ ᠥᠩᠭᠡ ᠲᠡᠢ᠃ ᠠᠪᠢᠳ ᠪᠣᠯ ᠴᠠᠭᠯᠠᠰᠢ ᠦᠭᠡᠢ ᠡᠷᠢᠯᠲᠦ ᠪᠤᠷᠬᠠᠨ᠂ ᠮᠣᠳᠣᠷ ᠨᠢ ᠲᠢᠾᠢᠶᠠᠨᠠ ᠮᠠᠶᠢᠭ᠍ᠲᠠᠢ᠂ ᠤᠯᠠᠭᠠᠨ ᠥᠩᠭᠡ ᠲᠡᠢ᠃  ᠠᠮᠭᠠᠰᠠᠳ ᠪᠤᠷᠬᠠᠨ ᠠᠪᠬᠢᠶ᠎ᠠ ᠮᠣᠳᠣᠷ ᠲᠠᠢ᠂ ᠨᠣᠭᠣᠭᠠᠨ ᠥᠩᠭᠡ ᠲᠡᠢ᠃  ᠷᠠᠳᠨᠠᠰᠠᠮᠪᠤᠤ ᠪᠣᠯ ᠡᠷᠳᠡᠨᠢ ᠶ᠋ᠢᠨ ᠣᠷᠣᠯ ᠪᠤᠷᠬᠠᠨ᠂ ᠸᠠᠷᠠᠳᠠ ᠮᠤᠲᠤᠷ ᠲᠠᠢ᠂ ᠰᠢᠷ᠎ᠠ ᠥᠩᠭᠡᠲᠡᠢ ᠠᠵᠢ᠃ ᠪᠦᠬᠦᠮᠢᠰᠫᠠᠷᠠ ᠮᠣᠳᠣᠷ ᠪᠣᠯ ᠭᠠᠵᠠᠷ ᠶᠣᠰᠣᠯᠠᠬᠤ ᠮᠠᠶᠢᠭ᠋᠂  ᠠᠵᠠᠯᠢ ᠮᠣᠳᠣᠷ ᠨᠢ ᠵᠠᠯᠪᠠᠷᠢᠬᠤ᠂  ᠠᠪᠬᠢᠶ᠎ᠠ ᠨᠢ ᠠᠶᠤᠮᠰᠢᠭ ᠦᠭᠡᠢ ᠶ᠋ᠢ ᠢᠯᠡᠳᠬᠡᠬᠦ᠂ ᠲᠢᠾᠢᠶᠠᠨᠠ ᠨᠢ ᠪᠢᠰᠢᠯᠭᠠᠯ᠂ ᠸᠠᠷᠠᠳᠠ ᠪᠣᠯ ᠥᠭᠯᠢᠭᠡ ᠶ᠋ᠢ  ᠢᠯᠡᠷᠬᠡᠢᠯᠡᠬᠦ ᠮᠠᠶᠢᠭ᠋ ᠵᠠᠭᠵᠠᠨ ᠭᠡᠳᠡᠭ ᠢ᠋ ᠰᠠᠩᠵᠢ ᠴᠤᠢᠮᠴᠤᠭ ᠲᠠᠯᠢᠢᠭᠠᠴᠢ ᠪᠠᠭᠰᠢ ᠪᠠᠷ ᠢ᠋ᠶ᠋ᠠᠨ ᠵᠢᠭᠠᠯᠭᠠᠵᠤ ᠮᠡᠳᠡᠵᠦ ᠠᠪᠤᠭᠰᠠᠨ  ᠪᠠᠢᠯ᠎ᠠ᠃ ᠡᠳᠡᠭᠡᠷ ᠲᠠᠪᠤ ᠨᠢ ᠲᠢᠲᠢᠮ ᠢ᠋ ᠴᠢᠮᠡᠬᠦ ᠭᠡᠭᠳᠡᠬᠦ ᠳᠡᠭᠡᠳᠦ ᠪᠤᠷᠬᠠᠳ ᠮᠥᠨ᠃ ᠭᠠᠭᠴᠠᠬᠦ ᠲᠣᠯᠣᠭᠠᠢ ᠳᠡᠭᠡᠷ᠎ᠡ ᠪᠤᠶᠤ ᠳᠤᠬᠤᠨ ᠠ᠋ᠴᠠ ᠳᠡᠭᠡᠭᠰᠢ ᠵᠠᠯᠠᠭᠰᠠᠨ  ᠪᠠᠢᠪᠠᠯ ᠵᠣᠬᠢᠨ᠎ᠠ᠃  ᠭᠦᠷᠲᠡᠮ ᠲᠡᠢᠨ  ᠬᠦ᠌ ᠵᠣᠳᠪᠠ ᠭᠡᠳᠡᠭ ᠪᠤᠷᠬᠠᠨᠳ᠋ᠤ᠌ ᠲᠢᠲᠢᠮ ᠢ᠋ᠶ᠋ᠡᠨ ᠲᠣᠯᠣᠭᠠᠢ ᠳ᠋ᠠᠭᠠᠨ ᠪᠠᠲᠤ ᠲᠣᠭᠲᠠᠭᠠᠭᠠᠳ ᠲᠣᠲᠢᠭ ᠭᠡᠭᠴᠢ ᠲᠠᠪᠤᠨ ᠥᠩᠭᠡ ᠶ᠋ᠢᠨ ᠡᠳ᠋ ᠢ᠋ᠶ᠋ᠡᠷ ᠣᠶᠣᠭᠰᠠᠨ ᠴᠡᠭᠡᠵᠢᠪᠴᠢ ᠪᠠᠨ ᠡᠮᠦᠰᠪᠡ᠃ ᠳᠠᠷᠠᠭ᠎ᠠ ᠨᠢ ᠮᠠᠳᠠᠭ ᠭᠡᠳᠡᠭ ᠪᠠᠩᠵᠠᠯ ᠳᠤᠬᠠᠯ ᠢ᠋ᠶ᠋ᠠᠨ᠂ ᠠᠯᠪᠢᠨ ᠰᠡᠯᠡᠮ᠎ᠡ ᠭᠡᠳᠡᠭ ᠨᠠᠷᠢᠬᠠᠨ ᠰᠢᠯᠤᠭᠤᠨ ᠰᠡᠯᠡᠮ᠎ᠡ ᠶ᠋ᠢ ᠠᠭᠰᠠᠪᠠ᠃
       ᠲᠠᠪᠤᠨ ᠪᠤᠷᠬᠠᠨ ᠵᠢᠷᠤᠭᠰᠠᠨ ᠲᠢᠲᠢᠮ ᠲᠡᠢ᠂ ᠲᠣᠳᠢᠭ ᠢᠶᠠᠷ ᠴᠡᠭᠡᠵᠢᠨ ᠪᠡᠶ᠎ᠡ ᠶ᠋ᠢ᠂ ᠮᠠᠳᠢᠭ ᠢᠶᠠᠷ ᠪᠥᠭᠰᠡᠨ ᠪᠡᠶ᠎ᠡ ᠶ᠋ᠢ ᠣᠷᠢᠶᠠᠭᠰᠠᠨ ᠡᠨᠡᠬᠦ ᠰᠦᠷᠯᠢᠭ  ᠭᠦᠷᠲᠡᠮ ᠨᠢ ᠬᠥᠮᠦᠨ ᠦ᠌ ᠪᠡᠶ᠎ᠡ ᠰᠡᠳᠬᠢᠯ ᠳᠦ ᠱᠦᠭᠯᠡᠭᠰᠡᠨ ᠨᠠᠶᠠᠨ ᠳᠦᠷᠪᠡᠨ ᠮᠢᠩᠭᠠᠨ ᠨᠢᠭᠦᠯ ᠨᠢᠰᠸᠠᠨᠨᠢᠰ ᠢ᠋ ᠠᠷᠢᠯᠭᠠᠨ ᠲᠣᠨᠢᠯᠭᠠᠬᠤ ᠪᠠᠷ ᠳᠣᠭᠰᠢᠨ ᠨᠣᠮ ᠤᠩᠰᠢᠵᠤ ᠭᠦᠷᠳᠡᠮᠳᠡᠬᠦ ᠠᠵᠢ᠃
       ᠨᠠᠶᠠᠨ ᠳᠥᠷᠪᠡᠨ ᠮᠢᠩᠭᠠᠨ ᠨᠢᠭᠦᠯ ᠠᠯᠳᠠᠰ ᠤ᠋ᠨ ᠳᠣᠲᠣᠷ᠎ᠠ ᠠ᠋ᠴᠠ ᠲᠠᠪᠤᠨ ᠭᠣᠣᠯ ᠬᠣᠣᠷ ᠪᠣᠢ ᠭᠡᠵᠦ ᠦᠵᠡᠳᠡᠭ ᠶᠦᠮ ᠂ ᠲᠡᠷᠡ ᠨᠢ ᠨᠢᠭᠡ ᠳ᠋ᠦ᠍ ᠮᠤᠩᠬᠠᠭ ᠤ᠋ᠨ ᠬᠣᠣᠷ᠂ ᠲᠡᠭᠦᠨ ᠢ᠋ ᠪᠢᠷᠤᠤᠵᠠᠨ᠎ᠠ ᠪᠤᠷᠬᠠᠨ ᠳᠠᠷᠤᠨ᠎ᠠ᠃ ᠬᠣᠶᠠᠷ ᠲᠤ᠌ ᠬᠢᠯᠢᠩᠲᠦ ᠰᠡᠳᠬᠢᠯ᠂ ᠲᠡᠭᠦᠨ ᠢ᠋ ᠠᠭᠵᠠ ᠪᠤᠷᠬᠠᠨ ᠳᠠᠷᠤᠨ᠎ᠠ᠃ ᠣᠮᠣᠭ ᠤ᠋ᠨ ᠬᠣᠣᠷ ᠢ ᠷᠠᠳᠨᠠᠰᠠᠮᠪᠤᠤ ᠳᠠᠷᠤᠨ᠎ᠠ᠃ ᠠᠲᠠᠭ᠎ᠠ ᠶ᠋ᠢ ᠠᠮᠠᠭᠠᠰᠠᠳ ᠳᠠᠷᠤᠨ᠎ᠠ᠃ ᠲᠠᠴᠢᠶᠠᠩᠭᠤᠢ ᠶ᠋ᠢ ᠠᠪᠢᠳ ᠳᠠᠷᠤᠨ᠎ᠠ᠃  ᠡᠢᠮᠦ ᠲᠠᠪᠤᠨ ᠬᠣᠣᠷ ᠢ᠋ ᠳᠠᠷᠤᠵᠤ  ᠰᠠᠩᠵᠢ  ᠭᠡᠰᠦᠯ ᠢ᠋ ᠡᠪᠡᠳᠴᠢᠨ ᠡᠴᠡ ᠠᠪᠤᠷᠠᠬᠤ ᠪᠠᠷ ᠭᠦᠷᠳᠡᠮᠪᠡ ᠪᠠᠭᠤᠵᠤ ᠭᠠᠷᠤᠯ᠎ᠠ᠃ ᠲᠢᠲᠢᠮ ᠦ᠋ᠨ ᠲᠠᠪᠤᠨ ᠪᠤᠷᠬᠠᠨ ᠤ᠋ ᠮᠠᠭᠲᠠᠭᠠᠯ ᠢ᠋ ᠳᠦᠩᠭᠢᠨᠡᠲᠡᠯ᠎ᠡ ᠤᠩᠰᠢᠵᠤ᠂ ᠰᠡᠯᠡᠮ᠎ᠡ ᠪᠡᠨ ᠨᠢᠭᠡ ᠣᠭᠰᠢᠭᠤᠯᠵᠤ ᠨᠢᠭᠡ ᠪᠤᠴᠠᠭᠠᠵᠤ᠂ ᠪᠠᠷᠠᠭᠤᠨ ᠭᠠᠷ ᠢ᠋ᠶ᠋ᠠᠷ ᠵᠡᠭᠦᠨ ᠢ᠋ ᠲᠠᠰᠢᠵᠤ ᠠ᠋᠂ ᠠ᠋᠂ ᠠ᠋ ᠭᠡᠵᠦ ᠬᠠᠰᠬᠢᠷᠤᠨ᠂ ᠵᠡᠭᠦᠨ ᠭᠠᠷ ᠢ᠋ᠶ᠋ᠠᠷ ᠪᠠᠷᠠᠭᠤᠨ ᠢ᠋ ᠲᠠᠰᠢᠵᠤ ᠬᠤᠮ᠂ ᠬᠤᠮ᠂ ᠬᠤᠮ ᠭᠡᠵᠦ ᠤᠷᠢᠯᠠᠨ᠎ᠠ᠃ᠪᠠᠷᠠᠭᠤᠨ ᠭᠠᠷ ᠢ᠋ᠶ᠋ᠠᠷ ᠵᠡᠭᠦᠨ ᠢ᠋ ᠲᠠᠰᠢᠬᠤ ᠨᠢ 《ᠶᠡᠭᠦᠳᠬᠡ!》 ᠭᠡᠰᠡᠨ ᠤᠳᠬ᠎ᠠ ᠪᠥᠭᠡᠳ ᠠ᠋᠂ ᠠ᠋᠂ ᠠ᠋ ᠨᠢ 《 ᠬᠥᠮᠦᠨ ᠦ᠌ ᠮᠢᠬ᠎ᠠ ᠶ᠋ᠢ ᠢᠳᠡᠵᠦ ᠴᠡᠩᠭᠡᠬᠦ 》 ᠬᠡᠮᠡᠭᠰᠡᠨ ᠳᠣᠬᠢᠶ᠎ᠠ ᠠᠵᠢ᠃ ᠵᠡᠭᠦᠨ ᠭᠠᠷ ᠢᠶᠠᠷ ᠪᠠᠷᠠᠭᠤᠨ ᠢ᠋ ᠲᠠᠰᠢᠬᠤ ᠨᠢ《 ᠪᠦᠷᠢᠮᠦᠰᠦᠨ ᠶᠡᠭᠦᠳᠬᠡ᠂ ᠪᠦᠷᠢᠮᠦᠰᠦᠨ ᠶᠡᠭᠦᠳᠬᠡ 》 ᠭᠡᠰᠡᠨ ᠤᠳᠬ᠎ᠠ ᠪᠥᠭᠡᠳ ᠬᠤᠮ᠂ ᠬᠤᠮ᠂ ᠬᠤᠮ ᠨᠢ ᠪᠡᠶ᠎ᠡ᠂ ᠬᠡᠯᠡ᠂ ᠰᠡᠳᠬᠢᠯ ᠭᠤᠷᠪᠠ ᠶ᠋ᠢ ᠬᠤᠷᠢᠶᠠᠵᠤ ᠡᠪᠳᠡᠬᠦ ᠰᠠᠨᠠᠭᠤᠯᠭ᠎ᠠ ᠎ᠦᠭᠡ ᠶᠦᠮ᠃
