ᠣᠢ ᠳ᠋ᠤ᠌ ᠲᠥᠭᠡᠷᠢᠭᠰᠡᠨ ᠨᠢ-ᠲ ∙ ᠪᠠᠶᠠᠰᠬᠤᠯᠠᠩТ.Баясгалан-Ойд төөрсөн нь Lost In Forest ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠢ ᠳ᠋ᠤ᠌ ᠲᠥᠭᠡᠷᠢᠭᠰᠡᠨ ᠨᠢ-ᠲ ∙ ᠪᠠᠶᠠᠰᠬᠤᠯᠠᠩТ.Баясгалан-Ойд төөрсөн нь Lost In Forest

ᠣᠢ ᠳ᠋ᠤ᠌ ᠲᠥᠭᠡᠷᠢᠭᠰᠡᠨ ᠨᠢ-ᠲ ∙ ᠪᠠᠶᠠᠰᠬᠤᠯᠠᠩТ.Баясгалан-Ойд төөрсөн нь Lost In Forest

ᠠᠩᠭᠢᠯᠠᠯ:ᠳᠠᠭᠤᠤ ᠬᠥᠭᠵᠢᠮ
2023-09-12

348

ᠣᠢ ᠳ᠋ᠤ᠌ ᠲᠥᠭᠡᠷᠢᠭᠰᠡᠨ ᠨᠢ


     ᠦᠭᠡ᠄ ᠱ· ᠭᠦᠷᠦᠪᠠᠽᠠᠷ 
     ᠠᠶ᠎ᠠ᠄ ᠯ· ᠪᠠᠯᠾᠠᠵᠠᠪ 
     ᠳᠠᠭᠤᠴᠢᠨ᠄ ᠲ· ᠪᠠᠶᠠᠰᠬᠤᠯᠠᠩ 

ᠰᠠᠷᠢᠳᠠᠭ ᠥᠨᠳᠥᠷ ᠠᠭᠤᠯᠠᠰ ᠨᠢ 
ᠰᠠᠨᠠᠭ᠎ᠠ ᠠᠯᠳᠠᠬᠤ ᠶ᠋ᠢ ᠮᠢᠨᠢ ᠰᠣᠨᠣᠰᠪᠠ ᠤᠤ ᠳᠠ 
ᠰᠠᠯᠤᠭᠠᠳ ᠬᠣᠯᠠᠳᠠᠬᠤ ᠶ᠋ᠢᠨ ᠠᠷᠭ᠎ᠠ ᠦᠭᠡᠢ  
ᠰᠠᠢᠬᠠᠨ ᠬᠠᠢᠷ᠎ᠠ ᠪᠠᠨ ᠠᠷᠭᠠᠳᠠᠶ᠎ᠠ ᠳᠠ 
ᠰᠠᠯᠤᠭᠠᠳ ᠬᠣᠯᠠᠳᠠᠬᠤ ᠶ᠋ᠢᠨ ᠠᠷᠭ᠎ᠠ ᠦᠭᠡᠢ 
ᠰᠠᠢᠬᠠᠨ ᠬᠠᠢᠷ᠎ᠠ ᠪᠠᠨ ᠠᠷᠭᠠᠳᠠᠶ᠎ᠠ ᠳᠠ 

ᠬᠥᠩᠬᠥᠷ ᠨᠣᠭᠣᠭᠠᠨ ᠰᠢᠭᠤᠢ ᠳ᠋ᠤ᠌ ᠪᠠᠨ 
ᠬᠦᠢᠲᠡᠨ ᠵᠢᠪᠠᠷ ᠨᠢ ᠪᠦᠯᠢᠶᠡᠴᠡᠪᠡ ᠤᠤ ᠳᠠ
ᠬᠦᠯᠢᠶᠡᠭᠰᠡᠨ ᠰᠡᠳᠬᠢᠯ ᠳᠤᠮᠳᠠ ᠪᠠᠨ
ᠴᠢᠮ᠎ᠠ ᠶ᠋ᠢ ᠪᠡᠨ ᠪᠣᠳᠣᠨ ᠲᠠᠢᠳᠬᠤᠷᠠᠶ᠎ᠠ ᠳᠠ
ᠬᠦᠯᠢᠶᠡᠭᠰᠡᠨ ᠰᠡᠳᠬᠢᠯ ᠳᠤᠮᠳᠠ ᠪᠠᠨ
ᠴᠢᠮ᠎ᠠ ᠶ᠋ᠢ ᠪᠡᠨ ᠪᠣᠳᠣᠨ ᠲᠠᠢᠳᠬᠤᠷᠠᠶ᠎ᠠ ᠳᠠ

