ᠬᠥᠬᠡ ᠰᠤᠳᠤᠷ - ᠢᠨᠵᠠᠨᠨᠠᠰᠢ < ᠳᠥᠴᠢᠨ ᠲᠤᠯᠤᠳᠤᠭᠠᠷ ᠪᠦᠯᠦᠭ > Хөх судар - Инжинаш < Дөчин долдугар бүлэг >
ᠴᠢᠩᠭᠢᠰ ᠪᠣᠭᠳᠠ ᠵᠦᠩ ᠶᠤᠸᠠᠨ ᠢ᠋ ᠡᠵᠡᠯᠡᠵᠦ ᠳᠡ ᠳ᠋ᠦ᠋ ᠬᠣᠲᠠᠨ ᠳ᠋ᠤᠷ ᠨᠡᠢᠰᠯᠡᠪᠡ
ᠬᠤᠪᠢᠯᠠᠢ ᠰᠡᠴᠡᠨ ᠳᠡ ᠳ᠋ᠦ᠋ ᠬᠣᠲᠠᠨ ᠳ᠋ᠤᠷ ᠮᠡᠨᠳᠦᠯᠡᠵᠦ ᠶᠠᠨ ᠵᠢᠩ ᠦ᠋ᠨ ᠭᠠᠵᠠᠷ ᠢ᠋ ᠲᠣᠭᠲᠠᠭᠠᠪᠠ
ᠳᠥᠴᠢᠨ ᠳᠣᠯᠣᠳᠤᠭᠠᠷ ᠪᠦᠯᠦᠭ
ᠬᠥᠬᠡᠭᠴᠢᠨ ᠭᠠᠬᠠᠢ ᠵᠢᠯ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠠᠷᠪᠠᠳᠤᠭᠠᠷ ᠣᠨ᠂
ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠳ᠋ᠢᠩ ᠦ᠋ᠨ ᠨᠠᠢ᠍ᠮᠠᠳᠤᠭᠠᠷ ᠣᠨ ᠂
ᠠᠯᠲᠠᠨ ᠤᠯᠤᠰ ᠤ᠋ᠨ ᠰᠢᠤᠸᠠᠨᠽᠦ᠋ᠩ ᠦ᠋ᠨ ᠵᠸᠨ ᠢᠦ ᠶ᠋ᠢᠨ ᠭᠤᠷᠪᠠᠳᠤᠭᠠᠷ ᠣᠨ ᠂ ᠲᠠᠢᠽᠦ ᠬᠠᠭᠠᠨ ᠡᠨᠡ ᠵᠢᠯ
ᠲᠠᠪᠢᠨ ᠳᠥᠷᠪᠡᠨ ᠰᠡᠭᠦᠳᠡᠷ ᠲᠡᠢ ᠂ ᠡᠨᠡ ᠵᠢᠯ ᠲᠣᠯᠢ ᠶ᠋ᠢᠨ ᠳᠥᠷᠪᠡᠳᠦᠭᠡᠷ ᠬᠥᠪᠡᠭᠦᠨ ᠬᠤᠪᠢᠯᠠᠢ ᠲᠥᠷᠥᠪᠡ
ᠴᠢᠩᠭᠢᠰ ᠪᠣᠭᠳᠠ ᠵᠦᠩ ᠶᠤᠸᠠᠨ ᠢ᠋ ᠡᠵᠡᠯᠡᠵᠦ ᠳᠡ ᠳ᠋ᠦ᠋ ᠬᠣᠲᠠᠨ ᠳ᠋ᠤᠷ ᠨᠡᠢᠰᠯᠡᠪᠡ
ᠬᠤᠪᠢᠯᠠᠢ ᠰᠡᠴᠡᠨ ᠳᠡ ᠳ᠋ᠦ᠋ ᠬᠣᠲᠠᠨ ᠳ᠋ᠤᠷ ᠮᠡᠨᠳᠦᠯᠡᠵᠦ ᠶᠠᠨ ᠵᠢᠩ ᠦ᠋ᠨ ᠭᠠᠵᠠᠷ ᠢ᠋ ᠲᠣᠭᠲᠠᠭᠠᠪᠠ
ᠠᠶ᠎ᠠ ᠠᠶ᠎ᠠ ! ᠡᠨᠡ ᠨᠢᠭᠡᠨ ᠪᠦᠯᠦᠭ ᠦ᠋ᠨ ᠡᠬᠢᠨ ᠳ᠋ᠦ᠍ᠷ ᠰᠤᠳᠤᠷᠴᠢ ᠲᠦᠰᠢᠮᠡᠯ ᠢᠨᠵᠠᠨᠨᠠᠰᠢ ᠮᠢᠨᠦ ᠡᠬᠡ ᠲᠠᠢᠵᠢᠶᠥᠢ᠍ᠨ ᠪᠥᠭᠡᠯᠵᠢᠵᠦ ᠰᠠᠭᠤᠯᠭᠠᠨ ᠬᠦᠨᠳᠦᠳᠡ ᠴᠢᠯᠡᠭᠡᠷᠬᠡᠵᠦ ᠵᠦᠩ ᠰᠢᠨ ᠹᠦ᠂ ᠴᠧᠩ ᠰᠢᠨ ᠹᠦ ᠶ᠋ᠢᠨ ᠬᠣᠲᠠᠯᠠᠭᠠᠷ ᠲᠣᠭᠣᠭ᠎ᠠ ᠪᠤᠴᠠᠯᠬᠤ ᠮᠡᠲᠦ ᠦᠢᠮᠡᠯᠳᠦᠨ᠂ ᠳᠤᠮᠳᠠᠳᠤ ᠬᠣᠷᠣᠭ᠎ᠠ ᠶ᠋ᠢᠨ ᠶᠡᠬᠡ ᠪᠠᠭ᠎ᠠ ᠬᠠᠷ᠎ᠠ ᠰᠢᠷ᠎ᠠ ᠪᠠ ᠳᠣᠣᠷ᠎ᠠ ᠬᠣᠷᠣᠭ᠎ᠠ ᠬᠠᠮᠲᠤ ᠪᠠᠷ ᠢᠷᠡᠯᠴᠡᠨ᠂ ᠤᠷᠲᠤ ᠨᠠᠰᠤᠨ ᠤ᠋ ᠪᠦᠲᠦᠭᠡᠯ ᠲᠠᠷᠨᠢ ᠶ᠋ᠢ ᠤᠩᠰᠢᠨ ᠪᠦᠲᠦᠭᠡᠬᠦᠶ᠎ᠡ ᠶᠡᠬᠡ《 ᠭᠠᠩ ᠮᠦ᠍ 》 ᠶ᠋ᠢ ᠣᠷᠴᠢᠭᠤᠯᠤᠭᠴᠢ ᠲᠤᠰᠠᠯᠠᠭᠴᠢ ᠠᠬ᠎ᠠ ᠰᠥᠩ᠂ ᠰᠤᠳᠤᠷ ᠢ᠋ ᠴᠥᠯᠪᠡᠭᠴᠢ ᠢᠨᠵᠠᠨᠨᠠᠰᠢ ᠪᠢ᠂ ᠰᠦᠨᠡᠰᠦᠨ ᠨᠥᠬᠥᠴᠡᠯ ᠨᠢᠭᠡᠨᠲᠡ ᠰᠠᠷᠨᠢᠭᠰᠠᠨ ᠳ᠋ᠤᠷ ᠶᠠᠭᠤᠨᠠᠢ ᠰᠤᠳᠤᠷ ᠴᠥᠯᠪᠡᠬᠦ ᠰᠠᠨᠠᠭᠠᠨ ᠪᠣᠢ ? ᠳᠠᠷᠠᠭ᠎ᠠ ᠪᠠᠷ ᠭᠤᠷᠪᠠᠨ ᠡᠳᠦᠷ ᠳᠠᠯᠠᠢ ᠪᠤᠴᠠᠯᠤᠨ ᠮᠥᠷᠡᠨ ᠴᠠᠯᠭᠢᠬᠤ ᠮᠡᠲᠦ ᠦᠢᠮᠡᠯᠳᠦᠨ᠂ ᠭᠡᠨᠡᠳᠲᠡ ᠵᠡᠭᠦᠨ ᠣᠭᠲᠠᠷᠭᠤᠢ ᠳ᠋ᠤᠷ ᠴᠠᠭᠠᠯᠠᠬᠤ ᠥᠷᠯᠥᠭᠡ ᠶ᠋ᠢᠨ ᠤᠯᠠᠭᠠᠨ ᠨᠠᠷᠠᠨ ᠮᠠᠨᠳᠤᠨ ᠭᠠᠷᠴᠤ ᠲᠦᠮᠡᠨ ᠪᠠᠷ᠎ᠠ ᠶ᠋ᠢᠨ ᠭᠠᠵᠠᠷ ᠬᠡᠪ ᠭᠡᠭᠡᠬᠡᠨ ᠪᠣᠯᠤᠨ᠂ ᠡᠬᠡ ᠲᠠᠢᠵᠢᠶᠥᠢ᠍ᠨ ᠦ᠌ ᠪᠡᠶ᠎ᠡ ᠶ᠋ᠢᠨ ᠴᠢᠯᠡᠭᠡ ᠰᠠᠪᠬᠢᠷᠠᠨ ᠡᠭᠦᠰᠬᠡᠭᠰᠡᠨ ᠳ᠋ᠦ᠍ᠷ ᠲᠡᠭᠷᠢ ᠭᠠᠵᠠᠷ ᠲᠤᠷ ᠲᠠᠬᠢᠯ ᠲᠠᠪᠠᠭ ᠡᠷᠭᠦᠵᠦ ᠂ ᠪᠣᠭᠳᠠ ᠡᠵᠡᠨ ᠳ᠋ᠦ᠍ᠷ ᠬᠦᠵᠢ ᠵᠤᠯᠠ ᠰᠢᠲᠠᠭᠠᠨ᠂ ᠭᠡᠷ ᠦ᠋ᠨ ᠬᠡᠢᠳ ᠲᠣᠷ ᠲᠠᠬᠢᠯ ᠪᠠᠯᠢᠩ ᠡᠷᠭᠦᠨ ᠂ ᠤᠷᠢᠳᠤᠰ ᠤ᠋ᠨ ᠰᠦᠮ᠎ᠡ ᠳ᠋ᠦ᠍ᠷ ᠮᠥᠷᠭᠥᠵᠦ ᠳᠤᠮᠳᠠᠳᠤ ᠬᠣᠷᠣᠭᠠᠨ ᠤ᠋ ᠬᠣᠲᠠᠯᠠᠭᠠᠷ ᠪᠠᠶᠠᠰᠬᠤᠯᠠᠩ ᠤ᠋ᠨ ᠶᠣᠰᠣᠭᠠᠷ ᠶᠡᠬᠡᠳᠡ ᠪᠠᠶᠠᠷᠯᠠᠯᠴᠠᠨ ᠨᠢᠳᠦᠨ ᠨᠡᠭᠡᠭᠡᠪᠡ᠃ ᠲᠡᠢᠨ ᠬᠦ᠌ ᠡᠨᠡ ᠪᠠᠶᠠᠷ ᠲᠤᠷ ᠳᠤᠮᠳᠠᠳᠤ ᠨᠠᠮᠤᠷ ᠤ᠋ᠨ ᠲᠡᠷᠭᠡᠯ ᠬᠤᠷᠢᠮ ᠣᠢᠷᠠᠲᠤᠭᠰᠠᠨ ᠲᠤᠯᠠ ᠭᠡᠭᠡᠪᠴᠢ ᠪᠥᠷᠭᠡ ᠶ᠋ᠢᠨ ᠰᠢᠯ ᠪᠣᠯᠣᠷ ᠢ᠋ ᠰᠢᠨᠡᠳᠬᠡᠨ ᠠᠷᠴᠢᠵᠤ ᠂ ᠦᠨᠦᠷᠲᠦ ᠬᠦᠵᠢᠰ ᠠᠩᠬᠢᠯᠤᠮᠠᠯ ᠴᠠᠢ ᠪᠠᠷ ᠳᠣᠲᠣᠷ᠎ᠠ ᠶ᠋ᠢ ᠲᠣᠬᠣᠷᠤᠭᠤᠯᠤᠨ᠂ ᠬᠠᠰ ᠤ᠋ᠨ ᠵᠢᠭᠤᠷᠠᠭᠤᠯ ᠳ᠋ᠤᠷ ᠬᠠᠷ᠎ᠠ ᠪᠡᠬᠡᠰ ᠢ᠋ ᠵᠢᠭᠤᠷᠠᠵᠤ᠂ ᠣᠭ᠌ᠶᠤ ᠶ᠋ᠢᠨ ᠪᠢᠷ ᠢ᠋ ᠳᠠᠬᠢᠨ ᠢᠳᠡᠭᠦᠯᠵᠦ ᠵᠠᠯᠭᠠᠨ ᠪᠢᠴᠢᠪᠡ᠃
ᠲᠠᠢᠵᠢᠶᠥᠢ᠍ᠨ ᠡᠬᠡ ᠲᠤᠩᠭᠠᠯᠠᠭ ᠪᠣᠯᠵᠤ᠂ ᠨᠢᠭᠡᠨ ᠬᠣᠷᠣᠭ᠎ᠠ ᠪᠠᠶᠠᠰᠤᠯᠴᠠᠨ ᠢᠨᠢᠶᠡᠯᠴᠡᠬᠦᠶᠡ ᠪᠢᠴᠢᠭᠰᠡᠨ ᠰᠤᠯᠠ ᠰᠢᠯᠦᠭ ᠢᠨᠤ :
ᠵᠢᠷᠭᠤᠭᠠᠨ ᠵᠠᠭᠤᠨ ᠡᠷᠦᠬᠡ ᠶ᠋ᠢᠨ ᠬᠥᠮᠦᠨ ᠦ᠌ ᠴᠢᠯᠡᠭᠡᠷᠬᠡᠭᠰᠡᠨᠡ
ᠵᠢᠷᠤᠮ ᠶᠣᠰᠣᠲᠤ ᠬᠣᠷᠣᠭ᠎ᠠ ᠶ᠋ᠢᠨ ᠬᠣᠶᠠᠷ ᠹᠦ ᠶ᠋ᠢᠨ ᠬᠣᠲᠠᠯᠠᠭᠠᠷ ᠪᠤᠷᠬᠢᠷᠠᠯᠳᠤᠪᠠ᠂
ᠵᠠᠶᠠᠭᠠᠨ ᠥᠨᠳᠥᠷ ᠡᠮᠡᠭᠡ ᠶ᠋ᠢᠨ ᠨᠢᠭᠡᠨ ᠪᠡᠶ᠎ᠡ ᠶ᠋ᠢᠨ ᠡᠮᠭᠡᠭ ᠠᠷᠢᠯᠤᠭᠰᠠᠨᠠ
ᠵᠢᠷᠭᠠᠯ ᠤ᠋ᠨ ᠠᠮᠢᠰᠬᠤᠯ ᠴᠠᠭ ᠭᠱᠠᠨ᠎ᠠ ᠲᠡᠭᠷᠢ ᠡᠴᠡ ᠪᠠᠭᠤᠪᠠᠢ᠃
ᠲᠡᠨᠳᠡᠴᠡ ᠮᠤᠬᠤᠯᠢ ᠲᠦᠩ ᠵᠧᠦ ᠡᠴᠡ ᠳᠠᠭᠠᠵᠤ ᠢᠷᠡᠭᠰᠡᠨ ᠫᠦ᠋ ᠰᠠᠨ ᠴᠢᠨ ᠦ᠌ ᠤᠬᠠᠭᠠᠨ ᠮᠠᠲᠠᠯ ᠮᠠᠰᠢ ᠬᠤᠷᠴᠠ ᠳ᠋ᠤᠷ ᠡᠮᠦᠨ᠎ᠡ ᠶ᠋ᠢ ᠳᠠᠢᠯᠠᠬᠤ ᠨᠢᠭᠡᠨ ᠠᠩᠭᠢ ᠶ᠋ᠢᠨ ᠶᠤᠸᠠᠨᠱᠤᠸᠠᠢ ᠪᠣᠯᠭᠠᠨ᠂ ᠬᠠᠪᠤᠷ ᠤ᠋ᠨ ᠳᠤᠮᠳᠠᠳᠤ ᠰᠠᠷ᠎ᠠ ᠳ᠋ᠤᠷ ᠠᠯᠲᠠᠨ ᠤᠯᠤᠰ ᠤ᠋ᠨ ᠪᠧᠢ ᠵᠢᠩ ( ᠪᠧᠢ ᠵᠢᠩ ᠬᠣᠲᠠ ᠶ᠋ᠢᠨ ᠳ᠋ᠠᠢ ᠳ᠋ᠢᠩ ᠹᠦ ᠶ᠋ᠢᠨ ᠭᠠᠵᠠᠷ᠂ ᠬᠠᠷᠠᠴᠢᠨ ᠬᠤᠰᠢᠭᠤᠨ ᠳ᠋ᠤᠷ ᠪᠣᠢ ) ᠢ᠋ ᠪᠠᠢᠯᠳᠤᠵᠤ ᠠᠪᠤᠭᠰᠠᠨ ᠲᠤᠯᠠ ᠡᠰᠡᠷᠭᠦᠯᠡᠭᠰᠡᠨ ᠴᠡᠷᠢᠭ ᠨᠠᠢ᠍ᠮᠠᠨ ᠲᠦᠮᠡ ᠢᠯᠡᠭᠦᠦ ᠠᠪᠲᠠᠪᠠᠢ᠃ ᠭᠠᠳᠠᠭᠠᠳᠤ ᠶ᠋ᠢ ᠶᠡᠬᠡᠯ᠎ᠡ ᠣᠯᠵᠤ᠂ ᠬᠡᠳᠦᠨ ᠬᠣᠲᠠ ᠴᠥᠮ ᠠᠶᠤᠨ ᠳᠠᠭᠠᠭᠰᠠᠨ ᠳ᠋ᠤᠷ ᠾᠧ ᠵᠦᠩ ᠹᠦ ᠮᠥᠨ ᠳᠠᠭᠠᠭᠰᠠᠨ ᠢ᠋ᠶ᠋ᠠᠷ ᠾᠧ ᠯᠢᠦ ᠶ᠋ᠢᠨ ᠭᠠᠵᠠᠷ ᠢ᠋ ᠡᠵᠡᠯᠡᠵᠦ᠂ ᠬᠠᠪᠤᠷ ᠤ᠋ᠨ ᠰᠡᠭᠦᠯ ᠰᠠᠷ᠎ᠠ ᠳ᠋ᠤᠷ ᠶᠤᠸᠠᠨᠱᠤᠸᠠᠢ ᠳᠠᠷᠤᠢ ᠴᠡᠷᠢᠭ ᠢ᠋ᠶ᠋ᠡᠨ ᠠᠪᠴᠤ ᠡᠮᠦᠨ᠎ᠡ ᠵᠦᠭ ᠣᠷᠣᠬᠤᠶ᠎ᠠ᠂ ᠴᠢᠩᠭᠢᠰ ᠬᠠᠭᠠᠨ ᠮᠥᠨ ᠨᠤᠲᠤᠭ ᠠ᠋ᠴᠠ ᠶᠡᠬᠡ ᠴᠡᠷᠢᠭ ᠢ᠋ ᠠᠪᠴᠤ ᠳᠠᠯᠠᠨ ᠬᠣᠶᠠᠷ ᠪᠠᠭ ᠪᠣᠯᠭᠠᠨ ᠵᠣᠬᠢᠶᠠᠵᠤ᠂ ᠠᠯᠲᠠᠨ ᠤᠯᠤᠰ ᠤ᠋ᠨ ᠵᠦᠭ ᠳᠠᠷᠤᠨ ᠣᠷᠣᠭᠰᠠᠨ ᠳ᠋ᠤᠷ ᠬᠣᠨᠢᠨ ᠤ᠋ ᠳᠠᠯᠤ ᠶ᠋ᠢᠨ ᠲᠥᠯᠭᠡ ᠶ᠋ᠢ ᠭᠠᠷᠭᠠᠵᠤ᠂ ᠲᠡᠭᠷᠢ ᠭᠠᠵᠠᠷ ᠲᠤᠷ ᠲᠠᠬᠢᠯ ᠡᠷᠭᠦᠨ ᠂ᠰᠦᠯᠳᠡ ᠲᠡᠭᠷᠢ ᠡᠴᠢᠭᠡ ᠳ᠋ᠦ᠍ᠷ ᠬᠦᠵᠢ ᠰᠢᠲᠠᠭᠠᠨ ᠵᠠᠯᠪᠠᠷᠢᠵᠤ᠂ ᠡᠷᠳᠡᠨᠢ ᠳᠠᠯᠤ ᠶ᠋ᠢᠨ ᠲᠥᠯᠭᠡ ᠪᠡᠨ ᠠᠷᠢᠭᠤᠳᠬᠠᠨ ᠥᠷᠯᠥᠭᠡ ᠶ᠋ᠢᠨ ᠮᠠᠨᠳᠤᠬᠤ ᠨᠡᠷᠡᠨ᠎ᠡ ᠡᠷᠭᠦᠨ ᠦᠵᠡᠪᠡᠰᠦ ᠳᠣᠲᠣᠷᠠᠬᠢ ᠲᠠᠪᠤᠨ ᠥᠩᠭᠡ ᠶ᠋ᠢᠨ ᠭᠡᠷᠡᠯ ᠳᠥᠷᠪᠡᠨ ᠵᠦᠭ ᠡᠴᠡ ᠬᠠᠭᠠᠭᠳᠠᠨ ᠳᠤᠮᠳᠠ ᠵᠦᠭ ᠲᠦ᠍ᠷ ᠬᠤᠷᠠᠵᠤ ᠡᠷᠭᠢᠬᠦᠢ ᠳ᠋ᠦ᠍ᠷ ᠬᠠᠭᠠᠨ ᠶᠡᠬᠡᠯ᠎ᠡ ᠭᠠᠢᠬᠠᠯᠳᠤᠨ 《 ᠡᠨᠡ ᠪᠡᠯᠭᠡ ᠬᠡᠷᠬᠢᠪᠡᠴᠦ ᠵᠦᠩ ᠶᠤᠸᠠᠨ ᠤ᠋ ᠭᠠᠵᠠᠷ ᠨᠡᠢᠰᠯᠡᠬᠦᠢ ᠳ᠋ᠦ᠍ᠷ ᠬᠦᠷᠴᠦᠬᠦᠢ 》 ᠬᠡᠮᠡᠪᠡ᠃ ᠲᠠᠢᠽᠦ ᠬᠠᠭᠠᠨ ᠪᠠᠰᠠ ᠬᠣᠣᠰ ᠱᠠᠬ᠎ᠠ ᠶ᠋ᠢᠨ ᠲᠥᠯᠭᠡ ᠶ᠋ᠢ ᠠᠪᠴᠤ ᠲᠡᠭᠷᠢ ᠭᠠᠵᠠᠷ ᠲᠤᠷ ᠵᠠᠯᠪᠠᠷᠢᠨ ᠥᠭᠦᠯᠡᠷᠦᠨ : 《 ᠬᠡᠷᠪᠡ ᠵᠦᠩ ᠶᠤᠸᠠᠨ ᠳ᠋ᠤᠷ ᠨᠤᠲᠤᠭᠯᠠᠯ ᠦᠭᠡᠢ ᠪᠣᠯᠪᠠᠰᠤ ᠬᠣᠶᠠᠷ ᠱᠠᠭ᠎ᠠ ᠡᠷᠬᠡᠪᠰᠢ ᠭᠤᠷᠪᠠᠨᠲᠠ ᠵᠣᠭᠰᠣᠭ᠎ᠠ ᠪᠠᠷ ᠲᠣᠭᠲᠠᠲᠤᠭᠠᠢ᠂ ᠬᠡᠷᠪᠡ ᠵᠦᠩ ᠶᠤᠸᠠᠨ ᠳ᠋ᠤᠷ ᠨᠡᠢᠰᠯᠡᠯ ᠦᠭᠡᠢ ᠪᠡᠷ ᠪᠣᠯᠬᠤ ᠪᠣᠯᠪᠠᠰᠤ ᠬᠣᠶᠠᠷ ᠱᠠᠬ᠎ᠠ ᠡᠷᠬᠡᠪᠰᠢ ᠭᠤᠷᠪᠠᠨᠲᠠ ᠪᠥᠭ ᠢᠨᠤ ᠳᠡᠭᠡᠭᠰᠢ ᠬᠠᠨᠳᠤᠵᠤ ᠲᠤᠰ ! 》 ᠭᠡᠮᠡᠨ ᠵᠠᠯᠪᠠᠷᠢᠭᠠᠳ ᠬᠣᠶᠠᠷ ᠭᠠᠷ ᠲᠤᠷ ᠰᠠᠵᠢᠯᠠᠨ ᠯᠤᠤ ᠶ᠋ᠢᠨ ᠰᠢᠷᠡᠭᠡᠨ᠎ᠡ ᠣᠷᠬᠢᠵᠤ ᠦᠵᠡᠪᠡᠰᠦ᠂ ᠭᠤᠷᠪᠠᠨᠲᠠ ᠤᠷᠭᠢᠪᠠᠰᠤ ᠭᠤᠷᠪᠠᠨᠲᠠ ᠪᠣᠰᠤᠭ᠎ᠠ ᠪᠠᠷ ᠵᠣᠭᠰᠣᠭᠰᠠᠨ ᠳ᠋ᠤᠷ ᠬᠠᠭᠠᠨ ᠤ᠋ ᠭᠡᠭᠡᠨ ᠵᠠᠭᠤᠨ ᠲᠦᠰᠢᠮᠡᠳ ᠦ᠋ᠨ ᠵᠦᠭ ᠰᠡᠭᠦᠷᠡᠰᠦᠨ ᠠᠯᠳᠠᠵᠤ ᠥᠭᠦᠯᠡᠷᠦᠨ : 《 ᠲᠡᠭᠷᠢ ᠶ᠋ᠢᠨ ᠴᠠᠭ ᠲᠤᠯᠠ ᠵᠥᠷᠢᠴᠡᠵᠦ ᠦᠯᠦ ᠪᠣᠯᠤᠮᠤᠢ᠃ ᠡᠨᠡ ᠵᠢᠯ ᠠᠯᠲᠠᠨ ᠤᠯᠤᠰ ᠤ᠋ᠨ ᠵᠦᠩᠲᠦ᠋ ᠬᠣᠲᠠ ᠶ᠋ᠢ ᠯᠠᠪ ᠣᠯᠤᠮᠤᠢ᠃ ᠲᠡᠢᠨ ᠬᠦ᠌ ᠲᠡᠨᠳᠡ ᠡᠷᠬᠡᠪᠰᠢ ᠨᠡᠢᠰᠯᠡᠯ ᠦᠭᠡᠢ ᠦᠯᠦ ᠪᠣᠯᠬᠤ ᠠᠵᠤᠭᠤ᠃ ᠲᠡᠭᠷᠢ ᠡᠴᠡ ᠵᠥᠷᠢᠴᠡᠵᠦ ᠦᠯᠦ ᠪᠣᠯᠤᠮᠤᠢ᠂ ᠪᠢ ᠬᠡᠳᠦᠢ ᠰᠠᠨᠠᠭᠠᠨ ᠠ᠋ᠴᠠ ᠬᠠᠯᠠᠰᠢᠷᠠᠪᠠᠴᠤ ᠬᠡᠷᠬᠢᠰᠦ ! 》 ᠭᠡᠮᠡᠨ ᠣᠢᠲᠤ ᠣᠴᠢᠭ᠂ ᠤᠷᠠᠨ ᠭᠠᠴᠤᠭ ᠬᠣᠶᠠᠷ ᠳᠡᠭᠦᠦ ᠴᠢᠨ ᠸᠠᠩ ᠥᠭᠡᠳᠡᠢ᠂ ᠲᠣᠯᠢ ᠬᠣᠶᠠᠷ ᠲᠠᠢᠽᠢ ᠴᠢᠨ ᠸᠠᠩ ᠲᠠᠪᠤᠨ ᠲᠠᠢᠰᠢ ᠳ᠋ᠤᠷ ᠵᠠᠷᠯᠢᠭ ᠪᠣᠯᠤᠷᠤᠨ : 《 ᠪᠢ ᠦᠵᠡᠪᠡᠰᠦ ᠡᠨᠡ ᠵᠢᠯ ᠨᠤᠲᠤᠭ ᠨᠡᠭᠦᠯᠭᠡᠯ ᠦᠭᠡᠢ ᠦᠯᠦ ᠪᠣᠯᠬᠤ ᠲᠤᠯᠠ ᠲᠠ ᠮᠢᠨᠦ ᠮᠡᠳᠡᠭᠡ ᠶ᠋ᠢ ᠰᠣᠨᠣᠰᠤᠮᠠᠭᠴᠠ ᠲᠠᠢᠬᠡᠦ ᠬᠤᠸᠠᠩᠬᠡᠦ ᠲᠡᠷᠢᠭᠦᠯᠡᠨ ᠤᠯᠤᠰ ᠤ᠋ᠨ ᠬᠣᠲᠠᠯᠠᠭᠠᠷ ᠤ᠋ᠨ ᠭᠡᠷ ᠦ᠋ᠨ ᠠᠮᠠᠨ ᠢ᠋ ᠠᠪᠴᠤ ᠡᠮᠦᠨ᠎ᠡ ᠵᠦᠭ ᠣᠷᠣ᠂ ᠨᠤᠲᠤᠭ ᠭᠣᠯᠣᠮᠲᠠ ᠶ᠋ᠢ ᠶᠢᠰᠦᠨ ᠡᠩ ᠦ᠋ᠨ ᠥᠷᠯᠥᠭ ᠪᠠ ᠣᠷᠳᠣᠨ ᠬᠣᠲᠠᠯᠠᠭᠠᠷ ᠤ᠋ᠨ ᠡᠷᠬᠢᠯᠡᠭᠰᠡᠨ ᠰᠠᠢᠳ ᠨᠠᠷ ᠡᠭᠡᠯᠵᠢᠯᠡᠨ ᠬᠠᠳᠠᠭᠠᠯᠠ ! 》 ᠭᠡᠮᠡᠨ ᠵᠠᠷᠯᠢᠭ ᠪᠣᠯᠪᠠ᠃ ᠲᠡᠳᠦᠢ ᠵᠠᠭᠤᠨ ᠲᠦᠰᠢᠮᠡᠳ ᠮᠥᠷᠭᠥᠵᠦ᠂ ᠵᠠᠷᠯᠢᠭ ᠢ᠋ ᠳᠥᠷᠪᠡᠨ ᠬᠢᠵᠠᠭᠠᠷ ᠤ᠋ᠨ ᠴᠣᠯᠠ ᠬᠡᠷᠬᠡᠮᠲᠡᠨᠡ ᠲᠤᠩᠬᠠᠭᠯᠠᠨ ᠵᠠᠷᠯᠠᠪᠠ᠃ ᠬᠠᠭᠠᠨ ᠤ᠋ ᠪᠡᠶ᠎ᠡ ᠡᠮᠦᠨ᠎ᠡ ᠵᠦᠭ ᠳᠤᠮᠳᠠᠳᠤ ᠶᠡᠬᠡ ᠵᠠᠮ ᠢ᠋ᠶ᠋ᠠᠷ ᠮᠣᠷᠢᠯᠠᠨ ᠣᠷᠣᠪᠠ᠃ ᠡᠨᠡ ᠵᠠᠪᠰᠠᠷ᠎ᠠ ᠮᠣᠩᠭᠣᠯ ᠤ᠋ᠨ ᠨᠢᠳᠤᠨᠤᠨ ᠵᠢᠯ ᠦ᠋ᠨ ᠲᠡᠷᠢᠭᠦᠨ ᠤᠳᠠᠭ᠎ᠠ ᠶ᠋ᠢᠨ ᠶᠡᠬᠡ ᠴᠡᠷᠢᠭ ᠰᠢᠮᠦ ᠮᠢᠩᠭᠠᠨ᠂ ᠳᠠᠢᠰᠤᠨᠳᠠᠷᠤᠭᠴᠢ ᠨᠠᠷ ᠠᠯᠲᠠᠨ ᠤ᠋ ᠵᠦᠩᠲᠦ᠋ ᠬᠣᠲᠠᠨ ᠢ᠋ ᠪᠦᠰᠡᠯᠡᠭᠰᠡᠭᠡᠷ ᠮᠠᠰᠢ ᠤᠳᠠᠭᠰᠠᠨ ᠳ᠋ᠤᠷ ᠬᠣᠲᠠ ᠶ᠋ᠢ ᠰᠠᠬᠢᠭᠰᠠᠨ ᠸᠠᠨ ᠶᠠᠨ ᠴᠧᠩ ᠾᠦᠢ᠂ ᠮᠦ᠍ ᠶᠠᠨ ᠤ᠋ ᠵᠦᠩ ᠢ᠋ ᠤᠳᠠᠲᠠᠯ᠎ᠠ ᠴᠡᠷᠢᠭ ᠲᠦ᠍ᠷ ᠶᠠᠪᠤᠭᠰᠠᠨ ᠭᠡᠮᠡᠨ ᠪᠠᠢᠯᠳᠤᠵᠤ ᠰᠠᠬᠢᠬᠤ ᠴᠡᠷᠢᠭ ᠦ᠋ᠨ ᠲᠡᠮᠳᠡᠭ ᠫᠠᠢ ᠶ᠋ᠢ ᠲᠤᠰᠢᠶᠠᠨ ᠥᠭᠴᠦ ᠬᠣᠲᠠᠨ ᠢ᠋ ᠰᠠᠭᠢᠭᠤᠯᠤᠭᠠᠳ ᠥᠪᠡᠷ ᠦ᠋ᠨ ᠪᠡᠶ᠎ᠡ ᠶᠡᠬᠡ ᠲᠣᠪᠴᠢ ᠶ᠋ᠢ ᠶᠡᠷᠦᠩᠬᠡᠢᠯᠡᠨ ᠮᠡᠳᠡᠵᠦ ᠬᠣᠲᠠ ᠪᠠᠨ ᠴᠢᠩᠳᠠᠯᠠᠨ ᠰᠠᠬᠢᠵᠤ᠂ ᠪᠠᠰᠠ ᠨᠢᠭᠡᠨᠲᠡᠭᠡᠭᠦᠷ ᠵᠦᠩᠲᠦ᠋ ᠬᠣᠲᠠ ᠶ᠋ᠢ ᠲᠤᠰᠠᠯᠠᠬᠤ ᠴᠡᠷᠢᠭ ᠡᠰᠡ ᠢᠷᠡᠪᠡᠰᠦ ᠶᠡᠬᠡᠳᠡ ᠲᠦᠭᠰᠢᠯᠲᠡᠢ ᠪᠣᠯᠤᠭᠰᠠᠨ ᠤᠴᠢᠷ ᠢ᠋ ᠠᠢᠯᠠᠳᠬᠠᠨ ᠪᠣᠳᠣᠷᠣᠣᠯ ᠪᠢᠴᠢᠭ ᠪᠢᠴᠢᠵᠦ᠂ ᠲᠤᠰᠠᠯᠠᠬᠤ ᠶ᠋ᠢ ᠭᠣᠶᠣᠷ᠎ᠠ ᠵᠠᠷᠤᠭᠰᠠᠨ ᠳ᠋ᠤᠷ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ ᠦᠵᠡᠵᠦ ᠵᠠᠷᠯᠢᠭ ᠪᠠᠭᠤᠯᠭᠠᠨ ᠵᠢᠶᠠᠨ ᠵᠢᠶᠦ᠋ᠨ ᠲᠦᠰᠢᠮᠡᠯ ᠶᠦᠩ ᠰᠢ᠂ ᠵᠦᠩ ᠱᠠᠨ ᠬᠣᠶᠠᠭᠤᠯᠠ ᠳ᠋ᠤᠷ ᠵᠸᠠ ᠳ᠋ᠢᠩ ᠹᠦ ᠶ᠋ᠢᠨ ᠴᠡᠷᠢᠭ ᠢ᠋ ᠵᠠᠬᠢᠷᠤᠭᠤᠯᠤᠨ᠂ ᠪᠠᠰᠠ ᠵᠡᠭᠦᠨ ᠡᠲᠡᠭᠡᠳ ᠦ᠋ᠨ ᠳ᠋ᠦ᠍ ᠵᠢᠶᠠᠨ ᠲᠦᠰᠢᠮᠡᠯ ᠡᠦ ᠬᠦ᠌ ᠯᠦᠨ᠂ ᠴᠠᠩ ᠱᠸᠦ ᠴᠢ ᠬᠣᠶᠠᠭᠤᠯᠠ ᠳ᠋ᠤᠷ ᠳᠠ ᠮᠢᠩ ᠦ᠋ᠨ ᠨᠢᠭᠡᠨ ᠲᠦᠮᠡᠨ ᠨᠠᠢ᠍ᠮᠠᠨ ᠮᠢᠩᠭᠠᠨ ᠴᠡᠷᠢᠭ ᠢ᠋ ᠵᠠᠬᠢᠷᠤᠭᠤᠯᠤᠨ᠂ ᠪᠠᠰᠠ ᠪᠠᠷᠠᠭᠤᠨ ᠡᠮᠦᠨᠡᠲᠦ ᠵᠠᠮ ᠤ᠋ᠨ ᠮᠣᠷᠢᠲᠤ ᠶᠠᠪᠠᠭᠠᠨ ᠴᠡᠷᠢᠭ ᠨᠢᠭᠡᠨ ᠲᠦᠮᠡᠨ ᠨᠠᠢ᠍ᠮᠠᠨ ᠮᠢᠩᠭᠠᠨ᠂ ᠪᠠᠰᠠ ᠾᠧ ᠪᠧᠢ ᠶ᠋ᠢᠨ ᠴᠡᠷᠢᠭ ᠨᠢᠭᠡᠨ ᠲᠦᠮᠡᠨ ᠨᠠᠢ᠍ᠮᠠᠨ ᠮᠢᠩᠭᠠᠨ ᠲᠠᠢ ᠨᠡᠢᠲᠡ ᠶ᠋ᠢ ᠲᠤᠰᠢᠶᠠᠨ ᠵᠠᠬᠢᠷᠤᠭᠤᠯᠵᠤ᠂ ᠢᠦᠢ ᠱᠢ ᠲᠦᠰᠢᠮᠡᠯ ᠵᠦᠩ ᠴᠧᠩ᠂ ᠯᠢ ᠢᠩ ᠬᠣᠶᠠᠷ ᠲᠤᠷ ᠠᠮᠤ ᠡᠪᠡᠰᠦ ᠬᠦᠷᠭᠡᠬᠦ ᠶ᠋ᠢ ᠲᠤᠰᠢᠶᠠᠨ᠂ ᠪᠠᠰᠠ ᠳᠠ ᠮᠢᠩ ᠦ᠋ᠨ ᠰᠢᠩ ᠱᠸᠩ᠂ ᠹᠦ ᠵᠣ᠌ ᠯᠦ᠍ ᠬᠠᠭᠤᠴᠢᠨ ᠵᠠᠩᠵᠤᠨ ᠢ᠋ ᠬᠠᠪᠰᠤᠷᠤᠭᠤᠯᠤᠨ ᠥᠭᠴᠦ ᠵᠦᠩᠲᠦ᠋ ᠬᠣᠲᠠᠨ ᠢ᠋ ᠲᠡᠩᠬᠡᠷᠡᠭᠦᠯ ᠭᠡᠮᠡᠨ ᠮᠣᠷᠳᠠᠭᠤᠯᠪᠠ᠃ ᠯᠢ ᠢᠩ ᠲᠠᠨ ᠶᠡᠬᠡ ᠴᠡᠷᠢᠭ ᠢ᠋ ᠠᠪᠴᠤ ᠳᠠ ᠮᠢᠩ ᠳ᠋ᠦ᠍ ᠬᠦᠷᠴᠦ ᠪᠠᠰᠠ ᠣᠯᠠᠨ ᠢᠷᠭᠡᠨ ᠢ᠋ ᠨᠡᠮᠡᠨ ᠡᠯᠰᠡᠵᠦ ᠴᠡᠷᠢᠭ ᠪᠣᠯᠭᠠᠨ ᠬᠡᠳᠦ ᠬᠡᠳᠦᠨ ᠲᠦᠮᠡᠨ ᠪᠣᠯᠭᠠᠭᠠᠳ ᠴᠡᠷᠢᠭ ᠦ᠋ᠨ ᠲᠣᠭ᠎ᠠ ᠪᠠᠨ ᠴᠤ᠌ ᠠᠪᠬᠤ ᠦᠭᠡᠢ ᠪᠡᠷ ᠭᠠᠭᠴᠠ ᠠᠯᠲᠠᠨ ᠤᠯᠤᠰ ᠤ᠋ᠨ ᠹᠦ ᠵᠧᠦ ᠰᠢᠶᠠᠨ ᠢ᠋ ᠠᠶᠤᠯᠭᠠᠨ ᠤᠤᠯᠭᠠᠯᠠᠵᠤ᠂ ᠭᠤᠷᠪᠠᠨ ᠰᠠᠷ᠎ᠠ ᠪᠣᠯᠲᠠᠯ᠎ᠠ ᠠᠷᠢᠬᠢᠳᠠᠨ ᠵᠢᠷᠭᠠᠵᠤ ᠤᠵᠢᠳᠯᠠᠨ ᠶᠠᠪᠤᠭᠰᠠᠭᠠᠷ ᠪᠠ ᠵᠧᠦ ᠳ᠋ᠦ᠍ᠷ ᠬᠦᠷᠴᠦ ᠢᠷᠡᠲᠡᠯ᠎ᠡ ᠭᠡᠨᠡᠳᠲᠡ ᠤᠯᠠᠭᠠᠨ ᠲᠣᠭᠣᠰᠣᠨ ᠲᠡᠭᠷᠢ ᠳ᠋ᠦ᠍ᠷ ᠲᠤᠯᠵᠤ᠂ ᠬᠠᠷ᠎ᠠ ᠰᠠᠯᠬᠢᠨ ᠬᠣᠢᠨ᠎ᠠ ᠠ᠋ᠴᠠ ᠰᠠᠯᠬᠢᠯᠠᠨ ᠲᠡᠭᠷᠢ ᠬᠠᠭᠠᠷᠠᠨ ᠭᠠᠵᠠᠷ ᠳᠡᠯᠪᠡᠷᠡᠨ᠂ ᠮᠣᠩᠭᠣᠯ ᠤ᠋ᠨ ᠶᠡᠬᠡ ᠶᠤᠸᠠᠨᠱᠤᠸᠠᠢ ᠮᠤᠬᠤᠯᠢ ᠶ᠋ᠢᠨ ᠴᠡᠷᠢᠭ ᠬᠦᠷᠴᠦ ᠢᠷᠡᠭᠰᠡᠨ ᠳ᠋ᠦ᠍ᠷ ᠠᠯᠲᠠᠨ ᠤᠯᠤᠰ ᠤ᠋ᠨ ᠴᠡᠷᠢᠭ ᠰᠣᠨᠣᠰᠤᠮᠠᠭᠴᠠ ᠲᠣᠯᠣᠭᠠᠢ ᠳᠡᠯᠪᠡᠷᠡᠨ ᠬᠡᠳᠦ ᠬᠡᠳᠦᠨ ᠴᠡᠷᠢᠭ ᠰᠣᠴᠢᠵᠤ ᠴᠢᠰᠤ ᠴᠢᠯᠭᠡᠷᠡᠨ ᠮᠣᠷᠢᠨ ᠠ᠋ᠴᠠ ᠥᠩᠬᠥᠷᠢᠨ ᠤᠨᠠᠪᠠ᠃ ᠡᠭᠦᠨ ᠳ᠋ᠦ᠍ᠷ ᠮᠤᠬᠤᠯᠢ ᠶᠡᠬᠡᠯ᠎ᠡ ᠪᠠᠶᠠᠷᠯᠠᠨ ᠶᠡᠬᠡ ᠬᠡᠩᠭᠡᠷᠭᠡ ᠴᠣᠬᠢᠭᠤᠯᠤᠨ ᠭᠤᠴᠢᠨ ᠵᠢᠷᠭᠤᠭᠠᠨ ᠵᠠᠮ ᠤ᠋ᠨ ᠭᠤᠴᠢᠨ ᠵᠢᠷᠭᠤᠭᠠᠨ ᠠᠩᠭᠢ ᠬᠤᠪᠢᠶᠠᠵᠤ᠂ ᠶᠡᠬᠡ ᠪᠦᠷᠢᠶ᠎ᠡ ᠨᠢᠭᠡᠨᠲᠡ ᠦᠯᠢᠶᠡᠮᠡᠭᠴᠡ ᠮᠣᠩᠭᠣᠯ ᠤ᠋ᠨ ᠭᠤᠴᠢᠨ ᠵᠢᠷᠭᠤᠭᠠᠨ ᠵᠠᠮ ᠤ᠋ᠨ ᠭᠤᠴᠢᠨ ᠵᠢᠷᠭᠤᠭᠠᠨ ᠠᠩᠭᠢ ᠴᠡᠷᠢᠭ ᠠᠯᠠᠨ ᠣᠷᠣᠵᠤ᠂ ᠠᠯᠲᠠᠨ ᠤᠯᠤᠰ ᠤ᠋ᠨ ᠴᠡᠷᠢᠭ ᠢ᠋ ᠬᠠᠭᠠᠵᠤ ᠠᠪᠤᠪᠠ᠃ ᠡᠭᠦᠨ ᠳ᠋ᠦ᠍ᠷ ᠯᠢ ᠢᠩ ᠵᠦᠩᠳᠦ᠋ ᠳ᠋ᠦ᠍ᠷ ᠮᠥᠨ ᠬᠦᠷᠦᠭᠡᠳᠦᠢ ᠪᠡᠷ ᠳᠠᠢᠰᠤᠨ ᠳ᠋ᠤᠷ ᠤᠴᠠᠷᠠᠭᠰᠠᠨ ᠳ᠋ᠤᠷ ᠰᠢᠭᠤᠳ ᠪᠠᠢᠯᠳᠤᠯ ᠦᠭᠡᠢ ᠪᠡᠷ ᠵᠠᠮ ᠡᠷᠢᠨ ᠪᠤᠷᠤᠭᠤᠯᠠᠬᠤ ᠪᠠᠨ ᠡᠷᠢᠮᠦᠢ᠃ ᠦᠵᠡᠰᠡ ᠵᠦᠩᠲᠦ᠋ ᠶ᠋ᠢ ᠬᠠᠭᠠᠬᠤ ᠰᠢᠮᠦ ᠮᠢᠩᠭᠠᠨ᠂ ᠳᠠᠢᠰᠤᠨᠳᠠᠷᠤᠭᠴᠢ ᠨᠠᠷ ᠵᠦᠩᠲᠦ᠋ ᠶ᠋ᠢᠨ ᠲᠡᠩᠬᠡᠭᠦᠷᠡᠭᠦᠯᠬᠦ ᠴᠡᠷᠢᠭ ᠭᠤᠶᠤᠷ᠎ᠠ ᠡᠴᠢᠭᠰᠡᠨ ᠡᠯᠴᠢ ᠶ᠋ᠢ ᠪᠠᠷᠢᠵᠤ᠂ ᠤᠴᠢᠷ ᠢ᠋ ᠮᠡᠳᠡᠭᠡᠳ ᠶᠠᠭᠠᠷᠠᠨ ᠮᠤᠬᠤᠯᠢ ᠳ᠋ᠤᠷ ᠯᠢᠦ ᠰᠢ ᠪᠢ ᠤᠴᠢᠷ ᠢ᠋ ᠮᠡᠳᠡᠭᠦᠯᠦᠨ ᠢᠯᠡᠭᠡᠭᠰᠡᠨ ᠳ᠋ᠦ᠍ᠷ ᠮᠤᠬᠤᠯᠢ ᠳᠠᠷᠤᠢ ᠴᠢᠬᠡ ᠵᠠᠮ ᠬᠦ᠌ ᠪᠧᠢ ᠺᠧᠦ ᠪᠡᠷ ᠣᠷᠣᠵᠤ᠂ ᠵᠦᠩᠲᠦ᠋ ᠶ᠋ᠢ ᠳᠠᠬᠢᠨ ᠪᠠᠲᠤᠯᠠᠨ ᠬᠠᠭᠠᠯᠭᠠᠭᠠᠳ ᠥᠪᠡᠷ ᠢ᠋ᠶ᠋ᠡᠨ ᠶᠡᠬᠡ ᠴᠡᠷᠢᠭ ᠢ᠋ ᠠᠪᠴᠤ ᠠᠯᠲᠠᠨ ᠤᠯᠤᠰ ᠤ᠋ᠨ ᠯᠢ ᠢᠩ ᠦ᠋ᠨ ᠴᠡᠷᠢᠭ ᠢ᠋ ᠲᠣᠰᠴᠤ ᠪᠠᠢᠯᠳᠤᠲᠠᠯᠠ ᠬᠠᠷᠢᠨ ᠯᠢ ᠢᠩ ᠦ᠋ᠨ ᠴᠡᠷᠢᠭ ᠬᠠᠷᠠᠬᠠᠨ ᠵᠢᠷᠭᠠᠭᠰᠠᠭᠠᠷ ᠠᠮᠲᠠᠰᠢᠨ ᠰᠠᠨᠠᠭᠠᠨ ᠳ᠋ᠤᠷ ᠦᠭᠡᠢ ᠪᠠᠢᠲᠠᠯ᠎ᠠ ᠮᠣᠩᠭᠣᠯ ᠤ᠋ᠨ ᠴᠡᠷᠢᠭ ᠲᠡᠭᠷᠢ ᠡᠴᠡ ᠪᠠᠭᠤᠭᠰᠠᠨ ᠮᠡᠲᠦ ᠰᠣᠴᠢᠮᠠᠲᠠᠭᠠᠢ ᠪᠠᠷ ᠬᠦᠷᠴᠦ ᠢᠷᠡᠭᠰᠡᠨ᠎ᠡ᠂ ᠪᠡᠶ᠎ᠡ ᠶ᠋ᠢᠨ ᠰᠦᠨᠡᠰᠦ ᠪᠡᠶ᠎ᠡ ᠳ᠋ᠦ᠍ ᠦᠭᠡᠢ᠂ ᠪᠢᠯᠢᠭ ᠦ᠋ᠨ ᠤᠬᠠᠭᠠᠨ ᠴᠡᠭᠡᠵᠢᠨ ᠳ᠋ᠦ᠍ ᠦᠭᠡᠢ ᠶᠠᠭᠠᠷᠠᠨ ᠵᠠᠮ ᠡᠷᠢᠨ ᠪᠤᠷᠤᠭᠤᠯᠠᠰᠤᠭᠠᠢ ᠬᠡᠮᠡᠭᠰᠡᠨ ᠳ᠋ᠦ᠍ᠷ ᠮᠣᠩᠭᠣᠯ ᠤ᠋ᠨ ᠶᠤᠸᠠᠨᠱᠤᠸᠠᠢ ᠥᠨᠳᠥᠷ ᠬᠠᠰᠠᠭ ᠲᠤᠷ ᠠᠪᠠᠷᠢᠵᠤ᠂ ᠠᠯᠲᠠᠨ ᠤᠯᠤᠰ ᠤ᠋ᠨ ᠴᠡᠷᠢᠭ ᠢ᠋ ᠨᠢᠭᠡᠨ ᠵᠡᠷᠭᠡ ᠰᠢᠨᠵᠢᠵᠦ ᠪᠡᠶᠡᠰᠦᠨ ᠢᠨᠢᠶᠡᠭᠰᠡᠭᠡᠷ ᠪᠠᠭᠤᠵᠤ ᠢᠷᠡᠭᠡᠳ ᠳᠠᠷᠤᠢ ᠪᠣᠯᠣᠳ ᠬᠦᠴᠦᠲᠦ ᠴᠡᠷᠢᠭ ᠡᠴᠡ ᠲᠠᠪᠤᠨ ᠵᠠᠭᠤ ᠠᠪᠴᠤ ᠲᠠᠪᠤᠨ ᠪᠠᠷᠰ ᠤ᠋ᠨ ᠵᠠᠩᠴᠤᠨ ᠳ᠋ᠤᠷ ᠵᠠᠬᠢᠷᠤᠭᠤᠯᠤᠨ᠂ ᠥᠪᠡᠷ ᠦ᠋ᠨ ᠪᠡᠶ᠎ᠡ ᠠᠯᠲᠠᠨ ᠤ᠋ ᠴᠡᠷᠢᠭ ᠦ᠋ᠨ ᠳᠣᠲᠣᠷ᠎ᠠ ᠠᠯᠠᠨ ᠣᠷᠣᠵᠤ ᠢᠷᠡᠭᠰᠡᠨ ᠳ᠋ᠦᠷ ᠲᠠᠪᠤᠨ ᠪᠠᠷᠰ ᠤ᠋ᠨ ᠵᠠᠩᠵᠤᠨ ᠮᠤᠬᠤᠯᠢ ᠲᠠᠢ ᠲᠣᠯᠣᠭᠠᠢ ᠳᠥᠷᠪᠡᠨ ᠮᠥᠴᠢ ᠪᠣᠯᠤᠨ ᠠᠵᠢᠨᠠᠢ ᠮᠣᠷᠢᠨ ᠤ᠋ ᠵᠢᠭᠰᠠᠭᠠᠯ ᠬᠤᠪᠢᠯᠵᠤ ᠪᠠᠢᠯᠳᠤᠨ ᠢᠷᠡᠬᠦᠢ ᠢᠨᠤ ᠴᠠᠬᠢᠯᠭᠠᠨ ᠬᠦᠷᠳᠦ ᠮᠡᠲᠦ᠂ ᠠᠯᠲᠠᠨ ᠤᠯᠤᠰ ᠤ᠋ᠨ ᠴᠡᠷᠢᠭ ᠦ᠋ᠨ ᠳᠣᠲᠣᠷ᠎ᠠ ᠶᠠᠪᠤᠬᠤ ᠠᠨᠤ ᠬᠠᠭᠤᠷᠠᠢ ᠡᠪᠡᠰᠦᠨ ᠦ᠌ ᠳᠣᠲᠣᠷ᠎ᠠ ᠭᠠᠯ ᠬᠦᠷᠳᠦ ᠶᠠᠪᠤᠬᠤ ᠮᠡᠲᠦ ᠥᠴᠦᠬᠡᠨ ᠴᠦ᠍ ᠬᠠᠯᠠᠬᠠᠯᠠᠨ ᠴᠢᠳᠠᠬᠤ ᠦᠭᠡᠢ᠃ ᠲᠡᠷᠢᠭᠦᠯᠡᠭᠰᠡᠨ ᠶᠤᠸᠠᠨᠱᠤᠸᠠᠢ ᠯᠢ ᠢᠩ ᠦ᠋ᠨ ᠲᠤᠭ ᠤ᠋ᠨ ᠳᠣᠣᠷ᠎ᠠ ᠬᠦᠷᠴᠦ ᠢᠷᠡᠭᠰᠡᠨ ᠳ᠋ᠦ᠍ᠷ ᠯᠢ ᠢᠩ ᠳᠤᠲᠠᠭᠠᠰᠤᠭᠠᠢ ᠬᠡᠮᠡᠲᠡᠯ᠎ᠡ ᠮᠤᠬᠤᠯᠢ ᠬᠡᠳᠦᠢᠨᠡᠢ ᠤᠭᠲᠤᠨ ᠭᠠᠷᠴᠤ ᠨᠢᠭᠡᠨᠲᠡ ᠴᠠᠪᠴᠢᠨ ᠬᠣᠶᠠᠷ ᠠᠩᠭᠢ ᠪᠣᠯᠭᠠᠵᠤ᠂ ᠲᠤᠭ ᠢ᠋ ᠠᠨᠤ ᠴᠠᠪᠴᠢᠨ ᠤᠨᠠᠭᠠᠵᠤ ᠰᠢᠳᠠᠷ ᠵᠠᠩᠵᠤᠨ ᠨᠠᠷ ᠢ᠋ ᠲᠠᠪᠤᠨ ᠪᠠᠷᠰ ᠤ᠋ᠨ ᠵᠠᠩᠵᠤᠨ ᠨᠠᠷ ᠪᠠᠷᠠᠲᠠᠯ᠎ᠠ ᠠᠯᠠᠪᠠ᠃ ᠲᠡᠳᠦᠢ ᠶᠡᠬᠡ ᠴᠡᠷᠢᠭ ᠨᠢᠭᠡᠨᠲᠡ ᠬᠠᠰᠬᠢᠷᠤᠯᠳᠤᠨ ᠰᠠᠮᠠᠭᠤᠷᠠᠬᠤᠢ ᠳ᠋ᠤᠷ ᠣᠯᠠᠨ ᠵᠠᠮ ᠤ᠋ᠨ ᠴᠡᠷᠢᠭ ᠬᠠᠪᠴᠢᠨ ᠣᠷᠣᠵᠤ ᠠᠯᠠᠨ ᠢᠷᠡᠭᠰᠡᠨ ᠳ᠋ᠦ᠍ᠷ ᠬᠠᠭᠠᠰ ᠠᠨᠤ ᠳᠠᠭᠠᠵᠤ ᠬᠠᠭᠠᠰ ᠠᠨᠤ ᠦᠬᠦᠪᠡ᠃ ᠠᠯᠲᠠᠨ ᠤᠯᠤᠰ ᠤ᠋ᠨ ᠡᠨᠡ ᠨᠢᠭᠡᠨ ᠠᠩᠭᠢ ᠵᠦᠩᠳ᠋ᠦ᠋ ᠶ᠋ᠢ ᠠᠪᠤᠷᠠᠬᠤ ᠴᠡᠷᠢᠭ ᠵᠠᠮ ᠵᠠᠭᠤᠷ᠎ᠠ ᠨᠢᠭᠡᠨᠲᠡ ᠰᠠᠷᠨᠢᠵᠤ ᠪᠠᠷᠠᠭᠰᠠᠨ ᠲᠤᠯᠠ ᠠᠯᠲᠠᠨ ᠤᠯᠤᠰ ᠤ᠋ᠨ ᠵᠦᠩᠳ᠋ᠦ᠋ ᠨᠢᠭᠡᠨᠲᠡ ᠴᠢᠮᠡᠭᠡ ᠨᠡᠪᠲᠡᠷᠡᠨ ᠴᠢᠳᠠᠬᠤ ᠦᠭᠡᠢ ᠪᠣᠯᠪᠠ ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠯᠢ ᠢᠩ ᠯᠤᠭ᠎ᠠ ᠬᠠᠪᠰᠤᠷᠤᠭᠤᠯᠤᠭᠰᠠᠨ ᠴᠠᠩ ᠱᠸᠤ ᠴᠢ᠂ ᠶᠦᠩ ᠰᠢ ᠬᠣᠶᠠᠷ ᠤ᠋ᠨ ᠴᠡᠷᠢᠭ ᠬᠣᠢᠨ᠎ᠠ ᠪᠠᠢᠭᠰᠠᠨ ᠲᠤᠯᠠ ᠮᠣᠩᠭᠣᠯ ᠤ᠋ᠨ ᠴᠡᠷᠢᠭ ᠯᠢ ᠢᠩ ᠦ᠋ᠨ ᠴᠡᠷᠢᠭ ᠢ᠋ ᠨᠡᠬᠡᠵᠦ ᠠᠯᠠᠨ ᠢᠷᠡᠬᠦᠶ᠎ᠡ ᠳᠠᠷᠤᠭᠳᠠᠵᠤ ᠶᠠᠭᠠᠷᠠᠨ ᠤᠷᠤᠭᠰᠢᠯᠠᠨ ᠳᠤᠲᠠᠭᠠᠵᠤ ᠤᠷᠭᠤᠪᠠ᠂ ᠴᠡᠷᠢᠭ ᠬᠠᠭᠠᠰ ᠢᠯᠡᠭᠦᠦ ᠬᠣᠬᠢᠷᠠᠪᠠᠢ᠃ ᠲᠡᠢᠨ ᠬᠦ᠌ ᠵᠦᠩᠳ᠋ᠦ᠋ ᠶ᠋ᠢᠨ ᠳᠣᠲᠣᠷ᠎ᠠ ᠭᠠᠳᠠᠨ᠎ᠠ ᠶᠠᠭ ᠲᠠᠭ ᠪᠥᠭᠯᠡᠭᠳᠡᠨ᠂ ᠮᠣᠩᠭᠣᠯ ᠤ᠋ᠨ ᠴᠡᠷᠢᠭ ᠨᠢᠭᠡᠨᠲᠡ ᠭᠤᠷᠪᠠᠨ ᠳᠠᠪᠬᠤᠷ ᠪᠦᠰᠡᠯᠡᠪᠡ᠃ ᠡᠨᠡ ᠴᠢᠯᠦᠭᠡᠨ᠎ᠡ ᠮᠤᠬᠤᠯᠢ ᠥᠮᠥᠭᠯᠡᠬᠦ ᠴᠡᠷᠢᠭ ᠢ᠋ ᠳᠠᠷᠤᠰᠤᠭᠠᠢ ᠬᠡᠮᠡᠵᠦ ᠪᠠᠰᠠ ᠠᠯᠲᠠᠨ ᠤᠯᠤᠰ ᠤ᠋ᠨ ᠬᠣᠲᠠᠨ ᠢ᠋ ᠪᠦᠰᠡᠯᠡᠨ ᠪᠠᠢᠯᠳᠤᠷ᠎ᠠ ᠢᠷᠡᠪᠡ᠃
ᠲᠠᠲᠠᠴᠠ ᠴᠢᠩᠭᠢᠰ ᠬᠠᠭᠠᠨ ᠶᠡᠬᠡ ᠴᠡᠷᠢᠭ ᠠᠪᠴᠤ ᠡᠮᠦᠨᠡᠰᠢ ᠣᠷᠣᠵᠤ ᠢᠷᠡᠭᠡᠳ ᠠᠯᠲᠠᠨ ᠤᠯᠤᠰ ᠤ᠋ᠨ ᠡᠰᠡ ᠳᠠᠭᠠᠭᠰᠠᠨ ᠴᠧᠩ ᠵᠧᠦ᠂ ᠰᠢᠶᠦ᠋ᠨ ᠵᠧᠦ ᠬᠣᠶᠠᠷ ᠬᠣᠲᠠ ᠪᠠᠷ ᠳᠠᠭᠠᠷᠢᠨ ᠢᠷᠡᠬᠦᠢ ᠳ᠋ᠦ᠍ᠷ ᠡᠨᠡ ᠬᠣᠶᠠᠷ ᠬᠣᠲᠠ ᠶ᠋ᠢᠨ ᠲᠦᠰᠢᠮᠡᠯ ᠴᠡᠷᠢᠭ ᠢᠷᠭᠡᠳ ᠵᠠᠭᠤᠨ ᠭᠠᠵᠠᠷ ᠤ᠋ᠨ ᠦᠵᠦᠭᠦᠷ ᠭᠠᠷᠴᠤ ᠤᠭᠲᠤᠪᠠ᠃
ᠲᠡᠳᠦᠢ ᠬᠠᠭᠠᠨ ᠵᠠᠷᠯᠢᠭ ᠪᠠᠭᠤᠯᠭᠠᠨ ᠡᠮᠦᠨᠡᠲᠦ ᠴᠡᠷᠢᠭ ᠦ᠋ᠨ ᠶᠤᠸᠠᠨᠱᠤᠸᠠᠢ ᠰᠢᠦ ᠶᠧ ᠰᠢᠶᠠᠨ ᠳ᠋ᠤᠷ ᠲᠢᠩ ᠬᠦᠩ᠂ ᠱᠢ ᠲᠢᠶᠠᠨ ᠢᠩ ᠨᠠᠷ ᠤ᠋ᠨ ᠠᠷᠪᠠᠨ ᠵᠠᠩᠵᠤᠨ ᠤ᠋ ᠴᠡᠷᠢᠭ ᠢ᠋ ᠥᠭᠴᠦ ᠪᠠᠰᠠ ᠶ᠋ᠢᠨ ᠵᠧᠦ (ᠡᠨᠡ ᠶ᠋ᠢᠨ ᠵᠧᠦ ᠪᠣᠯᠪᠠᠰᠤ ᠮᠦᠭᠳᠡᠨ ᠦ᠌ ᠬᠠᠷᠢᠶᠠᠲᠤ ᠳᠠᠯᠠᠢ ᠶ᠋ᠢᠨ ᠣᠢᠷ᠎ᠠ ᠶ᠋ᠢᠨ ᠵᠧᠦ ) ᠶ᠋ᠢᠨ ᠯᠢᠨ ᠬᠠᠢ ᠸᠠᠩ᠂ ᠵᠠᠩ ᠵᠢᠩ ᠨᠠᠷ ᠢ᠋ ᠠᠪᠴᠤ ᠡᠮᠦᠨ᠎ᠡ ᠵᠦᠭ ᠵᠡᠭᠦᠨ ᠵᠠᠮ ᠢ᠋ᠶ᠋ᠠᠷ ᠣᠷᠣ ᠭᠡᠮᠡᠨ ᠵᠣᠣ ᠪᠢᠴᠢᠭ ᠪᠠᠭᠤᠯᠭᠠᠭᠰᠠᠨ ᠳ᠋ᠤᠷ ᠰᠢᠶᠣᠤ ᠶᠧ ᠰᠢᠶᠠᠨ᠂ ᠠᠯᠠᠭ ᠲᠤᠭᠤᠯ᠂ ᠰᠢᠷᠠᠪ ᠨᠠᠷ ᠠᠷᠪᠠᠨ ᠵᠠᠮ ᠤ᠋ᠨ ᠴᠡᠷᠢᠭ ᠢ᠋ ᠠᠪᠴᠤ ᠶ᠋ᠢᠨ ᠵᠧᠦ ᠳ᠋ᠦ᠍ᠷ ᠬᠦᠷᠪᠡᠰᠦ᠂ ᠶ᠋ᠢᠨ ᠵᠧᠦ ᠶ᠋ᠢᠨ ᠵᠠᠩ ᠵᠢᠩ ᠬᠠᠷᠢᠨ ᠣᠯᠠᠨ ᠬᠢᠲᠠᠳ ᠢ᠋ᠶ᠋ᠠᠨ ᠴᠤᠭᠯᠠᠭᠤᠯᠤᠨ ᠪᠠᠰᠠ ᠠᠷᠪᠠᠨ ᠵᠠᠮ ᠤ᠋ᠨ ᠬᠢᠲᠠᠳ ᠴᠡᠷᠢᠭ ᠢ᠋ ᠡᠷᠢᠵᠦ ᠬᠡᠯᠡᠯᠴᠡᠨ ᠬᠠᠮᠲᠤ ᠨᠢᠭᠡᠳᠴᠦ ᠤᠷᠪᠠᠰᠤᠭᠠᠢ ᠭᠡᠮᠡᠨ ᠠᠷᠪᠠᠨ ᠵᠠᠮ ᠤ᠋ᠨ ᠲᠡᠷᠢᠭᠦᠯᠡᠭᠰᠡᠨ ᠲᠢᠩ ᠬᠦᠩ ᠪᠠ ᠪᠤᠰᠤ ᠬᠢᠲᠠᠳ ᠵᠠᠩᠵᠤᠨ ᠨᠠᠷ ᠯᠤᠭ᠎ᠠ ᠰᠡᠮᠡᠬᠡᠷ ᠵᠥᠪᠳᠡᠵᠦ ᠠᠴᠢᠷᠠᠭᠤᠯᠬᠤᠢ ᠳ᠋ᠤᠷ ᠰᠢᠶᠣᠤ ᠶᠧ ᠰᠢᠶᠠᠨ ᠶᠠᠭᠠᠷᠠᠨ ᠬᠡᠷᠡᠭ ᠡᠳᠦᠬᠦ ᠡᠴᠡ ᠠᠶᠤᠨ ᠵᠠᠩ ᠵᠢᠩ ᠢ᠋ ᠪᠠᠷᠢᠵᠤ ᠬᠠᠭᠠᠨ ᠤ᠋ ᠳᠡᠷᠭᠡᠳᠡ ᠠᠴᠢᠷᠠᠭᠰᠠᠨ ᠳ᠋ᠤᠷ ᠬᠠᠭᠠᠨ ᠮᠦᠰᠢᠶᠡᠵᠦ ᠤᠴᠢᠷ ᠢ᠋ ᠨᠠᠷᠢᠪᠴᠢᠯᠠᠨ ᠠᠰᠠᠭᠤᠵᠤ ᠦᠨᠡᠨ ᠢ᠋ ᠣᠯᠤᠭᠠᠳ ᠵᠠᠷᠯᠢᠭ ᠪᠣᠯᠤᠷᠤᠨ : 《 ᠥᠴᠦᠬᠡᠨ ᠬᠥᠮᠦᠨ ᠲᠡᠭᠷᠢ ᠳ᠋ᠦ᠍ᠷ ᠰᠥᠷᠴᠦ ᠬᠡᠷᠬᠢᠨ ᠪᠣᠯᠬᠤ ? ᠲᠦᠷᠭᠡᠨ᠎ᠡ ᠠᠪᠠᠴᠢᠵᠤ ᠣᠭᠲᠣᠴᠢᠨ ᠠᠯᠠᠵᠤ ᠣᠯᠠᠨ ᠵᠧᠦ ᠰᠢᠶᠠᠨ ᠤ᠋ ᠳᠠᠭᠠᠭᠰᠠᠨ ᠢᠷᠭᠡᠨ ᠳ᠋ᠦ᠍ᠷ ᠦᠵᠡᠭᠦᠯᠦᠭᠡᠳ ᠳᠠᠭᠠᠯᠳᠤᠭ᠎ᠠ ᠶᠡᠬᠡ ᠴᠡᠷᠢᠭ ᠢ᠋ ᠠᠪᠴᠤ ᠲᠡᠭᠦᠨ ᠦ᠌ ᠡᠭᠦᠷ ᠯᠤᠭᠰᠢ ᠡᠮ᠎ᠡ ᠦᠷ᠎ᠡ ᠶ᠋ᠢ ᠠᠷᠢᠯᠭ᠎ᠠ ! 》ᠬᠡᠮᠡᠪᠡ᠃
ᠵᠠᠩ ᠵᠢᠩ ᠢ᠋ ᠲᠦᠮᠡᠨ ᠬᠢᠲᠤᠭ᠎ᠠ ᠪᠠᠷ ᠣᠭᠲᠣᠴᠢᠨ ᠠᠯᠠᠵᠤ ᠣᠯᠠᠨ ᠳᠠᠭᠠᠭᠰᠠᠨ ᠡᠵᠡᠨ ᠲᠦᠰᠢᠮᠡᠯ ᠳ᠋ᠦ᠍ᠷ ᠦᠵᠡᠭᠦᠯᠦᠭᠡᠳ ᠶᠡᠬᠡ ᠴᠡᠷᠢᠭ ᠢ᠋ ᠠᠪᠴᠤ ᠶ᠋ᠢᠨ ᠵᠧᠦ ᠶ᠋ᠢ ᠳᠠᠢᠯᠠᠬᠤ ᠪᠠᠷ ᠲᠣᠭᠲᠠᠪᠠ᠃ ᠡᠨᠡ ᠦᠶ᠎ᠡ ᠳ᠋ᠦ᠍ ᠵᠠᠩ ᠵᠢᠩ ᠦ᠋ᠨ ᠳᠡᠭᠦᠦ ᠵᠠᠩ ᡁᠢ ᠠᠬ᠎ᠠ ᠪᠠᠨ ᠠᠯᠠᠭᠳᠠᠵᠤ ᠭᠡᠷ ᠢ᠋ ᠲᠡᠭᠰᠢᠯᠡᠬᠦ ᠶ᠋ᠢ ᠰᠣᠨᠣᠰᠴᠤ ᠶᠠᠭᠠᠷᠠᠨ ᠣᠯᠠᠨ ᠢ᠋ᠶ᠋ᠠᠨ ᠬᠣᠷᠢᠶᠠᠨ᠂ ᠵᠢᠨ ᠵᠧᠦ ᠬᠣᠲᠠᠨ ᠳ᠋ᠤᠷ ᠣᠷᠣᠵᠤ ᠶ᠋ᠢᠨ ᠵᠧᠦ ᠶ᠋ᠢ ᠰᠠᠬᠢᠭᠰᠠᠨ ᠠᠬ᠎ᠠ ᠶ᠋ᠢᠨ ᠲᠦᠰᠢᠮᠡᠯ ᠵᠠᠩ ᠱᠢ ᠵᠢᠦᠢ ᠶ᠋ᠢ ᠠᠯᠠᠵᠤ᠂ ᠶ᠋ᠢᠨ ᠵᠧᠦ ᠶ᠋ᠢ ᠡᠵᠡᠯᠡᠭᠡᠳ ᠬᠠᠭᠠᠨ ᠰᠠᠭᠤᠵᠤ ᠪᠡᠶ᠎ᠡ ᠪᠡᠨ ᠢᠩ ᠬᠤᠸᠠᠩᠳᠢ ᠭᠡᠮᠡᠨ ᠡᠷᠭᠦᠵᠦ᠂ ᠣᠨ ᠤ᠋ ᠨᠡᠷ᠎ᠡ ᠶ᠋ᠢ ᠰᠢᠩ ᠯᠦᠩ ᠦ᠋ᠨ ᠲᠡᠷᠢᠭᠦᠨ ᠣᠨ ᠭᠡᠮᠡᠨ ᠬᠠᠯᠠᠭᠰᠠᠨ ᠳ᠋ᠤᠷ ᠪᠠ ᠯᠠ ᠳ᠋ᠦᠸᠧ᠂ ᠯᠢ ᠢ ᠢ᠂ ᠭᠤᠸᠠᠩ ᠨᠢᠩ ᠡᠳᠡᠭᠡᠷ ᠬᠣᠲᠠᠨ ᠢ᠋ ᠡᠵᠡᠯᠡᠪᠡ᠃ ᠡᠨᠡ ᠮᠡᠳᠡᠭᠡ ᠮᠣᠩᠭᠣᠯ ᠳ᠋ᠤᠷ ᠬᠦᠷᠦᠭᠡᠳᠦᠢ ᠲᠤᠯᠠ ᠡᠳᠦᠭᠡ ᠳ᠋ᠦ᠍ᠷ ᠬᠡᠯᠡᠯᠴᠡᠬᠦ ᠦᠭᠡᠢ᠃
ᠵᠢᠴᠢ ᠥᠭᠦᠯᠡᠬᠦ ᠢᠨᠦ᠂ ᠠᠯᠠᠭ ᠲᠤᠭᠤᠯ᠂ ᠰᠢᠷᠠᠪ ᠨᠠᠷ ᠤ᠋ᠨ ᠶᠡᠬᠡ ᠴᠡᠷᠢᠭ ᠡᠮᠦᠨ᠎ᠡ ᠵᠦᠭ ᠣᠷᠣᠵᠤ᠂ ᠳᠠᠭᠠᠯᠳᠤᠭ᠎ᠠ ᠬᠠᠭᠠᠨ ᠤ᠋ ᠶᠡᠬᠡ ᠴᠡᠷᠢᠭ ᠢ᠋ ᠠᠪᠴᠤ ᠲᠦᠩ ᠵᠧᠦ ᠳ᠋ᠦ᠍ᠷ ᠬᠦᠷᠴᠦ ᠢᠷᠡᠲᠡᠯ᠎ᠡ ᠮᠤᠬᠤᠯᠢ᠂ ᠰᠢᠮᠤ ᠮᠢᠩᠭᠠᠨ ᠨᠠᠷ ᠤ᠋ᠨ ᠴᠡᠷᠢᠭ ᠨᠡᠢᠯᠡᠵᠦ ᠠᠯᠲᠠᠨ ᠤᠯᠤᠰ ᠤ᠋ᠨ ᠵᠦᠩᠲᠦ᠋ ᠬᠣᠲᠠᠨ ᠢ᠋ ᠠᠪᠤᠭᠰᠠᠨ ᠤᠯᠠᠭᠠᠨ ᠳᠠᠯᠪᠠᠭ᠎ᠠ ᠨᠢᠰᠦᠨ ᠬᠦᠷᠴᠦ ᠢᠷᠡᠪᠡ᠃ ᠡᠳᠡ ᠵᠦᠩᠲᠦ᠋ ᠶ᠋ᠢ ᠬᠡᠷᠬᠢᠨ ᠠᠪᠤᠪᠠ ? ᠬᠡᠮᠡᠪᠡᠰᠦ : ᠮᠤᠬᠤᠯᠢ ᠬᠣᠲᠠ ᠶ᠋ᠢᠨ ᠨᠠᠢ᠍ᠮᠠᠨ ᠵᠣᠪᠬᠢᠰ ᠲᠤᠷ ᠤᠭᠤᠲᠠᠨ ᠳ᠋ᠤᠷ ᠡᠯᠡᠰᠦ ᠬᠢᠵᠦ ᠬᠣᠲᠠᠨ ᠠ᠋ᠴᠠ ᠥᠨᠳᠥᠷ ᠲᠠᠭᠲᠤ ᠴᠣᠭᠴᠠᠯᠠᠨ ᠳᠡᠭᠡᠷ᠎ᠡ ᠢᠨᠤ ᠰᠠᠢᠨ ᠬᠠᠷᠪᠤᠭᠠᠴᠢ ᠲᠠᠪᠤᠨ ᠲᠦᠮᠡᠨ ᠪᠣᠯᠣᠳ ᠬᠦᠴᠦᠲᠦ ᠴᠡᠷᠢᠭ ᠢ᠋ ᠬᠤᠪᠢᠶᠠᠯᠭᠠᠨ ᠭᠠᠷᠭᠠᠵᠤ᠂ ᠬᠣᠲᠠᠨ ᠤ᠋ ᠳᠡᠭᠡᠷᠡᠬᠢ ᠴᠡᠷᠢᠭ ᠢ᠋ ᠣᠨᠢᠯᠠᠨ ᠬᠠᠷᠪᠤᠭᠤᠯᠵᠤ ᠤᠨᠤᠭᠰᠠᠨ ᠴᠡᠷᠢᠭ ᠲᠦ᠍ᠷ ᠬᠦᠨᠳᠦ ᠱᠠᠩ ᠦᠭᠬᠦᠢ ᠳ᠋ᠦ᠍ᠷ ᠵᠦᠩᠲᠦ᠋ ᠬᠣᠲᠠ ᠶ᠋ᠢᠨ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠮᠣᠩᠭᠣᠯ ᠤ᠋ᠨ ᠴᠡᠷᠢᠭ ᠦ᠋ᠨ ᠬᠠᠷᠪᠤᠬᠤ ᠠᠨᠤ ᠬᠣᠲᠠᠨ ᠤ᠋ ᠳᠡᠭᠡᠷᠡᠬᠢ ᠬᠥᠮᠦᠨ ᠬᠠᠷᠢᠭᠤᠴᠠᠨ ᠴᠢᠳᠠᠬᠤ ᠦᠭᠡᠢ ᠵᠡᠪᠡ ᠳ᠋ᠦ᠍ᠷ ᠣᠨᠣᠭᠳᠠᠬᠤᠢ ᠳ᠋ᠤᠷ ᠬᠣᠲᠠ ᠰᠠᠬᠢᠬᠤ ᠴᠡᠷᠢᠭ ᠴᠥᠮ ᠬᠣᠲᠠᠨ ᠤ᠋ ᠳᠡᠭᠡᠷ᠎ᠡ ᠮᠥᠯᠬᠥᠵᠦ ᠶᠠᠪᠤᠮᠤᠢ᠃ ᠡᠭᠦᠨ ᠳ᠋ᠦ᠍ᠷ ᠠᠯᠲᠠᠨ ᠤᠯᠤᠰ ᠤ᠋ᠨ ᠮᠦ᠍ ᠶᠠᠨ ᠤ᠋ ᠵᠦᠩ ᠭᠠᠷᠴᠤ ᠡᠳᠡᠭᠡᠷ ᠢ᠋ ᠴᠠᠭᠠᠵᠠᠯᠠᠨ ᠴᠥᠮ ᠪᠣᠰᠬᠠᠨ ᠵᠣᠭᠰᠣᠭᠠᠪᠠᠰᠤ ᠮᠣᠩᠭᠣᠯ ᠤ᠋ᠨ ᠵᠡᠪᠡ ᠬᠡᠳᠦ ᠬᠡᠳᠦᠨ ᠬᠥᠮᠦᠨ ᠳ᠋ᠦ᠍ᠷ ᠭᠠᠳᠠᠭᠰᠠᠨ ᠳ᠋ᠤᠷ ᠮᠦ᠍ ᠶᠠᠨ ᠤ᠋ ᠵᠦᠩ ᠦᠵᠡᠵᠦ ᠮᠥᠨ ᠶᠠᠭᠠᠷᠠᠨ ᠰᠠᠭᠤᠰᠤᠭᠠᠢ ᠬᠡᠮᠡᠲᠡᠯ᠎ᠡ ᠴᠢᠪᠬᠢᠲᠡᠯ᠎ᠡ ᠨᠢᠭᠡᠨ ᠰᠤᠮᠤ ᠰᠦᠷᠳ᠋ᠬᠢᠨ ᠢᠷᠡᠵᠦ ᠪᠠᠷᠠᠭᠤᠨ ᠮᠥᠷᠥ ᠶ᠋ᠢ ᠲᠤᠰᠤᠭᠰᠠᠨ ᠳ᠋ᠤ᠌ ᠬᠣᠲᠠ ᠶ᠋ᠢᠨ ᠳᠡᠭᠲᠡᠷ ᠤᠷᠤᠭᠤ ᠥᠩᠬᠥᠷᠢᠨ ᠤᠨᠠᠭᠰᠠᠨ ᠢ᠋ ᠳᠠᠭᠠᠭᠰᠠᠨ ᠠᠷᠠᠳ ᠪᠠᠭᠤᠵᠤ ᠢᠷᠡᠨ ᠵᠡᠪᠡ ᠶ᠋ᠢ ᠰᠤᠭᠤᠯᠵᠤ ᠡᠮ ᠳᠠᠷᠤᠪᠠ᠃ ᠵᠠᠪᠰᠢᠶᠠᠨ ᠳ᠋ᠤᠷ ᠭᠠᠵᠠᠷ ᠬᠣᠯᠠ ᠪᠥᠭᠡᠳ ᠰᠤᠮᠤ ᠳ᠋ᠤᠷ ᠮᠥᠨ ᠬᠣᠣᠷᠠᠲᠤ ᠡᠮ ᠦᠭᠡᠢ ᠲᠤᠯᠠ ᠳᠡᠮᠡᠢ ᠠᠯᠵᠢᠭᠰᠠᠨ ᠦᠭᠡᠢ᠂ ᠳᠠᠷᠤᠢ ᠶᠠᠭᠠᠷᠠᠨ ᠬᠣᠲᠠᠨ ᠠ᠋ᠴᠠ ᠪᠠᠭᠤᠵᠤ ᠤᠷᠭᠤᠬᠤ ᠶ᠋ᠢ ᠪᠣᠳᠣᠬᠤᠶ᠎ᠠ᠂ ᠸᠠᠨ ᠶᠠᠨ ᠴᠧᠩ ᠾᠦᠢ ᠡᠨᠡ ᠮᠡᠳᠡᠭᠡ ᠶ᠋ᠢ ᠰᠣᠨᠣᠰᠴᠤ ᠥᠪᠡᠷ ᠦ᠋ᠨ ᠪᠡᠶ᠎ᠡ ᠪᠡᠷ ᠬᠣᠲᠠᠨ ᠳ᠋ᠤ᠌ ᠠᠪᠠᠷᠢᠵᠤ ᠣᠯᠠᠨ ᠴᠡᠷᠢᠭ ᠦ᠋ᠨ ᠨᠢᠭᠡᠨᠲᠡ ᠲᠣᠯᠣᠭᠠᠢ ᠥᠨᠳᠡᠢᠵᠦ ᠪᠣᠯᠬᠤ ᠦᠭᠡᠢ ᠪᠣᠯᠤᠭᠰᠠᠨ ᠪᠠ ᠵᠢᠴᠢ ᠮᠣᠩᠭᠣᠯ ᠤ᠋ᠨ ᠥᠨᠳᠥᠷ ᠲᠠᠭᠲᠤ ᠠ᠋ᠴᠠ ᠰᠤᠮᠤ ᠢᠷᠡᠬᠦ ᠢᠨᠤ ᠴᠠᠬᠢᠯᠭᠠᠨ ᠠᠳᠠᠯᠢ ᠳ᠋ᠤᠷ ᠨᠢᠭᠡᠨᠲᠡ ᠬᠣᠲᠠᠨ ᠢ᠋ ᠬᠠᠮᠠᠭᠠᠯᠠᠬᠤ ᠠᠷᠭ᠎ᠠ ᠦᠭᠡᠢ ᠪᠣᠯᠵᠤ᠂ ᠠᠪᠲᠠᠬᠤᠢ ᠳ᠋ᠤᠷ ᠲᠤᠯᠤᠭᠰᠠᠨ ᠢ᠋ ᠦᠵᠡᠵᠦ ᠭᠠᠷᠤᠭᠠᠳ ᠶᠠᠭᠠᠷᠠᠨ ᠮᠦ᠍ ᠶᠠᠨ ᠤ᠋ ᠵᠦᠩ ᠲᠠᠨ ᠢ᠋ ᠴᠤᠭᠯᠠᠭᠤᠯᠤᠨ ᠵᠥᠪᠳᠡᠨ ᠥᠭᠦᠯᠡᠷᠦᠨ :《 ᠮᠠᠨ ᠤ᠋ ᠡᠵᠡᠨ ᠪᠢᠳᠡ ᠬᠣᠶᠠᠭᠤᠯᠠ ᠶ᠋ᠢ ᠢᠲᠡᠭᠡᠵᠦ ᠡᠨᠡ ᠬᠣᠲᠠᠨ ᠢ᠋ ᠰᠠᠬᠢᠭᠤᠯᠪᠠ᠃ ᠡᠨᠡ ᠬᠣᠲᠠᠨ ᠤ᠋ ᠳᠣᠲᠣᠷ᠎ᠠ ᠬᠠᠭᠠᠨ ᠤ᠋ ᠬᠦᠢ ᠹᠧᠢ᠂ ᠪᠢᠨ ᠹᠧᠢ ᠬᠢᠭᠡᠳ ᠬᠠᠭᠠᠨ ᠤ᠋ ᠠᠪᠠᠭ᠎ᠠ ᠠᠴᠢ᠂ ᠶᠡᠬᠡ ᠤᠷᠲᠤ ᠬᠠᠷᠰᠢ ᠬᠡᠳᠦᠨ ᠤᠯᠤᠰ ᠤ᠋ᠨ ᠬᠦᠨᠳᠦ ᠡᠷᠳᠡᠨᠢ ᠪᠣᠢ ᠠᠲᠠᠯ᠎ᠠ ᠪᠢᠳᠡ ᠬᠠᠮᠠᠭᠠᠯᠠᠨ ᠡᠰᠡ ᠴᠢᠳᠠᠭᠰᠠᠨ ᠲᠤᠯᠠ ᠰᠢᠳᠤᠷᠭᠤ ᠶ᠋ᠢ ᠭᠦᠢᠴᠡᠳᠬᠡᠨ ᠦᠬᠦᠰᠦᠭᠡᠢ ! 》 ᠬᠡᠮᠡᠭᠰᠡᠨ ᠳ᠋ᠦ᠍ᠷ ᠮᠦ᠍ ᠶᠠᠨ ᠤ᠋ ᠵᠦᠩ ᠣᠨᠴᠠ ᠠᠭᠤᠷᠯᠠᠨ ᠦᠬᠦᠲᠡᠯ᠎ᠡ ᠰᠠᠬᠢᠰᠤᠭᠠᠢ ᠭᠡᠮᠡᠨ ᠰᠢᠯᠲᠠᠭ ᠵᠢᠭᠠᠬᠤᠢ ᠳ᠋ᠤᠷ᠂ ᠸᠠᠨ ᠶᠠᠨ ᠴᠧᠩ ᠾᠦᠢ ᠶᠡᠬᠡᠯ᠎ᠡ ᠠᠭᠤᠷᠯᠠᠨ ᠵᠢᠭᠰᠢᠵᠦ ᠭᠡᠳᠡᠷᠭᠦ ᠪᠡᠨ ᠡᠭᠡᠪᠡ᠃ ᠡᠨᠡ ᠦᠶ᠎ᠡ ᠳ᠋ᠦ᠍ᠷ ᠴᠡᠷᠢᠭ ᠦ᠋ᠨ ᠡᠷᠬᠡ ᠴᠥᠮ ᠮᠦ᠍ ᠶᠠᠨ ᠤ᠋ ᠵᠦᠩ ᠳ᠋ᠦ᠍ᠷ ᠪᠣᠯᠤᠭᠰᠠᠨ ᠲᠤᠯᠠ ᠭᠠᠷᠴᠤ ᠪᠠᠢᠯᠳᠤᠬᠤ ᠦᠭᠡᠢ ᠳ᠋ᠦ᠍ᠷ ᠨᠢᠭᠡᠮᠦᠰᠦᠨ ᠠᠷᠭ᠎ᠠ ᠦᠭᠡᠢ ᠪᠣᠯᠵᠤ᠂ ᠤᠯᠤᠰ ᠤ᠋ᠨ ᠱᠧ ᠵᠢᠢ ᠲᠡᠢ ᠮᠢᠶᠣᠤ ᠳ᠋ᠤᠷ ᠮᠥᠷᠭᠥᠵᠦ ᠥᠪᠡᠷ ᠦ᠋ᠨ ᠭᠡᠷ ᠦ᠋ᠨ ᠰᠦᠮ᠎ᠡ ᠳ᠋ᠦ᠍ᠷ ᠶᠣᠰᠣᠯᠠᠵᠤ ᠠᠶᠠᠷᠯᠠᠭᠠᠳ ᠵᠡᠭᠦᠨ ᠪᠠᠷᠠᠭᠤᠨ ᠬᠡᠯᠲᠡᠰ ᠦ᠋ᠨ ᠲᠦᠰᠢᠮᠡᠯ ᠯᠠᠩ ᠵᠦᠩ ᠶᠤᠸᠠᠨ ᠸᠧᠢ ᠯᠠᠩ ᠤ᠋ᠨ ᠵᠡᠷᠭᠡ ᠶ᠋ᠢᠨ ᠲᠦᠰᠢᠮᠡᠳ ᠢ᠋ ᠬᠤᠷᠢᠶᠠᠵᠤ ᠵᠣᠣ ᠰᠧ ᠸᠸᠨ ᠸᠧᠢ ᠲᠠᠨ ᠢ᠋ ᠳᠠᠭᠤᠳᠠᠵᠤ ᠥᠭᠦᠯᠡᠷᠦᠨ :《 ᠬᠡᠷᠡᠭ ᠨᠢᠭᠡᠨᠲᠡ ᠡᠨᠡ ᠬᠢᠷᠢ ᠳ᠋ᠦ᠍ᠷ ᠬᠦᠷᠪᠡ᠂ ᠪᠢ ᠭᠠᠭᠴᠠ ᠨᠢᠭᠡᠨᠲᠡ ᠦᠬᠦᠵᠦ ᠤᠯᠤᠰ ᠭᠡᠷ ᠦ᠋ᠨ ᠲᠥᠯᠥᠭᠡ ᠬᠠᠷᠢᠭᠤᠯᠠᠰᠤᠭᠠᠢ ᠬᠡᠮᠡᠮᠦᠢ᠃ ᠡᠭᠦᠨ ᠦ᠌ ᠳᠣᠲᠣᠷ᠎ᠠ ᠮᠥᠨ ᠲᠦᠮᠡᠨ ᠦᠶ᠎ᠡ ᠶ᠋ᠢᠨ ᠨᠡᠷ᠎ᠡ ᠠᠪᠤᠭᠴᠢᠳ ᠠᠪᠠᠰᠤ ᠪᠢᠲᠡᠭᠡᠢ ᠬᠣᠴᠣᠷ ! 》 ᠬᠡᠮᠡᠪᠡᠰᠦ ᠪᠦᠭᠦᠳᠡᠭᠡᠷ ᠠᠮᠠ ᠵᠢᠮᠡᠢᠵᠦ ᠥᠴᠢᠬᠦ ᠦᠭᠡᠢ ᠳ᠋ᠦ᠍ᠷ ᠸᠠᠨ ᠶᠠᠨ ᠴᠧᠩ ᠾᠦᠢ ᠲᠡᠷᠢᠭᠦᠨ ᠳᠣᠬᠢᠵᠤ᠂ ᠲᠠᠪᠤᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠱᠠᠩ ᠱᠣ ᠱᠸᠩ ᠯᠢᠩ ᠦ᠋ᠨ ᠰᠤᠳᠤᠷ ᠤ᠋ᠨ ᠪᠠᠭᠰᠢ ᠠᠨ ᠱᠢ ᠶ᠋ᠢ ᠳᠠᠭᠤᠳᠠᠵᠤ᠂ ᠥᠪᠡᠷ ᠦ᠋ᠨ ᠡᠵᠡᠨ ᠳ᠋ᠦ᠍ᠷ ᠡᠯᠪᠡᠷᠢᠵᠦ ᠤᠯᠤᠰ ᠭᠡᠷ ᠦ᠋ᠨ ᠲᠣᠪᠴᠢᠶ᠎ᠠ ᠬᠡᠯᠬᠢᠶ᠎ᠡ ᠶ᠋ᠢ ᠵᠠᠰᠠᠬᠤ ᠤᠴᠢᠷ ᠰᠢᠭᠦᠮᠵᠢ ᠶ᠋ᠢ ᠪᠢᠴᠢᠭᠦᠯᠵᠦ᠂ ᠪᠠᠰᠠ ᠫᠢᠩ ᠵᠠᠩ ᠵᠧᠩ ᠱᠢ ᠵᠣ ᠬᠤ᠌ ᠭᠣᠣ ᠴᠢ ᠵᠠᠯᠢᠬᠠᠢ ᠵᠢᠰᠤᠷ ᠭᠠᠷᠭᠠᠵᠤ ᠵᠢᠳᠬᠦᠬᠦ ᠦᠭᠡᠢ ᠶ᠋ᠢ ᠬᠡᠯᠡᠭᠡᠳ ᠳᠠᠭᠠᠯᠳᠤᠭ᠎ᠠ ᠥᠪᠡᠷ ᠦ᠋ᠨ ᠪᠡᠶ᠎ᠡ ᠵᠦᠩᠳᠦ᠋ ᠶ᠋ᠢ ᠬᠠᠮᠠᠭᠠᠯᠠᠨ ᠰᠠᠬᠢᠵᠤ ᠴᠢᠳᠠᠭᠰᠠᠨ ᠦᠭᠡᠢ ᠶᠠᠯ᠎ᠠ ᠪᠠᠨ ᠬᠦᠯᠢᠶᠡᠨ ᠪᠢᠴᠢᠭᠦᠯᠵᠦ᠂ ᠳᠡᠪᠡᠯ ᠳ᠋ᠦ᠍ᠷ ᠢ᠋ᠶ᠋ᠡᠨ ᠬᠠᠲᠠᠵᠤ ᠲᠤᠰᠢᠶᠠᠨ ᠥᠭᠭᠦᠭᠡᠳ ᠭᠡᠷ ᠦ᠋ᠨ ᠬᠦᠨᠳᠦ ᠨᠠᠷᠢᠨ ᠡᠳ᠋ ᠲᠠᠸᠠᠷ ᠢ᠋ ᠭᠡᠷ ᠲᠦ᠍ᠷ ᠵᠠᠷᠤᠭᠰᠠᠨ ᠬᠥᠭᠰᠢᠨ ᠨᠢᠯᠬ᠎ᠠ ᠶᠡᠬᠡ ᠪᠠᠭ᠎ᠠ ᠳ᠋ᠤᠷ ᠬᠤᠪᠢᠶᠠᠨ ᠥᠭᠴᠦ ᠭᠡᠷ ᠬᠣᠲᠠᠯᠠᠭᠠᠷ ᠨᠢᠯᠪᠤᠰᠤ ᠤᠨᠠᠭᠠᠨ᠂ ᠴᠢᠷᠠᠢ ᠵᠢᠰᠦ ᠥᠴᠦᠬᠡᠨ ᠴᠦ᠍ ᠬᠤᠪᠢᠯᠤᠯ ᠦᠭᠡᠢ ᠪᠡᠷ ᠠᠨ ᠱᠢ ᠶ᠋ᠢᠨ ᠵᠦᠭ ᠠᠯᠭᠤᠷ ᠢ᠋ᠶ᠋ᠠᠷ ᠥᠭᠦᠯᠡᠷᠦᠨ :《 ᠸᠠᠨ ᠶᠠᠨ ᠴᠧᠩ ᠾᠦᠢ ᠪᠢ ᠪᠠᠭ᠎ᠠ ᠠ᠋ᠴᠠ ᠲᠠᠪᠤᠨ ᠨᠣᠮ ᠣᠯᠠᠨ ᠰᠤᠳᠤᠷ ᠢ᠋ ᠬᠢᠨᠠᠨ ᠰᠤᠷᠴᠤ ᠪᠠᠭᠰᠢ ᠨᠥᠬᠥᠳ ᠦ᠋ᠨ ᠰᠤᠷᠭᠠᠯ ᠢ᠋ ᠬᠢᠴᠢᠶᠡᠨ ᠰᠠᠬᠢᠵᠤ ᠬᠦᠴᠦᠯᠡᠨ ᠵᠢᠦᠳᠭᠦᠵᠦ ᠶᠠᠪᠤᠭᠰᠠᠭᠠᠷ ᠡᠳᠦᠭᠡ ᠬᠦᠷᠴᠦ ᠳᠠᠪ ᠲᠠᠯᠠᠭᠠᠷ ᠪᠣᠯᠵᠤ᠂ ᠬᠣᠲᠠ ᠡᠪᠳᠡᠷᠡᠨ ᠭᠡᠷ ᠪᠦᠷᠢᠯᠵᠦ ᠪᠡᠶ᠎ᠡ ᠮᠥᠬᠥᠵᠦ ᠪᠤᠰᠠᠨᠢᠬᠤ ᠳ᠋ᠤᠷ ᠬᠦᠷᠪᠡ ! 》 ᠬᠡᠮᠡᠭᠡᠳ ᠠᠨ ᠱᠢ ᠶ᠋ᠢᠨ ᠪᠢᠴᠢᠭᠰᠡᠨ ᠪᠣᠳᠣᠷᠣᠣᠯ ᠪᠢᠴᠢᠭ ᠦ᠋ᠨ ᠰᠡᠭᠦᠯ ᠳ᠋ᠦ᠍ᠷ ᠬᠣᠶᠠᠷ ᠦᠰᠦᠭ ᠪᠢᠴᠢᠪᠡ᠃ ᠳᠠᠷᠠᠭ᠎ᠠ ᠪᠠᠷ ᠠᠨ ᠱᠢ ᠶ᠋ᠢ ᠰᠤᠷᠭᠠᠨ ᠥᠭᠦᠯᠡᠷᠦᠨ :《 ᠴᠢ ᠬᠠᠷᠢᠨ ᠨᠠᠮᠠᠶ᠋ᠢ ᠡᠨᠡ ᠮᠡᠲᠦ ᠬᠢᠨᠠᠮᠠᠭᠠᠢ ᠪᠥᠭᠡᠳ ᠪᠠᠰᠠ ᠬᠠᠷᠢᠨ ᠡᠨᠡ ᠮᠡᠲᠦ ᠭᠠᠰᠢᠭᠤᠨ ᠳ᠋ᠤᠷ ᠬᠦᠷᠪᠡ ᠭᠡᠮᠡᠨ ᠰᠡᠳᠬᠢᠯ ᠢ᠋ᠶ᠋ᠡᠨ ᠪᠦᠦ ᠰᠢᠨᠲᠠᠷᠠᠭᠤᠯ᠂ ᠬᠡᠷᠬᠢᠪᠡᠴᠦ ᠭᠡᠮᠡᠨ ᠰᠡᠳᠬᠢᠯ ᠢ᠋ᠶ᠋ᠡᠨ ᠰᠠᠢᠵᠢᠷᠠᠭᠤᠯᠤᠨ ᠪᠡᠶ᠎ᠡ ᠶᠦ᠍ᠭᠡᠨ ᠪᠠᠢᠭᠤᠯᠵᠤ᠂ ᠪᠤᠷᠤᠭᠤ ᠮᠥᠷ ᠬᠠᠵᠠᠭᠠᠢ ᠵᠠᠮ ᠳ᠋ᠤᠷ ᠪᠢᠲᠡᠭᠡᠢ ᠣᠷᠣ !》 ᠬᠡᠮᠡᠭᠰᠡᠨ ᠳ᠋ᠦ᠍ᠷ ᠠᠨ ᠱᠢ ᠨᠢᠯᠪᠤᠰᠤ ᠤᠨᠠᠭᠠᠨ ᠬᠦᠯᠢᠶᠡᠨ ᠠᠪᠤᠪᠠ᠃ ᠦᠵᠡᠪᠡᠰᠦ ᠭᠠᠭᠴᠠ ᠨᠢᠭᠡᠨ ᠴᠥᠭᠥᠴᠡ ᠳᠦᠭᠦᠷᠡᠩ ᠳᠡᠷᠡᠰᠦᠨ ᠤᠤᠭᠤᠪᠠ᠃ ᠠᠨ ᠱᠢ ᠰᠠᠶᠢ ᠭᠠᠷᠴᠤ ᠢᠷᠡᠨ ᠬᠠᠭᠠᠯᠭ᠎ᠠ ᠳ᠋ᠤᠷ ᠬᠦᠷᠴᠦ ᠢᠷᠡᠲᠡᠯ᠎ᠡ ᠳᠣᠲᠣᠭᠠᠳᠤ ᠭᠡᠷ ᠲᠦ᠍ᠷ ᠶᠡᠬᠡᠳᠡ ᠤᠬᠢᠯᠠᠯᠴᠠᠨ ᠳᠠᠭᠤᠨ ᠭᠠᠷᠤᠭᠰᠠᠨ ᠳ᠋ᠤᠷ ᠶᠠᠭᠠᠷᠠᠨ ᠡᠴᠢᠵᠦ ᠦᠵᠡᠪᠡᠰᠦ ᠦᠵᠡᠰᠡ ᠬᠠᠷᠢᠨ ᠬᠡᠳᠦᠢᠨᠡᠢ ᠬᠣᠣᠷᠠᠲᠤ ᠠᠷᠢᠬᠢ ᠤᠤᠭᠤᠵᠤ ᠭᠡᠳᠡᠷᠭᠦᠯᠡᠨ ᠤᠨᠠᠵᠤ ᠨᠥᠭᠴᠢᠪᠡᠢ᠃ ᠡᠭᠦᠨ ᠳ᠋ᠦ᠍ᠷ ᠠᠨ ᠱᠢ ᠭᠠᠰᠢᠭᠤᠨ᠎ᠠ ᠤᠬᠢᠯᠠᠨ ᠭᠡᠷ ᠦ᠋ᠨ ᠠᠷᠠᠳ ᠠᠪᠰᠠᠨ ᠳ᠋ᠤᠷ ᠬᠢᠵᠦ ᠶᠡᠬᠡ ᠬᠠᠷᠰᠢ ᠳ᠋ᠤᠷ ᠲᠠᠯᠪᠢᠵᠤ᠂ ᠭᠠᠰᠠᠯᠠᠩ ᠤ᠋ᠨ ᠶᠣᠰᠣ ᠶ᠋ᠢ ᠭᠦᠢᠴᠡᠳᠬᠡᠬᠦ ᠶ᠋ᠢ ᠬᠡᠯᠡᠬᠦ ᠦᠭᠡᠢ᠃ ᠬᠠᠷᠠᠬᠠᠨ ᠠᠯᠲᠠᠨ ᠤᠯᠤᠰ ᠤ᠋ᠨ ᠳᠣᠲᠣᠷ᠎ᠠ ᠭᠠᠭᠴᠠ ᠡᠨᠡ ᠨᠢᠭᠡᠬᠡᠨ ᠲᠦᠰᠢᠮᠡᠯ ᠪᠥᠭᠡᠲᠡᠯ᠎ᠡ ᠰᠠᠨᠠᠮᠰᠠᠷ ᠦᠭᠡᠢ ᠡᠨᠡ ᠮᠡᠲᠦ ᠦᠬᠦᠪᠡ᠃ ᠡᠭᠦᠪᠡᠷ ᠦᠵᠡᠬᠦᠯ᠎ᠡ ᠰᠠᠮᠠᠭᠤᠨ ᠲᠥᠷᠥ ᠳ᠋ᠦ᠍ᠷ ᠰᠠᠢᠨ ᠮᠥᠬᠥᠵᠦ ᠮᠠᠭᠤ ᠮᠠᠨᠳᠤᠬᠤ ᠠᠨᠤ ᠦᠵᠡᠰᠡ ᠲᠡᠭᠷᠢ ᠶ᠋ᠢᠨ ᠵᠦᠢ ᠠᠵᠤᠭᠤ᠃ ᠶᠠᠭᠤᠲᠠᠢ ᠪᠡᠷᠬᠡ᠂ ᠬᠠᠮᠢᠭᠠᠰᠢ ᠬᠡᠯᠡᠪᠡᠰᠦ ᠰᠠᠢᠨ᠃ ᠸᠠᠨ ᠶᠠᠨ ᠴᠧᠩ ᠾᠦᠢ ᠶ᠋ᠢᠨ ᠭᠠᠰᠠᠯᠠᠩ ᠢ᠋ ᠲᠣᠭᠠᠴᠢᠬᠤ ᠴᠢᠯᠥᠭᠡ ᠦᠭᠡᠢ᠃