       ᠫᠦᠷᠪᠦᠳᠣᠨᠣᠢ ᠮᠠᠷᠠᠮᠪᠠ  ᠭᠦᠷᠲᠡᠮ ᠦ᠋ᠨ ᠬᠠᠵᠠᠭᠤ ᠳ᠋ᠤ᠌ ᠰᠠᠭᠤᠵᠤ ᠲᠡᠭᠦᠨ ᠦ᠌ ᠭᠦᠷᠳᠡᠮᠳᠡᠬᠦ ᠶᠢ ᠠᠵᠢᠭᠯᠠᠵᠤ  ᠪᠠᠢᠭ᠍ᠰᠠᠨ ᠢ᠋ᠶ᠋ᠠᠨ ᠰᠠᠩᠵᠢ ᠭᠡᠰᠦᠯ ᠦ᠋ᠨ ᠳᠡᠷᠭᠡᠳᠡ ᠢᠷᠡᠵᠦ ᠳᠠᠬᠢᠭᠠᠳ ᠯᠠ ᠬᠤᠪᠴᠠᠰᠤ ᠶ᠋ᠢ  ᠲᠠᠢᠯᠦᠨ ᠨᠢᠴᠦᠭᠦᠯᠡᠨ ᠡᠬᠢᠯᠡᠪᠡ᠃  ᠭᠦᠷᠲᠡᠮ ᠵᠠᠪᠠᠵᠢ ᠪᠠᠷ ᠢ᠋ᠶ᠋ᠠᠨ ᠬᠥᠭᠡᠰᠦ ᠰᠠᠬᠠᠷᠠᠭᠤᠯᠤᠨ᠂ ᠨᠢᠭᠤᠷ ᠠᠮᠠ ᠪᠠᠨ ᠲᠠᠲᠠᠪᠠᠯᠵᠠᠭᠤᠯᠤᠨ ᠪᠥᠭᠡᠯᠡᠵᠦ  ᠪᠠᠢᠭ᠍ᠰᠠᠨ ᠢ᠋ᠶ᠋ᠠᠨ ᠰᠡᠯᠡᠮ᠎ᠡ ᠪᠡᠨ ᠰᠤᠭᠤ ᠲᠡᠳᠡᠨ ᠢᠯᠡ ᠭᠠᠷᠭᠠᠵᠤ ᠰᠠᠩᠵᠢ ᠭᠡᠰᠦᠯ ᠦ᠋ᠨ ᠥᠭᠡᠳᠡ ᠡᠴᠡ  ᠣᠢᠷᠠᠲᠤᠨ ᠢᠷᠡᠪᠡ᠃ ᠫᠦᠷᠪᠦᠳᠣᠨᠣᠢ ᠮᠠᠷᠠᠮᠪᠠ᠄
      - ᠪᠢᠲᠡᠭᠡᠢ ᠠᠶᠤ᠃ ᠬᠠᠷ᠎ᠠ ᠴᠠᠭᠠᠨ ᠤ᠋ ᠵᠠᠪᠰᠠᠷ ᠢ᠋ ᠣᠯᠤᠨ᠎ᠠ᠃ ᠡᠪᠡᠳᠴᠢᠨ ᠱᠦᠭᠯᠡᠭᠰᠡᠨ ᠡᠴᠡ ᠴᠢᠨᠢ ᠠᠩᠭᠢᠵᠢᠷᠠᠭᠤᠯᠵᠤ ᠦᠭᠭᠦᠨ᠎ᠡ! ᠪᠢᠲᠡᠭᠡᠢ ᠠᠶᠤ! ᠭᠡᠵᠦ ᠢᠳᠬᠠᠪᠠ᠃
      ᠭᠦᠷᠳᠡᠮ ᠨᠠᠷᠢᠬᠠᠨ ᠬᠠᠷ᠎ᠠ ᠰᠡᠯᠡᠮ᠎ᠡ ᠪᠡᠷ ᠢ᠋ᠶ᠋ᠡᠨ ᠰᠠᠩᠵᠢ ᠭᠡᠰᠦᠯ ᠦ᠋ᠨ ᠡᠯᠢᠭᠡᠨ ᠡᠴᠡ ᠬᠣᠯᠠ ᠦᠭᠡᠢ ᠴᠠᠭᠠᠨ ᠮᠥᠭᠡᠷᠰᠦᠨ ᠦ᠌ ᠲᠤᠰᠢᠶ᠎ᠠ ᠬᠠᠳᠬᠤᠪᠠ᠃ ᠰᠡᠯᠡᠮ᠎ᠡ ᠨᠢ ᠨᠡᠪᠲᠡᠷᠡᠨ ᠣᠷᠣᠯ᠎ᠠ᠃  ᠰᠠᠩᠵᠢ ᠭᠡᠰᠦᠯ ᠤᠬᠠᠭᠠᠨ ᠠᠯᠳᠠᠪᠠ᠃ ᠳᠠᠬᠢᠨ ᠰᠡᠷᠭᠦᠭᠡᠳ ᠬᠠᠷᠠᠪᠠᠯ ᠭᠦᠷᠳᠡᠮ ᠠᠬᠢᠭᠠᠳ ᠯᠠ  ᠣᠢᠷᠠᠲᠤᠨ ᠢᠷᠡᠵᠦ ᠪᠠᠷᠠᠭᠤᠨ ᠭᠠᠷ ᠠᠴᠠ ᠨᠢ ᠠᠳᠬᠤᠨ ᠠᠪᠤᠭᠠᠳ ᠪᠤᠯᠴᠢᠩ ᠳᠤᠮᠳᠠᠭᠤᠷ ᠨᠢ ᠮᠥᠨᠥᠬᠡᠨ ᠰᠡᠯᠡᠮ᠎ᠡ ᠪᠡᠷ ᠢ᠋ᠶ᠋ᠡᠨ ᠨᠡᠪᠲᠡ ᠬᠠᠳᠬᠤᠪᠠ᠃ᠳᠠᠯᠲᠡᠰᠬᠢᠭᠰᠡᠨ  ᠰᠠᠩᠵᠢ  ᠭᠡᠰᠦᠯ ᠠᠬᠢᠭᠠᠳ ᠯᠠ ᠤᠬᠠᠭᠠᠨ ᠪᠠᠯᠠᠷᠠᠪᠠ᠃
      ᠱᠠᠵᠦᠦᠲ ᠪᠤᠶᠤ ᠡᠷᠬᠡᠲᠡᠨ ᠰᠢᠨᠵᠢᠬᠦ ᠰᠤᠳᠤᠷ ᠲᠤ᠌ ᠵᠢᠭᠠᠭᠰᠠᠨ ᠶᠣᠰᠣᠭᠠᠷ ᠬᠥᠮᠦᠨ ᠦ᠌ ᠪᠡᠶ᠎ᠡ ᠶ᠋ᠢᠨ  ᠬᠠᠷ᠎ᠠ ᠴᠠᠭᠠᠨ ᠤ᠋ ᠵᠠᠪᠰᠠᠷ ᠴᠠᠭᠠᠨ ᠮᠥᠭᠡᠷᠰᠦᠨ ᠡᠴᠡ ᠲᠤᠤᠷᠠᠠᠬᠨ᠎ᠠ᠂ ᠪᠠᠰᠠ ᠭᠠᠷ ᠤ᠋ᠨ ᠵᠥᠭᠡᠯᠡᠨ ᠪᠤᠯᠴᠢᠩ ᠳᠤᠮᠳᠠᠭᠤᠷ  ᠪᠠᠢᠷᠢᠯᠠᠬᠤ ᠪᠥᠭᠡᠳ ᠨᠡᠪᠲᠡ ᠬᠠᠳᠬᠤᠬᠤ᠂ ᠡᠰᠡᠪᠡᠯ ᠣᠭᠲᠣᠯᠵᠤ ᠪᠣᠯᠳᠠᠭ ᠠᠵᠢ᠃ ᠬᠠᠷ᠎ᠠ ᠴᠠᠭᠠᠨ ᠤ᠋ ᠵᠠᠪᠰᠠᠷ ᠢ᠋ ᠣᠯᠵᠤ ᠴᠢᠳᠠᠪᠠᠯ ᠪᠡᠶ᠎ᠡ ᠳ᠋ᠦ᠍ ᠶᠠᠮᠠᠷ ᠴᠤ᠌ ᠬᠣᠣᠷ ᠬᠥᠨᠥᠭᠡᠯ ᠦᠭᠡᠢ ᠪᠡᠷ ᠴᠤᠭᠤ ᠬᠠᠳᠬᠤᠵᠤ ᠪᠣᠯᠳᠠᠭ ᠢ᠋ ᠪᠥᠬᠡ ᠨᠠᠷ᠂ ᠭᠦᠷᠳᠡᠮ ᠨᠦᠭᠦᠳ ᠴᠢᠳᠠᠮᠠᠭ ᠠᠰᠢᠭᠯᠠᠳᠠᠭ ᠶᠤᠮ ᠭᠡᠳᠡᠭ ᠢ ᠬᠥᠭᠡᠷᠦᠬᠦᠢ ᠰᠠᠩᠵᠢ ᠭᠡᠰᠦᠯ ᠮᠡᠳᠡᠳᠡᠭ ᠦᠭᠡᠢ  ᠪᠠᠢᠯ᠎ᠠ᠃  ᠰᠠᠩᠵᠢ ᠠᠶᠤᠨ ᠰᠦᠷᠳᠡᠭᠰᠡᠨ ᠡᠴᠡ ᠪᠣᠯᠵᠤ  ᠠᠷᠠᠢᠬᠢᠨ ᠰᠡᠭᠡᠭᠡ ᠣᠷᠣᠵᠤ᠂  ᠨᠢᠳᠦ ᠪᠡᠨ ᠨᠡᠭᠡᠭᠡᠪᠡᠯ  ᠭᠦᠷᠲᠡᠮ ᠨᠢᠭᠡᠨᠲᠡ ᠳᠥᠪᠴᠢᠩᠨᠡᠬᠦ ᠪᠠᠨ ᠪᠣᠯᠢᠵᠤ᠂ ᠠᠵᠢᠯ ᠢ᠋ᠶ᠋ᠠᠨ ᠳᠠᠭᠤᠰᠬᠠᠭᠠᠳ ᠮᠠᠳᠢᠭ ᠢ᠋ᠶ᠋ᠠᠨ  ᠲᠠᠢᠯᠵᠤ ᠪᠠᠢᠵᠠᠢ᠃
       - ᠵᠦᠭᠡᠷ᠃ ᠣᠳᠣ ᠴᠢᠨᠦ  ᠪᠡᠶ᠎ᠡ ᠡᠴᠡ ᠨᠠᠶᠠᠨ ᠳᠥᠷᠪᠡᠨ ᠮᠢᠩᠭᠠᠨ ᠨᠢᠰᠸᠠᠨᠢᠰ ᠴᠢᠨᠢ  ᠵᠠᠢᠯᠠᠭ᠎ᠠ ᠪᠢᠵᠡ᠃ ᠴᠥᠮ  ᠵᠠᠢᠯᠳᠠᠭ ᠦᠭᠡᠢ ᠶᠤᠮ ᠡ ᠭᠡᠬᠦ ᠳ᠋ᠦ᠍ ᠲᠠᠪᠤᠨ ᠭᠣᠣᠯ  ᠬᠣᠣᠷ ᠠ᠋ᠴᠠ ᠪᠠᠨ ᠰᠠᠯᠤᠭ᠎ᠠ ᠪᠢᠵᠠ ᠳᠠ᠃ ᠮᠠᠷᠭᠠᠰᠢ ᠥᠷᠯᠥᠭᠡ ᠡᠳᠡᠭᠡᠨ ᠢᠯᠠᠷᠢᠰᠢᠨ᠎ᠠ! ᠭᠡᠵᠦ ᠫᠦᠷᠪᠦᠳᠣᠨᠣᠢ ᠮᠠᠷᠠᠮᠪᠠ ᠢᠳᠬᠠᠯ᠎ᠠ᠃ 
       ᠰᠠᠩᠵᠢ ᠭᠡᠰᠦᠯ ᠳᠡᠮᠡᠢ ᠯᠡ ᠲᠣᠯᠣᠭᠠᠢ ᠳᠣᠬᠢᠪᠠ᠃ 《ᠣᠳᠣ ᠶᠠᠭᠠᠬᠢᠳᠠᠭ ᠪᠣᠯ? ᠡᠯᠳᠡᠪ ᠭᠠᠢ ᠵᠡᠳᠬᠡᠷ ᠡᠴᠡ ᠰᠠᠯᠳᠠᠭ ᠪᠣᠯᠪᠠ ᠤᠤ? ᠪᠢ ᠰᠠᠢ ᠰᠡᠯᠡᠮ᠎ᠡ ᠪᠡᠷ ᠬᠠᠳᠬᠤᠭᠤᠯᠤᠭᠠᠳ ᠦᠬᠦᠭᠰᠡᠨ ᠦᠭᠡᠢ ᠭᠡᠵᠦ ᠤᠤ? ᠴᠢᠰᠤ ᠴᠤ᠌ ᠭᠠᠷᠤᠭ᠎ᠠ ᠦᠭᠡᠢ ᠶᠦᠮ  ᠪᠠᠢᠬᠤ ᠳᠠ? ᠣᠰᠣᠯᠳᠠᠬᠤ ᠦᠭᠡᠢ ᠯᠡ ᠥᠷᠥᠴᠡ ᠤᠷᠤᠭᠤ ᠰᠡᠯᠡᠮ᠎ᠡ ᠨᠢ ᠨᠡᠪᠲᠡᠯᠦᠨ ᠣᠷᠣᠭᠰᠠᠨ᠃ ᠪᠠᠰᠠ ᠭᠠᠷ ᠤ᠋ᠨ ᠪᠤᠯᠴᠢᠩ ᠢ᠋ ᠴᠤ᠌ ᠬᠠᠳᠬᠤᠵᠤ  ᠪᠠᠢᠭ᠍ᠰᠠᠨ᠃ ᠲᠡᠭᠡᠭᠡᠳ ᠦᠬᠦᠭᠰᠡᠨ ᠦᠭᠡᠢ ᠦᠯᠡᠳᠡᠭᠰᠡᠨ ᠶᠦᠮ ᠤᠤ? ᠡᠨᠡ ᠦᠨᠡᠨ ᠭᠡᠵᠦ ᠤᠤ? ᠭᠡᠮᠡᠨ  ᠰᠠᠩᠵᠢ ᠪᠣᠳᠣᠭᠠᠳ ᠥᠷᠥᠴᠡ ᠪᠡᠨ ᠢᠯᠠᠵᠤ ᠦᠵᠡᠪᠡᠯ ᠴᠢᠰᠤ ᠭᠠᠷᠤᠭ᠎ᠠ ᠦᠭᠡᠢ ᠪᠠᠶᠢᠯ᠎ᠠ᠃
