ᠬᠥᠬᠡ ᠰᠤᠳᠤᠷ - ᠢᠨᠵᠠᠨᠨᠠᠰᠢ < ᠳᠥᠴᠢᠨ ᠵᠢᠷᠭᠤᠳᠤᠭᠠᠷ ᠪᠦᠯᠦᠭ > Хөх судар - Инжинаш < Дөчин зургадугаар бүлэг >
ᠬᠠᠭᠤᠴᠢᠨ ᠤᠯᠤᠰ ᠢ᠋ ᠦᠯᠦ ᠮᠥᠬᠥᠭᠡᠬᠦ ᠪᠣᠭᠳᠠ ᠶ᠋ᠢᠨ ᠡᠨᠡᠷᠢᠯ ᠤᠷᠲᠤ
ᠬᠠᠭᠤᠷᠮᠠᠭ ᠰᠡᠳᠬᠢᠯ ᠢ᠋ ᠦᠯᠦ ᠬᠠᠯᠠᠬᠤ ᠠᠯᠲᠠᠨ ᠤ᠋ ᠵᠢᠰᠤᠷ ᠦᠯᠡᠮᠵᠢ
ᠳᠥᠴᠢᠨ ᠵᠢᠷᠭᠤᠳᠤᠭᠠᠷ ᠪᠦᠯᠦᠭ
ᠬᠥᠬᠡ ᠨᠣᠬᠠᠢ ᠵᠢᠯ᠂ᠶᠡᠬᠡ ᠮᠣᠩᠭᠣᠯ ᠤ᠋ᠨ ᠴᠢᠩᠭᠢᠰ ᠬᠠᠭᠠᠨ ᠤ᠋ ᠶᠢᠰᠦᠳᠦᠭᠡᠷ ᠣᠨ᠂ᠰᠥᠩ ᠤᠯᠤᠰ ᠤ᠋ᠨ ᠨᠢᠩᠽᠦ᠋ᠩ ᠬᠠᠭᠠᠨ ᠤ᠋
ᠶ᠋ᠢᠶᠠ ᠳ᠋ᠧᠩ ᠦ᠋ᠨ ᠳᠣᠯᠣᠳᠤᠭᠠᠷ ᠣᠨ᠂ᠠᠯᠲᠠᠨ ᠤᠯᠤᠰ ᠤ᠋ᠨ ᠰᠢᠤᠸᠠᠨᠽᠦ᠋ᠩ ᠦ᠋ᠨ ᠵᠸᠨ ᠢᠦ ᠶ᠋ᠢᠨ ᠬᠣᠶᠠᠳᠤᠭᠠᠷ ᠣᠨ᠂
ᠲᠠᠢᠽᠦ ᠪᠣᠭᠳᠠ ᠡᠨᠡ ᠵᠢᠯ ᠲᠠᠪᠢᠨ ᠭᠤᠷᠪᠠᠨ ᠰᠡᠭᠦᠳᠡᠷ ᠲᠡᠢ
ᠬᠠᠭᠤᠴᠢᠨ ᠤᠯᠤᠰ ᠢ᠋ ᠦᠯᠦ ᠮᠥᠬᠥᠭᠡᠬᠦ ᠪᠣᠭᠳᠠ ᠶ᠋ᠢᠨ ᠡᠨᠡᠷᠢᠯ ᠤᠷᠲᠤ
ᠬᠠᠭᠤᠷᠮᠠᠭ ᠰᠡᠳᠬᠢᠯ ᠢ᠋ ᠦᠯᠦ ᠬᠠᠯᠠᠬᠤ ᠠᠯᠲᠠᠨ ᠤ᠋ ᠵᠢᠰᠤᠷ ᠦᠯᠡᠮᠵᠢ
ᠲᠠᠨᠲᠠᠴᠠ ᠴᠢᠩᠭᠢᠰ ᠬᠠᠭᠠᠨ ᠶᠡᠬᠡ ᠴᠡᠷᠢᠭ ᠢ᠋ ᠠᠪᠴᠤ ᠶ᠋ᠸᠨ ᠴᠧᠩ ᠦ᠋ᠨ ᠬᠣᠢᠲᠤ ᠱᠠᠨ ᠳ᠋ᠦᠩ ᠳ᠋ᠦ᠍ ᠪᠠᠭᠤᠳᠠᠯᠯᠠᠪᠠ᠃ᠣᠯᠠᠨ ᠸᠠᠩ᠂ᠰᠠᠢᠳ ᠲᠦᠰᠢᠮᠡᠯ ᠲᠦᠰᠢᠶ᠎ᠡ ᠠᠯᠲᠠᠨ ᠤᠯᠤᠰ ᠢ᠋ ᠳᠡᠢᠯᠦᠭᠰᠡᠨ ᠪᠠᠶᠠᠰᠬᠤᠯᠠᠩ ᠤ᠋ᠨ ᠶᠣᠰᠣᠭᠠᠷ ᠮᠥᠷᠭᠥᠵᠦ ᠶᠡᠬᠡ ᠬᠤᠷᠢᠮ ᠬᠤᠷᠢᠮᠯᠠᠪᠠ᠃ᠮᠣᠩᠭᠣᠯ ᠤ᠋ᠨ ᠨᠤᠲᠤᠭ ᠠ᠋ᠴᠠ ᠣᠯᠠᠨ ᠲᠠᠢᠰᠢ ᠨᠠᠷ ᠢᠷᠡᠵᠦ ᠪᠠᠶᠠᠰᠬᠤᠯᠠᠩ ᠤ᠋ᠨ ᠶᠣᠰᠣᠨ ᠢ᠋ᠶ᠋ᠠᠷ ᠮᠥᠷᠭᠥᠵᠦ᠂ᠲᠠᠢᠬᠡᠦ ᠬᠤᠸᠠᠩᠬᠡᠦ ᠶ᠋ᠢᠨ ᠠᠮᠤᠷ ᠮᠡᠨᠳᠦ ᠶ᠋ᠢ ᠬᠦᠷᠭᠡᠵᠦ ᠢᠷᠡᠪᠡ᠃
ᠲᠡᠳᠦᠢ ᠣᠯᠠᠨ ᠲᠠᠢᠰᠢ ᠲᠠᠢᠪᠤᠤ ᠸᠠᠩ ᠰᠠᠢᠳ ᠤ᠋ᠳ ᠬᠠᠭᠠᠨ ᠳ᠋ᠤᠷ ᠠᠢᠯᠠᠳᠬᠠᠷᠤᠨ :《ᠪᠣᠭᠳᠠ ᠡᠵᠡᠨ ᠬᠠᠷᠠᠬᠠᠨ ᠠᠷᠪᠠᠨ ᠭᠤᠷᠪᠠᠨ ᠰᠡᠭᠦᠳᠡᠷ ᠡᠴᠡ ᠳᠡᠭᠡᠳᠦ ᠴᠢᠭᠢᠷᠠᠭ ᠪᠠᠲᠤ ᠡᠵᠡᠨ ᠦ᠌ ᠦᠰ ᠢ᠋ ᠠᠪᠬᠤ ᠴᠡᠷᠢᠭ ᠪᠠᠢᠭᠤᠯᠤᠭᠰᠠᠨ ᠠ᠋ᠴᠠ ᠡᠳᠦᠭᠡ ᠲᠠᠪᠢᠨ ᠭᠤᠷᠪᠠᠨ ᠰᠡᠭᠦᠳᠡᠷ ᠪᠣᠯᠵᠤ᠂ᠳᠥᠴᠢᠨ ᠵᠢᠯ ᠵᠠᠭᠤᠨ ᠵᠦᠢᠯ ᠢ᠋ᠶ᠋ᠡᠷ ᠵᠣᠪᠠᠨ ᠵᠦᠳᠡᠵᠦ ᠴᠢᠷᠮᠠᠢᠨ ᠵᠢᠳᠬᠦᠵᠦ ᠶᠠᠪᠤᠭᠰᠠᠭᠠᠷ᠂ᠡᠳᠦᠭᠡ ᠠᠯᠲᠠᠨ ᠤᠯᠤᠰ ᠤ᠋ᠨ ᠵᠢᠷᠠᠨ ᠢᠯᠡᠭᠦᠦ ᠬᠣᠲᠠᠨ ᠢ᠋ ᠠᠪᠴᠤ ᠠᠷᠪᠠᠨ ᠪᠣᠭᠣᠮᠲᠠ ᠶ᠋ᠢ ᠴᠥᠮ ᠡᠪᠳᠡᠵᠦ ᠡᠭᠡᠯ ᠵᠠᠮ ᠪᠣᠯᠭᠠᠪᠠ᠃ᠤᠷᠢᠳᠤ ᠵᠢᠯ ᠦ᠋ᠨ ᠣᠯᠤᠭᠰᠠᠨ ᠬᠣᠲᠠ ᠨᠤᠭᠤᠳ ᠮᠠᠨ ᠤ᠋ ᠴᠡᠷᠢᠭ ᠡᠭᠡᠮᠡᠭᠴᠡ ᠠᠯᠲᠠᠨ ᠤᠯᠤᠰ ᠳᠠᠬᠢᠨ ᠲᠦᠰᠢᠮᠡᠯ ᠴᠡᠷᠢᠭ ᠢ᠋ᠶ᠋ᠡᠷ ᠰᠠᠬᠢᠭᠤᠯᠵᠤ᠂ᠴᠡᠷᠢᠭ ᠢ᠋ ᠳᠠᠬᠢᠨ ᠳᠠᠬᠢᠨ ᠬᠦᠴᠦᠨ ᠰᠦᠢᠳᠬᠡᠵᠦ ᠪᠠᠢᠯᠳᠤᠨ ᠠᠪᠤᠭᠤᠯᠤᠮᠤᠢ᠃ᠲᠡᠷᠡ ᠦᠶ᠎ᠡ ᠳ᠋ᠦ᠍ᠷ ᠠᠪᠤᠭᠰᠠᠨ ᠬᠣᠲᠠ ᠪᠦᠭᠦᠳᠡ ᠳ᠋ᠦ᠍ᠷ ᠴᠥᠮ ᠮᠠᠨ ᠤ᠋ ᠴᠡᠷᠢᠭ ᠢ᠋ ᠦᠯᠡᠳᠡᠭᠡᠵᠦ ᠲᠦᠰᠢᠮᠡᠳ ᠢ᠋ᠶ᠋ᠡᠷ ᠰᠠᠬᠢᠭᠤᠯᠪᠠᠰᠤ᠂ᠮᠠᠨ ᠤ᠋ ᠴᠡᠷᠢᠭ ᠴᠥᠭᠡᠷᠡᠭᠡᠳ ᠵᠠᠩᠵᠤᠨ ᠳᠤᠲᠠᠭᠳᠠᠵᠤ ᠴᠡᠷᠢᠭ ᠦ᠋ᠨ ᠰᠦᠷ ᠬᠤᠪᠢᠶᠠᠭᠳᠠᠬᠤ ᠲᠤᠯᠠ ᠡᠰᠡ ᠰᠠᠬᠢᠭᠤᠯᠪᠠ᠃ᠵᠢᠴᠢ ᠳ᠋ᠦ᠍ᠷ ᠮᠠᠨ ᠤ᠋ ᠮᠣᠩᠭᠣᠯ ᠴᠤᠯᠭᠤᠢ ᠴᠦᠯᠢᠰ ᠢ᠋ᠶ᠋ᠡᠷ ᠬᠣᠲᠠ ᠪᠠᠯᠭᠠᠳ ᠤ᠋ᠨ ᠢᠷᠭᠡᠨ ᠢ᠋ ᠬᠡᠲᠦᠷᠬᠡᠶ᠎ᠡ ᠵᠦᠳᠡᠭᠡᠵᠦ ᠣᠯᠠᠨ ᠤ᠋ ᠰᠡᠳᠬᠢᠯ ᠢ᠋ ᠠᠯᠲᠠᠨ᠂ᠤᠯᠤᠰ ᠤ᠋ᠨ ᠦᠨᠳᠦᠰᠦᠨ ᠳ᠋ᠦ᠍ᠷ ᠬᠣᠣᠷ ᠪᠣᠯᠭᠤᠵᠠᠢ ᠭᠡᠮᠡᠨ ᠲᠦᠷ ᠬᠡᠳᠦᠨ ᠵᠢᠯ ᠪᠠᠢᠳᠠᠯ ᠢ᠋ ᠦᠵᠡᠰᠦᠭᠡᠢ ᠬᠡᠮᠡᠪᠡ᠃ᠡᠳᠦᠭᠡ ᠶᠡᠬᠡ ᠪᠠᠭ᠎ᠠ ᠵᠧᠦ ᠵᠢᠶᠤᠨ ᠬᠣᠲᠠ ᠪᠠᠯᠭᠠᠳ ᠢ᠋ ᠨᠡᠢᠲᠡ ᠵᠢᠷᠠ ᠢᠯᠡᠭᠦᠦ ᠣᠯᠵᠤ᠂ᠪᠠᠰᠠ ᠴᠥᠮ ᠣᠷᠬᠢᠬᠤ ᠠᠨᠤ ᠮᠠᠰᠢ ᠬᠠᠢᠷᠠᠬᠠᠨ ᠪᠥᠭᠡᠳ ᠠᠪᠤᠭᠰᠠᠨ ᠠᠮᠲᠠ ᠦᠭᠡᠢ ᠪᠣᠯᠤᠮᠤᠢ᠃ᠡᠭᠦᠨ ᠳ᠋ᠦ᠍ ᠬᠠᠭᠠᠨ ᠤ᠋ ᠴᠡᠷᠢᠭ ᠡᠭᠡᠮᠡᠭᠴᠡ ᠳᠠᠷᠤᠢ ᠴᠥᠮ ᠣᠷᠣᠮᠤᠢ᠂ᠣᠷᠣᠪᠠᠰᠤ ᠪᠠᠰᠠ ᠬᠦ᠌ ᠳᠠᠢᠯᠠᠵᠤ ᠠᠪᠤᠮᠤᠢ᠃ᠡᠳᠦᠭᠡ ᠳ᠋ᠦ᠍ᠷ ᠬᠦᠴᠦᠨ ᠣᠷᠣᠬᠤ ᠠᠰᠤᠷᠤ ᠬᠡᠴᠡᠭᠦᠦ᠂ᠬᠡᠳᠦᠢ ᠵᠢᠷᠠᠨ ᠬᠤᠲᠠᠨ᠎ᠠ ᠥᠪᠡᠷ᠎ᠡ ᠲᠦᠱᠢᠮᠡᠯ ᠲᠠᠯᠪᠢᠨ ᠵᠢᠷᠠᠨ ᠠᠩᠭᠢ ᠴᠡᠷᠢᠭ ᠰᠠᠯᠭᠠᠵᠤ ᠰᠠᠭᠤᠬᠤ ᠠ᠋ᠴᠠ ᠪᠠᠭ᠎ᠠ ᠪᠣᠯᠪᠠᠴᠤ ᠪᠠᠢᠯᠳᠤᠬᠤ ᠲᠤᠬᠠᠢ ᠶ᠋ᠢᠨ ᠲᠦᠭᠰᠢᠯ ᠮᠥᠨ ᠬᠢᠯᠪᠠᠷ ᠦᠭᠡᠢ᠃ᠲᠡᠢᠨ ᠬᠦ᠌ ᠬᠡᠷᠬᠢᠨ ᠪᠣᠳᠣᠪᠠᠴᠤ ᠬᠠᠭᠠᠨ ᠤ᠋ ᠭᠡᠭᠡᠨ ᠡᠷᠬᠡᠪᠰᠢ ᠣᠷᠳᠣᠨ ᠤ᠋ ᠬᠣᠲᠠᠯᠠᠭᠠᠷ ᠢ᠋ ᠠᠪᠴᠤ ᠡᠨᠡ ᠠᠯᠲᠠᠨ ᠤᠯᠤᠰ ᠲᠤᠷ ᠨᠤᠲᠤᠭᠯᠠᠵᠤ ᠰᠠᠭᠤᠪᠠᠰᠤ ᠰᠠᠶᠢ ᠡᠨᠡ ᠳᠥᠴᠢᠨ ᠵᠢᠯ ᠦ᠋ᠨ ᠠᠴᠢ ᠲᠤᠰᠠ ᠠᠮᠲᠠ ᠴᠢᠨᠠᠷ ᠠᠨᠤ ᠢᠯᠡᠷᠡᠮᠦᠢ᠃ᠬᠠᠭᠠᠨ ᠤ᠋ ᠭᠡᠭᠡᠨ ᠡᠨᠳᠡ ᠨᠤᠲᠤᠭᠯᠠᠬᠤ ᠳ᠋ᠤᠷ ᠬᠦᠷᠪᠡᠰᠦ ᠡᠷᠬᠡᠪᠰᠢ ᠨᠢᠭᠡᠨ ᠪᠠᠲᠤ ᠨᠤᠲᠠ ᠬᠣᠲᠠ ᠪᠠᠯᠭᠠᠳ ᠬᠡᠷᠡᠭᠲᠡᠢ᠂ᠡᠨᠡ ᠭᠠᠵᠠᠷ ᠢ᠋ ᠮᠠᠨ ᠤ᠋ ᠠᠷᠤ ᠭᠠᠵᠠᠷ ᠲᠤᠷ ᠦᠯᠢᠭᠡᠷᠯᠡᠵᠦ ᠦᠯᠦ ᠪᠣᠯᠤᠮᠤᠢ᠃ᠬᠡᠷᠪᠡ ᠪᠠᠲᠤ ᠪᠡᠬᠢ ᠬᠣᠲᠠ ᠶ᠋ᠢ ᠡᠷᠢᠪᠡᠰᠦ ᠠᠯᠲᠠᠨ ᠤᠯᠤᠰ ᠤ᠋ᠨ ᠶᠠᠨ ᠵᠢᠩ - ᠵᠦᠩᠳ᠋ᠦ᠋ ᠬᠣᠲᠠ ᠠ᠋ᠴᠠ ᠡᠷᠬᠢᠮ ᠢᠨᠦ ᠦᠭᠡᠢ᠂ᠬᠠᠭᠠᠨ ᠡᠨᠡ ᠳᠡᠢᠯᠦᠭᠰᠡᠨ ᠬᠦᠴᠦᠨ ᠳ᠋ᠦ᠍ᠷ ᠵᠦᠩᠳ᠋ᠦ᠋ ᠬᠣᠲᠠ ᠶ᠋ᠢ ᠬᠠᠭᠠᠵᠤ ᠠᠪᠤᠪᠠᠰᠤ ᠵᠣᠬᠢᠮᠤᠢ᠃ᠡᠭᠦᠨ ᠢ᠋ ᠠᠪᠬᠤᠢ ᠳ᠋ᠤᠷ ᠶᠠᠮᠪᠠᠷ ᠪᠡᠷᠬᠡ ? ᠮᠠᠨ ᠤ᠋ ᠤᠯᠤᠰ ᠤ᠋ᠨ ᠴᠡᠷᠢᠭ ᠵᠢᠷᠠᠨ ᠬᠡᠳᠦᠨ ᠬᠣᠲᠠᠨ ᠢ᠋ ᠠᠪᠴᠤ ᠮᠠᠰᠢ ᠪᠣᠯᠪᠠᠰᠤᠨ ᠪᠣᠯᠤᠭᠰᠠᠨ ᠲᠤᠯᠠ ᠬᠠᠭᠠᠨ ᠤ᠋ ᠵᠠᠷᠯᠢᠭ ᠨᠢᠭᠡᠨᠲᠡ ᠪᠠᠭᠤᠮᠠᠭᠴᠠ ᠵᠦᠩᠳ᠋ᠦ᠋ ᠳᠠᠷᠤᠢ ᠠᠪᠲᠠᠬᠤ ᠪᠣᠯᠠᠢ᠃ᠬᠠᠭᠠᠨ ᠭᠠᠭᠴᠠ ᠶᠡᠬᠡ ᠥᠷᠥᠰᠢᠶᠡᠯ ᠭᠦᠨ ᠬᠠᠢᠷ᠎ᠠ ᠪᠠᠷ ᠠᠯᠲᠠᠨ ᠤᠯᠤᠰ ᠬᠡᠳᠦᠢ ᠰᠥᠩ᠂ᠯᠢᠶᠣᠤ ᠶ᠋ᠢ ᠳᠠᠢᠴᠢᠯᠠᠨ ᠪᠠᠢᠭᠤᠯᠤᠭᠰᠠᠨ ᠪᠣᠯᠪᠠᠴᠤ ᠨᠢᠭᠡᠨᠲᠡ ᠮᠠᠨ ᠤ᠋ ᠮᠣᠩᠭᠣᠯ ᠤᠯᠤᠰ ᠠ᠋ᠴᠠ ᠤᠷᠢᠳᠠ ᠪᠠᠢᠭᠰᠠᠨ ᠳᠤᠮᠳᠠᠳᠤ ᠤᠯᠤᠰ ᠭᠡᠮᠡᠨ ᠬᠥᠮᠦᠨ ᠦ᠌ ᠦᠨᠳᠦᠰᠦᠨ ᠢ᠋ ᠲᠠᠰᠤᠯᠬᠤ ᠦᠭᠡᠢ ᠪᠡᠷ ᠠᠭᠤᠳᠠᠮ ᠢ᠋ᠶ᠋ᠠᠷ ᠠᠪᠠᠴᠢᠮᠤᠢ᠃ᠡᠭᠦᠨ ᠢ᠋ ᠠᠯᠲᠠᠨ ᠤᠯᠤᠰ ᠤ᠋ᠨ ᠬᠢᠲᠠᠳ ᠬᠠᠭᠠᠨ ᠦᠯᠦ ᠮᠡᠳᠡᠮᠦᠢ᠂ᠭᠠᠭᠴᠠ ᠬᠣᠭᠣᠰᠣᠨ ᠦᠭᠡ ᠪᠣᠯᠭᠠᠨ ᠰᠠᠨᠠᠵᠤ ᠡᠭᠡᠨᠡᠭᠲᠡ ᠮᠠᠨ ᠢ᠋ ᠲᠡᠭᠦᠨ ᠦ᠌ ᠵᠦᠩᠳ᠋ᠦ᠋ ᠶ᠋ᠢ ᠡᠪᠳᠡᠵᠦ ᠴᠢᠳᠠᠬᠤ ᠦᠭᠡᠢ ᠪᠡᠷ ᠰᠠᠨᠠᠮᠤᠢ᠃ᠲᠡᠢᠮᠦ ᠦᠭᠡᠢ ᠪᠥᠭᠡᠰᠦ ᠲᠡᠷᠡ ᠶᠠᠭᠤᠨ ᠳ᠋ᠤᠷ ᠳᠠᠭᠠᠷ᠎ᠠ ᠢᠷᠡᠬᠦ ᠦᠭᠡᠢ ᠠᠵᠢ! ᠪᠣᠭᠳᠠ ᠡᠵᠡᠨ ᠡᠳᠦᠭᠡ ᠲᠡᠳᠡᠨ ᠦ᠌ ᠬᠠᠭᠠᠨ ᠢ᠋ ᠦᠯᠦ ᠡᠪᠳᠡᠬᠦ ᠪᠡᠷ ᠥᠷᠥᠰᠢᠶᠡᠪᠡᠰᠦ᠂ᠲᠡᠳᠡ ᠮᠠᠨ ᠤ᠋ ᠥᠷᠥᠰᠢᠶᠡᠯ ᠭᠡᠮᠡᠨ ᠦᠯᠦ ᠮᠡᠳᠡᠮᠦᠢ᠃ᠨᠡᠩ ᠪᠠᠰᠠ ᠪᠣᠭᠳᠠ ᠡᠵᠡᠨ ᠡᠳᠦᠭᠡ ᠲᠡᠭᠦᠨ ᠢ᠋ ᠪᠠᠭᠤᠷᠠᠭᠤᠯᠤᠨ ᠠᠪᠠᠴᠢᠪᠠᠰᠤ ᠵᠣᠬᠢᠮᠤᠢ᠃ᠲᠡᠷᠡ ᠬᠡᠷᠪᠡ ᠮᠠᠨ ᠢ᠋ ᠭᠡᠳᠡᠷᠭᠦ ᠳᠡᠢᠯᠦᠭᠰᠡᠨ ᠪᠥᠭᠡᠰᠦ ᠡᠷᠬᠡᠪᠰᠢ ᠦᠨᠳᠦᠰᠦ ᠶ᠋ᠢ ᠲᠠᠰᠤᠯᠤᠨ ᠡᠰᠡ ᠴᠢᠳᠠᠪᠠ ᠭᠡᠮᠡᠨ ᠭᠣᠮᠣᠳᠠᠮᠤᠢ᠃ᠨᠡᠩ ᠪᠠᠰᠠ ᠡᠨᠡ ᠠᠯᠲᠠᠨ ᠤᠯᠤᠰ ᠠᠨᠤ ᠬᠡᠳᠦᠢ ᠭᠣᠢᠷᠠᠨᠴᠢ ᠪᠣᠯᠤᠨ ᠶᠠᠪᠤᠪᠠᠴᠤ ᠲᠡᠭᠦᠨ ᠦ᠌ ᠠᠯᠲᠠᠨ ᠤᠯᠤᠰ ᠤ᠋ᠨ ᠬᠠᠭᠠᠨ ᠬᠡᠮᠡᠬᠦ ᠨᠢᠭᠡᠨ ᠨᠡᠷ᠎ᠡ ᠢᠨᠦ ᠠᠪᠠᠰᠤ᠂ᠠᠯᠲᠠᠨ ᠤᠯᠤᠰ ᠤ᠋ᠨ ᠣᠯᠠᠨ ᠢᠷᠭᠡᠨ ᠣᠨᠴᠠ ᠲᠡᠭᠦᠨ ᠢ᠋ᠶ᠋ᠡᠨ ᠬᠠᠭᠠᠨ ᠡᠵᠡᠨ ᠮᠢᠨᠦ ᠭᠡᠮᠡᠨ ᠮᠠᠨ ᠤ᠋ ᠶᠡᠬᠡ ᠤᠯᠤᠰ ᠢ᠋ ᠡᠷᠬᠡᠪᠰᠢ ᠭᠠᠳᠠᠭᠠᠳᠤ ᠬᠤᠯᠠᠭᠠᠢ ᠪᠠᠷ ᠦᠵᠡᠵᠦ ᠬᠤᠯᠠᠭᠠᠢ ᠪᠠᠷ ᠬᠡᠯᠡᠯᠴᠡᠮᠦᠢ᠃ᠨᠢᠭᠡᠨ ᠥᠷᠯᠥᠭᠡ ᠶ᠋ᠢᠨ ᠵᠠᠭᠤᠷ᠎ᠠ ᠠᠯᠲᠠᠨ ᠤᠯᠤᠰ ᠤ᠋ᠨ ᠬᠠᠭᠠᠨ ᠨᠡᠷ᠎ᠡ ᠢᠨᠦ ᠮᠥᠬᠥᠵᠦ ᠰᠥᠨᠥᠪᠡᠰᠦ᠂ᠲᠡᠳᠡᠭᠡᠷ ᠢᠷᠭᠡᠨ ᠢᠨᠦ ᠰᠠᠶᠢ ᠰᠡᠳᠬᠢᠯ ᠰᠢᠭᠤᠳᠴᠤ ᠲᠣᠭᠲᠠᠨᠢᠮᠤᠢ᠃ᠬᠠᠭᠠᠨ ᠡᠵᠡᠨ ᠦ᠌ ᠨᠠᠷᠠᠨ ᠰᠠᠷᠠᠨ ᠤ᠋ ᠴᠣᠭᠴᠠ ᠢᠯᠳᠦ ᠰᠦᠬᠡ ᠶ᠋ᠢᠨ ᠳᠣᠲᠣᠷ᠎ᠠ ᠶᠠᠪᠤᠵᠤ᠂ᠳᠥᠴᠢᠨ ᠣᠨ ᠪᠣᠯᠵᠤ ᠠᠷᠠᠢ ᠡᠨᠡ ᠬᠢᠷᠢ ᠳ᠋ᠦ᠍ᠷ ᠬᠦᠷᠦᠭᠡᠳ ᠣᠳᠣ ᠨᠢᠭᠡᠨ ᠠᠯᠲᠠᠨ ᠤᠯᠤᠰ ᠤ᠋ᠨ ᠦᠨᠳᠦᠰᠦᠨ ᠢ᠋ ᠲᠠᠰᠤᠯᠬᠤᠢ ᠳ᠋ᠤᠷ ᠶᠠᠭᠤᠨ ᠳ᠋ᠤᠷ ᠡᠨᠡ ᠮᠡᠲᠦ ᠲᠠᠲᠠᠭᠠᠯᠵᠠᠮᠤᠢ ? ᠡᠷᠲᠡᠨ ᠦ᠌ ᠬᠠᠳ ᠤᠯᠤᠰ ᠪᠠᠢᠭᠤᠯᠬᠤᠢ ᠳ᠋ᠤᠷ ᠠᠯᠢᠨ ᠠᠨᠤ ᠤᠯᠤᠰ ᠢ᠋ ᠠᠪᠴᠤ ᠬᠠᠭᠠᠨ ᠢ᠋ ᠠᠨᠤ ᠪᠠᠢᠯᠭᠠᠵᠤ ᠦᠯᠡᠳᠡᠭᠡᠪᠡ ? ᠬᠡᠳᠦᠢ ᠦᠯᠡᠳᠡᠭᠡᠵᠦ ᠪᠠᠢᠭᠰᠠᠨ ᠠᠨᠤ ᠭᠠᠷᠤᠭᠰᠠᠨ ᠪᠣᠯᠪᠠᠴᠤ ᠨᠢᠭᠡᠨᠲᠡ ᠬᠣᠭᠣᠰᠣᠨ ᠨᠡᠷ᠎ᠡ ᠴᠣᠯᠠ ᠥᠭᠴᠦ ᠨᠢᠭᠡᠨ ᠭᠠᠵᠠᠷ ᠬᠣᠷᠢᠭ᠍ᠰᠠᠨ ᠪᠣᠯᠠᠢ᠃ᠡᠢᠮᠦ ᠪᠣᠯᠪᠠᠰᠤ ᠰᠠᠶᠢ ᠤᠯᠤᠰ ᠢ᠋ ᠨᠢᠭᠡᠨ ᠪᠣᠯᠭᠠᠵᠤ᠂ᠲᠦᠮᠡᠨ ᠦᠶ᠎ᠡ ᠬᠦᠷᠲᠡᠯ᠎ᠡ ᠬᠥᠷᠥᠩᠭᠡ ᠪᠠᠢᠭᠤᠯᠤᠨ ᠲᠦᠭᠰᠢᠯ ᠦᠭᠡᠢ ᠪᠣᠯᠬᠤ ᠪᠣᠯᠠᠢ !》ᠬᠡᠮᠡᠭᠰᠡᠨ ᠳ᠋ᠦ᠍ᠷ ᠲᠠᠢᠽᠦ ᠴᠢᠩᠭᠢᠰ ᠬᠠᠭᠠᠨ ᠤ᠋ ᠬᠠᠷᠢᠭᠤ ᠵᠠᠷᠯᠢᠭ ᠠᠨᠤ : 《ᠮᠡᠬᠦᠰ ᠬᠥᠮᠦᠨ ᠪᠢ ᠠᠷᠤ ᠭᠠᠵᠠᠷ ᠡᠯᠡᠰᠦᠨ ᠳ᠋ᠦ᠍ᠷ ᠲᠥᠷᠥᠭᠡᠳ ᠵᠠᠭᠤᠨ ᠲᠦᠰᠢᠮᠡᠳ ᠲᠠᠨ ᠤ᠋ ᠦᠬᠦᠨ ᠵᠢᠳᠬᠦᠭᠰᠡᠨ ᠢ᠋ᠶ᠋ᠡᠷ ᠬᠠᠭᠤᠴᠢᠨ ᠪᠸᠲ᠋ᠠ᠋ ᠤᠯᠤᠰ ᠢ᠋ᠶ᠋ᠠᠨ ᠭᠡᠭᠡᠵᠦ᠂ᠶᠡᠬᠡ ᠮᠣᠩᠭᠣᠯ ᠳ᠋ᠤᠷ ᠬᠦᠷᠴᠦ ᠬᠠᠭᠠᠨ ᠤ᠋ ᠰᠠᠭᠤᠷᠢᠨ ᠳ᠋ᠤᠷ ᠡᠰᠡ ᠰᠠᠭᠤᠭᠰᠠᠨ ᠠᠨᠤ ᠡᠷᠬᠢᠮ ᠢ᠋ ᠡᠰᠡ ᠳᠤᠷᠠᠯᠠᠬᠤ ᠪᠤᠰᠤ᠂ᠡᠷᠬᠡᠪᠰᠢ ᠬᠠᠭᠠᠨ ᠬᠥᠮᠦᠨ ᠦ᠌ ᠶᠠᠪᠤᠳᠠᠯ ᠳ᠋ᠤᠷ ᠬᠦᠷᠴᠦ ᠦᠯᠦ ᠴᠢᠳᠠᠬᠤ ᠪᠣᠯᠪᠠᠤ ᠭᠡᠮᠡᠨ ᠰᠠᠨᠠᠭᠰᠠᠨ ᠪᠥᠯᠥᠭᠡ᠃ᠬᠣᠢᠨ᠎ᠠ ᠵᠠᠭᠤᠨ ᠲᠦᠰᠢᠮᠡᠳ ᠡᠷᠬᠡᠪᠰᠢ ᠬᠠᠭᠠᠨ ᠡᠷᠭᠦᠮᠦᠢ ᠭᠡᠮᠡᠨ ᠤᠳᠠᠭ᠎ᠠ ᠳᠠᠷᠠᠭ᠎ᠠ ᠳᠤᠷᠠᠳᠬᠠᠨ ᠠᠢᠯᠠᠳᠬᠠᠵᠤ ᠦᠯᠦ ᠵᠣᠭᠰᠣᠬᠤᠢ ᠳ᠋ᠤᠷ ᠪᠢ ᠠᠷᠭ᠎ᠠ ᠦᠭᠡᠢ ᠮᠠᠨ ᠤ᠋ ᠬᠠᠭᠤᠴᠢᠨ ᠨᠤᠲᠤᠭ ᠡᠨᠡᠳᠬᠡᠭ ᠦ᠋ᠨ ᠭᠠᠵᠠᠷ ᠶᠡᠬᠡ ᠬᠡᠷᠡᠭ ᠢ᠋ ᠡᠭᠦᠰᠬᠡᠨ᠂ᠶᠢᠷᠲᠢᠨᠴᠦ ᠶ᠋ᠢᠨ ᠲᠣᠭᠲᠠᠬᠤ ᠭᠣᠣᠯ ᠶᠣᠰᠣᠨ ᠳ᠋ᠤᠷ ᠬᠠᠭᠠᠨ ᠰᠠᠭᠤᠵᠤ ᠣᠳᠣ ᠴᠣᠬᠣᠮ ᠶᠡᠬᠡ ᠬᠠᠭᠠᠨ ᠪᠣᠯᠰᠤᠭᠠᠢ ᠭᠡᠮᠡᠨ ᠵᠣᠷᠢᠨ ᠲᠦᠮᠡᠨ ᠪᠡᠷᠬᠡ ᠳ᠋ᠦ᠍ᠷ ᠵᠣᠪᠠᠨ ᠶᠠᠪᠤᠲᠠᠯ᠎ᠠ ᠬᠠᠷᠠᠬᠠᠨ ᠰᠠᠨᠠᠭᠠᠨ ᠳ᠋ᠤᠷ ᠦᠭᠡᠢ ᠠᠯᠲᠠᠨ ᠦᠰᠦᠲᠦ ᠠᠳᠤᠭᠤᠰᠤ ᠵᠠᠮ ᠢ᠋ ᠬᠥᠨᠳᠡᠯᠢᠳᠴᠦ ᠮᠥᠷᠭᠥᠬᠦᠢ ᠳ᠋ᠦ᠍ᠷ ᠲᠡᠭᠷᠢ ᠡᠴᠢᠭᠡ ᠶ᠋ᠢᠨ ᠰᠠᠨᠠᠭᠠᠨ ᠪᠣᠢ ᠊ᠢ᠎ᠡ᠂ ᠯᠠᠪ ᠨᠠᠳᠠ ᠳ᠋ᠤᠷ ᠶᠡᠬᠡ ᠬᠠᠭᠠᠨ ᠰᠠᠭᠤᠬᠤ ᠪᠤᠶᠠᠨ ᠦᠭᠡᠢ ᠭᠡᠮᠡᠨ ᠬᠠᠷᠢᠵᠤ ᠢᠷᠡᠪᠡᠰᠦ ᠣᠯᠠᠨ ᠲᠦᠰᠢᠮᠡᠳ ᠮᠥᠨ ᠬᠦ᠌ ᠤᠷᠤᠯᠳᠤᠵᠤ ᠨᠠᠮᠠᠶ᠋ᠢ ᠡᠷᠭᠦᠵᠦ ᠬᠠᠭᠠᠨ ᠪᠣᠯᠭᠠᠪᠠ᠃ᠪᠢ ᠨᠢᠭᠡᠨᠲᠡ ᠬᠠᠭᠠᠨ ᠪᠣᠯᠤᠭᠰᠠᠨ ᠲᠤᠯᠠ ᠣᠳᠣ ᠬᠠᠭᠠᠨ ᠤ᠋ ᠶᠣᠰᠣᠨ ᠢ᠋ᠶ᠋ᠠᠷ ᠶᠠᠪᠤᠵᠤ ᠬᠠᠭᠤᠴᠢᠨ ᠬᠠᠭᠠᠨ ᠤ᠋ ᠦᠨᠳᠦᠰᠦᠨ ᠢ᠋ ᠦᠯᠦ ᠲᠠᠰᠤᠯᠤᠨ ᠪᠥᠭᠡᠳ ᠬᠠᠮᠤᠭ ᠰᠠᠮᠠᠭᠤᠨ ᠢ᠋ ᠢᠨᠦ ᠡᠩᠬᠡᠵᠢᠭᠦᠯᠰᠦᠭᠡᠢ ᠬᠡᠮᠡᠬᠦᠯ᠎ᠡ ᠣᠯᠠᠨ ᠰᠠᠢᠳ ᠲᠠ ᠪᠠᠰᠠ ᠡᠷᠬᠡᠪᠰᠢ ᠠᠯᠲᠠᠨ ᠤᠯᠤᠰ ᠤ᠋ᠨ ᠦᠨᠳᠦᠰᠦᠨ ᠢ᠋ ᠲᠠᠰᠤᠯᠵᠤ ᠠᠷᠢᠯᠭ᠎ᠠ ᠬᠡᠮᠡᠮᠦᠢ᠃ᠮᠢᠨᠦ ᠰᠣᠨᠣᠰᠤᠭᠰᠠᠨ ᠠᠨᠤ <ᠲᠦᠮᠡᠨ ᠣᠨ ᠤ᠋ ᠬᠠᠭᠠᠨ ᠦᠭᠡᠢ ᠶ᠋ᠢ ᠴᠦ᠍ ᠪᠠᠢᠲᠤᠭᠠᠢ᠂ᠮᠢᠩᠭᠠᠨ ᠵᠢᠯ ᠦ᠋ᠨ ᠤᠯᠤᠰ ᠢ᠋ ᠮᠥᠨ ᠰᠣᠨᠣᠰᠤᠭᠰᠠᠨ ᠦᠭᠡᠢ >᠂ᠡᠭᠡᠨᠡᠭᠲᠡ ᠴᠥᠮ ᠡᠭᠡᠯᠵᠢᠯᠡᠨ ᠶᠠᠪᠤᠬᠤ ᠪᠥᠭᠡᠲᠡᠯ᠎ᠡ ᠡᠳᠦᠭᠡ ᠪᠢ ᠬᠡᠳᠦᠢ ᠮᠣᠩᠭᠣᠯ ᠢ᠋ ᠪᠠᠢᠭᠤᠯᠵᠤ ᠠᠯᠲᠠᠨ ᠤᠯᠤᠰ ᠢ᠋ ᠡᠵᠡᠯᠡᠬᠦ ᠪᠣᠯᠪᠠᠴᠤ ᠡᠴᠦᠰ ᠲᠦ᠍ᠷ ᠮᠥᠨ ᠡᠪᠳᠡᠷᠡᠬᠦ ᠴᠠᠭ ᠪᠣᠢ᠂ᠲᠡᠷᠡ ᠴᠠᠭ ᠲᠤᠷ ᠲᠡᠷᠡ ᠡᠰᠡᠷᠭᠦᠴᠡᠯ ᠮᠥᠨ ᠬᠦ᠌ ᠮᠢᠨᠦ ᠦᠷ᠎ᠡ ᠠᠴᠢ ᠶ᠋ᠢ ᠦᠨᠳᠦᠰᠦᠨ ᠢ᠋ ᠲᠠᠰᠤᠯᠤᠮᠤᠢ ᠬᠡᠮᠡᠮᠦᠢ᠂ᠪᠢ ᠰᠦᠷ ᠬᠦᠴᠦᠨ ᠲᠡᠭᠦᠰ ᠪᠠᠳᠠᠷᠠᠩᠭᠤᠢ ᠪᠠᠢᠬᠤ ᠴᠠᠭ ᠲᠤᠷ ᠠᠯᠲᠠᠨ ᠤᠯᠤᠰ᠂ᠰᠥᠩ ᠤᠯᠤᠰ ᠤ᠋ᠨ ᠦᠨᠳᠦᠰᠦᠨ ᠢ᠋ ᠡᠰᠡ ᠲᠠᠰᠤᠯᠪᠠᠰᠤ᠂ᠮᠢᠩᠭᠠᠨ ᠣᠨ ᠤ᠋ ᠬᠣᠢᠨ᠎ᠠ ᠤᠯᠤᠰ ᠤ᠋ᠨ ᠲᠣᠭ᠎ᠠ ᠲᠡᠭᠦᠰᠴᠦ ᠮᠢᠨᠦ ᠦᠷ᠎ᠡ ᠠᠴᠢ ᠬᠣᠢᠴᠢ ᠡᠳᠦᠷ ᠮᠥᠨ ᠬᠦ᠌ ᠡᠨᠡ ᠰᠥᠩ ᠤᠯᠤᠰ᠂ᠠᠯᠲᠠᠨ ᠤᠯᠤᠰ ᠮᠡᠲᠦ ᠪᠠᠭᠤᠷᠠᠵᠤ ᠳᠣᠷᠣᠢᠲᠠᠨ ᠢᠷᠡᠬᠦᠢ ᠳ᠋ᠦ᠍ᠷ ᠲᠡᠷᠡ ᠡᠰᠡᠷᠭᠦᠴᠡᠯᠡᠬᠦ ᠪᠤᠯᠢᠶᠠᠬᠤ ᠠᠷᠠᠳ ᠬᠡᠳᠦᠢ ᠮᠢᠨᠦ ᠦᠨᠳᠦᠰᠦᠨ ᠢ᠋ ᠲᠠᠰᠤᠯᠰᠤᠭᠠᠢ ᠭᠡᠮᠡᠨ ᠠᠷᠪᠠᠨ ᠬᠤᠪᠢ ᠰᠠᠨᠠᠪᠠᠴᠤ ᠮᠢᠨᠦ ᠡᠨᠡ ᠦᠶ᠎ᠡ ᠶ᠋ᠢᠨ ᠰᠠᠢᠨ ᠰᠡᠳᠬᠢᠯ ᠢ᠋ᠶ᠋ᠡᠷ ᠲᠡᠭᠷᠢ ᠮᠢᠨᠦ ᠦᠷᠡᠰ ᠢ᠋ ᠯᠠᠪ ᠦᠯᠦ ᠲᠠᠰᠤᠷᠠᠭᠤᠯᠤᠮᠤᠢ᠂ᠮᠢᠨᠦ ᠦᠷᠡᠰ ᠣᠯᠠᠨ ᠲᠥᠷᠥᠵᠦ ᠦᠷᠡᠵᠢᠪᠡᠰᠦ ᠲᠡᠭᠦᠨ ᠦ᠌ ᠳᠣᠲᠣᠷ᠎ᠠ ᠪᠤᠶᠠᠨ ᠪᠢᠯᠢᠭ ᠤᠬᠠᠭᠠᠨ ᠡᠷᠳᠡᠮ ᠦᠭᠡᠢ ᠲᠥᠷᠥᠬᠦ ᠶᠣᠰᠣ ᠦᠭᠡᠢ᠂ᠨᠡᠩᠳᠡ ᠪᠤᠶᠠᠨ ᠪᠢᠯᠢᠭ ᠤᠬᠠᠭᠠᠨ ᠡᠷᠳᠡᠮ ᠠᠪᠠᠰᠤ ᠮᠠᠭᠤ ᠳᠣᠣᠷᠠᠲᠤ ᠦᠯᠦ ᠪᠣᠯᠤᠮᠤᠢ᠃ᠡᠢᠨ ᠬᠦ᠌ ᠲᠠᠪᠤᠨ ᠵᠠᠭᠤᠨ ᠣᠨ ᠮᠢᠩᠭᠠᠨ ᠵᠢᠯ ᠦ᠋ᠨ ᠵᠠᠪᠰᠠᠷ ᠲᠤᠷ ᠡᠷᠬᠡᠪᠰᠢ ᠪᠠᠰᠠ ᠳᠠᠬᠢᠨ ᠮᠠᠨᠳᠤᠵᠤ ᠪᠠᠳᠠᠷᠠᠬᠤ ᠴᠠᠭ ᠭᠠᠷᠤᠮᠤᠢ᠃ᠮᠢᠨᠦ ᠡᠨᠡ ᠢᠨᠦ ᠵᠠᠭᠤᠨ ᠮᠢᠩᠭᠠᠨ ᠣᠨ ᠮᠢᠨᠦ ᠦᠷᠡᠰ ᠦ᠋ᠨ ᠲᠤᠯᠠ ᠪᠣᠳᠣᠬᠤ ᠬᠡᠷᠡᠭ᠂ᠪᠢ ᠡᠨᠡ ᠨᠠᠰᠤᠨ ᠳ᠋ᠤᠷ ᠬᠡᠷᠬᠢᠪᠡᠴᠦ ᠬᠠᠭᠤᠴᠢᠨ ᠳᠤᠮᠳᠠᠳᠤ ᠤᠯᠤᠰ-ᠰᠥᠩ ᠪᠠ ᠠᠯᠲᠠᠨ ᠤ᠋ ᠦᠨᠳᠦᠰᠦᠨ ᠢ᠋ ᠲᠠᠰᠤᠯᠤᠨ ᠬᠠᠭᠠᠨ ᠢ᠋ ᠠᠨᠤ ᠠᠯᠠᠬᠤ ᠦᠭᠡᠢ᠃ᠡᠨᠡ ᠢᠨᠦ ᠮᠢᠨᠦ ᠡᠮᠦᠨ᠎ᠡ ᠵᠦᠭ ᠣᠷᠣᠬᠤᠢ ᠳ᠋ᠤᠷ ᠲᠣᠭᠲᠠᠭᠰᠠᠨ ᠰᠠᠨᠠᠭᠠᠨ᠂ᠬᠠᠷᠢᠨ ᠲᠦᠰᠢᠮᠡᠳ ᠲᠠᠨ ᠤ᠋ ᠬᠠᠯᠠᠵᠤ ᠪᠠᠭᠤᠷᠠᠭᠤᠯᠤᠨ ᠡᠷᠭᠦᠵᠦ ᠪᠤᠰᠤ ᠭᠠᠵᠠᠷ ᠰᠠᠭᠤᠯᠭᠠᠬᠤ ᠲᠡᠷᠡ ᠬᠠᠷᠢᠨ ᠪᠣᠯᠤᠮᠤᠢ᠂ᠠᠯᠲᠠᠨ ᠤᠯᠤᠰ ᠬᠡᠳᠦᠢ ᠬᠠᠭᠤᠴᠢᠨ ᠯᠢᠶᠣᠤ ᠶ᠋ᠢᠨ ᠦᠨᠳᠦᠰᠦᠨ ᠢ᠋ ᠲᠠᠰᠤᠯᠤᠨ ᠠᠷᠢᠯᠭᠠᠪᠠᠴᠤ ᠪᠢ ᠠᠯᠲᠠᠨ ᠤ᠋ ᠦᠨᠳᠦᠰᠦᠨ ᠢ᠋ ᠡᠰᠡ ᠲᠠᠰᠤᠯᠪᠠᠰᠤ ᠲᠡᠭᠷᠢ ᠶᠠᠷᠠᠭᠳᠠᠭᠠᠨ ᠮᠢᠨᠦ ᠦᠨᠡᠨ ᠥᠷᠥᠰᠢᠶᠡᠯ ᠢ᠋ ᠨᠡᠢᠯᠡᠭᠦᠯᠬᠦ ᠪᠣᠯᠠᠢ᠃ᠵᠠᠷᠢᠮ ᠦᠯᠦ ᠤᠬᠠᠬᠤ ᠠᠷᠠᠳ ᠯᠠᠪ ᠨᠠᠮᠠᠶ᠋ᠢ ᠡᠨᠡ ᠮᠡᠲᠦ ᠥᠷᠥᠰᠢᠶᠡᠯᠳᠦ ᠪᠥᠭᠡᠰᠦ ᠡᠮᠦᠨ᠎ᠡ ᠵᠦᠭ ᠴᠡᠷᠢᠭ ᠣᠷᠣᠵᠤ ᠶᠠᠭᠠᠬᠢᠮᠤᠢ ? ᠡᠨᠡ ᠴᠡᠷᠢᠭ ᠲᠦ᠍ᠷ ᠳᠠᠭᠠᠷᠢᠭᠳᠠᠨ ᠠᠯᠠᠭᠳᠠᠬᠤ ᠲᠡᠳᠡᠭᠡᠷ ᠢᠷᠭᠡᠨ ᠢ᠋ ᠶᠠᠭᠤᠨ ᠳ᠋ᠤᠷ ᠦᠯᠦ ᠥᠷᠥᠰᠢᠶᠡᠮᠦᠢ ? ᠠᠯᠲᠠᠨ ᠤ᠋ ᠡᠵᠡᠨ ᠦ᠌ ᠡᠵᠡᠯᠡᠭᠰᠡᠨ ᠵᠠᠭᠤᠨ ᠣᠪᠣᠭᠲᠠᠨ ᠢᠷᠭᠡᠨ ᠬᠡᠮᠡᠭᠴᠢ ᠲᠦᠮᠡᠨ ᠢᠷᠭᠡᠨ᠂ᠶᠠᠭᠤᠨ ᠳ᠋ᠤᠷ ᠲᠦᠮᠡᠨ ᠢ᠋ ᠠᠯᠠᠵᠤ ᠳᠠᠢᠯᠠᠭᠰᠠᠨ ᠪᠥᠭᠡᠲᠡᠯ᠎ᠡ ᠨᠢᠭᠡᠨ ᠢ᠋ ᠢᠨᠦ ᠡᠨᠡ ᠮᠡᠲᠦ ᠥᠷᠥᠰᠢᠶᠡᠮᠦᠢ ? ᠭᠡᠮᠡᠨ ᠰᠠᠨᠠᠬᠤ ᠪᠠ ᠬᠡᠯᠡᠬᠦ ᠠᠷᠠᠳ ᠪᠣᠢ᠂ᠲᠡᠷᠡ ᠨᠢᠭᠡᠨ ᠢ᠋ ᠮᠡᠳᠡᠪᠡᠴᠦ ᠬᠣᠶᠠᠷ ᠢ᠋ ᠦᠯᠦ ᠤᠬᠠᠭᠰᠠᠨ ᠤ᠋ ᠤᠴᠢᠷ ᠪᠣᠯᠠᠢ᠃ᠣᠯᠠᠨ ᠰᠠᠢᠳ ᠲᠠ ᠤᠷᠪᠠᠭᠤᠯᠤᠨ ᠰᠠᠨᠠᠵᠤ ᠪᠣᠳᠣᠨ ᠦᠵᠡ᠂ᠴᠡᠷᠢᠭ ᠲᠦ᠍ᠷ ᠦᠬᠦᠭᠴᠢ ᠢᠨᠦ ᠭᠠᠭᠴᠠ ᠨᠢᠭᠡᠨ ᠡᠲᠡᠭᠡᠳ ᠪᠤᠰᠤ᠂ᠳᠡᠢᠯᠬᠦ ᠳᠡᠢᠯᠦᠭᠳᠡᠬᠦ ᠶ᠋ᠢᠨ ᠢᠯᠭᠠᠪᠤᠷᠢ ᠪᠣᠢ ᠶ᠋ᠢᠨ ᠤᠴᠢᠷ ᠲᠤᠷ ᠲᠡᠭᠦᠨ ᠢ᠋ ᠰᠠᠨᠠᠭᠠᠨ᠎ᠠ ᠠᠬᠤᠭᠤᠯᠵᠤ ᠪᠣᠯᠤᠮᠤᠢ ᠤᠤ ? ᠬᠡᠳᠦᠢ ᠣᠯᠠᠨ ᠦᠬᠦᠪᠡᠴᠦ ᠴᠥᠮ ᠲᠡᠭᠦᠨ ᠦ᠌ ᠲᠡᠮᠡᠴᠡᠯᠳᠦᠬᠦ ᠠᠭᠤᠷ ᠲᠤᠷ ᠢ᠋ᠶ᠋ᠠᠨ ᠦᠬᠦᠭᠰᠡᠨ ᠲᠤᠯᠠ ᠲᠡᠭᠦᠨ ᠢ᠋ ᠥᠪᠡᠷ ᠢ᠋ᠶ᠋ᠡᠨ ᠦᠬᠦᠬᠦ ᠬᠡᠮᠡᠮᠦᠢ᠃ᠲᠡᠢᠨ ᠬᠦ᠌ ᠨᠢᠭᠡᠨ ᠢᠷᠭᠡᠨ ᠦᠬᠦᠬᠦ ᠲᠡᠮᠡᠴᠡᠯ ᠢ᠋ ᠡᠭᠦᠰᠬᠡᠬᠦ ᠦᠭᠡᠢ ᠵᠥᠪ ᠰᠢᠳᠤᠷᠭᠤ ᠪᠠᠷ ᠳᠠᠭᠠᠭᠰᠠᠨ ᠢ᠋ ᠡᠳᠦᠭᠡ ᠮᠢᠨᠦ ᠴᠡᠷᠢᠭ ᠲᠦ᠍ᠷ ᠠᠯᠠᠭᠳᠠᠭᠰᠠᠨ ᠠᠨᠤ ᠨᠢᠭᠡᠬᠡᠨ ᠢ᠋ᠶ᠋ᠡᠷ ᠭᠠᠷᠤᠭᠰᠠᠨ ᠦᠭᠡᠢ ᠪᠢᠰᠢ ᠦᠦ ? ᠲᠡᠢᠨ ᠬᠦ᠌ ᠨᠢᠭᠡᠨ ᠢᠷᠭᠡᠨ ᠢ᠋ ᠡᠨᠳᠡᠭᠦᠷᠡᠨ ᠡᠰᠡ ᠠᠯᠠᠨ ᠪᠥᠭᠡᠲᠡᠯ᠎ᠡ ᠨᠢᠭᠡᠨ ᠤᠯᠤᠰ ᠤ᠋ᠨ ᠡᠵᠡᠨ ᠢ᠋ ᠡᠷᠬᠡᠪᠰᠢ ᠡᠷᠢᠵᠦ ᠠᠯᠠᠬᠤᠢ ᠳ᠋ᠤᠷ ᠮᠢᠨᠦ ᠰᠡᠳᠬᠢᠯ ᠬᠡᠷᠬᠢᠨ ᠲᠥᠪᠳᠡᠮᠦᠢ ! ᠮᠡᠬᠦᠰ ᠨᠠᠳᠠ ᠳ᠋ᠤᠷ ᠦᠨᠡᠬᠡᠷ ᠳᠤᠮᠳᠠᠳᠤ ᠤᠯᠤᠰ ᠢ᠋ ᠡᠵᠡᠯᠡᠬᠦ ᠪᠤᠶᠠᠨ ᠠᠪᠠᠰᠤ ᠠᠯᠲᠠᠨ ᠤᠯᠤᠰ ᠤ᠋ᠨ ᠨᠢᠭᠡᠨ ᠬᠠᠭᠠᠨ ᠪᠠᠢᠭᠠᠳ ᠮᠢᠨᠦ ᠬᠠᠭᠠᠨ ᠢ᠋ ᠦᠭᠡᠢ ᠪᠣᠯᠭᠠᠨ ᠴᠢᠳᠠᠬᠤ ᠦᠭᠡᠢ᠂ᠲᠡᠷᠡ ᠨᠢᠭᠡᠨ ᠢ᠋ ᠠᠯᠠᠨ ᠮᠢᠨᠦ ᠬᠠᠭᠠᠨ ᠬᠡᠳᠦᠢ ᠥᠰᠬᠦ ᠪᠣᠢ ? ᠬᠠᠭᠠᠨ ᠬᠡᠮᠡᠭᠴᠢ ᠣᠯᠠᠨ ᠢ᠋ ᠡᠵᠡᠯᠡᠬᠦ ᠶ᠋ᠢ ᠬᠠᠭᠠᠨ ᠬᠡᠮᠡᠮᠦᠢ᠂ᠠᠯᠲᠠᠨ ᠳ᠋ᠤᠷ ᠤᠯᠤᠰ ᠦᠭᠡᠢ ᠪᠣᠯᠪᠠᠰᠤ ᠬᠠᠭᠠᠨ ᠬᠡᠮᠡᠬᠦ ᠨᠢᠭᠡᠨ ᠨᠡᠷ᠎ᠡ ᠶ᠋ᠢ ᠡᠭᠦᠷᠦᠭᠰᠡᠨ ᠨᠢᠭᠡᠨᠲᠡ ᠶᠠᠭᠤᠨ ᠤ᠋ ᠬᠠᠭᠠᠨ ᠪᠣᠯᠬᠤ ᠪᠣᠢ ? ᠡᠨᠡ ᠳᠠᠷᠤᠢ ᠲᠥᠪᠳᠡᠰᠢ ᠦᠭᠡᠢ ᠬᠡᠷᠡᠭ ᠪᠥᠭᠡᠲᠡᠯ᠎ᠡ ᠡᠳᠡᠨ ᠦ᠌ ᠦᠷᠡᠰ ᠢ᠋ ᠲᠠᠰᠤᠯᠤᠭᠰᠠᠨ ᠢ᠋ᠶ᠋ᠠᠷ ᠶᠠᠮᠪᠠᠷ ᠪᠣᠯᠬᠤ ? ᠨᠡᠩ ᠪᠠᠰᠠ ᠡᠭᠡᠭᠦᠯᠵᠦ ᠦᠵᠡᠪᠡᠰᠦ᠂ᠡᠷᠲᠡ ᠮᠢᠨᠦ ᠪᠸᠲ᠋ᠠ᠋ ᠤᠯᠤᠰ ᠢ᠋ ᠲᠠᠢᠴᠢᠭᠤᠳ ᠳᠠᠷᠤᠨ ᠲᠠᠪᠴᠢᠯᠠᠵᠤ ᠠᠬᠤᠢ ᠳ᠋ᠤᠷ ᠪᠢᠳᠡ ᠶᠠᠮᠪᠠᠷ ᠬᠢᠷᠢ ᠲᠡᠢ ᠬᠣᠷᠣᠰᠴᠤ ᠰᠠᠨᠠᠪᠠ ? ᠲᠡᠢᠨ ᠬᠦ᠌ ᠡᠳᠦᠭᠡ ᠪᠢ ᠭᠤᠷᠪᠠᠨ ᠵᠢᠯ ᠳ᠋ᠦ᠍ᠷ ᠠᠯᠲᠠᠨ ᠤᠯᠤᠰ ᠤ᠋ᠨ ᠶᠡᠬᠡ ᠬᠠᠭᠠᠨ ᠢ᠋ ᠠᠪᠤᠭᠰᠠᠨ ᠢ᠋ᠶ᠋ᠠᠷ ᠡᠨᠡ ᠳᠠᠷᠤᠢ ᠠᠯᠲᠠᠨ ᠤᠯᠤᠰ ᠤ᠋ᠨ ᠲᠤᠢᠯ ᠪᠥᠭᠡᠲᠡᠯ᠎ᠡ ᠪᠠᠰᠠ ᠣᠨᠴᠠ ᠲᠡᠷᠡ ᠬᠠᠭᠠᠨ ᠢ᠋ ᠠᠨᠤ ᠠᠯᠠᠬᠤ᠂ᠦᠷ᠎ᠡ ᠶ᠋ᠢ ᠢᠨᠦ ᠲᠠᠰᠤᠯᠤᠨ ᠲᠡᠳᠦᠢᠬᠡᠨ ᠨᠢᠭᠡᠨ ᠲᠣᠯᠣᠭᠠᠢ ᠪᠠᠰᠠ ᠵᠦᠩᠳ᠋ᠦ᠋ ᠬᠣᠲᠠᠨ ᠢ᠋ ᠠᠨᠤ ᠠᠪᠬᠤᠢ ᠳ᠋ᠤᠷ ᠡᠨᠡ ᠶᠠᠮᠪᠠᠷ ᠬᠡᠷᠡᠭᠲᠡᠢ ᠪᠣᠯᠬᠤ ? ᠡᠨᠡ ᠬᠡᠳᠦᠨ ᠵᠢᠯ ᠠᠯᠲᠠᠨ ᠤᠯᠤᠰ ᠳᠠᠬᠢᠨ ᠳᠠᠪᠲᠠᠨ ᠡᠶᠡᠳᠡᠬᠦ ᠨᠠᠢᠷᠠᠯᠳᠤᠬᠤ ᠶ᠋ᠢ ᠭᠤᠶᠤᠨ ᠶᠠᠪᠤᠪᠠᠴᠤ ᠮᠢᠨᠦ ᠦᠯᠦ ᠵᠥᠪᠰᠢᠶᠡᠬᠦ ᠡᠨᠡ ᠢᠨᠦ ᠮᠢᠨᠦ ᠳᠤᠷ᠎ᠠ ᠪᠠᠷ ᠮᠤᠰᠬᠢᠵᠦ ᠶᠠᠪᠤᠬᠤ ᠬᠡᠷᠡᠭ᠃ᠲᠡᠢᠨ ᠬᠦ᠌ ᠪᠢ ᠡᠭᠡᠨᠡᠭᠲᠡ ᠭᠦᠨ ᠬᠣᠯᠠ ᠡᠷᠳᠡᠮ ᠪᠣᠯᠪᠠᠰᠤᠷᠠᠯ ᠢ᠋ᠶ᠋ᠠᠷ ᠳᠡᠯᠡᠬᠡᠢ ᠳ᠋ᠠᠬᠢᠨ ᠤ᠋ ᠦᠨᠳᠦᠰᠦᠨ ᠢ᠋ ᠪᠠᠢᠭᠤᠯᠵᠤ ᠦᠭᠪᠡᠰᠦ᠂ᠮᠢᠨᠦ ᠰᠠᠢᠬᠠᠨ ᠰᠠᠨᠠᠭᠠᠨ ᠢ᠋ᠶ᠋ᠠᠷ ᠮᠢᠨᠦ ᠬᠡᠦᠬᠡᠳ ᠠᠴᠢᠷ ᠰᠠᠢᠨ ᠶᠠᠪᠤᠬᠤ᠂ᠨᠢᠭᠡᠨ ᠰᠥᠩ᠂ᠨᠢᠭᠡᠨ ᠠᠯᠲᠠᠨ ᠪᠠᠢᠲᠤᠭᠠᠢ᠂ᠬᠡᠳᠦᠢ ᠠᠷᠪᠠᠨ ᠠᠯᠲᠠᠨ᠂ᠠᠷᠪᠠᠨ ᠰᠥᠩ ᠢ᠋ ᠪᠣᠯᠪᠠᠴᠤ ᠮᠥᠨ ᠲᠡᠭᠰᠢᠳᠬᠡᠨ ᠴᠢᠳᠠᠬᠤ ᠪᠣᠯᠠᠢ᠃ᠭᠠᠭᠴᠠ ᠮᠢᠨᠦ ᠰᠠᠢᠨ ᠦᠢᠯᠡᠳᠦᠭᠰᠡᠨ ᠢᠨᠦ ᠬᠣᠵᠢᠮ ᠡᠳᠦᠷ ᠦ᠋ᠨ ᠬᠡᠦᠬᠡᠳ ᠠᠴᠢᠷ ᠲᠤᠷ ᠲᠦᠮᠡᠨ ᠣᠨ ᠤ᠋ ᠬᠦᠨᠡᠰᠦ ᠪᠣᠯᠬᠤ ᠪᠣᠯᠠᠢ !》ᠬᠡᠮᠡᠵᠦᠬᠦᠢ①᠃
– – – –
①ᠡᠨᠡ ᠦᠶ᠎ᠡ ᠶ᠋ᠢᠨ ᠵᠠᠭᠤᠨ ᠢᠯᠡᠭᠦᠦ ᠬᠣᠰᠢᠭᠤ ᠬᠡᠳᠦᠢ ᠤᠯᠤᠰ ᠢ᠋ᠶ᠋ᠠᠨ ᠠᠯᠳᠠᠵᠤ ᠵᠢᠷᠭᠤᠭᠠᠨ ᠵᠠᠭᠤᠨ ᠵᠢᠯ ᠢᠯᠡᠭᠦᠦ ᠪᠣᠯᠤᠭᠰᠠᠨ ᠪᠣᠯᠪᠠᠴᠤ ᠪᠠᠰᠠ ᠬᠦ᠌ ᠸᠠᠩ᠂ᠪᠡᠢᠯᠡ᠂ᠪᠡᠢᠰᠡ᠂ᠬᠦᠩ᠂ᠲᠠᠢᠵᠢ ᠨᠠᠷ ᠭᠠᠷᠴᠤ ᠮᠣᠩᠭᠣᠯ ᠤᠯᠤᠰ ᠶᠤᠸᠠᠨ ᠤᠯᠤᠰ ᠤ᠋ᠨ ᠦᠢᠯᠡᠳᠦᠭᠰᠡᠨ ᠰᠠᠢᠨ ᠤ᠋ ᠬᠠᠷᠢᠭᠤᠯᠠᠯ ᠪᠤᠶᠤ᠃ᠤᠷᠢᠳᠤ ᠬᠡᠳᠦᠨ ᠮᠢᠩᠭᠠᠨ ᠦᠶ᠎ᠡ ᠶ᠋ᠢᠨ ᠤᠯᠠᠮᠵᠢᠯᠠᠭᠰᠠᠨ ᠤᠯᠤᠰ ᠦᠯᠦ ᠪᠠᠢᠬᠤ ᠠᠨᠤ ᠡᠨᠡ ᠴᠥᠮ ᠲᠠᠢᠽᠦ ᠪᠣᠭᠳᠠ ᠶ᠋ᠢᠨ ᠦᠨᠳᠦᠰᠦᠨ ᠢ᠋ ᠰᠠᠢᠨ ᠢ᠋ᠶ᠋ᠠᠷ ᠪᠠᠢᠭᠤᠯᠤᠭᠰᠠᠨ ᠪᠤᠶᠠᠨ ᠡᠷᠳᠡᠮ ᠦ᠋ᠨ ᠦᠷ᠎ᠡ ᠬᠡᠮᠡᠮᠦᠢ᠂ᠮᠡᠷᠭᠡᠳ ᠪᠡᠷ ᠬᠢᠨᠠᠮᠤ᠃
ᠲᠡᠳᠦᠢ ᠵᠠᠭᠤᠨ ᠲᠦᠰᠢᠮᠡᠳ ᠸᠠᠩ ᠰᠠᠢᠳ ᠬᠠᠭᠠᠨ ᠤ᠋ ᠭᠡᠭᠡᠨ ᠦ᠌ ᠭᠦᠨ ᠬᠣᠯᠠ ᠶ᠋ᠢ ᠭᠠᠢᠬᠠᠯᠳᠤᠵᠤ ᠮᠥᠷᠭᠥᠪᠡ᠃ᠠᠯᠲᠠᠨ ᠤᠯᠤᠰ ᠤ᠋ᠨ ᠡᠵᠡᠨ ᠱᠢᠤᠸᠠᠨᠽᠦᠩ ᠸᠠᠨ ᠶᠠᠨ ᠰᠢᠶᠦ᠋ᠨ ᠮᠣᠩᠭᠣᠯ ᠤ᠋ᠨ ᠴᠡᠷᠢᠭ ᠣᠢᠷ᠎ᠠ ᠢᠷᠡᠬᠦᠢ ᠳ᠋ᠦ᠍ᠷ ᠡᠳᠦᠷ ᠰᠥᠨᠢ ᠠᠮᠤᠷ ᠦᠭᠡᠢ ᠳᠠᠬᠢᠨ ᠳᠠᠪᠲᠠᠨ ᠡᠶᠡᠳᠡᠬᠦ ᠶ᠋ᠢ ᠭᠤᠶᠤᠯᠭᠠᠭᠰᠠᠨ ᠳ᠋ᠤᠷ ᠮᠤᠬᠤᠯᠢ ᠬᠠᠯᠬᠠᠯᠠᠨ ᠡᠰᠡ ᠪᠣᠯᠪᠠ᠂ᠨᠡᠩᠳᠡ ᠵᠠᠮᠪᠠᠯ ᠠᠯᠲᠠᠨ ᠤᠯᠤᠰ ᠡᠴᠢᠭᠡ ᠶ᠋ᠢ ᠢᠨᠦ ᠠᠯᠠᠭᠰᠠᠨ ᠬᠣᠷᠣᠰᠤᠯ ᠪᠣᠢ ᠲᠤᠯᠠ ᠦᠬᠦᠪᠡᠴᠦ ᠥᠰᠢᠶ᠎ᠡ ᠶ᠋ᠢ ᠲᠠᠯᠪᠢᠬᠤ ᠦᠭᠡᠢ᠂ᠭᠠᠭᠴᠠ ᠬᠣᠲᠠ ᠶ᠋ᠢ ᠠᠪᠬᠤᠢ ᠶ᠋ᠢ ᠪᠣᠳᠣᠨ ᠤᠷᠤᠭᠰᠢᠯᠠᠨ ᠣᠷᠣᠮᠤᠢ᠂ᠲᠡᠢᠨ ᠬᠦ᠌ ᠤᠷᠲᠤᠳᠠ ᠡᠨᠡ ᠵᠥᠩᠲᠦ ᠶ᠋ᠢ ᠠᠪᠬᠤ ᠶ᠋ᠢ ᠪᠣᠳᠣᠮᠤᠢ᠃ᠡᠨᠡ ᠵᠠᠪᠰᠠᠷ ᠲᠤᠷ ᠠᠯᠲᠠᠨ ᠤᠯᠤᠰ ᠤ᠋ᠨ ᠬᠠᠭᠠᠨ ᠰᠢᠭᠤᠳ ᠴᠡᠷᠢᠭ ᠡᠯᠰᠡᠵᠦ ᠯᠢᠶᠣᠤ ᠳ᠋ᠦᠩ ᠦ᠋ᠨ ᠶᠧ ᠯᠢᠦᠢ ᠯᠢᠦ ᠭᠧ ᠶ᠋ᠢ ᠡᠷᠭᠦᠵᠦ ᠬᠦᠨᠳᠦ ᠶᠡᠬᠡ ᠸᠠᠩ ᠪᠣᠯᠭᠠᠨ ᠡᠷᠭᠦᠮᠵᠢᠯᠡᠵᠦ᠂ᠬᠠᠮᠲᠤ ᠮᠣᠩᠭᠣᠯ ᠯᠤᠭ᠎ᠠ ᠲᠤᠯᠰᠤᠭᠠᠢ ᠭᠡᠮᠡᠨ ᠴᠠᠩ ᠾᠧᠦ ᠬᠡᠮᠡᠭᠴᠢ ᠲᠠᠢᠹᠦ᠋ ᠳᠦᠰᠢᠮᠡᠯ ᠢ᠋ ᠬᠦᠨᠳᠦ ᠪᠠᠯᠩ ᠪᠠᠷᠢᠭᠤᠯᠵᠤ ᠢᠯᠡᠬᠡᠨ᠂ᠴᠠᠩ ᠾᠧᠦ ᠯᠢᠶᠣᠤ ᠳ᠋ᠦᠩ ᠳ᠋ᠦ᠍ᠷ ᠬᠦᠷᠴᠦ ᠶᠧ ᠯᠢᠦᠢ ᠯᠢᠦ ᠭᠧ ᠳ᠋ᠦ᠍ᠷ ᠤᠴᠠᠷᠠᠵᠤ ᠡᠳᠡᠭᠡᠷ ᠤᠴᠢᠷ ᠢ᠋ ᠪᠦᠷᠢᠳᠬᠡᠨ ᠬᠡᠯᠡᠭᠰᠡᠨ᠎ᠡ᠂ᠶᠧ ᠯᠢᠦᠢ ᠯᠢᠦ ᠭᠧ ᠡᠴᠢᠭᠰᠡᠨ ᠡᠯᠴᠢ ᠶ᠋ᠢ ᠥᠴᠦᠬᠡᠨ ᠴᠦ᠍ ᠳᠣᠷᠣᠮᠵᠢᠯᠠᠨ ᠦᠵᠡᠬᠦ ᠦᠭᠡᠢ ᠬᠡᠲᠦᠷᠬᠡᠶ᠎ᠡ ᠬᠦᠨᠳᠦᠯᠡᠨ ᠡᠷᠭᠦᠵᠦ ᠳᠠᠢᠴᠢᠯᠠᠨ ᠰᠠᠢᠨ ᠦᠭᠡ ᠦᠨᠡᠨ ᠰᠡᠳᠬᠢᠯ ᠢ᠋ᠶ᠋ᠡᠷ ᠥᠭᠦᠯᠡᠷᠦᠨ :《ᠶᠡᠬᠡ ᠰᠠᠢᠳ ᠴᠢ ᠡᠰᠡ ᠤᠪᠠᠢᠯᠠᠪᠠ᠃ᠲᠡᠭᠷᠢ ᠶ᠋ᠢᠨ ᠴᠠᠭ ᠨᠢᠭᠡᠨᠲᠡ ᠮᠣᠩᠭᠣᠯ ᠳ᠋ᠤᠷ ᠪᠣᠯᠤᠭᠰᠠᠨ ᠪᠣᠯᠠᠢ᠃ᠠᠯᠲᠠᠨ ᠭᠠᠳᠠᠰᠤ ᠣᠳᠣᠨ ᠲᠡᠭᠷᠢ ᠶ᠋ᠢᠨ ᠬᠣᠢᠲᠤ ᠬᠠᠭᠠᠰ ᠠ᠋ᠴᠠ ᠭᠡᠷᠡᠯ ᠨᠡᠮᠡᠪᠡ᠂ᠠᠯᠲᠠᠨ ᠤᠯᠤᠰ ᠬᠡᠳᠦᠢ ᠯᠢᠶᠣᠤ ᠤᠯᠤᠰ ᠢ᠋ ᠠᠪᠴᠢᠯᠠᠭᠰᠠᠨ ᠪᠣᠯᠪᠠᠴᠤ ᠲᠤᠰᠬᠠᠢ ᠮᠢᠨᠦ ᠭᠠᠵᠠᠷ ᠪᠤᠰᠤ᠂ᠪᠢ ᠰᠠᠢᠨ ᠢ᠋ᠶ᠋ᠠᠷ ᠡᠶᠡᠳᠡᠬᠦᠢ ᠳ᠋ᠦ᠍ᠷ ᠦᠯᠦ ᠳᠤᠷᠠᠯᠠᠬᠤ ᠶᠣᠰᠣ ᠪᠣᠢ ᠤᠤ ? ᠭᠠᠭᠴᠠ ᠬᠡᠳᠦᠢ ᠠᠯᠲᠠᠨ ᠤᠯᠤᠰ ᠲᠤᠷ ᠳᠠᠭᠠᠪᠠᠴᠤ ᠠᠯᠲᠠᠨ ᠤᠯᠤᠰ ᠡᠴᠦᠰ ᠲᠦ᠍ᠷ ᠮᠣᠩᠭᠣᠯ ᠳ᠋ᠤᠷ ᠪᠣᠯᠤᠮᠤᠢ᠃ᠲᠡᠢᠨ ᠬᠦ᠌ ᠵᠠᠪᠰᠠᠷ ᠲᠤᠷ ᠪᠢ ᠮᠥᠨ ᠳᠠᠭᠠᠵᠤ ᠮᠥᠬᠥᠮᠦᠢ᠂ᠲᠡᠢᠮᠦ ᠶ᠋ᠢᠨ ᠲᠤᠯᠠ ᠪᠢ ᠠᠷᠭ᠎ᠠ ᠦᠭᠡᠢ ᠰᠡᠳᠬᠢᠯ ᠰᠢᠭᠤᠳᠴᠤ ᠲᠡᠭᠷᠢ ᠶ᠋ᠢᠨ ᠲᠠᠭᠠᠯᠠᠯ ᠢ᠋ᠶ᠋ᠠᠷ ᠮᠣᠩᠭᠣᠯ ᠳ᠋ᠤᠷ ᠳᠠᠭᠠᠭᠰᠠᠨ ᠪᠥᠯᠥᠭᠡ ᠮᠣᠩᠭᠣᠯ ᠬᠡᠳᠦᠢ ᠴᠦᠯᠢᠰ ᠪᠢᠲᠡᠭᠦᠯᠢᠭ ᠪᠣᠯᠪᠠᠴᠤ ᠡᠨᠡ ᠴᠠᠭ ᠲᠤᠷ ᠲᠡᠭᠷᠢ ᠶ᠋ᠢᠨ ᠣᠳᠣᠨ ᠭᠠᠷᠠᠭ ᠴᠥᠮ ᠮᠣᠩᠭᠣᠯ ᠳ᠋ᠤᠷ ᠬᠤᠷᠠᠭᠰᠠᠨ ᠲᠤᠯᠠ ᠬᠡᠨ ᠡᠰᠡᠷᠭᠦᠴᠡᠪᠡᠰᠦ ᠲᠡᠷᠡ ᠳᠠᠷᠤᠢ ᠲᠡᠭᠷᠢ ᠶ᠋ᠢ ᠰᠥᠷᠦᠭᠰᠡᠨ ᠪᠣᠯᠤᠮᠤᠢ᠂ᠲᠡᠭᠷᠢ ᠶ᠋ᠢ ᠰᠥᠷᠦᠭᠴᠢ ᠬᠡᠷᠬᠢᠨ ᠤᠳᠠᠵᠤ ᠪᠣᠯᠬᠤ ? ᠮᠢᠨᠦ ᠡᠨᠡ ᠦᠭᠡ ᠥᠴᠦᠬᠡᠨ ᠴᠦ᠍ ᠮᠤᠰᠬᠢᠨ ᠬᠡᠯᠡᠬᠦ ᠪᠤᠰᠤ᠂ᠡᠷᠭᠢᠨ ᠰᠠᠢᠳ ᠲᠡᠭᠷᠢ ᠶ᠋ᠢᠨ ᠵᠦᠢ ᠶ᠋ᠢ ᠰᠢᠨᠵᠢᠬᠦ ᠤᠳᠠᠭ᠎ᠠ ᠳ᠋ᠤᠷ ᠬᠡᠳᠦᠢ ᠰᠡᠳᠬᠢᠯ ᠲᠠᠯᠪᠢᠨ ᠬᠢᠴᠢᠶᠡᠭᠰᠡᠨ ᠦᠭᠡᠢ ᠪᠣᠯᠪᠠᠴᠤ ᠮᠡᠷᠭᠡᠨ ᠨᠥᠬᠥᠷ ᠦ᠋ᠳ ᠡᠴᠡ ᠪᠡᠨ ᠠᠰᠠᠭᠤᠵᠤ ᠣᠯᠤᠨ᠂ᠲᠡᠭᠷᠢ ᠶ᠋ᠢᠨ ᠵᠦᠢ ᠶ᠋ᠢ ᠪᠠᠬᠠᠨ ᠲᠥᠰᠦᠭᠡᠯᠡᠪᠡᠰᠦ ᠠᠷᠠᠢᠬᠠᠨ ᠡᠳᠦᠭᠡ ᠴᠥᠮ ᠮᠣᠩᠭᠣᠯ ᠢ᠋ ᠤᠭᠲᠤᠨ ᠳᠠᠭᠠᠵᠤ ᠣᠷᠣᠵᠤ ᠥᠭᠬᠦ ᠪᠣᠯᠠᠢ᠃ᠪᠢ ᠰᠢᠨ᠎ᠡ ᠲᠡᠩᠬᠡᠷᠡᠵᠦ ᠮᠠᠨᠳᠤᠬᠤ ᠲᠡᠭᠷᠢ ᠶ᠋ᠢ ᠳᠠᠭᠠᠬᠤ ᠦᠭᠡᠢ ᠶᠠᠭᠤᠨ ᠳ᠋ᠤᠷ ᠡᠪᠳᠡᠷᠡᠵᠦ ᠪᠠᠷᠠᠬᠤ ᠲᠣᠭ᠎ᠠ ᠲᠡᠭᠦᠰᠦᠭᠰᠡᠨ ᠠᠯᠲᠠᠨ ᠤᠯᠤᠰ ᠲᠤᠷ ᠳᠠᠭᠠᠬᠤ ᠪᠣᠢ ? ᠠᠯᠲᠠᠨ ᠤᠯᠤᠰ ᠨᠠᠮᠠᠶ᠋ᠢ ᠬᠣᠣᠷᠯᠠᠬᠤ ᠦᠭᠡᠢ ᠶ᠋ᠢ ᠬᠡᠯᠡᠯᠴᠡᠬᠦ ᠦᠭᠡᠢ᠂ᠬᠡᠳᠦᠢ ᠮᠠᠰᠢ ᠦᠨᠡᠨ ᠮᠠᠰᠢ ᠮᠠᠭᠠᠳ ᠪᠣᠯᠪᠠᠴᠤ ᠪᠢ ᠦᠯᠦ ᠳᠠᠭᠠᠬᠤ ᠪᠣᠯᠠᠢ᠃ᠠᠯᠲᠠᠨ ᠤᠯᠤᠰ ᠤ᠋ᠨ ᠴᠡᠷᠢᠭ ᠢᠷᠭᠡᠨ ᠦ᠌ ᠰᠡᠳᠬᠢᠯ ᠴᠥᠮ ᠮᠣᠩᠭᠣᠯ ᠳ᠋ᠤᠷ ᠪᠣᠯᠵᠤ᠂ᠲᠡᠭᠦᠨ ᠦ᠌ ᠲᠦᠰᠢᠮᠡᠳ ᠡᠳ᠋ ᠠᠰᠢᠭ᠋ ᠤ᠋ᠨ ᠵᠠᠪᠰᠢᠶᠠᠨ ᠢ᠋ ᠣᠯᠤᠭᠰᠠᠭᠠᠷ ᠴᠥᠮ ᠰᠡᠳᠬᠢᠯ ᠬᠤᠪᠢᠯᠵᠤᠬᠤᠢ᠃ᠮᠣᠩᠭᠣᠯ ᠤ᠋ᠨ ᠰᠦᠷ ᠢᠨᠦ ᠴᠠᠬᠢᠯᠭᠠᠨ ᠮᠡᠲᠦ᠂ᠮᠣᠩᠭᠣᠯ ᠤ᠋ᠨ ᠬᠡᠰᠢᠭ ᠢᠨᠦ ᠪᠣᠷᠣᠭᠠᠨ ᠠᠳᠠᠯᠢ ᠳ᠋ᠤᠷ ᠵᠠᠭᠤᠨ ᠣᠪᠣᠭᠲᠠᠨ ᠵᠢᠷᠭᠠᠯ ᠬᠥᠭᠡᠭᠡᠵᠦ ᠳᠠᠭᠠᠬᠤ ᠦᠭᠡᠢ ᠪᠣᠯᠤᠨ ᠴᠢᠳᠠᠮᠤᠢ ᠤᠤ ?》ᠬᠡᠮᠡᠭᠰᠡᠨ ᠨᠢᠭᠡᠨ ᠵᠡᠷᠭᠡ ᠶ᠋ᠢᠨ ᠦᠭᠡᠨ ᠳ᠋ᠦ᠍ᠷ ᠴᠠᠩ ᠾᠧᠦ ᠵᠡᠭᠦᠳᠦᠨ ᠡᠴᠡ ᠰᠡᠷᠢᠭᠰᠡᠨ ᠮᠡᠲᠦ ᠪᠣᠯᠵᠤ ᠨᠡᠩ ᠪᠠᠰᠠ ᠶᠧ ᠯᠢᠦᠢ ᠯᠢᠦ ᠭᠧ ᠶ᠋ᠢᠨ ᠶᠡᠬᠡ ᠠᠯᠬᠤᠮ ᠣᠯᠠᠨ ᠠ᠋ᠴᠠ ᠠᠭᠤᠳᠠᠮ ᠶᠡᠬᠡᠮᠰᠦᠭ ᠪᠠ ᠨᠡᠩᠳᠡ ᠲᠡᠭᠦᠨ ᠦ᠌ ᠪᠡᠶ᠎ᠡ ᠠᠯᠲᠠᠨ ᠳ᠋ᠤᠷ ᠪᠦᠬᠦᠢ ᠳ᠋ᠦ᠍ᠷ ᠲᠡᠭᠷᠢ ᠶ᠋ᠢ ᠰᠦᠰᠦᠭᠯᠡᠬᠦ ᠶᠠᠮᠤᠨ ᠤ᠋ ᠰᠡᠮᠡᠬᠡᠷ ᠰᠢᠭᠦᠮᠵᠢᠯᠡᠬᠦ ᠶ᠋ᠢ ᠣᠯᠵᠤ ᠰᠣᠨᠣᠰᠤᠭᠰᠠᠨ ᠲᠤᠯᠠ ᠡᠨᠡ ᠡᠳᠦᠷ ᠦ᠋ᠨ ᠰᠢᠭᠦᠮᠵᠢ ᠳ᠋ᠦ᠍ᠷ ᠰᠡᠳᠬᠢᠯ ᠨᠡᠩᠳᠡ ᠬᠥᠳᠡᠯᠵᠦ ᠳᠠᠷᠤᠢ ᠶᠧ ᠯᠢᠦᠢ ᠯᠢᠦ ᠭᠧ ᠳ᠋ᠦ᠍ᠷ ᠳᠠᠭᠠᠵᠤ ᠡᠮ᠎ᠡ ᠦᠷ᠎ᠡ ᠪᠡᠨ ᠬᠥᠮᠦᠨ ᠢᠯᠡᠭᠡᠵᠦ ᠠᠴᠢᠷᠠᠭᠤᠯᠪᠠ᠃ᠶᠧ ᠯᠢᠦᠢ ᠯᠢᠦ ᠭᠧ ᠶᠡᠬᠡᠯ᠎ᠡ ᠪᠠᠶᠠᠷᠯᠠᠵᠤ ᠤᠯᠤᠰ ᠤ᠋ᠨ ᠬᠡᠷᠡᠭ ᠢ᠋ ᠬᠠᠮᠲᠤ ᠵᠥᠪᠳᠡᠮᠦᠢ᠃ᠡᠭᠦᠨ ᠳ᠋ᠦ᠍ᠷ ᠠᠯᠲᠠᠨ ᠤ᠋ ᠰᠢᠤᠸᠠᠨᠽᠦ᠋ᠩ ᠸᠠᠨ ᠶᠠᠨ ᠰᠢᠶᠦ᠋ᠨ ᠶᠡᠬᠡᠳᠡ ᠠᠭᠤᠷᠯᠠᠵᠤ᠂ᠸᠠᠨ ᠶᠠᠨ ᠨᠥ᠍ ᠨᠡᠷᠡᠲᠦ ᠵᠡᠭᠦᠨ ᠡᠲᠡᠭᠡᠳ ᠦ᠋ᠨ ᠶᠡᠬᠡ ᠵᠠᠩᠵᠤᠨ ᠳ᠋ᠤᠷ ᠳᠥᠴᠢᠨ ᠲᠦᠮᠡᠨ ᠴᠡᠷᠢᠭ ᠥᠭᠴᠦ ᠯᠢᠶᠣᠤ ᠳ᠋ᠦᠩ ᠦ᠋ᠨ ᠶᠧ ᠯᠢᠦᠢ ᠯᠢᠦ ᠭᠧ ᠶ᠋ᠢ ᠳᠠᠢᠯᠠᠷ᠎ᠠ ᠢᠯᠡᠭᠡᠭᠰᠡᠨ ᠳ᠋ᠦ᠍ᠷ᠂ᠶᠧ ᠯᠢᠦᠢ ᠯᠢᠦ ᠭᠧ ᠬᠡᠳᠦᠢᠨᠡᠢ ᠮᠣᠩᠭᠣᠯ ᠤ᠋ᠨ ᠴᠢᠩᠭᠢᠰ ᠬᠠᠭᠠᠨ ᠳ᠋ᠤᠷ ᠡᠯᠴᠢ ᠶᠠᠷᠤᠵᠤ ᠪᠣᠳᠣᠷᠣᠣᠯ ᠪᠢᠴᠢᠭ ᠪᠠᠷᠢᠵᠤ ᠠᠢᠯᠠᠳᠬᠠᠭᠰᠠᠨ ᠳ᠋ᠤᠷ ᠬᠠᠭᠠᠨ ᠠᠯᠲᠠᠨ ᠤᠯᠤᠰ ᠤ᠋ᠨ ᠣᠢᠷ᠎ᠠ ᠪᠠᠢᠭᠰᠠᠨ ᠲᠤᠯᠠ ᠳᠠᠢᠰᠤᠨᠳᠠᠷᠤᠭ᠍ᠴᠢ ᠂ᠤᠨᠵᠢᠭᠠᠢ᠂ᠰᠤᠨᠵᠢᠭᠠᠢ᠂ᠪᠤᠯᠤ᠂ᠰᠤᠷᠲᠠᠯᠲᠤ᠂ ᠠᠯᠤᠬ᠎ᠠ᠂ᠰᠦᠬᠡ᠂ᠬᠦᠳᠡᠷ ᠪᠦᠰᠡ᠂ᠬᠦᠷᠡᠯ ᠪᠦᠰᠡ ᠡᠨᠡ ᠶᠢᠰᠦᠨ ᠵᠠᠩᠵᠤᠨ ᠳ᠋ᠤᠷ ᠴᠡᠷᠢᠭ ᠥᠭᠴᠦ ᠠᠯᠲᠠᠨ ᠤ᠋ ᠴᠡᠷᠢᠭ ᠢ᠋ ᠨᠡᠬᠡᠭᠦᠯᠵᠦ ᠢᠯᠡᠭᠡᠪᠡ᠃
ᠲᠡᠳᠦᠢ ᠠᠯᠲᠠᠨ ᠤᠯᠤᠰ ᠤ᠋ᠨ ᠴᠡᠷᠢᠭ ᠰᠠᠶᠢ ᠯᠢᠶᠣᠤ ᠳ᠋ᠦᠩ ᠦ᠋ᠨ ᠴᠡᠷᠢᠭ ᠲᠦ᠍ᠷ ᠤᠴᠠᠷᠠᠲᠠᠯᠠ ᠮᠣᠩᠭᠣᠯ ᠤ᠋ᠨ ᠴᠡᠷᠢᠭ ᠨᠡᠬᠡᠨ ᠬᠦᠷᠴᠦ ᠬᠣᠢᠨ᠎ᠠ ᠠ᠋ᠴᠠ ᠪᠠᠢᠯᠳᠤᠭᠰᠠᠨ ᠳ᠋ᠤᠷ ᠯᠢᠶᠣᠤ ᠳ᠋ᠦᠩ ᠦ᠋ᠨ ᠴᠡᠷᠢᠭ ᠪᠠᠰᠠ ᠬᠠᠪᠴᠢᠨ ᠪᠠᠢᠯᠳᠤᠬᠤᠶ᠎ᠠ ᠠᠯᠲᠠᠨ ᠤᠯᠤᠰ ᠤ᠋ᠨ ᠴᠡᠷᠢᠭ ᠶᠡᠬᠡᠯ᠎ᠡ ᠳᠠᠷᠤᠭᠳᠠᠵᠤ ᠰᠠᠮᠠᠭᠤᠷᠠᠨ ᠳᠤᠲᠠᠭᠠᠭᠰᠠᠨ ᠳ᠋ᠤᠷ ᠮᠣᠩᠭᠣᠯ ᠤ᠋ᠨ ᠴᠡᠷᠢᠭ᠂ᠶᠧ ᠯᠢᠦᠢ ᠯᠢᠦ ᠭᠧ ᠶ᠋ᠢᠨ ᠴᠡᠷᠢᠭ ᠬᠠᠮᠲᠤ ᠬᠣᠶᠠᠷ ᠡᠳᠦᠷ ᠨᠡᠬᠡᠵᠦ ᠠᠯᠠᠭᠰᠠᠨ ᠳ᠋ᠤᠷ ᠬᠦᠨᠳᠦ ᠬᠥᠰᠬᠡ ᠶ᠋ᠢ ᠴᠥᠮ ᠣᠷᠬᠢᠵᠤ ᠪᠤᠷᠤᠭᠤᠯᠠᠨ᠂ᠬᠡᠳᠦᠨ ᠮᠢᠩᠭᠠᠨ ᠴᠡᠷᠢᠭ ᠠᠯᠠᠭᠳᠠᠪᠠ᠃ᠲᠡᠳᠦᠢ ᠸᠠᠨ ᠶᠠᠨ ᠨᠥ᠍ ᠪᠤᠲᠠᠷᠠᠭᠰᠠᠨ ᠴᠡᠷᠢᠭ ᠢ᠋ᠶ᠋ᠡᠨ ᠴᠤᠭᠯᠠᠭᠤᠯᠤᠨ ᠳ᠋ᠦᠩ ᠵᠢᠩ ᠬᠣᠲᠠᠨ ᠳ᠋ᠤᠷ ᠣᠷᠣᠪᠠᠢ᠃ᠡᠨᠡ ᠦᠶ᠎ᠡ ᠳ᠋ᠦ᠍ᠷ ᠶᠧ ᠯᠢᠦᠢ ᠯᠢᠦ ᠭᠧ ᠮᠣᠩᠭᠣᠯ ᠤ᠋ᠨ ᠴᠡᠷᠢᠭ ᠢ᠋ ᠬᠦᠨᠳᠦᠳᠡ ᠡᠷᠭᠦᠨ ᠬᠦᠨᠳᠦᠯᠡᠵᠦ᠂ᠬᠠᠭᠠᠨ ᠤ᠋ ᠬᠡᠰᠢᠭ ᠲᠣᠷ ᠮᠥᠷᠭᠥᠵᠦ ᠣᠯᠠᠨ ᠵᠠᠩᠵᠤᠨ ᠴᠡᠷᠢᠭ ᠲᠦ᠍ᠷ ᠠᠯᠲᠠ ᠮᠥᠩᠭᠥ ᠱᠠᠩᠨᠠᠵᠤ᠂ᠣᠯᠤᠭᠰᠠᠨ ᠬᠡᠳᠦᠨ ᠮᠢᠩᠭᠠᠨ ᠲᠡᠷᠭᠡ ᠬᠤᠶᠠᠭ ᠵᠡᠪᠰᠡᠭ ᠪᠠ ᠵᠢᠴᠢ ᠠᠯᠲᠠᠨ ᠮᠥᠩᠭᠥᠨ ᠢ᠋ ᠭᠠᠪᠢᠶᠠᠲᠠᠳ ᠲᠤᠷ ᠬᠠᠷᠢᠭᠤᠯᠠᠨ ᠪᠠᠷᠢᠭᠤᠯᠵᠤ᠂ᠬᠡᠰᠢᠭ ᠲᠣᠷ ᠮᠥᠷᠭᠥᠬᠦ ᠪᠣᠳᠣᠷᠣᠣᠯ ᠪᠢᠴᠢᠭ ᠪᠠᠷᠢᠭᠤᠯᠤᠨ ᠬᠠᠭᠠᠨ ᠳ᠋ᠤᠷ ᠮᠥᠷᠭᠥᠷ᠎ᠡ ᠢᠷᠡᠪᠡ᠃ᠡᠨᠡ ᠣᠴᠢᠷ᠎ᠠ ᠯᠢᠶᠣᠤ ᠳ᠋ᠦᠩ ᠨᠢᠭᠡᠨᠲᠡ ᠮᠣᠩᠭᠣᠯ ᠤ᠋ᠨ ᠴᠡᠷᠢᠭ ᠪᠣᠯᠤᠭᠰᠠᠨ ᠲᠤᠯᠠ ᠠᠯᠲᠠᠨ ᠤᠯᠤᠰ ᠤ᠋ᠨ ᠬᠠᠷᠢᠶᠠᠲᠤ ᠭᠠᠵᠠᠷ ᠤ᠋ᠨ ᠨᠠᠨ ᠳ᠋ᠦᠩ ᠦ᠋ᠨ ᠠᠨ ᠯᠢᠨ ᠬᠡᠮᠡᠭᠴᠢ ᠳ᠋ᠠᠩ ᠴᠢ ᠲᠦᠰᠢᠮᠡᠯ᠂ᠶᠧ ᠯᠢᠦᠢ ᠯᠢᠦ ᠭᠧ ᠡᠴᠡ ᠠᠶᠤᠵᠤ᠂ᠥᠪᠡᠷ ᠦ᠋ᠨ ᠬᠣᠲᠠ ᠪᠠ ᠬᠠᠷᠢᠶᠠᠲᠤ ᠭᠠᠵᠠᠷ ᠤ᠋ᠨ ᠬᠡᠷᠡᠭ ᠢ᠋ ᠴᠥᠮ ᠶᠧ ᠯᠢᠦᠢ ᠯᠢᠦ ᠭᠧ ᠡᠴᠡ ᠡᠰᠢ ᠡᠷᠢᠵᠦ ᠶᠠᠪᠤᠬᠤᠢ ᠳ᠋ᠤᠷ ᠶᠧ ᠯᠢᠦᠢ ᠯᠢᠦ ᠭᠧ ᠤᠴᠢᠷ ᠢ᠋ ᠰᠢᠨᠵᠢᠨ ᠪᠠᠰᠠ ᠴᠢᠩᠭᠢᠰ ᠬᠠᠭᠠᠨ ᠳ᠋ᠤᠷ ᠠᠢᠯᠠᠳᠬᠠᠨ ᠰᠣᠨᠣᠰᠬᠠᠪᠠ ①᠃ᠳᠠᠭᠠᠯᠳᠤᠭ᠎ᠠ ᠴᠢᠩᠭᠢᠰ ᠬᠠᠭᠠᠨ ᠵᠣᠣ ᠪᠢᠴᠢᠭ ᠪᠠᠭᠤᠯᠭᠠᠵᠤ ᠶᠧ ᠯᠢᠦᠢ ᠯᠢᠦ ᠭᠧ ᠶ᠋ᠢ ᠯᠢᠶᠣᠤ ᠳ᠋ᠦᠩ ᠦ᠋ᠨ ᠠᠪᠲᠠᠭᠠᠳᠤᠢ ᠬᠣᠲᠠ ᠶ᠋ᠢ ᠱᠠᠭᠠᠷᠳᠠᠨ ᠠᠪᠴᠤ ᠣᠯᠠᠨ ᠢ᠋ ᠨᠡᠢᠭᠡᠮ ᠪᠣᠯᠭ᠎ᠠ᠂ᠭᠠᠵᠠᠷ ᠤ᠋ᠨ ᠠᠶ᠎ᠠ ᠶ᠋ᠢ ᠳᠠᠭᠠᠵᠤ ᠵᠠᠰᠠᠨ᠂ᠣᠯᠠᠨ ᠤ᠋ ᠰᠡᠳᠬᠢᠯ ᠢ᠋ ᠬᠤᠷᠢᠶᠠᠬᠤᠢ ᠳ᠋ᠤᠷ ᠡᠷᠬᠡᠪᠰᠢ ᠲᠤᠰᠠᠲᠠᠢ ᠨᠡᠷ᠎ᠡ ᠰᠠᠭᠤᠷᠢᠨ ᠢ᠋ ᠪᠠᠢᠭᠤᠯ᠂ᠯᠢᠶᠣᠤ ᠳ᠋ᠦᠩ ᠲᠦᠪᠰᠢᠷᠡᠭᠰᠡᠨ ᠬᠣᠢᠨ᠎ᠠ ᠪᠡᠶ᠎ᠡ ᠪᠡᠷ ᠢᠷᠡᠵᠦ ᠪᠠᠷᠠᠯᠬ᠎ᠠ ᠬᠡᠮᠡᠵᠦᠬᠦᠢ᠃
ᠲᠡᠳᠦᠢ ᠶᠧ ᠯᠢᠦᠢ ᠯᠢᠦ ᠭᠧ ᠵᠠᠷᠯᠢᠭ ᠢ᠋ ᠳᠠᠭᠠᠵᠤ ᠴᠡᠷᠢᠭ ᠢ᠋ ᠲᠡᠭᠰᠢᠯᠡᠨ ᠠᠪᠴᠤ ᠯᠢᠶᠣᠤ ᠳ᠋ᠦᠩ ᠦ᠋ᠨ ᠣᠯᠠᠨ ᠢ᠋ ᠵᠠᠰᠠᠨ ᠪᠠᠭ᠎ᠠ ᠬᠣᠲᠠᠨ ᠢ᠋ ᠳᠠᠭᠠᠭᠤᠯᠤᠨ ᠠᠪᠤᠭᠠᠳ ᠰᠢᠶᠠᠨ ᠪᠠ ᠬᠣᠲᠠᠨ ᠳ᠋ᠤᠷ ᠨᠤᠲᠤᠭᠯᠠᠨ ᠰᠠᠭᠤᠵᠤ᠂ᠡᠭᠦᠨ ᠢ᠋ ᠬᠣᠲᠠᠨ ᠤ᠋ ᠣᠯᠠᠨ ᠴᠥᠮ ᠵᠣ᠌ ᠭᠧ ᠭᠡᠮᠡᠨ ᠨᠡᠷᠡᠢᠳᠪᠡᠢ②᠃
– – – –
①ᠡᠨᠡ ᠠᠨ ᠯᠢᠨ ᠬᠡᠮᠡᠭᠴᠢ ᠴᠣᠬᠣᠮ ᠭᠤᠷᠪᠠᠨ ᠭᠡᠷ ᠦ᠋ᠨ ᠪᠣᠭᠣᠯ ᠪᠣᠯᠠᠢ᠂ᠡᠷᠲᠡᠨ ᠦ᠌ ᠴᠢᠨ ᠾᠦᠢ ᠴᠢᠨ ᠳ᠋ᠠᠩ ᠳᠠᠬᠢᠨ ᠲᠥᠷᠥᠭᠰᠡᠨ ᠴᠦ᠍ ᠪᠣᠯᠪᠠᠤ ? ᠤᠯᠤᠰ ᠤᠯᠤᠰ ᠲᠤᠷ ᠡᠢᠮᠦ ᠶᠠᠭᠤᠮ᠎ᠠ ᠭᠠᠷᠬᠤᠢ ᠠᠨᠤ ᠶᠠᠮᠪᠠᠷ ᠣᠳᠣᠨ ᠪᠣᠯᠪᠠ᠃
②ᠡᠨᠡ ᠰᠢᠶᠠᠨ ᠪᠠ ᠬᠣᠲᠠ ᠺᠠᠢ ᠶᠤᠸᠠᠨ ᠬᠣᠲᠠᠨ ᠠ᠋ᠴᠠ ᠪᠠᠷᠠᠭᠤᠨ ᠬᠣᠢᠲᠤ ᠵᠦᠭ ᠪᠣᠢ᠂ᠡᠳᠦᠭᠡ ᠮᠠᠭᠠᠳ ᠠᠮᠤᠢ᠃
ᠲᠡᠨᠳᠡᠴᠡ ᠠᠯᠲᠠᠨ ᠤᠯᠤᠰ ᠤ᠋ᠨ ᠵᠡᠭᠦᠨ ᠭᠠᠷ ᠤ᠋ᠨ ᠢᠦᠢ ᠯᠡ ᠳ᠋ᠦ᠍ ᠨᠡᠷᠡᠲᠦ ᠹᠦ ᠶᠤᠸᠠᠨᠱᠤᠸᠠᠢ ᠠᠷᠪᠠᠨ ᠲᠦᠮᠡᠨ ᠴᠡᠷᠢᠭ ᠢ᠋ᠶ᠋ᠡᠷ ᠶᠧ ᠯᠢᠦᠢ ᠯᠢᠦ ᠭᠧ ᠶ᠋ᠢ ᠳᠠᠢᠯᠠᠷ᠎ᠠ ᠢᠷᠡᠬᠦᠢ ᠳ᠋ᠦ᠍ᠷ ᠶᠧ ᠯᠢᠦᠢ ᠯᠢᠦ ᠭᠧ ᠨᠢᠭᠡᠨᠲᠡᠭᠡᠭᠦᠷ ᠬᠠᠭᠠᠨ ᠳ᠋ᠤᠷ ᠠᠢᠯᠠᠳᠬᠠᠨ ᠶᠠᠪᠤᠭᠤᠯᠵᠤ᠂ᠳᠠᠷᠤᠢ ᠥᠪᠡᠷ ᠢ᠋ᠶ᠋ᠡᠨ ᠠᠷᠪᠠᠨ ᠲᠠᠪᠤᠨ ᠲᠦᠮᠡᠨ ᠴᠡᠷᠢᠭ ᠢ᠋ ᠴᠠᠩ ᠾᠧᠦ ᠬᠣᠶᠠᠭᠤᠯᠠ ᠵᠠᠬᠢᠷᠤᠨ᠂ᠠᠭᠤᠯᠠᠨ ᠤ᠋ ᠬᠠᠪᠴᠢᠯ ᠵᠠᠮ ᠳ᠋ᠤᠷ ᠭᠦᠨ ᠨᠦᠬᠡ ᠡᠷᠦᠵᠦ ᠴᠡᠷᠢᠭ ᠪᠦᠭᠭᠦᠭᠡᠳ ᠥᠪᠡᠷ ᠦ᠋ᠨ ᠪᠡᠶ᠎ᠡ ᠴᠥᠭᠡᠨ ᠴᠡᠷᠢᠭ ᠠᠪᠴᠤ ᠠᠯᠲᠠᠨ ᠤᠯᠤᠰ ᠤ᠋ᠨ ᠢᠷᠡᠬᠦ ᠴᠡᠷᠢᠭ ᠢ᠋ ᠲᠣᠰᠴᠤ ᠪᠠᠢᠯᠳᠤᠷ᠎ᠠ ᠠᠭᠤᠯᠠᠨ ᠳ᠋ᠤᠷ ᠣᠷᠣᠵᠤ᠂ᠭᠡᠨᠡᠳᠲᠡ ᠶᠡᠬᠡ ᠴᠡᠷᠢᠭ ᠢ᠋ᠶ᠋ᠡᠷ ᠳᠠᠷᠤᠨ ᠣᠷᠣᠵᠤ ᠢᠷᠡᠭᠰᠡᠨ ᠳ᠋ᠦ᠍ᠷ ᠢᠦᠢ ᠯᠡ ᠳ᠋ᠦ᠋ ᠠᠷᠭ᠎ᠠ ᠳ᠋ᠤᠷ ᠣᠷᠣᠭᠰᠠᠨ ᠢ᠋ᠶ᠋ᠠᠨ ᠮᠡᠳᠡᠵᠦ᠂ᠡᠭᠡᠵᠦ ᠢᠷᠡᠭᠰᠡᠨ ᠵᠠᠮ ᠢ᠋ᠶ᠋ᠠᠷ ᠳᠤᠲᠠᠭᠠᠬᠤᠢ ᠳ᠋ᠤᠷ ᠠᠭᠤᠯᠠᠨ ᠤ᠋ ᠵᠡᠪᠡ ᠡᠴᠡ ᠴᠠᠩ ᠾᠧᠦ ᠶ᠋ᠢᠨ ᠨᠢᠭᠡᠨ ᠠᠩᠭᠢ ᠴᠡᠷᠢᠭ ᠭᠠᠷᠴᠤ ᠪᠠᠢᠯᠳᠤᠭᠰᠠᠨ ᠳ᠋ᠤᠷ ᠢᠦᠢ ᠯᠡ ᠳ᠋ᠦ᠋ ᠶᠠᠭᠠᠷᠠᠨ ᠠᠭᠤᠯᠠᠨ ᠤ᠋ ᠠᠮᠠᠨ ᠤ᠋ ᠵᠠᠮ ᠢ᠋ᠶ᠋ᠠᠷ ᠭᠠᠷᠬᠤᠢ ᠳ᠋ᠤᠷ ᠤᠷᠤᠭ᠍ᠰᠢ ᠶ᠋ᠢᠨ ᠡᠷᠦᠭᠰᠡᠨ ᠨᠦᠬᠡ ᠴᠣᠭᠣᠷᠣᠵᠤ᠂ᠣᠯᠠᠨ ᠴᠡᠷᠢᠭ ᠰᠠᠮᠠᠭᠤᠷᠠᠭᠰᠠᠨ ᠳ᠋ᠤᠷ ᠯᠢᠶᠣᠤ ᠳ᠋ᠦᠩ ᠦ᠋ᠨ ᠴᠡᠷᠢᠭ ᠳᠠᠷᠤᠨ ᠢᠷᠡᠵᠦ ᠠᠯᠠᠬᠤ ᠠᠨᠤ ᠯᠤᠤᠪᠠᠩ ᠬᠡᠷᠴᠢᠵᠦ ᠡᠪᠡᠰᠦ ᠬᠠᠳᠤᠬᠤ ᠮᠡᠲᠦ᠂ᠦᠬᠦᠭᠰᠡᠨ ᠶᠠᠰᠤ ᠠᠭᠤᠯᠠ ᠵᠡᠪᠡ ᠳ᠋ᠦ᠍ᠷ ᠳᠦᠭᠦᠷᠴᠦ ᠶᠡᠬᠡᠯ᠎ᠡ ᠳᠠᠷᠤᠭᠳᠠᠨ ᠪᠤᠷᠤᠭᠤᠯᠠᠪᠠ ᠠᠯᠲᠠᠨ ᠤ᠋ ᠢᠦᠢ ᠯᠡ ᠳ᠋ᠦ᠋ ᠶ᠋ᠢᠨ ᠴᠡᠷᠢᠭ ᠪᠠᠭ᠎ᠠ ᠬᠠᠭᠠᠰ ᠰᠢᠷᠬᠠᠲᠤᠵᠤ ᠨᠠᠢ᠍ᠮᠠᠨ ᠮᠢᠩᠭᠠᠨ ᠢᠯᠡᠭᠦᠦ ᠴᠡᠷᠢᠭ ᠬᠣᠬᠢᠷᠠᠪᠠ᠃ᠶᠧ ᠯᠢᠦᠢ ᠯᠢᠦ ᠭᠧ ᠳᠡᠢᠯᠦᠭᠰᠡᠨ ᠤᠴᠢᠷ ᠢ᠋ᠶ᠋ᠠᠨ ᠪᠠᠰᠠ ᠴᠢᠩᠭᠢᠰ ᠬᠠᠭᠠᠨ ᠳ᠋ᠤᠷ ᠠᠢᠯᠠᠳᠬᠠᠪᠠ᠃ᠲᠡᠳᠦᠢ ᠬᠠᠪᠤᠷ ᠤ᠋ᠨ ᠰᠡᠭᠦᠯ ᠰᠠᠷ᠎ᠠ ᠳ᠋ᠤ᠌ ᠬᠠᠭᠠᠨ ᠤ᠋ ᠭᠡᠭᠡᠨ ᠶᠡᠬᠡ ᠴᠠᠴᠠᠷ ᠲᠤᠷ ᠭᠠᠷᠴᠤ ᠯᠢᠶᠣᠤ ᠳ᠋ᠦᠩ ᠦ᠋ᠨ ᠴᠡᠷᠢᠭ ᠦ᠋ᠨ ᠠᠢᠯᠠᠳᠬᠠᠭᠰᠠᠨ ᠢ᠋ ᠦᠵᠡᠵᠦ ᠪᠦᠬᠦᠢ ᠳ᠋ᠦ᠍ᠷ ᠵᠥᠩᠳ᠋ᠦ᠋ ᠡᠴᠡ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ ᠪᠠᠰᠠ ᠡᠯᠴᠢ ᠵᠠᠷᠤᠵᠤ ᠡᠶᠡᠳᠡᠬᠦ ᠶ᠋ᠢ ᠭᠤᠶᠤᠷ᠎ᠠ ᠢᠷᠡᠵᠦ᠂ᠥᠪᠡᠷ ᠦ᠋ᠨ ᠪᠡᠶ᠎ᠡ ᠲᠠᠢᠽᠦ ᠬᠠᠭᠠᠨ ᠢ᠋ ᠠᠬ᠎ᠠ ᠪᠣᠯᠭᠠᠨ ᠶᠣᠰᠣᠯᠠᠨ ᠨᠠᠢᠷᠠᠯᠳᠤᠰᠤᠭᠠᠢ ᠬᠡᠮᠡᠬᠦᠢ ᠳ᠋ᠦ᠍ᠷ ᠬᠠᠭᠠᠨ ᠥᠴᠦᠬᠡᠨ ᠮᠦᠰᠢᠶᠡᠵᠦ᠂ᠵᠠᠯᠮ᠎ᠠ᠂ᠵᠠᠮᠪᠠᠯ ᠬᠣᠶᠠᠭᠤᠯᠠ ᠳ᠋ᠤᠷ ᠬᠠᠷᠢᠭᠤ ᠵᠠᠷᠯᠢᠭ ᠪᠢᠴᠢᠭ ᠡᠭᠦᠷᠦᠭᠦᠯᠦᠨ ᠢᠯᠡᠭᠡᠪᠡ᠃ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ ᠢᠷᠡᠭᠰᠡᠨ ᠡᠯᠴᠢ ᠶ᠋ᠢ ᠬᠦᠨᠳᠦ ᠪᠡᠷ ᠬᠤᠷᠢᠮᠯᠠᠨ ᠬᠦᠨᠳᠦᠯᠡᠵᠦ ᠪᠢᠴᠢᠭ ᠢ᠋ ᠨᠡᠭᠡᠭᠡᠵᠦ᠂ᠦᠵᠡᠪᠡᠰᠦ ᠲᠡᠭᠦᠨ ᠦ᠌ ᠦᠭᠡ ᠄
ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠵᠠᠷᠯᠢᠭ:ᠠᠯᠲᠠᠨ ᠤᠯᠤᠰ ᠤ᠋ᠨ ᠡᠵᠡᠨ ᠰᠠᠢᠳ ᠲᠤᠷ ᠢᠯᠡᠭᠡᠪᠡ᠃ᠡᠷᠲᠡᠨ ᠡᠴᠡ ᠡᠳᠦᠭᠡ ᠬᠦᠷᠲᠡᠯ᠎ᠡ ᠡᠷᠳᠡᠮ ᠴᠢᠳᠠᠯ ᠡᠷᠬᠡ ᠪᠤᠶᠠᠨ ᠬᠣᠣᠰ ᠪᠦᠷᠢᠳᠦᠭᠰᠡᠨ ᠬᠥᠮᠦᠨ ᠳᠡᠯᠡᠬᠡᠢ ᠳ᠋ᠠᠬᠢᠨ ᠢ᠋ ᠡᠵᠡᠯᠡᠵᠦ᠂ᠴᠢᠩ ᠦᠨᠡᠨ ᠰᠡᠳᠬᠢᠯ ᠢ᠋ᠶ᠋ᠡᠷ ᠲᠦᠮᠡᠨ ᠤᠯᠤᠰ ᠢᠷᠭᠡᠨ ᠢ᠋ ᠥᠷᠥᠰᠢᠶᠡᠨ ᠭᠡᠭᠡᠬᠡᠨ ᠲᠦᠪᠰᠢᠨ ᠪᠣᠯᠭᠠᠮᠤᠢ᠂ᠲᠡᠢᠨ ᠬᠦ᠌ ᠪᠤᠶᠠᠨ ᠡᠷᠳᠡᠮ ᠦᠭᠡᠢ ᠠᠷᠠᠳ ᠪᠤᠶᠠᠨ ᠡᠷᠳᠡᠮᠲᠦ ᠠᠷᠠᠳ ᠲᠤᠷ ᠰᠠᠭᠤᠷᠢᠨ ᠢ᠋ ᠨᠠᠢᠷ ᠲᠠᠯᠪᠢᠵᠤ ᠣᠯᠠᠨ ᠢ᠋ ᠵᠠᠰᠠᠭᠤᠯᠵᠤ ᠠᠮᠤᠷ ᠪᠣᠯᠭᠠᠮᠤᠢ᠃ᠡᠳᠦᠭᠡ ᠲᠠᠨ ᠤ᠋ ᠠᠯᠲᠠᠨ ᠤᠯᠤᠰ ᠬᠥᠪᠡᠭᠦᠨ ᠢᠨᠦ ᠡᠴᠢᠭᠡ ᠡᠬᠡ ᠪᠡᠨ ᠬᠣᠷᠣᠭᠠᠵᠤ᠂ᠲᠦᠰᠢᠮᠡᠯ ᠢᠨᠦ ᠡᠵᠡᠨ ᠢ᠋ᠶ᠋ᠡᠨ ᠠᠯᠠᠵᠤ᠂ᠠᠬ᠎ᠠ ᠳᠡᠭᠦᠦ ᠬᠠᠷᠢᠯᠴᠠᠨ ᠲᠡᠮᠡᠴᠡᠯᠳᠦᠬᠦ᠂ᠢᠷᠭᠡᠨ ᠢᠨᠦ ᠡᠵᠡᠨ ᠲᠦᠰᠢᠮᠡᠳ ᠡᠴᠡ ᠪᠡᠨ ᠤᠷᠪᠠᠵᠤ᠂ᠨᠡᠩᠳᠡ ᠡᠷᠬᠡ ᠪᠤᠶᠠᠨ ᠦᠨᠡᠨ ᠡᠷᠳᠡᠮ ᠦᠭᠡᠢ ᠶ᠋ᠢᠨ ᠲᠤᠢᠯ ᠳ᠋ᠤᠷ ᠬᠦᠷᠦᠭᠰᠡᠨ ᠲᠤᠯᠠ ᠣᠳᠣ ᠲᠡᠷᠡ ᠢᠷᠭᠡᠨ ᠪᠠ ᠳᠡᠭᠡᠳᠦᠰ ᠲᠣᠷ ᠰᠢᠯᠲᠠᠨ᠂ᠪᠡᠶ᠎ᠡ ᠥᠪᠡᠷᠡᠴᠢᠯᠡᠨ ᠡᠷᠲᠡ ᠬᠠᠭᠠᠨ ᠰᠠᠭᠤᠬᠤ ᠪᠠᠨ ᠪᠠᠢᠲᠤᠭᠠᠢ᠃ᠡᠳᠦᠭᠡ ᠠᠷᠤ ᠭᠠᠵᠠᠷ ᠠᠷᠪᠠᠨ ᠬᠣᠶᠠᠷ ᠬᠠᠭᠠᠨ ᠳᠠᠯᠠᠨ ᠲᠠᠪᠤᠨ ᠠᠢᠮᠠᠭ᠂ᠡᠮᠦᠨ᠎ᠡ ᠭᠠᠵᠠᠷ ᠰᠥᠩ᠂ᠰᠢᠶᠠ᠂ᠯᠢᠶᠣᠤ᠂ᠬᠢᠳᠠᠨ ᠯᠤᠭ᠎ᠠ ᠡᠳᠡᠭᠡᠷ ᠤᠯᠤᠰ ᠬᠠᠷᠢᠯᠴᠠᠨ ᠲᠡᠮᠡᠴᠡᠯᠳᠦᠵᠦ᠂ᠳᠥᠷᠪᠡᠨ ᠵᠠᠭᠤᠨ ᠣᠨ ᠢᠯᠡᠭᠦᠦ ᠳᠡᠯᠡᠬᠡᠢ ᠳ᠋ᠠᠬᠢᠨ ᠤ᠋ ᠬᠥᠮᠦᠨ ᠠᠮᠢᠲᠠᠨ ᠢ᠋ ᠥᠴᠦᠬᠡᠨ ᠴᠦ᠍ ᠠᠮᠠᠷᠠᠭᠤᠯᠤᠯ ᠦᠭᠡᠢ ᠳ᠋ᠦ᠍ᠷ ᠪᠢ ᠲᠡᠭᠷᠢ ᠶ᠋ᠢᠨ ᠪᠣᠱᠣᠭ ᠢ᠋ᠶ᠋ᠡᠷ ᠨᠢᠭᠡᠨ ᠦᠵᠦᠭᠦᠷᠲᠦ ᠰᠡᠳᠬᠢᠯ ᠢ᠋ᠶ᠋ᠡᠷ ᠠᠷᠪᠠᠨ ᠭᠤᠷᠪᠠᠨ ᠨᠠᠰᠤᠨ ᠠ᠋ᠴᠠ ᠴᠡᠷᠢᠭ ᠪᠠᠢᠭᠤᠯᠵᠤ᠂ᠳᠥᠷᠪᠡᠨ ᠵᠦᠭ ᠳᠠᠢᠯᠠᠨ ᠲᠡᠭᠰᠢᠯᠡᠨ ᠶᠠᠪᠤᠵᠤ᠂ᠪᠠᠭ᠎ᠠ ᠠᠢᠮᠠᠭ ᠳᠠᠯᠠᠨ ᠲᠠᠪᠤ᠂ᠶᠡᠬᠡ ᠤᠯᠤᠰ ᠠᠷᠪᠠᠨ ᠬᠣᠶᠠᠷ ᠬᠠᠭᠠᠨ ᠢ᠋ ᠲᠦᠪᠰᠢᠳᠬᠡᠵᠦ᠂ᠪᠠᠷᠠᠭᠤᠨᠰᠢ ᠲᠠᠩᠭᠤᠳ᠂ᠲᠥᠪᠡᠳ ᠪᠠᠯᠪᠤ᠂ᠤᠢᠭᠤᠷ᠂ᠬᠣᠲᠣᠩ᠂ᠴᠠᠭᠠᠨ ᠬᠣᠲᠣᠩ᠂ᠬᠠᠷ᠎ᠠ ᠰᠡᠷᠲᠡᠭᠴᠢᠨ᠂ᠵᠡᠭᠦᠨ ᠨᠣᠬᠠᠢ ᠲᠣᠯᠣᠭᠠᠢᠲᠤ᠂ᠥᠬᠢᠨ ᠤᠯᠤᠰ ᠤ᠋ᠨ ᠵᠡᠷᠭᠡ ᠶ᠋ᠢᠨ ᠣᠯᠠᠨ ᠰᠠᠮᠠᠭᠤᠨ ᠢ᠋ ᠨᠢᠭᠡᠨ ᠪᠣᠯᠭᠠᠵᠤ᠂ᠬᠠᠭᠠᠨ ᠰᠠᠭᠤᠵᠤ᠂ᠪᠠᠰᠠ ᠪᠢ ᠠᠮᠠᠷᠬᠠᠨ ᠰᠠᠭᠤᠰᠤᠭᠠᠢ ᠭᠡᠲᠡᠯ᠎ᠡ ᠮᠢᠨᠦ ᠳᠥᠴᠢᠨ ᠲᠠᠪᠤᠨ ᠨᠠᠰᠤᠨ ᠳ᠋ᠤᠷ ᠡᠮᠦᠨ᠎ᠡ ᠠᠯᠲᠠᠨ ᠤᠯᠤᠰ ᠤ᠋ᠨ ᠯᠢᠦ ᠵᠦᠩ ᠯᠦ᠍᠂ᠯᠢᠦ ᠹᠦ᠂ᠳ᠋ᠦᠩ ᠴᠢᠨ ᠨᠠᠷ ᠬᠠᠷᠠᠩᠭᠤᠢ ᠬᠠᠷᠭᠢᠰ ᠲᠤᠷ ᠲᠡᠰᠬᠦ ᠦᠭᠡᠢ ᠨᠠᠳᠠ ᠳ᠋ᠤᠷ ᠵᠠᠭᠠᠯᠳᠤᠷᠠ ᠢᠷᠡᠭᠰᠡᠨ ᠢ᠋ ᠮᠡᠬᠦᠰ ᠬᠥᠮᠦᠨ ᠮᠢᠨᠦ ᠲᠥᠷᠥᠯ ᠦ᠋ᠨ ᠰᠠᠢᠨ ᠪᠥᠬᠡ ᠬᠠᠨ ᠢ᠋ ᠠᠯᠠᠪᠠ ᠬᠡᠮᠡᠭᠰᠡᠨ ᠢ᠋ ᠰᠠᠶᠢ ᠮᠡᠳᠡᠵᠦ ᠳᠠᠢᠯᠠᠷ᠎ᠠ ᠡᠴᠢᠰᠦᠭᠡᠢ ᠬᠡᠮᠡᠪᠡᠴᠦ ᠲᠠᠨ ᠤ᠋ ᠢᠷᠭᠡᠨ ᠦ᠌ ᠵᠦᠳᠡᠭᠦᠷᠢ ᠶ᠋ᠢ ᠪᠣᠳᠣᠵᠤ᠂ᠬᠡᠳᠦ ᠬᠡᠳᠦᠨ ᠡᠯᠴᠢ ᠢᠯᠡᠬᠡᠨ ᠤᠴᠢᠷ ᠢ᠋ ᠬᠡᠯᠡᠭᠦᠯᠪᠡᠴᠦ ᠶᠣᠰᠣ ᠦᠭᠡᠢ ᠪᠡᠷ ᠦᠯᠦ ᠪᠠᠷᠠᠨ᠂ᠭᠡᠳᠡᠷᠭᠦ ᠬᠠᠷᠢᠨ ᠨᠠᠮᠠᠶ᠋ᠢ ᠲᠠᠨ ᠤ᠋ ᠪᠣᠭᠣᠯ ᠮᠡᠲᠦ ᠡᠯᠴᠢ ᠵᠠᠷᠤᠵᠤ᠂ᠪᠠᠰᠠ ᠨᠠᠮᠠᠶ᠋ᠢ ᠮᠡᠬᠡᠯᠡᠨ ᠠᠪᠠᠴᠢᠵᠤ ᠠᠯᠠᠰᠤᠭᠠᠢ ᠬᠡᠮᠡᠬᠦᠢ ᠳ᠋ᠦ᠍ᠷ ᠪᠢ ᠬᠠᠷᠠᠬᠠᠨ ᠤᠬᠤᠷᠢᠨ ᠪᠥᠬᠥᠶ᠎ᠡ ᠪᠠᠰᠠ ᠲᠠᠨ ᠤ᠋ ᠤᠷᠢᠳᠤ ᠡᠵᠡᠨ ᠢ᠋ᠶ᠋ᠡᠨ ᠬᠣᠣᠷᠠᠳᠠᠭᠠᠵᠤ ᠡᠬᠡ ᠶᠦ᠍ᠭᠡᠨ ᠠᠯᠠᠭᠰᠠᠨ ᠳ᠋ᠤᠷ ᠪᠢ ᠠᠷᠭ᠎ᠠ ᠦᠭᠡᠢ ᠰᠠᠶᠢ ᠴᠡᠷᠢᠭᠯᠡᠪᠡ᠃ᠡᠭᠦᠨ ᠳ᠋ᠦ᠍ᠷ ᠲᠡᠭᠷᠢ ᠬᠡᠮᠡᠭᠴᠢ ᠲᠥᠪ ᠢ᠋ ᠲᠡᠳᠬᠦᠬᠦᠢ ᠳ᠋ᠦ᠍ᠷ ᠮᠢᠨᠦ ᠴᠡᠷᠢᠭ ᠳᠠᠷᠠᠭ᠎ᠠ ᠪᠠᠷ ᠴᠥᠭᠡᠨ ᠢ᠋ᠶ᠋ᠡᠷ ᠣᠯᠠᠨ ᠢ᠋ ᠳᠠᠷᠤᠵᠤ᠂ᠣᠯᠠᠨ ᠬᠣᠲᠠᠨ ᠢ᠋ ᠡᠵᠡᠯᠡᠵᠦ ᠠᠲᠠᠯ᠎ᠠ ᠡᠵᠡᠨ ᠢ᠋ᠶ᠋ᠡᠨ ᠬᠣᠣᠷᠠᠳᠠᠭᠠᠵᠤ ᠡᠬᠡ ᠶᠦ᠍ᠭᠡᠨ ᠦ᠌ ᠵᠦᠩ ᠢ᠋ ᠪᠣᠭᠣᠯ ᠠᠨᠤ ᠠᠯᠠᠭᠰᠠᠨᠠ ᠡᠨᠡ ᠮᠡᠲᠦ ᠬᠠᠷᠠᠩᠭᠤᠢ ᠦᠬᠦᠬᠦᠢ ᠳ᠋ᠦ᠍ᠷ ᠮᠡᠬᠦᠰ ᠬᠥᠮᠦᠨ ᠪᠢ ᠲᠠᠨ ᠢ᠋ ᠲᠡᠭᠷᠢ ᠦᠵᠡᠭᠦᠯᠦᠨ ᠠᠲᠠᠯ᠎ᠠ ᠪᠢ ᠪᠠᠰᠠ ᠳᠠᠷᠤᠯᠠᠵᠤ ᠶᠠᠭᠠᠬᠢᠮᠤᠢ ᠭᠡᠮᠡᠨ ᠭᠠᠭᠴᠠ ᠭᠠᠳᠠᠭᠠᠳᠤ ᠭᠠᠵᠠᠷ ᠣᠷᠣᠨ ᠮᠣᠵᠢ ᠠᠢᠮᠠᠭ ᠢ᠋ ᠠᠪᠤᠨ ᠶᠠᠪᠤᠵᠤ᠂ᠲᠠᠨ ᠤ᠋ ᠥᠪᠡᠰᠦᠪᠡᠨ ᠮᠡᠳᠡᠬᠦ ᠶ᠋ᠢ ᠬᠦᠯᠢᠶᠡᠬᠦᠯᠡ ᠲᠠ ᠬᠠᠷᠢᠨ ᠬᠢᠷᠢ ᠪᠡᠨ ᠦᠯᠦ ᠮᠡᠳᠡᠨ᠂ᠲᠡᠭᠷᠢ ᠶ᠋ᠢ ᠲᠡᠰᠡᠷᠭᠦᠯᠡᠨ᠂ᠣᠨᠴᠠ ᠡᠯᠳᠡᠪ ᠢ᠋ᠶ᠋ᠡᠷ ᠠᠭᠠᠰᠢᠯᠠᠬᠤ ᠪᠠᠨ ᠵᠣᠭᠰᠣᠬᠤ ᠦᠭᠡᠢ ᠳ᠋ᠦ᠍ᠷ ᠪᠢ ᠲᠠᠨ ᠤ᠋ ᠱᠠᠨ ᠳ᠋ᠦᠩ᠂ᠾᠧ ᠪᠧᠢ ᠵᠡᠷᠭᠡ ᠶ᠋ᠢᠨ ᠬᠣᠲᠠ ᠪᠠᠯᠭᠠᠳ ᠢ᠋ ᠠᠪᠤᠭᠰᠠᠭᠠᠷ ᠡᠳᠦᠭᠡ ᠲᠠᠨ ᠤ᠋ ᠤᠯᠤᠰ ᠤ᠋ᠨ ᠵᠢᠷᠠᠨ ᠢᠯᠡᠭᠦᠦ ᠬᠣᠲᠠ ᠴᠥᠮ ᠮᠢᠨᠦ ᠪᠣᠯᠵᠤ᠂ᠵᠡᠭᠦᠨ ᠪᠠᠷᠠᠭᠤᠨ ᠯᠢᠶᠣᠤ ᠰᠢᠶᠨ ᠬᠣᠶᠠᠷ ᠤᠯᠤᠰ ᠦᠬᠦᠨ ᠵᠢᠳᠬᠦᠵᠦ᠂ᠵᠡᠭᠦᠨ ᠭᠠᠷ ᠾᠧ ᠳ᠋ᠦᠩ ᠢ᠋ ᠬᠢᠴᠢᠶᠡᠨ ᠲᠤᠯᠵᠤ᠂ᠲᠠᠨ ᠤ᠋ ᠣᠷᠴᠢᠨ ᠲᠣᠭᠣᠷᠢᠨ ᠴᠥᠮ ᠮᠢᠨᠦ ᠪᠣᠯᠪᠠ᠃ᠡᠳᠦᠭᠡ ᠴᠢᠨᠦ ᠬᠠᠮᠢᠶᠠᠲᠠᠢ ᠬᠡᠳᠦᠨ ᠬᠣᠲᠠᠨ ᠠ᠋ᠴᠠ ᠥᠪᠡᠷ᠎ᠡ ᠦᠭᠡᠢ ᠪᠣᠯᠤᠭᠰᠠᠨ ᠠᠲᠠᠯ᠎ᠠ ᠪᠠᠰᠠ ᠶᠠᠭᠤᠨ ᠢ᠋ ᠰᠠᠨᠠᠵᠤ ᠪᠣᠢ ? ᠮᠢᠨᠦ ᠳᠣᠣᠷᠠᠬᠢ ᠸᠠᠩ ᠰᠠᠢᠳ ᠤ᠋ᠳ ᠪᠠ ᠲᠦᠰᠢᠮᠡᠯ ᠵᠠᠩᠵᠤᠨ ᠨᠠᠷ ᠤ᠋ᠨ ᠵᠣᠷᠢᠭ ᠢ᠋ᠶ᠋ᠠᠷ ᠪᠣᠯᠪᠠᠰᠤ ᠴᠢᠨᠦ ᠨᠢᠭᠡᠨ ᠵᠦᠩᠳ᠋ᠦ᠋ ᠴᠦ᠍ ᠪᠠᠢᠲᠤᠭᠠᠢ᠂ᠬᠡᠳᠦᠨ ᠠᠷᠪᠠᠨ ᠵᠦᠩᠳ᠋ᠦ᠋ ᠪᠣᠯᠪᠠᠴᠤ ᠮᠥᠨ ᠠᠪᠴᠤ ᠳᠠᠭᠤᠰᠤᠭᠰᠠᠨ ᠪᠣᠯᠠᠢ᠃ᠭᠠᠭᠴᠠ ᠮᠡᠬᠦᠰ ᠬᠥᠮᠦᠨ ᠪᠢ ᠰᠡᠳᠬᠢᠯ ᠳ᠋ᠦ᠍ᠷ ᠲᠦᠪᠳᠡᠬᠦ ᠦᠭᠡᠢ ᠲᠤᠯᠠ ᠴᠢᠩᠳᠠᠯᠠᠨ ᠵᠣᠭᠰᠣᠭᠠᠭᠰᠠᠭᠠᠷ ᠡᠳᠦᠢ ᠪᠣᠯᠪᠠ᠃ᠦᠨᠡᠬᠡᠷ ᠮᠢᠨᠦ ᠦᠭᠡᠰ ᠢ᠋ ᠬᠡᠲᠦᠷᠬᠡᠢ ᠬᠡᠮᠡᠪᠡᠰᠦ ᠵᠢᠷᠠᠨ ᠢᠯᠡᠭᠦᠦ ᠬᠣᠲᠠ ᠶ᠋ᠢ ᠠᠪᠴᠤ ᠴᠢᠳᠠᠭᠠᠳ ᠨᠢᠭᠡᠨ ᠵᠦᠩᠳ᠋ᠦ᠋ ᠶ᠋ᠢ ᠠᠪᠴᠤ ᠴᠢᠳᠠᠬᠤ ᠦᠭᠡᠢ ᠶᠣᠰᠣ ᠪᠣᠢ ᠤᠤ ? ᠮᠢᠨᠦ ᠤᠭ ᠰᠠᠨᠠᠭᠠᠨ ᠮᠥᠨ ᠲᠠᠨ ᠤ᠋ ᠰᠡᠳᠬᠢᠯ ᠦ᠋ᠨ ᠤᠭ ᠠ᠋ᠴᠠ ᠲᠡᠭᠷᠢ ᠶ᠋ᠢᠨ ᠴᠠᠭ ᠢ᠋ ᠤᠬᠠᠭᠠᠷᠠᠨ ᠮᠡᠳᠡᠵᠦ᠂ᠶᠡᠬᠡ ᠵᠣᠪᠠᠯᠠᠩ ᠠ᠋ᠴᠠ ᠵᠠᠢᠯᠠᠵᠤ ᠶᠡᠬᠡ ᠨᠡᠷ᠎ᠡ ᠪᠡᠨ ᠪᠣᠳᠣᠪᠠᠰᠤ ᠳᠠᠢᠯᠠᠬᠤ ᠶ᠋ᠢ ᠪᠠᠢᠰᠤᠭᠠᠢ ᠬᠡᠮᠡᠭᠰᠡᠨ ᠪᠥᠯᠥᠭᠡ᠃ᠡᠭᠦᠨ ᠳ᠋ᠦ᠍ᠷ ᠴᠢ ᠪᠠᠰᠠ ᠴᠤ᠌ ᠤᠬᠠᠬᠤ ᠦᠭᠡᠢ ᠪᠥᠭᠡᠳ ᠳᠠᠬᠢᠨ ᠳᠠᠬᠢᠨ ᠡᠶᠡᠳᠡᠬᠦ ᠶ᠋ᠢ ᠭᠤᠶᠤᠮᠤᠢ᠃ᠬᠡᠷᠪᠡ ᠬᠣᠭᠣᠰᠣᠨ ᠶᠡᠬᠡ ᠨᠡᠷ᠎ᠡ ᠪᠡᠨ ᠪᠠᠢᠵᠤ ᠠᠮᠢᠨ ᠪᠡᠶ᠎ᠡ ᠪᠡᠨ ᠬᠠᠮᠠᠭᠠᠯᠠᠰᠤᠭᠠᠢ ᠬᠡᠮᠡᠬᠦᠯ᠎ᠡ ᠲᠠ ᠬᠠᠭᠠᠨ ᠬᠡᠮᠡᠬᠦ ᠪᠡᠨ ᠪᠠᠢᠭᠠᠳ ᠱᠠᠨ ᠳ᠋ᠦᠩ᠂ᠾᠧ ᠪᠧᠢ ᠶ᠋ᠢᠨ ᠣᠯᠠᠨ ᠬᠣᠲᠠ ᠪᠠᠨ ᠨᠠᠳᠠ ᠳ᠋ᠤᠷ ᠡᠷᠭᠦᠵᠦ ᠲᠤᠰᠢᠶᠠᠪᠠᠰᠤ ᠪᠢ ᠴᠢᠮᠠᠶ᠋ᠢ ᠨᠢᠭᠡᠨ ᠸᠠᠩ ᠡᠷᠭᠦᠭᠡᠳ ᠤᠷᠲᠤᠳᠠ ᠠᠮᠤᠷ ᠰᠠᠭᠤᠯᠭᠠᠰᠤᠭᠠᠢ᠃ᠡᠢᠨ ᠪᠣᠯᠪᠠᠴᠤ ᠮᠢᠨᠦ ᠣᠯᠠᠨ ᠵᠠᠩᠵᠤᠨ ᠴᠡᠷᠢᠭ ᠦ᠋ᠨ ᠴᠢᠭᠢᠷᠠᠭ ᠠᠭᠤᠷ ᠶᠡᠷᠦ ᠮᠣᠬᠣᠬᠤ ᠦᠭᠡᠢ᠂ᠣᠨᠴᠠ ᠴᠢᠨᠦ ᠦᠨᠳᠦᠰᠦᠨ ᠢ᠋ ᠲᠠᠰᠤᠯᠤᠨ ᠠᠯᠲᠠᠨ ᠤ᠋ ᠢᠷᠭᠡᠨ ᠦ᠌ ᠰᠡᠳᠬᠢᠯ ᠢ᠋ ᠴᠥᠬᠥᠭᠦᠯᠵᠦ᠂ᠳᠡᠯᠡᠬᠡᠢ ᠳ᠋ᠠᠬᠢᠨ ᠢ᠋ ᠲᠥᠪ ᠴᠢᠬᠡ ᠪᠣᠯᠭᠠᠮᠤᠢ ᠭᠡᠮᠡᠨ ᠨᠠᠮᠠᠢ ᠱᠠᠭᠠᠷᠳᠠᠵᠤ ᠦᠯᠦ ᠵᠣᠭᠰᠣᠮᠤᠢ᠃ᠡᠰᠡ ᠢᠲᠡᠭᠡᠮᠵᠢᠯᠡᠪᠡᠰᠦ ᠮᠠᠨ ᠤ᠋ ᠸᠠᠩ ᠰᠠᠢᠳ ᠠ᠋ᠴᠠ ᠠᠰᠠᠭᠤᠨ ᠮᠡᠳᠡᠵᠦ᠂ᠵᠢᠴᠢ ᠮᠢᠨᠦ ᠬᠠᠷᠢᠭᠤ ᠪᠠᠭᠤᠯᠭᠠᠭᠰᠠᠨ ᠵᠠᠷᠯᠢᠭ ᠢ᠋ ᠬᠢᠨᠠᠨ ᠦᠵᠡ ᠭᠡᠮᠡᠨ ᠪᠠᠰᠠ ᠮᠢᠨᠦ ᠲᠦᠰᠢᠮᠡᠯ ᠢ᠋ ᠬᠣᠲᠠ ᠳ᠋ᠠᠭᠠᠨ ᠵᠠᠯᠠᠨ ᠠᠪᠠᠴᠢᠵᠤ᠂ᠵᠠᠩᠵᠤᠨ ᠨᠠᠷ ᠲᠤᠷ ᠪᠡᠯᠡᠭ ᠬᠤᠷᠢᠮ ᠪᠠᠷᠢᠵᠤ ᠲᠡᠳᠡᠨ ᠦ᠌ ᠨᠢᠭᠤᠷ ᠲᠤᠷ ᠨᠠᠢᠷᠯᠠᠨ ᠭᠤᠶᠤᠵᠤ ᠪᠠᠢᠭᠲᠤᠨ᠃ᠪᠢ ᠡᠨᠳᠡ ᠡᠴᠡ ᠮᠥᠨ ᠴᠢᠮ᠎ᠠ ᠳ᠋ᠤᠷ ᠪᠠᠬᠠᠨ ᠵᠠᠮ ᠭᠠᠷᠭᠠᠵᠤ ᠥᠭᠰᠦᠭᠡᠢ᠃ᠡᠳᠦᠭᠡ ᠡᠶᠡᠳᠡᠬᠦ ᠶ᠋ᠢ ᠬᠣᠭᠣᠰᠣᠭᠠᠷ ᠬᠦᠯᠢᠶᠡᠵᠦ ᠦᠯᠦ ᠪᠣᠯᠤᠮᠤᠢ᠃ᠡᠷᠬᠡᠪᠰᠢ ᠮᠢᠨᠦ ᠵᠠᠩᠵᠤᠨ ᠴᠡᠷᠢᠭ ᠦ᠋ᠨ ᠰᠡᠳᠬᠢᠯ ᠢ᠋ ᠰᠠᠢᠨ ᠪᠠᠶᠠᠰᠬᠠᠪᠠᠰᠤ ᠵᠠᠮ ᠭᠠᠷᠴᠤ ᠪᠣᠯᠤᠮᠤᠢ᠃ᠪᠢ ᠨᠢᠭᠡᠨᠲᠡ ᠳᠡᠯᠡᠬᠡᠢ ᠳ᠋ᠠᠬᠢᠨ ᠢ᠋ ᠨᠡᠭᠡᠭᠡᠮᠦᠢ ᠭᠡᠮᠡᠨ ᠠᠮᠠ ᠭᠠᠷᠴᠤ ᠲᠡᠷᠢᠭᠦᠯᠡᠨ ᠳᠠᠢᠯᠠᠨ ᠶᠠᠪᠤᠭᠠᠳ ᠵᠠᠭᠤᠨ ᠲᠦᠰᠢᠮᠡᠳ ᠣᠯᠠᠨ ᠴᠡᠷᠢᠭ ᠦ᠋ᠨ ᠵᠢᠳᠬᠦᠨ ᠴᠢᠷᠮᠠᠢᠵᠤ ᠤᠷᠤᠭ᠍ᠰᠢ ᠱᠠᠭᠠᠷᠳᠠᠬᠤ ᠶ᠋ᠢ ᠬᠡᠷᠬᠢᠨ ᠣᠭᠴᠣ ᠲᠠᠰᠤ ᠬᠣᠷᠢᠭ᠍ᠯᠠᠮᠤᠢ? ᠴᠥᠮ ᠮᠢᠨᠦ ᠨᠢᠭᠡᠨ ᠬᠥᠮᠦᠨ ᠦ᠌ ᠲᠥᠯᠥᠭᠡ ᠠᠮᠢ ᠪᠠᠨ ᠲᠡᠪᠴᠢᠨ ᠠᠲᠠᠯ᠎ᠠ ᠪᠢ ᠪᠤᠷᠤᠭᠤᠰᠢᠶᠠᠨ ᠬᠣᠷᠢᠭ᠍ᠯᠠᠵᠤ ᠬᠡᠷᠬᠢᠨ ᠪᠣᠯᠣᠮᠢ ? ᠲᠡᠢᠨ ᠬᠦ᠌ ᠴᠢ ᠳ᠋ᠦ᠍ᠷ ᠠᠪᠤᠷᠠᠯ ᠢ᠋ ᠡᠷᠢᠪᠡᠰᠦ ᠮᠢᠨᠦ ᠵᠠᠭᠤᠨ ᠲᠦᠰᠢᠮᠡᠳ ᠦ᠋ᠨ ᠡᠰᠡᠷᠭᠦ ᠬᠡᠯᠡᠬᠦ ᠦᠭᠡ ᠲᠡᠢ ᠪᠣᠯᠵᠤ᠂ᠪᠡᠯᠡᠭ ᠬᠤᠷᠢᠮ ᠪᠠᠷᠢᠵᠤ ᠡᠢᠨ ᠬᠦ᠌ ᠵᠠᠪᠰᠠᠷ ᠢ᠋ ᠭᠣᠶᠣ ᠬᠡᠮᠡᠵᠦᠬᠦᠢ᠃
ᠡᠭᠦᠨ ᠢ᠋ ᠠᠯᠲᠠᠨ ᠤ᠋ ᠡᠵᠡᠨ ᠰᠠᠢᠳ ᠦᠵᠡᠭᠡᠳ ᠨᠡᠩ ᠪᠠᠰᠠ ᠮᠣᠩᠭᠣᠯ ᠤ᠋ᠨ ᠰᠠᠢᠳ ᠤ᠋ᠨ ᠠᠯᠲᠠᠨ ᠤᠯᠤᠰ ᠢ᠋ ᠠᠪᠬᠤ ᠠᠨᠤ ᠭᠠᠷ ᠤ᠋ᠨ ᠠᠯᠠᠭ᠎ᠠ ᠶ᠋ᠢᠨ ᠳᠣᠲᠣᠷ᠎ᠠ ᠪᠣᠯᠤᠭᠰᠠᠨ ᠳ᠋ᠤᠷ ᠲᠡᠭᠦᠨ ᠦ᠌ ᠮᠠᠲᠠᠯ ᠪᠦᠬᠦᠢ ᠰᠠᠢᠳ ᠴᠥᠮ ᠴᠢᠷᠠᠢ ᠠᠯᠳᠠᠪᠠ᠃ᠡᠭᠦᠨ ᠳ᠋ᠦ᠍ᠷ ᠵᠡᠭᠦᠨ ᠡᠲᠡᠭᠡᠳ ᠦ᠋ᠨ ᠴᠧᠩᠰᠢᠶᠠᠩ ᠪᠥᠭᠡᠳ ᠹᠦ ᠶᠤᠸᠠᠨᠱᠤᠸᠠᠢ ᠠᠢᠯᠠᠳᠬᠠᠷᠤᠨ:《 ᠲᠠᠲ᠋ᠠᠷ ᠤ᠋ᠨ ᠬᠥᠮᠦᠨ ᠮᠣᠷᠢᠨ ᠨᠢᠭᠡᠨ ᠵᠢᠯ ᠳᠥᠷᠪᠡᠨ ᠵᠦᠭ ᠳᠣᠪᠲᠣᠯᠤᠨ ᠳᠠᠢᠯᠠᠵᠤ ᠶᠠᠳᠠᠵᠤ ᠴᠢᠯᠡᠭᠰᠡᠨ ᠴᠠᠭ᠂ᠴᠣᠬᠣᠮ ᠳ᠋ᠤᠷ ᠡᠨᠡ ᠤᠳᠠᠭ᠎ᠠ ᠳ᠋ᠤᠷ ᠪᠢᠳᠡ ᠬᠣᠲᠠᠨ ᠤ᠋ ᠴᠡᠷᠢᠭ ᠪᠠ ᠭᠠᠳᠠᠨ᠎ᠠ ᠴᠡᠷᠢᠭ ᠢ᠋ ᠵᠠᠭᠤᠨ ᠲᠦᠮᠡᠨ ᠰᠢᠯᠭᠠᠵᠤ ᠲᠡᠭᠦᠨ ᠯᠦ᠍ᠭᠡ ᠦᠬᠦᠬᠦ ᠡᠳᠡᠭᠡᠬᠦ ᠶ᠋ᠢ ᠲᠠᠰᠤᠯᠤᠨ ᠨᠢᠭᠡᠨ ᠵᠡᠷᠭᠡ ᠪᠠᠢᠯᠳᠤᠪᠠᠰᠤ ᠵᠣᠬᠢᠮᠤᠢ》ᠬᠡᠮᠡᠬᠦᠢ ᠳ᠋ᠦ᠍ᠷ ᠬᠠᠵᠠᠭᠤ ᠠ᠋ᠴᠠ ᠪᠠᠷᠠᠭᠤᠨ ᠡᠲᠡᠭᠡᠳ ᠦ᠋ᠨ ᠴᠧᠩᠰᠢᠶᠠᠩ ᠸᠠᠨ ᠶᠠᠨ ᠴᠧᠩ ᠾᠦᠢ ᠥᠭᠦᠯᠡᠷᠦᠨ: 《ᠪᠣᠯᠬᠤ ᠦᠭᠡᠢ ᠪᠣᠯᠬᠤ ᠦᠭᠡᠢ᠂ᠮᠠᠨ ᠤ᠋ ᠴᠡᠷᠢᠭ ᠦ᠋ᠨ ᠬᠥᠮᠦᠨ ᠦ᠌ ᠪᠡᠶ᠎ᠡ ᠬᠡᠳᠦᠢ ᠨᠡᠢᠰᠯᠡᠯ ᠬᠣᠲᠠ ᠳ᠋ᠤᠷ ᠠᠪᠠᠴᠤ᠂ᠲᠡᠳᠡᠭᠡᠷ ᠦ᠋ᠨ ᠭᠡᠷ ᠦ᠋ᠨ ᠠᠮᠠᠨ ᠡᠮ᠎ᠡ ᠦᠷ᠎ᠡ ᠴᠥᠮ ᠭᠠᠳᠠᠨ᠎ᠠ ᠠᠭᠤᠯᠠᠨ ᠵᠠᠮ ᠳ᠋ᠤᠷ ᠪᠣᠢ᠂ᠡᠳᠡᠭᠡᠷ ᠣᠯᠠᠨ ᠵᠠᠮ ᠤ᠋ᠨ ᠮᠤᠩᠬᠠᠭ ᠢᠷᠭᠡᠨ ᠳ᠋ᠦ᠍ᠷ ᠮᠣᠩᠭᠣᠯ ᠤ᠋ᠨ ᠮᠠᠨ ᠤ᠋ ᠬᠣᠭᠣᠷᠣᠨᠳᠣ ᠶ᠋ᠢᠨ ᠠᠮᠤ ᠬᠦᠨᠡᠰᠦ ᠶ᠋ᠢ ᠲᠡᠳᠡᠨ ᠳ᠋ᠦ᠍ᠷ ᠲᠦᠭᠡᠭᠡᠭᠰᠡᠭᠡᠷ᠂ᠲᠡᠳᠡᠨ ᠦ᠌ ᠰᠡᠳᠬᠢᠯ ᠢ᠋ ᠠᠪᠴᠤ ᠡᠳᠡᠭᠡᠷ ᠢᠷᠭᠡᠨ ᠴᠥᠮ ᠡᠨᠡ ᠬᠦ᠌ ᠵᠠᠪᠰᠢᠶᠠᠨ ᠢ᠋ ᠡᠷᠢᠵᠦᠬᠦᠢ᠃ᠡᠳᠦᠭᠡ ᠬᠡᠷᠪᠡ ᠮᠣᠩᠭᠣᠯ ᠯᠤᠭ᠎ᠠ ᠲᠤᠯᠵᠤ ᠪᠠᠢᠯᠳᠤᠪᠠᠰᠤ ᠣᠯᠠᠨ ᠴᠡᠷᠢᠭ ᠴᠥᠮ ᠡᠮ᠎ᠡ ᠦᠷ᠎ᠡ ᠪᠡᠨ ᠠᠪᠲᠠᠬᠤ ᠠ᠋ᠴᠠ ᠠᠶᠤᠮᠤᠢ᠃ᠬᠣᠶᠠᠷ ᠲᠤᠷ ᠮᠣᠩᠭᠣᠯ ᠤ᠋ᠨ ᠲᠦᠭᠡᠭᠡᠬᠦ ᠠᠮᠤ ᠬᠦᠨᠡᠰᠦ ᠳ᠋ᠦ᠍ᠷ ᠳᠤᠷᠠᠯᠠᠵᠤ ᠨᠡᠩᠳᠡ ᠵᠠᠪᠰᠢᠶᠠᠨ ᠢ᠋ ᠡᠷᠢᠵᠦ ᠶᠠᠪᠤᠮᠤᠢ᠂ᠪᠢᠳᠡᠨ ᠦ᠌ ᠣᠯᠠᠨ ᠬᠠᠷᠠᠭᠰᠠᠭᠠᠷ ᠴᠥᠮ ᠪᠠᠷᠢᠭ᠍ᠳᠠᠮᠤᠢ᠂ᠴᠡᠷᠢᠭ ᠦ᠋ᠨ ᠠᠷᠠᠳ ᠡᠮ᠎ᠡ ᠦᠷ᠎ᠡ ᠪᠡᠨ ᠬᠠᠮᠠᠭᠠᠯᠠᠬᠤ ᠦᠭᠡᠢ᠂ᠮᠠᠨ ᠢ᠋ ᠬᠠᠮᠠᠭᠠᠯᠠᠬᠤ ᠶᠣᠰᠣ ᠪᠣᠢ ᠤᠤ ? ᠭᠠᠳᠠᠭᠠᠳᠤ ᠴᠡᠷᠢᠭ ᠢ᠋ ᠰᠢᠯᠭᠠᠷ᠎ᠠ ᠬᠤᠷᠢᠶᠠᠪᠠᠰᠤ ᠡᠨᠡ ᠡᠳᠦᠷ ᠴᠡᠷᠢᠭ ᠦ᠋ᠨ ᠮᠡᠳᠡᠭᠡ ᠭᠠᠷᠭᠠᠬᠤᠯᠠ ᠮᠠᠷᠭᠠᠲᠠ ᠳᠠᠷᠤᠢ ᠮᠣᠩᠭᠣᠯ ᠤ᠋ᠨ ᠴᠡᠷᠢᠭ ᠬᠣᠲᠠᠨ ᠢ᠋ ᠪᠠᠢᠯᠳᠤᠮᠤᠢ᠃ᠡᠢᠨ ᠬᠦ᠌ ᠨᠢᠭᠡᠨᠲᠡ ᠡᠭᠦᠰᠦᠮᠡᠭᠴᠡ ᠱᠧ ᠶ᠋ᠢᠢ ᠠᠮᠤᠷ ᠪᠣᠯᠬᠤ ᠪᠠ ᠤᠯᠤᠰ ᠢ᠋ ᠬᠠᠮᠠᠭᠠᠯᠠᠬᠤ ᠶᠠᠪᠤᠳᠠᠯ ᠨᠡᠩᠳᠡ ᠦᠭᠡᠢ ᠪᠣᠯᠤᠮᠤᠢ᠃ᠡᠳᠡᠭᠡᠷ ᠲᠦᠭᠰᠢᠯ ᠢ᠋ ᠬᠡᠷᠬᠢᠨ ᠪᠣᠯᠵᠣᠪᠠᠰᠤ ᠪᠣᠯᠤᠮᠤᠢ ! ᠬᠠᠷᠢᠨ ᠲᠦᠪᠰᠢᠨ ᠠᠮᠤᠭᠤᠯᠠᠩ ᠵᠠᠮ ᠢ᠋ᠶ᠋ᠠᠷ ᠵᠠᠭᠤᠨ ᠵᠦᠢᠯ ᠦ᠋ᠨ ᠬᠦᠨᠳᠦ ᠪᠡᠯᠡᠭ ᠪᠠᠷᠢᠵᠤ᠂ᠡᠯᠴᠢ ᠢᠯᠡᠬᠡᠨ ᠵᠥᠪᠳᠡᠨ ᠲᠣᠭᠲᠠᠭᠠᠳ ᠲᠡᠳᠡᠨ ᠢ᠋ ᠢᠷᠡᠭᠰᠡᠨ ᠬᠣᠢᠨ᠎ᠠ ᠥᠪᠡᠷ᠎ᠡ ᠰᠠᠢᠨ ᠠᠷᠭ᠎ᠠ ᠶ᠋ᠢ ᠪᠣᠳᠣᠬᠤᠢ ᠳ᠋ᠤᠷ ᠬᠦᠷᠬᠦ ᠦᠭᠡᠢ᠃ᠬᠣᠵᠢᠮ ᠬᠡᠳᠦᠢ ᠲᠦᠭᠰᠢᠯ ᠬᠤᠪᠢᠰᠤᠯ ᠭᠠᠷᠪᠠᠴᠤ ᠮᠥᠨ ᠪᠠᠬᠠᠨ ᠵᠠᠢ ᠲᠠᠢ ᠪᠣᠯᠠᠢ᠃ᠬᠡᠷᠪᠡ ᠴᠡᠷᠢᠭᠯᠡᠪᠡᠰᠦ ᠡᠳᠦᠭᠡ ᠲᠦᠭᠰᠢᠯ ᠵᠠᠢ ᠦᠭᠡᠢ ᠪᠣᠯᠬᠤ ᠪᠤᠰᠤ ᠤᠤ ! 