ᠮᠥᠨ ᠡᠳᠦᠷ ᠰᠥᠨᠢ ᠶ᠋ᠢᠨ ᠬᠣᠭᠣᠷᠣᠨᠳᠣ ᠬᠣᠲᠠ ᠶ᠋ᠢ ᠳᠠᠭᠠᠭᠠᠭᠰᠠᠨ ᠮᠦ᠍ ᠶᠠᠨ ᠤ᠋ ᠵᠦᠩ ᠬᠦᠨᠳᠦ ᠨᠠᠷᠢᠨ ᠡᠳ᠋ ᠲᠠᠸᠠᠷ ᠪᠠ ᠪᠠᠰᠠ ᠵᠠᠭᠤᠨ ᠣᠪᠣᠭᠲᠠᠨ ᠤ᠋ ᠬᠦᠨᠳᠦ ᠨᠠᠷᠢᠨ ᠬᠢᠭᠡᠳ ᠥᠪᠡᠷ ᠦ᠋ᠨ ᠤᠷᠤᠭ ᠰᠠᠳᠤᠨ ᠲᠥᠷᠥᠯ ᠲᠥᠷᠥᠭᠰᠡᠨ᠂ ᠡᠮ᠎ᠡ ᠦᠷ᠎ᠡ ᠢᠨᠠᠭ ᠰᠠᠳᠤᠨ ᠢ᠋ᠶ᠋ᠠᠨ ᠠᠪᠴᠤ ᠬᠣᠲᠠ ᠶ᠋ᠢᠨ ᠴᠡᠷᠢᠭ ᠢ᠋ ᠨᠡᠢᠲᠡ ᠪᠡᠷ ᠢ᠋ ᠳᠠᠭᠠᠭᠤᠯᠤᠨ ᠳᠠᠪᠬᠤᠷ ᠬᠤᠶᠠᠭ ᠡᠮᠦᠰᠬᠡᠨ ᠴᠣᠬᠢᠨ ᠭᠠᠷᠴᠤ ᠪᠤᠷᠤᠭᠤᠯᠠᠨ ᠳᠤᠲᠠᠭᠠᠰᠤᠭᠠᠢ ᠬᠡᠮᠡᠬᠦᠢ ᠳ᠋ᠦ᠍ᠷ ᠠᠯᠲᠠᠨ ᠤᠯᠤᠰ ᠤ᠋ᠨ ᠬᠠᠭᠠᠨ ᠤ᠋ ᠵᠦᠩᠳᠦ᠋ ᠳ᠋ᠦ᠍ᠷ ᠬᠣᠴᠣᠷᠤᠭᠰᠠᠨ ᠪᠢᠨ ᠹᠧᠢ ᠨᠠᠷ ᠪᠠ ᠣᠢᠷ᠎ᠠ ᠸᠠᠩ ᠦ᠋ᠳ ᠦ᠋ᠨ ᠭᠡᠷ ᠦ᠋ᠨ ᠬᠣᠲᠠᠯᠠᠭᠠᠷ ᠰᠣᠨᠣᠰᠴᠤ ᠪᠦᠭᠦᠳᠡᠭᠡᠷ ᠬᠤᠷᠠᠵᠤ ᠳ᠋ᠦᠩ ᠰᠢᠦᠸᠠᠨ ᠮᠸᠨ ᠬᠠᠭᠠᠯᠭ᠎ᠠ ᠳ᠋ᠤᠷ ᠨᠡᠬᠡᠨ ᠢᠷᠡᠵᠦ ᠶᠠᠭᠤᠨ ᠳ᠋ᠤᠷ ᠮᠠᠨ ᠢ᠋ ᠣᠷᠬᠢᠵᠤ ᠶᠠᠪᠤᠮᠤᠢ ? ᠬᠡᠮᠡᠬᠦᠢ ᠳ᠋ᠦ᠍ᠷ ᠮᠦ᠍ ᠶᠠᠨ ᠤ᠋ ᠵᠦᠭ ᠬᠠᠭᠤᠷᠤᠨ ᠥᠭᠦᠯᠡᠷᠦᠨ : 《 ᠲᠠᠨ ᠶᠠᠭᠠᠬᠢᠨ ᠡᠨᠡ ᠵᠠᠭᠤᠨ ᠲᠦᠮᠡᠨ ᠴᠡᠷᠢᠭ ᠦ᠋ᠨ ᠳᠣᠲᠣᠷ᠎ᠠ ᠠ᠋ᠴᠠ ᠨᠡᠪᠲᠡᠯᠦᠨ ᠭᠠᠷᠤᠮᠤᠢ᠂ ᠪᠢ ᠤᠷᠢᠳᠠ ᠴᠡᠷᠢᠭ ᠠᠪᠤᠨ ᠭᠠᠷᠴᠤ ᠮᠣᠩᠭᠣᠯ ᠯᠤᠭ᠎ᠠ ᠨᠢᠭᠡᠨ ᠤᠳᠠᠭ᠎ᠠ ᠦᠬᠦᠨ ᠪᠠᠢᠯᠳᠤᠵᠤ ᠵᠠᠮ ᠭᠠᠷᠭᠠᠭᠰᠠᠨ ᠬᠣᠢᠨ᠎ᠠ᠂ ᠲᠠᠨ ᠢ᠋ ᠰᠠᠢ ᠬᠣᠲᠠᠨ ᠠ᠋ᠴᠠ ᠭᠠᠷᠭᠠᠰᠤᠭᠠᠢ᠂ ᠪᠤᠰᠤ ᠪᠣᠯᠪᠠᠰᠤ ᠮᠣᠩᠭᠣᠯ ᠤ᠋ᠨ ᠴᠡᠷᠢᠭ ᠲᠦ᠍ᠷ ᠴᠥᠮ ᠭᠢᠰᠬᠢᠯᠡᠭᠳᠡᠬᠦ ᠦᠭᠡᠢ ᠦᠦ ? 》 ᠬᠡᠮᠡᠭᠰᠡᠨ ᠳ᠋ᠦ᠍ᠷ ᠣᠯᠠᠨ ᠢ᠋ᠶ᠋ᠠᠷ ᠬᠠᠭᠤᠷᠲᠠᠨ ᠡᠭᠡᠵᠦ ᠡᠴᠢᠬᠦᠶ᠎ᠡ᠂ ᠮᠦ᠍ ᠶᠠᠨ ᠤ᠋ ᠵᠦᠩ ᠬᠣᠲᠠ ᠭᠠᠷᠴᠤ ᠡᠴᠢᠭᠡᠳ ᠵᠠᠢ ᠶ᠋ᠢ ᠦᠵᠡᠨ ᠰᠢᠪᠲᠤᠯᠤᠨ ᠭᠠᠷᠴᠤ ᠳᠤᠲᠠᠭᠠᠨ ᠡᠴᠢᠭᠡᠳ ᠶᠠᠭᠤᠨᠠᠢ ᠡᠭᠡᠬᠦ ᠪᠣᠢ ! ᠡᠨᠡ ᠦᠶ᠎ᠡ ᠳ᠋ᠦ᠍ᠷ ᠮᠣᠩᠭᠣᠯ ᠤ᠋ᠨ ᠴᠡᠷᠢᠭ ᠬᠡᠳᠦᠢᠨᠡᠢ ᠬᠣᠲᠠᠨ ᠢ᠋ ᠳᠠᠪᠠᠨ ᠣᠷᠣᠵᠤ ᠬᠣᠲᠠ ᠶ᠋ᠢᠨ ᠳᠥᠷᠪᠡᠨ ᠡᠲᠡᠭᠡᠳ ᠭᠠᠯ ᠤ᠋ᠨ ᠭᠡᠷᠡᠯ ᠲᠡᠭᠷᠢ ᠳ᠋ᠦ᠍ᠷ ᠲᠤᠯᠪᠠ᠃ ᠶᠢᠰᠦᠨ ᠬᠠᠭᠠᠯᠭ᠎ᠠ ᠶ᠋ᠢ ᠪᠡᠬᠢᠯᠡᠨ ᠬᠠᠳᠠᠭᠠᠯᠠᠪᠠ᠃
ᠲᠡᠳᠦᠢ ᠮᠦ᠍ ᠶᠠᠨ ᠤ᠋ ᠵᠦᠩ ᠰᠥᠨᠢ ᠳᠦᠯᠢᠨ ᠳᠣᠪᠲᠣᠯᠤᠨ ᠳᠤᠲᠠᠭᠠᠵᠤ ᠶᠠᠪᠤᠭᠰᠠᠭᠠᠷ ᠵᠦᠩ ᠱᠠᠨ ᠠᠭᠤᠯᠠᠨ ᠳ᠋ᠤᠷ ᠬᠦᠷᠴᠦ ᠬᠣᠢᠨ᠎ᠠ ᠠ᠋ᠴᠠ ᠨᠡᠬᠡᠬᠦ ᠴᠡᠷᠢᠭ ᠢᠷᠡᠭᠰᠡᠨ ᠦᠭᠡᠢ ᠳ᠋ᠦ᠍ᠷ ᠶᠡᠬᠡᠯ᠎ᠡ ᠪᠠᠶᠠᠷᠯᠠᠨ ᠤᠷᠲᠤ ᠰᠡᠭᠦᠷᠡᠰᠦ ᠠᠯᠳᠠᠵᠤ᠂ ᠥᠪᠡᠷ ᠦ᠋ᠨ ᠭᠡᠷ ᠦ᠋ᠨ ᠬᠣᠲᠠᠯᠠᠭᠠᠷ ᠢ᠋ ᠪᠠᠢᠴᠠᠭᠠᠨ ᠦᠵᠡᠭᠡᠳ ᠣᠯᠠᠨ ᠤ᠋ ᠵᠦᠭ ᠥᠭᠦᠯᠡᠷᠦᠨ :《 ᠪᠢ ᠬᠡᠷᠪᠡ ᠵᠢᠷᠭᠤᠭᠠᠨ ᠣᠷᠳᠣᠨ ᠤ᠋ ᠪᠢᠨ ᠹᠧᠢ᠂ ᠣᠯᠠᠨ ᠤᠭᠰᠠᠭ᠎ᠠ ᠸᠠᠩ ᠤ᠋ᠳ ᠢ᠋ ᠭᠠᠷᠭᠠᠭᠰᠠᠨ ᠪᠥᠭᠡᠰᠦ ᠡᠨᠡ ᠵᠦᠩ ᠱᠠᠨ ᠠᠭᠤᠯᠠᠨ ᠳ᠋ᠤᠷ ᠮᠢᠨᠦ ᠪᠡᠶ᠎ᠡ ᠬᠡᠷᠬᠢᠨ ᠬᠦᠷᠴᠦ ᠢᠷᠡᠬᠦ ? 》 ᠭᠡᠮᠡᠨ ᠪᠢᠶᠠᠨ ᠵᠢᠩ ᠳ᠋ᠦ᠍ᠷ ᠬᠦᠷᠬᠦᠶ᠎ᠡ ᠡᠭᠦᠨ ᠦ᠌ ᠵᠠᠪᠰᠠᠷ ᠲᠤᠷ ᠠᠨ ᠱᠢ ᠮᠥᠨ ᠭᠠᠷᠴᠤ ᠢᠷᠡᠭᠰᠡᠨ ᠲᠤᠯᠠ ᠸᠠᠨ ᠶᠠᠨ ᠴᠧᠩ ᠾᠦᠢ ᠶ᠋ᠢᠨ ᠪᠢᠴᠢᠭ ᠢ᠋ ᠱᠠᠩ ᠱᠣ ᠯᠢᠩ – ᠭᠤᠸᠠᠩ ᠫᠢᠩ ᠸᠠᠩ ᠳ᠋ᠤᠷ ᠪᠠᠷᠢᠪᠠ᠃
ᠲᠡᠳᠦᠢ ᠠᠯᠲᠠᠨ ᠤᠯᠤᠰ ᠤ᠋ᠨ ᠡᠵᠡᠨ ᠮᠦ᠍ ᠶᠠᠨ ᠤ᠋ ᠵᠦᠩ ᠦ᠋ᠨ ᠬᠣᠲᠠ ᠪᠠᠨ ᠠᠯᠳᠠᠵᠤ ᠱᠧ ᠵᠢᠢ ᠲᠡᠢ ᠮᠢᠶᠣᠤ ᠬᠢᠭᠡᠳ ᠪᠢᠨ ᠹᠧᠢ ᠶ᠋ᠢ ᠣᠷᠬᠢᠵᠤ ᠤᠭᠰᠠᠭ᠎ᠠ ᠲᠥᠷᠥᠯ ᠢ᠋ ᠭᠡᠭᠡᠭᠰᠡᠨ ᠢ᠋ ᠥᠴᠦᠬᠡᠨ ᠴᠦ᠍ ᠠᠰᠠᠭᠤᠭᠰᠠᠨ ᠦᠭᠡᠢ᠂ ᠨᠢᠭᠡᠨ ᠦᠭᠡ ᠶ᠋ᠢ ᠴᠦ᠍ ᠰᠣᠨᠣᠰᠤᠭᠰᠠᠨ ᠦᠭᠡᠢ ᠬᠡᠪ ᠢ᠋ᠶ᠋ᠡᠷ ᠤᠭ ᠫᠢᠩ ᠵᠠᠩ ᠵᠧᠩ ᠱᠢ ᠶ᠋ᠢᠨ ᠲᠤᠰᠢᠶᠠᠯ ᠳ᠋ᠤᠷ ᠠᠬᠤᠭᠤᠯᠪᠠᠢ᠃ ᠠᠶ᠎ᠠ ᠲᠡᠭᠷᠢ ᠶᠠᠭᠤᠨ ᠳ᠋ᠤᠷ ᠬᠥᠮᠦᠨ ᠦ᠌ ᠰᠡᠳᠬᠢᠯ ᠢ᠋ ᠡᠢᠨ ᠬᠦ᠌ ᠬᠤᠪᠢᠰᠬᠠᠬᠤ ᠪᠣᠢ ! ᠸᠠᠨ ᠶᠠᠨ ᠴᠧᠩ ᠾᠦᠢ ᠶ᠋ᠢᠨ ᠦᠷᠡᠰ ᠪᠣᠭᠣᠯ ᠪᠣᠯᠤᠨ᠂ ᠮᠦ᠍ ᠶᠠᠨ ᠤ᠋ ᠵᠦᠩ ᠦ᠋ᠨ ᠪᠡᠶ᠎ᠡ ᠬᠠᠷᠢᠨ ᠡᠵᠡᠨ ᠪᠣᠯᠪᠠᠢ᠃ ᠲᠡᠳᠦᠢ ᠸᠠᠨ ᠶᠠᠨ ᠴᠧᠩ ᠾᠦᠢ ᠶ᠋ᠢᠨ ᠪᠣᠳᠣᠷᠣᠣᠯ ᠪᠢᠴᠢᠭ ᠢ᠋ ᠴᠦ᠍ ᠮᠥᠨ ᠳᠡᠮᠡᠢ ᠬᠡᠷᠡᠭ ᠪᠣᠯᠭᠠᠨ ᠬᠡᠯᠡᠯᠴᠡᠭᠰᠡᠨ ᠦᠭᠡᠢ᠃ ᠬᠠᠷᠠᠬᠠᠨ ᠸᠠᠨ ᠶᠠᠨ ᠴᠧᠩ ᠾᠦᠢ ᠮᠠᠲᠠᠨᠠᠮ ᠪᠥᠭᠡᠳ ᠲᠡᠷᠡ ᠲᠠᠯ᠎ᠠ ᠠᠪᠬᠤ ᠦᠭᠡᠢ ᠪᠣᠳᠣᠷᠣᠣᠯ ᠢ᠋ ᠶᠠᠭᠤᠨ ᠳ᠋ᠤᠷ ᠠᠢᠯᠠᠳᠬᠠᠪᠠ᠃ ᠯᠠᠪ ᠴᠢᠬᠤᠯᠳᠠᠬᠤᠢ ᠳ᠋ᠠᠭᠠᠨ ᠬᠡᠯᠡᠬᠦ ᠭᠠᠵᠠᠷ ᠦᠭᠡᠢ ᠳ᠋ᠦ᠍ᠷ ᠡᠢᠮᠦ ᠪᠣᠯᠪᠠ᠃ ᠸᠠᠨ ᠶᠠᠨ ᠴᠧᠩ ᠾᠦᠢ ᠵᠥᠭᠡᠯᠡᠨ ᠦ᠌ ᠭᠡᠮ ᠢ᠋ ᠢᠳᠡᠭᠰᠡᠨ ᠪᠣᠯᠠᠢ᠃ ᠮᠦ᠍ ᠶᠠᠨ ᠤ᠋ ᠵᠦᠩ ᠬᠣᠢᠨ᠎ᠠ ᠳᠣᠲᠣᠷ᠎ᠠ ᠭᠠᠳᠠᠨ᠎ᠠ ᠪᠠᠷ ᠤᠷᠪᠠᠬᠤᠢ ᠳ᠋ᠤᠷ ᠰᠠᠢ ᠠᠯᠠᠭᠳᠠᠪᠠ᠃ ᠲᠡᠨᠳᠡᠴᠡ ᠵᠦᠩᠳᠦ᠋ ᠶ᠋ᠢ ᠬᠠᠭᠠᠭᠰᠠᠨ ᠮᠣᠩᠭᠣᠯ ᠤ᠋ᠨ ᠴᠡᠷᠢᠭ ᠵᠦᠩᠳᠦ᠋ ᠡᠴᠡ ᠨᠢᠭᠡᠨᠲᠡ ᠬᠠᠷᠪᠤᠬᠤ ᠴᠣᠬᠢᠬᠤ ᠵᠦᠢᠯ ᠦᠭᠡᠢ ᠪᠣᠯᠤᠭᠰᠠᠨ ᠳ᠋ᠤᠷ ᠵᠠᠮᠪᠠᠯ ᠤᠷᠢᠳᠠ ᠳᠠᠪᠠᠵᠤ ᠭᠠᠷᠤᠭᠠᠳ ᠤᠬᠠᠭᠠᠨ ᠢ᠋ ᠣᠯᠵᠤ ᠳᠣᠬᠢᠶ᠎ᠠ ᠲᠠᠯᠪᠢᠨ ᠴᠢᠮᠡᠭᠡ ᠥᠭᠭᠦᠭᠰᠡᠨ ᠢ᠋ᠶ᠋ᠡᠷ ᠬᠠᠮᠲᠤ ᠪᠠᠷ ᠠᠪᠠᠷᠢᠵᠤ ᠭᠠᠷᠬᠤᠶ᠎ᠠ᠂ ᠡᠨᠡ ᠦᠶ᠎ᠡ ᠳ᠋ᠦ᠍ᠷ ᠬᠣᠲᠠᠨ ᠤ᠋ ᠳᠣᠲᠣᠷᠠᠬᠢ ᠸᠠᠩ ᠰᠠᠢᠳ ᠤ᠋ᠳ ᠪᠠ ᠰᠤᠯᠠ ᠢᠷᠭᠡᠨ ᠬᠠᠮᠲᠤ ᠪᠠᠷ ᠬᠠᠭᠠᠯᠭ᠎ᠠ ᠶ᠋ᠢ ᠲᠡᠮᠡᠴᠡᠯᠳᠦᠨ ᠭᠦᠶᠦᠯᠳᠦᠬᠦᠢ ᠳ᠋ᠦ᠍ᠷ ᠰᠢᠮᠦ ᠮᠢᠩᠭᠠᠨ ᠥᠨᠳᠥᠷ ᠠᠰᠠᠷ ᠲᠤᠷ ᠭᠠᠷᠴᠤ ᠶᠡᠬᠡ ᠳᠠᠭᠤᠨ ᠢ᠋ᠶ᠋ᠠᠷ ᠠᠯᠲᠠᠨ ᠤᠯᠤᠰ ᠤ᠋ᠨ ᠸᠠᠩ ᠰᠠᠢᠳ ᠴᠡᠷᠢᠭ ᠢᠷᠭᠡᠨ ᠳ᠋ᠦ᠍ᠷ ᠵᠠᠷᠯᠠᠨ : 《 ᠲᠠ ᠨᠠᠷ ᠲᠥᠷᠭᠡᠨ᠎ᠡ ᠭᠡᠷ ᠭᠡᠷ ᠲᠡᠭᠡᠨ ᠣᠷᠣᠵᠤ ᠡᠭᠦᠳᠡ ᠬᠠᠭᠠᠯᠭ᠎ᠠ ᠪᠠᠨ ᠪᠡᠬᠢᠯᠡ᠂ ᠬᠠᠭᠠᠯᠭ᠎ᠠ ᠨᠡᠭᠡᠭᠡᠭᠰᠡᠨ ᠨᠢᠨᠦ ᠣᠷᠣᠢᠲᠠᠪᠠ᠂ ᠤᠷᠢᠳᠠ ᠳᠤᠲᠠᠭᠠᠭᠰᠠᠨ ᠲᠡᠷᠢᠭᠦᠯᠡᠭᠰᠡᠳ ᠦ᠋ᠨ ᠴᠠᠭᠠᠵᠠ ᠪᠣᠢ ᠶᠡ᠃ ᠲᠠᠨ ᠤ᠋ ᠰᠠᠨᠠᠭᠠᠨ ᠪᠤᠰᠤ᠂ ᠪᠢᠳᠡ ᠲᠠᠨ ᠤ᠋ ᠣᠯᠠᠨ ᠢ᠋ ᠬᠠᠷᠢᠭᠤᠴᠠᠪᠠ ᠭᠡᠮᠡᠨ ᠡᠰᠡ ᠠᠯᠠᠪᠠᠰᠤ ᠪᠠᠷᠠᠪᠠ᠃ ᠭᠠᠭᠴᠠ ᠴᠡᠷᠢᠭ ᠣᠯᠠᠨ ᠲᠤᠯᠠ ᠴᠠᠭᠠᠵᠠ ᠨᠡᠢᠭᠡᠮ ᠦᠭᠡᠢ ᠪᠣᠯᠵᠤ᠂ ᠲᠠᠨ ᠤ᠋ ᠣᠯᠠᠨ ᠠᠯᠠᠭᠳᠠᠪᠠᠰᠤ ᠲᠠᠯᠠᠭᠠᠷ ᠪᠣᠯᠤᠮᠤᠢ᠃ ᠮᠠᠷᠭᠠᠲᠠ ᠥᠷᠯᠥᠭ ᠪᠠᠭᠤᠯᠭᠠᠮᠤᠢ ! 》 ᠭᠡᠮᠡᠨ ᠵᠠᠷᠯᠠᠭᠰᠠᠨ ᠳ᠋ᠤᠷ ᠸᠠᠩ ᠰᠠᠢᠳ ᠪᠠ ᠵᠠᠭᠤᠨ ᠣᠪᠣᠭᠲᠠᠨ ᠭᠡᠷ ᠭᠡᠷ ᠲᠦ᠍ᠷ ᠴᠢᠬᠢᠯᠴᠡᠵᠦ ᠵᠠᠮ ᠵᠡᠭᠡᠯᠢ ᠳ᠋ᠦ᠍ᠷ ᠨᠢᠭᠡᠨ ᠬᠥᠮᠦᠨ ᠴᠦ᠍ ᠦᠭᠡᠢ ᠪᠣᠯᠤᠭᠰᠠᠨ ᠳ᠋ᠤᠷ ᠰᠢᠮᠤ ᠮᠢᠩᠭᠠᠨ ᠶᠠᠭᠠᠷᠠᠨ ᠠᠯᠲᠠᠨ ᠤᠯᠤᠰ ᠤ᠋ᠨ ᠬᠠᠭᠠᠨ ᠤ᠋ ᠣᠷᠳᠣᠨ ᠢ᠋ ᠬᠠᠭᠠᠯᠭᠠᠵᠤ᠂ ᠳᠣᠲᠣᠭᠠᠳᠤ ᠣᠷᠳᠣᠨ ᠤ᠋ ᠬᠡᠳᠦᠨ ᠮᠢᠩᠭᠠᠨ ᠡᠬᠡᠨᠡᠷ ᠥᠬᠢᠳ ᠪᠠ ᠬᠡᠴᠢᠨᠡᠨ ᠦᠶ᠎ᠡ ᠶ᠋ᠢᠨ ᠬᠠᠭᠠᠨ ᠤ᠋ ᠪᠢᠨ ᠹᠧᠢ ᠨᠠᠷ ᠢ᠋ ᠬᠣᠷᠢᠨ ᠨᠢᠭᠡᠨ ᠣᠷᠳᠣᠨ ᠳ᠋ᠤᠷ ᠣᠷᠣᠭᠤᠯᠵᠤ ᠥᠭᠦᠯᠡᠷᠦᠨ : 《 ᠲᠠ ᠪᠢᠲᠡᠭᠡᠢ ᠴᠢᠬᠤᠯᠳᠠᠵᠤ ᠥᠪᠡᠷ ᠵᠠᠭᠤᠷ᠎ᠠ ᠪᠠᠨ ᠦᠬᠦᠯᠳᠦ᠃ ᠮᠠᠨ ᠤ᠋ ᠬᠠᠭᠠᠨ ᠬᠡᠮᠡᠭᠴᠢ ᠲᠡᠭᠷᠢ ᠶ᠋ᠢᠨ ᠬᠥᠪᠡᠭᠦᠨ ᠴᠣᠬᠣᠮ ᠥᠷᠥᠰᠢᠶᠡᠯᠳᠦ ᠡᠵᠡᠨ᠃ ᠲᠠᠨ ᠢ᠋ ᠦᠯᠦ ᠠᠯᠠᠮᠤᠢ᠂ ᠲᠠ ᠰᠠᠢᠬᠠᠨ ᠬᠢᠴᠢᠶᠡᠨ ᠠᠮᠢᠳᠤᠷᠠᠵᠤ ᠪᠠᠢᠭᠲᠤᠨ᠃ ᠮᠠᠨ ᠤ᠋ ᠡᠵᠡᠨ ᠬᠦᠷᠴᠦ ᠢᠷᠡᠭᠰᠡᠨ ᠴᠠᠭ ᠲᠤᠷ ᠲᠠᠨ ᠢ᠋ ᠯᠠᠪ ᠨᠢᠭᠡᠨ ᠠᠮᠤᠷ ᠭᠠᠵᠠᠷ ᠲᠠᠯᠪᠢᠮᠤᠢ ᠃ᠡᠨᠡ ᠦᠶ᠎ᠡ ᠳ᠋ᠦ᠍ᠷ ᠬᠡᠷᠡᠭ ᠦᠭᠡᠢ ᠦᠬᠦᠪᠡᠰᠦ ᠲᠠᠯᠠᠭᠠᠷ ᠪᠣᠯᠠᠢ ! 》 ᠭᠡᠮᠡᠨ ᠵᠠᠷᠯᠠᠵᠤ ᠰᠠᠢ ᠬᠦᠦ ᠰᠠᠩ ᠢ᠋ ᠬᠣᠷᠢᠶᠠᠨ ᠪᠠᠢᠴᠠᠭᠠᠵᠤ᠂ ᠰᠠᠩ ᠬᠥᠮᠥᠷᠭᠡ ᠶ᠋ᠢᠨ ᠲᠦᠰᠢᠮᠡᠳ ᠡᠴᠡ ᠲᠣᠭ᠎ᠠ ᠳᠠᠩᠰᠠ ᠶ᠋ᠢ ᠪᠠᠢᠴᠠᠭᠠᠨ ᠠᠪᠴᠤ ᠵᠢᠴᠢ ᠡᠳᠦᠷ ᠮᠤᠬᠤᠯᠢ ᠶᠤᠸᠠᠨᠱᠤᠸᠠᠢ ᠶ᠋ᠢᠨ ᠹᠦ ᠳ᠋ᠦ᠍ᠷ ᠣᠷᠣᠵᠤ ᠲᠠᠪᠤᠨ ᠥᠩᠭᠡ ᠶ᠋ᠢᠨ ᠣᠯᠠᠨ ᠴᠡᠷᠢᠭ ᠢ᠋ ᠴᠢᠩᠳᠠ ᠴᠠᠭᠠᠵᠠᠯᠠᠨ ᠢᠷᠭᠡᠨ ᠢ᠋ ᠬᠠᠯᠳᠠᠭᠤᠯᠬᠤ ᠦᠭᠡᠢ᠃ ᠨᠡᠩ ᠪᠠᠰᠠ ᠲᠠᠪᠤᠨ ᠪᠠᠷᠰ ᠤ᠋ᠨ ᠵᠠᠩᠵᠤᠨ ᠨᠠᠷ ᠲᠤᠷ ᠲᠠᠪᠤᠨ ᠵᠠᠭᠤᠨ ᠴᠡᠷᠢᠭ ᠥᠭᠴᠦ ᠬᠣᠲᠠᠨ ᠤ᠋ ᠳᠣᠲᠣᠷ᠎ᠠ ᠭᠠᠳᠠᠨ᠎ᠠ ᠶ᠋ᠢ ᠴᠢᠩᠳᠠᠯᠠᠨ ᠪᠠᠢᠴᠠᠭᠠᠯᠭᠠᠵᠤ ᠪᠠᠰᠠ ᠢᠷᠭᠡᠨ ᠳ᠋ᠦ᠍ᠷ ᠲᠤᠩᠬᠠᠭ ᠭᠠᠷᠭᠠᠨ : ᠬᠡᠷᠪᠡ ᠮᠠᠨ ᠤ᠋ ᠴᠡᠷᠢᠭ ᠬᠤᠯᠠᠭᠤᠵᠤ ᠢᠷᠭᠡᠨ ᠢ᠋ ᠬᠠᠯᠳᠠᠪᠠᠰᠤ ᠢᠷᠡᠵᠦ ᠭᠡᠷᠡᠴᠢᠯᠡ᠂ ᠬᠡᠷᠪᠡ ᠴᠠᠭᠠᠵᠠ ᠶ᠋ᠢ ᠵᠥᠷᠢᠴᠡᠪᠡᠰᠦ ᠪᠠᠷᠢᠵᠤ ᠠᠯᠠᠮᠤᠢ ᠭᠡᠮᠡᠨ ᠵᠠᠷᠯᠠᠪᠠ᠃ ᠵᠦᠩᠲᠦ᠋ ᠶ᠋ᠢ ᠲᠣᠭᠲᠠᠭᠠᠭᠠᠳ ᠨᠢᠭᠡᠨᠲᠡᠭᠡᠭᠦᠷ ᠬᠠᠭᠠᠨ ᠢ᠋ ᠵᠠᠯᠠᠬᠤ ᠪᠣᠳᠣᠷᠣᠣᠯ ᠠᠢᠯᠠᠳᠬᠠᠪᠠ᠃ ᠵᠢᠴᠢ ᠲᠠᠪᠤᠳᠤᠭᠠᠷ ᠡᠳᠦᠷ ᠲᠣᠷ ᠰᠠᠷᠲᠠᠭᠴᠢᠨ ᠤ᠋ ᠬᠢᠲᠠᠳ ᠴᠡᠷᠢᠭ ᠵᠦᠩᠲᠦ᠋ ᠶ᠋ᠢᠨ ᠰᠤᠯᠠ ᠢᠷᠭᠡᠨ ᠦ᠌ ᠨᠢᠭᠡᠨ ᠰᠠᠢᠨ ᠮᠣᠷᠢᠨ ᠢ᠋ ᠠᠪᠤᠭᠰᠠᠨ ᠳ᠋ᠤᠷ ᠪᠠᠢᠴᠠᠭᠠᠬᠤᠢ ᠳ᠋ᠤᠷ ᠨᠣᠴᠣᠭᠳᠠᠵᠤ ᠲᠡᠷᠢᠭᠦᠯᠡᠭᠰᠡᠨ ᠬᠥᠮᠦᠨ ᠠᠯᠹᠠ ᠬᠡᠮᠡᠭᠴᠢ ᠶ᠋ᠢ ᠠᠯᠠᠵᠤ ᠣᠯᠠᠨ ᠳ᠋ᠤᠷ ᠦᠵᠡᠭᠦᠯᠪᠡ᠃ ᠡᠭᠦᠨᠴᠡ ᠣᠯᠠᠨ ᠴᠡᠷᠢᠭ ᠢ᠋ ᠬᠣᠲᠠᠨ ᠤ᠋ ᠭᠠᠳᠠᠨ᠎ᠠ ᠪᠠᠭᠤᠳᠠᠯᠯᠠᠭᠤᠯᠵᠤ ᠴᠢᠩᠳᠠ ᠴᠠᠭᠠᠵᠠᠯᠠᠪᠠ᠃ ᠡᠨᠡ ᠦᠶ᠎ᠡ ᠳ᠋ᠦ᠍ᠷ ᠵᠦᠩᠲᠦ᠋ ᠶ᠋ᠢ ᠠᠪᠤᠭᠰᠠᠨ ᠤᠯᠠᠭᠠᠨ ᠲᠤᠭ ᠬᠡᠳᠦᠢᠨᠡᠢ ᠬᠠᠭᠠᠨ ᠳ᠋ᠤᠷ ᠠᠢᠯᠠᠳᠬᠠᠷ᠎ᠠ ᠳᠣᠪᠲᠣᠯᠤᠨ ᠡᠴᠢᠭᠰᠡᠨ ᠲᠤᠯᠠ ᠤᠯᠠᠭᠠᠨ ᠲᠤᠭ ᠤ᠋ᠨ ᠪᠠᠶᠠᠷ ᠤ᠋ᠨ ᠮᠡᠳᠡᠭᠡ ᠾᠧ ᠵᠧᠦ ᠳ᠋ᠦ᠍ᠷ ᠤᠭᠲᠤᠵᠤ ᠠᠢᠯᠠᠳᠬᠠᠭᠰᠠᠨ ᠠᠵᠤᠭᠤ᠃ ᠲᠡᠳᠦᠢ ᠬᠠᠭᠠᠨ ᠤ᠋ ᠭᠡᠭᠡᠨ ᠬᠣᠢᠲᠤ ᠵᠦᠭ ᠲᠠᠢᠬᠡᠦ᠂ ᠬᠤᠸᠠᠩᠬᠡᠦ ᠨᠠᠷ ᠢ᠋ ᠨᠠᠮᠤᠷ ᠤ᠋ᠨ ᠳᠤᠮᠳᠠᠳᠤ ᠰᠠᠷ᠎ᠠ ᠳ᠋ᠤ᠌ ᠡᠮᠦᠨᠡᠰᠢ ᠣᠷᠣ ᠭᠡᠮᠡᠨ ᠵᠠᠷᠤᠭᠠᠳ ᠥᠪᠡᠷ ᠦ᠋ᠨ ᠪᠡᠶ᠎ᠡ ᠵᠦᠩᠲᠦ᠋ ᠬᠣᠲᠠᠨ ᠳ᠋ᠤᠷ ᠬᠦᠷᠴᠦ ᠢᠷᠡᠭᠡᠳ ᠵᠧᠩ ᠶᠠᠩ ᠮᠧᠨ ᠬᠠᠭᠠᠯᠭ᠎ᠠ ᠪᠠᠷ ᠣᠷᠣᠵᠤ ᠭᠤᠷᠪᠠᠨ ᠳᠠᠪᠬᠤᠷ ᠬᠣᠲᠠᠨ ᠢ᠋ᠶ᠋ᠠᠷ ᠳᠣᠷᠣᠭᠰᠢ ᠶᠠᠪᠤᠨ ᠶᠢᠰᠦᠨ ᠳᠠᠪᠬᠤᠷ ᠬᠠᠷᠰᠢ ᠳ᠋ᠤᠷ ᠲᠡᠭᠷᠢ ᠶ᠋ᠢᠨ ᠬᠥᠪᠡᠭᠦᠨ ᠬᠠᠭᠠᠨ ᠤ᠋ ᠰᠠᠭᠤᠷᠢᠨ ᠳ᠋ᠤᠷ ᠭᠠᠷᠴᠤ ᠡᠮᠦᠨᠡᠰᠢ ᠬᠠᠨᠳᠤᠨ ᠰᠠᠭᠤᠵᠤ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ ᠬᠠᠭᠠᠨ ᠤ᠋ ᠭᠡᠭᠡᠨ ᠵᠠᠷᠯᠢᠭ ᠪᠠᠭᠤᠯᠭᠠᠨ᠂ ᠡᠨᠡ ᠭᠤᠷᠪᠠᠨ ᠵᠢᠯ ᠦ᠋ᠨ ᠣᠯᠠᠨ ᠵᠠᠩᠵᠤᠨ ᠨᠠᠷ ᠤ᠋ᠨ ᠴᠡᠷᠢᠭ ᠲᠦ᠍ᠷ ᠵᠢᠳᠬᠦᠭᠰᠡᠨ ᠢ᠋ ᠨᠢᠭᠡᠨ ᠵᠡᠷᠭᠡ ᠢᠯᠭᠠᠨ ᠰᠠᠯᠭᠠᠨ ᠨᠡᠮᠡᠵᠦ ᠱᠠᠩᠨᠠᠨ ᠬᠥᠬᠢᠭᠦᠯᠵᠦ᠂ ᠳᠠᠭᠠᠯᠳᠤᠭ᠎ᠠ ᠠᠯᠲᠠᠨ ᠤᠯᠤᠰ ᠤ᠋ᠨ ᠬᠡᠳᠦᠨ ᠦᠶ᠎ᠡ ᠶ᠋ᠢᠨ ᠬᠠᠳ ᠤ᠋ᠳ ᠪᠢᠨ ᠹᠧᠢ᠂ ᠸᠠᠨ ᠶᠠᠨ ᠠᠢᠮᠠᠭ ᠤ᠋ᠨ ᠬᠠᠭᠠᠨ ᠤ᠋ ᠣᠢᠷ᠎ᠠ ᠤᠭᠰᠠᠬᠠ ᠶ᠋ᠢᠨ ᠣᠯᠠᠨ ᠸᠠᠩ ᠬᠦᠩ ᠦ᠋ᠳ ᠢ᠋ ᠪᠠᠢᠴᠠᠭᠠᠨ ᠭᠠᠷᠭᠠᠵᠤ ᠪᠢᠴᠢᠭᠯᠡᠭᠡᠳ ᠡᠷᠭᠦᠨ ᠠᠢᠯᠠᠳᠬ᠎ᠠ ᠭᠡᠮᠡᠨ ᠬᠠᠭᠠᠨ ᠪᠠᠰᠠ ᠵᠠᠷᠯᠢᠭ ᠪᠣᠯᠤᠷᠤᠨ : 《 ᠮᠢᠨᠦ ᠵᠠᠭᠤᠨ ᠲᠦᠰᠢᠮᠡᠳ ᠦ᠋ᠨ ᠴᠢᠷᠮᠠᠢᠯᠭ᠎ᠠ ᠪᠠᠷ ᠳᠤᠮᠳᠠᠳᠤ ᠣᠷᠣᠨ ᠤ᠋ ᠳᠤᠮᠳᠠᠳᠤ ᠬᠣᠲᠠᠨ ᠢ᠋ ᠣᠯᠤᠭᠰᠠᠨ ᠲᠤᠯᠠ ᠬᠥᠮᠦᠨ ᠦ᠌ ᠪᠡᠯᠡᠨ ᠢ᠋ ᠡᠵᠡᠯᠡᠬᠦ ᠳ᠋ᠡᠭᠡᠨ ᠪᠡᠯᠡᠳᠬᠡᠭᠰᠡᠨ ᠡᠵᠡᠨ ᠦ᠌ ᠬᠦᠴᠦᠨ ᠣᠷᠣᠭᠰᠠᠨ ᠢ᠋ ᠰᠡᠳᠬᠢᠵᠦ᠂ ᠠᠯᠲᠠᠨ ᠤᠯᠤᠰ ᠤ᠋ᠨ ᠬᠠᠭᠤᠴᠢᠨ ᠬᠠᠳ ᠲᠤᠷ ᠲᠤᠷ ᠲᠠᠬᠢᠯ ᠡᠷᠭᠦᠭᠦᠯ! 》 ᠭᠡᠮᠡᠨ ᠳᠥᠷᠪᠡᠨ ᠲᠠᠢᠽᠢ ᠶ᠋ᠢ ᠢᠯᠡᠭᠡᠵᠦ᠂ ᠬᠠᠭᠤᠴᠢᠨ ᠤᠯᠤᠰ ᠤ᠋ᠨ ᠬᠠᠭᠤᠴᠢᠨ ᠬᠠᠳ ᠤ᠋ᠳ ᠤ᠋ᠨ ᠰᠦᠮ᠎ᠡ ᠳ᠋ᠦ᠍ᠷ ᠴᠥᠮ ᠲᠠᠬᠢᠯ ᠪᠠᠷᠢᠭᠤᠯᠪᠠ᠃ ᠡᠨᠡ ᠵᠦᠩᠳᠦ᠋ ᠶ᠋ᠢ ᠬᠠᠯᠠᠵᠤ ᠳ᠋ᠠᠢᠳᠦ᠋ ᠭᠡᠮᠡᠨ ᠨᠡᠷᠡᠢᠳᠦᠭᠡᠳ ᠲᠡᠳᠦᠢ ᠠᠯᠲᠠᠨ ᠤᠯᠤᠰ ᠤ᠋ᠨ ᠣᠯᠠᠨ ᠲᠥᠷᠥᠯ ᠸᠠᠩ᠂ ᠣᠯᠠᠨ ᠠᠷᠠᠳ ᠲᠤᠷ ᠬᠦᠷᠲᠡᠯ᠎ᠡ ᠪᠠᠢᠴᠠᠭᠠᠭᠰᠠᠭᠠᠷ᠂ ᠭᠡᠨᠡᠳᠲᠡ ᠸᠠᠨ ᠶᠠᠨ ᠴᠧᠩ ᠾᠦᠢ ᠶ᠋ᠢᠨ ᠦᠬᠦᠭᠰᠡᠨ ᠤᠴᠢᠷ ᠢ᠋ ᠪᠠᠢᠴᠠᠭᠠᠨ᠂ᠣᠯᠵᠤ ᠠᠢᠯᠠᠳᠬᠠᠭᠰᠠᠨ᠎ᠠ᠂ ᠬᠠᠭᠠᠨ ᠵᠠᠷᠯᠢᠭ ᠪᠣᠯᠤᠷᠤᠨ : 《 ᠬᠠᠢᠷᠠᠬᠠᠨ ᠡᠨᠡ ᠬᠥᠮᠦᠨ ᠢ᠋ ᠪᠢ ᠣᠯᠵᠤ ᠠᠪᠤᠭᠰᠠᠨ ᠦᠭᠡᠢ ! 