       - ᠭᠦᠷᠳᠡᠮ ᠷᠢᠳᠢ ᠰᠢᠳᠢ ᠲᠡᠢ ᠰᠡᠯᠡᠮ᠎ᠡ ᠪᠡᠷ ᠢ᠋ᠶ᠋ᠡᠨ  ᠴᠢᠮᠠᠶ᠋ᠢ ᠪᠢᠰᠢ ᠬᠠᠷᠢᠨ ᠴᠢᠮ᠎ᠠ ᠳ᠋ᠤ᠌ ᠱᠦᠭᠯᠡᠭᠰᠡᠨ ᠨᠢᠰᠪᠠ ᠪᠠᠨᠨᠢᠰ ᠢ᠋ ᠦᠬᠦᠭᠦᠯᠦᠭᠰᠡᠨ ᠶᠦᠮ᠃ ᠣᠳᠣ ᠴᠢ ᠲᠠᠪᠠᠲᠠᠢ ᠠᠮᠠᠷᠠᠭᠠᠳ ᠮᠠᠷᠭᠠᠰᠢ ᠭᠡᠷ ᠲᠦ᠍ ᠪᠡᠨ ᠬᠠᠷᠢ! ᠭᠡᠵᠦ ᠫᠦᠷᠪᠦᠳᠣᠨᠣᠢ ᠮᠠᠷᠠᠮᠪᠠ  ᠰᠠᠩᠵᠢ  ᠭᠡᠰᠦᠯ ᠳ᠋ᠦ᠍ ᠢᠳᠬᠠᠯ᠎ᠠ᠃《ᠨᠡᠭᠡᠷᠡᠨ ᠯᠡ ᠢᠳᠡ ᠰᠢᠳᠢ ᠲᠡᠢ ᠰᠡᠯᠡᠮ᠎ᠡ  ᠪᠠᠢᠨ᠎ᠠ᠃ ᠠᠯᠪᠢᠨ ᠰᠡᠯᠡᠮ᠎ᠡ ᠭᠡᠳᠡᠭ ᠴᠢᠨᠢ ᠡᠨᠡ  ᠪᠠᠢᠵᠠᠢ᠃ ᠢᠯᠳᠦᠴᠢ ᠬᠦᠮᠦᠨ ᠦ᠌ ᠭᠠᠷ ᠲᠤ᠌ ᠦᠬᠦᠭᠡ ᠦᠭᠡᠢ ᠪᠣᠯᠬᠣᠷ ᠮᠠᠷᠠᠮᠪᠠ ᠶ᠋ᠢᠨ ᠬᠡᠯᠡᠳᠡᠭ ᠦᠨᠡᠨ ᠯᠡ  ᠪᠠᠢᠵᠤ ᠲᠠᠭᠠᠷᠠᠨ᠎ᠠ》ᠭᠡᠵᠦ  ᠭᠡᠰᠦᠯ  ᠪᠣᠳᠣᠯ᠎ᠠ ᠃
     ᠁ ᠮᠠᠷᠭᠠᠰᠢ ᠥᠷᠯᠥᠭᠡ ᠨᠢ ᠪᠣᠰᠬᠤ ᠳ᠋ᠤ᠌ ᠭᠡᠰᠦᠯ ᠰᠠᠩᠵᠢ ᠶ᠋ᠢᠨ ᠪᠡᠶ᠎ᠡ  ᠰᠠᠢᠵᠢᠷᠠᠭᠰᠠᠨ ᠶᠠᠭᠤᠮ᠎ᠠ ᠦᠭᠡᠢ ᠬᠠᠭᠤᠴᠢᠨ ᠬᠡᠪ ᠢ᠋ᠶ᠋ᠡᠷ ᠢ᠋ᠶ᠋ᠡᠨ  ᠪᠠᠢᠯ᠎ᠠ᠃ ᠪᠣᠰᠬᠤ ᠭᠡᠬᠦ ᠳ᠋ᠦ᠍ ᠲᠣᠯᠣᠭᠠᠢ ᠡᠷᠭᠢᠨ ᠳᠣᠲᠣᠷ᠎ᠠ ᠪᠠᠯᠠᠷᠲᠤᠵᠤ᠂ ᠤᠨᠠᠮᠠᠷ ᠪᠣᠯᠤᠨ᠎ᠠ᠃ ᠰᠠᠭᠤᠬᠤ ᠭᠡᠬᠦ ᠳ᠋ᠦ᠍ ᠮᠥᠨ ᠲᠡᠷᠡᠴᠢᠯᠡᠨ ᠰᠢᠨᠠᠯᠤᠨ᠎ᠠ᠃ ᠥᠴᠥᠭᠡᠳᠦᠷ ᠦ᠋ᠨ ᠭᠦᠷᠲᠡᠮ ᠳᠦ ᠰᠡᠯᠡᠮ᠎ᠡ ᠪᠡᠷ ᠬᠠᠳᠬᠤᠭᠤᠯᠤᠭᠰᠠᠨ ᠥᠷᠥᠴᠡᠨ ᠲᠤᠰᠢᠶ᠎ᠠ ᠨᠢ ᠴᠤ᠌ ᠭᠡᠰᠡᠨ ᠪᠤᠯᠴᠢᠩ ᠳ᠋ᠤ᠌ ᠨᠢ ᠴᠤ᠌ ᠭᠡᠰᠡᠨ ᠦᠯᠦ ᠶᠠᠯᠢᠭ ᠬᠥᠨᠳᠡᠭᠦᠷ  ᠪᠠᠢᠯ᠎ᠠ᠃ ᠦᠨᠡᠬᠡᠷ ᠯᠡ ᠮᠡᠰᠡ ᠬᠦᠷᠦᠭᠰᠡᠨ ᠨᠢ ᠢᠯᠡᠳᠲᠡ ᠠᠵᠢ᠃ ᠭᠡᠪᠡᠴᠦ ᠡᠳᠡᠭᠡᠷᠡᠵᠦ ᠳᠡᠭᠡᠷᠡᠳᠡᠭᠰᠡᠨ ᠶᠠᠭᠤᠮ᠎ᠠ ᠠᠯᠠᠭ᠎ᠠ  ᠪᠠᠢᠪᠠ᠃
       - ᠥᠨᠥᠳᠥᠷ ᠵᠢᠩᠳᠠᠭᠠᠨ ᠤ᠋ ᠬᠢᠨ ᠴᠢᠨᠢ ᠢᠷᠡᠨ᠎ᠡ ᠪᠢᠵᠡ᠃ ᠭᠡᠷ ᠲᠦ᠍ ᠪᠡᠨ ᠬᠠᠷᠢᠵᠤ ᠬᠡᠪᠲᠡᠪᠡᠯ ᠲᠠᠭᠠᠷᠠᠨ᠎ᠠ᠃ᠪᠢ ᠬᠡᠳᠦ ᠬᠣᠨᠣᠭ ᠤ᠋ᠨ ᠮᠥᠷᠭᠥᠯ  ᠢᠶᠠᠷ ᠰᠢᠬᠠᠴᠠ ᠶ᠋ᠢᠨ ᠬᠦᠷᠢᠶ᠎ᠡ ᠣᠷᠣᠬᠤ ᠪᠠᠷ ᠶᠠᠪᠤᠬᠤ  ᠪᠣᠯᠣᠯ᠎ᠠ ᠭᠡᠵᠦ ᠥᠷᠯᠥᠭᠡᠭᠦᠷ ᠫᠦᠷᠪᠦᠳᠣᠨᠣᠢ ᠮᠠᠷᠠᠮᠪᠠ ᠬᠡᠯᠡᠪᠡ᠃
     - ᠲᠡᠭᠡᠶ᠎ᠡ᠂ ᠲᠡᠭᠡᠶ᠎ᠡ᠃ ᠬᠠᠷᠢᠨ  ᠨᠠᠮᠠᠶ᠋ᠢ ᠡᠳᠡᠭᠡᠷᠡᠬᠦ ᠪᠡᠷ ᠲᠠ ᠨᠠᠳᠠ ᠳ᠋ᠤ᠌ ᠮᠠᠨᠠᠯ ᠤ᠋ᠨ ᠨᠣᠮ ᠵᠢᠭᠠᠵᠤ ᠥᠭᠭᠦᠨ᠎ᠡ ᠭᠡᠰᠡᠨ ᠢ᠋ᠶ᠋ᠡᠷ ᠢ᠋ᠶ᠋ᠡᠨ ᠪᠢᠵᠡ? ᠭᠡᠵᠦ  ᠰᠠᠩᠵᠢ ᠳᠣᠷᠣᠢ ᠳᠠᠭᠤ ᠪᠠᠷ ᠠᠰᠠᠭᠤᠯ᠎ᠠ. 《ᠮᠥᠳᠳᠥᠬᠡᠨ ᠥᠩᠭᠡᠷᠡᠭᠡᠳ ᠥᠭᠬᠦ ᠶ᠋ᠢ ᠰᠠᠨᠠᠬᠤ ᠦᠭᠡᠢ  ᠶᠠᠭᠠᠬᠢᠭ᠍ᠰᠠᠨ ᠴᠤ᠌  ᠳᠠᠪᠠᠯᠤᠭᠤᠨ ᠶᠤᠮ ᠪᠣᠢ? ᠶᠡᠷᠦ ᠨᠢ ᠡᠨᠡ ᠦᠬᠡᠷ ᠮᠣᠩᠭᠣᠯᠴᠤᠳ  ᠡᠢᠮᠦ ᠯᠡ ᠮᠠᠩᠭᠠᠷ ᠠᠮᠢᠲᠠᠳ ᠰᠢᠦ》 ᠭᠡᠵᠦ ᠫᠦᠷᠪᠦᠳᠣᠨᠣᠢ ᠮᠠᠷᠠᠮᠪᠠ  ᠳᠤᠷ᠎ᠠ  ᠦᠭᠡᠢᠴᠡᠨ ᠪᠣᠳᠣᠭᠰᠠᠨ ᠪᠣᠯᠪᠠᠴᠤ ᠲᠡᠭᠦᠨ ᠢ᠋ᠶ᠋ᠡᠨ ᠢᠯᠡ ᠭᠠᠷᠭᠠᠭᠰᠠᠨ ᠦᠭᠡᠢ᠃
       - ᠵᠠ  ᠶᠠᠭᠠᠬᠢᠬᠤᠪ᠂ ᠲᠡᠭᠡᠵᠦ ᠯᠡ ᠦᠵᠡᠶ᠎ᠡ ᠭᠡᠵᠦ ᠬᠡᠯᠡᠪᠡ᠃ 
       ᠰᠠᠩᠵᠢ ᠲᠡᠭᠦᠨ ᠳ᠋ᠦ᠍ ᠪᠠᠶᠠᠷᠯᠠᠵᠤ᠂ 《ᠠᠰᠢᠭᠦᠢ ᠪᠢ ᠶᠡᠷᠦ ᠨᠢ ᠦᠬᠦᠬᠦ ᠦᠭᠡᠢ ᠯᠡ ᠶᠦᠮ  ᠪᠠᠢᠨ᠎ᠠ᠃ᠮᠠᠷᠠᠮᠪᠠᠲᠠᠨ ᠨᠠᠳᠠ ᠳ᠋ᠤ᠌ ᠣᠲᠠᠴᠢ ᠮᠠᠨᠠᠯ ᠤ᠋ᠨ ᠤᠬᠠᠭᠠᠨ ᠵᠢᠭᠠᠵᠤ ᠥᠭᠬᠦ ᠪᠡᠷ ᠠᠮᠠᠯᠠᠵᠤ  ᠪᠠᠢᠬᠤ ᠲᠣ ᠪᠢ  ᠶᠠᠭᠠᠬᠢᠵᠤ ᠦᠬᠦᠬᠦ ᠪᠣᠢ? ᠡᠳᠡᠭᠡᠷᠡᠬᠦ  ᠪᠠᠢᠬ᠎ᠠ》 ᠭᠡᠵᠦ  ᠭᠣᠷᠢᠳᠠᠯᠭ᠎ᠠ ᠲᠠᠢ ᠪᠠᠷ ᠪᠣᠳᠣᠯ᠎ᠠ᠃ ᠲᠡᠷᠡ ᠳᠠᠷᠤᠢ ᠮᠠᠷᠠᠮᠪᠠ ᠭᠠᠷᠴᠤ ᠶᠠᠪᠤᠪᠠ᠃ ᠤᠳᠠᠯ ᠦᠭᠡᠢ ᠨᠢᠭᠡ  ᠵᠢᠩᠳᠠᠭᠠᠨ ᠤ᠋ ᠬᠢᠨ ᠨᠢ ᠢᠷᠡᠵᠦ ᠵᠤᠲᠠᠩ ᠠᠪᠴᠢᠷᠠᠵᠤ ᠦᠭᠭᠦᠯ᠎ᠡ᠃ ᠲᠡᠷᠡ ᠨᠢ ᠠᠮᠠᠨ ᠠ᠋ᠴᠠ ᠪᠤᠴᠠᠭᠠᠳ ᠭᠠᠷᠴᠤ  ᠪᠠᠢᠪᠠ᠃
       - ᠮᠠᠷᠠᠮᠪᠠ  ᠨᠠᠮᠠᠶ᠋ᠢ ᠬᠠᠷᠢ ᠭᠡᠰᠡᠨ᠃ ᠲᠠ ᠨᠠᠷ ᠭᠡᠷ ᠲᠦ᠍ ᠮᠢᠨᠢ ᠬᠦᠷᠭᠡᠭᠡᠳ ᠥᠭᠭᠦᠭᠡᠴᠢ ᠭᠡᠵᠦ ᠰᠠᠩᠵᠢ ᠭᠡᠰᠦᠯ ᠭᠤᠶᠤᠯ᠎ᠠ᠃ ᠨᠥᠬᠥᠳ ᠨᠢ᠂
       - ᠮᠠᠷᠠᠮᠪᠠ ᠪᠢᠳᠡᠨ ᠳ᠋ᠦ᠍ ᠬᠡᠯᠡᠭᠰᠡᠨ᠃ ᠲᠡᠭᠡᠭᠡᠳ ᠨᠢᠭᠡ ᠡᠯᠵᠢᠭᠡᠨ ᠲᠡᠷᠭᠡ ᠣᠯᠵᠤ ᠢᠷᠡᠯ᠎ᠡ᠃ ᠣᠳᠣ ᠶᠠᠪᠤᠬᠤ ᠠ᠋ᠴᠠ ᠶᠠᠭᠠᠬᠢᠬᠤ ᠪᠤᠢ᠃ ᠮᠠᠷᠠᠮᠪᠠ ᠥᠨᠥᠳᠥᠷ ᠰᠢᠬᠠᠴᠠ ᠣᠷᠣᠬᠤ ᠪᠠᠷ ᠶᠠᠪᠤᠬᠤ ᠭᠡᠨ᠎ᠡ ᠭᠡᠵᠡᠢ᠃  ᠲᠡᠢᠮᠦ ᠠᠷᠭ᠎ᠠ ᠪᠠᠷ ᠰᠠᠩᠵᠢ ᠠ᠋ᠴᠠ ᠬᠣᠯᠠᠳᠠᠬᠤ ᠶ᠋ᠢ ᠬᠦᠰᠡᠵᠡᠢ᠃ 
       ᠰᠠᠩᠵᠢ ᠭᠡᠰᠦᠯ ᠢ᠋ ᠨᠥᠬᠥᠳ ᠨᠢ ᠡᠯᠵᠢᠭᠡᠨ ᠲᠡᠷᠭᠡᠨ ᠳ᠋ᠦ᠍ ᠬᠡᠪᠲᠡᠭᠦᠯᠵᠦ ᠭᠡᠷ ᠲᠦ᠍ ᠨᠢ ᠬᠦᠷᠭᠡᠵᠦ ᠣᠴᠢᠪᠠ᠃ ᠬᠥᠬᠡᠨᠠᠭᠤᠷ ᠤ᠋ᠨ ᠥᠭᠡᠯᠡᠳ ᠪᠠᠯᠲᠠ  ᠨᠤᠲᠤᠭ  ᠣᠢᠷᠠᠯᠴᠠᠭ᠎ᠠ ᠪᠠᠷ ᠢ᠋ᠶ᠋ᠠᠨ ᠰᠠᠩᠵᠢ ᠳ᠋ᠤ᠌ ᠲᠠᠯ᠎ᠠ ᠥᠭᠳᠡᠭ ᠲᠤᠯᠠ᠄
