ᠵᠠᠮᠤᠬ᠎ᠠ ᠶ᠋ᠢᠨ ᠥᠴᠢᠯ-ᠳ ∙ ᠨᠠᠮᠰᠠᠷᠠᠢ (ᠪᠣᠭᠣᠨᠢ ᠥᠭᠦᠯᠡᠯᠭᠡ)Жамухын өчил-Д.Намсрай (богино өгүүллэг)
ᠵᠠᠮᠤᠬ᠎ᠠ ᠶ᠋ᠢᠨ ᠥᠴᠢᠯ
ᠳ·ᠨᠠᠮᠰᠠᠷᠠᠢ
ᠨᠠᠢ᠍ᠮᠠᠨ ᠵᠠᠭᠤᠨ ᠤ᠋ ᠲᠡᠷᠲᠡᠭᠡᠬᠢ ᠵᠠᠮᠤᠬ᠎ᠠ ᠶ᠋ᠢᠨ ᠱᠠᠷᠢᠯ ᠳᠡᠭᠡᠭᠦᠷ ᠥᠨᠥᠳᠥᠷ ᠲᠠᠯ᠎ᠠ ᠶ᠋ᠢᠨ ᠪᠣᠯᠵᠣᠮᠣᠷ ᠵᠢᠷᠭᠢᠵᠦ ᠡᠬᠡ ᠨᠤᠲᠤᠭ ᠤ᠋ᠨ ᠨᠣᠶᠠᠨ ᠰᠠᠯᠬᠢᠨ᠎ᠠ ᠭᠣᠳᠣᠢᠭᠰᠠᠨ ᠬᠢᠯᠭᠠᠨ᠎ᠠ ᠶ᠋ᠢᠨ ᠲᠣᠯᠣᠭᠠᠢ ᠭᠠᠰᠢᠭᠤᠳᠠᠯᠲᠠᠶᠠ ᠪᠥᠬᠥᠯᠵᠡᠨᠡ᠃ ᠲᠡᠷᠡ ᠭᠠᠵᠠᠷ ᠤ᠋ᠨ ᠴᠡᠭᠡᠵᠢ ᠶ᠋ᠢ ᠠᠨᠢᠷᠲᠤᠨ ᠴᠢᠩᠨᠠᠪᠠᠰᠤ᠂ ᠮᠣᠩᠭᠣᠯ ᠡᠷᠡᠰ ᠦ᠋ᠨ ᠨᠥᠬᠥᠷᠯᠡᠯ᠂ ᠭᠤᠨᠢᠭᠲᠤ ᠬᠠᠭᠠᠴᠠᠯ ᠤ᠋ᠨ ᠲᠤᠬᠠᠢ ᠡᠮᠭᠡᠨᠢᠯᠲᠦ ᠲᠡᠦᠬᠡ ᠶ᠋ᠢ ᠥᠭᠦᠯᠡᠨ᠎ᠡ᠁ ᠣᠯᠠᠨ ᠠᠢᠮᠠᠭ ᠤ᠋ᠨ ᠴᠢᠰᠤᠲᠤ ᠲᠡᠮᠡᠴᠡᠯ᠂ ᠲᠠᠯ᠎ᠠ ᠶ᠋ᠢᠨ ᠢᠵᠠᠭᠤᠷᠲᠠᠨ ᠨᠤᠭᠤᠳ ᠤ᠋ᠨ ᠥᠷᠢᠰᠦᠯᠳᠦᠭᠡᠨ ᠲᠡᠮᠦᠵᠢᠨ ᠦ᠌ ᠢᠯᠠᠯᠲᠠ ᠪᠠᠷ ᠲᠡᠭᠦᠰᠴᠦ ᠪᠠᠢᠭᠰᠠᠨ ᠲᠡᠷᠡ ᠵᠢᠯ᠁ ᠬᠠᠭᠠᠨ ᠵᠠᠮᠤᠬ᠎ᠠ ᠨᠥᠬᠥᠳ ᠲᠦ᠍ ᠪᠡᠨ ᠪᠠᠷᠢᠭᠳᠠᠭᠠᠳ ᠴᠢᠩᠭᠢᠰ ᠦ᠋ᠨ ᠦᠷᠭᠦᠭᠡᠨ᠎ᠡ ᠬᠦᠷᠭᠡᠭᠳᠡᠵᠦ ᠢᠷᠡᠪᠡ᠃ ᠪᠣᠭᠳᠠ ᠡᠵᠡᠨ ᠳ᠋ᠦ᠍ ᠪᠡᠨ ᠬᠠᠯᠳᠠᠭᠰᠠᠨ ᠪᠣᠭᠣᠯ ᠢᠷᠭᠡᠨ ᠢ᠋ ᠴᠢᠩᠭᠢᠰ ᠬᠠᠭᠠᠨ ᠡᠪᠡᠰᠦ ᠨᠣᠭᠣᠭ᠎ᠠ ᠬᠦᠷᠡᠩᠲᠦᠲᠡᠯᠡ ᠴᠠᠭᠠᠵᠠᠯᠠᠵᠤ᠂ ᠵᠠᠮᠤᠬ᠎ᠠ ᠶ᠋ᠢ ᠰᠤᠯᠠᠯᠠᠭᠠᠳ ᠥᠭᠦᠯᠡᠪᠡ᠃
