ᠬᠥᠬᠡ ᠰᠤᠳᠤᠷ - ᠢᠨᠵᠠᠨᠨᠠᠰᠢ < ᠳᠥᠴᠢᠨ ᠨᠠᠢ᠍ᠮᠠᠳᠤᠭᠠᠷ ᠪᠦᠯᠦᠭ > Хөх судар - Инжинаш < Дөчин наймдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠳᠥᠴᠢᠨ ᠨᠠᠢ᠍ᠮᠠᠳᠤᠭᠠᠷ ᠪᠦᠯᠦᠭ > Хөх судар - Инжинаш < Дөчин наймдугаар бүлэг >

ᠬᠥᠬᠡ ᠰᠤᠳᠤᠷ - ᠢᠨᠵᠠᠨᠨᠠᠰᠢ < ᠳᠥᠴᠢᠨ ᠨᠠᠢ᠍ᠮᠠᠳᠤᠭᠠᠷ ᠪᠦᠯᠦᠭ > Хөх судар - Инжинаш < Дөчин наймдугаар бүлэг >

ᠠᠩᠭᠢᠯᠠᠯ:ᠲᠡᠦᠬᠡ ᠰᠣᠶᠣᠯ
2023-09-13

320

ᠳᠥᠷᠪᠡᠨ ᠬᠠᠷᠢ ᠲᠠᠪᠤᠨ ᠥᠩᠭᠡ ᠤᠯᠤᠰ ᠢ᠋ ᠠᠷᠪᠠᠨ ᠠᠩᠭᠢ ᠬᠤᠪᠢᠶᠠᠵᠤ ᠦᠯᠡᠳᠡᠭᠡᠪᠡ

ᠭᠤᠷᠪᠠᠨ ᠬᠦᠩ ᠵᠢᠷᠭᠤᠭᠠᠨ ᠴᠢᠩ ᠰᠠᠢᠳ ᠢ᠋ ᠶᠢᠰᠦᠨ ᠥᠷᠯᠥᠭ ᠬᠤᠷᠢᠮᠯᠠᠵᠤ ᠥᠭᠦᠯᠡᠯᠳᠦᠪᠡ


                 ᠳᠥᠴᠢᠨ ᠨᠠᠢ᠍ᠮᠠᠳᠤᠭᠠᠷ ᠪᠦᠯᠦᠭ 
                              ᠤᠯᠠᠭᠠᠨ ᠬᠤᠯᠤᠭᠠᠨ᠎ᠠ ᠵᠢᠯ᠂ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠠᠷᠪᠠᠨ ᠨᠢᠭᠡᠳᠦᠭᠡᠷ ᠣᠨ᠂ ᠰᠥᠩ ᠤᠯᠤᠰ ᠤ᠋ᠨ 
                              ᠨᠢᠩᠽᠦ᠋ᠩ ᠦ᠋ᠨ ᠵᠢᠶᠠ ᠳ᠋ᠢᠩ ᠦ᠋ᠨ ᠶᠢᠰᠦᠳᠦᠭᠡᠷ ᠣᠨ᠂ ᠠᠯᠲᠠᠨ ᠤᠯᠤᠰ ᠤ᠋ᠨ ᠰᠢᠤᠸᠠᠨᠽᠦ᠋ᠩ ᠦ᠋ᠨ  ᠵᠧᠨ ᠢᠦ ᠶ᠋ᠢᠨ
                              ᠳᠥᠷᠪᠡᠳᠦᠭᠡᠷ ᠣᠨ᠂ ᠲᠠᠢᠽᠦ ᠴᠢᠩᠭᠢᠰ ᠬᠠᠭᠠᠨ ᠡᠨᠡ ᠵᠢᠯ ᠲᠠᠪᠢᠨ ᠲᠠᠪᠤᠨ ᠰᠡᠭᠦᠳᠡᠷ ᠲᠡᠢ ᠂ ᠡᠨᠡ ᠪᠦᠯᠦᠭ ᠡᠴᠡ ᠬᠣᠢᠰᠢ
                              ᠮᠣᠩᠭᠣᠯ ᠤ᠋ᠨ ᠬᠡᠷᠡᠭ ᠮᠠᠰᠢ ᠣᠯᠠᠨ ᠪᠣᠯᠤᠭᠰᠠᠨ ᠲᠤᠯᠠ ᠤᠷᠢᠳᠠ ᠠᠳᠠᠯᠢ ᠨᠠᠷᠢᠪᠴᠢᠯᠠᠨ ᠲᠣᠭᠠᠴᠢᠵᠤ ᠴᠢᠳᠠᠬᠤ ᠦᠭᠡᠢ ᠪᠣᠯᠪᠠ᠃ 

           ᠳᠥᠷᠪᠡᠨ ᠬᠠᠷᠢ ᠲᠠᠪᠤᠨ ᠥᠩᠭᠡ ᠤᠯᠤᠰ ᠢ᠋ ᠠᠷᠪᠠᠨ ᠠᠩᠭᠢ ᠬᠤᠪᠢᠶᠠᠵᠤ ᠦᠯᠡᠳᠡᠭᠡᠪᠡ 
           ᠭᠤᠷᠪᠠᠨ ᠬᠦᠩ ᠵᠢᠷᠭᠤᠭᠠᠨ ᠴᠢᠩ ᠰᠠᠢᠳ ᠢ᠋ ᠶᠢᠰᠦᠨ ᠥᠷᠯᠥᠭ ᠬᠤᠷᠢᠮᠯᠠᠵᠤ ᠥᠭᠦᠯᠡᠯᠳᠦᠪᠡ 

             ᠲᠡᠨᠳᠡᠴᠡ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠪᠠᠷᠰ ᠴᠠᠭ ᠲᠤᠷ ᠬᠠᠭᠠᠨ ᠳᠡᠭᠡᠭᠰᠢᠯᠡᠬᠦᠶ᠎ᠡ᠂
             ᠲᠦᠮᠡᠨ ᠤᠯᠤᠰ ᠲᠥᠷᠥ ᠳᠦᠭᠦᠷᠡᠩ ᠬᠤᠷᠠᠵᠤ ᠮᠥᠷᠭᠥᠷ᠎ᠡ ᠢᠷᠡᠪᠡ᠂ 
             ᠲᠥᠪ ᠵᠠᠭᠤᠨ ᠲᠦᠰᠢᠮᠡᠯ ᠬᠤᠨᠳᠠᠭ᠎ᠠ ᠶ᠋ᠢ ᠶᠡᠨᠳᠡᠷ ᠦ᠋ᠨ ᠳᠣᠣᠷ᠎ᠠ ᠪᠠᠷᠢᠪᠠ᠂ 
             ᠲᠥᠷᠥ ᠶ᠋ᠢᠨ ᠰᠢᠪᠠᠭ᠎ᠠ ᠵᠠᠯᠭᠠᠯᠳᠤᠨ ᠬᠠᠰᠬᠢᠷᠴᠤ ᠥᠩᠭᠡᠷᠡᠨ ᠭᠠᠷᠴᠤ ᠡᠴᠢᠬᠦᠶ᠎ᠡ 
             ᠲᠦᠰᠢᠮᠡᠯ ᠲᠦᠰᠢᠶ᠎ᠡ ᠸᠠᠩ ᠰᠠᠢᠳ ᠤ᠋ᠳ ᠬᠡᠳᠦᠢᠨᠡᠢ ᠴᠢᠭᠤᠯᠤᠨ ᠢᠷᠡᠪᠡ᠃  
             ᠠᠯᠲᠠᠨ ᠤ᠋ ᠵᠤᠯᠠ ᠬᠢᠯᠢᠰ ᠭᠠᠯᠢᠰ ᠳᠥᠷᠪᠡᠨ ᠵᠦᠭ ᠡᠴᠡ ᠬᠤᠷᠠᠵᠤ 
             ᠠᠭᠠᠷᠤ ᠬᠦᠵᠢᠰ ᠦ᠋ᠨ ᠦᠨᠦᠷ ᠬᠥᠮᠦᠨ ᠦ᠌ ᠵᠢᠷᠦᠬᠡ ᠶ᠋ᠢ ᠳᠣᠭᠳᠣᠯᠤᠭᠤᠯᠤᠮᠤᠢ᠂ 
             ᠠᠷᠴᠢᠵᠤ ᠡᠯᠡᠭᠰᠡᠨ ᠬᠠᠰ ᠶᠡᠨᠳᠡᠷ ᠲᠣᠷ ᠲᠠᠵᠢ ᠮᠠᠩᠨᠤᠭ ᠮᠢᠷᠠᠯᠵᠠᠵᠤ 
             ᠠᠷᠢᠯᠭᠠᠵᠤ ᠱᠦᠭᠦᠷᠳᠡᠭᠰᠡᠨ ᠭᠡᠷᠡᠯᠲᠦ ᠭᠠᠵᠠᠷ᠎ᠠ ᠰᠠᠢᠳ ᠲᠦᠰᠢᠮᠡᠳ ᠬᠤᠷᠠᠯᠴᠠᠮᠤᠢ᠂
             ᠠᠯᠭᠤᠷ ᠮᠡᠳᠡᠭᠡᠴᠢᠯᠡᠬᠦ ᠲᠠᠪᠤᠳᠤᠭᠠᠷ ᠰᠢᠪᠠᠭ᠎ᠠ ᠱᠣᠪᠨᠠᠨ ᠬᠦᠷᠴᠦ ᠢᠷᠡᠮᠡᠭᠴᠡ 
             ᠠᠯᠲᠠᠨ ᠵᠦᠩ ᠬᠠᠰ ᠴᠢᠩ ᠬᠠᠮᠲᠤ ᠪᠠᠷ ᠳᠠᠭᠤᠨ ᠭᠠᠷᠭᠠᠭᠠᠳ᠂ 
             ᠠᠯᠤᠰ ᠬᠣᠯᠠ ᠬᠦᠷᠡᠯ ᠬᠡᠩᠭᠡᠷᠭᠡ ᠶᠡᠬᠡ ᠬᠠᠷᠰᠢ ᠳ᠋ᠤᠷ ᠬᠥᠩᠭᠡᠷᠢᠰᠦᠨ 
             ᠠᠯᠢ ᠪᠠᠷ ᠲᠡᠭᠷᠢ ᠶ᠋ᠢᠨ ᠬᠥᠭᠵᠢᠮ ᠶᠢᠰᠦᠨ ᠳᠠᠪᠬᠤᠷ ᠲᠤᠷ ᠡᠬᠢᠯᠡᠮᠦᠢ 
             ᠬᠠᠭᠠᠨ ᠤ᠋ ᠲᠠᠰᠢᠭᠤᠷ ᠭᠤᠷᠪᠠᠨᠲᠠ ᠳᠠᠭᠤᠷᠢᠰᠴᠤ ᠢᠪ ᠴᠢᠪ ᠪᠣᠯᠣᠮᠠᠭᠴᠠ 
             ᠬᠠᠩᠭᠢᠨᠠᠨ ᠴᠢᠩᠭᠢᠨᠠᠨ ᠪᠢᠯᠠᠷ ᠪᠢᠰᠬᠢᠭᠦᠷ ᠣᠷᠳᠣᠨ ᠳᠦᠭᠦᠷᠡᠩ ᠳᠠᠭᠤᠷᠢᠰᠤᠨ᠂ 
             ᠬᠠᠷᠠᠩᠭᠤᠢ ᠭᠠᠵᠠᠷ᠎ᠠ ᠣᠳᠣᠨ ᠵᠡᠷᠭᠡᠯᠡᠵᠦ ᠯᠤᠤ ᠶ᠋ᠢᠨ ᠭᠡᠷᠡᠯ ᠭᠡᠢᠮᠡᠭᠴᠡ 
             ᠬᠠᠮᠤᠭ ᠢ᠋ ᠡᠵᠡᠯᠡᠭᠰᠡᠨ ᠪᠣᠭᠳᠠ ᠬᠠᠭᠠᠨ ᠵᠠᠯᠠᠷᠠᠨ ᠪᠠᠭᠤᠵᠤ ᠭᠠᠷᠪᠠ᠂
             ᠣᠯᠠᠨ ᠲᠦᠰᠢᠮᠡᠳ ᠲᠦᠰᠢᠶ᠎ᠡ ᠬᠡᠪᠴᠢᠶᠡᠨ ᠲᠡᠮᠳᠡᠭ ᠢ᠋ ᠳᠠᠭᠠᠵᠤ 
             ᠤᠷᠤᠭ᠍ᠰᠢ ᠰᠥᠭᠥᠳᠴᠦ ᠮᠥᠷᠭᠥᠵᠦ ᠶᠣᠰᠣᠯᠠᠬᠤᠶ᠎ᠠ ᠢᠮᠡᠭᠡ ᠴᠢᠮᠡᠭᠡ ᠦᠭᠡᠢ᠂ 
             ᠤᠷᠲᠤ ᠬᠣᠢᠲᠤ ᠭᠤᠷᠪᠠ ᠭᠤᠷᠪᠠᠨ ᠶᠢᠰᠦᠨ ᠵᠡᠷᠭᠡ ᠶᠣᠰᠣᠯᠠᠨ ᠮᠥᠷᠭᠥᠭᠡᠳ 
             ᠤᠷᠲᠤ ᠥᠯᠵᠡᠢᠲᠦ ᠲᠦᠮᠡᠨ ᠨᠠᠰᠤᠲᠤ ᠲᠦᠮᠡᠨ ᠨᠠᠰᠤᠲᠤ ᠬᠡᠮᠡᠪᠡ᠃ 
       ᠬᠠᠭᠠᠨ ᠤ᠋ ᠭᠡᠭᠡᠨ ᠳᠠᠭᠠᠯᠳᠤᠭ᠎ᠠ ᠵᠠᠯᠠᠷᠠᠨ ᠭᠠᠷᠴᠤ ᠨᠠᠢ᠍ᠮᠠᠨ ᠰᠢᠮ᠎ᠡ ᠲᠠᠪᠤᠨ ᠠᠮᠲᠠᠨ ᠳ᠋ᠤᠷ ᠪᠦᠷᠢᠳᠬᠡᠨ ᠡᠷᠭᠦᠵᠦ ᠶᠣᠰᠣᠯᠠᠨ ᠮᠥᠷᠭᠥᠵᠦ᠂ ᠡᠭᠡᠨ ᠣᠷᠣᠵᠤ ᠢᠷᠡᠭᠡᠳ ᠲᠠᠢᠬᠡᠦ ᠳ᠋ᠦ᠍ᠷ ᠪᠡᠯᠭᠡᠯᠡᠨ ᠮᠥᠷᠭᠥᠵᠦ᠂ ᠰᠠᠶᠢ ᠶᠡᠬᠡ ᠬᠠᠷᠰᠢ ᠳ᠋ᠤᠷ ᠲᠦᠮᠡᠨ ᠤᠯᠤᠰ ᠢ᠋ ᠴᠠᠭᠠᠯᠠᠬᠤ ᠥᠷᠯᠥᠭᠡ ᠶ᠋ᠢᠨ ᠶᠣᠰᠣᠭᠠᠷ ᠪᠠᠶᠠᠰᠬᠤᠯᠠᠩ ᠤ᠋ᠨ ᠬᠤᠷᠢᠮ ᠬᠤᠷᠢᠮᠯᠠᠬᠤᠶ᠎ᠠ᠂ ᠤᠯᠠᠭᠠᠨ ᠨᠠᠷᠠᠨ ᠵᠡᠭᠦᠨ ᠣᠭᠲᠠᠷᠭᠤᠢ ᠳ᠋ᠤᠷ ᠮᠠᠨᠨᠳᠤᠮᠠᠭᠴᠠ ᠤᠯᠤᠰ ᠤ᠋ᠨ ᠡᠵᠡᠨ ᠳᠣᠲᠣᠭᠠᠳᠤ ᠣᠷᠳᠣᠨ᠎ᠠ ᠵᠠᠯᠠᠷᠠᠭᠠᠳ ᠣᠯᠠᠨ ᠲᠦᠰᠢᠮᠡᠳ ᠲᠥᠷᠥ ᠡᠴᠡ ᠪᠠᠭᠤᠵᠤ ᠤᠰᠤᠨ ᠤᠷᠤᠰᠴᠤ ᠡᠭᠦᠯᠡᠨ ᠨᠡᠭᠦᠬᠦ ᠠᠳᠠᠯᠢ ᠳᠥᠷᠪᠡᠨ ᠵᠦᠭ ᠲᠦ᠍ᠷ ᠲᠠᠷᠬᠠᠯᠴᠠᠵᠤ᠂ ᠥᠪᠡᠷ ᠥᠪᠡᠷ ᠦ᠋ᠨ ᠭᠡᠷ ᠦ᠋ᠨ ᠶᠠᠪᠤᠳᠠᠯ ᠢ᠋ ᠲᠡᠭᠦᠰᠬᠡᠵᠦ᠂ ᠯᠤᠤ ᠴᠠᠭ ᠲᠤᠷ ᠡᠷᠭᠦᠮᠵᠢᠯᠡᠬᠦ ᠬᠤᠷᠢᠮ ᠤ᠋ᠨ ᠵᠦᠩ ᠬᠡᠩᠭᠡᠷᠭᠡ ᠳᠠᠭᠤᠷᠢᠰᠴᠤ ᠵᠠᠭᠤᠨ ᠲᠦᠰᠢᠮᠡᠳ ᠯᠤᠤ ᠶ᠋ᠢᠨ ᠬᠠᠷᠰᠢ ᠳ᠋ᠤᠷ ᠭᠠᠷᠴᠤ ᠪᠣᠭᠳᠠ ᠡᠵᠡᠨ ᠡᠷᠳᠡᠨᠢ ᠶ᠋ᠢᠨ ᠰᠠᠭᠤᠷᠢᠨ ᠳ᠋ᠤᠷ ᠵᠠᠯᠠᠷᠠᠨ ᠰᠠᠭᠤᠵᠤ᠂ ᠵᠠᠭᠤᠨ ᠲᠦᠰᠢᠮᠡᠳ ᠮᠥᠷᠭᠥᠵᠦ ᠳᠠᠭᠤᠰᠤᠭᠰᠠᠨ ᠬᠣᠢᠨ᠎ᠠ᠂ ᠬᠠᠭᠠᠨ ᠵᠠᠷᠯᠢᠭ ᠪᠣᠯᠤᠷᠤᠨ :《ᠣᠷᠴᠢᠯᠠᠩ ᠤ᠋ᠨ ᠬᠣᠭᠣᠷᠣᠨᠳᠣ ᠬᠥᠮᠦᠨ ᠲᠥᠷᠥᠯᠬᠢᠲᠡᠨ ᠦ᠌ ᠬᠣᠴᠢ ᠦᠭᠡᠢ ᠣᠢᠷ᠎ᠠ ᠢᠨᠠᠭ ᠬᠡᠮᠡᠭᠴᠢ ᠡᠴᠢᠭᠡ ᠡᠬᠡ ᠲᠣᠯᠣᠭᠠᠢ ᠲᠡᠷᠢᠭᠦᠨ᠂ ᠠᠬ᠎ᠠ ᠳᠡᠭᠦᠦ ᠬᠡᠮᠡᠭᠴᠢ ᠭᠠᠷ ᠬᠥᠯ᠂ ᠡᠮ᠎ᠡ ᠦᠷ᠎ᠡ ᠬᠡᠮᠡᠭᠴᠢ ᠳᠡᠪᠡᠯ ᠬᠤᠪᠴᠠᠳ᠂ ᠰᠠᠢᠳ ᠲᠦᠰᠢᠮᠡᠳ ᠬᠡᠮᠡᠭᠴᠢ ᠬᠤᠶᠠᠭ ᠳᠤᠭᠤᠯᠠᠭ᠎ᠠ ᠵᠠᠷ ᠵᠡᠪᠰᠡᠭ ᠮᠡᠲᠦ ᠪᠤᠶᠤ᠃ ᠡᠨᠡ ᠡᠳᠦᠷ ᠪᠢ ᠬᠥᠮᠦᠨ ᠦ᠌ ᠡᠰᠢ ᠶ᠋ᠢᠨ ᠶᠣᠰᠣ ᠪᠠᠷ ᠡᠬᠢᠯᠡᠨ ᠢᠯᠭᠠᠰᠤᠭᠠᠢ : ᠲᠡᠷᠢᠭᠦᠨ ᠳ᠋ᠦ᠍ᠷ ᠮᠢᠨᠦ ᠬᠠᠭᠠᠨ ᠡᠴᠢᠭᠡ ᠶ᠋ᠢᠨ ᠪᠠᠢᠳᠠᠯ ᠳᠦᠷᠰᠦ ᠶ᠋ᠢ ᠠᠯᠲᠠᠨ ᠢ᠋ᠶ᠋ᠠᠷ ᠪᠦᠲᠦᠭᠡᠵᠦ ᠲᠡᠢ ᠮᠢᠶᠣᠤ ᠳ᠋ᠤᠷ ᠳᠠᠬᠢ᠂ ᠵᠢᠴᠢ ᠮᠢᠨᠦ ᠡᠬᠡ ᠲᠠᠢᠬᠡᠦ ᠨᠠᠰᠤᠨ ᠰᠡᠭᠦᠳᠡᠷ ᠳᠠᠯᠠᠨ ᠳᠣᠯᠣᠭᠠᠨ ᠳ᠋ᠤᠷ ᠬᠦᠷᠴᠦ ᠰᠡᠭᠦᠳᠡᠷ ᠮᠠᠰᠢ ᠥᠨᠳᠥᠷ ᠪᠣᠯᠤᠭᠰᠠᠨ ᠲᠤᠯᠠ ᠶᠡᠬᠡ ᠬᠦᠦ ᠡᠴᠡ ᠰᠢᠷ᠎ᠠ ᠠᠯᠲᠠᠨ ᠮᠢᠩᠭᠠᠨ ᠯᠠᠩ᠂ ᠴᠠᠭᠠᠨ ᠮᠥᠩᠭᠥᠨ ᠲᠦᠮᠡᠨ ᠯᠠᠩ᠂ ᠵᠣᠳᠣᠩ ᠪᠥᠰ ᠠᠷᠪᠠᠨ ᠲᠦᠮᠡᠨ ᠬᠡᠰᠡᠭ᠂ ᠮᠢᠨᠦ ᠬᠠᠷᠢᠶᠠᠲᠤ ᠨᠠᠢ᠍ᠮᠠᠨ ᠵᠠᠭᠤᠨ ᠶᠡᠷᠡᠨ ᠬᠣᠶᠠᠷ ᠬᠣᠲᠠ ᠪᠠᠯᠭᠠᠳ ᠤ᠋ᠨ ᠰᠠᠩ ᠬᠥᠮᠥᠷᠭᠡ ᠶ᠋ᠢ ᠨᠡᠭᠡᠭᠡᠵᠦ ᠭᠠᠷᠭᠠᠨ᠂ ᠮᠢᠨᠦ ᠬᠠᠷᠢᠶᠠᠲᠤ ᠤᠯᠤᠰ ᠤ᠋ᠨ ᠵᠢᠷᠠᠨ ᠨᠠᠰᠤᠨ ᠠ᠋ᠴᠠ ᠳᠡᠭᠡᠭᠰᠢ ᠳ᠋ᠦ᠍ᠷ ᠳᠠᠩ ᠬᠤᠪᠢ᠂ ᠳᠠᠯᠠᠨ ᠨᠠᠰᠤᠨ ᠠ᠋ᠴᠠ ᠳᠡᠭᠡᠭᠰᠢ ᠳ᠋ᠦ᠍ᠷ ᠳᠠᠪᠬᠤᠷ ᠬᠤᠪᠢ᠂ ᠨᠠᠶᠠᠨ ᠨᠠᠰᠤᠨ ᠠ᠋ᠴᠠ ᠳᠡᠭᠡᠭᠰᠢ ᠳ᠋ᠦ᠍ᠷ ᠭᠤᠷᠪᠠᠨ ᠬᠤᠪᠢ᠂ ᠶᠡᠷᠡᠨ ᠨᠠᠰᠤᠨ ᠠ᠋ᠴᠠ ᠳᠡᠭᠡᠭᠰᠢ ᠳ᠋ᠦ᠍ᠷ ᠳᠥᠷᠪᠡᠨ ᠬᠤᠪᠢ᠂ ᠵᠠᠭᠤᠨ ᠨᠠᠰᠤᠨ ᠠ᠋ᠴᠠ ᠳᠡᠭᠡᠭᠰᠢᠳᠡ ᠲᠠᠪᠤᠨ ᠬᠤᠪᠢ᠂ ᠨᠢᠭᠡᠨ ᠵᠠᠭᠤᠨ ᠠᠷᠪᠠᠨ ᠨᠠᠰᠤᠨ ᠠ᠋ᠴᠠ ᠳᠡᠭᠡᠭᠰᠢᠳᠡ ᠶ᠋ᠢ ᠨᠠᠳᠠ ᠳ᠋ᠤᠷ ᠪᠠᠷᠠᠳᠠᠭᠤᠯ᠂ ᠥᠪᠡᠷᠮᠢᠴᠡ ᠱᠠᠩᠨᠠᠮᠤᠢ᠃ ᠨᠢᠭᠡᠨ ᠵᠠᠭᠤᠨ ᠬᠣᠷᠢᠨ ᠨᠠᠰᠤᠨ ᠠ᠋ᠴᠠ ᠳᠡᠭᠡᠭᠰᠢᠳᠡ ᠶ᠋ᠢ ᠣᠯᠤᠮᠠᠭᠴᠠ ᠤᠷᠢᠳᠠ ᠤᠯᠤᠰ ᠤ᠋ᠨ ᠭᠦᠸᠧ ᠯᠤᠤ ᠴᠣᠯᠠ ᠡᠷᠭᠦᠵᠦ᠂ ᠲᠠᠶᠠᠭ ᠲᠤᠯᠤᠭᠤᠯᠤᠨ ᠨᠠᠳᠠ ᠳ᠋ᠤᠷ ᠪᠠᠷᠠᠳᠠᠭᠤᠯ᠂ ᠥᠪᠡᠷ᠎ᠡ ᠡᠷᠭᠦᠮᠵᠢᠯᠡᠯ ᠪᠣᠢ᠃ ᠬᠡᠷᠪᠡ ᠡᠭᠦᠨ ᠡᠴᠡ ᠳᠠᠪᠠᠭ᠍ᠰᠠᠳ ᠠᠪᠠᠰᠤ ᠴᠥᠮ ᠰᠡᠦᠬᠡ ᠳ᠋ᠦ᠍ᠷ ᠰᠠᠭᠤᠯᠭᠠᠨ ᠳᠠᠮᠨᠠᠨ ᠢᠷᠡᠭᠦᠯᠵᠦ ᠪᠠᠷᠠᠳᠠᠭᠤᠯ᠂ ᠠᠩᠭᠢᠳᠠ ᠢᠯᠭᠠᠯ ᠪᠣᠢ᠃ ᠡᠨᠡ ᠬᠦ᠌ ᠨᠢᠭᠡᠨ ᠨᠢᠭᠡᠨ ᠬᠤᠪᠢ ᠳ᠋ᠤᠷ ᠨᠢᠭᠡᠨ ᠯᠠᠩ ᠮᠥᠩᠭᠥ ᠨᠢᠭᠡᠨ ᠲᠣᠯᠣᠭᠠᠢ ᠪᠥᠰ ᠠᠷᠪᠠᠨ ᠰᠠᠭᠤᠯᠠᠭ᠎ᠠ ᠠᠮᠤ ᠶ᠋ᠢ ᠬᠡᠮᠵᠢᠶ᠎ᠡ ᠪᠣᠯᠭ᠎ᠠ᠂ ᠨᠠᠶᠠᠨ ᠨᠠᠰᠤᠨ ᠭᠠᠷᠤᠭᠰᠠᠨ ᠳ᠋ᠤᠷ ᠰᠢᠷ᠎ᠠ ᠠᠯᠲᠠᠨ ᠨᠢᠭᠡᠨ ᠴᠢᠨ ᠨᠡᠮᠡᠵᠦ ᠥᠭ᠂ ᠡᠭᠦᠨ ᠦ᠌ ᠳᠣᠲᠣᠷ᠎ᠠ ᠬᠡᠷᠪᠡ ᠬᠣᠪᠳᠣᠭ ᠠᠷᠠᠳ ᠨᠠᠰᠤ ᠥᠰᠬᠡᠵᠦ ᠬᠡᠰᠢᠭ ᠢ᠋ ᠮᠡᠬᠡᠯᠡᠭᠴᠢᠳ ᠠᠬᠤ ᠪᠣᠯᠵᠣᠰᠢ ᠦᠭᠡᠢ᠂ ᠡᠷᠬᠡᠪᠰᠢ ᠲᠡᠭᠦᠨ ᠦ᠌ ᠲᠥᠷᠥᠯ ᠲᠥᠷᠥᠭᠰᠡᠳ ᠤᠷᠤᠭ ᠰᠠᠳᠤᠨ ᠠᠢᠯ ᠠᠢᠮᠠᠭ ᠵᠡᠷᠭᠡᠯᠡᠳᠡᠭᠡ ᠠᠢᠯ ᠠ᠋ᠴᠠ ᠬᠢᠨᠠᠨ ᠪᠠᠢᠴᠠᠭᠠᠵᠤ ᠲᠣᠳᠣᠷᠬᠠᠢᠯᠠ᠃ ᠡᠢᠨ ᠠᠲᠠᠯ᠎ᠠ ᠪᠠᠰᠠ ᠮᠡᠬᠡᠯᠡᠭᠴᠢᠳ ᠭᠠᠷᠴᠤ ᠪᠠᠢᠴᠠᠭᠠᠨ ᠭᠠᠷᠬᠤᠯ᠎ᠠ ᠬᠦᠨᠳᠦ ᠶᠠᠯ᠎ᠠ ᠤᠨᠠᠭᠠᠮᠤᠢ᠃ ᠡᠳᠡᠭᠡᠷ ᠱᠠᠩ ᠢ᠋ ᠤᠯᠤᠰ ᠤ᠋ᠨ ᠲᠠᠪᠤᠨ ᠥᠲᠡᠭᠦᠰ ᠭᠦᠸᠧ ᠯᠤᠤ ᠶ᠋ᠢ ᠳᠥᠷᠪᠡᠨ ᠵᠦᠭ ᠭᠠᠷᠭᠠᠨ ᠨᠢᠭᠡᠨ ᠢᠨᠦ ᠦᠯᠡᠳᠡᠵᠦ ᠳᠤᠮᠳᠠᠳᠤ ᠶ᠋ᠢ ᠪᠠᠢᠴᠠᠭᠠᠯᠭ᠎ᠠ᠂ ᠪᠠᠰᠠ ᠲᠠᠪᠤᠨ ᠶᠡᠬᠡ ᠬᠠᠷᠭᠢᠰ ᠠ᠋ᠴᠠ ᠪᠤᠰᠤ ᠶᠠᠯᠠᠲᠠᠨ ᠢ᠋ ᠬᠡᠯᠲᠦᠷᠢᠭᠦᠯᠵᠦ ᠨᠢᠭᠡᠨ ᠵᠡᠷᠭᠡ ᠬᠥᠩᠭᠡᠷᠡᠭᠦᠯᠡ᠃ ᠡᠢᠮᠦ ᠥᠷᠯᠥᠭ ᠢ᠋ ᠵᠠᠷᠯᠠ᠂ ᠡᠨᠡ ᠢᠨᠦ ᠮᠢᠨᠦ ᠡᠴᠢᠭᠡ ᠡᠬᠡ ᠳ᠋ᠦ᠍ᠷ ᠬᠠᠷᠢᠭᠤᠯᠠᠬᠤ ᠠᠨᠤ ᠪᠣᠯᠠᠢ᠃ ᠵᠢᠴᠢ ᠳ᠋ᠦ᠍ᠷ ᠮᠢᠨᠦ ᠪᠡᠶ᠎ᠡ ᠮᠥᠨ ᠬᠥᠭᠰᠢᠷᠡᠬᠦ ᠶ᠋ᠢᠨ ᠮᠥᠷ ᠲᠦ᠍ᠷ ᠣᠷᠣᠵᠤ ᠲᠠᠪᠢᠨ ᠲᠠᠪᠤᠨ ᠨᠠᠰᠤᠯᠠᠪᠠ᠃ ᠬᠡᠳᠦᠢᠪᠡᠷ ᠰᠥᠩ᠂ ᠠᠯᠲᠠᠨ ᠬᠣᠶᠠᠷ ᠤᠯᠤᠰ ᠢ᠋ ᠲᠦᠪᠰᠢᠳᠬᠡᠭᠡᠳᠦᠢ᠂ ᠳᠡᠯᠡᠬᠡᠢ ᠳ᠋ᠠᠬᠢᠨ ᠨᠢᠭᠡᠨ᠎ᠡ ᠨᠡᠢᠭᠡᠮ ᠪᠣᠯᠤᠭᠠᠳᠤᠢ ᠪᠣᠯᠪᠠᠴᠤ ᠵᠦᠩ ᠶᠤᠸᠠᠨ ᠤ᠋ ᠬᠠᠭᠠᠰ ᠪᠠ ᠠᠷᠤ ᠭᠠᠵᠠᠷ ᠪᠠᠷᠠᠭᠤᠨ ᠵᠣᠪᠬᠢᠰ ᠵᠡᠭᠦᠨ ᠵᠠᠬ᠎ᠠ ᠨᠡᠢᠲᠡ ᠮᠥᠨ ᠳᠡᠯᠡᠬᠡᠢ ᠳ᠋ᠠᠬᠢᠨ ᠤ᠋ ᠬᠠᠭᠠᠰ ᠢ᠋ ᠡᠵᠡᠯᠡᠪᠡ᠃ ᠶᠠᠮᠪᠠᠷᠪᠠ ᠬᠡᠷᠡᠭ ᠢ᠋ ᠬᠢᠨᠠᠨ ᠡᠰᠡ ᠪᠣᠳᠣᠪᠠᠰᠤ ᠦᠯᠦ ᠪᠣᠯᠤᠮᠤᠢ ᠃ ᠪᠢ ᠡᠳᠦᠭᠡ ᠨᠢᠳᠦ ᠣᠷᠬᠢᠨ ᠰᠠᠨᠠᠭᠠᠨ ᠲᠠᠯᠪᠢᠵᠤ᠂ ᠰᠥᠩ᠂ ᠯᠢᠶᠣᠤ᠂ ᠠᠯᠲᠠᠨ ᠡᠳᠡᠭᠡᠷ ᠤᠯᠤᠰ ᠣᠨᠴᠠ ᠨᠢᠭᠡᠨ ᠲᠥᠷᠥ ᠪᠡᠨ ᠰᠠᠨᠠᠮᠤᠢ ᠭᠡᠮᠡᠨ ᠨᠢᠭᠡᠨ ᠬᠥᠪᠡᠭᠦᠨ ᠢ᠋ᠶ᠋ᠡᠨ ᠡᠷᠭᠦᠮᠵᠢᠯᠡᠵᠦ ᠬᠠᠭᠠᠨ ᠪᠣᠯᠭᠠᠪᠠᠰᠤ ᠪᠤᠰᠤ ᠶ᠋ᠢ ᠠᠨᠤ ᠬᠣᠷᠢᠵᠤ᠂ ᠡᠰᠡᠬᠦᠯ᠎ᠡ ᠬᠣᠭᠣᠰᠣᠨ ᠨᠡᠷ᠎ᠡ ᠶ᠋ᠢᠨ ᠲᠡᠳᠦᠢ ᠸᠠᠩ ᠾᠧᠦ ᠡᠷᠭᠦᠮᠵᠢᠯᠡᠵᠦ ᠬᠣᠷᠢᠭᠠᠳ ᠲᠡᠭᠦᠨ ᠦ᠌ ᠥᠪᠡᠷ᠎ᠡ ᠬᠤᠪᠢᠯᠤᠯ ᠪᠣᠯᠤᠨ ᠤᠷᠪᠠᠵᠤ ᠲᠡᠮᠡᠴᠡᠬᠦ ᠡᠴᠡ ᠪᠣᠯᠭᠣᠮᠵᠢᠯᠠᠬᠤ ᠬᠡᠮᠡᠮᠦᠢ᠃ ᠮᠢᠨᠦ ᠦᠵᠡᠬᠦᠢ ᠳ᠋ᠦ᠍ᠷ ᠲᠡᠳᠡᠭᠡᠷ ᠴᠥᠮ ᠪᠡᠶ᠎ᠡ ᠪᠡᠨ ᠮᠡᠬᠡᠯᠡᠨ ᠰᠠᠨᠠᠭ᠎ᠠ ᠪᠠᠨ ᠬᠠᠭᠤᠷᠤᠭᠰᠠᠨ ᠬᠡᠷᠡᠭ᠂ ᠪᠢ ᠤᠭ ᠠ᠋ᠴᠠ ᠮᠥᠨ ᠡᠭᠡᠯ ᠬᠥᠮᠦᠨ ᠪᠥᠭᠡᠳ ᠡᠳᠦᠭᠡ ᠡᠷᠭᠢᠨ ᠡᠨᠡ ᠰᠠᠭᠤᠷᠢᠨ ᠢ᠋ ᠪᠦᠲᠦᠭᠡᠪᠡ᠂ ᠬᠡᠷᠪᠡ ᠬᠠᠭᠠᠨ ᠰᠠᠭᠤᠬᠤ ᠪᠤᠶᠠᠨ ᠠᠪᠠᠰᠤ ᠰᠤᠯᠠ ᠢᠷᠭᠡᠨ ᠪᠣᠯᠪᠠᠴᠤ ᠬᠠᠯᠬᠠᠯᠠᠨ ᠦᠯᠦ ᠴᠢᠳᠠᠮᠤᠢ᠃ ᠦᠨᠡᠬᠡᠷ ᠬᠠᠭᠠᠨ ᠰᠠᠭᠤᠨ ᠬᠠᠮᠤᠭ ᠢ᠋ ᠬᠠᠮᠠᠭᠠᠯᠠᠨ ᠴᠢᠳᠠᠬᠤ ᠪᠤᠶᠠᠨ ᠦᠭᠡᠢ ᠪᠣᠯᠪᠠᠰᠤ ᠬᠠᠭᠠᠨ ᠰᠠᠭᠤᠪᠠᠴᠤ ᠡᠴᠦᠰ ᠲᠦ᠍ᠷ ᠠᠯᠳᠠᠬᠤ ᠪᠣᠯᠠᠢ᠃  ᠪᠢ ᠡᠳᠦᠭᠡ ᠮᠣᠩᠭᠣᠯ ᠤ᠋ᠨ ᠲᠥᠷᠥ ᠶ᠋ᠢ ᠪᠦᠲᠦᠭᠡᠵᠦ ᠡᠳᠦᠢ ᠪᠣᠯᠪᠠ᠂ ᠣᠷᠴᠢᠯᠠᠩ ᠤ᠋ᠨ ᠶᠣᠰᠣᠨ ᠢ᠋ᠶ᠋ᠠᠷ ᠬᠡᠳᠦᠢ ᠬᠤᠪᠢᠶᠠᠨ ᠲᠣᠭᠲᠠᠭᠠᠪᠠᠴᠤ ᠤᠯᠠᠷᠢᠵᠤ ᠶᠠᠪᠤᠬᠤ ᠠᠨᠤ ᠲᠡᠭᠷᠢ ᠶ᠋ᠢᠨ ᠰᠠᠨᠠᠭᠠᠨ ᠢ᠋ ᠥᠪᠡᠷ ᠥᠪᠡᠷ ᠦ᠋ᠨ ᠲᠠᠭᠠᠯᠠᠯ ᠢ᠋ᠶ᠋ᠠᠷ ᠶᠠᠪᠤᠬᠤ ᠪᠣᠯᠠᠢ᠃ ᠪᠢ ᠲᠦᠮᠡᠨ ᠣᠨ ᠳᠠᠭᠠᠵᠤ ᠪᠣᠯᠬᠤ ᠶᠣᠰᠣ ᠪᠣᠢ ᠤᠤ ? ᠲᠡᠢᠨ ᠬᠦ᠌ ᠮᠢᠨᠦ ᠦᠷ᠎ᠡ ᠠᠴᠢ᠂ ᠲᠦᠰᠢᠮᠡᠳ ᠰᠠᠢᠳ ᠤ᠋ᠨ ᠦᠷᠡᠰ ᠤᠳᠠᠲᠠᠯ᠎ᠠ ᠵᠣᠭᠰᠣᠯᠲᠠ ᠲᠠᠢ ᠶ᠋ᠢ ᠪᠣᠳᠣᠪᠠᠰᠤ ᠪᠠᠬᠠᠨ ᠴᠤ᠌ ᠥᠪᠡᠷ᠎ᠡ ᠠᠷᠭ᠎ᠠ ᠦᠭᠡᠢ᠃ ᠲᠡᠢᠨ ᠬᠦ᠌ ᠬᠡᠴᠢᠨᠡᠨ ᠵᠢᠯ ᠪᠣᠳᠣᠭᠰᠠᠭᠠᠷ ᠨᠢᠳᠤᠨᠤᠨ ᠵᠢᠯ ᠡᠨᠡ ᠳ᠋ᠠᠢᠳᠦ᠋ ᠶ᠋ᠢ ᠣᠯᠵᠤ ᠠᠯᠲᠠᠨ ᠤᠯᠤᠰ ᠤ᠋ᠨ ᠣᠷᠣᠪ ᠴᠣᠷᠣᠪ ᠤ᠋ᠨ ᠭᠠᠰᠢᠭᠤᠨ ᠢ᠋ ᠦᠵᠡᠭᠡᠳ ᠬᠠᠷᠢᠨ ᠨᠢᠭᠡᠨ ᠠᠷᠭ᠎ᠠ ᠣᠯᠪᠠ ᠂ ᠡᠳᠦᠭᠡ ᠨᠠᠳᠠ ᠳ᠋ᠤᠷ ᠳᠥᠷᠪᠡᠨ ᠳᠡᠭᠦᠦ᠂ ᠳᠥᠷᠪᠡᠨ ᠬᠥᠪᠡᠭᠦᠨ᠂ ᠨᠢᠭᠡᠨ ᠬᠦᠷᠭᠡᠨ ᠳᠡᠭᠦᠦ᠂ ᠨᠢᠭᠡᠨ ᠲᠥᠷᠥᠭᠰᠡᠨ ᠬᠦᠷᠭᠡᠨ᠂ ᠡᠨᠡ ᠠᠷᠪᠠᠨ ᠡᠰᠢ ᠡᠴᠡ ᠭᠠᠳᠠᠨ᠎ᠠ ᠪᠠᠰᠠ ᠮᠢᠨᠦ ᠳᠥᠷᠪᠡᠨ ᠬᠦᠯᠦᠭ ᠵᠢᠷᠭᠤᠭᠠᠨ ᠰᠠᠢᠳ ᠤ᠋ᠨ ᠶᠢᠰᠦᠨ ᠥᠷᠯᠥᠭ ᠪᠣᠢ᠂ ᠡᠳᠡᠭᠡᠷ ᠢ᠋ ᠬᠠᠷᠢᠯᠴᠠᠨ ᠬᠣᠯᠠ ᠠᠯᠤᠰᠯᠠᠭᠤᠯᠤᠨ ᠭᠠᠵᠠᠷ ᠭᠠᠵᠠᠷ ᠢ᠋ ᠡᠵᠡᠯᠡᠭᠦᠯᠦᠨ ᠬᠤᠪᠢ ᠬᠣᠪᠢᠨ ᠳ᠋ᠤᠷ ᠰᠠᠨᠠᠭᠠᠨ ᠢ᠋ ᠬᠠᠨᠲᠠᠯ᠎ᠠ ᠬᠠᠨ ᠡᠷᠭᠦᠮᠵᠢᠯᠡᠪᠡᠰᠦ ᠶᠠᠭᠤᠨ ᠤ᠋ ᠲᠡᠮᠡᠴᠡᠯ ᠪᠣᠢ ? ᠦᠨᠡᠬᠡᠷ ᠲᠡᠮᠡᠴᠡᠯ ᠠᠪᠠᠴᠤ ᠴᠥᠮ ᠮᠢᠨᠦ ᠦᠷ᠎ᠡ ᠠᠴᠢᠷ ᠲᠤᠯᠠ ᠴᠢᠳᠠᠯᠲᠠᠨ ᠠᠨᠤ ᠬᠠᠭᠠᠨ ᠰᠠᠭᠤᠮᠤᠢ ‍ᠶ᠎ᠠ᠃ ᠡᠨᠡ ᠦᠭᠡ ᠬᠡᠳᠦᠢ ᠶᠣᠰᠣ ᠬᠠᠤᠯᠢ ᠴᠠᠭᠠᠵᠠ ᠳᠦᠷᠢᠮ ᠳ᠋ᠦ᠍ᠷ ᠬᠠᠷᠰᠢᠬᠤ ᠮᠡᠲᠦ ᠪᠣᠯᠪᠠᠴᠤ ᠡᠴᠦᠰ ᠲᠦ᠍ᠷ ᠡᠭᠦᠨᠴᠡ ᠮᠥᠨ ᠭᠠᠷᠴᠤ ᠴᠢᠳᠠᠬᠤ ᠦᠭᠡᠢ ᠪᠣᠯᠠᠢ᠃ ᠠᠷᠪᠠᠨ ᠡᠰᠢ ᠦᠷᠡᠰ ᠰᠠᠯᠠᠭ᠎ᠠ ᠪᠠ ᠶᠢᠰᠦᠨ ᠡᠩ ᠦ᠋ᠨ ᠭᠠᠪᠢᠶᠠᠲᠤ ᠦᠨᠳᠦᠰᠦᠨ ᠦ᠌ ᠨᠢᠭᠡᠨ ᠢᠨᠦ ᠮᠠᠨᠳᠤᠪᠠᠰᠤ ᠮᠢᠨᠦ ᠪᠡᠶ᠎ᠡ ᠮᠠᠨᠳᠤᠬᠤ ᠯᠤᠭ᠎ᠠ ᠨᠢᠭᠡᠨ ᠠᠳᠠᠯᠢ ᠪᠤᠰᠤ ᠤᠤ ? 