      - ᠪᠢ ᠬᠠᠯᠬ᠎ᠠ  ᠮᠢᠴᠠᠩ (ᠣᠲᠣᠭ)  ᠢᠶᠠᠷ ᠶᠠᠪᠤᠯ᠎ᠠ᠃ ᠨᠢᠭᠡ ᠬᠥᠭᠰᠢᠨ  ᠰᠢᠮᠠᠨᠠᠴᠠ ᠲᠠᠢ ᠠᠭᠤᠯᠵᠠᠯ᠎ᠠ᠃ ᠲᠡᠷᠡ ᠴᠢᠨᠦ ᠪᠡᠶ᠎ᠡ ᠶ᠋ᠢ ᠦᠵᠡᠵᠦ ᠦᠭᠭᠦᠨ᠎ᠡ ᠭᠡᠰᠡᠨ᠃ ᠮᠠᠷᠭᠠᠰᠢ ᠢᠷᠡᠬᠦ  ᠪᠠᠢᠬ᠎ᠠ ᠭᠡᠵᠦ ᠶᠠᠷᠢᠯ᠎ᠠ᠃ ᠰᠠᠩᠵᠢ ᠬᠠᠯᠬ᠎ᠠ ᠭᠡᠰᠡᠨ ᠦᠭᠡ ᠶ᠋ᠢ ᠰᠣᠨᠣᠰᠤᠭᠠᠳ ᠰᠡᠳᠬᠢᠯ ᠨᠢ ᠪᠠᠭᠠᠬᠠᠨ ᠰᠡᠷᠭᠦᠵᠦ᠄
       - ᠬᠠᠯᠬ᠎ᠠ ᠬᠥᠮᠦᠨ ᠤᠤ? ᠭᠡᠬᠦ ᠳ᠋ᠦ᠍ ᠪᠠᠯᠲᠠ ᠄
       - ᠬᠠᠯᠬ᠎ᠠ ᠪᠠᠢᠬ᠎ᠠ ! ᠡᠰᠡᠪᠡᠯ ᠁ ᠥᠭᠡᠯᠡᠳ ᠴᠤ᠌ ᠶᠤᠮ ᠤᠤ? ᠵᠠ ᠲᠡᠷᠡ ᠶ᠋ᠢ ᠬᠡᠨ ᠮᠡᠳᠡᠯ᠎ᠡ᠃ ᠬᠠᠷᠢᠨ  ᠰᠢᠮᠠᠨᠠᠴᠠ᠎ ᠶ᠋ᠢᠨ ᠰᠠᠬᠢᠯ ᠲᠠᠢ ᠯᠠ ᠬᠥᠮᠦᠨ ᠪᠢᠯᠡ ᠭᠡᠪᠡ᠃ 
        ᠰᠢᠮᠠᠨᠠᠴᠠ ᠶ᠋ᠢᠨ ᠲᠤᠬᠠᠢ ᠰᠣᠨᠣᠰᠬᠤ ᠳ᠋ᠤ᠌ ᠡᠵᠢ ᠶ᠋ᠢ ᠪᠡᠨ ᠡᠷᠭᠢᠨ ᠰᠠᠨᠠᠵᠠᠢ᠃ ᠬᠥᠭᠡᠷᠦᠬᠦᠢ ᠡᠵᠢ ᠨᠢ ᠶᠠᠳᠠᠭᠤ ᠵᠦᠳᠡᠭᠦᠦ ᠪᠦᠰᠡᠭᠦᠢ  ᠪᠠᠢᠬᠤ ᠳ᠋ᠠᠭᠠᠨ ᠪᠤᠶᠠᠨᠵᠠᠯᠪᠢᠷᠠᠬᠤ  ᠬᠡᠢᠳ ᠦᠨ ᠪᠠᠯᠢᠩ᠂ ᠱᠠᠯᠰᠠᠢ ᠲᠡᠭᠦᠵᠦ ᠢᠳᠡᠵᠦ ᠶᠠᠪᠤᠬᠤ ᠦᠶ᠎ᠡ ᠳ᠋ᠦ᠍ ᠨᠢᠭᠡ ᠪᠤᠰᠤ ᠤᠳᠠᠭ᠎ᠠ  ᠰᠢᠮᠠᠨᠠᠴᠠ ᠶ᠋ᠢᠨ ᠰᠠᠬᠢᠯ ᠬᠦᠷᠲᠡᠬᠦ ᠲᠤᠬᠠᠢ ᠮᠥᠷᠥᠭᠡᠳᠦᠭᠰᠡᠨ ᠶᠦᠮ ᠭᠡᠳᠡᠭ᠃ ᠲᠡᠷᠡ ᠲᠤᠬᠠᠢ ᠶ᠋ᠢ ᠪᠡᠨ ᠬᠣᠵᠢᠮ ᠰᠠᠩᠵᠢ ᠳ᠋ᠤ᠌ ᠶᠠᠷᠢᠵᠤ《 ᠰᠢᠮᠠᠨᠠᠴᠠ ᠪᠣᠯᠴᠢᠬᠠᠭᠰᠠᠨ ᠪᠣᠯ  ᠬᠦᠦ ᠴᠢᠮᠠᠶ᠋ᠢ ᠪᠠᠨ ᠲᠥᠷᠥᠭᠦᠯᠵᠦ ᠴᠢᠳᠠᠬᠤ ᠦᠭᠡᠢ ᠯᠡ  ᠪᠠᠢᠬᠤ ᠪᠠᠢᠵᠤ ᠳᠠ᠃  ᠰᠢᠮᠠᠨᠠᠴᠠ ᠪᠣᠯᠴᠢᠬᠠᠭ᠎ᠠ ᠦᠭᠡᠢ ᠮᠢᠨᠢ ᠶᠠᠭᠠᠮᠠᠢ᠃ ᠠᠪᠤ ᠴᠢᠨᠢ ᠯᠡ ᠬᠣᠷᠢᠭᠯᠠᠵᠤ ᠠᠪᠤᠷᠠᠭᠰᠠᠨ ᠶᠤᠮ ᠳᠠ》 ᠭᠡᠵᠦ ᠬᠡᠯᠡᠬᠦ ᠳ᠋ᠦ᠍ ᠶᠡᠬᠡ  ᠭᠠᠢᠬᠠᠳᠠᠭ ᠰᠠᠨ᠃
       - ᠶᠠᠭᠠᠬᠢᠭᠠᠳ? ᠭᠡᠵᠦ  ᠰᠠᠩᠵᠢ ᠠᠰᠠᠭᠤᠭᠰᠠᠨ ᠴᠣ ᠤᠳᠠᠭ᠎ᠠ ᠪᠣᠢ᠃
       - ᠶᠠᠭᠠᠬᠢᠬᠤᠪ ᠳᠠ᠂  ᠰᠢᠮᠠᠨᠠᠴᠠ ᠶ᠋ᠢᠨ ᠰᠠᠬᠢᠯ ᠬᠦᠷᠲᠡᠴᠢᠬᠡᠭᠰᠡᠨ ᠬᠥᠮᠦᠨ ᠬᠥᠮᠦᠨ ᠲᠡᠢ ᠰᠠᠭᠤᠬᠤ᠂ ᠬᠡᠦᠬᠡᠳ ᠭᠠᠷᠭᠠᠬᠤ ᠶ᠋ᠢ ᠲᠡᠪᠴᠢᠳᠡᠭ ᠶᠣᠰᠣ ᠲᠠᠢ ᠶᠤᠮ᠃ ᠲᠡᠭᠡᠭᠡᠳ ᠯᠡ ᠲᠡᠷᠡ ᠭᠡᠵᠦ ᠡᠵᠢ ᠨᠢ  ᠲᠠᠢᠯᠪᠤᠷᠢᠯᠠᠵᠠᠢ᠃ ᠰᠠᠩᠵᠢ ᠲᠡᠢᠨᠬᠦ  ᠣᠢᠯᠠᠭᠠᠭᠰᠠᠨ᠃ 
       ᠬᠣᠵᠢᠮ ᠨᠢ ᠵᠠᠯᠠᠭᠤᠬᠠᠨ ᠵᠠᠷᠢᠮ ᠭᠡᠵᠢᠭᠡ ᠲᠡᠢ ᠨᠠᠷ  ᠰᠢᠮᠠᠨᠠᠴᠠ ᠶ᠋ᠢᠨ ᠰᠠᠬᠢᠯ ᠭᠦᠷᠲᠡᠭᠡᠳ ᠥᠰᠥᠭᠡᠢ ᠳᠠᠷᠤᠭᠰᠠᠨ ᠤᠷᠲᠤ ᠬᠠᠷ᠎ᠠ ᠭᠡᠵᠢᠭᠡ ᠪᠡᠨ  ᠬᠠᠢᠷ᠎ᠠ ᠨᠠᠢᠷ ᠦᠭᠡᠢ ᠳᠠᠭᠠᠷᠢᠭᠤᠯᠤᠨ᠂ ᠦᠰᠦ ᠪᠡᠨ ᠬᠤᠰᠤᠭᠤᠯᠤᠭᠠᠳ ᠪᠠᠨᠳᠢ ᠨᠠᠷ ᠰᠢᠭ᠋ ᠮᠤᠯᠵᠠᠩ ᠲᠣᠯᠣᠭᠠᠢ ᠲᠠᠢ ᠪᠣᠯᠤᠭᠠᠳ  ᠰᠢᠮᠠᠨᠠᠴᠠ ᠶ᠋ᠢᠨ ᠰᠠᠬᠢᠯ ᠬᠦᠷᠲᠡᠵᠦ ᠮᠠᠨᠢ ᠤᠩᠰᠢᠵᠤ᠂ ᠮᠢᠬ᠎ᠠ ᠶ᠋ᠢ ᠴᠡᠭᠡᠷᠯᠡᠵᠦ᠂ ᠬᠤᠸᠠᠷᠠᠭ ᠤ᠋ᠳ ᠳᠣᠲᠣᠷ᠎ᠠ ᠲᠠᠨᠢᠭᠳᠠᠬᠤ ᠦᠭᠡᠢ ᠶᠠᠪᠤᠵᠠᠭᠠᠵᠤ  ᠪᠠᠢᠬᠤ ᠶ᠋ᠢ ᠴᠤ᠌ ᠰᠠᠩᠵᠢ ᠭᠡᠰᠦᠯ ᠨᠢᠳᠦ ᠪᠡᠷ ᠦᠵᠡᠭᠰᠡᠨ᠃
      -  ᠰᠢᠮᠠᠨᠠᠴᠠ ᠲᠤᠰᠠ ᠪᠣᠯᠬᠤ ᠪᠣᠯᠪᠠ ᠤᠤ? ᠭᠡᠵᠦ ᠰᠠᠩᠵᠢ ᠭᠡᠰᠦᠯ ᠪᠠᠯᠲᠠ ᠳ᠋ᠦ᠍ ᠢᠲᠡᠭᠡᠯ  ᠮᠠᠭᠤᠲᠠᠢᠬᠠᠨ ᠬᠡᠯᠡᠭᠰᠡᠨ ᠳ᠋ᠦ᠍᠂ ᠲᠡᠷᠡ ᠪᠡᠷ ᠭᠡᠰᠦᠯ ᠦ᠋ᠨ ᠴᠢᠬᠢᠨ ᠳ᠋ᠦ᠍ ᠰᠢᠪᠡᠨᠡᠵᠦ᠄
      - ᠵᠣᠷ ᠲᠠᠨᠢᠳᠠᠭ ᠦᠭᠡᠢ ᠯᠠᠮ᠎ᠠ ᠠ᠋ᠴᠠ ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ ᠭᠡᠳᠡᠭ ᠪᠢᠵᠡ ᠳᠡ᠃ ᠶᠠᠭᠠᠬᠢᠬᠤ ᠪᠤᠢ ᠂ ᠦᠵᠡᠭ ! ᠬᠡᠪ᠃
       ᠠᠷᠠᠳ ᠤ᠋ᠨ ᠳᠤᠮᠳᠠ ᠬᠡᠯᠡᠯᠴᠡᠳᠡᠭ ᠲᠡᠷᠡ ᠦᠭᠡᠨ ᠳ᠋ᠦ᠍ ᠰᠠᠩᠵᠢ ᠨᠢᠭᠡ ᠶᠡᠬᠡ ᠢᠲᠡᠭᠡᠳᠡᠭ ᠦᠭᠡᠢ  ᠪᠠᠢᠯ᠎ᠠ᠃  ᠯᠠᠮ᠎ᠠ ᠪᠠᠭᠰᠢ ᠶ᠋ᠢᠨ ᠨᠡᠷ᠎ᠡ ᠬᠦᠨᠳᠦ᠂ ᠠᠷᠭ᠎ᠠ ᠪᠢᠯᠢᠭ ᠶᠠᠭᠤᠨ ᠠ᠋ᠴᠠ ᠴᠤ᠌ ᠡᠷᠬᠢᠮ ᠭᠡᠵᠦ ᠯᠠᠪᠲᠠᠢ ᠤᠬᠠᠪᠤᠷᠢᠯᠠᠭᠰᠠᠨ ᠵᠠᠯᠠᠭᠤ  ᠭᠡᠰᠦᠯ ᠡᠨᠡ ᠤᠳᠠᠭ᠎ᠠ ᠴᠤ᠌ ᠲᠡᠷᠡ  ᠬᠦ᠌ ᠰᠢᠮᠠᠨᠠᠴᠠ ᠶ᠋ᠢᠨ ᠢᠳᠢ ᠰᠢᠳᠢ ᠳ᠋ᠦ᠍ ᠨᠢᠭᠡ ᠶᠡᠬᠡ ᠪᠢᠰᠢᠷᠡᠭᠰᠡᠨ ᠦᠭᠡᠢ᠃
     ᠁ ᠮᠠᠷᠭᠠᠰᠢ ᠨᠢ ᠦᠨᠡᠬᠡᠷ ᠨᠢᠭᠡᠨ ᠬᠢᠵᠢᠶᠡᠯᠢ ᠨᠠᠰᠤᠨ ᠤ᠋ ᠰᠢᠮᠠᠨᠠᠴᠠ ᠢᠷᠡᠪᠡ᠃  ᠰᠠᠩᠵᠢ ᠵᠢ ᠬᠠᠷᠠᠮᠠᠭᠴᠠ ᠲᠡᠭᠦᠨ ᠳ᠋ᠦ᠍ ᠥᠷᠥ ᠡᠪᠡᠳᠬᠦ ᠰᠡᠳᠬᠢᠯ ᠲᠥᠷᠦᠵᠡᠢ᠃