》ᠬᠡᠮᠡᠭᠰᠡᠨ ᠳ᠋ᠦ᠍ᠷ ᠠᠯᠲᠠᠨ ᠤ᠋ ᠡᠵᠡᠨ ᠸᠠᠨ ᠶᠠᠨ ᠰᠢᠶᠦ᠋ᠨ᠂ᠸᠠᠨ ᠶᠠᠨ ᠴᠧᠩ ᠾᠦᠢ ᠶ᠋ᠢᠨ ᠦᠭᠡ ᠶ᠋ᠢ ᠵᠥᠪᠰᠢᠶᠡᠵᠦ ᠳᠠᠷᠤᠢ ᠮᠣᠩᠭᠣᠯ ᠤ᠋ᠨ ᠡᠯ᠎ᠡ ᠵᠠᠷᠯᠢᠭ ᠢ᠋ ᠬᠦᠯᠢᠶᠡᠵᠦ᠂ᠢᠷᠡᠭᠰᠡᠨ ᠡᠯᠴᠢ ᠳ᠋ᠦ᠍ᠷ ᠦᠭᠡ ᠶ᠋ᠢ ᠪᠦᠷᠢᠳᠬᠡᠨ ᠨᠠᠢᠷᠠᠯᠳᠤᠨ ᠳᠠᠭᠠᠬᠤ ᠪᠢᠴᠢᠭ ᠢ᠋ ᠸᠠᠨ ᠶᠠᠨ ᠴᠧᠩ ᠾᠦᠢ ᠳ᠋ᠦ᠍ᠷ ᠪᠠᠷᠢᠭᠤᠯᠵᠤ ᠢᠯᠡᠬᠡᠨ᠂ᠸᠠᠨ ᠶᠠᠨ ᠴᠧᠩ ᠾᠦ᠋ᠢ ᠴᠢᠩᠭᠢᠰ ᠬᠠᠭᠠᠨ ᠤ᠋ ᠡᠮᠦᠨ᠎ᠡ ᠰᠥᠭᠥᠳᠴᠦ ᠪᠣᠳᠣᠷᠣᠯ ᠪᠢᠴᠢᠭ ᠢ᠋ᠶ᠋ᠡᠨ ᠪᠠᠷᠢᠵᠤ᠂ᠵᠠᠷᠯᠢᠭ ᠢ᠋ ᠬᠢᠴᠢᠶᠡᠨ ᠳᠠᠭᠠᠬᠤ ᠶ᠋ᠢ ᠡᠷᠭᠦᠵᠦ ᠮᠥᠷᠭᠥᠨ ᠪᠠᠷᠢᠭ᠍ᠰᠠᠨ ᠳ᠋ᠤᠷ ᠬᠠᠭᠠᠨ ᠵᠥᠪᠯᠡᠨ ᠠᠢᠯᠠᠳᠬᠠᠨ ᠲᠣᠭᠲᠠᠭ᠎ᠠ ᠭᠡᠮᠡᠨ ᠵᠠᠷᠯᠢᠭ ᠪᠠᠭᠤᠯᠭᠠᠪᠠ᠃
ᠲᠡᠳᠦᠢ ᠠᠯᠲᠠᠨ ᠤᠯᠤᠰ ᠤ᠋ᠨ ᠤᠷᠢᠳᠤ ᠡᠵᠡᠨ ᠦ᠌ ᠥᠬᠢᠨ ᠴᠢ ᠭᠦᠸᠧ ᠭᠦᠩᠵᠦ ᠲᠡᠷᠢᠭᠦᠯᠡᠨ ᠪᠥᠵᠢᠭ ᠮᠠᠭᠰᠢᠯᠭ᠎ᠠ ᠵᠦᠴᠦᠭᠡ ᠳᠠᠭᠤᠯᠠᠯ ᠰᠤᠷᠤᠭᠰᠠᠨ ᠲᠠᠪᠤᠨ ᠵᠠᠭᠤᠨ ᠪᠠᠭ᠎ᠠ ᠥᠬᠢᠳ᠂ᠲᠠᠢᠭᠠᠨ᠂ᠪᠢᠨ ᠹᠧᠢ ᠨᠢᠭᠡᠨ ᠵᠠᠭᠤᠨ᠂ᠰᠠᠢᠨ ᠮᠣᠷᠢ ᠭᠤᠷᠪᠠᠨ ᠮᠢᠩᠭᠠᠨ᠂ᠠᠯᠲᠠᠨ ᠰᠤᠪᠤᠳ ᠣᠭ᠌ᠶᠤ ᠱ᠌ᠢᠷᠦ᠂ᠲᠣᠷᠭ᠎ᠠ ᠲᠥᠷᠭᠡ ᠲᠠᠵᠢ ᠮᠠᠩᠭᠣᠭ᠂ᠣᠷᠳᠣᠨ ᠤ᠋ ᠵᠠᠭᠤᠨ ᠵᠦᠢᠯ ᠦ᠋ᠨ ᠨᠠᠷᠢᠨ ᠵᠢᠭ᠍ᠰᠠᠭᠠᠯ ᠤ᠋ᠨ ᠬᠡᠷᠡᠭᠰᠡᠯ ᠪᠠ ᠳᠡᠪᠡᠯ ᠬᠤᠪᠴᠠᠰᠤ᠂ᠴᠡᠷᠢᠭ ᠦ᠋ᠨ ᠬᠤᠶᠠᠭ ᠵᠡᠪᠰᠡᠭ ᠴᠠᠴᠠᠷ ᠲᠠᠢ ᠨᠡᠢᠲᠡ ᠲᠠᠪᠤᠨ ᠵᠠᠭᠤᠨ ᠲᠡᠷᠭᠡ᠂ᠵᠢᠴᠢ ᠣᠯᠠᠨ ᠴᠡᠷᠢᠭ ᠲᠦ᠍ᠷ ᠱᠠᠩᠨᠠᠬᠤ ᠮᠥᠩᠭᠥ ᠲᠣᠷᠭ᠎ᠠ ᠪᠥᠰ ᠲᠠᠪᠤᠨ ᠵᠠᠭᠤᠨ ᠲᠡᠷᠭᠡ᠂ᠡᠨᠡ ᠨᠢᠭᠡᠨ ᠤᠳᠠᠭ᠎ᠠ ᠶ᠋ᠢᠨ ᠬᠦᠨᠳᠦ ᠪᠡᠯᠡᠭ ᠲᠣᠷ ᠠᠯᠲᠠᠨ ᠤᠯᠤᠰ ᠤ᠋ᠨ ᠰᠠᠩ ᠬᠥᠮᠥᠷᠭᠡ ᠶᠡᠬᠡᠯ᠎ᠡ ᠬᠣᠭᠣᠰᠣᠷᠠᠪᠠ᠃ᠡᠳᠡᠭᠡᠷ ᠢ᠋ ᠬᠦᠷᠭᠡᠵᠦ ᠢᠷᠡᠭᠰᠡᠨ ᠳ᠋ᠦ᠍ᠷ ᠬᠠᠭᠠᠨ ᠤ᠋ ᠭᠡᠭᠡᠨ ᠠᠢᠯᠠᠳᠬᠠᠭᠰᠠᠨ ᠨᠤᠭᠤᠯᠪᠤᠷᠢ ᠶ᠋ᠢ ᠦᠵᠡᠵᠦ᠂ᠣᠯᠠᠨ ᠸᠠᠩ ᠤ᠋ᠳ ᠪᠠ ᠲᠠᠢᠰᠢ ᠲᠠᠢᠪᠤᠤ ᠨᠠᠷ ᠤ᠋ᠨ ᠵᠦᠭ ᠵᠠᠷᠯᠢᠭ ᠪᠣᠯᠤᠷᠤᠨ:《ᠡᠨᠡ ᠭᠠᠳᠠᠭᠠᠳᠤ ᠤᠯᠤᠰ ᠳᠠᠭᠠᠬᠤ ᠪᠦᠷᠢ ᠣᠨᠴᠠ ᠡᠢᠮᠦ ᠥᠬᠢᠨ ᠢ᠋ᠶ᠋ᠡᠷ ᠪᠡᠯᠡᠭ ᠦ᠋ᠨ ᠲᠡᠷᠢᠭᠦᠨ ᠪᠣᠯᠭᠠᠬᠤ ᠠᠨᠤ ᠮᠢᠨᠦ ᠲᠥᠪ ᠴᠢᠬᠡ ᠨᠡᠷ᠎ᠡ ᠶ᠋ᠢ ᠪᠤᠵᠠᠷᠯᠠᠬᠤ ᠪᠤᠰᠤ ᠤᠤ ? ᠡᠨᠡ ᠶᠠᠮᠪᠠᠷ ᠰᠠᠨᠠᠭᠠᠨ ? 》ᠬᠡᠮᠡᠭᠰᠡᠨ ᠳ᠋ᠦ᠍ᠷ ᠸᠠᠩ ᠰᠠᠢᠳ ᠨᠠᠷ ᠠᠢᠯᠠᠳᠬᠠᠷᠤᠨ:《ᠲᠡᠷᠡ ᠢᠲᠡᠭᠡᠯ ᠪᠣᠯᠭᠠᠨ ᠡᠷᠭᠦᠭᠰᠡᠨ ᠪᠤᠶᠤ᠂ᠡᠷᠲᠡ ᠰᠥᠩ ᠤᠯᠤᠰ ᠮᠥᠨ ᠠᠯᠲᠠᠨ ᠳ᠋ᠤᠷ ᠭᠦᠩᠵᠦ ᠪᠡᠨ ᠬᠦᠷᠭᠡᠵᠦ ᠢᠷᠡᠳᠡᠭ ᠲᠤᠯᠠ ᠲᠡᠷᠡ ᠶᠣᠰᠣᠨ ᠢ᠋ ᠬᠦᠨᠳᠦ ᠳ᠋ᠦ᠍ᠷ ᠦᠵᠡᠭᠰᠡᠨ ᠪᠣᠯᠠᠢ᠃》ᠬᠠᠭᠠᠨ ᠵᠠᠷᠯᠢᠭ ᠪᠣᠯᠤᠷᠤᠨ: 《ᠠᠯᠲᠠᠨ ᠤᠯᠤᠰ ᠬᠣᠪᠳᠣᠭ ᠤᠵᠢᠳ ᠲᠤᠯᠠ ᠰᠥᠩ ᠤᠯᠤᠰ ᠲᠡᠭᠦᠨ ᠦ᠌ ᠰᠠᠨᠠᠭᠠᠨ ᠢ᠋ ᠳᠠᠭᠠᠵᠤ ᠬᠦᠷᠭᠡᠭᠰᠡᠨ ᠪᠣᠯᠠᠢ᠃ᠪᠢ ᠭᠠᠭᠴᠠ ᠵᠠᠩᠵᠤᠨ ᠴᠡᠷᠢᠭ ᠲᠦ᠍ᠷ ᠬᠦᠨᠳᠦ ᠪᠡᠯᠡᠭ ᠬᠦᠷᠭᠡᠨ᠂ᠵᠠᠩᠵᠤᠨ ᠴᠡᠷᠢᠭ ᠦ᠋ᠨ ᠠᠭᠤᠷ ᠢ᠋ ᠨᠠᠮᠬᠠᠷᠠᠭᠤᠯ ᠬᠡᠮᠡᠭᠰᠡᠨ ᠪᠣᠢ ᠊ᠢ᠎ᠡ᠂ᠮᠢᠨᠦ ᠪᠡᠶ᠎ᠡ ᠶ᠋ᠢ ᠪᠠᠶᠠᠰᠬ᠎ᠠ ᠬᠡᠮᠡᠭᠰᠡᠨ ᠪᠤᠰᠤ᠃ᠳᠡᠯᠡᠬᠡᠢ ᠳ᠋ᠠᠬᠢᠨ ᠨᠢᠭᠡᠨ ᠭᠡᠷ ᠪᠣᠯᠵᠤ᠂ᠲᠥᠪ ᠲᠦᠪᠰᠢᠨ ᠠᠪ ᠠᠮᠤᠭᠤᠯᠠᠩ ᠪᠣᠯᠪᠠᠰᠤ ᠲᠡᠷᠡ ᠰᠠᠶᠢ ᠮᠢᠨᠦ ᠪᠠᠶᠠᠰᠬᠤ ᠬᠡᠷᠡᠭ᠂ᠲᠡᠭᠦᠨ ᠦ᠌ ᠨᠢᠭᠡᠨ ᠪᠢᠴᠢᠬᠠᠨ ᠥᠬᠢᠨ ᠬᠢᠭᠡᠳ ᠲᠠᠪᠤᠨ ᠵᠠᠭᠤᠨ ᠳᠠᠭᠤᠴᠢ ᠥᠬᠢᠳ᠂ᠠᠷᠪᠢᠨ ᠡᠳ᠋ ᠡᠷᠳᠡᠨᠢ ᠳ᠋ᠦ᠍ᠷ ᠮᠢᠨᠦ ᠪᠠᠶᠠᠷᠯᠠᠬᠤ ᠶᠠᠭᠤᠨ ᠪᠣᠢ ? ᠲᠡᠷᠡ ᠬᠦ᠌ ᠠᠪᠴᠢᠷᠠᠭᠰᠠᠨ ᠡᠮᠦᠰᠬᠡᠯ ᠲᠣᠷᠭ᠎ᠠ ᠮᠣᠷᠢ ᠪᠥᠰ ᠦ᠋ᠨ ᠵᠦᠢᠯ ᠢ᠋ ᠮᠢᠨᠦ ᠴᠡᠷᠢᠭ ᠢᠷᠭᠡᠨ ᠦ᠌ ᠨᠡᠢᠲᠡ ᠶ᠋ᠢᠨ ᠬᠡᠷᠡᠭᠯᠡᠬᠦ ᠶᠠᠭᠤᠮ᠎ᠠ ᠲᠤᠯᠠ ᠲᠡᠷᠡ ᠬᠠᠷᠢᠨ ᠢ᠋ ᠪᠣᠯᠲᠤᠭᠠᠢ᠂ᠡᠨᠡ ᠥᠬᠢᠨ ᠬᠦᠷᠭᠡᠬᠦ ᠶ᠋ᠢ ᠢᠨᠦ ᠪᠤᠴᠠᠭᠠᠪᠠᠰᠤ ᠳᠡᠭᠡᠷ᠎ᠡ ᠦᠭᠡᠢ ᠦᠦ ? 》ᠭᠡᠮᠡᠨ ᠵᠠᠷᠯᠢᠭ ᠪᠣᠯᠤᠭᠰᠠᠨ ᠳ᠋ᠤᠷ ᠮᠤᠬᠤᠯᠢ ᠭᠠᠷᠴᠤ ᠠᠢᠯᠠᠳᠬᠠᠷᠤᠨ:《ᠬᠠᠭᠠᠨ ᠡᠵᠡᠨ ᠮᠢᠨᠦ ᠳᠠᠯᠠᠢ ᠮᠡᠲᠦ ᠰᠠᠨᠠᠭᠠᠨ ᠢ᠋ ᠠᠬᠤᠭᠤᠯᠵᠤ ᠤᠷᠲᠤᠳᠠ ᠰᠡᠳᠬᠢᠯ ᠢ᠋ ᠪᠠᠷᠢᠵᠤ ᠴᠥᠮ ᠲᠣᠭᠲᠠᠭᠠᠨ ᠠᠪᠤᠪᠠᠰᠤ ᠵᠣᠬᠢᠮᠤᠢ᠂ᠲᠡᠭᠦᠨ ᠦ᠌ ᠭᠦᠩᠵᠦ ᠶ᠋ᠢ ᠡᠰᠡ ᠠᠪᠤᠨ ᠡᠳ᠋ ᠢ᠋ ᠠᠪᠤᠪᠠᠰᠤ ᠲᠡᠳᠡ ᠮᠠᠨ ᠢ᠋ ᠮᠡᠬᠡᠯᠡᠵᠦ ᠬᠠᠭᠤᠷᠬᠤ ᠭᠡᠮᠡᠨ ᠰᠡᠳᠬᠢᠵᠦ ᠳᠠᠬᠢᠨ ᠮᠥᠨ ᠢᠷᠡᠬᠦ ᠦᠭᠡᠢ ᠪᠣᠯᠤᠮᠤᠢ᠃ᠬᠠᠭᠠᠨ ᠡᠵᠡᠨ ᠮᠢᠨᠦ ᠶᠡᠬᠡ ᠬᠡᠷᠡᠭ ᠪᠦᠲᠦᠭᠡᠬᠦ ᠶ᠋ᠢᠨ ᠲᠤᠯᠠ ᠪᠠᠭ᠎ᠠ ᠰᠡᠪ ᠢ᠋ ᠦᠯᠦ ᠬᠠᠢᠬᠤᠷᠬᠤ ᠪᠣᠯᠪᠠ ᠤᠤ᠃ᠡᠵᠡᠨ ᠢ᠋ ᠥᠩᠭᠡ ᠳ᠋ᠦ᠍ᠷ ᠳᠤᠷᠠᠲᠠᠢ ᠬᠡᠮᠡᠬᠦ ᠨᠡᠷ᠎ᠡ ᠪᠠᠭ᠎ᠠ᠂ᠡᠵᠡᠨ ᠦ᠌ ᠤᠯᠤᠰ ᠪᠦᠲᠦᠬᠦ ᠶ᠋ᠢᠨ ᠣᠴᠢᠷ᠎ᠠ᠂ᠠᠯᠲᠠᠨ ᠤᠯᠤᠰ ᠥᠬᠢᠨ ᠢ᠋ᠶ᠋ᠡᠨ ᠡᠷᠭᠦᠵᠦ ᠳᠠᠭᠠᠪᠠ ᠬᠡᠮᠡᠬᠦ ᠨᠡᠷ᠎ᠡ ᠶᠡᠬᠡ᠂ᠲᠡᠳᠡᠨ ᠦ᠌ ᠳᠠᠭᠠᠭᠰᠠᠨ ᠬᠣᠢᠨ᠎ᠠ ᠬᠡᠷᠬᠢᠨ ᠠᠪᠠᠴᠢᠬᠤ ᠠᠨᠤ ᠡᠵᠡᠨ ᠦ᠌ ᠥᠷᠥᠰᠢᠶᠡᠯ ᠪᠣᠯᠠᠢ》ᠬᠡᠮᠡᠭᠰᠡᠨ ᠳ᠋ᠦ᠍ᠷ ᠬᠠᠭᠠᠨ ᠠᠷᠭ᠎ᠠ ᠦᠭᠡᠢ ᠵᠥᠪᠰᠢᠶᠡᠷᠡᠵᠦ ᠬᠠᠮᠲᠤ ᠶ᠋ᠢ ᠬᠦᠯᠢᠶᠡᠨ ᠠᠪᠴᠤ ᠠᠯᠲᠠᠨ ᠤ᠋ ᠡᠵᠡᠨ ᠢ᠋ ᠵᠡᠭᠦᠨ ᠳᠠᠯᠠᠢ ᠶ᠋ᠢᠨ ᠡᠵᠡᠨ-ᠳ᠋ᠦᠩ ᠬᠠᠢ ᠵᠢᠶᠤᠨ ᠾᠧᠦ ᠭᠡᠮᠡᠨ ᠡᠷᠭᠦᠵᠦ᠂ᠪᠣᠳᠣᠷᠣᠣᠯ ᠪᠢᠴᠢᠭ ᠢ᠋ ᠮᠤᠬᠤᠯᠢ ᠳ᠋ᠤᠷ ᠡᠭᠦᠷᠦᠭᠦᠯᠦᠨ ᠠᠯᠲᠠᠨ ᠤᠯᠤᠰ ᠤ᠋ᠨ ᠵᠦᠩᠳ᠋ᠦ᠋ ᠬᠣᠲᠠᠨ ᠳ᠋ᠤᠷ ᠬᠠᠷᠢᠭᠤ ᠪᠡᠯᠡᠭ ᠬᠦᠷᠭᠡᠯᠭᠡᠨ ᠢᠯᠡᠭᠡᠭᠡᠳ ᠶᠡᠬᠡ ᠴᠡᠷᠢᠭ ᠢ᠋ ᠠᠪᠴᠤ ᠡᠭᠡᠬᠦᠢ ᠳ᠋ᠦ᠍ᠷ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ ᠪᠡᠶ᠎ᠡ ᠡᠪᠡᠳᠴᠢᠨ ᠲᠡᠢ ᠭᠡᠮᠡᠨ ᠰᠢᠯᠲᠠᠵᠤ ᠭᠠᠷᠤᠭᠰᠠᠨ ᠦᠭᠡᠢ᠂ᠴᠧᠩᠰᠢᠶᠠᠩ ᠸᠠᠨ ᠶᠠᠨ ᠹᠦ᠂ᠸᠠᠨ ᠶᠠᠨ ᠴᠧᠩ ᠾᠦ᠋ᠢ ᠬᠣᠶᠠᠷ ᠢ᠋ᠶ᠋ᠠᠷ ᠮᠣᠷᠳᠠᠭᠤᠯᠬᠤᠶᠠ᠂ᠨᠡᠩᠳᠡ ᠡᠶᠡᠳᠡᠵᠦ ᠳᠠᠭᠠᠪᠤᠷᠢ ᠪᠣᠯᠤᠭᠰᠠᠨ ᠵᠠᠩᠵᠤᠨ ᠭᠦᠸᠧ ᠺᠦᠸᠧ ᠮᠥᠷᠭᠥᠵᠦ ᠮᠣᠷᠳᠠᠭᠤᠯᠪᠠ᠃ᠮᠣᠩᠭᠣᠯ ᠤ᠋ᠨ ᠴᠡᠷᠢᠭ ᠦ᠋ᠨ ᠵᠠᠩᠵᠤᠨ ᠪᠠ ᠴᠡᠷᠢᠭ ᠦ᠋ᠨ ᠠᠷᠠᠳ ᠡᠮᠦᠨ᠎ᠡ ᠬᠣᠶᠠᠷ ᠮᠥᠷᠡᠨ ᠪᠠ ᠱᠠᠨ ᠳ᠋ᠦᠩ᠂ᠾᠧ ᠪᠧᠢ ᠶ᠋ᠢᠨ ᠣᠯᠠᠨ ᠬᠣᠲᠠ ᠤ᠋ᠳ ᠢ᠋ ᠪᠠᠢᠯᠳᠤᠬᠤᠢ ᠳ᠋ᠤᠷ ᠬᠠᠷᠢᠭᠤᠴᠠᠭᠰᠠᠨ ᠬᠣᠲᠠ ᠨᠤᠭᠤᠳ ᠠ᠋ᠴᠠ ᠳᠠᠭᠠᠭᠤᠯᠤᠨ ᠠᠪᠤᠭᠰᠠᠨ ᠵᠠᠯᠠᠭᠤ ᠢᠳᠡᠷ ᠵᠠᠩᠵᠤᠨ ᠢ᠋ ᠪᠣᠭᠣᠯ ᠪᠣᠯᠭᠠᠰᠤᠭᠠᠢ ᠭᠡᠮᠡᠨ ᠬᠠᠭᠠᠨ ᠤ᠋ ᠨᠢᠳᠦᠨ ᠳ᠋ᠦ᠍ᠷ ᠦᠵᠡᠭᠳᠡᠭᠰᠡᠨ ᠳ᠋ᠦ᠍ᠷ ᠬᠠᠭᠠᠨ : 《ᠡᠳᠡᠭᠡᠷ ᠠᠷᠠᠳ ᠢ᠋ ᠠᠪᠠᠴᠢᠵᠤ ᠮᠠᠨ ᠤ᠋ ᠬᠣᠢᠲᠤ ᠭᠠᠵᠠᠷ ᠤ᠋ᠨ ᠦᠯᠦ ᠳᠠᠳᠬᠤ ᠠᠮᠢᠳᠤᠷᠠᠯ ᠢ᠋ᠶ᠋ᠠᠷ ᠵᠣᠪᠠᠯᠠᠩ ᠦᠵᠡᠭᠦᠯᠬᠦ ᠡᠴᠡ ᠶᠡᠬᠡ ᠥᠷᠥᠰᠢᠶᠡᠯ ᠦᠵᠡᠭᠦᠯᠵᠦ ᠭᠡᠷ ᠲᠦ᠍ᠷ ᠬᠠᠷᠢᠭᠤᠯᠪᠠᠰᠤ ᠳᠡᠭᠡᠷ᠎ᠡ ᠦᠭᠡᠢ ᠦᠦ ? ᠡᠴᠦᠰ ᠲᠦ᠍ᠷ ᠪᠢᠳᠡ ᠡᠨᠳᠡ ᠤᠳᠠᠬᠤ ᠦᠭᠡᠢ ᠪᠣᠯᠠᠢ᠂ᠲᠡᠳᠡᠭᠡᠷ ᠢ᠋ᠶ᠋ᠡᠷ ᠶᠠᠭᠤᠨ ᠬᠢᠬᠦ ?》ᠭᠡᠮᠡᠨ ᠵᠠᠷᠯᠢᠭ ᠪᠣᠯᠵᠤ ᠬᠡᠳᠦᠨ ᠠᠷᠪᠠᠨ ᠲᠦᠮᠡᠨ ᠢᠷᠭᠡᠨ ᠢ᠋ ᠨᠤᠲᠤᠭ ᠨᠤᠲᠤᠭ ᠲᠤᠷ ᠠᠨᠤ ᠡᠭᠡᠭᠦᠯᠦᠨ ᠬᠠᠷᠢᠭᠤᠯᠬᠤᠢ ᠳ᠋ᠤᠷ ᠵᠠᠭᠤᠨ ᠣᠪᠣᠭᠲᠠᠨ ᠤ᠋ ᠲᠦᠮᠡᠨ ᠨᠠᠰᠤᠲᠤ ᠶ᠋ᠢᠨ ᠥᠷᠥᠰᠢᠶᠡᠯ ᠳ᠋ᠦ᠍ᠷ ᠰᠡᠳᠬᠢᠯ ᠢᠭᠲᠦᠯᠵᠦ᠂ᠨᠢᠳᠦᠨ ᠦ᠌ ᠨᠢᠯᠪᠤᠰᠤᠨ ᠴᠤᠪᠤᠷᠢᠭᠤᠯᠤᠨ ᠳᠠᠭᠤᠳᠠᠯᠴᠠᠬᠤ ᠠᠨᠤ ᠠᠭᠤᠯᠠ ᠭᠣᠣᠯ ᠠᠨᠢᠷᠯᠠᠮᠤᠢ᠃ᠳᠤᠷᠠᠲᠠᠶ᠎ᠠ ᠳᠠᠭᠠᠭᠰᠠᠨ ᠠᠨᠤ ᠬᠡᠳᠦᠨ ᠮᠢᠩᠭᠠᠨ᠃
ᠲᠡᠳᠦᠢ ᠬᠠᠭᠠᠨ ᠤ᠋ ᠭᠡᠭᠡᠨ ᠤᠨᠤᠨ ᠮᠥᠷᠡᠨ ᠦ᠌ ᠮᠣᠩᠭᠣᠯ ᠬᠣᠲᠠ ᠶ᠋ᠢᠨ ᠨᠤᠲᠤᠭ ᠲᠤᠷ ᠡᠭᠡᠬᠦᠢ ᠳ᠋ᠦ᠍ᠷ᠂ᠲᠡᠷᠢᠭᠦᠨ ᠤᠲᠤᠯᠭᠠᠨ ᠳ᠋ᠤᠷ ᠬᠣᠶᠠᠷ ᠳᠡᠭᠦᠦ ᠴᠢᠨ ᠸᠠᠩ ᠤᠭᠲᠤᠪᠠ᠃ᠡᠭᠦᠨ ᠳ᠋ᠦ᠍ᠷ ᠮᠣᠩᠭᠣᠯ ᠤ᠋ᠨ ᠳᠣᠲᠣᠷ᠎ᠠ ᠪᠦᠬᠦᠢ ᠰᠡᠷᠲᠡᠭᠴᠢᠨ ᠤᠢᠭᠤᠷ ᠤ᠋ᠨ ᠴᠡᠷᠢᠭ ᠬᠣᠢᠨ᠎ᠠ ᠶᠠᠪᠤᠬᠤ ᠲᠤᠯᠠ ᠣᠯᠠᠨ ᠬᠢᠲᠠᠳ ᠤ᠋ᠨ ᠠᠶᠤᠵᠤ ᠡᠴᠢᠬᠦ ᠶ᠋ᠢ ᠦᠵᠡᠭᠡᠳ ᠪᠠᠷᠢᠵᠤ ᠠᠪᠠᠴᠢᠨ ᠤᠯᠤᠰ ᠲᠤᠷ ᠢ᠋ᠶ᠋ᠠᠨ ᠵᠠᠷᠤᠴᠠᠯᠠᠰᠤᠭᠠᠢ ᠭᠡᠮᠡᠨ ᠬᠥᠭᠡᠭᠡᠬᠦᠢ ᠳ᠋ᠦ᠍ᠷ ᠣᠯᠠᠨ ᠢᠷᠭᠡᠨ ᠠᠶᠤᠯᠳᠤᠨ ᠳᠠᠭᠠᠭᠰᠠᠨ ᠳ᠋ᠤᠷ ᠰᠠᠷᠲᠠᠭᠴᠢᠨ ᠤᠢᠭᠤᠷ ᠬᠡᠳᠦᠨ ᠵᠠᠭᠤᠨ ᠬᠥᠮᠦᠨ ᠡᠴᠡ ᠨᠢᠭᠡ ᠴᠦ᠍ ᠣᠯᠳᠠᠭᠰᠠᠨ ᠦᠭᠡᠢ᠂ᠡᠭᠦᠨ ᠦ᠌ ᠳᠣᠲᠣᠷ᠎ᠠ ᠬᠠᠷᠢᠭᠤᠴᠠᠭᠰᠠᠨ ᠬᠥᠮᠦᠨ ᠠᠷᠪᠠᠨ ᠬᠥᠮᠦᠨ ᠡᠴᠡ ᠰᠠᠷᠲᠠᠭᠴᠢᠨ ᠤᠢᠭᠤᠷ ᠤ᠋ᠨ ᠴᠡᠷᠢᠭ ᠬᠡᠳᠦᠨ ᠠᠷᠪᠠᠨ ᠬᠥᠮᠦᠨ ᠢ᠋ ᠠᠯᠠᠪᠠ①᠃
– – – –
①ᠬᠠᠷᠢᠨ 《ᠭᠠᠩ ᠮᠦ᠍ ᠪᠢᠴᠢᠭ 》 ᠲᠣᠷ ᠮᠣᠩᠭᠣᠯ ᠢ᠋ ᠮᠠᠭᠤᠯᠠᠨ ᠬᠡᠯᠡᠭᠰᠡᠭᠡᠷ ᠱᠠᠨ ᠳ᠋ᠦᠩ᠂ᠾᠧ ᠪᠧᠢ ᠬᠣᠶᠠᠷ ᠮᠣᠵᠢ ᠠ᠋ᠴᠠ ᠬᠥᠭᠰᠢᠨ ᠵᠠᠯᠠᠭᠤ ᠢᠳᠡᠷ ᠡᠷ᠎ᠡ ᠡᠮ᠎ᠡ ᠬᠡᠳᠦᠨ ᠠᠷᠪᠠᠨ ᠲᠦᠮᠡᠨ ᠬᠥᠮᠦᠨ ᠢ᠋ ᠮᠣᠩᠭᠣᠯ ᠡᠭᠡᠬᠦᠢ ᠳ᠋ᠡᠭᠡᠨ ᠴᠥᠮ ᠦᠯᠡᠳᠡᠭᠡᠯ ᠦᠭᠡᠢ ᠠᠯᠠᠪᠠ ᠭᠡᠮᠡᠨ ᠪᠢᠴᠢᠵᠦ ᠦᠯᠡᠳᠡᠭᠡᠪᠡ᠃ᠡᠨᠡ ᠦᠭᠡ ᠢᠨᠢᠶᠡᠯᠲᠡᠢ ᠦᠭᠡᠢ ᠦᠦ ? ᠮᠣᠩᠭᠣᠯ ᠨᠡᠭᠦᠯᠭᠡᠨ ᠠᠪᠠᠴᠢᠵᠤ ᠵᠠᠷᠤᠮᠤᠢ᠂ᠡᠭᠡᠭᠦᠯᠦᠨ ᠢᠯᠡᠭᠡᠮᠦᠢ᠂ᠲᠡᠢᠨ ᠳ᠋ᠦ᠍ᠷ ᠲᠤᠰᠠ ᠪᠣᠯᠬᠤ ᠶᠠᠭᠤᠨ ᠪᠣᠢ ? ᠨᠡᠩ ᠪᠠᠰᠠ ᠲᠡᠨᠡᠭ ᠮᠣᠩᠭᠣᠯ ᠤ᠋ᠨ ᠵᠠᠩ ᠲᠡᠨᠡᠭ ᠱᠤᠳᠠᠩ ᠪᠣᠯᠪᠠᠴᠤ ᠳᠠᠭᠠᠭᠤᠯᠤᠭᠰᠠᠨ ᠠᠷᠠᠳ ᠢ᠋ᠶ᠋ᠠᠨ ᠬᠡᠷᠡᠭ ᠦᠭᠡᠢ ᠶᠠᠭᠤᠨ ᠳ᠋ᠤᠷ ᠠᠯᠠᠬᠤ ᠪᠣᠢ ? ᠡᠭᠦᠨ ᠢ᠋ᠶ᠋ᠡᠷ ᠳᠠᠷᠤᠢ ᠬᠢᠲᠠᠳ ᠪᠢᠴᠢᠭᠡᠴᠢ ᠨᠠᠷ ᠣᠨᠴᠠ ᠮᠣᠩᠭᠣᠯ ᠢ᠋ ᠮᠠᠭᠤ ᠬᠡᠯᠡᠵᠦ ᠳᠣᠷᠣᠮᠵᠢᠯᠠᠰᠤᠭᠠᠢ ᠬᠡᠮᠡᠭᠰᠡᠨ ᠥᠴᠦᠬᠡᠨ ᠠᠳᠬᠠᠭ ᠰᠡᠳᠬᠢᠯ ᠢ᠋ ᠮᠡᠳᠡᠵᠦ ᠪᠣᠯᠬᠤ ᠪᠣᠯᠠᠢ᠃ᠮᠠᠭᠤ ᠬᠡᠯᠡᠬᠦᠢ ᠳ᠋ᠦ᠍ᠷ ᠢ᠋ᠶ᠋ᠡᠨ ᠢᠲᠡᠭᠡᠮᠡᠷ ᠬᠡᠯᠡᠪᠡᠰᠦ ᠶᠣᠰᠣ ᠪᠣᠯᠠᠢ᠂ᠢᠨᠢᠶᠡᠯᠲᠡᠢ᠂ᠦᠭᠡᠢ ᠦᠦ ?
