ᠵᠡᠷᠭᠡᠯᠭᠡ ᠲᠡᠭᠡᠭᠡᠭᠰᠡᠨ ᠨᠡᠭᠦᠲᠡᠯЗэрэглээ тээсэн нүүдэл
ᠵᠡᠷᠭᠡᠯᠭᠡ ᠲᠡᠭᠡᠭᠡᠭᠰᠡᠨ ᠨᠡᠭᠦᠲᠡᠯ
ᠦᠭᠡ᠄ ᠦ᠊᠂ ᠬᠦᠷᠡᠯᠪᠠᠭᠠᠲᠤᠷ
ᠠᠶ᠎ᠠ᠄ ᠯᠾ᠊᠂ ᠪᠠᠯᠬᠠᠵᠠᠪ
ᠵᠡᠭᠡᠷ᠎ᠡ ᠶᠢᠨ ᠰᠢᠷᠭᠠᠯ ᠲᠠᠯ᠎ᠠ ᠳᠤ ᠪᠠᠨ ᠵᠢᠩ ᠦᠨ ᠴᠣᠪᠣᠭ᠎ᠠ ᠨᠢ ᠠᠢᠰᠤᠢ
ᠵᠡᠷᠭᠡᠯᠭᠡ ᠲᠡᠭᠡᠭᠡᠭᠰᠡᠨ ᠨᠡᠭᠦᠳᠡᠯ ᠨᠢ ᠵᠢᠵᠢᠭᠷᠡᠨ ᠲᠣᠳᠣᠷᠠᠭᠠᠳ ᠪᠠᠢᠨ᠎ᠠ ᠤᠤ
ᠵᠡᠷᠭᠡᠴᠡᠭᠡᠳ ᠢᠷᠡᠬᠦ ᠡᠴᠡ ᠨᠢ ᠡᠮᠦᠨ᠎ᠡ ᠠᠮᠠᠳᠠᠨ ᠣᠴᠢᠭᠠᠳ ᠲᠣᠰᠤᠶᠠ ᠤᠤ
ᠵᠡᠰ ᠦᠨ ᠲᠣᠮᠪᠣ ᠲᠠᠢ ᠴᠠᠢ ᠨᠢ ᠵᠡᠯᠭᠡᠬᠡᠨ ᠵᠡᠯᠭᠡᠬᠡᠨ ᠪᠠᠢᠨ᠎ᠠ ᠤᠤ
ᠠᠶᠠᠰ ᠤᠨ ᠴᠡᠩᠬᠡᠷ ᠰᠠᠯᠬᠢ ᠨᠢ ᠶᠠᠲᠤᠭ᠎ᠠ ᠶᠢᠨ ᠡᠭᠡᠰᠢᠭ ᠲᠡᠢ
ᠠᠯᠤᠰ ᠤᠨ ᠪᠠᠷ᠎ᠠ ᠲᠡᠢ ᠨᠡᠭᠦᠳᠡᠯ ᠨᠢ ᠰᠡᠳᠬᠢᠯ ᠦᠨ ᠤᠶᠠᠭ᠎ᠠ ᠲᠠᠢ
ᠳᠡᠷᠡᠰᠦᠨ ᠯᠢᠮᠪᠦ ᠶᠢᠨ ᠠᠶᠠᠯᠭᠤ ᠨᠢ ᠲᠠᠯ᠎ᠠ ᠳᠤ ᠪᠠᠨ ᠴᠢᠮᠡᠭ ᠲᠡᠢ
ᠳᠡᠨᠵᠢ ᠬᠣᠯᠪᠤᠬᠰᠠᠨ ᠨᠡᠭᠦᠳᠡᠯ ᠨᠢ ᠪᠣᠳᠣᠯ ᠤᠨ ᠤᠶᠠᠩᠭ᠎ᠠ ᠲᠠᠢ
ᠳᠣᠷᠣᠨ᠎ᠠ ᠶᠢᠨ ᠴᠡᠯᠡᠭᠡᠷ ᠲᠠᠯ᠎ᠠ ᠳᠤ ᠪᠠᠨ ᠵᠢᠩ ᠦᠨ ᠴᠣᠪᠣᠭ᠎ᠠ ᠨᠢ ᠠᠢᠰᠤᠢ
ᠳᠣᠮᠣᠬ ᠲᠡᠭᠡᠭᠡᠭᠰᠡᠨ ᠨᠡᠭᠦᠳᠡᠯ ᠨᠢ ᠲᠣᠷᠣᠯᠵᠠᠨ ᠪᠦᠷᠦᠯᠵᠡᠭᠡᠳ ᠪᠠᠢᠨ᠎ᠠ ᠤᠤ
ᠠᠲᠠᠨ ᠲᠡᠮᠡᠭᠡᠨ ᠦ ᠠᠯᠬᠤᠭ᠎ᠠ ᠨᠢ ᠲᠣᠷᠮᠣᠨ ᠰᠠᠯᠬᠢᠨ ᠤ ᠠᠶᠠᠯᠭᠤ
ᠠᠢᠷᠠᠭ ᠴᠠᠭ᠎ᠠ ᠶᠢᠨ ᠳᠡᠭᠡᠵᠢ ᠨᠢ ᠠᠷᠪᠢᠨ ᠠᠷᠪᠢᠨ ᠪᠠᠢᠨ᠎ᠠ ᠤᠤ
