ᠬᠥᠬᠡ ᠰᠤᠳᠤᠷ - ᠢᠨᠵᠠᠨᠨᠠᠰᠢ < ᠳᠥᠴᠢ ᠶᠢᠰᠦᠳᠦᠭᠡᠷ ᠪᠦᠯᠦᠭ > Хөх судар - Инжинаш < Дөч есдүгээр бүлэг >
ᠲᠠᠢᠪᠤᠤ ᠮᠤᠬᠤᠯᠢ ᠶ᠋ᠢᠨ ᠭᠠᠪᠢᠶ᠎ᠠ ᠬᠡᠲᠦᠢᠳᠦᠭᠰᠡᠨᠡ ᠭᠦᠸᠧ ᠸᠠᠩ ᠲᠠᠢᠱᠢ ᠡᠷᠭᠦᠮᠵᠢᠯᠡᠪᠡ
ᠲᠠᠢᠬᠡᠦ ᠡᠬᠡ ᠶ᠋ᠢᠨ ᠰᠡᠭᠦᠳᠡᠷ ᠥᠨᠳᠥᠷᠳᠡᠭᠰᠡᠨᠡ ᠪᠠᠢ ᠲᠠ ᠰᠤᠪᠤᠷᠭ᠎ᠠ ᠴᠣᠭᠴᠠᠯᠠᠪᠠ
ᠤᠯᠠᠭᠴᠢᠨ ᠦᠬᠡᠷ ᠵᠢᠯ ᠴᠢᠩᠭᠢᠰ ᠬᠠᠭᠠᠨ ᠲᠠᠪᠢᠨ ᠵᠢᠷᠭᠤᠭᠠᠨ ᠰᠡᠭᠦᠳᠡᠷ ᠲᠡᠢ᠃ ᠮᠣᠩᠭᠣᠯ ᠤᠯᠤᠰ ᠤ᠋ᠨ ᠴᠢᠩᠭᠢᠰ ᠬᠠᠭᠠᠨ ᠤ᠋
ᠠᠷᠪᠠᠨ ᠬᠣᠶᠠᠳᠤᠭᠠᠷ ᠣᠨ᠂ ᠰᠥᠩ ᠤᠯᠤᠰ ᠤ᠋ᠨ ᠨᠢᠩᠽᠦ᠋ᠩ ᠦ᠋ᠨ ᠵᠢᠶᠠ ᠳ᠋ᠢᠩ ᠦ᠋ᠨ ᠠᠷᠪᠠᠳᠤᠭᠠᠷ ᠣᠨ᠂ ᠠᠯᠲᠠᠨ ᠤᠯᠤᠰ ᠤ᠋ᠨ
ᠰᠢᠤᠸᠠᠨᠽᠦ᠋ᠩ ᠬᠠᠭᠠᠨ ᠵᠢᠯ ᠪᠦᠷᠢ ᠳᠠᠷᠤᠭᠳᠠᠬᠤᠢ ᠳ᠋ᠤᠷ ᠬᠠᠭᠤᠴᠢᠨ ᠵᠧᠨ ᠢᠦ ᠬᠡᠮᠡᠬᠦ ᠣᠨ ᠤ᠋ ᠨᠡᠷ᠎ᠡ ᠪᠡᠨ ᠬᠠᠯᠠᠭᠠᠳ ᠰᠢᠩ ᠳ᠋ᠢᠩ ᠦ᠋ᠨ
ᠲᠡᠷᠢᠭᠦᠨ ᠣᠨ ᠬᠡᠮᠡᠪᠡ᠂ ᠬᠠᠭᠠᠨ ᠠᠨᠤ ᠬᠠᠯᠠᠭᠰᠠᠨ ᠦᠭᠡᠢ᠂ ᠮᠥᠨ ᠬᠦ᠌ ᠸᠠᠨ ᠶᠠᠨ ᠰᠢᠶᠦ᠋ᠨ – ᠰᠢᠤᠸᠠᠨᠽᠦ᠋ᠩ ᠮᠥᠨ
ᠲᠠᠢᠪᠤᠤ ᠮᠤᠬᠤᠯᠢ ᠶ᠋ᠢᠨ ᠭᠠᠪᠢᠶ᠎ᠠ ᠬᠡᠲᠦᠢᠳᠦᠭᠰᠡᠨᠡ ᠭᠦᠸᠧ ᠸᠠᠩ ᠲᠠᠢᠰᠢ ᠡᠷᠭᠦᠮᠵᠢᠯᠡᠪᠡ
ᠲᠠᠢᠬᠡᠦ ᠡᠬᠡ ᠶ᠋ᠢᠨ ᠰᠡᠭᠦᠳᠡᠷ ᠥᠨᠳᠥᠷᠳᠡᠭᠰᠡᠨᠡ ᠪᠠᠢ ᠲᠠ ᠰᠤᠪᠤᠷᠭ᠎ᠠ ᠴᠣᠭᠴᠠᠯᠠᠪᠠ
ᠲᠡᠨᠳᠡᠴᠡ ᠴᠠᠭᠠᠨ ᠰᠠᠷ᠎ᠠ ᠶ᠋ᠢᠨ ᠴᠠᠭᠠᠯᠠᠬᠤ ᠥᠷᠯᠥᠭᠡ ᠲᠠᠢᠽᠦ ᠴᠢᠩᠭᠢᠰ ᠬᠠᠭᠠᠨ ᠵᠠᠭᠤᠨ ᠵᠦᠢᠯ ᠦ᠋ᠨ ᠶᠣᠰᠣᠯᠠᠯ ᠬᠥᠭᠵᠢᠮ ᠲᠡᠭᠦᠰᠦᠭᠰᠡᠨ ᠳ᠋ᠦ᠍ᠷ ᠤᠷᠢᠳᠠ ᠪᠠᠰᠠ ᠬᠣᠨᠢᠨ ᠳᠠᠯᠤ ᠶ᠋ᠢ ᠥᠴᠦᠬᠡᠨ ᠲᠦᠯᠡᠵᠦ᠂ ᠳᠡᠭᠡᠷ᠎ᠡ ᠡᠷᠳᠡᠨᠢ ᠳᠠᠯᠤ ᠶ᠋ᠢᠨ ᠲᠥᠯᠭᠡ ᠶ᠋ᠢ ᠪᠠᠷᠢᠵᠤ ᠡᠨᠡ ᠵᠢᠯ ᠦ᠋ᠨ ᠬᠡᠷᠡᠭ ᠢ᠋ ᠬᠢᠨᠠᠨ ᠦᠵᠡᠭᠡᠳ ᠰᠡᠭᠦᠷᠡᠰᠦᠨ ᠠᠯᠳᠠᠵᠤ ᠣᠯᠠᠨ ᠰᠠᠢᠳ ᠲᠤᠷ ᠵᠠᠷᠯᠢᠭ ᠪᠣᠯᠤᠷᠤᠨ : 《ᠡᠨᠡ ᠵᠢᠯ ᠪᠢ ᠬᠡᠳᠦᠢ ᠴᠢᠬᠤᠯᠠ ᠬᠡᠷᠡᠭ ᠠᠪᠠᠴᠤ ᠭᠠᠷᠴᠤ ᠪᠣᠯᠬᠤ ᠦᠭᠡᠢ᠃ ᠠᠯᠲᠠᠨ ᠤᠯᠤᠰ ᠠ᠋ᠴᠠ ᠬᠣᠨᠵᠢᠶ᠎ᠠ ᠣᠯᠬᠤ ᠦᠭᠡᠢ ᠪᠡᠷ ᠦᠯᠦ ᠪᠠᠷᠠᠨ᠂ ᠡᠨᠡ ᠵᠢᠯ ᠮᠢᠨᠦ ᠪᠡᠶ᠎ᠡ ᠳ᠋ᠦ᠍ᠷ ᠭᠤᠷᠪᠠᠨ ᠵᠦᠢᠯ ᠦ᠋ᠨ ᠬᠠᠷᠰᠢᠯ ᠪᠣᠢ᠂ ᠲᠡᠷᠢᠭᠦᠨ ᠳ᠋ᠦ᠍ᠷ ᠲᠠᠢᠬᠡᠦ ᠶ᠋ᠢᠨ ᠪᠡᠶ᠎ᠡ ᠯᠠᠭᠱᠠᠨ ᠳ᠋ᠤᠷ ᠡᠪᠡᠳᠴᠢᠨ ᠡᠮᠭᠡᠭ ᠦ᠋ᠨ ᠭᠠᠰᠠᠯᠠᠩ ᠪᠣᠢ᠃ ᠬᠣᠶᠠᠷ ᠲᠤᠷ ᠢᠨᠠᠭ ᠤ᠋ᠨ ᠳᠣᠲᠣᠷ᠎ᠠ ᠠ᠋ᠴᠠ ᠤᠷᠪᠠᠬᠤ ᠰᠥᠷᠬᠦ ᠬᠡᠷᠡᠭ ᠪᠣᠢ᠃ ᠭᠤᠷᠪᠠᠨ ᠳ᠋ᠤᠷ ᠵᠠᠬ᠎ᠠ ᠬᠢᠵᠠᠭᠠᠷ ᠲᠤᠷ ᠬᠤᠯᠠᠭᠠᠢ ᠬᠤᠳᠠᠯ ᠤ᠋ᠨ ᠰᠠᠮᠠᠭᠤᠨ ᠪᠣᠢ ! 》ᠬᠡᠮᠡᠭᠰᠡᠨ ᠳ᠋ᠦ᠍ᠷ ᠰᠢᠳᠠᠷ ᠪᠠᠢᠭᠰᠠᠨ ᠶᠧ ᠯᠢᠦᠢ ᠴᠦ ᠼᠠᠢ ᠶᠡᠬᠡᠯ᠎ᠡ ᠪᠢᠰᠢᠷᠡᠭᠡᠳ ᠬᠠᠷᠠᠬᠠᠨ ᠰᠥᠭᠥᠳᠴᠦ ᠮᠥᠷᠭᠥᠨ ᠠᠢᠯᠠᠳᠬᠠᠷᠤᠨ : 《ᠡᠵᠡᠨ ᠦᠨᠡᠬᠡᠷ ᠲᠡᠭᠷᠢ ᠶ᠋ᠢᠨ ᠲᠥᠷᠥᠯᠬᠢ ᠬᠤᠪᠢᠯᠭᠠᠨ ᠰᠠᠬᠢᠭᠤᠯᠰᠤᠨ ᠪᠣᠭᠳᠠ ᠮᠡᠷᠭᠡᠨ ᠬᠠᠭᠠᠨ ᠮᠥᠨ᠃ ᠲᠦᠰᠢᠮᠡᠯ ᠪᠢ ᠲᠡᠭᠷᠢ ᠶ᠋ᠢᠨ ᠣᠳᠣᠨ ᠤ᠋ ᠵᠦᠢ ᠶ᠋ᠢ ᠥᠴᠦᠬᠡᠨ ᠲᠥᠰᠦᠭᠡᠯᠡᠳᠡᠭ ᠲᠤᠯᠠ ᠡᠵᠡᠨ ᠬᠠᠭᠠᠨ ᠤ᠋ ᠲᠤᠯᠠ ᠰᠢᠨᠵᠢᠵᠦ ᠦᠵᠡᠬᠦᠯ᠎ᠡ ᠡᠵᠡᠨ ᠦ᠌ ᠪᠡᠶ᠎ᠡ ᠳ᠋ᠦ᠍ᠷ ᠭᠤᠷᠪᠠᠨ ᠵᠦᠢᠯ ᠦ᠋ᠨ ᠬᠠᠷᠰᠢᠯ ᠪᠣᠢ᠃ ᠡᠵᠡᠨ ᠳ᠋ᠦ᠍ᠷ ᠲᠣᠬᠢᠶᠠᠯᠲᠤ ᠡᠳᠦᠷ ᠴᠠᠭ ᠢ᠋ ᠦᠵᠡᠨ ᠠᠢᠯᠠᠳᠬᠠᠮᠤ᠃ 》ᠬᠡᠮᠡᠬᠦᠢ ᠳ᠋ᠦ᠍ᠷ ᠬᠠᠭᠠᠨ ᠶᠡᠬᠡᠯ᠎ᠡ ᠪᠠᠶᠠᠷᠯᠠᠵᠤ᠂ ᠪᠠᠰᠠ ᠲᠡᠭᠦᠨ ᠦ᠌ ᠦᠨᠡᠨ ᠬᠤᠳᠠᠯ ᠢ᠋ ᠮᠡᠳᠡᠰᠦᠭᠡᠢ ᠭᠡᠮᠡᠨ ᠥᠪᠡᠷ ᠦ᠋ᠨ ᠲᠥᠯᠭᠡ ᠳ᠋ᠦ᠍ᠷ ᠬᠢᠨᠠᠨ ᠨᠠᠷᠢᠪᠴᠢᠯᠠᠵᠤ ᠡᠳᠦᠷ ᠰᠠᠷ᠎ᠠ ᠶ᠋ᠢ ᠲᠣᠭᠲᠠᠭᠠᠭᠠᠳ ᠶᠧ ᠯᠢᠦᠢ ᠴᠦ ᠼᠠᠢ ᠳ᠋ᠤᠷ ᠵᠠᠷᠯᠢᠭ ᠪᠣᠯᠤᠷᠤᠨ : 《ᠪᠢ ᠬᠡᠷᠡᠭ ᠢ᠋ ᠢᠨᠦ ᠲᠣᠰᠴᠤ ᠮᠡᠳᠡᠪᠡᠴᠦ ᠡᠳᠦᠷ ᠴᠠᠭ ᠢ᠋ ᠣᠯᠬᠤ ᠦᠭᠡᠢ᠂ ᠴᠢ ᠪᠢᠴᠢᠵᠦ ᠠᠢᠯᠠᠳᠬ᠎ᠠ ! 》 ᠬᠡᠮᠡᠭᠰᠡᠨ ᠳ᠋ᠦ᠍ᠷ ᠶᠧ ᠯᠢᠦᠢ ᠴᠦ ᠼᠠᠢ ᠶᠠᠭᠠᠷᠠᠨ ᠪᠣᠰᠴᠤ ᠰᠠᠢᠬᠠᠨ ᠰᠤᠷᠲᠠᠯᠲᠤ᠂ ᠣᠶᠤᠲᠤ ᠰᠡᠴᠡᠨ ᠬᠣᠶᠠᠭᠤᠯᠠ ᠳ᠋ᠤᠷ ᠬᠡᠯᠡᠵᠦ ᠪᠢᠴᠢᠭᠦᠯᠦᠨ ᠬᠠᠭᠠᠨ ᠳ᠋ᠤᠷ ᠪᠠᠷᠢᠭᠰᠠᠨ ᠳ᠋ᠤᠷ ᠬᠠᠭᠠᠨ ᠤ᠋ ᠲᠠᠭᠠᠮᠵᠢᠯᠠᠭᠰᠠᠨ ᠯᠤᠭ᠎ᠠ ᠵᠥᠷᠢᠭᠰᠡᠨ ᠦᠭᠡᠢ ᠳ᠋ᠦ᠍ᠷ ᠬᠠᠭᠠᠨ ᠡᠷᠳᠡᠨᠢ ᠶ᠋ᠢᠨ ᠬᠥᠮᠦᠨ ᠣᠯᠤᠭᠰᠠᠨ ᠠᠳᠠᠯᠢ ᠮᠠᠰᠢ ᠪᠡᠶᠡᠰᠴᠦ ᠶᠠᠭᠠᠷᠠᠨ ᠮᠣᠳᠣᠷ ᠢ᠋ᠶ᠋ᠠᠷ ᠠᠷᠢᠬᠢ ᠬᠠᠢᠷᠠᠯᠠᠵᠤ ᠰᠠᠢᠰᠢᠶᠠᠨ ᠥᠭᠦᠯᠡᠷᠦᠨ :《ᠡᠨᠡ ᠯᠠᠪ ᠲᠡᠭᠷᠢ ᠡᠴᠢᠭᠡ ᠶ᠋ᠢᠨ ᠥᠭᠭᠰᠡᠨ ᠮᠡᠷᠭᠡᠳ ᠪᠣᠯᠠᠢ ! 》ᠭᠡᠮᠡᠨ ᠲᠥᠷᠥ ᠳ᠋ᠦ᠍ᠷ ᠪᠠᠭ᠎ᠠ ᠰᠠᠢᠳ ᠢ᠋ ᠨᠡᠷ᠎ᠡ ᠶ᠋ᠢ ᠴᠡᠭᠡᠷᠯᠡᠭᠦᠯᠦᠨ《ᠰᠠᠢᠬᠠᠨ ᠰᠠᠬᠠᠯᠲᠤ 》ᠭᠡᠮᠡᠨ ᠳᠠᠭᠤᠳᠠᠭᠤᠯᠪᠠ᠃ ᠶᠧ ᠯᠢᠦᠢ ᠴᠦ ᠼᠠᠢ ᠬᠡᠰᠢᠭ ᠲᠣᠷ ᠮᠥᠷᠭᠥᠵᠦ ᠢᠭᠲᠦᠯᠪᠡ᠃ ᠵᠢᠴᠢ ᠠᠢᠯᠠᠳᠬᠠᠷᠤᠨ : 《ᠡᠭᠦᠨ ᠦ᠌ ᠳᠣᠲᠣᠷ᠎ᠠ ᠴᠡᠷᠢᠭ ᠲᠦ᠍ᠷ ᠳᠡᠮᠡᠢ ᠠᠶᠤᠯ ᠦᠭᠡᠢ᠂ ᠬᠢᠵᠠᠭᠠᠷ ᠲᠤᠷ ᠬᠤᠯᠠᠭᠠᠢ ᠠᠪᠠᠴᠤ ᠲᠠᠪᠠᠷᠠᠨ ᠴᠢᠳᠠᠬᠤ ᠦᠭᠡᠢ᠂ ᠨᠡᠩ ᠪᠠᠰᠠ ᠲᠥᠷᠥ ᠳ᠋ᠦ᠍ᠷ ᠨᠢᠭᠡᠨ ᠶᠡᠬᠡ ᠲᠦᠰᠢᠮᠡᠯ ᠭᠠᠷᠬᠤ ᠰᠠᠢᠨ ᠪᠡᠯᠭᠡ ᠪᠣᠢ᠂ ᠬᠠᠭᠠᠨ ᠤᠪᠠᠢᠯᠠᠪᠠ ᠤᠤ ? 》ᠬᠡᠮᠡᠭᠰᠡᠨ ᠳ᠋ᠦ᠍ᠷ ᠬᠠᠭᠠᠨ ᠮᠥᠨ ᠲᠡᠢᠮᠦ ᠨᠢᠭᠡᠨ ᠢ᠋ ᠣᠯᠵᠤ ᠠᠮᠠᠨ ᠳ᠋ᠤᠷ ᠬᠦᠷᠦᠭᠡᠳ ᠵᠠᠷᠯᠢᠭ ᠡᠰᠡ ᠪᠣᠯᠤᠭᠰᠠᠨ ᠳ᠋ᠤᠷ ᠡᠳᠦᠭᠡ ᠶᠧ ᠯᠢᠦᠢ ᠴᠦ ᠼᠠᠢ ᠶ᠋ᠢᠨ ᠦᠭᠡ ᠳ᠋ᠦ᠍ᠷ ᠭᠠᠷᠴᠤ ᠢᠷᠡᠭᠰᠡᠨ ᠳ᠋ᠦ᠍ᠷ ᠬᠠᠭᠠᠨ ᠮᠠᠰᠢᠳᠠ ᠪᠡᠶᠡᠰᠦᠨ ᠮᠢᠨᠦ ᠲᠥᠯᠭᠡ ᠳ᠋ᠦ᠍ᠷ ᠲᠡᠢᠮᠦ ᠨᠢᠭᠡᠨ ᠶᠡᠬᠡᠰ ᠰᠠᠢᠳ ᠢᠯᠡᠷᠡᠨ ᠰᠠᠭᠤᠷᠢᠨ ᠳ᠋ᠤᠷ ᠬᠦᠷᠬᠦ ᠶᠠᠪᠤᠳᠠᠯ ᠪᠣᠢ᠃ ᠪᠢ ᠭᠠᠭᠴᠠ ᠠᠮᠠᠨ ᠳ᠋ᠤᠷ ᠬᠦᠷᠦᠭᠡᠳ ᠡᠰᠡ ᠬᠡᠯᠡᠪᠡ᠃ 》 ᠶᠧ ᠯᠢᠦᠢ ᠴᠦ ᠼᠠᠢ ᠠᠢᠯᠠᠳᠬᠠᠷᠤᠨ : 《ᠶᠡᠬᠡ ᠵᠠᠩᠵᠤᠨ ᠤ᠋ ᠣᠳᠣᠨ ᠬᠠᠭᠠᠨ ᠤ᠋ ᠬᠦᠷᠢᠶ᠎ᠡ ᠳ᠋ᠦ᠍ᠷ ᠬᠠᠮᠠᠭᠠᠯᠠᠪᠠ᠂ ᠳᠣᠲᠣᠷ᠎ᠠ ᠭᠠᠳᠠᠨ᠎ᠠ ᠠᠯᠲᠠᠨ ᠭᠡᠷᠡᠯ ᠰᠠᠴᠤᠷᠠᠮᠤᠢ᠃ 》ᠬᠡᠮᠡᠭᠰᠡᠨ ᠳ᠋ᠦ᠍ᠷ ᠬᠠᠭᠠᠨ ᠶᠡᠬᠡᠳᠡ ᠪᠡᠶᠡᠰᠦᠨ ᠰᠠᠢᠰᠢᠶᠠᠪᠠ᠃
ᠲᠡᠳᠦᠢ ᠦᠯᠡᠭᠦᠦ ᠢᠷᠦᠭᠡᠯᠲᠦ ᠲᠠᠢᠬᠡᠦ ᠪᠠᠰᠠ ᠵᠠᠷᠯᠢᠭ ᠪᠠᠭᠤᠯᠭᠠᠨ᠂ ᠬᠠᠭᠠᠨ ᠤ᠋ ᠭᠡᠭᠡᠨ ᠢ᠋ ᠡᠨᠡ ᠵᠢᠯ ᠭᠠᠳᠠᠭᠰᠢ ᠪᠢᠲᠡᠭᠡᠢ ᠮᠣᠷᠢᠯᠠ ᠭᠡᠮᠡᠨ ᠲᠥᠷᠥ ᠳ᠋ᠦ᠍ᠷ ᠲᠤᠰᠢᠶᠠᠪᠠ᠃ ᠵᠢᠴᠢ ᠠᠯᠢ ᠵᠦᠭ ᠦ᠋ᠨ ᠴᠡᠷᠢᠭ ᠢ᠋ ᠴᠦ᠍ ᠬᠥᠳᠡᠯᠭᠡᠭᠡᠳᠦᠢ ᠲᠦᠳᠡᠭᠡᠯᠵᠡᠭᠦᠯᠪᠡ᠃ ᠡᠨᠡ ᠴᠠᠭᠠᠨ ᠰᠠᠷ᠎ᠠ ᠳ᠋ᠤᠷ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ᠂ ᠰᠢᠶᠠ ᠤᠯᠤᠰ ᠢ᠋ ᠳᠠᠢᠯᠠᠰᠤᠭᠠᠢ ᠭᠡᠮᠡᠨ ᠵᠥᠪᠳᠡᠭᠡᠳ ᠡᠮᠦᠨ᠎ᠡ ᠡᠴᠡ ᠰᠥᠩ᠂ ᠬᠣᠢᠨ᠎ᠠ ᠠ᠋ᠴᠠ ᠮᠣᠩᠭᠣᠯ ᠡᠨᠡ ᠬᠣᠶᠠᠷ ᠠ᠋ᠴᠠ ᠠᠶᠤᠵᠤ ᠪᠠᠢᠪᠠ᠃ ᠳᠠᠷᠠᠭ᠎ᠠ ᠴᠡᠷᠢᠭ ᠢ᠋ ᠰᠥᠩ ᠳ᠋ᠦ᠍ᠷ ᠬᠠᠯᠳᠠᠬᠤ ᠪᠠᠷ ᠪᠡᠯᠡᠳᠬᠡᠵᠦ᠂ ᠳᠥᠷᠪᠡᠨ ᠰᠠᠷ᠎ᠠ ᠳ᠋ᠤᠷ ᠠᠯᠲᠠᠨ ᠤᠯᠤᠰ ᠤ᠋ᠨ ᠵᠣ᠌ ᠬᠤ᠌ ᠭᠣᠣ ᠴᠢ ᠨᠠᠷ ᠴᠡᠷᠢᠭ ᠬᠤᠪᠢᠶᠠᠵᠤ᠂ ᠰᠥᠩ ᠤᠯᠤᠰ ᠤ᠋ᠨ ᠬᠣᠢᠲᠤ ᠠ᠋ᠴᠠ ᠳᠠᠢᠯᠠᠨ ᠣᠷᠣᠵᠤ᠂ ᠰᠢᠩ ᠬᠤ᠌᠂ ᠵᠢᠶᠠᠩ ᠽᠢ ᠴᠢᠤᠸᠠᠨ ᠡᠳᠡᠭᠡᠷ ᠭᠠᠵᠠᠷ ᠢ᠋ ᠲᠠᠪᠴᠢᠯᠠᠬᠤᠶᠠ᠂ ᠰᠥᠩ ᠤᠯᠤᠰ ᠤ᠋ᠨ ᡁᠢ ᡁᠢ ᠱᠢ ᠲᠦᠰᠢᠮᠡᠯ ᠵᠣᠣ ᠹᠠᠩ᠂ ᠯᠢ ᠢᠦᠢ᠂ ᠳ᠋ᠦᠩ ᠵᠢᠦᠢ ᠲᠠᠨ ᠶᠡᠬᠡ ᠴᠡᠷᠢᠭ ᠠᠪᠤᠨ ᠢᠷᠡᠵᠦ ᠠᠮᠤᠷ ᠢ᠋ᠶ᠋ᠠᠷ ᠪᠠᠢᠯᠳᠤᠭᠠᠳ ᠨᠢᠭᠡᠨ ᠵᠡᠷᠭᠡ ᠳᠠᠷᠤᠵᠤ ᠴᠡᠷᠢᠭ ᠡᠭᠡᠵᠦ ᠪᠠᠲᠤᠯᠠᠨ ᠰᠠᠬᠢᠭᠠᠳ ᠪᠠᠰᠠ ᠴᠡᠷᠢᠭ ᠪᠣᠯᠪᠠᠰᠤᠷᠠᠭᠤᠯᠤᠨ ᠠᠯᠲᠠᠨ ᠤᠯᠤᠰ ᠢ᠋ ᠳᠠᠢᠯᠠᠬᠤ ᠶ᠋ᠢ ᠪᠡᠯᠡᠳᠬᠡᠪᠡ᠃ ᠡᠨᠡ ᠦᠶ᠎ᠡ ᠳ᠋ᠦ᠍ᠷ ᠠᠯᠲᠠᠨ ᠤᠯᠤᠰ᠂ ᠮᠣᠩᠭᠣᠯ ᠤᠯᠤᠰ᠂ ᠰᠢᠶᠠ ᠤᠯᠤᠰ ᠡᠨᠡ ᠭᠤᠷᠪᠠᠨ ᠤ᠋ ᠵᠠᠪᠰᠠᠷ ᠲᠤᠷ ᠴᠢ ᠾᠧ ᠱᠧᠩ ᠬᠡᠮᠡᠭᠴᠢ ᠬᠤᠯᠠᠭᠠᠢ ᠰᠠᠮᠠᠭᠤᠷᠠᠵᠤ᠂ ᠡᠤ ᠫᠢᠩ ᠦ᠋ᠨ ᠭᠠᠵᠠᠷ ᠢ᠋ ᠡᠵᠡᠯᠡᠵᠦ᠂ ᠠᠮᠤ ᠡᠪᠡᠰᠦ ᠬᠣᠷᠢᠶᠠᠨ ᠰᠠᠮᠠᠭᠤᠷᠠᠨ ᠶᠠᠪᠤᠮᠤᠢ᠃ ᠪᠠᠰᠠ ᠳᠦ ᠮᠠᠨ ᠤᠯᠤᠰ ᠤᠷᠪᠠᠵᠤ ᠰᠠᠮᠠᠭᠤᠷᠠᠮᠤᠢ ᠭᠡᠮᠡᠨ ᠳᠠᠷᠠᠭ᠎ᠠ ᠳᠠᠷᠠᠭ᠎ᠠ ᠪᠠᠷ ᠠᠢᠯᠠᠳᠬᠠᠨ ᠢᠷᠡᠲᠡᠯ᠎ᠡ ᠳᠠᠭᠠᠯᠳᠤᠭ᠎ᠠ ᠮᠣᠩᠭᠣᠯ ᠤ᠋ᠨ ᠱᠢ ᠲᠢᠶᠠᠨ ᠨᠢ ᠴᠡᠷᠢᠭ ᠢ᠋ᠶ᠋ᠡᠨ ᠠᠪᠤᠨ ᠡᠴᠢᠵᠦ ᠬᠠᠭᠠᠵᠤ ᠪᠠᠢᠯᠳᠤᠨ ᠬᠠᠭᠠᠰ ᠢ᠋ ᠬᠡᠯᠡᠯᠴᠡᠵᠦ ᠣᠷᠣᠭᠤᠯᠤᠨ ᠠᠪᠴᠤ ᠬᠠᠭᠠᠨ ᠠ᠋ᠴᠠ ᠵᠠᠷᠯᠢᠭ ᠭᠤᠶᠤᠷ᠎ᠠ ᠵᠠᠷᠤᠭᠰᠠᠨ ᠳ᠋ᠤᠷ ᠬᠠᠭᠠᠨ ᠰᠠᠢᠰᠢᠶᠠᠨ ᠵᠥᠪᠰᠢᠶᠡᠵᠦ ᠪᠠᠰᠠ ᠠᠯᠲᠠᠨ ᠤᠯᠤᠰ ᠢ᠋ ᠪᠢᠲᠡᠭᠡᠢ ᠠᠮᠠᠷᠠᠭᠤᠯ ᠭᠡᠮᠡᠨ ᠵᠠᠷᠯᠢᠭ ᠪᠠᠭᠤᠯᠭᠠᠵᠤ᠂ ᠪᠠᠰᠠ ᠰᠠᠢᠬᠠᠨ ᠰᠤᠷᠲᠠᠯᠲᠤ ᠳ᠋ᠤᠷ ᠳᠥᠷᠪᠡᠨ ᠪᠠᠭᠠᠲᠤᠷ ᠵᠠᠩᠵᠤᠨ ᠥᠭᠴᠦ ᠱᠢ ᠲᠢᠶᠠᠨ ᠨᠢ ᠳ᠋ᠦ᠍ᠷ ᠬᠠᠪᠰᠤᠷᠤᠭᠤᠯᠤᠨ ᠢᠯᠡᠭᠡᠪᠡ᠃ ᠪᠠᠰᠠ ᠳᠦ ᠮᠠᠨ ᠠᠢᠮᠠᠭ ᠤ᠋ᠨ ᠤᠷᠪᠠᠭᠰᠠᠨ ᠳ᠋ᠤᠷ ᠲᠠᠢᠪᠤᠤ ᠪᠤᠭᠤᠷᠤᠯ ᠳ᠋ᠤᠷ ᠬᠣᠶᠠᠷ ᠲᠦᠮᠡᠨ ᠴᠡᠷᠢᠭ ᠥᠭᠴᠦ ᠳᠦ ᠮᠠᠨ ᠤᠯᠤᠰ ᠢ ᠲᠠᠢᠯᠵᠤ ᠲᠦᠪᠰᠢᠳᠭᠡ ᠭᠡᠮᠡᠨ ᠵᠠᠷᠯᠢᠭ ᠪᠠᠭᠤᠯᠭᠠᠵᠤ᠂ ᠬᠠᠭᠠᠰ ᠰᠠᠷ᠎ᠠ ᠶ᠋ᠢᠨ ᠳᠣᠲᠣᠷ᠎ᠠ ᠬᠣᠶᠠᠷ ᠠᠩᠭᠢ ᠴᠡᠷᠢᠭ ᠢ᠋ ᠴᠥᠮ ᠮᠣᠷᠳᠠᠭᠤᠯᠪᠠ᠃ ᠡᠨᠡ ᠵᠢᠯ ᠬᠠᠭᠠᠨ ᠤ᠋ ᠭᠡᠭᠡᠨ ᠵᠤᠨ ᠤ᠋ ᠬᠠᠯᠠᠭᠤᠨ ᠢ᠋ ᠬᠣᠢᠲᠤ ᠭᠤᠸᠠᠨ ᠵᠧᠦ ᠶ᠋ᠢᠨ ᠯᠢᠶᠠᠩ ᠵᠢᠩ ᠬᠣᠲᠠ ᠱᠠᠩᠳᠤ ᠳ᠋ᠤᠷ ᠥᠩᠭᠡᠷᠡᠬᠦ ᠲᠤᠯᠠ ᠳᠥᠷᠪᠡᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠲᠠᠢᠬᠡᠦ᠂ ᠬᠤᠸᠠᠩᠬᠡᠦ ᠨᠠᠷ ᠢ᠋ ᠠᠪᠴᠤ ᠱᠠᠩᠳᠤ ᠳ᠋ᠤᠷ ᠵᠤᠰᠠᠷᠠ ᠡᠴᠢᠪᠡ᠃ ᠳ᠋ᠠᠢᠳᠦ᠋ ᠶ᠋ᠢ ᠣᠯᠠᠨ ᠲᠡᠢᠰᠢ᠂ ᠲᠠᠢᠹᠦ᠋᠂ ᠲᠠᠢᠪᠤᠤ᠂ ᠱᠣᠣ ᠱᠢ᠂ ᠱᠣᠣ ᠹᠦ᠂ ᠱᠣᠣ ᠪᠦᠦ ᠭᠤᠷᠪᠠᠨ ᠬᠦᠩ᠂ ᠵᠢᠷᠭᠤᠭᠠᠨ ᠴᠢᠩ ᠢ᠋ ᠦᠯᠡᠳᠡᠭᠡᠵᠦ ᠰᠠᠬᠢᠭᠤᠯᠪᠠ᠃ ᠣᠯᠠᠨ ᠴᠢᠨ ᠸᠠᠩ ᠤ᠋ᠳ ᠪᠠᠢᠯᠳᠤᠬᠤ ᠰᠠᠬᠢᠬᠤ ᠶ᠋ᠢ ᠪᠡᠯᠡᠳᠴᠦ ᠳ᠋ᠠᠢᠳᠦ᠋ ᠳ᠋ᠦ᠍ᠷ ᠬᠣᠴᠣᠷᠪᠠ᠃ ᠲᠠᠢᠽᠦ ᠴᠢᠩᠭᠢᠰ ᠬᠠᠭᠠᠨ᠂ ᠲᠠᠢᠬᠡᠦ ᠶ᠋ᠢᠨ ᠨᠠᠰᠤᠨ ᠰᠡᠭᠦᠳᠡᠷ ᠥᠨᠳᠥᠷ ᠲᠤᠯᠠ ᠶᠡᠬᠡ ᠰᠡᠦᠬᠡ ᠪᠡᠷ ᠠᠯᠭᠤᠷ ᠶᠠᠪᠤᠨ ᠱᠠᠩᠳᠤ ᠳ᠋ᠤᠷ ᠮᠣᠷᠢᠯᠠᠪᠠ᠃