ᠲᠡᠨᠳᠡᠴᠡ ᠠᠯᠲᠠᠨ ᠤᠯᠤᠰ ᠮᠣᠩᠭᠣᠯ ᠳ᠋ᠤᠷ ᠬᠠᠭᠤᠷᠮᠠᠭᠯᠠᠨ ᠳᠠᠭᠠᠭᠠᠳ ᠪᠠᠰᠠ ᠥᠪᠡᠷ ᠦ᠋ᠨ ᠤᠯᠤᠰ ᠲᠤᠷ ᠮᠥᠨ ᠬᠦ᠌ ᠮᠣᠩᠭᠣᠯ ᠨᠢᠭᠡᠨᠲᠡ ᠢᠷᠡᠬᠦ ᠦᠭᠡᠢ ᠪᠣᠯᠪᠠ ᠭᠡᠮᠡᠨ ᠥᠷᠯᠥᠭ ᠪᠠᠭᠤᠯᠭᠠᠵᠤ᠂ᠣᠯᠠᠨ ᠢᠷᠭᠡᠨ ᠢ᠋ᠶ᠋ᠡᠨ ᠰᠡᠳᠬᠢᠯ ᠢ᠋ ᠬᠠᠭᠤᠷᠤᠨ ᠨᠠᠮᠬᠠᠷᠠᠭᠤᠯᠤᠨ ᠠᠭᠤᠵᠢᠷᠠᠭᠤᠯᠪᠠ᠃ᠲᠡᠳᠦᠢ ᠠᠯᠲᠠᠨ ᠤᠯᠤᠰ ᠤ᠋ᠨ ᠬᠠᠭᠠᠨ ᠸᠠᠨ ᠶᠠᠨ ᠰᠢᠶᠦ᠋ᠨ ᠮᠣᠩᠭᠣᠯ ᠤ᠋ᠨ ᠰᠦᠷ ᠡᠴᠡ ᠵᠠᠢᠯᠠᠨ ᠡᠮᠦᠨ᠎ᠡ ᠪᠢᠶᠠᠨ ᠵᠢᠩ ᠪᠠᠯᠭᠠᠰᠤᠨ᠎ᠠ ᠲᠠᠪᠰᠢᠵᠤ ᠨᠡᠢᠰᠡᠯᠡᠮᠦᠢ ᠬᠡᠮᠡᠬᠦᠢ ᠳ᠋ᠦ᠍ᠷ ᠱᠠᠩ ᠱᠤ᠌ ᠯᠢᠩ ᠲᠦᠰᠢᠮᠡᠯ ᠳ᠋ᠦ᠋ ᠱᠠᠨ ᠢ ᠬᠣᠷᠢᠭ᠍ᠯᠠᠨ ᠥᠭᠦᠯᠡᠷᠦᠨ:《ᠬᠠᠭᠠᠨ ᠤ᠋ ᠵᠢᠭ᠍ᠰᠠᠭᠠᠯ ᠨᠢᠭᠡᠨᠲᠡ ᠬᠥᠳᠡᠯᠵᠦ ᠨᠡᠭᠦᠨ ᠳᠠᠪᠰᠢᠪᠠᠰᠤ ᠤᠯᠤᠰ ᠤ᠋ᠨ ᠬᠣᠲᠠᠯᠠᠭᠠᠷ ᠴᠡᠷᠢᠭ ᠢᠷᠭᠡᠨ ᠴᠥᠮ ᠠᠶᠤᠨ ᠡᠮᠢᠶᠡᠵᠦ ᠰᠣᠴᠢᠵᠤ ᠬᠥᠳᠡᠯᠦᠭᠡᠳ ᠬᠣᠢᠲᠤ ᠵᠠᠮ ᠤ᠋ᠨ ᠮᠣᠵᠢ ᠪᠦᠷᠢ ᠶ᠋ᠢᠨ ᠰᠠᠬᠢᠬᠤ ᠴᠡᠷᠢᠭ ᠴᠥᠮ ᠰᠠᠷᠨᠢᠨ ᠲᠠᠷᠬᠠᠵᠤ ᠰᠠᠬᠢᠬᠤ ᠦᠭᠡᠢ ᠪᠣᠯᠤᠮᠤᠢ᠃ᠡᠳᠦᠭᠡ ᠨᠢᠭᠡᠨᠲᠡ ᠮᠣᠩᠭᠣᠯ ᠯᠤᠭ᠎ᠠ ᠬᠡᠯᠡᠯᠴᠡᠨ ᠨᠠᠢᠷᠠᠯᠳᠤᠭᠰᠠᠨ ᠲᠤᠯᠠ ᠳ᠋ᠤᠷ ᠲᠡᠷᠡ ᠶᠣᠰᠣᠨ ᠢ᠋ ᠰᠠᠬᠢᠵᠤ ᠳᠠᠯᠳᠠᠭᠤᠷ ᠴᠡᠷᠢᠭ ᠡᠭᠡᠵᠦ ᠣᠯᠠᠨ ᠴᠡᠷᠢᠭ ᠦ᠋ᠨ ᠰᠡᠳᠬᠢᠯ ᠢ᠋ ᠠᠪᠬᠤ ᠠᠷᠭ᠎ᠠ ᠪᠠᠷ ᠶᠠᠪᠤᠵᠤ᠂ᠡᠨᠡ ᠵᠦᠩᠳ᠋ᠦ᠋ ᠬᠣᠲᠠᠨ ᠢ᠋ ᠰᠠᠬᠢᠬᠤ ᠠᠨᠤ ᠳᠡᠭᠡᠳᠦ ᠠᠷᠭ᠎ᠠ᠂ᠨᠢᠭᠡᠨᠲᠡᠭᠡᠭᠦᠷ ᠨᠠᠨ ᠵᠢᠩ ᠦ᠋ᠨ ᠳᠥᠷᠪᠡᠨ ᠡᠲᠡᠭᠡᠳ ᠡᠴᠡ ᠴᠡᠷᠢᠭ ᠡᠯᠰᠡᠨ ᠬᠤᠷᠢᠶᠠᠵᠤ᠂ᠮᠠᠨ ᠤ᠋ ᠤᠭ ᠮᠠᠨᠳᠤᠭᠰᠠᠨ ᠠᠨᠤ ᠯᠢᠶᠣᠤ ᠳ᠋ᠦᠩ ᠦ᠋ᠨ ᠭᠠᠵᠠᠷ ᠪᠥᠯᠥᠭᠡ᠃ᠠᠭᠤᠯᠠᠨ ᠢ᠋ ᠲᠦᠰᠢᠵᠦ ᠳᠠᠯᠠᠢ ᠳ᠋ᠤᠷ ᠢᠰᠬᠦᠯᠦᠨ᠂ᠣᠷᠣᠬᠤ ᠡᠭᠡᠬᠦ ᠰᠠᠭᠤᠬᠤ ᠵᠠᠢᠯᠠᠬᠤ ᠭᠠᠵᠠᠷ ᠲᠠᠢ ᠪᠥᠭᠡᠳ ᠪᠠᠰᠠ ᠪᠠᠲᠤᠯᠠᠨ ᠰᠠᠬᠢᠵᠤ ᠪᠣᠯᠤᠮᠤᠢ᠃ᠲᠡᠢᠨ ᠬᠦ᠌ ᠮᠥᠨ ᠡᠨᠡ ᠭᠠᠵᠠᠷ ᠲᠤᠷ ᠢ᠋ᠶ᠋ᠠᠨ ᠳᠠᠬᠢᠨ ᠮᠠᠨᠳᠤᠬᠤ ᠶ᠋ᠢ ᠰᠡᠳᠬᠢᠪᠡᠰᠦ ᠵᠣᠬᠢᠮᠤᠢ᠃ᠡᠨᠡ ᠢᠨᠦ ᠠᠮᠤᠷ ᠪᠣᠯᠬᠤ ᠳᠡᠳ᠋ ᠠᠷᠭ᠎ᠠ ᠪᠣᠯᠠᠢ᠃》ᠭᠡᠮᠡᠨ ᠳᠠᠬᠢᠨ ᠳᠠᠪᠲᠠᠨ ᠬᠡᠯᠡᠬᠦ ᠶ᠋ᠢ ᠠᠯᠲᠠᠨ ᠤ᠋ ᠡᠵᠡᠨ ᠸᠠᠨ ᠶᠠᠨ ᠰᠢᠶᠦ᠋ᠨ ᠨᠢᠭᠡᠨᠲᠡ ᠰᠣᠨᠣᠰᠬᠤ ᠦᠭᠡᠢ ᠣᠨᠴᠠ ᠳᠡᠪᠰᠢᠭᠦᠢ ᠪᠡᠷ ᠲᠣᠭᠲᠠᠭᠰᠠᠨ ᠳ᠋ᠤᠷ ᠳ᠋ᠦ᠋ ᠱᠠᠨ ᠢ ᠦᠬᠦᠬᠦ ᠪᠡᠨ ᠡᠷᠢᠪᠡ①᠃
– – – –
①《ᠭᠠᠩ ᠮᠦ᠍ ᠪᠢᠴᠢᠭ 》 ᠲᠣᠷ ᠲᠤ᠌ ᠱᠠᠨ ᠢ ᠶ᠋ᠢ ᠮᠠᠭᠲᠠᠭᠰᠠᠨ ᠠᠨᠤ ᠲᠥᠪ ᠴᠢᠬᠡ ᠭᠡᠭᠡᠬᠡᠨ ᠪᠥᠭᠡᠳ ᠭᠣᠣᠯᠴᠢ᠂ᠰᠤᠷᠲᠠᠯ ᠠᠰᠠᠭᠤᠯᠲᠠ ᠮᠠᠰᠢ ᠭᠦᠨ᠂ᠨᠢᠭᠡᠨ ᠴᠠᠭ ᠤ᠋ᠨ ᠨᠡᠷᠡᠲᠦ ᠡᠷᠳᠡᠮᠲᠡᠨ ᠬᠡᠮᠡᠵᠦᠬᠦᠢ᠃
ᠵᠢᠴᠢ ᠲᠠᠪᠤᠨ ᠰᠠᠷ᠎ᠠ ᠳ᠋ᠤ᠌ ᠠᠯᠲᠠᠨ ᠤ᠋ ᠡᠵᠡᠨ ᠸᠠᠨ ᠶᠠᠨ ᠰᠢᠶᠦ᠋ᠨ ᠳᠠᠪᠰᠢᠵᠤ ᠪᠢᠶᠠᠨ ᠵᠢᠩ ᠪᠠᠯᠭᠠᠰᠤᠨ ᠳ᠋ᠤᠷ ᠨᠡᠢᠰᠯᠡᠷᠡ ᠨᠡᠭᠦᠬᠦᠢ ᠳ᠋ᠦ᠍ᠷ ᠣᠯᠠᠨ ᠰᠠᠢᠳ ᠤ᠋ᠳ ᠤ᠋ᠨ ᠠᠢᠯᠠᠳᠬᠠᠯ ᠢ᠋ ᠨᠢᠭᠡᠨᠲᠡ ᠠᠪᠬᠤ ᠦᠭᠡᠢ᠂ᠫᠢᠩ ᠶᠠᠩ ᠵᠧᠩ ᠱᠢ- ᠳ᠋ᠦ᠍ ᠶᠤᠸᠠᠨᠱᠤᠸᠠᠢ - ᠸᠠᠨ ᠶᠠᠨ ᠴᠧᠩ ᠾᠦ᠋ᠢ᠂ᠵᠡᠭᠦᠨ ᠡᠲᠡᠭᠡᠳ ᠦ᠋ᠨ ᠴᠧᠩᠰᠢᠶᠠᠩ ᠦ ᠰᠠᠨ ᠵᠢᠨ ᠵᠦᠩ ᠬᠣᠶᠠᠭᠤᠯᠠ ᠪᠠᠷ ᠲᠠᠢᠽᠢ ᠱ᠌ᠸᠤ ᠵᠦᠩ ᠢ᠋ ᠰᠠᠬᠢᠭᠤᠯᠤᠨ ᠬᠣᠴᠣᠷᠤᠭᠤᠯᠵᠤ᠂ᠵᠦᠩᠳ᠋ᠦ᠋ ᠶ᠋ᠢ ᠰᠠᠬᠢᠭᠤᠯᠪᠠ᠃ᠳᠠᠷᠠᠭ᠎ᠠ ᠪᠠᠷ ᠵᠢᠷᠭᠤᠭᠠᠨ ᠣᠷᠳᠣᠨ ᠤ᠋ ᠲᠠᠢᠬᠡᠦ ᠬᠤᠸᠠᠩᠬᠡᠦ ᠪᠢᠨ ᠹᠧᠢ ᠨᠠᠷ ᠢ᠋ ᠨᠡᠭᠦᠯᠭᠡᠨ ᠠᠪᠠᠴᠢᠪᠠ᠃ᠡᠨᠡ ᠮᠡᠳᠡᠭᠡ ᠶ᠋ᠢ ᠮᠣᠩᠭᠣᠯ ᠤ᠋ᠨ ᠬᠠᠷᠠᠭᠤᠯ ᠬᠡᠳᠦᠢᠨᠡᠢ ᠳᠣᠪᠲᠣᠯᠤᠨ ᠢᠷᠡᠵᠦ ᠮᠡᠳᠡᠭᠦᠯᠦᠭᠰᠡᠨ ᠳ᠋ᠦ᠍ᠷ ᠮᠤᠬᠤᠯᠢ ᠵᠢᠴᠢ ᠡᠳᠦᠷ ᠦ᠋ᠨ ᠲᠥᠷᠥ ᠶ᠋ᠢ ᠬᠦᠯᠢᠶᠡᠵᠦ ᠠᠢᠯᠠᠳᠬᠠᠰᠤᠭᠠᠢ ᠭᠡᠮᠡᠨ ᠪᠡᠯᠡᠳᠬᠡᠪᠡ᠃
ᠲᠡᠳᠦᠢ ᠮᠣᠩᠭᠣᠯ ᠤ᠋ᠨ ᠬᠠᠭᠠᠨ ᠤ᠋ ᠭᠡᠭᠡᠨ ᠴᠠᠪᠴᠢᠶᠠᠯ ᠪᠣᠭᠣᠮᠲᠠ ᠭᠠᠷᠴᠤ ᠢᠷᠡᠭᠰᠡᠭᠡᠷ ᠵᠠᠮ ᠳ᠋ᠤᠷ ᠶᠢᠰᠦᠨ ᠶᠡᠬᠡ ᠤᠲᠤᠯᠭᠠᠨ ᠳ᠋ᠤᠷ ᠤᠴᠠᠷᠠᠭᠰᠠᠭᠠᠷ ᠨᠤᠲᠤᠭ ᠲᠤᠷ ᠬᠦᠷᠴᠦ ᠢᠷᠡᠭᠡᠳ ᠲᠠᠢᠬᠡᠦ ᠳ᠋ᠦ᠍ᠷ ᠡᠪᠦᠳᠦᠭ ᠢ᠋ ᠲᠡᠪᠡᠷᠢᠨ ᠮᠥᠷᠭᠥᠨ ᠵᠣᠯᠭᠠᠪᠠ᠃ᠳᠠᠭᠠᠯᠳᠤᠭ᠎ᠠ ᠣᠯᠠᠨ ᠠᠭᠤᠯᠠ ᠮᠥᠷᠡᠨ ᠳ᠋ᠦ᠍ᠷ ᠬᠦᠵᠢ ᠵᠤᠯᠠ ᠰᠢᠲᠠᠭᠠᠨ ᠲᠡᠭᠷᠢ ᠭᠠᠵᠠᠷ ᠲᠠᠢᠵᠤ᠂ᠥᠲᠡᠭᠦᠰ ᠦ᠋ᠨ ᠮᠣᠩᠭᠣᠨ ᠳ᠋ᠤᠷ ᠮᠥᠷᠭᠥᠨ᠂ᠠᠭᠤᠯᠠ ᠲᠠᠯ᠎ᠠ ᠪᠠᠨ ᠳᠠᠬᠢᠵᠤ᠂ᠬᠠᠭᠠᠯᠭᠠᠨ ᠤ᠋ ᠣᠯᠠᠨ ᠸᠠᠩ ᠨᠠᠷ᠂ ᠲᠠᠢᠰᠢ ᠂ᠲᠠᠢᠪᠤᠤ᠂ᠲᠠᠢᠹᠦ᠋᠂ᠵᠠᠩᠵᠤᠨ ᠪᠠᠭᠠᠲᠤᠳ ᠴᠡᠷᠢᠭ ᠬᠤᠶᠠᠭ᠂ᠬᠣᠯᠠ ᠤᠯᠤᠰ ᠤ᠋ᠨ ᠡᠵᠡᠳ ᠪᠠ ᠴᠡᠷᠢᠭ᠂ ᠰᠠᠷᠲᠠᠭ᠌ᠴᠢᠨ ᠤᠢᠭᠤᠷ ᠤ᠋ᠨ ᠴᠡᠷᠢᠭ ᠲᠦ᠍ᠷ ᠴᠥᠮ ᠠᠷᠪᠠᠨ ᠬᠤᠪᠢ ᠶ᠋ᠢᠨ ᠬᠦᠨᠳᠦ ᠱᠠᠩ ᠪᠠᠭᠤᠯᠭᠠᠨ᠂ᠬᠠᠷᠢᠶᠠᠲᠤ ᠭᠠᠵᠠᠷ ᠤ᠋ᠨ ᠬᠥᠭᠰᠢᠳ ᠢ᠋ ᠡᠷᠭᠦᠮᠵᠢᠯᠡᠨ ᠱᠠᠩ ᠥᠷᠯᠥᠭ ᠪᠠᠭᠤᠯᠭᠠᠨ᠂ᠠᠯᠲᠠᠨ ᠤᠯᠤᠰ ᠢ᠋ ᠨᠠᠢ᠍ᠮᠠᠨ ᠬᠤᠪᠢ ᠣᠯᠤᠭᠰᠠᠨ ᠳ᠋ᠤᠷ ᠮᠣᠩᠭᠣᠯ ᠤᠯᠤᠰ ᠤ᠋ᠨ ᠥᠲᠡᠯ᠎ᠡ ᠠᠷᠠᠳ ᠴᠤ᠌ ᠴᠥᠮ ᠲᠠᠵᠢ ᠲᠣᠷᠭ᠎ᠠ ᠡᠮᠦᠰᠴᠦ ᠲᠡᠳᠡᠭᠡᠷ ᠥᠬᠢᠳ ᠬᠡᠦᠬᠡᠳ ᠢ᠋ ᠲᠠᠢᠬᠡᠦ ᠶ᠋ᠢᠨ ᠳᠣᠣᠷ᠎ᠠ ᠡᠭᠡᠯᠵᠢᠯᠡᠨ ᠡᠳᠦᠷ ᠪᠦᠷᠢ ᠨᠠᠭᠠᠳᠤᠭᠤᠯᠵᠤ᠂ᠶᠢᠰᠦᠨ ᠡᠩ ᠦ᠋ᠨ ᠥᠷᠯᠥᠭ ᠨᠣᠶᠠᠨ ᠪᠠ ᠶᠡᠬᠡ ᠴᠣᠯᠠᠲᠤ ᠪᠠᠭᠠᠲᠤᠳ ᠨᠠᠷ ᠲᠤᠷ ᠬᠤᠪᠢᠶᠠᠨ ᠱᠠᠩᠨᠠᠵᠤ᠂ᠭᠠᠭᠴᠠ ᠡᠨᠡ ᠠᠯᠲᠠᠨ ᠤᠯᠤᠰ ᠤ᠋ᠨ ᠭᠦᠩᠵᠦ ᠶ᠋ᠢ ᠢᠨᠦ ᠤᠷᠤᠭᠯᠠᠬᠤ ᠭᠠᠵᠠᠷ ᠦᠭᠡᠢ ᠬᠤᠸᠠᠩᠬᠡᠦ ᠳ᠋ᠦ᠍ᠷ ᠲᠤᠰᠢᠶᠠᠨ ᠥᠭᠴᠦ ᠥᠬᠢᠨ ᠪᠣᠯᠭᠠᠪᠠᠢ᠃ᠬᠤᠸᠠᠩᠬᠡᠦ ᠦᠵᠡᠪᠡᠰᠦ ᠡᠨᠡ ᠭᠦᠩᠵᠦ ᠮᠠᠰᠢ ᠰᠠᠢᠬᠠᠨ ᠭᠡᠭᠡᠬᠡᠨ ᠲᠤᠩᠭᠠᠯᠠᠭ ᠰᠡᠴᠡᠨ ᠰᠡᠷᠭᠦᠯᠡᠩ ᠬᠥᠭᠡᠷᠦᠬᠦᠢ ᠮᠡᠲᠦ ᠳ᠋ᠦ᠍ᠷ ᠪᠠᠭ᠎ᠠ ᠬᠥᠪᠡᠭᠦᠨ ᠲᠣᠯᠢ ᠳ᠋ᠤᠷ ᠬᠠᠲᠤᠨ ᠪᠣᠯᠭᠠᠨ ᠥᠭᠪᠡ᠃ᠲᠣᠯᠢ ᠮᠥᠨ ᠮᠠᠰᠢ ᠪᠠᠶᠠᠷᠯᠠᠨ᠂ᠲᠣᠯᠢ ᠪᠠᠰᠠ ᠲᠥᠷᠥᠭᠰᠡᠨ ᠢᠨᠦ ᠮᠠᠰᠢ ᠰᠦᠷ ᠭᠡᠷᠡᠯᠲᠡᠢ ᠲᠤᠯᠠ ᠬᠥᠩᠵᠦ ᠮᠥᠨ ᠪᠢᠰᠢᠷᠡᠨ ᠪᠠᠬᠠᠷᠬᠠᠮᠤᠢ᠃ᠭᠠᠭᠴᠠ ᠠᠯᠲᠠᠨ ᠤᠯᠤᠰ ᠤ᠋ᠨ ᠡᠳᠦᠭᠡᠬᠢ ᠶ᠋ᠢᠨ ᠡᠵᠡᠨ ᠸᠠᠨ ᠶᠠᠨ ᠰᠢᠶᠦ᠋ᠨ ᠳ᠋ᠦ᠍ᠷ ᠬᠣᠷᠣᠰᠴᠤ ᠨᠥᠬᠥᠷ ᠦ᠋ᠨ ᠵᠦᠭ ᠥᠭᠦᠯᠡᠷᠦᠨ:《ᠮᠢᠨᠦ ᠠᠪᠠᠭ᠎ᠠ ᠬᠡᠳᠦᠢ ᠨᠠᠮᠠᠶ᠋ᠢ ᠥᠨᠥᠴᠢᠨ ᠭᠡᠮᠡᠨ ᠳᠠᠷᠤᠯᠠᠨ ᠮᠣᠷᠢ ᠮᠠᠯ ᠤ᠋ᠨ ᠲᠡᠷᠢᠭᠦᠨ ᠪᠡᠯᠡᠭ ᠪᠣᠯᠭᠠᠨ ᠥᠭᠭᠦᠭᠰᠡᠨ ᠪᠣᠯᠪᠠᠴᠤ ᠪᠢ ᠬᠠᠷᠠᠬᠠᠨ ᠬᠠᠭᠠᠨ ᠡᠴᠢᠭᠡ ᠶ᠋ᠢᠨ ᠬᠦᠨᠳᠦ ᠬᠡᠰᠢᠭ ᠲᠦ᠍ᠷ ᠨᠢᠭᠡᠨ ᠨᠠᠰᠤᠨ ᠤ᠋ ᠶᠡᠬᠡ ᠬᠥᠮᠦᠨ ᠳ᠋ᠦ᠍ᠷ ᠠᠭᠤᠯᠵᠠᠪᠠ᠃ᠲᠡᠢᠨ ᠪᠣᠯᠪᠠᠴᠤ ᠮᠢᠨᠦ ᠠᠪᠠᠬ᠎ᠠ ᠶ᠋ᠢᠨ ᠨᠠᠮᠠᠶ᠋ᠢ ᠬᠠᠰᠢᠭ᠍ᠰᠠᠨ ᠰᠠᠨᠠᠭᠠᠨ ᠳ᠋ᠤᠷ ᠶᠡᠬᠡ ᠸᠠᠩ ᠲᠠᠢᠽᠢ ᠬᠡᠷᠪᠡ ᠵᠦᠩᠳ᠋ᠦ᠋ ᠶ᠋ᠢ ᠪᠠᠢᠯᠳᠤᠨ ᠠᠪᠤᠪᠠᠰᠤ ᠸᠠᠨ ᠶᠠᠨ ᠰᠢᠶᠦ᠋ᠨ ᠢ᠋ ᠠᠯᠠᠪᠠᠰᠤ ᠵᠣᠬᠢᠮᠤᠢ 》ᠭᠡᠮᠡᠨ ᠡᠭᠦᠷᠢ ᠬᠡᠯᠡᠳᠡᠭ ᠠᠵᠤᠭᠤ᠃ᠡᠭᠦᠨ ᠳ᠋ᠦ᠍ᠷ ᠬᠠᠭᠠᠨ ᠤ᠋ ᠭᠡᠭᠡᠨ ᠨᠤᠲᠤᠭ ᠭᠠᠵᠠᠷ ᠤ᠋ᠨ ᠵᠠᠰᠠᠭ ᠤ᠋ᠨ ᠬᠡᠷᠡᠭ ᠢ᠋ ᠨᠢᠭᠡᠨ ᠵᠡᠷᠭᠡ ᠪᠠᠢᠴᠠᠭᠠᠨ ᠲᠡᠭᠰᠢᠯᠡᠵᠦ᠂ᠦᠯᠡᠭᠦᠦ ᠢᠷᠦᠭᠡᠯᠲᠦ ᠲᠠᠢᠬᠡᠦ ᠶ᠋ᠢᠨ ᠨᠠᠰᠤᠨ ᠰᠡᠭᠦᠳᠡᠷ ᠬᠡᠲᠦᠷᠬᠡᠢ ᠥᠨᠳᠥᠷ-ᠡᠨᠡ ᠵᠢᠯ ᠳᠠᠯᠠᠨ ᠳᠥᠷᠪᠡᠨ ᠰᠡᠭᠦᠳᠡᠷ ᠲᠡᠢ ᠪᠣᠯᠪᠠ᠃ᠦᠯᠡᠭᠦᠦ ᠢᠷᠦᠭᠡᠯᠲᠦ ᠲᠠᠢᠬᠡᠦ ᠲᠠᠢᠽᠦ ᠪᠣᠭᠳᠠ ᠶ᠋ᠢ ᠬᠣᠷᠢᠨ ᠨᠠᠰᠤ ᠲᠠᠢ ᠳ᠋ᠤᠷ ᠮᠡᠨᠳᠦᠯᠡᠭᠰᠡᠨ ᠠᠵᠤᠭᠤ᠃ᠲᠡᠳᠦᠢ ᠬᠠᠭᠠᠨ ᠤ᠋ ᠭᠡᠭᠡᠨ ᠲᠠᠢᠬᠡᠦ ᠶ᠋ᠢᠨ ᠪᠡᠶ᠎ᠡ ᠬᠡᠳᠦᠢ ᠴᠢᠭᠢᠷᠠᠭ ᠲᠡᠩᠬᠡᠯᠡᠭᠦᠨ ᠪᠣᠯᠪᠠᠴᠤ ᠨᠠᠰᠤᠨ ᠰᠡᠭᠦᠳᠡᠷ ᠥᠨᠳᠥᠷ ᠭᠠᠷᠤᠭᠰᠠᠨ ᠳ᠋ᠤᠷ ᠬᠣᠯᠠ ᠴᠡᠷᠢᠭ ᠠᠶᠠᠨ ᠳ᠋ᠤ᠌ ᠮᠣᠷᠳᠠᠬᠤ ᠶ᠋ᠢ ᠪᠠᠬᠠᠨ ᠵᠣᠭᠰᠣᠰᠤᠭᠠᠢ ᠬᠡᠮᠡᠵᠦ ᠰᠠᠬᠢᠨ ᠠᠲᠠᠯ᠎ᠠ ᠭᠡᠨᠡᠳᠲᠡ ᠲᠠᠪᠤᠨ ᠰᠠᠷ᠎ᠠ ᠶ᠋ᠢᠨ ᠰᠡᠭᠦᠯ ᠢ᠋ᠶ᠋ᠡᠷ ᠮᠤᠬᠤᠯᠢ ᠶ᠋ᠢᠨ ᠠᠢᠯᠠᠳᠬᠠᠭᠰᠠᠨ ᠨᠤᠭᠤᠯᠪᠤᠷᠢ ᠳ᠋ᠤᠷ: ᠡᠮᠦᠨ᠎ᠡ ᠠᠯᠲᠠᠨ ᠤᠯᠤᠰ ᠤ᠋ᠨ ᠡᠵᠡᠨ ᠳ᠋ᠦᠩ ᠬᠠᠢ ᠵᠢᠶᠦ᠋ᠨ ᠾᠧᠦ ᠬᠠᠭᠠᠨ ᠤ᠋ ᠭᠡᠭᠡᠨ ᠢ᠋ ᠬᠣᠢᠲᠤ ᠵᠦᠭ ᠭᠠᠷᠤᠮᠠᠭᠴᠠ ᠲᠡᠷᠡ ᠡᠮᠦᠨ᠎ᠡ ᠪᠢᠶᠠᠨ ᠵᠢᠩ ᠪᠠᠯᠭᠠᠰᠤᠨ᠎ᠠ ᠨᠡᠭᠦᠵᠦ᠂ᠪᠠᠰᠠ ᠮᠠᠨ ᠢ᠋ ᠬᠠᠭᠤᠷᠴᠤ ᠦᠭᠡ ᠲᠠᠩᠭᠠᠷᠢᠭ᠋ ᠠ᠋ᠴᠠ ᠪᠠᠨ ᠨᠢᠴᠤᠵᠤ ᠨᠡᠭᠦᠪᠡ ᠭᠡᠮᠡᠨ ᠠᠢᠯᠠᠳᠬᠠᠭᠰᠠᠨ ᠳ᠋ᠤᠷ ᠬᠠᠭᠠᠨ ᠤ᠋ ᠭᠡᠭᠡᠨ ᠶᠡᠬᠡᠳᠡ ᠭᠢᠯᠢᠭᠯᠡᠨ ᠵᠠᠷᠯᠢᠭ ᠪᠣᠯᠤᠷᠤᠨ: 《ᠡᠨᠡ ᠠᠯᠲᠠᠨ ᠤᠯᠤᠰ ᠤ᠋ᠨ ᠳ᠋ᠦᠩ ᠬᠠᠢ ᠵᠢᠶᠦ᠋ᠨ ᠾᠧᠦ ᠨᠢᠭᠡᠨᠲᠡ ᠨᠠᠳᠠ ᠳ᠋ᠤᠷ ᠳᠠᠭᠠᠵᠤ᠂ᠡᠳᠦᠭᠡ ᠪᠠᠰᠠ ᠶᠠᠭᠤᠨ ᠳ᠋ᠤᠷ ᠪᠤᠰᠤ ᠬᠣᠲᠠᠨ ᠳ᠋ᠤᠷ ᠳᠠᠪᠰᠢᠵᠤ ᠡᠳᠡᠭᠡᠷ ᠵᠦᠢᠯ ᠦ᠋ᠨ ᠤᠪ ᠵᠢᠭ ᠬᠥᠳᠡᠯᠭᠡᠮᠦᠢ?ᠡᠨᠡ ᠢᠨᠦ ᠯᠠᠪ ᠥᠪᠡᠷ᠎ᠡ ᠰᠠᠨᠠᠭᠠᠨ ᠠᠬᠤᠭᠤᠯᠵᠤ ᠮᠥᠴᠡᠭᠡᠷᠬᠡᠬᠦ ᠰᠠᠨᠠᠭ᠎ᠠ ᠪᠣᠢ᠂ᠡᠨᠡ ᠮᠠᠭᠤ ᠬᠢᠲᠠᠳ ᠠᠮᠠᠨ ᠳ᠋ᠤᠷ ᠵᠥᠭᠡᠯᠡᠨ᠂ᠦᠭᠡ ᠪᠠᠢᠳᠠᠯ ᠳ᠋ᠤᠷ ᠨᠠᠮ ᠪᠥᠭᠡᠳ ᠨᠠᠮᠠᠢ ᠮᠡᠬᠡᠯᠡᠨ ᠬᠠᠭᠤᠷᠬᠤ ᠶᠠᠭᠤᠲᠠᠢ ᠠᠭᠤᠷᠯᠠᠯᠲᠠᠢ! ᠡᠨᠡ ᠮᠡᠲᠦ ᠠᠳᠤᠭᠤᠰᠤ ᠶᠠᠭᠤᠨ ᠳ᠋ᠤᠷ ᠦᠬᠦᠯ ᠢ᠋ᠶ᠋ᠡᠨ ᠤᠬᠠᠬᠤ ᠦᠭᠡᠢ ᠠᠵᠢ! ᠮᠢᠨᠦ ᠦᠯᠦ ᠳᠠᠢᠯᠠᠨ ᠲᠠᠪᠴᠢᠯᠠᠬᠤ ᠦᠭᠡᠢ ᠥᠷᠥᠰᠢᠶᠡᠯ ᠢ᠋ ᠰᠢᠲᠦᠨ ᠰᠠᠨᠠᠬᠤ ᠦᠭᠡᠢ᠂ᠭᠡᠳᠡᠷᠭᠦ ᠬᠠᠷᠢᠨ ᠬᠤᠢᠬᠤᠷ ᠠᠷᠭ᠎ᠠ ᠭᠠᠷᠭᠠᠬᠤ ᠠᠵᠤᠭᠤ!ᠨᠡᠩᠳᠡ ᠡᠢᠮᠦ ᠶ᠋ᠢᠨ ᠲᠤᠯᠠ ᠶᠡᠬᠡ ᠶᠤᠸᠠᠨᠱᠤᠸᠠᠢ ᠵᠠᠭᠤᠨ ᠲᠦᠮᠡᠨ ᠶᠡᠬᠡ ᠮᠣᠩᠭᠣᠯ ᠴᠡᠷᠢᠭ ᠲᠦ᠍ᠷ ᠠᠯᠲᠠᠨ ᠤᠯᠤᠰ ᠲᠤᠷ ᠣᠳᠬᠤ ᠶ᠋ᠢ ᠵᠠᠷᠯᠠᠨ᠂ᠡᠨᠡ ᠭᠠᠵᠠᠷ ᠬᠠᠭᠤᠴᠢᠨ ᠨᠤᠲᠤᠭ ᠢ᠋ ᠰᠠᠬᠢᠬᠤ ᠶ᠋ᠢ ᠲᠣᠭᠲᠠᠭᠠᠭᠠᠳ ᠮᠣᠷᠳᠠᠬᠤ ᠶ᠋ᠢ ᠪᠡᠯᠡᠳᠭᠡ ! 》ᠭᠡᠮᠡᠨ ᠵᠠᠷᠯᠢᠭ ᠪᠣᠯᠤᠭᠰᠠᠨ ᠳ᠋ᠤᠷ ᠣᠯᠠᠨ ᠸᠠᠩ ᠰᠠᠢᠳ ᠨᠠᠷ ᠶᠡᠬᠡᠯ᠎ᠡ ᠪᠠᠶᠠᠷᠯᠠᠪᠠ᠃