ᠠᠶᠠᠰ ᠤᠨ ᠴᠡᠩᠬᠡᠷ ᠰᠠᠯᠬᠢ ᠨᠢ ᠶᠠᠲᠣᠭᠠ ᠶᠢᠨ ᠡᠭᠡᠰᠢᠭ ᠲᠡᠢ
ᠠᠯᠤᠰ ᠤᠨ ᠪᠠᠷ᠎ᠠ ᠲᠡᠢ ᠨᠡᠭᠦᠳᠡᠯ ᠨᠢ ᠰᠡᠳᠬᠢᠯ ᠦᠨ ᠤᠶᠠᠭ᠎ᠠ ᠲᠠᠢ
ᠳᠡᠷᠡᠰᠦᠨ ᠯᠢᠮᠪᠦ ᠶᠢᠨ ᠠᠶᠠᠯᠭᠤ ᠨᠢ ᠲᠠᠯ᠎ᠠ ᠳᠤ ᠪᠠᠨ ᠴᠢᠮᠡᠭ ᠲᠡᠢ
ᠳᠡᠨᠵᠢ ᠬᠣᠯᠪᠤᠬᠰᠠᠨ ᠨᠡᠭᠦᠳᠡᠯ ᠨᠢ ᠪᠣᠳᠣᠯ ᠤᠨ ᠤᠶᠠᠩᠭ᠎ᠠ ᠲᠠᠢ
ᠲᠩᠷᠢ ᠭᠠᠵᠠᠷ ᠢ ᠲᠡᠩᠴᠡᠭᠦᠯᠦᠭᠡᠳ ᠵᠢᠩ ᠴᠣᠪᠣᠭ᠎ᠠ ᠨᠢ ᠠᠢᠰᠤᠢ
ᠲᠡᠨᠢᠭᠦᠨ ᠲᠠᠯ᠎ᠠ ᠶᠢ ᠰᠡᠪᠯᠡᠭᠡᠳ ᠨᠠᠭᠠᠰᠢᠯᠠᠨ ᠨᠠᠭᠠᠰᠢᠯᠠᠨ ᠪᠠᠢᠨ᠎ᠠ ᠤᠤ
ᠪᠠᠭᠤᠷᠢ ᠪᠠᠨ ᠰᠡᠯᠭᠦᠬᠦ ᠨᠤᠲᠤᠭ ᠨᠢ ᠨᠠᠷᠠᠨ ᠰᠠᠷᠠᠨ ᠤ ᠵᠠᠢ ᠲᠠᠢ
ᠪᠠᠭᠤᠵᠤ ᠦᠳᠡᠯᠡᠬᠦ ᠵᠠᠪᠰᠠᠷ ᠨᠢ ᠮᠡᠨᠳᠦ ᠮᠡᠨᠳᠦ ᠪᠡᠨ ᠮᠡᠳᠡᠪᠡ ᠤᠤ
ᠠᠶᠠᠰ ᠤᠨ ᠴᠡᠩᠬᠡᠷ ᠰᠠᠯᠬᠢ ᠨᠢ ᠶᠠᠲᠤᠭ᠎ᠠ ᠶᠢᠨ ᠡᠭᠡᠰᠢᠭ ᠲᠡᠢ
ᠠᠯᠤᠰ ᠤᠨ ᠪᠠᠷ᠎ᠠ ᠲᠠᠢ ᠨᠡᠭᠦᠳᠡᠯ ᠨᠢ ᠰᠡᠳᠬᠢᠯ ᠦᠨ ᠤᠶᠠᠭ᠎ᠠ ᠲᠠᠢ
ᠲᠡᠷᠡᠰᠦᠨ ᠯᠢᠮᠪᠦ ᠶᠢᠨ ᠠᠶᠠᠯᠭᠤ ᠨᠢ ᠲᠠᠯ᠎ᠠ ᠳ᠋ᠦ᠍ ᠪᠡᠨ ᠴᠢᠮᠡᠭ ᠲᠡᠢ
ᠳᠡᠨᠵᠢ ᠬᠣᠯᠪᠣᠬᠰᠠᠨ ᠨᠡᠭᠦᠳᠡᠯ ᠨᠢ ᠪᠣᠳᠣᠯ ᠤᠨ ᠣᠶᠠᠩᠭ᠎ᠠ ᠲᠠᠢ
ᠵᠡᠷᠭᠡᠯᠭᠡ ᠲᠡᠭᠡᠭᠡᠭᠰᠡᠨ ᠨᠡᠭᠦᠳᠡᠯ ᠨᠢ ᠰᠡᠳᠬᠢᠯ ᠦᠨ ᠤᠶᠠᠭ᠎ᠠ ᠲᠠᠢ
ᠦᠰᠦᠭ ᠠᠮᠢᠯᠠᠭᠤᠯᠤᠬᠰᠠᠨ ᠨᠢ᠄ ᠦᠯᠵᠡᠢᠪᠠᠭᠠᠲᠤᠷ
ᠬᠢᠨᠠᠬᠰᠠᠨ ᠨᠢ᠄ ᠣᠳᠬᠠᠨᠰᠤ᠎ᠠ ᠢᠷᠡᠭᠡᠳᠦᠢ