》 ᠭᠡᠮᠡᠨ ᠮᠤᠬᠤᠯᠢ ᠶ᠋ᠢ ᠢᠯᠡᠭᠡᠵᠦ ᠴᠢᠩ ᠵᠢᠷᠤᠮᠲᠤ ᠸᠠᠩ ᠭᠡᠮᠡᠨ ᠡᠷᠭᠦᠭᠦᠯᠦᠨ ᠲᠠᠬᠢᠯ ᠬᠠᠢᠷᠠᠯᠠᠬᠤᠢ ᠳ᠋ᠤᠷ ᠬᠣᠲᠠ ᠶ᠋ᠢᠨ ᠬᠣᠲᠠᠯᠠᠭᠠᠷ ᠨᠢᠯᠪᠤᠰᠤ ᠡᠰᠡ ᠤᠨᠠᠭᠠᠭᠰᠠᠨ ᠬᠥᠮᠦᠨ ᠦᠭᠡᠢ᠃ ᠮᠤᠬᠤᠯᠢ ᠬᠠᠭᠠᠨ ᠳ᠋ᠤᠷ ᠠᠢᠯᠠᠳᠬᠠᠵᠤ ᠢᠷᠭᠡᠨ ᠦ᠌ ᠰᠡᠳᠬᠢᠯ ᠢ᠋ ᠠᠪᠴᠤ ᠨᠡᠷ᠎ᠡ ᠶ᠋ᠢ ᠬᠣᠯᠠ ᠠᠯᠳᠠᠷᠰᠢᠭᠤᠯᠤᠨ᠂ ᠪᠤᠰᠤ ᠬᠣᠲᠠᠨ ᠢ᠋ ᠠᠪᠬᠤᠢ ᠳ᠋ᠤᠷ ᠬᠢᠯᠪᠠᠷ ᠪᠣᠯᠭᠠᠨ ᠵᠠᠷᠯᠠᠯ ᠪᠠᠭᠤᠯᠭᠠᠵᠤ᠂ ᠶᠡᠬᠡ ᠰᠠᠩ ᠢ᠋ ᠨᠡᠭᠡᠭᠡᠯᠭᠡᠵᠦ ᠠᠮᠤ ᠭᠠᠷᠭᠠᠵᠤ ᠬᠣᠲᠠᠨ ᠤ᠋ ᠳᠣᠲᠣᠷ᠎ᠠ ᠭᠠᠳᠠᠨ᠎ᠠ ᠶ᠋ᠢᠨ ᠵᠠᠭᠤᠨ ᠣᠪᠣᠭᠲᠠᠨ ᠳ᠋ᠤᠷ ᠴᠡᠷᠢᠭ ᠦ᠋ᠨ ᠭᠠᠮᠰᠢᠭ ᠲᠣᠬᠢᠶᠠᠯᠳᠤᠵᠤ᠂ ᠠᠵᠤ ᠲᠥᠷᠥᠬᠦ ᠪᠡᠨ ᠠᠯᠳᠠᠪᠠ᠂ ᠠᠯᠲᠠᠨ ᠤᠯᠤᠰ ᠴᠠᠭ ᠢ᠋ ᠵᠥᠷᠢᠴᠡᠭᠰᠡᠨ ᠢ᠋ᠶ᠋ᠡᠷ ᠵᠠᠭᠤᠨ ᠣᠪᠣᠭᠲᠠᠨ ᠢ᠋ ᠭᠠᠯ ᠤᠰᠤᠨ ᠤ᠋ ᠵᠣᠪᠠᠯᠠᠩ ᠢ᠋ ᠠᠮᠰᠠᠭᠤᠯᠪᠠ ᠭᠡᠮᠡᠨ ᠡᠷᠦᠬᠡ ᠪᠦᠷᠢ ᠳ᠋ᠦ᠍ᠷ ᠶᠡᠬᠡ ᠥᠷᠯᠥᠭ ᠪᠠᠭᠤᠯᠭᠠᠵᠤ ᠠᠮᠤ ᠪᠤᠳᠠᠭ᠎ᠠ ᠲᠦᠭᠡᠭᠡᠯᠭᠡᠪᠡ᠃ ᠡᠭᠦᠨ ᠳ᠋ᠦ᠍ᠷ ᠴᠢᠩᠭᠢᠰ ᠬᠠᠭᠠᠨ ᠤ᠋ ᠦᠨᠡᠬᠡᠷ ᠲᠡᠭᠷᠢ ᠶ᠋ᠢᠨ ᠬᠥᠪᠡᠭᠦᠨ ᠦ᠌ ᠦᠨᠡᠨ ᠶᠡᠬᠡ ᠶ᠋ᠢ ᠭᠠᠢᠬᠠᠯᠳᠤᠨ ᠪᠢᠰᠢᠷᠡᠯᠳᠦᠪᠡ᠃ ᠲᠡᠳᠦᠢ ᠬᠠᠯᠠᠭᠤᠨ ᠤ᠋ ᠴᠠᠭ ᠲᠤᠯᠠ ᠬᠠᠭᠠᠨ ᠳ᠋ᠠᠢᠳᠦ᠋ ᠶ᠋ᠢᠨ ᠪᠠᠷᠠᠭᠤᠨ ᠡᠲᠡᠭᠡᠳ ᠦ᠋ᠨ ᠨᠠᠭᠤᠷ ᠳᠠᠯᠠᠢᠢᠲᠤ ᠬᠦᠷᠢᠶᠡᠯᠡᠩ ᠳ᠋ᠦ᠍ᠷ ᠰᠡᠷᠢᠭᠦᠨ ᠢ᠋ ᠡᠷᠢᠵᠦ ᠵᠠᠯᠠᠷᠠᠬᠤ ᠪᠥᠭᠡᠳ ᠡᠨᠡ ᠳᠥᠴᠢᠨ ᠭᠠᠵᠠᠷ ᠤ᠋ᠨ ᠳ᠋ᠠᠢᠳᠦ᠋ ᠶ᠋ᠢ ᠲᠣᠭᠣᠷᠢᠨ ᠦᠵᠡᠵᠦ ᠬᠣᠲᠠ ᠪᠠᠯᠭᠠᠳ ᠤᠷᠲᠤ ᠬᠠᠷᠰᠢ ᠭᠡᠷ ᠬᠦᠷᠢᠶ᠎ᠡ ᠵᠡᠭᠡᠯᠢ ᠪᠠ ᠠᠭᠤᠯᠠ ᠤᠰᠤ ᠨᠠᠭᠤᠷ ᠴᠥᠭᠥᠷᠥᠮ᠂ ᠰᠦᠮ᠎ᠡ ᠬᠡᠢᠳ᠂ ᠬᠥᠭᠥᠷᠭᠡ ᠵᠠᠮ ᠢ᠋ ᠪᠠᠢᠴᠠᠭᠠᠨ ᠦᠵᠡᠵᠦ᠂ ᠲᠥᠷᠥᠯ ᠦ᠋ᠨ ᠰᠠᠢᠨ ᠪᠥᠬᠡ ᠬᠠᠭᠠᠨ ᠤ᠋ ᠬᠥᠪᠡᠭᠦᠨ ᠵᠠᠮᠪᠠᠯ ᠤ᠋ᠨ ᠵᠦᠭ ᠥᠭᠦᠯᠡᠷᠦᠨ : 《 ᠴᠢᠮ᠎ᠠ ᠳ᠋ᠤᠷ ᠳᠠᠪᠬᠤᠷ ᠭᠠᠪᠢᠶ᠎ᠠ ᠥᠭᠪᠡᠰᠦ ᠪᠣᠯᠤᠮᠤᠢ᠂ ᠡᠩ ᠲᠡᠷᠢᠭᠦᠨ ᠠᠯᠲᠠᠨ ᠤᠯᠤᠰ ᠢ᠋ ᠬᠠᠯᠳᠠᠭᠰᠠᠨ ᠠᠨᠤ ᠴᠢᠨᠦ ᠰᠢᠪᠠᠳᠠᠬᠤᠢ ᠶ᠋ᠢᠨ ᠰᠠᠢᠨ᠂ ᠬᠣᠶᠠᠳᠤᠭᠠᠷ ᠠᠯᠲᠠᠨ ᠤᠯᠤᠰ ᠲᠤᠷ ᠴᠡᠷᠢᠭ ᠣᠷᠣᠬᠤᠢ ᠳ᠋ᠤᠷ ᠴᠠᠪᠴᠢᠶᠠᠯ ᠪᠣᠭᠣᠮᠲᠠ ᠶ᠋ᠢ ᠴᠢ ᠵᠠᠮ ᠤᠳᠤᠷᠢᠳᠤᠨ ᠶᠠᠪᠤᠪᠠ᠃ ᠡᠳᠦᠭᠡ ᠪᠠᠰᠠ ᠴᠢ ᠲᠡᠷᠢᠭᠦᠯᠡᠨ ᠦᠬᠦᠬᠦ ᠡᠴᠡ ᠦᠯᠦ ᠠᠶᠤᠨ ᠬᠣᠲᠠᠨ ᠢ᠋ ᠤᠷᠢᠳᠠ ᠳᠠᠪᠠᠪᠠ 》 ᠬᠡᠮᠡᠭᠰᠡᠨ ᠳ᠋ᠦ᠍ᠷ ᠵᠠᠮᠪᠠᠯ ᠮᠥᠷᠭᠥᠵᠦ ᠠᠢᠯᠠᠳᠬᠠᠷᠤᠨ :《 ᠡᠳᠡᠭᠡᠷ ᠴᠥᠮ ᠪᠣᠭᠳᠠ ᠡᠵᠡᠨ ᠦ᠌ ᠲᠩᠷᠢ ᠶ᠋ᠢᠨ ᠰᠦᠷ ᠲᠣᠷ ᠲᠠᠭᠠᠯᠴᠠᠵᠤ ᠡᠴᠢᠭᠡ ᠶ᠋ᠢᠨ ᠦᠰ ᠢ᠋ ᠠᠪᠴᠤ ᠴᠢᠳᠠᠭᠰᠠᠨ ᠪᠣᠢ ᠢ᠋᠎ᠠ᠂ ᠪᠤᠰᠤ ᠪᠣᠯᠪᠠᠰᠤ ᠲᠦᠰᠢᠮᠡᠯ ᠦ᠋ᠨ ᠵᠡᠷᠭᠡ ᠶ᠋ᠢᠨ ᠨᠢᠭᠡᠨ ᠬᠣᠷᠣᠬᠠᠢ ᠬᠡᠷᠬᠢᠨ ᠡᠴᠢᠭᠡ ᠶ᠋ᠢᠨ ᠦᠰ ᠢ᠋ ᠠᠪᠴᠤ ᠡᠨᠡ ᠮᠡᠲᠦ ᠶᠡᠬᠡ ᠪᠡᠷ ᠴᠢᠳᠠᠬᠤ ᠪᠣᠢ ! 》 ᠬᠠᠭᠠᠨ ᠥᠴᠦᠬᠡᠨ ᠮᠦᠰᠢᠶᠡᠵᠦ ᠵᠠᠷᠯᠢᠭ ᠪᠣᠯᠤᠷᠤᠨ : 《 ᠲᠡᠢᠨ ᠪᠣᠯᠪᠠᠰᠤ ᠴᠢᠨᠦ ᠡᠴᠢᠭᠡ ᠶ᠋ᠢ ᠰᠠᠨᠠᠨ ᠵᠢᠳᠬᠦᠭᠰᠡᠨ ᠢᠨᠦ᠂ ᠨᠠᠮᠠᠶ᠋ᠢ ᠰᠠᠨᠠᠭᠰᠠᠨ ᠯᠤᠭ᠎ᠠ ᠨᠢᠭᠡᠨ ᠠᠳᠠᠯᠢ᠂ ᠴᠢ ᠡᠳᠦᠭᠡ ᠡᠨᠡ ᠬᠣᠲᠠ ᠶ᠋ᠢᠨ ᠳᠣᠲᠣᠷᠠᠬᠢ ᠶᠡᠬᠡ ᠬᠣᠷᠢᠶ᠎ᠠ ᠬᠦᠷᠢᠶ᠎ᠡ ᠶ᠋ᠢ ᠰᠣᠩᠭᠣᠵᠤ ᠦᠵᠡ᠂ ᠴᠢ ᠳᠤᠮᠳᠠ ᠵᠣᠭᠰᠣᠭᠠᠳ ᠳᠥᠷᠪᠡᠨ ᠵᠦᠭ ᠰᠤᠮᠤ ᠬᠠᠷᠪᠤᠵᠤ ᠲᠡᠷᠡ ᠬᠡᠮᠵᠢᠶ᠎ᠡ ᠪᠡᠷ ᠶᠡᠬᠡ ᠤᠷᠲᠤ ᠬᠠᠷᠰᠢ ᠶ᠋ᠢ ᠰᠣᠩᠭᠣᠵᠤ ᠴᠢᠮ᠎ᠠ ᠳ᠋ᠤᠷ ᠥᠭᠰᠦᠭᠡᠢ ! 》 ᠬᠡᠮᠡᠬᠦᠢ ᠳ᠋ᠦ᠍ᠷ ᠵᠠᠮᠪᠠᠯ ᠮᠥᠷᠭᠥᠨ ᠠᠢᠯᠠᠳᠬᠠᠷᠤᠨ :《 ᠮᠢᠨᠦ ᠡᠴᠢᠭᠡ ᠶ᠋ᠢ ᠬᠡᠳᠦᠢ ᠠᠯᠲᠠᠨ ᠤᠯᠤᠰ ᠤ᠋ᠨ ᠵᠠᠬᠢᠶ᠎ᠠ ᠪᠠᠷ ᠠᠯᠠᠭᠰᠠᠨ ᠪᠣᠯᠪᠠᠴᠤ ᠭᠠᠷ ᠬᠦᠷᠴᠦ ᠠᠯᠠᠭᠰᠠᠨ ᠠᠨᠤ ᠹᠦ ᠰᠠᠨ ᠺᠦᠢ ᠪᠣᠯᠠᠢ᠂ ᠡᠳᠦᠭᠡ ᠡᠵᠡᠨ ᠦ᠌ ᠬᠡᠰᠢᠭ ᠢ᠋ᠶ᠋ᠡᠷ ᠹᠦ ᠰᠠᠨ ᠺᠦᠢ ᠶ᠋ᠢ ᠠᠯᠠᠵᠤ ᠡᠴᠢᠭᠡ ᠪᠡᠨ ᠲᠠᠬᠢᠭᠰᠠᠨ ᠪᠣᠯᠪᠠᠴᠤ ᠡᠳᠦᠭᠡ ᠣᠨᠴᠠ ᠹᠦ ᠰᠠᠨ ᠺᠦᠢ ᠶ᠋ᠢᠨ ᠭᠡᠷ ᠢ᠋ ᠡᠵᠡᠯᠡᠪᠡᠰᠦ ᠶᠡᠬᠡ ᠪᠠᠭ᠎ᠠ ᠶ᠋ᠢ ᠰᠠᠨᠠᠬᠤ ᠦᠭᠡᠢ 》 ᠬᠡᠮᠡᠬᠦᠢ ᠳ᠋ᠦ᠍ᠷ ᠬᠠᠭᠠᠨ ᠵᠥᠪᠰᠢᠶᠡᠵᠦ᠂ ᠮᠤᠬᠤᠯᠢ ᠳ᠋ᠤᠷ ᠵᠠᠷᠯᠢᠭ ᠪᠠᠭᠤᠯᠭᠠᠨ ᠹᠦ ᠰᠠᠨ ᠺᠦᠢ ᠶ᠋ᠢᠨ ᠭᠡᠷ ᠢ᠋ ᠪᠠᠢᠴᠠᠭᠠᠨ ᠭᠠᠷᠭᠠᠵᠤ᠂ ᠡᠴᠢᠵᠦ ᠦᠵᠡᠪᠡᠰᠦ ᠶᠡᠬᠡ ᠵᠠᠩᠵᠤᠨ ᠤ᠋ ᠣᠷᠳᠣᠨ ᠲᠤᠯᠠ ᠮᠠᠰᠢ ᠶᠡᠬᠡ᠂ ᠡᠮ᠎ᠡ ᠦᠷ᠎ᠡ ᠶ᠋ᠢ ᠠᠨᠤ ᠵᠠᠮᠪᠠᠯ ᠠᠯᠠᠰᠤᠭᠠᠢ ᠬᠡᠮᠡᠬᠦᠢ ᠳ᠋ᠦ᠍ᠷ ᠮᠤᠬᠤᠯᠢ ᠬᠣᠷᠢᠭᠯᠠᠨ ᠵᠣᠭᠰᠣᠭᠠᠪᠠ᠃ ᠲᠡᠳᠦᠢ ᠹᠦ ᠰᠠᠨ ᠺᠦᠢ ᠶ᠋ᠢᠨ ᠭᠡᠷ ᠦ᠋ᠨ ᠬᠡᠳᠦᠨ ᠵᠠᠭᠤᠨ ᠠᠮᠠᠨ ᠬᠥᠮᠦᠨ ᠢ᠋ ᠵᠠᠮᠪᠠᠯ ᠣᠨᠴᠠ ᠴᠥᠮ ᠪᠣᠭᠣᠯ ᠪᠣᠯᠭᠠᠨ ᠵᠠᠷᠤᠪᠠᠰᠤ ᠵᠣᠬᠢᠮᠤᠢ ᠬᠡᠮᠡᠬᠦᠢ ᠳ᠋ᠦ᠍ᠷ ᠬᠠᠭᠠᠨ ᠦᠯᠦ ᠪᠣᠯᠤᠨ ᠵᠠᠷᠯᠢᠭ ᠪᠣᠯᠤᠷᠤᠨ : 《 ᠮᠢᠨᠦ ᠬᠠᠭᠠᠨ ᠡᠴᠢᠭᠡ ᠪᠠᠭᠠᠲᠤᠷ ᠪᠣᠭᠳᠠ ᠪᠠᠭ᠎ᠠ ᠠ᠋ᠴᠠ ᠬᠥᠮᠦᠨ ᠳ᠋ᠦ᠍ᠷ ᠳᠠᠷᠤᠭᠳᠠᠭᠰᠠᠨ ᠢ᠋ ᠭᠠᠷᠭᠠᠨ᠂ ᠪᠠᠭᠤᠷᠠᠭᠰᠠᠨ ᠢ᠋ ᠡᠷᠭᠦᠭᠰᠡᠭᠡᠷ ᠰᠠᠶᠢ ᠪᠠᠭᠠᠲᠤᠷ ᠪᠣᠯᠵᠤ ᠨᠠᠮᠠᠶ᠋ᠢ ᠲᠥᠷᠥᠭᠡᠳ ᠳᠡᠯᠡᠬᠡᠢ ᠳ᠋ᠠᠬᠢᠨ ᠢ᠋ ᠡᠵᠡᠯᠡᠭᠦᠯᠪᠡ᠃ ᠡᠳᠦᠭᠡ ᠣᠨᠴᠠ ᠬᠥᠮᠦᠨ ᠦ᠌ ᠪᠠᠭᠤᠷᠠᠭᠰᠠᠨ ᠢ᠋ ᠳᠠᠷᠤᠯᠠᠬᠤ ᠠᠨᠤ ᠬᠠᠭᠠᠨ ᠤ᠋ ᠶᠠᠪᠤᠳᠠᠯ ᠢ᠋ ᠪᠠᠢᠲᠤᠭᠠᠢ ᠬᠠᠲᠠᠭᠤ ᠵᠣᠷᠢᠭᠲᠤ ᠪᠠᠭᠠᠲᠤᠷ ᠵᠠᠩᠲᠤ ᠡᠭᠡᠯ ᠬᠥᠮᠦᠨ ᠴᠦ᠍ ᠬᠢᠬᠦ ᠦᠭᠡᠢ᠂ ᠲᠡᠷᠡ ᠨᠢᠭᠡᠨ ᠡᠷ᠎ᠡ ᠡᠮ᠎ᠡ ᠲᠡᠢ ᠬᠡᠳᠦᠨ ᠵᠠᠭᠤᠨ ᠬᠥᠮᠦᠨ ᠢ᠋ ᠳᠠᠷᠤᠯᠠᠭᠰᠠᠨ ᠢ᠋ᠶ᠋ᠠᠷ ᠮᠢᠨᠦ ᠤᠯᠤᠰ ᠲᠥᠷᠥ ᠪᠦᠲᠦᠬᠦᠢ ᠳ᠋ᠦ᠍ᠷ ᠶᠠᠮᠪᠠᠷ ᠲᠤᠰᠠ ᠪᠣᠯᠬᠤ ! 》 ᠭᠡᠮᠡᠨ ᠵᠠᠷᠯᠢᠭ ᠪᠣᠯᠵᠤ᠂ ᠸᠠᠨ ᠶᠠᠨ ᠠᠢᠮᠠᠭ ᠤ᠋ᠨ ᠪᠢᠨ ᠹᠧᠢ ᠨᠠᠷ ᠠ᠋ᠴᠠ ᠳᠠᠷᠠᠭᠠᠯᠠᠨ ᠸᠠᠩ ᠬᠦᠩ ᠦ᠋ᠳ ᠲᠣᠷ ᠬᠦᠷᠲᠡᠯ᠎ᠡ ᠪᠡᠶ᠎ᠡ ᠪᠡᠶ᠎ᠡ ᠶ᠋ᠢᠨ ᠪᠠᠭ᠎ᠠ ᠰᠠᠭ᠎ᠠ ᠡᠳ᠋ ᠲᠠᠸᠠᠷ ᠪᠠ ᠪᠠᠰᠠ ᠲᠡᠷᠭᠡ ᠳ᠋ᠦ᠍ᠷ ᠰᠠᠭᠤᠯᠭᠠᠭᠠᠳ ᠪᠠᠰᠠ ᠳᠡᠭᠡᠳᠦᠰ ᠦ᠋ᠨ ᠬᠥᠷᠥᠭ ᠳᠦᠷᠰᠦ ᠬᠥᠰᠢᠶ᠎ᠡ ᠪᠢᠴᠢᠮᠡᠯ ᠰᠠᠭᠤᠷᠢ ᠶ᠋ᠢ ᠠᠨᠤ ᠥᠭᠴᠦ ᠡᠭᠦᠷᠦᠭᠦᠯᠦᠨ᠂ ᠲᠡᠳᠡᠨ ᠦ᠌ ᠳᠡᠭᠡᠳᠦ ᠳᠣᠣᠷᠠᠲᠤ ᠶ᠋ᠢ ᠬᠠᠮᠲᠤ ᠥᠷᠥᠰᠢᠶᠡᠬᠦ ᠶ᠋ᠢ ᠦᠵᠡᠭᠦᠯᠦᠨ᠂ ᠵᠠᠭᠤᠨ ᠣᠪᠣᠭᠲᠠᠨ ᠢ᠋ ᠪᠢᠰᠢᠷᠡᠭᠦᠯᠦᠨ ᠪᠠᠰᠠ ᠵᠠᠮᠪᠠᠯ ᠤ᠋ᠨ ᠴᠡᠷᠢᠭ ᠢ᠋ᠶ᠋ᠡᠷ ᠬᠠᠮᠠᠭᠠᠯᠠᠭᠤᠯᠤᠨ ᠪᠢᠶᠠᠨ ᠵᠢᠩ ᠳ᠋ᠦ᠍ᠷ ᠬᠦᠷᠭᠡᠭᠦᠯᠦᠨ ᠢᠯᠡᠭᠡᠬᠦᠢ ᠳ᠋ᠦ᠍ᠷ ᠭᠠᠭᠴᠠ ᠸᠠᠨ ᠶᠠᠨ ᠴᠧᠩ ᠾᠦᠢ ᠶ᠋ᠢᠨ ᠬᠥᠪᠡᠭᠦᠨ ᠢ᠋ ᠡᠷᠭᠦᠮᠵᠢᠯᠡᠨ᠂ ᠡᠮ᠎ᠡ ᠦᠷ᠎ᠡ ᠭᠡᠷ ᠦ᠋ᠨ ᠬᠣᠲᠠᠯᠠᠭᠠᠷ ᠤ᠋ᠨ ᠡᠳ᠋ ᠪᠠᠷᠠᠭ᠎ᠠ ᠶ᠋ᠢ ᠪᠦᠷᠢᠨ᠎ᠡ ᠥᠭᠴᠦ ᠵᠢᠷᠤᠮᠲᠤ ᠰᠠᠢᠳ ᠤ᠋ᠨ ᠦᠷ᠎ᠡ ᠭᠡᠮᠡᠨ ᠬᠠᠮᠤᠭ ᠤ᠋ᠨ ᠡᠮᠦᠨ᠎ᠡ ᠶᠠᠪᠤᠭᠤᠯᠪᠠ᠃ ᠡᠨᠡ ᠮᠡᠲᠦ ᠪᠥᠭᠡᠲᠡᠯ᠎ᠡ 《 ᠭᠠᠩ ᠮᠦ᠍ ᠪᠢᠴᠢᠭ 》 ᠲᠣᠷ ᠬᠢᠲᠠᠳ ᠰᠤᠳᠤᠷᠴᠢ ᠨᠠᠷ ᠮᠠᠨ ᠤ᠋ ᠮᠣᠩᠭᠣᠯ ᠢ᠋ ᠮᠠᠭᠤ ᠬᠡᠯᠡᠬᠦᠢ ᠳ᠋ᠡᠭᠡᠨ ᠵᠦᠩᠳᠦ᠋ ᠶ᠋ᠢ ᠠᠪᠤᠭᠠᠳ ᠴᠥᠮ ᠭᠠᠯ ᠲᠠᠯᠪᠢᠨ ᠰᠢᠲᠠᠭᠠᠵᠤ᠂ ᠬᠡᠳᠦᠨ ᠰᠠᠷ᠎ᠠ ᠭᠠᠯ ᠤᠲᠤᠭᠠᠨ ᠤᠨᠲᠠᠷᠠᠭᠰᠠᠨ ᠦᠭᠡᠢ ᠬᠡᠮᠡᠮᠦᠢ᠃ ᠡᠨᠡ ᠳᠠᠷᠤᠢ ᠬᠤᠳᠠᠯ ᠤ᠋ᠨ ᠲᠤᠢᠯ ᠢᠯᠡᠷᠡᠪᠡ᠃ ᠲᠠᠢᠽᠦ ᠬᠠᠭᠠᠨ ᠤ᠋ ᠪᠡᠶ᠎ᠡ ᠪᠡᠷ ᠵᠦᠩᠳᠦ᠋ ᠳ᠋ᠦ᠍ᠷ ᠥᠷᠥᠰᠢᠶᠡᠯ ᠢ᠋ ᠶᠡᠬᠡᠳᠡ ᠵᠠᠷᠯᠠᠪᠠ᠃ ᠡᠨᠡ ᠢᠨᠤ ᠳᠠᠷᠤᠢ ᠲᠠᠢᠽᠦ ᠴᠢᠩᠭᠢᠰ ᠬᠠᠭᠠᠨ ᠤ᠋ ᠠᠯᠲᠠᠨ ᠤᠯᠤᠰ ᠤ᠋ᠨ ᠡᠵᠡᠨ ᠢ᠋ ᠢᠴᠢᠭᠡᠵᠦ ᠣᠯᠠᠨ ᠢᠷᠭᠡᠨ ᠦ᠌ ᠰᠡᠳᠬᠢᠯ ᠢ᠋ ᠪᠢᠰᠢᠷᠡᠭᠦᠯᠦᠭᠰᠡᠨ ᠶᠠᠪᠤᠳᠠᠯ᠃
ᠲᠡᠳᠦᠢ ᠣᠯᠠᠨ ᠢᠷᠭᠡᠨ ᠡᠨᠡ ᠨᠢᠭᠡᠨ ᠵᠦᠢᠯ ᠳ᠋ᠦ᠍ᠷ ᠴᠥᠮ ᠦᠬᠦᠨ ᠪᠢᠰᠢᠷᠡᠵᠦ᠂ ᠨᠤᠲᠤᠭ ᠨᠤᠲᠤᠭ ᠲᠤᠷ ᠢ᠋ᠶ᠋ᠠᠨ ᠰᠠᠭᠤᠯᠴᠠᠪᠠ᠃ ᠡᠨᠡ ᠦᠢᠮᠡᠭᠡᠨᠡ ᠪᠠᠰᠠ ᠨᠢᠭᠡᠨ ᠰᠡᠴᠡᠳ ᠮᠡᠷᠭᠡᠨ ᠢ᠋ ᠬᠥᠳᠡᠯᠭᠡᠪᠡ᠃ ᠬᠡᠨ ᠬᠡᠮᠡᠪᠡᠰᠦ : ᠬᠠᠭᠤᠴᠢᠨ ᠯᠢᠶᠣᠤ ᠤᠯᠤᠰ ᠤ᠋ᠨ ᠦᠷᠡᠰ ᠠᠯᠲᠠᠨ ᠤᠯᠤᠰ ᠲᠤᠷ ᠲᠦᠰᠢᠮᠡᠯ ᠬᠡᠮᠡᠭᠳᠡᠭᠰᠡᠨ ᠶᠧ ᠯᠢᠦᠢ ᠴᠦ᠍ ᠼᠠᠢ᠂ ᠬᠣᠲᠠ ᠶ᠋ᠢᠨ ᠳᠣᠲᠣᠷ᠎ᠠ ᠭᠠᠳᠠᠨ᠎ᠠ ᠶ᠋ᠢᠨ ᠵᠠᠭᠤᠨ ᠣᠪᠣᠭᠲᠠᠨ ᠢ᠋ ᠭᠠᠯ ᠤᠰᠤᠨ ᠤ᠋ ᠵᠣᠪᠠᠯᠠᠩ ᠠ᠋ᠴᠠ ᠠᠪᠤᠷᠠᠵᠤ᠂ ᠪᠠᠰᠠ ᠢᠳᠡᠬᠦ ᠠᠮᠢᠳᠤᠷᠠᠭᠤᠯᠬᠤ ᠬᠡᠰᠢᠭ ᠬᠦᠷᠲᠡᠭᠡᠨ ᠠᠮᠤ ᠲᠦᠭᠡᠭᠡᠪᠡ ᠭᠡᠮᠡᠨ ᠵᠠᠭᠤᠨ ᠲᠦᠮᠡᠨ ᠢᠷᠭᠡᠨ ᠢ᠋ ᠠᠪᠴᠤ ᠲᠣᠰᠴᠤ ᠵᠠᠮ ᠤ᠋ᠨ ᠬᠠᠵᠠᠭᠤᠳᠠ ᠬᠠᠭᠠᠨ ᠤ᠋ ᠬᠡᠰᠢᠭ ᠲᠣᠷ ᠮᠥᠷᠭᠥᠬᠦᠢ ᠳ᠋ᠦ᠍ᠷ ᠬᠠᠭᠠᠨ ᠨᠢᠳᠦ ᠣᠷᠬᠢᠨ ᠦᠵᠡᠪᠡᠰᠦ᠂ ᠲᠡᠷᠡ ᠢᠷᠭᠡᠳ ᠢ᠋ ᠲᠡᠷᠢᠭᠦᠯᠡᠭᠰᠡᠨ ᠲᠡᠷᠡ ᠬᠥᠮᠦᠨ ᠪᠡᠶ᠎ᠡ ᠶ᠋ᠢᠨ ᠥᠨᠳᠥᠷ ᠨᠠᠢ᠍ᠮᠠᠨ ᠲᠣᠬᠣᠢ᠂ ᠨᠠᠰᠤ ᠭᠤᠴᠢᠨ ᠢ᠋ ᠭᠠᠷᠴᠤ ᠭᠤᠷᠪᠠᠨ ᠮᠤᠰᠬᠢᠶ᠎ᠡ ᠰᠠᠢᠬᠠᠨ ᠰᠠᠬᠠᠯ ᠲᠠᠢ᠂ ᠮᠠᠭᠠᠳ ᠨᠢᠭᠡᠨ ᠲᠥᠪ ᠭᠣᠣᠯᠴᠢ ᠮᠡᠷᠭᠡᠳ ᠡᠷᠳᠡᠮᠲᠡᠨ ᠲᠤᠯᠠ ᠲᠡᠭᠦᠨ ᠦ᠌ ᠤᠭ ᠦᠨᠳᠦᠰᠦᠨ ᠢ᠋ ᠠᠰᠠᠭᠤᠨ ᠨᠡᠷ᠎ᠡ ᠣᠪᠣᠭ ᠢ᠋ ᠰᠣᠨᠣᠰᠤᠨ ᠮᠡᠳᠡᠭᠡᠳ ᠲᠡᠭᠦᠨ ᠢ᠋ ᠲᠡᠩᠰᠡᠵᠦ ᠮᠣᠷᠢ ᠪᠠᠨ ᠵᠣᠭᠰᠣᠭᠠᠨ ᠵᠠᠷᠯᠢᠭ ᠪᠣᠯᠤᠷᠤᠨ : 《 ᠯᠢᠶᠣᠤ ᠬᠡᠮᠡᠭᠴᠢ ᠰᠥᠩ ᠡᠴᠡ ᠬᠣᠯᠠ ᠬᠠᠭᠤᠴᠢᠨ ᠤᠯᠤᠰ᠂ ᠠᠯᠲᠠᠨ ᠬᠡᠮᠡᠭᠴᠢ ᠯᠢᠶᠣᠤ ᠶ᠋ᠢ ᠲᠠᠪᠴᠢᠯᠠᠨ ᠮᠠᠨᠳᠤᠭᠰᠠᠨ ᠤᠯᠤᠰ᠂ ᠠᠯᠲᠠᠨ ᠤ᠋ ᠡᠵᠡᠨ ᠲᠠᠨ ᠢ᠋ ᠪᠠᠷᠢᠵᠤ ᠪᠣᠭᠣᠯ ᠪᠣᠯᠭᠠᠪᠠ᠃ ᠡᠳᠦᠭᠡ ᠪᠢ ᠠᠯᠲᠠᠨ ᠤ᠋ ᠬᠣᠲᠠ ᠪᠠᠯᠭᠠᠳ ᠢ᠋ ᠠᠪᠤᠨ ᠶᠠᠪᠤᠬᠤᠢ ᠳ᠋ᠤᠷ ᠴᠥᠮ ᠲᠠᠨ ᠤ᠋ ᠥᠰᠢᠶ᠎ᠡ ᠶ᠋ᠢ ᠬᠠᠷᠢᠭᠤᠯᠠᠬᠤ ᠠᠨᠤ ᠪᠣᠯᠠᠢ᠂ ᠴᠢᠨᠦ ᠳᠣᠲᠣᠷ᠎ᠠ ᠪᠠᠶᠠᠷᠯᠠᠮᠤᠢ ᠤᠤ ᠦᠭᠡᠢ ᠦᠦ ? 》 ᠶᠧ ᠯᠢᠦᠢ ᠴᠦ᠍ ᠼᠠᠢ ᠮᠥᠷᠭᠥᠵᠦ ᠠᠢᠯᠠᠳᠬᠠᠷᠤᠨ : 《 ᠮᠢᠨᠦ ᠡᠪᠦᠭᠡ ᠶ᠋ᠢᠨ ᠦᠶ᠎ᠡ ᠡᠴᠡ ᠨᠢᠭᠡᠨᠲᠡ ᠠᠯᠲᠠᠨ ᠤ᠋ ᠲᠦᠰᠢᠮᠡᠯ ᠪᠣᠯᠤᠭᠰᠠᠨ ᠲᠤᠯᠠ ᠡᠳᠦᠭᠡ ᠬᠡᠷᠬᠢᠨ ᠡᠵᠡᠨ ᠳ᠋ᠦ᠍ᠷ ᠢ᠋ᠶ᠋ᠡᠨ ᠦᠰ ᠰᠠᠨᠠᠵᠤ ᠪᠣᠯᠬᠤ ᠪᠣᠢ ?ᠴᠥᠮ ᠢᠷᠭᠡᠨ ᠮᠢᠨᠦ ᠵᠠᠶᠠᠭ᠎ᠠ ᠪᠣᠯᠠᠢ ! 》 ᠭᠡᠮᠡᠨ ᠠᠢᠯᠠᠳᠬᠠᠭᠰᠠᠨ ᠳ᠋ᠤᠷ ᠬᠠᠭᠠᠨ ᠲᠡᠷᠢᠭᠦᠨ ᠳᠣᠬᠢᠵᠤ᠂ ᠡᠨᠡ ᠬᠥᠮᠦᠨ ᠲᠡᠭᠷᠢ ᠶ᠋ᠢᠨ ᠴᠠᠭ ᠢ᠋ ᠮᠡᠳᠡᠬᠦ ᠠᠵᠢ᠂ ᠮᠢᠨᠦ ᠰᠢᠳᠠᠷ ᠪᠠᠢᠯᠭ᠎ᠠ ᠭᠡᠮᠡᠨ ᠵᠠᠷᠯᠢᠭ ᠪᠠᠭᠤᠯᠭᠠᠪᠠ①᠃
– – – –
① ᠡᠨᠡ ᠶᠧ ᠯᠢᠦᠢ ᠴᠦ᠍ ᠼᠠᠢ ᠶ᠋ᠢ ᠬᠢᠲᠠᠳ ᠪᠢᠴᠢᠭᠡᠴᠢ ᠮᠣᠩᠭᠣᠯ ᠳ᠋ᠤᠷ ᠳᠠᠭᠠᠪᠠ ᠭᠡᠮᠡᠨ ᠥᠰᠢᠵᠦ 《 ᠭᠠᠩ ᠮᠦ᠍ ᠪᠢᠴᠢᠭ 》 ᠲᠣᠷ ᠪᠢᠴᠢᠭᠰᠡᠨ ᠢᠨᠦ : 《 ᠽᠧ ᠯᠢᠦᠢ ᠴᠦ᠍ ᠼᠠᠢ ᠯᠢᠶᠣᠤ ᠶ᠋ᠢ ᠮᠥᠬᠥᠭᠡᠨ ᠠᠯᠲᠠᠨ ᠢ᠋ ᠪᠤᠯᠢᠶᠠᠭᠰᠠᠨ ᠬᠣᠶᠠᠷ ᠡᠵᠡᠨ ᠢ᠋ ᠦᠢᠯᠡᠴᠢᠯᠡᠨ᠂ ᠯᠢᠶᠣᠤ ᠪᠠᠷ ᠬᠡᠯᠡᠪᠡᠰᠦ ᠠᠯᠲᠠᠨ ᠳ᠋ᠤᠷ ᠳᠠᠭᠠᠭᠰᠠᠨ ᠠᠨᠤ ᠡᠴᠢᠭᠡ ᠦᠭᠡᠢ᠂ ᠳᠠᠬᠢᠨ ᠠᠯᠲᠠᠨ ᠠ᠋ᠴᠠ ᠮᠣᠩᠭᠣᠯ ᠳ᠋ᠤᠷ ᠳᠠᠭᠠᠭᠰᠠᠨ ᠠᠨᠤ ᠡᠵᠡᠨ ᠦᠭᠡᠢ᠂ ᠡᠵᠡᠨ ᠡᠴᠢᠭᠡ ᠦᠭᠡᠢ 》 ᠭᠡᠮᠡᠨ ᠬᠠᠷᠢᠶᠠᠵᠤ ᠪᠣᠢ᠃ ᠡᠳᠡᠭᠡᠷ ᠴᠥᠮ ᠡᠨᠳᠡᠯ ᠪᠣᠯᠠᠢ᠃ ᠲᠡᠢᠮᠦ ᠪᠥᠭᠡᠰᠦ ᠡᠷᠲᠡᠨ ᠦ᠌ ᠪᠣᠭᠳᠠ ᠡᠦ ᠸᠠᠩ ᠡᠴᠢᠭᠡ ᠶ᠋ᠢᠨ ᠡᠰᠡ ᠳᠠᠢᠯᠠᠭᠰᠠᠨ ᠡᠵᠡᠨ ᠵᠧᠦ ᠬᠠᠭᠠᠨ ᠢ᠋ ᠳᠠᠢᠯᠠᠨ ᠠᠷᠢᠯᠭᠠᠪᠠ᠂ ᠲᠡᠭᠦᠨ ᠢ᠋ ᠪᠠᠰᠠ ᠡᠵᠡᠨ ᠡᠴᠢᠭᠡ ᠦᠭᠡᠢ ᠭᠡᠮᠡᠨ ᠬᠡᠯᠡᠮᠦᠢ ᠦᠦ ? ᠪᠠᠰᠠ ᠱᠠᠩ ᠤᠯᠤᠰ ᠤ᠋ᠨ ᠭᠤᠷᠪᠠᠨ ᠶᠡᠬᠡ ᠥᠷᠦᠰᠢᠶᠡᠯᠲᠡᠨ ᠡᠴᠡ ᠪᠢ ᠭᠠᠨ ᠦᠬᠦᠪᠡ᠃ ᠸᠸᠢᠢᠽᠢ ᠵᠠᠢᠯᠠᠪᠠ᠂ ᠵᠢᠴᠢ ᠪᠣᠭᠣᠯ ᠪᠣᠯᠤᠨ ᠬᠦᠯᠢᠶᠡᠵᠦ ᠬᠣᠢᠨ᠎ᠠ ᠪᠠᠰᠠ ᠵᠧᠦ ᠤᠯᠤᠰ ᠤ᠋ᠨ ᠡᠦ ᠸᠠᠩ ᠳ᠋ᠤᠷ ᠳᠠᠭᠠᠪᠠ᠃ ᠲᠡᠷᠡ ᠮᠥᠨ ᠵᠧᠦ ᠬᠠᠭᠠᠨ ᠤ᠋ ᠤᠭᠰᠠᠭ᠎ᠠ ᠶ᠋ᠢᠨ ᠲᠦᠰᠢᠮᠡᠯ ᠲᠡᠭᠦᠨ ᠢ᠋ ᠪᠠᠰᠠ ᠡᠵᠡᠨ ᠡᠴᠢᠭᠡ ᠦᠭᠡᠢ ᠭᠡᠮᠡᠨ ᠬᠡᠯᠡᠮᠦᠢ ᠦᠦ ? ᠶᠧ ᠯᠢᠦᠢ ᠴᠦ᠍ ᠼᠠᠢ ᠠᠯᠲᠠᠨ ᠳ᠋ᠤᠷ ᠪᠠᠷᠠᠲᠠᠯ᠎ᠠ ᠳᠠᠭᠠᠭᠰᠠᠭᠠᠷ ᠬᠡᠳᠦᠨ ᠦᠶ᠎ᠡ ᠪᠣᠯᠤᠭᠰᠠᠨ ᠬᠥᠮᠦᠨ ᠡᠴᠢᠭᠡ ᠪᠡᠨ ᠲᠡᠭᠦᠨ ᠦ᠌ ᠪᠡᠶ᠎ᠡ ᠳ᠋ᠦ᠍ᠷ ᠲᠡᠪᠴᠢᠭᠰᠡᠨ ᠪᠤᠰᠤ᠂ ᠯᠢᠶᠣᠤ ᠶ᠋ᠢ ᠠᠯᠲᠠᠨ ᠡᠪᠳᠡᠭᠰᠡᠨ ᠳ᠋ᠦ᠍ᠷ ᠮᠣᠩᠭᠣᠯ ᠳ᠋ᠤᠷ ᠳᠠᠭᠠᠬᠤ ᠠᠨᠤ ᠦᠨᠡᠬᠡᠷ ᠶᠣᠰᠣ ᠪᠣᠯᠠᠢ᠃ ᠶᠠᠭᠤᠨ ᠳ᠋ᠤᠷ ᠠᠯᠲᠠᠨ ᠢ᠋ ᠯᠢᠶᠣᠤ ᠶ᠋ᠢᠨ ᠡᠵᠡᠨ ᠪᠣᠯᠭᠠᠨ ᠬᠡᠯᠡᠪᠡᠰᠦ ᠪᠣᠯᠬᠤ ᠠᠵᠢ ! ᠠᠶ᠎ᠠ ᠡᠳᠡᠭᠡᠷ ᠬᠢᠲᠠᠳ ᠪᠢᠴᠢᠭᠡᠴᠢ ᠪᠢᠷ ᠲᠤᠯᠭᠠᠨ ᠥᠪᠡᠷ ᠦ᠋ᠨ ᠠᠳᠬᠠᠭ ᠢ᠋ ᠭᠠᠷᠭᠠᠬᠤᠢ ᠳ᠋ᠤᠷ ᠶᠠᠭᠤᠨ ᠳ᠋ᠤᠷ ᠡᠨᠡ ᠮᠡᠲᠦ ᠪᠢᠲᠡᠭᠦᠯᠢᠭ ᠴᠦᠯᠢᠰ ᠪᠣᠢ !ᠡᠭᠦᠪᠡᠷ ᠦᠵᠡᠬᠦᠯ᠎ᠡ ᠮᠣᠩᠭᠣᠯ ᠢ᠋ ᠮᠠᠭᠤ ᠪᠠᠷ ᠭᠦᠳᠬᠡᠭᠰᠡᠨ ᠢ᠋ ᠮᠡᠳᠡᠵᠦ ᠪᠣᠯᠤᠯᠲᠠᠢ᠃ ᠶᠧ ᠯᠢᠦᠢ ᠴᠦ᠍ ᠼᠠᠢ ᠤᠭ ᠠ᠋ᠴᠠ ᠯᠢᠶᠣᠤ ᠳ᠋ᠦᠩ ᠦ᠋ᠨ ᠡᠵᠡᠨ ᠳ᠋ᠠᠨ ᠸᠠᠩ – ᠶᠧ ᠯᠢᠦᠢ ᠴᠦᠢ ᠶ᠋ᠢᠨ ᠨᠠᠢ᠍ᠮᠠᠳᠤᠭᠠᠷ ᠦᠶ᠎ᠡ ᠶ᠋ᠢᠨ ᠠᠴᠢ ᠪᠣᠯᠣᠮᠢ᠃ ᠠᠯᠲᠠᠨ ᠤᠯᠤᠰ ᠤ᠋ᠨ ᠯᠢ ᠪᠤ᠌ ᠱᠢ ᠯᠠᠩ ᠪᠥᠭᠡᠳ ᠬᠠᠨ ᠯᠢᠨ ᡁᠢ ᠰᠢᠦᠸᠠᠢ ᠱᠢ – ᠶᠧ ᠯᠢᠦᠢ ᠯᠢᠦᠢ ᠶ᠋ᠢᠨ ᠬᠥᠪᠡᠭᠦᠨ᠂ ᠲᠡᠭᠦᠨ ᠦ᠌ ᠪᠡᠶ᠎ᠡ ᠠᠯᠲᠠᠨ ᠤᠯᠤᠰ ᠤ᠋ᠨ ᠶᠤᠸᠠᠨ ᠸᠧᠢ ᠯᠠᠩ ᠲᠦᠰᠢᠮᠡᠯ ᠪᠥᠯᠥᠭᠡ᠃ ᠡᠳᠦᠭᠡ ᠵᠦᠩᠳᠦ᠋ ᠨᠢᠭᠡᠨᠲᠡ ᠠᠪᠲᠠᠭᠰᠠᠨ ᠳ᠋ᠤᠷ ᠬᠠᠭᠠᠨ ᠳ᠋ᠤᠷ ᠵᠠᠭᠤᠨ ᠣᠪᠣᠭᠲᠠᠨ ᠢ᠋ ᠠᠪᠴᠤ ᠤᠴᠠᠷᠠᠭᠰᠠᠨ ᠠᠵᠤᠭᠤ᠃ ᠮᠣᠩᠭᠣᠯ ᠤ᠋ᠨ ᠴᠢᠩᠭᠢᠰ ᠬᠠᠭᠠᠨ ᠴᠤ᠌ ᠬᠡᠳᠦᠢᠨᠡᠢ ᠡᠴᠡ ᠯᠢᠶᠣᠤ ᠳ᠋ᠦᠩ ᠦ᠋ᠨ ᠭᠣᠣᠯ ᠰᠠᠯᠠᠭᠠᠨ ᠢ᠋ ᠡᠷᠢᠭᠰᠡᠭᠡᠷ ᠲᠤᠯᠠ ᠴᠢᠪᠬᠢᠲᠡᠯ᠎ᠡ ᠣᠯᠤᠭᠰᠠᠨ ᠳ᠋ᠤᠷ ᠳᠠᠷᠤᠢ ᠵᠠᠷᠯᠢᠭ ᠪᠣᠯᠤᠷᠤᠨ : 《 ᠠᠯᠲᠠᠨ ᠤᠯᠤᠰ ᠬᠡᠮᠡᠭᠴᠢ ᠤᠭ ᠠ᠋ᠴᠠ ᠯᠢᠶᠣᠤ ᠶ᠋ᠢᠨ ᠲᠦᠰᠢᠮᠡᠯ ᠪᠥᠭᠡᠳ ᠡᠵᠡᠨ ᠢ᠋ᠶ᠋ᠡᠨ ᠠᠯᠠᠵᠤ ᠲᠠᠨ ᠢ᠋ ᠪᠣᠭᠣᠯ ᠪᠣᠯᠭᠠᠭᠰᠠᠨ ᠳ᠋ᠤᠷ ᠪᠢ ᠡᠳᠦᠭᠡ ᠣᠨᠴᠠ ᠲᠡᠭᠦᠨ ᠢ᠋ ᠳᠠᠢᠯᠠᠵᠤ᠂ ᠯᠢᠶᠣᠤ ᠶ᠋ᠢᠨ ᠬᠠᠷᠢᠭᠤ ᠶ᠋ᠢ ᠠᠪᠬᠤ ᠲᠤᠯᠠ ᠯᠢᠶᠣᠤ ᠶ᠋ᠢᠨ ᠦᠷᠡᠰ ᠢ᠋ ᠡᠷᠢᠭᠰᠡᠭᠡᠷ ᠤᠳᠠᠪᠠ᠃ ᠴᠢ ᠶᠠᠭᠤᠨ ᠳ᠋ᠤᠷ ᠨᠠᠳᠠ ᠳ᠋ᠤᠷ ᠦᠰ ᠠᠪᠴᠤ ᠥᠭᠭᠦᠭᠰᠡᠨ ᠳ᠋ᠦ᠍ᠷ ᠬᠦᠨᠳᠦᠳᠬᠡᠨ ᠦᠯᠦ ᠮᠥᠷᠭᠥᠮᠦᠢ ? 》 ᠬᠡᠮᠡᠭᠰᠡᠨ ᠳ᠋ᠦ᠍ᠷ ᠶᠧ ᠯᠢᠦᠢ ᠴᠦ᠍ ᠼᠠᠢ ᠠᠢᠯᠠᠳᠬᠠᠷᠤᠨ : 《 ᠲᠦᠰᠢᠮᠡᠯ ᠦ᠋ᠨ ᠡᠪᠦᠭᠡ ᠨᠢᠭᠡᠨᠲᠡ ᠠᠯᠲᠠᠨ ᠢ᠋ ᠬᠣᠢᠰᠢ ᠬᠠᠨᠳᠤᠨ ᠦᠢᠯᠡᠴᠢᠯᠡᠭᠰᠡᠨ ᠲᠤᠯᠠ ᠲᠦᠰᠢᠮᠡᠯ ᠪᠢ ᠨᠢᠭᠡᠨᠲᠡ ᠲᠦᠰᠢᠮᠡᠯ ᠪᠣᠯᠵᠤᠬᠤᠢ᠃ ᠲᠡᠢᠨ ᠬᠦ᠌ ᠶᠠᠮᠪᠠᠷ ᠠᠶᠤᠮᠰᠢᠭ ᠦᠭᠡᠢ ᠬᠣᠶᠠᠷ ᠰᠡᠳᠬᠢᠯ ᠪᠠᠷᠢᠵᠤ ᠡᠵᠡᠨ ᠡᠴᠢᠭᠡ ᠳ᠋ᠦ᠍ᠷ ᠢ᠋ᠶ᠋ᠡᠨ ᠥᠰᠢᠶᠡᠯᠡᠮᠦᠢ ? 》 ᠬᠡᠮᠡᠭᠰᠡᠨ ᠳ᠋ᠦ᠍ᠷ ᠬᠠᠭᠠᠨ ᠮᠥᠨ ᠰᠠᠢᠰᠢᠶᠠᠵᠤ ᠠᠯᠲᠠᠨ ᠤ᠋ ᠴᠠᠭ ᠲᠣᠭ᠎ᠠ ᠶ᠋ᠢᠨ ᠪᠢᠴᠢᠭ ᠦ᠋ᠨ ᠰᠠᠷ᠎ᠠ ᠶ᠋ᠢᠨ ᠲᠣᠬᠢᠶᠠᠯ ᠢᠯᠡᠷᠬᠡᠢ ᠨᠡᠢᠯᠡᠯᠴᠡᠬᠦ ᠦᠭᠡᠢ ᠳ᠋ᠦ᠍ᠷ ᠬᠠᠭᠠᠨ ᠶᠧ ᠯᠢᠦᠢ ᠴᠦ᠍ ᠼᠠᠢ ᠪᠠᠷ ᠲᠡᠷᠡ ᠴᠠᠭᠠᠨ ᠮᠣᠷᠢᠨ ᠵᠢᠯ ᠦ᠋ᠨ ᠴᠠᠭ ᠲᠣᠭ᠎ᠠ ᠶ᠋ᠢᠨ ᠪᠢᠴᠢᠭ ᠢ᠋ ᠬᠢᠨᠠᠨ ᠪᠢᠴᠢᠭᠦᠯᠪᠡ᠃