ᠡᠨᠡ ᠦᠶ᠎ᠡ ᠳ᠋ᠦ᠍ᠷ ᠬᠠᠷᠠᠬᠠᠨ ᠠᠯᠲᠠᠨ ᠤᠯᠤᠰ᠂ ᠰᠥᠩ ᠤᠯᠤᠰ ᠢ᠋ ᠳᠠᠪᠴᠢᠯᠠᠭᠰᠠᠨ ᠳ᠋ᠤᠷ ᠰᠥᠩ ᠤᠯᠤᠰ ᠤ᠋ᠨ ᡁᠢ ᡁᠢ ᠱᠢ ᠲᠦᠰᠢᠮᠡᠯ ᠯᠢ ᠢᠦᠢ᠂ ᠳ᠋ᠦᠩ ᠵᠢᠦᠢ ᠲᠠᠨ ᠪᠠᠲᠤᠯᠠᠨ ᠰᠠᠬᠢᠵᠤ ᠴᠠᠭ ᠭᠱᠠᠨ ᠠᠮᠤᠷ ᠢ᠋ ᠣᠯᠬᠤ ᠦᠭᠡᠢ ᠳ᠋ᠦ᠍ᠷ ᠬᠣᠷᠣᠰᠴᠤ ᠵᠤᠨ ᠤ᠋ ᠳᠤᠮᠳᠠᠳᠤ ᠲᠠᠪᠤᠨ ᠰᠠᠷ᠎ᠠ ᠳ᠋ᠤᠷ ᠠᠯᠲᠠᠨ ᠤᠯᠤᠰ ᠤ᠋ᠨ ᠬᠣᠢᠲᠤ ᠬᠠᠭᠠᠰ ᠢ ᠴᠥᠮ ᠮᠣᠩᠭᠣᠯ ᠳ᠋ᠤᠷ ᠠᠪᠲᠠᠭᠠᠳ ᠮᠣᠩᠭᠣᠯ ᠯᠤᠭ᠎ᠠ ᠬᠠᠷᠢᠭᠤᠴᠠᠨ ᠴᠢᠳᠠᠬᠤ ᠦᠭᠡᠢ ᠪᠣᠯᠵᠤ᠂ ᠰᠥᠩ ᠤᠯᠤᠰ ᠤ᠋ᠨ ᠰᠢᠶᠠᠩ ᠶᠠᠩ᠂ ᠼᠤᠤ ᠶᠠᠩ ᠤ᠋ᠨ ᠵᠡᠷᠭᠡ ᠶ᠋ᠢᠨ ᠭᠠᠵᠠᠷ ① ᠢ ᠪᠠᠢᠯᠳᠤᠰᠤᠭᠠᠢ ᠬᠡᠮᠡᠬᠦᠢ ᠳ᠋ᠦ᠍ᠷ ᠰᠥᠩ ᠤᠯᠤᠰ ᠤ᠋ᠨ ᠹᠠᠨ ᠵᠣᠣ᠂ ᠹᠠᠩ ᠠ᠋᠂ ᠰᠥᠩ ᠬᠠᠭᠠᠨ ᠳ᠋ᠠᠭᠠᠨ ᠠᠢᠯᠠᠳᠬᠠᠵᠤ ᠭᠤᠷᠪᠠᠨ ᠵᠠᠮ ᠤ᠋ᠨ ᠶᠡᠬᠡ ᠴᠡᠷᠢᠭ ᠢ᠋ ᠠᠪᠴᠤ ᠪᠦᠭᠭᠦᠭᠰᠡᠨ ᠠᠯᠲᠠᠨ ᠤᠯᠤᠰ ᠤ᠋ᠨ ᠴᠡᠷᠢᠭ ᠢ᠋ ᠪᠠᠢᠯᠳᠤᠵᠤ ᠶᠡᠬᠡᠯ᠎ᠡ ᠳᠠᠷᠤᠭᠠᠳ ᠨᠡᠬᠡᠵᠦ ᠠᠯᠠᠭᠰᠠᠨ ᠠᠨᠤ ᠬᠡᠳᠦᠨ ᠵᠠᠭᠤᠨ ᠭᠠᠵᠠᠷ ᠦᠬᠦᠳᠡᠯ ᠳᠦᠭᠦᠷᠴᠦᠬᠦᠢ᠃ ᠠᠯᠲᠠᠨ ᠤᠯᠤᠰ ᠤ᠋ᠨ ᠴᠡᠷᠢᠭ ᠰᠠᠶᠢ ᠡᠭᠡᠵᠦ ᠢᠷᠡᠲᠡᠯ᠎ᠡ ᠭᠡᠨᠡᠳᠲᠡ ᠬᠠᠷᠢᠨ ᠮᠣᠩᠭᠣᠯ ᠤᠯᠤᠰ ᠤ᠋ᠨ ᠰᠠᠢᠬᠠᠨ ᠰᠤᠷᠲᠠᠯᠲᠤ ᠶ᠋ᠢᠨ ᠴᠡᠷᠢᠭ ᠬᠦᠷᠴᠦ ᠢᠷᠡᠭᠡᠳ ᠲᠣᠰᠴᠤ ᠪᠠᠢᠯᠳᠤᠭᠰᠠᠨ ᠳ᠋ᠤᠷ ᠶᠡᠬᠡᠯ᠎ᠡ ᠳᠠᠷᠤᠭᠳᠠᠵᠤ ᠪᠢᠶᠠᠨ ᠵᠢᠩ ᠳ᠋ᠡᠭᠡᠨ ᠳᠤᠲᠠᠭᠠᠨ ᠡᠴᠢᠬᠦᠢ ᠳ᠋ᠦ᠍ᠷ ᠰᠠᠢᠬᠠᠨ ᠰᠤᠷᠲᠠᠯᠲᠤ ᠪᠢᠶᠠᠨ ᠵᠢᠩ ᠢ᠋ ᠲᠣᠭᠣᠷᠢᠨ ᠪᠦᠸᠧ ᠵᠧᠦ ᠳ᠋ᠦ᠍ᠷ ᠲᠣᠰᠴᠤ ᠠᠯᠲᠠᠨ ᠤᠯᠤᠰ ᠤ᠋ᠨ ᠵᠠᠩᠵᠤᠨ ᠤ᠋ ᠬᠦ ᠶ᠋ᠢ ᠳᠠᠷᠤᠭᠠᠳ ᠪᠦᠸᠧ ᠵᠧᠦ ᠶ᠋ᠢ ᠠᠪᠬᠤᠢ ᠳ᠋ᠤᠷ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ ᠪᠠᠰᠠ ᠡᠶᠡᠳᠡᠬᠦ ᠶ᠋ᠢ ᠭᠤᠶᠤᠨ ᠪᠣᠳᠣᠷᠣᠣᠯ ᠪᠢᠴᠢᠵᠦ ᠠᠢᠯᠠᠳᠬᠠᠭᠠᠳ ᠴᠡᠷᠢᠭ ᠢ᠋ᠶ᠋ᠡᠨ ᠠᠪᠴᠤ ᠱᠢ ᠲᠢᠶᠠᠨ ᠴᠢᠩ ᠳ᠋ᠦ᠍ᠷ ᠲᠤᠰᠠᠯᠠᠷ᠎ᠠ ᠢᠷᠡᠪᠡ᠂ ᠡᠨᠡ ᠵᠠᠪᠰᠠᠷ ᠲᠤᠷ ᠠᠯᠲᠠᠨ ᠤᠯᠤᠰ ᠤ᠋ᠨ ᠯᠢ ᠴᠢᠤᠸᠠᠨ ᠬᠡᠮᠡᠭᠴᠢ ᠲᠠᠢᠱᠧᠦ ᠤᠷᠪᠠᠵᠤ᠂ ᠳᠠᠯᠠᠢ ᠶ᠋ᠢᠨ ᠬᠣᠢᠭ ᠲᠤᠷ ᠣᠷᠣᠵᠤ ᠶᠡᠬᠡ ᠴᠡᠷᠢᠭ ᠪᠠᠢᠭᠤᠯᠤᠨ᠂ ᠲᠠᠪᠤᠨ ᠲᠦᠮᠡᠨ ᠴᠡᠷᠢᠭ ᠢ᠋ᠶ᠋ᠡᠷ ᠰᠥᠩ ᠤᠯᠤᠰ ᠲᠤᠷ ᠣᠷᠣᠵᠤ ᠳᠠᠭᠠᠪᠠ᠃ ᠰᠥᠩ ᠤᠯᠤᠰ ᠯᠢ ᠴᠢᠤᠸᠠᠨ ᠢ᠋ ᠶᠡᠬᠡ ᠶᠤᠸᠠᠨᠱᠤᠸᠠᠢ ᠪᠣᠯᠭᠠᠨ ᠠᠯᠲᠠᠨ ᠢ᠋ ᠪᠠᠢᠯᠳᠤᠬᠤ ᠪᠠᠷ ᠪᠡᠯᠡᠳᠬᠡᠪᠡ᠃ ᠮᠣᠩᠭᠣᠯ ᠤ᠋ᠨ ᠶᠡᠬᠡ ᠴᠡᠷᠢᠭ ᠬᠠᠭᠠᠰ ᠵᠢᠯ ᠠᠮᠠᠷᠠᠵᠤ᠂ ᠰᠢᠶᠠ ᠤᠯᠤᠰ ᠤ᠋ᠨ ᠡᠵᠡᠨ ᠯᠢ ᠠᠨ ᠢᠦᠢ ᠶ᠋ᠢᠨ ᠴᠡᠷᠢᠭ ᠢ᠋ ᠵᠠᠷᠯᠠᠵᠤ ᠭᠤᠷᠪᠠᠨ ᠵᠡᠷᠭᠡ ᠪᠣᠯᠲᠠᠯ᠎ᠠ ᠯᠢ ᠠᠨ ᠢᠦᠢ ᠵᠥᠷᠢᠴᠡᠭᠰᠡᠨ ᠳ᠋ᠦ᠍ᠷ ᠮᠤᠬᠤᠯᠢ ᠬᠠᠭᠠᠨ ᠳ᠋ᠤᠷ ᠠᠢᠯᠠᠳᠬᠠᠨ ᠶᠠᠪᠤᠭᠤᠯᠤᠭᠰᠠᠨ ᠳ᠋ᠤᠷ ᠮᠥᠨ ᠰᠡᠷᠢᠭᠦᠨ ᠪᠣᠯᠤᠭᠰᠠᠨ ᠲᠤᠯᠠ ᠬᠠᠭᠠᠨ ᠨᠠᠮᠤᠷ ᠤ᠋ᠨ ᠳᠤᠮᠳᠠᠳᠤ ᠰᠠᠷ᠎ᠠ ᠳ᠋ᠤᠷ ᠣᠷᠳᠣᠨ ᠤ᠋ ᠬᠣᠲᠠᠯᠠᠭᠠᠷ ᠢ᠋ ᠠᠪᠴᠤ ᠳ᠋ᠠᠢᠳᠦ᠋ ᠳ᠋ᠦ᠍ᠷ ᠮᠣᠷᠢᠯᠠᠨ ᠬᠦᠷᠴᠦ ᠢᠷᠡᠭᠡᠳ ᠵᠠᠭᠤᠨ ᠲᠦᠰᠢᠮᠡᠳ ᠮᠥᠷᠭᠥᠭᠰᠡᠨ ᠦ᠌ ᠬᠣᠢᠨ᠎ᠠ᠂ ᠣᠯᠠᠨ ᠲᠦᠰᠢᠮᠡᠳ ᠲᠣᠷ ᠵᠠᠷᠯᠢᠭ ᠪᠠᠭᠤᠯᠭᠠᠨ ᠳ᠋ᠠᠢᠳᠦ᠋ ᠶ᠋ᠢᠨ ᠡᠮᠦᠨ᠎ᠡ ᠱᠠᠷᠭᠠ ᠶ᠋ᠢᠨ ᠲᠠᠯ᠎ᠠ ② ᠳ᠋ᠤᠷ ᠶᠡᠬᠡ ᠮᠠᠨᠳᠠᠯ ᠢ᠋ ᠴᠣᠭᠴᠠᠯᠠᠭᠤᠯᠪᠠᠢ᠃ ᠳᠤᠮᠳᠠᠳᠤ ᠨᠠᠮᠤᠷ ᠤ᠋ᠨ ᠲᠡᠷᠭᠡᠯ ᠦ᠋ᠨ ᠤᠷᠢᠳᠤ ᠡᠳᠦᠷ᠂ ᠲᠠᠢᠪᠤᠤ ᠮᠤᠬᠤᠯᠢ ᠶ᠋ᠢ ᠮᠠᠨᠳᠠᠯ ᠳ᠋ᠤᠷ ᠠᠪᠠᠷᠢᠭᠤᠯᠵᠤ᠂ ᠲᠡᠭᠷᠢ ᠶ᠋ᠢᠨ ᠬᠥᠭᠵᠢᠮ ᠡᠭᠦᠰᠬᠡᠨ᠂ ᠶᠡᠬᠡ ᠴᠡᠷᠢᠭ ᠢ᠋ ᠴᠤᠭᠯᠠᠭᠤᠯᠵᠤ ᠂ ᠬᠠᠭᠠᠨ ᠥᠪᠡᠷ ᠦ᠋ᠨ ᠭᠠᠷ ᠢ᠋ᠶ᠋ᠠᠷ ᠰᠢᠷ᠎ᠠ ᠠᠯᠲᠠᠨ ᠸᠠᠩ ᠤ᠋ᠨ ᠲᠠᠮᠠᠭ᠎ᠠ ᠤᠯᠠᠭᠠᠨ ᠴᠢᠳᠤ ᠨᠤᠮᠤ᠂ ᠠᠯᠲᠠᠨ ᠰᠢᠶᠤᠸᠠ᠂ ᠮᠥᠩᠭᠥᠨ ᠢᠯᠳᠦ᠂ ᠰᠢᠶᠤᠸᠠ ᠬᠡᠮᠡᠭᠴᠢ ᠡᠷᠭᠦᠮᠵᠢᠯᠡᠭᠰᠡᠨ ᠥᠭᠡᠰᠲᠦ ᠲᠤᠩᠰᠠ ᠫᠠᠢ ᠪᠤᠶᠤ᠃ ᠨᠡᠢᠭᠡᠮ ᠤᠯᠤᠰ ᠤ᠋ᠨ ᠭᠦᠸᠧ ᠸᠠᠩ᠂ ᠶᠡᠬᠡ ᠲᠥᠷᠥ ᠶ᠋ᠢᠨ ᠲᠡᠷᠢᠭᠦᠯᠡᠭᠰᠡᠨ ᠲᠠᠢᠰᠢ᠂ ᠮᠣᠷᠢᠨ ᠳ᠋ᠤᠷ ᠭ᠍ᠡᠷᠪᠠᠰᠤ ᠮᠣᠩᠭᠣᠯ ᠢᠷᠭᠡᠨ ᠴᠡᠷᠢᠭ ᠢ᠋ ᠨᠡᠢᠭᠡᠮᠯᠡᠨ ᠵᠠᠬᠢᠷᠤᠭᠠᠳ ᠮᠣᠷᠢᠨ ᠠ᠋ᠴᠠ ᠪᠠᠭᠤᠪᠠᠰᠤ ᠤᠯᠤᠰ ᠲᠥᠷᠥ ᠶ᠋ᠢᠨ ᠬᠡᠷᠡᠭ ᠵᠠᠷᠭᠤ ᠶ᠋ᠢ ᠰᠢᠳᠬᠡᠮᠦᠢ᠃ ᠲᠡᠷᠢᠭᠦᠨ ᠵᠡᠷᠭᠡ ᠶ᠋ᠢᠨ ᠲᠠᠢᠹᠦ᠋ ᠲᠦᠰᠢᠮᠡᠯ ᠡᠴᠡ ᠳᠣᠷᠣᠭᠰᠢ ᠶ᠋ᠢ ᠴᠥᠮ ᠬᠠᠮᠢᠶᠠᠷᠤᠮᠤᠢ᠃ ᠡᠳᠡᠭᠡᠷ ᠵᠡᠷᠭᠡ ᠬᠤᠪᠢ ᠲᠤᠰᠢᠶᠠᠯ ᠵᠡᠷᠭᠡ ᠶ᠋ᠢ ᠦᠶ᠎ᠡ ᠤᠯᠠᠷᠢᠨ ᠵᠠᠯᠭᠠᠮᠵᠢᠯᠠᠵᠤ᠂ ᠲᠡᠮᠦᠷ ᠡᠪᠬᠡᠮᠡᠯ ᠵᠠᠬᠢᠷᠬᠤ ᠠᠯᠲᠠᠨ ᠲᠠᠮᠠᠭ᠎ᠠ ᠶ᠋ᠢ ᠪᠠᠷᠢᠭᠤᠯᠤᠨ᠂ ᠬᠣᠩᠭᠢᠷᠠᠳ ᠠᠢᠮᠠᠭ ᠤ᠋ᠨ ᠠᠷᠪᠠᠨ ᠠᠢᠮᠠᠭ ᠴᠡᠷᠢᠭ ᠪᠠ ᠲᠠᠪᠤᠨ ᠥᠩᠭᠡ ᠤᠯᠤᠰ ᠤ᠋ᠨ ᠵᠠᠭᠤᠨ ᠲᠦᠮᠡᠨ ᠴᠡᠷᠢᠭ ᠢ᠋ ᠬᠠᠮᠲᠤᠳᠬᠠᠨ ᠵᠠᠬᠢᠷᠤᠭᠤᠯᠵᠤ᠂ ᠮᠥᠨ ᠬᠦ᠌ ᠶᠢᠰᠦᠨ ᠮᠠᠨᠵᠢᠯᠭᠠᠲᠤ ᠴᠠᠭᠠᠨ ᠲᠤᠭ ᠪᠠᠷᠢᠭᠤᠯᠤᠨ ᠲᠤᠰᠢᠶᠠᠭᠠᠳ ᠲᠡᠭᠷᠢ ᠶ᠋ᠢᠨ ᠬᠥᠪᠡᠭᠦᠨ ᠡᠴᠡ ᠳᠡᠰᠯᠡᠭᠰᠡᠨ ᠬᠠᠢᠷ᠎ᠠ ᠬᠠᠢᠷᠠᠯᠠᠵᠤ᠂ ᠳᠡᠭᠡᠷ᠎ᠡ ᠪᠠᠰᠠ ᠡᠮᠦᠨ᠎ᠡ ᠶᠠᠨ ᠶᠦᠨ ᠦ᠌ ᠭᠠᠵᠠᠷ ᠢ ᠡᠵᠡᠯᠡᠨ ᠵᠠᠬᠢᠷᠠᠬᠤ ᠵᠢᠶᠠ ᠰᠢᠩ ᠱᠧᠩ ᠲᠦᠰᠢᠮᠡᠯ ᠬᠠᠪᠰᠤᠷᠤᠭᠤᠯᠵᠤ ᠵᠠᠷᠯᠢᠭ ᠪᠣᠯᠤᠷᠤᠨ :《ᠮᠡᠬᠦᠰ ᠬᠥᠮᠦᠨ ᠪᠢ ᠪᠠᠭ᠎ᠠ ᠴᠠᠭ ᠲᠤᠷ ᠳᠠᠷᠤᠯᠬᠠᠲᠠᠨ ᠶᠠᠪᠤᠬᠤᠶ᠎ᠠ᠂ ᠲᠠᠢᠴᠢᠭᠤᠳ ᠲᠤᠷ ᠪᠠᠷᠢᠭᠳᠠᠭᠠᠳ ᠤᠷᠭᠤᠵᠤ ᠡᠭᠡᠬᠦᠢ ᠳ᠋ᠦ᠍ᠷ ᠴᠢᠩ ᠴᠢ ᠭᠠᠭᠴᠠ ᠪᠡᠶ᠎ᠡ ᠪᠡᠷ ᠰᠢᠳᠡᠮ ᠪᠠᠷᠢᠵᠤ ᠨᠠᠮᠠᠶ᠋ᠢ ᠡᠷᠢᠨ ᠢᠷᠡᠭᠰᠡᠨ ᠲᠡᠷᠡ ᠦᠶ᠎ᠡ ᠳ᠋ᠦ᠍ᠷ ᠴᠢᠮᠠᠶ᠋ᠢ ᠲᠥᠷᠥᠭᠰᠡᠨ ᠳᠡᠭᠦᠦ ᠨᠠᠷ ᠠ᠋ᠴᠠ ᠢᠯᠡᠭᠦᠦ ᠭᠠᠢᠬᠠᠵᠤ ᠰᠠᠨᠠᠭᠰᠠᠨ ᠰᠡᠳᠬᠢᠯ ᠮᠢᠨᠦ ᠡᠨᠡ ᠡᠳᠦᠷ ᠰᠠᠶᠢ ᠭᠦᠢᠴᠡᠪᠡ᠃ ᠲᠡᠢᠨ ᠬᠦ᠌ ᠡᠳᠦᠭᠡ ᠡᠮᠦᠨ᠎ᠡ ᠵᠦᠭ ᠣᠷᠣᠵᠤ ᠲᠠᠪᠤᠨ ᠵᠢᠯ ᠪᠣᠯᠵᠤ ᠨᠠᠢ᠍ᠮᠠᠨ ᠵᠠᠭᠤᠨ ᠵᠢᠷᠠᠨ ᠬᠣᠶᠠᠷ ᠬᠣᠲᠠᠨ ᠢ᠋ ᠣᠯᠵᠤ ᠳᠤᠮᠳᠠᠳᠤ ᠣᠷᠣᠨ ᠤ᠋ ᠲᠡᠭᠷᠢ ᠶ᠋ᠢᠨ ᠬᠥᠪᠡᠭᠦᠨ ᠦ᠌ ᠰᠠᠭᠤᠷᠢᠨ ᠢ᠋ ᠡᠵᠡᠯᠡᠲᠡᠯᠡ ᠴᠢᠨᠦ ᠵᠢᠳᠬᠦᠭᠰᠡᠨ ᠢ ᠨᠢᠭᠡᠨ ᠦᠭᠡᠨ ᠳ᠋ᠦ᠍ᠷ ᠪᠦᠷᠢᠳᠬᠡᠨ ᠳᠠᠭᠤᠰᠬᠤᠶᠠ ᠪᠡᠷᠬᠡ ᠳ᠋ᠦ᠍ᠷ ᠬᠦᠷᠪᠡᠴᠦ ᠴᠢᠩ ᠴᠢᠮᠠᠶ᠋ᠢ ᠡᠩ ᠦ᠋ᠨ ᠡᠷᠭᠦᠮᠵᠢᠯᠡᠯ ᠡᠵᠡᠯᠡᠯ ᠡᠴᠡ ᠣᠨᠴᠠᠭᠠᠢ ᠭᠠᠷᠭᠠᠭᠰᠠᠨ ᠭᠠᠵᠠᠷ ᠨᠢᠭᠡᠬᠡᠨ ᠢ᠋ᠶ᠋ᠡᠷ ᠦᠭᠡᠢ ᠪᠥᠭᠡᠲᠡᠯ᠎ᠡ ᠴᠢᠩ ᠴᠢᠨᠦ ᠦᠬᠦᠨ ᠵᠢᠳᠬᠦᠬᠦ ᠢᠨᠦ ᠨᠡᠩ ᠨᠡᠮᠡᠭᠰᠡᠨ ᠳ᠋ᠦ᠍ᠷ ᠮᠡᠬᠦᠰ ᠬᠥᠮᠦᠨ ᠪᠢ ᠦᠨᠡᠬᠡᠷ ᠭᠠᠢᠬᠠᠨ ᠱᠠᠭᠰᠢᠮᠤᠢ᠃ ᠬᠦᠯᠦᠭ ᠪᠤᠭᠤᠷᠵᠢ ᠶ᠋ᠢ ᠲᠡᠷᠢᠭᠦᠯᠡᠭᠰᠡᠨ ᠮᠣᠵᠢ ᠶ᠋ᠢᠨ ᠡᠵᠡᠨ ᠡᠷᠭᠦᠬᠦ ᠦᠶ᠎ᠡ ᠳ᠋ᠦ᠍ᠷ ᠴᠢᠩ ᠴᠢᠨᠦ ᠤᠷᠲᠤᠳᠠ ᠭᠠᠪᠢᠶ᠎ᠠ ᠪᠣᠢ ᠠᠲᠠᠯ᠎ᠠ ᠪᠢ ᠡᠰᠡ ᠢᠯᠡᠷᠬᠡᠢᠯᠡᠭᠰᠡᠨ ᠢᠨᠦ ᠦᠨᠡᠬᠡᠷ ᠴᠢᠨᠦ ᠰᠠᠨᠠᠭᠠᠨ ᠢ᠋ ᠲᠡᠩᠰᠡᠭᠰᠡᠨ ᠪᠥᠯᠥᠭᠡ᠃ ᠡᠳᠦᠭᠡ ᠳᠡᠯᠡᠬᠡᠢ ᠳ᠋ᠠᠬᠢᠨ ᠤ᠋ ᠶᠡᠬᠡ ᠬᠠᠭᠠᠰ ᠢ᠋ ᠡᠵᠡᠯᠡᠭᠰᠡᠨ ᠪᠥᠭᠡᠲᠡᠯ᠎ᠡ ᠴᠢᠨᠦ ᠵᠠᠩ ᠰᠠᠨᠠᠭᠠᠨ ᠨᠡᠩ ᠤᠷᠢᠳᠠ ᠶ᠋ᠢᠨ ᠡᠴᠡ ᠵᠥᠭᠡᠯᠡᠨ ᠪᠣᠯᠵᠤ ᠵᠢᠳᠬᠦᠯ ᠬᠢᠴᠢᠶᠡᠯ ᠤᠯᠠᠮ ᠬᠠᠳᠠᠨ ᠴᠢᠩᠭ᠎ᠠ ᠪᠣᠯᠤᠭᠰᠠᠨ ᠠᠨᠤ ᠦᠨᠡᠬᠡᠷ ᠲᠦᠮᠡᠨ ᠦᠶ᠎ᠡ ᠶ᠋ᠢᠨ ᠮᠡᠷᠭᠡᠨ ᠪᠠᠭᠠᠲᠤᠷ ᠰᠠᠢᠳ ᠮᠥᠨ (《ᠵᠦᠽᠢ ᠭᠠᠩ ᠮᠦ᠍ ᠪᠢᠴᠢᠭ 》ᠲᠣᠷ ᠲᠡᠢᠰᠢ ᠮᠤᠬᠤᠯᠢ ᠶ᠋ᠢ ᠲᠡᠮᠳᠡᠭᠯᠡᠭᠰᠡᠨ ᠢᠨᠦ : ᠲᠠᠢᠰᠢ ᠭᠦᠸᠧ ᠸᠠᠩ ᠮᠦ᠍ ᠬᠤᠸᠠ ᠯᠢ ᠮᠡᠷᠭᠡᠨ ᠪᠠᠭᠠᠲᠤᠷ ᠬᠠᠳᠠᠨ ᠴᠢᠭᠢᠷᠠᠭ ᠨᠠᠷᠢᠨ ᠬᠢᠨᠠᠮᠠᠭᠠᠢ ᠣᠯᠠᠨ ᠠ᠋ᠴᠠ ᠬᠡᠲᠦᠢᠳᠦᠭᠰᠡᠨ ᠡᠷᠳᠡᠮ ᠤᠬᠠᠭᠠᠨ ᠤᠬᠠᠮᠠᠭᠠᠢ ᠭᠡᠮᠡᠨ ᠭᠠᠷᠭᠠᠨ ᠪᠢᠴᠢᠵᠦᠬᠦᠢ ᠂ ᠡᠨᠡ ᠢᠨᠦ ᠠᠷᠭ᠎ᠠ ᠦᠭᠡᠢ ᠳ᠋ᠦ᠍ᠷ ᠢ᠋ᠶ᠋ᠡᠨ ᠪᠢᠴᠢᠭᠰᠡᠨ ᠪᠣᠯᠠᠢ ) ᠃ ᠡᠭᠦᠨ ᠡᠴᠡ ᠣᠳᠣ ᠲᠠᠢ ᠬᠠᠩ ᠠᠭᠤᠯᠠᠨ ᠠ᠋ᠴᠠ ᠬᠣᠢᠲᠤᠬᠢ ᠶ᠋ᠢ ᠮᠡᠬᠦᠰ ᠬᠥᠮᠦᠨ ᠪᠢ ᠥᠪᠡᠷ ᠢ᠋ᠶ᠋ᠡᠨ ᠪᠠᠭᠴᠠᠯᠠᠨ ᠬᠤᠷᠢᠶᠠᠮᠵᠢᠯᠠᠵᠤ ᠳᠠᠢᠯᠠᠨ ᠲᠣᠭᠲᠠᠭᠠᠰᠤᠭᠠᠢ᠂ ᠲᠠᠢ ᠬᠠᠩ ᠠᠭᠤᠯᠠᠨ ᠠ᠋ᠴᠠ ᠡᠮᠦᠨ᠎ᠡ ᠶ᠋ᠢ ᠴᠢᠩ ᠴᠢ ᠡᠷᠲᠡ ᠬᠤᠮᠪᠢᠵᠤ ᠳᠠᠢᠴᠢᠯᠠᠨ ᠲᠣᠭᠲᠠᠭ᠎ᠠ᠃ ᠡᠨᠡ ᠢᠨᠦ ᠮᠡᠬᠦᠰ ᠬᠥᠮᠦᠨ ᠮᠢᠨᠦ ᠥᠷᠥᠭᠡᠰᠦᠨ ᠪᠡᠶ᠎ᠡ ᠪᠣᠯᠤᠭᠰᠠᠨ ᠪᠤᠶᠤ ! 》ᠬᠡᠮᠡᠭᠡᠳ ᠮᠣᠳᠣᠷ ᠢ᠋ᠶ᠋ᠠᠷ ᠠᠷᠢᠬᠢ ᠬᠠᠢᠷᠠᠯᠠᠵᠤ ᠡᠢᠨ ᠵᠠᠷᠯᠢᠭ ᠪᠣᠯᠤᠷᠤᠨ :
ᠪᠠᠯᠠᠳᠠᠵᠤ ᠲᠠᠨᠢᠯᠴᠠᠭᠰᠠᠨ ᠲᠠᠢᠰᠢ ᠭᠦᠸᠧ ᠸᠠᠩ ᠮᠤᠬᠤᠯᠢ ᠮᠢᠨᠦ
ᠪᠠᠭ᠎ᠠ ᠠ᠋ᠴᠠ ᠵᠢᠷᠭᠠᠯᠠᠩ ᠵᠣᠪᠠᠯᠠᠩ ᠢ᠋ ᠬᠠᠮᠲᠤ ᠡᠳ᠋ᠯᠡᠭᠰᠡᠭᠡᠷ᠂
ᠪᠠᠷᠠᠭᠤᠨ ᠵᠡᠭᠦᠨ ᠡᠮᠦᠨ᠎ᠡ ᠤᠮᠠᠷ᠎ᠠ ᠳᠥᠷᠪᠡᠨ ᠵᠦᠭ ᠲᠦ᠍ᠷ ᠳᠠᠢᠯᠠᠬᠤᠶᠠ
ᠪᠠᠬᠠᠷᠬᠠᠯᠲᠤ ᠵᠢᠷᠤᠮ ᠪᠠᠭᠠᠲᠤᠷ ᠶᠠᠪᠤᠳᠠᠯ ᠠᠬ᠎ᠠ ᠳᠡᠭᠦᠦ ᠮᠡᠲᠦ ᠪᠡᠷ᠂
ᠪᠠᠬᠠᠨ ᠴᠤ᠌ ᠠᠮᠤᠯ ᠦᠭᠡᠢ ᠦᠬᠦᠨ ᠵᠢᠳᠬᠦᠵᠦ ᠬᠦᠴᠦᠯᠡᠭᠰᠡᠭᠡᠷ
ᠪᠠᠢᠭᠤᠯᠤᠭᠰᠠᠨ ᠤᠯᠤᠰ ᠤ᠋ᠨ ᠬᠠᠰ ᠲᠥᠷᠥ ᠪᠦᠲᠦᠵᠦ ᠭᠠᠷᠤᠭᠠᠳ
ᠪᠠᠭᠤᠷᠠᠢ ᠮᠡᠬᠦᠰ ᠨᠠᠮᠠᠶ᠋ᠢ ᠳᠤᠮᠳᠠᠳᠤ ᠤᠯᠤᠰ ᠤ᠋ᠨ ᠬᠠᠭᠠᠨ ᠰᠠᠭᠤᠯᠭᠠᠪᠠ
ᠪᠠᠷᠠᠭᠳᠠᠰᠢ ᠦᠭᠡᠢ ᠲᠦᠮᠡᠨ ᠦᠶ᠎ᠡ ᠶ᠋ᠢᠨ ᠬᠥᠬᠡ ᠰᠤᠳᠤᠷ ᠲᠤᠷ ᠬᠣᠴᠣᠷᠤᠭᠤᠯᠪᠠ᠃
ᠭᠡᠮᠡᠨ ᠠᠢᠯᠠᠳᠤᠭᠰᠠᠨ ᠳ᠋ᠤᠷ ᠭᠦᠸᠧ ᠸᠠᠩ ᠲᠡᠢᠰᠢ ᠮᠤᠬᠤᠯᠢ ᠬᠠᠭᠠᠨ ᠤ᠋ ᠬᠡᠰᠢᠭ ᠲᠣᠷ ᠰᠢᠳᠦᠨ ᠢᠭᠲᠦᠯᠵᠦ ᠶᠠᠰᠤ ᠴᠢᠮᠥᠭᠡ ᠳ᠋ᠦ᠍ᠷ ᠰᠢᠮᠡᠳᠪᠡ᠃
ᠲᠡᠳᠦᠢ ᠮᠠᠯᠠᠭ᠎ᠠ ᠪᠠᠨ ᠠᠪᠴᠤ ᠬᠡᠰᠢᠭ ᠲᠣᠷ ᠮᠥᠷᠭᠥᠵᠦ ᠲᠡᠭᠷᠢ ᠶ᠋ᠢᠨ ᠬᠡᠰᠢᠭ ᠢ᠋ ᠪᠣᠭᠣᠯ ᠨᠢᠴᠤᠭᠤᠯᠤᠨ ᠴᠢᠳᠠᠬᠤ ᠦᠭᠡᠢ ᠭᠡᠮᠡᠨ ᠡᠯ᠎ᠡ ᠵᠦᠢᠯ ᠢ᠋ ᠬᠦᠯᠢᠶᠡᠨ ᠠᠪᠤᠭᠰᠠᠨ ᠳ᠋ᠤᠷ ᠮᠠᠨᠳᠠᠯ ᠤ᠋ᠨ ᠳᠡᠭᠡᠷ᠎ᠡ ᠤᠯᠠᠭᠠᠨ ᠲᠤᠭ ᠬᠤᠷᠤᠢᠯᠠᠵᠤ ᠪᠠᠰᠠ ᠨᠢᠭᠡᠨ ᠴᠠᠭᠠᠨ ᠲᠤᠭ ᠪᠣᠰᠬᠠᠪᠠ᠃ ᠲᠡᠳᠦᠢ ᠬᠠᠭᠠᠨ ᠳᠡᠪᠡᠯ ᠮᠠᠯᠠᠭ᠎ᠠ ᠶ᠋ᠢ ᠡᠮᠦᠰᠬᠡᠵᠦ᠂ ᠵᠢᠭᠰᠠᠭᠠᠯ ᠵᠡᠪᠰᠡᠭ ᠢ ᠪᠠᠷᠢᠭᠤᠯᠤᠨ ᠮᠢᠩᠭᠠᠨ ᠨᠠᠰᠤᠲᠤ ᠶ᠋ᠢᠨ ᠶᠣᠰᠣ ᠪᠠᠷ ᠴᠠᠭᠠᠨ ᠲᠤᠭ ᠢ᠋ ᠥᠭᠴᠦ ᠥᠪᠡᠷ ᠦ᠋ᠨ ᠲᠤᠭ ᠢ᠋ᠶ᠋ᠠᠨ ᠠᠪᠤᠨ ᠢᠷᠡᠭᠡᠳ ᠮᠠᠨᠳᠠᠯ ᠪᠠ ᠲᠤᠭ ᠵᠢᠭᠰᠠᠭᠠᠯ ᠢ᠋ ᠮᠤᠬᠤᠯᠢ ᠳ᠋ᠤᠷ ᠦᠯᠡᠳᠡᠭᠡᠨ ᠥᠭᠴᠦ ᠵᠠᠭᠤᠨ ᠲᠦᠰᠢᠮᠡᠯ ᠲᠦᠮᠡᠨ ᠢᠷᠭᠡᠨ ᠢ᠋ ᠶᠡᠬᠡᠯ᠎ᠡ ᠬᠤᠷᠢᠮᠯᠠᠵᠤ᠂ ᠳᠠᠷᠤᠢ ᠡᠮᠦᠨ᠎ᠡ ᠵᠦᠭ ᠢ᠋ ᠳᠠᠢᠯᠠᠷ᠎ᠠ ᠢᠯᠡᠭᠡᠪᠡ᠃ ᠭᠦᠸᠧ ᠸᠠᠩ ᠮᠤᠬᠤᠯᠢ ᠬᠠᠭᠠᠨ ᠤ᠋ ᠱᠠᠩᠨᠠᠭᠰᠠᠨ ᠯᠤᠤᠲᠤ ᠰᠢᠬᠦᠷ᠂ ᠭᠠᠷᠤᠳᠢ ᠶ᠋ᠢᠨ ᠳᠠᠯᠪᠠᠭ᠎ᠠ᠂ ᠠᠷᠰᠯᠠᠨ ᠤ᠋ ᠴᠠᠴᠠᠷ᠂ ᠪᠠᠷᠰ ᠤ᠋ᠨ ᠬᠢᠭᠢᠷᠢ᠂ ᠰᠢᠷ᠎ᠠ ᠣᠯᠪᠣᠭ ③ᠣᠯᠠᠨ ᠨᠤᠮᠤ ᠠ᠋ᠴᠠ ᠢᠳᠡᠲᠡᠢ ᠠᠯᠲᠠᠨ ᠰᠢᠪᠠᠭ᠎ᠠ ᠲᠡᠮᠦᠷ ᠫᠠᠢ ᠶ᠋ᠢ ᠪᠠᠷᠢᠭᠤᠯᠵᠤ᠂ ᠡᠮᠦᠨ᠎ᠡ ᠵᠦᠭ ᠣᠷᠣᠵᠤ᠂ ᠠᠯᠲᠠᠨ ᠤᠯᠤᠰ ᠤ᠋ᠨ ᠰᠦᠢ ᠴᠧᠩ᠂ ᠯᠠᠢ ᠵᠧᠦ ᠶ᠋ᠢᠨ ᠵᠡᠷᠭᠡ ᠬᠣᠲᠠ ᠶ᠋ᠢ ᠡᠯᠡᠰᠦ ᠠᠳᠬᠤᠬᠤ ᠮᠡᠲᠦ ᠠᠪᠬᠤᠢ ᠳ᠋ᠤᠷ ᠠᠯᠲᠠᠨ ᠤᠯᠤᠰ ᠤ᠋ᠨ ᠡᠵᠡᠨ ᠶᠡᠬᠡᠯ᠎ᠡ ᠠᠶᠤᠵᠤ ᠳᠥᠷᠪᠡᠨ ᠱᠠᠩ ᠱᠣ ᠱ᠌ᠧᠩ ᠲᠦᠰᠢᠮᠡᠯ ᠠᠮᠠᠯᠠᠵᠤ ᠡᠮᠦᠨ᠎ᠡ ᠾᠧ ᠨᠠᠨ ᠤ᠋ ᠨᠠᠨ ᠵᠢᠩ ᠢ᠋ ᠵᠠᠰᠠᠭᠤᠯᠵᠤ ᠵᠦᠩ ᠵᠢᠩ ᠭᠡᠮᠡᠨ ᠨᠡᠷᠡᠢᠳᠴᠦ ᠮᠣᠩᠭᠣᠯ ᠤ᠋ᠨ ᠴᠡᠷᠢᠭ ᠰᠢᠬᠠᠮᠳᠠᠭᠤᠯᠪᠠᠰᠤ ᠤᠷᠭᠤᠬᠤ ᠪᠠᠨ ᠪᠡᠯᠡᠳᠬᠡᠬᠦᠶ᠎ᠡ ᠂ ᠳᠠᠭᠠᠯᠳᠤᠭ᠎ᠠ ᠮᠣᠩᠭᠣᠯ ᠤ᠋ᠨ ᠭᠦᠸᠧ ᠸᠠᠩ ᠮᠤᠬᠤᠯᠢ ᠶ᠋ᠢᠨ ᠴᠡᠷᠢᠭ ᠪᠠᠰᠠ ᠵᠡᠭᠦᠨ ᠡᠲᠡᠭᠡᠳ ᠦ᠋ᠨ ᠢ ᠳᠦ᠂ ᠽᠢ ᠵᠧᠦ᠂ ᠳ᠋ᠧᠩ ᠵᠧᠦ᠂ ᠸᠧᠢ ᠵᠧᠦ᠂ ᠢ ᠵᠧᠦ ᠡᠳᠡᠭᠡᠷ ᠬᠣᠲᠠᠨ ᠢ᠋ ᠢᠯᠪᠢᠨ ᠲᠣᠭᠲᠠᠭᠠᠬᠤᠶ᠎ᠠ᠂ ᠭᠠᠭᠴᠠ ᠯᠠᠢ ᠵᠧᠦ ᠬᠣᠲᠠᠨ ᠢ᠋ ᠰᠠᠬᠢᠭᠰᠠᠨ ᠠᠯᠲᠠᠨ ᠤᠯᠤᠰ ᠤ᠋ᠨ ᠲᠦᠰᠢᠮᠡᠯ ᠯᠢ ᠴᠢᠦᠢ ᠬᠣᠲᠠ ᠶ᠋ᠢᠨ ᠪᠠᠲᠤ ᠳ᠋ᠤᠷ ᠡᠷᠳᠦᠵᠦ᠂ ᠵᠠᠭᠤᠨ ᠣᠪᠣᠭᠲᠠᠨ ᠢ᠋ ᠡᠷᠡᠦᠯᠡᠵᠦ ᠴᠡᠷᠢᠭ ᠪᠣᠯᠭᠠᠨ ᠬᠠᠭᠠᠰ ᠰᠠᠷ᠎ᠠ ᠲᠤᠯᠵᠤ ᠪᠠᠢᠯᠳᠤᠭᠰᠠᠨ ᠳ᠋ᠤᠷ ᠭᠦᠸᠧ ᠸᠠᠩ ᠮᠤᠬᠤᠯᠢ ᠶᠡᠬᠡᠯ᠎ᠡ ᠭᠢᠯᠢᠭᠯᠡᠨ ᠬᠣᠲᠠ ᠶ᠋ᠢᠨ ᠳᠥᠷᠪᠡᠨ ᠬᠠᠭᠠᠯᠭ᠎ᠠ ᠶ᠋ᠢᠨ ᠳᠡᠭᠡᠷᠡᠬᠢ ᠠᠰᠠᠷ ᠢ᠋ ᠶᠡᠬᠡ ᠫᠤᠤ ᠪᠠᠷ ᠬᠠᠷᠪᠤᠭᠤᠯᠤᠭᠰᠠᠨ ᠳ᠋ᠤᠷ ᠳᠥᠷᠪᠡᠨ ᠬᠠᠭᠠᠯᠭ᠎ᠠ ᠶ᠋ᠢᠨ ᠠᠰᠠᠷ ᠨᠣᠴᠣᠵᠤ ᠶᠡᠬᠡ ᠭᠠᠯ ᠭᠠᠷᠤᠭᠰᠠᠨ᠎ᠠ ᠠᠰᠠᠷ ᠤ᠋ᠨ ᠳᠣᠣᠷ᠎ᠠ ᠴᠡᠷᠢᠭ ᠪᠠᠢᠵᠤ ᠪᠣᠯᠬᠤ ᠦᠭᠡᠢ ᠳ᠋ᠦ᠍ᠷ ᠳᠠᠷᠤᠢ ᠳᠥᠷᠪᠡᠨ ᠵᠦᠭ ᠦ᠋ᠨ ᠬᠢᠲᠠᠳ ᠴᠡᠷᠢᠭ ᠦ᠋ᠨ ᠪᠠᠭᠠᠲᠤᠷ ᠠᠷᠠᠳ ᠤ᠋ᠳ ᠭᠠᠪᠢᠶ᠎ᠠ ᠪᠠᠢᠭᠤᠯᠰᠤᠭᠠᠢ ᠭᠡᠮᠡᠨ ᠳᠤᠷᠠᠲᠠᠶ᠎ᠠ ᠬᠦᠷᠳᠦᠲᠦ ᠱᠠᠲᠤ ᠪᠤᠰᠬᠠᠨ ᠲᠦᠯᠬᠢᠵᠦ ᠢᠷᠡᠬᠦᠢ ᠳ᠋ᠦ᠍ᠷ ᠯᠢ ᠴᠢᠦᠢ ᠶ᠋ᠢᠨ ᠳᠣᠣᠷᠠᠬᠢ ᠵᠠᠩᠵᠤᠨ ᠨᠠᠷ ᠬᠣᠲᠠ ᠨᠢᠭᠡᠨᠲᠡ ᠬᠠᠮᠠᠭᠠᠯᠠᠨ ᠪᠣᠯᠬᠤ ᠦᠭᠡᠢ ᠶ᠋ᠢ ᠮᠡᠳᠡᠭᠡᠳ ᠬᠠᠭᠠᠯᠭ᠎ᠠ ᠶ᠋ᠢ ᠨᠡᠭᠡᠭᠡᠭᠰᠡᠨ ᠳ᠋ᠦ᠍ᠷ ᠮᠣᠩᠭᠣᠯ ᠤ᠋ᠨ ᠴᠡᠷᠢᠭ ᠣᠷᠣᠵᠤ᠂ ᠯᠢ ᠴᠢᠦᠢ ᠶ᠋ᠢ ᠡᠷᠢᠨ ᠪᠠᠷᠢᠵᠤ᠂ ᠨᠢᠭᠡᠨ ᠬᠣᠲᠠ ᠶ᠋ᠢᠨ ᠬᠣᠲᠠᠯᠠᠭᠠᠷ ᠢ᠋ ᠴᠥᠮ ᠠᠯᠠᠮᠤᠢ ᠭᠡᠮᠡᠨ ᠵᠠᠷᠯᠠᠭᠰᠠᠨ ᠳ᠋ᠤᠷ ᠡᠨᠡ ᠯᠠᠢ ᠵᠧᠦ ᠬᠣᠲᠠ ᠶ᠋ᠢᠨ ᠵᠣᠣ ᠶ᠋ᠢᠨ ᠬᠡᠮᠡᠭᠴᠢ ᠬᠥᠮᠦᠨ ᠬᠡᠳᠦᠢᠨᠡᠢ ᠮᠤᠬᠤᠯᠢ ᠳ᠋ᠤᠷ ᠳᠠᠭᠠᠵᠤ᠂ ᠡᠳᠦᠭᠡ ᠮᠥᠨ ᠵᠠᠭᠤᠨ ᠤ᠋ ᠳᠠᠷᠤᠭ᠎ᠠ ᠲᠦᠰᠢᠮᠡᠯ ᠲᠤᠯᠠ ᠶᠠᠭᠠᠷᠠᠨ ᠡᠪᠦᠳᠦᠭ ᠢ᠋ᠶ᠋ᠡᠷ ᠮᠥᠯᠬᠥᠨ ᠢᠷᠡᠵᠦ᠂ ᠮᠤᠬᠤᠯᠢ ᠶ᠋ᠢᠨ ᠡᠮᠦᠨ᠎ᠡ ᠰᠥᠭᠥᠳᠴᠦ ᠨᠢᠳᠦᠨ ᠡᠴᠡ ᠪᠡᠨ ᠨᠢᠯᠪᠤᠰᠤ ᠴᠤᠪᠤᠷᠢᠭᠤᠯᠤᠨ ᠤᠬᠢᠯᠠᠵᠤ ᠭᠤᠶᠤᠨ ᠮᠡᠳᠡᠭᠦᠯᠦᠷᠦᠨ :《ᠥᠴᠦᠬᠡᠨ ᠲᠦᠰᠢᠮᠡᠯ ᠮᠢᠨᠦ ᠡᠬᠡ ᠪᠠ ᠠᠬ᠎ᠠ᠂ ᠡᠮ᠎ᠡ ᠦᠷ᠎ᠡ ᠴᠥᠮ ᠬᠣᠲᠠᠨ ᠤ᠋ ᠳᠣᠲᠣᠷ᠎ᠠ ᠪᠣᠢ᠂ ᠶᠡᠬᠡ ᠸᠠᠩ ᠠ᠋ᠴᠠ ᠭᠤᠶᠤᠬᠤ ᠠᠨᠤ᠂ ᠥᠴᠦᠬᠡᠨ ᠲᠦᠰᠢᠮᠡᠯ ᠮᠢᠨᠦ ᠨᠢᠭᠡᠨ ᠪᠡᠶ᠎ᠡ ᠪᠡᠷ ᠨᠢᠭᠡᠨ ᠬᠣᠲᠠ ᠶ᠋ᠢᠨ ᠣᠯᠠᠨ ᠤ᠋ ᠠᠮᠢᠨ ᠢ ᠵᠣᠯᠢᠰᠤᠭᠠᠢ ᠬᠡᠮᠡᠮᠦᠢ᠂ ᠸᠠᠩ ᠥᠷᠥᠰᠢᠶᠡᠬᠦᠯ᠎ᠡ ᠮᠢᠨᠦ ᠨᠢᠭᠡᠨ ᠪᠡᠶ᠎ᠡ ᠶ᠋ᠢ ᠠᠯᠠᠵᠤ ᠣᠯᠠᠨ ᠤ᠋ ᠠᠮᠢᠨ ᠢ᠋ ᠠᠪᠤᠷᠠᠮᠤ ! 