      - ᠬᠥᠭᠡᠷᠦᠬᠦᠢ ᠠᠮᠢᠲᠠᠨ᠃ ᠡᠨᠡ ᠴᠢᠨᠢ ᠭᠤᠷᠠᠩᠬᠤᠯᠠᠵᠤ ᠳᠣᠲᠣᠷ᠎ᠠ᠂ ᠭᠠᠳᠠᠨ᠎ᠠ ᠬᠣᠶᠠᠷ ᠠ᠋ᠴᠠ ᠪᠠᠨ ᠮᠡᠳᠡᠭᠳᠡᠵᠦ  ᠪᠠᠢᠭ᠎ᠠ ᠶᠤᠮ  ᠪᠠᠢᠨ᠎ᠠ ᠳᠠ᠃ ᠡᠨᠡᠭᠦᠨ ᠲᠦ᠍ ᠶᠠᠮᠠᠷ ᠴᠤ᠌ ᠭᠦᠷᠢᠮ ᠨᠣᠮ᠂ ᠡᠷᠭᠦᠯ ᠪᠠᠷᠢᠴᠠ ᠬᠡᠷᠡᠭ ᠦᠭᠡᠢ ᠭᠡᠵᠦ ᠲᠡᠷᠡ ᠰᠢᠮᠠᠨᠠᠴᠠ ᠬᠡᠯᠡᠵᠡᠢ᠃  ᠰᠠᠩᠵᠢ ᠲᠡᠷᠡ ᠦᠭᠡᠨ ᠳ᠋ᠦ᠍ ᠶᠡᠬᠡ ᠯᠡ ᠭᠣᠮᠣᠳᠠᠪᠠ᠃ ᠤᠤᠯ ᠤᠴᠢᠷ ᠢ᠋ ᠨᠢ ᠣᠶᠢᠯᠠᠭᠠᠭᠰᠠᠨ ᠦᠭᠡᠢ ᠡᠴᠡ  ᠲᠡᠢᠮᠦ ᠪᠣᠯᠵᠠᠢ᠃
       - ᠵᠠᠯᠠᠭᠤ ᠪᠠᠨᠳᠢ ᠨᠠᠷ ᠶᠠᠪᠤᠵᠠᠭ᠎ᠠ! ᠣᠯᠠᠭᠤᠯᠠ ᠪᠠᠨ ᠰᠡᠭ ᠳᠡᠭᠡᠷ᠎ᠡ ᠣᠪᠣᠭᠠᠷᠠᠳᠠᠭ ᠦᠬᠡᠷ ᠰᠢᠭ ᠶᠠᠭᠤ ᠭᠡᠵᠦ ᠡᠨᠡ  ᠳᠣᠷᠣᠢᠳᠠᠭᠰᠠᠨ ᠥᠭᠯᠢᠭᠡ ᠶ᠋ᠢᠨ ᠡᠵᠡᠨ ᠢ᠋ ᠲᠣᠭᠣᠷᠢᠭ᠎ᠠ ᠪᠣᠢ? ᠪᠢ ᠡᠭᠦᠨ ᠢ᠋ ᠬᠥᠮᠦᠨ ᠪᠣᠯᠭᠠᠪᠠᠯ ᠪᠣᠯᠭᠠᠭᠠᠳ ᠪᠣᠯᠭᠠᠬᠤ ᠦᠭᠡᠢ ᠪᠣᠯ ᠳ᠋ᠤᠨᠵᠤᠨᠫᠠ ᠨᠠᠷ ᠲᠤ᠌ ᠦᠭᠦᠶ᠎ᠡ ᠭᠡᠵᠦ ᠰᠢᠮᠠᠨᠠᠴᠠ ᠭᠠᠰᠢᠭᠤᠨ ᠦᠭᠡ ᠬᠡᠯᠡᠯ᠎ᠡ᠃  ᠵᠢᠩᠳᠠᠭᠠᠨ ᠤ᠋ ᠬᠢᠨ ᠨᠢ  ᠳᠤᠷ᠎ᠠ ᠦᠭᠡᠢᠴᠡᠯ ᠢᠶᠡᠨ ᠨᠢᠭᠤᠵᠤ ᠶᠠᠳᠠᠨ᠄
      -  ᠳ᠋ᠤᠨᠵᠤᠨᠫᠠ ᠳ᠋ᠦ᠍ ᠪᠢᠰᠢ ᠪᠢᠳᠡᠨ ᠳ᠋ᠦ᠍ ᠬᠡᠷᠡᠭᠲᠡᠢ ᠬᠥᠮᠦᠨ ᠰᠢᠦ ᠭᠡᠵᠡᠭᠡᠯ᠎ᠡ᠃ ᠰᠢᠮᠠᠨᠠᠴᠠ ᠠᠭᠤᠷᠯᠠᠵᠤ᠄
      - ᠲᠠ ᠨᠠᠷ ᠰᠡᠭ ᠢᠳᠡᠳᠡᠭ ᠶᠦᠮ ᠤᠤ? ᠶᠠᠪᠤᠵᠠᠭ᠎ᠠ᠂  ᠵᠠᠢᠯᠠᠵᠠᠭ᠎ᠠ ᠭᠡᠵᠦ ᠲᠥᠪᠡᠳ ᠬᠡᠯᠡ ᠪᠡᠷ ᠬᠠᠰᠬᠢᠷᠤᠯ᠎ᠠ᠃  ᠵᠢᠩᠳᠠᠭᠠᠨ ᠤ᠋ ᠬᠢᠨ ᠨᠢ ᠳᠤᠷ᠎ᠠ ᠲᠠᠢ ᠳᠤᠷ᠎ᠠ ᠦᠭᠡᠢ ᠶᠠᠪᠤᠵᠠᠭᠠᠯ᠎ᠠ᠃
      ᠰᠢᠮᠠᠨᠠᠴᠠ ᠲᠡᠷᠡ ᠳᠠᠷᠤᠢ ᠰᠠᠩᠵᠢ ᠶ᠋ᠢᠨ ᠲᠣᠭᠣᠰᠣ ᠰᠢᠷᠤᠶ ᠳ᠋ᠤ᠌ ᠳᠠᠷᠤᠭᠳᠠᠭᠰᠠᠨ ᠭᠡᠷ ᠣᠷᠣᠨ ᠢ ᠴᠡᠪᠡᠷᠯᠡᠵᠦ ᠡᠬᠢᠯᠡᠬᠦ ᠳ᠋ᠦ᠍ ᠭᠡᠰᠦᠯ ᠳᠠᠭᠤ ᠦᠭᠡᠢ ᠯᠡ ᠠᠵᠢᠭᠯᠠᠵᠤ  ᠪᠠᠢᠪᠠ᠃
      - ᠴᠢ ᠡᠨᠳᠡ ᠭᠠᠭᠴᠠᠭᠠᠷ ᠢ᠋ᠶ᠋ᠠᠨ ᠰᠠᠭᠤᠳᠠᠭ ᠤᠤ?   ᠴᠢᠮᠠᠶ᠋ᠢ ᠳ᠋ᠤᠨᠵᠤᠨᠫᠠᠳ᠋ᠦ᠍ ᠲᠤᠰᠢᠶᠠᠴᠢᠬᠠᠭᠠᠳ ᠥᠪᠡᠷ ᠢᠶᠡᠨ ᠡᠨᠳᠡ ᠴᠢᠨᠢ ᠰᠠᠭᠤᠳᠠᠭ ᠬᠡᠷᠡᠭ ᠠ᠋! ᠭᠡᠵᠦ ᠰᠢᠮᠠᠨᠠᠴᠠ ᠬᠡᠯᠡᠪᠡ᠃
      - ᠲᠡᠭᠡᠵᠦ ᠪᠣᠯᠤᠨ᠎ᠠ ᠰᠢᠦ᠃ ᠡᠨᠡ ᠬᠠᠰᠢᠶ᠎ᠠ  ᠪᠠᠢᠰᠢᠩ ᠢ᠋ ᠪᠠᠭᠰᠢ ᠮᠠᠨᠢ ᠨᠠᠳᠠ ᠳ᠋ᠤ᠌ ᠠᠪᠴᠤ ᠥᠭᠭᠦᠭᠰᠡᠨ ᠶᠠᠭᠤᠮ᠎ᠠ᠃ ᠮᠢᠨᠦ ᠬᠥᠷᠥᠩᠭᠡ᠃ ᠪᠢ ᠦᠬᠦᠴᠢᠬᠡᠪᠡᠯ ᠬᠡᠨ ᠦ᠌  ᠴᠤ᠌ ᠪᠢᠰᠢ᠃ ᠲᠡᠭᠡᠬᠦ ᠪᠡᠷ ᠦᠬᠦᠭᠡ ᠦᠭᠡᠢ ᠳᠡᠭᠡᠷ᠎ᠡ ᠪᠡᠨ ᠡᠵᠡᠨ ᠲᠡᠢ ᠪᠣᠯᠭᠠᠴᠢᠬᠠᠪᠠᠯ ᠲᠠᠯᠢᠢᠭᠠᠴᠢ ᠪᠠᠭᠰᠢ ᠶ᠋ᠢᠨ ᠮᠢᠨᠢ ᠠᠪᠴᠤ ᠦᠭᠭᠦᠭᠰᠡᠨ ᠪᠤᠶᠠᠨ ᠤᠯᠠᠮ ᠳᠡᠯᠭᠡᠷᠡᠨ᠎ᠡ᠃ ᠬᠣᠭᠣᠰᠣᠨ ᠬᠣᠩᠭᠢᠯ ᠳ᠋ᠤ᠌ ᠨᠢ ᠪᠤᠭ ᠵᠡᠳᠬᠡᠷ᠂ ᠠᠳᠠ ᠠᠯᠪᠢᠨ ᠴᠤᠭᠯᠠᠷᠠᠭᠰᠠᠨ ᠠᠴᠠ ᠰᠢᠮᠠᠨᠠᠴᠠ ᠲᠠ ᠡᠵᠡᠩᠨᠡᠭᠰᠡᠨ ᠨᠢ ᠳᠡᠭᠡᠷ᠎ᠡ ᠭᠡᠵᠦ ᠰᠠᠩᠵᠢ ᠲᠠᠢᠪᠤᠩ ᠢ᠋ᠶ᠋ᠠᠷ ᠶᠠᠷᠢᠪᠠ᠃ ᠡᠨᠡ ᠭᠠᠰᠢᠭᠤᠨ ᠦᠭᠡᠨ ᠳ᠋ᠦ᠍ ᠰᠢᠮᠠᠨᠠᠴᠠ ᠠᠭᠤᠷᠯᠠᠬᠤ ᠶᠣᠰᠣᠲᠠᠢ  ᠪᠠᠢᠲᠠᠯ᠎ᠠ ᠬᠠᠷᠢᠨ ᠪᠠᠶᠠᠷᠯᠠᠵᠤ᠄
      - ᠢᠰᠢ ᠴᠢ ᠴᠢᠨᠢ ᠤᠬᠠᠭᠠᠨ ᠲᠠᠢ ᠪᠠᠨᠳᠢ ᠶᠤᠮ᠃ ᠪᠢ  ᠴᠢᠮᠠᠶ᠋ᠢ ᠲᠡᠭᠡᠪᠡᠯ ᠳ᠋ᠤᠨᠵᠤᠨᠫᠠᠳ᠋ᠦ᠍ ᠥᠭᠬᠦ ᠦᠭᠡᠢ ᠠ᠋ ᠭᠡᠪᠡ᠃
      - ᠪᠢ ᠤᠤᠯ ᠨᠢ ᠪᠠᠨᠳᠢ ᠪᠢᠰᠢ ᠭᠡᠰᠦᠯ ᠶᠤᠮᠰᠠᠨ ᠭᠡᠵᠦ ᠰᠠᠩᠵᠢ ᠪᠠᠰᠠ ᠨᠡᠮᠡᠵᠦ ᠳᠤᠷᠠᠳᠪᠠ᠃
      - ᠬᠠᠷᠠᠭᠠᠴᠢ ᠬᠦᠢ!  ᠡᠢᠮᠦ ᠵᠠᠯᠠᠭᠤ ᠪᠠᠷ ᠢ᠋ᠶ᠋ᠠᠨ ᠭᠡᠰᠦᠯ ᠰᠠᠨᠸᠠᠷ ᠬᠦᠷᠲᠡᠭᠡ ᠤᠤ? ᠠᠷᠤ ᠭᠠᠵᠠᠷ ᠯᠠ ᠬᠦᠷᠲᠡᠭᠡ ᠪᠢᠵᠡ ᠳᠡ᠃ ᠡᠨᠡ ᠰᠢᠷᠭᠤᠯᠵᠢ ᠰᠢᠭ᠋ ᠣᠯᠠᠨ ᠯᠠᠮ᠎ᠠ ᠲᠠᠢ ᠲᠥᠪᠡᠳ ᠲᠦ᠍ ᠵᠠᠯᠠᠭᠤ ᠭᠡᠰᠦᠯ  ᠪᠠᠢᠳᠠᠭ ᠦᠭᠡᠢ ᠶᠤᠮ ᠡ ᠭᠡᠵᠦ ᠰᠢᠮᠠᠨᠠᠴᠠ ᠶᠠᠷᠢᠪᠠ᠃ ᠭᠡᠷ ᠣᠷᠣᠨ ᠢ᠋ ᠨᠢ ᠴᠡᠪᠡᠷᠯᠡᠵᠦ᠂ ᠲᠣᠭᠣᠰᠣ ᠰᠢᠷᠣᠢ ᠶ᠋ᠢ ᠠᠷᠢᠯᠭᠠᠨ᠂ ᠬᠣᠭᠰᠢᠯ ᠬᠥᠷᠥᠩᠭᠡ ᠶᠢ ᠵᠠᠰᠠᠵᠤ ᠶᠠᠩᠵᠤᠯᠠᠭᠠᠳ᠂ ᠴᠡᠮᠴᠡᠭᠡᠷ  ᠰᠠᠢᠬᠠᠨ ᠪᠣᠯᠭᠠᠭᠰᠠᠨ ᠤ᠋ ᠳᠠᠷᠠᠭ᠎ᠠ ᠰᠢᠮᠠᠨᠠᠴᠠ ᠰᠠᠩᠵᠢᠳ᠋ᠦ᠍ ᠬᠠᠨᠳᠤᠵᠤ᠄