ᠲᠡᠨᠳᠡᠴᠡ ᠬᠠᠭᠠᠨ ᠤ᠋ ᠭᠡᠭᠡᠨ ᠭᠠᠪᠢᠶᠠᠲᠤ ᠵᠠᠭᠤᠨ ᠲᠦᠰᠢᠮᠡᠳ ᠢ᠋ ᠬᠤᠷᠢᠮᠯᠠᠬᠤᠢ ᠳ᠋ᠤᠷ ᠬᠠᠯᠠᠭᠤᠨ ᠤ᠋ ᠴᠠᠭ ᠲᠤᠯᠠ ᠳ᠋ᠠᠢᠳᠦ᠋ ᠶ᠋ᠢᠨ ᠪᠠᠷᠠᠭᠤᠨ ᠬᠣᠲᠠ ᠶ᠋ᠢᠨ ᠨᠠᠭᠤᠷ ᠳᠠᠯᠠᠢ ᠶ᠋ᠢᠨ ᠬᠣᠷᠢᠶᠠᠨ ᠤ᠋ ᠤᠰᠤᠨ ᠣᠷᠳᠣᠨ ᠨᠠᠭᠤᠷ ᠤ᠋ᠨ ᠬᠠᠷᠰᠢ ᠳ᠋ᠤᠷ ᠬᠤᠷᠢᠮᠯᠠᠭᠰᠠᠭᠠᠷ ᠬᠣᠶᠠᠳᠤᠭᠠᠷ ᠡᠳᠦᠷ ᠦ᠋ᠨ ᠬᠤᠷᠢᠮ ᠳ᠋ᠤᠷ ᠳᠥᠷᠪᠡᠨ ᠲᠠᠢᠽᠢ ᠪᠠᠨ ᠣᠢᠷ᠎ᠠ ᠰᠠᠭᠤᠯᠭᠠᠵᠤ᠂ ᠬᠤᠷᠢᠮ ᠤ᠋ᠨ ᠬᠥᠭᠵᠢᠮ ᠡᠭᠦᠰᠬᠡᠨ ᠵᠠᠭᠤᠨ ᠲᠦᠰᠢᠮᠡᠳ ᠮᠥᠷᠭᠥᠵᠦ ᠰᠠᠭᠤᠭᠰᠠᠨ ᠬᠣᠢᠨ᠎ᠠ᠂ ᠠᠷᠢᠬᠢ ᠭᠤᠷᠪᠠᠨ ᠵᠡᠷᠭᠡ ᠲᠣᠭᠣᠷᠢᠵᠤ ᠵᠠᠭᠤᠰᠢ ᠲᠠᠪᠤᠨ ᠵᠡᠷᠭᠡ ᠭᠠᠷᠴᠤ ᠬᠠᠭᠠᠨ ᠤ᠋ ᠭᠡᠭᠡᠨ ᠳᠥᠷᠪᠡᠨ ᠲᠠᠢᠽᠢ ᠶ᠋ᠢᠨ ᠵᠦᠭ ᠵᠠᠷᠯᠢᠭ ᠪᠣᠯᠤᠷᠤᠨ : 《 ᠡᠨᠡ ᠣᠷᠴᠢᠯᠠᠩ ᠳ᠋ᠤᠷ ᠳᠡᠭᠡᠳᠦ ᠵᠢᠷᠭᠠᠯ ᠠᠯᠢ ᠪᠣᠢ ? ᠳᠠ ᠳᠥᠷᠪᠡᠭᠦᠯᠡ ᠥᠪᠡᠷ ᠥᠪᠡᠷ ᠦ᠋ᠨ ᠰᠠᠨᠠᠭᠠᠨ ᠢ᠋ᠶ᠋ᠠᠨ ᠭᠠᠷᠭᠠᠵᠤ ᠬᠡᠯᠡ ! 》 ᠬᠡᠮᠡᠭᠰᠡᠨ ᠳ᠋ᠦ᠍ᠷ ᠶᠡᠬᠡ ᠲᠠᠢᠽᠢ ᠵᠣᠴᠢ ᠰᠠᠭᠤᠳᠠᠯ ᠠ᠋ᠴᠠ ᠪᠣᠰᠴᠤ ᠮᠥᠷᠭᠥᠵᠦ ᠠᠢᠯᠠᠳᠬᠠᠷᠤᠨ :
ᠲᠦᠰᠢᠮᠡᠯ ᠮᠢᠨᠦ ᠪᠣᠳᠣᠯᠭᠠᠨ ᠳ᠋ᠤᠷ
ᠣᠯᠠᠨ ᠠᠳᠤᠭᠤ ᠪᠠᠨ ᠣᠯᠠᠨᠲᠠ ᠦᠷᠡᠵᠢᠭᠦᠯᠵᠦ
ᠣᠮᠣᠭᠲᠤ ᠠᠨᠳᠠ ᠪᠠᠨ ᠤᠷᠤᠯᠳᠤᠨ ᠳᠣᠪᠲᠣᠯᠵᠤ᠂
ᠤᠷᠲᠤ ᠬᠠᠷᠰᠢ ᠪᠠᠨ ᠭᠢᠷᠢᠲᠠᠯᠠ ᠵᠠᠰᠠᠵᠤ
ᠤᠷᠲᠤᠳᠠ ᠬᠤᠷᠢᠮᠯᠠᠨ ᠵᠢᠷᠭᠠᠪᠠᠰᠤ ᠳᠡᠭᠡᠳᠦ ᠵᠢᠷᠭᠠᠯ ᠲᠡᠷᠡ ᠪᠣᠢ ᠊ᠶ᠎ᠠ᠃ ᠭᠡᠮᠡᠨ ᠠᠢᠯᠠᠳᠬᠠᠪᠠ᠃ ᠬᠠᠭᠠᠨ ᠪᠠᠰᠠ ᠴᠠᠭᠠᠲᠠᠢ ᠶ᠋ᠢ ᠬᠠᠷᠠᠭᠰᠠᠨ ᠳ᠋ᠤᠷ ᠬᠣᠶᠠᠳᠤᠭᠠᠷ ᠲᠠᠢᠽᠢ ᠴᠠᠭᠠᠲᠠᠢ ᠭᠠᠷᠴᠤ ᠰᠥᠭᠥᠳᠦᠭᠡᠳ ᠠᠢᠯᠠᠳᠬᠠᠷᠤᠨ :
ᠰᠠᠢᠳ ᠮᠢᠨᠦ ᠪᠣᠳᠣᠯᠭᠠᠨ ᠳ᠋ᠤᠷ
ᠪᠤᠷᠤᠭᠤ ᠳᠠᠢᠰᠤᠨ ᠢ᠋ᠶ᠋ᠠᠨ ᠪᠤᠲᠠᠷᠠᠲᠠᠯ᠎ᠠ ᠳᠠᠷᠤᠵᠤ
ᠪᠣᠯᠣᠳ ᠬᠦᠴᠦᠲᠡᠨ ᠢ᠋ ᠪᠣᠭᠰᠢᠲᠠᠯᠠ ᠬᠡᠷᠡᠭᠯᠡᠵᠦ᠂
ᠪᠣᠳᠣᠯᠭ᠎ᠠ ᠤᠬᠠᠭᠠᠨᠲᠠᠨ ᠢ᠋ ᠪᠣᠯᠭᠣᠮᠵᠢᠯᠠᠲᠠᠯᠠ ᠰᠢᠲᠦᠭᠦᠯᠵᠦ᠂
ᠪᠤᠯᠲᠤ ᠬᠥᠮᠦᠨ ᠢ᠋ ᠪᠣᠭᠣᠯᠴᠢᠯᠠᠲᠠᠯᠠ ᠳᠠᠭᠠᠭᠤᠯᠪᠠᠰᠤ ᠳᠡᠭᠡᠳᠦ ᠵᠢᠷᠭᠠᠯ ᠲᠡᠷᠡ ᠪᠣᠢ ᠊ᠶ᠎ᠠ᠃
ᠬᠠᠭᠠᠨ ᠪᠠᠰᠠ ᠥᠭᠡᠳᠡᠢ ᠶ᠋ᠢ ᠬᠠᠷᠠᠵᠤ ᠦᠵᠡᠭᠰᠡᠨ ᠳ᠋ᠦ᠍ᠷ ᠭᠤᠷᠪᠠᠳᠤᠭᠠᠷ ᠲᠠᠢᠽᠢ ᠥᠭᠡᠳᠡᠢ ᠶᠠᠭᠠᠷᠠᠨ ᠪᠣᠰᠴᠤ ᠰᠥᠭᠥᠳᠦᠨ ᠠᠢᠯᠠᠳᠬᠠᠷᠤᠨ :
ᠬᠠᠭᠠᠨ ᠡᠴᠢᠭᠡ ᠶᠦ᠍ᠭᠡᠨ ᠵᠣᠪᠠᠨ ᠵᠦᠳᠡᠵᠦ ᠪᠠᠢᠭᠤᠯᠤᠭᠰᠠᠨ
ᠬᠠᠰ ᠲᠥᠷᠥ ᠪᠡᠨ ᠡᠭᠦᠷᠢᠳᠡ ᠪᠠᠲᠤᠯᠠᠨ ᠰᠠᠬᠢᠵᠤ᠂
ᠬᠠᠮᠤᠭ ᠤᠯᠤᠰ ᠤ᠋ᠨ ᠬᠠᠷᠠᠴᠤᠰ ᠢᠷᠭᠡᠨ ᠢ᠋ᠶ᠋ᠡᠨ ᠬᠥᠬᠢᠭᠦᠯᠵᠦ
ᠬᠠᠭᠤᠴᠢᠨ ᠥᠲᠡᠭᠦᠰ ᠰᠢᠨ᠎ᠡ ᠵᠠᠯᠠᠭᠤᠰ ᠢ᠋ ᠠᠯᠢ ᠪᠠᠷ ᠠᠮᠤᠭᠤᠯᠤᠨ᠂
ᠬᠠᠷᠢ ᠭᠠᠳᠠᠭᠠᠳᠤ ᠤᠯᠤᠰ ᠪᠦᠬᠦᠨ ᠢ᠋ ᠬᠤᠷᠢᠶᠠᠮᠵᠢᠯᠠᠵᠤ
ᠬᠠᠮᠲᠤ ᠪᠦᠭᠦᠳᠡ ᠳᠡᠯᠡᠬᠡᠢ ᠳ᠋ᠠᠬᠢᠨ ᠢ᠋ ᠨᠡᠢᠭᠡᠮ ᠲᠦᠪᠰᠢᠷᠡᠭᠦᠯᠪᠡᠰᠦ ᠳᠡᠭᠡᠳᠦ ᠵᠢᠷᠭᠠᠯ ᠲᠡᠷᠡ ᠪᠣᠢ ᠶᠡ ᠬᠡᠮᠡᠪᠡ᠃
ᠬᠠᠭᠠᠨ ᠤ᠋ ᠴᠢᠷᠠᠢ ᠳ᠋ᠤᠷ ᠪᠠᠶᠠᠷ ᠤ᠋ᠨ ᠥᠩᠭᠡ ᠢᠯᠡᠷᠡᠵᠦ᠂ ᠳᠥᠷᠪᠡᠳᠦᠭᠡᠷ ᠲᠠᠢᠽᠢ ᠲᠣᠯᠢ ᠶ᠋ᠢ ᠬᠠᠷᠠᠵᠤ ᠦᠵᠡᠭᠰᠡᠨ ᠳ᠋ᠦ᠍ᠷ ᠲᠣᠯᠢ ᠶᠠᠭᠠᠷᠠᠨ ᠭᠠᠷᠴᠤ ᠰᠥᠭᠥᠳᠴᠦ ᠠᠢᠯᠠᠳᠬᠠᠷᠤᠨ :
ᠰᠠᠢᠳ ᠬᠥᠪᠡᠭᠦᠨ ᠮᠢᠨᠦ ᠰᠠᠨᠠᠭᠠᠨ ᠳ᠋ᠤᠷ
ᠬᠦᠯᠦᠭ ᠪᠠᠭᠠᠲᠤᠷ ᠤ᠋ᠳ ᠢ᠋ᠶ᠋ᠠᠨ ᠰᠦᠷᠦᠭᠯᠡᠲᠡᠯᠡ ᠳᠠᠭᠠᠭᠤᠯᠵᠤ
ᠬᠥᠭᠰᠢᠨ ᠬᠠᠷᠴᠠᠭᠠᠢ ᠪᠠᠨ ᠬᠠᠢᠷᠠᠯᠬᠠᠳᠠᠨ ᠡᠷᠭᠦᠭᠦᠯᠵᠦ᠂
ᠬᠦᠷᠦᠭᠰᠡᠨ ᠭᠠᠵᠠᠷ ᠬᠥᠪ ᠲᠠᠯ᠎ᠠ ᠳ᠋ᠤᠷ
ᠬᠥᠭᠵᠢᠯᠳᠦᠨ ᠪᠠᠶᠠᠰᠤᠯᠳᠤᠨ ᠠᠪᠠᠯᠠᠵᠤ ᠰᠢᠪᠠᠭᠤᠯᠠᠪᠠᠰᠤ ᠳᠡᠭᠡᠳᠦ ᠵᠢᠷᠭᠠᠯ ᠲᠡᠷᠡ ᠪᠣᠢ ᠶᠠ ᠬᠡᠮᠡᠭᠰᠡᠨ ᠳ᠋ᠦ᠍ᠷ ᠬᠠᠭᠠᠨ ᠤ᠋ ᠭᠡᠭᠡᠨ ᠮᠦᠰᠢᠶᠡᠵᠦ ᠵᠠᠭᠤᠨ ᠲᠦᠰᠢᠮᠡᠳ ᠦ᠋ᠨ ᠵᠦᠭ ᠵᠠᠷᠯᠢᠭ ᠪᠣᠯᠤᠷᠤᠨ : 《 ᠬᠣᠶᠠᠳᠤᠭᠠᠷ ᠲᠠᠢᠽᠢ ᠬᠠᠷᠠᠬᠠᠨ ᠪᠠᠭ᠎ᠠ ᠠ᠋ᠴᠠ ᠨᠠᠮᠠᠶ᠋ᠢ ᠳᠠᠭᠠᠵᠤ ᠴᠡᠷᠢᠭ ᠠᠶᠠᠨ᠎ᠠ ᠣᠯᠠᠨ ᠶᠠᠪᠤᠭᠰᠠᠨ ᠲᠤᠯᠠ ᠳᠣᠲᠣᠷ᠎ᠠ ᠠᠨᠤ ᠴᠡᠷᠢᠭ ᠦ᠋ᠨ ᠪᠠᠭᠠᠲᠤᠷ ᠪᠣᠢ᠂ ᠡᠭᠦᠨ ᠢ᠋ ᠪᠠᠷᠠᠭᠤᠨ ᠲᠠᠩᠭᠤᠳ ᠲᠥᠪᠡᠳ ᠦ᠋ᠨ ᠭᠠᠵᠠᠷ ᠪᠠ ᠰᠠᠷᠲᠠᠭᠴᠢᠨ᠂ ᠴᠠᠭᠠᠨ ᠬᠤᠪᠴᠠᠰᠤᠲᠤ ᠬᠣᠲᠣᠩ ᠤᠯᠤᠰ ᠢ᠋ ᠡᠵᠡᠯᠡᠭᠦᠯᠵᠦ ᠪᠣᠯᠤᠮᠤᠢ᠃ ᠭᠤᠷᠪᠠᠳᠤᠭᠠᠷ ᠲᠠᠢᠽᠢ ᠥᠭᠡᠳᠡᠢ ᠨᠠᠰᠤᠨ ᠪᠠᠭ᠎ᠠ ᠪᠥᠭᠡᠳ ᠥᠨᠳᠥᠷ ᠪᠣᠭᠳᠠᠰ ᠤ᠋ᠨ ᠦᠭᠡ ᠭᠠᠷᠤᠮᠤᠢ᠂ ᠦᠨᠡᠬᠡᠷ ᠲᠡᠭᠷᠢ ᠶ᠋ᠢᠨ ᠬᠥᠪᠡᠭᠦᠨ ᠦ᠌ ᠦᠭᠡᠰ ᠪᠣᠢ᠃ ᠡᠭᠦᠨ ᠢ᠋ ᠡᠮᠦᠨᠡᠲᠦ ᠤᠯᠠᠭᠠᠨ ᠤᠯᠤᠰ ᠬᠢᠲᠠᠳ ᠨᠠᠩᠭᠢᠶᠠᠳ ᠤ᠋ᠨ ᠶᠠᠩᠵᠤ ᠶ᠋ᠢ ᠲᠥᠰᠦᠭᠡᠯᠡᠬᠦ ᠲᠤᠯᠠ ᠡᠨᠳᠡ ᠬᠠᠭᠠᠨ ᠪᠣᠯᠭᠠᠵᠤ ᠪᠣᠯᠤᠮᠤᠢ᠃ ᠤᠤᠭᠠᠨ ᠲᠠᠢᠽᠢ ᠵᠣᠴᠢ᠂ ᠤᠳᠬᠤᠨ ᠲᠠᠢᠽᠢ ᠲᠣᠯᠢ ᠬᠣᠶᠠᠭᠤᠯᠠ ᠥᠴᠦᠬᠡᠨ ᠵᠢᠷᠭᠠᠯ ᠢ᠋ ᠮᠡᠳᠡᠭᠰᠡᠨ ᠪᠣᠢ ᠶᠡ᠂ ᠶᠡᠬᠡ ᠠᠯᠳᠠᠰᠢ ᠶ᠋ᠢ ᠡᠰᠡ ᠤᠬᠠᠵᠤᠬᠤᠢ᠂ ᠡᠨᠡ ᠥᠴᠦᠬᠡᠨ ᠬᠡᠦᠬᠡᠳ ᠦ᠋ᠨ ᠦᠭᠡ ᠪᠤᠶᠤ᠂ ᠲᠠ ᠬᠣᠶᠠᠭᠤᠯᠠ ᠴᠥᠮ ᠬᠠᠭᠤᠴᠢᠨ ᠨᠤᠲᠤᠭ ᠠᠲᠠᠷ ᠠᠷᠤ ᠭᠠᠵᠠᠷ ᠤ᠋ᠨ ᠮᠣᠩᠭᠣᠯ ᠠ᠋ᠴᠠ ᠪᠤᠰᠤ ᠶ᠋ᠢ ᠡᠵᠡᠯᠡᠨ ᠦᠯᠦ ᠴᠢᠳᠠᠮᠤᠢ᠃ ᠨᠡᠩᠳᠡ ᠶᠡᠬᠡ ᠲᠠᠢᠽᠢ ᠵᠣᠴᠢ᠂ ᠲᠣᠬᠮᠤᠭ ᠤᠯᠤᠰ ᠠ᠋ᠴᠠ ᠪᠤᠰᠤ ᠶ᠋ᠢ ᠡᠵᠡᠯᠡᠨ ᠦᠯᠦ ᠴᠢᠳᠠᠮᠤᠢ᠃ ᠳᠥᠷᠪᠡᠨ ᠬᠥᠪᠡᠭᠦᠨ ᠮᠢᠨᠦ ᠰᠣᠨᠣᠰ : < ᠰᠡᠭᠦᠵᠢᠨ ᠳ᠋ᠦ᠍ᠷ ᠢᠳᠡᠲᠡᠢ ᠪᠠᠭᠠᠲᠤᠷ ᠮᠠᠲᠠᠷ ᠪᠡᠶ᠎ᠡ ᠪᠡᠨ ᠵᠠᠷᠤᠮᠤᠢ᠂ ᠰᠡᠳᠬᠢᠯ ᠳ᠋ᠦ᠍ᠷ ᠢᠳᠡᠲᠡᠢ ᠪᠠᠭᠠᠲᠤᠷ ᠬᠣᠲᠠᠯᠠ ᠤᠯᠤᠰ ᠢ᠋ ᠵᠠᠷᠤᠬᠤ > ᠂ ᠶᠠᠭᠤᠨ ᠳ᠋ᠤᠷ ᠲᠡᠨᠡᠭ ᠱᠦᠭᠦᠳᠡᠩ ᠢ᠋ ᠰᠠᠢᠨ ᠡᠷ᠎ᠡ ᠶ᠋ᠢᠨ ᠵᠢᠷᠭᠠᠯ ᠪᠣᠯᠭᠠᠮᠤᠢ ? 》 ᠭᠡᠮᠡᠨ ᠵᠠᠷᠯᠢᠭ ᠪᠣᠯᠤᠨ ᠰᠤᠷᠭᠠᠬᠤᠶ᠎ᠠ᠂ ᠨᠤᠲᠤᠭ ᠠ᠋ᠴᠠ ᠳᠡᠳ᠋ ᠰᠠᠢᠳ ᠠᠷᠭᠠᠰᠤᠨ ᠤ᠋ ᠬᠣᠷᠭᠣᠯᠵᠢ ᠢᠷᠡᠵᠦ ᠲᠠᠢᠬᠡᠦ᠂ᠬᠤᠸᠠᠩᠬᠡᠦ ᠶ᠋ᠢᠨ ᠠᠮᠤᠭᠤᠯᠠᠩ ᠢ᠋ ᠬᠦᠷᠭᠡᠵᠦ ᠢᠷᠡᠭᠡᠳ ᠠᠢᠯᠠᠳᠬᠠᠷᠤᠨ : 《 ᠤᠴᠢᠭ᠂ ᠭᠠᠴᠤᠭ ᠬᠣᠶᠠᠷ ᠴᠢᠨ ᠸᠠᠩ ᠲᠠᠢᠬᠡᠦ ᠶ᠋ᠢᠨ ᠨᠠᠰᠤᠨ ᠰᠡᠭᠦᠳᠡᠷ ᠥᠨᠳᠥᠷ ᠲᠤᠯᠠ ᠵᠠᠮ ᠠᠶᠠᠨ᠎ᠠ ᠶᠡᠬᠡ ᠬᠠᠯᠠᠭᠤᠨ ᠴᠠᠭ ᠲᠤᠷ ᠳᠥᠭᠥᠮ ᠪᠤᠰᠤ ᠲᠤᠯᠠ ᠬᠠᠭᠠᠨ ᠠ᠋ᠴᠠ ᠵᠠᠷᠯᠢᠭ ᠭᠤᠶᠤᠵᠤ ᠨᠠᠮᠤᠷ ᠤ᠋ᠨ ᠲᠡᠷᠢᠭᠦᠨ ᠰᠠᠷ᠎ᠠ ᠶ᠋ᠢᠨ ᠰᠢᠨᠡᠳ ᠢ᠋ᠶ᠋ᠡᠷ ᠲᠡᠨᠳᠡ ᠡᠴᠡ ᠮᠣᠷᠳᠠᠵᠤ ᠨᠠᠮᠤᠷ ᠤ᠋ᠨ ᠳᠤᠮᠳᠠᠳᠤ ᠰᠠᠷ᠎ᠠ ᠶ᠋ᠢᠨ ᠳᠤᠮᠳᠠ ᠪᠠᠷ ᠬᠦᠷᠴᠦ ᠢᠷᠠᠪᠠᠰᠤ ᠪᠣᠯᠬᠤ ᠪᠣᠯᠪᠠᠤ ? 》 ᠬᠡᠮᠡᠭᠰᠡᠨ ᠳ᠋ᠦ᠍ᠷ ᠬᠠᠭᠠᠨ ᠤ᠋ ᠭᠡᠭᠡᠨ ᠵᠥᠪᠰᠢᠶᠡᠵᠦ ᠬᠠᠷᠢᠭᠤ ᠵᠠᠷᠯᠢᠭ ᠢ᠋ ᠳᠣᠪᠲᠣᠯᠭᠠᠪᠠ᠃ ᠳᠠᠭᠠᠯᠳᠤᠭ᠎ᠠ ᠲᠠᠢᠬᠡᠦ ᠶ᠋ᠢ ᠤᠭᠲᠤᠬᠤ ᠪᠥᠭᠡᠳ ᠡᠨᠳᠡ ᠪᠠᠰᠠ ᠶᠡᠬᠡᠯ᠎ᠡ ᠬᠠᠯᠠᠭᠤᠨ ᠲᠤᠯᠠ ᠬᠠᠭᠠᠨ ᠤ᠋ ᠭᠡᠭᠡᠨ ᠬᠤᠸᠠᠨ ᠵᠧᠦ ᠬᠣᠲᠠ ᠶ᠋ᠢᠨ ᠬᠠᠷᠢᠶᠠᠲᠤ ᠯᠢᠶᠠᠩ ᠵᠢᠩ ᠬᠡᠮᠡᠬᠦ ᠬᠣᠲᠠᠨ ᠳ᠋ᠤᠷ ᠮᠣᠷᠢᠯᠠᠬᠤᠢ ᠳ᠋ᠤᠷ ᠴᠠᠭᠠᠲᠠᠢ᠂ ᠲᠣᠯᠢ ᠨᠠᠷ ᠢ᠋ ᠨᠢᠭᠡᠨ ᠠᠩᠭᠢ ᠴᠡᠷᠢᠭ ᠠᠪᠴᠤ ᠪᠠᠷᠠᠭᠤᠨ ᠡᠮᠦᠨ᠎ᠡ ᠵᠦᠭ ᠣᠷᠣ᠂ ᠬᠠᠰᠠᠷ᠂ ᠪᠡᠯᠭᠦᠳᠡᠢ ᠬᠣᠶᠠᠷ ᠴᠢᠨ ᠸᠠᠩ ᠨᠢᠭᠡᠨ ᠠᠩᠭᠢ ᠴᠡᠷᠢᠭ ᠠᠪᠴᠤ ᠪᠠᠷᠠᠭᠤᠨ ᠡᠮᠦᠨ᠎ᠡ ᠵᠦᠭ ᠣᠷᠣ᠂ ᠵᠣᠴᠢ ᠥᠭᠡᠳᠡᠢ ᠬᠣᠶᠠᠭᠤᠯᠠ ᠨᠢᠭᠡᠨ ᠠᠩᠭᠢ ᠴᠡᠷᠢᠭ ᠠᠪᠴᠤ ᠳ᠋ᠠᠢᠳᠦ᠋ ᠬᠣᠲᠠᠨ ᠢ᠋ ᠰᠠᠬᠢᠵᠤ᠂ ᠤᠷᠢᠳᠤ ᠡᠪᠦᠭᠡᠳ ᠦ᠋ᠨ ᠰᠦᠯᠳᠡ ᠶ᠋ᠢ ᠳᠠᠬᠢᠵᠤ ᠪᠡᠯᠡᠳ᠃ ᠵᠡᠭᠦᠨ ᠶᠡᠬᠡ ᠶᠤᠸᠠᠨᠱᠤᠸᠠᠢ ᠮᠤᠬᠤᠯᠢ ᠤᠭ ᠣᠯᠠᠨ ᠴᠡᠷᠢᠭ ᠢ᠋ ᠠᠪᠴᠤ ᠲᠣᠭᠣᠷᠢᠵᠤ ᠣᠷᠴᠢᠮ ᠢ᠋ ᠲᠣᠭᠲᠠᠭᠠᠵᠤ᠂ ᠴᠡᠷᠢᠭ ᠡᠯᠰᠡᠨ ᠦ᠌ ᠵᠧᠦ ᠶ᠋ᠢᠨ ᠵᠠᠩ ᠵᠢᠩ ᠦ᠋ᠨ ᠳᠡᠭᠦᠦ ᠵᠠᠩ ᡁᠢ ᠶ᠋ᠢ ᠠᠷᠢᠯᠭᠠᠨ᠂ ᠲᠡᠷᠡ ᠣᠷᠴᠢᠮ ᠤ᠋ᠨ ᠲᠠᠪᠤᠨ ᠬᠣᠲᠠᠨ ᠢ᠋ ᠠᠪᠬᠤ ᠶ᠋ᠢ ᠪᠡᠯᠡᠳᠴᠦ ᠪᠠᠢᠭᠲᠤᠨ᠃ ᠮᠢᠨᠦ ᠪᠡᠶ᠎ᠡ ᠡᠪᠦᠯ ᠦ᠋ᠨ ᠲᠡᠷᠢᠭᠦᠨ ᠰᠠᠷ᠎ᠠ ᠳ᠋ᠤᠷ ᠡᠮᠦᠨ᠎ᠡ ᠵᠦᠭ ᠪᠢᠶᠠᠨ ᠵᠢᠩ ᠢ᠋ ᠪᠠᠢᠯᠳᠤᠷ᠎ᠠ ᠡᠴᠢᠬᠦ ᠲᠤᠯᠠ ᠶᠡᠬᠡ ᠴᠡᠷᠢᠭ ᠪᠠ ᠬᠣᠲᠠ ᠰᠠᠬᠢᠬᠤ ᠴᠡᠷᠢᠭ ᠵᠠᠩᠵᠤᠨ ᠢ᠋ ᠡᠷᠲᠡ ᠡᠴᠡ ᠢᠯᠭᠠᠨ ᠰᠠᠯᠭᠠᠵᠤ ᠲᠣᠭᠲᠠᠭᠠᠨ ᠪᠡᠯᠡᠳ ᠭᠡᠮᠡᠨ ᠠᠩᠭᠢ ᠠᠩᠭᠢ ᠪᠠᠷ ᠢᠯᠭᠠᠨ ᠰᠠᠯᠭᠠᠨ ᠵᠠᠷᠯᠢᠭ ᠪᠠᠭᠤᠯᠭᠠᠨ ᠪᠠᠷᠠᠵᠤ᠂ ᠬᠠᠭᠠᠨ ᠤ᠋ ᠬᠥᠭᠵᠢᠮ ᠬᠠᠮᠲᠤ ᠪᠠᠷ ᠡᠭᠦᠰᠬᠡᠨ ᠠᠯᠲᠠᠨ ᠤ᠋ ᠵᠦᠩ ᠬᠠᠰ ᠤ᠋ᠨ ᠴᠠᠩ ᠴᠤᠭᠠᠷ ᠳᠠᠭᠤᠷᠢᠰᠴᠤ ᠣᠷᠳᠣᠨ ᠤ᠋ ᠵᠠᠷᠤᠴᠠ ᠥᠬᠢᠳ ᠨᠠᠷᠢᠨ ᠬᠣᠭᠣᠯᠠᠢ ᠪᠠᠷ ᠬᠠᠰᠬᠢᠷᠤᠨ᠂ ᠰᠠᠢᠬᠠᠨ ᠦᠨᠦᠷ ᠨᠡᠢᠭᠡᠮ ᠠᠩᠬᠢᠯᠵᠤ᠂ ᠬᠠᠭᠠᠨ ᠤ᠋ ᠭᠡᠭᠡᠨ ᠳᠣᠲᠣᠭᠠᠳᠤ ᠣᠷᠲᠣᠨ᠎ᠠ ᠵᠠᠯᠠᠷᠠᠨ ᠪᠠᠭᠤᠵᠤ ᠯᠤᠤ ᠶ᠋ᠢᠨ ᠬᠥᠰᠢᠭᠡ ᠳᠣᠲᠣᠭᠰᠢ ᠤᠨᠠᠪᠠ᠃ ᠵᠠᠭᠤᠨ ᠲᠦᠰᠢᠮᠡᠳ ᠲᠠᠷᠬᠠᠯᠴᠠᠵᠤ ᠡᠨᠡ ᠬᠡᠳᠦᠨ ᠡᠳᠦᠷ ᠬᠠᠷᠠᠬᠠᠨ ᠴᠠᠭ ᠠᠰᠤᠷᠤ ᠬᠠᠯᠠᠭᠤᠨ ᠲᠤᠯᠠ ᠳᠠᠷᠤᠢ ᠵᠢᠭᠰᠠᠭᠠᠯ ᠵᠢᠭᠰᠠᠭᠠᠨ ᠮᠣᠷᠳᠠᠰᠤᠭᠠᠢ ᠬᠡᠮᠡᠲᠡᠯ᠎ᠡ ᠪᠠᠰᠠ ᠰᠢᠶᠣᠤ ᠠᠨ ᠰᠢᠶᠠᠨ ᠡᠮᠦᠨᠡᠲᠦ ᠳ᠋ᠦ᠍ᠷ ᠪᠠᠢᠬᠤ ᠲᠤᠯᠠ ᠳᠣᠪᠲᠣᠯᠭᠠᠨ ᠠᠢᠯᠠᠳᠬᠠᠭᠰᠠᠨ ᠠᠨᠤ᠂ ᠾᠧ ᠵᠢᠶᠠᠨ ᠹᠦ᠂ ᠴᠢᠩ ᠵᠧᠦ᠂ ᠱᠠᠩ ᠵᠧᠦ ᠡᠨᠡ ᠭᠤᠷᠪᠠᠨ ᠬᠣᠲᠠ ᠶ᠋ᠢᠨ ᠢᠷᠭᠡᠨ ᠤᠷᠪᠠᠪᠠ ᠭᠡᠮᠡᠨ ᠴᠡᠷᠢᠭ ᠢᠯᠡᠭᠡᠮᠦ ᠬᠡᠮᠡᠭᠰᠡᠨ᠎ᠡ ᠬᠠᠭᠠᠨ ᠪᠠᠰᠠ ᠳᠡᠭᠦᠦ ᠬᠦᠷᠭᠡᠨ ᠹᠦ ᠮᠠ᠋ ᠲᠠᠪᠤᠨᠠᠩ ᠪᠣᠲ᠋ᠣ᠂ ᠵᠢᠴᠢ ᠬᠢᠲᠠᠳ ᠵᠠᠩᠵᠤᠨ ᠸᠠᠩ ᠵᠢᠢ ᠬᠣᠶᠠᠭᠤᠯᠠ ᠳ᠋ᠤᠷ ᠪᠣᠯᠣᠳ ᠬᠦᠴᠦᠲᠦ ᠰᠢᠯᠭᠠᠷᠠᠭᠰᠠᠨ ᠴᠡᠷᠢᠭ ᠭᠤᠷᠪᠠᠨ ᠮᠢᠩᠭ᠎ᠠ ᠥᠭᠴᠦ ᠳᠠᠢᠯᠠᠭᠤᠯᠤᠷᠠ ᠢᠯᠡᠭᠡᠭᠡᠳ ᠰᠢᠳᠠᠷ ᠸᠠᠩ ᠰᠠᠢᠳ ᠪᠠ ᠬᠦᠷᠭᠡᠨ ᠹᠦ ᠮᠠ᠋ ᠲᠠᠪᠤᠨᠠᠩ ᠴᠡᠴᠡᠭ ᠢ᠋ᠶ᠋ᠡᠷ ᠵᠢᠭᠰᠠᠭᠠᠯ ᠢ᠋ ᠬᠠᠮᠢᠶᠠᠷᠤᠭᠤᠯᠤᠨ᠂ ᠬᠤᠸᠠᠨ ᠵᠧᠦ ᠶ᠋ᠢᠨ ᠬᠠᠷᠢᠶᠠᠲᠤ ᠯᠢᠶᠠᠩ ᠵᠢᠩ ᠬᠣᠲᠠ ᠶ᠋ᠢ ᠱᠠᠩᠳᠤ ᠭᠡᠮᠡᠨ ᠨᠡᠷᠡᠯᠡᠵᠦ᠂ ᠬᠠᠭᠠᠨ ᠤ᠋ ᠵᠤᠨ ᠤ᠋ ᠴᠠᠭ ᠲᠤᠷ ᠵᠤᠰᠠᠭᠠᠯ ᠤ᠋ᠨ ᠬᠣᠲᠠ ᠪᠣᠯᠭᠠᠪᠠ᠃ ᠬᠠᠭᠠᠨ ᠲᠡᠨᠳᠡ ᠵᠠᠯᠠᠷᠠᠨ ᠡᠴᠢᠪᠡ᠃
ᠵᠢᠴᠢ ᠥᠭᠦᠯᠡᠬᠦ ᠢᠨᠤ ᠠᠯᠲᠠᠨ ᠤᠯᠤᠰ ᠤ᠋ᠨ ᠵᠦᠩᠳᠦ᠋ ᠬᠣᠲᠠ ᠠ᠋ᠴᠠ ᠬᠦᠷᠭᠡᠵᠦ ᠢᠯᠡᠭᠡᠭᠰᠡᠨ ᠢᠨᠤ ᠶᠠᠪᠤᠭᠰᠠᠭᠠᠷ ᠪᠢᠶᠠᠨ ᠵᠢᠩ ᠳ᠋ᠦ᠍ᠷ ᠬᠦᠷᠴᠦ ᠮᠣᠩᠭᠣᠯ ᠤ᠋ᠨ ᠬᠠᠭᠠᠨ ᠤ᠋ ᠤᠴᠢᠷ ᠪᠠ ᠬᠥᠷᠥᠭ ᠳᠦᠷᠰᠦ ᠶ᠋ᠢ ᠠᠪᠴᠢᠷᠠᠭᠰᠠᠨ᠂ ᠰᠢᠳᠤᠷᠭᠤ ᠰᠠᠢᠳ ᠤ᠋ᠨ ᠶᠠᠰᠤ ᠪᠠ ᠦᠷ᠎ᠡ ᠠᠴᠢ ᠶ᠋ᠢ ᠡᠷᠭᠦᠮᠵᠢᠯᠡᠭᠰᠡᠨ ᠡᠯ᠎ᠡ ᠵᠦᠢᠯ ᠢ᠋ ᠪᠦᠷᠢᠨ᠎ᠡ ᠠᠢᠯᠠᠳᠬᠠᠭᠰᠠᠨ ᠳ᠋ᠤᠷ ᠠᠯᠲᠠᠨ ᠤᠯᠤᠰ ᠤ᠋ᠨ ᠡᠵᠡᠨ ᠰᠢᠦᠸᠠᠨᠽᠥ᠋ᠩ ᠸᠠᠨ ᠶᠠᠨ ᠰᠢᠶᠦ᠋ᠨ ᠡᠪᠡᠳᠪᠡ ᠭᠡᠮᠡᠨ ᠤᠷᠢᠳᠤᠰ ᠡᠪᠦᠭᠡᠳ ᠦ᠋ᠨ ᠬᠥᠷᠥᠭ ᠢ᠋ ᠴᠦ᠍ ᠤᠭᠲᠤᠨ ᠮᠥᠷᠭᠥᠭᠰᠡᠨ ᠦᠭᠡᠢ᠂ ᠮᠣᠩᠭᠣᠯ ᠤ᠋ᠨ ᠡᠯᠴᠢ ᠶ᠋ᠢ ᠴᠦ᠍ ᠬᠦᠨᠳᠦ ᠪᠡᠷ ᠬᠦᠨᠳᠦᠯᠡᠭᠰᠡᠨ ᠦᠭᠡᠢ ᠳ᠋ᠦ᠍ᠷ ᠵᠠᠮᠪᠠᠯ ᠶᠡᠬᠡᠯ᠎ᠡ ᠬᠠᠷᠢᠶᠠᠨ ᠡᠭᠡᠪᠡ᠃
ᠲᠡᠳᠦᠢ ᠹᠦ ᠮᠠ᠋ ᠲᠠᠪᠤᠨᠠᠩ ᠪᠣᠲ᠋ᠣ᠂ ᠶᠡᠬᠡ ᠵᠠᠩᠵᠤᠨ ᠸᠠᠩ ᠶ᠋ᠢᠢ ᠬᠣᠶᠠᠭᠤᠯᠠ ᠭᠤᠷᠪᠠᠨ ᠮᠢᠩᠭᠠᠨ ᠴᠡᠷᠢᠭ ᠢ᠋ ᠠᠪᠴᠤ ᠾᠧ ᠵᠢᠶᠠᠨ ᠹᠦ ᠶ᠋ᠢᠨ ᠵᠡᠷᠭᠡ ᠭᠠᠵᠠᠷ ᠲᠤᠷ ᠬᠦᠷᠴᠦ ᠨᠢᠭᠡᠨᠲᠡ ᠬᠡᠩᠭᠡᠷᠭᠡ ᠳᠡᠯᠡᠳᠦᠨ᠂ ᠹᠦ ᠮᠠ᠋ ᠲᠠᠪᠤᠨᠠᠩ ᠪᠣᠲ᠋ᠣ ᠥᠪᠡᠷ ᠢ᠋ᠶ᠋ᠡᠨ ᠲᠡᠷᠢᠭᠦᠯᠡᠵᠦ ᠵᠡᠪᠡ ᠴᠢᠯᠠᠭᠤᠨ᠎ᠠ ᠡᠰᠡᠷᠭᠦᠴᠡᠯᠡᠨ ᠵᠠᠢᠯᠠᠭᠤᠯᠵᠤ ᠬᠣᠲᠠᠨ ᠳ᠋ᠤᠷ ᠠᠪᠠᠷᠢᠨ ᠭᠠᠷᠴᠤ ᠠᠷᠪᠠᠨ ᠬᠡᠳᠦᠨ ᠬᠥᠮᠦᠨ ᠢ᠋ ᠴᠠᠪᠴᠢᠨ ᠤᠨᠠᠭᠠᠭᠰᠠᠨ ᠬᠣᠢᠨ᠎ᠠ ᠣᠯᠠᠨ ᠴᠡᠷᠢᠭ ᠳᠠᠭᠠᠯᠳᠤᠨ ᠭᠠᠷᠴᠤ ᠬᠠᠮᠲᠤ ᠪᠠᠷ ᠡᠮᠦᠨ᠎ᠡ ᠬᠠᠭᠠᠯᠭ᠎ᠠ ᠶ᠋ᠢ ᠪᠤᠯᠢᠶᠠᠨ ᠨᠡᠭᠡᠭᠡᠵᠦ ᠶᠡᠬᠡ ᠴᠡᠷᠢᠭ ᠲᠠᠯᠪᠢᠨ ᠣᠷᠣᠵᠤ ᠬᠣᠲᠠᠨ ᠢ᠋ ᠪᠦᠯᠢᠶᠡᠨ ᠠᠪᠴᠤ ᠳᠠᠭᠠᠯᠳᠤᠭ᠎ᠠ ᠴᠢᠩ ᠵᠧᠦ ᠶ᠋ᠢ ᠮᠥᠨ ᠪᠠᠢᠯᠳᠤᠨ ᠠᠪᠴᠤ ᠪᠦᠭᠦᠳᠡ ᠴᠡᠷᠢᠭ ᠢ᠋ ᠪᠠᠢᠴᠠᠭᠠᠨ ᠬᠤᠷᠢᠶᠠᠵᠤ ᠠᠪᠤᠭᠠᠳ ᠲᠠᠪᠤᠨᠠᠩ ᠪᠣᠲ᠋ᠣ᠂ ᠸᠠᠩ ᠶ᠋ᠢᠢ ᠯᠦ᠍ᠭᠡ ᠨᠢᠭᠡᠨ ᠰᠥᠨᠢ ᠵᠥᠪᠳᠡᠵᠦ᠂ ᠪᠣᠲ᠋ᠣ ᠪᠢ ᠮᠠᠭᠤ ᠶ᠋ᠢ ᠠᠨᠤ ᠠᠪᠰᠤᠭᠠᠢ ᠭᠡᠮᠡᠨ ᠵᠢᠴᠢ ᠡᠳᠦᠷ ᠶᠡᠬᠡᠯ᠎ᠡ ᠭᠢᠯᠢᠭᠯᠡᠨ ᠣᠯᠠᠨ ᠢᠷᠭᠡᠨ ᠮᠠᠰᠢ ᠵᠢᠷᠤᠮ ᠦᠭᠡᠢ᠂ ᠤᠳᠠᠬᠤ ᠦᠭᠡᠢ ᠮᠠᠨ ᠳ᠋ᠤᠷ ᠳᠠᠭᠠᠭᠠᠳ ᠤᠳᠠᠬᠤ ᠦᠭᠡᠢ ᠴᠢᠨᠠᠭᠰᠢ ᠳᠠᠭᠠᠮᠤᠢ᠂ ᠡᠳᠡᠭᠡᠷ ᠵᠡᠷᠭᠡ ᠶ᠋ᠢᠨ ᠵᠢᠷᠤᠮ ᠦᠭᠡᠢ ᠢᠲᠡᠭᠡᠯ ᠦᠭᠡᠢ ᠮᠠᠲᠠᠯ ᠦᠭᠡᠢ ᠢᠴᠢᠩᠭᠦᠷᠢ ᠦᠭᠡᠢ᠂ ᠠᠯᠲᠠᠨ ᠳ᠋ᠤᠷ ᠳᠠᠭᠠᠬᠤᠢ ᠳ᠋ᠤᠷ ᠮᠠᠨ ᠤ᠋ ᠲᠠᠯᠪᠢᠭᠰᠠᠨ ᠲᠦᠰᠢᠮᠡᠯ ᠢ᠋ ᠠᠯᠠᠵᠤ᠂ ᠳᠠᠬᠢᠨ ᠮᠣᠩᠭᠣᠯ ᠳ᠋ᠤᠷ ᠳᠠᠭᠠᠬᠤᠢ ᠳ᠋ᠤᠷ ᠠᠯᠲᠠᠨ ᠤ᠋ ᠲᠠᠯᠪᠢᠭᠰᠠᠨ ᠲᠦᠰᠢᠮᠡᠯ ᠢ᠋ ᠠᠯᠠᠵᠤ᠂ ᠡᠨᠡ ᠮᠡᠲᠦ ᠠᠯᠠᠪᠠᠰᠤ ᠡᠨᠡ ᠭᠤᠷᠪᠠᠨ ᠬᠣᠲᠠᠨ ᠳ᠋ᠤᠷ ᠣᠳᠣ ᠬᠣᠭᠣᠷᠣᠨᠳᠣ ᠶ᠋ᠢᠨ ᠬᠥᠮᠦᠨ ᠦᠯᠡᠳᠡᠭᠡᠵᠦ ᠪᠣᠯᠬᠤ ᠦᠭᠡᠢ ᠳ᠋ᠦ᠍ᠷ ᠬᠥᠷᠥᠮᠦᠢ᠃ ᠲᠡᠢᠮᠦ ᠶ᠋ᠢᠨ ᠲᠤᠯᠠ ᠴᠥᠮ ᠠᠯᠠᠵᠤ ᠠᠷᠢᠯᠭᠠᠭᠠᠳ ᠮᠠᠭᠤ ᠵᠢᠷᠤᠮ ᠢ᠋ ᠲᠠᠰᠤᠯᠰᠤᠭᠠᠢ ᠭᠡᠮᠡᠨ ᠭᠤᠷᠪᠠᠨ ᠬᠣᠲᠠ ᠶ᠋ᠢᠨ ᠢᠷᠭᠡᠳ ᠢ᠋ ᠶᠡᠬᠡ ᠴᠡᠷᠢᠭ ᠢ᠋ᠶ᠋ᠡᠷ ᠬᠥᠭᠡᠭᠡᠯᠭᠡᠨ ᠠᠪᠴᠢᠷᠠᠵᠤ᠂ ᠡᠳᠡᠭᠡᠷ ᠦᠭᠡᠰ ᠢ᠋ ᠪᠦᠷᠢᠨ᠎ᠡ ᠬᠡᠯᠡᠵᠦ ᠬᠥᠭᠰᠢᠨ ᠨᠢᠯᠬ᠎ᠠ ᠶ᠋ᠢ ᠦᠯᠡᠳᠡᠭᠡᠯ ᠦᠭᠡᠢ ᠴᠥᠮ ᠠᠯᠠᠮᠤᠢ ᠬᠡᠮᠡᠬᠦᠢ ᠳ᠋ᠦ᠍ᠷ ᠵᠠᠭᠤᠨ ᠣᠪᠣᠭᠲᠠᠨ ᠦᠢᠮᠡᠯᠳᠦᠨ ᠡᠭᠦᠰᠬᠡᠭᠰᠡᠨ ᠳ᠋ᠦ᠍ᠷ ᠸᠠᠩ ᠶ᠋ᠢᠢ ᠶᠠᠭᠠᠷᠠᠨ ᠬᠠᠵᠠᠭᠤ ᠶ᠋ᠢᠨ ᠰᠢᠷᠡᠭᠡ ᠡᠴᠡ ᠪᠠᠭᠤᠵᠤ᠂ ᠶᠤᠸᠠᠨᠱᠤᠸᠠᠢ ᠪᠣᠲ᠋ᠣ ᠳ᠋ᠤᠷ ᠰᠥᠭᠥᠳᠴᠦ ᠣᠯᠠᠨ ᠢ᠋ ᠥᠷᠥᠰᠢᠶᠡᠬᠦ ᠬᠡᠰᠢᠭ ᠢ᠋ ᠭᠤᠶᠤᠭᠰᠠᠨ ᠳ᠋ᠤᠷ ᠲᠠᠪᠤᠨᠠᠩ ᠪᠣᠲ᠋ᠣ ᠥᠭᠦᠯᠡᠷᠦᠨ :《 ᠡᠳᠡᠭᠡᠷ ᠵᠢᠷᠤᠮ ᠦᠭᠡᠢ ᠠᠷᠠᠳ ᠨᠠᠷ ᠮᠠᠨ ᠢ᠋ ᠶᠠᠪᠤᠭᠰᠠᠨ ᠬᠣᠢᠨ᠎ᠠ ᠮᠠᠭᠠᠳ ᠦᠯᠦ ᠤᠷᠪᠠᠬᠤ ᠶ᠋ᠢ ᠴᠢ ᠯᠠᠪ ᠪᠠᠲᠤᠯᠠᠨ ᠴᠢᠳᠠᠮᠤᠢ ᠤᠤ ? 