ᠮᠢᠨᠦ ᠡᠵᠢ-ᠬᠡᠦᠬᠡᠳ ᠦᠨ ᠳᠠᠭᠤᠤМиний ээж I Minii eej (хүүхдийн дуу) Үг_ Д. Бадамгарав Ая_ Ч. Алтансүх My mom Mongolian song ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠡᠵᠢ-ᠬᠡᠦᠬᠡᠳ ᠦᠨ ᠳᠠᠭᠤᠤМиний ээж I Minii eej (хүүхдийн дуу) Үг_ Д. Бадамгарав Ая_ Ч. Алтансүх My mom Mongolian song

ᠮᠢᠨᠦ ᠡᠵᠢ-ᠬᠡᠦᠬᠡᠳ ᠦᠨ ᠳᠠᠭᠤᠤМиний ээж I Minii eej (хүүхдийн дуу) Үг_ Д. Бадамгарав Ая_ Ч. Алтансүх My mom Mongolian song

2023-09-11

743

ᠮᠢᠨᠦ ᠡᠵᠢ

   ᠦᠭᠡ᠄  ᠪᠠᠳᠮᠠᠭᠠᠷᠪᠤ
   
ᠠᠶ᠎ᠠ᠄  ᠠᠯᠲᠠᠨᠰᠦ᠋ᠬᠡ

ᠠᠷᠪᠠ ᠬᠦᠷᠲᠡᠯ᠎ᠡ ᠲᠣᠭ᠎ᠠ ᠵᠢᠭᠠᠳᠠᠭ
ᠮᠢᠨᠦ ᠡᠵᠢ ᠪᠠᠭᠰᠢ ᠳᠠ
ᠠᠮᠲᠠᠲᠠᠢ ᠰᠠᠢᠬᠠᠨ ᠬᠣᠭᠣᠯᠠ ᠬᠢᠳᠡᠭ
ᠮᠢᠨᠦ ᠡᠵᠢ ᠲᠣᠭᠣᠭᠠᠴᠢ ᠳᠠ
ᠡᠪᠡᠳᠦᠭᠡᠳ ᠬᠡᠪᠲᠡᠬᠦ ᠳ᠋ᠦ᠍ ᠡᠮᠴᠢᠯᠡᠳᠡᠭ
ᠮᠢᠨᠦ ᠡᠵᠢ ᠡᠮᠴᠢ ᠳᠡ
ᠤᠬᠢᠯᠠᠬᠤ ᠳ᠋ᠤ᠌ ᠥᠬᠥᠭᠡᠷᠳᠡᠮ᠎ᠡ ᠨᠢᠯᠪᠤᠰᠤ ᠠᠷᠴᠢᠳᠠᠭ
ᠮᠢᠨᠦ ᠡᠵᠢ ᠤᠶᠠᠬᠠᠨ ᠳᠠ
ᠰᠠᠢᠬᠠᠨ ᠳᠠ ᠭᠣᠶᠣᠬᠠᠨ ᠳᠠ
ᠮᠢᠨᠦ ᠡᠵᠢ ᠬᠥᠭᠡᠷᠦᠬᠦᠨ ᠳᠡ
ᠰᠠᠢᠬᠠᠨ ᠳᠠ ᠭᠣᠶᠣᠬᠠᠨ ᠳᠠ
ᠡᠵᠢ ᠳ᠋ᠦ᠍ ᠪᠡᠨ ᠪᠢ ᠬᠠᠢᠷᠠᠲᠠᠢ ᠳᠠ

ᠨᠢᠷᠤᠭᠤᠨ ᠳ᠋ᠤ᠌ ᠪᠠᠨ ᠡᠭᠦᠷᠦᠭᠡᠳ ᠠᠯᠬᠤᠳᠠᠭ
ᠮᠢᠨᠦ ᠡᠵᠢ ᠬᠦᠴᠦᠲᠡᠢ ᠳᠡ
ᠭᠠᠩᠭᠠᠩ ᠮᠠᠰᠢᠨ ᠪᠠᠷᠢᠵᠤ ᠶᠠᠪᠤᠳᠠᠭ
ᠮᠢᠨᠦ ᠡᠵᠢ ᠵᠢᠯᠣᠭᠣᠴᠢ ᠳᠠ
ᠦᠯᠢᠭᠡᠷ ᠪᠦᠬᠦᠨ ᠢ᠋ ᠶᠠᠷᠢᠵᠤ ᠥᠭᠳᠡᠭ
ᠮᠢᠨᠦ ᠡᠵᠢ ᠰᠤᠷᠭᠠᠯ ᠲᠠᠢ
ᠳᠠᠭᠤᠤ ᠣᠯᠠᠨ ᠢ᠋ ᠳᠠᠭᠤᠯᠠᠵᠤ ᠴᠢᠳᠠᠳᠠᠭ
ᠮᠢᠨᠦ ᠡᠵᠢ ᠳᠠᠭᠤᠴᠢᠨ ᠳᠠ
ᠰᠠᠢᠬᠠᠨ ᠳᠠ ᠭᠣᠶᠣᠬᠠᠨ ᠳᠠ
ᠮᠢᠨᠦ ᠡᠵᠢ ᠬᠥᠭᠡᠷᠦᠬᠦᠨ ᠳᠡ
ᠰᠠᠢᠬᠠᠨ ᠳᠠ ᠭᠣᠶᠣᠬᠠᠨ ᠳᠠ
ᠡᠵᠢ ᠳ᠋ᠦ᠍ ᠪᠡᠨ ᠪᠢ ᠬᠠᠢᠷᠠᠲᠠᠢ ᠳᠠ
ᠰᠠᠢᠬᠠᠨ ᠳᠠ ᠭᠣᠶᠣᠬᠠᠨ ᠳᠠ
ᠮᠢᠨᠦ ᠡᠵᠢ ᠬᠥᠭᠡᠷᠦᠬᠦᠨ ᠳᠡ
ᠰᠠᠢᠬᠠᠨ ᠳᠠ ᠭᠣᠶᠣᠬᠠᠨ ᠳᠠ
ᠡᠵᠢ ᠳ᠋ᠦ᠍ ᠪᠡᠨ ᠪᠢ ᠬᠠᠢᠷᠠᠲᠠᠢ ᠳᠠ᠃

   ᠦᠰᠦᠭ ᠠᠮᠢᠯᠠᠭᠤᠯᠤᠭᠴᠢ ᠬᠠᠳᠠᠭᠴᠢ᠄ ᠬᠡᠷᠡᠢᠳ ᠨᠠᠷᠠᠰᠤ
   
ᠬᠢᠨᠠᠭᠴᠢ᠄ ᠰᠡᠬᠡᠭᠡᠷᠡᠯ᠂ ᠢᠷᠡᠭᠡᠳᠦᠢ