ᠪᠢᠴᠢᠬᠠᠨ ᠰᠠᠮᠵᠠ ᠠ᠋ᠴᠠ ᠴᠢᠨᠢ ᠬᠡᠳᠦᠢ ᠦᠯᠢᠭᠡᠷ ᠭᠠᠷᠬᠤ ᠪᠣᠢ-ᠮᠣᠩᠭᠣᠯ ᠬᠡᠪᠰᠢᠭᠰᠡᠨ ᠦᠭᠡ04
ᠪᠢᠴᠢᠬᠠᠨ ᠰᠠᠮᠵᠠ ᠠ᠋ᠴᠠ ᠴᠢᠨᠢ ᠬᠡᠳᠦᠢ ᠦᠯᠢᠭᠡᠷ ᠭᠠᠷᠬᠤ ᠪᠣᠢ
ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ (4)
ᠨᠠᠮᠵᠢᠯ
ᠪᠢᠴᠢᠬᠠᠨ ᠰᠠᠮᠵᠠ ᠠ᠋ᠴᠠ ᠴᠢᠨᠢ ᠬᠡᠳᠦᠢ ᠦᠯᠢᠭᠡᠷ ᠭᠠᠷᠬᠤ ᠪᠣᠢ
ᠡᠷᠲᠡ ᠤᠷᠢᠳᠤ ᠴᠠᠭ ᠲᠤ᠌ ᠨᠢᠭᠡᠨ ᠡᠷ᠎ᠡ ᠡᠮ᠎ᠡ ᠬᠣᠶᠠᠭᠤᠯᠠ ᠪᠠᠢᠭᠰᠠᠨ ᠭᠡᠨ᠎ᠡ᠃ ᠨᠢᠭᠡᠨ ᠡᠳᠦᠷ ᠡᠷ᠎ᠡ ᠶ᠋ᠢᠨ ᠬᠢᠨᠢ ᠪᠠᠭ᠎ᠠ ᠶ᠋ᠢᠨ ᠰᠠᠢᠨ ᠨᠠᠢᠵᠠ ᠨᠢ ᠠᠢᠯᠴᠢᠯᠠᠵᠤ ᠢᠷᠡᠪᠡ᠃ ᠡᠨᠡ ᠡᠷ᠎ᠡ ᠡᠮ᠎ᠡ ᠬᠣᠶᠠᠭᠤᠯᠠ ᠰᠠᠢᠨ ᠨᠠᠢᠵᠠ ᠪᠠᠨ ᠦᠵᠡᠭᠡᠳ ᠪᠠᠶᠠᠷᠯᠠᠭᠰᠠᠨ ᠪᠣᠯᠪᠠᠴᠤ ᠵᠣᠴᠢᠯᠠᠵᠤ ᠳᠠᠢᠯᠠᠬᠤ ᠶᠠᠭᠤᠮ᠎ᠠ ᠦᠭᠡᠢ ᠳ᠋ᠡᠭᠡᠨ ᠰᠠᠨᠠᠭ᠎ᠠ ᠵᠣᠪᠠᠵᠠᠢ᠃ ᠡᠷ᠎ᠡ ᠨᠢ᠄
— ᠪᠢᠳᠡᠨ ᠦ᠌ ᠨᠢᠭᠡᠨ ᠪᠢᠴᠢᠬᠠᠨ ᠰᠠᠮᠵᠠ ᠪᠠᠢᠬᠤ ᠦᠭᠡᠢ ᠦᠦ? ᠡᠭᠦᠨ ᠢ᠋ ᠠᠯᠠᠭᠠᠳ ᠮᠢᠬ᠎ᠠ ᠶ᠋ᠢ ᠨᠢ ᠵᠠᠷᠤᠴᠢᠬᠠᠶᠠ ᠭᠡᠪᠡ᠃ ᠡᠬᠡᠨᠡᠷ ᠨᠢ᠄