ᠬᠥᠪᠴᠢ ᠶ᠋ᠢᠨ ᠪᠤᠭᠤᠷᠤᠯ 
ᠬᠦᠰᠡᠯ ᠪᠣᠷᠣᠭ᠎ᠠ ᠪᠣᠯᠤᠨ ᠣᠷᠣᠭᠠᠰᠠᠢ
ᠬᠣᠯᠠ ᠶ᠋ᠢᠨ ᠰᠠᠢᠬᠠᠨ ᠢᠷᠦᠭᠡᠯ ᠳ᠋ᠦ᠍ ᠪᠡᠨ
ᠬᠥᠮᠦᠨ ᠦ᠌ ᠵᠠᠶᠠᠭ᠎ᠠ ᠭᠡᠢᠭᠡᠰᠡᠢ

ᠲᠠᠢᠭ᠎ᠠ ᠶ᠋ᠢᠨ ᠠᠯᠠᠭ ᠴᠡᠴᠡᠭ ᠲᠦ᠍ ᠪᠡᠨ
ᠪᠤᠭᠤ ᠶ᠋ᠢᠨ ᠵᠣᠷᠭᠣᠯ ᠨᠢ ᠡᠷᠬᠡᠯᠡᠭᠡᠰᠡᠢ
ᠲᠩᠷᠢ ᠶ᠋ᠢᠨ ᠴᠢᠭᠢᠭ ᠲᠡᠢ ᠮᠡᠯᠮᠡᠢ ᠨᠢ
ᠪᠢᠳᠡᠨ ᠬᠣᠶᠠᠷ ᠢ᠋ ᠰᠢᠷᠳᠡᠭᠡᠰᠡᠢ

ᠪᠤᠢᠷ ᠤ᠋ᠨ ᠰᠦᠮᠪᠦᠷ ᠣᠷᠣᠢ ᠲᠠᠢ
ᠪᠤᠭᠤᠷᠤᠯ ᠬᠥᠪᠴᠢ ᠶ᠋ᠢᠨ ᠬᠠᠢᠷᠬᠠᠨ ᠮᠢᠨᠢ
ᠪᠢᠳᠡᠨ ᠬᠣᠶᠠᠷ ᠤ᠋ᠨ ᠬᠠᠢᠷ᠎ᠠ ᠶ᠋ᠢ
ᠭᠠᠭᠴᠠᠬᠠᠨ ᠭᠡᠳ ᠠᠳᠢᠰᠯᠠᠨ᠎ᠠ ᠳᠠ
ᠪᠢᠳᠡᠨ ᠬᠣᠶᠠᠷ ᠤ᠋ᠨ ᠬᠠᠢᠷ᠎ᠠ ᠶ᠋ᠢ
ᠭᠠᠭᠴᠠᠬᠠᠨ ᠭᠡᠳ ᠠᠳᠢᠰᠯᠠᠨ᠎ᠠ ᠳᠠ

ᠬᠥᠪᠴᠢ ᠶ᠋ᠢᠨ ᠪᠤᠭᠤᠷᠤᠯ ᠬᠦᠰᠡᠯ
ᠪᠣᠷᠣᠭ᠎ᠠ ᠪᠣᠯᠤᠨ ᠣᠷᠣᠭᠠᠰᠠᠢ
ᠬᠣᠯᠠ ᠶ᠋ᠢᠨ ᠰᠠᠢᠬᠠᠨ ᠢᠷᠦᠭᠡᠯ ᠳ᠋ᠦ᠍ ᠪᠡᠨ
ᠬᠥᠮᠦᠨ ᠦ᠌ ᠵᠠᠶᠠᠭ᠎ᠠ ᠭᠡᠢᠭᠡᠰᠡᠢ

ᠲᠠᠢᠭ᠎ᠠ ᠶ᠋ᠢᠨ ᠠᠯᠠᠭ ᠴᠡᠴᠡᠭ ᠲᠦ᠍ ᠪᠡᠨ
ᠪᠤᠭᠤ ᠶ᠋ᠢᠨ ᠵᠣᠷᠭᠣᠯ ᠨᠢ ᠡᠷᠬᠡᠯᠡᠭᠡᠰᠡᠢ
ᠲᠩᠷᠢ ᠶ᠋ᠢᠨ ᠴᠢᠭᠢᠭ ᠲᠡᠢ ᠮᠡᠯᠮᠡᠢ ᠨᠢ
ᠪᠢᠳᠡᠨ ᠬᠣᠶᠠᠷ ᠢ᠋ ᠰᠢᠷᠳᠡᠭᠡᠰᠡᠢ

ᠲᠩᠷᠢ ᠶ᠋ᠢᠨ ᠴᠢᠭᠢᠭ ᠲᠡᠢ ᠮᠡᠯᠮᠡᠢ ᠨᠢ
ᠪᠢᠳᠡᠨ ᠬᠣᠶᠠᠷ ᠢ᠋ ᠰᠢᠷᠲᠡᠭᠡᠰᠡᠢ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