       -  ᠰᠠᠢᠬᠠᠨ ᠪᠣᠯᠤᠭ᠎ᠠ ᠪᠢᠵᠡ᠃ ᠡᠪᠡᠳᠴᠢᠨ ᠢ᠋ ᠡᠳᠡᠭᠡᠬᠦ ᠡᠬᠢᠨ ᠦ᠌ ᠲᠣᠮ ᠨᠢ ᠭᠡᠷ ᠣᠷᠣᠨ ᠢ ᠴᠡᠪᠡᠷ ᠴᠡᠮᠴᠡᠭᠡᠷ ᠪᠣᠯᠭᠠᠬᠤ ᠠᠵᠢᠯ ᠶᠤᠮ᠃ ᠣᠳᠣ ᠴᠢ ᠴᠡᠪᠡᠷᠯᠡᠨ ᠲᠥᠪᠬᠢᠨᠡᠭᠦᠯᠦᠭᠰᠡᠨ ᠭᠡᠷ ᠢ᠋ᠶ᠋ᠡᠨ ᠬᠠᠷᠠᠭᠠᠳ ᠠᠮᠢᠳᠤ ᠶᠠᠪᠤᠬᠤ ᠶᠤᠮᠰᠠᠨ ᠭᠡᠵᠦ ᠤᠯᠠᠮ ᠢᠯᠡᠭᠦᠦ ᠭᠦᠰᠡᠵᠦ ᠡᠬᠢᠯᠡᠨ᠎ᠡ ᠳᠡ᠃ ᠪᠣᠬᠢᠷ ᠭᠡᠷ ᠲᠦ᠍ ᠡᠪᠡᠳᠴᠢᠨ ᠶᠡᠬᠡ ᠱᠦᠭᠯᠡᠳᠡᠭ ᠶᠦᠮ ᠭᠡᠪᠡ᠃
       - ᠨᠡᠭᠡᠷᠡᠨ ᠯᠡ ᠰᠠᠢᠬᠠᠨ ᠪᠣᠯᠤᠯ᠎ᠠ᠃ ᠪᠢ ᠤᠤᠯ ᠨᠢ ᠦᠬᠦᠬᠦ ᠶ᠋ᠢ ᠲᠤᠩ ᠴᠤ᠌ ᠬᠦᠰᠡᠬᠦ ᠦᠭᠡᠢ ᠪᠠᠢᠭ᠎ᠠ ᠶᠤᠮᠰᠠᠨ ᠭᠡᠵᠦ ᠭᠡᠰᠦᠯ ᠬᠡᠯᠡᠬᠦ ᠳ᠋ᠦ᠍ ᠰᠢᠮᠠᠨᠠᠴᠠ᠄
       - ᠣᠳᠣ ᠪᠢ ᠴᠢᠮ᠎ᠠ ᠳ᠋ᠤ᠌ ᠬᠣᠭᠣᠯᠠ ᠴᠠᠢ ᠬᠢᠵᠦ ᠦᠭᠭᠦᠨ᠎ᠡ᠃  ᠰᠠᠢᠬᠠᠨ ᠬᠣᠭᠣᠯᠠ ᠴᠠᠢ ᠪᠣᠯ ᠬᠥᠮᠦᠨ ᠦ ᠡᠪᠡᠳᠴᠢᠨ ᠢ᠋ ᠡᠳᠡᠭᠡᠭᠡᠬᠦ ᠳᠠᠷᠠᠭᠠᠬᠢ ᠲᠣᠮ ᠨᠢ ᠪᠣᠯᠤᠨ᠎ᠠ ᠭᠡᠪᠡ᠃
       ᠲᠡᠳᠦᠬᠡᠨ ᠰᠢᠮᠠᠨᠠᠴᠠ ᠲᠣᠭᠣᠭ᠎ᠠ ᠰᠢᠨᠠᠭ᠎ᠠ ᠬᠠᠩᠭᠢᠨᠠᠭᠤᠯᠤᠨ ᠭᠠᠯ ᠲᠦᠯᠡᠵᠦ ᠠᠷᠭᠠᠯ᠂ ᠮᠣᠳᠣ ᠬᠣᠶᠠᠷ ᠤ᠋ᠨ ᠬᠣᠯᠢᠮᠠᠭ ᠤᠲᠤᠭ᠎ᠠ ᠦᠨᠦᠷᠲᠦᠭᠦᠯᠦᠨ ᠬᠣᠭᠣᠯᠠ ᠬᠢᠵᠦ ᠡᠬᠢᠯᠡᠪᠡ᠃
        - ᠤᠲᠤᠭ᠎ᠠ ᠦᠨᠦᠷᠳᠡᠵᠦ ᠠᠪ᠃ ᠡᠨᠡ ᠪᠣᠯ ᠮᠢᠨᠦ ᠡᠬᠢᠨ ᠦ᠌ ᠬᠣᠭᠣᠯᠠ ᠰᠢᠦ᠃ ᠤᠲᠤᠭ᠎ᠠ ᠲᠠᠢ ᠭᠡᠷ ᠳᠤᠯᠠᠭᠠᠬᠠᠨ ᠭᠡᠳᠡᠭ ᠶᠦᠮ᠃ ᠠᠷᠭᠠᠯ ᠤ᠋ᠨ ᠤᠲᠤᠭᠠᠨ ᠳ᠋ᠤ᠌ ᠮᠣᠩᠭᠣᠯ ᠬᠥᠮᠦᠨ ᠦ᠌ ᠰᠡᠳᠬᠢᠯ ᠦ᠋ᠨ ᠡᠪᠡᠳᠴᠢᠨ ᠵᠠᠰᠠᠯ ᠠᠪᠳᠠᠭ ᠪᠣᠯᠤᠨ᠎ᠠ᠃ ᠶᠣᠰᠣᠲᠠᠢ ᠮᠣᠩᠭᠣᠯ ᠬᠥᠮᠦᠨ ᠪᠣᠯ ᠴᠢᠨᠦ ᠪᠠᠯᠢᠩ ᠳ᠋ᠤ᠌ ᠡᠳᠡᠭᠡᠭᠡ ᠦᠭᠡᠢ ᠡᠪᠡᠳᠴᠢᠨ ᠠᠷᠭᠠᠯ ᠤ᠋ᠨ ᠤᠲᠤᠭᠠᠨ ᠳ᠋ᠤ᠌ ᠢᠯᠠᠷᠢᠰᠢᠬᠤ ᠠᠶᠠᠰ ᠣᠷᠣᠬᠤ ᠯᠠ  ᠪᠠᠢᠬᠤ᠃ ᠵᠠ  ᠮᠠᠭᠤᠰᠠᠢᠨ ᠵᠠᠨᠠᠭ᠂ ᠪᠣᠳᠫᠠ ᠨᠠᠷ ᠪᠣᠯ ᠴᠣ ᠠᠷᠭᠠᠯ ᠤ᠋ᠨ ᠤᠲᠤᠭᠠᠨ ᠳ᠋ᠤ᠌ ᠶᠠᠭᠤᠨ ᠳ᠋ᠤ᠌ ᠲᠡᠭᠡᠲᠡᠯ᠎ᠡ ᠪᠡᠨ  ᠰᠠᠢᠵᠢᠷᠠᠨ᠎ᠠ ᠭᠡᠵᠦ ᠳᠡ᠃ ᠨᠡᠮᠡᠷᠢ ᠦᠭᠡᠢ ᠪᠢᠵᠡ ᠭᠡᠵᠦ ᠰᠢᠮᠠᠨᠠᠴᠠ ᠭᠠᠭᠴᠠᠭᠠᠷ ᠶᠠᠷᠢᠵᠤ  ᠪᠠᠢᠯ᠎ᠠ᠃  ᠰᠠᠩᠵᠢ ᠲᠡᠭᠦᠨ ᠦᠭᠡᠨ ᠳ᠋ᠦ᠍ ᠶᠡᠬᠡ ᠯᠡ ᠪᠢᠰᠢᠷᠡᠨ ᠰᠡᠳᠬᠢᠯ ᠬᠥᠳᠡᠯᠪᠡ᠃
        ᠡᠭᠦᠷᠴᠦ ᠢᠷᠡᠭᠰᠡᠨ ᠮᠠᠩᠬᠠᠭ ᠰᠢᠭ᠋ ᠮᠥᠷᠲᠡᠭᠡᠨ ᠳᠡᠷᠡᠭᠡᠷ ᠲᠣᠮᠣ ᠡᠭᠦᠷᠭᠡᠪᠴᠢᠨ ᠡᠴᠡ ᠪᠡᠨ ᠬᠡᠳᠦᠨ ᠰᠣᠩᠭᠢᠨ᠎ᠠ ᠭᠠᠷᠭᠠᠵᠤ ᠢᠷᠡᠭᠡᠳ ᠲᠡᠷᠡ ᠰᠢᠮᠠᠨᠠᠴᠠ ᠬᠠᠯᠢᠰᠤ ᠶ᠋ᠢ ᠠᠪᠬᠤ ᠵᠠᠭᠤᠷ᠎ᠠ ᠪᠠᠰᠠ ᠯᠠ᠄
       - ᠵᠡᠷᠯᠢᠭ ᠰᠣᠩᠭᠢᠨ᠎ᠠ ᠶ᠋ᠢᠨ ᠦᠨᠦᠷ ᠪᠣᠯ ᠮᠢᠨᠦ ᠴᠢᠮ᠎ᠠ ᠳ᠋ᠤ᠌ ᠢᠳᠡᠭᠦᠯᠬᠦ ᠳᠠᠷᠠᠭ᠎ᠠ ᠶ᠋ᠢᠨ ᠬᠣᠭᠣᠯᠠ ᠮᠥᠨ᠃ ᠰᠣᠩᠭᠢᠨ᠎ᠠ ᠶ᠋ᠢ ᠦᠨᠦᠷᠯᠡᠭᠲᠦᠨ! ᠲᠡᠭᠡᠪᠡᠯ ᠡᠪᠡᠳᠴᠢᠨ ᠴᠢᠨᠢ ᠬᠠᠭᠠᠴᠠᠨ  ᠲᠠᠢᠵᠢᠵᠤ ᠴᠤ᠌ ᠶᠠᠭᠤ ᠮᠠᠭᠠᠳ! ᠭᠡᠵᠦ ᠬᠡᠯᠡᠭᠡᠳ ᠠᠷᠢᠯᠭᠠᠭᠰᠠᠨ ᠰᠣᠩᠭᠢᠨ᠎ᠠ ᠪᠠᠨ ᠰᠠᠩᠵᠢ ᠭᠡᠰᠦᠯ ᠦ᠋ᠨ ᠬᠠᠮᠠᠷ ᠲᠤ  ᠣᠢᠷᠠᠲᠤᠭᠤᠯᠪᠠ᠃  ᠭᠡᠰᠦᠯ ᠲᠡᠷᠡ ᠰᠣᠩᠭᠢᠨ᠎ᠠ ᠶᠢᠨ ᠬᠤᠷᠴᠠ ᠦᠨᠦᠷ ᠲᠦ᠍ ᠲᠣᠯᠣᠭᠠᠢ ᠨᠢ ᠮᠠᠩᠭᠤᠤᠷᠠᠨ ᠮᠠᠩᠰᠢᠭᠤᠷᠠᠬᠤ ᠰᠢᠭ᠋ ᠪᠣᠯᠵᠤ ᠲᠥᠷᠥᠭᠰᠡᠨ ᠨᠤᠲᠤᠭ ᠬᠠᠷ᠎ᠠ ᠠᠵᠢᠷᠭ᠎ᠠ ᠶ᠋ᠢᠨ ᠨᠢᠷᠤᠭᠤ ᠪᠡᠨ ᠰᠠᠨᠠᠪᠠ᠃ ᠠᠭᠤᠯᠠ ᠶ᠋ᠢᠨ ᠬᠠᠪᠴᠢᠯ᠂ ᠭᠣᠣᠯ ᠤ᠋ᠨ ᠠᠰᠬ᠎ᠠ ᠬᠠᠳᠠ ᠪᠠᠷ ᠰᠣᠩᠭᠢᠨ᠎ᠠ ᠲᠡᠭᠦᠵᠦ ᠶᠠᠪᠤᠭᠰᠠᠨ ᠢ᠋ᠶ᠋ᠠᠨ ᠳᠤᠷᠠᠰᠤᠨ ᠪᠣᠳᠣᠯ᠎ᠠ᠃ ᠬᠡᠭᠡᠷ᠎ᠡ ᠶ᠋ᠢᠨ ᠰᠣᠩᠭᠢᠨ᠎ᠠ ᠬᠣᠯᠢᠵᠤ ᠶᠠᠩᠭᠢᠷ ᠤ᠋ᠨ ᠬᠠᠷ᠎ᠠ ᠮᠢᠬ᠎ᠠ ᠪᠠᠷ ᠡᠴᠢᠭᠡ ᠡᠬᠡ ᠨᠢ ᠬᠣᠭᠣᠯᠠ ᠬᠢᠵᠦ ᠥᠭᠭᠦᠭᠰᠡᠨ ᠲᠡᠷᠡ ᠨᠢᠭᠡᠨ ᠨᠠᠮᠤᠷ ᠤ᠋ᠨ ᠶᠠᠪᠤᠳᠠᠯ ᠰᠠᠨᠠᠭᠠᠨ ᠳ᠋ᠤ᠌ ᠣᠷᠣᠪᠠ᠃ ᠨᠤᠲᠤᠭ ᠤ᠋ᠨ ᠨᠢᠭᠡᠨ ᠠᠩᠴᠢᠨ ᠲᠡᠳᠡᠨ ᠦ᠌ ᠳ᠋ᠦ᠍  ᠠᠢᠯᠴᠢᠯᠠᠨ ᠢᠷᠡᠭᠡᠳ  ᠪᠠᠢᠭ᠍ᠰᠠᠨ ᠴᠠᠭ᠃ ᠲᠡᠳᠡᠨ ᠦ᠌ ᠬᠢ  ᠳᠠᠷᠬᠠᠨᠲᠣ ᠶᠢᠨ ᠬᠠᠪᠴᠠᠭᠠᠢ ᠳᠤ ᠨᠤᠲᠤᠭᠯᠠᠵᠤ  ᠪᠠᠢᠭ᠍ᠰᠠᠨ᠃ ᠠᠩᠴᠢᠨ ᠳ᠋ᠤ᠌ ᠴᠠᠢ ᠬᠢᠵᠦ ᠥᠭᠬᠦ ᠪᠡᠷ ᠰᠢᠷᠡᠮᠦᠨ ᠵᠢᠯᠠᠪᠴᠢ ᠪᠠᠨ ᠲᠤᠯᠭᠠᠨ ᠳᠡᠭᠡᠷ᠎ᠡ ᠲᠠᠯᠪᠢᠵᠤ ᠤᠰᠤ ᠬᠢᠭᠰᠡᠨ ᠢ᠋ᠶ᠋ᠡᠨ ᠡᠵᠢ ᠨᠢ ᠳᠠᠭᠤ ᠠᠯᠳᠠᠵᠤ ᠪᠢᠯᠡ᠃
      - ᠶᠠᠭᠠᠬᠢᠪᠠ? ᠭᠡᠵᠦ ᠠᠩᠴᠢᠨ ᠢ᠋ ᠠᠰᠠᠭᠤᠬᠤ ᠳ᠋ᠤ᠌ ᠡᠬᠡ ᠨᠢ ᠲᠣᠭᠣᠭ᠎ᠠ ᠲᠠᠢ ᠤᠰᠤ ᠤᠷᠤᠭᠤ ᠵᠢᠭᠠᠵᠤ ᠳᠠᠭᠤ ᠦᠭᠡᠢ ᠵᠣᠭᠰᠣᠭᠰᠠᠨ᠃ ᠠᠩᠴᠢᠨ ᠲᠣᠭᠣᠭ᠎ᠠ ᠤᠷᠤᠭᠤ  ᠥᠩᠭᠡᠢᠵᠦ ᠬᠠᠷᠠᠭᠠᠳ᠄