》 ᠬᠡᠮᠡᠭᠰᠡᠨ ᠳ᠋ᠦ᠍ᠷ ᠸᠠᠩ ᠶ᠋ᠢᠢ ᠪᠠᠭᠤᠵᠤ ᠢᠷᠡᠨ ᠵᠠᠭᠤᠨ ᠣᠪᠣᠭᠲᠠᠨ ᠤ᠋ ᠦᠭᠡ ᠶ᠋ᠢ ᠠᠪᠴᠤ ᠳᠠᠬᠢᠨ ᠰᠥᠭᠥᠳᠴᠦ ᠡᠮ᠎ᠡ ᠦᠷ᠎ᠡ ᠪᠡᠨ ᠲᠠᠯᠪᠢᠵᠤ ᠪᠠᠲᠤᠯᠠᠬᠤ ᠪᠢᠴᠢᠭ ᠪᠠᠷᠢᠵᠤ᠂ ᠭᠤᠷᠪᠠᠨ ᠬᠣᠲᠠ ᠶ᠋ᠢᠨ ᠢᠷᠭᠡᠨ ᠢ᠋ ᠴᠥᠮ ᠠᠯᠠᠬᠤ ᠶ᠋ᠢ ᠪᠠᠢᠵᠤ ᠠᠮᠢᠨ ᠢ᠋ ᠬᠡᠯᠲᠦᠷᠢᠭᠦᠯᠦᠭᠡᠳ ᠪᠤᠰᠤ ᠬᠣᠲᠠᠨ ᠳ᠋ᠤᠷ ᠨᠡᠭᠦᠯᠭᠡᠬᠦ ᠪᠡᠷ ᠲᠣᠭᠲᠠᠵᠤ᠂ ᠳᠠᠷᠠᠭ᠎ᠠ ᠪᠠᠷ ᠴᠡᠷᠢᠭ ᠭᠠᠷᠭᠠᠨ ᠨᠡᠭᠦᠯᠭᠡᠨ ᠰᠠᠭᠤᠬᠤ ᠴᠠᠭᠠᠵᠠ ᠵᠠᠷᠯᠠᠵᠤ ᠲᠠᠷᠬᠠᠭᠰᠠᠨ ᠤ᠋ ᠬᠣᠢᠨ᠎ᠠ ᠪᠣᠲ᠋ᠣ᠂ ᠸᠠᠩ ᠶ᠋ᠢᠢ ᠬᠣᠶᠠᠭᠤᠯᠠ ᠬᠠᠮᠲᠤ ᠨᠢᠭᠡᠨ ᠰᠢᠷᠡᠭᠡᠨ᠎ᠡ ᠰᠠᠭᠤᠵᠤ ᠬᠤᠷᠢᠮᠯᠠᠬᠤᠶ᠎ᠠ᠂ ᠪᠣᠲ᠋ᠣ ᠥᠭᠦᠯᠡᠷᠦᠨ :《 ᠸᠠᠩ ᠵᠢᠢ ᠴᠢ ᠡᠵᠡᠨ ᠦ᠌ ᠲᠥᠯᠥᠭᠡ ᠮᠠᠭᠤ ᠬᠥᠮᠦᠨ ᠢ᠋ ᠴᠢ ᠪᠣᠯᠤᠭᠠᠳ ᠰᠠᠢᠨ ᠬᠥᠮᠦᠨ ᠢ᠋ ᠪᠢ ᠪᠣᠯᠪᠠᠰᠤ ᠦᠯᠦ ᠪᠣᠯᠬᠤ ᠵᠦᠢᠯ ᠪᠤᠶᠤ᠂ ᠣᠨᠴᠠ ᠮᠠᠭᠤ ᠶ᠋ᠢ ᠠᠨᠤ ᠮᠣᠩᠭᠣᠯ ᠡᠳ᠋ᠯᠡᠭᠡᠳ ᠰᠠᠢᠨ ᠢ᠋ ᠠᠨᠤ ᠬᠢᠲᠠᠳ ᠠᠪᠤᠭᠰᠠᠨ ᠠᠨᠤ ᠡᠨᠡ ᠨᠢᠭᠡᠨᠲᠡ ᠴᠢ ᠡᠨᠳᠡᠭᠦᠦ ᠪᠣᠳᠣᠭᠰᠠᠨ ᠪᠤᠰᠤ ᠤᠤ ? 》 ᠬᠡᠮᠡᠬᠦᠢ ᠳ᠋ᠦ᠍ᠷ ᠸᠠᠩ ᠵᠢᠢ ᠴᠢᠷᠠᠢ ᠤᠯᠠᠢᠵᠤ ᠶᠠᠭᠠᠷᠠᠨ ᠰᠠᠭᠤᠭᠰᠠᠨ ᠣᠷᠣᠨ ᠠ᠋ᠴᠠ ᠪᠠᠨ ᠭᠦᠶᠦᠨ ᠪᠣᠰᠴᠤ ᠪᠢ ᠨᠢᠭᠡᠨ ᠴᠠᠭ ᠲᠤᠷ ᠬᠢᠨᠠᠭᠰᠠᠨ ᠦᠭᠡᠢ ᠭᠡᠮᠡᠨ ᠳᠠᠬᠢᠨ ᠳᠠᠬᠢᠨ ᠬᠡᠯᠡᠬᠦᠢ ᠳ᠋ᠦᠷ ᠹᠦ ᠮᠠ᠋ ᠶᠡᠬᠡᠯ᠎ᠡ ᠢᠨᠢᠶᠡᠨ ᠥᠭᠦᠯᠡᠷᠦᠨ : 《 ᠭᠠᠢ ᠦᠭᠡᠢ᠂ ᠪᠢ ᠵᠦᠭᠡᠷ ᠬᠣᠱᠣᠩᠨᠠᠭᠰᠠᠨ ᠪᠥᠯᠥᠭᠡ᠂ ᠮᠠᠭᠤ ᠬᠥᠮᠦᠨ ᠢ᠋ ᠪᠢ ᠪᠣᠯᠵᠤ ᠬᠠᠭᠤᠷᠮᠠᠭ ᠰᠦᠷ ᠢ᠋ ᠲᠠᠯᠪᠢᠬᠤᠢ ᠳ᠋ᠤᠷ ᠨᠠᠮᠠᠶ᠋ᠢ ᠪᠣᠯᠪᠠᠰᠤ ᠰᠠᠶᠢ ᠢᠲᠡᠭᠡᠮᠦᠢ᠂ ᠬᠡᠷᠪᠡ ᠴᠢ ᠪᠥᠭᠡᠰᠦ ᠬᠣᠭᠣᠰᠣᠭᠠᠷ ᠠᠶᠤᠯᠭᠠᠨ ᠠᠭᠠᠰᠢᠯᠠᠬᠤ ᠭᠡᠮᠡᠨ ᠰᠡᠷᠡᠭᠳᠡᠬᠦ ᠪᠣᠯᠠᠢ 》① ᠭᠡᠮᠡᠨ ᠢᠨᠢᠶᠡᠨ ᠥᠩᠭᠡᠷᠡᠭᠡᠵᠦ᠂ ᠸᠠᠩ ᠵᠢᠢ ᠶ᠋ᠢᠨ ᠠᠶᠤᠬᠤ ᠶ᠋ᠢ ᠲᠣᠬᠣᠷᠤᠭᠤᠯᠤᠨ ᠤᠯᠠᠭᠠᠨ ᠳᠠᠯᠪᠠᠭ᠎ᠠ ᠳᠣᠪᠲᠣᠯᠭᠠᠨ ᠠᠢᠯᠠᠳᠬᠠᠷ᠎ᠠ ᠶᠠᠪᠤᠭᠤᠯᠵᠤ᠂ ᠳᠠᠭᠠᠯᠳᠤᠭ᠎ᠠ ᠴᠡᠷᠢᠭ ᠳ᠋ᠠᠢᠳᠦ᠋ ᠳ᠋ᠦ᠍ᠷ ᠡᠭᠡᠵᠦ ᠬᠠᠭᠠᠨ ᠢ᠋ ᠤᠭᠲᠤᠬᠤ ᠶ᠋ᠢ ᠪᠡᠯᠡᠳᠬᠡᠪᠡ᠃ ᠡᠨᠡ ᠦᠶ᠎ᠡ ᠳ᠋ᠦ᠍ᠷ ᠬᠠᠭᠠᠨ ᠱᠢ ᠲᠢᠶᠠᠨ ᠯᠢ ᠶ᠋ᠢ ᠪᠠᠷᠠᠭᠤᠨ ᠭᠠᠷ ᠤ᠋ᠨ ᠳᠡᠳ᠋ ᠶᠤᠸᠠᠨᠱᠤᠸᠠᠢ ᠪᠣᠯᠭᠠᠨ ᠮᠤᠬᠤᠯᠢ ᠶ᠋ᠢ ᠬᠠᠪᠰᠤᠷᠤᠭᠤᠯᠵᠤ ᠢᠯᠡᠭᠡᠬᠦᠢ ᠳ᠋ᠦ᠍ᠷ ᠠᠯᠲᠠᠨ ᠢ᠋ᠶ᠋ᠠᠷ ᠴᠢᠳᠬᠤᠭᠰᠠᠨ ᠪᠠᠷᠰ ᠤ᠋ᠨ ᠲᠠᠮᠠᠭ᠎ᠠ ᠶ᠋ᠢ ᠥᠭᠴᠦ ᠢᠯᠡᠭᠡᠭᠰᠡᠨ ᠲᠤᠯᠠ ᠱᠢ ᠶᠤᠸᠠᠨᠱᠤᠸᠠᠢ ᠶ᠋ᠢᠨ ᠳᠡᠢᠯᠦᠭᠰᠡᠨ ᠮᠡᠳᠡᠭᠡ ᠶ᠋ᠢ ᠠᠪᠤᠨ ᠬᠣᠲᠠᠨ ᠳ᠋ᠤᠷ ᠡᠯᠴᠢ ᠳᠣᠪᠲᠣᠯᠭᠠᠨ ᠡᠷᠭᠦᠨ ᠲᠣᠯᠢᠯᠠᠭᠤᠯᠬᠤ ᠨᠤᠭᠤᠯᠪᠤᠷᠢ ᠡᠭᠦᠷᠴᠦ ᠮᠥᠨ ᠬᠦᠷᠴᠦ ᠢᠷᠡᠪᠡ᠃ ᠡᠨᠡ ᠬᠢᠷᠢ ᠳ᠋ᠦ᠍ᠷ ᠮᠤᠬᠤᠯᠢ ᠶ᠋ᠢᠨ ᠳᠠᠭᠠᠭᠤᠯᠤᠭᠰᠠᠨ ᠭᠤᠴᠢᠨ ᠵᠢᠷᠭᠤᠭᠠᠨ ᠵᠠᠮ ᠤ᠋ᠨ ᠴᠡᠷᠢᠭ᠂ ᠴᠢᠨ ᠸᠠᠩ ᠬᠠᠰᠠᠷ᠂ ᠪᠡᠯᠭᠦᠳᠡᠢ ᠶ᠋ᠢᠨ ᠠᠷᠪᠠᠨ ᠵᠠᠮ ᠤ᠋ᠨ ᠴᠡᠷᠢᠭ᠂ ᠲᠠᠢᠽᠢ ᠴᠠᠭᠠᠲᠠᠢ᠂ ᠲᠣᠯᠢ ᠶ᠋ᠢᠨ ᠠᠷᠪᠠᠨ ᠵᠠᠮ ᠤ᠋ᠨ ᠴᠡᠷᠢᠭ – ᠡᠨᠡ ᠭᠤᠷᠪᠠᠨ ᠵᠦᠭ ᠦ᠋ᠨ ᠶᠡᠬᠡ ᠴᠡᠷᠢᠭ ᠳᠤᠮᠳᠠᠳᠤ ᠤᠯᠤᠰ ᠲᠤᠷ ᠶᠠᠪᠤᠬᠤ ᠠᠨᠤ ᠤᠷᠤᠭᠤ ᠭᠠᠵᠠᠷ ᠲᠡᠷᠭᠡᠨ ᠦ᠌ ᠬᠦᠷᠳᠦᠨ ᠢ᠋ ᠲᠠᠯᠪᠢᠭᠰᠠᠨ ᠮᠡᠲᠦ ᠥᠪᠡᠷ ᠢ᠋ᠶ᠋ᠡᠨ ᠪᠥᠮᠪᠥᠷᠢᠨ ᠶᠠᠪᠤᠵᠤ᠂ ᠲᠡᠷᠡ ᠬᠣᠲᠠ ᠪᠠᠯᠭᠠᠳ ᠤ᠋ᠨ ᠤᠭᠲᠤᠨ ᠳᠠᠭᠠᠬᠤ ᠶ᠋ᠢ ᠴᠦ᠍ ᠪᠠᠢᠲᠤᠭᠠᠢ᠂ ᠣᠷᠴᠢᠨ ᠲᠣᠭᠣᠷᠢᠨ ᠤ᠋ ᠬᠣᠲᠠ ᠪᠠᠯᠭᠠᠳ ᠪᠠᠰᠠ ᠮᠥᠨ ᠡᠯᠴᠢ ᠢᠯᠡᠭᠡᠬᠦ ᠪᠠ ᠪᠡᠶ᠎ᠡ ᠪᠡᠷ ᠢᠷᠡᠵᠦ ᠲᠠᠭᠠᠯᠴᠠᠮᠤᠢ᠃ ᠨᠠᠢ᠍ᠮᠠᠨ ᠰᠠᠷ᠎ᠠ ᠶ᠋ᠢᠨ ᠰᠢᠨ᠎ᠡ ᠶ᠋ᠢᠨ ᠨᠠᠢ᠍ᠮᠠᠨᠠ ᠬᠠᠭᠠᠨ ᠤ᠋ ᠭᠡᠭᠡᠨ ᠯᠢᠶᠠᠩ ᠵᠢᠩ ᠬᠣᠲᠠᠨ ᠠ᠋ᠴᠠ ᠭᠠᠷᠴᠤ ᠲᠠᠢᠬᠡᠦ ᠶ᠋ᠢ ᠤᠭᠲᠤᠨ ᠣᠷᠳᠣᠨ ᠬᠣᠲᠠᠯᠠᠭᠠᠷ ᠢ᠋ ᠠᠪᠴᠤ ᠨᠡᠢᠭᠡᠮ ᠢ᠋ᠶ᠋ᠡᠷ ᠳ᠋ᠠᠢᠳᠥ᠋ ᠳ᠋ᠦ᠍ᠷ ᠬᠦᠷᠴᠦ ᠢᠷᠡᠬᠦᠶ᠎ᠡ᠂ ᠭᠠᠵᠠᠷ ᠣᠷᠣᠨ ᠤ᠋ ᠪᠠᠭ᠎ᠠ ᠲᠦᠰᠢᠮᠡᠳ ᠵᠠᠮ ᠤ᠋ᠨ ᠬᠣᠶᠠᠷ ᠬᠠᠵᠠᠭᠤᠳᠠ ᠮᠥᠷᠭᠥᠵᠦ ᠤᠭᠲᠤᠬᠤ᠂ ᠴᠠᠭᠠᠲᠠᠢ᠂ ᠥᠭᠡᠳᠡᠢ ᠬᠣᠶᠠᠷ ᠲᠠᠢᠽᠢ ᠪᠡᠶ᠎ᠡ ᠲᠡᠷᠢᠭᠦᠯᠡᠨ ᠶᠢᠰᠦᠨ ᠣᠲᠣᠯᠭᠠ ᠶ᠋ᠢᠨ ᠶᠣᠰᠣᠨ ᠢ᠋ ᠭᠦᠢᠴᠡᠳᠬᠡᠬᠦ ᠪᠠ ᠵᠠᠮ ᠤ᠋ᠨ ᠠᠢᠯ ᠪᠦᠯᠦᠭ ᠦ᠋ᠨ ᠢᠷᠭᠡᠨ ᠡᠨᠡ ᠮᠣᠩᠭᠣᠯ ᠬᠠᠷᠢᠨ ᠠᠯᠠᠬᠤ ᠦᠭᠡᠢ ᠪᠡᠷ ᠦᠯᠦ ᠪᠠᠷᠠᠨ᠂ ᠬᠠᠷᠠᠬᠠᠨ ᠲᠡᠨᠡᠭ ᠱᠠᠩ ᠪᠣᠢ ᠲᠤᠯᠠ ᠵᠠᠮ ᠵᠡᠭᠡᠯᠢ ᠳ᠋ᠦ᠍ᠷ ᠴᠢᠬᠢᠯᠴᠡᠨ ᠰᠥᠭᠥᠳᠴᠦ ᠰᠢᠨ᠎ᠡ ᠬᠠᠭᠠᠨ ᠤ᠋ ᠥᠩᠭᠡᠷᠡᠬᠦ ᠶ᠋ᠢ ᠦᠵᠡᠬᠦᠢ ᠳ᠋ᠦ᠍ᠷ ᠡᠨᠡ ᠪᠠᠢᠳᠠᠯ ᠬᠠᠷᠢᠨ ᠬᠤᠷᠮᠤᠰᠲᠠ ᠲᠡᠭᠷᠢ ᠡᠴᠡ ᠬᠠᠭᠠᠨ ᠪᠠᠭᠤᠯᠭᠠᠨ ᠳᠦᠷᠦᠭᠦᠯᠦᠷᠡ ᠢᠷᠡᠭᠰᠡᠨ ᠮᠡᠲᠦ ᠳ᠋ᠦ᠍ᠷ ᠦᠯᠡᠭᠦᠦ ᠢᠷᠦᠭᠡᠯᠲᠦ ᠲᠠᠢᠬᠡᠦ ᠶᠡᠬᠡ ᠰᠡᠦᠬᠡ ᠶ᠋ᠢᠨ ᠳᠣᠲᠣᠷ᠎ᠠ ᠲᠡᠭᠷᠢ ᠭᠠᠵᠠᠷ ᠲᠤᠷ ᠵᠠᠯᠪᠠᠷᠢᠮᠤᠢ᠃ ᠤᠳᠠᠯ ᠦᠭᠡᠢ ᠳ᠋ᠠᠢᠳᠥ᠋ ᠶ᠋ᠢᠨ ᠡᠮᠦᠨ᠎ᠡ ᠬᠠᠭᠠᠯᠭ᠎ᠠ ᠪᠠᠷ ᠣᠷᠣᠵᠤ᠂ ᠭᠤᠷᠪᠠᠨ ᠳᠠᠪᠬᠤᠷ ᠬᠣᠲᠠ ᠶ᠋ᠢᠨ ᠳᠣᠲᠣᠷ᠎ᠠ ᠨᠡᠪᠲᠡᠷᠡᠨ᠂ ᠶᠢᠰᠦᠨ ᠳᠠᠪᠬᠤᠷ ᠬᠠᠷᠰᠢ ᠳ᠋ᠤᠷ ᠣᠷᠣᠵᠤ᠂ ᠲᠠᠢᠬᠡᠦ ᠬᠠᠷᠰᠢ ᠳ᠋ᠤᠷ ᠵᠠᠯᠠᠷᠠᠵᠤ᠂ ᠬᠠᠭᠠᠨ ᠲᠡᠷᠢᠭᠦᠯᠡᠨ ᠬᠠᠮᠤᠭ ᠤᠯᠤᠰ ᠤ᠋ᠨ ᠬᠣᠲᠠᠯᠠᠭᠠᠷ ᠮᠥᠷᠭᠥᠵᠦ ᠪᠠᠷᠠᠭᠰᠠᠨ ᠬᠣᠢᠨ᠎ᠠ᠂ ᠬᠤᠷᠢᠮ ᠪᠠᠷᠢᠬᠤᠢ ᠳ᠋ᠤᠷ ᠦᠯᠡᠭᠦᠦ ᠢᠷᠦᠭᠡᠯᠲᠦ ᠲᠠᠢᠬᠡᠦ ᠦᠵᠡᠪᠡᠰᠦ ᠭᠠᠷᠤᠳᠢ ᠰᠡᠢᠯᠦᠭᠰᠡᠨ ᠴᠠᠭᠠᠨ ᠬᠠᠰ ᠤ᠋ᠨ ᠬᠡᠷᠡᠰᠬᠡ ᠳ᠋ᠦ᠍ᠷ ᠯᠤᠤ ᠣᠷᠢᠶᠠᠭᠰᠠᠨ ᠰᠢᠷ᠎ᠠ ᠠᠯᠲᠠᠨ ᠤ᠋ ᠪᠠᠭᠠᠨ᠎ᠠ ᠭᠢᠯᠲᠦᠭᠡᠨᠡᠨ᠂ ᠡᠷᠳᠡᠨᠢ ᠠᠯᠳᠠᠮᠠᠯ ᠤ᠋ᠨ ᠶᠡᠬᠡ ᠣᠷᠬᠢᠭᠤᠯ ᠳ᠋ᠤᠷ ᠭᠡᠷᠡᠯᠲᠦ ᠰᠤᠪᠤᠳ ᠣᠶᠣᠵᠤ᠂ ᠳᠣᠯᠣᠭᠠᠨ ᠡᠷᠳᠡᠨᠢ ᠶ᠋ᠢᠨ ᠰᠠᠪᠠ ᠵᠡᠪᠰᠡᠭ ᠪᠣᠯᠣᠷ ᠰᠢᠷᠡᠭᠡ ᠳ᠋ᠦ᠍ᠷ ᠵᠢᠭᠰᠠᠭᠠᠵᠤ᠂ ᠰᠠᠢᠬᠠᠨ ᠦᠨᠦᠷ ᠣᠭᠲᠠᠷᠭᠤᠢ ᠳ᠋ᠤᠷ ᠲᠤᠯᠵᠤ᠂ ᠲᠩᠷᠢ ᠶ᠋ᠢᠨ ᠬᠥᠭᠵᠢᠮ ᠴᠢᠬᠢᠨ ᠳ᠋ᠦ᠍ᠷ ᠰᠣᠨᠣᠰᠳᠠᠨ᠂ ᠣᠭ᠌ᠶᠤ ᠱ᠌ᠢᠷᠦ ᠰᠢᠭᠢᠳᠬᠡᠭᠰᠡᠨ ᠤᠷᠲᠤ ᠬᠠᠷᠰᠢ᠂ ᠬᠠᠰ ᠴᠢᠯᠠᠭᠤ ᠳᠡᠪᠢᠰᠦᠭᠰᠡᠨ ᠭᠠᠵᠠᠷ ᠬᠦᠰᠡᠷ᠎ᠡ ᠳ᠋ᠦ᠍ᠷ ᠬᠠᠭᠠᠨ ᠲᠡᠷᠢᠭᠦᠯᠡᠨ ᠬᠤᠸᠠᠩᠬᠡᠦ᠂ ᠲᠠᠢᠽᠢ᠂ ᠬᠦᠩ᠂ ᠹᠦ ᠮᠠ᠋᠂ ᠸᠠᠩ ᠰᠠᠢᠳ ᠤ᠋ᠳ ᠵᠠᠭᠤᠨ ᠲᠦᠰᠢᠮᠡᠳ ᠠᠷᠢᠬᠢ ᠪᠠᠷᠢᠨ ᠮᠥᠷᠭᠥᠬᠦᠢ ᠳ᠋ᠦ᠍ᠷ ᠶᠢᠰᠦᠨ ᠳᠡᠭᠳᠡᠯ ᠶᠡᠨᠳᠡᠷ ᠬᠡᠷᠡᠰᠬᠡ ᠳ᠋ᠦ᠍ᠷ ᠨᠠᠷᠠᠨ ᠰᠠᠷᠠᠨ ᠣᠳᠣᠨ ᠭᠠᠷᠠᠭ ᠵᠡᠷᠭᠡᠯᠡᠭᠰᠡᠨ ᠮᠡᠲᠦ᠂ ᠬᠥᠮᠦᠨ ᠦ᠌ ᠵᠢᠷᠦᠬᠡ ᠲᠦᠭᠰᠢᠮᠦᠢ᠃ ᠡᠭᠦᠨ ᠳ᠋ᠦ᠍ᠷ ᠦᠯᠡᠭᠦᠦ ᠢᠷᠦᠭᠡᠯᠲᠦ ᠲᠠᠢᠬᠡᠦ ᠲᠡᠭᠷᠢ ᠭᠠᠵᠠᠷ ᠤ᠋ᠨ ᠵᠦᠭ ᠵᠠᠯᠪᠠᠷᠢᠨ ᠰᠢᠲᠦᠮᠦᠢ ᠂ ᠠᠷᠢᠬᠢ ᠠᠪᠴᠤ ᠬᠠᠭᠠᠨ ᠪᠠ ᠬᠤᠸᠠᠩᠬᠡᠦ ᠳ᠋ᠦ᠍ ᠬᠠᠷᠢᠭᠤ ᠠᠷᠢᠬᠢ ᠬᠠᠢᠷᠠᠯᠠᠵᠤ ᠡᠢᠨ ᠢᠷᠥᠭᠡᠨ ᠵᠠᠷᠯᠢᠭ ᠪᠣᠯᠤᠷᠤᠨ᠄
ᠬᠠᠨ ᠬᠥᠪᠡᠭᠦᠨ ᠮᠢᠨᠦ ᠬᠠᠰ ᠲᠥᠷᠥ ᠲᠦᠮᠡᠨ ᠣᠨ ᠪᠠᠲᠤ
ᠬᠠᠲᠤᠨ ᠪᠡᠷᠢ ᠶ᠋ᠢᠨ ᠮᠢᠨᠦ ᠬᠠᠮᠤᠭ ᠦᠷᠡᠰ ᠳᠡᠯᠡᠬᠡᠢ ᠳ᠋ᠠᠬᠢᠨ ᠢ᠋ ᠪᠦᠷᠬᠦᠭᠲᠦᠨ᠂
ᠬᠠᠷᠠᠬᠠᠨ ᠠᠭᠤᠯᠠ ᠮᠡᠲᠦ ᠳᠥᠷᠪᠡᠨ ᠬᠥᠪᠡᠭᠦᠨ ᠴᠢᠨᠦ ᠳᠥᠷᠪᠡᠨ ᠵᠦᠭ ᠢ᠋ ᠡᠵᠡᠯᠡᠨ
ᠬᠠᠳᠠ ᠲᠦᠰᠢᠯᠭᠡ ᠠᠳᠠᠯᠢ ᠭᠠᠭᠴᠠ ᠬᠦᠷᠭᠡᠨ ᠴᠢᠨᠦ ᠦᠶ᠎ᠡ ᠤᠯᠠᠷᠢᠨ ᠮᠠᠨᠳᠤᠲᠤᠭᠠᠢ ! ᠭᠡᠮᠡᠨ ᠵᠠᠷᠯᠢᠭ ᠪᠣᠯᠤᠨ ᠢᠷᠦᠭᠡᠪᠡ ②᠃ ᠲᠡᠢᠨ ᠬᠦ᠌ ᠪᠡᠶᠡᠰᠦᠨ ᠰᠤᠯᠠ ᠵᠠᠯᠠᠷᠠᠯ ᠳ᠋ᠤᠷ ᠡᠢᠨ ᠠᠢᠯᠠᠳᠤᠷᠤᠨ : 《 ᠡᠬᠡᠨᠡᠷ ᠬᠥᠮᠦᠨ ᠰᠠᠢᠨ ᠨᠥᠬᠥᠷ ᠲᠣᠷ ᠤᠴᠠᠷᠠᠪᠠᠰᠤ ᠽᠠᠺᠠᠷᠸᠠᠷᠳᠢ ᠬᠠᠭᠠᠨ ᠤ᠋ ᠬᠠᠲᠤᠨ ᠮᠡᠲᠦ᠂ ᠰᠠᠢᠨ ᠬᠥᠪᠡᠭᠦᠨ ᠢ᠋ ᠲᠦᠷᠦᠪᠡᠰᠦ ᠴᠢᠨᠳᠠᠮᠤᠨᠢ ᠡᠷᠳᠡᠨᠢ ᠶ᠋ᠢᠨ ᠡᠵᠡᠨ ᠠᠳᠠᠯᠢ ᠬᠡᠮᠡᠭᠰᠡᠨᠴᠢᠯᠡᠨ᠂ ᠪᠢ ᠪᠠᠭ᠎ᠠ ᠠ᠋ᠴᠠ ᠲᠡᠭᠷᠢ ᠭᠠᠵᠠᠷ ᠢ᠋ ᠬᠢᠴᠢᠶᠡᠩᠭᠦᠢᠯᠡᠨ᠂ ᠤᠷᠢᠳᠤᠰ ᠡᠪᠦᠭᠡᠳ ᠢ᠋ ᠬᠦᠨᠳᠦᠳᠬᠡᠨ ᠮᠢᠨᠦ ᠴᠢᠩ ᠦᠨᠡᠨ ᠢ᠋ᠶ᠋ᠡᠷ ᠡᠨᠡ ᠮᠡᠲᠦ ᠥᠨᠳᠥᠷ ᠡᠷᠬᠢᠮ ᠳ᠋ᠦ᠍ᠷ ᠬᠦᠷᠴᠦ ᠤᠷᠢᠳᠤᠰ ᠳᠡᠭᠡᠳᠦᠰ ᠲᠣᠷ ᠵᠢᠳᠬᠦᠯᠳᠦ ᠪᠡᠷᠢ ᠪᠣᠯᠪᠠ᠃ ᠡᠨᠡ ᠴᠥᠮ ᠬᠠᠭᠠᠨ ᠬᠥᠪᠡᠭᠦᠨ ᠦ᠌ ᠮᠢᠨᠦ ᠬᠢᠴᠢᠶᠡᠯ ᠵᠢᠳᠬᠦᠯ ᠪᠣᠯᠠᠢ ! 》 ᠬᠡᠮᠡᠪᠡ᠃ ᠳᠠᠭᠠᠯᠳᠤᠬᠠ ᠬᠤᠸᠠᠩᠬᠡᠦ ᠳᠤᠮᠳᠠᠳᠤ ᠤᠷᠳᠣᠨ᠎ᠠ ᠣᠷᠣᠵᠤ᠂ ᠵᠡᠭᠦᠨ ᠪᠠᠷᠠᠭᠤᠨ ᠬᠦᠢ ᠹᠧᠢ ᠨᠠᠷ ᠪᠠᠰᠠ ᠣᠷᠳᠣᠨ᠎ᠠ ᠣᠷᠣᠵᠤ ᠬᠤᠸᠠᠩᠬᠡᠦ ᠳ᠋ᠦ᠍ᠷ ᠵᠠᠭᠤᠨ ᠲᠦᠰᠢᠮᠡᠳ ᠮᠥᠷᠭᠥᠵᠦ᠂ ᠬᠤᠸᠠᠩᠬᠡᠦ ᠬᠠᠭᠠᠨ ᠳ᠋ᠤᠷ ᠶᠣᠰᠣᠯᠠᠵᠤ ᠬᠠᠷᠢᠯᠴᠠᠨ ᠡᠰᠡᠷᠭᠦᠯᠡᠨ ᠰᠠᠭᠤᠵᠤ ᠪᠠᠶᠠᠰᠬᠤᠯᠠᠩ ᠤ᠋ᠨ ᠬᠤᠷᠢᠮ ᠢ᠋ᠶ᠋ᠠᠷ ᠬᠤᠷᠢᠮᠯᠠᠬᠤᠶ᠎ᠠ᠂ᠬᠠᠭᠠᠨ ᠵᠠᠷᠯᠢᠭ ᠪᠣᠯᠤᠷᠤᠨ : 《 ᠪᠢ ᠲᠡᠷᠡ ᠰᠥᠨᠢ ᠨᠠᠷᠠᠨ ᠤ᠋ ᠳᠣᠲᠣᠷ᠎ᠠ ᠮᠢᠨᠦ ᠳᠦᠷᠰᠦ ᠦᠵᠡᠭᠳᠡᠮᠦᠢ ᠭᠡᠮᠡᠨ ᠵᠡᠭᠦᠳᠦᠯᠡᠪᠡ᠃ ᠡᠨᠡ ᠯᠠᠪ ᠨᠢᠭᠡᠨ ᠰᠣᠨᠢᠨ ᠬᠡᠷᠡᠭ ᠪᠣᠢ ᠊ᠶ᠎ᠠ! 》 ᠬᠡᠮᠡᠭᠰᠡᠨ ᠳ᠋ᠦ᠍ᠷ ᠬᠤᠸᠠᠩᠬᠡᠦ ᠮᠥᠨ ᠮᠦᠰᠢᠶᠡᠨ ᠥᠭᠦᠯᠡᠷᠦᠨ : 《 ᠰᠠᠢᠳ ᠮᠥᠨ ᠡᠵᠡᠨ ᠦ᠌ ᠪᠡᠶ᠎ᠡ ᠨᠠᠷᠠᠨ ᠤ᠋ ᠳᠣᠲᠣᠷ᠎ᠠ ᠲᠣᠯᠢ ᠬᠣᠶᠠᠷ ᠦᠵᠡᠭᠳᠡᠮᠦᠢ ᠭᠡᠮᠡᠨ ᠵᠡᠭᠦᠳᠦᠯᠡᠪᠡ ᠃ ᠡᠨᠡ ᠮᠥᠨ ᠭᠤᠷᠪᠠᠨ ᠬᠣᠨᠣᠭ ᠪᠣᠯᠪᠠ 》 ᠭᠡᠮᠡᠨ ᠬᠠᠭᠠᠨ ᠬᠠᠲᠤᠨ ᠬᠣᠶᠠᠭᠤᠯᠠ ᠭᠠᠢᠬᠠᠯᠳᠤᠨ ᠪᠥᠬᠥᠶ᠎ᠡ ᠭᠡᠨᠡᠳᠲᠡ ᠰᠢᠳᠠᠷ ᠡᠬᠡᠨᠡᠷ ᠰᠡᠮᠡᠬᠡᠷ ᠢᠷᠡᠵᠦ ᠬᠤᠸᠠᠩᠬᠡᠦ ᠳ᠋ᠦ᠍ᠷ ᠦᠭᠡ ᠠᠢᠯᠠᠳᠬᠠᠮᠤᠢ ᠬᠡᠮᠡᠬᠦ ᠶ᠋ᠢ ᠰᠣᠨᠣᠰᠴᠤ ᠬᠠᠭᠠᠨ ᠳ᠋ᠤᠷ ᠪᠠᠶᠠᠷ ᠤ᠋ᠨ ᠠᠷᠢᠬᠢ ᠪᠠᠷᠢᠪᠠ᠃ ᠬᠠᠭᠠᠨ ᠤᠴᠢᠷ ᠢ᠋ ᠠᠰᠠᠭᠤᠭᠰᠠᠨ ᠳ᠋ᠤᠷ ᠬᠤᠸᠠᠩᠬᠡᠦ ᠮᠦᠰᠢᠶᠡᠨ ᠮᠡᠳᠡᠭᠦᠯᠦᠷᠦᠨ : 《 ᠡᠨᠡ ᠴᠢᠪᠬᠢᠲᠡᠯ᠎ᠡ ᠬᠠᠭᠠᠨ ᠡᠵᠡᠨ ᠪᠠ ᠰᠠᠢᠳ ᠮᠢᠨᠦ ᠵᠡᠭᠦᠳᠦᠯᠡᠭᠰᠡᠨ ᠯᠦ᠍ᠭᠡ ᠬᠤᠰᠤᠵᠤ ᠳᠥᠷᠪᠡᠳᠦᠭᠡᠷ ᠲᠠᠢᠽᠢ ᠲᠣᠯᠢ ᠶ᠋ᠢᠨ ᠶᠡᠬᠡ ᠪᠡᠷᠢ᠂ ᠰᠠᠢᠳ ᠮᠢᠨᠦ ᠲᠥᠷᠬᠥᠮ ᠦ᠋ᠨ ᠥᠬᠢᠨ ᠡᠨᠡ ᠮᠣᠷᠢᠨ ᠴᠠᠭ ᠲᠤᠷ ᠰᠠᠶᠢ ᠨᠢᠭᠡᠨ ᠬᠥᠪᠡᠭᠦᠨ ᠬᠥᠮᠦᠵᠢᠪᠡ᠂ ᠭᠡᠷ ᠳᠦᠭᠦᠷᠡᠩ ᠰᠠᠢᠬᠠᠨ ᠦᠨᠦᠷ ᠬᠦᠷᠢᠶ᠎ᠡ ᠳᠦᠭᠦᠷᠡᠩ ᠬᠠᠯᠠᠭᠤᠨ ᠬᠡᠮᠡᠮᠦᠢ 》 ᠬᠡᠮᠡᠲᠡᠯ᠎ᠡ ᠬᠠᠭᠠᠨ ᠬᠠᠲᠤᠨ ᠤ᠋ ᠬᠠᠪᠠᠷ ᠲᠤᠷ ᠦᠨᠡᠬᠡᠷ ᠰᠠᠢᠬᠠᠨ ᠦᠨᠦᠷ ᠦᠨᠦᠰᠳᠡᠵᠦ᠂ ᠬᠠᠯᠠᠭᠤᠨ ᠠᠭᠤᠷ ᠣᠷᠬᠢᠭᠤᠯ ᠢ᠋ ᠨᠡᠪᠲᠡᠯᠦᠨ ᠣᠷᠣᠭᠰᠠᠨ ᠳ᠋ᠤᠷ ᠦᠵᠡᠰᠡ ᠲᠣᠯᠢ ᠶ᠋ᠢᠨ ᠬᠠᠵᠠᠭᠤ ᠶ᠋ᠢᠨ ᠬᠠᠲᠤᠨ ᠠ᠋ᠴᠠ ᠭᠤᠷᠪᠠᠨ ᠬᠥᠪᠡᠭᠦᠨ ᠪᠣᠢ᠃ ᠭᠠᠭᠴᠠ ᠶᠡᠬᠡ ᠬᠠᠲᠤᠨ ᠴᠢᠯᠭᠡᠷᠡᠩᠰᠢ ᠰᠠᠶ᠋ᠢ ᠦᠵᠡᠭᠳᠡᠬᠦ ᠠᠵᠤᠭᠤ᠃ ᠬᠠᠭᠠᠨ ᠤ᠋ ᠭᠡᠭᠡᠨ ᠠᠮᠤᠰᠬᠢᠨ ᠪᠡᠶᠡᠰᠴᠦ ᠡᠨᠡ ᠬᠥᠪᠡᠭᠦᠨ ᠯᠠᠪ ᠨᠢᠭᠡᠨ ᠭᠠᠢᠬᠠᠮᠰᠢᠭᠲᠤ ᠡᠷ᠎ᠡ ᠪᠣᠯᠤᠮᠤᠢ᠃ ᠮᠢᠨᠦ ᠵᠡᠭᠦᠳᠦᠨ ᠳ᠋ᠦ᠍ᠷ ᠮᠢᠨᠦ ᠳᠦᠷᠰᠦ ᠨᠠᠷᠠᠨ ᠳ᠋ᠤᠷ ᠲᠣᠰᠣᠨ ᠦᠵᠡᠭᠳᠡᠭᠰᠡᠨ ᠲᠤᠯᠠ ᠪᠢ ᠳᠠᠬᠢᠨ ᠬᠤᠪᠢᠯᠵᠤ ᠶᠢᠷᠲᠢᠨᠴᠦ ᠳ᠋ᠦ᠍ᠷ ᠲᠥᠷᠥᠭᠰᠡᠨ ᠮᠡᠲᠦ᠃ ᠨᠡᠩ ᠪᠠᠰᠠ ᠡᠮᠦᠨ᠎ᠡ ᠳᠤᠮᠳᠠᠳᠤ ᠤᠯᠤᠰ ᠤ᠋ᠨ ᠳᠤᠮᠳᠠᠳᠤ ᠣᠷᠣᠨ ᠳ᠋ᠤᠷ ᠢᠷᠡᠮᠡᠭᠴᠡ ᠲᠥᠷᠥᠭᠰᠡᠨ ᠲᠤᠯᠠ ᠨᠡᠷ᠎ᠡ ᠶ᠋ᠢ ᠬᠤᠪᠢᠯᠠᠢ ᠭᠡᠮᠡᠨ ᠰᠣᠶᠣᠷᠬᠠᠭᠰᠠᠨ ᠳ᠋ᠤᠷ ᠬᠤᠸᠠᠩᠬᠡᠦ ᠪᠢᠴᠢᠭᠦᠯᠦᠨ ᠠᠪᠴᠤ ᠨᠡᠷ᠎ᠡ ᠰᠣᠶᠣᠷᠬᠠᠭᠰᠠᠨ ᠬᠡᠰᠢᠭ ᠲᠣᠷ ᠮᠥᠷᠭᠥᠭᠦᠯᠬᠦᠢ ᠳ᠋ᠦ᠍ᠷ ᠲᠣᠯᠢ ᠡᠮᠦᠨ᠎ᠡ ᠶ᠋ᠢ ᠳᠠᠢᠯᠠᠷ᠎ᠠ ᠡᠴᠢᠭᠰᠡᠨ ᠬᠣᠭᠣᠷᠣᠨᠳᠣ ᠪᠡᠷᠢ ᠬᠥᠩᠭᠡᠵᠢᠭᠰᠡᠨ ᠲᠤᠯᠠ ᠣᠷᠣᠨ ᠳ᠋ᠤᠷ ᠪᠤᠰᠤ ᠬᠠᠲᠤᠨ ᠢ᠋ ᠠᠨᠤ ᠬᠥᠪᠡᠭᠦᠨ ᠦ᠌ ᠬᠠᠮᠲᠤ ᠠᠴᠢᠷᠠᠭᠤᠯᠵᠤ ᠲᠣᠯᠢ ᠶ᠋ᠢᠨ ᠲᠥᠯᠥᠭᠡ ᠬᠡᠰᠢᠭ ᠲᠣᠷ ᠮᠥᠷᠭᠥᠭᠦᠯᠵᠦ᠂ ᠬᠠᠭᠠᠨ ᠵᠠᠷᠯᠢᠭ ᠪᠠᠭᠤᠯᠭᠠᠨ ᠰᠠᠢᠬᠠᠨ ᠬᠢᠴᠢᠶᠡᠨ ᠲᠡᠵᠢᠭᠡᠯᠭᠡ ᠬᠡᠮᠡᠭᠰᠡᠨ᠎ᠡ ᠡᠨᠡ ᠵᠠᠷᠯᠢᠭ ᠢ᠋ᠶ᠋ᠠᠷ ᠳᠥᠷᠪᠡᠨ ᠥᠬᠢᠨ᠂ ᠳᠥᠷᠪᠡᠨ ᠡᠬᠡᠨᠡᠷ᠂ ᠳᠥᠷᠪᠡᠨ ᠲᠠᠢᠭᠠᠨ ᠳ᠋ᠤᠷ ᠲᠤᠰᠢᠶᠠᠪᠠ᠃
ᠲᠡᠳᠦᠢ ᠵᠢᠴᠢ ᠡᠳᠦᠷ ᠦ᠋ᠨ ᠲᠥᠷᠥ ᠳ᠋ᠦ᠍ᠷ ᠵᠠᠯᠠᠬᠤ ᠬᠡᠩᠭᠡᠷᠭᠡ ᠭᠤᠷᠪᠠᠨᠲᠠ ᠳᠠᠭᠤᠷᠢᠰᠴᠤ ᠲᠡᠮᠳᠡᠭ ᠦ᠋ᠨ ᠰᠠᠪᠠ ᠲᠠᠪᠤᠨᠲᠠ ᠦᠯᠢᠶᠡᠨ᠂ ᠠᠯᠲᠠᠨ ᠵᠦᠩ ᠬᠠᠰ ᠴᠠᠩ ᠳᠠᠭᠤᠷᠢᠰᠴᠤ ᠬᠠᠭᠠᠨ ᠬᠠᠷᠰᠢ ᠳ᠋ᠤᠷ ᠰᠠᠭᠤᠭᠰᠠᠨ ᠳ᠋ᠤᠷ ᠳᠥᠷᠪᠡᠨ ᠵᠦᠭ ᠦ᠋ᠨ ᠠᠢᠯᠠᠳᠬᠠᠬᠤ ᠨᠤᠭᠤᠯᠪᠤᠷᠢ ᠳᠠᠷᠠᠭ᠎ᠠ ᠳᠠᠷᠠᠭ᠎ᠠ ᠪᠠᠷ ᠳᠠᠪᠰᠢᠪᠠ᠃ ᠡᠭᠦᠨ ᠦ᠌ ᠳᠣᠲᠣᠷ᠎ᠠ ᠹᠦ ᠮᠠ᠋ ᠪᠣᠲ᠋ᠣ ᠶ᠋ᠢᠨ ᠾᠧ ᠵᠢᠶᠠᠨ ᠹᠦ ᠶ᠋ᠢ ᠳᠠᠢᠯᠠᠭᠰᠠᠨ ᠬᠡᠷᠡᠭ᠂ ᠪᠠᠰᠠ ᠶ᠋ᠢᠨ ᠵᠧᠦ ᠳ᠋ᠦ᠍ᠷ ᠣᠢᠷ᠎ᠠ ᠾᠦᠩ ᠯᠦᠸᠧ ᠱᠠᠨ ᠤ᠋ ᠨᠢᠭᠡᠨ ᠠᠩᠭᠢ᠂ ᠬᠣᠷᠣᠭ᠎ᠠ ᠶ᠋ᠢᠨ ᠲᠠᠪᠤᠨ ᠲᠦᠮᠡᠨ ᠢ᠋ ᠡᠵᠡᠯᠡᠨ ᠳᠦ ᠱᠸᠦ ᠶ᠋ᠢ ᠳᠣᠪᠲᠣᠯᠭᠠᠨ ᠵᠠᠷᠤᠵᠤ ᠠᠢᠯᠠᠳᠬᠠᠭᠰᠠᠨ ᠨᠢᠭᠡᠨ ᠠᠩᠭᠢ᠂ ᠪᠠᠰᠠ ᠠᠯᠲᠠᠨ ᠤᠯᠤᠰ ᠤ᠋ᠨ ᠰᠢᠦᠸᠠᠨᠽᠥ᠋ᠩ ᠬᠠᠭᠠᠨ ᠤ᠋ ᠡᠶᠡᠳᠡᠬᠦ ᠶ᠋ᠢ ᠭᠣᠶᠣᠯᠭᠠᠭᠰᠠᠨ ᠨᠢᠭᠡᠨ ᠠᠩᠭᠢ᠂ ᠬᠣᠶᠠᠷ ᠳᠡᠭᠦᠦ ᠸᠠᠩ ᠤ᠋ᠨ ᠱᠠᠨᠠᠭ᠎ᠠ ᠪᠣᠭᠣᠮᠲᠠ ᠶ᠋ᠢᠨ ᠠᠷᠪᠠᠨ ᠲᠠᠪᠤᠨ ᠬᠣᠲᠠ ᠶ᠋ᠢ ᠠᠪᠤᠭᠰᠠᠨ ᠨᠢᠭᠡᠨ ᠠᠩᠭᠢ᠂ ᠪᠠᠰᠠ ᠬᠣᠶᠠᠷ ᠲᠠᠢᠽᠢ ᠶ᠋ᠢᠨ ᠱᠠᠨ ᠳ᠋ᠦᠩ ᠦ᠋ᠨ ᠠᠷᠪᠠᠨ ᠳᠥᠷᠪᠡᠨ ᠬᠣᠲᠠ ᠶ᠋ᠢ ᠠᠪᠤᠭᠰᠠᠨ ᠨᠢᠭᠡᠨ ᠠᠩᠭᠢ᠂ ᠪᠠᠰᠠ ᠱᠢ ᠲᠢᠶᠠᠨ ᠯᠢ ᠶ᠋ᠢᠨ ᠠᠯᠲᠠᠨ ᠤ᠋ ᠫᠢᠩ ᠵᠧᠦ ᠶ᠋ᠢ ᠠᠪᠤᠭᠰᠠᠨ ᠳ᠋ᠤᠷ ᠴᠢ ᠵᠣ᠌ ᠬᠡᠮᠡᠭᠴᠢ ᠳ᠋ᠦᠩ ᠯᠢᠶᠣᠤ ᠱᠠ ᠲᠦᠰᠢᠮᠡᠯ ᠦ᠋ᠨ ᠳᠠᠭᠠᠭᠰᠠᠨ ᠨᠢᠭᠡᠨ ᠠᠩᠭᠢ᠂ ᠪᠠᠰᠠ ᠶᠡᠬᠡ ᠶᠤᠸᠠᠨᠱᠤᠸᠠᠢ ᠶ᠋ᠢᠨ ᠰᠥᠩ ᠱᠠᠨ᠂ ᠯᠢᠨ ᠲᠦᠩ ᠭᠤᠸᠠᠨ ᠬᠦᠷᠲᠡᠯ᠎ᠡ ᠬᠠᠭᠤᠴᠢᠨ ᠬᠡᠳᠦᠨ ᠬᠣᠲᠠ ᠵᠧᠦ ᠶ᠋ᠢ ᠠᠪᠤᠭᠰᠠᠨ ᠨᠢᠭᠡᠨ ᠨᠤᠭᠤᠯᠪᠤᠷᠢ᠂ ᠪᠠᠰᠠ ᠯᠢᠶᠣᠤ ᠳ᠋ᠦᠩ ᠦ᠋ᠨ ᠶᠧ ᠯᠢᠦᠢ ᠯᠢᠦ ᠭᠧ ᠶ᠋ᠢᠨ ᠪᠡᠶ᠎ᠡ ᠪᠡᠷ ᠪᠠᠷᠠᠯᠬᠠᠨ ᠮᠥᠷᠭᠥᠷ᠎ᠡ ᠢᠷᠡᠬᠦ ᠶ᠋ᠢ ᠠᠢᠯᠠᠳᠬᠠᠬᠤ ᠨᠢᠭᠡᠨ ᠨᠤᠭᠤᠯᠪᠤᠷᠢ᠂ ᠪᠠᠰᠠ ᠶ᠋ᠢᠨ ᠵᠧᠦ ᠶ᠋ᠢᠨ ᠵᠠᠩ ᠵᠢᠩ ᠦ᠋ᠨ ᠳᠡᠭᠦᠦ ᠵᠠᠩ ᡁᠢ ᠶ᠋ᠢ ᠲᠠᠢᠯᠠᠬᠤᠢ ᠳ᠋ᠤᠷ ᠤᠭᠰᠠᠬᠠ ᠶ᠋ᠢᠨ ᠲᠠᠢᠽᠢ ᠮᠣᠩᠭᠣᠯ ᠪᠤᠭᠤ᠂ ᠤᠶᠠᠷ ᠨᠠᠷ ᠢ᠋ ᠨᠡᠮᠡᠭᠰᠡᠨ ᠨᠢᠭᠡᠨ ᠨᠤᠭᠤᠯᠪᠤᠷᠢ᠂ ᠶᠡᠬᠡ ᠴᠢᠬᠤᠯᠠ ᠡᠨᠡ ᠨᠠᠢ᠍ᠮᠠᠨ ᠵᠦᠢᠯ ᠢ᠋ ᠬᠠᠭᠠᠨ ᠨᠢᠭᠡᠨ ᠨᠢᠭᠡᠨ ᠢ᠋ᠶ᠋ᠡᠷ ᠴᠣᠬᠣᠯᠠᠷᠤᠨ :ᠲᠠᠪᠤᠨᠠᠩ ᠪᠣᠲ᠋ᠣ ᠵᠠᠷᠯᠢᠭ ᠢ᠋ ᠬᠥᠰᠡᠷᠳᠡᠭᠦᠯᠦᠭᠰᠡᠨ ᠦᠭᠡᠢ ᠲᠤᠯᠠ ᠲᠡᠷᠢᠭᠦᠨ ᠱᠠᠩ ᠪᠠᠭᠤᠯᠭᠠᠨ᠂ ᠪᠠᠰᠠ ᠭᠠᠪᠢᠶ᠎ᠠ ᠶ᠋ᠢ ᠳᠠᠭᠠᠯᠳᠤᠭ᠎ᠠ ᠬᠣᠵᠢᠮ ᠪᠤᠰᠤ ᠤᠯᠤᠰ ᠲᠤᠷ ᠡᠷᠭᠦᠮᠵᠢᠯᠡᠮᠦᠢ᠃ ᠵᠢᠴᠢ ᠠᠯᠲᠠᠨ ᠤ᠋ ᠡᠶᠡᠳᠡᠬᠦ ᠶ᠋ᠢ ᠤᠷᠢᠳᠠ ᠵᠠᠷᠯᠠᠯ ᠢ᠋ᠶ᠋ᠠᠷ ᠪᠣᠯᠪᠠᠰᠤ ᠳᠠᠷᠤᠢ ᠡᠶᠡᠳᠡᠬᠦ ᠵᠠᠷᠯᠢᠭ ᠶᠠᠪᠤᠭᠤᠯ ᠬᠡᠮᠡᠵᠦ᠂ ᠪᠠᠰᠠ ᠾᠦᠩ ᠯᠦᠸᠧ ᠱᠠᠨ ᠠ᠋ᠴᠠ ᠳᠠᠭᠠᠭᠰᠠᠨ ᠳᠦ ᠱᠸᠦ ᠲᠡᠭᠷᠢ ᠶ᠋ᠢ ᠳᠠᠭᠠᠭᠰᠠᠨ ᠲᠤᠯᠠ ᠬᠥᠬᠢᠭᠦᠯᠬᠦ ᠶ᠋ᠢ ᠦᠵᠡᠭᠦᠯᠵᠦ᠂ ᠵᠢᠶᠧ ᠳᠦ ᠱᠢ ᠲᠦᠰᠢᠮᠡᠯ ᠪᠣᠯᠭᠠᠨ ᠴᠡᠷᠢᠭ ᠲᠦ᠍ᠷ ᠵᠢᠳᠬᠦᠭᠦᠯ᠃ ᠬᠣᠶᠠᠷ ᠳᠡᠭᠦᠦ ᠸᠠᠩ ᠤ᠋ᠨ ᠭᠠᠪᠢᠶ᠎ᠠ ᠶ᠋ᠢ ᠲᠡᠷᠢᠭᠦᠨ ᠳ᠋ᠦ᠍ᠷ ᠱᠠᠩᠨᠠᠨ ᠲᠡᠷᠢᠭᠦᠨ ᠭᠠᠪᠢᠶ᠎ᠠ ᠳ᠋ᠤᠷ ᠲᠡᠮᠳᠡᠭᠯᠡᠨ ᠬᠣᠵᠢᠮ ᠪᠤᠰᠤ ᠤᠯᠤᠰ ᠲᠤ᠌ ᠡᠷᠭᠦᠮᠵᠢᠯᠡᠮᠦᠢ᠃ ᠪᠠᠰᠠ ᠬᠣᠶᠠᠷ ᠲᠠᠢᠽᠢ ᠸᠠᠩ ᠢ᠋ ᠲᠡᠷᠢᠭᠦᠨ ᠭᠠᠪᠢᠶ᠎ᠠ ᠱᠠᠩ ᠥᠭᠴᠦ ᠲᠡᠷᠢᠭᠦᠨ ᠭᠠᠪᠢᠶ᠎ᠠ ᠶ᠋ᠢᠨ ᠳᠠᠩᠰᠠᠨ᠎ᠠ ᠲᠡᠮᠳᠡᠭᠯᠡᠨ ᠥᠭᠴᠦ ᠪᠤᠰᠤ ᠤᠯᠤᠰ ᠲᠤᠷ ᠡᠷᠭᠦᠮᠵᠢᠯᠡᠮᠦᠢ᠃ ᠵᠢᠴᠢ ᠶᠡᠬᠡ ᠶᠤᠸᠠᠨᠱᠤᠸᠠᠢ ᠮᠤᠬᠤᠯᠢ ᠳ᠋ᠤᠷ ᠲᠡᠷᠢᠭᠦᠨ ᠦ᠌ ᠲᠡᠷᠢᠭᠦᠨ ᠱᠠᠩ ᠬᠠᠢᠷᠠᠯᠠᠨ᠂ ᠮᠢᠨᠦ ᠡᠮᠦᠰᠬᠦ ᠳᠡᠪᠡᠯ ᠬᠤᠶᠠᠭ ᠵᠡᠪᠰᠡᠭ ᠢ᠋ᠶ᠋ᠡᠷ ᠱᠠᠩ ᠤ᠋ᠨ ᠲᠡᠷᠢᠭᠦᠨ ᠪᠣᠯᠭᠠᠵᠤ᠂ ᠲᠡᠷᠢᠭᠦᠨ ᠭᠠᠪᠢᠶ᠎ᠠ ᠶ᠋ᠢᠨ ᠳᠠᠩᠰᠠᠨ᠎ᠠ ᠲᠡᠮᠳᠡᠭᠯᠡᠵᠦ᠂ ᠬᠣᠵᠢᠮ ᠮᠥᠨ ᠬᠦ᠌ ᠪᠤᠰᠤ ᠤᠯᠤᠰ ᠲᠤᠷ ᠡᠷᠭᠦᠮᠵᠢᠯᠡᠮᠦᠢ᠃ ᠵᠢᠴᠢ ᠯᠢᠶᠣᠤ ᠳ᠋ᠦᠩ ᠦ᠋ᠨ ᠶᠧ ᠯᠢᠦᠢ ᠯᠢᠦ ᠭᠧ ᠶ᠋ᠢᠨ ᠢᠷᠡᠵᠦ ᠮᠥᠷᠭᠥᠬᠦ ᠶ᠋ᠢ ᠵᠥᠪᠰᠢᠶᠡᠭᠰᠡᠨ ᠵᠠᠷᠯᠢᠭ ᠢ᠋ ᠤᠯᠠᠮᠵᠢᠯᠠᠨ ᠳᠣᠪᠲᠣᠯᠭ᠎ᠠ᠂ ᠶ᠋ᠢᠨ ᠵᠧᠦ ᠶ᠋ᠢᠨ ᠬᠠᠷᠢᠶᠠᠲᠤ ᠬᠤᠯᠠᠭᠠᠢ ᠵᠠᠩ ᡁᠢ ᠶ᠋ᠢ ᠳᠠᠢᠯᠠᠬᠤ ᠶ᠋ᠢ ᠠᠢᠯᠠᠳᠬᠠᠭᠰᠠᠨ ᠶᠣᠰᠣᠭᠠᠷ ᠶᠤᠸᠠᠨᠱᠤᠸᠠᠢ ᠮᠤᠬᠤᠯᠢ ᠳ᠋ᠤᠷ ᠲᠤᠰᠢᠶᠠᠨ ᠲᠣᠭᠲᠠᠭᠠᠯᠭᠠ᠃ ᠡᠨᠡ ᠵᠢᠯ ᠰᠢᠨ᠎ᠡ ᠨᠡᠭᠦᠨ ᠢᠷᠡᠭᠰᠡᠨ ᠲᠤᠯᠠ ᠵᠢᠯ ᠳᠣᠣᠷ᠎ᠠ ᠬᠠᠮᠲᠤ ᠨᠡᠢᠰᠯᠡᠯ ᠳ᠋ᠦ᠍ᠷ ᠬᠦᠷᠴᠦ ᠢᠷ᠎ᠡ ᠭᠡᠮᠡᠨ ᠲᠤᠰ ᠲᠤᠰ ᠲᠤᠷ ᠬᠠᠭᠤᠯᠤᠨ ᠪᠠᠷᠢᠭᠠᠳ ᠭᠠᠷᠤᠳᠢ ᠶ᠋ᠢᠨ ᠬᠠᠯᠬᠠᠪᠴᠢ ᠬᠣᠣᠰᠯᠠᠨ ᠡᠷᠭᠦᠮᠡᠭᠴᠡ ᠯᠤᠤ ᠶ᠋ᠢᠨ ᠬᠠᠨᠴᠤᠢ ᠨᠢᠭᠡᠨᠲᠡ ᠭᠦᠪᠢᠵᠦ ᠲᠡᠭᠷᠢ ᠶ᠋ᠢᠨ ᠬᠥᠭᠵᠢᠮ ᠳᠠᠭᠤᠷᠢᠰᠴᠤ ᠤᠯᠤᠰ ᠤ᠋ᠨ ᠬᠥᠭᠵᠢᠮ ᠡᠬᠢᠯᠡᠨ ᠬᠠᠭᠠᠨ ᠳᠣᠲᠣᠷ᠎ᠠ ᠪᠠᠭᠤᠪᠠ᠃ ᠵᠠᠭᠤᠨ ᠲᠦᠰᠢᠮᠡᠯ ᠵᠦᠭ ᠪᠦᠷᠢ ᠲᠠᠷᠬᠠᠯᠴᠠᠵᠤ᠂ ᠥᠪᠡᠷ ᠥᠪᠡᠷ ᠦ᠋ᠨ ᠬᠡᠷᠡᠭ ᠢ᠋ ᠰᠢᠳᠬᠡᠷᠡ ᠡᠴᠢᠪᠡ᠃
– – – –
① ᠡᠨᠡ ᠲᠡᠩᠰᠡᠭᠰᠡᠨ ᠦᠭᠡ ᠪᠣᠲ᠋ᠣ ᠦᠨᠡᠬᠡᠷ ᠶᠤᠸᠠᠨᠱᠤᠸᠠᠢ ᠶ᠋ᠢᠨ ᠮᠠᠲᠠᠯ ᠪᠣᠢ᠂ ᠶᠠᠭᠠᠬᠢᠨ ᠪᠢᠲᠡᠭᠦᠯᠢᠭ ᠬᠡᠮᠡᠵᠦ ᠪᠣᠯᠤᠮᠤᠢ᠂ ᠰᠦᠷ ᠬᠡᠰᠢᠭ ᠢ᠋ ᠬᠠᠮᠲᠤ ᠵᠠᠷᠤᠭᠰᠠᠨ ᠪᠤᠶᠤ᠃
②ᠡᠨᠡ ᠢᠷᠦᠭᠡᠳ ᠢ᠋ᠶ᠋ᠡᠷ ᠡᠳᠦᠭᠡ ᠬᠡᠳᠦᠢ ᠣᠯᠠᠨ ᠬᠣᠰᠢᠭᠤ ᠲᠠᠢᠵᠢ ᠨᠠᠷ ᠮᠥᠨ ᠬᠦ᠌ ᠬᠠᠭᠠᠰ ᠣᠷᠴᠢᠯᠠᠩ ᠢ᠋ ᠡᠵᠡᠯᠡᠵᠦ᠂ ᠲᠠᠪᠤᠨᠠᠩ ᠳᠥᠷᠪᠡᠨ ᠬᠣᠰᠢᠭᠤ ᠦᠶ᠎ᠡ ᠦᠶ᠎ᠡ ᠵᠠᠯᠭᠠᠮᠵᠢᠯᠠᠨ ᠡᠷᠬᠢᠮ ᠪᠣᠯᠪᠠ ᠭᠡᠮᠡᠨ ᠬᠡᠯᠡᠵᠦ ᠪᠣᠢ᠃
ᠲᠡᠨᠳᠡᠴᠡ ᠶᠤᠸᠠᠨᠱᠤᠸᠠᠢ ᠮᠤᠬᠤᠯᠢ ᠶ᠋ᠢᠨ ᠳᠣᠣᠷᠠᠬᠢ ᠬᠢᠲᠠᠳ ᠤ᠋ᠨ ᠶᠡᠬᠡ ᠵᠠᠩᠵᠤᠨ ᠰᠡᠴᠡᠨ ᠲᠤᠤ ᠶ᠋ᠢ ᠭᠤᠷᠪᠠᠨ ᠮᠢᠩᠭᠠᠨ ᠴᠡᠷᠢᠭ ᠡᠯᠰᠡᠵᠦ ᠮᠡᠬᠡᠢ ᠪᠤᠳᠠᠭ᠎ᠠ ᠯᠤᠭ᠎ᠠ ᠬᠠᠪᠰᠤᠷᠤᠭᠤᠯᠤᠷᠠ ᠢᠯᠡᠭᠡᠪᠡ᠃ ᠡᠨᠡ ᠵᠠᠪᠰᠠᠷ ᠲᠤᠷ ᠪᠠᠰᠠ ᠬᠠᠭᠠᠨ ᠤ᠋ ᠭᠡᠭᠡᠨ ᠪᠡᠶ᠎ᠡ ᠪᠡᠷ ᠡᠮᠦᠨ᠎ᠡ ᠵᠦᠭ ᠣᠷᠣᠬᠤ ᠵᠠᠩᠵᠤᠨ ᠴᠡᠷᠢᠭ ᠴᠥᠮ ᠪᠦᠷᠢᠨ ᠪᠣᠯᠤᠭᠰᠠᠨ ᠳ᠋ᠤᠷ ᠪᠤᠭᠤᠷᠵᠢ᠂ ᠴᠢᠯᠠᠭᠤ ᠬᠣᠶᠠᠭᠤᠯᠠ ᠶ᠋ᠢ ᠬᠣᠶᠠᠷ ᠮᠥᠷᠥ ᠶ᠋ᠢᠨ ᠵᠠᠩᠵᠤᠨ ᠪᠣᠯᠭᠠᠵᠤ᠂ ᠬᠣᠷᠢᠨ ᠳᠥᠷᠪᠡᠨ ᠠᠨᠳᠠ ᠲᠠᠢᠰᠢ᠂ ᠲᠠᠢᠪᠤᠤ᠂ ᠲᠠᠢᠹᠦ᠋ ᠵᠠᠩᠵᠤᠨ ᠨᠠᠷ ᠢ᠋ ᠠᠪᠴᠤ ᠬᠥᠭᠵᠢᠮ ᠡᠭᠦᠰᠬᠡᠨ᠂ ᠬᠠᠭᠠᠨ ᠤ᠋ ᠵᠢᠭᠰᠠᠭᠠᠯ ᠡᠮᠦᠨ᠎ᠡ ᠵᠦᠭ ᠣᠷᠣᠵᠤ᠂ ᠠᠷᠪᠠᠨ ᠰᠠᠷ᠎ᠠ ᠶ᠋ᠢᠨ ᠰᠢᠨᠡᠳ ᠢ᠋ᠶ᠋ᠡᠷ ᠶᠡᠬᠡ ᠴᠡᠷᠢᠭ ᠬᠥᠳᠡᠯᠵᠦ ᠢᠦᠢ ᠡᠯ ᠾᠧ ᠮᠥᠷᠡᠨ ᠳ᠋ᠦ᠍ᠷ ᠴᠡᠷᠢᠭ ᠭᠤᠲᠠᠭᠠᠷ ᠤᠳᠠᠭ᠎ᠠ ᠰᠢᠯᠭᠠᠵᠤ᠂ ᠤᠷᠢᠳᠠ ᠰᠠᠢᠬᠠᠨ ᠰᠤᠷᠲᠠᠯᠲᠤ ᠳ᠋ᠤᠷ ᠨᠢᠭᠡᠨ ᠲᠦᠮᠡᠨ ᠴᠡᠷᠢᠭ ᠥᠭᠴᠦ ᠪᠠᠷᠠᠭᠤᠨ ᠰᠢᠶᠠ ᠤᠯᠤᠰ ᠤ᠋ᠨ ᠡᠮᠦᠨ᠎ᠡ ᠡᠲᠡᠭᠡᠳ ᠦ᠋ᠨ ᠴᠡᠷᠢᠭ ᠢ᠋ ᠠᠪᠴᠤ ᠪᠠᠰᠠ ᠵᠢᠩ ᠲᠢᠶᠣᠤ ᠪᠠᠷ ᠣᠷᠣᠵᠤ᠂ ᠲᠦᠩ ᠭᠤᠸᠠᠨ ᠪᠣᠭᠣᠮᠲᠠ ᠳ᠋ᠤᠷ ᠬᠦᠷᠲᠡᠯ᠎ᠡ ᠶᠡᠬᠡ ᠶᠤᠸᠠᠨᠱᠤᠸᠠᠢ ᠮᠤᠬᠤᠯᠢ ᠰᠣᠨᠣᠰᠴᠤ ᠶᠠᠭᠠᠷᠠᠨ ᠬᠥᠮᠦᠨ ᠵᠠᠷᠤᠵᠤ ᠬᠠᠭᠠᠨ ᠢ᠋ ᠲᠦᠩ ᠭᠤᠸᠠᠨ ᠳ᠋ᠤᠷ ᠪᠡᠷᠬᠡᠰᠢᠶᠡᠬᠦ ᠶ᠋ᠢ ᠪᠠᠢᠵᠤ᠂ ᠡᠨᠳᠡ ᠥᠪᠡᠷ᠎ᠡ ᠵᠠᠮ ᠣᠯᠪᠠ ᠭᠡᠮᠡᠨ ᠠᠢᠯᠠᠳᠬᠠᠨ ᠢᠯᠡᠭᠡᠭᠰᠡᠨ ᠳ᠋ᠦ᠍ᠷ ᠬᠠᠭᠠᠨ ᠴᠡᠷᠢᠭ ᠢ᠋ ᠡᠭᠡᠭᠦᠯᠵᠦ ᠡᠴᠢᠬᠦᠢ ᠳ᠋ᠦ᠍ᠷ ᠵᠠᠮᠪᠠᠯ ᠰᠡᠮᠡᠬᠡᠷ ᠠᠢᠯᠠᠳᠬᠠᠷᠤᠨ : 《 ᠡᠮᠦᠨ᠎ᠡ ᠰᠥᠩ ᠱᠠᠨ ᠠᠭᠤᠯᠠᠨ ᠤ᠋ ᠳᠣᠲᠣᠷ᠎ᠠ ᠨᠢᠭᠡᠨ ᠨᠠᠷᠢᠨ ᠵᠠᠮ ᠪᠣᠢ᠂ ᠭᠠᠭᠴᠠ ᠵᠠᠭᠤᠨ ᠭᠠᠵᠠᠷ ᠤ᠋ᠨ ᠳᠤᠮᠳᠠ ᠠᠨᠤ ᠨᠢᠭᠡᠨ ᠪᠡᠷᠬᠡ ᠣᠷᠣᠢ ᠶ᠋ᠢᠨ ᠵᠠᠮ ᠢ᠋ ᠠᠯᠲᠠᠨ ᠤᠯᠤᠰ ᠡᠪᠳᠡᠪᠡ ᠭᠡᠮᠡᠨ ᠰᠣᠨᠣᠰᠪᠠ᠃ ᠶᠤᠸᠠᠨᠱᠤᠸᠠᠢ ᠯᠠᠪ ᠲᠡᠷᠡ ᠵᠠᠮ ᠢ᠋ᠶ᠋ᠠᠷ ᠣᠷᠣᠮᠤᠢ ᠊ᠶ᠎ᠠ᠃ ᠲᠦᠰᠢᠮᠡᠯ ᠪᠢ ᠤᠷᠢᠳᠠ ᠵᠠᠮ ᠦᠵᠡᠷ᠎ᠡ ᠡᠴᠢᠰᠦᠭᠡᠢ᠃ 》 ᠭᠡᠮᠡᠨ ᠤᠷᠢᠳᠠ ᠶᠠᠪᠤᠪᠠ᠃ ᠬᠠᠭᠠᠨ ᠰᠥᠩ ᠱᠠᠨ ᠠᠭᠤᠯᠠᠨ ᠳ᠋ᠤᠷ ᠬᠦᠷᠬᠦᠶ᠎ᠡ᠂ ᠵᠢᠨᠦᠩ ᠤᠭᠲᠤᠨ ᠢᠷᠡᠵᠦ ᠮᠥᠷᠭᠥᠵᠦ ᠰᠡᠮᠡᠬᠡᠷ ᠬᠡᠳᠦᠨ ᠦᠭᠡ ᠠᠢᠯᠠᠳᠬᠠᠵᠤ ᠰᠥᠩ ᠱᠠᠨ ᠠᠭᠤᠯᠠᠨ ᠳ᠋ᠤᠷ ᠣᠷᠣᠵᠤ ᠡᠴᠢᠭᠡᠳ ᠬᠣᠶᠠᠷ ᠡᠳᠦᠷ ᠶᠠᠪᠤᠭᠰᠠᠨ ᠦᠭᠡᠢ ᠦᠨᠡᠬᠡᠷ ᠪᠡᠷᠬᠡ ᠣᠷᠣᠢ ᠳ᠋ᠤᠷ ᠬᠦᠷᠬᠦᠢ ᠳ᠋ᠦ᠍ᠷ ᠵᠠᠮᠪᠠᠯ ᠬᠡᠳᠦᠢᠨᠡᠢ ᠢᠷᠡᠵᠦ ᠲᠡᠮᠦᠷ ᠡᠰᠢᠲᠦ ᠵᠢᠳᠠ ᠪᠠᠷ ᠬᠥᠭᠥᠷᠭᠡ ᠲᠠᠯᠪᠢᠨ ᠶᠡᠬᠡ ᠵᠠᠮ ᠭᠠᠷᠭᠠᠪᠠ᠃ ᠬᠣᠶᠠᠳᠤᠭᠠᠷ ᠡᠳᠦᠷ ᠭᠡᠲᠦᠯᠵᠦ ᠰᠥᠩ ᠱᠠᠨ ᠠᠭᠤᠯᠠᠨ ᠢ᠋ ᠳᠠᠪᠠᠭᠠᠳ ᠳᠠᠷᠤᠢ ᠣᠯᠠᠨ ᠵᠧᠦ ᠵᠢᠶᠦ᠋ᠨ ᠢ᠋ ᠠᠪᠤᠨ ᠶᠠᠪᠤᠬᠤᠢ ᠳ᠋ᠤᠷ ᠣᠯᠠᠨ ᠵᠧᠦ ᠵᠢᠶᠦ᠋ᠨ ᠮᠣᠩᠭᠣᠯ ᠤ᠋ᠨ ᠴᠡᠷᠢᠭ ᠲᠡᠭᠷᠢ ᠡᠴᠡ ᠪᠠᠭᠤᠪᠠ ᠭᠡᠮᠡᠨ ᠰᠥᠰᠥ ᠬᠡᠮᠬᠡᠷᠡᠨ ᠠᠶᠤᠵᠤ ᠬᠠᠯᠬᠠᠯᠲᠠ ᠦᠭᠡᠢ ᠪᠡᠷ ᠴᠣᠬᠢᠨ ᠶᠠᠪᠤᠵᠤ᠂ ᠪᠢᠶᠠᠨ ᠵᠢᠩ ᠬᠤᠲᠠᠨ᠎ᠠ ᠣᠢᠷ᠎ᠠ ᠬᠦᠷᠦᠭᠰᠡᠨ ᠳ᠋ᠦ᠍ᠷ ᠠᠯᠲᠠᠨ ᠤᠯᠤᠰ ᠶᠡᠬᠡᠯ᠎ᠡ ᠰᠢᠬᠠᠮᠳᠠᠨ ᠱᠠᠨ ᠳ᠋ᠦᠩ ᠦ᠋ᠨ ᠨᠢᠭᠡᠨ ᠠᠩᠭᠢ᠂ ᠬᠤᠸᠠ ᠮᠦ᠍ ᠵᠢᠶᠦ᠋ᠨ – ᠡᠷᠢᠶᠡᠨ ᠮᠠᠯᠠᠭᠠᠢᠲᠤ ᠲᠠᠪᠤᠨ ᠲᠦᠮᠡᠨ ᠴᠡᠷᠢᠭ ᠪᠠᠢᠭᠰᠠᠨ ᠲᠤᠯᠠ ᠬᠦᠨᠳᠦ ᠱᠠᠩ ᠥᠭᠴᠦ ᠪᠢᠶᠠᠨ ᠵᠢᠩ ᠬᠣᠲᠠ ᠶ᠋ᠢᠨ ᠬᠣᠷᠢᠨ ᠭᠠᠵᠠᠷ ᠤ᠋ᠨ ᠦᠵᠦᠭᠦᠷ ᠪᠣᠭᠣᠮᠲᠠ ᠶ᠋ᠢ ᠦᠬᠦᠨ ᠰᠠᠬᠢᠵᠤ ᠲᠤᠯᠤᠭᠰᠠᠨ ᠢ᠋ᠶ᠋ᠠᠷ ᠪᠢᠶᠠᠨ ᠵᠢᠩ ᠬᠣᠲᠠ ᠶ᠋ᠢ ᠬᠠᠮᠠᠭᠠᠯᠠᠨ ᠴᠢᠳᠠᠪᠠ᠃ ᠲᠡᠳᠦᠢ ᠮᠣᠩᠭᠣᠯ ᠤ᠋ᠨ ᠴᠡᠷᠢᠭ ᠡᠷᠭᠢᠨ ᠣᠷᠣᠵᠤ ᠱᠠᠨ ᠵᠧᠦ ᠶ᠋ᠢ ᠠᠪᠴᠤ ᠬᠥᠯᠳᠡᠭᠰᠡᠨ ᠮᠥᠷᠡᠨ ᠢ᠋ ᠭᠡᠲᠦᠯᠵᠦ ᠵᠦᠩ ᠶᠤᠸᠠᠨ ᠳ᠋ᠤᠷ ᠡᠭᠡᠬᠦᠶ᠎ᠡ ᠵᠠᠮ ᠳ᠋ᠤᠷ ᠲᠦᠩ ᠭᠤᠸᠠᠨ ᠢ᠋ ᠳᠣᠲᠣᠷ᠎ᠠ ᠠ᠋ᠴᠠ ᠡᠪᠳᠡᠵᠦ ᠭᠠᠷᠴᠤ ᠡᠴᠢᠪᠡ᠃ ᠠᠯᠲᠠᠨ ᠤᠯᠤᠰ ᠬᠣᠢᠨ᠎ᠠ ᠠ᠋ᠴᠠ ᠬᠠᠭᠤᠴᠢᠨ ᠬᠣᠲᠠ ᠪᠣᠭᠣᠮᠲᠠ ᠪᠠᠨ ᠠᠷᠭᠠᠴᠠᠰᠬᠢᠨ ᠰᠠᠬᠢᠪᠠ᠃ ᠡᠭᠦᠨ ᠳ᠋ᠦ᠍ᠷ ᠮᠣᠩᠭᠣᠯ ᠤ᠋ᠨ ᠴᠡᠷᠢᠭ ᠳᠥᠷᠪᠡᠨ ᠵᠦᠭ ᠪᠠᠢᠯᠳᠤᠭᠰᠠᠨ ᠡᠯ᠎ᠡ ᠭᠠᠵᠠᠷ ᠨᠢᠭᠡ ᠴᠦ᠍ ᠦᠯᠡᠭᠰᠡᠨ ᠦᠭᠡᠢ ᠴᠥᠮ ᠳᠠᠭᠠᠵᠤᠬᠤᠢ᠃ ᠲᠡᠢᠨ ᠬᠦ᠌ ᠮᠣᠩᠭᠣᠯ ᠤ᠋ᠨ ᠰᠦᠷ ᠳᠥᠷᠪᠡᠨ ᠳᠠᠯᠠᠢ ᠳ᠋ᠤᠷ ᠠᠯᠳᠠᠷᠰᠢᠪᠠ᠃ ᠬᠠᠭᠠᠨ ᠤ᠋ ᠭᠡᠭᠡᠨ ᠨᠡᠢᠰᠯᠡᠯ ᠳ᠋ᠦ᠍ᠷ ᠵᠠᠯᠠᠷᠠᠨ ᠪᠠᠭᠤᠪᠠ᠃ ᠳᠠᠭᠠᠯᠳᠤᠭ᠎ᠠ ᠯᠢᠶᠣᠤ ᠳ᠋ᠦᠩ ᠦ᠋ᠨ ᠶᠧ ᠯᠢᠦᠢ ᠯᠢᠦ ᠭᠧ ᠶᠠᠭᠠᠬᠢᠨ ᠰᠠᠶᠢ ᠢᠷᠡᠪᠡ ? ᠬᠡᠮᠡᠪᠡᠰᠦ : ᠦᠵᠡᠰᠡ ᠬᠠᠭᠠᠨ ᠤ᠋ ᠵᠠᠷᠯᠢᠭ ᠢ᠋ᠶ᠋ᠠᠷ ᠠᠯᠲᠠᠨ ᠤᠯᠤᠰ ᠤ᠋ᠨ ᠳ᠋ᠦᠩ ᠵᠢᠩ ᠢ᠋ ᠪᠠᠢᠯᠳᠤᠨ ᠠᠪᠴᠤ ᠳ᠋ᠠᠢᠳᠦ᠋ ᠳ᠋ᠦ᠍ᠷ ᠮᠥᠷᠭᠥᠷ᠎ᠡ ᠢᠷᠡᠰᠦᠭᠡᠢ ᠬᠡᠮᠡᠲᠡᠯ᠎ᠡ ᠺᠥ ᠳᠡ ᠭᠧ ᠨᠡᠷᠡᠲᠦ ᠡᠷᠬᠢᠯᠡᠭᠰᠡᠨ ᠲᠦᠰᠢᠮᠡᠯ ᠸᠠᠨ ᠨᠦ᠍ ᠬᠡᠮᠡᠬᠦ ᠬᠥᠮᠦᠨ ᠦ᠌ ᠭᠡᠷᠭᠡᠢ ᠯᠢ ᠰᠢᠶᠠᠨ ᠨᠣᠤ ᠶ᠋ᠢ ᠪᠤᠯᠢᠶᠠᠨ ᠠᠪᠤᠭᠰᠠᠨ ᠳ᠋ᠤᠷ ᠶᠧ ᠯᠢᠦᠢ ᠯᠢᠦ ᠭᠧ ᠶᠡᠬᠡᠯ᠎ᠡ ᠠᠭᠤᠷᠯᠠᠨ ᠪᠤᠷᠤᠭᠤᠰᠢᠶᠠᠵᠤᠬᠤᠢ᠃ ᠲᠡᠢᠨ ᠬᠦ᠌ ᠺᠥ ᠳᠡ ᠭᠧ ᠳᠣᠲᠣᠷ᠎ᠠ ᠪᠠᠨ ᠤᠷᠪᠠᠬᠤ ᠶ᠋ᠢ ᠡᠪᠦᠷᠯᠡᠬᠦᠢ ᠳ᠋ᠦ᠍ᠷ ᠶᠧ ᠯᠢᠦᠢ ᠯᠢᠦ ᠭᠧ ᠶ᠋ᠢᠨ ᠲᠦᠰᠢᠮᠡᠯ ᠶᠧ ᠰᠧ ᠪᠤ᠌ ᠨᠠᠷ ᠵᠥᠪᠯᠡᠵᠦ᠂ ᠶᠧ ᠯᠢᠦᠢ ᠯᠢᠦ ᠭᠧ ᠶ᠋ᠢ ᠬᠠᠭᠠᠨ ᠪᠣᠯᠭᠠᠨ ᠡᠷᠭᠦᠰᠦᠭᠡᠢ ᠬᠡᠮᠡᠬᠦᠢ ᠳ᠋ᠦ᠍ᠷ ᠶᠧ ᠯᠢᠦᠢ ᠯᠢᠦ ᠭᠧ ᠣᠯᠠᠨ ᠤ᠋ ᠵᠦᠭ ᠥᠭᠦᠯᠡᠷᠦᠨ : 《 ᠲᠠ ᠶᠡᠬᠡ ᠡᠷᠬᠢᠮ ᠦ᠋ᠨ ᠰᠠᠢᠨ ᠢ᠋ ᠮᠡᠳᠡᠪᠡᠴᠦ ᠶᠡᠬᠡ ᠵᠣᠪᠠᠯᠠᠩ ᠤ᠋ᠨ ᠭᠡᠮ ᠢ᠋ ᠡᠰᠡ ᠮᠡᠳᠡᠵᠦᠬᠦᠢ᠃ ᠪᠢ ᠤᠭ ᠠ᠋ᠴᠠ ᠰᠤᠯᠠ ᠬᠥᠮᠦᠨ ᠵᠣᠷᠢᠭ ᠢ᠋ᠶ᠋ᠠᠷ ᠴᠡᠷᠢᠭ ᠪᠠᠢᠭᠤᠯᠵᠤ᠂ ᠯᠢᠶᠣᠤ ᠳ᠋ᠦᠩ ᠢ᠋ ᠡᠵᠡᠯᠡᠭᠰᠡᠨ ᠳ᠋ᠦ᠍ᠷ ᠮᠣᠩᠭᠣᠯ ᠤ᠋ᠨ ᠴᠢᠩᠭᠢᠰ ᠬᠠᠭᠠᠨ᠂ ᠶᠤᠸᠠᠨᠱᠤᠸᠠᠢ ᠠᠵᠢᠨᠠᠢ ᠮᠡᠷᠭᠡᠨ ᠢ᠋ᠶ᠋ᠡᠷ ᠳᠠᠢᠯᠠᠷ᠎ᠠ ᠢᠯᠡᠭᠡᠭᠰᠡᠨ ᠳ᠋ᠦ᠍ᠷ ᠪᠢᠳᠡ ᠬᠣᠶᠠᠭᠤᠯᠠ ᠡᠶᠡᠳᠦᠵᠤ ᠬᠠᠮᠲᠤ ᠲᠠᠩᠭᠠᠷᠢᠭᠯᠠᠵᠤ᠂ ᠪᠢ ᠨᠢᠭᠡᠨᠲᠡ ᠮᠣᠩᠭᠣᠯ ᠳ᠋ᠤᠷ ᠳᠠᠭᠠᠪᠠ᠃ ᠮᠣᠩᠭᠣᠯ ᠮᠥᠨ ᠨᠠᠮᠠᠶ᠋ᠢ ᠥᠴᠦᠬᠡᠨ ᠴᠦ᠍ ᠡᠰᠡ ᠦᠲᠡᠭᠡᠷᠪᠡ᠃ ᠪᠢ ᠡᠳᠦᠭᠡ ᠮᠣᠩᠭᠣᠯ ᠠ᠋ᠴᠠ ᠤᠷᠪᠠᠪᠠᠰᠤ ᠲᠩᠷᠢ ᠶ᠋ᠢ ᠲᠡᠰᠡᠷᠭᠦᠯᠡᠭᠰᠡᠨ ᠪᠣᠯᠤᠮᠤᠢ᠃ ᠬᠥᠮᠦᠨ ᠲᠡᠭᠷᠢ ᠶ᠋ᠢ ᠲᠡᠰᠡᠷᠭᠦᠯᠡᠪᠡᠰᠦ ᠰᠠᠭᠠᠷ ᠦᠭᠡᠢ ᠶᠡᠬᠡ ᠵᠣᠪᠠᠯᠠᠩ ᠪᠡᠶ᠎ᠡ ᠳ᠋ᠦ᠍ᠷ ᠢᠷᠡᠮᠦᠢ᠃ ᠡᠨᠡ ᠯᠢᠶᠣᠤ ᠸᠠᠩ ᠮᠥᠨ ᠪᠠᠭ᠎ᠠ ᠦᠭᠡᠢ᠂ ᠨᠢᠭᠡᠨ ᠬᠥᠮᠦᠨ ᠦ᠌ ᠳᠣᠣᠷ᠎ᠠ ᠲᠦᠮᠡᠨ ᠬᠥᠮᠦᠨ ᠦ᠌ ᠳᠡᠭᠡᠷ᠎ᠡ ᠠᠬᠤ ᠠ᠋ᠴᠠ ᠣᠳᠣ ᠪᠠᠰᠠ ᠬᠡᠷᠬᠢᠰᠦᠭᠡᠢ ᠬᠡᠮᠡᠮᠦᠢ ? 》 ᠭᠡᠮᠡᠨ ᠡᠰᠡ ᠪᠣᠯᠤᠭᠰᠠᠨ ᠳ᠋ᠤᠷ ᠣᠯᠠᠨ ᠲᠦᠰᠢᠮᠡᠳ ᠢᠨᠤ ᠵᠠᠭᠤᠨ ᠣᠪᠣᠭᠲᠠᠨ ᠯᠤᠭ᠎ᠠ ᠵᠥᠪᠯᠡᠵᠦ ᠡᠷᠬᠡᠪᠰᠢ ᠡᠷᠭᠦᠵᠦ ᠬᠠᠭᠠᠨ ᠰᠠᠭᠤᠯᠭᠠᠮᠤᠢ ᠬᠡᠮᠡᠬᠦ ᠳ᠋ᠦ᠍ᠷ ᠶᠧ ᠯᠢᠦᠢ ᠯᠢᠦ ᠭᠧ ᠠᠷᠭ᠎ᠠ ᠵᠠᠪᠬᠠᠷᠠᠨ ᠡᠪᠡᠳᠪᠡᠢ ᠭᠡᠮᠡᠨ ᠭᠡᠷ ᠡᠴᠡ ᠭᠠᠷᠬᠤ ᠦᠭᠡᠢ ᠪᠣᠯᠤᠭᠠᠳ ᠣᠯᠠᠨ ᠢ᠋ ᠲᠠᠷᠬᠠᠭᠠᠨ ᠶᠡᠬᠡ ᠬᠥᠪᠡᠭᠦᠨ ᠰᠢᠦᠸᠠᠢ ᠱᠧ ᠶ᠋ᠢ ᠠᠪᠴᠤ ᠰᠢᠵᠢᠷ ᠠᠯᠲᠠ ᠴᠠᠭᠠᠨ ᠮᠥᠩᠭᠥᠨ ᠫᠠᠢ ᠪᠠ ᠵᠦᠢᠯ ᠵᠦᠢᠯ ᠦ᠋ᠨ ᠡᠷᠳᠡᠨᠢ ᠲᠣᠷᠭ᠎ᠠ ᠲᠦᠷᠭᠡ ᠶ᠋ᠢᠨ ᠵᠦᠢᠯ ᠢ᠋ ᠵᠢᠷᠠᠨ ᠲᠡᠷᠭᠡ ᠲᠡᠭᠡᠭᠡᠵᠦ ᠰᠥᠨᠢ ᠪᠡᠷ ᠨᠢᠭᠤᠨ ᠭᠠᠷᠴᠤ ᠢᠷᠡᠭᠡᠳ ᠳ᠋ᠠᠢᠳᠦ᠋ ᠳ᠋ᠦ᠍ᠷ ᠬᠠᠭᠠᠨ ᠤ᠋ ᠳᠡᠷᠭᠡᠳᠡ ᠢᠷᠡᠭᠰᠡᠨ ᠠᠵᠤᠭᠤ᠃ ᠲᠡᠳᠦᠢ ᠡᠪᠦᠯ ᠦ᠋ᠨ ᠰᠡᠭᠦᠯ ᠬᠥᠬᠡᠭᠡ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠮᠥᠷᠭᠥᠬᠦᠢ ᠳ᠋ᠦ᠍ᠷ ᠳᠥᠷᠪᠡᠨ ᠡᠲᠡᠭᠡᠳ ᠦ᠋ᠨ ᠬᠠᠰ ᠤ᠋ᠨ ᠬᠠᠭᠠᠯᠭ᠎ᠠ ᠴᠠᠢᠲᠠᠯ᠎ᠠ ᠨᠡᠭᠡᠭᠡᠵᠦ᠂ ᠨᠠᠢ᠍ᠮᠠᠨ ᠵᠠᠮ ᠤ᠋ᠨ ᠠᠯᠲᠠᠨ ᠵᠤᠯᠠ ᠭᠡᠢᠭᠦᠯᠦᠨ ᠰᠢᠲᠠᠭᠠᠨ᠂ ᠵᠠᠭᠤᠨ ᠲᠦᠰᠢᠮᠡᠳ ᠯᠤᠤ ᠶ᠋ᠢᠨ ᠬᠠᠷᠰᠢ ᠳ᠋ᠤᠷ ᠣᠳᠣᠨ ᠮᠡᠲᠦ ᠬᠤᠷᠠᠵᠤ᠂ ᠮᠥᠨ ᠦᠨᠡᠨ ᠭᠠᠷᠤᠳᠢ ᠶ᠋ᠢᠨ ᠵᠢᠭᠦᠷ ᠳᠡᠯᠭᠡᠭᠰᠡᠨ ᠠᠳᠠᠯᠢ ᠬᠣᠶᠠᠷ ᠵᠢᠭᠦᠷᠯᠡᠨ ᠵᠣᠭᠰᠣᠭᠠᠳ ᠲᠠᠪᠤᠨᠲᠠ ᠲᠡᠮᠳᠡᠭ ᠰᠢᠪᠡ ᠳᠠᠷᠠᠭᠠᠯᠠᠨ ᠬᠥᠩᠭᠡᠷᠢᠰᠴᠦ ᠭᠤᠷᠪᠠᠨ ᠵᠡᠷᠭᠡ ᠳᠣᠬᠢᠶ᠎ᠠ ᠲᠠᠯᠪᠢᠵᠤ᠂ ᠲᠡᠭᠷᠢ ᠶ᠋ᠢᠨ ᠬᠥᠭᠵᠢᠮ ᠬᠣᠯᠠ ᠰᠣᠨᠣᠰᠳᠠᠨ᠂ ᠤᠯᠤᠰ ᠤ᠋ᠨ ᠬᠦᠵᠢᠰ ᠦ᠋ᠨ ᠦᠨᠦᠷ ᠠᠩᠬᠢᠯᠤᠨ᠂ ᠬᠡᠩᠭᠡᠷᠭᠡ ᠬᠠᠷᠠᠩᠭ᠎ᠠ ᠣᠭᠲᠠᠷᠭᠤᠢ ᠳ᠋ᠤᠷ ᠬᠥᠩᠭᠢᠷᠡᠰᠦᠨ ᠬᠡᠩᠭᠡᠷᠭᠡ ᠴᠠᠩ ᠬᠠᠷᠰᠢ ᠳ᠋ᠤᠷ ᠳᠠᠭᠤᠷᠢᠰᠤᠨ᠂ ᠮᠥᠩᠭᠥᠨ ᠦ᠌ ᠵᠤᠯᠠ ᠭᠢᠯᠪᠠᠰᠤᠨ ᠮᠢᠷᠠᠯᠵᠠᠵᠤ᠂ ᠬᠠᠭᠠᠨ ᠤ᠋ ᠵᠢᠭᠰᠠᠭᠠᠯ ᠳᠠᠷᠠᠭᠠᠯᠠᠨ ᠵᠢᠭᠰᠠᠭᠠᠭᠠᠳ ᠲᠡᠭᠷᠢ ᠶ᠋ᠢᠨ ᠬᠥᠪᠡᠭᠦᠨ ᠬᠠᠷᠰᠢ ᠳ᠋ᠤᠷ ᠭᠠᠷᠴᠤ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ ᠵᠠᠷᠯᠢᠭ ᠪᠣᠯᠤᠷᠤᠨ : 《 ᠡᠨᠡ ᠡᠳᠦᠷ ᠦ᠋ᠨ ᠲᠥᠷᠥ ᠳ᠋ᠦ᠍ᠷ ᠬᠢᠲᠠᠳ ᠰᠠᠢᠳ ᠤ᠋ᠨ ᠠᠯᠢᠨ ᠠᠨᠤ ᠤᠷᠢᠳᠠ ᠣᠷᠣᠵᠤ ᠥᠭᠭᠦᠭᠰᠡᠨ ᠢ᠋ ᠢᠨᠤ ᠪᠠᠷᠠᠭᠠᠳᠠᠭᠤᠯ ! 》ᠬᠡᠮᠡᠭᠰᠡᠨ ᠳ᠋ᠦ᠍ᠷ ᠲᠠᠢᠹᠦ᠋ ᠲᠦᠰᠢᠮᠡᠯ ᠰᠠᠢᠬᠠᠨ ᠰᠤᠷᠲᠠᠯᠲᠤ ᠠᠢᠯᠠᠳᠬᠠᠷᠤᠨ : 《 ᠬᠢᠲᠠᠳ ᠤ᠋ᠨ ᠯᠢᠦ ᠪᠦᠸᠧ ᠯᠢᠨ ᠠᠯᠢ ᠠᠯᠢᠨ ᠠ᠋ᠴᠠ ᠤᠷᠢᠳᠠ ᠪᠥᠯᠥᠭᠡ ! 》ᠬᠡᠮᠡᠭᠰᠡᠨ ᠳ᠋ᠦ᠍ᠷ ᠬᠠᠭᠠᠨ ᠵᠠᠷᠯᠢᠭ ᠪᠣᠯᠤᠷᠤᠨ : 《 ᠯᠢᠦ ᠪᠦᠸᠧ ᠯᠢᠨ ᠭᠠᠴᠢᠭᠳᠠᠬᠤ ᠳ᠋ᠠᠭᠠᠨ ᠳᠠᠭᠠᠭᠰᠠᠨ ᠪᠣᠯᠠᠢ᠂ ᠲᠡᠭᠦᠨ ᠢ᠋ ᠬᠡᠷᠬᠢᠨ ᠣᠷᠣᠵᠤ ᠥᠭᠭᠦᠭᠰᠡᠨ ᠳ᠋ᠦ᠍ᠷ ᠲᠣᠭᠠᠴᠠᠮᠤᠢ ? 》 ᠰᠠᠢᠬᠠᠨ ᠰᠤᠷᠲᠠᠯᠲᠤ ᠶᠡᠬᠡᠯ᠎ᠡ ᠠᠶᠤᠵᠤ ᠶᠠᠭᠠᠷᠠᠨ ᠬᠡᠳᠦᠨ ᠵᠡᠷᠭᠡ ᠡᠭᠡᠭᠦᠯᠦᠨ ᠪᠣᠳᠣᠵᠤ᠂ ᠭᠡᠨᠡᠳᠲᠡ ᠯᠢᠶᠣᠤ ᠳ᠋ᠦᠩ ᠦ᠋ᠨ ᠶᠧ ᠯᠢᠦᠢ ᠯᠢᠦ ᠭᠧ ᠶ᠋ᠢ ᠰᠠᠨᠠᠭᠠᠯᠵᠠᠵᠤ ᠶᠠᠭᠠᠷᠠᠨ ᠰᠥᠭᠥᠳᠴᠦ ᠠᠢᠯᠠᠳᠬᠠᠷᠤᠨ : 《 ᠴᠢᠩ ᠦᠨᠡᠨ ᠢ᠋ᠶ᠋ᠡᠷ ᠡᠷᠢᠨ ᠳᠠᠭᠠᠭᠰᠠᠨ ᠠᠨᠤ ᠯᠢᠶᠣᠤ ᠳ᠋ᠦᠩ ᠦ᠋ᠨ ᠡᠵᠡᠨ ᠸᠠᠩ ᠶᠧ ᠯᠢᠦᠢ ᠯᠢᠦ ᠭᠧ ᠪᠣᠯᠠᠢ ? 》 ᠬᠡᠮᠡᠭᠰᠡᠨ ᠳ᠋ᠦ᠍ᠷ ᠬᠠᠭᠠᠨ ᠵᠥᠪᠰᠢᠶᠡᠵᠦ ᠵᠠᠷᠯᠢᠭ ᠪᠣᠯᠤᠷᠤᠨ :《 ᠡᠨᠡ ᠦᠭᠡ ᠮᠥᠨ᠂ ᠯᠢᠶᠣᠤ ᠳ᠋ᠦᠩ ᠦ᠋ᠨ ᠶᠧ ᠯᠢᠦᠢ ᠯᠢᠦ ᠭᠧ ᠮᠢᠩᠭᠠᠨ ᠭᠠᠵᠠᠷ ᠤ᠋ᠨ ᠬᠣᠯᠠ ᠠ᠋ᠴᠠ ᠰᠡᠳᠬᠢᠯ ᠲᠠᠯᠪᠢᠨ ᠣᠷᠣᠵᠤ ᠥᠭᠭᠦᠭᠰᠡᠨ ᠪᠥᠯᠥᠭᠡ ᠃ ᠲᠡᠭᠦᠨ ᠯᠦ᠍ᠭᠡ ᠬᠡᠨ ᠴᠦ᠍ ᠠᠲᠠᠭᠠᠷᠬᠠᠨ ᠦᠯᠦ ᠪᠣᠯᠤᠮᠤᠢ᠃ ᠤᠷᠢᠳᠠ ᠯᠢᠶᠣᠤ ᠸᠠᠩ ᠶᠧ ᠯᠢᠦᠢ ᠯᠢᠦ ᠭᠧ ᠶ᠋ᠢ ᠲᠡᠷᠢᠭᠦᠨ ᠳ᠋ᠦ᠍ᠷ ᠪᠠᠷᠠᠳᠠᠭᠤᠯ ! 》 ᠬᠡᠮᠡᠭᠰᠡᠨ ᠳ᠋ᠦ᠍ᠷ ᠭᠤᠷᠪᠠᠨ ᠬᠦᠩ ᠵᠢᠷᠭᠤᠭᠠᠨ ᠴᠢᠩ 《 ᠵᠧ! 》 ᠭᠡᠮᠡᠨ ᠣᠯᠠᠨ ᠤ᠋ ᠳᠣᠲᠣᠷ᠎ᠠ ᠠ᠋ᠴᠠ ᠶᠧ ᠯᠢᠦᠢ ᠯᠢᠦ ᠭᠧ ᠶ᠋ᠢ ᠬᠦᠨᠳᠦᠯᠡᠨ ᠯᠤᠤ ᠶ᠋ᠢᠨ ᠬᠠᠷᠰᠢ ᠳ᠋ᠤᠷ ᠤᠳᠤᠷᠢᠳᠤᠨ ᠣᠷᠣᠭᠤᠯᠵᠤ᠂ ᠬᠠᠭᠠᠨ ᠤ᠋ ᠡᠮᠦᠨ᠎ᠡ ᠰᠥᠭᠥᠳᠬᠡᠵᠦ ᠪᠠᠷᠠᠳᠠᠭᠤᠯᠪᠠ᠃ ᠬᠠᠭᠠᠨ ᠶᠧ ᠯᠢᠦᠢ ᠯᠢᠦ ᠭᠧ ᠶ᠋ᠢ ᠯᠤᠤ ᠶ᠋ᠢᠨ ᠨᠢᠳᠦᠨ ᠢ᠋ᠶ᠋ᠡᠷ ᠠᠩᠬᠠᠷᠤᠨ ᠲᠡᠭᠦᠨ ᠦ᠌ ᠲᠥᠪ ᠴᠢᠬᠡᠴᠢ ᠶ᠋ᠢ ᠠᠢᠯᠠᠳᠴᠤ ᠭᠠᠷᠤᠭᠠᠳ ᠪᠡᠶᠡᠰᠦᠨ ᠮᠦᠰᠢᠶᠡᠵᠦ ᠵᠠᠷᠯᠢᠭ ᠪᠣᠯᠤᠷᠤᠨ : 《 ᠶᠧ ᠯᠢᠦᠢ ᠯᠢᠦ ᠭᠧ ᠴᠢ ᠲᠤᠭᠳᠤᠮ ᠮᠢᠩᠭᠠᠨ ᠭᠠᠵᠠᠷ ᠤ᠋ᠨ ᠬᠣᠯᠠ ᠠᠵᠤ ᠶᠠᠭᠠᠬᠢᠨ ᠮᠡᠬᠦᠰ ᠬᠥᠮᠦᠨ ᠢ᠋ ᠲᠠᠨᠢᠵᠤ ᠳᠠᠭᠠᠬᠤ ᠴᠢᠩ ᠦᠨᠡᠨ ᠰᠡᠳᠬᠢᠯ ᠢ᠋ ᠪᠠᠷᠢᠪᠠ ? 