— ᠡᠪ ᠡᠶ᠎ᠡ ᠡᠪᠳᠡᠷᠡᠯᠴᠡᠵᠦ ᠣᠯᠠᠨᠲᠠ ᠪᠤᠳᠤᠯᠢᠭᠰᠠᠨ ᠴᠤ᠌ ᠠᠮᠢ ᠶ᠋ᠢ ᠴᠢᠨᠢ ᠭᠡᠯᠳᠦᠷᠢᠭᠦᠯᠦᠶ᠎ᠡ ᠬᠠᠭᠠᠨ ᠠᠨᠳᠠ ᠮᠢᠨᠢ! ᠡᠭᠡᠨᠡᠭᠲᠡ ᠨᠥᠬᠥᠷᠯᠡᠯ ᠢ᠋ᠶ᠋ᠡᠨ ᠪᠠᠲᠤᠳᠬᠠᠵᠤ᠂ ᠡᠭᠦᠷᠢᠳᠡ ᠬᠠᠮᠲᠤ ᠲᠦᠰᠢᠯᠴᠡᠨ ᠰᠢᠲᠦᠯᠴᠡᠨ ᠶᠠᠪᠤᠲᠤᠭᠠᠢ ᠴᠢ! ᠭᠡᠮᠡᠨ ᠥᠷᠥᠰᠢᠶᠡᠯ ᠢ᠋ ᠦᠵᠡᠭᠦᠯᠪᠡ᠃ ᠭᠡᠪᠡᠴᠦ ᠨᠠᠰᠤ ᠰᠡᠭᠦᠳᠡᠷ ᠢᠳᠡ ᠳᠤᠮᠳᠠ ᠪᠠᠨ᠂ ᠲᠥᠷᠥᠭᠰᠡᠨ ᠪᠡᠶ᠎ᠡ ᠶ᠋ᠢᠨ ᠬᠦᠴᠦ ᠴᠢᠳᠠᠯ ᠲᠡᠭᠦᠯᠳᠡᠷᠵᠢᠭᠰᠡᠨ ᠬᠠᠭᠠᠨ ᠵᠠᠮᠤᠬ᠎ᠠ ᠬᠠᠷᠢᠭᠤ ᠥᠴᠢᠭᠰᠡᠨ ᠨᠢ᠄
— ᠥᠨᠳᠥᠷ ᠶᠡᠬᠡ ᠬᠠᠭᠠᠨ ᠰᠠᠭᠤᠳᠠᠯ ᠳ᠋ᠤ᠌ ᠪᠠᠨ ᠴᠢ ᠵᠠᠯᠠᠷᠠᠵᠤ᠂ ᠥᠷᠯᠥᠭ ᠶᠢᠰᠦᠨ ᠵᠠᠩᠵᠤᠨ ᠤ᠋ ᠴᠢᠨᠢ ᠲᠣᠭ᠎ᠠ ᠪᠦᠷᠢᠨ ᠪᠠᠢᠬᠤ ᠳ᠋ᠤ᠌ ᠪᠢ ᠢᠯᠡᠭᠦᠳᠡᠬᠦ ᠪᠢᠵᠡ ᠠ᠋ ᠠᠨᠳᠠ ᠮᠢᠨᠢ! ᠴᠢᠮ᠎ᠠ ᠳ᠋ᠤ᠌ ᠵᠠᠢ ᠲᠠᠯᠪᠢᠵᠤ ᠥᠭᠭᠦᠶ᠎ᠡ!
ᠦᠨᠳᠦᠰᠦ ᠮᠥᠴᠢᠷ ᠪᠥᠬᠡᠲᠡᠢ ᠬᠣᠷᠬᠣᠨᠠᠭ ᠤ᠋ᠨ ᠰᠠᠭᠯᠠᠭᠠᠷ ᠮᠣᠳᠣ ᠰᠢᠭ᠋ ᠴᠡᠴᠡᠭᠯᠡᠨ ᠭᠠᠩᠬᠤᠵᠤ ᠶᠠᠪᠤᠭᠰᠠᠨ ᠶᠤᠮ ᠰᠠᠨ᠁ ᠦᠢᠯᠡ ᠶ᠋ᠢᠨ ᠬᠣᠩᠭᠣᠷ ᠰᠠᠯᠬᠢ ᠶ᠋ᠢ ᠮᠢᠨᠢ ᠶᠠᠮᠠᠷ ᠲᠩᠷᠢ ᠶ᠋ᠢᠨ ᠵᠠᠢᠷᠠᠩ ᠪᠥᠬᠡ ᠬᠥᠭᠡᠷᠭᠡᠳᠡᠭᠰᠡᠨ ᠢ᠋ ᠪᠦᠦ ᠮᠡᠳᠡ᠃ ᠠᠳᠬᠠᠭ ᠰᠠᠨᠠᠭᠠᠲᠤ ᠡᠮ᠎ᠡ ᠶ᠋ᠢᠨ ᠦᠭᠡᠨ ᠳ᠋ᠦ᠍ ᠣᠷᠣᠵᠤ ᠠᠨᠳᠠᠭᠠᠢ ᠲᠠᠩᠭᠠᠷᠢᠭ ᠢ᠋ᠶ᠋ᠠᠨ ᠨᠢᠴᠤᠭᠰᠠᠨ ᠴᠠᠭ ᠠ᠋ᠴᠠ ᠬᠣᠢᠰᠢ ᠲᠠᠪᠢᠯᠠᠩ ᠵᠠᠶᠠᠭᠠᠨ ᠤ᠋ ᠬᠤᠪᠢ ᠲᠥᠭᠡᠷᠭᠡ ᠳ᠋ᠦ᠍ ᠤᠯᠠᠮ ᠪᠦᠷ ᠰᠢᠬᠠᠭᠳᠠᠭᠰᠠᠭᠠᠷ ᠬᠠᠭᠠᠨ ᠠᠨᠳᠠ ᠴᠢᠨᠦ ᠡᠮᠦᠨ᠎ᠡ ᠬᠦᠷᠴᠦ ᠢᠷᠡᠯ᠎ᠡ᠃ ᠠᠨᠳᠠ ᠮᠢᠨᠢ ᠴᠢ ᠪᠣᠯᠭᠣᠭᠠᠭᠲᠤᠨ!᠁
ᠲᠩᠷᠢ ᠳ᠋ᠦ᠍ ᠬᠣᠣᠰ ᠨᠠᠷᠠᠨ ᠮᠠᠨᠳᠤᠪᠠᠯ ᠭᠠᠵᠠᠷ ᠲᠤ᠌ ᠭᠠᠩ ᠪᠣᠯᠵᠤ ᠭᠠᠯ ᠰᠢᠳᠡᠨ᠎ᠡ᠃ ᠮᠣᠩᠭᠣᠯ ᠳ᠋ᠤ᠌ ᠬᠣᠶᠠᠷ ᠬᠠᠭᠠᠨ ᠪᠠᠢᠪᠠᠯ ᠳᠠᠵᠢᠨ ᠰᠠᠮᠠᠭᠤᠨ ᠲᠠᠰᠤᠷᠠᠬᠤ ᠦᠭᠡᠢ᠃ ᠣᠯᠠᠨ ᠲᠡᠢᠨ ᠳ᠋ᠦ᠍ ᠣᠷᠣᠢᠯᠠᠨ ᠴᠢᠳᠠᠯ ᠬᠦᠴᠦᠨ ᠳ᠋ᠦ᠍ ᠬᠠᠷᠢᠭᠤᠯᠬᠤ ᠡᠷᠳᠦᠵᠦ ᠶᠠᠪᠤᠭᠰᠠᠨ ᠢ᠋ᠶ᠋ᠠᠨ ᠰᠠᠨᠠᠬᠤ ᠳ᠋ᠤ᠌ ᠴᠢᠨᠦ ᠢᠯᠳᠦᠨ ᠦ᠌ ᠳᠣᠣᠷ᠎ᠠ ᠶᠠᠪᠤᠵᠤ ᠪᠢ ᠬᠡᠵᠢᠶ᠎ᠡ ᠴᠤ᠌ ᠴᠢᠳᠠᠬᠤ ᠦᠭᠡᠢ᠃ ᠨᠢᠭᠡᠨᠲᠡ ᠳᠡᠢᠯᠦᠭᠳᠡᠰᠢ ᠦᠭᠡᠢ ᠬᠦᠴᠦ ᠶ᠋ᠢ ᠣᠯᠤᠭᠰᠠᠨ ᠠᠨᠳᠠ ᠴᠢ ᠮᠢᠨᠦ ᠵᠠᠷᠯᠢᠭ ᠤ᠋ᠨ ᠳᠣᠣᠷ᠎ᠠ ᠶᠠᠪᠤᠬᠤ ᠶ᠋ᠢ ᠪᠠᠰᠠ ᠲᠡᠪᠴᠢᠬᠦ ᠦᠭᠡᠢ᠃ ᠴᠢ ᠪᠣᠯ ᠲᠩᠷᠢ ᠶ᠋ᠢᠨ ᠪᠥᠬᠡ᠂ ᠰᠢᠳᠠᠷ ᠪᠠᠭᠠᠲᠤᠷ ᠤ᠋ᠳ ᠲᠤ᠌ ᠪᠠᠨ ᠲᠡᠳᠬᠦᠭᠳᠡᠭᠰᠡᠨ ᠴᠢᠩᠭᠢᠰ ᠬᠠᠭᠠᠨ᠃ ᠪᠢ ᠴᠢᠮ᠎ᠠ ᠲᠠᠢ ᠵᠡᠷᠭᠡᠴᠡᠵᠦ ᠡᠷᠭᠦᠭᠳᠡᠭᠰᠡᠨ ᠬᠠᠮᠤᠭ ᠮᠣᠩᠭᠣᠯ ᠢ᠋ ᠵᠠᠬᠢᠷᠤᠭᠰᠠᠨ ᠬᠥᠷ ᠬᠠᠭᠠᠨ ᠵᠠᠮᠤᠬ᠎ᠠ!᠁
