ᠪᠢᠯᠠᠭᠤ ᠪᠠᠷ ᠵᠣᠳᠣᠪᠠᠯ ᠢᠨᠢᠶᠡᠵᠦ ᠪᠤᠯᠠᠭ᠎ᠠ ᠪᠠᠷ ᠵᠦᠯᠭᠦᠪᠡᠯ ᠤᠬᠢᠯᠠᠬᠤ-ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ03 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠯᠠᠭᠤ ᠪᠠᠷ ᠵᠣᠳᠣᠪᠠᠯ ᠢᠨᠢᠶᠡᠵᠦ ᠪᠤᠯᠠᠭ᠎ᠠ ᠪᠠᠷ ᠵᠦᠯᠭᠦᠪᠡᠯ ᠤᠬᠢᠯᠠᠬᠤ-ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ03

ᠪᠢᠯᠠᠭᠤ ᠪᠠᠷ ᠵᠣᠳᠣᠪᠠᠯ ᠢᠨᠢᠶᠡᠵᠦ ᠪᠤᠯᠠᠭ᠎ᠠ ᠪᠠᠷ ᠵᠦᠯᠭᠦᠪᠡᠯ ᠤᠬᠢᠯᠠᠬᠤ-ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ03

ᠠᠩᠭᠢᠯᠠᠯ:ᠳᠣᠮᠣᠭ ᠦᠯᠢᠭᠡᠷ
2023-09-14

294

ᠪᠢᠯᠠᠭᠤ ᠪᠠᠷ ᠵᠣᠳᠣᠪᠠᠯ ᠢᠨᠢᠶᠡᠵᠦ ᠪᠤᠯᠠᠭ᠎ᠠ ᠪᠠᠷ ᠵᠦᠯᠭᠦᠪᠡᠯ ᠤᠬᠢᠯᠠᠬᠤ

         ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ (3) 
                  ᠨᠠᠮᠵᠢᠯ 
ᠡᠷᠲᠡ ᠤᠷᠢᠳᠤ ᠴᠠᠭ ᠲᠤ᠌ ᠨᠢᠭᠡᠨ ᠨᠣᠶᠠᠨ ᠂ ᠬᠠᠲᠤᠨ ᠬᠣᠶᠠᠭᠤᠯᠠ ᠪᠠᠢᠭᠰᠠᠨ ᠭᠡᠨ᠎ᠡ᠃ ᠬᠠᠲᠤᠨ ᠨᠢ ᠶᠡᠷᠦᠨᠢ ᠬᠡᠪ ᠢ᠋ᠶ᠋ᠡᠨ ᠰᠠᠬᠢᠳᠠᠭ ᠦᠭᠡᠢ ᠭᠠᠵᠢ ᠶᠠᠪᠤᠳᠠᠯᠲᠠᠨ ᠪᠠᠢᠵᠠᠢ ᠭᠡᠨ᠎ᠡ᠃ 
ᠡᠨᠡ ᠬᠠᠲᠤᠨ ᠨᠢᠭᠡᠨ ᠰᠥᠨᠢ ᠳᠣᠭᠣᠯᠴᠢ ᠬᠦᠦ ᠲᠡᠢ ᠪᠡᠨ ᠪᠣᠯᠵᠣᠵᠤ᠂ ᠲᠤᠭᠤᠯ ᠤ᠋ᠨ ᠬᠠᠰᠢᠶᠠᠨ ᠤ᠋ ᠳᠡᠷᠭᠡᠳᠡ ᠠᠭᠤᠯᠵᠠᠬᠤ ᠪᠠᠷ ᠪᠣᠯᠵᠠᠢ᠃ ᠲᠡᠭᠡᠭᠡᠳ ᠬᠠᠲᠤᠨ ᠵᠢᠭᠠᠬᠠᠨ ᠣᠰᠣᠯᠳᠠᠵᠤ ᠬᠦᠷᠦᠭᠰᠡᠨ ᠳ᠋ᠦ᠍ ᠳᠤᠭᠤᠯᠴᠢ ᠬᠦᠦ ᠠᠭᠤᠷᠯᠠᠵᠤ᠄ 