ᠲᠡᠨᠳᠡᠴᠡ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ᠂ᠯᠢᠶᠠᠩ ᠰᠢᠶᠠᠩ ᠭᠠᠵᠠᠷ ᠲᠤᠷ ᠬᠦᠷᠴᠦ ᠪᠡᠶ᠎ᠡ ᠶ᠋ᠢ ᠬᠠᠮᠠᠭᠠᠯᠠᠨ ᠰᠠᠬᠢᠬᠤ ᠴᠡᠷᠢᠭ ᠦ᠋ᠳ ᠦ᠋ᠨ ᠮᠣᠷᠢ ᠬᠤᠶᠠᠭ ᠪᠦᠬᠦᠨ ᠢ᠋ ᠴᠥᠮ ᠬᠤᠷᠢᠶᠠᠮᠵᠢᠯᠠᠨ ᠠᠪᠤᠭᠰᠠᠨ ᠳ᠋ᠤᠷ ᠣᠯᠠᠨ ᠴᠡᠷᠢᠭ ᠬᠣᠷᠣᠰᠴᠤ ᠰᠠᠮᠠᠭᠤᠨ ᠡᠳᠦᠭᠡᠳ ᠡᠵᠡᠨ ᠶᠤᠸᠠᠨᠱᠤᠸᠠᠢ ᠰᠦ᠍ ᠸᠸᠨ ᠢ᠋ ᠠᠯᠠᠭᠠᠳ ᠵᠢᠨ ᠳᠧ᠂ᠪᠢ ᠹᠦ ᠡᠯ᠂ᠵᠠ ᠯᠠ ᠡᠯ ᠡᠨᠡ ᠭᠤᠷᠪᠠᠨ ᠬᠥᠮᠦᠨ ᠲᠡᠷᠢᠭᠦᠯᠡᠵᠦ ᠶᠠᠭᠠᠷᠠᠨ ᠬᠣᠢᠲᠤ ᠵᠦᠭ ᠮᠣᠩᠭᠣᠯ ᠤ᠋ᠨ ᠴᠢᠩᠭᠢᠰ ᠬᠠᠭᠠᠨ ᠳ᠋ᠤᠷ ᠵᠠᠭᠠᠯᠳᠤᠷᠠ ᠡᠴᠢᠬᠦᠢ ᠳ᠋ᠦ᠍ᠷ ᠸᠠᠨ ᠶᠠᠨ ᠴᠸᠠᠩ ᠾᠦᠢ ᠬᠤᠪᠢᠰᠤᠯ ᠪᠣᠯᠵᠤ ᠰᠠᠮᠠᠭᠤᠨ ᠳᠡᠭᠳᠡᠭᠰᠡᠨ ᠢ᠋ ᠵᠠᠮ ᠳ᠋ᠤᠷ ᠰᠣᠨᠣᠰᠴᠤ ᠶᠠᠭᠠᠷᠠᠨ ᠵᠦᠩᠳ᠋ᠦ᠋ ᠶ᠋ᠢᠨ ᠴᠡᠷᠢᠭ ᠢ᠋ ᠠᠪᠴᠤ ᠯᠦ᠍ ᠭᠧᠦ ᠴᠢᠶᠣᠤ ᠬᠥᠭᠥᠷᠭᠡ ᠶ᠋ᠢᠨ ᠵᠠᠬ᠎ᠠ ᠳ᠋ᠤ᠌ ᠬᠦᠯᠢᠶᠡᠵᠦ ᠠᠲᠠᠯ᠎ᠠ ᠶ᠋ᠢᠨ ᠳᠧ ᠨᠠᠷ ᠤ᠋ᠨ ᠴᠡᠷᠢᠭ ᠰᠠᠯᠬᠢᠨ ᠭᠠᠯ ᠮᠡᠲᠦ ᠬᠦᠷᠴᠦ ᠢᠷᠡᠭᠡᠳ ᠴᠣᠬᠢᠨ ᠪᠠᠢᠯᠳᠤᠵᠤ᠂ᠸᠠᠨ ᠶᠠᠨ ᠴᠧᠩ ᠾᠦᠢ ᠶ᠋ᠢᠨ ᠴᠡᠷᠢᠭ ᠢ᠋ ᠶᠡᠬᠡᠳᠡ ᠳᠠᠷᠤᠭᠠᠳ ᠵᠢᠨ ᠳᠧ ᠶ᠋ᠢᠨ ᠴᠡᠷᠢᠭ ᠰᠦᠷ ᠬᠦᠴᠦᠨ ᠨᠡᠩ ᠪᠠᠳᠠᠷᠠᠨ ᠳᠡᠯᠭᠡᠷᠡᠵᠦ᠂ᠲᠦᠰᠢᠮᠡᠯ ᠴᠡᠷᠢᠭ ᠠᠶᠤᠮᠰᠢᠭ᠋ ᠦᠭᠡᠢ ᠬᠠᠯᠳᠠᠬᠤ ᠦᠭᠡᠢ ᠳ᠋ᠦ᠍ᠷ ᠵᠦᠩᠳ᠋ᠦ᠋ ᠶ᠋ᠢᠨ ᠣᠢᠷ᠎ᠠ ᠯᠦ᠍ ᠭᠧᠦ ᠴᠢᠶᠣᠤ ᠶ᠋ᠢᠨ ᠭᠠᠵᠠᠷ ᠪᠠᠭᠤᠵᠤ᠂ᠨᠢᠭᠡᠨᠲᠡᠭᠡᠭᠦᠷ ᠴᠢᠩᠭᠢᠰ ᠬᠠᠭᠠᠨ ᠳ᠋ᠤᠷ ᠠᠢᠯᠠᠳᠬᠠᠬᠤ ᠪᠣᠳᠣᠷᠤᠣᠯ ᠪᠢᠴᠢᠭ ᠪᠠᠷᠢᠭᠤᠯᠵᠤ ᠡᠯᠴᠢ ᠳᠣᠪᠲᠣᠯᠭᠠᠨ ᠠᠢᠯᠠᠳᠬᠠᠨ ᠶᠠᠪᠤᠭᠤᠯᠤᠭᠰᠠᠨ ᠳ᠋ᠤᠷ᠂ᠡᠯᠴᠢ ᠮᠣᠩᠭᠣᠯ ᠤ᠋ᠨ ᠬᠣᠲᠠᠨ ᠳ᠋ᠤᠷ ᠬᠦᠷᠴᠦ ᠢᠷᠡᠭᠡᠳ ᠶᠤᠸᠠᠨᠱᠤᠸᠠᠢ ᠶ᠋ᠢᠨ ᠡᠮᠦᠨ᠎ᠡ ᠡᠴᠢᠭᠡᠳ ᠴᠠᠴᠠᠷ ᠤ᠋ᠨ ᠳᠣᠣᠷ᠎ᠠ ᠰᠥᠭᠥᠳᠴᠦ ᠤᠴᠢᠷ ᠢ᠋ ᠮᠡᠳᠡᠭᠦᠯᠦᠭᠰᠡᠨ ᠳ᠋ᠦ᠍ᠷ ᠮᠤᠬᠤᠯᠢ ᠵᠢᠴᠢ ᠥᠷᠯᠥᠭᠡ ᠶ᠋ᠢᠨ ᠲᠥᠷᠥ ᠳ᠋ᠦ᠍ᠷ ᠠᠪᠤᠨ ᠭᠠᠷᠴᠤ ᠯᠤᠤ ᠶ᠋ᠢᠨ ᠰᠢᠷᠡᠬᠡᠨ᠎ᠡ ᠳᠡᠪᠰᠢᠭᠦᠯᠦᠨ ᠠᠢᠯᠠᠳᠬᠠᠭᠰᠠᠨ ᠳ᠋ᠤᠷ ᠬᠠᠭᠠᠨ ᠤ᠋ ᠭᠡᠭᠡᠨ ᠠᠢᠯᠠᠳᠴᠤ ᠬᠠᠭᠤᠯᠤᠨ ᠪᠠᠭᠤᠯᠭᠠᠪᠠ᠃ᠦᠵᠡᠪᠡᠰᠦ:《ᠰᠢᠮᠤ ᠮᠢᠩᠭᠠᠨ ᠳ᠋ᠤᠷ ᠬᠢᠲᠠᠳ ᠴᠡᠷᠢᠭ ᠭᠤᠷᠪᠠᠨ ᠲᠦᠮᠡ ᠥᠭᠴᠦ ᠳᠠᠢᠰᠤᠨᠳᠠᠷᠤᠬ᠍ᠴᠢ᠂ᠰᠢᠷᠢ ᠬᠤᠲᠤᠭ ᠬᠣᠶᠠᠷ ᠶᠡᠬᠡ ᠵᠠᠩᠵᠤᠨ ᠬᠢᠭᠡᠳ ᠪᠤᠯᠤ᠂ᠰᠤᠷᠲᠠᠯᠲᠤ᠂ᠡᠭᠦᠯᠡᠨ ᠴᠡᠷᠪᠢ᠂ᠫᠣᠯᠠᠭᠤᠳᠠᠢ ᠨᠠᠷ ᠢ᠋ ᠮᠣᠩᠭᠣᠯ ᠴᠡᠷᠢᠭ ᠬᠣᠶᠠᠷ ᠲᠦᠮᠡ ᠢᠯᠡᠭᠡᠵᠦ᠂ ᠶ᠋ᠢᠨ ᠳᠧ ᠶ᠋ᠢᠨ ᠴᠡᠷᠢᠭ ᠯᠦ᠍ᠭᠡ ᠨᠡᠢᠯᠡᠭᠦᠯᠵᠦ ᠪᠢᠶᠠᠨ ᠵᠢᠩ ᠢ᠋ ᠪᠠᠢᠯᠳᠤᠨ ᠠᠪ᠂ᠭᠠᠭᠴᠠ ᠬᠠᠭᠠᠨ ᠢ᠋ ᠠᠯᠠᠵᠤ ᠪᠣᠯᠬᠤ ᠦᠭᠡᠢ᠂ᠮᠢᠨᠦ ᠨᠢᠳᠦᠨ ᠦ᠌ ᠳᠠᠯᠳᠠ ᠭᠡᠮᠡᠨ ᠳᠠᠢᠰᠤᠨ ᠳ᠋ᠤᠷ ᠦᠬᠦᠪᠡ ᠭᠡᠮᠡᠨ ᠮᠡᠬᠡᠯᠡᠨ ᠠᠯᠠᠪᠠᠰᠤ ᠶᠠᠯ᠎ᠠ ᠬᠡᠯᠡᠯᠴᠡᠮᠦᠢ᠃ᠪᠤᠰᠤ ᠶ᠋ᠢ ᠳᠠᠢᠰᠤᠨ ᠤ᠋ ᠶᠣᠰᠣᠭᠠᠷ ᠶᠠᠪᠤᠭᠤᠯ᠃ᠵᠠᠮᠪᠠᠯ᠂ᠵᠡᠪᠡ ᠬᠣᠶᠠᠭᠤᠯᠠ ᠶ᠋ᠢ ᠤᠷᠢᠳᠠ ᠳᠣᠪᠲᠣᠯᠭᠠᠨ᠂ᠠᠯᠲᠠᠨ ᠤ᠋ ᠪᠣᠯᠵᠣᠭ᠎ᠠ ᠶ᠋ᠢ ᠲᠡᠰᠡᠷᠭᠦᠯᠡᠨ ᠪᠢᠶᠠᠨ ᠵᠢᠩ ᠳ᠋ᠦ᠍ᠷ ᠨᠡᠭᠦᠨ ᠡᠴᠢᠭᠰᠡᠨ ᠶᠠᠯ᠎ᠠ ᠶ᠋ᠢ ᠠᠰᠠᠭᠤᠯᠭᠠᠷ᠎ᠠ᠂ ᠶ᠋ᠢᠨ ᠳᠧ ᠶ᠋ᠢᠨ ᠤᠴᠢᠷ ᠢ᠋ ᠲᠣᠳᠣᠷᠬᠠᠢᠯᠠᠨ ᠬᠡᠯᠡᠬᠦᠯ᠎ᠡ᠂ᠡᠨᠡ ᠳᠠᠷᠤᠢ ᠭᠡᠷᠡᠴᠢ ᠪᠣᠯᠠᠢ !》 ᠬᠡᠮᠡᠵᠦᠬᠦᠢ᠃
ᠲᠡᠳᠦᠢ ᠮᠤᠬᠤᠯᠢ ᠵᠠᠷᠯᠢᠭ ᠢ᠋ ᠬᠦᠯᠢᠶᠡᠨ ᠪᠠᠭᠤᠵᠤ ᠢᠷᠡᠭᠡᠳ ᠲᠤᠰ ᠲᠤᠰ ᠠᠩᠭᠢ ᠠᠩᠭᠢ ᠳ᠋ᠤᠷ ᠲᠤᠰᠢᠶᠠᠨ ᠶᠠᠪᠤᠭᠤᠯᠪᠠ᠃ᠰᠢᠮᠦ ᠮᠢᠩᠭᠠᠨ ᠣᠯᠠᠨ ᠴᠡᠷᠢᠭ ᠯᠦ᠍ᠭᠡ ᠡᠮᠦᠨ᠎ᠡ ᠵᠦᠭ ᠮᠣᠷᠳᠠᠵᠤ᠂ ᠶ᠋ᠢᠨ ᠳᠧ ᠶ᠋ᠢᠨ ᠶᠡᠬᠡ ᠴᠡᠷᠢᠭ ᠯᠦ᠍ᠭᠡ ᠨᠡᠢᠯᠡᠵᠦ ᠳᠠᠷᠤᠢ ᠵᠦᠩᠳ᠋ᠦ᠋ ᠬᠣᠲᠠᠨ ᠢ᠋ ᠬᠠᠭᠠᠪᠠ᠃ᠵᠦᠩᠳ᠋ᠦ᠋ ᠶ᠋ᠢᠨ ᠴᠡᠷᠢᠭ ᠮᠣᠩᠭᠣᠯ ᠤ᠋ᠨ ᠴᠡᠷᠢᠭ ᠬᠦᠷᠴᠦ ᠢᠷᠡᠭᠰᠡᠨ᠎ᠡ᠂ᠬᠥᠮᠦᠨ ᠪᠠᠷᠰ ᠲᠤᠷ ᠤᠴᠠᠷᠠᠭᠰᠠᠨ ᠮᠡᠲᠦ ᠴᠥᠮ ᠰᠣᠴᠢᠨ ᠠᠶᠤᠵᠤ᠂ᠬᠣᠲᠠ ᠶ᠋ᠢᠨ ᠬᠠᠭᠠᠯᠭ᠎ᠠ ᠶ᠋ᠢ ᠶᠠᠭ ᠳᠠᠷᠤᠵᠤ ᠬᠣᠲᠠᠨ ᠤ᠋ ᠣᠷᠣᠢ ᠳ᠋ᠤᠷ ᠭᠠᠷᠴᠤ ᠰᠠᠭᠤᠯᠴᠠᠪᠠ᠃ᠲᠡᠳᠦᠢ ᠮᠣᠩᠭᠣᠯ ᠤ᠋ᠨ ᠡᠯᠴᠢ ᠵᠠᠮᠪᠠᠯ᠂ᠵᠡᠪᠡ ᠬᠣᠶᠠᠭᠤᠯᠠ ᠪᠢᠶᠠᠨ ᠵᠢᠩ ᠳ᠋ᠦ᠍ᠷ ᠬᠦᠷᠴᠦ ᠶᠠᠯ᠎ᠠ ᠠᠰᠠᠭᠤᠬᠤ ᠵᠠᠷᠯᠢᠭ ᠪᠢᠴᠢᠭ ᠢ᠋ ᠥᠭᠭᠦᠭᠰᠡᠨ ᠳ᠋ᠦ᠍ᠷ ᠬᠠᠭᠠᠨ ᠠᠨᠤ ᠮᠥᠨ ᠬᠦ᠌ ᠡᠪᠡᠳᠪᠡ ᠭᠡᠮᠡᠨ ᠡᠯᠴᠢ ᠳ᠋ᠦ᠍ᠷ ᠤᠴᠠᠷᠠᠬᠤ ᠦᠭᠡᠢ ᠰᠢᠯᠲᠠᠭ ᠬᠡᠯᠡᠭᠰᠡᠨ ᠢᠨᠦ:《ᠬᠠᠭᠠᠨ ᠨᠠᠮᠠᠶ᠋ᠢ ᠵᠡᠭᠦᠨ ᠳᠠᠯᠠᠢ ᠶ᠋ᠢᠨ ᠳ᠋ᠦᠩ ᠬᠠᠢ ᠵᠢᠶᠦ᠋ᠨ ᠾᠧᠦ ᠡᠷᠭᠦᠮᠵᠢᠯᠡᠭᠰᠡᠨ ᠲᠤᠯᠠ ᠪᠢ ᠵᠡᠭᠦᠨ ᠳᠠᠯᠠᠢ ᠳ᠋ᠤᠷ ᠡᠴᠢᠰᠦᠭᠡᠢ ᠬᠡᠮᠡᠭᠰᠡᠨ᠎ᠡ᠂ᠠᠯᠲᠠᠨ ᠤᠯᠤᠰ ᠤ᠋ᠨ ᠮᠢᠨᠦ ᠢᠷᠭᠡᠨ ᠨᠠᠳᠠ ᠳ᠋ᠤᠷ ᠬᠦᠨᠡᠰᠦ ᠥᠭᠭᠦᠮᠥᠢ ᠭᠡᠮᠡᠨ ᠶᠠᠪᠤᠭᠤᠯᠬᠤ ᠦᠭᠡᠢ᠂ᠰᠠᠨᠠᠮᠰᠠᠷ ᠦᠭᠡᠢ ᠨᠠᠮᠠᠶ᠋ᠢ ᠪᠠᠰᠠ ᠠᠪᠴᠤ ᠬᠣᠴᠣᠷᠪᠠ᠃》ᠭᠡᠮᠡᠨ ᠬᠡᠯᠡᠭᠦᠯᠪᠡ᠃
ᠲᠡᠳᠦᠢ ᠵᠦᠩᠳ᠋ᠦ᠋ ᠶ᠋ᠢ ᠰᠠᠬᠢᠭ᠍ᠰᠠᠨ ᠢ᠋ ᠠᠰᠠᠭᠤᠬᠤᠢ ᠳ᠋ᠤᠷ ᠶᠠᠮᠪᠠᠷ ᠲᠦᠰᠢᠮᠡᠯ ᠪᠠᠢᠬᠤ ᠶ᠋ᠢ ᠮᠡᠳᠡᠬᠦ ᠦᠭᠡᠢ ᠭᠡᠮᠡᠨ ᠮᠥᠨ ᠦᠭᠡ ᠶ᠋ᠢᠨ ᠪᠢᠴᠢᠭ ᠬᠦᠷᠭᠡᠭᠰᠡᠨ ᠳ᠋ᠦ᠍ᠷ ᠮᠣᠩᠭᠣᠯ ᠤ᠋ᠨ ᠡᠯᠴᠢ ᠬᠣᠢᠰᠢ ᠡᠭᠡᠪᠡᠢ᠃
ᠲᠡᠳᠦᠢ ᠠᠯᠲᠠᠨ ᠤᠯᠤᠰ ᠤ᠋ᠨ ᠡᠵᠡᠨ ᠸᠠᠨ ᠶᠠᠨ ᠰᠢᠶᠦ᠋ᠨ ᠶᠠᠭᠠᠷᠠᠨ ᠡᠯᠴᠢ ᠢᠯᠡᠭᠡᠵᠦ ᠲᠠᠢᠽᠢ ᠪᠠᠨ ᠳᠠᠭᠤᠳᠠᠰᠤᠭᠠᠢ ᠬᠡᠮᠡᠭᠰᠡᠨ᠎ᠡ᠂ᠢᠩ ᠸᠠᠩ-ᠬᠠᠨ ᠯᠢᠨ ᠦ᠌ ᠸᠸᠨ ᠽᠢ ᠲᠦᠰᠢᠮᠡᠯ ᠸᠠᠨ ᠶᠠᠨ ᠰᠦ᠍ ᠯᠠᠨ ᠪᠣᠯᠬᠤ ᠦᠭᠡᠢ ᠬᠡᠮᠡᠬᠦᠢ ᠳ᠋ᠦ᠍ᠷ ᠫᠢᠩ ᠵᠠᠩ ᠵᠧᠩ ᠱᠢ - ᠵᠣ᠌ ᠾᠧᠦ᠂ᠭᠣᠣ ᠴᠢ ᠬᠣᠶᠠᠷ ᠰᠠᠢᠳ ᠥᠭᠦᠯᠡᠷᠦᠨ:《ᠳᠡᠭᠡᠳᠦ ᠡᠵᠡᠨ ᠡᠨᠳᠡ ᠰᠠᠭᠤᠪᠠᠰᠤ ᠲᠠᠢᠽᠢ ᠪᠠᠨ ᠳᠠᠭᠤᠳᠠᠬᠤ ᠠᠨᠤ ᠮᠥᠨ ᠵᠦᠢ ᠪᠣᠯᠠᠢ᠃ᠴᠢ ᠨᠡᠢᠰᠯᠡᠯ ᠳ᠋ᠦ᠍ᠷ ᠰᠠᠭᠤᠵᠤ ᠬᠣᠲᠠ ᠪᠠᠯᠭᠠᠰᠤᠨ ᠢ᠋ ᠰᠠᠬᠢᠵᠤ ᠴᠢᠳᠠᠪᠠᠰᠤ ᠳᠠᠷᠤᠢ ᠪᠠᠷᠠᠬᠤ ᠪᠣᠯᠠᠢ᠃ᠶᠠᠭᠤᠨ ᠳ᠋ᠤᠷ ᠣᠨᠴᠠ ᠲᠠᠢᠽᠢ ᠶ᠋ᠢ ᠲᠡᠢᠮᠦ ᠲᠦᠭᠰᠢᠯ ᠲᠡᠢ ᠭᠠᠵᠠᠷ ᠪᠠᠢᠯᠭᠠᠮᠤᠢ ? 》ᠬᠡᠮᠡᠭᠰᠡᠨ ᠳ᠋ᠦ᠍ᠷ᠂ᠸᠠᠨ ᠶᠠᠨ ᠰᠦ᠍ ᠯᠠᠨ ᠥᠭᠦᠯᠡᠷᠦᠨ:《ᠬᠡᠷᠪᠡ ᠲᠠᠢᠽᠢ ᠢᠷᠡᠪᠡᠰᠦ ᠲᠦᠰᠢᠮᠡᠯ ᠪᠢ ᠠᠶᠤᠮᠰᠢᠭ᠋ ᠦᠭᠡᠢ ᠪᠠᠲᠤᠯᠠᠨ ᠴᠢᠳᠠᠮᠤᠢ᠂ᠲᠠᠢᠽᠢ ᠲᠡᠨᠳᠡ ᠪᠠᠢᠪᠠᠰᠤ ᠬᠠᠭᠠᠨ ᠤ᠋ ᠥᠷᠥᠭᠡᠰᠦᠨ ᠪᠡᠶ᠎ᠡ᠂ᠲᠡᠭᠦᠨ ᠳ᠋ᠦ᠍ᠷ ᠲᠦᠮᠡᠨ ᠢᠷᠭᠡᠨ ᠦ᠌ ᠰᠡᠳᠬᠢᠯ ᠲᠦᠪᠰᠢᠨ᠂ᠲᠠᠢᠽᠢ ᠶ᠋ᠢᠨ ᠰᠦᠷ ᠢ᠋ ᠠᠯᠳᠠᠷᠰᠢᠭᠤᠯᠤᠨ ᠣᠯᠠᠨ ᠬᠢᠵᠠᠭᠠᠷ ᠤ᠋ᠨ ᠴᠡᠷᠢᠭ ᠬᠣᠲᠠ ᠪᠦᠷᠢ ᠶ᠋ᠢ ᠪᠠᠲᠤᠯᠠᠨ ᠰᠠᠬᠢᠬᠤ ᠪᠣᠯᠪᠠᠤ ᠬᠡᠮᠡᠭᠰᠡᠨ ᠪᠥᠯᠥᠭᠡ᠃ᠡᠢᠨ ᠪᠣᠯᠪᠠᠰᠤ ᠬᠠᠭᠠᠨ ᠤ᠋ ᠨᠡᠢᠰᠯᠡᠬᠦ ᠪᠢᠶᠠᠨ ᠵᠢᠩ ᠳ᠋ᠦ᠍ᠷ ᠲᠦᠭᠰᠢᠯ ᠦᠭᠡᠢ ᠪᠣᠯᠬᠤ ᠪᠣᠯᠪᠠᠤ ᠬᠡᠮᠡᠭᠰᠡᠨ ᠪᠥᠯᠥᠭᠡ᠃ᠡᠷᠲᠡ ᠳᠠᠩ ᠤᠯᠤᠰ ᠠ᠋ᠴᠠ ᠮᠢᠩ ᠬᠤᠸᠠᠩ᠂ᠠᠨ ᠯᠦ᠍ ᠱᠠᠨ ᠤ᠋ ᠴᠡᠷᠢᠭ ᠡᠴᠡ ᠪᠠᠷᠠᠭᠤᠨ ᠱᠤ᠌ ᠳ᠋ᠤᠷ ᠣᠳᠴᠤ ᠵᠠᠢᠯᠠᠬᠤᠢ ᠳ᠋ᠤᠷ ᠲᠠᠢᠽᠢ ᠪᠠᠨ ᠦᠯᠡᠳᠡᠭᠡᠭᠰᠡᠨ ᠢ᠋ᠶ᠋ᠡᠷ ᠤᠯᠤᠰ ᠤ᠋ᠨ ᠰᠢᠳᠤᠷᠭᠤ ᠰᠠᠢᠳ ᠲᠠᠢᠽᠢ ᠪᠠᠨ ᠡᠷᠭᠦᠨ᠂ᠳᠠᠩ ᠤᠯᠤᠰ ᠢ᠋ ᠳᠠᠬᠢᠨ ᠮᠠᠨᠳᠤᠭᠤᠯᠤᠭᠰᠠᠨ ᠪᠥᠯᠥᠭᠡ᠃ᠲᠡᠢᠨ ᠬᠦ᠌ ᠮᠠᠨ ᠤ᠋ ᠠᠯᠲᠠᠨ ᠤᠯᠤᠰ ᠮᠥᠨ ᠲᠠᠢᠽᠢ ᠶ᠋ᠢ ᠦᠯᠡᠳᠡᠭᠡᠵᠦ᠂ᠶᠡᠬᠡ ᠤᠯᠤᠰ ᠢ᠋ ᠳᠠᠬᠢᠨ ᠮᠠᠨᠳᠤᠭᠤᠯᠬᠤ ᠶ᠋ᠢ ᠰᠠᠨᠠᠪᠠ᠃ᠡᠳᠦᠭᠡ ᠬᠡᠷᠪᠡ ᠲᠠᠢᠽᠢ ᠶ᠋ᠢ ᠳᠠᠭᠤᠳᠠᠨ ᠠᠴᠢᠷᠠᠪᠠᠰᠤ᠂ᠲᠠᠢᠽᠢ ᠵᠦᠩᠳ᠋ᠦ᠋ ᠡᠴᠡ ᠮᠣᠷᠳᠠᠵᠤ ᠠᠩᠭᠢᠵᠢᠷᠠᠮᠠᠭᠴᠠ ᠵᠦᠩᠳ᠋ᠦ᠋ ᠳᠠᠷᠤᠢ ᠲᠦᠭᠰᠢᠯᠲᠡᠢ ᠪᠣᠯᠵᠤ᠂ᠵᠠᠭᠤᠨ ᠢᠷᠭᠡᠨ ᠢᠲᠡᠭᠡᠬᠦ ᠲᠦᠰᠢᠬᠦ ᠰᠡᠳᠬᠢᠯ ᠦᠭᠡᠢ ᠪᠣᠯᠤᠨ ᠮᠠᠨ ᠤ᠋ ᠣᠨ ᠮᠠᠨᠳᠤᠭᠰᠠᠨ ᠨᠡᠢᠰᠯᠡᠯ ᠳᠠᠷᠤᠢ ᠡᠮᠢᠶᠡᠯᠲᠡᠢ ᠪᠣᠯᠵᠤ ᠠᠪᠲᠠᠬᠤ ᠠᠨᠤ ᠣᠢᠷ᠎ᠠ ᠪᠣᠯᠠᠢ !》ᠬᠡᠮᠡᠭᠰᠡᠨ ᠳ᠋ᠦ᠍ᠷ ᠦᠭᠡ ᠶ᠋ᠢ ᠡᠰᠡ ᠠᠪᠴᠤ ᠲᠠᠢᠽᠢ ᠶ᠋ᠢ ᠳᠠᠭᠤᠳᠠᠨ ᠠᠴᠢᠷᠠᠭᠤᠯᠪᠠ᠃ᠡᠭᠦᠨ ᠳ᠋ᠦ᠍ᠷ ᠵᠦᠩᠳ᠋ᠦ᠋ ᠶᠡᠬᠡᠯ᠎ᠡ ᠪᠤᠷᠬᠢᠷᠠᠯᠳᠤᠪᠠ᠃
ᠡᠨᠡ ᠵᠠᠪᠰᠠᠷ ᠲᠤᠷ ᠴᠢᠩᠭᠢᠰ ᠬᠠᠭᠠᠨ ᠰᠢᠶᠠ ᠤᠯᠤᠰ ᠤ᠋ᠨ ᠡᠵᠡᠨ ᠯᠢ ᠽᠦᠨ ᠰᠢᠦᠢ ᠶ᠋ᠢ ᠴᠡᠷᠢᠭ ᠠᠪᠤᠨ ᠣᠷᠣᠵᠤ ᠬᠠᠰᠢᠵᠤ ᠪᠠᠢᠯᠳᠤ ᠬᠡᠮᠡᠭᠰᠡᠨ ᠵᠠᠷᠯᠢᠭ ᠢ᠋ᠶ᠋ᠠᠷ ᠰᠢᠶᠠ ᠤᠯᠤᠰ᠂ᠡᠮᠦᠨ᠎ᠡ ᠰᠥᠩ ᠤᠯᠤᠰ ᠯᠤᠭ᠎ᠠ ᠪᠣᠯᠵᠣᠭ᠎ᠠ ᠬᠡᠯᠡᠯᠴᠡᠵᠦ᠂ᠠᠯᠲᠠᠨ ᠤᠯᠤᠰ ᠤ᠋ᠨ ᠰᠧ ᠴᠤᠸᠠᠨ ᠮᠣᠵᠢ ᠶ᠋ᠢ ᠪᠠᠢᠯᠳᠤᠰᠤᠭᠠᠢ ᠬᠡᠮᠡᠭᠰᠡᠨ ᠳ᠋ᠦ᠍ᠷ ᠰᠥᠩ ᠤᠯᠤᠰ ᠪᠠᠶᠠᠷᠯᠠᠨ ᠬᠦᠯᠢᠶᠡᠭᠰᠡᠨ ᠪᠥᠯᠥᠭᠡ᠃ᠬᠣᠢᠨ᠎ᠠ ᠰᠢᠶᠠ ᠤᠯᠤᠰ ᠤ᠋ᠨ ᠯᠢ ᠽᠦᠨ ᠰᠢᠦᠢ ᠬᠣᠷᠢᠨ ᠲᠦᠮᠡᠨ ᠴᠡᠷᠢᠭ ᠢ᠋ᠶ᠋ᠡᠷ ᠠᠯᠲᠠᠨ ᠤᠯᠤᠰ ᠤ᠋ᠨ ᠰᠧ ᠴᠤᠸᠠᠨ ᠢ᠋ ᠪᠠᠢᠯᠳᠤᠬᠤᠢ ᠳ᠋ᠤᠷ ᠰᠥᠩ ᠤᠯᠤᠰ ᠪᠣᠯᠵᠣᠭ᠎ᠠ ᠪᠠᠨ ᠲᠡᠷᠰᠯᠡᠪᠡ᠃ᠰᠢᠶᠠ ᠤᠯᠤᠰ ᠭᠠᠭᠴᠠᠭᠠᠷ ᠪᠠᠢᠯᠳᠤᠵᠤ᠂ᠠᠯᠲᠠᠨ ᠤᠯᠤᠰ ᠤ᠋ᠨ ᠰᠧ ᠴᠤᠸᠠᠨ ᠢ᠋ ᠠᠪᠤᠪᠠ᠃ᠮᠥᠨ ᠣᠨ ᠤ᠋ ᠶᠢᠰᠦᠨ ᠰᠠᠷ᠎ᠠ ᠳ᠋ᠤ᠌ ᠮᠣᠩᠭᠣᠯ ᠤ᠋ᠨ ᠴᠢᠩᠭᠢᠰ ᠬᠠᠭᠠᠨ ᠵᠠᠷᠯᠢᠭ ᠪᠠᠭᠤᠯᠭᠠᠵᠤ᠂ᠶᠡᠬᠡ ᠶᠤᠸᠠᠨᠱᠤᠸᠠᠢ ᠮᠤᠬᠤᠯᠢ ᠭᠤᠴᠢᠨ ᠵᠢᠷᠭᠤᠭᠠᠨ ᠵᠠᠮ ᠤ᠋ᠨ ᠵᠢᠭ᠍ᠰᠠᠭᠠᠯ ᠢ᠋ᠶ᠋ᠠᠷ ᠶᠡᠬᠡ ᠴᠡᠷᠢᠭ ᠠᠪᠤᠨ ᠣᠷᠣᠵᠤ᠂ᠠᠯᠲᠠᠨ ᠤᠯᠤᠰ ᠤ᠋ᠨ ᠪᠣᠯᠵᠣᠭ᠎ᠠ ᠶ᠋ᠢ ᠲᠡᠰᠡᠷᠭᠦᠯᠡᠭᠰᠡᠨ ᠶᠠᠯ᠎ᠠ ᠶ᠋ᠢ ᠠᠰᠠᠭᠤᠨ ᠵᠦᠩᠳ᠋ᠦ᠋ ᠬᠣᠲᠠᠨ ᠢ᠋ ᠠᠪ ᠭᠡᠮᠡᠨ ᠵᠠᠷᠯᠢᠭ ᠪᠣᠯᠤᠭᠰᠠᠨ ᠳ᠋ᠤᠷ ᠮᠤᠬᠤᠯᠢ ᠮᠥᠷᠭᠥᠨ ᠠᠶᠠᠷᠯᠠᠵᠤ ᠮᠥᠨ ᠴᠠᠭ ᠲᠤᠷ ᠮᠣᠷᠳᠠᠨ ᠭᠠᠷᠪᠠ᠃ᠲᠡᠳᠦᠢ ᠪᠠᠰᠠ ᠬᠣᠲᠠᠨ ᠤ᠋ ᠭᠠᠳᠠᠨ᠎ᠠ ᠳᠥᠴᠢᠨ ᠭᠠᠵᠠᠷ ᠤ᠋ᠨ ᠦᠵᠦᠭᠦᠷ ᠭᠠᠷᠴᠤ ᠶᠡᠬᠡ ᠬᠦᠷᠢᠶ᠎ᠡ ᠪᠠᠭᠤᠵᠤ᠂ᠴᠠᠴᠠᠷ ᠴᠣᠬᠢᠨ ᠣᠯᠠᠨ ᠵᠠᠩᠵᠤᠨ ᠢ᠋ ᠴᠤᠭᠯᠠᠭᠤᠯᠤᠨ ᠳᠠᠷᠤᠢ ᠭᠤᠴᠢᠨ ᠵᠢᠷᠭᠤᠭᠠᠨ ᠵᠠᠮ ᠢ᠋ᠶ᠋ᠠᠷ ᠤᠷᠤᠭ᠍ᠰᠢ ᠣᠷᠣᠪᠠ᠂ᠲᠡᠳᠦᠢ ᠭᠤᠴᠢᠨ ᠵᠢᠷᠭᠤᠭᠠᠨ ᠵᠠᠮ ᠤ᠋ᠨ ᠴᠡᠷᠢᠭ ᠠᠯᠲᠠᠨ ᠤᠯᠤᠰ ᠤ᠋ᠨ ᠵᠧᠦ ᠵᠢᠶᠦ᠋ᠨ ᠢ᠋ ᠪᠠᠢᠯᠳᠤᠨ ᠣᠷᠣᠵᠤ ᠢᠷᠡᠬᠦᠶ᠎ᠡ ᠠᠯᠲᠠᠨ ᠤᠯᠤᠰ ᠤ᠋ᠨ ᠪᠡᠭᠡᠵᠢᠩ ᠦ᠋ᠨ ᠶᠡᠬᠡ ᠵᠠᠩᠵᠤᠨ ᠢᠨ ᠴᠠᠩ ᠣᠯᠠᠨ ᠢ᠋ ᠴᠤᠭᠯᠠᠭᠤᠯᠤᠨ ᠴᠡᠷᠢᠭ ᠡᠯᠰᠡᠵᠦ ᠰᠤᠯᠠ ᠢᠷᠭᠡᠨ᠂ᠡᠭᠡᠯ ᠠᠷᠠᠳ ᠢ᠋ ᠨᠡᠢᠯᠡᠭᠦᠯᠦᠨ ᠬᠣᠷᠢᠨ ᠲᠦᠮᠡᠨ ᠢ᠋ᠶ᠋ᠡᠷ ᠮᠤᠬᠤᠯᠢ ᠶ᠋ᠢᠨ ᠴᠡᠷᠢᠭ ᠢ᠋ ᠲᠤᠰᠤᠭᠰᠠᠨ ᠳ᠋ᠤᠷ ᠮᠤᠬᠤᠯᠢ ᠥᠨᠳᠥᠷ ᠬᠠᠰᠠᠭ ᠲᠤᠷ ᠭᠠᠷᠴᠤ ᠦᠵᠡᠭᠡᠳ ᠪᠠᠭᠤᠵᠤ ᠢᠷᠡᠨ᠂ᠲᠠᠪᠤᠨ ᠲᠦᠮᠡᠨ ᠴᠡᠷᠢᠭ ᠦ᠋ᠨ ᠵᠦᠭ ᠥᠭᠦᠯᠡᠷᠦᠨ:《ᠡᠨᠡ ᠴᠡᠷᠢᠭ ᠪᠣᠯᠪᠠᠰᠤ ᠨᠢᠭᠡᠨ ᠰᠦᠷᠦᠭ ᠲᠠᠷᠭᠤᠨ ᠬᠣᠨᠢ ᠶ᠋ᠢ ᠬᠥᠭᠡᠭᠡᠨ ᠠᠴᠢᠷᠠᠵᠤᠬᠤᠢ᠂ᠴᠥᠮ ᠡᠭᠡᠯ ᠠᠷᠠᠳ ᠠᠵᠤᠭᠤ᠃ᠮᠠᠨ ᠤ᠋ ᠴᠡᠷᠢᠭ ᠬᠡᠮᠡᠭᠴᠢ ᠭᠤᠴᠢᠨ ᠣᠨ ᠤ᠋ ᠪᠣᠯᠪᠠᠰᠤᠨ ᠴᠡᠷᠢᠭ᠂ᠬᠡᠳᠦᠨ ᠰᠠᠷ᠎ᠠ ᠪᠠᠢᠯᠳᠤᠭᠠᠨ ᠢ᠋ ᠡᠰᠡ ᠦᠵᠡᠭᠰᠡᠨ ᠲᠤᠯᠠ ᠰᠡᠳᠬᠢᠯ ᠢ᠋ᠶ᠋ᠡᠨ ᠰᠡᠷᠭᠦᠭᠡᠨ ᠨᠢᠳᠦᠨ ᠢ᠋ᠶ᠋ᠡᠨ ᠪᠠᠶᠠᠰᠬᠠᠬᠤ ᠬᠡᠷᠡᠭ᠂ᠡᠭᠦᠨ ᠳ᠋ᠦ᠍ᠷ ᠶᠠᠮᠪᠠᠷ ᠴᠤ᠌ ᠠᠷᠭ᠎ᠠ ᠬᠡᠷᠡᠭ ᠦᠭᠡᠢ᠂ᠬᠠᠭᠤᠷᠠᠢ ᠬᠦᠨᠡᠰᠦ ᠪᠡᠨ ᠠᠪᠴᠤ ᠭᠤᠷᠪᠠᠨ ᠡᠳᠦᠷ ᠭᠤᠷᠪᠠᠨ ᠰᠥᠨᠢ ᠨᠡᠬᠡᠵᠦ ᠠᠯᠠ!》