ᠭᠤᠷᠪᠠᠨ ᠲᠦᠮᠡᠨ ᠴᠡᠷᠢᠭ ᠦ᠋ᠨ ᠢ᠋ᠶ᠋ᠡᠨ ᠢᠯᠠᠯᠲᠠ ᠶ᠋ᠢᠨ ᠤᠤᠬᠠᠢ ᠪᠠᠷ ᠳᠠᠯᠠᠨ ᠪᠠᠯᠵᠢᠳ ᠲᠤ᠌ ᠴᠢᠮᠠᠶ᠋ᠢ ᠰᠢᠬᠠᠨ ᠰᠠᠨᠳᠤᠷᠭᠠᠵᠤ ᠶᠠᠪᠤᠭᠰᠠᠨ ᠳᠣᠮᠣᠭᠲᠤ ᠲᠡᠷᠡ ᠵᠠᠮᠤᠬ᠎ᠠ ᠥᠨᠥᠳᠥᠷ ᠬᠠᠭᠠᠨ ᠠᠨᠳᠠ ᠴᠢᠨᠦ ᠲᠥᠯᠥᠭᠡ ᠣᠷᠴᠢᠯᠠᠩ ᠠ᠋ᠴᠠ ᠬᠠᠯᠢᠬᠤ ᠪᠠᠷ ᠰᠢᠢᠳᠦᠯ᠎ᠡ᠃ ᠴᠢᠮᠠᠲᠤ ᠥᠨᠢ ᠡᠭᠦᠷᠢᠳᠡ ᠢᠲᠡᠭᠡᠭᠳᠡᠬᠦ ᠡᠢᠮᠦ ᠵᠠᠮ ᠢ᠋ ᠰᠣᠩᠭᠣᠯ᠎ᠠ᠃
ᠳᠡᠭᠡᠷ᠎ᠡ ᠲᠩᠷᠢ ᠳ᠋ᠦ᠍ ᠨᠠᠷᠠ ᠨᠢᠭᠡᠨ ᠪᠠᠢᠭ!
ᠳᠡᠯᠢᠭᠦᠨ ᠪᠣᠯᠳᠣᠭ ᠢ᠋ ᠭᠡᠢᠭᠦᠯᠬᠦ ᠰᠠᠷ᠎ᠠ ᠨᠢᠭᠡᠨ ᠪᠠᠢᠭ!
ᠳᠡᠯᠡᠬᠡᠢ ᠭᠠᠵᠠᠷ ᠲᠤ᠌ ᠮᠠᠨᠢ ᠬᠠᠭᠠᠨ ᠪᠠᠰᠠ ᠨᠢᠭᠡᠨ ᠪᠠᠢᠭ!᠁
ᠥᠰᠬᠦ ᠨᠠᠰᠤᠨ ᠳ᠋ᠤ᠌ ᠪᠠᠨ ᠤᠨᠤᠨ ᠮᠥᠷᠡᠨ ᠦ᠌ ᠮᠥᠰᠥᠨ ᠳᠡᠭᠡᠷ᠎ᠡ ᠱᠠᠭᠠᠯᠴᠠᠨ ᠨᠠᠭᠠᠳᠴᠤ
ᠡᠳᠦᠭᠡ ᠢᠳᠡᠷ ᠴᠠᠭ ᠲᠤ᠌ ᠪᠠᠨ ᠪᠦᠬᠦ ᠮᠣᠩᠭᠣᠯ ᠤ᠋ᠨ ᠬᠤᠪᠢ ᠵᠠᠶᠠᠭᠠᠨ ᠳ᠋ᠤ᠌ ᠬᠣᠯᠪᠣᠭᠳᠠᠭᠰᠠᠨ ᠴᠢ ᠪᠢᠳᠡ ᠬᠣᠶᠠᠷ ᠨᠢᠭᠡ ᠨᠠᠷᠠᠨ ᠤ᠋ ᠳᠣᠣᠷ᠎ᠠ ᠪᠠᠭᠲᠠᠬᠤ ᠦᠭᠡᠢ ᠠ᠋᠃ ᠤᠴᠢᠷ ᠡᠢᠮᠦ ᠳ᠋ᠦ᠍᠂ ᠬᠣᠶᠠᠷ ᠶᠡᠬᠡ ᠬᠠᠭᠠᠨ᠂ ᠬᠣᠶᠠᠷ ᠶᠡᠬᠡ ᠪᠠᠭᠠᠲᠤᠷ᠂ ᠬᠣᠶᠠᠷ ᠮᠣᠩᠭᠣᠯ ᠡᠷ᠎ᠡ ᠶ᠋ᠢᠨ ᠶᠣᠰᠣ ᠪᠠᠷ ᠡᠨᠡ ᠬᠡᠷᠡᠭ ᠢ᠋ ᠨᠢᠭᠡᠨ ᠲᠡᠢᠰᠢ ᠪᠣᠯᠭᠠᠶ᠎ᠠ᠁ ᠬᠠᠭᠠᠨ ᠵᠠᠮᠤᠬ᠎ᠠ ᠶ᠋ᠢᠨ ᠰᠤᠤ ᠠᠯᠳᠠᠷ ᠢ᠋ ᠳᠠᠶᠠᠭᠠᠷ ᠮᠣᠩᠭᠣᠯ ᠮᠡᠳᠡᠨ᠎ᠡ᠃ ᠡᠨᠡ ᠨᠡᠷ᠎ᠡ ᠰᠦᠷ ᠢ᠋ᠶ᠋ᠡᠷ ᠢ᠋ᠶ᠋ᠡᠨ ᠴᠢᠨᠦ ᠬᠠᠭᠠᠨ ᠠᠯᠳᠠᠷ ᠢ᠋ ᠥᠨᠳᠥᠷ ᠲᠦ᠍ ᠡᠷᠭᠦᠭᠡᠳ ᠥᠪᠡᠷ ᠢ᠋ᠶ᠋ᠡᠨ ᠪᠢ ᠠᠮᠢ ᠪᠠᠨ ᠲᠡᠪᠴᠢᠶ᠎ᠡ! ᠣᠯᠠᠨ ᠤ᠋ ᠰᠠᠨᠠᠭ᠎ᠠ ᠪᠦᠦ ᠬᠣᠶᠠᠷᠳᠠᠭ᠃ ᠥᠯᠮᠡᠢ ᠡᠪᠦᠳᠦᠭ ᠳᠣᠣᠷ᠎ᠠ ᠴᠢᠨᠢ ᠥᠪᠡᠷ ᠢ᠋ ᠪᠡᠨ ᠪᠢ ᠢᠪᠡᠵᠦ ᠥᠭᠭᠦᠶ᠎ᠡ ᠬᠠᠭᠠᠨ ᠠᠨᠳᠠ ᠮᠢᠨᠢ! ᠴᠢᠨᠦ ᠨᠡᠷ᠎ᠡ ᠤᠯᠠᠮ ᠠᠤᠭ᠎ᠠ ᠪᠣᠯᠤᠭ! ᠬᠥᠷ ᠬᠠᠭᠠᠨ ᠵᠠᠮᠤᠬ᠎ᠠ ᠥᠪᠡᠷ ᠢ᠋ᠶ᠋ᠡᠨ ᠴᠢᠮ᠎ᠠ ᠳ᠋ᠤ᠌ ᠰᠥᠭᠥᠳᠦᠯ᠎ᠡ ᠭᠡᠳᠡᠭ ᠢ᠋ ᠳᠤᠭᠤᠯᠤᠭᠠᠳ ᠬᠠᠮᠤᠭ ᠮᠣᠩᠭᠣᠯ᠂ ᠳᠥᠷᠪᠡᠨ ᠵᠦᠭ ᠨᠠᠢ᠍ᠮᠠᠨ ᠵᠣᠪᠬᠢᠰ ᠲᠤ᠌ ᠴᠢᠨᠦ ᠠᠯᠳᠠᠷ ᠤᠷᠢᠳ ᠬᠣᠵᠢᠳ ᠦᠵᠡᠭᠳᠡᠭᠡ ᠦᠭᠡᠢ ᠪᠡᠷ ᠳᠠᠭᠤᠷᠢᠰᠬᠤ ᠪᠣᠯᠤᠨ᠎ᠠ᠃
ᠨᠢᠭᠡᠳᠦᠭᠰᠡᠨ ᠶᠡᠬᠡ ᠭᠦᠷᠦᠨ ᠢ᠋ ᠨᠢᠭᠡ ᠭᠠᠷ ᠲᠤ᠌ ᠬᠣᠷᠢᠶᠠᠨ ᠵᠠᠬᠢᠷᠤᠭᠤᠯᠬᠤ ᠶ᠋ᠢᠨ ᠲᠤᠯᠠᠳᠠ
ᠨᠢᠭᠡ ᠨᠢ ᠨᠥᠭᠴᠢᠵᠦ᠂ ᠨᠥᠭᠦᠭᠡ ᠨᠢ ᠬᠠᠭᠠᠴᠠᠶᠠ! ᠶᠢᠰᠦᠨ ᠬᠥᠬᠥᠯᠲᠦ ᠴᠠᠭᠠᠨ ᠲᠤᠭ᠂ ᠲᠡᠢᠨ ᠲᠤᠯᠤᠯᠳᠤᠭᠠᠨ ᠤ᠋ ᠬᠠᠷ᠎ᠠ ᠰᠦᠯᠳᠡ ᠳ᠋ᠦ᠍ ᠴᠢᠨᠢ ᠬᠣᠶᠠᠭᠤᠯᠠᠨ ᠳ᠋ᠤ᠌ ᠨᠢ ᠰᠥᠭᠥᠳᠦᠨ ᠭᠤᠶᠤᠶ᠎ᠠ ᠬᠠᠭᠠᠨ ᠠᠨᠳᠠ ᠮᠢᠨᠢ! ᠴᠢ ᠨᠠᠮ᠎ᠠ ᠶ᠋ᠢ ᠥᠷᠥᠰᠢᠶᠡ! ᠥᠷᠥᠰᠢᠶᠡᠬᠦ ᠳ᠋ᠦ᠍ ᠪᠡᠨ ᠴᠠᠭᠠᠵᠠᠯᠠᠵᠤ ᠥᠷᠥᠰᠢᠶᠡ!