— ᠲᠡᠭᠡᠵᠦ ᠪᠣᠯᠬᠤ ᠦᠭᠡᠢ᠂ ᠰᠠᠢᠨ ᠨᠠᠢᠵᠠ ᠳ᠋ᠠᠭᠠᠨ ᠰᠠᠮᠵᠠᠨ ᠮᠢᠬ᠎ᠠ ᠢᠳᠡᠭᠦᠯᠪᠡᠯ ᠵᠣᠬᠢᠰ ᠦᠭᠡᠢ᠂ ᠮᠡᠳᠡᠴᠢᠬᠡᠪᠡᠯ ᠶᠠᠭᠤ ᠭᠡᠰᠡᠨ ᠬᠡᠷᠡᠭ ᠪᠣᠢ? ᠭᠡᠵᠦ ᠵᠥᠪᠰᠢᠶᠡᠷᠡᠬᠦ ᠦᠭᠡᠢ ᠳ᠋ᠦ᠍ ᠡᠷ᠎ᠡ ᠨᠢ᠄
— ᠪᠢᠳᠡ ᠬᠣᠶᠠᠭᠤᠯᠠ ᠬᠡᠯᠡᠬᠦ ᠦᠭᠡᠢ ᠪᠣᠯ ᠬᠡᠨ ᠮᠡᠳᠡᠬᠦ ᠪᠣᠢ? ᠭᠡᠵᠡᠢ᠃ ᠡᠬᠡᠨᠡᠷ ᠨᠢ᠄
— ᠰᠠᠮᠵᠠ ᠶ᠋ᠢᠨ ᠮᠢᠬ᠎ᠠ ᠶᠤᠮ ᠴᠢᠨᠢ ᠰᠠᠮᠵᠠ ᠶ᠋ᠢᠨ ᠮᠢᠬ᠎ᠠ ᠭᠡᠵᠦ ᠬᠡᠯᠡᠬᠦ ᠦᠭᠡᠢ ᠶᠠᠭᠤ ᠭᠡᠵᠦ ᠬᠡᠯᠡᠬᠦ ᠪᠣᠢ? ᠭᠡᠬᠦ ᠳ᠋ᠦ᠍ ᠡᠷ᠎ᠡ ᠨᠢ᠄
ᠬᠣᠭᠣᠯᠠ ᠢᠳᠡᠬᠦ ᠳ᠋ᠦ᠍ ᠪᠢ᠂ ᠪᠢᠳᠡᠨ ᠦ᠌ ᠪᠠᠭ᠎ᠠ ᠶ᠋ᠢᠨ ᠦᠶ᠎ᠡ ᠶ᠋ᠢᠨ ᠤᠴᠢᠷ ᠢ᠋ ᠬᠡᠯᠡᠪᠡᠯ ᠦᠯᠢᠭᠡᠷ ᠰᠢᠦ ᠭᠡᠪᠡᠯ ᠴᠢ ᠰᠠᠮᠵᠠᠨ ᠮᠢᠬ᠎ᠠ ᠪᠠᠨ ᠨᠡᠮᠡᠵᠦ ᠯᠡ ᠪᠠᠢ ᠭᠡᠬᠦ ᠳ᠋ᠦ᠍ ᠡᠬᠡᠨᠡᠷ ᠨᠢ ᠠᠷᠭ᠎ᠠ ᠦᠭᠡᠢ ᠵᠥᠪᠰᠢᠶᠡᠷᠡᠪᠡ ᠭᠡᠨ᠎ᠡ᠃
ᠲᠡᠭᠡᠭᠡᠳ ᠰᠠᠮᠵᠠ ᠪᠠᠨ ᠠᠯᠠᠵᠤ ᠮᠢᠬ᠎ᠠ ᠪᠠᠷ ᠨᠢ ᠨᠣᠭᠣᠭ᠎ᠠ ᠬᠢᠵᠦ᠂ ᠵᠣᠴᠢᠨ ᠢ᠋ᠶ᠋ᠠᠨ ᠳᠠᠢᠯᠠᠪᠠ᠃ ᠡᠷ᠎ᠡ ᠨᠢ ᠬᠠᠨᠵᠤᠨ ᠭᠣᠣᠯ ᠳ᠋ᠠᠭᠠᠨ ᠵᠣᠴᠢᠨ ᠲᠠᠢ ᠪᠠᠨ ᠬᠣᠶᠠᠭᠤᠯᠠ ᠰᠢᠷᠡᠭᠡ ᠬᠠᠪᠴᠢᠨ ᠰᠠᠭᠤᠵᠤ᠂ ᠶᠡᠬᠡ ᠯᠡ ᠯᠠᠷᠵᠢᠶ᠎ᠠ ᠲᠠᠢ ᠬᠢᠲᠤᠭ᠎ᠠ ᠡᠷᠭᠢᠭᠦᠯᠵᠦ ᠮᠢᠬ᠎ᠠ ᠢᠳᠡᠵᠦ᠂ ᠬᠤᠨᠳᠠᠭ᠎ᠠ ᠡᠷᠭᠦᠨ ᠠᠷᠢᠬᠢ ᠤᠤᠭᠤᠨ ᠰᠠᠭᠤᠪᠠ ᠭᠡᠨ᠎ᠡ᠃
ᠳᠡᠮᠡᠢ ᠤᠳᠠᠭᠰᠠᠨ ᠦᠭᠡᠢ ᠰᠢᠷᠡᠭᠡᠨ ᠳᠡᠭᠡᠷᠡᠬᠢ ᠮᠢᠬ᠎ᠠ ᠨᠢ ᠪᠠᠷᠠᠭᠰᠠᠨ ᠳ᠋ᠤ᠌ ᠡᠷ᠎ᠡ ᠨᠢ᠄
— ᠪᠢᠳᠡᠨ ᠦ᠌ ᠪᠠᠭ᠎ᠠ ᠶ᠋ᠢᠨ ᠦᠶ᠎ᠡ ᠶ᠋ᠢᠨ ᠤᠴᠢᠷ ᠢ᠋ ᠬᠡᠯᠡᠪᠡᠯ ᠦᠯᠢᠭᠡᠷ ᠲᠡᠢ ᠰᠢᠦ! ᠭᠡᠵᠦ ᠬᠡᠯᠡᠭᠰᠡᠨ ᠳ᠋ᠦ᠍ ᠡᠬᠡᠨᠡᠷ ᠨᠢ ᠮᠢᠬ᠎ᠠ ᠪᠠᠨ ᠠᠪᠴᠢᠷᠠᠭᠠᠳ ᠨᠡᠮᠡᠪᠡ᠃ ᠡᠨᠡ ᠶᠠᠩᠵᠤ ᠪᠠᠷ ᠡᠷ᠎ᠡ ᠨᠢ᠄
— ᠪᠢᠳᠡᠨ ᠦ᠌ ᠪᠠᠭ᠎ᠠ ᠶ᠋ᠢᠨ ᠦᠶ᠎ᠡ ᠶ᠋ᠢᠨ ᠤᠴᠢᠷ ᠢ᠋ ᠬᠡᠯᠡᠪᠡᠯ ᠦᠯᠢᠭᠡᠷ ᠰᠢᠦ! ᠭᠡᠪᠡᠯ ᠡᠬᠡᠨᠡᠷ ᠨᠢ ᠮᠢᠬ᠎ᠠ ᠪᠠᠨ ᠨᠡᠮᠡᠵᠦ ᠯᠡ ᠪᠠᠢᠪᠠ ᠭᠡᠨ᠎ᠡ᠃ ᠭᠡᠲᠡᠯ᠎ᠡ ᠡᠷ᠎ᠡ ᠨᠢ᠄《ᠪᠠᠭ᠎ᠠ ᠶ᠋ᠢᠨ ᠦᠶ᠎ᠡ ᠶ᠋ᠢᠨ ᠤᠴᠢᠷ ᠢ᠋ ᠬᠡᠯᠡᠪᠡᠯ ᠦᠯᠢᠭᠡᠷ ᠰᠢᠦ!》 ᠭᠡᠵᠦ ᠬᠡᠯᠡᠭᠰᠡᠭᠡᠷ ᠪᠠᠢᠭᠠᠳ 《ᠦᠯᠢᠭᠡᠷ》ᠨᠢ ᠭᠠᠷᠴᠤ ᠢᠷᠡᠬᠦ ᠪᠡᠨ ᠪᠣᠯᠢᠪᠠ ᠭᠡᠨ᠎ᠡ᠃ ᠡᠷ᠎ᠡ ᠨᠢ ᠥᠨᠥᠬᠢ ᠬᠡᠯᠡᠭᠰᠡᠨ ᠢ᠋ᠶ᠋ᠡᠨ ᠳᠠᠪᠲᠠᠨ ᠶᠠᠷᠢᠭᠠᠳ ᠪᠠᠢᠬᠤ ᠳ᠋ᠤ᠌ ᠡᠬᠡᠨᠡᠷ ᠨᠢ ᠬᠦᠯᠢᠴᠡᠵᠦ ᠳᠡᠢᠯᠬᠦ ᠦᠭᠡᠢ ᠪᠣᠯᠤᠭᠠᠳ᠄