》ᠭᠡᠮᠡᠨ ᠮᠠᠰᠢ ᠤᠶᠠᠷᠠᠯᠲᠠᠢ ᠤᠬᠢᠯᠠᠨ ᠮᠥᠷᠭᠥᠵᠦ ᠭᠣᠶᠣᠬᠤᠢ ᠳ᠋ᠤᠷ ᠮᠤᠬᠤᠯᠢ ᠳᠣᠲᠣᠷ᠎ᠠ ᠪᠠᠨ ᠰᠡᠮᠡᠬᠡᠷ ᠪᠠᠶᠠᠷᠯᠠᠵᠤ ᠵᠣᠣ ᠶ᠋ᠢᠨ ᠢ᠋ ᠰᠢᠳᠤᠷᠭᠤ ᠵᠢᠷᠤᠮᠲᠤ ᠰᠡᠳᠬᠢᠯ ᠠᠮᠤᠢ ᠭᠡᠮᠡᠨ ᠵᠠᠭᠤᠨ ᠣᠪᠣᠭᠲᠠᠨ ᠢ᠋ ᠦᠯᠦ ᠬᠥᠳᠡᠯᠭᠡᠬᠦ ᠵᠠᠷᠯᠠᠯ ᠢ᠋ ᠲᠡᠭᠦᠨ ᠳ᠋ᠦ᠍ᠷ ᠪᠠᠷᠢᠭᠤᠯᠵᠤ ᠳᠣᠪᠲᠣᠯᠭᠠᠨ ᠣᠷᠣᠭᠤᠯᠪᠠ᠃ ᠲᠡᠳᠦᠢ ᠵᠣᠣ ᠶ᠋ᠢᠨ ᠶᠠᠭᠠᠷᠠᠨ ᠲᠦᠴᠢᠭᠢᠨᠡᠲᠡᠯ᠎ᠡ ᠮᠥᠷᠭᠥᠵᠦ ᠴᠠᠭᠠᠵᠠᠨ ᠤ᠋ ᠲᠡᠮᠳᠡᠭ ᠳᠠᠯᠪᠠᠭ᠎ᠠ ᠪᠠ ᠵᠠᠷᠯᠠᠯ ᠢ᠋ ᠪᠠᠷᠢᠵᠤ᠂ ᠬᠣᠲᠠᠨ ᠳ᠋ᠤᠷ ᠳᠣᠪᠲᠣᠯᠤᠨ ᠣᠷᠣᠵᠤ ᠭᠦᠸᠧ ᠸᠠᠩ ᠤ᠋ᠨ ᠴᠠᠭᠠᠵᠠ ᠶ᠋ᠢ ᠥᠨᠳᠥᠷ ᠳᠠᠭᠤᠨ ᠢ᠋ᠶ᠋ᠠᠷ ᠵᠠᠷᠯᠠᠵᠤ᠂ ᠵᠠᠭᠤᠨ ᠣᠪᠣᠭᠲᠠᠨ ᠤ᠋ ᠡᠭᠦᠳᠡᠨ ᠢ ᠬᠠᠯᠳᠠᠭᠰᠠᠨ ᠴᠡᠷᠢᠭ ᠢ᠋ ᠳᠠᠷᠤᠩᠭᠤᠢᠯᠠᠨ᠂ ᠬᠣᠲᠠ ᠶ᠋ᠢᠨ ᠬᠠᠭᠠᠯᠭ᠎ᠠ ᠶ᠋ᠢ ᠰᠠᠬᠢᠭᠤᠯᠵᠤ᠂ ᠯᠢ ᠴᠢᠦᠢ ᠶ᠋ᠢ ᠡᠷᠢᠭᠦᠯᠬᠦᠢ ᠳ᠋ᠦ᠍ᠷ ᠬᠣᠲᠠ ᠶ᠋ᠢᠨ ᠢᠷᠭᠡᠨ ᠪᠠᠷᠢᠵᠤ ᠲᠤᠰᠢᠶᠠᠪᠠ᠃ ᠭᠦᠸᠧ ᠸᠠᠩ ᠴᠠᠪᠴᠢᠨ ᠠᠯᠠᠵᠤ ᠣᠯᠠᠨ ᠳ᠋ᠤᠷ ᠦᠵᠡᠭᠦᠯᠵᠦ ᠵᠢᠷᠭᠤᠭᠠᠨ ᠬᠣᠲᠠᠨ ᠢ᠋ ᠲᠣᠭᠲᠠᠭᠠᠭᠠᠳ ᠳᠠᠭᠠᠯᠳᠤᠭ᠎ᠠ ᠵᠡᠭᠦᠨ ᠳᠠᠰᠢ ᠳᠠᠢᠯᠠᠨ ᠣᠷᠣᠵᠤ᠂ ᠴᠢ ᠳ᠋ᠢᠩ ᠵᠡᠷᠭᠡ ᠭᠠᠵᠠᠷ ᠤ᠋ᠨ ᠯᠢᠨ ᠵᠣᠣ᠂ ᠳ᠋ᠧᠩ ᠯᠢ ᠶ᠋ᠢᠨ ᠵᠡᠷᠭᠡ ᠵᠧᠦ ᠵᠢᠶᠦ᠋ᠨ ᠦ᠌ ᠵᠦᠭ ᠳᠠᠷᠤᠨ ᠣᠷᠣᠪᠠ᠃
– – – –
① ᠡᠨᠡ ᠭᠠᠵᠠᠷ ᠬᠡᠮᠡᠭᠴᠢ ᠮᠠᠰᠢ ᠪᠠᠶᠠᠯᠢᠭ ᠶᠡᠬᠡ ᠭᠠᠵᠠᠷ᠂ ᠬᠡᠳᠦ ᠬᠡᠳᠦᠨ ᠪᠠᠶᠠᠯᠢᠭ ᠬᠣᠲᠠ ᠰᠠᠢᠬᠠᠨ ᠪᠠᠯᠭᠠᠳ ᠪᠣᠢ᠃
② ᠡᠨᠡ ᠱᠠᠷᠭᠠ ᠶ᠋ᠢᠨ ᠲᠠᠯ᠎ᠠ ᠡᠳᠦᠭᠡ ᠪᠡᠭᠡᠵᠢᠩ ᠦ᠋ᠨ ᠡᠮᠦᠨ᠎ᠡ ᠪᠦᠬᠦᠢ ᠰᠢ ᠽᠢ ᠬᠡᠮᠡᠬᠦ ᠱᠠᠷᠭᠠ ᠶ᠋ᠢᠨ ᠬᠦᠷᠢᠶ᠎ᠡ ᠮᠥᠨ ᠪᠤᠶᠤ᠃
③ ᠰᠢᠷ᠎ᠠ ᠣᠯᠪᠣᠭ ᠬᠡᠮᠡᠭᠴᠢ ᠬᠤᠶᠠᠭ ᠤ᠋ᠨ ᠳᠡᠭᠡᠷ᠎ᠡ ᠪᠡᠷ ᠳᠠᠷᠤᠵᠤ ᠡᠮᠦᠰᠬᠦ ᠰᠢᠷ᠎ᠠ ᠬᠥᠷᠮᠡᠭ ᠢ᠋ ᠥᠭᠦᠯᠡᠵᠦᠬᠦᠢ᠂ ᠡᠳᠦᠭᠡ ᠶ᠋ᠢᠨ ᠰᠢᠷ᠎ᠠ ᠬᠦᠷᠮᠡᠭ ᠪᠣᠯᠠᠢ᠃
ᠲᠡᠳᠦᠢ ᠱᠢ ᠲᠢᠶᠠᠨ ᠨᠢ ᠶ᠋ᠢᠨ ᠡᠵᠡᠯᠡᠭᠰᠡᠨ ᠭᠠᠵᠠᠷ ᠤ᠋ᠨ ᠰᠠᠮᠠᠭᠤᠨ ᠬᠤᠯᠠᠭᠠᠢ ᠴᠢ ᠾᠧ ᠱᠧᠩ ᠢ᠋ ᠪᠠᠢᠯᠳᠤᠵᠤ ᠬᠠᠷᠠᠬᠠᠨ ᠬᠦᠴᠦᠨ ᠬᠦᠷᠬᠦ ᠦᠭᠡᠢ ᠪᠦᠬᠦᠢ ᠳ᠋ᠦ᠍ᠷ ᠬᠠᠭᠠᠨ ᠤ᠋ ᠡᠮᠦᠨ᠎ᠡ ᠡᠴᠡ ᠰᠠᠢᠬᠠᠨ ᠰᠤᠷᠲᠠᠯᠲᠤ ᠶ᠋ᠢ ᠢᠯᠡᠭᠡᠭᠰᠡᠨ᠎ᠡ᠂ ᠲᠡᠭᠦᠨ ᠦ᠌ ᠴᠡᠷᠢᠭ ᠬᠦᠷᠴᠦ ᠢᠷᠡᠭᠡᠳ ᠵᠠᠮ ᠲᠣᠰᠴᠤ ᠠᠷᠤ ᠠ᠋ᠴᠠ ᠪᠠᠢᠯᠳᠤᠨ ᠣᠷᠣᠭᠰᠠᠨ ᠳ᠋ᠤᠷ ᠴᠢ ᠾᠧ ᠱᠧᠩ ᠦ᠋ᠨ ᠴᠡᠷᠢᠭ ᠳᠠᠷᠤᠭᠳᠠᠵᠤ ᠪᠤᠷᠤᠭᠤᠯᠠᠨ ᠡᠴᠢᠬᠦᠢ ᠳ᠋ᠦ᠍ᠷ ᠱᠢ ᠲᠢᠶᠠᠨ ᠨᠢ ᠶ᠋ᠢᠨ ᠡᠷᠦᠭᠰᠡᠨ ᠨᠦᠬᠡᠨ ᠳ᠋ᠦ᠍ᠷ ᠤᠨᠠᠵᠤ ᠪᠠᠷᠢᠭᠳᠠᠪᠠ᠃ ᠲᠡᠳᠦᠢ ᠲᠡᠭᠦᠨ ᠦ᠌ ᠠᠮᠢᠨ ᠢ ᠬᠡᠯᠲᠦᠷᠢᠭᠦᠯᠵᠦ ᠠᠷᠭ᠎ᠠ ᠰᠤᠷᠭᠠᠨ ᠠᠯᠲᠠᠨ ᠤᠯᠤᠰ ᠤ᠋ᠨ ᠰᠦᠢ ᠴᠧᠩ ᠬᠣᠲᠠ ᠶ᠋ᠢᠨ ᠼᠤᠤ ᠶᠤᠸᠠᠨᠱᠤᠸᠠᠢ ᠳ᠋ᠤᠷ ᠳᠠᠭᠠᠭᠤᠯᠤᠷᠠ ᠢᠯᠡᠭᠡᠭᠰᠡᠨ ᠳ᠋ᠦ᠍ᠷ ᠼᠤᠤ ᠶᠤᠸᠠᠨᠱᠤᠸᠠᠢ ᠰᠡᠵᠢᠭᠯᠡᠵᠦ ᠬᠣᠲᠠᠨ ᠳ᠋ᠤᠷ ᠣᠷᠣᠭᠤᠯᠬᠤ ᠦᠭᠡᠢ ᠳ᠋ᠦ᠍ᠷ ᠴᠢ ᠾᠧ ᠱᠧᠩ ᠬᠣᠶᠠᠷ ᠲᠦᠮᠡᠨ ᠴᠡᠷᠢᠭ ᠢ᠋ᠶ᠋ᠡᠨ ᠠᠪᠴᠤ ᠬᠣᠲᠠ ᠪᠠᠨ ᠬᠠᠮᠠᠭᠠᠯᠠᠬᠤ ᠳ᠋ᠤᠷ ᠬᠣᠰᠢᠭᠤᠴᠢ ᠪᠣᠯᠰᠤᠭᠠᠢ ᠬᠡᠮᠡᠬᠦᠢ ᠳ᠋ᠦ᠍ᠷ ᠼᠤᠤ ᠶᠤᠸᠠᠨᠱᠤᠸᠠᠢ ᠵᠥᠪᠰᠢᠶᠡᠵᠦ ᠬᠣᠲᠠᠨ ᠠ᠋ᠴᠠ ᠬᠦᠨᠡᠰᠦ ᠱᠠᠩ ᠥᠭᠨ ᠰᠠᠭᠤᠯᠭᠠᠪᠠ᠃ ᠳᠠᠭᠠᠯᠳᠤᠭ᠎ᠠ ᠮᠣᠩᠭᠣᠯ ᠤ᠋ᠨ ᠱᠢ ᠲᠢᠶᠠᠨ ᠨᠢ ᠶ᠋ᠢᠨ ᠴᠡᠷᠢᠭ ᠬᠦᠷᠴᠦ ᠢᠷᠡᠬᠦᠢ ᠳ᠋ᠦ᠍ᠷ ᠴᠢ ᠾᠧ ᠱᠧᠩ ᠦ᠋ᠨ ᠴᠡᠷᠢᠭ ᠤᠭᠲᠤᠨ ᠪᠠᠢᠯᠳᠤᠵᠤ ᠮᠣᠩᠭᠣᠯ ᠤ᠋ᠨ ᠴᠡᠷᠢᠭ ᠢ᠋ ᠳᠠᠷᠤᠵᠤ ᠬᠥᠭᠡᠭᠡᠨ ᠡᠴᠢᠬᠦᠢ ᠳ᠋ᠦ᠍ᠷ ᠼᠤᠤ ᠶᠤᠸᠠᠨᠱᠤᠸᠠᠢ ᠴᠢ ᠾᠧ ᠱᠧᠩ ᠦ᠋ᠨ ᠴᠡᠷᠢᠭ ᠢ᠋ ᠢᠲᠡᠭᠡᠵᠦ᠂ ᠬᠣᠲᠠ ᠶ᠋ᠢᠨ ᠴᠡᠷᠢᠭ ᠢ᠋ᠶ᠋ᠡᠨ ᠠᠪᠴᠤ ᠨᠡᠬᠡᠵᠦ ᠭᠠᠷᠤᠭᠰᠠᠨ ᠳ᠋ᠤᠷ ᠶᠦᠨ ᠴᠢᠶᠣᠤ ᠬᠥᠭᠥᠷᠭᠡ ᠳ᠋ᠦ᠍ᠷ ᠬᠦᠷᠲᠡᠯ᠎ᠡ ᠮᠣᠩᠭᠣᠯ ᠤ᠋ᠨ ᠰᠠᠢᠬᠠᠨ ᠰᠤᠷᠲᠠᠯᠲᠤ ᠶ᠋ᠢᠨ ᠴᠡᠷᠢᠭ ᠭᠠᠷᠴᠤ ᠭᠡᠵᠢᠭᠡ ᠳᠠᠷᠤᠨ ᠪᠠᠢᠯᠳᠤᠭᠰᠠᠨ ᠳ᠋ᠤᠷ ᠴᠢ ᠾᠧ ᠱᠧᠩ ᠦ᠋ᠨ ᠴᠡᠷᠢᠭ᠂ ᠱᠢ ᠲᠢᠶᠠᠨ ᠨᠢ ᠶ᠋ᠢᠨ ᠴᠡᠷᠢᠭ ᠲᠡᠢ ᠨᠡᠢᠯᠡᠵᠦ ᠨᠡᠬᠡᠨ ᠠᠯᠠᠨ ᠣᠷᠣᠭᠰᠠᠨ ᠳ᠋ᠤᠷ ᠼᠤᠤ ᠶᠤᠸᠠᠨᠱᠤᠸᠠᠢ ᠶ᠋ᠢᠨ ᠴᠡᠷᠢᠭ ᠭᠤᠷᠪᠠᠨ ᠠᠩᠭᠢ ᠴᠡᠷᠢᠭ ᠲᠦ᠍ᠷ ᠳᠠᠷᠤᠭᠳᠠᠵᠤ᠂ ᠨᠢᠭᠡᠨ ᠭᠠᠵᠠᠷ ᠬᠤᠷᠠᠭᠰᠠᠨ ᠳ᠋ᠤᠷ ᠰᠠᠢᠬᠠᠨ ᠰᠤᠷᠲᠠᠯᠲᠤ᠂ ᠱᠢ ᠲᠢᠶᠠᠨ ᠨᠢ᠂ ᠴᠢ ᠾᠧ ᠱᠧᠩ ᠦ᠋ᠨ ᠭᠤᠷᠪᠠᠨ ᠠᠩᠭᠢ ᠴᠡᠷᠢᠭ ᠳᠣᠯᠣᠭᠠᠨ ᠳᠠᠪᠬᠤᠷ ᠲᠥᠭᠥᠷᠢᠭᠯᠡᠨ ᠬᠠᠭᠠᠵᠤ ᠪᠠᠢᠯᠳᠤᠬᠤ ᠠᠨᠤ ᠬᠣᠨᠢᠨ ᠰᠦᠷᠦᠭ ᠲᠣᠷ ᠪᠠᠷᠰ ᠣᠷᠣᠭᠰᠠᠨ ᠮᠡᠲᠦ᠂ ᠠᠯᠠᠬᠤ ᠠᠨᠤ ᠡᠪᠡᠰᠦ ᠬᠠᠳᠤᠬᠤ ᠠᠳᠠᠯᠢ ᠳ᠋ᠤᠷ ᠠᠯᠲᠠᠨ ᠤᠯᠤᠰ ᠤ᠋ᠨ ᠼᠤᠤ ᠶᠤᠸᠠᠨᠱᠤᠸᠠᠢ ᠶ᠋ᠢᠨ ᠭᠠᠳᠠᠭᠤᠷ ᠬᠠᠭᠠᠭᠰᠠᠨ ᠴᠡᠷᠢᠭ ᠵᠠᠷ ᠵᠡᠪᠰᠡᠭ ᠢ᠋ᠶ᠋ᠡᠨ ᠣᠷᠬᠢᠵᠤ ᠳᠠᠭᠠᠬᠠᠤᠢ ᠳ᠋ᠤᠷ ᠱᠢ ᠲᠢᠶᠠᠨ ᠨᠢ᠂ ᠰᠠᠢᠬᠠᠨ ᠰᠤᠷᠲᠠᠯᠲᠤ᠂ ᠴᠢ ᠾᠧ ᠱᠧᠩ ᠭᠤᠷᠪᠠᠭᠤᠯᠠ ᠵᠥᠪᠯᠡᠵᠦ ᠨᠠᠷᠠᠨ ᠤᠨᠠᠭᠰᠠᠨ ᠬᠣᠢᠨ᠎ᠠ ᠠᠯᠲᠠᠨ ᠤᠯᠤᠰ ᠤ᠋ᠨ ᠴᠡᠷᠢᠭ ᠦ᠋ᠨ ᠳᠡᠪᠡᠯ ᠮᠠᠯᠠᠭ᠎ᠠ ᠶ᠋ᠢ ᠳᠠᠪᠬᠤᠷᠯᠠᠨ ᠡᠮᠦᠰᠴᠦ ᠰᠢᠨ᠎ᠡ ᠳᠠᠭᠠᠭᠰᠠᠨ ᠴᠡᠷᠢᠭ ᠢ᠋ᠶ᠋ᠡᠷ ᠡᠮᠦᠨ᠎ᠡ ᠵᠠᠮ ᠨᠡᠭᠡᠭᠡᠯᠭᠡᠨ ᠴᠡᠷᠢᠭ ᠦ᠋ᠨ ᠳᠣᠲᠣᠷ᠎ᠠ ᠬᠤᠯᠠᠭᠤᠨ ᠣᠷᠣᠵᠤ ᠭᠡᠨᠡᠳᠲᠡ ᠬᠠᠰᠬᠢᠷᠤᠨ ᠼᠤᠤ ᠶᠤᠸᠠᠨᠱᠤᠸᠠᠢ ᠶ᠋ᠢ ᠠᠮᠢᠳᠤ ᠪᠠᠷᠢᠭᠰᠠᠨ ᠳ᠋ᠤᠷ ᠼᠤᠤ ᠶᠤᠸᠠᠨᠱᠤᠸᠠᠢ ᠶ᠋ᠢᠨ ᠴᠡᠷᠢᠭ ᠰᠥᠰᠥ ᠬᠡᠮᠬᠡᠷᠡᠨ ᠲᠤᠭ ᠢ᠋ᠶ᠋ᠠᠨ ᠬᠡᠪᠲᠡᠭᠦᠯᠵᠦ ᠳᠠᠭᠠᠭᠠᠳ ᠵᠢᠴᠢ ᠡᠳᠦᠷ ᠬᠣᠲᠠ ᠶ᠋ᠢᠨ ᠣᠢᠷ᠎ᠠ ᠬᠦᠷᠴᠦ ᠼᠤᠤ ᠶᠤᠸᠠᠨᠱᠤᠸᠠᠢ ᠶ᠋ᠢᠨ ᠬᠦᠵᠦᠭᠦᠨ ᠳ᠋ᠦ᠍ᠷ ᠢᠯᠳᠦ ᠲᠠᠯᠪᠢᠵᠤ ᠬᠣᠲᠠᠨ ᠢ᠋ ᠠᠪᠤᠭᠠᠳ ᠰᠦᠢ ᠴᠧᠩ ᠬᠣᠲᠠᠨ ᠢ᠋ ᠲᠣᠭᠲᠠᠭᠠᠵᠤ᠂ ᠱᠢ ᠲᠢᠶᠠᠨ ᠨᠢ᠂ ᠼᠤᠤ ᠶᠤᠸᠠᠨᠱᠤᠸᠠᠢ ᠶ᠋ᠢ ᠤᠯᠠᠭᠠᠨ ᠳᠠᠯᠪᠠᠭ᠎ᠠ ᠯᠤᠭ᠎ᠠ ᠠᠪᠤᠨ ᠳ᠋ᠠᠢᠳᠦ᠋ ᠳ᠋ᠦ᠍ᠷ ᠳᠣᠪᠲᠣᠯᠤᠨ ᠢᠷᠡᠵᠦ ᠼᠤᠤ ᠶᠤᠸᠠᠨᠱᠤᠸᠠᠢ ᠶ᠋ᠢ ᠲᠤᠰᠢᠶᠠᠭᠰᠠᠨ ᠳ᠋ᠤᠷ ᠬᠠᠭᠠᠨ ᠱᠢ ᠲᠢᠶᠠᠨ ᠨᠢ ᠶ᠋ᠢᠨ ᠴᠡᠷᠢᠭ ᠲᠦ᠍ᠷ ᠬᠦᠨᠳᠦᠳᠡ ᠱᠠᠩᠨᠠᠵᠤ᠂ ᠲᠡᠭᠦᠨ ᠢ᠋ ᠳᠡᠪᠰᠢᠭᠦᠯᠦᠨ ᠼᠤᠤ ᠶᠤᠸᠠᠨᠱᠤᠸᠠᠢ ᠶ᠋ᠢᠨ ᠣᠷᠣᠨ ᠳ᠋ᠤᠷ ᠨᠥᠬᠥᠵᠦ ᠲᠠᠯᠪᠢᠭᠠᠳ ᠴᠢ ᠾᠧ ᠱᠧᠩ᠂ ᠼᠤᠤ ᠶᠤᠸᠠᠨᠱᠤᠸᠠᠢ ᠶ᠋ᠢ ᠱᠢ ᠲᠢᠶᠠᠨ ᠨᠢ ᠶ᠋ᠢᠨ ᠳᠣᠣᠷ᠎ᠠ ᠲᠤᠰᠢᠶᠠᠨ ᠭᠠᠪᠢᠶ᠎ᠠ ᠶ᠋ᠢ ᠦᠵᠡᠵᠦ ᠬᠡᠷᠡᠭᠯᠡ ᠬᠡᠮᠡᠪᠡ᠃ ᠳᠠᠭᠠᠯᠳᠤᠭ᠎ᠠ ᠠᠯᠲᠠᠨ ᠤᠯᠤᠰ ᠤ᠋ᠨ ᠡᠶᠡᠳᠡᠬᠦ ᠴᠢᠯᠥᠭᠡ ᠶ᠋ᠢ ᠭᠤᠶᠤᠬᠤ ᠡᠯᠴᠢ ᠢᠷᠡᠭᠰᠡᠨ ᠳ᠋ᠦ᠍ᠷ ᠬᠠᠭᠠᠨ ᠴᠢᠯᠥᠭᠡ ᠥᠭᠴᠦ ᠰᠠᠢᠬᠠᠨ ᠰᠤᠷᠲᠠᠯᠲᠤ ᠶ᠋ᠢ ᠡᠭᠡᠭᠦᠯᠦᠨ ᠵᠠᠷᠤᠭᠰᠠᠨ ᠠᠵᠤᠭᠤ᠃ ᠰᠠᠢᠬᠠᠨ ᠰᠤᠷᠲᠠᠯᠲᠤ ᠵᠠᠷᠯᠢᠭ ᠢ ᠳᠠᠭᠠᠵᠤ ᠣᠯᠤᠭᠰᠠᠨ ᠬᠣᠲᠠ ᠪᠠᠨ ᠤᠨᠵᠢᠭᠠᠢ᠂ ᠰᠤᠨᠵᠢᠭᠠᠢ᠂ ᠠᠨᠳᠠ᠂ ᠰᠤᠪᠤᠲᠠᠢ ᠳᠥᠷᠪᠡᠨ ᠵᠠᠩᠵᠤᠨ ᠢ᠋ᠶ᠋ᠠᠷ ᠰᠠᠬᠢᠭᠤᠯᠵᠤ ᠬᠠᠷᠢᠵᠤ ᠢᠷᠡᠭᠰᠡᠨ ᠠᠵᠤᠭᠤ᠃ ᠡᠨᠡ ᠦᠶ᠎ᠡ ᠳ᠋ᠦ᠍ᠷ ᠪᠠᠷᠠᠭᠤᠨ ᠰᠢᠶᠠ ᠤᠯᠤᠰ ᠤ᠋ᠨ ᠬᠠᠭᠤᠴᠢᠨ ᠡᠵᠡᠨ ᠯᠢ ᠠᠨ ᠴᠢᠤᠸᠠᠨ ᠤ᠋ ᠪᠡᠶ᠎ᠡ ᠦᠬᠦᠵᠦ᠂ ᠬᠥᠪᠡᠭᠦᠨ ᠯᠢ ᠽᠦᠨ ᠰᠢᠦᠢ ᠣᠮᠣᠷᠬᠠᠭ ᠳᠡᠭᠡᠷᠡᠩᠭᠦᠢ ᠮᠠᠲᠠᠯ ᠦᠭᠡᠢ᠂ ᠡᠴᠢᠭᠡ ᠶ᠋ᠢᠨ ᠮᠣᠩᠭᠣᠯ ᠳ᠋ᠤᠷ ᠳᠠᠭᠠᠭᠰᠠᠨ ᠳ᠋ᠤᠷ ᠬᠣᠷᠣᠰᠤᠭᠰᠠᠭᠠᠷ ᠬᠡᠳᠦᠨ ᠵᠢᠯ ᠪᠣᠯᠵᠤ ᠭᠠᠭᠴᠠ ᠬᠦᠴᠦᠨ ᠬᠦᠷᠬᠦ ᠦᠭᠡᠢ ᠳ᠋ᠦ᠍ᠷ ᠠᠶᠤᠵᠤ ᠵᠣᠭᠰᠣᠭᠰᠠᠨ ᠪᠥᠯᠥᠭᠡ᠃ ᠡᠳᠦᠭᠡ ᠠᠯᠲᠠᠨ ᠤᠯᠤᠰ ᠤ᠋ᠨ ᠫᠦ ᠰᠢᠶᠠᠨ ᠸᠠᠨ ᠨᠦ᠍ ᠮᠣᠩᠭᠣᠯ ᠤᠯᠤᠰ ᠲᠤᠷ ᠬᠠᠭᠤᠷᠮᠠᠭᠯᠠᠨ ᠣᠷᠣᠵᠤ ᠦᠭᠭᠡᠳ ᠬᠥᠪᠡᠭᠦᠨ ᠢ᠋ᠶ᠋ᠡᠨ ᠳᠡᠨᠵᠢ ᠪᠣᠯᠭᠠᠨ ᠲᠤᠰᠢᠶᠠᠭᠰᠠᠨ ᠪᠥᠭᠡᠳ ᠡᠨᠡ ᠵᠠᠪᠰᠠᠷ ᠲᠤᠷ ᠴᠢᠯᠥᠭᠡ ᠦᠵᠡᠨ ᠰᠡᠮᠡᠬᠡᠷ ᠤᠷᠪᠠᠵᠤ ᠠᠮᠤ ᠡᠪᠡᠰᠦ ᠴᠤᠭᠯᠠᠭᠤᠯᠤᠨ ᠬᠣᠲᠠ ᠬᠦᠷᠢᠶ᠎ᠡ ᠶ᠋ᠢ ᠪᠠᠲᠤᠯᠠᠵᠤ ᠤᠯᠤᠰ ᠢ᠋ᠶ᠋ᠠᠨ ᠡᠮᠦᠨ᠎ᠡ ᠰᠢᠶᠠ ᠤᠯᠤᠰ ᠭᠡᠮᠡᠨ ᠨᠡᠷᠡᠢᠳᠦᠭᠡᠳ ᠪᠠᠰᠠ ᠰᠢᠶᠠ ᠤᠯᠤᠰ ᠢ᠋ ᠬᠠᠷᠢᠯᠴᠠᠨ ᠡᠳᠦᠭᠡᠨ ᠬᠡᠯᠡᠯᠴᠡᠬᠦᠢ ᠳ᠋ᠦ᠍ᠷ ᠯᠢ ᠽᠦᠨ ᠰᠢᠦᠢ ᠰᠡᠳᠬᠢᠯ ᠲᠣᠭᠲᠠᠵᠤ ᠤᠯᠤᠰ ᠤ᠋ᠨ ᠬᠠᠷᠢᠶᠠᠲᠤ ᠬᠣᠲᠠ ᠪᠠᠯᠭᠠᠳ ᠢ᠋ᠶ᠋ᠠᠨ ᠲᠣᠭᠣᠷᠢᠨ ᠦᠵᠡᠵᠦ ᠪᠠᠢᠯᠳᠤᠬᠤ ᠰᠠᠬᠢᠬᠤ ᠶ᠋ᠢ ᠰᠡᠮᠡᠬᠡᠷ ᠪᠡᠯᠡᠳᠴᠦ ᠪᠠᠰᠠ ᠪᠤᠷᠤᠭᠤᠯᠠᠬᠤ ᠳᠤᠲᠠᠭᠠᠬᠤ ᠣᠷᠣᠨ ᠭᠠᠵᠠᠷ ᠢ᠋ᠶ᠋ᠠᠨ ᠰᠡᠳᠬᠢᠵᠦ᠂ ᠪᠠᠷᠠᠭᠤᠨ ᠰᠢ ᠯᠢᠶᠠᠩ ᠤ᠋ᠨ ᠭᠠᠵᠠᠷ ᠢ᠋ ᠦᠵᠡᠷ᠎ᠡ ᠡᠴᠢᠬᠦ ᠠᠷᠭ᠎ᠠ ᠶ᠋ᠢ ᠪᠤᠳᠤᠬᠤᠶ᠎ᠠ᠂ ᠮᠣᠩᠭᠣᠯ ᠤ᠋ᠨ ᠴᠠᠭᠠᠲᠠᠢ ᠴᠢᠨ ᠸᠠᠩ ᠲᠠᠢᠽᠢ ᠬᠠᠲᠤᠨ ᠢ᠋ᠶ᠋ᠠᠨ ᠠᠪᠴᠤ ᠬᠠᠳᠠᠮᠴᠢᠯᠠᠷᠠ ᠢᠷᠡᠪᠡ᠃ ᠲᠡᠳᠦᠢ ᠬᠠᠭᠠᠰ ᠰᠠᠷ᠎ᠠ ᠰᠢᠬᠠᠮ ᠪᠣᠯᠵᠤ ᠭᠡᠨᠡᠳᠲᠡ ᠳ᠋ᠠᠢᠳᠦ᠋ ᠡᠴᠡ ᠲᠠᠢᠬᠡᠦ ᠶ᠋ᠢᠨ ᠪᠡᠶ᠎ᠡ ᠴᠢᠯᠡᠭᠡᠷᠬᠡᠪᠡ ᠭᠡᠮᠡᠨ ᠣᠯᠠᠨ ᠸᠠᠩ ᠤ᠋ᠳ ᠳ᠋ᠠᠢᠳᠦ᠋ ᠳ᠋ᠦ᠍ᠷ ᠬᠤᠷᠠᠪᠠ ᠬᠡᠮᠡᠭᠰᠡᠨ ᠳ᠋ᠦ᠍ᠷ ᠴᠠᠭᠠᠲᠠᠢ ᠴᠢᠨ ᠸᠠᠩ ᠬᠠᠲᠤᠨ ᠢ᠋ᠶ᠋ᠠᠨ ᠠᠪᠴᠤ ᠳᠣᠪᠲᠣᠯᠤᠨ ᠳ᠋ᠠᠢᠳᠦ᠋ ᠳ᠋ᠦ᠍ᠷ ᠢᠷᠠᠪᠠᠰᠤ᠂ ᠣᠷᠳᠣᠨ ᠤ᠋ ᠳᠣᠲᠣᠷ᠎ᠠ ᠭᠤᠷᠪᠠᠨ ᠣᠷᠳᠣᠨ ᠵᠢᠷᠭᠤᠭᠠᠨ ᠬᠦᠷᠢᠶᠡᠯᠡᠩ ᠲᠠᠢᠬᠡᠦ ᠶ᠋ᠢᠨ ᠴᠢᠯᠡᠭᠡᠷᠬᠡᠭᠰᠡᠨ ᠳ᠋ᠦ᠍ᠷ ᠶᠡᠬᠡᠯ᠎ᠡ ᠦᠢᠮᠡᠯᠳᠦᠮᠦᠢ᠃ ᠲᠡᠷᠡ ᠦᠶ᠎ᠡ ᠳ᠋ᠦ᠍ᠷ ᠮᠠᠨ ᠤ᠋ ᠮᠣᠩᠭᠣᠯ ᠳ᠋ᠤᠷ ᠰᠢᠷ᠎ᠠ ᠶ᠋ᠢᠨ ᠱᠠᠰᠢᠨ ᠳᠡᠯᠭᠡᠷᠡᠭᠡᠳᠦᠢ ᠪᠥᠭᠡᠳ ᠨᠡᠩ ᠪᠠᠰᠠ ᠪᠠᠷ ᠲᠣᠢᠨ ᠪᠣᠮᠪᠣ᠂ ᠬᠤᠤᠱᠠᠩ ᠴᠢᠪᠠᠭᠠᠨᠴᠠ ᠬᠠᠭᠠᠨ ᠤ᠋ ᠴᠠᠭᠠᠵᠠ ᠪᠠᠷ ᠨᠢᠭᠡᠮᠦᠰᠦᠨ ᠴᠠᠭᠠᠵᠠᠯᠠᠵᠤ ᠲᠠᠰᠤᠯᠤᠭᠰᠠᠨ ᠲᠤᠯᠠ ᠡᠳᠡᠭᠡᠷ ᠠᠢᠮᠠᠭ ᠤ᠋ᠨ ᠠᠮᠢᠳᠤᠷᠠᠯ ᠮᠠᠰᠢ ᠪᠡᠷᠬᠡ ᠪᠣᠯᠵᠤ᠂ ᠣᠯᠠᠨ ᠰᠠᠢᠳ ᠤ᠋ᠳ ᠬᠠᠭᠠᠨ ᠤ᠋ ᠴᠢᠷᠠᠢ ᠳ᠋ᠤᠷ ᠲᠡᠰᠳᠡᠰᠢ ᠦᠭᠡᠢ ᠵᠣᠪᠠᠬᠤ ᠪᠠᠢᠳᠠᠯ ᠢ ᠦᠵᠡᠵᠦ ᠯᠠᠪᠲᠠᠢ ᠴᠢᠩ ᠲᠠᠢᠬᠡᠦ ᠶ᠋ᠢᠨ ᠴᠢᠯᠡᠭᠡᠲᠡᠢ ᠶ᠋ᠢᠨ ᠤᠴᠢᠷ ᠢ ᠤᠬᠠᠵᠤ ᠠᠢᠯᠠᠳᠬᠠᠷᠤᠨ : 《ᠡᠨᠡ ᠳ᠋ᠠᠢᠳᠦ᠋ ᠬᠣᠲᠠ ᠶ᠋ᠢᠨ ᠳᠣᠲᠣᠷ᠎ᠠ ᠳᠥᠷᠪᠡᠨ ᠵᠦᠭ ᠦ᠋ᠨ ᠴᠣᠯᠭᠣᠷᠠᠭᠰᠠᠨ ᠰᠤᠷᠭᠠᠯ ᠤ᠋ᠨ ᠰᠦᠮ᠎ᠡ ᠬᠡᠢᠳ ᠰᠤᠪᠤᠷᠭ᠎ᠠ ᠮᠠᠨᠳᠠᠯ ᠮᠠᠰᠢ ᠣᠯᠠᠨ ᠪᠣᠢ᠂ ᠬᠠᠭᠠᠨ ᠵᠠᠷᠯᠢᠭ ᠪᠠᠭᠤᠯᠭᠠᠨ ᠬᠦᠵᠢ ᠰᠢᠲᠠᠭᠠᠨ ᠠᠮᠠᠯᠠᠭᠤᠯᠪᠠᠰᠤ ᠲᠤᠰᠠ ᠪᠣᠯᠬᠤ ᠴᠤ᠌ ᠮᠠᠭᠠᠳ ᠦᠭᠡᠢ 》ᠬᠡᠮᠡᠭᠰᠡᠨ ᠳ᠋ᠦ᠍ᠷ ᠬᠠᠭᠠᠨ ᠵᠠᠷᠯᠢᠭ ᠪᠣᠯᠤᠷᠤᠨ:《ᠪᠤᠶᠠᠨ ᠬᠡᠮᠡᠭᠴᠢ ᠭᠠᠴᠢᠭᠳᠠᠭᠰᠠᠨ ᠢ᠋ ᠭᠠᠷᠭᠠᠨ ᠮᠣᠬᠣᠭᠰᠠᠨ ᠢ᠋ ᠲᠡᠩᠬᠡᠷᠡᠭᠦᠯᠦᠨ᠂ ᠶᠠᠳᠠᠩᠭᠢ ᠶ᠋ᠢ ᠲᠤᠰᠠᠯᠠᠨ᠂ ᠥᠨᠥᠴᠢᠨ ᠢ᠋ ᠲᠡᠳᠬᠦᠬᠦ ᠶ᠋ᠢ ᠬᠡᠯᠡᠭᠰᠡᠨ ᠪᠣᠯᠠᠢ᠂ ᠬᠡᠷᠡᠭ ᠦᠭᠡᠢ ᠬᠣᠭᠣᠰᠣᠨ ᠦᠭᠡ ᠶ᠋ᠢᠨ ᠳᠦᠷᠰᠦ ᠶ᠋ᠢ ᠮᠥᠷᠳᠡᠬᠦ ᠢᠨᠦ ᠤᠯᠤᠰ ᠡᠵᠡᠯᠡᠭᠴᠢᠳ ᠦ᠋ᠨ ᠶᠠᠪᠤᠳᠠᠯ ᠪᠤᠰᠤ᠃ ᠬᠠᠷᠢᠨ ᠤᠯᠤᠰ ᠤ᠋ᠨ ᠳᠣᠲᠣᠷᠠᠬᠢ ᠣᠯᠠᠨ ᠶᠠᠯᠠᠲᠠᠨ ᠤ᠋ ᠦᠨᠡᠨ ᠬᠤᠳᠠᠯ ᠢ᠋ ᠢᠯᠭᠠᠯᠭᠠᠨ ᠥᠷᠯᠥᠭ ᠪᠠᠭᠤᠯᠭᠠᠬᠤ ᠠᠨᠤ ᠪᠠᠰᠠ ᠴᠤ᠌ ᠪᠣᠯᠬᠤ ᠨᠢᠭᠡᠨ ᠵᠦᠢᠯ᠂ ᠭᠠᠭᠴᠠ ᠮᠠᠭᠤ ᠶᠠᠯᠠᠲᠠᠨ ᠢ᠋ ᠮᠢᠨᠦ ᠭᠡᠷ ᠦ᠋ᠨ ᠲᠥᠯᠥᠭᠡ ᠲᠠᠯᠪᠢᠬᠤ ᠠᠨᠤ ᠬᠣᠬᠢᠷᠠᠭᠳᠠᠭᠰᠠᠨ ᠰᠠᠢᠨ ᠢᠷᠭᠡᠨ ᠳ᠋ᠦ᠍ᠷ ᠲᠤᠰᠠ ᠦᠭᠡᠢ ᠪᠥᠭᠡᠳ ᠬᠣᠣᠷᠯᠠᠭᠰᠠᠨ ᠮᠠᠭᠤ ᠶᠠᠯᠠᠲᠠᠨ ᠳ᠋ᠤᠷ ᠵᠠᠪᠰᠢᠶᠠᠨ ᠪᠣᠯᠬᠤ ᠡᠨᠡ ᠶᠠᠮᠪᠠᠷ ᠭᠠᠢᠬᠠᠮᠰᠢᠭ ᠪᠤᠶᠠᠨ ᠪᠣᠢ ! ᠡᠨᠡ ᠵᠦᠢᠯ ᠮᠢᠨᠦ ᠰᠡᠳᠬᠢᠯ ᠳ᠋ᠦ᠍ᠷ ᠣᠷᠣᠬᠤ ᠦᠭᠡᠢ᠃ ᠬᠡᠳᠦᠢ ᠲᠡᠢᠨ ᠪᠣᠯᠪᠠᠴᠤ ᠡᠷᠲᠡᠨ ᠡᠴᠡ ᠤᠯᠠᠮᠵᠢᠯᠠᠭᠰᠠᠭᠠᠷ ᠢᠷᠡᠭᠰᠡᠨ ᠬᠠᠳ ᠬᠠᠳ ᠤ᠋ᠨ ᠦᠶ᠎ᠡ ᠡᠴᠡ ᠲᠡᠢᠮᠦ ᠵᠦᠢᠯ ᠪᠠᠢᠭᠰᠠᠭᠠᠷ ᠪᠥᠭᠡᠳ ᠮᠢᠨᠦ ᠡᠬᠡ ᠲᠠᠢᠬᠡᠦ ᠶ᠋ᠢᠨ ᠪᠡᠶ᠎ᠡ ᠶ᠋ᠢᠨ ᠴᠢᠯᠡᠭᠡ ᠶ᠋ᠢᠨ ᠲᠥᠯᠥᠭᠡ ᠡᠭᠦᠰᠬᠡᠬᠦ ᠬᠡᠷᠡᠭ ᠲᠤᠯᠠ ᠳᠠᠷᠤᠢ ᠭᠠᠵᠠᠷ ᠪᠦᠷᠢ ᠶ᠋ᠢᠨ ᠲᠠᠪᠤᠨ ᠵᠠᠪᠰᠠᠷ ᠦᠭᠡᠢ ᠶᠠᠯᠠᠲᠠᠨ ᠠ᠋ᠴᠠ ᠪᠤᠰᠤᠳ ᠤ᠋ᠨ ᠶᠠᠯ᠎ᠠ ᠶ᠋ᠢ ᠬᠥᠩᠭᠡᠯᠡᠵᠦ ᠲᠠᠯᠪᠢᠭᠠᠳ ᠬᠣᠲᠠ ᠶ᠋ᠢᠨ ᠳᠣᠲᠣᠷᠠᠬᠢ ᠣᠯᠠᠨ ᠰᠦᠮ᠎ᠡ ᠬᠡᠢᠳ ᠮᠠᠨᠳᠠᠯ ᠰᠤᠪᠤᠷᠭ᠎ᠠ ᠪᠦᠷᠢ ᠳ᠋ᠦ᠍ᠷ ᠣᠯᠠᠨ ᠴᠢᠨ ᠸᠠᠩ ᠤ᠋ᠳ ᠢ᠋ ᠭᠠᠷᠭᠠᠵᠤ᠂ ᠬᠤᠲᠤᠭ ᠭᠤᠶᠤᠨ ᠬᠦᠵᠢ ᠰᠢᠲᠠᠭᠠᠯᠭᠠᠵᠤ ᠲᠠᠢᠬᠡᠦ ᠶ᠋ᠢᠨ ᠬᠤᠲᠤᠭ ᠢ᠋ ᠭᠣᠶᠣ ! 》 ᠭᠡᠮᠡᠨ ᠵᠠᠷᠯᠢᠭ ᠪᠠᠭᠤᠯᠭᠠᠪᠠ᠃ ᠡᠨᠡ ᠵᠠᠷᠯᠢᠭ ᠪᠠᠭᠤᠮᠠᠭᠴᠠ ᠲᠠᠢᠬᠡᠦ ᠶ᠋ᠢᠨ ᠴᠢᠯᠡᠭᠡ ᠪᠠᠬᠠᠨ ᠬᠥᠩᠭᠡᠨ ᠪᠣᠯᠵᠤ᠂ ᠴᠠᠪ ᠵᠣᠭᠣᠭ ᠥᠴᠦᠬᠡᠨ ᠠᠪᠤᠭᠰᠠᠨ ᠳ᠋ᠤᠷ ᠬᠠᠭᠠᠨ ᠶᠡᠬᠡᠳᠡ ᠪᠠᠶᠠᠷᠯᠠᠨ᠂ ᠳᠡᠷᠭᠡᠳᠡ ᠪᠠᠢᠵᠤ ᠡᠮ ᠪᠤᠴᠠᠯᠭᠠᠨ ᠬᠠᠭᠠᠨ ᠤ᠋ ᠣᠷᠳᠣᠨ ᠤ᠋ ᠡᠮᠴᠢ ᠶ᠋ᠢᠨ ᠬᠦᠷᠢᠶᠡᠯᠡᠩ ᠦ᠋ᠨ ᠬᠢᠲᠠᠳ ᠡᠮᠴᠢ ᠨᠠᠷ ᠢ᠋ ᠣᠷᠣᠭᠤᠯᠤᠨ ᠰᠤᠳᠠᠰᠤ ᠦᠵᠡᠭᠦᠯᠵᠦ ᠡᠮ ᠪᠠᠷᠢᠮᠤᠢ᠃ ᠮᠥᠨ ᠰᠥᠨᠢ ᠲᠠᠢᠬᠡᠦ ᠶ᠋ᠢᠨ ᠪᠡᠶ᠎ᠡ ᠶᠡᠬᠡᠯ᠎ᠡ ᠠᠮᠤᠷ ᠨᠣᠢᠷᠰᠤᠵᠤ ᠭᠡᠭᠡᠷᠡᠬᠦ ᠶ᠋ᠢᠨ ᠦᠶ᠎ᠡ ᠳ᠋ᠦ᠍ᠷ ᠰᠡᠷᠢᠵᠦ ᠦᠵᠡᠪᠡᠰᠦ᠂ ᠬᠠᠭᠠᠨ ᠬᠤᠸᠠᠩᠬᠡᠦ ᠴᠥᠮ ᠰᠢᠳᠠᠷ ᠪᠠᠢᠬᠤᠢ ᠳ᠋ᠤᠷ ᠵᠠᠷᠯᠢᠭ ᠪᠣᠯᠤᠷᠤᠨ : 《ᠮᠢᠨᠦ ᠪᠡᠶ᠎ᠡ ᠤᠭ ᠠ᠋ᠴᠠ ᠨᠢᠭᠡᠨ ᠰᠤᠯᠠ ᠬᠥᠮᠦᠨ ᠪᠥᠯᠥᠭᠡ᠃ ᠡᠳᠦᠭᠡ ᠬᠠᠭᠠᠨ ᠬᠥᠪᠡᠭᠦᠨ ᠴᠢᠨᠦ ᠳᠡᠯᠡᠬᠡᠢ ᠳ᠋ᠠᠬᠢᠨ ᠢ᠋ ᠡᠵᠡᠯᠡᠭᠰᠡᠨ ᠳ᠋ᠦ᠍ᠷ ᠪᠢ ᠤᠯᠤᠰ ᠤ᠋ᠨ ᠡᠬᠡ ᠶ᠋ᠢᠨ ᠡᠷᠬᠢᠮ ᠳ᠋ᠦ᠍ᠷ ᠬᠦᠷᠪᠡ᠃ ᠮᠢᠨᠦ ᠪᠡᠶ᠎ᠡ ᠵᠠᠯᠠᠭᠤ ᠳ᠋ᠤᠷ ᠵᠣᠪᠠᠪᠠᠴᠤ ᠬᠥᠭᠰᠢᠷᠡᠬᠦᠢ ᠳ᠋ᠦ᠍ᠷ ᠵᠢᠷᠭᠠᠪᠠ᠃ ᠨᠡᠩ ᠪᠠᠰᠠ ᠬᠦ᠌ ᠨᠠᠰᠤ ᠮᠢᠨᠦ ᠳᠠᠯᠠᠨ ᠢ᠋ ᠭᠠᠷᠴᠤᠬᠤᠢ᠂ ᠨᠠᠳᠠ ᠳ᠋ᠤᠷ ᠪᠠᠶᠠᠷᠯᠠᠨ ᠵᠠᠯᠪᠠᠷᠢᠵᠤ ᠰᠢᠲᠦᠨ ᠰᠠᠨᠠᠬᠤ ᠶᠠᠪᠤᠳᠠᠯ ᠠᠮᠤᠢ ᠶᠠ᠂ ᠦᠬᠦᠬᠦᠢ ᠳ᠋ᠦ᠍ᠷ ᠭᠣᠮᠣᠳᠠᠵᠤ ᠬᠣᠷᠣᠰᠬᠤ ᠭᠠᠵᠠᠷ ᠦᠰᠦ ᠬᠢᠯᠭᠠᠰᠤᠨ ᠤ᠋ ᠲᠡᠳᠦᠢ ᠦᠭᠡᠢ᠃ ᠲᠡᠢᠨ ᠬᠦ᠌ ᠰᠡᠳᠬᠢᠯ ᠠᠮᠤᠭᠤᠯᠠᠩ ᠢ᠋ᠶ᠋ᠠᠷ ᠦᠬᠦᠪᠡᠰᠦ ᠲᠡᠭᠷᠢ ᠳ᠋ᠦ᠍ᠷ ᠲᠥᠷᠥᠬᠦ ᠶ᠋ᠢ ᠰᠦᠰᠦᠭᠯᠡᠨ ᠵᠠᠯᠪᠠᠷᠢᠬᠤᠶᠠ᠂ ᠥᠨᠥᠬᠡᠨ ᠡᠨᠡ ᠳ᠋ᠠᠢᠳᠦ᠋ ᠬᠣᠲᠠᠨ ᠤ᠋ ᠳᠣᠲᠣᠷ᠎ᠠ ᠪᠠᠷᠠᠭᠤᠨ ᠪᠡᠶ᠎ᠡ ᠳ᠋ᠦ᠍ᠷ ᠨᠢᠭᠡᠨ ᠪᠢᠴᠢᠬᠠᠨ ᠴᠠᠭᠠᠨ ᠥᠩᠭᠡᠲᠡᠢ ᠳᠣᠯᠣᠭᠠᠨ ᠵᠦᠢᠯ ᠦ᠋ᠨ ᠡᠷᠳᠡᠨᠢ ᠪᠡᠷ ᠪᠦᠲᠦᠭᠡᠭᠰᠡᠨ ᠰᠤᠪᠤᠷᠭ᠎ᠠ ᠠ᠋ᠴᠠ ᠨᠢᠭᠡᠨ ᠲᠣᠯᠣᠭᠠᠢ ᠳ᠋ᠤᠷ ᠦᠰᠦ ᠦᠭᠡᠢ ᠠᠷᠪᠠᠭᠠᠳ ᠨᠠᠰᠤᠨ ᠤ᠋ ᠬᠢᠷᠢᠲᠡᠢ ᠲᠣᠢᠨ ᠪᠡᠶ᠎ᠡ ᠳ᠋ᠦ᠍ᠷ ᠤᠯᠠᠭᠠᠨ ᠬᠤᠪᠴᠠᠳ ᠴᠢᠮᠡᠭ ᠦ᠋ᠨ ᠵᠦᠢᠯ ᠢ᠋ᠶ᠋ᠡᠷ ᠣᠷᠢᠶᠠᠨ ᠴᠢᠮᠡᠵᠦ ᠨᠠᠮᠠᠶ᠋ᠢ ᠤᠳᠤᠷᠢᠳᠤᠨ ᠲᠡᠭᠷᠢ ᠶ᠋ᠢᠨ ᠣᠷᠳᠣᠨ ᠳ᠋ᠤᠷ ᠭᠠᠷᠭᠠᠵᠤ ᠲᠣᠭᠣᠷᠢᠭᠤᠯᠤᠨ ᠦᠵᠡᠭᠦᠯᠵᠦ ᠬᠡᠯᠡᠭᠰᠡᠨ ᠢᠨᠦ : ᠬᠠᠭᠠᠨ ᠤ᠋ ᠡᠬᠡ ᠶ᠋ᠢᠨ ᠨᠠᠰᠤᠨ ᠬᠤᠲᠤᠭ ᠲᠡᠭᠦᠰᠦᠭᠰᠡᠨ ᠴᠠᠭ ᠲᠤ᠌ ᠡᠨᠳᠡ ᠢᠷᠡᠵᠦ ᠲᠥᠷᠥᠬᠦ ᠪᠣᠢ᠃ ᠡᠳᠦᠭᠡ ᠬᠠᠭᠠᠨ ᠳᠡᠯᠡᠬᠡᠢ ᠳ᠋ᠠᠬᠢᠨ ᠳ᠋ᠤᠷ ᠲᠠᠪᠤᠨ ᠵᠦᠢᠯ ᠦ᠋ᠨ ᠪᠤᠶᠠᠨ ᠦᠢᠯᠡᠳᠦᠭᠰᠡᠨ ᠢ᠋ᠶ᠋ᠡᠷ ᠬᠠᠭᠠᠨ ᠤ᠋ ᠡᠬᠡ ᠶ᠋ᠢᠨ ᠵᠠᠶᠠᠭ᠎ᠠ ᠪᠠᠰᠠ ᠨᠡᠮᠡᠪᠡ ᠭᠡᠮᠡᠨ ᠨᠠᠮᠠᠶ᠋ᠢ ᠤᠳᠤᠷᠢᠳᠤᠨ ᠪᠠᠭᠤᠵᠤ ᠢᠷᠡᠭᠡᠳ ᠮᠥᠨ ᠬᠦ᠌ ᠲᠡᠷᠡ ᠰᠤᠪᠤᠷᠭ᠎ᠠ ᠳ᠋ᠤᠷ ᠮᠥᠷᠭᠥᠭᠦᠯᠦᠮᠡᠭᠴᠡ ᠲᠡᠷᠡ ᠰᠤᠪᠤᠷᠭ᠎ᠠ ᠶ᠋ᠢᠨ ᠳᠣᠲᠣᠷ᠎ᠠ ᠣᠷᠣᠪᠠᠰᠤ ᠭᠤᠷᠪᠠᠨ ᠪᠤᠷᠬᠠᠨ ᠤ᠋ ᠡᠮᠦᠨ᠎ᠡ ᠠᠯᠲᠠᠨ ᠴᠥᠭᠥᠴᠡ ᠳ᠋ᠦ᠍ᠷ ᠵᠤᠯᠠ ᠰᠢᠲᠠᠭᠠᠵᠤ ᠪᠦᠬᠦᠢ ᠶ᠋ᠢ ᠦᠵᠡᠨ ᠮᠥᠷᠭᠥᠵᠦ ᠭᠠᠷᠴᠤ ᠢᠷᠡᠮᠡᠭᠴᠡ᠂ ᠮᠢᠨᠦ ᠪᠡᠶ᠎ᠡ ᠶ᠋ᠢᠨ ᠡᠪᠡᠷᠰᠢᠶᠡᠯ ᠰᠠᠢᠨ ᠪᠣᠯᠤᠨ ᠪᠦᠬᠦᠯᠢ ᠪᠡᠶ᠎ᠡ ᠠᠮᠤᠷᠵᠢᠪᠠ᠃ ᠭᠠᠭᠴᠠ ᠴᠢ ᠲᠡᠷᠡ ᠰᠤᠪᠤᠷᠭ᠎ᠠ ᠶ᠋ᠢ ᠪᠡᠶ᠎ᠡ ᠪᠡᠷ ᠡᠴᠢᠵᠦ ᠳᠠᠬᠢᠵᠤ ᠲᠠᠪᠢᠭᠯᠠᠨ ᠬᠢᠨᠠᠨ ᠦᠵᠡ᠂ ᠪᠢ ᠤᠷᠢᠳᠤ ᠡᠳᠦᠷ ᠳ᠋ᠠᠢᠳᠦ᠋ ᠶ᠋ᠢᠨ ᠳᠣᠲᠣᠷ᠎ᠠ ᠲᠣᠭᠣᠷᠢᠨ ᠦᠵᠡᠬᠦᠯ᠎ᠡ ᠪᠠᠷᠠᠭᠤᠨ ᠬᠣᠲᠠᠨ ᠳ᠋ᠤᠷ ᠨᠢᠭᠡᠨ ᠡᠪᠳᠡᠷᠬᠡᠢ ᠴᠤᠴᠠᠷᠬᠠᠢ ᠴᠠᠭᠠᠨ ᠰᠤᠪᠤᠷᠭ᠎ᠠ ᠪᠠᠢᠭᠰᠠᠨ ᠮᠡᠲᠦ᠂ ᠮᠢᠨᠦ ᠵᠡᠭᠦᠳᠦᠨ ᠦ᠌ ᠰᠤᠪᠤᠷᠭ᠎ᠠ ᠡᠮᠦᠨ᠎ᠡ ᠬᠣᠢᠰᠢ ᠶ᠋ᠢ ᠦᠵᠡᠬᠦᠯ᠎ᠡ ᠮᠠᠭᠠᠳ ᠲᠡᠷᠡ ᠰᠤᠪᠤᠷᠭ᠎ᠠ ᠮᠥᠨ ᠪᠣᠢ ᠶᠠ ! 》 ᠬᠡᠮᠡᠭᠰᠡᠨ ᠳ᠋ᠦ᠍ᠷ ᠬᠠᠭᠠᠨ ᠶᠡᠬᠡᠯ᠎ᠡ ᠭᠠᠢᠬᠠᠨ ᠪᠡᠶᠡᠰᠴᠦ ᠳᠠᠷᠤᠢ ᠵᠠᠷᠯᠢᠭ ᠪᠠᠭᠤᠯᠭᠠᠨ ᠬᠠᠭᠠᠨ ᠬᠤᠸᠠᠩᠬᠡᠦ ᠬᠣᠶᠠᠭᠤᠯᠠ ᠶᠡᠬᠡ ᠵᠢᠭᠰᠠᠭᠠᠯ ᠢ᠋ᠶ᠋ᠠᠷ ᠲᠡᠷᠡ ᠴᠠᠭᠠᠨ ᠰᠤᠪᠤᠷᠭ᠎ᠠ ᠳ᠋ᠤᠷ ᠬᠦᠵᠢ ᠰᠢᠲᠠᠭᠠᠷᠠ ᠡᠴᠢᠬᠦᠢ ᠳ᠋ᠦ᠍ᠷ ᠵᠠᠭᠤᠨ ᠲᠦᠰᠢᠮᠡᠳ ᠤᠷᠢᠳᠠ ᠡᠴᠢᠵᠦ ᠰᠤᠪᠤᠷᠭ᠎ᠠ ᠶ᠋ᠢᠨ ᠳᠣᠣᠷᠠᠬᠢ ᠬᠣᠭ ᠨᠣᠪᠰᠢ ᠲᠣᠭᠣᠰᠣ ᠸᠠᠭᠠᠷ ᠲᠣᠭᠣᠰᠬ᠎ᠠ ᠶ᠋ᠢ ᠠᠷᠢᠯᠭᠠᠬᠤᠢ ᠳ᠋ᠤᠷ ᠲᠡᠷᠡ ᠰᠤᠪᠤᠷᠭ᠎ᠠ ᠶ᠋ᠢᠨ ᠢᠷᠣᠭᠠᠷ ᠨᠢᠭᠡᠨ ᠨᠠᠢ᠍ᠮᠠᠨ ᠶᠢᠰᠦᠨ ᠨᠠᠰᠤ ᠲᠠᠢ ᠲᠣᠯᠣᠭᠠᠢ ᠮᠣᠯᠲᠣᠭ ᠤᠯᠠᠭᠠᠨ ᠥᠩᠭᠡᠲᠦ ᠲᠡᠷᠮ᠎ᠡ ᠴᠠᠮ᠎ᠠ ᠪᠠᠷ ᠪᠡᠶ᠎ᠡ ᠪᠡᠨ ᠣᠷᠢᠶᠠᠨ ᠬᠠᠯᠠᠭᠯᠠᠭᠰᠠᠨ ᠬᠤᠸᠠᠷᠠᠭ ᠲᠡᠨᠳᠡ ᠪᠠᠢᠮᠤᠢ᠃ ᠠᠰᠠᠭᠤᠪᠠᠰᠤ ᠲᠡᠷᠡ ᠰᠤᠪᠤᠷᠭ᠎ᠠ ᠶ᠋ᠢᠨ ᠡᠵᠡᠨ ᠬᠡᠮᠡᠮᠦᠢ᠃ ᠲᠡᠳᠦᠢ ᠤᠳᠠᠭᠰᠠᠨ ᠦᠭᠡᠢ ᠬᠠᠭᠠᠨ ᠤ᠋ ᠭᠡᠭᠡᠨ ᠬᠦᠷᠴᠦ ᠢᠷᠡᠭᠡᠳ ᠦᠵᠡᠬᠦᠯ᠎ᠡ ᠮᠠᠰᠢ ᠡᠪᠳᠡᠷᠬᠡᠢ ᠴᠤᠴᠠᠷᠬᠠᠢ ᠨᠢᠭᠡᠨ ᠪᠢᠴᠢᠬᠠᠨ ᠰᠤᠪᠤᠷᠭ᠎ᠠ᠂ ᠲᠣᠭᠣᠷᠢᠭᠰᠠᠨ ᠰᠦᠮ᠎ᠡ ᠬᠦᠷᠢᠶ᠎ᠡ ᠨᠡᠩᠳᠡ ᠡᠪᠳᠡᠷᠡᠨ ᠤᠨᠠᠵᠤ ᠬᠠᠭᠤᠴᠢᠳ ᠪᠣᠯᠵᠤ᠂ ᠭᠠᠭᠴᠠ ᠲᠡᠷᠡ ᠰᠤᠪᠤᠷᠭ᠎ᠠ ᠠᠨᠤ ᠦᠯᠡᠳᠡᠵᠦᠬᠦᠢ᠃ ᠰᠤᠪᠤᠷᠭ᠎ᠠ ᠶ᠋ᠢᠨ ᠥᠨᠳᠥᠷ ᠲᠠᠪᠤᠨ ᠵᠠᠩ ᠠ᠋ᠴᠠ ᠬᠡᠲᠦᠷᠡᠬᠦ ᠦᠭᠡᠢ᠂ ᠰᠤᠪᠤᠷᠭ᠎ᠠ ᠶ᠋ᠢᠨ ᠶᠡᠨᠳᠡᠷ ᠦ᠋ᠨ ᠳᠣᠣᠷ᠎ᠠ ᠨᠢᠭᠡᠨ ᠪᠢᠴᠢᠬᠠᠨ ᠬᠤᠸᠠᠷᠠᠭ ᠨᠠᠮᠠᠨᠴᠢᠯᠠᠨ ᠵᠣᠭᠰᠣᠵᠤᠬᠤᠢ᠃ ᠬᠠᠭᠠᠨ ᠢ᠋ ᠦᠵᠡᠭᠡᠳ ᠰᠥᠭᠥᠳᠴᠦ ᠮᠥᠷᠭᠥᠨ ᠪᠠᠷᠠᠯᠬᠠᠬᠤᠢ ᠳ᠋ᠤᠷ ᠬᠠᠭᠠᠨ ᠬᠠᠷᠠᠵᠤ ᠦᠵᠡᠪᠡᠰᠦ ᠲᠡᠷᠡ ᠬᠤᠸᠠᠷᠠᠭ ᠤ᠋ᠨ ᠲᠥᠷᠥᠭᠰᠡᠨ ᠪᠠᠢᠳᠠᠯ ᠴᠣᠭ ᠭᠡᠭᠡᠬᠡᠨ ᠴᠢᠨᠠᠷ ᠠᠷᠢᠭᠤᠨ᠂ ᠥᠲᠡᠯ᠎ᠡ ᠬᠥᠮᠦᠨ ᠦ᠌ ᠳᠦᠷᠰᠦ ᠦᠭᠡᠢ᠃ ᠬᠠᠭᠠᠨ ᠠᠰᠠᠭᠤᠷᠤᠨ : 《ᠡᠨᠡ ᠲᠣᠢᠨ ᠬᠠᠮᠢᠭ᠎ᠠ ᠠ᠋ᠴᠠ ᠢᠷᠡᠪᠡ ? ᠠᠯᠳᠠᠷ ᠬᠡᠨ ? 》ᠲᠡᠷᠡ ᠬᠤᠸᠠᠷᠠᠭ ᠠᠢᠯᠳᠬᠠᠷᠤᠨ : 《ᠲᠣᠢᠨ ᠪᠢ ᠪᠠᠷᠠᠭᠤᠨ ᠲᠥᠪᠡᠳ ᠦ᠋ᠨ ᠠᠨᠠᠨᠲᠠ ᠺᠡᠷᠪᠢ ᠯᠣᠣᠽᠸᠠ ᠪᠠᠯᠮ᠎ᠠ ᠶ᠋ᠢᠨ ᠱᠠᠪᠢ᠂ ᠨᠡᠷ᠎ᠡ ᠫᠠᠭᠪᠠ᠂ ᠡᠨᠡ ᠰᠤᠪᠤᠷᠬᠠ ᠶ᠋ᠢ ᠰᠠᠬᠢᠮᠤᠢ᠃ 》ᠬᠠᠭᠠᠨ ᠠᠰᠠᠭᠤᠷᠤᠨ : 《ᠡᠨᠡ ᠰᠤᠪᠤᠷᠬᠠ ᠳ᠋ᠤᠢ ᠶᠠᠮᠪᠠᠷ ᠤᠴᠢᠷ ᠪᠣᠢ ? 》ᠫᠠᠭᠪᠠ ᠲᠣᠢᠨ ᠠᠢᠯᠠᠳᠬᠠᠷᠤᠨ : 《ᠡᠨᠡ ᠰᠤᠪᠤᠷᠭ᠎ᠠ ᠳ᠋ᠤᠷ ᠨᠠᠰᠤᠨ ᠤ᠋ ᠰᠢᠳᠢ ᠥᠭᠬᠦ ᠭᠠᠢᠬᠠᠯ ᠪᠣᠢ᠃ 》ᠬᠠᠭᠠᠨ ᠨᠡᠩᠳᠡ ᠭᠠᠢᠬᠠᠵᠤ ᠠᠰᠠᠭᠤᠷᠤᠨ :《ᠸᠠᠭᠠᠷ ᠲᠣᠭᠣᠰᠬ᠎ᠠ ᠶ᠋ᠢᠨ ᠣᠪᠣᠭ᠎ᠠ ᠳ᠋ᠤᠷ ᠶᠠᠭᠤᠨ ᠤ᠋ ᠬᠥᠮᠦᠨ ᠳ᠋ᠦ᠍ᠷ ᠲᠤᠰᠠᠯᠠᠬᠤ ᠴᠢᠳᠠᠯ ᠪᠣᠢ ? 》 ᠫᠠᠭᠪᠠ ᠲᠣᠢᠨ ᠠᠢᠯᠠᠳᠬᠠᠷᠤᠨ : 《ᠳᠣᠲᠣᠷ᠎ᠠ ᠠᠨᠤ ᠡᠨᠡᠳᠬᠡᠭ ᠦ᠋ᠨ ᠪᠤᠷᠬᠠᠨ ᠤ᠋ ᠱᠠᠷᠢᠯ ᠪᠠ ᠠᠯᠲᠠᠨ ᠬᠤᠮᠬ᠎ᠠ ᠳ᠋ᠤᠷ ᠤᠷᠲᠤ ᠨᠠᠰᠤᠨ ᠤ᠋ ᠷᠠᠰᠢᠶᠠᠨ᠂ ᠠᠯᠲᠠᠨ ᠴᠥᠬᠥᠴᠡᠲᠦ ᠤᠮᠳᠠᠷᠠᠰᠢ ᠦᠭᠡᠢ ᠮᠥᠩᠬᠡ ᠵᠤᠯᠠ ᠪᠣᠢ᠃ ᠡᠳᠡᠭᠡᠷ ᠦ᠋ᠨ ᠬᠦᠴᠦᠨ ᠬᠠᠯᠬᠠᠯᠲᠠ ᠦᠭᠡᠢ ᠰᠦᠰᠦᠭᠯᠡᠨ ᠵᠠᠯᠪᠠᠷᠢᠬᠤ ᠠᠪᠠᠰᠤ ᠡᠷᠬᠡᠪᠰᠢ ᠲᠤᠰᠠᠯᠠᠮᠤᠢ᠃ 》ᠬᠠᠭᠠᠨ ᠭᠠᠢᠬᠠᠵᠤ ᠵᠠᠷᠯᠢᠭ ᠪᠣᠯᠤᠨ ᠠᠰᠠᠭᠤᠷᠤᠨ : 《ᠴᠢ ᠡᠨᠡ ᠰᠤᠪᠤᠷᠭ᠎ᠠ ᠶ᠋ᠢ ᠰᠠᠬᠢᠬᠤ ᠲᠤᠯᠠ ᠡᠨᠡ ᠰᠤᠪᠤᠷᠭ᠎ᠠ ᠶ᠋ᠢ ᠠᠯᠢ ᠦᠶ᠎ᠡ ᠳ᠋ᠦ᠍ᠷ ᠪᠠᠢᠭᠤᠯᠤᠭᠰᠠᠨ ᠢ ᠮᠡᠳᠡᠮᠦᠢ ᠤᠤ ? ᠫᠠᠭᠪᠠ ᠲᠣᠢᠨ ᠠᠢᠯᠠᠳᠬᠠᠷᠤᠨ: 《ᠡᠨᠡ ᠰᠤᠪᠤᠷᠭ᠎ᠠ ᠶ᠋ᠢ ᠬᠠᠨ ᠤᠯᠤᠰ ᠤ᠋ᠨ ᠮᠢᠩ ᠳᠢ ᠬᠠᠭᠠᠨ ᠪᠠᠷᠠᠭᠤᠨ ᠲᠡᠭᠷᠢ ᠡᠴᠡ ᠡᠩ ᠲᠡᠷᠢᠭᠦᠨ ᠪᠤᠷᠬᠠᠨ ᠤ᠋ ᠨᠣᠮ ᠢ᠋ ᠵᠠᠯᠠᠬᠤᠢ ᠳ᠋ᠤᠷ ᠬᠡᠳᠦ ᠬᠡᠳᠦᠨ ᠠᠷᠰᠢ ᠰᠢᠳᠢᠲᠡᠨ ᠢ᠋ ᠠᠴᠢᠷᠠᠵᠤ ᠪᠤᠷᠬᠠᠨ ᠤ᠋ ᠨᠣᠮ ᠢ᠋ ᠳᠡᠯᠭᠡᠷᠡᠭᠦᠯᠬᠦᠢ ᠳ᠋ᠦ᠍ᠷ ᠡᠨᠡ ᠭᠠᠵᠠᠷ ᠲᠤᠷ ᠨᠢᠭᠡᠨ ᠰᠤᠪᠤᠷᠭ᠎ᠠ ᠪᠦᠲᠦᠭᠡᠵᠦ᠂ ᠢᠷᠡᠭᠡᠳᠦᠢ ᠳ᠋ᠦ᠍ᠷ ᠪᠤᠷᠬᠠᠨ ᠤ᠋ ᠰᠤᠷᠭᠠᠯ ᠨᠢᠭᠡᠨ ᠵᠣᠪᠬᠢᠰ ᠢ᠋ᠶ᠋ᠠᠷ ᠳᠡᠯᠭᠡᠷᠡᠬᠦᠢ ᠶ᠋ᠢ ᠦᠨᠳᠦᠰᠦ ᠪᠣᠯᠭᠠᠪᠠ᠃ 》ᠭᠡᠮᠡᠨ ᠠᠢᠯᠠᠳᠬᠠᠭᠰᠠᠨ ᠳ᠋ᠤᠷ ᠬᠠᠭᠠᠨ ᠨᠡᠩᠳᠡ ᠭᠠᠢᠬᠠᠵᠤ᠂ ᠡᠨᠡ ᠪᠢᠴᠢᠬᠠᠨ ᠲᠣᠢᠨ ᠤ᠋ ᠦᠭᠡ ᠥᠴᠢᠬᠦ ᠮᠠᠰᠢ ᠲᠣᠳᠣᠷᠬᠠᠢ ᠶ᠋ᠢ ᠦᠵᠡᠭᠡᠳ ᠡᠢᠨ ᠠᠰᠠᠭᠤᠷᠤᠨ :《ᠭᠠᠭᠴᠠ ᠡᠨᠡ ᠰᠤᠪᠤᠷᠭ᠎ᠠ ᠶ᠋ᠢᠨ ᠳᠣᠲᠣᠷ᠎ᠠ ᠪᠦᠬᠦᠢ ᠪᠤᠷᠬᠠᠨ ᠤ᠋ ᠱᠠᠷᠢᠯ ᠬᠡᠮᠡᠭᠴᠢ ᠶᠠᠭᠤᠨ ᠪᠣᠢ ? 》ᠲᠣᠢᠨ ᠠᠢᠯᠠᠳᠬᠠᠷᠤᠨ : 《ᠪᠤᠷᠬᠠᠨ ᠤ᠋ ᠱᠠᠷᠢᠯ ᠬᠡᠮᠡᠭᠴᠢ ᠪᠤᠷᠬᠠᠨ ᠤ᠋ ᠪᠡᠶ᠎ᠡ ᠡᠴᠡ ᠭᠠᠷᠤᠭᠰᠠᠨ ᠠᠮᠢᠳᠤ ᠰᠤᠪᠤᠳ᠃ 》 ᠬᠠᠭᠠᠨ ᠠᠰᠠᠭᠤᠷᠤᠨ : 《ᠲᠡᠭᠷᠢ ᠶ᠋ᠢᠨ ᠷᠠᠰᠢᠶᠠᠨ ᠬᠡᠮᠡᠭᠴᠢ ᠶᠠᠭᠤᠨ? 》ᠫᠠᠭᠪᠠ ᠠᠢᠯᠠᠳᠬᠠᠷᠤᠨ : 《ᠠᠯᠲᠠᠨ ᠬᠤᠮᠬ᠎ᠠ ᠶ᠋ᠢᠨ ᠳᠣᠲᠣᠷ᠎ᠠ ᠰᠢᠷᠠᠩᠭᠤᠢ ᠥᠩᠭᠡ ᠲᠡᠢ ᠰᠠᠢᠬᠠᠨ ᠦᠨᠦᠷᠲᠡᠢ ᠠᠮᠲᠠᠲᠤ ᠤᠰᠤ ᠪᠤᠶᠤ᠃ 》ᠬᠠᠭᠠᠨ ᠪᠠᠰᠠ ᠠᠰᠠᠭᠤᠷᠤᠨ : 《ᠮᠥᠩᠬᠡ ᠵᠤᠯᠠ ᠬᠡᠮᠡᠭᠴᠢ ᠶᠠᠭᠤᠨ?》ᠲᠣᠢᠨ ᠠᠢᠯᠠᠳᠬᠠᠷᠤᠨ : 《ᠨᠢᠭᠡᠨ ᠲᠣᠬᠣᠢ ᠥᠨᠳᠥᠷ ᠠᠯᠲᠠᠨ ᠤ᠋ ᠴᠥᠭᠥᠴᠡ ᠳ᠋ᠦ᠍ᠷ ᠳᠦᠭᠦᠷᠡᠩ ᠲᠣᠰᠣ ᠬᠢᠵᠦ ᠵᠤᠯᠠ ᠠᠰᠠᠵᠤ ᠪᠣᠢ᠃ ᠤᠮᠳᠠᠷᠠᠬᠤ ᠴᠠᠭ ᠦᠭᠡᠢ᠃ 》 ᠬᠠᠭᠠᠨ ᠨᠡᠩᠳᠡ ᠭᠠᠢᠬᠠᠵᠤ ᠵᠠᠷᠯᠢᠭ ᠪᠣᠯᠤᠷᠤᠨ : 《ᠡᠳᠡᠭᠡᠷ ᠵᠦᠢᠯ ᠡᠨᠡ ᠰᠤᠪᠤᠷᠭ᠎ᠠ ᠶ᠋ᠢᠨ ᠳᠣᠲᠣᠷ᠎ᠠ ᠮᠠᠭᠠᠳ ᠪᠣᠢ ᠤᠤ ?》 ᠲᠣᠢᠨ ᠠᠢᠯᠠᠳᠬᠠᠷᠤᠨ: 《ᠮᠠᠭᠠᠳ ᠪᠣᠢ ᠂ ᠶᠠᠮᠪᠠᠷ ᠠᠶᠤᠮᠰᠢᠭ ᠦᠭᠡᠢ ᠪᠣᠭᠳᠠ ᠡᠵᠡᠨ ᠦ᠌ ᠡᠮᠦᠨ᠎ᠡ ᠬᠤᠳᠠᠯ ᠢ᠋ᠶ᠋ᠠᠷ ᠠᠢᠯᠠᠳᠬᠠᠮᠤᠢ ? 》ᠬᠠᠭᠠᠨ ᠵᠠᠷᠯᠢᠭ ᠪᠣᠯᠤᠷᠤᠨ : 《ᠡᠳᠡᠭᠡᠷ ᠦ᠋ᠨ ᠦᠨᠡᠨ ᠢ᠋ ᠡᠨᠡ ᠰᠤᠪᠤᠷᠭ᠎ᠠ ᠶ᠋ᠢ ᠡᠪᠳᠡᠯ ᠦᠭᠡᠢ ᠪᠡᠷ ᠦᠵᠡᠵᠦ ᠪᠣᠯᠤᠮᠤᠢ ᠤᠤ ? 