》ᠭᠡᠮᠡᠨ ᠴᠢᠨ ᠸᠠᠩ ᠪᠡᠯᠭᠦᠳᠡᠢ ᠶ᠋ᠢ ᠳᠠᠭᠤᠳᠠᠵᠤ ᠵᠠᠷᠯᠢᠭ ᠪᠣᠯᠤᠷᠤᠨ :《ᠬᠣᠶᠠᠳᠤᠭᠠᠷ ᠳᠡᠭᠦᠦ ᠸᠠᠩ ᠴᠢ᠂ ᠠᠯᠲᠠᠨ ᠲᠥᠷᠥ ᠶ᠋ᠢ ᠪᠦᠲᠦᠭᠡᠬᠦ ᠶ᠋ᠢᠨ ᠲᠤᠯᠠ ᠠᠷᠤ ᠨᠢᠷᠤᠭᠤ ᠪᠠᠨ ᠴᠠᠪᠴᠢᠲᠠᠯ᠎ᠠ ᠡᠰᠡ ᠲᠡᠪᠴᠢᠨ ᠠᠯᠢᠪᠠ ᠪᠠᠢᠯᠳᠤᠭᠠᠨ᠎ᠠ ᠦᠬᠦᠨ ᠵᠢᠳᠬᠦᠵᠦ᠂ ᠠᠬ᠎ᠠ ᠪᠠᠨ ᠨᠠᠮᠠᠢ ᠬᠠᠮᠠᠭᠠᠯᠠᠨ ᠶᠠᠪᠤᠭᠰᠠᠭᠠᠷ ᠡᠳᠦᠭᠡ ᠪᠣᠯᠪᠠ᠃ ᠠᠬ᠎ᠠ ᠴᠢᠨᠦ ᠪᠢ ᠮᠥᠨ ᠬᠥᠭᠰᠢᠷᠡᠬᠦ ᠶ᠋ᠢᠨ ᠮᠥᠷ ᠲᠣᠷ ᠣᠷᠣᠬᠤ ᠰᠢᠬᠠᠪᠠ᠃ ᠲᠡᠢᠨ ᠬᠦ᠌ ᠲᠠᠨ ᠤ᠋ ᠥᠪᠡᠷ ᠥᠪᠡᠷ ᠦ᠋ᠨ ᠵᠣᠭᠰᠣᠯᠲᠠ ᠶ᠋ᠢ ᠣᠯᠭᠣᠭᠤᠯᠤᠶ᠎ᠠ᠂ ᠮᠢᠨᠦ ᠡᠨᠡ ᠮᠡᠲᠦ ᠡᠷᠬᠢᠮ ᠥᠨᠳᠥᠷ ᠪᠣᠯᠤᠭᠰᠠᠨ ᠠᠨᠤ ᠲᠥᠷᠥᠭᠰᠡᠨ ᠡᠴᠡ ᠳᠥᠷᠪᠡᠨ ᠳᠡᠭᠦᠦ ᠲᠦᠪᠡᠭᠳᠡᠭᠰᠡᠨ ᠡᠴᠡ ᠳᠥᠷᠪᠡᠨ ᠬᠦᠯᠦᠭ᠂ ᠲᠦᠭᠰᠢᠯᠳᠦ ᠡᠴᠡ ᠵᠢᠷᠭᠤᠭᠠᠨ ᠰᠠᠢᠳ ᠲᠥᠷᠥ ᠳ᠋ᠦ᠍ᠷ ᠡᠴᠡ ᠶᠢᠰᠦᠨ ᠡᠩ ᠦ᠋ᠨ ᠪᠦᠭᠦᠳᠡᠭᠡᠷ ᠦ᠋ᠨ ᠦᠬᠦᠨ ᠵᠢᠳᠬᠦᠭᠰᠡᠨ ᠡᠴᠡ ᠪᠦᠲᠦᠭᠡᠵᠦ᠂ ᠮᠡᠬᠦᠰ ᠬᠥᠮᠦᠨ ᠪᠢ ᠡᠨᠡ ᠡᠳᠦᠷ ᠵᠣᠭᠰᠣᠯᠲᠠ ᠪᠠᠨ ᠣᠯᠤᠭᠰᠠᠨ ᠲᠤᠯᠠ ᠣᠳᠣ ᠲᠠᠨ ᠤ᠋ ᠵᠣᠭᠰᠣᠯᠲᠠ ᠣᠷᠣᠰᠢᠯᠲᠠ ᠶ᠋ᠢ ᠵᠢᠭᠠᠬᠤ ᠴᠠᠭ ᠪᠣᠯᠪᠠ ! 》 ᠭᠡᠮᠡᠨ ᠨᠢᠭᠡᠨ ᠨᠢᠭᠡᠨ ᠢ᠋ᠶ᠋ᠡᠷ ᠡᠷᠭᠦᠮᠵᠢᠯᠡᠭᠰᠡᠨ ᠢᠨᠦ : ᠬᠣᠶᠠᠳᠤᠭᠠᠷ ᠳᠡᠭᠦᠦ ᠴᠢᠨ ᠸᠠᠩ ᠪᠦᠬᠦ ᠪᠡᠯᠭᠦᠳᠡᠢ ᠶ᠋ᠢ ᠬᠣᠢᠲᠤ ᠭᠠᠵᠠᠷ ᠤ᠋ᠨ ᠤᠮᠠᠢ ᠭᠠᠵᠠᠷ᠂ ᠰᠢᠭᠦᠰᠡᠩᠬᠢ ᠭᠠᠵᠠᠷ᠂ ᠡᠨᠡ ᠬᠣᠶᠠᠷ ᠭᠠᠵᠠᠷ ᠤ᠋ᠨ ᠬᠣᠶᠠᠷ ᠲᠦᠮᠡᠨ ᠡᠷᠦᠬᠡ ᠶ᠋ᠢ ᠡᠵᠡᠯᠡᠭᠦᠯᠵᠦ ᠤᠮᠠᠢ ᠶ᠋ᠢᠨ ᠬᠠᠨ ᠭᠡᠮᠡᠨ ᠡᠷᠭᠦᠵᠦ᠂ ᠭᠡᠷ ᠦ᠋ᠨ ᠬᠥᠷᠥᠩᠭᠡ ᠪᠣᠯᠭᠠᠨ ᠥᠭᠪᠡ᠃ ᠭᠤᠷᠪᠠᠳᠤᠭᠠᠷ ᠳᠡᠭᠦᠦ ᠴᠢᠨ ᠸᠠᠩ ᠬᠠᠪᠤᠲᠤ ᠬᠠᠰᠠᠷ ᠲᠤᠷ ᠬᠣᠷᠴᠢᠨ ᠤ᠋ ᠭᠠᠵᠠᠷ᠂ ᠯᠠᠤᠰᠠᠽᠢᠨ ᠤ᠋ ᠭᠠᠵᠠᠷ – ᠡᠨᠡ ᠬᠣᠶᠠᠷ ᠭᠠᠵᠠᠷ ᠤ᠋ᠨ ᠬᠣᠶᠠᠷ ᠲᠦᠮᠡᠨ ᠮᠢᠩᠭᠠᠨ ᠢᠰᠷᠢ ᠶ᠋ᠢᠨ ᠠᠷᠪᠠᠨ ᠠᠢᠮᠠᠭ ᠢ᠋ ᠡᠵᠡᠯᠡᠭᠦᠯᠦᠨ ᠬᠣᠷᠴᠢᠨ ᠤ᠋ ᠬᠠᠨ ᠭᠡᠮᠡᠨ ᠡᠷᠭᠦᠵᠦ᠂ ᠭᠡᠷ ᠦ᠋ᠨ ᠬᠥᠷᠥᠩᠭᠡ ᠪᠣᠯᠭᠠᠨ ᠥᠭᠪᠡ᠃ ᠳᠥᠷᠪᠡᠳᠦᠭᠡᠷ ᠳᠡᠭᠦᠦ ᠴᠢᠨ ᠸᠠᠩ ᠣᠢᠲᠤ ᠤᠴᠢᠭ ᠲᠤ᠌ ᠣᠩᠨᠢᠭᠤᠳ ᠭᠡᠭᠡᠲᠡᠢ᠂ ᠪᠠᠯᠴᠣᠳᠠᠨ᠂ ᠬᠠᠷ᠎ᠠ ᠴᠡᠷᠢᠭ ᠡᠳᠡᠭᠡᠷ ᠳᠥᠷᠪᠡᠨ ᠪᠠᠭ᠎ᠠ ᠭᠠᠵᠠᠷ ᠤ᠋ᠨ ᠬᠣᠶᠠᠷ ᠲᠦᠮᠡᠨ ᠨᠤᠲᠤᠭ ᠠᠷᠪᠠᠨ ᠠᠩᠭᠢ ᠠᠢᠮᠠᠭ ᠢ᠋ ᠡᠵᠡᠯᠡᠭᠦᠯᠵᠦ᠂ ᠬᠠᠯᠬ᠎ᠠ ᠶ᠋ᠢᠨ ᠬᠠᠨ ᠭᠡᠮᠡᠨ ᠡᠷᠭᠦᠵᠦ ᠬᠥᠷᠥᠩᠭᠡ ᠪᠣᠯᠭᠠᠨ ᠥᠭᠪᠡ᠃ ᠲᠠᠪᠤᠳᠤᠭᠠᠷ ᠳᠡᠭᠦᠦ ᠴᠢᠨ ᠸᠠᠩ ᠤᠷᠠᠨ ᠭᠠᠴᠤᠭ ᠲᠤᠷ ᠬᠡᠷᠡᠢᠳ ᠬᠠᠯᠬ᠎ᠠ ᠮᠤᠩ ᠤ᠋ᠨ ᠵᠡᠷᠭᠡ ᠭᠤᠷᠪᠠᠨ ᠪᠠᠭ᠎ᠠ ᠭᠠᠵᠠᠷ ᠤ᠋ᠨ ᠬᠣᠶᠠᠷ ᠲᠦᠮᠡᠨ ᠡᠷᠦᠬᠡ ᠶ᠋ᠢ ᠡᠵᠡᠯᠡᠭᠦᠯᠦᠨ ᠬᠡᠷᠡᠢᠳ ᠦ᠋ᠨ ᠬᠠᠨ ᠭᠡᠮᠡᠨ ᠡᠷᠭᠦᠵᠦ ᠬᠥᠷᠥᠩᠭᠡ ᠪᠣᠯᠭᠠᠨ ᠥᠭᠪᠡ᠃ 
       ᠲᠡᠳᠦᠢ ᠲᠠᠢᠽᠢ ᠨᠠᠷ ᠢ᠋ ᠳᠠᠭᠤᠳᠠᠬᠤᠶ᠎ᠠ ᠨᠡᠢᠲᠡ ᠳᠣᠯᠣᠭᠠᠨ ᠬᠥᠪᠡᠭᠦᠨ ᠭᠠᠷᠪᠠ : ᠭᠤᠸᠠᠩ ᠰᠢᠶᠠᠨ ᠬᠤᠸᠠᠩᠬᠡᠦ ᠪᠦᠷᠲᠡᠭᠡᠯᠵᠢᠨ ᠬᠠᠲᠤᠨ ᠤ᠋ ᠪᠡᠶ᠎ᠡ ᠡᠴᠡ ᠮᠡᠨᠳᠦᠯᠡᠭᠰᠡᠨ ᠵᠣᠴᠢ᠂ ᠴᠠᠭᠠᠲᠠᠢ᠂ ᠥᠭᠡᠳᠡᠢ᠂ ᠲᠣᠯᠢ ᠳᠥᠷᠪᠡᠨ ᠡᠴᠡ ᠳᠣᠷᠣᠭ᠍ᠰᠢ ᠭᠤᠷᠪᠠᠨ ᠬᠥᠪᠡᠭᠦᠨ ᠲᠥᠷᠥᠪᠡ᠂ ᠪᠠᠷᠠᠭᠤᠨ ᠣᠷᠳᠣᠨ ᠤ᠋ ᠬᠦᠢ ᠹᠧᠢ ᠭᠣᠣᠯ ᠤ᠋ᠨ ᠰᠠᠷᠠᠨ ᠬᠠᠲᠤᠨ ᠠ᠋ᠴᠠ ᠲᠠᠪᠤᠳᠤᠭᠠᠷ ᠲᠠᠢᠽᠢ ᠭᠢᠯᠭᠦᠷᠡᠯ᠂ ᠵᠡᠭᠦᠨ ᠣᠷᠳᠣᠨ ᠤ᠋ ᠬᠦᠢ ᠹᠧᠢ ᠵᠢᠰᠦᠲᠦ ᠬᠠᠲᠤᠨ ᠠ᠋ᠴᠠ ᠵᠢᠷᠭᠤᠳᠤᠭᠠᠷ ᠲᠠᠢᠽᠢ ᠵᠣᠷᠴᠠ᠂ ᠮᠥᠨ ᠬᠦ᠌ ᠵᠡᠭᠦᠨ ᠣᠷᠳᠣᠨ ᠤ᠋ ᠳᠡᠳ᠋ ᠬᠦᠢ ᠹᠧᠢ ᠵᠢᠰᠦᠯᠢᠭ ᠬᠠᠲᠤᠨ ᠠ᠋ᠴᠠ ᠳᠣᠯᠣᠳᠤᠭᠠᠷ ᠲᠠᠢᠽᠢ ᠵᠤᠷᠴᠢᠲᠠᠢ ᠡᠨᠡ ᠭᠤᠷᠪᠠᠨ ᠲᠠᠢᠽᠢ ᠴᠥᠮ ᠠᠷᠪᠠᠨ ᠬᠡᠳᠦᠨ ᠨᠠᠰᠤ ᠲᠠᠢ ᠲᠤᠯᠠ ᠡᠷᠭᠦᠮᠵᠢᠯᠡᠭᠡᠳᠦᠢ᠃ ᠲᠠᠪᠤᠳᠤᠭᠠᠷ ᠲᠠᠢᠽᠢ ᠭᠢᠯᠬᠦᠷᠡᠯ ᠦ᠋ᠨ ᠲᠥᠷᠥᠭᠰᠡᠨ ᠢᠨᠦ ᠠᠰᠤᠷᠤ ᠰᠠᠢᠬᠠᠨ᠂ ᠠᠯᠲᠠᠨ ᠰᠤᠪᠤᠳ ᠮᠡᠲᠦ ᠭᠢᠯᠭᠦᠷᠡᠮ᠎ᠡ ᠭᠡᠷᠡᠯᠲᠡᠢ ᠲᠤᠯᠠ ᠨᠡᠷ᠎ᠡ ᠶ᠋ᠢ ᠭᠢᠯᠬᠦᠷᠡᠯ ᠬᠡᠮᠡᠪᠡ᠃ ᠵᠢᠷᠭᠤᠳᠤᠭᠠᠷ ᠲᠠᠢᠽᠢ ᠶ᠋ᠢ ᠮᠡᠨᠳᠦᠯᠡᠬᠦᠢ ᠳ᠋ᠦ᠍ᠷ ᠵᠣᠷᠴᠢᠨ ᠠᠢᠮᠠᠭ ᠳᠠᠭᠠᠭᠰᠠᠨ ᠲᠤᠯᠠ ᠨᠡᠷ᠎ᠡ ᠶ᠋ᠢ ᠵᠤᠷᠴᠠ ᠬᠡᠮᠡᠪᠡ᠃ ᠳᠣᠯᠣᠳᠤᠭᠠᠷ ᠲᠠᠢᠽᠢ ᠶ᠋ᠢ ᠮᠡᠨᠳᠦᠯᠡᠬᠦᠢ ᠳ᠋ᠦ᠍ᠷ ᠵᠣᠷᠴᠢᠲᠠᠢ ᠠᠢᠮᠠᠭ ᠢ᠋ ᠳᠠᠭᠠᠭᠤᠯᠤᠭᠰᠠᠨ ᠳ᠋ᠤᠷ ᠲᠣᠬᠢᠶᠠᠯᠳᠤᠭᠰᠠᠨ ᠲᠤᠯᠠ ᠨᠡᠷ᠎ᠡ ᠶ᠋ᠢ ᠵᠣᠷᠴᠢᠲᠠᠢ ᠬᠡᠮᠡᠭᠰᠡᠨ ᠠᠵᠤᠭᠤ᠃ ᠡᠨᠡ ᠪᠦᠷᠢ ᠲᠠᠢᠽᠦ ᠶ᠋ᠢᠨ ᠦᠷᠡᠰ ᠬᠣᠢᠨ᠎ᠠ ᠢᠯᠡᠷᠡᠭᠰᠡᠨ ᠦᠭᠡᠢ᠂ ᠯᠠᠪ ᠬᠣᠢᠨ᠎ᠠ ᠬᠣᠯᠠ ᠤᠯᠤᠰ ᠲᠤᠷ ᠡᠷᠭᠦᠮᠵᠢᠯᠡᠭᠰᠡᠨ ᠪᠣᠢ ‍ᠶ᠎ᠠ᠃ ᠲᠡᠳᠦᠢ ᠶᠡᠬᠡ ᠲᠠᠢᠽᠢ ᠴᠢᠨ ᠸᠠᠩ ᠵᠣᠴᠢ ᠶ᠋ᠢ ᠬᠣᠢᠲᠤ ᠳᠣᠬ᠍ᠮᠣᠭ ᠤ᠋ᠨ ᠶᠡᠬᠡ ᠤᠯᠤᠰ ᠲᠤᠷ ᠬᠠᠭᠠᠨ ᠰᠠᠭᠤᠯᠭᠠᠵᠤ ᠂ ᠨᠤᠲᠤᠭ ᠬᠥᠷᠥᠩᠭᠡ ᠪᠣᠯᠭᠠᠨ ᠥᠭᠪᠡ᠃ ᠬᠣᠶᠠᠳᠤᠭᠠᠷ ᠲᠠᠢᠽᠢ ᠴᠢᠨ ᠸᠠᠩ ᠴᠠᠭᠠᠲᠠᠢ ᠴᠡᠷᠢᠭ ᠲᠦ᠍ᠷ ᠪᠣᠯᠪᠠᠰᠤᠨ ᠲᠤᠯᠠ ᠪᠠᠷᠠᠭᠤᠨ ᠰᠢ ᠢᠦᠢ ᠤᠯᠤᠰ ᠴᠠᠭᠠᠨ ᠮᠠᠯᠠᠭᠠᠢᠲᠤ ᠬᠣᠲᠣᠩ ᠤᠯᠤᠰ ᠤ᠋ᠨ ᠨᠡᠢᠲᠡ ᠳ᠋ᠦ᠍ᠷ ᠬᠠᠭᠠᠨ ᠰᠠᠭᠤᠯᠭᠠᠵᠤ ᠨᠤᠲᠤᠭ ᠬᠥᠷᠥᠩᠭᠡ ᠪᠣᠯᠭᠠᠨ ᠥᠭᠪᠡ ᠃ ᠭᠤᠷᠪᠠᠳᠤᠭᠠᠷ ᠲᠠᠢᠽᠢ ᠴᠢᠨ ᠸᠠᠩ ᠥᠭᠡᠳᠡᠢ ᠣᠶᠤᠨ ᠮᠠᠲᠠᠯ ᠭᠦᠨ ᠬᠣᠯᠠ ᠲᠤᠯᠠ ᠡᠮᠦᠨ᠎ᠡ ᠣᠯᠠᠨ ᠬᠢᠲᠠᠳ ᠤ᠋ᠨ ᠳᠤᠮᠳᠠᠳᠤ ᠣᠷᠣᠨ ᠢ᠋ ᠡᠵᠡᠯᠡᠭᠦᠯᠵᠦ ᠬᠠᠭᠠᠨ ᠰᠠᠭᠤᠯᠭᠠᠨ᠂ ᠡᠨᠡ ᠭᠠᠵᠠᠷ ᠢ᠋ ᠨᠤᠲᠤᠭ ᠬᠥᠷᠥᠩᠭᠡ ᠪᠣᠯᠭᠠᠨ ᠥᠭᠪᠡ᠃ ᠳᠥᠷᠪᠡᠳᠦᠭᠡᠷ ᠲᠠᠢᠽᠢ ᠲᠣᠯᠢ ᠴᠢᠬᠡᠴᠢ ᠪᠠᠭᠠᠲᠤᠷ ᠲᠤᠯᠠ ᠬᠠᠭᠤᠴᠢᠨ ᠳᠥᠴᠢᠨ ᠲᠦᠮᠡᠨ ᠬᠥᠬᠡ ᠮᠣᠩᠭᠣᠯ ᠤᠯᠤᠰ ᠢ᠋ ᠡᠵᠡᠯᠡᠭᠦᠯᠬᠦ ᠬᠠᠭᠠᠨ ᠪᠣᠯᠭᠠᠨ᠂ ᠤᠭ ᠨᠤᠲᠤᠭ ᠭᠣᠯᠣᠮᠲᠠ ᠪᠠᠨ ᠰᠠᠬᠢᠵᠤ ᠮᠣᠩᠭᠣᠯ ᠣᠷᠣᠨ ᠢ᠋ ᠨᠤᠲᠤᠭ ᠬᠥᠷᠥᠩᠭᠡ ᠪᠣᠯᠭᠠᠨ ᠥᠭᠪᠡ ① ᠃ ᠪᠠᠰᠠ ᠳᠡᠭᠦᠦ ᠬᠦᠷᠭᠡᠨ ᠵᠢᠶᠦ᠋ᠨ ᠸᠠᠩ ᠹᠦ ᠮᠠ᠋ ᠪᠣᠲ᠋ᠤ ᠳ᠋ᠤᠷ ᠢᠵᠢᠯᠵᠢ᠂ ᠮᠢᠵᠢᠯᠵᠢ ᠂ ᠴᠠᠢᠯᠵᠢ ᠭᠤᠷᠪᠠᠨ ᠤᠯᠤᠰ ᠲᠤᠷ ᠬᠠᠭᠠᠨ ᠪᠣᠯᠭᠠᠨ ᠡᠷᠭᠦᠵᠦ ᠂ ᠨᠤᠲᠤᠭ ᠬᠥᠷᠥᠩᠭᠡ ᠪᠣᠯᠭᠠᠨ ᠥᠭᠪᠡ᠃ ᠥᠪᠡᠷ ᠦ᠋ᠨ ᠬᠦᠷᠭᠡᠨ ᠹᠦ ᠮᠠ᠋ ᠴᠡᠴᠡᠭ ᠲᠣᠷ ᠬᠠᠷᠯᠢᠭᠤᠳ᠂ ᠬᠠᠷᠠᠴᠢᠨ᠂ ᠮᠣᠩᠭᠣᠷ ᠡᠨᠡ ᠭᠤᠷᠪᠠᠨ ᠤᠯᠤᠰ ᠢ᠋ ᠥᠭᠴᠦ ᠬᠠᠭᠠᠨ ᠪᠣᠯᠭᠠᠨ ᠨᠤᠲᠤᠭ ᠬᠥᠷᠥᠩᠭᠡ ᠥᠭᠪᠡ᠃ ᠡᠭᠦᠨ ᠡᠴᠡ ᠭᠠᠳᠠᠨ᠎ᠠ ᠤᠯᠤᠰ ᠤ᠋ᠨ ᠲᠠᠪᠤᠨ ᠥᠲᠡᠭᠦᠰ᠂ ᠲᠠᠪᠤᠨ ᠲᠠᠢᠰᠢ᠂ ᠳᠥᠷᠪᠡᠨ ᠬᠦᠯᠦᠭ᠂ ᠵᠢᠷᠭᠤᠭᠠᠨ ᠰᠠᠢᠳ᠂ ᠶᠢᠰᠦᠨ ᠡᠩ ᠨᠡᠢᠲᠡ ᠬᠥᠮᠦᠨ ᠪᠦᠷᠢ ᠳ᠋ᠦ᠍ᠷ ᠨᠢᠭᠡ ᠨᠢᠭᠡᠨ ᠠᠢᠮᠠᠭ ᠢ᠋ ᠥᠭᠴᠦ ᠡᠵᠡᠨ ᠪᠣᠯᠭᠠᠭᠠᠳ ᠨᠤᠲᠤᠭ ᠬᠥᠷᠥᠩᠭᠡ ᠪᠣᠯᠭᠠᠵᠤ ᠥᠭᠪᠡ ᠃ ᠡᠭᠦᠨ ᠡᠴᠡ ᠭᠠᠳᠠᠨ᠎ᠠ ᠬᠣᠵᠢᠮ ᠳᠠᠭᠠᠭᠰᠠᠨ ᠭᠠᠪᠢᠶᠠᠲᠠᠨ ᠢ᠋ ᠮᠣᠵᠢ ᠶ᠋ᠢᠨ ᠨᠣᠶᠠᠨ ᠪᠠ ᠵᠠᠭᠤᠨ ᠤ᠋ ᠨᠣᠶᠠᠨ᠂ ᠮᠢᠩᠭᠠᠨ ᠤ᠋ ᠨᠣᠶᠠᠨ᠂ ᠲᠦᠮᠡᠨ ᠦ᠌ ᠨᠣᠶᠠᠨ ᠳ᠋ᠤᠷ ᠬᠦᠷᠲᠡᠯ᠎ᠡ ᠡᠷᠭᠦᠵᠦ ᠵᠠᠷᠯᠢᠭ ᠤ᠋ᠨ ᠪᠢᠴᠢᠭ ᠢ᠋ᠶ᠋ᠡᠷ ᠡᠷᠭᠦᠮᠵᠢᠯᠡᠨ ᠪᠠᠷᠠᠭᠰᠠᠨ ᠤ᠋ ᠬᠣᠢᠨ᠎ᠠ ᠶᠡᠬᠡ ᠲᠠᠢᠽᠢ ᠵᠣᠴᠢ᠂ ᠳᠥᠷᠪᠡᠳᠦᠭᠡᠷ ᠲᠠᠢᠽᠢ ᠲᠣᠯᠢ ᠬᠣᠶᠠᠭᠤᠯᠠ ᠶ᠋ᠢ ᠳᠠᠭᠤᠳᠠᠵᠤ ᠵᠠᠷᠯᠢᠭ ᠪᠣᠯᠤᠷᠤᠨ: 《 ᠲᠠ ᠬᠣᠶᠠᠭᠤᠯᠠ ᠳ᠋ᠤᠷ ᠬᠣᠢᠲᠤ ᠭᠠᠵᠠᠷ ᠬᠦᠷᠲᠡᠪᠡ ᠭᠡᠮᠡᠨ ᠪᠢᠲᠡᠭᠡᠢ ᠥᠪᠡᠷ᠎ᠡ ᠲᠡᠮᠡᠴᠡ ᠂ ᠬᠣᠢᠲᠤ ᠭᠠᠵᠠᠷ ᠤ᠋ᠨ ᠬᠥᠨᠥᠭᠡᠯ ᠴᠥᠭᠡᠨ᠂ ᠬᠣᠣᠷ ᠭᠦᠶᠦᠬᠡᠨ᠂ ᠬᠣᠵᠢᠮ ᠤ᠋ᠨ ᠡᠳᠦᠷ ᠤᠳᠠᠭᠠᠨ ᠤᠷᠲᠤ ᠠᠨᠤ ᠮᠥᠨ ᠬᠦ᠌ ᠬᠣᠢᠲᠤ ᠭᠠᠵᠠᠷ ᠪᠣᠯᠠᠢ ! 》 ᠬᠡᠮᠡᠪᠡ᠃ ᠵᠠᠭᠤᠨ ᠲᠦᠰᠢᠮᠡᠳ 《ᠲᠦᠮᠡᠨ ᠨᠠᠰᠤᠲᠤ ! 》 ᠭᠡᠮᠡᠨ ᠣᠯᠠᠨᠲᠠ ᠳᠠᠭᠤᠳᠠᠯᠴᠠᠨ ᠮᠥᠷᠭᠥᠵᠦ ᠶᠡᠬᠡ ᠬᠤᠷᠢᠮ ᠳ᠋ᠤᠷ ᠰᠠᠭᠤᠯᠴᠠᠨ ᠬᠤᠷᠢᠮᠯᠠᠬᠤᠶ᠎ᠠ ᠂ ᠬᠠᠭᠠᠨ ᠳᠡᠭᠦᠦ ᠨᠠᠷ ᠬᠡᠦᠬᠡᠳ ᠤᠷᠤᠭ ᠰᠠᠳᠤᠨ ᠰᠠᠢᠳ ᠲᠦᠰᠢᠮᠡᠳ ᠤᠯᠤᠰ ᠠᠯᠪᠠᠲᠤ ᠳ᠋ᠤᠷ ᠢ᠋ᠶ᠋ᠠᠨ ᠰᠤᠷᠭᠠᠵᠤ ᠡᠢᠨ ᠵᠠᠷᠯᠢᠭ ᠪᠣᠯᠤᠷᠤᠨ : 
             ᠤᠬᠠᠭᠠᠨᠲᠠᠨ ᠢ᠋ ᠲᠠᠷᠬᠠᠭᠠᠵᠤ ᠤᠷᠠᠨ ᠠᠷᠬ᠎ᠠ ᠪᠠᠷ ᠬᠤᠷᠢᠶᠠᠭᠰᠠᠨ ᠳ᠋ᠤᠷ 
             ᠣᠯᠠᠨ ᠢ᠋ ᠡᠵᠡᠯᠡᠨ ᠨᠡᠢᠲᠡ ᠶ᠋ᠢ ᠬᠠᠮᠠᠭᠠᠯᠠᠬᠤ ᠶᠡᠬᠡ ᠬᠠᠭᠠᠨ ᠪᠣᠯᠪᠠᠢ᠂ 
             ᠠᠷᠭ᠎ᠠ ᠪᠢᠯᠢᠭ ᠢ᠋ ᠮᠡᠳᠡᠪᠡᠰᠦ ᠪᠡᠷᠬᠡ ᠬᠦᠴᠦᠲᠡᠨ ᠢ᠋ ᠡᠷᠬᠡ ᠪᠡᠷ ᠪᠣᠯᠭᠠᠬᠤᠶ᠎ᠠ ᠬᠢᠯᠪᠠᠷ 
             ᠠᠴᠢ ᠵᠢᠷᠤᠮ ᠢ᠋ ᠣᠯᠪᠠᠰᠤ ᠠᠷᠭ᠎ᠠ ᠪᠢᠯᠢᠭᠲᠡᠨ ᠢ᠋ ᠡᠷᠬᠡ ᠪᠡᠷ ᠪᠣᠯᠭᠠᠬᠤᠶ᠎ᠠ ᠬᠢᠯᠪᠠᠷ᠃ 
             ᠪᠡᠶ᠎ᠡ ᠪᠠᠭᠠᠲᠤᠷ ᠪᠣᠯᠪᠠᠰᠤ ᠨᠢᠭᠡᠬᠡᠨ ᠦᠶ᠎ᠡ ᠶ᠋ᠢᠨ ᠪᠠᠭᠠᠲᠤᠷ ᠪᠤᠶᠤ 
             ᠪᠢᠯᠢᠭ ᠪᠠᠭᠠᠲᠤᠷ ᠪᠣᠯᠪᠠᠰᠤ ᠲᠦᠮᠡᠨ ᠣᠨ ᠤ᠋ ᠪᠠᠭᠠᠲᠤᠷ ᠪᠤᠶᠤ᠂ 
             ᠠᠮᠢᠲᠠᠨ ᠬᠥᠮᠦᠨ ᠬᠡᠳᠦᠢ ᠣᠯᠠᠨ ᠪᠣᠯᠪᠠᠴᠤ ᠠᠢᠯᠠᠳᠤᠨ ᠮᠡᠳᠡᠭᠴᠢ ᠴᠥᠭᠡᠬᠡᠨ 
             ᠠᠮᠢᠳᠤ ᠬᠥᠮᠦᠨ ᠬᠡᠳᠦᠢ ᠣᠯᠠᠨ ᠪᠣᠯᠪᠠᠴᠤ ᠠᠶᠠᠯᠭᠤᠯᠠᠨ ᠲᠥᠰᠦᠭᠡᠯᠡᠭᠴᠢ ᠴᠥᠭᠡᠬᠡᠨ᠃ 
             ᠲᠥᠬᠥᠭᠡ ᠦᠭᠡᠢ ᠲᠦᠭ ᠲᠦᠮᠡᠨ ᠴᠡᠷᠢᠭ ᠮᠣᠷᠢᠨ ᠠ᠋ᠴᠠ 
             ᠲᠥᠷᠥ ᠶᠣᠰᠣ ᠶ᠋ᠢ ᠮᠡᠳᠡᠬᠦ ᠨᠢᠭᠡᠬᠡᠨ ᠮᠡᠷᠭᠡᠨ ᠬᠥᠮᠦᠨ ᠳᠡᠭᠡᠷ᠎ᠡ᠂ 
             ᠡᠷ᠎ᠡ ᠬᠥᠮᠦᠨ ᠪᠡᠶ᠎ᠡ ᠪᠡᠨ ᠡᠳ᠋ ᠢ᠋ᠶ᠋ᠡᠷ ᠴᠢᠮᠡᠬᠦ ᠡᠴᠡ ᠡᠷᠳᠡᠮ ᠢ᠋ᠶ᠋ᠡᠷ ᠴᠢᠮᠡ 
             ᠡᠬᠡᠨᠡᠷ ᠬᠥᠮᠦᠨ ᠪᠡᠶ᠎ᠡ ᠪᠡᠨ ᠥᠩᠭᠡ ᠪᠡᠷ ᠴᠢᠮᠡᠬᠦ ᠡᠴᠡ ᠣᠶᠤᠨ ᠢ᠋ᠶ᠋ᠠᠷ ᠴᠢᠮᠡ᠃ 
             ᠥᠨᠳᠥᠷ ᠠᠭᠤᠯᠠ ᠶ᠋ᠢᠨ ᠣᠷᠭᠢᠯ ᠬᠥᠲᠥᠯ 
             ᠥᠷᠭᠡᠨ ᠳᠠᠯᠠᠢ ᠶ᠋ᠢᠨ ᠣᠯᠣᠮ ᠦᠭᠡᠢ ᠶ᠋ᠢ ᠬᠣᠯᠠ ᠭᠡᠮᠡᠨ ᠪᠢᠲᠡᠭᠡᠢ ᠰᠢᠨᠲᠠᠷᠠ᠂ 
             ᠬᠦᠨᠳᠦ ᠭᠡᠮᠡᠨ ᠪᠢᠲᠡᠭᠡᠢ ᠴᠥᠭᠡ ᠬᠥᠳᠡᠯᠭᠡᠬᠦ ᠠᠷᠭ᠎ᠠ ᠶ᠋ᠢ ᠪᠣᠳᠣ
             ᠬᠥᠩᠭᠡᠨ ᠭᠡᠮᠡᠨ ᠪᠢᠲᠡᠭᠡᠢ ᠪᠠᠰᠤᠮᠵᠢᠯᠠ ᠥᠪᠡᠷ ᠦ᠋ᠨ ᠴᠢᠨᠡᠭᠡ ᠪᠡᠨ ᠳᠠᠩᠰᠠ᠃ 
             ᠳᠠᠪᠠᠰᠢ ᠦᠭᠡᠢ ᠳᠠᠪᠠᠭᠠᠨ ᠪᠣᠢ ᠭᠡᠮᠡᠨ ᠰᠡᠳᠬᠢᠵᠦ ᠬᠡᠷᠬᠢᠨ ᠳᠠᠪᠠᠶ᠎ᠠ ᠭᠡᠮᠡᠨ ᠪᠦᠦ ᠰᠢᠨᠲᠠᠷᠠ 
             ᠭᠡᠲᠦᠯᠦᠰᠢ ᠦᠭᠡᠢ ᠮᠥᠷᠡᠨ ᠢ᠋  ᠬᠡᠷᠬᠢᠨ ᠭᠡᠲᠦᠯᠦᠶ᠎ᠡ ᠭᠡᠮᠡᠨ ᠪᠦᠦ ᠰᠡᠳᠬᠢ᠂ 
             ᠳᠠᠪᠠᠬᠤ ᠭᠡᠲᠦᠯᠬᠦ ᠶ᠋ᠢ ᠡᠭᠦᠷᠢᠳᠡ ᠪᠣᠳᠣᠪᠠᠰᠤ ᠠᠷᠭ᠎ᠠ ᠶ᠋ᠢ ᠠᠨᠤ ᠣᠯᠤᠮᠤᠢ 
             ᠡᠰᠡᠷᠭᠦ ᠬᠥᠳᠡᠭᠡᠰᠬᠦ ᠶ᠋ᠢ ᠤᠷᠲᠤᠳᠠ ᠰᠡᠳᠬᠢᠪᠡᠰᠦ ᠤᠬᠠᠭᠠᠨ ᠳ᠋ᠤᠷ ᠠᠨᠤ ᠣᠷᠣᠮᠤᠢ᠃ 
             ᠨᠢᠭᠡᠨ ᠰᠡᠳᠬᠢᠯᠳᠦ ᠡᠷ᠎ᠡ ᠬᠡᠮᠡᠭᠴᠢ ᠡᠷ᠎ᠡ ᠪᠤᠰᠤ ᠡᠷᠳᠡᠨᠢ ᠬᠡᠮᠡᠭᠳᠡᠵᠦᠬᠦᠢ 
             ᠬᠣᠶᠠᠷ ᠰᠡᠳᠬᠢᠯᠳᠦ ᠡᠷ᠎ᠡ ᠶ᠋ᠢ ᠡᠷ᠎ᠡ ᠪᠤᠰᠤ ᠡᠬᠡᠨᠡᠷ ᠬᠡᠮᠡᠮᠦᠢ᠂ 
             ᠨᠢᠭᠡᠨ ᠰᠡᠳᠬᠢᠯᠳᠦ ᠡᠬᠡᠨᠡᠷ ᠬᠡᠮᠡᠭᠴᠢ ᠡᠬᠡᠨᠡᠷ ᠪᠤᠰᠤ ᠡᠷ᠎ᠡ ᠬᠡᠮᠡᠭᠳᠡᠵᠦᠬᠦᠢ 
             ᠬᠣᠶᠠᠷ ᠰᠡᠳᠬᠢᠯᠳᠦ ᠡᠬᠡᠨᠡᠷ ᠢ᠋ ᠡᠬᠡᠨᠡᠷ ᠪᠤᠰᠤ ᠠᠯᠪᠢᠨ ᠪᠤᠶᠤ᠂ 
             ᠥᠪᠡᠷ ᠦ᠋ᠨ ᠪᠤᠷᠤᠭᠤ ᠶ᠋ᠢ ᠪᠤᠰᠤᠳ ᠠ᠋ᠴᠠ ᠠᠰᠠᠭᠤᠵᠤ ᠮᠡᠳᠡᠭᠳᠡᠬᠦᠢ 
             ᠰᠡᠳᠬᠢᠯ ᠦ᠋ᠨ ᠣᠰᠣᠯ ᠢ᠋ ᠥᠪᠡᠷ ᠢ᠋ᠶ᠋ᠡᠨ ᠰᠢᠨᠵᠢᠵᠦ ᠭᠡᠮᠰᠢᠭᠳᠡᠬᠦᠢ᠂ 
             ᠰᠤᠮᠤᠨ ᠤ᠋ ᠮᠡᠰᠡ ᠬᠡᠳᠦᠢ ᠲᠡᠭᠰᠢ ᠰᠢᠳᠤᠷᠭᠤ ᠪᠣᠯᠪᠠᠴᠤ ᠥᠳᠥ ᠦᠭᠡᠢ ᠦᠯᠦ ᠪᠣᠯᠬᠤᠢ 
             ᠨᠤᠮᠤ ᠶ᠋ᠢᠨ ᠠᠷᠠᠯ ᠬᠡᠳᠦᠢ ᠬᠠᠲᠠᠭᠤ ᠬᠦᠴᠦᠲᠡᠢ ᠪᠣᠯᠪᠠᠴᠤ ᠬᠥᠪᠴᠢ ᠦᠭᠡᠢ ᠦᠯᠦ ᠪᠣᠯᠬᠤᠢ 
             ᠬᠥᠮᠦᠨ ᠬᠡᠳᠦᠢ ᠪᠠᠭᠠᠲᠤᠷ ᠬᠦᠴᠦᠲᠡᠢ ᠲᠦᠷᠦᠪᠡᠴᠦ ᠵᠡᠪᠰᠡᠭ ᠦᠭᠡᠢ ᠦᠯᠦ ᠪᠣᠯᠤᠮᠤᠢ 
             ᠬᠥᠪᠡᠭᠦᠨ ᠬᠡᠳᠦᠢ ᠰᠡᠴᠡᠨ ᠰᠡᠷᠭᠦᠯᠡᠩ ᠪᠣᠯᠪᠠᠴᠤ ᠰᠤᠷᠭᠠᠯ ᠦᠭᠡᠢ ᠦᠯᠦ ᠪᠣᠯᠤᠮᠤᠢ᠂ 
             ᠰᠡᠳᠬᠢᠯ ᠬᠡᠮᠡᠭᠴᠢ ᠪᠡᠶ᠎ᠡ ᠶ᠋ᠢᠨ ᠡᠵᠡᠨ ᠰᠡᠳᠬᠢᠯ ᠮᠤᠩᠬᠠᠷᠠᠪᠠᠰᠤ ᠪᠡᠶ᠎ᠡ ᠳᠠᠷᠤᠢ ᠬᠡᠪᠲᠡᠮᠦᠢ 
             ᠡᠵᠡᠨ ᠬᠡᠮᠡᠭᠴᠢ ᠤᠯᠤᠰ ᠤ᠋ᠨ ᠬᠠᠭᠠᠨ ᠡᠵᠡᠨ ᠲᠠᠰᠢᠶᠠᠷᠠᠪᠠᠰᠤ ᠤᠯᠤᠰ ᠳᠠᠷᠤᠢ ᠮᠥᠬᠥᠮᠦᠢ᠃ 
             ᠨᠣᠢᠷ ᠬᠡᠮᠡᠭᠴᠢ ᠪᠡᠶ᠎ᠡ ᠶ᠋ᠢ ᠲᠡᠵᠢᠭᠡᠬᠦ ᠪᠥᠭᠡᠲᠡᠯ᠎ᠡ ᠤᠮᠳᠠᠵᠤ ᠬᠡᠲᠦᠷᠡᠪᠡᠰᠦ ᠡᠪᠡᠳᠴᠢᠨ ᠪᠣᠯᠤᠮᠤᠢ 
             ᠵᠢᠷᠭᠠᠯ ᠬᠡᠮᠡᠭᠴᠢ ᠬᠥᠮᠦᠨ ᠦ᠌ ᠡᠷᠢᠯᠲᠡ ᠪᠥᠭᠡᠲᠡᠯ᠎ᠡ ᠵᠢᠷᠭᠠᠵᠤ ᠬᠡᠲᠦᠷᠡᠪᠡᠰᠦ ᠵᠣᠪᠠᠯᠠᠩ ᠢᠷᠡᠮᠦᠢ᠂ 
             ᠮᠠᠭᠤ ᠶ᠋ᠢ ᠤᠵᠢᠳᠯᠠᠬᠤ ᠳ᠋ᠤᠷ ᠰᠡᠳᠬᠢᠯ ᠢ᠋ᠶ᠋ᠡᠨ ᠮᠤᠰᠬᠢᠵᠦ ᠬᠡᠷᠬᠢᠪᠡᠴᠦ ᠪᠢᠲᠡᠭᠡᠢ ᠦᠢᠯᠡᠳ 
             ᠰᠠᠢᠨ ᠢ᠋ ᠰᠤᠷᠬᠤᠢ ᠳ᠋ᠤᠷ ᠵᠣᠷᠢᠭ ᠢ᠋ᠶ᠋ᠠᠨ ᠴᠢᠩᠭᠠᠳᠬᠠᠨ ᠣᠨᠴᠠ ᠪᠦᠲᠦᠭᠡᠨ ᠵᠣᠭᠰᠣ᠂ 
             ᠬᠥᠮᠦᠨ ᠬᠡᠳᠦᠢ ᠰᠡᠴᠡᠨ ᠲᠦᠷᠦᠪᠡᠴᠦ ᠰᠤᠷᠲᠠᠯ ᠦᠭᠡᠢ ᠪᠡᠷ ᠦᠯᠦ ᠪᠣᠯᠤᠮᠤᠢ᠂ 
             ᠬᠦᠯᠦᠭ ᠬᠡᠳᠦᠢ ᠬᠤᠷᠳᠤᠨ ᠲᠦᠷᠦᠪᠡᠴᠦ ᠣᠨᠣᠯ ᠦᠭᠡᠢ ᠪᠡᠷ ᠦᠯᠦ ᠮᠡᠳᠡᠮᠦᠢ ! 

