ᠳᠡᠯᠭᠡᠷ ᠬᠠᠩᠭᠠᠢДэлгэр хангай-ᠣᠷᠳᠣᠰ ᠠᠷᠠᠳ ᠤᠨ ᠳᠠᠭᠤᠤ
ᠳᠡᠯᠭᠡᠷ ᠬᠠᠩᠭᠠᠢ
ᠳᠡᠯᠭᠡᠷ ᠬᠠᠩᠭᠠᠢ ᠶ᠋ᠢᠨ ᠠᠷᠤ ᠳ᠋ᠤ᠌
ᠳᠡᠯᠡᠬᠡᠢ ᠰ᠍ᠢᠪᠠᠭᠣ ᠨᠢ ᠵᠢᠷᠭᠢᠨ᠎ᠡ ᠳ᠋ᠣᠣ
ᠳᠠᠭᠤᠨ ᠤ᠋ ᠴᠢᠨᠢ ᠰᠠᠢᠬᠠᠨ ᠳ᠋ᠤ᠌
ᠨᠤᠲᠤᠭ ᠣᠷᠣᠨ ᠮᠢᠨᠢ ᠰᠠᠨᠠᠭᠳᠠᠨ᠎ᠠ ᠳ᠋ᠣᠣ
ᠵᠢᠷᠭᠤᠭᠠᠨ ᠬᠠᠨ᠎ᠠ ᠲᠠᠢ ᠣᠷᠳᠣᠨ ᠳ᠋ᠤ᠌
ᠵᠢᠷᠤᠭ ᠪᠣᠯᠵᠤ ᠰᠠᠭᠤᠯ᠎ᠠ ᠪᠢ
ᠵᠢᠷᠭᠤᠭᠠᠨ ᠵᠠᠰᠠᠭ ᠤ᠋ᠨ ᠶᠠᠮᠤᠨ ᠳ᠋ᠤ᠌
ᠲᠣᠪᠴᠢ ᠪᠣᠯᠵᠤ ᠰᠠᠭᠤᠯ᠎ᠠ ᠪᠢ
ᠨᠠᠢ᠍ᠮᠠᠨ ᠬᠠᠨ᠎ᠠ ᠲᠠᠢ ᠣᠷᠳᠣᠨ ᠳ᠋ᠤ᠌
ᠨᠠᠷᠠ ᠪᠣᠯᠵᠤ ᠰᠠᠭᠤᠯ᠎ᠠ ᠪᠢ
ᠨᠠᠢ᠍ᠮᠠᠨ ᠵᠠᠰᠠᠭ ᠤ᠋ᠨ ᠶᠠᠮᠤᠨ ᠳ᠋ᠤ᠌
ᠲᠣᠪᠴᠢ ᠪᠣᠯᠵᠤ ᠰᠠᠭᠤᠯ᠎ᠠ ᠪᠢ
ᠠᠷᠤ ᠳᠡᠭᠡᠷ᠎ᠡ ᠪᠡᠨ ᠠᠯᠲᠠ ᠲᠠᠢ
ᠠᠯᠲᠠ ᠮᠦᠩᠬᠥᠨ ᠣᠷᠬᠢᠭᠣᠯ ᠲᠠᠢ
ᠮᠥᠷᠦᠨ ᠳᠡᠭᠡᠷ᠎ᠡ ᠪᠡᠨ ᠮᠥᠩᠭᠥ ᠲᠡᠢ
ᠮᠥᠩᠭᠥ ᠱ᠌ᠢᠷᠦ ᠶᠢᠨ ᠣᠷᠬᠢᠭᠣᠯ ᠲᠠᠢ
ᠴᠢᠮᠡᠬᠦ ᠪᠡᠷ ᠢ᠋ᠶ᠋ᠡᠨ ᠴᠢᠮᠡᠯ᠎ᠡ
ᠴᠡᠷᠢᠭ ᠢ᠋ᠶ᠋ᠡᠷ ᠬᠦᠷᠭᠡᠯ᠎ᠡ
ᠵᠢᠭᠰᠠᠬᠤ ᠪᠠᠷ ᠢ᠋ᠶ᠋ᠠᠨ ᠵᠢᠭᠰᠠᠯ᠎ᠠ
ᠵᠢᠠᠰᠠᠭ ᠢ᠋ᠶ᠋ᠠᠷ ᠢ᠋ᠶ᠋ᠠᠨ ᠬᠦᠷᠭᠡᠯ᠎ᠡ
ᠠᠯᠲᠠ ᠬᠠᠷ᠎ᠠ ᠭᠡᠵᠢᠭᠡ ᠶ᠋ᠢ ᠪᠡᠨ
ᠠᠷᠤ ᠭᠣᠣᠯ ᠳ᠋ᠤ᠌ ᠪᠠᠨ ᠣᠷᠬᠢᠶ᠎ᠠ ᠳ᠋ᠣᠣ
ᠠᠯᠳᠠᠷ ᠶᠡᠬᠡ ᠨᠡᠷ᠎ᠡ ᠶ᠋ᠢ ᠪᠡᠨ
ᠪᠢᠴᠢᠭ ᠳᠤᠮᠳᠠ ᠪᠠᠨ ᠣᠷᠬᠢᠶ᠎ᠠ ᠳ᠋ᠣᠣ
ᠰᠡᠷᠢᠭᠦᠬᠡᠨ ᠰᠡᠷᠢᠭᠦᠬᠡᠨ ᠰᠠᠭᠤᠶ᠎ᠠ ᠭᠡᠪᠡᠯ
ᠰᠢᠯᠢ ᠳᠡᠭᠡᠷ᠎ᠡ ᠪᠡᠨ ᠰᠠᠭᠤᠶ᠎ᠠ ᠳ᠋ᠣᠣ
ᠰᠡᠳᠬᠢᠯ ᠠᠮᠤᠷ ᠰᠠᠭᠤᠶ᠎ᠠ ᠭᠡᠪᠡᠯ
ᠡᠵᠢ ᠲᠡᠢ ᠪᠡᠨ ᠰᠠᠭᠤᠶ᠎ᠠ ᠳ᠋ᠣᠣ