— ᠪᠢᠴᠢᠬᠠᠨ ᠰᠠᠮᠵᠠ ᠠ᠋ᠴᠠ ᠴᠢᠨᠢ ᠬᠡᠴᠢᠨᠡᠨ ᠦᠯᠢᠭᠡᠷ ᠭᠠᠷᠳᠠᠭ ᠶᠤᠮ ᠪᠣᠢ? ᠭᠡᠵᠦ ᠪᠠᠷᠬᠢᠷᠠᠪᠠ ᠭᠡᠨ᠎ᠡ᠃
ᠬᠣᠵᠢᠮ ᠨᠢ ᠬᠥᠮᠦᠰ ᠲᠤᠰ ᠦᠯᠢᠭᠡᠷ ᠢ᠋ ᠦᠨᠳᠦᠰᠦᠯᠡᠵᠦ 《ᠪᠢᠴᠢᠬᠠᠨ ᠰᠠᠮᠵᠠ ᠠ᠋ᠴᠠ ᠴᠢᠨᠢ ᠬᠡᠳᠦᠢ ᠦᠯᠢᠭᠡᠷ ᠭᠠᠷᠬᠤ ᠪᠣᠢ》 ᠭᠡᠬᠦ ᠬᠡᠪᠰᠢᠭᠰᠡᠨ ᠦᠭᠡ ᠵᠣᠬᠢᠶᠠᠵᠤ ᠬᠡᠷᠡᠭᠯᠡᠬᠦ ᠪᠣᠯᠪᠠ᠃ ᠡᠭᠦᠪᠡᠷ ᠥᠪᠡᠷ ᠦ᠋ᠨ ᠴᠢᠳᠠᠯ ᠲᠡᠩᠬᠡᠭᠡ ᠪᠡᠨ ᠮᠡᠳᠡᠬᠦ ᠦᠭᠡᠢ ᠪᠡᠷ ᠴᠤᠤᠷᠬᠠᠵᠤ ᠣᠷᠬᠢᠭᠠᠳ ᠪᠠᠢᠳᠠᠭ ᠬᠥᠮᠦᠰ ᠢ᠋ ᠶᠥᠭᠡᠳᠡᠨ ᠳᠦᠷᠰᠦᠯᠡᠬᠦ ᠪᠣᠯᠵᠠᠢ᠃ ᠪᠠᠰᠠ ᠵᠠᠷᠢᠮ ᠳ᠋ᠠᠭᠠᠨ ᠥᠪᠡᠷ ᠦ᠋ᠨ ᠪᠡᠶ᠎ᠡ ᠪᠡᠨ ᠡᠷᠳᠡᠮ ᠴᠢᠳᠠᠪᠤᠷᠢ ᠪᠠᠷ ᠳᠤᠲᠠᠮᠠᠭ᠂ ᠳᠡᠮᠡᠢ ᠶᠠᠭᠤᠮ᠎ᠠ ᠮᠡᠳᠡᠬᠦ ᠦᠭᠡᠢ ᠭᠡᠵᠦ ᠬᠥᠩᠭᠡᠮᠰᠦᠭᠯᠡᠬᠦ ᠵᠠᠩ ᠲᠠᠢ ᠬᠥᠮᠦᠰ ᠢ᠋ ᠳᠦᠷᠰᠦᠯᠡᠬᠦ ᠳ᠋ᠦ᠍ ᠴᠦ᠍ ᠡᠭᠦᠨ ᠢ᠋ ᠬᠡᠷᠡᠭᠯᠡᠳᠡᠭ ᠪᠣᠯᠵᠠᠢ᠃
ᠦᠰᠦᠭ ᠠᠮᠢᠯᠠᠭᠤᠯᠤᠭᠴᠢ᠄ ᠰᠢᠷᠠᠨᠤᠳ· ᠨᠠᠷᠠᠰᠤ
ᠦᠰᠦᠭ ᠬᠢᠨᠠᠭᠴᠢ᠄ ᠮᠤᠩᠭᠤᠯᠬᠦᠦ
