ᠠᠯᠭᠢᠷᠮ᠎ᠠ- ᠣᠳᠬᠣᠨᠲᠤᠶᠠᠭ᠎ᠠАлгирмаа-отгонтуяа-Otgontuya Algirmaa ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠭᠢᠷᠮ᠎ᠠ- ᠣᠳᠬᠣᠨᠲᠤᠶᠠᠭ᠎ᠠАлгирмаа-отгонтуяа-Otgontuya Algirmaa

ᠠᠯᠭᠢᠷᠮ᠎ᠠ- ᠣᠳᠬᠣᠨᠲᠤᠶᠠᠭ᠎ᠠАлгирмаа-отгонтуяа-Otgontuya Algirmaa

2023-09-15

751

  ᠮᠣᠩᠭᠣᠯ ᠠᠷᠠᠳ ᠤ᠋ᠨ ᠳᠠᠭᠤᠤ 
   ᠳᠠᠭᠤᠴᠢᠨ᠄ ᠣᠳᠬᠣᠨᠲᠤᠶᠠᠭ᠎ᠠ 

ᠠᠯᠲᠠ ᠠᠯᠲᠠ ᠶ᠋ᠢᠨ ᠲᠣᠷᠭᠠᠨ ᠬᠠᠳᠠᠭ ᠢ᠋ 
ᠵᠠᠳᠠᠯᠵᠤ ᠰᠠᠭᠤᠨ᠎ᠠ ᠠᠯᠭᠢᠷᠮ᠎ᠠ ᠶᠠ ᠬᠥ 
ᠠᠩᠬᠠᠨ ᠤ᠋ ᠨᠥᠬᠥᠷ ᠠᠯᠲᠠᠨᠰᠦ᠋ᠬᠡ ᠲᠡᠢ 
ᠠᠮᠢᠳᠤᠷᠠᠯ ᠤ᠋ᠨ ᠢ᠋ᠶ᠋ᠠᠨ ᠵᠠᠮ ᠢ᠋ ᠬᠣᠯᠪᠣᠭᠰᠠᠨ ᠳᠠ ᠬᠥ 

ᠠᠪᠠᠯᠢ ᠨᠥᠬᠥᠷ ᠠᠯᠲᠠᠨᠰᠦ᠋ᠬᠡ ᠮᠢᠨᠢ 
ᠠᠮᠪᠠᠨ ᠬᠤᠱᠢᠭᠤᠨ ᠤ᠋ ᠠᠯᠪᠠᠨ ᠳ᠋ᠤ᠌ ᠮᠣᠷᠳᠠᠭᠠᠳ 
ᠠᠮᠢᠳᠤ ᠦᠬᠦᠭᠰᠡᠨ ᠦ᠌ ᠰᠤᠷᠠᠭ ᠦᠭᠡᠢ 
ᠠᠷᠪᠠᠨ ᠭᠤᠷᠪᠠᠨ ᠵᠢᠯ ᠪᠣᠯᠤᠯ᠎ᠠ ᠬᠥ 

ᠠᠷᠪᠠᠨ ᠭᠤᠷᠪᠠᠨ ᠵᠢᠯ ᠦ᠋ᠨ ᠳᠣᠲᠣᠷ᠎ᠠ 
ᠠᠨᠳᠠᠭᠤ ᠵᠥᠷᠢᠭᠦᠦ ᠶᠠᠪᠤᠭᠰᠠᠨ ᠪᠣᠯ ᠳᠠ ᠬᠥ 
ᠠᠰᠤᠷᠤ ᠳᠡᠭᠡᠳᠦ ᠲᠩᠷᠢ ᠮᠢᠨᠢ ᠳᠡ 
ᠠᠮᠢ ᠶ᠋ᠢ ᠭᠠᠷᠲᠠᠯ᠎ᠠ ᠨᠢᠷᠭᠡᠭᠡᠷᠡᠢ ᠳᠡ ᠬᠥ 

ᠠᠭᠠᠷ ᠲᠩᠷᠢ ᠶ᠋ᠢᠨ ᠨᠠᠷᠠᠨ ᠤ᠋
ᠢᠯᠴᠢ ᠪᠣᠯᠤᠭᠠᠰᠠᠢ ᠪᠡᠶ᠎ᠡ ᠮᠢᠨᠢ ᠳᠡ ᠬᠥ
ᠠᠮᠠᠷᠠᠭ ᠬᠣᠩᠭᠣᠷ ᠬᠦᠦ ᠪᠡᠨ
ᠳᠤᠯᠠᠭᠠᠯᠠᠵᠤ ᠶᠠᠪᠤᠬᠤ ᠰᠠᠨ ᠪᠡᠶ᠎ᠡ ᠮᠢᠨᠢ ᠠ᠋ ᠬᠥ

ᠠᠭᠤᠳᠠᠮ ᠳᠡᠯᠡᠬᠡᠢ ᠳ᠋ᠦ᠍ ᠳᠤᠷ᠎ᠠ ᠪᠠᠷ ᠳᠣᠪᠲᠣᠯᠬᠤ
ᠰᠠᠯᠬᠢ ᠴᠤ᠌ ᠪᠣᠯᠤᠭᠠᠰᠠᠢ ᠪᠡᠶ᠎ᠡ ᠮᠢᠨᠢ ᠳᠡ ᠬᠥ 
ᠤᠴᠠᠷᠠᠭᠰᠠᠨ ᠬᠣᠩᠭᠣᠷ ᠬᠦᠦ ᠳ᠋ᠡᠭᠡᠨ
ᠬᠦᠷᠦᠭᠡᠳ ᠣᠴᠢᠬᠤ ᠰᠠᠨ ᠪᠡᠶ᠎ᠡ ᠮᠢᠨᠢ ᠳᠡ ᠬᠥ
ᠤᠴᠠᠷᠠᠭᠰᠠᠨ ᠬᠣᠩᠭᠣᠷ ᠬᠦᠦ ᠳ᠋ᠡᠭᠡᠨ
ᠬᠦᠷᠦᠭᠡᠳ ᠣᠴᠢᠬᠤ ᠰᠠᠨ ᠪᠡᠶ᠎ᠡ ᠮᠢᠨᠢ ᠠ᠋ ᠬᠥ

   ᠦᠰᠦᠭ ᠠᠮᠢᠯᠠᠭᠤᠯᠤᠭᠴᠢ᠄ ᠲᠤᠶᠠᠭ᠎ᠠ
   ᠬᠢᠨᠠᠭᠴᠢ᠄ ᠣᠣᠬᠠᠨᠰᠣ᠎ᠠ ᠰᠡᠷᠭᠦᠯᠡᠩ ᠣᠤ‍ᠠᠬᠤᠨᠴᠡᠴᠡᠭ