》ᠲᠣᠢᠨ ᠠᠢᠯᠠᠳᠬᠠᠷᠤᠨ : 《ᠬᠠᠭᠠᠨ ᠤ᠋ ᠡᠪᠳᠡᠬᠦ ᠡᠴᠡ ᠠᠶᠤᠵᠤ ᠠᠨᠠᠨᠳ᠋ᠨ᠋ ᠺᠡᠷᠪᠢ ᠯᠣᠣᠽᠸᠠ ᠪᠠᠯᠮ᠎ᠠ ᠲᠣᠢᠨ ᠨᠠᠮᠠᠶ᠋ᠢ ᠢᠯᠡᠭᠡᠵᠦ᠂ ᠬᠠᠭᠠᠨ ᠤ᠋ ᠭᠡᠭᠡᠨ ᠳ᠋ᠦ᠍ᠷ ᠡᠭᠦᠳᠡ ᠶ᠋ᠢ ᠢᠨᠦ ᠵᠢᠭᠠᠵᠤ ᠨᠡᠭᠡᠭᠡᠵᠦ ᠥᠭ ᠭᠡᠮᠡᠨ ᠵᠠᠷᠤᠪᠠ 》ᠬᠡᠮᠡᠭᠰᠡᠨ ᠳ᠋ᠦ᠍ᠷ ᠬᠠᠭᠠᠨ ᠮᠠᠰᠢᠳᠠ ᠪᠡᠶᠡᠰᠴᠦ ᠡᠭᠦᠳᠡᠨ ᠢ᠋ ᠢᠨᠦ ᠠᠰᠠᠭᠤᠭᠰᠠᠨ ᠳ᠋ᠤᠷ ᠲᠡᠷᠡ ᠲᠣᠢᠨ ᠰᠤᠪᠤᠷᠭ᠎ᠠ ᠶ᠋ᠢᠨ ᠵᠡᠭᠦᠨ ᠬᠣᠢᠲᠤ ᠡᠲᠡᠭᠡᠳ ᠵᠣᠭᠰᠣᠵᠤ ᠰᠤᠪᠤᠷᠭ᠎ᠠ ᠶ᠋ᠢᠨ ᠶᠡᠬᠡ ᠲᠠᠪᠴᠠᠩ ᠢ ᠵᠢᠭᠠᠵᠤ ᠠᠢᠯᠠᠳᠬᠠᠷᠤᠨ : 《ᠡᠨᠡ ᠬᠣᠭᠣᠷᠣᠨᠳᠣ ᠠ᠋ᠴᠠ ᠨᠢᠭᠡᠨ ᠮᠥᠷ ᠬᠣᠶᠠᠷ ᠳᠠᠪᠬᠤᠷ ᠲᠣᠭᠣᠰᠬ᠎ᠠ ᠶ᠋ᠢ ᠠᠪᠪᠠᠰᠤ ᠡᠭᠦᠳᠡ ᠢᠨᠦ ᠡᠭᠦᠨ ᠦ᠌ ᠳᠣᠲᠣᠷ᠎ᠠ ᠪᠣᠢ 》ᠬᠡᠮᠡᠭᠰᠡᠨ ᠳ᠋ᠦ᠍ᠷ ᠬᠠᠭᠠᠨ ᠵᠠᠷᠯᠢᠭ ᠪᠠᠭᠤᠯᠭᠠᠨ ᠲᠡᠭᠦᠨ ᠦ᠌ ᠦᠭᠡ ᠪᠡᠷ ᠦᠨᠡᠬᠡᠷ ᠬᠣᠶᠠᠷ ᠮᠥᠷ ᠲᠣᠭᠣᠰᠬ᠎ᠠ ᠶ᠋ᠢ ᠠᠪᠤᠮᠠᠭᠴᠠ ᠨᠢᠭᠡᠨ ᠪᠠᠭ᠎ᠠ ᠴᠢᠯᠠᠭᠤᠨ ᠡᠭᠦᠳᠡᠨ ᠭᠠᠷᠴᠤ ᠢᠷᠡᠪᠡ᠃ ᠡᠭᠦᠳᠡᠨ ᠦ᠌ ᠳᠣᠲᠣᠷ᠎ᠠ ᠬᠠᠭᠠᠯᠭ᠎ᠠ ᠶ᠋ᠢᠨ ᠭᠠᠳᠠᠨ᠎ᠠ ᠨᠢᠭᠡᠨ ᠪᠢᠴᠢᠬᠠᠨ ᠴᠢᠯᠠᠭᠤᠨ ᠬᠥᠰᠢᠶ᠎ᠡ ᠪᠣᠢ᠂ ᠳᠡᠭᠡᠷ᠎ᠡ ᠢᠨᠦ ᠬᠡᠳᠦᠨ ᠮᠥᠷ ᠴᠠᠪᠴᠢᠭᠰᠠᠨ ᠤᠯᠠᠭᠠᠨ ᠰᠢᠩᠬᠤ ᠶ᠋ᠢᠨ ᠦᠰᠦᠭ ᠪᠣᠢ᠃ ᠲᠡᠭᠦᠨ ᠦ᠌ ᠦᠭᠡ : 《ᠮᠢᠩᠭᠠᠨ ᠣᠨ ᠤ᠋ ᠬᠣᠢᠨ᠎ᠠ ᠮᠣᠩᠭᠣᠯ ᠤ᠋ᠨ ᠴᠢᠩᠭᠢᠰ ᠬᠠᠭᠠᠨ ᠡᠨᠡ ᠡᠭᠦᠳᠡᠨ ᠢ᠋ᠶ᠋ᠡᠷ ᠣᠷᠣᠵᠤ ᠪᠤᠷᠬᠠᠨ ᠤ᠋ ᠳᠦᠷᠰᠦ ᠪᠠ ᠪᠤᠷᠬᠠᠨ ᠤ᠋ ᠱᠠᠷᠢᠯ ᠢ ᠦᠵᠡᠵᠦ ᠷᠠᠰᠢᠶᠠᠨ ᠢ ᠠᠮᠲᠠᠯᠠᠨ ᠵᠤᠯᠠ ᠳ᠋ᠤᠷ ᠲᠣᠰᠣ ᠨᠡᠮᠡᠬᠦ ᠴᠠᠭ 》ᠬᠡᠮᠡᠵᠦᠬᠦᠢ᠃ ᠬᠠᠭᠠᠨ ᠬᠠᠲᠤᠨ ᠡᠨᠡ ᠬᠥᠰᠢᠶ᠎ᠡ ᠶ᠋ᠢ ᠦᠵᠡᠭᠡᠳ ᠨᠡᠩᠳᠡ ᠭᠠᠢᠬᠠᠨ ᠪᠡᠶᠡᠰᠴᠦ ᠬᠥᠰᠢᠶ᠎ᠡ ᠶ᠋ᠢ ᠵᠠᠢᠯᠠᠭᠤᠯᠪᠠᠰᠤ᠂ ᠬᠠᠰ ᠬᠠᠭᠠᠯᠭ᠎ᠠ ᠶ᠋ᠢᠨ ᠠᠯᠲᠠᠨ ᠣᠨᠢᠰᠣ ᠶ᠋ᠢ ᠣᠨᠢᠰᠤᠯᠠᠭᠰᠠᠨ ᠦᠭᠡᠢ᠂ ᠬᠠᠭᠠᠰ ᠢ᠋ ᠠᠨᠤ ᠣᠨᠢᠰᠤᠯᠠᠵᠤ ᠲᠣᠷᠭᠠᠭᠠᠨ ᠲᠠᠯᠪᠢᠵᠤᠬᠤᠢ᠃ ᠬᠠᠭᠠᠨ ᠶᠡᠬᠡᠳᠡ ᠭᠠᠢᠬᠠᠨ ᠥᠪᠡᠷ ᠦ᠋ᠨ ᠮᠣᠳᠣᠷ ᠢ᠋ᠶ᠋ᠠᠷ ᠣᠨᠢᠰᠣ ᠶ᠋ᠢ ᠨᠡᠭᠡᠭᠡᠵᠦ᠂ ᠬᠠᠭᠠᠯᠭ᠎ᠠ ᠶ᠋ᠢ ᠲᠦᠯᠬᠢᠨ ᠣᠷᠣᠪᠠᠰᠤ ᠡᠰᠡᠷᠭᠦ ᠪᠠᠰᠠ ᠨᠢᠭᠡᠨ ᠡᠭᠦᠳᠡ ᠪᠣᠢ᠃ ᠣᠨᠢᠰᠣ ᠶ᠋ᠢ ᠮᠥᠨ ᠣᠨᠢᠰᠤᠯᠠᠭᠰᠠᠨ ᠦᠭᠡᠢ᠂ ᠬᠠᠭᠠᠰ ᠲᠤᠷᠳᠤᠨ ᠲᠠᠯᠪᠢᠵᠤᠬᠤᠢ᠃ ᠬᠠᠭᠠᠨ ᠪᠠᠰᠠ ᠮᠣᠳᠣᠷ ᠢ᠋ᠶ᠋ᠠᠷ ᠣᠨᠢᠰᠣ ᠶ᠋ᠢ ᠨᠡᠭᠡᠭᠡᠨ ᠣᠷᠣᠵᠤ ᠡᠴᠢᠪᠡᠰᠦ ᠳᠣᠲᠣᠷ᠎ᠠ ᠫᠠᠳ ᠬᠠᠷᠠᠩᠭᠤᠢ᠂ ᠶᠠᠭᠠᠷᠠᠨ ᠵᠤᠯᠠ ᠠᠴᠢᠷᠠᠭᠤᠯᠵᠤ ᠦᠵᠡᠪᠡᠰᠦ ᠳᠣᠷᠣᠭᠰᠢ ᠣᠷᠣᠬᠤ ᠵᠠᠮ ᠪᠣᠢ᠂ ᠲᠡᠷᠡ ᠵᠠᠮ ᠢ᠋ᠶ᠋ᠠᠷ ᠳᠣᠷᠣᠭᠰᠢ ᠶᠠᠪᠤᠨ ᠬᠡᠳᠦᠨ ᠠᠯᠬᠤᠮ ᠳ᠋ᠤᠷ ᠪᠠᠰᠠ ᠨᠢᠭᠡᠨ ᠭᠤᠯᠳᠤᠩ ᠳ᠋ᠤᠷ ᠬᠦᠷᠴᠦ ᠬᠣᠢᠲᠤ ᠵᠦᠭ ᠣᠷᠣᠬᠤ ᠨᠢᠭᠡᠨ ᠵᠠᠮ ᠪᠣᠢ᠃ ᠡᠮᠦᠨ᠎ᠡ ᠭᠠᠷᠬᠤ ᠨᠢᠭᠡᠨ ᠡᠭᠦᠳᠡ ᠪᠣᠢ᠃ ᠲᠡᠷᠡ ᠡᠭᠦᠳᠡ ᠶ᠋ᠢ ᠳᠣᠲᠣᠷ᠎ᠠ ᠠ᠋ᠴᠠ ᠶᠡᠬᠡ ᠴᠢᠯᠠᠭᠤ ᠪᠠᠷ ᠳᠠᠷᠤᠵᠤᠬᠤᠢ᠃ ᠳᠡᠭᠡᠷ᠎ᠡ ᠢᠨᠦ《ᠬᠠᠭᠤᠴᠢᠨ ᠶᠠᠪᠤᠭᠰᠠᠨ ᠡᠭᠦᠳᠡ 》 ᠬᠡᠮᠡᠵᠦᠬᠦᠢ᠃ ᠬᠣᠢᠲᠤ ᠡᠭᠦᠳᠡ ᠶ᠋ᠢ ᠲᠦᠯᠬᠢᠨ ᠣᠷᠣᠪᠠᠰᠤ ᠣᠨᠢᠰᠣ ᠶ᠋ᠢ ᠠᠨᠤ ᠬᠠᠵᠠᠭᠤᠳᠠ ᠡᠯᠭᠦᠵᠦᠬᠦᠢ᠂ ᠬᠠᠵᠠᠭᠤ ᠳ᠋ᠤᠷ ᠠᠨᠤ《ᠮᠣᠩᠭᠣᠯ ᠤ᠋ᠨ ᠴᠢᠩᠭᠢᠰ ᠬᠠᠭᠠᠨ ᠡᠨᠡ ᠡᠭᠦᠳᠡ ᠶ᠋ᠢ ᠣᠨᠢᠰᠤᠯᠠᠬᠤ 》ᠭᠡᠮᠡᠨ ᠪᠢᠴᠢᠵᠦᠬᠦᠢ᠃ ᠡᠳᠡᠭᠡᠷ ᠴᠥᠮ ᠤᠢᠭᠤᠷ ᠦᠰᠦᠭ ᠢ᠋ᠶ᠋ᠡᠷ ᠪᠢᠴᠢᠭᠰᠡᠨ ᠠᠵᠤᠭᠤ᠃ ᠬᠠᠭᠠᠨ ᠬᠠᠲᠤᠨ ᠶᠡᠬᠡᠳᠡ ᠪᠡᠶᠡᠰᠦᠨ ᠲᠡᠷᠡ ᠡᠭᠦᠳᠡᠨ ᠢ᠋ ᠲᠦᠯᠬᠢᠨ ᠨᠡᠭᠡᠭᠡᠪᠡᠰᠦ ᠳᠣᠲᠣᠷ᠎ᠠ ᠨᠢᠭᠡᠨᠲᠡ ᠭᠡᠭᠡᠬᠡᠨ ᠪᠣᠯᠵᠤ ᠵᠤᠯᠠ ᠶ᠋ᠢᠨ ᠭᠡᠷᠡᠯ ᠪᠣᠢ᠃ ᠲᠡᠢᠨ ᠬᠦ᠌ ᠥᠭᠡᠳᠡ ᠭᠠᠷᠬᠤ ᠨᠢᠭᠡᠨ ᠬᠠᠰ ᠴᠢᠯᠠᠭᠤᠨ ᠤ᠋ ᠳᠡᠭᠲᠡᠷ ᠶᠡᠨᠳᠡᠷ ᠪᠣᠢ᠃ ᠳᠡᠭᠲᠡᠷ ᠢ᠋ᠶ᠋ᠡᠷ ᠳᠡᠭᠡᠷ᠎ᠡ ᠭᠠᠷᠤᠭᠰᠠᠨ᠎ᠠ ᠪᠤᠷᠬᠠᠨ ᠤ᠋ ᠲᠠᠬᠢᠯ ᠤ᠋ᠨ ᠭᠠᠵᠠᠷ ᠲᠤᠷ ᠬᠦᠷᠪᠡ᠃ ᠬᠠᠭᠠᠨ ᠬᠠᠲᠤᠨ ᠲᠠᠨ ᠴᠥᠮ ᠵᠤᠯᠠ ᠪᠠᠷᠢᠵᠤ ᠣᠷᠣᠭᠰᠢ ᠣᠴᠢᠨ᠂ ᠬᠠᠭᠠᠨ ᠵᠤᠯᠠ ᠶ᠋ᠢ ᠡᠷᠭᠦᠵᠦ ᠦᠵᠡᠪᠡᠰᠦ᠂ ᠴᠢᠬᠡ ᠡᠰᠡᠷᠭᠦ ᠳᠣᠯᠣᠭᠠᠨ ᠵᠦᠢᠯ ᠦ᠋ᠨ ᠡᠷᠳᠡᠨᠢᠰ ᠢ᠋ᠶ᠋ᠡᠷ ᠤᠷᠠᠯᠠᠵᠤ ᠴᠢᠮᠡᠭᠰᠡᠨ ᠰᠠᠭᠤᠷᠢ ᠶ᠋ᠢᠨ ᠳᠣᠲᠣᠷ᠎ᠠ ᠬᠥᠮᠦᠨ ᠦ᠌ ᠪᠡᠶ᠎ᠡ ᠶ᠋ᠢᠨ ᠬᠢᠷᠢ ᠪᠡᠷ ᠪᠦᠲᠦᠭᠡᠭᠰᠡᠨ ᠭᠡᠷᠡᠯ ᠰᠠᠴᠤᠷᠠᠬᠤ ᠭᠤᠷᠪᠠᠨ ᠰᠢᠵᠢᠷ ᠠᠯᠲᠠᠨ ᠪᠠᠷᠢᠮᠠᠯ ᠪᠤᠷᠬᠠᠨ ᠪᠣᠢ᠃ ᠪᠠᠢᠳᠠᠯ ᠳᠦᠷᠰᠦ ᠴᠢᠷᠠᠢ ᠵᠢᠰᠦ ᠠᠰᠠᠷᠠᠬᠤᠢ ᠨᠢᠭᠦᠯᠡᠰᠬᠦᠢ᠂ ᠬᠥᠮᠦᠨ ᠦᠵᠡᠮᠡᠭᠴᠡ ᠰᠦᠰᠦᠭ ᠲᠥᠷᠥᠮᠦᠢ᠂ ᠡᠮᠦᠨ᠎ᠡ ᠲᠠᠬᠢᠯ ᠤ᠋ᠨ ᠰᠢᠷᠡᠭᠡᠨ ᠳ᠋ᠦ᠍ᠷ ᠳᠣᠯᠣᠭᠠᠨ ᠵᠦᠢᠯ ᠦ᠋ᠨ ᠭᠡᠷᠡᠯᠲᠦ ᠡᠷᠳᠡᠨᠢᠰ ᠢ᠋ᠶ᠋ᠡᠷ ᠪᠦᠷᠬᠦᠨ᠂ ᠵᠠᠭᠤᠨ ᠵᠦᠢᠯ ᠦ᠋ᠨ ᠬᠣᠲᠠ ᠮᠠᠨᠳᠠᠯ ᠪᠠ ᠡᠯ᠎ᠡ ᠵᠦᠢᠯ ᠦ᠋ᠨ ᠲᠠᠬᠢᠯ ᠲᠠᠪᠠᠭ ᠤ᠋ᠨ ᠵᠦᠢᠯ ᠢ᠋ ᠣᠪᠣᠭᠠᠯᠠᠵᠤᠬᠠᠤᠢ᠃ ᠲᠠᠬᠢᠯ ᠤ᠋ᠨ ᠰᠢᠷᠡᠭᠡᠨ ᠦ᠌ ᠡᠮᠦᠨ᠎ᠡ ᠦᠨᠡᠬᠡᠷ ᠨᠢᠭᠡᠨ ᠲᠣᠬᠣᠢ ᠶᠡᠬᠡ᠂ ᠨᠢᠭᠡᠨ ᠲᠣᠬᠣᠢ ᠭᠦᠨ᠂ ᠭᠤᠷᠪᠠᠨ ᠲᠣᠬᠣᠢ ᠥᠨᠳᠥᠷ ᠰᠢᠵᠢᠷ ᠠᠯᠲᠠᠨ ᠤ᠋ ᠴᠥᠭᠦᠴᠡᠨ ᠦ᠌ ᠳᠣᠲᠣᠷ᠎ᠠ ᠰᠢᠷ᠎ᠠ ᠥᠩᠭᠡᠲᠦ ᠲᠣᠰᠣ ᠳᠦᠭᠦᠷᠡᠩ ᠬᠡᠪ ᠭᠡᠭᠡᠬᠡᠨ ᠵᠤᠯᠠ ᠠᠰᠠᠵᠤ ᠪᠣᠢ᠂ ᠬᠠᠭᠠᠨ ᠤ᠋ ᠣᠷᠳᠣᠨ ᠤ᠋ ᠵᠤᠯᠠ ᠶ᠋ᠢᠨ ᠭᠡᠷᠡᠯ ᠡᠴᠡ ᠮᠠᠰᠢ ᠥᠭᠡᠷ᠎ᠡ᠃ ᠬᠠᠭᠠᠨ ᠪᠠᠰᠠ ᠰᠢᠷᠡᠭᠡᠨ ᠦ᠌ ᠳᠡᠭᠡᠷ᠎ᠡ ᠦᠵᠡᠪᠡᠰᠦ ᠦᠨᠡᠬᠡᠷ ᠨᠢᠭᠡᠨ ᠲᠣᠬᠣᠢ ᠥᠨᠳᠥᠷ ᠳᠣᠯᠣᠭᠠᠨ ᠵᠦᠢᠯ ᠦ᠋ᠨ ᠡᠷᠳᠡᠨᠢᠰ ᠢ᠋ᠶ᠋ᠡᠷ ᠴᠢᠮᠡᠭᠰᠡᠨ ᠬᠤᠮᠬ᠎ᠠ ᠪᠣᠢ᠂ ᠬᠠᠭᠠᠨ ᠠᠪᠴᠤ ᠵᠣᠷᠢᠭ ᠢ᠋ᠶ᠋ᠠᠷ ᠭᠠᠷ ᠤ᠋ᠨ ᠳᠡᠭᠡᠷ᠎ᠡ ᠲᠣᠰᠤᠭᠠᠨ ᠦᠵᠡᠪᠡᠰᠦ ᠦᠨᠡᠬᠡᠷ ᠲᠥᠪ ᠳᠦᠭᠦᠷᠡᠩ ᠤᠰᠤ ᠪᠣᠢ᠃ ᠲᠡᠳᠦᠢ ᠤᠰᠤ ᠶ᠋ᠢ ᠠᠯᠠᠭ᠎ᠠ ᠶ᠋ᠢᠨ ᠳᠡᠭᠡᠷ᠎ᠡ ᠳᠤᠰᠤᠭᠠᠵᠤ ᠦᠵᠡᠪᠡᠰᠦ ᠦᠨᠡᠬᠡᠷ ᠰᠢᠷᠠᠩᠭᠤᠢ ᠥᠩᠭᠡᠲᠡᠢ ᠰᠠᠢᠬᠠᠨ ᠦᠨᠦᠷᠲᠦ ᠤᠰᠤ ᠪᠣᠢ᠃ ᠲᠡᠭᠦᠨ ᠢ᠋ ᠠᠪᠴᠤ ᠠᠮᠲᠠᠯᠠᠨ ᠦᠵᠡᠪᠡᠰᠦ ᠦᠨᠡᠬᠡᠷ ᠠᠮᠲᠠᠲᠠᠢᠬᠠᠨ ᠰᠠᠢᠬᠠᠨ ᠠᠮᠲᠠ ᠲᠠᠢ᠂ ᠡᠭᠦᠨ ᠳ᠋ᠦ᠍ᠷ ᠬᠠᠭᠠᠨ ᠲᠡᠷᠡ ᠪᠢᠴᠢᠬᠠᠨ ᠲᠣᠢᠨ ᠢ᠋ ᠵᠠᠷᠯᠢᠭ ᠢ᠋ᠶ᠋ᠠᠷ ᠳᠠᠭᠤᠳᠠᠨ ᠣᠷᠣᠭᠤᠯᠵᠤ ᠰᠠᠢᠰᠢᠶᠠᠨ ᠭᠠᠢᠬᠠᠵᠤ ᠵᠠᠷᠯᠢᠭ ᠪᠣᠯᠤᠷᠤᠨ : 《ᠪᠤᠷᠬᠠᠨ ᠤ᠋ ᠱᠠᠷᠢᠯ ᠬᠡᠮᠡᠭᠴᠢ ᠬᠠᠮᠢᠭ᠎ᠠ ᠪᠣᠢ ? 》 ᠬᠡᠮᠡᠬᠦᠢ ᠳ᠋ᠦ᠍ᠷ ᠫᠠᠭᠪᠠ ᠲᠣᠢᠨ ᠠᠢᠯᠠᠳᠬᠠᠷᠤᠨ : 《ᠡᠨᠡ ᠬᠤᠮᠬ᠎ᠠ ᠶ᠋ᠢᠨ ᠷᠠᠰᠢᠶᠠᠨ ᠤ᠋ ᠳᠣᠲᠣᠷ᠎ᠠ ᠪᠣᠢ᠂ ᠷᠠᠰᠢᠶᠠᠨ ᠢ᠋ ᠰᠢᠷᠡᠭᠡᠨ ᠦ᠌ ᠳᠡᠭᠡᠷ᠎ᠡ ᠪᠦᠬᠦᠢ ᠪᠣᠯᠣᠷ ᠴᠠᠷ᠎ᠠ ᠳ᠋ᠤᠷ ᠴᠢᠳᠬᠠᠳ ᠬᠠᠷᠠᠪᠠᠰᠤ ᠭᠠᠷᠴᠤ ᠢᠷᠡᠮᠦᠢ᠃ 》 ᠬᠠᠭᠠᠨ ᠥᠪᠡᠷ ᠦ᠋ᠨ ᠮᠣᠳᠣᠷ ᠢ᠋ᠶ᠋ᠠᠷ ᠷᠠᠰᠢᠶᠠᠨ ᠢ᠋ ᠲᠡᠷᠡ ᠴᠠᠷ᠎ᠠ ᠶ᠋ᠢᠨ ᠳᠣᠲᠣᠷ᠎ᠠ ᠴᠢᠳᠬᠤᠭᠰᠠᠨ ᠳ᠋ᠤᠷ ᠷᠠᠰᠢᠶᠠᠨ ᠯᠤᠭ᠎ᠠ ᠦᠨᠡᠬᠡᠷ ᠭᠤᠷᠪᠠᠨ ᠪᠠᠭ᠎ᠠ ᠨᠣᠭᠣᠭᠠᠨ ᠪᠤᠷᠴᠠᠭ ᠤ᠋ᠨ ᠴᠢᠨᠡᠭᠡᠨ ᠰᠤᠪᠤᠳ ᠮᠡᠲᠦ ᠲᠠᠪᠤᠨ ᠥᠩᠭᠡ ᠶ᠋ᠢᠨ ᠭᠡᠷᠡᠯᠲᠦ ᠮᠡᠯᠮᠡᠯᠵᠡᠨ ᠬᠥᠳᠡᠯᠬᠦ ᠮᠥᠬᠥᠯᠢᠭ ᠭᠠᠷᠴᠤ ᠢᠷᠡᠭᠰᠡᠨ ᠳ᠋ᠦ᠍ᠷ ᠬᠠᠭᠠᠨ ᠠᠯᠠᠭᠠᠨ ᠳ᠋ᠤᠷ ᠠᠪᠴᠤ ᠦᠵᠡᠭᠡᠳ ᠶᠡᠬᠡᠯ᠎ᠡ ᠭᠠᠢᠬᠠᠵᠤ᠂ ᠣᠯᠠᠨ ᠲᠠᠢᠽᠢ᠂ ᠪᠢᠨ ᠹᠧᠢ ᠭᠦᠩᠵᠦ ᠨᠠᠷ ᠢ᠋ ᠳᠠᠭᠤᠳᠠᠨ ᠣᠷᠣᠭᠤᠯᠵᠤ ᠪᠦᠭᠦᠳᠡᠭᠡᠷ ᠲᠣᠷ ᠦᠵᠡᠭᠦᠯᠰᠦᠭᠡᠢ ᠬᠡᠮᠡᠬᠦᠢ ᠳ᠋ᠦ᠍ᠷ ᠲᠡᠷᠡ ᠲᠣᠢᠨ ᠮᠥᠷᠭᠥᠵᠦ ᠠᠢᠯᠠᠳᠬᠠᠷᠤᠨ :《ᠡᠨᠡ ᠬᠡᠮᠡᠭᠴᠢ ᠬᠠᠭᠠᠨ ᠤ᠋ ᠲᠥᠷᠥ ᠪᠠ ᠪᠤᠷᠬᠠᠨ ᠤ᠋ ᠱᠠᠰᠢᠨ ᠤ᠋ ᠨᠢᠭᠤᠴᠠ ᠣᠨᠢᠰᠣ ᠵᠠᠯᠠᠭᠤ ᠨᠠᠰᠤᠨ ᠤ᠋ ᠬᠠᠲᠤᠳ ᠭᠦᠩᠵᠦ ᠨᠠᠷ ᠣᠷᠣᠵᠤ ᠦᠯᠦ ᠪᠣᠯᠤᠮᠤᠢ᠃ ᠣᠷᠣᠭᠤᠯᠪᠠᠰᠤ ᠵᠣᠬᠢᠬᠤ ᠨᠢᠭᠡᠨ ᠬᠥᠮᠦᠨ ᠪᠣᠢ᠂ ᠥᠨᠥᠬᠡᠨ ᠬᠠᠭᠠᠨ ᠤ᠋ ᠬᠥᠬᠡᠭᠴᠢᠨ ᠭᠠᠬᠠᠢ ᠵᠢᠯ ᠳ᠋ᠦ᠍ ᠭᠤᠷᠪᠠᠨ ᠨᠠᠰᠤᠨ ᠤ᠋ ᠰᠡᠭᠦᠳᠡᠷᠲᠦ ᠬᠤᠪᠢᠯᠠᠢ ᠨᠡᠷᠡᠲᠦ ᠠᠴᠢ ᠪᠣᠢ᠃ ᠲᠡᠷᠡ ᠬᠠᠭᠠᠨ ᠬᠥᠪᠡᠭᠦᠨ ᠢ᠋ ᠣᠷᠣᠭᠤᠯᠵᠤ ᠢᠷᠡᠭᠡᠳ ᠮᠥᠷᠭᠥᠭᠦᠯᠦᠨ ᠵᠤᠯᠠ ᠶ᠋ᠢ ᠦᠵᠡᠭᠦᠯᠪᠡᠰᠦ ᠵᠣᠬᠢᠮᠤᠢ᠃ 》ᠬᠡᠮᠡᠭᠰᠡᠨ ᠳ᠋ᠦ᠍ᠷ ᠡᠨᠡ ᠤᠳᠠᠭ᠎ᠠ ᠳ᠋ᠤᠷ ᠲᠠᠢᠽᠦ ᠡᠴᠡ ᠪᠤᠰᠤ ᠭᠤᠷᠪᠠᠨ ᠣᠷᠳᠣᠨ ᠵᠢᠷᠭᠤᠭᠠᠨ ᠬᠦᠷᠢᠶ᠎ᠡ ᠴᠥᠮ ᠬᠦᠷᠴᠦ ᠢᠷᠡᠭᠰᠡᠨ ᠲᠤᠯᠠ ᠬᠠᠭᠠᠨ ᠤ᠋ ᠠᠴᠢ ᠬᠤᠪᠢᠯᠠᠢ ᠮᠥᠨ ᠢᠷᠡᠭᠰᠡᠨ ᠠᠵᠤᠭᠤ᠃ ᠳᠠᠷᠤᠢ ᠬᠠᠭᠠᠨ ᠶᠡᠬᠡᠯ᠎ᠡ ᠪᠡᠶᠡᠰᠦᠨ ᠰᠢᠳᠠᠷ ᠸᠠᠩ ᠤ᠋ᠳ ᠢ᠋ ᠭᠠᠷᠭᠠᠵᠤ ᠲᠡᠪᠡᠷᠢᠨ ᠠᠴᠢᠷᠠᠭᠤᠯᠤᠭᠰᠠᠨ ᠳ᠋ᠤᠷ ᠬᠤᠪᠢᠯᠠᠢ ᠦᠨᠡᠬᠡᠷ ᠪᠡᠶᠡᠰᠦᠨ᠂ ᠲᠡᠷᠡ ᠪᠢᠴᠢᠬᠠᠨ ᠲᠣᠢᠨ ᠢ᠋ᠶ᠋ᠠᠷ ᠲᠡᠪᠡᠷᠢᠭᠦᠯᠦᠨ ᠲᠣᠭᠣᠷᠢᠨ ᠦᠵᠡᠮᠦᠢ᠃ ᠰᠤᠪᠤᠷᠭ᠎ᠠ ᠶ᠋ᠢᠨ ᠳᠣᠲᠣᠭᠠᠳᠤ ᠶ᠋ᠢ ᠴᠥᠮ ᠬᠠᠰ ᠢ᠋ᠶ᠋ᠠᠷ ᠳᠣᠲᠣᠷᠯᠠᠨ ᠪᠠᠷᠢᠵᠤᠬᠤᠢ᠂ ᠳᠣᠣᠷᠠᠲᠤ ᠡᠭᠦᠳᠡᠨ ᠦ᠌ ᠳᠡᠭᠡᠷ᠎ᠡ ᠨᠢᠭᠡ ᠨᠦᠬᠡ᠂ ᠳᠡᠭᠡᠳᠦ ᠡᠭᠦᠳᠡᠨ ᠢ᠋ ᠣᠷᠣᠬᠤᠢ ᠳ᠋ᠤᠷ ᠨᠢᠭᠡᠨ ᠨᠦᠬᠡ ᠬᠡᠢ ᠶᠠᠪᠤᠬᠤ ᠰᠤᠳᠠᠯ ᠠᠵᠤᠭᠤ᠃ ᠡᠭᠦᠨ ᠳ᠋ᠦ᠍ᠷ ᠬᠠᠭᠠᠨ ᠱᠠᠷᠢᠯ ᠪᠠ ᠷᠠᠰᠢᠶᠠᠨ ᠢ᠋ ᠳᠠᠬᠢᠨ ᠠᠬᠤᠭᠤᠯᠵᠤ᠂ ᠷᠠᠰᠢᠶᠠᠨ ᠢ᠋ ᠲᠠᠢᠬᠡᠦ ᠳ᠋ᠦ᠍ᠷ ᠪᠠᠬᠠᠨ ᠠᠪᠠᠴᠢᠵᠤ ᠪᠠᠷᠢᠰᠤᠭᠠᠢ ᠬᠡᠮᠡᠬᠦᠢ ᠳ᠋ᠦ᠍ᠷ ᠲᠡᠷᠡ ᠬᠣᠭᠣᠷᠣᠨᠳᠣ ᠰᠠᠪᠠ ᠦᠭᠡᠢ ᠳ᠋ᠦ᠍ᠷ ᠫᠠᠭᠪᠠ ᠲᠣᠢᠨ ᠠᠢᠯᠠᠳᠬᠠᠷᠤᠨ :《ᠲᠡᠷᠡ ᠪᠣᠯᠣᠷ ᠴᠠᠷ᠎ᠠ ᠳᠠᠷᠤᠢ ᠲᠠᠢᠬᠡᠦ ᠳ᠋ᠦ᠍ᠷ ᠷᠠᠰᠢᠶᠠᠨ ᠪᠠᠷᠢᠬᠤ ᠰᠠᠪᠠ ᠮᠥᠨ᠃ 》ᠬᠡᠮᠡᠭᠰᠡᠨ ᠳ᠋ᠦ᠍ᠷ ᠬᠠᠭᠠᠨ ᠮᠥᠨ ᠬᠡᠮᠡᠵᠦ ᠲᠡᠷᠡ ᠴᠠᠷ᠎ᠠ ᠳ᠋ᠤᠷ ᠬᠠᠭᠠᠰ ᠴᠣᠮᠣ ᠬᠢᠵᠦ ᠠᠪᠤᠭᠠᠳ ᠠᠴᠢ ᠬᠤᠪᠢᠯᠠᠢ ᠶ᠋ᠢᠨ ᠭᠠᠷ ᠢ᠋ᠶ᠋ᠠᠷ ᠪᠠᠷᠢᠭᠤᠯᠵᠤ ᠨᠢᠭᠡᠨ ᠣᠭᠣᠴᠢ ᠲᠣᠰᠤᠯᠭᠠᠨ ᠥᠭᠬᠦᠢ ᠳ᠋ᠦ᠍ᠷ ᠬᠤᠪᠢᠯᠠᠢ ᠨᠢᠯᠬ᠎ᠠ ᠲᠤᠯᠠ ᠬᠤᠮᠬ᠎ᠠ ᠶ᠋ᠢᠨ ᠢᠷᠣᠭᠠᠷ ᠢ᠋ ᠪᠠᠷᠠᠭᠰᠠᠨ ᠳ᠋ᠤᠷ ᠬᠤᠮᠬ᠎ᠠ ᠶ᠋ᠢᠨ ᠢᠷᠣᠭᠠᠷ ᠠ᠋ᠴᠠ ᠨᠢᠭᠡᠨ ᠠᠯᠲᠠᠨ ᠵᠣᠭᠣᠰ ᠬᠣᠪᠬᠣᠷᠠᠨ ᠤᠨᠠᠵᠤ ᠬᠤᠪᠢᠯᠠᠢ ᠶ᠋ᠢᠨ ᠭᠠᠷ ᠲᠤᠷ ᠤᠨᠠᠭᠰᠠᠨ ᠢ᠋ ᠬᠠᠭᠠᠨ ᠭᠠᠢᠬᠠᠵᠤ ᠠᠪᠴᠤ ᠦᠵᠡᠪᠡᠰᠦ᠂ ᠨᠢᠭᠡᠨ ᠪᠡᠶ᠎ᠡ ᠳ᠋ᠦ᠍ᠷ ᠢᠷᠭᠡᠨ ᠦ᠌ 《大元通宝 ( ᠳᠡ ᠶᠤᠸᠠᠨ ᠲᠦᠩ ᠪᠤᠤ )》 ᠬᠡᠮᠡᠬᠦ ᠳᠥᠷᠪᠡᠨ ᠦᠰᠦᠭ ᠪᠣᠢ᠃ ᠬᠠᠭᠠᠨ ᠠᠪᠴᠤ ᠤᠭ ᠣᠷᠣᠨ ᠳ᠋ᠤᠷ ᠲᠠᠯᠪᠢᠰᠤᠭᠠᠢ ᠬᠡᠮᠡᠬᠦᠢ ᠳ᠋ᠦ᠍ᠷ ᠬᠤᠪᠢᠯᠠᠢ ᠪᠠᠭ᠎ᠠ ᠲᠤᠯᠠ ᠠᠪᠴᠤ ᠲᠡᠪᠡᠷᠢᠭᠡᠳ ᠬᠡᠷᠬᠢᠪᠡᠴᠦ ᠥᠭᠬᠦ ᠦᠭᠡᠢ ᠳ᠋ᠦ᠍ᠷ ᠫᠠᠭᠪᠠ ᠲᠣᠢᠨ ᠠᠢᠯᠠᠳᠬᠠᠷᠤᠨ : 《ᠡᠨᠡ ᠢᠨᠦ ᠡᠨᠡ ᠬᠠᠭᠠᠨ ᠤ᠋ ᠡᠷᠳᠡᠨᠢ ᠂ ᠬᠠᠭᠠᠨ ᠲᠡᠭᠦᠨ ᠳ᠋ᠦ᠍ᠷ ᠦᠭᠪᠡᠰᠦ ᠵᠣᠬᠢᠮᠤᠢ᠃ 》ᠬᠡᠮᠡᠭᠰᠡᠨ ᠳ᠋ᠦ᠍ᠷ ᠬᠠᠭᠠᠨ ᠵᠥᠪᠰᠢᠶᠡᠷᠡᠵᠦ᠂ ᠲᠡᠷᠡ ᠪᠤᠷᠬᠠᠨ ᠳ᠋ᠤᠷ ᠮᠥᠷᠭᠥᠵᠦ ᠶᠣᠰᠣᠯᠠᠬᠤᠢ ᠳ᠋ᠤᠷ ᠲᠠᠬᠢᠯ ᠤ᠋ᠨ ᠰᠢᠷᠡᠭᠡᠨ ᠦ᠌ ᠬᠠᠵᠠᠭᠤᠳᠠ ᠪᠠᠰᠠ ᠨᠢᠭᠡᠨ ᠬᠤᠮᠬ᠎ᠠ᠂ ᠪᠠᠰᠠ ᠨᠢᠭᠡᠨ ᠪᠣᠷᠣ ᠥᠩᠭᠡᠲᠦ ᠴᠥᠭᠥᠴᠡ ᠪᠣᠢ᠃ ᠬᠠᠭᠠᠨ ᠵᠤᠯᠠ ᠪᠠᠷᠢᠵᠤ ᠦᠵᠡᠪᠡᠰᠦ《ᠴᠢᠩᠭᠢᠰ ᠬᠠᠭᠠᠨ ᠤ᠋ ᠨᠡᠮᠡᠬᠦ ᠲᠣᠰᠣ ᠪᠠ ᠷᠠᠰᠢᠶᠠᠨ 》ᠬᠡᠮᠡᠵᠦᠬᠦᠢ᠃ ᠬᠠᠭᠠᠨ ᠶᠡᠬᠡᠯ᠎ᠡ ᠭᠠᠢᠬᠠᠵᠤ ᠴᠥᠭᠥᠴᠡ ᠡᠴᠡ ᠲᠣᠰᠣ ᠠᠪᠴᠤ ᠠᠯᠲᠠᠨ ᠴᠥᠭᠥᠴᠡ ᠳ᠋ᠦ᠍ᠷ ᠨᠡᠮᠡᠬᠦᠢ ᠳ᠋ᠦ᠍ᠷ ᠦᠵᠡᠪᠡᠰᠦ ᠠᠯᠲᠠᠨ ᠴᠥᠭᠥᠴᠡ ᠶ᠋ᠢᠨ ᠲᠣᠰᠣ ᠨᠢᠭᠡᠨ ᠵᠣᠭᠣᠰ ① ᠤ᠋ᠨ ᠴᠢᠨᠡᠭᠡᠨ ᠬᠣᠲᠣᠢᠭᠰᠠᠨ ᠲᠤᠯᠠ ᠲᠡᠷᠡ ᠵᠠᠬ᠎ᠠ ᠳ᠋ᠤᠷ ᠬᠦᠷᠲᠡᠯ᠎ᠡ ᠨᠡᠮᠡᠵᠦ᠂ ᠷᠠᠰᠢᠶᠠᠨ ᠢ ᠬᠤᠮᠬ᠎ᠠ ᠶ᠋ᠢ ᠳᠦᠭᠦᠷᠭᠡᠵᠦ ᠂ ᠳᠣᠯᠣᠭᠠᠨ ᠡᠷᠳᠡᠨᠢᠰ ᠦ᠋ᠨ ᠬᠦᠵᠢ ᠰᠢᠲᠠᠭᠠᠨ᠂ ᠬᠤᠸᠠᠩᠬᠡᠦ ᠨᠠᠷ ᠢ᠋ ᠡᠭᠡᠭᠦᠯᠵᠦ ᠶᠧ ᠯᠢᠦᠢ ᠴᠦ ᠼᠠᠢ ᠶ᠋ᠢ ᠳᠠᠭᠤᠳᠠᠵᠤ ᠡᠳᠡᠭᠡᠷ ᠤᠴᠢᠷ ᠢ᠋ ᠪᠦᠷᠢᠨ᠎ᠡ ᠬᠡᠯᠡᠵᠦ ᠂ ᠪᠠᠰᠠ ᠡᠳᠡᠭᠡᠷ ᠪᠢᠴᠢᠭ ᠪᠠ ᠪᠠᠯᠩ ᠢ᠋ ᠦᠵᠡᠭᠦᠯᠪᠡ᠂ ᠬᠤᠮᠬ᠎ᠠ ᠶ᠋ᠢᠨ ᠷᠠᠰᠢᠶᠠᠨ ᠢ᠋ ᠴᠢᠳᠬᠤᠨ ᠭᠠᠷᠭᠠᠵᠤ ᠱᠠᠷᠢᠯ ᠢ᠋ ᠠᠨᠤ ᠦᠵᠡᠭᠦᠯᠵᠦ ᠳᠠᠬᠢᠨ ᠣᠷᠣᠨ ᠳ᠋ᠤᠷ ᠠᠨᠤ ᠬᠢᠵᠦ ᠬᠤᠮᠬ᠎ᠠ ᠶ᠋ᠢ ᠲᠠᠯᠪᠢᠬᠤᠶᠠ ᠬᠤᠮᠬ᠎ᠠ ᠶ᠋ᠢᠨ ᠳᠣᠣᠷᠠᠲᠤ ᠠᠯᠲᠠᠨ ᠲᠠᠪᠰᠢ ᠳ᠋ᠤᠷ ᠬᠡᠳᠦᠨ ᠦᠰᠦᠭ ᠪᠣᠢ᠃ ᠲᠠᠪᠰᠢ ᠶ᠋ᠢ ᠠᠪᠴᠤ ᠦᠵᠡᠪᠡᠰᠦ ᠲᠡᠭᠦᠨ ᠦ᠌ ᠦᠭᠡᠰ ᠢᠨᠦ : 《ᠡᠨᠡ ᠰᠤᠪᠤᠷᠭ᠎ᠠ ᠬᠡᠵᠢᠶ᠎ᠡ ᠮᠣᠩᠭᠣᠯ ᠤ᠋ᠨ ᠴᠢᠩᠭᠢᠰ ᠬᠠᠭᠠᠨ ᠳ᠋ᠤᠷ ᠤᠴᠠᠷᠠᠵᠤ᠂ ᠦᠨᠡᠨ ᠢ᠋ ᠮᠡᠳᠡᠵᠦ ᠡᠭᠦᠳᠡ ᠶ᠋ᠢ ᠣᠨᠢᠰᠤᠯᠠᠨ ᠭᠠᠳᠠᠭᠤᠷ ᠲᠣᠭᠣᠷᠢᠨ ᠪᠠᠷᠠᠭᠰᠠᠨ ᠬᠣᠢᠨ᠎ᠠ ᠰᠠᠶᠢ ᠶᠠᠪᠤᠳᠠᠯ ᠲᠡᠭᠦᠰᠴᠦ ᠰᠤᠪᠤᠷᠭ᠎ᠠ ᠪᠦᠲᠦᠮᠦᠢ 》ᠬᠡᠮᠡᠵᠦᠬᠦᠢ᠃ ᠡᠨᠡ ᠦᠰᠦᠭ ᠴᠥᠮ ᠬᠢᠲᠠᠳ ᠦᠭᠡ ᠲᠤᠯᠠ ᠶᠧ ᠯᠢᠦᠢ ᠴᠦ ᠼᠠᠢ ᠬᠠᠭᠠᠨ ᠳ᠋ᠤᠷ ᠲᠠᠢᠯᠤᠨ ᠠᠢᠯᠠᠳᠬᠠᠵᠤ᠂ ᠶᠠᠭᠠᠷᠠᠨ ᠬᠠᠨᠴᠤᠢ ᠠ᠋ᠴᠠ ᠪᠠᠨ ᠪᠢᠷ ᠬᠠᠯᠵᠠ ᠭᠠᠷᠭᠠᠵᠤ ᠲᠡᠳᠡᠭᠡᠷ ᠦᠭᠡᠰ ᠢ᠋ ᠭᠠᠷ ᠤ᠋ᠨ ᠠᠯᠠᠭ᠎ᠠ ᠳ᠋ᠤᠷ ᠪᠢᠴᠢᠵᠦ ᠠᠪᠤᠭᠠᠳ ᠬᠠᠭᠠᠨ ᠲᠠᠨ ᠳᠠᠬᠢᠨ ᠶᠣᠰᠣᠯᠠᠵᠤ ᠭᠠᠷᠴᠤ ᠢᠷᠡᠬᠦᠶ᠎ᠡ ᠨᠢᠭᠡᠨ ᠬᠠᠭᠠᠯᠭ᠎ᠠ ᠶ᠋ᠢ ᠭᠠᠷᠴᠤ ᠢᠷᠠᠪᠠᠰᠤ᠂ ᠨᠢᠭᠡᠨ ᠬᠠᠭᠠᠯᠭ᠎ᠠ ᠶ᠋ᠢ ᠣᠨᠢᠰᠤᠯᠠᠵᠤ᠂ ᠭᠤᠷᠪᠠᠳᠤᠭᠠᠷ ᠬᠠᠭᠠᠯᠭ᠎ᠠ ᠶ᠋ᠢ ᠣᠨᠢᠰᠤᠯᠠᠵᠤ ᠬᠥᠰᠢᠶ᠎ᠡ ᠪᠡᠷ ᠢᠨᠦ ᠳᠠᠷᠤᠭᠠᠳ ᠤᠭ ᠤ᠋ᠨ ᠣᠷᠣ ᠪᠠᠷ ᠡᠭᠦᠳᠡᠨ ᠢ᠋ ᠪᠥᠭᠯᠡᠭᠦᠯᠦᠨ ᠣᠷᠳᠣᠨ ᠳ᠋ᠤᠷ ᠡᠭᠡᠵᠦ᠂ ᠵᠢᠴᠢ ᠥᠷᠯᠥᠭᠡ ᠵᠠᠷᠯᠢᠭ ᠪᠠᠭᠤᠯᠭᠠᠭᠰᠠᠨ ᠠᠨᠤ : 《ᠪᠢ ᠬᠠᠭᠠᠨ ᠰᠠᠭᠤᠵᠤ ᠡᠷᠬᠡ ᠪᠦᠷᠢᠳᠦᠭᠰᠡᠨ ᠲᠤᠯᠠ ᠡᠨᠡ ᠰᠤᠪᠤᠷᠭ᠎ᠠ ᠶ᠋ᠢ ᠨᠡᠭᠡᠭᠡᠵᠦ ᠦᠵᠡᠪᠡ᠃ ᠡᠳᠡᠭᠡᠷ ᠤᠴᠢᠷ ᠢ᠋ ᠰᠣᠨᠣᠰᠪᠠᠰᠤ ᠬᠣᠵᠢᠮ ᠡᠳᠦᠷ ᠪᠠᠰᠠ ᠨᠠᠳᠠ ᠳ᠋ᠤᠷ ᠠᠳᠠᠯᠢ ᠬᠠᠭᠠᠨ ᠣᠯᠠᠨᠲᠠ ᠭᠠᠷᠤᠮᠤᠢ᠂ ᠪᠠᠢᠨ ᠪᠠᠢᠨ ᠡᠢᠨ ᠬᠦ᠌ ᠦᠵᠡᠭᠰᠡᠭᠡᠷ ᠡᠪᠳᠡᠷᠡᠬᠦ ᠪᠦᠷᠢᠯᠭᠦᠢ ᠳ᠋ᠦ᠍ᠷ ᠬᠦᠷᠬᠦ ᠲᠤᠯᠠ ᠡᠳᠦᠭᠡ ᠰᠠᠢᠨ ᠮᠣᠬᠣ᠂ ᠨᠠᠰᠠᠷ ᠬᠣᠶᠠᠭᠤᠯᠠ ᠪᠠᠷ ᠳᠠᠭᠠᠭᠠᠴᠢᠯᠠᠭᠤᠯᠤᠨ ᠡᠨᠡ ᠰᠤᠪᠤᠷᠭ᠎ᠠ ᠶ᠋ᠢᠨ ᠭᠠᠳᠠᠭᠤᠷ ᠭᠤᠷᠪᠠᠨ ᠳᠠᠪᠬᠤᠷ ᠪᠡᠬᠢᠯᠡᠨ ᠪᠠᠷᠢᠵᠤ ᠨᠤᠷᠠᠬᠤᠢ ᠳ᠋ᠤᠷ ᠪᠢᠲᠡᠭᠡᠢ ᠬᠦᠷᠭᠦᠯ ! 》 ᠭᠡᠮᠡᠨ ᠵᠠᠷᠯᠢᠭ ᠪᠠᠭᠤᠯᠭᠠᠵᠤ᠂ ᠷᠠᠰᠢᠶᠠᠨ ᠢ᠋ ᠲᠠᠢᠬᠡᠦ ᠳ᠋ᠦ᠍ᠷ ᠠᠪᠠᠴᠢᠵᠤ ᠪᠠᠷᠢᠭᠰᠠᠨ ᠳ᠋ᠤᠷ ᠲᠠᠢᠬᠡᠦ ᠶ᠋ᠢᠨ ᠵᠡᠭᠦᠳᠦᠨ᠎ᠡ ᠮᠠᠰᠢ ᠨᠡᠢᠯᠡᠭᠰᠡᠨ ᠢ᠋ᠶ᠋ᠡᠷ ᠷᠠᠰᠢᠶᠠᠨ ᠢ᠋ ᠠᠮᠰᠠᠮᠠᠭᠴᠠ ᠬᠡᠪ ᠢ᠋ᠶ᠋ᠡᠷ ᠲᠣᠬᠣᠨᠢᠵᠤ ᠡᠪᠡᠳᠴᠢᠨ ᠰᠠᠢᠨ ᠪᠣᠯᠪᠠ᠃ ᠬᠠᠭᠠᠨ ᠶᠠᠭᠠᠷᠠᠨ ᠲᠡᠷᠡ ᠴᠠᠭᠠᠨ ᠰᠤᠪᠤᠷᠭ᠎ᠠ ᠶ᠋ᠢᠨ ᠳᠡᠷᠭᠡᠳᠡ ᠪᠠᠢᠭᠰᠠᠨ ᠪᠢᠴᠢᠬᠠᠨ ᠲᠣᠢᠨ ᠢ᠋ ᠡᠷᠢᠭᠦᠯᠬᠦᠢ ᠳ᠋ᠦ᠍ᠷ ᠫᠠᠭᠪᠠ ᠲᠣᠢᠨ ᠰᠤᠪᠤᠷᠭ᠎ᠠ ᠳ᠋ᠤᠷ ᠬᠡᠳᠦᠨ ᠮᠥᠷ ᠬᠢᠲᠠᠳ ᠦᠰᠦᠭ ᠪᠢᠴᠢᠭᠡᠳ ᠡᠴᠢᠵᠦᠬᠦᠢ ! ᠬᠠᠭᠠᠨ ᠶᠠᠭᠠᠷᠠᠨ ᠶᠧ ᠯᠢᠦᠢ ᠴᠦ ᠼᠠᠢ ᠶ᠋ᠢ ᠢᠯᠡᠭᠡᠵᠦ ᠲᠡᠭᠦᠨ ᠦ᠌ ᠪᠢᠴᠢᠭᠰᠡᠨ ᠦᠰᠦᠭ ᠦ᠋ᠳ ᠢ᠋ ᠬᠠᠭᠤᠯᠤᠨ ᠠᠪᠴᠢᠷᠠᠭᠤᠯᠵᠤ ᠦᠵᠡᠪᠡᠰᠦ᠂ ᠲᠡᠭᠦᠨ ᠦ᠌ ᠦᠭᠡᠰ : 《ᠲᠣᠢᠨ ᠫᠠᠭᠪᠠ ᠪᠢ ᠳᠡᠯᠭᠡᠷᠡᠭᠦᠯᠬᠦ ᠪᠣᠭᠳᠠ ᠶ᠋ᠢ ᠣᠯᠵᠤ ᠵᠣᠯᠭᠠᠭᠰᠠᠨ ᠲᠤᠯᠠ ᠡᠭᠡᠵᠦ ᠪᠠᠭᠰᠢ ᠳ᠋ᠤᠷ ᠮᠡᠳᠡᠭᠦᠯᠦᠮᠦᠢ᠂ ᠳᠡᠯᠭᠡᠷᠡᠭᠦᠯᠬᠦ ᠪᠣᠭᠳᠠ <元> ᠶᠤᠸᠠᠨ ᠦᠰᠦᠭ ᠢ᠋ᠶ᠋ᠡᠷ ᠳᠡᠯᠡᠬᠡᠢ ᠶ᠋ᠢ ᠲᠦᠪᠰᠢᠨ ᠪᠣᠯᠭᠠᠭᠰᠠᠨ ᠴᠠᠭ ᠲᠤ᠌ ᠳᠠᠬᠢᠨ ᠢᠷᠡᠵᠦ ᠬᠦᠴᠦᠨ ᠪᠠᠷᠢᠵᠤ ᠵᠢᠳᠬᠦᠮᠦᠢ 》ᠬᠡᠮᠡᠵᠦᠬᠦᠢ᠃ ᠲᠡᠳᠦᠢ ᠬᠠᠭᠠᠨ ᠶᠧ ᠯᠢᠦᠢ ᠴᠦ ᠼᠠᠢ ᠶ᠋ᠢ ᠡᠳᠡᠭᠡᠷ ᠤᠴᠢᠷ ᠢ᠋ ᠲᠠᠢᠯ ᠭᠡᠮᠡᠨ ᠲᠤᠰᠢᠶᠠᠭᠰᠠᠨ ᠳ᠋ᠤᠷ ᠶᠧ ᠯᠢᠦᠢ ᠴᠦ ᠼᠠᠢ ᠠᠢᠯᠠᠳᠬᠠᠷᠤᠨ : ᠪᠤᠷᠬᠠᠨ ᠤ᠋ ᠰᠤᠷᠭᠠᠯ ᠤ᠋ᠨ ᠬᠡᠷᠡᠭ ᠬᠡᠮᠡᠭᠴᠢ ᠮᠠᠨ ᠤ᠋ ᠪᠢᠴᠢᠭ ᠦ᠋ᠨ ᠰᠤᠷᠭᠠᠯ ᠠ᠋ᠴᠠ ᠨᠢᠭᠡᠨ ᠬᠠᠭᠠᠯᠭ᠎ᠠ ᠠᠯᠤᠰ ᠲᠤᠯᠠ ᠭᠦᠨ ᠨᠠᠷᠢᠨ ᠢ᠋ ᠡᠰᠡ ᠮᠡᠳᠡᠪᠡ᠃ ᠭᠠᠭᠴᠠ ᠢᠷᠡᠭᠡᠳᠦᠢ ᠬᠡᠷᠡᠭ ᠢ ᠤᠷᠢᠳᠠᠰᠠ ᠤᠭᠲᠤᠨ ᠮᠡᠳᠡᠬᠦᠢ ᠢᠨᠦ ᠡᠷᠲᠡᠨ ᠡᠴᠡ ᠪᠠᠢᠭᠰᠠᠨ ᠬᠡᠷᠡᠭ᠂ ᠡᠷᠲᠡ ᠪᠣᠭᠳᠠ ᠸᠧᠨ ᠸᠠᠩ ᠮᠣᠵᠢ ᠶ᠋ᠢᠨ ᠡᠵᠡᠨ ᠠᠬᠤ ᠴᠠᠭ ᠲᠤᠷ ᠤᠯᠤᠰ ᠤ᠋ᠨ ᠡᠵᠡᠨ ᠵᠧᠦ ᠬᠠᠭᠠᠨ ᠢ᠋ ᠭᠠᠯ ᠳ᠋ᠤᠷ ᠦᠬᠦᠬᠦ ᠶ᠋ᠢ ᠨᠢᠭᠤᠷ ᠲᠤᠷ ᠠᠨᠤ ᠠᠢᠯᠠᠳᠬᠠᠪᠠ᠃ ᠲᠡᠭᠦᠨ ᠦ᠌ ᠲᠦᠰᠢᠮᠡᠯ ᠵᠧᠦ ᠬᠦᠩ ᠤᠯᠤᠰ ᠡᠷᠭᠦᠮᠵᠢᠯᠡᠨ ᠲᠣᠬᠣᠨᠢᠭᠰᠠᠨ ᠬᠣᠢᠨ᠎ᠠ ᠶᠤᠸᠠᠨᠱᠤᠸᠠᠢ ᠽᠢ ᠶᠠ ᠶ᠋ᠢᠨ ᠤᠯᠤᠰ ᠴᠢ᠂ ᠵᠧᠦ ᠬᠦᠩ ᠦ᠋ᠨ ᠤᠯᠤᠰ ᠯᠦ᠍᠂ ᠴᠥᠮ ᠬᠥᠪᠡᠭᠦᠨ ᠢᠨᠦ ᠡᠴᠢᠵᠦ ᠲᠡᠭᠰᠢᠳᠬᠡᠨ ᠵᠠᠰᠠᠵᠤ᠂ ᠬᠤᠷᠳᠤᠨ ᠤᠳᠠᠭᠠᠨ ᠠᠨᠤ ᠠᠳᠠᠯᠢ ᠦᠭᠡᠢ ᠪᠣᠯᠤᠭᠰᠠᠨ ᠳ᠋ᠤᠷ ᠵᠧᠦ ᠬᠦᠩ ᠦ᠋ᠨ ᠬᠡᠯᠡᠭᠰᠡᠨ ᠬᠣᠢᠴᠢ ᠡᠳᠦᠷ ᠮᠢᠨᠦ ᠤᠯᠤᠰ ᠯᠦ᠍ ᠯᠠᠪ ᠪᠠᠭᠤᠷᠠᠢ ᠪᠣᠯᠤᠮᠤᠢ᠂ ᠽᠢ ᠶᠠ ᠶ᠋ᠢᠨ ᠤᠯᠤᠰ ᠴᠢ ᠯᠠᠪ ᠲᠦᠷᠢᠮᠡᠬᠡᠢ ᠪᠣᠯᠤᠮᠤᠢ ᠬᠡᠮᠡᠵᠦᠬᠦᠢ᠃ ᠬᠣᠢᠨ᠎ᠠ ᠨᠠᠢ᠍ᠮᠠᠨ ᠵᠠᠭᠤᠨ ᠵᠢᠯ ᠦ᠋ᠨ ᠳᠣᠲᠣᠷ᠎ᠠ ᠦᠨᠡᠬᠡᠷ ᠲᠡᠢᠮᠦ ᠪᠣᠯᠪᠠ᠃ ᠡᠨᠡ ᠢᠨᠦ ᠢᠷᠭᠡᠨ ᠢ᠋ ᠮᠤᠰᠬᠢᠨ ᠵᠠᠰᠠᠭᠰᠠᠨ ᠠᠨᠤ ᠡᠵᠡᠯᠡᠬᠦᠢ ᠳ᠋ᠦ᠍ᠷ ᠲᠦᠷᠭᠡᠨ ᠪᠣᠯᠤᠭᠰᠠᠨ ᠠᠨᠤ ᠬᠣᠵᠢᠮ ᠡᠪᠳᠡᠷᠡᠬᠦᠢ ᠳ᠋ᠦ᠍ᠷ ᠲᠦᠷᠭᠡᠨ ᠪᠣᠯᠵᠤ ᠪᠠᠭᠤᠷᠠᠢ ᠪᠣᠯᠤᠮᠤᠢ ᠃ ᠡᠵᠡᠯᠡᠬᠦᠢ ᠳ᠋ᠦ᠍ᠷ ᠠᠭᠤᠳᠠᠮ ᠥᠷᠦᠰᠢᠶᠡᠯᠲᠡᠢ ᠢᠨᠦ ᠡᠪᠳᠡᠷᠡᠬᠦᠢ ᠳ᠋ᠦ᠍ᠷ ᠠᠭᠤᠳᠠᠮ ᠤᠳᠠᠭᠠᠨ ᠲᠦᠷᠢᠮᠡᠬᠡᠢ ᠶ᠋ᠢ ᠮᠡᠳᠡᠭᠰᠡᠨ ᠪᠥᠯᠥᠭᠡ᠃ ᠡᠳᠦᠭᠡ ᠶ᠋ᠢᠨ ᠰᠥᠩ ᠤᠯᠤᠰ ᠤ᠋ᠨ ᠱᠧᠦ ᠺᠠᠩ ᠤ᠋ᠨ ᠲᠢᠶᠠᠨ ᠤ᠋ ᠶ᠋ᠢᠨ ᠭᠠᠵᠠᠷ ᠢᠷᠡᠭᠡᠳ ᠳᠠᠭᠤᠲᠤ ᠵᠠᠳᠠᠤᠯᠢ ᠶ᠋ᠢᠨ ᠳᠠᠭᠤᠨ ᠢ᠋ ᠰᠣᠨᠣᠰᠴᠤ ᠳᠡᠯᠡᠬᠡᠢ ᠳ᠋ᠠᠬᠢᠨ ᠢ᠋ ᠰᠠᠮᠠᠭᠤᠷᠠᠬᠤ ᠶ᠋ᠢ ᠮᠡᠳᠡᠵᠦ᠂ ᠮᠢ ᠭᠦᠸᠧ ᠱᠣ ᠶ᠋ᠢ ᠦᠯᠡᠳᠡᠭᠡᠪᠡ᠂ ᠡᠳᠡᠭᠡᠷ ᠢᠨᠦ ᠴᠥᠮ ᠲᠥᠯᠭᠡ ᠪᠡᠯᠭᠡ ᠪᠡᠷ ᠮᠡᠳᠡᠭᠰᠡᠨ ᠬᠡᠷᠡᠭ᠃ ᠡᠨᠡ ᠰᠤᠪᠤᠷᠭ᠎ᠠ ② ᠶ᠋ᠢ ᠤᠭ ᠪᠠᠢᠭᠤᠯᠤᠭᠰᠠᠨ ᠮᠡᠷᠭᠡᠳ ᠯᠠᠪ ᠲᠥᠯᠭᠡ ᠪᠡᠯᠭᠡ ᠳ᠋ᠦ᠍ᠷ ᠮᠡᠷᠭᠡᠨ ᠬᠥᠮᠦᠨ ᠪᠣᠢ ᠶᠠ᠃ 》ᠬᠡᠮᠡᠭᠰᠡᠨ ᠳ᠋ᠦ᠍ᠷ ᠬᠠᠭᠠᠨ ᠲᠣᠯᠣᠭᠠᠢ ᠳᠣᠬᠢᠵᠤ ᠵᠠᠷᠯᠢᠭ ᠪᠣᠯᠤᠷᠤᠨ : 《ᠮᠢᠨᠦ ᠤᠯᠤᠰ ᠬᠡᠳᠦᠢ ᠪᠦᠲᠦᠬᠦᠢ ᠳ᠋ᠦ᠍ᠷ ᠪᠡᠷᠬᠡ ᠪᠣᠯᠪᠠᠴᠤ ᠮᠢᠨᠦ ᠪᠡᠶ᠎ᠡ ᠪᠡᠷ ᠪᠦᠲᠦᠭᠡᠭᠰᠡᠨ ᠢ ᠦᠵᠡᠬᠦᠯ᠎ᠡ ᠮᠥᠨ ᠬᠢᠯᠪᠠᠷ ᠪᠣᠯᠠᠢ᠂ ᠯᠠᠪ ᠤᠳᠠᠬᠤ ᠦᠭᠡᠢ ᠮᠥᠬᠥᠬᠦ ᠪᠣᠯᠪᠠᠤ ? ᠴᠢ ᠬᠢᠨᠠᠵᠤ ᠦᠵᠡ᠃ 》ᠬᠡᠮᠡᠭᠰᠡᠨ ᠳ᠋ᠦ᠍ᠷ ᠶᠧ ᠯᠢᠦᠢ ᠴᠦ ᠼᠠᠢ ᠵᠠᠷᠯᠢᠭ ᠢ᠋ ᠬᠦᠯᠢᠶᠡᠵᠦ ᠡᠭᠡᠨ ᠪᠠᠭᠤᠵᠤ ᠭᠤᠷᠪᠠᠨ ᠡᠳᠦᠷ ᠪᠣᠯᠵᠤ᠂ ᠳᠣᠲᠤᠷᠬᠠᠶ᠎ᠠ ᠢᠯᠭᠠᠨ ᠭᠠᠷᠭᠠᠵᠤ ᠴᠢᠳᠠᠭᠰᠠᠨ ᠦᠭᠡᠢ ᠪᠣᠯᠪᠠᠴᠤ ᠬᠥᠬᠡ ᠬᠤᠯᠤᠭᠠᠨ᠎ᠠ ᠭᠤᠷᠪᠠᠨ᠎ᠠ ᠣᠷᠴᠢᠲᠠᠯᠠ ᠶᠡᠬᠡ ᠲᠥᠷᠥ ᠶ᠋ᠢ ᠡᠵᠡᠯᠡᠮᠦᠢ᠃ ᠬᠣᠢᠨ᠎ᠠ ᠮᠢᠩᠭᠠᠨ ᠵᠢᠯ ᠳ᠋ᠦ᠍ᠷ ᠭᠤᠷᠪᠠᠨ ᠵᠡᠷᠭᠡ ᠮᠠᠨᠳᠤᠵᠤ ᠳᠤᠮᠳᠠᠳᠤ ᠳ᠋ᠤᠷ ᠭᠡᠷᠡᠯ ᠭᠢᠯᠪᠠᠰᠬᠤ ᠬᠡᠮᠡᠵᠦᠬᠦᠢ᠃ ᠬᠠᠭᠠᠨ ᠤ᠋ ᠲᠥᠯᠭᠡ ᠳ᠋ᠦ᠍ᠷ ᠬᠤᠰᠤᠭᠰᠠᠨ ᠳ᠋ᠤᠷ ᠬᠠᠭᠠᠨ ᠭᠦᠨ᠎ᠡ ᠵᠥᠪᠰᠢᠶᠡᠷᠡᠨ ᠡᠭᠦᠨᠴᠡ ᠤᠯᠠᠮ ᠥᠷᠥᠰᠢᠶᠡᠪᠡ᠃
– – – –
① ᠨᠢᠭᠡᠨ ᠵᠣᠭᠣᠰ ᠬᠡᠮᠡᠭᠴᠢ ᠭᠠᠤᠯᠢᠨ ᠵᠣᠭᠣᠰ ᠢ᠋ ᠬᠡᠯᠡᠭᠰᠡᠨ ᠲᠤᠯᠠ ᠯᠠᠪ ᠨᠢᠭᠡᠨ ᠬᠤᠪᠢ ᠶ᠋ᠢᠨ ᠲᠡᠳᠦᠢ ᠶ᠋ᠢ ᠬᠡᠯᠡᠵᠦᠬᠦᠢ᠃
② ᠡᠨᠡ ᠴᠠᠭᠠᠨ ᠰᠤᠪᠤᠷᠭ᠎ᠠ ᠳᠠᠷᠤᠢ ᠪᠡᠭᠡᠵᠢᠩ ᠦ᠋ᠨ ᠪᠠᠷᠠᠭᠤᠨ ᠬᠣᠲᠠ ᠶ᠋ᠢᠨ ᠴᠠᠭᠠᠨ ᠰᠤᠪᠤᠷᠬᠠ ᠮᠥᠨ᠂ ᠵᠠᠷᠢᠮ ᠪᠢᠴᠢᠭ ᠲᠣᠷ ᠮᠢᠩ ᠤᠯᠤᠰ ᠪᠠᠰᠠ ᠨᠢᠭᠡᠨ ᠤᠳᠠᠭ᠎ᠠ ᠡᠪᠳᠡᠭᠡᠳ ᠳᠣᠲᠣᠷᠠᠬᠢ ᠶ᠋ᠢ ᠣᠯᠤᠭᠰᠠᠨ ᠦᠭᠡᠢ ᠬᠡᠮᠡᠮᠦᠢ᠃
ᠲᠡᠨᠳᠡᠴᠡ ᠣᠷᠳᠣᠨ ᠤ᠋ ᠳᠣᠲᠣᠷ᠎ᠠ ᠠᠮᠤᠷ ᠰᠤᠯᠠ ᠪᠣᠯᠪᠠ᠃ ᠣᠳᠣ ᠥᠭᠦᠯᠡᠬᠦ ᠢᠨᠦ᠂ ᠬᠠᠭᠠᠨ ᠤ᠋ ᠵᠠᠷᠯᠢᠭ ᠢ᠋ᠶ᠋ᠠᠷ ᠲᠠᠢᠪᠤᠤ ᠪᠤᠭᠤᠷᠤᠯ᠂ ᠳᠥᠷᠪᠡ ᠬᠣᠶᠠᠭᠤᠯᠠ ᠳᠥᠷᠪᠡᠨ ᠲᠦᠮᠡᠨ ᠴᠡᠷᠢᠭ ᠢ᠋ ᠠᠪᠴᠤ ᠳᠦ ᠮᠠᠨ ᠤᠯᠤᠰ ᠤ᠋ᠨ ᠤᠷᠪᠠᠭᠰᠠᠨ ᠬᠤᠯᠠᠭᠠᠢ ᠶ᠋ᠢ ᠳᠠᠢᠯᠠᠷ᠎ᠠ ᠡᠴᠢᠭᠰᠡᠨ ᠳ᠋ᠦ᠍ᠷ ᠲᠡᠷᠡ ᠭᠠᠵᠠᠷ ᠤ᠋ᠨ ᠠᠭᠤᠯᠠ ᠬᠠᠳᠠ ᠮᠤᠷᠤᠢ ᠰᠠᠷᠤᠢ᠂ ᠤᠰᠤ ᠮᠥᠨ ᠭᠦᠨ ᠭᠦᠶᠦᠬᠡᠨ᠂ ᠴᠠᠭ ᠤ᠋ᠨ ᠠᠭᠤᠷ ᠬᠦᠢᠲᠡᠨ ᠬᠠᠯᠠᠭᠤᠨ ᠳᠠᠩ ᠦᠭᠡᠢ᠂ ᠬᠥᠮᠦᠨ ᠦ᠌ ᠵᠠᠩ ᠰᠣᠨᠢᠨ ᠡᠲᠡᠭᠡᠳ᠃ ᠪᠤᠭᠤᠷᠤᠯ᠂ ᠳᠥᠷᠪᠡ ᠬᠣᠶᠠᠷ ᠵᠠᠩᠵᠤᠨ ᠵᠥᠪᠯᠡᠨ ᠥᠭᠦᠯᠡᠷᠦᠨ : 《ᠡᠨᠡ ᠪᠠᠢᠯᠳᠤᠭᠠᠨ ᠢ᠋ ᠬᠢᠵᠦ ᠤᠳᠠᠪᠠᠰᠤ ᠯᠠᠪ ᠠᠰᠢᠭ ᠦᠭᠡᠢ᠂ ᠡᠷᠬᠡᠪᠰᠢ ᠲᠦᠷᠭᠡᠯᠡᠨ ᠪᠠᠢᠯᠳᠤᠵᠤ ᠠᠪᠪᠠᠰᠤ ᠵᠣᠬᠢᠮᠤᠢ 》ᠭᠡᠮᠡᠨ ᠤᠷᠢᠳᠠ ᠰᠢᠭᠤᠳ ᠳᠣᠪᠲᠣᠯᠤᠨ᠂ ᠳᠦ ᠮᠠᠨ ᠠᠢᠮᠠᠭ ᠤ᠋ᠨ ᠡᠵᠡᠨ ᠹᠦ ᠱᠢ ᠶ᠋ᠢᠨ ᠰᠠᠭᠤᠭᠰᠠᠨ ᠬᠣᠲᠠᠨ ᠳ᠋ᠤᠷ ᠣᠷᠣᠵᠤ ᠰᠠᠮᠠᠭᠤᠷᠠᠭᠤᠯᠤᠨ᠂ ᠹᠦ ᠱᠢ ᠳᠤᠲᠠᠭᠠᠨ ᠭᠠᠷᠤᠭᠰᠠᠨ ᠳ᠋ᠤᠷ ᠡᠵᠡᠨ ᠢ᠋ ᠢᠨᠦ ᠬᠥᠭᠡᠭᠡᠨ ᠪᠠᠷᠢᠵᠤ᠂ ᠬᠣᠲᠠᠨ ᠢ᠋ ᠠᠪᠴᠤ ᠳᠥᠷᠪᠡᠨ ᠬᠠᠭᠠᠯᠭ᠎ᠠ ᠶ᠋ᠢ ᠳᠠᠷᠤᠵᠤ᠂ ᠮᠥᠨ ᠹᠦ ᠱᠢ ᠶ᠋ᠢᠨ ᠬᠥᠪᠡᠭᠦᠨ ᠠᠴᠢ ᠨᠠᠷ ᠢ ᠭᠠᠷᠭᠠᠨ ᠲᠣᠭᠣᠷᠢᠭᠰᠠᠨ ᠬᠣᠲᠠ ᠪᠠᠯᠭᠠᠳ ᠢ᠋ ᠲᠣᠭᠲᠠᠭᠠᠯᠭᠠᠨ ᠬᠣᠷᠢᠶᠠᠨ ᠠᠴᠢᠷᠠᠭᠤᠯᠵᠤ᠂ ᠳᠡᠰ ᠳᠠᠷᠠᠭ᠎ᠠ ᠶ᠋ᠢ ᠲᠣᠭᠲᠠᠭᠠᠨ ᠴᠥᠮ ᠶᠡᠬᠡ ᠲᠦᠰᠢᠮᠡᠯ ᠲᠠᠯᠪᠢᠵᠤ ᠮᠡᠬᠡᠯᠡᠨ᠂ ᠹᠦ ᠱᠢ ᠲᠡᠷᠢᠭᠦᠯᠡᠨ ᠣᠯᠠᠨ ᠢ᠋ ᠠᠪᠴᠤ ᠭᠠᠷᠴᠤ ᠢᠷᠡᠭᠡᠳ ᠪᠤᠰᠤ ᠠᠷᠠᠳ ᠢ᠋ ᠴᠥᠮ ᠠᠯᠠᠭᠠᠳ ᠹᠦ ᠱᠢ ᠶ᠋ᠢ ᠬᠠᠭᠠᠨ ᠳ᠋ᠤᠷ ᠠᠢᠯᠠᠳᠬᠠᠵᠤ ᠬᠦᠷᠭᠡᠭᠰᠡᠨ ᠳ᠋ᠦ᠍ᠷ ᠬᠠᠭᠠᠨ ᠲᠡᠳᠡᠨ ᠦ᠌ ᠤᠷᠪᠠᠭᠰᠠᠨ ᠰᠢᠯᠲᠠᠭᠠᠨ ᠢ᠋ ᠠᠰᠠᠭᠤᠪᠠᠰᠤ ᠹᠦ ᠱᠢ ᠴᠥᠮ ᠳᠣᠣᠷᠠᠲᠤ ᠠᠷᠠᠳ ᠲᠤᠷ ᠲᠦᠯᠬᠢᠮᠦᠢ᠃ ᠬᠠᠭᠠᠨ ᠲᠡᠷᠡ ᠹᠦ ᠱᠢ ᠶ᠋ᠢ ᠦᠵᠡᠪᠡᠰᠦ ᠡᠭᠡᠨᠡᠭᠲᠡ ᠵᠦᠳᠡᠭᠦᠦ ᠮᠤᠩᠬᠠᠭ ᠬᠥᠮᠦᠨ᠂ ᠶᠡᠷᠦ ᠶᠡᠬᠡ ᠬᠡᠷᠡᠭ ᠡᠳᠦᠵᠦ ᠡᠭᠦᠰᠬᠡᠨ ᠴᠢᠳᠠᠬᠤ ᠬᠥᠮᠦᠨ ᠪᠤᠰᠤ ᠲᠤᠯᠠ ᠤᠭ ᠴᠣᠯᠠ ᠲᠠᠢ ᠪᠠᠷ ᠳ᠋ᠠᠢᠳᠦ᠋ ᠳ᠋ᠦ᠍ᠷ ᠲᠡᠵᠢᠭᠡᠯ ᠥᠭᠴᠦ ᠬᠣᠷᠢᠵᠤ ᠰᠠᠭᠤᠯᠭᠠᠭᠠᠳ ᠪᠤᠭᠤᠷᠤᠯ᠂ ᠳᠥᠷᠪᠡ ᠬᠣᠶᠠᠷ ᠢ᠋ ᠳᠦ ᠮᠠᠨ ᠤᠯᠤᠰ ᠲᠤᠷ ᠡᠷᠭᠦᠮᠵᠢᠯᠡᠭᠡᠳ ᠢᠯᠡᠭᠡᠵᠦ ᠰᠠᠬᠢᠭᠤᠯᠪᠠ᠃ ᠡᠨᠡ ᠦᠶ᠎ᠡ ᠳ᠋ᠦ᠍ᠷ ᠣᠷᠳᠣᠨ ᠤ᠋ ᠳᠣᠲᠣᠷ᠎ᠠ ᠲᠠᠢ ᠴᠢᠩ ᠲᠠᠢᠬᠡᠦ ᠶ᠋ᠢᠨ ᠴᠢᠯᠡᠭᠡ ᠲᠠᠢᠯᠤᠭᠰᠠᠨ ᠭᠡᠷ ᠦ᠋ᠨ ᠬᠤᠷᠢᠮ ᠬᠢᠬᠦᠢ ᠳ᠋ᠦ᠍ᠷ ᠤᠯᠤᠰ ᠤ᠋ᠨ ᠵᠠᠭᠤᠨ ᠲᠦᠰᠢᠮᠡᠳ ᠢᠨᠦ ᠮᠥᠨ ᠪᠠᠶᠠᠰᠬᠤᠯᠠᠩ ᠤ᠋ᠨ ᠶᠣᠰᠣᠭᠠᠷ ᠳᠠᠬᠢᠵᠤ ᠲᠠᠪᠢᠭᠯᠠᠪᠠᠰᠤ ᠵᠣᠬᠢᠮᠤᠢ ᠬᠡᠮᠡᠪᠡ᠃