– – – – 
① ᠡᠳᠦᠭᠡ ᠠᠷᠤ ᠥᠪᠥᠷ ᠦ᠋ᠨ ᠭᠠᠵᠠᠷ ᠴᠥᠮ ᠿᠦᠢᠽᠦ᠋ᠩ ᠲᠣᠯᠢ ᠬᠠᠭᠠᠨ ᠡᠪᠦᠭᠡ ᠶ᠋ᠢᠨ ᠥᠮᠴᠢ ᠪᠣᠯᠠᠢ᠃ ᠠᠶ᠎ᠠ ᠪᠣᠭᠳᠠ ᠴᠢᠩᠭᠢᠰ ᠬᠠᠭᠠᠨ ᠡᠪᠦᠭᠡ ᠲᠡᠷᠡ ᠦᠶ᠎ᠡ ᠳ᠋ᠦ᠍ᠷ ᠮᠤᠩᠳᠠᠴᠢ ᠲᠡᠷᠡ ᠮᠡᠲᠦ ᠬᠤᠪᠢᠶᠠᠨ ᠥᠭᠭᠦᠭᠰᠡᠨ ᠢ᠋ᠶ᠋ᠡᠷ ᠬᠣᠵᠢᠮ ᠮᠢᠩ ᠤᠯᠤᠰ ᠲᠤᠷ ᠲᠥᠷᠥ ᠪᠡᠨ ᠠᠪᠲᠠᠭᠠᠳ ᠳᠤᠲᠠᠭᠠᠨ ᠢᠷᠡᠵᠦ ᠮᠣᠩᠭᠣᠯ ᠭᠠᠵᠠᠷ ᠠᠮᠢᠳᠤᠷᠠᠪᠠ᠃ ᠬᠡᠷᠪᠡ ᠪᠠᠰᠠ ᠥᠪᠡᠷ᠎ᠡ ᠤᠯᠤᠰ ᠮᠡᠲᠦ ᠨᠢᠭᠡᠨ ᠬᠥᠮᠦᠨ ᠳ᠋ᠦ᠍ᠷ ᠥᠭᠭᠦᠭᠰᠡᠨ ᠪᠥᠭᠡᠰᠦ᠂ ᠡᠳᠦᠭᠡᠬᠢ ᠶ᠋ᠢᠨ ᠲᠠᠢᠵᠢ ᠨᠠᠷ ᠣᠳᠣ ᠬᠠᠮᠢᠭ᠎ᠠ ᠣᠷᠣᠰᠢᠵᠤ ᠬᠡᠷᠬᠡᠨ ᠠᠮᠢᠳᠤᠷᠠᠬᠤ ᠪᠣᠢ ᠦᠨᠡᠬᠡᠷ ᠪᠣᠭᠳᠠ ᠬᠥᠮᠦᠨ ᠦ᠌ ᠥᠴᠦᠬᠡᠨ ᠲᠡᠳᠦᠢ ᠶᠠᠪᠤᠳᠠᠯ ᠴᠤ᠌ ᠮᠢᠩᠭᠠᠨ ᠣᠨ ᠤ᠋ ᠲᠤᠰᠠ ᠪᠣᠯᠤᠮᠤᠢ᠃ 

ᠬᠡᠮᠡᠭᠡᠳ ᠪᠠᠰᠠ ᠲᠠᠢᠽᠢ ᠨᠠᠷ ᠠ᠋ᠴᠠ ᠠᠰᠠᠭᠤᠷᠤᠨ :《ᠬᠥᠮᠦᠨ ᠦ᠌ ᠬᠤᠷᠢᠮ ᠤ᠋ᠨ ᠳᠡᠭᠡᠳᠦ ᠬᠤᠷᠢᠮ ᠠᠯᠢ ᠪᠣᠢ ? 》 ᠬᠡᠮᠡᠭᠰᠡᠨ ᠳ᠋ᠦ᠍ᠷ ᠴᠠᠭᠠᠲᠠᠢ ᠠᠢᠯᠠᠳᠬᠠᠷᠤᠨ : 《 ᠬᠠᠭᠤᠴᠢᠨ ᠵᠢᠯ ᠬᠣᠭᠣᠰᠣᠷᠠᠨ ᠬᠣᠴᠣᠷᠴᠤ ᠰᠢᠨ᠎ᠡ ᠵᠢᠯ ᠰᠢᠯᠵᠢᠵᠦ ᠢᠷᠡᠬᠦᠢ ᠳ᠋ᠦ᠍ᠷ ᠰᠠᠢᠨ ᠪᠡᠯᠭᠡᠲᠦ ᠥᠯᠵᠡᠢᠲᠦ ᠬᠤᠷᠢᠮ ᠭᠡᠮᠡᠨ ᠬᠤᠷᠢᠮᠯᠠᠭᠴᠢ ᠡᠨᠡ ᠳᠠᠷᠤᠢ ᠬᠤᠷᠢᠮ ᠤ᠋ᠨ ᠳᠡᠭᠡᠳᠦ ᠬᠤᠷᠢᠮ ᠪᠣᠢ ‍ᠶ᠎ᠠ ! 》 ᠬᠡᠮᠡᠭᠰᠡᠨ ᠳ᠋ᠦ᠍ᠷ ᠬᠠᠭᠠᠨ ᠮᠦᠰᠢᠶᠡᠵᠦ ᠠᠢᠯᠠᠳᠤᠷᠤᠨ : 《ᠨᠢᠷᠠᠢ ᠠ᠋ᠴᠠ ᠡᠰᠡ ᠤᠨᠠᠨ ᠨᠡᠷ᠎ᠡ ᠡᠰᠡ ᠥᠭᠭᠦᠭᠡᠳ ᠬᠡᠪᠡᠯᠢ ᠡᠴᠡ ᠡᠰᠡ ᠤᠨᠠᠭᠠᠳ ᠭᠡᠭᠡᠬᠡᠨ ᠢ᠋ ᠡᠰᠡ ᠦᠵᠡᠪᠡᠰᠦ ᠬᠡᠨ ᠦ᠌ ᠰᠢᠨ᠎ᠡ ᠰᠢᠨᠡᠯᠡᠬᠦ᠂ ᠬᠡᠨ ᠦ᠌ ᠨᠡᠷ᠎ᠡ ᠨᠡᠷᠡᠯᠡᠬᠦ᠂ ᠡᠭᠦᠰᠦᠭᠰᠡᠨ ᠡᠴᠢᠭᠡ ᠪᠡᠨ ᠣᠯᠵᠤ᠂ ᠡᠷᠬᠢᠯᠡᠭᠰᠡᠨ ᠡᠬᠡ ᠪᠡᠨ ᠲᠠᠨᠢᠭ᠍ᠰᠠᠨ ᠲᠡᠷᠡ ᠢᠨᠦ ᠬᠥᠮᠦᠨ ᠲᠥᠷᠥᠯᠬᠢᠲᠡᠨ ᠦ᠌ ᠳᠡᠭᠡᠳᠦ ᠵᠢᠷᠭᠠᠯ ᠳᠡᠭᠡᠳᠦ ᠪᠠᠶᠠᠷ ᠪᠣᠯᠠᠢ ! ᠡᠭᠦᠨ ᠡᠴᠡ ᠬᠣᠵᠢᠮ ᠲᠠ ᠪᠠᠷ ᠡᠴᠢᠭᠡ ᠡᠴᠡ ᠡᠳᠦᠵᠦ ᠡᠬᠡ ᠡᠴᠡ ᠲᠥᠷᠥᠭᠰᠡᠨ ᠡᠳᠦᠷ ᠲᠣᠷ ᠪᠠᠶᠠᠰᠬᠤᠯᠠᠩ ᠤ᠋ᠨ ᠶᠣᠰᠣ ᠪᠠᠷ ᠲᠠᠢᠵᠤ ᠲᠠᠪᠢᠭ᠍ᠯᠠᠨ ᠬᠤᠷᠢᠮᠯᠠᠨ ᠵᠢᠷᠭᠠᠪᠠᠰᠤ ᠵᠣᠬᠢᠮᠤᠢ᠃ ᠡᠭᠦᠨ ᠦ᠌ ᠳᠣᠲᠣᠷᠠᠬᠢ ᠤᠴᠢᠷ ᠰᠢᠯᠲᠠᠭᠠᠨ ᠭᠦᠨ ᠪᠣᠯᠠᠢ !》ᠬᠡᠮᠡᠪᠡ᠃ ᠵᠠᠭᠤᠨ ᠲᠦᠰᠢᠮᠡᠳ ᠭᠠᠢᠬᠠᠨ ᠮᠥᠷᠭᠥᠪᠡ᠃ ᠬᠠᠭᠠᠨ ᠵᠠᠭᠤᠨ ᠲᠦᠰᠢᠮᠡᠳ ᠢ᠋ ᠰᠠᠨᠠᠭᠠᠨ ᠢ᠋ᠶ᠋ᠠᠨ ᠠᠢᠯᠠᠳᠬ᠎ᠠ ᠬᠡᠮᠡᠭᠰᠡᠨ ᠳ᠋ᠦ᠍ᠷ ᠲᠠᠢᠽᠢ ᠴᠠᠭᠠᠲᠠᠢ ᠠᠢᠯᠠᠳᠬᠠᠷᠤᠨ : 《ᠪᠠᠭᠤᠯᠭᠠᠳᠤᠢ ᠮᠣᠳᠣᠨ ᠳ᠋ᠤᠷ ᠬᠤᠷᠴᠠ ᠬᠢᠷᠥᠭᠡ ᠬᠡᠷᠡᠭᠲᠡᠢ᠂ ᠪᠠᠭᠤᠵᠤ ᠤᠨᠠᠭᠰᠠᠨ ᠮᠣᠳᠣᠨ ᠳ᠋ᠤᠷ ᠤᠷᠠᠨ ᠮᠣᠳᠣᠴᠢ ᠬᠡᠷᠡᠭᠲᠡᠢ᠃ ᠪᠠᠢᠭᠤᠯᠤᠭᠠᠳᠤᠢ ᠲᠥᠷᠥ ᠳ᠋ᠦ᠍ᠷ ᠪᠠᠭᠠᠲᠤᠷ ᠵᠠᠩᠵᠤᠨ ᠬᠡᠷᠡᠭᠲᠡᠢ᠂ ᠪᠠᠢᠭᠤᠯᠵᠤ ᠪᠦᠲᠦᠭᠰᠡᠨ ᠲᠥᠷᠥ ᠳ᠋ᠦ᠍ᠷ ᠪᠠᠭᠰᠢᠯᠠᠬᠤ ᠮᠡᠷᠭᠡᠳ ᠬᠡᠷᠡᠭᠲᠡᠢ᠃ ᠡᠯᠳᠡᠪ ᠶᠣᠰᠣ ᠶ᠋ᠢ ᠮᠡᠳᠡᠨ ᠪᠥᠭᠡᠲᠡᠯ᠎ᠡ ᠡᠰᠡ ᠬᠡᠯᠡᠬᠦ ᠰᠡᠴᠡᠨ ᠡᠴᠡ ᠡᠳᠦᠢ ᠲᠡᠳᠦᠢ ᠥᠩᠭᠡᠷᠡᠭᠰᠡᠨ ᠢ᠋ᠶ᠋ᠡᠨ ᠲᠠᠢᠯᠤᠨ ᠬᠡᠯᠡᠭᠴᠢ ᠮᠤᠩᠬᠠᠭ ᠳᠡᠭᠡᠷ᠎ᠡ᠃ ᠡᠷᠳᠡᠨᠢ ᠪᠢᠯᠬᠠᠮᠠᠯ ᠠᠯᠤᠰ ᠶᠡᠬᠡ ᠳᠠᠯᠠᠢ ᠠ᠋ᠴᠠ ᠡᠭᠦᠳᠡᠨ ᠦ᠌ ᠭᠠᠳᠠᠨᠠᠬᠢ ᠥᠴᠦᠬᠡᠨ ᠬᠤᠳᠳᠤᠭ ᠤ᠋ᠨ ᠤᠰᠤ ᠳᠡᠭᠡᠷ᠎ᠡ᠃ ᠡᠷᠳᠡᠮ ᠴᠢᠳᠠᠯ ᠪᠦᠷᠢᠳᠦᠭᠰᠡᠨ ᠪᠥᠭᠡᠲᠡᠯ᠎ᠡ ᠡᠰᠡ ᠬᠡᠯᠡᠬᠦ ᠮᠡᠷᠭᠡᠨ ᠡᠴᠡ ᠡᠨᠳᠡ ᠲᠡᠨᠳᠡ ᠣᠯᠵᠤ ᠰᠣᠨᠣᠰᠤᠭᠰᠠᠨ ᠢ᠋ᠶ᠋ᠠᠨ ᠬᠡᠯᠡᠭᠴᠢ ᠮᠤᠩᠬᠠᠭ ᠳᠡᠭᠡᠷ᠎ᠡ᠃ ᠡᠷᠬᠢᠮ ᠤᠴᠠᠷᠠᠯ ᠳ᠋ᠤᠷ ᠡᠳ᠋ ᠲᠠᠸᠠᠷ ᠢ᠋ ᠬᠡᠷᠡᠭᠯᠡᠭᠴᠢ ᠪᠠᠶᠠᠨ ᠠ᠋ᠴᠠ ᠡᠭᠦᠷᠢᠳᠡ ᠴᠠᠭ ᠲᠤᠷ ᠲᠡᠩᠴᠡᠭᠦᠯᠦᠨ ᠶᠠᠪᠤᠭᠴᠢ ᠦᠭᠡᠢᠭᠦᠦ ᠳᠡᠭᠡᠷ᠎ᠡ ! 》ᠬᠡᠮᠡᠭᠰᠡᠨ ᠳ᠋ᠦ᠍ᠷ ᠥᠭᠡᠳᠡᠢ ᠠᠢᠯᠠᠳᠬᠠᠷᠤᠨ : 《ᠬᠥᠮᠦᠨ ᠲᠥᠷᠥᠯᠬᠢᠳᠡᠨ᠎ᠡ ᠵᠢᠷᠭᠤᠭᠠᠨ ᠵᠦᠢᠯ ᠦ᠋ᠨ ᠭᠡᠮᠰᠢᠯ ᠠᠮᠤᠢ᠂ ᠶᠠᠭᠤᠨ ?  ᠬᠡᠮᠡᠪᠡᠰᠦ : ᠡᠷᠳᠡᠮ ᠴᠢᠳᠠᠯ ᠢ᠋ ᠬᠢᠴᠢᠶᠡᠨ ᠡᠰᠡ ᠰᠤᠷᠪᠠᠰᠤ ᠬᠡᠷᠡᠭᠯᠡᠬᠦ ᠴᠠᠭ ᠲᠤᠷ ᠭᠡᠮᠰᠢᠮᠦᠢ᠃ ᠡᠷᠡᠭᠦᠯ ᠪᠡᠶ᠎ᠡ ᠪᠡᠨ ᠡᠰᠡ ᠬᠢᠴᠢᠶᠡᠨ ᠰᠤᠪᠢᠯᠠᠪᠠᠰᠤ ᠡᠪᠡᠳᠦᠭᠰᠡᠨ ᠴᠠᠭ ᠲᠤᠷ ᠭᠡᠮᠰᠢᠮᠦᠢ᠃ ᠨᠣᠶᠠᠨ ᠪᠣᠯᠵᠤ ᠠᠷᠢᠭᠤᠨ ᠡᠰᠡ ᠶᠠᠪᠤᠪᠠᠰᠤ ᠪᠠᠭᠤᠷᠠᠭᠰᠠᠨ ᠴᠠᠭ ᠲᠤ᠌ ᠭᠡᠮᠰᠢᠮᠦᠢ᠃ ᠪᠠᠶᠠᠨ ᠪᠣᠯᠤᠭᠠᠳ ᠵᠢᠷᠭᠠᠵᠤ ᠡᠰᠡ ᠴᠢᠳᠠᠪᠠᠰᠤ ᠦᠭᠡᠢᠭᠦᠷᠡᠭᠰᠡᠨ ᠴᠠᠭ ᠲᠤ᠌ ᠭᠡᠮᠰᠢᠮᠦᠢ᠃ ᠳᠡᠷᠡᠰᠦᠨ᠎ᠡ ᠰᠣᠭᠲᠣᠭᠠᠳ ᠴᠡᠭᠡᠷᠯᠡᠨ ᠡᠰᠡ ᠴᠢᠳᠠᠪᠠᠰᠤ ᠰᠡᠷᠭᠦᠭᠰᠡᠨ ᠴᠠᠭ ᠲᠤ᠌ ᠭᠡᠮᠰᠢᠮᠦᠢ᠃ ᠦᠭᠡ ᠣᠯᠠᠨ ᠬᠡᠯᠡᠭᠡᠳ ᠬᠣᠣᠷ ᠢ᠋ ᠢᠳᠡᠭᠰᠡᠨ ᠴᠠᠭ ᠲᠤᠷ ᠭᠡᠮᠰᠢᠮᠦᠢ᠃ ᠮᠡᠷᠭᠡᠳ ᠰᠠᠢᠳ ᠡᠨᠡ ᠵᠢᠷᠭᠤᠭᠠᠨ ᠢ᠋ ᠪᠡᠶ᠎ᠡ ᠡᠴᠡ ᠡᠰᠡ ᠬᠠᠭᠠᠴᠠᠭᠤᠯᠪᠠᠰᠤ ᠵᠣᠬᠢᠬᠤ ᠮᠡᠲᠦ᠃ ᠶᠢᠷᠲᠢᠨᠴᠦ ᠳ᠋ᠦ᠍ᠷ ᠪᠠᠰᠠ ᠭᠤᠷᠪᠠᠨ ᠬᠥᠭᠡᠷᠦᠬᠦᠢ ᠪᠣᠢ : ᠤᠷᠢᠳᠠ ᠡᠷᠭᠢᠨ ᠬᠣᠢᠨ᠎ᠠ ᠪᠠᠭᠤᠷᠠᠪᠠᠰᠤ ᠬᠥᠭᠡᠷᠦᠬᠦᠢ᠂ ᠤᠷᠢᠳᠠ ᠪᠠᠶᠠᠨ ᠬᠣᠢᠨ᠎ᠠ ᠶᠠᠳᠠᠭᠤᠷᠠᠪᠠᠰᠤ ᠬᠥᠭᠡᠷᠦᠬᠦᠢ᠂ ᠣᠯᠠᠨ ᠮᠤᠩᠬᠠᠭ ᠲᠤᠷ ᠭᠠᠭᠴᠠ ᠰᠡᠴᠡᠨ ᠬᠥᠭᠡᠷᠦᠬᠦᠢ᠂ ᠬᠤᠷᠪᠠᠯᠵᠢᠭᠠᠨ᠎ᠠ ᠶ᠋ᠢᠨ ᠵᠤᠯᠵᠠᠭ᠎ᠠ ᠰᠢᠨ᠎ᠡ ᠳᠡᠭᠳᠡᠵᠦ ᠶᠠᠪᠤᠬᠤᠶ᠎ᠠ ᠬᠤᠯᠤᠭᠠᠨ᠎ᠠ ᠪᠠᠷᠢᠵᠤ ᠢᠳᠡᠭᠡᠳ ᠲᠡᠷᠡ ᠣᠮᠣᠭ ᠢ᠋ᠶ᠋ᠠᠷ ᠠᠯᠠᠭᠳᠠᠭ᠎ᠠ ᠳ᠋ᠤᠷ ᠮᠢᠷᠢᠶᠠᠭᠰᠠᠭᠠᠷ ᠮᠢᠭᠤᠢ ᠳ᠋ᠤᠷ ᠪᠠᠷᠢᠭ᠍ᠳᠠᠨ ᠢᠳᠡᠭᠳᠡᠪᠡ᠂ ᠡᠨᠡ ᠭᠤᠷᠪᠠᠨ ᠴᠥᠮ ᠬᠥᠭᠡᠷᠦᠬᠦᠢᠯᠡᠯᠲᠡᠢ ① 》᠃ ᠬᠠᠭᠠᠨ ᠥᠴᠦᠬᠡᠨ ᠮᠦᠰᠢᠶᠡᠵᠦ ᠲᠡᠷᠢᠭᠦᠨ ᠳᠣᠬᠢᠵᠤ ᠵᠠᠷᠯᠢᠭ ᠪᠣᠯᠤᠷᠤᠨ : 《ᠰᠡᠴᠡᠨ ᠰᠠᠢᠳ ᠤᠯᠤᠰ ᠤ᠋ᠨ ᠡᠷᠳᠡᠨᠢ ᠂ ᠮᠡᠷᠭᠡᠨ ᠡᠮ᠎ᠡ ᠭᠡᠷ ᠦ᠋ᠨ ᠡᠷᠳᠡᠨᠢ ᠂ ᠪᠠᠭᠠᠲᠤᠷ ᠵᠠᠩᠵᠤᠨ ᠴᠡᠷᠢᠭ ᠦ᠋ᠨ ᠡᠷᠳᠡᠨᠢ ᠂ ᠪᠠᠭᠲᠠᠭᠠᠮᠵᠢᠲᠤ ᠬᠥᠪᠡᠭᠦᠨ ᠭᠡᠷ ᠦ᠋ᠨ ᠡᠷᠳᠡᠨᠢ᠂ ᠦᠢᠯᠡᠰ ᠬᠡᠳᠦᠢ ᠥᠴᠦᠬᠡᠨ ᠪᠣᠯᠪᠠᠴᠤ ᠡᠰᠡ ᠡᠭᠦᠰᠬᠡᠪᠡᠰᠦ ᠦᠯᠦ ᠪᠦᠲᠦᠵᠦ᠂ ᠦᠷ᠎ᠡ ᠬᠡᠳᠦᠢ ᠰᠠᠢᠨ ᠲᠥᠷᠥᠪᠡᠴᠦ ᠡᠰᠡ ᠰᠤᠷᠪᠠᠰᠤ ᠦᠯᠦ ᠮᠡᠷᠭᠡᠰᠢᠵᠦ᠂ ᠬᠥᠮᠦᠨ ᠦ᠌ ᠬᠦᠨᠳᠦᠯᠡᠭᠳᠡᠬᠦ ᠬᠥᠩᠭᠡᠯᠡᠭᠳᠡᠬᠦ ᠥᠪᠡᠷ ᠦ᠋ᠨ ᠪᠡᠶ᠎ᠡ ᠳ᠋ᠦ᠍ᠷ ᠪᠣᠢ᠂ ᠬᠦᠷᠳᠦᠨ ᠢ᠋ ᠡᠷᠭᠢᠭᠦᠯᠬᠦ ᠵᠣᠭᠰᠣᠭᠠᠬᠤ ᠮᠠᠨ ᠤ᠋ ᠭᠠᠷ ᠲᠤᠷ ᠠᠮᠤᠢ᠂ ᠲᠠᠷᠭᠤᠨ ᠮᠣᠷᠢᠨ ᠢ᠋ ᠡᠰᠡ ᠲᠡᠵᠢᠭᠡᠬᠦᠯ᠎ᠡ ᠶᠠᠭᠠᠬᠢᠨ ᠦᠯᠦ ᠲᠤᠷᠠᠮᠤᠢ ? ᠲᠠᠪᠠᠲᠠᠢ ᠨᠥᠬᠥᠷ ᠡᠰᠡ ᠰᠡᠩᠬᠡᠷᠡᠭᠦᠯᠦᠯ᠎ᠡ ᠬᠡᠷᠬᠢᠨ ᠣᠯᠵᠤ ᠮᠡᠳᠡᠮᠦᠢ ?  ᠲᠠᠭᠠᠯᠠᠮᠵᠢᠲᠤ ᠬᠥᠪᠡᠭᠦᠨ ᠢ᠋ ᠡᠰᠡ ᠰᠤᠷᠭᠠᠬᠤᠯ᠎ᠠ ᠶᠠᠭᠠᠬᠢᠨ ᠦᠯᠦ ᠵᠠᠢᠳᠠᠮᠤᠢ ? ᠲᠡᠪᠡᠷᠢᠭᠰᠡᠨ ᠡᠮ᠎ᠡ ᠪᠡᠨ ᠡᠰᠡ ᠰᠤᠪᠢᠬᠤᠯ᠎ᠠ ᠬᠡᠷᠬᠢᠨ ᠡᠰᠡ ᠰᠠᠮᠠᠭᠤᠷᠠᠮᠤᠢ ?  》ᠬᠡᠮᠡᠭᠰᠡᠨ ᠳ᠋ᠦ᠍ᠷ ᠣᠶᠤᠲᠤ ᠰᠡᠴᠡᠨ ᠡᠨᠡ ᠬᠣᠭᠣᠷᠣᠨᠳᠣ ᠦᠭᠡ ᠭᠠᠷᠭᠠᠨ ᠬᠡᠯᠡᠯᠴᠡᠵᠦ ᠣᠯᠠᠨ ᠰᠠᠢᠳ ᠤ᠋ᠨ ᠦᠭᠡᠰ ᠢ᠋ ᠡᠳᠦᠵᠦ ᠭᠠᠷᠭᠠᠨ ᠬᠠᠷᠢᠯᠴᠠᠨ ᠬᠡᠯᠡᠯᠴᠡᠭᠦᠯᠵᠦ ᠪᠠᠢᠲᠠᠯ᠎ᠠ ᠬᠠᠭᠠᠨ 《 ᠮᠢᠨᠦ ᠴᠢᠬᠢᠨ ᠦ᠌ ᠰᠣᠨᠣᠰᠬᠠᠯ ᠰᠡᠳᠬᠢᠯ ᠦ᠋ᠨ ᠬᠢᠴᠢᠶᠡᠯ ᠪᠣᠯᠭ᠎ᠠ  》ᠬᠡᠮᠡᠭᠰᠡᠨ ᠳ᠋ᠦ᠍ᠷ ᠣᠶᠤᠲᠤ ᠰᠡᠴᠡᠨ ᠵᠠᠷᠯᠢᠭ ᠢ᠋ ᠳᠠᠭᠠᠵᠤ ᠡᠢᠨ ᠠᠢᠯᠠᠳᠬᠠᠷᠤᠨ : 
             ᠬᠠᠮᠤᠭ ᠠᠮᠢᠲᠠᠨ ᠵᠢᠷᠭᠠᠷᠤᠨ ᠬᠠᠭᠠᠨ ᠡᠵᠡᠨ ᠦ᠌ ᠬᠠᠮᠠᠭᠠᠯᠠᠯ ᠳ᠋ᠤᠷ ᠪᠤᠶᠤ 
             ᠬᠠᠲᠤᠭᠲᠠᠢ ᠬᠥᠮᠦᠨ ᠵᠢᠷᠭᠠᠷᠤᠨ ᠬᠠᠢᠷᠠᠲᠤ ᠡᠷ᠎ᠡ ᠶ᠋ᠢᠨ ᠰᠠᠢᠨ ᠳ᠋ᠤᠷ ᠪᠤᠶᠤ᠂ 
             ᠬᠠᠷᠠᠴᠤᠰ ᠠᠯᠪᠠᠲᠤ ᠠᠷᠢᠬᠢᠳᠠᠷᠤᠨ ᠬᠠᠭᠠᠨ ᠡᠵᠡᠨ ᠦ᠌ ᠬᠠᠢᠷ᠎ᠠ ᠳ᠋ᠤᠷ ᠪᠤᠶᠤ 
             ᠬᠠᠰ ᠲᠥᠷᠥ ᠡᠩᠬᠡᠵᠢᠷᠦᠨ ᠬᠠᠮᠲᠤ ᠪᠦᠭᠦᠳᠡᠭᠡᠷ ᠦ᠋ᠨ ᠪᠠᠶᠠᠷ ᠲᠤᠷ ᠪᠤᠶᠤ᠃ 
ᠬᠡᠮᠡᠭᠰᠡᠨ ᠳ᠋ᠦ᠍ᠷ ᠣᠶᠤᠨ ᠭᠤᠸ᠎ᠠ ᠡᠢᠨ ᠠᠢᠯᠠᠳᠬᠠᠷᠤᠨ : 
             ᠬᠠᠷ᠎ᠠ ᠳᠡᠷᠡᠰᠦᠨ ᠭᠡᠳᠡᠰᠦᠨ ᠳ᠋ᠦ᠍ᠷ ᠣᠷᠣᠪᠠᠰᠤ ᠬᠠᠭᠠᠨ ᠤ᠋ ᠴᠠᠭᠠᠵᠠ ᠶ᠋ᠢ ᠬᠦᠯᠢᠶᠡᠬᠦ ᠪᠤᠶᠤ 
             ᠬᠠᠲᠠᠭᠤ ᠵᠠᠰᠠᠭ ᠲᠤᠷ ᠭᠡᠨᠡᠳᠲᠡ ᠲᠣᠷᠭᠠᠭᠳᠠᠪᠠᠰᠤ ᠬᠠᠮᠤᠭ ᠪᠦᠬᠦᠨ ᠦ᠌ ᠡᠯᠡᠭ ᠪᠤᠶᠤ᠂ 
             ᠬᠠᠷᠠᠩᠭᠤᠢ ᠶ᠋ᠢᠨ ᠬᠤᠯᠤᠭᠠᠨ᠎ᠠ ᠢᠳᠡᠰᠢ ᠳ᠋ᠦ᠍ᠷ ᠴᠠᠳᠪᠠᠴᠤ ᠭᠠᠷᠬᠤ ᠪᠠᠨ ᠤᠮᠠᠷᠲᠠᠵᠤ 
             ᠬᠠᠲᠠᠷᠢᠨ ᠢᠷᠡᠬᠦ ᠮᠢᠭᠤᠢ ᠳ᠋ᠤᠷ ᠪᠠᠷᠢᠭ᠍ᠳᠠᠪᠠᠰᠤ ᠬᠠᠢᠷᠠᠬᠠᠨ ᠪᠡᠶ᠎ᠡ ᠪᠡᠷ ᠢᠳᠡᠰᠢ ᠪᠣᠯᠤᠮᠤᠢ᠃ 
ᠬᠡᠮᠡᠭᠰᠡᠨ ᠳ᠋ᠦ᠍ᠷ ᠰᠠᠢᠬᠠᠨ ᠰᠤᠷᠲᠠᠯᠲᠤ ᠵᠠᠯᠭᠠᠵᠤ ᠠᠢᠯᠠᠳᠬᠠᠷᠤᠨ : 
             ᠬᠠᠷ᠎ᠠ ᠭᠥᠷᠥᠭᠡᠰᠦ ᠬᠠᠳᠠ ᠯᠤᠭ᠎ᠠ ᠲᠡᠮᠡᠴᠡᠪᠡᠰᠦ ᠪᠡᠶ᠎ᠡ ᠢᠨᠦ ᠪᠠᠯᠪᠠᠷᠠᠶᠤ 
             ᠬᠠᠷᠠᠴᠤ ᠬᠥᠮᠦᠨ ᠬᠠᠭᠠᠨ ᠯᠤᠭ᠎ᠠ ᠲᠡᠮᠡᠴᠡᠪᠡᠰᠦ ᠲᠣᠯᠣᠭᠠᠢ ᠶᠤᠭᠠᠨ ᠣᠭᠲᠣᠯᠤᠭᠳᠠᠶᠤ᠂ 
             ᠬᠠᠪᠲᠠᠰᠤ ᠮᠡᠨᠡᠬᠡᠢ ᠬᠢᠰᠤᠭ᠎ᠠ ᠯᠤᠭ᠎ᠠ ᠲᠡᠮᠡᠴᠡᠪᠡᠰᠦ ᠪᠡᠶ᠎ᠡ ᠶᠦ᠍ᠭᠡᠨ ᠬᠠᠪᠴᠢᠭᠳᠠᠶᠤ 
             ᠬᠠᠷᠢ ᠤᠯᠤᠰ ᠬᠠᠭᠠᠨ ᠯᠤᠭ᠎ᠠ ᠬᠠᠯᠳᠠᠪᠠᠰᠤ ᠤᠯᠤᠰ ᠠᠨᠤ ᠡᠪᠳᠡᠷᠡᠶᠦ᠂ 
ᠬᠡᠮᠡᠭᠰᠡᠨ ᠳ᠋ᠦ᠍ᠷ ᠲᠠᠢᠰᠢ ᠲᠣᠷᠭᠠᠨ ᠰᠢᠷ᠎ᠠ ᠠᠢᠯᠠᠳᠬᠠᠷᠤᠨ : 
             ᠨᠣᠬᠠᠢ ᠭᠥᠯᠥᠭᠡᠯᠡᠬᠦᠢ ᠳ᠋ᠦ᠍ᠷ ᠴᠥᠭᠡᠨ ᠪᠣᠯᠪᠠᠴᠤ ᠭᠤᠷᠪᠠ ᠲᠠᠪᠤ ᠪᠥᠭᠡᠲᠡᠯ᠎ᠡ 
             ᠨᠣᠮᠣᠬᠠᠨ ᠦᠭᠡᠢ ᠬᠠᠷᠢᠯᠴᠠᠨ ᠵᠠᠭᠤᠯᠳᠤᠵᠤ ᠨᠢᠭᠡᠨ᠎ᠡ ᠦᠯᠦ ᠨᠡᠢᠯᠡᠯᠴᠡᠮᠦᠢ᠂ 
             ᠬᠣᠨᠢ ᠠᠳᠤᠭᠤᠯᠬᠤᠢ ᠳ᠋ᠤᠷ ᠣᠯᠠᠨ ᠪᠣᠯᠪᠠᠴᠤ ᠨᠢᠭᠡᠨ ᠭᠠᠵᠠᠷ᠎ᠠ ᠪᠥᠭᠡᠲᠡᠯ᠎ᠡ 
             ᠬᠤᠷᠠᠯᠠᠯ ᠦᠭᠡᠢ ᠨᠢᠭᠡᠨ᠎ᠡ ᠡᠶᠡᠳᠡᠵᠦ ᠮᠢᠩᠭᠠᠨ ᠲᠦᠮᠡᠨ ᠢ᠋ᠶ᠋ᠡᠷ ᠰᠦᠷᠦᠭᠯᠡᠮᠦᠢ᠃ 
             ᠤᠯᠤᠰ ᠤ᠋ᠨ ᠡᠮᠦᠨ᠎ᠡ ᠳᠠᠢᠰᠤᠨ ᠯᠤᠭ᠎ᠠ ᠲᠡᠮᠡᠴᠡᠬᠦᠢ ᠳ᠋ᠦ᠍ᠷ ᠠᠪᠠ ᠶ᠋ᠢᠨ ᠨᠣᠬᠠᠢ ᠮᠡᠲᠦ ᠭᠦᠶᠦᠯᠳᠦᠵᠦ 
             ᠣᠷᠳᠣᠨ᠎ᠠ ᠡᠭᠡᠵᠦ ᠲᠥᠷᠥ ᠶ᠋ᠢ ᠰᠠᠬᠢᠬᠤᠢ ᠳ᠋ᠤᠷ ᠲᠠᠯ᠎ᠠ ᠶ᠋ᠢᠨ ᠬᠣᠨᠢ ᠮᠡᠲᠦ ᠰᠦᠷᠦᠭᠯᠡᠶ᠎ᠡ᠂ 
             ᠡᠵᠡᠨ ᠦ᠌ ᠭᠡᠭᠡᠨ ᠢ᠋ ᠬᠠᠮᠠᠭᠠᠯᠠᠨ ᠶᠠᠪᠤᠬᠤᠢ ᠳ᠋ᠤᠷ ᠭᠡᠷ ᠦ᠋ᠨ ᠨᠣᠬᠠᠢ ᠮᠡᠲᠦ ᠰᠠᠬᠢᠵᠤ 
             ᠡᠭᠡᠵᠦ ᠡᠷᠢᠨ ᠴᠠᠭᠠᠵᠠ ᠶ᠋ᠢ ᠰᠠᠬᠢᠬᠤᠢ ᠳ᠋ᠤᠷ ᠰᠢᠪᠡᠭᠡ ᠶ᠋ᠢᠨ ᠬᠣᠨᠢ ᠮᠡᠲᠦ ᠰᠠᠭᠤᠯᠴᠠᠶ᠎ᠠ ! 
ᠬᠡᠮᠡᠭᠰᠡᠨ ᠳ᠋ᠦ᠍ᠷ ᠲᠠᠢᠰᠢ ᠲᠠᠢ ᠰᠡᠴᠡᠨ ᠡᠢᠨ ᠠᠢᠯᠠᠳᠬᠠᠷᠤᠨ : 
             ᠨᠣᠬᠠᠢ ᠮᠡᠲᠦ ᠨᠥᠬᠥᠷ ᠢ᠋ ᠣᠯᠬᠤᠶ᠎ᠠ ᠪᠡᠷᠬᠡ 
             ᠨᠣᠮᠣᠢ ᠶᠠᠳᠠᠩᠭᠢ ᠳ᠋ᠤᠷ ᠲᠡᠵᠢᠭᠡᠭᠳᠡᠪᠡᠴᠦ ᠪᠠᠶᠠᠨ ᠡᠯᠪᠡᠭ ᠢ᠋ ᠦᠯᠦ ᠳᠠᠭᠠᠮᠤᠢ᠂ 
             ᠬᠠᠷᠠᠴᠤᠰ ᠠᠯᠪᠠᠲᠤ ᠳ᠋ᠤᠷ ᠲᠡᠵᠢᠭᠡᠭᠳᠡᠪᠡᠴᠦ ᠬᠠᠳ ᠨᠣᠶᠠᠳ ᠢ᠋ ᠦᠯᠦ ᠳᠠᠭᠠᠮᠤᠢ 
             ᠬᠠᠳᠠᠨ ᠵᠣᠷᠢᠭ᠍ᠲᠠᠨ ᠪᠣᠯᠤᠭᠠᠳ ᠨᠣᠬᠠᠢ ᠳ᠋ᠤᠷ ᠡᠰᠡ ᠬᠦᠷᠪᠡᠰᠦ ᠪᠤᠯᠬᠤᠢ ᠤᠤ ? 
             ᠠᠷᠪᠠᠨ ᠪᠡᠶ᠎ᠡ ᠨᠢᠭᠡᠨ ᠲᠣᠯᠣᠭᠠᠢᠲᠤ ᠵᠢᠭᠠᠰᠤ ᠠᠮᠢᠳᠤᠷᠠᠬᠤᠢ ᠳ᠋ᠤᠷ ᠮᠠᠰᠢ ᠬᠢᠯᠪᠠᠷ ②
             ᠶᠢᠰᠦᠨ ᠲᠣᠯᠣᠭᠠᠢ ᠨᠢᠭᠡᠨ ᠪᠡᠶᠡᠲᠦ ᠰᠢᠪᠠᠭᠤ③ ᠠᠮᠢᠳᠤᠷᠠᠬᠤᠢ ᠳ᠋ᠤᠷ ᠮᠠᠰᠢ ᠪᠡᠷᠬᠡ᠃ 
ᠬᠡᠮᠡᠭᠰᠡᠨ ᠳ᠋ᠦ᠍ᠷ ᠬᠠᠭᠠᠨ ᠵᠥᠪᠰᠢᠶᠡᠪ᠃ ᠲᠡᠳᠦᠢ ᠲᠠᠢᠪᠤᠤ ᠮᠤᠬᠤᠯᠢ ᠶ᠋ᠢᠨ ᠳᠡᠪᠡᠯ ᠲᠣᠰᠣᠳᠠᠭᠰᠠᠨ ᠳ᠋ᠤᠷ ᠳᠠᠬᠢᠨ ᠳᠠᠬᠢᠨ ᠠᠷᠴᠢᠬᠤᠢ ᠳ᠋ᠤᠷ ᠪᠤᠭᠤᠷᠵᠢ ᠢᠨᠢᠶᠡᠨ ᠮᠤᠬᠤᠯᠢ ᠶ᠋ᠢᠨ ᠵᠦᠭ ᠥᠭᠦᠯᠡᠷᠦᠨ : 《ᠲᠣᠰᠣᠲᠤ ᠬᠤᠷᠢᠮ ᠴᠢᠰᠤᠲᠤ ᠪᠤᠯᠠᠭ᠎ᠠ᠂ ᠡᠵᠡᠨ ᠢᠨᠦ ᠴᠢᠬᠤᠯᠠ᠂ ᠡᠳ᠋ ᠬᠡᠮᠡᠭᠴᠢ ᠬᠡᠪᠡᠷᠡᠭ᠂ ᠲᠡᠭᠦᠨ ᠢ᠋ ᠳᠡᠮᠡᠢᠯᠡ ᠠᠷᠴᠢᠵᠤ ᠰᠢᠮᠰᠢᠷᠡᠬᠦ ᠢᠨᠤ ᠶᠠᠭᠤᠨ ? 》ᠬᠡᠮᠡᠭᠰᠡᠨ ᠳ᠋ᠦ᠍ᠷ ᠲᠠᠢᠪᠤᠤ ᠮᠤᠬᠤᠯᠢ ᠢᠨᠢᠶᠡᠨ ᠬᠠᠷᠢᠭᠤ ᠥᠴᠢᠷᠦᠨ :《ᠲᠥᠷᠥᠭᠰᠡᠨ ᠪᠡᠶ᠎ᠡ ᠦᠬᠦᠵᠦ᠂ ᠦᠬᠦᠨ ᠦᠬᠦᠲᠡᠯ᠎ᠡ ᠴᠢᠷᠮᠠᠢᠲᠤᠭᠠᠢ᠂ ᠡᠭᠦᠳᠦᠭᠰᠡᠨ ᠡᠳ᠋ ᠡᠯᠡᠵᠦ ᠡᠯᠡᠨ ᠡᠯᠡᠲᠡᠯ᠎ᠡ ᠬᠠᠢᠷᠠᠯᠠᠭᠳᠠᠬᠤᠢ 》ᠬᠡᠮᠡᠭᠰᠡᠨ ᠳ᠋ᠦ᠍ᠷ᠂ ᠬᠠᠭᠠᠨ ᠤ᠋ ᠭᠡᠭᠡᠨ ᠪᠡᠶᠡᠰᠦᠨ ᠮᠦᠰᠢᠶᠡᠵᠦ ᠬᠣᠶᠠᠷ ᠲᠠᠢᠪᠤᠤ ᠶ᠋ᠢ ᠴᠥᠮ ᠵᠥᠪᠰᠢᠶᠡᠨ ᠰᠠᠢᠰᠢᠶᠠᠪᠠ᠃ ᠲᠠᠢᠰᠢ ᠥᠷᠯᠥᠭ ᠨᠣᠶᠠᠨ᠂ ᠪᠠᠶᠠᠨ ᠨᠣᠶᠠᠨ ᠬᠠᠷᠢᠯᠴᠠᠨ ᠣᠢᠷ᠎ᠠ ᠰᠠᠭᠤᠵᠤ ᠬᠠᠭᠠᠨ ᠤ᠋ ᠬᠡᠰᠢᠭ ᠢ᠋ ᠭᠥᠷᠳᠡᠬᠦᠢ ᠳ᠋ᠦ᠍ᠷ ᠬᠠᠭᠠᠨ ᠡᠩ ᠦ᠋ᠨ ᠡᠳᠦᠷ ᠲᠡᠷᠡ ᠬᠣᠶᠠᠷ ᠤ᠋ᠨ ᠰᠠᠢᠬᠠᠨ ᠢ᠋ ᠮᠡᠳᠡᠵᠦ ᠵᠠᠷᠯᠢᠭ ᠪᠣᠯᠵᠤ ᠠᠰᠠᠭᠤᠷᠤᠨ : 《ᠲᠠ ᠬᠣᠶᠠᠭᠤᠯᠠ ᠰᠠᠢᠨ ᠠᠬ᠎ᠠ ᠳᠡᠭᠦᠦ ᠭᠡᠮᠡᠨ ᠶᠠᠪᠤᠬᠤ ᠠᠨᠤ ᠡᠨᠡ ᠠᠬ᠎ᠠ ᠳᠡᠭᠦᠦ ᠬᠡᠮᠡᠬᠦ ᠶᠣᠰᠣᠨ ᠢ᠋ ᠨᠠᠳᠠ ᠳ᠋ᠤᠷ ᠠᠢᠯᠠᠳᠬ᠎ᠠ !》ᠬᠡᠮᠡᠭᠰᠡᠨ ᠳ᠋ᠦ᠍ᠷ ᠬᠣᠶᠠᠭᠤᠯᠠ ᠶᠠᠭᠠᠷᠠᠨ ᠠᠢᠯᠠᠳᠬᠠᠷᠤᠨ : 
             ᠦᠭᠡᠢᠭᠦᠦ ᠥᠴᠦᠭᠦᠬᠡᠨ ᠦᠶ᠎ᠡ ᠳ᠋ᠦ᠍ᠷ ᠥᠲᠡᠭᠦᠰ ᠨᠢᠯᠬ᠎ᠠ ᠪᠠᠨ ᠲᠡᠳᠬᠦᠯᠴᠡᠨ 
             ᠥᠨᠳᠥᠷ ᠡᠷᠬᠢᠮ ᠪᠣᠯᠤᠭᠰᠠᠨ ᠳ᠋ᠤᠷ ᠦᠭᠡ ᠰᠠᠨᠠᠭᠠᠨ ᠢ᠋ᠶ᠋ᠠᠨ ᠨᠡᠪᠲᠡᠷᠡᠯᠴᠡᠨ᠂ 
             ᠥᠷᠯᠥᠭᠡ ᠦᠳᠡᠰᠢ ᠶ᠋ᠢᠨ ᠵᠠᠪᠰᠠᠷ ᠲᠤᠷ ᠲᠡᠭᠦᠨ ᠦ᠌ ᠠᠯᠳᠠᠰᠢ ᠶ᠋ᠢ ᠰᠠᠨᠠᠭᠠᠯᠵᠠᠭᠤᠯᠤᠨ 
             ᠥᠪᠡᠷ ᠥᠪᠡᠷ ᠦ᠋ᠨ ᠪᠡᠶ᠎ᠡ ᠳ᠋ᠦ᠍ᠷ ᠬᠠᠷᠢᠯᠴᠠᠨ ᠪᠠᠭ᠍ᠰᠢ ᠪᠣᠯᠤᠯᠴᠠᠮᠤᠢ ! 
ᠬᠡᠮᠡᠭᠰᠡᠨ ᠳ᠋ᠦ᠍ᠷ ᠬᠠᠭᠠᠨ ᠤ᠋ ᠭᠡᠭᠡᠨ ᠮᠠᠰᠢᠳᠠ ᠵᠥᠪᠰᠢᠶᠡᠵᠦ᠂ ᠭᠦᠸᠧ ᠯᠤᠤ ᠴᠣᠢᠴᠣᠯᠢ ᠠ᠋ᠴᠠ ᠵᠠᠷᠯᠢᠭ ᠪᠣᠯᠵᠤ ᠠᠰᠠᠭᠤᠷᠤᠨ : 《ᠬᠥᠭᠰᠢᠨ ᠬᠥᠮᠦᠨ ᠶᠠᠭᠤᠨ ᠳ᠋ᠤᠷ ᠭᠠᠭᠴᠠ ᠵᠠᠯᠠᠭᠤᠰ ᠤ᠋ᠨ ᠦᠭᠡ ᠶ᠋ᠢ ᠰᠣᠨᠣᠰᠴᠤ ᠥᠪᠡᠷ ᠢ᠋ᠶ᠋ᠡᠨ ᠶᠠᠭᠤᠨ ᠳ᠋ᠤᠷ ᠦᠯᠦ ᠥᠭᠦᠯᠡᠮᠦᠢ ? 》ᠬᠡᠮᠡᠭᠰᠡᠨ ᠳ᠋ᠦ᠍ᠷ ᠴᠣᠢᠴᠣᠯᠢ ᠶᠠᠭᠠᠷᠠᠨ ᠰᠥᠭᠥᠳᠴᠦ ᠠᠢᠯᠠᠳᠬᠠᠷᠤᠨ :
             ᠬᠤᠷᠴᠠ ᠬᠢᠲᠤᠭ᠎ᠠ ᠮᠣᠬᠣᠷᠠᠪᠠᠰᠤ ᠣᠭᠲᠣᠯᠵᠤ ᠦᠯᠦ ᠳᠠᠭᠠᠭᠠᠵᠤ 
             ᠬᠤᠷᠳᠤᠨ ᠬᠦᠯᠦᠭ ᠬᠥᠭᠰᠢᠷᠡᠪᠡᠰᠦ ᠬᠣᠭᠣᠰᠣᠨ ᠳᠣᠪᠲᠣᠯᠵᠤ ᠦᠯᠦ ᠴᠢᠳᠠᠬᠤ᠂ 
             ᠬᠦᠴᠦᠲᠦ ᠡᠷᠡᠰ ᠬᠥᠭᠰᠢᠷᠡᠪᠡᠰᠦ ᠬᠣᠭᠣᠰᠣᠨ ᠨᠡᠷ᠎ᠡ ᠪᠣᠯᠤᠶᠤ 
             ᠬᠥᠪᠴᠢᠨ ᠰᠠᠢᠳ ᠬᠥᠭᠰᠢᠷᠡᠭᠰᠡᠨ ᠲᠤᠯᠠ ᠬᠥᠮᠦᠨ ᠦ᠌ ᠦᠭᠡ ᠶ᠋ᠢ ᠴᠢᠩᠨᠠᠮᠤᠢ ! 
ᠬᠡᠮᠡᠭᠰᠡᠨ ᠳ᠋ᠦ᠍ᠷ ᠬᠠᠭᠠᠨ ᠪᠡᠶᠡᠰᠦᠨ ᠮᠦᠰᠢᠶᠡᠵᠦ᠂ ᠴᠠᠭᠠᠨ ᠬᠠᠭᠠᠨ ᠠ᠋ᠴᠠ ᠠᠰᠠᠭᠤᠷᠤᠨ :《ᠲᠠᠢᠰᠢ ᠴᠢ ᠮᠥᠨ ᠬᠡᠳᠦᠨ ᠦᠭᠡᠰ ᠬᠡᠯᠡᠵᠦ ᠣᠯᠠᠨ ᠳ᠋ᠤᠷ ᠶᠠᠭᠤᠨ ᠳ᠋ᠤᠷ ᠰᠤᠷᠭᠠᠯ ᠦᠯᠦ ᠪᠣᠯᠭᠠᠮᠤᠢ ? 》ᠬᠡᠮᠡᠭᠰᠡᠨ ᠳ᠋ᠦ᠍ᠷ ᠴᠠᠭᠠᠨ ᠬᠠᠭᠠᠨ ᠶᠠᠭᠠᠷᠠᠨ ᠰᠥᠭᠥᠳᠴᠦ ᠠᠢᠯᠠᠳᠬᠠᠷᠤᠨ : 
             ᠬᠤᠪᠴᠠᠳ ᠤ᠋ᠨ ᠰᠠᠢᠨ ᠬᠤᠶᠠᠭ ᠪᠥᠭᠡᠲᠡᠯ᠎ᠡ 
             ᠬᠤᠷᠢᠮ ᠳ᠋ᠤᠷ ᠡᠮᠦᠰᠪᠡᠰᠦ ᠵᠣᠬᠢᠬᠤ ᠦᠭᠡᠢ᠂ 
             ᠦᠭᠡᠰ ᠦ᠋ᠨ ᠡᠷᠬᠢᠮ ᠲᠤᠩᠬᠠᠭ ᠪᠥᠭᠡᠲᠡᠯ᠎ᠡ 
             ᠲᠥᠷᠥ ᠳ᠋ᠦ᠍ᠷ ᠨᠠᠭᠠᠪᠠᠰᠤ ᠵᠣᠬᠢᠰ ᠦᠭᠡᠢ᠃ 
             ᠬᠠᠢᠷ᠎ᠠ ᠬᠡᠳᠦᠢ ᠭᠦᠨ ᠪᠣᠯᠪᠠᠴᠤ 
             ᠬᠠᠭᠠᠨ ᠡᠵᠡᠨ ᠢ᠋ ᠬᠢᠴᠢᠶᠡᠩᠭᠦᠢᠯᠡᠮᠦᠢ᠂ 
             ᠥᠷᠥᠰᠢᠶᠡᠯ ᠬᠡᠳᠦᠢ ᠦᠯᠡᠮᠵᠢ ᠪᠣᠯᠪᠠᠴᠤ 
             ᠦᠨᠡᠨ ᠡᠵᠡᠨ ᠡᠴᠡ ᠪᠡᠨ ᠰᠢᠷᠪᠡᠭᠡᠲᠦᠮᠦᠢ᠃ 
ᠬᠡᠮᠡᠭᠰᠡᠨ ᠳ᠋ᠦ᠍ᠷ 《ᠰᠢᠳᠤᠷᠭᠤ ᠰᠠᠢᠳ ᠤ᠋ᠨ ᠦᠭᠡ ᠮᠥᠨ !》ᠭᠡᠮᠡᠨ᠂ ᠯᠢᠳᠠᠷ ᠰᠡᠴᠡᠨ ᠡᠴᠡ ᠵᠠᠷᠯᠢᠭ ᠪᠣᠯᠤᠨ ᠠᠰᠠᠭᠤᠭᠰᠠᠨ᠎ᠠ ᠯᠢᠳᠠᠷ ᠰᠡᠴᠡᠨ ᠰᠥᠭᠥᠳᠴᠦ ᠠᠢᠯᠠᠳᠬᠠᠷᠤᠨ : 
             ᠬᠠᠯᠲᠤᠷᠢᠰᠢ ᠦᠭᠡᠢ ᠬᠦᠯᠦᠭ 
             ᠬᠢᠵᠠᠭᠠᠯᠠᠰᠢ ᠦᠭᠡᠢ ᠮᠡᠷᠭᠡᠨ ᠬᠡᠮᠡᠭᠴᠢ ᠡᠨᠡ ᠬᠣᠶᠠᠷ ᠶᠠᠭᠤᠨ ᠪᠣᠢ ? 
             ᠦᠬᠦᠬᠦ ᠶ᠋ᠢ ᠤᠮᠠᠷᠲᠠᠨ ᠦᠨᠡᠨ ᠲᠥᠷᠥ ᠳ᠋ᠦ᠍ᠷ ᠵᠢᠳᠬᠦᠭᠴᠢ 
             ᠬᠠᠯᠲᠤᠷᠢᠰᠢ ᠦᠭᠡᠢ ᠬᠦᠯᠦᠭ᠂ 
             ᠥᠪᠡᠷ ᠦ᠋ᠨ ᠪᠤᠷᠤᠭᠤ ᠪᠠᠨ ᠥᠪᠡᠷ ᠢ᠋ᠶ᠋ᠡᠨ ᠡᠷᠢᠭᠴᠢ 
             ᠬᠢᠵᠠᠭᠠᠷ ᠦᠭᠡᠢ ᠮᠡᠷᠭᠡᠨ᠃ 
ᠬᠡᠮᠡᠭᠰᠡᠨ ᠳ᠋ᠦ᠍ᠷ ᠬᠠᠭᠠᠨ ᠲᠡᠷᠢᠭᠦᠨ ᠳᠣᠬᠢᠵᠤ ᠮᠥᠨ ᠮᠥᠨ ᠭᠡᠮᠡᠨ ᠰᠠᠢᠰᠢᠶᠠᠵᠤ ᠣᠯᠠᠨ ᠳ᠋ᠤᠷ ᠵᠠᠷᠯᠢᠭ ᠪᠣᠯᠤᠷᠤᠨ : 
             ᠰᠠᠢᠨ ᠨᠥᠬᠥᠷ ᠦ᠋ᠨ ᠰᠢᠷᠦᠭᠦᠨ ᠢ᠋ ᠰᠥᠰᠥᠯᠡᠵᠦ ᠳᠠᠭᠠᠭᠠᠳ 
             ᠰᠠᠯᠤᠭᠰᠠᠨ ᠤ᠋ ᠬᠣᠢᠨ᠎ᠠ ᠰᠡᠳᠬᠢᠯ ᠢ᠋ ᠢᠨᠤ ᠪᠣᠳᠣᠪᠠᠰᠤ 
             ᠡᠨᠡ ᠴᠣᠬᠣᠮ ᠠᠬ᠎ᠠ ᠳᠡᠭᠦᠦ ᠨᠥᠬᠥᠷ ᠬᠠᠨᠢ ᠶ᠋ᠢᠨ ᠦᠨᠡᠨ ᠶᠣᠰᠣ ᠮᠥᠨ᠃ 
             ᠲᠥᠷᠥ ᠶ᠋ᠢᠨ ᠶᠣᠰᠣ ᠲᠥᠪ ᠪᠣᠯᠪᠠᠰᠤ ᠲᠦᠮᠡᠨ ᠬᠥᠮᠦᠨ ᠪᠢᠰᠢᠷᠡᠮᠦᠢ᠃ 
             ᠲᠥᠷᠥᠭᠰᠡᠨ ᠡᠯᠢᠭᠡ ᠢᠨᠠᠭ ᠪᠣᠯᠪᠠᠰᠤ ᠲᠦᠪᠡᠭᠳᠡᠭᠰᠡᠨ ᠨᠥᠬᠥᠷ ᠪᠢᠰᠢᠷᠡᠮᠦᠢ᠃ 
             ᠡᠵᠡᠨ ᠰᠠᠢᠳ ᠮᠡᠷᠭᠡᠨ ᠪᠣᠯᠪᠠᠰᠤ ᠡᠩᠭᠡᠷ ᠨᠡᠢᠲᠡ ᠪᠢᠰᠢᠷᠡᠮᠦᠢ᠃ 
             ᠡᠴᠢᠭᠡ ᠬᠥᠪᠡᠭᠦᠨ ᠡᠯᠪᠡᠷᠢᠯᠲᠦ ᠪᠣᠯᠪᠠᠰᠤ ᠡᠯ᠎ᠡ ᠪᠦᠭᠦᠳᠡᠭᠡᠷ ᠪᠢᠰᠢᠷᠡᠮᠦᠢ᠃ 
             ᠠᠬ᠎ᠠ ᠳᠡᠭᠦᠦ ᠠᠮᠠᠷᠠᠭ ᠪᠣᠯᠪᠠᠰᠤ ᠠᠯᠢᠪᠠ ᠬᠥᠮᠦᠨ ᠪᠢᠰᠢᠷᠡᠮᠦᠢ᠃ 
             ᠠᠴᠢ ᠦᠷ᠎ᠡ ᠲᠠᠬᠢᠮᠳᠠᠭᠤ ᠪᠣᠯᠪᠠᠰᠤ ᠠᠯᠤᠰ ᠬᠣᠯᠠ ᠪᠢᠰᠢᠷᠡᠮᠦᠢ᠃ 
             ᠠᠪᠤᠭᠰᠠᠨ ᠡᠮ᠎ᠡ ᠡᠶᠡᠯᠰᠡᠭ ᠪᠣᠯᠪᠠᠰᠤ ᠠᠢᠯ ᠭᠠᠴᠠᠬ᠎ᠠ ᠳ᠋ᠠᠭᠠᠨ ᠪᠢᠰᠢᠷᠡᠮᠦᠢ᠂ 
             ᠠᠮᠠᠷᠠᠭᠯᠠᠭᠰᠠᠨ ᠨᠥᠬᠥᠷ ᠪᠠᠲᠤ ᠪᠣᠯᠪᠠᠰᠤ ᠠᠰᠢᠳᠠ ᠪᠤᠰᠤᠳ ᠪᠢᠰᠢᠷᠡᠮᠦᠢ᠃ 
ᠭᠡᠮᠡᠨ ᠵᠠᠷᠯᠢᠭ ᠪᠣᠯᠵᠤ᠂ ᠣᠯᠠᠨ ᠲᠦᠰᠢᠮᠡᠳ ᠬᠠᠷᠢᠯᠴᠠᠨ ᠬᠡᠯᠡᠯᠴᠡᠵᠦ ᠬᠠᠭᠠᠨ ᠳ᠋ᠤᠷ ᠲᠤᠰᠠᠲᠤ᠂ ᠲᠥᠷᠥ ᠳ᠋ᠦ᠍ᠷ ᠬᠡᠷᠡᠭᠲᠦ ᠦᠭᠡᠰ ᠢ᠋ ᠰᠢᠭᠦᠮᠵᠢᠯᠡᠨ ᠬᠡᠯᠡᠯᠴᠡᠵᠦ ᠨᠢᠭᠡᠨ ᠡᠳᠦᠷ ᠬᠤᠷᠢᠮᠯᠠᠵᠤ ᠲᠠᠷᠬᠠᠯᠴᠠᠪᠠ᠃ ᠳᠠᠷᠠᠭ᠎ᠠ ᠪᠠᠷ ᠬᠡᠳᠦ ᠬᠡᠳᠦᠨ ᠡᠳᠦᠷ ᠡᠷᠭᠦᠮᠵᠢᠯᠡᠬᠦ ᠱᠠᠩᠨᠠᠬᠤ ᠬᠤᠷᠢᠮ ᠬᠤᠷᠢᠮᠯᠠᠵᠤ᠂ ᠴᠠᠭᠠᠨ ᠰᠠᠷ᠎ᠠ ᠥᠩᠭᠡᠷᠡᠭᠰᠡᠨ᠎ᠡ᠂ ᠳᠠᠷᠠᠭ᠎ᠠ ᠬᠣᠶᠠᠷ ᠨᠤᠭᠤᠯᠪᠤᠷᠢ ᠳᠣᠪᠲᠣᠯᠭᠠᠨ ᠠᠢᠯᠠᠳᠬᠠᠪᠠ᠃ ᠨᠢᠭᠡᠨ ᠨᠤᠭᠤᠯᠪᠤᠷᠢ ᠠᠨᠤ ᠯᠢᠶᠣᠤ ᠳ᠋ᠦᠩ ᠦ᠋ᠨ ᠯᠢᠶᠣᠤ ᠸᠠᠩ ᠶᠧ ᠯᠢᠦᠢ ᠯᠢᠦ ᠭᠧ ᠶ᠋ᠢᠨ ᠵᠢᠷᠤᠮ ᠦᠭᠡᠢ ᠳᠥᠷᠪᠡᠨ ᠲᠦᠰᠢᠮᠡᠯ – ᠴᠢᠨᠣ᠎ᠠ᠂ ᠵᠢᠨᠱᠠᠨ᠂ ᠴᠢᠩ ᠭᠧᠦ᠂ ᠲᠦᠩ ᠬᠦ᠌ ᠢᠦᠢ ᠳᠥᠷᠪᠡᠭᠦᠯᠡ ᠨᠢᠭᠡᠳᠦᠭᠡᠳ ᠯᠢᠶᠣᠤ ᠳ᠋ᠦᠩ ᠦ᠋ᠨ ᠰᠤᠯᠠ ᠢᠷᠭᠡᠨ ᠢ᠋ ᠮᠡᠬᠡᠯᠡᠨ ᠶᠧ ᠯᠢᠦᠢ ᠯᠢᠦ ᠭᠧ ᠮᠣᠩᠭᠣᠯ ᠳ᠋ᠤᠷ ᠦᠬᠦᠬᠦ ᠳ᠋ᠡᠭᠡᠨ ᠶᠠᠰᠢᠪᠦ᠋ ᠶ᠋ᠢ ᠬᠠᠭᠠᠨ ᠰᠠᠭᠤᠯᠭ᠎ᠠ ᠭᠡᠮᠡᠨ ᠭᠡᠷᠢᠶᠡᠰᠦᠯᠡᠪᠡ ᠬᠡᠮᠡᠵᠦ ᠬᠠᠭᠤᠷᠮᠠᠭ ᠲᠤᠩᠬᠠᠭᠯᠠᠭᠠᠳ ᠶᠠᠰᠢᠪᠦ᠋ ᠶ᠋ᠢ ᠴᠧᠨ ᠵᠧᠦ ᠬᠣᠲᠠᠨ ᠳ᠋ᠤᠷ ᠬᠠᠭᠠᠨ ᠰᠠᠭᠤᠯᠭᠠᠭᠠᠳ ᠤᠯᠤᠰ ᠤ᠋ᠨ ᠨᠡᠷ᠎ᠡ ᠶ᠋ᠢ ᠶᠡᠬᠡ ᠯᠢᠶᠣᠤ ᠭᠡᠮᠡᠨ ᠨᠡᠷᠡᠢᠳᠦᠭᠡᠳ ᠲᠢᠶᠠᠨ ᠸᠧᠢ ᠶ᠋ᠢᠨ ᠲᠡᠷᠢᠭᠦᠨ ᠣᠨ ᠭᠡᠮᠡᠨ ᠨᠡᠷᠡᠯᠡᠵᠦ᠂ ᠶᠧ ᠯᠢᠦᠢ ᠯᠢᠦ ᠭᠧ ᠶ᠋ᠢᠨ ᠠᠬ᠎ᠠ ᠶᠧ ᠯᠢᠦᠢ ᠳᠦ ᠯᠡ ᠶ᠋ᠢ ᠰᠢᠳᠤᠷᠭᠤ ᠲᠤᠯᠠ ᠲᠣᠯᠣᠭᠠᠢ ᠳᠠᠷᠤᠵᠤ ᠫᠢᠩ ᠵᠠᠩ ᠵᠧᠩ ᠱᠢ ᠲᠦᠰᠢᠮᠡᠯ ᠪᠣᠯᠭᠠᠵᠤ᠂ ᠵᠠᠭᠤᠨ ᠲᠤᠰᠢᠮᠡᠳ ᠦ᠋ᠨ ᠵᠡᠷᠭᠡ ᠶ᠋ᠢ ᠢᠯᠭᠠᠨ ᠰᠠᠯᠭᠠᠨ ᠳᠡᠰ ᠳᠠᠷᠠᠭᠠᠯᠠᠨ ᠲᠠᠯᠪᠢᠵᠤ᠂ ᠮᠣᠩᠭᠣᠯ ᠤ᠋ᠨ ᠬᠠᠭᠠᠨ ᠯᠠᠪ ᠵᠦᠭᠡᠷ ᠦᠯᠦ ᠲᠠᠯᠪᠢᠬᠤ ᠶ᠋ᠢ ᠮᠡᠳᠡᠬᠦ ᠲᠤᠯᠠ ᠲᠤᠯᠬᠤ ᠪᠠ ᠰᠠᠬᠢᠬᠤ ᠶ᠋ᠢ ᠵᠥᠪᠯᠡᠬᠦᠢ ᠳ᠋ᠦ᠍ᠷ ᠰᠢᠨ᠎ᠡ ᠡᠵᠡᠨ ᠲᠦᠰᠢᠮᠡᠯ ᠦ᠋ᠨ ᠰᠡᠳᠬᠢᠯ ᠵᠥᠷᠢᠯᠴᠡᠪᠡ᠃ ᠡᠵᠡᠨ ᠢᠨᠦ ᠶᠠᠰᠢᠪᠦ᠋ ᠮᠣᠩᠭᠣᠯ ᠢ᠋ ᠤᠭᠲᠤᠨ ᠪᠠᠢᠯᠳᠤᠰᠤᠭᠠᠢ ᠬᠡᠮᠡᠮᠦᠢ᠃ ᠲᠦᠰᠢᠮᠡᠯ ᠴᠢᠨᠣ᠎ᠠ ᠪᠥᠭᠡᠰᠦ ᠵᠠᠢᠯᠠᠨ ᠪᠠᠢᠵᠤ ᠠᠷᠭ᠎ᠠ ᠶ᠋ᠢ ᠦᠵᠡᠰᠦᠭᠡᠢ ᠬᠡᠮᠡᠬᠦᠢ ᠳ᠋ᠦ᠍ᠷ ᠶᠠᠰᠢᠪᠦ᠋ ᠦᠯᠦ ᠬᠦᠯᠢᠶᠡᠨ ᠠᠭᠤᠷᠯᠠᠵᠤ ᠴᠢᠨᠣ᠎ᠠ᠂ ᠴᠢᠩ ᠭᠧᠦ ᠬᠣᠶᠠᠷ ᠢ᠋ ᠪᠠᠭᠤᠷᠠᠭᠤᠯᠤᠨ ᠬᠥᠭᠡᠭᠡᠭᠡᠳ ᠴᠡᠷᠢᠭ ᠠᠪᠴᠤ ᠢ ᠵᠧᠦ᠂ ᠭᠤᠸᠠᠩ ᠨᠢᠩ ᠦ᠋ᠨ ᠵᠡᠷᠭᠡ ᠬᠣᠲᠠ ᠶ᠋ᠢ  ᠪᠤᠯᠢᠶᠠᠨ ᠠᠪᠤᠭᠰᠠᠨ ᠳ᠋ᠤᠷ ᠴᠢᠩ ᠭᠧᠦ ᠠᠯᠲᠠᠨ ᠤᠯᠤᠰ ᠲᠤᠷ ᠣᠷᠣᠵᠤ ᠳᠠᠭᠠᠪᠠ᠃ ᠴᠢᠨᠣ᠎ᠠ ᠰᠤᠯᠠ ᠢᠷᠭᠡᠨ ᠯᠦ᠍ᠭᠡ ᠵᠥᠪᠯᠡᠵᠦ ᠶᠠᠰᠢᠪᠦ᠋ ᠶ᠋ᠢ ᠴᠡᠷᠢᠭ ᠪᠦᠭᠭᠦᠵᠦ ᠰᠢᠭᠤᠳ ᠪᠠᠷᠢᠵᠤ ᠠᠯᠠᠭᠠᠳ ᠥᠪᠡᠷ ᠢ᠋ᠶ᠋ᠡᠨ ᠣᠷᠣᠵᠤ ᠬᠠᠭᠠᠨ ᠰᠠᠭᠤᠭᠰᠠᠨ ᠡᠨᠡ ᠨᠢᠭᠡᠨ ᠬᠡᠷᠡᠭ᠃ ᠬᠣᠶᠠᠳᠤᠭᠠᠷ ᠨᠤᠭᠤᠯᠪᠤᠷᠢ ᠠᠨᠤ ᠶ᠋ᠢᠨ ᠵᠧᠦ ᠶ᠋ᠢᠨ ᠵᠠᠩ ᡁᠢ ᠠᠯᠲᠠᠨ ᠤᠯᠤᠰ ᠠ᠋ᠴᠠ ᠴᠡᠷᠢᠭ ᠵᠢᠭᠡᠯᠡᠨ ᠢᠷᠡᠵᠦ᠂ ᠶ᠋ᠢᠨ ᠵᠧᠦ ᠬᠣᠲᠠᠨ ᠢ᠋ ᠳᠠᠬᠢᠨ ᠪᠤᠯᠢᠶᠠᠨ ᠠᠪᠴᠤ ᠡᠵᠡᠯᠡᠭᠡᠳ ᠲᠤᠯᠬᠤ ᠶ᠋ᠢ ᠪᠡᠯᠡᠳᠴᠦ ᠬᠢᠵᠠᠭᠠᠷ ᠢ᠋ ᠰᠠᠮᠠᠭᠤᠷᠠᠭᠤᠯᠬᠤ ᠡᠨᠡ ᠨᠢᠭᠡᠨ ᠬᠡᠷᠡᠭ᠃ ᠡᠢᠮᠦ ᠬᠣᠶᠠᠷ ᠠᠩᠭᠢ ᠲᠤᠯᠠ ᠬᠠᠭᠠᠨ ᠤ᠋ ᠭᠡᠭᠡᠨ ᠠᠵᠢᠨᠠᠢ ᠮᠡᠷᠭᠡᠨ᠂ ᠬᠤᠳᠠᠷᠭ᠎ᠠ ᠪᠠᠭᠠᠲᠤᠷ ᠬᠣᠶᠠᠭᠤᠯᠠ ᠳ᠋ᠤᠷ : 《ᠠᠯᠤᠬ᠎ᠠ᠂ ᠰᠦᠬᠡ᠂ ᠤᠨᠵᠢᠭᠠᠢ᠂ ᠰᠤᠨᠵᠢᠭᠠᠢ᠂ ᠪᠣᠯᠢᠬ᠍ᠲᠤ ᠪᠠᠷᠰ᠂ ᠰᠢᠯᠢᠭᠲᠦ ᠪᠠᠷᠰ᠂ ᠬᠣᠪᠤᠯᠠᠢ᠂ ᠱᠤᠪᠤᠯᠠᠢ ᠨᠠᠢ᠍ᠮᠠᠨ ᠵᠠᠩᠵᠤᠨ ᠢ᠋ ᠲᠤᠰᠢᠶᠠᠨ ᠠᠷᠪᠠᠨ ᠵᠠᠩᠵᠤᠨ ᠠᠷᠪᠠᠨ ᠲᠦᠮᠡᠨ ᠴᠡᠷᠢᠭ ᠢ᠋ ᠲᠤᠰᠢᠶᠠᠵᠤ᠂ ᠶᠧ ᠯᠢᠦᠢ ᠯᠢᠦ ᠭᠧ ᠶ᠋ᠢ ᠳᠠᠭᠠᠭᠤᠯᠤᠨ᠂ ᠯᠢᠶᠣᠤ ᠳ᠋ᠦᠩ ᠦ᠋ᠨ ᠭᠠᠵᠠᠷ ᠢ᠋ ᠠᠪᠴᠤ ᠥᠭᠭᠦᠭᠡᠳ ᠤᠷᠪᠠᠭᠰᠠᠨ ᠬᠤᠯᠠᠭᠠᠢ ᠶ᠋ᠢ ᠦᠨᠳᠦᠰᠦᠨ ᠢ᠋ᠶ᠋ᠡᠷ ᠱᠦᠭᠦᠷᠳᠡᠨ ᠠᠷᠢᠯᠭ᠎ᠠ᠃ ᠵᠢᠴᠢ ᠶ᠋ᠢᠨ ᠵᠧᠦ ᠶ᠋ᠢᠨ ᠵᠠᠩ ᡁᠢ ᠶ᠋ᠢ ᠨᠠᠮᠤᠷ ᠯᠢᠦ ᠱᠢ ᠶ᠋ᠢᠨ ᠦᠯᠡᠭᠰᠡᠨ ᠢ᠋ ᠳᠠᠢᠯᠠᠬᠤᠢ ᠳ᠋ᠤᠷ ᠬᠠᠮᠲᠤ ᠱᠦᠭᠦᠷᠳᠡᠨ ᠠᠷᠢᠯᠭ᠎ᠠ᠃ ᠪᠢ ᠡᠨᠡ ᠵᠢᠯ ᠲᠥᠯᠭᠡᠯᠡᠨ ᠦᠵᠡᠬᠦᠯ᠎ᠡ ᠮᠠᠨ ᠤ᠋ ᠴᠡᠷᠢᠭ ᠡᠨᠡ ᠵᠢᠯ ᠠᠯᠲᠠᠨ ᠤᠯᠤᠰ ᠲᠤᠷ ᠣᠷᠣᠪᠠᠴᠤ ᠳᠡᠮᠡᠢ ᠠᠰᠢᠭ᠋ ᠦᠭᠡᠢ᠂ ᠲᠡᠢᠨ ᠬᠦ᠌ ᠬᠠᠭᠤᠴᠢᠨ ᠤᠯᠤᠰ ᠢ᠋ ᠲᠡᠭᠰᠢᠯᠡᠪᠡᠰᠦ ᠳᠡᠭᠡᠷ᠎ᠡ ᠮᠡᠲᠦ᠃ 》ᠬᠡᠮᠡᠭᠰᠡᠨ ᠳ᠋ᠦ᠍ᠷ ᠮᠤᠬᠤᠯᠢ ᠠᠢᠯᠠᠳᠬᠠᠷᠤᠨ : 《ᠠᠯᠲᠠᠨ ᠤᠯᠤᠰ ᠢ᠋ ᠰᠤᠯᠠ ᠲᠠᠯᠪᠢᠵᠤ ᠦᠯᠦ ᠪᠣᠯᠤᠮᠤᠢ᠂ ᠬᠡᠳᠦᠢ ᠠᠰᠢᠭ᠋ ᠦᠭᠡᠢ ᠪᠣᠯᠪᠠᠴᠤ ᠳᠠᠢᠯᠠᠬᠤ ᠶ᠋ᠢ ᠵᠣᠭᠰᠣᠵᠤ ᠪᠣᠯᠬᠤ ᠦᠭᠡᠢ᠂ ᠪᠠᠢᠳᠠᠯ ᠢ᠋ ᠦᠵᠡᠵᠦ ᠲᠣᠭᠲᠠᠭᠠᠮᠤ !》ᠬᠡᠮᠡᠭᠰᠡᠨ ᠳ᠋ᠦ᠍ᠷ ᠬᠠᠭᠠᠨ ᠵᠥᠪᠰᠢᠶᠡᠵᠦ ᠰᠡᠷᠭᠡᠢᠯᠡ ᠭᠡᠮᠡᠨ ᠲᠣᠭᠲᠠᠭᠠᠪᠠ᠃ 