ᠭᠡᠮᠡᠨ ᠵᠠᠷᠯᠠᠵᠤ᠂ᠵᠢᠴᠢ ᠡᠳᠦᠷ ᠲᠡᠳᠡᠨ ᠦ᠌ ᠴᠡᠷᠢᠭ ᠪᠣᠰᠬᠤᠢ ᠶ᠋ᠢᠨ ᠤᠷᠢᠳᠠ ᠥᠪᠡᠷ ᠦ᠋ᠨ ᠪᠡᠶ᠎ᠡ ᠲᠡᠷᠢᠭᠦᠯᠡᠨ ᠳᠣᠪᠲᠣᠯᠤᠨ ᠣᠯᠠᠨ ᠵᠠᠮ ᠤ᠋ᠨ ᠬᠤᠪᠢᠯᠭᠠᠨ ᠴᠡᠷᠢᠭ ᠬᠠᠮᠲᠤ ᠪᠠᠷ ᠨᠢᠭᠡᠨᠲᠡ ᠬᠠᠰᠬᠢᠷᠤᠨ ᠳᠠᠷᠤᠨ ᠣᠷᠣᠭᠰᠠᠨ ᠳ᠋ᠤᠷ ᠬᠣᠷᠢᠨ ᠲᠦᠮᠡᠨ ᠰᠤᠯᠠ ᠠᠷᠠᠳ ᠴᠥᠮ ᠡᠭᠡᠵᠦ ᠪᠤᠷᠤᠭᠤᠯᠠᠪᠠ᠃ᠭᠦᠸᠧ ᠳ᠋ᠦ᠍ᠦ ᠬᠦᠷᠲᠡᠯ᠎ᠡ ᠨᠡᠬᠡᠵᠦ ᠬᠠᠭᠠᠰ ᠢ᠋ ᠴᠥᠮ ᠠᠯᠠᠪᠠ᠃ᠲᠡᠳᠦᠢ ᠬᠣᠲᠠᠨ ᠳ᠋ᠤᠷ ᠣᠷᠣᠵᠤ ᠢᠨ ᠴᠠᠩ ᠥᠪᠡᠷ ᠢ᠋ᠶ᠋ᠡᠨ ᠰᠠᠬᠢᠬᠤᠢ ᠳ᠋ᠤᠷ ᠲᠡᠭᠦᠨ ᠦ᠌ ᠬᠠᠵᠠᠭᠤ ᠶ᠋ᠢᠨ ᠵᠠᠩᠵᠤᠨ ᠸᠠᠨ ᠶᠠᠨ ᠰᠢ ᠯᠢᠶᠧ᠂ᠭᠣᠣ ᠳᠧ ᠰᠢᠦ ᠶᠤᠸᠠᠨᠱᠤᠸᠠᠢ ᠶᠤᠭᠠᠨ ᠢᠨ ᠴᠠᠩ ᠢ᠋ ᠠᠯᠠᠵᠤ᠂ᠢᠨ ᠳᠡ ᠬᠤ᠌ ᠶ᠋ᠢ ᠶᠤᠸᠠᠨᠱᠤᠸᠠᠢ ᠪᠣᠯᠭᠠᠪᠠ᠃ᠮᠣᠩᠭᠣᠯ ᠤ᠋ᠨ ᠶᠤᠸᠠᠨᠱᠤᠸᠠᠢ ᠮᠤᠬᠤᠯᠢ ᠱᠢ ᠲᠢᠶᠠᠨ ᠰᠢᠶᠠᠩ ᠢ᠋ ᠬᠣᠰᠢᠭᠤᠴᠢ ᠪᠣᠯᠭᠠᠨ ᠣᠷᠣᠭᠤᠯᠤᠭᠰᠠᠨ ᠳ᠋ᠤᠷ ᠢᠨ ᠳᠡ ᠬᠤ᠌ ᠳᠠᠷᠤᠢ ᠬᠣᠲᠠᠨ ᠢ᠋ ᠡᠷᠭᠦᠵᠦ ᠳᠠᠭᠠᠪᠠᠢ᠃ᠮᠤᠬᠤᠯᠢ ᠳᠠᠷᠤᠢ ᠱᠢ ᠲᠢᠶᠠᠨ ᠰᠢᠶᠠᠩ ᠯᠤᠭ᠎ᠠ ᠡᠨᠡ ᠬᠥᠮᠦᠨ ᠵᠢᠷᠤᠮ ᠦᠭᠡᠢ ᠠᠯᠠᠰᠤᠭᠠᠢ ᠭᠡᠮᠡᠨ ᠵᠥᠪᠯᠡᠪᠡᠰᠦ ᠱᠢ ᠲᠢᠶᠠᠨ ᠰᠢᠶᠠᠩ ᠰᠡᠮᠡᠬᠡᠷ ᠥᠭᠦᠯᠡᠷᠦᠨ:《ᠪᠢᠳᠡ ᠡᠳᠦᠭᠡ ᠴᠢᠨᠠᠳᠤᠰ ᠢ᠋ ᠳᠠᠢᠯᠠᠬᠤᠢ ᠳ᠋ᠤᠷ ᠴᠣᠬᠣᠮ ᠵᠢᠷᠤᠮ ᠦᠭᠡᠢ ᠪᠣᠯᠬᠤ ᠪᠠᠷ ᠶᠠᠪᠤᠬᠤ ᠠᠨᠤ ᠴᠢᠬᠤᠯᠠ ᠪᠣᠢ᠂ᠲᠦᠪᠰᠢᠷᠡᠭᠰᠡᠨ ᠦ᠌ ᠬᠣᠢᠨ᠎ᠠ ᠬᠡᠷᠡᠭᠯᠡᠬᠦ ᠪᠠᠢᠬᠤ ᠮᠠᠨ ᠤ᠋ ᠵᠣᠷᠢᠭ 》ᠬᠡᠮᠡᠭᠰᠡᠨ ᠳ᠋ᠦ᠍ᠷ ᠮᠤᠬᠤᠯᠢ ᠲᠡᠭᠦᠨ ᠢ᠋ ᠰᠠᠢᠰᠢᠶᠠᠨ ᠮᠠᠭᠲᠠᠵᠤ᠂ᠮᠢᠨᠦ ᠤᠬᠠᠭᠠᠨ ᠢ᠋ ᠣᠯᠪᠠ ᠭᠡᠮᠡᠨ ᠢᠨ ᠳᠡ ᠬᠤ᠌ ᠳ᠋ᠤᠷ ᠪᠡᠭᠡᠵᠢᠩ ᠦ᠋ᠨ ᠬᠠᠮᠤᠭ ᠡᠷᠬᠡ ᠶ᠋ᠢ ᠲᠤᠰᠢᠶᠠᠨ᠂ ᠡᠦ ᠶᠧ ᠡᠯ ᠢ᠋ ᠴᠡᠷᠢᠭ ᠮᠣᠷᠢᠨ ᠢ᠋ ᠵᠠᠬᠢᠷᠤᠭᠤᠯᠤᠨ ᠶᠤᠸᠠᠨᠱᠤᠸᠠᠢ ᠶ᠋ᠢᠨ ᠬᠡᠷᠡᠭ ᠢ᠋ ᠮᠡᠳᠡᠭᠦᠯᠵᠦ᠂ᠣᠯᠠᠨ ᠢ᠋ ᠰᠠᠬᠢᠨ ᠳᠠᠷᠤᠩᠭᠤᠢᠯᠠᠭᠤᠯᠪᠠᠢ᠃ᠳᠠᠭᠠᠯᠳᠤᠭ᠎ᠠ ᠮᠣᠩᠭᠣᠯ ᠤ᠋ᠨ ᠴᠡᠷᠢᠭ ᠳᠣᠲᠣᠷ᠎ᠠ ᠣᠷᠣᠭᠰᠠᠨ ᠳ᠋ᠤᠷ ᠰᠢᠨ ᠵᠧᠦ᠂ᠴᠧᠩ ᠵᠧᠦ᠂ᠢ ᠵᠧᠦ᠂ᠲᠦᠩ ᠵᠧᠦ ᠳᠠᠷᠠᠭ᠎ᠠ ᠳᠠᠷᠠᠭ᠎ᠠ ᠪᠠᠷ ᠢᠷᠡᠵᠦ ᠴᠥᠮ ᠤᠭᠲᠤᠨ ᠬᠤᠷᠢᠮ ᠪᠠᠷᠢᠵᠤ ᠮᠥᠷᠭᠥᠨ ᠳᠠᠭᠠᠪᠠ᠃ᠮᠥᠨ ᠣᠨ ᠤ᠋ ᠬᠥᠬᠡᠭᠡ ᠰᠠᠷ᠎ᠠ ᠳ᠋ᠤ᠌᠂ᠠᠯᠲᠠᠨ ᠤᠯᠤᠰ ᠤ᠋ᠨ ᠬᠠᠷᠢᠶᠠᠲᠤ ᠸᠠᠢ ᠯᠦ᠍ ᠶ᠋ᠢᠨ ᠯᠢ ᠴᠢᠤᠸᠠᠨ ᠤ᠋ ᠴᠡᠷᠢᠭ ᠮᠠᠨᠳᠤᠵᠤ ᠳᠡᠭᠳᠡᠪᠡ᠃ᠴᠦᠨ ᠯᠢ᠂ᠲᠢᠶᠠᠨ ᠴᠢᠶᠠᠩ ᠪᠠᠰᠠ ᠠᠯᠲᠠᠨ ᠤᠯᠤᠰ ᠤ᠋ᠨ ᠵᠠᠩ ᠵᠢᠩ ᠢᠦᠢ᠂ᠱᠠᠨᠠᠭ᠎ᠠ ᠪᠣᠭᠣᠮᠲᠠ ᠶ᠋ᠢᠨ ᠭᠠᠳᠠᠨᠠᠬᠢ ᠶ᠋ᠢᠨ ᠵᠧᠦ ᠶ᠋ᠢ ᠡᠵᠡᠯᠡᠵᠦ᠂ᠰᠢᠶᠠᠨ ᠴᠢᠦ ᠴᠠᠩ ᠤ᠋ᠨ ᠮᠠ᠋ ᠲᠧᠦ ᠶ᠋ᠢ ᠣᠯᠵᠤ᠂ᠯᠢᠶᠣᠤ ᠳ᠋ᠦᠩ᠂ᠯᠢᠶᠣᠤ ᠰᠢ ᠶ᠋ᠢᠨ ᠵᠠᠪᠰᠠᠷ ᠢ᠋ ᠡᠵᠡᠯᠡᠭᠡᠳ ᠥᠪᠡᠷ ᠦ᠋ᠨ ᠪᠡᠶ᠎ᠡ ᠪᠡᠨ ᠯᠢᠨ ᠬᠠᠢ ᠸᠠᠩ ᠭᠡᠮᠡᠨ ᠡᠷᠭᠦᠵᠦ ᠡᠯᠴᠢ ᠳ᠋ᠦ᠍ᠷ ᠪᠣᠳᠣᠷᠣᠣᠯ ᠪᠢᠴᠢᠭ ᠪᠠᠷᠢᠭᠤᠯᠵᠤ᠂ᠮᠣᠩᠭᠣᠯ ᠤᠯᠤᠰ ᠤ᠋ᠨ ᠬᠠᠭᠠᠨ ᠴᠢᠩᠭᠢᠰ ᠪᠣᠭᠳᠠ ᠳ᠋ᠤᠷ ᠣᠷᠣᠵᠤ ᠥᠭᠭᠦᠭᠡᠳ ᠮᠣᠩᠭᠣᠯ ᠤ᠋ᠨ ᠰᠦᠷ ᠢ᠋ ᠵᠢᠭᠠᠵᠤ ᠲᠣᠭᠣᠷᠢᠨ ᠬᠡᠳᠦᠨ ᠵᠠᠭᠤᠨ ᠭᠠᠵᠠᠷ ᠢ᠋ ᠰᠦᠷᠲᠡᠭᠡᠨ ᠶᠠᠪᠤᠪᠠ᠃ᠡᠨᠡ ᠵᠠᠪᠰᠠᠷ᠎ᠠ ᠪᠠᠰᠠ ᠡᠷᠲᠡᠨ ᠦ᠌ ᠮᠦ᠍ ᠿᠦᠩ ᠠᠢᠮᠠᠭ ᠤ᠋ᠨ ᠡᠵᠡᠯᠡᠭᠰᠡᠨ ᠳᠠᠩ ᠤᠯᠤᠰ ᠤ᠋ᠨ ᠭᠤᠷᠪᠠᠨ ᠰᠤᠪᠤᠷᠭ᠎ᠠ ᠪᠠᠢᠬᠤ ᠾᠧ ᠵᠦᠩ ᠹᠦ᠂ᠵᠡᠭᠦᠨ ᠡᠲᠡᠭᠡᠳ ᠳᠡ ᠭᠤᠸᠠᠩ ᠱᠠᠨ ᠠᠭᠤᠯᠠ᠂ᠡᠮᠦᠨ᠎ᠡ ᠡᠲᠡᠭᠡᠳ ᠪᠠᠢ ᠯᠠᠩ ᠾᠧ ᠮᠥᠷᠡᠨ①ᠪᠣᠢ᠃ᠡᠨᠡ ᠬᠣᠭᠣᠷᠣᠨᠳᠣ ᠨᠢᠭᠡᠨᠲᠡᠭᠡᠭᠦᠷ ᠶᠡᠬᠡ ᠶᠤᠸᠠᠨᠱᠤᠸᠠᠢ ᠮᠤᠬᠤᠯᠢ ᠾᠧ ᠵᠦᠩ ᠹᠦ ᠶ᠋ᠢᠨ ᠲᠦᠩ ᡁᠢ ᠳ᠋ᠦ᠍ᠷ ᠭᠧᠦ ᠳᠡ ᠢᠦ᠂ᠯᠢᠦ ᠹᠦ ᠰᠦ᠍ ᠬᠣᠶᠠᠷ ᠵᠠᠩᠵᠤᠨ ᠳ᠋ᠤᠷ ᠴᠡᠷᠢᠭ ᠥᠭᠴᠦ ᠢᠯᠡᠬᠡᠨ ᠤᠷᠢᠳᠠ ᠬᠡᠯᠡᠯᠴᠡᠨ ᠡᠰᠡ ᠪᠣᠯᠪᠠᠰᠤ ᠭᠢᠰᠬᠢᠯᠡᠨ ᠲᠡᠭᠰᠢᠯᠡᠵᠦ ᠠᠪ ᠭᠡᠮᠡᠨ ᠮᠣᠷᠳᠠᠭᠤᠯᠤᠭᠰᠠᠨ ᠳ᠋ᠤᠷ ᠭᠧᠦ ᠳᠡ ᠢᠦ ᠴᠡᠷᠢᠭ ᠢ᠋ ᠡᠵᠡᠯᠡᠵᠦ᠂ᠯᠢᠦ ᠹᠦ ᠰᠦ᠍ ᠤᠷᠢᠳᠠ ᠬᠡᠯᠡᠯᠴᠡᠷ᠎ᠡ ᠡᠴᠢᠭᠰᠡᠨ ᠳ᠋ᠦ᠍ᠷ ᠡᠦ ᠯᠢ ᠹᠦ ᠶ᠋ᠢ ᠠᠯᠠᠬᠤᠶ᠎ᠠ ᠵᠠᠪᠳᠤᠭᠰᠠᠨ ᠢ᠋ ᠲᠡᠭᠦᠨ ᠦ᠌ ᠳᠣᠣᠷᠠᠬᠢ ᠰᠢᠳᠠᠷ ᠠᠷᠠᠳ ᠬᠠᠮᠠᠭᠠᠯᠠᠨ ᠭᠠᠷᠴᠤ ᠶᠡᠬᠡ ᠬᠡᠩᠭᠡᠷᠭᠡ ᠴᠣᠬᠢᠵᠤ ᠬᠠᠭᠠᠪᠠ᠃ᠡᠭᠦᠨ ᠳ᠋ᠦ᠍ᠷ ᠣᠯᠠᠨ ᠴᠡᠷᠢᠭ ᠢᠷᠭᠡᠨ ᠬᠤᠷᠠᠵᠤ ᠡᠦ ᠯᠢ ᠹᠦ ᠶ᠋ᠢ ᠰᠢᠭᠤᠳ ᠠᠯᠠᠵᠤ᠂ᠱᠢ ᠲᠢᠶᠠᠨ ᠢᠩ ᠢ᠋ ᠡᠵᠡᠨ ᠪᠣᠯᠭᠠᠭᠰᠠᠨ ᠳ᠋ᠤᠷ ᠱᠢ ᠲᠢᠶᠠᠨ ᠢᠩ ᠶᠠᠭᠠᠷᠠᠨ ᠬᠥᠮᠦᠨ ᠢᠯᠡᠭᠡᠵᠦ ᠬᠤᠪᠢᠰᠤᠯ ᠢ᠋ ᠮᠡᠳᠡᠭᠦᠯᠵᠦ᠂ᠡᠳᠦᠭᠡ ᠳᠠᠷᠤᠢ ᠳᠠᠭᠠᠬᠤ ᠪᠣᠢ ᠊ᠢ᠎ᠡ᠂ ᠴᠡᠷᠢᠭ ᠬᠣᠷᠢᠶ᠎ᠠ ᠰᠡᠵᠢᠭᠯᠡᠬᠦ ᠬᠡᠷᠡᠭ ᠦᠭᠡᠢ᠂ᠡᠨᠡ ᠬᠡᠮᠡᠭᠴᠢ ᠮᠢᠨᠦ ᠰᠠᠨᠠᠭᠠᠨ ᠪᠤᠰᠤ᠂ᠣᠯᠠᠨ ᠴᠡᠷᠢᠭ ᠢᠷᠭᠡᠨ ᠦ᠌ ᠰᠠᠨᠠᠭᠠᠨ ᠲᠤᠯᠠ ᠪᠢ ᠦᠯᠦ ᠲᠦᠯᠬᠢᠮᠦᠢ ᠬᠡᠮᠡᠭᠰᠡᠨ᠎ᠡ᠂ᠭᠧᠦ ᠳᠡ ᠢᠦ᠂ᠯᠢᠦ ᠹᠦ ᠰᠦ᠍ ᠨᠠᠷ᠂ᠡᠦ ᠯᠢ ᠹᠦ ᠶ᠋ᠢᠨ ᠲᠣᠯᠣᠭᠠᠢ ᠶ᠋ᠢ ᠦᠵᠡᠵᠦ ᠴᠡᠷᠢᠭ ᠢ᠋ ᠬᠤᠷᠢᠶᠠᠵᠤ ᠶᠤᠸᠠᠨᠱᠤᠸᠠᠢ ᠳ᠋ᠤᠷ ᠮᠡᠳᠡᠭᠦᠯᠦᠨ ᠢᠯᠡᠭᠡᠪᠡ᠃ᠲᠡᠳᠦᠢ ᠾᠧ ᠵᠦᠩ ᠹᠦ ᠶ᠋ᠢ ᠰᠠᠬᠢᠭ᠍ᠰᠠᠨ ᠱᠢ ᠲᠢᠶᠠᠨ ᠢᠩ ᠮᠥᠨ ᠬᠦ᠌ ᠲᠠᠪᠤᠨ ᠲᠦᠮᠡᠨ ᠴᠡᠷᠢᠭ ᠢ᠋ ᠪᠠᠭᠤᠳᠠᠯᠯᠠᠨ ᠬᠦᠯᠢᠶᠡᠵᠦ᠂ᠾᠧ ᠵᠦᠩ ᠹᠦ ᠶ᠋ᠢᠨ ᠵᠡᠭᠦᠨ ᠬᠣᠢᠲᠤ ᠴᠢᠤᠸᠠᠨ ᠵᠧᠦ ② ᠳ᠋ᠦ᠍ᠷ ᠪᠠᠰᠠ ᠨᠢᠭᠡᠨ ᠠᠩᠭᠢ ᠶ᠋ᠢ ᠵᠠᠰᠠᠵᠤ ᠮᠣᠩᠭᠣᠯ ᠤ᠋ᠨ ᠶᠡᠬᠡ ᠶᠤᠸᠠᠨᠱᠤᠸᠠᠢ ᠶ᠋ᠢᠨ ᠥᠩᠭᠡᠷᠡᠬᠦ ᠶ᠋ᠢ ᠬᠦᠯᠢᠶᠡᠵᠦ ᠤᠭᠲᠤᠨ ᠳᠠᠭᠠᠬᠤ ᠶ᠋ᠢ ᠪᠡᠯᠡᠳᠬᠡᠪᠡ᠃ᠤᠳᠠᠭᠰᠠᠨ ᠦᠭᠡᠢ ᠮᠣᠩᠭᠣᠯ ᠤ᠋ᠨ ᠶᠡᠬᠡ ᠴᠡᠷᠢᠭ ᠬᠦᠷᠴᠦ ᠢᠷᠡᠬᠦᠢ ᠳ᠋ᠦ᠍ᠷ ᠱᠢ ᠲᠢᠶᠠᠨ ᠢᠩ ᠬᠠᠷᠢᠶᠠᠲᠤ ᠴᠡᠷᠢᠭ ᠢ᠋ᠶ᠋ᠡᠨ ᠠᠪᠴᠤ ᠾᠧ ᠵᠦᠭ ᠹᠦ ᠶ᠋ᠢᠨ ᠴᠢᠬᠡ ᠵᠡᠭᠦᠨ ᠪᠠᠢ ᠯᠠᠩ ᠾᠧ ᠮᠥᠷᠡᠨ ᠦ᠌ ᠬᠣᠢᠲᠤ ᠺᠦᠸᠧ ᠱᠠᠨ ᠠᠭᠤᠯᠠ③ ᠶ᠋ᠢᠨ ᠥᠪᠥᠷ ᠲᠣᠷ ᠶᠡᠬᠡ ᠴᠡᠷᠢᠭ ᠢ᠋ ᠪᠠᠭᠤᠯᠭᠠᠵᠤ᠂ᠶᠡᠬᠡ ᠶᠤᠸᠠᠨᠱᠤᠸᠠᠢ ᠮᠤᠬᠤᠯᠢ ᠳ᠋ᠤᠷ ᠳᠠᠭᠠᠵᠤ᠂ᠮᠤᠬᠤᠯᠢ ᠲᠡᠭᠦᠨ ᠦ᠌ ᠲᠡᠭᠷᠢ ᠶ᠋ᠢᠨ ᠴᠠᠭ ᠢ᠋ ᠮᠡᠳᠡᠬᠦ ᠶ᠋ᠢ ᠭᠠᠢᠬᠠᠵᠤ ᠠᠰᠠᠭᠤᠷᠤᠨ: 《ᠲᠠ ᠶᠠᠭᠠᠬᠢᠨ ᠮᠠᠨ ᠤ᠋ ᠪᠢᠲᠡᠭᠦᠯᠢᠭ ᠮᠣᠩᠭᠣᠯ ᠢ᠋ ᠰᠢᠲᠦᠬᠦ ᠶ᠋ᠢ ᠮᠡᠳᠡᠬᠦ ᠪᠣᠢ ? 》 ᠬᠡᠮᠡᠬᠦᠢ ᠳ᠋ᠦ᠍ᠷ ᠱᠢ ᠲᠢᠶᠠᠨ ᠢᠩ ᠥᠭᠦᠯᠡᠷᠦᠨ:《ᠮᠡᠷᠭᠡᠳ ᠰᠠᠢᠳ ᠤ᠋ᠨ ᠦᠭᠡ ᠴᠥᠮ ᠬᠦᠢᠲᠡᠨ ᠠᠭᠤᠷ ᠡᠮᠦᠨᠡᠰᠢ ᠮᠠᠨᠳᠤᠪᠠᠰᠤ ᠳᠡᠯᠡᠬᠡᠢ ᠳ᠋ᠠᠬᠢᠨ ᠲᠦᠪᠰᠢᠷᠡᠮᠦᠢ ᠭᠡᠮᠡᠨ ᠬᠡᠯᠡᠬᠦᠢ ᠳ᠋ᠦ᠍ᠷ ᠠᠯᠲᠠᠨ ᠭᠠᠳᠠᠰᠤ ᠣᠳᠣᠨ ᠬᠣᠢᠲᠤ ᠵᠦᠭ ᠭᠡᠢᠪᠡ ᠭᠡᠮᠡᠨ ᠬᠡᠯᠡᠯᠴᠡᠬᠦᠢ ᠶ᠋ᠢ ᠮᠡᠳᠡᠵᠦ ᠤᠭᠲᠤᠨ ᠳᠠᠭᠠᠪᠠ᠃》ᠬᠡᠮᠡᠭᠰᠡᠨ ᠳ᠋ᠦ᠍ᠷ ᠮᠤᠬᠤᠯᠢ ᠡᠳᠡᠭᠡᠷ ᠢᠷᠭᠡᠳ ᠢ᠋ ᠴᠥᠮ ᠬᠠᠭᠠᠨ ᠳ᠋ᠤᠷ ᠠᠢᠯᠠᠳᠬᠠᠨ ᠲᠦᠮᠡᠨ ᠡᠷᠦᠬᠡ ᠶ᠋ᠢᠨ ᠾᠧᠦ- ᠸᠠᠨ ᠬᠤ᠌ ᠾᠧᠦ ᠴᠣᠯᠠ ᠱᠠᠩᠨᠠᠨ ᠣᠯᠭᠣᠭᠤᠯᠪᠠ᠃ᠱᠢ ᠲᠢᠶᠠᠨ ᠢᠩ ᠳ᠋ᠦ᠍ᠷ ᠳ᠋ᠠᠢ ᠭᠦᠸᠧ ᠬᠦᠩ ᠴᠣᠯᠠ ᠱᠠᠩᠨᠠᠨ ᠣᠯᠭᠣᠭᠤᠯᠪᠠ᠂ᠡᠭᠦᠨ ᠢ᠋ ᠬᠡᠷᠬᠢᠬᠦ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠭᠳᠡᠬᠦᠢ᠃
– – – –
①ᠡᠨᠡ ᠪᠣᠯᠪᠠᠰᠤ ᠪᠠᠷᠠᠭᠤᠨ ᠲᠦᠮᠡᠳ ᠬᠤᠰᠢᠭᠤᠨ ᠤ᠋ ᠴᠤᠤ ᠶᠠᠩ ᠰᠢᠶᠠᠨ ᠤ᠋ ᠭᠤᠷᠪᠠᠨ ᠰᠤᠪᠤᠷᠭ᠎ᠠ ᠶ᠋ᠢᠨ ᠭᠠᠵᠠᠷ ᠮᠥᠨ᠃
②ᠡᠨᠡ ᠪᠣᠯᠪᠠᠰᠤ ᠪᠠᠷᠠᠭᠤᠨ ᠲᠦᠮᠡᠳ ᠬᠤᠰᠢᠭᠤᠨ ᠤ᠋ ᠵᠡᠭᠦᠨ ᠬᠣᠢᠲᠤ ᠬᠠᠷ᠎ᠠ ᠬᠣᠲᠠ ᠮᠥᠨ᠂ᠡᠳᠦᠭᠡ ᠰᠢᠷᠣᠢ ᠶ᠋ᠢᠨ ᠬᠣᠲᠠ ᠪᠣᠢ᠃
③ᠡᠨᠡ ᠪᠣᠯᠪᠠᠰᠤ ᠪᠠᠷᠠᠭᠤᠨ ᠲᠦᠮᠡᠳ ᠬᠤᠰᠢᠭᠤᠨ ᠤ᠋ ᠬᠠᠭᠤᠴᠢᠨ ᠬᠣᠷᠣᠭ᠎ᠠ ᠶ᠋ᠢᠨ ᠬᠣᠢᠨ᠎ᠠ ᠪᠠᠢᠬᠤ ᠳᠤᠮᠳᠠᠳᠤ ᠠᠭᠤᠯᠠ ᠪᠣᠯᠠᠢ᠂ᠠᠯᠲᠠᠨ ᠤᠯᠤᠰ ᠤ᠋ᠨ ᠬᠠᠭᠠᠨ ᠤ᠋ ᠠᠪᠠ ᠬᠢᠳᠡᠭ ᠠᠭᠤᠯᠠᠨ ᠮᠥᠨ᠃
ᠰᠤᠳᠤᠷᠴᠢ ᠲᠦᠰᠢᠮᠡᠯ ᠲᠠᠢᠵᠢ ᠢᠨᠵᠠᠨᠨᠠᠰᠢ ᠶ᠋ᠢᠨ ᠰᠤᠯᠠ ᠰᠢᠯᠦᠭ ᠢᠨᠦ:
ᠲᠡᠷᠡ ᠬᠦ᠌ ᠪᠣᠭᠳᠠ ᠰᠥᠩ ᠠᠯᠲᠠᠨ ᠢ᠋ ᠲᠡᠢᠨ ᠬᠦ᠌ ᠡᠨᠡᠷᠢᠭᠰᠡᠨ ᠢ᠋ᠶ᠋ᠡᠷ
ᠲᠡᠮᠳᠡᠭᠲᠡᠶ᠎ᠡ ᠡᠳᠦᠭᠡ ᠠᠴᠢ ᠦᠷ᠎ᠡ ᠤᠮᠠᠷᠠᠲᠤ ᠭᠠᠵᠠᠷ᠎ᠠ ᠵᠠᠯᠭᠠᠮᠵᠢᠯᠠᠮᠤᠢ᠃
ᠲᠡᠭᠦᠨᠴᠡ ᠬᠣᠵᠢᠮ ᠬᠠᠭᠠᠨ ᠰᠠᠭᠤᠭᠰᠠᠨ ᠮᠢᠩ ᠦ᠋ᠨ ᠤᠭᠰᠠᠭ᠎ᠠ ᠭᠡᠮᠡᠨ
ᠲᠡᠷᠭᠡ ᠶ᠋ᠢᠨ ᠲᠡᠳᠦᠢ ᠨᠢᠭᠡᠨ ᠬᠡᠰᠡᠭ ᠢ᠋ ᠡᠵᠡᠯᠡᠵᠦ ᠪᠠᠢᠬᠤ ᠶ᠋ᠢ ᠰᠣᠨᠣᠰᠪᠠᠤ ?