ᠲᠡᠨᠳᠡᠴᠡ ᠤᠯᠤᠰ ᠤ᠋ᠨ ᠬᠣᠲᠠᠯᠠ ᠪᠠᠶᠠᠰᠬᠤᠯᠠᠩ ᠤ᠋ᠨ ᠶᠣᠰᠣᠭᠠᠷ ᠬᠤᠷᠢᠮᠯᠠᠬᠤ ᠥᠷᠯᠥᠭ ᠪᠠᠭᠤᠯᠭᠠᠪᠠ᠃ ᠡᠨᠡ ᠦᠶ᠎ᠡ ᠳ᠋ᠦ᠍ᠷ ᠣᠯᠠᠨ ᠸᠠᠩ ᠲᠠᠢᠽᠢ ᠨᠠᠷ ᠴᠥᠮ ᠬᠣᠲᠠᠨ ᠳ᠋ᠤᠷ ᠬᠤᠷᠠᠭᠰᠠᠨ ᠲᠤᠯᠠ ᠲᠠᠢᠽᠢ ᠴᠠᠭᠠᠲᠠᠢ ᠴᠢᠨ ᠸᠠᠩ ᠤ᠋ᠨ ᠬᠠᠲᠤᠨ ᠰᠢᠶᠠ ᠤᠯᠤᠰ ᠤ᠋ᠨ ᠭᠦᠩᠵᠦ – ᠯᠢ ᠠᠨ ᠴᠢᠤᠸᠠᠨ ᠤ᠋ ᠥᠬᠢᠨ᠂ ᠯᠢ ᠽᠦᠨ ᠰᠢᠦᠢ ᠶ᠋ᠢᠨ ᠥᠬᠢᠨ ᠳᠡᠭᠦᠦ ᠯᠢ ᠽᠦᠨ ᠢᠩ ᠲᠠᠢᠽᠢ ᠴᠠᠭᠠᠲᠠᠢ ᠶ᠋ᠢᠨ ᠵᠦᠭ ᠬᠤᠷᠢᠮᠯᠠᠭᠰᠠᠭᠠᠷ ᠰᠡᠭᠦᠷᠡᠰᠦᠨ ᠠᠯᠳᠠᠵᠤ ᠥᠭᠦᠯᠡᠷᠦᠨ : 《ᠳᠡᠭᠡᠳᠦ ᠡᠮᠡᠭᠡ ᠲᠠᠢᠬᠡᠦ ᠶ᠋ᠢᠨ ᠴᠢᠯᠡᠭᠡ ᠲᠠᠢᠯᠤᠭᠰᠠᠨ ᠪᠠᠶᠠᠷ ᠲᠤᠷ ᠣᠷᠳᠣᠨ ᠤ᠋ ᠬᠣᠲᠠᠯᠠᠭᠠᠷ ᠴᠥᠮ ᠪᠠᠶᠠᠷ ᠤ᠋ᠨ ᠶᠣᠰᠣᠭᠠᠷ ᠬᠤᠷᠢᠮᠯᠠᠬᠤᠢ ᠳ᠋ᠤᠷ ᠨᠡᠩᠳᠡ ᠡᠬᠡ ᠬᠤᠸᠠᠩᠬᠡᠦ ᠶ᠋ᠢᠨ ᠴᠢᠩ ᠦᠨᠡᠨ ᠢ᠋ᠶ᠋ᠡᠷ ᠪᠠᠶᠠᠷᠯᠠᠬᠤ ᠶ᠋ᠢ ᠦᠵᠡᠬᠦᠯ᠎ᠡ ᠦᠨᠡᠬᠡᠷ ᠲᠥᠷᠥᠭᠰᠡᠨ ᠦᠷ᠎ᠡ ᠡᠴᠡ ᠥᠴᠦᠬᠡᠨ ᠴᠦ᠍ ᠥᠪᠡᠷ᠎ᠡ ᠦᠭᠡᠢ᠃ ᠭᠠᠭᠴᠠ ᠪᠢᠳᠡ ᠡᠬᠡ ᠬᠤᠸᠠᠩᠬᠡᠦ ᠳ᠋ᠦ᠍ᠷ ᠲᠡᠷᠡ ᠮᠡᠲᠦ ᠬᠦᠴᠦᠨ ᠪᠠᠷᠢᠵᠤ ᠴᠢᠳᠠᠬᠤ ᠦᠭᠡᠢ ᠡᠴᠡ ᠭᠣᠮᠣᠳᠠᠮᠤᠢ 》ᠬᠡᠮᠡᠬᠦᠢ ᠳ᠋ᠦ᠍ᠷ ᠴᠠᠭᠠᠲᠠᠢ ᠰᠣᠴᠢᠨ ᠰᠡᠵᠢᠭᠯᠡᠵᠦ᠂ ᠬᠤᠨᠳᠠᠭ᠎ᠠ ᠪᠠᠨ ᠲᠠᠯᠪᠢᠵᠤ ᠨᠡᠬᠡᠮᠵᠢᠯᠡᠨ ᠠᠰᠠᠭᠤᠵᠤ ᠦᠯᠦ ᠲᠠᠯᠪᠢᠬᠤᠢ ᠳ᠋ᠤᠷ ᠯᠢ ᠽᠦᠨ ᠢᠩ ᠠᠷᠭ᠎ᠠ ᠦᠭᠡᠢ ᠨᠢᠳᠦᠨ ᠨᠢᠯᠪᠤᠰᠤᠨ ᠬᠠᠪᠴᠢᠵᠤ ᠥᠭᠦᠯᠡᠷᠦᠨ : 《ᠮᠢᠨᠦ ᠡᠴᠢᠭᠡ ᠲᠡᠭᠷᠢ ᠶ᠋ᠢᠨ ᠴᠠᠭ ᠢ᠋ ᠮᠡᠳᠡᠵᠦ ᠣᠯᠠᠨ ᠢᠷᠭᠡᠨ ᠢ᠋ᠶ᠋ᠡᠨ ᠠᠮᠤᠷ ᠪᠣᠯᠭᠠᠬᠤ ᠶ᠋ᠢᠨ ᠲᠤᠯᠠ ᠬᠡᠦᠬᠡᠨ ᠢ᠋ᠶ᠋ᠡᠨ ᠨᠠᠮᠠᠶ᠋ᠢ ᠬᠠᠢᠷᠠᠯᠠᠯ ᠦᠭᠡᠢ ᠪᠡᠷ ᠲᠠᠨ ᠤ᠋ ᠤᠯᠤᠰ ᠲᠤᠷ ᠪᠡᠯᠡᠭ ᠦ᠋ᠨ ᠲᠡᠷᠢᠭᠦᠨ ᠪᠣᠯᠭᠠᠵᠤ ᠬᠦᠷᠭᠡᠭᠰᠡᠨᠡ ᠂ ᠲᠡᠷᠡ ᠲᠤᠬᠠᠢ ᠳ᠋ᠤᠷ ᠪᠢ ᠡᠴᠢᠭᠡ ᠳ᠋ᠦ᠍ᠷ ᠢ᠋ᠶ᠋ᠡᠨ ᠦᠨᠡᠬᠡᠷ ᠮᠠᠭᠤ ᠰᠠᠨᠠᠨ ᠬᠣᠷᠣᠰᠤᠭᠰᠠᠨ ᠪᠥᠯᠥᠭᠡ᠂ ᠬᠣᠢᠨ᠎ᠠ ᠡᠨᠳᠡᠬᠢ ᠪᠣᠭᠳᠠ ᠬᠠᠭᠠᠨ ᠡᠴᠢᠭᠡ ᠭᠠᠳᠠᠭᠠᠳᠤ ᠤᠯᠤᠰ ᠤ᠋ᠨ ᠦᠨᠡᠨ ᠰᠡᠳᠬᠢᠯ ᠢ᠋ ᠦᠯᠦ ᠣᠷᠬᠢᠨ ᠮᠢᠨᠦ ᠪᠡᠶ᠎ᠡ ᠶ᠋ᠢ ᠪᠣᠭᠣᠯ ᠦᠯᠦ ᠪᠣᠯᠭᠠᠨ᠂ ᠲᠠᠢᠽᠢ ᠴᠢᠮ᠎ᠠ ᠳ᠋ᠤᠷ ᠬᠣᠯᠪᠣᠵᠤ ᠦᠷ᠎ᠡ ᠪᠡᠷᠢ ᠪᠣᠯᠭᠠᠭᠰᠠ ᠲᠤᠢᠯ ᠤ᠋ᠨ ᠥᠷᠥᠰᠢᠶᠡᠯ ᠢ᠋ᠶ᠋ᠡᠷ ᠭᠠᠳᠠᠭᠠᠳᠤ ᠤᠯᠤᠰ ᠢ᠋ ᠡᠪᠦᠷᠯᠡᠵᠦ᠂ ᠬᠣᠯᠠᠬᠢ ᠤᠯᠤᠰ ᠢ᠋ ᠢᠷᠡᠭᠦᠯᠬᠦ ᠦᠨᠡᠨ ᠥᠷᠥᠰᠢᠶᠡᠯ ᠪᠤᠶᠤ᠃ ᠲᠡᠢᠨ ᠬᠦ᠌ ᠪᠢ ᠮᠥᠨ ᠲᠡᠭᠷᠢ ᠶ᠋ᠢᠨ ᠣᠷᠣᠨ ᠳ᠋ᠤᠷ ᠣᠷᠣᠭᠰᠠᠨ ᠢ᠋ᠶ᠋ᠠᠨ ᠣᠯᠵᠤ ᠮᠡᠳᠡᠭᠡᠳ ᠰᠢᠳᠦᠨ ᠰᠦᠰᠦᠭᠯᠡᠪᠡ᠃ ᠲᠡᠢᠨ ᠬᠦ᠌ ᠣᠯᠤᠭᠰᠠᠨ ᠲᠥᠷᠬᠥᠮ ᠦ᠋ᠨ ᠠᠴᠢ ᠳ᠋ᠤᠷ ᠦᠨᠡᠨᠴᠢ ᠪᠡᠷ ᠵᠢᠳᠬᠦᠬᠦ ᠶ᠋ᠢ ᠬᠦᠰᠡᠬᠦᠶᠡ᠂ ᠮᠢᠨᠦ ᠠᠬ᠎ᠠ ᠯᠢ ᠽᠦᠨ ᠰᠢᠦᠢ ᠬᠡᠳᠦᠢ ᠦᠷᠡᠴᠢᠯᠡᠭᠰᠡᠨ ᠬᠥᠪᠡᠭᠦᠨ ᠪᠣᠯᠪᠠᠴᠤ ᠨᠡᠩᠳᠡ ᠮᠢᠨᠦ ᠡᠴᠢᠭᠡ ᠶ᠋ᠢᠨ ᠰᠠᠭᠤᠷᠢᠨ ᠢ᠋ ᠡᠵᠡᠯᠡᠨ ᠲᠠᠬᠢᠯ ᠢ᠋ ᠵᠠᠯᠭᠠᠮᠵᠢᠯᠠᠨ᠂ ᠪᠣᠭᠳᠠ ᠬᠠᠭᠠᠨ ᠡᠴᠢᠭᠡ ᠶ᠋ᠢᠨ ᠡᠢᠨ ᠬᠦ᠌ ᠥᠷᠥᠰᠢᠶᠡᠯ ᠪᠠ ᠲᠠᠢᠽᠢ ᠲᠠᠨ ᠤ᠋ ᠬᠠᠷᠠᠭᠠᠯᠵᠠᠯᠭ᠎ᠠ ᠪᠠᠷ ᠮᠥᠨ ᠬᠦ᠌ ᠤᠯᠤᠰ ᠭᠦᠷᠦᠨ ᠳ᠋ᠦ᠍ᠷ ᠢ᠋ᠶ᠋ᠡᠨ ᠡᠵᠡᠨ ᠦ᠌ ᠰᠠᠭᠤᠷᠢᠨ ᠢ᠋ ᠡᠵᠡᠯᠡᠨ ᠪᠥᠭᠡᠳ ᠤᠯᠠᠮ ᠬᠢᠴᠢᠶᠡᠨ ᠠᠮᠤᠷ ᠢ᠋ ᠡᠷᠢᠪᠡᠰᠦ ᠵᠣᠬᠢᠬᠤ ᠪᠥᠭᠡᠲᠡᠯ᠎ᠡ ᠡᠭᠡᠨᠡᠭᠲᠡ ᠮᠤᠩᠬᠠᠭ ᠵᠢᠷᠦᠬᠡ ᠮᠠᠭᠤ ᠬᠥᠮᠦᠨ ᠦ᠌ ᠡᠳᠦᠭᠡᠬᠦ ᠬᠠᠳᠬᠤᠬᠤ ᠶ᠋ᠢ ᠦᠨᠡᠮᠰᠢᠨ ᠢᠲᠡᠭᠡᠵᠦ ᠪᠤᠰᠤ ᠬᠡᠷᠡᠭ ᠡᠳᠦᠬᠦ ᠡᠴᠡ ᠪᠣᠯᠭᠣᠮᠵᠢᠯᠠᠨ᠂ ᠥᠨᠥᠬᠡᠨ ᠪᠢ ᠲᠠᠢᠽᠢ ᠯᠤᠭ᠎ᠠ ᠡᠴᠢᠪᠡᠰᠦ ᠠᠬ᠎ᠠ ᠯᠢ ᠽᠦᠨ ᠰᠢᠦᠢ ᠨᠠᠮᠠᠶ᠋ᠢ ᠰᠡᠵᠢᠭᠯᠡᠨ ᠡᠰᠡ ᠬᠡᠯᠡᠪᠡᠴᠦ ᠪᠢ ᠳᠣᠣᠷᠠᠲᠤ ᠠᠷᠠᠳ ᠠ᠋ᠴᠠ ᠣᠯᠵᠤ ᠰᠣᠨᠣᠰᠤᠭᠠᠳ ᠢᠳᠬᠠᠰᠤᠭᠠᠢ ᠬᠡᠮᠡᠬᠦᠯ᠎ᠡ ᠲᠡᠭᠦᠨ ᠦ᠌ ᠲᠡᠷᠡ ᠮᠠᠭᠤᠬᠠᠢ ᠪᠠᠢᠳᠠᠯ ᠢ᠋ᠶ᠋ᠠᠷ ᠯᠠᠪ ᠪᠢᠳᠡᠨ ᠦ᠌ ᠨᠥᠬᠥᠷ ᠡᠮ᠎ᠡ ᠳ᠋ᠦ᠍ᠷ ᠬᠣᠣᠷ ᠪᠣᠯᠬᠤ ᠪᠥᠭᠡᠳ ᠤᠷᠪᠠᠬᠤ ᠠᠨᠤ ᠪᠠᠰᠠ ᠬᠦ᠌ ᠦᠯᠦ ᠵᠣᠭᠰᠣᠨ᠂ ᠬᠠᠷᠢᠨ ᠲᠦᠷᠭᠡᠨ ᠪᠣᠯᠬᠤ ᠲᠤᠯᠠ ᠬᠠᠷᠠᠬᠠᠨ ᠠᠷᠭ᠎ᠠ ᠦᠭᠡᠢ ᠪᠦᠬᠦᠢ ᠳ᠋ᠦ᠍ᠷ ᠡᠨᠳᠡ ᠡᠴᠡ ᠲᠠᠢᠬᠡᠦ ᠶ᠋ᠢᠨ ᠴᠢᠯᠡᠭᠡᠲᠡᠢ ᠪᠣᠯᠤᠭᠰᠠᠨ ᠳ᠋ᠤᠷ ᠳᠣᠪᠲᠣᠯᠤᠨ ᠢᠷᠡᠪᠡ᠃ ᠲᠡᠭᠦᠨ ᠦ᠌ ᠤᠷᠪᠠᠬᠤ ᠠᠨᠤ ᠯᠠᠪ ᠪᠣᠯᠪᠠ᠃ ᠲᠡᠭᠦᠨ ᠦ᠌ ᠲᠡᠭᠷᠢ ᠶ᠋ᠢ ᠰᠥᠷᠴᠦ ᠤᠷᠪᠠᠭᠠᠳ ᠪᠡᠶ᠎ᠡ ᠦᠬᠦᠬᠦ ᠡᠴᠡ ᠦᠯᠦ ᠪᠡᠷᠬᠡᠰᠢᠶᠡᠮᠦᠢ᠂ ᠭᠠᠭᠴᠠ ᠬᠠᠢᠷᠬᠠᠨ ᠡᠴᠢᠭᠡ ᠶ᠋ᠢᠨ ᠮᠢᠨᠦ ᠲᠥᠷᠥ ᠡᠪᠳᠡᠷᠡᠵᠦ ᠤᠯᠤᠰ ᠮᠥᠬᠥᠭᠡᠳ ᠢᠷᠭᠡᠨ ᠰᠠᠷᠨᠢᠵᠤ ᠲᠠᠬᠢᠯᠭ᠎ᠠ ᠲᠠᠰᠤᠷᠠᠬᠤ ᠠ᠋ᠴᠠ ᠪᠣᠯᠭᠣᠮᠵᠢᠯᠠᠮᠤᠢ ᠃ ᠲᠠᠢᠽᠢ ᠣᠯᠳᠠᠬᠤᠯ᠎ᠠ ᠮᠢᠨᠦ ᠤᠯᠤᠰ ᠤ᠋ᠨ ᠡᠨᠡ ᠳᠥᠷᠪᠡᠨ ᠵᠦᠢᠯ ᠦ᠋ᠨ ᠵᠣᠪᠠᠯᠠᠩ ᠢ᠋ ᠬᠡᠷᠬᠢᠨ ᠠᠪᠤᠷᠠᠨ ᠭᠠᠷᠭᠠᠪᠠᠰᠤ ᠪᠣᠯᠬᠤ ! 》ᠬᠡᠮᠡᠭᠰᠡᠨ ᠳ᠋ᠦ᠍ᠷ ᠴᠠᠭᠠᠲᠠᠢ᠂ ᠬᠠᠲᠤᠨ ᠯᠢ ᠽᠦᠨ ᠢᠩ ᠦ᠋ᠨ ᠭᠠᠷ ᠢ᠋ ᠪᠠᠷᠢᠵᠤ ᠰᠠᠢᠰᠢᠶᠠᠨ ᠥᠭᠦᠯᠡᠷᠦᠨ : 《ᠬᠠᠷᠠᠬᠠᠨ ᠴᠢ ᠬᠥᠪᠡᠭᠦᠨ ᠪᠣᠯᠤᠭᠰᠠᠨ ᠪᠥᠭᠡᠰᠦ ᠰᠢᠶᠠ ᠤᠯᠤᠰ ᠢ᠋ ᠦᠨᠡᠬᠡᠷ ᠬᠠᠮᠠᠭᠠᠯᠠᠨ ᠴᠢᠳᠠᠬᠤ ᠪᠣᠯᠪᠠ᠂ ᠴᠢᠨᠦ ᠠᠬ᠎ᠠ ᠯᠠᠪ ᠰᠢᠶᠠ ᠤᠯᠤᠰ ᠢ᠋ ᠠᠯᠳᠠᠮᠤᠢ᠃ ᠴᠢ ᠨᠢᠭᠡᠨᠲᠡ ᠥᠬᠢᠨ ᠪᠣᠯᠵᠤ ᠲᠥᠷᠥᠭᠰᠡᠨ ᠲᠤᠯᠠ ᠤᠯᠤᠰ ᠡᠪᠳᠡᠷᠡᠬᠦ ᠶᠠᠯ᠎ᠠ ᠴᠢᠮ᠎ᠠ ᠳ᠋ᠤᠷ ᠶᠠᠭᠤᠨ ᠤ᠋ ᠬᠠᠷᠢᠶ᠎ᠠ ! 》ᠬᠡᠮᠡᠬᠦᠢ ᠳ᠋ᠦ᠍ᠷ ᠯᠢ ᠽᠦᠨ ᠢᠩ ᠨᠢᠯᠪᠤᠰᠤ ᠪᠠᠨ ᠠᠷᠴᠢᠵᠤ ᠥᠭᠦᠯᠡᠷᠦᠨ : 《ᠬᠥᠪᠡᠭᠦᠨ ᠪᠠ ᠥᠬᠢᠨ ᠴᠥᠮ ᠡᠴᠢᠭᠡ ᠡᠬᠡ ᠶ᠋ᠢᠨ ᠰᠢᠮ᠎ᠡ ᠦᠷ᠎ᠡ᠂ ᠠᠯᠢᠨ ᠠᠨᠤ ᠡᠴᠢᠭᠡ ᠡᠬᠡ ᠳ᠋ᠦ᠍ᠷ ᠬᠠᠷᠢᠭᠤᠯᠤᠨ ᠶᠠᠪᠤᠬᠤ ᠶ᠋ᠢ ᠪᠤᠷᠤᠭᠤᠰᠢᠶᠠᠨ ᠪᠣᠯᠬᠤ ᠪᠣᠢ ? ᠪᠢ ᠡᠳᠦᠭᠡ ᠲᠠᠢᠽᠢ ᠠ᠋ᠴᠠ ᠭᠤᠶᠤᠬᠤ ᠠᠨᠤ ᠮᠢᠨᠦ ᠲᠡᠷᠡ ᠠᠬ᠎ᠠ ᠶ᠋ᠢ ᠶᠠᠭᠠᠬᠢᠨ ᠬᠡᠷᠬᠢᠨ ᠠᠷᠭᠠᠴᠠᠵᠤ ᠲᠡᠭᠦᠨ ᠢ ᠤᠷᠪᠠᠬᠤᠢ ᠳ᠋ᠤᠷ ᠭᠥᠷᠥᠭᠦᠯᠬᠦ ᠦᠭᠡᠢ ᠪᠡᠷ ᠤᠯᠤᠰ ᠲᠥᠷᠥ ᠶ᠋ᠢ ᠢᠨᠦ ᠬᠠᠮᠠᠭᠠᠯᠠᠨ᠂ ᠤᠷᠢᠳᠤᠰ ᠳᠡᠭᠡᠳᠦᠰ ᠦ᠋ᠨ ᠱᠧ ᠵᠢᠢ ᠲᠡᠢ ᠮᠢᠶᠣᠤ ᠶ᠋ᠢ ᠡᠰᠡ ᠮᠥᠬᠥᠭᠦᠯᠬᠦ ᠶ᠋ᠢ ᠭᠤᠶᠤᠮᠤᠢ !》ᠬᠡᠮᠡᠭᠰᠡᠨ ᠳ᠋ᠦ᠍ᠷ ᠴᠠᠭᠠᠲᠠᠢ ᠬᠠᠭᠠᠰ ᠴᠠᠭ ᠪᠣᠳᠣᠵᠤ ᠥᠭᠦᠯᠡᠷᠦᠨ : 《ᠲᠡᠷᠡ ᠨᠢᠭᠡᠨᠲᠡ ᠴᠢᠮᠠᠶ᠋ᠢ ᠦᠯᠦ ᠪᠣᠳᠣᠨ ᠣᠨᠴᠠ ᠥᠪᠡᠷ ᠦ᠋ᠨ ᠰᠠᠨᠠᠭᠠᠨ ᠢ᠋ᠶ᠋ᠠᠨ ᠭᠦᠢᠴᠡᠳᠬᠡᠬᠦ ᠶ᠋ᠢ ᠪᠣᠳᠣᠬᠤᠢ ᠳ᠋ᠤᠷ ᠴᠢ ᠲᠡᠭᠦᠨ ᠢ᠋ ᠪᠣᠳᠣᠵᠤ ᠶᠠᠭᠠᠬᠢᠮᠤᠢ ? 》ᠯᠢ ᠽᠦᠨ ᠢᠩ ᠥᠭᠦᠯᠡᠷᠦᠨ : 《ᠪᠢ ᠲᠡᠭᠦᠨ ᠢ ᠰᠠᠨᠠᠭᠰᠠᠨ ᠪᠤᠰᠤ᠂ ᠥᠪᠡᠷ ᠦ᠋ᠨ ᠡᠴᠢᠭᠡ ᠶ᠋ᠢᠨ ᠲᠠᠬᠢᠯᠭ᠎ᠠ ᠲᠠᠰᠤᠷᠠᠵᠤ ᠤᠯᠤᠰ ᠮᠥᠬᠥᠬᠦ ᠡᠴᠡ ᠠᠶᠤᠭᠰᠠᠨ ᠪᠥᠯᠥᠭᠡ 》ᠬᠡᠮᠡᠬᠦᠢ ᠳ᠋ᠦ᠍ᠷ ᠴᠠᠭᠠᠲᠠᠢ ᠥᠭᠦᠯᠡᠷᠦᠨ : 《ᠴᠢ ᠨᠢᠭᠡᠨᠲᠡ ᠥᠬᠢᠨ ᠬᠥᠮᠦᠨ ᠪᠣᠯᠤᠨ ᠲᠥᠷᠥᠭᠰᠡᠨ ᠢ᠋ᠶ᠋ᠡᠨ ᠪᠣᠳᠣᠵᠤ ᠪᠡᠶ᠎ᠡ ᠪᠡᠨ ᠬᠠᠮᠠᠭᠠᠯᠠᠨ ᠬᠠᠳᠠᠮ ᠢ᠋ᠶ᠋ᠠᠨ ᠰᠠᠬᠢᠪᠠᠰᠤ ᠪᠠᠷᠠᠪᠠᠢ ᠶᠠ ! ᠲᠥᠷᠬᠥᠮ ᠦ᠋ᠨ ᠲᠥᠷᠥ ᠶᠣᠰᠣᠨ ᠤᠯᠤᠰ ᠢᠷᠭᠡᠨ ᠢ᠋ ᠪᠣᠳᠣᠵᠤ ᠶᠠᠭᠤ ᠬᠢᠬᠦ ? ᠲᠡᠷᠡ ᠤᠷᠪᠠᠭᠰᠠᠨ ᠴᠠᠭ ᠲᠤ᠌ ᠴᠢᠨᠦ ᠡᠷᠲᠡ ᠬᠡᠯᠡᠭᠰᠡᠨ ᠢ᠋ ᠬᠠᠭᠠᠨ ᠡᠴᠢᠭᠡ ᠳ᠋ᠦ᠍ᠷ ᠲᠣᠳᠣᠷᠬᠠᠢᠯᠠᠨ ᠠᠢᠯᠠᠳᠬᠠᠵᠤ᠂ ᠴᠢᠨᠦ ᠪᠡᠶ᠎ᠡ ᠳ᠋ᠦ᠍ᠷ ᠶᠠᠯ᠎ᠠ ᠡᠰᠡ ᠢᠷᠡᠭᠦᠯᠪᠡᠰᠦ ᠪᠠᠷᠠᠪᠠᠢ ! 》ᠬᠡᠮᠡᠭᠰᠡᠨ ᠳ᠋ᠦ᠍ᠷ ᠯᠢ ᠽᠦᠨ ᠢᠩ ᠥᠭᠦᠯᠡᠷᠦᠨ : 《ᠲᠡᠷᠡ ᠦᠶ᠎ᠡ ᠳ᠋ᠦ᠍ᠷ ᠣᠷᠣᠢᠳᠠᠮᠤᠢ᠃ ᠲᠠᠢᠽᠢ ᠶ᠋ᠢ ᠮᠥᠨ ᠡᠮ᠎ᠡ ᠳ᠋ᠦ᠍ᠷ ᠠᠮᠠᠷᠠᠭ ᠲᠤᠯᠠ ᠬᠠᠯᠠᠬᠠᠯᠠᠨ ᠬᠡᠯᠡᠯᠴᠡᠮᠦᠢ ᠬᠡᠮᠡᠬᠦ ᠪᠣᠯᠠᠢ !》ᠬᠡᠮᠡᠭᠰᠡᠨ ᠳ᠋ᠦ᠍ᠷ ᠴᠠᠭᠠᠲᠠᠢ ᠲᠣᠯᠣᠭᠠᠢ ᠳᠣᠬᠢᠵᠤ ᠮᠥᠨ ᠮᠥᠨ ᠬᠡᠮᠡᠵᠦ᠂ ᠲᠡᠭᠦᠨ ᠡᠴᠡ ᠠᠰᠠᠭᠤᠷᠤᠨ :《ᠲᠡᠢᠮᠦ ᠪᠥᠭᠡᠰᠦ ᠴᠢᠨᠦ ᠰᠠᠨᠠᠭᠠᠨ ᠳ᠋ᠤᠷ ᠪᠣᠯᠪᠠᠰᠤ ᠬᠡᠷᠬᠢᠪᠡᠰᠦ ᠰᠠᠢᠨ ? 》 ᠯᠢ ᠽᠦᠨ ᠢᠩ ᠮᠡᠳᠡᠭᠦᠯᠦᠷᠦᠨ : 《ᠭᠡᠷᠭᠡᠢ ᠮᠢᠨᠦ ᠰᠠᠨᠠᠭᠠᠨ ᠳ᠋ᠤᠷ ᠪᠣᠯᠪᠠᠰᠤ ᠠᠬ᠎ᠠ ᠯᠢ ᠽᠦᠨ ᠰᠢᠦᠢ ᠶ᠋ᠢ ᠡᠨᠳᠡ ᠮᠡᠬᠡᠯᠡᠨ ᠠᠴᠢᠷᠠᠵᠤ᠂ ᠳᠠᠯᠳᠠᠭᠤᠷ ᠢ᠋ᠶ᠋ᠠᠷ ᠲᠡᠭᠦᠨ ᠦ᠌ ᠰᠡᠳᠬᠢᠯ ᠢ᠋ ᠲᠣᠬᠣᠷᠤᠭᠤᠯᠤᠨ ᠤᠷᠪᠠᠬᠤ ᠶ᠋ᠢ ᠠᠨᠤ ᠵᠣᠭᠰᠣᠭᠠᠪᠠᠰᠤ ᠰᠢᠶᠠ ᠤᠯᠤᠰ ᠤ᠋ᠨ ᠲᠦᠮᠡᠨ ᠢᠷᠭᠡᠨ ᠦ᠌ ᠵᠠᠪᠰᠢᠶᠠᠨ ᠪᠥᠭᠡᠳ ᠮᠢᠨᠦ ᠡᠴᠢᠭᠡ ᠶ᠋ᠢᠨ ᠤᠭ ᠳᠠᠭᠠᠭᠰᠠᠨ ᠰᠠᠢᠨ ᠰᠠᠨᠠᠭ᠎ᠠ ᠯᠤᠭ᠎ᠠ ᠨᠡᠢᠯᠡᠵᠦ᠂ ᠤᠷᠢᠳᠤᠰ ᠳᠡᠭᠡᠳᠦᠰ ᠦ᠋ᠨ ᠲᠠᠬᠢᠯ ᠲᠠᠰᠤᠷᠠᠬᠤᠢ ᠳ᠋ᠤᠷ ᠬᠦᠷᠬᠦ ᠦᠭᠡᠢ ᠪᠣᠯᠬᠤ ᠮᠡᠲᠦ᠂ ᠡᠢᠮᠦ ᠪᠣᠯᠪᠠᠰᠤ ᠬᠣᠶᠠᠷ ᠲᠤᠷ ᠪᠦᠷᠢᠳᠬᠦ ᠪᠣᠯᠪᠠᠤ ? 》ᠬᠡᠮᠡᠬᠦᠢ ᠳ᠋ᠦ᠍ᠷ ᠴᠠᠭᠠᠲᠠᠢ ᠢᠨᠢᠶᠡᠨ ᠥᠭᠦᠯᠡᠷᠦᠨ:《ᠴᠢ ᠡᠭᠡᠨᠡᠭᠲᠡ ᠲᠥᠷᠬᠥᠮ ᠢ᠋ ᠬᠠᠳᠠᠮ ᠠ᠋ᠴᠠ ᠢᠯᠡᠭᠦᠦ ᠬᠠᠢᠷᠠᠯᠠᠬᠤ ᠪᠣᠯᠠᠢ᠂ ᠴᠢᠨᠦ ᠠᠬ᠎ᠠ ᠤᠷᠪᠠᠪᠠᠰᠤ ᠤᠯᠤᠰ ᠢᠷᠭᠡᠨ ᠮᠠᠨ ᠳ᠋ᠤᠷ ᠬᠤᠷᠢᠶᠠᠭᠳᠠᠬᠤ ᠮᠠᠭᠠᠳ ᠲᠤᠯᠠ ᠡᠷᠬᠡᠪᠰᠢ ᠤᠯᠤᠰ ᠢ᠋ᠶ᠋ᠠᠨ ᠮᠥᠬᠥᠬᠦ ᠳ᠋ᠦ᠍ᠷ ᠦᠯᠦ ᠭᠥᠷᠦᠭᠦᠯᠰᠦᠭᠡᠢ ᠬᠡᠮᠡᠬᠦ ᠢᠨᠦ ᠴᠢᠨᠦ ᠥᠪᠡᠷᠴᠢᠯᠡᠯ ᠪᠣᠯᠠᠢ᠃ ᠡᠳᠦᠭᠡ ᠠᠯᠲᠠᠨ ᠤᠯᠤᠰ ᠤ᠋ᠨ ᠸᠧᠢ ᠱᠣᠣ ᠸᠠᠩ ᠬᠠᠭᠠᠨ ᠤ᠋ ᠴᠢ ᠭᠦᠸᠧ ᠭᠦᠩᠵᠦ ᠶ᠋ᠢ ᠮᠥᠨ ᠴᠢᠮ᠎ᠠ ᠳ᠋ᠤᠷ ᠠᠳᠠᠯᠢ ᠪᠡᠯᠡᠭ ᠲᠣᠷ ᠬᠦᠷᠭᠡᠵᠦ ᠢᠷᠡᠭᠡᠳ ᠳᠡᠭᠦᠦ ᠴᠢᠨ ᠸᠠᠩ ᠥᠭᠡᠳᠡᠢ ᠳ᠋ᠦ᠍ᠷ ᠬᠣᠯᠪᠣᠭᠠᠳ ᠲᠡᠷᠡ ᠶᠠᠭᠤᠨ ᠳ᠋ᠤᠷ ᠠᠯᠲᠠᠨ ᠤᠯᠤᠰ ᠢ᠋ ᠥᠴᠦᠬᠡᠨ ᠴᠦ᠍ ᠦᠯᠦ ᠬᠠᠮᠠᠭᠠᠯᠠᠨ᠂ ᠣᠨᠴᠠ ᠬᠠᠷᠢᠨ ᠳ᠋ᠠᠢᠳᠦ᠋ ᠶ᠋ᠢ ᠠᠪᠤᠭᠰᠠᠨ ᠳ᠋ᠤᠷ ᠬᠡᠲᠦᠷᠬᠡᠶ᠎ᠡ ᠪᠠᠶᠠᠷᠯᠠᠮᠤᠢ ? 》ᠬᠡᠮᠡᠭᠰᠡᠨ ᠳ᠋ᠦ᠍ᠷ ᠯᠢ ᠽᠦᠨ ᠢᠩ ᠤᠷᠲᠤ ᠰᠡᠭᠦᠷᠡᠰᠦᠨ ᠠᠯᠳᠠᠵᠤ ᠥᠭᠦᠯᠡᠷᠦᠨ: 《ᠲᠠᠢᠽᠢ ᠭᠠᠭᠴᠠ ᠮᠤᠰᠬᠢᠨ ᠬᠡᠯᠡᠬᠦ ᠶ᠋ᠢᠨ ᠲᠤᠯᠠ ᠪᠣᠢ ᠶᠠ᠂ ᠲᠡᠭᠦᠨ ᠢ᠋ ᠬᠡᠷᠬᠢᠨ ᠨᠠᠳᠠ ᠳ᠋ᠤᠷ ᠦᠯᠢᠳᠬᠡᠨ ᠪᠣᠯᠬᠤ ? ᠲᠡᠷᠡ ᠬᠡᠮᠡᠭᠴᠢ ᠠᠯᠲᠠᠨ ᠤᠯᠤᠰ ᠤ᠋ᠨ ᠲᠡᠷᠢᠭᠦᠨ ᠨᠢᠭᠡᠨ ᠦᠰᠲᠡᠨ ᠪᠣᠯᠠᠢ᠃ ᠶᠠᠭᠤᠨ ? ᠬᠡᠮᠡᠪᠡᠰᠦ : ᠲᠡᠭᠦᠨ ᠦ᠌ ᠡᠴᠢᠭᠡ ᠶ᠋ᠢ ᠠᠯᠲᠠᠨ ᠤᠯᠤᠰ ᠪᠦᠭᠦᠳᠡᠭᠡᠷ ᠣᠷᠣᠵᠤ ᠠᠯᠠᠭᠠᠳ ᠦᠷ᠎ᠡ ᠶ᠋ᠢ ᠢᠨᠦ ᠲᠠᠰᠤᠯᠬᠤ ᠪᠠᠷ ᠦᠯᠦ ᠪᠠᠷᠠᠨ᠂ ᠦᠯᠡᠳᠡᠭᠰᠡᠨ ᠭᠠᠭᠴᠠ ᠥᠬᠢᠨ ᠢ᠋ ᠢᠨᠦ ᠪᠠᠰᠠ ᠭᠠᠳᠠᠭᠠᠳᠤ ᠤᠯᠤᠰ ᠲᠤᠷ ᠲᠠᠯ᠎ᠠ ᠬᠦᠷᠭᠡᠭᠰᠡᠨ ᠳ᠋ᠦ᠍ᠷ ᠬᠣᠷᠣᠰᠬᠤ ᠦᠭᠡᠢ ᠶᠣᠰᠣ ᠪᠣᠢ ᠤᠤ ? ᠮᠢᠨᠦ ᠡᠨᠡ ᠬᠡᠮᠡᠭᠴᠢ ᠲᠥᠷᠥᠭᠰᠡᠨ ᠡᠴᠢᠭᠡ ᠲᠦᠮᠡᠨ ᠢᠷᠭᠡᠨ ᠢ᠋ᠶ᠋ᠡᠨ ᠠᠮᠤᠷ ᠠᠵᠤ ᠲᠥᠷᠥᠭᠦᠯᠬᠦ ᠶ᠋ᠢᠨ ᠲᠤᠯᠠ ᠲᠥᠷᠥᠭᠰᠡᠨ ᠦᠷ᠎ᠡ ᠪᠡᠨ ᠡᠰᠡ ᠬᠠᠢᠷᠠᠯᠠᠨ ᠲᠠᠯ᠎ᠠ ᠬᠦᠷᠭᠡᠭᠰᠡᠨ ᠢᠨᠦ ᠬᠣᠶᠠᠷ ᠲᠤᠷ ᠪᠦᠷᠢᠳᠦᠭᠰᠡᠨ ᠳᠡᠭᠡᠳᠦ ᠠᠷᠭ᠎ᠠ᠂ ᠡᠴᠢᠭᠡ ᠶ᠋ᠢᠨ ᠲᠥᠷᠥ ᠦᠯᠦ ᠡᠪᠳᠡᠷᠡᠨ ᠡᠴᠢᠭᠡ ᠶ᠋ᠢᠨ ᠢᠷᠭᠡᠨ ᠦᠯᠦ ᠵᠣᠪᠠᠨ᠂ ᠡᠴᠢᠭᠡ ᠶ᠋ᠢᠨ ᠥᠬᠢᠨ ᠦᠯᠦ ᠭᠤᠲᠤᠭᠠᠳ᠂ ᠡᠨᠡ ᠭᠤᠷᠪᠠᠨ ᠳ᠋ᠤᠷ ᠪᠦᠷᠢᠳᠦᠭᠰᠡᠨ ᠵᠥᠪ ᠰᠢᠳᠤᠷᠭᠤ ᠰᠠᠢᠨ ᠶᠠᠪᠤᠳᠠᠯ ᠢ ᠮᠢᠨᠦ ᠲᠡᠷᠡ ᠦᠷᠡᠴᠢᠯᠡᠭᠰᠡᠨ ᠠᠬ᠎ᠠ ᠮᠤᠩᠬᠠᠭ ᠪᠣᠯᠬᠢ ᠪᠠᠷ ᠨᠢᠭᠡᠨᠲᠡ ᠡᠨᠳᠡᠭᠦᠷᠡᠪᠡᠰᠦ ᠤᠯᠤᠰ ᠡᠪᠳᠡᠷᠡᠨ ᠭᠡᠷ ᠮᠥᠬᠥᠬᠦ ᠳ᠋ᠦ᠍ᠷ ᠬᠦᠷᠬᠦᠢ ᠳ᠋ᠦ᠍ᠷ ᠶᠠᠭᠠᠬᠢᠨ ᠰᠡᠳᠬᠢᠯ ᠦᠯᠦ ᠡᠪᠳᠡᠷᠡᠬᠦ ᠪᠣᠢ ? 》 ᠬᠡᠮᠡᠬᠦᠢ ᠳ᠋ᠦ᠍ᠷ ᠴᠠᠭᠠᠲᠠᠢ ᠲᠡᠭᠦᠨ ᠦ᠌ ᠰᠡᠳᠬᠢᠯ ᠪᠠ ᠦᠭᠡᠰ ᠴᠥᠮ ᠴᠢᠩ ᠦᠨᠡᠨ ᠲᠤᠯᠠ ᠰᠠᠢᠰᠢᠶᠠᠨ ᠮᠠᠭᠲᠠᠵᠤ《ᠡᠷᠬᠢᠮ ᠨᠥᠬᠥᠷ ᠦ᠋ᠨ ᠦᠭᠡ ᠪᠦᠷᠢ ᠮᠥᠨ᠂ ᠪᠢ ᠮᠠᠷᠭᠠᠲᠠ ᠤᠯᠤᠰ ᠤ᠋ᠨ ᠲᠡᠷᠢᠭᠦᠯᠡᠭᠴᠢ ᠠᠨᠳᠠ ᠨᠠᠷ ᠯᠤᠭ᠎ᠠ ᠵᠥᠪᠯᠡᠵᠦ ᠢᠯᠭᠠᠨ ᠲᠣᠭᠲᠠᠭᠠᠰᠤᠭᠠᠢ᠂ ᠭᠠᠭᠴᠠ ᠨᠢᠭᠡᠨ ᠵᠦᠢᠯ ᠦ᠋ᠨ ᠬᠡᠷᠡᠭ ᠢᠨᠦ ᠤᠷᠪᠠᠬᠤ ᠭᠡᠷᠡᠴᠢ ᠦᠭᠡᠢ ᠪᠡᠷ ᠬᠡᠷᠬᠢᠨ ᠦᠭᠡ ᠭᠠᠷᠭᠠᠨ ᠬᠡᠯᠡᠯᠴᠡᠮᠦᠢ ? 》 ᠬᠡᠮᠡᠬᠦᠢ ᠳ᠋ᠦ᠍ᠷ ᠯᠢ ᠽᠦᠨ ᠢᠩ ᠭᠦᠩᠵᠦ ᠥᠭᠦᠯᠡᠷᠦᠨ : 《ᠲᠡᠷᠡ ᠮᠠᠰᠢ ᠬᠢᠯᠪᠠᠷ᠂ ᠲᠡᠭᠦᠨ ᠢ ᠶᠠᠭᠠᠬᠢᠨ ᠬᠡᠷᠬᠢᠨ ᠮᠡᠬᠡᠯᠡᠨ ᠡᠨᠳᠡ ᠠᠴᠢᠷᠠᠭᠰᠠᠨ ᠴᠠᠭ ᠲᠤ᠌ ᠪᠤᠰᠤ ᠦᠭᠡ ᠪᠡᠷ ᠤᠳᠤᠷᠢᠳᠤᠨ ᠰᠡᠷᠭᠦᠭᠡᠵᠦ ᠲᠡᠭᠦᠨ ᠦ᠌ ᠳᠣᠣᠷᠠᠬᠢ ᠠᠷᠠᠳ ᠡᠬᠡᠨᠡᠷ᠂ ᠲᠡᠭᠦᠨ ᠦ᠌ ᠡᠮ᠎ᠡ ᠶ᠋ᠢ ᠮᠣᠬᠣᠭᠠᠨ ᠭᠡᠷ ᠦ᠋ᠨ ᠳᠣᠲᠣᠷᠠᠬᠢ ᠨᠠᠢᠷ ᠢ᠋ᠶ᠋ᠠᠷ ᠬᠣᠷᠢᠭᠯᠠᠨ ᠰᠡᠷᠭᠦᠭᠡᠰᠦᠭᠡᠢ᠃ ᠡᠨᠡ ᠮᠡᠲᠦ ᠪᠥᠭᠡᠲᠡᠯ᠎ᠡ ᠡᠰᠡ ᠪᠣᠯᠤᠨ ᠬᠣᠵᠢᠮ ᠦᠨᠡᠬᠡᠷ ᠤᠷᠪᠠᠭᠠᠳ ᠪᠡᠶ᠎ᠡ ᠮᠥᠬᠥᠬᠦᠢ ᠳ᠋ᠦ᠍ᠷ ᠬᠦᠷᠪᠡᠰᠦ ᠲᠡᠭᠷᠢ ᠶ᠋ᠢᠨ ᠰᠠᠨᠠᠭᠠᠨ ᠢ᠋ ᠪᠢ ᠬᠡᠷᠬᠢᠨ ᠠᠪᠤᠷᠠᠬᠤ ? ᠡᠷᠲᠡ ᠲᠥᠷᠬᠥᠮ ᠢ ᠰᠠᠨᠠᠵᠤ ᠡᠷ᠎ᠡ ᠪᠡᠨ ᠢᠳᠬᠠᠭᠰᠠᠨ ᠢ᠋ ᠡᠳᠦᠭᠡ ᠪᠣᠯᠲᠠᠯ᠎ᠠ ᠬᠠᠷᠢᠶᠠᠵᠤᠬᠤᠢ᠃ ᠡᠷ᠎ᠡ ᠶ᠋ᠢ ᠰᠠᠨᠠᠵᠤ ᠲᠥᠷᠬᠥᠮ ᠢ᠋ ᠮᠥᠬᠥᠭᠡᠭᠰᠡᠨ ᠢ᠋ ᠮᠥᠨ ᠰᠤᠨᠵᠢᠵᠤᠬᠤᠢ᠃ ᠡᠷᠲᠡᠨ ᠦ᠌ ᠶ᠋ᠢᠨ ᠸᠧᠨ ᠬᠦᠩ ᠦ᠋ᠨ ᠴᠢ ᠤᠯᠤᠰ ᠠ᠋ᠴᠠ ᠠᠪᠤᠭᠰᠠᠨ ᠵᠢᠶᠠᠩ ᠱᠢ ᠡᠷ᠎ᠡ ᠪᠡᠨ ᠡᠷᠭᠦᠵᠦ ᠲᠥᠷᠬᠥᠮ ᠢ ᠬᠠᠮᠠᠭᠠᠯᠠᠨ ᠴᠢᠳᠠᠵᠤᠬᠤᠢ᠃ ᠲᠡᠭᠦᠨ ᠢ᠋ ᠴᠣᠬᠣᠮ ᠡᠬᠡᠨᠡᠷ ᠬᠡᠮᠡᠵᠦᠬᠦᠢ᠃ ᠡᠳᠦᠭᠡ ᠮᠢᠨᠦ ᠲᠥᠷᠬᠥᠮ ᠥᠰᠢᠶᠡᠯᠡᠪᠡᠰᠦ ᠶᠡᠬᠡ ᠬᠠᠭᠠᠨ ᠲᠥᠷᠥ ᠳ᠋ᠦ᠍ᠷ ᠬᠡᠷᠬᠢᠵᠦ ᠲᠠᠬᠢᠮᠳᠠᠭᠤ ᠪᠡᠷᠢ ᠶ᠋ᠢᠨ ᠶᠣᠰᠣᠨ ᠪᠤᠰᠤ ᠪᠣᠯᠤᠮᠤᠢ᠂ ᠦᠯᠦ ᠬᠠᠮᠢᠶᠠᠷᠤᠨ ᠦᠯᠦ ᠮᠡᠳᠡᠭᠴᠢ ᠪᠣᠯᠤᠨ ᠲᠥᠷᠬᠥᠮ ᠮᠥᠬᠥᠪᠡᠰᠦ ᠡᠴᠢᠭᠡ ᠶ᠋ᠢᠨ ᠰᠠᠨᠠᠭᠠᠨ ᠠ᠋ᠴᠠ ᠵᠥᠷᠢᠴᠡᠭᠡᠳ ᠨᠢᠭᠡᠨ ᠤᠯᠤᠰ ᠮᠥᠬᠥᠮᠦᠢ᠃ ᠡᠰᠡ ᠮᠡᠳᠡᠭᠰᠡᠨ ᠪᠣᠯᠪᠠᠰᠤ ᠮᠥᠨ ᠵᠦᠢ᠂ ᠨᠢᠭᠡᠨᠲᠡ ᠮᠡᠳᠡᠨ ᠪᠥᠭᠡᠲᠡᠯ᠎ᠡ ᠬᠣᠶᠠᠷ ᠡᠲᠡᠭᠡᠳ ᠲᠦᠪᠰᠢᠨ ᠪᠣᠯᠬᠤ ᠠᠨᠤ ᠴᠣᠬᠣᠮ ᠵᠦᠢ᠂ ᠣᠷᠣᠯᠳᠣᠭᠠᠳ ᠡᠰᠡ ᠪᠣᠯᠪᠠᠰᠤ ᠲᠡᠭᠷᠢ ᠶ᠋ᠢᠨ ᠲᠣᠭ᠎ᠠ᠂ ᠮᠢᠨᠦ ᠪᠡᠶ᠎ᠡ ᠳ᠋ᠦ᠍ᠷ ᠲᠥᠷᠬᠥᠮ ᠪᠠ ᠬᠠᠳᠠᠮ ᠳ᠋ᠤᠷ ᠶᠠᠯ᠎ᠠ ᠦᠭᠡᠢ ᠪᠣᠯᠬᠤ ᠪᠥᠭᠡᠳ ᠮᠢᠨᠦ ᠰᠡᠳᠬᠢᠯ ᠴᠦ᠍ ᠮᠥᠨ ᠭᠦᠢᠴᠡᠮᠦᠢ ! 》① ᠬᠡᠮᠡᠭᠰᠡᠨ ᠳ᠋ᠦ᠍ᠷ ᠲᠠᠢᠽᠢ ᠴᠠᠭᠠᠲᠠᠢ ᠰᠠᠢᠰᠢᠶᠠᠨ ᠮᠠᠭᠲᠠᠵᠤ ᠭᠠᠷᠴᠤ ᠢᠷᠡᠨ ᠣᠯᠠᠨ ᠲᠡᠢᠰᠢ᠂ ᠲᠠᠢᠪᠤᠤ ᠨᠠᠷ ᠯᠤᠭ᠎ᠠ ᠵᠥᠪᠯᠡᠪᠡᠰᠦ ᠠᠢᠯᠠᠳᠬᠠᠬᠤᠢ ᠳ᠋ᠤᠷ ᠪᠡᠷᠬᠡ᠂ ᠤᠷᠪᠠᠭᠰᠠᠨ ᠶᠠᠪᠤᠳᠠᠯ ᠢᠯᠡᠷᠡᠭᠡᠳᠦᠢ ᠡᠨᠡ ᠬᠡᠷᠡᠭ ᠢ ᠲᠠᠢᠽᠢ ᠭᠡᠷ ᠦ᠋ᠨ ᠬᠡᠷᠡᠭ ᠲᠦ᠍ᠷ ᠠᠢᠯᠠᠳᠬᠠᠪᠠᠰᠤ ᠵᠣᠬᠢᠮᠤᠢ ᠬᠡᠮᠡᠭᠰᠡᠨ ᠳ᠋ᠦ᠍ᠷ ᠴᠠᠭᠠᠲᠠᠢ ᠮᠥᠨ ᠭᠡᠮᠡᠨ ᠬᠠᠭᠠᠨ ᠤ᠋ ᠭᠡᠷ ᠦ᠋ᠨ ᠬᠡᠷᠡᠭ ᠦ᠋ᠨ ᠬᠠᠷᠰᠢ ᠳ᠋ᠤᠷ ᠭᠠᠷᠴᠤ ᠡᠳᠡᠭᠡᠷ ᠤᠴᠢᠷ ᠢ᠋ ᠲᠣᠳᠣᠷᠬᠠᠢᠯᠠᠨ ᠠᠢᠯᠠᠳᠬᠠᠭᠰᠠᠨ ᠳ᠋ᠤᠷ ᠴᠠᠭᠠᠲᠠᠢ ᠶ᠋ᠢᠨ ᠪᠡᠷᠢ ᠳ᠋ᠦ᠍ᠷ《ᠤᠬᠠᠭᠠᠨᠲᠠᠢ 》 ᠴᠣᠯᠠ ᠬᠠᠢᠷᠠᠯᠠᠨ ᠰᠠᠢᠰᠢᠶᠠᠵᠤ᠂ ᠳᠠᠷᠤᠢ ᠴᠠᠭᠠᠲᠠᠢ ᠶ᠋ᠢᠨ ᠪᠡᠶ᠎ᠡ ᠪᠡᠷ ᠭᠡᠷ ᠦ᠋ᠨ ᠬᠡᠷᠡᠭ ᠲᠦ᠍ᠷ ᠰᠢᠯᠲᠠᠵᠤ᠂ ᠰᠢᠶᠠ ᠤᠯᠤᠰ ᠲᠤᠷ ᠯᠢ ᠽᠦᠨ ᠰᠢᠦᠢ ᠶ᠋ᠢ ᠠᠪᠤᠭᠤᠯᠤᠷ᠎ᠠ ᠢᠯᠡᠭᠡᠪᠡ᠃
– – – –
① ᠰᠢᠶᠠ ᠤᠯᠤᠰ ᠤ᠋ᠨ ᠽᠦᠨ ᠢᠩ ᠭᠦᠩᠵᠦ ᠠᠯᠲᠠᠨ ᠤᠯᠤᠰ ᠤ᠋ᠨ ᠴᠢ ᠭᠦᠸᠧ ᠭᠦᠩᠵᠦ ᠴᠥᠮ ᠮᠣᠩᠭᠣᠯ ᠤ᠋ᠨ ᠪᠡᠷᠢᠶᠡᠳ ᠪᠣᠯᠤᠭᠠᠳ ᠠᠯᠲᠠᠨ ᠤᠯᠤᠰ ᠤ᠋ᠨ ᠴᠢ ᠭᠦᠸᠧ ᠭᠦᠩᠵᠦ ᠶ᠋ᠢᠨ ᠬᠣᠷᠣᠰᠤᠯ ᠴᠥᠮ ᠠᠯᠲᠠᠨ ᠤᠯᠤᠰ ᠲᠤᠷ ᠪᠣᠢ ᠠᠨᠤ ᠡᠴᠢᠭᠡ ᠶ᠋ᠢᠨ ᠲᠥᠯᠥᠭᠡ ᠬᠡᠮᠡᠬᠦᠯ᠎ᠡ ᠰᠢᠶᠠ ᠤᠯᠤᠰ ᠤ᠋ᠨ ᠽᠦᠨ ᠢᠩ ᠭᠦᠩᠵᠦ ᠶ᠋ᠢᠨ ᠪᠣᠳᠣᠯ ᠰᠢᠶᠠ ᠤᠯᠤᠰ ᠲᠤᠷ ᠪᠠᠢᠬᠤ ᠠᠨᠤ ᠮᠥᠨ ᠬᠦ᠌ ᠡᠴᠢᠭᠡ ᠶ᠋ᠢᠨ ᠲᠥᠯᠥᠭᠡ᠂ ᠡᠨᠡ ᠬᠣᠶᠠᠷ ᠤ᠋ᠨ ᠡᠴᠢᠭᠡ ᠶ᠋ᠢᠨ ᠲᠥᠯᠥᠭᠡ ᠶ᠋ᠢ ᠴᠥᠮ ᠨᠢᠭᠡᠨ ᠭᠡᠷ ᠲᠦ᠍ᠷ ᠢᠨᠦ ᠪᠥᠭᠡᠳ ᠤᠴᠢᠷ ᠴᠢᠨᠠᠷ ᠶᠠᠭᠤᠲᠠᠢ ᠡᠨᠡ ᠮᠡᠲᠦ ᠬᠣᠶᠠᠷ ᠥᠭᠡᠷ᠎ᠡ ᠴᠥᠮ ᠪᠤᠷᠤᠭᠤ ᠭᠡᠮᠡᠨ ᠪᠣᠯᠬᠤ ᠦᠭᠡᠢ᠃
ᠲᠡᠳᠦᠢ ᠴᠠᠭᠠᠲᠠᠢ ᠤᠯᠤᠰ ᠤ᠋ᠨ ᠵᠢᠭᠰᠠᠭᠠᠯ ᠢ᠋ ᠠᠪᠴᠤ ᠤᠷᠤᠭ ᠤ᠋ᠨ ᠶᠣᠰᠣᠭᠠᠷ ᠰᠢᠶᠠ ᠤᠯᠤᠰ ᠲᠤᠷ ᠡᠴᠢᠪᠡ᠃ ᠰᠢᠶᠠ ᠤᠯᠤᠰ ᠤ᠋ᠨ ᠯᠢ ᠽᠦᠨ ᠰᠢᠦᠢ ᠠᠯᠲᠠᠨ ᠤᠯᠤᠰ ᠤ᠋ᠨ ᠫᠦ ᠰᠢᠶᠠᠨ ᠸᠠᠨ ᠨᠥ᠍ ᠶ᠋ᠢᠨ ᠰᠢᠨ᠎ᠡ ᠪᠠᠢᠭᠤᠯᠤᠭᠰᠠᠨ ᠳᠣᠣᠷᠠᠲᠤ ᠰᠢᠶᠠ ᠤᠯᠤᠰ ᠲᠤᠷ ᠡᠳᠦᠭᠡᠭᠳᠡᠭᠰᠡᠭᠡᠷ ᠪᠡᠶ᠎ᠡ ᠰᠡᠳᠬᠢᠯ ᠨᠢᠭᠡᠨᠲᠡ ᠰᠢᠭᠤᠳᠴᠤ ᠭᠠᠭᠴᠠ ᠮᠣᠩᠭᠣᠯ ᠤᠯᠤᠰ ᠤ᠋ᠨ ᠬᠠᠲᠠᠭᠤ ᠴᠢᠭᠢᠷᠠᠭ ᠡᠴᠡ ᠠᠶᠤᠵᠤ ᠠᠷᠭ᠎ᠠ ᠶ᠋ᠢ ᠪᠣᠳᠣᠬᠤᠢ ᠳ᠋ᠤᠷ ᠳᠣᠣᠷᠠᠲᠤ ᠲᠦᠰᠢᠮᠡᠳ ᠢᠨᠦ ᠢᠳᠬᠠᠨ ᠴᠥᠮ ᠤᠷᠪᠠᠬᠤ ᠶ᠋ᠢ ᠬᠣᠷᠢᠭᠯᠠᠬᠤ ᠲᠤᠯᠠ ᠠᠷᠭ᠎ᠠ ᠵᠠᠪᠬᠠᠷᠠᠨ ᠭᠡᠨᠡᠳᠲᠡ ᠰᠢ ᠯᠢᠶᠠᠩ ᠤ᠋ᠨ ᠭᠠᠵᠠᠷ ᠢ᠋ ᠰᠠᠨᠠᠭᠠᠯᠵᠠᠵᠤ ᠬᠡᠷᠪᠡ ᠳᠠᠷᠤᠭᠳᠠᠪᠠᠰᠤ ᠲᠡᠨᠳᠡ ᠡᠴᠢᠵᠦ ᠳᠠᠬᠢᠨ ᠪᠠᠢᠭᠤᠯᠵᠤ ᠪᠣᠯᠬᠤ ᠶ᠋ᠢ ᠪᠣᠳᠣᠨ᠂ ᠤᠯᠤᠰ ᠤ᠋ᠨ ᠰᠠᠢᠳ ᠲᠤᠰᠢᠮᠡᠳ ᠡᠴᠡ ᠪᠡᠨ ᠨᠢᠭᠤᠵᠤ ᠪᠤᠰᠤ ᠰᠢᠯᠲᠠᠭ ᠵᠢᠭᠠᠵᠤ ᠬᠡᠳᠦᠨ ᠵᠠᠭᠤᠨ ᠮᠣᠷᠢᠲᠠᠨ ᠢ᠋ ᠠᠪᠴᠤ ᠰᠢ ᠯᠢᠶᠠᠩ ᠤ᠋ᠨ ᠭᠠᠵᠠᠷ ᠢ᠋ ᠦᠵᠡᠷ᠎ᠡ ᠡᠴᠢᠪᠡ᠃ ᠳᠠᠭᠠᠯᠳᠤᠭ᠎ᠠ ᠴᠠᠭᠠᠲᠠᠢ ᠴᠢᠨ ᠸᠠᠩ ᠬᠦᠷᠴᠦ ᠢᠷᠡᠭᠡᠳ ᠯᠢ ᠽᠦᠨ ᠰᠢᠦᠢ ᠶ᠋ᠢᠨ ᠰᠢ ᠯᠢᠶᠠᠩ ᠳ᠋ᠤᠷ ᠡᠴᠢᠭᠰᠡᠨ ᠢ᠋ ᠰᠣᠨᠣᠰᠴᠤ ᠬᠡᠷᠡᠭ ᠨᠠᠢ᠍ᠮᠠ ᠶᠢᠰᠦᠨ ᠬᠤᠪᠢ ᠪᠣᠯᠤᠭᠰᠠᠨ ᠢ ᠮᠡᠳᠡᠵᠦ᠂ ᠮᠥᠨ ᠬᠦ᠌ ᠪᠤᠰᠤ ᠰᠢᠯᠲᠠᠭ ᠵᠢᠭᠠᠨ᠂ ᠬᠣᠢᠲᠤ ᠵᠢᠯ ᠳᠣᠷᠣᠨ᠎ᠠ ᠰᠢᠶᠠ ᠶ᠋ᠢ ᠳᠠᠢᠯᠠᠬᠤ ᠲᠤᠯᠠ ᠡᠷᠬᠡᠪᠰᠢ ᠨᠢᠭᠤᠷ ᠵᠣᠯᠭᠠᠵᠤ ᠵᠥᠪᠯᠡᠬᠦ ᠬᠡᠷᠡᠭ ᠪᠣᠢ ᠭᠡᠮᠡᠨ ᠬᠣᠢᠨ᠎ᠠ ᠠ᠋ᠴᠠ ᠨᠡᠬᠡᠨ ᠡᠴᠢᠵᠦ ᠰᠢ ᠯᠢᠶᠠᠩ ᠳ᠋ᠤᠷ ᠬᠦᠷᠴᠦ ᠬᠠᠷᠢᠯᠴᠠᠨ ᠵᠣᠯᠭᠠᠭᠠᠳ ᠬᠣᠢᠲᠤ ᠵᠢᠯ ᠤᠷᠪᠠᠭᠰᠠᠨ ᠬᠤᠯᠠᠭᠠᠢ ᠫᠦ ᠰᠢᠶᠠᠨ ᠶᠠᠨ ᠨᠥ᠍ ᠶ᠋ᠢ ᠳᠠᠢᠯᠠᠵᠤ᠂ ᠨᠢᠭᠡᠨ ᠵᠠᠮ ᠰᠥᠩ ᠤᠯᠤᠰ ᠤ᠋ᠨ ᠭᠠᠵᠠᠷ ᠢ᠋ᠶ᠋ᠠᠷ ᠠᠯᠲᠠᠨ ᠤᠯᠤᠰ ᠲᠤᠷ ᠣᠷᠣᠬᠤ ᠶ᠋ᠢ ᠵᠥᠪᠯᠡᠷᠡ ᠴᠢᠮᠠᠶ᠋ᠢ ᠠᠪᠤᠷᠠ ᠢᠷᠡᠪᠡ ᠬᠡᠮᠡᠭᠰᠡᠨ ᠳ᠋ᠦ᠍ᠷ ᠯᠢ ᠽᠦᠨ ᠰᠢᠦᠢ ᠬᠡᠳᠦᠢ ᠰᠡᠵᠢᠭᠯᠡᠪᠡᠴᠦ ᠠᠷᠭ᠎ᠠ ᠦᠭᠡᠢ ᠬᠠᠮᠲᠤ ᠤᠯᠤᠰ ᠲᠤᠷ ᠢᠷᠡᠵᠦ᠂ ᠪᠠᠰᠠ ᠳ᠋ᠠᠢᠳᠦ᠋ ᠳ᠋ᠦ᠍ᠷ ᠢᠷᠡᠬᠦᠢ ᠳ᠋ᠦ᠍ᠷ ᠯᠢ ᠽᠦᠨ ᠰᠢᠦᠢ ᠠᠰᠠᠭᠤᠷᠤᠨ : 《ᠶᠠᠮᠠᠷ ᠴᠢᠬᠤᠯᠠ ᠵᠥᠪᠯᠡᠯ ᠪᠠ ᠵᠠᠷᠯᠢᠭ ᠪᠠᠢᠪᠠᠴᠤ ᠳᠠᠷᠤᠢ ᠵᠠᠬᠢᠪᠠᠰᠤ ᠪᠠᠷᠠᠪᠠ᠂ ᠣᠨᠴᠠ ᠪᠡᠶ᠎ᠡ ᠪᠡᠷ ᠬᠦᠷᠬᠦ ᠢᠨᠦ ᠶᠠᠭᠤᠨ ? 》ᠴᠠᠭᠠᠲᠠᠢ ᠥᠭᠦᠯᠡᠷᠦᠨ : 《ᠬᠠᠳᠠᠮ ᠠᠬ᠎ᠠ ᠡᠰᠡ ᠮᠡᠳᠡᠵᠦᠬᠦᠢ᠂ ᠡᠳᠦᠭᠡ ᠯᠢᠶᠣᠣ ᠳ᠋ᠦᠩ ᠦ᠋ᠨ ᠶᠧ ᠯᠢᠦᠢ ᠯᠢᠦ ᠭᠧ ᠶ᠋ᠢᠨ ᠨᠢᠭᠡᠨ ᠠᠩᠭᠢ ᠬᠣᠲᠠ ᠶ᠋ᠢ ᠱᠠᠨ ᠱᠧ ᠡᠵᠡᠯᠡᠵᠦ ᠪᠣᠢ᠂ ᠬᠠᠭᠠᠨ ᠡᠴᠢᠭᠡ ᠴᠢᠮ᠎ᠠ ᠯᠤᠭ᠎ᠠ ᠵᠥᠪᠯᠯᠡᠵᠦ ᠴᠢᠨᠦ ᠴᠢᠳᠠᠯ ᠲᠠᠢ ᠵᠠᠩᠵᠤᠨ ᠢ ᠬᠡᠷᠡᠭᠯᠡᠵᠦ ᠢᠯᠡᠬᠡᠨ ᠯᠢᠶᠣᠣ ᠳ᠋ᠦᠩ ᠢ᠋ ᠨᠡᠢᠭᠡᠮ ᠪᠣᠯᠭᠠᠰᠤᠭᠠᠢ ᠬᠡᠮᠡᠮᠦᠢ᠃ ᠴᠢ ᠡᠰᠡ ᠡᠴᠢᠪᠡᠰᠦ ᠦᠯᠦ ᠪᠣᠯᠤᠮᠤᠢ ! 》ᠬᠡᠮᠡᠬᠦᠢ ᠳ᠋ᠦ᠍ ᠯᠢ ᠽᠦᠨ ᠰᠢᠦᠢ ᠠᠷᠭ᠎ᠠ ᠦᠭᠡᠢ ᠬᠠᠮᠲᠤ ᠢᠷᠡᠵᠦ ᠬᠠᠭᠠᠨ ᠳ᠋ᠤᠷ ᠮᠥᠷᠭᠥᠨ ᠵᠣᠯᠭᠠᠵᠤ ᠥᠷᠥᠰᠢᠶᠡᠬᠦ ᠵᠠᠷᠯᠢᠭ ᠢ᠋ ᠰᠣᠨᠣᠰᠴᠤ ᠥᠬᠢᠨ ᠳᠡᠭᠦᠦ ᠳ᠋ᠦ᠍ᠷ ᠢ᠋ᠶ᠋ᠡᠨ ᠤᠴᠠᠷᠠᠵᠤ ᠵᠢᠭᠠᠬᠤ ᠦᠭᠡᠰ ᠢ᠋ ᠠᠪᠴᠤ ᠬᠣᠢᠲᠤ ᠵᠢᠯ ᠮᠣᠩᠭᠣᠯ ᠤ᠋ᠨ ᠴᠡᠷᠢᠭ ᠯᠦ᠍ᠭᠡ ᠨᠡᠢᠯᠡᠵᠦ ᠯᠢᠶᠣᠣ ᠳ᠋ᠦᠩ ᠦ᠋ᠨ ᠤᠷᠪᠠᠭᠰᠠᠨ ᠰᠢᠶᠠᠨ ᠱᠧ ᠶ᠋ᠢ ᠳᠠᠢᠯᠠᠬᠤ ᠪᠠᠷ ᠲᠣᠭᠲᠠᠨ ᠬᠠᠷᠢᠭᠤᠯᠵᠤ ᠤᠯᠤᠰ ᠤ᠋ᠨ ᠴᠡᠷᠢᠭ ᠢ᠋ᠶ᠋ᠡᠨ ᠪᠡᠯᠡᠳᠭᠡ ᠬᠡᠮᠡᠪᠡ᠃ ᠡᠨᠡ ᠢᠨᠦ ᠪᠤᠰᠤᠳ ᠢ᠋ ᠳᠠᠷᠤᠵᠤ ᠲᠡᠭᠦᠨ ᠢ᠋ ᠨᠣᠮᠣᠬᠠᠳᠬᠠᠬᠤ ᠠᠷᠭ᠎ᠠ ᠮᠥᠨ᠃ ᠡᠨᠡ ᠦᠶ᠎ᠡ ᠳ᠋ᠦ᠍ᠷ ᠱᠠᠨ ᠱᠧ ᠶ᠋ᠢᠨ ᠳᠡᠭᠦᠦ ᠰᠢᠶᠠᠨ ᠱᠧ ᠰᠣᠯᠣᠩᠭᠣᠰ ᠤᠯᠤᠰ ᠤ᠋ᠨ ᠵᠠᠬ᠎ᠠ ᠶ᠋ᠢ ᠪᠤᠯᠢᠶᠠᠵᠤ ᠴᠡᠷᠢᠭ ᠡᠯᠰᠡᠵᠦ᠂ ᠯᠢᠶᠣᠣ ᠳ᠋ᠦᠩ ᠢ᠋ ᠳᠠᠬᠢᠨ ᠠᠪᠬᠤᠢ ᠶ᠋ᠢ ᠪᠡᠯᠡᠳᠬᠡᠬᠦᠢ ᠳ᠋ᠦ᠍ᠷ ᠶᠧ ᠯᠢᠦᠢ ᠯᠢᠦ ᠭᠧ ᠬᠠᠭᠠᠨ ᠳ᠋ᠤᠷ ᠠᠢᠯᠠᠳᠬᠠᠨ ᠴᠡᠷᠢᠭ ᠭᠤᠶᠤᠭᠰᠠᠨ ᠳ᠋ᠤᠷ ᠬᠠᠭᠠᠨ ᠳᠡᠭᠡᠳᠦ ᠲᠠᠢᠹᠦ᠋ ᠲᠦᠰᠢᠮᠡᠯ ᠪᠦᠲᠦᠨ᠎ᠡ ᠶ᠋ᠢᠨ ᠢᠯᠠᠭᠤᠭᠰᠠᠨ ᠤ᠋ ᠬᠥᠪᠡᠭᠦᠨ ᠬᠠᠵᠤᠰᠢᠯ ᠢ᠋ ᠵᠡᠭᠦᠨ ᠢ ᠲᠣᠭᠲᠠᠭᠠᠬᠤ ᠶᠡᠬᠡ ᠵᠠᠩᠵᠤᠨ ᠪᠣᠯᠭᠠᠵᠤ᠂ ᠠᠷᠪᠠᠨ ᠲᠦᠮᠡᠨ ᠴᠡᠷᠢᠭ ᠥᠭᠴᠦ ᠯᠢᠶᠣᠣ ᠳ᠋ᠦᠩ ᠦ᠋ᠨ ᠰᠢᠶᠠᠨ ᠱᠧ ᠪᠠ ᠰᠣᠯᠣᠩᠭᠣᠰ ᠤᠯᠤᠰ ᠢ᠋ ᠳᠠᠢᠯᠠᠵᠤ ᠲᠣᠭᠲᠠᠭ᠎ᠠ ᠭᠡᠮᠡᠨ ᠵᠠᠷᠯᠢᠭ ᠪᠠᠭᠤᠯᠭᠠᠪᠠ᠃ ᠡᠨᠡ ᠵᠠᠷᠯᠢᠭ ᠪᠠᠭᠤᠭᠠᠳ ᠪᠠᠰᠠ ᠬᠠᠭᠠᠨ ᠤ᠋ ᠮᠣᠳᠣᠷ ᠢ᠋ᠶ᠋ᠠᠷ ᠶᠧ ᠯᠢᠦᠢ ᠯᠢᠦ ᠭᠧ ᠳ᠋ᠦ᠍ᠷ ᠥᠪᠡᠷ᠎ᠡ ᠠᠷᠭ᠎ᠠ ᠰᠤᠷᠭᠠᠨ᠂ ᠬᠥᠪᠡᠭᠦᠨ ᠰᠢᠦᠸᠠᠢ ᠱᠧ ᠳ᠋ᠦ᠍ᠷ ᠪᠠᠷᠢᠭᠤᠯᠵᠤ ᠢᠯᠡᠭᠡᠭᠰᠡᠨ᠎ᠡ᠂ ᠶᠧ ᠯᠢᠦᠢ ᠯᠢᠦ ᠭᠧ ᠦᠵᠡᠭᠡᠳ ᠶᠡᠬᠡᠯ᠎ᠡ ᠪᠠᠶᠠᠷᠯᠠᠨ᠂ ᠨᠢᠭᠡᠨᠲᠡᠭᠡᠭᠦᠷ ᠪᠠᠰᠠ ᠬᠠᠭᠤᠴᠢᠨ ᠬᠢᠳᠠᠨ ᠤᠯᠤᠰ ᠤ᠋ᠨ ᠡᠵᠡᠨ ᠯᠦ᠍ ᠭᠧ ᠶ᠋ᠢᠨ ᠱᠠᠨ ᠤᠯᠤᠰ ᠢ᠋ ᠡᠵᠡᠯᠡᠵᠦ ᠪᠡᠶ᠎ᠡ ᠪᠡᠨ ᠶᠡᠬᠡ ᠶᠤᠸᠠᠨᠱᠤᠸᠠᠢ ᠭᠡᠮᠡᠨ ᠶᠠᠪᠤᠬᠤ ᠲᠤᠯᠠ ᠲᠡᠭᠦᠨ ᠢ᠋ ᠮᠥᠨ ᠡᠴᠢᠵᠦ ᠬᠠᠪᠰᠤᠷᠬᠤ ᠶ᠋ᠢ ᠭᠤᠶᠤᠭᠰᠠᠨ ᠳ᠋ᠤᠷ ᠯᠦ᠍ ᠭᠧ ᠦᠭᠡ ᠶ᠋ᠢ ᠳᠠᠭᠠᠪᠠ᠃ ᠪᠠᠰᠠ ᠨᠢᠭᠡᠨᠲᠡᠭᠡᠭᠦᠷ ᠰᠢᠨ᠎ᠡ ᠪᠠᠢᠭᠤᠯᠤᠭᠰᠠᠨ ᠳᠣᠷᠣᠨᠠᠲᠤ ᠰᠢᠶᠠ ᠤᠯᠤᠰ ᠤ᠋ᠨ ᠡᠵᠡᠨ ᠫᠦ ᠰᠢᠶᠠᠨ ᠸᠠᠨ ᠨᠥ᠍ ᠡᠴᠡ ᠴᠡᠷᠢᠭ ᠲᠤᠰᠠᠯᠠᠬᠤ ᠶ᠋ᠢ ᠭᠤᠶᠤᠭᠰᠠᠨ ᠳ᠋ᠤᠷ ᠫᠦ ᠰᠢᠶᠠᠨ ᠸᠠᠨ ᠨᠦ᠍ ᠮᠥᠨ ᠠᠷᠪᠠᠨ ᠲᠦᠮᠡᠨ ᠴᠡᠷᠢᠭ ᠲᠤᠰᠠᠯᠠᠬᠤ ᠪᠠᠷ ᠲᠣᠭᠲᠠᠪᠠ᠃ ᠶᠧ ᠯᠢᠦᠢ ᠯᠢᠦ ᠭᠧ ᠶᠡᠬᠡᠯ᠎ᠡ ᠪᠠᠶᠠᠷᠯᠠᠨ ᠪᠠᠰᠠ ᠰᠣᠯᠣᠩᠭᠣᠰ ᠤᠯᠤᠰ ᠤ᠋ᠨ ᠸᠠᠩ – ᠴᠧ ᠸᠠᠩ ᠳ᠋ᠤᠷ ᠡᠴᠢᠵᠦ ᠴᠡᠷᠢᠭ ᠭᠤᠶᠤᠭᠰᠠᠨ ᠳ᠋ᠤᠷ ᠴᠧ ᠸᠠᠩ ᠭᠠᠵᠠᠷ ᠢ᠋ᠶ᠋ᠠᠨ ᠳᠠᠪᠴᠢᠯᠬᠠᠳᠠᠨ ᠪᠠᠢᠬᠤ ᠲᠤᠯᠠ ᠳᠤᠷᠠᠲᠠᠶ᠎ᠠ ᠳᠥᠴᠢᠨ ᠲᠦᠮᠡᠨ ᠴᠡᠷᠢᠭ ᠥᠭᠴᠦ ᠡᠳᠡᠭᠡᠷ ᠢ ᠨᠡᠢᠯᠡᠭᠦᠯᠦᠨ ᠬᠣᠢᠨ᠎ᠠ ᠬᠠᠭᠠᠨ ᠤ᠋ ᠨᠢᠭᠤᠴᠠ ᠵᠠᠷᠯᠢᠭ ᠪᠦᠲᠦᠭᠰᠡᠨ ᠤᠴᠢᠷ ᠢ᠋ ᠤᠷᠢᠳᠠ ᠰᠣᠨᠣᠰᠬᠠᠨ ᠠᠢᠯᠠᠳᠬᠠᠪᠠ᠃ ᠬᠠᠭᠠᠨ ᠶᠧ ᠯᠢᠦᠢ ᠯᠢᠦ ᠭᠧ ᠶ᠋ᠢᠨ ᠴᠢᠩ ᠦᠨᠡᠨ ᠳ᠋ᠦ᠍ᠷ ᠪᠡᠶᠡᠰᠦᠨ ᠰᠠᠢᠰᠢᠶᠠᠵᠤ ᠳᠡᠪᠡᠯ ᠮᠠᠯᠠᠭ᠎ᠠ᠂ ᠬᠤᠶᠠᠭ ᠳᠤᠭᠤᠯᠠᠭ᠎ᠠ᠂ ᠨᠤᠮᠤ ᠰᠠᠭᠠᠳᠠᠭ᠂ ᠡᠮᠡᠭᠡᠯ ᠬᠠᠵᠠᠭᠠᠷ᠂ ᠶᠡᠬᠡ ᠸᠠᠩ ᠤ᠋ᠨ ᠵᠢᠭᠰᠠᠭᠠᠯ ᠤ᠋ᠨ ᠰᠢᠬᠦᠷ ᠬᠠᠯᠠᠬᠠᠪᠴᠢ ᠲᠤᠭ ᠳᠠᠯᠪᠠᠭ᠎ᠠ ᠶ᠋ᠢᠨ ᠵᠦᠢᠯ ᠢ᠋ ᠬᠥᠪᠡᠭᠦᠨ ᠳ᠋ᠦ᠍ᠷ ᠢᠨᠦ ᠪᠠᠷᠢᠭᠤᠯᠵᠤ ᠱᠠᠩᠨᠠᠨ ᠢᠯᠡᠭᠡᠪᠡ᠃ ᠶᠧ ᠯᠢᠦᠢ ᠯᠢᠦ ᠭᠧ ᠵᠠᠭᠤᠨ ᠭᠠᠵᠠᠷ ᠤ᠋ᠨ ᠦᠵᠦᠭᠦᠷ ᠤᠯᠤᠰ ᠤ᠋ᠨ ᠬᠣᠲᠠᠯᠠᠭᠠᠷ ᠢ ᠠᠪᠴᠤ ᠬᠦᠵᠢᠰ ᠦ᠋ᠨ ᠰᠢᠷᠡᠭᠡ ᠪᠡᠯᠡᠳᠴᠦ ᠮᠥᠷᠭᠥᠵᠦ ᠤᠭᠲᠤᠨ ᠠᠪᠤᠪᠠ᠃ ᠡᠭᠦᠨ ᠳ᠋ᠦ᠍ᠷ ᠰᠣᠯᠣᠩᠭᠣᠰ ᠤᠯᠤᠰ᠂ ᠬᠢᠳᠠᠨ ᠤᠯᠤᠰ ᠶᠡᠬᠡᠯ᠎ᠡ ᠭᠠᠢᠬᠠᠯᠳᠤᠨ ᠪᠥᠭᠡᠳ ᠪᠠᠰᠠ ᠴᠤ᠌ ᠶᠡᠬᠡᠯ᠎ᠡ ᠠᠶᠤᠯᠳᠤᠪᠠ᠃ ᠡᠭᠦᠨ ᠢ᠋ ᠳᠣᠣᠷᠠᠲᠤ ᠪᠦᠯᠦᠭ ᠲᠣᠷ ᠦᠵᠡᠭᠳᠡᠬᠦᠢ᠃
ᠰᠤᠳᠤᠷᠴᠢ ᠲᠠᠢᠵᠢ ᠢᠨᠵᠠᠨᠨᠠᠰᠢ ᠶ᠋ᠢᠨ ᠰᠤᠯᠠ ᠰᠢᠯᠦᠭ ᠢᠨᠦ :
ᠠᠴᠢᠯᠠᠯ ᠦᠨᠡᠨ ᠳ᠋ᠦ᠍ᠷ ᠲᠠᠢᠬᠡᠦ ᠶ᠋ᠢ ᠰᠤᠪᠢᠯᠠᠵᠤ ᠬᠠᠰ ᠤ᠋ᠨ ᠰᠤᠪᠤᠷᠭ᠎ᠠ ᠶ᠋ᠢ ᠪᠦᠲᠦᠭᠡᠪᠡ
ᠠᠭᠤᠳᠠᠮ ᠮᠡᠷᠭᠡᠨ ᠳ᠋ᠦ᠍ᠷ ᠤᠴᠢᠷ ᠢ᠋ ᠨᠡᠬᠡᠮᠵᠢᠯᠡᠨ ᠶᠧ ᠯᠢᠦᠢ ᠴᠦ ᠼᠠᠢ ᠶ᠋ᠢ ᠪᠢᠰᠢᠷᠡᠭᠦᠯᠪᠡ᠂
ᠠᠰᠠᠷᠠᠯ ᠶᠡᠬᠡ ᠳ᠋ᠦ᠍ᠷ ᠲᠠᠢᠱ᠌ᠢ ᠶ᠋ᠢ ᠡᠷᠭᠦᠵᠦ ᠠᠯᠲᠠᠨ ᠤ᠋ ᠬᠠᠪᠲᠠᠭᠠᠢᠯᠠᠯ ᠬᠠᠢᠷᠠᠯᠠᠪᠠ
ᠠᠰᠤᠷᠤ ᠭᠡᠭᠡᠬᠡᠨ ᠳ᠋ᠦ᠍ᠷ ᠴᠡᠷᠢᠭ ᠢ᠋ ᠢᠯᠡᠭᠡᠵᠦ ᠫᠦ ᠰᠢᠶᠠᠨ ᠸᠠᠨ ᠨᠦ᠍ ᠶ᠋ᠢ ᠳᠠᠭᠠᠭᠤᠯᠪᠠ᠃