       ᠲᠡᠳᠦᠢ ᠶᠧ ᠯᠢᠦᠢ ᠯᠢᠦ ᠭᠧ ᠬᠠᠭᠠᠨ ᠤ᠋ ᠬᠡᠰᠢᠭ ᠲᠣᠷ ᠮᠥᠷᠭᠥᠵᠦ ᠴᠡᠷᠢᠭ ᠯᠦ᠍ᠭᠡ ᠯᠢᠶᠣᠤ ᠳ᠋ᠦᠩ ᠦ᠋ᠨ ᠵᠦᠭ ᠣᠷᠣᠪᠠ ᠃ ᠬᠥᠪᠡᠭᠦᠨ ᠰᠢᠦᠸᠠᠢ ᠱᠧ ᠶ᠋ᠢ ᠬᠠᠭᠠᠨ ᠤ᠋ ᠳᠡᠷᠭᠡᠳᠡ ᠬᠦᠷᠴᠦ ᠪᠠᠷᠢᠭᠤᠯᠤᠨ ᠦᠯᠡᠳᠡᠭᠡᠵᠦ᠂ ᠬᠣᠶᠠᠳᠤᠭᠠᠷ ᠬᠥᠪᠡᠭᠦᠨ ᠢ᠋ᠶ᠋ᠡᠨ ᠠᠪᠴᠤ ᠡᠴᠢᠪᠡ᠃ ᠮᠤᠬᠤᠯᠢ ᠮᠥᠨ ᠣᠯᠠᠨ ᠵᠠᠩᠵᠤᠨ ᠢ᠋ ᠲᠡᠭᠰᠢᠯᠡᠵᠦ ᠶᠡᠬᠡ ᠴᠡᠷᠢᠭ ᠢ᠋ ᠠᠪᠴᠤ ᠡᠮᠦᠨ᠎ᠡ ᠵᠦᠭ ᠣᠷᠣᠪᠠ᠃ ᠡᠨᠡ ᠵᠠᠪ ᠲᠤᠷ ᠯᠢᠶᠣᠤ ᠳ᠋ᠦᠩ ᠦ᠋ᠨ ᠴᠢᠨᠣ᠎ᠠ ᠶᠡᠬᠡ ᠬᠥᠪᠡᠭᠦᠨ ᠢ᠋ᠶ᠋ᠡᠨ ᠶᠠᠷ᠎ᠠ ᠶ᠋ᠢ ᠶᠡᠬᠡ ᠶᠤᠸᠠᠨᠱᠤᠸᠠᠢ ᠪᠣᠯᠭᠠᠨ᠂ ᠶᠡᠬᠡ ᠴᠡᠷᠢᠭ ᠢ᠋ ᠬᠣᠶᠠᠷ ᠬᠠᠭᠠᠰ ᠪᠣᠯᠭᠠᠵᠤ᠂ ᠬᠣᠶᠠᠷ ᠬᠣᠰᠢᠭᠤ ᠵᠣᠬᠢᠶᠠᠭᠠᠳ ᠠᠯᠲᠠᠨ ᠤᠯᠤᠰ ᠤ᠋ᠨ ᠵᠠᠬ᠎ᠠ ᠭᠠᠢ ᠵᠧᠦ᠂ ᠪᠦᠦ ᠵᠧᠦ ᠬᠣᠶᠠᠷ ᠬᠣᠲᠠ ᠶ᠋ᠢ ᠬᠠᠯᠳᠠᠨ᠂ ᠠᠯᠲᠠᠨ ᠤᠯᠤᠰ ᠤ᠋ᠨ ᠬᠡᠷᠡᠮ ᠦ᠋ᠨ ᠣᠢᠷ᠎ᠠ ᠶ᠋ᠢ ᠲᠠᠪᠴᠢᠯᠠᠬᠤᠢ ᠳ᠋ᠤᠷ ᠠᠯᠲᠠᠨ ᠤᠯᠤᠰ ᠤ᠋ᠨ ᠭᠠᠢ ᠵᠧᠦ ᠶ᠋ᠢ ᠰᠠᠬᠢᠭ᠍ᠰᠠᠨ ᠵᠠᠩᠵᠤᠨ ᠵᠦᠩ ᠵᠢᠶᠠ ᠡᠦ᠂ ᠪᠢᠶᠠᠨ ᠴᠧ ‍ᠩ ᠭᠧᠦ ᠬᠣᠶᠠᠭᠤᠯᠠ ᠭᠠᠢ ᠵᠧᠦ᠂ ᠪᠦᠦ ᠵᠧᠦ ᠶ᠋ᠢᠨ ᠬᠣᠶᠠᠷ ᠬᠣᠲᠠ ᠶ᠋ᠢᠨ ᠴᠡᠷᠢᠭ ᠢ᠋ᠶ᠋ᠡᠨ ᠠᠪᠴᠤ ᠴᠢᠨᠣ᠎ᠠ ᠶ᠋ᠢᠨ ᠬᠥᠪᠡᠭᠦᠨ ᠶᠠᠷ᠎ᠠ ᠶ᠋ᠢᠨ ᠴᠡᠷᠢᠭ ᠢ᠋ ᠰᠥᠨᠢ ᠭᠡᠨᠡᠳᠲᠡ ᠳᠠᠷᠤᠨ ᠪᠠᠢᠯᠳᠤᠭᠰᠠᠨ ᠳ᠋ᠤᠷ ᠶᠠᠷ᠎ᠠ ᠶ᠋ᠢᠨ ᠴᠡᠷᠢᠭ ᠰᠠᠨᠠᠭᠠᠨ ᠳ᠋ᠤᠷ ᠦᠭᠡᠢ ᠪᠠᠢᠭᠰᠠᠨ ᠲᠤᠯᠠ ᠶᠡᠬᠡᠯ᠎ᠡ ᠳᠠᠷᠤᠭᠳᠠᠵᠤ ᠪᠤᠷᠤᠭᠤᠯᠠᠬᠤᠢ ᠳ᠋ᠤᠷ ᠴᠢᠨᠣ᠎ᠠ ᠶ᠋ᠢᠨ ᠴᠡᠷᠢᠭ  ᠤᠭ᠍ᠲᠤᠨ ᠢᠷᠭᠡᠨ ᠦ᠌ ᠠᠷᠤ ᠪᠠᠷ ᠣᠷᠣᠵᠤ ᠪᠠᠢᠯᠳᠤᠭᠰᠠᠨ᠎ᠠ᠂ ᠴᠢᠨᠣ᠎ᠠ ᠶ᠋ᠢᠨ ᠴᠡᠷᠢᠭ ᠪᠠᠰᠠ ᠰᠠᠮᠠᠭᠤᠷᠠᠨ ᠳᠤᠲᠠᠭᠠᠬᠤᠢ ᠳ᠋ᠤᠷ ᠠᠯᠲᠠᠨ ᠤᠯᠤᠰ ᠤ᠋ᠨ ᠴᠡᠷᠢᠭ ᠬᠣᠶᠠᠷ ᠠᠩᠭᠢ ᠴᠡᠷᠢᠭ ᠢ᠋ ᠳᠠᠷᠤᠭᠠᠳ ᠶᠡᠬᠡᠳᠡ ᠲᠠᠢᠯᠵᠤ ᠡᠭᠡᠲᠡᠯ᠎ᠡ ᠶᠧ ᠯᠢᠦᠢ ᠯᠢᠦ ᠭᠧ ᠶ᠋ᠢᠨ ᠭᠤᠶᠤᠵᠤ ᠠᠪᠠᠴᠢᠭ᠍ᠰᠠᠨ ᠮᠣᠩᠭᠣᠯ ᠤ᠋ᠨ ᠠᠷᠪᠠᠨ ᠲᠦᠮᠡᠨ ᠴᠡᠷᠢᠭ ᠮᠥᠨ ᠳᠠᠷᠠᠭ᠎ᠠ ᠳᠠᠷᠠᠭ᠎ᠠ ᠪᠠᠷ ᠬᠦᠷᠴᠦ ᠯᠢᠶᠣᠤ ᠳ᠋ᠦᠩ ᠢ᠋ ᠳᠠᠷᠤᠨ ᠣᠷᠣᠭᠰᠠᠨ᠎ᠠ᠂ ᠯᠢᠶᠣᠤ ᠳ᠋ᠦᠩ ᠦ᠋ᠨ ᠣᠯᠠᠨ ᠢᠷᠭᠡᠨ ᠶᠧ ᠯᠢᠦᠢ ᠯᠢᠦ ᠭᠧ ᠦᠬᠦᠭᠰᠡᠨ ᠦᠭᠡᠢ ᠪᠥᠭᠡᠲᠡᠯ᠎ᠡ ᠦᠬᠦᠪᠡ ᠭᠡᠮᠡᠨ ᠮᠡᠬᠡᠯᠡᠨ ᠬᠥᠳᠡᠯᠭᠡᠭᠰᠡᠨ ᠢ᠋ ᠰᠠᠶᠢ ᠮᠡᠳᠡᠵᠦ᠂ ᠶᠡᠬᠡᠯ᠎ᠡ ᠠᠶᠤᠯᠳᠤᠨ ᠤᠭᠲᠤᠨ ᠳᠠᠭᠠᠭᠰᠠᠨ ᠠᠨᠤ ᠮᠠᠰᠢ ᠣᠯᠠᠨ᠃ ᠨᠡᠩ ᠪᠠᠰᠠ ᠮᠣᠩᠭᠣᠯ ᠤ᠋ᠨ ᠴᠡᠷᠢᠭ ᠦ᠋ᠨ ᠬᠦᠴᠦᠨ ᠬᠡᠲᠦᠷᠬᠡᠢ ᠴᠢᠭᠢᠷᠠᠭ ᠲᠤᠯᠠ ᠬᠦᠷᠦᠭᠰᠡᠨ ᠡᠯ᠎ᠡ ᠭᠠᠵᠠᠷ ᠲᠤᠷ ᠶᠠᠪᠤᠬᠤ ᠠᠨᠤ ᠬᠣᠭᠣᠰᠣᠨ ᠭᠠᠵᠠᠷ ᠮᠡᠲᠦ᠂ ᠶᠠᠰᠢᠪᠦ᠋ ᠶ᠋ᠢᠨ ᠪᠤᠯᠢᠶᠠᠨ ᠠᠪᠤᠭᠰᠠᠨ ᠢ ᠵᠧᠦ᠂ ᠭᠤᠸᠠᠩ ᠨᠢᠩ ᠦ᠋ᠨ ᠬᠣᠲᠠᠨ ᠢ᠋ ᠴᠥᠮ ᠡᠭᠡᠭᠦᠯᠦᠨ ᠠᠪᠴᠤ ᠢᠷᠭᠡᠨ ᠢ᠋ ᠠᠨᠤ ᠯᠢᠨ ᠬᠤᠸᠠᠩ ᠹᠦ ᠬᠣᠲᠠᠨ ᠳ᠋ᠤᠷ ᠨᠡᠭᠦᠯᠭᠡᠨ ᠰᠠᠭᠤᠯᠭᠠᠵᠤ᠂ ᠲᠡᠭᠦᠨ ᠦ᠌ ᠲᠥᠷᠥᠭᠰᠡᠨ ᠠᠬ᠎ᠠ ᠶᠧ ᠯᠢᠦᠢ ᠳᠦ ᠯᠡ᠂ ᠡᠮ᠎ᠡ ᠶᠣᠣ ᠯᠢ ᠱᠢ᠂ ᠬᠣᠶᠠᠷ ᠪᠠᠭ᠎ᠠ ᠬᠥᠪᠡᠭᠦᠨ᠂ ᠬᠣᠶᠠᠷ ᠮᠢᠩᠭᠠᠨ ᠢᠯᠡᠭᠦᠦ ᠡᠷᠦᠬᠡ ᠠᠮᠠ ᠭᠡᠷ ᠢᠷᠭᠡᠨ ᠢ᠋ ᠢᠨᠦ ᠴᠥᠮ ᠣᠯᠵᠤ ᠠᠪᠤᠭᠠᠳ ᠯᠢᠨ ᠬᠤᠸᠠᠩ ᠹᠦ ᠬᠣᠲᠠᠨ ᠳ᠋ᠤᠷ ᠰᠠᠭᠤᠯᠭᠠᠭᠠᠳ ᠳᠠᠬᠢᠨ ᠴᠢᠨᠣ᠎ᠠ ᠶ᠋ᠢᠨ ᠴᠡᠷᠢᠭ ᠢ᠋ ᠨᠡᠬᠡᠨ ᠣᠷᠣᠬᠤᠶ᠎ᠠ᠂ ᠴᠢᠨᠣ᠎ᠠ ᠮᠣᠩᠭᠣᠯ ᠤᠯᠤᠰ ᠤ᠋ᠨ ᠪᠠᠭᠠᠲᠤᠷ ᠬᠡᠴᠡᠭᠦᠦ ᠶ᠋ᠢ ᠮᠡᠳᠡᠬᠦ ᠲᠤᠯᠠ ᠡᠮ᠎ᠡ ᠦᠷ᠎ᠡ ᠪᠡᠨ ᠴᠥᠮ ᠣᠷᠬᠢᠵᠤ ᠳᠤᠲᠠᠭᠠᠨ ᠡᠴᠢᠬᠦᠢ ᠳ᠋ᠦ᠍ᠷ ᠲᠡᠭᠦᠨ ᠦ᠌ ᠡᠮ᠎ᠡ ᠦᠷ᠎ᠡ ᠶ᠋ᠢ ᠬᠤᠷᠢᠶᠠᠮᠵᠢᠯᠠᠨ ᠠᠪᠴᠤ ᠪᠠᠰᠠ ᠨᠡᠬᠡᠵᠦ ᠡᠴᠢᠬᠦᠶ᠎ᠡ ᠴᠢᠨᠣ᠎ᠠ ᠰᠢᠬᠠᠮᠳᠠᠵᠤ ᠶ᠋ᠢᠨ ᠱᠧ᠂ ᠱᠠᠨ ᠱᠧ᠂ ᠲᠦᠩ ᠬᠦ᠌ ᠢᠦᠢ ᠨᠠᠷ ᠢ᠋ ᠠᠪᠴᠤ ᠰᠣᠯᠣᠩᠭᠣᠰ ᠤᠯᠤᠰ ᠲᠤᠷ ᠳᠤᠲᠠᠭᠠᠨ ᠡᠴᠢᠬᠦᠶ᠎ᠡ ᠵᠠᠮ ᠳ᠋ᠤᠷ ᠡᠮ᠎ᠡ ᠦᠷ᠎ᠡ ᠳ᠋ᠦ᠍ᠷ ᠢ᠋ᠶ᠋ᠡᠨ ᠬᠣᠷᠣᠰᠤᠨ ᠳᠡᠷᠭᠡᠳᠡᠬᠢ ᠲᠦᠰᠢᠮᠡᠳ ᠢ᠋ᠶ᠋ᠡᠨ ᠦᠯᠦ ᠲᠠᠭᠠᠯᠠᠨ ᠰᠡᠪ ᠡᠷᠢᠬᠦᠢ ᠳ᠋ᠦ᠍ᠷ ᠦ᠋ᠨ ᠱᠧ ᠡᠭᠦᠨ ᠦ᠌ ᠪᠠᠢᠳᠠᠯ ᠰᠠᠢᠨ ᠦᠭᠡᠢ ᠭᠡᠮᠡᠨ ᠰᠥᠨᠢ ᠱᠠᠨ ᠱᠧ᠂ ᠲᠦᠩ ᠬᠦ᠌ ᠢᠦᠢ ᠯᠦ᠍ᠭᠡ ᠵᠥᠪᠯᠡᠵᠦ᠂ ᠴᠢᠨᠣ᠎ᠠ ᠶ᠋ᠢ ᠡᠴᠢᠭᠡ ᠬᠥᠪᠡᠭᠦᠨ ᠲᠡᠢ ᠴᠠᠪᠴᠢᠨ ᠠᠯᠠᠭᠠᠳ᠂ ᠤ᠋ᠨ ᠱᠧ ᠣᠷᠣᠨ ᠳ᠋ᠤᠷ ᠰᠠᠭᠤᠵᠤ ᠪᠡᠶ᠎ᠡ ᠪᠡᠨ ᠭᠦᠸᠧ ᠸᠠᠩ ᠭᠡᠮᠡᠨ ᠡᠷᠭᠦᠵᠦ᠂ ᠣᠨ ᠢ᠋ ᠲᠢᠶᠠᠨ ᠳᠧ ᠶ᠋ᠢᠨ ᠲᠡᠷᠢᠭᠦᠨ ᠣᠨ ᠭᠡᠮᠡᠨ ᠨᠡᠷᠡᠯᠡᠪᠡ᠃ ᠡᠭᠦᠨ ᠳ᠋ᠦ᠍ᠷ ᠲᠦᠩ ᠬᠦ᠌ ᠢᠦᠢ ᠳᠠᠷᠤᠢ ᠣᠷᠣᠵᠤ : 《ᠴᠢ ᠡᠵᠡᠨ ᠢ᠋ ᠠᠯᠠᠭᠰᠠᠨ ᠲᠤᠯᠠ ᠪᠢ ᠪᠠᠰᠠ ᠴᠢᠮᠠᠢ ᠠᠯᠠᠮᠤᠢ᠃ 》ᠭᠡᠮᠡᠨ ᠪᠠᠷᠢᠵᠤ ᠲᠣᠯᠣᠭᠠᠢ ᠶ᠋ᠢ ᠣᠭᠲᠣᠯᠵᠤ᠂ ᠣᠯᠠᠨ ᠢ᠋ ᠡᠵᠡᠯᠡᠨ ᠴᠠᠭᠠᠵᠠ ᠶ᠋ᠢ ᠴᠢᠩᠭᠠᠳᠬᠠᠨ ᠬᠥᠮᠦᠨ ᠢ᠋ ᠰᠡᠷᠡᠮᠵᠢᠯᠡᠨ ᠬᠢᠴᠢᠶᠡᠬᠦᠢ ᠳ᠋ᠦ᠍ᠷ ᠪᠠᠢᠳᠠᠯ ᠳᠦᠷᠰᠦ ᠢᠯᠡᠷᠡᠭᠰᠡᠨ ᠳ᠋ᠦ᠍ᠷ ᠱᠠᠨ ᠱᠧ ᠲᠡᠭᠦᠨ ᠦ᠌ ᠠᠷᠭ᠎ᠠ ᠪᠠᠨ ᠪᠣᠳᠣᠨ ᠣᠯᠬᠤ ᠶ᠋ᠢᠨ ᠤᠷᠢᠳᠠ ᠴᠡᠷᠢᠭ ᠦ᠋ᠨ ᠲᠠᠯᠠᠪᠤᠷ ᠲᠤᠷ ᠬᠣᠢᠨ᠎ᠠ ᠠ᠋ᠴᠠ ᠨᠢᠭᠡᠨᠲᠡ ᠴᠠᠪᠴᠢᠵᠤ ᠤᠨᠠᠭᠠᠭᠠᠳ ᠣᠯᠠᠨ ᠴᠡᠷᠢᠭ ᠢ᠋ ᠲᠡᠭᠰᠢᠯᠡᠨ ᠵᠠᠷᠤᠲᠠᠯ᠎ᠠ ᠮᠣᠩᠭᠣᠯ ᠤ᠋ᠨ ᠶᠡᠬᠡ ᠴᠡᠷᠢᠭ ᠬᠦᠷᠴᠦ ᠢᠷᠡᠭᠰᠡᠨ ᠳ᠋ᠦ᠍ᠷ ᠱᠠᠨ ᠱᠧ ᠮᠣᠩᠭᠣᠯ ᠤ᠋ᠨ ᠬᠡᠴᠡᠭᠦᠦ ᠶ᠋ᠢ ᠮᠡᠳᠡᠬᠦ ᠦᠭᠡᠢ ᠤᠭᠲᠤᠨ ᠪᠠᠢᠯᠳᠤᠭᠰᠠᠨ ᠳ᠋ᠤᠷ ᠬᠤᠳᠠᠷᠭ᠎ᠠ ᠪᠠᠭᠠᠲᠤᠷ ᠨᠢᠭᠡᠨᠲᠡ ᠬᠡᠩᠭᠡᠷᠭᠡ ᠳᠡᠯᠡᠳᠦᠮᠡᠭᠴᠡ ᠭᠠᠷᠴᠤ ᠱᠠᠨ ᠱᠧ ᠶ᠋ᠢ ᠠᠮᠢᠳᠤ ᠪᠠᠷᠢᠵᠤ ᠣᠯᠠᠨ ᠴᠡᠷᠢᠭ ᠢ᠋ ᠳᠠᠭᠠᠭᠤᠯᠤᠨ ᠣᠷᠣᠵᠤ᠂ ᠯᠢᠶᠣᠤ ᠳ᠋ᠦᠩ ᠦ᠋ᠨ ᠣᠯᠠᠨ ᠬᠣᠲᠠ ᠪᠠᠯᠭᠠᠳ ᠵᠧᠦ ᠵᠢᠶᠦ᠋ᠨ ᠢ᠋ ᠲᠣᠭᠣᠷᠢᠨ ᠲᠣᠭᠲᠠᠭᠠᠪᠠ᠃ ᠳᠠᠷᠤᠢ ᠱᠠᠨ ᠱᠧ ᠶ᠋ᠢᠨ ᠳᠡᠭᠦᠦ ᠱᠠᠨ ᠱᠧᠨ ᠦ᠌ ᠨᠢᠭᠡᠨ ᠠᠩᠭᠢ ᠴᠡᠷᠢᠭ ᠢ᠋ ᠠᠪᠴᠤ ᠰᠣᠯᠣᠩᠭᠣᠰ ᠤᠯᠤᠰ ᠲᠤᠷ ᠣᠷᠣᠪᠠ᠃ 
       ᠲᠡᠳᠦᠢ ᠳᠡᠢᠯᠦᠭᠰᠡᠨ ᠮᠡᠳᠡᠭᠡ ᠶ᠋ᠢ ᠤᠯᠠᠭᠠᠨ ᠳᠠᠯᠪᠠᠭ᠎ᠠ ᠳᠣᠪᠲᠣᠯᠭᠠᠨ ᠵᠠᠷᠤᠵᠤ ᠠᠢᠯᠠᠳᠬᠠᠪᠠ᠃ ᠡᠨᠡ ᠦᠶ᠎ᠡ ᠳ᠋ᠦ᠍ᠷ ᠴᠢᠪᠬᠢᠲᠡᠯ᠎ᠡ ᠸᠠᠩ ᠵᠢᠢ ᠭᠡᠨᠡᠳᠲᠡ ᠤᠷᠪᠠᠵᠤ ᠰᠢᠩ ᠵᠦᠩ ᠹᠦ ᠶ᠋ᠢ ᠡᠵᠡᠯᠡᠵᠦ᠂ ᠣᠯᠠᠨ ᠬᠢᠲᠠᠳ ᠤ᠋ᠨ ᠰᠡᠳᠬᠢᠯ ᠢ᠋ ᠬᠡᠯᠡᠯᠴᠡᠨ ᠤᠷᠪᠠᠭᠤᠯᠤᠭᠰᠠᠨ ᠳ᠋ᠤᠷ ᠠᠮᠤ ᠡᠪᠡᠰᠦ ᠴᠤᠭᠯᠠᠭᠤᠯᠬᠤ ᠶ᠋ᠢ ᠵᠡᠷᠭᠡᠯᠡᠳᠡᠭᠡ  ᠭᠠᠵᠠᠷ ᠠ᠋ᠴᠠ ᠳᠣᠪᠲᠣᠯᠭᠠᠨ ᠠᠢᠯᠠᠳᠭᠠᠭ᠍ᠰᠠᠨ᠎ᠠ ᠬᠠᠭᠠᠨ ᠯᠢᠶᠣᠤ ᠳ᠋ᠦᠩ ᠦ᠋ᠨ ᠳᠡᠢᠯᠦᠭᠰᠡᠨ ᠴᠡᠷᠢᠭ ᠢ᠋ ᠮᠥᠨ ᠯᠢᠶᠣᠤ ᠳ᠋ᠦᠩ ᠳ᠋ᠦ᠍ᠷ ᠬᠦᠯᠢᠶᠡᠵᠦ᠂ ᠮᠥᠨ ᠦ᠌ ᠵᠧᠦ ᠶ᠋ᠢ ᠳᠠᠢᠯᠠᠬᠤᠢ ᠳ᠋ᠤᠷ ᠪᠡᠯᠡᠳ᠂ ᠮᠤᠬᠤᠯᠢ ᠪᠠᠷᠠᠭᠤᠨ ᠬᠣᠢᠲᠤ ᠰᠢᠶᠠ ᠤᠯᠤᠰ ᠤ᠋ᠨ ᠵᠠᠬ᠎ᠠ ᠳ᠋ᠤᠷ ᠬᠦᠷᠦᠭᠰᠡᠨ ᠲᠤᠯᠠ ᠣᠢᠷ᠎ᠠ ᠪᠠᠷ ᠰᠢᠩ ᠵᠦᠩ  ᠹᠦ ᠶ᠋ᠢ ᠡᠵᠡᠯᠡᠨ ᠤᠷᠪᠠᠭᠰᠠᠨ ᠸᠠᠩ ᠶ᠋ᠢᠢ ᠶ᠋ᠢ ᠪᠠᠷᠢᠵᠤ ᠠᠷᠢᠯᠭ᠎ᠠ᠂ ᠡᠮᠦᠨ᠎ᠡ ᠵᠦᠭ ᠪᠠᠭ᠎ᠠ ᠵᠠᠩᠵᠤᠨ ᠨᠠᠷ ᠠ᠋ᠴᠠ ᠨᠠᠢ᠍ᠮᠠᠨ ᠵᠠᠩᠵᠤᠨ ᠠᠮᠠᠯᠠᠵᠤ ᠴᠡᠷᠢᠭ ᠥᠭᠴᠦ ᠲᠦᠩ ᠭᠤᠸᠠᠨ ᠤ᠋ ᠵᠦᠭ ᠣᠷᠣᠭᠤᠯᠵᠤ ᠤᠷᠢᠳᠠ ᠵᠠᠮ ᠨᠡᠭᠡᠭᠡᠯᠭᠡ ᠭᠡᠮᠡᠨ ᠬᠠᠭᠤᠯᠤᠨ ᠪᠠᠭᠤᠯᠭᠠᠭᠰᠠᠨ ᠳ᠋ᠤᠷ ᠵᠠᠷᠯᠢᠭ ᠲᠤᠰ ᠲᠤᠰ ᠲᠤᠷ ᠳᠣᠪᠲᠣᠯᠤᠨ ᠡᠴᠢᠪᠡ᠃ 
       ᠲᠡᠳᠦᠢ ᠮᠤᠬᠤᠯᠢ ᠬᠠᠪᠤᠷ ᠤ᠋ᠨ ᠲᠡᠷᠢᠭᠦᠨ ᠰᠠᠷ᠎ᠠ ᠳ᠋ᠤᠷ ᠬᠠᠭᠠᠨ ᠤ᠋ ᠵᠠᠷᠯᠢᠭ ᠢ᠋ᠶ᠋ᠠᠷ ᠰᠢᠶᠠ ᠤᠯᠤᠰ ᠤ᠋ᠨ ᠴᠡᠷᠢᠭ ᠢ᠋ ᠳᠠᠭᠠᠷᠢᠨ ᠠᠪᠴᠤ ᠠᠯᠲᠠᠨ ᠤᠯᠤᠰ ᠤ᠋ᠨ ᠵᠠᠬ᠎ᠠ ᠳ᠋ᠤᠷ ᠣᠷᠣᠰᠤᠭᠠᠢ ᠭᠡᠮᠡᠨ ᠰᠢᠶᠠ ᠤᠯᠤᠰ ᠤ᠋ᠨ ᠪᠠᠭ᠎ᠠ ᠡᠵᠡᠨ ᠯᠢ ᠠᠨ ᠰᠢᠦᠢ᠂ ᠠᠯᠲᠠᠨ ᠤᠯᠤᠰ ᠤ᠋ᠨ ᠲᠦᠰᠢᠮᠡᠯ ᠫᠦ᠍ ᠰᠢᠶᠠᠨ ᠸᠠᠨ ᠨᠦ᠍ ᠯᠦ᠍ᠭᠡ ᠨᠠᠢᠷᠠᠯᠳᠤᠨ ᠶᠠᠪᠤᠭᠰᠠᠭᠠᠷ ᠲᠡᠭᠦᠨ ᠦ᠌ ᠥᠳᠥᠭᠡᠬᠦ ᠦᠭᠡᠰ ᠬᠠᠳᠬᠤᠬᠤ ᠰᠠᠨᠠᠭᠠᠨ ᠢ᠋ ᠡᠳᠦᠷ ᠤᠳᠠᠭᠠᠨ ᠰᠣᠨᠣᠰᠤᠭᠰᠠᠭᠠᠷ ᠤᠷᠢᠳᠤ ᠶ᠋ᠢᠨ ᠵᠢᠷᠤᠮ ᠢ᠋ ᠤᠮᠠᠷᠲᠠᠨ ᠲᠡᠭᠦᠨ ᠯᠦ᠍ᠭᠡ ᠨᠡᠢᠯᠡᠵᠦ᠂ ᠮᠣᠩᠭᠣᠯ ᠤᠯᠤᠰ ᠠ᠋ᠴᠠ ᠤᠷᠪᠠᠬᠤ ᠶ᠋ᠢ ᠵᠥᠪᠳᠡᠵᠦ ᠲᠣᠭᠲᠠᠭᠠᠳ ᠰᠡᠳᠬᠢᠯ ᠬᠥᠳᠡᠯᠦᠭᠰᠡᠨ ᠳ᠋ᠦ᠍ᠷ ᠮᠤᠬᠤᠯᠢ ᠶ᠋ᠢᠨ ᠴᠡᠷᠢᠭ ᠬᠦᠷᠴᠦ ᠢᠷᠡᠨ ᠲᠡᠭᠦᠨ ᠦ᠌ ᠴᠡᠷᠢᠭ ᠢ᠋ ᠵᠠᠷᠯᠠᠬᠤᠢ ᠳ᠋ᠤᠷ ᠤᠷᠪᠠᠨ ᠵᠠᠪᠳᠤᠭᠠᠳᠤᠢ ᠲᠤᠯᠠ ᠠᠷᠭ᠎ᠠ ᠦᠭᠡᠢ ᠮᠠᠭᠤ ᠬᠥᠭᠰᠢᠨ ᠶᠠᠳᠠᠭᠤᠯᠢᠭ᠋ ᠴᠡᠷᠢᠭ ᠢ᠋ ᠥᠭᠴᠦ ᠪᠡᠶ᠎ᠡ ᠪᠡᠷ ᠢᠷᠡᠵᠦ ᠥᠪᠡᠷ ᠦ᠋ᠨ ᠵᠦᠳᠡᠭᠦᠷᠢ ᠶ᠋ᠢ ᠲᠣᠭᠠᠴᠢᠬᠤᠢ ᠳ᠋ᠤᠷ ᠮᠤᠬᠤᠯᠢ ᠲᠡᠭᠦᠨ ᠦ᠌ ᠪᠠᠢᠳᠠᠯ ᠢ᠋ ᠬᠡᠳᠦᠢᠨᠡᠢ ᠦᠵᠡᠵᠦ ᠭᠠᠷᠤᠭᠠᠳ ᠰᠢᠳᠠᠷ ᠲᠦᠰᠢᠮᠡᠳ ᠲᠣᠷ ᠥᠭᠦᠯᠡᠷᠦᠨ : 《ᠡᠨᠡ ᠬᠥᠮᠦᠨ ᠮᠠᠭᠤ ᠪᠣᠯᠪᠠ᠂ ᠯᠠᠪ ᠤᠷᠪᠠᠬᠤ ᠰᠡᠳᠬᠢᠯ ᠪᠠᠷᠢᠵᠤᠬᠤᠢ᠃ ᠭᠠᠭᠴᠠ ᠭᠡᠷᠡᠴᠢᠯᠡᠬᠦ ᠬᠥᠮᠦᠨ ᠦᠭᠡᠢ ᠲᠤᠯᠠ ᠡᠨᠡ ᠤᠳᠠᠭ᠎ᠠ ᠪᠠᠷᠢᠵᠤ ᠦᠯᠦ ᠪᠣᠯᠤᠮᠤᠢ᠃ ᠬᠡᠵᠢᠶ᠎ᠡ ᠶᠠᠯ᠎ᠠ ᠢᠯᠡᠷᠡᠬᠦ ᠶ᠋ᠢ ᠬᠦᠯᠢᠶᠡᠬᠦ ᠪᠣᠢ ‍ᠶ᠎ᠠ !》ᠭᠡᠮᠡᠨ ᠦᠯᠦ ᠮᠡᠳᠡᠭᠴᠢ ᠪᠡᠷ ᠰᠠᠢᠰᠢᠶᠠᠨ ᠰᠠᠢᠨ ᠦᠭᠡ ᠪᠡᠷ ᠲᠣᠬᠣᠷᠤᠭᠤᠯᠤᠨ᠂ ᠣᠯᠠᠨ ᠴᠡᠷᠢᠭ ᠢ᠋ ᠢᠨᠦ ᠪᠠᠢᠴᠠᠭᠠᠵᠤ ᠪᠠᠢᠲᠠᠯ᠎ᠠ ᠳᠠᠭᠠᠯᠳᠤᠭ᠎ᠠ ᠸᠠᠩ ᠵᠢᠢ ᠤᠷᠪᠠᠵᠤ᠂ ᠰᠢᠩ ᠵᠦᠩ ᠹᠦ ᠶ᠋ᠢ ᠡᠵᠡᠯᠡᠭᠰᠡᠨ ᠳ᠋ᠦ᠍ᠷ ᠯᠠᠪ ᠬᠠᠭᠠᠨ ᠤ᠋ ᠵᠠᠷᠯᠢᠭ ᠨᠠᠮᠠᠶ᠋ᠢ ᠦᠯᠡᠳᠡᠭᠡᠮᠦᠢ ᠭᠡᠮᠡᠨ ᠪᠣᠳᠣᠵᠤ ᠠᠲᠠᠯ᠎ᠠ ᠦᠨᠡᠬᠡᠷ ᠲᠡᠭᠦᠨ ᠦ᠌ ᠪᠡᠶ᠎ᠡ ᠰᠢᠩ ᠵᠦᠩ ᠹᠦ ᠶ᠋ᠢ ᠠᠷᠢᠯᠭᠠᠵᠤ ᠪᠤᠰᠤ ᠵᠠᠩᠵᠤᠨ ᠴᠡᠷᠢᠭ ᠢ᠋ ᠬᠤᠪᠢᠶᠠᠨ ᠡᠮᠦᠨ᠎ᠡ ᠵᠦᠭ ᠣᠷᠣᠵᠤ ᠪᠠᠢᠳᠠᠯ ᠢ᠋ ᠦᠵᠡᠭᠦᠯ ᠬᠡᠮᠡᠵᠦᠬᠦᠢ᠃ 