᠁ ᠪᠢ ᠴᠢᠮ᠎ᠠ ᠲᠠᠢ ᠨᠥᠬᠥᠷᠯᠡᠶ᠎ᠡ! ᠨᠥᠬᠥᠷᠯᠡᠬᠦ ᠳ᠋ᠦ᠍ ᠪᠡᠨ ᠦᠬᠦᠵᠦ ᠨᠥᠬᠥᠷᠯᠡᠶ᠎ᠡ!᠁
ᠬᠦᠴᠦᠷᠬᠡᠭ ᠭᠦᠷᠦᠨ ᠥᠨᠢ ᠮᠥᠩᠬᠡ ᠣᠷᠣᠰᠢᠬᠤ ᠶ᠋ᠢ ᠪᠡᠯᠭᠡᠳᠡᠵᠦ ᠬᠠᠭᠠᠨ ᠪᠡᠶ᠎ᠡ ᠪᠡᠷ ᠢ᠋ᠶ᠋ᠡᠨ ᠲᠤᠭ ᠰᠦᠯᠳᠡ ᠶ᠋ᠢ ᠴᠢᠨᠢ ᠲᠠᠬᠢᠶ᠎ᠠ!᠁ ᠡᠵᠡᠨᠲᠦ ᠤᠯᠤᠰ ᠤ᠋ᠨ ᠲᠥᠯᠥᠭᠡ ᠮᠢᠨᠦ ᠡᠷᠭᠦᠬᠦ ᠥᠴᠦᠬᠡᠨ ᠡᠨᠡ ᠬᠤᠪᠢ ᠪᠠᠭᠠᠳᠠᠬᠤ ᠤᠴᠢᠷ ᠦᠭᠡᠢ ᠶ᠋ᠢ ᠲᠩᠷᠢ ᠮᠡᠳᠡᠨ᠎ᠡ᠃ ᠣᠳᠣ ᠴᠢᠮ᠎ᠠ ᠶ᠋ᠢ ᠳᠡᠢᠯᠬᠦ ᠬᠦᠴᠦᠲᠡᠨ ᠭᠠᠵᠠᠷ ᠳᠡᠭᠡᠷ᠎ᠡ ᠦᠭᠡᠢ ᠠ᠋! ᠴᠢᠨᠦ ᠪᠠᠭᠠᠲᠤᠷ ᠴᠡᠷᠢᠭ ᠦ᠋ᠳ ᠦ᠋ᠨ ᠡᠮᠦᠨ᠎ᠡ ᠶᠠᠭᠤ ᠴᠤ᠌ ᠳᠠᠰᠤᠨ ᠲᠡᠪᠴᠢᠵᠦ ᠴᠢᠳᠠᠬᠤ ᠦᠭᠡᠢ᠃
ᠬᠠᠷᠢ ᠶ᠋ᠢᠨ ᠳᠠᠢᠰᠤᠨ ᠬᠠᠳᠬᠤᠯᠳᠤᠬᠤ ᠶ᠋ᠢ ᠰᠠᠨᠠᠭᠠᠷᠬᠠᠪᠠᠯ᠂ ᠮᠣᠩᠭᠣᠯ ᠴᠡᠷᠢᠭ ᠦ᠋ᠨ ᠲᠠᠬᠢᠷ ᠰᠡᠯᠡᠮ᠎ᠡ ᠪᠡᠷ ᠳᠡᠯᠡᠬᠡᠢ ᠳᠠᠢᠳᠤ ᠶ᠋ᠢ ᠨᠤᠮᠤᠯᠠᠨ ᠬᠡᠮᠵᠢᠭᠲᠦᠨ! ᠳᠣᠷᠣᠨ᠎ᠠ ᠵᠦᠭ ᠲᠦ᠍ ᠨᠠᠷᠠᠨ ᠬᠠᠮᠢᠭ᠎ᠠ ᠠ᠋ᠴᠠ ᠮᠠᠨᠳᠤᠳᠠᠭ ᠢ᠋ ᠣᠴᠢᠵᠤ ᠦᠵᠡᠭᠲᠦᠨ! ᠥᠷᠥᠨ᠎ᠡ ᠵᠦᠭ ᠲᠦ᠍ ᠨᠠᠷᠠ ᠬᠠᠮᠢᠭ᠎ᠠ ᠰᠢᠩᠭᠡᠳᠡᠭ ᠢ᠋ ᠬᠦᠷᠴᠦ ᠮᠡᠳᠡᠭᠲᠦᠨ!