     - ᠠ ᠳᠠᠮᠰᠢᠭ ᠡ᠃ ᠴᠢ ᠨᠠᠳᠠ ᠳ᠋ᠤ᠌ ᠥᠪᠡᠷ ᠢ᠋ᠶ᠋ᠡᠨ ᠬᠦᠷᠦᠭᠡᠳ ᠢᠷᠡᠪᠡ ᠠ᠋! ᠭᠡᠵᠦ ᠬᠡᠯᠡᠬᠦ ᠪᠡᠷ ᠨᠢ  ᠰᠠᠩᠵᠢ ᠬᠥᠪᠡᠭᠦᠨ ᠰᠣᠨᠢᠭᠤᠴᠢᠯᠠᠨ ᠲᠣᠭᠣᠭ᠎ᠠ ᠤᠷᠤᠭᠤ  ᠥᠩᠭᠡᠢᠵᠦ ᠬᠠᠷᠠᠪᠠᠯ ᠲᠣᠭᠣᠨᠣᠨ ᠳᠡᠭᠡᠭᠦᠷ  ᠥᠩᠭᠡᠢᠭᠰᠡᠨ ᠬᠠᠯᠢᠯ ᠤᠯᠠᠭᠠᠨ ᠬᠠᠳᠠᠨ ᠤ᠋ ᠣᠷᠣᠢ ᠳᠡᠭᠡᠷ᠎ᠡ ᠬᠡᠳᠦᠨ ᠶᠠᠩᠭᠢᠷ ᠢᠮᠠᠭ᠎ᠠ ᠵᠣᠭᠰᠣᠵᠤ  ᠪᠠᠢᠬᠤ ᠳᠦᠷᠰᠦ ᠨᠢ ᠲᠣᠭᠣᠭ᠎ᠠ ᠲᠠᠢ ᠤᠰᠤᠨ᠎ᠠ ᠲᠣᠰᠴᠤ ᠳᠡᠷᠭᠡᠳᠡ ᠶᠦᠮ ᠰᠢᠭ ᠲᠣᠳᠣᠬᠠᠨ ᠬᠠᠷᠠᠭᠳᠠᠵᠤ  ᠪᠠᠢᠭ᠍ᠰᠠᠨ᠃ ᠲᠡᠭᠡᠬᠦ ᠳᠦ ᠠᠩᠴᠢᠨ ᠴᠠᠬᠢᠭᠤᠷ  ᠫᠤᠤ ᠪᠠᠨ ᠰᠢᠭᠦᠷᠡᠨ ᠠᠪᠴᠤ ᠬᠣᠲᠠ ᠴᠡᠨᠡᠭ ᠢ᠋  ᠬᠣᠢᠰᠢ ᠲᠠᠲᠠᠩᠭᠤᠲᠠ᠄
     - ᠲᠣᠭᠣᠨᠣ ᠪᠠᠷ  ᠱᠠᠭᠠᠢᠭᠠᠳ ᠪᠢ ᠨᠢᠭᠡ ᠫᠤᠤᠳᠠᠭᠠᠳ ᠤᠷᠭᠢᠶ᠎ᠠ᠃ ᠨᠢᠭᠡ ᠶᠠᠩᠭᠢᠷ ᠠᠶᠠᠨᠳᠠᠭᠠᠨ ᠲᠡᠷᠡ ᠤᠯᠠᠭᠠᠨ  ᠪᠠᠢᠴᠠᠨ ᠠ᠋ᠴᠠ  ᠬᠡᠢᠰᠴᠦ ᠬᠠᠶᠠᠭᠠᠨ ᠳ᠋ᠤ᠌ ᠴᠢᠨᠢ ᠤᠨᠠᠭᠠᠳ ᠢᠷᠡᠨ᠎ᠡ ᠭᠡᠵᠦ ᠬᠡᠯᠡᠬᠦ ᠳ᠋ᠦ᠍ ᠡᠵᠢ ᠨᠢ᠄
     - ᠭᠠᠷᠤᠭᠠᠳ ᠭᠠᠳᠠᠨ᠎ᠠ ᠠ᠋ᠴᠠ ᠫᠤᠤᠳᠠᠭᠠᠴᠢ ᠳᠠ᠃ ᠭᠡᠷ ᠳᠣᠲᠣᠷ᠎ᠠ ᠠ᠋ᠴᠠ ᠡᠪ ᠦᠭᠡᠢ ᠪᠢᠰᠢ ᠤᠤ? ᠭᠡᠪᠡ᠃ ᠠᠩᠴᠢᠨ ᠭᠤᠶᠤᠭᠰᠠᠨ ᠳᠠᠭᠤ ᠪᠠᠷ᠄
     - ᠭᠠᠷᠬᠤ ᠪᠠᠷ ᠦᠷᠭᠦᠭᠡᠳ ᠵᠢᠭᠤᠲᠠᠭᠠᠴᠢᠬᠠᠨ᠎ᠠ᠃ ᠲᠠᠨ ᠤ᠋ ᠬᠢ ᠶᠠᠮᠠᠷ  ᠬᠣᠢᠮᠣᠷ ᠲᠤ᠌ ᠪᠠᠨ ᠪᠤᠷᠬᠠᠨ  ᠪᠠᠢᠬᠤ ᠪᠢᠰᠢ᠃ ᠪᠢ ᠫᠤᠤᠳᠠᠭᠠᠳ ᠬᠣᠭᠣᠯᠠ ᠲᠠᠢ ᠪᠣᠯᠭᠠᠭᠠᠳ ᠦᠭᠭᠦᠶ᠎ᠡ ᠯᠡ ᠳᠡ᠃ ᠲᠣᠭᠣᠨᠣᠨ ᠳᠡᠭᠡᠭᠦᠷ ᠣᠯᠵᠠ  ᠥᠩᠭᠡᠢᠵᠦ ᠪᠠᠢᠬᠤ  ᠳ᠋ᠤ᠌ ᠶᠠᠭᠤᠨ ᠳ᠋ᠤ᠌ ᠲᠠᠲᠠᠭᠠᠯᠵᠠᠭ᠎ᠠ ᠪᠣᠢ? ᠭᠡᠬᠦ ᠳ᠋ᠦ᠍ ᠨᠢ᠄
     - ᠬᠡᠦᠬᠡᠳ ᠦ᠋ᠳ ᠠᠶᠤᠴᠢᠬᠠᠨ᠎ᠠ! ᠭᠡᠰᠡᠨ᠃
     - ᠳᠡᠭᠦᠦ ᠨᠠᠷ ᠴᠢᠬᠢ ᠪᠡᠨ ᠲᠠᠭᠯᠠᠵᠤ ᠪᠠᠢ! ᠶᠠᠭᠤᠨ ᠳ᠋ᠤ᠌ ᠨᠢ ᠠᠶᠤᠳᠠᠭ ᠪᠢᠯᠡ᠃ ᠵᠠ ᠫᠤᠤᠳᠠᠯ᠎ᠠ᠃  ᠨᠢᠳᠦ ᠪᠡᠨ ᠠᠨᠢ᠂ ᠴᠢᠬᠢ ᠪᠡᠨ ᠲᠠᠭᠯᠠ ᠭᠡᠮᠡᠭᠴᠡ ᠠᠩᠴᠢᠨ ᠭᠣᠬ᠎ᠠ ᠪᠠᠨ ᠳᠠᠷᠤᠵᠤ ᠣᠷᠬᠢᠭᠰᠠᠨ ᠨᠢ ᠭᠡᠷ ᠳᠣᠲᠣᠷ᠎ᠠ ᠫᠦᠩ ᠫᠠᠩ ᠭᠡᠰᠡᠨ ᠠᠶᠤᠮᠠᠷ ᠳᠠᠭᠤ ᠭᠠᠷᠴᠤ ᠳ᠋ᠠᠬᠢ ᠬᠦᠬᠦᠷ ᠦ᠋ᠨ ᠦᠨᠦᠷ ᠬᠠᠩᠬᠤᠯᠤᠨ᠂ ᠬᠡᠦᠬᠡᠳ ᠦ᠋ᠳ ᠠᠶᠤᠵᠤ ᠤᠬᠢᠯᠠᠯᠳᠤᠵᠤ ᠪᠢᠯᠡ᠃ ᠠᠩᠴᠢᠨ ᠬᠠᠷᠢᠨ ᠢᠨᠢᠶᠡᠭᠡᠳ᠄
      - ᠲᠡᠷᠡ ᠰᠢᠦ᠃ ᠶᠠᠩᠭᠢᠷ  ᠬᠡᠢᠰᠦᠭᠡᠳ ᠠᠢᠰᠤᠢ! ᠭᠡᠵᠦ ᠬᠠᠰᠬᠢᠷᠤᠨ ᠭᠦᠶᠦᠵᠦ ᠭᠠᠷᠤᠭᠰᠠᠨ ᠶᠤᠮᠰᠠᠨ᠃ᠦᠨᠡᠬᠡᠷ ᠭᠡᠷ ᠦ᠋ᠨ ᠨᠢ ᠲᠣᠭᠣᠨᠣ ᠪᠠᠷ  ᠴᠤᠬᠤᠢᠮ᠎ᠠ ᠥᠨᠳᠥᠷ ᠬᠠᠨᠠᠨ ᠬᠠᠳᠠᠨ ᠳᠡᠭᠡᠷ᠎ᠡ ᠡᠴᠡ ᠨᠢᠭᠡ ᠶᠠᠩᠭᠢᠷ ᠦᠰᠦᠷᠦᠨ ᠳᠣᠭᠣᠭᠰᠢ ᠪᠠᠨ ᠤᠨᠠᠵᠤ ᠢᠷᠡᠭᠡᠳ ᠭᠡᠷ ᠡᠴᠡ ᠬᠣᠯᠠ ᠦᠭᠡᠢ ᠫᠦᠰᠬᠢᠨ  ᠣᠢᠴᠢᠵᠤ ᠪᠢᠯᠡ᠃ᠲᠡᠭᠡᠭᠡᠳ ᠵᠡᠷᠯᠢᠭ ᠰᠣᠩᠭᠢᠨ᠎ᠠ ᠲᠠᠢ ᠬᠣᠯᠢᠭᠰᠠᠨ  ᠰᠠᠢᠬᠠᠨ ᠬᠣᠭᠣᠯᠠ ᠬᠢᠵᠦ ᠢᠳᠡᠵᠡᠭᠡᠭᠰᠡᠨ ᠶᠦᠮ᠃ ᠲᠡᠭᠦᠨ ᠢ᠋ ᠰᠠᠩᠵᠢ ᠬᠡᠵᠢᠶ᠎ᠡ ᠴᠤ᠌ ᠮᠠᠷᠲᠠᠳᠠᠭ ᠦᠭᠡᠢ ᠠᠵᠢ᠃ ᠡᠨᠡ ᠤᠳᠠᠭ᠎ᠠ ᠰᠣᠩᠭᠢᠨ᠎ᠠ ᠶ᠋ᠢᠨ ᠦᠨᠦᠷ  ᠪᠠᠭ᠎ᠠ ᠨᠠᠰᠤᠨ ᠤ᠋  ᠨᠢ ᠳᠤᠷᠠᠳᠬᠠᠯ ᠢ᠋ ᠰᠡᠷᠭᠦᠭᠡᠪᠡ᠃
      - ᠦᠬᠦᠬᠦ ᠦᠭᠡᠢ ᠯᠡ ᠶᠤᠮᠰᠠᠨ! ᠭᠡᠵᠦ  ᠰᠠᠩᠵᠢ ᠠᠮᠠᠨ ᠳ᠋ᠠᠭᠠᠨ ᠪᠤᠪᠲᠤᠨᠠᠪᠠ᠃ ᠰᠢᠮᠠᠨᠠᠴᠠ ᠢᠨᠢᠶᠡᠮᠰᠦᠭᠯᠡᠵᠦ᠄
      - ᠵᠠ ᠲᠡᠷᠡ ᠳᠠ᠃ ᠴᠢ  ᠰᠣᠩᠭᠢᠨ᠎ᠠ ᠶᠢᠨ ᠦᠨᠦᠷ ᠲᠤ ᠡᠪᠡᠳᠴᠢᠨ ᠢ᠋ᠶ᠋ᠡᠨ  ᠪᠠᠢᠲᠦᠭᠠᠢ ᠦᠬᠦᠯ ᠢ᠋ ᠮᠠᠷᠲᠠᠵᠤ ᠡᠬᠢᠯᠡᠭᠡ ᠪᠢᠵᠡ! ᠭᠡᠵᠦ ᠠᠰᠠᠭᠤᠯ᠎ᠠ᠃ ᠰᠢᠮᠠᠨᠠᠴᠠ ᠳᠠᠢᠨ  ᠬᠦ᠌ ᠬᠣᠭᠣᠯᠠ ᠬᠢᠬᠦ ᠵᠠᠭᠤᠷ᠎ᠠ ᠰᠠᠩᠵᠢ ᠭᠡᠰᠦᠯ ᠡᠴᠡ ᠨᠤᠮᠤᠨᠡᠢ ᠰᠠᠬᠢᠵᠤ  ᠪᠠᠢᠭ᠍ᠰᠠᠨ᠂ ᠶᠠᠭᠠᠬᠢᠵᠤ ᠡᠪᠡᠳᠦᠭᠰᠡᠨ᠂ ᠣᠳᠣ ᠶᠠᠮᠠᠷ  ᠪᠠᠢᠭ᠎ᠠ ᠶ᠋ᠢ ᠨᠢᠭᠲᠠᠯᠠᠨ ᠠᠰᠠᠭᠤᠵᠤ ᠠᠪᠴᠠᠢ᠃
