ᠤᠭᠢᠶᠠᠵᠤ ᠴᠢᠳᠠᠨ᠎ᠠ ᠳ᠋ᠠУгааж чадна даа ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠭᠢᠶᠠᠵᠤ ᠴᠢᠳᠠᠨ᠎ᠠ ᠳ᠋ᠠУгааж чадна даа

ᠤᠭᠢᠶᠠᠵᠤ ᠴᠢᠳᠠᠨ᠎ᠠ ᠳ᠋ᠠУгааж чадна даа

2023-09-16

345

ᠤᠭᠢᠶᠠᠵᠤ ᠴᠢᠳᠠᠨ᠎ᠠ ᠳ᠋ᠠ

   ᠬᠥᠭᠵᠢᠮ ᠦ᠋ᠨ ᠬᠢᠴᠢᠶᠡᠯ 89 ᠳ᠋ᠦ᠍ᠭᠡᠷ ᠴᠡᠴᠡᠷᠯᠢᠭ ᠦ᠋ᠨ ᠬᠥᠭᠵᠢᠮ ᠦ᠋ᠨ ᠪᠠᠭᠰᠢ ᠮ· ᠣᠳᠬᠣᠨᠪᠠᠶᠠᠷ
   ᠠᠶ᠎ᠠ᠄ ᠴ· ᠠᠯᠲᠠᠨᠰᠦ᠋ᠬᠡ 
   ᠦᠭᠡ᠄ ᠭ· ᠡᠷᠳᠡᠨᠢᠲᠤᠶᠠᠭ᠎ᠠ 
ᠥᠷᠯᠥᠭᠡ ᠡᠷᠲᠡ ᠪᠣᠰᠤᠭᠠᠳ ᠪᠢ 
ᠥᠪᠡᠷ ᠢ᠋ᠶ᠋ᠡᠷ ᠰᠢᠲᠦ ᠪᠡᠨ ᠤᠬᠢᠶᠠᠳᠠᠭ ᠳᠠ 
ᠰᠢᠭᠡᠵᠡᠢ ᠶ᠋ᠢᠨ ᠴᠢᠨᠡᠭᠡ ᠬᠤᠷᠤᠭᠤ ᠪᠠᠷ ᠢ᠋ᠶ᠋ᠠᠨ 
ᠴᠢᠬᠢ ᠪᠡᠨ ᠥᠪᠡᠷ ᠢ᠋ᠶ᠋ᠡᠷ ᠤᠬᠢᠶᠠᠳᠠᠭ ᠳᠠ 

ᠲᠣᠳᠣ ᠠ᠋ᠴᠠ ᠲᠣᠳᠣ ᠬᠠᠷᠠᠨ᠎ᠠ ᠭᠡᠵᠦ
ᠲᠣᠷᠮᠣᠭᠣᠷ ᠨᠢᠳᠦ ᠪᠡᠨ ᠤᠬᠢᠶᠠᠳᠠᠭ ᠳᠠ
ᠭᠠᠳᠠᠨ᠎ᠠ ᠭᠠᠷᠴᠤ ᠲᠣᠭᠯᠠᠳᠠᠭ ᠪᠣᠯᠬᠣᠷ ᠢ᠋ᠶ᠋ᠠᠨ
ᠭᠠᠷ ᠢ᠋ᠶ᠋ᠠᠨ ᠰᠠᠪᠤᠩᠳᠠᠵᠤ ᠤᠬᠢᠶᠠᠳᠠᠭ ᠳᠠ
ᠲᠡᠢᠮᠦ ᠠ᠋᠂ ᠨᠠᠢᠵᠠ ᠠ᠋
ᠲᠡᠢᠮᠦ ᠰᠢᠦ ᠳᠡ᠂ ᠲᠡᠢᠮᠦ
ᠣᠢᠮᠣᠰᠤ ᠦᠷᠭᠦᠯᠵᠢ ᠡᠮᠦᠰᠳᠡᠭ ᠪᠣᠯᠬᠣᠷ
ᠣᠷᠣᠢ ᠳ᠋ᠤ᠌ ᠬᠥᠯ ᠢ᠋ᠶ᠋ᠡᠨ ᠤᠬᠢᠶᠠᠳᠠᠭ ᠳᠠ
ᠦᠨᠦᠷ ᠰᠠᠢᠨ ᠮᠡᠳᠡᠷᠡᠳᠡᠭ ᠪᠣᠯᠬᠣᠷ ᠢ᠋ᠶ᠋ᠠᠨ
ᠦᠷᠭᠦᠯᠵᠢ ᠬᠠᠮᠠᠷ ᠢ᠋ᠶ᠋ᠠᠨ ᠴᠡᠪᠡᠷᠯᠡᠳᠡᠭ ᠳᠡ
ᠲᠡᠢᠮᠦ ᠠ᠋᠂ ᠨᠠᠢᠵᠠ ᠠ᠋
ᠲᠡᠢᠮᠦ ᠰᠢᠦ ᠳᠡ᠂ ᠲᠡᠢᠮᠦ

   ᠦᠰᠦᠭ ᠠᠮᠢᠯᠠᠭᠤᠯᠤᠨ ᠬᠠᠲᠠᠭᠰᠠᠨ ᠨᠢ᠄ ᠪᠦᠷᠢᠨᠴᠡᠴᠡᠭ
   ᠬᠢᠨᠠᠭᠰᠠᠨ ᠨᠢ᠄ ᠱᠤᠳᠤᠷᠭᠤ ᠢᠷᠡᠭᠡᠳᠦᠢ᠂ ᠴᠠᠭᠠᠨ᠂ ᠳ·ᠪᠥᠬᠡᠴᠢᠯᠠᠭᠤ