ᠠᠵᠢᠨᠠᠢ ᠶᠢᠨ ᠠᠷᠪᠠᠨ ᠰᠢᠷᠭ᠎ᠠАжнайн арван шарга-ᠣᠷᠳᠤᠰ ᠠᠷᠠᠳ ᠤᠨ ᠳᠠᠭᠤᠤ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠵᠢᠨᠠᠢ ᠶᠢᠨ ᠠᠷᠪᠠᠨ ᠰᠢᠷᠭ᠎ᠠАжнайн арван шарга-ᠣᠷᠳᠤᠰ ᠠᠷᠠᠳ ᠤᠨ ᠳᠠᠭᠤᠤ

ᠠᠵᠢᠨᠠᠢ ᠶᠢᠨ ᠠᠷᠪᠠᠨ ᠰᠢᠷᠭ᠎ᠠАжнайн арван шарга-ᠣᠷᠳᠤᠰ ᠠᠷᠠᠳ ᠤᠨ ᠳᠠᠭᠤᠤ

2023-09-13

290

ᠠᠵᠢᠨᠠᠢ ᠶᠢᠨ ᠠᠷᠪᠠᠨ ᠰᠢᠷᠭ᠎ᠠ

    ᠣᠷᠳᠣᠰ ᠠᠷᠠᠳ ᠤ᠋ᠨ ᠳᠠᠭᠤᠤ 
ᠠᠵᠢᠨᠠᠢ ᠠᠵᠢᠨᠠᠢ 
ᠠᠷᠪᠠᠨ ᠱᠢᠷᠭ᠎ᠠ ᠮᠣᠷᠢ 
ᠠᠯᠢ ᠨᠢᠭᠡ ᠶ᠋ᠢ ᠨᠢ ᠣᠨᠣᠪᠠᠴᠤ ᠯᠠ 
ᠵᠢᠷᠣᠭ᠎ᠠ ᠴᠤ᠌ ᠰᠠᠢᠪᠤᠷ ᠭᠠᠢᠬᠠᠮᠱᠢᠭ 

ᠠᠪᠤ ᠶ᠋ᠢᠨ ᠮᠢᠨᠢ ᠬᠠᠢᠷᠠᠯᠠᠭᠰᠠᠨ 
ᠠᠪᠳᠠᠷ᠎ᠠ ᠱᠦᠭᠦᠢ ᠠᠷᠪᠠᠨ ᠳ᠋ᠦᠢ 
ᠠᠯᠢ ᠨᠢᠭᠡ ᠶ᠋ᠢ ᠨᠢ ᠠᠷᠴᠢᠪᠠᠴᠤ 
ᠵᠢᠪᠴᠢᠰ ᠬᠦᠯᠢᠰ ᠭᠠᠢᠬᠠᠮᠱᠢᠭ 

ᠡᠵᠢ ᠶ᠋ᠢᠨ ᠮᠢᠨᠢ ᠬᠠᠢᠷᠠᠯᠠᠭᠰᠠᠨ 
ᠪᠡᠯᠡᠨ ᠬᠤᠪᠴᠠᠰᠤ ᠠᠷᠪᠠᠨ ᠳ᠋ᠦᠢ 
ᠠᠯᠢ ᠨᠢᠭᠡ ᠶ᠋ᠢ ᠨᠢ ᠡᠮᠦᠰᠪᠡᠴᠦ 
ᠭᠣᠨᠵᠢᠰ ᠬᠦᠯᠢᠰ ᠭᠠᠢᠬᠠᠮᠱᠢᠭ 

ᠠᠬ᠎ᠠ ᠶ᠋ᠢᠨ ᠮᠢᠨᠢ ᠬᠠᠢᠷᠠᠯᠠᠭᠰᠠᠨ
ᠠᠯᠲᠠᠨ ᠪᠠᠭᠤᠤ ᠠᠷᠪᠠᠨ ᠳ᠋ᠦᠢ
ᠠᠯᠢ ᠨᠢᠭᠡ ᠶ᠋ᠢ ᠨᠢ ᠵᠡᠭᠦᠪᠡᠴᠦ
ᠵᠢᠪᠴᠢᠰ ᠬᠦᠯᠢᠰ ᠭᠠᠢᠬᠠᠮᠱᠢᠭ

ᠪᠡᠷᠭᠡᠨ ᠦ᠌ ᠮᠢᠨᠢ ᠬᠠᠢᠷᠠᠯᠠᠭᠰᠠᠨ
ᠪᠡᠯᠡᠨ ᠳᠤᠷᠳᠤᠩ ᠠᠷᠪᠠᠨ ᠳ᠋ᠦᠢ
ᠠᠯᠢ ᠨᠢᠭᠡ ᠶ᠋ᠢ ᠨᠢ ᠡᠮᠦᠰᠪᠡᠴᠦ
ᠨᠠᠪᠰᠠᠰ ᠬᠦᠯᠢᠰ ᠭᠠᠢᠬᠠᠮᠱᠢᠭ

ᠡᠭᠡᠴᠢ ᠶ᠋ᠢᠨ ᠮᠢᠨᠢ ᠬᠠᠢᠷᠠᠯᠠᠭᠰᠠᠨ
ᠠᠭᠢᠲᠤ ᠲᠣᠷᠭ᠎ᠠ ᠠᠷᠪᠠᠨ ᠳ᠋ᠦᠢ
ᠠᠯᠢ ᠨᠢᠭᠡ ᠶ᠋ᠢ ᠨᠢ ᠳᠡᠯᠭᠡᠪᠡᠴᠦ
ᠦᠵᠡᠰᠭᠦᠯᠡᠩ ᠬᠦᠯᠢᠰ ᠭᠠᠢᠬᠠᠮᠱᠢᠭ

      ᠦᠰᠦᠭ ᠠᠮᠢᠯᠠᠭᠤᠯᠤᠭ᠍ᠴᠢ ᠄ᠣᠳᠣᠩᠬᠤᠸᠠᠷ