      -  ᠭᠠᠢᠭᠤᠢ ᠪᠢ ᠴᠢᠮ᠎ᠠ ᠳ᠋ᠤ᠌ ᠬᠣᠭᠣᠯᠠ ᠢᠳᠡᠭᠦᠯᠵᠦ ᠰᠢᠯᠭᠠᠭᠠᠳ ᠳᠠᠷᠠᠭ᠎ᠠ ᠨᠢ ᠲᠠᠪᠠᠲᠠᠢ ᠤᠨᠲᠠᠭᠤᠯᠬᠤ ᠳᠣᠮ ᠬᠢᠨ᠎ᠡ᠃  ᠰᠠᠢᠨ ᠨᠣᠢᠷ ᠪᠣᠯ ᠡᠪᠡᠳᠴᠢᠨ ᠢ᠋ ᠡᠳᠡᠭᠡᠭᠡᠬᠦ ᠬᠠᠮᠤᠭ ᠤ᠋ᠨ ᠴᠤᠬᠠᠭ ᠲᠣᠮ ᠤ᠋ᠨ ᠨᠢᠭᠡ ᠭᠡᠵᠦ ᠲᠡᠷᠡ ᠶᠠᠷᠢᠪᠠ᠃ ᠰᠢᠮᠠᠨᠠᠴᠠ ᠤ᠋ᠨ ᠬᠢᠭᠰᠡᠨ ᠶᠡᠷᠦ ᠪᠤᠰᠤ ᠶ᠋ᠢᠨ ᠠᠮᠲᠠᠲᠠᠢ ᠬᠣᠭᠣᠯᠠ ᠶ᠋ᠢ ᠰᠠᠩᠵᠢ ᠢᠳᠡᠵᠦ ᠬᠠᠷ᠎ᠠ ᠬᠥᠯᠥᠰᠥ ᠨᠢ ᠴᠤᠪᠤᠷᠠᠨ ᠠᠰᠬᠠᠷᠴᠤ  ᠪᠠᠢᠯ᠎ᠠ᠃ ᠭᠡᠪᠡᠴᠦ ᠲᠡᠷᠡ ᠬᠣᠭᠣᠯᠠᠨ ᠠ᠋ᠴᠠ ᠶᠡᠬᠡ ᠢᠳᠡᠵᠦ ᠴᠢᠳᠠᠭᠰᠠᠨ ᠦᠭᠡᠢ᠃ ᠪᠤᠴᠠᠵᠤ ᠭᠠᠷᠬᠤ ᠶ᠋ᠢ ᠵᠠᠪᠳᠤᠨ ᠵᠣᠪᠠᠭᠠᠵᠤ  ᠪᠠᠢᠪᠠ᠃ ᠰᠢᠮᠠᠨᠠᠴᠠ ᠲᠡᠭᠦᠨ ᠢ᠋ ᠠᠵᠢᠭᠯᠠᠨ ᠬᠠᠷᠠᠵᠤ  ᠪᠠᠢᠭ᠍ᠰᠠᠨ ᠢᠶᠠᠨ ᠲᠣᠯᠣᠭᠠᠢ ᠰᠡᠭᠰᠦᠷᠴᠦ᠄
       - ᠠᠷᠭ᠎ᠠ ᠦᠭᠡᠢ ᠯᠡ  ᠲᠤᠢᠯᠳᠠᠵᠠᠢ᠃ ᠮᠢᠨᠦ ᠲᠠᠭᠠᠮᠠᠭᠯᠠᠵᠤ  ᠪᠠᠢᠭ᠍ᠰᠠᠨ ᠮᠥᠨ ᠪᠣᠯᠤᠯᠲᠠᠢ᠃ ᠲᠡᠭᠡᠪᠡᠯ ᠴᠤ᠌ ᠪᠢ ᠠᠷᠭᠠᠯᠠᠨ᠎ᠠ ᠭᠡᠵᠦ ᠢᠲᠡᠭᠡᠯᠲᠡᠢ ᠬᠡᠯᠡᠪᠡ᠃
       - ᠯᠦᠩᠳᠡᠩᠵᠤᠨᠠᠢ ᠭᠠᠪᠵᠢᠲᠠᠨ ᠭᠦᠷᠢᠮ ᠤᠩᠰᠢᠵᠤ᠂ ᠮᠡᠩᠭᠡᠨ ᠵᠠᠰᠠᠯ᠂ ᠰᠦᠨᠡᠰᠦ  ᠳᠠᠭᠤᠳᠠᠯᠭ᠎ᠠ ᠬᠢᠯᠭᠡᠭᠡᠳ ᠪᠠᠷᠠᠭ᠎ᠠ ᠦᠭᠡᠢ᠃ ᠫᠦᠷᠪᠦᠳᠣᠨᠣᠢ ᠮᠠᠷᠠᠮᠪᠠ ᠶ᠋ᠢᠨ ᠪᠦᠬᠦ ᠠᠷᠭ᠎ᠠ ᠲᠤᠰᠠ ᠪᠣᠯᠤᠭ᠎ᠠ ᠦᠭᠡᠢ᠃ ᠭᠦᠷᠲᠡᠮ ᠪᠠᠭᠤᠯᠭᠠᠭᠠᠳ ᠴᠤ᠌ ᠨᠡᠮᠡᠷᠢ ᠪᠣᠯᠤᠭ᠎ᠠ ᠦᠭᠡᠢ᠃  ᠲᠡᠢᠮᠦ ᠡᠷᠳᠡᠮᠲᠦ ᠬᠥᠮᠦᠰ ᠦ᠋ᠨ ᠠᠷᠭ᠎ᠠ ᠰᠢᠷᠭᠡ ᠲᠤᠰᠯᠠᠭ᠎ᠠ ᠦᠭᠡᠢ ᠶᠦᠮ ᠴᠢᠨᠢ ᠨᠣᠮ ᠦᠭᠡᠢ ᠬᠥᠭᠰᠢᠨ ᠰᠢᠮᠠᠨᠠᠴᠠ ᠤ᠋ᠨ ᠠᠷᠭ᠎ᠠ ᠴᠤ᠌ ᠳᠠ᠃ ᠶᠡᠬᠡ ᠪᠣᠳᠣᠬᠤ ᠳ᠋ᠠᠭᠠᠨ ᠯᠠ ᠬᠣᠭᠣᠯᠠ᠂ ᠴᠠᠢ ᠪᠠᠷ ᠠᠷᠭᠠᠳᠠᠨ᠎ᠠ ᠪᠢᠵᠡ ᠳᠡ》 ᠭᠡᠵᠦ ᠰᠠᠩᠵᠢ ᠶ᠋ᠢᠨ ᠲᠣᠯᠣᠭᠠᠢ ᠳᠤ ᠪᠣᠳᠣᠭᠳᠠᠯ᠎ᠠ᠃ ᠰᠢᠮᠠᠨᠠᠴᠠ ᠡᠭᠦᠷᠭᠡ ᠳᠣᠲᠣᠷ᠎ᠠ ᠠ᠋ᠴᠠ ᠪᠠᠨ ᠪᠢᠴᠢᠬᠠᠨ  ᠪᠣᠢᠳᠠᠩ ᠭᠠᠷᠭᠠᠵᠤ ᠢᠷᠡᠭᠡᠳ ᠬᠠᠳᠤᠭᠰᠠᠨ ᠬᠥᠬᠡ ᠨᠣᠭᠣᠭᠠᠨ ᠡᠪᠡᠰᠦ᠂ ᠪᠤᠷᠴᠠᠭ ᠲᠠᠢ ᠬᠥᠬᠡᠯᠪᠡᠢ ᠬᠣᠩᠭᠣᠷᠴᠠᠭ ᠳᠣᠲᠣᠷ᠎ᠠ ᠠ᠋ᠴᠠ ᠨᠢ ᠠᠪᠴᠤ  ᠰᠠᠩᠵᠢ ᠳ᠋ᠤ᠌ ᠦᠵᠡᠭᠦᠯᠦᠭᠡᠳ᠄
        - ᠲᠠᠨᠢᠵᠤ  ᠪᠠᠢᠨ᠎ᠠ ᠤᠤ? ᠴᠠᠬᠢᠯᠳᠠᠭ  ᠪᠠᠢᠭ᠎ᠠ ᠪᠢᠵᠡ! ᠨᠤᠲᠤᠭ ᠤ᠋ᠨ ᠴᠢᠨᠢ ᠴᠠᠬᠢᠯᠳᠠᠭ᠃ ᠵᠠ ᠡᠭᠦᠪᠡᠷ ᠯᠡ ᠰᠢᠷᠬ᠎ᠠ ᠲᠠᠢ ᠬᠣᠳᠣᠭᠣᠳᠣ ᠶ᠋ᠢ ᠴᠢᠨᠢ ᠡᠮᠨᠡᠨ᠎ᠡ ᠭᠡᠪᠡ᠃
       - ᠬᠣᠳᠣᠭᠣᠳᠣ ᠮᠢᠨᠢ ᠰᠢᠷᠬ᠎ᠠ ᠲᠠᠢ ᠭᠡᠵᠦ ᠤᠤ ᠳᠠ? ᠭᠡᠮᠡᠨ ᠰᠠᠩᠵᠢ  ᠭᠠᠢᠬᠠᠯ᠎ᠠ᠃ ᠰᠢᠮᠠᠨᠠᠴᠠ᠄
       - ᠬᠣᠳᠣᠭᠣᠳᠣ ᠴᠢᠨᠢ  ᠠᠢᠬᠤᠪᠲᠤᠷ ᠰᠢᠷᠬᠠᠯᠠᠵᠠᠢ᠃ ᠣᠲᠠᠬᠤ ᠦᠭᠡᠢ ᠴᠢᠰᠤ ᠠᠯᠠᠳᠠᠨ᠎ᠠ᠃ ᠮᠣᠩᠭᠣᠯ ᠬᠦᠮᠦᠨ ᠮᠢᠬᠠᠰᠠᠵᠤ ᠡᠨᠡ ᠲᠥᠪᠡᠳ ᠭᠠᠵᠠᠷ ᠬᠣᠳᠣᠭᠣᠳᠣᠨ ᠤ᠋ ᠰᠢᠷᠬ᠎ᠠ ᠣᠯᠳᠠᠭ ᠶᠤᠮ᠃ ᠲᠡᠷᠡ ᠲᠣᠰᠤᠮ ᠢ᠋ᠶ᠋ᠠᠨ  ᠨᠠᠢ᠍ᠮᠠᠨ ᠨᠤᠮᠤᠨᠡᠢ ᠰᠠᠬᠢᠬᠤ ᠳ᠋ᠤ᠌  ᠴᠤ᠌ ᠤᠷᠢᠳᠤ ᠨᠢ ᠮᠢᠬᠠᠰᠠᠭ  ᠪᠠᠢᠭ᠍ᠰᠠᠨ ᠬᠥᠮᠦᠨ ᠦ᠌ ᠬᠣᠳᠣᠭᠣᠳᠣᠨ ᠤ᠋ ᠰᠢᠷᠬ᠎ᠠ ᠭᠠᠭᠠᠷᠠᠵᠤ ᠥᠭᠭᠦᠨ᠎ᠡ᠃ ᠴᠢ ᠶᠡᠷᠦ ᠨᠢ  ᠠᠢᠯ ᠤ᠋ᠨ ᠡᠷᠬᠡ ᠬᠡᠦᠬᠡᠳ  ᠪᠠᠢᠭ᠍ᠰᠠᠨ ᠪᠢᠵᠡ ᠳᠡ ᠭᠡᠪᠡ᠃  ᠰᠠᠩᠵᠢ ᠭᠡᠰᠦᠯ ᠲᠣᠯᠣᠭᠠᠢ ᠲᠣᠬᠢᠪᠠ᠃
      ᠁ ᠲᠡᠷᠡ ᠡᠳᠦᠷ ᠡᠴᠡ ᠡᠬᠢᠯᠡᠨ ᠰᠠᠩᠵᠢ ᠭᠡᠰᠦᠯ ᠢ᠋ ᠰᠢᠮᠠᠨᠠᠴᠠ ᠴᠠᠬᠢᠯᠳᠠᠭ ᠤ᠋ᠨ ᠰᠢᠭᠦᠰᠦ ᠪᠡᠷ ᠬᠣᠶᠠᠷ ᠳᠣᠯᠣᠭ᠎ᠠ ᠬᠣᠨᠣᠭ ᠡᠮᠴᠢᠯᠡᠨ᠂ ᠬᠣᠭᠣᠯᠠ ᠴᠠᠢ ᠪᠠᠷ ᠰᠤᠪᠢᠯᠠᠪᠠ᠃ ᠰᠢᠮᠠᠨᠠᠴᠠ ᠤ᠋ᠨ ᠣᠨᠣᠰᠢ ᠵᠥᠪ ᠴᠤ᠌  ᠪᠠᠢᠭ᠍ᠰᠠᠨ ᠶᠤᠮ ᠤᠤ᠂ ᠡᠰᠡᠪᠡᠯ ᠥᠪᠡᠷ ᠴᠤ᠌ ᠲᠣᠬᠢᠶᠠᠯ ᠪᠣᠯᠤᠭᠰᠠᠨ ᠤᠤ᠂  ᠪᠣᠣ ᠮᠡᠳᠡ᠂ ᠶᠠᠮᠠᠷ ᠴᠤ᠌ ᠠᠲᠤᠭᠠᠢ ᠰᠠᠩᠵᠢ ᠭᠡᠰᠦᠯ ᠬᠥᠯ ᠳᠡᠭᠡᠷ᠎ᠡ ᠪᠡᠨ ᠪᠣᠰᠪᠠ᠃  ᠰᠢᠮᠠᠨᠠᠴᠠ ᠵᠢ ᠪᠡᠷᠢᠮᠦᠭ ᠡᠮᠡᠭᠡᠨ ᠭᠡᠳᠡᠭ ᠠᠵᠢ᠃ ᠲᠡᠷᠡ ᠶᠡᠬᠡ ᠠᠮᠠᠨᠴᠢᠷ᠂  ᠴᠠᠢᠯᠭᠠᠨ ᠰᠡᠳᠬᠢᠯ ᠲᠡᠢ᠂ ᠣᠯᠠᠨ ᠭᠠᠵᠠᠷ ᠲᠡᠨᠦᠵᠦ᠂ ᠶᠡᠬᠡ ᠶ᠋ᠢ ᠦᠵᠡᠵᠦ᠂ ᠡᠯᠳᠡᠪ ᠢ᠋ᠶ᠋ᠡᠷ ᠵᠣᠪᠠᠭᠰᠠᠨ ᠠᠮᠢᠲᠠᠨ  ᠪᠠᠢᠵᠠᠢ᠃
       - ᠡᠮᠡᠭᠡ ᠮᠢᠨᠢ᠂ ᠪᠢ ᠲᠠᠨ ᠤ᠋ ᠠᠴᠢ ᠪᠠᠷ ᠳᠠᠬᠢᠨ ᠰᠡᠭᠡᠯ᠎ᠡ᠃ ᠶᠡᠬᠡ  ᠭᠢᠯᠠᠢᠯ᠎ᠠ᠃ ᠲᠠ ᠮᠠᠨ ᠤ᠋ ᠬᠢ ᠠᠴᠠ ᠪᠢᠲᠡᠭᠡᠢ ᠶᠠᠪᠤ ! ᠭᠡᠵᠦ ᠰᠠᠩᠵᠢ ᠭᠤᠶᠤᠯ᠎ᠠ᠃ ᠪᠡᠷᠢᠮᠦᠭ :
       - ᠮᠢᠨᠦ ᠠᠴᠢ ᠶᠠᠭᠤ  ᠪᠠᠢᠬᠤᠪ᠃ ᠵᠣᠷ ᠦᠭᠡᠢ ᠯᠠᠮ᠎ᠠ ᠠ᠋ᠴᠠ ᠵᠣᠪᠠᠯᠠᠩ ᠦᠵᠡᠭᠰᠡᠨ ᠴᠢᠪᠠᠭᠠᠨᠴᠠ ᠭᠡᠳᠡᠭ ᠯᠠ ᠪᠣᠯᠵᠤ ᠪᠠᠢᠨ᠎ᠠ ᠭᠡᠪᠡ᠃