ᠪᠠᠰᠠ᠂ ᠶᠡᠬᠡ ᠲᠥᠷᠥ ᠡᠵᠡᠨᠲᠦ ᠭᠦᠷᠦᠨ ᠦ᠌ ᠬᠡᠷᠡᠭ ᠢ᠋ ᠡᠮᠡᠰ ᠦ᠋ᠨ ᠢ᠋ᠶ᠋ᠡᠨ ᠦᠭᠡ ᠲᠡᠢ ᠬᠤᠳᠬᠤᠯᠳᠤᠨ ᠵᠥᠪᠰᠢᠭᠴᠢ ᠨᠠᠳᠠ ᠪᠠᠷ ᠲᠡᠭᠦᠰᠬᠡᠯ ᠪᠣᠯᠤᠭ! ᠡᠨᠡ ᠮᠥᠴᠡ ᠡᠴᠡ ᠬᠣᠢᠰᠢ ᠬᠠᠭᠠᠨ ᠵᠠᠮᠤᠬ᠎ᠠ ᠶ᠋ᠢᠨ ᠠᠯᠳᠠᠷ᠂ ᠤᠷᠪᠠᠨ ᠲᠡᠷᠰᠯᠡᠭᠴᠢ ᠬᠡᠨ ᠢ᠋ ᠴᠤ᠌ ᠪᠣᠯᠪᠠ ᠲᠥᠷᠥ ᠶ᠋ᠢᠨ ᠴᠡᠭᠡᠷᠯᠡᠯ ᠴᠠᠭᠠᠵᠠ ᠦᠯᠦ ᠲᠣᠭᠣᠷᠢᠬᠤ ᠶ᠋ᠢᠨ ᠬᠠᠤᠯᠢ ᠪᠣᠯᠤᠭ! ᠥᠴᠢᠬᠦ ᠥᠴᠢᠯ ᠮᠢᠨᠢ ᠭᠦᠢᠴᠡᠯ᠎ᠡ᠃ ᠬᠠᠭᠠᠨ ᠠᠨᠳᠠ ᠮᠢᠨᠢ᠂ ᠥᠰᠢᠶ᠎ᠡ ᠬᠣᠷᠣᠰᠤᠯ ᠪᠤᠴᠠᠯᠤᠭᠰᠠᠨ ᠬᠠᠮᠤᠭ ᠤ᠋ᠨ ᠪᠡᠷᠬᠡ ᠴᠠᠭ ᠲᠤ᠌ ᠴᠤ᠌ ᠥᠭᠡᠯᠦᠨ ᠡᠬᠡ ᠶ᠋ᠢᠨ ᠰᠦ ᠴᠢᠰᠤ ᠦᠭᠡᠢ ᠪᠠᠢᠭᠰᠠᠨ ᠢ᠋ ᠰᠠᠨᠠᠵᠤ ᠴᠢᠰᠤ ᠭᠠᠷᠭᠠᠯ ᠦᠭᠡᠢ ᠪᠡᠷ ᠨᠠᠮ᠎ᠠ ᠶ᠋ᠢ ᠠᠯᠠᠭᠤᠯᠤᠭᠲᠤᠨ! ᠦᠳᠲᠡᠷ ᠲᠦᠷᠭᠡᠨ ᠲᠣᠨᠢᠯᠭᠠᠭᠲᠤᠨ! ᠲᠡᠦᠬᠡ ᠶ᠋ᠢᠨ ᠬᠦᠷᠳᠦ ᠰᠠᠭᠠᠳ ᠲᠣᠳᠬᠠᠷ ᠦᠭᠡᠢ ᠣᠷᠴᠢᠭ! ᠬᠡᠪᠡᠢ᠃
ᠴᠢᠩᠭᠢᠰ ᠬᠠᠭᠠᠨ ᠬᠡᠰᠡᠭ ᠪᠣᠳᠣᠯᠭᠠᠰᠢᠷᠠᠭᠰᠠᠨ ᠢ᠋ᠶ᠋ᠠᠨ ᠲᠡᠷᠢᠭᠦᠨ ᠢ᠋ᠶ᠋ᠡᠨ ᠡᠷᠭᠦᠵᠦ ᠰᠢᠳᠠᠷ ᠬᠥᠮᠦᠰ ᠢ᠋ᠶ᠋ᠡᠨ ᠳᠠᠭᠤᠳᠠᠨ ᠵᠠᠷᠯᠢᠭ ᠪᠣᠯᠭᠠᠪᠠ᠃
— ᠬᠠᠭᠠᠨ ᠴᠢᠩᠭᠢᠰ ᠦ᠋ᠨ ᠵᠠᠷᠯᠢᠭ ᠪᠢᠰᠢ ᠭᠡᠳᠡᠭ ᠢ᠋ ᠮᠥᠩᠬᠡ ᠲᠩᠷᠢ ᠰᠣᠶᠣᠷᠬᠠᠲᠤᠭᠠᠢ! ᠪᠠᠭᠠᠲᠤᠷ ᠵᠠᠮᠤᠬ᠎ᠠ ᠶ᠋ᠢᠨ ᠰᠡᠭᠦᠯᠴᠢ ᠶ᠋ᠢᠨ ᠥᠴᠢᠯ ᠭᠡᠷᠢᠶᠡᠰ ᠢ᠋ ᠪᠡᠶᠡᠯᠡᠭᠦᠯᠵᠦ ᠴᠢᠰᠤ ᠭᠠᠷᠭᠠᠯ ᠦᠭᠡᠢ ᠦᠬᠦᠭᠦᠯᠦᠭᠲᠦᠨ! ᠠᠨᠳᠠ ᠳ᠋ᠤ᠌ ᠪᠠᠨ ᠪᠡᠯᠡᠭᠯᠡᠭᠰᠡᠨ ᠠᠯᠲᠠᠨ ᠪᠦᠰᠡ ᠶ᠋ᠢ ᠮᠢᠨᠢ ᠪᠦᠰᠡᠯᠡᠭᠦᠯᠵᠦ᠁ ᠠᠷᠭᠤᠮᠠᠭ ᠰᠠᠢᠬᠠᠨ ᠬᠦᠯᠦᠭ ᠢ᠋ᠶ᠋ᠡᠷ ᠬᠠᠭᠠᠨ ᠵᠠᠮᠤᠬ᠎ᠠ ᠶ᠋ᠢ ᠲᠠᠬᠢᠵᠤ᠂ ᠠᠭᠰᠠᠬᠤ ᠵᠡᠪᠰᠡᠭ ᠬᠤᠶᠠᠭ ᠳᠤᠭᠤᠯᠠᠭ᠎ᠠ ᠶ᠋ᠢ ᠨᠢ ᠠᠰᠠᠭᠠᠨ ᠬᠦᠯᠦᠭ ᠪᠠᠭᠠᠲᠤᠷ ᠤ᠋ᠨ ᠶᠣᠰᠣ ᠪᠠᠷ ᠣᠷᠣᠰᠢᠭᠤᠯᠤᠭᠲᠤᠨ! ᠡᠷ᠎ᠡ ᠬᠥᠮᠦᠨ ᠨᠥᠬᠥᠷᠯᠡᠬᠦ ᠳ᠋ᠦ᠍ ᠬᠠᠳᠠ ᠴᠢᠯᠠᠭᠤ ᠬᠠᠢᠯᠵᠤ ᠤᠷᠤᠰᠴᠤ ᠴᠤ᠌ ᠪᠣᠯᠳᠠᠭ ᠢ᠋ ᠡᠷ᠎ᠡ ᠬᠥᠮᠦᠨ ᠡᠪᠳᠡᠷᠡᠬᠦ ᠳ᠋ᠦ᠍ ᠬᠠᠨ ᠲᠩᠷᠢ ᠬᠠᠭᠠᠷᠠᠵᠤ ᠴᠣᠭᠣᠷᠠᠵᠤ ᠴᠤ᠌ ᠪᠣᠯᠳᠠᠭ ᠢ᠋ ᠲᠦᠮᠡᠨ ᠦᠶ᠎ᠡ ᠰᠠᠨᠠᠲᠤᠭᠠᠢ! ᠡᠢᠨ ᠬᠦ᠌ ᠠᠢᠯᠠᠳᠤᠨ ᠡᠷᠭᠢᠬᠦ ᠳ᠋ᠦ᠍ ᠴᠢᠩᠭᠢᠰ ᠬᠠᠭᠠᠨ ᠤ᠋ ᠤᠪᠤ ᠲᠣᠪᠣᠬᠠᠨ ᠪᠤᠭᠤᠷᠤᠯ ᠰᠠᠭᠤᠭᠰᠠᠨ᠂ ᠠᠷᠠᠮᠠᠭ ᠲᠠᠷᠠᠮᠠᠭ ᠰᠠᠬᠠᠯ ᠳᠡᠭᠡᠷ᠎ᠡ ᠨᠢᠯᠪᠤᠰᠤᠨ ᠳᠤᠰᠤᠯ ᠭᠢᠯᠲᠠᠭᠠᠨᠠᠪᠠ᠃
ᠬᠠᠭᠠᠳ ᠤ᠋ᠨ ᠵᠠᠷᠯᠢᠭ ᠶᠣᠰᠣᠭᠠᠷ ᠪᠣᠯᠵᠤ᠂ ᠮᠥᠩᠬᠡ ᠲᠩᠷᠢ ᠶ᠋ᠢᠨ ᠲᠠᠭᠠᠯᠠᠯ ᠳ᠋ᠤ᠌ ᠨᠡᠢᠴᠡᠪᠡ᠃
᠁ ᠨᠠᠢ᠍ᠮᠠᠨ ᠵᠠᠭᠤᠨ ᠤ᠋ ᠲᠡᠷᠲᠡᠭᠡᠬᠢ ᠵᠠᠮᠤᠬ᠎ᠠ ᠶ᠋ᠢᠨ ᠱᠠᠷᠢᠯ ᠳᠡᠭᠡᠭᠦᠷ ᠡᠬᠡ ᠨᠤᠲᠤᠭ ᠤ᠋ᠨ ᠨᠣᠶᠠᠨ ᠰᠠᠯᠬᠢ ᠭᠤᠨᠢᠭᠲᠠᠢᠬᠠᠨ ᠬᠡᠰᠦᠭᠦᠯᠴᠢᠯᠡᠵᠦ ᠨᠥᠬᠥᠷ ᠦ᠋ᠨ ᠲᠤᠬᠠᠢ ᠦᠭᠡᠰ ᠢ᠋ ᠬᠢᠯᠭᠠᠨ᠎ᠠ ᠶ᠋ᠢᠨ ᠪᠤᠲᠠᠨ ᠳ᠋ᠤ᠌ ᠰᠢᠪᠡᠨᠡᠨ ᠡᠷᠢᠨ ᠵᠠᠭᠤᠨ ᠳ᠋ᠤ᠌ ᠢᠯᠡᠭᠡᠨ᠎ᠡ᠃
ᠦᠰᠦᠭ ᠠᠮᠢᠯᠠᠭᠤᠯᠤᠭᠴᠢ᠄ ᠬᠥᠬᠡ ᠮᠣᠩᠭᠣᠯ
ᠦᠰᠦᠭ ᠬᠢᠨᠠᠭᠴᠢ᠄ ᠰᠢᠯᠤᠭᠤᠨ ᠪᠠᠭ