– – – – 
 ᠡᠨᠡ ᠶᠠᠮᠪᠠᠷ ᠤᠴᠢᠷ ᠢ᠋ ᠡᠰᠡ ᠮᠡᠳᠡᠪᠡ᠂ ᠰᠤᠳᠤᠷ ᠤ᠋ᠨ ᠶᠣᠰᠣᠭᠠᠷ ᠪᠢᠴᠢᠪᠡ᠃  
② ᠡᠨᠡ ᠠᠷᠪᠠᠨ ᠪᠡᠶᠡᠲᠦ ᠨᠢᠭᠡᠨ ᠲᠣᠯᠣᠭᠠᠢᠲᠦ ᠵᠢᠭᠠᠰᠤ《ᠱᠠᠨ ᠬᠠᠢ ᠵᠢᠨᠭ ᠪᠢᠴᠢᠭ 》 ᠲᠤ ᠪᠠᠢᠬᠤ ᠶᠢ ᠦᠵᠡᠪᠡ᠃ ᠲᠡᠷᠡ ᠵᠢᠭᠠᠰᠤ ᠶᠢᠨ ᠪᠠᠢᠬᠤ ᠭᠠᠵᠠᠷ ᠡᠯ᠎ᠡ ᠤᠴᠢᠷ ᠰᠢᠯᠲᠠᠭᠠᠨ ᠲᠡᠭᠦᠨ ᠳ᠋ᠤᠷ ᠪᠣᠢ᠃
③ ᠡᠨᠡ ᠶᠢᠰᠦᠨ ᠲᠣᠯᠣᠭᠠᠢᠲᠦ ᠰᠢᠪᠠᠭᠤ《ᠱᠠᠨ ᠬᠠᠢ ᠵᠢᠨᠭ 》 ᠪᠠ 《 ᠸᠠᠨ ᠪᠣᠣ ᠴᠢᠤᠸᠠᠨ ᠪᠢᠴᠢᠭ 》 ᠲᠣᠷ ᠴᠥᠮ ᠠᠵᠤᠭᠤ᠃
 
       ᠲᠡᠳᠦᠢ ᠮᠤᠬᠤᠯᠢ᠂ ᠳᠠᠢᠰᠤᠨᠳᠠᠷᠤᠭᠴᠢ᠂ ᠪᠤᠯᠤ ᠬᠣᠶᠠᠭᠤᠯᠠ ᠶ᠋ᠢ ᠳᠠᠭᠤᠳᠠᠨ ᠵᠢᠴᠢ ᠣᠯᠠᠨ ᠵᠠᠩᠵᠤᠨ ᠨᠠᠷ ᠢ᠋ ᠬᠤᠷᠢᠶᠠᠵᠤ᠂ ᠬᠡᠨ ᠢᠨᠦ ᠡᠮᠦᠨ᠎ᠡ ᠵᠦᠭ ᠡᠴᠢᠬᠦ ᠳᠤᠷᠠᠲᠠᠢ ? ᠬᠡᠨ ᠢᠨᠦ ᠨᠠᠮᠠᠢ ᠳᠠᠭᠠᠵᠤ ᠬᠣᠢᠲᠤ ᠵᠦᠭ ᠴᠡᠷᠢᠭ ᠣᠷᠣᠬᠤ ᠳᠤᠷᠠᠲᠠᠢ? ᠭᠡᠮᠡᠨ ᠠᠰᠠᠭᠤᠭᠰᠠᠨ ᠳ᠋ᠤᠷ ᠴᠢᠨᠳᠠᠭᠠᠨ᠎ᠠ ᠰᠡᠴᠡᠨ ᠦ᠌ ᠬᠥᠪᠡᠭᠦᠨ ᠰᠠᠯᠵᠢᠩ᠂ ᠸᠠᠢᠵᠢᠩ᠂ ᠪᠤᠭᠤᠷᠤᠯ ᠤ᠋ᠨ ᠬᠥᠪᠡᠭᠦᠨ ᠤᠬᠠᠭᠠᠨᠲᠠᠢ᠂ ᠪᠤᠳᠣᠯᠠᠩ᠂ ᠤᠷᠲᠤ ᠪᠣᠳᠣᠯᠭᠠᠲᠤ ᠶ᠋ᠢᠨ ᠬᠥᠪᠡᠭᠦᠨ ᠰᠠᠢᠨ ᠮᠣᠬᠣ – ᠡᠨᠡ ᠲᠠᠪᠤᠨ ᠵᠠᠯᠠᠭᠤ ᠵᠠᠩᠵᠤᠨ ᠶᠠᠭᠠᠷᠠᠨ ᠭᠠᠷᠴᠤ : 《ᠲᠦᠩ ᠭᠤᠸᠠᠨ ᠢ᠋ ᠠᠪᠬᠤ ᠶ᠋ᠢ ᠪᠢᠳᠡ ᠬᠦᠰᠡᠮᠦᠢ ! ᠬᠡᠮᠡᠭᠰᠡᠨ ᠳ᠋ᠦ᠍ᠷ ᠮᠤᠬᠤᠯᠢ ᠪᠠᠶᠠᠷᠯᠠᠨ ᠳᠠᠷᠤᠢ ᠳᠠᠢᠰᠤᠨᠳᠠᠷᠤᠭᠴᠢ ᠳ᠋ᠤᠷ ᠲᠤᠰᠢᠶᠠᠨ ᠥᠭᠴᠦ : 《ᠬᠢᠴᠢᠶᠡᠨ ᠶᠠᠪᠤ᠂ ᠳᠠᠭᠠᠯᠳᠤᠭ᠎ᠠ ᠪᠢ ᠬᠥᠷᠥᠮᠦᠢ᠃ 》 ᠭᠡᠮᠡᠨ ᠲᠠᠪᠤᠨ ᠲᠦᠮᠡᠨ ᠴᠡᠷᠢᠭ ᠥᠭᠴᠦ ᠢᠯᠡᠭᠡᠭᠡᠳ ᠥᠪᠡᠷ ᠢ᠋ᠶ᠋ᠡᠨ ᠰᠢᠩ ᠵᠦᠩ  ᠹᠦ ᠬᠣᠲᠠ ᠶ᠋ᠢ ᠠᠪᠬᠤ ᠠᠷᠭ᠎ᠠ ᠶ᠋ᠢ ᠬᠠᠷᠠᠬᠠᠨ ᠪᠣᠳᠣᠵᠤ ᠪᠠᠢᠲᠠᠯ᠎ᠠ ᠰᠠᠨᠠᠮᠰᠠᠷ ᠦᠭᠡᠢ ᠨᠠᠢ᠍ᠮᠠᠨ ᠠᠢᠮᠠᠭ ᠤ᠋ᠨ ᠠᠯᠳᠠᠭᠱᠠᠭ᠎ᠠ ᠳ᠋ᠠᠢᠳᠦ᠋ ᠡᠴᠡ ᠡᠮ᠎ᠡ ᠦᠷ᠎ᠡ ᠪᠡᠨ ᠠᠪᠴᠤ ᠬᠣᠢᠲᠤ ᠭᠠᠵᠠᠷ ᠤ᠋ᠨ ᠨᠤᠲᠤᠭ ᠢ᠋ ᠴᠠᠭᠳᠠᠬᠤ ᠵᠢᠰᠢᠶᠡᠨ ᠳ᠋ᠦ᠍ᠷ ᠡᠴᠢᠬᠦᠢ ᠳ᠋ᠦ᠍ᠷ ᠮᠤᠬᠤᠯᠢ ᠶ᠋ᠢᠨ ᠡᠨᠳᠡ ᠪᠠᠢᠬᠤᠢ ᠳ᠋ᠤᠷ ᠲᠣᠬᠢᠶᠠᠯᠳᠤᠵᠤ ᠵᠣᠯᠭᠠᠷ᠎ᠠ ᠢᠷᠡᠭᠰᠡᠨ᠎ᠡ᠂ ᠮᠤᠬᠤᠯᠢ ᠶᠡᠬᠡᠯ᠎ᠡ ᠪᠠᠶᠠᠷᠯᠠᠨ ᠠᠯᠳᠠᠭᠱᠠᠭ᠎ᠠ ᠶ᠋ᠢ ᠬᠤᠷᠢᠮᠯᠠᠵᠤ ᠰᠥᠨᠢ ᠴᠢᠬᠢᠨ ᠳ᠋ᠦ᠍ᠷ ᠬᠡᠳᠦᠨ ᠦᠭᠡ ᠰᠤᠷᠭᠠᠭᠰᠠᠨ ᠳ᠋ᠤᠷ ᠠᠯᠳᠠᠭᠱᠠᠭ᠎ᠠ ᠶᠡᠬᠡᠯ᠎ᠡ ᠪᠠᠶᠠᠷᠯᠠᠨ ᠡᠴᠢᠪᠡ᠃ 
       ᠲᠡᠳᠦᠢ ᠮᠤᠬᠤᠯᠢ ᠶᠡᠬᠡ ᠴᠡᠷᠢᠭ ᠢ᠋ ᠭᠤᠷᠪᠠᠨ ᠠᠩᠭᠢ ᠰᠠᠯᠭᠠᠵᠤ᠂ ᠨᠢᠭᠡᠨ ᠠᠩᠭᠢ ᠲᠦᠳᠡ ᠵᠠᠮ ᠢ᠋ᠶ᠋ᠠᠷ ᠪᠠᠢ ᠯᠠᠩ ᠾᠧ ᠮᠥᠷᠡᠨ ᠦ᠌ ᠶᠡᠬᠡ ᠵᠠᠮ ᠢ᠋ᠶ᠋ᠡᠷ ᠣᠷᠣᠵᠤ᠂ ᠨᠢᠭᠡᠨ ᠠᠩᠭᠢ ᠶ᠋ᠢ ᠯᠢᠶᠣᠤ ᠳ᠋ᠦᠩ ᠦ᠋ᠨ ᠵᠡᠭᠦᠨ ᠬᠣᠢᠲᠤ ᠵᠠᠮ ᠢ᠋ᠶ᠋ᠠᠷ ᠣᠷᠣᠵᠤ᠂ ᠨᠢᠭᠡᠨ ᠠᠩᠭᠢ ᠶ᠋ᠢ ᠲᠦᠳᠡ ᠵᠠᠮ ᠢ᠋ᠶ᠋ᠠᠷ ᠰᠢᠩ ᠵᠦᠩ ᠹᠦ ᠶ᠋ᠢᠨ ᠪᠠᠷᠠᠭᠤᠨ ᠬᠣᠢᠲᠤ ᠴᠧᠩ ᠯᠦᠩ ᠰᠢᠩ ᠦ᠋ᠨ ᠵᠠᠮ ᠢ᠋ᠶ᠋ᠠᠷ ᠣᠷᠣᠪᠠ᠃ ᠡᠨᠡ ᠦᠶ᠎ᠡ ᠳ᠋ᠦ᠍ᠷ ᠮᠣᠩᠭᠣᠯ ᠤ᠋ᠨ ᠴᠡᠷᠢᠭ ᠭᠤᠷᠪᠠᠨ ᠵᠦᠭ ᠡᠴᠡ ᠬᠠᠪᠴᠢᠨ ᠢᠷᠡᠬᠦᠢ ᠳ᠋ᠦ᠍ᠷ ᠰᠢᠩ  ᠵᠦᠩ ᠹᠦ ᠶ᠋ᠢᠨ ᠲᠣᠭᠣᠷᠢᠭ᠍ᠰᠠᠨ ᠣᠯᠠᠨ ᠢᠷᠭᠡᠨ ᠦ᠌ ᠥᠬᠢᠳ ᠡᠮᠡᠰ ᠰᠢᠩ ᠵᠦᠩ ᠹᠦ ᠳ᠋ᠦ᠍ᠷ ᠠᠮᠢ ᠰᠢᠷᠭᠤᠷ᠎ᠠ ᠢᠷᠡᠭᠰᠡᠨ᠎ᠡ᠂ ᠸᠠᠩ ᠵᠢᠢ ᠬᠠᠷᠠᠬᠠᠨ ᠬᠥᠮᠦᠨ ᠬᠡᠷᠡᠭᠯᠡᠬᠦ ᠦᠶ᠎ᠡ ᠲᠤᠯᠠ ᠴᠥᠮ ᠬᠣᠲᠠᠨ ᠳ᠋ᠤᠷ ᠣᠷᠣᠭᠤᠯᠵᠤ ᠡᠷᠡᠰ ᠢ᠋ ᠢᠨᠤ ᠰᠣᠩᠭᠣᠵᠤ ᠬᠣᠲᠠ ᠰᠠᠬᠢᠭᠤᠯᠬᠤᠢ ᠳ᠋ᠤᠷ ᠤᠳᠠᠯ ᠦᠭᠡᠢ ᠮᠣᠩᠭᠣᠯ ᠤ᠋ᠨ ᠭᠤᠷᠪᠠᠨ ᠵᠠᠮ ᠤ᠋ᠨ ᠴᠡᠷᠢᠭ ᠦ᠋ᠳ ᠬᠦᠷᠴᠦ ᠢᠷᠡᠪᠡ᠃ ᠰᠢᠩ ᠵᠦᠭ ᠹᠦ ᠬᠣᠲᠠᠨ ᠢ᠋ ᠲᠥᠭᠥᠷᠢᠭᠯᠡᠨ ᠬᠠᠭᠠᠵᠤ᠂ ᠶᠡᠬᠡ ᠶᠤᠸᠠᠨᠱᠤᠸᠠᠢ ᠡᠮᠦᠨ᠎ᠡ ᠬᠠᠭᠠᠯᠭ᠎ᠠ ᠶ᠋ᠢᠨ ᠳᠣᠣᠷ᠎ᠠ ᠢᠷᠡᠵᠦ ᠸᠠᠩ  ᠵᠢᠢ ᠡᠴᠡ ᠤᠴᠢᠷ ᠢ᠋ ᠠᠰᠠᠭᠤᠰᠤᠭᠠᠢ ᠭᠡᠮᠡᠨ ᠳᠠᠭᠤᠳᠠᠭᠰᠠᠨ ᠳ᠋ᠤᠷ ᠸᠠᠩ ᠵᠢᠢ ᠠᠰᠠᠷ ᠤ᠋ᠨ ᠳᠡᠭᠡᠷ᠎ᠡ ᠭᠠᠷᠪᠠ᠃ ᠮᠤᠬᠤᠯᠢ ᠠᠭᠤᠷᠯᠠᠨ ᠤᠴᠢᠷ ᠢ᠋ ᠠᠰᠠᠭᠤᠬᠤᠢ ᠳ᠋ᠤᠷ ᠸᠠᠩ ᠶ᠋ᠢᠢ ᠥᠭᠦᠯᠡᠷᠦᠨ : 《ᠪᠢ ᠲᠠᠨ ᠤ᠋ ᠲᠦᠰᠢᠮᠡᠯ ᠪᠤᠰᠤ ᠪᠣᠯᠠᠢ᠂ ᠶᠠᠭᠤᠨ ᠳ᠋ᠤᠷ ᠨᠠᠮᠠᠶ᠋ᠢ ᠤᠷᠪᠠᠪᠠ ᠬᠡᠮᠡᠮᠦᠢ ?  ᠡᠨᠡ ᠭᠠᠵᠠᠷ ᠪᠠᠰᠠ ᠲᠠᠨ ᠤ᠋ ᠭᠠᠵᠠᠷ ᠪᠤᠰᠤ ᠪᠣᠯᠠᠢ ᠂ ᠶᠠᠭᠤᠨ ᠳ᠋ᠤᠷ ᠪᠤᠯᠢᠶᠠᠪᠠ ᠬᠡᠮᠡᠮᠦᠢ ?》ᠬᠡᠮᠡᠭᠰᠡᠨ ᠳ᠋ᠦ᠍ᠷ ᠮᠤᠬᠤᠯᠢ ᠶᠡᠬᠡᠯ᠎ᠡ ᠢᠨᠢᠶᠡᠨ ᠥᠭᠦᠯᠡᠷᠦᠨ : 《ᠮᠠᠲᠠᠯ ᠦᠭᠡᠢ ᠣᠶᠤᠨ ᠥᠴᠦᠬᠡᠨ ᠬᠢᠲᠠᠳ᠂ ᠮᠠᠨ ᠤ᠋ ᠲᠡᠭᠷᠢ ᠶ᠋ᠢᠨ ᠴᠡᠷᠢᠭ ᠢ᠋ ᠬᠡᠷᠬᠢᠨ ᠪᠠᠰᠤᠮᠵᠢᠯᠠᠨ ᠴᠢᠳᠠᠬᠤ ?  ᠴᠢᠮᠠᠶ᠋ᠢ ᠡᠳᠦᠭᠡ ᠨᠢᠭᠡᠬᠡᠨ ᠦᠭᠡ ᠪᠡᠷ ᠪᠠᠷᠢᠭᠤᠯᠰᠤᠭᠠᠢ !》 ᠭᠡᠮᠡᠨ《 ᠪᠡᠷᠢ 》 ᠭᠡᠮᠡᠨ ᠨᠢᠭᠡᠨᠲᠡ ᠵᠠᠩᠳᠠᠭᠰᠠᠨ ᠳ᠋ᠤᠷ ᠠᠰᠠᠷ ᠤ᠋ᠨ ᠳᠡᠭᠡᠷ᠎ᠡ ᠵᠡᠪᠰᠡᠭ ᠬᠥᠳᠡᠯᠵᠦ ᠬᠥᠮᠦᠨ ᠦ᠌ ᠦᠢᠮᠡᠯᠳᠦᠭᠡᠨ ᠭᠠᠷᠴᠤ ᠬᠣᠲᠠᠨ ᠤ᠋ ᠳᠣᠣᠷ᠎ᠠ ᠴᠡᠷᠢᠭ ᠢ᠋ ᠤᠭᠲᠤᠬᠤ ᠬᠠᠭᠠᠯᠭ᠎ᠠ ᠶ᠋ᠢ ᠴᠠᠢᠲᠠᠯ᠎ᠠ ᠨᠡᠭᠡᠭᠡᠵᠦ ᠮᠤᠬᠤᠯᠢ ᠠᠯᠠᠨ ᠣᠷᠣᠲᠠᠯ᠎ᠠ ᠬᠣᠲᠠᠨ ᠤ᠋ ᠠᠰᠠᠷ ᠠ᠋ᠴᠠ ᠠᠯᠳᠠᠭᠱᠠᠭ᠎ᠠ ᠶ᠋ᠢᠨ ᠬᠣᠶᠠᠷ ᠡᠮ᠎ᠡ – ᠰᠣᠯᠤᠩᠭᠤᠸ᠎ᠠ᠂ ᠰᠠᠢᠬᠠᠨ ᠬᠦᠷᠢ ᠬᠣᠶᠠᠭᠤᠯᠠ ᠸᠠᠩ ᠶ᠋ᠢᠢ ᠶ᠋ᠢ ᠪᠠᠷᠢᠵᠤ ᠬᠦᠯᠢᠭᠡᠳ ᠬᠣᠷᠢᠭᠠᠳ ᠴᠡᠷᠢᠭ ᠲᠦᠯᠬᠢᠨ ᠠᠪᠴᠤ ᠢᠷᠡᠪᠡ᠃ ᠠᠯᠲᠠᠨᠱᠠᠭ᠎ᠠ ᠳᠥᠷᠪᠡᠨ ᠰᠤᠯᠠ ᠵᠠᠩᠵᠤᠨ ᠢ᠋ ᠴᠠᠪᠴᠢᠨ ᠠᠯᠠᠪᠠ᠃ 
       ᠲᠡᠳᠦᠢ ᠮᠤᠬᠤᠯᠢ ᠴᠡᠷᠢᠭ ᠢ᠋ ᠵᠠᠷᠯᠠᠨ ᠢᠷᠭᠡᠨ ᠢ᠋ ᠲᠣᠭᠲᠠᠭᠠᠵᠤ ᠶᠠᠮᠤᠨ ᠳ᠋ᠤᠷ ᠰᠠᠭᠤᠵᠤ᠂ ᠦᠵᠡᠰᠡ ᠠᠯᠲᠠᠨᠱᠠᠭ᠎ᠠ ᠵᠠᠷᠯᠢᠭ ᠢ᠋ᠶ᠋ᠠᠷ ᠬᠣᠢᠲᠤ ᠭᠠᠵᠠᠷ ᠢ᠋ ᠴᠠᠭᠳᠠᠷ᠎ᠠ ᠡᠴᠢᠬᠦ ᠪᠡᠷ ᠡᠮ᠎ᠡ ᠦᠷ᠎ᠡ ᠪᠡᠨ ᠠᠪᠴᠤ ᠶᠠᠪᠤᠬᠤ ᠵᠠᠮ ᠳ᠋ᠤᠷ ᠮᠤᠬᠤᠯᠢ ᠳ᠋ᠤᠷ ᠤᠴᠠᠷᠠᠨ᠂ ᠲᠡᠭᠦᠨ ᠦ᠌ ᠵᠠᠬᠢᠶ᠎ᠠ ᠪᠠᠷ ᠰᠢᠩ ᠵᠦᠩ  ᠹᠦ ᠶ᠋ᠢᠨ ᠰᠤᠯᠠ ᠢᠷᠬᠡᠴᠦᠳ ᠯᠦ᠍ᠭᠡ ᠬᠣᠯᠢᠯᠴᠠᠨ ᠬᠣᠲᠠᠨ ᠳ᠋ᠤᠷ ᠣᠷᠣᠭᠠᠳ ᠴᠥᠮ ᠡᠷ᠎ᠡ ᠬᠥᠮᠦᠨ ᠦ᠌ ᠶᠠᠩᠵᠤ ᠪᠠᠷ ᠴᠢᠮᠡᠵᠦ ᠡᠮᠦᠨ᠎ᠡ ᠬᠠᠭᠠᠯᠭ᠎ᠠ ᠶ᠋ᠢ ᠰᠠᠬᠢᠵᠤ᠂ ᠮᠤᠬᠤᠯᠢ ᠶ᠋ᠢᠨ ᠴᠡᠷᠢᠭ ᠡᠴᠢᠬᠦ ᠶ᠋ᠢ ᠬᠦᠯᠢᠶᠡᠨ ᠬᠠᠭᠠᠯᠭ᠎ᠠ ᠶ᠋ᠢ ᠪᠤᠯᠢᠶᠠᠨ ᠠᠪᠤᠭᠰᠠᠨ ᠲᠤᠯᠠ ᠡᠨᠡ ᠭᠠᠪᠢᠶ᠎ᠠ ᠳ᠋ᠤᠷ ᠢ᠋ᠶ᠋ᠠᠨ ᠪᠠᠶᠠᠷᠯᠠᠨ ᠥᠪᠡᠷ ᠦ᠋ᠨ ᠪᠡᠶ᠎ᠡ ᠲᠡᠷᠢᠭᠦᠯᠡᠨ ᠬᠣᠷᠢ ᠭᠤᠴᠢᠨ ᠳᠠᠭᠠᠭᠰᠠᠳ ᠨᠠᠷ ᠢ᠋ ᠠᠪᠴᠤ ᠪᠠᠷᠢᠭ᠍ᠰᠠᠨ ᠸᠠᠩ ᠶ᠋ᠢᠢ ᠶ᠋ᠢ ᠮᠤᠬᠤᠯᠢ ᠶ᠋ᠢᠨ ᠡᠮᠦᠨ᠎ᠡ ᠠᠪᠠᠴᠢᠭ᠍ᠰᠠᠨ ᠳ᠋ᠤᠷ ᠮᠤᠬᠤᠯᠢ ᠶᠡᠬᠡ ᠶᠠᠮᠤᠨ ᠳ᠋ᠤᠷ ᠰᠠᠭᠤᠵᠤ ᠸᠠᠩ ᠵᠢᠢ ᠶ᠋ᠢᠨ ᠭᠡᠷ ᠡᠷᠦᠬᠡ ᠶ᠋ᠢ ᠡᠷᠢᠨ ᠪᠠᠷᠢᠭᠤᠯᠵᠤ᠂ ᠬᠣᠷᠢᠭᠠᠳ ᠡᠬᠡᠨᠡᠷ ᠢ᠋ ᠴᠥᠮ ᠶᠡᠨᠳᠡᠷ ᠦ᠋ᠨ ᠳᠣᠣᠷ᠎ᠠ ᠰᠥᠭᠥᠳᠬᠡᠭᠡᠳ ᠬᠣᠶᠠᠷ ᠰᠠᠢᠬᠠᠨ ᠬᠥᠮᠦᠨ ᠸᠠᠩ ᠵᠢᠢ ᠶ᠋ᠢ ᠲᠦᠯᠬᠢᠯᠡᠨ ᠠᠴᠢᠷᠠᠭᠰᠠᠨ ᠳ᠋ᠤᠷ ᠮᠤᠬᠤᠯᠢ ᠶᠠᠭᠠᠷᠠᠨ ᠰᠠᠭᠤᠭᠰᠠᠨ ᠣᠷᠣᠨ ᠠ᠋ᠴᠠ ᠥᠨᠳᠡᠢᠵᠦ ᠶᠣᠰᠣᠯᠠᠨ ᠥᠭᠦᠯᠡᠷᠦᠨ :《ᠰᠠᠢᠨ ᠡᠷ᠎ᠡ ᠬᠠᠭᠤᠴᠢᠨ ᠨᠥᠬᠥᠷ ᠰᠠᠢᠨ ᠤᠤ ? 》 ᠬᠡᠮᠡᠭᠡᠳ ᠪᠠᠰᠠ ᠥᠭᠦᠯᠡᠷᠦᠨ : 《ᠹᠦ ᠮᠠ᠋ ᠲᠠᠪᠤᠨᠠᠩ ᠴᠢᠮᠠᠶ᠋ᠢ ᠬᠡᠳᠦᠢᠨᠡᠢ ᠠᠯᠠ ᠭᠡᠮᠡᠨ ᠨᠠᠳᠠ ᠳ᠋ᠤᠷ ᠬᠡᠳᠦᠨ ᠤᠳᠠᠭ᠎ᠠ ᠮᠡᠳᠡᠭᠦᠯᠲᠡᠯ᠎ᠡ ᠪᠢ ᠡᠰᠡ ᠢᠲᠡᠭᠡᠪᠡ᠃ ᠡᠨᠡ ᠡᠳᠦᠷ ᠶᠠᠯ᠎ᠠ ᠴᠣᠬᠣᠮ ᠢᠯᠡᠷᠡᠪᠡ ! 》 ᠬᠡᠮᠡᠬᠦᠢ ᠳ᠋ᠦ᠍ᠷ ᠸᠠᠩ ᠵᠢᠢ ᠮᠥᠨ ᠬᠦ᠌ ᠤᠭ ᠬᠡᠪ ᠢ᠋ᠶ᠋ᠡᠷ ᠣᠮᠣᠷᠬᠠᠨ ᠠᠭᠠᠰᠢᠯᠠᠵᠤ : 《ᠪᠢ ᠠᠯᠲᠠᠨ ᠤ᠋ ᠬᠥᠮᠦᠨ ᠲᠤᠯᠠ ᠠᠯᠲᠠᠨ ᠤ᠋ ᠬᠣᠲᠠ ᠪᠠᠨ ᠬᠠᠮᠠᠭᠠᠯᠠᠪᠠ᠃ 》ᠭᠡᠮᠡᠨ ᠶᠡᠬᠡ ᠦᠭᠡ ᠬᠡᠯᠡᠬᠦᠢ ᠳ᠋ᠦ᠍ᠷ ᠮᠤᠬᠤᠯᠢ ᠬᠣᠲᠠᠨ ᠤ᠋ ᠳᠣᠲᠣᠷ᠎ᠠ ᠰᠡᠬᠦᠢᠵᠦ ᠪᠠᠢᠬᠤ ᠭᠤᠷᠪᠠᠨ ᠴᠠᠭᠠᠨ ᠰᠤᠪᠤᠷᠭ᠎ᠠ ᠶ᠋ᠢ ᠵᠢᠭᠠᠵᠤ ᠠᠰᠠᠭᠤᠷᠤᠨ : 《ᠡᠨᠡ ᠭᠤᠷᠪᠠᠨ ᠴᠠᠭᠠᠨ ᠰᠤᠪᠤᠷᠭ᠎ᠠ ᠬᠡᠨ ᠦ᠌ ᠬᠢ ᠪᠣᠢ ? 》 ᠸᠠᠩ ᠶ᠋ᠢᠢ ᠥᠭᠦᠯᠡᠷᠦᠨ : 《ᠳᠠᠩ ᠤᠯᠤᠰ ᠤ᠋ᠨ ᠦᠶ᠎ᠡ ᠳ᠋ᠦ᠍ ᠪᠠᠷᠢᠪᠠ 》 ᠬᠡᠮᠡᠮᠦᠢ᠃ ᠮᠤᠬᠤᠯᠢ ᠥᠭᠦᠯᠡᠷᠦᠨ : 《ᠲᠡᠢᠮᠦ ᠪᠥᠭᠡᠳ ᠬᠡᠷᠬᠢᠨ ᠠᠯᠲᠠᠨ ᠤ᠋ ᠪᠣᠯᠪᠠ ? 》 ᠬᠡᠮᠡᠭᠰᠡᠨ ᠳ᠋ᠦ᠍ᠷ ᠸᠠᠩ ᠵᠢᠢ ᠮᠥᠨ ᠬᠦ᠌ ᠬᠡᠬᠦᠯᠵᠡᠬᠦᠢ ᠳ᠋ᠦ᠍ᠷ ᠮᠤᠬᠤᠯᠢ ᠢᠨᠢᠶᠡᠨ ᠥᠭᠦᠯᠡᠷᠦᠨ : 《ᠴᠢ ᠡᠮᠦᠨ᠎ᠡ ᠭᠠᠵᠠᠷ ᠪᠢᠴᠢᠭ ᠰᠤᠷᠤᠯᠴᠠᠭᠠᠳ ᠬᠢᠲᠠᠳ ᠵᠠᠩᠵᠤᠨ ᠤ᠋ ᠨᠡᠷ᠎ᠡ ᠶ᠋ᠢ ᠬᠡᠲᠦᠷᠬᠡᠶ᠎ᠡ ᠭᠤᠲᠤᠭᠠᠨᠠᠮ᠂ ᠨᠡᠩᠳᠡ ᠮᠣᠩᠭᠣᠯ ᠳ᠋ᠤᠷ ᠳᠠᠭᠠᠭᠰᠠᠨ ᠠᠨᠤ ᠠᠯᠲᠠᠨ ᠤᠯᠤᠰ ᠤ᠋ᠨ ᠴᠣᠬᠣᠮ ᠬᠤᠯᠠᠭᠠᠢ ᠪᠣᠯᠪᠠ᠃ ᠪᠡᠶ᠎ᠡ ᠳ᠋ᠦ᠍ᠷ ᠰᠠᠬᠠᠯ ᠦᠰᠦ ᠠᠬᠤ ᠪᠥᠭᠡᠲᠡᠯ᠎ᠡ ᠣ ᠡᠩᠭᠡᠰᠬᠡᠲᠦ ᠡᠬᠡᠨᠡᠷ ᠲᠣᠷ ᠪᠠᠷᠢᠭ᠍ᠳᠠᠭᠠᠳ ᠪᠠᠰᠠ ᠶᠠᠭᠤᠨ ᠳᠡᠮᠡᠢᠯᠡ ᠣᠩᠭᠣᠯᠵᠠᠮᠤᠢ ? ᠠᠩᠬ᠎ᠠ ᠤᠳᠠᠭ᠎ᠠ ᠡᠰᠡ ᠠᠯᠠᠭᠰᠠᠨ ᠠᠨᠤ ᠠᠯᠲᠠᠨ ᠤᠯᠤᠰ ᠤ᠋ᠨ ᠰᠢᠳᠤᠷᠭᠤ ᠲᠦᠰᠢᠮᠡᠯ ᠢ᠋ ᠡᠰᠡ ᠠᠯᠠᠭᠰᠠᠨ ᠪᠣᠯᠠᠢ᠃ ᠡᠨᠡ ᠤᠳᠠᠭ᠎ᠠ ᠡᠷᠬᠡᠪᠰᠢ ᠠᠯᠠᠬᠤ ᠠᠨᠤ ᠬᠣᠶᠠᠷ ᠤᠯᠤᠰ ᠤ᠋ᠨ ᠬᠤᠢᠬᠤᠷ ᠬᠤᠯᠠᠭᠠᠢ ᠶ᠋ᠢ ᠠᠯᠠᠬᠤ ᠪᠣᠯᠠᠢ᠃ ᠲᠡᠷᠡ ᠮᠡᠲᠦ ᠠᠭᠠᠰᠢᠯᠠᠵᠤ ᠬᠡᠨ ᠢ᠋ ᠮᠡᠬᠡᠯᠡᠬᠦ ᠪᠣᠢ ? 》 ᠭᠡᠮᠡᠨ ᠬᠣᠶᠠᠷ ᠡᠲᠡᠭᠡᠳ ᠦ᠋ᠨ ᠴᠡᠷᠢᠭ ᠦ᠋ᠨ ᠠᠷᠠᠳ ᠢ᠋ ᠨᠢᠭᠡᠨᠲᠡ ᠵᠠᠩᠳᠠᠭᠰᠠᠨ ᠳ᠋ᠤᠷ ᠬᠣᠶᠠᠷ ᠡᠲᠡᠭᠡᠳ ᠦ᠋ᠨ ᠪᠠᠷᠰ ᠢᠷᠪᠢᠰ ᠮᠡᠲᠦ ᠴᠡᠷᠢᠭ ᠦ᠋ᠨ ᠠᠷᠠᠳ ᠤᠷᠤᠭ᠍ᠰᠢ ᠣᠷᠣᠵᠤ ᠸᠠᠩ ᠵᠢᠢ ᠶ᠋ᠢᠨ ᠱᠠᠬ᠎ᠠ ᠶ᠋ᠢ ᠢᠰᠬᠦᠯᠦᠨ ᠰᠥᠭᠥᠳᠬᠡᠪᠡ᠃ ᠸᠠᠩ ᠶ᠋ᠢᠢ ᠳ᠋ᠦ᠍ᠷ ᠲᠣᠯᠣᠭᠠᠢ ᠳᠦᠭᠦᠷᠡᠩ ᠴᠡᠴᠡᠭ ᠬᠠᠳᠬᠤᠭᠤᠯᠤᠨ᠂ ᠨᠢᠭᠤᠷ ᠲᠤᠷ ᠣ ᠡᠩᠭᠡᠰᠬᠡ ᠪᠢᠯᠳᠠᠵᠤ ᠬᠣᠶᠠᠷ ᠴᠢᠬᠢ ᠳ᠋ᠦ᠍ᠷ ᠰᠦᠢᠬᠡ ᠵᠡᠭᠦᠯᠭᠡᠨ᠂ ᠪᠡᠶ᠎ᠡ ᠳ᠋ᠦ᠍ᠷ ᠡᠬᠡᠨᠡᠷ ᠳᠡᠪᠡᠯ ᠨᠥᠮᠥᠷᠭᠡᠨ᠂ ᠲᠡᠭᠦᠨ ᠦ᠌ ᠬᠤᠶᠠᠭ ᠳᠤᠭᠤᠯᠠᠭ᠎ᠠ ᠪᠠ ᠮᠣᠷᠢ ᠵᠡᠪᠰᠡᠭ ᠢ᠋ ᠰᠣᠯᠤᠩᠭᠤᠸ᠎ᠠ ᠰᠠᠢᠬᠠᠨ ᠬᠦᠷᠢ ᠬᠣᠶᠠᠷ ᠤ᠋ᠨ ᠰᠢᠳᠠᠷ ᠡᠬᠡᠨᠡᠷ ᠲᠣᠷ ᠪᠠᠷᠢᠭᠤᠯᠵᠤ ᠣᠯᠠᠨ ᠳ᠋ᠤᠷ ᠴᠡᠭᠡᠷ ᠦᠵᠡᠭᠦᠯᠦᠨ᠂ ᠸᠠᠩ ᠶ᠋ᠢᠢ ᠶ᠋ᠢ ᠬᠣᠲᠠ ᠶ᠋ᠢᠨ ᠭᠠᠳᠠᠨ᠎ᠠ ᠴᠢᠷᠦᠨ ᠭᠠᠷᠭᠠᠵᠤ᠂ ᠬᠣᠲᠠᠨ ᠢ᠋ ᠪᠤᠷᠤᠭᠤ ᠪᠠᠷ ᠭᠤᠷᠪᠠᠨᠲᠠ ᠲᠣᠭᠣᠷᠢᠭᠤᠯᠵᠤ《ᠬᠣᠶᠠᠷ ᠰᠡᠳᠬᠢᠯᠲᠦ ᠬᠤᠶᠠᠯᠢ ᠡᠬᠡᠨᠡᠷ ᠢ᠋ ᠡᠨᠡ ᠡᠳᠦᠷ ᠴᠠᠭᠠᠵᠠᠯᠠᠮᠤᠢ !》ᠬᠡᠮᠡᠬᠦᠢ ᠳ᠋ᠦ᠍ᠷ ᠰᠢᠩ ᠵᠦᠩ ᠹᠦ ᠶ᠋ᠢᠨ ᠬᠣᠲᠠᠯᠠᠭᠠᠷ ᠢᠷᠭᠡᠨ ᠡᠰᠡ ᠢᠨᠢᠶᠡᠯᠴᠡᠭᠰᠡᠨ ᠢ᠋ᠶ᠋ᠡᠷ ᠦᠭᠡᠢ᠃ ᠬᠠᠤᠯᠢᠴᠢᠳ ᠳᠠᠷᠤᠢ ᠰᠡᠯᠡᠮ᠎ᠡ ᠰᠤᠭᠤᠯᠤᠨ ᠲᠣᠯᠣᠭᠠᠢ ᠶ᠋ᠢ ᠴᠠᠪᠴᠢᠨ ᠠᠪᠴᠤ ᠤᠯᠠᠭᠠᠨ ᠲᠤᠭ ᠯᠤᠭ᠎ᠠ ᠳᠣᠪᠲᠣᠯᠭᠠ ᠠᠯᠲᠠᠨᠱᠠᠭ᠎ᠠ ᠨᠥᠬᠥᠷ ᠡᠮ᠎ᠡ ᠶ᠋ᠢᠨ ᠭᠠᠪᠢᠶ᠎ᠠ ᠶ᠋ᠢ ᠲᠣᠳᠣᠷᠬᠠᠢᠯᠠᠨ ᠭᠠᠷᠭᠠᠵᠤ ᠠᠢᠯᠠᠳᠬᠠᠨ ᠶᠠᠪᠤᠭᠤᠯᠪᠠ᠃ ᠮᠤᠬᠤᠯᠢ ᠲᠡᠨᠳᠡ ᠲᠦᠷ ᠵᠠᠷᠯᠢᠭ ᠢ᠋ ᠬᠦᠯᠢᠶᠡᠵᠦ ᠴᠡᠷᠢᠭ ᠢ᠋ ᠠᠮᠤᠭᠤᠯᠤᠨ ᠰᠠᠭᠤᠮᠤᠢ᠃ 