》 ᠶᠧ ᠯᠢᠦᠢ ᠯᠢᠦ ᠭᠧ ᠠᠢᠯᠠᠳᠬᠠᠷᠤᠨ : 《 ᠲᠡᠭᠷᠢ ᠶ᠋ᠢᠨ ᠬᠥᠪᠡᠭᠦᠨ ᠬᠣᠯᠠ ᠪᠣᠯᠪᠠᠴᠤ ᠣᠳᠣᠨ ᠠᠨᠤ ᠣᠢᠷ᠎ᠠ ᠪᠣᠢ᠂ ᠲᠦᠮᠡᠨ ᠨᠠᠰᠤᠲᠤ ᠠᠯᠤᠰ ᠪᠣᠯᠪᠠᠴᠤ ᠠᠯᠲᠠᠨ ᠭᠠᠳᠠᠰᠤ ᠣᠢᠷ᠎ᠠ ᠪᠣᠢ ᠲᠤᠯᠠ ᠲᠡᠭᠷᠢ ᠶ᠋ᠢᠨ ᠪᠠᠢᠳᠠᠯ ᠢ᠋ᠶ᠋ᠠᠷ ᠪᠣᠭᠳᠠ ᠡᠵᠡᠨ ᠢ᠋ ᠯᠠᠪ ᠮᠡᠳᠡᠪᠡ ! 》 ᠬᠡᠮᠡᠭᠰᠡᠨ ᠳ᠋ᠦ᠍ᠷ ᠬᠠᠭᠠᠨ ᠵᠥᠪᠰᠢᠶᠡᠵᠦ᠂ ᠶᠧ ᠯᠢᠦᠢ ᠯᠢᠦ ᠭᠧ ᠳ᠋ᠦ᠍ᠷ ᠦᠶ᠎ᠡ ᠤᠯᠠᠷᠢᠨ ᠯᠢᠶᠣᠤ ᠳ᠋ᠦᠩ ᠢ᠋ ᠵᠠᠬᠢᠷᠬᠤ ᠰᠢᠵᠢᠷ ᠠᠯᠲᠠᠨ ᠵᠢᠶᠦ᠋ᠨ ᠸᠠᠩ ᠤ᠋ᠨ ᠪᠠᠷᠰ ᠤ᠋ᠨ ᠲᠠᠮᠠᠭ᠎ᠠ ᠴᠢᠳᠬᠤᠨ ᠰᠣᠶᠣᠷᠬᠠᠵᠤ᠂ ᠴᠣᠯᠠ ᠵᠠᠯᠭᠠᠮᠵᠢᠯᠠᠬᠤ ᠬᠥᠪᠡᠭᠦᠨ ᠢ᠋ᠶ᠋ᠡᠨ ᠠᠢᠯᠠᠳᠬ᠎ᠠ ᠬᠡᠮᠡᠭᠰᠡᠨ ᠳ᠋ᠦ᠍ᠷ ᠯᠢᠶᠣᠤ ᠸᠠᠩ ᠶᠡᠬᠡ ᠬᠥᠪᠡᠭᠦᠨ ᠰᠢᠦᠸᠠᠢ ᠱᠧ ᠶ᠋ᠢ ᠠᠢᠯᠠᠳᠬᠠᠭᠰᠠᠨ ᠳ᠋ᠤᠷ ᠬᠠᠭᠠᠨ ᠮᠦᠰᠢᠶᠡᠨ ᠵᠠᠷᠯᠢᠭ ᠪᠣᠯᠤᠷᠤᠨ :《 ᠦᠨᠡᠬᠡᠷ ᠡᠴᠢᠭᠡ ᠢᠨᠦ ᠬᠥᠪᠡᠭᠦᠨ ᠢ᠋ᠶ᠋ᠡᠨ ᠳᠠᠭᠠᠭᠤᠯᠤᠨ ᠠᠪᠴᠢᠷᠠᠭᠰᠠᠨ ᠠᠨᠤ ᠰᠠᠢᠨ ᠪᠣᠯᠪᠠ᠂ ᠪᠢ ᠴᠢᠨᠦ ᠬᠡᠳᠦᠨ ᠬᠡᠦᠬᠡᠳ ᠡᠭᠡᠯᠵᠢᠯᠡᠨ ᠪᠠᠷᠠᠯᠠᠬᠠᠷᠠ ᠢᠷᠡᠬᠦᠢ ᠳ᠋ᠦ᠍ᠷ ᠦᠵᠡᠪᠡᠰᠦ ᠴᠢᠨᠦ ᠶᠡᠬᠡ ᠬᠥᠪᠡᠭᠦᠨ ᠰᠢᠦᠸᠠᠢ ᠱᠧ ᠴᠢᠨᠦ ᠣᠷᠣ ᠶ᠋ᠢ ᠳᠠᠷᠤᠵᠤ ᠪᠣᠯᠤᠮᠤᠢ᠃ ᠰᠢᠦᠸᠠᠢ ᠱᠧ ᠬᠠᠮᠢᠭ᠎ᠠ ᠪᠣᠢ ? 》 ᠬᠡᠮᠡᠭᠰᠡᠨ ᠳ᠋ᠦ᠍ᠷ ᠶᠧ ᠯᠢᠦᠢ ᠯᠢᠦ ᠭᠧ ᠠᠢᠯᠠᠳᠬᠠᠷᠤᠨ : 《 ᠳᠠᠭᠠᠭᠤᠯᠤᠨ ᠠᠪᠴᠢᠷᠠᠵᠤ ᠡᠵᠡᠨ ᠦ᠌ ᠳᠡᠷᠭᠡᠳᠡ ᠬᠦᠴᠦᠨ ᠪᠠᠷᠢᠭᠤᠯᠤᠷᠠ ᠠᠴᠢᠷᠠᠪᠠ 》 ᠬᠡᠮᠡᠭᠰᠡᠨ ᠳ᠋ᠦ᠍ᠷ ᠬᠠᠭᠠᠨ ᠪᠡᠶᠡᠰᠴᠦ ᠬᠠᠷᠰᠢ ᠳ᠋ᠤᠷ ᠳᠠᠭᠤᠳᠠᠨ ᠭᠠᠷᠭᠠᠵᠤ ᠬᠡᠷᠬᠡᠮ ᠵᠠᠯᠭᠠᠮᠵᠢᠯᠠᠬᠤ ᠬᠦᠩ ᠦ᠋ᠨ ᠵᠡᠷᠭᠡ ᠱᠠᠩᠨᠠᠵᠤ ᠦᠯᠡᠳᠡᠭᠡᠨ ᠠᠪᠤᠭᠠᠳ ᠶᠧ ᠯᠢᠦᠢ ᠯᠢᠦ ᠭᠧ ᠡᠴᠡ ᠢᠷᠭᠡᠨ ᠦ᠌ ᠲᠣᠭ᠎ᠠ ᠶ᠋ᠢ ᠠᠰᠠᠭᠤᠭᠰᠠᠨ ᠳ᠋ᠤᠷ ᠶᠧ ᠯᠢᠦᠢ ᠯᠢᠦ ᠭᠧ ᠠᠢᠯᠠᠳᠬᠠᠷᠤᠨ : 《 ᠶᠡᠷᠡᠨ ᠲᠦᠮᠡᠨ ᠢᠯᠡᠭᠦᠦ ᠪᠣᠢ᠃ 》 ᠬᠠᠭᠠᠨ ᠵᠠᠷᠯᠢᠭ ᠪᠣᠯᠤᠷᠤᠨ : 《 ᠲᠠᠨ ᠤ᠋ ᠯᠢᠶᠣᠤ ᠳ᠋ᠦᠩ ᠦ᠋ᠨ ᠴᠡᠷᠢᠭ ᠢ᠋ ᠭᠤᠷᠪᠠᠨ ᠮᠢᠩᠭᠠᠨ ᠢᠯᠡᠭᠡ᠃ ᠪᠢ ᠰᠤᠷᠴᠤ ᠪᠣᠯᠪᠠᠰᠤᠷᠠᠭᠰᠠᠨ ᠢ᠋ ᠠᠨᠤ ᠦᠵᠡᠰᠦᠭᠡᠢ !》 ᠭᠡᠮᠡᠨ ᠵᠠᠷᠯᠢᠭ ᠪᠣᠯᠵᠤ ᠶᠧ ᠯᠢᠦᠢ ᠯᠢᠦ ᠭᠧ ᠶ᠋ᠢᠨ ᠬᠦᠷᠭᠡᠵᠦ ᠢᠷᠡᠭᠰᠡᠨ ᠵᠢᠷᠠᠨ ᠲᠡᠷᠭᠡ ᠬᠦᠨᠳᠦ ᠨᠠᠷᠢᠨ ᠡᠳ᠋ ᠲᠠᠸᠠᠷ ᠠᠯᠲᠠᠨ ᠰᠤᠪᠤᠳ ᠢ᠋ ᠴᠠᠭᠠᠨ ᠲᠤᠯᠤᠮ ᠳ᠋ᠤᠷ ᠳᠡᠯᠭᠡᠵᠦ᠂ ᠲᠡᠭᠷᠢ ᠭᠠᠵᠠᠷ ᠲᠤᠷ ᠦᠵᠡᠭᠦᠯᠵᠦ ᠬᠣᠷᠢᠶᠠᠨ ᠶᠡᠬᠡ ᠰᠠᠩ ᠬᠥᠮᠥᠷᠭᠡ ᠳ᠋ᠦ᠍ᠷ ᠣᠷᠣᠭᠤᠯᠪᠠ᠃ ᠶᠧ ᠯᠢᠦᠢ ᠯᠢᠦ ᠭᠧ ᠮᠥᠷᠭᠥᠵᠦ ᠲᠥᠷᠥ ᠡᠴᠡ ᠪᠠᠭᠤᠨ᠂ ᠡᠭᠦᠨ ᠡᠴᠡ ᠭᠠᠳᠠᠨ᠎ᠠ ᠮᠥᠨ ᠡᠨᠡ ᠡᠳᠦᠷ ᠦ᠋ᠨ ᠲᠥᠷᠥ ᠳ᠋ᠦ᠍ᠷ ᠵᠠᠷᠯᠢᠭ ᠤ᠋ᠨ ᠰᠢᠶᠠᠨ ᠸᠠᠩ ᠲᠠᠢᠰᠢ ᠮᠣᠩᠭᠣᠯ ᠪᠤᠭᠤ - ᠡᠣ ᠶᠧ ᠡᠯ ᠦ᠋ᠨ ᠴᠡᠷᠢᠭ᠂ ᠵᠠᠩ ᠵᠢᠩ ᠦ᠋ᠨ ᠳᠡᠭᠦᠦ ᠵᠠᠩ ᡁᠢ ᠶ᠋ᠢ ᠪᠠᠢᠯᠳᠤᠵᠤ ᠳᠠᠷᠤᠭᠠᠳ ᠵᠠᠩ ᡁᠢ ᠤᠷᠭᠤᠵᠤ᠂ ᠶ᠋ᠢᠨ ᠵᠧᠦ ᠶ᠋ᠢᠨ ᠵᠡᠷᠭᠡ ᠶ᠋ᠢᠨ ᠫᠢᠩ ᠵᠧᠦ᠂ ᠯᠠᠨ ᠵᠧᠦ᠂ ᠿᠦᠢ ᠵᠧᠦ᠂ ᠯᠢᠦ ᠵᠧᠦ᠂ ᠢ ᠵᠸᠸ᠋᠂ ᠭᠤᠸᠠᠩ ᠨᠢᠩ ᠹᠦ ᠶ᠋ᠢᠨ ᠵᠡᠷᠭᠡ ᠬᠣᠲᠠ ᠪᠠᠯᠭᠠᠳ ᠢ᠋ ᠪᠦᠷᠢᠨ᠎ᠡ ᠣᠯᠤᠭᠰᠠᠨ ᠨᠤᠭᠤᠯᠪᠤᠷᠢ ᠬᠦᠷᠴᠦ ᠢᠷᠡᠪᠡ᠃ ᠬᠠᠭᠠᠨ ᠭᠠᠪᠢᠶ᠎ᠠ ᠶ᠋ᠢ ᠢᠯᠭᠠᠨ ᠬᠦᠨᠳᠦᠳᠡ ᠬᠥᠬᠢᠭᠦᠯᠦᠨ ᠱᠠᠩᠨᠠᠵᠤ᠂ ᠴᠡᠷᠢᠭ ᠡᠭᠡᠬᠦ ᠵᠠᠷᠯᠢᠭ ᠪᠠᠭᠤᠯᠭᠠᠨ ᠲᠠᠢᠽᠢ ᠥᠭᠡᠳᠡᠢ ᠶ᠋ᠢ ᠣᠭᠲᠣ ᠬᠡᠮᠡᠪᠡ᠃ ᠪᠠᠰᠠ ᠨᠢᠭᠡᠨ ᠨᠤᠭᠤᠯᠪᠤᠷᠢ᠂ ᠠᠯᠲᠠᠨ ᠤᠯᠤᠰ ᠠ᠋ᠴᠠ ᠪᠠᠰᠠ ᠡᠯᠴᠢ ᠵᠠᠷᠤᠵᠤ ᠬᠦᠨᠳᠦᠳᠬᠡᠨ ᠥᠷᠥᠰᠢᠶᠡᠯ ᠢ᠋ ᠭᠤᠶᠤᠵᠤ ᠡᠶᠡᠳᠡᠬᠦ ᠶ᠋ᠢ ᠠᠢᠯᠠᠳᠬᠠᠭᠰᠠᠨ᠂ ᠪᠠᠰᠠ ᠤᠷᠲᠤ ᠪᠣᠳᠣᠯᠭᠠᠲᠤ ᠶ᠋ᠢᠨ ᠬᠥᠪᠡᠭᠦᠨ ᠰᠠᠢᠨ ᠮᠣᠬᠣ ᠵᠥᠪᠰᠢᠶᠡᠯ ᠢ᠋ ᠭᠤᠶᠤᠵᠤ ᠠᠢᠯᠠᠳᠬᠠᠭᠰᠠᠨ ᠨᠤᠭᠤᠯᠪᠤᠷᠢ ᠶ᠋ᠢ ᠦᠵᠡᠵᠦ ᠂ ᠬᠠᠭᠠᠨ ᠵᠠᠷᠯᠢᠭ ᠪᠠᠭᠤᠯᠭᠠᠨ ᠠᠰᠠᠭᠤᠭᠰᠠᠨ ᠳ᠋ᠤᠷ ᠰᠠᠢᠨ ᠮᠣᠬᠣ ᠡᠢᠨ ᠠᠢᠯᠠᠳᠬᠠᠷᠤᠨ : 《 ᠣᠯᠠᠨ ᠸᠠᠩ ᠰᠠᠢᠳ ᠤ᠋ᠨ ᠵᠥᠪᠳᠡᠬᠦ ᠢᠨᠤ ᠬᠠᠭᠠᠨ ᠤ᠋ ᠶᠡᠬᠡ ᠠᠪᠠ ᠨᠢᠭᠡᠨᠲᠡ ᠲᠠᠢᠯᠵᠤ ᠠᠪᠠ ᠳ᠋ᠤᠷ ᠣᠷᠣᠭᠰᠠᠨ ᠴᠢᠨᠣ᠎ᠠ ᠰᠢᠷᠨᠤᠳ ᠢ᠋ ᠴᠥᠮ ᠪᠠᠷᠢᠭᠰᠠᠨ ᠪᠥᠭᠡᠲᠡᠯ᠎ᠡ ᠨᠢᠭᠡᠨ ᠲᠠᠤᠯᠠᠢ ᠶ᠋ᠢ ᠭᠠᠷᠭᠠᠵᠤ ᠬᠡᠷᠬᠢᠨ ᠪᠣᠯᠬᠤ ? ᠭᠡᠮᠡᠨ ᠬᠡᠯᠡᠯᠴᠡᠵᠦ ᠪᠣᠢ᠃ 》 ᠬᠡᠮᠡᠭᠰᠡᠨ ᠳ᠋ᠦ᠍ᠷ ᠬᠠᠭᠠᠨ ᠲᠡᠷᠢᠭᠦᠨ ᠳᠣᠬᠢᠵᠤ ᠲᠡᠷᠡ ᠨᠤᠭᠤᠯᠪᠤᠷᠢ ᠶ᠋ᠢᠨ ᠬᠠᠷᠢᠭᠤ ᠱᠠᠨ ᠳ᠋ᠦᠩ᠂ ᠾᠧ ᠪᠧᠢ ᠶ᠋ᠢᠨ ᠣᠯᠠᠨ ᠬᠣᠲᠠ ᠶ᠋ᠢ ᠡᠷᠭᠦᠨ ᠪᠠᠷᠢᠵᠤ᠂ ᠴᠢᠨᠦ ᠬᠠᠭᠠᠨ ᠨᠡᠷ᠎ᠡ ᠪᠡᠨ ᠪᠠᠢᠭ᠎ᠠ᠂ ᠪᠢ ᠴᠢᠮᠠᠶ᠋ᠢ ᠬᠤ᠌ ᠨᠠᠨ ᠸᠠᠩ ᠡᠷᠭᠦᠵᠦ᠂ ᠬᠤ᠌ ᠨᠠᠨ ᠤ ᠭᠠᠵᠠᠷ ᠢ᠋ ᠡᠵᠡᠯᠡᠭᠦᠯᠵᠦ᠂ ᠲᠠᠨ ᠤ᠋ ᠦᠨᠳᠦᠰᠦᠨ ᠢ᠋ ᠠᠬᠤᠭᠤᠯᠤᠨ ᠲᠠᠬᠢᠯᠭ᠎ᠠ ᠶ᠋ᠢ ᠴᠢᠨᠦ ᠵᠠᠯᠭᠠᠮᠵᠢᠯᠠᠭᠤᠯᠰᠤᠭᠠᠢ᠂ ᠡᠢᠮᠦ ᠪᠣᠯᠪᠠᠴᠤ ᠪᠢ ᠴᠡᠷᠢᠭᠯᠡᠬᠦ ᠶ᠋ᠢ ᠵᠣᠭᠰᠣᠮᠤᠢ ᠭᠡᠮᠡᠨ ᠵᠠᠷᠯᠢᠭ ᠪᠢᠴᠢᠭ ᠢ᠋ ᠵᠠᠯᠮ᠎ᠠ ᠳ᠋ᠤᠷ ᠡᠭᠦᠷᠦᠭᠦᠯᠦᠨ ᠪᠢᠶᠠᠨ ᠵᠢᠩ ᠳ᠋ᠦ᠍ᠷ ᠢᠯᠡᠭᠡᠪᠡ᠃ ᠡᠭᠦᠨ ᠳ᠋ᠦ᠍ᠷ ᠠᠯᠲᠠᠨ ᠤᠯᠤᠰ ᠤ᠋ᠨ ᠰᠠᠨᠠᠭᠰᠠᠨ ᠬᠡᠷᠡᠭ ᠪᠦᠲᠦᠭᠰᠡᠨ ᠦᠭᠡᠢ ᠲᠤᠯᠠ ᠳᠠᠢᠯᠠᠬᠤ ᠶ᠋ᠢ ᠪᠡᠯᠡᠳᠬᠡᠪᠡ᠃ ᠲᠡᠨᠳᠡᠴᠡ ᠶᠧ ᠯᠢᠦᠢ ᠯᠢᠦ ᠭᠧ ᠲᠡᠷᠡ ᠡᠳᠦᠷ ᠲᠥᠷᠥ ᠡᠴᠡ ᠪᠠᠭᠤᠵᠤ᠂ ᠬᠥᠪᠡᠭᠦᠨ ᠢ᠋ᠶ᠋ᠡᠨ ᠦᠯᠡᠳᠡᠭᠡᠵᠦ ᠤᠷᠢᠳᠠ ᠲᠠᠢᠹᠦ᠋ ᠲᠦᠰᠢᠮᠡᠯ ᠴᠢᠨᠣ᠎ᠠ᠂ ᠵᠢᠴᠢ ᠠᠹᠥ᠋ ᠲᠦᠩᠬᠥ᠋ ᠬᠣᠶᠠᠭᠤᠯᠠ ᠳ᠋ᠤᠷ ᠮᠣᠩᠭᠣᠯ ᠤ᠋ᠨ ᠴᠡᠷᠢᠭ ᠭᠤᠷᠪᠠᠨ ᠵᠠᠭᠤᠨ ᠬᠥᠮᠦᠨ ᠢ᠋ ᠳᠠᠭᠠᠭᠤᠯᠤᠨ ᠤᠷᠢᠳᠠ ᠢᠯᠡᠭᠡᠭᠡᠳ ᠬᠣᠢᠨ᠎ᠠ ᠠᠨᠤ ᠥᠪᠡᠷ ᠢ᠋ᠶ᠋ᠡᠨ ᠠᠭᠠᠵᠢᠮ ᠡᠴᠢᠬᠦᠢ ᠳ᠋ᠦ᠍ᠷ ᠶᠧ ᠯᠢᠦᠢ ᠯᠢᠦ ᠭᠧ ᠶ᠋ᠢᠨ ᠡᠨᠡ ᠴᠢᠨᠣ᠎ᠠ᠂ ᠲᠦᠩᠬᠥ᠋ ᠬᠣᠶᠠᠷ ᠲᠦᠰᠢᠮᠡᠯ ᠮᠠᠭᠤ ᠰᠠᠨᠠᠭᠠᠨ ᠡᠪᠦᠷᠯᠡᠵᠦ ᠭᠡᠷ ᠲᠦ᠍ᠷ ᠬᠦᠷᠦᠭᠡᠳ ᠺᠥ ᠳᠡ ᠭᠧ ᠶ᠋ᠢ ᠮᠡᠬᠡᠯᠡᠨ ᠥᠭᠦᠯᠡᠷᠦᠨ :《 ᠴᠢᠨᠦ ᠸᠠᠨ ᠨᠥ᠍ ᠶ᠋ᠢᠨ ᠭᠡᠷᠭᠡᠢ ᠶ᠋ᠢ ᠪᠤᠯᠢᠶᠠᠨ ᠵᠠᠰᠠᠭ ᠠ᠋ᠴᠠ ᠳᠠᠪᠠᠭᠰᠠᠨ ᠢ᠋ ᠬᠠᠭᠠᠨ ᠳ᠋ᠤᠷ ᠵᠠᠭᠠᠯᠳᠤᠵᠤ ᠴᠢᠮᠠᠶ᠋ᠢ ᠪᠠᠷᠢᠭᠤᠯᠤᠷᠠ ᠮᠠᠨ ᠢ᠋ ᠵᠠᠷᠤᠪᠠ᠂ ᠴᠢ ᠡᠰᠡ ᠤᠷᠪᠠᠬᠤᠯᠠ ᠮᠠᠭᠠᠳ ᠵᠠᠰᠠᠭ ᠲᠤᠷ ᠲᠣᠷᠳᠠᠮᠤᠢ᠃ 》 ᠬᠡᠮᠡᠭᠰᠡᠨ ᠳ᠋ᠦ᠍ᠷ ᠺᠥ ᠳᠡ ᠭᠧ ᠶᠠᠯ᠎ᠠ ᠠ᠋ᠴᠠ ᠪᠠᠨ ᠠᠶᠤᠵᠤ ᠳᠠᠷᠤᠢ ᠴᠢᠨᠣ᠎ᠠ᠂ ᠲᠦᠩᠬᠥ᠋᠂ ᠶᠠᠰᠢᠪᠥ᠋ ᠨᠠᠷ ᠯᠣᠬ᠎ᠠ ᠵᠥᠪᠳᠡᠵᠦ ᠶᠧ ᠯᠢᠦᠢ ᠯᠢᠦ ᠭᠧ ᠶ᠋ᠢ ᠮᠣᠩᠭᠣᠯ ᠳ᠋ᠤᠷ ᠦᠬᠦᠪᠡ ᠭᠡᠮᠡᠨ ᠬᠠᠭᠤᠷᠤᠨ ᠠᠯᠳᠠᠷᠰᠢᠭᠤᠯᠵᠤ᠂ ᠣᠯᠠᠨ ᠢ᠋ ᠠᠪᠴᠤ ᠤᠷᠪᠠᠭᠠᠳ ᠪᠡᠶ᠎ᠡ ᠪᠡᠨ ᠲᠩᠷᠢ ᠶ᠋ᠢᠨ ᠸᠠᠩ ᠭᠡᠮᠡᠨ ᠡᠷᠭᠦᠵᠦ᠂ ᠤᠯᠤᠰ ᠢ᠋ ᠲᠡᠢ ᠵᠸᠨ ᠭᠡᠮᠡᠨ ᠨᠡᠷᠡᠢᠳᠴᠦ ᠲᠢᠶᠠᠨ ᠸᠧᠢ ᠶ᠋ᠢᠨ ᠲᠡᠷᠢᠭᠦᠨ ᠣᠨ ᠭᠡᠮᠡᠨ ᠬᠡᠯᠡᠵᠦ᠂ ᠮᠣᠩᠭᠣᠯ ᠤ᠋ᠨ ᠴᠡᠷᠢᠭ ᠢ᠋ ᠪᠠᠷᠢᠬᠤᠢ ᠳ᠋ᠤᠷ ᠴᠡᠷᠢᠭ ᠦ᠋ᠨ ᠠᠷᠠᠳ ᠳᠤᠲᠠᠭᠠᠨ ᠶᠧ ᠯᠢᠦᠢ ᠯᠢᠦ ᠭᠧ ᠶ᠋ᠢ ᠤᠭᠲᠤᠨ ᠢᠷᠡᠵᠦ᠂ ᠺᠥ ᠳᠡ ᠭᠧ ᠤᠷᠪᠠᠵᠤ ᠬᠠᠭᠠᠨ ᠰᠠᠭᠤᠭᠰᠠᠨ ᠤᠴᠢᠷ ᠢ᠋ ᠮᠡᠳᠡᠭᠦᠯᠦᠭᠰᠡᠨ ᠳ᠋ᠦ᠍ᠷ ᠶᠧ ᠯᠢᠦᠢ ᠯᠢᠦ ᠭᠧ ᠪᠠᠬᠠᠨ ᠢᠨᠢᠶᠡᠵᠦ ᠳᠠᠷᠤᠢ ᠳ᠋ᠠᠢᠳᠥ᠋ ᠳ᠋ᠦ᠍ᠷ ᠡᠭᠡᠵᠦ ᠬᠠᠭᠠᠨ ᠳ᠋ᠤᠷ ᠠᠢᠯᠠᠳᠬᠠᠭᠰᠠᠨ ᠳ᠋ᠤᠷ ᠬᠠᠭᠠᠨ ᠵᠠᠷᠯᠢᠭ ᠪᠣᠯᠤᠷᠤᠨ : 《 ᠭᠠᠢ ᠦᠭᠡᠢ᠂ ᠴᠢ ᠬᠠᠷᠢᠶᠠᠲᠤ ᠢᠷᠭᠡᠨ ᠢ᠋ᠶ᠋ᠡᠨ ᠠᠯᠳᠠᠪᠠ ᠭᠡᠮᠡᠨ ᠪᠢᠲᠡᠭᠡᠢ ᠭᠣᠮᠣᠳᠠ᠂ ᠪᠢ ᠴᠢᠮ᠎ᠠ ᠳ᠋ᠤᠷ ᠡᠯ᠎ᠡ ᠵᠦᠢᠯ ᠢ᠋ ᠦᠯᠦ ᠬᠠᠢᠷᠠᠯᠠᠮᠤᠢ᠂ ᠵᠢᠯ ᠥᠩᠭᠡᠷᠡᠭᠰᠡᠨ ᠦ᠌ ᠬᠣᠢᠨ᠎ᠠ᠂ ᠰᠠᠢᠨ ᠮᠣᠷᠢᠲᠤ ᠪᠣᠯᠣᠳ ᠬᠦᠴᠦᠲᠡᠨ ᠴᠡᠷᠢᠭ ᠢ᠋ ᠢᠯᠡᠬᠡᠨ ᠴᠢᠨᠦ ᠬᠠᠷᠢᠶᠠᠲᠤ ᠭᠠᠵᠠᠷ ᠢ᠋ ᠠᠪᠴᠤ ᠥᠭᠰᠦᠭᠡᠢ ! 》 ᠬᠡᠮᠡᠭᠰᠡᠨ ᠳ᠋ᠦ᠍ᠷ ᠯᠢᠶᠣᠤ ᠸᠠᠩ ᠬᠡᠰᠢᠭ ᠲᠣᠷ ᠮᠥᠷᠭᠥᠵᠦ ᠢᠭᠲᠦᠯᠪᠡ ᠃ ᠬᠠᠭᠠᠨ ᠯᠢᠶᠣᠤ ᠳ᠋ᠦᠩ ᠢ᠋ ᠳᠠᠢᠯᠠᠬᠤ ᠵᠠᠷᠯᠢᠭ ᠪᠠᠭᠤᠯᠭᠠᠨ ᠴᠡᠷᠢᠭ ᠰᠢᠯᠭᠠᠪᠠ᠃ ᠳᠠᠭᠠᠯᠳᠤᠭ᠎ᠠ ᠮᠣᠩᠭᠣᠯ ᠤ᠋ᠨ ᠱᠢ ᠲᠢᠶᠠᠨ ᠯᠢ ᠶ᠋ᠢᠨ ᠴᠡᠷᠢᠭ ᠼᠠᠩ ᠵᠧᠦ ᠬᠣᠲᠠᠨ ᠢ᠋ ᠪᠠᠢᠯᠳᠤᠨ ᠠᠪᠴᠤ ᠬᠣᠲᠠ ᠰᠠᠬᠢᠭᠰᠠᠨ ᠵᠢᠶᠧ ᠳᠦ ᠱᠢ – ᠵᠣᠣ ᠱᠸᠥ ᠢᠦᠢ ᠶ᠋ᠢ ᠪᠠᠷᠢᠵᠤ ᠬᠦᠷᠭᠡᠨ ᠢᠷᠡᠭᠰᠡᠨ ᠢ᠋ ᠬᠠᠭᠠᠨ ᠥᠷᠥᠰᠢᠶᠡᠵᠦ ᠮᠥᠨ ᠲᠤᠰᠢᠶᠠᠯ ᠳ᠋ᠤᠷ ᠠᠬᠤᠭᠤᠯᠵᠤ᠂ ᠱᠢ ᠲᠢᠶᠠᠨ ᠯᠢ ᠳ᠋ᠦ᠍ᠷ ᠵᠠᠬᠢᠷᠤᠭᠤᠯᠪᠠ᠃ ᠶᠡᠬᠡ ᠴᠡᠷᠢᠭ ᠲᠦ᠍ᠷ ᠳᠠᠭᠠᠯᠳᠤᠭᠤᠯᠤᠨ ᠭᠠᠪᠢᠶ᠎ᠠ ᠶ᠋ᠢ ᠦᠵᠡᠭᠦᠯ ᠭᠡᠮᠡᠨ ᠬᠠᠭᠤᠯᠤᠨ ᠪᠠᠭᠤᠯᠭᠠᠪᠠ᠃ ᠲᠡᠳᠦᠢ ᠵᠢᠯ ᠦ᠋ᠨ ᠳᠣᠣᠷ᠎ᠠ ᠳᠥᠷᠪᠡᠨ ᠵᠠᠮ ᠤ᠋ᠨ ᠶᠡᠬᠡ ᠴᠡᠷᠢᠭ ᠳᠠᠷᠠᠭ᠎ᠠ ᠳᠠᠷᠠᠭ᠎ᠠ ᠪᠠᠷ ᠬᠦᠷᠴᠦ ᠢᠷᠡᠬᠦᠶ᠎ᠡ᠂ ᠬᠠᠭᠠᠨ ᠲᠠᠢᠽᠢ ᠲᠡᠷᠢᠭᠦᠯᠡᠨ ᠲᠠᠢᠰᠢ ᠲᠠᠢᠪᠤᠤ ᠨᠠᠷ ᠢ᠋ᠶ᠋ᠠᠷ ᠤᠭᠲᠤᠭᠤᠯᠤᠭᠰᠠᠭᠠᠷ ᠵᠢᠴᠢ ᠶᠡᠬᠡ ᠶᠤᠸᠠᠨᠱᠤᠸᠠᠢ ᠮᠤᠬᠤᠯᠢ ᠶ᠋ᠢᠨ ᠶᠡᠬᠡ ᠴᠡᠷᠢᠭ ᠢᠷᠡᠬᠦᠶ᠎ᠡ᠂ ᠬᠠᠭᠠᠨ ᠤ᠋ ᠭᠡᠭᠡᠨ ᠪᠡᠶ᠎ᠡ ᠪᠡᠷ ᠬᠣᠲᠠ ᠭᠠᠷᠴᠤ ᠤᠭᠲᠤᠨ ᠠᠷᠢᠬᠢ ᠬᠠᠢᠷᠠᠯᠠᠪᠠ᠃ ᠣᠯᠠᠨ ᠵᠠᠩᠵᠤᠨ ᠨᠠᠷ ᠲᠥᠷᠥ ᠳ᠋ᠦ᠍ᠷ ᠬᠤᠷᠠᠵᠤ᠂ ᠬᠠᠭᠠᠨ ᠡᠵᠡᠨ ᠰᠢᠷᠬᠡᠨᠡ ᠵᠠᠯᠠᠷᠠᠵᠤ᠂ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠳᠥᠷᠪᠡᠨ ᠵᠦᠭ ᠦ᠋ᠨ ᠳᠠᠭᠠᠭᠤᠯᠤᠭᠰᠠᠨ ᠬᠣᠲᠠ ᠪᠠᠯᠭᠠᠳ ᠤ᠋ᠨ ᠲᠣᠭ᠎ᠠ ᠶ᠋ᠢ ᠨᠤᠭᠤᠯᠪᠤᠷᠢ ᠪᠢᠴᠢᠵᠦ ᠡᠷᠭᠦᠪᠡ᠃ ᠦᠵᠡᠪᠡᠰᠦ ᠡᠮᠦᠨ᠎ᠡ ᠠᠯᠲᠠᠨ ᠤᠯᠤᠰ ᠢ᠋ ᠪᠠᠢᠯᠳᠤᠭᠰᠠᠨ ᠠ᠋ᠴᠠ ᠡᠨᠡ ᠲᠠᠪᠤᠨ ᠵᠢᠯ ᠦ᠋ᠨ ᠬᠣᠭᠣᠷᠣᠨᠳᠣ ᠣᠯᠤᠭᠰᠠᠨ ᠬᠣᠲᠠ ᠨᠡᠢᠲᠡ ᠨᠠᠢ᠍ᠮᠠᠨ ᠵᠠᠭᠤᠨ ᠶᠡᠷᠡᠨ ᠬᠣᠶᠠᠷ ᠪᠣᠯᠵᠤᠬᠤᠢ᠃ ᠲᠡᠳᠦᠢ ᠴᠢᠩᠭᠢᠰ ᠬᠠᠭᠠᠨ ᠶᠠᠨ ᠤ᠋ ᠭᠠᠵᠠᠷ ᠤ᠋ᠨ ᠨᠡᠢᠲᠡ ᠶ᠋ᠢ ᠲᠣᠭᠲᠠᠭᠠᠭᠠᠳ ᠪᠠᠶᠠᠰᠬᠤᠯᠠᠩ ᠤ᠋ᠨ ᠵᠠᠪᠰᠠᠷ᠎ᠠ ᠲᠡᠭᠷᠢ ᠭᠠᠵᠠᠷ ᠨᠠᠷᠠᠨ ᠰᠠᠷᠠᠨ ᠤᠷᠢᠳᠤᠰ ᠳᠡᠭᠡᠳᠦᠰ ᠲᠣᠷ ᠲᠠᠬᠢᠯ ᠲᠠᠪᠠᠭ ᠡᠷᠭᠦᠵᠦ᠂ ᠲᠠᠢᠬᠡᠦ᠂ ᠬᠤᠸᠠᠩᠬᠡᠦ ᠨᠠᠷ ᠲᠤᠷ ᠵᠠᠭᠤᠨ ᠲᠦᠰᠢᠮᠡᠳ ᠶᠣᠰᠣᠯᠠᠨ ᠮᠥᠷᠭᠥᠵᠦ᠂ ᠲᠦᠮᠡᠨ ᠢᠷᠭᠡᠨ ᠳ᠋ᠦ᠍ᠷ ᠵᠠᠷᠯᠢᠭ ᠥᠷᠯᠥᠭ ᠪᠠᠭᠤᠯᠭᠠᠨ᠂ ᠶᠠᠯᠠᠲᠠᠨ ᠢ᠋ ᠬᠥᠩᠭᠡᠯᠡᠨ ᠶᠡᠬᠡ ᠬᠤᠷᠢᠮ ᠬᠤᠷᠢᠮᠯᠠᠵᠤ᠂ ᠭᠠᠪᠢᠶ᠎ᠠ ᠵᠢᠳᠬᠦᠯᠭᠡ ᠶ᠋ᠢᠨ ᠶᠡᠬᠡ ᠪᠠᠬ᠎ᠠ ᠶ᠋ᠢ ᠭᠡᠮᠨᠡᠨ ᠬᠥᠬᠢᠭᠦᠯᠵᠦ᠂ ᠬᠣᠢᠲᠤ ᠵᠢᠯ ᠦ᠋ᠨ ᠴᠠᠭᠠᠨ ᠰᠠᠷ᠎ᠠ ᠳ᠋ᠤ᠌ ᠵᠠᠯᠭᠠᠨ ᠡᠷᠭᠦᠮᠵᠢᠯᠡᠬᠦ ᠶ᠋ᠢ ᠲᠣᠭᠲᠠᠭ᠎ᠠ ᠭᠡᠮᠡᠨ ᠲᠤᠰᠢᠶᠠᠪᠠ᠃ ᠵᠢᠴᠢ ᠥᠭᠦᠯᠡᠬᠦ ᠢᠨᠦ᠂ ᠳᠥᠷᠪᠡᠨ ᠬᠢᠵᠠᠭᠠᠷ ᠤ᠋ᠨ ᠬᠠᠳ ᠡᠵᠡᠳ ᠸᠠᠩ ᠰᠠᠢᠳ ᠵᠢᠯ ᠦ᠋ᠨ ᠶᠣᠰᠣᠭᠠᠷ ᠪᠠᠷᠠᠯᠬᠠᠷ᠎ᠠ ᠢᠷᠡᠭᠰᠡᠨ ᠲᠤᠯᠠ ᠴᠥᠮ ᠳ᠋ᠠᠢᠳᠥ᠋ ᠳ᠋ᠦ᠍ᠷ ᠴᠤᠭᠯᠠᠪᠠ᠃ ᠲᠡᠳᠦᠢ ᠬᠠᠭᠠᠨ ᠤ᠋ ᠭᠡᠭᠡᠨ ᠬᠠᠭᠤᠴᠢᠨ ᠮᠣᠩᠭᠣᠯ ᠤ᠋ᠨ ᠲᠦᠰᠢᠮᠡᠳ ᠪᠠ ᠳᠡᠭᠦᠦ ᠸᠠᠩ ᠨᠠᠷ᠂ ᠲᠠᠢᠽᠢ ᠸᠠᠩ ᠤ᠋ᠳ ᠢ᠋ ᠠᠪᠴᠤ ᠭᠡᠷ ᠦ᠋ᠨ ᠬᠤᠷᠢᠮ ᠬᠤᠷᠢᠮᠯᠠᠬᠤᠢ ᠳ᠋ᠤᠷ ᠳᠥᠷᠪᠡᠳᠦᠭᠡᠷ ᠲᠠᠢᠽᠢ ᠴᠢᠨ ᠸᠠᠩ ᠲᠣᠯᠢ ᠶ᠋ᠢ ᠳᠠᠭᠤᠳᠠᠵᠤ ᠨᠢᠭᠡᠨ ᠬᠤᠨᠳᠠᠭ᠎ᠠ ᠰᠠᠷᠬᠤᠳ ᠬᠠᠢᠷᠠᠯᠠᠨ ᠥᠭᠦᠯᠡᠷᠦᠨ : 《 ᠡᠨᠡ ᠵᠢᠯ ᠦ᠋ᠨ ᠨᠠᠢ᠍ᠮᠠᠨ ᠰᠠᠷ᠎ᠠ ᠶ᠋ᠢᠨ ᠨᠠᠢ᠍ᠮᠠᠨᠠ ᠬᠥᠩᠭᠡᠵᠢᠭᠰᠡᠨ ᠴᠢᠨᠦ ᠳᠥᠷᠪᠡᠳᠦᠭᠡᠷ ᠬᠥᠪᠡᠭᠦᠨ ᠬᠤᠪᠢᠯᠠᠢ ᠯᠠᠪ ᠨᠢᠭᠡᠨ ᠭᠠᠢᠬᠠᠮᠰᠢᠭᠲᠤ ᠡᠷ᠎ᠡ ᠭᠠᠷᠤᠮᠤᠢ᠃ ᠡᠨᠡ ᠠᠴᠢ ᠶ᠋ᠢ ᠬᠥᠩᠭᠡᠵᠢᠬᠦᠶᠡ ᠨᠠᠢ᠍ᠮᠠᠨ ᠵᠦᠢᠯ ᠦ᠋ᠨ ᠭᠠᠢᠬᠠᠮᠰᠢᠭ ᠪᠦᠷᠢᠳᠪᠡ᠃ ᠲᠡᠷᠢᠭᠦᠨ ᠳ᠋ᠦ᠍ᠷ ᠮᠢᠨᠦ ᠵᠡᠭᠦᠳᠦᠨ ᠳ᠋ᠦ᠍ᠷ ᠨᠡᠢᠯᠡᠪᠡ᠂ ᠬᠣᠶᠠᠷ ᠲᠤᠷ ᠬᠤᠸᠠᠩᠬᠡᠦ ᠪᠠᠰᠠ ᠵᠡᠭᠦᠳᠦᠯᠡᠪᠡ᠂ ᠭᠤᠷᠪᠠᠨ ᠳ᠋ᠤᠷ ᠳ᠋ᠠᠢᠳᠥ᠋ ᠬᠣᠲᠠᠨ ᠢ᠋ ᠣᠯᠪᠠ᠂ ᠳᠥᠷᠪᠡᠨ ᠳ᠋ᠦ᠍ᠷ ᠰᠠᠢᠬᠠᠨ ᠦᠨᠦᠷ ᠪᠠ ᠬᠠᠯᠠᠭᠤᠨ ᠠᠭᠤᠷ ᠮᠠᠨᠳᠤᠪᠠ᠂ ᠲᠠᠪᠤᠨ ᠳ᠋ᠤᠷ ᠾᠦᠩ ᠯᠦᠸᠧ ᠰᠠᠨ – ᠤᠯᠠᠭᠠᠨ ᠰᠢᠭᠦᠷ ᠣᠯᠠᠨ ᠳ᠋ᠣᠣ ᠰᠢᠦ ᠢᠷᠡᠵᠦ ᠳᠠᠭᠠᠪᠠ᠂ ᠵᠢᠷᠭᠤᠭ᠎ᠠ ᠳ᠋ᠤᠷ ᠲᠠᠪᠤᠨᠠᠩ ᠤ᠋ᠨ ᠴᠡᠷᠢᠭ ᠳᠡᠢᠯᠦᠭᠰᠡᠨ ᠮᠡᠳᠡᠭᠡ ᠢᠷᠡᠪᠡ᠂ ᠳᠣᠯᠣᠭ᠎ᠠ ᠳ᠋ᠤᠷ ᠳᠡᠭᠦᠦ ᠬᠠᠰᠠᠷ ᠤ᠋ᠨ ᠳᠡᠢᠯᠦᠭᠰᠡᠨ ᠮᠡᠳᠡᠭᠡ ᠢᠷᠡᠪᠡ᠂ ᠨᠠᠢ᠍ᠮᠠ ᠳ᠋ᠤᠷ ᠴᠢᠨᠦ ᠴᠡᠷᠢᠭ ᠦ᠋ᠨ ᠳᠡᠢᠯᠦᠭᠰᠡᠨ ᠮᠡᠳᠡᠭᠡ ᠢᠷᠡᠪᠡ᠃ ᠳᠠᠭᠠᠯᠲᠤᠬᠠ ᠮᠤᠬᠤᠯᠢ ᠶ᠋ᠢᠨ ᠣᠯᠠᠨ ᠬᠣᠲᠠᠨ ᠢ᠋ ᠠᠪᠤᠭᠰᠠᠨ ᠡᠨᠡ ᠴᠥᠮ ᠲᠡᠭᠦᠨ ᠦ᠌ ᠲᠥᠷᠥᠭᠰᠡᠨ ᠡᠳᠦᠷ ᠦ᠋ᠨ ᠴᠢᠯᠥᠭᠡ ᠳ᠋ᠦ᠍ᠷ ᠣᠨᠣᠪᠠ᠃ ᠲᠡᠢᠨ ᠬᠦ᠌ ᠡᠨᠡ ᠬᠥᠪᠡᠭᠦᠨ ᠯᠠᠪ ᠨᠠᠶᠠᠨ ᠨᠠᠰᠤ ᠭᠠᠷᠴᠤ ᠳᠡᠯᠡᠬᠡᠢ ᠳ᠋ᠠᠬᠢᠨ ᠢ᠋ ᠨᠡᠢᠭᠡᠮ ᠡᠷᠬᠢᠮ ᠪᠣᠯᠭᠠᠬᠤ ᠮᠡᠲᠦ᠃ ᠨᠡᠩ ᠪᠠᠰᠠ ᠡᠨᠡ ᠬᠥᠪᠡᠭᠦᠨ ᠢ᠋ ᠲᠥᠷᠥᠭᠰᠡᠨ ᠡᠴᠡ ᠮᠠᠨ ᠤ᠋ ᠤᠯᠤᠰ ᠤ᠋ᠨ ᠴᠡᠷᠢᠭ ᠠᠩᠭᠢ ᠪᠦᠷᠢ ᠴᠥᠮ ᠲᠠᠢᠯᠵᠤ ᠬᠥᠭᠵᠢᠪᠡ᠃ ᠡᠨᠡ ᠪᠡᠯᠭᠡ ᠴᠢᠪᠬᠢᠲᠡᠯ᠎ᠡ ᠡᠨᠡ ᠬᠥᠪᠡᠭᠦᠨ ᠦ᠌ ᠪᠡᠯᠭᠡ ᠳ᠋ᠦ᠍ᠷ ᠨᠡᠢᠴᠡᠪᠡ᠃ ᠴᠢ ᠬᠡᠳᠦᠢ ᠪᠣᠯᠬᠢ ᠪᠢᠲᠡᠭᠦᠯᠢᠭ ᠲᠡᠨᠡᠭ ᠴᠢᠬᠡᠴᠢ ᠪᠣᠯᠪᠠᠴᠤ ᠴᠢᠨᠦ ᠡᠨᠡ ᠬᠥᠪᠡᠭᠦᠨ ᠯᠠᠪ ᠪᠤᠶᠠᠨ ᠪᠢᠯᠢᠭᠲᠦ ᠶᠡᠬᠡ ᠢᠳᠡᠲᠡᠨ ᠭᠠᠷᠤᠮᠤᠢ᠃ ᠴᠢ ᠰᠠᠢᠬᠠᠨ ᠲᠡᠵᠢᠭᠡᠨ ᠥᠰᠬᠡᠵᠦ ᠤᠷᠢᠳᠤᠰ ᠳᠡᠭᠡᠳᠦᠰ ᠲᠣᠷ ᠬᠠᠷᠢᠭᠤᠯ ! 》 ᠬᠡᠮᠡᠭᠰᠡᠨ ᠳ᠋ᠦ᠍ᠷ ᠲᠣᠯᠢ ᠲᠡᠷᠢᠭᠦᠯᠡᠨ ᠵᠠᠭᠤᠨ ᠲᠦᠰᠢᠮᠡᠳ ᠬᠠᠭᠠᠨ ᠤ᠋ ᠠᠴᠢ ᠬᠥᠪᠡᠭᠦᠨ ᠢ᠋ᠶ᠋ᠡᠨ ᠢᠷᠥᠭᠡᠭᠰᠡᠨ ᠪᠠᠶᠠᠰᠬᠤᠯᠠᠩ ᠳ᠋ᠤᠷ ᠨᠡᠢᠯᠡᠭᠦᠯᠦᠨ ᠮᠥᠷᠭᠥᠵᠦ ᠶᠡᠬᠡᠳᠡ ᠬᠤᠷᠢᠮᠯᠠᠪᠠ᠃
ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠤ ᠄
ᠠᠯᠮᠠᠰ ᠡᠷᠳᠡᠨᠢ ᠣᠨᠴᠠ ᠬᠠᠲᠠᠭᠤ ᠴᠢᠯᠠᠭᠤᠨ ᠠ᠋ᠴᠠ ᠣᠷᠭᠣᠮᠤᠢ
ᠠᠯᠢᠪᠠ ᠪᠣᠭᠳᠠᠰ ᠡᠷᠬᠡᠪᠰᠢ ᠬᠠᠳᠠᠨ ᠴᠢᠬᠡᠴᠢ ᠡᠴᠡ ᠮᠠᠨᠳᠤᠯᠠᠮᠤᠢ᠂
ᠠᠮᠤᠭᠤᠯᠬᠤ ᠪᠡᠯᠭᠡ ᠡᠭᠡᠨᠡᠭᠲᠡ ᠤᠯᠤᠰ ᠲᠥᠷᠥ ᠳ᠋ᠦ᠍ᠷ ᠮᠡᠳᠡᠭᠳᠡᠵᠦ
ᠠᠯᠲᠠᠨ ᠳᠡᠯᠡᠬᠡᠢ ᠨᠡᠢᠭᠡᠮᠯᠡᠨ ᠲᠦᠪᠰᠢᠳᠬᠦ ᠲᠩᠷᠢ ᠶ᠋ᠢᠨ ᠪᠣᠱᠣᠭ ᠢᠯᠡᠷᠡᠪᠡ᠃