— ᠴᠢ ᠶᠠᠭᠤᠨ ᠳ᠋ᠤ᠌ ᠪᠣᠯᠵᠣᠭᠠᠨ ᠠ᠋ᠴᠠ ᠪᠠᠨ ᠬᠣᠵᠢᠭᠳᠠᠪᠠ ᠭᠡᠵᠦ ᠠᠭᠠᠰᠢᠯᠠᠨ ᠂ ᠪᠢᠯᠠᠭᠤ ᠪᠠᠷ ᠢ᠋ᠶ᠋ᠠᠨ ᠵᠣᠳᠣᠭᠰᠠᠨ ᠳ᠋ᠤ᠌ ᠬᠠᠲᠤᠨ᠄
— ᠴᠢᠨᠦ ᠵᠢᠮᠡᠯᠡᠬᠦ ᠴᠢᠨᠢ ᠮᠠᠰᠢ ᠵᠥᠪ ᠭᠡᠳ ᠢᠨᠢᠶᠡᠭᠰᠡᠨ ᠪᠠᠢᠵᠠᠢ᠃
ᠮᠠᠷᠭᠠᠰᠢ ᠨᠢ ᠨᠣᠶᠠᠨ᠂ ᠬᠠᠲᠤᠨ ᠲᠠᠢ ᠪᠠᠨ ᠰᠢᠷᠡᠭᠡ ᠬᠠᠪᠴᠢᠨ ᠰᠠᠭᠤᠵᠤ ᠨᠠᠭᠠᠳᠤᠮ ᠱᠣᠭ ᠬᠢᠵᠦ ᠪᠠᠢᠭᠠᠳ ᠪᠤᠯᠠᠭᠠᠨ ᠬᠠᠨᠴᠤᠢ ᠪᠠᠷ ᠢ᠋ᠶ᠋ᠠᠨ ᠱᠦᠷᠭᠦᠭᠡᠭᠰᠡᠨ ᠲᠡᠳᠦᠢ ᠳ᠋ᠦ᠍ ᠬᠠᠲᠤᠨ ᠣᠭᠲᠣ ᠡᠪᠡᠳᠦᠭᠰᠡᠨ ᠦᠭᠡᠢ ᠪᠠᠢᠲᠠᠯ᠎ᠠ ᠡᠨᠡᠯᠦᠨ ᠭᠠᠰᠠᠯᠤᠨ ᠤᠬᠢᠯᠠᠪᠠ ᠭᠡᠨ᠎ᠡ᠃
ᠬᠣᠵᠢᠮ ᠤ᠋ᠨ ᠬᠥᠮᠦᠰ ᠲᠤᠰ ᠦᠯᠢᠭᠡᠷ ᠢ᠋ ᠦᠨᠳᠦᠰᠦᠯᠡᠵᠦ《 ᠪᠢᠯᠠᠭᠤ ᠪᠠᠷ ᠵᠣᠳᠣᠪᠠᠯ ᠢᠨᠢᠶᠡᠵᠦ᠂ ᠪᠤᠯᠠᠭ᠎ᠠ ᠪᠠᠷ ᠵᠦᠯᠭᠦᠪᠡᠯ ᠤᠬᠢᠯᠠᠬᠤ》 ᠭᠡᠳᠡᠭ ᠬᠡᠪᠰᠢᠭᠰᠡᠨ ᠦᠭᠡ ᠶ᠋ᠢ ᠵᠣᠬᠢᠶᠠᠵᠠᠢ᠃ ᠡᠭᠦᠪᠡᠷ ᠳᠤᠷ᠎ᠠ ᠪᠠᠬ᠎ᠠ ᠲᠠᠢ ᠬᠡᠷᠡᠭ ᠲᠦ᠍ ᠬᠡᠳᠦᠢ ᠬᠦᠴᠢᠷ ᠪᠡᠷᠬᠡ ᠪᠠᠢᠯ᠎ᠠ ᠴᠤ᠌ ᠭᠡᠰᠡᠨ ᠲᠡᠰᠦᠨ ᠬᠦᠯᠢᠶᠡᠵᠦ᠂ ᠳᠤᠷ᠎ᠠ ᠦᠭᠡᠢ ᠬᠡᠷᠡᠭ ᠲᠦ᠍ ᠥᠴᠦᠬᠡᠨ ᠲᠡᠳᠦᠢ ᠬᠠᠯᠠ ᠶ᠋ᠢ ᠴᠦ᠍ ᠳᠠᠭᠠᠭᠠᠬᠤ ᠦᠭᠡᠢ ᠭᠡᠳᠡᠭ ᠰᠠᠨᠠᠭ᠎ᠠ ᠶ᠋ᠢ ᠵᠦᠢᠷᠯᠡᠬᠦ ᠪᠣᠯᠵᠠᠢ᠃ ᠪᠠᠰᠠ ᠵᠠᠷᠢᠮ ᠳ᠋ᠠᠭᠠᠨ ᠬᠥᠮᠦᠨ ᠬᠠᠯᠠ ᠶ᠋ᠢ ᠳᠠᠭᠠᠭᠠᠨ᠎ᠠ᠂ ᠵᠢᠷᠭᠠᠯ ᠢ᠋ ᠳᠠᠭᠠᠭᠠᠬᠤ ᠦᠭᠡᠢ ᠭᠡᠳᠡᠭ ᠰᠠᠨᠠᠭ᠎ᠠ ᠶ᠋ᠢ ᠵᠦᠢᠷᠯᠡᠵᠦ ᠬᠡᠯᠡᠳᠡᠭ ᠪᠣᠯᠤᠭᠰᠠᠨ ᠪᠠᠢᠨ᠎ᠠ᠃

   ᠦᠰᠦᠭ ᠠᠮᠢᠯᠠᠭᠤᠯᠤᠭᠴᠢ᠄ ᠰᠢᠷᠠᠨᠤᠳ· ᠨᠠᠷᠠᠰᠤ
   ᠦᠰᠦᠭ᠄ ᠬᠢᠨᠠᠭᠴᠢ᠄ ᠮᠤᠩᠭᠤᠯᠬᠦᠦ