       ᠲᠡᠨᠳᠡᠴᠡ ᠲᠦᠩ ᠭᠤᠸᠠᠨ ᠤ᠋ ᠵᠦᠭ ᠣᠷᠣᠭᠰᠠᠨ ᠳᠠᠢᠰᠣᠨᠳᠠᠷᠤᠭᠴᠢ ᠶ᠋ᠢᠨ ᠴᠡᠷᠢᠭ᠂ ᠰᠢᠶᠠ ᠤᠯᠤᠰ ᠤ᠋ᠨ ᠬᠣᠶᠠᠷ ᠲᠦᠮᠡᠨ ᠴᠡᠷᠢᠭ ᠢ᠋ ᠠᠪᠴᠤ ᠰᠢᠶᠠ ᠤᠯᠤᠰ ᠤ᠋ᠨ ᠭᠤᠸᠠᠨ ᠵᠦᠩ ᠦ᠋ᠨ ᠭᠠᠵᠠᠷ ᠢ᠋ᠶ᠋ᠠᠷ ᠠᠯᠲᠠᠨ ᠤᠯᠤᠰ ᠤ᠋ᠨ ᠵᠠᠬ᠎ᠠ ᠳ᠋ᠤᠷ ᠣᠷᠣᠵᠤ ᠂ ᠲᠦᠩ ᠭᠤᠸᠠᠨ ᠪᠣᠭᠣᠮᠲᠠ ᠶ᠋ᠢᠨ ᠵᠦᠭ ᠣᠷᠣᠬᠤᠶ᠎ᠠ ᠂ ᠠᠯᠲᠠᠨ ᠤᠯᠤᠰ ᠤ᠋ᠨ ᠰᠢ ᠨᠠᠨ ᠵᠢᠶᠦ᠋ᠨ ᠬᠣᠲᠠᠨ ᠢ᠋ ᠳᠠᠭᠠᠷᠢᠨ ᠭᠠᠷᠬᠤᠢ ᠳ᠋ᠤᠷ ᠬᠣᠲᠠ ᠶ᠋ᠢ ᠰᠠᠬᠢᠭ᠍ᠰᠠᠨ ᠠᠯᠲᠠᠨ ᠤᠯᠤᠰ ᠤ᠋ᠨ ᠵᠠᠩᠵᠤᠨ  ᠹᠦ ᠯᠦ᠍ ᠬᠤ᠌ ᠨᠡᠷᠡᠲᠦ ᠵᠢᠶ᠋ᠸ ᠳᠦ ᠱᠢ ᠲᠦᠰᠢᠮᠡᠯ ᠬᠣᠲᠠ ᠪᠠᠨ ᠣᠷᠬᠢᠵᠤ ᠪᠤᠷᠤᠭᠤᠯᠠᠨ ᠶᠠᠪᠤᠵᠤ᠂ ᠰᠠᠶᠢ ᠲᠦᠩ ᠭᠤᠸᠠᠨ ᠪᠣᠭᠣᠮᠲᠠᠨ ᠳ᠋ᠤᠷ ᠣᠷᠣᠬᠤ ᠰᠢᠬᠠᠲᠠᠯ᠎ᠠ ᠪᠣᠭᠣᠮᠲᠠ ᠶ᠋ᠢᠨ ᠭᠠᠳᠠᠨ᠎ᠠ ᠪᠦᠭᠭᠦᠭᠰᠡᠨ ᠮᠣᠩᠭᠣᠯ ᠤ᠋ᠨ ᠴᠡᠷᠢᠭ – ᠰᠡᠯᠵᠢᠩ ᠂ ᠸᠠᠢᠵᠢᠩ᠂ ᠤᠨᠵᠢᠭᠠᠢ᠂ ᠰᠤᠨᠵᠢᠭᠠᠢ᠂ ᠤᠬᠠᠭᠠᠨᠲᠠᠢ᠂ ᠪᠤᠳᠣᠯᠠᠩ ᠨᠠᠷ ᠤ᠋ᠨ ᠴᠡᠷᠢᠭ ᠲᠦ᠍ᠷ ᠤᠴᠠᠷᠠᠭᠠᠳ ᠨᠢᠭᠡᠨᠲᠡ ᠬᠠᠰᠬᠢᠷᠤᠨ ᠣᠷᠣᠵᠤ ᠹᠦ ᠯᠦ᠍ ᠬᠤ᠌ ᠶ᠋ᠢ ᠠᠮᠢᠳᠤ ᠪᠠᠷᠢᠵᠤ ᠠᠪᠤᠭᠠᠳ ᠬᠠᠭᠠᠯᠭᠠᠨ ᠤ᠋ ᠪᠠᠭ᠎ᠠ ᠵᠠᠩᠵᠤᠨ ᠨᠠᠷ ᠢ᠋ ᠠᠰᠠᠷ ᠤ᠋ᠨ ᠳᠡᠭᠡᠷ᠎ᠡ ᠳᠠᠭᠤᠳᠠᠵᠤ ᠹᠦ ᠯᠦ᠍ ᠬᠤ᠌ ᠶ᠋ᠢᠨ ᠲᠣᠯᠣᠭᠠᠢ ᠶ᠋ᠢ ᠠᠪᠤᠮᠤᠢ ᠭᠡᠮᠡᠨ ᠬᠦᠵᠦᠭᠦᠨ ᠳ᠋ᠦ᠍ᠷ ᠢᠯᠳᠦ ᠲᠤᠯᠭᠠᠨ ᠬᠠᠭᠠᠯᠭ᠎ᠠ ᠨᠡᠭᠡᠭᠡᠪᠡᠰᠦ ᠹᠦ ᠯᠦ᠍ ᠬᠤ᠌ ᠶ᠋ᠢ ᠲᠠᠯᠪᠢᠮᠤᠢ᠂ ᠡᠰᠡ ᠨᠡᠭᠡᠭᠡᠪᠡᠰᠦ ᠠᠯᠠᠮᠤᠢ ᠬᠡᠮᠡᠬᠦᠢ ᠳ᠋ᠦ᠍ᠷ ᠹᠦ ᠯᠦ᠍ ᠬᠤ᠌ ᠰᠠᠨᠳᠤᠷᠤᠨ ᠬᠣᠲᠠ ᠰᠠᠬᠢᠭ᠍ᠰᠠᠨ ᠵᠠᠩᠵᠤᠨ ᠨᠠᠷ ᠢ᠋ ᠵᠠᠭᠤᠨ ᠵᠦᠢᠯ ᠢ᠋ᠶ᠋ᠡᠷ ᠭᠤᠶᠤᠨ《ᠬᠠᠭᠠᠯᠭ᠎ᠠ ᠶ᠋ᠢ ᠨᠡᠭᠡᠭᠡᠵᠦ ᠮᠢᠨᠦ ᠠᠮᠢᠨ ᠭᠠᠷᠤᠮᠠᠭᠴᠠ ᠲᠠᠨ ᠳ᠋ᠤ᠌ ᠶᠠᠯ᠎ᠠ ᠦᠭᠡᠢ ᠳᠡᠭᠡᠷ᠎ᠡ ᠯᠠᠪ ᠳᠡᠭᠡᠭᠰᠢ ᠠᠢᠯᠠᠳᠬᠠᠨ ᠱᠠᠩ ᠭᠠᠪᠢᠶ᠎ᠠ ᠣᠯᠭᠣᠭᠤᠯᠰᠤᠭᠠᠢ ! 》ᠬᠡᠮᠡᠬᠦᠢ ᠳ᠋ᠦ᠍ᠷ ᠬᠠᠷᠢᠶᠠᠲᠤ ᠣᠯᠠᠨ ᠵᠠᠩᠵᠤᠨ ᠨᠠᠷ ᠲᠡᠭᠦᠨ ᠦ᠌ ᠦᠭᠡ ᠡᠴᠡ ᠳᠠᠪᠠᠵᠤ ᠴᠢᠳᠠᠬᠤ ᠦᠭᠡᠢ ᠪᠥᠭᠡᠳ ᠬᠠᠭᠠᠯᠭ᠎ᠠ ᠶ᠋ᠢᠨ ᠡᠵᠡᠨ ᠳ᠋ᠦ᠍ᠷ ᠶᠠᠯ᠎ᠠ ᠦᠭᠡᠢ ᠬᠡᠮᠡᠬᠦ ᠲᠤᠯᠠ ᠬᠠᠭᠠᠯᠭ᠎ᠠ ᠨᠡᠭᠡᠭᠡᠵᠦ ᠮᠣᠩᠭᠣᠯ ᠤ᠋ᠨ ᠴᠡᠷᠢᠭ ᠢ᠋ ᠣᠷᠣᠭᠤᠯᠪᠠ᠃ ᠮᠣᠩᠭᠣᠯ ᠤ᠋ᠨ ᠴᠡᠷᠢᠭ ᠤᠭ ᠠ᠋ᠴᠠ ᠬᠠᠭᠠᠯᠭ᠎ᠠ ᠨᠡᠭᠡᠭᠡᠪᠡᠰᠦ ᠹᠦ ᠯᠦ᠍ ᠬᠤ᠌ ᠶ᠋ᠢ ᠲᠠᠯᠪᠢᠮᠤᠢ ᠭᠡᠮᠡᠨ ᠬᠡᠯᠡᠭᠰᠡᠨ ᠲᠤᠯᠠ ᠡᠳᠦᠭᠡ ᠬᠠᠭᠠᠯᠭ᠎ᠠ ᠳ᠋ᠤᠷ ᠣᠷᠣᠵᠤ ᠶᠠᠮᠤᠨ ᠳ᠋ᠤᠷ ᠰᠠᠭᠤᠨ ᠹᠦ ᠯᠦ᠍ ᠬᠤ᠌ ᠶ᠋ᠢ ᠲᠠᠯᠪᠢᠬᠤ ᠶ᠋ᠢ ᠵᠥᠪᠯᠡᠬᠦᠢ ᠳ᠋ᠦ᠍ᠷ ᠣᠯᠠᠨ ᠪᠠᠭ᠎ᠠ ᠵᠠᠩᠵᠤᠨ ᠨᠠᠷ ᠠᠯᠠᠰᠤᠭᠠᠢ ᠬᠡᠮᠡᠮᠦᠢ᠃ ᠮᠤᠬᠤᠯᠢ ᠶ᠋ᠢᠨ ᠬᠥᠪᠡᠭᠦᠨ ᠪᠤᠯᠤ ᠭᠠᠷᠴᠤ ᠳᠠᠢᠰᠤᠨᠳᠠᠷᠤᠭᠴᠢ ᠳ᠋ᠤᠷ ᠮᠡᠳᠡᠭᠦᠯᠷᠦᠨ : 《ᠮᠠᠨ ᠤ᠋ ᠠᠯᠲᠠᠨ ᠤᠯᠤᠰ ᠢ᠋ ᠳᠠᠢᠯᠠᠬᠤ ᠠᠨᠤ ᠤᠯᠤᠰ ᠢ᠋ ᠣᠯᠬᠤ ᠶ᠋ᠢ ᠬᠢᠴᠢᠶᠡᠬᠦ ᠪᠣᠢ ‍ᠶ᠎ᠠ᠂ ᠨᠢᠭᠡᠨ ᠬᠥᠮᠦᠨ ᠢ᠋ ᠠᠯᠠᠭᠰᠠᠨ ᠢ᠋ᠶ᠋ᠠᠷ ᠶᠠᠭᠤᠨ ᠪᠣᠯᠬᠤ?  ᠠᠯᠲᠠᠨ ᠤᠯᠤᠰ ᠮᠠᠨ ᠤ᠋ ᠮᠣᠩᠭᠣᠯ ᠢ᠋ ᠪᠠᠲᠤ ᠦᠭᠡᠢ ᠭᠡᠮᠡᠨ ᠪᠠᠰᠤᠮᠵᠢᠯᠠᠨ ᠰᠠᠶᠢ ᠡᠨᠡ ᠮᠡᠲᠦ ᠤᠷᠪᠠᠬᠤ ᠪᠣᠯᠠᠢ᠃ ᠲᠡᠷᠡ ᠨᠢᠭᠡᠨ ᠮᠠᠭᠤ ᠶ᠋ᠢ ᠠᠯᠠᠭᠰᠠᠨ ᠢ᠋ᠶ᠋ᠠᠷ ᠮᠠᠨ ᠤ᠋ ᠴᠡᠷᠢᠭ ᠲᠦ᠍ᠷ ᠲᠤᠰᠠ ᠪᠣᠯᠬᠤ ᠶᠠᠭᠤᠨ ? ᠬᠠᠷᠢᠨ ᠲᠡᠷᠡ ᠨᠢᠭᠡᠨ ᠢ᠋ ᠡᠰᠡ ᠠᠯᠠᠭᠰᠠᠨ ᠰᠢᠯᠲᠠᠭᠠᠨ ᠢ᠋ᠶ᠋ᠠᠷ ᠠᠯᠲᠠᠨ ᠤᠯᠤᠰ ᠤ᠋ᠨ ᠲᠦᠮᠡᠨ ᠢᠷᠭᠡᠨ ᠳ᠋ᠦ᠍ᠷ ᠪᠠᠲᠤ ᠪᠠᠨ ᠮᠡᠳᠡᠭᠳᠡᠮᠦᠢ ! 》 ᠬᠡᠮᠡᠭᠰᠡᠨ ᠳ᠋ᠦ᠍ᠷ ᠳᠠᠢᠰᠤᠨᠳᠠᠷᠤᠭᠴᠢ ᠮᠥᠨ ᠭᠡᠮᠡᠨ  ᠹᠦ ᠯᠦ᠍ ᠬᠤ᠌ ᠶ᠋ᠢ ᠲᠠᠯᠪᠢᠨ ᠬᠤᠷᠢᠮᠯᠠᠵᠤ ᠂ ᠳᠡᠪᠡᠯ ᠡᠮᠦᠰᠬᠡᠨ ᠦᠳᠡᠵᠦ ᠢᠯᠡᠭᠡᠪᠡ᠃ ᠡᠭᠦᠨ ᠳ᠋ᠦ᠍ᠷ ᠪᠠᠭ᠎ᠠ ᠵᠠᠩᠵᠤᠨ ᠨᠠᠷ ᠲᠠᠴᠢᠶᠠᠳᠠᠨ ᠸᠠᠢᠵᠢᠩ ᠬᠦᠷᠢᠶ᠎ᠡ ᠶ᠋ᠢᠨ ᠡᠭᠦᠳᠡᠨ ᠭᠠᠳᠠᠨ᠎ᠠ ᠭᠡᠨᠡᠳᠲᠡ ᠲᠣᠰᠴᠤ ᠠᠪᠤᠭᠰᠠᠨ ᠳ᠋ᠤᠷ ᠹᠦ ᠯᠦ᠍ ᠬᠤ᠌ ᠶᠡᠬᠡᠯ᠎ᠡ ᠠᠶᠤᠨ ᠪᠠᠷᠬᠢᠷᠠᠨ ᠳᠤᠲᠠᠭᠠᠵᠤ ᠶᠠᠪᠤᠪᠠ᠃ ᠵᠢᠴᠢ ᠣᠯᠠᠨ ᠴᠡᠷᠢᠭ ᠮᠣᠩᠭᠣᠯ ᠤ᠋ᠨ ᠦᠭᠡ ᠦᠨᠡᠨ ᠬᠡᠯᠡᠭᠰᠡᠨ ᠢ᠋ᠶ᠋ᠡᠨ ᠦᠯᠦ ᠤᠬᠤᠷᠢᠬᠤᠢ ᠳ᠋ᠤᠷ ᠪᠢᠰᠢᠷᠡᠨ ᠳᠠᠭᠠᠪᠠ᠃ ᠲᠡᠳᠦᠢ ᠴᠡᠷᠢᠭ ᠲᠦᠩ ᠭᠤᠸᠠᠨ ᠪᠣᠭᠣᠮᠲᠠ ᠶ᠋ᠢ ᠭᠠᠯ ᠲᠠᠯᠪᠢᠨ ᠰᠢᠲᠠᠭᠠᠵᠤ᠂ ᠴᠢᠯᠠᠭᠤ ᠲᠣᠭᠣᠰᠬ᠎ᠠ ᠶ᠋ᠢ ᠬᠠᠭᠠᠰ ᠰᠠᠷ᠎ᠠ ᠡᠪᠳᠡᠭᠦᠯᠵᠦ ᠲᠡᠭᠰᠢ ᠭᠠᠵᠠᠷ ᠠᠳᠠᠯᠢ ᠪᠣᠯᠭᠠᠭᠠᠳ ᠳᠠᠬᠢᠨ ᠡᠮᠦᠨᠡᠰᠢ ᠳᠠᠷᠤᠨ ᠣᠷᠣᠵᠤ ᠰᠦ᠍ ᠵᠧᠦ ᠶ᠋ᠢᠨ ᠬᠠᠷᠢᠶᠠᠲᠤ ᠭᠠᠵᠠᠷ ᠤ᠋ᠨ ᠬᠣᠲᠠ ᠪᠠᠯᠭᠠᠳ ᠢ᠋ ᠪᠠᠢᠯᠳᠤᠨ ᠠᠪᠬᠤᠢ ᠳ᠋ᠤᠷ ᠮᠣᠩᠭᠣᠯ ᠤ᠋ᠨ ᠰᠦᠷ ᠲᠡᠭᠷᠢ ᠶ᠋ᠢᠨ ᠳᠠᠭᠤᠨ ᠮᠡᠲᠦ ᠨᠢᠭᠡᠨ ᠬᠥᠮᠦᠨ ᠠᠷᠪᠠᠨ ᠢ᠋ ᠳᠠᠢᠯᠠᠬᠤ ᠲᠤᠯᠠ ᠠᠯᠠᠬᠤ ᠠᠭᠤᠷ ᠴᠡᠷᠢᠭ ᠦ᠋ᠨ ᠲᠣᠭᠣᠰᠣᠨ ᠠᠭᠤᠯᠠ ᠮᠥᠷᠡᠨ᠎ᠡ ᠳᠡᠭᠳᠡᠪᠡ᠃ 
       ᠲᠡᠨᠳᠡᠴᠡ ᠮᠤᠬᠤᠯᠢ ᠬᠠᠭᠠᠨ ᠤ᠋ ᠬᠠᠷᠢᠭᠤ ᠵᠠᠷᠯᠢᠭ ᠢ᠋ ᠣᠯᠵᠤ ᠶᠡᠬᠡ ᠴᠡᠷᠢᠭ ᠢ᠋ᠶ᠋ᠡᠨ ᠠᠪᠴᠤ ᠡᠮᠦᠨ᠎ᠡ ᠵᠦᠭ ᠣᠷᠣᠵᠤ ᠢᠷᠡᠪᠡ᠃ ᠲᠦᠩ ᠭᠤᠸᠠᠨ ᠢ᠋ ᠡᠮᠦᠨ᠎ᠡ ᠴᠡᠷᠢᠭ ᠠᠷᠪᠠᠨ ᠰᠠᠷ᠎ᠠ ᠳ᠋ᠤ᠌ ᠨᠢᠭᠡᠨᠲᠡ ᠡᠪᠳᠡᠭᠰᠡᠨ ᠲᠤᠯᠠ ᠬᠣᠭᠣᠰᠣᠨ ᠭᠠᠵᠠᠷ ᠮᠡᠲᠦ ᠶᠠᠪᠤᠵᠤ᠂ ᠠᠯᠲᠠᠨ ᠤᠯᠤᠰ ᠲᠤᠷ ᠳᠠᠪᠰᠢᠨ ᠨᠠᠮᠨᠠᠵᠤ ᠣᠷᠣᠵᠤ ᠢᠷᠡᠪᠡ᠃ ᠡᠳᠡᠭᠡᠷ ᠮᠡᠳᠡᠭᠡ ᠶ᠋ᠢ ᠬᠡᠳᠦᠢᠨᠡᠢ ᠠᠯᠲᠠᠨ ᠤᠯᠤᠰ ᠤ᠋ᠨ ᠬᠠᠭᠠᠨ ᠳ᠋ᠤᠷ ᠠᠢᠯᠠᠳᠬᠠᠭᠰᠠᠨ ᠳ᠋ᠤᠷ ᠢᠦᠢ ᠱᠢ ᠲᠠᠢᠰᠢ ᠭᠠᠷᠴᠤ ᠬᠡᠯᠡᠭᠰᠡᠨ ᠢᠨᠦ : 《ᠲᠦᠩ ᠭᠤᠸᠠᠨ ᠡᠪᠳᠡᠷᠡᠵᠦ᠂ ᠮᠣᠩᠭᠣᠯ ᠬᠦᠨᠳᠦ ᠭᠠᠵᠠᠷ ᠭᠦᠨ᠎ᠡ ᠣᠷᠣᠪᠠ᠃ ᠡᠳᠦᠭᠡ ᠮᠠᠨ ᠤ᠋ ᠨᠡᠢᠰᠯᠡᠯ ᠳ᠋ᠦ᠍ᠷ ᠬᠡᠲᠦᠷᠬᠡᠢ ᠪᠡᠯᠡᠳᠦᠭᠰᠡᠨ ᠲᠤᠯᠠ ᠲᠡᠳᠡ ᠢᠷᠡᠵᠦ ᠬᠠᠭᠠᠬᠤ ᠦᠭᠡᠢ ᠪᠡᠷ ᠾᠧ ᠩᠠᠩ ᠤ᠋ᠨ ᠬᠠᠷᠢᠶᠠᠲᠤ ᠵᠧᠦ ᠰᠢᠶᠠᠨ ᠢ᠋ ᠴᠥᠮ ᠪᠠᠢᠯᠳᠤᠨ ᠠᠪᠴᠤ ᠪᠢᠶᠠᠨ ᠵᠢᠩ ᠢ᠋ ᠲᠣᠭᠣᠷᠢᠨ ᠵᠧᠦ ᠰᠢᠶᠠᠨ ᠬᠣᠲᠠ ᠪᠠᠯᠭᠠᠳ ᠢ᠋ ᠠᠪᠤᠭᠰᠠᠨ ᠠᠨᠤ ᠵᠦᠩᠳᠦ᠋ ᠶ᠋ᠢ ᠠᠪᠤᠭᠰᠠᠨ ᠵᠣᠪᠠᠯᠠᠩ ᠨᠢᠳᠦᠨ ᠦ᠌ ᠡᠮᠦᠨ᠎ᠡ ᠬᠦᠷᠴᠦ ᠢᠷᠡᠪᠡ᠃ ᠲᠡᠢᠨ ᠬᠦ᠌ ᠰᠠᠬᠢᠭ᠍ᠰᠠᠨ ᠰᠠᠢᠳ ᠲᠦᠰᠢᠮᠡᠳ᠂ ᠵᠠᠭᠤᠨ ᠣᠪᠣᠭᠲᠠᠨ ᠨᠡᠩᠳᠡ ᠦᠬᠦᠨ ᠠᠶᠤᠯᠴᠠᠮᠤᠢ᠃ ᠬᠦᠰᠡᠬᠦ ᠢᠨᠦ ᠬᠠᠭᠠᠨ ᠱᠧ ᠵᠢᠢ ᠶ᠋ᠢ ᠴᠢᠭᠢᠷᠠᠭ ᠪᠣᠯᠭᠠᠨ ᠴᠡᠷᠢᠭ ᠢ᠋ ᠳᠡᠪᠰᠢᠭᠦᠯᠵᠦ᠂ ᠮᠣᠩᠭᠣᠯ ᠢ᠋ ᠬᠥᠭᠡᠭᠡᠵᠦ ᠲᠦᠩ ᠭᠤᠸᠠᠨ ᠢ᠋ ᠰᠡᠯᠪᠢᠨ ᠪᠠᠷᠢᠵᠤ᠂ ᠪᠠᠲᠤᠯᠠᠨ ᠰᠠᠬᠢᠭᠤᠯᠵᠤ᠂ ᠶᠡᠬᠡ ᠶᠤᠸᠠᠨᠱᠤᠸᠠᠢ ᠡᠯ ᠯᠢ ᠪᠤ᠌ ᠰᠦᠨ ᠢ᠋ ᠳᠠᠬᠢᠨ ᠬᠡᠷᠡᠭᠯᠡᠵᠦ᠂ ᠨᠡᠢᠰᠯᠡᠯ ᠦ᠋ᠨ ᠳᠣᠲᠣᠷ᠎ᠠ ᠠ᠋ᠴᠠ ᠪᠠᠢᠯᠳᠤᠵᠤ ᠲᠥᠰᠦᠭᠡᠯᠡᠬᠦ ᠪᠠᠭᠠᠲᠤᠷ ᠬᠦᠴᠦᠲᠡᠨ ᠢ᠋ ᠰᠢᠯᠭᠠᠨ ᠠᠪᠴᠤ ᠠᠷᠪᠠᠭᠠᠳ ᠵᠠᠩᠵᠤᠨ ᠢ᠋ ᠪᠠᠢᠭᠤᠯᠵᠤ ᠠᠯᠢᠪᠠᠰᠤ ᠳ᠋ᠤᠷ ᠬᠠᠪᠰᠤᠷᠤᠭᠤᠯᠤᠨ ᠰᠢᠯᠭᠠᠳᠠᠭ ᠴᠡᠷᠢᠭ ᠢ᠋ ᠬᠦᠨᠳᠦ ᠱᠠᠩ ᠢ᠋ᠶ᠋ᠠᠷ ᠬᠥᠳᠡᠯᠭᠡᠨ ᠠᠪᠴᠤ ᠲᠣᠭᠣᠷᠢᠨ ᠪᠠᠢᠴᠠᠭᠠᠨ ᠪᠥᠭᠡᠳ ᠨᠢᠭᠡᠨᠲᠡᠭᠡᠭᠦᠷ ᠪᠠᠢᠯᠳᠤᠵᠤ ᠨᠢᠭᠡᠨᠲᠡᠭᠡᠭᠦᠷ ᠰᠠᠬᠢᠪᠠᠰᠤ᠂ ᠠᠯᠳᠠᠭᠰᠠᠨ ᠾᠧ ᠪᠧᠢ ᠶ᠋ᠢᠨ ᠭᠠᠵᠠᠷ ᠢ᠋ ᠳᠠᠬᠢᠨ ᠡᠭᠡᠭᠦᠯᠦᠨ ᠣᠯᠵᠤ᠂ ᠱᠧ ᠶ᠋ᠢᠢ ᠮᠥᠨ ᠮᠠᠨᠳᠤᠵᠤ ᠪᠣᠯᠬᠤ ᠪᠣᠯᠠᠢ ᠃ 》ᠬᠡᠮᠡᠭᠰᠡᠨ ᠳ᠋ᠦ᠍ᠷ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ ᠠᠢᠯᠠᠳᠬᠠᠭᠰᠠᠨ ᠢ᠋ ᠵᠥᠪᠰᠢᠶᠡᠨ ᠴᠡᠷᠢᠭ ᠦ᠋ᠨ ᠲᠦᠰᠢᠮᠡᠳ ᠳᠠᠭᠠᠵᠤ ᠶᠠᠪᠤ ᠬᠡᠮᠡᠭᠰᠡᠨ ᠳ᠋ᠦ᠍ᠷ ᠱᠠᠩ ᠱᠤ᠌ ᠱᠧᠩ ᠪᠥᠭᠡᠳ ᠫᠢᠩ ᠵᠠᠩ ᠵᠧᠩ ᠱᠢ ᠲᠦᠰᠢᠮᠡᠯ ᠬᠠᠪᠰᠤᠷᠤᠭᠰᠠᠨ ᠶᠡᠬᠡ ᠶᠤᠸᠠᠨᠱᠤᠸᠠᠢ ᠵᠣ᠌ ᠬᠤ᠌ ᠭᠣᠣ ᠴᠢ ᠵᠡᠷᠭᠡ ᠡᠴᠡ ᠭᠠᠷᠴᠤ ᠠᠢᠯᠠᠳᠬᠠᠷᠤᠨ : 《ᠢᠦᠢ ᠱᠢ ᠲᠠᠢᠰᠢ ᠲᠦᠰᠢᠮᠡᠯ ᠪᠢᠷ ᠦ᠋ᠨ ᠳᠣᠣᠷ᠎ᠠ ᠵᠠᠩᠵᠤᠨ ᠪᠠᠭᠤᠯᠭᠠᠨ᠂ ᠴᠠᠭᠠᠰᠤᠨ ᠤ᠋ ᠳᠡᠭᠡᠷ᠎ᠡ ᠴᠡᠷᠢᠭ ᠵᠢᠭ᠍ᠰᠠᠭᠠᠨ ᠬᠣᠭᠣᠰᠣᠨ ᠦᠭᠡ ᠶ᠋ᠢ ᠲᠥᠰᠦᠭᠡᠯᠡᠬᠦ ᠪᠣᠢ ᠶ᠎ᠠ᠃ ᠡᠩ ᠦ᠋ᠨ ᠡᠳᠦᠷ ᠴᠡᠷᠢᠭ ᠦ᠋ᠨ ᠬᠣᠷᠢᠶᠠᠨ ᠳ᠋ᠤᠷ ᠶᠠᠪᠤᠵᠤ ᠴᠡᠷᠢᠭ ᠦ᠋ᠨ ᠬᠡᠷᠡᠭ ᠢ᠋ ᠥᠴᠦᠬᠡᠨ ᠴᠦ᠍ ᠮᠡᠳᠡᠭᠰᠡᠨ ᠦᠭᠡᠢ᠃ ᠪᠠᠢᠯᠳᠤᠬᠤ ᠰᠠᠬᠢᠬᠤ ᠶ᠋ᠢᠨ ᠤᠴᠢᠷ ᠢ᠋ ᠤᠬᠠᠬᠤ ᠦᠭᠡᠢ᠂ ᠭᠠᠭᠴᠠ ᠬᠣᠭᠣᠰᠣᠨ ᠠᠮᠠ ᠪᠠᠷ ᠭᠠᠪᠢᠶ᠎ᠠ ᠪᠠᠢᠭᠤᠯᠬᠤ ᠶ᠋ᠢ ᠮᠡᠳᠡᠬᠦ ᠪᠣᠢ ‍ᠶ᠎ᠠ ᠃ ᠬᠠᠷᠠᠬᠠᠨ ᠠᠮᠢ ᠪᠠᠨ ᠴᠦᠯᠡᠵᠦ ᠦᠬᠦᠨ ᠵᠢᠳᠬᠦᠬᠦ ᠶ᠋ᠢ ᠲᠡᠷᠡ ᠦᠯᠦ ᠦᠢᠯᠡᠳᠦᠮᠦᠢ᠃ ᠤᠭ ᠠ᠋ᠴᠠ ᠪᠢᠴᠢᠭ ᠦ᠋ᠨ ᠰᠠᠢᠳ ᠡᠷᠬᠡ ᠡᠷᠬᠢᠮ ᠢ᠋ ᠡᠳ᠋ᠯᠡᠵᠦ᠂ ᠴᠡᠷᠢᠭ ᠦ᠋ᠨ ᠵᠠᠩᠵᠤᠨ ᠨᠠᠷ ᠢ᠋ ᠨᠣᠬᠠᠢ ᠭᠠᠬᠠᠢ ᠠᠳᠠᠯᠢ ᠦᠵᠡᠭᠰᠡᠭᠡᠷ ᠴᠡᠷᠢᠭ ᠦ᠋ᠨ ᠡᠷᠬᠢᠮ ᠥᠨᠳᠥᠷ ᠴᠥᠮ ᠢ᠋ ᠬᠠᠰᠤᠭᠠᠳ ᠣᠳᠣ ᠴᠣᠬᠣᠮ ᠴᠡᠷᠢᠭ ᠣᠷᠣᠵᠤ ᠢᠷᠡᠭᠰᠡᠨ ᠳ᠋ᠦ᠍ᠷ ᠴᠡᠷᠢᠭ ᠳᠠᠢᠴᠢᠯᠠᠬᠤ ᠬᠥᠮᠦᠨ ᠦᠭᠡᠢ ᠪᠣᠯᠵᠤᠬᠤᠢ᠃ ᠲᠡᠢᠮᠦ ᠶ᠋ᠢᠨ ᠲᠤᠯᠠ ᠮᠠᠨ ᠤ᠋ ᠤᠯᠤᠰ ᠲᠥᠷᠥ ᠡᠨᠡ ᠮᠡᠲᠦ ᠪᠣᠯᠤᠭᠰᠠᠨ ᠪᠣᠯᠠᠢ᠃ ᠭᠠᠭᠴᠠ ᠵᠡᠭᠦᠨ ᠢ᠋ ᠬᠢᠴᠢᠶᠡᠪᠡᠰᠦ ᠪᠠᠷᠠᠭᠤᠨ ᠠᠨᠤ ᠣᠰᠣᠯᠳᠠᠮᠤᠢ᠃  ᠭᠡᠨᠡᠳᠲᠡ ᠪᠠᠷᠠᠭᠤᠨ ᠢ᠋ ᠬᠢᠴᠢᠶᠡᠪᠡᠰᠦ ᠵᠡᠭᠦᠨ ᠢᠨᠦ ᠣᠰᠣᠯᠳᠠᠮᠤᠢ᠃ ᠡᠵᠡᠨ ᠵᠠᠷᠤᠬᠤᠢ ᠳ᠋ᠤᠷ ᠪᠢᠳᠡ ᠣᠨᠴᠠ ᠬᠣᠭᠣᠰᠣᠨ ᠦᠭᠡ ᠪᠡᠷ ᠭᠣᠣᠳᠠᠵᠤ᠂ ᠰᠢᠯᠦᠭ ᠳᠠᠭᠤᠯᠠᠯ ᠢ᠋ᠶ᠋ᠠᠷ ᠴᠢᠮᠡᠭᠯᠡᠵᠦ᠂ ᠡᠵᠡᠨ ᠢ᠋ ᠭᠦᠨ ᠴᠡᠩᠭᠡᠯ ᠳ᠋ᠦ᠍ᠷ ᠤᠳᠤᠷᠢᠳᠤᠮᠤᠢ᠃ ᠤᠯᠤᠰ ᠵᠣᠪᠠᠬᠤᠢ ᠳ᠋ᠤᠷ ᠬᠣᠭᠣᠰᠣᠨ ᠦᠭᠡ ᠪᠡᠷ ᠴᠡᠷᠢᠭ ᠪᠣᠯᠭᠠᠨ ᠴᠠᠯᠴᠢᠮᠤᠢ᠂ ᠤᠯᠤᠰ ᠮᠥᠬᠥᠪᠡᠰᠦ ᠴᠡᠷᠢᠭ ᠦ᠋ᠨ ᠬᠠᠷᠢᠶᠠᠲᠤ ᠴᠥᠮ ᠦᠬᠦᠵᠦ ᠪᠠᠷᠠᠮᠤᠢ᠃ ᠪᠢᠴᠢᠭ ᠦ᠋ᠨ ᠬᠠᠷᠢᠶᠠᠲᠤ ᠬᠣᠲᠠᠨ ᠢ᠋ ᠡᠷᠭᠦᠵᠦ ᠰᠠᠢᠨ ᠳ᠋ᠤᠷ ᠣᠷᠣᠮᠤᠢ᠃ ᠵᠦᠩᠳᠦ᠋ ᠮᠥᠨ ᠲᠡᠷᠡ ᠶᠣᠰᠣ ᠪᠤᠰᠤ ᠤᠤ ? ᠡᠳᠦᠭᠡ ᠡᠵᠡᠨ ᠦ᠌ ᠡᠮᠦᠨ᠎ᠡ ᠲᠡᠳᠡᠭᠡᠷ ᠴᠥᠮ ᠰᠠᠢᠨ ᠬᠥᠮᠦᠨ ᠪᠣᠯᠵᠤ᠂ ᠮᠠᠨ ᠢ᠋ ᠴᠥᠮ ᠨᠣᠬᠠᠢ ᠭᠠᠬᠠᠢ ᠳ᠋ᠤᠷ ᠠᠳᠠᠯᠢ ᠵᠠᠷᠤᠬᠤ ᠠᠨᠤ ᠶᠠᠭᠤᠲᠠᠢ ᠮᠤᠩᠬᠠᠭ ?   ᠡᠵᠡᠨ ᠦ᠌ ᠬᠡᠰᠢᠭ ᠢ᠋ ᠦᠶ᠎ᠡ ᠤᠯᠠᠷᠢᠨ ᠬᠦᠷᠲᠡᠭᠡᠳ ᠨᠢᠭᠡᠨ ᠰᠤᠮᠤ ᠶ᠋ᠢ ᠬᠠᠷᠢᠭᠤᠯᠠᠨ ᠴᠢᠳᠠᠬᠤ ᠦᠭᠡᠢ ᠪᠥᠭᠡᠳ ᠡᠳᠦᠭᠡ ᠬᠣᠭᠣᠰᠣᠨ ᠦᠭᠡᠰ ᠶᠡᠬᠡ ᠶᠣᠰᠣ ᠬᠡᠯᠡᠵᠦ ᠶᠡᠬᠡᠯ᠎ᠡ ᠪᠠᠶᠠᠷᠯᠠᠬᠤ ᠶ᠋ᠢ ᠬᠡᠨ ᠦᠯᠦ ᠴᠢᠳᠠᠬᠤ ? 》ᠭᠡᠮᠡᠨ ᠭᠠᠭᠴᠠ ᠪᠢᠶᠠᠨ ᠵᠢᠩ ᠢ᠋ ᠬᠠᠮᠠᠭᠠᠯᠠᠨ ᠰᠠᠬᠢᠬᠤ ᠪᠣᠢ ‍ᠶ᠎ᠠ᠂ ᠭᠠᠳᠠᠭ᠍ᠰᠢ ᠭᠠᠷᠬᠤ ᠦᠭᠡᠢ ᠳ᠋ᠦ᠍ᠷ ᠬᠠᠭᠠᠨ ᠪᠢᠴᠢᠭ ᠦ᠋ᠨ ᠲᠦᠰᠢᠮᠡᠳ ᠢ᠋ ᠭᠠᠷᠭᠠᠵᠤ ᠬᠡᠯᠡᠯᠴᠡᠭᠦᠯᠦᠨ ᠡᠶᠡᠳᠡᠭᠦᠯᠬᠦ ᠢᠨᠦ ᠡᠷᠬᠢᠮ ᠭᠡᠮᠡᠨ ᠤᠷᠤᠭ᠍ᠰᠢ ᠣᠷᠣᠬᠤ ᠦᠭᠡᠢ ᠪᠣᠯᠤᠭᠰᠠᠨ ᠳ᠋ᠤᠷ ᠮᠤᠬᠤᠯᠢ ᠪᠠᠰᠠ ᠬᠦᠷᠴᠦ ᠢᠷᠡᠭᠡᠳ ᠮᠣᠩᠭᠣᠯ ᠤ᠋ᠨ ᠴᠡᠷᠢᠭ ᠡᠳᠦᠷ ᠢᠷᠡᠬᠦᠶ᠎ᠡ ᠤᠷᠤᠭᠰᠢᠯᠠᠬᠤ ᠲᠤᠯᠠ ᠰᠠᠬᠢᠭ᠍ᠰᠠᠨ ᠵᠧᠦ ᠵᠢᠶᠦ᠋ᠨ ᠴᠥᠮ ᠡᠪᠳᠡᠷᠡᠨ ᠬᠣᠬᠢᠷᠠᠪᠠ᠃ ᠳᠠᠬᠢᠨ ᠠᠪᠴᠤ ᠨᠢᠭᠡᠨᠲᠡ ᠴᠢᠳᠠᠬᠤ ᠦᠭᠡᠢ ᠪᠣᠯᠤᠭᠰᠠᠨ ᠲᠤᠯᠠ ᠠᠯᠲᠠᠨ ᠤᠯᠤᠰ ᠤ᠋ᠨ ᠡᠵᠡᠨ ᠡᠷᠲᠡᠨ ᠡᠴᠡ ᠴᠡᠷᠢᠭ ᠢ᠋ ᠣᠮᠲᠣᠭᠠᠢᠯᠠᠨ᠂ ᠪᠢᠴᠢᠭ ᠢ᠋ ᠡᠷᠬᠢᠯᠡᠭᠰᠡᠨ ᠬᠠᠤᠯᠢ ᠶᠣᠰᠣ ᠳ᠋ᠠᠭᠠᠨ ᠶᠡᠬᠡᠯ᠎ᠡ ᠭᠡᠮᠰᠢᠪᠡ᠃ ᠬᠡᠷᠬᠢᠨ ᠭᠡᠮᠰᠢᠪᠡᠴᠦ ᠪᠠᠭᠠᠲᠤᠷ ᠡᠷᠡᠰ ᠨᠢᠭᠡᠨᠲᠡ ᠳᠤᠲᠠᠭᠠᠭᠠᠳ ᠪᠢᠴᠢᠭ ᠦ᠋ᠨ ᠰᠠᠢᠳ ᠶᠠᠮᠤᠨ ᠬᠠᠭᠠᠯᠭ᠎ᠠ ᠳ᠋ᠤᠷ ᠫᠢᠭ ᠳᠦᠭᠦᠷᠴᠦᠬᠦᠢ᠃ ᠬᠠᠭᠠᠨ ᠨᠢᠳᠦ ᠪᠦᠯᠲᠡᠯᠵᠡᠨ ᠤᠷᠤᠭᠤᠯ ᠶᠠᠪᠠᠭᠠᠨᠠᠬᠤ ᠠ᠋ᠴᠠ ᠥᠪᠡᠷ᠎ᠡ ᠴᠢᠳᠠᠯ ᠦᠭᠡᠢ ᠪᠣᠯᠪᠠᠢ᠃ ᠣᠳᠣ ᠭᠠᠭᠴᠠ ᠮᠣᠩᠭᠣᠯ ᠢ᠋ ᠰᠠᠢᠨ ᠦᠭᠡ ᠪᠡᠷ ᠬᠠᠭᠤᠷᠤᠨ ᠮᠡᠬᠡᠯᠡᠵᠦ ᠠᠯᠠᠯᠳᠤᠬᠤ ᠦᠭᠡᠢ ᠪᠡᠷ ᠳᠠᠭᠠᠬᠤ ᠪᠠᠨ ᠪᠡᠯᠡᠳᠬᠡᠪᠡ᠃ ᠡᠭᠦᠨᠴᠡ ᠠᠯᠲᠠᠨ ᠤᠯᠤᠰ ᠰᠢᠷᠪᠥᠰᠥ ᠰᠤᠨᠵᠤ ᠲᠠᠮᠢᠷ ᠲᠠᠰᠤᠷᠠᠨ ᠳᠣᠷᠣᠢᠲᠠᠨ ᠪᠠᠭᠤᠷᠠᠪᠠ᠃ 
       ᠲᠡᠳᠦᠢ ᠮᠤᠬᠤᠯᠢ ᠶᠡᠬᠡ ᠴᠡᠷᠢᠭ ᠢ᠋ ᠠᠪᠴᠤ ᠳᠠᠢᠰᠤᠨᠳᠠᠷᠤᠭᠴᠢ ᠶ᠋ᠢᠨ ᠴᠡᠷᠢᠭ ᠲᠦᠩ ᠭᠤᠸᠠᠨ ᠢ᠋ ᠨᠡᠪᠲᠡᠯᠦᠨ ᠠᠯᠲᠠᠨ ᠤᠯᠤᠰ ᠤ᠋ᠨ ᠪᠢᠶᠠᠨ ᠵᠢᠩ ᠢ᠋ ᠲᠣᠭᠣᠷᠢᠨ ᠵᠧᠦ ᠰᠢᠶᠠᠨ ᠬᠣᠲᠠ ᠪᠠᠯᠭᠠᠳ ᠢ᠋ ᠪᠠᠢᠯᠳᠤᠨ ᠠᠪᠬᠤᠢ ᠳ᠋ᠤᠷ ᠶᠡᠬᠡᠯ᠎ᠡ ᠪᠠᠶᠠᠷᠯᠠᠨ ᠬᠦᠨᠳᠦ ᠱᠠᠩ ᠲᠠᠯᠪᠢᠵᠤ᠂ ᠬᠠᠭᠠᠨ ᠳ᠋ᠤᠷ ᠠᠢᠯᠠᠳᠬᠠᠨ ᠪᠠᠰᠠ ᠨᠢᠭᠡᠨᠲᠡᠭᠡᠭᠦᠷ ᠪᠢᠶᠠᠨ ᠵᠢᠩ ᠢ᠋ ᠡᠪᠳᠡᠬᠦ ᠠᠷᠭ᠎ᠠ ᠶ᠋ᠢ ᠵᠥᠪᠯᠡᠨ ᠪᠣᠳᠣᠵᠤ᠂ ᠠᠯᠲᠠᠨ ᠤᠯᠤᠰ ᠤ᠋ᠨ ᠬᠡᠳᠦᠨ ᠮᠣᠵᠢ ᠶ᠋ᠢᠨ ᠴᠡᠷᠢᠭ ᠴᠥᠮ ᠪᠢᠶᠠᠨ ᠵᠢᠩ ᠳ᠋ᠦ᠍ᠷ ᠬᠤᠷᠠᠨ ᠴᠤᠭᠯᠠᠭᠰᠠᠨ ᠲᠤᠯᠠ ᠡᠪᠳᠡᠬᠦᠢ ᠳ᠋ᠦ᠍ᠷ ᠪᠡᠷᠬᠡ ᠪᠣᠯᠬᠤᠢ ᠳ᠋ᠤᠷ ᠭᠡᠨᠡᠳᠲᠡ ᠬᠠᠭᠠᠨ ᠤ᠋  ᠵᠠᠷᠯᠢᠭ ᠴᠡᠷᠢᠭ ᠡᠭᠡᠭᠲᠦᠨ᠂ ᠠᠷᠪᠠᠨ ᠨᠢᠭᠡᠨ ᠰᠠᠷ᠎ᠠ ᠳ᠋ᠤᠷ ᠡᠮᠦᠨ᠎ᠡ ᠴᠡᠷᠢᠭ ᠮᠠᠭᠤ ᠬᠡᠮᠡᠭᠰᠡᠨ ᠳ᠋ᠦ᠍ᠷ ᠮᠤᠬᠤᠯᠢ ᠶᠡᠬᠡᠯ᠎ᠡ ᠰᠢᠬᠠᠮᠳᠠᠪᠠ᠃ ᠵᠠᠷᠯᠢᠭ ᠠ᠋ᠴᠠ ᠵᠥᠷᠢᠴᠡᠰᠦᠭᠡᠢ ᠬᠡᠮᠡᠬᠦᠯ᠎ᠡ ᠲᠦᠰᠢᠮᠡᠯ ᠦ᠋ᠨ ᠶᠣᠰᠣ ᠪᠤᠰᠤ᠂ ᠡᠭᠡᠰᠦᠭᠡᠢ ᠬᠡᠮᠡᠬᠦᠯ᠎ᠡ ᠬᠠᠷᠠᠬᠠᠨ ᠠᠪᠤᠭᠰᠠᠨ ᠬᠣᠲᠠ ᠪᠠᠯᠭᠠᠳ ᠢ᠋ ᠬᠠᠢᠷᠠᠯᠠᠬᠤ ᠲᠤᠯᠠ ᠠᠷᠭ᠎ᠠ ᠵᠠᠪᠬᠠᠷᠠᠨ ᠴᠡᠷᠢᠭ ᠢ᠋ ᠦᠯᠡᠳᠡᠭᠡᠵᠦ᠂ ᠥᠪᠡᠷ ᠢ᠋ᠶ᠋ᠡᠨ ᠲᠣᠪᠳᠣᠯᠠᠨ ᠢᠷᠡᠬᠦᠢ ᠳ᠋ᠦ᠍ᠷ ᠶᠡᠬᠡ ᠴᠡᠷᠢᠭ ᠢ᠋ ᠳᠠᠢᠰᠤᠨᠳᠠᠷᠤᠭᠴᠢ᠂ ᠪᠤᠯᠤ ᠬᠣᠶᠠᠭᠤᠯᠠ ᠳ᠋ᠤᠷ ᠴᠢᠩᠳᠠ ᠴᠠᠭᠠᠵᠠᠯᠠᠨ ᠲᠤᠰᠢᠶᠠᠵᠤ᠂ ᠠᠪᠤᠭᠰᠠᠨ ᠬᠣᠲᠠᠳ ᠢ᠋ ᠪᠠᠲᠤᠳᠠ ᠰᠠᠭᠢᠭᠤᠯᠤᠭᠠᠳ ᠮᠤᠬᠤᠯᠢ ᠳ᠋ᠠᠢᠳᠦ᠋ ᠳ᠋ᠦ᠍ᠷ ᠬᠦᠷᠴᠦ ᠢᠷᠡᠭᠰᠡᠨ ᠳ᠋ᠦ᠍ᠷ ᠬᠠᠭᠠᠨ ᠭᠠᠭᠴᠠᠭᠠᠷ ᠢᠷᠡᠭᠰᠡᠨ ᠢ᠋ ᠰᠣᠨᠣᠰᠴᠤ ᠤᠴᠢᠷ ᠢ᠋ ᠠᠰᠠᠭᠤᠨ ᠨᠡᠩ ᠴᠢᠬᠤᠯᠳᠠᠵᠤ ᠬᠤᠷᠳᠤᠨ ᠳᠠᠭᠤᠳᠠᠭᠤᠯ ᠬᠡᠮᠡᠭᠰᠡᠨ ᠳ᠋ᠦ᠍ᠷ ᠮᠤᠬᠤᠯᠢ ᠬᠡᠷᠬᠢᠪᠡᠴᠦ ᠪᠣᠯᠬᠤ ᠦᠭᠡᠢ ᠠᠢᠯᠠᠳᠬᠠᠷᠤᠨ :《ᠡᠰᠡ ᠳᠠᠷᠤᠭᠳᠠᠪᠠᠰᠤ ᠮᠡᠷᠭᠡᠨ ᠪᠣᠯᠬᠤ ᠦᠭᠡᠢ ᠂ ᠬᠡᠷᠪᠡ ᠮᠢᠨᠦ ᠴᠠᠭᠠᠵᠠ ᠶ᠋ᠢ ᠰᠠᠬᠢᠪᠠᠰᠤ ᠪᠠᠲᠤ ᠪᠣᠯᠤᠮᠤᠢ᠂ ᠬᠡᠷᠪᠡ ᠳᠠᠷᠤᠭᠳᠠᠪᠠᠰᠤ ᠮᠡᠷᠭᠡᠨ ᠪᠣᠯᠤᠮᠤᠢ᠂ ᠮᠠᠨ ᠤ᠋ ᠬᠣᠲᠠ ᠬᠡᠷᠬᠢᠪᠡᠴᠦ ᠦᠯᠦ ᠠᠪᠲᠠᠮᠤᠢ ! 》ᠬᠡᠮᠡᠬᠦᠢ ᠳ᠋ᠦ᠍ᠷ ᠬᠠᠭᠠᠨ ᠤ᠋ ᠳᠣᠲᠣᠷ᠎ᠠ ᠤᠬᠠᠮᠵᠢᠯᠠᠭᠠᠳ ᠳᠠᠷᠤᠢ ᠤᠯᠤᠰ ᠤ᠋ᠨ ᠠᠮᠤᠷ ᠴᠡᠷᠢᠭ ᠪᠠ ᠯᠢᠶᠣᠤ ᠳ᠋ᠦᠩ ᠦ᠋ᠨ ᠴᠡᠷᠢᠭ ᠢ᠋ ᠠᠪᠴᠤ ᠶ᠋ᠢᠨ ᠵᠧᠦ ᠶ᠋ᠢᠨ ᠵᠠᠩ ᡁᠢ ᠶ᠋ᠢ ᠲᠠᠢᠯᠠᠭᠤᠯᠬᠤᠢ ᠳ᠋ᠤᠷ ᠮᠤᠬᠤᠯᠢ ᠬᠠᠭᠠᠨ ᠤ᠋ ᠪᠣᠯᠪᠠᠰᠤᠨ ᠴᠡᠷᠢᠭ ᠢ᠋ ᠠᠪᠴᠤ ᠶ᠋ᠢᠨ ᠵᠧᠦ ᠶ᠋ᠢᠨ ᠣᠢᠷ᠎ᠠ ᠰᠢᠬᠠᠵᠤ ᠰᠠᠨᠠᠭᠠᠨ ᠳ᠋ᠤᠷ ᠦᠭᠡᠢ ᠪᠡᠷ ᠠᠪᠰᠤᠭᠠᠢ ᠭᠡᠮᠡᠨ ᠯᠢᠶᠣᠤ ᠰᠢ ᠱᠠᠨ ᠹᠦ ᠬᠡᠮᠡᠬᠦ ᠭᠠᠵᠠᠷ ᠢ᠋ ᠠᠪᠤᠭᠤᠯᠤᠷ᠎ᠠ ᠢᠯᠡᠭᠡᠬᠦᠢ ᠳ᠋ᠦ᠍ᠷ ᠴᠡᠷᠢᠭ ᠲᠦ᠍ᠷ ᠰᠤᠷᠭᠠᠨ ᠥᠭᠦᠯᠡᠷᠦᠨ : 《ᠴᠢ ᠯᠢᠶᠣᠤ ᠰᠢ ᠶ᠋ᠢᠨ ᠬᠤᠯᠠᠭᠠᠢ ᠶ᠋ᠢ ᠲᠦᠷᠭᠡᠨ᠎ᠡ ᠪᠠᠢᠯᠳᠤ᠂ ᠲᠡᠷᠡ ᠵᠠᠩ ᡁᠢ ᠶ᠋ᠢᠨ ᠢᠨᠠᠭ ᠤᠷᠤᠭ ᠲᠤᠯᠠ ᠵᠠᠩ ᡁᠢ ᠯᠠᠪ ᠥᠮᠥᠭᠯᠡᠷ᠎ᠡ ᠡᠴᠢᠮᠦᠢ᠃ ᠲᠡᠷᠡ ᠡᠴᠢᠬᠦᠢ ᠳ᠋ᠦ᠍ᠷ ᠪᠢ ᠴᠡᠷᠢᠭ ᠠᠪᠴᠤ ᠡᠭᠡᠬᠦ ᠵᠠᠮ ᠢ᠋ ᠲᠠᠰᠤᠯᠤᠨ ᠪᠠᠢᠯᠳᠤᠪᠠᠰᠤ ᠨᠢᠭᠡᠨ ᠤᠳᠠᠭ᠎ᠠ ᠳ᠋ᠤᠷ ᠳᠠᠷᠤᠢ ᠠᠷᠢᠯᠭᠠᠵᠤ  ᠪᠣᠯᠤᠮᠤᠢ ! 》ᠭᠡᠮᠡᠨ ᠶᠠᠪᠤᠭᠤᠯᠪᠠ ᠃ ᠵᠢᠴᠢ ᠮᠣᠩᠭᠣᠯ ᠪᠤᠬ᠎ᠠ ᠶ᠋ᠢᠨ ᠨᠢᠭᠡᠨ ᠠᠩᠭᠢ ᠴᠡᠷᠢᠭ ᠢ᠋ ᠵᠦᠩ ᠳᠡ ᠰᠢᠶᠠᠨ ᠤ᠋ ᠪᠠᠷᠠᠭᠤᠨ ᠳ᠋ᠤ᠌ ᠠᠷᠪᠠᠨ ᠭᠠᠵᠠᠷ ᠤ᠋ᠨ ᠡᠴᠦᠰ ᠪᠦᠭᠭᠦᠭᠦᠯᠵᠦ᠂ ᠯᠢᠶᠣᠤ ᠰᠢ ᠭᠠᠵᠠᠷ ᠤ᠋ᠨ ᠴᠡᠷᠢᠭ ᠢ᠋ ᠬᠠᠭᠠᠪᠠᠰᠤ ᠵᠠᠩ ᡁᠢ ᠪᠠᠰᠠ ᠲᠡᠩᠭᠦᠷᠡᠭᠦᠯᠦᠷ᠎ᠡ ᠢᠷᠡᠬᠦ ᠪᠣᠯᠠᠢ᠂ ᠲᠡᠭᠦᠨ ᠦ᠌ ᠡᠭᠡᠬᠦ ᠵᠠᠮ ᠢ᠋ ᠳᠠᠰᠤᠯ ᠭᠡᠮᠡᠨ ᠶᠠᠪᠤᠭᠤᠯᠪᠠ᠃ 
       ᠲᠡᠳᠦᠢ ᠮᠤᠬᠤᠯᠢ ᠰᠥᠨᠢ ᠳᠦᠯᠢᠨ ᠰᠢᠯᠭᠠᠳᠠᠭ ᠴᠡᠷᠢᠭ ᠢ᠋ ᠠᠪᠴᠤ ᠬᠦᠯᠢᠶᠡᠬᠦᠶ᠎ᠡ ᠦᠨᠡᠬᠡᠷ ᠯᠢᠶᠣᠤ ᠰᠢ ᠶ᠋ᠢ ᠪᠠᠢᠯᠳᠤᠵᠤ᠂ ᠵᠠᠩ ᡁᠢ ᠥᠮᠥᠭᠯᠡᠷ᠎ᠡ ᠡᠴᠢᠭᠰᠡᠨ ᠢ᠋ ᠮᠣᠩᠭᠣᠯ ᠪᠤᠬ᠎ᠠ ᠡᠭᠡᠬᠦ ᠵᠠᠮ ᠢ᠋ ᠲᠠᠰᠤᠯᠵᠤ ᠶᠠᠭᠠᠷᠠᠨ ᠮᠡᠳᠡᠭᠦᠯᠬᠦᠢ ᠳ᠋ᠦ᠍ᠷ ᠮᠤᠬᠤᠯᠢ ᠶᠡᠬᠡᠯ᠎ᠡ ᠪᠠᠶᠠᠷᠯᠠᠨ᠂ ᠶᠡᠬᠡ ᠴᠡᠷᠢᠭ ᠢ᠋ ᠠᠪᠴᠤ ᠳᠣᠪᠲᠣᠯᠤᠨ ᠱᠠᠨ ᠱᠦᠢ ᠣᠰᠤᠨ᠎ᠠ ᠬᠦᠷᠴᠦ ᠳᠠᠢᠰᠤᠨ ᠤ᠋ ᠴᠡᠷᠢᠭ ᠢ᠋ ᠪᠠᠢᠯᠳᠤᠬᠤᠢ ᠳ᠋ᠤᠷ ᠮᠣᠩᠭᠣᠯ ᠪᠤᠬ᠎ᠠ ᠬᠣᠢᠨ᠎ᠠ ᠠ᠋ᠴᠠ ᠠᠨᠤ ᠬᠠᠪᠴᠢᠨ ᠪᠠᠢᠯᠳᠤᠵᠤ ᠶᠡᠬᠡᠯ᠎ᠡ ᠳᠠᠷᠤᠭᠠᠳ ᠮᠣᠩᠭᠣᠯ ᠪᠤᠬ᠎ᠠ ᠠᠷᠪᠠᠨ ᠳᠣᠯᠣᠭᠠᠨ ᠨᠠᠰᠤ ᠲᠠᠢ ᠬᠠᠷᠠᠬᠠᠨ ᠠᠭᠤᠷᠮᠠᠭ ᠴᠠᠭ ᠲᠤᠯᠠ ᠡᠷᠬᠡᠪᠰᠢ ᠵᠠᠩ ᡁᠢ ᠶ᠋ᠢ ᠪᠠᠷᠢᠵᠤ ᠠᠯᠠᠰᠤᠭᠠᠢ ᠭᠡᠮᠡᠨ ᠨᠡᠪᠲᠡᠯᠦᠨ ᠣᠷᠣᠵᠤ ᠬᠥᠯ ᠭᠠᠷ ᠲᠤᠷ ᠳᠠᠭᠠᠷᠢᠭᠳᠠᠨ ᠬᠥᠮᠦᠨ ᠮᠣᠷᠢᠨ ᠴᠥᠮ ᠥᠩᠬᠥᠷᠢᠨ ᠤᠨᠠᠮᠤᠢ᠃ 
       ᠲᠡᠳᠦᠢ ᠵᠠᠩ ᡁᠢ ᠰᠠᠢᠨ ᠮᠣᠷᠢᠨ ᠳ᠋ᠤᠷ ᠡᠷᠳᠦᠵᠦ ᠶ᠋ᠢᠨ ᠵᠧᠦ ᠳ᠋ᠦ᠍ᠷ ᠳᠤᠲᠠᠭᠠᠨ ᠬᠠᠭᠠᠯᠭ᠎ᠠ ᠳᠠᠷᠤᠵᠤ ᠭᠠᠷᠬᠤ ᠦᠭᠡᠢ ᠳ᠋ᠦ᠍ᠷ ᠮᠤᠬᠤᠯᠢ ᠶ᠋ᠢᠨ ᠴᠡᠷᠢᠭ ᠨᠡᠬᠡᠨ ᠢᠷᠡᠵᠦ ᠬᠡᠳᠦ ᠬᠡᠳᠦᠨ ᠤᠳᠠᠭ᠎ᠠ ᠪᠠᠢᠯᠳᠤᠪᠠᠴᠤ ᠬᠣᠲᠠ ᠪᠠᠨ ᠠᠪᠲᠠᠬᠤ ᠦᠭᠡᠢ ᠳ᠋ᠦ᠍ᠷ ᠬᠣᠲᠠ ᠶ᠋ᠢ ᠲᠣᠭᠣᠷᠢᠨ ᠬᠠᠭᠠᠵᠤ ᠲᠠᠢ ᠪᠠᠢᠭᠤᠯᠵᠤ᠂ ᠶ᠋ᠢᠨ ᠵᠢᠦ ᠶ᠋ᠢᠨ ᠪᠠᠷᠠᠭᠤᠨ ᠬᠠᠭᠠᠯᠭ᠎ᠠ ᠳ᠋ᠤᠷ ᠱᠠᠨ ᠱᠦᠢ ᠭᠣᠣᠯ ① ᠤ᠋ᠨ ᠤᠰᠤᠨ ᠪᠣᠢ ᠲᠤᠯᠠ ᠤᠭᠤᠲᠠ ᠳ᠋ᠤᠷ ᠡᠯᠡᠰᠦ ᠳᠦᠭᠦᠷᠭᠡᠵᠦ ᠳᠡᠭᠲᠡᠷ ᠴᠣᠭᠴᠠᠯᠠᠨ ᠬᠤᠷᠴᠠ ᠰᠤᠮᠤ ᠬᠠᠷᠪᠤᠭᠤᠯᠵᠤ ᠨᠢᠭᠡᠨ ᠰᠠᠷ᠎ᠠ ᠪᠣᠯᠤᠭᠰᠠᠨ ᠦᠭᠡᠢ ᠵᠠᠩ ᡁᠢ ᠶ᠋ᠢᠨ ᠲᠡᠷᠢᠭᠦᠯᠡᠭᠰᠡᠨ ᠲᠦᠰᠢᠮᠡᠯ ᠭᠣᠣ ᠢ ᠣᠯᠠᠨ ᠯᠤᠭ᠎ᠠ ᠵᠥᠪᠯᠡᠵᠦ᠂ ᠵᠠᠩ ᡁᠢ ᠶ᠋ᠢ ᠪᠠᠷᠢᠵᠤ ᠬᠠᠭᠠᠯᠭ᠎ᠠ ᠨᠡᠭᠡᠭᠡᠵᠦ ᠳᠠᠭᠠᠭᠰᠠᠨ ᠳ᠋ᠤᠷ ᠮᠤᠬᠤᠯᠢ ᠭᠣᠣ  ᠢ ᠶ᠋ᠢ ᠠᠷᠭ᠎ᠠ ᠦᠭᠡᠢ ᠱᠠᠩᠨᠠᠵᠤ ᠂ ᠵᠠᠩ ᡁᠢ ᠶ᠋ᠢ ᠬᠠᠭᠠᠨ ᠳ᠋ᠤᠷ ᠬᠦᠷᠭᠡᠵᠦ ᠡᠴᠢᠭᠰᠡᠨ ᠳ᠋ᠦ᠍ᠷ ᠬᠠᠭᠠᠨ ᠵᠠᠩ ᡁᠢ ᠶ᠋ᠢ ᠠᠯᠠᠵᠤ᠂ ᠸᠠᠩ ᠶ᠋ᠢᠢ᠂ ᠵᠠᠩ ᠭᠧ᠂ ᠵᠠᠩ ᡁᠢ ᠡᠨᠡ ᠭᠤᠷᠪᠠᠭᠤᠯᠠ ᠶ᠋ᠢᠨ ᠲᠣᠯᠣᠭᠠᠢ ᠳ᠋ᠤᠷ ᠶᠠᠯ᠎ᠠ ᠪᠢᠴᠢᠵᠦ ᠳᠡᠯᠡᠬᠡᠢ ᠳ᠋ᠠᠬᠢᠨ ᠤ᠋ ᠳᠥᠷᠪᠡᠨ ᠵᠦᠭ ᠲᠦ᠍ᠷ ᠲᠣᠭᠣᠷᠢᠭᠤᠯᠪᠠ᠃ ᠡᠨᠡ ᠵᠠᠪᠰᠠᠷ ᠰᠦ᠍ ᠵᠧᠦ ᠶ᠋ᠢᠨ ᠨᠢᠭᠡᠨ ᠠᠩᠭᠢ ᠴᠡᠷᠢᠭ ᠡᠴᠡ ᠸᠠᠢᠵᠢᠩ ᠭᠡᠨᠡᠳᠲᠡ ᠬᠡᠲᠦᠷᠬᠡᠢ ᠭᠠᠪᠢᠶ᠎ᠠ ᠪᠠᠢᠭᠤᠯᠰᠤᠭᠠᠢ ᠭᠡᠮᠡᠨ ᠣᠯᠠᠨ ᠬᠣᠷᠢᠶ᠎ᠠ ᠠ᠋ᠴᠠ ᠨᠢᠭᠤᠵᠤ᠂ ᠠᠯᠲᠠᠨ ᠤᠯᠤᠰ ᠤ᠋ᠨ ᠪᠢᠶᠠᠨ ᠵᠢᠩ ᠦ᠋ᠨ ᠬᠣᠲᠠᠨ ᠢ᠋ ᠬᠤᠯᠠᠭᠤᠵᠤ ᠳᠠᠪᠠᠷ᠎ᠠ ᠲᠠᠪᠤᠨ ᠮᠢᠩᠭᠠᠨ ᠴᠡᠷᠢᠭ ᠠᠪᠤᠨ ᠡᠴᠢᠬᠦᠢ ᠳ᠋ᠦ᠍ᠷ ᠬᠠᠮᠠᠭᠠᠯᠠᠬᠤ ᠴᠡᠷᠢᠭ ᠦ᠋ᠨ ᠰᠢᠦᠢ ᠲᠢᠩ ᠬᠡᠮᠡᠭᠴᠢ ᠨᠢᠭᠡᠨ ᠵᠠᠩᠵᠤᠨ ᠮᠡᠳᠡᠭᠡᠳ ᠪᠢᠶᠠᠨ ᠵᠢᠩ ᠬᠣᠲᠠ ᠶ᠋ᠢᠨ ᠣᠢᠷ᠎ᠠ ᠴᠡᠷᠢᠭ ᠭᠠᠷᠴᠤ ᠪᠠᠢᠯᠳᠤᠵᠤ᠂ ᠮᠣᠩᠭᠣᠯ ᠤ᠋ᠨ ᠴᠡᠷᠢᠭ ᠶᠡᠬᠡᠯ᠎ᠡ ᠳᠠᠷᠤᠭᠳᠠᠵᠤ ᠬᠣᠶᠠᠷ ᠵᠠᠭᠤᠨ ᠢᠯᠡᠭᠦᠦ ᠬᠥᠮᠦᠨ ᠠᠪᠲᠠᠵᠤ ᠲᠡᠭᠦᠨ ᠦ᠌ ᠵᠡᠭᠦᠨ ᠭᠠᠷ ᠤ᠋ᠨ ᠢᠳᠠᠮ ᠬᠤᠷᠤᠭᠤ ᠲᠠᠰᠤᠷᠠᠨ᠂ ᠳᠣᠣᠷᠠᠲᠤ ᠨᠢᠭᠡᠨ ᠰᠢᠳᠦ ᠰᠤᠮᠤᠨ ᠳ᠋ᠤᠷ ᠠᠪᠲᠠᠵᠤᠬᠦᠢ᠃ ᠸᠠᠢᠵᠢᠩ ᠶᠡᠬᠡᠯ᠎ᠡ ᠭᠡᠮᠰᠢᠨ ᠳᠠᠷᠤᠭᠳᠠᠭᠰᠠᠨ ᠴᠡᠷᠢᠭ ᠢ᠋ᠶ᠋ᠡᠨ ᠠᠪᠴᠤ ᠰᠥᠨᠢ ᠬᠣᠲᠠᠨ ᠳ᠋ᠤᠷ ᠣᠷᠣᠵᠤ ᠲᠣᠪ ᠳᠤᠭᠤᠢ ᠠᠲᠠᠯ᠎ᠠ᠂ ᠶᠡᠬᠡ ᠶᠤᠸᠠᠨᠱᠤᠸᠠᠢ ᠶ᠋ᠢᠨ ᠵᠠᠬᠢᠶ᠎ᠠ ᠶ᠋ᠢ ᠬᠦᠯᠢᠶᠡᠭᠰᠡᠨ ᠳᠠᠢᠰᠤᠨᠳᠠᠷᠤᠭᠴᠢ᠂ ᠪᠤᠯᠤ ᠨᠠᠷ ᠬᠡᠳᠦᠢ ᠮᠡᠳᠡᠪᠡᠴᠦ ᠦᠯᠦ ᠮᠡᠳᠡᠭᠴᠢ ᠪᠣᠯᠵᠤ ᠶᠤᠸᠠᠨᠱᠤᠸᠠᠢ ᠶ᠋ᠢ ᠬᠦᠯᠢᠶᠡᠪᠡ᠃ ᠡᠨᠡ ᠵᠠᠪᠰᠠᠷ ᠲᠤᠷ ᠠᠯᠲᠠᠨ ᠤᠯᠤᠰ ᠤ᠋ᠨ ᠫᠦ᠍ ᠰᠢᠶᠠᠨ ᠸᠠᠨ ᠨᠦ᠍ ᠬᠡᠮᠡᠭᠴᠢ ᠲᠠᠢᠱᠸᠦ ᠲᠦᠰᠢᠮᠡᠯ ᠰᠢᠶᠠ ᠤᠯᠤᠰ ᠤ᠋ᠨ ᠯᠢ ᠽᠦᠨ ᠰᠢᠦᠢ ᠶ᠋ᠢ ᠬᠡᠯᠡᠯᠴᠡᠨ ᠣᠯᠵᠤ᠂ ᠪᠠᠰᠠ ᠨᠠᠷᠢᠨ ᠠᠷᠭ᠎ᠠ ᠬᠡᠷᠡᠭᠯᠡᠨ ᠮᠣᠩᠭᠣᠯ ᠤᠯᠤᠰ ᠲᠤᠷ ᠢᠷᠡᠵᠦ ᠳᠠᠭᠠᠭᠰᠠᠨ ᠳ᠋ᠤᠷ ᠬᠠᠭᠠᠨ ᠲᠡᠷᠡ ᠫᠦ᠍ ᠰᠢᠶᠠᠨ ᠸᠠᠨ ᠨᠣ ᠶ᠋ᠢᠨ ᠬᠥᠮᠦᠨ ᠢ᠋ ᠦᠵᠡᠪᠡᠰᠦ᠂ ᠨᠢᠳᠦ ᠰᠠᠳᠤᠷ ᠤᠷᠤᠭᠤᠯ ᠨᠢᠮᠭᠡᠨ ᠮᠠᠰᠢ ᠬᠤᠷᠢᠴᠠᠯᠳᠤ ᠬᠥᠮᠦᠨ ᠲᠤᠯᠠ ᠬᠥᠪᠡᠭᠦᠨ ᠢ᠋ ᠢᠨᠦ ᠦᠯᠡᠳᠡᠭᠡᠨ ᠳᠡᠨᠵᠢ ᠳᠠᠷᠤᠭᠤᠯᠪᠠ᠃ ᠡᠨᠡ ᠫᠦ᠍ ᠰᠢᠶᠠᠨ ᠸᠠᠨ ᠨᠥ᠍ ᠬᠡᠮᠡᠭᠴᠢ ᠪᠠᠰᠠ ᠨᠢᠭᠡᠨ ᠬᠠᠪᠲᠠᠭᠠᠢ ᠶᠠᠭᠤᠮ᠎ᠠ᠂ ᠡᠨᠡ ᠬᠥᠪᠡᠭᠦᠨ ᠢᠨᠦ ᠲᠡᠭᠦᠨ ᠦ᠌ ᠤᠷᠢᠳᠤ ᠡᠮ᠎ᠡ ᠡᠴᠡ ᠲᠥᠷᠥᠭᠰᠡᠨ ᠬᠥᠪᠡᠭᠦᠨ ᠨᠡᠷ᠎ᠡ ᠲᠡᠢ ᠬᠦ᠌᠂ ᠪᠠᠢᠨ ᠪᠠᠢᠨ ᠲᠠᠴᠢᠶᠠᠳᠠᠭᠤᠯᠬᠤᠢ ᠳ᠋ᠤᠷ ᠡᠳᠦᠭᠡ ᠭᠡᠨᠡᠳᠲᠡ ᠲᠣᠬᠢᠶᠠᠯ ᠪᠣᠯᠤᠭᠰᠠᠨ ᠳ᠋ᠤᠷ ᠶᠡᠬᠡᠯ᠎ᠡ ᠪᠠᠶᠠᠷᠯᠠᠨ ᠳᠤᠷᠠᠲᠠᠶ᠎ᠠ ᠦᠯᠡᠳᠡᠭᠡᠨ ᠥᠭᠴᠦ ᠬᠠᠷᠢᠭᠠᠳ ᠳᠠᠷᠤᠢ ᠤᠷᠪᠠᠵᠤ ᠪᠡᠶ᠎ᠡ ᠪᠡᠨ ᠰᠢ ᠰᠢᠶᠨ ᠸᠠᠩ ᠭᠡᠮᠡᠨ ᠡᠷᠭᠦᠵᠦ᠂ ᠤᠯᠤᠰ ᠢ᠋ᠶ᠋ᠠᠨ ᠳᠣᠷᠣᠨ᠎ᠠ ᠰᠢᠶᠨ ᠭᠡᠮᠡᠨ ᠨᠡᠷᠡᠢᠳᠴᠦ ᠵᠢᠶᠠ ᠶᠤᠸᠠᠨ ᠤ᠋ ᠲᠡᠷᠢᠭᠦᠨ ᠣᠨ ᠬᠡᠮᠡᠪᠡ᠂ ᠡᠭᠦᠨ ᠳ᠋ᠦ᠍ᠷ ᠬᠠᠭᠠᠨ ᠬᠠᠷᠠᠬᠠᠨ ᠶᠡᠬᠡ ᠶᠤᠸᠠᠨᠱᠤᠸᠠᠢ ᠮᠤᠬᠤᠯᠢ ᠯᠤᠭ᠎ᠠ ᠵᠥᠪᠯᠡᠵᠦ ᠡᠮᠦᠨᠡᠲᠦ ᠴᠡᠷᠢᠭ ᠢ᠋ ᠡᠭᠡᠭᠦᠯᠵᠦ ᠵᠠᠷᠯᠠᠪᠠ᠂ ᠳᠠᠷᠠᠭ᠎ᠠ ᠬᠡᠷᠬᠢᠬᠦ ᠶ᠋ᠢ ᠳᠣᠣᠷᠠᠲᠤ ᠳᠡᠪᠲᠡᠷ ᠲᠣᠷ ᠦᠵᠡᠭᠳᠡᠬᠦᠢ᠃ 

– – – – 
① ᠡᠳᠦᠭᠡᠬᠢ ᠵᠢᠶᠣᠤ ᠯᠠᠩ ᠮᠥᠷᠡᠨ ᠮᠥᠨ᠃  

ᠰᠤᠳᠤᠷᠴᠢ ᠲᠠᠢᠵᠢ ᠢᠨᠵᠠᠨᠨᠠᠰᠢ ᠶ᠋ᠢᠨ ᠰᠤᠯᠠ ᠰᠢᠯᠦᠭ ᠢᠨᠦ : 
             ᠳᠡᠯᠡᠬᠡᠢ ᠳ᠋ᠠᠬᠢᠨ ᠢ᠋ ᠳᠡᠭᠦᠦ ᠨᠠᠷ ᠬᠡᠦᠬᠡᠳ ᠲᠣᠷ ᠥᠮᠴᠢ ᠬᠤᠪᠢᠶᠠᠨ ᠡᠵᠡᠯᠡᠭᠦᠯᠦᠭᠰᠡᠨ ᠢ᠋ᠶ᠋ᠡᠷ 
             ᠳᠡᠭᠡᠷᠡᠬᠢ ᠮᠣᠩᠭᠣᠯ ᠳ᠋ᠤᠷ ᠡᠳᠦᠭᠡ ᠰᠠᠶᠢ ᠨᠢᠭᠡᠨ ᠠᠮᠢᠳᠤᠷᠠᠯ ᠦᠯᠡᠭᠰᠡᠨ ᠪᠤᠶᠤ᠂
             ᠳᠡᠮᠡᠢᠯᠡ ᠰᠡᠷᠭᠡᠢᠯᠡᠨ ᠲᠥᠷᠥᠭᠰᠡᠨ ᠵᠠᠭᠤᠷ᠎ᠠ ᠶ᠋ᠢ ᠬᠣᠷᠢᠵᠤ ᠳᠠᠷᠤᠯᠠᠭᠰᠠᠨ ᠪᠥᠭᠡᠰᠦ 
             ᠳᠡᠢᠯᠦᠭᠰᠡᠨ ᠮᠣᠩᠭᠣᠯ ᠮᠥᠬᠥᠭᠰᠡᠨ ᠳᠠᠷᠤᠢ ᠦᠨᠳᠦᠰᠦᠨ ᠳᠠᠷᠤᠢ ᠬᠡᠢᠰᠬᠦ ᠪᠤᠶᠤ !